ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠶᠣᠯ ᠣᠯᠠᠮᠵᠢᠯᠠᠯ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠨᠡᠶ᠋ᠢᠲᠡᠯᠡᠭᠰᠡᠨ ᠴᠠᠭ᠄ 2020-01-17

                          ᠳᠦᠯᠭᠡᠴᠢᠨ · ᠪᠠᠳᠤᠬᠡᠰᠢᠭ


      ᠮᠤᠩᠭᠤᠯᠴᠤᠳ ᠠ᠋ᠷᠳᠡ ᠢᠵᠠᠭᠤᠷ᠎ᠠᠴᠠ᠎ᠪᠠᠨ ᠳᠠᠪᠤᠨ ᠬᠤᠰᠢᠭᠤ ᠮᠠᠯ᠎ᠢ ᠭᠠᠷᠰᠢᠭᠤᠯᠤᠨ ᠳᠠᠰᠬᠠᠭᠰᠠᠨ ᠪᠠ ᠤᠷᠳᠤ ᠤᠳᠠᠭ᠋ᠠᠨ ᠬᠤᠭᠤᠴᠠᠭ᠋ᠠᠨ᠎ᠤ ᠮᠠᠯᠵᠢᠬᠤ ᠶᠠᠪᠤᠴᠠ᠎ᠳᠤ᠎ᠪᠠᠨ ᠮᠠᠯ ᠠᠵᠤ ᠠᠬᠤᠢ ᠵᠢᠨ ᠠᠷᠠᠴᠢᠯᠠᠯ ᠳᠤᠳᠤᠮᠯᠠᠯ᠎ᠤᠨ ᠠᠷᠭ᠎ᠠ ᠮᠡᠷᠭᠡᠵᠢᠯ᠂ ᠮᠠᠯᠵᠢᠯ᠎ᠤᠨ ᠤᠨᠴᠠᠯᠢᠭ ᠭᠡᠯᠪᠡᠷᠢ᠂ ᠠᠡᠭ ᠠᠩᠨᠠᠯ᠂ ᠠ᠋ᠭᠡ ᠪᠠᠶ᠋ᠢᠭ᠋ᠠᠯᠢ ᠵᠢᠨ ᠤᠯᠠᠷᠢᠨ ᠬᠤᠪᠢᠷᠠᠭ᠍ᠤ ᠵᠢᠮ᠎ᠡ ᠶᠤᠰᠤ ᠁ ᠵᠡᠷᠭᠡ ᠵᠢᠨ ᠳᠤᠬᠠᠢ ᠮᠠᠰᠢ ᠦᠷᠭᠡᠨ ᠳᠡᠯᠭᠡᠷ ᠮᠡᠳᠡᠯᠭᠡ ᠳᠤᠷᠰᠢᠯᠭ᠎ᠠ ᠵᠢ ᠬᠤᠷᠠᠮᠳᠤᠭᠤᠯᠤᠨ᠂ ᠠ᠋ᠷᠭᠢᠮ ᠨᠠᠨᠳᠢᠨ ᠦᠪ ᠰᠤᠶᠤᠯ᠂ ᠰᠢᠯᠢᠳᠡᠭ ᠰᠠᠶ᠋ᠢᠬᠠᠨ ᠠᠮᠢᠳᠤᠷᠠᠯ᠎ᠤᠨ ᠶᠤᠰᠤ ᠵᠠᠩᠰᠢᠯ᠎ᠢ ᠠ᠋ᠭᠦᠳᠤᠨ ᠪᠦᠳᠤᠭᠡᠵᠤ᠂ ᠦᠶ᠎ᠡ ᠵᠢᠨ ᠦᠶ᠎ᠡ᠎ᠳᠤ᠎ᠪᠠᠨ ᠦᠷ᠎ᠡ ᠬᠤᠶ᠋ᠢᠴᠢᠰ᠎ᠲᠤ᠎ᠪᠠᠨ ᠦᠪᠯᠡᠨ ᠦᠯᠡᠳᠡᠭᠡᠵᠤ᠂ ᠴᠢᠩᠭ᠎ᠠ ᠵᠢᠷᠤᠮᠯᠠᠨ ᠤᠯᠠᠮᠵᠢᠯᠠᠨ ᠪᠠᠶᠠᠯᠢᠬ᠍ᠵᠢᠭᠤᠯᠤᠭᠰᠠᠭ᠋ᠠᠷ ᠢᠷᠡᠭᠰᠡᠨ ᠪᠠᠶ᠋ᠢᠨ᠎ᠠ᠃ ᠮᠤᠩᠭᠤᠯᠴᠤᠳ ᠮᠠᠯ ᠠᠬᠤᠢ᠎ᠪᠠᠨ ᠨᠢᠳᠤᠨ᠎ᠤ ᠴᠡᠴᠡᠭᠡᠢ ᠮᠡᠳᠤ ᠠ᠋ᠨᠡᠷᠢᠨ ᠬᠠᠶ᠋ᠢᠷᠠᠯᠠᠵᠤ ᠦᠰᠭᠡᠨ ᠪᠤᠶ᠋ᠢᠵᠢᠭᠤᠯᠳᠠᠭ ᠤᠴᠢᠷ᠎ᠠᠴᠠ ᠮᠠᠯ᠎ᠢ ᠵᠠᠷᠤᠬᠤ᠎ᠳᠤ᠎ᠪᠠᠨ ᠦᠭᠦᠴᠡᠯᠡᠭᠦ᠂ ᠱᠦᠯᠤ ᠤᠤᠭᠤᠬᠤ ᠪᠤᠶᠤ ᠭᠠᠷᠭ᠋ᠠᠬᠤ ᠁ ᠭᠡᠭᠦ ᠵᠡᠷᠭᠡ᠎ᠪᠠᠷ ᠭᠡᠯᠡᠵᠦ᠂ ᠠᠯᠠᠭ᠍ᠤ᠂ ᠭᠢᠳᠤᠬᠤ ᠮᠡᠳᠤ ᠵᠢᠨ ᠪᠦᠳᠤᠭᠦᠯᠢᠭ ᠭᠡᠯᠡ ᠭᠡᠯᠡᠯᠭᠡ ᠵᠢ ᠴᠢᠩᠭ᠎ᠠ ᠴᠡᠭᠡᠷᠯᠡᠳᠡᠭ ᠶᠤᠰᠤᠨ ᠪᠤᠢ᠃ ᠡ᠊ᠨᠳᠡ ᠵᠦᠪᠬᠡᠨ ᠮᠤᠩᠭᠤᠯᠴᠤᠳ᠎ᠤᠨ ᠮᠠᠯ᠎ᠤᠨ ᠮᠢᠬ᠎ᠠ ᠵᠢ ᠮᠦᠴᠢᠯᠡᠭᠦ᠂ ᠴᠢᠨᠠᠭᠰᠠᠨ᠎ᠤ ᠬᠤᠶ᠋ᠢᠨ᠎ᠠ ᠶᠠᠰᠤ ᠮᠦᠯᠵᠢᠭᠦ ᠪᠠ ᠲᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ ᠭᠢᠭᠡᠳ ᠵᠠᠩ ᠤᠶ᠋ᠢᠯᠡ ᠵᠢᠨ ᠳᠤᠬᠠᠢ ᠶᠠᠷᠢᠶ᠎ᠠ᠃

      ᠮᠤᠩᠭᠤᠯᠴᠤᠳ ᠠᠵᠢᠯᠴᠢ ᠭᠦᠳᠡᠯᠮᠤᠷᠢᠴᠢ ᠮᠦᠷᠳᠡᠭᠡᠨ ᠭᠦᠳᠡᠯᠮᠤᠷᠢ ᠵᠢᠨ ᠦᠷ᠎ᠡ ᠪᠦᠳᠤᠭᠡᠯ ᠵᠶ᠋ᠠᠨ ᠮᠠᠰᠢ ᠨᠠᠨᠳᠢᠭᠡᠨᠡ ᠬᠠᠶ᠋ᠢᠷᠠᠯᠠᠳᠠᠭ ᠦᠨᠳᠤᠰᠤᠳᠡᠨ ᠪᠢᠯᠡ᠃ ᠠ᠋ᠶ᠋ᠢᠮᠤ᠎ᠠᠴᠠ ᠮᠠᠯ᠎ᠤᠨ ᠪᠤᠶᠤ ᠠᠡᠭ ᠭᠦᠷᠤᠭᠡᠰᠤ ᠵᠢᠨ ᠮᠢᠬ᠎ᠠ ᠵᠢ ᠢᠳᠡᠭᠦ᠎ᠳᠤ᠎ᠪᠠᠨ ᠴᠦ᠍ ᠭᠡᠰᠢᠭ᠎ᠢ᠎ᠨᠢ ᠲᠡᠭᠷᠢ ᠭᠠᠵᠠᠷ᠂ ᠭᠠᠯ ᠳᠤᠯᠭ᠎ᠠ᠎ᠳᠤ᠎ᠪᠠᠨ ᠠ᠋ᠷᠭᠦᠭᠦ᠂ ᠶᠠᠰᠤ ᠵᠢ᠎ᠨᠢ ᠴᠡᠪᠡᠷ ᠴᠡᠮᠴᠡᠭᠡᠷ ᠮᠦᠯᠵᠢᠵᠤ ᠳᠠᠯᠪᠢᠳᠠᠭ ᠵᠠᠩ ᠵᠠᠩᠰᠢᠯ᠎ᠲᠠᠢ᠃ ᠨᠡᠩ ᠴᠦ᠍ ᠨᠠᠮᠤᠷ ᠡᠪᠤᠯ᠎ᠤᠨ ᠴᠢᠨᠠᠵᠤ ᠢᠳᠡᠭᠰᠡᠨ ᠶᠠᠰᠤ᠎ᠪᠠᠨ ᠴᠡᠪᠡᠷᠭᠡᠨ ᠬᠤᠷᠢᠶᠠᠵᠤ ᠬᠠᠩᠰᠢ᠎ᠠᠴᠠ ᠠ᠋ᠮᠤᠨ᠎ᠡ ᠵᠢᠵᠢᠭᠬᠡᠨ ᠭᠡᠰᠡᠭᠯᠡᠨ ᠪᠠᠯᠪᠠᠯᠠᠵᠤ ᠴᠢᠨᠠᠭ᠋ᠠᠳ ᠳᠤᠰᠤ ᠵᠢ᠎ᠨᠢ ᠠᠪᠴᠤ ᠱᠦᠯᠤ ᠵᠢ᠎ᠨᠢ ᠤᠤᠭᠤᠳᠠᠭ ᠮᠦᠷᠳᠡᠭᠡᠨ ᠶᠠᠳᠠᠷ ᠳᠤᠷᠤᠢ ᠮᠠᠯ᠎ᠳᠤ᠎ᠪᠠᠨ ᠦᠭᠭᠦ ᠶᠤᠰᠤ ᠪᠠᠶ᠋ᠢᠳᠠᠭ᠃ 《ᠮᠢᠬ᠎ᠠ ᠵᠢ ᠮᠢᠨᠢ ᠢᠳᠡᠭᠦ᠎ᠪᠠᠷ ᠢᠳᠡ! ᠶᠠᠰᠤ ᠵᠢ ᠮᠢᠨᠢ ᠰᠠᠶ᠋ᠢᠬᠠᠨ ᠮᠦᠯᠵᠢᠵᠤ ᠳᠠᠯᠪᠢ》 ᠭᠡᠵᠤ ᠮᠠᠯ᠎ᠨᠢ ᠡᠵᠡᠨ᠎ᠳᠤ᠎ᠪᠠᠨ ᠭᠤᠶᠤᠨ ᠳᠠᠭ᠋ᠠᠳᠬᠠᠳᠠᠭ ᠭᠡᠳᠡᠭ ᠭᠡᠯᠡᠯᠭᠡ ᠪᠠᠶ᠋ᠢᠳᠠᠭ᠎ᠠᠴᠠ ᠡᠵᠡᠨ᠎ᠨᠢ ᠴᠦ᠍ ᠠᠯᠢ ᠪᠤᠯᠬᠤᠷ ᠴᠡᠪᠡᠷ ᠠᠷᠢᠭᠤᠨ ᠰᠢᠢ᠍ᠳᠪᠦᠷᠢᠯᠡᠳᠡᠭ ᠪᠠᠶ᠋ᠢᠨ᠎ᠠ᠃ ᠮᠤᠩᠭᠤᠯᠴᠤᠳ ᠠᠯᠢ ᠴᠦ᠍ ᠴᠠᠭ ᠦᠶ᠎ᠡ᠎ᠳᠤ ᠮᠠᠯ ᠵᠠᠷᠤᠬᠤ᠎ᠳᠤ᠎ᠪᠠᠨ ᠶᠡᠷᠤ᠎ᠠᠴᠠ ᠦᠶ᠎ᠡ ᠮᠦᠴᠢ᠎ᠪᠠᠷ᠎ᠨᠢ ᠨᠠᠷᠢᠯᠢᠬ ᠦᠶᠡᠯᠡᠨ ᠰᠠᠯᠭ᠋ᠠᠵᠤ᠂ ᠭᠦᠵᠤᠭᠦᠤ᠂ ᠰᠤᠭᠤ ᠴᠠᠪᠢ ᠵᠢᠨ ᠪᠤᠯᠴᠢᠷᠬᠠᠢ ᠵᠢ ᠰᠠᠶ᠋ᠢᠬᠠᠨ ᠠᠪᠴᠤ ᠬᠠᠶᠠᠳᠠᠭ᠃ ᠮᠦᠨ ᠴᠦ᠍ ᠮᠦᠴᠢ ᠪᠦᠷᠢ᠎ᠠᠴᠠ ᠳᠡᠭᠡᠵᠢᠯᠡᠨ ᠲᠡᠭᠷᠢ ᠭᠠᠵᠠᠷ᠂ ᠳᠡᠭᠡᠳᠤᠰ᠎ᠤᠨ ᠰᠦᠭ ᠰᠦᠨᠡᠰᠤ᠎ᠳᠤ ᠠ᠋ᠷᠭᠦᠵᠤ᠂ ᠢᠷᠤᠭᠡᠯ ᠳᠠᠭ᠋ᠠᠳᠬᠠᠯ ᠬᠢᠬᠦ ᠪᠦᠭᠡᠳ ᠪᠡᠯᠭᠡ ᠳᠡᠮᠪᠡᠷᠢᠯ ᠦᠭᠡᠢ ᠵᠤᠶ᠋ᠢᠯ᠎ᠢ ᠴᠢᠩᠭ᠎ᠠ ᠴᠡᠭᠡᠷᠯᠡᠳᠡᠭ᠎ᠨᠢ ᠮᠤᠩᠭᠤᠯᠴᠤᠳ᠎ᠤᠨ ᠭᠦᠳᠡᠯᠮᠤᠷᠢ ᠵᠢᠨ ᠦᠷ᠎ᠡ ᠪᠦᠳᠤᠭᠡᠯ ᠵᠶ᠋ᠠᠨ ᠬᠠᠶ᠋ᠢᠷᠠᠯᠠᠬᠤ᠎ᠪᠠᠷ ᠪᠠᠷᠠᠭ᠍ᠤ ᠦᠭᠡᠢ ᠲᠡᠭᠷᠢ ᠭᠠᠵᠡᠷ᠂ ᠠ᠋ᠭᠡ ᠪᠠᠶ᠋ᠢᠭ᠋ᠠᠯᠢ᠎ᠠᠴᠠ ᠢᠪᠡᠭᠡᠭᠰᠡᠨ ᠮᠠᠯ᠎ᠤᠨ ᠭᠡᠰᠢᠭ ᠪᠤᠶᠠᠨ ᠵᠶ᠋ᠠᠨ ᠳᠡᠭᠡᠳᠤᠯᠡᠵᠤ᠂ ᠬᠠᠶ᠋ᠢᠷᠠᠯᠠᠭ᠍ᠤ ᠬᠠᠮᠠᠭ᠋ᠠᠯᠠᠭ᠍ᠤ ᠭᠢᠭᠡᠳ ᠠ᠋ᠷᠡᠭᠦᠯ ᠠ᠋ᠩᠭᠡ᠂ ᠠᠮᠤᠷ ᠳᠠᠶ᠋ᠢᠪᠤᠡᠭ ᠠᠮᠢᠳᠤᠷᠠᠯ᠎ᠢ ᠭᠦᠰᠠᠮᠵᠢᠯᠡᠨ᠂ ᠤᠷᠴᠢᠨ ᠳᠤᠭᠤᠷᠢᠨ ᠵᠶ᠋ᠠᠨ ᠴᠡᠪᠡᠷ ᠠᠷᠢᠭᠤᠨ ᠪᠠᠶ᠋ᠢᠯᠭ᠋ᠠᠬᠤ ᠵᠢ ᠠ᠋ᠷᠭᠢᠮᠯᠡᠨ᠂ ᠭᠦᠮᠤᠨ ᠵᠤᠨ᠎ᠨᠢ ᠪᠠᠶ᠋ᠢᠭ᠋ᠠᠯᠢ᠎ᠲᠠᠢ᠎ᠪᠠᠨ ᠬᠠᠮᠤᠭ ᠳᠡᠭᠡᠳᠤ ᠭᠡᠮᠵᠢᠶ᠎ᠡ᠎ᠪᠠᠷ ᠵᠤᠭᠢᠴᠠᠨ᠂ ᠤᠭᠢ ᠰᠠᠶ᠋ᠢᠨ ᠰᠢᠮ᠎ᠡ ᠲᠡᠵᠢᠭᠡᠯ᠎ᠢ ᠭᠦᠷᠳᠡᠨ ᠠᠮᠢᠳᠤᠷᠠᠭᠰᠠᠨ᠎ᠤ ᠭᠢᠨᠢ ᠪᠤᠳᠠᠳᠤ ᠢᠯᠡᠷᠡᠯ ᠪᠤᠯᠬᠤ ᠶᠤᠮ᠃ 《ᠶᠠᠰᠤ ᠮᠦᠯᠵᠢᠭᠡᠳ ᠴᠠᠳᠬᠤ ᠦᠭᠡᠢ᠂ ᠶᠠᠯ᠎ᠠ ᠢᠳᠡᠭᠡᠳ ᠪᠠᠶᠠᠵᠢᠬᠤ ᠦᠭᠡᠢ》 ᠭᠡᠳᠡᠭ ᠪᠤᠯᠪᠠᠴᠤ ᠢᠳᠡᠰᠢᠨ ᠮᠠᠯ᠎ᠤᠨ ᠶᠠᠰᠤ ᠵᠢ ᠮᠦᠯᠵᠢᠭᠦ᠎ᠨᠢ ᠮᠤᠩᠭᠤᠯᠴᠤᠳ᠎ᠤᠨ ᠨᠢᠭᠡ ᠶᠤᠰᠤᠨ᠎ᠤ ᠴᠢᠬᠤᠯᠠ ᠠ᠋ᠭᠦᠷᠭᠡ ᠪᠠ ᠠᠮᠢᠳᠤᠷᠠᠯ᠎ᠤᠨ ᠭᠢᠨᠢ ᠵᠠᠩ ᠳᠠᠳᠬᠠᠯ ᠪᠤᠯᠵᠤ ᠭᠡᠪᠰᠢᠭᠰᠡᠨ ᠪᠠᠶ᠋ᠢᠨ᠎ᠠ᠃

      ᠤᠤᠯ᠎ᠳᠤ᠎ᠪᠠᠨ ᠮᠤᠩᠭᠤᠯᠴᠤᠳ᠎ᠤᠨ ᠠ᠋ᠳᠤᠷ ᠳᠤᠳᠤᠮ᠎ᠤᠨ ᠢᠳᠡᠭᠡᠨ᠎ᠨᠢ ᠦᠨᠳᠤᠰᠤᠨ᠎ᠳᠤ᠎ᠪᠠᠨ ᠮᠢᠬ᠎ᠠ᠎ᠪᠠᠷ ᠭᠤᠤᠯ ᠪᠤᠯᠭ᠋ᠠᠳᠠᠭ ᠪᠠᠢ᠍ᠢ᠍ᠵᠠᠢ᠃ ᠤᠯᠠᠩᠭᠢ᠎ᠳᠤ᠎ᠪᠠᠨ ᠮᠠᠯ᠎ᠤᠨ ᠮᠢᠬ᠎ᠠ᠂ ᠠᠡᠭ᠎ᠤᠨ ᠮᠢᠬ᠎ᠠ ᠭᠡᠳ ᠵᠢᠯ᠎ᠤᠨ ᠳᠦᠷᠪᠡᠨ ᠤᠯᠠᠷᠢᠯ᠎ᠳᠤ ᠪᠠᠷᠤᠭ ᠤᠯᠠᠭ᠋ᠠᠨ ᠴᠠᠭ᠋ᠠᠨ ᠢᠳᠡᠭᠡᠨ ᠵᠶ᠋ᠠᠷ ᠦᠩᠭᠡᠷᠡᠭᠡᠵᠤ ᠪᠠᠶ᠋ᠢᠭᠰᠠᠨ ᠳᠤᠬᠠᠢ ᠠ᠋ᠯᠪᠡᠭ ᠳᠡᠯᠪᠡᠭ ᠲᠡᠮᠳᠡᠭᠯᠡᠯ ᠪᠤᠢ᠃ ᠮᠠᠯ᠎ᠤᠨ ᠮᠢᠬ᠎ᠠ᠂ ᠠᠡᠭ᠎ᠤᠨ ᠮᠢᠬ᠎ᠠ ᠵᠢ ᠢᠳᠡᠭᠦ᠎ᠳᠤ ᠮᠠᠰᠢ ᠤᠯᠠᠨ ᠭᠡᠯᠡᠴᠡ ᠪᠤᠶᠤ ᠴᠡᠭᠡᠷ ᠶᠤᠰᠤ᠎ᠲᠠᠢ ᠪᠠᠶ᠋ᠢᠳᠠᠭ ᠪᠠ ᠮᠠᠯ᠎ᠤᠨ ᠶᠠᠰᠤ ᠪᠦᠷᠢ᠎ᠳᠤ ᠲᠤᠬᠢᠷᠠᠭᠰᠠᠨ ᠭᠡᠯᠡ ᠭᠡᠯᠡᠯᠭᠡ᠂ ᠴᠡᠭᠡᠷ ᠶᠤᠰᠤᠨ ᠪᠠᠶ᠋ᠢᠳᠠᠭ ᠤᠴᠢᠷ᠎ᠠᠴᠠ ᠶᠠᠰᠤ ᠵᠢ ᠨᠠᠷᠢᠯᠢᠬ ᠰᠠᠶ᠋ᠢᠬᠠᠨ ᠮᠦᠯᠵᠢᠭᠦ ᠭᠡᠷᠡᠭᠳᠡᠢ ᠪᠠᠶ᠋ᠢᠳᠠᠭ᠃ ᠶᠠᠰᠤ ᠮᠦᠯᠵᠢᠨ᠎ᠠ ᠭᠡᠳᠡᠭ᠎ᠨᠢ ᠭᠡᠯᠡᠭᠦ᠎ᠳᠤ ᠠᠮᠠᠷᠬᠠᠨ᠂ ᠭᠢᠭᠦ᠎ᠳᠤ ᠭᠦᠴᠢᠷ ᠠᠵᠢᠯ ᠪᠤᠯᠤᠨ᠎ᠠ᠃ ᠮᠠᠯ᠎ᠤᠨ ᠳᠤᠯᠤᠭ᠋ᠠᠢ ᠰᠢᠭᠢᠷ᠎ᠡ᠎ᠨᠢ ᠠ᠋ᠯᠪᠡᠭ ᠪᠠᠶᠠᠯᠢᠭ ᠰᠢᠮ᠎ᠡ ᠳᠡᠵᠢᠭᠡᠯ᠎ᠲᠠᠢ ᠳᠤᠯᠠ ᠮᠠᠰᠢ ᠭᠦᠨᠳᠤᠳᠭᠡᠳᠡᠭ᠃ ᠨᠡᠩ ᠴᠦ᠍ ᠰᠢᠭᠦᠰᠤᠨ᠎ᠤ ᠳᠤᠯᠤᠭ᠋ᠠᠢ ᠵᠢ ᠮᠠᠩᠨᠠᠢ ᠳᠡᠭᠡᠷ᠎ᠡ᠎ᠨᠢ ᠰᠠᠷᠠᠨ ᠭᠡᠯᠪᠡᠷᠢ᠎ᠲᠠᠢ ᠭᠦᠨᠳᠡᠭᠡᠳ ᠳᠡᠭᠡᠷ᠎ᠡ᠎ᠨᠢ ᠰᠢᠷ᠎ᠠ ᠳᠤᠰᠤ ᠪᠤᠶᠤ ᠤᠭᠤᠷᠠᠭ ᠰᠡᠭᠦᠯ᠎ᠠᠴᠠ᠎ᠨᠢ ᠪᠢᠴᠢᠬᠠᠨ ᠬᠠᠯᠢᠵᠤ ᠤᠭᠳᠤᠯᠳ ᠳᠠᠯᠪᠢᠵᠤ᠂ ᠳᠦᠷᠤᠯ ᠳᠠᠶᠠᠭ᠋ᠠᠷ᠎ᠲᠤ 《ᠳᠦᠭᠡᠯ》 ᠭᠡᠮᠡᠨ ᠠᠮᠰᠠᠭᠤᠯᠳᠠᠭ ᠶᠤᠰᠤᠳᠠᠢ ᠪᠢᠯᠡ᠃ ᠳᠤᠯᠤᠭ᠋ᠠᠢ ᠵᠢ ᠭᠠᠯ᠎ᠳᠤ ᠬᠤᠶ᠋ᠢᠬᠠᠯᠠᠭ᠍ᠤ ᠪᠤᠶᠤ ᠪᠤᠴᠠᠯᠤᠭᠰᠠᠨ ᠤᠰᠤ᠎ᠪᠠᠷ ᠵᠤᠮᠠᠯᠳᠠᠭ᠃ ᠳᠤᠯᠤᠭ᠋ᠠᠢ ᠵᠢ ᠴᠢᠨᠠᠭ᠍ᠤ᠎ᠳᠤ᠎ᠪᠠᠨ 《ᠳᠤᠯᠤᠭ᠋ᠠᠢ ᠰᠢᠭᠢᠷ᠎ᠡ᠎ᠲᠠᠢ᠎ᠪᠠᠨ ᠳᠤᠭᠤᠭ᠎ᠠ ᠳᠦᠭᠦᠷᠤᠨ᠎ᠡ》 ᠭᠡᠮᠠᠨ ᠪᠠᠯᠭᠡᠰᠢᠶᠡᠨ ᠢᠷᠤᠭᠡᠳᠡᠭ᠃ ᠳᠤᠯᠤᠭ᠋ᠠᠢ ᠢᠳᠡᠭᠦ ᠵᠢ ᠮᠤᠩᠭᠤᠯᠴᠤᠳ ᠮᠠᠰᠢ ᠠ᠋ᠷᠭᠢᠮᠯᠡᠨ ᠭᠦᠨᠳᠤᠳᠭᠡᠳᠡᠭ ᠤᠴᠢᠷ ᠴᠡᠪᠡᠷ ᠰᠠᠶ᠋ᠢᠬᠠᠨ ᠮᠦᠯᠵᠢᠵᠤ ᠰᠠᠳᠠᠷᠬᠠᠢ᠂ ᠳᠠᠷᠢᠭᠢ ᠭᠡᠳ ᠤᠷᠭᠢᠯ ᠦᠭᠡᠢ ᠢᠳᠡᠳᠡᠭ᠂ ᠬᠠᠷᠢᠨ ᠴᠢᠭᠢ᠂ ᠨᠢᠳᠤ ᠵᠢ ᠬᠤᠪᠢᠶᠠᠵᠤ ᠢᠳᠡᠭᠦ ᠵᠢ ᠴᠡᠭᠡᠷᠯᠡᠨ᠎ᠡ᠃ ᠠᠶᠠᠨ ᠵᠢᠩ ᠪᠤᠶᠤ ᠵᠠᠮ᠎ᠤᠨ ᠭᠦᠮᠤᠨ᠎ᠳᠤ ᠴᠢᠨᠠᠭᠰᠠᠨ ᠳᠤᠯᠤᠭ᠋ᠠᠢ ᠳᠠᠭ᠋ᠠᠷᠠᠪᠡᠯ ᠶᠠᠪᠤᠳᠠᠯ ᠤᠴᠢᠷ ᠪᠦᠳᠤᠮᠵᠢ᠎ᠲᠠᠢ ᠪᠤᠯᠤᠨ᠎ᠠ ᠭᠡᠮᠡᠨ ᠮᠠᠰᠢ ᠪᠡᠯᠭᠡᠰᠢᠶᠡᠳᠡᠭ᠃ ᠭᠠᠳᠠᠨ᠎ᠠ ᠵᠢᠨ ᠭᠦᠮᠤᠨ᠎ᠳᠤ ᠨᠢᠳᠤ ᠴᠢᠭᠢ ᠵᠢ᠎ᠨᠢ ᠭᠦᠨᠳᠡᠭᠰᠡᠨ ᠳᠤᠯᠤᠭ᠋ᠠᠢ ᠵᠢ ᠳᠠᠯᠪᠢᠳᠠᠭ ᠦᠭᠡᠢ ᠴᠡᠭᠡᠷ ᠪᠤᠢ᠃ ᠳᠤᠯᠤᠭ᠋ᠠᠢ ᠵᠢ ᠮᠦᠯᠵᠢᠭᠰᠡᠨ᠎ᠤ ᠳᠠᠷᠠᠭ᠎ᠠ ᠨᠢᠳᠤᠨ᠎ᠤ ᠬᠤᠩᠭᠢᠶ᠎ᠡ ᠵᠢ ᠰᠡᠳᠡᠯᠡᠵᠤ ᠳᠠᠯᠪᠢᠳᠠᠭ᠂ ᠰᠡᠳᠡᠯᠡᠭᠦ ᠦᠭᠡᠢ ᠪᠤᠯ ᠪᠤᠭ ᠰᠢᠮᠨᠤ ᠠ᠋ᠭᠦᠷᠯᠡᠨ ᠭᠠᠢ ᠪᠠᠷᠴᠢᠳ ᠪᠤᠯᠤᠨ᠎ᠠ ᠭᠡᠨ᠎ᠠ᠃ ᠤᠷᠤᠭᠤᠯ᠎ᠤᠨ ᠤᠷᠠᠨ ᠦᠵᠤᠭᠦᠷ ᠢᠳᠡᠪᠡᠯ ᠢᠯᠡᠭᠦᠤ ᠳᠤᠳᠠᠭᠤ ᠬᠤᠩᠰᠢᠶᠠᠷᠯᠠᠨ᠎ᠠ ᠭᠡᠮᠠᠨ ᠭᠠᠯ᠎ᠳᠤ ᠠ᠋ᠷᠭᠦᠨ᠎ᠡ᠃ ᠮᠥᠨ ᠬᠡᠯᠡᠨ᠎ᠤ ᠮᠡᠷᠭᠡᠨ ᠦᠵᠤᠭᠦᠷ᠎ᠢ ᠢᠳᠡᠭᠦ ᠵᠢ ᠴᠡᠭᠡᠷᠯᠡᠨ᠎ᠡ᠂ ᠭᠦᠮᠤᠨ᠎ᠳᠤ ᠭᠡᠯᠡᠭᠳᠡᠨ᠎ᠡ ᠭᠡᠭᠦ ᠪᠤᠶᠤ ᠢᠯᠡᠭᠦᠤ ᠳᠤᠳᠠᠭᠤ ᠶᠠᠭᠤᠮ᠎ᠠ ᠶᠠᠷᠢᠨ᠎ᠠ ᠭᠡᠳ ᠭᠠᠯ᠎ᠳᠤ ᠠ᠋ᠷᠭᠦᠳᠡᠭ᠃ ᠤᠷᠡᠨ ᠳᠠᠩᠨᠠᠢ ᠵᠢ ᠦᠭᠢᠨ ᠭᠦᠮᠤᠨ᠎ᠳᠤ ᠢᠳᠡᠭᠦᠯᠵᠤ ᠤᠷᠠᠨ ᠪᠤᠯᠬᠤ ᠵᠢ ᠪᠡᠯᠭᠡᠰᠢᠶᠡᠳᠡᠭ᠃ ᠠ᠋ᠶ᠋ᠢᠮᠤ᠎ᠠᠴᠠ ᠬᠠᠮᠠᠷ᠂ ᠭᠡᠯᠡ᠂ ᠴᠢᠭᠢᠨ ᠦᠵᠤᠭᠦᠷ᠎ᠢ ᠲᠡᠭᠷᠢ ᠭᠠᠵᠠᠷ᠂ ᠭᠠᠯ ᠰᠠᠭᠢᠭᠤᠯᠰᠤᠨ᠎ᠳᠤ᠎ᠪᠠᠨ ᠠ᠋ᠷᠭᠦᠵᠤ ᠳᠠᠭᠢᠯᠭ᠎ᠠ ᠭᠢᠭᠦ ᠵᠢᠨ ᠬᠠᠮᠳᠤ ᠮᠠᠯ᠎ᠤᠨ ᠭᠡᠰᠢᠭ ᠪᠤᠶᠠᠨ᠎ᠢ ᠢᠷᠤᠭᠡᠨ ᠳᠠᠯᠠᠯᠳᠠᠭ ᠪᠠᠶ᠋ᠢᠨ᠎ᠠ᠃ ᠭᠦᠵᠤᠭᠦᠤ ᠵᠢ ᠦᠶᠡᠯᠡᠵᠤ ᠮᠦᠴᠢᠯᠡᠭᠦ᠎ᠨᠢ ᠡᠷ᠎ᠡ ᠭᠦᠮᠤᠨ᠎ᠤ ᠴᠢᠳᠠᠯ᠂ ᠤᠬᠠᠭ᠎ᠠ ᠰᠠᠮᠪᠠᠭ᠎ᠠ ᠵᠢ ᠰᠤᠷᠢᠭᠰᠠᠨ ᠭᠡᠷᠡᠭ ᠪᠤᠯᠤᠨ᠎ᠠ᠃ ᠬᠤᠷᠢᠮ ᠳᠡᠭᠡᠷ᠎ᠡ ᠰᠢᠨ᠎ᠡ ᠭᠦᠷᠭᠡᠨ ᠵᠶ᠋ᠠᠷ ᠭᠦᠵᠤᠭᠦᠤ ᠨᠤᠭᠤᠯᠤᠭᠤᠯᠳᠠᠭ ᠶᠤᠰᠤᠨ ᠪᠤᠢ᠃ ᠠᠷᠠᠳ᠎ᠤᠨ ᠦᠭᠡᠨ᠎ᠳᠤ 《ᠠ᠋ᠷᠬᠢᠭᠦᠯᠵᠤ ᠳᠤᠭᠤᠷᠢᠭᠤᠯᠵᠤ ᠮᠦᠯᠵᠢᠭᠦ᠎ᠳᠤ ᠭᠦᠵᠤᠭᠦᠨ ᠮᠢᠬ᠎ᠠ ᠠᠮᠳᠠᠳᠠᠢ》 ᠭᠡᠵᠤ ᠭᠦᠵᠤᠭᠦᠤ ᠵᠢ ᠰᠠᠯᠭ᠋ᠠᠬᠤ ᠪᠠ ᠮᠦᠯᠵᠢᠭᠦ ᠵᠢ ᠮᠠᠰᠢ ᠭᠦᠨᠳᠤᠳᠭᠡᠳᠡᠭ᠃ ᠠᠬᠠᠮᠠᠳ ᠭᠦᠮᠤᠨ ᠪᠤᠶᠤ ᠵᠤᠴᠢᠨ᠎ᠤ ᠠ᠋ᠮᠤᠨ᠎ᠡ ᠭᠦᠵᠤᠭᠦᠤ᠂ ᠪᠤᠭᠤᠨᠢ ᠬᠠᠪᠢᠰᠤ᠂ ᠬᠠᠷ᠎ᠠ ᠰᠡᠭᠡᠷ ᠨᠢᠷᠤᠭᠤ᠂ ᠤᠬᠤᠷ ᠰᠡᠭᠦᠯ᠂ ᠦᠨᠤᠴᠢᠨ ᠰᠦᠪᠡᠭᠡ᠂ ᠳᠤᠶ᠋ᠢᠭ᠂ ᠪᠤᠷᠪᠢ᠂ ᠱᠠᠭ᠎ᠠ ᠳᠠᠯᠪᠢᠬᠤ ᠵᠢ ᠴᠡᠭᠡᠷᠯᠡᠳᠡᠭ ᠶᠤᠰᠤᠨ ᠪᠤᠢ᠃ ᠮᠤᠩᠭᠤᠯᠴᠤᠳ ᠦᠭᠡᠷ᠎ᠤᠨ ᠠᠮᠠᠨ ᠭᠦᠵᠤᠭᠦᠤ᠂ ᠪᠤᠭᠤᠨᠢ ᠬᠠᠪᠢᠰᠤ᠎ᠪᠠᠷ ᠭᠠᠯ ᠰᠢᠳᠤᠭᠡᠨ ᠵᠶ᠋ᠠᠨ ᠳᠠᠭᠢᠵᠤ᠂ ᠢᠷᠡᠭᠦ ᠨᠢᠭᠡ ᠵᠢᠯ᠎ᠳᠤ᠎ᠪᠠᠨ ᠭᠦᠮᠤᠨ ᠮᠠᠯ᠂ ᠪᠠᠶ᠋ᠢᠭ᠋ᠠᠯᠢ ᠤᠷᠴᠢᠨ᠎ᠤ ᠰᠠᠶ᠋ᠢᠨ ᠰᠠᠶ᠋ᠢᠬᠠᠨ ᠪᠠᠶ᠋ᠢᠬᠤ ᠵᠢ ᠳᠠᠭ᠋ᠠᠳᠬᠠᠵᠤ ᠭᠡᠰᠢᠭ ᠪᠤᠶᠠᠨ᠎ᠢ᠎ᠨᠢ ᠬᠤᠷᠤᠶ᠋ᠢᠯᠠᠨ ᠳᠠᠯᠠᠯᠵᠤ ᠳᠠᠭ᠋ᠠᠳᠬᠠᠳᠠᠭ ᠪᠠᠶ᠋ᠢᠨ᠎ᠠ᠃ ᠳᠠᠯᠤᠨ᠎ᠳᠤ ᠳᠠᠯᠠᠨ ᠰᠢᠨᠵᠢ ᠢᠯᠡᠷᠡᠨ᠎ᠡ᠂ ᠳᠠᠯᠤᠨ ᠮᠢᠬ᠎ᠠ ᠵᠢ ᠳᠠᠶᠠᠭ᠋ᠠᠷ ᠭᠡᠮᠡᠨ ᠳᠠᠶᠠᠭ᠋ᠠᠷ᠎ᠲᠤ ᠳᠦᠭᠡᠭᠡᠳᠡᠭ᠃ ᠳᠠᠯᠤᠨ ᠮᠢᠬ᠎ᠠ ᠵᠢ ᠭᠠᠭᠴᠠᠭ᠋ᠠᠷ ᠢᠳᠡᠭᠦ ᠪᠤᠶᠤ ᠰᠢᠳᠤ᠎ᠪᠠᠷ ᠮᠡᠷᠡᠬᠦ ᠵᠢ ᠴᠡᠭᠡᠷᠯᠡᠵᠤ᠂ ᠵᠠᠪᠡᠯ ᠭᠢᠳᠤᠭ᠎ᠠ᠎ᠪᠠᠷ ᠴᠠᠭ᠋ᠠᠯᠠᠳᠠᠭ᠃ ᠵᠤᠴᠢᠨ ᠭᠦᠮᠤᠨ ᠳᠠᠯᠤ ᠴᠠᠭ᠋ᠠᠯᠠᠭ᠍ᠤ ᠵᠢ ᠴᠡᠭᠡᠷᠯᠡᠨ᠎ᠡ᠂ ᠭᠡᠷ᠎ᠤᠨ ᠡᠵᠡᠨ᠎ᠢ ᠳᠤᠷᠤᠮᠵᠢᠯᠠᠭᠰᠠᠨ ᠪᠤᠶᠤ ᠬᠤᠪᠢ ᠵᠡᠶᠠᠭ᠎ᠠ ᠵᠢ ᠰᠢᠨᠵᠢᠭᠰᠡᠨ ᠶᠠᠪᠤᠳᠠᠯ ᠭᠡᠮᠡᠨ ᠴᠡᠭᠡᠷᠯᠡᠳᠡᠭ᠃ ᠳᠦᠯᠭᠡ ᠰᠢᠨᠵᠢᠭᠦ ᠳᠠᠯᠤ ᠵᠢ ᠶᠡᠷᠤ ᠭᠢᠨᠠᠮᠠᠭ᠋ᠠᠢ ᠮᠦᠯᠵᠢᠳᠡᠭ᠂ ᠭᠢᠳᠤᠭ᠋ᠠᠨ᠎ᠤ ᠰᠤᠷᠪᠢ ᠦᠯᠡᠳᠡᠭᠡᠭᠦ ᠵᠢ ᠴᠦ᠍ ᠤᠨᠴᠠ ᠭᠢᠴᠢᠶᠡᠳᠡᠭ ᠪᠢᠯᠡ᠃ ᠴᠠᠭ᠋ᠠᠯᠠᠭᠰᠠᠨ ᠳᠠᠯᠤᠨ ᠶᠠᠰᠤ᠎ᠪᠠᠨ ᠪᠦᠳᠤᠨ ᠤᠷᠭᠢᠳᠠᠭ ᠦᠭᠡᠢ᠃ ᠵᠠᠪᠡᠯ ᠴᠤᠭᠤᠯᠬᠤ ᠪᠤᠶᠤ ᠭᠠᠯ᠎ᠳᠤ ᠳᠦᠯᠡᠵᠤ ᠠ᠋ᠷᠭᠦᠳᠡᠭ᠂ ᠦᠭᠡᠢ ᠪᠤᠯ ᠰᠢᠨᠵᠢᠭᠡᠴᠢᠨ᠎ᠳᠤ ᠦᠭᠳᠡᠪᠡᠯ ᠠᠶ᠋ᠢᠯ ᠭᠡᠷ᠎ᠤᠨ ᠪᠦᠭᠦ ᠤᠴᠢᠷ᠎ᠢ ᠮᠡᠳᠡᠭᠦ᠎ᠠᠴᠠ ᠰᠡᠷᠡᠮᠵᠢᠯᠡᠨ ᠵᠠᠪᠡᠯ ᠴᠤᠭᠤᠯᠵᠤ ᠳᠤᠮ ᠰᠢᠪᠰᠢᠯᠭᠡ ᠬᠢᠳᠡᠭ ᠶᠤᠰᠤᠨ ᠪᠤᠢ᠃ ᠳᠠᠯᠤ᠎ᠪᠠᠨ ᠰᠠᠶ᠋ᠢᠬᠠᠨ ᠴᠠᠭ᠋ᠠᠯᠠᠭᠰᠠᠨ᠎ᠤ ᠬᠤᠶ᠋ᠢᠨ᠎ᠠ 《᠎ᠲᠠᠭᠠᠨ ᠠᠳᠤᠭᠤᠨ ᠳᠠᠯᠠ ᠭᠦᠷᠤᠭᠡᠷᠡᠢ᠂ ᠲᠠᠯ᠎ᠠ᠎ᠪᠠᠷ ᠳᠦᠭᠦᠷᠡᠩ ᠠᠳᠤᠭᠤ᠎ᠲᠠᠢ ᠪᠤᠯ ᠲᠠᠷᠭᠢ ᠬᠤᠩᠭᠤᠷ ᠠᠵᠢᠷᠭ᠎ᠠ᠎ᠲᠠᠢ ᠪᠤᠯ᠂ ᠳᠡᠩᠳᠡ ᠵᠢᠷᠤᠭ᠎ᠠ ᠪᠠᠶ᠋ᠢᠬᠤ ᠪᠤᠯᠳᠤᠭ᠋ᠠᠢ! ᠁ ᠳᠠᠯᠠ ᠵᠢᠨ ᠳᠠᠪᠠᠭ᠎ᠠ ᠵᠢ ᠳᠠᠪᠠᠵᠤ ᠳᠠᠪᠠᠳᠠᠢ ᠰᠠᠶ᠋ᠢᠬᠠᠨ ᠵᠢᠷᠭ᠋ᠠᠳᠤᠭ᠋ᠠᠢ!》 ᠭᠡᠭᠦ ᠮᠡᠳᠤᠴᠢᠯᠡᠨ ᠢᠷᠤᠭᠡᠳᠡᠭ᠃ ᠵᠢᠭᠡ ᠭᠦᠮᠤᠨ ᠨᠠᠭ᠋ᠠᠴᠤ ᠵᠢᠨ ᠳᠡᠷᠭᠡᠳᠡ ᠳᠠᠯᠤ ᠢᠳᠡᠭᠦ ᠪᠠᠶ᠋ᠢᠳᠤᠭ᠋ᠠᠢ ᠭᠠᠷ ᠴᠦ᠍ ᠬᠦᠷᠴᠤ ᠪᠤᠯᠳᠠᠭ ᠦᠭᠡᠢ᠂ ᠨᠠᠭ᠋ᠠᠴᠤ᠎ᠨᠢ ᠶᠠᠳᠠᠭᠤᠷᠠᠭ᠍ᠤ ᠪᠤᠶᠤ ᠦᠭᠡᠶ᠋ᠢᠷᠡᠨ᠎ᠡ ᠭᠡᠳᠡᠭ᠂ ᠬᠠᠷᠢᠨ ᠠᠬᠠᠰ ᠵᠠᠭ᠍ᠠᠰ ᠠᠬᠠᠮᠠᠳ᠎ᠨᠢ ᠳᠠᠶᠠᠭ᠋ᠠᠷ᠎ᠲᠤ ᠳᠦᠭᠡᠭᠡᠳᠡᠭ᠃ ᠬᠠᠷᠢᠳᠤ ᠴᠢᠮᠤᠭᠡ (ᠪᠠᠰᠠ ᠵᠠᠷᠢᠮ ᠨᠤᠳᠤᠭ᠎ᠲᠤ ᠪᠤᠭᠳᠤ ᠴᠢᠮᠤᠭᠡ᠂ ᠪᠠᠶᠠᠨ ᠳᠦᠷᠤᠭᠦᠤ ᠴᠢᠮᠤᠭᠡ ᠴᠦ᠍ ᠭᠡᠳᠡᠭ) ᠵᠢ ᠵᠤᠴᠢᠨ᠎ᠳᠤ ᠦᠭᠬᠦ ᠵᠢ ᠴᠡᠭᠡᠷᠯᠡᠨ᠎ᠡ᠃ 《ᠬᠠᠷᠢᠭᠤ ᠦᠭᠡᠢ ᠭᠦᠮᠤᠨ᠎ᠳᠤ ᠬᠠᠷᠢᠳᠤ ᠴᠢᠮᠤᠭᠡ ᠦᠭᠳᠡᠭ》 ᠭᠡᠳᠡᠭ ᠭᠡᠯᠡᠯᠭᠡ᠎ᠠᠴᠠ ᠵᠠᠶ᠋ᠢᠯᠠᠰᠬᠢᠳᠠᠭ᠃ ᠬᠠᠷᠢ᠎ᠳᠤ ᠮᠤᠷᠳᠠᠭ᠍ᠤ ᠦᠭᠢᠨ ᠵᠶ᠋ᠠᠨ ᠮᠤᠷᠳᠠᠭᠤᠯᠬᠤ ᠦᠶ᠎ᠡ᠎ᠳᠤ ᠭᠦᠷᠭᠡᠨ ᠭᠡᠤᠭᠡᠨ᠎ᠳᠤ᠎ᠪᠠᠨ ᠰᠦᠨ ᠠᠪᠤ᠎ᠨᠢ ᠬᠠᠷᠢᠳᠤ ᠴᠢᠮᠤᠭᠡ ᠵᠢ ᠳᠠᠰᠢᠵᠤ ᠰᠢᠪᠡᠭᠡ ᠳᠤᠰᠤ ᠵᠢ᠎ᠨᠢ ᠬᠤᠪᠢᠶᠠᠨ ᠢᠳᠡᠭᠦᠯᠳᠡᠭ ᠶᠤᠰᠤᠨ ᠪᠤᠢ᠃ ᠠ᠋ᠨᠡ᠎ᠨᠢ 《ᠬᠠᠷᠢ᠎ᠳᠤ ᠦᠭᠭᠦᠭᠰᠠᠨ ᠭᠡᠤᠭᠡᠨ ᠬᠠᠳᠠᠨ᠎ᠳᠤ ᠬᠠᠷᠪᠤᠭᠰᠠᠨ ᠰᠤᠮᠤ ᠬᠠᠷᠢᠯᠳᠠ ᠦᠭᠡᠢ》 ᠭᠡᠭᠦ ᠭᠡᠯᠡᠯᠭᠡ᠎ᠠᠴᠠ ᠢᠷᠡᠯ᠎ᠲᠠᠢ ᠪᠤᠶᠤ ᠭᠡᠤᠭᠡᠨ ᠭᠦᠷᠭᠡᠨ᠎ᠤ᠎ᠪᠠᠨ ᠤᠷᠤᠭ ᠬᠤᠷᠢᠮ ᠪᠠᠳᠤ ᠪᠠᠭᠢ᠂ ᠠᠮᠢᠳᠤᠷᠠᠯ᠎ᠨᠢ ᠦᠭᠡᠳᠡ ᠠ᠋ᠰᠡᠷᠡᠭ᠂ ᠳᠦᠭᠦᠷᠡᠩ ᠳᠠᠪᠠᠳᠠᠢ ᠪᠠᠶ᠋ᠢᠭ᠎ᠠ ᠵᠢ ᠪᠡᠯᠭᠡᠳᠡᠭᠰᠡᠨ ᠤᠴᠢᠷ ᠪᠤᠯᠤᠨ᠎ᠠ᠃ ᠠ᠋ᠩ᠎ᠤᠨ ᠦᠶ᠎ᠡ᠎ᠳᠤ ᠴᠢᠮᠤᠭᠡ ᠵᠢᠨ ᠳᠤᠰᠤ ᠵᠢ ᠬᠤᠪᠢᠶᠠᠵᠤ ᠢᠳᠠᠭᠦ ᠵᠢ ᠴᠡᠭᠡᠷᠯᠡᠳᠡᠭ᠃ ᠪᠤᠭᠳᠤᠭ᠎ᠠ ᠴᠢᠮᠤᠭᠡ (ᠪᠠᠰᠠ ᠵᠠᠯᠠᠭ᠎ᠠ ᠴᠢᠮᠤᠭᠡ ᠴᠦ᠍ ᠭᠡᠳᠡᠭ᠂ ᠮᠠᠨᠵᠤ ᠵᠢᠨ ᠨᠤᠶᠠᠳ ᠳᠦᠰᠢᠮᠡᠳ᠎ᠤᠨ ᠮᠠᠯᠠᠭ᠋ᠠᠢ ᠵᠢᠨ ᠵᠠᠯᠠᠭ᠎ᠠ ᠠᠳᠠᠯᠢ ᠪᠤᠭᠳᠤᠭ᠎ᠠ ᠴᠢᠮᠤᠭᠡ ᠵᠢ ᠦᠶᠡᠯᠡᠭᠦ ᠦᠶᠡᠰ᠎ᠲᠤ ᠰᠦᠭᠡᠮ ᠬᠢᠷᠢ ᠵᠠᠯᠠᠭ᠎ᠠ ᠦᠯᠡᠳᠡᠭᠡᠳᠡᠭ) ᠵᠢ ᠴᠠᠭ᠋ᠠᠯᠠᠭ᠍ᠤ᠎ᠳᠤ᠎ᠪᠠᠨ ᠬᠠᠨᠭ᠌ᠭᠢᠷᠴᠠᠭ (ᠤᠶ᠋ᠢᠯᠡᠷ ᠪᠤᠶᠤ ᠵᠤᠪᠠᠯᠠᠩ)᠎ᠤᠨ ᠵᠢᠷᠭᠤᠭ᠋ᠠᠨ ᠶᠠᠰᠤ ᠵᠢ᠎ᠨᠢ ᠮᠦᠯᠵᠢᠭᠡᠳ ᠵᠦᠭ ᠪᠤᠯᠭ᠋ᠠᠨ᠎ᠳᠤ ᠰᠠᠴᠤᠳᠠᠭ᠃ 《ᠠᠯᠠᠵᠤ ᠢᠳᠡᠭᠦ ᠵᠢ᠎ᠨᠢ ᠢᠳᠡᠪᠡ᠂ ᠬᠠᠨᠭ᠌ᠭᠢᠷᠴᠠᠭ᠎ᠢ ᠮᠢᠨᠢ ᠰᠠᠯᠭ᠋ᠠᠬᠤ ᠵᠢ ᠶᠠᠭ᠋ᠠᠭᠢᠨ᠎ᠠ ᠳ᠋ᠠ!》 ᠭᠡᠵᠤ ᠮᠠᠯ᠎ᠨᠢ ᠡᠵᠡᠨ᠎ᠳᠤ᠎ᠪᠠᠨ ᠭᠤᠮᠤᠳᠠᠭ᠍ᠤ ᠵᠢ ᠴᠡᠭᠡᠷᠯᠡᠭᠰᠡᠨ ᠭᠡᠯᠡᠯᠭᠡ ᠪᠠᠶ᠋ᠢᠳᠠᠭ᠎ᠨᠢ ᠮᠥᠨ ᠴᠦ᠍ ᠴᠡᠪᠡᠷ ᠰᠠᠶ᠋ᠢᠬᠠᠨ ᠮᠦᠯᠵᠢᠭᠦ ᠵᠢ ᠱᠠᠭ᠋ᠠᠷᠳᠠᠭᠰᠠᠨ ᠶᠠᠪᠤᠳᠠᠯ ᠪᠤᠯᠤᠨ᠎ᠠ᠃ ᠮᠦᠯᠵᠢᠭᠰᠡᠨ᠎ᠤ ᠬᠤᠶ᠋ᠢᠨ᠎ᠠ ᠤᠶ᠋ᠢᠯᠡᠷ᠎ᠤᠨ ᠵᠢᠷᠭᠤᠭ᠋ᠠᠨ ᠭᠡᠰᠡᠭ ᠶᠡᠰᠤ ᠵᠢ ᠨᠢᠭᠡ ᠳᠤᠤᠷ᠎ᠠ ᠳᠠᠯᠪᠢᠬᠤ ᠵᠢ ᠴᠡᠭᠡᠷᠯᠡᠨ᠎ᠡ᠃ ᠤᠶ᠋ᠢᠯᠡᠷ ᠬᠤᠷᠠᠵᠤ ᠭᠠᠢ ᠪᠠᠷᠴᠢᠳ ᠪᠤᠯᠤᠨ᠎ᠠ ᠭᠡᠮᠡᠨ ᠪᠠᠷᠢᠨ ᠳᠤᠤᠷ᠎ᠠ᠎ᠨᠢ ᠰᠠᠴᠤᠵᠤ ᠤᠷᠭᠢᠳᠠᠭ ᠶᠤᠰᠤᠨ ᠪᠤᠢ᠃ ᠪᠤᠭᠳᠤᠭ᠎ᠠ ᠴᠢᠮᠤᠭᠡ ᠵᠢᠨ ᠪᠦᠯᠡᠭᠡ ᠵᠢ 《ᠬᠠ ᠵᠢᠨ ᠬᠤᠶᠠᠩ》᠎ᠳᠤ ᠳᠠᠭ᠋ᠠᠷᠢᠭᠳᠠᠨ᠎ᠠ ᠭᠡᠮᠡᠨ ᠭᠡᠤᠭᠡᠳ ᠪᠤᠶᠤ ᠨᠠᠰᠤᠳᠠᠢ ᠭᠦᠮᠤᠨ ᠢᠳᠡᠭᠦ ᠵᠢ ᠴᠡᠭᠡᠷᠯᠡᠨ᠎ᠡ᠃ ᠬᠠᠷᠢ ᠳᠠᠶ᠋ᠢᠰᠤᠨ᠎ᠤ ᠬᠤᠤᠷᠯᠠᠯ᠎ᠢ ᠠᠮᠰᠠᠨ᠎ᠠ ᠴᠦ᠍ ᠭᠡᠳᠡᠭ ᠭᠡᠯᠡᠯᠭᠡ ᠪᠤᠢ᠃ ᠪᠤᠭᠳᠤᠭ᠎ᠠ ᠴᠢᠮᠤᠭᠡ᠎ᠨᠢ ᠪᠤᠯᠴᠢᠩ ᠪᠤᠶᠤ ᠰᠢᠷᠪᠤᠰᠦᠯᠢᠭ ᠮᠢᠬ᠎ᠠ ᠠ᠋ᠯᠪᠡᠭ ᠤᠴᠢᠷ ᠬᠠᠭ᠍ᠠᠬᠤ᠎ᠠᠴᠠ ᠭᠢᠴᠢᠶᠡᠭᠰᠡᠨ ᠶᠠᠪᠤᠳᠠᠯ ᠪᠤᠯᠤᠨ᠎ᠠ᠃ ᠪᠤᠭᠳᠤᠭ᠎ᠠ ᠴᠢᠮᠤᠭᠡ ᠵᠢ ᠡᠴᠢᠭᠡ ᠵᠢᠨ ᠭᠠᠭᠴᠠ ᠭᠦᠤ ᠢᠳᠡᠭᠦ ᠵᠢ ᠴᠡᠭᠡᠷᠯᠡᠨ᠎ᠡ᠂ ᠭᠠᠭᠴᠠ ᠭᠦᠪᠡᠭᠦᠨ᠎ᠤ ᠠᠬ᠎ᠠ ᠭᠡᠮᠡᠨ ᠭᠦᠨᠳᠤᠳᠭᠡᠳᠡᠭ᠎ᠠᠴᠠ ᠲᠡᠭᠡᠵᠤ ᠴᠡᠭᠡᠷᠯᠡᠳᠡᠭ᠃ 《ᠭᠠᠭᠴᠠ ᠭᠦᠮᠤᠨ ᠶᠠᠪᠤᠪᠠᠯ ᠮᠠᠯᠠᠭ᠋ᠠᠢ᠎ᠨᠢ ᠠᠬ᠎ᠠ᠂ ᠬᠤᠶᠠᠷ ᠭᠦᠮᠤᠨ ᠶᠠᠪᠤᠪᠠᠯ ᠨᠢᠭᠡ᠎ᠨᠢ ᠠᠬ᠎ᠠ᠂ ᠭᠠᠭᠴᠠ ᠭᠦᠪᠡᠭᠦᠨ᠎ᠳᠤ ᠪᠤᠭᠳᠤᠭ᠎ᠠ ᠴᠢᠮᠤᠭᠡ᠎ᠨᠢ ᠠᠬ᠎ᠠ》 ᠭᠡᠳ ᠭᠡᠷ᠎ᠤᠨ ᠭᠦᠮᠤᠰ᠎ᠨᠢ ᠪᠤᠭᠳᠤᠭ᠎ᠠ ᠴᠢᠮᠤᠭᠡᠨ᠎ᠤ ᠵᠠᠯᠠᠭ᠎ᠠ ᠵᠢᠨ ᠮᠢᠬ᠎ᠠ ᠵᠢ᠎ᠨᠢ ᠭᠦᠨᠳᠡᠵᠤ᠂ ᠭᠦᠮᠤᠰ᠎ᠲᠤ ᠳᠦᠭᠡᠭᠦ᠎ᠳᠤ ᠭᠠᠭᠴᠠ ᠭᠦᠪᠡᠭᠦᠨ ᠴᠦ᠍ ᠢᠳᠡᠵᠤ ᠪᠤᠯᠤᠨ᠎ᠠ᠂ ᠭᠡᠳᠡᠯ᠎ᠡ ᠭᠠᠭᠴᠠ ᠭᠦᠪᠡᠭᠦᠨ ᠶᠠᠰᠤ ᠵᠢ᠎ᠨᠢ ᠮᠦᠯᠵᠢᠳᠡᠭ ᠦᠭᠡᠢ᠃ ᠶᠠᠰᠤ ᠵᠢ᠎ᠨᠢ ᠮᠦᠯᠵᠢᠪᠡᠯ ᠠᠬ᠎ᠠ ᠭᠦᠮᠤᠨ᠎ᠤ ᠳᠤᠯᠤᠭ᠋ᠠᠢ ᠵᠢ ᠬᠠᠵᠡᠯ᠎ᠡ ᠭᠡᠵᠤ ᠴᠡᠭᠡᠷᠯᠡᠳᠡᠭ᠃ ᠪᠤᠭᠳᠤᠭ᠎ᠠ ᠴᠢᠮᠤᠭᠡ ᠵᠢ ᠴᠠᠭ᠋ᠠᠯᠠᠵᠤ ᠪᠠᠷᠠᠭ᠋ᠠᠳ ᠭᠡᠷ᠎ᠤᠨ ᠳᠤᠳᠤᠭᠤ ᠵᠢᠨ ᠳᠡᠭᠡᠷ᠎ᠡ ᠳᠠᠯᠪᠢᠵᠤ᠂ ᠭᠠᠢ ᠪᠠᠷᠴᠢᠳ ᠭᠡᠷ᠎ᠲᠤ ᠤᠷᠤᠬᠤ ᠵᠢ ᠰᠡᠷᠭᠡᠶ᠋ᠢᠯᠡᠨ᠎ᠡ ᠭᠡᠮᠡᠨ ᠪᠡᠯᠭᠡᠰᠢᠶᠡᠳᠡᠭ ᠶᠤᠰᠤᠨ ᠪᠤᠢ᠃ ᠪᠤᠭᠤᠨᠢ ᠬᠠᠪᠢᠰᠤ᠂ ᠪᠤᠷᠪᠢ᠂ ᠳᠤᠶ᠋ᠢᠭ᠂ ᠱᠠᠭ᠎ᠠ ᠵᠢ ᠰᠠᠶ᠋ᠢᠬᠠᠨ ᠮᠦᠯᠵᠢᠵᠤ᠂ ᠱᠠᠭ᠎ᠠ ᠵᠢ᠎ᠨᠢ ᠠᠪᠴᠤ ᠤᠷᠭᠢᠵᠤ᠂ ᠶᠠᠭᠤ ᠪᠤᠰᠤᠭᠰᠠᠨ᠎ᠢ ᠰᠢᠨᠵᠢᠨ ᠪᠡᠯᠭᠡ ᠳᠡᠮᠪᠡᠷᠢᠯ᠎ᠲᠠᠢ ᠦᠭᠡ ᠰᠢᠯᠦᠭ ᠵᠶ᠋ᠠᠷ ᠢᠷᠤᠭᠡᠨ ᠵᠦᠩᠨᠡᠳᠡᠭ ᠶᠤᠰᠤᠨ ᠪᠤᠢ᠃ ᠱᠠᠭ᠋ᠠᠨ᠎ᠳᠤ ᠲᠠᠪᠤᠨ ᠬᠤᠰᠢᠭᠤ ᠮᠠᠯ᠎ᠤᠨ ᠰᠢᠨᠵᠢ ᠳᠡᠮᠳᠡᠭ ᠢᠯᠡᠷᠡᠳᠡᠭ ᠭᠡᠮᠡᠨ ᠦᠵᠡᠭᠦ᠎ᠪᠠᠷ ᠪᠠᠷᠠᠭ᠍ᠤ ᠦᠭᠡᠢ ᠮᠤᠩᠭᠤᠯ ᠵᠢᠷᠤᠬᠠᠢ ᠵᠢᠨ ᠤᠬᠠᠭ᠋ᠠᠨ᠎ᠳᠤ ᠱᠠᠭ᠎ᠠ᠎ᠪᠠᠷ ᠳᠦᠯᠭᠡ ᠮᠡᠷᠭᠡ ᠦᠵᠡᠳᠡᠭ ᠶᠠᠪᠤᠳᠠᠯ ᠪᠤᠢ᠃ ᠳᠤᠶ᠋ᠢᠭ ᠰᠠᠶ᠋ᠢᠬᠠᠨ ᠮᠦᠯᠵᠢᠪᠡᠯ ᠭᠡᠤᠭᠡᠳ ᠰᠠᠶ᠋ᠢᠬᠠᠨ ᠳᠦᠷᠤᠨ᠎ᠡ ᠭᠡᠮᠡᠨ ᠰᠠᠶ᠋ᠢᠬᠠᠨ ᠮᠦᠯᠵᠢᠳᠡᠭ᠂ ᠳᠤᠶ᠋ᠢᠭ᠎ᠤᠨ ᠶᠠᠰᠤ ᠵᠢ ᠳᠤᠭᠤᠨᠤ᠎ᠪᠠᠷ ᠴᠤᠭᠢᠨ ᠭᠠᠷᠭ᠋ᠠᠭ᠋ᠠᠳ ᠠᠯᠢ ᠵᠦᠭ᠎ᠲᠤ ᠤᠨᠠᠭᠰᠠᠨ ᠪᠤᠯ ᠳᠠᠷᠡ ᠵᠦᠭ᠎ᠠᠴᠠ ᠬᠤᠷᠳᠤᠨ ᠮᠤᠷᠢᠨ᠎ᠤ ᠭᠡᠰᠢᠭ ᠢᠷᠡᠨ᠎ᠡ ᠭᠡᠮᠡᠨ ᠪᠡᠯᠭᠡᠰᠢᠶᠡᠳᠡᠭ᠃ ᠭᠡᠤᠭᠡᠳ᠎ᠲᠤ ᠪᠤᠭᠤᠨᠢ ᠬᠠᠪᠢᠰᠤ ᠢᠳᠡᠭᠦᠯᠳᠡᠭ ᠦᠭᠡᠢ᠎ᠨᠢ ᠪᠤᠭᠤᠨᠢ ᠬᠠᠪᠢᠰᠤ᠎ᠨᠢ ᠪᠠᠭ᠋ᠠᠯᠵᠠᠭᠤᠷ ᠭᠦᠵᠤᠭᠦᠤ᠎ᠲᠠᠢ ᠵᠠᠯᠭ᠋ᠠᠯᠳᠤᠵᠤ ᠮᠠᠰᠢ ᠤᠯᠠᠨ ᠴᠢᠰᠤᠨ ᠰᠤᠳᠠᠯ ᠳᠦᠪᠯᠡᠷᠡᠵᠤ ᠪᠠᠶ᠋ᠢᠭ᠎ᠠ ᠮᠦᠷᠳᠡᠭᠡᠨ ᠪᠤᠯᠴᠢᠷᠬᠠᠢ ᠤᠯᠠᠨ ᠪᠠᠶ᠋ᠢᠳᠠᠭ᠎ᠠᠴᠠ ᠭᠡᠤᠭᠡᠳ ᠪᠤᠯᠴᠢᠷᠬᠠᠢ ᠵᠢ ᠡ᠊ᠨᠳᠡᠭᠦᠷᠡᠵᠤ ᠢᠳᠡᠭᠦ᠎ᠠᠴᠠ ᠰᠡᠷᠭᠡᠶ᠋ᠢᠯᠡᠭᠰᠡᠨ ᠶᠠᠪᠤᠳᠠᠯ ᠪᠤᠯᠤᠨ᠎ᠠ᠃ ᠠ᠋ᠶ᠋ᠢᠮᠤ᠎ᠠᠴᠠ 《ᠪᠤᠭᠤᠨᠢ ᠬᠠᠪᠢᠰᠤ ᠢᠳᠡᠪᠡᠯ ᠪᠤᠭᠤᠨᠢ ᠪᠡᠶ᠎ᠡ᠎ᠲᠠᠢ ᠪᠤᠯᠤᠨ᠎ᠠ》 ᠭᠡᠰᠡᠨ ᠭᠠᠭᠴᠠᠭ᠍ᠠᠨ ᠦᠭᠦᠯᠡᠪᠤᠷᠢ᠎ᠪᠠᠷ ᠴᠡᠭᠡᠷᠯᠡᠯ ᠪᠤᠯᠭ᠋ᠠᠨ ᠭᠡᠤᠭᠡᠳ ᠵᠶ᠋ᠠᠨ ᠰᠤᠷᠭ᠋ᠠᠳᠠᠭ ᠪᠠᠶ᠋ᠢᠨ᠎ᠠ᠃ ᠬᠡᠦᠬᠡᠳ᠎ᠲᠤ᠎ᠪᠠᠨ 《ᠮᠢᠩᠭ᠋ᠠᠨ ᠱᠠᠭ᠎ᠠ᠎ᠳᠤ ᠨᠢᠭᠡ ᠠᠯᠳᠠᠨ ᠱᠠᠭ᠎ᠠ ᠪᠠᠶ᠋ᠢᠳᠠᠭ᠂ ᠳᠤᠶ᠋ᠢᠭ ᠰᠠᠶ᠋ᠢᠬᠠᠨ ᠮᠦᠯᠵᠢᠪᠡᠯ ᠮᠠᠯ ᠦᠰᠭᠦ᠂ ᠬᠤᠷᠳᠤᠨ ᠮᠤᠷᠢ ᠭᠠᠷᠤᠨ᠎ᠠ ᠭᠡᠭᠦ ᠪᠤᠶᠤ ᠠᠴᠢᠷ ᠦᠷ᠎ᠡ᠎ᠨᠢ ᠭᠡᠭᠡᠨᠴᠢᠷ ᠭᠤᠶᠤ ᠰᠡᠴᠡᠨ ᠰᠡᠷᠭᠦᠯᠡᠩ ᠳᠦᠷᠤᠨ᠎ᠡ》 ᠭᠡᠮᠡᠨ ᠵᠠᠬᠢᠳᠠᠭ᠎ᠠᠴᠠ ᠬᠡᠦᠬᠡᠳ ᠶᠠᠰᠤ ᠵᠢ ᠬᠠᠮᠢᠶ᠎ᠠ ᠦᠭᠡᠢ ᠬᠠᠶᠠᠵᠤ ᠤᠷᠭᠢᠬᠤ ᠵᠢ ᠭᠢᠴᠢᠶᠡᠨ ᠬᠠᠷᠠᠬᠠᠨ ᠪᠠᠭ᠎ᠠ᠎ᠠᠴᠠ ᠠᠮᠢᠳᠤᠷᠠᠯ᠎ᠤᠨ ᠳᠤᠮᠳᠠ ᠵᠢᠷᠤᠮᠯᠠᠳᠠᠭ ᠪᠠᠶ᠋ᠢᠨ᠎ᠠ᠃ ᠪᠠᠰᠠ ᠰᠡᠭᠦᠵᠢ ᠵᠢ ᠮᠦᠯᠵᠢᠵᠤ ᠬᠤᠩᠭᠢᠶ᠎ᠠ ᠵᠢ᠎ᠨᠢ ᠰᠡᠳᠠᠯᠠᠳᠡᠭ᠂ ᠰᠡᠭᠦᠵᠢᠨ ᠬᠤᠭᠤᠰᠤᠨ ᠶᠠᠰᠤ ᠵᠢ ᠭᠡᠷ᠎ᠲᠤ ᠬᠤᠨᠤᠭᠤᠯᠳᠠᠭ ᠦᠭᠡᠢ ᠶᠤᠰᠤᠨ ᠪᠤᠢ᠃ ᠰᠡᠭᠦᠵᠢᠨ ᠨᠦᠭᠡᠨ᠎ᠳᠤ᠎ᠨᠢ ᠮᠠᠭᠤ ᠶᠠᠭᠤᠮ᠎ᠠ ᠤᠷᠤᠰᠢᠵᠤ ᠭᠠᠢ ᠪᠠᠷᠴᠢᠳ ᠪᠤᠯᠤᠨ᠎ᠠ ᠭᠡᠮᠡᠨ ᠴᠡᠭᠡᠷᠯᠡᠳᠡᠭ᠃

      ᠬᠤᠷᠢᠮ ᠨᠠᠶ᠋ᠢᠷ᠎ᠲᠤ ᠳᠠᠯᠪᠢᠭᠰᠠᠨ ᠰᠢᠭᠦᠰᠤᠨ᠎ᠤ ᠮᠢᠬ᠎ᠠ ᠵᠢ ᠰᠢᠳᠤ᠎ᠪᠠᠷ ᠮᠡᠷᠡᠬᠦ ᠪᠤᠶᠤ ᠶᠡᠰᠤ ᠵᠢ᠎ᠨᠢ ᠴᠠᠭ᠋ᠠᠯᠠᠭ᠍ᠤ ᠵᠢ ᠴᠡᠭᠡᠷᠯᠡᠳᠡᠭ᠃ ᠦᠩᠭᠡᠷᠡᠭᠰᠡᠨ ᠨᠡᠶ᠋ᠢᠭᠡᠮ᠎ᠳᠤ ᠬᠤᠷᠢᠮ ᠨᠠᠶ᠋ᠢᠷ᠎ᠲᠤ ᠭᠡᠨ᠎ᠨᠢ ᠶᠠᠭᠤ ᠵᠢ ᠢᠳᠡᠭᠦ᠎ᠨᠢ ᠳᠤᠳᠤᠷᠬᠠᠢ ᠬᠤᠪᠢᠶᠠᠷᠢᠯᠠᠯ᠎ᠲᠠᠢ ᠪᠠᠶ᠋ᠢᠳᠠᠭ᠃ ᠤᠭᠤᠴᠠ᠎ᠨᠢ ᠡᠵᠡᠨ ᠨᠤᠶᠡᠳ ᠭᠡᠷᠭᠡᠮᠳᠡᠨ᠎ᠤ ᠵᠤᠭᠤᠭ᠂ ᠰᠡᠭᠦᠵᠢ᠎ᠨᠢ ᠮᠠᠶ᠋ᠢᠷᠠᠨ ᠪᠢᠴᠢᠭᠡᠴᠢ ᠵᠢᠨ ᠵᠤᠭᠤᠭ᠂ ᠡᠪᠴᠢᠭᠦᠤ᠎ᠨᠢ ᠬᠠᠳᠤᠨ ᠪᠤᠶᠤ ᠪᠡᠷᠢ ᠪᠡᠷᠭᠡᠳ᠎ᠤᠨ ᠵᠤᠭᠤᠭ᠂ ᠰᠡᠭᠡᠷ ᠳᠠᠯᠤ᠎ᠨᠢ ᠨᠠᠰᠤᠳᠠᠢ ᠭᠦᠮᠤᠨ᠎ᠤ ᠵᠤᠭᠤᠭ ᠶᠤᠮ᠃ ᠳᠠᠯᠤ ᠵᠢᠨ ᠮᠢᠬ᠎ᠠ ᠵᠢ 《ᠤᠰᠤᠨ᠎ᠤ ᠠ᠋ᠬᠢ᠎ᠨᠢ ᠪᠤᠯᠠᠭ᠂ ᠭᠦᠮᠤᠨ᠎ᠤ ᠠ᠋ᠭᠢ᠎ᠨᠢ ᠨᠠᠭ᠋ᠠᠴᠤ》 ᠭᠡᠮᠡᠨ ᠨᠠᠭ᠋ᠠᠴᠤ ᠭᠦᠮᠤᠨ᠎ᠳᠤ ᠵᠤᠷᠢᠭᠤᠯᠤᠨ ᠭᠢᠳᠡᠭ ᠴᠦ᠍ ᠳᠡᠭᠡᠷ᠎ᠡ᠎ᠨᠢ ᠰᠠᠭᠤᠭᠰᠠᠨ ᠠᠬᠠᠮᠠᠳ ᠳᠤᠮᠤᠭ᠋ᠠᠳᠠᠨ ᠪᠤᠶᠤ ᠳᠡᠮᠴᠢ᠎ᠠᠴᠠ ᠭᠡᠶ᠋ᠢᠴᠢᠯᠡᠨ ᠢᠷᠡᠭᠰᠡᠨ ᠭᠦᠮᠤᠰ᠎ᠲᠤ ᠮᠠᠯ᠎ᠤᠨ ᠪᠤᠶᠤ ᠳᠡᠭᠡᠳᠤᠰ᠎ᠤᠨ ᠭᠡᠰᠢᠭ ᠭᠡᠮᠡᠨ ᠮᠦᠴᠢ ᠪᠦᠷᠢ ᠵᠢᠨ ᠮᠢᠬᠠᠨ᠎ᠠᠴᠠ ᠳᠦᠭᠡᠭᠡᠳᠡᠭ᠃ ᠮᠤᠩᠭᠤᠯᠴᠤᠳ᠎ᠤᠨ ᠮᠢᠬ᠎ᠠ ᠢᠳᠡᠭᠦ᠎ᠳᠤ᠎ᠪᠠᠨ ᠮᠦᠴᠢ ᠪᠦᠷᠢ ᠵᠢᠨ ᠮᠢᠬᠠᠨ᠎ᠠᠴᠠ ᠬᠤᠪᠢᠶᠠᠷᠢᠯᠠᠨ ᠴᠢᠨᠠᠵᠤ ᠢᠳᠡᠳᠡᠭ᠎ᠨᠢ ᠮᠠᠰᠢ ᠨᠢᠭᠤᠴᠠᠭ᠋ᠠᠢ ᠰᠢᠨᠵᠢᠯᠡᠭᠦ ᠤᠬᠠᠭ᠋ᠠᠨ᠎ᠤ ᠶᠤᠰᠤ᠎ᠲᠠᠢ᠃ ᠮᠦᠴᠢ ᠪᠦᠷᠢ ᠵᠢᠨ ᠮᠢᠬᠠᠨ᠎ᠤ ᠰᠢᠮ᠎ᠡ ᠳᠡᠵᠢᠭᠡᠯ᠎ᠨᠢ ᠪᠦᠷ ᠠᠳᠠᠯᠢ ᠦᠭᠡᠢ ᠪᠠᠶ᠋ᠢᠳᠠᠭ᠃ ᠠ᠋ᠨᠡ᠎ᠨᠢ ᠤᠳᠤ ᠦᠶ᠎ᠡ ᠵᠢᠨ ᠢᠳᠡᠭᠡᠨ ᠤᠮᠳᠠᠭ᠋ᠠᠨ᠎ᠤ ᠰᠢᠨᠵᠢᠯᠡᠭᠡ ᠮᠡᠷᠭᠡᠵᠢᠯ᠎ᠤᠨ ᠤᠨᠤᠯ᠎ᠲᠠᠢ ᠶᠠᠪ ᠴᠠᠪ ᠨᠡᠶ᠋ᠢᠴᠡᠵᠤ ᠪᠤᠢ᠃ ᠮᠠᠨ᠎ᠤ ᠳᠡᠭᠡᠳᠤᠰ ᠠᠯᠢ ᠠ᠋ᠷᠳᠡ᠎ᠠᠴᠠ ᠢᠳᠡᠭᠡᠨ ᠤᠮᠳᠠᠭ᠋ᠠᠨ᠎ᠢ ᠠᠰᠢᠭᠯᠠᠨ ᠡᠪᠡᠳᠴᠢᠨ᠎ᠢ ᠰᠡᠷᠭᠡᠶ᠋ᠢᠯᠡᠵᠤ ᠠ᠋ᠷᠡᠭᠦᠯ ᠴᠢᠭᠢᠷᠠᠭ᠎ᠢ ᠠ᠋ᠷᠭᠢᠮᠯᠡᠳᠡᠭ ᠭᠡᠰᠡᠨ᠎ᠢ ᠮᠡᠳᠡᠵᠤ ᠪᠤᠯᠤᠨ᠎ᠠ᠃ ᠦᠭᠡᠷ᠎ᠤᠨ ᠦᠭᠦᠴᠡ ᠢᠳᠡᠭᠦ᠎ᠳᠤ 《ᠳᠠᠭᠢᠯ ᠳᠤᠭᠤᠭ᠎ᠠ》 ᠳᠦᠭᠦᠭᠡᠷᠳᠡᠭ᠃ ᠦᠭᠡᠷ᠎ᠤᠨ ᠮᠢᠬᠠᠨ᠎ᠤ ᠮᠦᠴᠢ ᠪᠦᠷᠢ ᠵᠢᠨ ᠮᠢᠬᠠᠨ᠎ᠠᠴᠠ ᠠᠪᠴᠤ ᠬᠢᠬᠦ ᠪᠠ ᠭᠤᠤᠯ᠎ᠨᠢ ᠠᠮᠠᠨ ᠭᠦᠵᠤᠭᠦᠤ᠂ ᠪᠤᠭᠤᠨᠢ ᠬᠠᠪᠢᠰᠤ᠂ ᠡᠪᠴᠢᠭᠦᠨ ᠪᠦᠳᠤᠷᠭᠡᠢ᠂ ᠭᠤᠷᠪᠢᠴᠠᠭ ᠶᠠᠰᠤ (ᠳᠤᠤᠬᠠᠨ ᠨᠢᠷᠤᠭᠤ᠂ ᠤᠯᠠᠨ ᠶᠠᠰᠤ ᠴᠦ᠍ ᠭᠡᠳᠡᠭ᠂ ᠨᠤᠳᠤᠭ᠎ᠤᠨ ᠭᠡᠯᠡᠯᠭᠡ ᠪᠤᠯᠤᠯᠳᠠᠢ) ᠵᠡᠷᠭᠡ ᠪᠠᠶ᠋ᠢᠳᠠᠭ᠃ ᠠᠮᠠᠨ ᠭᠦᠵᠤᠭᠦᠤ᠂ ᠪᠤᠭᠤᠨᠢ ᠬᠠᠪᠢᠰᠤ᠂ ᠡᠪᠴᠢᠭᠦᠨ ᠪᠦᠳᠤᠷᠭᠡᠢ᠂ ᠭᠤᠷᠪᠢᠴᠠᠭ ᠶᠠᠰᠤ ᠵᠢ᠎ᠨᠢ ᠰᠠᠶ᠋ᠢᠬᠠᠨ ᠮᠦᠯᠵᠢᠵᠤ ᠠᠮᠠᠨ ᠭᠦᠵᠤᠭᠦᠨ᠎ᠳᠤ᠎ᠨᠢ ᠪᠤᠭᠤᠨᠢ ᠬᠠᠪᠢᠰᠤ ᠵᠢ᠎ᠨᠢ ᠤᠭᠯᠠᠵᠤ ᠳᠠᠯᠪᠢᠭ᠋ᠠᠳ ᠪᠤᠰᠤᠳ ᠢᠳᠡᠭᠡᠨ᠎ᠤ ᠳᠡᠭᠡᠵᠢ᠎ᠲᠠᠢ ᠬᠠᠮᠳᠤ ᠭᠠᠯ᠎ᠳᠤ ᠠ᠋ᠷᠭᠦᠵᠤ 《ᠤᠨᠠᠭᠰᠠᠨ ᠭᠠᠵᠡᠷ᠎ᠲᠤ᠎ᠨᠢ ᠤᠯᠠᠭ᠋ᠠᠨ ᠳᠤᠭᠤᠯ ᠲᠤᠭᠤᠯᠯᠠ! ᠭᠦᠯᠢᠭᠰᠡᠨ ᠭᠠᠵᠡᠷ᠎ᠲᠤ᠎ᠨᠢ ᠭᠦᠷᠡᠩ ᠳᠤᠭᠤᠯ ᠲᠤᠭᠤᠯᠯᠠ! ᠬᠠᠳᠠᠷᠢᠵᠤ ᠭᠦᠷᠤᠰᠢ ᠦᠭᠡᠢ ᠪᠡᠯᠴᠢᠭᠡᠷ᠎ᠲᠠᠢ ᠪᠤᠯ᠂ ᠬᠠᠷᠪᠤᠵᠤ ᠭᠦᠷᠤᠰᠢ ᠦᠭᠡᠢ ᠵᠡᠯ᠎ᠡ᠎ᠲᠠᠢ ᠪᠤᠯ᠂ ᠮᠢᠯᠠᠭ᠋ᠠᠷ ᠡᠪᠡᠷ᠎ᠲᠠᠢ᠎ᠨᠢ ᠮᠢᠩᠭ᠎ᠠ ᠮᠢᠩᠭ᠎ᠠ᠎ᠪᠠᠷ ᠦᠰᠤᠭᠡᠷᠡᠢ! ᠳᠦᠷᠤᠭᠦᠯᠡ ᠡᠪᠡᠷ᠎ᠲᠠᠢ᠎ᠨᠢ ᠳᠦᠮᠡ ᠳᠦᠮᠡ᠎ᠪᠠᠷ ᠦᠰᠤᠭᠡᠷᠡᠢ! ᠪᠤᠯᠭ᠋ᠠᠶ᠎ᠠ ᠭᠡᠰᠡᠨ ᠪᠤᠭᠤᠨᠢ᠎ᠪᠠᠷ᠂ ᠪᠦᠳᠤᠭᠡᠶ᠎ᠠ ᠭᠡᠰᠡᠨ ᠪᠦᠳᠤᠷᠭᠡᠢ᠎ᠪᠠᠷ᠂ ᠪᠠᠭᠢᠵᠢᠶ᠎ᠠ ᠭᠡᠮᠡᠨ ᠠᠮᠠᠨ ᠭᠦᠵᠤᠭᠦᠤ᠎ᠪᠠᠷ ᠭᠠᠯ᠂ ᠳᠦᠷᠪᠡᠨ ᠵᠦᠭ ᠨᠡᠢ᠍ᠮᠠᠨ ᠵᠤᠪᠭᠢᠰ᠎ᠤᠨ ᠲᠡᠭᠷᠢ ᠭᠠᠵᠡᠷ᠎ᠤᠨ ᠰᠠᠭᠢᠭᠤᠯᠰᠤᠨ᠎ᠳᠤ᠎ᠪᠠᠨ ᠠ᠋ᠷᠭᠦᠶ᠎ᠠ ᠁》 ᠭᠡᠵᠤ ᠢᠷᠤᠭᠡᠳᠡᠭ᠃ ᠵᠠᠷᠢᠮ ᠠᠶ᠋ᠢᠯ ᠭᠡᠷ ᠦᠭᠡᠯᠵᠢᠨ ᠰᠠᠷ᠎ᠠ ᠵᠢᠨ ᠬᠤᠷᠢᠨ ᠭᠤᠷᠪᠠᠨ ᠳᠦᠷᠪᠡᠨ᠎ᠳᠤ ᠭᠠᠯ ᠳᠠᠭᠢᠯᠭ᠎ᠠ᠎ᠲᠠᠢ ᠬᠠᠮᠳᠤ ᠳᠠᠭᠢᠳᠠᠭ ᠴᠦ᠍ ᠪᠤᠢ᠃

      ᠠᠰᠠᠭᠤᠬᠤ ᠨᠢᠷᠤᠭᠤ᠎ᠨᠢ ᠦᠨᠤᠴᠢᠨ ᠨᠢᠷᠤᠭᠤ (ᠤᠬᠤᠷ ᠨᠢᠷᠤᠭᠤ᠂ ᠤᠬᠤᠷᠴᠠᠭ ᠨᠢᠷᠤᠭᠤ ᠭᠡᠵᠤ ᠪᠠᠰᠠ ᠭᠡᠯᠡᠳᠡᠭ) ᠵᠢᠨ ᠶᠠᠰᠤ᠎ᠲᠠᠢ ᠪᠠᠳᠤ ᠪᠠᠬᠢ ᠵᠠᠯᠭ᠋ᠠᠯᠳᠤᠵᠤ ᠪᠠᠶ᠋ᠢᠳᠠᠭ ᠤᠴᠢᠷ᠎ᠠᠴᠠ ᠦᠶᠡᠯᠡᠭᠦ᠎ᠳᠤ ᠨᠡᠯᠢᠶᠡᠳ ᠭᠦᠴᠢᠷ ᠪᠠᠶ᠋ᠢᠳᠠᠭ᠃ ᠦᠶᠡᠯᠡᠭᠦ᠎ᠳᠤ᠎ᠪᠠᠨ ᠬᠠᠵᠠᠭᠤ ᠵᠢᠨ ᠭᠦᠮᠤᠨ᠎ᠠᠴᠠ 《ᠦᠶᠡᠯᠡᠭᠦ ᠤᠤ?》 ᠭᠡᠵᠤ ᠠᠰᠠᠭᠤᠳᠠᠭ᠃ ᠲᠡᠷᠡ ᠭᠦᠮᠤᠨ᠎ᠨᠢ 《ᠦᠶᠡᠯᠡ》 ᠭᠡᠵᠤ ᠭᠡᠯᠡᠪᠡᠯ ᠰᠠᠶᠢ ᠦᠶᠡᠯᠡᠨ᠎ᠡ᠃ ᠠᠰᠠᠭᠤᠬᠤ ᠨᠢᠷᠤᠭᠤ ᠵᠢ ᠮᠦᠯᠵᠢᠭᠰᠡᠨ᠎ᠤ ᠳᠠᠷᠠᠭ᠎ᠠ ᠶᠠᠰᠤᠨ᠎ᠤ ᠭᠢᠨᠢ ᠤᠨᠴᠠᠯᠢᠭ ᠰᠢᠨᠵᠢ᠎ᠪᠠᠷ ᠨᠦᠭᠦᠭᠡ ᠠ᠋ᠳᠡᠭᠡᠳ᠎ᠠᠴᠠ ᠠᠰᠠᠭᠤᠯᠳᠠ ᠠᠰᠠᠭᠤᠵᠤ ᠭᠠᠷᠳᠠᠭ᠋ᠠᠬᠤ᠎ᠪᠠᠷ ᠴᠢᠷᠮᠠᠶ᠋ᠢᠳᠠᠭ᠃ ᠠᠰᠠᠭᠤᠬᠤ ᠠᠰᠠᠭᠤᠯᠳᠠ ᠵᠢ᠎ᠨᠢ ᠬᠠᠷᠢᠭᠤᠯᠵᠤ ᠴᠢᠳᠠᠭ᠍ᠤ ᠦᠭᠡᠢ ᠪᠤᠯ ᠳᠤᠷᠭ᠋ᠠᠭᠳᠠᠳᠠᠭ ᠪᠠᠶ᠋ᠢᠨ᠎ᠠ᠃

      ᠠᠰᠠᠭᠤᠬᠤ ᠠᠰᠠᠭᠤᠯᠳᠠ ᠬᠠᠷᠢᠭᠤᠯᠳᠠ ᠵᠢ ᠰᠡᠶ᠋ᠢᠷᠡᠭᠦᠯᠪᠡᠯ᠄

      ᠠ᠋ᠨᠡ ᠶᠠᠭᠤᠨ᠎ᠤ ᠰᠢᠨᠵᠢᠳᠡᠢ ᠪᠤᠢ? ᠰᠦᠮᠪᠤᠷ ᠠᠭᠤᠯᠠ ᠵᠢᠨ ᠰᠢᠨᠵᠢᠳᠡᠢ᠃

      ᠶᠠᠭ᠋ᠠᠭᠢᠭ᠋ᠠᠳ? ᠳᠦᠷᠪᠡᠨ ᠲᠢᠪ᠎ᠲᠠᠢ᠃

      ᠠ᠋ᠨᠡ ᠶᠠᠭᠤᠨ᠎ᠤ ᠰᠢᠨᠵᠢᠳᠡᠢ ᠪᠤᠢ? ᠭᠦᠨᠳᠡᠢ ᠵᠢᠨ ᠭᠦᠭᠡ ᠭᠤᠤᠯ ᠰᠢᠨᠵᠢᠳᠡᠢ᠃

      ᠶᠠᠭ᠋ᠠᠭᠢᠭ᠋ᠠᠳ? ᠮᠢᠩᠭ᠋ᠠᠨ ᠴᠡᠷᠢᠭ᠎ᠢ ᠮᠢᠳᠠᠭ᠋ᠠᠬᠤ ᠦᠭᠡᠢ᠂ ᠳᠦᠮᠡᠨ ᠴᠡᠷᠢᠭ᠎ᠢ ᠳᠦᠳᠡᠭᠡᠭᠦ ᠦᠭᠡᠢ᠃

      ᠠ᠋ᠨᠡ ᠶᠠᠮᠠᠷ ᠰᠢᠨᠵᠢᠳᠡᠢ ᠪᠤᠢ? ᠰᠠᠶ᠋ᠢᠨ ᠡᠷ᠎ᠡ ᠵᠢᠨ ᠮᠠᠩᠨᠠᠢ ᠵᠢᠨ ᠰᠢᠨᠵᠢᠳᠠᠢ᠃

      ᠶᠠᠭ᠋ᠠᠭᠢᠭ᠋ᠠᠳ? ᠢᠷᠡᠭᠰᠡᠨ ᠳᠠᠶ᠋ᠢᠰᠤᠨ᠎ᠢ ᠰᠦᠷᠤᠨ ᠳᠠᠷᠤᠵᠤ᠂ ᠰᠦᠷᠤᠭ᠌ᠰᠡᠨ ᠳᠠᠶ᠋ᠢᠰᠤᠨ᠎ᠢ ᠳᠠᠭ᠋ᠠᠷᠢᠨ ᠳᠠᠷᠤᠭᠰᠠᠨ᠃

      ᠠ᠋ᠨᠡ ᠶᠠᠭᠤᠨ᠎ᠤ ᠰᠢᠨᠵᠢᠳᠡᠢ ᠪᠤᠢ? ᠠᠯᠳᠠᠨ ᠬᠠᠩᠭ᠋ᠠᠢ ᠰᠢᠬ᠃

      ᠶᠠᠭ᠋ᠠᠭᠢᠭ᠋ᠠᠳ? ᠦᠯᠤᠭᠡᠨ᠎ᠳᠤ᠎ᠨᠢ ᠦᠷᠤᠮ᠎ᠡ ᠴᠦᠷᠮ᠎ᠡ ᠳᠦᠭᠦᠷᠡᠩ᠂ ᠠᠷᠤ᠎ᠳᠤ᠎ᠨᠢ ᠠᠶ᠋ᠢᠷᠠᠭ ᠳᠠᠷᠠᠭ ᠳᠦᠭᠦᠷᠡᠩ᠃

      ᠠ᠋ᠨᠡ ᠶᠠᠭᠤᠨ᠎ᠤ ᠰᠢᠨᠵᠢᠳᠡᠢ ᠪᠤᠢ? ᠭᠡᠶ᠋ᠢᠳᠤ ᠪᠤᠭᠤ ᠵᠢᠨ ᠡᠪᠡᠷ ᠰᠢᠨᠵᠢᠳᠡᠢ᠃

      ᠶᠠᠭ᠋ᠠᠭᠢᠭ᠋ᠠᠳ? ᠠ᠋ᠳᠤᠷ᠎ᠤᠨ ᠭᠠᠵᠠᠷ᠎ᠠᠴᠠ ᠦᠨᠤᠷ ᠠᠪᠴᠤ᠂ ᠬᠤᠨᠤᠭ᠎ᠤᠨ ᠭᠠᠵᠠᠷ᠎ᠠᠴᠠ ᠠᠨᠢᠷ ᠠᠪᠳᠠᠭ᠃

      ᠠ᠋ᠨᠡ ᠶᠠᠭᠤᠨ᠎ᠤ ᠰᠢᠨᠵᠢᠳᠡᠢ ᠪᠤᠢ? ᠬᠠᠨ ᠭᠠᠷᠤᠳᠢ ᠵᠢᠨ ᠵᠢᠭᠦᠷ᠎ᠤᠨ ᠰᠢᠨᠵᠢᠳᠠᠢ᠃

      ᠶᠠᠭ᠋ᠠᠭᠢᠭ᠋ᠠᠳ? ᠤᠷᠠᠨ ᠭᠦᠮᠤᠨ᠎ᠤ ᠬᠤᠮᠤᠬᠠᠢ ᠬᠤᠷᠤᠭᠤ ᠰᠢᠨᠵᠢᠳᠠᠢ᠃

      ᠶᠠᠭ᠋ᠠᠭᠢᠭ᠋ᠠᠳ? ᠤᠨᠳᠠᠭ᠎ᠠ ᠭᠦᠮᠤᠨ᠎ᠤ ᠤᠬᠤᠷᠬᠠᠢ ᠳᠤᠤᠷᠯᠠᠵᠤ᠂ ᠭᠡᠪᠳᠡᠭᠡ ᠭᠦᠮᠤᠨ᠎ᠤ ᠭᠡᠯᠡ ᠵᠢ ᠳᠤᠤᠷᠯᠠᠳᠠᠭ᠃

      ᠠ᠋ᠨᠡ ᠶᠠᠭᠤᠨ᠎ᠤ ᠰᠢᠨᠵᠢᠳᠡᠢ ᠪᠤᠢ? ᠠᠯᠳᠠᠨ ᠠ᠋ᠮᠡᠭᠡᠯ᠎ᠤᠨ ᠪᠦᠭᠦᠷᠭᠡ ᠰᠢᠨᠵᠢᠳᠡᠢ᠃

      ᠶᠠᠭ᠋ᠠᠭᠢᠭ᠋ᠠᠳ? ᠪᠦᠭᠦᠷᠭᠡ ᠳᠤᠮᠳᠠ᠎ᠪᠠᠨ ᠰᠠᠷᠠ᠎ᠲᠠᠢ᠂ ᠰᠠᠷᠠᠨ ᠭᠠᠳᠠᠭᠤᠷ ᠵᠶ᠋ᠠᠨ ᠬᠤᠳᠠ᠎ᠲᠠᠢ᠂ ᠭᠦᠪᠡᠭᠡ᠎ᠪᠠᠷ ᠵᠶ᠋ᠠᠨ ᠤᠳᠤᠨ᠎ᠲᠠᠢ᠂ ᠭᠦᠭᠡ ᠲᠡᠭᠷᠢ ᠵᠢᠨ ᠰᠢᠨᠵᠢᠳᠤ ᠳᠡᠯᠪᠢ᠎ᠲᠠᠢ᠃

      ᠠ᠋ᠨᠡ ᠶᠠᠭᠤᠨ᠎ᠤ ᠰᠢᠨᠵᠢᠳᠡᠢ ᠪᠤᠢ? ᠰᠠᠶ᠋ᠢᠨ ᠠ᠋ᠭᠡᠨᠡᠷ᠎ᠤᠨ ᠰᠢᠨᠵᠢᠳᠠᠢ᠃

      ᠶᠠᠭ᠋ᠠᠭᠢᠭ᠋ᠠᠳ? ᠬᠠᠷᠢ᠎ᠳᠤ ᠳᠠᠭ᠋ᠠᠬᠤ ᠭᠡᠤᠭᠡᠨ᠎ᠲᠠᠢ᠂ ᠬᠠᠯᠠ ᠳᠠᠭ᠋ᠠᠭ᠋ᠠᠬᠤ ᠬᠦᠪᠡᠭᠦᠨ᠎ᠲᠠᠢ᠃

      ᠠ᠋ᠨᠡ ᠶᠠᠭᠤᠨ᠎ᠤ ᠰᠢᠨᠵᠢᠳᠡᠢ ᠪᠤᠢ? ᠰᠠᠶ᠋ᠢᠨ ᠠᠭᠳᠠ ᠵᠢᠨ ᠰᠤᠶᠤᠭ᠎ᠠ ᠰᠢᠨᠵᠢᠳᠠᠢ᠃

    ᠶᠠᠭ᠋ᠠᠭᠢᠭ᠋ᠠᠳ? ᠤᠯᠤᠩ ᠦᠭᠡᠢ ᠤᠭᠤᠨᠤ ᠭᠦᠶᠤᠭᠦ᠂ ᠬᠤᠳᠤᠷᠭ᠎ᠠ ᠦᠭᠡᠢ ᠬᠤᠯᠠᠨ ᠭᠦᠶᠤᠭᠦ᠃

      ᠠ᠋ᠨᠡ ᠶᠠᠭᠤᠨ᠎ᠤ ᠰᠢᠨᠵᠢᠳᠡᠢ ᠪᠤᠢ? ᠬᠠᠷ᠎ᠠ ᠭᠡᠷᠢᠶ᠎ᠡ ᠵᠢᠨ ᠬᠤᠩᠰᠢᠶᠠᠷ ᠰᠢᠨᠵᠢᠳᠠᠢ᠃

      ᠶᠠᠭ᠋ᠠᠭᠢᠭ᠋ᠠᠳ? ᠠᠭᠤᠯᠠ ᠰᠢᠪᠳᠤ ᠤᠯᠠᠢ ᠦᠵᠡᠭᠦ᠂ ᠳᠠᠪᠠᠭ᠎ᠠ ᠰᠢᠪᠳᠤ ᠳᠠᠭ᠋ᠠᠷᠢ ᠦᠵᠡᠭᠦ᠃

      ᠠ᠋ᠨᠡ ᠶᠠᠭᠤᠨ᠎ᠤ ᠰᠢᠨᠵᠢᠳᠡᠢ ᠪᠤᠢ? ᠭᠠᠭᠴᠠ ᠭᠦᠯ᠎ᠲᠠᠢ ᠲᠡᠶ᠋ᠢᠷᠡᠩ ᠰᠢᠨᠵᠢᠳᠠᠢ᠃

      ᠶᠠᠭ᠋ᠠᠭᠢᠭ᠋ᠠᠳ? ᠭᠠᠯ᠎ᠤᠨ ᠳᠡᠷᠭᠡᠳᠡ ᠰᠡᠭᠦᠳᠡᠷ ᠦᠭᠡᠢ᠂ ᠭᠠᠵᠠᠷ ᠤᠯᠠᠯᠬᠤ ᠭᠦᠯ ᠦᠭᠡᠢ᠃

      ᠠ᠋ᠨᠡ ᠶᠠᠭᠤᠨ᠎ᠤ ᠰᠢᠨᠵᠢᠳᠡᠢ ᠪᠤᠢ? ᠰᠠᠶ᠋ᠢᠨ ᠬᠤᠳᠠᠴᠢ ᠵᠢᠨ ᠰᠢᠨᠵᠢᠳᠠᠢ᠃

      ᠶᠠᠭ᠋ᠠᠭᠢᠭ᠋ᠠᠳ? ᠶᠠᠷ ᠶᠠᠷ ᠬᠤᠴᠠᠵᠤ᠂ ᠶᠠᠰᠤ ᠭᠦᠰᠤ ᠢᠳᠡᠵᠤ᠂ ᠭᠦᠷ ᠭᠦᠷ ᠬᠤᠴᠠᠵᠤ᠂ ᠭᠦᠷᠢᠶ᠎ᠡ ᠬᠤᠳᠠ ᠮᠠᠨᠠᠳᠠᠭ᠃

      ᠢᠩᠭᠢᠵᠤ ᠠᠰᠠᠭᠤᠵᠤ ᠨᠠᠭ᠋ᠠᠳᠴᠤ ᠭᠦᠭᠡᠷᠤᠯᠳᠤᠨ ᠪᠠᠶᠠᠰᠤᠭ᠋ᠠᠳ ᠬᠠᠮᠤᠭ ᠰᠡᠭᠦᠯ᠎ᠳᠤ᠎ᠨᠢ ᠮᠦᠯᠵᠢᠭᠰᠡᠨ ᠠᠰᠠᠭᠤᠬᠤ ᠨᠢᠷᠤᠭᠤᠨ ᠶᠠᠰᠤᠨ᠎ᠤ ᠭᠤᠤᠯ᠎ᠳᠤ᠎ᠨᠢ ᠦᠭᠡᠭᠦ ᠳᠠᠯᠪᠢᠭ᠋ᠠᠳ ᠭᠠᠯ᠎ᠳᠤ ᠠ᠋ᠷᠭᠦᠭᠦ᠎ᠳᠤ᠎ᠪᠠᠨ ᠬᠠᠷᠠᠴᠤ ᠭᠦᠮᠤᠨ᠎ᠤ ᠬᠤᠭᠤᠯᠠ ᠪᠤᠯᠬᠤ᠂ ᠬᠠᠭ᠋ᠠᠨ ᠭᠦᠮᠤᠨ᠎ᠤ ᠵᠤᠭᠤᠭ ᠪᠤᠯᠬᠤ ᠠᠰᠠᠭᠤᠬᠤ ᠨᠢᠷᠤᠭᠤ ᠴᠢᠮ᠎ᠠ ᠵᠢ ᠬᠠᠷ᠎ᠠ ᠨᠤᠬᠠᠢ ᠵᠢᠨ ᠠᠮᠠᠨ᠎ᠠᠴᠠ ᠭᠠᠷᠭ᠋ᠠᠨ᠎ᠠ ᠭᠡᠳ ᠭᠠᠯ᠎ᠳᠤ ᠠ᠋ᠷᠭᠦᠳᠡᠭ ᠪᠠᠶ᠋ᠢᠨ᠎ᠠ᠃

      ᠭᠦᠵᠤᠭᠦᠤ᠂ ᠱᠠᠭ᠎ᠠ᠂ ᠪᠤᠷᠪᠢ᠂ ᠳᠤᠶ᠋ᠢᠭ᠂ ᠤᠶ᠋ᠢᠯᠡᠷ᠎ᠤᠨ ᠶᠠᠰᠤ᠂ ᠭᠤᠷᠪᠢᠴᠠᠭ ᠶᠠᠰᠤ ᠵᠢ ᠴᠠᠪᠡᠷ ᠮᠦᠯᠵᠢᠭᠦ᠎ᠳᠤ ᠮᠠᠰᠢ ᠭᠦᠴᠢᠷ ᠪᠠᠶ᠋ᠢᠳᠠᠭ᠂ ᠠ᠋ᠳᠡᠭᠡᠷ ᠶᠠᠰᠤ ᠪᠦᠳᠤᠴᠡ᠎ᠨᠢ ᠪᠤᠳᠤᠯᠢᠶᠠᠨᠳᠠᠢ ᠪᠠᠶ᠋ᠢᠳᠠᠭ᠎ᠠᠴᠠ ᠴᠡᠪᠡᠷ ᠮᠦᠯᠵᠢᠵᠤ ᠴᠢᠳᠠᠪᠡᠯ ᠡᠷ᠎ᠡ ᠴᠢᠳᠠᠯ᠂ ᠠᠷᠭ᠎ᠠ ᠤᠬᠠᠭ᠋ᠠᠨ ᠪᠦᠷᠢᠯᠳᠤᠴᠢᠭᠡᠯ᠎ᠡ ᠭᠡᠵᠤ ᠦᠵᠡᠳᠡᠭ᠃ ᠶᠠᠰᠤ ᠵᠢ ᠴᠡᠪᠡᠷ ᠰᠠᠶ᠋ᠢᠬᠠᠨ ᠮᠦᠯᠵᠢᠪᠡᠯ ᠳᠦᠷᠤᠭ᠌ᠰᠡᠨ ᠠᠴᠢᠷ ᠦᠷ᠎ᠡ᠎ᠨᠢ ᠭᠡᠭᠡᠨᠴᠢᠷ ᠭᠤᠶᠤ᠂ ᠴᠡᠪᠡᠷ ᠠᠷᠢᠭᠤᠨ ᠰᠠᠨᠠᠭ᠎ᠠ᠎ᠲᠠᠢ ᠭᠡᠮᠡᠨ ᠵᠦᠩᠨᠡᠳᠡᠭ᠃ ᠳᠠᠯᠤᠨ ᠮᠦᠭᠡᠷᠡᠰᠤ᠂ ᠪᠤᠷᠪᠢ ᠵᠢᠨ ᠶᠠᠰᠤ ᠪᠤᠯᠴᠢᠩ ᠮᠢᠬ᠎ᠠ᠎ᠲᠠᠢ᠂ ᠳᠤᠶ᠋ᠢᠭ᠎ᠤᠨ ᠶᠠᠰᠤ ᠪᠤᠯᠴᠢᠩ ᠮᠢᠬ᠎ᠠ᠎ᠲᠠᠢ᠂ ᠰᠡᠭᠦᠯ᠎ᠤᠨ ᠦᠶ᠎ᠡ᠂ ᠭᠤᠷᠪᠢᠴᠠᠭ ᠶᠠᠰᠤ᠂ ᠪᠤᠭᠳᠤᠭ᠎ᠠ ᠴᠢᠮᠤᠭᠡ ᠵᠢᠨ ᠵᠤᠪᠠᠯᠠᠩ᠎ᠤᠨ ᠶᠠᠰᠤ ᠵᠢ ᠰᠦᠭᠡᠮ ᠭᠢᠷᠢ ᠮᠢᠬ᠎ᠠ᠎ᠲᠠᠢ ᠠᠪᠴᠤ ᠴᠢᠨᠠᠭᠰᠠᠨ ᠱᠦᠯᠤ ᠵᠢ 《ᠲᠠᠪᠤᠨ ᠰᠢᠮᠡᠳ》 ᠭᠡᠵᠤ ᠰᠠᠷ᠎ᠠ᠎ᠳᠤ ᠰᠠᠭᠤᠭ᠎ᠠ ᠪᠦᠰᠡᠭᠦᠢ ᠪᠤᠶᠤ ᠤᠳᠠᠭ᠋ᠠᠨ ᠬᠤᠨᠤᠭ ᠮᠢᠬ᠎ᠠ ᠢᠳᠡᠭᠰᠡᠨ ᠦᠭᠡᠢ ᠡᠪᠡᠳᠴᠢᠨ᠎ᠲᠠᠢ ᠭᠦᠮᠤᠰ᠎ᠲᠤ ᠴᠢᠨᠠᠵᠤ ᠤᠤᠭᠤᠯᠭ᠋ᠠᠨ ᠲᠠᠮᠢᠷ ᠨᠦᠭᠦᠪᠤᠷᠢᠯᠡᠳᠡᠭ᠃ 《ᠲᠠᠪᠤᠨ ᠰᠢᠮᠡᠳ》 ᠭᠡᠳᠡᠭ᠎ᠨᠢ ᠵᠤᠭᠢᠬᠤ ᠭᠡᠮᠵᠢᠶᠡᠨ᠎ᠤ ᠮᠢᠬ᠎ᠠ᠎ᠲᠠᠢ ᠪᠠᠶ᠋ᠢᠳᠠᠭ᠂ ᠵᠠᠷᠢᠮ ᠭᠦᠮᠤᠰ ᠶᠡᠰᠤ᠎ᠪᠠᠷ᠎ᠨᠢ ᠱᠦᠯᠤ ᠭᠠᠷᠭ᠋ᠠᠳᠠᠭ ᠭᠡᠮᠡᠨ ᠭᠡᠯᠡᠳᠡᠭ᠎ᠨᠢ ᠠ᠋ᠰᠢ ᠪᠠᠷᠢᠮᠳᠠ ᠦᠭᠡᠢ ᠳᠠᠭ᠋ᠠᠮᠠᠭᠯᠠᠯ ᠳᠡᠳᠤᠢ᠃ ᠮᠤᠩᠭᠤᠯᠴᠤᠳ ᠱᠦᠯᠤ ᠤᠤᠭᠤᠬᠤ ᠪᠤᠶᠤ ᠦᠭᠦᠴᠡ ᠭᠠᠷᠭ᠋ᠠᠬᠤ ᠪᠤᠯᠭ᠋ᠠᠨ ᠬᠠᠷ᠎ᠠ ᠰᠡᠭᠡᠷ᠂ ᠬᠠᠷ᠎ᠠ ᠨᠢᠷᠤᠭᠤ᠂ ᠪᠤᠭᠤᠨᠢ ᠬᠠᠪᠢᠰᠤ᠂ ᠦᠨᠤᠴᠢᠨ ᠰᠦᠪᠡᠭᠡ᠂ ᠪᠤᠭᠳᠤᠭ᠎ᠠ ᠴᠢᠮᠤᠭᠡ᠂ ᠱᠠᠭ᠋ᠠᠳᠤ ᠴᠢᠮᠤᠭᠡ᠂ ᠤᠭᠤᠷᠠᠭ ᠰᠡᠭᠦᠯ ᠵᠡᠷᠭᠡ ᠵᠢ ᠳᠡᠭᠡᠳᠤᠰ᠎ᠤᠨ ᠬᠤᠪᠢ ᠭᠡᠮᠡᠨ ᠭᠠᠷᠭ᠋ᠠᠵᠤ ᠮᠢᠬ᠎ᠠ ᠵᠢ᠎ᠨᠢ ᠠᠪᠤᠭ᠋ᠠᠳ ᠶᠠᠰᠤ᠎ᠲᠠᠢ ᠭᠡᠰᠡᠭ᠎ᠢ᠎ᠨᠢ ᠦᠭᠯᠢᠭᠡ ᠲᠦᠯᠡᠰᠢᠨ᠎ᠳᠤ ᠵᠠᠷᠤᠳᠠᠭ ᠶᠤᠰᠤᠨ ᠪᠤᠢ᠃ ᠦᠯᠡᠳᠡᠭᠰᠡᠨ᠎ᠢ᠎ᠨᠢ ᠠᠪᠴᠤ ᠢᠷᠡᠭᠡᠳ ᠳᠡᠭᠡᠳᠤᠰ᠎ᠤᠨ ᠭᠡᠰᠢᠭ ᠭᠡᠵᠤ ᠭᠡᠷ ᠪᠦᠯᠢ᠎ᠪᠠᠷ ᠬᠤᠪᠢᠶᠠᠯᠴᠡᠨ ᠢᠳᠡᠳᠡᠭ ᠪᠠᠶ᠋ᠢᠨ᠎ᠠ᠃ ᠳᠡᠭᠡᠳᠤᠰ᠎ᠤᠨ ᠭᠡᠰᠢᠭ᠎ᠢ ᠬᠠᠷᠢ ᠤᠭᠰᠠᠭ᠋ᠠᠨ᠎ᠤ ᠭᠦᠮᠤᠰ᠎ᠲᠤ ᠢᠳᠡᠭᠦᠯᠭᠦ ᠵᠢ ᠴᠡᠭᠡᠷᠯᠡᠨ᠎ᠡ᠃ ᠭᠡᠰᠢᠭ ᠪᠤᠶᠡᠨ᠎ᠨᠢ ᠭᠠᠳᠠᠭᠰᠢ ᠶᠠᠪᠤᠬᠤ ᠪᠤᠶᠤ ᠵᠠᠶ᠋ᠢᠯᠠᠨ᠎ᠠ ᠭᠡᠳᠡᠭ᠃

      ᠮᠠᠯ᠎ᠤᠨ ᠶᠠᠰᠤ ᠵᠢ ᠰᠠᠶ᠋ᠢᠬᠠᠨ ᠮᠦᠯᠵᠢᠵᠤ ᠪᠠᠶ᠋ᠢᠪᠡᠯ ᠮᠠᠯ ᠬᠤᠢ ᠳᠡᠭᠰᠢ ᠰᠠᠶ᠋ᠢᠬᠠᠨ ᠦᠰᠴᠤ ᠡᠵᠡᠨ ᠵᠶ᠋ᠠᠨ ᠪᠠᠶᠠᠰᠬᠠᠳᠠᠭ ᠭᠡᠳᠡᠭ᠎ᠨᠢ ᠮᠠᠰᠢ ᠠᠯᠤᠰᠴᠢ᠂ ᠰᠢᠨᠵᠢᠯᠡᠭᠦ ᠤᠬᠠᠭ᠋ᠠᠨᠴᠢ᠂ ᠶᠤᠰᠤ ᠵᠦᠢ᠍ᠴᠢ ᠦᠵᠡᠯ ᠮᠦᠷᠳᠡᠭᠡᠨ ᠨᠠᠶ᠋ᠢᠳᠡ ᠮᠤᠩᠭᠤᠯ᠎ᠤᠨ ᠭᠡᠷ ᠪᠦᠯᠢ ᠵᠢᠨ ᠰᠤᠷᠭ᠋ᠠᠨ ᠭᠦᠮᠤᠵᠢᠯ᠎ᠤᠨ ᠴᠢᠬᠤᠯᠠ ᠠᠭᠤᠯᠭ᠎ᠠ ᠪᠤᠯᠤᠭᠰᠠᠨ ᠪᠠᠶ᠋ᠢᠨ᠎ᠠ᠃ ᠨᠠᠶᠠᠭ᠋ᠠᠳ ᠤᠨ᠎ᠠᠴᠠ ᠬᠤᠶ᠋ᠢᠰᠢ ᠠᠮᠢᠳᠤᠷᠠᠯ ᠠ᠋ᠳᠤᠷ ᠢᠷᠡᠭᠦᠶ᠎ᠠ ᠰᠠᠶ᠋ᠢᠵᠢᠷᠠᠭᠰᠠᠨ ᠪᠠ ᠬᠤᠭᠤᠯᠠᠨ ᠭᠡᠷ᠎ᠲᠤ ᠬᠤᠭᠤᠯᠠᠯᠠᠭ᠍ᠤ ᠭᠦᠮᠤᠨ ᠤᠯᠠᠰᠢᠷᠠᠭᠰᠠᠨ᠎ᠠᠴᠠ ᠤᠯᠠᠨ ᠭᠦᠮᠤᠰ ᠨᠡᠩ ᠢᠯᠠᠩᠭᠤᠶ᠎ᠠ ᠵᠠᠯᠠᠭᠤ ᠪᠠᠭ᠋ᠠᠴᠤᠤᠯ᠂ ᠬᠤᠳᠠ ᠵᠢᠨ ᠮᠤᠩᠭᠤᠯᠴᠤᠳ 《ᠵᠢᠷᠤᠭ᠎ᠠ ᠢᠳᠡᠯᠭᠡ》 ᠭᠡᠮᠡᠨ ᠰᠢᠳᠤᠨ᠎ᠳᠤ ᠦᠷᠳᠡᠭᠦ ᠵᠢ᠎ᠨᠢ ᠢᠳᠡᠭᠡᠳ ᠪᠤᠰᠤᠳ᠎ᠢ᠎ᠨᠢ ᠤᠷᠭᠢᠴᠢᠬᠠᠳᠠᠭ ᠮᠠᠭᠤᠬᠠᠢ ᠰᠤᠷᠳᠠᠯ ᠶᠠᠪᠤᠬᠤ ᠳᠤᠳᠤᠮ ᠵᠠᠢ ᠡᠵᠡᠯᠡᠵᠤ ᠪᠤᠢ᠃ ᠠ᠋ᠨᠡ᠎ᠨᠢ ᠪᠦᠷᠢᠯᠭᠡᠵᠤ ᠰᠤᠶ᠋ᠢᠳᠭᠡᠵᠤ ᠪᠠᠶ᠋ᠢᠭ᠎ᠠ ᠵᠢᠨ ᠢᠯᠡᠷᠡᠯ᠂ ᠨᠡᠩ ᠴᠦ᠍ ᠦᠨᠳᠤᠰᠤᠳᠡᠨ᠎ᠤ᠎ᠪᠠᠨ ᠤᠭᠢ ᠰᠢᠯᠢᠳᠡᠭ ᠵᠠᠩ ᠤᠶ᠋ᠢᠯᠡ᠎ᠠᠴᠠ ᠬᠤᠯᠠᠳᠠᠵᠤ ᠪᠤᠰᠤᠳ᠎ᠤᠨ ᠪᠤᠯᠭᠢ ᠪᠦᠳᠤᠭᠦᠯᠢᠭ᠎ᠢ ᠳᠠᠭᠤᠷᠢᠶᠠᠭᠰᠠᠨ ᠵᠢᠭᠰᠢᠭᠦᠷᠢᠳᠠᠢ ᠶᠠᠪᠤᠳᠠᠯ ᠪᠤᠯᠤᠨ᠎ᠠ᠃ ᠮᠤᠩᠭᠤᠯᠴᠤᠳ᠎ᠤᠨ 《ᠴᠡᠭᠡᠷ᠎ᠤᠨ ᠰᠤᠶᠤᠯ》 ᠪᠤᠯ ᠠᠷᠠᠳ᠎ᠤᠨ ᠳᠤᠮᠳᠠ ᠠᠶᠠᠨᠳᠠᠭ᠋ᠠᠨ ᠪᠤᠢ ᠪᠤᠯᠤᠭᠰᠠᠨ ᠮᠠᠰᠢ ᠠ᠋ᠮᠭᠢ ᠲᠢᠭᠯᠢᠮ᠎ᠲᠠᠢ᠂ ᠠᠮᠢᠳᠤᠷᠠᠯ᠎ᠤᠨ ᠵᠦᠢ᠎ᠪᠠᠷ ᠤᠶ᠋ᠢᠯᠡᠳᠤᠯᠭᠡᠵᠢᠭᠰᠡᠨ ᠬᠠᠤᠯᠢ ᠪᠤᠯᠤᠨ᠎ᠠ᠃

      ᠮᠤᠩᠭᠤᠯᠴᠤᠳ ᠶᠡᠷᠤ᠎ᠠᠴᠠ 《ᠶᠠᠰᠤ᠎ᠲᠠᠢ ᠮᠢᠬ᠎ᠠ ᠢᠳᠠᠵᠤ᠂ ᠶᠤᠰᠤ᠎ᠲᠠᠢ ᠦᠭᠡ ᠭᠡᠯᠡᠳᠡᠭ》 ᠪᠠᠶ᠋ᠢᠭᠰᠠᠨ᠎ᠠᠴᠠ ᠠ᠋ᠳᠤᠭᠡ ᠪᠤᠯᠬᠤ᠎ᠳᠤ ᠦᠪᠡᠷ᠎ᠤᠨ ᠤᠭᠰᠠᠭ᠎ᠠ ᠶᠡᠰᠤᠳᠠᠨ᠎ᠤ ᠵᠠᠩ ᠤᠶ᠋ᠢᠯᠡ᠎ᠪᠠᠨ ᠭᠦᠨᠳᠤᠳᠭᠡᠭᠦ ᠦᠭᠡᠢ ᠮᠠᠷᠳᠠᠵᠤ ᠪᠠᠢ᠍ᠢ᠍ᠬᠤ᠎ᠨᠢ ᠤᠯᠠᠰᠢᠷᠠᠵᠦ ᠪᠤᠢ᠃ ᠠᠮᠢᠳᠤᠷᠠᠯ᠎ᠤᠨ ᠳᠤᠷᠰᠢᠯᠭ᠎ᠠ ᠵᠦᠢ᠎ᠠᠴᠠ ᠭᠦᠮᠤᠨ᠎ᠤ ᠤᠬᠠᠭ᠎ᠠ ᠨᠡᠭᠡᠭᠡᠭᠳᠡᠳᠡᠭ ᠪᠢᠯᠡ᠃ 《ᠠᠮᠠᠨ᠎ᠤ ᠪᠡᠯᠭᠡ᠎ᠠᠴᠠ ᠠᠰᠢᠳᠠ ᠵᠢᠨ ᠪᠡᠯᠬᠡ》 ᠭᠡᠳᠡᠭ ᠵᠶ᠋ᠠᠷ ᠠᠮᠠᠨ᠎ᠤ ᠪᠡᠯᠭᠡ ᠵᠢ ᠮᠠᠰᠢ ᠠ᠋ᠷᠭᠢᠮᠯᠡᠨ ᠶᠠᠮᠠᠷ ᠨᠢᠭᠡᠨ ᠤᠴᠢᠷ ᠶᠠᠪᠤᠳᠠᠯ ᠳᠡᠭᠡᠷ᠎ᠡ ᠪᠠᠶ᠋ᠢᠩᠭᠤ ᠢᠷᠤᠭᠡᠯ ᠮᠠᠭᠳᠠᠭ᠋ᠠᠯ ᠬᠡᠯᠡᠵᠤ ᠰᠠᠴᠤᠯᠢ ᠰᠡᠷᠵᠢᠮ ᠠ᠋ᠷᠭᠦᠳᠡᠭ᠎ᠨᠢ ᠨᠠᠶ᠋ᠢᠳᠡᠯᠢᠭ ᠦᠵᠡᠭᠳᠡᠯ ᠶᠤᠮ᠃ ᠦᠨᠤᠳᠤᠷ᠎ᠤᠨ ᠮᠤᠩᠭᠤᠯᠴᠤᠳ ᠢᠷᠤᠭᠡᠯ ᠮᠠᠭᠳᠠᠭ᠋ᠠᠯ᠂ ᠦᠴᠢᠭ ᠳᠠᠭ᠋ᠠᠳᠬᠠᠯ᠎ᠤᠨ ᠤᠶ᠋ᠢᠯᠡᠳᠤᠯ ᠭᠡᠷᠡᠭᠴᠡᠭᠡ᠂ ᠦᠷᠳᠡᠭ᠎ᠢ ᠮᠡᠳᠡᠭᠦ᠎ᠪᠠᠨ ᠪᠠᠶ᠋ᠢᠴᠢᠬᠠᠵᠤ᠂ ᠠᠯᠢᠪᠡ ᠵᠢ ᠦᠷᠤᠭᠡᠯ ᠪᠤᠰᠤᠳ᠎ᠲᠤ ᠨᠠᠶ᠋ᠢᠳᠠᠵᠤ ᠮᠤᠩᠭᠤᠯ ᠰᠤᠶᠤᠯ᠎ᠤᠨ ᠴᠢᠬᠤᠯᠠ ᠴᠢᠨᠠᠷ᠂ ᠷᠢᠳᠢ ᠰᠢᠳᠢ ᠵᠢ ᠤᠮᠠᠷᠳᠠᠨ᠂ ᠮᠤᠩᠭᠤᠯ ᠰᠡᠳᠭᠢᠭᠦᠢ᠎ᠪᠠᠨ ᠠᠯᠳᠠᠵᠤ ᠪᠠᠶ᠋ᠢᠭ᠎ᠠ ᠦᠵᠡᠭᠳᠡᠯ ᠲᠦᠭᠡᠮᠡᠯ ᠬᠠᠷᠠᠭᠳᠠᠵᠤ ᠪᠤᠢ᠃ ᠮᠤᠩᠭᠤᠯᠴᠤᠳ ᠶᠡᠷᠤᠨᠢ ᠠᠯᠢᠪᠠ ᠤᠶ᠋ᠢᠯᠡ ᠵᠢ ᠤᠭᠳᠤᠵᠤ ᠮᠡᠳᠡᠭᠡᠳ᠂ ᠳᠤᠰᠴᠤ ᠪᠡᠯᠡᠳᠭᠡᠭᠦ᠂ ᠳᠡᠰᠴᠤ ᠤᠶ᠋ᠢᠯᠡᠳᠭᠦ ᠠᠯᠤᠰᠴᠢ ᠪᠤᠳᠤᠯ᠂ ᠤᠷᠢᠳᠴᠢᠯᠠᠨ ᠵᠦᠩᠡᠨᠡ ᠰᠡᠳᠭᠢᠭᠦ ᠴᠢᠳᠠᠪᠤᠷᠢ᠎ᠲᠠᠢ ᠪᠢᠯᠡ᠃ ᠤᠳᠤ ᠪᠤᠯᠬᠤ᠎ᠳᠤ ᠶᠠᠭᠤᠮ᠎ᠠ ᠪᠤᠯᠭ᠋ᠠᠨ᠎ᠳᠤ ᠪᠠᠯᠡᠨ᠎ᠢ ᠭᠦᠭᠡᠭᠡᠴᠡᠯᠳᠤᠭ᠌ᠰᠠᠭᠡᠷ ᠪᠠᠶ᠋ᠢᠭ᠋ᠠᠳ ᠦᠪ ᠰᠤᠶᠤᠯ ᠬᠠᠶᠠᠭᠳᠠᠵᠤ ᠪᠠᠶ᠋ᠢᠨ᠎ᠠ᠃ ᠠ᠋ᠶ᠋ᠢᠮᠤ᠎ᠠᠴᠠ ᠵᠠᠯᠠᠭᠤ ᠨᠢᠭᠡᠨ ᠦᠶ᠎ᠡ ᠵᠢᠨ᠎ᠬᠢᠨ 《ᠴᠡᠭᠡᠷ ᠰᠤᠶᠤᠯ》᠎ᠢ ᠴᠠᠭ ᠢᠮᠠᠭᠳᠠ ᠰᠤᠷᠤᠯᠴᠡᠵᠤ᠂ ᠭᠦᠨᠳᠤᠳᠭᠡᠵᠤ᠂ ᠪᠤᠳᠠᠳᠤ ᠠᠮᠢᠳᠤᠷᠠᠯ᠎ᠳᠤ᠎ᠪᠠᠨ ᠦᠷᠭᠦᠯᠵᠢ ᠠᠩᠬᠠᠷᠬᠤ ᠭᠡᠷᠡᠭᠳᠡᠢ ᠪᠤᠯᠤᠭ᠋ᠠᠳ ᠪᠠᠶ᠋ᠢᠨ᠎ᠠ᠃

      ᠬᠠᠶᠢᠬ᠄ ᠤᠳᠤᠭ ᠬᠤᠰᠢᠭᠤᠨ᠎ᠤ ᠮᠤᠩᠭᠤᠯ ᠦᠨᠳᠤᠰᠤᠳᠠᠨ᠎ᠤ ᠳᠤᠷᠰᠢᠯᠳᠠ ᠵᠢᠨ ᠪᠠᠭ᠎ᠠ ᠰᠤᠷᠭ᠋ᠠᠭᠤᠯᠢ
                                        (ᠲᠤ᠋ · ᠦᠯᠵᠡᠢ᠍ᠢ᠍ᠰᠠᠩ ᠨᠠᠢ᠍ᠢ᠍ᠷᠠᠭᠤᠯᠪᠠ)

                                        2019 ᠣᠨ᠎ᠤ 4 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠮᠤᠩᠭᠤᠯᠴᠤᠳ᠎ᠤᠨ ᠮᠡᠨᠳᠤᠴᠢᠯᠡᠭᠡᠨ᠎ᠤ ᠬᠡᠯᠡ ᠬᠡᠯᠡᠯᠭᠡ ᠵᠢᠨ ᠲᠤᠬᠠᠢ
 
             蒙ICP备05000248号