ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠤᠷᠴᠢᠨ ᠲᠤᠭᠤᠷᠢᠨ᠎ᠤ ᠬᠠᠮᠠᠭ᠋ᠠᠯᠠᠯᠳᠠ ᠵᠢᠨ ᠮᠡᠳᠡᠯᠭᠡ (ᠨᠢᠭᠡ ᠵᠠᠭᠤ ᠨᠠᠶᠠᠨ ᠨᠢᠭᠡ)
ᠨᠡᠶ᠋ᠢᠲᠡᠯᠡᠭᠰᠡᠨ ᠴᠠᠭ᠄ 2020-01-16

      ᠮᠠᠨᠠᠨ ᠪᠠ ᠤᠨᠢᠶᠠᠷ᠎ᠨᠢ ᠶᠠᠮᠠᠷ ᠢᠯᠭ᠋ᠠᠭ᠎ᠠ᠎ᠲᠠᠢ ᠪᠤᠢ?
      ᠮᠠᠨᠠᠨ (Fog) ᠪᠤᠯᠤᠨ ᠤᠨᠢᠶᠠᠷ (Haze) ᠪᠤᠯ ᠬᠤᠶᠠᠷ ᠵᠦᠢ᠍ᠯ᠎ᠤᠨ ᠠᠳᠠᠯᠢ ᠪᠤᠰᠤ ᠤᠬᠠᠭᠳᠠᠬᠤᠨ ᠶᠤᠮ᠃ ᠮᠠᠨᠠᠨ ᠪᠤᠯ ᠶᠡᠬᠡ ᠬᠡᠮᠵᠢᠶᠡᠨ᠎ᠤ ᠭᠠᠵᠠᠷ᠎ᠤᠨ ᠭᠠᠳᠠᠷᠭᠤ᠎ᠲᠠᠢ ᠤᠢ᠌ᠷᠠᠬᠠᠨ ᠠᠭ᠋ᠠᠷ ᠲᠤᠮᠳᠠ ᠬᠦᠪᠴᠦ ᠪᠠᠢ᠌ᠭ᠎ᠠ ᠪᠢᠴᠢᠯ ᠤᠰᠤᠨ ᠮᠦᠬᠦᠯᠢᠭ ᠪᠤᠶᠤ ᠮᠦᠰᠦᠨ ᠲᠠᠯᠠᠰᠳᠦ᠎ᠠᠴᠠ ᠪᠦᠷᠢᠯᠳᠦᠭᠰᠡᠨ᠂ ᠦᠵᠡᠭᠳᠡᠬᠦ ᠬᠡᠮᠵᠢᠶ᠎ᠡ᠎ᠨᠢ ᠲᠤᠤᠷ᠎ᠠ ᠪᠠᠢ᠌ᠭ᠋ᠠᠯᠢ ᠵᠢᠨ ᠦᠵᠡᠭᠳᠡᠯ ᠶᠤᠮ᠂ ᠭᠠᠵᠠᠷ᠎ᠤᠨ ᠭᠠᠳᠠᠷᠭᠤ᠎ᠲᠠᠢ ᠤᠢ᠌ᠷᠠᠬᠠᠨ ᠠᠭ᠋ᠠᠷ ᠲᠤᠮᠳᠠᠬᠢ ᠤᠰᠤᠨ ᠠᠭᠤᠷ ᠴᠠᠷᠴᠠᠭᠰᠠᠨ (ᠡᠰᠡᠬᠦᠯ᠎ᠡ ᠠᠯᠠᠭ᠋ᠠᠰᠠᠨ ᠴᠠᠷᠴᠠᠭᠰᠠᠨ) ᠪᠦᠳᠦᠭᠡᠭᠳᠡᠬᠦᠨ ᠮᠦᠨ᠃ ᠤᠨᠢᠶᠠᠷ ᠪᠤᠯ ᠠᠭ᠋ᠠᠷ ᠲᠤᠮᠳᠠ ᠬᠦᠪᠴᠦ ᠪᠠᠢ᠌ᠭ᠎ᠠ ᠶᠡᠬᠡ ᠬᠡᠮᠵᠢᠶᠡᠨ᠎ᠤ ᠮᠦᠬᠦᠯᠢᠭᠳᠦ ᠪᠤᠳᠠᠰ᠎ᠠᠴᠠ ᠪᠤᠯᠤᠭᠰᠠᠨ ᠦᠵᠡᠭᠳᠡᠬᠦ ᠬᠡᠮᠵᠢᠶ᠎ᠡ᠎ᠨᠢ 10Km᠎ᠠᠴᠠ ᠲᠤᠷᠤᠭᠰᠢᠯᠠᠭᠰᠠᠨ ᠨᠢᠭᠡ ᠵᠦᠢ᠍ᠯ᠎ᠤᠨ ᠪᠤᠯᠠᠩᠭᠢᠷ᠎ᠲᠠᠢ ᠦᠵᠡᠭᠳᠡᠯ ᠶᠤᠮ᠃ ᠮᠠᠨᠠᠨ ᠪᠠ ᠤᠨᠢᠶᠠᠷ᠎ᠨᠢ ᠨᠢᠭᠡ ᠵᠦᠢ᠍ᠯ᠎ᠤᠨ ᠴᠠᠭ ᠠᠭ᠋ᠠᠷ᠎ᠤᠨ ᠦᠵᠡᠭᠳᠡᠯ ᠮᠦᠨ᠃
      ᠡᠩ᠎ᠤᠨ ᠪᠠᠢ᠌ᠳᠠᠯ᠎ᠳᠤ᠂ ᠴᠠᠭ ᠠᠭᠤᠷ ᠲᠡᠭᠡᠷ᠎ᠡ ᠮᠠᠨᠠᠨ ᠪᠠ ᠤᠨᠢᠶᠠᠷ᠎ᠢ ᠬᠠᠷᠢᠴᠠᠩᠭᠤᠢ ᠴᠢᠬᠢᠭ᠎ᠤᠨ ᠬᠡᠮᠵᠢᠶ᠎ᠡ᠎ᠪᠠᠷ ᠢᠯᠭ᠋ᠠᠳᠠᠭ᠂ ᠬᠠᠷᠢᠴᠠᠩᠭᠤᠢ ᠴᠢᠬᠢᠭ᠎ᠤᠨ ᠬᠡᠮᠵᠢᠶ᠎ᠡ᠎ᠨᠢ 90%᠎ᠤᠨ ᠦᠶ᠎ᠡ ᠵᠢᠨ ᠲᠤᠤᠷ᠎ᠠ ᠦᠵᠡᠭᠳᠡᠬᠦ ᠬᠡᠮᠵᠢᠶᠡᠨ᠎ᠤ ᠦᠵᠡᠭᠳᠡᠯ᠎ᠢ ᠮᠠᠨᠠᠨ ᠭᠡᠵᠦ᠂ ᠬᠠᠷᠢᠴᠠᠩᠭᠤᠢ ᠴᠢᠬᠢᠭ᠎ᠤᠨ ᠬᠡᠮᠵᠢᠶ᠎ᠡ᠎ᠨᠢ 80%᠎ᠤᠨ ᠦᠶᠡᠰ ᠡᠭᠦᠰᠦᠭᠰᠡᠨ ᠲᠤᠤᠷ᠎ᠠ ᠦᠵᠡᠭᠳᠡᠬᠦ ᠬᠡᠮᠵᠢᠶᠡᠨ᠎ᠤ ᠦᠵᠡᠭᠳᠡᠯ᠎ᠢ ᠤᠨᠢᠶᠠᠷ ᠭᠡᠵᠦ᠂ ᠬᠠᠷᠢᠴᠠᠩᠭᠤᠢ ᠴᠢᠬᠢᠭ᠎ᠤᠨ ᠬᠡᠮᠵᠢᠶ᠎ᠡ᠎ᠨᠢ ᠬᠤᠶᠠᠭᠤᠯᠠ ᠵᠢᠨ ᠬᠤᠭᠤᠷᠤᠨᠳᠦᠬᠢ᠎ᠨᠢ ᠮᠠᠨᠠᠨ ᠪᠠ ᠤᠨᠢᠶᠠᠷ᠎ᠤᠨ ᠬᠠᠮᠳᠤᠷᠠᠭᠰᠠᠨ ᠦᠢ᠍ᠯᠡᠳᠦᠯ᠎ᠤᠨ ᠦᠷ᠎ᠡ ᠳ᠋ᠦᠩ ᠮᠦᠨ᠃ ᠦᠨᠡᠨ᠎ᠳᠤ᠎ᠪᠠᠨ᠂ ᠮᠠᠨᠠᠨ ᠪᠠ ᠤᠨᠢᠶᠠᠷ᠎ᠤᠨ ᠬᠤᠭᠤᠷᠤᠨᠳᠦ ᠦᠷᠬᠦᠯᠵᠢ ᠲᠡᠢ᠌ᠮᠦ ᠲᠤᠳᠤᠷᠬᠠᠢ ᠵᠠᠭ᠋ᠠᠭ ᠱᠤᠭᠤᠮ ᠭᠡᠵᠦ ᠤᠷᠤᠰᠢᠬᠤ ᠦᠭᠡᠢ ᠪᠠᠢ᠌ᠵᠦ᠂ ᠮᠠᠨᠠᠨ ᠪᠠ ᠤᠨᠢᠶᠠᠷ᠎ᠨᠢ ᠦᠷᠬᠦᠯᠵᠢ ᠬᠠᠷᠢᠯᠴᠠᠨ ᠬᠤᠯᠢᠯᠳᠤᠵᠦ᠂ ᠲᠦᠬᠦᠮᠭᠡᠨ ᠵᠶ᠋ᠠᠷ ᠠᠯᠢ ᠨᠢᠭᠡ ᠬᠠᠷᠢᠴᠠᠩᠭᠤᠢ ᠴᠢᠬᠢᠭ᠎ᠤᠨ ᠬᠡᠮᠵᠢᠶᠡᠨ᠎ᠤ ᠬᠡᠮᠵᠢᠭᠳᠡᠯ ᠵᠶ᠋ᠠᠷ ᠴᠢᠩᠭ᠎ᠠ ᠢᠯᠭ᠋ᠠᠨ ᠰᠠᠯᠭ᠋ᠠᠬᠤ᠎ᠳᠤ ᠬᠦᠴᠢᠷ ᠶᠤᠮ᠃ ᠨᠢᠭᠡ ᠪᠦᠯᠦᠭ ᠬᠠᠷᠢᠴᠠᠩᠭᠤᠢ ᠴᠢᠬᠢᠭ᠎ᠤᠨ ᠬᠡᠮᠵᠢᠶ᠎ᠡ᠎ᠨᠢ 90%᠎ᠠᠴᠠ ᠦᠨᠳᠦᠷ ᠶᠡᠬᠡ ᠮᠠᠨᠠᠨᠳᠤ ᠴᠠᠭ ᠠᠭ᠋ᠠᠷ᠎ᠨᠢ ᠴᠦ᠍᠂ ᠬᠦᠮᠦᠨ᠎ᠤ ᠦᠢ᠍ᠯᠡᠳᠦᠯ᠎ᠤᠨ ᠪᠤᠬᠢᠷᠳᠣᠯ᠎ᠤᠨ ᠡᠯᠸᠮᠸᠨ᠋ᠲ ᠵᠢ ᠪᠦᠷᠢᠮᠦᠰᠦᠨ ᠦᠭᠡᠢ᠌ᠰᠭᠡᠵᠦ ᠪᠤᠯᠬᠤ ᠦᠭᠡᠢ ᠶᠤᠮ᠃
      ᠮᠠᠨᠠᠨ᠎ᠨᠢ ᠤᠰᠤᠨ ᠲᠤᠰᠤᠯ ᠡᠰᠡᠬᠦᠯ᠎ᠡ ᠮᠦᠰᠦᠨ ᠲᠠᠯᠠᠰᠳᠤ᠎ᠠᠴᠠ ᠪᠦᠷᠢᠯᠳᠦᠭᠰᠡᠨ ᠤᠴᠢᠷ᠎ᠠᠴᠠ᠂ ᠦᠵᠡᠭᠳᠡᠬᠦ ᠬᠡᠮᠵᠢᠶ᠎ᠡ ᠵᠢ ᠨᠦᠯᠦᠭᠡᠯᠡᠳᠡᠭ ᠴᠦ᠍᠂ ᠬᠠᠷᠢᠨ ᠡᠷᠡᠬᠦᠯ ᠴᠢᠬᠢᠷᠠᠭ᠎ᠲᠠᠬᠢ ᠨᠦᠯᠦᠭᠡ᠎ᠨᠢ ᠶᠡᠬᠡ ᠪᠢᠰᠢ; ᠤᠷᠴᠢᠮ᠎ᠤᠨ ᠵᠢᠯ᠎ᠳᠤ᠂ ᠡᠭᠦᠰᠦᠭᠰᠡᠨ ᠤᠨᠢᠶᠠᠷ᠎ᠨᠢ ᠭᠤᠤᠯᠳᠠᠭᠤ ᠬᠢᠮᠢ ᠵᠢᠨ ᠪᠦᠷᠢᠯᠳᠦᠬᠦᠨ᠎ᠨᠢ ᠪᠤᠳᠤᠯᠢᠶᠠᠨᠳᠠᠢ PM2.5᠎ᠲᠠᠢ ᠬᠤᠯᠪᠤᠭ᠎ᠠ᠎ᠲᠠᠢ ᠪᠠᠢ᠌ᠵᠦ᠂ ᠬᠦᠮᠦᠨ᠎ᠤ ᠪᠡᠶ᠎ᠡ ᠵᠢᠨ ᠡᠷᠡᠬᠦᠯ ᠴᠢᠬᠢᠷᠠᠭ ᠲᠤ ᠬᠤᠤᠷ᠎ᠲᠠᠢ᠃


ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠣᠷᠴᠢᠨ ᠲᠤᠭᠤᠷᠢᠨ᠎ᠢ ᠬᠠᠮᠠᠭ᠋ᠠᠯᠠᠯᠳᠠ ᠵᠢᠨ ᠶᠡᠷᠦ ᠵᠢᠨ ᠮᠡᠳᠡᠯᠭᠡ (ᠨᠢᠭᠡ ᠵᠠᠭᠤ ᠨᠠᠶᠠᠨ ᠳᠤᠯᠤᠭ᠎ᠠ)
ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠶᠡᠷᠦ ᠵᠢᠨ ᠮᠡᠳᠡᠯᠭᠡ (ᠨᠢᠭᠡ ᠵᠠᠭᠤ ᠨᠠᠶᠠᠨ ᠲᠠᠪᠤ)
ᠣᠷᠴᠢᠨ ᠲᠤᠭᠤᠷᠢᠨ᠎ᠢ ᠬᠠᠮᠠᠭ᠋ᠠᠯᠠᠬᠤ ᠮᠡᠳᠡᠯᠭᠡ (203)
《ᠭᠤᠷᠪᠠᠨ ᠱᠤᠭᠤᠮ ᠨᠢᠭᠡ ᠬᠠᠭᠤᠳᠠᠰᠤ》 ᠵᠢ ᠪᠣᠳᠠᠲᠠᠢ᠍ᠢ᠍ᠵᠢᠭᠤᠯᠤᠨ ᠬᠡᠷᠡᠭᠵᠢᠭᠦᠯᠬᠦ ᠵᠢ ᠦᠨᠡᠨ ᠬᠦ᠌ ᠠᠬᠢᠭᠤᠯᠤᠨ ᠬᠦᠨᠵᠡᠭᠡᠢ᠍ᠢ᠍ᠷᠡᠭᠦᠯᠪᠡ
ᠣᠷᠴᠢᠨ ᠠᠬᠤᠶ ᠵᠢ ᠬᠠᠮᠠᠭ᠋ᠠᠯᠠᠬᠤ ᠮᠡᠳᠡᠯᠭᠡ (226)
 
             蒙ICP备05000248号