ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠨᠣᠷ᠎ᠤᠨ ᠰᠠᠴᠣᠷᠠᠭ
ᠵᠦᠪ ᠰᠤᠷᠭ᠋ᠠᠨ ᠭᠦᠮᠦᠵᠢᠯ᠎ᠤᠨ ᠵᠠᠷᠴᠢᠮ᠎ᠢ ᠦᠭᠦᠯᠡᠭᠦ᠎ᠨᠢ
ᠨᠡᠶ᠋ᠢᠲᠡᠯᠡᠭᠰᠡᠨ ᠴᠠᠭ᠄ 2021-06-16


                              ᠠᠷᠢᠰᠲ᠋ᠤᠲᠸᠯ (ᠠ᠋ᠷᠳᠠᠨ᠎ᠤ ᠭ᠋ᠷᠧᠭ)


      ᠤᠨᠭ᠌ᠰᠢᠯᠭ᠎ᠠ ᠵᠢᠨ ᠰᠠᠨᠠᠭᠤᠯᠤᠮᠵᠢ᠄
      ᠠᠷᠢᠰᠲ᠋ᠤᠲᠸᠯ (ᠨᠠᠢ᠍ᠢ᠍ᠳᠠ ᠵᠢᠨ ᠤᠨ ᠲᠤᠭ᠋ᠠᠯᠠᠯ᠎ᠤᠨ ᠠ᠋ᠮᠦᠨᠡᠬᠢ 384 — 322) ᠠ᠋ᠷᠳᠠᠨ᠎ᠤ ᠭ᠋ᠷᠧᠭ᠎ᠤᠨ ᠭᠦᠨ ᠤᠬᠠᠭ᠋ᠠᠨᠳᠠᠨ᠂ ᠫᠯᠠᠲ᠋ᠤ᠋ ᠵᠢᠨ ᠰᠤᠷᠤᠭᠴᠢ᠂ ᠠᠯᠸᠺᠰᠠᠨᠳᠠᠷ ᠬᠠᠭ᠋ᠠᠨ᠎ᠤ ᠪᠠᠭᠰᠢ ᠪᠤᠯᠤᠨ᠎ᠠ᠃ ᠰᠤᠺᠷᠠᠲᠸᠰ ᠠ᠋ᠳᠠ ᠭᠤᠷᠪᠠᠭᠤᠯᠠ ᠵᠢ ᠦᠷᠤᠨᠠᠳᠡᠬᠢᠨ᠎ᠤ ᠭᠦᠨ ᠤᠬᠠᠭ᠋ᠠᠨ᠎ᠤ ᠰᠠᠭᠤᠷᠢᠯᠠᠭᠴᠢ ᠭᠡᠳᠡᠭ᠃ ᠠᠷᠢᠰᠲ᠋ᠤᠲᠸᠯ ᠪᠤᠯ ᠪᠦᠷ ᠲᠤᠯᠢ ᠠᠳᠠᠯᠢ ᠭᠦᠮᠦᠨ ᠶᠤᠮ᠃ ᠲᠡᠭᠦᠨ᠎ᠤ ᠦᠵᠡᠯ ᠰᠠᠨᠠᠭ᠎ᠠ᠎ᠨᠢ ᠲᠤᠮᠳᠠᠳᠤ ᠵᠠᠭᠤᠨ᠎ᠤ ᠠ᠋ᠷᠳᠠᠮ ᠰᠢᠨᠵᠢᠯᠡᠭᠡᠨ᠎ᠤ ᠦᠵᠠᠯ ᠰᠠᠨᠠᠭ᠎ᠠ ᠵᠢ ᠭᠦᠨ ᠭᠦᠨᠵᠡᠭᠡᠢ ᠨᠦᠯᠦᠭᠡᠯᠡᠵᠦ ᠤᠳᠬ᠎ᠠ ᠤᠷᠠᠯᠢᠬ᠎ᠤᠨ ᠰᠠᠷᠭᠦᠭᠡᠯᠳᠠ ᠵᠢᠨ ᠦᠶ᠎ᠠ ᠭᠦᠷᠳᠠᠯ᠎ᠠ ᠦᠷᠭᠦᠯᠵᠢᠯᠡᠵᠡᠢ᠃
      ᠠᠷᠢᠰᠲ᠋ᠤᠲᠸᠯ᠎ᠤᠨ ᠦᠵᠡᠭᠦ᠎ᠪᠠᠷ ᠰᠤᠷᠭ᠋ᠠᠨ ᠭᠦᠮᠦᠵᠢᠯ ᠵᠠᠢ᠍ᠢ᠍ᠯᠠᠰᠢ ᠦᠭᠡᠢ ᠭᠡᠤᠭᠡᠳ᠎ᠲᠤ 《ᠦᠨᠠᠨ ᠭᠦ᠌ ᠭᠡᠷᠡᠭᠳᠠᠢ ᠶᠠᠭᠤᠮ᠎ᠠ》 ᠵᠢ ᠵᠢᠭ᠋ᠠᠬᠤ ᠶᠤᠰᠤᠳᠠᠢ᠃ ᠭᠡᠪᠠᠴᠤ 《ᠠᠯᠢᠪᠠ ᠭᠡᠷᠡᠭᠳᠠᠢ ᠶᠠᠭᠤᠮ᠎ᠠ》 ᠵᠢ ᠵᠢᠭ᠋ᠠᠬᠤ ᠪᠢᠰᠢ᠃ ᠲᠠᠷᠠ ᠮᠦᠷᠳᠡᠭᠡᠨ ᠭᠡᠷᠡᠭᠳᠠᠢ ᠭᠡᠳᠡᠭ ᠶᠠᠭᠤᠮ᠎ᠠ᠎ᠨᠢ ᠨᠢᠳᠤᠨ ᠠ᠋ᠮᠦᠨᠡᠬᠢ ᠠᠰᠢᠬᠳᠠᠢ ᠵᠦᠢ᠍ᠯ ᠪᠢᠰᠢ ᠬᠠᠷᠢᠨ ᠠᠯᠤᠰ ᠢᠷᠡᠭᠡᠳᠤᠢ᠎ᠳᠤ ᠬᠠᠨᠳᠤᠭᠰᠠᠨ ᠪᠠᠢ᠍ᠢ᠍ᠬᠤ ᠭᠡᠷᠡᠭᠳᠠᠢ᠃ ᠢᠨᠭ᠌ᠬᠢᠪᠠᠯ ᠰᠠᠶᠢ ᠭᠡᠤᠭᠡᠳ᠎ᠢ ᠪᠤᠯᠬᠢ ᠪᠦᠳᠦᠭᠦᠯᠢᠭ ᠪᠤᠯᠭ᠋ᠠᠬᠤ ᠦᠭᠡᠢ ᠪᠤᠯᠭ᠋ᠠᠳᠠᠬ᠃ ᠵᠠᠯᠭ᠋ᠠᠭ᠋ᠠᠳ ᠲᠠᠷᠠ ᠪᠠᠰᠠ ᠲᠠᠭᠤᠤ ᠭᠦᠭᠵᠢᠮ᠎ᠤᠨ ᠦᠪᠠᠷᠮᠢᠴᠠ ᠴᠢᠳᠠᠪᠬᠢ ᠵᠢ ᠦᠭᠦᠯᠡᠵᠡᠢ᠃ ᠳᠠᠭᠤᠤ ᠭᠦᠭᠵᠢᠮ ᠰᠤᠷᠬᠤ᠎ᠨᠢ ᠵᠦᠪᠭᠡᠨ ᠪᠠᠶᠠᠷᠯᠠᠵᠤ ᠭᠦᠭᠡᠷᠭᠦ ᠵᠢᠨ ᠲᠦᠯᠦᠭᠡ ᠪᠢᠰᠢ ᠬᠠᠷᠢᠨ ᠰᠤᠯᠠ ᠰᠠᠯᠠᠭᠦᠦ ᠦᠶ᠎ᠠ᠎ᠳᠤ᠎ᠬᠢ ᠤᠶᠤᠨᠴᠢ ᠭᠦᠷᠳᠡᠭᠡᠯ ᠪᠤᠯᠤᠨ᠎ᠠ᠃ ᠲᠠᠭᠤᠤ ᠭᠦᠭᠵᠢᠮ ᠪᠤᠯ ᠠ᠋ᠷᠭᠡ ᠴᠢᠯᠦᠭᠡᠳᠤ ᠠᠷᠠᠳ᠎ᠤᠨ ᠰᠠᠯᠡᠭᠦᠴᠡᠭᠦ ᠨᠢᠭᠡ ᠵᠦᠢ᠍ᠯ᠎ᠤᠨ ᠭᠡᠯᠪᠠᠷᠢ ᠮᠦᠨ ᠭᠡᠵᠡᠢ᠃ ᠠ᠋ᠭᠦᠨ᠎ᠠᠴᠠ ᠠᠷᠢᠰᠲ᠋ᠤᠲᠸᠯ ᠨᠢᠭᠡ ᠯᠡ ᠰᠡᠳᠬᠢᠯ ᠵᠶ᠋ᠠᠷ ᠭᠡᠷᠡᠭᠳᠠᠢ ᠰᠤᠷᠭ᠋ᠠᠨ ᠭᠦᠮᠦᠵᠢᠯ᠎ᠢ ᠭᠦᠭᠡᠭᠡᠴᠡᠯᠳᠤᠭᠦ᠎ᠨᠢ ᠠ᠋ᠷᠬᠢᠮ ᠲᠡᠭᠡᠳᠤ ᠠ᠋ᠷᠭᠡ ᠴᠢᠯᠦᠭᠡᠳᠤ ᠤᠶᠤᠨ ᠰᠦᠨᠠᠰᠤ ᠵᠢ ᠪᠦᠷᠢᠯᠳᠤᠭᠦᠯᠵᠦ ᠴᠢᠳᠠᠬᠤ ᠦᠭᠡᠢ᠂ ᠬᠠᠷᠢᠨ ᠰᠠᠢ᠍ᠢ᠍ᠨ ᠰᠤᠷᠭ᠋ᠠᠨ ᠭᠦᠮᠦᠵᠢᠯ ᠪᠤᠯ 《ᠠ᠋ᠷᠭᠡ ᠴᠢᠯᠦᠭᠡᠳᠠᠢ᠂ ᠠ᠋ᠷᠬᠢᠮ ᠲᠡᠭᠡᠳᠤ ᠪᠠᠢ᠍ᠢ᠍ᠳᠠᠬ》 ᠭᠡᠵᠦ ᠳ᠋ᠦᠨᠭᠨᠡᠵᠡᠢ᠃
      ᠨᠢᠭᠡ᠂ ᠰᠤᠷᠭ᠋ᠠᠨ ᠭᠦᠮᠦᠵᠢᠯ ᠠ᠋ᠷᠭᠡᠪᠰᠢ ᠠ᠋ᠷᠭᠡ ᠴᠢᠯᠦᠭᠡᠳᠠᠢ ᠪᠠᠢ᠍ᠢ᠍ᠬᠤ ᠭᠡᠷᠡᠭᠳᠠᠢ
      ᠰᠤᠷᠭ᠋ᠠᠨ ᠭᠦᠮᠦᠵᠢᠯ ᠠ᠋ᠷᠭᠡᠪᠰᠢ ᠬᠠᠤᠯᠢ᠎ᠪᠠᠷ ᠲᠤᠭᠳᠠᠭ᠋ᠠᠭᠰᠠᠨ ᠮᠦᠷᠳᠡᠭᠡᠨ ᠤᠯᠤᠰ᠎ᠤᠨ ᠠᠵᠢᠯ ᠦᠢ᠍ᠯᠠᠰ ᠪᠠᠢ᠍ᠢ᠍ᠬᠤ ᠭᠡᠷᠡᠭᠳᠠᠢ ᠭᠡᠳᠡᠭ᠎ᠨᠢ ᠨᠢᠴᠤᠭ᠋ᠠᠭᠳᠠᠰᠢ ᠦᠭᠡᠢ ᠶᠤᠮ᠃ ᠭᠡᠳᠡᠯ᠎ᠠ ᠤᠯᠠᠨ ᠨᠠᠢ᠍ᠢ᠍ᠳᠠ ᠵᠢᠨ ᠭᠡᠤᠭᠡᠳ ᠪᠠᠭ᠋ᠠᠴᠤᠳ᠎ᠲᠤ ᠭᠡᠷᠬᠢᠨ ᠰᠤᠷᠭ᠋ᠠᠨ ᠭᠦᠮᠦᠵᠢᠯ ᠬᠢᠭᠦ ᠭᠡᠳᠡᠭ ᠪᠤᠯ ᠪᠤᠳᠤᠯᠬᠢᠯᠠᠭᠤᠰᠢᠳᠠᠢ ᠠᠰᠠᠭᠤᠳᠠᠯ ᠪᠤᠯᠤᠨ᠎ᠠ᠃ ᠭᠡᠷᠡᠭ ᠲᠡᠭᠡᠷ᠎ᠡ᠎ᠪᠠᠨ ᠬᠢᠴᠢᠶᠡᠯ ᠭᠦᠮᠦᠵᠢᠯ᠎ᠤᠨ ᠲᠠᠯ᠎ᠠ᠎ᠪᠠᠷ ᠯᠠᠪᠳᠠᠢ ᠵᠦᠷᠢᠴᠡᠯ ᠤᠷᠤᠰᠢᠬᠤ ᠶᠤᠮ᠃ ᠤᠴᠢᠷ᠎ᠨᠢ ᠭᠦᠮᠦᠰ ᠵᠢᠭ᠋ᠠᠬᠤ ᠶᠤᠰᠤᠳᠠᠢ ᠭᠡᠳᠡᠭ ᠵᠦᠢ᠍ᠯ᠎ᠳᠤ᠎ᠪᠠᠨ ᠲᠠᠭᠦᠨ᠎ᠤ ᠵᠤᠷᠢᠯᠭ᠎ᠠ᠎ᠨᠢ ᠶᠤᠰᠤ ᠰᠤᠷᠳᠠᠬᠤᠨ᠎ᠤ ᠦᠢ᠍ᠯᠠ ᠠᠵᠢᠯᠯᠠᠭ᠎ᠠ᠎ᠳᠤ ᠪᠠᠢ᠍ᠢ᠍ᠭ᠎ᠠ ᠪᠤᠶᠤ ᠠ᠋ᠰᠡᠭᠦᠯ᠎ᠡ ᠰᠠᠢ᠍ᠢ᠍ᠨ ᠰᠠᠢ᠍ᠢ᠍ᠬᠠᠨ ᠠᠮᠢᠳᠤᠷᠠᠯ᠎ᠳᠤ ᠪᠠᠢ᠍ᠢ᠍ᠭ᠎ᠠ ᠭᠡᠳᠡᠭ᠎ᠲᠤ ᠯᠠᠪᠳᠠᠢ ᠬᠠᠮᠳᠤ ᠵᠢᠨ ᠦᠵᠠᠯᠳᠠ ᠭᠡᠵᠦ ᠪᠠᠢ᠍ᠢ᠍ᠳᠠᠬ ᠦᠭᠡᠢ ᠶᠤᠮ᠃ ᠰᠤᠷᠭ᠋ᠠᠨ ᠭᠦᠮᠦᠵᠢᠯ᠎ᠤᠨ ᠢᠯᠠᠭᠦᠦ ᠠᠨᠭ᠌ᠬᠠᠷᠳᠠᠬ᠎ᠨᠢ ᠤᠶᠤᠨ᠎ᠤ ᠴᠢᠳᠠᠪᠤᠷᠢ ᠤᠤ᠂ ᠠ᠋ᠰᠡᠭᠦᠯ᠎ᠠ ᠶᠤᠰᠤ ᠰᠤᠷᠳᠠᠬᠤᠨ ᠵᠠᠩ ᠴᠢᠨᠠᠷ ᠤᠤ ᠭᠡᠳᠡᠭ᠎ᠨᠢ ᠴᠦ᠍ ᠲᠤᠳᠤᠷᠬᠠᠢ ᠦᠭᠡᠢ᠃ ᠤᠳᠤ ᠵᠢᠨ ᠪᠠᠢ᠍ᠢ᠍ᠳᠠᠯ ᠭᠦᠮᠦᠰ᠎ᠢ ᠶᠠᠭ᠋ᠠᠬᠢᠬᠤ ᠵᠢᠨ ᠠᠷᠭ᠎ᠠ ᠦᠭᠡᠢ ᠪᠤᠯᠭ᠋ᠠᠵᠤ ᠴᠤᠬᠤᠮ ᠶᠠᠮᠠᠷ ᠵᠠᠷᠴᠢᠮ᠎ᠢ ᠦᠨᠳᠤᠰᠤᠯᠠᠭᠦ ᠪᠤᠢ᠂ ᠪᠤᠯᠪᠠᠰᠤᠷᠠᠭᠤᠯᠬᠤ ᠵᠤᠷᠢᠯᠳᠠ᠎ᠨᠢ ᠠᠮᠢᠳᠤᠷᠠᠯ᠎ᠳᠤ ᠭᠡᠷᠡᠭᠳᠠᠢ ᠵᠦᠢ᠍ᠯ ᠤᠤ ᠶᠤᠰᠤ ᠰᠤᠷᠳᠠᠬᠤᠨ᠎ᠤ ᠠᠵᠢᠯᠯᠠᠭ᠋ᠠᠨ ᠤᠤ ᠠ᠋ᠰᠠᠭᠦᠯ᠎ᠠ ᠭᠦᠨ ᠲᠠᠭᠡᠳᠤ ᠮᠠᠳᠠᠯᠭᠡ ᠤᠤ ᠭᠡᠳᠡᠭ᠎ᠢ ᠭᠦᠮᠦᠰ ᠮᠠᠳᠠᠭᠦ ᠦᠭᠡᠢ ᠪᠤᠯᠵᠠᠢ᠃ ᠠ᠋ᠨᠡ ᠭᠤᠷᠪᠠᠨ ᠵᠦᠢ᠍ᠯ᠎ᠤᠨ ᠰᠠᠨᠠᠯ᠎ᠢ ᠭᠦᠮᠦᠰ ᠪᠦᠷ ᠭᠦᠯᠢᠶᠡᠨ ᠠᠪᠴᠤ ᠭᠡᠷᠡᠭᠯᠡᠵᠡᠢ᠃ ᠭᠡᠪᠡᠴᠤ ᠬᠤᠯᠪᠤᠭᠳᠠᠯ ᠪᠦᠭᠦᠢ ᠠᠷᠭ᠎ᠠ ᠪᠠᠷᠢᠯ᠎ᠤᠨ ᠲᠠᠯ᠎ᠠ᠎ᠪᠠᠷ ᠠᠳᠠᠯᠢ ᠦᠭᠡᠢ ᠪᠠᠢ᠍ᠢ᠍ᠵᠠᠢ᠃ ᠤᠴᠢᠷ᠎ᠨᠢ ᠠᠳᠠᠯᠢ ᠪᠤᠰᠤ ᠭᠦᠮᠦᠨ ᠠᠳᠠᠯᠢ ᠪᠤᠰᠤ ᠶᠤᠰᠤ ᠰᠤᠷᠳᠠᠬᠤᠨ᠎ᠤ ᠠᠵᠢᠯᠯᠠᠭ᠋ᠠᠨ᠎ᠤ ᠦᠵᠠᠯᠳᠠ᠎ᠠᠴᠠ ᠠ᠋ᠭᠦᠰᠦᠭᠰᠡᠨ ᠪᠤᠯᠬᠤᠷ ᠲᠡᠭᠦᠨ᠎ᠢ ᠦᠢ᠍ᠯᠠᠳᠤᠯᠭᠡᠵᠢᠭᠦᠯᠭᠦ ᠰᠠᠨᠠᠯ᠎ᠨᠢ ᠴᠦ᠍ ᠠᠳᠠᠯᠢ ᠪᠤᠰᠤ ᠪᠠᠢ᠍ᠢ᠍ᠳᠠᠬ᠃
      ᠭᠡᠤᠭᠡᠳ᠎ᠲᠤ ᠵᠢᠨᠭᠬᠢᠨᠢ ᠭᠡᠷᠡᠭᠴᠡᠭᠡᠳᠠᠢ ᠶᠠᠭᠤᠮ᠎ᠠ ᠵᠢ ᠵᠢᠭ᠋ᠠᠬᠤ ᠭᠡᠷᠡᠭᠳᠠᠢ ᠪᠤᠯᠪᠠᠴᠤ ᠭᠡᠷᠡᠭᠴᠡᠭᠡᠳᠠᠢ ᠶᠠᠭᠤᠮ᠎ᠠ ᠪᠦᠭᠦᠨ᠎ᠢ ᠵᠢᠭ᠋ᠠᠬᠤ ᠪᠢᠰᠢ ᠶᠤᠮ᠃ ᠤᠴᠢᠷ᠎ᠨᠢ ᠠᠵᠢᠯ ᠮᠠᠷᠭᠡᠵᠢᠯ᠎ᠳᠤ ᠠ᠋ᠷᠭᠡ ᠴᠢᠯᠦᠭᠡᠳᠠᠢ ᠪᠠ ᠭᠡᠯᠪᠠᠢ᠍ᠢ᠍ᠭᠦᠦ ᠢᠪᠴᠤᠤ ᠵᠢᠨ ᠢᠯᠭ᠋ᠠᠭ᠎ᠠ ᠪᠠᠢ᠍ᠢ᠍ᠳᠠᠬ᠃ ᠭᠡᠤᠭᠡᠳ᠎ᠲᠤ ᠲᠠᠳᠠᠨ᠎ᠤ ᠢᠷᠡᠭᠡᠳᠤᠢ᠎ᠳᠤ᠎ᠨᠢ ᠭᠡᠷᠡᠭᠳᠠᠢ ᠮᠠᠳᠠᠯᠭᠡ ᠵᠢ ᠵᠢᠭ᠋ᠠᠬᠤ ᠭᠡᠷᠡᠭᠳᠠᠢ᠂ ᠬᠠᠷᠢᠨ ᠲᠠᠳᠠᠨ᠎ᠢ ᠪᠤᠯᠬᠢᠴᠢᠯᠠᠵᠤ ᠪᠤᠯᠬᠤ ᠦᠭᠡᠢ᠃ ᠠᠯᠢᠪᠠ ᠠᠵᠢᠯ ᠮᠠᠷᠭᠡᠵᠢᠯ᠂ ᠤᠷᠠᠯᠢᠬ᠂ ᠰᠢᠨᠵᠢᠯᠠᠭᠦ ᠤᠬᠠᠭ᠋ᠠᠨ ᠵᠡᠷᠭᠡ ᠵᠢᠨ ᠴᠢᠯᠦᠭᠡᠳᠤ ᠠᠷᠠᠳ᠎ᠤᠨ ᠪᠠᠶ᠎ᠠ ᠮᠠᠬᠠᠪᠤᠳ᠂ ᠤᠶᠤᠨ ᠰᠦᠨᠠᠰᠤ᠂ ᠰᠡᠳᠬᠢᠴᠠ ᠵᠢ ᠦᠢ᠍ᠯᠠᠳᠤᠯᠭᠡ᠎ᠳᠤ ᠵᠤᠬᠢᠴᠠᠭᠤᠯᠬᠤ ᠦᠭᠡᠢ ᠪᠤᠶᠤ ᠲᠠᠳᠠᠨ᠎ᠤ ᠶᠤᠰᠤ ᠰᠤᠷᠳᠠᠬᠤᠨ᠎ᠤ ᠠᠵᠢᠯᠯᠠᠭ᠋ᠠᠨ᠎ᠳᠤ ᠭᠡᠷᠡᠭᠯᠡᠵᠦ ᠪᠤᠯᠬᠤ ᠦᠭᠡᠢ ᠵᠦᠢ᠍ᠯ ᠪᠤᠯ ᠳᠠᠷᠤᠢ ᠪᠤᠯᠬᠢ ᠵᠦᠢ᠍ᠯ ᠮᠦᠨ᠃ ᠠ᠋ᠢ᠍ᠢ᠍ᠮᠦ᠎ᠠᠴᠠ ᠪᠢᠳᠠ ᠭᠦᠮᠦᠨ᠎ᠤ ᠪᠡᠶ᠎ᠠ ᠮᠠᠬᠠᠪᠤᠳ᠎ᠢ ᠠ᠋ᠷᠡᠮᠳᠡᠭ ᠪᠤᠯᠭ᠋ᠠᠬᠤ ᠲᠠᠳᠡᠭᠡᠷ ᠤᠷᠠᠯᠢᠬ᠎ᠢ ᠪᠤᠯᠬᠢ ᠪᠦᠳᠦᠭᠦᠯᠢᠭ ᠭᠡᠳᠡᠭ ᠪᠦᠭᠡᠳ ᠵᠠᠷᠤᠴᠠᠭᠤᠯᠤᠭᠰᠠᠨ ᠪᠤᠢ ᠪᠦᠭᠦᠢ ᠠᠵᠢᠯ᠎ᠨᠢ ᠪᠦᠷ ᠰᠡᠳᠬᠢᠯ᠎ᠤᠨ ᠭᠦᠴᠦᠨ᠎ᠢ ᠬᠤᠷᠤᠭᠳᠠᠭᠤᠯᠤᠨ ᠪᠠᠭᠤᠷᠠᠭᠤᠯᠳᠠᠬ᠃ ᠵᠠᠷᠢᠮ ᠴᠢᠯᠦᠭᠡᠳᠤ ᠤᠷᠠᠯᠢᠬ᠎ᠨᠢ ᠴᠢᠯᠦᠭᠡᠳᠤ ᠠᠷᠠᠳ᠎ᠤᠨ ᠰᠤᠷᠤᠯᠴᠠᠯᠭ᠎ᠠ᠎ᠳᠤ ᠲᠤᠬᠢᠷᠠᠳᠠᠬ᠃ ᠭᠡᠪᠡᠴᠤ ᠬᠢᠵᠠᠭ᠋ᠠᠷᠳᠠᠢ ᠪᠠᠢ᠍ᠢ᠍ᠬᠤ ᠭᠡᠷᠡᠭᠳᠠᠢ᠃ ᠭᠡᠷᠪᠡ ᠤᠷᠠᠯᠢᠬ᠎ᠤᠨ ᠲᠠᠭᠦᠯᠳᠡᠷ ᠰᠠᠢ᠍ᠢ᠍ᠬᠠᠨ᠎ᠳᠤ ᠭᠦᠷᠭᠦ ᠵᠢᠨ ᠲᠦᠯᠦᠭᠡ ᠭᠡᠳᠤᠷᠭᠡᠢ ᠭᠦᠴᠦᠯᠡᠪᠡᠯ ᠮᠦᠨ ᠠᠳᠠᠯᠢᠬᠠᠨ ᠨᠠᠵᠠᠭ᠋ᠠᠢ ᠦᠷ᠎ᠠ ᠳ᠋ᠦᠩ᠎ᠢ ᠤᠯᠬᠤ ᠪᠤᠯᠤᠨ᠎ᠠ᠃ ᠠ᠋ᠨᠡ᠎ᠨᠢ ᠨᠢᠭᠡ ᠭᠦᠮᠦᠨ᠎ᠤ ᠪᠠᠷᠢᠮᠳᠠᠯᠠᠵᠤ ᠪᠠᠢ᠍ᠢ᠍ᠭ᠎ᠠ ᠵᠤᠷᠢᠯᠳᠠ᠎ᠲᠠᠢ᠎ᠨᠢ ᠬᠠᠷᠢᠴᠠᠭ᠎ᠠ᠎ᠲᠠᠢ ᠪᠠᠢ᠍ᠢ᠍ᠳᠠᠬ᠃ ᠵᠢᠱ᠌ᠢᠶᠡᠯᠡᠪᠡᠯ᠂ ᠲᠠᠷᠠ ᠶᠠᠮᠠᠷ ᠨᠢᠭᠡᠨ ᠭᠡᠷᠡᠭ ᠶᠠᠪᠤᠳᠠᠯ᠎ᠢ ᠬᠢᠭᠦ ᠪᠤᠶᠤ ᠰᠤᠷᠤᠯᠴᠠᠵᠤ ᠦᠪᠠᠷ᠎ᠤᠨ ᠪᠠᠶ᠎ᠠ ᠪᠤᠶᠤ ᠨᠠᠢ᠍ᠢ᠍ᠵᠠ ᠨᠦᠭᠦᠳ ᠠ᠋ᠰᠠᠭᠦᠯ᠎ᠠ ᠭᠡᠷᠡᠭ ᠪᠤᠳᠠᠰ᠎ᠤᠨ ᠲᠤᠰ ᠪᠠᠶ᠎ᠠ ᠵᠢ᠎ᠨᠢ ᠲᠠᠭᠦᠯᠳᠡᠷ ᠰᠠᠢ᠍ᠢ᠍ᠬᠠᠨ ᠪᠤᠯᠭ᠋ᠠᠶ᠎ᠠ ᠭᠡᠵᠦ ᠪᠠᠢ᠍ᠢ᠍ᠬᠤ᠎ᠳᠤ ᠭᠦᠷᠪᠡᠯ ᠲᠡᠭᠦᠨ᠎ᠤ ᠠᠵᠢᠯᠯᠠᠭ᠎ᠠ᠎ᠨᠢ ᠶᠠᠷᠢᠶᠠᠨ ᠦᠭᠡᠢ ᠢᠪᠴᠤᠤ ᠭᠡᠯᠪᠡᠢ᠍ᠢ᠍ᠭᠦᠦ ᠪᠢᠰᠢ ᠶᠤᠮ᠃ ᠭᠡᠪᠡᠴᠤ ᠪᠤᠰᠤᠳ ᠭᠦᠮᠦᠨ᠎ᠤ ᠲᠦᠯᠦᠭᠡ ᠠᠵᠢᠯᠯᠠᠵᠤ ᠪᠠᠢ᠍ᠢ᠍ᠪᠠᠯ ᠠᠳᠠᠯᠢᠬᠠᠨ ᠠᠵᠢᠯᠯᠠᠭ᠎ᠠ ᠪᠤᠯᠪᠠᠴᠤ ᠪᠤᠰᠤᠳ᠎ᠲᠤ ᠤᠯᠢᠬ ᠦᠭᠡᠢ ᠪᠤᠭᠤᠯᠴᠢ ᠭᠡᠵᠦ ᠦᠵᠡᠭᠳᠡᠨ᠎ᠡ᠃ ᠪᠢ ᠨᠢᠭᠡᠨᠳᠠ ᠪᠤᠢ ᠪᠦᠭᠦᠢ ᠵᠢᠭ᠋ᠠᠨ ᠰᠤᠷᠭ᠋ᠠᠬᠤ ᠬᠢᠴᠢᠶᠡᠯ ᠲᠦᠷᠤᠯ᠎ᠤᠨ ᠰᠢᠨᠵᠢ ᠴᠢᠨᠠᠷ᠎ᠤᠨ ᠨᠢᠭᠡ ᠭᠡᠰᠡᠭ᠎ᠨᠢ ᠴᠢᠯᠦᠭᠡᠳᠠᠢ᠂ ᠨᠢᠭᠡ ᠭᠡᠰᠡᠭ᠎ᠨᠢ ᠢᠪᠴᠤᠤ ᠭᠡᠯᠪᠡᠢ᠍ᠢ᠍ᠭᠦᠦ ᠭᠡᠵᠦ ᠭᠡᠯᠡᠵᠦ ᠦᠨᠭᠭᠡᠷᠡᠭᠰᠡᠨ ᠪᠢᠯᠡ᠃
      ᠬᠤᠶᠠᠷ᠂ ᠠ᠋ᠩ᠎ᠤᠨ ᠰᠤᠶᠤᠯ᠎ᠤᠨ ᠰᠤᠷᠭ᠋ᠠᠨ ᠭᠦᠮᠦᠵᠢᠯ᠎ᠢ ᠭᠡᠷᠡᠭᠵᠢᠭᠦᠯᠭᠦ ᠭᠡᠷᠡᠭᠳᠠᠢ
      ᠰᠤᠷᠭ᠋ᠠᠨ ᠭᠦᠮᠦᠵᠢᠯ᠎ᠤᠨ ᠶᠠᠷᠤᠳᠠ ᠵᠢᠨ ᠬᠢᠴᠢᠶᠡᠯ ᠲᠦᠷᠤᠯ᠎ᠢ ᠲᠦᠷᠪᠡᠨ ᠵᠦᠢ᠍ᠯ᠎ᠳᠤ ᠬᠤᠪᠢᠶᠠᠳᠠᠬ᠄ ᠨᠢᠭᠡ᠂ ᠤᠨᠭ᠌ᠰᠢᠯᠭ᠎ᠠ ᠪᠢᠴᠢᠯᠭᠡ; ᠬᠤᠶᠠᠷ᠂ ᠪᠠᠬ᠎ᠠ ᠵᠢᠨ ᠲᠠᠮᠢᠷ᠎ᠤᠨ ᠪᠤᠯᠪᠠᠰᠤᠷᠠᠯ; ᠭᠤᠷᠪᠠ᠂ ᠲᠠᠭᠤᠤ ᠭᠦᠭᠵᠢᠮ; ᠲᠦᠷᠪᠡ᠂ ᠵᠢᠷᠤᠭ ᠵᠢᠷᠤᠬᠤ ᠪᠤᠯᠤᠨ᠎ᠠ᠃ ᠠ᠋ᠨᠡ ᠭᠡᠳᠤᠨ ᠬᠢᠴᠢᠶᠡᠯ ᠲᠤᠳᠤᠷ᠎ᠠ ᠤᠨᠭ᠌ᠰᠢᠯᠭ᠎ᠠ ᠪᠢᠴᠢᠯᠭᠡ ᠪᠠ ᠵᠢᠷᠤᠭ ᠵᠢᠷᠤᠬᠤ ᠪᠤᠯ ᠡᠯ᠎ᠠ ᠵᠦᠢ᠍ᠯ᠎ᠤᠨ ᠠᠮᠢᠳᠤᠷᠠᠯ᠎ᠳᠤ ᠭᠡᠷᠡᠭᠯᠡᠭᠦ ᠤᠯᠠᠨ ᠭᠡᠷᠡᠭᠴᠡᠭᠡᠳᠤ ᠬᠢᠴᠢᠶᠠᠯ ᠶᠤᠮ᠃ ᠪᠠᠶ᠎ᠠ ᠵᠢᠨ ᠲᠠᠮᠢᠷ᠎ᠤᠨ ᠪᠤᠯᠪᠠᠰᠤᠷᠠᠯ ᠪᠤᠯ ᠠ᠋ᠷᠴᠢ ᠭᠦᠴᠦᠨ᠎ᠢ ᠭᠦᠭᠵᠢᠭᠡᠭᠦ ᠬᠢᠴᠢᠶᠡᠯ ᠶᠤᠮ᠃ ᠬᠠᠷᠢᠨ ᠳᠠᠭᠤᠤ ᠭᠦᠭᠵᠢᠮ ᠪᠤᠯ ᠰᠡᠵᠢᠭᠯᠡᠯ᠎ᠢ ᠠ᠋ᠭᠦᠰᠭᠡᠳᠡᠭ᠃ ᠤᠯᠠᠨᠭ᠌ᠬᠢ ᠭᠦᠮᠦᠰ ᠲᠠᠭᠤᠤ ᠭᠦᠭᠵᠢᠮ ᠰᠤᠷᠬᠤ ᠵᠢ ᠵᠤᠭ᠎ᠠ ᠴᠡᠨᠭᠭᠡᠯ ᠭᠡᠵᠦ ᠦᠵᠠᠳᠡᠭ᠃ ᠭᠡᠪᠡᠴᠤ ᠠ᠋ᠬᠢᠯᠡᠨᠭᠭᠦᠳᠠ ᠲᠡᠭᠦᠨ᠎ᠢ ᠰᠤᠷᠭ᠋ᠠᠨ ᠭᠦᠮᠦᠵᠢᠯ᠎ᠤᠨ ᠲᠤᠳᠤᠷ᠎ᠠ ᠪᠠᠭᠳᠠᠭ᠋ᠠᠭᠰᠠᠨ᠎ᠤ ᠰᠢᠯᠳᠠᠭ᠋ᠠᠨ ᠪᠤᠯ ᠪᠠᠢ᠍ᠢ᠍ᠭ᠋ᠠᠯᠢ ᠵᠢᠨ ᠲᠤᠰ ᠪᠡᠶ᠎ᠠ᠎ᠨᠢ ᠪᠢᠳᠠᠨ᠎ᠢ ᠠᠵᠢᠯ ᠵᠶ᠋ᠠᠨ ᠰᠠᠢ᠍ᠢ᠍ᠨ ᠬᠢᠭᠦ᠎ᠪᠠᠷ ᠪᠠᠷᠠᠬᠤ ᠦᠭᠡᠢ ᠪᠠᠰᠠ ᠰᠤᠯᠠ ᠰᠠᠯᠠᠭᠦᠦ ᠴᠠᠭ ᠵᠶ᠋ᠠᠨ ᠴᠢᠳᠠᠮᠠᠭ᠋ᠠᠢ ᠠᠰᠢᠭᠯᠠᠬᠤ ᠵᠢ ᠱᠠᠭ᠋ᠠᠷᠳᠠᠵᠤ ᠪᠠᠢ᠍ᠢ᠍ᠭ᠎ᠠ ᠶᠤᠮ᠃ ᠤᠴᠢᠷ᠎ᠨᠢ ᠪᠢᠳᠠᠨ᠎ᠤ ᠠᠯᠢᠪᠠ ᠠᠵᠢᠯᠯᠠᠭ᠋ᠠᠨ᠎ᠤ ᠨᠢᠭᠡᠳᠤᠭᠡᠷ ᠵᠠᠷᠴᠢᠮ ᠪᠤᠯ ᠰᠤᠯᠠ ᠰᠠᠯᠠᠭᠦᠭᠡᠨ ᠪᠠᠢ᠍ᠢ᠍ᠬᠤ ᠶᠠᠪᠤᠳᠠᠯ ᠶᠤᠮ᠃ ᠠᠵᠢᠯ ᠬᠢᠭᠡᠳ ᠰᠤᠯᠠ ᠰᠠᠯᠠᠭᠦᠦ ᠴᠦᠮ ᠱᠠᠭ᠋ᠠᠷᠳᠠᠭᠳᠠᠨ᠎ᠠ᠂ ᠭᠡᠪᠡᠴᠤ ᠰᠤᠯᠠ ᠰᠠᠯᠠᠭᠦᠦ᠎ᠨᠢ ᠠᠵᠢᠯ᠎ᠠᠴᠠ ᠲᠠᠪᠠᠭᠤ ᠪᠠᠢ᠍ᠢ᠍ᠳᠠᠬ ᠮᠦᠷᠳᠡᠭᠡᠨ ᠲᠠᠷᠠ ᠪᠤᠯ ᠠᠵᠢᠯᠯᠠᠬᠤ ᠵᠢᠨ ᠵᠤᠷᠢᠯᠳᠠ ᠪᠤᠯᠳᠠᠬ ᠶᠤᠮ᠃ ᠢᠨᠭᠬᠢᠭᠰᠡᠨ᠎ᠠᠴᠠ ᠰᠤᠯᠠ ᠰᠠᠯᠠᠭᠦᠦ ᠴᠠᠭ᠎ᠲᠤ᠎ᠪᠠᠨ ᠪᠢᠳᠠ ᠴᠤᠬᠤᠮ ᠶᠠᠭᠤ ᠬᠢᠭᠦ ᠪᠤᠢ ᠭᠡᠰᠡᠨ ᠠᠰᠠᠭᠤᠳᠠᠯ ᠠ᠋ᠭᠦᠰᠦᠭᠰᠡᠨ ᠶᠤᠮ᠃ ᠭᠡᠯᠡᠯᠭᠡᠨ ᠦᠭᠡᠢ ᠪᠢᠳᠠ ᠵᠦᠪᠭᠡᠨ ᠦᠪᠠᠷ ᠵᠶ᠋ᠠᠨ ᠪᠠᠶᠠᠷᠯᠠᠵᠤ ᠴᠡᠨᠭᠬᠡᠭᠡᠳ ᠪᠤᠯᠬᠤ ᠦᠭᠡᠢ᠂ ᠤᠴᠢᠷ᠎ᠨᠢ ᠭᠡᠷᠪᠡ ᠲᠠᠭᠡᠵᠦ ᠴᠡᠨᠭᠭᠡᠭᠦ᠎ᠳᠤ ᠭᠦᠷᠪᠡᠯ ᠲᠠᠷᠠ᠎ᠨᠢ ᠠᠮᠢᠳᠤᠷᠠᠬᠤᠢ ᠵᠢᠨ ᠬᠠᠷᠠᠯᠳᠠ ᠪᠤᠯᠴᠢᠬᠠᠨ᠎ᠠ᠃ ᠭᠡᠷᠪᠡ ᠵᠤᠭ᠎ᠠ ᠴᠠᠨᠭ᠌ᠭᠡᠯ᠎ᠢ ᠨᠠᠷᠢᠨ ᠬᠢᠨᠠᠮᠠᠭ᠋ᠠᠢ ᠠᠵᠢᠯ᠎ᠤᠨ ᠲᠤᠮᠳᠠ ᠪᠤᠰᠤᠳ ᠴᠠᠭ ᠦᠶ᠎ᠠ᠎ᠠᠴᠠ ᠨᠡᠩ ᠴᠢᠬᠤᠯᠠ ᠭᠡᠵᠦ ᠦᠵᠠᠭᠦ᠎ᠳᠤ ᠭᠦᠷᠪᠡᠯ (ᠤᠴᠢᠷ᠎ᠨᠢ ᠬᠠᠳᠠᠭᠤᠵᠢᠯᠳᠠᠢ ᠠᠵᠢᠯᠯᠠᠳᠠᠬ ᠭᠦᠮᠦᠰ ᠪᠦᠷ ᠲᠠᠢ᠍ᠢ᠍ᠪᠤᠰᠢᠷᠠᠵᠤ ᠠᠮᠠᠷᠠᠬᠤ ᠵᠢ ᠭᠦᠰᠡᠳᠡᠭ᠂ ᠠᠵᠢᠯ᠎ᠨᠢ ᠭᠡᠵᠢᠶᠠᠳᠠ ᠴᠢᠷᠮᠠᠢ᠍ᠢ᠍ᠯᠭ᠎ᠠ ᠪᠠᠢ᠍ᠢ᠍ᠳᠠᠬ᠂ ᠭᠠᠭᠴᠠ ᠭᠦ᠌ ᠪᠠᠶᠠᠷ ᠴᠡᠨᠭᠭᠡᠯ᠎ᠨᠢ ᠰᠠᠶᠢ ᠲᠡᠭᠦᠨ᠎ᠢ ᠠᠮᠠᠷᠠᠵᠤ ᠲᠠᠢ᠍ᠢ᠍ᠪᠤᠰᠢᠷᠠᠭᠤᠯᠳᠠᠬ) ᠪᠢᠳᠠ ᠠ᠋ᠷᠭᠡᠪᠰᠢ ᠲᠤᠬᠢᠷᠠᠮᠵᠢᠳᠠᠢ ᠴᠠᠭ ᠦᠶ᠎ᠠ᠎ᠳᠤ ᠵᠤᠭ᠎ᠠ ᠴᠡᠨᠭᠭᠡᠯ ᠬᠢᠭᠦ ᠮᠦᠷᠳᠡᠭᠡᠨ ᠲᠠᠭᠦᠨ᠎ᠢ ᠡᠮ ᠲᠤᠮ ᠵᠶ᠋ᠠᠷ ᠦᠵᠠᠭᠦ ᠭᠡᠷᠡᠭᠳᠠᠢ᠃ ᠤᠴᠢᠷ᠎ᠨᠢ ᠲᠠᠷᠠ ᠪᠤᠯ ᠤᠶᠤᠨ ᠰᠠᠨᠠᠭ᠋ᠠᠨ ᠳᠡᠭᠡᠷ᠎ᠠ ᠰᠤᠯᠠ ᠲᠠᠢ᠍ᠢ᠍ᠪᠤᠭᠤ ᠰᠡᠳᠬᠢᠯᠭᠡ ᠵᠢ ᠠ᠋ᠭᠦᠰᠭᠡᠵᠦ ᠪᠢᠳᠠᠨ᠎ᠢ ᠠ᠋ᠢ᠍ᠢ᠍ᠮᠦᠷᠭᠦᠦ ᠪᠠᠶᠠᠷ ᠵᠢᠷᠭ᠋ᠠᠯ᠎ᠤᠨ ᠲᠤᠮᠳᠠ ᠠᠮᠠᠷᠠᠭᠤᠯᠵᠤ ᠴᠢᠳᠠᠳᠠᠬ᠃ ᠭᠡᠪᠡᠴᠤ ᠠ᠋ᠨᠡ ᠭᠦ᠌ ᠰᠤᠯᠠ ᠰᠠᠯᠠᠭᠦᠦ ᠵᠢᠨ ᠲᠤᠰ ᠪᠡᠶ᠎ᠡ ᠵᠢᠨ ᠤᠯᠭᠤᠭᠰᠠᠨ ᠪᠠᠶᠠᠷ ᠪᠠᠶᠠᠰᠬᠤᠯᠠᠩ᠂ ᠵᠤᠯ ᠵᠢᠷᠭ᠋ᠠᠯ ᠬᠢᠭᠡᠳ ᠠᠮᠢᠳᠤᠷᠠᠯ᠎ᠢ ᠠ᠋ᠳ᠋ᠯᠡᠳᠡᠭ᠎ᠨᠢ ᠵᠠᠪ ᠴᠢᠯᠦᠭᠡᠳᠠᠢ ᠭᠦᠮᠦᠰ ᠪᠤᠯᠬᠤ᠎ᠠᠴᠠ ᠪᠢᠰᠢ ᠶᠠᠭ᠋ᠠᠷᠠᠯᠳᠠᠢ ᠭᠦᠮᠦᠰ ᠪᠢᠰᠢ ᠶᠤᠮ᠃ ᠤᠴᠢᠷ᠎ᠨᠢ ᠠᠵᠢᠯ ᠬᠢᠵᠤ ᠪᠠᠢ᠍ᠢ᠍ᠭ᠎ᠠ ᠭᠦᠮᠦᠨ᠎ᠤ ᠰᠡᠳᠬᠢᠯ᠎ᠳᠤ ᠭᠡᠵᠢᠶᠠᠳᠠ ᠵᠤᠷᠢᠯᠭ᠎ᠠ᠎ᠳᠤ᠎ᠪᠠᠨ ᠭᠦᠷᠦᠭᠡ ᠦᠭᠡᠢ ᠬᠠᠷᠠᠯᠳᠠ ᠪᠠᠢ᠍ᠢ᠍ᠳᠠᠬ᠃ ᠲᠠᠷᠠ ᠬᠠᠷᠠᠯᠳᠠ ᠪᠤᠯ ᠲᠠᠷᠤᠢ ᠵᠤᠯ ᠵᠢᠷᠭ᠋ᠠᠯ ᠮᠦᠨ᠃ ᠪᠤᠢ ᠪᠦᠭᠦᠢ ᠭᠦᠮᠦᠨ ᠵᠤᠯ ᠵᠢᠷᠭ᠋ᠠᠯ᠎ᠢ ᠠᠪᠴᠢᠷᠠᠭᠰᠠᠨ ᠵᠦᠢ᠍ᠯ ᠪᠤᠯ ᠳᠠᠷᠤᠢ ᠪᠠᠶᠠᠷ ᠪᠠᠶᠠᠰᠬᠤᠯᠠᠩ ᠭᠡᠵᠦ ᠦᠵᠠᠳᠡᠭ᠃ ᠭᠡᠪᠡᠴᠤ ᠪᠤᠳᠠᠭ᠋ᠠᠯᠢ ᠪᠠᠶ᠎ᠠ ᠵᠢᠨ ᠪᠠᠶᠠᠷ ᠪᠠᠶᠠᠰᠬᠤᠯᠠᠩ᠎ᠤᠨ ᠲᠤᠬᠠᠢ ᠦᠵᠠᠯᠳᠠ ᠠᠳᠠᠯᠢ ᠦᠭᠡᠢ ᠪᠠᠢ᠍ᠢ᠍ᠵᠤ᠂ ᠬᠤᠪᠢ ᠭᠦᠮᠦᠨ᠎ᠤ ᠵᠠᠩ ᠴᠢᠨᠠᠷ᠎ᠢ ᠲᠠᠭ᠋ᠠᠯᠳᠤᠨ ᠵᠦᠷᠢᠶ᠎ᠠ ᠭᠠᠷᠳᠠᠬ᠃ ᠠ᠋ᠷᠬᠢᠮ ᠲᠡᠭᠡᠳᠤ ᠭᠦᠮᠦᠨ᠎ᠤ ᠪᠠᠶᠠᠷ ᠪᠠᠶᠠᠰᠬᠤᠯᠠᠩ᠎ᠤᠨ ᠠ᠋ᠬᠢ ᠰᠤᠷᠪᠤᠯᠵᠢ ᠪᠤᠯ ᠠ᠋ᠷᠬᠢᠮ ᠨᠠᠨᠳᠢᠨ ᠪᠠᠢ᠍ᠢ᠍ᠳᠠᠬ᠃ ᠵᠠᠷᠢᠮ ᠲᠦᠷᠦᠯ᠎ᠤᠨ ᠠ᠋ᠷᠳᠠᠮ ᠮᠠᠳᠠᠯᠭᠡ ᠪᠠ ᠪᠤᠯᠪᠠᠰᠤᠷᠠᠯ᠎ᠢ ᠪᠢᠳᠠ ᠵᠠᠢ᠍ᠢ᠍ᠯᠠᠰᠢ ᠦᠭᠡᠢ ᠰᠤᠯᠠ ᠰᠠᠯᠠᠭᠦᠦ ᠵᠢ ᠠᠰᠢᠭᠯᠠᠬᠤ ᠵᠤᠷᠢᠯᠭ᠎ᠠ᠎ᠪᠠᠷ ᠰᠤᠳᠤᠯᠳᠠᠬ᠎ᠨᠢ ᠮᠠᠰᠢ ᠲᠤᠳᠤᠷᠬᠠᠢ ᠪᠢᠯᠠ᠃ ᠠ᠋ᠳᠡᠭᠡᠷ ᠬᠢᠴᠢᠶᠡᠯ ᠲᠦᠷᠦᠯ᠎ᠤᠨ ᠦᠷᠳᠡᠭ᠎ᠨᠢ ᠲᠡᠭᠦᠨ᠎ᠤ ᠲᠤᠰ ᠪᠡᠶ᠎ᠠ᠎ᠳᠤ᠎ᠨᠢ ᠪᠠᠢ᠍ᠢ᠍ᠳᠠᠬ᠃ ᠠᠵᠢᠯ ᠶᠠᠪᠤᠳᠠᠯ᠎ᠳᠤ ᠭᠡᠷᠡᠭᠳᠠᠢ ᠲᠠᠳᠡᠭᠡᠷ ᠮᠠᠳᠠᠯᠭᠡ ᠵᠢ ᠴᠢᠬᠤᠯᠠᠳᠠᠢ ᠭᠡᠵᠦ ᠦᠵᠡᠭᠦ ᠪᠤᠯᠪᠠᠴᠤ ᠲᠠᠷᠠ᠎ᠨᠢ ᠪᠤᠰᠤᠳ ᠭᠡᠷᠡᠭ ᠪᠤᠳᠠᠰ᠎ᠲᠤ ᠬᠤᠯᠪᠤᠭᠳᠠᠬᠤ᠎ᠠᠴᠠ ᠪᠤᠯᠵᠤ ᠤᠷᠤᠰᠢᠵᠤ ᠪᠠᠢ᠍ᠢ᠍ᠳᠠᠬ᠃ ᠠ᠋ᠢ᠍ᠢ᠍ᠮᠦ᠎ᠠᠴᠠ ᠮᠠᠨ᠎ᠤ ᠡᠪᠦᠭᠡ ᠲᠠᠭᠡᠳᠤᠰ ᠲᠠᠭᠤᠤ ᠭᠦᠭᠵᠢᠮ᠎ᠢ ᠰᠤᠷᠭ᠋ᠠᠨ ᠭᠦᠮᠦᠵᠢᠯ᠎ᠳᠤ ᠤᠷᠤᠭᠤᠯᠤᠭᠰᠠᠨ᠎ᠨᠢ ᠴᠢᠬᠤᠯᠠᠳᠠᠢ ᠪᠤᠶᠤ ᠠᠰᠢᠭᠳᠠᠢ ᠵᠢᠨ ᠲᠦᠯᠦᠭᠡ ᠪᠢᠰᠢ ᠶᠤᠮ᠃ ᠤᠴᠢᠷ᠎ᠨᠢ ᠲᠠᠷᠠ ᠪᠤᠯ ᠤᠨᠭ᠌ᠰᠢᠯᠭ᠎ᠠ ᠪᠠ ᠪᠢᠴᠢᠯᠭᠡ ᠰᠢᠭ ᠠᠮᠢᠳᠤᠷᠠᠬᠤ᠎ᠳᠤ ᠭᠡᠷᠡᠭᠳᠠᠢ ᠪᠢᠰᠢ᠂ ᠭᠡᠷ ᠪᠦᠯᠢ ᠵᠢᠨ ᠭᠡᠷᠡᠭ ᠶᠠᠪᠤᠳᠠᠯ᠎ᠢ ᠰᠢᠢ᠍ᠳᠪᠤᠷᠢᠯᠡᠭᠦ᠎ᠳᠤ ᠭᠡᠷᠡᠭᠳᠠᠢ ᠪᠢᠰᠢ᠂ ᠮᠠᠳᠠᠯᠭᠡ ᠵᠢ ᠨᠡᠮᠡᠭᠳᠠᠭᠦᠯᠭᠦ ᠪᠠ ᠤᠯᠤᠰ ᠲᠦᠷᠦ ᠵᠢᠨ ᠠᠮᠢᠳᠤᠷᠠᠯ᠎ᠳᠤ ᠭᠡᠷᠡᠭᠳᠠᠢ ᠪᠢᠰᠢ᠃ ᠮᠦᠨ ᠴᠦ᠍ ᠵᠢᠷᠤᠭ ᠰᠤᠷᠬᠤ ᠠᠳᠠᠯᠢ ᠤᠷᠠᠯᠢᠬ᠍ᠴᠢᠨ᠎ᠤ ᠪᠦᠳᠦᠭᠡᠯ᠎ᠳᠤ ᠤᠨᠤᠪᠴᠢᠳᠠᠢ ᠦᠨᠠᠯᠠᠯᠳᠠ ᠦᠭᠭᠦ᠎ᠳᠤ ᠭᠡᠷᠡᠭᠳᠠᠢ ᠪᠢᠰᠢ᠂ ᠪᠠᠶ᠎ᠠ ᠵᠢᠨ ᠲᠠᠮᠢᠷ ᠠᠳᠠᠯᠢ ᠭᠦᠮᠦᠨ᠎ᠢ ᠠ᠋ᠷᠡᠭᠦᠯ ᠴᠢᠬᠢᠷᠠᠬ᠂ ᠭᠦᠴᠦᠨ ᠲᠡᠨᠭᠭᠡᠭᠡ᠎ᠲᠠᠢ ᠪᠤᠯᠭ᠋ᠠᠵᠤ ᠴᠢᠳᠠᠬᠤ ᠦᠭᠡᠢ᠃ ᠲᠠᠭᠡᠷᠡᠬᠢ ᠴᠢᠳᠠᠪᠤᠷᠢ ᠵᠢᠨ ᠨᠢᠭᠡ ᠵᠦᠢ᠍ᠯ᠎ᠢ ᠴᠦ᠍ ᠲᠠᠭᠤᠤ ᠭᠦᠭᠵᠢᠮ᠎ᠠᠴᠠ ᠤᠯᠵᠤ ᠴᠢᠳᠠᠬᠤ ᠦᠭᠡᠢ ᠶᠤᠮ᠃ ᠲᠡᠭᠡᠪᠡᠯ ᠳᠠᠭᠤᠤ ᠭᠦᠭᠵᠢᠮ᠎ᠤᠨ ᠦᠯᠠᠳᠡᠭᠰᠡᠨ ᠦᠢ᠍ᠯᠠᠳᠤᠯ᠎ᠨᠢ ᠶᠠᠭᠤ ᠪᠤᠢ? ᠭᠡᠪᠡᠯ ᠳᠠᠷᠤᠢ ᠰᠤᠯᠠ ᠰᠠᠯᠠᠭᠦᠦ ᠴᠠᠭ᠎ᠲᠤ ᠤᠶᠤᠨᠴᠢ ᠭᠦᠷᠳᠡᠭᠡᠯ᠎ᠢ ᠬᠠᠨᠭ᠌ᠭ᠋ᠠᠬᠤ ᠯᠠ ᠲᠠᠳᠤᠢ ᠶᠤᠮ᠃ ᠳᠠᠭᠤᠤ ᠭᠦᠭᠵᠢᠮ᠎ᠢ ᠬᠢᠴᠢᠶᠠᠯ ᠲᠦᠷᠤᠯ᠎ᠳᠤ ᠤᠷᠤᠭᠤᠯᠤᠭᠰᠠᠨ᠎ᠤ ᠰᠢᠯᠳᠠᠭ᠋ᠠᠨ ᠬᠢᠭᠡᠳ ᠦᠨᠳᠤᠰᠤᠯᠠᠯ᠎ᠨᠢ ᠳᠠᠷᠤᠢ ᠠ᠋ᠭᠦᠨ᠎ᠳᠤ ᠪᠤᠢ᠃ ᠠ᠋ᠨᠡ ᠪᠤᠯ ᠴᠢᠯᠦᠭᠡᠳᠠᠢ ᠠᠷᠠᠳ᠎ᠤᠨ ᠰᠠᠯᠡᠭᠦᠴᠡᠵᠤ ᠠᠮᠠᠷᠠᠬᠤ ᠨᠢᠭᠡ ᠵᠦᠢ᠍ᠯ᠎ᠤᠨ ᠭᠡᠯᠪᠠᠷᠢ ᠪᠤᠯᠤᠨ᠎ᠠ᠃ ᠠ᠋ᠳᠤᠮᠸᠷ᠎ᠤᠨ ᠲᠤᠤᠯᠢ᠎ᠳᠤ ᠲᠤᠷᠠᠳᠤᠭᠰᠠᠨ ᠤᠳᠢᠰᠢᠤᠰ (ᠠ᠋ᠷᠳᠠᠨ᠎ᠤ ᠭ᠋ᠷᠧᠭ᠎ᠤᠨ ᠠ᠋ᠳᠤᠮᠸᠷ᠎ᠤᠨ ᠲᠤᠤᠯᠢ 《ᠤᠳᠢᠰᠠᠢ》 ᠵᠢᠨ ᠭᠤᠤᠯ ᠪᠠᠭ᠋ᠠᠳᠤᠷ)᠎ᠤᠨ ᠭᠡᠯᠡᠭᠰᠡᠨ ᠭᠦᠮᠦᠨ᠎ᠤ ᠠᠮᠢᠳᠤᠷᠠᠬᠤᠢ ᠵᠢᠨ ᠬᠠᠮᠤᠭ᠎ᠤᠨ ᠭᠤᠸ᠎ᠠ ᠰᠠᠢ᠍ᠢ᠍ᠬᠠᠨ ᠶᠠᠪᠤᠳᠠᠯ ᠪᠤᠯ 《ᠦᠷᠦᠭᠡ ᠲᠦᠭᠦᠷᠠᠩ ᠵᠤᠴᠢᠳ᠎ᠤᠨ ᠬᠠᠮᠳᠤ ᠪᠠᠶᠠᠷ ᠪᠠᠶᠠᠰᠬᠤᠯᠠᠨᠭ᠌ᠳᠠᠢ ᠳᠠᠭᠤᠤ ᠭᠦᠭᠵᠢᠮ ᠰᠤᠨᠤᠰᠬᠤ ᠶᠠᠪᠤᠳᠠᠯ ᠪᠤᠯᠤᠨ᠎ᠠ》 ᠭᠡᠰᠡᠨ ᠶᠤᠮ᠃
      ᠲᠡᠭᠡᠪᠡᠯ᠂ ᠠ᠋ᠢ᠍ᠢ᠍ᠮᠦ ᠨᠢᠭᠡᠨ ᠰᠤᠷᠭ᠋ᠠᠨ ᠭᠦᠮᠦᠵᠢᠯ ᠪᠠᠢ᠍ᠢ᠍ᠵᠤ᠂ ᠡᠴᠢᠭᠡ ᠠ᠋ᠭᠡ᠎ᠨᠢ ᠲᠡᠭᠦᠨ᠎ᠢ ᠭᠡᠷᠡᠭᠯᠡᠵᠦ ᠦᠷ᠎ᠠ ᠭᠡᠤᠭᠡᠳ ᠵᠶ᠋ᠠᠨ ᠰᠤᠷᠭ᠋ᠠᠬᠤ ᠪᠤᠯᠤᠭᠰᠠᠨ᠎ᠨᠢ ᠲᠠᠭᠦᠨ᠎ᠤ ᠭᠡᠷᠡᠭᠴᠡᠭᠡ ᠪᠤᠶᠤ ᠭᠡᠷᠡᠭᠳᠠᠢ ᠪᠠᠢ᠍ᠢ᠍ᠬᠤ᠎ᠳᠤ ᠪᠠᠢ᠍ᠢ᠍ᠭ᠎ᠠ ᠪᠢᠰᠢ ᠬᠠᠷᠢᠨ ᠲᠡᠭᠦᠨ᠎ᠤ ᠠ᠋ᠷᠭᠡ ᠴᠢᠯᠦᠭᠡᠳᠠᠢ ᠪᠠ ᠠ᠋ᠷᠬᠢᠮ ᠲᠡᠭᠡᠳᠤ᠎ᠳᠤ᠎ᠨᠢ ᠪᠠᠢ᠍ᠢ᠍ᠭ᠎ᠠ ᠶᠤᠮ᠃ ᠠ᠋ᠨᠡ ᠲᠦᠷᠤᠯ᠎ᠤᠨ ᠰᠤᠷᠭ᠋ᠠᠨ ᠭᠦᠮᠦᠵᠢᠯ᠎ᠨᠢ ᠨᠢᠭᠡ ᠵᠦᠢ᠍ᠯ᠎ᠳᠤ ᠬᠢᠵᠠᠭ᠋ᠠᠷᠯᠠᠭᠳᠠᠳᠠᠬ ᠤᠤ ᠠ᠋ᠰᠠᠭᠦᠯ᠎ᠠ ᠭᠡᠳᠤᠨ ᠵᠦᠢ᠍ᠯ ᠪᠠᠢ᠍ᠢ᠍ᠳᠠᠬ ᠤᠤ? ᠭᠡᠷᠪᠠ ᠨᠢᠭᠡ ᠵᠦᠢ᠍ᠯ ᠪᠢᠰᠢ ᠪᠤᠯ ᠲᠠᠷᠠ᠎ᠨᠢ ᠶᠠᠭᠤ ᠶᠠᠭᠤ ᠪᠠᠢ᠍ᠢ᠍ᠵᠤ᠂ ᠭᠡᠷᠬᠢᠨ ᠵᠢᠭ᠋ᠠᠨ ᠰᠤᠷᠭ᠋ᠠᠳᠠᠬ ᠪᠤᠢ?
      ᠠ᠋ᠭᠦᠨ᠎ᠢ ᠬᠤᠵᠢᠮ᠎ᠤᠨ ᠠ᠋ᠳᠦᠷ ᠯᠠᠪᠳᠠᠢ ᠰᠢᠢ᠍ᠳᠪᠤᠷᠢᠯᠡᠭᠦ ᠶᠤᠮ᠃ ᠪᠢᠳᠠᠨ᠎ᠤ ᠡ᠊ᠨᠳᠠ ᠭᠡᠯᠡᠵᠦ ᠪᠠᠢ᠍ᠢ᠍ᠭ᠎ᠠ ᠵᠦᠢ᠍ᠯ᠎ᠳᠤ ᠠ᠋ᠷᠳᠠᠨ᠎ᠤ ᠭᠦᠮᠦᠨ ᠪᠢᠳᠠᠨ᠎ᠳᠤ ᠭᠡᠷᠡᠴᠢ ᠪᠤᠯᠤᠭᠰᠠᠨ ᠶᠤᠮ᠃ ᠤᠴᠢᠷ᠎ᠨᠢ ᠲᠠᠳᠠᠨ᠎ᠤ ᠰᠠᠨᠠᠯ᠎ᠨᠢ ᠳᠠᠭᠤᠤ ᠭᠦᠭᠵᠢᠮ ᠪᠤᠯ ᠬᠠᠮᠳᠤ ᠵᠢᠨ ᠮᠠᠳᠠᠷᠠᠵᠤ ᠪᠦᠭᠦᠢ ᠤᠯᠠᠮᠵᠢᠯᠠᠯᠳᠤ ᠰᠤᠷᠭ᠋ᠠᠨ ᠭᠦᠮᠦᠵᠢᠯ᠎ᠤᠨ ᠬᠢᠴᠢᠶᠡᠯ ᠲᠦᠷᠤᠯ᠎ᠤᠨ ᠨᠢᠭᠡ ᠪᠦᠯᠦᠭ ᠪᠤᠯᠬᠤ ᠪᠤᠳᠠᠳᠤ ᠶᠠᠪᠤᠳᠠᠯ᠎ᠠᠴᠠ ᠮᠠᠭ᠋ᠠᠳᠯᠠᠨ ᠭᠠᠷᠭ᠋ᠠᠭᠰᠠᠨ ᠪᠢᠯᠡ᠃ ᠠ᠋ᠭᠦᠨ᠎ᠠᠴᠠ ᠭᠠᠳᠠᠨ᠎ᠠ ᠭᠡᠤᠭᠡᠳ᠎ᠲᠤ ᠮᠠᠰᠢ ᠤᠯᠠᠨ ᠭᠡᠷᠡᠭᠳᠠᠢ ᠭᠡᠷᠡᠭ ᠪᠤᠳᠠᠰ᠎ᠢ ᠵᠢᠭ᠋ᠠᠬᠤ ᠪᠤᠯ ᠵᠠᠢ᠍ᠢ᠍ᠯᠠᠰᠢ ᠦᠭᠡᠢ ᠶᠤᠮ᠃ ᠵᠢᠱ᠌ᠢᠶᠡᠯᠡᠪᠡᠯ᠂ ᠤᠨᠭ᠌ᠰᠢᠬᠤ ᠪᠠ ᠪᠢᠴᠢᠭᠦ ᠪᠤᠯᠤᠨ᠎ᠠ᠃ ᠲᠠᠷᠠ᠎ᠨᠢ ᠲᠤᠰ ᠪᠠᠶ᠎ᠠ᠎ᠨᠢ ᠭᠡᠷᠡᠭᠳᠠᠢ ᠪᠦᠭᠡᠳ ᠲᠠᠭᠦᠨ ᠵᠶ᠋ᠠᠷ ᠲᠠᠮᠵᠢᠨ ᠮᠠᠰᠢ ᠤᠯᠠᠨ ᠦᠭᠡᠷ᠎ᠡ ᠦᠭᠡᠷ᠎ᠠ ᠮᠠᠳᠠᠯᠭᠡ ᠵᠢ ᠤᠯᠳᠠᠬ ᠶᠤᠮ᠃ ᠭᠡᠤᠭᠡᠳ᠎ᠲᠤ ᠵᠢᠷᠤᠭ ᠵᠢᠷᠤᠬᠤ ᠵᠢ ᠰᠤᠷᠭ᠋ᠠᠳᠠᠬ᠎ᠨᠢ ᠮᠦᠨ ᠴᠦ᠍ ᠠ᠋ᠨᠡ ᠦᠵᠠᠯᠳᠠ᠎ᠠᠴᠠ ᠠ᠋ᠭᠦᠰᠦᠭᠰᠡᠨ ᠶᠤᠮ᠃ ᠲᠠᠷᠠ᠎ᠨᠢ ᠵᠦᠪᠭᠡᠨ ᠠᠷᠠᠯᠵᠢᠶ᠎ᠠ ᠬᠤᠳᠠᠯᠳᠤᠭ᠋ᠠᠨ᠎ᠤ ᠲᠤᠮᠳᠠ ᠪᠤᠷᠤᠭᠤᠳᠬᠤ ᠪᠤᠶᠤ ᠮᠠᠭᠡᠯᠡᠭᠳᠡᠭᠦ ᠵᠢ ᠰᠠᠷᠭᠡᠢ᠍ᠢ᠍ᠯᠡᠭᠦ ᠵᠢᠨ ᠲᠦᠯᠦᠭᠡ ᠪᠢᠰᠢ ᠬᠠᠷᠢᠨ ᠲᠠᠳᠠᠨ᠎ᠢ ᠭᠦᠮᠦᠨ᠎ᠤ ᠪᠠᠶ᠎ᠠ ᠲᠦᠷᠭᠦ ᠵᠢᠨ ᠭᠤᠸ᠎ᠠ ᠰᠠᠢ᠍ᠢ᠍ᠬᠠᠨ᠎ᠢ ᠦᠨᠡᠯᠡᠭᠴᠢ ᠪᠤᠯᠭ᠋ᠠᠬᠤ ᠵᠢᠨ ᠲᠦᠯᠦᠭᠡ ᠶᠤᠮ᠃ ᠨᠢᠭᠡ ᠯᠡ ᠰᠡᠳᠬᠢᠯ ᠵᠶ᠋ᠠᠷ ᠭᠡᠷᠡᠭᠳᠠᠢ ᠵᠦᠢ᠍ᠯ᠎ᠢ ᠭᠦᠭᠡᠭᠡᠴᠡᠯᠳᠤᠭᠦ᠎ᠨᠢ ᠠ᠋ᠷᠭᠡ ᠴᠢᠯᠦᠭᠡᠳᠠᠢ ᠰᠡᠳᠬᠢᠯᠭᠡ ᠵᠢ ᠪᠦᠷᠢᠯᠳᠤᠭᠦᠯᠵᠦ ᠴᠢᠳᠠᠬᠤ ᠦᠭᠡᠢ᠃ ᠠ᠋ᠢ᠍ᠢ᠍ᠮᠦ᠎ᠠᠴᠠ ᠰᠤᠷᠭ᠋ᠠᠨ ᠭᠦᠮᠦᠵᠢᠯ᠎ᠳᠤ ᠦᠢ᠍ᠯᠠᠳᠤᠯᠭᠡ᠎ᠨᠢ ᠤᠨᠤᠯ᠎ᠠᠴᠠ ᠠ᠋ᠮᠦᠨ᠎ᠠ ᠪᠠᠢ᠍ᠢ᠍ᠬᠤ ᠭᠡᠷᠡᠭᠳᠠᠢ᠃ ᠪᠡᠶ᠎ᠠ ᠮᠠᠬᠠᠪᠤᠳ᠎ᠤᠨ ᠪᠤᠯᠪᠠᠰᠤᠷᠠᠯ᠎ᠨᠢ ᠠ᠋ᠷᠭᠡᠪᠰᠢ ᠤᠶᠤᠨ ᠤᠬᠠᠭ᠋ᠠᠨ᠎ᠤ ᠪᠤᠯᠪᠠᠰᠤᠷᠠᠯ᠎ᠠᠴᠠ ᠠ᠋ᠮᠦᠨ᠎ᠠ ᠪᠠᠢ᠍ᠢ᠍ᠬᠤ ᠭᠡᠷᠡᠭᠳᠠᠢ᠃ ᠠ᠋ᠢ᠍ᠢ᠍ᠮᠦ᠎ᠠᠴᠠ ᠠ᠋ᠷᠡᠭᠳᠠᠢ ᠭᠡᠤᠭᠡᠳ᠎ᠲᠤ ᠲᠠᠳᠠᠨ᠎ᠤ ᠪᠠᠶ᠎ᠠ ᠮᠠᠬᠠᠪᠤᠳ᠎ᠤᠨ ᠲᠠᠳᠬᠠᠯ᠎ᠢ ᠭᠦᠮᠦᠵᠢᠭᠦᠯᠭᠦ᠎ᠳᠤ ᠲᠤᠬᠢᠷᠠᠭᠰᠠᠨ ᠰᠤᠷᠭ᠋ᠠᠭᠴᠢ ᠪᠠ ᠪᠠᠶ᠎ᠠ ᠲᠠᠮᠢᠷ᠎ᠤᠨ ᠪᠤᠯᠪᠠᠰᠤᠷᠠᠯ᠎ᠢ ᠵᠢᠭ᠋ᠠᠬᠤ ᠪᠠᠭᠰᠢ ᠵᠢ ᠤᠯᠵᠤ ᠦᠭᠭᠦ ᠭᠡᠷᠡᠭᠳᠠᠢ ᠪᠠᠢ᠍ᠢ᠍ᠳᠠᠬ᠃


          (《ᠪᠠᠭᠰᠢ ᠵᠢᠨ ᠬᠤᠷᠸ᠎ᠠ》 ᠰᠡᠳᠭᠦᠯ᠎ᠤᠨ 2019 ᠤᠨ᠎ᠤ 10 ᠳ᠋ᠤᠭ᠋ᠠᠷ
          ᠬᠤᠭᠤᠴᠠᠭ᠎ᠠ᠎ᠠᠴᠠ ᠰᠠᠢ᠍ᠢ᠍ᠨᠪᠤᠶᠠᠨ ᠤᠷᠴᠢᠭᠤᠯᠵᠤ ᠪᠠᠭᠤᠯᠭ᠋ᠠᠪᠠ)
                      2020 ᠣᠨ᠎ᠤ 10 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠵᠢᠨᠭᠬᠢᠨᠢ ᠰᠤᠷᠤᠯᠴᠠᠬᠤ ᠠᠷᠭ᠎ᠠ ᠭᠡᠳᠡᠭ ᠶᠠᠭᠤ ᠪᠤᠢ
《ᠠ᠋ᠸᠤᠢ᠍ᠺᠯᠢᠳ᠋᠎ᠤᠨ ᠤᠭ ᠪᠢᠴᠢᠭ》 ᠬᠢᠭᠡᠳ ᠮᠥᠩᠬᠡ ᠬᠠᠭ᠋ᠠᠨ
 
             蒙ICP备05000248号