ᠡᠪᠦᠯ ᠪᠣᠯᠵᠤ ᠠᠭ᠋ᠠᠷ᠎ᠤᠨ ᠳᠤᠯᠠᠭ᠋ᠠᠨ ᠮᠡᠳᠡᠭᠳᠡᠮ᠎ᠡ ᠳᠣᠷᠣᠭᠰᠢᠯᠠᠪᠠ᠃ ᠪᠢᠳᠡ ᠬᠡᠦᠬᠡᠳ᠎ᠲᠠᠢ᠎ᠪᠠᠨ ᠬᠦᠢ᠍ᠲᠡᠨ᠎ᠢ ᠰᠡᠷᠭᠡᠶ᠋ᠢᠯᠡᠵᠦ ᠳᠤᠯᠠᠭ᠋ᠠᠨ ᠪᠠᠢ᠌ᠯᠭ᠋ᠠᠬᠤ 10 ᠮᠡᠳᠡᠯᠭᠡ ᠵᠢ ᠰᠤᠷᠤᠯᠴᠠᠵᠤ᠂ ᠬᠡᠦᠬᠡᠳ᠎ᠢ ᠬᠠᠪᠰᠤᠷᠤᠨ ᠡᠪᠦᠯ᠎ᠢ ᠳᠤᠯᠠᠭ᠋ᠠᠬᠠᠨ ᠥᠩᠭᠡᠷᠡᠭᠦᠯᠦᠶ᠎ᠡ᠃
1. 《ᠪᠥᠭᠡᠷᠡᠩᠬᠡᠢ ᠰᠣᠩᠭᠢᠨ᠎ᠠ ᠬᠤᠪᠴᠠᠰᠤ ᠡᠮᠦᠰᠬᠦ ᠠᠷᠭ᠎ᠠ》 ᠵᠢ ᠬᠡᠷᠡᠭᠯᠡᠨ᠎ᠡ
《ᠪᠥᠭᠡᠷᠡᠩᠬᠡᠢ ᠰᠣᠩᠭᠢᠨ᠎ᠠ ᠬᠤᠪᠴᠠᠰᠤ ᠡᠮᠦᠰᠬᠦ ᠠᠷᠭ᠎ᠠ》 ᠵᠢ ᠬᠡᠦᠬᠡᠳ᠎ᠲᠤ᠎ᠪᠠᠨ ᠵᠢᠭ᠋ᠠᠵᠤ ᠥᠭᠭᠦᠨ᠎ᠡ᠃ 《ᠪᠥᠭᠡᠷᠡᠩᠬᠡᠢ ᠰᠣᠩᠭᠢᠨ᠎ᠠ ᠬᠤᠪᠴᠠᠰᠤ ᠡᠮᠦᠰᠬᠦ ᠠᠷᠭ᠎ᠠ》 ᠪᠣᠯ ᠲᠤᠬᠠᠢ ᠵᠢᠨ ᠴᠠᠭ᠎ᠤᠨ ᠳᠤᠯᠠᠭ᠋ᠠᠨ᠎ᠤ ᠬᠡᠮᠵᠢᠶ᠎ᠡ ᠵᠢ ᠦᠨᠳᠦᠰᠦᠯᠡᠨ᠂ ᠪᠥᠭᠡᠷᠡᠩᠬᠡᠢ ᠰᠣᠩᠭᠢᠨ᠎ᠠ᠎ᠲᠠᠢ ᠠᠳᠠᠯᠢ ᠪᠠᠷ ᠬᠤᠪᠴᠠᠰᠤ᠎ᠪᠠᠨ ᠳᠠᠪᠬᠤᠷᠯᠠᠨ ᠡᠮᠦᠰᠬᠦ ᠪᠤᠶᠤ ᠬᠤᠪᠴᠠᠰᠤ᠎ᠪᠠᠨ ᠨᠢᠮᠭᠡᠯᠡᠵᠦ ᠡᠮᠦᠰᠦᠨ᠎ᠡ᠃
ᠳᠡᠭᠡᠳᠦ ᠪᠡᠶ᠎ᠡ ᠵᠢ ᠬᠤᠪᠴᠠᠰᠤᠯᠠᠬᠤ ᠠᠷᠭ᠎ᠠ᠄ ᠬᠠᠮᠤᠭ᠎ᠤᠨ ᠳᠣᠲᠣᠷ᠎ᠠ ᠲᠠᠯ᠎ᠠ᠎ᠳᠤ ᠬᠠᠮᠤᠭ᠎ᠤᠨ ᠰᠠᠶ᠋ᠢᠨ᠎ᠨᠢ ᠵᠥᠭᠡᠯᠡᠬᠡᠨ᠂ ᠬᠥᠯᠥᠰᠦ ᠭᠠᠳᠠᠭᠰᠢᠯᠠᠭᠤᠯᠬᠤ ᠦᠢ᠍ᠯᠡᠳᠦᠯ ᠵᠶ᠋ᠠᠷ ᠰᠠᠢ᠌ᠨ ᠳᠣᠳᠣᠷ ᠬᠤᠪᠴᠠᠰᠤ ᠡᠮᠦᠰᠭᠡᠵᠦ᠂ ᠳᠡᠭᠡᠷ᠎ᠡ᠎ᠨᠢ ᠳᠤᠯᠠᠭ᠋ᠠᠨ᠎ᠢ ᠬᠠᠳᠠᠭ᠋ᠠᠯᠠᠬᠤ ᠴᠢᠨᠠᠷᠲᠠᠢ ᠨᠡᠬᠡᠮᠡᠯ ᠨᠣᠣᠰᠣᠨ ᠬᠥᠷᠮ᠎ᠡ᠂ ᠨᠣᠣᠰᠣᠨ ᠬᠠᠨᠲᠠᠭ᠋ᠠᠰᠤ᠂ ᠡᠯᠢᠭᠡᠪᠴᠢ ᠵᠡᠷᠭᠡ ᠵᠢ ᠳᠠᠪᠬᠤᠷᠯᠠᠨ ᠡᠮᠦᠰᠭᠡᠵᠦ᠂ ᠬᠠᠮᠤᠭ᠎ᠤᠨ ᠭᠠᠳᠠᠷ ᠲᠠᠯ᠎ᠠ᠎ᠳᠤ ᠰᠠᠯᠬᠢᠨ ᠬᠠᠯᠬᠠᠯᠠᠵᠤ ᠤᠰᠤ ᠵᠢ ᠥᠯᠦ ᠨᠡᠪᠴᠢᠭᠦᠯᠬᠦ ᠴᠢᠨᠠᠷᠲᠠᠢ ᠬᠤᠪᠴᠠᠰᠤ ᠪᠤᠶᠤ ᠬᠥᠪᠥᠩᠲᠡᠢ ᠬᠤᠪᠴᠠᠰᠤ ᠡᠮᠦᠰᠭᠡᠨ᠎ᠡ᠃
ᠳᠣᠣᠷᠠᠲᠤ ᠪᠡᠶ᠎ᠡ ᠵᠢ ᠬᠤᠪᠴᠠᠰᠤᠯᠠᠬᠤ ᠠᠷᠭ᠎ᠠ᠄ ᠨᠠᠮᠤᠷ᠎ᠤᠨ ᠥᠮᠥᠳᠥ + ᠬᠥᠪᠥᠩ ᠥᠮᠥᠳᠦ / ᠥᠲᠥᠨ ᠥᠮᠥᠳᠥ ᠡᠮᠦᠰᠭᠡᠵᠦ᠂ ᠣᠨᠴᠠᠭ᠋ᠠᠢ ᠬᠦᠢ᠍ᠲᠡᠨ ᠦᠶ᠎ᠡ ᠪᠤᠶᠤ ᠣᠨᠴᠠᠭ᠋ᠠᠢ ᠪᠡᠭᠡᠷᠡᠮᠡᠲᠡᠭᠡᠢ ᠬᠥᠮᠦᠨ᠂ ᠳᠡᠭᠡᠷ᠎ᠡ᠎ᠨᠢ ᠨᠢᠭᠡ ᠨᠣᠣᠰᠣᠨ ᠤᠲᠠᠰᠤᠨ ᠥᠮᠥᠳᠥ ᠨᠡᠮᠡᠵᠦ ᠪᠣᠯᠤᠨ᠎ᠠ᠃
ᠡᠭᠦᠨ᠎ᠤ ᠬᠠᠮᠲᠤ ᠲᠣᠬᠢᠷᠠᠮᠵᠢᠲᠠᠢ ᠬᠤᠪᠴᠠᠰᠤᠨ᠎ᠤ ᠮᠠᠲ᠋ᠧᠷᠢᠶᠠᠯ ᠰᠣᠩᠭᠣᠬᠤ ᠵᠢ ᠠᠩᠬᠠᠷᠪᠠᠯ ᠵᠣᠬᠢᠨ᠎ᠠ᠃ ᠵᠢᠱ᠌ᠢᠶᠡᠯᠡᠪᠡᠯ᠂ ᠨᠣᠣᠰᠣ ᠪᠠ ᠨᠣᠣᠯᠣᠭᠤᠷ᠎ᠤᠨ ᠬᠤᠪᠴᠠᠰᠤ ᠳᠤᠯᠠᠭ᠋ᠠᠬᠠᠨ ᠮᠥᠷᠲᠡᠭᠡᠨ ᠵᠥᠭᠡᠯᠡᠬᠡᠨ ᠪᠠᠢ᠌ᠵᠤ᠂ ᠡᠮᠦᠰᠬᠦ᠎ᠳᠤ ᠮᠠᠰᠢ ᠲᠠᠭ᠋ᠠᠯᠠᠮᠵᠢᠲᠠᠢ ᠪᠠᠶ᠋ᠢᠳᠠᠭ᠃ ᠵᠠᠷᠢᠮ ᠰᠠᠯᠬᠢᠨ ᠬᠠᠯᠬᠠᠯᠠᠬᠤ ᠭᠠᠳᠠᠷ ᠬᠤᠪᠴᠠᠰᠤ ᠰᠠᠯᠬᠢᠨ ᠭᠠᠷᠬᠤ ᠦᠶ᠎ᠡ᠎ᠳᠤ ᠪᠢᠳᠡᠨ᠎ᠢ ᠬᠠᠮᠠᠭ᠋ᠠᠯᠠᠳᠠᠭ᠃ ᠬᠡᠦᠬᠡᠳ᠎ᠲᠤ ᠠᠳᠠᠯᠢ ᠪᠤᠰᠤ ᠮᠠᠲ᠋ᠧᠷᠢᠶᠠᠯ᠎ᠤᠨ ᠬᠤᠪᠴᠠᠰᠤ ᠵᠢ ᠡᠮᠦᠰᠭᠡᠵᠦ ᠦᠵᠡᠭᠦᠯᠦᠨ᠂ ᠲᠡᠳᠡᠨ ᠵᠶ᠋ᠡᠷ ᠳᠤᠯᠠᠭ᠋ᠠᠬᠠᠨ ᠬᠤᠪᠴᠠᠰᠤ ᠵᠢ ᠰᠣᠩᠭᠤᠭᠤᠯᠤᠨ᠎ᠠ᠃
2. ᠮᠠᠯᠠᠭ᠋ᠠᠢ᠂ ᠠᠯᠴᠢᠭᠤᠷ ᠪᠠ ᠪᠡᠭᠡᠯᠡᠢ ᠵᠡᠭᠦᠯᠭᠡᠨ᠎ᠡ
ᠲᠣᠯᠣᠭ᠋ᠠᠢ᠂ ᠬᠦᠵᠦᠭᠦᠦ ᠪᠣᠯᠤᠨ ᠭᠠᠷᠤᠨ ᠬᠡᠰᠡᠭ ᠪᠣᠯ ᠬᠥᠮᠦᠨ᠎ᠤ ᠪᠡᠶ᠎ᠡ ᠵᠢᠨ ᠢᠯᠴᠢ ᠵᠢ ᠠᠮᠠᠷᠬᠠᠨ ᠲᠠᠷᠬᠠᠭ᠋ᠠᠬᠤ ᠬᠡᠰᠡᠭ ᠪᠣᠯᠤᠨ᠎ᠠ᠂ ᠡᠪᠦᠯ ᠬᠡᠦᠬᠡᠳ᠎ᠲᠤ᠎ᠪᠠᠨ ᠮᠠᠯᠠᠭ᠋ᠠᠢ᠂ ᠠᠯᠴᠢᠭᠤᠷ ᠪᠣᠯᠤᠨ ᠪᠡᠭᠡᠯᠡᠢ ᠵᠡᠭᠦᠯᠭᠡᠨ᠎ᠡ᠃
3. ᠵᠤᠵᠠᠭ᠋ᠠᠨ ᠣᠶ᠋ᠢᠮᠣᠰᠤ ᠪᠠ ᠱᠠᠬᠠᠢ ᠡᠮᠦᠰᠭᠡᠨ᠎ᠡ
ᠬᠥᠯ ᠪᠣᠯ ᠠᠮᠠᠷᠬᠠᠨ ᠳᠠᠭ᠋ᠠᠷᠠᠳᠠᠭ ᠬᠡᠰᠡᠭ ᠪᠣᠯᠬᠣᠷ ᠬᠡᠦᠬᠡᠳ᠎ᠲᠤ ᠵᠤᠵᠠᠭ᠋ᠠᠨ ᠣᠶ᠋ᠢᠮᠣᠰᠤ ᠡᠮᠦᠰᠭᠡᠨ᠂ ᠳᠤᠯᠠᠭ᠋ᠠᠯᠠᠮᠵᠢ ᠰᠠᠶ᠋ᠢᠲᠠᠢ ᠱᠠᠬᠠᠢ ᠡᠮᠦᠰᠭᠡᠨ᠎ᠡ᠃ ᠵᠤᠵᠠᠭ᠋ᠠᠨ ᠣᠶ᠋ᠢᠮᠣᠰᠤ ᠬᠥᠯ᠎ᠤᠨ ᠳᠤᠯᠠᠭ᠋ᠠᠨ᠎ᠢ ᠬᠠᠳᠠᠭ᠋ᠠᠯᠠᠵᠤ᠂ ᠤᠰᠤ ᠵᠢ ᠰᠡᠷᠭᠡᠢ᠌ᠯᠡᠬᠦ᠂ ᠬᠠᠯᠲᠤᠷᠢᠬᠤ ᠵᠢ ᠰᠡᠷᠭᠡᠶ᠋ᠢᠯᠡᠬᠦ᠂ ᠳᠤᠯᠠᠭ᠋ᠠᠯᠠᠬᠤ ᠴᠢᠨᠠᠷ ᠵᠶ᠋ᠠᠷ ᠰᠠᠶ᠋ᠢᠨ ᠭᠤᠲᠤᠯ ᠰᠣᠩᠭᠣᠬᠤ ᠬᠡᠷᠡᠭᠲᠡᠢ᠃
4. ᠬᠠᠯᠠᠭᠤᠨ ᠤᠰᠤ ᠤᠤᠭᠤᠯᠭ᠋ᠠᠨᠠ
ᠡᠪᠦᠯ ᠬᠡᠦᠬᠡᠳ᠎ᠲᠤ᠎ᠪᠠᠨ ᠬᠠᠯᠠᠭᠤᠨ ᠤᠰᠤ ᠢᠯᠡᠭᠦᠦ ᠤᠤᠭᠤᠯᠭ᠋ᠠᠵᠤ᠂ ᠪᠡᠶ᠎ᠡ ᠵᠢᠨ ᠳᠤᠯᠠᠭ᠋ᠠᠨ᠎ᠢ ᠬᠠᠳᠠᠭ᠋ᠠᠯᠠᠬᠤ᠎ᠳᠤ ᠬᠠᠪᠰᠤᠷᠤᠮᠵᠢ ᠪᠣᠯᠭ᠋ᠠᠨ᠎ᠠ᠃ ᠬᠡᠦᠬᠡᠳ᠎ᠲᠤ᠎ᠪᠠᠨ ᠳᠤᠯᠠᠭ᠋ᠠᠨ᠎ᠢ ᠬᠠᠳᠠᠭ᠋ᠠᠯᠠᠬᠤ ᠴᠣᠮᠣ ᠪᠡᠯᠡᠳᠬᠡᠵᠦ᠂ ᠬᠠᠯᠠᠭᠤᠨ ᠤᠰᠤ ᠤᠤᠭᠤᠬᠤ ᠵᠢ ᠪᠠᠲᠤᠯᠠᠨ᠎ᠠ᠃
5. ᠦᠷᠭᠦᠯᠵᠢ ᠬᠠᠯᠠᠭᠤᠨ ᠪᠦᠯᠢᠶᠡᠨ ᠢᠳᠡᠭᠡᠨ ᠢᠳᠡᠭᠦᠯᠦᠨ᠎ᠡ
ᠡᠪᠦᠯ᠂ ᠬᠡᠦᠬᠡᠳ᠎ᠲᠤ᠎ᠪᠠᠨ ᠬᠠᠯᠠᠭᠤᠨ ᠪᠦᠯᠢᠶᠡᠨ ᠢᠳᠡᠭᠡᠨ ᠢᠯᠡᠭᠦᠦ ᠢᠳᠡᠭᠦᠯᠵᠦ᠂ ᠪᠡᠶ᠎ᠡ ᠵᠢᠨ ᠢᠯᠴᠢ ᠵᠢ ᠨᠡᠮᠡᠭᠳᠡᠭᠦᠯᠦᠨ᠎ᠡ᠃ ᠬᠡᠦᠬᠡᠳ᠎ᠲᠤ᠎ᠪᠠᠨ ᠬᠠᠯᠠᠭᠤᠨ ᠱᠥᠯᠥ᠂ ᠰᠢᠩᠭᠡᠨ ᠪᠤᠳᠠᠭ᠎ᠠ᠂ ᠬᠠᠯᠠᠭᠤᠨ ᠮᠢᠶᠠᠨᠲ᠋ᠢᠶᠣᠤᠷ ᠵᠡᠷᠭᠡ ᠵᠢ ᠪᠡᠯᠡᠳᠬᠡᠵᠦ ᠥᠭᠭᠦᠨ᠎ᠡ᠃
6. ᠵᠣᠬᠢᠰᠲᠠᠢ ᠬᠥᠳᠡᠯᠭᠡᠭᠡᠨ ᠬᠢᠯᠭᠡᠨ᠎ᠡ
ᠵᠣᠬᠢᠰᠲᠠᠢ ᠬᠥᠳᠡᠯᠭᠡᠭᠡᠨ ᠪᠣᠯ ᠬᠡᠦᠬᠡᠳ᠎ᠤᠨ ᠪᠡᠶ᠎ᠡ ᠵᠢᠨ ᠳᠤᠯᠠᠭ᠋ᠠᠨ᠎ᠢ ᠪᠠᠲᠤᠯᠠᠳᠠᠭ᠃ ᠠᠮᠠᠷᠠᠬᠤ ᠦᠶ᠎ᠡ᠎ᠳᠤ᠂ ᠬᠡᠦᠬᠡᠳ ᠵᠶ᠋ᠠᠨ ᠳᠠᠭ᠋ᠠᠭᠤᠯᠤᠨ ᠭᠠᠳᠠᠨ᠎ᠠ ᠭᠠᠷᠴᠤ᠂ ᠵᠠᠷᠢᠮ ᠳᠥᠭᠦᠮ ᠬᠥᠳᠡᠯᠭᠡᠭᠡᠨ ᠬᠢᠯᠭᠡᠨ᠎ᠡ᠂ ᠵᠢᠱ᠌ᠢᠶᠡᠯᠡᠪᠡᠯ᠂ ᠭᠦᠶᠦᠬᠦ᠂ ᠳᠡᠭᠡᠰᠦ ᠦᠰᠦᠷᠬᠦ᠂ ᠲᠡᠪᠡᠭ ᠢᠰᠬᠦᠯᠬᠦ ᠮᠡᠲᠦ᠃
7. ᠭᠡᠷ᠎ᠤᠨ ᠳᠤᠯᠠᠭ᠋ᠠᠨ᠎ᠢ ᠠᠩᠬᠠᠷᠤᠨ᠎ᠠ
ᠥᠷᠥᠭᠡᠨ᠎ᠳᠤ ᠪᠠᠶ᠋ᠢᠬᠤ ᠦᠶ᠎ᠡ᠎ᠳᠤ᠂ ᠥᠷᠥᠭᠡᠨ᠎ᠤ ᠳᠤᠯᠠᠭ᠋ᠠᠨ᠎ᠢ ᠪᠠᠲᠤᠯᠠᠨ᠎ᠠ᠃ ᠳᠤᠯᠠᠭ᠋ᠠᠮᠵᠢ᠂ ᠠᠭ᠋ᠠᠷ ᠲᠣᠬᠢᠷᠠᠭᠤᠯᠤᠭᠴᠢ ᠵᠡᠷᠭᠡ ᠲᠥᠬᠥᠭᠡᠷᠦᠮᠵᠢ ᠵᠢ ᠬᠡᠷᠡᠭᠯᠡᠵᠦ ᠪᠣᠯᠬᠤ ᠪᠥᠭᠡᠳ ᠪᠠᠰᠠ ᠬᠡᠦᠬᠡᠳ᠎ᠲᠤ ᠬᠠᠯᠠᠭᠤᠨ ᠤᠰᠤᠨ᠎ᠤ ᠤᠭᠤᠲᠠ ᠠᠪᠴᠤ ᠥᠭᠴᠦ ᠪᠣᠯᠤᠨ᠎ᠠ᠃
8. ᠭᠡᠷ᠎ᠲᠤ᠎ᠪᠠᠨ ᠰᠠᠯᠬᠢ ᠨᠡᠪᠲᠡᠷᠡᠭᠦᠯᠬᠦ ᠵᠢ ᠠᠩᠬᠠᠷᠤᠨ᠎ᠠ
ᠭᠡᠷ᠎ᠤᠨ ᠳᠤᠯᠠᠭ᠋ᠠᠨ᠎ᠢ ᠪᠠᠲᠤᠯᠠᠬᠤ ᠵᠢᠨ ᠬᠠᠮᠲᠤ ᠰᠠᠯᠬᠢ ᠨᠡᠪᠲᠡᠷᠡᠭᠦᠯᠬᠦ ᠵᠢ ᠠᠩᠬᠠᠷᠤᠨ᠎ᠠ᠃ ᠡᠳᠦᠷ ᠪᠣᠯᠭ᠋ᠠᠨ ᠴᠣᠩᠬᠣ᠎ᠪᠠᠨ ᠨᠡᠭᠡᠭᠡᠵᠦ ᠰᠠᠯᠬᠢ ᠨᠡᠪᠲᠡᠷᠡᠭᠦᠯᠦᠨ᠎ᠡ᠃
9. ᠡᠷᠲᠡ ᠤᠨᠲᠠᠭᠤᠯᠵᠤ ᠡᠷᠲᠡ ᠪᠣᠰᠬᠠᠨ᠎ᠠ
ᠡᠪᠦᠯ ᠬᠡᠦᠬᠡᠳ᠎ᠢ ᠡᠷᠲᠡ ᠤᠨᠲᠠᠭᠤᠯᠵᠤ᠂ ᠭᠦᠢ᠍ᠴᠡᠳ ᠰᠠᠶ᠋ᠢᠨ ᠤᠨᠲᠠᠭᠤᠯᠬᠤ ᠬᠡᠷᠡᠭᠲᠡᠢ᠃ ᠭᠦᠢ᠍ᠴᠡᠳ ᠤᠨᠲᠠᠬᠤ᠎ᠨᠢ ᠬᠡᠦᠬᠡᠳ᠎ᠤᠨ ᠪᠡᠶ᠎ᠡ ᠵᠢᠨ ᠡᠭᠡᠯᠢᠯᠡᠬᠦ ᠴᠢᠳᠠᠯ᠎ᠢ ᠰᠠᠶ᠋ᠢᠵᠢᠷᠠᠭᠤᠯᠵᠤ᠂ ᠲᠡᠳᠡᠨ᠎ᠢ ᠬᠦᠢ᠍ᠲᠡᠨ᠎ᠳᠤ ᠳᠡᠰᠪᠦᠷᠢᠲᠡᠢ ᠪᠣᠯᠭ᠋ᠠᠨ᠎ᠠ᠃
10. ᠬᠤᠪᠢ ᠬᠥᠮᠦᠨ᠎ᠤ ᠡᠷᠡᠭᠦᠯ ᠬᠠᠮᠠᠭ᠋ᠠᠯᠠᠯ᠎ᠢ ᠠᠩᠬᠠᠷᠤᠨ᠎ᠠ
ᠬᠡᠦᠬᠡᠳ ᠠᠷᠢᠭᠤᠨ ᠴᠡᠪᠡᠷ᠎ᠢ ᠠᠩᠬᠠᠷᠴᠤ᠂ ᠭᠠᠷ ᠵᠶ᠋ᠠᠨ ᠦᠷᠭᠦᠯᠵᠢ ᠤᠬᠢᠶᠠᠨ᠂ ᠬᠤᠪᠴᠠᠰᠤ ᠬᠤᠨᠠᠷ ᠵᠶ᠋ᠠᠨ ᠦᠷᠭᠦᠯᠵᠢ ᠰᠣᠯᠢᠨ᠎ᠠ᠃ ᠢᠩᠭᠢᠪᠡᠯ ᠡᠪᠡᠳᠴᠢᠨ ᠬᠠᠯᠳᠠᠪᠤᠷᠢᠯᠠᠬᠤ ᠵᠢ ᠰᠡᠷᠭᠡᠶ᠋ᠢᠯᠡᠵᠦ᠂ ᠬᠡᠦᠬᠡᠳ᠎ᠢ ᠡᠷᠡᠭᠦᠯ ᠰᠠᠷᠠᠭᠤᠯ ᠪᠠᠢ᠌ᠯᠭ᠋ᠠᠵᠤ ᠴᠢᠳᠠᠨ᠎ᠠ᠃