ᠴᠠᠩ ᠮᠢᠩ

ᠮᠠᠨ᠎ᠤ ᠠᠷᠠᠳ᠎ᠤᠨ ᠶᠠᠷᠢᠶᠠᠨ᠎ᠳᠤ 《ᠬᠦᠮᠦᠨ ᠪᠣᠯᠬᠤ ᠪᠠᠭ᠎ᠠ᠎ᠠᠴᠠ᠎ᠪᠠᠨ᠂ ᠬᠦᠯᠦᠭ ᠪᠣᠯᠬᠤ ᠣᠨᠠᠭ᠋ᠠᠨᠠᠴᠠ ᠪᠠᠨ》 ᠬᠡᠵᠣ ᠬᠡᠣᠬᠡᠳ᠎ᠢ ᠪᠠᠭ᠎ᠠ ᠨᠠᠰᠣᠨ᠎ᠠᠴᠠ᠎ᠨᠢ ᠠ᠋ᠬᠢᠯᠡᠵᠣ ᠬᠦᠮᠦᠨ ᠪᠣᠯᠬᠤ ᠵᠦᠪ ᠵᠠᠮ ᠦᠬᠡᠳᠡ ᠣᠳᠣᠷᠢᠳᠣᠨ ᠬᠦᠮᠦᠵᠢᠬᠦᠯᠬᠦ ᠲᠤᠬᠠᠢ ᠰᠡᠴᠡᠯᠡᠭᠰᠡᠨ ᠪᠠᠶ᠋ᠢᠳᠠᠭ᠂ ᠣᠳᠣᠬᠠᠨ᠎ᠳᠤ ᠬᠡᠷ ᠪᠦᠯᠢ ᠵᠢᠨ ᠰᠣᠷᠭ᠋ᠠᠨ ᠬᠦᠮᠦᠵᠢᠯ ᠪᠣᠯᠣᠨ ᠰᠣᠷᠭ᠋ᠠᠭᠤᠯᠢ ᠵᠢᠨ ᠰᠣᠷᠭ᠋ᠠᠨ ᠬᠦᠮᠦᠵᠢᠯ ᠴᠦ᠍ ᠬᠡᠦᠬᠡᠳ᠎ᠤᠨ ᠬᠦᠮᠦᠨ ᠪᠤᠯᠬᠤ ᠬᠦᠮᠦᠵᠢᠯ ᠬᠢᠬᠦ ᠵᠢ ᠴᠢᠬᠤᠯᠠᠴᠢᠯᠠᠵᠤ᠂ ᠵᠢᠭ᠋ᠠᠨ ᠰᠤᠷᠭ᠋ᠠᠯᠲᠠ ᠵᠢᠨ ᠵᠶ᠋ᠠᠨ ᠭᠤᠣᠯ ᠬᠠᠷᠠᠯᠳᠠ ᠪᠤᠯᠭ᠋ᠠᠭᠰᠠᠨ ᠪᠠᠶ᠋ᠢᠨ᠎ᠠ᠃ ᠬᠦᠮᠦᠨ ᠪᠣᠯᠬᠤ ᠵᠢᠨ ᠬᠦᠮᠦᠵᠢᠯ ᠬᠢᠬᠦ᠎ᠳᠤ 《ᠬᠦᠰᠡᠯᠡᠩ》᠎ᠤᠨ ᠬᠦᠮᠦᠵᠢᠯ ᠬᠢᠬᠦ᠎ᠨᠢ ᠴᠢᠬᠤᠯᠠ ᠭᠡᠵᠦ ᠤᠶ᠋ᠢᠯᠠᠭ᠋ᠠᠵᠤ ᠪᠤᠢ᠃ ᠰᠤᠷᠭ᠋ᠠᠭᠤᠯᠢ᠂ ᠭᠡᠷ ᠪᠦᠯᠢ᠂ ᠨᠡᠶ᠋ᠢᠭᠡᠮ ᠭᠤᠷᠪᠠ ᠤᠶᠠᠯᠳᠤᠭᠰᠠᠨ ᠰᠤᠷᠭ᠋ᠠᠨ ᠬᠦᠮᠦᠵᠢᠯ᠎ᠳᠤ ᠬᠦᠮᠦᠨ ᠪᠤᠯᠬᠤ ᠬᠦᠮᠦᠵᠢᠯ ᠰᠠᠭᠤᠷᠢᠯᠠᠭᠴᠢ ᠦᠢ᠍ᠯᠡᠳᠦᠯ ᠦᠵᠡᠭᠦᠯᠳᠡᠭ ᠪᠤᠯ 《ᠬᠦᠰᠡᠯᠡᠩ》᠎ᠤᠨ ᠬᠦᠮᠦᠵᠢᠯ ᠬᠢᠬᠦ᠎ᠨᠢ ᠭᠤᠤᠯ ᠴᠢᠮᠦᠭᠡ ᠪᠤᠯᠬᠤ ᠶᠤᠰᠤᠲᠠᠢ᠃ ᠠ᠋ᠭᠦᠨ᠎ᠳᠤ ᠬᠦᠮᠦᠵᠢᠬᠦᠯᠦᠭᠴᠢ ᠲᠠᠯ᠎ᠠ ᠵᠢᠨ ᠣᠳᠣᠷᠢᠳᠣᠨ ᠵᠢᠯᠣᠭᠤᠳᠬᠤ ᠦᠢ᠍ᠯᠡᠳᠦᠯ ᠪᠠ ᠬᠦᠮᠦᠵᠢᠭᠳᠡᠭᠴᠢ ᠭᠤᠣᠯ ᠴᠣᠭᠴᠠ ᠵᠢᠨ ᠬᠦᠳᠡᠯᠦᠩᠬᠦᠢ ᠣᠷᠣᠯᠴᠠᠭ᠎ᠠ ᠴᠦᠮ ᠱᠠᠭ᠋ᠠᠷᠳᠠᠭᠳᠠᠳᠠᠭ᠃
ᠨᠢᠬᠡ᠂ ᠬᠦᠰᠡᠯᠡᠩ᠎ᠤᠨ ᠬᠦᠮᠦᠵᠢᠯ᠎ᠤᠨ ᠲᠤᠬᠠᠢ ᠣᠶ᠋ᠢᠯᠠᠭ᠋ᠠᠯᠳᠠᠲᠠᠢ ᠪᠤᠯᠭ᠋ᠠᠬᠤ
1. ᠬᠦᠰᠡᠯᠡᠩ ᠬᠡᠵᠣ ᠬᠡᠣᠬᠡᠳ᠎ᠤᠨ ᠠᠳᠠᠯᠢ ᠪᠣᠰᠣ ᠨᠠᠰᠣᠨ᠎ᠤ ᠱᠠᠭ᠋ᠠᠷᠳᠠᠯᠭ᠎ᠠ ᠬᠡᠷᠡᠭᠴᠡᠭᠡ᠂ ᠲᠣᠷ᠎ᠠ ᠪᠠᠬ᠎ᠠ᠂ ᠬᠦᠰᠡᠯ ᠵᠣᠷᠢᠯᠳᠡ᠎ᠠᠴᠠ ᠠ᠋ᠭᠦᠰᠴᠦ ᠤᠨ ᠵᠢᠯ᠎ᠤᠨ ᠤᠷᠴᠢᠯᠲᠠ ᠵᠢ ᠲᠠᠮᠵᠢᠨ ᠬᠦᠪᠦᠷᠡᠨ ᠪᠣᠶ᠋ᠢᠵᠢᠳᠠᠭ᠃ ᠠ᠋ᠨᠡ᠎ᠨᠢ ᠲᠡᠳᠡᠨ᠎ᠤ ᠲᠠᠨᠢᠨ ᠮᠡᠳᠡᠷᠡᠬᠦᠢ ᠵᠢᠨ ᠴᠢᠳᠠᠪᠣᠷᠢ ᠵᠢᠨ ᠬᠦᠭᠵᠢᠯᠳᠡ᠂ ᠨᠠᠶ᠋ᠢᠬᠡᠮ ᠪᠠᠶ᠋ᠢᠭ᠋ᠠᠯᠢ ᠵᠢᠨ ᠣᠶ᠋ᠢᠯᠠᠭ᠋ᠠᠯᠳᠠ ᠵᠢ ᠲᠠᠮᠵᠢᠨ ᠬᠤᠪᠢᠷᠠᠯᠳᠠ ᠬᠦᠭᠵᠢᠯᠳᠡ ᠵᠢᠨ ᠲᠣᠮᠳᠠ ᠪᠦᠷᠢᠯᠳᠦᠯ ᠵᠶ᠋ᠠᠨ ᠣᠯᠳᠠᠭ᠃ ᠠᠳᠠᠯᠢ ᠪᠣᠰᠣ ᠨᠠᠰᠣᠨ᠎ᠤ ᠬᠡᠦᠬᠡᠳ᠎ᠤᠨ ᠬᠦᠰᠡᠯ ᠱᠠᠭ᠋ᠠᠷᠳᠠᠯᠭ᠎ᠠ ᠵᠢ ᠲᠡᠷᠡ ᠴᠠᠭ ᠦᠶ᠎ᠡ ᠵᠢᠨ ᠬᠦᠰᠡᠯᠡᠩ ᠬᠡᠵᠣ ᠣᠶ᠋ᠢᠯᠠᠭ᠋ᠠᠬᠤ ᠶᠣᠰᠣᠳᠠᠢ᠃ ᠦᠯᠦᠬᠡᠢ᠎ᠲᠠᠢ ᠨᠢᠯᠬ᠎ᠠ ᠬᠡᠦᠬᠡᠳ᠂ ᠤᠬᠢᠯᠠᠭ᠍ᠤᠪᠠᠷ ᠳᠠᠮᠵᠢᠨ ᠦᠪᠡᠷ᠎ᠤᠨ ᠦᠯᠦᠰᠦᠭᠰᠡᠨ᠂ ᠠᠶᠤᠭᠰᠠᠨ᠂ ᠳᠠᠭ᠋ᠠᠷᠠᠭᠰᠠᠨ᠂ ᠬᠠᠯᠠᠭᠤᠴᠠᠭᠰᠠᠨ ᠪᠤᠶᠤ ᠪᠡᠶ᠎ᠡ ᠮᠠᠭ᠍ᠠᠪᠤᠳ᠎ᠤᠨ ᠲᠠᠪᠠ ᠦᠭᠡᠢ ᠰᠡᠷᠡᠭᠳᠡᠯ ᠵᠶ᠋ᠠᠨ ᠢᠯᠡᠳᠭᠡᠳᠡᠭ᠂ ᠪᠠᠯᠴᠢᠷ ᠨᠠᠰᠤᠨ᠎ᠤ ᠬᠡᠦᠬᠡᠳ ᠭᠤᠶᠤ ᠲᠤᠭᠯᠠᠭ᠋ᠠᠮ᠎ᠲᠠᠢ ᠪᠤᠯᠬᠤ᠂ ᠬᠦᠰᠡᠭᠰᠡᠨ ᠭᠠᠵᠠᠷ᠎ᠲᠤ᠎ᠪᠠᠨ ᠤᠴᠢᠬᠤ᠂ ᠠᠮᠲᠠᠳᠤ ᠢᠳᠡᠭᠡᠨ ᠢᠳᠡᠬᠦ ᠮᠡᠲᠦ ᠵᠢᠨ ᠬᠦᠰᠡᠯ ᠱᠠᠭ᠋ᠠᠷᠳᠠᠯᠭ᠎ᠠ᠎ᠪᠠᠨ ᠲᠤᠮᠤᠴᠤᠤᠯᠳᠤᠪᠠᠨ ᠢᠯᠡᠳᠭᠡᠳᠡᠭ ᠵᠡᠷᠭᠡ᠎ᠨᠢ ᠪᠦᠷ ᠲᠤᠬᠠᠢ ᠵᠢᠨ ᠴᠠᠭ᠎ᠤᠨ ᠲᠡᠳᠡᠨ᠎ᠤ 《ᠬᠦᠰᠡᠯᠡᠩ》 ᠪᠤᠯᠬᠤ ᠶᠤᠮ᠃ ᠬᠠᠷᠢᠴᠠᠩᠭᠤᠢ᠎ᠪᠠᠷ ᠬᠡᠯᠡᠪᠡᠯ ᠪᠠᠭ᠎ᠠ ᠬᠡᠦᠬᠡᠳ ᠤᠨ 《ᠬᠦᠰᠡᠯᠡᠩ》᠎ᠨᠢ ᠪᠡᠶᠡᠯᠡᠭᠳᠡᠬᠦ᠎ᠳᠤ ᠬᠢᠯᠪᠠᠷ᠂ ᠤᠶ᠋ᠢᠷ᠎ᠠ ᠬᠤᠭᠤᠴᠠᠭ᠋ᠠᠨ᠎ᠤ ᠪᠠᠶ᠋ᠢᠵᠤ᠂ ᠳᠦᠭᠦᠮ ᠪᠤᠳᠠᠲᠠᠢ ᠪᠠᠶ᠋ᠢᠳᠠᠭ᠃
2. ᠬᠡᠣᠬᠡᠳ᠎ᠤᠨ ᠬᠦᠰᠡᠯᠡᠩ᠎ᠤᠨ ᠪᠦᠷᠢᠯᠳᠦᠯ᠎ᠢ ᠠᠬᠢᠭᠤᠯᠬᠤ᠎ᠳᠤ ᠠ᠋ᠷᠬᠡᠪᠰᠢ ᠬᠡᠣᠬᠡᠳ᠎ᠲᠠᠢ᠎ᠪᠠᠨ ᠢᠯᠡᠬᠦᠴᠡ ᠶᠠᠷᠢᠯᠴᠠᠵᠣ ᠨᠡᠪᠳᠡᠷᠡᠯᠴᠡᠨ᠂ ᠠᠵᠢᠭᠯᠠᠵᠣ ᠣᠶ᠋ᠢᠯᠠᠭ᠋ᠠᠨ ᠲᠡᠬᠦᠨ᠎ᠤ ᠲᠣᠷ᠎ᠠ ᠪᠠᠬ᠎ᠠ᠂ ᠠᠪᠢᠶᠠᠰ ᠪᠢᠯᠢᠭ᠎ᠤᠨ ᠬᠦᠭᠵᠢᠯᠳᠡ᠎ᠪᠠᠷ ᠦᠨᠳᠦᠰᠣᠯᠡᠯ ᠪᠣᠯᠭ᠋ᠠᠵᠣ ᠢᠷᠡᠬᠡᠳᠦᠢ ᠵᠢᠨ ᠬᠦᠭᠵᠢᠯᠳᠡ ᠵᠢᠨ ᠬᠠᠷᠠᠭ᠋ᠠᠰᠣᠠᠴᠠ ᠬᠦᠰᠡᠯᠡᠩ᠎ᠤᠨ ᠬᠦᠮᠦᠵᠢᠯ᠎ᠢ ᠰᠢᠮᠡᠳᠬᠡᠬᠦ ᠬᠡᠷᠡᠭᠳᠠᠢ᠃ ᠭᠡᠷ ᠪᠦᠯᠢ ᠪᠠ ᠨᠠᠶ᠋ᠢᠭᠡᠮ᠎ᠤᠨ ᠲᠠᠯ᠎ᠠ᠎ᠠᠴᠠ ᠬᠡᠦᠬᠡᠳ᠎ᠤᠨ ᠵᠤᠬᠢᠴᠠᠭ᠍ᠤ ᠴᠢᠳᠠᠪᠤᠷᠢ᠂ ᠬᠠᠷᠢᠯᠴᠠᠭ᠍ᠤ ᠴᠢᠳᠠᠪᠤᠷᠢ᠎ᠳᠤ ᠴᠢᠭᠯᠡᠭᠰᠡᠨ ᠪᠤᠯᠪᠠᠰᠤᠷᠠᠯ ᠳᠠᠰᠬᠠᠯ᠎ᠢ ᠬᠢᠵᠦ ᠪᠠᠶ᠋ᠢᠬᠤ ᠬᠡᠷᠡᠭᠲᠡᠢ ᠮᠦᠷᠲᠡᠭᠡᠨ᠂ ᠰᠤᠷᠭ᠋ᠠᠭᠤᠯᠢ ᠵᠢᠨ ᠵᠢᠭ᠋ᠠᠨ ᠰᠤᠷᠭ᠋ᠠᠯᠲᠠ ᠳᠤᠮᠳᠠ ᠪᠠᠭᠰᠢ᠎ᠠᠴᠠ ᠬᠠᠨᠳᠤᠯᠭ᠋ᠠᠳᠤ ᠴᠢᠨᠠᠷᠲᠠᠢ ᠬᠦᠰᠡᠯ ᠮᠦᠷᠦᠭᠡᠳᠦᠯ᠎ᠤᠨ ᠬᠦᠮᠦᠵᠢᠯ ᠬᠢᠵᠦ᠂ ᠲᠡᠳᠡᠨ᠎ᠤ ᠵᠦᠪ ᠰᠠᠶ᠋ᠢᠬᠠᠨ ᠦᠵᠡᠯ ᠪᠤᠳᠤᠯ᠎ᠢ ᠪᠤᠢ ᠪᠤᠯᠭ᠋ᠠᠬᠤ᠎ᠳᠤ ᠲᠤᠰᠠᠯᠠᠭ᠍ᠤ ᠬᠡᠷᠡᠭᠲᠡᠢ᠃
3. ᠬᠡᠣᠬᠡᠳ᠎ᠤᠨ ᠲᠠᠨᠢᠵᠣ ᠣᠶ᠋ᠢᠯᠠᠭ᠋ᠠᠬᠤ ᠰᠡᠳᠬᠢᠬᠦᠢ ᠵᠢᠨ ᠦᠷᠬᠡᠳᠬᠡᠯᠢ ᠠᠬᠢᠭᠤᠯᠬᠤ ᠵᠣᠷᠢᠯᠳᠠ᠎ᠠᠴᠠ ᠨᠠᠶ᠋ᠢᠬᠡᠮ ᠲᠣᠭᠤᠷᠢᠭ᠎ᠤᠨ ᠬᠦᠳᠡᠯᠭᠡᠭᠡᠨ᠎ᠳᠤ ᠣᠷᠣᠯᠴᠠᠭ᠍ᠣ᠂ ᠰᠢᠯᠢᠳᠡᠭ ᠨᠣᠮ ᠰᠣᠨᠢᠨ᠂ ᠺᠢᠨᠣ᠋ ᠵᠦᠴᠦᠬᠡ ᠰᠣᠨᠢᠷᠬᠠᠬᠤ᠂ ᠰᠣᠨᠢᠨ ᠮᠡᠳᠡᠭᠡ ᠰᠣᠨᠣᠰᠬᠤ᠂ ᠦᠢ᠍ᠯᠡᠳᠦᠯᠭᠡ ᠵᠢᠨ ᠬᠦᠳᠡᠯᠭᠡᠭᠡᠨ᠎ᠳᠤ ᠣᠷᠣᠯᠴᠠᠭ᠍ᠣ᠎ᠪᠠᠷ ᠲᠠᠮᠵᠢᠨ ᠬᠡᠣᠬᠡᠳ᠎ᠤᠨ ᠦᠪᠡᠷ᠎ᠤᠨ ᠬᠡᠬᠦ ᠰᠣᠨᠢᠭᠤᠴᠢ ᠬᠦᠰᠡᠯ᠎ᠢ᠎ᠨᠢ ᠰᠡᠳᠦᠵᠣ ᠬᠦᠪᠣᠷᠡᠬᠦᠯᠬᠦ ᠴᠢᠬᠤᠯᠠᠳᠠᠢ᠃
4. ᠬᠡᠷ᠎ᠤᠨ ᠠᠬᠠᠮᠠᠳ᠂ ᠪᠠᠭᠰᠢ ᠵᠢᠨ ᠰᠣᠯᠢᠯᠴᠠᠭ᠎ᠠ ᠨᠡᠪᠳᠡᠷᠡᠯᠴᠡᠯᠢ ᠠᠩᠬᠠᠷᠴᠣ ᠬᠡᠣᠬᠡᠳ᠎ᠤᠨ ᠬᠡᠷ ᠪᠦᠯᠢ᠂ ᠰᠣᠷᠭ᠋ᠠᠭᠤᠯᠢ᠎ᠳᠠᠬᠢ ᠢᠯᠡᠷᠡᠯ᠎ᠤᠨ ᠪᠦᠬᠦ ᠬᠠᠷᠠᠴᠠ᠎ᠠᠴᠠ ᠣᠴᠢᠵᠣ ᠬᠦᠰᠡᠯ ᠬᠦᠰᠡᠯᠡᠩ᠎ᠤᠨ ᠬᠦᠪᠦᠷᠡᠯ᠎ᠤᠨ ᠬᠦᠮᠦᠵᠢᠯ᠎ᠢ ᠬᠠᠮᠳᠣ᠎ᠪᠠᠷ ᠬᠢᠵᠦ ᠵᠣᠷᠢᠬ᠍ᠵᠢᠭᠤᠯᠣᠨ ᠬᠦᠮᠦᠵᠢᠬᠦᠯᠦᠨ᠎ᠡ᠃ ᠠ᠋ᠶ᠎ᠡ ᠵᠤᠬᠢᠴᠠᠩᠭᠤᠢ᠂ ᠬᠠᠶ᠋ᠢᠷ᠎ᠠ ᠪᠢᠯᠬᠠᠭᠰᠠᠨ ᠭᠡᠷ ᠪᠦᠯᠢ ᠵᠢᠨ ᠤᠷᠴᠢᠨ᠂ ᠦᠭᠡᠳᠡᠷᠬᠡᠭ ᠠ᠋ᠨ᠋ᠸᠷᠭᠢᠲᠠᠢ ᠨᠡᠶ᠋ᠢᠭᠡᠮ᠎ᠤᠨ ᠤᠷᠴᠢᠨ᠂ ᠵᠦᠪ ᠰᠠᠶ᠋ᠢᠬᠠᠨ ᠬᠦᠮᠦᠵᠢᠯ ᠳᠠᠳᠬᠠᠯ᠎ᠲᠠᠢ ᠰᠤᠷᠭ᠋ᠠᠭᠤᠯᠢ ᠵᠢᠨ ᠤᠷᠴᠢᠨ᠎ᠳᠤ ᠰᠠᠶᠢ ᠬᠡᠦᠬᠡᠳ ᠪᠠᠭ᠋ᠠᠴᠤᠳ ᠰᠢᠨ᠎ᠡ ᠰᠤᠶᠤᠭ᠋ᠠᠯᠠᠭᠠ ᠨᠢᠯᠬ᠎ᠠ ᠮᠤᠳᠤ ᠰᠢᠬ ᠲᠠᠯ᠎ᠠ ᠲᠠᠯ᠎ᠠ ᠵᠢᠨ ᠰᠢᠮ᠎ᠡ ᠲᠡᠵᠢᠭᠡᠯ᠎ᠢ ᠬᠦᠷᠲᠡᠨ ᠪᠡᠶ᠎ᠡ ᠰᠡᠳᠬᠢᠴᠡ ᠠ᠋ᠷᠡᠭᠦᠯ ᠦᠰᠦᠨ ᠪᠤᠶ᠋ᠢᠵᠢᠵᠤ᠂ ᠵᠦᠪ ᠲᠤᠳᠤᠷᠬᠠᠢ ᠠᠮᠢᠳᠤᠷᠠᠯ ᠢᠷᠡᠭᠡᠳᠦᠢ ᠵᠢᠨ ᠬᠠᠷᠠᠯᠲᠠ ᠬᠦᠰᠡᠯᠡᠩ᠎ᠢ ᠪᠤᠢ ᠪᠤᠯᠭ᠋ᠠᠵᠤ ᠴᠢᠳᠠᠳᠠᠭ᠃
5. ᠬᠡᠣᠬᠡᠳ᠎ᠤᠨ ᠬᠦᠰᠡᠯᠡᠩ᠎ᠤᠨ ᠬᠦᠪᠦᠷᠡᠨ ᠪᠣᠶ᠋ᠢᠵᠢᠬᠤ᠎ᠳᠤ ᠲᠡᠪᠴᠢᠶᠡᠷᠢ ᠲᠠᠭ᠋ᠠᠭ᠋ᠠᠮᠠᠭ᠋ᠠᠢ ᠪᠠᠶ᠋ᠢᠵᠣ᠂ ᠬᠡᠣᠬᠡᠳ᠎ᠤᠨ ᠦᠰᠦᠨ ᠪᠣᠶ᠋ᠢᠵᠢᠯᠳᠡ ᠲᠠᠨᠢᠨ ᠮᠡᠳᠡᠷᠡᠬᠦᠢ ᠵᠢᠨ ᠴᠢᠳᠠᠪᠣᠷᠢ ᠵᠢᠨ ᠪᠦᠷᠢᠯᠳᠣᠯ᠎ᠤᠨ ᠴᠠᠭ᠎ᠢ ᠠᠩᠬᠠᠷᠴᠣ ᠦᠪᠡᠷ᠎ᠤᠨ ᠬᠡᠬᠦ ᠬᠦᠰᠡᠯ᠎ᠳᠤᠨᠢ ᠲᠦᠰᠢᠭᠯᠡᠬᠦ᠎ᠠᠴᠠ ᠪᠢᠰᠢ᠂ ᠲᠣᠮᠣ ᠬᠦᠮᠦᠨ᠎ᠤ ᠣᠪᠣᠷ ᠪᠣᠳᠣᠯ᠂ ᠵᠤᠭᠰᠤᠴᠠ᠎ᠠᠴᠠ ᠣᠴᠢᠵᠣ ᠠᠯᠪᠠᠳᠠᠯᠭ᠎ᠠ᠎ᠪᠠᠷ ᠲᠣᠬᠤᠬᠤ᠎ᠠᠴᠠ ᠵᠠᠶ᠋ᠢᠯᠠᠰᠬᠢᠬᠤ ᠬᠡᠷᠡᠭᠳᠠᠢ᠃
6. ᠬᠡᠣᠬᠡᠳ᠎ᠤᠨ ᠲᠣᠳᠣᠷᠬᠠᠢ ᠦᠬᠡᠢ᠂ ᠪᠠᠯᠠᠷᠬᠠᠢ ᠬᠦᠰᠡᠯ ᠬᠦᠰᠡᠯᠡᠩ (ᠶᠡᠭᠡ ᠰᠣᠷᠭ᠋ᠠᠭᠤᠯᠢ᠎ᠳᠤ ᠣᠷᠣᠨ᠎ᠠ᠂ ᠰᠢᠨᠵᠢᠯᠡᠬᠦ ᠣᠬᠠᠭ᠋ᠠᠨᠳᠠᠨ ᠪᠣᠯᠣᠨ᠎ᠠ ᠁)᠎ᠲᠠᠢ ᠪᠠᠶ᠋ᠢᠬᠤ᠎ᠠᠴᠠ ᠵᠠᠶ᠋ᠢᠯᠠᠰᠬᠢᠬᠤ ᠬᠡᠷᠡᠭᠳᠠᠢ᠃ ᠲᠣᠳᠣ ᠲᠣᠳᠣᠷᠠᠭᠤᠨ ᠪᠠᠶ᠋ᠢᠬᠤ ᠮᠦᠷᠳᠡᠬᠡᠨ ᠦᠪᠡᠷ᠎ᠤᠨ ᠬᠡᠬᠦ ᠪᠢᠰᠢᠷᠡᠨ ᠪᠠᠬᠠᠷᠬᠠᠬᠤ ᠬᠦᠮᠦᠨ᠂ ᠬᠡᠷᠡᠭ ᠣᠴᠢᠷᠲᠠᠢ ᠪᠠᠶ᠋ᠢᠬᠤ᠎ᠳᠤ ᠵᠦᠪ ᠲᠠᠯ᠎ᠠ ᠵᠢᠨ ᠵᠢᠯᠤᠭᠤᠳᠤᠯᠭ᠎ᠠ ᠬᠢᠵᠦ᠂ ᠲᠡᠳᠡᠨ᠎ᠤ ᠳᠠᠭᠤᠷᠢᠶᠠᠮᠠᠯ ᠴᠢᠨᠠᠷ᠎ᠢ ᠵᠦᠪ ᠲᠡᠰᠢ ᠬᠦᠲᠦᠯᠦᠨ᠂ ᠦᠭᠡᠳᠡᠷᠬᠡᠭ᠂ ᠵᠦᠪ ᠬᠦᠰᠡᠯᠡᠩ᠎ᠤᠨ ᠴᠠᠮᠬᠠᠭ᠎ᠢ ᠤᠯᠵᠤ ᠬᠠᠷᠠᠭ᠍ᠤ᠎ᠳᠤ ᠲᠤᠰᠠᠯᠠᠪᠠᠯ ᠵᠤᠬᠢᠨ᠎ᠠ᠃
ᠬᠤᠶᠠᠷ᠂ ᠬᠦᠰᠡᠯᠡᠩ᠎ᠤᠨ ᠬᠦᠮᠦᠵᠢᠯ᠎ᠢ ᠴᠢᠩᠭ᠋ᠠᠳᠬᠠᠬᠤ ᠵᠢᠨ ᠴᠢᠬᠤᠯᠠ ᠴᠢᠨᠠᠷ
1. ᠬᠡᠣᠬᠡᠳ᠎ᠤᠨ ᠪᠡᠶ᠎ᠡ᠎ᠪᠠᠨ ᠲᠠᠭ᠋ᠠᠭ᠋ᠠᠬᠤ ᠬᠦᠳᠡᠯᠦᠩᠬᠦᠢ ᠴᠢᠳᠠᠪᠣᠷᠢ ᠵᠢ᠎ᠨᠢ ᠲᠡᠬᠡᠭᠰᠢᠯᠡᠬᠦᠯᠦᠨ᠎ᠡ᠃ ᠬᠡᠣᠬᠡᠳ ᠬᠦᠰᠡᠯ ᠬᠦᠬᠡᠬᠡᠴᠡᠯᠳᠦᠯ᠎ᠲᠠᠢ ᠪᠣᠯᠣᠭᠰᠠᠭ᠋ᠠᠷ ᠢᠳᠡᠪᠬᠢ ᠴᠢᠨᠠᠷ᠎ᠨᠢ ᠪᠠᠳᠠᠷᠠᠵᠤ᠂ ᠠᠮᠢᠳᠣᠷᠠᠯ ᠰᠣᠷᠣᠯᠴᠠᠯᠭ᠎ᠠ ᠵᠢᠨ ᠲᠣᠮᠳᠠ᠎ᠪᠠᠨ ᠦᠪᠡᠷ᠎ᠢ᠎ᠪᠠᠨ ᠡᠵᠡᠮᠳᠡᠵᠣ᠂ ᠦᠪᠡᠷ᠎ᠢ᠎ᠪᠠᠨ ᠬᠠᠮᠢᠶᠠᠷᠴᠣ᠂ ᠦᠪᠡᠷ᠎ᠢ᠎ᠪᠠᠨ ᠬᠦᠭᠵᠢᠬᠦᠯᠬᠦ ᠢᠳᠡ ᠬᠦᠴᠦᠨ᠎ᠲᠠᠢ ᠪᠤᠯᠳᠠᠭ᠃
2. ᠬᠡᠣᠬᠡᠳ᠎ᠤᠨ ᠪᠡᠶ᠎ᠡ ᠰᠡᠳᠬᠢᠴᠡ ᠵᠢᠨ ᠠ᠋ᠷᠡᠬᠦᠯ ᠬᠦᠭᠵᠢᠯᠳᠡ᠎ᠳᠤ ᠠᠰᠢᠭᠳᠠᠢ᠃ ᠲᠠᠭᠤᠷᠢᠶᠠᠯ᠎ᠤᠨ ᠬᠦᠴᠦᠨ ᠬᠡᠵᠣ ᠬᠡᠮᠵᠢᠶᠡᠯᠡᠰᠢ ᠦᠬᠡᠢ ᠪᠠᠶ᠋ᠢᠳᠠᠭ᠂ ᠬᠡᠣᠬᠡᠳ᠎ᠲᠤ ᠠᠪᠴᠣ ᠬᠡᠯᠡᠪᠡᠯ ᠦᠪᠡᠷ᠎ᠤᠨ ᠬᠡᠬᠦ ᠵᠣᠷᠢᠭᠳᠠᠢ ᠬᠡᠯᠡᠬᠦ ᠵᠣᠭᠤᠭ᠎ᠲᠠᠢ ᠪᠣᠯᠵᠣ ᠠ᠋ᠳᠦᠷ ᠪᠦᠷᠢ ᠪᠠᠶᠠᠷ ᠬᠦᠷ᠎ᠲᠠᠢ᠎ᠪᠠᠷ ᠰᠣᠷᠣᠯᠴᠠᠯᠭ᠎ᠠ ᠠᠮᠢᠳᠣᠷᠠᠯ᠎ᠳᠤ ᠣᠷᠣᠯᠴᠠᠨ᠂ ᠦᠪᠡᠷ ᠪᠣᠰᠣᠳ᠎ᠤᠨ ᠲᠣᠮᠳᠠ ᠠᠳᠠᠯᠢᠬᠠᠨ ᠲᠠᠭᠤᠷᠢᠶᠠᠯ ᠪᠣᠯᠬᠤ᠎ᠪᠠᠷ ᠮᠡᠷᠡᠶ᠋ᠢᠬᠦ᠂ ᠪᠣᠰᠣᠳ᠎ᠲᠠᠢ ᠢᠯᠡᠬᠦᠴᠠ ᠬᠠᠷᠢᠴᠠᠭ᠍ᠣ᠂ ᠪᠣᠰᠣᠳ᠎ᠢ ᠬᠠᠪᠰᠣᠷᠬᠤ ᠣᠬᠠᠭ᠋ᠠᠨ ᠪᠣᠳᠣᠯ᠎ᠢ᠎ᠨᠢ ᠲᠡᠯᠡᠵᠣ ᠠ᠋ᠷᠡᠬᠦᠯ ᠬᠦᠭᠵᠢᠯᠳᠡ ᠵᠢ᠎ᠨᠢ ᠠᠬᠢᠭᠤᠯᠳᠠᠭ᠃
3. ᠮᠡᠳᠡᠯᠭᠡ ᠴᠢᠳᠠᠪᠣᠷᠢ ᠵᠢᠨ ᠬᠤᠷᠠᠮᠳᠣᠭᠤᠯᠣᠯ᠎ᠳᠤᠨᠢ ᠠᠰᠢᠭᠳᠠᠢ᠃ ᠬᠡᠣᠬᠡᠳ ᠦᠪᠡᠷ᠎ᠤᠨ ᠬᠡᠬᠦ ᠬᠦᠰᠡᠯ ᠬᠦᠬᠡᠬᠡᠴᠡᠯᠳᠣᠯᠲᠠᠢ ᠪᠣᠯᠣᠭᠰᠠᠭ᠋ᠠᠷ᠂ ᠲᠡᠬᠦᠨ᠎ᠤ ᠬᠠᠮᠢᠶᠠᠳᠠᠢ ᠨᠣᠮ ᠣᠩᠰᠢᠬᠤ᠂ ᠮᠡᠳᠡᠯᠭᠡ ᠬᠤᠷᠠᠮᠳᠣᠭᠤᠯᠬᠤ᠂ ᠶᠠᠷᠢᠶ᠎ᠠ ᠬᠠᠷᠢᠯᠴᠠᠭ᠋ᠠᠨ᠎ᠳᠤ ᠢᠳᠡᠪᠬᠢᠳᠡᠢ ᠣᠷᠣᠯᠴᠠᠨ ᠲᠣᠭᠳᠠᠭᠰᠠᠨ ᠬᠡᠮᠵᠢᠶᠠᠨ᠎ᠤ ᠮᠡᠳᠡᠯᠭᠡ ᠴᠢᠳᠠᠪᠣᠷᠢ ᠵᠢ ᠴᠠᠭ ᠪᠦᠷᠢ ᠬᠤᠷᠠᠮᠳᠣᠭᠤᠯᠵᠣ ᠪᠠᠶ᠋ᠢᠳᠠᠭ᠃
4. ᠰᠢᠨ᠎ᠡ ᠬᠦᠰᠡᠯᠡᠩ᠎ᠤᠨ ᠬᠦᠪᠣᠷᠡᠨ ᠬᠦᠭᠵᠢᠬᠦ᠎ᠳᠤ ᠰᠠᠭᠤᠷᠢᠯᠠᠳᠠᠭ᠃ ᠬᠡᠣᠬᠡᠳ᠎ᠤᠨ ᠬᠦᠭᠵᠢᠯᠳᠡ ᠵᠢ ᠬᠡᠳᠦᠢ ᠦᠨᠳᠦᠷ ᠬᠡᠵᠣ ᠪᠣᠳᠣᠪᠠᠯ ᠲᠡᠳᠦᠢ ᠦᠨᠳᠦᠷ᠎ᠲᠤ ᠬᠦᠷᠳᠡᠭ᠎ᠲᠠᠢ ᠠᠳᠠᠯᠢ᠎ᠪᠠᠷ ᠬᠡᠣᠬᠡᠳ᠎ᠤᠨ ᠬᠦᠰᠡᠯᠡᠩ ᠴᠦ᠍ ᠠᠳᠠᠯᠢ᠎ᠪᠠᠷ ᠠ᠋ᠨᠡ ᠵᠢ ᠠᠵᠢᠭᠯᠠᠵᠣ ᠲᠣᠭᠤᠵᠣ ᠪᠢᠰᠢᠷᠡᠵᠣ ᠪᠠᠶ᠋ᠢᠭᠰᠠᠨ᠎ᠠᠴᠠ᠎ᠪᠠᠨ ᠨᠡᠩ ᠦᠨᠳᠦᠷ ᠲᠠᠪᠴᠠᠩ᠎ᠢ ᠣᠯᠵᠣ ᠬᠠᠷᠠᠵᠣ᠂ ᠬᠦᠰᠡᠯᠡᠩ᠎ᠤᠨ ᠰᠢᠨ᠎ᠡ ᠠᠬᠢᠯᠳᠡ ᠵᠢ ᠪᠣᠢ ᠪᠣᠯᠭ᠋ᠠᠵᠣ ᠢᠷᠡᠬᠡᠳᠦᠢ ᠵᠢᠨ ᠬᠦᠭᠵᠢᠯᠳᠡ ᠵᠢ ᠠᠬᠢᠭᠤᠯᠳᠠᠭ᠃
《ᠬᠦᠰᠡᠯᠡᠩ ᠪᠤᠯ ᠵᠠᠮ᠎ᠢ ᠵᠢᠭ᠋ᠠᠬᠤ ᠭᠡᠷᠡᠯᠲᠦ ᠴᠠᠮᠬᠠᠭ ᠮᠦᠨ᠂ ᠬᠦᠰᠡᠯᠡᠩ ᠦᠭᠡᠢ ᠪᠤᠯ ᠲᠤᠳᠤᠷᠬᠠᠢ ᠴᠢᠭᠯᠡᠯ ᠦᠭᠡᠢ᠂ ᠴᠢᠭᠯᠡᠯ ᠦᠭᠡᠢ ᠪᠤᠯ ᠠᠮᠢᠳᠤᠷᠠᠯ ᠦᠭᠡᠢ》 ᠭᠡᠵᠦ ᠯ᠊ ᠲᠤᠯᠰᠲ᠋ᠤᠢ ᠬᠡᠯᠡᠵᠦ ᠦᠡᠭᠭᠡᠷᠡᠭᠰᠡᠨ ᠮᠦᠷᠳᠡᠬᠡᠨ ᠠ᠋ᠩ᠎ᠤᠨ ᠶᠠᠷᠢᠶᠠᠨ᠎ᠳᠤ ᠴᠦ᠍ 《ᠬᠦᠮᠦᠨ ᠬᠡᠷᠪᠡ ᠬᠦᠰᠡᠯᠡᠩ ᠦᠬᠡᠢ ᠪᠤᠯ ᠰᠢᠪᠠᠭᠤ ᠲᠠᠯᠪᠴᠢ ᠦᠬᠡᠢ᠎ᠲᠠᠢ ᠠᠳᠠᠯᠢ》 ᠬᠡᠳᠡᠭ᠃ ᠠᠪᠤ ᠡᠵᠢ ᠪᠤᠯᠤᠭᠰᠠᠳ ᠴᠦ᠍ ᠲᠡᠷᠡ᠂ ᠪᠠᠭᠰᠢ ᠪᠤᠯᠤᠭᠰᠠᠳ ᠴᠤ᠌ ᠲᠡᠷᠡ ᠬᠡᠦᠬᠡᠳ᠎ᠤᠨ ᠪᠦᠬᠦᠶ᠋ᠢᠯᠡ ᠨᠠᠰᠤᠨ᠎ᠤ ᠠᠮᠢᠳᠤᠷᠠᠯ᠎ᠢ ᠡᠵᠡᠮᠳᠡᠨ ᠵᠠᠬᠢᠷᠬᠤ ᠪᠤᠯᠤᠯᠴᠠᠭ᠎ᠠ ᠦᠭᠡᠢ᠃ ᠪᠢᠳᠡᠨ᠎ᠤ ᠬᠢᠵᠦ ᠳᠡᠶ᠋ᠢᠯᠬᠦ ᠬᠠᠮᠤᠭ ᠤᠳᠬ᠎ᠠ ᠠᠭᠤᠯᠭ᠎ᠠ᠎ᠲᠠᠢ᠂ ᠮᠦᠨᠴᠦ ᠬᠠᠮᠤᠭ ᠬᠢᠪᠡᠰᠦ ᠵᠤᠬᠢᠰᠲᠠᠢ ᠵᠦᠢ᠍ᠯ ᠪᠤᠯ ᠬᠡᠦᠬᠡᠳ ᠪᠠᠭ᠋ᠠᠴᠤᠳ᠎ᠤᠨ ᠨᠢᠯᠬ᠎ᠠ ᠤᠶᠤᠨᠳᠤ ᠵᠦᠪ ᠰᠠᠶ᠋ᠢᠬᠠᠨ ᠬᠦᠰᠡᠯᠡᠩ᠎ᠤᠨ ᠦᠷ᠎ᠡ ᠵᠢ ᠲᠠᠷᠢᠵᠤ ᠰᠤᠶᠤᠭ᠋ᠠᠯᠠᠭᠤᠯᠤᠨ᠂ ᠲᠡᠳᠡᠨ᠎ᠤ ᠶᠠᠪᠤᠬᠤ ᠵᠠᠮ᠎ᠤᠨ ᠴᠢᠭᠯᠡᠯ᠎ᠢ ᠵᠢᠭ᠋ᠠᠵᠤ ᠦᠭᠬᠦ ᠶᠠᠪᠤᠳᠠᠯ ᠪᠤᠯᠬᠤ ᠶᠤᠮ᠂ ᠢᠡᠭᠭᠢᠮᠡᠨᠵᠢᠨ ᠬᠡᠦᠬᠡᠳ ᠪᠠᠭ᠋ᠠᠴᠤᠳ ᠰᠠᠶᠢ ᠨᠠᠷᠠᠨ᠎ᠤ ᠭᠡᠷᠡᠯ ᠰᠠᠴᠤᠷᠠᠨ ᠲᠤᠶᠠᠭ᠋ᠠᠷᠠᠭᠰᠠᠨ ᠢᠷᠡᠭᠡᠳᠦᠢ ᠵᠦᠭ ᠵᠶ᠋ᠠᠨ ᠴᠤᠭ ᠵᠢᠪᠬᠤᠭ᠎ᠠ᠎ᠲᠠᠢ ᠤᠷᠤᠭᠰᠢᠯᠠᠵᠤ ᠬᠦᠰᠡᠯ ᠮᠦᠷᠦᠭᠡᠳᠦᠯ ᠵᠶ᠋ᠠᠨ ᠪᠡᠶᠡᠯᠡᠭᠦᠯᠵᠦ ᠴᠢᠳᠠᠭ᠍ᠤ ᠶᠤᠮ᠃ ᠪᠢᠳᠡ ᠪᠦᠬᠦᠨ᠎ᠤ ᠬᠦᠮᠦᠵᠢᠯ ᠰᠤᠷᠭ᠋ᠠᠯ᠎ᠤᠨ ᠡᠴᠦᠰ᠎ᠤᠨ ᠬᠠᠷᠠᠯᠲᠠ ᠴᠦ᠍ ᠮᠦᠨ ᠠ᠋ᠨᠡ ᠪᠢᠯᠡ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠣᠩᠨᠢᠭᠤᠳ ᠬᠤᠰᠢᠭᠤᠨ᠎ᠤ ᠪᠣᠷᠣᠬᠤᠳᠠ᠎ᠳᠠᠬᠢ
ᠮᠣᠩᠭᠤᠯ ᠦᠨᠳᠦᠰᠦᠳᠡᠨ᠎ᠤ ᠪᠠᠭ᠎ᠠ ᠰᠣᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)
2023.5 ᠳ᠋ᠤᠭ᠋ᠠᠷ ᠬᠤᠭᠤᠴᠠᠭ᠎ᠠ