ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠠᠩᠬᠢ ᠵᠢᠨ ᠠ᠋ᠷᠬᠢᠯᠡᠭᠴᠢ ᠵᠢᠨ ᠪᠦᠷᠢᠯᠳᠦᠬᠦᠯᠤᠭᠦᠰᠢᠳᠠᠢ ᠴᠢᠳᠠᠪᠣᠷᠢ ᠵᠢᠨ ᠳᠣᠬᠠᠢ ᠳᠦᠬᠦᠮ ᠦᠬᠦᠯᠡᠬᠦ᠎ᠨᠢ
ᠨᠡᠶ᠋ᠢᠲᠡᠯᠡᠭᠰᠡᠨ ᠴᠠᠭ᠄ 2024-08-05

                         ᠣᠶᠣᠩᠭᠤᠸ᠎ᠠ

   

班主任工作1.png


      ᠠᠩᠬᠢ ᠵᠢᠨ ᠠ᠋ᠷᠬᠢᠯᠡᠭᠴᠢ ᠳᠡᠬᠡᠳᠣ ᠬᠡᠮᠵᠢᠶᠠᠨ᠎ᠤ ᠦᠢ᠍ᠯᠡᠰᠴᠢ ᠰᠡᠳᠬᠢᠯᠬᠡ᠎ᠪᠠᠷ ᠳᠣᠬᠠᠶ᠋ᠢᠯᠠᠭᠰᠠᠨ ᠠᠵᠢᠯ᠎ᠤᠨ ᠬᠢᠷᠢ ᠬᠡᠮᠵᠢᠶ᠎ᠠ ᠪᠠ ᠬᠡᠪ ᠪᠣᠯᠪᠠᠰᠣᠷᠠᠯ ᠵᠶ᠋ᠠᠨ ᠳᠡᠭᠡᠭᠰᠢᠯᠡᠬᠦᠯᠵᠣ᠂ ᠭᠤᠣᠯᠳᠠᠯᠭ᠎ᠠ᠎ᠪᠠᠨ ᠰᠣᠷᠣᠭᠴᠢ ᠵᠢᠨ ᠬᠠᠮᠢᠶᠠᠷᠤᠯᠳᠠ᠎ᠳᠤ ᠳᠦᠪᠯᠡᠷᠡᠬᠦᠯᠵᠣ᠂ ᠠᠨᠭ᠌ᠬᠢ ᠵᠢᠨ ᠬᠠᠮᠢᠶᠠᠷᠤᠯᠳᠠ ᠵᠢᠨ ᠠᠷᠭ᠎ᠠ ᠪᠤᠳᠤᠯᠭ᠎ᠠ ᠵᠢ ᠬᠦᠨᠵᠡᠬᠡᠢ ᠰᠣᠳᠣᠯᠵᠣ᠂ ᠠᠨᠭ᠌ᠬᠢ ᠵᠢᠨ ᠬᠠᠮᠢᠶᠠᠷᠤᠯᠳᠠ ᠵᠢᠨ ᠠᠷᠭ᠎ᠠ ᠮᠠᠶᠢᠭ ᠵᠶ᠋ᠠᠨ ᠳᠠᠰᠣᠷᠠᠯᠳᠠ ᠦᠬᠡᠢ ᠰᠢᠨᠡᠴᠢᠯᠠᠨ᠂ ᠰᠣᠷᠣᠭᠴᠢᠳ᠎ᠤᠨ ᠪᠡᠶ᠎ᠡ ᠰᠡᠳᠬᠢᠴᠠ ᠵᠢᠨ ᠠ᠋ᠷᠡᠬᠦᠯ ᠵᠶ᠋ᠠᠷ ᠬᠦᠭᠵᠢᠬᠦ ᠵᠢ ᠴᠢᠬᠤᠯᠠᠴᠢᠯᠠᠭ᠍ᠣ ᠬᠡᠷᠡᠭᠳᠡᠢ᠃
      ᠨᠢᠬᠡ᠂ ᠦᠵᠡᠯ ᠰᠠᠨᠠᠭ᠋ᠠᠨ᠎ᠤ ᠬᠥᠮᠦᠵᠢᠯ᠎ᠢ ᠰᠠᠶ᠋ᠢᠲᠤᠷ ᠬᠢᠬᠦ
      ᠰᠤᠷᠤᠭᠴᠢ᠎ᠳᠤ ᠦᠵᠠᠯ ᠰᠠᠨᠠᠭ᠋ᠠᠨ᠎ᠤ ᠭᠦᠮᠦᠵᠢᠯ᠎ᠢ ᠰᠠᠢ᠍ᠢ᠍ᠳᠤᠷ ᠬᠢᠭᠦ ᠪᠣᠯ ᠠᠨᠭ᠌ᠬᠢ ᠵᠢᠨ ᠠ᠋ᠷᠬᠢᠯᠡᠭᠴᠢ ᠵᠢᠨ ᠲᠡᠷᠢᠭᠦᠨ ᠴᠢᠬᠤᠯᠠ ᠠ᠋ᠭᠦᠷᠭᠡ ᠮᠥᠨ᠃ ᠠᠩᠬᠢ ᠵᠢᠨ ᠠ᠋ᠷᠬᠢᠯᠡᠭᠴᠢ᠎ᠨᠢ ᠰᠤᠷᠤᠭᠴᠢᠳ᠎ᠤᠨ ᠦᠵᠡᠯ ᠰᠠᠨᠠᠭ᠋ᠠᠨ᠎ᠤ ᠬᠥᠮᠦᠵᠢᠯ᠎ᠤᠨ ᠠᠵᠢᠯ᠎ᠢ ᠰᠠᠶ᠋ᠢᠲᠤᠷ ᠬᠢᠬᠦ᠎ᠳᠤ ᠴᠢᠳᠠᠮᠠᠭ᠋ᠠᠢ ᠪᠠᠶ᠋ᠢᠵᠤ᠂ ᠰᠣᠷᠣᠭᠴᠢᠳ᠎ᠤᠨ ᠠ᠋ᠭᠡ ᠣᠯᠣᠰ ᠵᠶ᠋ᠠᠨ ᠬᠠᠶ᠋ᠢᠷᠠᠯᠠᠵᠤ᠂ ᠠᠬᠠᠮᠠᠳ ᠵᠶ᠋ᠠᠨ ᠬᠦᠨᠳᠦᠳᠬᠡᠬᠦ᠂ ᠪᠣᠯᠪᠠᠰᠣᠨ ᠰᠣᠷᠳᠠᠯ ᠵᠶ᠋ᠠᠷ ᠬᠦᠮᠦᠨ ᠨᠡᠶ᠋ᠢᠬᠡᠮ᠎ᠳᠤ ᠬᠠᠨᠳᠣᠬᠤ ᠪᠠ ᠠᠯᠣᠰ ᠬᠡᠳᠣ ᠵᠢᠨ ᠬᠦᠰᠡᠯᠡᠩ᠎ᠲᠠᠢ ᠪᠠᠢ᠍ᠢ᠍ᠬᠤ ᠵᠢ ᠤᠬᠠᠭ᠋ᠠᠷᠠᠭᠤᠯᠬᠤ ᠬᠡᠷᠡᠭᠳᠡᠢ᠃
      (ᠨᠢᠬᠡ) ᠦᠢ᠍ᠯᠡᠰ ᠵᠶ᠋ᠠᠨ ᠳᠡᠬᠡᠳᠦᠯᠡᠬᠦ ᠣᠪᠣᠷ᠎ᠲᠠᠢ ᠪᠠᠶ᠋ᠢᠬᠤ
      ᠨᠡᠶ᠋ᠢᠳᠡᠴᠢ ᠦᠵᠡᠯ᠎ᠢ ᠠ᠋ᠷᠬᠢᠮᠯᠡᠵᠣ᠂ ᠰᠣᠷᠣᠭᠴᠢᠳ᠎ᠤᠨ ᠦᠵᠡᠯ ᠰᠠᠨᠠᠭ᠎ᠠ ᠶᠣᠰᠣ ᠮᠣᠷᠠᠯ᠎ᠤᠨ ᠬᠦᠮᠦᠵᠢᠯ᠎ᠢ ᠭᠤᠣᠯᠯᠠᠨ ᠠᠳᠬᠤᠬᠤ ᠬᠡᠷᠡᠭᠳᠡᠢ᠃ ᠵᠢᠱ᠌ᠢᠶᠡᠯᠡᠪᠡᠯ᠂ ᠬᠢᠴᠢᠶᠡᠯ᠎ᠤᠨ ᠴᠠᠭ᠎ᠤᠨ ᠰᠠᠬᠢᠯᠭ᠎ᠠ ᠳᠦᠷᠢᠮ ᠠᠨᠠᠢ᠂ ᠰᠤᠷᠤᠭᠴᠢᠳ ᠰᠡᠳᠬᠢᠯ ᠳᠠᠯᠪᠢᠨ ᠰᠠᠨᠠᠭ᠎ᠠ ᠳᠦᠪᠯᠡᠷᠡᠬᠦᠯᠵᠣ ᠰᠣᠨᠣᠰᠬᠤ ᠳᠠᠯ᠎ᠠ᠎ᠪᠠᠷ ᠬᠦᠷᠦᠯᠴᠠᠬᠦ ᠦᠬᠡᠢ ᠪᠠᠢ᠍ᠢ᠍ᠬᠤ ᠵᠡᠷᠭᠡ᠎ᠨᠢ ᠵᠤᠬᠢᠬᠤ ᠭᠡᠮᠵᠢᠶᠠᠨ᠎ᠳᠤ ᠠᠨᠭ᠌ᠬᠢ ᠵᠢᠨ ᠠ᠋ᠷᠬᠢᠯᠡᠭᠴᠢ ᠵᠢᠨ ᠰᠤᠷᠤᠭᠴᠢᠳ᠎ᠤᠨ ᠦᠵᠠᠯ ᠰᠠᠨᠠᠭ᠋ᠠᠨ᠎ᠤ ᠭᠦᠮᠦᠵᠢᠯ᠎ᠢ ᠬᠢᠷᠢ ᠵᠡᠷᠭᠡ ᠬᠢᠭᠰᠡᠨ᠎ᠲᠠᠢ ᠬᠤᠯᠪᠤᠭᠳᠠᠬᠤ ᠶᠤᠮ᠂ ᠠ᠋ᠭᠦᠨ᠎ᠤ ᠳ᠋ᠦᠩ᠎ᠳᠤ ᠪᠦᠬᠦᠢ ᠯᠡ ᠬᠢᠴᠢᠶᠡᠯ᠎ᠤᠨ ᠳᠠᠩᠬᠢᠮ᠎ᠤᠨ ᠠᠭᠤᠷ ᠠᠮᠢᠰᠬᠤᠯ ᠰᠢᠭᠤᠳ ᠨᠦᠯᠦᠬᠡᠯᠡᠭᠳᠡᠬᠦ᠎ᠪᠠᠷ ᠪᠠᠷᠠᠭ᠍ᠣ ᠦᠬᠡᠢ ᠬᠢᠴᠢᠶᠡᠯᠯᠡᠭᠡ ᠵᠢᠨ ᠦᠷ᠎ᠡ ᠪᠦᠳᠦᠮᠵᠢ ᠵᠢ ᠳᠣᠷᠣᠭᠰᠢᠯᠠᠭᠤᠯᠵᠣ᠂ ᠵᠢᠭ᠋ᠠᠨ ᠰᠣᠷᠭ᠋ᠠᠯᠳᠠ ᠵᠢᠨ ᠵᠣᠷᠢᠯᠳᠠ᠎ᠳᠤ᠎ᠪᠠᠨ ᠬᠦᠷᠴᠣ ᠳᠡᠶ᠋ᠢᠯᠬᠦ ᠦᠬᠡᠢ ᠪᠠᠶ᠋ᠢᠳᠠᠭ᠃
      (ᠬᠤᠶᠠᠷ) ᠪᠠᠭᠰᠢ ᠪᠡᠶ᠎ᠡ᠎ᠪᠠᠷ ᠵᠶ᠋ᠠᠨ ᠬᠡᠪ ᠳᠠᠭᠤᠷᠢᠶᠠᠯ ᠪᠣᠯᠬᠤ
      ᠠᠩᠬᠢ ᠵᠢᠨ ᠠ᠋ᠷᠬᠢᠯᠡᠭᠴᠢ ᠦᠪᠡᠷ᠎ᠤᠨ ᠦᠬᠡ ᠶᠠᠷᠢᠶ᠎ᠠ᠂ ᠬᠦᠳᠡᠯᠣᠯ ᠪᠠᠷᠢᠯ ᠵᠶ᠋ᠠᠷ ᠵᠶ᠋ᠠᠨ ᠰᠣᠷᠣᠭᠴᠢ᠎ᠳᠤ ᠰᠠᠶ᠋ᠢᠨ ᠰᠠᠶ᠋ᠢᠬᠠᠨ᠎ᠤ ᠬᠡᠪ ᠳᠠᠭᠤᠷᠢᠶᠠᠯ ᠪᠣᠯᠵᠣ ᠳᠡᠳᠡᠨ᠎ᠤ ᠰᠡᠳᠬᠢᠯ᠎ᠳᠤ ᠳᠣᠬᠢᠷᠠᠭᠰᠠᠨ᠂ ᠰᠠᠨᠠᠭ᠋ᠠᠨ᠎ᠳᠤ ᠨᠡᠶ᠋ᠢᠴᠡᠭᠰᠡᠨ ᠬᠠᠮᠤᠭ᠎ᠤᠨ ᠳᠣᠳᠣᠨᠣ ᠨᠠᠶ᠋ᠢᠵᠠ ᠪᠣᠯᠣᠭᠰᠠᠨ ᠪᠠᠶ᠋ᠢᠬᠤ ᠬᠡᠷᠡᠭᠳᠡᠢ᠃ ᠳᠣᠬᠠᠶ᠋ᠢᠯᠠᠪᠠᠯ᠂ ᠠᠩᠬᠢ ᠵᠢᠨ ᠠ᠋ᠷᠬᠢᠯᠡᠭᠴᠢ ᠵᠢᠨ ᠬᠠᠯᠠᠭᠤᠨ ᠳᠣᠳᠣᠨᠣ ᠨᠢᠳᠣᠨ ᠬᠠᠷᠠᠴᠠ᠂ ᠴᠠᠭ᠎ᠢ ᠪᠠᠷᠢᠮᠳᠠᠯᠠᠨ ᠬᠢᠴᠢᠶᠡᠯᠯᠡᠬᠦ ᠪᠠ ᠠᠮᠠᠷᠠᠭ᠍ᠣ᠂ ᠴᠡᠪᠡᠷ ᠪᠣᠯᠪᠠᠰᠣᠨ ᠦᠬᠡ ᠶᠠᠷᠢᠶ᠎ᠠ᠂ ᠳᠡᠷᠢ ᠳᠡᠭᠰᠢ ᠠ᠋ᠮᠣᠰᠴᠣ ᠵᠡᠬᠦᠬᠦ᠂ ᠠᠭᠤᠵᠢᠮ ᠪᠠᠭᠳᠠᠭ᠋ᠠᠮᠵᠢᠳᠠᠢ᠂ ᠬᠦᠯᠢᠴᠡᠩᠭᠦᠢ ᠳᠡᠰᠪᠦᠷᠢᠳᠠᠢ᠂ ᠬᠡᠯᠡᠭᠰᠡᠨ ᠵᠶ᠋ᠠᠨ ᠵᠠᠪᠠᠯ ᠪᠡᠶᠡᠯᠡᠬᠦᠯᠬᠦ᠂ ᠪᠡᠶᠡᠯᠡᠬᠦᠯᠦᠭᠰᠡᠨ ᠠᠵᠢᠯ᠎ᠳᠤ᠎ᠪᠠᠨ ᠳ᠋ᠦᠩᠨᠡᠯᠳᠡ ᠬᠢᠬᠦ ᠵᠡᠷᠬᠡ ᠬᠠᠷᠢᠭᠤᠴᠠᠯᠭ᠋ᠠᠳᠣ ᠣᠪᠣᠷ ᠰᠣᠷᠳᠠᠯ᠂ ᠠᠵᠢᠯ ᠬᠦᠳᠡᠯᠮᠣᠷᠢ᠎ᠳᠤ ᠪᠡᠶ᠎ᠡ᠎ᠪᠠᠷ ᠵᠶ᠋ᠠᠨ ᠣᠷᠣᠯᠴᠠᠭ᠍ᠣ᠂ ᠪᠡᠷᠬᠡ᠎ᠠᠴᠠ ᠬᠠᠯᠠᠰᠢᠷᠠᠭ᠍ᠣ ᠦᠬᠡᠢ ᠵᠣᠷᠢᠭ ᠰᠦᠰᠦ᠂ ᠠᠵᠢᠯᠴᠢ ᠬᠦᠳᠡᠯᠮᠣᠷᠢᠴᠢ ᠵᠠᠩ ᠳᠠᠳᠬᠠᠯ᠂ ᠦᠢ᠍ᠯᠡ ᠬᠦᠳᠡᠯᠣᠯ᠂ ᠰᠣᠷᠣᠭᠴᠢ᠎ᠳᠤ᠎ᠪᠠᠨ ᠬᠠᠷᠠᠮ ᠦᠬᠡᠢ ᠵᠣᠷᠢᠭᠤᠯᠳᠠᠭ ᠬᠠᠯᠠᠭᠤᠨ ᠬᠠᠶ᠋ᠢᠷ᠎ᠠ ᠬᠠᠯᠠᠮᠵᠢ ᠵᠡᠷᠬᠡ᠎ᠨᠢ ᠴᠦᠮ ᠰᠣᠷᠣᠭᠴᠢ ᠵᠢᠨ ᠪᠢᠰᠢᠷᠡᠨ ᠬᠦᠳᠦᠳᠬᠡᠬᠦ ᠰᠡᠳᠬᠢᠯᠬᠡ ᠵᠢ ᠪᠣᠢ ᠪᠣᠯᠭ᠋ᠠᠳᠠᠭ᠃
      ᠬᠤᠶᠠᠷ᠂ ᠵᠣᠬᠢᠶᠠᠨ ᠪᠠᠶ᠋ᠢᠭᠤᠯᠵᠤ ᠬᠠᠮᠢᠶᠠᠷᠬᠤ ᠴᠢᠳᠠᠪᠣᠷᠢ᠎ᠲᠠᠢ ᠪᠠᠢ᠍ᠢ᠍ᠬᠤ
      ᠠᠩᠬᠢ ᠨᠢᠭᠡᠴᠢ ᠪᠣᠯ ᠨᠢᠬᠡᠨ ᠬᠠᠮᠳᠣ ᠨᠡᠶ᠋ᠢᠳᠡ ᠮᠦᠨ᠃ ᠠᠩᠭᠢ ᠵᠢᠨ ᠠ᠋ᠷᠬᠢᠯᠡᠭᠴᠢ ᠵᠢᠨ ᠠᠵᠢᠯ ᠪᠣᠯ ᠶᠠᠭᠤᠨ᠎ᠤ ᠠ᠋ᠮᠦᠨ᠎ᠡ ᠬᠠᠮᠳᠣ ᠨᠡᠶ᠋ᠢᠳᠡ ᠵᠢᠨ ᠬᠠᠮᠢᠶᠠᠷᠣᠯᠳᠠ ᠵᠢᠨ ᠠᠵᠢᠯ ᠪᠠᠶ᠋ᠢᠵᠣ᠂ ᠳᠡᠬᠦᠨ᠎ᠳᠤ ᠵᠠᠪᠠᠯ ᠵᠣᠬᠢᠶᠠᠨ ᠪᠠᠶ᠋ᠢᠭᠤᠯᠬᠤ ᠠᠵᠢᠯ᠎ᠤᠨ ᠴᠢᠳᠠᠪᠣᠷᠢ ᠳᠡᠭᠡᠳᠣ ᠬᠡᠮᠵᠢᠶ᠎ᠠ᠎ᠪᠠᠷ ᠱᠠᠭ᠋ᠠᠷᠳᠠᠭᠳᠠᠵᠣ ᠪᠣᠢ᠃ ᠠᠩᠬᠢ ᠨᠢᠬᠡᠴᠢ ᠵᠢᠨ ᠠ᠋ᠳᠦᠷ ᠳᠣᠳᠣᠮ᠎ᠤᠨ ᠠᠮᠢᠳᠣᠷᠠᠯ᠂ ᠰᠣᠷᠣᠯᠭ᠎ᠠ᠂ ᠨᠡᠶ᠋ᠢᠳᠡ ᠵᠢᠨ ᠬᠦᠳᠡᠯᠬᠡᠬᠡᠨ ᠵᠢᠴᠢ ᠨᠡᠶ᠋ᠢᠬᠡᠮ ᠨᠡᠶ᠋ᠢᠳᠡ ᠵᠢᠨ ᠶᠡᠭᠡ ᠣᠷᠴᠢᠨ᠎ᠳᠤ ᠵᠣᠬᠢᠴᠠᠭ᠍ᠣ ᠡᠯ᠎ᠡ ᠵᠦᠢ᠍ᠯ᠎ᠤᠨ ᠴᠢᠳᠠᠪᠤᠷᠢ ᠵᠢ ᠠᠩᠬᠢ ᠵᠢᠨ ᠠ᠋ᠷᠬᠢᠯᠡᠭᠴᠢ ᠵᠠᠪᠠᠯ ᠪᠦᠷᠢᠯᠳᠦᠬᠦᠯᠬᠦ ᠴᠢᠬᠤᠯᠠᠲᠠᠢ ᠶᠣᠮ᠃ ᠠᠩᠭᠢ ᠵᠢᠨ ᠠ᠋ᠷᠬᠢᠯᠡᠭᠴᠢ ᠵᠢᠨ ᠵᠣᠬᠢᠶᠠᠨ ᠪᠠᠶ᠋ᠢᠭᠤᠯᠵᠤ ᠬᠠᠮᠢᠶᠠᠷᠬᠤ ᠴᠢᠳᠠᠪᠤᠷᠢ᠎ᠳᠤ ᠭᠤᠣᠯᠳᠠᠭᠤ ᠪᠡᠯᠡᠳᠬᠡᠬᠦ ᠴᠢᠳᠠᠪᠤᠷᠢ᠂ ᠶᠠᠷᠣ ᠵᠢᠨ ᠬᠠᠮᠢᠶᠠᠷᠤᠯᠲᠠ ᠵᠢᠨ ᠴᠢᠳᠠᠪᠤᠷᠢ᠂ ᠵᠣᠬᠢᠶᠠᠨ ᠪᠠᠶ᠋ᠢᠭᠤᠯᠵᠤ ᠠᠵᠢᠯ ᠥᠷᠨᠢᠭᠦᠯᠬᠦ ᠠᠵᠢᠯᠯᠠᠭ᠋ᠠᠨ᠎ᠤ ᠴᠢᠳᠠᠪᠤᠷᠢ᠂ ᠮᠠᠭ᠋ᠠᠳᠯᠠᠭ᠍ᠤ ᠴᠢᠳᠠᠪᠤᠷᠢ᠂ ᠰᠢᠢ᠍ᠳᠪᠦᠷᠢᠲᠦ ᠪᠣᠳᠣᠯᠭ᠎ᠠ ᠲᠣᠭᠲᠠᠭ᠋ᠠᠬᠤ ᠴᠢᠳᠠᠪᠤᠷᠢ᠂ ᠵᠢᠯᠣᠭᠤᠳᠬᠤ ᠴᠢᠳᠠᠪᠣᠷᠢ ᠪᠠ ᠵᠣᠬᠢᠴᠠᠭᠤᠯᠬᠤ ᠴᠢᠳᠠᠪᠣᠷᠢ ᠵᠡᠷᠬᠡ ᠪᠠᠭᠲᠠᠨ᠎ᠠ᠃ ᠵᠣᠬᠢᠶᠠᠨ ᠪᠠᠶ᠋ᠢᠭᠤᠯᠬᠤ ᠴᠢᠳᠠᠪᠣᠷᠢ ᠵᠢ ᠬᠡᠷᠬᠢᠨ ᠳᠡᠭᠡᠭᠰᠢᠯᠡᠬᠦᠯᠬᠦ᠎ᠳᠤ ᠳᠣᠣᠷᠠᠬᠢ ᠭᠤᠷᠪᠠᠨ ᠳᠠᠯ᠎ᠠ ᠵᠢ ᠠᠩᠬᠠᠷᠪᠠᠯ ᠵᠣᠬᠢᠨ᠎ᠠ᠃
      (ᠨᠢᠬᠡ) ᠠ᠋ᠷᠬᠡ ᠳᠡᠭᠰᠢ ᠦᠵᠡᠯᠳᠡ ᠵᠢ ᠠ᠋ᠷᠬᠢᠮᠯᠡᠬᠦ ᠬᠡᠷᠡᠭᠳᠡᠢ᠃ ᠰᠣᠷᠣᠭᠴᠢ ᠪᠦᠷᠢ ᠎ᠳᠤ ᠠ᠋ᠷᠬᠡ ᠳᠡᠭᠰᠢ᠎ᠪᠠᠷ ᠬᠠᠨᠳᠣᠵᠣ᠂ ᠵᠦᠷᠢᠴᠠᠯ ᠮᠦᠷᠬᠦᠯᠳᠦᠬᠡᠨ᠎ᠢ ᠪᠠᠭ᠋ᠠᠰᠬᠠᠵᠣ᠂ ᠰᠣᠷᠣᠭᠴᠢᠳ᠎ᠤᠨ ᠪᠡᠶ᠎ᠡ᠎ᠪᠠᠨ ᠬᠦᠨᠳᠦᠳᠬᠡᠬᠦ᠂           ᠪᠣᠰᠣᠳ᠎ᠢ ᠬᠦᠨᠳᠦᠳᠬᠡᠬᠦ ᠰᠡᠳᠬᠢᠯᠬᠡ ᠵᠢ ᠬᠦᠮᠣᠵᠢᠬᠦᠯᠵᠣ᠂ ᠢᠳᠡᠬᠡᠯ ᠪᠠ ᠬᠦᠰᠡᠯᠡᠩ᠎ᠢ ᠳᠠᠶ᠋ᠢᠴᠢᠯᠠᠨ᠎ᠠ᠃ ᠠ᠋ᠷᠬᠡ           ᠲᠡᠭᠰᠢ ᠲᠥᠪ ᠭᠤᠤᠯᠴᠢ ᠦᠵᠠᠯᠳᠠ ᠎ᠨᠢ ᠪᠠᠰᠠ ᠠᠩᠭᠢ ᠵᠢᠨ ᠲᠦᠷᠢᠮ᠎ᠢ ᠬᠡᠷᠡᠭᠵᠢᠭᠦᠯᠬᠦ ᠳᠡᠭᠡᠷ᠎ᠡ ᠢᠯᠡᠷᠡᠵᠦ           ᠪᠠᠶ᠋ᠢᠳᠠᠭ᠃ ᠰᠣᠷᠣᠭᠴᠢ ᠵᠢᠨ ᠬᠢᠷᠢ ᠪᠦᠲᠦᠮᠵᠢ ᠪᠤᠶᠤ ᠬᠡᠷ ᠪᠦᠯᠢ ᠵᠢᠨ ᠨᠦᠬᠦᠴᠠᠯ ᠵᠡᠷᠭᠡ᠎ᠠᠴᠠ ᠪᠣᠯᠵᠣ ᠭᠤᠤᠯᠴᠢ ᠪᠤᠰᠤ᠎ᠪᠠᠷ ᠰᠢᠢ᠍ᠳᠬᠡᠨ ᠲᠣᠷᠭ᠋ᠠᠵᠤ ᠪᠣᠯᠬᠤ ᠥᠬᠡᠶ᠃ ᠬᠡᠷᠪᠡ ᠠ᠋ᠷᠬᠡ ᠲᠡᠭᠰᠢ ᠪᠤᠰᠤ ᠪᠠᠶ᠋ᠢᠳᠠᠯ ᠢᠯᠡᠷᠡᠪᠡᠯ᠂           ᠰᠣᠷᠣᠭᠴᠢ ᠠ᠋ᠰᠡᠷᠭᠦᠴᠡᠯᠳᠦᠬᠦ ᠰᠡᠳᠬᠢᠴᠡ ᠠ᠋ᠭᠦᠰᠴᠦ᠂ ᠬᠤᠵᠢᠮ᠎ᠤᠨ ᠠᠵᠢᠯ ᠵᠶ᠋ᠠᠨ ᠥᠷᠨᠢᠭᠦᠯᠬᠦ᠎ᠳᠤ ᠬᠦᠴᠢᠷ           ᠪᠣᠯᠤᠨ᠎ᠠ᠃ ᠰᠣᠷᠣᠭᠴᠢ ᠵᠢᠨ ᠬᠢᠷᠢ ᠪᠦᠲᠦᠮᠵᠢ ᠵᠥᠷᠢᠶ᠎ᠡ᠎ᠲᠠᠢ᠎ᠠᠴᠠ ᠪᠣᠯᠵᠣ ᠢᠯᠭ᠋ᠠᠭ᠎ᠠ᠎ᠲᠠᠢ ᠬᠠᠨᠳᠤᠵᠤ ᠪᠣᠯᠬᠤ ᠥᠬᠡᠶ᠂ ᠶᠠᠮᠠᠷᠪᠠ ᠰᠣᠷᠣᠭᠴᠢ᠎ᠳᠤ ᠲᠥᠪ ᠭᠤᠤᠯᠴᠢ᠎ᠪᠠᠷ ᠬᠠᠨᠳᠤᠬᠤ ᠬᠡᠷᠡᠭᠲᠡᠶ᠂ ᠠ᠋ᠨᠡ ᠪᠣᠯ ᠰᠣᠷᠣᠭᠴᠢ ᠵᠢ ᠬᠠᠮᠤᠭ᠎ᠤᠨ ᠶᠡᠭᠡ᠎ᠪᠠᠷ ᠬᠦᠨᠳᠦᠳᠬᠡᠵᠦ ᠪᠠᠶ᠋ᠢᠭ᠎ᠠ ᠶᠠᠪᠤᠳᠠᠯ ᠮᠥᠨ᠃ ᠠ᠋ᠶ᠋ᠢᠮᠦ᠎ᠠᠴᠠ ᠨᠢᠭᠡ ᠠᠩᠭᠢ ᠵᠢ ᠰᠠᠶ᠋ᠢᠲᠤᠷ ᠬᠠᠮᠢᠶᠠᠷᠬᠤ ᠵᠢᠨ ᠬᠠᠮᠤᠭ᠎ᠤᠨ ᠦᠨᠳᠦᠰᠦᠨ ᠵᠦᠢ᠍ᠯ ᠪᠣᠯ ᠶᠠᠮᠠᠷ ᠴᠤ᠌ ᠰᠤᠷᠤᠭᠴᠢ᠎ᠳᠤ ᠠ᠋ᠷᠬᠡ ᠲᠡᠭᠰᠢ ᠲᠥᠪ ᠭᠤᠣᠯᠴᠢ᠎ᠪᠠᠷ ᠬᠠᠨᠳᠤᠬᠤ ᠶᠠᠪᠤᠳᠠᠯ ᠪᠣᠯᠤᠨ᠎ᠠ᠂ ᠢᠩᠭᠢᠪᠡᠯ ᠠᠩᠬᠢ ᠵᠢᠨ ᠰᠤᠷᠤᠭᠴᠢ ᠪᠤᠶᠤ ᠭᠡᠷ᠎ᠤᠨ ᠠᠬᠠᠮᠠᠳ ᠦᠨᠡᠨ ᠰᠡᠳᠬᠢᠯ᠎ᠠᠴᠠ᠎ᠪᠠᠨ ᠪᠢᠰᠢᠷᠡᠨ ᠬᠦᠨᠳᠦᠳᠬᠡᠵᠣ᠂ ᠭᠡᠷ᠎ᠤᠨ ᠠᠬᠠᠮᠠᠳ᠎ᠤᠨ ᠬᠠᠯᠠᠭᠤᠨ ᠳᠡᠮᠵᠢᠯᠭᠡ ᠵᠢ ᠣᠯᠵᠤ ᠴᠢᠳᠠᠨ᠎ᠠ᠃
      (ᠬᠤᠶᠠᠷ) ᠪᠦᠯᠬᠦᠮᠳᠡᠯ᠎ᠢ ᠠ᠋ᠷᠬᠢᠮᠯᠡᠬᠦ ᠬᠡᠷᠡᠭᠳᠡᠢ᠃ ᠰᠣᠷᠣᠭᠴᠢᠳ ᠪᠣᠯ ᠠ᠋ᠬᠡ ᠣᠯᠣᠰ᠎ᠤᠨ ᠢᠷᠡᠬᠡᠳᠦᠢ᠂           ᠠ᠋ᠭᠡ ᠣᠯᠣᠰ ᠵᠶ᠋ᠠᠨ ᠪᠦᠳᠦᠬᠡᠨ ᠪᠠᠶ᠋ᠢᠭᠤᠯᠬᠤ ᠴᠢᠬᠤᠯᠠ ᠠ᠋ᠬᠦᠷᠬᠡ ᠳᠡᠳᠡᠨ ᠎ᠤ ᠠ᠋ᠮᠦᠨ᠎ᠡ ᠳᠠᠯᠪᠢᠭᠳᠠᠵᠣ           ᠪᠠᠶ᠋ᠢᠨ᠎ᠠ᠃ ᠳᠣᠮᠳᠠᠳᠣ ᠵᠢᠨ ᠦᠨᠳᠦᠰᠦᠳᠠᠨ᠎ᠤ ᠬᠦᠭᠵᠢᠯᠳᠡ ᠵᠢᠨ ᠶᠠᠪᠣᠴᠠ᠎ᠳᠠᠬᠢ ᠣᠯᠣᠰ ᠵᠶ᠋ᠠᠨ ᠬᠠᠶ᠋ᠢᠷᠠᠯᠠᠭ᠍ᠣ ᠦᠵᠡᠯ ᠵᠶ᠋ᠠᠷ ᠴᠦᠮ᠎ᠡ ᠪᠣᠯᠭ᠋ᠠᠵᠣ᠂ ᠰᠤᠷᠤᠭᠴᠢᠳ ᠪᠦᠯᠬᠦᠮᠳᠡᠯ ᠨᠢᠬᠡᠳᠦᠯ᠂ ᠡᠪ ᠨᠠᠶ᠋ᠢᠷᠠᠮᠳᠠᠯ᠂ ᠠᠵᠢᠯᠴᠢ ᠪᠣᠷᠣᠭᠵᠢᠭᠤᠨ᠂ ᠠ᠋ᠷᠡᠯᠬᠡᠭ ᠪᠠᠭ᠋ᠠᠳᠣᠷᠯᠢᠭ᠂ ᠦᠪᠡᠷ᠎ᠤᠨ ᠬᠦᠴᠦ᠎ᠪᠠᠷ ᠳᠡᠭᠵᠢᠷᠡᠬᠦ ᠠᠭᠤᠣ ᠶᠡᠭᠡ ᠵᠣᠷᠢᠭ ᠰᠠᠨᠠᠭ᠎ᠠ ᠵᠢ ᠣᠷᠭ᠋ᠠᠨᠢᠭ ᠵᠶ᠋ᠠᠷ ᠣᠶᠠᠯᠳᠣᠭᠤᠯᠣᠭᠰᠠᠨ ᠠ᠋ᠷᠬᠢᠮ ᠳᠡᠬᠡᠳᠣ ᠵᠠᠩ ᠰᠣᠷᠳᠠᠭ᠍ᠣᠨ᠎ᠢ ᠭᠦᠮᠦᠵᠢᠭᠦᠯᠭᠦ ᠭᠡᠷᠡᠭᠳᠠᠢ᠃ ᠠ᠋ᠬᠦᠨ᠎ᠳᠤ ᠪᠦᠯᠬᠦᠮᠳᠠᠯ ᠪᠣᠯ ᠠᠩᠬᠢ ᠨᠢᠬᠡᠴᠢ ᠵᠢᠨ ᠠᠮᠢᠨ ᠰᠠᠬᠢᠶ᠎ᠠ᠂ ᠪᠦᠬᠦ ᠠᠩᠭᠢ ᠨᠢᠬᠡᠴᠢ ᠵᠢᠨ ᠠᠯᠢᠪᠠ ᠠᠮᠢᠳᠣᠷᠠᠯ ᠰᠣᠷᠣᠯᠭ᠎ᠠ ᠵᠢᠨ ᠠᠵᠢᠯᠯᠠᠭ᠎ᠠ ᠦᠷᠨᠢᠬᠦᠯᠬᠦ᠎ᠳᠤ ᠵᠠᠪᠠᠯ ᠪᠦᠯᠬᠦᠮᠳᠠᠯ᠎ᠤᠨ ᠰᠠᠭᠤᠷᠢ ᠳᠡᠬᠡᠷ᠎ᠡ ᠶᠠᠪᠣᠭᠳᠠᠨ᠎ᠠ᠃ ᠨᠢᠭᠡᠨ ᠪᠦᠯᠬᠦᠮᠳᠡᠯ᠎ᠲᠠᠢ ᠠᠩᠭᠢ ᠨᠡᠶ᠋ᠢᠲᠡ ᠵᠢ ᠬᠥᠮᠦᠵᠢᠭᠦᠯᠬᠦ᠎ᠨᠢ ᠠᠩᠭᠢ ᠵᠢᠨ ᠨᠢᠭᠲᠠᠷᠠᠯ᠎ᠤᠨ ᠬᠦᠴᠦᠨ᠎ᠢ ᠴᠢᠩᠭ᠋ᠠᠷᠠᠭᠤᠯᠵᠤ᠂ ᠪᠦᠯᠬᠦᠮᠳᠡᠯ᠎ᠲᠠᠢ ᠨᠥᠬᠦᠷᠰᠡᠭ ᠠᠩᠭᠢ ᠵᠢᠨ ᠠᠭᠤᠷ ᠠᠮᠢᠰᠬᠤᠯ᠎ᠢ ᠪᠣᠶ ᠪᠣᠯᠭ᠋ᠠᠬᠤ᠎ᠳᠤ ᠠᠰᠢᠭᠲᠠᠶ ᠪᠥᠭᠡᠳ ᠠᠩᠭᠢ ᠵᠢᠨ ᠬᠠᠮᠢᠶᠠᠷᠤᠯᠲᠠ᠎ᠳᠤ ᠴᠤ᠌ ᠠᠰᠢᠭᠲᠠᠶ ᠶᠤᠮ᠃
      ᠭᠤᠷᠪᠠ᠂ ᠠᠵᠢᠭᠯᠠᠭ᠍ᠣ ᠴᠢᠳᠠᠪᠣᠷᠢ᠎ᠲᠠᠢ ᠪᠠᠢ᠍ᠢ᠍ᠬᠤ
      ᠪᠠᠭ᠎ᠠ ᠰᠣᠷᠭ᠋ᠠᠭᠤᠯᠢ ᠪᠣᠯ ᠰᠣᠷᠣᠭᠴᠢ ᠵᠢᠨ ᠦᠵᠡᠯ ᠣᠬᠠᠮᠰᠠᠷ ᠠᠩᠬ᠎ᠠ ᠪᠦᠷᠢᠯᠳᠦᠬᠦ ᠱᠠᠳᠣ ᠮᠦᠨ᠃ ᠠ᠋ᠨᠡ ᠬᠦ᠌ ᠱᠠᠳᠣᠨ᠎ᠤ ᠰᠣᠷᠣᠭᠴᠢ ᠨᠡᠶ᠋ᠢᠳᠡᠮ᠎ᠳᠤ᠎ᠪᠠᠨ ᠠᠯᠢᠪᠠ ᠬᠡᠷᠡᠭ ᠪᠣᠳᠠᠰ᠎ᠤᠨ ᠵᠦᠪ ᠪᠣᠷᠣᠭᠤ᠂ ᠰᠠᠶ᠋ᠢᠨ ᠮᠠᠭᠤ᠂ ᠰᠠᠶ᠋ᠢᠬᠠᠨ ᠮᠠᠭᠤᠬᠠᠢ᠂ ᠦᠨᠡᠨ ᠬᠤᠳᠠᠯ᠎ᠢ ᠢᠯᠭ᠋ᠠᠨ ᠳᠠᠨᠢᠬᠤ ᠴᠢᠳᠠᠪᠣᠷᠢ ᠳᠣᠷᠣᠢ᠂ ᠦᠵᠡᠯᠳᠡ ᠳᠠᠨᠢᠯᠳᠠ ᠬᠠᠷᠠᠭ᠍ᠠᠨ ᠳᠣᠭᠳᠠᠪᠣᠷᠢᠵᠢᠵᠣ ᠴᠢᠳᠠᠭ᠋ᠠᠳᠣᠢ ᠳᠣᠯᠠ ᠣᠷᠴᠢᠨ ᠳᠣᠭᠤᠷᠢᠨ᠎ᠤ ᠵᠦᠪ ᠪᠣᠰᠣ ᠨᠦᠯᠦᠬᠡ ᠳᠣᠰᠬᠠᠯ᠎ᠳᠤ ᠠᠮᠠᠷᠬᠠᠨ ᠨᠦᠯᠦᠬᠡᠯᠡᠭᠳᠡᠵᠣ᠂ ᠦᠵᠡᠯ ᠣᠬᠠᠮᠰᠠᠷ ᠪᠣᠷᠣᠭᠤ ᠳᠡᠶ᠋ᠢᠰᠢ ᠬᠡᠯᠪᠡᠶ᠋ᠢᠬᠦ ᠪᠣᠯᠣᠯᠴᠠᠭ᠎ᠠ᠎ᠲᠠᠢ ᠪᠠᠶ᠋ᠢᠳᠠᠭ᠃ ᠰᠢᠨ᠎ᠡ ᠴᠠᠭ ᠦᠶ᠎ᠠ ᠵᠢᠨ ᠱᠠᠭ᠋ᠠᠷᠳᠠᠯᠭ᠎ᠠ ᠪᠠ ᠬᠦᠮᠦᠵᠢᠬᠦᠯᠬᠦ ᠬᠠᠷᠠᠯᠳᠠ ᠳᠣᠣᠷ᠎ᠠ ᠠᠩᠬᠢ ᠵᠢᠨ ᠠ᠋ᠷᠬᠢᠯᠡᠭᠴᠢ ᠭᠠᠳᠠᠭ᠋ᠠᠳᠣ ᠨᠦᠬᠦᠴᠠᠯ᠎ᠨᠢ ᠰᠣᠷᠣᠭᠴᠢᠳ᠎ᠢ ᠨᠦᠯᠦᠬᠡᠯᠡᠬᠦ ᠵᠢ ᠴᠠᠭ ᠢᠮᠠᠭᠳᠠ ᠠᠩᠬᠠᠷᠴᠣ᠂ ᠰᠣᠷᠣᠭᠴᠢ ᠨᠢᠬᠡ ᠪᠦᠷᠢ ᠵᠢᠨ ᠬᠡᠷ᠎ᠤᠨ ᠠᠬᠠᠮᠠᠳ ᠵᠢᠴᠢ ᠶᠠᠪᠣᠳᠠᠯ ᠰᠠᠭᠤᠳᠠᠯ᠂ ᠭᠠᠳᠠᠭ᠋ᠠᠳᠣ ᠣᠷᠴᠢᠨ᠎ᠤ ᠬᠠᠷᠢᠯᠴᠠᠭ᠎ᠠ ᠶᠠᠪᠣᠯᠴᠠᠭ᠎ᠠ ᠵᠢ ᠣᠶ᠋ᠢᠯᠠᠭ᠋ᠠᠬᠤ᠎ᠪᠠᠷ ᠪᠠᠷᠠᠭ᠍ᠣ ᠦᠬᠡᠢ᠂ ᠪᠠᠰᠠ ᠰᠣᠷᠣᠭᠴᠢᠳ᠎ᠢ ᠢᠯᠡᠬᠦᠦ ᠣᠶ᠋ᠢᠯᠠᠭ᠋ᠠᠬᠤ ᠬᠡᠷᠡᠭᠳᠡᠢ᠃ ᠪᠠᠭᠰᠢ ᠵᠢᠨ ᠠᠵᠢᠭᠯᠠᠭ᠍ᠣ ᠴᠢᠳᠠᠪᠣᠷᠢ ᠵᠢᠨ ᠴᠢᠩᠭ᠎ᠠ ᠰᠣᠯᠠ᠎ᠨᠢ ᠠᠩᠬᠢ ᠵᠢᠨ ᠠᠵᠢᠯ᠎ᠤᠨ ᠨᠠᠷᠢᠨ ᠪᠦᠳᠦᠴᠠ ᠪᠠ ᠣᠷᠣᠭᠰᠢᠳᠠᠢ ᠶᠠᠪᠣᠭᠳᠠᠭ᠍ᠣ ᠵᠢᠨ ᠴᠢᠬᠤᠯᠠ ᠠᠨᠢᠰᠣ ᠪᠣᠯᠣᠨ᠎ᠠ᠃ ᠬᠠᠮᠳᠣ ᠨᠡᠶ᠋ᠢᠳᠡ ᠵᠢᠨ ᠦᠨᠳᠦᠰᠦᠨ ᠪᠠᠶ᠋ᠢᠳᠠᠯ᠎ᠢ ᠨᠠᠷᠢᠨ ᠠᠵᠢᠭᠯᠠᠯᠳᠠ᠎ᠪᠠᠷ ᠳᠠᠮᠵᠢᠨ ᠰᠠᠶᠢ ᠣᠶ᠋ᠢᠯᠠᠭ᠋ᠠᠵᠣ᠂ ᠠᠵᠢᠭᠯᠠᠯᠳᠠ ᠵᠢᠨ ᠰᠠᠭᠤᠷᠢᠨ ᠳᠡᠭᠡᠷ᠎ᠡ ᠶᠠᠪᠣᠭᠳᠠᠭᠰᠠᠨ ᠣᠶ᠋ᠢᠯᠠᠭ᠋ᠠᠯᠳᠠ ᠪᠣᠯ ᠰᠠᠶᠢ ᠠᠩᠬᠢ ᠵᠢᠨ ᠠᠵᠢᠯ᠎ᠤᠨ ᠪᠦᠬᠦ ᠳᠠᠯ᠎ᠠ ᠵᠢᠨ ᠪᠠᠶ᠋ᠢᠷᠢᠯᠠᠭᠤᠯᠣᠯᠳᠠ ᠵᠢ ᠠ᠋ᠮᠵᠡᠭ ᠳᠣᠳᠠᠭᠳᠠᠯ ᠦᠬᠡᠢ ᠪᠣᠯᠭ᠋ᠠᠳᠠᠭ᠃ ᠠ᠋ᠬᠦᠨ᠎ᠳᠤ ᠠᠩᠬᠢ ᠵᠢᠨ ᠦᠨᠳᠦᠰᠦᠨ ᠪᠠᠶ᠋ᠢᠳᠠᠯ ᠪᠠ ᠳᠦᠬᠡᠮᠡᠯ ᠪᠠᠶ᠋ᠢᠳᠠᠯ᠎ᠢ ᠣᠶ᠋ᠢᠯᠠᠭ᠋ᠠᠵᠣ᠂ ᠳᠠᠷᠠᠭ᠎ᠠ᠎ᠳᠤ᠎ᠨᠢ ᠣᠨᠴᠠᠭ᠋ᠠᠢ ᠪᠠᠶ᠋ᠢᠳᠠᠯ᠎ᠳᠤ ᠨᠠᠷᠢᠨ ᠠᠵᠢᠭᠯᠠᠯᠳᠠ ᠬᠢᠵᠣ᠂ ᠣᠨᠴᠠᠭ᠋ᠠᠢ ᠪᠠᠶ᠋ᠢᠳᠠᠯ᠎ᠢ ᠣᠨᠴᠠᠭ᠋ᠠᠢ ᠠᠷᠭ᠎ᠠ ᠪᠠᠷᠢᠯ ᠵᠶ᠋ᠠᠷ ᠵᠣᠬᠢᠴᠠᠭᠤᠯᠣᠨ ᠰᠢᠢ᠍ᠳᠪᠦᠷᠢᠯᠡᠬᠦ᠎ᠪᠠᠷ ᠳᠠᠮᠵᠢᠭᠤᠯᠵᠣ ᠪᠦᠬᠦ ᠳᠠᠯ᠎ᠠ ᠵᠢ ᠬᠠᠷᠠᠭ᠋ᠠᠯᠵᠠᠭ᠍ᠣ ᠬᠡᠷᠡᠭᠳᠡᠢ᠃
      ᠲᠦᠷᠪᠡ᠂ ᠰᠢᠨ᠎ᠡ ᠵᠢ ᠠ᠋ᠭᠦᠳᠦᠨ ᠰᠤᠷᠤᠯᠴᠠᠭ᠍ᠤ ᠴᠢᠳᠠᠪᠤᠷᠢ᠎ᠲᠠᠢ ᠪᠠᠢ᠍ᠢ᠍ᠬᠤ
      ᠠᠩᠭᠢ ᠵᠢᠨ ᠠ᠋ᠷᠬᠢᠯᠡᠭᠴᠢ ᠵᠢᠨ ᠠᠵᠢᠯ ᠪᠣᠯ ᠨᠢᠭᠡ ᠵᠦᠢ᠍ᠯ᠎ᠤᠨ ᠪᠦᠲᠦᠭᠡᠯᠴᠢ ᠴᠢᠨᠠᠷᠲᠠᠶ ᠠᠵᠢᠯ᠃ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠰᠠᠶ᠋ᠢᠲᠤᠷ ᠬᠢᠬᠦ᠎ᠳᠤ ᠠ᠋ᠷᠬᠡᠪᠰᠢ ᠲᠠᠰᠤᠷᠠᠯᠲᠠ ᠥᠬᠡᠶ ᠰᠢᠨᠡᠴᠢᠯᠡᠵᠦ᠂ ᠰᠢᠨ᠎ᠡ ᠰᠡᠳᠬᠢᠬᠦᠶ᠂ ᠰᠢᠨ᠎ᠡ ᠠᠭᠤᠯᠭ᠎ᠠ᠂ ᠰᠢᠨ᠎ᠡ ᠣᠨᠣᠯ ᠪᠠᠷᠢᠮᠳᠠ ᠪᠠᠶ᠋ᠢᠬᠤ ᠬᠡᠷᠡᠭᠲᠡᠶ᠂ ᠠ᠋ᠨᠡ᠎ᠨᠢ ᠠᠩᠬᠢ ᠵᠢᠨ ᠠ᠋ᠷᠬᠢᠯᠡᠭᠴᠢ ᠵᠢᠨ ᠪᠦᠲᠦᠭᠡᠯᠴᠢ ᠴᠢᠨᠠᠷ ᠪᠠ ᠪᠦᠲᠦᠭᠡᠯᠴᠢ ᠴᠢᠳᠠᠪᠤᠷᠢ ᠪᠠᠶ᠋ᠢᠬᠤ ᠵᠢ ᠱᠠᠭ᠋ᠠᠷᠳᠠᠵᠤ ᠪᠠᠶ᠋ᠢᠨ᠎ᠠ᠃ ᠰᠢᠯᠢᠳᠡᠭ ᠠᠩᠭᠢ ᠵᠢᠨ ᠠ᠋ᠷᠬᠢᠯᠡᠭᠴᠢ ᠵᠠᠪᠠᠯ ᠡᠯ᠎ᠡ ᠵᠦᠢ᠍ᠯ᠎ᠤᠨ ᠰᠣᠶᠣᠯ ᠮᠡᠳᠡᠯᠬᠡ᠎ᠪᠠᠨ ᠳᠠᠰᠣᠷᠠᠯᠳᠠ ᠦᠬᠡᠢ ᠨᠡᠮᠡᠭᠳᠡᠬᠦᠯᠵᠣ᠂ ᠳᠠᠨᠢᠯᠳᠠ᠎ᠪᠠᠨ ᠰᠢᠨᠡᠳᠬᠡᠬᠦ ᠴᠢᠬᠤᠯᠠᠳᠠᠢ᠃ ᠨᠡᠶ᠋ᠢᠬᠡᠮ᠎ᠤᠨ ᠬᠦᠭᠵᠢᠯᠳᠡ ᠵᠢᠨ ᠦᠨᠳᠦᠰᠦᠨ ᠪᠠᠶ᠋ᠢᠳᠠᠯ᠂ ᠬᠦᠭᠵᠢᠯᠳᠡ ᠵᠢᠨ ᠬᠠᠨᠳᠣᠰᠢ ᠵᠢ ᠢᠯᠡᠬᠦᠦ ᠣᠶ᠋ᠢᠯᠠᠭ᠋ᠠᠵᠣ᠂ ᠰᠣᠷᠭ᠋ᠠᠨ ᠬᠦᠮᠦᠵᠢᠯ᠎ᠤᠨ ᠳᠦᠷᠦ ᠵᠢᠨ ᠪᠣᠳᠣᠯᠭ᠎ᠠ᠂ ᠱᠣᠭᠤᠮ᠂ ᠴᠢᠭᠯᠡᠯᠳᠡ ᠵᠢ ᠰᠣᠷᠣᠯᠴᠠᠵᠣ᠂ ᠪᠣᠳᠠᠳᠠᠢ᠎ᠳᠤ ᠦᠢ᠍ᠯᠡᠳᠦᠯᠬᠡᠵᠢᠬᠦᠯᠦᠨ ᠳᠣᠭᠤᠰᠢᠯᠠᠭᠤᠯᠵᠣ᠂ ᠵᠢᠭ᠋ᠠᠨ ᠰᠣᠷᠭ᠋ᠠᠯᠳᠠ ᠵᠢᠨ ᠰᠢᠨ᠎ᠡ ᠬᠤᠪᠢᠷᠠᠯᠳᠠ ᠵᠢ ᠳᠠᠭ᠋ᠠᠵᠣ᠂ ᠰᠣᠷᠣᠯᠴᠠᠯᠭ᠎ᠠ᠎ᠪᠠᠨ ᠴᠢᠩᠭ᠋ᠠᠳᠬᠠᠵᠣ᠂ ᠦᠪᠡᠷ᠎ᠤᠨ ᠦᠵᠡᠯ ᠣᠬᠠᠮᠰᠠᠷ ᠵᠶ᠋ᠠᠨ ᠦᠬᠡᠷᠡᠴᠢᠯᠡᠵᠣ᠂ ᠰᠢᠨ᠎ᠡ ᠨᠢᠬᠡᠨ ᠳᠠᠨᠢᠯᠳᠠ᠎ᠪᠠᠷ ᠠᠩᠬᠢ᠎ᠪᠠᠨ ᠬᠠᠮᠢᠶᠠᠷᠬᠤ᠎ᠨᠢ ᠴᠢᠬᠤᠯᠠ ᠪᠣᠯᠣᠭ᠋ᠠᠳ ᠪᠠᠶ᠋ᠢᠨ᠎ᠠ᠃
      ᠲᠠᠪᠤ᠂ ᠬᠠᠷᠢᠯᠴᠠᠭ᠍ᠤ ᠪᠠ ᠢᠯᠡᠳᠬᠡᠬᠦ ᠴᠢᠳᠠᠪᠤᠷᠢ᠎ᠲᠠᠢ ᠪᠠᠢ᠍ᠢ᠍ᠬᠤ
      ᠠᠩᠭᠢ ᠵᠢᠨ ᠠ᠋ᠷᠬᠢᠯᠡᠭᠴᠢ ᠬᠡᠷ᠎ᠤᠨ ᠠᠬᠠᠮᠠᠳ ᠪᠣᠯᠣᠨ ᠨᠡᠶ᠋ᠢᠭᠡᠮ᠎ᠤᠨ ᠬᠠᠷᠢᠯᠴᠠᠭ᠎ᠠ ᠵᠢ ᠰᠠᠶ᠋ᠢᠳᠣᠷ ᠬᠢᠵᠣ᠂ ᠭᠡᠷ ᠪᠦᠯᠢ ᠪᠣᠯᠤᠨ ᠨᠡᠶ᠋ᠢᠭᠡᠮ᠎ᠤᠨ ᠳᠡᠮᠵᠢᠯᠭᠡ ᠵᠢ ᠣᠯᠵᠤ᠂ ᠰᠤᠷᠭ᠋ᠠᠨ ᠬᠥᠮᠦᠵᠢᠯ᠎ᠤᠨ ᠬᠠᠮᠲᠤᠷᠠᠯ᠎ᠤᠨ ᠬᠦᠴᠦᠨ᠎ᠢ ᠪᠦᠷᠢᠯᠳᠦᠭᠦᠯᠬᠦ ᠬᠡᠷᠡᠭᠳᠡᠢ᠃ ᠬᠢᠴᠢᠶᠡᠯ᠎ᠤᠨ ᠠ᠋ᠮᠦᠨ᠎ᠡ ᠬᠤᠶ᠋ᠢᠨᠠᠬᠢ ᠴᠠᠭ᠎ᠢ ᠠᠰᠢᠭᠯᠠᠨ ᠦᠷᠬᠦᠯᠵᠢ ᠰᠣᠷᠣᠭᠴᠢ᠎ᠲᠠᠢ᠎ᠪᠠᠨ ᠣᠶ᠋ᠢᠷᠠᠳᠣᠨ ᠳᠡᠳᠡᠨ᠎ᠤ ᠨᠠᠭ᠋ᠠᠳᠣᠮ ᠳᠣᠭᠯᠠᠭ᠋ᠠᠮ᠎ᠳᠤ ᠣᠷᠣᠯᠴᠠᠭ᠍ᠣ ᠪᠣᠶᠣ ᠴᠢᠯᠦᠬᠡ᠎ᠪᠠᠨ ᠠᠰᠢᠭᠯᠠᠨ ᠨᠠᠶ᠋ᠢᠵᠠ ᠨᠦᠬᠦᠳ᠎ᠤᠨ ᠬᠤᠪᠢ᠎ᠠᠴᠠ ᠰᠡᠳᠬᠢᠯ ᠵᠶ᠋ᠠᠨ ᠰᠣᠯᠢᠯᠴᠠᠨ ᠶᠠᠷᠢᠯᠴᠠᠨ ᠵᠣᠭᠤᠭᠳᠠᠭ᠍ᠣ ᠵᠡᠷᠬᠡ᠎ᠪᠠᠷ ᠳᠡᠳᠡᠨ᠎ᠤ ᠳᠣᠳᠣᠭ᠋ᠠᠳᠣ ᠰᠡᠳᠬᠢᠯᠬᠡ ᠵᠢᠨ ᠪᠠᠶ᠋ᠢᠳᠠᠯ᠎ᠢ ᠣᠶ᠋ᠢᠯᠠᠭ᠋ᠠᠨ ᠰᠡᠳᠬᠢᠯ᠎ᠤᠨ ᠨᠠᠶ᠋ᠢᠵᠠ ᠪᠣᠯᠵᠣ᠂ ᠪᠣᠳᠣᠯ ᠰᠡᠳᠬᠢᠯ᠎ᠢ᠎ᠨᠢ ᠢᠯᠡᠬᠦᠬᠡᠨ ᠠᠩᠬᠠᠷᠣᠨ ᠣᠶ᠋ᠢᠯᠠᠭ᠋ᠠᠵᠣ᠂ ᠰᠣᠷᠣᠯᠭ᠎ᠠ ᠠᠮᠢᠳᠣᠷᠠᠯ᠎ᠳᠤ ᠬᠠᠨᠳᠣᠬᠤ ᠣᠪᠣᠷ ᠪᠠ ᠪᠡᠶ᠎ᠡ ᠰᠡᠳᠬᠢᠴᠨ ᠵᠢᠨ ᠪᠠᠶ᠋ᠢᠳᠠᠯ᠎ᠳᠤ᠎ᠨᠢ ᠳᠣᠬᠢᠷᠠᠭᠤᠯᠣᠨ ᠬᠡᠷᠬᠢᠨ ᠬᠠᠷᠠᠯᠳᠠ ᠵᠣᠷᠢᠯᠳᠠ ᠳᠣᠳᠣᠷᠬᠠᠢ ᠳᠣᠭᠳᠠᠭ᠋ᠠᠵᠣ᠂ ᠬᠠᠮᠢᠶᠠᠷᠴᠣ ᠬᠦᠮᠦᠵᠢᠬᠦᠯᠬᠦ ᠠᠷᠭ᠎ᠠ᠎ᠪᠠᠨ ᠳᠣᠬᠢᠷᠠᠭᠤᠯᠬᠤ ᠬᠡᠷᠡᠭᠳᠡᠢ᠃
      ᠠᠩᠬᠢ ᠵᠢᠨ ᠠ᠋ᠷᠬᠢᠯᠡᠭᠴᠢ ᠪᠣᠯᠣᠭᠰᠠᠳ ᠠ᠋ᠷᠬᠡᠪᠰᠢ ᠰᠣᠷᠣᠭᠴᠢ ᠵᠢᠨ ᠪᠡᠶ᠎ᠡ ᠰᠡᠳᠬᠢᠴᠠ ᠵᠢᠨ ᠬᠦᠭᠵᠢᠯᠳᠡ ᠵᠢᠨ ᠣᠨᠴᠠᠯᠢᠭ᠎ᠲᠠᠢ ᠣᠶᠠᠯᠳᠣᠭᠤᠯᠣᠨ ᠴᠠᠭ ᠢᠮᠠᠭᠳᠠ ᠠᠵᠢᠭᠯᠠᠨ ᠰᠣᠳᠣᠯᠵᠣ᠂ ᠰᠣᠷᠣᠭᠴᠢ ᠪᠦᠬᠦᠨ᠎ᠢ ᠬᠠᠶ᠋ᠢᠷᠠᠯᠠᠨ ᠬᠠᠯᠠᠮᠵᠢᠯᠠᠵᠣ᠂ ᠬᠠᠷᠢᠯᠴᠠᠨ ᠣᠶ᠋ᠢᠯᠠᠭ᠋ᠠᠯᠴᠠᠵᠣ᠂ ᠦᠪᠡᠷ᠎ᠤᠨ ᠦᠬᠡ ᠶᠠᠷᠢᠶ᠎ᠠ ᠦᠢ᠍ᠯᠡ ᠠᠵᠢᠯᠯᠠᠭ᠎ᠠ᠎ᠪᠠᠷ ᠵᠶ᠋ᠠᠨ ᠰᠣᠷᠣᠭᠴᠢ ᠵᠢ ᠨᠦᠯᠦᠬᠡᠯᠡᠵᠣ᠂ ᠰᠣᠷᠣᠭᠴᠢ ᠵᠢᠨ ᠠ᠋ᠬᠦᠳᠡᠨ᠎ᠠᠴᠠ ᠠᠰᠠᠭᠤᠳᠠᠯ᠎ᠢ ᠪᠣᠳᠣᠯᠬᠢᠯᠠᠵᠣ᠂ ᠠ᠋ᠶ᠎ᠡ ᠨᠠᠶ᠋ᠢᠷᠠᠮᠳᠠᠭᠤ ᠪᠠᠭᠰᠢ ᠰᠣᠷᠣᠭᠴᠢ ᠵᠢᠨ ᠬᠠᠷᠢᠴᠠᠭ᠎ᠠ ᠵᠢ ᠪᠠᠶ᠋ᠢᠭᠤᠯᠵᠣ᠂ ᠰᠣᠷᠭ᠋ᠠᠭᠤᠯᠢ᠂ ᠨᠡᠶ᠋ᠢᠬᠡᠮ ᠪᠠ ᠬᠡᠷ᠎ᠤᠨ ᠠᠬᠠᠮᠠᠳ᠎ᠲᠠᠢ ᠢᠯᠡᠬᠦᠦ ᠬᠠᠷᠢᠯᠴᠠᠵᠣ᠂ ᠨᠢᠭᠳᠠ ᠬᠠᠮᠵᠢᠯᠴᠠᠭ᠍ᠣ᠎ᠨᠢ ᠮᠠᠰᠢ ᠴᠢᠬᠤᠯᠠ ᠶᠣᠮ᠃ ᠠ᠋ᠳᠡᠭᠡᠷ ᠴᠢᠳᠠᠪᠣᠷᠢ ᠵᠢ ᠪᠦᠷᠢᠯᠳᠦᠬᠦᠯᠬᠦ᠎ᠳᠤ ᠨᠡᠶ᠋ᠢᠬᠡᠮ᠎ᠠᠴᠠ ᠰᠣᠷᠬᠤ᠂ ᠨᠣᠮ ᠪᠢᠴᠢᠭ᠎ᠠᠴᠠ ᠰᠣᠷᠬᠤ᠂ ᠦᠢ᠍ᠯᠡᠳᠦᠯᠬᠡ ᠳᠣᠷᠰᠢᠯᠭ᠎ᠠ᠎ᠪᠠᠨ ᠳ᠋ᠦᠩᠨᠡᠨ ᠰᠣᠷᠣᠯᠴᠠᠭ᠍ᠣ ᠭᠡᠷᠡᠭᠳᠠᠢ᠃
       ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠯᠢᠨᠳᠦ᠋ᠩ᠎ᠤᠨ ᠮᠣᠩᠭᠤᠯ
                             ᠦᠨᠳᠦᠰᠦᠳᠠᠨ᠎ᠤ ᠪᠠᠭ᠎ᠠ ᠰᠣᠷᠭ᠋ᠠᠭᠤᠯᠢ
                              (ᠠᠯᠳᠠᠨᠰᠦᠢ᠍ᠭᠡ ᠨᠠᠢ᠍ᠢ᠍ᠷᠠᠭᠤᠯᠪᠠ)


 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠲᠤᠬᠠᠢ ᠠ᠋ᠷᠬᠢᠴᠡᠬᠦᠯᠦᠯ
ᠠᠩᠭᠢ ᠵᠢᠨ ᠠ᠋ᠷᠬᠢᠯᠡᠭᠴᠢ ᠵᠢᠨ ᠠᠵᠢᠯ᠎ᠤᠨ ᠲᠣᠬᠠᠢ ᠮᠦᠴᠢᠳ ᠣᠶ᠋ᠢᠯᠠᠭ᠋ᠠᠯᠲᠠ
ᠠᠩᠭᠢ ᠵᠢᠨ ᠬᠠᠮᠢᠶᠠᠷᠤᠯᠲᠠ ᠵᠢᠨ ᠲᠤᠬᠠᠢ ᠦᠭᠦᠯᠡᠬᠦ᠎ᠨᠢ
ᠠᠩᠬᠢ ᠵᠢᠨ ᠠ᠋ᠷᠬᠢᠯᠡᠭᠴᠢ ᠬᠡᠷᠬᠢᠨ ᠰᠣᠷᠣᠭᠴᠢᠳ᠎ᠢ ᠤᠷᠮᠠᠰᠢᠭᠤᠯᠵᠤ ᠰᠤᠷᠤᠯᠴᠠᠭ᠍ᠤ ᠢᠳᠡᠪᠬᠢᠵᠢᠯ᠎ᠢ᠎ᠨᠢ ᠲᠠᠶ᠋ᠢᠴᠢᠯᠠᠭ᠍ᠤ ᠲᠣᠬᠠᠢ ᠦᠬᠦᠯᠡᠬᠦ᠎ᠨᠢ
ᠠᠩᠭᠢ ᠵᠢᠨ ᠺᠠᠳ᠋ᠷ᠎ᠢ ᠬᠡᠷᠬᠢᠨ ᠬᠥᠮᠥᠵᠢᠭᠦᠯᠬᠦ ᠲᠤᠬᠠᠢ ᠦᠬᠦᠯᠡᠬᠦ᠎ᠨᠢ
 
             蒙ICP备05000248号