ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠪᠠᠭᠰᠢ᠎ᠶᠢᠨ ᠬᠤᠷᠸ᠎ᠠ
《ᠰᠤᠷᠭ᠋ᠠᠭᠤᠯᠢ ᠵᠢᠨ ᠲᠡᠰ᠎ᠤᠨ ᠵᠠᠯᠠᠭᠤ ᠪᠠᠭᠰᠢ》 ᠵᠢ ᠪᠤᠯᠪᠠᠰᠤᠷᠠᠭᠤᠯᠬᠤ ᠠᠵᠢᠯᠯᠠᠭ᠋ᠠᠨ᠎ᠤ ᠠ᠋ᠷᠭᠢᠴᠡᠭᠦᠯᠦᠯ
ᠨᠡᠶ᠋ᠢᠲᠡᠯᠡᠭᠰᠡᠨ ᠴᠠᠭ᠄ 2019-01-11

                                              ᠴᠠᠭ᠋ᠠᠨᠬᠦᠦ   ᠵᠢᠶᠠᠨ ᠭᠦᠸᠸ


     2016 ᠤᠨ᠎ᠤ ᠨᠠᠮᠤᠷ ᠰᠤᠷᠭ᠋ᠠᠭᠤᠯᠢ ᠠ᠋ᠭᠢᠯᠡᠮᠡᠭᠴᠡ ᠮᠠᠨ᠎ᠤ ᠰᠤᠷᠭ᠋ᠠᠭᠤᠯᠢ᠎ᠨᠢ ᠰᠤᠷᠭ᠋ᠠᠭᠤᠯᠢ ᠵᠢᠨ ᠲᠡᠰ᠎ᠤᠨ ᠵᠠᠯᠠᠭᠤ ᠪᠠᠭᠰᠢ ᠵᠢ ᠪᠤᠯᠪᠠᠰᠤᠷᠠᠭᠤᠯᠬᠤ ᠭᠠᠵᠠᠷ ᠭᠠᠷᠭ᠋ᠠᠵᠤ᠂ ᠪᠢᠳᠠ ᠬᠤᠶᠠᠷ ᠵᠶ᠋ᠠᠷ ᠵᠠᠯᠠᠭᠤ ᠪᠠᠭᠰᠢ ᠵᠢ ᠪᠤᠯᠪᠠᠰᠤᠷᠠᠭᠤᠯᠬᠤ ᠠᠵᠢᠯ᠎ᠢ ᠲᠤᠰᠬᠠᠢ ᠬᠠᠷᠢᠭᠤᠴᠠᠭᠤᠯᠪᠠ᠃ ᠪᠢᠳᠠ ᠬᠤᠶᠠᠷ ᠲᠤᠰ ᠲᠤᠰ᠎ᠲᠤ᠎ᠪᠠᠨ ᠠᠩᠭᠢ ᠠ᠋ᠷᠬᠢᠯᠡᠭᠦ ᠵᠢᠨ ᠲᠠᠭ᠋ᠠᠤ ᠭᠢᠴᠢᠶᠡᠯ ᠵᠢᠭ᠋ᠠᠵᠤ᠂ ᠰᠢᠨ᠎ᠠ ᠠ᠋ᠭᠦᠷᠭᠡ᠎ᠨᠢ ᠤᠷᠢᠳ ᠠ᠋ᠮᠤᠨ᠎ᠡ ᠭᠢᠵᠤ ᠦᠵᠡᠭᠡ ᠦᠭᠡᠢ ᠠᠵᠢᠯ ᠪᠠᠢ᠍ᠢ᠍ᠭᠰᠠᠨ ᠪᠤᠯᠪᠠᠴᠤ ᠵᠠᠭᠢᠷᠤᠯ ᠭᠤᠸᠠᠢ ᠵᠢᠨ ᠢᠳᠡᠭᠡᠯ ᠨᠠᠶ᠋ᠢᠳᠠᠯᠭ᠎ᠠ ᠵᠢ ᠭᠦᠯᠢᠶᠠᠵᠤ ᠠ᠋ᠨᠡᠭᠦ ᠠᠵᠢᠯ᠎ᠢ ᠬᠠᠷᠢᠭᠤᠴᠠᠭᠰᠠᠨ ᠶᠤᠮ᠃
     《ᠵᠠᠯᠠᠭᠤ ᠪᠠᠭᠰᠢ ᠵᠢ ᠪᠤᠯᠪᠠᠰᠤᠷᠠᠭᠤᠯᠬᠤ ᠭᠠᠵᠠᠷ᠎ᠤᠨ ᠠ᠋ᠭᠦᠷᠭᠡ ᠪᠤᠯ ᠰᠤᠷᠭ᠋ᠠᠭᠤᠯᠢ ᠵᠢᠨ ᠪᠦᠭᠦ ᠵᠠᠯᠠᠭᠤ ᠪᠠᠭᠰᠢ ᠨᠠᠷ᠎ᠲᠤ ᠬᠠᠮᠤᠭ᠎ᠤᠨ ᠪᠦᠳᠦᠮᠵᠢᠳᠡᠢ ᠵᠢᠯᠤᠭᠤᠳᠤᠯᠭ᠎ᠠ ᠪᠤᠯᠪᠠᠰᠤᠷᠠᠯ ᠭᠢᠵᠤ᠂ ᠬᠠᠮᠤᠭ᠎ᠤᠨ ᠤᠬᠤᠷ ᠬᠤᠭᠤᠴᠠᠭ᠋ᠠᠨ᠎ᠳᠤ ᠵᠠᠯᠠᠭᠤ ᠪᠠᠭᠰᠢ ᠨᠠᠷ᠎ᠤᠨ ᠠᠵᠢᠯᠯᠠᠭ᠍ᠤ ᠤᠪᠤᠷ ᠰᠤᠷᠳᠠᠯ᠂ ᠲᠤᠬᠠᠶ᠋ᠢᠯᠠᠭᠰᠠᠨ ᠠᠵᠢᠯ᠎ᠤᠨ ᠮᠡᠳᠡᠯᠭᠡ ᠮᠡᠳᠡᠴᠡ ᠪᠠ ᠵᠢᠭ᠋ᠠᠨ ᠰᠤᠷᠭ᠋ᠠᠬᠤ ᠦᠨᠳᠤᠰᠤᠨ ᠴᠢᠳᠠᠪᠤᠷᠢ ᠴᠢᠳᠠᠪᠭᠢ ᠵᠢᠨ ᠲᠠᠯ᠎ᠠ᠎ᠪᠠᠷ ᠪᠤᠯᠪᠠᠰᠤᠷᠠᠭᠤᠯᠤᠨ ᠲᠠᠰᠬᠠᠯᠵᠢᠭᠤᠯᠵᠤ᠂ ᠰᠤᠷᠭ᠋ᠠᠭᠤᠯᠢ ᠵᠢᠨ ᠰᠤᠷᠭ᠋ᠠᠨ ᠭᠦᠮᠦᠵᠢᠯ᠂ ᠵᠢᠭ᠋ᠠᠨ ᠰᠤᠷᠭ᠋ᠠᠯᠳᠠ ᠵᠢᠨ ᠭᠤᠤᠯ ᠭᠦᠴᠦᠨ ᠪᠤᠯᠭ᠋ᠠᠨ ᠭᠦᠮᠦᠵᠢᠭᠦᠯᠦᠨ᠎ᠡ》 ᠭᠡᠵᠤ ᠵᠠᠬᠢᠷᠤᠯ᠎ᠠᠴᠠ ᠲᠤᠳᠤᠷᠬᠠᠢ ᠲᠤᠰᠢᠶᠠᠭᠰᠠᠨ ᠪᠦᠭᠡᠳ ᠭᠠᠷᠠᠭ᠎ᠤᠨ ᠨᠢᠭᠡᠨ ᠪᠤᠯᠭ᠋ᠠᠨ᠎ᠤ ᠵᠢᠷᠭᠤᠭ᠎ᠠ᠂ ᠲᠤᠯᠤᠳᠤᠭ᠋ᠠᠷ ᠭᠢᠴᠢᠶᠡᠯ᠎ᠤᠨ ᠴᠠᠭ ᠪᠠ ᠭᠠᠷᠠᠭ᠎ᠤᠨ ᠭᠤᠷᠪᠡᠨ᠎ᠤ ᠵᠢᠷᠭᠤᠭ᠎ᠠ᠂ ᠲᠤᠯᠤᠳᠤᠭ᠋ᠠᠷ ᠭᠢᠴᠢᠶᠡᠯ᠎ᠤᠨ ᠴᠠᠭ᠎ᠢ ᠵᠠᠯᠠᠭᠤ ᠪᠠᠭᠰᠢ ᠵᠢᠨ ᠲᠤᠰᠬᠠᠢ ᠪᠤᠯᠪᠠᠰᠤᠷᠠᠯ᠎ᠤᠨ ᠴᠠᠭ ᠵᠶ᠋ᠠᠷ ᠲᠤᠭᠳᠠᠭ᠋ᠠᠵᠠᠢ᠃
      ᠲᠤᠬᠠᠢ ᠵᠢᠨ ᠦᠶ᠎ᠡ᠎ᠳᠤ ᠮᠡᠨ᠎ᠤ ᠰᠤᠷᠭ᠋ᠠᠭᠤᠯᠢ ᠵᠢᠨ ᠭᠡᠤᠭᠡᠳ᠎ᠤᠨ ᠴᠡᠴᠡᠷᠯᠢᠭ᠂ ᠪᠠᠭ᠎ᠠ ᠰᠤᠷᠭ᠋ᠠᠭᠤᠯᠢ ᠪᠠ ᠲᠤᠮᠳᠠᠳᠤ ᠰᠤᠷᠭ᠋ᠠᠭᠤᠯᠢ ᠵᠢᠨ ᠵᠠᠯᠠᠭᠤ ᠪᠠᠭᠰᠢ ᠨᠡᠶ᠋ᠢᠯᠡᠭᠡᠳ 42 ᠨᠠᠷ᠎ᠠ ᠪᠠᠶ᠋ᠢᠵᠠᠢ᠃ ᠵᠠᠯᠠᠭᠤ ᠪᠠᠭᠰᠢ ᠵᠢᠨ ᠲᠤᠭ᠎ᠠ ᠤᠯᠠᠨ᠂ ᠦᠨᠳᠤᠰᠤᠨ ᠪᠠᠶ᠋ᠢᠳᠠᠯ᠎ᠢ᠎ᠨᠢ ᠲᠡᠮᠡᠢ ᠤᠶ᠋ᠢᠯᠠᠭ᠋ᠠᠬᠤ ᠦᠭᠡᠢ᠂ ᠬᠠᠮᠤᠷᠭ᠍ᠤ ᠭᠦᠷᠢᠶ᠎ᠡ ᠭᠡᠪᠴᠢᠶ᠎ᠡ ᠦᠷᠭᠡᠨ᠂ ᠮᠡᠳᠡᠯᠭᠡ ᠮᠡᠷᠭᠡᠵᠢᠯ᠎ᠤᠨ ᠱᠠᠭ᠋ᠠᠷᠳᠠᠯᠭ᠎ᠠ ᠶᠡᠭᠡ ᠵᠢᠨ ᠲᠡᠭᠡᠷ᠎ᠡ ᠠ᠋ᠶ᠋ᠢᠮᠤᠷᠬᠦᠤ ᠠᠵᠢᠯ᠎ᠢ ᠠᠩᠬ᠎ᠠ ᠭᠢᠬᠦ ᠪᠤᠯᠤᠭᠰᠠᠨ ᠵᠶ᠋ᠠᠷ ᠪᠢᠳᠡ ᠬᠠᠮᠢᠭ᠎ᠠ᠎ᠠᠴᠠ᠎ᠨᠢ ᠶᠠᠭ᠋ᠠᠭᠢᠵᠤ ᠭᠢᠵᠤ᠎ᠪᠠᠨ ᠤᠯᠵᠤ ᠶᠠᠳᠠᠯ᠎ᠠ᠃ ᠡᠴᠤᠰ᠎ᠲᠤ᠎ᠪᠠᠨ᠄
     1. ᠵᠠᠯᠠᠭᠤ ᠪᠠᠭᠰᠢ ᠨᠠᠷ᠎ᠤᠨ ᠦᠨᠳᠤᠰᠤᠨ ᠪᠠᠶ᠋ᠢᠳᠠᠯ᠎ᠢ ᠤᠶ᠋ᠢᠯᠠᠭ᠋ᠠᠬᠤ
     2. ᠨᠡᠶ᠋ᠢᠳᠡᠯᠢᠭ ᠠᠰᠠᠭᠤᠳᠠᠯ᠎ᠢ ᠢᠯᠡᠷᠡᠭᠦᠯᠵᠦ᠂ ᠬᠠᠮᠳᠤ ᠵᠢᠨ ᠵᠢᠯᠤᠭᠤᠳᠤᠯᠭ᠎ᠠ ᠭᠢᠬᠦ
     3. ᠬᠤᠪᠢ ᠭᠦᠮᠦᠨ᠎ᠤ ᠦᠪᠡᠷᠮᠢᠴᠡ ᠠᠰᠠᠭᠤᠳᠠᠯ᠎ᠢ ᠪᠠᠶ᠋ᠢᠳᠠᠯ᠎ᠳᠤ᠎ᠨᠢ ᠲᠤᠭᠢᠷᠠᠭᠤᠯᠵᠤ ᠲᠤᠰᠠᠭ᠋ᠠᠷ ᠵᠢᠭ᠋ᠠᠨ ᠵᠢᠯᠤᠭᠤᠳᠬᠤ
     4. ᠵᠠᠯᠠᠭᠤ ᠪᠠᠭᠰᠢ ᠨᠠᠷ᠎ᠤᠨ ᠰᠠᠨᠠᠯ᠎ᠢ ᠰᠤᠨᠤᠰᠬᠤ ᠵᠡᠷᠭᠡ ᠲᠦᠭᠦᠮ ᠲᠦᠳᠡ ᠠᠵᠢᠯ᠎ᠤᠨ ᠲᠦᠰᠦᠪ ᠵᠶ᠋ᠠᠷ ᠵᠠᠯᠠᠭᠤ ᠪᠠᠭᠰᠢ ᠵᠢᠨ ᠪᠤᠯᠪᠠᠰᠤᠷᠠᠯ᠎ᠤᠨ ᠠᠵᠢᠯᠯᠠᠭ᠋ᠠᠨ᠎ᠢ ᠠ᠋ᠭᠢᠯᠡᠭᠦᠯᠦᠭᠰᠡᠨ ᠶᠤᠮ᠃ ᠠᠵᠢᠯ᠎ᠤᠨ ᠲᠦᠰᠦᠪ ᠭᠡᠳᠦᠶ᠋ᠢᠪᠡᠷ ᠲᠦᠭᠦᠮ ᠪᠤᠯᠪᠠᠴᠦ᠂ ᠪᠤᠳᠠᠳᠠᠢ ᠠᠵᠢᠯᠯᠠᠭ᠋ᠠᠨ ᠵᠶ᠋ᠠᠨ ᠦᠷᠨᠢᠬᠦᠯᠬᠦ᠎ᠳᠤ ᠠᠯᠬᠤᠮ ᠪᠦᠷᠢ᠎ᠳᠤ ᠠᠰᠠᠭᠤᠳᠠᠯ ᠲᠤᠯᠭ᠋ᠠᠷᠠᠵᠤ ᠪᠠᠢ᠍ᠢ᠍ᠭᠰᠠᠨ ᠶᠤᠮ᠃
      ᠨᠢᠭᠡ᠂ ᠪᠠᠭᠰᠢ ᠨᠠᠷ᠎ᠤᠨ ᠦᠨᠳᠤᠰᠤᠨ ᠪᠠᠶ᠋ᠢᠳᠠᠯ᠎ᠢ ᠤᠶ᠋ᠢᠯᠠᠭ᠋ᠠᠭᠰᠠᠨ ᠠᠷᠭ᠎ᠠ
     1. ᠦᠨᠳᠤᠰᠤᠨ ᠪᠠᠶ᠋ᠢᠳᠠᠯ᠎ᠢ ᠤᠶ᠋ᠢᠯᠠᠭ᠋ᠠᠬᠤ ᠭᠦᠰᠦᠨᠦᠭᠳᠤ ᠵᠤᠭᠢᠶᠠᠵᠤ᠂ ᠠᠨᠭ᠌ᠬᠠᠨ᠎ᠤ ᠤᠢ᠍ᠢ᠍ᠯᠠᠭ᠋ᠠᠯᠳᠠ᠎ᠲᠠᠢ ᠪᠤᠯᠪᠠ᠃
     2. ᠵᠠᠯᠠᠭᠤ ᠪᠠᠭᠰᠢ ᠨᠠᠷ᠎ᠤᠨ ᠭᠢᠴᠢᠶᠡᠯ᠎ᠢ ᠨᠡᠶ᠋ᠢᠳᠡᠮ᠎ᠳᠤ᠎ᠨᠢ ᠨᠢᠭᠡ ᠮᠦᠷ ᠰᠤᠨᠤᠰᠴᠦ᠂ ᠲᠦᠷᠰᠤ ᠰᠢᠩᠭᠡᠭᠡᠯᠳᠡ ᠭᠢᠵᠤ᠂ ᠬᠤᠪᠢ ᠭᠦᠮᠦᠨ᠎ᠤ ᠠ᠋ᠬᠢᠯᠡᠯᠳᠡ ᠵᠢᠨ ᠴᠡᠭ᠎ᠢ ᠲᠡᠮᠳᠡᠭᠯᠡᠵᠤ᠂ ᠭᠢᠴᠢᠶᠡᠯᠯᠡᠭᠡ᠎ᠳᠤ ᠤᠷᠤᠰᠢᠵᠤ ᠪᠠᠶ᠋ᠢᠭ᠎ᠠ ᠠᠰᠠᠭᠤᠳᠠᠯ᠎ᠢ ᠢᠯᠡᠷᠡᠭᠦᠯᠵᠦ᠂ ᠬᠠᠮᠳᠤ ᠵᠢᠨ ᠵᠢᠯᠤᠭᠤᠳᠤᠯᠭ᠎ᠠ ᠪᠠ ᠲᠤᠰᠬᠠᠢ ᠵᠢᠯᠤᠭᠤᠳᠤᠯᠭ᠎ᠠ ᠵᠢᠨ ᠪᠠᠷᠢᠮᠳᠠ ᠴᠤᠭᠯᠠᠭᠤᠯᠪᠠ᠃
     3. ᠵᠠᠯᠠᠭᠤ ᠪᠠᠭᠰᠢ ᠨᠠᠷ ᠵᠶ᠋ᠠᠷ ᠲᠠᠪᠤᠨ ᠵᠢᠯ᠎ᠤᠨ ᠭᠦᠭᠵᠢᠯᠳᠡ ᠵᠢᠨ ᠲᠦᠯᠦᠪᠯᠡᠭᠡ ᠵᠤᠭᠢᠶᠠᠯᠭ᠋ᠠᠵᠤ᠂ ᠲᠡᠳᠡᠨ᠎ᠤ ᠦᠪᠡᠷ᠎ᠢ᠎ᠪᠠᠨ ᠭᠢᠷᠢ ᠵᠡᠷᠭᠡ ᠲᠠᠨᠢᠵᠤ ᠮᠡᠳᠡᠵᠤ ᠪᠠᠶ᠋ᠢᠬᠤ᠂ ᠠᠵᠢᠯ ᠦᠢ᠍ᠯᠡᠰ ᠵᠶ᠋ᠠᠨ ᠭᠡᠷᠭᠢᠨ ᠲᠠᠨᠢᠵᠤ ᠪᠠᠶ᠋ᠢᠬᠤ᠂ ᠶᠠᠮᠠᠷ ᠬᠠᠷᠠᠯᠳᠠ᠎ᠲᠠᠢ ᠪᠠᠶ᠋ᠢᠬᠤ᠂ ᠪᠡᠶ᠎ᠡ᠎ᠳᠤ᠎ᠪᠠᠨ ᠶᠠᠮᠠᠷ ᠵᠡᠷᠭᠡ ᠱᠠᠭ᠋ᠠᠷᠳᠠᠯᠭ᠎ᠠ ᠲᠠᠯᠪᠢᠵᠤ ᠪᠠᠶ᠋ᠢᠭ᠎ᠠ ᠵᠡᠷᠭᠡ ᠲᠠᠯ᠎ᠠ᠎ᠪᠠᠷ ᠤᠶ᠋ᠢᠯᠠᠭ᠋ᠠᠪᠠ᠃
     4. ᠵᠠᠯᠠᠭᠤ ᠪᠠᠭᠰᠢ ᠨᠠᠷ᠎ᠤᠨ ᠰᠤᠷᠤᠭᠴᠢᠳ᠎ᠲᠤ ᠬᠠᠨᠳᠤᠬᠤ᠂ ᠠᠵᠢᠯ᠎ᠳᠤ᠎ᠪᠠᠨ ᠬᠠᠨᠳᠤᠬᠤ ᠤᠪᠤᠷ ᠪᠠᠶ᠋ᠢᠳᠠᠯ᠎ᠤᠨ ᠲᠠᠯ᠎ᠠ᠎ᠪᠠᠷ ᠠᠩᠬᠠᠷᠤᠨ ᠤᠶ᠋ᠢᠯᠠᠭ᠋ᠠᠯ᠎ᠠ᠃
      ᠬᠤᠶᠠᠷ᠂ ᠵᠠᠯᠠᠭᠤ ᠪᠠᠭᠰᠢ ᠵᠢᠨ ᠦᠨᠳᠤᠰᠤᠨ ᠪᠠᠶ᠋ᠢᠳᠠᠯ᠎ᠢ ᠤᠶ᠋ᠢᠯᠠᠭ᠋ᠠᠬᠤ ᠶᠠᠪᠤᠴᠠ ᠵᠢᠨ ᠲᠤᠮᠳᠠ ᠢᠯᠡᠷᠡᠭᠰᠡᠨ ᠨᠡᠶ᠋ᠢᠳᠡᠯᠢᠭ ᠠᠰᠠᠭᠤᠳᠠᠯ᠎ᠤᠳ
     1. ᠵᠠᠯᠠᠭᠤ ᠪᠠᠭᠰᠢ ᠨᠠᠷ᠎ᠤᠨ ᠰᠤᠷᠤᠯᠭ᠎ᠠ ᠵᠢᠨ ᠨᠠᠮᠳᠠᠷ ᠬᠠᠷᠢᠴᠠᠨᠭ᠌ᠭᠤᠢ ᠦᠨᠳᠤᠷ᠃ ᠤᠯᠠᠩᠭᠢ᠎ᠨᠢ ᠶᠡᠭᠡ ᠰᠤᠷᠭ᠋ᠠᠭᠤᠯᠢ ᠵᠢᠨ ᠵᠢᠩᠭᠢᠨᠢ ᠠᠩᠭᠢ ᠵᠢᠨ ᠰᠤᠷᠤᠯᠭ᠎ᠠ ᠵᠢᠨ ᠨᠠᠮᠳᠠᠷ᠎ᠲᠠᠢ ᠪᠠᠶ᠋ᠢᠵᠤ᠂ ᠰᠤᠳᠤᠯᠬᠤ ᠰᠤᠷᠤᠭᠴᠢ ᠵᠢᠨ ᠰᠤᠷᠤᠯᠭ᠎ᠠ ᠵᠢᠨ ᠨᠠᠮᠳᠠᠷ᠎ᠲᠠᠢ᠎ᠨᠢ ᠴᠤ᠌ ᠴᠦᠭᠡᠨ ᠪᠤᠰᠤ ᠪᠠᠢ᠍ᠢ᠍ᠨ᠎ᠠ᠃ ᠭᠡᠪᠡᠴᠦ ᠵᠠᠷᠢᠮ ᠪᠠᠭᠰᠢ ᠨᠠᠷ᠎ᠨᠢ ᠤᠩᠰᠢᠭᠰᠠᠨ ᠨᠤᠮ ᠴᠦᠭᠡᠨ᠂ ᠲᠦᠷᠦᠯ ᠵᠦᠢ᠍ᠯ ᠵᠶ᠋ᠠᠷ ᠲᠠᠩ ᠴᠤᠯᠭᠤᠢ᠂ ᠬᠤᠷᠠᠮᠳᠤᠭᠤᠯᠤᠯ ᠪᠠᠭ᠎ᠠ ᠪᠠᠢ᠍ᠢ᠍ᠳᠠᠯ᠎ᠲᠠᠢ᠃
     2. ᠵᠠᠯᠠᠭᠤ ᠪᠠᠭᠰᠢ ᠨᠠᠷ᠎ᠤᠨ ᠤ ᠵᠢᠨ ᠪᠢᠷ᠂ ᠪᠤᠯᠤᠳ ᠪᠢᠷ᠂ ᠦᠰᠦᠨ ᠪᠢᠷ᠎ᠤᠨ ᠪᠢᠴᠢᠯᠭᠡ ᠬᠠᠷᠢᠴᠠᠨᠭ᠌ᠭᠤᠢ ᠪᠤᠯᠪᠠᠰᠤᠷᠠᠩᠭᠤᠢ ᠪᠤᠰᠤ᠃
     3. ᠵᠠᠷᠢᠮ ᠪᠠᠭᠰᠢ ᠨᠠᠷ᠎ᠤᠨ ᠪᠡᠶ᠎ᠡ ᠮᠠᠭ᠍ᠠᠪᠤᠳ ᠬᠠᠷᠢᠴᠠᠨᠭ᠌ᠭᠤᠢ ᠰᠤᠯᠠᠭ᠍ᠠᠨ᠂ ᠭᠢᠮᠤᠷᠠᠭ᠎ᠠ ᠲᠠᠭᠰᠢᠭᠤᠷ ᠵᠢᠯ ᠲᠤᠷᠰᠢ ᠲᠡᠳᠡᠨ᠎ᠤ ᠲᠤᠮᠳᠠ ᠲᠠᠮᠵᠢᠭᠳᠠᠵᠤ᠂ ᠶᠡᠭᠡ ᠪᠠᠭ᠎ᠠ ᠪᠦᠮᠪᠦᠭᠡ ᠲᠤᠭᠯᠠᠵᠤ᠂ ᠭᠡᠷ᠎ᠤᠨ ᠭᠠᠳᠠᠨᠠᠬᠢ ᠲᠠᠮᠢᠷ᠎ᠤᠨ ᠭᠦᠳᠡᠯᠭᠡᠭᠡᠨ᠎ᠳᠤ ᠢᠳᠡᠪᠭᠢᠯᠡᠨ ᠤᠷᠤᠯᠴᠠᠭ᠍ᠤ ᠤᠷᠮᠠᠰ ᠠᠨᠠᠢ᠃
     4. ᠭᠢᠴᠢᠶᠡᠯ᠎ᠤᠨ ᠪᠠᠷᠢᠮᠵᠢᠶ᠎ᠠ ᠪᠡ ᠵᠢᠭ᠋ᠠᠬᠤ ᠠᠭᠤᠯᠭ᠎ᠠ ᠵᠢᠨ ᠰᠤᠷᠤᠯᠴᠠᠯᠭ᠎ᠠ ᠤᠶ᠋ᠢᠯᠠᠭ᠋ᠠᠯᠳᠠ ᠲᠤᠳᠠᠮᠠᠬ ᠰᠢᠬ ᠪᠠᠢ᠍ᠢ᠍ᠨ᠎ᠠ᠃
     5. ᠦᠨᠳᠤᠰᠤᠳᠡᠨ᠎ᠤ ᠢᠵᠠᠭᠤᠷ ᠰᠤᠶᠤᠯ ᠪᠠ ᠲᠡᠤᠭᠡ ᠵᠢᠨ ᠮᠡᠳᠡᠯᠭᠡ ᠬᠠᠷᠢᠴᠠᠨᠭ᠌ᠭᠤᠢ ᠭᠦᠢ᠍ᠭᠡᠨ ᠪᠠᠢ᠍ᠢ᠍ᠭ᠎ᠠ᠎ᠨᠢ ᠬᠢᠴᠢᠶᠠᠯᠯᠠᠭᠡ᠎ᠳᠤ ᠮᠠᠳᠡᠭᠳᠠᠵᠤ ᠪᠠᠢ᠍ᠢ᠍ᠨ᠎ᠠ᠃
     6. ᠭᠢᠴᠢᠶᠡᠯ ᠲᠦᠷᠦᠯ᠎ᠤᠨ ᠭᠡᠯᠡ ᠭᠡᠯᠡᠯᠭᠡ ᠪᠠ ᠪᠠᠭᠰᠢ ᠵᠢᠨ ᠭᠡᠯᠡ ᠵᠢᠨ ᠪᠤᠯᠪᠠᠰᠤᠷᠠᠯ ᠲᠠᠰᠬᠠᠯᠵᠢᠭᠤᠯᠤᠯ ᠲᠤᠳᠠᠮᠠᠭ᠃
     7. ᠵᠠᠯᠠᠭᠤ ᠪᠠᠭᠰᠢ ᠨᠠᠷ᠎ᠤᠨ ᠭᠢᠴᠢᠶᠡᠯ ᠤᠯᠠᠨ᠂ ᠠᠵᠢᠯ᠎ᠤᠨ ᠲᠠᠷᠤᠭ᠋ᠠᠰᠤ ᠭᠦᠨᠳᠤ
      ᠭᠤᠷᠪᠠ᠂ ᠤᠷᠤᠰᠢᠵᠤ ᠪᠦᠬᠦᠢ ᠠᠰᠠᠭᠤᠳᠠᠯ᠎ᠳᠤ ᠴᠢᠭᠯᠡᠭᠦᠯᠵᠦ ᠬᠠᠨᠳᠤᠯᠭ᠋ᠠᠳᠤ ᠪᠤᠯᠪᠠᠰᠤᠷᠠᠯ ᠭᠢᠭᠰᠡᠨ᠎ᠨᠢ
     1. ᠵᠠᠯᠠᠭᠤ ᠪᠠᠭᠰᠢ ᠨᠠᠷ᠎ᠤᠨ ᠦᠰᠦᠨ ᠪᠤᠶ᠋ᠢᠵᠢᠯᠳᠡ᠎ᠳᠤ ᠲᠤᠰᠠ ᠪᠤᠯᠬᠤᠶ᠋ᠢᠴᠠ ᠨᠤᠮ ᠪᠢᠴᠢᠭ᠎ᠢ ᠲᠠᠨᠢᠯᠴᠠᠭᠤᠯᠤᠨ ᠤᠩᠰᠢᠭᠤᠯᠵᠤ᠂ ᠭᠠᠷᠠᠭ ᠪᠦᠷᠢ ᠨᠢᠭᠡ ᠬᠠᠭᠤᠳᠠᠰᠤ ᠨᠤᠮ ᠤᠩᠰᠢᠭᠰᠠᠨ ᠲᠡᠮᠳᠡᠭᠯᠡᠯ ᠬᠤᠷᠢᠶᠠᠨ ᠬᠠᠳᠠᠭ᠋ᠠᠯᠠᠪᠠ᠃
     2. ᠲᠤᠷᠰᠢᠯᠭ᠎ᠠ᠎ᠲᠠᠢ ᠪᠠᠭᠰᠢ ᠨᠠᠷ᠎ᠢ ᠤᠷᠢᠵᠤ ᠪᠤᠯᠤᠳ ᠪᠢᠷ᠎ᠤᠨ ᠪᠢᠴᠢᠯᠭᠡ᠂ ᠦᠰᠤᠨ ᠪᠢᠷ᠎ᠤᠨ ᠪᠢᠴᠢᠯᠭᠡ ᠵᠢᠨ ᠵᠢᠯᠤᠭᠤᠳᠤᠯᠭ᠎ᠠ ᠬᠢᠯᠭᠡᠪᠠ᠃
      ᠵᠠᠯᠠᠭᠤ ᠪᠠᠭᠰᠢ ᠪᠤᠯᠭ᠋ᠠᠨ᠎ᠳᠤ ᠨᠢᠭᠡ ᠵᠢᠵᠢᠭ ᠰᠠᠮᠪᠠᠷ᠎ᠠ ᠠᠪᠴᠦ ᠦᠭᠭᠦᠨ᠂ ᠤ ᠵᠢᠨ ᠪᠢᠷ᠎ᠤᠨ ᠪᠢᠴᠢᠯᠭᠡ ᠵᠢ ᠠᠯᠪᠠᠨ ᠭᠡᠷ᠎ᠲᠤ᠎ᠪᠠᠨ ᠦᠪᠡᠷᠳᠡᠭᠡᠨ ᠪᠤᠯᠪᠠᠰᠤᠷᠠᠭ᠍ᠤ ᠵᠢ ᠵᠤᠷᠢᠬ᠍ᠵᠢᠭᠤᠯᠵᠤ᠂ ᠠ᠋ᠳᠤᠷ ᠪᠦᠷᠢ ᠨᠢᠭᠡ ᠬᠤᠪᠢ ᠰᠠᠮᠪᠠᠷ᠎ᠠ ᠵᠢᠨ ᠪᠢᠴᠢᠯᠭᠡ ᠵᠢᠨ ᠰᠡᠭᠦᠳᠡᠷ ᠲᠤᠰᠢᠶᠠᠭ᠍ᠤ ᠵᠢ ᠱᠠᠭ᠋ᠠᠷᠳᠠᠭᠰᠠᠨ᠎ᠠᠴᠠ ᠤ ᠵᠢᠨ ᠪᠢᠷ᠎ᠤᠨ ᠪᠢᠴᠢᠯᠭᠡ ᠶᠡᠭᠡᠭᠡᠨ ᠲᠡᠭᠡᠭᠰᠢᠯᠡᠯᠳᠡ᠎ᠲᠠᠢ ᠪᠤᠯᠵᠤ ᠴᠢᠳᠠᠵᠠᠢ᠃ ᠬᠠᠮᠳᠤ ᠠᠯᠪᠠᠯᠠᠵᠤ ᠪᠠᠶ᠋ᠢᠭ᠎ᠠ ᠠᠬᠠᠮᠠᠳ ᠪᠠᠭᠰᠢ ᠨᠠᠷ᠎ᠤᠨ ᠭᠤᠶ᠋ᠢᠳᠠ ᠰᠠᠶ᠋ᠢᠬᠠᠨ ᠰᠠᠮᠪᠠᠷ᠎ᠠ ᠵᠢᠨ ᠪᠢᠴᠢᠯᠭᠡ ᠪᠠ ᠬᠠᠷᠠᠮ ᠦᠭᠡᠢ ᠵᠢᠯᠤᠭᠤᠳᠤᠯᠭ᠎ᠠ᠎ᠨᠢ ᠵᠠᠯᠠᠭᠤ ᠪᠠᠭᠰᠢ ᠨᠠᠷ᠎ᠤᠨ ᠰᠠᠮᠪᠠᠷ᠎ᠠ ᠵᠢᠨ ᠪᠢᠴᠢᠯᠭᠡ ᠵᠢᠨ ᠲᠡᠭᠡᠭᠰᠢᠯᠡᠯᠳᠡ ᠵᠢ ᠠᠭᠢᠭᠤᠯᠬᠤ᠎ᠳᠤ ᠴᠤ᠌ ᠴᠢᠬᠤᠯᠠ ᠦᠢ᠍ᠯᠠᠳᠤᠯ᠎ᠢ ᠦᠵᠡᠭᠦᠯᠦᠭᠰᠡᠨ ᠪᠠᠢ᠍ᠢ᠍ᠨ᠎ᠠ᠃
     3. 《ᠢᠨᠢᠶᠡᠳᠤ᠎ᠪᠠᠷ ᠮᠢᠯᠢᠶᠠᠭᠰᠠᠨ ᠦᠪᠡᠷᠮᠢᠴᠡ ᠭᠢᠴᠢᠶᠡᠯᠯᠡᠭᠡ ᠵᠢ ᠠ᠋ᠭᠦᠳᠦᠶ᠎ᠡ》 ᠭᠡᠮᠡᠬᠦ ᠲᠤᠰᠬᠠᠢ ᠨᠡᠷᠡᠶ᠋ᠢᠳᠤᠯᠳᠤ ᠭᠢᠴᠢᠶᠡᠯ᠎ᠤᠨ ᠲᠠᠩᠭᠢᠮ᠎ᠤᠨ ᠤᠷ᠎ᠠ ᠮᠡᠷᠭᠡᠰᠢᠯ᠎ᠤᠨ ᠰᠢᠷᠢᠰ ᠪᠤᠯᠪᠠᠰᠤᠷᠠᠯ᠎ᠢ ᠲᠤᠬᠢᠷᠠᠭᠤᠯᠪᠠ᠃
     (1) ᠢᠨᠢᠶᠡᠮᠰᠦᠭ ᠴᠢᠷᠠᠶ᠋ᠢᠯᠠᠵᠤ ᠭᠢᠴᠢᠶᠡᠯ ᠤᠷᠤᠬᠤ᠎ᠪᠠᠷ ᠤᠷᠢᠳᠡᠯ ᠪᠤᠯᠭ᠋ᠠᠵᠤ᠂ ᠭᠢᠴᠢᠶᠡᠯᠯᠡᠭᠡ ᠵᠢ ᠠ᠋ᠮᠬᠢᠯᠡᠵᠤ ᠤᠳᠤᠷᠢᠳᠬᠤ — ᠭᠤᠤᠯ ᠭᠡᠰᠡᠭ — ᠪᠠᠳᠤᠳᠬᠠᠯ ᠦᠷᠭᠡᠳᠭᠡᠯ — ᠳ᠋ᠦᠩᠨᠡᠯᠳᠡ ᠵᠡᠷᠭᠡ ᠲᠦᠷᠪᠡᠨ ᠭᠡᠰᠡᠭ ᠬᠤᠪᠢᠶᠠᠨ᠂ 《ᠵᠢᠱ᠌ᠢᠶ᠎ᠡ ᠦᠵᠡᠭᠦᠯᠭᠦ — ᠵᠢᠯᠤᠭᠤᠳᠤᠯᠭ᠎ᠠ ᠭᠢᠭᠦ — ᠦᠢ᠍ᠯᠡᠳᠦᠯᠭᠡᠵᠢᠬᠦᠯᠬᠦ》 ᠭᠤᠷᠪᠠᠨ ᠠᠯᠬᠤᠮ ᠵᠶ᠋ᠠᠷ ᠪᠤᠯᠪᠠᠰᠤᠷᠠᠯ ᠲᠠᠰᠬᠠᠯᠵᠢᠭᠤᠯᠤᠯ ᠭᠢᠭᠰᠡᠨ ᠪᠠᠶ᠋ᠢᠨ᠎ᠠ᠃
      ᠮᠠᠨ᠎ᠤ ᠰᠤᠷᠭ᠋ᠠᠭᠤᠯᠢ ᠵᠢᠨ ᠤᠷᠤᠨ᠎ᠤ ᠲᠡᠰ᠎ᠤᠨ ᠵᠢᠭ᠋ᠠᠨ ᠰᠤᠷᠭ᠋ᠠᠬᠤ ᠴᠢᠳᠠᠪᠤᠷᠢᠳᠡᠨ᠂ ᠭᠢᠴᠢᠶᠡᠯ ᠲᠦᠷᠦᠯ᠎ᠤᠨ ᠲᠠᠭ᠋ᠠᠭᠤᠯᠤᠭᠴᠢ ᠬᠠᠰᠳᠠᠯᠭᠡᠷ ᠪᠠᠭᠰᠢ ᠵᠢ ᠤᠷᠢᠵᠤ᠂ ᠵᠠᠯᠠᠭᠤ ᠪᠠᠭᠰᠢ ᠨᠠᠷ᠎ᠲᠤ ᠭᠢᠴᠢᠶᠡᠯᠯᠡᠭᠡ ᠵᠢᠨ ᠵᠢᠱ᠌ᠢᠶ᠎ᠡ ᠦᠵᠡᠭᠦᠯᠵᠦ᠂ ᠲᠠᠷᠠᠭ᠎ᠠ᠎ᠨᠢ ᠨᠢᠭᠡᠳᠤᠯᠳᠡᠢ ᠵᠢᠯᠤᠭᠤᠳᠤᠯᠭ᠎ᠠ ᠭᠢᠵᠤ᠂ ᠰᠠᠭᠦᠯ᠎ᠳᠤ ᠵᠠᠯᠠᠭᠤ ᠪᠠᠭᠰᠢ᠎ᠠᠴᠠ ᠭᠢᠴᠢᠶᠡᠯ ᠤᠷᠤᠵᠤ ᠦᠢ᠍ᠯᠡᠳᠦᠯᠭᠡᠵᠢᠨ ᠪᠤᠯᠪᠠᠰᠤᠷᠠᠭᠰᠠᠨ ᠪᠠᠶ᠋ᠢᠨ᠎ᠠ᠃ ᠠ᠋ᠭᠦᠨ᠎ᠤ ᠲᠠᠭ᠋ᠠᠤ ᠭᠢᠴᠢᠶᠡᠯᠯᠡᠭᠡ ᠵᠢᠨ ᠠ᠋ᠷᠭᠢᠴᠡᠭᠦᠯᠦᠯ᠎ᠢ ᠭᠠᠷᠠᠭ ᠪᠤᠯᠭ᠋ᠠᠨ ᠭᠤᠷᠪᠠᠨ ᠬᠠᠭᠤᠳᠠᠰᠤ (ᠬᠠᠭ᠋ᠠᠰ ᠵᠢᠯ᠎ᠤᠨ ᠲᠠᠷᠠᠭ᠎ᠠ ᠭᠠᠷᠠᠭ ᠪᠤᠯᠭ᠋ᠠᠨ ᠨᠢᠭᠡ ᠬᠤᠪᠢ ᠪᠢᠴᠢᠬᠦ ᠪᠤᠯᠭ᠋ᠠᠪᠠ) ᠪᠢᠴᠢᠵᠤ᠂ ᠦᠪᠡᠷ᠎ᠤᠨ ᠵᠶ᠋ᠠᠨ ᠠᠮᠵᠢᠯᠳᠠ᠎ᠲᠠᠢ ᠲᠠᠯ᠎ᠠ᠂ ᠰᠤᠷᠤᠭᠴᠢ ᠵᠢᠨ ᠤᠪᠤᠷ ᠪᠠᠶ᠋ᠢᠳᠠᠯ᠂ ᠦᠭᠡ ᠶᠠᠷᠢᠶ᠎ᠠ᠂ ᠦᠢ᠍ᠯᠡ ᠭᠦᠳᠡᠯᠭᠡᠭᠡᠨ᠎ᠢ ᠨᠠᠷᠢᠯᠢᠬ ᠪᠢᠴᠢᠭᠦᠯᠤᠨ ᠦᠪᠡᠷ᠎ᠤᠨ ᠬᠢᠨᠢ ᠰᠤᠯᠡ ᠲᠠᠯ᠎ᠠ ᠵᠢ ᠨᠢᠭᠡᠯᠡ ᠵᠤᠷᠪᠤᠰ ᠪᠢᠴᠢᠬᠦ ᠵᠢ ᠰᠠᠨᠠᠭ᠋ᠠᠴᠢᠯᠠᠵᠤ ᠲᠠᠷᠠᠭ᠋ᠠᠴᠢ᠎ᠪᠠᠷ ᠪᠠᠳᠤᠳᠠᠢ ᠬᠠᠯᠠᠬᠤ ᠵᠢ ᠰᠠᠨᠠᠭᠤᠯᠤᠭᠰᠠᠨ ᠶᠤᠮ᠃
     (2) ᠮᠠᠨ᠎ᠤ ᠰᠤᠷᠭ᠋ᠠᠭᠤᠯᠢ ᠵᠢᠨ ᠠᠬᠠᠮᠠᠳ ᠪᠠᠭᠰᠢ ᠠ᠊ · ᠦᠯᠵᠡᠶ᠋ᠢᠪᠠᠶᠠᠷ ᠪᠠᠭᠰᠢ ᠵᠢ ᠤᠷᠢᠵᠤ᠂ 《ᠵᠦᠪ ᠪᠢᠴᠢᠯᠭᠡ ᠵᠢᠨ ᠮᠡᠳᠡᠯᠭᠡ》 ᠪᠠ 《ᠵᠢᠭ᠋ᠠᠨ ᠰᠤᠷᠭ᠋ᠠᠯᠳᠠ ᠵᠢᠨ ᠦᠭᠦᠯᠡᠯ᠎ᠢ ᠭᠡᠷᠭᠢᠨ ᠪᠢᠴᠢᠭᠦ ᠲᠤᠬᠠᠢ》 ᠵᠢᠯᠤᠭᠤᠳᠤᠯᠭ᠎ᠠ ᠭᠢᠯᠭᠡᠪᠠ᠃
     (3) ᠯᠢᠩ ᡁᠢ ᠬᠤᠸᠠ ᠪᠠᠭᠰᠢ ᠵᠢ ᠤᠷᠢᠵᠤ᠂ 《ᠲᠦᠯᠦᠪᠯᠡᠭᠡ᠂ ᠳ᠋ᠦᠩᠨᠡᠯᠳᠡ ᠪᠠ ᠺᠤᠨᠰᠫᠧᠺᠲ ᠵᠢ ᠭᠡᠷᠭᠢᠨ ᠪᠢᠴᠢᠬᠦ ᠲᠤᠬᠠᠢ》 ᠵᠢᠯᠤᠭᠤᠳᠤᠯᠭ᠎ᠠ ᠭᠢᠯᠭᠡᠵᠤ᠂ ᠵᠢᠭ᠋ᠠᠨ ᠰᠤᠷᠭ᠋ᠠᠯᠳᠠ ᠵᠢᠨ ᠲᠦᠯᠦᠪᠯᠡᠭᠡ᠂ ᠳ᠋ᠦᠩᠨᠡᠯᠳᠡ ᠪᠠ ᠺᠤᠨᠰᠫᠧᠺᠲ ᠪᠢᠴᠢᠬᠦ ᠵᠢ ᠲᠦᠷᠢᠮᠵᠢᠬᠦᠯᠪᠠ᠃
     (4) ᠮᠠᠨ᠎ᠤ ᠰᠤᠷᠭ᠋ᠠᠭᠤᠯᠢ ᠵᠢᠨ ᠠᠬᠠᠮᠠᠳ ᠪᠠᠭᠰᠢ ᠬᠠᠰᠳᠠᠯᠭᠡᠷ ᠪᠠ ᠴᠠᠭ᠋ᠠᠨᠪᠠᠭ᠋ᠠᠳᠤᠷ ᠪᠠᠭᠰᠢ ᠵᠢ ᠤᠷᠢᠵᠤ᠂ 《ᠪᠠᠭᠰᠢ ᠵᠢᠨ ᠲᠤᠰᠬᠠᠢ ᠮᠡᠷᠭᠡᠵᠢᠯ᠎ᠤᠨ ᠭᠡᠯᠡ》 ᠵᠢᠴᠢ 《ᠦᠭᠡ ᠵᠢᠨ ᠤᠳᠬ᠎ᠠ ᠪᠠ ᠦᠭᠡ ᠵᠢᠨ ᠢᠳᠡ ᠭᠦᠴᠦ》 ᠭᠡᠭᠦ ᠮᠠᠳᠤ ᠵᠢᠨ ᠲᠤᠰᠬᠠᠢ ᠰᠡᠳᠦᠪᠳᠦ ᠵᠢᠯᠤᠭᠤᠳᠤᠯᠭ᠎ᠠ ᠬᠢᠯᠭᠡᠭᠰᠡᠨ ᠪᠠᠶ᠋ᠢᠨ᠎ᠠ᠃
     (5) 《ᠵᠠᠯᠠᠭᠤ ᠪᠠᠭᠰᠢ ᠨᠠᠷ᠎ᠤᠨ ᠭᠢᠴᠢᠶᠡᠯᠯᠡᠭᠡ ᠵᠢᠨ ᠠ᠋ᠷᠭᠢᠴᠡᠭᠦᠯᠦᠯ᠎ᠤᠨ ᠶᠠᠷᠢᠶᠠᠨ᠎ᠤ ᠤᠷᠤᠯᠳᠤᠭ᠋ᠠᠨ》᠎ᠢ ᠵᠤᠭᠢᠶᠠᠨ ᠪᠠᠶ᠋ᠢᠭᠤᠯᠵᠤ᠂ ᠤᠷᠤᠯᠳᠤᠭ᠋ᠠᠨ᠎ᠤ ᠠᠬᠤᠢ ᠲᠠᠯᠠᠪᠠᠢ᠎ᠳᠤ ᠠᠬᠠᠮᠠᠳ ᠪᠠᠭᠰᠢ ᠵᠤᠷᠢᠭᠪᠠᠭ᠋ᠠᠳᠤᠷ ᠭᠤᠸᠠᠢ ᠵᠢ ᠤᠷᠢᠵᠤ᠂ ᠶᠠᠷᠢᠶ᠎ᠠ ᠢᠯᠡᠳᠭᠡᠯ᠎ᠤᠨ ᠲᠤᠬᠠᠢ ᠵᠢᠯᠤᠭᠤᠳᠤᠯᠭ᠎ᠠ ᠭᠢᠯᠭᠡᠭᠰᠡᠨ ᠶᠤᠮ᠃

     (6) ᠵᠠᠯᠠᠭᠤ ᠪᠠᠭᠰᠢ ᠨᠠᠷ᠎ᠤᠨ ᠭᠠᠳᠠᠭᠰᠢ ᠭᠠᠷᠴᠦ ᠪᠤᠯᠪᠠᠰᠤᠷᠠᠯ᠎ᠳᠤ ᠤᠷᠤᠯᠴᠠᠭ᠍ᠤ ᠵᠢ ᠵᠤᠷᠢᠬ᠍ᠵᠢᠭᠤᠯᠵᠤ᠂ ᠪᠤᠯᠪᠠᠰᠤᠷᠠᠯ᠎ᠠᠴᠠ ᠪᠤᠴᠠᠵᠤ ᠢᠷᠡᠭᠰᠡᠨ᠎ᠤ ᠰᠡᠭᠦᠯᠡᠷ ᠰᠤᠷᠤᠯᠴᠠᠯᠭ᠎ᠠ ᠵᠢᠨ ᠬᠠᠷᠢᠭᠤ ᠮᠡᠳᠡᠭᠦᠯᠦᠯᠳᠡ ᠭᠢᠭᠦ ᠵᠢ ᠪᠠᠷᠢᠮᠳᠠᠯᠠᠭᠰᠠᠨ᠎ᠠᠴᠠ ᠭᠠᠳᠠᠭᠰᠢ ᠭᠠᠷᠴᠦ ᠪᠤᠯᠪᠠᠰᠤᠷᠠᠯ᠎ᠳᠤ ᠤᠷᠤᠯᠴᠠᠭᠰᠠᠨ ᠪᠠᠭᠰᠢ ᠨᠠᠷ᠎ᠤᠨ ᠲᠠᠬᠢᠨᠳᠠ ᠠ᠋ᠷᠬᠢᠴᠠᠭᠦᠯᠦᠨ ᠲᠤᠨᠭ᠌ᠭ᠋ᠠᠯᠳᠠ ᠬᠢᠭᠦ ᠪᠠ ᠬᠠᠮᠳᠤ ᠵᠢᠨ ᠲᠡᠭᠡᠭᠰᠢᠯᠡᠯᠳᠡ ᠵᠢ ᠠᠬᠢᠭᠤᠯᠬᠤ ᠨᠦᠬᠦᠴᠡᠯ ᠪᠤᠯᠤᠮᠵᠢ ᠵᠢ ᠪᠦᠷᠢᠳᠦᠭᠦᠯᠦᠭᠰᠡᠨ ᠪᠠᠢ᠍ᠢ᠍ᠨ᠎ᠠ᠃
     (7) ᠮᠠᠨ᠎ᠤ ᠰᠤᠷᠭ᠋ᠠᠭᠤᠯᠢ ᠵᠢᠨ ᠠᠬᠠᠮᠠᠳ ᠪᠠᠭᠰᠢ ᠲᠠᠯᠠᠩᠭᠤᠷᠪᠠ ᠪᠠᠭᠰᠢ ᠵᠢ ᠤᠷᠢᠵᠤ᠂ 《ᠭᠢᠴᠢᠶᠡᠯ᠎ᠤᠨ ᠪᠠᠷᠢᠮᠵᠢᠶ᠎ᠠ ᠪᠠ ᠵᠢᠭ᠋ᠠᠬᠤ ᠠᠷᠭ᠎ᠠ ᠵᠢᠨ ᠲᠠᠶ᠋ᠢᠯᠤᠮᠵᠢ》 ᠭᠢᠯᠭᠡᠵᠤ᠂ ᠵᠠᠯᠠᠭᠤ ᠪᠠᠭᠰᠢ ᠨᠠᠷ᠎ᠤᠨ ᠭᠢᠴᠢᠶᠡᠯ᠎ᠤᠨ ᠪᠠᠷᠢᠮᠵᠢᠶ᠎ᠠ ᠵᠢ ᠰᠤᠷᠤᠯᠴᠠᠵᠤ — ᠤᠶ᠋ᠢᠯᠠᠭ᠋ᠠᠵᠤ — ᠦᠢ᠍ᠯᠡᠳᠦᠯᠭᠡᠵᠢᠬᠦᠯᠬᠦ ᠪᠠ ᠵᠢᠭ᠋ᠠᠬᠤ ᠠᠷᠭ᠎ᠠ ᠵᠢᠨ ᠲᠠᠯ᠎ᠠ᠎ᠪᠠᠷ ᠰᠦᠪᠡᠭᠴᠢᠯᠠᠯ ᠭᠢᠭᠦ᠎ᠳᠤ ᠲᠤᠰᠠ ᠲᠡᠮᠵᠢᠯᠭᠡ ᠬᠠᠩᠭ᠋ᠠᠪᠠ᠃
     (8) PPT ᠰᠤᠹᠲ᠎ᠳᠤ ᠺᠤᠤᠷᠰᠧᠠᠶ᠋ᠢᠷ ᠦᠢ᠍ᠯᠡᠳᠪᠡᠯ ᠶᠡᠷᠦ᠎ᠨᠢ ᠪᠤᠰᠤᠳ ᠺᠤᠮᠫᠢᠦ᠋ᠲᠸᠷ ᠪᠤᠶᠦ ᠠᠩᠭᠢ ᠵᠢᠨ ᠲᠤᠮᠤ ᠲᠡᠯᠭᠡᠴᠡ᠎ᠳᠤ ᠲᠠᠭᠢᠨ ᠢᠯᠡᠷᠡᠭᠦᠯᠭᠦ᠎ᠳᠤ ᠮᠤᠩᠭᠤᠯ ᠦᠰᠦᠭ᠎ᠤᠨ ᠲᠢᠭ ᠬᠤᠪᠢᠷᠠᠵᠤ ᠠ᠋ᠷᠦᠢ ᠬᠤᠷᠦᠢ ᠦᠭᠡᠢ ᠲᠡᠮᠳᠡᠭ ᠪᠤᠯᠵᠤ ᠬᠤᠪᠢᠷᠠᠳᠠᠭ ᠪᠠᠶ᠋ᠢᠳᠠᠯ᠎ᠠᠴᠠ ᠵᠠᠶ᠋ᠢᠯᠠᠰᠭᠢᠵᠤ᠂ ᠮᠠᠨ᠎ᠤ ᠰᠤᠷᠭ᠋ᠠᠭᠤᠯᠢ ᠵᠢᠨ ᠠᠬᠠᠮᠠᠳ ᠪᠠᠭᠰᠢ ᠨ᠊ · ᠰᠡᠷᠭᠦᠯᠡᠩ᠎ᠢ ᠤᠷᠢᠵᠤ᠂ FLASH ᠰᠤᠹᠲ᠎ᠳᠤ ᠺᠤᠤᠷᠰᠧᠠᠶ᠋ᠢᠷ ᠵᠤᠭᠢᠶᠠᠭ᠍ᠤ ᠪᠤᠯᠪᠠᠰᠤᠷᠠᠯ᠎ᠢ ᠵᠤᠭᠢᠶᠠᠨ ᠪᠠᠶ᠋ᠢᠭᠤᠯᠵᠤ᠂ ᠵᠠᠯᠠᠭᠤ ᠪᠠᠭᠰᠢ ᠨᠠᠷ᠎ᠤᠨ ᠤᠯᠠᠨ ᠵᠠᠭᠤᠴᠢᠳᠤ ᠵᠢ ᠠᠰᠢᠭᠯᠠᠭ᠍ᠤ ᠴᠢᠳᠠᠮᠵᠢ ᠵᠢ ᠲᠡᠭᠡᠭᠰᠢᠯᠡᠭᠦᠯᠦᠭᠰᠡᠨ ᠪᠠᠶ᠋ᠢᠨ᠎ᠠ᠃
     4. ᠵᠠᠯᠠᠭᠤ ᠪᠠᠭᠰᠢ ᠨᠠᠷ᠎ᠲᠤ 《ᠰᠡᠳᠭᠢᠴᠡ ᠵᠢᠨ ᠭᠦᠮᠦᠵᠢᠯ — ᠰᠡᠳᠭᠢᠯ᠎ᠤᠨ ᠠᠷᠢᠭᠤᠰᠬᠠᠯ》 ᠭᠢᠵᠤ᠂ ᠪᠤᠰᠤᠳ᠎ᠤᠨ ᠰᠠᠶ᠋ᠢᠨ ᠰᠠᠶ᠋ᠢᠬᠠᠨ᠎ᠢ ᠪᠠᠭ᠍ᠠᠷᠬᠠᠨ᠂ ᠪᠤᠰᠤᠳ᠎ᠤᠨ ᠰᠠᠶ᠋ᠢᠨ ᠰᠠᠶ᠋ᠢᠬᠠᠨ᠎ᠳᠤ᠎ᠲᠠᠭᠠᠨ ᠪᠠᠶᠠᠰᠴᠦ᠂ ᠪᠤᠰᠤᠳ᠎ᠤᠨ ᠲᠠᠪᠠᠭᠤᠯᠢᠭ ᠲᠠᠯ᠎ᠠ ᠵᠢ 《ᠠᠮᠢᠳᠤᠷᠠᠯ ᠭᠠᠷᠠᠭ᠎ᠤᠨ ᠠ᠋ᠷᠭᠢᠴᠡᠭᠦᠯᠦᠯ》 ᠲᠡᠭᠡᠷ᠎ᠡ᠎ᠪᠠᠨ ᠲᠡᠮᠳᠡᠭᠯᠡᠵᠦ᠂ ᠪᠤᠳᠠᠳᠠᠶ᠋ᠢᠵᠢᠭᠤᠯᠬᠤ ᠵᠢ ᠰᠠᠨᠠᠭ᠋ᠠᠴᠢᠯᠠᠭᠰᠠᠨ ᠪᠠ ᠮᠠᠨ᠎ᠤ ᠰᠤᠷᠭ᠋ᠠᠭᠤᠯᠢ ᠵᠢᠨ ᠰᠡᠳᠭᠢᠴᠡ ᠵᠢᠨ ᠪᠠᠭᠰᠢ ᠯᠢ ᠭᠦᠸᠸ ᠯᠦᠩ᠎ᠢ ᠤᠷᠢᠵᠤ᠂ ᠵᠠᠯᠠᠭᠤ ᠪᠠᠭᠰᠢ ᠨᠠᠷ᠎ᠲᠤ 《ᠠᠵᠠ ᠵᠢᠷᠭ᠋ᠠᠯᠳᠦ ᠠᠮᠢᠳᠤᠷᠠᠯ᠎ᠤᠨ ᠲᠤᠬᠠᠢ》 ᠰᠡᠳᠭᠢᠴᠡ ᠵᠦᠢ ᠵᠢᠨ ᠵᠢᠯᠤᠭᠤᠳᠤᠯᠭ᠎ᠠ ᠭᠢᠯᠭᠡᠭᠰᠡᠨ ᠪᠠᠶ᠋ᠢᠨ᠎ᠠ᠃
     5. 《ᠦᠪᠡᠷ ᠪᠤᠰᠤᠳ ᠵᠶ᠋ᠠᠷ ᠲᠤᠯᠢ ᠪᠤᠯᠭ᠋ᠠᠵᠤ᠂ ᠦᠪᠡᠷ᠎ᠢ᠎ᠪᠠᠨ ᠦᠪᠡᠰᠤᠪᠡᠨ ᠬᠠᠮᠢᠶᠡᠷᠬᠤ》 ᠰᠤᠷᠤᠭᠴᠢ ᠵᠢᠨ ᠬᠠᠮᠢᠶᠡᠷᠦᠯᠳᠡ ᠵᠢᠨ ᠠᠷᠭ᠎ᠠ ᠵᠢ ᠵᠠᠯᠠᠭᠤ ᠪᠠᠭᠰᠢ ᠨᠠᠷ᠎ᠲᠤ ᠤᠢ᠍ᠢ᠍ᠯᠠᠭ᠋ᠠᠭᠤᠯᠤᠨ᠂ ᠰᠤᠷᠤᠭᠴᠢ᠎ᠪᠠᠨ ᠭᠦᠨᠳᠤᠳᠭᠡᠵᠤ᠂ ᠰᠤᠷᠤᠭᠴᠢ᠎ᠪᠠᠨ ᠬᠠᠶ᠋ᠢᠷᠠᠯᠠᠵᠤ᠂ ᠰᠤᠷᠤᠭᠴᠢ᠎ᠳᠤ ᠦᠰᠦᠨ ᠪᠤᠶ᠋ᠢᠵᠢᠬᠤ ᠬᠠᠩᠭ᠋ᠠᠮᠵᠢᠳᠠᠢ ᠤᠷᠤᠨ ᠵᠠᠢ ᠤᠯᠭᠤᠬᠤ ᠵᠢ ᠤᠬᠠᠭᠤᠯᠤᠨ ᠵᠤᠷᠢᠬ᠍ᠵᠢᠭᠤᠯᠪᠠ᠃
     6. ᠵᠠᠯᠠᠭᠤ ᠪᠠᠭᠰᠢ ᠨᠠᠷ᠎ᠤᠨ ᠰᠤᠷᠭ᠋ᠠᠭᠤᠯᠢ ᠵᠢᠨ ᠭᠦᠷᠢᠶᠡᠨ᠎ᠳᠤ᠎ᠬᠢ ᠠᠮᠢᠳᠤᠷᠠᠯ᠎ᠢ ᠪᠠᠶᠠᠯᠢᠬ᠍ᠵᠢᠭᠤᠯᠵᠤ᠂ ᠪᠡᠶ᠎ᠡ ᠮᠠᠭ᠍ᠠᠪᠤᠳ ᠵᠶ᠋ᠠᠨ ᠲᠡᠪᠳᠡᠨ ᠪᠤᠯᠪᠠᠰᠤᠷᠠᠭ᠍ᠤ ᠵᠢ ᠠᠭᠢᠭᠤᠯᠬᠤ ᠵᠢᠨ ᠲᠦᠯᠦᠭᠡ ᠰᠠᠭᠰᠤᠨ ᠪᠦᠮᠪᠦᠭᠡᠨ ᠠᠩᠭᠢ᠂ ᠠᠯᠠᠭ᠋ᠠᠳᠠᠭ᠍ᠤ ᠪᠦᠮᠪᠦᠭᠡᠨ ᠠᠩᠭᠢ ᠵᠢ ᠵᠤᠭᠢᠶᠠᠨ ᠪᠠᠶ᠋ᠢᠭᠤᠯᠵᠤ᠂ ᠤᠷᠤᠯᠳᠤᠭ᠋ᠠᠨ ᠮᠦᠷᠦᠶ᠋ᠢᠴᠡᠭᠡᠨ᠎ᠢ ᠦᠷᠨᠢᠭᠦᠯᠦᠭᠰᠡᠨ ᠪᠠᠶ᠋ᠢᠨ᠎ᠠ᠃
      ᠲᠦᠷᠪᠡ᠂ ᠠᠵᠢᠯ᠎ᠤᠨ ᠪᠦᠳᠦᠮᠵᠢ ᠪᠠᠶ᠋ᠢᠳᠠᠯ
     1. ᠮᠠᠨ᠎ᠤ ᠰᠤᠷᠭ᠋ᠠᠭᠤᠯᠢ ᠵᠢᠨ ᠵᠠᠯᠠᠭᠤ ᠪᠠᠭᠰᠢ ᠵᠢ ᠪᠤᠯᠪᠠᠰᠤᠷᠠᠭᠤᠯᠬᠤ ᠭᠠᠵᠠᠷ᠎ᠤᠨ᠎ᠬᠢᠨ ᠪᠤᠳᠤᠵᠤ ᠤᠯᠬᠤ ᠵᠢᠨ ᠴᠢᠨᠡᠭᠡ᠎ᠪᠠᠷ ᠵᠶ᠋ᠠᠨ ᠰᠤᠷᠭ᠋ᠠᠭᠤᠯᠢ ᠵᠢᠨ ᠨᠦᠭᠦᠴᠡᠯ ᠪᠤᠯᠤᠯᠴᠠᠭ᠋ᠠᠨ᠎ᠤ ᠭᠢᠷᠢ᠎ᠪᠠᠷ ᠵᠠᠯᠠᠭᠤ ᠪᠠᠭᠰᠢ ᠵᠢ ᠪᠤᠯᠪᠠᠰᠤᠷᠠᠭᠤᠯᠬᠤ ᠠᠵᠢᠯᠯᠠᠭ᠋ᠠᠨ᠎ᠢ ᠦᠷᠨᠢᠭᠦᠯᠦᠭᠡᠳ ᠬᠤᠶᠠᠷ ᠵᠢᠯ᠎ᠤᠨ ᠨᠢᠭᠤᠷ᠎ᠢ ᠦᠵᠡᠵᠤ᠂ ᠭᠦᠮᠦᠨ ᠴᠦᠭᠡᠨ ᠭᠦᠴᠦᠨ ᠮᠡᠭᠦᠰ ᠪᠠᠶ᠋ᠢᠭᠰᠠᠨ᠎ᠠᠴᠠ᠎ᠪᠠᠨ ᠠ᠋ᠩᠨᠡᠭᠡ ᠴᠦ᠍ ᠦᠷᠭᠡᠵᠢᠪᠠ᠃
     2. ᠵᠠᠯᠠᠭᠤ ᠪᠠᠭᠰᠢ ᠵᠢ ᠪᠤᠯᠪᠠᠰᠤᠷᠠᠭᠤᠯᠬᠤ ᠠᠷᠭ᠎ᠠ ᠵᠢ ᠪᠦᠷᠢᠨᠰᠢᠭᠦᠯᠭᠦ᠎ᠪᠠᠷ ᠴᠢᠷᠮᠠᠢ᠍ᠢ᠍ᠪᠠ᠃ ᠮᠠᠨ᠎ᠤ ᠲᠤᠷᠰᠢᠭᠰᠠᠨ᠎ᠢ ᠵᠢᠭᠰᠠᠭ᠋ᠠᠪᠠᠯ᠄
     (1) ᠨᠡᠶ᠋ᠢᠳᠡᠯᠢᠭ ᠠᠰᠠᠭᠤᠳᠠᠯ᠎ᠳᠤ ᠴᠢᠭᠯᠡᠭᠦᠯᠵᠦ ᠨᠢᠭᠡᠳᠤᠯᠳᠡᠢ ᠵᠢᠯᠤᠭᠤᠳᠤᠯᠭ᠎ᠠ ᠭᠢᠬᠦ ᠠᠷᠭ᠎ᠠ
     (2) ᠭᠠᠳᠠᠭᠰᠢ ᠭᠠᠷᠴᠦ ᠲᠡᠷᠢᠬᠦᠨ᠎ᠤ ᠲᠤᠷᠰᠢᠯᠭ᠎ᠠ ᠵᠢ ᠰᠤᠷᠤᠯᠴᠠᠭ᠍ᠤ ᠠᠷᠭ᠎ᠠ
     (3) ᠲᠤᠰᠬᠠᠢ ᠮᠡᠷᠭᠡᠵᠢᠯᠳᠡᠨ ᠤᠷᠢᠵᠤ᠂ ᠵᠢᠯᠤᠭᠤᠳᠤᠯᠭ᠎ᠠ ᠭᠢᠯᠭᠡᠭᠦ ᠠᠷᠭ᠎ᠠ
     (4) ᠤᠷᠤᠯᠳᠤᠭ᠋ᠠᠨ ᠮᠦᠷᠦᠶ᠋ᠢᠴᠡᠭᠡᠨ᠎ᠢ ᠵᠤᠭᠢᠶᠠᠨ ᠪᠠᠶ᠋ᠢᠭᠤᠯᠬᠤ ᠠᠷᠭ᠎ᠠ
     (5) 《ᠵᠢᠱ᠌ᠢᠶ᠎ᠡ ᠦᠵᠡᠭᠦᠯᠭᠦ — ᠵᠢᠯᠤᠭᠤᠳᠤᠯᠭ᠎ᠠ ᠭᠢᠭᠦ — ᠦᠢ᠍ᠯᠡᠳᠦᠯᠭᠡᠵᠢᠬᠦᠯᠬᠦ》 ᠠᠷᠭ᠎ᠠ
     (6) ᠵᠢᠵᠢᠭ ᠵᠦᠢ᠍ᠯ᠎ᠢ ᠪᠠᠷᠢᠮᠳᠠᠯᠠᠭ᠍ᠤ ᠠᠷᠭ᠎ᠠ
     (7) ᠵᠠᠯᠠᠭᠤ ᠪᠠᠭᠰᠢ ᠵᠢᠨ ᠦᠪᠡᠷ᠎ᠤᠨ ᠤᠨᠴᠠᠯᠢᠭᠳᠤ ᠠᠵᠢᠯᠯᠠᠭ᠋ᠠᠨ᠎ᠢ ᠵᠤᠷᠢᠬ᠍ᠵᠢᠭᠤᠯᠬᠤ ᠠᠷᠭ᠎ᠠ
     (8) ᠠᠬᠠᠮᠠᠳ ᠪᠠᠭᠰᠢ ᠨᠠᠷ᠎ᠤᠨ ᠭᠢᠴᠢᠶᠡᠯ᠎ᠢ ᠰᠤᠨᠤᠰᠬᠠᠵᠤ᠂ ᠲᠦᠷᠦᠭᠳᠡᠯ᠎ᠢ᠎ᠨᠢ ᠶᠠᠷᠢᠭᠤᠯᠬᠤ ᠠᠷᠭ᠎ᠠ
     (9) ᠲᠤᠰᠬᠠᠢ ᠰᠡᠳᠤᠪ᠎ᠤᠨ ᠰᠤᠳᠤᠯᠭ᠋ᠠᠨ᠎ᠳᠤ ᠤᠷᠤᠯᠴᠠᠭᠤᠯᠬᠤ ᠠᠷᠭ᠎ᠠ
     (10) 《ᠤᠷᠮᠠᠰᠢᠭᠤᠯᠤᠨ ᠵᠤᠷᠢᠬ᠍ᠵᠢᠭᠤᠯᠵᠤ — ᠬᠠᠪᠰᠤᠷᠤᠨ ᠬᠠᠮᠵᠢᠯᠴᠠᠨ — ᠬᠠᠮᠳᠤᠪᠠᠷ ᠲᠡᠭᠡᠭᠰᠢᠯᠡᠬᠦ》 ᠠᠷᠭ᠎ᠠ
     (11) ᠲᠡᠯᠭᠡᠨ ᠦᠵᠡᠬᠦᠯᠬᠦ ᠠᠷᠭ᠎ᠠ
     (12) ᠪᠤᠭᠤᠮᠳᠠ ᠲᠠᠪᠠᠭᠤᠯᠬᠤ ᠠᠷᠭ᠎ᠠ
     3. ᠬᠤᠶᠠᠷ ᠶᠡᠭᠡ ᠭᠢᠴᠢᠶᠡᠯ᠎ᠤᠨ ᠪᠤᠯᠪᠠᠰᠤᠷᠠᠯ᠎ᠢ ᠦᠨᠳᠤᠰᠤᠨ᠎ᠳᠤ᠎ᠨᠢ ᠵᠢᠷᠤᠮᠵᠢᠭᠤᠯᠪᠠ᠃
      ᠭᠠᠷᠠᠭ᠎ᠤᠨ ᠨᠢᠭᠡᠨ ᠪᠤᠯᠭ᠋ᠠᠨ ᠪᠤᠯᠪᠠᠰᠤᠷᠠᠯ᠎ᠤᠨ ᠴᠠᠭ᠎ᠲᠤ ᠬᠠᠮᠳᠤ ᠵᠢᠨ ᠰᠤᠷᠤᠯᠴᠠᠯᠭ᠎ᠠ ᠵᠢᠯᠤᠭᠤᠳᠤᠯᠭ᠎ᠠ ᠭᠢᠵᠤ᠂ ᠭᠠᠷᠠᠭ᠎ᠤᠨ ᠭᠤᠷᠪᠠᠨ ᠪᠤᠯᠭ᠋ᠠᠨ᠎ᠤ ᠪᠤᠯᠪᠠᠰᠤᠷᠠᠯ᠎ᠤᠨ ᠴᠠᠭ᠎ᠲᠤ ᠭᠤᠷᠪᠠᠨ ᠪᠢᠷ᠎ᠤᠨ ᠪᠢᠴᠢᠯᠭᠡ ᠵᠢᠨ ᠠᠬᠤᠢ ᠲᠠᠯᠠᠪᠠᠢ ᠵᠢᠨ ᠵᠢᠯᠤᠭᠤᠳᠤᠯᠭ᠎ᠠ ᠪᠤᠯᠪᠠᠰᠤᠷᠠᠯ᠎ᠢ ᠵᠤᠭᠢᠶᠠᠨ ᠪᠠᠶ᠋ᠢᠭᠤᠯᠬᠤ ᠪᠤᠯᠤᠯ᠎ᠠ᠃ ᠤᠤᠯ᠎ᠤᠨ ᠭᠠᠷᠠᠭ᠎ᠤᠨ ᠭᠤᠷᠪᠠᠨ᠎ᠤ ᠵᠢᠷᠭᠤᠭ᠎ᠠ᠂ ᠲᠤᠯᠤᠳᠤᠭ᠋ᠠᠷ ᠭᠢᠴᠢᠶᠡᠯ᠎ᠤᠨ ᠴᠠᠭ᠎ᠢ ᠨᠢᠭᠡ᠂ ᠬᠤᠶᠠᠳᠤᠭ᠋ᠠᠷ ᠭᠢᠴᠢᠶᠡᠯ᠎ᠤᠨ ᠴᠠᠭ᠎ᠲᠤ ᠰᠢᠯᠵᠢᠬᠦᠯᠵᠦ᠂ ᠨᠡᠩ ᠤᠯᠠᠨ ᠵᠠᠯᠠᠭᠤ ᠲᠠᠮᠢᠷ᠎ᠤᠨ ᠪᠠᠭᠰᠢ ᠨᠠᠷ᠎ᠤᠨ ᠪᠤᠯᠪᠠᠰᠤᠷᠠᠯ᠎ᠳᠤ ᠤᠷᠤᠯᠴᠠᠭ᠍ᠤ᠎ᠳᠤ ᠨᠦᠭᠦᠴᠡᠯ ᠪᠤᠯᠤᠮᠵᠢ ᠵᠢ ᠬᠠᠨᠭ᠌ᠭ᠋ᠠᠪᠠ᠃
     4. ᠵᠠᠯᠠᠭᠤ ᠪᠠᠭᠰᠢ ᠨᠠᠷ᠎ᠢ ᠪᠤᠯᠪᠠᠰᠤᠷᠠᠭᠤᠯᠬᠤ ᠠᠭᠤᠯᠭ᠎ᠠ ᠵᠢ ᠲᠦᠷᠢᠮᠵᠢᠭᠦᠯᠭᠦ᠎ᠪᠠᠷ ᠴᠢᠷᠮᠠᠢ᠍ᠢ᠍ᠪᠠ᠃
     (1) ᠭᠤᠷᠪᠠᠨ ᠪᠢᠷ᠎ᠤᠨ ᠪᠢᠴᠢᠯᠭᠡ
     (2) ᠭᠢᠴᠢᠶᠡᠯᠯᠡᠭᠡ ᠵᠢᠨ ᠦᠨᠳᠤᠰᠤᠨ ᠮᠡᠷᠭᠡᠰᠢᠯ
      ᠢᠨᠢᠶᠡᠮᠰᠦᠭ ᠴᠢᠷᠠᠶ᠋ᠢᠯᠠᠭ᠍ᠤ᠎ᠪᠠᠷ ᠤᠷᠢᠳᠠᠯ ᠪᠤᠯᠭ᠋ᠠᠨ᠎ᠠ᠂ ᠲᠠᠷᠠᠭ᠎ᠠ᠎ᠨᠢ ᠲᠤᠤᠷᠠᠬᠢ ᠮᠠᠳᠤ ᠲᠠᠯ᠎ᠠ᠎ᠪᠠᠷ ᠠᠨᠭ᠌ᠬᠠᠷᠤᠨ᠎ᠠ᠃
     ① ᠠ᠋ᠮᠬᠢᠯᠡᠵᠤ ᠤᠳᠤᠷᠢᠳᠬᠤ
     ② ᠭᠤᠤᠯ ᠭᠡᠰᠡᠭ
     ③ ᠪᠠᠳᠤᠳᠬᠠᠯ ᠦᠷᠭᠡᠳᠭᠡᠯ
     ④ ᠳ᠋ᠦᠩᠨᠡᠯᠳᠡ
     ⑤ ᠪᠠᠭᠰᠢ ᠵᠢᠨ ᠭᠡᠯᠡ
     (3) ᠪᠡᠶ᠎ᠡ ᠮᠠᠬᠠᠪᠤᠳ᠎ᠤᠨ ᠲᠠᠪᠳᠠᠨ ᠪᠤᠯᠪᠠᠰᠤᠷᠠᠯ
     (4) ᠰᠡᠳᠭᠢᠯ᠎ᠤᠨ ᠠᠷᠢᠭᠤᠰᠬᠠᠯ
     (5) ᠤᠯᠠᠨ ᠵᠠᠭᠤᠴᠢᠳᠤ ᠵᠢ ᠠᠰᠢᠭᠯᠠᠭ᠍ᠤ
     (6) ᠰᠤᠷᠤᠭᠴᠢ ᠵᠢᠨ ᠬᠠᠮᠢᠶᠠᠷᠤᠯᠳᠠ ᠵᠢᠨ ᠤᠬᠠᠭ᠋ᠠᠨ
     5. ᠪᠢᠴᠢᠭ ᠪᠠᠷᠢᠮᠳᠠ ᠵᠢ ᠬᠤᠷᠢᠶᠠᠨ ᠴᠤᠭᠯᠠᠭᠤᠯᠪᠠ᠃
     (1) ᠦᠨᠦᠳᠤᠷ᠎ᠤᠨ ᠭᠡᠮᠨᠡᠯ — 2 ᠠ᠋ᠳᠤᠷ᠎ᠲᠤ 1 ᠬᠠᠭᠤᠳᠠᠰᠤ
     (2) ᠪᠤᠯᠤᠳ ᠪᠢᠷ᠎ᠤᠨ ᠪᠢᠴᠢᠯᠭᠡ — ᠪᠤᠭᠤᠮᠳᠠ ᠲᠠᠪᠠᠭᠰᠠᠨ᠎ᠨᠢ ᠭᠠᠷᠠᠭ ᠪᠤᠯᠭ᠋ᠠᠨ 1 ᠬᠠᠭᠤᠳᠠᠰᠤ᠂ ᠪᠤᠭᠤᠮᠳᠠ ᠲᠠᠪᠠᠭ᠎ᠠ ᠦᠭᠡᠢ᠎ᠨᠢ ᠠ᠋ᠳᠤᠷ ᠪᠤᠯᠭ᠋ᠠᠨ 1 ᠬᠠᠭᠤᠳᠠᠰᠤ
     (3) ᠤ ᠵᠢᠨ ᠪᠢᠷ᠎ᠤᠨ ᠪᠢᠴᠢᠯᠭᠡ — ᠠ᠋ᠳᠤᠷ ᠪᠤᠯᠭ᠋ᠠᠨ 1 ᠬᠤᠪᠢ᠂ ᠰᠡᠭᠦᠳᠡᠷ — ᠭᠠᠷᠠᠭ᠎ᠲᠤ ᠨᠢᠭᠡ ᠬᠤᠪᠢ ᠵᠢ ᠲᠠᠷᠤᠮᠠᠯᠯᠠᠵᠤ ᠲᠤᠰᠢᠶᠠᠭ᠍ᠤ
     (4) ᠦᠰᠦᠨ ᠪᠢᠷ᠎ᠤᠨ ᠪᠢᠴᠢᠯᠭᠡ — ᠪᠤᠯᠪᠠᠰᠤᠷᠠᠭᠰᠠᠨ ᠭᠢᠷᠢ᠎ᠪᠠᠷ
     (5) ᠭᠠᠷᠠᠭ᠎ᠤᠨ ᠠ᠋ᠷᠭᠢᠴᠡᠭᠦᠯᠦᠯ — ᠭᠠᠷᠠᠭ ᠪᠤᠯᠭ᠋ᠠᠨ 1 ᠬᠠᠭᠤᠳᠠᠰᠤ
     (6) ᠭᠢᠴᠢᠶᠡᠯᠯᠡᠭᠡ ᠵᠢᠨ ᠠ᠋ᠷᠭᠢᠴᠡᠭᠦᠯᠦᠯ — ᠭᠠᠷᠠᠭ ᠪᠤᠯᠭ᠋ᠠᠨ 1 ᠬᠠᠭᠤᠳᠠᠰᠤ
     (7) ᠲᠤᠬᠠᠶ᠋ᠢᠯᠠᠭᠰᠠᠨ ᠠᠵᠢᠯ᠎ᠤᠨ ᠨᠤᠮ ᠤᠩᠰᠢᠭᠰᠠᠨ ᠲᠡᠮᠳᠡᠭᠯᠡᠯ — ᠭᠠᠷᠠᠭ ᠪᠤᠯᠭ᠋ᠠᠨ 1 ᠬᠠᠭᠤᠳᠠᠰᠤ
      ᠲᠡᠭᠡᠷᠡᠭᠢ ᠵᠦᠢ᠍ᠯᠡᠰ᠎ᠢ ᠭᠠᠷᠠᠭ ᠪᠤᠯᠭ᠋ᠠᠨ᠎ᠤ ᠰᠡᠭᠦᠯᠴᠢ᠎ᠪᠠᠷ ᠵᠠᠯᠠᠭᠤ ᠪᠠᠭᠰᠢ ᠵᠢᠨ ᠪᠤᠯᠪᠠᠰᠤᠷᠠᠯ᠎ᠤᠨ ᠬᠤᠯᠪᠤᠭ᠋ᠠᠯᠠᠯ ᠲᠡᠭᠡᠷ᠎ᠡ᠎ᠪᠠᠨ ᠠ᠋ᠯᠧᠺᠲᠷᠤᠨ ᠵᠢᠷᠤᠭᠳᠤ ᠲᠡᠪᠳᠡᠷ᠎ᠤᠨ ᠭᠡᠯᠪᠡᠷᠢ᠎ᠪᠠᠷ ᠲᠤᠰᠢᠶᠠᠵᠤ᠂ ᠴᠠᠭ᠋ᠠᠰᠤᠨ ᠭᠡᠪ᠎ᠢ ᠪᠡᠶᠡᠨ᠎ᠳᠤ᠎ᠪᠠᠨ ᠦᠯᠡᠳᠡᠭᠡᠵᠤ᠂ ᠬᠤᠭᠤᠴᠠᠭ᠋ᠠᠨ ᠲᠤᠮᠳᠠ ᠪᠠ ᠬᠤᠭᠤᠴᠠᠭ᠋ᠠᠨ ᠡᠴᠤᠰ᠎ᠲᠤ ᠴᠠᠭ ᠵᠠᠢ ᠵᠢ ᠦᠵᠡᠵᠤ᠂ ᠪᠢᠴᠢᠭ ᠪᠠᠷᠢᠮᠳᠠ ᠵᠢ ᠬᠤᠷᠢᠶᠠᠨ ᠴᠤᠭᠯᠠᠭᠤᠯᠵᠤ ᠬᠠᠳᠠᠭ᠋ᠠᠯᠠᠪᠠ᠃
     (8) ᠭᠢᠴᠢᠶᠡᠯ᠎ᠤᠨ ᠲᠦᠷᠰᠦ ᠰᠢᠩᠭᠡᠭᠡᠯᠳᠡ — ᠬᠤᠭᠤᠴᠠᠭ᠎ᠠ ᠪᠦᠷᠢ 1 ᠬᠤᠪᠢ ᠦᠯᠡᠳᠡᠭᠡᠬᠦ
     6. ᠵᠠᠯᠠᠭᠤ ᠪᠠᠭᠰᠢ ᠨᠠᠷ᠎ᠤᠨ ᠪᠤᠯᠪᠠᠰᠤᠷᠠᠯ᠎ᠤᠨ ᠦᠷ᠎ᠡ ᠪᠦᠳᠦᠮᠵᠢ ᠵᠢ ᠭᠢᠨᠠᠨ ᠦᠨᠡᠯᠡᠬᠦ ᠠᠷᠭ᠎ᠠ ᠵᠢ ᠲᠦᠯᠦᠪᠰᠢᠷᠠᠭᠦᠯᠪᠠ᠃
     (1) ᠭᠤᠷᠪᠠᠨ ᠪᠢᠷ᠎ᠤᠨ ᠪᠢᠴᠢᠯᠭᠡ ᠵᠢᠨ ᠪᠤᠯᠪᠠᠰᠤᠷᠠᠯ᠎ᠢ ᠪᠠᠷᠢᠮᠳᠠᠯᠠᠬᠤ᠎ᠪᠠᠷ ᠴᠢᠷᠮᠠᠢ᠍ᠢ᠍ᠪᠠ᠃
     (2) ᠭᠢᠴᠢᠶᠡᠯᠯᠡᠭᠡ ᠵᠢᠨ ᠦᠨᠳᠤᠰᠤᠨ ᠪᠤᠯᠪᠠᠰᠤᠷᠠᠯ᠎ᠢ ᠤᠷᠤᠯᠳᠤᠭ᠋ᠠᠨ ᠮᠦᠷᠦᠶ᠋ᠢᠴᠡᠭᠡᠨ᠎ᠤ ᠭᠡᠯᠪᠡᠷᠢ᠎ᠪᠠᠷ ᠭᠢᠨᠠᠨ ᠦᠨᠡᠯᠡᠵᠤ᠂ ᠬᠠᠷᠢᠯᠴᠠᠨ ᠰᠤᠷᠤᠯᠴᠠᠵᠤ᠂ ᠬᠠᠮᠳᠤ ᠵᠢᠨ ᠲᠡᠭᠡᠭᠰᠢᠯᠡᠯᠳᠡ ᠵᠢ ᠠᠭᠢᠭᠤᠯᠪᠠ᠃


      ᠬᠠᠶᠢᠬ᠄ ᠤᠩᠨᠢᠭᠤᠳ ᠬᠤᠰᠢᠭᠤᠨ᠎ᠤ ᠬᠠᠶ᠋ᠢᠯᠠᠰᠤ ᠮᠤᠩᠭᠤᠯ ᠲᠤᠮᠳᠠᠳᠤ ᠰᠤᠷᠭ᠋ᠠᠭᠤᠯᠢ
              ᠤᠩᠨᠢᠭᠤᠳ ᠬᠤᠰᠢᠭᠤᠨ᠎ᠤ ᠠᠰᠢᠬᠠᠨ ᠭᠤᠤᠯ ᠪᠠᠭ᠎ᠠ ᠰᠤᠷᠭ᠋ᠠᠭᠤᠯᠢ
                    (ᠮᠦᠨᠭᠭᠦᠨᠴᠢᠮᠡᠭ ᠨᠠᠢ᠍ᠢ᠍ᠷᠠᠭᠤᠯᠪᠠ)

                    2018 ᠣᠨ᠎ᠤ 6 ᠳ᠋ᠤᠭ᠋ᠠᠷ ᠬᠤᠭᠤᠴᠠᠭ᠎ᠠ

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ ᠵᠢ ᠪᠤᠳᠠᠳᠦ ᠬᠢᠴᠢᠶᠡᠯᠯᠡᠭᠡ᠎ᠳᠤ ᠦᠢ᠍ᠯᠡᠳᠦᠯᠭᠡᠵᠢᠭᠦᠯᠦᠭᠰᠡᠨ ᠶᠠᠪᠣᠴᠠ
ᠲᠠᠢ᠍ᠢ᠍ᠯᠤᠭᠳᠠᠰᠢ ᠦᠭᠡᠢ ᠰᠡᠳᠬᠢᠯ᠎ᠤᠨ ᠵᠠᠨᠭ᠌ᠬᠢᠷᠠᠭ᠎ᠠ
ᠠ᠋ᠷᠢᠯᠭᠢᠯᠠᠯ
ᠪᠠᠭᠰᠢ ᠭᠦᠮᠤᠨ᠎ᠤ ᠠ᠋ᠳᠤᠷ ᠲᠤᠵᠢ ᠬᠢᠭᠦ ᠭᠤᠷᠪᠠᠨ ᠴᠢᠬᠤᠯᠠ ᠶᠠᠪᠤᠳᠠᠯ
 
             蒙ICP备05000248号