2023 ᠣᠨ᠎ᠤ ᠳᠡᠭᠡᠷ᠎ᠡ ᠬᠠᠭ᠋ᠠᠰ ᠵᠢᠯ᠎ᠤᠨ ᠪᠥᠬᠥ ᠤᠯᠤᠰ᠎ᠤᠨ ᠺᠣᠮᠫᠢᠦ᠋ᠲ᠋ᠧᠷ᠎ᠤᠨ ᠲᠠᠰ᠎ᠤᠨ ᠰᠢᠯᠭ᠋ᠠᠯᠲᠠ ᠵᠢ 2023 ᠣᠨ᠎ᠤ 3 ᠰᠠᠷ᠎ᠠ᠎ᠳᠤ ᠬᠢᠬᠦ᠎ᠪᠠᠷ ᠲᠣᠭᠲᠠᠪᠠ᠃ ᠰᠢᠯᠭ᠋ᠠᠯᠲᠠ᠎ᠳᠤ ᠨᠡᠷ᠎ᠡ ᠮᠡᠳᠡᠭᠦᠯᠬᠦ ᠠᠵᠢᠯ᠎ᠤᠨ ᠤᠷᠤᠭᠰᠢᠲᠠᠶ ᠶᠠᠪᠤᠭᠳᠠᠬᠤ ᠵᠢ ᠦᠨᠡᠨ ᠬᠦ᠌ ᠪᠠᠲᠤᠯᠠᠬᠤ ᠵᠢᠨ ᠲᠥᠯᠦᠭᠡ᠂ ᠡᠳᠦᠭᠡ ᠬᠣᠯᠪᠣᠭᠳᠠᠯ ᠪᠥᠬᠥᠶ ᠵᠦᠢ᠍ᠯ᠎ᠢ ᠮᠡᠳᠡᠭᠳᠡᠪᠡ᠄
ᠨᠢᠭᠡ᠂ ᠨᠡᠷ᠎ᠡ ᠮᠡᠳᠡᠭᠦᠯᠬᠦ ᠴᠠᠭ ᠵᠢᠴᠢ ᠱᠠᠭ᠋ᠠᠷᠳᠠᠯᠭ᠎ᠠ
1 . ᠰᠦᠯᠵᠢᠶᠡᠨ᠎ᠳᠤ ᠨᠡᠷ᠎ᠡ ᠮᠡᠳᠡᠭᠦᠯᠬᠦ᠂ ᠰᠦᠢ᠍ᠳᠭᠡᠯ ᠲᠤᠰᠢᠶᠠᠬᠤ ᠴᠠᠭ 2023 ᠣᠨ᠎ᠤ 2 ᠰᠠᠷ᠎ᠠ ᠵᠢᠨ 27᠎ᠤ ᠡᠳᠦᠷ᠎ᠤᠨ 9᠄ 00 — 3 ᠰᠠᠷ᠎ᠠ ᠵᠢᠨ 3᠎ᠤ ᠡᠳᠦᠷ᠎ᠤᠨ 17᠄ 00 ᠪᠣᠯᠤᠨ᠎ᠠ᠂ ᠨᠡᠶ᠋ᠢᠭᠡᠮ ᠳᠡᠭᠡᠷᠡᠬᠢ ᠰᠢᠯᠭ᠋ᠠᠭᠤᠯᠤᠭᠴᠢ ᠵᠢ ᠬᠦᠯᠢᠶᠡᠨ ᠠᠪᠬᠤ ᠰᠢᠯᠭ᠋ᠠᠯᠲᠠ ᠵᠢᠨ ᠴᠡᠭ 3 ᠰᠠᠷ᠎ᠠ ᠵᠢᠨ 1᠎ᠤ ᠡᠳᠦᠷ᠎ᠤᠨ 9᠄ 00 — 3 ᠰᠠᠷ᠎ᠠ ᠵᠢᠨ 3᠎ᠤ ᠡᠳᠦᠷ᠎ᠤᠨ 17᠄ 00 ᠪᠣᠯᠲᠠᠯ᠎ᠠ ᠴᠢᠯᠥᠭᠡᠲᠡᠶ ᠨᠡᠷ᠎ᠡ ᠮᠡᠳᠡᠭᠦᠯᠦᠨ᠎ᠡ᠃
2 . ᠨᠡᠷ᠎ᠡ ᠮᠡᠳᠡᠭᠦᠯᠦᠭᠰᠡᠳ ᠨᠠᠰᠤ ᠵᠢᠯ᠂ ᠠᠵᠢᠯ ᠮᠡᠷᠭᠡᠵᠢᠯ᠂ ᠰᠤᠷᠤᠯᠭ᠎ᠠ ᠵᠢᠨ ᠨᠠᠮᠲᠠᠷ ᠵᠡᠷᠭᠡ᠎ᠳᠤ ᠬᠢᠵᠠᠭ᠋ᠠᠷᠯᠠᠭᠳᠠᠬᠤ ᠥᠬᠡᠶ᠂ ᠴᠥᠮ ᠥᠪᠡᠷ᠎ᠤᠨ ᠰᠤᠷᠤᠯᠴᠠᠭᠰᠠᠨ ᠪᠠᠶ᠋ᠢᠳᠠᠯ ᠪᠠ ᠪᠣᠳᠠᠲᠤ ᠴᠢᠳᠠᠪᠤᠷᠢ᠎ᠪᠠᠨ ᠦᠨᠳᠦᠰᠦᠯᠡᠨ ᠵᠣᠬᠢᠬᠤ ᠲᠠᠰ ᠪᠠ ᠬᠢᠴᠢᠶᠡᠯ ᠲᠥᠷᠥᠯ᠎ᠢ ᠰᠣᠩᠭᠣᠨ ᠰᠢᠯᠭ᠋ᠠᠵᠤ ᠪᠣᠯᠤᠨ᠎ᠠ᠂ ᠠᠳᠠᠯᠢ ᠤᠳᠠᠭ᠋ᠠᠨ᠎ᠤ ᠰᠢᠯᠭ᠋ᠠᠯᠲᠠ᠎ᠳᠤ ᠰᠢᠯᠭ᠋ᠠᠭᠤᠯᠤᠭᠰᠠᠳ ᠬᠠᠮᠤᠭ᠎ᠤᠨ ᠣᠯᠠᠨ᠎ᠳᠤ᠎ᠪᠠᠨ 3 ᠬᠢᠴᠢᠶᠡᠯ ᠲᠥᠷᠥᠯ᠎ᠳᠤ ᠨᠡᠷ᠎ᠡ ᠮᠡᠳᠡᠭᠦᠯᠵᠦ ᠪᠣᠯᠤᠨ᠎ᠠ᠂ ᠭᠡᠪᠡᠴᠦ ᠠᠳᠠᠯᠢ ᠨᠢᠭᠡ ᠬᠢᠴᠢᠶᠡᠯ ᠲᠥᠷᠥᠯ᠎ᠢ ᠳᠠᠬᠢᠨ ᠮᠡᠳᠡᠭᠦᠯᠵᠦ ᠪᠣᠯᠬᠤ ᠥᠬᠡᠶ ᠪᠥᠭᠡᠳ ᠵᠥᠪᠬᠡᠨ ᠨᠢᠭᠡ ᠯᠡ ᠮᠤᠵᠢ ᠣᠷᠣᠨ᠎ᠤ ᠨᠢᠭᠡ ᠯᠡ ᠰᠢᠯᠭ᠋ᠠᠯᠲᠠ ᠵᠢᠨ ᠴᠡᠭ᠎ᠲᠤ ᠨᠡᠷ᠎ᠡ ᠮᠡᠳᠡᠭᠦᠯᠦᠨ᠎ᠡ᠃ ᠰᠢᠯᠭ᠋ᠠᠭᠤᠯᠤᠭᠰᠠᠳ ᠬᠦᠴᠦᠨ ᠪᠥᠬᠥᠶ ᠪᠡᠶ᠎ᠡ ᠵᠢᠨ ᠦᠨᠡᠮᠯᠡᠯ ᠵᠶ᠋ᠠᠷ ᠨᠡᠷ᠎ᠡ ᠮᠡᠳᠡᠭᠦᠯᠵᠦ᠂ ᠨᠡᠷ᠎ᠡ ᠮᠡᠳᠡᠭᠦᠯᠬᠦ᠎ᠳᠤ᠎ᠪᠠᠨ ᠬᠤᠪᠢ ᠬᠥᠮᠦᠨ᠎ᠤ ᠨᠡᠷ᠎ᠡ ᠮᠡᠳᠡᠭᠦᠯᠦᠭᠰᠡᠨ ᠮᠡᠳᠡᠭᠡ ᠵᠠᠩᠭᠢ᠎ᠪᠠᠨ ᠵᠥᠪ ᠲᠠᠭᠯᠠᠵᠤ᠂ ᠨᠡᠷ᠎ᠡ ᠮᠡᠳᠡᠭᠦᠯᠬᠦ ᠬᠡᠯᠡᠯᠴᠡᠭᠡᠷ᠎ᠢ ᠵᠢᠷᠤᠮᠯᠠᠨ᠂ ᠱᠠᠭ᠋ᠠᠷᠳᠠᠯᠭ᠎ᠠ ᠶᠣᠰᠤ᠎ᠪᠠᠷ ᠬᠤᠪᠢ ᠬᠥᠮᠦᠨ᠎ᠤ ᠬᠡᠷᠡᠯ ᠵᠢᠷᠤᠭ᠎ᠤᠨ ᠮᠡᠳᠡᠭᠡ ᠵᠠᠩᠭᠢ᠎ᠪᠠᠨ ᠬᠠᠩᠭ᠋ᠠᠬᠤ ᠵᠢᠨ ᠬᠠᠮᠲᠤ ᠰᠢᠯᠭ᠋ᠠᠯᠲᠠ ᠵᠢᠨ ᠴᠡᠭ᠎ᠤᠨ ᠶᠡᠬᠡ ᠳᠡᠭᠡᠳᠦ ᠰᠤᠷᠭ᠋ᠠᠭᠤᠯᠢ᠎ᠠᠴᠠ ᠬᠢᠨᠠᠨ ᠪᠠᠢ᠌ᠴᠠᠭ᠋ᠠᠵᠤ᠂ ᠬᠢᠨᠠᠨ ᠪᠠᠢ᠌ᠴᠠᠭ᠋ᠠᠭ᠋ᠠᠳ ᠪᠠᠲᠤᠯᠠᠭᠰᠠᠨ᠎ᠤ ᠳᠠᠷᠠᠭ᠎ᠠ ᠰᠦᠯᠵᠢᠶᠡᠨ᠎ᠳᠤ ᠨᠡᠷ᠎ᠡ ᠮᠡᠳᠡᠭᠦᠯᠦᠨ ᠰᠢᠯᠭ᠋ᠠᠯᠲᠠ ᠵᠢᠨ ᠰᠦᠢ᠍ᠳᠭᠡᠯ᠎ᠢ ᠳᠤᠰᠢᠶᠠᠨ᠎ᠠ᠂ ᠰᠦᠢ᠍ᠳᠭᠡᠯ ᠲᠤᠰᠢᠶᠠᠭᠰᠠᠨ᠎ᠤ ᠳᠠᠷᠠᠭ᠎ᠠ ᠨᠡᠷ᠎ᠡ ᠮᠡᠳᠡᠭᠦᠯᠦᠭᠰᠡᠨ ᠮᠡᠳᠡᠭᠡ ᠵᠠᠩᠭᠢ᠎ᠪᠠᠨ ᠵᠠᠰᠠᠵᠤ ᠪᠣᠯᠬᠤ ᠥᠬᠡᠶ᠃
3 . ᠬᠡᠷᠡᠯ ᠵᠢᠷᠤᠭ᠎ᠤᠨ ᠮᠡᠳᠡᠭᠡ ᠵᠠᠩᠭᠢ ᠵᠢᠨ ᠪᠠᠷᠢᠮᠵᠢᠶ᠎ᠠ
(1) ᠨᠡᠷ᠎ᠡ ᠮᠡᠳᠡᠭᠦᠯᠦᠭᠰᠡᠳ᠎ᠤᠨ ᠭᠡᠷᠡᠯ ᠵᠢᠷᠤᠭ᠎ᠨᠢ ᠰᠢᠯᠭ᠋ᠠᠭᠤᠯᠤᠭᠴᠢ ᠵᠢᠨ ᠠᠰᠬᠠᠨ ᠮᠥᠷᠲᠡᠭᠡᠨ ᠮᠠᠯᠠᠭ᠋ᠠᠶ ᠥᠬᠡᠶ ᠪᠤᠳᠤᠭᠲᠤ ᠭᠡᠷᠡᠯ ᠵᠢᠷᠤᠭ ᠪᠠᠶ᠋ᠢᠬᠤ ᠬᠡᠷᠡᠭᠲᠡᠶ᠃
(2) ᠭᠡᠷᠡᠯ ᠵᠢᠷᠤᠭᠲᠤ ᠰᠢᠯᠭ᠋ᠠᠭᠤᠯᠤᠭᠴᠢ ᠵᠢᠨ ᠵᠢᠰᠦ ᠴᠢᠷᠠᠶ ᠵᠢ ᠦᠨᠡᠨ ᠮᠥᠨ ᠵᠶ᠋ᠠᠷ᠎ᠨᠢ ᠰᠡᠭᠦᠳᠡᠷᠯᠡᠬᠦ ᠬᠡᠷᠡᠭᠲᠡᠶ᠃ ᠭᠡᠷᠡᠯ ᠵᠢᠷᠤᠭ᠎ᠤᠨ ᠪᠦᠬᠦᠯᠢ ᠴᠣᠭᠴᠠ ᠪᠤᠶᠤ ᠬᠡᠰᠡᠭ ᠲᠠᠯ᠎ᠠ᠎ᠳᠤ ᠳᠤᠷᠠᠨᠳᠠᠬᠤ᠂ ᠡᠷᠭᠢᠯᠳᠦᠭᠦᠯᠬᠦ ᠵᠡᠷᠭᠡ ᠲᠥᠷᠰᠦ ᠬᠤᠪᠢᠷᠠᠭᠤᠯᠬᠤ ᠠᠵᠢᠯᠯᠠᠭ᠎ᠠ ᠬᠢᠬᠦ ᠵᠢ ᠬᠣᠷᠢᠭᠯᠠᠨ᠎ᠠ᠃ ᠬᠥᠮᠦᠨ᠎ᠤ ᠣᠨᠴᠠᠯᠢᠭ (ᠵᠢᠱ᠌ᠢᠶᠡᠯᠡᠪᠡᠯ ᠰᠣᠷᠪᠢ᠂ ᠮᠡᠩᠭᠡ᠂ ᠭᠡᠵᠢᠭᠡᠨᠤ ᠬᠡᠯᠪᠡᠷᠢ ᠵᠡᠷᠭᠡ)᠎ᠲᠤ ᠮᠡᠷᠭᠡᠵᠢᠯ᠎ᠤᠨ ᠰᠢᠢ᠍ᠳᠪᠦᠷᠢᠯᠡᠯᠲᠡ ᠬᠢᠵᠦ ᠪᠣᠯᠬᠤ ᠥᠬᠡᠶ᠂ ᠭᠡᠷᠡᠯ ᠵᠢᠷᠤᠭᠲᠤ PS᠂ ᠴᠢᠷᠠᠢ ᠭᠣᠶᠣᠯᠠᠬᠤ᠂ ᠴᠢᠷᠠᠢ ᠴᠠᠭ᠋ᠠᠷᠠᠭᠤᠯᠬᠤ᠂ ᠴᠢᠷᠠᠶ ᠰᠢᠭᠤᠷᠠᠭᠤᠯᠬᠤ ᠵᠡᠷᠭᠡ ᠮᠡᠷᠭᠡᠵᠢᠯ᠎ᠤᠨ ᠰᠢᠢ᠍ᠳᠪᠦᠷᠢᠯᠡᠯᠲᠡ ᠬᠢᠵᠦ ᠪᠣᠯᠬᠤ ᠥᠬᠡᠶ᠃
(3) ᠠᠷᠤ ᠦᠵᠡᠭᠳᠡᠯ᠄ ᠴᠠᠭ᠋ᠠᠨ ᠥᠩᠭᠡ ᠵᠢ ᠰᠣᠩᠭᠣᠵᠤ ᠬᠡᠷᠡᠭᠯᠡᠨ᠎ᠡ᠂ ᠰᠡᠭᠦᠳᠡᠷ᠂ ᠪᠤᠰᠤᠳ ᠬᠥᠮᠦᠨ ᠪᠤᠶᠤ ᠪᠣᠳᠠᠰ ᠪᠠᠶ᠋ᠢᠵᠤ ᠪᠣᠯᠬᠤ ᠦᠭᠡᠢ᠃
(4) ᠪᠠᠶ᠋ᠢᠷᠢᠯᠠᠯ᠄ ᠵᠢᠷᠤᠭ᠎ᠢ ᠲᠡᠭᠰᠢ ᠥᠨᠴᠥᠭᠲᠦ ᠬᠦᠷᠢᠶᠡᠨ᠎ᠳᠤ ᠬᠡᠪᠲᠡᠭᠡ᠎ᠪᠠᠷ ᠲᠡᠭ ᠳᠤᠮᠳᠠ᠎ᠨᠢ᠂ ᠵᠡᠭᠦᠨᠰᠢ ᠪᠠᠷᠠᠭᠤᠨᠰᠢ ᠲᠡᠭᠰᠢ ᠭᠡᠮ᠎ᠲᠡᠶ ᠪᠠᠢ᠌ᠯᠭ᠋ᠠᠨ᠎ᠠ᠃
ᠬᠣᠶᠠᠷ᠂ ᠨᠡᠷ᠎ᠡ ᠮᠡᠳᠡᠭᠦᠯᠬᠦ ᠲᠠᠪᠴᠠᠩ
ᠡᠨᠡ ᠤᠳᠠᠭ᠋ᠠᠨ᠎ᠤ ᠰᠢᠯᠭ᠋ᠠᠯᠲᠠ᠎ᠳᠤ ᠨᠡᠷ᠎ᠡ ᠮᠡᠳᠡᠭᠦᠯᠬᠦ᠎ᠳᠤ ᠰᠤᠷᠭ᠋ᠠᠨ ᠬᠥᠮᠦᠵᠢᠯ᠎ᠤᠨ ᠶᠠᠮᠤᠨ᠎ᠤ ᠰᠢᠯᠭ᠋ᠠᠯᠲᠠ ᠵᠢᠨ ᠬᠦᠷᠢᠶᠡᠯᠡᠩ᠎ᠤᠨ ᠨᠡᠷ᠎ᠡ ᠮᠡᠳᠡᠭᠦᠯᠬᠦ ᠰᠢᠰᠲ᠋ᠧᠮ᠎ᠢ ᠬᠡᠷᠡᠭᠯᠡᠨ᠂ ᠨᠡᠷ᠎ᠡ ᠮᠡᠳᠡᠭᠦᠯᠬᠦ ᠬᠤᠭᠤᠴᠠᠭ᠋ᠠᠨ᠎ᠳᠤ᠂ ᠰᠢᠯᠭ᠋ᠠᠭᠤᠯᠤᠭᠴᠢ ᠪᠥᠬᠥ ᠤᠯᠤᠰ᠎ᠤᠨ ᠺᠣᠮᠫᠢᠦ᠋ᠲ᠋ᠧᠷ᠎ᠤᠨ ᠳᠡᠰ᠎ᠤᠨ ᠰᠢᠯᠭ᠋ᠠᠯᠲᠠ ᠵᠢᠨ ᠰᠦᠯᠵᠢᠶ᠎ᠡ (ᠰᠦᠯᠵᠢᠶᠡᠨ ᠬᠠᠶᠢᠭ᠄ http://ncre.neea.edu.cn)᠎ᠳᠤ ᠣᠷᠣᠵᠤ᠂ 《ᠰᠦᠯᠵᠢᠶᠡᠨ᠎ᠳᠤ ᠨᠡᠷ᠎ᠡ ᠮᠡᠳᠡᠭᠦᠯᠬᠦ》 ᠵᠢ ᠲᠣᠪᠴᠢᠳᠠᠨ᠂ ᠢᠯᠡᠷᠡᠭᠰᠡᠨ ᠨᠢᠭᠤᠷ᠎ᠲᠤ 《15 ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ》 ᠵᠢ ᠰᠣᠩᠭᠣᠵᠤ᠂ ᠰᠦᠯᠵᠢᠶᠡᠨ᠎ᠳᠤ ᠨᠡᠷ᠎ᠡ ᠮᠡᠳᠡᠭᠦᠯᠦᠨ ᠰᠦᠢ᠍ᠳᠭᠡᠯ ᠲᠤᠰᠢᠶᠠᠨ᠎ᠠ᠃
ᠭᠤᠷᠪᠠ᠂ ᠨᠡᠷ᠎ᠡ ᠮᠡᠳᠡᠭᠦᠯᠬᠦ ᠵᠠᠷᠴᠢᠮ
ᠰᠢᠯᠭ᠋ᠠᠭᠤᠯᠤᠭᠴᠢ ᠣᠶ᠋ᠢᠷ᠎ᠠ ᠬᠠᠪᠢ᠎ᠳᠤ᠎ᠪᠠᠨ ᠨᠡᠷ᠎ᠡ ᠮᠡᠳᠡᠭᠦᠯᠬᠦ ᠵᠠᠷᠴᠢᠮ᠎ᠢ ᠬᠡᠷᠡᠭᠵᠢᠭᠦᠯᠵᠦ᠂ ᠰᠤᠷᠭ᠋ᠠᠭᠤᠯᠢ᠎ᠳᠤᠨᠢ ᠨᠢᠭᠡᠨᠲᠡ ᠰᠢᠯᠭ᠋ᠠᠯᠲᠠ ᠵᠢᠨ ᠴᠡᠭ ᠭᠠᠷᠭ᠋ᠠᠭᠰᠠᠨ ᠰᠤᠷᠭ᠋ᠠᠭᠤᠯᠢ᠎ᠳᠤ ᠪᠠᠶ᠋ᠢᠭ᠎ᠠ ᠰᠣᠷᠣᠭᠴᠢ ᠡᠷᠬᠡᠪᠰᠢ ᠰᠤᠷᠭ᠋ᠠᠭᠤᠯᠢ᠎ᠳᠤ᠎ᠪᠠᠨ ᠨᠡᠷ᠎ᠡ ᠮᠡᠳᠡᠭᠦᠯᠬᠦ ᠬᠡᠷᠡᠭᠲᠡᠶ᠂ ᠰᠤᠷᠭ᠋ᠠᠭᠤᠯᠢ ᠠᠯᠤᠰᠯᠠᠨ ᠨᠡᠷ᠎ᠡ ᠮᠡᠳᠡᠭᠦᠯᠵᠦ ᠪᠣᠯᠬᠤ ᠥᠬᠡᠶ; ᠰᠢᠯᠭ᠋ᠠᠯᠲᠠ ᠵᠢᠨ ᠴᠡᠭ ᠭᠠᠷᠭ᠋ᠠᠭᠰᠠᠨ ᠥᠬᠡᠶ ᠰᠤᠷᠭ᠋ᠠᠭᠤᠯᠢ᠎ᠳᠤ ᠪᠠᠶ᠋ᠢᠭ᠎ᠠ ᠰᠣᠷᠣᠭᠴᠢ ᠨᠡᠷ᠎ᠡ ᠮᠡᠳᠡᠭᠦᠯᠬᠦ᠎ᠳᠤ ᠪᠠᠶ᠋ᠢᠭ᠎ᠠ ᠶᠡᠬᠡ ᠳᠡᠭᠡᠳᠦ ᠰᠤᠷᠭ᠋ᠠᠭᠤᠯᠢ ᠪᠣᠯᠤᠨ ᠰᠢᠯᠭ᠋ᠠᠯᠲᠠ ᠵᠢᠨ ᠴᠡᠭ ᠭᠠᠷᠭ᠋ᠠᠭᠰᠠᠨ ᠶᠡᠬᠡ ᠳᠡᠭᠡᠳᠦ ᠰᠤᠷᠭ᠋ᠠᠭᠤᠯᠢ᠎ᠢ ᠵᠣᠯᠭ᠋ᠠᠭᠤᠯᠵᠤ᠂ ᠬᠣᠶᠠᠷ ᠲᠠᠯ᠎ᠠ᠎ᠪᠠᠷ ᠵᠶ᠋ᠠᠨ ᠵᠥᠪᠰᠢᠶᠡᠷᠡᠭᠰᠡᠨ᠎ᠤ ᠳᠠᠷᠠᠭ᠎ᠠ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠣᠷᠣᠭᠴᠢ ᠡᠯᠰᠡᠬᠦ ᠰᠢᠯᠭ᠋ᠠᠯᠲᠠ ᠵᠢᠨ ᠲᠥᠪ᠎ᠲᠤ ᠮᠡᠳᠡᠭᠦᠯᠦᠨ ᠳᠠᠩᠰᠠᠯᠠᠭᠤᠯᠵᠤ᠂ ᠨᠢᠭᠡᠳᠦᠯᠲᠡᠶ ᠨᠡᠷ᠎ᠡ ᠮᠡᠳᠡᠭᠦᠯᠵᠦ ᠰᠢᠯᠭ᠋ᠠᠯᠲᠠ᠎ᠳᠤ ᠣᠷᠣᠯᠴᠠᠭᠤᠯᠬᠤ ᠬᠡᠷᠡᠭᠲᠡᠶ ᠪᠥᠭᠡᠳ ᠰᠢᠯᠭ᠋ᠠᠯᠲᠠ ᠵᠢᠨ ᠴᠡᠭ ᠭᠠᠷᠭ᠋ᠠᠭᠰᠠᠨ ᠶᠡᠬᠡ ᠳᠡᠭᠡᠳᠦ ᠰᠤᠷᠭ᠋ᠠᠭᠤᠯᠢ ᠵᠢᠨ ᠱᠠᠭ᠋ᠠᠷᠳᠠᠯᠭ᠎ᠠ ᠶᠣᠰᠤ᠎ᠪᠠᠷ ᠬᠠᠮᠢᠶ᠎ᠠ ᠪᠥᠬᠥᠶ ᠠᠵᠢᠯ᠎ᠢ ᠰᠠᠶ᠋ᠢᠲᠤᠷ ᠬᠢᠬᠦ ᠬᠡᠷᠡᠭᠲᠡᠶ; ᠨᠡᠶ᠋ᠢᠭᠡᠮ ᠳᠡᠭᠡᠷᠡᠬᠢ ᠰᠢᠯᠭ᠋ᠠᠭᠤᠯᠤᠭᠰᠠᠳ ᠳᠤᠤᠷᠠᠬᠢ ᠰᠢᠯᠭ᠋ᠠᠯᠲᠠ ᠵᠢᠨ ᠴᠡᠭ᠎ᠢ ᠰᠣᠩᠭᠣᠵᠤ ᠨᠡᠷ᠎ᠡ ᠮᠡᠳᠡᠭᠦᠯᠵᠦ ᠪᠣᠯᠤᠨ᠎ᠠ᠄ ᠥᠪᠥᠷ ᠮᠣᠩᠭᠣᠯ᠎ᠤᠨ ᠡᠯᠧᠺᠲᠷᠣᠨ ᠮᠡᠳᠡᠭᠡ ᠵᠠᠩᠭᠢ ᠵᠢᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠂ ᠰᠢᠯᠢ ᠵᠢᠨ ᠭᠤᠤᠯ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠂ ᠪᠣᠷᠣᠲᠣᠬᠣᠶ ᠳᠡᠭᠡᠳᠦ ᠰᠤᠷᠭ᠋ᠠᠭᠤᠯᠢ᠃
ᠳᠥᠷᠪᠡ᠂ ᠰᠢᠯᠭ᠋ᠠᠬᠤ ᠴᠠᠭ
2023 ᠣᠨ᠎ᠤ ᠳᠡᠭᠡᠷ᠎ᠡ ᠬᠠᠭ᠋ᠠᠰ ᠵᠢᠯ᠎ᠤᠨ ᠰᠢᠯᠭ᠋ᠠᠯᠲᠠ ᠵᠢᠨ ᠴᠠᠭ᠎ᠢ 2023 ᠣᠨ᠎ᠤ 3 ᠰᠠᠷ᠎ᠠ ᠵᠢᠨ 25 — 27᠎ᠤ ᠡᠳᠦᠷ ᠪᠣᠯᠲᠠᠯᠠᠬᠢ 3 ᠡᠳᠦᠷ ᠵᠶ᠋ᠠᠷ ᠲᠣᠭᠲᠠᠭ᠋ᠠᠪᠠ᠃ ᠡᠳᠦᠷ ᠪᠦᠷᠢ ᠵᠢᠨ ᠨᠢᠭᠡᠳᠦᠭᠡᠷ ᠪᠦᠯᠦᠭ᠎ᠤᠨ ᠰᠢᠯᠭ᠋ᠠᠯᠲᠠ ᠡᠬᠢᠯᠡᠭᠦᠯᠬᠦ ᠴᠠᠭ᠎ᠢ ᠦᠳᠡ ᠵᠢᠨ ᠡᠮᠦᠨᠡᠬᠢ 8᠄ 00 ᠴᠠᠭ᠎ᠠᠴᠠ ᠡᠮᠦᠨ᠎ᠡ ᠪᠠᠶ᠋ᠢᠯᠭ᠋ᠠᠵᠤ᠂ ᠬᠠᠮᠤᠭ᠎ᠤᠨ ᠰᠡᠭᠦᠯᠴᠢ ᠵᠢᠨ ᠨᠢᠭᠡ ᠪᠦᠯᠦᠭ᠎ᠤᠨ ᠰᠢᠯᠭ᠋ᠠᠯᠲᠠ ᠡᠬᠢᠯᠡᠭᠦᠯᠬᠦ ᠴᠠᠭ᠎ᠢ 18᠄ 00 ᠴᠠᠭ᠎ᠠᠴᠠ ᠡᠮᠦᠨ᠎ᠡ ᠪᠠᠶ᠋ᠢᠯᠭ᠋ᠠᠬᠤ ᠬᠡᠷᠡᠭᠲᠡᠶ᠃ ᠰᠢᠯᠭ᠋ᠠᠯᠲᠠ᠎ᠠᠴᠠ ᠡᠮᠦᠨᠡᠬᠢ 5 ᠡᠳᠦᠷ ᠰᠢᠯᠭ᠋ᠠᠭᠤᠯᠤᠭᠴᠢ ᠨᠡᠷ᠎ᠡ ᠮᠡᠳᠡᠭᠦᠯᠬᠦ ᠰᠦᠯᠵᠢᠶᠡᠨ᠎ᠳᠤ ᠣᠷᠣᠵᠤ ᠰᠢᠯᠭ᠋ᠠᠨ ᠦᠵᠡᠵᠦ᠂ ᠰᠢᠯᠭ᠋ᠠᠬᠤ ᠲᠡᠮᠳᠡᠭ᠎ᠢ ᠳᠠᠷᠤᠮᠠᠯᠯᠠᠵᠤ ᠪᠣᠯᠤᠨ᠎ᠠ᠃
ᠲᠠᠪᠤ᠂ ᠠᠩᠬᠠᠷᠬᠤ ᠵᠦᠢ᠍ᠯ
1 . ᠨᠡᠷ᠎ᠡ ᠮᠡᠳᠡᠭᠦᠯᠬᠦ ᠦᠶ᠎ᠡ᠎ᠳᠤ᠂ ᠰᠢᠯᠭ᠋ᠠᠭᠤᠯᠤᠭᠴᠢ ᠥᠪᠡᠷ᠎ᠤᠨ ᠲᠠᠭᠯᠠᠨ ᠮᠡᠳᠡᠭᠦᠯᠦᠭᠰᠡᠨ ᠮᠡᠳᠡᠭᠡ ᠵᠠᠩᠭᠢ᠎ᠳᠤ᠎ᠪᠠᠨ ᠬᠠᠷᠢᠭᠤᠴᠠᠨ᠎ᠠ᠃
2 . ᠰᠢᠯᠭ᠋ᠠᠯᠲᠠ ᠵᠢᠨ ᠬᠥᠲᠥᠯᠪᠦᠷᠢ ᠵᠢᠴᠢ ᠰᠤᠷᠬᠤ ᠪᠢᠴᠢᠭ᠎ᠤᠨ ᠭᠠᠷᠴᠠᠭ᠎ᠢ ᠳᠤᠮᠳᠠᠳᠤ ᠤᠯᠤᠰ᠎ᠤᠨ ᠰᠤᠷᠭ᠋ᠠᠨ ᠬᠥᠮᠦᠵᠢᠯ᠎ᠤᠨ ᠰᠢᠯᠭ᠋ᠠᠯᠲᠠ ᠵᠢᠨ ᠰᠦᠯᠵᠢᠶ᠎ᠡ (www. neea.edu.cn)᠎ᠳᠤ ᠦᠵᠡᠭᠡᠷᠡᠢ᠃
3 . 2023 ᠣᠨ᠎ᠳᠤ ᠭᠤᠷᠪᠠᠳᠤᠭ᠋ᠠᠷ ᠳᠡᠰ᠎ᠤᠨ Linux᠎ᠢ ᠬᠡᠷᠡᠭᠯᠡᠬᠦ ᠪᠠ ᠨᠡᠭᠡᠭᠡᠨ ᠬᠥᠭᠵᠢᠭᠦᠯᠬᠦ ᠮᠡᠷᠭᠡᠵᠢᠯ᠂ ᠳᠥᠷᠪᠡᠳᠦᠭᠡᠷ ᠳᠡᠰ᠎ᠤᠨ Linux᠎ᠢ ᠬᠡᠷᠡᠭᠯᠡᠬᠦ ᠪᠠ ᠨᠡᠭᠡᠭᠡᠨ ᠬᠥᠭᠵᠢᠭᠦᠯᠬᠦ ᠢᠨᠵᠧᠨᠧᠷ ᠵᠡᠷᠭᠡ ᠬᠣᠶᠠᠷ ᠬᠢᠴᠢᠶᠡᠯ ᠲᠥᠷᠥᠯ᠎ᠤᠨ ᠰᠢᠯᠭ᠋ᠠᠯᠲᠠ ᠵᠢ ᠦᠷᠭᠦᠯᠵᠢᠯᠡᠨ ᠲᠦᠷ ᠵᠣᠭᠰᠣᠭ᠋ᠠᠨ᠎ᠠ᠃ 2021 ᠣᠨ᠎ᠤ ᠳᠤᠤᠷ᠎ᠠ ᠬᠠᠭ᠋ᠠᠰ ᠵᠢᠯ᠎ᠳᠤ ᠨᠢᠭᠡᠨᠲᠡ ᠳᠥᠷᠪᠡᠳᠦᠭᠡᠷ ᠳᠡᠰ᠎ᠤᠨ Linux᠎ᠤᠨ ᠰᠢᠯᠭ᠋ᠠᠯᠲᠠ᠎ᠳᠤ ᠬᠢᠷᠢ ᠲᠡᠩᠴᠡᠭᠰᠡᠨ ᠪᠣᠯ ᠬᠢᠷᠢ ᠪᠦᠲᠦᠮᠵᠢ ᠵᠢ ᠦᠯᠡᠳᠡᠭᠡᠨ᠎ᠡ᠃
4 . ᠰᠢᠯᠭ᠋ᠠᠯᠲᠠ᠎ᠠᠴᠠ ᠡᠮᠦᠨ᠎ᠡ᠎ᠠᠴᠠ ᠰᠢᠯᠭ᠋ᠠᠯᠲᠠ ᠳᠠᠭᠤᠰᠤᠭᠰᠠᠨ᠎ᠤ ᠳᠠᠷᠠᠭ᠎ᠠ ᠬᠦᠷᠲᠡᠯ᠎ᠡ᠂ ᠰᠢᠯᠭ᠋ᠠᠭᠤᠯᠤᠭᠴᠢ ᠡᠷᠬᠡᠪᠰᠢ ᠥᠪᠥᠷ ᠮᠣᠩᠭᠣᠯ᠎ᠤᠨ ᠰᠣᠷᠣᠭᠴᠢ ᠡᠯᠰᠡᠬᠦ ᠰᠢᠯᠭ᠋ᠠᠯᠲᠠ ᠵᠢᠨ ᠮᠡᠳᠡᠭᠡ ᠵᠠᠩᠭᠢ ᠵᠢᠨ ᠰᠦᠯᠵᠢᠶ᠎ᠡ᠂ ᠥᠪᠥᠷ ᠮᠣᠩᠭᠣᠯ᠎ᠤᠨ ᠰᠣᠷᠣᠭᠴᠢ ᠡᠯᠰᠡᠬᠦ ᠰᠢᠯᠭ᠋ᠠᠯᠲᠠ ᠵᠢᠨ ᠸᠢᠴᠠᠲ᠎ᠤᠨ ᠨᠡᠶ᠋ᠢᠲᠡ ᠵᠢᠨ ᠳ᠋ᠤᠭ᠋ᠠᠷ ᠪᠠ ᠡᠯ᠎ᠡ ᠰᠢᠯᠭ᠋ᠠᠯᠲᠠ ᠵᠢᠨ ᠴᠡᠭ᠎ᠤᠨ ᠨᠡᠶ᠋ᠢᠲᠡᠯᠡᠭᠰᠡᠨ ᠮᠡᠳᠡᠭᠡ ᠵᠠᠩᠭᠢ ᠵᠢ ᠴᠠᠭ ᠲᠤᠬᠠᠶ᠎ᠳᠤᠨᠢ ᠦᠷᠭᠦᠯᠵᠢᠯᠡᠨ ᠠᠩᠬᠠᠷᠬᠤ ᠬᠡᠷᠡᠭᠲᠡᠶ᠃
5 . ᠮᠠᠨ᠎ᠤ ᠣᠷᠣᠨ᠎ᠤ NCRE ᠨᠡᠷ᠎ᠡ ᠮᠡᠳᠡᠭᠦᠯᠬᠦ ᠠᠵᠢᠯ᠎ᠤᠨ ᠵᠦᠪᠯᠡᠯᠭᠡ ᠥᠭᠬᠦ ᠤᠲᠠᠰᠤ᠄
0471 - 3261111᠂ 0471 - 3261803
(ᠠᠵᠢᠯ᠎ᠤᠨ ᠡᠳᠦᠷ᠎ᠤᠨ ᠦᠳᠡ ᠵᠢᠨ ᠡᠮᠦᠨ᠎ᠡ 9᠄ 00 —12᠄ 00᠂
ᠦᠳᠡ ᠵᠢᠨ ᠬᠣᠶ᠋ᠢᠨ᠎ᠠ 2᠄ 00 — 5᠄ 00)᠃