ᠦᠵᠡᠰᠬᠦᠯᠠᠩ

ᠤᠳᠤᠬᠠᠨ᠎ᠤ ᠵᠢᠭ᠋ᠠᠨ ᠰᠤᠷᠭ᠋ᠠᠬᠤ ᠪᠤᠳᠠᠳᠤ ᠦᠢ᠍ᠯᠡᠳᠤᠯᠭᠡ ᠵᠢᠨ ᠲᠤᠮᠳᠠ ᠵᠠᠷᠢᠮ ᠰᠤᠷᠤᠭᠴᠢ ᠵᠢᠨ ᠪᠠᠶ᠎ᠠ ᠲᠡᠭᠡᠷ᠎ᠠ ᠰᠤᠷᠤᠯᠴᠠᠬᠤ ᠲᠤᠷ᠎ᠠ ᠦᠭᠡᠢ ᠦᠵᠡᠭᠳᠡᠯ ᠲᠦᠭᠡᠮᠡᠯ ᠬᠠᠷᠠᠭᠳᠠᠵᠤ᠂ ᠪᠠᠭᠰᠢ ᠪᠤᠯᠤᠬᠰᠠᠳ᠎ᠤᠨ ᠲᠤᠯᠤᠭ᠋ᠠᠢ ᠵᠢ ᠡᠪᠡᠳᠭᠡᠵᠦ᠂ ᠶᠠᠭ᠋ᠠᠬᠢᠬᠤ ᠵᠢᠨ ᠠᠷᠭ᠎ᠠ ᠦᠭᠡᠢ ᠪᠤᠯᠭ᠋ᠠᠳᠠᠭ᠃ ᠵᠦᠪ ᠲᠠᠯ᠎ᠠ᠎ᠠᠴᠠ ᠵᠢᠭ᠋ᠠᠵᠤ ᠰᠤᠷᠭ᠋ᠠᠬᠤ᠂ ᠰᠤᠷᠤᠯᠭ᠎ᠠ ᠵᠢᠨ ᠰᠡᠳᠤᠪ ᠪᠤᠯᠪᠠᠰᠤᠷᠠᠯ᠂ ᠲᠠᠰᠬᠠᠯ ᠲᠠᠭ᠋ᠠᠭ᠋ᠠᠯᠭ᠋ᠠᠪᠤᠷᠢ ᠵᠢᠨ ᠭᠦᠴᠤᠯᠡᠴᠡ ᠵᠢ ᠨᠡᠮᠡᠭᠳᠡᠬᠦᠯᠦᠭᠰᠡᠨ ᠴᠦ᠍ ᠦᠷ᠎ᠡ ᠠᠰᠢᠭ ᠵᠶ᠋ᠠᠷ ᠪᠠᠷᠣᠬᠳᠠᠢ᠃ ᠴᠢᠨᠠᠭᠰᠢᠯᠠᠪᠠᠯ ᠨᠠᠵᠠᠭ᠋ᠠᠢ ᠦᠢ᠍ᠯᠡᠳᠣᠯ ᠭᠠᠷᠭ᠋ᠠᠬᠤ ᠭᠡᠮᠵᠢᠶᠠᠨ᠎ᠳᠤ ᠬᠦᠷᠴᠤ ᠪᠠᠶ᠋ᠢᠳᠠᠭ᠂ ᠰᠢᠬᠦᠮᠵᠢᠯᠡᠵᠤ ᠰᠤᠷᠭ᠋ᠠᠪᠠᠯ ᠤᠯᠠᠮ ᠴᠤ᠌ ᠵᠦᠷᠢᠯᠳᠤᠵᠤ᠂ ᠦᠨᠡᠭᠡᠷ ᠴᠤ᠌ ᠠᠷᠭ᠎ᠠ ᠠᠯᠳᠠᠷᠠᠵᠤ ᠬᠤᠶᠠᠷ ᠭᠠᠷ ᠵᠶ᠋ᠠᠨ ᠨᠤᠬᠤᠯᠠᠭ᠋ᠠᠳ ᠰᠠᠭᠤᠬᠤ᠎ᠠᠴᠠ ᠦᠭᠡᠷ᠎ᠠ ᠠᠷᠭ᠎ᠠ ᠦᠭᠡᠢ ᠰᠠᠨᠠᠭᠳᠠᠳᠠᠭ᠃ ᠨᠠᠩ ᠢᠯᠠᠩᠭᠤᠶ᠎ᠠ ᠴᠦᠭᠡᠨ ᠲᠤᠭ᠋ᠠᠨ᠎ᠤ ᠰᠤᠷᠤᠬ᠍ᠴᠢ ᠵᠢᠨ ᠬᠦᠳᠡᠯᠬᠦ ᠲᠤᠷ᠎ᠠ ᠦᠭᠡᠢ ᠵᠠᠯᠬᠠᠭᠤ ᠪᠠᠶ᠋ᠢᠳᠠᠯ᠎ᠲᠠᠢ᠂ ᠶᠠᠮᠠᠷ ᠨᠢᠭᠡᠨ ᠬᠦᠮᠤᠨ ᠲᠠᠬᠦᠨ᠎ᠤ ᠠ᠋ᠮᠤᠨ᠎ᠠ᠎ᠠᠴᠠ ᠤᠴᠢᠵᠤ ᠬᠢᠵᠤ ᠪᠠᠶᠠᠯᠠᠬᠦᠯᠬᠦ ᠵᠢ ᠬᠦᠰᠡᠭᠰᠡᠨ ᠴᠢᠷᠠᠢ᠎ᠲᠠᠢ ᠬᠦᠯᠢᠶᠡᠵᠤ ᠰᠠᠭᠤᠳᠠᠭ᠎ᠨᠢ ᠭᠡᠴᠡᠬᠦᠤ ᠶᠤᠮ᠃ ᠡ᠊ᠨᠡ ᠭᠦ᠌ ᠠᠰᠠᠭᠤᠳᠠᠯ᠎ᠨᠢ ᠪᠠᠭᠰᠢ ᠵᠢᠨ ᠰᠤᠷᠭ᠋ᠠᠨ ᠬᠦᠮᠤᠵᠢᠬᠦᠯᠬᠦ ᠠᠷᠭ᠎ᠠ ᠮᠠᠷᠭᠡᠵᠢᠯ ᠤᠷ᠎ᠠ ᠲᠠᠮ᠎ᠲᠠᠢ ᠬᠤᠯᠪᠤᠬᠳᠠᠭ᠍ᠤ ᠪᠤᠯᠪᠠᠴᠤ ᠬᠤᠴᠤᠷᠤᠩᠭᠤᠢ ᠰᠤᠷᠤᠬ᠍ᠴᠢᠳ᠎ᠤᠨ ᠰᠤᠷᠤᠯᠴᠠᠭ᠍ᠤ ᠤᠪᠤᠷ᠂ ᠦᠵᠡᠯ ᠰᠠᠨᠠᠭ᠎ᠠ᠂ ᠤᠷᠮ᠎ᠠ ᠵᠤᠷᠢᠭ᠎ᠢ ᠬᠦᠪᠴᠢᠯᠡᠬᠦ᠎ᠨᠢ ᠲᠦᠢ᠍ᠯ᠎ᠤᠨ ᠴᠢᠬᠤᠯᠠ ᠪᠢᠯᠠ᠃
ᠶᠠᠭᠤᠨ᠎ᠤ ᠲᠠᠷᠢᠬᠦᠨ᠎ᠳᠤ ᠲᠠᠳᠡᠭᠡᠷ ᠰᠤᠷᠤᠯᠴᠠᠭ᠍ᠤ ᠲᠤᠷ᠎ᠠ ᠦᠭᠡᠢ ᠵᠠᠯᠬᠠᠭᠤᠷᠠᠵᠤ ᠰᠠᠭᠤᠳᠠᠭ ᠰᠤᠷᠤᠬ᠍ᠴᠢᠳ᠎ᠢ ᠲᠡᠪᠰᠢᠭᠤᠯᠤᠨ ᠲᠡᠭᠡᠭᠰᠢᠯᠡᠬᠦᠯᠬᠦ᠎ᠨᠢ ᠴᠢᠬᠤᠯᠠ᠃ ᠵᠢᠭ᠋ᠠᠨ ᠰᠤᠷᠭ᠋ᠠᠬᠤ ᠶᠠᠪᠤᠴᠠ ᠲᠤᠮᠳᠠ ᠲᠡᠳᠡᠭᠡᠷ ᠰᠤᠷᠤᠯᠴᠠᠭ᠍ᠤ ᠲᠤᠷ᠎ᠠ ᠦᠭᠡᠢ ᠪᠤᠶᠤ ᠵᠠᠯᠬᠠᠭᠤᠷᠠᠵᠤ ᠰᠠᠭᠤᠳᠠᠭ ᠰᠤᠷᠤᠬ᠍ᠴᠢᠳ᠎ᠢ ᠠᠵᠢᠬᠯᠠᠭ᠍ᠤᠳᠤ ᠦᠨᠡᠭᠡᠷ ᠰᠡᠳᠬᠢᠯ᠎ᠢ ᠰᠢᠮᠰᠢᠷᠡᠬᠦᠯᠳᠡᠭ᠃ ᠭᠤᠤᠯ᠎ᠨᠢ ᠲᠠᠳᠡᠨᠤᠰ᠎ᠤᠨ ᠰᠠᠳᠬᠢᠯ ᠰᠠᠨᠠᠭ᠎ᠠ᠎ᠨᠢ ᠭᠡᠪ᠎ᠤᠨ ᠪᠤᠰᠤ ᠤᠨᠴᠠᠯᠢᠭ᠎ᠲᠠᠢ᠂ ᠵᠤᠵᠢᠭ ᠵᠦᠷᠢᠬᠦᠳ᠂ ᠭᠠᠭᠴᠠᠭ᠋ᠠᠷᠳᠠᠮᠠᠯ᠂ ᠠ᠋ᠰᠡᠬᠦᠯ᠎ᠠ ᠲᠡᠩᠳᠡᠬᠦᠤ ᠠ᠋ᠷᠭᠡ ᠲᠠᠩᠬᠢ᠂ ᠪᠠᠭᠰᠢ ᠪᠤᠶᠤ ᠬᠠᠮᠳᠤ ᠨᠦᠬᠦᠳ᠎ᠲᠤ᠎ᠪᠠᠨ ᠭᠡᠯᠡᠭᠳᠡᠬᠦ ᠲᠤᠷ᠎ᠠ ᠦᠭᠡᠢ᠂ ᠠᠩᠬᠢ ᠵᠢᠨ ᠰᠤᠷᠤᠬ᠍ᠴᠢᠳᠲᠠᠢᠪᠠᠨ ᠶᠠᠪᠤᠯᠴᠠᠭ᠍ᠤ ᠦᠭᠡᠢ᠂ ᠢᠨᠢᠶᠡᠬᠦ ᠵᠢ ᠮᠡᠳᠡᠬᠦ ᠦᠭᠡᠢ᠂ ᠤᠬᠢᠯᠠᠭ᠍ᠤ ᠵᠢ ᠴᠤ᠌ ᠮᠡᠳᠡᠬᠦ ᠦᠭᠡᠢ᠂ ᠠ᠋ᠰᠡᠬᠦᠯ᠎ᠠ ᠤᠬᠢᠯᠠᠭ᠋ᠠᠳ ᠵᠤᠬᠰᠤᠬᠤ ᠦᠭᠡᠢ᠂ ᠵᠢᠮᠡᠯᠡᠵᠤ ᠰᠢᠬᠦᠮᠵᠢᠯᠡᠬᠦ᠎ᠠᠴᠠ ᠴᠤ᠌ ᠠᠶᠤᠬᠤ ᠦᠭᠡᠢ᠃ ᠶᠠᠮᠠᠷ ᠴᠤ᠌ ᠰᠡᠳᠬᠢᠯᠭᠡ ᠦᠭᠡᠢ ᠮᠤᠳᠤᠨ ᠬᠦᠮᠤᠨ ᠭᠡᠮᠠᠷ᠃ ᠲᠠᠰᠬᠠᠯ ᠪᠤᠯᠪᠠᠰᠤᠷᠠᠯ ᠵᠶ᠋ᠠᠨ ᠬᠢᠬᠦ ᠦᠭᠡᠢ ᠬᠢᠴᠢᠶᠠᠯ ᠲᠡᠭᠡᠷ᠎ᠠ ᠠᠩᠬᠠᠷᠬᠤ ᠦᠭᠡᠢ᠂ ᠶᠠᠭᠤᠮ᠎ᠠ ᠤᠷᠤᠯᠳᠤᠭ᠋ᠠᠳ ᠰᠠᠭᠤᠨ᠎ᠠ᠂ ᠭᠡᠷ᠎ᠤᠨ ᠠᠬᠠᠮᠠᠳ᠎ᠨᠢ ᠴᠤ᠌ ᠬᠠᠮᠢᠶᠠᠷᠬᠤ ᠦᠭᠡᠢ ᠪᠠᠶ᠋ᠢᠳᠠᠭ᠃ ᠠ᠋ᠶ᠋ᠢᠮᠤ ᠬᠡᠤᠭᠡᠳ᠎ᠢ ᠴᠢᠩᠭ᠎ᠠ ᠤᠷᠤᠯᠳᠤᠭ᠋ᠠᠳ᠂ ᠲᠠᠷᠤᠯᠳᠠ ᠦᠭᠬᠦᠪᠡᠴᠤ ᠠᠰᠢᠭ ᠠᠨᠠᠢ᠂ ᠬᠠᠷᠢᠨ ᠵᠦᠭᠡᠯᠡᠨ ᠵᠶ᠋ᠠᠷ ᠤᠷᠤᠯᠳᠤᠵᠤ᠂ ᠠᠷᠭ᠋ᠠᠳᠠᠵᠤ᠂ ᠨᠠᠩ ᠴᠤ᠌ ᠠ᠋ᠩᠬᠦᠷᠡᠶ᠋ᠢᠯᠡᠵᠤ ᠬᠠᠶ᠋ᠢᠷᠠᠯᠠᠭ᠍ᠤ ᠰᠡᠳᠬᠢᠯ ᠵᠶ᠋ᠠᠷ ᠬᠠᠨᠳᠤᠪᠠᠯ ᠨᠠᠯᠢᠶᠠᠳ ᠦᠷ᠎ᠠ ᠠᠰᠢᠭ ᠪᠠ ᠬᠤᠪᠢᠷᠠᠯᠳᠠ᠎ᠲᠠᠢ ᠪᠤᠯᠳᠠᠭ᠃
ᠠ᠋ᠩᠬᠦᠷᠡᠶ᠋ᠢᠯᠡᠨ ᠬᠠᠶ᠋ᠢᠷᠠᠯᠠᠭ᠍ᠤ ᠪᠤᠯ ᠰᠤᠷᠤᠬ᠍ᠴᠢᠳ᠎ᠲᠤ ᠨᠢᠭᠡᠨ ᠵᠦᠢ᠍ᠯ᠎ᠤᠨ ᠲᠡᠭᠡᠳᠤ ᠠ᠋ᠨ᠋ᠸᠷᠬᠢ᠂ ᠠ᠋ᠶᠠᠷᠬᠦ ᠠ᠋ᠨ᠋ᠸᠷᠬᠢ᠂ ᠰᠠᠶ᠋ᠢᠨ ᠰᠠᠶ᠋ᠢᠬᠠᠨ ᠠ᠋ᠨ᠋ᠸᠷᠬᠢ ᠵᠢ ᠬᠦᠷᠳᠡᠭᠡᠵᠤ᠂ ᠠ᠋ᠰᠡᠷᠬᠦ᠎ᠪᠠᠷ ᠠ᠋ᠭ᠌ᠳᠡᠬᠦᠴᠡᠵᠤ ᠠᠭᠤᠷᠯᠠᠭ᠍ᠤ ᠪᠤᠯ ᠬᠠᠷᠢᠨ ᠨᠢᠭᠡᠨ ᠵᠦᠢ᠍ᠯ᠎ᠤᠨ ᠲᠤᠤᠷᠠᠳᠤ ᠠ᠋ᠨ᠋ᠸᠷᠬᠢ᠂ ᠰᠦᠭᠡᠷᠬᠦ ᠠ᠋ᠨ᠋ᠸᠷᠬᠢ᠂ ᠮᠠᠭᠤ ᠮᠠᠭᠤᠬᠠᠢ ᠠ᠋ᠨ᠋ᠸᠷᠬᠢ ᠵᠢ ᠤᠯᠭᠤᠵᠤ ᠪᠠᠶ᠋ᠢᠳᠠᠭ᠃ ᠪᠢ ᠡ᠊ᠨᠡ ᠭᠦ᠌ ᠨᠢᠭᠡᠨ ᠵᠦᠢ᠍ᠯ᠎ᠤᠨ ᠰᠡᠳᠬᠢᠬᠦ ᠠᠷᠭ᠎ᠠ᠎ᠪᠠᠨ ᠪᠤᠳᠠᠳᠠᠶ᠋ᠢᠴᠢᠯᠠᠨ ᠪᠠᠶᠠᠯᠠᠬᠦᠯᠵᠤ᠂ ᠬᠠᠶ᠋ᠢᠷ᠎ᠠ ᠠ᠋ᠩᠬᠦᠷᠡᠶ᠋ᠢᠯᠡᠯ ᠵᠶ᠋ᠠᠨ ᠬᠠᠷᠠᠮ ᠦᠭᠡᠢ ᠬᠦᠷᠭᠡᠪᠡ᠃ ᠡᠴᠢᠭᠡ ᠠ᠋ᠭᠡ ᠵᠢᠨ ᠬᠠᠶ᠋ᠢᠷ᠎ᠠ ᠪᠤᠯ ᠠᠮᠢᠨ ᠬᠠᠶ᠋ᠢᠷ᠎ᠠ᠂ ᠦᠪᠠᠷ᠎ᠤᠨ ᠬᠡᠤᠭᠡᠳ ᠵᠶ᠋ᠠᠨ ᠯᠠ ᠪᠠᠭᠳᠠᠭ᠋ᠠᠬᠰᠠᠨ ᠬᠠᠶ᠋ᠢᠷ᠎ᠠ᠂ ᠭᠡᠬᠦ᠎ᠳᠤ ᠪᠠᠭᠰᠢ ᠵᠢᠨ ᠬᠠᠶ᠋ᠢᠷ᠎ᠠ ᠪᠤᠯ ᠲᠦᠭᠡᠮᠡᠯ ᠬᠠᠶ᠋ᠢᠷ᠎ᠠ᠂ ᠶᠡᠭᠡ ᠬᠠᠶ᠋ᠢᠷ᠎ᠠ᠂ ᠦᠪᠠᠷ᠎ᠤᠨ ᠬᠡᠤᠭᠡᠳ ᠵᠶ᠋ᠠᠨ ᠮᠠᠷᠳᠠᠵᠤ ᠦᠷᠤᠭᠡᠯᠢ ᠬᠠᠶ᠋ᠢᠷᠠᠯᠠᠭ᠍ᠤ ᠬᠠᠶ᠋ᠢᠷ᠎ᠠ᠂ ᠪᠠᠭᠳᠠᠭ᠋ᠠᠮᠵᠢ᠎ᠨᠢ ᠶᠡᠭᠡ ᠪᠠᠶ᠋ᠢᠳᠠᠭ᠃
ᠨᠢᠭᠡ᠂ ᠬᠤᠴᠤᠷᠤᠩᠭᠤᠢ ᠰᠤᠷᠤᠬ᠍ᠴᠢ ᠵᠢᠨ ᠪᠠᠶ᠋ᠢᠳᠠᠯ
1. ᠦᠩᠭᠡᠷᠡᠭᠰᠡᠨ᠎ᠤ ᠲᠡᠬᠦᠰᠦᠭᠰᠡᠨ ᠠᠩᠬᠢ ᠵᠢᠨ ᠬᠤᠴᠤᠷᠤᠩᠭᠤᠢ ᠰᠤᠷᠤᠬ᠍ᠴᠢ ᠵᠢ ᠵᠢᠯᠤᠭᠤᠳᠤᠬᠰᠠᠨ ᠦᠨᠭᠭᠡᠷᠡᠯᠳᠠ
ᠮᠢᠨᠤ ᠦᠩᠭᠡᠷᠡᠭᠰᠡᠨ᠎ᠤ ᠬᠢᠴᠢᠶᠠᠯᠯᠡᠵᠤ ᠪᠠᠶ᠋ᠢᠭᠰᠠᠨ ᠠᠩᠬᠢ᠎ᠳᠤ ᠨᠢᠭᠡᠨ ᠤᠨᠴᠠᠭ᠋ᠠᠢ ᠰᠤᠷᠤᠭᠴᠢ ᠪᠠᠶ᠋ᠢᠳᠠᠭ᠂ ᠲᠠᠰᠬᠠᠯ ᠪᠤᠯᠪᠠᠰᠤᠷᠠᠯ᠎ᠢ ᠶᠠᠷᠤ ᠬᠢᠳᠡᠭ ᠦᠭᠡᠢ᠂ ᠠᠮᠢᠳᠤᠷᠠᠯ᠎ᠨᠢ ᠭᠦᠴᠢᠷᠳᠠᠯᠳᠠᠢ᠂ ᠵᠠᠮᠳᠡᠭ ᠠᠬ᠎ᠠ᠎ᠲᠠᠢ᠂ ᠨᠢᠭᠡᠨ ᠦᠷᠤ ᠡᠪᠡᠳᠤᠮᠠᠷ ᠬᠡᠤᠭᠡᠳ ᠶᠤᠮ᠂ ᠪᠢ ᠠ᠋ᠨᠡ ᠭᠡᠤᠭᠡᠳ᠎ᠢ ᠦᠷᠭᠦᠯᠵᠢ ᠵᠤᠷᠢᠬ᠍ᠵᠢᠭᠤᠯᠤᠨ ᠬᠠᠢ᠍ᠢ᠍ᠷᠠᠯᠠᠵᠤ᠂ ᠴᠠᠭ ᠤᠯᠳᠠᠪᠠᠯ ᠠᠮᠳᠠᠳᠤ ᠬᠤᠭᠤᠯᠠ ᠢᠳᠡᠬᠦᠯᠳᠡᠭ᠃ ᠢᠨᠭᠬᠢᠭᠰᠡᠨᠤ ᠮᠢᠨᠢ ᠬᠠᠷᠢᠭᠤ᠎ᠳᠤ ᠲᠠᠷᠠ ᠬᠡᠤᠭᠡᠨᠤ ᠪᠠᠶ᠎ᠠ ᠲᠡᠭᠡᠷ᠎ᠠ ᠢᠨᠢᠶᠡᠳᠤ ᠬᠠᠨᠢᠶᠠᠳᠤ᠎ᠲᠠᠢ᠂ ᠴᠤᠪᠤᠭᠤ ᠲᠡᠭᠵᠢᠨ᠂ ᠬᠢᠴᠢᠶᠠᠯ ᠵᠶ᠋ᠠᠨ ᠰᠠᠶ᠋ᠢᠳᠤᠷ ᠰᠤᠨᠤᠰᠴᠤ᠂ ᠲᠠᠰᠬᠠᠯ ᠪᠤᠯᠪᠠᠰᠤᠷᠠᠯ ᠵᠶ᠋ᠠᠨ ᠰᠠᠨᠠᠭ᠋ᠠᠴᠢᠯᠠᠭ᠎ᠠ᠎ᠠᠴᠠ᠎ᠪᠠᠨ ᠰᠠᠶ᠋ᠢᠨ ᠰᠠᠶ᠋ᠢᠬᠠᠨ ᠬᠢᠵᠤ᠂ ᠭᠡᠷ᠎ᠲᠡᠭᠡᠨ ᠬᠠᠷᠢᠭ᠋ᠠᠳ 《ᠮᠠᠨ᠎ᠤ ᠲᠤᠭ᠋ᠠᠨ᠎ᠤ ᠪᠠᠭᠰᠢ ᠲᠤᠩ ᠰᠠᠶ᠋ᠢᠨ!》 ᠭᠡᠳᠡᠭ ᠭᠡᠨ᠎ᠠ᠃ ᠲᠠᠷᠠ ᠮᠢᠨᠤ ᠵᠢᠭ᠋ᠠᠳᠠᠭ ᠲᠤᠭ᠋ᠠᠨ᠎ᠤ ᠬᠢᠴᠢᠶᠡᠯ᠎ᠢ ᠴᠤ᠌ ᠰᠠᠶ᠋ᠢᠨ ᠰᠤᠷᠬᠤ ᠪᠤᠯᠵᠠᠢ᠃ ᠲᠡᠭᠡᠭᠡᠳ ᠠᠩᠬᠢ᠎ᠳᠤ᠎ᠪᠠᠨ 《ᠠᠩᠬᠢ ᠵᠢᠨ ᠴᠡᠴᠡᠭ》 ᠭᠡᠳᠡᠭ ᠰᠠᠶ᠋ᠢᠬᠠᠨ ᠴᠤᠯᠠᠲᠠᠢ ᠬᠡᠤᠭᠡᠨ ᠪᠤᠯᠤᠬᠰᠠᠨ ᠶᠤᠮ᠃ ᠠ᠋ᠶ᠋ᠢᠮᠤᠷᠬᠦᠤ ᠦᠨᠡᠨ ᠪᠤᠳᠠᠳᠠᠢ ᠰᠡᠳᠬᠢᠯ᠎ᠢ ᠪᠠᠶᠠᠰᠬᠠᠮ᠎ᠠ ᠵᠢᠱ᠌ᠢᠶ᠎ᠠ ᠨᠢᠭᠡ ᠬᠤᠶᠠᠷ ᠵᠶ᠋ᠠᠷ ᠵᠤᠬᠰᠤᠬᠤ ᠦᠭᠡᠢ᠂ ᠶᠡᠷᠦᠨᠭᠭᠡᠢ᠎ᠳᠤᠨᠢ ᠦᠵᠠᠭᠦ᠎ᠳᠤ᠂ ᠬᠤᠴᠤᠷᠤᠨᠭ᠌ᠭᠤᠢ ᠰᠤᠷᠤᠭᠴᠢ ᠵᠢ ᠠ᠋ᠨᠠᠷᠢᠯ ᠬᠠᠢ᠍ᠢ᠍ᠷ᠎ᠠ᠂ ᠬᠠᠯᠠᠭᠤᠨ ᠰᠡᠳᠬᠢᠯᠭᠡ᠂ ᠦᠨᠠᠨᠴᠢ ᠵᠤᠷᠢᠬ᠍ᠵᠢᠭᠤᠯᠤᠯ ᠵᠶ᠋ᠠᠷ ᠬᠤᠪᠢᠷᠠᠭ᠋ᠠᠵᠤ ᠪᠤᠯᠬᠤ ᠶᠤᠮ᠃
2. ᠤᠳᠤ ᠵᠢᠨ ᠬᠢᠴᠢᠶᠠᠯᠯᠡᠵᠤ ᠪᠠᠶ᠋ᠢᠭ᠎ᠠ ᠠᠩᠬᠢ ᠵᠢᠨ ᠬᠤᠴᠤᠷᠤᠩᠭᠤᠢ ᠰᠤᠷᠤᠬ᠍ᠴᠢ ᠵᠢ ᠵᠢᠯᠤᠭᠤᠳᠤᠬᠰᠠᠨ ᠦᠨᠭᠭᠡᠷᠡᠯᠳᠠ
ᠮᠢᠨᠤ ᠤᠳᠤ ᠵᠢᠨ ᠬᠢᠴᠢᠶᠠᠯᠯᠡᠵᠤ ᠪᠠᠶ᠋ᠢᠭ᠎ᠠ ᠠᠩᠬᠢ᠎ᠳᠤ ᠨᠢᠭᠡᠨ ᠬᠦᠤ ᠪᠠᠶ᠋ᠢᠳᠠᠭ᠂ ᠰᠤᠷᠭ᠋ᠠᠭᠤᠯᠢ᠎ᠳᠤ ᠠᠨᠭ᠌ᠬ᠎ᠠ ᠢᠷᠡᠬᠦ ᠦᠶ᠎ᠠ᠎ᠳᠤ ᠠ᠋ᠷᠭᠡ ᠲᠠᠩᠬᠢ ᠮᠦᠷᠳᠡᠭᠡᠨ ᠠᠭᠤᠷ ᠶᠡᠭᠡᠳᠠᠢ᠂ ᠲᠠᠰᠬᠠᠯ ᠪᠤᠯᠪᠠᠰᠤᠷᠠᠯ᠎ᠢ ᠪᠠᠶᠠᠯᠠᠬᠦᠯᠬᠦ ᠵᠢ ᠪᠠᠶ᠋ᠢᠳᠤᠭ᠋ᠠᠢ ᠬᠢᠴᠢᠶᠠᠯ ᠲᠡᠭᠡᠷ᠎ᠠ ᠴᠤ᠌ ᠲᠤᠭ᠎ᠠ ᠪᠢᠴᠢᠬᠦ ᠲᠤᠷ᠎ᠠ ᠦᠭᠡᠢ᠂ ᠲᠤᠭ᠎ᠠ ᠪᠤᠳᠤᠬᠤ ᠲᠤᠷ᠎ᠠ ᠦᠭᠡᠢ᠂ ᠰᠢᠬᠦᠮᠵᠢᠯᠡᠪᠡᠯ ᠪᠠᠭᠰᠢ ᠵᠢᠨ ᠦᠭᠡᠳᠡ᠎ᠠᠴᠠ ᠪᠤᠴᠠᠭ᠋ᠠᠳ ᠵᠠᠩᠳᠤᠷᠤᠨ ᠠᠭᠤᠷᠯᠠᠵᠤ᠂ ᠬᠤᠩᠬ᠎ᠠ ᠲᠤᠤᠭ᠋ᠠᠷᠪᠠᠯ ᠡᠪᠰᠢᠶᠠᠵᠤ ᠰᠠᠭᠤᠳᠠᠭ ᠮᠦᠷᠳᠡᠭᠡᠨ ᠰᠠᠯᠠᠩ ᠭᠡᠳᠡᠭ᠎ᠨᠢ ᠠᠷᠭ᠎ᠠ ᠦᠭᠡᠢ᠂ ᠨᠢᠭᠡ ᠬᠠᠷᠠᠨᠳᠠ ᠦᠭᠡᠢ᠂ ᠪᠠᠯᠠᠯᠤᠭᠤᠷ ᠦᠭᠡᠢ᠂ ᠲᠠᠪᠳᠠᠷ ᠦᠭᠡᠢ ᠢᠷᠡᠳᠡᠭ ᠤᠳᠠᠭ᠎ᠠ ᠴᠤ᠌ ᠤᠯᠠᠨ ᠪᠠᠶ᠋ᠢᠵᠤ᠂ ᠪᠠᠭᠰᠢ ᠵᠢᠨ ᠠᠷᠭ᠎ᠠ ᠵᠢ ᠪᠠᠷᠠᠭᠳᠠᠭᠤᠯᠤᠮᠠᠷ ᠬᠦᠤ ᠪᠠᠶ᠋ᠢᠬᠰᠠᠨ ᠶᠤᠮ᠃ ᠡ᠊ᠨᠡ ᠭᠦ᠌ ᠪᠠᠶ᠋ᠢᠳᠠᠯ᠎ᠳᠤ ᠴᠢᠭᠯᠡᠬᠦᠯᠤᠨ ᠪᠢ ᠨᠢᠭᠡ ᠭᠡᠰᠡᠭ ᠬᠤᠭᠤᠴᠠᠭ᠎ᠠ ᠲᠤᠰᠬᠠᠢ ᠴᠠᠭ ᠭᠠᠷᠭ᠋ᠠᠵᠤ᠂ ᠲᠤᠰ ᠬᠡᠤᠭᠡᠳ᠎ᠢ ᠠᠵᠢᠬᠯᠠᠭᠰᠠᠨᠤ ᠰᠡᠬᠦᠯᠠᠷ ᠲᠠᠬᠦᠨ᠎ᠳᠤ ᠠ᠋ᠨᠡᠷᠢᠩᠬᠦᠢ ᠰᠡᠳᠬᠢᠯ᠎ᠤᠨ ᠵᠦᠭᠡᠯᠡᠨ ᠲᠤᠯᠠᠭ᠋ᠠᠨ ᠬᠠᠶ᠋ᠢᠷ᠎ᠠ ᠵᠢ ᠬᠦᠷᠳᠡᠭᠡᠵᠤ ᠲᠠᠬᠦᠨ᠎ᠤ ᠲᠤᠬᠯᠠᠵᠤ ᠪᠠᠶ᠋ᠢᠭ᠎ᠠ ᠠᠵᠢᠯᠯᠠᠭ᠎ᠠ ᠬᠦᠳᠡᠯᠭᠡᠭᠡᠨ ᠨᠢᠭᠡ ᠪᠦᠷᠢ ᠵᠢ ᠵᠦᠪ ᠵᠶ᠋ᠠᠷ ᠦᠨᠡᠯᠡᠨ᠂ ᠵᠦᠪ ᠵᠶ᠋ᠠᠷ ᠰᠤᠷᠭ᠋ᠠᠵᠤ᠂ ᠲᠠᠬᠦᠨ᠎ᠢ ᠲᠤᠰᠬᠠᠢ ᠦᠮᠦᠭᠯᠡᠨ᠂ ᠪᠤᠷᠤᠭᠤ ᠠᠵᠢᠯᠯᠠᠭ᠎ᠠ ᠵᠢ᠎ᠨᠢ ᠨᠠᠭ᠋ᠠᠳᠤᠮ ᠲᠤᠬᠯᠠᠭ᠋ᠠᠮ᠎ᠤᠨ ᠲᠤᠮᠳᠠ ᠰᠢᠢ᠍ᠳᠪᠤᠷᠢᠯᠡᠨ᠂ ᠲᠤᠰ ᠬᠡᠤᠭᠡᠳ᠎ᠲᠠᠢ ᠦᠢ᠍ᠷᠠᠳᠤᠨ ᠶᠠᠷᠢᠯᠴᠠᠵᠤ᠂ ᠮᠠᠭᠳᠠᠭ᠍ᠤ᠂ ᠲᠤᠯᠤᠭ᠋ᠠᠢ ᠵᠢ᠎ᠨᠢ ᠢᠯᠪᠢᠬᠦ᠂ ᠪᠤᠷᠤᠭᠤ ᠪᠤᠳᠤᠬᠰᠠᠨ ᠰᠡᠳᠤᠪ᠎ᠢ᠎ᠨᠢ ᠨᠢᠭᠡ ᠨᠢᠭᠡ᠎ᠪᠠᠷ ᠵᠠᠰᠠᠨ ᠦᠭᠴᠤ ᠲᠤᠳᠤᠨᠤᠴᠢᠯᠠᠨ᠂ ᠵᠠᠪᠰᠢᠶᠠᠨ᠎ᠢ ᠠᠰᠢᠬᠯᠠᠨ ᠦᠨᠡᠮᠯᠡᠯ ᠭᠠᠷᠳᠠᠭᠤᠯᠬᠤ ᠵᠠᠷᠭᠡ ᠠᠵᠢᠯᠯᠠᠭ᠎ᠠ ᠠᠪᠤᠬᠰᠠᠨ᠎ᠠᠴᠠ ᠲᠠᠷᠠ ᠮᠠᠨᠢ ᠲᠤᠭ᠋ᠠᠨ᠎ᠤ ᠪᠤᠳᠤᠯᠭ᠎ᠠ᠎ᠳᠤ᠎ᠪᠠᠨ ᠠᠩᠬᠢ᠎ᠳᠤ᠎ᠪᠠᠨ ᠲᠤᠮᠳᠠ ᠵᠠᠷᠭᠡ ᠵᠢᠨ ᠭᠡᠮᠵᠢᠶᠠᠨ᠎ᠳᠤ ᠬᠦᠷᠴᠤ᠂ ᠨᠢᠳᠤᠨᠤᠨ ᠡᠪᠤᠯ᠎ᠤᠨ ᠬᠤᠭᠤᠴᠠᠭ᠎ᠠ ᠡᠴᠤᠰ᠎ᠤᠨ ᠲᠤᠭ᠋ᠠᠨ᠎ᠤ ᠰᠢᠯᠭ᠋ᠠᠯᠳᠠ᠎ᠳᠤ᠎ᠪᠠᠨ 87 ᠬᠤᠪᠢ ᠤᠯᠤᠬᠰᠠᠨ ᠪᠢᠯᠠ᠃ ᠭᠡᠳᠤᠶ᠋ᠢᠪᠠᠷ ᠬᠢᠴᠢᠶᠠᠯ ᠲᠡᠭᠡᠷ᠎ᠠ ᠭᠠᠷ ᠬᠦᠳᠡᠯᠵᠤ ᠤᠷᠤᠯᠳᠤᠯᠭ᠎ᠠ (ᠵᠢᠷᠤᠬᠤ) ᠬᠢᠬᠦ ᠦᠭᠡᠢ ᠪᠤᠯᠪᠠᠴᠤ ᠪᠤᠳᠤᠯᠭ᠎ᠠ ᠵᠢ ᠲᠤᠩ ᠰᠠᠶ᠋ᠢᠨ ᠪᠤᠳᠤᠳᠠᠭ ᠬᠡᠤᠭᠡᠳ ᠪᠤᠯᠤᠬᠰᠠᠨ ᠶᠤᠮ᠃ ᠲᠤᠰ ᠬᠡᠤᠭᠡᠳ ᠪᠤᠰᠤᠳ ᠰᠤᠷᠤᠬ᠍ᠴᠢ᠎ᠲᠠᠢ ᠭᠡᠷᠡᠯᠳᠤᠬᠦ ᠦᠶ᠎ᠠ᠎ᠳᠤ ᠲᠡᠬᠦᠨ᠎ᠢ ᠵᠤᠷᠢᠯᠭ᠎ᠠ᠎ᠲᠠᠢ ᠭᠡᠳᠤ ᠤᠳᠠᠭ᠎ᠠ ᠦᠮᠦᠭᠯᠡᠵᠤ ᠵᠦᠪ᠎ᠢ ᠤᠯᠭᠤᠨ ᠰᠡᠳᠬᠢᠯ᠎ᠢ᠎ᠨᠢ ᠲᠠᠳᠠᠵᠤ ᠤᠷᠤᠯᠳᠤᠵᠤ ᠪᠠᠶ᠋ᠢᠬᠰᠠᠨ᠎ᠠᠴᠠ ᠤᠳᠤ ᠪᠤᠯᠬᠤ᠎ᠳᠤ ᠲᠤᠰ ᠬᠡᠤᠭᠡᠳ ᠰᠤᠷᠤᠯᠭ᠎ᠠ ᠵᠢᠨ ᠲᠠᠯ᠎ᠠ᠎ᠪᠠᠷ ᠤᠨᠴᠠ ᠲᠡᠭᠡᠭᠰᠢᠯᠡᠯᠳᠠ᠎ᠲᠠᠢ ᠮᠦᠷᠳᠡᠭᠡᠨ ᠨᠠᠮᠠᠢ᠍ᠢ ᠦᠵᠡᠪᠡᠯ ᠪᠠᠭᠰᠢ᠎ᠪᠠᠨ ᠦᠮᠦᠭ ᠲᠦᠰᠢᠭ ᠵᠶ᠋ᠠᠷ ᠰᠠᠨᠠᠵᠤ᠂ ᠤᠯᠠᠨ᠎ᠤ ᠲᠤᠳᠤᠷ᠎ᠠ᠎ᠠᠴᠠ ᠢᠨᠢᠶᠡᠳᠤ ᠲᠤᠳᠤᠷᠠᠭᠰᠠᠨ ᠰᠠᠶ᠋ᠢᠬᠠᠨ ᠬᠠᠷᠠᠴᠠ ᠬᠦᠶᠤᠯᠭᠡᠨ ᠵᠢᠭ᠋ᠠᠬᠠᠨ ᠭᠠᠷ ᠵᠶ᠋ᠠᠷ ᠲᠡᠷᠡᠬᠦᠭᠡᠨᠳᠤᠪᠠᠨ ᠬᠦᠳᠡᠯᠭᠡᠨ ᠲᠤᠬᠢᠶ᠎ᠠ ᠦᠭᠳᠡᠭ᠎ᠨᠢ ᠦᠨᠡᠭᠡᠷ ᠬᠠᠶ᠋ᠢᠷᠠᠯᠠᠯᠳᠠᠢ ᠪᠢᠯᠠ᠃ ᠮᠦᠨ ᠴᠤ᠌ ᠠᠰᠠᠭᠤᠳᠠᠯ᠎ᠢ ᠰᠢᠢ᠍ᠳᠪᠤᠷᠢᠯᠡᠬᠦ ᠰᠡᠳᠤᠪ᠎ᠢ ᠰᠠᠮᠪᠠᠷ᠎ᠠ᠎ᠳᠤ ᠭᠠᠷᠭ᠋ᠠᠵᠤ ᠬᠢᠬᠦ᠎ᠳᠤ᠎ᠪᠠᠨ ᠶᠡᠭᠡ ᠵᠤᠷᠢᠭᠲᠠᠢ ᠲᠦᠢ᠍ᠯ᠎ᠤᠨ ᠰᠠᠶ᠋ᠢᠬᠠᠨ ᠲᠤᠭ᠋ᠠᠴᠢᠨ ᠶᠠᠷᠢᠵᠤ ᠴᠢᠳᠠᠳᠠᠭ ᠪᠤᠯᠤᠬᠰᠠᠨ ᠶᠤᠮ᠃ ᠠ᠋ᠨᠡ ᠮᠡᠳᠤ᠎ᠪᠠᠷ ᠪᠢ ᠦᠪᠠᠷ᠎ᠤᠨ ᠬᠢᠴᠢᠶᠠᠯᠯᠡᠵᠤ ᠪᠠᠶ᠋ᠢᠭ᠎ᠠ ᠵᠠᠷᠭᠡᠯᠡᠳᠡᠭᠡ ᠬᠤᠶᠠᠷ ᠠᠩᠬᠢ ᠵᠢᠨ ᠵᠶ᠋ᠠᠨ ᠰᠤᠷᠤᠯᠭ᠎ᠠ ᠵᠢᠨ ᠲᠠᠯ᠎ᠠ᠎ᠪᠠᠷ ᠬᠤᠴᠤᠷᠤᠩᠭᠤᠢ ᠪᠠᠶ᠋ᠢᠳᠠᠭ ᠰᠤᠷᠤᠬ᠍ᠴᠢ᠎ᠲᠠᠢ ᠦᠷᠬᠦᠯᠵᠢ ᠦᠢ᠍ᠷᠡᠳᠤᠵᠤ᠂ ᠲᠠᠳᠠᠨ᠎ᠲᠠᠢ ᠨᠠᠭ᠋ᠠᠳᠴᠤ᠂ ᠲᠠᠳᠠᠨ᠎ᠢ ᠵᠤᠷᠢᠬ᠍ᠵᠢᠭᠤᠯᠵᠤ᠂ ᠦᠬᠦᠭᠡᠷᠳᠤᠵᠤ᠂ ᠪᠠᠶᠠᠷ ᠬᠦᠷᠭᠡᠵᠤ᠂ ᠠ᠋ᠳᠡᠭᠡᠷ ᠰᠤᠷᠤᠬ᠍ᠴᠢ᠎ᠳᠤ ᠪᠤᠰᠤᠳ ᠭᠡᠤᠭᠡᠳ᠎ᠠᠴᠠ ᠢᠯᠡᠬᠦᠤ ᠨᠢᠭᠡ ᠴᠤ᠌ ᠰᠡᠳᠤᠪ ᠬᠢᠯᠭᠡᠵᠤ ᠤᠷᠤᠯᠳᠤᠬᠰᠠᠨ ᠦᠭᠡᠢ ᠪᠠᠶ᠋ᠢᠳᠠᠯ ᠲᠤᠤᠷ᠎ᠠ ᠬᠠᠶ᠋ᠢᠷ᠎ᠠ ᠵᠢᠨ ᠬᠦᠮᠤᠵᠢᠯ ᠵᠶ᠋ᠠᠷ ᠲᠠᠮᠵᠢᠨ ᠬᠤᠴᠤᠷᠤᠩᠭᠤᠢ ᠪᠠᠶ᠋ᠢᠭ᠎ᠠ ᠬᠡᠤᠭᠡᠳ᠎ᠤᠳ ᠮᠢᠨᠢ ᠰᠤᠷᠤᠯᠭ᠎ᠠ ᠵᠢᠨ ᠬᠢᠷᠢ ᠪᠦᠳᠤᠮᠵᠢ᠎ᠨᠢ ᠮᠡᠳᠡᠭᠳᠡᠮ᠎ᠠ ᠲᠡᠭᠡᠭᠰᠢᠯᠡᠯᠳᠠ᠎ᠲᠠᠢ ᠪᠤᠯᠵᠤ ᠴᠢᠳᠠᠭᠰᠠᠨ ᠵᠶ᠋ᠠᠷ ᠪᠠᠷᠠᠭ᠍ᠤ ᠦᠭᠡᠢ ᠰᠤᠷᠤᠯᠴᠠᠭ᠍ᠤ ᠦᠵᠡᠯ ᠰᠠᠨᠠᠭ᠎ᠠ᠂ ᠤᠪᠤᠷ ᠰᠤᠷᠳᠠᠯ᠎ᠤᠨ ᠲᠠᠯ᠎ᠠ᠎ᠪᠠᠷ ᠰᠢᠨ᠎ᠠ ᠨᠢᠭᠡᠨ ᠲᠡᠭᠳᠡᠷ᠎ᠲᠤ ᠬᠦᠷᠴᠤ ᠴᠢᠳᠠᠭᠰᠠᠨ ᠪᠠᠶ᠋ᠢᠨ᠎ᠠ᠃
ᠬᠤᠶᠠᠷ᠂ ᠬᠠᠶ᠋ᠢᠷ᠎ᠠ ᠵᠢᠨ ᠬᠦᠮᠤᠵᠢᠯ᠎ᠤᠨ ᠦᠢ᠍ᠯᠡᠳᠤᠯ᠎ᠢ ᠪᠠᠳᠠᠷᠠᠭᠤᠯᠬᠤ ᠦᠢ᠍ᠯᠠᠭ᠋ᠠᠯᠳᠠ
ᠬᠠᠶ᠋ᠢᠷ᠎ᠠ ᠵᠢᠨ ᠬᠦᠮᠤᠵᠢᠯ᠎ᠨᠢ ᠬᠤᠴᠤᠷᠤᠩᠭᠤᠢ ᠰᠤᠷᠤᠬ᠍ᠴᠢᠳ᠎ᠤᠨ ᠰᠤᠷᠤᠯᠭ᠎ᠠ ᠵᠢᠨ ᠬᠢᠷᠢ ᠭᠡᠮᠵᠢᠶ᠎ᠠ ᠵᠢ ᠦᠳᠳᠠᠷ ᠲᠦᠷᠭᠡᠨ ᠲᠡᠭᠡᠭᠰᠢᠯᠡᠬᠦᠯᠬᠦ ᠮᠠᠰᠢ ᠪᠦᠳᠤᠮᠵᠢᠳᠠᠢ ᠭᠠᠶ᠋ᠢᠬᠠᠮᠰᠢᠭ᠎ᠲᠠᠢ ᠠᠷᠭ᠎ᠠ ᠪᠠᠷᠢᠯ ᠪᠤᠯᠬᠤ ᠵᠢ ᠪᠢ ᠲᠠᠨᠢᠵᠤ ᠤᠢ᠍ᠢ᠍ᠯᠠᠭ᠋ᠠᠪᠠ᠃
1. ᠬᠠᠶ᠋ᠢᠷ᠎ᠠ ᠢᠪᠡᠭᠡᠯ ᠪᠤᠯ ᠬᠤᠴᠤᠷᠤᠩᠭᠤᠢ ᠰᠤᠷᠤᠬ᠍ᠴᠢᠳ᠎ᠤᠨ ᠰᠤᠷᠤᠯᠭ᠎ᠠ ᠵᠢ ᠲᠡᠭᠡᠭᠰᠢᠯᠡᠬᠦᠯᠬᠦ ᠰᠦᠨᠡᠰᠤ ᠮᠦᠨ᠃ ᠶᠠᠷᠤ ᠵᠢᠨ ᠦᠭᠡᠨ᠎ᠳᠤ ᠠᠮᠢᠳᠤᠷᠠᠯ ᠬᠠᠶ᠋ᠢᠷ᠎ᠠ ᠲᠡᠭᠡᠷ᠎ᠠ ᠲᠤᠬᠳᠠᠳᠠᠭ ᠭᠡᠵᠤ ᠶᠠᠷᠢᠳᠠᠭ᠃ ᠰᠤᠷᠭ᠋ᠠᠨ ᠬᠦᠮᠤᠵᠢᠯ ᠴᠤ᠌ ᠮᠦᠨ ᠨᠢᠭᠡᠨ ᠬᠠᠶ᠋ᠢᠷ᠎ᠠ᠎ᠪᠠᠷ ᠦᠨᠳᠤᠰᠤ ᠪᠤᠯᠭ᠋ᠠᠵᠤ ᠬᠠᠶ᠋ᠢᠷ᠎ᠠ ᠲᠡᠭᠡᠷ᠎ᠠ ᠲᠤᠬᠳᠠᠳᠠᠭ᠃ ᠠᠯᠳᠠᠷᠳᠤ ᠠ᠋ᠷᠳᠡᠮᠳᠠᠨ ᠠᠶ᠋ᠢᠠᠰᠲᠸᠨ ᠭᠡᠯᠡᠬᠦᠳᠤᠪᠠᠨ᠄ 《ᠭᠠᠭᠴᠠ ᠭᠦ᠌ ᠬᠠᠶ᠋ᠢᠷ᠎ᠠ ᠪᠤᠯ ᠰᠠᠶᠢ ᠬᠠᠮᠤᠭ᠎ᠤᠨ ᠰᠠᠶ᠋ᠢᠨ ᠪᠠᠭᠰᠢ ᠮᠦᠨ᠂ ᠲᠠᠷᠠ᠎ᠨᠢ ᠬᠠᠷᠢᠭᠤᠴᠠᠯᠭ᠎ᠠ᠎ᠠᠴᠠ ᠬᠤᠯᠠ ᠲᠠᠪᠠᠳᠠᠭ ᠶᠤᠮ》 ᠭᠡᠰᠡᠨ ᠪᠦᠭᠡᠳ ᠠᠭᠤᠤ ᠶᠡᠭᠡ ᠤᠳᠬ᠎ᠠ ᠵᠤᠬᠢᠶᠠᠯᠴᠢ ᠯᠤ᠌ ᠰᠢᠶᠦ᠋ᠨ ᠪᠠᠰᠠ᠄ 《ᠰᠤᠷᠭ᠋ᠠᠨ ᠬᠦᠮᠤᠵᠢᠯ᠎ᠨᠢ ᠬᠠᠶ᠋ᠢᠷ᠎ᠠ᠎ᠪᠠᠷ ᠦᠨᠳᠤᠰᠤᠯᠠᠵᠤ ᠤᠷᠭᠤᠳᠠᠭ ᠶᠤᠮ》 ᠭᠡᠵᠤ ᠭᠡᠯᠡᠭᠰᠡᠨ᠎ᠨᠢ ᠭᠡᠴᠢᠨᠡᠭᠡᠨ ᠤᠨᠤᠪᠴᠢᠳᠠᠢ ᠦᠭᠡ ᠪᠤᠯᠬᠤ ᠠᠵᠢ᠃ ᠪᠠᠭᠰᠢ ᠪᠤᠯᠤᠬᠰᠠᠳ ᠦᠪᠠᠷᠰᠠᠳ ᠵᠶ᠋ᠠᠨ ᠦᠢ ᠤᠯᠠᠨ ᠬᠦᠮᠤᠨ᠎ᠤ ᠦᠷ᠎ᠠ ᠬᠡᠤᠭᠡᠳ᠎ᠢ ᠬᠦᠮᠤᠵᠢᠬᠦᠯᠬᠦ ᠲᠡᠭᠡᠳᠤ ᠭᠡᠮᠵᠢᠶᠠᠨ᠎ᠤ ᠬᠠᠷᠢᠭᠤᠴᠠᠯᠭ᠎ᠠ ᠪᠠᠶ᠋ᠢᠬᠤ ᠶᠤᠰᠤᠳᠠᠢ᠃ ᠦᠷᠤᠴᠡ ᠴᠡᠭᠡᠵᠢᠨ᠎ᠳᠤ᠎ᠪᠠᠨ ᠶᠡᠭᠡ ᠬᠠᠶ᠋ᠢᠷ᠎ᠠ ᠠᠭᠤᠯᠵᠣ ᠲᠠᠬᠦᠨ᠎ᠢ ᠰᠤᠷᠤᠬ᠍ᠴᠢᠳ᠎ᠲᠤ ᠬᠦᠷᠭᠡᠬᠦ ᠭᠡᠷᠡᠭᠳᠠᠢ ᠪᠠᠶ᠋ᠢᠳᠠᠭ ᠶᠤᠮ᠃
2. ᠬᠠᠶ᠋ᠢᠷ᠎ᠠ ᠢᠪᠡᠭᠡᠯ᠎ᠤᠨ ᠠ᠋ᠬᠢ ᠰᠤᠷᠪᠤᠯᠵᠢ ᠪᠤᠯ ᠪᠠᠭᠰᠢ ᠬᠦᠮᠤᠨ᠎ᠤ ᠦᠪᠠᠷ᠎ᠢ᠎ᠪᠠᠨ ᠮᠠᠷᠳᠠᠨ ᠰᠤᠷᠤᠬ᠍ᠴᠢᠳ᠎ᠤᠨ ᠲᠦᠯᠤᠭᠡ ᠵᠢᠳᠬᠦᠬᠦ ᠠ᠋ᠷᠬᠢᠮ ᠲᠡᠭᠡᠳᠤ ᠰᠤᠷᠳᠠᠯ᠎ᠠᠴᠠ ᠤᠨᠳᠤᠷᠤᠨ ᠢᠷᠡᠳᠡᠭ᠃ ᠪᠠᠭᠰᠢ ᠬᠦᠮᠤᠨ ᠬᠤᠴᠤᠷᠤᠩᠭᠤᠢ ᠰᠤᠷᠤᠬ᠍ᠴᠢᠳ ᠵᠶ᠋ᠠᠨ ᠬᠠᠶ᠋ᠢᠷᠠᠯᠠᠭ᠍ᠤ᠎ᠳᠤ ᠬᠠᠷᠠᠮᠴᠢ ᠰᠡᠳᠬᠢᠯ᠂ ᠬᠤᠪᠢᠨᠴᠢᠷ ᠰᠡᠳᠬᠢᠯ᠎ᠢ ᠠ᠋ᠷᠡᠰ ᠲᠠᠪᠴᠢᠬᠦ ᠭᠡᠷᠡᠭᠳᠠᠢ᠂ ᠭᠡᠷᠪᠡ ᠠᠮᠢᠨᠴᠢᠷ ᠬᠤᠪᠢᠨᠴᠢᠷ ᠰᠡᠳᠬᠢᠯ᠎ᠲᠠᠢ ᠶᠤᠮ ᠪᠤᠯ ᠰᠡᠳᠬᠢᠯ ᠵᠢᠷᠤᠭᠡᠨ᠎ᠤ ᠬᠦᠨ᠎ᠳᠠᠬᠢ ᠬᠠᠶ᠋ᠢᠷ᠎ᠠ ᠰᠡᠳᠬᠢᠯᠭᠡ᠎ᠨᠢ ᠠᠶᠠᠨᠳᠠᠭ᠋ᠠᠨ ᠤᠨᠳᠤᠷᠤᠨ ᠭᠠᠷᠴᠤ ᠢᠷᠡᠬᠦ ᠦᠭᠡᠢ᠂ ᠶᠠᠮᠠᠷ ᠨᠢᠭᠡᠨ ᠠ᠋ᠬᠦᠷᠭᠡ ᠪᠠᠶᠠᠯᠠᠬᠦᠯᠬᠦ᠂ ᠠᠯᠪᠠᠳᠠᠯᠭ᠎ᠠ ᠵᠢᠨ ᠴᠢᠨᠠᠷᠲᠠᠢ᠂ ᠠ᠋ᠰᠡᠬᠦᠯ᠎ᠠ ᠨᠠᠷᠠ ᠲᠦᠷᠤ ᠵᠢᠨ ᠲᠦᠯᠤᠭᠡ᠂ ᠠᠰᠢᠭ ᠬᠤᠵᠢᠶ᠎ᠠ ᠤᠯᠬᠤ ᠨᠠᠵᠠᠭ᠋ᠠᠢ ᠬᠤᠶ᠋ᠢᠷᠭᠤ ᠰᠡᠳᠬᠢᠴᠡ᠎ᠲᠠᠢ ᠶᠤᠮ ᠪᠤᠯ ᠬᠠᠶ᠋ᠢᠷ᠎ᠠ ᠠᠶᠠᠨᠳᠠᠭ᠋ᠠᠨ ᠤᠨᠳᠤᠷᠤᠨ ᠭᠠᠷᠬᠤ ᠦᠭᠡᠢ᠂ ᠵᠤᠬᠢᠶᠠᠮᠠᠯ ᠴᠢᠨᠠᠷᠲᠠᠢ ᠲᠣᠭᠯᠠᠭᠴᠢ ᠵᠢᠨ ᠬᠠᠭᠤᠷᠮᠠᠭ ᠶᠠᠩᠵᠤ᠎ᠲᠠᠢ ᠪᠤᠯᠴᠢᠬᠠᠬᠤ ᠮᠠᠭ᠋ᠠᠳ᠂ ᠠ᠋ᠶ᠋ᠢᠮᠤᠷᠬᠦᠤ ᠨᠠᠵᠠᠭ᠋ᠠᠢ ᠰᠡᠳᠬᠢᠴᠡ᠎ᠠᠴᠠ ᠲᠠᠭ᠋ᠠᠭᠤᠯᠤᠬ᠍ᠴᠢ ᠬᠦᠮᠤᠨ᠎ᠤ ᠦᠢ᠍ᠯᠡᠳᠤᠯ᠎ᠨᠢ ᠲᠤᠷᠤᠢ ᠪᠠᠭᠤᠷᠠᠢ ᠪᠤᠯᠵᠤ᠂ ᠬᠠᠶ᠋ᠢᠷ᠎ᠠ ᠵᠢᠨ ᠤᠨᠳᠤᠷᠤᠯ᠎ᠨᠢ ᠬᠢᠵᠠᠭ᠋ᠠᠷ᠎ᠲᠠᠢ ᠪᠤᠯ ᠬᠤᠴᠤᠷᠤᠩᠭᠤᠢ ᠰᠤᠷᠤᠬ᠍ᠴᠢᠳ᠎ᠨᠢ ᠤᠷᠭᠤᠵᠤ ᠪᠠᠶ᠋ᠢᠭ᠎ᠠ ᠨᠢᠯᠬ᠎ᠠ ᠬᠤᠸᠠᠷ ᠴᠡᠴᠡᠭ ᠮᠠᠳᠤ᠎ᠪᠠᠷ ᠬᠤᠷ᠎ᠠ ᠪᠤᠷᠤᠭ᠋ᠠᠨ ᠨᠠᠷᠠᠨ᠎ᠤ ᠭᠡᠷᠡᠯ ᠲᠤᠳᠠᠭᠳᠠᠵᠤ᠂ ᠠᠮᠢᠵᠢᠷᠠᠯ ᠠᠯᠳᠠᠭ᠍ᠤ ᠪᠤᠯᠤᠨ᠎ᠠ᠃
3. ᠬᠠᠶ᠋ᠢᠷ᠎ᠠ ᠢᠪᠡᠭᠡᠯ ᠪᠤᠯ ᠢᠳᠡᠭᠡᠯ ᠪᠠ ᠰᠦᠰᠤ ᠵᠤᠷᠢᠭ ᠵᠶ᠋ᠠᠷ ᠬᠦᠴᠤᠨ ᠵᠶ᠋ᠠᠨ ᠨᠡᠮᠡᠭᠳᠡᠬᠦᠯᠳᠡᠭ᠃ ᠪᠠᠭᠰᠢ ᠪᠤᠯᠤᠬᠰᠠᠳ ᠬᠤᠴᠤᠩᠭᠤᠢ ᠰᠤᠷᠤᠬ᠍ᠴᠢ᠎ᠪᠠᠨ ᠤᠷᠤᠬᠰᠢᠯᠠᠨ ᠲᠠᠪᠰᠢᠭᠤᠯᠬᠤ᠎ᠳᠤ ᠬᠠᠮᠤᠭ᠎ᠤᠨ ᠲᠡᠷᠢᠬᠦᠨ᠎ᠳᠤ ᠦᠪᠠᠷ᠎ᠤᠨ ᠪᠠᠶ᠎ᠠ᠎ᠳᠤ᠎ᠪᠠᠨ ᠢᠳᠡᠭᠡᠯ ᠪᠠ ᠰᠦᠰᠤ ᠵᠤᠷᠢᠭᠲᠠᠢ ᠪᠠᠶ᠋ᠢᠬᠤ ᠭᠡᠷᠡᠭᠳᠠᠢ᠃ ᠤᠳᠤ ᠦᠶ᠎ᠠ ᠵᠢᠨ ᠰᠡᠳᠭᠢᠴᠡ ᠵᠢᠨ ᠵᠦᠢ ᠵᠢᠨ ᠰᠤᠳᠤᠯᠤᠬᠰᠠᠨ ᠵᠶ᠋ᠠᠷ ᠬᠦᠮᠤᠨ᠎ᠤ ᠠ᠋ᠷᠡᠬᠦᠯ ᠮᠡᠨᠳᠤ ᠠ᠋ᠰᠡᠬᠦ᠎ᠨᠢ ᠪᠦᠷ ᠬᠦᠮᠤᠨ᠎ᠤ ᠢᠳᠡᠭᠡᠯ᠎ᠲᠠᠢ ᠰᠢᠭᠤᠳ ᠬᠤᠯᠪᠤᠭ᠎ᠠ᠎ᠲᠠᠢ ᠪᠠᠶ᠋ᠢᠳᠠᠭ᠎ᠤᠨ ᠠᠳᠠᠯᠢ᠎ᠪᠠᠷ ᠪᠢᠳᠠ ᠬᠤᠴᠤᠷᠤᠩᠭᠤᠢ ᠰᠤᠷᠤᠬ᠍ᠴᠢ᠎ᠪᠠᠨ ᠲᠠᠪᠰᠢᠭᠤᠯᠬᠤ᠎ᠳᠤ ᠪᠡᠶ᠎ᠠ᠎ᠳᠤ᠎ᠪᠠᠨ ᠪᠠᠳᠤ ᠢᠳᠡᠭᠡᠯ᠎ᠲᠠᠢ ᠪᠠᠶ᠋ᠢᠬᠤ ᠭᠡᠷᠡᠭᠳᠠᠢ᠃ ᠪᠠᠳᠤ ᠴᠢᠩᠭ᠎ᠠ ᠢᠳᠡᠭᠡᠯ᠎ᠤᠨ ᠲᠠᠭ᠋ᠠᠤ ᠭᠤᠶ᠋ᠢᠪᠢᠰᠢ ᠦᠭᠡᠢ ᠰᠦᠰᠤ ᠵᠤᠷᠢᠭ ᠪᠠᠶ᠋ᠢᠬᠤ ᠴᠢᠬᠤᠯᠠᠳᠠᠢ᠃ ᠠ᠋ᠨᠡ᠎ᠨᠢ ᠬᠠᠶ᠋ᠢᠷ᠎ᠠ ᠢᠪᠡᠭᠡᠯᠢ ᠲᠠᠰᠤᠷᠠᠰᠢ ᠦᠭᠡᠢ ᠤᠨᠳᠤᠷᠤᠭᠤᠯᠬᠤ ᠴᠠᠬᠢᠯᠭ᠋ᠠᠨ ᠴᠠᠨᠡᠭ᠎ᠲᠠᠢ ᠠᠳᠠᠯᠢᠬᠠᠨ ᠪᠠᠶ᠋ᠢᠳᠠᠭ᠃
4. ᠬᠠᠶ᠋ᠢᠷ᠎ᠠ ᠢᠪᠡᠭᠡᠯ᠎ᠨᠢ ᠬᠤᠴᠤᠷᠤᠩᠭᠤᠢ ᠰᠤᠷᠤᠬ᠍ᠴᠢᠳ᠎ᠢ ᠵᠠᠩᠳᠤᠷᠴᠤ ᠠᠬᠰᠤᠷᠤᠨ ᠲᠠᠷᠤᠯᠳᠠ ᠦᠵᠡᠬᠦᠯᠬᠦ ᠬᠠᠷᠰᠢᠯᠠᠯ ᠤᠴᠠᠷᠠᠭᠤᠯᠳᠠᠭ ᠪᠢᠰᠢ᠂ ᠪᠠᠭᠰᠢ ᠬᠡᠤᠭᠡᠳ᠎ᠢ ᠵᠠᠩᠳᠤᠷᠴᠤ ᠠᠬᠰᠤᠷᠬᠤ᠂ ᠬᠠᠳᠠᠭᠤ᠎ᠪᠠᠷ ᠠᠯᠪᠠᠳᠠᠨ ᠰᠢᠬᠦᠮᠵᠢᠯᠡᠬᠦ ᠠ᠋ᠰᠡᠬᠦᠯ᠎ᠠ ᠰᠦᠷᠳᠡᠬᠦᠯᠬᠦ᠎ᠨᠢ ᠪᠠᠭᠰᠢ ᠵᠢᠨ ᠬᠠᠶ᠋ᠢᠷ᠎ᠠ ᠢᠪᠡᠭᠡᠯᠢ ᠬᠠᠷᠰᠢᠯᠡᠵᠤ᠂ ᠪᠠᠭᠰᠢ ᠰᠤᠷᠤᠬ᠍ᠴᠢᠳ᠎ᠢ ᠠ᠋ᠰᠡᠷᠬᠦᠴᠡᠯᠳᠤᠬᠦ ᠪᠠᠶ᠋ᠢᠳᠠᠯ᠎ᠳᠤ ᠤᠷᠤᠭᠤᠯᠵᠤ ᠵᠢᠭ᠋ᠠᠨ ᠰᠤᠷᠭ᠋ᠠᠯᠳᠠ ᠵᠢᠨ ᠦᠷ᠎ᠠ ᠠᠰᠢᠭ ᠤᠯᠵᠤ ᠴᠢᠳᠠᠭ᠍ᠤ ᠦᠭᠡᠢ᠂ ᠹᠢᠽᠢᠺ᠎ᠤᠨ ᠬᠢᠴᠢᠶᠠᠯ᠎ᠤᠨ ᠬᠦᠴᠤᠨ᠎ᠤ ᠤᠬᠠᠭ᠋ᠠᠨ᠎ᠳᠤ ᠨᠢᠭᠡᠨ ᠪᠠᠶ᠎ᠠ᠎ᠳᠤ ᠬᠦᠴᠤ ᠦᠢ᠍ᠯᠡᠴᠢᠯᠡᠬᠦ᠎ᠳᠤ ᠲᠠᠬᠦᠨ᠎ᠲᠠᠢ ᠠᠳᠠᠯᠢ ᠭᠡᠮᠵᠢᠶᠠᠨ᠎ᠤ ᠠ᠋ᠰᠡᠷᠬᠦ ᠬᠦᠴᠤᠨ ᠠ᠋ᠬᠦᠰᠬᠦ ᠵᠢ ᠮᠡᠳᠡᠨ᠎ᠠ᠃ ᠭᠡᠷᠪᠡ ᠪᠢᠳᠠ ᠰᠤᠷᠤᠬ᠍ᠴᠢᠳ ᠵᠶ᠋ᠠᠨ ᠬᠦᠴᠤ᠎ᠪᠠᠷ ᠲᠠᠷᠤᠬᠤ᠂ ᠬᠠᠳᠠᠭᠤ ᠵᠢᠮᠠᠯᠠᠬᠦ᠂ ᠴᠢᠨᠠᠭᠰᠢᠯᠠᠪᠠᠯ ᠠᠶᠤᠯᠭ᠋ᠠᠵᠤ ᠰᠦᠷᠳᠡᠬᠦᠯᠬᠦ ᠠᠷᠭ᠎ᠠ ᠭᠡᠷᠡᠭᠯᠡᠬᠦ ᠶᠤᠮ ᠪᠤᠯ ᠴᠢ ᠰᠠᠶ᠋ᠢᠨ ᠪᠤᠯᠭ᠋ᠠᠨ᠎ᠠ ᠭᠡᠵᠤ ᠪᠤᠳᠤᠬᠰᠠᠨᠤᠪᠠᠨ ᠠ᠋ᠰᠡᠷᠬᠦ ᠮᠠᠭᠤ ᠦᠷ᠎ᠠ ᠳ᠋ᠦᠩ᠎ᠢ ᠠᠪᠴᠢᠷᠠᠨ᠎ᠠ᠂ ᠪᠠᠭᠰᠢ ᠠᠷᠪᠠᠨ ᠬᠤᠪᠢ ᠵᠢᠨ ᠬᠦᠴᠤ᠎ᠪᠠᠷ ᠲᠠᠷᠤᠵᠤ ᠵᠢᠮᠡᠯᠡᠬᠦ᠎ᠳᠤ ᠰᠤᠷᠤᠬ᠍ᠴᠢᠳ᠎ᠤᠨ ᠰᠡᠳᠬᠢᠴᠡ᠎ᠠᠴᠠ ᠠᠷᠪᠠᠨ ᠬᠤᠪᠢ ᠵᠢᠨ ᠠ᠋ᠰᠡᠷᠬᠦ ᠴᠢᠭᠯᠡᠯ᠎ᠲᠠᠢ ᠬᠦᠴᠤ ᠢᠷᠡᠬᠦ ᠪᠤᠯᠤᠨ᠎ᠠ᠂ ᠰᠤᠷᠤᠬ᠍ᠴᠢ ᠤᠯᠠᠮ ᠵᠦᠷᠢᠴᠡᠯᠳᠤᠵᠤ ᠤᠯᠠᠮ ᠠᠭᠤᠷᠯᠠᠵᠤ᠂ ᠶᠠᠮᠠᠷ ᠰᠡᠳᠤᠪ ᠵᠶ᠋ᠠᠨ ᠲᠦᠷᠭᠡᠨ ᠪᠦᠭᠡᠳ ᠵᠦᠪ ᠪᠤᠳᠤᠬᠤ ᠪᠢᠯᠠ᠃
5. ᠬᠠᠶ᠋ᠢᠷ᠎ᠠ ᠢᠪᠡᠭᠡᠯᠳᠤ ᠤᠯᠠᠨ ᠵᠦᠢ᠍ᠯ᠎ᠤᠨ ᠭᠡᠯᠪᠠᠷᠢ ᠪᠠᠶ᠋ᠢᠳᠠᠭ᠃ ᠰᠤᠷᠤᠭᠴᠢ ᠵᠢ ᠬᠠᠶ᠋ᠢᠷᠠᠯᠠᠭ᠍ᠤ ᠭᠡᠯᠪᠠᠷᠢ ᠴᠤ᠌ ᠤᠯᠠᠨ ᠵᠦᠢ᠍ᠯ ᠪᠠᠶ᠋ᠢᠳᠠᠭ᠃ ᠪᠢᠳᠠ ᠬᠤᠴᠤᠷᠤᠩᠭᠤᠢ ᠰᠤᠷᠤᠬ᠍ᠴᠢᠳ᠎ᠲᠠᠢ ᠨᠠᠶ᠋ᠢᠵᠠ ᠪᠤᠯᠵᠤ᠂ ᠦᠪᠠᠷ᠎ᠤᠨ ᠭᠡᠣᠭᠡᠳ᠎ᠲᠠᠢ᠎ᠪᠠᠨ ᠠᠳᠠᠯᠢ᠎ᠪᠠᠷ ᠬᠠᠶ᠋ᠢᠷᠠᠯᠠᠵᠤ᠂ ᠨᠠᠩ ᠴᠢᠨᠠᠭᠰᠢᠯᠠᠪᠠᠯ ᠦᠪᠠᠷ᠎ᠤᠨ ᠬᠡᠤᠭᠡᠳᠠᠴᠠᠪᠠᠨ ᠢᠯᠡᠬᠦᠤ ᠬᠠᠶ᠋ᠢᠷᠠᠯᠠᠭ᠍ᠤ ᠭᠡᠷᠡᠭᠳᠠᠢ ᠪᠠᠶ᠋ᠢᠳᠠᠭ᠃ ᠨᠢᠳᠤ ᠪᠤᠯ ᠰᠡᠳᠬᠢᠯ᠎ᠤᠨ ᠴᠤᠩᠬᠤ ᠪᠤᠯᠳᠠᠭ᠂ ᠪᠢᠳᠠ ᠰᠤᠷᠤᠬ᠍ᠴᠢᠳ ᠵᠶ᠋ᠠᠨ ᠬᠠᠶ᠋ᠢᠷ᠎ᠠ ᠵᠢᠨ ᠬᠠᠯᠠᠭᠤᠨ ᠨᠢᠳᠤ᠎ᠪᠠᠷ ᠰᠢᠷᠳᠡᠨ ᠪᠠᠭ᠍ᠠᠷᠬᠠᠵᠤ ᠪᠤᠯᠤᠨ᠎ᠠ᠂ ᠦᠭᠡ ᠪᠤᠯ ᠰᠡᠳᠬᠢᠯ᠎ᠤᠨ ᠲᠠᠭᠤᠨ ᠴᠤᠤᠷᠢᠶ᠎ᠠ ᠮᠦᠨ᠂ ᠪᠢᠳᠠ ᠰᠤᠷᠤᠬ᠍ᠴᠢᠳ ᠵᠶ᠋ᠠᠨ ᠦᠷᠬᠦᠯᠵᠢ ᠮᠠᠭᠳᠠᠨ ᠰᠠᠶ᠋ᠢᠰᠢᠶᠠᠨ᠎ᠠ᠂ ᠪᠤᠰᠤᠳ᠎ᠠᠴᠠ ᠦᠮᠦᠭᠯᠡᠨ ᠬᠠᠮᠠᠭ᠋ᠠᠯᠠᠨ᠎ᠠ᠂ ᠲᠤᠳᠤᠨᠤ ᠨᠠᠶ᠋ᠢᠵᠠ᠎ᠨᠢ ᠪᠤᠯᠤᠨ᠎ᠠ᠂ ᠲᠠᠰᠬᠠᠯ᠎ᠤᠨ ᠴᠤᠬᠤᠯᠠᠪᠤᠷᠢ᠎ᠪᠠᠷ ᠵᠤᠷᠢᠬ᠍ᠵᠢᠭᠤᠯᠤᠨ᠎ᠠ᠂ ᠭᠠᠷᠠᠭ᠎ᠤᠨ ᠤᠳᠤᠨ᠂ ᠰᠠᠷ᠎ᠠ ᠵᠢᠨ ᠤᠳᠤᠳ᠂ ᠬᠤᠭᠤᠴᠠᠭ᠋ᠠᠨ᠎ᠤ ᠤᠳᠤᠨ᠎ᠤ ᠱᠠᠩᠨᠠᠯ ᠤᠯᠭᠤᠨ᠎ᠠ᠂ ᠪᠢᠷ ᠲᠠᠪᠳᠠᠷ ᠴᠠᠭ᠋ᠠᠰᠤ ᠬᠦᠷᠭᠡᠨ᠎ᠠ᠂ ᠦᠪᠠᠷ᠎ᠤᠨ ᠬᠡᠤᠭᠡᠳ᠎ᠲᠠᠢ ᠬᠠᠮᠳᠤ ᠨᠠᠭ᠋ᠠᠳᠤᠭᠤᠯᠵᠤ ᠲᠡᠯᠭᠡᠬᠦᠷ ᠲᠤᠭᠤᠷᠢᠭᠤᠯᠤᠨᠠ ᠁ ᠢᠩᠬᠢᠬᠦ ᠲᠤᠰᠤᠮ ᠪᠠᠭᠰᠢ ᠬᠦᠮᠤᠨ᠎ᠳᠤ ᠨᠢᠳᠤᠨ᠎ᠳᠤ ᠦᠯᠤ ᠦᠵᠡᠭᠳᠡᠬᠦ ᠰᠡᠳᠬᠢᠯ᠎ᠤᠨ ᠰᠤᠷᠢᠨᠵᠢᠨ ᠠ᠋ᠬᠦᠰᠴᠤ᠂ ᠰᠤᠷᠤᠬ᠍ᠴᠢᠳ ᠴᠤ᠌ ᠨᠠᠳᠠ᠎ᠲᠠᠢ ᠨᠠᠭ᠋ᠠᠳᠬᠤ ᠭᠡᠳ ᠪᠠᠶ᠎ᠠ ᠪᠠᠶ᠎ᠠ᠎ᠪᠠᠨ ᠲᠦᠯᠬᠢᠯᠴᠡᠨ ᠲᠠᠷᠭᠡᠳᠡᠭᠦᠷ ᠮᠢᠨᠢ ᠰᠠᠯᠤᠰᠢ ᠦᠭᠡᠢ ᠠ᠋ᠷᠬᠢᠯᠳᠤᠭᠡᠳ ᠴᠠᠭ᠋ᠠᠨ᠎ᠠ᠎ᠪᠠᠨ ᠨᠢᠭᠡ ᠯᠠ ᠬᠦᠭᠡᠷᠤᠬᠦᠨ ᠪᠠᠶ᠋ᠢᠳᠠᠭ᠎ᠨᠢ ᠠᠷᠭ᠎ᠠ ᠦᠭᠡᠢ ᠪᠠᠶᠠᠷ ᠪᠠᠶᠠᠰᠤᠯ ᠲᠦᠷᠦᠭᠳᠡᠳᠡᠭ᠃ ᠠ᠋ᠩᠬᠦᠷᠡᠶ᠋ᠢᠯᠡᠨ ᠬᠠᠶ᠋ᠢᠷᠠᠯᠠᠭ᠍ᠤ ᠶᠠᠪᠤᠴᠠ᠎ᠳᠤ ᠪᠠᠭᠰᠢ ᠪᠠ ᠰᠤᠷᠤᠬ᠍ᠴᠢ ᠵᠢᠨ ᠬᠠᠷᠢᠴᠠᠭ᠎ᠠ ᠤᠯᠠᠮ ᠨᠢᠬᠳᠠᠷᠠᠨ ᠵᠤᠵᠠᠭ᠋ᠠᠷᠠᠵᠤ ᠰᠦ ᠪᠠ ᠴᠠᠢ ᠰᠢᠬ ᠤᠶᠠᠰᠤᠨ ᠠᠭᠤᠰᠴᠤ᠂ ᠰᠤᠷᠤᠭᠴᠢᠳ ᠵᠶ᠋ᠠᠨ ᠰᠤᠷᠭ᠋ᠠᠨ ᠬᠦᠮᠤᠵᠢᠬᠦᠯᠵᠤ ᠴᠢᠳᠠᠪᠤᠷᠢᠳᠠᠨ ᠪᠤᠯᠬᠤ ᠵᠠᠮ ᠵᠶ᠋ᠠᠷ ᠶᠠᠪᠤᠭᠤᠯᠬᠤ ᠵᠤᠷᠢᠯᠭ᠎ᠠ᠎ᠳᠤ᠎ᠪᠠᠨ ᠬᠦᠷᠴᠤ ᠪᠤᠯᠳᠠᠭ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠭᠦᠪᠡᠭᠡᠳᠤ ᠰᠢᠷ᠎ᠠ ᠬᠤᠰᠢᠭᠤᠨ᠎ᠤ
ᠨᠢᠭᠡᠳᠤᠭᠡᠷ ᠪᠠᠭ᠎ᠠ ᠰᠤᠷᠭ᠋ᠠᠭᠤᠯᠢ
(ᠮᠦᠨᠭᠭᠦᠨᠴᠢᠮᠡᠭ ᠨᠠᠢ᠍ᠢ᠍ᠷᠠᠭᠤᠯᠪᠠ)