ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠵᠢᠭᠠᠨ ᠰᠣᠷᠭᠠᠯᠲᠠ᠎ᠶᠢᠨ ᠰᠣᠳᠣᠯᠣᠯ
ᠰᠣᠳᠤᠨ ᠪᠦᠲᠦᠭᠡᠯ᠎ᠤᠨ ᠤᠡᠭᠰᠢᠯᠭ᠎ᠠ᠎ᠪᠠᠷ ᠰᠤᠷᠤᠭᠴᠢᠳ᠎ᠤᠨ ᠨᠣᠮ ᠣᠡᠭᠰᠢᠬᠤ ᠤᠷᠮ᠎ᠠ ᠵᠢ ᠬᠥᠭᠵᠢᠭᠡᠬᠦ ᠲᠤᠬᠠᠢ
ᠨᠡᠶ᠋ᠢᠲᠡᠯᠡᠭᠰᠡᠨ ᠴᠠᠭ᠄ 2024-10-23

                   ᠸᠠᠡᠭ ᠲᠤᠶᠠᠭ᠎ᠠ


教学研究1.png


      《ᠰᠣᠳᠤᠨ ᠪᠦᠲᠦᠭᠡᠯ᠎ᠤᠨ ᠣᠡᠭᠰᠢᠯᠭ᠎ᠠ》᠎ᠨᠢ 2001 ᠣᠨ᠎ᠤ ᠪᠦᠬᠦᠯᠢ ᠠ᠋ᠳᠦᠷ᠎ᠤᠨ ᠳᠦᠷᠢᠮᠲᠦ ᠠᠯᠪᠠᠨ ᠵᠢᠷᠤᠮ᠎ᠤᠨ ᠰᠤᠷᠭ᠋ᠠᠨ ᠬᠥᠮᠦᠵᠢᠯ᠎ᠤᠨ 《ᠬᠡᠯᠡ ᠪᠢᠴᠢᠭ᠎ᠤᠨ ᠬᠢᠴᠢᠶᠡᠯ᠎ᠤᠨ ᠪᠠᠷᠢᠮᠵᠢᠶ᠎ᠠ》᠎ᠳᠤ ᠵᠢᠭ᠋ᠠᠨ ᠰᠤᠷᠭ᠋ᠠᠯᠲᠠ ᠵᠢᠨ ᠰᠠᠨᠠᠭᠤᠯᠭ᠎ᠠ ᠵᠢᠨ ᠬᠡᠯᠪᠡᠷᠢ᠎ᠪᠠᠷ ᠪᠢᠴᠢᠭᠳᠡᠵᠦ ᠣᠷᠤᠭᠰᠠᠨ ᠤᠴᠢᠷ᠎ᠠᠴᠠ ᠬᠢᠴᠢᠶᠡᠯᠯᠡᠭᠡ ᠵᠢᠨ ᠥᠭᠡᠷᠡᠴᠢᠯᠡᠯᠲᠡ ᠶᠠᠪᠤᠭᠳᠠᠭ᠋ᠠᠳ ᠬᠣᠷᠢᠨ ᠵᠢᠯ ᠦᠡᠭᠭᠡᠷᠡᠭᠰᠡᠨ ᠴᠦ᠍ ᠲᠡᠷᠡ᠎ᠨᠢ ᠳᠤᠮᠳᠠᠳᠦ ᠪᠠᠭ᠎ᠠ ᠰᠤᠷᠭ᠋ᠠᠭᠤᠯᠢ ᠵᠢᠨ ᠬᠡᠯᠡ ᠪᠢᠴᠢᠭ᠎ᠤᠨ ᠬᠢᠴᠢᠶᠡᠯ᠎ᠤᠨ ᠵᠢᠭ᠋ᠠᠨ ᠰᠤᠷᠭ᠋ᠠᠯᠲᠠ ᠵᠢᠨ ᠵᠢᠡᠭᠬᠢᠨᠢ ᠠᠭᠤᠯᠭ᠎ᠠ ᠪᠣᠯᠵᠦ ᠳᠡᠢ᠍ᠢ᠍ᠯᠦᠭᠡ ᠦᠭᠡᠢ ᠪᠠᠢ᠍ᠢ᠍ᠭᠰᠠᠭ᠋ᠠᠷ᠃ 《ᠰᠣᠳᠤᠨ ᠪᠦᠲᠦᠭᠡᠯ᠎ᠤᠨ ᠣᠡᠭᠰᠢᠯᠭ᠎ᠠ》᠎ᠨᠢ ᠰᠤᠷᠬᠤ ᠪᠢᠴᠢᠭ᠎ᠲᠤ ᠴᠦ᠍ ᠬᠠᠷᠠᠭᠳᠠᠬᠤ ᠦᠭᠡᠢ᠂ ᠰᠤᠷᠬᠤ ᠪᠢᠴᠢᠭ᠎ᠲᠤ ᠰᠣᠡᠭᠭᠤᠭᠳᠠᠭᠰᠠᠨ᠎ᠨᠢ ᠵᠥᠪᠬᠡᠨ ᠣᠬᠤᠷᠬᠠᠨ ᠬᠢᠴᠢᠶᠡᠯ ᠪᠣᠯᠬᠤ ᠮᠥᠷᠲᠡᠭᠡᠨ ᠬᠡᠯᠡ ᠪᠢᠴᠢᠭ᠎ᠤᠨ ᠪᠠᠭᠰᠢ ᠪᠣᠯᠭ᠋ᠠᠨ ᠰᠣᠳᠤᠨ ᠪᠦᠲᠦᠭᠡᠯ᠎ᠤᠨ ᠣᠡᠭᠰᠢᠯᠭ᠎ᠠ ᠵᠢᠨ ᠬᠢᠴᠢᠶᠡᠯ᠎ᠢ ᠵᠢᠯᠤᠭᠤᠳᠬᠤ ᠴᠢᠳᠠᠪᠦᠷᠢ ᠵᠢ ᠪᠦᠷᠢᠯᠳᠦᠭᠦᠯᠵᠦ ᠳᠡᠢ᠍ᠢ᠍ᠯᠦᠭᠡ ᠦᠭᠡᠢ ᠤᠴᠢᠷ᠎ᠠᠴᠠ ᠬᠡᠯᠡ ᠪᠢᠴᠢᠭ᠎ᠤᠨ ᠵᠢᠭ᠋ᠠᠨ ᠰᠤᠷᠭ᠋ᠠᠯᠲᠠ᠎ᠨᠢ ᠮᠥᠨ ᠯᠠ 《ᠪᠠᠭ᠋ᠠᠵᠢᠴᠢ ᠰᠢᠨᠵᠢ》 ᠪᠠ 《ᠬᠥᠮᠦᠨ ᠰᠣᠶᠤᠯ᠎ᠤᠨ ᠰᠢᠨᠵᠢ》 ᠵᠢᠨ ᠬᠣᠭᠤᠷᠤᠨᠳᠦ ᠬᠡᠯᠪᠡᠯᠵᠡᠭᠰᠡᠭᠡᠷ           ᠪᠠᠢ᠍ᠢ᠍ᠭ᠎ᠠ᠃ 《ᠬᠢᠴᠢᠶᠡᠯ᠎ᠤᠨ ᠪᠠᠷᠢᠮᠵᠢᠶ᠎ᠠ》᠎ᠳᠤ ᠵᠢᠭᠰᠠᠭ᠋ᠠᠭᠳᠠᠭᠰᠠᠨ 《ᠰᠣᠳᠤᠨ ᠪᠦᠲᠦᠭᠡᠯ》᠎ᠨᠢ ᠵᠥᠪᠬᠡᠨ ᠬᠢᠴᠢᠶᠡᠯ᠎ᠤᠨ ᠭᠠᠳᠠᠨᠠᠬᠢ ᠣᠡᠭᠰᠢᠯᠭ᠎ᠠ᠎ᠳᠤ ᠲᠠᠨᠢᠯᠴᠠᠭᠤᠯᠤᠭᠰᠠᠨ ᠨᠣᠮ ᠪᠠᠢ᠍ᠢ᠍ᠳᠠᠬ᠃ ᠰᠤᠷᠬᠤ ᠪᠢᠴᠢᠭ᠎ᠲᠤ ᠴᠤᠬᠤᠰ ᠢᠯᠡᠷᠡᠳᠡᠭ᠎ᠨᠢ 《ᠲᠤᠰ ᠬᠢᠴᠢᠶᠡᠯ᠎ᠢ ᠬᠡᠨ᠎ᠤ ᠶᠠᠮᠠᠷ ᠨᠣᠮ᠎ᠠᠴᠠ ᠬᠡᠰᠡᠭᠯᠡᠨ ᠰᠣᠡᠭᠭᠤᠪᠠ》 ᠭᠡᠭᠦ᠎ᠠᠴᠠ ᠪᠢᠰᠢ᠂           ᠲᠡᠷᠡ ᠨᠣᠮ᠎ᠢ ᠣᠡᠭᠰᠢᠵᠦ ᠭᠦᠢ᠍ᠴᠡᠳᠭᠡᠬᠦ ᠠᠯᠪᠠ ᠪᠠᠢ᠍ᠢ᠍ᠬᠤ ᠦᠭᠡᠢ᠂ ᠠᠳᠠᠭ᠎ᠲᠤ᠎ᠪᠠᠨ ᠲᠤᠰ ᠵᠣᠬᠢᠶᠠᠭᠴᠢ ᠵᠢᠨ ᠪᠤᠰᠤᠳ ᠪᠦᠲᠦᠭᠡᠯ᠎ᠢ ᠴᠦ᠍ ᠲᠠᠨᠢᠯᠴᠠᠭᠤᠯᠬᠤ ᠶᠤᠮ ᠦᠦ ᠬᠢᠴᠢᠶᠡᠯ᠎ᠳᠤ᠎ᠪᠠᠨ ᠠᠪᠴᠦ ᠢᠷᠡᠭᠡᠳ ᠣᠡᠭᠰᠢᠵᠦ ᠥᠭᠬᠦ ᠳᠣᠬᠢᠶᠠᠯᠳᠤᠯ ᠴᠦ᠍ ᠪᠠᠢ᠍ᠢ᠍ᠬᠤ ᠦᠭᠡᠢ ᠶᠤᠮ᠃ ᠶᠠᠭ ᠠ᠋ᠢ᠍ᠢ᠍ᠮᠦ ᠤᠴᠢᠷ᠎ᠠᠴᠠ ᠮᠠᠨ᠎ᠤ ᠪᠠᠭᠰᠢ ᠨᠠᠷ 《ᠰᠣᠳᠤᠨ ᠪᠦᠲᠦᠭᠡᠯ᠎ᠤᠨ ᠲᠠᠨᠢᠯᠴᠠᠭᠤᠯᠭ᠎ᠠ》᠂ 《ᠰᠣᠳᠤᠨ ᠪᠦᠲᠦᠭᠡᠯ᠎ᠤᠨ ᠤᠡᠭᠰᠢᠯᠭ᠎ᠠ》 ᠬᠢᠬᠦ ᠱᠠᠭ᠋ᠠᠷᠳᠠᠯᠭ᠎ᠠ ᠴᠦ᠍ ᠪᠠᠢ᠍ᠢ᠍ᠬᠤ ᠦᠭᠡᠢ᠃ ᠭᠡᠪᠠᠴᠤ ᠮᠢᠨᠦ ᠪᠤᠳᠤᠬᠤ᠎ᠪᠠᠷ 《ᠰᠤᠳᠤᠨ ᠪᠦᠳᠦᠭᠡᠯ》᠎ᠨᠢ ᠲᠡᠭᠦᠨ᠎ᠤ ᠬᠢᠵᠠᠭ᠋ᠠᠷᠯᠠᠰᠢ ᠦᠭᠡᠢ ᠦᠨ᠎ᠠ ᠦᠷᠳᠡᠭ᠎ᠲᠠᠢ ᠪᠠᠢ᠍ᠢ᠍ᠳᠠᠬ᠃ ᠪᠢᠳᠠ ᠲᠡᠭᠦᠨ᠎ᠢ ᠰᠤᠷᠤᠭᠴᠢᠳ᠎ᠲᠤ᠎ᠪᠠᠨ ᠲᠠᠨᠢᠯᠴᠠᠭᠤᠯᠤᠨ ᠤᠨᠭ᠌ᠰᠢᠭᠤᠯᠪᠠᠯ ᠲᠡᠳᠠᠨ᠎ᠤ ᠮᠠᠳᠠᠯᠭᠡ ᠵᠢᠨ ᠭᠦᠷᠢᠶ᠎ᠠ ᠭᠡᠪᠴᠢᠶ᠎ᠠ ᠵᠢ ᠦᠷᠭᠡᠳᠭᠡᠭᠦ᠎ᠨᠢ ᠯᠠᠪᠳᠠᠢ ᠶᠤᠮ᠃ 
       ᠨᠢᠭᠡ᠂ 《ᠰᠣᠳᠤᠨ ᠪᠦᠲᠦᠭᠡᠯ᠎ᠤᠨ ᠣᠡᠭᠰᠢᠯᠭ᠎ᠠ》 ᠵᠢᠨ ᠬᠢᠴᠢᠶᠡᠯ᠎ᠢ ᠬᠡᠷᠬᠢᠨ ᠵᠢᠯᠤᠭᠤᠳᠬᠤ ᠪᠣᠢ
      ᠰᠤᠷᠬᠤ ᠪᠢᠴᠢᠭ᠎ᠲᠤ ᠰᠣᠡᠭᠭᠤᠭᠳᠠᠨ ᠣᠷᠤᠭᠰᠠᠨ ᠣᠬᠤᠷ ᠵᠣᠬᠢᠶᠠᠯ᠎ᠨᠢ ᠰᠣᠳᠤᠨ ᠪᠦᠲᠦᠭᠡᠯ᠎ᠤᠨ ᠨᠢᠭᠡ ᠬᠡᠰᠡᠭ ᠪᠣᠯᠤᠨ᠎ᠠ᠃ ᠪᠠᠭᠰᠢ ᠨᠠᠷ ᠵᠢᠭ᠋ᠠᠨ ᠰᠤᠷᠭ᠋ᠠᠯᠲᠠ ᠳᠤᠮᠳᠠ᠎ᠪᠠᠨ ᠰᠤᠷᠤᠭᠴᠢᠳ᠎ᠢ ᠲᠤᠰ ᠵᠣᠬᠢᠶᠠᠯ᠎ᠤᠨ ᠪᠢᠴᠢᠭᠳᠡᠭᠰᠡᠨ ᠣᠷᠴᠢᠨ ᠠᠬᠤᠢ᠎ᠳᠤ ᠬᠥᠲᠦᠯᠦᠨ ᠣᠷᠤᠭᠤᠯᠵᠦ᠂ ᠪᠡᠶ᠎ᠡ ᠰᠡᠳᠭᠢᠯ ᠵᠶ᠋ᠠᠷ᠎ᠨᠢ ᠮᠡᠳᠡᠷᠡᠭᠦᠯᠵᠦ ᠵᠢᠭ᠋ᠠᠵᠦ ᠴᠢᠳᠠᠪᠠᠯ ᠰᠠᠢ᠍ᠢ᠍ᠨ᠃ ᠣᠬᠤᠷ ᠵᠣᠬᠢᠶᠠᠯ ᠪᠠ ᠰᠣᠳᠤᠨ ᠪᠦᠲᠦᠭᠡᠯ᠎ᠤᠨ ᠬᠠᠷᠢᠴᠠᠭ᠎ᠠ᠎ᠨᠢ ᠪᠦᠬᠦᠯᠢ ᠴᠣᠭᠴᠠ ᠪᠠ ᠬᠡᠰᠡᠭ ᠪᠦᠯᠦᠭ᠎ᠤᠨ ᠬᠠᠷᠢᠴᠠᠭ᠎ᠠ ᠮᠥᠨ᠃ ᠠ᠋ᠢ᠍ᠢ᠍ᠮᠦ᠎ᠠᠴᠠ ᠵᠢᠭ᠋ᠠᠨ ᠰᠤᠷᠭ᠋ᠠᠯᠲᠠ ᠳᠤᠮᠳᠠ᠎ᠪᠠᠨ ᠬᠡᠰᠡᠭ ᠪᠦᠯᠦᠭ᠎ᠠᠴᠠ ᠪᠦᠬᠦᠯᠢ ᠴᠣᠭᠴᠠ ᠵᠢ 《ᠰᠢᠨᠵᠢᠵᠦ》᠂ ᠪᠦᠬᠦᠯᠢ ᠴᠣᠭᠴᠠ᠎ᠠᠴᠠ ᠬᠡᠰᠡᠭ ᠪᠦᠯᠦᠭ᠎ᠢ 《ᠰᠢᠷᠪᠢᠵᠦ》᠂ ᠬᠡᠰᠡᠭ ᠪᠦᠯᠦᠭ ᠪᠠ ᠪᠦᠬᠦᠯᠢ ᠴᠣᠭᠴᠠ ᠵᠢᠨ ᠬᠤᠭᠤᠷᠤᠨᠳᠦ ᠰᠦᠯᠵᠢᠯᠳᠦᠨ ᠵᠢᠭ᠋ᠠᠨ ᠰᠤᠷᠭ᠋ᠠᠯᠲᠠ᠎ᠪᠠᠨ ᠲᠥᠰᠦᠪᠯᠡᠪᠡᠯ᠂ ᠰᠤᠷᠤᠭᠴᠢᠳ᠎ᠤᠨ 《ᠰᠣᠳᠤᠨ ᠪᠦᠲᠦᠭᠡᠯ᠎ᠤᠨ ᠣᠡᠭᠰᠢᠯᠭ᠎ᠠ》 ᠵᠢᠨ ᠤᠷᠮ᠎ᠠ ᠵᠢ ᠬᠥᠭᠵᠢᠭᠡᠵᠦ᠂ ᠰᠤᠷᠬᠤ ᠪᠢᠴᠢᠭ᠎ᠲᠠᠬᠢ ᠵᠢᠱ᠌ᠢᠶ᠎ᠡ ᠵᠣᠬᠢᠶᠠᠯ ᠵᠢᠭ᠋ᠠᠬᠤ ᠵᠢᠨ ᠶᠠᠰᠦ ᠴᠢᠨᠠᠷ᠎ᠢ ᠳᠡᠭᠡᠭᠰᠢᠯᠡᠭᠦᠯᠵᠦ ᠪᠣᠯᠤᠨ᠎ᠠ᠃
       ᠠ᠋ᠨᠡ ᠲᠠᠯ᠎ᠠ᠎ᠪᠠᠷ ᠪᠦᠲᠦᠮᠵᠢᠲᠡᠢ ᠬᠢᠵᠦ ᠣᠷᠤᠯᠳᠤᠶ᠎ᠠ ᠭᠡᠪᠡᠯ 《ᠣᠡᠭᠰᠢᠯᠭ᠎ᠠ ᠵᠢᠨ ᠬᠣᠯᠪᠤᠭ᠋ᠠᠰᠦ》᠎ᠪᠠᠷ ᠰᠤᠷᠬᠤ ᠪᠢᠴᠢᠭ᠎ᠲᠠᠬᠢ ᠵᠢᠱ᠌ᠢᠶ᠎ᠡ ᠵᠣᠬᠢᠶᠠᠯ ᠪᠠ ᠰᠣᠳᠤᠨ ᠪᠦᠲᠦᠭᠡᠯ᠎ᠲᠠᠢ ᠬᠣᠯᠪᠣᠭᠳᠠᠭᠤᠯᠵᠦ᠂ ᠵᠢᠭ᠋ᠠᠨ ᠰᠤᠷᠭ᠋ᠠᠯᠲᠠ᠎ᠳᠤ᠎ᠪᠠᠨ 《ᠰᠣᠳᠤᠨ ᠪᠦᠲᠦᠭᠡᠯ᠎ᠤᠨ ᠣᠡᠭᠰᠢᠯᠭ᠎ᠠ》 ᠬᠢᠯᠭᠡᠪᠡᠯ ᠦᠷ᠎ᠡ ᠪᠦᠲᠦᠮᠵᠢᠲᠡᠢ ᠪᠣᠯᠵᠦ ᠪᠣᠯᠤᠨ᠎ᠠ᠃ 《ᠰᠣᠳᠤᠨ ᠪᠦᠲᠦᠭᠡᠯ᠎ᠤᠨ ᠣᠡᠭᠰᠢᠯᠭ᠎ᠠ》 ᠬᠢᠬᠦ᠎ᠳᠤ ᠳᠠᠷᠠᠭ᠋ᠠᠴᠢ ᠵᠢᠨ ᠭᠤᠷᠪᠠᠨ ᠬᠡᠯᠪᠡᠷᠢ ᠵᠢᠨ ᠭᠢᠴᠢᠶᠡᠯᠯᠡᠭᠡ᠎ᠪᠠᠷ ᠬᠢᠪᠡᠯ           ᠵᠣᠬᠢᠨ᠎ᠠ᠃
      1. 《ᠰᠣᠳᠤᠨ ᠪᠦᠲᠦᠭᠡᠯ᠎ᠤᠨ ᠣᠡᠭᠰᠢᠯᠭ᠎ᠠ》 ᠵᠢᠨ ᠨᠡᠭᠡᠭᠡᠯᠲᠡ ᠵᠢᠨ ᠭᠢᠴᠢᠶᠡᠯᠯᠡᠭᠡ ᠬᠢᠬᠦ᠃
      ᠲᠤᠰ ᠬᠢᠴᠢᠶᠡᠯ᠎ᠳᠤ ᠪᠠᠭᠰᠢ᠎ᠠᠴᠠ ᠬᠠᠮᠤᠭ᠎ᠤᠨ ᠣᠬᠤᠷᠬᠠᠨ ᠴᠠᠭ᠎ᠤᠨ ᠳᠣᠳᠤᠷ᠎ᠠ᠂ ᠲᠣᠪᠴᠢ ᠠᠪᠰᠠᠷᠬᠠᠨ ᠵᠶ᠋ᠠᠷ ᠨᠣᠮ ᠣᠡᠭᠰᠢᠯᠭ᠎ᠠ ᠵᠢᠨ ᠬᠢᠴᠢᠶᠡᠯ᠎ᠤᠨ ᠠᠭᠤᠷ ᠠᠮᠢᠰᠬᠤᠯ᠎ᠢ ᠪᠣᠢ ᠪᠣᠯᠭ᠋ᠠᠵᠦ᠂ ᠰᠤᠷᠤᠭᠴᠢᠳ᠎ᠤᠨ ᠣᠡᠭᠰᠢᠯᠭ᠎ᠠ ᠵᠢᠨ ᠤᠷᠮ᠎ᠠ ᠪᠠᠬ᠎ᠠ ᠵᠢ ᠳᠠᠢ᠍ᠢ᠍ᠴᠢᠯᠠᠨ᠂ ᠨᠣᠮ ᠣᠡᠭᠰᠢᠯᠭ᠎ᠠ ᠵᠢᠨ ᠠᠮᠲᠠᠷᠬᠠᠯ᠎ᠢ ᠪᠡᠶ᠎ᠡ ᠰᠡᠳᠭᠢᠯ ᠵᠶ᠋ᠠᠷ ᠵᠶ᠋ᠠᠨ ᠮᠡᠳᠡᠷᠡᠭᠦᠯᠬᠦ ᠬᠡᠷᠡᠭᠲᠡᠢ᠃
      (1) ᠨᠡᠭᠡᠭᠡᠯᠲᠡ ᠵᠢᠨ ᠬᠢᠴᠢᠶᠡᠯ᠎ᠤᠨ ᠨᠡᠭᠡᠭᠡᠯᠲᠡ ᠵᠢᠨ ᠶᠠᠷᠢᠶ᠎ᠠ᠎ᠨᠢ ᠰᠤᠷᠤᠭᠴᠢ ᠵᠢᠨ ᠨᠣᠮ ᠤᠡᠭᠰᠢᠯᠭ᠎ᠠ ᠵᠢᠨ ᠤᠷᠮᠠᠰ᠎ᠢ ᠬᠥᠭᠵᠢᠭᠡᠬᠦ ᠰᠢᠯᠦᠭᠯᠢᠭ ᠢᠷᠠᠭᠤ ᠰᠣᠨᠣᠰᠬᠤᠯᠠᠡᠭ᠂ ᠬᠡᠤᠬᠡᠳ᠎ᠤᠨ ᠤᠷᠮ᠎ᠠ ᠵᠢ ᠳᠠᠢ᠍ᠢ᠍ᠴᠢᠯᠠᠭᠰᠠᠨ ᠶᠠᠷᠢᠶ᠎ᠠ ᠪᠠᠢ᠍ᠢ᠍ᠬᠤ ᠬᠡᠷᠡᠭᠲᠠᠢ᠃
      (2) ᠬᠡᠤᠬᠡᠳ᠎ᠲᠤ ᠦᠯᠢᠭᠡᠷ ᠶᠠᠷᠢᠵᠦ ᠥᠭᠬᠦ ᠬᠡᠷᠡᠭᠲᠡᠢ᠃ ᠲᠤᠰ ᠨᠣᠮ᠎ᠤᠨ ᠳᠣᠲᠤᠷᠠᠬᠢ ᠪᠠᠬᠠᠷᠬᠠᠯ᠎ᠢ ᠲᠠᠳᠠᠭᠰᠠᠨ ᠦᠯᠢᠭᠡᠷ ᠶᠤᠮ ᠦᠦ ᠠ᠋ᠰᠡᠭᠦᠯ᠎ᠡ ᠲᠤᠰ ᠨᠣᠮ᠎ᠢ ᠣᠡᠭᠰᠢᠵᠦ ᠦᠡᠭᠭᠡᠷᠡᠭᠰᠡᠨ ᠬᠥᠮᠦᠰ᠎ᠤᠨ ᠨᠣᠮ ᠣᠡᠭᠰᠢᠭ᠍ᠰᠠᠨ ᠲᠥᠷᠦᠭᠳᠡᠯ᠂ ᠲᠤᠰ ᠨᠣᠮ᠎ᠳᠤ ᠨᠥᠯᠦᠭᠡᠯᠡᠭᠳᠡᠨ ᠠᠯᠳᠠᠷᠳᠦ ᠬᠥᠮᠦᠰ ᠪᠣᠯᠤᠭᠰᠠᠨ ᠵᠢᠱ᠌ᠢᠶ᠎ᠡ ᠵᠢ ᠬᠡᠤᠬᠡᠳ᠎ᠤᠨ ᠨᠢᠳᠦᠨ᠎ᠳᠤ᠎ᠨᠢ ᠦᠵᠡᠭᠳᠡᠵᠦ᠂ ᠭᠠᠷ᠎ᠲᠤ᠎ᠨᠢ ᠪᠠᠷᠢᠭᠳᠠᠲᠠᠯ᠎ᠠ ᠠᠮᠢᠳᠦ ᠳᠦᠷᠰᠦᠯᠢᠭ ᠶᠠᠷᠢᠵᠦ ᠥᠭᠭᠦᠭᠰᠡᠨ ᠪᠠᠢ᠍ᠢ᠍ᠬᠤ ᠬᠡᠷᠡᠭᠲᠡᠢ᠃
      (3) ᠲᠤᠰ ᠨᠣᠮ᠎ᠤᠨ ᠲᠣᠭᠤᠷᠢᠨ᠎ᠳᠤ ᠠᠰᠠᠭᠤᠯᠲᠠ ᠲᠣᠬᠢᠷᠠᠭᠤᠯᠵᠦ ᠤᠡᠭᠰᠢᠭᠤᠯᠬᠤ ᠬᠡᠷᠡᠭᠲᠡᠢ᠃ ᠠᠰᠠᠭᠤᠯᠲᠠ ᠵᠢ ᠨᠠᠷᠢᠨ ᠲᠥᠰᠦᠪᠯᠡᠵᠦ ᠨᠢᠭᠲᠠ ᠪᠠᠢ᠍ᠢ᠍ᠷᠢᠯᠠᠭᠤᠯᠵᠦ᠂ ᠵᠠᠪᠠᠯ ᠰᠤᠷᠤᠭᠴᠢᠳ᠎ᠲᠤ ᠪᠣᠳᠤᠵᠦ ᠰᠡᠳᠭᠢᠭᠦ ᠣᠷᠤᠨ ᠵᠠᠢ ᠵᠢ ᠭᠦᠢ᠍ᠴᠡᠳ ᠬᠠᠡᠭᠭ᠋ᠠᠵᠦ ᠥᠭᠭᠦᠭᠰᠡᠨ ᠪᠠᠢ᠍ᠢ᠍ᠬᠤ ᠬᠡᠷᠡᠭᠲᠠᠢ᠃
      (4) ᠣᠡᠭᠰᠢᠯᠭ᠎ᠠ ᠵᠢᠨ ᠠᠷᠭ᠎ᠠ ᠪᠠ ᠤᠷ᠎ᠠ ᠮᠡᠷᠭᠡᠰᠢᠯ᠎ᠢ ᠵᠢᠭ᠋ᠠᠭᠰᠠᠨ ᠪᠠᠢ᠍ᠢ᠍ᠬᠤ ᠬᠡᠷᠡᠭᠲᠡᠢ᠃ ᠵᠢᠱ᠌ᠢᠶᠠᠯᠠᠪᠠᠯ᠂ ᠭᠦᠶᠦᠯᠭᠡᠨ ᠣᠡᠭᠰᠢᠬᠤ᠂ ᠦᠰᠦᠷᠴᠦ ᠣᠡᠭᠰᠢᠬᠤ᠂ ᠲᠣᠢ᠍ᠢ᠍ᠮᠤᠴᠢᠯᠠᠨ ᠣᠡᠭᠰᠢᠬᠤ᠂ ᠬᠠᠢ᠍ᠢ᠍ᠨ ᠤᠡᠭᠰᠢᠬᠤ᠂ ᠲᠠᠭ᠋ᠠᠮᠠᠭᠯᠠᠨ ᠣᠡᠭᠰᠢᠬᠤ ᠭᠡᠭᠦ ᠮᠡᠲᠦ᠃
      2. ᠮᠥᠷᠳᠡᠨ ᠳᠠᠭ᠋ᠠᠬᠤ ᠬᠢᠴᠢᠶᠡᠯᠯᠡᠭᠡ ᠬᠢᠬᠦ᠃
      (1) ᠮᠦᠷᠳᠠᠨ ᠲᠠᠭ᠋ᠠᠬᠤ ᠬᠢᠴᠢᠶᠡᠯᠯᠡᠭᠡ ᠬᠢᠭᠦ᠎ᠳᠤ ᠲᠤᠤᠷᠠᠬᠢ ᠵᠦᠢ᠍ᠯ᠎ᠢ ᠠᠨᠭ᠌ᠬᠠᠷᠬᠤ ᠭᠡᠷᠡᠭᠳᠠᠢ᠃ ᠣᠡᠭᠰᠢᠬᠤ ᠠᠷᠭ᠎ᠠ ᠵᠢ ᠶᠠᠷᠢᠵᠦ ᠥᠭᠭᠦᠭᠰᠡᠨ ᠪᠠᠢ᠍ᠢ᠍ᠬᠤ ᠬᠡᠷᠡᠭᠲᠡᠢ᠃ ᠵᠢᠱ᠌ᠢᠶᠡᠯᠡᠪᠡᠯ᠂ ᠴᠣᠬᠤᠯᠲᠠ ᠬᠢᠬᠦ᠂ ᠲᠦᠷᠥᠭᠲᠡᠯ ᠪᠢᠴᠢᠬᠦ᠂ ᠲᠣᠪᠴᠢᠯᠠᠵᠦ ᠪᠢᠴᠢᠬᠦ ᠭᠡᠬᠦ ᠮᠡᠲᠦ᠃
      (2) ᠤᠳᠬ᠎ᠠ ᠵᠣᠬᠢᠶᠠᠯ᠎ᠤᠨ ᠶᠡᠷᠦ ᠵᠢᠨ ᠮᠡᠳᠡᠯᠭᠡ ᠵᠢ ᠶᠠᠷᠢᠵᠦ ᠥᠭᠭᠦᠭᠰᠡᠨ ᠪᠠᠢ᠍ᠢ᠍ᠬᠤ ᠬᠡᠷᠡᠭᠲᠡᠢ᠃ ᠵᠢᠱ᠌ᠢᠶᠡᠯᠡᠪᠡᠯ᠂ ᠳᠦᠷᠢ ᠪᠦᠲᠦᠭᠡᠬᠦ᠂ ᠣᠷᠴᠢᠨ ᠲᠣᠭᠤᠷᠢᠨ᠎ᠤ ᠳᠦᠷᠰᠦᠯᠡᠯ᠂ ᠦᠢ᠍ᠯᠡ ᠶᠠᠪᠤᠳᠠᠯ᠎ᠤᠨ ᠠ᠋ᠰᠭᠡᠯᠲᠡ᠂ ᠵᠣᠬᠢᠶᠠᠮᠵᠢᠯᠠᠬᠤ᠂ ᠠ᠋ᠬᠢᠯᠡᠯᠲᠡ ᠲᠡᠭᠦᠰᠭᠡᠯ᠎ᠢ ᠠᠪᠴᠠᠯᠳᠤᠭᠤᠯᠬᠤ ᠭᠡᠬᠦ ᠮᠡᠲᠦ᠃
      (3) ᠣᠯᠠᠨ ᠠᠷᠪᠢᠨ ᠰᠡᠳᠭᠢᠨ ᠪᠣᠳᠤᠯᠬᠢᠯᠠᠬᠤ ᠰᠡᠳᠤᠪ ᠦᠯᠡᠳᠡᠭᠡᠵᠦ᠂ ᠰᠤᠷᠤᠭᠴᠢᠳ᠎ᠤᠨ ᠰᠡᠳᠭᠢᠬᠦᠢ ᠵᠢᠨ ᠣᠷᠤᠨ ᠵᠠᠢ ᠵᠢ ᠲᠡᠯᠡᠵᠦ ᠥᠷᠭᠡᠳᠭᠡᠵᠦ ᠴᠢᠳᠠᠭᠰᠠᠨ ᠪᠠᠢ᠍ᠢ᠍ᠬᠤ ᠬᠡᠷᠡᠭᠲᠡᠢ᠃
      (4) ᠷᠣᠮᠠᠨ᠎ᠢ ᠺᠢᠨᠣ᠋ ᠤᠷᠠᠯᠢᠭ᠂ ᠲᠸᠯᠸᠢᠰ ᠵᠦᠴᠦᠭᠡ ᠪᠣᠯᠭ᠋ᠠᠵᠦ ᠰᠢᠡᠭᠭᠡᠭᠡᠨ ᠦᠢ᠍ᠯᠡᠳᠦᠭᠰᠡᠨ ᠪᠢᠯᠢᠮ᠎ᠲᠠᠢ ᠠᠳᠠᠯᠢᠳᠬᠠᠨ ᠬᠠᠷᠢᠴᠠᠭᠤᠯᠤᠭᠰᠠᠨ ᠪᠠᠢ᠍ᠢ᠍ᠬᠤ ᠬᠡᠷᠡᠭᠲᠡᠢ᠃
      (5) ᠥᠪᠡᠷ᠎ᠤᠨ ᠠᠬᠤᠢ ᠠᠮᠢᠳᠤᠷᠠᠯ᠎ᠲᠠᠢ᠎ᠪᠠᠨ ᠤᠶᠠᠯᠳᠤᠭᠤᠯᠤᠨ ᠪᠣᠳᠤᠯᠬᠢᠯᠠᠬᠤ ᠬᠡᠷᠡᠭᠲᠡᠢ᠃
      (6) ᠣᠡᠭᠰᠢᠯᠭ᠎ᠠ ᠵᠢᠨ ᠳᠤᠮᠳᠠ ᠰᠤᠷᠤᠭᠴᠢᠳ᠎ᠤᠨ ᠰᠡᠵᠢᠭ᠎ᠢ ᠠᠯᠳᠠᠷᠠᠭ᠋ᠠᠵᠦ᠂ ᠠ᠋ᠭᠡᠳᠡᠷᠡᠭᠡᠨ ᠮᠠᠳᠠᠭ᠎ᠢ ᠲᠠᠢ᠍ᠢ᠍ᠯᠪᠦᠷᠢᠯᠠᠵᠦ ᠠᠰᠠᠭᠤᠳᠠᠯ᠎ᠢ ᠰᠢᠢ᠍ᠳᠪᠦᠷᠢᠯᠡᠬᠦ ᠬᠡᠷᠡᠭᠲᠡᠢ᠃
      (7) ᠣᠶᠤᠨ᠎ᠤ ᠮᠥᠷᠦᠢ᠍ᠢ᠍ᠴᠡᠭᠡᠨ ᠬᠢᠬᠦ᠃ ᠠ᠋ᠨᠡ᠎ᠨᠢ ᠰᠢᠨᠵᠢᠯᠡᠬᠦ ᠤᠬᠠᠭ᠋ᠠᠨ᠎ᠤ ᠮᠡᠳᠡᠯᠭᠡ ᠵᠢᠨ ᠲᠦᠭᠡᠮᠡᠯᠵᠢᠯ᠎ᠤᠨ ᠨᠣᠮ᠎ᠳᠤ ᠵᠣᠬᠢᠴᠠᠨ᠎ᠠ᠃
      3. ᠲᠥᠷᠦᠭᠳᠡᠯ ᠵᠶ᠋ᠠᠨ ᠬᠤᠪᠢᠶᠠᠯᠴᠠᠬᠤ ᠬᠢᠴᠢᠶᠡᠯᠯᠡᠭᠡ ᠬᠢᠬᠦ᠃
      ᠦᠷ᠎ᠡ ᠪᠦᠲᠦᠮᠵᠢᠲᠦ ᠣᠡᠭᠰᠢᠯᠭ᠎ᠠ ᠭᠡᠵᠦ ᠶᠠᠷᠢᠪᠠᠯ ᠲᠡᠷᠡ᠎ᠨᠢ ᠰᠤᠷᠤᠭᠴᠢᠳ᠎ᠤᠨ ᠶᠡᠬᠡ ᠲᠠᠷᠢᠬᠢ᠎ᠪᠠᠷ ᠣᠡᠭᠰᠢᠵᠦ ᠪᠠᠢ᠍ᠢ᠍ᠭ᠎ᠠ ᠶᠠᠪᠤᠴᠠ ᠪᠣᠯᠬᠤ᠎ᠠᠴᠠ ᠪᠢᠰᠢ᠂ ᠨᠢᠳᠦᠯᠡᠵᠦ ᠣᠡᠭᠰᠢᠵᠦ ᠪᠠᠢ᠍ᠢ᠍ᠭ᠎ᠠ ᠶᠠᠪᠤᠴᠠ                 ᠪᠢᠰᠢ᠃ ᠰᠤᠷᠤᠭᠴᠢᠳ ᠲᠠᠰᠤᠷᠠᠯᠲᠠ ᠦᠭᠡᠢ ᠥᠪᠡᠷ᠎ᠤᠨ ᠠᠮᠢᠳᠤᠷᠠᠯ᠎ᠤᠨ ᠲᠤᠷᠰᠢᠯᠭ᠎ᠠ᠎ᠲᠠᠢ᠎ᠪᠠᠨ ᠬᠣᠯᠪᠤᠨ           ᠪᠣᠳᠤᠵᠦ᠂ ᠵᠣᠬᠢᠶᠠᠯ᠎ᠤᠨ ᠭᠣᠣᠯ ᠪᠠᠭ᠋ᠠᠲᠤᠷ᠎ᠤᠨ ᠥᠪᠡᠷ᠎ᠤᠨ ᠬᠢᠨᠢ ᠤᠳᠬ᠎ᠠ ᠠᠭᠤᠯᠭ᠎ᠠ ᠵᠢ᠎ᠨᠢ ᠣᠯᠵᠦ ᠥᠭᠭᠦᠨ᠎ᠡ᠃
      《ᠮᠢᠡᠭᠭ᠋ᠠᠨ ᠤᠩᠰᠢᠬ᠍ᠴᠢ ᠪᠠᠢ᠍ᠢ᠍ᠪᠠᠯ ᠮᠢᠡᠭᠭ᠋ᠠᠨ 〈ᠬᠠᠮᠯᠸᠲ〉 ᠪᠠᠢ᠍ᠢ᠍ᠬᠤ ᠠᠳᠠᠯᠢ》 ᠭᠡᠳᠡᠭᠴᠢᠯᠡᠨ ᠬᠡᠳᠦᠢ ᠣᠯᠠᠨ ᠤᠩᠰᠢᠬ᠍ᠴᠢ ᠪᠠᠢ᠍ᠢ᠍ᠪᠠᠯ ᠲᠡᠳᠦᠢ ᠣᠯᠠᠨ ᠲᠥᠷᠦᠭᠳᠡᠯ ᠭᠠᠷᠴᠦ ᠢᠷᠡᠳᠡᠭ᠃ ᠲᠥᠷᠦᠭᠳᠡᠯ ᠵᠶ᠋ᠠᠨ ᠬᠤᠪᠢᠶᠠᠯᠴᠠᠬᠤ ᠬᠢᠴᠢᠶᠡᠯᠯᠡᠭᠡ᠎ᠨᠢ ᠬᠤᠪᠢ ᠬᠥᠮᠦᠨ᠎ᠤ ᠣᠡᠭᠰᠢᠯᠭ᠎ᠠ ᠵᠢᠨ ᠣᠯᠤᠯᠲᠠ ᠵᠢ ᠬᠠᠮᠲᠦ ᠨᠡᠢ᠍ᠢ᠍ᠲᠡ ᠵᠢᠨ ᠠ᠋ᠯᠪᠡᠭ ᠪᠠᠶᠠᠯᠢᠭ ᠣᠯᠠᠨ ᠶᠠᠡᠭᠵᠦ ᠵᠢᠨ ᠣᠡᠭᠰᠢᠯᠭ᠎ᠠ ᠵᠢᠨ ᠣᠢ ᠪᠢᠯᠢᠭ ᠪᠣᠯᠭ᠋ᠠᠵᠦ ᠪᠠᠢ᠍ᠢ᠍ᠭ᠎ᠠ ᠶᠠᠪᠤᠴᠠ ᠮᠥᠨ᠃ ᠭᠣᠣᠯᠳᠠᠭᠤ ᠭᠤᠷᠪᠠᠨ ᠵᠦᠢ᠍ᠯ ᠎ᠤᠨ ᠬᠡᠯᠪᠡᠷᠢ᠎ᠪᠠᠷ ᠢᠯᠡᠷᠡᠳᠡᠭ᠃
      (1) ᠶᠠᠷᠢᠶ᠎ᠠ ᠬᠠᠷᠢᠯᠴᠠᠭ᠋ᠠᠨ᠎ᠤ ᠬᠡᠯᠪᠡᠷᠢ᠎ᠪᠠᠷ ᠢᠯᠡᠷᠡᠳᠡᠭ᠃ ᠪᠢᠳᠡᠨ᠎ᠤ ᠶᠠᠷᠢᠶ᠎ᠠ ᠬᠠᠷᠢᠯᠴᠠᠭ᠋ᠠᠨ᠎ᠤ ᠬᠢᠴᠢᠶᠡᠯᠯᠡᠭᠡ᠎ᠲᠠᠢ᠎ᠪᠠᠨ ᠨᠡᠢ᠍ᠢ᠍ᠳᠭᠡᠵᠦ᠂ ᠰᠠᠢ᠍ᠢ᠍ᠨ ᠨᠣᠮ ᠲᠠᠨᠢᠯᠴᠠᠭᠤᠯᠬᠤ᠂ ᠠ᠋ᠰᠡᠭᠦᠯ᠎ᠡ ᠨᠣᠮ ᠳᠣᠲᠤᠷᠠᠬᠢ ᠪᠦᠷᠢᠨ ᠪᠦᠲᠦᠨ ᠦᠢ᠍ᠯᠡ ᠶᠠᠪᠤᠳᠠᠯᠲᠦ ᠦᠯᠢᠭᠡᠷ᠎ᠢ ᠶᠠᠷᠢᠬᠤ᠂ ᠠ᠋ᠰᠡᠭᠦᠯ᠎ᠡ ᠨᠣᠮ ᠳᠣᠲᠤᠷᠠᠬᠢ ᠦᠵᠡᠯᠲᠡ᠎ᠳᠤ ᠰᠠᠭᠤᠷᠢᠯᠠᠵᠦ᠂ ᠥᠪᠡᠷ᠎ᠤᠨ ᠦᠵᠡᠯᠲᠡ᠎ᠪᠠᠨ ᠳᠡᠯᠭᠡᠵᠦ᠂ ᠥᠷᠭᠡᠨ ᠵᠶ᠋ᠠᠷ ᠶᠠᠷᠢᠯᠴᠠᠵᠦ ᠪᠣᠯᠤᠨ᠎ᠠ᠃
      (2) ᠪᠢᠴᠢᠵᠦ ᠢᠯᠡᠳᠭᠡᠬᠦ ᠬᠡᠯᠪᠡᠷᠢ᠎ᠪᠠᠷ ᠢᠯᠡᠷᠡᠭᠦᠯᠵᠦ ᠪᠣᠯᠤᠨ᠎ᠠ᠃ ᠵᠢᠱ᠌ᠢᠶᠡᠯᠡᠪᠡᠯ᠂ ᠴᠣᠬᠤᠯᠲᠠ ᠲᠠᠢ᠍ᠢ᠍ᠯᠪᠦᠷᠢ᠂ ᠨᠣᠮ ᠤᠩᠰᠢᠭᠰᠠᠨ᠎ᠤ ᠳᠠᠷᠠᠭ᠋ᠠᠬᠢ ᠲᠥᠷᠦᠭᠳᠡᠯ᠂ ᠲᠣᠪᠴᠢᠯᠠᠵᠦ ᠪᠢᠴᠢᠬᠦ᠂ ᠪᠦᠳᠦᠭᠦᠪᠴᠢ ᠪᠢᠴᠢᠬᠦ᠂ ᠳᠥᠭᠦᠮ ᠳᠥᠲᠡ ᠰᠤᠳᠤᠯᠭ᠋ᠠᠨ᠎ᠤ ᠮᠡᠳᠡᠭᠦᠯᠦᠯᠲᠡ᠂ ᠭᠠᠷ ᠪᠢᠴᠢᠮᠡᠯ ᠰᠣᠨᠢᠨ ᠭᠡᠬᠦ ᠮᠡᠲᠦ᠎ᠪᠠᠷ ᠢᠯᠡᠷᠡᠭᠦᠯᠵᠦ ᠪᠣᠯᠤᠨ᠎ᠠ᠃ ᠢᠡᠭᠬᠢᠵᠦ ᠪᠢᠴᠢᠵᠦ ᠢᠯᠡᠳᠭᠡᠭᠰᠡᠨ ᠣᠡᠭᠰᠢᠯᠭ᠎ᠠ ᠵᠢᠨ ᠦᠷ᠎ᠡ ᠪᠦᠲᠦᠮᠵᠢ᠎ᠨᠢ ᠨᠡᠡᠭ ᠨᠠᠨᠳᠢᠡᠭᠨᠠᠭᠤᠰᠢᠲᠠᠢ᠃ ᠰᠤᠷᠤᠭᠴᠢ  ᠵᠢᠨ ᠤᠳᠠᠭ᠎ᠠ ᠪᠣᠯᠭ᠋ᠠᠨ᠎ᠤ ᠨᠣᠮ ᠤᠩᠰᠢᠭᠰᠠᠨ᠎ᠤ ᠳᠠᠷᠠᠭ᠋ᠠᠬᠢ ᠲᠥᠷᠦᠭᠳᠡᠯ᠎ᠢ ᠪᠠᠭᠰᠢ᠎ᠠᠴᠠ ᠬᠤᠷᠢᠶᠠᠡᠭᠭᠤᠢ᠍ᠢ᠍ᠯᠠᠨ ᠠ᠋ᠮᠬᠢᠳᠭᠡᠵᠦ ᠳᠡᠪᠲᠡᠷᠯᠡᠨ᠂ ᠨᠣᠮ᠎ᠤᠨ ᠰᠠᠡᠭ᠎ᠳᠤ ᠳᠡᠯᠭᠡᠨ ᠦᠵᠡᠭᠦᠯᠵᠦ᠂ ᠰᠤᠷᠤᠭᠴᠢᠳ᠎ᠤᠨ ᠳᠠᠭᠤᠷᠢᠶᠠᠯ ᠪᠣᠯᠭ᠋ᠠᠪᠠᠯ᠂ ᠲᠡᠷᠡ᠎ᠨᠢ ᠳᠠᠮ ᠵᠶ᠋ᠠᠷ ᠨᠣᠮ ᠵᠣᠬᠢᠶᠠᠯ᠎ᠤᠨ ᠠ᠋ᠬᠢ ᠰᠤᠷᠪᠤᠯᠵᠢ ᠪᠣᠯᠬᠤ ᠮᠥᠷᠲᠡᠭᠡᠨ ᠣᠡᠭᠰᠢᠭ᠋ᠠᠳᠦᠢ ᠬᠥᠮᠦᠨ᠎ᠳᠤ ᠰᠢᠨ᠎ᠡ ᠨᠣᠮ᠎ᠤᠨ ᠲᠠᠨᠢᠯᠴᠠᠭᠤᠯᠭ᠎ᠠ ᠪᠣᠯᠵᠦ ᠪᠣᠯᠤᠨ᠎ᠠ᠃
      (3) ᠶᠡᠷᠥᠡᠭᠬᠡᠢ᠍ᠢ᠍ᠯᠡᠭᠰᠡᠨ ᠰᠤᠷᠤᠯᠴᠠᠯᠭ᠎ᠠ ᠵᠢᠨ ᠬᠥᠳᠡᠯᠭᠡᠭᠡᠨ ᠵᠶ᠋ᠠᠷ ᠢᠯᠡᠷᠡᠵᠦ ᠪᠣᠯᠤᠨ᠎ᠠ᠃ ᠵᠢᠱ᠌ᠢᠶᠡᠯᠡᠪᠡᠯ᠂ ᠰᠤᠷᠭ᠋ᠠᠭᠤᠯᠢ ᠵᠢᠨ ᠬᠦᠷᠢᠶᠡᠨ᠎ᠤ ᠨᠣᠮ ᠣᠡᠭᠰᠢᠯᠭ᠎ᠠ ᠵᠢᠨ ᠠ᠋ᠳᠦᠷ᠂ ᠰᠤᠷᠬᠤ ᠪᠢᠴᠢᠭ᠎ᠤᠨ ᠵᠤᠬᠢᠶᠠᠯ᠎ᠢ ᠵᠦᠴᠦᠭᠡᠯᠡᠨ ᠲᠤᠭᠯᠠᠵᠤ᠂ ᠪᠢᠴᠢᠬᠠᠨ ᠰᠤᠷᠪᠤᠯᠵᠢᠯᠠᠭᠴᠢ ᠪᠣᠯᠵᠦ ᠨᠣᠮ ᠳᠤᠳᠤᠷᠠᠬᠢ ᠭᠣᠣᠯ ᠪᠠᠭ᠋ᠠᠲᠤᠷ᠎ᠢ ᠰᠤᠷᠪᠤᠯᠵᠢᠯᠠᠬᠤ᠂ ᠦᠯᠢᠭᠡᠷ ᠦᠢ᠍ᠯᠡ ᠶᠠᠪᠤᠳᠠᠯ᠎ᠢ ᠬᠤᠪᠢᠷᠠᠭᠤᠯᠵᠦ ᠪᠢᠴᠢᠬᠦ᠂ ᠨᠠᠢ᠍ᠢ᠍ᠵᠠ ᠨᠦᠭᠦᠳ᠎ᠲᠤ᠎ᠪᠠᠨ ᠨᠣᠮ ᠲᠠᠨᠢᠯᠴᠠᠭᠤᠯᠬᠤ᠂ ᠨᠣᠮ ᠎ᠳᠤ ᠳᠠᠬᠢᠨ ᠵᠢᠷᠤᠭ ᠲᠠᠢ᠍ᠢ᠍ᠯᠪᠦᠷᠢ ᠬᠠᠳᠠᠵᠦ ᠥᠭᠬᠦ ᠭᠡᠬᠦ ᠮᠡᠲᠦ᠃
      ᠬᠣᠶᠠᠷ᠂ 《ᠰᠣᠳᠤᠨ ᠪᠦᠲᠦᠭᠡᠯ᠎ᠤᠨ ᠣᠡᠭᠰᠢᠯᠭ᠎ᠠ》 ᠵᠢᠨ ᠬᠢᠴᠢᠶᠡᠯ᠎ᠢ ᠬᠡᠷᠬᠢᠨ ᠦᠨᠡᠯᠡᠨ ᠰᠢᠯᠭ᠋ᠠᠷᠠᠭᠤᠯᠬᠤ ᠪᠣᠢ
      《ᠰᠣᠳᠤᠨ ᠪᠦᠲᠦᠭᠡᠯ᠎ᠤᠨ ᠣᠡᠭᠰᠢᠯᠭ᠎ᠠ》 ᠵᠢᠨ ᠬᠢᠴᠢᠶᠡᠯ᠎ᠨᠢ ᠮᠥᠨ ᠴᠦ᠍ ᠠ᠋ᠡᠭ᠎ᠤᠨ ᠰᠢᠯᠭ᠋ᠠᠯᠲᠠ᠎ᠲᠠᠢ ᠠᠳᠠᠯᠢ᠎ᠪᠠᠷ ᠶᠠᠪᠤᠴᠠ ᠵᠢᠨ ᠦᠨᠡᠯᠡᠯᠲᠡ ᠪᠠ ᠦᠷ᠎ᠡ ᠳ᠋ᠦᠡᠭ᠎ᠤᠨ ᠦᠨᠡᠯᠡᠯᠲᠡ ᠭᠡᠵᠦ ᠪᠠᠢ᠍ᠢ᠍ᠳᠠᠬ᠃
      1. ᠶᠠᠪᠤᠴᠠ ᠵᠢᠨ ᠦᠨᠡᠯᠡᠯᠲᠡ᠎ᠳᠤ ᠬᠡᠯᠡ ᠪᠢᠴᠢᠭ᠎ᠤᠨ ᠪᠠᠭᠰᠢ ᠭᠣᠣᠯ ᠬᠠᠷᠢᠭᠤᠴᠠᠯᠭ᠋ᠠᠲᠠᠨ           ᠪᠣᠯᠳᠠᠭ᠃ ᠰᠤᠷᠤᠭᠴᠢᠳ ᠣᠡᠭᠰᠢᠯᠭ᠎ᠠ ᠬᠢᠬᠦ ᠪᠦᠬᠦ ᠶᠠᠪᠤᠴᠠ᠎ᠳᠤ ᠵᠢᠯᠤᠭᠤᠳᠤᠯᠭ᠎ᠠ ᠬᠢᠵᠦ ᠮᠥᠷᠳᠡᠨ ᠳᠠᠭ᠋ᠠᠵᠦ᠂ ᠪᠠᠭᠰᠢ ᠰᠤᠷᠤᠭᠴᠢ ᠬᠠᠮᠲᠦ᠎ᠪᠠᠷ ᠣᠡᠭᠰᠢᠬᠤ ᠶᠠᠪᠤᠴᠠ ᠵᠢ ᠪᠡᠶᠡᠯᠡᠭᠦᠯᠦᠨ᠎ᠡ᠃ ᠵᠢᠱ᠌ᠢᠶᠡᠯᠡᠪᠡᠯ᠂ ᠨ᠊ · ᠦᠯᠵᠡᠢ᠍ᠢ᠍ᠪᠠᠲᠦ ᠵᠢᠨ 《ᠠᠪᠤ ᠨᠤᠲᠤᠭ ᠬᠣᠶᠠᠷ》 ᠭᠡᠬᠦ ᠨᠠᠢ᠍ᠢ᠍ᠷᠠᠭᠤᠯᠤᠯ᠎ᠤᠨ ᠲᠡᠭᠦᠪᠦᠷᠢ ᠵᠢ ᠤᠩᠰᠢᠭᠤᠯᠬᠤ᠎ᠳᠤ ᠪᠠᠭᠰᠢ᠎ᠠᠴᠠ ᠵᠣᠬᠢᠶᠠᠭᠴᠢ ᠵᠢ ᠨᠠᠷᠢᠨ ᠨᠢᠭᠲᠠ ᠲᠠᠨᠢᠯᠴᠠᠭᠤᠯᠬᠤ ᠬᠡᠷᠡᠭᠲᠡᠢ ᠪᠥᠭᠡᠳ ᠲᠤᠰ ᠨᠠᠢ᠍ᠢ᠍ᠷᠠᠭᠤᠯᠤᠯ ᠪᠢᠴᠢᠭᠳᠡᠭᠰᠡᠨ ᠴᠠᠭ ᠦᠶ᠎ᠡ᠂ ᠣᠷᠴᠢᠨ ᠠᠬᠤᠢ ᠵᠢ ᠴᠦ᠍ ᠮᠡᠳᠡᠭᠦᠯᠬᠦ᠎ᠨᠢ ᠵᠠᠩᠭᠢᠯᠠᠭ᠎ᠠ ᠪᠣᠯᠤᠨ᠎ᠠ᠃ 《ᠬᠣᠯᠠ ᠵᠢᠨ ᠴᠡᠩᠭᠡᠷ ᠲᠤᠤᠺᠢᠣ᠋》 ᠭᠡᠬᠦ ᠠ᠋ᠮᠬᠢᠳᠭᠡᠯ᠎ᠨᠢ ᠲᠡᠭᠦᠨ᠎ᠤ ᠬᠠᠷᠢ ᠤᠯᠤᠰ ᠶᠠᠫᠤᠨ᠎ᠳᠤ ᠰᠤᠷᠤᠯᠴᠠᠵᠦ ᠪᠠᠢ᠍ᠢ᠍ᠭ᠎ᠠ ᠦᠶ᠎ᠡ ᠵᠢᠨ ᠰᠤᠷᠤᠯᠭ᠎ᠠ ᠠᠮᠢᠳᠤᠷᠠᠯ ᠵᠶ᠋ᠠᠨ ᠲᠠᠨᠢᠯᠴᠠᠭᠤᠯᠤᠭᠰᠠᠨ ᠪᠥᠭᠡᠳ ᠬᠠᠷᠢ ᠭᠠᠵᠠᠷ᠎ᠤᠨ ᠬᠥᠮᠦᠨ ᠵᠤᠨ᠂ ᠲᠤᠰ ᠭᠠᠵᠠᠷ᠎ᠤᠨ ᠵᠠᠩ ᠦᠢ᠍ᠯᠡ᠂ ᠲᠡᠤᠬᠡ ᠰᠣᠶᠤᠯ᠎ᠢ ᠴᠦ᠍ ᠤᠩᠰᠢᠬ᠍ᠴᠢ᠎ᠳᠤ ᠲᠠᠨᠢᠯᠴᠠᠭᠤᠯᠤᠨ ᠣᠢ᠍ᠢ᠍ᠯᠠᠭ᠋ᠠᠭᠤᠯᠤᠭᠰᠠᠨ ᠪᠠᠢ᠍ᠢ᠍ᠨ᠎ᠠ᠃
      (1) ᠶᠠᠪᠤᠴᠠ ᠵᠢᠨ ᠦᠨᠡᠯᠡᠯᠲᠡ᠎ᠳᠤ ᠪᠠᠭᠰᠢ ᠰᠤᠷᠤᠭᠴᠢᠳ ᠬᠠᠮᠲᠦ᠎ᠪᠠᠷ ᠵᠶ᠋ᠠᠨ ᠤᠩᠰᠢᠭᠰᠠᠨ ᠨᠣᠮ᠎ᠤᠨ ᠵᠶ᠋ᠠᠨ ᠲᠣᠭᠤᠷᠢᠨ᠎ᠳᠤ ᠠᠰᠠᠭᠤᠯᠲᠠ ᠳᠤᠷᠠᠳᠴᠦ ᠤᠩᠰᠢᠭᠰᠠᠨ ᠣᠯᠤᠯᠲᠠ᠎ᠪᠠᠨ ᠬᠤᠪᠢᠶᠠᠯᠴᠠᠵᠦ           ᠪᠣᠯᠤᠨ᠎ᠠ᠃ ᠶᠠᠪᠤᠴᠠ ᠵᠢᠨ ᠦᠨᠡᠯᠡᠯᠲᠡ᠎ᠳᠤ ᠰᠤᠷᠤᠭᠴᠢᠳ᠎ᠤᠨ 《ᠰᠣᠳᠤᠨ ᠪᠦᠲᠦᠭᠡᠯ᠎ᠤᠨ ᠣᠡᠭᠰᠢᠯᠭ᠎ᠠ》᠎ᠳᠤ ᠣᠷᠤᠯᠴᠠᠭᠰᠠᠨ ᠢᠳᠡᠪᠬᠢᠲᠡᠢ ᠣᠪᠤᠷ᠂ ᠦᠷ᠎ᠡ ᠪᠦᠲᠦᠮᠵᠢ ᠵᠢᠨ ᠴᠢᠨᠠᠷᠯᠢᠭ ᠠ᠋ᠰᠡᠬᠦ᠎ᠪᠠᠷ ᠪᠠᠷᠢᠮᠵᠢᠶᠠᠯᠠᠵᠦ ᠬᠤᠪᠢ ᠣᠯᠭᠤᠵᠦ ᠪᠣᠯᠤᠨ᠎ᠠ᠃
      ① ᠶᠠᠷᠢᠶᠠᠨ᠎ᠤ ᠤᠷᠤᠯᠳᠤᠭ᠋ᠠᠨ ᠵᠶ᠋ᠠᠷ ᠶᠠᠪᠤᠴᠠ ᠵᠢᠨ ᠦᠨᠡᠯᠡᠯᠲᠡ᠎ᠳᠤ ᠬᠤᠪᠢ ᠣᠯᠭᠤᠵᠦ ᠪᠠᠷᠢᠮᠵᠢᠶᠠᠯᠠᠵᠦ ᠪᠣᠯᠤᠨ᠎ᠠ᠃ ᠰᠤᠷᠤᠭᠴᠢᠳ᠎ᠤᠨ ᠤᠩᠰᠢᠯᠭ᠎ᠠ ᠵᠣᠬᠢᠬᠤ ᠬᠤᠭᠤᠴᠠᠭ᠎ᠠ ᠥᠩᠭᠡᠷᠡᠭᠰᠡᠨ᠎ᠤ ᠳᠠᠷᠠᠭ᠎ᠠ ᠪᠠᠭᠰᠢ᠎ᠠᠴᠠ ᠰᠤᠷᠤᠭᠴᠢᠳ᠎ᠤᠨ ᠤᠩᠰᠢᠭᠰᠠᠨ ᠨᠣᠮ᠎ᠠᠴᠠ ᠰᠡᠳᠤᠪ ᠠᠪᠴᠦ᠂ ᠶᠠᠷᠢᠶᠠᠨ᠎ᠤ ᠤᠷᠤᠯᠳᠤᠭ᠋ᠠᠨ᠎ᠢ ᠵᠣᠬᠢᠶᠠᠨ ᠪᠠᠢ᠍ᠢ᠍ᠭᠤᠯᠵᠦ᠂ ᠬᠢᠨᠠᠭᠴᠢ ᠵᠢᠨ ᠪᠦᠯᠬᠦᠮ᠂ ᠰᠣᠨᠤᠰᠤᠭᠴᠢᠳ᠎ᠤᠨ ᠪᠦᠯᠬᠦᠮ᠎ᠢ ᠤᠷᠢᠨ ᠵᠠᠯᠠᠵᠦ᠂ ᠣᠯᠠᠨ᠎ᠤ ᠠ᠋ᠮᠦᠨ᠎ᠡ ᠬᠤᠪᠢ ᠨᠡᠢ᠍ᠢ᠍ᠳᠡᠯᠡᠵᠦ᠂ ᠲᠥᠪ ᠭᠣᠣᠯᠴᠢ᠎ᠪᠠᠷ ᠬᠢᠵᠦ ᠪᠣᠯᠤᠨ᠎ᠠ᠃ ᠤᠷᠤᠯᠳᠤᠭ᠋ᠠᠨ ᠵᠶ᠋ᠠᠷ ᠰᠤᠷᠤᠭᠴᠢᠳ᠎ᠤᠨ ᠦᠨᠡᠨ ᠬᠦ᠌ ᠤᠩᠰᠢᠭᠰᠠᠨ ᠠ᠋ᠰᠡᠬᠦ ᠪᠠ ᠬᠠᠮᠢᠭ᠎ᠠ ᠬᠦᠷᠲᠡᠯ᠎ᠡ ᠤᠩᠰᠢᠭᠰᠠᠨ᠎ᠢ ᠴᠦ᠍ ᠪᠠᠢ᠍ᠢ᠍ᠴᠠᠭ᠋ᠠᠵᠦ ᠪᠣᠯᠤᠨ᠎ᠠ᠃ ᠮᠥᠨ ᠴᠦ᠍ ᠤᠷᠤᠯᠳᠤᠭ᠋ᠠᠨ ᠵᠶ᠋ᠠᠷ ᠳᠠᠮᠵᠢᠨ ᠰᠤᠷᠤᠭᠴᠢᠳ᠎ᠤᠨ ᠬᠤᠷᠢᠶᠠᠩᠭᠤᠢ᠍ᠢ᠍ᠯᠠᠬᠤ ᠴᠢᠳᠠᠪᠦᠷᠢ᠂ ᠰᠡᠳᠭᠢᠬᠦ ᠴᠢᠳᠠᠪᠦᠷᠢ᠂ ᠬᠡᠯᠡᠨ᠎ᠤ ᠢᠯᠡᠳᠭᠡᠬᠦ ᠴᠢᠳᠠᠪᠤᠷᠢ ᠵᠢ ᠴᠦ᠍ ᠳᠡᠭᠡᠭᠰᠢᠯᠡᠭᠦᠯᠵᠦ᠂ ᠣᠯᠠᠨ᠎ᠤ ᠠ᠋ᠮᠦᠨ᠎ᠡ ᠵᠣᠷᠢᠭᠲᠠᠢ ᠥᠪᠡᠷ᠎ᠢ᠎ᠪᠠᠨ ᠢᠯᠡᠷᠡᠭᠦᠯᠬᠦ ᠲᠣᠬᠢᠶᠠᠯ ᠣᠯᠭᠤᠵᠦ᠂ ᠥᠪᠡᠷ᠎ᠢ᠎ᠪᠠᠨ ᠳᠠᠪᠲᠠᠨ ᠪᠣᠯᠪᠠᠰᠤᠷᠠᠭᠤᠯᠵᠦ ᠪᠣᠯᠤᠨ᠎ᠠ᠃
      ② ᠮᠠᠷᠭᠤᠯᠳᠤᠭ᠋ᠠᠨ᠎ᠤ ᠬᠤᠷᠠᠯ᠎ᠢ ᠵᠣᠬᠢᠶᠠᠨ ᠪᠠᠢ᠍ᠢ᠍ᠭᠤᠯᠵᠦ᠂ ᠶᠠᠪᠤᠴᠠ ᠵᠢᠨ ᠦᠨᠡᠯᠡᠯᠲᠡ᠎ᠳᠤ ᠬᠤᠪᠢ ᠣᠯᠭᠤᠵᠦ ᠪᠠᠷᠢᠮᠵᠢᠶᠠᠯᠠᠵᠦ ᠪᠣᠯᠤᠨ᠎ᠠ᠃ ᠤᠩᠰᠢᠯᠭ᠎ᠠ ᠪᠣᠯ ᠬᠤᠪᠢ ᠬᠥᠮᠦᠨ ᠎ᠤ ᠠᠵᠢᠯᠯᠠᠭ᠎ᠠ ᠮᠥᠨ᠃ ᠰᠤᠷᠤᠭᠴᠢ ᠪᠣᠯᠭ᠋ᠠᠨ᠎ᠤ ᠤᠩᠰᠢᠬᠤ ᠶᠠᠪᠤᠴᠠ᠎ᠳᠤ ᠣᠯᠤᠭᠰᠠᠨ ᠣᠯᠤᠯᠲᠠ ᠲᠥᠷᠦᠭᠳᠡᠯ ᠮᠡᠳᠡᠷᠡᠮᠵᠢ᠎ᠨᠢ ᠥᠪᠡᠷᠮᠢᠴᠡ ᠣᠨᠴᠠᠯᠢᠭ᠎ᠲᠠᠢ           ᠪᠠᠢ᠍ᠢ᠍ᠳᠠᠬ᠃ ᠪᠠᠭᠰᠢ᠎ᠠᠴᠠ ᠤᠩᠰᠢᠭᠰᠠᠨ ᠨᠣᠮ ᠳᠣᠲᠤᠷ᠎ᠠ᠎ᠠᠴᠠ ᠮᠠᠷᠭᠤᠭ᠋ᠠᠨ᠎ᠲᠠᠢ ᠰᠡᠳᠤᠪ᠎ᠢ ᠰᠣᠩᠭᠤᠵᠦ᠂ ᠲᠤᠰ ᠰᠡᠳᠤᠪ᠎ᠤᠨ ᠲᠣᠭᠤᠷᠢᠨ᠎ᠳᠤ ᠰᠤᠷᠤᠭᠴᠢᠳ᠎ᠢ ᠲᠤᠭᠤᠢ᠍ᠢ᠍ᠯᠠᠩ ᠬᠣᠪᠢᠶᠠᠵᠦ᠂ ᠮᠠᠷᠭᠤᠯᠳᠤᠭᠤᠯᠵᠦ ᠪᠣᠯᠤᠨ᠎ᠠ᠃ ᠲᠤᠰ ᠮᠠᠷᠭᠤᠯᠳᠤᠭ᠋ᠠᠨ᠎ᠨᠢ ᠰᠤᠷᠤᠭᠴᠢᠳ᠎ᠤᠨ ᠨᠤᠮ ᠤᠩᠰᠢᠭᠰᠠᠨ᠎ᠤ ᠳᠠᠷᠠᠭ᠎ᠠ ᠰᠣᠯᠢᠯᠴᠠᠬᠤ ᠵᠢ ᠬᠦᠰᠡᠭᠰᠡᠨ ᠬᠦᠰᠡᠯ ᠱᠠᠭ᠋ᠠᠷᠳᠠᠯᠭ᠎ᠠ ᠵᠢ ᠬᠠᠩᠭ᠋ᠠᠵᠤ ᠴᠢᠳᠠᠬᠤ ᠮᠥᠷᠲᠡᠭᠡᠨ ᠰᠤᠷᠤᠭᠴᠢᠳ᠎ᠲᠤ ᠨᠤᠮ ᠤᠩᠰᠢᠭᠰᠠᠨ ᠦᠷ᠎ᠡ ᠪᠦᠲᠦᠭᠡᠯ ᠵᠶ᠋ᠠᠨ ᠣᠯᠠᠨ᠎ᠤ ᠠ᠋ᠮᠦᠨ᠎ᠡ ᠵᠣᠷᠢᠭᠲᠠᠢ᠎ᠪᠠᠷ ᠢᠯᠡᠷᠡᠭᠦᠯᠬᠦ ᠳᠣᠬᠢᠶᠠᠯ᠎ᠢ ᠣᠯᠭᠤᠵᠦ ᠴᠢᠳᠠᠨ᠎ᠠ᠃ ᠮᠥᠨ ᠴᠦ᠍ ᠪᠠᠭᠰᠢ᠎ᠠᠴᠠ ᠵᠣᠬᠢᠬᠤ ᠬᠤᠭᠤᠴᠠᠭ᠋ᠠᠨ᠎ᠤ ᠨᠣᠮ ᠤᠩᠰᠢᠭᠰᠠᠨ ᠶᠠᠪᠤᠴᠠ ᠵᠢᠨ ᠦᠨᠡᠯᠡᠯᠲᠡ᠎ᠳᠤ ᠠᠮᠢᠲᠦ ᠰᠣᠷᠭᠤᠭ ᠮᠠᠲ᠋ᠧᠷᠢᠶᠠᠯ᠎ᠢ ᠬᠠᠩᠭ᠋ᠠᠵᠤ᠂ ᠰᠤᠷᠤᠭᠴᠢᠳ᠎ᠤᠨ ᠰᠡᠳᠭᠢᠬᠦᠢ ᠵᠢᠨ ᠭᠦᠨᠴᠡ ᠵᠢ ᠴᠦ᠍ ᠣᠢ᠍ᠢ᠍ᠯᠠᠭ᠋ᠠᠵᠦ᠂ ᠶᠠᠪᠤᠴᠠ ᠵᠢᠨ ᠦᠨᠡᠯᠡᠯᠲᠡ ᠵᠢᠨ ᠲᠥᠪ ᠭᠣᠣᠯᠴᠢ ᠵᠢ ᠪᠠᠲᠤᠯᠠᠵᠦ ᠴᠢᠳᠠᠨ᠎ᠠ᠃
      ③ ᠱᠠᠲᠤᠴᠢ ᠴᠢᠨᠠᠷᠲᠠᠢ ᠦᠷ᠎ᠡ ᠪᠦᠲᠦᠭᠡᠯ᠎ᠤᠨ ᠳᠡᠯᠭᠡᠨ ᠦᠵᠡᠭᠦᠯᠭᠡ᠎ᠪᠠᠷ ᠬᠤᠪᠢ ᠣᠯᠭᠤᠵᠦ ᠪᠠᠷᠢᠮᠵᠢᠶᠠᠯᠠᠵᠦ ᠪᠣᠯᠤᠨ᠎ᠠ᠃ ᠲᠣᠭᠲᠠᠭᠰᠠᠨ ᠨᠢᠭᠡ ᠬᠤᠭᠤᠴᠠᠭ᠋ᠠᠨ᠎ᠤ ᠳᠣᠲᠤᠷ᠎ᠠ᠂ ᠰᠤᠷᠤᠭᠴᠢᠳ᠎ᠤᠨ ᠨᠤᠮ ᠤᠩᠰᠢᠭᠰᠠᠨ ᠦᠷ᠎ᠡ ᠪᠦᠲᠦᠭᠡᠯ᠎ᠢ ᠠᠩᠭᠢ ᠵᠢᠨ ᠭᠡᠷ ᠪᠣᠶᠦ ᠠᠰᠠᠷ᠎ᠤᠨ ᠬᠣᠩᠭᠢᠯ᠎ᠳᠤ ᠳᠡᠯᠭᠡᠨ ᠦᠵᠡᠭᠦᠯᠵᠦ᠂ ᠳᠡᠳᠡᠨ᠎ᠤ ᠲᠤᠰ ᠬᠤᠭᠤᠴᠠᠭ᠋ᠠᠨ᠎ᠤ ᠳᠣᠲᠤᠷ᠎ᠠ ᠶᠠᠮᠠᠷ ᠵᠤᠬᠢᠶᠠᠯ᠎ᠢ ᠴᠣᠬᠤᠮ ᠬᠠᠮᠢᠭ᠎ᠠ ᠬᠦᠷᠲᠡᠯ᠎ᠡ᠂ ᠬᠢᠷᠢ ᠵᠡᠷᠭᠡ ᠤᠩᠰᠢᠭᠰᠠᠨ᠎ᠢ ᠪᠠᠢ᠍ᠢ᠍ᠴᠠᠭ᠋ᠠᠵᠦ ᠪᠣᠯᠤᠨ᠎ᠠ᠃ ᠭᠡᠬᠦ᠎ᠳᠤ᠎ᠪᠠᠨ ᠶᠠᠮᠠᠷ ᠰᠡᠳᠤᠪᠲᠦ ᠬᠡᠳᠦᠨ ᠨᠣᠮ ᠤᠩᠰᠢᠭᠰᠠᠨ᠂ ᠤᠩᠰᠢᠯᠭ᠎ᠠ ᠵᠢᠨ ᠳᠤᠮᠳᠠ᠎ᠪᠠᠨ ᠤᠷᠠᠨ ᠭᠣᠢ᠍ᠢ᠍ᠲᠠ ᠰᠣᠩᠭᠤᠳᠠᠭ ᠬᠡᠯᠡ ᠬᠡᠯᠡᠯᠭᠡ ᠵᠢ ᠬᠡᠳᠦᠢ ᠲᠡᠮᠳᠡᠭᠯᠡᠭᠰᠡᠨ᠂ ᠬᠡᠳᠦᠢ ᠪᠠᠳᠠᠭ ᠰᠢᠯᠦᠭ ᠣᠯᠵᠦ ᠴᠡᠭᠡᠵᠢᠯᠡᠭᠰᠡᠨ᠂ ᠨᠣᠮ ᠤᠩᠰᠢᠭᠰᠠᠨ ᠲᠥᠷᠦᠭᠳᠡᠯ ᠬᠡᠳᠦᠢ ᠪᠢᠴᠢᠭᠰᠡᠨ ᠭᠡᠬᠦ ᠵᠡᠷᠭᠡ᠎ᠪᠠᠷ ᠪᠠᠷᠢᠮᠵᠢᠶᠠᠯᠠᠵᠦ᠂ ᠶᠠᠪᠤᠴᠠ ᠵᠢᠨ ᠦᠨᠡᠯᠡᠯᠲᠡ ᠵᠢᠨ ᠴᠢᠨᠠᠷᠯᠢᠭ ᠪᠠᠢ᠍ᠢ᠍ᠬᠤ ᠠ᠋ᠰᠡᠬᠦ᠎ᠪᠠᠷ ᠬᠤᠪᠢ ᠣᠯᠭᠤᠵᠦ           ᠪᠣᠯᠤᠨ᠎ᠠ᠃ ᠮᠥᠨ ᠦᠷ᠎ᠡ ᠪᠦᠲᠦᠭᠡᠯ ᠎ᠢ ᠪᠠᠭᠰᠢ᠎ᠠᠴᠠ ᠦᠨᠡᠯᠡᠵᠦ ᠪᠣᠯᠤᠨ᠎ᠠ᠃ ᠰᠤᠷᠤᠭᠴᠢ ᠬᠣᠭᠤᠷᠤᠨᠳᠦ᠎ᠪᠠᠨ ᠴᠦ᠍ ᠦᠨᠡᠯᠡᠵᠦ ᠪᠣᠯᠤᠨ᠎ᠠ᠃ ᠢᠩᠭᠢᠵᠦ ᠬᠢᠬᠦ᠎ᠨᠢ ᠳᠡᠳᠡᠨ᠎ᠤ ᠲᠤᠰ ᠨᠣᠮ᠎ᠤᠨ ᠲᠤᠬᠠᠢ ᠰᠠᠭᠤᠭᠳᠠᠯ᠎ᠢ ᠭᠦᠨᠵᠡᠭᠡᠢ᠍ᠢ᠍ᠷᠡᠭᠦᠯᠵᠦ᠂ ᠨᠣᠮ ᠤᠩᠰᠢᠬᠤ ᠪᠠᠶᠠᠷ ᠪᠠᠶᠠᠰᠤᠯ᠎ᠢ ᠣᠯᠭᠤᠨ᠎ᠠ᠃
      (2) ᠭᠡᠷ᠎ᠤᠨ ᠠᠬᠠᠮᠠᠳ᠂ ᠳᠡᠳ᠋ᠯᠡᠪᠡᠯ ᠰᠤᠷᠤᠯᠭ᠎ᠠ ᠵᠢᠨ ᠬᠠᠨᠢᠲᠠᠨ᠂ ᠨᠠᠢ᠍ᠢ᠍ᠵᠠ ᠨᠦᠭᠦᠳ᠎ᠤᠨ ᠬᠣᠭᠤᠷᠤᠨᠳᠦ᠎ᠪᠠᠨ ᠬᠠᠷᠢᠯᠴᠠᠨ ᠰᠤᠷᠤᠯᠴᠠᠨ᠂ ᠬᠠᠷᠢᠯᠴᠠᠨ ᠰᠡᠡᠭᠭᠡᠷᠡᠭᠦᠯᠵᠦ᠂ ᠬᠠᠷᠢᠯᠴᠠᠨ ᠬᠢᠨᠠᠯᠲᠠ ᠲᠠᠯᠪᠢᠵᠦ᠂ 《ᠰᠣᠳᠤᠨ ᠪᠦᠲᠦᠭᠡᠯ᠎ᠤᠨ ᠣᠡᠭᠰᠢᠯᠭ᠎ᠠ ᠵᠢᠨ ᠬᠠᠮᠲᠦ ᠵᠢᠨ ᠴᠣᠭᠴᠠ》 ᠪᠦᠷᠢᠯᠳᠦᠵᠦ᠂ ᠬᠣᠯᠪᠤᠭ᠋ᠠᠨ ᠳᠣᠲᠤᠷ᠎ᠠ᠎ᠪᠠᠨ ᠲᠤᠰ ᠨᠣᠮ᠎ᠤᠨ ᠲᠤᠬᠠᠢ ᠦᠵᠡᠯᠲᠡ ᠲᠡᠨᠢᠯᠲᠡ᠎ᠪᠠᠨ ᠰᠣᠯᠢᠯᠴᠠᠵᠦ ᠪᠣᠯᠤᠨ᠎ᠠ᠃
      ① ᠪᠢᠴᠢᠯ ᠭᠢᠴᠢᠶᠡᠯᠯᠡᠭᠡ᠎ᠪᠠᠷ ᠰᠤᠷᠤᠭᠴᠢ ᠪᠣᠯᠤᠨ ᠭᠡᠷ᠎ᠤᠨ ᠠᠬᠠᠮᠠᠳ᠎ᠤᠨ ᠨᠣᠮ ᠤᠩᠰᠢᠬᠤ ᠤᠷᠮ᠎ᠠ ᠵᠢ ᠳᠠᠢ᠍ᠢ᠍ᠴᠢᠯᠠᠵᠦ ᠪᠣᠯᠤᠨ᠎ᠠ᠃ ᠠᠳᠠᠯᠢ ᠪᠣᠰᠦ ᠵᠢᠨ ᠰᠡᠳᠤᠪᠲᠦ ᠨᠣᠮ᠎ᠢ ᠤᠩᠰᠢᠬᠤ ᠦᠶ᠎ᠡ᠎ᠳᠤ ᠠᠳᠠᠯᠢ ᠪᠣᠰᠦ ᠠᠷᠭ᠎ᠠ᠎ᠪᠠᠷ ᠤᠩᠰᠢᠳᠠᠭ᠃ ᠨᠣᠮ᠎ᠢ ᠤᠩᠰᠢᠬᠤ ᠵᠢᠨ ᠲᠡᠳᠦᠢ ᠤᠩᠰᠢᠬᠤ᠎ᠠᠴᠠ ᠵᠠᠢ᠍ᠢ᠍ᠯᠠᠰᠬᠢᠬᠤ ᠵᠢᠨ ᠲᠥᠯᠦᠭᠡ᠂ ᠪᠠᠭᠰᠢ᠎ᠠᠴᠠ ᠪᠢᠴᠢᠯ ᠬᠢᠴᠢᠶᠡᠯᠯᠡᠭᠡ᠎ᠪᠠᠷ ᠤᠩᠰᠢᠬᠤ ᠭᠡᠵᠦ ᠪᠠᠢ᠍ᠢ᠍ᠭ᠎ᠠ ᠨᠣᠮ᠎ᠤᠨ ᠵᠶ᠋ᠠᠨ ᠲᠠᠨᠢᠯᠴᠠᠭᠤᠯᠭ᠎ᠠ ᠵᠢ ᠬᠣᠯᠪᠤᠭ᠋ᠠᠨ ᠳᠣᠲᠤᠷ᠎ᠠ᠎ᠪᠠᠨ ᠬᠤᠪᠢᠶᠠᠯᠴᠠᠨ᠂ ᠭᠡᠷ᠎ᠤᠨ ᠠᠬᠠᠮᠠᠳ᠎ᠤᠨ ᠲᠤᠰ ᠨᠣᠮ᠎ᠢ ᠠ᠋ᠬᠢᠯᠡᠨ ᠤᠩᠰᠢᠬᠤ ᠤᠷᠮ᠎ᠠ ᠵᠣᠷᠢᠭ᠎ᠢ ᠬᠥᠪᠴᠢᠯᠡᠵᠦ ᠪᠣᠯᠤᠨ᠎ᠠ᠃
      ② ᠵᠥᠭᠡᠯᠡᠨ ᠲᠣᠨᠤᠭ ᠳ᠋ᠢᠩ ᠳ᠋ᠢᠩ ᠤᠭᠰᠠᠷᠠᠵᠦ᠂ ᠭᠡᠷ᠎ᠤᠨ ᠠᠬᠠᠮᠠᠳ ᠪᠣᠯᠤᠨ ᠬᠡᠤᠬᠡᠳ᠎ᠤᠨ ᠨᠣᠮ ᠤᠩᠰᠢᠯᠭ᠎ᠠ ᠵᠢᠨ ᠤᠷᠮ᠎ᠠ ᠵᠢ ᠳᠠᠢ᠍ᠢ᠍ᠴᠢᠯᠠᠵᠦ ᠪᠣᠯᠤᠨ᠎ᠠ᠃ ᠤᠩᠰᠢᠯᠭ᠎ᠠ ᠵᠢᠨ ᠪᠠᠶᠠᠷ ᠪᠠᠶᠠᠰᠤᠯ᠎ᠨᠢ ᠵᠥᠪᠬᠡᠨ ᠮᠡᠳᠡᠯᠭᠡ ᠣᠯᠬᠤ᠎ᠳᠤ ᠪᠠᠢ᠍ᠢ᠍ᠬᠤ ᠪᠢᠰᠢ᠂ ᠨᠡᠩ ᠴᠢᠬᠤᠯᠠ᠎ᠨᠢ ᠬᠥᠮᠦᠨ ᠲᠥᠷᠦᠯᠭᠢᠲᠡᠨ᠎ᠤ ᠣᠶᠤᠨ ᠤᠬᠠᠭ᠋ᠠᠨ᠎ᠤ ᠣᠬᠢ ᠱᠦᠯᠲᠦ᠎ᠪᠠᠷ ᠣᠶᠤᠨ ᠰᠠᠨᠠᠭ᠎ᠠ᠎ᠪᠠᠨ ᠠᠷᠢᠭᠤᠰᠬᠠᠵᠦ ᠳᠡᠭᠡᠳᠦ ᠬᠡᠮᠵᠢᠶᠡᠨ᠎ᠤ ᠣᠶᠤᠨ᠎ᠤ ᠬᠦᠷᠲᠡᠭᠡᠯ ᠣᠯᠬᠤ᠎ᠳᠤ           ᠪᠣᠢ᠃ ᠬᠥᠮᠦᠨ ᠪᠦᠷᠢ ᠵᠢᠨ ᠨᠣᠮ ᠤᠩᠰᠢᠬᠤ ᠠᠷᠭ᠎ᠠ ᠠᠪᠴᠠᠯ᠂ ᠬᠤᠷᠳᠤᠴᠠ᠎ᠨᠢ ᠠᠳᠠᠯᠢ ᠦᠭᠡᠢ ᠪᠠᠢ᠍ᠢ᠍ᠳᠠᠬ᠃ ᠭᠡᠷ ᠪᠦᠯᠢ ᠴᠦ᠍ ᠠ᠋ᠭᠦᠨ᠎ᠲᠠᠢ ᠠᠳᠠᠯᠢᠬᠠᠨ ᠪᠠᠢ᠍ᠢ᠍ᠳᠠᠬ᠃ ᠠ᠋ᠢ᠍ᠢ᠍ᠮᠦ᠎ᠠᠴᠠ ᠪᠠᠭᠰᠢ ᠎ᠠᠴᠠ ᠰᠦᠯᠵᠢᠶ᠎ᠡ᠂ ᠰᠢᠨ᠎ᠡ ᠬᠡᠯᠪᠡᠷᠢ ᠵᠢᠨ ᠵᠠᠭᠤᠴᠢᠯᠠᠭᠤᠷ᠎ᠢ ᠠᠰᠢᠭᠯᠠᠨ᠂ ᠤᠩᠰᠢᠯᠭ᠎ᠠ ᠵᠢᠨ ᠦᠷ᠎ᠡ ᠪᠦᠲᠦᠭᠡᠯ᠎ᠢ ᠰᠣᠯᠢᠯᠴᠠᠬᠤ ᠬᠤᠷᠠᠯ ᠠ᠋ᠷᠬᠢᠯᠡᠨ ᠠᠳᠠᠯᠢ ᠪᠣᠰᠦ ᠵᠢᠨ ᠨᠣᠮ ᠤᠩᠰᠢᠯᠭ᠎ᠠ  ᠵᠢᠨ ᠠᠷᠭ᠎ᠠ᠂ ᠠᠳᠠᠯᠢ ᠪᠣᠰᠦ ᠥᠨᠴᠦᠭ ᠬᠠᠷᠠᠭ᠋ᠠᠰᠦ᠎ᠠᠴᠠ ᠣᠯᠤᠭᠰᠠᠨ ᠠᠳᠠᠯᠢ ᠪᠣᠰᠦ ᠵᠢᠨ ᠣᠯᠤᠯᠲᠠ ᠵᠢ ᠬᠤᠪᠢᠶᠠᠯᠴᠠᠭᠤᠯᠵᠦ᠂ ᠬᠠᠮᠲᠦ᠎ᠪᠠᠷ ᠰᠤᠷᠤᠯᠴᠠᠨ᠂ ᠬᠠᠮᠲᠦ᠎ᠪᠠᠷ ᠳᠡᠭᠡᠭᠰᠢᠯᠡᠬᠦ ᠵᠣᠷᠢᠯᠭ᠎ᠠ᠎ᠳᠤ ᠬᠦᠷᠴᠦ ᠪᠣᠯᠤᠨ᠎ᠠ᠃
      2. ᠦᠷ᠎ᠡ ᠪᠦᠲᠦᠮᠵᠢ ᠵᠢᠨ ᠦᠨᠡᠯᠡᠯᠲᠡ᠎ᠳᠤ ᠰᠤᠷᠤᠭᠴᠢᠳ᠎ᠤᠨ 《ᠰᠣᠳᠤᠨ ᠪᠦᠲᠦᠭᠡᠯ》᠎ᠢ ᠣᠡᠭᠰᠢᠵᠦ ᠣᠢ᠍ᠢ᠍ᠯᠠᠭ᠋ᠠᠭᠰᠠᠨ ᠠ᠋ᠰᠡᠬᠦ ᠵᠢ ᠰᠢᠯᠭ᠋ᠠᠵᠦ᠂ ᠰᠢᠯᠭ᠋ᠠᠯᠲᠠ ᠵᠢᠨ ᠰᠡᠳᠤᠪ᠎ᠨᠢ ᠰᠢᠨᠵᠢᠯᠡᠬᠦ ᠤᠬᠠᠭ᠋ᠠᠨᠴᠢ᠂ ᠰᠤᠷᠤᠭᠴᠢ ᠵᠢᠨ ᠪᠣᠳᠠᠳᠠᠢ᠎ᠳᠤ ᠲᠣᠬᠢᠷᠠᠭᠰᠠᠨ ᠪᠠᠢ᠍ᠢ᠍ᠬᠤ ᠬᠡᠷᠡᠭᠳᠡᠢ᠃ ᠠ᠋ᠰᠡ ᠲᠡᠢ᠍ᠢ᠍ᠮᠦ ᠪᠣᠯ 《ᠰᠣᠳᠤᠨ ᠪᠦᠲᠦᠭᠡᠯ》᠎ᠤᠨ ᠣᠡᠭᠰᠢᠯᠭ᠎ᠠ ᠵᠢ ᠨᠥᠯᠦᠭᠡᠯᠡᠵᠦ ᠮᠡᠳᠡᠨ᠎ᠡ᠃ ᠵᠢᠱ᠌ᠢᠶᠡᠯᠡᠪᠡᠯ᠂ ᠨ᠊ · ᠦᠯᠵᠡᠢ᠍ᠢ᠍ᠪᠠᠲᠦ ᠵᠢᠨ 《ᠠᠪᠤ ᠨᠤᠲᠤᠭ ᠬᠣᠶᠠᠷ》᠎ᠤᠨ ᠬᠠᠮᠲᠦ ᠵᠢᠨ ᠤᠩᠰᠢᠯᠭ᠎ᠠ᠎ᠳᠤ ᠪᠠᠭᠰᠢ᠎ᠠᠴᠠ ᠬᠠᠭ᠋ᠠᠯᠲᠠ ᠲᠠᠭᠯᠠᠬᠤ ᠰᠡᠳᠤᠪ᠂ ᠬᠥᠳᠡᠯᠪᠦᠷᠢ᠎ᠪᠠᠷ ᠬᠥᠲᠦᠯᠬᠦ᠂ ᠬᠠᠢ᠍ᠢ᠍ᠨ ᠰᠦᠪᠡᠭᠴᠢᠯᠡᠵᠦ ᠰᠡᠳᠭᠢᠨ ᠪᠣᠳᠤᠯᠬᠢᠯᠠᠬᠤ᠂ ᠥᠪᠡᠷᠮᠢᠴᠡ ᠣᠯᠤᠯᠲᠠ᠎ᠪᠠᠨ ᠬᠤᠪᠢᠶᠠᠯᠴᠠᠬᠤ᠂ ᠠᠮᠲᠠᠷᠬᠠᠨ ᠰᠣᠨᠢᠷᠬᠠᠬᠤ᠂ ᠬᠦᠰᠦᠨᠦᠭᠵᠢᠭᠦᠯᠵᠦ ᠢᠯᠡᠷᠡᠭᠦᠯᠬᠦ ᠭᠡᠬᠦ ᠮᠡᠲᠦ ᠵᠢᠨ ᠳᠠᠷᠠᠭ᠋ᠠᠯᠠᠯ ᠵᠶ᠋ᠠᠷ ᠰᠡᠳᠤᠪ ᠲᠣᠬᠢᠷᠠᠭᠤᠯᠵᠦ ᠤᠩᠰᠢᠭᠰᠠᠨ ᠨᠣᠮ᠎ᠤᠨ ᠵᠶ᠋ᠠᠨ ᠣᠯᠤᠯᠲᠠ ᠲᠠᠨᠢᠯᠲᠠ ᠵᠢ ᠭᠦᠨᠵᠡᠭᠡᠢ᠍ᠢ᠍ᠷᠡᠭᠦᠯᠦᠨ᠎ᠡ᠃
      (1) ᠬᠠᠭ᠋ᠠᠯᠲᠠ ᠲᠠᠭᠯᠠᠬᠤ ᠰᠡᠳᠤᠪ
      (2) ᠬᠥᠳᠡᠯᠪᠦᠷᠢ ᠵᠣᠬᠢᠶᠠᠨ ᠪᠠᠢ᠍ᠢ᠍ᠭᠤᠯᠬᠤ
      ① 《ᠠᠪᠤ ᠨᠤᠲᠤᠭ ᠬᠣᠶᠠᠷ》 ᠭᠡᠬᠦ ᠠ᠋ᠮᠬᠢᠳᠭᠡᠯ᠎ᠳᠤ ᠠᠪᠤ ᠵᠢᠨ ᠵᠶ᠋ᠠᠨ ᠵᠠᠯᠠᠭᠤ ᠨᠠᠰᠦ ᠵᠢ ᠳᠤᠷᠠᠳᠬᠠᠯ᠎ᠤᠨ ᠬᠡᠯᠪᠡᠷᠢ᠎ᠪᠠᠷ ᠠ᠋ᠷᠭᠢᠴᠡᠭᠦᠯᠦᠭᠰᠡᠨ ᠪᠠᠢ᠍ᠢ᠍ᠨ᠎ᠠ᠃ ᠠ᠋ᠭᠦᠨ᠎ᠳᠤ 《ᠪᠢ》 ᠵᠢᠨ ᠠᠪᠤ᠎ᠳᠤ ᠠᠪᠴᠦ ᠬᠡᠯᠡᠪᠡᠯ᠂ ᠴᠡᠷᠢᠭ᠎ᠤᠨ ᠠᠮᠢᠳᠤᠷᠠᠯ ᠪᠣᠯ ᠬᠠᠮᠤᠭ᠎ᠤᠨ ᠤᠳᠬ᠎ᠠ ᠠᠭᠤᠯᠭ᠎ᠠ᠎ᠲᠠᠢ ᠰᠠᠨᠠᠭᠳᠠᠭᠰᠠᠨ᠃ ᠲᠡᠭᠡᠪᠡᠯ ᠮᠣᠷᠢᠲᠦ ᠴᠡᠷᠢᠭ᠎ᠤᠨ ᠪᠠᠢ᠍ᠢ᠍ᠯᠳᠤᠭᠴᠢ ᠪᠠᠢ᠍ᠢ᠍ᠭᠰᠠᠨ ᠥᠩᠭᠡᠷᠡᠯᠲᠡ᠎ᠳᠤ ᠰᠠᠭᠤᠷᠢᠯᠠᠨ᠂ ᠥᠪᠦᠷ ᠮᠣᠩᠭᠤᠯ᠎ᠤᠨ ᠮᠣᠷᠢᠲᠦ ᠴᠡᠷᠢᠭ᠎ᠤᠨ ᠬᠠᠮᠢᠶ᠎ᠠ ᠪᠦᠬᠦᠢ ᠮᠠᠲ᠋ᠧᠷᠢᠶᠠᠯ᠎ᠢ ᠲᠡᠤᠬᠡ ᠵᠢᠨ ᠨᠣᠮ ᠪᠣᠶᠦ ᠰᠦᠯᠵᠢᠶ᠎ᠡ᠎ᠠᠴᠠ ᠠ᠋ᠷᠢᠵᠦ ᠴᠤᠭᠯᠠᠭᠤᠯᠤᠨ ᠠ᠋ᠮᠬᠢᠳᠭᠡᠬᠦ ᠬᠥᠳᠡᠯᠪᠦᠷᠢ ᠵᠣᠬᠢᠶᠠᠨ ᠪᠠᠢ᠍ᠢ᠍ᠭᠤᠯᠵᠦ᠂ ᠬᠦᠲᠡᠯᠪᠦᠷᠢ ᠵᠢ ᠭᠠᠷᠲᠠᠨ ᠬᠢᠬᠦ ᠳᠤᠮᠳᠠ᠎ᠪᠠᠨ ᠣᠯᠠᠨ ᠠᠷᠪᠢᠨ ᠲᠡᠤᠬᠡ ᠵᠢᠨ ᠮᠡᠳᠡᠯᠭᠡ ᠵᠢ ᠮᠡᠳᠡᠭᠦᠯᠵᠦ᠂ ᠴᠢᠯᠦᠭᠡᠯᠡᠬᠦ ᠳᠠᠢ᠍ᠢ᠍ᠨ᠎ᠳᠤ ᠦᠵᠡᠭᠦᠯᠦᠭᠰᠡᠨ ᠮᠠᠨ᠎ᠤ ᠥᠪᠦᠷ ᠮᠣᠩᠭᠤᠯ᠎ᠤᠨ ᠮᠣᠷᠢᠲᠦ ᠴᠡᠷᠢᠭ᠎ᠤᠨ ᠭᠠᠪᠢᠶ᠎ᠠ ᠵᠢᠳᠭᠦᠯ᠎ᠢ ᠪᠡᠶᠡᠴᠢᠯᠡᠨ ᠤᠢ᠍ᠢ᠍ᠯᠠᠭ᠋ᠠᠭᠤᠯᠵᠤ᠂ ᠠ᠋ᠭᠦᠨ᠎ᠤ ᠤᠯᠠᠮ᠎ᠠᠴᠠ ᠦᠨᠳᠦᠰᠦᠲᠡᠨ ᠵᠶ᠋ᠠᠷ ᠵᠶ᠋ᠠᠨ ᠪᠠᠬᠠᠷᠬᠠᠬᠤ᠂ ᠲᠡᠤᠬᠡ᠎ᠪᠠᠷ ᠵᠶ᠋ᠠᠨ ᠪᠠᠬᠠᠷᠬᠠᠬᠤ ᠰᠡᠳᠭᠢᠯᠭᠡ ᠵᠢ ᠨᠡᠮᠡᠭᠳᠡᠭᠦᠯᠵᠦ᠂ ᠠ᠋ᠬᠡ ᠣᠷᠤᠨ ᠵᠶ᠋ᠠᠨ ᠬᠠᠢ᠍ᠢ᠍ᠷᠠᠯᠠᠬᠤ᠂ ᠦᠨᠳᠦᠰᠦᠲᠡᠨ ᠵᠶ᠋ᠠᠨ ᠬᠠᠢ᠍ᠢ᠍ᠷᠠᠯᠠᠬᠤ᠂ ᠠ᠋ᠬᠡ ᠨᠤᠲᠤᠭ ᠵᠶ᠋ᠠᠨ ᠬᠠᠢ᠍ᠢ᠍ᠷᠠᠯᠠᠬᠤ ᠬᠥᠮᠦᠵᠢᠯ᠎ᠢ ᠬᠢᠵᠦ ᠪᠣᠯᠤᠨ᠎ᠠ᠃
      ② 《ᠬᠣᠯᠠ ᠵᠢᠨ ᠴᠡᠩᠭᠡᠷ ᠲᠤᠤᠺᠢᠣ᠋》 ᠭᠡᠬᠦ ᠠ᠋ᠮᠬᠢᠳᠭᠡᠯ᠎ᠳᠤ 《ᠪᠢ》 ᠵᠢᠨ ᠬᠠᠷᠢ ᠭᠠᠵᠠᠷ ᠶᠠᠫᠣᠨ ᠤᠯᠤᠰ᠎ᠲᠤ ᠠᠮᠢᠳᠤᠷᠠᠵᠦ ᠰᠤᠷᠤᠯᠴᠠᠭᠰᠠᠨ ᠠᠬᠤᠢ ᠠᠮᠢᠳᠤᠷᠠᠯ᠎ᠳᠤ ᠰᠠᠭᠤᠷᠢᠯᠠᠨ᠂ ᠬᠠᠷᠢ ᠵᠢᠨ ᠲᠡᠤᠬᠡ ᠰᠣᠶᠤᠯ᠎ᠢ ᠣᠢ᠍ᠢ᠍ᠯᠠᠭ᠋ᠠᠬᠤ ᠬᠦᠲᠡᠯᠪᠦᠷᠢ ᠵᠣᠬᠢᠶᠠᠨ ᠪᠠᠢ᠍ᠢ᠍ᠭᠤᠯᠵᠦ᠂ ᠡ᠊ᠨᠡ ᠭᠦ᠌ ᠬᠥᠳᠡᠯᠪᠦᠷᠢ ᠵᠢ ᠭᠠᠷᠳᠠᠨ ᠬᠢᠬᠦ ᠳᠤᠮᠳᠠ᠎ᠪᠠᠨ ᠶᠠᠫᠣᠨ᠎ᠢ ᠲᠠᠨᠢᠯᠴᠠᠭᠤᠯᠤᠭᠰᠠᠨ ᠬᠢᠳᠡᠳ ᠮᠣᠩᠭᠤᠯ ᠣᠯᠠᠨ ᠨᠣᠮ ᠰᠡᠳᠭᠦᠯ᠂ ᠺᠢᠨᠣ᠋ ᠲᠸᠯᠸᠢᠰ᠂ ᠰᠦᠯᠵᠢᠶ᠎ᠡ᠎ᠠᠴᠠ ᠶᠠᠮᠠᠲ᠋ᠣᠣ᠋ ᠦᠨᠳᠦᠰᠦᠲᠡᠨ᠎ᠤ ᠰᠣᠶᠤᠯ ᠲᠡᠤᠬᠡ ᠵᠢ ᠣᠢ᠍ᠢ᠍ᠯᠠᠭ᠋ᠠᠬᠤ ᠵᠢᠨ ᠤᠯᠠᠮ᠎ᠠᠴᠠ ᠪᠤᠰᠤᠳ ᠦᠨᠳᠦᠰᠦᠲᠡᠨ᠎ᠤ ᠳᠠᠪᠠᠭᠤᠯᠢᠭ ᠲᠠᠯ᠎ᠠ᠎ᠠᠴᠠ ᠰᠤᠷᠤᠯᠴᠠᠨ᠂ ᠥᠪᠡᠷ᠎ᠢ᠎ᠪᠠᠨ ᠲᠤᠳᠠᠭᠳᠠᠯ᠎ᠲᠠᠢ ᠲᠠᠯ᠎ᠠ᠎ᠪᠠᠨ ᠢᠯᠠᠨ ᠳᠠᠪᠠᠵᠦ᠂ ᠤᠯᠤᠰ ᠣᠷᠤᠨ᠎ᠤ ᠪᠦᠲᠦᠭᠡᠨ ᠪᠠᠢ᠍ᠢ᠍ᠭᠤᠯᠤᠯᠲᠠ᠎ᠳᠤ ᠥᠪᠡᠷ᠎ᠤᠨ ᠬᠦᠴᠦᠨ ᠴᠢᠳᠠᠯ ᠵᠶ᠋ᠠᠨ ᠵᠣᠷᠢᠭᠤᠯᠬᠤ᠂ ᠤᠯᠠᠮ ᠰᠠᠢ᠍ᠢ᠍ᠨ ᠵᠶ᠋ᠠᠷ ᠦᠨᠳᠦᠰᠦᠲᠡᠨ᠎ᠳᠤ᠎ᠪᠠᠨ ᠦᠢ᠍ᠯᠡᠴᠢᠯᠡᠬᠦ ᠬᠦᠴᠦᠨ ᠵᠣᠷᠢᠭ᠂ ᠬᠠᠷᠢᠭᠤᠴᠠᠬᠤ ᠰᠡᠳᠭᠢᠯᠭᠡ ᠵᠢ ᠨᠡᠮᠡᠭᠳᠡᠭᠦᠯᠵᠦ᠂ ᠣᠷᠤᠨ ᠨᠤᠲᠤᠭ ᠵᠶ᠋ᠠᠨ ᠪᠦᠲᠦᠭᠡᠨ ᠪᠠᠢ᠍ᠢ᠍ᠭᠤᠯᠬᠤ ᠦᠢ᠍ᠯᠡᠰ᠎ᠲᠤ ᠠᠯᠢᠪᠠ᠎ᠪᠠᠨ ᠵᠣᠷᠢᠭᠤᠯᠬᠤ ᠬᠥᠮᠦᠵᠢᠯ᠎ᠢ ᠬᠢᠵᠦ ᠪᠣᠯᠤᠨ᠎ᠠ᠃
      ③ 《ᠮᠦᠭᠡᠷᠥᠦ ᠮᠦᠭᠡᠷᠥᠦ ᠱᠣᠷᠤᠩ ᠬᠠᠳᠠ》 ᠭᠡᠬᠦ ᠠ᠋ᠮᠬᠢᠳᠭᠡᠯ᠎ᠳᠤ ᠵᠣᠬᠢᠶᠠᠭᠴᠢ 《ᠪᠢ》 ᠵᠢᠨ ᠲᠣᠭᠯᠠᠵᠦ ᠥᠰᠦᠭᠰᠡᠨ ᠥᠯᠦᠭᠡᠢ ᠨᠤᠲᠤᠭ᠎ᠤᠨ ᠲᠤᠬᠠᠢ ᠵᠢᠨ ᠦᠶ᠎ᠡ ᠵᠢᠨ ᠪᠠᠢ᠍ᠢ᠍ᠭ᠋ᠠᠯᠢ ᠳᠡᠯᠡᠬᠡᠢ᠂ ᠬᠥᠮᠦᠨ ᠠᠷᠠᠳ᠎ᠤᠨ ᠰᠣᠶᠤᠯ ᠠᠷᠠᠨᠰᠢᠨ᠎ᠢ ᠨᠢᠳᠦᠨ᠎ᠳᠤ ᠦᠵᠡᠭᠳᠡᠵᠦ ᠭᠠᠷ᠎ᠲᠤ ᠪᠠᠷᠢᠭᠳᠠᠲᠠᠯ᠎ᠠ ᠠᠮᠢᠳᠦ ᠳᠦᠷᠰᠦᠯᠢᠭ ᠢᠯᠡᠳᠭᠡᠭᠰᠡᠨ ᠪᠠᠢ᠍ᠢ᠍ᠨ᠎ᠠ᠃ ᠠ᠋ᠭᠦᠨ᠎ᠳᠤ ᠰᠠᠭᠤᠷᠢᠯᠠᠨ ᠰᠤᠷᠤᠭᠴᠢᠳ ᠵᠶ᠋ᠠᠷ ᠥᠪᠡᠷ᠎ᠤᠨ ᠥᠯᠦᠭᠡᠢ ᠨᠤᠲᠤᠭ᠎ᠤᠨ ᠵᠶ᠋ᠠᠨ ᠬᠥᠮᠦᠨ ᠪᠠᠢ᠍ᠢ᠍ᠭ᠋ᠠᠯᠢ ᠵᠢ ᠳᠤᠷᠠᠰᠤᠨ ᠲᠡᠮᠳᠡᠭᠯᠡᠬᠦ ᠬᠥᠳᠡᠯᠪᠦᠷᠢ ᠵᠣᠬᠢᠶᠠᠨ ᠪᠠᠢ᠍ᠢ᠍ᠭᠤᠯᠵᠦ᠂ ᠡ᠊ᠨᠡ ᠭᠦ᠌ ᠬᠥᠳᠡᠯᠪᠦᠷᠢ ᠵᠢ ᠬᠢᠬᠦ᠎ᠪᠠᠷ ᠳᠠᠮᠵᠢᠨ᠂ ᠥᠪᠡᠷ᠎ᠤᠨ ᠥᠯᠦᠭᠡᠢ ᠨᠤᠲᠤᠭ ᠵᠶ᠋ᠠᠨ ᠬᠠᠢ᠍ᠢ᠍ᠷᠠᠯᠠᠬᠤ᠂ ᠤᠯᠤᠰ ᠵᠶ᠋ᠠᠨ ᠬᠠᠢ᠍ᠢ᠍ᠷᠠᠯᠠᠬᠤ ᠬᠥᠮᠦᠵᠢᠯ᠎ᠢ ᠬᠦᠷᠲᠡᠭᠡᠵᠦ ᠪᠣᠯᠤᠨ᠎ᠠ᠃
      (3) ᠬᠠᠢ᠍ᠢ᠍ᠨ ᠰᠦᠪᠡᠭᠴᠢᠯᠡᠵᠦ ᠰᠡᠳᠭᠢᠨ ᠪᠣᠳᠤᠯᠬᠢᠯᠠᠬᠤ
      ① 《ᠬᠣᠯᠠ ᠵᠢᠨ ᠴᠡᠩᠭᠡᠷ ᠲᠤᠤᠺᠢᠣ᠋》᠎ᠳᠤ ᠠ᠋ᠢ᠍ᠢ᠍ᠮᠦ ᠨᠢᠭᠡᠨ ᠬᠡᠰᠡᠭᠯᠡᠯ ᠪᠠᠢ᠍ᠢ᠍ᠳᠠᠬ᠃ 《ᠠ᠋ᠨᠡ ᠬᠣᠶᠠᠷ ᠵᠢᠯ ᠪᠢ ᠮᠠᠨ᠎ᠤ ᠥᠪᠦᠷ ᠮᠣᠩᠭᠤᠯ᠎ᠤᠨ ᠵᠢᠨᠢᠩ᠎ᠠᠴᠠ ᠲᠦᠩᠯᠢᠶᠣᠤ ᠬᠦᠷᠬᠦ ᠲᠡᠮᠦᠷ ᠵᠠᠮ ᠵᠶ᠋ᠠᠷ ᠣᠯᠠᠨ ᠴᠦ᠍ ᠤᠳᠠᠭ᠎ᠠ ᠠᠶᠠᠯᠠᠯ᠎ᠠ᠃ ᠵᠢᠨᠢᠩ᠎ᠠᠴᠠ ᠳ᠋ᠠᠪᠠᠨ ᠬᠦᠷᠬᠦ᠎ᠳᠤ 630 ᠺᠢᠯᠣᠮᠸᠲᠷ ᠵᠠᠢ᠍ᠢ᠍ᠳᠠᠢ᠂ ᠪᠦᠲᠦᠨ ᠬᠣᠷᠢᠨ ᠨᠢᠭᠡᠨ ᠴᠠᠭ ᠶᠠᠪᠤᠳᠠᠭ᠃ ᠠ᠋ᠨᠡ ᠴᠢᠨᠢ ᠰᠢᠨᠺᠠᠨᠰᠢᠶᠠᠨ᠎ᠤ ᠬᠤᠷᠳᠤᠨ ᠲᠡᠷᠭᠡᠨ᠎ᠤ ᠬᠣᠶᠠᠷ ᠴᠠᠭ ᠭᠠᠷᠥᠢ ᠵᠢᠨ ᠵᠠᠮ ᠪᠣᠶᠦ ᠰᠢᠨ᠎ᠡ᠎ᠪᠠᠷ ᠲᠤᠷᠰᠢᠵᠦ ᠪᠠᠢ᠍ᠢ᠍ᠭ᠎ᠠ ᠣᠨᠴᠠ ᠬᠤᠷᠳᠤᠨ ᠲᠡᠷᠭᠡᠨ᠎ᠤ ᠴᠠᠭ ᠢᠯᠡᠭᠦᠬᠡᠨ ᠯᠠ ᠶᠠᠪᠤᠬᠤ ᠭᠠᠵᠠᠷ ᠠᠵᠢ᠃ ᠠ᠋ᠨᠡ ᠪᠣᠯ ᠵᠥᠪᠬᠡᠨ ᠬᠣᠶᠠᠷ ᠭᠠᠵᠠᠷ᠎ᠤᠨ ᠲᠡᠷᠭᠡᠨ᠎ᠤ ᠬᠤᠷᠳᠤᠨ᠎ᠤ ᠵᠥᠷᠢᠶ᠎ᠡ ᠲᠡᠳᠦᠢ ᠪᠢᠰᠢ᠂ ᠰᠢᠨᠵᠢᠯᠡᠬᠦ ᠤᠬᠠᠭ᠋ᠠᠨ᠂ ᠰᠣᠶᠤᠯ᠂ ᠠᠵᠦ ᠠᠬᠤᠢ ᠵᠢᠨ ᠬᠥᠭᠵᠢᠯᠲᠡ ᠵᠢᠨ ᠵᠥᠷᠢᠶ᠎ᠡ ᠶᠤᠮ᠃ ᠡ᠊ᠨᠡ ᠭᠦ᠌ ᠰᠢᠨᠵᠢᠯᠡᠬᠦ ᠤᠬᠠᠭ᠋ᠠᠨ ᠰᠣᠶᠤᠯ᠎ᠤᠨ ᠬᠥᠭᠵᠢᠯᠲᠡ ᠵᠢᠨ ᠵᠥᠷᠢᠶ᠎ᠡ᠎ᠠᠴᠠ ᠪᠣᠯᠵᠦ᠂ ᠬᠥᠮᠦᠨ᠎ᠤ ᠤᠬᠠᠮᠰᠠᠷ᠂ ᠪᠣᠳᠤᠯ ᠰᠡᠳᠭᠢᠬᠦᠢ᠂ ᠴᠠᠭ᠎ᠤᠨ ᠲᠤᠬᠠᠢ ᠦᠵᠡᠯᠲᠡ ᠵᠢᠨ ᠵᠥᠷᠢᠶ᠎ᠡ ᠭᠠᠷᠬᠤ᠎ᠨᠢ ᠵᠠᠢ᠍ᠢ᠍ᠯᠠᠰᠢ ᠦᠭᠡᠢ᠃》 ᠭᠡᠬᠦ ᠬᠡᠰᠡᠭᠯᠡᠯ᠎ᠠᠴᠠ ᠮᠠᠨ᠎ᠤ ᠦᠨᠳᠦᠰᠦᠲᠡᠨ᠂ ᠤᠯᠤᠰ ᠣᠷᠤᠨ᠂ ᠨᠡᠢ᠍ᠢ᠍ᠭᠡᠮ᠎ᠤᠨ ᠬᠥᠭᠵᠢᠯᠲᠡ ᠵᠢᠨ ᠳᠤᠲᠠᠭᠳᠠᠯ ᠵᠶ᠋ᠠᠨ ᠰᠡᠷᠡᠵᠦ᠂ ᠶᠠᠫᠣᠨ ᠤᠯᠤᠰ ᠶᠠᠭ᠋ᠠᠬᠢᠭ᠋ᠠᠳ ᠮᠠᠨ᠎ᠠᠴᠠ ᠢᠯᠠᠭᠦᠦ ᠭᠦᠭᠵᠢᠭᠰᠡᠨ ᠪᠣᠢ ᠭᠡᠬᠦ ᠠᠰᠠᠭᠤᠯᠲᠠ ᠵᠢ ᠰᠤᠷᠤᠭᠴᠢᠳ ᠵᠶ᠋ᠠᠷ ᠰᠡᠳᠭᠢᠨ ᠪᠣᠳᠤᠯᠬᠢᠯᠠᠭᠤᠯᠵᠦ᠂ ᠬᠠᠢ᠍ᠢ᠍ᠨ ᠰᠦᠪᠡᠭᠴᠢᠯᠡᠭᠦᠯᠵᠦ ᠪᠣᠯᠤᠨ᠎ᠠ᠃
      ② 《ᠶᠠᠫᠣᠨ᠎ᠤ ᠬᠤᠪᠢ ᠵᠢᠨ ᠬᠣᠭᠤᠯᠠᠨ ᠭᠡᠷ᠎ᠤᠨ ᠡᠵᠡᠳ ᠮᠠᠨ᠎ᠤ᠎ᠬᠢᠨ᠎ᠤ ᠰᠢᠭ ᠬᠥᠮᠦᠨ ᠵᠠᠷᠤᠭ᠋ᠠᠳ ᠬᠥᠯ ᠰᠣᠯᠪᠢᠵᠦ ᠰᠠᠭᠤᠬᠤ ᠦᠭᠡᠢ᠂ ᠪᠦᠬᠦ ᠠᠵᠢᠯ᠎ᠢ ᠥᠪᠡᠷ ᠵᠶ᠋ᠠᠨ ᠭᠣᠣᠯᠳᠠᠵᠦ ᠭᠦᠢ᠍ᠴᠡᠳᠭᠡᠨ᠎ᠡ᠃ ᠰᠠᠰᠠᠺᠢ ᠠᠪᠤᠭ᠋ᠠᠢ ᠬᠠᠭᠤᠷᠤᠯᠭ᠎ᠠ ᠬᠠᠭ᠋ᠠᠷᠢᠯᠭ᠎ᠠ ᠵᠢ ᠥᠪᠡᠷ ᠵᠶ᠋ᠠᠨ ᠭᠣᠣᠯᠯᠠᠨ ᠬᠢᠵᠦ᠂ ᠶᠠᠭ᠋ᠠᠷᠠᠭᠰᠠᠨ ᠦᠶ᠎ᠡ᠎ᠳᠤ ᠬᠣᠶᠠᠷ ᠭᠤᠷᠪᠠᠨ ᠲᠣᠭᠤᠭ᠎ᠠ ᠵᠢ ᠵᠡᠷᠭᠡ᠎ᠪᠠᠷ ᠬᠥᠳᠡᠯᠭᠡᠵᠦ᠂ ᠳᠤᠮᠳᠠ᠎ᠨᠢ ᠪᠥᠵᠢᠭᠯᠡᠵᠦ ᠪᠠᠢ᠍ᠢ᠍ᠬᠤ ᠰᠢᠬ ᠦᠰᠦᠷᠬᠢᠯᠡᠵᠦ᠂ ᠲᠣᠭᠤᠭ᠎ᠠ ᠰᠢᠨᠠᠭ᠎ᠠ ᠵᠢ ᠫᠠᠷᠴᠢᠭᠢᠨᠠᠭᠤᠯᠵᠦ ᠢᠷᠡᠬᠦ᠎ᠨᠢ ᠦᠨᠡᠬᠡᠷ ᠭᠠᠢ᠍ᠢ᠍ᠬᠠᠵᠦ ᠪᠢᠰᠢᠷᠡᠮᠡᠷ ᠶᠤᠮᠰᠠᠨ᠃》 ᠭᠡᠬᠦ ᠬᠡᠰᠡᠭᠯᠡᠯ᠎ᠠᠴᠠ ᠰᠤᠷᠤᠭᠴᠢᠳ᠎ᠲᠤ ᠬᠣᠭᠤᠯᠠᠨ ᠭᠡᠷ ᠠ᠋ᠷᠬᠢᠯᠡᠵᠦ᠂ ᠠᠵᠢᠯ ᠦᠢ᠍ᠯᠡᠰ ᠪᠣᠰᠬᠠᠬᠤ᠎ᠳᠤ ᠶᠠᠮᠠᠷ ᠰᠢᠦ ᠪᠠᠢ᠍ᠢ᠍ᠪᠠᠯ ᠲᠠᠭ᠋ᠠᠷᠠᠬᠤ ᠪᠣᠢ ᠭᠡᠵᠦ ᠰᠡᠳᠭᠢᠨ ᠪᠣᠳᠤᠯᠬᠢᠯᠠᠭᠤᠯᠵᠦ ᠬᠠᠢ᠍ᠢ᠍ᠨ ᠰᠦᠪᠡᠭᠴᠢᠯᠡᠭᠦᠯᠵᠦ ᠪᠣᠯᠤᠨ᠎ᠠ᠃ ᠭᠠᠳᠠᠭ᠋ᠠᠳᠦ ᠵᠢᠨ ᠬᠣᠭᠤᠯᠠᠨ ᠭᠡᠷ ᠠ᠋ᠷᠬᠢᠯᠡᠬᠦ᠎ᠨᠢ ᠮᠠᠢ᠍ᠢ᠍ᠮᠠᠢ ᠬᠢᠵᠦ ᠠᠰᠢᠭ ᠬᠣᠨᠵᠢᠶ᠎ᠠ ᠣᠯᠬᠤ᠎ᠳᠤ ᠪᠠᠢ᠍ᠢ᠍ᠬᠤ ᠪᠢᠰᠢ᠂ ᠬᠠᠷᠢᠨ ᠥᠪᠡᠷ᠎ᠤᠨ ᠳᠤᠷ᠎ᠠ ᠪᠠᠬ᠎ᠠ᠎ᠲᠠᠢ ᠦᠢ᠍ᠯᠡᠰ ᠵᠶ᠋ᠠᠨ ᠠ᠋ᠷᠬᠢᠯᠡᠵᠦ᠂ ᠣᠶᠤᠨ ᠰᠠᠨᠠᠭ᠋ᠠᠨ᠎ᠤ ᠪᠠᠶᠠᠰᠤᠯ ᠣᠯᠬᠤ ᠵᠢᠨ ᠲᠥᠯᠦᠭᠡ ᠪᠠᠢ᠍ᠢ᠍ᠳᠠᠬ᠃ ᠠ᠋ᠭᠦᠨ᠎ᠠᠴᠠ ᠠᠵᠦ ᠠᠬᠤᠢ᠂ ᠰᠣᠶᠤᠯ᠂ ᠰᠢᠨᠵᠢᠯᠡᠬᠦ ᠤᠬᠠᠭ᠋ᠠᠨ ᠬᠥᠭᠵᠢᠭᠰᠡᠨ ᠤᠯᠤᠰ ᠣᠷᠤᠨ᠎ᠤ ᠬᠥᠮᠦᠰ᠎ᠤᠨ ᠦᠵᠡᠯ ᠤᠬᠠᠮᠰᠠᠷ᠂ ᠪᠣᠳᠤᠯ ᠰᠡᠳᠭᠢᠬᠦᠢ᠎ᠨᠢ ᠴᠦ᠍ ᠳᠠᠭ᠋ᠠᠯᠳᠤᠨ ᠬᠢᠷᠢ ᠵᠡᠷᠭᠡ ᠬᠥᠭᠵᠢᠭᠰᠡᠨ ᠭᠡᠳᠡᠭ᠎ᠢ ᠮᠡᠳᠡᠵᠦ ᠪᠣᠯᠤᠨ᠎ᠠ᠃ ᠠ᠋ᠭᠦᠨ᠎ᠢ ᠮᠡᠳᠡᠬᠦ ᠵᠢᠨ ᠤᠯᠠᠮ ᠵᠶ᠋ᠠᠷ ᠰᠣᠶᠤᠯ ᠬᠥᠮᠦᠨ ᠵᠦᠢ ᠵᠢᠨ ᠬᠠᠷᠠᠭ᠋ᠠᠰᠦ᠎ᠠᠴᠠ ᠬᠠᠢ᠍ᠢ᠍ᠨ ᠰᠦᠪᠡᠭᠴᠢᠯᠡᠯ ᠬᠢᠵᠦ᠂ ᠰᠡᠳᠭᠢᠨ ᠪᠣᠳᠤᠯᠬᠢᠯᠠᠭᠤᠯᠵᠦ ᠪᠣᠯᠤᠨ᠎ᠠ᠃
      (4) ᠥᠪᠡᠷᠮᠢᠴᠡ ᠣᠯᠤᠯᠲᠠ᠎ᠪᠠᠨ ᠬᠤᠪᠢᠶᠠᠯᠴᠠᠬᠤ
      ᠵᠣᠬᠢᠶᠠᠯ᠎ᠠᠴᠠ ᠠᠯᠢ ᠨᠢᠭᠡ ᠬᠡᠰᠡᠭ ᠪᠦᠯᠦᠭ ᠪᠣᠶᠦ ᠠ᠋ᠮᠬᠢᠳᠭᠡᠯ᠎ᠢ ᠤᠩᠰᠢᠭ᠋ᠠᠳ ᠣᠯᠤᠭᠰᠠᠨ ᠲᠥᠷᠦᠭᠳᠡᠯ ᠵᠶ᠋ᠠᠨ ᠲᠤᠭᠤᠢ᠍ᠢ᠍ᠯᠠᠩ᠎ᠳᠤ᠎ᠪᠠᠨ ᠬᠤᠪᠢᠶᠠᠯᠴᠠᠬᠤ᠂ ᠠ᠋ᠰᠡᠭᠦᠯ᠎ᠡ ᠬᠥᠳᠡᠯᠪᠦᠷᠢ᠎ᠠᠴᠠ ᠰᠡᠳᠭᠢᠭᠳᠡᠭᠰᠡᠨ ᠥᠪᠡᠷᠮᠢᠴᠡ ᠣᠯᠤᠯᠲᠠ᠎ᠪᠠᠨ ᠠᠩᠭᠢ ᠵᠢᠨ ᠨᠦᠭᠦᠳ᠎ᠲᠠᠢ᠎ᠪᠠᠨ ᠬᠤᠪᠢᠶᠠᠯᠴᠠᠵᠦ ᠪᠣᠯᠤᠨ᠎ᠠ᠃ ᠢᠩᠭᠢᠪᠡᠯ ᠰᠤᠷᠤᠭᠴᠢᠳ᠎ᠤᠨ ᠭᠠᠭᠴᠠᠭ᠋ᠠᠷ ᠵᠶ᠋ᠠᠨ ᠨᠢᠭᠡ ᠪᠦᠲᠦᠨ ᠨᠣᠮ᠎ᠢ ᠦᠵᠡᠭᠰᠡᠨ᠎ᠠᠴᠠ ᠬᠣᠯᠠ ᠢᠯᠡᠭᠦᠦ ᠠᠰᠢᠭ ᠬᠦᠷᠲᠡᠵᠦ ᠪᠣᠯᠤᠨ᠎ᠠ᠃ ᠲᠥᠷᠦᠭᠳᠡᠯ ᠬᠤᠪᠢᠶᠠᠯᠴᠠᠬᠤ᠎ᠳᠤ ᠵᠥᠪ ᠠ᠋ᠨᠧᠷᠭᠢ᠎ᠲᠠᠢ᠂ ᠨᠦᠭᠦᠳ᠎ᠤᠨ ᠰᠤᠷᠤᠯᠭ᠎ᠠ ᠠᠮᠢᠳᠤᠷᠠᠯ᠎ᠳᠤ ᠬᠦᠴᠦᠨ ᠴᠢᠳᠠᠯ ᠣᠯᠭᠤᠵᠦ ᠴᠢᠳᠠᠬᠤ ᠣᠯᠤᠯᠲᠠ ᠪᠠᠢ᠍ᠢ᠍ᠬᠤ ᠬᠡᠷᠡᠭᠳᠡᠢ᠃ ᠬᠠᠷᠢᠨ ᠭᠠᠵᠢᠭᠤ ᠲᠡᠢ᠍ᠢ᠍ᠰᠢ᠎ᠪᠠᠨ ᠬᠥᠲᠦᠯᠦᠭᠰᠡᠨ ᠰᠥᠭᠡᠷᠭᠦ ᠠ᠋ᠨᠧᠷᠭᠢ᠎ᠲᠠᠢ ᠵᠦᠢ᠍ᠯ ᠪᠠᠢ᠍ᠢ᠍ᠵᠦ ᠪᠣᠯᠬᠤ ᠦᠭᠡᠢ᠃
      (5) ᠠᠮᠲᠠᠷᠬᠠᠨ ᠰᠣᠨᠢᠷᠬᠠᠬᠤ
      《ᠬᠣᠯᠠ ᠵᠢᠨ ᠴᠡᠩᠭᠡᠷ ᠲᠤᠤᠺᠢᠣ᠋》᠎ᠳᠤ ᠠ᠋ᠢ᠍ᠢ᠍ᠮᠦ ᠨᠢᠭᠡᠨ ᠬᠡᠰᠡᠭᠯᠡᠯ ᠪᠠᠢ᠍ᠢ᠍ᠳᠠᠬ᠃
      ① 《ᠶᠠᠭ ᠦᠨᠡᠨ᠎ᠳᠤ᠎ᠪᠠᠨ ᠲᠤᠤᠺᠢᠣ᠋ ᠰᠠᠢ᠍ᠢ᠍ᠬᠠᠨ ᠳ᠋ᠠ᠂ ᠮᠠᠨ᠎ᠤ ᠬᠥᠬᠡᠬᠣᠲᠠ᠎ᠲᠠᠢ ᠬᠠᠷᠢᠴᠠᠭᠤᠯᠬᠤ ᠵᠢᠨ ᠠᠷᠭ᠎ᠠ ᠦᠭᠡᠢ ᠰᠠᠢ᠍ᠢ᠍ᠬᠠᠨ ᠭᠡᠵᠦ ᠬᠡᠯᠡᠵᠦ ᠪᠣᠯᠤᠨ᠎ᠠ᠃ ᠭᠡᠶ᠎ᠡ ᠬᠥᠮᠦᠨ᠎ᠤ ᠨᠤᠲᠤᠭ ᠰᠠᠢ᠍ᠢ᠍ᠬᠠᠨ ᠪᠠᠢ᠍ᠢ᠍ᠭᠰᠠᠨ ᠴᠦ᠍ ᠳᠤᠯᠠᠭ᠋ᠠᠨ ᠦᠭᠡᠢ᠃ ᠪᠣᠷᠤᠯᠵᠢ᠎ᠲᠠᠢ ᠴᠠᠢ᠍ᠢ᠍ᠳᠠᠮ ᠪᠦᠷᠢᠲᠦ᠎ᠲᠠᠢ ᠪᠠᠯᠠᠷ᠎ᠲᠤ᠎ᠨᠢ ᠲᠠᠪᠠᠬᠠᠢ ᠵᠢᠨ ᠣᠷᠤᠮ ᠵᠶ᠋ᠠᠨ ᠲᠠᠮᠠᠭ᠋ᠠᠯᠠᠵᠦ᠂ ᠪᠤᠷᠵᠠᠩᠲᠠᠢ ᠭᠣᠣᠯ᠎ᠳᠤ᠎ᠨᠢ ᠱᠠᠯᠳᠠᠩ ᠨᠠᠭ᠋ᠠᠳᠴᠦ᠂ ᠪᠣᠲᠠᠩᠲᠠᠢ ᠠᠭᠤᠯᠠᠨ᠎ᠳᠤ᠎ᠨᠢ ᠵᠢᠮᠢᠰ ᠲᠡᠭᠦᠵᠦ ᠶᠠᠪᠤᠭᠰᠠᠨ ᠬᠥᠳᠡᠭᠡ ᠵᠢᠨ ᠨᠢᠭᠡ ᠭᠦᠲᠦᠰᠦᠨ᠎ᠤ ᠲᠠᠰᠤᠷᠬᠠᠢ ᠨᠠᠳᠠ᠎ᠳᠤ ᠪᠣᠯ ᠥᠷᠪᠦᠭᠡᠷ ᠪᠠᠢ᠍ᠢ᠍ᠭᠰᠠᠨ ᠴᠦ᠍ ᠡᠵᠢ ᠮᠢᠨᠢ᠂ ᠠ᠋ᠯᠡᠰᠦ ᠪᠠᠢ᠍ᠢ᠍ᠭᠰᠠᠨ ᠴᠦ᠍ ᠨᠤᠲᠤᠭ ᠮᠢᠨᠢ ᠶᠤᠮ ᠳ᠋ᠠ᠃ ᠮᠢᠨᠦ ᠠ᠋ᠬᠡ ᠣᠷᠤᠨ᠂ ᠮᠢᠨᠦ ᠠ᠋ᠯᠢᠭᠡᠨ ᠰᠠᠳᠤᠨ ᠨᠠᠢ᠍ᠢ᠍ᠵᠠ ᠨᠦᠭᠦᠳ᠂ ᠮᠢᠨᠦ ᠠᠷᠢᠭᠤᠨ ᠳᠠᠷᠬᠠᠨ ᠠᠵᠢᠯ ᠦᠢ᠍ᠯᠡᠰ ᠮᠢᠨᠢ ᠡ᠊ᠨᠳᠡ ᠬᠦᠯᠢᠶᠡᠵᠦ ᠪᠠᠢ᠍ᠢ᠍ᠨ᠎ᠠ᠃ ᠠᠭᠤᠤ ᠶᠡᠬᠡ ᠠ᠋ᠷᠡᠯᠬᠡᠭ ᠪᠠᠭ᠋ᠠᠲᠤᠷᠯᠢᠭ ᠮᠥᠷᠲᠡᠭᠡᠨ ᠠᠯᠵᠠᠭᠤ ᠵᠠᠯᠬᠠᠭᠤ ᠳᠣᠷᠤᠢ ᠪᠠᠭᠤᠷᠠᠢ ᠠ᠋ᠨᠡ ᠡᠪᠦᠭᠡᠨ ᠪᠤᠭᠤᠷᠤᠯ ᠦᠨᠳᠦᠰᠦᠲᠡᠨ᠎ᠠᠴᠠ ᠠᠪᠤᠭ᠋ᠠᠳ ᠪᠠᠷᠠᠰᠢ ᠦᠭᠡᠢ ᠠᠪᠴᠠᠭ᠎ᠠ᠎ᠲᠠᠢ ᠥᠭᠭᠦᠭᠡᠳ ᠳᠠᠭᠤᠰᠤᠰᠢ ᠦᠭᠡᠢ ᠥᠭᠴᠡᠭᠡ᠎ᠲᠠᠢ ᠪᠠᠷᠢᠯᠳᠤᠯᠭ᠎ᠠ ᠵᠠᠶᠠᠭ᠎ᠠ᠎ᠲᠠᠢ ᠲᠥᠷᠦᠭᠰᠡᠨ᠎ᠤ ᠬᠤᠪᠢ᠎ᠳᠤ ᠠᠮᠢᠳᠦ᠎ᠳᠤ᠎ᠪᠠᠨ ᠬᠦᠴᠦ᠎ᠪᠠᠨ ᠠ᠋ᠷᠭᠦᠬᠦ ᠠ᠋ᠬᠡ ᠣᠷᠤᠨ ᠠ᠋ᠨᠡ᠂ ᠦᠬᠦᠬᠦ᠎ᠳᠤ᠎ᠪᠠᠨ ᠶᠠᠰᠦ᠎ᠪᠠᠨ ᠲᠠᠯᠪᠢᠬᠤ ᠭᠠᠵᠠᠷ ᠮᠢᠨᠢ ᠴᠦ᠍ ᠠ᠋ᠨᠡ ᠡ᠃ ᠪᠢ ᠶᠠᠭᠤᠨ᠎ᠳᠤ᠎ᠪᠠᠨ ᠬᠥᠮᠦᠨ᠎ᠤ ᠨᠤᠲᠤᠭ᠎ᠲᠤ ᠬᠣᠷᠭᠤᠳᠠᠭ᠋ᠠᠳ ᠪᠠᠢ᠍ᠢ᠍ᠬᠤ           ᠪᠣᠢ?》᠃
      《ᠬᠠᠩᠰᠢᠨ ᠠ᠋ᠳᠦᠷ》᠎ᠲᠤ ᠠ᠋ᠢ᠍ᠢ᠍ᠮᠦ ᠨᠢᠭᠡᠨ ᠬᠡᠰᠡᠭᠯᠡᠯ ᠪᠠᠢ᠍ᠢ᠍ᠳᠠᠬ᠃
      ② 《ᠬᠠᠢ᠍ᠢ᠍ᠷᠠᠲᠦ ᠠᠪᠤ ᠮᠢᠨᠢ ᠮᠠᠨ᠎ᠠᠴᠠ ᠰᠠᠯᠤᠭ᠋ᠠᠳ ᠬᠡᠳᠦᠨ ᠵᠢᠯ ᠪᠣᠯᠴᠢᠬᠠᠵᠠᠢ᠃ ᠠᠢ᠂ ᠣᠨ ᠰᠠᠷ᠎ᠠ ᠭᠡᠭᠴᠢ ᠦᠨᠡᠬᠡᠷ ᠬᠥᠪᠦᠨ ᠨᠡᠭᠦᠬᠦ ᠠ᠋ᠭᠦᠯᠡᠨ᠎ᠤ ᠰᠡᠭᠦᠳᠡᠷ ᠰᠢᠭ ᠶᠤᠮ ᠳ᠋ᠠ᠃ ᠪᠢ ᠬᠣᠯᠠ ᠵᠢᠨ ᠬᠣᠯᠠ᠎ᠳᠤ ᠨᠡᠭᠦᠵᠦ ᠶᠠᠪᠤᠭ᠎ᠠ ᠬᠤᠷᠠᠭ᠋ᠠᠨ ᠴᠠᠭ᠋ᠠᠨ ᠠ᠋ᠭᠦᠯᠡᠰ᠎ᠢ ᠰᠢᠷᠲᠡᠬᠦ᠎ᠳᠤ ᠠᠪᠤ ᠵᠢᠨ ᠮᠢᠨᠢ ᠨᠢᠭᠡ ᠨᠠᠰᠤᠨ᠎ᠤ ᠬᠥᠷᠦᠭ ᠵᠢᠷᠤᠭ ᠠ᠋ᠷᠭᠢᠴᠡᠭᠦᠯᠦᠯ᠎ᠤᠨ ᠬᠥᠰᠢᠭᠡᠨ᠎ᠳᠤ ᠢᠯᠡᠷᠡᠬᠦ ᠰᠢᠭ ᠪᠣᠯᠤᠨ᠎ᠠ᠃ ᠠᠪᠤ᠎ᠳᠤ᠎ᠪᠠᠨ ᠲᠦᠩ ᠲᠦᠯᠡᠰᠢ ᠰᠢᠲᠠᠭ᠋ᠠᠨ᠂ ᠠ᠋ᠷᠭᠦᠯ ᠲᠠᠬᠢᠯᠭ᠎ᠠ ᠠ᠋ᠷᠭᠦᠵᠦ᠂ ᠠ᠋ᠷᠢᠵᠦ ᠮᠥᠷᠦᠭᠡᠳᠴᠦ ᠪᠠᠢ᠍ᠢ᠍ᠭ᠎ᠠ ᠰᠡᠳᠭᠢᠯ ᠬᠠᠢ᠍ᠢ᠍ᠷ᠎ᠠ᠎ᠪᠠᠨ ᠢᠯᠡᠳᠭᠡᠬᠦ ᠵᠢ ᠬᠦᠰᠡᠨ᠎ᠡ᠃ ᠭᠡᠲᠡᠯ᠎ᠡ ᠠ᠋ᠨᠡ ᠬᠣᠲᠠ ᠭᠠᠵᠠᠷ ᠪᠢᠳᠡ ᠪᠠᠰᠠ ᠲᠣᠭᠤᠨᠤᠯᠵᠢᠨ ᠵᠠᠮ᠎ᠤᠨ ᠥᠨᠴᠦᠭ᠎ᠲᠤ ᠣᠴᠢᠵᠦ ᠳᠡᠪᠢᠰᠦᠭᠰᠡᠨ ᠲᠣᠭᠤᠰᠭ᠎ᠠ ᠵᠢ᠎ᠨᠢ ᠬᠠᠷᠠᠯᠠᠲᠠᠯ᠎ᠠ ᠬᠠᠷᠠᠯᠠᠲᠠᠯ᠎ᠠ ᠲᠦᠯᠡᠵᠦ᠂ ᠭᠠᠵᠠᠷ ᠳᠦᠭᠦᠷᠡᠩ ᠬᠣᠭ ᠨᠣᠪᠰᠢ ᠭᠠᠷᠭ᠋ᠠᠯᠲᠠᠢ ᠴᠦ᠍ ᠪᠢᠰᠢ᠃ ᠪᠢ ᠠᠷᠭ᠎ᠠ ᠪᠣᠰᠦ ᠺᠣᠮᠫᠢᠦ᠋ᠲ᠋ᠧᠷ᠎ᠤᠨ ᠵᠶ᠋ᠠᠨ ᠠ᠋ᠮᠦᠨ᠎ᠡ ᠢᠷᠡᠵᠦ᠂ ᠥᠪᠡᠷ᠎ᠤᠨ ᠬᠡᠯᠪᠡᠷᠢ᠎ᠪᠠᠷ ᠵᠶ᠋ᠠᠨ ᠬᠠᠩᠰᠢᠨ ᠠ᠋ᠳᠦᠷ᠎ᠤᠨ ᠦᠢ᠍ᠯᠡ ᠬᠡᠷᠡᠭ᠎ᠲᠤ ᠣᠷᠤᠯᠴᠠᠬᠤ ᠪᠣᠯᠤᠯ᠎ᠠ᠃ ᠬᠠᠢ᠍ᠢ᠍ᠷᠠᠲᠦ ᠠᠪᠤ ᠮᠢᠨᠢ ᠡ᠂ ᠬᠦᠦ ᠴᠢᠨᠢ ᠶᠠᠳᠠᠮᠠᠭ ᠳᠤᠷᠠᠳᠬᠠᠯ ᠵᠶ᠋ᠠᠨ ᠬᠠᠩᠰᠢᠨ ᠠ᠋ᠳᠦᠷ᠎ᠤᠨ ᠲᠠᠬᠢᠯᠭ᠎ᠠ ᠪᠣᠯᠭ᠋ᠠᠨ ᠲᠠᠨ᠎ᠳᠤ᠎ᠪᠠᠨ ᠠ᠋ᠷᠭᠦᠶ᠎ᠡ᠃ ᠮᠥᠨ ᠴᠦ᠍ ᠠᠪᠤ᠎ᠲᠠᠢ ᠠᠳᠠᠯᠢ ᠠᠪᠤ ᠨᠠᠷ᠎ᠲᠤ ᠬᠦᠨᠳᠦᠳᠭᠡᠯ ᠪᠣᠯᠭ᠋ᠠᠨ ᠳᠡᠪᠰᠢᠭᠦᠯᠦᠶ᠎ᠡ》᠃
      ᠠ᠋ᠢ᠍ᠢ᠍ᠮᠦᠷᠬᠦᠦ ᠬᠡᠰᠡᠭᠯᠡᠯ᠎ᠤᠳ᠎ᠢ ᠰᠣᠨᠢᠷᠬᠠᠨ ᠤᠩᠰᠢᠭ᠋ᠠᠳ᠂ ᠬᠥᠮᠦᠨ ᠨᠡᠢ᠍ᠢ᠍ᠭᠡᠮ᠂ ᠰᠣᠶᠤᠯ ᠲᠡᠤᠬᠡ᠂ ᠵᠠᠩ ᠦᠢ᠍ᠯᠡ᠂ ᠦᠨᠳᠦᠰᠦᠲᠡᠨ ᠤᠭᠰᠠᠭ᠋ᠠᠲᠠᠨ᠂ ᠰᠢᠲᠦᠯᠭᠡ ᠪᠢᠰᠢᠷᠡᠯ᠂ ᠥᠯᠦᠭᠡᠢ ᠨᠤᠲᠤᠭ᠎ᠤᠨ ᠲᠤᠬᠠᠢ ᠪᠣᠳᠤᠯᠬᠢᠯᠠᠨ᠂ ᠵᠣᠬᠢᠶᠠᠭᠴᠢ ᠵᠢᠨ ᠪᠢᠷ᠎ᠤᠨ ᠦᠵᠦᠭᠦᠷ᠎ᠠᠴᠠ ᠴᠤᠬᠤᠯᠵᠠᠭᠰᠠᠨ ᠬᠠᠢ᠍ᠢ᠍ᠷ᠎ᠠ ᠰᠡᠳᠭᠢᠯᠭᠡ ᠵᠢ ᠪᠡᠶᠡᠴᠢᠯᠡᠨ ᠮᠡᠳᠡᠷᠡᠵᠦ ᠠᠮᠲᠠᠷᠬᠠᠨ ᠤᠩᠰᠢᠵᠦ ᠪᠣᠯᠤᠨ᠎ᠠ᠃
      (6) ᠬᠦᠰᠦᠨᠦᠭᠵᠢᠭᠦᠯᠵᠦ ᠢᠯᠡᠷᠡᠭᠦᠯᠬᠦ
      ᠦᠨᠡᠯᠡᠯᠲᠡ ᠵᠢᠨ ᠲᠣᠭ᠎ᠠ ᠬᠡᠮᠵᠢᠶ᠎ᠡ
      ᠦᠨᠡᠯᠡᠯᠲᠡ ᠵᠢᠨ ᠪᠠᠷᠢᠮᠵᠢᠶ᠎ᠠ (100 ᠬᠤᠪᠢ)
      A. 100%-85%
      B. 84%-75%
      C. 74%-60%
      D. 60%᠎ᠠᠴᠠ ᠳᠣᠣᠷ᠎ᠠ
      ᠬᠥᠳᠡᠯᠦᠩᠭᠦᠢ ᠵᠢᠨ ᠬᠡᠮᠵᠢᠶ᠎ᠡ
      ᠥᠪᠡᠷ᠎ᠤᠨ ᠳᠤᠷᠠᠰᠢᠯ᠎ᠠᠴᠠ᠎ᠪᠠᠨ ᠤᠩᠰᠢᠭᠰᠠᠨ ᠠ᠋ᠰᠡᠬᠦ (10 ᠬᠤᠪᠢ) ᠥᠪᠡᠷ᠎ᠤᠨ ᠳᠤᠷᠠᠰᠢᠯ᠎ᠠᠴᠠ᠎ᠪᠠᠨ ᠤᠩᠰᠢᠵᠦ᠂ ᠤᠩᠰᠢᠯᠭ᠎ᠠ ᠵᠢᠨ ᠤᠷᠮ᠎ᠠ ᠪᠠᠬ᠎ᠠ ᠥᠨᠳᠦᠷ᠂ ᠬᠥᠳᠡᠯᠦᠩᠭᠦᠢ᠎ᠪᠠᠷ ᠤᠩᠰᠢᠯᠭ᠎ᠠ᠎ᠳᠤ ᠣᠷᠤᠯᠴᠠᠬᠤ; ᠤᠩᠰᠢᠯᠭ᠎ᠠ᠎ᠳᠤ ᠣᠷᠤᠯᠴᠠᠬᠤ ᠦᠭᠡᠢ; ᠠᠯᠪᠠᠳᠠᠯᠭ᠎ᠠ ᠵᠢᠨ ᠳᠣᠣᠷ᠎ᠠ ᠤᠩᠰᠢᠯᠭ᠎ᠠ ᠬᠢᠬᠦ᠃
      ᠮᠡᠳᠡᠯᠭᠡ ᠵᠢ ᠬᠦᠯᠢᠶᠡᠨ ᠠᠪᠬᠤ ᠴᠢᠳᠠᠪᠦᠷᠢ (20 ᠬᠤᠪᠢ) ᠤᠩᠰᠢᠯᠭ᠎ᠠ᠎ᠠᠴᠠ ᠮᠡᠳᠡᠯᠭᠡ ᠵᠢ ᠬᠦᠯᠢᠶᠡᠨ ᠠᠪᠴᠦ ᠴᠢᠳᠠᠬᠤ ᠠ᠋ᠰᠡᠬᠦ᠃
      ᠵᠢᠱ᠌ᠢᠶᠡᠯᠡᠪᠡᠯ᠂ ᠤᠴᠢᠷ ᠶᠠᠪᠤᠳᠠᠯ᠎ᠤᠨ ᠰᠢᠯᠲᠠᠭ᠋ᠠᠨ᠂ ᠦᠨᠭᠭᠡᠷᠡᠯᠳᠠ᠂ ᠦᠷ᠎ᠡ ᠳ᠋ᠦᠩ ᠵᠡᠷᠭᠡ; ᠤᠩᠰᠢᠯᠭ᠎ᠠ ᠵᠢᠨ ᠶᠠᠪᠤᠴᠠ᠎ᠳᠤ ᠠᠶᠠᠨᠳᠠᠭ᠋ᠠᠨ ᠮᠡᠳᠡᠭᠡ ᠵᠠᠩᠭᠢ ᠵᠢ ᠠ᠋ᠮᠬᠢᠳᠭᠡᠨ ᠲᠡᠮᠳᠡᠭᠯᠡᠯ ᠬᠢᠵᠦ ᠴᠢᠳᠠᠬᠤ; ᠤᠩᠰᠢᠯᠭ᠎ᠠ ᠵᠢᠨ ᠶᠠᠪᠤᠴᠠ᠎ᠳᠤ ᠠᠶᠠᠨᠳᠠᠭ᠋ᠠᠨ ᠮᠡᠳᠡᠭᠡ ᠵᠠᠩᠭᠢ ᠵᠢ ᠠ᠋ᠮᠬᠢᠳᠭᠡᠨ ᠲᠡᠮᠳᠡᠭᠯᠡᠯ ᠬᠢᠵᠦ ᠴᠢᠳᠠᠬᠤ ᠦᠭᠡᠢ; ᠤᠩᠰᠢᠯᠭ᠎ᠠ ᠵᠢᠨ ᠶᠠᠪᠤᠴᠠ᠎ᠳᠤ ᠵᠥᠪᠬᠡᠨ ᠴᠣᠬᠤᠯᠲᠠ ᠬᠢᠵᠦ᠂ ᠲᠡᠮᠳᠡᠭᠯᠡᠯ ᠬᠢᠬᠦ ᠦᠭᠡᠢ; ᠤᠩᠰᠢᠯᠭ᠎ᠠ ᠵᠢᠨ ᠶᠠᠪᠤᠴᠠ᠎ᠳᠤ ᠵᠠᠯᠬᠠᠭᠤᠷᠠᠵᠦ ᠴᠣᠬᠤᠯᠲᠠ ᠲᠡᠮᠳᠡᠭᠯᠡᠯ ᠬᠢᠬᠦ ᠦᠭᠡᠢ᠃
      ᠰᠡᠳᠭᠢᠬᠦᠢ ᠵᠢᠨ ᠴᠢᠳᠠᠪᠦᠷᠢ
      ᠤᠩᠰᠢᠯᠭ᠎ᠠ᠎ᠠᠴᠠ ᠠᠰᠠᠭᠤᠳᠠᠯ ᠳᠤᠷᠠᠳᠴᠦ᠂ ᠠᠰᠠᠭᠤᠳᠠᠯ ᠵᠶ᠋ᠠᠨ ᠰᠢᠢ᠍ᠳᠪᠦᠷᠢᠯᠡᠵᠦ ᠴᠢᠳᠠᠬᠤ ᠠ᠋ᠰᠡᠬᠦ; ᠤᠩᠰᠢᠯᠭ᠎ᠠ᠎ᠳᠤ ᠢᠳᠡᠪᠬᠢᠲᠡᠢ ᠠᠰᠠᠭᠤᠳᠠᠯ᠎ᠢ ᠵᠠᠳᠠᠯᠤᠨ᠂ ᠠᠰᠠᠭᠤᠳᠠᠯ᠎ᠢ ᠰᠢᠢ᠍ᠳᠪᠦᠷᠢᠯᠡᠵᠦ ᠴᠢᠳᠠᠬᠤ ᠠ᠋ᠰᠡᠬᠦ; ᠤᠩᠰᠢᠯᠭ᠎ᠠ᠎ᠳᠤ ᠢᠳᠡᠪᠬᠢᠲᠡᠢ ᠠᠰᠠᠭᠤᠳᠠᠯ᠎ᠢ ᠵᠠᠳᠠᠯᠤᠨ᠂ ᠠᠰᠠᠭᠤᠳᠠᠯ᠎ᠢ ᠰᠢᠢ᠍ᠳᠪᠦᠷᠢᠯᠡᠵᠦ ᠴᠢᠳᠠᠬᠤ ᠠ᠋ᠰᠡᠬᠦ; ᠤᠩᠰᠢᠯᠭ᠎ᠠ᠎ᠳᠤ ᠣᠷᠤᠯᠴᠠᠨ ᠪᠠᠭ᠎ᠠ ᠬᠡᠮᠵᠢᠶᠡᠨ᠎ᠤ ᠠᠰᠠᠭᠤᠳᠠᠯ᠎ᠢ ᠳᠤᠷᠠᠳᠴᠦ ᠳᠡᠢ᠍ᠢ᠍ᠯᠦᠨ᠎ᠡ; ᠤᠩᠰᠢᠯᠭ᠎ᠠ᠎ᠳᠤ ᠣᠷᠤᠯᠴᠠᠭᠰᠠᠨ ᠴᠦ᠍ ᠠᠰᠠᠭᠤᠳᠠᠯ ᠳᠤᠷᠠᠳᠴᠦ ᠳᠡᠢ᠍ᠢ᠍ᠯᠬᠦ ᠦᠭᠡᠢ᠃ (10 ᠬᠤᠪᠢ)
      ᠣᠢ᠍ᠢ᠍ᠯᠠᠭ᠋ᠠᠬᠤ ᠴᠢᠳᠠᠪᠦᠷᠢ
      ᠰᠡᠳᠭᠢᠯᠭᠡ ᠵᠢ ᠪᠡᠶᠡᠴᠢᠯᠡᠨ ᠮᠡᠳᠡᠷᠡᠵᠦ᠂ ᠬᠡᠯᠡ ᠬᠡᠯᠡᠯᠭᠡ ᠵᠢᠨ ᠣᠨᠴᠠᠯᠢᠭ᠎ᠢ ᠠᠳᠬᠤᠵᠤ ᠴᠢᠳᠠᠬᠤ ᠠ᠋ᠰᠡᠬᠦ; ᠤᠩᠰᠢᠯᠭ᠎ᠠ ᠵᠢᠨ ᠳᠤᠮᠳᠠ ᠵᠣᠬᠢᠶᠠᠯ᠎ᠤᠨ ᠠᠭᠤᠯᠭ᠎ᠠ ᠵᠢ ᠣᠢ᠍ᠢ᠍ᠯᠠᠭ᠋ᠠᠵᠦ᠂ ᠰᠡᠳᠭᠢᠯᠭᠡ ᠵᠢ ᠮᠡᠳᠡᠷᠡᠵᠦ ᠳᠡᠢ᠍ᠢ᠍ᠯᠬᠦ; ᠬᠡᠯᠡ ᠬᠡᠯᠡᠯᠭᠡ ᠵᠢᠨ ᠣᠨᠴᠠᠯᠢᠭ᠎ᠢ ᠤᠬᠠᠵᠦ᠂ ᠨᠣᠮ᠎ᠤᠨ ᠷᠢᠳᠢ ᠰᠢᠳᠢ ᠵᠢ ᠪᠡᠶᠡᠴᠢᠯᠡᠨ ᠮᠡᠳᠡᠷᠡᠵᠦ᠂ ᠨᠣᠮ᠎ᠳᠤ ᠤᠷᠮ᠎ᠠ ᠪᠠᠬ᠎ᠠ᠎ᠲᠠᠢ ᠪᠤᠯᠬᠤ; ᠤᠩᠰᠢᠯᠭ᠎ᠠ ᠵᠢᠨ ᠳᠤᠮᠳᠠ᠎ᠪᠠᠨ ᠵᠣᠬᠢᠶᠠᠯ᠎ᠤᠨ ᠠᠭᠤᠯᠭ᠎ᠠ ᠵᠢ ᠪᠦᠳᠦᠭᠦᠪᠴᠢ ᠣᠢ᠍ᠢ᠍ᠯᠠᠭ᠋ᠠᠭᠰᠠᠨ ᠴᠦ᠍ ᠨᠣᠮ ᠤᠩᠰᠢᠯᠭ᠎ᠠ ᠵᠢᠨ ᠪᠠᠶᠠᠷ ᠪᠠᠶᠠᠰᠤᠯ᠎ᠢ ᠣᠯᠵᠦ ᠳᠡᠢ᠍ᠢ᠍ᠯᠬᠦ ᠦᠭᠡᠢ; ᠤᠩᠰᠢᠯᠭ᠎ᠠ ᠵᠢᠨ ᠳᠤᠮᠳᠠ᠎ᠪᠠᠨ ᠵᠣᠬᠢᠶᠠᠯ᠎ᠤᠨ ᠠᠭᠤᠯᠭ᠎ᠠ ᠵᠢ ᠣᠢ᠍ᠢ᠍ᠯᠠᠭ᠋ᠠᠵᠦ ᠳᠡᠢ᠍ᠢ᠍ᠯᠬᠦ ᠦᠭᠡᠢ᠂ ᠨᠣᠮ ᠤᠩᠰᠢᠬᠤ ᠳᠤᠷ᠎ᠠ ᠦᠭᠡᠢ᠃ (20 ᠬᠤᠪᠢ)
      ᠮᠠᠲ᠋ᠧᠷᠢᠶᠠᠯ᠎ᠢ ᠠ᠋ᠮᠬᠢᠳᠭᠡᠬᠦ ᠴᠢᠳᠠᠪᠦᠷᠢ
      ᠥᠪᠡᠷᠮᠢᠴᠡ ᠣᠨᠴᠠᠯᠢᠭ᠎ᠲᠠᠢ ᠮᠠᠲ᠋ᠧᠷᠢᠶᠠᠯ᠎ᠢ ᠠ᠋ᠮᠬᠢᠳᠭᠡᠵᠦ ᠴᠢᠳᠠᠬᠤ ᠠ᠋ᠰᠡᠬᠦ᠃ ᠵᠢᠱ᠌ᠢᠶᠡᠯᠡᠪᠡᠯ᠂ ᠰᠡᠳᠭᠢᠬᠦᠢ ᠵᠢᠨ ᠬᠥᠲᠦᠯᠦᠮᠵᠢ ᠵᠢᠨ ᠵᠢᠷᠤᠭ᠂ ᠭᠠᠷ ᠪᠢᠴᠢᠮᠡᠯ ᠰᠣᠨᠢᠨ᠂ ᠭᠣᠢ᠍ᠢ᠍ᠲᠠ ᠰᠠᠢ᠍ᠢ᠍ᠬᠠᠨ ᠦᠭᠡᠰ᠎ᠤᠨ ᠲᠡᠭᠦᠪᠦᠷᠢ᠂ ᠨᠣᠮ ᠤᠩᠰᠢᠭᠰᠠᠨ ᠲᠦᠷᠥᠭᠳᠡᠯ ᠪᠢᠴᠢᠵᠦ ᠴᠢᠳᠠᠬᠤ ᠠ᠋ᠰᠡᠬᠦ᠃  (20 ᠬᠤᠪᠢ) 
      ᠰᠣᠯᠢᠯᠴᠠᠬᠤ ᠴᠢᠳᠠᠪᠦᠷᠢ ᠪᠣᠯᠤᠨ ᠬᠤᠪᠢᠶᠠᠯᠴᠠᠬᠤ ᠴᠢᠳᠠᠪᠦᠷᠢ
      ᠨᠠᠢ᠍ᠢ᠍ᠵᠠ ᠨᠦᠭᠦᠳ᠎ᠲᠠᠢ᠎ᠪᠠᠨ ᠨᠣᠮ ᠤᠩᠰᠢᠭᠰᠠᠨ ᠲᠥᠷᠦᠭᠳᠡᠯ ᠵᠶ᠋ᠠᠨ ᠬᠣᠪᠢᠶᠠᠯᠴᠠᠵᠦ ᠴᠢᠳᠠᠬᠤ ᠠ᠋ᠰᠡᠬᠦ; ᠤᠩᠰᠢᠯᠭ᠎ᠠ ᠵᠢᠨ ᠶᠠᠪᠤᠴᠠ᠎ᠳᠤ ᠢᠳᠡᠪᠬᠢᠲᠡᠢ᠎ᠪᠠᠷ᠂ ᠦᠭᠡ ᠬᠡᠯᠡᠯᠭᠡ ᠲᠤᠪᠴᠢ ᠲᠤᠳᠤᠷᠬᠠᠢ᠎ᠪᠠᠷ ᠪᠤᠰᠤᠳ᠎ᠲᠤ ᠤᠩᠰᠢᠯᠭ᠎ᠠ ᠵᠢᠨ ᠤᠯᠤᠯᠳᠠ᠎ᠪᠠᠨ ᠶᠠᠷᠢᠨ ᠦᠭᠴᠦ ᠴᠢᠳᠠᠬᠤ; ᠤᠩᠰᠢᠯᠭ᠎ᠠ ᠵᠢᠨ ᠶᠠᠪᠤᠴᠠ᠎ᠳᠤ ᠦᠭᠡ ᠬᠡᠯᠡᠯᠭᠡ ᠲᠤᠪᠴᠢ ᠲᠤᠳᠤᠷᠬᠠᠢ᠎ᠪᠠᠷ ᠤᠩᠰᠢᠯᠭ᠎ᠠ ᠵᠢᠨ ᠠᠮᠵᠢᠯᠲᠠ᠎ᠪᠠᠨ ᠶᠠᠷᠢᠵᠤ ᠢᠯᠡᠳᠭᠡᠵᠦ ᠴᠢᠳᠠᠬᠤ ᠦᠭᠡᠢ; ᠤᠩᠰᠢᠯᠭ᠎ᠠ ᠵᠢᠨ ᠶᠠᠪᠤᠴᠠ᠎ᠳᠤ ᠦᠵᠡᠯᠲᠡ ᠲᠠᠨᠢᠯᠲᠠ᠎ᠪᠠᠨ ᠪᠤᠰᠤᠳ᠎ᠲᠠᠢ ᠬᠤᠪᠢᠶᠠᠯᠴᠠᠬᠤ ᠦᠭᠡᠢ᠃ 
       ᠳᠤᠮᠳᠠᠳᠦ ᠪᠠᠭ᠎ᠠ ᠰᠤᠷᠭ᠋ᠠᠭᠤᠯᠢ ᠵᠢᠨ ᠰᠤᠷᠤᠭᠴᠢ ᠵᠢᠨ 《ᠰᠣᠳᠤᠨ ᠪᠦᠲᠦᠭᠡᠯ᠎ᠤᠨ ᠣᠡᠭᠰᠢᠯᠭ᠎ᠠ》᠎ᠳᠤ ᠲᠣᠬᠢᠷᠠᠭᠰᠠᠨ ᠰᠢᠯᠭ᠋ᠠᠯᠲᠠ ᠵᠢᠨ ᠰᠡᠳᠤᠪ ᠭᠠᠷᠭ᠋ᠠᠬᠤ᠎ᠨᠢ ᠮᠠᠨᠤᠰ᠎ᠤᠨ ᠤᠷᠲᠦ ᠬᠤᠭᠤᠴᠠᠭ᠋ᠠᠨ᠎ᠤ ᠰᠤᠳᠤᠯᠭ᠋ᠠᠨ᠎ᠤ ᠶᠠᠪᠤᠴᠠ ᠮᠥᠨ᠃ ᠶᠠᠭ ᠠ᠋ᠢ᠍ᠢ᠍ᠮᠦᠷᠬᠦᠦ ᠬᠠᠷᠠᠯᠲᠠ᠎ᠲᠠᠢ᠂ ᠠᠷᠭ᠎ᠠ ᠠᠪᠴᠠᠯ᠎ᠲᠠᠢ᠂ ᠵᠣᠬᠢᠶᠠᠨ ᠪᠠᠢ᠍ᠢ᠍ᠭᠤᠯᠤᠯᠲᠠ᠎ᠲᠠᠢ᠂ ᠰᠢᠨᠵᠢᠯᠡᠬᠦ ᠤᠬᠠᠭ᠋ᠠᠨᠴᠢ ᠵᠢᠯᠤᠭᠤᠳᠤᠯᠭ᠎ᠠ᠎ᠲᠠᠢ᠂ ᠦᠨᠡᠯᠡᠯᠲᠡ ᠵᠢᠨ ᠰᠢᠰᠲ᠋ᠧᠮ ᠲᠣᠭᠲᠠᠯᠴᠠᠭ᠎ᠠ᠎ᠲᠠᠢ 《ᠰᠣᠳᠤᠨ ᠪᠦᠲᠦᠭᠡᠯ᠎ᠤᠨ ᠣᠡᠭᠰᠢᠯᠭ᠎ᠠ》 ᠵᠢᠨ ᠬᠢᠴᠢᠶᠡᠯᠯᠡᠭᠡ ᠵᠢᠨ ᠰᠡᠳᠤᠪ ᠰᠤᠳᠤᠯᠭ᠋ᠠᠨ ᠬᠢᠬᠦ᠎ᠨᠢ ᠮᠠᠨ᠎ᠤ ᠬᠡᠯᠡ ᠪᠢᠴᠢᠭ᠎ᠤᠨ ᠪᠠᠭᠰᠢ ᠨᠠᠷ᠎ᠤᠨ 《ᠵᠢᠭ᠋ᠠᠬᠤ》᠎ᠨᠢ 《ᠵᠢᠭ᠋ᠠᠬᠤ ᠦᠭᠡᠢ》 ᠵᠢᠨ ᠲᠥᠯᠦᠭᠡ᠎ᠳᠤ ᠦᠢ᠍ᠯᠡᠴᠢᠯᠡᠬᠦ ᠰᠤᠳᠤᠯᠭ᠋ᠠᠨ           ᠮᠥᠨ᠃ ᠮᠥᠨ ᠴᠦ᠍ ᠰᠤᠷᠤᠭᠴᠢᠳ᠎ᠤᠨ ᠨᠠᠰᠤᠨ ᠲᠤᠷᠰᠢᠲᠠ ᠵᠢᠨ ᠰᠤᠷᠤᠯᠴᠠᠬᠤ ᠴᠢᠳᠠᠪᠦᠷᠢ ᠵᠢ ᠬᠥᠮᠦᠵᠢᠭᠦᠯᠵᠦ ᠳᠡᠢ᠍ᠢ᠍ᠯᠬᠦ ᠪᠤᠶᠠᠨᠰᠠᠭ ᠠᠵᠢᠯᠯᠠᠭ᠎ᠠ ᠮᠥᠨ᠃
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠲᠦᠨᠭᠯᠢᠶᠤᠤ ᠬᠤᠳᠠ ᠵᠢᠨ ᠮᠤᠨᠭ᠌ᠭᠤᠯ 
                               ᠦᠨᠳᠤᠰᠤᠳᠠᠨ᠎ᠤ ᠰᠤᠷᠭ᠋ᠠᠭᠤᠯᠢ
                              (ᠠᠯᠳᠠᠨᠰᠦᠢ᠍ᠭᠡ ᠨᠠᠢ᠍ᠢ᠍ᠷᠠᠭᠤᠯᠪᠠ)

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠪᠠᠭ᠎ᠠ ᠰᠤᠷᠭ᠋ᠠᠭᠤᠯᠢ ᠵᠢᠨ ᠲᠤᠤᠷᠠᠳᠤ ᠤᠨ᠎ᠤ 《ᠶᠤᠰᠤ ᠰᠤᠷᠳᠠᠭ᠍ᠤᠨ ᠬᠢᠬᠡᠳ ᠬᠠᠤᠯᠢ᠎ᠪᠠᠷ ᠵᠠᠰᠠᠭ᠍ᠤᠢ》 ᠵᠢᠨ ᠵᠢᠭ᠋ᠠᠨ ᠰᠤᠷᠭ᠋ᠠᠯᠳᠠ ᠲᠤᠮᠳᠠ ᠰᠤᠷᠤᠭᠴᠢᠳ᠎ᠤᠨ ᠦᠬᠡᠰ᠎ᠤᠨ ᠤᠳᠬ᠎ᠠ ᠵᠢᠨ ᠤᠶ᠋ᠢᠯᠠᠭ᠋ᠠᠯᠳᠠ ᠵᠢ ᠬᠡᠷᠬᠢᠨ ᠭᠦᠨᠵᠡᠬᠡᠶ᠋ᠢᠷᠡᠭᠦᠯᠭᠦ ᠲᠤᠬᠠᠢ ᠲᠦᠭᠦᠮ ᠦᠭᠦᠯᠡᠭᠦ᠎ᠨᠢ
ᠲᠤᠭ᠋ᠠᠨ᠎ᠤ ᠤᠬᠠᠭ᠋ᠠᠨ᠎ᠤ ᠬᠢᠴᠢᠶᠡᠯᠯᠡᠭᠡ᠎ᠳᠤ ᠭᠡᠷᠬᠢᠨ ᠪᠠᠶ᠎ᠠ᠎ᠪᠠᠨ ᠲᠠᠭ᠋ᠠᠭ᠋ᠠᠨ ᠰᠤᠷᠴᠤ ᠰᠤᠳᠤᠯᠬᠤ ᠪᠤᠢ
ᠪᠡᠶ᠎ᠡ᠎ᠪᠠᠨ ᠳᠠᠭ᠋ᠠᠭ᠋ᠠᠨ ᠰᠣᠷᠤᠯᠴᠠᠬᠤ ᠵᠢᠭ᠋ᠠᠨ ᠰᠤᠷᠭ᠋ᠠᠯᠲᠠ ᠵᠢᠨ ᠵᠠᠭᠪᠤᠷ᠎ᠢ ᠠᠩᠬ᠎ᠠ ᠳᠤᠮᠳᠠᠳᠤ ᠵᠢᠨ ᠬᠢᠮᠢ ᠵᠢᠨ ᠬᠢᠴᠢᠶᠡᠯ᠎ᠳᠤ ᠬᠡᠷᠡᠭᠵᠢᠭᠦᠯᠦᠭᠰᠡᠨ᠎ᠨᠢ
ᠪᠠᠭ᠎ᠠ ᠰᠤᠷᠭ᠋ᠠᠭᠤᠯᠢ ᠵᠢᠨ ᠲᠣᠭ᠋ᠠᠨ᠎ᠤ ᠤᠬᠠᠭ᠋ᠠᠨ᠎ᠤ ᠬᠢᠴᠢᠶᠡᠯᠯᠡᠭᠡ ᠪᠣᠯᠤᠨ ᠪᠣᠯᠪᠠᠰᠤᠷᠠᠯ ᠳᠠᠪᠲᠠᠯᠭ᠎ᠠ
ᠳᠡᠭᠡᠳᠦ ᠳᠤᠮᠳᠠᠳᠤ ᠵᠢᠨ ᠲᠣᠭ᠋ᠠᠨ᠎ᠤ ᠤᠬᠠᠭ᠋ᠠᠨ᠎ᠤ ᠬᠢᠴᠢᠶᠡᠯ᠎ᠤᠨ ᠪᠦᠲᠦᠮᠵᠢᠲᠡᠶ ᠵᠢᠭ᠋ᠠᠨ ᠰᠤᠷᠭ᠋ᠠᠯᠲᠠ ᠵᠢᠨ ᠠᠷᠭ᠎ᠠ ᠪᠣᠳᠣᠯᠭ᠎ᠠ ᠵᠢᠨ ᠰᠤᠳᠤᠯᠤᠯ
 
             蒙ICP备05000248号