01 . ᠬᠡᠷ᠎ᠲᠤ᠎ᠪᠠᠨ ᠰᠠᠭᠤᠵᠤ ᠰᠡᠷᠭᠡᠶ᠋ᠢᠯᠡᠨ ᠬᠠᠮᠠᠭ᠋ᠠᠯᠠᠬᠤ᠎ᠳᠤ ᠰᠤᠷᠭ᠋ᠠᠭᠤᠯᠢ᠎ᠳᠤ ᠪᠠᠢ᠌ᠬᠤ᠎ᠲᠠᠢ ᠠᠳᠠᠯᠢ ᠬᠢᠵᠢᠭ᠎ᠢ ᠰᠡᠷᠭᠡᠶ᠋ᠢᠯᠡᠬᠦ ᠲᠣᠭᠲᠠᠭ᠋ᠠᠯ᠎ᠢ ᠵᠢᠷᠤᠮᠯᠠᠬᠤ ᠬᠡᠷᠡᠭᠲᠡᠶ
ᠰᠠᠭᠤᠭ᠎ᠠ ᠭᠠᠵᠠᠷ᠎ᠤᠨ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠲᠣᠭᠲᠠᠭ᠋ᠠᠯ᠎ᠢ ᠵᠢᠷᠤᠮᠯᠠᠵᠤ᠂ ᠡᠷᠡᠭᠦᠯ ᠮᠡᠨᠳᠦ ᠵᠢᠨ ᠬᠢᠨᠠᠨ ᠪᠠᠢ᠌ᠴᠠᠭ᠋ᠠᠯᠲᠠ ᠵᠢ ᠤᠬᠠᠮᠰᠠᠷ᠎ᠠᠴᠠ᠎ᠪᠠᠨ ᠬᠦᠯᠢᠶᠡᠵᠦ᠂ ᠪᠥᠭᠡᠮ ᠬᠦᠴᠢᠯ᠎ᠤᠨ ᠰᠢᠯᠭ᠋ᠠᠨ ᠪᠠᠢ᠌ᠴᠠᠭ᠋ᠠᠯᠲᠠ ᠬᠢᠵᠦ᠂ ᠪᠡᠶ᠎ᠡ ᠵᠢᠨ ᠬᠠᠯᠠᠭᠤᠨ ᠵᠶ᠋ᠠᠨ ᠬᠡᠮᠵᠢᠨ᠎ᠡ᠃ ᠪᠡᠶ᠎ᠡ ᠰᠡᠳᠬᠢᠯ᠎ᠤᠨ ᠡᠷᠡᠭᠦᠯ ᠮᠡᠨᠳᠦ ᠵᠢᠨ ᠪᠠᠶ᠋ᠢᠳᠠᠯ ᠵᠶ᠋ᠠᠨ ᠴᠠᠭ ᠲᠤᠬᠠᠶ᠎ᠳᠤᠨᠢ ᠰᠠᠨᠠᠭ᠋ᠠᠴᠢᠯᠠᠭ᠎ᠠ᠎ᠠᠴᠠ᠎ᠪᠠᠨ ᠮᠡᠳᠡᠭᠦᠯᠵᠦ᠂ ᠲᠠᠬᠤᠯ ᠡᠪᠡᠳᠴᠢᠨ᠎ᠤ ᠰᠣᠳᠤᠯᠤᠯ᠎ᠤᠨ ᠪᠠᠶ᠋ᠢᠴᠠᠭ᠋ᠠᠯᠲᠠ ᠵᠢ ᠬᠠᠮᠵᠢᠯᠴᠠᠨ ᠰᠠᠶ᠋ᠢᠲᠤᠷ ᠬᠢᠵᠦ᠂ ᠴᠢᠬᠤᠯᠠᠲᠠᠢ ᠦᠶ᠎ᠡ᠎ᠳᠤ ᠲᠣᠭᠲᠠᠭ᠋ᠠᠯ ᠶᠣᠰᠤ᠎ᠪᠠᠷ ᠲᠥᠪᠯᠡᠷᠡᠭᠦᠯᠦᠨ ᠲᠤᠰᠠᠭ᠋ᠠᠷᠯᠠᠵᠤ ᠠᠨᠠᠭ᠋ᠠᠬᠤ ᠤᠬᠠᠭ᠋ᠠᠨ᠎ᠤ ᠠᠵᠢᠭᠯᠠᠯᠲᠠ ᠬᠢᠬᠦ ᠪᠤᠶᠤ ᠡᠮᠨᠡᠭᠦᠯᠬᠦ ᠵᠢ ᠬᠦᠯᠢᠶᠡᠬᠦ ᠬᠡᠷᠡᠭᠲᠡᠶ᠃
02 . ᠬᠢᠵᠢᠭ᠎ᠤᠨ ᠬᠤᠭᠤᠴᠠᠭ᠋ᠠᠨ᠎ᠳᠤ ᠠᠢ᠌ᠯᠴᠢᠯᠠᠬᠤ ᠦᠭᠡᠢ ᠪᠤᠰᠤᠳ ᠬᠥᠮᠦᠨ᠎ᠲᠠᠢ ᠣᠶ᠋ᠢᠷᠠᠲᠤᠬᠤ ᠵᠢ ᠪᠠᠭ᠋ᠠᠰᠬᠠᠬᠤ ᠬᠡᠷᠡᠭᠲᠡᠢ
ᠠᠯᠢ ᠴᠢᠳᠠᠬᠤ᠎ᠪᠠᠷ ᠭᠠᠳᠠᠭᠰᠢ ᠭᠠᠷᠬᠤ᠂ ᠠᠢ᠌ᠯᠴᠢᠯᠠᠬᠤ᠂ ᠲᠥᠷᠥᠯ ᠰᠠᠳᠤᠨ ᠨᠠᠢ᠌ᠵᠠ ᠨᠥᠬᠦᠳ ᠵᠶ᠋ᠠᠨ ᠡᠷᠭᠢᠬᠦ᠂ ᠬᠠᠮᠲᠤ ᠬᠣᠭᠣᠯᠠᠯᠠᠬᠤ᠂ ᠴᠤᠭᠯᠠᠷᠠᠬᠤ ᠵᠢ ᠪᠠᠭ᠋ᠠᠰᠬᠠᠬᠤ ᠬᠡᠷᠡᠭᠲᠡᠢ᠃ ᠣᠯᠠᠨ ᠨᠡᠶ᠋ᠢᠲᠡ ᠵᠢᠨ ᠵᠠᠮ ᠬᠠᠷᠢᠯᠴᠠᠭ᠋ᠠᠨ᠎ᠤ ᠪᠠᠭ᠋ᠠᠵᠢ ᠬᠡᠷᠡᠭᠰᠡᠯ᠎ᠢ ᠬᠡᠷᠡᠭᠯᠡᠬᠦ ᠪᠥᠬᠥ ᠶᠠᠪᠤᠴᠠ᠎ᠳᠤ ᠠᠮᠠᠪᠴᠢ ᠵᠡᠭᠦᠵᠦ᠂ ᠪᠤᠰᠤᠳ᠎ᠲᠠᠢ ᠰᠣᠯᠢᠯᠴᠠᠬᠤ ᠵᠢ ᠪᠠᠭ᠋ᠠᠰᠬᠠᠨ᠎ᠠ᠃ ᠭᠠᠳᠠᠭᠰᠢ ᠭᠠᠷᠤᠭ᠋ᠠᠳ ᠭᠡᠷ᠎ᠲᠤ᠎ᠪᠠᠨ ᠬᠠᠷᠢᠭᠰᠠᠨ᠎ᠤ ᠳᠠᠷᠠᠭ᠎ᠠ ᠭᠠᠷ ᠵᠶ᠋ᠠᠨ ᠤᠬᠢᠶᠠᠵᠤ᠂ ᠬᠤᠪᠴᠠᠰᠤ᠎ᠪᠠᠨ ᠰᠣᠯᠢᠬᠤ ᠵᠢᠨ ᠬᠠᠮᠲᠤ ᠲᠤᠰᠠᠭ᠋ᠠᠷ ᠬᠠᠳᠠᠭ᠋ᠠᠯᠠᠨ᠎ᠠ᠃
03 . ᠭᠠᠷ ᠵᠶ᠋ᠠᠨ ᠤᠬᠢᠶᠠᠬᠤ᠂ ᠰᠠᠯᠬᠢ ᠨᠡᠪᠲᠡᠷᠡᠭᠦᠯᠬᠦ᠂ ᠠᠮᠠᠪᠴᠢ ᠵᠡᠭᠦᠬᠦ᠂ ᠳᠤᠰᠠᠭ᠋ᠠᠷ ᠬᠣᠭᠣᠯᠠᠯᠠᠬᠤ ᠨᠡᠶ᠋ᠢᠲᠡ ᠵᠢᠨ ᠰᠠᠪᠬ᠎ᠠ ᠬᠡᠷᠡᠭᠯᠡᠬᠦ ᠵᠢ ᠴᠥᠮ ᠭᠦᠢ᠍ᠴᠡᠳᠬᠡᠬᠦ ᠬᠡᠷᠡᠭᠲᠡᠢ
ᠬᠡᠷ᠎ᠤᠨ ᠬᠥᠮᠦᠰ᠎ᠲᠠᠢ᠎ᠪᠠᠨ ᠬᠠᠮᠲᠤ᠎ᠪᠠᠷ ᠠᠮᠠᠪᠴᠢ ᠵᠡᠭᠦᠬᠦ᠂ ᠭᠠᠷ ᠵᠶ᠋ᠠᠨ ᠦᠷᠭᠦᠯᠵᠢ ᠤᠬᠢᠶᠠᠬᠤ᠂ ᠦᠷᠭᠦᠯᠵᠢ ᠰᠠᠯᠬᠢ ᠨᠡᠪᠲᠡᠷᠡᠭᠦᠯᠬᠦ ᠵᠢ ᠪᠠᠷᠢᠮᠲᠠᠯᠠᠬᠤ ᠬᠡᠷᠡᠭᠲᠡᠢ᠃ ᠳᠤᠰᠠᠭ᠋ᠠᠷ ᠬᠣᠭᠣᠯᠠᠯᠠᠬᠤ ᠳᠦᠷᠢᠮ᠎ᠢ ᠪᠠᠷᠢᠮᠲᠠᠯᠠᠵᠤ᠂ ᠨᠡᠶ᠋ᠢᠲᠡ ᠵᠢᠨ ᠰᠠᠪᠬ᠎ᠠ ᠵᠢ ᠬᠡᠷᠡᠭᠯᠡᠨ᠎ᠡ᠃ ᠬᠤᠪᠢ ᠬᠥᠮᠦᠨ᠎ᠤ ᠡᠷᠡᠭᠦᠯ ᠬᠠᠮᠠᠭ᠋ᠠᠯᠠᠯ᠎ᠢ ᠠᠩᠬᠠᠷᠴᠤ᠂ ᠭᠡᠷ᠎ᠤᠨ ᠵᠶ᠋ᠠᠨ ᠠᠷᠢᠭᠤᠨ ᠴᠡᠪᠡᠷ᠎ᠢ ᠪᠠᠲᠤᠯᠠᠵᠤ᠂ ᠲᠣᠭᠲᠠᠭᠰᠠᠨ ᠬᠤᠭᠤᠴᠠᠭ᠎ᠠ᠎ᠲᠠᠢ ᠬᠥᠨᠵᠢᠯᠡ ᠳᠡᠪᠢᠰᠬᠡᠷ ᠵᠢᠴᠢ ᠬᠤᠪᠴᠠᠰᠤ ᠬᠤᠨᠠᠷ ᠵᠶ᠋ᠠᠨ ᠨᠠᠷᠠᠨ᠎ᠳᠤ ᠡᠭᠡᠭᠡᠵᠦ᠂ ᠤᠬᠢᠶᠠᠨ᠎ᠠ᠃
04 . ᠭᠡᠷ᠎ᠲᠤ᠎ᠪᠠᠨ ᠥᠪᠡᠰᠦᠪᠡᠨ ᠰᠤᠷᠤᠯᠴᠠᠵᠤ ᠰᠦᠯᠵᠢᠶᠡᠨ᠎ᠳᠤ ᠬᠢᠴᠢᠶᠡᠯᠯᠡᠵᠦ ᠴᠠᠭ ᠮᠥᠴᠡ ᠵᠢ ᠲᠠᠯᠠᠭ᠋ᠠᠷ ᠥᠩᠭᠡᠷᠡᠭᠦᠯᠵᠦ ᠪᠣᠯᠬᠤ ᠦᠭᠡᠶ
ᠰᠤᠷᠭ᠋ᠠᠭᠤᠯᠢ ᠵᠢᠨ ᠲᠣᠭᠲᠠᠭ᠋ᠠᠯ᠎ᠢ ᠨᠠᠷᠢᠨ ᠬᠢᠨᠠᠮᠠᠭ᠋ᠠᠶ ᠵᠢᠷᠤᠮᠯᠠᠵᠤ᠂ ᠬᠢᠵᠢᠭ᠎ᠤᠨ ᠬᠤᠭᠤᠴᠠᠭ᠋ᠠᠨ᠎ᠳᠤ ᠬᠢᠴᠢᠶᠡᠯ ᠵᠣᠭᠰᠣᠭᠰᠠᠨ ᠴᠤ᠌ ᠰᠤᠷᠤᠯᠭ᠎ᠠ ᠵᠣᠭᠰᠤᠬᠤ ᠦᠭᠡᠢ᠂ ᠥᠪᠡᠰᠦᠪᠡᠨ ᠰᠤᠷᠤᠯᠴᠠᠬᠤ ᠬᠠᠮᠢᠶᠠᠷᠤᠯᠲᠠ᠎ᠪᠠᠨ ᠴᠢᠩᠭ᠋ᠠᠳᠬᠠᠵᠤ᠂ ᠱᠠᠭ᠋ᠠᠷᠳᠠᠯᠭ᠎ᠠ ᠶᠣᠰᠤ᠎ᠪᠠᠷ ᠰᠤᠷᠤᠯᠭ᠎ᠠ ᠵᠢᠨ ᠡᠭᠦᠷᠭᠡ᠎ᠪᠠᠨ ᠪᠡᠶᠡᠯᠡᠭᠦᠯᠬᠦ ᠬᠡᠷᠡᠭᠲᠡᠶ᠃ ᠰᠤᠷᠭ᠋ᠠᠭᠤᠯᠢ ᠵᠢᠨ ᠠᠩᠭᠢ ᠵᠢᠨ ᠡᠷᠬᠢᠯᠡᠭᠴᠢ᠂ ᠬᠠᠪᠰᠤᠷᠤᠨ ᠵᠢᠯᠣᠭᠣᠳᠣᠭᠴᠢ ᠪᠣᠯᠤᠨ ᠬᠠᠮᠲᠤ ᠰᠤᠷᠤᠯᠭ᠋ᠠᠲᠠᠨᠲᠠᠢᠪᠠᠨ ᠨᠡᠪᠲᠡᠷᠡᠵᠦ ᠬᠠᠷᠢᠯᠴᠠᠬᠤ ᠵᠢ ᠪᠠᠲᠤᠯᠠᠵᠤ᠂ ᠰᠤᠷᠭ᠋ᠠᠭᠤᠯᠢ᠎ᠳᠤ ᠪᠤᠴᠠᠵᠤ ᠬᠢᠴᠢᠶᠡᠯ ᠰᠡᠷᠭᠦᠭᠡᠬᠦ ᠮᠡᠳᠡᠭᠳᠡᠯ᠎ᠢ ᠬᠦᠯᠢᠴᠡᠩᠭᠦᠶ ᠬᠦᠯᠢᠶᠡᠨ᠎ᠡ᠃
05 . ᠭᠡᠷ᠎ᠲᠤ᠎ᠪᠠᠨ ᠰᠠᠭᠤᠬᠤ ᠦᠶ᠎ᠡ ᠰᠠᠢ᠌ᠲᠤᠷ ᠬᠥᠳᠡᠯᠮᠦᠷᠢ ᠬᠢᠵᠦ ᠭᠡᠷ᠎ᠤᠨ ᠬᠥᠮᠦᠰ᠎ᠲᠠᠢ᠎ᠪᠠᠨ ᠡᠶ᠎ᠡ ᠡᠪᠲᠡᠢ ᠪᠠᠢ᠌ᠬᠤ ᠬᠡᠷᠡᠭᠲᠡᠢ
ᠭᠡᠷ᠎ᠤᠨ ᠬᠥᠮᠦᠰ᠎ᠲᠠᠢ᠎ᠪᠠᠨ ᠨᠡᠪᠲᠡᠷᠡᠵᠦ ᠰᠣᠯᠢᠯᠴᠠᠬᠤ ᠵᠢ ᠨᠡᠮᠡᠭᠳᠡᠭᠦᠯᠵᠦ᠂ ᠴᠢᠳᠠᠯ᠎ᠤᠨ ᠬᠢᠷᠢ᠎ᠪᠠᠷ ᠵᠶ᠋ᠠᠨ ᠡᠳᠦᠷ ᠲᠤᠲᠤᠮ᠎ᠤᠨ ᠭᠡᠷ᠎ᠤᠨ ᠠᠵᠢᠯ᠎ᠢ ᠰᠠᠨᠠᠭ᠋ᠠᠴᠢᠯᠠᠭ᠎ᠠ᠎ᠠᠴᠠ᠎ᠪᠠᠨ ᠡᠭᠦᠷᠭᠡᠯᠡᠨ᠂ ᠠᠮᠢᠳᠤᠷᠠᠯ ᠵᠶ᠋ᠠᠨ ᠠᠷᠭ᠋ᠠᠴᠠᠬᠤ ᠴᠢᠳᠠᠪᠤᠷᠢ ᠪᠠ ᠬᠥᠳᠡᠯᠮᠦᠷᠢ ᠵᠢᠨ ᠮᠡᠷᠭᠡᠵᠢᠯ ᠴᠢᠳᠠᠪᠤᠷᠢ᠎ᠪᠠᠨ ᠳᠡᠭᠡᠭᠰᠢᠯᠡᠭᠦᠯᠵᠦ᠂ ᠭᠡᠷ᠎ᠤᠨ ᠠᠬᠠᠮᠠᠳ᠎ᠤᠨ ᠳᠠᠷᠤᠭ᠋ᠠᠰᠤ ᠵᠢ ᠬᠥᠩᠭᠡᠷᠡᠭᠦᠯᠦᠨ᠎ᠡ᠃ ᠭᠠᠭᠴᠠᠭ᠋ᠠᠷ ᠭᠡᠷ᠎ᠲᠤ᠎ᠪᠠᠨ ᠪᠠᠢ᠌ᠬᠤ ᠦᠶ᠎ᠡ᠎ᠳᠤ ᠥᠪᠡᠷ᠎ᠢ᠎ᠪᠠᠨ ᠬᠠᠮᠠᠭ᠋ᠠᠯᠠᠬᠤ᠎ᠪᠠᠨ ᠴᠢᠩᠭ᠋ᠠᠳᠬᠠᠵᠤ᠂ ᠡᠯ᠎ᠡ ᠵᠦᠢ᠍ᠯ᠎ᠤᠨ ᠪᠠᠴᠢᠮ ᠠᠪᠤᠷᠠᠯᠲᠠ ᠵᠢᠨ ᠤᠲᠠᠰᠤ ᠵᠢ ᠴᠡᠭᠡᠵᠢᠯᠡᠵᠦ᠂ ᠤᠲᠠᠰᠤᠳᠠᠬᠤ ᠵᠢ ᠰᠤᠷ᠎ᠤᠨ᠂ ᠲᠦᠭᠰᠢᠭᠦᠷᠢ ᠲᠤᠯᠭ᠋ᠠᠷᠠᠪᠠᠯ ᠲᠤᠰᠠᠯᠠᠮᠵᠢ ᠭᠤᠶᠤᠵᠤ ᠴᠢᠳᠠᠬᠤ ᠬᠡᠷᠡᠭᠲᠡᠢ᠃ ᠭᠠᠯ ᠬᠡᠷᠡᠭᠯᠡᠬᠦ᠂ ᠬᠡᠢ ᠬᠡᠷᠡᠭᠯᠡᠬᠦ᠂ ᠴᠠᠬᠢᠯᠭ᠋ᠠᠨ ᠬᠡᠷᠡᠭᠯᠡᠬᠦ ᠵᠢ ᠵᠢᠷᠤᠮᠵᠢᠭᠤᠯᠤᠨ᠎ᠠ᠃
06 . ᠵᠢᠮ᠎ᠡ ᠶᠣᠰᠣᠲᠠᠢ ᠠᠵᠢᠯᠯᠠᠵᠤ ᠠᠮᠠᠷᠠᠨ ᠰᠢᠷᠭ᠋ᠠᠭᠤ ᠪᠣᠯᠪᠠᠰᠤᠷᠠᠵᠤ᠂ ᠰᠦᠯᠵᠢᠶᠡᠨ᠎ᠳᠤ ᠰᠤᠷᠤᠯᠴᠠᠬᠤ᠎ᠳᠤ᠎ᠪᠠᠨ ᠨᠢᠳᠦ᠎ᠪᠠᠨ ᠬᠠᠮᠠᠭ᠋ᠠᠯᠠᠬᠤ ᠬᠡᠷᠡᠭᠲᠡᠶ
ᠰᠢᠨᠵᠢᠯᠡᠬᠦ ᠤᠬᠠᠭ᠋ᠠᠨᠴᠢ᠎ᠪᠠᠷ ᠪᠣᠯᠪᠠᠰᠤᠷᠠᠬᠤ ᠵᠢ ᠪᠠᠷᠢᠮᠲᠠᠯᠠᠵᠤ᠂ ᠭᠦᠢ᠍ᠴᠡᠳ ᠤᠨᠲᠠᠬᠤ ᠵᠢ ᠪᠠᠲᠤᠯᠠᠵᠤ᠂ ᠪᠡᠶ᠎ᠡ ᠮᠠᠬᠠᠪᠣᠳ᠎ᠤᠨ ᠡᠭᠡᠯᠢᠯᠡᠬᠦ ᠴᠢᠳᠠᠪᠤᠷᠢ ᠵᠢ ᠨᠡᠮᠡᠭᠳᠡᠭᠦᠯᠬᠦ ᠬᠡᠷᠡᠭᠲᠡᠢ᠃ ᠵᠢᠮ᠎ᠡ ᠶᠣᠰᠣᠲᠠᠢ ᠠᠵᠢᠯᠯᠠᠵᠤ ᠠᠮᠠᠷᠠᠨ᠂ ᠰᠢᠮ᠎ᠡ ᠲᠡᠵᠢᠭᠡᠯ᠎ᠢ ᠲᠡᠩᠴᠡᠭᠦᠷᠢᠲᠡᠶ ᠪᠠᠢ᠌ᠯᠭ᠋ᠠᠵᠤ᠂ ᠡᠷᠡᠭᠦᠯ ᠰᠡᠳᠬᠢᠴᠡ᠎ᠲᠠᠢ ᠪᠠᠢ᠌ᠬᠤ ᠬᠡᠷᠡᠭᠲᠡᠶ᠃ ᠰᠦᠯᠵᠢᠶᠡᠨ᠎ᠳᠤ ᠰᠤᠷᠤᠯᠴᠠᠬᠤ᠎ᠳᠤ᠎ᠪᠠᠨ ᠠᠯᠢ ᠴᠢᠳᠠᠬᠤ᠎ᠪᠠᠷ ᠳᠡᠯᠭᠡᠴᠡ ᠨᠡᠯᠢᠶᠡᠳ ᠶᠡᠬᠡ᠂ ᠢᠯᠭ᠋ᠠᠮᠵᠢ ᠨᠡᠯᠢᠶᠡᠳ ᠥᠨᠳᠥᠷ ᠡᠯᠧᠺᠲᠷᠣᠨ ᠦᠢ᠍ᠯᠡᠳᠭᠦᠨ᠎ᠢ ᠰᠣᠩᠭᠣᠵᠤ᠂ ᠰᠠᠭᠤᠬᠤ ᠬᠡᠯᠪᠡᠷᠢ ᠪᠠ ᠳᠡᠯᠭᠡᠴᠡ ᠵᠢᠨ ᠵᠠᠶ ᠵᠢ ᠠᠩᠬᠠᠷᠴᠤ᠂ ᠳᠡᠯᠭᠡᠴᠡ ᠵᠢᠨ ᠴᠠᠭ᠎ᠢ ᠴᠢᠩᠭ᠎ᠠ ᠡᠵᠡᠮᠳᠡᠵᠦ᠂ ᠰᠦᠯᠵᠢᠶ᠎ᠡ ᠵᠢ ᠵᠦᠶ ᠵᠣᠬᠢᠰᠲᠠᠶ ᠬᠡᠷᠡᠭᠯᠡᠬᠦ ᠬᠡᠷᠡᠭᠲᠡᠶ᠃
07 . ᠬᠥᠮᠦᠨ ᠣᠯᠠᠨ ᠴᠤᠭᠯᠠᠷᠠᠪᠠᠯ ᠲᠦᠭᠰᠢᠭᠦᠷᠢ ᠶᠡᠬᠡᠲᠡᠢ ᠬᠣᠭᠣᠷᠤᠨᠳᠤᠬᠢ ᠵᠠᠢ ᠵᠢ ᠪᠠᠲᠤᠯᠠᠪᠠᠯ ᠰᠠᠶᠢ ᠠᠮᠤᠷ ᠲᠦᠪᠰᠢᠨ
ᠠᠮᠤᠷ ᠲᠦᠪᠰᠢᠨ ᠨᠡᠶ᠋ᠢᠭᠡᠮ᠎ᠤᠨ ᠬᠠᠷᠢᠯᠴᠠᠭ᠋ᠠᠨ᠎ᠤ ᠵᠠᠶ ᠵᠢ ᠪᠠᠲᠤᠯᠠᠵᠤ᠂ ᠬᠤᠳᠠᠯᠳᠤᠭ᠋ᠠᠨ᠎ᠤ ᠲᠠᠯᠠᠪᠠᠶ᠂ ᠬᠡᠲᠦ ᠳᠡᠯᠭᠡᠭᠦᠷ᠂ ᠦᠰᠦ ᠵᠠᠰᠠᠬᠤ ᠭᠠᠵᠠᠷ ᠵᠡᠷᠭᠡ ᠣᠯᠠᠨ ᠨᠡᠶ᠋ᠢᠲᠡ ᠵᠢᠨ ᠲᠠᠯᠠᠪᠤᠷ᠎ᠲᠤ ᠣᠴᠢᠬᠤ᠎ᠳᠤ᠎ᠪᠠᠨ ᠠᠮᠠᠪᠴᠢ᠎ᠪᠠᠨ ᠰᠠᠶ᠋ᠢᠲᠤᠷ ᠵᠡᠭᠦᠵᠦ᠂ ᠪᠤᠰᠤᠳ ᠬᠥᠮᠦᠨ᠎ᠲᠠᠢ 1 ᠮᠧᠲᠷ᠎ᠠᠴᠠ ᠳᠡᠭᠡᠭᠰᠢ ᠵᠠᠢ᠌ᠲᠠᠢ ᠪᠠᠶ᠋ᠢᠬᠤ ᠵᠢ ᠪᠠᠲᠤᠯᠠᠵᠤ᠂ ᠰᠠᠯᠬᠢ ᠰᠠᠶ᠋ᠢᠨ ᠨᠡᠪᠲᠡᠷᠡᠬᠦ ᠥᠬᠡᠶ᠂ ᠬᠥᠮᠦᠨ ᠬᠠᠷ᠎ᠠ ᠨᠢᠭᠲᠠᠷᠬᠠᠰᠠᠨ ᠪᠢᠲᠡᠭᠦᠦ ᠣᠷᠣᠨ ᠵᠠᠶ᠎ᠳᠤ ᠣᠷᠣᠬᠤ᠎ᠠᠴᠠ ᠠᠯᠢ ᠴᠢᠳᠠᠬᠤ᠎ᠪᠠᠷ ᠵᠠᠢ᠌ᠯᠠᠰᠬᠢᠬᠤ ᠬᠡᠷᠡᠭᠲᠡᠢ᠃
08 . ᠨᠡᠶ᠋ᠢᠭᠡᠮ ᠲᠣᠭᠣᠷᠢᠭ᠎ᠢ ᠪᠢᠲᠡᠭᠦᠮᠵᠢᠯᠡᠨ ᠬᠠᠮᠢᠶᠠᠷᠬᠤ ᠦᠭᠡᠢ ᠪᠠᠢ᠌ᠬᠤ ᠵᠢᠨ ᠠᠷᠭ᠎ᠠ ᠦᠭᠡᠢ ᠣᠢ᠌ᠯᠠᠭ᠋ᠠᠵᠤ ᠳᠡᠮᠵᠢᠵᠦ ᠶᠣᠰᠣ ᠳᠦᠷᠢᠮ᠎ᠢ ᠰᠠᠬᠢᠬᠤ ᠬᠡᠷᠡᠭᠲᠡᠢ
ᠪᠠᠶ᠋ᠢᠭ᠎ᠠ ᠨᠡᠶ᠋ᠢᠭᠡᠮ ᠲᠣᠭᠣᠷᠢᠭ ᠴᠢᠨᠢ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠪᠠᠴᠢᠮ ᠪᠠᠶ᠋ᠢᠳᠠᠯ᠎ᠢ ᠠᠷᠭ᠋ᠠᠴᠠᠬᠤ ᠪᠠᠶ᠋ᠢᠳᠠᠯ᠎ᠳᠤ ᠣᠷᠣᠪᠠᠯ᠂ ᠲᠤᠬᠠᠶ ᠵᠢᠨ ᠭᠠᠵᠠᠷ᠎ᠤᠨ ᠪᠢᠲᠡᠭᠦᠮᠵᠢᠯᠡᠨ ᠡᠵᠡᠮᠳᠡᠬᠦ᠂ ᠬᠠᠮᠢᠶᠠᠷᠤᠨ ᠡᠵᠡᠮᠳᠡᠬᠦ ᠪᠤᠶᠤ ᠰᠡᠷᠭᠡᠶ᠋ᠢᠯᠡᠨ ᠬᠠᠮᠢᠶᠠᠷᠬᠤ ᠡᠯ᠎ᠡ ᠵᠦᠢ᠍ᠯ᠎ᠤᠨ ᠲᠣᠭᠲᠠᠭ᠋ᠠᠯ᠎ᠢ ᠴᠢᠩᠭ᠎ᠠ ᠵᠢᠷᠤᠮᠯᠠᠬᠤ ᠬᠡᠷᠡᠭᠲᠡᠶ᠃ ᠲᠣᠭᠲᠠᠭᠰᠠᠨ ᠬᠡᠪᠴᠢᠶᠡᠨ᠎ᠳᠤ ᠬᠥᠳᠡᠯᠭᠡᠭᠡᠨ ᠬᠢᠵᠦ᠂ ᠴᠢᠳᠠᠬᠤ ᠵᠢᠨ ᠬᠢᠷᠢ᠎ᠪᠠᠷ ᠪᠤᠰᠤᠳ᠎ᠲᠠᠢ ᠬᠠᠷᠢᠯᠴᠠᠬᠤ ᠦᠭᠡᠢ᠃ ᠲᠦᠷᠭᠡᠨ ᠬᠦᠷᠭᠡᠯᠲᠡ ᠵᠢ ᠲᠣᠰᠬᠤ ᠪᠤᠶᠤ ᠶᠠᠪᠤᠭᠤᠯᠬᠤ ᠵᠢ ᠪᠠᠭ᠋ᠠᠰᠬᠠᠵᠤ᠂ ᠲᠦᠷᠭᠡᠨ ᠬᠦᠷᠭᠡᠯᠲᠡ ᠵᠢ ᠭᠥᠯᠢᠶᠡᠨ ᠠᠪᠬᠤ᠎ᠳᠤ᠎ᠪᠠᠨ ᠭᠠᠷᠤᠨ ᠡᠷᠡᠭᠦᠯ ᠬᠠᠮᠠᠭ᠋ᠠᠯᠠᠯ ᠪᠠ ᠭᠠᠳᠠᠷ ᠪᠣᠭᠣᠳᠠᠯ᠎ᠤᠨ ᠠᠷᠢᠭᠤᠳᠬᠠᠯᠢ ᠠᠩᠬᠠᠷᠬᠤ ᠬᠡᠷᠡᠭᠲᠡᠶ᠃
09 . ᠬᠢᠵᠢᠭ᠎ᠲᠠᠢ ᠲᠡᠮᠡᠴᠡᠬᠦ ᠪᠣᠯ ᠲᠣᠮᠤ ᠬᠢᠴᠢᠶᠡᠯ ᠨᠡᠶ᠋ᠢᠭᠡᠮ᠎ᠤᠨ ᠰᠢᠨ᠎ᠡ ᠬᠡᠪ ᠰᠤᠷᠲᠠᠯ᠎ᠢ ᠬᠥᠲᠥᠯᠥᠨ ᠳᠠᠭ᠋ᠠᠭᠤᠯᠬᠤ ᠪᠣᠯᠤᠨ᠎ᠠ
ᠡᠷᠡᠭᠦᠯ ᠮᠡᠨᠳᠦ ᠵᠢᠨ ᠣᠨᠣᠯᠵᠢᠬᠤᠨ᠂ ᠮᠡᠳᠡᠯᠭᠡ ᠪᠣᠯᠤᠨ ᠤᠷ᠎ᠠ ᠴᠢᠳᠠᠪᠤᠷᠢ ᠵᠢᠨ ᠰᠤᠷᠤᠯᠴᠠᠯᠭ᠎ᠠ᠎ᠪᠠᠨ ᠴᠢᠩᠭ᠋ᠠᠳᠬᠠᠵᠤ᠂ ᠰᠠᠬᠢᠯᠭ᠎ᠠ ᠪᠠᠲᠤ ᠬᠠᠤᠯᠢ ᠴᠠᠭ᠋ᠠᠵᠠ ᠵᠢ ᠵᠢᠷᠤᠮᠯᠠᠨ ᠰᠠᠬᠢᠵᠤ᠂ ᠰᠢᠨᠵᠢᠯᠡᠬᠦ ᠤᠬᠠᠭ᠋ᠠᠨ᠎ᠢ ᠳᠡᠭᠡᠳᠦᠯᠡᠵᠦ᠂ ᠠᠯᠪᠠᠨ ᠲᠠᠯ᠎ᠠ ᠵᠢᠨ ᠠᠷᠭ᠎ᠠ ᠵᠠᠮ ᠵᠶ᠋ᠠᠷ ᠳᠠᠮᠵᠢᠭᠤᠯᠤᠨ ᠬᠢᠵᠢᠭ᠎ᠤᠨ ᠪᠠᠶ᠋ᠢᠳᠠᠯ ᠪᠣᠯᠤᠨ ᠡᠷᠡᠭᠦᠯ ᠮᠡᠨᠳᠦ ᠵᠢᠨ ᠮᠡᠳᠡᠯᠭᠡ ᠵᠢ ᠣᠶ᠋ᠢᠯᠠᠭ᠋ᠠᠵᠤ᠂ ᠴᠤᠤᠷᠬᠠᠯ᠎ᠢ ᠢᠲᠡᠭᠡᠬᠦ ᠥᠬᠡᠶ᠂ ᠴᠤᠤᠷᠬᠠᠯ ᠲᠠᠷᠬᠠᠭ᠋ᠠᠬᠤ ᠥᠬᠡᠶ ᠪᠠᠶ᠋ᠢᠬᠤ ᠬᠡᠷᠡᠭᠲᠡᠶ᠃ ᠬᠤᠪᠢᠰᠬᠠᠯᠲᠤ ᠰᠣᠩᠭᠣᠳᠠᠭ ᠥᠯᠢᠭᠡᠷ᠎ᠠᠴᠠ ᠰᠤᠷᠤᠯᠴᠠᠵᠤ᠂ ᠬᠢᠵᠢᠭ᠎ᠲᠠᠢ ᠲᠡᠮᠡᠴᠡᠭᠰᠡᠨ ᠠᠭᠤᠤ ᠶᠡᠬᠡ ᠵᠣᠷᠢᠭ ᠰᠠᠨᠠᠭ᠎ᠠ ᠵᠢ ᠪᠠᠳᠠᠷᠠᠭᠤᠯᠤᠨ᠂ ᠬᠢᠵᠢᠭ᠎ᠢ ᠢᠯᠡᠨ ᠳᠠᠪᠠᠬᠤ ᠢᠲᠡᠭᠡᠯ ᠵᠣᠷᠢᠭ ᠵᠶ᠋ᠠᠨ ᠪᠠᠳᠠᠷᠠᠭᠤᠯᠵᠤ᠂ ᠰᠤᠷᠤᠭᠴᠢᠳ᠎ᠤᠨ ᠰᠠᠶ᠋ᠢᠨ ᠰᠠᠶ᠋ᠢᠬᠠᠨ ᠳᠦᠷᠢ ᠲᠥᠷᠬᠦ ᠵᠢ ᠪᠣᠶ ᠪᠣᠯᠭ᠋ᠠᠨ᠂ ᠨᠡᠶ᠋ᠢᠭᠡᠮ᠎ᠤᠨ ᠡᠷᠡᠭᠦᠯ ᠮᠡᠨᠳᠦ ᠬᠡᠪ ᠰᠤᠷᠲᠠᠯ᠎ᠢ ᠬᠥᠲᠥᠯᠥᠨ ᠳᠠᠭ᠋ᠠᠭᠤᠯᠬᠤ ᠬᠡᠷᠡᠭᠲᠡᠶ᠃