ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠰᠣᠨᠢᠨ ᠮᠡᠳᠡᠭᠡ   -   ᠣᠷᠣᠨ᠎ᠤ ᠮᠡᠳᠡᠭᠡ
ᠠᠮᠢ ᠠᠬᠤᠶ ᠵᠢᠨ ᠣᠷᠴᠢᠨ ᠲᠣᠭᠣᠷᠢᠨ᠎ᠤ ᠶᠠᠮᠤᠨ ᠲᠦᠩᠯᠢᠶᠣᠤ ᠬᠣᠲᠠ᠎ᠳᠤ ᠠᠮᠢ ᠠᠬᠤᠢ ᠵᠢᠨ ᠣᠷᠴᠢᠨ ᠲᠣᠭᠣᠷᠢᠨ᠎ᠤ ᠬᠦᠷᠢᠶᠡᠨ᠎ᠳᠠᠬᠢ ᠦᠨᠳᠦᠰᠦᠨ ᠱᠠᠲᠤᠨ᠎ᠤ ᠵᠠᠰᠠᠭ᠎ᠤᠨ ᠶᠠᠪᠤᠳᠠᠯ᠎ᠢ ᠢᠯᠡ ᠪᠣᠯᠭ᠋ᠠᠬᠤ ᠵᠢ ᠪᠠᠷᠢᠮᠵᠢᠶᠠᠵᠢᠭᠤᠯᠬᠤ ᠪᠠ ᠵᠢᠷᠤᠮᠵᠢᠭᠤᠯᠬᠤ ᠲᠤᠷᠰᠢᠯᠲᠠ ᠵᠢᠨ ᠴᠢᠭ᠎ᠤᠨ ᠠᠵᠢᠯ᠎ᠢ ᠪᠠᠶ᠋ᠢᠴᠠᠭ᠋ᠠᠨ ᠰᠤᠳᠤᠯᠵᠤ ᠬᠢᠨᠠᠨ ᠵᠢᠯᠣᠭᠣᠳᠪᠠ
ᠨᠡᠶ᠋ᠢᠲᠡᠯᠡᠭᠰᠡᠨ ᠴᠠᠭ᠄ 2018-09-20

      9 ᠳ᠋ᠦ᠍ᠭᠡᠷ ᠰᠠᠷ᠎ᠠ ᠵᠢᠨ 11 ᠎ᠤ ᠡᠳᠦᠷ᠂ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠠᠯᠪᠠᠨ ᠲᠢᠩᠬᠢᠮ᠎ᠤᠨ ᠰᠢᠦᠢ ᠹᠦ᠋ ᠴᠧᠩ ᠲᠦᠷᠦᠭᠦᠲᠡᠢ ᠲᠠᠪᠤᠨ ᠬᠥᠮᠥᠨ ᠲᠦᠩᠯᠢᠶᠣᠤ ᠬᠤᠲᠠ᠎ᠳᠤ   ᠠᠮᠢ ᠠᠬᠤᠢ ᠵᠢᠨ ᠣᠷᠴᠢᠨ ᠲᠣᠭᠣᠷᠢᠨ᠎ᠤ ᠬᠦᠷᠢᠶᠡᠨ᠎ᠳᠠᠬᠢ ᠦᠨᠳᠦᠰᠦᠨ ᠱᠠᠲᠤᠨ᠎ᠤ ᠵᠠᠰᠠᠭ᠎ᠤᠨ ᠶᠠᠪᠤᠳᠠᠯ᠎ᠢ ᠢᠯᠡ ᠪᠣᠯᠭ᠋ᠠᠬᠤ ᠪᠠᠷᠢᠮᠵᠢᠶᠠᠵᠢᠭᠤᠯᠤᠯᠲᠠ ᠵᠢᠷᠤᠮᠵᠢᠭᠤᠯᠤᠯᠲᠠ ᠵᠢᠨ ᠲᠤᠷᠰᠢᠯᠲᠠ ᠬᠢᠬᠦ ᠠᠵᠢᠯ᠎ᠢ ᠪᠠᠶ᠋ᠢᠴᠠᠭ᠋ᠠᠨ ᠰᠤᠳᠤᠯᠵᠤ ᠬᠢᠨᠠᠨ ᠵᠢᠯᠣᠭᠣᠳᠪᠠ᠃
      ᠪᠠᠶ᠋ᠢᠴᠠᠭ᠋ᠠᠨ ᠰᠤᠳᠤᠯᠬᠤ ᠳᠤᠭᠤᠶ᠋ᠢᠯᠠᠩ᠎ᠤᠨ᠎ᠬᠢᠨ ᠲᠤᠬᠠᠢ ᠵᠢᠨ ᠭᠠᠵᠠᠷ᠎ᠲᠤᠨᠢ ᠪᠠᠶ᠋ᠢᠴᠠᠭ᠋ᠠᠨ ᠦᠵᠡᠵᠦ᠂ ᠬᠠᠷᠢᠭᠤ ᠮᠡᠳᠡᠭᠦᠯᠦᠯᠲᠡ ᠵᠢ ᠰᠣᠨᠣᠰᠴᠤ᠂ ᠮᠠᠲ᠋ᠧᠷᠢᠶᠠᠯ ᠦᠵᠡᠬᠦ ᠵᠡᠷᠭᠡ ᠠᠷᠭ᠎ᠠ᠎ᠪᠠᠷ᠂ ᠲᠦᠩᠯᠢᠶᠣᠤ ᠬᠣᠲᠠ ᠵᠢᠨ ᠣᠷᠴᠢᠨ ᠠᠬᠤᠶ ᠵᠢᠨ ᠬᠠᠮᠠᠭ᠋ᠠᠯᠠᠯᠲᠠ ᠵᠢᠨ ᠵᠠᠰᠠᠭ ᠵᠠᠬᠢᠷᠭ᠋ᠠᠨ᠎ᠤ ᠵᠥᠪᠰᠢᠶᠡᠷᠡᠯ ᠠᠪᠬᠤ ᠦᠢ᠍ᠯᠡᠴᠢᠯᠡᠭᠡᠨ᠎ᠤ ᠵᠦᠢ᠍ᠯᠡᠰ᠎ᠢ ᠬᠦᠯᠢᠶᠡᠨ ᠠᠪᠬᠤ ᠪᠠ   ᠰᠢᠢ᠍ᠳᠪᠦᠷᠢᠯᠡᠬᠦ ᠵᠢᠴᠢ ᠵᠠᠰᠠᠭ᠎ᠤᠨ ᠶᠠᠪᠤᠳᠠᠯ᠎ᠢ ᠢᠯᠡ ᠪᠣᠯᠭ᠋ᠠᠬᠤ ᠵᠡᠷᠭᠡ ᠠᠵᠢᠯ᠎ᠢ ᠥᠷᠨᠢᠭᠦᠯᠵᠦ ᠪᠠᠶ᠋ᠢᠭ᠎ᠠ ᠪᠠᠶ᠋ᠢᠳᠠᠯ᠎ᠢ ᠨᠠᠷᠢᠨ ᠣᠢ᠌ᠯᠭ᠋ᠠᠭᠰᠠᠨ᠎ᠤ ᠲᠠᠷᠠᠭ᠎ᠠ ᠰᠠᠨᠠᠯ ᠰᠣᠯᠢᠯᠴᠠᠬᠤ ᠶᠠᠷᠢᠯᠴᠠᠬᠤ ᠬᠤᠷᠠᠯ ᠬᠤᠷᠠᠯᠳᠤᠵᠠᠢ᠃
      ᠬᠣᠯᠪᠣᠭᠳᠠᠯ ᠪᠦᠬᠦᠢ ᠠᠵᠢᠯ᠎ᠤᠨ ᠬᠠᠷᠢᠭᠤ ᠮᠡᠳᠡᠭᠦᠯᠦᠯᠲᠡ ᠵᠢ ᠰᠣᠨᠣᠰᠤᠭᠰᠠᠨ᠎ᠤ ᠳᠠᠷᠠᠭ᠎ᠠ᠂ ᠪᠠᠢ᠌ᠴᠠᠭ᠋ᠠᠨ ᠰᠤᠳᠤᠯᠬᠤ ᠳᠤᠭᠤᠶ᠋ᠢᠯᠠᠩ᠎ᠠᠴᠠ ᠲᠦᠩᠯᠢᠶᠣᠤ ᠬᠤᠲᠠ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠬᠦᠷᠢᠶᠡᠨ᠎ᠳᠠᠬᠢ ᠵᠠᠰᠠᠭ᠎ᠤᠨ ᠶᠠᠪᠤᠳᠠᠯ᠎ᠢ ᠢᠯᠡ ᠪᠣᠯᠭ᠋ᠠᠬᠤ ᠪᠠᠷᠢᠮᠵᠢᠶᠠᠵᠢᠭᠤᠯᠤᠯᠲᠠ ᠵᠢᠷᠤᠮᠵᠢᠭᠤᠯᠤᠯᠲᠠ ᠵᠢᠨ ᠲᠤᠷᠰᠢᠯᠲᠠ ᠬᠢᠬᠦ ᠠᠵᠢᠯ᠎ᠳᠤ ᠣᠯᠤᠭᠰᠠᠨ ᠠᠮᠵᠢᠯᠲᠠ ᠪᠦᠲᠦᠮᠵᠢ ᠵᠢ ᠭᠦᠶᠴᠡᠳ ᠨᠤᠲᠠᠯᠠᠵᠠᠶ᠃ ᠳᠠᠷᠠᠭ᠋ᠠᠴᠢ ᠵᠢᠨ ᠠᠯᠬᠤᠮ᠎ᠤᠨ ᠠᠵᠢᠯ᠎ᠢ ᠰᠢᠦᠢ ᠹᠦ᠋ ᠴᠧᠩ ᠵᠢᠭ᠋ᠠᠬᠤ᠎ᠳᠠᠭᠠᠨ᠄ ᠨᠢᠭᠡ᠎ᠳᠤ᠂ ᠲᠤᠷᠰᠢᠯᠲᠠ ᠬᠢᠬᠦ ᠠᠵᠢᠯ᠎ᠤᠨ ᠴᠢᠬᠤᠯᠠ ᠴᠢᠨᠠᠷ᠎ᠤᠨ ᠲᠤᠬᠠᠶ ᠲᠠᠨᠢᠯᠲᠠ᠎ᠪᠠᠨ ᠭᠦᠨᠵᠡᠭᠡᠶ᠋ᠢᠷᠡᠭᠦᠯᠵᠦ᠂ ᠲᠤᠷᠰᠢᠯᠲᠠ ᠵᠢᠨ ᠴᠡᠭ᠎ᠤᠨ ᠠᠵᠢᠯ᠎ᠢ ᠰᠠᠶ᠋ᠢᠲᠤᠷ ᠬᠢᠬᠦ᠎ᠳᠤ ᠬᠠᠷᠢᠭᠤᠴᠠᠯᠭ᠋ᠠᠲᠤ ᠰᠡᠳᠬᠢᠯᠭᠡ᠎ᠲᠠᠢ ᠪᠠᠢ᠌ᠬᠤ ᠬᠡᠷᠡᠭᠲᠡᠢ᠃ ᠬᠣᠶᠠᠷ᠎ᠲᠤ᠂ ᠠᠷᠠᠳ ᠲᠦᠮᠡᠨ ᠵᠶ᠋ᠡᠷ ᠭᠣᠣᠯ ᠪᠣᠯᠭ᠋ᠠᠬᠤ ᠬᠥᠭᠵᠢᠯᠲᠡ ᠵᠢᠨ ᠦᠵᠡᠯ ᠰᠠᠨᠠᠭ᠎ᠠ ᠵᠢ ᠲᠤᠤᠱᠯᠠᠭᠤᠯᠤᠨ ᠨᠠᠶ᠋ᠢᠳᠠᠪᠤᠷᠢᠵᠢᠭᠤᠯᠵᠤ᠂ ᠵᠠᠰᠠᠭ᠎ᠤᠨ ᠶᠠᠪᠤᠳᠠᠯ᠎ᠢ ᠢᠯᠡ ᠪᠣᠯᠭ᠋ᠠᠬᠤ᠂ ᠠᠷᠠᠳ ᠤᠯᠠᠨ᠎ᠤ ᠣᠷᠣᠯᠴᠠᠬᠤ ᠡᠷᠬᠡ᠂ ᠬᠢᠨᠠᠯᠲᠠ ᠲᠠᠯᠪᠢᠬᠤ ᠡᠷᠬᠡ᠂ ᠢᠯᠡᠳᠬᠡᠬᠦ ᠡᠷᠬᠡ ᠵᠢ ᠪᠠᠲᠤᠯᠠᠵᠤ  ᠂ ᠠᠷᠠᠳ ᠤᠯᠠᠨ᠎ᠤ ᠬᠦᠷᠲᠡᠮᠵᠢ ᠵᠢᠨ ᠲᠦᠷᠦᠭᠳᠡᠯ᠂ ᠵᠣᠯ ᠵᠢᠷᠭ᠋ᠠᠯ᠎ᠤᠨ ᠲᠥᠷᠥᠭᠳᠡᠯ᠎ᠢ ᠦᠨᠡᠨᠬᠦ ᠳᠡᠭᠡᠭᠰᠢᠯᠡᠭᠦᠯᠬᠦ ᠬᠡᠷᠡᠭᠲᠡᠢ᠃ ᠭᠤᠷᠪᠠ᠎ᠳᠤ᠂ ᠬᠡᠷᠡᠭᠴᠡᠭᠡ ᠱᠠᠭ᠋ᠠᠷᠳᠠᠯᠭ᠎ᠠ᠎ᠪᠠᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠵᠤ᠂ ᠵᠣᠷᠢᠭᠲᠠᠶ ᠡᠭᠦᠳᠦᠨ ᠪᠦᠲᠦᠭᠡᠵᠦ᠂ ᠵᠣᠷᠢᠭᠲᠠᠶ ᠲᠤᠷᠰᠢᠯᠲᠠ ᠬᠢᠵᠦ᠂ ᠲᠤᠷᠰᠢᠯᠲᠠ ᠵᠢᠨ ᠠᠵᠢᠯ ᠵᠶ᠋ᠠᠨ ᠭᠦᠨᠵᠡᠭᠡᠶ᠋ᠢᠷᠡᠭᠦᠯᠬᠦ ᠬᠡᠷᠡᠭᠲᠡᠶ᠃ ᠲᠤᠷᠰᠢᠯᠲᠠ ᠵᠢᠨ ᠠᠵᠢᠯ᠎ᠳᠤ ᠪᠠᠷᠢᠮᠵᠢᠶ᠎ᠠ ᠭᠡᠵᠦ ᠪᠠᠢ᠌ᠬᠤ ᠦᠭᠡᠢ᠂ ᠤᠯᠠᠨ ᠲᠦᠮᠡᠨ᠎ᠤ ᠬᠦᠰᠡᠯ ᠱᠠᠭ᠋ᠠᠷᠳᠠᠯᠭ᠎ᠠ ᠵᠢ ᠰᠡᠳᠬᠢᠯ ᠬᠠᠩᠭ᠋ᠠᠮᠵᠢᠲᠠᠢ ᠪᠠᠢ᠌ᠬᠤ ᠪᠣᠯ ᠳᠠᠷᠤᠢ ᠪᠠᠷᠢᠮᠵᠢᠶ᠎ᠠ ᠪᠣᠯᠣᠨ᠎ᠠ᠃ ᠬᠠᠶ᠋ᠢᠨ ᠰᠦᠪᠡᠭᠴᠢᠯᠡᠵᠦ ᠰᠢᠨ᠎ᠡ ᠵᠢ ᠡᠭᠦᠳᠬᠦ᠎ᠪᠠᠷ ᠳᠠᠮᠵᠢᠭᠤᠯᠤᠨ᠂ ᠳᠠᠬᠢᠨ ᠪᠦᠲᠦᠭᠡᠵᠦ ᠪᠣᠯᠬᠤ᠂ ᠳᠡᠯᠭᠡᠷᠡᠭᠦᠯᠵᠦ ᠪᠣᠯᠬᠤ᠂ ᠦᠨᠳᠦᠰᠦᠨ ᠱᠠᠲᠤᠨ᠎ᠤ ᠵᠠᠰᠠᠭ᠎ᠤᠨ ᠶᠠᠪᠤᠳᠠᠯ᠎ᠢ ᠢᠯᠡ ᠪᠣᠯᠭ᠋ᠠᠬᠤ ᠪᠠᠷᠢᠮᠵᠢᠶ᠎ᠠ᠂ ᠵᠢᠷᠤᠮᠯᠠᠯ᠎ᠢ ᠲᠣᠭᠲᠠᠭ᠋ᠠᠨ᠎ᠠ᠃ ᠲᠦᠷᠪᠡ᠎ᠳᠤ᠂ ᠤᠳᠤᠷᠢᠳᠤᠯᠭ᠎ᠠ᠎ᠪᠠᠨ ᠴᠢᠩᠭ᠋ᠠᠳᠬᠠᠵᠤ᠂ ᠲᠤᠷᠰᠢᠯᠲᠠ ᠵᠢᠨ ᠠᠵᠢᠯ᠎ᠳᠤ ᠪᠠᠲᠤ ᠴᠢᠩᠭ᠎ᠠ ᠪᠠᠲᠤᠯᠠᠭ᠎ᠠ ᠬᠠᠩᠭ᠋ᠠᠬᠤ ᠬᠡᠷᠡᠭᠲᠡᠢ᠂ ᠢᠯᠡ ᠪᠣᠯᠭ᠋ᠠᠬᠤ ᠠᠷᠭ᠎ᠠ ᠵᠠᠮ᠎ᠢ ᠤᠯᠠᠮ ᠨᠢᠭᠡ ᠠᠯᠬᠤᠮ ᠥᠷᠭᠡᠳᠬᠡᠵᠦ᠂ ᠢᠯᠡ ᠪᠣᠯᠭ᠋ᠠᠬᠤ ᠠᠭᠤᠯᠭ᠎ᠠ ᠵᠢ ᠭᠦᠨᠵᠡᠭᠡᠶ᠋ᠢᠷᠡᠭᠦᠯᠵᠦ᠂ 《ᠲᠠᠪᠤᠨ ᠵᠦᠢ᠍ᠯ᠎ᠢ ᠢᠯᠡ ᠪᠣᠯᠭ᠋ᠠᠬᠤ》 ᠪᠤᠯᠤᠩ᠎ᠤᠨ ᠪᠠᠢ᠌ᠭᠤᠯᠤᠯᠲᠠ ᠵᠢ ᠪᠦᠬᠦ ᠬᠦᠴᠦᠨ ᠵᠶ᠋ᠡᠷ ᠠᠬᠢᠭᠤᠯᠵᠤ᠂ ᠤᠯᠠᠨ ᠲᠦᠮᠡᠨ᠎ᠤ ᠵᠠᠰᠠᠭ᠎ᠤᠨ ᠶᠠᠪᠤᠳᠠᠯ᠎ᠤᠨ ᠦᠶᠯᠡᠴᠢᠯᠡᠭᠡᠨ᠎ᠤ ᠲᠤᠬᠠᠢ ᠬᠡᠷᠡᠭᠴᠡᠭᠡ ᠱᠠᠭ᠋ᠠᠷᠳᠠᠯᠭ᠎ᠠ ᠵᠢ ᠬᠠᠩᠭ᠋ᠠᠬᠤ ᠬᠡᠷᠡᠭᠲᠡᠶ ᠭᠡᠵᠡᠢ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠠᠮᠢ ᠠᠬᠤᠶ ᠣᠷᠴᠢᠨ ᠲᠣᠭᠣᠷᠢᠨ᠎ᠤ ᠶᠠᠮᠤᠨ᠎ᠤ ᠪᠠᠶ᠋ᠢᠴᠠᠭ᠋ᠠᠬᠤ ᠳᠤᠭᠤᠶ᠋ᠢᠯᠠᠩ ᠬᠥᠬᠡᠬᠣᠲᠠ᠎ᠳᠤ ᠲᠥᠪᠯᠡᠷᠡᠩᠭᠦᠢ ᠮᠠᠶᠢᠭ᠎ᠤᠨ ᠤᠤᠭᠤᠬᠤ ᠤᠰᠤᠨ᠎ᠤ ᠡᠬᠢ ᠰᠤᠷᠪᠤᠯᠵᠢ ᠵᠢᠨ ᠭᠠᠵᠠᠷ᠎ᠤᠨ ᠣᠷᠴᠢᠨ ᠲᠣᠭᠣᠷᠢᠨ ᠎ᠢ ᠬᠠᠮᠠᠭ᠋ᠠᠯᠠᠬᠤ ᠠᠰᠠᠭᠤᠳᠠᠯ᠎ᠢ ᠴᠡᠭᠴᠡᠯᠡᠨ ᠥᠭᠡᠷᠡᠴᠢᠯᠡᠵᠦ ᠨᠠᠶ᠋ᠢᠳᠠᠪᠤᠷᠢᠵᠢᠭᠤᠯᠤᠭᠰᠠᠨ ᠪᠠᠶ᠋ᠢᠳᠠᠯ᠎ᠢ ᠪᠠᠶ᠋ᠢᠴᠠᠭ᠋ᠠᠪᠠ
ᠳᠥᠷᠪᠡᠳᠦᠭᠡᠷ ᠬᠤᠭᠤᠴᠠᠭ᠋ᠠᠨ᠎ᠤ ᠪᠥᠬᠥ ᠣᠷᠣᠨ᠎ᠤ ᠣᠷᠴᠢᠨ ᠲᠣᠭᠣᠷᠢᠨ᠎ᠢ ᠬᠠᠮᠠᠭ᠋ᠠᠯᠠᠬᠤ ᠰᠢᠰᠲ᠋ᠧᠮ᠎ᠤᠨ 《ᠣᠷᠴᠢᠨ ᠠᠬᠤᠶ ᠵᠢᠨ ᠬᠠᠮᠠᠭ᠋ᠠᠯᠠᠯᠲᠠ ᠵᠢᠨ ᠬᠤᠨᠳᠠᠭ᠋ᠠᠲᠤ》 ᠫᠢᠩᠫᠠᠩ ᠪᠥᠮᠪᠥᠭᠡ ᠵᠢᠨ ᠤᠷᠤᠯᠳᠤᠭ᠋ᠠᠨ ᠠᠮᠵᠢᠯᠲᠠ ᠎ᠲᠠᠢ ᠥᠨᠳᠥᠷᠯᠡᠪᠡ ᠲᠠᠪᠤᠳᠤᠭ᠋ᠠᠷ ᠬᠤᠭᠤᠴᠠᠭ᠋ᠠᠨ᠎ᠤ 《ᠣᠷᠴᠢᠨ ᠠᠬᠤᠶ ᠵᠢᠨ ᠬᠠᠮᠠᠭ᠋ᠠᠯᠠᠯᠲᠠ ᠵᠢᠨ ᠬᠤᠨᠳᠠᠭ᠋ᠠᠲᠤ》 ᠫᠢᠩᠫᠠᠩ ᠪᠥᠮᠪᠥᠭᠡ ᠵᠢᠨ ᠤᠷᠤᠯᠳᠤᠭ᠋ᠠᠨ ᠬᠥᠯᠥᠨ ᠪᠣᠶ᠋ᠢᠷ ᠬᠣᠲᠠ᠎ᠳᠤ ᠶᠠᠪᠤᠭᠳᠠᠬᠤ᠎ᠪᠠᠷ ᠪᠠᠢ᠌ᠨ᠎ᠠ
ᠬᠥᠯᠥᠨ ᠪᠤᠢ᠍ᠢ᠍ᠷ ᠬᠤᠳᠠ ᠵᠢᠨ ᠠᠮᠢ ᠠᠬᠤᠢ ᠣᠷᠴᠢᠨ ᠲᠣᠭᠣᠷᠢᠨ᠎ᠤ ᠲᠤᠪᠤᠢ᠍ᠢ᠍ᠮ᠎ᠠ ᠠᠰᠠᠭᠤᠳᠠᠯ᠎ᠢ ᠢᠯᠭ᠋ᠠᠨ ᠪᠠᠶ᠋ᠢᠴᠠᠭ᠋ᠠᠵᠤ ᠵᠠᠰᠠᠬᠤ 《ᠵᠠᠭᠤᠨ ᠡᠳᠦᠷ᠎ᠤᠨ ᠪᠣᠭᠣᠮᠲᠠ ᠰᠢᠪᠲᠤᠯᠬᠤ》 ᠲᠤᠰᠬᠠᠶ ᠠᠵᠢᠯᠯᠠᠭ᠎ᠠ ᠬᠠᠮᠲᠤᠷᠠᠭᠰᠠᠨ ᠬᠤᠷᠠᠯ ᠬᠤᠷᠠᠯᠳᠤᠭᠤᠯᠪᠠ
ᠥᠪᠡᠷᠲᠡᠭᠡᠨ ᠵᠠᠰᠠᠬᠤ ᠣᠷᠣᠨ᠎ᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠲᠢᠩᠬᠢᠮ᠎ᠠᠴᠠ ᠪᠦᠬᠦ ᠣᠷᠣᠨ᠎ᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠰᠢᠰᠲ᠋ᠧᠮ᠎ᠤᠨ᠎ᠬᠢᠨ᠎ᠤ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢ᠌ᠭᠤᠯᠤᠯᠲᠠ ᠵᠢᠨ ᠰᠡᠷᠡᠮᠵᠢᠯᠡᠭᠦᠯᠬᠦ ᠬᠥᠮᠥᠵᠢᠯ᠎ᠤᠨ ᠲᠧᠯᠸᠢᠰ ᠬᠤᠷᠠᠯ ᠬᠤᠷᠠᠯᠳᠤᠭᠤᠯᠪᠠ
ᠪᠦᠬᠦ ᠣᠷᠣᠨ᠎ᠤ ᠣᠷᠴᠢᠨ ᠲᠣᠭᠣᠷᠢᠨ ᠬᠢᠭᠡᠳ ᠪᠠᠢ᠌ᠭ᠋ᠠᠯᠢ ᠵᠢᠨ ᠬᠥᠮᠥᠵᠢᠯ᠎ᠤᠨ ᠨᠢᠷᠤᠭᠤᠪᠴᠢ ᠬᠦᠴᠦᠨ᠎ᠤ ᠪᠣᠯᠪᠠᠰᠤᠷᠠᠯ᠎ᠤᠨ ᠠᠩᠭᠢ ᠪᠤᠭᠤᠲᠤ ᠬᠣᠲᠠᠨ᠎ᠳᠤ ᠶᠠᠪᠤᠭᠳᠠᠪᠠ
 
             蒙ICP备05000248号