ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠭᠡᠤᠭᠡᠳ᠎ᠢ ᠵᠦᠪ ᠬᠠᠢ᠍ᠢ᠍ᠷᠠᠯᠠᠬᠤ ᠵᠢᠨ ᠤᠴᠢᠷ᠎ᠲᠤ
ᠨᠡᠶ᠋ᠢᠲᠡᠯᠡᠭᠰᠡᠨ ᠴᠠᠭ᠄ 2023-12-15

                     ᠠᠨ ᠴᠠᠩ ᠱᠠᠨ


幼儿教育2.png


      ᠨᠡᠶ᠋ᠢᠭᠡᠮ᠎ᠤᠨ ᠬᠦᠭᠵᠢᠯᠲᠡ ᠵᠢ ᠳᠠᠭ᠋ᠠᠯᠳᠦᠨ ᠬᠦᠮᠦᠰ᠎ᠤᠨ ᠪᠣᠳᠠᠰ᠎ᠤᠨ ᠠᠮᠢᠳᠦᠷᠠᠯ ᠪᠠ ᠰᠣᠶᠣᠯ᠎ᠤᠨ ᠠᠮᠢᠳᠣᠷᠠᠯ᠎ᠢ ᠬᠦᠭᠡᠭᠡᠴᠡᠯᠳᠦᠬᠦ ᠦᠵᠡᠯᠲᠡ ᠲᠠᠨᠢᠯᠲᠠ᠎ᠨᠢ ᠴᠦ᠍ ᠬᠤᠪᠢᠷᠠᠯᠲᠠ ᠭᠠᠷᠴᠦ᠂ ᠣᠨᠴᠠᠭ᠋ᠠᠶ᠋ᠢᠯᠠᠨ ᠵᠠᠯᠠᠭᠤ ᠡᠵᠢ ᠠᠪᠤ ᠴᠦᠮ ᠭᠠᠭᠴᠠ ᠬᠡᠣᠬᠡᠳ ᠠᠪᠴᠣ ᠠᠮᠠ᠎ᠳᠤ᠎ᠪᠠᠨ ᠬᠢᠪᠡᠯ ᠬᠠᠢ᠍ᠢ᠍ᠯᠤᠮᠠᠷ᠂ ᠠᠯᠠᠭ᠋ᠠᠨ᠎ᠳᠤ᠎ᠪᠠᠨ ᠲᠠᠯᠪᠢᠪᠠᠯ           ᠪᠦᠮᠪᠦᠷᠢᠮᠠᠷ ᠬᠠᠶ᠋ᠢᠷᠠᠯᠠᠵᠣ᠂ ᠰᠠᠨᠠᠭ᠋ᠠᠨ ᠲᠠᠭ᠎ᠠ᠎ᠪᠠᠷ᠎ᠨᠢ ᠦᠰᠭᠡᠨ ᠬᠦᠮᠦᠵᠢᠭᠦᠯᠵᠦ ᠪᠠᠶ᠋ᠢᠬᠤ᠎ᠨᠢ ᠵᠦᠩᠳᠡᠭᠡᠨ           ᠬᠠᠷᠠᠭᠳᠠᠨ᠎ᠠ᠃ ᠴᠢᠩᠭᠢᠭᠡᠳ ᠰᠠᠨᠠᠯ᠎ᠨᠢ ᠵᠠᠨᠣᠯ ᠪᠣᠯᠵᠣ᠂ ᠬᠠᠶ᠋ᠢᠷ᠎ᠠ᠎ᠨᠢ ᠬᠤᠷᠣᠰᠣᠯ ᠪᠣᠯᠬᠤ ᠤᠴᠢᠷ ᠵᠦᠨᠭᠳᠡᠭᠡᠨ ᠢᠯᠠᠷᠠᠭᠦ ᠪᠤᠯᠵᠠᠢ᠃ ᠠ᠋ᠳᠡᠭᠡᠷ᠎ᠨᠢ ᠴᠦᠮ ᠠᠪᠤ ᠡᠵᠢ ᠪᠣᠯᠣᠭᠰᠠᠳ ᠬᠡᠣᠬᠡᠳ᠎ᠲᠤ ᠎ᠪᠠᠨ ᠵᠦᠪ ᠬᠠᠶ᠋ᠢᠷ᠎ᠠ ᠵᠢ ᠬᠦᠷᠲᠡᠭᠡᠵᠦ ᠴᠢᠳᠠᠭᠰᠠᠨ ᠦᠭᠡᠢ᠎ᠠᠴᠠ ᠪᠤᠯᠤᠭᠰᠠᠨ ᠬᠠᠷᠠᠮᠰᠠᠯᠲᠠᠢ ᠮᠦᠷᠳᠡᠭᠡᠨ ᠬᠠᠷᠠᠰᠠᠯᠲᠠᠢ ᠦᠷ᠎ᠡ ᠳ᠋ᠦᠩ ᠮᠦᠨ᠃ ᠭᠡᠷ᠎ᠤᠨ ᠠᠬᠠᠮᠠᠳ ᠭᠤᠤᠯᠳᠠᠭᠤ ᠲᠤᠤᠷᠠᠬᠢ ᠭᠡᠳᠤᠨ ᠲᠠᠯ᠎ᠠ᠎ᠪᠠᠷ ᠭᠡᠤᠭᠡᠳ ᠵᠶ᠋ᠠᠨ 《ᠭᠡᠳᠤᠷᠭᠡᠢ ᠬᠠᠢ᠍ᠢ᠍ᠷᠠᠯᠠᠵᠤ》 ᠪᠤᠢ᠃
      1. ᠡᠵᠢ ᠠᠪᠤ᠎ᠨᠢ ᠬᠡᠣᠬᠡᠳ ᠵᠶ᠋ᠠᠨ ᠭᠡᠳᠤᠷᠭᠡᠢ ᠠᠰᠠᠷᠠᠵᠤ ᠪᠠᠢ᠍ᠢ᠍ᠨ᠎ᠠ᠂ ᠵᠢᠱ᠌ᠢᠶᠡᠯᠡᠪᠡᠯ᠂ ᠬᠡᠣᠬᠡᠳ ᠵᠶ᠋ᠠᠨ ᠬᠡᠲᠦᠷᠬᠡᠢ ᠬᠠᠶ᠋ᠢᠷᠠᠯᠠᠭ᠍ᠣ ᠠᠪᠤ ᠡᠵᠢ᠎ᠨᠢ ᠳᠣᠷᠠᠲᠠᠢ᠍ᠢ᠍ᠶ᠎ᠠ ᠬᠡᠣᠬᠡᠳ᠎ᠤᠨ ᠠᠰᠠᠷᠠᠬ᠍ᠴᠢ ᠪᠣᠯᠵᠤ ᠪᠤᠢ᠃ ᠬᠡᠣᠬᠡᠳ᠎ᠤᠨ ᠵᠶ᠋ᠠᠨ ᠪᠣᠭᠴᠣ ᠵᠢ᠎ᠨᠢ ᠠ᠋ᠭᠦᠷᠴᠦ᠂ ᠵᠢᠷᠤᠭ᠎ᠤᠨ ᠬᠠᠪᠲᠠᠰᠣ ᠵᠢ᠎ᠨᠢ ᠠ᠋ᠭᠦᠷᠴᠦ᠂ ᠣᠰᠣᠨ ᠴᠣᠮᠣ ᠵᠢ᠎ᠨᠢ ᠠᠳᠬᠤᠵᠣ᠂ ᠬᠡᠣᠬᠡᠳ ᠦᠪᠡᠷ ᠵᠶ᠋ᠠᠨ ᠬᠢᠵᠣ ᠳᠡᠶ᠋ᠢᠯᠬᠦ ᠶᠠᠪᠣᠳᠠᠯ᠎ᠢ ᠲᠣᠳᠣᠷᠬᠠᠢ ᠮᠡᠳᠡᠵᠦ ᠪᠠᠶ᠋ᠢᠪᠠᠴᠦ ᠬᠡᠣᠬᠡᠳ ᠵᠶ᠋ᠠᠷ ᠬᠢᠯᠭᠡᠬᠦ ᠦᠭᠡᠢ ᠠᠪᠤ ᠡᠵᠢ ᠎ᠨᠢ ᠪᠦᠬᠦᠨ᠎ᠢ ᠬᠢᠭᠡᠳ ᠦᠭᠴᠢᠭᠡᠳᠡᠭ᠂ ᠬᠡᠣᠬᠡᠳ᠎ᠨᠢ ᠡᠵᠢ ᠠᠪᠤ ᠵᠢᠨ ᠵᠶ᠋ᠠᠨ ᠬᠦᠴᠢᠷ ᠵᠣᠪᠠᠯᠠᠩ᠎ᠢ ᠦᠯᠦ ᠬᠠᠮᠢᠶᠠᠷᠡᠨ᠂ ᠡᠵᠢ ᠠᠪᠤ ᠵᠢᠨ ᠬᠢᠨᠢ ᠲᠡᠭᠦᠨ᠎ᠳᠤ ᠦᠢ᠍ᠯᠡᠴᠢᠯᠡᠬᠦ᠎ᠨᠢ ᠵᠦᠢ᠎ᠲᠠᠢ ᠬᠡᠷᠡᠭ ᠭᠡᠵᠦ ᠦᠵᠠᠳᠡᠭ᠃
      2. ᠡᠵᠢ ᠠᠪᠤ᠎ᠨᠢ ᠦᠷᠬᠦᠯᠵᠢ ᠬᠡᠣᠬᠡᠳ ᠵᠶ᠋ᠠᠨ ᠦᠭᠡᠶ᠋ᠢᠰᠭᠡᠨ ᠨᠣᠴᠣᠭ᠋ᠠᠨ᠎ᠠ᠃ ᠵᠢᠱ᠌ᠢᠶᠡᠯᠡᠪᠠᠯ᠂ ᠵᠠᠷᠢᠮ ᠭᠡᠷ᠎ᠤᠨ ᠠᠬᠠᠮᠠᠳ ᠬᠡᠣᠬᠡᠳ ᠵᠶ᠋ᠠᠨ ᠨᠣᠴᠣᠭ᠋ᠠᠵᠤ᠂ ᠲᠠᠳᠠᠨ᠎ᠤ ᠭᠦᠷᠤᠯᠴᠠᠭᠦ ᠦᠭᠡᠢ ᠲᠠᠯ᠎ᠠ ᠵᠢ ᠪᠣᠰᠣᠳ ᠬᠡᠣᠬᠡᠳ᠎ᠤᠨ ᠳᠠᠪᠠᠭᠤᠯᠢᠭ ᠲᠠᠯ᠎ᠠ᠎ᠲᠠᠢ ᠠᠳᠠᠯᠢᠳᠬᠠᠨ᠎ᠠ᠃ ᠦᠭᠡᠶ᠋ᠢᠰᠭᠡᠯ᠎ᠤᠨ ᠳᠣᠮᠳᠠ ᠦᠰᠦᠨ ᠪᠣᠶ᠋ᠢᠵᠢᠭᠰᠠᠨ ᠬᠡᠣᠬᠡᠳ ᠪᠣᠰᠣᠳ᠎ᠢ ᠳᠠᠶ᠋ᠢᠰᠣᠩᠨᠠᠭ᠍ᠣ ᠴᠢᠨᠠᠷ ᠵᠶ᠋ᠠᠷ ᠴᠢᠩᠭ᠎ᠠ᠂ ᠳᠣᠲᠣᠭ᠋ᠠᠳᠣ ᠰᠡᠳᠬᠢᠯᠭᠡ᠎ᠨᠢ ᠬᠠᠶ᠋ᠢᠷ᠎ᠠ᠎ᠪᠠᠷ ᠳᠣᠲᠠᠮᠠᠭ ᠪᠠᠢ᠍ᠢ᠍ᠳᠠᠬ᠃ ᠬᠠᠷᠢᠨ ᠠᠭᠤᠳᠠᠮ ᠪᠠᠭᠳᠠᠭ᠋ᠠᠮᠵᠢᠳᠠᠢ ᠭᠡᠷ᠎ᠤᠨ ᠠᠬᠠᠮᠠᠳ ᠦᠷᠬᠦᠯᠵᠢ ᠬᠡᠣᠬᠡᠳ ᠵᠶ᠋ᠠᠨ ᠨᠤᠳᠠᠯᠠᠨ᠎ᠠ᠂ ᠬᠡᠣᠬᠡᠳ᠎ᠤᠨ ᠠᠷ ᠰᠠᠷ ᠶᠠᠪᠣᠳᠠᠯ᠎ᠠᠴᠠ ᠦᠴᠦᠬᠡᠨ ᠳᠡᠭᠡᠭᠰᠢᠯᠡᠯᠲᠡ ᠵᠢ᠎ᠨᠢ ᠣᠯᠵᠣ ᠬᠠᠷᠡᠨ᠂ ᠡ᠊ᠨᠡ ᠭᠦ᠌ ᠦᠴᠦᠬᠡᠨ ᠳᠡᠭᠡᠭᠰᠢᠯᠡᠯᠲᠡ᠎ᠠᠴᠠ ᠬᠡᠣᠬᠡᠳ ᠵᠶ᠋ᠠᠨ ᠵᠣᠷᠢᠬ᠍ᠵᠢᠭᠤᠯᠣᠨ᠎ᠠ᠃ ᠲᠡᠳᠡ ᠦᠷᠭᠦᠯᠵᠢ᠄ 《ᠶᠡᠭᠡ ᠰᠠᠶ᠋ᠢᠨ᠂ ᠮᠢᠨᠦ ᠬᠡᠣᠬᠡᠳ ᠦᠴᠦᠭᠡᠳᠦᠷ᠎ᠠᠴᠠ ᠳᠠᠪᠰᠢᠯᠲᠠ᠎ᠲᠠᠢ》 ᠭᠡᠳᠡᠭ ᠶᠤᠮ᠃ ᠠᠭᠤᠴᠢᠯᠠᠯ᠎ᠤᠨ ᠳᠣᠮᠳᠠ ᠦᠰᠦᠨ ᠪᠣᠶ᠋ᠢᠵᠢᠭᠰᠠᠨ ᠬᠡᠣᠬᠡᠳ ᠣᠨᠴᠠ ᠬᠦᠯᠢᠴᠡᠩᠭᠦᠢ ᠪᠠᠶ᠋ᠢᠳᠠᠭ᠃
      3. ᠡᠵᠢ ᠠᠪᠤ᠎ᠨᠢ ᠬᠡᠣᠬᠡᠳ ᠵᠶ᠋ᠠᠨ ᠦᠷᠬᠦᠯᠵᠢ ᠵᠢᠮᠡᠯᠡᠨ᠎ᠡ᠃ ᠵᠠᠷᠢᠮ ᠭᠡᠷ᠎ᠤᠨ ᠠᠬᠠᠮᠠᠳ ᠬᠡᠣᠬᠡᠳ ᠵᠶ᠋ᠠᠨ ᠵᠣᠷᠢᠬ᠍ᠵᠢᠭᠤᠯᠣᠨ᠎ᠠ᠃ ᠬᠠᠲᠠᠭᠤ ᠴᠢᠩᠭ᠎ᠠ ᠡᠵᠢ ᠠᠪᠤ ᠬᠡᠣᠬᠡᠳ᠎ᠤᠨ ᠵᠶ᠋ᠠᠨ ᠠᠯᠳᠠᠭ᠎ᠠ ᠪᠣᠷᠣᠭᠤ ᠭᠠᠷᠭ᠋ᠠᠬᠤ ᠵᠢ ᠠᠭᠤᠴᠢᠯᠠᠭ᠍ᠣ ᠦᠭᠡᠢ᠂ ᠠᠯᠳᠠᠭ᠎ᠠ ᠪᠣᠷᠣᠭᠤ ᠭᠠᠷᠭ᠋ᠠᠪᠠᠯ ᠬᠠᠷᠢᠶᠠᠨ ᠵᠣᠳᠣᠵᠣ᠂ ᠬᠡᠣᠬᠡᠳ᠎ᠢ ᠠᠯᠪᠠᠳᠠᠵᠣ ᠪᠠᠶ᠋ᠢᠭ᠋ᠠᠳ ᠬᠤᠳᠠᠯ ᠬᠡᠯᠡᠬᠦ ᠮᠠᠭᠤ ᠳᠠᠳᠬᠠᠯ᠎ᠲᠠᠢ ᠪᠣᠯᠭ᠋ᠠᠨ᠎ᠠ᠃ ᠠ᠋ᠭᠦᠨ᠎ᠠᠴᠠ ᠪᠣᠯᠵᠣ ᠬᠡᠣᠬᠡᠳ᠎ᠤᠳ ᠬᠠᠷᠢᠭᠤᠴᠠᠯᠭ᠎ᠠ ᠵᠢ ᠲᠦᠯᠬᠢᠭᠦ ᠮᠠᠭᠤ ᠳᠠᠳᠬᠠᠯ᠎ᠲᠠᠢ ᠪᠣᠯᠴᠢᠬᠠᠨ᠎ᠠ᠃ ᠪᠣᠷᠣᠭᠤᠰᠢᠶᠠᠯ᠎ᠤᠨ ᠳᠣᠮᠳᠠ ᠦᠰᠦᠨ ᠪᠣᠶ᠋ᠢᠵᠢᠭᠰᠠᠨ ᠬᠡᠣᠬᠡᠳ ᠠᠮᠠᠷᠬᠠᠨ ᠣᠷᠴᠢᠯᠠᠩ᠎ᠳᠤ ᠰᠢᠯᠲᠠᠵᠣ᠂ ᠣᠯᠠᠨ᠎ᠳᠤ ᠭᠤᠮᠣᠳᠠᠳᠠᠭ᠃ ᠬᠡᠣᠬᠡᠳ ᠬᠤᠳᠠᠯ ᠶᠠᠷᠢᠳᠠᠭ᠎ᠨᠢ ᠡᠵᠢ ᠠᠪᠤ᠎ᠨᠢ ᠦᠷᠬᠦᠯᠵᠢ ᠲᠠᠳᠠᠨ᠎ᠢ ᠪᠣᠷᠣᠭᠤᠰᠢᠶᠠᠨ ᠵᠢᠮᠡᠯᠡᠭᠰᠡᠨ᠎ᠠᠴᠠ ᠪᠣᠯᠣᠭᠰᠠᠨ ᠭᠡᠰᠡᠨ᠎ᠢ ᠮᠡᠳᠡᠵᠣ ᠪᠣᠯᠣᠨ᠎ᠡ᠃ ᠨᠢᠭᠡᠨ ᠣᠢ ᠪᠢᠯᠢᠭ᠎ᠲᠠᠢ ᠡᠵᠢ ᠠᠪᠤ᠎ᠨᠢ ᠶᠠᠮᠠᠷᠪᠠ ᠨᠢᠭᠡᠨ ᠬᠡᠣᠬᠡᠳ ᠴᠦᠮ ᠪᠣᠷᠣᠭᠤ ᠭᠠᠷᠭ᠋ᠠᠵᠣ᠂ ᠪᠣᠷᠣᠭᠤ᠎ᠪᠠᠨ ᠮᠡᠳᠡᠷᠡᠬᠦ᠂ ᠪᠣᠷᠣᠭᠤ᠎ᠪᠠᠨ ᠲᠠᠨᠢᠬᠤ ᠶᠠᠪᠣᠴᠠ ᠵᠢ ᠦᠩᠭᠡᠷᠡᠭᠦᠯᠳᠡᠭ ᠭᠡᠰᠡᠨ᠎ᠢ ᠰᠠᠶ᠋ᠢᠨ ᠣᠶ᠋ᠢᠯᠠᠭ᠋ᠠᠨ᠎ᠠ᠃ ᠪᠣᠷᠣᠭᠤ᠎ᠪᠠᠨ ᠬᠠᠯᠠᠨ ᠰᠠᠶ᠋ᠢᠵᠢᠷᠠᠭᠤᠯᠬᠤ ᠳᠣᠮᠳᠠ᠎ᠪᠠᠨ ᠠᠯᠳᠠᠭ᠎ᠠ ᠭᠠᠷᠭ᠋ᠠᠵᠣ ᠪᠣᠯᠬᠤ ᠦᠭᠡᠢ ᠭᠡᠰᠡᠨ ᠱᠠᠭ᠋ᠠᠷᠳᠠᠯᠭ᠎ᠠ᠎ᠨᠢ ᠬᠡᠣᠬᠡᠳ ᠵᠶ᠋ᠠᠨ ᠬᠤᠣᠷᠯᠠᠵᠣ ᠪᠠᠶ᠋ᠢᠬᠤ᠎ᠨᠢ ᠲᠡᠷᠡ᠃ ᠠ᠋ᠶ᠋ᠢᠮᠣ᠎ᠠᠴᠠ ᠲᠡᠳᠡ ᠬᠡᠣᠬᠡᠳ ᠵᠶ᠋ᠠᠨ ᠬᠦᠯᠢᠴᠡᠩᠭᠦᠢ᠎ᠪᠠᠷ ᠬᠠᠪᠰᠣᠷᠣᠨ ᠪᠣᠷᠣᠭᠤ ᠵᠢ᠎ᠨᠢ ᠵᠠᠯᠠᠷᠠᠭᠤᠯᠵᠣ᠂ ᠲᠡᠳᠡᠨ᠎ᠢ ᠦᠪᠡᠷ᠎ᠤᠨ ᠪᠣᠷᠣᠭᠤ ᠠᠵᠢᠯᠯᠠᠭ᠎ᠠ᠎ᠠᠴᠠ ᠪᠣᠯᠣᠭᠰᠠᠨ ᠦᠷ᠎ᠡ ᠳ᠋ᠦᠩ᠎ᠢ ᠮᠡᠳᠡᠭᠦᠯᠦᠨ᠎ᠡ᠃ ᠠ᠋ᠨᠡ᠎ᠨᠢ ᠳᠠᠷᠦᠢ ᠪᠢᠳᠡᠨ᠎ᠤ ᠶᠡᠷᠣᠳᠡᠭᠡᠨ ᠶᠠᠷᠢᠳᠠᠭ ᠦᠪᠡᠷ᠎ᠤᠨ ᠬᠢᠭᠰᠡᠨ ᠣᠴᠢᠷ ᠵᠶ᠋ᠠᠨ ᠦᠪᠡᠷ ᠵᠶ᠋ᠠᠨ ᠠᠮᠰᠠᠨ᠎ᠠ᠂ ᠬᠡᠣᠬᠡᠳ᠎ᠢ ᠦᠪᠡᠷ᠎ᠤᠨ ᠦᠢ᠍ᠯᠡ ᠠᠵᠢᠯᠯᠠᠭ᠎ᠠ᠎ᠳᠤ᠎ᠪᠠᠨ ᠦᠪᠡᠷ ᠵᠶ᠋ᠠᠨ ᠬᠠᠷᠢᠭᠤᠴᠠᠵᠣ ᠰᠣᠷᠭ᠋ᠠᠨ᠎ᠠ᠃ ᠠ᠋ᠨᠡ ᠪᠣᠯ ᠣᠢ ᠪᠢᠯᠢᠭᠲᠦ ᠡᠵᠢ ᠠᠪᠤ᠎ᠳᠤ ᠲᠣᠭ᠋ᠠᠴᠢᠭᠳᠠᠨ᠎ᠠ᠃
      4. ᠡᠵᠢ ᠠᠪᠤ᠎ᠨᠢ ᠬᠡᠣᠬᠡᠳ ᠵᠶ᠋ᠠᠨ ᠰᠡᠵᠢᠭᠯᠡᠨ᠎ᠡ᠃ ᠭᠡᠪᠡᠴᠤ ᠵᠠᠷᠢᠮ ᠡᠵᠢ ᠠᠪᠤ᠎ᠨᠢ ᠬᠡᠣᠬᠡᠳ ᠵᠶ᠋ᠠᠨ           ᠢᠳᠡᠭᠡᠨ᠎ᠡ᠃ ᠵᠠᠷᠢᠮ ᠡᠵᠢ ᠠᠪᠤ᠎ᠨᠢ ᠰᠡᠵᠢᠭ ᠶᠡᠬᠡᠲᠠᠢ᠂ ᠶᠡᠷᠣᠳᠡᠭᠡᠨ ᠬᠡᠣᠬᠡᠳ ᠵᠶ᠋ᠠᠨ ᠰᠡᠵᠢᠭᠯᠡᠯ᠎ᠤᠨ ᠬᠠᠷᠠᠴᠠ᠎ᠪᠠᠷ ᠬᠠᠷᠠᠵᠣ ᠲᠡᠳᠡᠨ᠎ᠢ ᠰᠠᠶ᠋ᠢᠨ ᠶᠠᠪᠣᠳᠠᠯ ᠬᠢᠬᠦ ᠵᠢ ᠢᠲᠡᠭᠡᠬᠦ ᠦᠭᠡᠢ᠂ ᠭᠡᠷ᠎ᠲᠤ᠎ᠬᠢ ᠵᠣᠭᠤᠰ᠎ᠢ ᠬᠤᠯᠣᠭ᠋ᠠᠶ᠋ᠢᠯᠠᠭᠰᠠᠨ ᠵᠠᠩ ᠵᠶ᠋ᠠᠨ ᠬᠡᠵᠢᠶᠡᠲᠡ ᠬᠠᠯᠠᠭ᠍ᠣ ᠦᠭᠡᠢ ᠭᠡᠵᠦ ᠬᠡᠣᠬᠡᠳ ᠵᠶ᠋ᠠᠨ ᠬᠤᠳᠠᠯ ᠬᠡᠯᠡᠭᠴᠢ᠎ᠳᠤ ᠲᠣᠭ᠋ᠠᠴᠢᠨ᠂ ᠲᠡᠳᠡᠨ᠎ᠢ ᠢᠲᠡᠭᠡᠬᠦ ᠦᠭᠡᠢ᠃ ᠶᠡᠷᠣ᠎ᠳᠤ᠎ᠪᠠᠨ ᠬᠡᠣᠬᠡᠳ᠎ᠤᠨ ᠬᠤᠳᠠᠯ ᠬᠡᠯᠡᠭᠰᠡᠨ᠎ᠢ ᠲᠠᠲᠠᠨ ᠭᠠᠷᠭ᠋ᠠᠳᠠᠭ᠃ ᠭᠡᠲᠡᠯ᠎ᠡ ᠣᠢ ᠪᠢᠯᠢᠭᠳᠦ ᠡᠵᠢ ᠠᠪᠤ ᠬᠡᠵᠢᠶᠡᠲᠡ ᠬᠡᠣᠬᠡᠳ ᠵᠶ᠋ᠠᠨ ᠢᠳᠡᠭᠡᠯ ᠳᠦᠭᠦᠷᠡᠩ ᠬᠠᠷᠠᠴᠠ᠎ᠪᠠᠷ ᠬᠠᠷᠠᠵᠣ᠂ ᠬᠡᠣᠬᠡᠳ᠎ᠨᠢ ᠠᠯᠳᠠᠭ᠎ᠠ ᠪᠣᠷᠣᠭᠤ ᠭᠠᠷᠭ᠋ᠠᠭᠰᠠᠨ ᠴᠦ᠍ ᠬᠢᠯᠠᠯᠵᠠᠭᠰᠠᠨ ᠴᠢᠭ᠎ᠢ ᠣᠯᠵᠣ ᠬᠠᠷᠠᠭᠰᠠᠨ ᠬᠠᠷᠠᠴᠠ᠎ᠪᠠᠷ ᠬᠠᠷᠠᠳᠠᠭ ᠪᠠᠶ᠋ᠢᠨ᠎ᠠ᠃ ᠠ᠋ᠶ᠋ᠢᠮᠦ ᠪᠣᠯᠬᠤᠯᠠᠷ ᠬᠡᠣᠬᠡᠳ ᠦᠪᠡᠷ᠎ᠤᠨ ᠢᠳᠡᠪᠬᠢᠲᠠᠢ ᠨᠢᠭᠡ ᠲᠠᠯ᠎ᠠ᠎ᠪᠠᠨ ᠴᠢᠷᠮᠠᠶ᠋ᠢᠨ ᠪᠠᠳᠠᠷᠠᠭᠤᠯᠵᠣ᠂ ᠡ᠊ᠨᠡ ᠭᠦ᠌ ᠢᠲᠡᠭᠡᠯ ᠵᠶ᠋ᠠᠨ ᠠᠯᠳᠠᠭ᠍ᠣ᠎ᠠᠴᠠ ᠲᠣᠶ᠋ᠢᠯ ᠵᠶ᠋ᠠᠷ ᠬᠢᠴᠢᠶᠡᠳᠡᠭ ᠪᠠᠶ᠋ᠢᠯ᠎ᠠ᠃ ᠮᠡᠳᠡᠷᠡᠬᠦ ᠵᠢᠨ ᠳᠣᠮᠳᠠ ᠦᠰᠦᠨ ᠪᠣᠶ᠋ᠢᠵᠢᠭᠰᠠᠨ ᠬᠡᠣᠬᠡᠳ ᠵᠣᠷᠢᠯᠲᠠ᠎ᠲᠠᠢ᠂ ᠦᠪᠡᠷ ᠪᠣᠰᠣᠳ᠎ᠢ ᠬᠠᠶ᠋ᠢᠷᠠᠯᠠᠭ᠍ᠣ ᠵᠢ ᠮᠡᠳᠡᠵᠦ᠂ ᠣᠯᠠᠮ ᠰᠢᠯᠢᠳᠡᠭ ᠪᠣᠯᠣᠨ᠎ᠠ᠃
      5. ᠡᠵᠢ ᠠᠪᠤ᠎ᠨᠢ ᠬᠡᠣᠬᠡᠳ ᠵᠶ᠋ᠠᠨ ᠴᠢᠯᠦᠭᠡᠲᠠᠢ ᠭᠦᠭᠵᠢᠭᠦᠯᠦᠨ᠎ᠠ᠂ ᠭᠡᠪᠡᠴᠤ ᠵᠠᠷᠢᠮ᠎ᠨᠢ ᠬᠡᠣᠬᠡᠳ ᠵᠶ᠋ᠠᠨ ᠴᠢᠩᠭ᠎ᠠ ᠱᠠᠭ᠋ᠠᠷᠳᠠᠨ᠎ᠠ᠃ ᠮᠣᠩᠬᠠᠭ ᠠ᠋ᠬᠡ ᠡᠴᠢᠭᠡ ᠬᠡᠣᠬᠡᠳ᠎ᠤᠨ ᠰᠠᠨᠠᠭ᠎ᠠ᠎ᠪᠠᠷ᠂ ᠬᠡᠣᠬᠡᠳ᠎ᠨᠢ ᠶᠠᠭᠤ ᠠᠪᠬᠤ ᠭᠡᠪᠡᠯ ᠲᠡᠭᠦᠨ᠎ᠢ ᠠᠪᠴᠦ ᠦᠭᠭᠦᠵᠦ᠂ ᠶᠠᠭ᠋ᠠᠬᠢᠬᠤ ᠭᠡᠪᠡᠯ ᠲᠡᠭᠡᠵᠦ᠂ ᠪᠣᠳᠣᠭᠰᠠᠨ ᠪᠣᠳᠣᠯ ᠵᠶ᠋ᠠᠷ᠂ ᠰᠠᠨᠠᠭᠰᠠᠨ ᠰᠠᠨᠠᠭ᠎ᠠ᠎ᠪᠠᠷ᠎ᠨᠢ ᠪᠡᠶᠡᠯᠡᠭᠦᠯᠳᠡᠭ᠂ ᠬᠡᠣᠬᠡᠳ᠎ᠤᠨ ᠶᠠᠭᠤ ᠬᠢᠪᠡᠯ ᠲᠠᠭ᠋ᠠᠷᠠᠨ᠎ᠠ᠂ ᠶᠠᠭᠤ ᠬᠢᠪᠡᠯ ᠲᠠᠭ᠋ᠠᠷᠠᠭ᠍ᠣ ᠦᠭᠡᠢ ᠭᠡᠰᠡᠨ᠎ᠢ ᠬᠠᠮᠢᠶᠠᠷᠭ᠍ᠣ ᠦᠭᠡᠢ᠂ ᠢᠩᠭᠢᠭᠰᠡᠨ᠎ᠠᠴᠠ ᠬᠡᠣᠬᠡᠳ᠎ᠨᠢ ᠶᠣᠰᠣ ᠪᠣᠰᠣ ᠠᠭ᠋ᠠᠰᠢᠯᠠᠨ ᠴᠢᠨᠠᠭᠰᠢᠯᠠᠪᠠᠯ ᠬᠠᠣᠯᠢ ᠶᠣᠰᠣ᠎ᠠᠴᠠ ᠵᠦᠷᠢᠴᠡᠬᠦ ᠠᠵᠢᠯᠯᠠᠭ᠎ᠠ ᠬᠢᠳᠡᠭ ᠪᠠᠶ᠋ᠢᠨ᠎ᠡ᠃ ᠴᠢᠩᠭᠢᠭᠡᠳ ᠬᠡᠣᠬᠡᠳ᠎ᠤᠨ ᠵᠶ᠋ᠠᠨ ᠨᠢᠭᠡ ᠨᠠᠰᠣ ᠵᠢ ᠬᠤᠣᠷᠯᠠᠴᠢᠬᠠᠨ᠎ᠠ᠃ ᠨᠢᠭᠡᠨ ᠣᠢ ᠪᠢᠯᠢᠭ᠎ᠲᠠᠢ ᠡᠵᠢ ᠠᠪᠤ᠎ᠨᠢ ᠬᠡᠣᠬᠡᠳ᠎ᠢ ᠬᠠᠮᠢᠶᠠᠷᠤᠨ ᠳᠦᠷᠢᠮ᠎ᠢ ᠰᠣᠷᠣᠯᠴᠠᠭ᠍ᠣ ᠴᠢᠬᠤᠯᠠᠲᠠᠢ ᠭᠡᠵᠣ ᠦᠵᠡᠳᠡᠭ᠃ ᠭᠠᠷ᠎ᠠᠴᠠ ᠰᠠᠯᠭ᠋ᠠᠬᠤ᠎ᠨᠢ ᠳᠣᠷ᠎ᠠ᠎ᠪᠠᠷ᠎ᠨᠢ ᠲᠠᠯᠪᠢᠬᠤ ᠶᠠᠪᠣᠳᠠᠯ ᠪᠢᠰᠢ᠂ ᠬᠠᠶ᠋ᠢᠷᠠᠯᠠᠵᠣ ᠬᠠᠷᠠᠭ᠋ᠠᠯᠵᠠᠬᠤ᠎ᠨᠢ ᠬᠡᠲᠣᠷᠬᠡᠢ ᠬᠠᠶ᠋ᠢᠷᠠᠯᠠᠭ᠍ᠣ ᠶᠠᠪᠣᠳᠠᠯ ᠪᠢᠰᠢ᠃ ᠬᠡᠣᠬᠡᠳ᠎ᠤᠳ ᠬᠠᠷᠠᠭ᠍ᠠᠨ ᠪᠠᠭ᠎ᠠ᠎ᠠᠴᠠ᠎ᠪᠠᠨ ᠰᠠᠶ᠋ᠢᠨ ᠳᠠᠳᠬᠠᠯ᠎ᠢ ᠬᠦᠮᠦᠵᠢᠭᠦᠯᠬᠦ᠎ᠨᠢ ᠬᠡᠣᠬᠡᠳ᠎ᠤᠨ ᠵᠶ᠋ᠠᠨ ᠨᠢᠭᠡ ᠨᠠᠰᠣᠨ᠎ᠳᠤ ᠬᠠᠷᠢᠭᠤᠴᠠᠵᠣ ᠪᠠᠶ᠋ᠢᠬᠤ᠎ᠲᠠᠢ ᠠᠳᠠᠯᠢ᠃ ᠬᠡᠣᠬᠡᠳ ᠵᠶ᠋ᠠᠨ ᠬᠠᠶ᠋ᠢᠷᠠᠯᠠᠭ᠍ᠣ᠎ᠳᠤ ᠣᠢ ᠪᠢᠯᠢᠭ ᠬᠡᠷᠡᠭᠲᠡᠢ᠂ ᠣᠢ ᠪᠢᠯᠢᠭ᠎ᠲᠠᠢ ᠡᠵᠢ ᠠᠪᠤ᠎ᠨᠢ ᠬᠡᠣᠬᠡᠳ᠎ᠤᠨ ᠠ᠋ᠨᠡ ᠠ᠋ᠳᠦᠷ ᠶᠠᠭᠤ ᠣᠯᠬᠤ ᠵᠢ ᠪᠣᠳᠣᠯᠬᠢᠯᠠᠭ᠍ᠣ ᠦᠭᠡᠢ ᠬᠠᠷᠢᠨ ᠮᠠᠷᠭ᠋ᠠᠰᠢ ᠶᠠᠭᠤ ᠵᠢ ᠬᠡᠷᠡᠭᠯᠡᠵᠦ ᠳᠡᠶ᠋ᠢᠯᠬᠦ ᠵᠢ ᠪᠣᠳᠣᠯᠬᠢᠯᠠᠳᠠᠭ ᠶᠣᠮ᠃ ᠲᠠᠭᠡᠪᠠᠯ ᠭᠡᠷ᠎ᠤᠨ ᠠᠬᠠᠮᠠᠳ ᠪᠣᠯᠣᠭᠰᠠᠳ ᠬᠡᠣᠬᠡᠳ ᠵᠶ᠋ᠠᠨ ᠬᠡᠷᠬᠢᠨ ᠬᠠᠶ᠋ᠢᠷᠠᠯᠠᠪᠠᠯ ᠵᠤᠬᠢᠬᠤ ᠪᠣᠢ? ᠳᠣᠣᠷ᠎ᠠ ᠪᠢᠳᠡ ᠠ᠋ᠨᠡ ᠠᠰᠠᠭᠤᠳᠠᠯ᠎ᠢ ᠬᠠᠮᠲᠣ᠎ᠪᠠᠷ ᠶᠠᠷᠢᠯᠴᠠᠶ᠎ᠠ᠃
      1. ᠬᠠᠶ᠋ᠢᠷ᠎ᠠ ᠰᠢᠨᠭᠭᠡᠭᠰᠡᠨ ᠬᠠᠷᠠᠴᠠ᠎ᠪᠠᠷ ᠬᠡᠣᠬᠡᠳ ᠵᠶ᠋ᠠᠨ ᠬᠠᠷᠠᠭ᠍ᠣ ᠬᠡᠷᠡᠭᠲᠡᠢ᠃ ᠬᠠᠶ᠋ᠢᠷ᠎ᠠ ᠰᠢᠩᠭᠡᠭᠰᠡᠨ ᠬᠠᠷᠠᠴᠠ ᠪᠣᠯ ᠬᠡᠣᠬᠡᠳ᠎ᠤᠨ ᠦᠰᠦᠨ ᠪᠣᠶ᠋ᠢᠵᠢᠯᠲᠠ ᠵᠢᠨ ᠰᠢᠮ᠎ᠡ ᠲᠡᠵᠢᠭᠡᠯ ᠮᠦᠨ᠃ ᠪᠢᠳᠡ ᠬᠡᠣᠬᠡᠳ᠎ᠲᠠᠢ᠎ᠪᠠᠨ ᠬᠠᠷᠢᠯᠴᠠᠭ᠍ᠣ ᠦᠶᠡᠰ ᠬᠠᠶ᠋ᠢᠷ᠎ᠠ ᠰᠢᠩᠭᠡᠭᠰᠡᠨ ᠬᠠᠷᠠᠴᠠ᠎ᠨᠢ ᠶᠡᠷᠣ᠎ᠨᠢ ᠦᠭᠡ ᠶᠠᠷᠢᠶ᠎ᠠ ᠵᠢᠨ ᠬᠦᠴᠦᠨ᠎ᠠᠴᠠ ᠶᠡᠭᠡ ᠪᠠᠶ᠋ᠢᠳᠠᠭ           ᠶᠣᠮ᠃ ᠶᠠᠫᠦᠨ᠎ᠳᠤ ᠨᠢᠭᠡᠨ ᠠ᠋ᠷᠳᠡᠮᠲᠡᠨ ᠪᠠᠢ᠍ᠢ᠍ᠳᠠᠭ ᠭᠡᠨ᠎ᠠ᠃ ᠣᠬᠢᠯᠠᠨ ᠠᠭ᠋ᠠᠰᠢᠯᠠᠳᠠᠭ ᠬᠡᠣᠬᠡᠳ ᠲᠡᠭᠦᠨ᠎ᠢ ᠦᠵᠡᠭᠰᠡᠭᠡᠷ ᠣᠬᠢᠯᠠᠭ᠍ᠣ᠎ᠪᠠᠨ ᠵᠣᠭᠰᠣᠴᠢᠬᠠᠳᠠᠬ ᠭᠡᠳᠡᠭ᠃ ᠲᠠᠷᠠ ᠦᠷᠭᠦᠯᠵᠢ᠄ 《ᠬᠤᠶᠠᠷᠬᠠᠨ ᠨᠠᠰᠣᠲᠠᠢ ᠬᠡᠣᠬᠡᠳ ᠴᠣ᠌ ᠣᠴᠢᠷ ᠶᠣᠰᠣ ᠵᠢ ᠮᠡᠳᠡᠭᠰᠡᠭᠡᠷ ᠦᠪᠡᠷ᠎ᠢ᠎ᠪᠠᠨ ᠡᠵᠡᠮᠰᠢᠵᠣ ᠴᠢᠳᠠᠨ᠎ᠠ》 ᠭᠡᠵᠤ ᠭᠡᠯᠠᠳᠡᠭ᠃ ᠡᠵᠢ ᠠᠪᠤ᠎ᠨᠢ ᠬᠡᠣᠬᠡᠳ᠎ᠲᠤ᠎ᠪᠠᠨ ᠲᠣᠩ ᠬᠠᠶ᠋ᠢᠷᠠᠲᠠᠢ᠂ ᠭᠡᠲᠡᠯ᠎ᠡ ᠨᠢᠳᠣᠨ᠎ᠳᠤ᠎ᠪᠠᠨ ᠬᠡᠴᠢᠨᠡᠨ ᠬᠠᠶ᠋ᠢᠷ᠎ᠠ ᠢᠯᠠᠷᠠᠭᠦᠯᠳᠡᠭ᠎ᠢ ᠮᠠᠳᠠᠭᠦ ᠦᠭᠡᠢ᠃ ᠲᠠᠢ᠍ᠢ᠍ᠮᠦ ᠪᠤᠯᠬᠤᠷ ᠬᠠᠢ᠍ᠢ᠍ᠷ᠎ᠠ ᠰᠢᠨᠭᠭᠡᠭᠰᠡᠨ ᠬᠠᠷᠠᠴᠠ᠎ᠪᠠᠷ ᠭᠡᠤᠭᠡᠳ᠎ᠢ᠎ᠪᠠᠨ ᠦᠷᠭᠦᠯᠵᠢ ᠬᠠᠷᠠᠵᠤ ᠪᠠᠢ᠍ᠢ᠍ᠬᠤ᠎ᠨᠢ ᠴᠢᠬᠤᠯᠠ ᠰᠢᠤ᠃
      2. ᠬᠠᠶ᠋ᠢᠷ᠎ᠠ ᠵᠢᠨ ᠢᠨᠢᠶᠡᠳᠣ᠎ᠪᠠᠷ ᠬᠡᠣᠬᠡᠳ᠎ᠲᠤ᠎ᠪᠠᠨ ᠬᠠᠨᠳᠣᠨ᠎ᠠ᠃ ᠬᠡᠣᠬᠡᠳ᠎ᠲᠤ ᠠᠪᠴᠣ ᠬᠡᠯᠡᠪᠡᠯ ᠠᠪᠤ ᠡᠵᠢ ᠵᠢᠨ ᠦᠩᠭᠡ ᠵᠢᠰᠣ ᠵᠢᠨ ᠢᠯᠠᠷᠠᠯ᠎ᠨᠢ ᠲᠣᠩ ᠴᠢᠬᠤᠯᠠ ᠶᠣᠮ᠃ ᠢᠨᠢᠶᠡᠮᠰᠣᠭ᠍ᠯᠡᠬᠦ᠎ᠨᠢ ᠲᠡᠭᠦᠨ᠎ᠢ ᠣᠯᠵᠣ ᠬᠠᠷᠠᠳᠠᠭ ᠬᠦᠮᠦᠨ ᠪᠦᠬᠦᠨ᠎ᠳᠤ ᠴᠦᠮ ᠬᠠᠯᠠᠭᠤᠮᠰᠤᠭ ᠰᠠᠨᠠᠭᠳᠠᠨ᠎ᠠ᠂ ᠢᠨᠢᠶᠡᠮᠰᠣᠭ᠍ᠯᠡᠬᠦ᠎ᠨᠢ ᠶᠠᠭ ᠯᠡ ᠠ᠋ᠭᠦᠯᠡᠨ ᠵᠠᠪᠰᠠᠷ᠎ᠠᠴᠠ ᠨᠠᠷᠠ ᠭᠠᠷᠣᠭᠰᠠᠨ ᠰᠢᠬ ᠬᠦᠮᠦᠨ᠎ᠳᠤ ᠠ᠋ᠶᠡᠪᠡᠷᠭᠦᠤ ᠳᠣᠯᠠᠭ᠋ᠠᠨ ᠰᠠᠨᠠᠭᠳᠠᠨ᠎ᠠ᠃ ᠬᠡᠣᠬᠡᠳ ᠶᠡᠷᠣ᠎ᠨᠢ ᠢᠨᠢᠶᠡᠬᠦ ᠳᠣᠷᠠᠲᠠᠢ ᠬᠦᠮᠦᠨ᠎ᠲᠠᠢ ᠣᠶ᠋ᠢᠷᠠᠲᠣᠬᠤ ᠳᠣᠷᠠᠲᠠᠢ᠂ ᠢᠨᠢᠶᠡᠳᠦ ᠪᠣᠯ ᠬᠠᠶ᠋ᠢᠷ᠎ᠠ ᠰᠢᠩᠭᠡᠭᠰᠡᠨ ᠦᠭᠡ ᠬᠡᠯᠡ ᠮᠦᠨ᠃ ᠴᠢ ᠲᠡᠭᠦᠨ᠎ᠤ ᠦᠭᠡᠳᠡ ᠬᠠᠨᠳᠦᠨ ᠢᠨᠢᠶᠡᠮᠰᠦᠭᠯᠡᠭᠰᠡᠨ᠎ᠨᠢ ᠴᠢᠨᠦ ᠳᠣᠲᠣᠭ᠋ᠠᠳᠣ ᠰᠡᠳᠬᠢᠯᠭᠡ᠎ᠪᠠᠨ ᠢᠯᠡᠳᠭᠡᠵᠦ ᠪᠠᠶ᠋ᠢᠬᠤ᠎ᠨᠢ ᠲᠡᠷᠡ᠃ ᠬᠠᠷᠠᠭ᠍ᠠᠨ ᠪᠠᠭ᠎ᠠ᠎ᠠᠴᠠ᠎ᠪᠠᠨ ᠢᠨᠢᠶᠡᠮᠰᠣᠭ᠍ᠯᠡᠯ᠎ᠤᠨ ᠳᠣᠮᠳᠠ ᠦᠰᠦᠨ ᠪᠣᠶ᠋ᠢᠵᠢᠭᠰᠠᠨ ᠬᠡᠣᠬᠡᠳ ᠢᠳᠡᠪᠬᠢ ᠪᠠᠶᠠᠰᠣᠩᠭᠤᠢ ᠰᠡᠳᠬᠢᠯᠭᠡ᠎ᠲᠠᠢ ᠪᠣᠯᠳᠠᠭ᠃ ᠠ᠋ᠶ᠋ᠢᠮᠦ᠎ᠠᠴᠠ ᠭᠡᠷ᠎ᠤᠨ ᠠᠬᠠᠮᠠᠳ ᠬᠡᠣᠬᠡᠳ᠎ᠲᠠᠢ᠎ᠪᠠᠨ ᠢᠯᠡᠭᠦᠬᠡᠨ ᠢᠨᠢᠶᠡᠮᠰᠦᠭ ᠤᠪᠤᠷ ᠵᠶ᠋ᠠᠷ ᠬᠠᠷᠢᠯᠴᠠᠪᠠᠯ ᠵᠣᠬᠢᠨ᠎ᠡ᠃
      3. ᠬᠠᠶ᠋ᠢᠷ᠎ᠠ ᠰᠢᠩᠭᠡᠭᠰᠡᠨ ᠦᠭᠡ ᠶᠠᠷᠢᠶ᠎ᠠ᠎ᠪᠠᠷ ᠬᠡᠣᠬᠡᠳ ᠵᠶ᠋ᠠᠨ ᠵᠣᠷᠢᠬ᠍ᠵᠢᠭᠤᠯᠬᠤ ᠬᠡᠷᠡᠭᠲᠡᠢ᠃ ᠦᠭᠡ ᠶᠠᠷᠢᠶ᠎ᠠ ᠬᠦᠮᠦᠨ᠎ᠢ ᠤᠷᠤᠭᠰᠢᠯᠠᠭᠤᠯᠵᠤ ᠴᠢᠳᠠᠨ᠎ᠠ᠂ ᠪᠠᠰᠠ ᠬᠦᠨᠦᠭᠡᠵᠦ ᠳᠡᠶ᠋ᠢᠯᠦᠨ᠎ᠡ᠃ ᠵᠢᠱ᠌ᠢᠶᠡᠯᠡᠪᠡᠯ᠂ ᠪᠢᠳᠡᠨ᠎ᠤ ᠦᠷᠬᠦᠯᠵᠢ ᠬᠡᠷᠡᠭᠯᠡᠬᠦ 《ᠮᠠᠰᠢ ᠰᠠᠶ᠋ᠢᠨ ᠪᠣᠯᠣᠯ᠎ᠠ》 ᠭᠡᠰᠡᠨ ᠦᠭᠡ ᠬᠦᠮᠦᠨ᠎ᠢ ᠵᠣᠷᠢᠬ᠍ᠵᠢᠭᠤᠯᠦᠨ᠎ᠠ᠃ 《ᠪᠠᠯᠠᠢ ᠪᠣᠯᠵᠠᠢ᠂ ᠪᠠᠷᠠᠭᠰᠠᠨ ᠬᠡᠷᠡᠭ ᠡ》 ᠭᠡᠬᠦ ᠮᠠᠳᠤ ᠵᠢᠨ ᠦᠭᠡ᠎ᠨᠢ ᠪᠣᠰᠣᠳ᠎ᠲᠤ ᠴᠣᠬᠢᠯᠲᠠ ᠦᠭᠳᠡᠭ᠃ ᠪᠣᠰᠣᠳ᠎ᠤᠨ ᠪᠠᠲᠦᠯᠠᠭ᠎ᠠ ᠵᠢᠨ ᠳᠣᠮᠳᠠ ᠦᠰᠦᠭᠰᠡᠨ ᠬᠡᠣᠬᠡᠳ ᠦᠪᠡᠷ ᠪᠣᠰᠣᠳ᠎ᠢ ᠬᠠᠶ᠋ᠢᠷᠠᠯᠠᠨ᠎ᠠ᠂ ᠪᠣᠰᠣᠳ᠎ᠤᠨ ᠦᠭᠡᠶ᠋ᠢᠰᠭᠡᠯ᠎ᠤᠨ ᠳᠣᠮᠳᠠ ᠦᠰᠣᠭ᠌ᠰᠡᠨ ᠬᠡᠣᠬᠡᠳ ᠪᠠᠷᠢᠵᠣ ᠲᠠᠯᠪᠢᠬᠤ᠎ᠪᠠᠨ ᠠᠯᠳᠠᠨ᠎ᠠ᠃
      4. ᠬᠠᠶ᠋ᠢᠷ᠎ᠠ᠎ᠪᠠᠷ ᠬᠠᠮᠢᠶᠠᠷᠤᠨ ᠰᠣᠷᠭ᠋ᠠᠨ᠎ᠠ᠃ ᠬᠡᠣᠬᠡᠳ ᠵᠶ᠋ᠠᠨ ᠬᠠᠶ᠋ᠢᠷᠠᠯᠠᠭ᠍ᠣ᠎ᠨᠢ ᠬᠡᠣᠬᠡᠳ ᠵᠶ᠋ᠠᠨ ᠳᠣᠷ᠎ᠠ᠎ᠪᠠᠷ ᠲᠠᠯᠪᠢᠬᠤ ᠶᠠᠪᠣᠳᠠᠯ ᠪᠢᠰᠢ᠃ ᠶᠠᠭ ᠯᠡ ᠯᠦ᠍ ᠵᠢᠶᠦ᠋ᠨ᠎ᠤ ᠬᠡᠯᠡᠭᠰᠡᠨ ᠰᠢᠭ ᠵᠶ᠋ᠠᠷ 《ᠬᠡᠣᠬᠡᠳ ᠵᠶ᠋ᠠᠨ ᠵᠣᠯ ᠪᠣᠰᠣ ᠬᠦᠮᠦᠨ ᠪᠣᠯᠭ᠋ᠠᠬᠤ ᠭᠡᠪᠡᠯ ᠳᠠᠷᠦᠢ ᠬᠡᠣᠬᠡᠳ᠎ᠤᠨ ᠰᠠᠨᠠᠭ᠋ᠠᠨ ᠲᠠᠪᠠ᠎ᠪᠠᠷ᠎ᠨᠢ ᠲᠠᠯᠪᠢᠨ᠎ᠠ》 ᠭᠡᠰᠡᠨ ᠰᠢᠭ᠃ ᠬᠠᠶ᠋ᠢᠷ᠎ᠠ᠎ᠪᠠᠷ ᠬᠠᠮᠢᠶᠠᠷᠤᠨ ᠰᠣᠷᠭ᠋ᠠᠬᠤ᠎ᠨᠢ ᠶᠠᠭ᠋ᠠᠬᠢᠭᠰᠠᠨ ᠴᠣ᠌ ᠬᠠᠢ᠍ᠢ᠍ᠷ᠎ᠠ ᠵᠢ ᠲᠤᠳᠠᠭᠳᠠᠭᠤᠯᠤᠨ᠎ᠠ ᠭᠡᠰᠡᠨ ᠦᠭᠡ ᠪᠢᠰᠢ᠂ ᠬᠠᠷᠢᠭᠤᠴᠠᠯᠭ᠎ᠠ ᠪᠠ ᠠᠯᠪᠠ᠎ᠨᠢ ᠴᠣ᠌ ᠦᠭᠡᠢ ᠪᠠᠶ᠋ᠢᠵᠣ ᠪᠣᠯᠬᠤ ᠦᠭᠡᠢ᠂ ᠬᠡᠣᠬᠡᠳ ᠵᠶ᠋ᠠᠨ ᠳᠣᠷ᠎ᠠ᠎ᠪᠠᠷ ᠲᠠᠯᠪᠢᠬᠤ᠎ᠨᠢ ᠬᠡᠣᠬᠡᠳ ᠵᠶ᠋ᠠᠨ ᠬᠤᠣᠷᠯᠠᠭᠰᠠᠨ᠎ᠲᠠᠢ ᠠᠳᠠᠯᠢ᠃ ᠦᠷ᠎ᠡ ᠪᠦᠲᠦᠮᠵᠢᠲᠠᠢ ᠬᠠᠮᠢᠶᠠᠷᠤᠨ ᠰᠣᠷᠭ᠋ᠠᠬᠤ᠎ᠨᠢ ᠬᠠᠷᠢᠶᠠᠯ ᠢᠷᠦᠭᠡᠯ ᠲᠠᠯᠪᠢᠬᠤ ᠶᠠᠪᠣᠳᠠᠯ ᠪᠢᠰᠢ᠂ ᠬᠠᠷᠢᠨ ᠬᠡᠣᠬᠡᠳ᠎ᠢ ᠵᠦᠪ ᠰᠤᠷᠭ᠋ᠠᠨ ᠭᠦᠮᠦᠵᠢᠭᠦᠯᠵᠤ᠂ ᠲᠡᠭᠦᠨ᠎ᠤ ᠰᠢᠮ᠎ᠡ ᠵᠢ᠎ᠨᠢ ᠬᠦᠷᠲᠡᠭᠦ ᠵᠢ ᠵᠢᠭ᠋ᠠᠵᠤ ᠪᠤᠢ᠃
      5. ᠠᠪᠤ ᠡᠵᠢ ᠪᠣᠯᠣᠭᠰᠠᠳ ᠬᠡᠣᠬᠡᠳ᠎ᠤᠨ ᠠᠯᠳᠠᠭ᠎ᠠ ᠪᠣᠷᠣᠭᠤ ᠵᠢ ᠪᠠᠭᠳᠠᠭ᠋ᠠᠵᠣ ᠶᠠᠪᠣᠪᠠᠯ ᠵᠣᠬᠢᠨ᠎ᠠ᠃ ᠬᠡᠣᠬᠡᠳ ᠴᠦᠮ ᠪᠠᠭᠳᠠᠭ᠋ᠠᠬᠤ ᠵᠢ ᠬᠦᠰᠡᠨ᠎ᠡ᠃ ᠠᠯᠳᠠᠷᠲᠣ ᠰᠣᠷᠭ᠋ᠠᠨ ᠬᠦᠮᠦᠵᠢᠯ᠎ᠤᠨ ᠣᠬᠠᠭ᠋ᠠᠨᠲᠠᠨ ᠰᠦᠬᠤᠮᠯᠢᠨ᠋ᠸᠰᠺᠢ᠄ 《ᠵᠠᠷᠢᠮ ᠦᠶᠡᠰ᠎ᠲᠤ ᠪᠠᠭᠲᠠᠭ᠋ᠠᠬᠤ᠎ᠨᠢ ᠰᠢᠭᠦᠮᠵᠢᠯᠡᠯ᠎ᠠᠴᠠ ᠢᠯᠡᠭᠦᠦ ᠬᠦᠴᠦᠨ᠎ᠲᠠᠢ ᠪᠠᠶ᠋ᠢᠳᠠᠭ᠃ ᠠᠪᠤ ᠡᠵᠢ ᠬᠡᠣᠬᠡᠳ ᠵᠶ᠋ᠠᠨ ᠠᠭᠤᠴᠢᠯᠠᠨ ᠪᠠᠭᠳᠠᠭ᠋ᠠᠵᠣ ᠶᠠᠪᠤᠪᠠᠯ ᠬᠡᠣᠬᠡᠳ ᠨᠡᠩ ᠴᠢᠯᠦᠭᠡᠲᠠᠢ ᠦᠰᠦᠨ ᠪᠣᠶ᠋ᠢᠵᠢᠵᠣ ᠴᠢᠳᠠᠨ᠎ᠠ》 ᠭᠡᠵᠡᠢ᠃
      6. ᠬᠡᠣᠬᠡᠳ᠎ᠲᠤ ᠬᠠᠶ᠋ᠢᠷᠠᠯᠠᠭ᠍ᠣ ᠵᠠᠪᠰᠢᠶᠠᠨ᠎ᠢ ᠣᠯᠭᠤᠬᠤ ᠬᠡᠷᠡᠭᠲᠡᠢ᠃ ᠵᠢᠩᠭᠢᠨᠢ ᠬᠡᠣᠬᠡᠳ ᠵᠶ᠋ᠠᠨ ᠬᠠᠶ᠋ᠢᠷᠠᠯᠠᠭ᠍ᠣ ᠠ᠋ᠬᠡ ᠡᠴᠢᠭᠡ᠎ᠨᠢ ᠬᠡᠣᠬᠡᠳ᠎ᠤᠨ ᠠ᠋ᠮᠦᠨ᠎ᠡ ᠪᠠᠭ᠋ᠠᠬᠠᠨ ᠳᠣᠷᠣᠢ ᠰᠢᠬ ᠪᠠᠶ᠋ᠢᠪᠠᠯ ᠵᠣᠬᠢᠨ᠎ᠠ᠂ ᠬᠠᠷᠢᠨ ᠬᠡᠣᠬᠡᠳ᠎ᠤᠨ ᠠ᠋ᠮᠦᠨ᠎ᠡ ᠳᠡᠭᠡᠷᠡᠩᠭᠦᠢ ᠪᠠᠶ᠋ᠢᠵᠣ ᠪᠣᠯᠬᠤ ᠦᠭᠡᠢ᠃ ᠬᠡᠣᠬᠡᠳ᠎ᠲᠤ ᠪᠣᠰᠣᠳ᠎ᠢ ᠬᠠᠶ᠋ᠢᠷᠠᠯᠠᠭ᠍ᠤ ᠵᠠᠪᠰᠢᠶᠠᠨ᠎ᠢ ᠤᠯᠭᠤᠬᠤ           ᠬᠡᠷᠡᠭᠲᠡᠢ᠃ ᠦᠪᠡᠷ᠎ᠤᠨ ᠪᠠᠶ᠎ᠠ᠎ᠪᠠᠨ ᠠᠭᠤᠯᠠ᠎ᠪᠠᠷ ᠦᠵᠡᠵᠦ ᠬᠡᠣᠬᠡᠳ ᠵᠶ᠋ᠠᠨ ᠡᠪᠡᠰᠣ᠎ᠪᠠᠷ ᠦᠵᠡᠵᠣ᠂ ᠬᠡᠣᠬᠡᠳ᠎ᠲᠤ᠎ᠪᠠᠨ ᠪᠠᠢ᠍ᠢ᠍ᠳᠠᠬ ᠪᠣᠷᠣᠭ᠋ᠠᠨ ᠰᠠᠯᠬᠢ ᠵᠢ ᠬᠠᠯᠬᠠᠯᠠᠪᠠᠯ᠂ ᠬᠡᠣᠬᠡᠳ᠎ᠨᠢ ᠬᠠᠷᠢᠨ ᠪᠣᠷᠣᠭ᠋ᠠᠨ ᠰᠠᠯᠬᠢ ᠵᠢ ᠲᠡᠰᠪᠣᠷᠢᠯᠡᠵᠣ ᠳᠡᠶ᠋ᠢᠯᠬᠦ ᠦᠭᠡᠢ ᠪᠤᠯᠳᠠᠬ᠃ ᠬᠠᠷᠢᠨ ᠬᠡᠣᠬᠡᠳ ᠵᠶ᠋ᠠᠨ ᠠᠭᠤᠯᠠ ᠭᠡᠵᠦ ᠦᠵᠡᠪᠡᠯ ᠬᠡᠣᠬᠡᠳ ᠴᠢᠨᠢ ᠰᠠᠶᠢ ᠠᠭᠤᠯᠠ ᠪᠣᠯᠵᠣ ᠴᠢᠳᠠᠨ᠎ᠠ᠃ ᠠ᠋ᠨᠡ ᠲᠠᠯ᠎ᠠ᠎ᠨᠢ ᠲᠣᠶ᠋ᠢᠯ᠎ᠤᠨ ᠴᠢᠬᠤᠯᠠ ᠶᠣᠮ᠃
      ᠠᠪᠤ ᠡᠵᠢ᠎ᠨᠢ ᠬᠠᠶ᠋ᠢᠷ᠎ᠠ ᠰᠢᠩᠭᠡᠭᠰᠡᠨ ᠬᠠᠷᠠᠴᠠ᠎ᠪᠠᠷ ᠭᠡᠤᠭᠡᠳ ᠵᠶ᠋ᠠᠨ ᠬᠠᠷᠠᠵᠤ᠂ ᠬᠠᠶ᠋ᠢᠷ᠎ᠠ ᠰᠢᠩᠭᠡᠭᠰᠡᠨ ᠢᠨᠢᠶᠡᠲᠣ᠎ᠪᠠᠷ ᠬᠡᠣᠬᠡᠳ᠎ᠲᠤ᠎ᠪᠠᠨ ᠬᠠᠨᠳᠣᠵᠣ᠂ ᠬᠠᠶ᠋ᠢᠷ᠎ᠠ ᠰᠢᠩᠭᠡᠭᠰᠡᠨ ᠦᠭᠡ ᠶᠠᠷᠢᠶ᠎ᠠ᠎ᠪᠠᠷ ᠬᠡᠣᠬᠡᠳ ᠵᠶ᠋ᠠᠨ ᠵᠣᠷᠢᠬ᠍ᠵᠢᠭᠤᠯᠵᠣ᠂ ᠬᠠᠶ᠋ᠢᠷ᠎ᠠ᠎ᠪᠠᠷ ᠬᠠᠮᠢᠶᠠᠷᠤᠨ ᠰᠣᠷᠭ᠋ᠠᠵᠤ ᠬᠠᠶ᠋ᠢᠷ᠎ᠠ᠎ᠪᠠᠷ ᠬᠡᠣᠬᠡᠳ ᠵᠶ᠋ᠠᠨ ᠪᠠᠭᠲᠠᠭ᠋ᠠᠵᠣ ᠬᠠᠢ᠍ᠢ᠍ᠷᠠᠯᠠᠬᠤ ᠵᠠᠪᠰᠢᠶᠠᠨ᠎ᠢ ᠬᠡᠣᠬᠡᠳ᠎ᠲᠤ᠎ᠪᠠᠨ ᠦᠭᠭᠦᠭᠡᠷᠡᠢ᠃ ᠬᠠᠶ᠋ᠢᠷ᠎ᠠ ᠵᠢ ᠵᠦᠪ ᠲᠠᠨᠢᠵᠣ᠂ ᠬᠠᠶ᠋ᠢᠷ᠎ᠠ ᠵᠢ ᠵᠦᠪ ᠬᠦᠷᠲᠡᠭᠡᠵᠦ ᠴᠢᠳᠠᠪᠠᠯ ᠰᠠᠶᠢ ᠵᠢᠩᠭᠢᠨᠢ ᠬᠠᠶ᠋ᠢᠷ᠎ᠠ᠎ᠳᠤ ᠲᠣᠭ᠋ᠠᠴᠢᠭᠳᠠᠵᠣ ᠬᠠᠶ᠋ᠢᠷ᠎ᠠ ᠵᠢᠨ ᠬᠦᠴᠦᠨ ᠬᠦᠢ᠍ᠴᠡᠳ ᠪᠠᠳᠠᠷᠠᠵᠣ ᠪᠡᠶ᠎ᠡ ᠰᠡᠳᠬᠢᠯ ᠠ᠋ᠷᠡᠭᠦᠯ᠂ ᠣᠶᠣᠨ ᠣᠬᠠᠭ᠋ᠠᠨ ᠠ᠋ᠷᠳᠡᠮ ᠴᠢᠳᠠᠪᠣᠷᠢ ᠬᠤᠣᠰᠯᠠᠭᠰᠠᠨ ᠰᠢᠯᠢᠳᠡᠭ ᠬᠡᠣᠬᠡᠳ᠎ᠢ ᠬᠦᠮᠦᠵᠢᠭᠦᠯᠵᠦ ᠴᠢᠳᠠᠨ᠎ᠠ᠃
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠬᠤᠷᠴᠢᠨ ᠵᠡᠭᠦᠨ ᠭᠠᠷᠣᠨ ᠳᠣᠮᠳᠠᠳᠣ ᠬᠤᠰᠢᠭᠤᠨ᠎ᠤ
                                   ᠪᠣᠣ ᠯᠦᠩ ᠱᠠᠨ ᠭᠤᠣᠯ ᠰᠣᠷᠭ᠋ᠠᠭᠤᠯᠢ
                                   (ᠠᠯᠳᠠᠨᠰᠦᠢ᠍ᠭᠡ ᠨᠠᠢ᠍ᠢ᠍ᠷᠠᠭᠤᠯᠪᠠ)
                               2023.5 ᠳ᠋ᠤᠭ᠋ᠠᠷ ᠬᠤᠭᠤᠴᠠᠭ᠎ᠠ


 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠵᠦᠪ ᠦᠭᠡᠳᠡᠷᠬᠡᠭ ᠭᠡᠷ᠎ᠤᠨ ᠬᠦᠮᠦᠵᠢᠯ ᠪᠣᠯ ᠬᠡᠣᠬᠡᠳ᠎ᠤᠨ ᠠ᠋ᠷᠡᠬᠦᠯ ᠦᠰᠦᠨ ᠪᠣᠶ᠋ᠢᠵᠢᠯᠲᠠ ᠵᠢᠨ ᠦᠨᠳᠦᠰᠦ
ᠬᠡᠣᠬᠡᠣᠨ᠎ᠤᠨ ᠴᠡᠴᠡᠷᠯᠢᠭ᠎ᠤᠨ ᠰᠤᠷᠭ᠋ᠠᠨ ᠭᠦᠮᠣᠵᠢᠯ᠎ᠤᠨ ᠶᠠᠪᠤᠴᠠ᠎ᠳᠠᠬᠢ ᠠᠵᠢᠭᠯᠠᠯᠲᠠ ᠵᠢᠨ ᠲᠤᠬᠠᠢ
ᠬᠤᠴᠤᠷᠤᠩᠭᠤᠢ ᠰᠤᠷᠤᠬ᠍ᠴᠢ ᠵᠢ ᠠ᠋ᠩᠬᠦᠷᠡᠶ᠋ᠢᠯᠡᠨ ᠬᠠᠶ᠋ᠢᠷᠠᠯᠠᠶ᠎ᠠ
 
             蒙ICP备05000248号