ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠴᠢᠬᠤᠯᠠ ᠠᠴᠢ ᠬᠣᠯᠪᠣᠭᠳᠠᠯ᠎ᠢ ᠤᠯᠠᠮ ᠨᠢᠭᠡ ᠠᠯᠬᠤᠮ ᠤᠬᠠᠭᠤᠯᠵᠤ᠂ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠣᠨᠣᠯᠵᠢᠬᠤᠨ᠎ᠢ ᠲᠦᠭᠡᠮᠡᠯᠵᠢᠭᠦᠯᠬᠦ ᠵᠢᠨ ᠲᠥᠯᠥᠭᠡ᠂ ᠥᠪᠥᠷ ᠮᠣᠩᠭᠣᠯ᠎ᠤᠨ ᠣᠷᠴᠢᠨ ᠲᠣᠭᠣᠷᠢᠨ᠎ᠤ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠯᠡᠩ᠎ᠠᠴᠠ 9 ᠳ᠋ᠦ᠍ᠭᠡᠷ ᠰᠠᠷ᠎ᠠ ᠵᠢᠨ 8᠎ᠤ ᠡᠳᠦᠷ 《ᠣᠽᠣᠨ᠎ᠤ ᠳᠠᠪᠬᠤᠷᠭ᠎ᠠ ᠵᠢ ᠬᠠᠮᠠᠭ᠋ᠠᠯᠠᠬᠤ᠎ᠳᠤ ᠥᠪᠥᠷ ᠮᠣᠩᠭᠣᠯ ᠢᠳᠡᠪᠬᠢᠲᠡᠢ ᠬᠥᠳᠡᠯᠦᠯᠴᠡᠰᠦᠭᠡᠢ》 ᠭᠡᠬᠦ ᠭᠣᠣᠯ ᠰᠡᠳᠦᠪᠲᠦ ᠤᠬᠠᠭᠤᠯᠭ᠎ᠠ ᠵᠢᠨ ᠬᠥᠳᠡᠯᠭᠡᠭᠡᠨ ᠥᠷᠨᠢᠭᠦᠯᠪᠡ᠃ ᠬᠥᠳᠡᠯᠭᠡᠭᠡᠨ᠎ᠤ ᠭᠣᠣᠯ ᠵᠣᠷᠢᠯᠲᠠ᠎ᠨᠢ ᠣᠯᠠᠨ ᠲᠦᠮᠡᠨ᠎ᠤ ᠣᠷᠴᠢᠨ ᠲᠣᠭᠣᠷᠢᠨ᠎ᠢ ᠬᠠᠮᠠᠭ᠋ᠠᠯᠠᠬᠤ᠂ ᠳᠡᠯᠡᠬᠡᠢ ᠵᠢᠨ ᠪᠥᠮᠪᠥᠷᠴᠡᠭ ᠵᠶ᠋ᠠᠨ ᠬᠠᠢ᠌ᠷᠠᠯᠠᠬᠤ᠂ ᠣᠽᠣᠨ᠎ᠤ ᠳᠠᠪᠬᠤᠷᠭ᠎ᠠ ᠵᠢ ᠬᠣᠷᠣᠭᠳᠠᠭᠤᠯᠬᠤ ᠪᠣᠳᠠᠰ᠎ᠢ ᠬᠡᠷᠡᠭᠯᠡᠬᠦ᠎ᠪᠠᠨ ᠪᠠᠭ᠋ᠠᠰᠬᠠᠬᠤ᠂ ᠰᠠᠢ᠌ᠨ ᠰᠠᠢ᠌ᠬᠠᠨ ᠠᠮᠢ ᠠᠬᠤᠢ ᠵᠢᠨ ᠣᠷᠴᠢᠨ ᠲᠣᠭᠣᠷᠢᠨ᠎ᠢ ᠬᠠᠮᠠᠭ᠋ᠠᠯᠠᠬᠤ ᠦᠵᠡᠯ ᠤᠬᠠᠮᠰᠠᠷ᠎ᠢ᠎ᠨᠢ ᠳᠡᠭᠡᠭᠰᠢᠯᠡᠭᠦᠯᠬᠦ ᠵᠢᠨ ᠲᠥᠯᠥᠭᠡ ᠶᠤᠮ᠃
ᠬᠥᠳᠡᠯᠭᠡᠭᠡᠨ ᠥᠷᠨᠢᠭᠦᠯᠦᠭᠰᠡᠨ ᠲᠤᠰ ᠡᠳᠦᠷ᠎ᠲᠤ᠂ ᠬᠥᠳᠡᠯᠭᠡᠭᠡᠨ᠎ᠤ ᠲᠤᠬᠠᠢ ᠵᠢᠨ ᠲᠠᠯᠠᠪᠤᠷ᠎ᠲᠤ ᠣᠽᠣᠨ᠎ᠤ ᠳᠠᠪᠬᠤᠷᠭ᠎ᠠ ᠵᠢ ᠬᠠᠮᠠᠭ᠋ᠠᠯᠠᠬᠤ ᠭᠣᠣᠯ ᠰᠡᠳᠦᠪᠲᠦ ᠬᠥᠳᠡᠯᠭᠡᠭᠡᠨ᠎ᠤ ᠬᠥᠨᠳᠡᠯᠡᠨ ᠪᠢᠴᠢᠭᠡᠰᠦ ᠡᠯᠭᠦᠨ᠂ ᠣᠽᠣᠨ᠎ᠤ ᠳᠠᠪᠬᠤᠷᠭ᠎ᠠ ᠵᠢ ᠬᠠᠮᠠᠭ᠋ᠠᠯᠠᠬᠤ ᠮᠡᠳᠡᠯᠭᠡ ᠵᠢ ᠤᠬᠠᠭᠤᠯᠬᠤ ᠦᠵᠡᠭᠦᠯᠭᠡ ᠵᠢᠨ ᠰᠠᠮᠪᠠᠷ᠎ᠠ ᠲᠣᠬᠢᠷᠠᠭᠤᠯᠤᠭᠰᠠᠨ᠎ᠤ ᠬᠠᠮᠲᠤ᠂ ᠨᠠᠭ᠋ᠠᠰᠢ ᠴᠠᠭ᠋ᠠᠰᠢ ᠵᠣᠷᠴᠢᠬᠤ ᠣᠯᠠᠨ ᠲᠦᠮᠡᠨ᠎ᠳᠤ ᠣᠽᠣᠨ᠎ᠤ ᠳᠠᠪᠬᠤᠷᠭ᠎ᠠ ᠵᠢ ᠬᠠᠮᠠᠭ᠋ᠠᠯᠠᠬᠤ ᠤᠬᠠᠭᠤᠯᠭ᠎ᠠ ᠵᠢᠨ ᠳᠡᠪᠲᠡᠷ ᠵᠡᠷᠭᠡ ᠬᠠᠮᠢᠶ᠎ᠠ ᠪᠦᠬᠦᠢ ᠤᠬᠠᠭᠤᠯᠭ᠎ᠠ ᠵᠢᠨ ᠮᠠᠲ᠋ᠧᠷᠢᠶᠠᠯ ᠲᠠᠷᠬᠠᠭ᠋ᠠᠪᠠ᠃ ᠬᠥᠳᠡᠯᠭᠡᠭᠡᠨ᠎ᠤ ᠬᠤᠭᠤᠴᠠᠭ᠋ᠠᠨ᠎ᠳᠤ᠂ ᠣᠷᠴᠢᠨ ᠲᠣᠭᠣᠷᠢᠨ᠎ᠤ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠯᠡᠩ᠎ᠤᠨ ᠠᠵᠢᠯᠲᠠᠳ ᠨᠠᠭ᠋ᠠᠰᠢ ᠴᠠᠭ᠋ᠠᠰᠢ ᠵᠣᠷᠴᠢᠬᠤ ᠣᠯᠠᠨ ᠲᠦᠮᠡᠨ᠎ᠳᠤ ᠣᠽᠣᠨ᠎ᠤ ᠲᠤᠬᠠᠢ ᠬᠠᠮᠢᠶ᠎ᠠ ᠪᠦᠬᠦᠢ ᠮᠡᠳᠡᠯᠭᠡ ᠵᠢᠴᠢ ᠣᠽᠣᠨ᠎ᠤ ᠳᠠᠪᠬᠤᠷᠭ᠎ᠠ ᠵᠢ ᠬᠠᠮᠠᠭ᠋ᠠᠯᠠᠬᠤ ᠵᠢᠨ ᠴᠢᠬᠤᠯᠠ ᠠᠴᠢ ᠬᠣᠯᠪᠣᠭᠳᠠᠯ᠎ᠳᠤ ᠤᠬᠠᠭᠤᠯᠭ᠎ᠠ ᠲᠠᠢ᠌ᠯᠤᠮᠵᠢ ᠬᠢᠵᠦ᠂ ᠲᠠᠢ᠌ᠯᠤᠮᠵᠢ ᠬᠢᠵᠦ ᠪᠠᠷᠠᠭᠰᠠᠨ᠎ᠤ ᠳᠠᠷᠠᠭ᠎ᠠ᠂ ᠮᠠᠰᠢ ᠣᠯᠠᠨ ᠬᠥᠮᠥᠨ ᠤᠬᠠᠭᠤᠯᠭ᠎ᠠ ᠵᠢᠨ ᠬᠥᠨᠳᠡᠯᠡᠨ ᠪᠢᠴᠢᠭᠡᠰᠦᠨ ᠳᠡᠭᠡᠷ᠎ᠡ ᠭᠠᠷᠤᠨ ᠦᠰᠦᠭ ᠵᠢᠷᠤᠵᠤ᠂ ᠥᠪᠡᠷᠢᠠᠴᠠᠪᠠᠨ ᠡᠬᠢᠯᠡᠨ ᠣᠷᠴᠢᠨ ᠲᠣᠭᠣᠷᠢᠨ᠎ᠤ ᠬᠠᠮᠠᠭ᠋ᠠᠯᠠᠯᠲᠠ᠎ᠳᠤ ᠠᠩᠬᠠᠷᠤᠯ ᠲᠠᠯᠪᠢᠨ᠂ ᠣᠷᠴᠢᠨ ᠲᠣᠭᠣᠷᠢᠨ᠎ᠤ ᠬᠠᠮᠠᠭ᠋ᠠᠯᠠᠯᠲᠠ᠎ᠳᠤ ᠢᠳᠡᠪᠬᠢᠲᠡᠢ ᠣᠷᠣᠯᠴᠠᠨ᠎ᠠ ᠭᠡᠵᠦ ᠵᠠᠯᠭ᠋ᠠᠭ᠎ᠠ ᠵᠠᠯᠭ᠋ᠠᠭ᠎ᠠ᠎ᠪᠠᠷ ᠵᠣᠷᠢᠭ ᠵᠶ᠋ᠠᠨ ᠢᠯᠡᠳᠬᠡᠵᠡᠭᠡᠪᠡ᠃ ᠣᠢ᠌ᠷ᠎ᠠ ᠣᠷᠴᠢᠮ᠎ᠤᠨ ᠤᠷᠠᠨ ᠵᠢᠷᠤᠭ᠎ᠤᠨ ᠪᠣᠯᠪᠠᠰᠤᠷᠠᠯ᠎ᠤᠨ ᠠᠩᠭᠢ᠎ᠳᠤ ᠰᠤᠷᠤᠯᠴᠠᠵᠤ ᠪᠠᠢ᠌ᠭ᠎ᠠ ᠪᠢᠴᠢᠬᠠᠨ ᠨᠥᠬᠥᠳ ᠴᠤ᠌ ᠡᠨᠡ ᠬᠦ᠌ ᠬᠥᠳᠡᠯᠭᠡᠭᠡᠨ᠎ᠳᠤ ᠢᠳᠡᠪᠬᠢᠲᠡᠢ ᠣᠷᠣᠯᠴᠠᠵᠤ᠂ ᠣᠽᠣᠨ᠎ᠤ ᠳᠠᠪᠬᠤᠷᠭ᠎ᠠ ᠵᠢ ᠬᠠᠮᠠᠭ᠋ᠠᠯᠠᠬᠤ᠎ᠪᠠᠷ ᠭᠣᠣᠯ ᠰᠡᠳᠦᠪ ᠪᠣᠯᠭ᠋ᠠᠭᠰᠠᠨ ᠤᠬᠠᠭᠤᠯᠭ᠎ᠠ ᠵᠢᠨ ᠤᠭᠤᠲᠠᠨ ᠳᠡᠭᠡᠷ᠎ᠡ ᠭᠣᠶᠣ ᠰᠠᠢ᠌ᠬᠠᠨ ᠵᠢᠷᠤᠭ ᠵᠢᠷᠤᠵᠤ᠂ ᠲᠡᠳᠡᠨᠦᠰ᠎ᠤᠨ ᠰᠡᠳᠬᠢᠯ ᠵᠢᠷᠦᠬᠡᠨ᠎ᠳᠠᠬᠢ ᠭᠣᠶᠣ ᠦᠵᠡᠰᠬᠦᠯᠡᠩ ᠣᠷᠴᠢᠨ ᠲᠣᠭᠣᠷᠢᠨ ᠵᠶ᠋ᠠᠨ ᠵᠢᠷᠤᠭᠯᠠᠨ ᠢᠯᠡᠳᠬᠡᠪᠡ; ᠲᠤᠰ ᠤᠳᠠᠭ᠋ᠠᠨ᠎ᠤ ᠬᠥᠳᠡᠯᠭᠡᠭᠡᠨ ᠵᠶ᠋ᠡᠷ ᠳᠠᠮᠵᠢᠭᠤᠯᠤᠨ ᠬᠡᠦᠬᠡᠳ᠎ᠲᠤ ᠣᠽᠣᠨ᠎ᠤ ᠳᠠᠪᠬᠤᠷᠭ᠎ᠠ ᠵᠢ ᠬᠠᠮᠠᠭ᠋ᠠᠯᠠᠬᠤ ᠵᠢᠨ ᠴᠢᠬᠤᠯᠠ ᠴᠢᠨᠠᠷ᠎ᠢ ᠣᠢ᠌ᠯᠠᠭ᠋ᠠᠭᠤᠯᠵᠤ᠂ ᠲᠡᠳᠡᠨᠦᠰ᠎ᠤᠨ ᠴᠠᠢ᠌ᠯᠭ᠋ᠠᠨ ᠴᠠᠭ᠋ᠠᠪᠤᠷ ᠰᠡᠳᠬᠢᠯ᠎ᠳᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠦᠵᠡᠯ ᠤᠬᠠᠮᠰᠠᠷ᠎ᠢ ᠤᠯᠠᠮ ᠨᠢᠭᠡ ᠠᠯᠬᠤᠮ ᠦᠨᠳᠦᠰᠦᠯᠡᠭᠦᠯᠦᠨ ᠰᠣᠶᠣᠭ᠋ᠠᠯᠠᠭᠤᠯᠵᠠᠢ᠃
