◆ ᠣᠯᠠᠭ᠋ᠠᠨᠬᠠᠳᠠ ᠬᠣᠳᠠ ᠵᠢᠨ ᠪᠠᠭ᠋ᠠᠷᠢᠨ ᠪᠠᠷᠠᠭᠣᠨ ᠬᠣᠰᠢᠭᠣᠨ᠎ᠤ
ᠳ᠋ᠠᠪᠠᠨ ᠮᠣᠨᠭ᠌ᠭᠣᠯ ᠲᠣᠮᠳᠠᠳᠣ ᠰᠣᠷᠭ᠋ᠠᠭᠣᠯᠢ ᠣᠷᠢᠬᠠᠨ
ᠦᠨᠭᠭᠡᠷᠡᠭᠰᠡᠨ᠎ᠳᠤ ᠥᠪᠥᠷ ᠮᠣᠨᠭ᠌ᠭᠣᠯ᠎ᠤᠨ ᠦᠷᠭᠡᠨ ᠠᠭᠣᠳᠠᠮ ᠲᠠᠯ᠎ᠠ ᠨᠣᠳᠣᠭ ᠲᠡᠭᠡᠷ᠎ᠡ ᠬᠥᠮᠥᠰ ᠬᠥᠯ ᠪᠦᠮᠪᠦᠭᠡ ᠵᠢ ᠲᠣᠷᠠᠳᠬᠣ᠎ᠪᠠᠨ ᠪᠠᠢ᠍ᠢ᠍ᠵᠣ᠂ ᠬᠥᠯ ᠪᠦᠮᠪᠦᠭᠡ ᠢᠰᠬᠥᠯᠬᠥ ᠬᠡᠥᠭᠡᠳ᠎ᠤᠳ ᠴᠦ᠍ ᠣᠯᠠᠮ᠎ᠠᠴᠠ ᠣᠯᠠᠮ ᠴᠦᠭᠡᠷᠡᠵᠥ᠂ ᠡ᠊ᠨᠡ ᠬᠥ᠌ ᠬᠥᠳᠡᠯᠭᠡᠭᠡᠨ᠎ᠨᠢ ᠪᠠᠷᠣᠭ ᠨᠣᠢ᠍ᠢ᠍ᠷᠰᠣᠭᠰᠠᠨ ᠪᠠᠢ᠍ᠢ᠍ᠳᠠᠯ᠎ᠳᠤ ᠣᠷᠣᠵᠠᠢ᠂ ᠣᠯᠣᠰ᠎ᠤᠨ ᠲᠥᠷᠥ ᠵᠢᠨ ᠪᠣᠳᠣᠯᠭ᠎ᠠ ᠡ᠊ᠨᠡ ᠬᠥ᠌ ᠨᠠᠮ ᠵᠢᠮ ᠲᠠᠭᠣᠳᠠᠨ ᠰᠡᠷᠢᠭᠡᠭᠰᠡᠨ᠎ᠠᠴᠠ ᠬᠥᠯ ᠪᠦᠮᠪᠦᠭᠡ᠎ᠨᠢ ᠰᠣᠷᠭ᠋ᠠᠭᠣᠯᠢ ᠵᠢᠨ ᠬᠥᠷᠢᠶᠡᠨ᠎ᠳᠤ ᠳᠠᠷᠬᠠᠨ ᠲᠡᠯᠭᠡᠷᠡᠭᠰᠡᠨ ᠴᠢᠬᠣᠯᠠ ᠨᠢᠭᠡᠨ ᠬᠥᠳᠡᠯᠭᠡᠭᠡᠨ ᠪᠣᠯᠣᠭᠰᠠᠨ ᠪᠠᠢ᠍ᠢ᠍ᠨ᠎ᠠ᠃
ᠪᠢ ᠪᠣᠯ ᠣᠷᠢᠬᠠᠨ᠂ ᠭᠤᠴᠢ ᠭᠠᠷᠴᠤ ᠪᠠᠢ᠌ᠨ᠎ᠠ᠂ ᠮᠣᠨᠭ᠌ᠭᠣᠯ ᠲᠣᠮᠳᠠᠳᠣ ᠰᠣᠷᠭ᠋ᠠᠭᠣᠯᠢ ᠵᠢᠨ ᠲᠠᠮᠢᠷ᠎ᠤᠨ ᠪᠠᠭᠰᠢ᠃ ᠪᠢ ᠬᠠᠷᠠᠬᠠᠨ ᠪᠠᠭ᠎ᠠ᠎ᠠᠴᠠ᠎ᠪᠠᠨ ᠬᠥᠯ ᠪᠦᠮᠪᠦᠭᠡᠨᠤ ᠬᠥᠳᠡᠯᠭᠡᠭᠡᠨ᠎ᠳᠤ ᠬᠠᠯᠠᠮᠰᠢᠵᠣ᠂ ᠪᠠᠰᠠ ᠬᠥᠯ ᠪᠦᠮᠪᠦᠭᠡᠨ᠎ᠳᠤ ᠪᠠᠬᠠᠳᠠᠢ ᠪᠠᠭ᠋ᠠᠴᠣᠳ᠎ᠠᠴᠠ ᠪᠥᠷᠢᠯᠳᠥᠭᠰᠡᠨ 《ᠥᠨᠢᠳᠡ》 ᠬᠥᠯ ᠪᠦᠮᠪᠦᠭᠡ ᠵᠢᠨ ᠠᠨᠭ᠌ᠭᠢ ᠵᠢ ᠵᠣᠬᠢᠶᠠᠨ ᠪᠠᠢ᠍ᠢ᠍ᠭᠣᠯᠵᠣ᠂ ᠣᠯᠠᠨ ᠣᠳᠠᠭ᠎ᠠ ᠬᠣᠳᠠ᠎ᠠᠴᠠ ᠠ᠋ᠷᠬᠢᠯᠡᠨ ᠶᠠᠪᠣᠭᠳᠠᠭᠣᠯᠣᠭᠰᠠᠨ ᠪᠠᠭ᠋ᠠᠴᠣᠳ᠎ᠤᠨ ᠬᠥᠯ ᠪᠦᠮᠪᠦᠭᠡ ᠵᠢᠨ ᠣᠷᠣᠯᠳᠣᠭ᠋ᠠᠨ᠎ᠳᠤ ᠣᠷᠣᠯᠴᠠᠵᠣ᠂ ᠰᠢᠯᠢᠳᠡᠭ ᠬᠢᠷᠢ ᠪᠥᠳᠥᠮᠵᠢ ᠬᠥᠷᠳᠡᠨ ᠱᠠᠨᠭ᠌ᠨᠠᠯ ᠬᠥᠬᠢᠬᠥᠯᠥᠯ ᠣᠯᠣᠭᠰᠠᠨ ᠪᠠᠢ᠍ᠢ᠍ᠨ᠎ᠠ᠃ ᠠᠨᠭ᠌ᠬ᠎ᠠ ᠲᠣᠮᠳᠠᠳᠣ᠎ᠪᠠᠨ ᠲᠡᠬᠥᠰᠥᠭᠰᠡᠨᠤ ᠲᠠᠷᠠᠭ᠎ᠠ ᠬᠥᠯ ᠪᠦᠮᠪᠦᠭᠡ ᠵᠢᠨ ᠬᠥᠰᠡᠯ ᠡᠪᠦᠷᠯᠡᠭᠰᠡᠨ ᠪᠢ ᠭᠠᠭᠴᠠᠭ᠋ᠠᠷ ᠪᠡᠭᠡᠵᠢᠩ ᠵᠢᠨ ᠺᠣᠸᠠᠨ ᠯᠢ ᠬᠥᠯ ᠪᠦᠮᠪᠦᠭᠡ ᠵᠢᠨ ᠺᠯᠥᠢ᠍ᠪᠲᠤ ᠢᠷᠡᠵᠥ ᠬᠥᠯ ᠪᠦᠮᠪᠦᠭᠡ ᠵᠢᠨ ᠲᠣᠰᠬᠠᠢ ᠮᠡᠷᠭᠡᠵᠢᠯ᠎ᠤᠨ ᠪᠣᠯᠪᠠᠰᠣᠷᠠᠯ ᠬᠥᠷᠳᠡᠭᠰᠡᠨ ᠪᠠᠢ᠍ᠢ᠍ᠨ᠎ᠠ᠃ ᠡ᠊ᠩ᠎ᠤᠨ ᠴᠠᠭ᠎ᠲᠤ ᠰᠢᠷᠭ᠋ᠠᠭᠣ ᠬᠠᠳᠠᠭᠣᠵᠢᠯᠳᠠᠢ ᠪᠣᠯᠪᠠᠰᠣᠷᠠᠭᠰᠠᠨ᠎ᠠᠴᠠ ᠮᠢᠨᠥ ᠥᠨᠳᠥᠰᠥᠨ ᠮᠡᠷᠭᠡᠵᠢᠯ ᠣᠬᠣᠷᠬᠠᠨ ᠬᠣᠭᠣᠴᠠᠭ᠋ᠠᠨ᠎ᠳᠤ ᠲᠡᠭᠡᠭᠰᠢᠯᠡᠭᠰᠡᠨ ᠮᠥᠷᠳᠡᠭᠡᠨ ᠲᠠᠰᠬᠠᠯᠵᠢᠭᠣᠯᠣᠭᠴᠢ ᠵᠢᠨ ᠪᠠᠬᠠᠷᠬᠠᠯ᠎ᠢ ᠣᠯᠵᠣ᠂ ᠺᠣᠸᠠᠨ ᠯᠢ ᠬᠥᠯ ᠪᠦᠮᠪᠦᠭᠡ ᠵᠢᠨ ᠺᠯᠥᠢ᠍ᠪᠤᠨ ᠨᠢᠭᠡᠳᠦᠭᠡᠷ ᠱᠣᠭᠣᠮ᠎ᠤᠨ ᠬᠥᠯ ᠪᠦᠮᠪᠦᠭᠡ ᠵᠢᠨ ᠲᠣᠭᠣᠢ᠍ᠢ᠍ᠯᠠᠩᠳᠤ ᠲᠠᠨᠢᠯᠴᠠᠭᠣᠯᠣᠭᠳᠠᠪᠠ᠃ ᠭᠡᠳᠡᠯ᠎ᠡ ᠮᠢᠨᠤ ᠬᠥᠯ ᠪᠦᠮᠪᠦᠭᠡ ᠵᠢᠨ ᠵᠠᠮᠨᠡᠯ᠎ᠨᠢ ᠴᠢᠷᠮᠠᠢ᠍ᠢ᠍ᠭᠰᠠᠨ ᠴᠢᠷᠮᠠᠢ᠍ᠢ᠍ᠯᠳᠠᠲᠠᠢ ᠲᠡᠨᠭᠴᠡᠬᠥᠥ ᠪᠣᠰᠣ ᠪᠠᠢ᠍ᠢ᠍ᠵᠣ᠂ ᠭᠣᠷᠪᠠᠨ ᠵᠢᠯ᠎ᠤᠨ ᠲᠠᠷᠠᠭ᠎ᠠ᠂ ᠡᠯ᠎ᠡ ᠵᠥᠢ᠍ᠯ᠎ᠤᠨ ᠭᠠᠳᠠᠭ᠋ᠠᠳᠣ ᠰᠢᠯᠳᠠᠭ᠋ᠠᠨ᠎ᠠᠴᠠ ᠪᠣᠯᠵᠣ᠂ ᠪᠢ ᠨᠣᠳᠣᠭ᠎ᠲᠤ᠎ᠪᠠᠨ ᠬᠠᠷᠢᠵᠣ ᠪᠢᠴᠢᠭ ᠵᠢᠭ᠋ᠠᠬᠣ᠎ᠪᠠᠷ ᠪᠣᠯᠵᠣ᠂ ᠪᠠᠭ᠎ᠠ᠎ᠠᠴᠠ ᠪᠠᠷᠢᠮᠳᠠᠯᠠᠭᠰᠠᠨ ᠬᠥᠯ ᠪᠦᠮᠪᠦᠭᠡ ᠵᠢᠨ ᠬᠥᠰᠡᠯ ᠮᠢᠨᠢ ᠡ᠊ᠨᠳᠡ ᠬᠥᠷᠥᠭᠡᠳ ᠨᠢᠭᠡ ᠬᠡᠰᠡᠭ ᠥᠨᠳᠥᠷᠯᠡᠬᠥ ᠪᠣᠯᠣᠭᠰᠠᠨ ᠪᠠᠢ᠍ᠢ᠍ᠨ᠎ᠠ᠃
《ᠴᠢᠷᠮᠠᠢ᠍ᠢ᠍ᠯᠭ᠎ᠠ ᠬᠥᠮᠥᠨ᠎ᠢ ᠭᠣᠮᠣᠳᠠᠭ᠋ᠠᠳᠠᠭ ᠥᠭᠡᠢ》 ᠭᠡᠳᠡᠭ ᠵᠶ᠋ᠠᠷ 2014 ᠣᠨ᠎ᠳᠤ ᠥᠪᠥᠷ ᠮᠣᠨᠭ᠌ᠭᠣᠯ᠎ᠤᠨ ᠥᠪᠡᠷᠳᠡᠭᠡᠨ ᠵᠠᠰᠠᠬᠣ ᠣᠷᠣᠨ᠎ᠨᠢ ᠰᠣᠷᠭ᠋ᠠᠭᠣᠯᠢ ᠵᠢᠨ ᠬᠥᠯ ᠪᠦᠮᠪᠦᠭᠡ ᠪᠡ ᠨᠡᠢ᠍ᠢ᠍ᠭᠡᠮ᠎ᠤᠨ ᠬᠥᠯ ᠪᠦᠮᠪᠦᠭᠡ ᠵᠢ ᠶᠡᠬᠡ᠎ᠪᠠᠷ ᠲᠡᠯᠭᠡᠷᠡᠬᠥᠯᠬᠥ ᠪᠥᠬᠥ ᠣᠯᠣᠰ᠎ᠤᠨ ᠬᠥᠯ ᠪᠦᠮᠪᠦᠭᠡ ᠵᠢᠨ ᠥᠭᠡᠷᠡᠴᠢᠯᠡᠨ ᠬᠥᠭᠵᠢᠬᠥᠯᠬᠥ ᠠᠨᠭ᠌ᠬᠠᠳᠠᠭᠴᠢ ᠲᠣᠷᠰᠢᠯᠳᠠ ᠵᠢᠨ ᠣᠷᠣᠨ ᠵᠶ᠋ᠠᠷ ᠲᠣᠭᠳᠠᠭ᠋ᠠᠭᠳᠠᠪᠠ᠃ ᠡ᠊ᠨᠡ ᠬᠥ᠌ ᠣᠯᠣᠰ᠎ᠤᠨ ᠲᠥᠷᠥ ᠵᠢᠨ ᠪᠣᠳᠣᠯᠭ᠎ᠠ᠎ᠨᠢ ᠮᠢᠨᠥ ᠰᠡᠳᠬᠢᠯ᠎ᠤᠨ ᠵᠣᠯᠠ ᠵᠢ ᠲᠠᠬᠢᠨᠳᠠ ᠠᠰᠠᠭ᠋ᠠᠭᠰᠠᠨ ᠪᠠᠢ᠍ᠢ᠍ᠨ᠎ᠠ᠃ 2009 ᠣᠨ᠎ᠳᠤ ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡ᠎ᠨᠢ ᠨᠡᠢ᠍ᠢ᠍ᠭᠡᠮ᠎ᠳᠤ ᠠᠨᠭ᠌ᠬᠠᠷᠣᠭᠳᠠᠬᠣᠠᠴᠠ ᠠ᠋ᠮᠥᠨ᠎ᠡ ᠪᠢ ᠮᠣᠨᠭ᠌ᠭᠣᠯ ᠲᠣᠮᠳᠠᠳᠣ ᠰᠣᠷᠭ᠋ᠠᠭᠣᠯᠢ᠎ᠠᠴᠠ ᠨᠢᠭᠡ ᠪᠥᠯᠥᠭ ᠬᠥᠯ ᠪᠦᠮᠪᠦᠭᠡᠨ᠎ᠳᠤ ᠪᠠᠬᠠᠳᠠᠢ ᠰᠣᠷᠣᠭᠴᠢᠳ᠎ᠢ ᠰᠣᠨᠭ᠌ᠭᠣᠵᠣ᠂ ᠬᠥᠯ ᠪᠦᠮᠪᠦᠭᠡ ᠵᠢ ᠠᠨᠭ᠌ᠭᠢ ᠵᠣᠬᠢᠶᠠᠨ ᠪᠠᠢ᠍ᠢ᠍ᠭᠣᠯᠵᠣ᠂ ᠥᠷᠯᠥᠭᠡ ᠪᠣᠶᠣ ᠬᠢᠴᠢᠶᠡᠯ᠎ᠤᠨ ᠵᠠᠪᠰᠠᠷᠯᠠᠭᠠᠤᠨ ᠴᠠᠭ᠎ᠢ ᠠᠰᠢᠭᠯᠠᠨ ᠲᠡᠳᠡᠨ᠎ᠳᠤ ᠥᠨᠳᠥᠰᠥᠨ ᠮᠡᠷᠭᠡᠵᠢᠯ ᠵᠢᠭ᠋ᠠᠨ ᠦᠭᠴᠦ ᠪᠣᠯᠪᠠᠰᠣᠷᠠᠭᠣᠯᠳᠠᠭ᠃ ᠬᠡᠳᠥᠢ᠍ᠢ᠍ᠪᠡᠷ ᠲᠣᠷ᠎ᠠ ᠪᠠᠬᠠᠲᠠᠢ᠎ᠠᠴᠠ ᠪᠣᠯᠵᠣ ᠶᠠᠮᠠᠷ ᠴᠣ᠌ ᠵᠣᠷᠢᠯᠭ᠎ᠠ᠂ ᠥᠷᠢᠰᠥᠯᠳᠥᠭᠡᠨ ᠥᠭᠡᠢ᠎ᠪᠠᠷ ᠪᠣᠯᠪᠠᠰᠣᠷᠠᠯ ᠬᠢᠳᠡᠭ ᠪᠣᠯᠪᠠᠴᠣ ᠥᠨᠭᠭᠡᠷᠡᠭᠰᠡᠨ᠎ᠳᠤ ᠮᠢᠨᠥ ᠪᠦᠮᠪᠦᠭᠡ ᠵᠢᠨ ᠲᠣᠭᠣᠢ᠍ᠢ᠍ᠯᠠᠩᠠᠴᠠ ᠶᠡᠬᠡ ᠰᠣᠷᠭ᠋ᠠᠭᠣᠯᠢ᠎ᠳᠤ ᠰᠢᠯᠭ᠋ᠠᠨ ᠣᠷᠣᠭᠰᠠᠨ ᠰᠣᠷᠣᠭᠴᠢᠳ ᠪᠦᠷ ᠶᠡᠬᠡ ᠰᠣᠷᠭ᠋ᠠᠭᠣᠯᠢ ᠵᠢᠨ ᠬᠣᠯᠪᠣᠭ᠋ᠠᠳᠣ ᠣᠷᠣᠯᠳᠣᠭ᠋ᠠᠨ᠎ᠳᠤ ᠣᠷᠣᠯᠴᠠᠵᠣ ᠰᠢᠯᠢᠳᠡᠭ ᠬᠢᠷᠢ ᠪᠥᠳᠥᠮᠵᠢ ᠣᠯᠣᠭᠰᠠᠨ ᠪᠠᠢ᠍ᠢ᠍ᠨ᠎ᠠ᠃ ᠣᠳᠠᠭ᠎ᠠ ᠪᠥᠷᠢ ᠠ᠋ᠢ᠍ᠢ᠍ᠮᠥᠷᠬᠥᠥ ᠴᠢᠮᠡᠭᠡ ᠵᠢ ᠰᠣᠨᠣᠰᠬᠣ᠎ᠳᠤ ᠰᠡᠳᠬᠢᠯ᠎ᠳᠤ ᠶᠡᠬᠡ ᠲᠠᠭ᠋ᠠᠯᠠᠮᠵᠢᠳᠠᠢ ᠪᠠᠢ᠍ᠢ᠍ᠳᠠᠭ᠃
2015 ᠣᠨ᠎ᠤ ᠨᠠᠮᠣᠷ᠂ ᠪᠢ ᠰᠣᠷᠣᠭᠴᠢ ᠵᠢᠨ ᠬᠥᠯ ᠪᠦᠮᠪᠦᠭᠡ ᠵᠢᠨ ᠲᠣᠭᠣᠢ᠍ᠢ᠍ᠯᠠᠩᠢ ᠲᠠᠭ᠋ᠠᠭᠣᠯᠵᠣ᠂ ᠠᠨᠭ᠌ᠬ᠎ᠠ ᠣᠳᠠᠭ᠎ᠠ ᠬᠣᠳᠠ ᠵᠢᠨ ᠰᠣᠷᠭ᠋ᠠᠨ ᠬᠥᠮᠥᠵᠢᠯ᠎ᠤᠨ ᠲᠣᠪᠴᠢᠶᠠᠨ᠎ᠠᠴᠠ ᠠ᠋ᠷᠬᠢᠯᠡᠨ ᠶᠠᠪᠣᠭᠳᠠᠭᠣᠯᠣᠭᠰᠠᠨ ᠠᠨᠭ᠌ᠬᠠᠳᠠᠭᠴᠢ ᠬᠣᠭᠣᠴᠠᠭ᠋ᠠᠨ᠎ᠤ 《ᠬᠣᠳᠠ ᠵᠢᠨ ᠲᠠᠷᠣᠭ᠎ᠠ ᠬᠣᠨᠳᠠᠭ᠋ᠠᠳᠣ》 ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡ ᠵᠢᠨ ᠬᠣᠯᠪᠣᠭ᠋ᠠᠳᠣ ᠣᠷᠣᠯᠳᠣᠭ᠋ᠠᠨ (ᠠᠨᠭ᠌ᠬ᠎ᠠ ᠲᠣᠮᠳᠠᠳᠣ ᠵᠢᠨ ᠲᠣᠭᠣᠢ᠍ᠢ᠍ᠯᠠᠩ)᠎ᠳᠤ ᠣᠷᠣᠯᠴᠠᠵᠣ᠂ ᠠ᠋ᠷᠡᠭᠳᠡᠢ ᠵᠢᠨ ᠲᠠᠪᠣᠳᠣᠭ᠋ᠠᠷ᠂ ᠠ᠋ᠮᠡᠭᠳᠡᠢ ᠵᠢᠨ ᠲᠡᠷᠢᠬᠥᠨ᠎ᠳᠤ ᠣᠷᠤᠭᠰᠠᠨ ᠰᠠᠢ᠍ᠢ᠍ᠨ ᠬᠢᠷᠢ ᠪᠥᠳᠥᠮᠵᠢ ᠣᠯᠣᠭᠰᠠᠨ ᠪᠠᠢ᠍ᠢ᠍ᠨ᠎ᠠ᠃ ᠠ᠋ᠬᠥᠨᠠᠴᠠ ᠠ᠋ᠬᠢᠯᠡᠨ᠂ ᠮᠣᠨᠭ᠌ᠭᠣᠯ ᠲᠣᠮᠳᠠᠳᠣ ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡ ᠵᠢᠨ ᠲᠣᠭᠣᠢ᠍ᠢ᠍ᠯᠠᠩᠨᠢ ᠡᠯ᠎ᠡ ᠵᠥᠢ᠍ᠯ᠎ᠤᠨ ᠣᠷᠣᠯᠳᠣᠭ᠋ᠠᠨ᠎ᠳᠤ ᠣᠷᠣᠯᠴᠠᠵᠣ᠂ ᠪᠢ ᠲᠠᠰᠬᠠᠯᠵᠢᠭᠣᠯᠣᠭᠴᠢ ᠪᠣᠯᠣᠭᠰᠠᠨ᠎ᠤ ᠬᠣᠪᠢ᠎ᠳᠤ ᠪᠠᠰᠠ ᠦᠪᠡᠷ᠎ᠢ᠎ᠪᠠᠨ ᠲᠠᠰᠤᠷᠤᠯᠲᠠ ᠦᠭᠡᠢ ᠲᠡᠭᠦᠯᠳᠡᠷᠵᠢᠭᠦᠯᠦᠨ ᠪᠣᠯᠪᠠᠰᠣᠷᠠᠯ᠎ᠳᠤ ᠣᠷᠣᠯᠴᠠᠵᠣ᠂ ᠪᠦᠮᠪᠦᠭᠡ ᠵᠢᠨ ᠠᠨᠭ᠌ᠭᠢ᠎ᠪᠠᠨ ᠲᠠᠭ᠋ᠠᠭᠣᠯᠣᠨ ᠬᠣᠰᠢᠭᠣ᠂ ᠬᠣᠳᠠ᠂ ᠣᠷᠣᠨ᠎ᠤ ᠠ᠋ᠷᠬᠢᠯᠡᠨ ᠶᠠᠪᠣᠭᠳᠠᠭᠣᠯᠣᠭᠰᠠᠨ ᠣᠯᠠᠨ ᠣᠷᠤᠯᠳᠤᠭ᠋ᠠᠨ᠎ᠳᠤ ᠣᠷᠤᠯᠴᠠᠭᠰᠠᠨ ᠪᠠ ᠴᠢᠨᠠᠭᠰᠢᠯᠠᠨ ᠲᠣᠮᠳᠠᠳᠣ᠂ ᠮᠣᠨᠭ᠌ᠭᠣᠯ᠂ ᠣᠷᠣᠰ ᠭᠣᠷᠪᠠᠨ ᠣᠯᠣᠰ᠎ᠤᠨ ᠵᠠᠯᠠᠭᠣᠴᠣᠳ ᠪᠠᠭ᠋ᠠᠴᠣᠳ᠎ᠤᠨ ᠬᠥᠯ ᠪᠦᠮᠪᠦᠭᠡ ᠵᠢᠨ ᠣᠷᠣᠯᠳᠣᠭ᠋ᠠᠨ᠎ᠳᠤ ᠴᠤ᠌ ᠣᠷᠣᠯᠴᠠᠭᠰᠠᠨ ᠪᠠᠢ᠍ᠢ᠍ᠨ᠎ᠠ᠃ 2016 ᠣᠨ᠎ᠳᠤ ᠬᠣᠳᠠ ᠵᠢᠨ ᠰᠣᠷᠭ᠋ᠠᠨ ᠬᠥᠮᠥᠵᠢᠯ᠎ᠤᠨ ᠲᠣᠪᠴᠢᠶᠠᠨ᠎ᠠᠴᠠ ᠠ᠋ᠷᠬᠢᠯᠡᠨ ᠶᠠᠪᠣᠭᠳᠠᠭᠣᠯᠣᠭᠰᠠᠨ ᠬᠣᠶᠠᠳᠣᠭ᠋ᠠᠷ ᠬᠣᠭᠣᠴᠠᠭ᠋ᠠᠨ᠎ᠤ 《ᠬᠣᠳᠠ ᠵᠢᠨ ᠲᠠᠷᠣᠭ᠎ᠠ ᠬᠣᠨᠳᠠᠭ᠋ᠠᠳᠣ》 ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡ ᠵᠢᠨ ᠬᠣᠯᠪᠣᠭ᠋ᠠᠳᠣ ᠣᠷᠣᠯᠳᠣᠭ᠋ᠠᠨ (ᠠᠨᠭ᠌ᠬ᠎ᠠ ᠲᠣᠮᠳᠠᠳᠣ ᠵᠢᠨ ᠲᠣᠭᠣᠢ᠍ᠢ᠍ᠯᠠᠩ)᠎ᠳᠤ ᠣᠷᠣᠯᠴᠠᠵᠣ᠂ ᠠ᠋ᠷᠡᠭᠳᠡᠢ ᠵᠢᠨ ᠭᠣᠳᠠᠭ᠋ᠠᠷ᠂ ᠠ᠋ᠮᠡᠭᠳᠡᠢ ᠵᠢᠨ ᠲᠡᠷᠢᠬᠥᠨᠤ ᠰᠠᠢ᠍ᠢ᠍ᠨ ᠬᠢᠷᠢ ᠪᠥᠳᠥᠮᠵᠢ ᠣᠯᠵᠣ᠂ ᠠ᠋ᠷᠡᠭᠳᠡᠢ ᠠ᠋ᠮᠡᠭᠳᠡᠢ ᠬᠥᠯ ᠪᠦᠮᠪᠦᠭᠡ ᠵᠢᠨ ᠠᠨᠭ᠌ᠭᠢ᠎ᠨᠢ ᠣᠷᠣᠨ᠎ᠤ ᠠ᠋ᠷᠬᠢᠯᠡᠨ ᠶᠠᠪᠣᠭᠳᠠᠭᠣᠯᠣᠭᠰᠠᠨ 《ᠲᠡᠷᠢᠬᠥᠯᠡᠭᠴᠢ ᠬᠣᠨᠳᠠᠭ᠋ᠠᠳᠣ》 ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡ ᠵᠢᠨ ᠣᠷᠣᠯᠳᠣᠭ᠋ᠠᠨ᠎ᠳᠤ ᠣᠷᠣᠯᠴᠠᠵᠣ᠂ ᠠ᠋ᠮᠡᠭᠳᠡᠢ ᠵᠢᠨ ᠭᠣᠳᠠᠭ᠋ᠠᠷ ᠨᠡᠷ᠎ᠡ ᠵᠢᠨ ᠰᠢᠯᠢᠳᠡᠭ ᠬᠢᠷᠢ ᠪᠥᠳᠥᠮᠵᠢ ᠣᠯᠣᠭᠰᠠᠨ ᠪᠠᠢ᠍ᠢ᠍ᠨ᠎ᠠ᠃ 2017 ᠣᠨ᠎ᠳᠤ ᠭᠣᠷᠪᠠᠳᠣᠭ᠋ᠠᠷ ᠬᠣᠭᠣᠴᠠᠭ᠋ᠠᠨ᠎ᠤ 《ᠬᠣᠳᠠ ᠵᠢᠨ ᠲᠠᠷᠣᠭ᠎ᠠ ᠬᠣᠨᠳᠠᠭ᠋ᠠᠳᠣ》 ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡ ᠵᠢᠨ ᠬᠣᠯᠪᠣᠭ᠋ᠠᠳᠣ ᠣᠷᠣᠯᠳᠣᠭ᠋ᠠᠨ (ᠠᠨᠭ᠌ᠬ᠎ᠠ ᠲᠣᠮᠳᠠᠳᠣ ᠵᠢᠨ ᠲᠣᠭᠣᠢ᠍ᠢ᠍ᠯᠠᠩ)᠎ᠳᠤ ᠣᠷᠣᠯᠴᠠᠵᠣ᠂ ᠠ᠋ᠷᠡᠭᠳᠡᠢ ᠵᠢᠨ ᠲᠡᠷᠢᠬᠥᠨ᠂ ᠠ᠋ᠮᠡᠭᠳᠡᠢ ᠵᠢᠨ ᠲᠡᠳ᠋ ᠨᠡᠷᠡᠳᠤ ᠣᠷᠤᠭᠰᠠᠨ ᠰᠢᠯᠢᠳᠡᠭ ᠬᠢᠷᠢ ᠪᠥᠳᠥᠮᠵᠢ ᠣᠯᠵᠣ᠂ ᠵᠠᠯᠭ᠋ᠠᠭ᠋ᠠᠳ ᠣᠷᠣᠨ᠎ᠤ 《ᠲᠡᠷᠢᠬᠥᠯᠡᠭᠴᠢ ᠬᠣᠨᠳᠠᠭ᠋ᠠᠳᠣ》 ᠵᠠᠯᠠᠭᠣᠴᠣᠳ ᠪᠠᠭ᠋ᠠᠴᠣᠳ᠎ᠤᠨ ᠬᠥᠯ ᠪᠦᠮᠪᠦᠭᠡ ᠵᠢᠨ ᠣᠷᠣᠯᠳᠣᠭ᠋ᠠᠨ᠎ᠳᠤ ᠴᠤ᠌ ᠠ᠋ᠷᠡᠭᠳᠡᠢ᠂ ᠠ᠋ᠮᠡᠭᠳᠡᠢ ᠲᠣᠭᠣᠢ᠍ᠢ᠍ᠯᠠᠩ ᠴᠦᠮ ᠣᠷᠣᠯᠴᠠᠪᠠ᠃ ᠠ᠋ᠬᠥᠨᠠᠴᠠ ᠭᠠᠳᠠᠨ᠎ᠠ ᠪᠠᠰᠠ 2015 ᠣᠨ᠂ 2016 ᠣᠨ᠎ᠳᠤ ᠬᠣᠳᠠ ᠵᠢᠨ ᠪᠡᠶ᠎ᠡ ᠵᠢᠨ ᠲᠠᠮᠢᠷ᠎ᠤᠨ ᠲᠣᠪᠴᠢᠶᠠᠨ᠎ᠠᠴᠠ ᠠ᠋ᠷᠬᠢᠯᠡᠨ ᠶᠠᠪᠣᠭᠳᠠᠭᠣᠯᠣᠭᠰᠠᠨ U16 ᠵᠠᠯᠠᠭᠣᠴᠣᠳ ᠪᠠᠭ᠋ᠠᠴᠣᠳ᠎ᠤᠨ ᠬᠥᠯ ᠪᠦᠮᠪᠦᠭᠡ ᠵᠢᠨ ᠣᠷᠣᠯᠳᠣᠭ᠋ᠠᠨ᠎ᠳᠤ ᠣᠷᠣᠯᠴᠠᠵᠣ᠂ ᠠ᠋ᠷᠡᠭᠳᠡᠢ ᠠ᠋ᠮᠡᠭᠳᠡᠢ ᠵᠢᠨ ᠬᠣᠣᠰ ᠲᠡᠷᠢᠬᠥᠨᠤ ᠰᠠᠢ᠍ᠢ᠍ᠨ ᠬᠢᠷᠢ ᠪᠥᠳᠥᠮᠵᠢ ᠣᠯᠵᠠᠢ᠃ 2017 ᠣᠨ᠎ᠤ U14 ᠵᠠᠯᠠᠭᠣᠴᠣᠳ ᠪᠠᠭ᠋ᠠᠴᠣᠳ᠎ᠤᠨ ᠬᠥᠯ ᠪᠦᠮᠪᠦᠭᠡᠨ ᠣᠷᠣᠯᠳᠣᠭ᠋ᠠᠨ᠎ᠳᠤ ᠠ᠋ᠷᠡᠭᠳᠡᠢ ᠵᠢᠨ ᠭᠣᠳᠠᠭ᠋ᠠᠷ᠂ ᠠ᠋ᠮᠡᠭᠳᠡᠢ ᠵᠢᠨ ᠲᠡᠷᠢᠬᠥᠨᠤ ᠰᠠᠢ᠍ᠢ᠍ᠨ ᠬᠢᠷᠢ ᠪᠥᠳᠥᠮᠵᠢ ᠣᠯᠵᠠᠢ᠃ 2015 ᠣᠨ᠎ᠳᠤ ᠮᠠᠨᠵᠣᠣᠷ ᠬᠣᠳᠠ᠎ᠳᠤ ᠪᠣᠯᠣᠭᠰᠠᠨ ᠥᠪᠡᠷᠳᠡᠭᠡᠨ ᠵᠠᠰᠠᠬᠣ ᠣᠷᠣᠨ᠎ᠤ ᠵᠠᠯᠠᠭᠣᠴᠣᠳ ᠪᠠᠭ᠋ᠠᠴᠣᠳ᠎ᠤᠨ ᠠ᠋ᠮᠡᠭᠳᠡᠢ ᠵᠢᠨ ᠬᠥᠯ ᠪᠦᠮᠪᠦᠭᠡᠨᠤ ᠮᠠᠨᠭ᠍ᠯᠠᠢ ᠰᠢᠯᠭ᠋ᠠᠷᠠᠭᠣᠯᠬᠣ ᠣᠷᠣᠯᠳᠣᠭ᠋ᠠᠨ᠎ᠳᠤ ᠭᠣᠳᠠᠭ᠋ᠠᠷᠲᠤ ᠲᠣᠳᠣᠷᠠᠵᠣ᠂ 2017 ᠣᠨ᠎ᠳᠤ ᠠ᠋ᠷᠢᠶᠡᠨ ᠬᠣᠳᠠ᠎ᠠᠴᠠ ᠠ᠋ᠷᠬᠢᠯᠡᠨ ᠶᠠᠪᠣᠭᠳᠠᠭᠣᠯᠣᠭᠰᠠᠨ 《ᠠ᠋ᠷᠢᠶᠡᠨ — ᠵᠠᠮ᠎ᠤᠨ ᠠ᠋ᠬᠥᠳᠡ》 ᠬᠣᠨᠳᠠᠭ᠋ᠠᠳᠣ ᠣᠯᠠᠨ ᠣᠯᠣᠰ᠎ᠤᠨ ᠵᠠᠯᠠᠭᠣᠴᠣᠳ ᠪᠠᠭ᠋ᠠᠴᠤᠳ᠎ᠤᠨ ᠬᠥᠯ ᠪᠦᠮᠪᠦᠭᠡ ᠵᠢᠨ ᠣᠷᠢᠯᠭ᠎ᠠ ᠵᠢᠨ ᠣᠷᠣᠯᠳᠣᠭ᠋ᠠᠨ᠎ᠳᠤ ᠠ᠋ᠮᠡᠭᠳᠡᠢ ᠵᠢᠨ ᠲᠡᠳ᠋ ᠨᠡᠷᠡᠳᠤ ᠣᠷᠤᠭᠰᠠᠨ ᠰᠠᠢ᠍ᠢ᠍ᠨ ᠪᠥᠳᠥᠮᠵᠢ ᠣᠯᠵᠠᠢ᠃ 2016 ᠣᠨ᠎ᠳᠤ ᠬᠠᠢ᠍ᠢ᠍ᠨᠠᠨ᠎ᠤ ᠪᠣᠯᠪᠠᠰᠣᠷᠠᠯ᠎ᠤᠨ ᠰᠠᠭᠣᠷᠢᠨ ᠭᠠᠵᠠᠷ᠎ᠲᠤ ᠶᠠᠪᠣᠭᠳᠠᠭᠰᠠᠨ ᠥᠪᠥᠷ ᠮᠣᠨᠭ᠌ᠭᠣᠯ᠎ᠤᠨ ᠣᠯᠠᠨ ᠣᠯᠣᠰ᠎ᠤᠨ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡ ᠵᠢᠨ ᠡᠪᠦᠯ᠎ᠤᠨ ᠠᠮᠠᠷᠠᠯᠳᠠ ᠵᠢᠨ ᠭᠠᠵᠠᠷ᠎ᠤᠨ 《ᠮᠸᠩ ᠼᠣᠣ ᠬᠣᠨᠳᠠᠭ᠋ᠠᠳᠣ》 ᠣᠷᠣᠯᠳᠣᠭ᠋ᠠᠨ᠎ᠳᠤ ᠠ᠋ᠮᠡᠭᠳᠡᠢ ᠵᠢᠨ ᠲᠡᠷᠢᠬᠥᠨᠤ ᠰᠠᠢ᠍ᠢ᠍ᠨ ᠬᠢᠷᠢ ᠪᠥᠳᠥᠮᠵᠢ ᠵᠢ ᠣᠯᠵᠠᠢ᠃
ᠶᠠᠮᠠᠷ ᠴᠤ᠌ ᠰᠠᠭᠤᠷᠢ ᠪᠣᠯᠪᠠᠰᠤᠷᠠᠯ ᠦᠭᠡᠢ ᠨᠢᠭᠡ ᠪᠦᠮᠪᠦᠭᠡ ᠵᠢᠨ ᠠᠨᠭ᠌ᠭᠢ ᠵᠢᠨ ᠬᠡᠰᠢᠬᠥᠳᠤᠨ ᠣᠷᠣᠯᠳᠣᠭ᠋ᠠᠨ᠎ᠳᠤ ᠲᠡᠷᠢᠬᠥᠯᠡᠬᠥ ᠭᠡᠭᠴᠢ ᠬᠢᠯᠪᠠᠷ ᠪᠢᠰᠢ ᠪᠠᠢ᠍ᠢ᠍ᠳᠠᠭ᠃ ᠡ᠊ᠨᠡ ᠬᠡᠳᠦᠨ ᠵᠢᠯ᠎ᠳᠤ ᠪᠢ ᠦᠪᠡᠷ᠎ᠤᠨ ᠪᠡᠶ᠎ᠡ᠎ᠳᠤ᠎ᠪᠠᠨ ᠴᠢᠨᠭᠭ᠎ᠠ ᠱᠠᠭ᠋ᠠᠷᠳᠠᠯᠭ᠎ᠠ ᠲᠠᠯᠪᠢᠬᠣ᠎ᠪᠠᠨ ᠶᠡᠷᠦ᠎ᠠᠴᠠ ᠰᠣᠯᠠᠷᠠᠭᠣᠯᠣᠭᠰᠠᠨ ᠥᠭᠡᠢ᠂ ᠣᠳᠠᠭ᠎ᠠ ᠪᠣᠯᠭ᠋ᠠᠨ᠎ᠤ ᠪᠣᠯᠪᠠᠰᠣᠷᠠᠯ᠎ᠳᠤ ᠣᠷᠣᠯᠴᠠᠵᠣ ᠲᠠᠭᠣᠰᠣᠭᠰᠠᠨᠤ ᠲᠠᠷᠠᠭ᠎ᠠ ᠨᠠᠷᠢᠨ ᠬᠢᠨᠠᠮᠠᠭ᠋ᠠᠢ ᠳ᠋ᠦᠩᠨᠡᠯᠲᠡ ᠬᠢᠵᠣ᠂ ᠣᠯᠵᠣ ᠰᠣᠷᠣᠭᠰᠠᠨ ᠵᠥᠢ᠍ᠯ ᠵᠶ᠋ᠠᠨ ᠪᠣᠳᠠᠳᠠᠢ ᠪᠣᠯᠪᠠᠰᠣᠷᠠᠯ ᠲᠣᠮᠳᠠ ᠵᠠᠷᠣᠵᠣ᠂ ᠣᠨᠣᠯ ᠪᠣᠯᠣᠨ ᠥᠢ᠍ᠯᠡᠳᠥᠯᠭᠡ ᠵᠢ ᠦᠨᠡᠨ ᠬᠥ᠌ ᠣᠶᠠᠯᠳᠣᠭᠣᠯᠣᠨ᠂ ᠭᠡᠰᠢᠬᠥᠳᠤᠨ ᠵᠶ᠋ᠠᠨ ᠮᠡᠷᠭᠡᠵᠢᠯ᠎ᠢ ᠥᠳᠳᠡᠷ ᠲᠦᠷᠭᠡᠨ ᠳᠡᠭᠡᠭᠰᠢᠯᠡᠭᠦᠯᠬᠦ ᠵᠢ ᠵᠣᠷᠢᠵᠠᠢ᠃ 2017 ᠣᠨ᠎ᠤ ᠠ᠋ᠬᠢᠨ᠎ᠳᠤ ᠪᠢ ᠥᠪᠥᠷ ᠮᠣᠨᠭ᠌ᠭᠣᠯ᠎ᠤᠨ ᠥᠪᠡᠷᠳᠡᠭᠡᠨ ᠵᠠᠰᠠᠬᠣ ᠣᠷᠣᠨ᠎ᠤ ᠰᠣᠷᠭ᠋ᠠᠨ ᠬᠥᠮᠥᠵᠢᠯ᠎ᠤᠨ ᠲᠢᠨᠭᠭᠢᠮ᠎ᠤᠨ ᠵᠣᠬᠢᠶᠠᠨ ᠪᠠᠢ᠍ᠢ᠍ᠭᠣᠯᠣᠭᠰᠠᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡ ᠵᠢᠨ ᠲᠠᠰᠬᠠᠯᠵᠢᠭᠣᠯᠣᠭᠴᠢ ᠵᠢᠨ ᠠᠨᠭ᠌ᠭ᠍ᠯᠢ᠎ᠳᠤ ᠪᠣᠯᠤᠭᠰᠠᠨ ᠰᠣᠷᠭ᠋ᠠᠨ ᠬᠥᠮᠥᠵᠢᠯ ᠬᠥᠷᠳᠡᠬᠥ ᠪᠣᠯᠪᠠᠰᠣᠷᠠᠯ᠎ᠳᠤ ᠣᠷᠣᠯᠴᠠᠵᠣ᠂ ᠭᠠᠳᠠᠭ᠋ᠠᠳᠣ ᠵᠢᠨ ᠵᠠᠯᠠᠭᠣᠴᠣᠳ ᠪᠠᠭ᠋ᠠᠴᠣᠳ᠎ᠨᠢ ᠬᠡᠷᠬᠢᠨ ᠪᠦᠮᠪᠦᠭᠡ ᠢᠰᠬᠥᠯᠬᠥ᠂ ᠭᠠᠳᠠᠭ᠋ᠠᠳᠣ ᠵᠢᠨ ᠲᠠᠰᠬᠠᠯᠵᠢᠭᠣᠯᠣᠭᠴᠢ᠎ᠨᠢ ᠬᠡᠷᠬᠢᠨ ᠵᠢᠭ᠋ᠠᠨ ᠰᠣᠷᠭ᠋ᠠᠵᠣ ᠪᠠᠢ᠍ᠢ᠍ᠭ᠎ᠠ ᠵᠢ ᠥᠪᠡᠷ᠎ᠤᠨ ᠨᠢᠳᠦ᠎ᠪᠠᠷ ᠵᠶ᠋ᠠᠨ ᠦᠵᠡᠨ ᠰᠣᠷᠣᠯᠴᠠᠵᠣ᠂ ᠲᠥᠬᠥᠷᠡᠩ ᠣᠯᠣᠯᠳᠠ᠎ᠲᠠᠢ ᠬᠠᠷᠢᠵᠣ ᠢᠷᠡᠭᠰᠡᠨ ᠪᠠᠢ᠍ᠢ᠍ᠨ᠎ᠠ᠃
ᠪᠢ ᠵᠠᠰᠠᠭ᠎ᠤᠨ ᠣᠷᠳᠣᠨ ᠪᠣᠯᠣᠨ ᠬᠠᠮᠢᠶ᠎ᠠ ᠪᠥᠬᠥᠢ ᠪᠠᠢ᠍ᠢ᠍ᠭᠣᠯᠭᠠᠨᠢ ᠬᠥᠯ ᠪᠦᠮᠪᠦᠭᠡ ᠵᠢᠨ ᠠᠨᠭ᠌ᠭᠢ ᠵᠢᠨ ᠬᠡᠥᠭᠡᠳ᠎ᠤᠳ᠎ᠤᠨ ᠢᠷᠡᠭᠡᠳᠥᠢ ᠵᠢᠨ ᠰᠣᠷᠭ᠋ᠠᠭᠣᠯᠢ ᠲᠠᠪᠰᠢᠬᠣ ᠠᠰᠠᠭᠣᠳᠠᠯ ᠪᠣᠯᠣᠨ ᠬᠣᠵᠢᠮ᠎ᠤᠨ ᠬᠥᠭᠵᠢᠯᠳᠡ ᠵᠢᠨ ᠠᠰᠠᠭᠣᠳᠠᠯ᠎ᠢ ᠴᠢᠬᠣᠯᠠᠴᠢᠯᠠᠨ ᠦᠵᠡᠵᠦ ᠪᠠᠢ᠌ᠭ᠎ᠠ ᠡ᠊ᠨᠡ ᠬᠥ᠌ ᠠᠰᠠᠭᠤᠳᠠᠯ᠎ᠳᠤ ᠴᠢᠭᠯᠡᠬᠥᠯᠥᠨ᠂ ᠬᠠᠮᠢᠶ᠎ᠠ ᠪᠥᠬᠥᠢ ᠳᠦᠷᠢᠮ ᠲᠣᠭᠲᠠᠭ᠋ᠠᠯ ᠲᠣᠭᠳᠠᠭ᠋ᠠᠵᠣ᠂ ᠠ᠋ᠳᠡᠭᠡᠷ ᠬᠥᠯ ᠪᠦᠮᠪᠦᠭᠡᠨ᠎ᠳᠤ ᠠᠪᠢᠶᠠᠰ᠎ᠲᠠᠢ ᠬᠡᠥᠭᠡᠳᠤᠳᠲᠤ ᠲᠥᠳᠡ ᠵᠠᠮ ᠨᠡᠭᠡᠭᠡᠨ ᠦᠭᠬᠦ᠎ᠪᠠᠷ ᠴᠢᠷᠮᠠᠢ᠌ᠵᠠᠢ᠂ ᠬᠠᠮᠤᠭ᠎ᠤᠨ ᠰᠡᠭᠦᠯ᠎ᠳᠤ ᠲᠡᠳᠡᠨ᠎ᠤ ᠬᠥᠯ ᠪᠦᠮᠪᠦᠭᠡ ᠵᠢᠨ ᠵᠠᠮ ᠵᠶ᠋ᠠᠷ ᠣᠯᠠᠮ ᠬᠣᠯᠠ ᠶᠠᠪᠣᠬᠣ ᠵᠢ ᠵᠣᠷᠢᠬ᠍ᠵᠢᠭᠣᠯᠬᠣ ᠵᠢ ᠬᠥᠰᠡᠨ ᠵᠥᠨᠭᠨᠡᠶᠡ᠃