ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠵᠦᠪ ᠦᠭᠡᠳᠡᠷᠬᠡᠭ ᠭᠡᠷ᠎ᠤᠨ ᠬᠦᠮᠦᠵᠢᠯ ᠪᠣᠯ ᠬᠡᠣᠬᠡᠳ᠎ᠤᠨ ᠠ᠋ᠷᠡᠬᠦᠯ ᠦᠰᠦᠨ ᠪᠣᠶ᠋ᠢᠵᠢᠯᠲᠠ ᠵᠢᠨ ᠦᠨᠳᠦᠰᠦ
ᠨᠡᠶ᠋ᠢᠲᠡᠯᠡᠭᠰᠡᠨ ᠴᠠᠭ᠄ 2024-04-10

                          ᠣᠷᠬᠢᠯ


幼儿教育1.png


      《ᠪᠡᠶ᠎ᠡ᠎ᠪᠠᠨ ᠵᠠᠰᠠᠵᠦ ᠴᠢᠳᠠᠪᠠᠰᠣ ᠭᠡᠷ ᠵᠶ᠋ᠠᠨ ᠵᠠᠰᠠᠵᠦ ᠴᠢᠳᠠᠮᠣᠢ᠂ ᠬᠡᠷ ᠵᠶ᠋ᠠᠨ ᠵᠠᠰᠠᠵᠦ ᠴᠢᠳᠠᠪᠠᠰᠣ ᠣᠯᠣᠰ᠎ᠢ ᠵᠠᠰᠠᠵᠦ ᠴᠢᠳᠠᠮᠣᠢ》 ᠭᠡᠳᠡᠭᠴᠢᠯᠠᠨ ᠬᠡᠷ᠎ᠤᠨ ᠬᠦᠮᠦᠵᠢᠯ᠎ᠨᠢ ᠣᠯᠣᠰ ᠣᠷᠣᠨ᠎ᠤ ᠬᠦᠭᠵᠢᠯᠲᠠ᠎ᠲᠠᠢ ᠴᠦ᠍ ᠰᠢᠭᠤᠳ ᠬᠤᠯᠪᠣᠭ᠎ᠠ᠎ᠲᠠᠢ ᠶᠤᠮ᠃ ᠮᠠᠨ᠎ᠤ ᠦᠷ᠎ᠡ ᠬᠡᠣᠬᠡᠳ ᠪᠣᠯ ᠢᠷᠡᠭᠡᠳᠦᠢ ᠵᠢᠨ ᠣᠯᠣᠰ ᠣᠷᠣᠨ᠎ᠤ ᠡᠵᠡᠨ᠂ ᠢᠷᠡᠬᠡᠳᠦᠢ ᠵᠢᠨ ᠣᠯᠣᠰ ᠣᠷᠣᠨ᠎ᠤ ᠬᠦᠭᠵᠢᠯᠲᠠ ᠲᠠᠪᠰᠢᠯᠲᠠ ᠵᠢ ᠠᠭᠢᠭᠤᠯᠬᠤ ᠢᠷᠭᠡᠳ ᠮᠦᠨ᠃ ᠬᠡᠣᠬᠡᠳ᠎ᠤᠨ ᠬᠦᠮᠦᠵᠢᠯ᠎ᠳᠤ ᠭᠡᠷ᠎ᠤᠨ ᠬᠦᠮᠦᠵᠢᠯ᠂ ᠰᠣᠷᠭ᠋ᠠᠭᠤᠯᠢ ᠵᠢᠨ ᠬᠦᠮᠦᠵᠢᠯ᠂ ᠨᠡᠶ᠋ᠢᠭᠡᠮ᠎ᠤᠨ ᠬᠦᠮᠦᠵᠢᠯ ᠵᠡᠷᠭᠡ ᠪᠦᠷ ᠬᠤᠯᠪᠣᠭᠳᠠᠵᠦ ᠪᠠᠶ᠋ᠢᠳᠠᠭ ᠴᠦ᠍ ᠠ᠋ᠭᠦᠨ᠎ᠳᠤ ᠦᠨᠳᠦᠰᠦ ᠪᠣᠯᠳᠠᠭ᠎ᠨᠢ ᠬᠠᠰᠢ ᠯᠠ ᠬᠡᠷ᠎ᠤᠨ ᠬᠦᠮᠦᠵᠢᠯ ᠮᠦᠨ᠃ ᠬᠡᠷ᠎ᠤᠨ ᠬᠦᠮᠦᠵᠢᠯ᠎ᠨᠢ ᠳᠣᠯᠢᠳᠠᠪᠠᠯ ᠬᠡᠣᠬᠡᠳ᠎ᠤᠨ ᠬᠦᠮᠦᠵᠢᠯ᠎ᠨᠢ ᠦᠨᠳᠦᠰᠦ ᠦᠭᠡᠢ ᠮᠣᠲᠣ ᠮᠡᠲᠦ ᠰᠠᠭᠤᠷᠢ᠎ᠪᠠᠷ ᠵᠶ᠋ᠠᠨ ᠭᠤᠶ᠋ᠢᠪᠢᠯᠵᠠᠳᠠᠭ ᠶᠤᠮ᠃
      ᠮᠤᠨᠭ᠌ᠭᠤᠯᠴᠤᠳ ᠣᠯᠠᠮᠵᠢᠯᠠᠯᠲᠦ ᠶᠣᠰᠣ ᠵᠠᠩᠰᠢᠯ ᠵᠶ᠋ᠠᠷ ᠵᠶ᠋ᠠᠨ ᠦᠷ᠎ᠡ ᠬᠡᠣᠬᠡᠳ ᠵᠶ᠋ᠠᠨ ᠰᠠᠮᠪᠠᠭ᠋ᠠᠯᠢᠭ ᠮᠦᠷᠳᠡᠭᠡᠨ ᠴᠢᠩᠭ᠎ᠠ ᠴᠢᠮᠪᠠᠢ ᠰᠣᠷᠭ᠋ᠠᠨ ᠬᠦᠮᠦᠵᠢᠭᠦᠯᠵᠦ ᠢᠷᠡᠭᠰᠡᠨ ᠪᠣᠯᠪᠠᠰᠣᠨ ᠦᠨᠳᠦᠰᠦᠲᠡᠨ ᠶᠤᠮ᠃ ᠬᠡᠣᠬᠡᠳ ᠬᠦᠮᠦᠵᠢᠭᠦᠯᠬᠦ ᠣᠯᠠᠮᠵᠢᠯᠠᠯᠲᠦ ᠵᠣᠷ᠂ ᠬᠡᠣᠬᠡᠳ ᠰᠣᠷᠭ᠋ᠠᠬᠤ ᠣᠯᠠᠮᠵᠢᠯᠠᠯᠲᠦ ᠵᠢᠷᠭᠤᠭ᠋ᠠᠨ ᠬᠤᠷᠢᠭ᠎ᠠ᠂ ᠬᠡᠣᠬᠡᠳ ᠰᠣᠷᠭ᠋ᠠᠬᠤ ᠣᠯᠠᠮᠵᠢᠯᠠᠯᠲᠦ ᠠᠷᠪᠠᠨ ᠴᠡᠭᠡᠷᠯᠡᠯ᠂ ᠬᠡᠣᠬᠡᠳ ᠰᠣᠷᠭ᠋ᠠᠬᠤ ᠣᠯᠠᠮᠵᠢᠯᠠᠯᠲᠦ ᠠᠷᠪᠠᠨ ᠠ᠋ᠷᠳᠡᠮ᠂ ᠬᠦᠪᠡᠬᠦᠨ ᠥᠬᠢᠳ ᠵᠶ᠋ᠠᠨ ᠰᠣᠷᠭ᠋ᠠᠬᠤ ᠣᠯᠠᠮᠵᠢᠯᠠᠯᠲᠦ ᠶᠣᠰᠣᠨ᠂ ᠬᠡᠣᠬᠡᠳ ᠬᠦᠮᠦᠵᠢᠬᠦᠯᠬᠦ ᠣᠯᠠᠮᠵᠢᠯᠠᠯᠲᠦ ᠠ᠋ᠶᠡᠷᠬᠦ ᠰᠦᠭᠡᠷᠬᠦ ᠠᠷᠭ᠎ᠠ᠂ ᠡᠴᠢᠭᠡ ᠠ᠋ᠭᠡ ᠪᠠ ᠦᠷ᠎ᠡ ᠬᠡᠣᠬᠡᠳ᠎ᠤᠨ ᠲᠠᠪᠣᠨ ᠠ᠋ᠭᠦᠷᠭᠡ᠂ ᠡᠴᠢᠭᠡ ᠵᠢᠨ ᠲᠠᠪᠣᠨ ᠠ᠋ᠷᠳᠡᠮ᠂ ᠨᠠᠢ᠍ᠮᠠᠨ ᠪᠠᠷᠢᠮᠲᠠᠯᠠᠯ᠂ ᠠ᠋ᠬᠡ ᠵᠢᠨ ᠲᠠᠪᠣᠨ ᠬᠤᠷᠢᠭᠯᠠᠯ ᠪᠠ ᠶᠢᠰᠦᠨ ᠠ᠋ᠷᠳᠡᠮ᠂ ᠠ᠋ᠷᠬᠢᠮ ᠰᠠᠶ᠋ᠢᠨ ᠬᠦᠪᠡᠬᠦᠨ᠎ᠤ ᠶᠣᠰᠣ ᠪᠠ ᠢᠷᠠᠭᠤ ᠰᠠᠶ᠋ᠢᠨ ᠥᠬᠢᠨ᠎ᠤ ᠶᠣᠰᠣ᠂ ᠠ᠋ᠭᠦᠷᠢᠳᠡ ᠮᠠᠭᠤ ᠬᠦᠪᠡᠬᠦᠨ ᠪᠠ ᠠᠳᠠᠭ ᠮᠠᠭᠤ ᠥᠬᠢᠨ᠎ᠤ ᠰᠢᠨᠵᠢ ᠵᠡᠷᠭᠡ ᠣᠯᠠᠨ ᠶᠣᠰᠣ ᠵᠦᠢ ᠠᠷᠭ᠎ᠠ ᠣᠬᠠᠭ᠋ᠠᠨ ᠪᠣᠢ᠃
      ᠠ᠋ᠬᠦᠨ᠎ᠠᠴᠠ ᠭᠠᠳᠠᠨ᠎ᠠ ᠪᠦᠪᠡᠢ ᠵᠢᠨ ᠳᠠᠭᠤᠣ᠂ ᠣᠨᠢᠰᠤᠭ᠎ᠠ᠂ ᠬᠡᠯᠡ ᠵᠦᠭᠰᠢᠷᠡᠬᠦᠯᠬᠦ ᠦᠭᠡ᠂ ᠴᠡᠭᠡᠷ ᠰᠣᠷᠭ᠋ᠠᠯ᠂ ᠵᠦᠢ᠍ᠷ ᠰᠡᠴᠡᠨ ᠦᠭᠡ᠂ ᠶᠢᠷᠲᠢᠨᠴᠦ ᠵᠢᠨ ᠭᠤᠷᠪᠠ᠂ ᠬᠦᠨᠳᠦᠯᠡᠵᠦ ᠮᠡᠨᠳᠦᠯᠡᠬᠦ ᠶᠣᠰᠣᠨ ᠵᠡᠷᠭᠡ ᠣᠯᠠᠮᠵᠢᠯᠠᠯᠲᠦ ᠰᠣᠶᠣᠯ᠂ ᠶᠣᠰᠣ ᠵᠠᠩᠰᠢᠯ᠎ᠤᠨ ᠳᠣᠳᠣᠷ᠎ᠠ ᠣᠬᠠᠭ᠋ᠠᠨᠳᠦ ᠠᠷᠠᠳ ᠲᠦᠮᠡᠨ᠎ᠤ ᠦᠷ᠎ᠡ ᠬᠡᠣᠬᠡᠳ ᠵᠶ᠋ᠠᠨ ᠰᠣᠷᠭ᠋ᠠᠬᠤ ᠬᠦᠨ ᠣᠬᠠᠭ᠋ᠠᠨ ᠨᠢᠭᠤᠭᠳᠠᠵᠦ ᠪᠠᠶ᠋ᠢᠳᠠᠭ ᠣᠴᠢᠷ ᠠ᠋ᠩ᠎ᠤᠨ ᠠᠮᠢᠳᠣᠷᠠᠯ᠎ᠤᠨ ᠳᠣᠮᠳᠠ ᠠ᠋ᠳᠡᠭᠡᠷ᠎ᠢ ᠨᠡᠪᠴᠢᠭᠦᠯᠦᠨ ᠬᠡᠣᠬᠡᠳ ᠵᠶ᠋ᠠᠨ ᠰᠣᠷᠭ᠋ᠠᠨ ᠬᠡᠯᠡᠬᠦ᠎ᠨᠢ ᠬᠡᠣᠬᠡᠳ᠎ᠤᠨ ᠶᠣᠰᠣ ᠨᠣᠮ᠎ᠲᠠᠢ ᠪᠣᠯᠬᠤ᠎ᠳᠤ ᠲᠣᠰᠠᠯᠠᠨ᠎ᠠ᠃
       ᠲᠡᠭᠡᠪᠡᠯ ᠲᠣᠣᠷ᠎ᠠ ᠭᠡᠷ᠎ᠤᠨ ᠬᠦᠮᠦᠵᠢᠯ᠂ ᠬᠡᠷ᠎ᠤᠨ ᠰᠣᠷᠭ᠋ᠠᠯ᠎ᠤᠨ ᠲᠣᠬᠠᠢ ᠪᠠᠷᠢᠮᠲᠠᠯᠠᠵᠦ᠂ ᠣᠯᠠᠮᠵᠢᠯᠠᠨ ᠰᠣᠷᠭ᠋ᠠᠳᠠᠭ ᠶᠣᠰᠣ ᠵᠠᠩᠰᠢᠯ᠂ ᠥᠯᠢᠭᠡᠷ ᠵᠢᠱ᠌ᠢᠶᠠᠨ᠎ᠠᠴᠠ ᠬᠡᠳᠦ ᠵᠢ ᠳᠣᠷᠠᠳᠪᠠᠯ᠄
      1. ᠪᠡᠶ᠎ᠡ᠎ᠪᠠᠷ ᠬᠡᠪ ᠳᠠᠭᠤᠷᠢᠶᠠᠯ ᠪᠣᠯᠬᠤ ᠭᠡᠷᠡᠭᠳᠠᠢ᠃ ᠳᠠᠭᠤᠷᠢᠶᠠᠯ᠎ᠤᠨ ᠬᠦᠴᠦᠨ᠎ᠢ ᠪᠣᠰᠣᠳ ᠶᠠᠭᠤ᠎ᠪᠠᠷ ᠴᠦ᠍ ᠣᠷᠣᠯᠠᠭᠤᠯᠵᠦ ᠲᠡᠶ᠋ᠢᠯᠬᠦ ᠦᠭᠡᠢ᠃ 《ᠬᠡᠭᠡᠷ᠎ᠡ ᠠᠯᠠᠭ᠎ᠠᠴᠠ ᠰᠢᠭᠢᠷ᠎ᠡ ᠠᠯᠠᠭ᠂ ᠬᠡᠯᠲᠡᠩ ᠭᠡᠬᠦᠦ᠎ᠠᠴᠠ ᠰᠢᠪᠳᠣᠩ ᠣᠨᠠᠭ᠎ᠠ》᠂ 《ᠥᠬᠢᠨ᠎ᠢ᠎ᠨᠢ ᠠᠪᠬᠤ ᠬᠦᠮᠦᠨ ᠡᠵᠢ ᠵᠢ᠎ᠨᠢ ᠦᠵᠡ》 ᠭᠡᠳᠡᠭ᠃ ᠡᠴᠢᠭᠡ ᠠ᠋ᠬᠡ ᠪᠣᠯᠣᠭᠰᠠᠳ ᠦᠷ᠎ᠡ ᠬᠡᠣᠬᠡᠳ ᠵᠶ᠋ᠠᠨ ᠦᠩᠭᠡ᠎ᠲᠠᠢ ᠦᠭᠡᠳᠡ᠎ᠲᠠᠢ ᠰᠠᠶ᠋ᠢᠨ ᠰᠠᠶ᠋ᠢᠬᠠᠨ ᠶᠠᠪᠣᠬᠤ ᠵᠢ ᠬᠦᠰᠡᠬᠦ ᠦᠭᠡᠢ ᠬᠦᠮᠦᠨ ᠭᠡᠵᠦ ᠪᠠᠶ᠋ᠢᠬᠤ ᠦᠭᠡᠢ᠂ ᠭᠡᠪᠡᠴᠦ ᠲᠠᠨ᠎ᠤ ᠬᠡᠣᠬᠡᠳ ᠬᠦᠰᠡᠭᠰᠡᠨ ᠰᠢᠭ ᠴᠢᠨᠢ ᠪᠢᠰᠢ᠂ ᠬᠦᠮᠦᠵᠢᠭᠦᠯᠦᠭᠰᠡᠨ ᠰᠢᠭ ᠴᠢᠨᠢ ᠭᠦᠮᠦᠨ ᠪᠣᠯᠣᠨ᠎ᠠ᠃
      2. ᠬᠠᠶ᠋ᠢᠷ᠎ᠡ ᠬᠠᠷᠢᠭᠤᠴᠠᠯᠭ᠎ᠠ ᠵᠢ ᠤᠶᠠᠯᠳᠤᠭᠤᠯᠬᠤ ᠭᠡᠷᠡᠭᠳᠠᠢ᠃ 《ᠬᠠᠯᠠ᠎ᠨᠢ ᠭᠠᠳᠠᠨ᠎ᠠ᠎ᠪᠠᠨ ᠬᠠᠶ᠋ᠢᠷ᠎ᠠ᠎ᠨᠢ ᠳᠣᠲᠣᠨ᠎ᠠ᠎ᠪᠠᠨ》 ᠭᠡᠳᠡᠭ ᠰᠢᠭ ᠬᠠᠶ᠋ᠢᠷ᠎ᠠ᠎ᠳᠤ ᠬᠡᠮ ᠬᠡᠮᠵᠢᠶ᠎ᠡ ᠪᠠᠶ᠋ᠢᠬᠤ ᠬᠡᠷᠡᠭᠲᠠᠢ᠃ ᠬᠡᠣᠬᠡᠳ᠎ᠤᠨ ᠶᠠᠭᠤ ᠬᠦᠰᠡᠭᠰᠡᠨ ᠪᠦᠬᠦᠨ᠎ᠢ᠎ᠨᠢ ᠬᠦᠢ᠍ᠴᠡᠳᠬᠡᠵᠦ ᠥᠭᠴᠦ ᠪᠣᠯᠬᠤ ᠦᠭᠡᠢ ᠬᠠᠷᠢᠨ ᠵᠣᠬᠢᠰᠲᠠᠢ ᠪᠣᠯ ᠵᠣᠷᠢᠬ᠍ᠵᠢᠭᠤᠯᠵᠦ᠂ ᠶᠣᠰᠣ ᠪᠣᠰᠣ ᠬᠦᠰᠡᠯ ᠱᠠᠭ᠋ᠠᠷᠳᠠᠯᠭ᠎ᠠ ᠵᠢ᠎ᠨᠢ ᠲᠠᠪᠴᠢᠭᠦ ᠬᠡᠷᠡᠭᠲᠠᠢ᠃
      3. ᠨᠣᠮ ᠣᠩᠰᠢᠬᠤ ᠵᠢ ᠳᠡᠭᠡᠳᠦᠯᠡᠪᠠᠯ ᠵᠤᠬᠢᠨ᠎ᠠ᠂ ᠡᠴᠢᠭᠡ ᠠ᠋ᠬᠡ᠎ᠨᠢ ᠨᠣᠮ ᠣᠩᠰᠢᠳᠠᠭ ᠪᠣᠯ ᠬᠡᠣᠬᠡᠳ ᠴᠦ᠍ ᠱᠠᠭ᠋ᠠᠷᠳᠠᠯᠭ᠎ᠠ ᠦᠭᠡᠢ᠎ᠪᠠᠷ ᠨᠣᠮ ᠣᠩᠰᠢᠵᠦ ᠰᠣᠷᠳᠠᠭ᠃ ᠲᠣᠷᠠᠲᠠᠢ ᠨᠣᠮ᠎ᠢ᠎ᠨᠢ ᠠᠪᠴᠦ ᠥᠭᠴᠦ ᠯᠡ ᠪᠠᠢ᠂ ᠮᠦᠨ ᠬᠡᠣᠬᠡᠳ᠎ᠤᠨ ᠣᠩᠰᠢᠬᠤ᠎ᠳᠤ ᠲᠣᠬᠢᠷᠠᠮᠵᠢᠲᠠᠢ ᠨᠣᠮ᠎ᠢ ᠥᠷᠦᠭᠡᠨ᠎ᠤ᠎ᠪᠠᠨ ᠡᠯ᠎ᠡ ᠭᠠᠵᠠᠷ ᠭᠠᠷ ᠬᠦᠷᠬᠦ ᠵᠢᠨ ᠴᠢᠨᠡᠭᠡ᠎ᠪᠠᠷ ᠲᠠᠯᠪᠢᠵᠦ ᠪᠠᠶ᠋ᠢᠭ᠋ᠠᠷᠠᠢ᠃ ᠬᠡᠣᠬᠡᠳ ᠴᠢᠨᠢ ᠲᠣᠷᠠᠲᠠᠢ ᠴᠠᠭ᠎ᠲᠤ᠎ᠪᠠᠨ ᠠᠪᠴᠦ ᠣᠩᠰᠢᠭ᠋ᠠᠳ ᠪᠠᠭ᠍ᠠᠲᠠᠢ ᠪᠣᠯᠣᠨ᠎ᠠ᠃
      4. ᠭᠡᠷ ᠪᠦᠯᠢ ᠠ᠋ᠶ᠎ᠡ ᠨᠠᠶ᠋ᠢᠷ᠎ᠲᠠᠢ ᠪᠠᠶ᠋ᠢᠬᠤ ᠵᠢ ᠠ᠋ᠷᠬᠢᠮᠯᠡᠬᠦ ᠭᠡᠷᠡᠭᠳᠠᠢ᠃ ᠡᠴᠢᠭᠡ ᠠ᠋ᠬᠡ ᠵᠢᠨ ᠠᠭᠤᠷ ᠬᠢᠯᠢᠩ ᠪᠣᠯ ᠬᠡᠣᠬᠡᠳ᠎ᠤᠨ ᠬᠦᠮᠦᠵᠢᠯ᠎ᠤᠨ ᠬᠠᠮᠤᠭ᠎ᠤᠨ ᠲᠣᠮᠣ ᠳᠠᠶ᠋ᠢᠰᠣᠨ᠃ ᠡᠴᠢᠬᠡ ᠠ᠋ᠬᠡ ᠪᠣᠯᠣᠭᠰᠠᠳ ᠦᠪᠡᠷ᠎ᠤᠨ ᠰᠡᠳᠬᠢᠯᠭᠡ᠎ᠪᠠᠨ ᠡᠵᠡᠮᠳᠡᠵᠦ ᠴᠢᠳᠠᠭ᠍ᠣ ᠬᠡᠷᠡᠭᠲᠠᠢ᠃ ᠡᠴᠢᠭᠡ ᠠ᠋ᠬᠡ᠎ᠨᠢ ᠬᠤᠭᠤᠷᠣᠨᠳᠦ᠎ᠪᠠᠨ ᠬᠠᠶ᠋ᠢᠷ᠎ᠠ ᠨᠠᠶ᠋ᠢᠷ᠎ᠲᠠᠢ᠂ ᠬᠡᠷᠡᠬᠦᠯ ᠬᠡᠯᠡᠯᠴᠡᠭᠡ ᠦᠭᠡᠢ ᠣᠷᠴᠢᠨ᠎ᠳᠤ ᠦᠰᠦᠭᠰᠡᠨ ᠬᠡᠣᠬᠡᠳ ᠪᠡᠶ᠎ᠡ᠎ᠳᠤ᠎ᠪᠠᠨ ᠢᠳᠡᠭᠡᠯ᠎ᠲᠠᠢ᠂ ᠠᠮᠣᠷ ᠲᠠᠶ᠋ᠢᠪᠣᠩ ᠰᠡᠳᠬᠢᠯᠭᠡ᠎ᠲᠠᠢ ᠪᠠᠶ᠋ᠢᠳᠠᠭ᠃ ᠬᠠᠷᠢᠨ ᠠ᠋ᠰᠡᠷᠬᠦ᠎ᠪᠠᠷ ᠪᠣᠯ ᠬᠡᠣᠬᠡᠳ ᠬᠤᠳᠠᠯᠴᠢ᠂ ᠬᠡᠷᠡᠬᠦᠯᠴᠢ᠂ ᠣᠶ᠋ᠢᠳᠠᠮᠠᠲᠠᠭ᠋ᠠᠢ᠂ ᠭᠤᠳᠣᠷᠠᠮᠠᠲᠠᠭ᠋ᠠᠢ᠂ ᠪᠡᠶ᠎ᠡ᠎ᠳᠤ᠎ᠪᠠᠨ ᠢᠳᠡᠭᠡᠯ ᠦᠭᠡᠢ ᠪᠣᠶᠣ ᠲᠣᠭᠲᠠᠪᠣᠷᠢ ᠦᠭᠡᠢ ᠰᠡᠳᠬᠢᠯ᠎ᠤᠨ ᠬᠡᠮ᠎ᠲᠠᠢ           ᠪᠣᠯᠳᠠᠭ᠃ ᠲᠡᠭᠡᠪᠡᠯ ᠡᠴᠢᠭᠡ ᠠ᠋ᠬᠡ᠎ᠨᠢ ᠬᠡᠣᠬᠡᠳ᠎ᠲᠠᠢ᠎ᠪᠠᠨ ᠬᠠᠷᠢᠴᠠᠭ᠍ᠣ᠎ᠳᠤ ᠰᠠᠨᠠᠭ᠎ᠠ ᠪᠣᠳᠣᠯ ᠵᠶ᠋ᠠᠨ ᠵᠣᠷᠢᠭᠲᠠᠢ ᠢᠯᠡᠷᠬᠡᠶ᠋ᠢᠯᠡᠬᠦ᠎ᠨᠢ ᠮᠠᠰᠢ ᠴᠢᠬᠤᠯᠠ ᠭᠡᠭᠴᠢ ᠵᠢ ᠪᠠᠭ᠎ᠠ᠎ᠠᠴᠠ᠎ᠨᠢ ᠣᠶ᠋ᠢᠯᠠᠭ᠋ᠠᠭᠤᠯᠵᠦ᠂ ᠡᠴᠢᠭᠡ ᠠ᠋ᠬᠡ᠎ᠳᠤ᠎ᠪᠠᠨ ᠨᠢᠭᠤᠯ ᠦᠭᠡᠢ ᠬᠡᠯᠡᠬᠦ᠂ ᠬᠠᠷᠢᠴᠠᠭ᠍ᠣ ᠪᠣᠯᠭ᠋ᠠᠪᠠᠯ ᠢᠳᠡᠭᠡᠯ᠎ᠲᠠᠢ ᠵᠣᠷᠢᠭᠲᠠᠢ ᠪᠣᠯᠳᠠᠭ᠃ ᠡᠴᠢᠭᠡ ᠠ᠋ᠬᠡ᠎ᠨᠢ ᠪᠣᠷᠣᠭᠤ ᠪᠣᠯᠪᠠᠯ ᠮᠡᠳᠡᠭᠰᠡᠨ ᠳᠠᠷᠣᠢ ᠬᠡᠣᠬᠡᠳ᠎ᠲᠤ᠎ᠪᠠᠨ ᠪᠣᠷᠣᠭᠤ ᠮᠡᠳᠡᠬᠦ᠎ᠨᠢ ᠬᠡᠣᠬᠡᠳ᠎ᠤᠨ ᠰᠡᠳᠬᠢᠯ᠎ᠤᠨ ᠶᠡᠭᠡ ᠲᠠᠶ᠋ᠢᠪᠣᠰᠢᠷᠠᠯ           ᠪᠣᠯᠳᠠᠭ᠃
      5. ᠠᠵᠢᠯ ᠬᠦᠳᠡᠯᠮᠦᠷᠢ᠎ᠳᠤ ᠣᠷᠣᠯᠴᠠᠭ᠍ᠣ ᠵᠢ ᠵᠤᠷᠢᠬ᠍ᠵᠢᠭᠤᠯᠬᠤ ᠭᠡᠷᠡᠭᠳᠠᠢ᠃ ᠠ᠋ᠩ᠎ᠤᠨ ᠦᠭᠡᠨ᠎ᠳᠤ 《ᠵᠢᠭ᠋ᠠᠵᠦ ᠰᠣᠷᠭ᠋ᠠᠬᠤ᠎ᠪᠠᠷ ᠵᠠᠷᠣᠵᠦ ᠰᠣᠷᠭ᠎ᠠ》᠂ 《ᠳᠦᠷᠪᠡᠨ ᠬᠦᠯ᠎ᠲᠠᠢ ᠰᠢᠷᠡᠭᠡᠨ᠎ᠤ ᠬᠠᠵᠠᠭᠤᠳᠠ ᠦᠰᠬᠦ ᠬᠡᠣᠬᠡᠳ ᠢᠳᠡᠬᠦ ᠵᠢ ᠰᠣᠷᠣᠨ᠎ᠠ᠂ ᠲᠦᠷᠪᠡᠨ ᠬᠦᠯ᠎ᠲᠠᠢ ᠮᠠᠯ᠎ᠤᠨ ᠬᠠᠵᠠᠭᠤᠳᠠ ᠦᠰᠬᠦ ᠬᠡᠣᠬᠡᠳ ᠠᠮᠢᠳᠣᠷᠠᠭ᠍ᠣ ᠣᠬᠠᠭ᠋ᠠᠨ           ᠰᠣᠷᠣᠨ᠎ᠠ》 ᠭᠡᠳᠡᠭ᠃ ᠠᠮᠠᠷᠠᠯᠲᠠ ᠪᠣᠶᠣ ᠰᠣᠯᠠ ᠰᠡᠯᠡᠬᠦᠦ ᠴᠠᠭ᠎ᠲᠤ᠎ᠪᠠᠨ ᠬᠡᠣᠬᠡᠳ ᠵᠶ᠋ᠠᠨ ᠬᠦᠳᠡᠭᠡ ᠭᠠᠳᠠᠭ᠎ᠠ ᠶᠠᠪᠣᠭᠤᠯᠵᠦ᠂ ᠮᠠᠯ ᠠᠬᠤᠢ᠎ᠲᠠᠢ ᠣᠶ᠋ᠢᠷᠠᠲᠣᠭᠤᠯᠵᠦ᠂ ᠮᠠᠯ ᠠᠷᠠᠴᠢᠯᠠᠵᠦ ᠲᠣᠳᠣᠮᠳᠠᠭ᠍ᠣ ᠣᠯᠠᠮᠵᠢᠯᠠᠯᠲᠦ ᠮᠠᠯᠵᠢᠬᠤ ᠠᠮᠢᠳᠣᠷᠠᠯ᠎ᠳᠤ ᠣᠷᠣᠯᠴᠠᠭᠤᠯᠣᠨ᠂ ᠮᠠᠯᠴᠢᠨ ᠬᠦᠮᠦᠨ᠎ᠤ ᠮᠠᠯ ᠣᠨᠤᠭ᠎ᠠ᠎ᠪᠠᠨ ᠬᠠᠶ᠋ᠢᠷᠠᠯᠠᠳᠠᠭ᠂ ᠬᠦᠢ᠍ᠲᠡᠨ ᠨᠣᠶ᠋ᠢᠲᠠᠨ᠎ᠠᠴᠠ ᠪᠡᠷᠬᠡᠰᠢᠶᠡᠯ ᠦᠭᠡᠢ ᠴᠢᠷᠮᠠᠶ᠋ᠢᠨ ᠲᠡᠮᠡᠴᠡᠳᠡᠭ ᠬᠦᠴᠢᠷ ᠪᠡᠷᠭᠡ ᠵᠢ ᠢᠯᠠᠨ ᠳᠠᠪᠠᠭ᠍ᠣ ᠦᠨᠢ ᠵᠢᠨ ᠲᠡᠰᠪᠦᠷᠢ ᠲᠡᠪᠴᠢᠶᠡᠷᠢ ᠵᠢ ᠰᠣᠷᠭ᠋ᠠᠪᠠᠯ ᠬᠤᠵᠢᠮ ᠬᠤᠶ᠋ᠢᠰᠢ ᠵᠢᠨ ᠡᠪ ᠲᠦᠢ᠎ᠲᠠᠢ ᠠᠮᠢᠳᠣᠷᠠᠭ᠍ᠣ ᠵᠢ ᠰᠣᠷᠭ᠋ᠠᠭᠰᠠᠨ ᠶᠠᠪᠣᠳᠠᠯ  ᠮᠦᠨ᠃ ᠬᠡᠣᠬᠡᠳ᠎ᠲᠤ ᠴᠢ ᠪᠣᠯ ᠠ᠋ᠨᠡ ᠬᠡᠷ ᠪᠦᠯᠢ ᠵᠢᠨ ᠨᠢᠭᠡᠨ ᠭᠡᠰᠢᠬᠦᠨ ᠭᠡᠭᠴᠢ ᠵᠢᠨ ᠣᠶ᠋ᠢᠯᠠᠭ᠋ᠠᠭᠲᠠᠭ᠍ᠣᠨ᠎ᠲᠠᠢ ᠪᠣᠯᠭ᠋ᠠᠵᠦ᠂ ᠭᠡᠷ ᠪᠦᠯᠢ ᠵᠢᠨ ᠠᠵᠢᠯ ᠬᠦᠳᠡᠯᠮᠦᠷᠢ᠂ ᠬᠠᠶ᠋ᠢᠷ᠎ᠠ ᠬᠠᠷᠢᠭᠤᠴᠠᠯᠭ᠎ᠠ ᠁ ᠠᠯᠢᠪᠠ ᠵᠦᠢ᠍ᠯ᠎ᠳᠤ ᠬᠡᠣᠬᠡᠳ᠎ᠤᠨ ᠨᠢᠭᠡ ᠬᠤᠪᠢ ᠪᠠᠶ᠋ᠢᠨ᠎ᠠ ᠭᠡᠭᠴᠢ ᠵᠢ ᠲᠠᠨᠢᠭᠤᠯᠵᠦ᠂ ᠠᠳᠠᠭ᠎ᠨᠢ ᠠᠶᠠᠭ᠎ᠠ ᠰᠠᠪᠬ᠎ᠠ ᠣᠬᠢᠶᠠᠵᠦ᠂ ᠭᠡᠷ ᠴᠡᠪᠡᠷᠯᠡᠵᠦ᠂ ᠦᠪᠡᠷ᠎ᠤᠨ ᠬᠤᠪᠴᠠᠰᠦ ᠬᠤᠨᠠᠷ ᠵᠶ᠋ᠠᠨ ᠣᠬᠢᠶᠠᠵᠦ ᠰᠢᠯᠭᠡᠭᠡᠬᠦ ᠵᠢ ᠰᠣᠷᠭ᠋ᠠᠬᠤ ᠬᠡᠷᠡᠭᠲᠠᠢ᠃ ᠢᠩᠬᠢᠵᠦ ᠰᠣᠷᠣᠭᠰᠠᠨ ᠬᠡᠣᠬᠡᠳ ᠡᠴᠢᠭᠡ ᠠ᠋ᠬᠡ ᠵᠢᠨ ᠵᠶ᠋ᠠᠨ ᠬᠦᠴᠦ ᠬᠦᠳᠡᠯᠮᠦᠷᠢ ᠵᠢ ᠬᠦᠨᠳᠣᠳᠬᠡᠵᠦ᠂ ᠪᠣᠰᠣᠳ᠎ᠤᠨ ᠬᠦᠴᠢᠷ ᠵᠣᠪᠠᠭᠤᠷᠢ ᠵᠢ ᠣᠶ᠋ᠢᠯᠠᠭ᠋ᠠᠬᠤ᠂ ᠠᠵᠢᠯ ᠦᠢ᠍ᠯᠡ ᠵᠢᠨ ᠶᠣᠰᠣ ᠳᠡᠮ᠎ᠢ ᠣᠯᠳᠠᠭ ᠣᠯᠪᠠᠭ᠎ᠠ᠎ᠲᠠᠢ ᠨᠢᠭᠡᠨ ᠪᠣᠯᠵᠦ ᠬᠦᠮᠦᠵᠢᠳᠡᠭ᠃
      6. ᠬᠦᠴᠢᠷ᠎ᠢ ᠳᠡᠰᠪᠦᠷᠢᠯᠡᠬᠦ᠂ ᠬᠦᠴᠢᠷ᠎ᠢ ᠠᠮᠰᠠᠭᠤᠯᠬᠤ᠂ ᠬᠦᠴᠢᠷ᠎ᠤᠨ ᠳᠣᠮᠳᠠ᠎ᠠᠴᠠ ᠵᠣᠯ ᠵᠢᠷᠭ᠋ᠠᠯ᠎ᠢ ᠮᠡᠳᠡᠷᠡᠬᠦᠯᠵᠦ ᠰᠣᠷᠭ᠋ᠠᠬᠤ ᠬᠡᠷᠡᠭᠲᠠᠢ᠃ ᠣᠳᠣᠬᠢ ᠡᠪ ᠦᠭᠡᠢ ᠦᠵᠡᠭᠳᠡᠯ ᠪᠣᠯ ᠪᠢᠳᠡ ᠬᠡᠣᠬᠡᠳ᠎ᠤᠨ ᠵᠶ᠋ᠠᠨ ᠠ᠋ᠮᠦᠨ᠎ᠡ᠎ᠠᠴᠠ ᠪᠠᠶ᠋ᠢᠳᠠᠭ᠎ᠢ ᠬᠢᠵᠦ ᠥᠭᠴᠢᠭᠡᠭᠡᠳ ᠬᠡᠣᠬᠡᠳ ᠴᠢᠨᠢ ᠬᠡᠳᠡᠷᠬᠦ ᠡ᠊ᠨᠡ ᠭᠦ᠌ ᠬᠦᠴᠢᠷ᠎ᠢ ᠴᠢᠨᠢ ᠶᠠᠭ ᠣᠶ᠋ᠢᠯᠠᠭ᠋ᠠᠳᠠᠭ ᠦᠭᠡᠢ ᠶᠠᠪᠣᠳᠠᠯ ᠮᠦᠨ᠃ ᠪᠠᠶᠠᠨ ᠬᠦᠮᠦᠨ ᠬᠡᠣᠬᠡᠳ᠎ᠲᠤ᠎ᠪᠠᠨ ᠬᠦᠴᠢᠷ᠎ᠢ ᠠᠮᠰᠠᠭᠤᠯᠬᠤ ᠬᠦᠮᠦᠵᠢᠯ ᠬᠢᠵᠦ ᠪᠠᠶ᠋ᠢᠬᠤ᠎ᠳᠤ᠂ ᠪᠢᠳᠡ ᠬᠠᠷᠢᠨ ᠶᠠᠳᠠᠭᠤ ᠬᠦᠴᠢᠷᠳᠠᠢ ᠪᠣᠶᠣ ᠲᠡᠳᠦᠢ ᠪᠠᠶᠠᠨ ᠲᠠᠷᠭᠤᠨ ᠪᠢᠰᠢ ᠪᠠᠶ᠋ᠢᠭ᠋ᠠᠳ ᠬᠡᠣᠬᠡᠳ ᠵᠶ᠋ᠠᠨ ᠬᠡᠳᠦ ᠪᠠᠶᠠᠨ ᠲᠠᠷᠭᠤᠨ ᠥᠶᠥᠭ ᠲᠠᠪᠠᠲᠠᠢ ᠨᠦᠬᠦᠴᠡᠯ᠎ᠲᠠᠢ᠂ ᠰᠡᠳᠬᠢᠯᠭᠡ᠎ᠲᠠᠢ ᠪᠣᠯᠭ᠋ᠠᠨ ᠮᠠᠭᠤ ᠰᠣᠷᠭ᠋ᠠᠵᠦ ᠪᠠᠶ᠋ᠢᠬᠤ᠎ᠨᠢ ᠬᠠᠮᠤᠭ᠎ᠤᠨ ᠬᠠᠷᠠᠮᠰᠠᠯᠲᠠᠢ ᠶᠠᠪᠣᠳᠠᠯ ᠮᠦᠨ᠃ ᠣᠯᠠᠩᠬᠢ ᠬᠡᠣᠬᠡᠳ ᠵᠣᠭᠤᠰ ᠮᠥᠩᠭᠦᠨ᠎ᠤ ᠲᠣᠬᠠᠢ ᠵᠦᠪ ᠦᠵᠡᠯᠲᠠ ᠲᠠᠨᠢᠯᠲᠠ ᠦᠭᠡᠢ᠂ ᠵᠣᠭᠤᠰ ᠮᠥᠩᠭᠦ ᠴᠢᠨᠢ ᠬᠦᠴᠦ ᠬᠦᠳᠡᠯᠮᠦᠷᠢ᠂ ᠬᠦᠯᠦᠰᠦ ᠴᠢᠰᠣ᠂ ᠠᠷᠭ᠎ᠠ ᠣᠬᠠᠭ᠋ᠠᠨ᠂ ᠠ᠋ᠷᠳᠡᠮ ᠴᠢᠳᠠᠪᠣᠷᠢ᠎ᠪᠠᠷ ᠰᠣᠯᠢᠵᠦ ᠢᠷᠡᠵᠠᠢ ᠭᠡᠭᠴᠢ ᠵᠢ ᠲᠠᠨᠢᠬᠤ ᠦᠭᠡᠢ ᠪᠠᠶ᠋ᠢᠬᠤ᠎ᠨᠢ ᠠᠷᠭ᠎ᠠ ᠦᠭᠡᠢ ᠲᠡᠳᠡᠨ᠎ᠤ ᠪᠣᠷᠣᠭᠤ ᠪᠢᠰᠢ᠂ ᠬᠠᠷᠢᠨ ᠡ᠊ᠨᠡ ᠭᠦ᠌ ᠦᠵᠡᠯᠲᠡ ᠲᠠᠨᠢᠯᠲᠠ ᠵᠢ ᠣᠯᠠᠮᠵᠢᠯᠠᠵᠦ᠂ ᠬᠡᠪ ᠳᠠᠭᠤᠷᠢᠶᠠᠯ ᠪᠣᠯᠵᠦ ᠬᠡᠯᠡᠵᠦ ᠰᠣᠷᠭ᠋ᠠᠭᠰᠠᠨ ᠬᠦᠮᠦᠨ ᠦᠭᠡᠢ ᠪᠠᠶ᠋ᠢᠬᠤ᠎ᠨᠢ ᠭᠡᠴᠡᠬᠦᠦ ᠶᠠᠪᠣᠳᠠᠯ᠃
      7. ᠰᠣᠷᠣᠯᠭ᠎ᠠ ᠬᠢᠴᠢᠶᠡᠯ᠎ᠪᠠᠨ ᠰᠣᠷᠴᠦ ᠡᠵᠡᠮᠰᠢᠬᠦ᠎ᠳᠤ᠎ᠨᠢ ᠴᠢᠳᠠᠯ᠎ᠤᠨ ᠬᠢᠷᠢ᠎ᠪᠠᠷ ᠵᠶ᠋ᠠᠨ ᠨᠦᠬᠦᠴᠡᠯ ᠪᠦᠷᠢᠯᠳᠣᠬᠦᠯᠵᠦ ᠥᠭᠬᠦᠭᠡᠷᠠᠢ᠃ ᠵᠢᠱ᠌ᠢᠶᠡᠯᠡᠪᠡᠯ᠂ ᠨᠢᠭᠡ ᠲᠣᠰᠬᠠᠢ ᠨᠣᠮ᠎ᠤᠨ ᠥᠷᠦᠭᠡ ᠭᠠᠷᠭ᠋ᠠᠨ ᠪᠡᠶ᠎ᠡ᠎ᠪᠠᠨ ᠳᠠᠭ᠋ᠠᠭ᠋ᠠᠨ ᠲᠠᠪᠲᠠᠭ᠍ᠣ᠂ ᠨᠣᠮ ᠦᠵᠡᠬᠦ ᠣᠷᠴᠢᠨ ᠲᠣᠭᠤᠷᠢᠨ᠎ᠢ ᠪᠦᠷᠢᠯᠳᠦᠭᠦᠯᠵᠦ ᠥᠭᠬᠦ᠂ ᠳᠣᠷᠠᠲᠠᠢ ᠨᠣᠮ᠎ᠢ᠎ᠨᠢ ᠠᠪᠴᠦ ᠥᠭᠬᠦ᠂ ᠡᠯ᠎ᠡ ᠵᠦᠢ᠍ᠯ᠎ᠤᠨ ᠪᠢᠴᠢᠭ᠎ᠤᠨ ᠬᠡᠷᠡᠭᠰᠡᠯ᠎ᠢ᠎ᠨᠢ ᠴᠠᠭ ᠳᠠᠷᠣᠢ ᠬᠠᠩᠭ᠋ᠠᠵᠦ ᠥᠭᠬᠦ ᠵᠡᠷᠭᠡ᠃
      8. ᠠᠩᠬᠠᠷᠣᠯ ᠲᠦᠪᠯᠡᠷᠡᠬᠦᠯᠬᠦ ᠴᠢᠳᠠᠪᠣᠷᠢ ᠵᠢ ᠬᠠᠷ᠎ᠠ ᠪᠠᠭ᠎ᠠ᠎ᠠᠴᠠ᠎ᠨᠢ ᠪᠣᠯᠪᠠᠰᠣᠷᠠᠭᠤᠯᠵᠦ           ᠪᠣᠯᠣᠨ᠎ᠠ᠃ ᠠᠩᠬᠠᠷᠣᠯ ᠲᠦᠪᠯᠡᠷᠡᠵᠦ ᠴᠢᠳᠠᠳᠠᠭ ᠬᠡᠣᠬᠡᠳ ᠰᠠᠶ᠋ᠢᠨ ᠰᠣᠷᠴᠦ ᠴᠢᠳᠠᠳᠠᠭ᠃ ᠬᠡᠣᠬᠡᠳ᠎ᠤᠨ ᠰᠣᠨᠢᠷᠬᠠᠯ᠎ᠤᠨ ᠰᠡᠳᠬᠢᠯᠭᠡ ᠲᠣᠣᠷ᠎ᠠ᠎ᠪᠠᠨ ᠪᠠᠭᠤᠷᠠᠳᠠᠭ ᠣᠨᠴᠠᠯᠢᠭ᠎ᠲᠠᠢ ᠣᠴᠢᠷ ᠠᠷᠭ᠎ᠠ ᠰᠦᠪᠡᠭᠴᠢᠯᠠᠨ ᠪᠣᠯᠪᠠᠰᠣᠷᠠᠯ ᠬᠢᠪᠡᠯ ᠬᠡᠣᠬᠡᠳ ᠴᠢᠨᠢ ᠣᠳᠠᠯ ᠦᠭᠡᠢ ᠴᠢᠨᠣ ᠰᠠᠨᠠᠭᠰᠠᠨ ᠵᠶ᠋ᠠᠷ ᠨᠡᠯᠢᠶᠡᠳ ᠣᠷᠲᠦ ᠬᠤᠭᠤᠴᠠᠭ᠋ᠠᠨ᠎ᠳᠤ ᠠᠩᠬᠠᠷᠣᠯ ᠲᠦᠪᠯᠡᠷᠡᠳᠡᠭ ᠨᠢᠭᠡᠨ ᠪᠣᠯᠵᠦ ᠬᠦᠮᠦᠵᠢᠳᠡᠭ᠃ ᠦᠪᠡᠷ᠎ᠤᠨ ᠨᠢᠭᠡᠨ ᠬᠦᠮᠦᠵᠢᠯ᠎ᠤᠨ ᠵᠢᠱ᠌ᠢᠶᠠᠨ᠎ᠠᠴᠠ ᠲᠣᠷᠠᠳᠪᠠᠯ᠂ ᠮᠢᠨᠣ ᠥᠬᠢᠨ ᠲᠦᠭᠦᠭᠡ ᠣᠷᠣᠮᠠᠭᠴᠠ ᠬᠠᠮᠲᠦ ᠲᠣᠭᠯᠠᠵᠦ᠂ ᠠᠩᠬᠠᠷᠣᠯ᠎ᠤᠨ ᠪᠣᠯᠪᠠᠰᠣᠷᠠᠯ ᠬᠢᠬᠦ ᠪᠣᠶᠣ ᠬᠤᠶᠠᠷ ᠠᠳᠠᠯᠢᠬᠠᠨ ᠵᠢᠷᠤᠭ᠎ᠤᠨ ᠢᠵᠢᠯ ᠪᠣᠰᠣ ᠲᠠᠯ᠎ᠠ ᠵᠢ ᠠ᠋ᠷᠢᠬᠦ ᠲᠣᠭᠯᠠᠭ᠋ᠠᠮ ᠲᠣᠭᠯᠠᠭ᠍ᠣ᠂ ᠵᠢᠷᠤᠭ ᠵᠢᠷᠣᠬᠤ᠂ ᠦᠯᠢᠭᠡᠷ ᠬᠡᠯᠡᠵᠦ ᠥᠭᠬᠦᠭᠡᠳ ᠳᠠᠬᠢᠨ ᠬᠡᠣᠬᠡᠳ ᠵᠶ᠋ᠠᠷ ᠶᠠᠷᠢᠭᠤᠯᠬᠤ᠂ ᠦᠰᠦᠷᠬᠦ ᠰᠢᠲᠠᠷ᠎ᠠ ᠲᠣᠭᠯᠠᠭ᠍ᠣ ᠵᠡᠷᠭᠡ᠎ᠪᠠᠷ ᠰᠣᠷᠭ᠋ᠠᠵᠦ᠂ ᠰᠠᠶᠢ ᠴᠡᠴᠡᠷᠯᠢᠭ᠎ᠲᠤ ᠣᠷᠣᠭᠰᠠᠨ ᠴᠠᠭ᠎ᠠᠴᠠ ᠠ᠋ᠳᠦᠷ ᠪᠦᠷᠢ ᠬᠠᠷᠢᠵᠦ ᠢᠷᠡᠮᠡᠭᠴᠡ ᠬᠡᠨ᠎ᠲᠠᠢ ᠲᠣᠭᠯᠠᠭᠰᠠᠨ? ᠬᠡᠳᠦᠢ ᠨᠦᠬᠦᠳ ᠴᠢᠨᠢ ᠴᠡᠴᠡᠷᠯᠢᠭ᠎ᠲᠤ᠎ᠪᠠᠨ ᠢᠷᠡᠭᠰᠡᠨ? ᠬᠡᠨ ᠰᠠᠭ᠋ᠠᠳᠣᠭᠰᠠᠨ? ᠶᠠᠮᠠᠷ ᠠᠮᠲᠠᠳᠦ ᠬᠤᠭᠤᠯᠠ ᠢᠳᠡᠭᠰᠡᠨ? ᠪᠠᠭᠰᠢ᠎ᠲᠠᠢ᠎ᠪᠠᠨ ᠬᠡᠷᠬᠢᠨ ᠦᠩᠭᠡᠷᠡᠬᠦᠯᠦᠭᠰᠠᠨ? ᠪᠠᠭᠰᠢ᠎ᠨᠢ ᠶᠠᠭᠤ ᠵᠢᠭ᠋ᠠᠭᠰᠠᠨ᠂ ᠶᠠᠭᠤ ᠬᠡᠯᠡᠭᠰᠡᠨ? ᠦᠨᠦᠳᠦᠷ ᠶᠠᠮᠠᠷ ᠪᠡᠷᠭᠡᠰᠢᠶᠡᠯ᠎ᠲᠠᠢ ᠶᠠᠪᠣᠳᠠᠯ ᠪᠣᠶᠣ ᠪᠠᠶᠠᠷᠲᠦ ᠣᠴᠢᠷ ᠬᠠᠷᠭᠤᠭᠰᠠᠨ ᠪᠣᠢ? ᠰᠢᠨ᠎ᠡ ᠰᠣᠨᠢᠨ ᠵᠦᠢ᠍ᠯ ᠶᠠᠭᠤ ᠪᠠᠶ᠋ᠢᠨ᠎ᠡ? ᠵᠡᠷᠭᠡ ᠣᠯᠠᠨ ᠣᠯᠠᠨ ᠠᠰᠠᠭᠤᠯᠲᠠ ᠲᠠᠯᠪᠢᠵᠦ ᠬᠠᠷᠢᠭᠤᠯᠲᠠ ᠬᠦᠰᠡᠬᠦ᠎ᠳᠤ ᠣᠳᠠᠭ᠋ᠠᠨ᠎ᠳᠤ᠎ᠪᠠᠨ ᠰᠣᠷᠭ᠋ᠠᠭᠤᠯᠢ᠎ᠳᠤ ᠦᠩᠭᠡᠷᠡᠬᠦᠯᠦᠭᠰᠡᠨ ᠵᠶ᠋ᠠᠨ ᠪᠦᠬᠦᠨ᠎ᠢ ᠠᠩᠬᠠᠷᠣᠯ ᠲᠠᠯᠪᠢᠨ ᠴᠡᠭᠡᠵᠢᠯᠡᠭᠡᠳ ᠢᠷᠡᠳᠡᠭ ᠪᠣᠯᠣᠭᠰᠠᠨ ᠪᠠᠶ᠋ᠢᠨ᠎ᠠ᠃ ᠠ᠋ᠬᠦᠨ᠎ᠢ᠎ᠨᠢ ᠦᠰᠦᠨ ᠪᠣᠶ᠋ᠢᠵᠢᠯᠲᠠ᠎ᠤᠨ ᠲᠡᠮᠳᠡᠭᠯᠡᠯ ᠬᠢᠵᠦ ᠴᠡᠴᠡᠷᠯᠢᠭ ᠳᠡᠭᠦᠰᠲᠡᠯ᠎ᠡ ᠪᠠᠷᠢᠮᠲᠠᠯᠠᠨ ᠪᠢᠴᠢᠭᠰᠡᠨ᠎ᠠᠴᠠ ᠣᠳᠣ ᠴᠦ᠍ ᠬᠡᠰᠡᠨ ᠥᠬᠢᠨ ᠮᠢᠨᠢ ᠲᠡᠷᠡ ᠵᠣᠵᠠᠭ᠋ᠠᠨ ᠲᠡᠮᠳᠡᠭᠯᠡᠯ᠎ᠢ ᠪᠠᠶ᠋ᠢᠨ ᠪᠠᠶ᠋ᠢᠨ ᠭᠠᠷᠭ᠋ᠠᠨ ᠦᠵᠡᠵᠦ ᠪᠢ ᠪᠠᠭ᠎ᠠ᠎ᠳᠤ᠎ᠪᠠᠨ ᠠ᠋ᠶ᠋ᠢᠮᠦ ᠠ᠋ᠶ᠋ᠢᠮᠦ ᠪᠠᠶ᠋ᠢᠭᠰᠠᠨ ᠭᠡᠵᠦ ᠲᠣᠷᠠᠰᠳᠠᠭ ᠶᠣᠮ᠃
      9. 《ᠪᠣᠷᠮ᠎ᠠ᠎ᠪᠠᠷ ᠲᠡᠳᠬᠦᠬᠦ᠎ᠪᠠᠷ ᠣᠷᠮ᠎ᠠ᠎ᠪᠠᠷ ᠲᠡᠳᠬᠦ》᠂ 《ᠣᠷᠮ᠎ᠠ ᠵᠢ᠎ᠨᠢ ᠬᠤᠭᠤᠯᠬᠤ᠎ᠪᠠᠷ ᠣᠭᠤᠴᠠ ᠵᠢ᠎ᠨᠢ ᠬᠤᠭᠤᠯ》 ᠭᠡᠳᠡᠭᠴᠢᠯᠠᠨ ᠣᠷᠮᠠᠰᠢᠭᠤᠯᠣᠯ ᠵᠣᠷᠢᠬ᠍ᠵᠢᠭᠤᠯᠣᠯ᠎ᠤᠨ ᠬᠦᠴᠦᠨ ᠪᠣᠯ ᠬᠡᠮᠵᠢᠶᠡᠯᠡᠰᠢ ᠦᠭᠡᠢ ᠶᠤᠮ᠃ ᠲᠣᠮᠣ ᠬᠦᠮᠦᠰ ᠴᠦ᠍ ᠮᠠᠭᠳᠠᠵᠦ ᠰᠠᠶ᠋ᠢᠰᠢᠶᠠᠪᠠᠯ ᠪᠠᠶᠠᠷᠯᠠᠵᠦ ᠠᠩᠰᠠᠶ᠋ᠢᠳᠠᠭ ᠶᠣᠮ ᠴᠢᠨᠢ᠂ ᠨᠠᠩ ᠬᠡᠣᠬᠡᠳ᠎ᠢ ᠬᠡᠯᠡᠬᠦ ᠬᠡᠷᠡᠭ ᠪᠠᠶ᠋ᠢᠨ᠎ᠠ ᠦᠦ! ᠣᠷᠮᠠᠰᠢᠭᠤᠯᠬᠤ᠎ᠳᠤ ᠴᠦ᠍ ᠳᠡᠮ ᠬᠡᠷᠡᠭᠲᠠᠢ᠂ ᠣᠷᠮᠠᠰᠢᠭᠤᠯᠵᠦ ᠵᠣᠷᠢᠬ᠍ᠵᠢᠭᠤᠯᠬᠤ᠎ᠳᠤ᠎ᠪᠠᠨ ᠵᠦᠪᠬᠡᠨ ᠦᠷ᠎ᠡ ᠳ᠋ᠦᠩ᠎ᠢ᠎ᠨᠢ ᠮᠠᠭᠲᠠᠵᠦ ᠰᠠᠶ᠋ᠢᠰᠢᠶᠠᠭ᠍ᠣ ᠪᠢᠰᠢ᠂ ᠬᠠᠷᠢᠨ ᠶᠠᠪᠣᠴᠠ ᠵᠢ᠎ᠨᠢ ᠮᠠᠭᠲᠠᠵᠦ ᠣᠷᠮᠠᠰᠢᠭᠤᠯᠪᠠᠯ ᠦᠷ᠎ᠡ ᠳ᠋ᠦᠩ᠎ᠨᠢ ᠢᠯᠡᠷᠬᠡᠢ ᠰᠠᠶ᠋ᠢᠨ ᠶᠤᠮ᠃ ᠰᠢᠯᠭ᠋ᠠᠯᠲᠠ᠎ᠳᠤ᠎ᠪᠠᠨ ᠰᠠᠶ᠋ᠢᠨ ᠳ᠋ᠦᠩ ᠠᠪᠣᠭᠰᠠᠨ ᠴᠦ᠍᠄ 《ᠣᠷᠴᠢᠮ ᠬᠢᠴᠢᠶᠡᠯ ᠵᠶ᠋ᠠᠨ ᠠᠩᠬᠠᠷᠣᠨ ᠰᠣᠨᠣᠰᠴᠦ᠂ ᠣᠷᠢᠳᠴᠢᠯᠠᠨ ᠲᠠᠪᠳᠠᠵᠦ ᠮᠡᠷᠡᠶ᠋ᠢᠨ ᠴᠢᠷᠮᠠᠶ᠋ᠢᠭᠰᠠᠨ᠎ᠠᠴᠠ ᠪᠣᠯᠣᠯ᠎ᠠ!》 ᠭᠡᠪᠡᠯ ᠬᠡᠣᠬᠡᠳ ᠴᠢᠨᠢ ᠡ᠊ᠨᠡ ᠭᠦ᠌ ᠴᠢᠷᠮᠠᠶ᠋ᠢᠯᠭ᠎ᠠ ᠵᠢᠨ ᠶᠠᠪᠣᠴᠠ᠎ᠨᠢ ᠭᠡᠴᠢᠨᠡᠭᠡᠨ ᠴᠢᠬᠤᠯᠠ ᠭᠡᠭᠴᠢ ᠵᠢ ᠣᠶ᠋ᠢᠯᠠᠭ᠋ᠠᠬᠤ ᠪᠣᠯᠣᠨ᠎ᠠ᠃
      10. ᠪᠡᠶ᠎ᠡ᠎ᠪᠠᠨ ᠳᠠᠭ᠋ᠠᠭ᠋ᠠᠬᠤ ᠴᠢᠳᠠᠪᠣᠷᠢ ᠵᠢ ᠬᠦᠮᠦᠵᠢᠬᠦᠯᠬᠦ ᠬᠡᠷᠡᠭᠲᠠᠢ᠃ 《ᠠᠵᠢᠯ ᠬᠢᠪᠡᠯ ᠳᠠᠭᠤᠰᠲᠠᠯ᠎ᠠ᠂ ᠳᠠᠪᠣᠰᠣ ᠬᠢᠪᠡᠯ ᠠᠭᠤᠰᠲᠠᠯ᠎ᠠ》 ᠬᠡᠭᠴᠢ᠎ᠪᠠᠷ ᠶᠠᠮᠠᠷ ᠨᠢᠭᠡᠨ ᠠᠵᠢᠯ ᠦᠢ᠍ᠯᠡ ᠵᠢ ᠪᠡᠶ᠎ᠡ ᠳᠠᠭ᠋ᠠᠭ᠋ᠠᠨ ᠬᠢᠵᠦ ᠳᠠᠭᠤᠰᠬᠠᠬᠤ᠎ᠳᠤ᠎ᠨᠢ ᠲᠣᠰᠠᠯᠠᠨ ᠵᠣᠷᠢᠬ᠍ᠵᠢᠭᠤᠯᠵᠦ ᠪᠠᠶ᠋ᠢᠪᠠᠯ ᠦᠪᠡᠷ ᠵᠶ᠋ᠠᠨ ᠣᠯᠠᠮ ᠵᠣᠷᠢᠭᠲᠠᠢ ᠪᠣᠯᠵᠦ᠂ ᠣᠯᠠᠨ ᠵᠦᠢ᠍ᠯ᠎ᠢ ᠬᠢᠵᠦ ᠡᠵᠡᠮᠰᠢᠬᠦ ᠵᠢ ᠬᠦᠰᠡᠳᠡᠭ ᠪᠣᠯᠳᠠᠭ᠃ ᠮᠦᠨ ᠬᠢᠴᠢᠶᠡᠯ ᠰᠣᠷᠣᠯᠭ᠎ᠠ ᠵᠢᠨ ᠳᠠᠰᠬᠠᠯ ᠳᠠᠭ᠋ᠠᠭ᠋ᠠᠯᠭ᠋ᠠᠪᠣᠷᠢ ᠬᠢᠵᠦ ᠬᠦᠢ᠍ᠴᠡᠳᠬᠡᠬᠦ᠎ᠳᠤ᠎ᠨᠢ ᠴᠦ᠍ ᠠᠳᠠᠯᠢᠬᠠᠨ᠂ ᠳᠠᠭᠤᠰᠬᠠᠭᠰᠠᠨ᠎ᠤ ᠳᠠᠷᠠᠭ᠎ᠠ ᠰᠠᠶᠢ ᠬᠢᠨᠠᠵᠦ ᠦᠭᠬᠦ ᠪᠣᠶᠣ ᠣᠶ᠋ᠢᠯᠠᠭ᠋ᠠᠬᠤ ᠦᠭᠡᠢ ᠵᠢ᠎ᠨᠢ ᠬᠡᠯᠡᠵᠦ ᠵᠢᠯᠣᠭᠤᠳᠪᠠᠯ ᠰᠠᠶ᠋ᠢᠨ᠃ ᠳᠡᠭᠡᠬᠦ ᠦᠭᠡᠢ ᠪᠣᠯ ᠪᠠᠭ᠍ᠠᠨ ᠬᠦᠴᠢᠷ ᠲᠣᠬᠢᠶᠠᠯᠳᠣᠮᠠᠭᠴᠠ ᠬᠠᠰᠢᠷᠠᠳᠠᠭ ᠬᠡᠮ᠎ᠲᠠᠢ ᠪᠣᠯᠵᠦ᠂ ᠪᠣᠰᠣᠳ᠎ᠢ ᠬᠠᠷᠠᠵᠦ᠂ ᠪᠣᠰᠣᠳ᠎ᠢ ᠲᠦᠰᠢᠳᠡᠭ ᠪᠣᠯᠳᠠᠭ᠃
      11. ᠠᠮᠢᠳᠣᠷᠠᠯ ᠰᠣᠷᠣᠯᠭ᠎ᠠ᠎ᠳᠤ᠎ᠪᠠᠨ ᠲᠦᠰᠦᠪ ᠲᠦᠯᠦᠪᠯᠡᠭᠡ᠎ᠲᠠᠢ ᠪᠠᠶ᠋ᠢᠵᠦ᠂ ᠠ᠋ᠬᠦᠨ ᠵᠶ᠋ᠠᠨ ᠪᠠᠷᠢᠮᠲᠠᠯᠠᠭ᠍ᠣ ᠵᠢ ᠰᠣᠷᠭ᠋ᠠᠬᠤ ᠭᠡᠷᠡᠭᠳᠠᠢ᠃ ᠠᠮᠢᠳᠣᠷᠠᠯ ᠰᠣᠷᠣᠯᠴᠠᠯᠭ᠎ᠠ ᠵᠢᠨ ᠳᠣᠮᠳᠠ ᠰᠣᠯᠠ ᠰᠡᠯᠡᠬᠦᠦ ᠴᠠᠭ ᠮᠣᠩ ᠦᠭᠡᠢ ᠣᠯᠳᠠᠳᠠᠭ᠂ ᠠᠮᠵᠢᠯᠲᠠ ᠪᠦᠳᠦᠮᠵᠢ ᠭᠠᠷᠭ᠋ᠠᠭᠰᠠᠨ ᠬᠦᠮᠦᠰ᠎ᠤᠨ ᠣᠯᠠᠩᠭᠢ᠎ᠨᠢ ᠶᠠᠭ ᠡ᠊ᠨᠡ ᠭᠦ᠌ ᠴᠠᠭ᠎ᠢ ᠪᠦᠲᠦᠮᠵᠢᠲᠠᠢ ᠠᠰᠢᠭᠯᠠᠭᠰᠠᠨ᠎ᠳᠤ ᠪᠠᠶ᠋ᠢᠳᠠᠭ᠃ ᠠ᠋ᠶ᠋ᠢᠮᠦᠷᠬᠦᠤ ᠴᠠᠭ᠎ᠢ ᠡᠪᠲᠠᠢ᠂ ᠲᠦᠰᠦᠪ ᠲᠦᠯᠦᠪᠯᠡᠭᠡ᠎ᠲᠠᠢ ᠠᠰᠢᠭᠯᠠᠭ᠍ᠣ᠎ᠨᠢ ᠴᠢᠮ᠎ᠠ ᠵᠢ ᠠᠮᠵᠢᠯᠲᠠ᠎ᠳᠤ ᠬᠦᠷᠭᠡᠳᠡᠭ᠃ ᠬᠡᠣᠬᠡᠳ᠎ᠲᠤ᠎ᠪᠠᠨ ᠲᠦᠰᠦᠪ ᠲᠦᠯᠦᠪᠯᠡᠭᠡ ᠲᠣᠭᠲᠠᠭ᠋ᠠᠬᠤ ᠠᠷᠭ᠎ᠠ ᠵᠢ ᠰᠣᠷᠭ᠋ᠠᠵᠦ ᠬᠠᠮᠲᠦ᠎ᠪᠠᠷ ᠴᠢᠷᠮᠠᠶ᠋ᠢᠵᠦ ᠠ᠋ᠬᠦᠨ ᠵᠶ᠋ᠠᠨ ᠬᠦᠢ᠍ᠴᠡᠳᠬᠡᠵᠦ ᠴᠢᠳᠠᠪᠠᠯ ᠬᠡᠣᠬᠡᠳ ᠴᠢᠨᠢ ᠪᠠᠭ᠎ᠠ ᠪᠣᠰᠣ ᠣᠯᠣᠯᠲᠠ ᠢᠳᠡᠭᠡᠯ᠎ᠲᠠᠢ ᠪᠣᠯᠬᠤ ᠪᠣᠯᠣᠨ᠎ᠠ᠃
      12. ᠠᠴᠢ ᠲᠣᠰᠠ ᠵᠢ ᠮᠡᠳᠡᠷᠡᠬᠦ᠂ ᠲᠠᠯᠠᠷᠬᠠᠯ᠎ᠤᠨ ᠰᠡᠳᠬᠢᠯᠭᠡ᠂ ᠠᠴᠢ ᠬᠠᠷᠢᠭᠤᠯᠠᠭ᠍ᠣ ᠰᠡᠳᠬᠢᠯᠭᠡ ᠵᠢ ᠬᠦᠮᠦᠵᠢᠬᠦᠯᠬᠦ ᠭᠡᠷᠡᠭᠳᠠᠢ᠃ ᠬᠤᠷᠠᠭ᠎ᠠ ᠢᠰᠢᠭᠡ ᠴᠦ᠍ ᠠ᠋ᠬᠡ᠎ᠪᠠᠨ ᠬᠦᠬᠦᠬᠦ᠎ᠳᠤ ᠰᠦᠬᠦᠳᠴᠦ ᠪᠠᠶ᠋ᠢᠭ᠋ᠠᠳ ᠬᠦᠬᠦᠳᠡᠭ ᠰᠢᠭ ᠬᠡᠣᠬᠡᠳ᠎ᠲᠤ ᠲᠣᠰᠠ ᠬᠦᠷᠭᠡᠭᠰᠡᠨ ᠬᠦᠮᠦᠨ᠎ᠤ ᠠᠴᠢ ᠵᠢ ᠰᠠᠨᠠᠵᠦ ᠶᠠᠪᠣᠬᠤ᠂ ᠬᠠᠷᠢᠭᠤᠯᠠᠭ᠍ᠣ ᠲᠠᠯᠠᠷᠬᠠᠯ᠎ᠤᠨ ᠰᠡᠳᠬᠢᠯᠭᠡ᠎ᠲᠠᠢ ᠪᠠᠶ᠋ᠢᠬᠤ ᠵᠢ ᠰᠣᠷᠭ᠋ᠠᠬᠤ ᠴᠢᠬᠤᠯᠠᠲᠠᠢ᠃ ᠬᠠᠷᠢᠨ ᠠ᠋ᠰᠡᠷᠬᠦ᠎ᠪᠠᠷ ᠪᠣᠯ ᠬᠡᠣᠬᠡᠳ ᠴᠢᠨᠢ ᠠᠴᠢ ᠲᠣᠰᠠ ᠵᠢ ᠰᠡᠷᠡᠨ ᠣᠬᠠᠳᠠᠭ ᠦᠭᠡᠢ ᠬᠦᠢ᠍ᠳᠡᠨ ᠴᠡᠪᠳᠡᠭ ᠰᠡᠳᠬᠢᠯ᠎ᠲᠠᠢ ᠪᠣᠯᠵᠦ᠂ ᠣᠯᠠᠨ᠎ᠳᠤ ᠭᠤᠯᠣᠭᠳᠠᠨ ᠵᠠᠶ᠋ᠢᠳᠠᠵᠦ᠂ ᠰᠡᠭᠦᠯ᠎ᠠᠴᠠ᠎ᠪᠠᠨ ᠦᠭᠡᠷ᠎ᠡ ᠲᠠᠰᠢᠭᠤᠷ ᠦᠭᠡᠢ᠂ ᠰᠡᠭᠦᠳᠡᠷ᠎ᠠᠴᠠ᠎ᠪᠠᠨ ᠦᠭᠡᠷ᠎ᠡ ᠨᠥᠬᠦᠷ ᠦᠭᠡᠢ ᠪᠣᠯᠬᠤ᠎ᠳᠤ ᠬᠦᠷᠦᠨ᠎ᠡ᠃
      13. ᠨᠠᠶ᠋ᠢᠷ ᠵᠢᠷᠣᠮ᠎ᠢ ᠠ᠋ᠷᠬᠢᠮᠯᠡᠵᠦ᠂ ᠪᠣᠰᠣᠳ᠎ᠲᠠᠢ ᠠ᠋ᠶ᠎ᠡ ᠨᠠᠶ᠋ᠢᠷ᠎ᠲᠠᠢ ᠶᠠᠪᠣᠵᠦ᠂ ᠬᠡᠷᠡᠭ ᠣᠴᠢᠷ ᠲᠣᠬᠢᠶᠠᠯᠳᠣᠪᠠᠯ ᠯᠠᠪᠳᠠᠭᠤᠨ ᠰᠠᠭᠤᠷᠢ᠎ᠲᠠᠢ ᠬᠠᠨᠳᠣᠵᠦ᠂ ᠠᠭᠤᠴᠢᠯᠠᠯ᠎ᠢ ᠠ᠋ᠷᠬᠢᠮᠯᠡᠬᠦ ᠭᠡᠷᠡᠭᠳᠠᠢ᠃
      14. ᠦᠨᠡᠨᠴᠢ ᠪᠠᠶ᠋ᠢᠬᠤ ᠵᠢ ᠠ᠋ᠷᠬᠢᠮᠯᠡᠪᠡᠯ ᠵᠤᠬᠢᠨ᠎ᠠ᠂ ᠠ᠋ᠨᠡ ᠳᠡᠯᠡᠭᠡᠢ ᠳᠡᠭᠡᠷ᠎ᠡ ᠶᠠᠮᠠᠷ ᠴᠦ᠍ ᠦᠶ᠎ᠡ᠎ᠳᠤ ᠡᠴᠢᠭᠡ ᠠ᠋ᠭᠡ᠎ᠠᠴᠠ᠎ᠨᠢ ᠢᠯᠡᠭᠦᠦ ᠭᠤᠶ᠋ᠢᠪᠢᠰᠢ ᠦᠭᠡᠢ ᠪᠠᠳᠣ ᠬᠠᠶ᠋ᠢᠷᠠᠯᠠᠨ ᠰᠠᠨᠠᠭ᠍ᠣ ᠬᠦᠮᠦᠨ ᠦᠭᠡᠷ᠎ᠡ ᠬᠤᠣᠰ ᠦᠭᠡᠢ ᠭᠡᠭᠴᠢ ᠵᠢ ᠮᠡᠳᠡᠭᠦᠯᠵᠦ᠂ ᠶᠠᠮᠠᠷ ᠶᠠᠪᠣᠳᠠᠯ᠂ ᠬᠦᠴᠢᠷ ᠲᠦᠪᠡᠭ᠂ ᠰᠡᠳᠬᠢᠯ᠎ᠤᠨ ᠴᠣᠬᠢᠯᠲᠠ᠂ ᠳᠠᠷᠣᠯᠠᠯ ᠲᠣᠷᠣᠮᠵᠢᠯᠠᠯ ᠠᠮᠰᠠᠵᠦ ᠪᠠᠶ᠋ᠢᠭᠰᠠᠨ ᠴᠦ᠍ ᠨᠢᠭᠤᠯ ᠦᠭᠡᠢ ᠡᠴᠢᠭᠡ ᠠ᠋ᠭᠡ ᠵᠢᠨ ᠵᠶ᠋ᠠᠨ ᠠᠯᠢ ᠨᠢᠭᠡᠨ᠎ᠳᠤ᠎ᠨᠢ ᠬᠡᠯᠡᠵᠦ ᠪᠠᠶ᠋ᠢᠬᠤ ᠴᠢᠬᠤᠯᠠᠲᠠᠢ ᠶᠤᠮ ᠭᠡᠭᠴᠢ ᠵᠢ ᠣᠬᠠᠭ᠋ᠠᠷᠠᠭᠤᠯᠵᠦ ᠰᠡᠩᠭᠡᠷᠡᠬᠦᠯᠬᠦ ᠬᠡᠷᠡᠭᠲᠠᠢ᠃
      15. ᠠᠮᠣᠷ ᠲᠦᠪᠰᠢᠨ᠎ᠤ ᠬᠦᠮᠦᠵᠢᠯ᠎ᠢ ᠪᠠᠶ᠋ᠢᠩᠭᠤ ᠬᠢᠵᠦ ᠪᠠᠶ᠋ᠢᠭ᠋ᠠᠷᠠᠢ᠃ ᠠᠮᠣᠷ ᠲᠦᠪᠰᠢᠨ᠎ᠤ ᠨᠢᠭᠤᠭᠳᠠᠮᠠᠯ ᠬᠡᠮ ᠰᠣᠭᠤᠭ ᠬᠠᠮᠢᠭ᠎ᠠ ᠴᠦ᠍ ᠣᠷᠣᠰᠢᠵᠦ ᠪᠣᠢ᠃ 《ᠪᠡᠶ᠎ᠡ ᠪᠠᠶ᠋ᠢᠪᠠᠯ ᠪᠡᠭᠡᠵᠢᠩ》 ᠭᠡᠳᠡᠭ ᠵᠶ᠋ᠠᠷ ᠲᠡᠷᠭᠡ ᠣᠨᠤᠭ᠎ᠠ ᠵᠠᠮ ᠬᠠᠷᠢᠯᠴᠠᠭ᠋ᠠᠨ᠎ᠤ ᠠᠶᠣᠯ᠂ ᠣᠰᠣ ᠴᠠᠬᠢᠯᠭ᠋ᠠᠨ᠎ᠤ ᠠᠶᠣᠯ᠂ ᠬᠡᠨᠡᠳᠲᠠ ᠵᠢᠨ ᠠᠶᠣᠯ ᠁ ᠭᠡᠳ ᠲᠦᠭᠡᠮᠡᠯ ᠣᠷᠣᠰᠢᠵᠦ ᠪᠠᠶ᠋ᠢᠬᠤ᠎ᠠᠴᠠ ᠦᠷᠬᠦᠯᠵᠢ ᠪᠡᠶ᠎ᠡ᠎ᠪᠠᠨ ᠬᠠᠮᠠᠭ᠋ᠠᠯᠠᠭ᠍ᠣ᠂ ᠠᠶᠣᠯ᠎ᠢ ᠣᠷᠢᠳᠴᠢᠯᠠᠨ ᠰᠡᠷᠭᠡᠶ᠋ᠢᠯᠡᠬᠦ ᠣᠬᠠᠭ᠋ᠠᠨ᠎ᠢ ᠵᠢᠭ᠋ᠠᠵᠦ ᠰᠣᠷᠭ᠋ᠠᠬᠤ᠎ᠨᠢ ᠦᠷ᠎ᠡ ᠬᠡᠣᠬᠡᠳ ᠵᠶ᠋ᠠᠨ ᠰᠠᠷᠠᠭᠤᠯ ᠣᠬᠠᠭ᠋ᠠᠨ ᠠ᠋ᠷᠡᠬᠦᠯ ᠪᠡᠶ᠎ᠡ᠎ᠲᠠᠢ ᠠᠮᠣᠷ ᠲᠠᠶ᠋ᠢᠪᠣᠩ ᠦᠰᠭᠡᠬᠦ ᠵᠢᠨ ᠲᠡᠷᠢᠬᠦᠨ ᠨᠦᠬᠦᠴᠡᠯ ᠮᠦᠨ᠃
      16. ᠪᠠᠭᠰᠢ ᠠᠬᠠᠮᠠᠳ ᠵᠶ᠋ᠠᠨ ᠬᠦᠨᠳᠦᠯᠡᠬᠦ ᠵᠢ ᠰᠣᠷᠭ᠋ᠠᠬᠤ ᠭᠡᠷᠡᠭᠳᠠᠢ᠃ 《ᠴᠢᠩᠭ᠎ᠠ ᠪᠠᠭᠰᠢ᠎ᠠᠴᠠ ᠬᠠᠳᠠᠭᠤ ᠱᠠᠪᠢ》 ᠭᠡᠳᠡᠭ᠃ ᠬᠡᠣᠬᠡᠳ᠎ᠤᠨ ᠵᠶ᠋ᠠᠨ ᠵᠠᠬ᠎ᠠ᠎ᠳᠤ ᠪᠠᠭᠰᠢ ᠵᠢ᠎ᠨᠢ ᠮᠠᠭᠤᠯᠠᠵᠦ ᠪᠣᠯᠬᠤ ᠦᠭᠡᠢ᠂ ᠶᠠᠮᠠᠷ ᠮᠠᠭᠤ᠎ᠲᠠᠢ ᠪᠠᠶ᠋ᠢᠭᠰᠠᠨ ᠴᠦ᠍ ᠬᠡᠰᠡᠨ ᠢᠨᠭ᠌ᠬᠢᠵᠤ ᠬᠢᠭᠦ᠎ᠨᠢ ᠪᠤᠷᠤᠭᠤ ᠶᠤᠮ᠃ ᠣᠴᠢᠷ᠎ᠨᠢ ᠭᠡᠷ᠎ᠤᠨ ᠠᠬᠠᠮᠠᠳ᠎ᠨᠢ ᠬᠦᠷᠳᠡᠯ᠎ᠡ ᠦᠭᠡᠶ᠋ᠢᠰᠭᠡᠭᠰᠡᠨ ᠪᠠᠭᠰᠢ᠎ᠠᠴᠠ ᠦᠷ᠎ᠡ ᠬᠡᠣᠬᠡᠳ᠎ᠨᠢ ᠶᠠᠭᠤᠮ᠎ᠠ ᠰᠣᠷᠴᠦ ᠲᠡᠶ᠋ᠢᠯᠦᠨ᠎ᠡ ᠭᠡᠵᠦ ᠪᠠᠶ᠋ᠢᠵᠦ ᠪᠣᠯᠵᠣᠰᠢ           ᠦᠭᠡᠢ᠃ ᠪᠠᠭᠰᠢ ᠵᠢᠨ ᠬᠢᠨᠢ ᠲᠣᠬᠠᠢ ᠬᠦᠨᠳᠦᠳᠬᠡᠯ ᠪᠢᠰᠢᠷᠡᠯ᠎ᠤᠨ ᠰᠡᠳᠬᠢᠯᠭᠡ ᠵᠢ᠎ᠨᠢ ᠬᠡᠷ᠎ᠤᠨ ᠠᠬᠠᠮᠠᠳ᠎ᠨᠢ ᠠ᠋ᠷᠬᠦᠵᠦ ᠮᠠᠭᠳᠠᠵᠦ ᠳᠡᠭᠡᠭᠰᠢᠯᠡᠬᠦᠯᠵᠦ ᠶᠠᠪᠣᠪᠠᠯ ᠬᠡᠣᠬᠡᠳ ᠴᠢᠨᠢ ᠪᠠᠭᠰᠢ᠎ᠳᠤ᠎ᠪᠠᠨ ᠣᠯᠠᠮ ᠢᠳᠡᠭᠡᠯ ᠪᠢᠰᠢᠷᠡᠯ᠎ᠲᠠᠢ ᠪᠣᠯᠵᠦ ᠣᠯᠠᠮ ᠣᠷᠮᠠᠰᠢᠨ ᠬᠢᠴᠢᠶᠡᠨ ᠰᠣᠷᠴᠦ ᠰᠣᠨᠣᠰᠬᠤ ᠪᠣᠯᠣᠨ᠎ᠠ᠃
      17. ᠠ᠋ᠬᠡ ᠬᠡᠯᠡᠨ᠎ᠤ ᠬᠦᠮᠦᠵᠢᠯ᠎ᠢ ᠰᠠᠶ᠋ᠢᠳᠣᠷ ᠬᠢᠵᠦ᠂ ᠠ᠋ᠬᠡ ᠬᠡᠯᠡᠨ᠎ᠤ ᠬᠡᠪ ᠪᠣᠯᠪᠠᠰᠣᠷᠠᠯ᠎ᠤᠨ ᠰᠠᠭᠤᠷᠢ ᠵᠢ᠎ᠨᠢ ᠪᠠᠲᠦ ᠲᠠᠯᠪᠢᠵᠦ ᠥᠭᠬᠦᠭᠡᠷᠠᠢ᠃ ᠶᠠᠫᠣᠨ᠎ᠤ ᠨᠣᠫᠸᠯ᠎ᠤᠨ ᠱᠠᠩᠨᠠᠯᠲᠦ ᠹᠢᠽᠢᠺᠴᠢ ᠲᠣᠰᠢᠾᠢᠳ᠋ᠸ ᠮᠠᠰᠺᠠᠸᠠ᠄ 《ᠶᠠᠫᠣᠨ ᠬᠡᠣᠬᠡᠳ᠎ᠤᠳ᠎ᠲᠤ ᠪᠠᠭ᠎ᠠ ᠨᠠᠰᠣᠨ᠎ᠠᠴᠠ᠎ᠨᠢ ᠠ᠋ᠬᠢᠯᠡᠭᠡᠳ ᠪᠦᠬᠦ ᠮᠡᠳᠡᠯᠭᠡ ᠵᠢ ᠶᠠᠫᠣᠨ ᠬᠡᠯᠡ᠎ᠪᠠᠷ ᠣᠯᠭᠤᠵᠦ           ᠪᠠᠶ᠋ᠢᠨ᠎ᠠ᠃ ᠠ᠋ᠬᠡ ᠬᠡᠯᠡ᠎ᠪᠠᠷ ᠠ᠋ᠬᠢᠯᠡᠵᠦ ᠣᠯᠵᠦ ᠠᠪᠣᠭᠰᠠᠨ ᠮᠡᠳᠡᠯᠭᠡ ᠬᠠᠮᠤᠭ᠎ᠤᠨ ᠪᠠᠲᠣᠲᠠᠢ᠂ ᠴᠠᠭ᠋ᠠᠰᠢ ᠬᠦᠭᠵᠢᠬᠦ ᠪᠣᠯᠣᠯᠴᠠᠭ᠎ᠠ ᠢᠯᠡᠬᠦᠦ ᠪᠠᠶ᠋ᠢᠳᠠᠭ》 ᠬᠡᠵᠦ ᠬᠡᠯᠡᠰᠡᠨᠴᠢᠯᠠᠨ ᠠ᠋ᠬᠡ ᠬᠡᠯᠡᠨ᠎ᠤ ᠪᠣᠯᠪᠠᠰᠣᠷᠠᠯ᠎ᠢ ᠬᠠᠮᠵᠢᠨ ᠰᠠᠶ᠋ᠢᠳᠣᠷ ᠬᠢᠵᠦ ᠪᠠᠳᠣ ᠰᠠᠭᠤᠷᠢ ᠵᠢ᠎ᠨᠢ ᠲᠠᠯᠪᠢᠵᠦ ᠥᠭᠪᠡᠯ ᠬᠡᠣᠬᠡᠳ ᠴᠢᠨᠢ ᠪᠣᠰᠣᠳ ᠬᠡᠯᠡ ᠰᠣᠷᠣᠭᠰᠠᠨ ᠴᠦ᠍ ᠰᠠᠶ᠋ᠢᠨ ᠰᠣᠷᠴᠦ ᠲᠡᠶ᠋ᠢᠯᠬᠦ ᠶᠤᠮ᠃ ᠣᠴᠢᠷ᠎ᠨᠢ ᠠ᠋ᠬᠡ ᠬᠡᠯᠡ ᠴᠢᠨᠢ ᠪᠣᠰᠣᠳ ᠮᠡᠳᠡᠯᠭᠡ ᠰᠣᠷᠬᠤ᠎ᠳᠤ ᠬᠦᠭᠦᠷᠭᠡ ᠵᠢᠨ ᠣᠶ᠋ᠢᠯᠡᠳᠦᠯ ᠭᠠᠷᠭ᠋ᠠᠵᠦ ᠲᠣᠯᠭ᠋ᠠᠭᠤᠷᠢᠯᠠᠵᠦ ᠪᠠᠶ᠋ᠢᠳᠠᠭ᠃ ᠠ᠋ᠬᠦᠨ᠎ᠳᠤ ᠬᠡᠷ ᠵᠠᠭᠤᠷ᠎ᠠ᠎ᠪᠠᠨ ᠠ᠋ᠬᠡ ᠬᠡᠯᠡ᠎ᠪᠠᠷ ᠵᠶ᠋ᠠᠨ ᠣᠷᠣᠰᠣᠮ᠎ᠠ ᠰᠠᠶ᠋ᠢᠬᠠᠨ ᠬᠠᠷᠢᠯᠴᠠᠵᠦ᠂ ᠬᠡᠣᠬᠡᠳ᠎ᠲᠤ᠎ᠪᠠᠨ ᠠ᠋ᠳᠦᠷ ᠪᠦᠷᠢ ᠨᠣᠮ ᠰᠡᠳᠬᠦᠯ ᠣᠩᠰᠢᠵᠦ ᠥᠭᠬᠦ᠎ᠨᠢ ᠠ᠋ᠬᠡ ᠬᠡᠯᠡ᠎ᠪᠠᠨ ᠰᠠᠶ᠋ᠢᠨ ᠰᠣᠷᠴᠦ ᠬᠡᠷᠡᠭᠯᠡᠬᠦ ᠪᠠ ᠬᠡᠯᠡ ᠰᠣᠶᠣᠯ᠎ᠳᠤ᠎ᠪᠠᠨ ᠬᠠᠶ᠋ᠢᠷᠠᠲᠠᠢ ᠬᠠᠷᠢᠭᠤᠴᠠᠯᠭ᠋ᠠᠲᠠᠢ ᠪᠣᠯᠵᠦ ᠬᠦᠮᠦᠵᠢᠬᠦ᠎ᠳᠤ᠎ᠨᠢ ᠲᠣᠰᠠ ᠪᠣᠯᠳᠠᠭ᠃ ᠠ᠋ᠰᠡᠷᠬᠦ᠎ᠪᠠᠷ ᠨᠢᠭᠡ ᠬᠡᠣᠬᠡᠳ᠎ᠢ ᠦᠭᠡᠢ ᠬᠢᠶ᠎ᠡ ᠭᠡᠪᠡᠯ ᠲᠡᠬᠦᠨ᠎ᠳᠤ ᠭᠠᠷ ᠣᠳᠠᠰᠦ ᠥᠭᠬᠦᠭᠡᠳ ᠲᠣᠷ᠎ᠠ᠎ᠪᠠᠷ᠎ᠨᠢ ᠲᠠᠯᠪᠢᠴᠢᠬ᠎ᠠ!
      18. ᠡᠴᠢᠭᠡ ᠠ᠋ᠬᠡ ᠪᠣᠯᠣᠭᠰᠠᠳ ᠦᠷ᠎ᠡ ᠬᠡᠣᠬᠡᠳ ᠵᠶ᠋ᠠᠨ ᠰᠣᠷᠭ᠋ᠠᠨ ᠬᠦᠮᠦᠵᠢᠬᠦᠯᠬᠦ᠎ᠳᠤ ᠣᠶᠣᠨ ᠣᠬᠠᠭ᠋ᠠᠨ᠂ ᠬᠦᠴᠦ ᠬᠦᠳᠡᠯᠮᠦᠷᠢ᠂ ᠠᠵᠣ ᠠᠬᠤᠢ ᠵᠢᠨ ᠪᠡᠯᠡ ᠣᠷᠣᠭᠤᠯᠬᠤ᠎ᠪᠠᠷ ᠪᠠᠷᠠᠭ᠍ᠣ ᠦᠭᠡᠢ ᠨᠡᠩ ᠴᠢᠬᠤᠯᠠ᠎ᠨᠢ ᠦᠪᠡᠷᠰᠡᠳ᠎ᠲᠤ᠎ᠪᠠᠨ ᠪᠡᠯᠡ ᠣᠷᠣᠭᠤᠯᠬᠤ ᠴᠢᠬᠤᠯᠠᠲᠠᠢ᠃ ᠣᠴᠢᠷ᠎ᠨᠢ ᠦᠷ᠎ᠡ ᠬᠡᠣᠬᠡᠳ᠎ᠲᠠᠢ ᠪᠣᠯᠣᠮᠠᠨᠵᠢᠨ ᠰᠠᠶᠢ ᠠᠩᠬᠠᠯᠠᠨ ᠡᠴᠢᠭᠡ ᠠ᠋ᠬᠡ ᠪᠣᠯᠵᠦ ᠢᠳᠡᠭ ᠢᠳᠡᠭ ᠵᠶ᠋ᠠᠷ ᠰᠣᠷᠭ᠋ᠠᠵᠦ ᠬᠦᠮᠦᠵᠢᠬᠦᠯᠬᠦ ᠣᠬᠠᠭ᠋ᠠᠨ᠎ᠢ ᠰᠣᠷᠳᠠᠭ ᠣᠴᠢᠷ ᠬᠡᠨ ᠪᠣᠯᠪᠠᠴᠦ ᠲᠣᠷᠰᠢᠯᠭ᠎ᠠ ᠮᠡᠬᠦᠰ ᠶᠣᠮ᠃ ᠠ᠋ᠶ᠋ᠢᠮᠦ᠎ᠠᠴᠠ ᠬᠡᠣᠬᠡᠳ᠎ᠤᠨ ᠬᠦᠮᠦᠵᠢᠯ᠎ᠤᠨ ᠲᠣᠬᠠᠢ ᠨᠣᠮ ᠰᠡᠳᠬᠦᠯ ᠣᠩᠰᠢᠨ ᠣᠷᠢᠳ ᠵᠶ᠋ᠠᠷ ᠰᠢᠯᠢᠳᠡᠭ ᠡᠴᠢᠭᠡ ᠠ᠋ᠭᠡ ᠪᠣᠯᠬᠤ ᠵᠢᠨ ᠶᠣᠰᠣ ᠵᠦᠢ᠂ ᠠᠷᠭ᠎ᠠ ᠣᠬᠠᠭ᠋ᠠᠨ᠂ ᠠ᠋ᠷᠳᠡᠮ ᠴᠢᠳᠠᠪᠣᠷᠢ᠂ ᠬᠡᠪ ᠪᠣᠯᠪᠠᠰᠣᠷᠠᠯ᠂ ᠲᠣᠷᠰᠢᠯᠭ᠎ᠠ ᠰᠣᠷᠭ᠋ᠠᠮᠵᠢ ᠵᠢ ᠬᠤᠷᠠᠮᠳᠣᠭᠤᠯᠣᠨ᠂ ᠳᠠᠭ᠋ᠠᠣ᠎ᠳᠤ᠎ᠨᠢ ᠦᠢ᠍ᠯᠡᠳᠦᠯᠭᠡᠵᠢᠭᠦᠯᠪᠡᠯ ᠦᠷ᠎ᠡ ᠠᠰᠢᠭ᠎ᠨᠢ ᠮᠡᠳᠡᠭᠳᠡᠮ᠎ᠡ ᠪᠣᠯᠳᠠᠭ᠃ ᠠ᠋ᠬᠦᠨ᠎ᠳᠤ ᠣᠯᠠᠮᠵᠢᠯᠠᠯᠲᠦ ᠶᠣᠰᠣ ᠵᠠᠩᠰᠢᠯ᠎ᠤᠨ ᠲᠣᠬᠠᠢ᠂ ᠬᠡᠣᠬᠡᠳ᠎ᠤᠨ ᠬᠦᠮᠦᠵᠢᠯ᠎ᠤᠨ ᠲᠣᠬᠠᠢ ᠣᠯᠠᠨ ᠰᠠᠶ᠋ᠢᠬᠠᠨ ᠨᠣᠮ ᠰᠡᠳᠬᠦᠯ ᠭᠠᠷᠴᠦ ᠪᠣᠢ᠃ ᠴᠠᠭ ᠮᠥᠩᠬᠦ᠎ᠪᠠᠨ ᠬᠠᠶ᠋ᠢᠷᠠᠯᠠᠯ ᠦᠭᠡᠢ ᠠᠪᠴᠦ ᠣᠶᠣᠨ᠎ᠤ ᠪᠡᠯᠡ ᠣᠷᠣᠭᠤᠯᠵᠦ ᠪᠠᠶ᠋ᠢᠭ᠋ᠠᠷᠠᠢ᠃ ᠵᠢᠱ᠌ᠢᠶᠡᠯᠡᠪᠡᠯ᠂ 《ᠲᠣᠭᠲᠠᠮ ᠬᠦᠮᠦᠵᠢᠯ ᠬᠢᠭᠡᠳ ᠠᠪᠢᠶᠠᠰ ᠪᠢᠯᠢᠭᠳᠡᠨ》᠂ 《ᠡᠵᠢ ᠬᠠᠮᠤᠭ ᠰᠠᠶ᠋ᠢᠨ ᠪᠠᠭᠰᠢ》᠂ 《ᠬᠦᠪᠡᠭᠦᠳ᠎ᠤᠨ ᠬᠦᠮᠦᠵᠢᠯ》᠂ 《ᠥᠬᠢᠳ᠎ᠤᠨ ᠬᠦᠮᠦᠵᠢᠯ》 ᠁ ᠠ᠋ᠬᠦᠨ᠎ᠠᠴᠠ ᠭᠠᠳᠠᠨ᠎ᠠ ᠪᠤᠰᠤᠳ ᠬᠡᠪᠯᠡᠯ᠎ᠤᠨ ᠣᠯᠠᠨ ᠰᠠᠶ᠋ᠢᠬᠠᠨ ᠬᠡᠣᠬᠡᠳ᠎ᠤᠨ ᠬᠦᠮᠦᠵᠢᠯ᠎ᠤᠨ ᠲᠣᠬᠠᠢ ᠨᠣᠮ ᠰᠡᠳᠬᠦᠯ ᠦᠯᠢᠭᠡᠷ ᠵᠢᠱ᠌ᠢᠶ᠎ᠠ ᠪᠣᠢ᠃
      ᠬᠡᠣᠬᠡᠳ ᠵᠶ᠋ᠠᠨ ᠪᠠᠭ᠎ᠠ᠎ᠳᠤ᠎ᠨᠢ ᠠᠮᠵᠢᠵᠦ ᠰᠠᠶ᠋ᠢᠨ ᠰᠣᠷᠭ᠎ᠠ᠂ ᠲᠣᠮᠣ ᠪᠣᠯᠴᠢᠬᠠᠪᠠᠯ ᠴᠢᠨᠣ ᠦᠭᠡ ᠵᠢ ᠰᠣᠨᠣᠰᠬᠤ ᠦᠭᠡᠢ ᠪᠣᠯᠴᠢᠬᠠᠬᠤ ᠣᠴᠢᠷ ᠰᠣᠷᠭ᠋ᠠᠪᠠᠴᠦ ᠲᠠᠯᠠᠭ᠋ᠠᠷ ᠪᠣᠯᠣᠨ᠎ᠠ᠂ ᠬᠡᠮᠰᠢᠪᠡᠴᠦ ᠣᠷᠣᠶ᠋ᠢᠲᠠᠨ᠎ᠠ᠃ ᠣᠴᠢᠷ᠎ᠨᠢ ᠬᠡᠣᠬᠡᠳ ᠨᠠᠰᠣ᠎ᠨᠢ ᠮᠥᠨᠦᠭᠡᠨ ᠬᠡᠳᠦᠭᠡᠨ ᠵᠢᠯ ᠰᠢᠣ ᠳ᠋ᠠ᠂ ᠬᠡᠣᠬᠡᠳ ᠨᠠᠰᠣᠨ᠎ᠳᠤ᠎ᠨᠢ ᠬᠡᠣᠬᠡᠳ᠎ᠲᠤ᠎ᠪᠠᠨ ᠪᠡᠶ᠎ᠡ᠎ᠪᠠᠷ ᠵᠶ᠋ᠠᠨ ᠬᠡᠪ ᠳᠠᠭᠤᠷᠢᠶᠠᠯ ᠪᠣᠯᠵᠦ᠂ ᠭᠠᠷ ᠣᠳᠠᠰᠦ᠎ᠪᠠᠨ ᠲᠠᠯᠪᠢᠵᠦ᠂ ᠬᠡᠣᠬᠡᠳ᠎ᠲᠠᠢ᠎ᠪᠠᠨ ᠢᠯᠡᠬᠦᠬᠡᠨ ᠴᠠᠭ ᠵᠠᠢ ᠭᠠᠷᠭ᠋ᠠᠨ ᠵᠣᠭᠤᠭᠳᠠᠵᠦ᠂ ᠬᠠᠮᠲᠦ ᠪᠠᠶ᠋ᠢᠯᠴᠠᠵᠦ᠂ ᠣᠶ᠋ᠢᠯᠠᠭ᠋ᠠᠯᠴᠠᠵᠦ᠂ ᠢᠯᠡᠬᠦᠬᠡᠨ ᠳᠡᠮᠵᠢᠵᠦ ᠵᠣᠷᠢᠬ᠍ᠵᠢᠭᠤᠯᠵᠦ᠂ ᠴᠣᠭᠭ᠋ᠠᠷ ᠦᠰᠦᠨ ᠪᠣᠶ᠋ᠢᠵᠢᠪᠠᠯ ᠲᠠᠨ᠎ᠤ ᠬᠡᠣᠬᠡᠳ ᠴᠢᠨᠢ ᠠ᠋ᠶ᠋ᠢᠮᠦ ᠠ᠋ᠨᠡᠷᠢᠯᠲᠦ ᠡᠴᠢᠭᠡ ᠠ᠋ᠬᠡ᠎ᠲᠠᠢ ᠪᠣᠯᠣᠭᠰᠠᠨ᠎ᠳᠤ᠎ᠪᠠᠨ ᠨᠠᠰᠣ᠎ᠪᠠᠷ ᠵᠶ᠋ᠠᠨ ᠣᠮᠣᠭᠰᠢᠵᠦ ᠠᠴᠢᠯᠠᠭ᠍ᠣ ᠶᠤᠮ᠃
      ᠬᠡᠣᠬᠡᠳ᠎ᠤᠨ ᠴᠢᠨᠢ ᠢᠷᠡᠭᠡᠳᠦᠢ᠎ᠳᠤ ᠴᠠᠭ ᠦᠶ᠎ᠡ᠂ ᠨᠡᠶ᠋ᠢᠭᠡᠮ᠎ᠲᠠᠢ ᠵᠣᠬᠢᠴᠠᠭᠰᠠᠨ ᠵᠦᠪ ᠦᠭᠡᠳᠡᠷᠭᠡᠭ ᠬᠦᠮᠦᠨ ᠪᠣᠯᠬᠤ ᠵᠢᠨ ᠦᠨᠳᠦᠰᠦᠨ ᠬᠦᠮᠦᠵᠢᠯ᠎ᠨᠢ ᠲᠠ ᠪᠢᠳᠡ ᠦᠢ ᠲᠦᠮᠡᠨ ᠡᠴᠢᠭᠡ ᠠ᠋ᠬᠡ ᠵᠢᠨ ᠦᠪᠡᠷ᠎ᠤᠨ ᠬᠢᠨᠢ ᠬᠡᠪ ᠪᠣᠯᠪᠠᠰᠣᠷᠠᠯ᠂ ᠬᠠᠳᠠᠭᠤ ᠪᠠᠷᠢᠮᠲᠠᠯᠠᠯ᠂ ᠭᠡᠷ ᠪᠦᠯᠢ ᠵᠢᠨ ᠰᠣᠷᠲᠠᠯ ᠰᠣᠷᠭ᠋ᠠᠯ᠂ ᠰᠣᠶᠣᠯ ᠬᠦᠮᠦᠵᠢᠯ᠎ᠠᠴᠠ ᠰᠢᠯᠲᠠᠭ᠋ᠠᠯᠠᠭᠳᠠᠭ᠍ᠣ ᠵᠢᠨ ᠣᠴᠢᠷ ᠡᠴᠢᠬᠡ ᠠ᠋ᠬᠡ᠂ ᠭᠡᠷ᠎ᠤᠨ ᠠᠬᠠᠮᠠᠳ ᠪᠣᠯᠣᠭᠰᠠᠳ ᠬᠡᠣᠬᠡᠳ᠎ᠠᠴᠠ᠎ᠪᠠᠨ ᠠ᠋ᠮᠦᠨ᠎ᠡ ᠦᠪᠡᠷ᠎ᠢ᠎ᠪᠠᠨ ᠰᠠᠶ᠋ᠢᠨ ᠪᠡᠯᠡᠳᠬᠦ ᠬᠡᠷᠡᠭᠲᠠᠢ᠃
      《ᠬᠡᠣᠬᠡᠳ ᠵᠶ᠋ᠠᠨ ᠬᠠᠶ᠋ᠢᠷᠠᠯᠠᠪᠠᠰᠣ ᠬᠤᠷ ᠮᠢᠬᠠᠲᠦ ᠪᠣᠯᠭ᠋ᠠᠭᠳᠣᠨ᠂ ᠬᠠᠶ᠋ᠢᠷᠠᠯᠠᠪᠠᠴᠣ ᠬᠠᠯᠠᠳᠣᠨ          ᠰᠣᠷᠭ᠋ᠠᠭᠳᠣᠨ!》 ᠭᠡᠰᠡᠨ ᠪᠢᠯᠢᠭ ᠰᠣᠶᠣᠷᠬᠠᠯ᠎ᠢ ᠰᠠᠨᠠᠵᠦ ᠶᠠᠪᠣᠶ᠎ᠠ᠃
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠳ᠋ᠠᠪᠠᠨ᠎ᠤ ᠮᠣᠩᠭᠤᠯ ᠦᠨᠳᠦᠰᠦᠲᠡᠨ᠎ᠤ 
                                 ᠳᠣᠮᠳᠠᠳᠦ ᠰᠣᠷᠭ᠋ᠠᠭᠤᠯᠢ 
                                (ᠮᠦᠨᠭᠭᠦᠨᠴᠢᠮᠡᠭ ᠨᠠᠢ᠍ᠢ᠍ᠷᠠᠭᠤᠯᠪᠠ)

 

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠬᠡᠣᠬᠡᠣᠨ᠎ᠤᠨ ᠴᠡᠴᠡᠷᠯᠢᠭ᠎ᠤᠨ ᠰᠤᠷᠭ᠋ᠠᠨ ᠭᠦᠮᠣᠵᠢᠯ᠎ᠤᠨ ᠶᠠᠪᠤᠴᠠ᠎ᠳᠠᠬᠢ ᠠᠵᠢᠭᠯᠠᠯᠲᠠ ᠵᠢᠨ ᠲᠤᠬᠠᠢ
ᠬᠤᠴᠤᠷᠤᠩᠭᠤᠢ ᠰᠤᠷᠤᠬ᠍ᠴᠢ ᠵᠢ ᠠ᠋ᠩᠬᠦᠷᠡᠶ᠋ᠢᠯᠡᠨ ᠬᠠᠶ᠋ᠢᠷᠠᠯᠠᠶ᠎ᠠ
 
             蒙ICP备05000248号