ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠬᠡᠤᠬᠡᠳ᠎ᠤᠨ ᠬᠠᠷᠢᠭᠤᠴᠠᠯᠭ᠋ᠠᠳᠤ ᠰᠡᠳᠬᠢᠯ᠎ᠢ ᠭᠡᠷᠬᠢᠨ ᠬᠦᠮᠦᠵᠢᠭᠦᠯᠬᠦ ᠪᠤᠢ
ᠨᠡᠶ᠋ᠢᠲᠡᠯᠡᠭᠰᠡᠨ ᠴᠠᠭ᠄ 2024-08-15

                   ᠣᠯᠠᠭ᠋ᠠᠨ


儿童教育3.png


      ᠣᠳᠣᠬᠠᠨ᠎ᠤ ᠨᠡᠶ᠋ᠢᠬᠡᠮ᠎ᠤᠨ ᠤᠷᠴᠢᠨ ᠲᠤᠭᠤᠷᠢᠨ᠎ᠳᠤ ᠭᠡᠤᠭᠡᠳ ᠵᠶ᠋ᠠᠨ ᠦᠭᠡᠳᠠ᠎ᠲᠠᠢ ᠰᠠᠢ᠍ᠢ᠍ᠬᠠᠨ ᠦᠰᠭᠡᠨ ᠪᠣᠶ᠋ᠢᠵᠢᠭᠤᠯᠵᠣ᠂ ᠬᠤᠵᠢᠮ᠎ᠤᠨ ᠨᠡᠶ᠋ᠢᠬᠡᠮ᠎ᠳᠤ ᠬᠦᠯ ᠲᠤᠭᠳᠠᠨ ᠤᠷᠤᠰᠢᠭ᠍ᠤ ᠴᠢᠳᠠᠪᠤᠷᠢ᠎ᠲᠠᠢ ᠪᠤᠯᠭ᠋ᠠᠶ᠎ᠠ ᠭᠡᠪᠡᠯ ᠮᠠᠰᠢ ᠤᠯᠠᠨ ᠲᠠᠯ᠎ᠠ ᠵᠢᠨ ᠮᠡᠳᠡᠯᠭᠡ ᠴᠢᠳᠠᠪᠤᠷᠢ ᠵᠢ ᠲᠠᠰᠬᠠᠯᠵᠢᠭᠤᠯᠤᠭᠰᠠᠨ ᠪᠠᠶ᠋ᠢᠬᠤ ᠴᠢᠬᠤᠯᠠᠳᠠᠢ᠃ ᠲᠡᠭᠦᠨ᠎ᠤ ᠳᠣᠲᠣᠷ᠎ᠠ ᠬᠡᠤᠬᠡᠳ᠎ᠤᠨ ᠬᠠᠷᠢᠭᠤᠴᠠᠯᠭ᠋ᠠᠳᠤ ᠰᠡᠳᠬᠢᠯ᠎ᠢ ᠬᠦᠮᠦᠵᠢᠭᠦᠯᠬᠦ ᠪᠣᠯ ᠮᠠᠰᠢ ᠴᠢᠬᠤᠯᠠ ᠪᠠᠢ᠍ᠢ᠍ᠳᠠᠬ᠃
      ᠶᠠᠭᠤᠨ᠎ᠤ ᠤᠷᠢᠳ ᠬᠠᠷᠢᠭᠤᠴᠠᠯᠭ᠋ᠠᠳᠤ ᠰᠡᠳᠬᠢᠯ ᠭᠡᠳᠡᠭ᠎ᠨᠢ ᠴᠤᠬᠤᠮ ᠶᠠᠭᠤ ᠪᠤᠢ ᠭᠡᠳᠡᠭ᠎ᠢ ᠣᠶ᠋ᠢᠯᠠᠭ᠋ᠠᠬᠤ ᠬᠡᠷᠡᠭᠲᠡᠢ᠃ ᠬᠠᠷᠢᠭᠤᠴᠠᠯᠭ᠋ᠠᠳᠤ ᠰᠡᠳᠬᠢᠯ ᠭᠡᠳᠡᠭ ᠪᠣᠯ ᠬᠡᠤᠬᠡᠳ᠎ᠤᠨ ᠤᠬᠠᠮᠰᠠᠷ᠎ᠠᠴᠠ᠎ᠪᠠᠨ ᠤᠴᠢᠵᠤ ᠶᠠᠮᠠᠷ ᠨᠢᠭᠡᠨ ᠠᠵᠢᠯ᠎ᠢ ᠵᠦᠪ᠂ ᠲᠠᠭ᠋ᠠᠭ᠋ᠠᠮᠠᠭ᠋ᠠᠢ᠂ ᠰᠢᠷᠭ᠋ᠠᠭᠤ ᠬᠠᠳᠠᠭᠤᠵᠢᠯᠳᠡᠢ ᠬᠢᠵᠤ᠂ ᠲᠡᠭᠦᠨ᠎ᠤ ᠮᠦᠨ ᠴᠢᠨᠠᠷ᠂ ᠴᠢᠬᠤᠯᠠ ᠴᠢᠨᠠᠷ᠎ᠢ ᠲᠠᠨᠢᠵᠣ ᠠᠪᠬᠤ ᠵᠢ ᠵᠢᠭ᠋ᠠᠵᠤ ᠪᠠᠶ᠋ᠢᠬᠤ ᠶᠤᠮ᠃ ᠬᠡᠥᠬᠡᠳ᠎ᠤᠨ ᠬᠠᠷᠢᠭᠤᠴᠠᠯᠭ᠋ᠠᠳᠣ ᠰᠡᠳᠭᠢᠯ᠎ᠢ ᠪᠣᠢ ᠪᠣᠯᠭ᠋ᠠᠬᠤ᠎ᠨᠢ ᠭᠡᠷ᠎ᠤᠨ ᠠᠬᠠᠮᠠᠳ᠎ᠤᠨ ᠬᠢᠷᠢ ᠵᠡᠷᠭᠡ ᠪᠡᠶᠡᠴᠢᠯᠡᠨ ᠤᠷᠤᠯᠴᠠᠭᠰᠠᠨ᠎ᠲᠠᠢ ᠬᠤᠯᠪᠣᠭᠳᠠᠵᠣ ᠪᠠᠶ᠋ᠢᠳᠠᠭ᠃ ᠥᠭᠡᠷ᠎ᠡ᠎ᠪᠠᠷ ᠬᠡᠯᠡᠪᠡᠯ ᠭᠡᠷ᠎ᠤᠨ ᠠᠬᠠᠮᠠᠳ᠎ᠨᠢ ᠬᠦᠳᠦᠯᠦᠨ ᠲᠠᠭ᠋ᠠᠭᠤᠯᠵᠤ᠂ ᠬᠡᠤᠬᠡᠳ᠎ᠤᠨ ᠲᠦᠷᠦᠯᠬᠢ ᠪᠠᠶ᠋ᠢᠭ᠋ᠠᠯᠢᠯᠢᠬ ᠣᠬᠠᠮᠰᠠᠷ ᠪᠤᠯᠤᠨ ᠤᠶ᠋ᠢᠯᠠᠭ᠋ᠠᠬᠤ ᠴᠢᠳᠠᠪᠤᠷᠢ ᠵᠢᠴᠢ ᠭᠠᠳᠠᠭ᠋ᠠᠳᠤ ᠶᠡᠷᠳᠢᠨᠴᠤ ᠵᠢ ᠠᠵᠢᠭᠯᠠᠭ᠍ᠤ ᠴᠢᠳᠠᠪᠤᠷᠢ᠎ᠲᠠᠢ᠎ᠨᠢ ᠣᠶᠠᠯᠳᠤᠭᠤᠯᠤᠨ᠂ ᠪᠤᠳᠠᠳᠤ ᠠᠵᠢᠯᠯᠠᠭ᠎ᠠ᠎ᠪᠠᠷ ᠲᠠᠮᠵᠢᠵᠤ᠂ ᠬᠡᠤᠬᠡᠳ᠎ᠤᠨ ᠲᠠᠪᠰᠢᠩᠭᠤᠢ ᠰᠡᠳᠬᠢᠴᠡ᠂ ᠰᠠᠬᠢᠯᠭ᠎ᠠ ᠪᠠᠳᠤᠴᠢ ᠴᠢᠨᠠᠷ ᠪᠤᠯᠤᠨ ᠣᠬᠠᠮᠰᠠᠷᠲᠤ ᠴᠢᠨᠠᠷ᠎ᠢ᠎ᠨᠢ ᠪᠠᠳᠠᠷᠠᠭᠤᠯᠤᠨ ᠬᠦᠭᠵᠢᠭᠦᠯᠬᠦ ᠶᠠᠪᠤᠴᠠ ᠵᠢ ᠵᠢᠭ᠋ᠠᠳᠠᠭ᠃ ᠠ᠋ᠨᠡ ᠭᠦ᠌ ᠶᠠᠪᠣᠴᠠ᠎ᠨᠢ ᠤᠷᠴᠢᠨ ᠲᠤᠭᠤᠷᠢᠨ᠎ᠲᠠᠢ ᠰᠢᠭᠤᠳ ᠬᠠᠷᠢᠴᠠᠭ᠎ᠠ᠎ᠲᠠᠢ ᠪᠠᠶ᠋ᠢᠳᠠᠭ᠃ ᠤᠷᠴᠢᠨ ᠲᠤᠭᠤᠷᠢᠨ ᠪᠤᠯᠤᠨ ᠬᠠᠷᠢᠭᠤᠴᠠᠯᠭ᠋ᠠᠳᠤ ᠰᠡᠳᠬᠢᠯ᠎ᠤᠨ ᠬᠠᠷᠢᠴᠠᠭ᠎ᠠ᠎ᠠᠴᠠ ᠦᠵᠡᠪᠡᠯ ᠬᠡᠣᠬᠡᠳ᠎ᠤᠨ ᠬᠠᠷᠢᠭᠤᠴᠠᠯᠭ᠋ᠠᠳᠤ ᠰᠡᠳᠬᠢᠯ᠎ᠳᠤ ᠭᠡᠷ᠎ᠤᠨ ᠠᠬᠠᠮᠠᠳ᠎ᠤᠨ ᠬᠠᠷᠢᠭᠤᠴᠠᠯᠭ᠋ᠠᠳᠤ ᠰᠡᠳᠬᠢᠯ ᠪᠠ ᠬᠡᠤᠬᠡᠳ᠎ᠤᠨ ᠲᠦᠷᠦᠯᠬᠢ ᠣᠬᠠᠮᠰᠠᠷ᠎ᠲᠤ ᠪᠠᠶ᠋ᠢᠳᠠᠭ ᠬᠠᠷᠢᠭᠤᠴᠠᠯᠭ᠋ᠠᠳᠤ ᠰᠡᠳᠬᠢᠯ ᠭᠡᠵᠤ ᠬᠤᠶᠠᠷ ᠵᠦᠢ᠍ᠯ ᠪᠠᠶ᠋ᠢᠳᠠᠭ᠃ ᠭᠡᠷ᠎ᠤᠨ ᠠᠬᠠᠮᠠᠳ᠎ᠤᠨ ᠬᠠᠷᠢᠭᠤᠴᠠᠯᠭ᠋ᠠᠳᠤ ᠰᠡᠳᠬᠢᠯ᠎ᠨᠢ ᠬᠡᠤᠬᠡᠳ᠎ᠤᠨ ᠬᠠᠷᠢᠭᠤᠴᠠᠯᠭ᠋ᠠᠳᠤ ᠰᠡᠳᠬᠢᠯ᠎ᠲᠠᠢ ᠰᠢᠭᠤᠳ ᠬᠤᠯᠪᠤᠭᠳᠠᠳᠠᠭ᠃ ᠮᠤᠩᠭᠤᠯᠴᠤᠳ ᠠ᠋ᠷᠳᠡ ᠢᠵᠠᠭᠤᠷ᠎ᠠᠴᠠ ᠬᠠᠷᠢᠭᠤᠴᠠᠯᠭ᠋ᠠᠳᠤ ᠰᠡᠳᠬᠢᠯ᠎ᠤᠨ ᠲᠣᠬᠠᠢ ᠲᠤᠰᠬᠠᠢ ᠬᠦᠮᠦᠵᠢᠯ᠎ᠢ ᠬᠢᠳᠡᠭ ᠦᠭᠡᠢ ᠪᠠᠶ᠋ᠢᠭᠰᠠᠨ ᠪᠣᠯᠪᠠᠴᠣ ᠨᠡᠭᠦᠳᠡᠯ ᠠᠮᠢᠳᠤᠷᠠᠯ᠎ᠤᠨ ᠲᠤᠮᠳᠠ᠎ᠪᠠᠨ ᠬᠡᠤᠬᠡᠳ᠎ᠨᠢ ᠠᠪᠤ ᠡᠵᠢ ᠪᠤᠯᠤᠨ ᠠᠬᠠᠰ ᠵᠠᠭ᠍ᠠᠰ ᠵᠶ᠋ᠠᠨ ᠬᠠᠪᠰᠣᠷᠴᠣ ᠠᠳᠠᠯ ᠠᠮᠢᠳᠤᠷᠠᠯ ᠵᠶ᠋ᠠᠨ ᠬᠢᠬᠦ ᠪᠣᠶᠣ ᠲᠤᠭᠯᠠᠵᠤ ᠨᠠᠭ᠋ᠠᠳᠬᠤ ᠳᠤᠮᠳᠠ᠎ᠠᠴᠠ ᠬᠦᠳᠡᠯᠮᠦᠷᠢ ᠵᠢᠨ ᠦᠨ᠎ᠡ ᠦᠷᠳᠡᠭ᠂ ᠲᠡᠰᠪᠦᠷᠢ ᠲᠡᠪᠵᠢᠶᠡᠷᠢ᠂ ᠠᠷᠪᠢᠯᠠᠨ ᠭᠠᠮᠨᠠᠭ᠍ᠤ ᠵᠢᠨ ᠴᠢᠬᠤᠯᠠ ᠴᠢᠨᠠᠷ᠎ᠢ ᠲᠠᠨᠢᠨ ᠮᠡᠳᠡᠵᠤ᠂ ᠦᠪᠡᠷ᠎ᠢ᠎ᠪᠠᠨ ᠬᠡᠷᠬᠢᠨ ᠬᠠᠷᠢᠭᠤᠴᠠᠯᠭ᠎ᠠ᠎ᠲᠠᠢ ᠬᠦᠮᠦᠨ ᠪᠤᠯᠭ᠋ᠠᠬᠤ ᠲᠤᠬᠠᠢ ᠰᠠᠷᠠᠨ ᠮᠡᠳᠡᠵᠤ ᠦᠪᠡᠷ᠎ᠤᠨ ᠤᠶ᠋ᠢᠯᠡ ᠠᠵᠢᠯᠯᠠᠭ᠎ᠠ᠎ᠪᠠᠷ ᠵᠶ᠋ᠠᠨ ᠲᠠᠮᠵᠢᠵᠤ᠂ ᠦᠪᠡᠷ᠎ᠢ᠎ᠪᠠᠨ ᠢᠳᠡᠭᠡᠵᠤ᠂ ᠦᠪᠡᠷ᠎ᠢ᠎ᠪᠠᠨ ᠢᠳᠡᠭᠡᠭᠰᠡᠨ ᠰᠠᠭᠤᠷᠢᠨ ᠲᠡᠭᠡᠷ᠎ᠡ ᠦᠪᠡᠷ᠎ᠤᠨ ᠬᠢᠵᠤ ᠪᠠᠶ᠋ᠢᠭ᠎ᠠ ᠠᠵᠢᠯ᠎ᠳᠤ᠎ᠪᠠᠨ ᠬᠠᠷᠢᠭᠤᠴᠠᠯᠭ᠎ᠠ᠎ᠲᠠᠢ ᠪᠤᠯᠵᠤ ᠢᠷᠡᠭᠰᠡᠨ ᠰᠢᠯᠢᠳᠡᠭ ᠰᠠᠶ᠋ᠢᠬᠠᠨ ᠤᠯᠠᠮᠵᠢᠯᠠᠯ᠎ᠲᠠᠢ ᠪᠢᠯᠠ᠃
      ᠬᠠᠷᠢᠭᠤᠴᠠᠯᠭ᠋ᠠᠳᠤ ᠰᠡᠳᠬᠢᠯ᠎ᠨᠢ ᠬᠦᠮᠦᠨ᠎ᠤ ᠠᠮᠢᠳᠤᠷᠠᠯ᠎ᠳᠤ ᠲᠦᠰᠢᠭ ᠲᠤᠯᠭ᠋ᠠᠭᠤᠷᠢ ᠪᠤᠯᠵᠤ ᠴᠢᠳᠠᠳᠠᠭ          ᠎ᠠᠴᠠ ᠭᠡᠷ᠎ᠤᠨ ᠬᠦᠮᠦᠵᠢᠯ᠎ᠤᠨ ᠲᠤᠳᠠᠭᠳᠠᠵᠤ ᠪᠣᠯᠣᠰᠢ ᠦᠬᠡᠢ ᠨᠢᠭᠡᠨ ᠴᠢᠬᠤᠯᠠ ᠪᠦᠷᠢᠯᠳᠦᠭᠦᠨ ᠪᠣᠯᠣᠭᠰᠠᠨ          ᠶᠤᠮ᠃ ᠠ᠋ᠶ᠋ᠢᠮᠦ᠎ᠠᠴᠠ ᠤᠳᠤ ᠵᠢᠨ ᠰᠢᠨ᠎ᠡ ᠠ᠋ᠷᠢᠨ᠎ᠤ ᠭᠡᠷ᠎ᠤᠨ ᠠᠬᠠᠮᠠᠳ ᠬᠡᠤᠬᠡᠳ᠎ᠤᠨ ᠵᠶ᠋ᠠᠨ ᠬᠠᠷᠢᠭᠤᠴᠠᠯᠭ᠋ᠠᠳᠤ ᠰᠡᠳᠬᠢᠯ᠎ᠢ ᠪᠤᠢ ᠪᠤᠯᠭ᠋ᠠᠵᠤ ᠦᠭᠬᠦ ᠶᠠᠪᠤᠳᠠᠯ ᠎ᠨᠢ ᠨᠡᠶ᠋ᠢᠬᠡᠮ᠎ᠤᠨ ᠴᠢᠬᠤᠯᠠ ᠠᠰᠠᠭᠤᠳᠠᠯ ᠪᠤᠯᠵᠤ ᠪᠠᠶ᠋ᠢᠭ᠎ᠠ           ᠶᠤᠮ᠃ ᠲᠡᠭᠡᠪᠡᠯ ᠤᠳᠤ ᠵᠢᠨ ᠬᠡᠥᠬᠡᠳ᠎ᠤᠨ ᠬᠠᠷᠢᠭᠤᠴᠠᠯᠭ᠋ᠠᠲᠣ ᠰᠡᠳᠬᠢᠯ ᠴᠤᠬᠤᠮ ᠶᠠᠮᠠᠷ ᠪᠠᠶ᠋ᠢᠳᠠᠯ᠎ᠲᠠᠢ ᠪᠤᠯᠤᠭᠰᠠᠨ ᠪᠤᠢ?
      ᠮᠠᠨ᠎ᠤ ᠬᠡᠤᠬᠡᠳ᠎ᠤᠳ᠎ᠤᠨ ᠬᠠᠷᠢᠭᠤᠴᠠᠯᠭ᠋ᠠᠳᠤ ᠰᠡᠳᠬᠢᠯ᠎ᠨᠢ ᠨᠡᠶ᠋ᠢᠭᠡᠮ᠎ᠤᠨ ᠤᠷᠴᠢᠨ ᠠᠬᠤᠢ᠎ᠠᠴᠠ ᠪᠣᠯᠵᠤ ᠨᠡᠯᠢᠶᠡᠳ ᠲᠤᠷᠤᠶ᠋ᠢᠳᠠᠵᠤ ᠪᠠᠶ᠋ᠢᠭ᠎ᠠ ᠢᠯᠡᠷᠡᠯ᠎ᠲᠠᠢ ᠪᠠᠶ᠋ᠢᠨ᠎ᠠ᠃ ᠠ᠋ᠭᠦᠨ᠎ᠤ ᠰᠢᠯᠳᠠᠭ᠋ᠠᠨ᠎ᠨᠢ ᠮᠠᠨ᠎ᠤ ᠭᠡᠷ᠎ᠤᠨ ᠠᠬᠠᠮᠠᠳ ᠪᠤᠯᠤᠨ ᠨᠡᠶ᠋ᠢᠬᠡᠮ᠎ᠤᠨ ᠬᠦᠭᠵᠢᠯᠳᠡ ᠵᠢᠨ ᠤᠷᠴᠢᠨ ᠲᠤᠭᠤᠷᠢᠨ᠎ᠲᠠᠢ ᠰᠢᠭᠤᠳ ᠬᠤᠯᠪᠤᠭᠳᠠᠨ᠎ᠠ᠃ ᠪᠣᠳᠠᠲᠠᠢ᠎ᠪᠠᠷ ᠬᠡᠯᠡᠪᠡᠯ ᠤᠳᠤᠬᠠᠨ᠎ᠤ ᠠᠮᠢᠳᠤᠷᠠᠯ᠎ᠤᠨ ᠬᠢᠷᠢ ᠲᠦᠪᠰᠢᠨ ᠪᠠᠶᠠᠨ ᠲᠠᠩᠰᠤᠭ ᠪᠤᠯᠤᠭᠰᠠᠨ᠎ᠠᠴᠠ ᠬᠡᠤᠬᠡᠳ᠎ᠤᠳ᠎ᠨᠢ ᠦᠪᠡᠷ᠎ᠤᠨ ᠪᠡᠶ᠎ᠡ᠎ᠪᠠᠷ ᠲᠦᠪ ᠪᠤᠯᠭ᠋ᠠᠬᠤ ᠬᠡᠯᠪᠡᠷᠢ᠎ᠪᠠᠷ ᠰᠤᠷᠭ᠋ᠠᠨ ᠬᠦᠮᠦᠵᠢᠯ ᠬᠦᠷᠳᠡᠬᠦ ᠪᠠᠶ᠋ᠢᠷᠢᠨ᠎ᠳᠤ ᠣᠷᠣᠵᠣ ᠢᠷᠡᠭᠰᠡᠨ ᠪᠠᠶ᠋ᠢᠨ᠎ᠠ᠃ ᠲᠠᠷᠤᠢ ᠠᠮᠢᠳᠤᠷᠠᠯ᠎ᠤᠨ ᠨᠦᠬᠦᠴᠡᠯ᠂ ᠬᠢᠴᠢᠶᠡᠯ ᠰᠤᠷᠤᠯᠭ᠎ᠠ ᠵᠢᠨ ᠨᠦᠬᠦᠴᠡᠯ᠎ᠨᠢ ᠤᠯᠠᠮ ᠰᠠᠶ᠋ᠢᠵᠢᠷᠠᠵᠤ᠂ ᠤᠯᠠᠮ ᠪᠠᠶᠠᠯᠢᠬ᠍ᠵᠢᠵᠣ᠂ ᠬᠢᠷᠢ ᠲᠦᠪᠰᠢᠨ᠎ᠨᠢ ᠲᠡᠭᠡᠭᠰᠢᠯᠡᠭᠰᠡᠨ ᠪᠠᠶ᠋ᠢᠳᠠᠯ ᠲᠤᠤᠷ᠎ᠠ ᠭᠡᠷ᠎ᠤᠨ ᠠᠬᠠᠮᠠᠳ᠎ᠨᠢ ᠬᠡᠤᠬᠡᠳ ᠵᠶ᠋ᠠᠨ ᠦᠷᠭᠡᠨ ᠲᠡᠯᠭᠡᠷ ᠮᠡᠳᠡᠯᠭᠡ᠎ᠲᠠᠢ ᠪᠤᠯᠭ᠋ᠠᠬᠤ ᠵᠢ ᠳᠠᠩ ᠴᠤᠯᠭᠤᠢ᠎ᠪᠠᠷ ᠬᠦᠭᠡᠭᠡᠴᠡᠯᠳᠦᠭᠰᠡᠨ᠎ᠠᠴᠠ ᠪᠤᠯᠤᠭ᠋ᠠᠳ ᠬᠡᠤᠬᠡᠳ᠎ᠤᠨ ᠦᠨᠡᠨ ᠬᠦ᠌ ᠠ᠋ᠭᠦᠷᠭᠡᠯᠡᠬᠦ ᠴᠢᠬᠤᠯᠠ᠎ᠲᠠᠢ ᠬᠠᠷᠢᠭᠤᠴᠠᠯᠭ᠋ᠠᠳᠤ ᠰᠡᠳᠬᠢᠯ᠎ᠢ ᠭᠦᠮᠦᠵᠢᠭᠦᠯᠭᠦ  ᠵᠢ ᠤᠮᠳᠤᠭ᠋ᠠᠶ᠋ᠢᠯᠠᠭᠰᠠᠨ ᠪᠠᠶ᠋ᠢᠨ᠎ᠠ᠃ ᠦᠨᠡᠨ᠎ᠳᠤ᠎ᠪᠠᠨ ᠬᠡᠤᠬᠡᠳ᠎ᠢ ᠶᠠᠮᠠᠷ ᠮᠡᠳᠡᠯᠭᠡ᠎ᠲᠠᠢ᠂ ᠶᠠᠮᠠᠷ ᠴᠢᠳᠠᠪᠤᠷᠢ᠎ᠲᠠᠢ ᠪᠤᠯᠭ᠋ᠠᠭᠰᠠᠨ ᠴᠤ᠌ ᠬᠠᠷᠢᠭᠤᠴᠠᠯᠭ᠋ᠠᠳᠤ ᠰᠡᠳᠬᠢᠯ ᠦᠭᠡᠢ ᠪᠤᠯ ᠦᠪᠡᠷ᠎ᠤᠨ ᠪᠡᠶ᠎ᠡ ᠵᠢᠨ ᠵᠶ᠋ᠠᠨ ᠦᠨ᠎ᠡ ᠦᠷᠳᠡᠭ ᠵᠶ᠋ᠠᠨ ᠪᠠᠳᠠᠷᠠᠭᠤᠯᠵᠤ᠂ ᠨᠡᠶ᠋ᠢᠬᠡᠮ᠎ᠳᠤ ᠤᠶ᠋ᠢᠯᠡᠳᠦᠯ ᠬᠡᠷᠡᠭᠴᠡᠭᠡ᠎ᠲᠠᠢ ᠬᠦᠮᠦᠨ ᠪᠤᠯᠵᠤ ᠬᠦᠯ ᠲᠤᠭᠳᠠᠭ᠍ᠤ᠎ᠳᠤ ᠲᠤᠶ᠋ᠢᠯ᠎ᠤᠨ ᠬᠦᠴᠢᠷ᠎ᠲᠠᠢ ᠪᠠᠶ᠋ᠢᠳᠠᠭ᠃
      ᠤᠳᠤ ᠵᠢᠨ ᠪᠠᠶᠠᠨ ᠲᠠᠩᠰᠤᠭ ᠠᠮᠢᠳᠤᠷᠠᠯ᠎ᠤᠨ ᠨᠦᠬᠦᠴᠡᠯ᠎ᠳᠤ ᠭᠡᠷ᠎ᠤᠨ ᠠᠬᠠᠮᠠᠳ᠎ᠨᠢ ᠬᠡᠤᠬᠡᠳ᠎ᠤᠨ ᠬᠡᠪᠡᠯᠢ᠎ᠳᠠᠬᠢ ᠬᠦᠮᠦᠵᠢᠯ᠎ᠠᠴᠠ ᠠ᠋ᠬᠢᠯᠡᠭᠡᠳ ᠲᠣᠮᠣ ᠬᠦᠮᠦᠨ ᠪᠤᠯᠳᠠᠯ᠎ᠠ ᠪᠠᠶᠠᠨ ᠲᠠᠩᠰᠤᠭ ᠨᠦᠬᠦᠴᠡᠯ᠎ᠢ ᠬᠠᠩᠭ᠋ᠠᠭᠰᠠᠭ᠋ᠠᠷ ᠪᠠᠶ᠋ᠢᠳᠠᠭ᠃ ᠪᠤᠳᠠᠳᠠᠢ᠎ᠪᠠᠷ ᠬᠡᠯᠡᠪᠡᠯ 0-3 ᠨᠠᠰᠤᠨ᠎ᠤ ᠬᠡᠤᠬᠡᠳ᠎ᠤᠨ ᠦᠰᠦᠨ ᠪᠤᠶ᠋ᠢᠵᠢᠯᠳᠠ ᠵᠢᠨ ᠤᠷᠴᠢᠨ ᠲᠤᠭᠤᠷᠢᠨ᠎ᠳᠤ ᠭᠡᠷ᠎ᠤᠨ ᠠᠬᠠᠮᠠᠳ᠎ᠨᠢ ᠬᠡᠤᠬᠡᠳ᠎ᠢ ᠨᠢᠷᠠᠢ ᠪᠠᠭ᠎ᠠ ᠭᠡᠵᠤ ᠬᠡᠳᠦᠷᠬᠡᠢ ᠠ᠋ᠩᠬᠦᠷᠡᠶ᠋ᠢᠯᠡᠵᠤ ᠦᠭᠡᠬᠦᠨ ᠪᠦᠮᠪᠦᠭᠡ ᠮᠡᠳᠦ ᠪᠤᠯᠭ᠋ᠠᠭᠰᠠᠨ᠎ᠠᠴᠠ ᠬᠡᠤᠬᠡᠳ᠎ᠤᠳ ᠦᠪᠡᠷ᠎ᠤᠨ ᠬᠢᠬᠦ ᠵᠦᠢ᠍ᠯᠡᠰ ᠵᠶ᠋ᠠᠨ ᠦᠪᠡᠷ ᠵᠶ᠋ᠠᠨ ᠪᠡᠶᠡᠴᠢᠯᠡᠨ ᠬᠢᠵᠤ ᠲᠡᠶ᠋ᠢᠯᠬᠦ ᠦᠭᠡᠢ᠎ᠠᠴᠠ ᠪᠤᠯᠵᠤ᠂ ᠲᠤᠳᠤᠭ᠋ᠠᠳᠤ ᠰᠡᠳᠬᠢᠯ᠎ᠤᠨ ᠴᠢᠯᠦᠭᠡᠵᠢᠯ ᠵᠶ᠋ᠠᠨ ᠠᠯᠳᠠᠭᠰᠠᠨ ᠪᠠᠶ᠋ᠢᠳᠠᠭ᠃ 3-6 ᠨᠠᠰᠤᠨ᠎ᠤ ᠬᠡᠤᠬᠡᠳ᠎ᠨᠢ ᠪᠡᠶ᠎ᠡ᠎ᠪᠠᠨ ᠲᠠᠭ᠋ᠠᠭ᠋ᠠᠬᠤ ᠴᠢᠳᠠᠪᠤᠷᠢ ᠵᠢᠨ ᠬᠤᠪᠢ᠎ᠳᠤ ᠠᠪᠴᠤ ᠬᠡᠯᠡᠪᠡᠯ ᠶᠠᠭᠤ ᠪᠦᠬᠦᠨ᠎ᠢ᠎ᠨᠢ ᠪᠦᠷ ᠭᠡᠷ᠎ᠤᠨ ᠠᠬᠠᠮᠠᠳ ᠤᠷᠤᠯᠠᠵᠤ ᠬᠢᠬᠦ ᠪᠤᠯᠤᠭᠰᠠᠨ᠎ᠠᠴᠠ ᠬᠡᠤᠬᠡᠳ᠎ᠤᠨ ᠰᠡᠳᠬᠢᠴᠡ ᠵᠢ ᠳᠣᠣᠷᠠᠬᠢ ᠮᠡᠲᠦ ᠬᠡᠳᠦᠨ ᠲᠠᠯ᠎ᠠ᠎ᠪᠠᠷ ᠬᠤᠪᠢᠷᠠᠭᠤᠯᠣᠭᠰᠠᠨ ᠪᠠᠶ᠋ᠢᠨ᠎ᠠ᠃
      (1) ᠭᠠᠭᠴᠠᠭ᠋ᠠᠷᠳᠠᠮᠠᠯ ᠰᠡᠳᠬᠢᠴᠡ ᠵᠢ ᠪᠤᠢ ᠪᠤᠯᠭ᠋ᠠᠭᠰᠠᠨ ᠪᠠᠶ᠋ᠢᠨ᠎ᠠ᠃ ᠭᠠᠭᠴᠠᠭ᠋ᠠᠷᠳᠠᠮᠠᠯ ᠰᠡᠳᠬᠢᠴᠡ ᠭᠡᠳᠡᠭ᠎ᠨᠢ ᠬᠡᠤᠬᠡᠳ ᠪᠡᠶ᠎ᠡ᠎ᠪᠠᠨ ᠲᠠᠭ᠋ᠠᠭ᠋ᠠᠵᠤ᠂ ᠪᠤᠰᠤᠳ ᠬᠦᠮᠦᠨ᠎ᠲᠠᠢ ᠬᠠᠷᠢᠴᠠᠭ᠎ᠠ ᠬᠤᠯᠪᠤᠭ᠎ᠠ ᠠᠪᠴᠣ ᠴᠢᠳᠠᠭ᠍ᠣ ᠦᠭᠡᠢ᠂ ᠵᠦᠪᠬᠡᠨ ᠭᠡᠷ᠎ᠤᠨ ᠠᠬᠠᠮᠠᠳ ᠵᠶ᠋ᠠᠨ ᠲᠦᠰᠢᠭᠯᠡᠬᠦ ᠪᠠᠶ᠋ᠢᠳᠠᠯ᠎ᠲᠠᠢ ᠪᠤᠯᠤᠭᠰᠠᠨ ᠪᠠᠶ᠋ᠢᠨ᠎ᠠ᠃ ᠤᠴᠢᠷ᠎ᠨᠢ            ᠭᠡᠷ᠎ᠤᠨ ᠠᠬᠠᠮᠠᠳ᠎ᠨᠢ ᠵᠦᠪᠬᠡᠨ ᠠᠵᠢᠯ ᠶᠠᠪᠤᠳᠠᠯ᠎ᠳᠤ᠎ᠪᠠᠨ ᠶᠠᠭ᠋ᠠᠷᠠᠵᠣ ᠰᠤᠷᠭ᠋ᠠᠭᠤᠯᠢ᠎ᠨᠢ ᠵᠦᠪᠬᠡᠨ ᠮᠡᠳᠡᠯᠭᠡ ᠵᠢᠨ           ᠲᠠᠪᠳᠠᠮᠵᠢ ᠵᠢ ᠴᠢᠬᠤᠯᠠᠴᠢᠯᠠᠭᠰᠠᠨ᠎ᠠᠴᠠ ᠬᠡᠤᠬᠡᠳ ᠴᠤ᠌ ᠵᠦᠪᠬᠡᠨ ᠦᠪᠡᠷ᠎ᠤᠨ ᠰᠣᠷᠣᠯᠭ᠎ᠠ᠎ᠳᠤ᠎ᠪᠠᠨ ᠶᠠᠭ᠋ᠠᠷᠠᠵᠣ᠂ ᠬᠦᠮᠦᠰ᠎ᠤᠨ ᠬᠤᠭᠤᠷᠣᠨᠳᠣᠬᠢ ᠬᠠᠷᠢᠴᠠᠭ᠎ᠠ᠎ᠨᠢ ᠨᠡᠯᠢᠶᠡᠳ ᠵᠠᠢ᠎ᠲᠠᠢ ᠪᠣᠯᠵᠣ ᠭᠠᠭᠴᠠᠭ᠋ᠠᠷᠳᠠᠮᠠᠯ ᠪᠠᠶ᠋ᠢᠳᠠᠯ᠎ᠲᠠᠢ           ᠪᠣᠯᠵᠠᠢ᠃ ᠬᠡᠤᠬᠡᠳ᠎ᠤᠳ ᠭᠡᠷ᠎ᠲᠤ᠎ᠪᠠᠨ ᠬᠠᠷᠢᠭᠰᠠᠨ᠎ᠤ ᠲᠠᠷᠠᠭ᠎ᠠ ᠴᠤ᠌ ᠭᠡᠷ ᠎ᠤᠨ ᠠᠵᠢᠯ᠎ᠳᠤ ᠭᠠᠷ ᠲᠦᠷᠦᠬᠦ ᠲᠤᠬᠢᠶᠡᠯ ᠦᠭᠡᠢ ᠪᠤᠯᠵᠤ᠂ ᠭᠡᠷ᠎ᠤᠨ ᠠᠵᠢᠯ ᠠᠮᠢᠳᠤᠷᠠᠯ᠎ᠢ ᠪᠦᠷ ᠲᠤᠮᠤ ᠬᠦᠮᠦᠨ᠎ᠤ ᠶᠠᠪᠤᠳᠠᠯ ᠭᠡᠵᠤ ᠦᠵᠡᠬᠦ ᠪᠤᠯᠤᠭᠰᠠᠨ᠎ᠠᠴᠠ ᠬᠡᠤᠬᠡᠳ᠎ᠤᠨ ᠭᠡᠷ ᠪᠦᠯᠢ ᠎ᠳᠠᠬᠢ ᠭᠠᠭᠴᠠᠭ᠋ᠠᠷᠳᠠᠮᠠᠯ ᠰᠡᠳᠬᠢᠴᠡ ᠵᠢ ᠴᠦ᠍ ᠤᠯᠠᠮ ᠬᠦᠨᠳᠦᠷᠡᠭᠦᠯᠦᠭᠰᠡᠨ ᠪᠠᠶ᠋ᠢᠳᠠᠭ᠃
      (2) ᠬᠦᠳᠡᠯᠦᠩᠭᠦᠢ ᠪᠤᠰᠤ ᠵᠠᠩ ᠴᠢᠨᠠᠷ᠎ᠢ ᠪᠤᠢ ᠪᠤᠯᠭ᠋ᠠᠭᠰᠠᠨ ᠪᠠᠶ᠋ᠢᠨ᠎ᠠ᠃ ᠳᠡᠭᠡᠷᠡᠬᠢ ᠮᠡᠲᠦ ᠰᠢᠯᠲᠠᠭ᠋ᠠᠨ᠎ᠠᠴᠠ ᠤᠳᠤ ᠵᠢᠨ ᠤᠯᠠᠩᠭᠢ ᠬᠡᠤᠬᠡᠳ ᠶᠠᠮᠠᠷᠪᠠ ᠠᠵᠢᠯ ᠶᠠᠪᠤᠳᠠᠯ᠎ᠳᠤ ᠤᠷᠤᠯᠴᠠᠭ᠍ᠤ ᠲᠤᠷ᠎ᠠ ᠰᠤᠨᠢᠷᠬᠠᠯ ᠦᠭᠡᠢ ᠪᠤᠯᠴᠢᠬᠠᠭᠰᠠᠨ ᠪᠠᠶ᠋ᠢᠳᠠᠭ᠃ ᠵᠢᠱ᠌ᠢᠶᠡᠯᠡᠪᠡᠯ᠂ ᠦᠩᠭᠡᠷᠡᠭᠰᠡᠨ᠎ᠳᠤ ᠬᠡᠤᠬᠡᠳ᠎ᠤᠳ ᠬᠠᠳᠠᠭᠤ ᠪᠡᠷᠬᠡ ᠠᠮᠢᠳᠤᠷᠠᠯ᠎ᠤᠨ ᠲᠤᠮᠳᠠ ᠠᠪᠤ ᠡᠵᠢ᠎ᠪᠠᠨ ᠬᠠᠪᠰᠤᠷᠴᠤ ᠠᠷᠭ᠋ᠠᠯ ᠲᠦᠯᠡᠭᠡ᠎ᠪᠠᠨ ᠤᠶ᠋ᠢᠷᠠᠳᠤᠭᠤᠯᠬᠤ᠂ ᠮᠠᠯ ᠰᠦᠷᠦᠭ ᠵᠶ᠋ᠠᠨ ᠬᠠᠷᠢᠭᠤᠯᠭ᠍ᠤ ᠵᠡᠷᠭᠡ ᠠᠵᠢᠯ ᠶᠠᠪᠤᠳᠠᠯ᠎ᠤᠳ᠎ᠢ ᠦᠪᠡᠷ᠎ᠤᠨ ᠤᠬᠠᠮᠰᠠᠷ᠎ᠠᠴᠠ᠎ᠪᠠᠨ ᠬᠢᠵᠤ᠂ ᠦᠪᠡᠷ᠎ᠤᠨ ᠬᠢᠪᠡᠰᠦ ᠵᠣᠬᠢᠬᠤ ᠠᠵᠢᠯ ᠭᠡᠵᠥ ᠦᠵᠡᠵᠤ ᠬᠦᠳᠡᠯᠦᠩᠭᠦᠢ ᠠᠵᠢᠯᠯᠠᠵᠣ ᠪᠠᠶ᠋ᠢᠭᠰᠠᠨ ᠪᠣᠯ᠂ ᠣᠳᠣ ᠵᠢᠨ ᠬᠡᠤᠬᠡᠳ ᠲᠡᠷᠡ ᠪᠣᠯ ᠲᠣᠮᠣᠴᠤᠣᠯ᠎ᠤᠨ ᠠᠵᠢᠯ ᠭᠡᠵᠣ ᠦᠵᠡᠭᠡᠳ ᠭᠡᠷ ᠪᠦᠯᠢ᠎ᠤᠨ ᠠᠵᠢᠯ ᠎ᠳᠤ ᠲᠤᠶ᠋ᠢᠯ᠎ᠤᠨ ᠬᠦᠳᠡᠯᠦᠩᠭᠦᠢ ᠪᠤᠰᠤ ᠪᠤᠯᠤᠭᠰᠠᠨ ᠪᠠᠶ᠋ᠢᠳᠠᠭ᠃ ᠵᠠᠷᠢᠮ ᠭᠡᠷ᠎ᠤᠨ ᠠᠬᠠᠮᠠᠳ ᠲᠡᠷᠡ ᠦᠶᠡᠰ᠎ᠤᠨ ᠨᠡᠭᠦᠳᠡᠯ ᠠᠮᠢᠳᠤᠷᠠᠯ᠎ᠢ ᠬᠡᠯᠡᠭᠡᠳ ᠶᠠᠭ᠋ᠠᠬᠢᠬᠤ ᠪᠤᠢ? ᠤᠳᠤ ᠪᠦᠷ ᠰᠢᠨ᠎ᠡ ᠴᠠᠭ ᠠ᠋ᠷᠢᠨ ᠪᠤᠯᠴᠢᠬᠠᠵᠠᠢ ᠭᠡᠵᠤ ᠪᠤᠳᠤᠬᠤ ᠮᠠᠭ᠋ᠠᠳ᠃ ᠭᠡᠳᠡᠯ᠎ᠡ ᠠ᠋ᠨᠡ᠎ᠨᠢ ᠶᠠᠭ ᠰᠢᠨ᠎ᠡ ᠴᠠᠭ ᠠ᠋ᠷᠢᠨ᠎ᠠᠴᠠ ᠮᠠᠨ᠎ᠤ ᠭᠡᠷ᠎ᠤᠨ ᠠᠬᠠᠮᠠᠳ᠎ᠲᠤ ᠬᠡᠤᠬᠡᠳ᠎ᠤᠨ ᠵᠶ᠋ᠠᠨ ᠬᠠᠷᠢᠭᠤᠴᠠᠯᠭ᠋ᠠᠳᠣ ᠰᠡᠳᠬᠢᠯ᠎ᠢ ᠬᠦᠮᠦᠵᠢᠭᠦᠯᠬᠦ ᠶᠠᠪᠤᠳᠠᠯ ᠲᠡᠭᠡᠷ᠎ᠡ ᠦᠭᠭᠦᠭᠰᠡᠨ ᠨᠢᠭᠡᠨ ᠵᠦᠢ᠍ᠯ᠎ᠤᠨ ᠰᠢᠨ᠎ᠡ ᠱᠠᠭ᠋ᠠᠷᠳᠠᠯᠭ᠎ᠠ ᠪᠣᠯᠣᠭᠰᠠᠨ ᠪᠠᠶ᠋ᠢᠨ᠎ᠠ᠃ ᠠᠮᠸᠷᠢᠺᠡ ᠵᠢᠨ ᠰᠤᠳᠤᠯᠭ᠋ᠠᠴᠢᠳ᠎ᠤᠨ ᠰᠤᠳᠤᠯᠤᠯᠳᠠ᠎ᠪᠠᠷ ᠭᠡᠷ᠎ᠤᠨ ᠠᠵᠢᠯ ᠬᠢᠳᠡᠭ ᠬᠡᠤᠬᠡᠳ ᠪᠠ ᠭᠡᠷ᠎ᠤᠨ ᠠᠵᠢᠯ ᠬᠢᠳᠡᠭ ᠦᠭᠡᠢ ᠬᠡᠤᠬᠡᠳ᠎ᠤᠨ ᠬᠤᠷᠢᠮᠯᠠᠭ᠍ᠤ ᠨᠤᠷᠮ᠎ᠠ᠎ᠨᠢ 75᠄ 15᠂ ᠠᠮᠵᠢᠯᠳᠠ ᠤᠯᠬᠤ ᠨᠤᠷᠮ᠎ᠠ᠎ᠨᠢ 14᠄ 1 ᠭᠡᠵᠤ ᠨᠤᠳᠠᠯᠠᠭᠰᠠᠨ ᠪᠠᠶ᠋ᠢᠳᠠᠭ᠃
      (3) ᠪᠡᠶ᠎ᠡ᠎ᠪᠠᠨ ᠲᠠᠭ᠋ᠠᠭ᠋ᠠᠬᠤ ᠴᠢᠳᠠᠪᠤᠷᠢ ᠠᠨᠠᠢ ᠪᠤᠯᠤᠭᠰᠠᠨ ᠪᠠᠶ᠋ᠢᠨ᠎ᠠ᠃ ᠠ᠋ᠨᠡ ᠪᠣᠯ ᠲᠠᠷᠤᠢ ᠮᠠᠨ᠎ᠤ ᠭᠡᠷ᠎ᠤᠨ ᠠᠬᠠᠮᠠᠳ᠎ᠤᠨ ᠶᠠᠮᠠᠷᠪᠠ ᠠᠵᠢᠯ ᠶᠠᠪᠤᠳᠠᠯ᠎ᠢ ᠦᠪᠡᠷ ᠵᠶ᠋ᠠᠨ ᠬᠢᠭᠡᠳ ᠬᠡᠤᠬᠡᠳ ᠵᠶ᠋ᠠᠷ ᠵᠶ᠋ᠠᠨ ᠭᠠᠷ ᠲᠦᠷᠦᠭᠦᠯᠬᠦ ᠦᠭᠡᠢ ᠪᠣᠯᠣᠭᠰᠠᠨ᠎ᠤ ᠦᠷ᠎ᠡ ᠳ᠋ᠦᠩ ᠶᠤᠮ᠃ ᠠ᠋ᠭᠦᠨ᠎ᠤ ᠳ᠋ᠦᠩ᠎ᠳᠤ ᠮᠠᠨ᠎ᠤ ᠬᠡᠤᠬᠡᠳ ᠶᠠᠮᠠᠷ ᠠᠵᠢᠯ᠎ᠢ ᠬᠢᠭᠰᠡᠨ ᠴᠤ᠌ 《ᠠᠪᠤ ᠪᠠᠶ᠋ᠢᠬᠤ ᠶᠤᠮ ᠴᠢᠨᠢ᠂ ᠡᠵᠢ ᠪᠠᠶ᠋ᠢᠬᠤ ᠶᠤᠮ ᠴᠢᠨᠢ》 ᠭᠡᠰᠡᠨ ᠪᠤᠰᠤᠳ᠎ᠢ ᠲᠦᠰᠢᠭᠯᠡᠬᠦ ᠰᠡᠳᠬᠢᠴᠡ᠎ᠲᠠᠢ ᠪᠣᠯᠵᠤ᠂ ᠶᠠᠮᠠᠷᠪᠠ ᠠᠵᠢᠯ ᠶᠠᠪᠤᠳᠠᠯ᠎ᠳᠤ ᠦᠪᠡᠷ᠎ᠤᠨ ᠲᠦᠰᠦᠯ ᠲᠦᠯᠦᠪᠯᠡᠭᠡ ᠭᠡᠵᠤ ᠪᠠᠶ᠋ᠢᠬᠤ ᠦᠭᠡᠢ᠂ ᠶᠠᠭ᠋ᠠᠬᠢᠵᠤ ᠪᠡᠶᠡᠯᠡᠭᠦᠯᠦᠨ᠎ᠡ ᠭᠡᠰᠡᠨ ᠬᠠᠷᠢᠭᠤᠴᠠᠯᠭ᠋ᠠᠲᠣ ᠰᠡᠳᠭᠢᠯ ᠦᠭᠡᠢ ᠪᠣᠯᠵᠠᠢ᠃ ᠬᠠᠮᠤᠭ᠎ᠤᠨ ᠨᠠᠭ᠋ᠠᠳᠤ ᠵᠠᠬ᠎ᠠ᠎ᠳᠤ᠎ᠪᠠᠨ ᠲᠠᠰᠬᠠᠯ᠎ᠤᠨ ᠠ᠋ᠭᠦᠷᠭᠡ᠎ᠪᠠᠨ ᠦᠪᠡᠷ ᠵᠶ᠋ᠠᠨ ᠰᠢᠢ᠍ᠳᠪᠦᠷᠢᠯᠡᠬᠦ ᠪᠢᠰᠢ᠂ ᠬᠠᠷᠢᠨ ᠠᠪᠤ ᠡᠵᠢ ᠪᠠᠶ᠋ᠢᠬᠤ ᠶᠤᠮ ᠴᠢᠨᠢ ᠠ᠋ᠰᠡᠭᠦᠯ᠎ᠡ ᠬᠢᠴᠢᠶᠡᠯ᠎ᠤᠨ ᠭᠠᠳᠠᠨ᠎ᠠ ᠲᠠᠰᠬᠠᠯ ᠵᠢᠯᠣᠭᠤᠳᠬᠤ ᠠᠩᠭᠢ᠎ᠳᠤ ᠶᠠᠪᠤᠪᠠᠯ ᠪᠤᠯᠴᠢᠬᠠᠨ᠎ᠠ ᠭᠡᠵᠤ ᠪᠤᠳᠤᠬᠤ ᠪᠤᠯᠴᠢᠬᠠᠭᠰᠠᠨ ᠪᠠᠶ᠋ᠢᠳᠠᠭ᠃
      (4) ᠳᠠᠩ ᠴᠤᠯᠭᠤᠢ ᠰᠡᠳᠬᠢᠴᠡ᠎ᠲᠠᠢ ᠪᠤᠯᠤᠭᠰᠠᠨ ᠪᠠᠶ᠋ᠢᠨ᠎ᠠ᠃ ᠮᠠᠨ᠎ᠤ ᠤᠳᠤ ᠵᠢᠨ ᠬᠡᠤᠬᠡᠳ ᠪᠦᠷ ᠬᠤᠪᠢ᠎ᠪᠠᠨ ᠪᠣᠳᠤᠨ᠂ ᠳᠣᠪᠤ᠎ᠪᠠᠨ ᠪᠣᠷᠣᠯᠠᠭᠤᠯᠬᠤ ᠪᠣᠯᠵᠤ ᠪᠣᠰᠤᠳ ᠵᠦᠢ᠍ᠯ᠎ᠢ ᠬᠠᠮᠢᠶᠠᠷᠴᠣ ᠬᠠᠯᠠᠮᠵᠢᠯᠠᠭ᠍ᠤ ᠦᠭᠡᠢ ᠪᠤᠯᠤᠭᠰᠠᠨ ᠪᠠᠶ᠋ᠢᠨ᠎ᠠ᠃ ᠭᠡᠷ᠎ᠲᠤ᠎ᠪᠠᠨ ᠬᠠᠷᠢᠭᠰᠠᠨ ᠴᠤ᠌ ᠠᠪᠤ᠎ᠨᠢ ᠭᠠᠷ ᠤᠲᠠᠰᠤ᠎ᠪᠠᠨ ᠣᠷᠤᠯᠳᠤᠵᠤ᠂ ᠡᠵᠢ᠎ᠨᠢ ᠬᠤᠭᠤᠯᠠ ᠪᠤᠳᠠᠭ᠎ᠠ᠎ᠪᠠᠨ ᠬᠢᠵᠦ ᠶᠠᠭ᠋ᠠᠷᠠᠭ᠍ᠣ᠎ᠳᠤ᠂ ᠬᠡᠤᠬᠡᠳ᠎ᠨᠢ ᠲᠤᠷ᠎ᠠ᠎ᠲᠠᠢ ᠲᠤᠷ᠎ᠠ ᠦᠭᠡᠢ ᠲᠠᠰᠬᠠᠯ ᠵᠶ᠋ᠠᠨ ᠬᠢᠬᠦ ᠪᠠᠶ᠋ᠢᠳᠠᠯ᠎ᠲᠠᠢ ᠪᠣᠯᠣᠭ᠋ᠠᠳ ᠦᠩᠭᠡᠷᠡᠭᠰᠡᠨ᠎ᠤ ᠮᠡᠳᠦ ᠠᠮᠢᠳᠤᠷᠠᠯ᠎ᠤᠨ ᠬᠠᠳᠠᠭᠤ ᠪᠡᠷᠭᠡ᠂ ᠵᠢᠩᠬᠢᠨᠢ ᠤᠳᠬ᠎ᠠ ᠠᠭᠤᠯᠭ᠎ᠠ ᠵᠢ ᠦᠪᠡᠷ᠎ᠤᠨ ᠪᠡᠶ᠎ᠡ᠎ᠳᠤ᠎ᠪᠠᠨ ᠰᠢᠩᠭᠡᠭᠡᠵᠤ ᠲᠡᠶ᠋ᠢᠯᠬᠦ ᠦᠭᠡᠢ ᠪᠤᠯᠴᠢᠬᠠᠭᠰᠠᠨ ᠪᠠᠶ᠋ᠢᠳᠠᠭ᠃ ᠤᠴᠢᠷ᠎ᠨᠢ ᠮᠠᠨ᠎ᠤ ᠭᠡᠷ᠎ᠤᠨ ᠠᠬᠠᠮᠠᠳ᠎ᠤᠨ ᠰᠡᠳᠬᠢᠴᠡ᠎ᠨᠢ ᠴᠦ᠍ ᠪᠦᠷ 《ᠤᠳᠤ ᠵᠢᠨ ᠠᠮᠢᠳᠤᠷᠠᠯ ᠰᠠᠶ᠋ᠢᠨ ᠪᠤᠯᠴᠢᠬᠠᠵᠠᠢ᠂ ᠬᠡᠤᠬᠡᠳ᠎ᠤᠳ᠎ᠲᠤ ᠰᠠᠨᠠᠭ᠋ᠠᠰᠢᠷᠠᠭ᠍ᠤ ᠶᠠᠪᠤᠳᠠᠯ ᠦᠭᠡᠢ᠂ ᠵᠦᠪᠬᠡᠨ ᠰᠠᠶ᠋ᠢᠨ ᠰᠤᠷᠴᠢᠬᠠᠪᠠᠯ ᠪᠤᠯᠴᠢᠬᠠᠨ᠎ᠠ》 ᠭᠡᠵᠤ ᠦᠵᠡᠭᠡᠳ ᠴᠤᠷᠢ ᠵᠢᠨ ᠭᠠᠭᠴᠠ ᠮᠡᠳᠡᠯᠭᠡ ᠵᠢᠨ ᠲᠠᠪᠳᠠᠮᠵᠢ ᠵᠢ ᠬᠦᠭᠡᠭᠡᠴᠡᠯᠳᠦᠵᠤ᠂ ᠬᠦᠳᠡᠯᠮᠦᠷᠢ ᠪᠤᠯᠤᠨ ᠰᠤᠷᠤᠯᠴᠠᠯᠭ᠎ᠠ ᠵᠢ ᠨᠢᠭᠡᠮᠦᠰᠦᠨ ᠰᠠᠯᠭ᠋ᠠᠵᠤ ᠬᠠᠶᠠᠭᠰᠠᠨ ᠪᠠᠶ᠋ᠢᠳᠠᠯ᠎ᠲᠠᠢ ᠪᠣᠯᠵᠠᠢ᠃
      ᠮᠠᠨ᠎ᠤ ᠭᠡᠷ᠎ᠤᠨ ᠠᠬᠠᠮᠠᠳ ᠬᠡᠤᠬᠡᠳ᠎ᠤᠨ ᠬᠤᠭᠤᠷᠣᠨᠳᠣᠬᠢ ᠤᠬᠠᠭ᠋ᠠᠯᠢᠭ ᠪᠤᠯᠤᠨ ᠴᠢᠳᠠᠪᠤᠷᠢ ᠵᠢᠨ ᠵᠦᠷᠢᠶ᠎ᠡ ᠵᠢ ᠠᠳᠠᠯᠢᠳᠬᠠᠬᠤ ᠠᠰᠠᠭᠤᠳᠠᠯ ᠬᠦᠨᠳᠦ ᠨᠤᠴᠢᠳᠡᠢ ᠤᠷᠤᠰᠢᠵᠤ᠂ ᠪᠦᠷ ᠯᠠ ᠠ᠋ᠨᠡ ᠨᠢᠭᠡᠨ ᠶᠠᠪᠤᠳᠠᠯ ᠲᠡᠭᠡᠷ᠎ᠡ ᠵᠢᠭᠤᠷᠠᠯᠳᠣᠬᠤ ᠪᠣᠯᠵᠠᠢ᠃ ᠵᠠᠷᠢᠮ ᠭᠡᠷ᠎ᠤᠨ ᠠᠬᠠᠮᠠᠳ ᠎ᠲᠤ ᠶᠡᠷᠦ᠎ᠨᠢ ᠠᠶ᠋ᠢᠯ᠎ᠤᠨ ᠬᠡᠤᠬᠡᠳ ᠠ᠋ᠭᠦᠨ᠎ᠢ ᠴᠢᠳᠠᠵᠤ ᠪᠠᠶ᠋ᠢᠨ᠎ᠠ᠂ ᠮᠠᠨ᠎ᠤ ᠬᠡᠤᠬᠡᠳ ᠶᠠᠭ᠋ᠠᠬᠢᠭ᠋ᠠᠳ ᠴᠢᠳᠠᠭ᠍ᠤ ᠦᠭᠡᠢ ᠪᠤᠢ? ᠭᠡᠬᠦ ᠠᠰᠠᠭᠤᠯᠳᠠ ᠲᠤᠳᠤᠭ᠋ᠠᠳᠤ ᠰᠡᠳᠬᠢᠯ᠎ᠳᠤ᠎ᠨᠢ ᠦᠪᠡᠷ᠎ᠤᠨ ᠠ᠋ᠷᠬᠡ ᠦᠭᠡᠢ ᠤᠷᠤᠵᠤ ᠢᠷᠡᠳᠡᠭ᠃ ᠲᠡᠭᠡᠬᠦ ᠮᠦᠷᠲᠡᠭᠡᠨ ᠵᠠᠷᠢᠮ ᠭᠡᠷ᠎ᠤᠨ ᠠᠬᠠᠮᠠᠳ᠎ᠨᠢ ᠬᠡᠤᠬᠡᠳ᠎ᠤᠨ ᠬᠤᠭᠤᠷᠣᠨᠳᠤᠬᠢ ᠵᠦᠷᠢᠶ᠎ᠡ ᠵᠢ ᠠᠳᠠᠯᠢᠳᠬᠠᠬᠤ᠎ᠳᠤ᠎ᠪᠠᠨ ᠬᠡᠤᠬᠡᠳ᠎ᠤᠨ ᠤᠬᠤᠷᠬᠠᠨ ᠬᠤᠭᠤᠴᠠᠭ᠋ᠠᠨ᠎ᠳᠠᠬᠢ ᠤᠬᠠᠭ᠋ᠠᠯᠢᠭ ᠲᠦᠷᠢ᠂ ᠭᠠᠳᠠᠭ᠋ᠠᠳᠤ ᠢᠯᠡᠷᠡᠯ᠂ ᠱᠠᠩᠨᠠᠯ ᠬᠦᠬᠢᠭᠦᠯᠦᠯ ᠬᠦᠷᠳᠡᠵᠤ ᠪᠠᠶ᠋ᠢᠭ᠎ᠠ ᠲᠤᠭ᠎ᠠ ᠨᠤᠷᠮ᠎ᠠ ᠵᠡᠷᠭᠡ᠎ᠪᠠᠷ ᠪᠠᠷᠢᠮᠵᠢᠶᠠᠯᠠᠵᠤ ᠬᠡᠤᠬᠡᠳ᠎ᠢ ᠠᠳᠠᠯᠢᠳᠬᠠᠳᠠᠭ᠃ ᠨᠡᠩ ᠴᠢᠨᠠᠭᠰᠢᠯᠠᠪᠠᠯ ᠵᠠᠷᠢᠮ ᠭᠡᠷ᠎ᠤᠨ ᠠᠬᠠᠮᠠᠳ᠎ᠨᠢ ᠬᠡᠤᠬᠡᠳ᠎ᠤᠨ ᠰᠡᠳᠬᠢᠴᠡ ᠵᠢ ᠠᠩᠬᠠᠷᠭ᠍ᠤ ᠦᠭᠡᠢ᠂ ᠵᠦᠪᠬᠡᠨ ᠰᠢᠯᠭ᠋ᠠᠯᠳᠠ ᠵᠢᠨ ᠬᠤᠪᠢ᠎ᠪᠠᠷ ᠤᠴᠢᠵᠤ ᠬᠡᠤᠬᠡᠳ ᠵᠶ᠋ᠠᠨ ᠪᠠᠷᠢᠮᠵᠢᠶᠠᠯᠠᠳᠠᠭ᠃ ᠠ᠋ᠨᠡ ᠪᠤᠯ ᠮᠠᠨ᠎ᠤ ᠭᠡᠷ᠎ᠤᠨ ᠠᠬᠠᠮᠠᠳ᠎ᠤᠨ ᠬᠡᠤᠬᠡᠳ᠎ᠲᠤ᠎ᠪᠠᠨ ᠬᠠᠨᠳᠤᠬᠤ ᠬᠠᠷᠢᠭᠤᠴᠠᠯᠭ᠋ᠠᠳᠤ ᠰᠡᠳᠬᠢᠯ ᠳᠣᠲᠠᠮᠠᠭ ᠭᠡᠳᠡᠭ᠎ᠢ ᠬᠠᠷᠠᠭᠤᠯᠤᠨ᠎ᠠ᠃ ᠦᠨᠡᠨ᠎ᠢ ᠬᠡᠯᠡᠪᠡᠯ ᠨᠢᠭᠡ ᠠᠪᠤ ᠡᠵᠢ᠎ᠠᠴᠠ ᠲᠦᠷᠦᠭᠰᠡᠨ ᠠᠬ᠎ᠠ ᠳᠡᠭᠦᠦ ᠴᠤ᠌ ᠬᠤᠭᠤᠷᠤᠨᠳᠣ᠎ᠪᠠᠨ ᠠᠳᠠᠯᠢ ᠦᠬᠡᠢ ᠪᠠᠶ᠋ᠢᠳᠠᠯ᠎ᠠ ᠦᠷᠦᠭᠡᠯ ᠪᠣᠰᠣᠳ᠎ᠤᠨ ᠬᠡᠣᠬᠡᠳ ᠬᠡᠷᠬᠢᠨ ᠠᠳᠠᠯᠢ ᠪᠠᠶ᠋ᠢᠵᠣ ᠪᠣᠯᠬᠤ ᠪᠣᠢ᠃ ᠠ᠋ᠶ᠋ᠢᠮᠤ᠎ᠠᠴᠠ ᠦᠪᠡᠷ᠎ᠤᠨ ᠬᠡᠤᠬᠡᠳ ᠵᠶ᠋ᠠᠨ ᠦᠷᠦᠭᠡᠯ ᠪᠤᠰᠤᠳ᠎ᠤᠨ ᠬᠡᠤᠬᠡᠳ᠎ᠲᠠᠢ ᠠᠳᠠᠯᠢᠳᠬᠠᠬᠤ᠎ᠳᠤ᠎ᠪᠠᠨ ᠰᠦᠷᠭᠡᠦ ᠨᠦᠯᠦᠭᠡ ᠦᠵᠡᠭᠦᠯᠬᠦ ᠦᠭᠡᠢ ᠵᠦᠪ ᠲᠠᠯ᠎ᠠ᠎ᠠᠴᠠ ᠠᠳᠠᠯᠢᠳᠬᠠᠬᠤ  ᠬᠡᠷᠡᠭᠲᠡᠢ᠃ ᠠ᠋ᠨᠡ ᠭᠦ᠌ ᠰᠦᠷᠭᠡᠦ ᠨᠦᠯᠦᠭᠡ᠎ᠨᠢ ᠲᠠᠷᠤᠢ ᠬᠡᠤᠬᠡᠳ᠎ᠲᠤ ᠪᠡᠶ᠎ᠡ᠎ᠪᠠᠨ ᠭᠤᠯᠤᠬᠤ᠂ ᠪᠡᠶ᠎ᠡ᠎ᠪᠠᠨ ᠰᠡᠵᠢᠭᠯᠡᠬᠦ ᠲᠦᠷᠦᠭᠳᠡᠯ ᠦᠭᠴᠦ᠂ ᠬᠡᠤᠬᠡᠳ᠎ᠤᠨ ᠬᠠᠶ᠋ᠢᠨ ᠰᠦᠪᠡᠭᠴᠢᠯᠡᠬᠦ᠎ᠳᠤ ᠤᠷᠤᠭᠰᠢ ᠲᠠᠪᠰᠢᠬᠤ ᠵᠤᠷᠢᠭ ᠰᠠᠨᠠᠭ᠎ᠠ ᠵᠢ᠎ᠨᠢ ᠠᠯᠳᠠᠷᠠᠭᠤᠯᠬᠤ᠎ᠪᠠᠷ ᠪᠠᠷᠠᠭ᠍ᠤ ᠦᠭᠡᠢ᠂ ᠬᠡᠤᠬᠡᠳ᠎ᠤᠨ ᠪᠡᠶ᠎ᠡ᠎ᠪᠠᠨ ᠲᠠᠭ᠋ᠠᠭ᠋ᠠᠬᠤ ᠬᠠᠷᠢᠭᠤᠴᠠᠯᠭ᠋ᠠᠳᠣ ᠰᠡᠳᠬᠢᠯ᠎ᠢ᠎ᠨᠢ ᠨᠦᠯᠦᠭᠡᠯᠡᠨ᠎ᠡ᠃ ᠠ᠋ᠶ᠋ᠢᠮᠦ᠎ᠠᠴᠠ ᠪᠢᠳᠡ ᠬᠡᠤᠬᠡᠳ᠎ᠢ ᠠᠳᠠᠯᠢᠳᠬᠠᠶ᠎ᠠ ᠭᠡᠪᠡᠯ ᠬᠡᠤᠬᠡᠳ᠎ᠤᠨ ᠬᠠᠷᠢᠭᠤᠴᠠᠯᠭ᠋ᠠᠳᠤ ᠰᠡᠳᠬᠢᠯ᠎ᠢ ᠵᠤᠬᠢᠬᠤ ᠬᠡᠮᠵᠢᠶ᠎ᠠ᠎ᠪᠠᠷ ᠠᠳᠠᠯᠢᠳᠬᠠᠬᠤ᠎ᠠᠴᠠ ᠪᠢᠰᠢ ᠠ᠋ᠩ᠎ᠤᠨ ᠴᠢᠳᠠᠪᠤᠷᠢ ᠵᠢ᠎ᠨᠢ ᠠᠳᠠᠯᠢᠳᠬᠠᠬᠤ ᠦᠭᠡᠢ ᠪᠠᠶ᠋ᠢᠬᠤ ᠬᠡᠷᠡᠭᠲᠡᠢ᠃
      ᠮᠠᠨ᠎ᠤ ᠭᠡᠷ᠎ᠤᠨ ᠠᠬᠠᠮᠠᠳ ᠬᠡᠤᠬᠡᠳ᠎ᠢ ᠬᠠᠷᠢᠯᠴᠠᠨ ᠠᠳᠠᠯᠢᠳᠬᠠᠭᠰᠠᠨ᠎ᠤ ᠰᠠᠭᠤᠷᠢᠨ ᠲᠡᠭᠡᠷ᠎ᠡ ᠦᠪᠡᠷ᠎ᠤᠨ ᠬᠡᠤᠬᠡᠳ ᠵᠶ᠋ᠠᠨ ᠨᠦᠭᠦᠭᠡ ᠬᠡᠤᠬᠡᠳ᠎ᠠᠴᠠ ᠢᠯᠡᠭᠦᠦ ᠴᠢᠳᠠᠪᠤᠷᠢ᠎ᠲᠠᠢ ᠪᠤᠯᠭ᠋ᠠᠬᠤ᠎ᠪᠠᠷ ᠴᠢᠷᠮᠠᠶ᠋ᠢᠵᠣ ᠤᠬᠤᠷᠬᠠᠨ ᠬᠤᠭᠤᠴᠠᠭ᠋ᠠᠨ᠎ᠤ ᠲᠤᠳᠤᠷ᠎ᠠ ᠬᠡᠤᠬᠡᠳ᠎ᠢ᠎ᠪᠠᠨ ᠰᠢᠯᠢᠳᠡᠭᠵᠢᠭᠦᠯᠬᠦ᠂ ᠪᠤᠰᠤᠳ᠎ᠠᠴᠠ ᠳᠠᠪᠠᠭᠤᠯᠬᠤ ᠭᠡᠵᠤ ᠦᠩᠭᠡᠨ ᠲᠠᠯ᠎ᠠ ᠵᠢᠨ ᠠᠷᠭ᠎ᠠ ᠬᠡᠯᠪᠡᠷᠢ ᠵᠢ ᠠᠪᠳᠠᠭ᠎ᠠᠴᠠ ᠬᠡᠤᠬᠡᠳ᠎ᠤᠨ ᠪᠡᠶ᠎ᠡ ᠲᠡᠭᠡᠷ᠎ᠡ ᠳᠣᠣᠷᠠᠬᠢ ᠮᠡᠳᠦ ᠰᠦᠷᠭᠡᠦ ᠨᠦᠯᠦᠭᠡ ᠵᠢ ᠤᠯᠭᠤᠳᠠᠭ᠃ ᠵᠢᠱ᠌ᠢᠶᠡᠯᠡᠪᠡᠯ᠂ ᠪᠠᠭ᠎ᠠ ᠰᠤᠷᠭ᠋ᠠᠭᠤᠯᠢ᠎ᠳᠤ ᠠ᠋ᠶ᠋ᠢᠮᠦᠷᠭᠦᠦ ᠰᠦᠷᠭᠡᠦ ᠨᠦᠯᠦᠭᠡ ᠬᠦᠷᠳᠡᠭᠰᠡᠨ ᠬᠡᠤᠬᠡᠳ ᠠᠩᠬ᠎ᠠ ᠲᠤᠮᠳᠠᠳᠤ᠎ᠳᠤ ᠤᠷᠤᠭᠰᠠᠨ᠎ᠤ ᠲᠠᠷᠠᠭ᠎ᠠ ᠵᠢᠭ᠋ᠠᠬᠠᠨ ᠴᠤᠬᠢᠯᠳᠠ ᠵᠢ ᠴᠤ᠌ ᠳᠠᠭ᠋ᠠᠭ᠋ᠠᠬᠤ ᠦᠬᠡᠢ ᠪᠣᠯᠵᠤ ᠶᠠᠮᠠᠷᠪᠠ ᠶᠠᠪᠤᠳᠠᠯ᠎ᠳᠤ ᠤᠷᠬᠢᠯᠤᠮ᠎ᠠ ᠬᠠᠯᠠᠭᠤᠨ ᠰᠡᠳᠬᠢᠯ ᠪᠠ ᠰᠤᠨᠢᠭᠤᠴᠢ ᠰᠡᠳᠬᠢᠯ ᠦᠭᠡᠢ ᠪᠣᠯᠵᠤ ᠬᠤᠪᠢ᠎ᠪᠠᠨ ᠰᠠᠬᠢᠵᠣ ᠭᠠᠭᠴᠠᠭ᠋ᠠᠷᠳᠠᠮᠠᠯ ᠪᠤᠯᠳᠠᠭ᠃ ᠠ᠋ᠨᠡ ᠪᠤᠯ ᠲᠠᠷᠤᠢ ᠰᠦᠷᠭᠡᠦ ᠨᠦᠯᠦᠭᠡ᠎ᠠᠴᠠ ᠠ᠋ᠭᠦᠰᠦᠭᠰᠡᠨ ᠰᠡᠳᠬᠢᠴᠡ           ᠪᠤᠯᠤᠨ᠎ᠠ᠃ ᠤᠳᠤ ᠵᠢᠨ ᠮᠠᠨ᠎ᠤ ᠵᠠᠷᠢᠮ ᠬᠡᠣᠬᠡᠳ ᠳᠡᠭᠡᠳᠦ ᠲᠤᠮᠳᠠᠳᠤ ᠬᠦᠷᠲᠡᠯ᠎ᠡ ᠠ᠋ᠶ᠋ᠢᠮᠦᠷᠭᠦᠦ ᠰᠦᠭᠡᠷᠭᠦ ᠨᠦᠯᠦᠭᠡ ᠵᠢ ᠬᠦᠷᠳᠡᠵᠤ᠂ ᠠ᠋ᠶ᠋ᠢᠮᠦᠷᠭᠦᠦ ᠪᠠᠶ᠋ᠢᠳᠠᠯ᠎ᠳᠤ ᠲᠦᠯᠦᠪᠰᠢᠭᠰᠡᠨ᠎ᠠᠴᠠ ᠭᠡᠷ᠎ᠤᠨ ᠠᠬᠠᠮᠠᠳ᠎ᠨᠢ ᠴᠤ᠌ ᠪᠦᠷ ᠵᠤᠷᠢᠭ ᠮᠤᠬᠤᠷᠠᠭᠰᠠᠨ ᠪᠠᠶ᠋ᠢᠳᠠᠯ᠎ᠳᠤ ᠤᠷᠤᠵᠤ ᠶᠡᠭᠡ ᠬᠦᠰᠡᠯ ᠨᠠᠶ᠋ᠢᠳᠠᠯᠭ᠎ᠠ ᠲᠠᠯᠪᠢᠬᠤ᠎ᠪᠠᠨ ᠴᠤ᠌ ᠪᠠᠶ᠋ᠢᠴᠢᠬᠠᠳᠠᠭ᠃ ᠠ᠋ᠨᠡ ᠪᠤᠯ ᠲᠠᠷᠤᠢ ᠬᠡᠤᠬᠡᠳ᠎ᠲᠤ ᠬᠠᠷᠢᠭᠤᠴᠠᠯᠭ᠋ᠠᠳᠤ ᠰᠡᠳᠬᠢᠯ᠎ᠤᠨ ᠬᠦᠮᠦᠵᠢᠯ᠎ᠢ ᠬᠢᠵᠤ ᠴᠢᠳᠠᠭᠰᠠᠨ ᠦᠭᠡᠢ ᠵᠢᠨ ᠪᠣᠳᠠᠲᠣ ᠢᠯᠡᠷᠡᠯ ᠪᠤᠯᠤᠨ᠎ᠠ᠃
      ᠬᠠᠷᠢᠭᠤᠴᠠᠯᠭ᠋ᠠᠳᠤ ᠰᠡᠳᠬᠢᠯ᠎ᠢ ᠬᠦᠮᠦᠵᠢᠭᠦᠯᠬᠦ ᠰᠤᠷᠭ᠋ᠠᠨ ᠬᠦᠮᠦᠵᠢᠯ᠎ᠢ ᠬᠦᠳᠦᠯᠦᠨ ᠵᠦᠪᠳᠡᠬᠦ ᠮᠠᠶᠢᠭ᠎ᠤᠨ ᠰᠤᠷᠭ᠋ᠠᠨ ᠬᠦᠮᠦᠵᠢᠯ ᠭᠡᠵᠤ ᠬᠡᠯᠡᠳᠡᠭ᠃ ᠠ᠋ᠨᠡ ᠪᠤᠯ ᠲᠠᠷᠤᠢ ᠠᠮᠸᠷᠢᠺᠠ ᠵᠢᠨ ᠰᠤᠷᠭ᠋ᠠᠨ ᠬᠦᠮᠦᠵᠢᠯ᠎ᠳᠤ ᠦᠷᠭᠦᠯᠵᠢ ᠬᠡᠷᠡᠭᠯᠡᠳᠡᠭ ᠰᠤᠷᠭ᠋ᠠᠨ ᠬᠦᠮᠦᠵᠢᠯ᠎ᠤᠨ ᠠᠷᠭ᠎ᠠ ᠪᠤᠯᠤᠨ᠎ᠠ᠃ ᠠ᠋ᠶ᠋ᠢᠮᠦᠷᠭᠦᠦ ᠰᠤᠷᠭ᠋ᠠᠨ ᠬᠦᠮᠦᠵᠢᠯ᠎ᠤᠨ ᠠᠷᠭ᠎ᠠ᠎ᠨᠢ ᠬᠡᠤᠬᠡᠳ᠎ᠲᠤ ᠴᠢᠬᠤᠯᠠ᠎ᠲᠠᠢ ᠮᠡᠳᠡᠯᠭᠡ ᠵᠢ ᠦᠭᠴᠤ ᠴᠢᠳᠠᠭ᠍ᠤ᠎ᠪᠠᠷ ᠪᠠᠷᠠᠭ᠍ᠤ ᠦᠭᠡᠢ ᠢᠳᠡᠭᠡᠯ ᠵᠤᠷᠢᠭ᠎ᠢ᠎ᠨᠢ ᠬᠦᠪᠴᠢᠯᠡᠵᠤ᠂ ᠮᠡᠳᠡᠯᠭᠡ ᠵᠢ ᠬᠦᠭᠡᠭᠡᠴᠡᠯᠳᠦᠬᠦ ᠠ᠋ᠷᠡᠭᠦᠯ ᠰᠠᠷᠠᠭᠤᠯ ᠰᠡᠳᠬᠢᠯ᠎ᠢ ᠪᠤᠢ ᠪᠤᠯᠭ᠋ᠠᠳᠠᠭ᠃ ᠠ᠋ᠶ᠋ᠢᠮᠦ᠎ᠠᠴᠠ ᠮᠠᠨ᠎ᠤ ᠭᠡᠷ᠎ᠤᠨ ᠠᠬᠠᠮᠠᠳ ᠬᠡᠤᠬᠡᠳ᠎ᠲᠤ᠎ᠪᠠᠨ ᠠ᠋ᠷᠬᠡᠪᠰᠢ ᠬᠠᠷᠢᠭᠤᠴᠠᠯᠭ᠋ᠠᠳᠤ ᠰᠡᠳᠬᠢᠯ᠎ᠢ ᠪᠤᠢ ᠪᠣᠯᠭ᠋ᠠᠬᠤ ᠬᠦᠮᠦᠵᠢᠯ᠎ᠢ ᠬᠢᠬᠦ ᠴᠢᠬᠤᠯᠠ᠎ᠲᠠᠢ᠃
      ᠬᠠᠷᠢᠭᠤᠴᠠᠯᠭ᠋ᠠᠳᠤ ᠰᠡᠳᠬᠢᠯ ᠵᠶ᠋ᠠᠷ ᠰᠠᠶ᠋ᠢᠨ ᠬᠡᠤᠬᠡᠳ ᠦᠪᠡᠷ᠎ᠤᠨ ᠠ᠋ᠷᠭᠡ ᠦᠭᠡᠢ ᠰᠤᠷᠤᠯᠭ᠎ᠠ᠎ᠳᠤ᠎ᠪᠠᠨ ᠴᠢᠷᠮᠠᠶ᠋ᠢᠯᠳᠠ᠎ᠲᠠᠢ ᠪᠠᠶ᠋ᠢᠵᠤ᠂ ᠪᠡᠶ᠎ᠡ᠎ᠪᠠᠨ ᠲᠠᠭ᠋ᠠᠭ᠋ᠠᠵᠤ᠂ ᠦᠪᠡᠷ᠎ᠤᠨ ᠤᠬᠠᠮᠰᠠᠷ᠎ᠠᠴᠠ᠎ᠪᠠᠨ ᠰᠤᠷᠤᠯᠴᠠᠵᠤ᠂ ᠠᠪᠤ ᠡᠵᠢ᠎ᠪᠠᠨ ᠬᠠᠪᠰᠣᠷᠴᠣ᠂ ᠠᠮᠢᠳᠤᠷᠠᠯ᠎ᠤᠨ ᠬᠦᠴᠢᠷ ᠵᠤᠪᠠᠯᠠᠩ᠎ᠢ ᠤᠶ᠋ᠢᠯᠠᠭ᠋ᠠᠵᠤ ᠮᠡᠳᠡᠨ᠂ ᠠᠪᠤ ᠡᠵᠢ ᠵᠢᠨ ᠵᠶ᠋ᠠᠨ ᠶᠠᠳᠠᠷᠠᠭ᠎ᠠ ᠴᠢᠯᠡᠭᠡ ᠵᠢ ᠮᠡᠳᠡᠷᠡᠵᠤ᠂ ᠲᠤᠰᠠ ᠲᠡᠮ ᠪᠤᠯᠵᠤ ᠴᠢᠳᠠᠳᠠᠭ᠃ ᠨᠡᠩ ᠴᠤ᠌ ᠶᠠᠭᠤ ᠵᠢ᠎ᠨᠢ ᠬᠢᠪᠡᠯ ᠠᠪᠤ ᠡᠵᠢ᠎ᠳᠤ ᠲᠤᠰᠠ ᠪᠤᠯᠵᠤ ᠴᠢᠳᠠᠭ᠍ᠤ᠂ ᠶᠠᠮᠠᠷ ᠵᠦᠢ᠍ᠯ᠎ᠢ ᠠᠪᠤᠪᠠᠯ ᠠᠷᠪᠢᠯᠠᠨ ᠭᠠᠮᠨᠠᠵᠤ ᠴᠢᠳᠠᠭ᠍ᠤ ᠵᠢ ᠪᠤᠳᠤᠯᠬᠢᠯᠠᠨ᠂ ᠦᠪᠡᠷ᠎ᠤᠨ ᠪᠡᠶ᠎ᠡ᠂ ᠦᠪᠡᠷ᠎ᠤᠨ ᠠᠪᠤ ᠡᠵᠢ᠎ᠳᠤ᠎ᠪᠠᠨ ᠠᠴᠢ ᠲᠤᠰᠠ ᠪᠤᠯᠬᠤ ᠬᠠᠷᠢᠭᠤᠴᠠᠯᠭ᠋ᠠᠳᠤ ᠰᠡᠳᠬᠢᠯ᠎ᠨᠢ ᠶᠠᠰᠤ ᠴᠢᠰᠤᠨ᠎ᠠᠴᠠ᠎ᠨᠢ ᠠ᠋ᠬᠢᠯᠡᠨ ᠤᠷᠭᠤᠨ ᠭᠠᠷᠴᠤ ᠢᠷᠡᠳᠡᠭ᠃
       ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠦᠤᠰᠢᠨ ᠬᠤᠰᠢᠭᠤᠨ᠎ᠤ ᠲᠠᠪᠣᠳᠣᠭ᠋ᠠᠷ ᠪᠠᠭ᠎ᠠ ᠰᠣᠷᠭ᠋ᠠᠭᠤᠯᠢ
                               (ᠠᠯᠳᠠᠨᠰᠦᠢ᠍ᠭᠡ ᠨᠠᠢ᠍ᠢ᠍ᠷᠠᠭᠤᠯᠪᠠ)


 

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠰᠢᠨ᠎ᠠ ᠴᠠᠭ ᠠ᠋ᠷᠢᠨ᠎ᠤ ᠬᠡᠤᠭᠡᠳ᠎ᠢ ᠵᠦᠪ ᠬᠦᠮᠦᠵᠢᠬᠦᠯᠬᠦ ᠲᠤᠬᠠᠢ
ᠭᠡᠷ ᠪᠦᠯᠢ ᠵᠢᠨ ᠰᠤᠷᠭ᠋ᠠᠨ ᠬᠥᠮᠥᠵᠢᠯ᠎ᠤᠨ ᠴᠢᠬᠤᠯᠠ ᠴᠢᠨᠠᠷ
ᠪᠠᠭ᠋ᠠᠴᠤᠳ ᠬᠡᠣᠬᠡᠳ᠎ᠤᠨ ᠪᠡᠶ᠎ᠡ᠎ᠳᠤ᠎ᠪᠠᠨ ᠢᠳᠡᠭᠡᠭᠦ ᠰᠡᠳᠬᠢᠯ᠎ᠢ ᠭᠦᠮᠦᠵᠢᠭᠦᠯᠭᠦ ᠲᠣᠬᠠᠢ ᠳᠦᠭᠦᠮ ᠦᠭᠦᠯᠡᠬᠦ᠎ᠨᠢ
ᠭᠡᠷ ᠪᠦᠯᠢ ᠵᠢᠨ ᠬᠦᠮᠤᠵᠢᠯ᠎ᠢ ᠰᠤᠷᠭ᠋ᠠᠨ ᠬᠦᠮᠤᠵᠢᠯ᠎ᠲᠠᠢ ᠤᠶᠠᠯᠳᠤᠭᠤᠯᠬᠤ ᠲᠤᠬᠠᠢ ᠮᠦᠴᠢᠳ ᠦᠭᠦᠯᠡᠬᠦ᠎ᠨᠢ
ᠰᠤᠷᠤᠭᠴᠢ ᠵᠢ ᠰᠢᠭᠦᠮᠵᠢᠯᠡᠬᠦ ᠵᠢᠨ ᠲᠣᠬᠠᠢ ᠤᠴᠢᠷᠯᠠᠭ᠍ᠤᠢ
 
             蒙ICP备05000248号