ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠰᠣᠨᠢᠨ ᠮᠡᠳᠡᠭᠡ   -   ᠮᠤᠵᠢ ᠬᠤᠲᠠ᠎ᠶᠢᠨ ᠮᠡᠳᠡᠭᠡ
ᠰᠧᠴᠤᠸᠠᠨ ᠮᠤᠵᠢ ᠣᠯᠠᠨ ᠵᠦᠢ᠍ᠯ᠎ᠤᠨ ᠠᠷᠭ᠎ᠠ ᠬᠡᠮᠵᠢᠶ᠎ᠡ᠎ᠪᠠᠷ ᠲᠦᠸᠧ ᠵᠢᠶᠠᠩ ᠮᠥᠷᠡᠨ᠎ᠤ ᠰᠠᠪᠠ ᠭᠠᠵᠠᠷ᠎ᠤᠨ ᠤᠰᠤᠨ᠎ᠤ ᠪᠣᠬᠢᠷᠲᠤᠯ᠎ᠤᠨ ᠵᠠᠰᠠᠯᠲᠠ᠎ᠳᠤ ᠬᠦᠴᠦᠯᠡᠵᠦ ᠪᠠᠢ᠌ᠨ᠎ᠠ
ᠨᠡᠶ᠋ᠢᠲᠡᠯᠡᠭᠰᠡᠨ ᠴᠠᠭ᠄ 2018-12-10

      (ᠨᠢᠭᠡ) ᠳᠦᠷᠢᠮ᠎ᠤᠨ ᠪᠠᠲᠤᠯᠠᠭ᠎ᠠ᠃ 《ᠲᠦᠸᠧ ᠵᠢᠶᠠᠩ ᠮᠥᠷᠡᠨ᠎ᠤ ᠰᠠᠪᠠ ᠭᠠᠵᠠᠷ᠎ᠤᠨ ᠤᠰᠤᠨ᠎ᠤ ᠪᠣᠬᠢᠷᠲᠤᠯ᠎ᠢ ᠰᠡᠷᠭᠡᠢ᠌ᠯᠡᠨ ᠵᠠᠰᠠᠬᠤ ᠲᠥᠯᠥᠪᠵᠢᠭᠦᠯᠭᠡ (2017 — 2020 ᠣᠨ)》᠂ 《ᠲᠦᠸᠧ ᠵᠢᠶᠠᠩ ᠮᠥᠷᠡᠨ᠎ᠤ ᠰᠠᠪ ᠭᠠᠵᠠᠷ᠎ᠤᠨ 〈ᠨᠢᠭᠡ ᠭᠣᠣᠯ᠎ᠳᠤ ᠨᠢᠭᠡ ᠠᠷᠭ᠎ᠠ ᠪᠣᠳᠣᠯᠭ᠎ᠠ ᠬᠡᠷᠡᠭᠵᠢᠭᠦᠯᠬᠦ〉 ᠬᠠᠮᠢᠶᠠᠷᠤᠨ ᠬᠠᠮᠠᠭ᠋ᠠᠯᠠᠬᠤ ᠲᠥᠰᠥᠯ》᠂ 《ᠲᠦᠸᠧ ᠵᠢᠶᠠᠩ ᠮᠥᠷᠡᠨ᠎ᠤ ᠰᠠᠪᠠ ᠭᠠᠵᠠᠷ᠎ᠤᠨ ᠤᠰᠤᠨ᠎ᠤ ᠶᠠᠰᠤ ᠴᠢᠨᠠᠷ᠎ᠢ ᠪᠠᠷᠢᠮᠵᠢᠶᠠᠨ᠎ᠳᠤ ᠬᠦᠷᠭᠡᠬᠦ ᠭᠤᠷᠪᠠᠨ ᠵᠢᠯ᠎ᠤᠨ ᠠᠵᠢᠯᠯᠠᠭ᠎ᠠ ᠵᠢᠨ ᠲᠥᠰᠥᠯ (2018 — 2020 ᠣᠨ)》 ᠵᠡᠷᠭᠡ ᠳᠦᠷᠢᠮ ᠲᠣᠭᠲᠠᠭ᠋ᠠᠯ᠎ᠢ ᠨᠡᠢ᠌ᠲᠡᠯᠡᠪᠡ; (ᠬᠣᠶᠠᠷ) ᠲᠣᠭ᠎ᠠ ᠪᠠᠷᠢᠮᠲᠠ ᠵᠢᠨ ᠲᠤᠯᠭ᠋ᠠᠭᠤᠷᠢᠯᠠᠯ᠃ ᠲᠦᠸᠧ ᠵᠢᠶᠠᠩ ᠮᠥᠷᠡᠨ᠎ᠤ ᠤᠰᠤᠨ᠎ᠤ ᠶᠠᠰᠤ ᠴᠢᠨᠠᠷ᠎ᠲᠤ ᠬᠥᠳᠡᠯᠦᠩᠭᠦᠢ᠎ᠪᠠᠷ ᠬᠢᠨᠠᠨ ᠬᠡᠮᠵᠢᠯᠲᠡ ᠬᠢᠬᠦ ᠵᠢ ᠴᠢᠩᠭ᠋ᠠᠳᠬᠠᠨ ᠴᠢᠭᠵᠢᠭᠦᠯᠵᠦ᠂ 12 ᠬᠢᠨᠠᠨ ᠬᠡᠮᠵᠢᠬᠦ ᠣᠭᠲᠣᠯᠣᠭ᠋ᠠᠰᠤ ᠵᠢ ᠰᠢᠨ᠎ᠡ᠎ᠪᠠᠷ ᠨᠡᠮᠡᠵᠦ᠂ ᠲᠦᠸᠧ ᠵᠢᠶᠠᠩ ᠮᠥᠷᠡᠨ᠎ᠤ ᠭᠣᠣᠯ ᠤᠷᠤᠰᠬᠠᠯ ᠪᠠ ᠭᠣᠣᠯ ᠪᠣᠯᠬᠤ ᠰᠠᠯᠪᠤᠷᠢ ᠤᠷᠤᠰᠬᠠᠯ᠎ᠤᠨ ᠤᠰᠤᠨ᠎ᠤ ᠶᠠᠰᠤ ᠴᠢᠨᠠᠷ᠎ᠲᠤ ᠬᠢᠨᠠᠨ ᠬᠡᠮᠵᠢᠯᠲᠡ ᠬᠢᠬᠦ ᠵᠢ ᠪᠦᠬᠦ ᠲᠠᠯ᠎ᠠ᠎ᠪᠠᠷ ᠬᠠᠮᠤᠷᠤᠭᠤᠯᠬᠤ ᠵᠢ ᠪᠡᠶᠡᠯᠡᠭᠦᠯᠵᠡᠢ; (ᠭᠤᠷᠪᠠ) ᠲᠤᠰᠬᠠᠢ ᠠᠵᠢᠯᠲᠠᠨ᠎ᠤ ᠨᠠᠢ᠌ᠳᠠᠪᠤᠷᠢᠵᠢᠭᠤᠯᠤᠯᠲᠠ᠃ ᠲᠦᠸᠧ ᠵᠢᠶᠠᠩ ᠮᠥᠷᠡᠨ᠎ᠤ ᠰᠠᠪᠠ ᠭᠠᠵᠠᠷ᠎ᠤᠨ 7 ᠬᠣᠲᠠ ᠵᠢᠨ ᠤᠯᠤᠰ ᠮᠤᠵᠢ ᠵᠢᠨ ᠰᠢᠯᠭ᠋ᠠᠨ ᠬᠢᠨᠠᠯᠲᠠ ᠵᠢᠨ 24 ᠣᠭᠲᠣᠯᠣᠭ᠋ᠠᠰᠤ᠎ᠳᠤ 《ᠣᠭᠲᠣᠯᠣᠭ᠋ᠠᠰᠤ ᠵᠢᠨ ᠳᠠᠷᠤᠭ᠎ᠠ ᠵᠢᠨ ᠳᠦᠷᠢᠮ》᠎ᠢ ᠰᠦᠪᠡᠭᠴᠢᠯᠡᠨ ᠪᠠᠢ᠌ᠭᠤᠯᠵᠤ᠂ ᠣᠭᠲᠣᠯᠣᠭ᠋ᠠᠰᠤ ᠨᠢᠭᠡᠪᠦᠷᠢ᠎ᠳᠤ ᠲᠤᠰᠬᠠᠢ ᠠᠵᠢᠯᠲᠠᠨ ᠵᠶ᠋ᠠᠷ ᠵᠢᠵᠢᠭᠦᠷᠯᠡᠨ ᠰᠠᠬᠢᠭᠤᠯᠬᠤ ᠵᠢ ᠪᠠᠲᠤᠯᠠᠪᠠ; (ᠳᠥᠷᠪᠡ) ᠳᠡᠭᠡᠳᠦ ᠪᠠᠢ᠌ᠷᠢ ᠵᠢᠨ ᠤᠬᠠᠭ᠋ᠠᠯᠠᠭ᠎ᠠ ᠲᠥᠯᠥᠪᠵᠢᠭᠦᠯᠭᠡ᠃ ᠲᠦᠸᠧ ᠵᠢᠶᠠᠩ ᠮᠥᠷᠡᠨ᠎ᠤ ᠰᠠᠪᠠ ᠭᠠᠵᠠᠷ᠎ᠤᠨ ᠤᠰᠤᠨ᠎ᠤ ᠪᠣᠬᠢᠷᠲᠤᠯ᠎ᠢ ᠰᠡᠷᠭᠡᠢ᠌ᠯᠡᠨ ᠵᠠᠰᠠᠬᠤ ᠲᠤᠰᠬᠠᠢ ᠮᠡᠷᠭᠡᠵᠢᠯᠲᠡᠨ᠎ᠤ ᠵᠥᠪᠯᠡᠭᠴᠢ ᠵᠢᠨ ᠪᠦᠯᠬᠦᠮ᠎ᠢ ᠪᠠᠢ᠌ᠭᠤᠯᠵᠤ᠂ ᠤᠯᠤᠰ᠎ᠤᠨ ᠳᠣᠲᠣᠭ᠋ᠠᠳᠤ ᠵᠢᠨ ᠥᠨᠳᠥᠷ ᠬᠢᠷᠢ ᠲᠦᠪᠰᠢᠨ ᠪᠦᠬᠦᠢ 19 ᠲᠤᠰᠬᠠᠢ ᠮᠡᠷᠭᠡᠵᠢᠯᠲᠡᠨ᠎ᠢ ᠤᠷᠢᠵᠤ ᠲᠦᠸᠧ ᠵᠢᠶᠠᠩ ᠮᠥᠷᠡᠨ᠎ᠤ ᠤᠰᠤᠨ᠎ᠤ ᠶᠠᠰᠤ ᠴᠢᠨᠠᠷ᠎ᠢ ᠰᠠᠢ᠌ᠵᠢᠷᠠᠭᠤᠯᠬᠤ ᠠᠷᠭ᠎ᠠ ᠪᠣᠳᠣᠯᠭ᠎ᠠ ᠲᠣᠭᠲᠠᠭ᠋ᠠᠵᠤ᠂ ᠬᠦᠴᠦᠨ ᠪᠦᠬᠦᠢ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠤᠯᠭ᠋ᠠᠭᠤᠷᠢᠯᠠᠯ ᠬᠠᠩᠭ᠋ᠠᠵᠠᠢ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠾᠧᠪᠧᠢ ᠮᠤᠵᠢ ᠵᠢᠨ ᠠᠮᠢ ᠠᠬᠤᠢ ᠣᠷᠴᠢᠨ ᠲᠣᠭᠤᠷᠢᠨ᠎ᠤ ᠲᠢᠩᠬᠢᠮ 26᠎ᠤ ᠡᠳᠦᠷ ᠡᠬᠢ ᠢᠷᠡᠯᠲᠡ᠎ᠠᠴᠠ᠎ᠨᠢ ᠰᠡᠷᠭᠡᠢ᠌ᠯᠡᠨ ᠡᠵᠡᠮᠳᠡᠵᠦ ᠳᠠᠯᠳᠠ ᠭᠡᠮ᠎ᠢ᠎ᠨᠢ ᠠᠷᠢᠯᠭ᠋ᠠᠬᠤ ᠰᠥᠨᠢ᠎ᠪᠠᠷ ᠪᠠᠢ᠌ᠴᠠᠭ᠋ᠠᠬᠤ 《ᠲᠡᠭ ᠴᠠᠭ᠎ᠤᠨ ᠠᠵᠢᠯᠯᠠᠭ᠎ᠠ》 ᠵᠢ ᠲᠥᠪᠯᠡᠷᠡᠭᠦᠯᠦᠨ ᠥᠷᠨᠢᠭᠦᠯᠪᠡ
ᠳ᠋ᠦᠩᠭᠤᠸᠠᠨ᠎ᠤ ᠮᠠᠶᠦ᠋ᠩ᠎ᠤᠨ 《ᠰᠢᠨᠡᠴᠢᠯᠡᠯᠳᠡ ᠵᠢᠨ ᠳᠡᠮᠳᠡᠭᠯᠡᠯ》᠄ ᠬᠦᠬᠡ ᠠᠭᠤᠯᠠ ᠨᠣᠮᠢᠨ ᠤᠰᠤ ᠵᠢ ᠰᠡᠷᠬᠦᠬᠡᠵᠤ᠂ ᠠᠯᠳᠠ ᠮᠦᠩᠬᠦᠨ ᠠᠭᠤᠯᠠ ᠣᠯᠪᠠ
ᠰᠧᠴᠤᠸᠠᠨ ᠬᠠᠤᠯᠢ ᠲᠣᠭᠲᠠᠭ᠋ᠠᠵᠤ ᠲᠦᠸᠧ ᠵᠢᠶᠠᠩ ᠮᠥᠷᠡᠨ᠎ᠤ ᠰᠠᠪᠠ ᠭᠠᠵᠠᠷ᠎ᠤᠨ ᠤᠰᠤᠨ᠎ᠤ ᠣᠷᠴᠢᠨ ᠲᠣᠭᠣᠷᠢᠨ᠎ᠢ ᠬᠠᠮᠠᠭ᠋ᠠᠯᠠᠵᠤ ᠪᠠᠢ᠌ᠨ᠎ᠠ
ᠾᠧᠪᠧᠢ ᠲᠤᠢ᠌ᠯ᠎ᠤᠨ ᠣᠨᠣᠪᠴᠢᠲᠠᠢ᠎ᠪᠠᠷ ᠬᠠᠤᠯᠢ ᠬᠡᠷᠡᠭᠵᠢᠭᠦᠯᠦᠨ ᠴᠢᠭᠯᠡᠯ᠎ᠲᠠᠢ᠎ᠪᠠᠷ ᠬᠠᠤᠯᠢ ᠵᠢ ᠲᠦᠭᠡᠮᠡᠯᠵᠢᠭᠦᠯᠵᠦ ᠨᠠᠮᠤᠷ ᠡᠪᠦᠯ᠎ᠤᠨ ᠤᠯᠠᠷᠢᠯ᠎ᠤᠨ ᠬᠣᠶᠠᠳᠤᠭ᠋ᠠᠷ ᠡᠭᠡᠯᠵᠢ ᠵᠢᠨ ᠠᠭ᠋ᠠᠷ ᠮᠠᠨᠳᠠᠯ᠎ᠤᠨ ᠣᠷᠴᠢᠨ ᠲᠣᠭᠣᠷᠢᠨ᠎ᠤ ᠬᠠᠤᠯᠢ ᠬᠡᠷᠡᠭᠵᠢᠭᠦᠯᠬᠦ ᠲᠤᠰᠬᠠᠢ ᠵᠦᠢ᠍ᠯ᠎ᠤᠨ ᠠᠵᠢᠯᠯᠠᠭ᠎ᠠ᠎ᠳᠠᠬᠢ ᠣᠷᠴᠢᠨ ᠲᠣᠭᠣᠷᠢᠨ᠎ᠤ ᠲᠣᠪᠣᠢ᠌ᠮ᠎ᠠ ᠠᠰᠠᠭᠤᠳᠠᠯ᠎ᠢ ᠪᠦᠲᠦᠮᠵᠢᠲᠡᠢ ᠰᠢᠢ᠍ᠳᠪᠦᠷᠢᠯᠡᠪᠡ
ᠾᠧᠪᠧᠢ ᠵᠢᠨ ᠡᠯ᠎ᠡ ᠭᠠᠵᠠᠷ᠎ᠤᠨ᠎ᠬᠢᠨ ᠬᠣᠯᠪᠣᠭ᠋ᠠᠯᠠᠨ ᠰᠡᠷᠭᠡᠢ᠌ᠯᠡᠵᠦ ᠬᠣᠯᠪᠣᠭ᠋ᠠᠯᠠᠨ ᠡᠵᠡᠮᠳᠡᠵᠦ ᠬᠥᠬᠡ ᠣᠭᠲᠠᠷᠭᠤᠢ ᠵᠢ ᠬᠠᠮᠠᠭ᠋ᠠᠯᠠᠵᠤ ᠪᠠᠢ᠌ᠨ᠎ᠠ
 
             蒙ICP备05000248号