ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠣᠷᠭᠢᠯ ᠪᠤᠯᠠᠭ
ᠶᠠᠫᠤᠨ ᠤᠯᠤᠰ ᠰᠤᠷᠤᠭᠴᠢ ᠵᠢᠨ ᠬᠤᠭᠤᠯᠠ ᠵᠢ ᠢᠨᠭ᠌ᠬᠢᠵᠤ ᠬᠢᠵᠤ ᠪᠠᠢ᠍ᠢ᠍ᠨ᠎ᠠ
ᠨᠡᠶ᠋ᠢᠲᠡᠯᠡᠭᠰᠡᠨ ᠴᠠᠭ᠄ 2023-11-09

                      ᠽᠦᠢ ᠬᠤᠢ ᠶᠢᠩ


      ᠪᠢ ᠶᠠᠭᠤᠨ᠎ᠳᠤ ᠶᠠᠫᠤᠨ᠎ᠤ ᠰᠤᠷᠭ᠋ᠠᠭᠤᠯᠢ ᠵᠢᠨ ᠬᠤᠭᠤᠯᠠ ᠵᠢ ᠤᠢ᠍ᠢ᠍ᠯᠠᠭ᠋ᠠᠬᠤ᠎ᠪᠠᠷ ᠤᠴᠢᠭᠰᠠᠨ ᠪᠤᠢ ᠭᠡᠪᠡᠯ ᠠ᠋ᠭᠦᠨ᠎ᠤ ᠠ᠋ᠭᠦᠰᠤᠯ᠎ᠨᠢ ᠴᠸᠨᠭᠳᠦ᠋ ᠵᠢᠨ ᠲᠤᠯᠤᠳᠤᠭ᠋ᠠᠷ ᠲᠤᠮᠳᠠᠳᠤ ᠰᠤᠷᠭ᠋ᠠᠭᠤᠯᠢ ᠵᠢᠨ ᠤᠴᠢᠷ᠎ᠠᠴᠠ ᠪᠤᠯᠤᠭᠰᠠᠨ           ᠶᠤᠮ᠃ ᠲᠤᠬᠠᠢ ᠵᠢᠨ ᠦᠶ᠎ᠠ᠎ᠳᠤ ᠭᠡᠷ᠎ᠤᠨ ᠠᠬᠠᠮᠠᠳ ᠬᠢᠭᠡᠳ ᠰᠦᠯᠵᠢᠶᠠᠨ᠎ᠤ ᠭᠦᠮᠦᠰ᠎ᠤᠨ ᠠᠭᠤᠷ ᠤᠴᠠᠭ᠋ᠠᠷ ᠨᠢᠭᠡᠨᠳᠠ ᠲᠦᠢ᠍ᠯ᠎ᠳᠤ᠎ᠪᠠᠨ ᠲᠤᠯᠵᠤ ᠰᠤᠷᠭ᠋ᠠᠭᠤᠯᠢ ᠵᠢ ᠬᠠᠷᠢᠶᠠᠵᠤ᠂ ᠬᠤᠭᠤᠯᠠ ᠬᠠᠨᠭ᠌ᠭ᠋ᠠᠬᠤ ᠺᠤᠮᠫᠠᠨᠢ ᠵᠢ ᠬᠠᠷᠢᠶᠠᠵᠤ᠂ ᠰᠤᠷᠭ᠋ᠠᠨ ᠭᠦᠮᠦᠵᠢᠯ᠎ᠤᠨ ᠲᠤᠪᠴᠢᠶ᠎ᠠ ᠵᠢ ᠬᠠᠷᠢᠶᠠᠵᠤ᠂ ᠠᠰᠠᠭᠤᠳᠠᠯ᠎ᠢ ᠪᠤᠰᠤᠳᠴᠢ᠎ᠪᠠᠷ ᠤᠶᠤᠨᠴᠢ᠎ᠪᠠᠷ ᠶᠠᠷᠢᠯᠴᠠᠬᠤ ᠶᠠᠪᠤᠳᠠᠯ ᠶᠠᠮᠠᠷ ᠴᠦ᠍ ᠦᠨᠳᠤᠰᠤ ᠰᠠᠭᠤᠷᠢ ᠦᠭᠡᠢ ᠪᠤᠯᠵᠠᠢ᠃
      ᠰᠠᠭᠦᠯᠠᠷ᠎ᠨᠢ ᠪᠢ ᠸᠢᠴᠠᠲ ᠲᠡᠭᠡᠷ᠎ᠠ ᠨᠢᠭᠡ ᠵᠤᠬᠢᠶᠠᠯ ᠨᠠᠢ᠍ᠢ᠍ᠳᠠᠯᠠᠵᠤ ᠰᠤᠷᠭ᠋ᠠᠭᠤᠯᠢ ᠵᠢᠨ ᠬᠤᠭᠤᠯᠠ ᠭᠠᠪᠠ ᠵᠡᠭᠦᠭᠡᠳ ᠰᠢᠷᠡᠭᠡᠨ ᠳᠡᠭᠡᠷ᠎ᠠ ᠪᠦᠵᠢᠭᠯᠡᠵᠦ ᠪᠠᠢ᠍ᠢ᠍ᠨ᠎ᠠ ᠭᠡᠵᠦ ᠭᠡᠯᠡᠵᠡᠢ᠃ ᠲᠤᠬᠠᠢ ᠵᠢᠨ ᠦᠶ᠎ᠠ᠎ᠳᠤ ᠵᠠᠷᠢᠮ ᠸᠢᠴᠠᠲ ᠵᠢᠨ ᠨᠠᠢ᠍ᠢ᠍ᠵᠠ᠄ 《ᠶᠠᠭᠤᠨ᠎ᠳᠤ᠎ᠪᠠᠨ ᠵᠤᠪᠠᠴᠢᠬᠠᠭᠰᠠᠨ ᠶᠤᠮ ᠪᠤᠢ᠂ ᠶᠠᠫᠤᠨ᠎ᠳᠤ ᠠᠮᠵᠢᠯᠳᠠ ᠤᠯᠤᠭᠰᠠᠨ ᠪᠠᠯᠠᠨ ᠵᠢᠱ᠌ᠢᠶ᠎ᠠ ᠪᠠᠢ᠍ᠢ᠍ᠨ᠎ᠠ ᠰᠢᠤ》 ᠭᠡᠵᠦ ᠭᠡᠯᠡᠵᠦ ᠪᠠᠢ᠍ᠢ᠍ᠯ᠎ᠠ᠃ ᠠ᠋ᠨᠡ᠎ᠨᠢ ᠮᠢᠨᠦ ᠶᠠᠫᠤᠨ᠎ᠤ ᠰᠤᠷᠭ᠋ᠠᠭᠤᠯᠢ ᠵᠢᠨ ᠬᠤᠭᠤᠯᠠᠨ᠎ᠳᠠᠬᠢ ᠰᠤᠨᠢᠷᠬᠠᠯ᠎ᠢ ᠶᠠᠭᠡᠳᠠ ᠲᠠᠳᠠᠪᠠ᠃ ᠲᠤᠬᠠᠢ ᠵᠢᠨ ᠦᠶ᠎ᠠ᠎ᠳᠤ ᠶᠠᠬ ᠰᠠᠢ᠍ᠢ᠍ᠬᠠᠨ ᠢᠳᠡᠭᠡᠨ ᠤᠮᠳᠠᠭ᠋ᠠᠨ᠎ᠤ ᠰᠤᠷᠭ᠋ᠠᠨ ᠭᠦᠮᠦᠵᠢᠯ᠎ᠤᠨ ᠪᠠᠢ᠍ᠢ᠍ᠭᠤᠯᠤᠮᠵᠢ ᠶᠠᠫᠤᠨ᠎ᠳᠤ ᠤᠴᠢᠵᠤ ᠰᠤᠷᠭ᠋ᠠᠭᠤᠯᠢ ᠵᠢᠨ ᠬᠤᠭᠤᠯᠠ ᠵᠢ ᠪᠠᠢ᠍ᠢ᠍ᠴᠠᠭ᠋ᠠᠬᠤ ᠪᠦᠯᠭᠦᠮ᠎ᠢ ᠵᠤᠬᠢᠶᠠᠨ ᠪᠠᠢ᠍ᠢ᠍ᠭᠤᠯᠵᠤ ᠪᠠᠢ᠍ᠢ᠍ᠭᠰᠠᠨ ᠪᠤᠯᠬᠤᠷ ᠪᠢ ᠲᠡᠭᠦᠨ᠎ᠳᠤ ᠤᠷᠤᠯᠴᠠᠭᠰᠠᠨ ᠶᠤᠮ᠃
      ᠨᠢᠭᠡ᠂ ᠲᠤᠮᠳᠠᠳᠤ ᠤᠯᠤᠰ᠎ᠲᠤ ᠭᠡᠷᠪᠡ ᠢᠨᠭ᠌ᠬᠢᠵᠤ ᠬᠢᠭᠦ᠎ᠳᠤ ᠭᠦᠷᠪᠡᠯ ᠢᠳᠡᠭᠡᠨ ᠬᠠᠨᠭ᠌ᠭ᠋ᠠᠬᠤ ᠺᠤᠮᠫᠠᠨᠢ ᠤᠯᠠᠨ ᠤᠳᠠᠭ᠎ᠠ ᠰᠢᠳᠭᠡᠭᠳᠡᠨ᠎ᠠ
      ᠮᠢᠨᠦ ᠶᠠᠫᠤᠨ᠎ᠳᠠᠬᠢ ᠠᠨᠭ᠌ᠬᠠᠨ᠎ᠤ ᠦᠷᠳᠡᠭᠡ ᠪᠤᠯ ᠹᠦᠺᠦᠶᠢ᠎ᠳᠠᠬᠢ ᠢᠳᠡᠭᠡᠨ ᠨᠠᠢ᠍ᠢ᠍ᠷᠠᠭᠤᠯᠬᠤ ᠲᠦᠪ           ᠪᠤᠯᠤᠨ᠎ᠠ᠃ ᠠ᠋ᠨᠡ ᠲᠦᠪ 1977 ᠤᠨ᠎ᠳᠤ ᠪᠠᠢ᠍ᠢ᠍ᠭᠤᠯᠤᠭᠳᠠᠵᠠᠢ᠃ ᠲᠡᠭᠡᠷ᠎ᠠ ᠤᠳᠠᠭ᠋ᠠᠨ᠎ᠤ ᠦᠭᠡᠷᠡᠴᠢᠯᠠᠯᠳᠠ᠎ᠨᠢ ᠨᠢᠭᠡᠨᠳᠠ 30 ᠵᠢᠯ᠎ᠤᠨ ᠠ᠋ᠮᠦᠨᠡᠬᠢ ᠶᠠᠪᠤᠳᠠᠯ ᠪᠤᠯᠵᠠᠢ᠃ ᠢᠳᠡᠭᠡᠨ ᠨᠠᠢ᠍ᠢ᠍ᠷᠠᠭᠤᠯᠬᠤ ᠲᠦᠪ᠎ᠨᠢ ᠲᠤᠮᠤ ᠪᠢᠰᠢ ᠪᠠᠢ᠍ᠢ᠍ᠵᠤ ᠵᠦᠪᠭᠡᠨ ᠠᠷᠪᠠᠬᠠᠨ 《ᠢᠳᠡᠭᠡᠨ ᠲᠤᠬᠢᠷᠠᠭᠤᠯᠬᠤ ᠠᠵᠢᠯᠳᠠᠨ》 ᠨᠢᠭᠡ ᠰᠢᠮ᠎ᠠ ᠲᠠᠵᠢᠭᠡᠯ ᠲᠤᠬᠢᠷᠠᠭᠤᠯᠤᠭᠴᠢ᠂ ᠨᠢᠭᠡ ᠰᠢᠮ᠎ᠠ ᠲᠡᠵᠢᠭᠡᠯ ᠲᠤᠬᠢᠷᠠᠭᠤᠯᠤᠭᠴᠢ ᠵᠢᠨ ᠬᠠᠪᠰᠤᠷᠤᠭᠴᠢ᠂ ᠬᠤᠶᠠᠷ ᠬᠤᠭᠤᠯᠠ ᠭᠦᠷᠭᠡᠭᠴᠢ ᠪᠠ ᠨᠢᠭᠡ ᠵᠠᠬᠢᠷᠤᠯ᠎ᠲᠠᠢ ᠪᠠᠢ᠍ᠢ᠍ᠪᠠ᠃ ᠲᠠᠳᠠ 4 ᠪᠠᠭ᠎ᠠ ᠰᠤᠷᠭ᠋ᠠᠭᠤᠯᠢ᠂ 2 ᠲᠤᠮᠳᠠᠳᠤ ᠰᠤᠷᠭ᠋ᠠᠭᠤᠯᠢ ᠵᠢᠨ 844 ᠭᠦᠮᠦᠨ᠎ᠤ ᠦᠳᠠ ᠵᠢᠨ ᠬᠤᠭᠤᠯᠠ ᠵᠢ ᠬᠠᠷᠢᠭᠤᠴᠠᠳᠠᠬ ᠪᠠᠢ᠍ᠢ᠍ᠨ᠎ᠠ᠃
      ᠪᠢᠳᠠᠨ᠎ᠢ ᠲᠠᠭ᠋ᠠᠭᠤᠯᠤᠨ ᠢᠳᠡᠭᠡᠨ ᠨᠠᠢ᠍ᠢ᠍ᠷᠠᠭᠤᠯᠬᠤ ᠪᠠᠯᠠᠳᠭᠡᠯ ᠲᠦᠭᠦᠭᠡᠷᠤᠮᠵᠢ ᠵᠢ ᠦᠵᠡᠭᠦᠯᠭᠦ ᠦᠶ᠎ᠠ᠎ᠳᠤ ᠵᠠᠬᠢᠷᠤᠯ ᠦᠨᠠᠨᠴᠢ᠎ᠪᠠᠷ ᠪᠢᠳᠠᠨ᠎ᠳᠤ ᠮᠠᠨ᠎ᠤ ᠲᠤᠭᠤᠭ᠋ᠠᠨ ᠭᠡᠷ᠎ᠢ 1969 ᠤᠨ᠎ᠳᠤ ᠪᠠᠢ᠍ᠢ᠍ᠭᠤᠯᠤᠭᠰᠠᠨ           ᠶᠤᠮ᠃ 1990 ᠤᠨ᠎ᠳᠤ ᠵᠠᠰᠠᠯᠳᠠ ᠬᠢᠭᠰᠡᠨ ᠪᠤᠯᠪᠠᠴᠤ ᠤᠳᠤᠬᠠᠨ᠎ᠤ ᠪᠠᠷᠢᠮᠵᠢᠶ᠎ᠠ᠎ᠳᠤ ᠲᠤᠬᠢᠷᠠᠬᠤ ᠦᠭᠡᠢ           ᠪᠤᠯᠵᠠᠢ᠃ ᠭᠡᠪᠡᠴᠤ ᠵᠠᠰᠠᠭ᠎ᠤᠨ ᠭᠠᠵᠠᠷ᠎ᠠᠴᠠ ᠪᠤᠳᠠᠳᠤ ᠪᠠᠢ᠍ᠢ᠍ᠳᠠᠯ᠎ᠢ ᠦᠨᠳᠤᠰᠤᠯᠠᠨ ᠮᠠᠨ᠎ᠤ ᠬᠤᠭᠤᠯᠠ ᠨᠠᠢ᠍ᠢ᠍ᠷᠠᠭᠤᠯᠬᠤ ᠲᠦᠪ᠎ᠢ ᠲᠦᠰᠢᠭᠯᠡᠵᠦ ᠰᠤᠷᠭ᠋ᠠᠭᠤᠯᠢ ᠵᠢᠨ ᠬᠤᠭᠤᠯᠠ ᠵᠢ ᠬᠠᠨᠭ᠌ᠭ᠋ᠠᠬᠤ ᠪᠤᠯᠬᠤᠷ ᠤᠨᠴᠠᠭ᠋ᠠᠢ ᠴᠢᠨᠭᠭ᠎ᠠ᠎ᠪᠠᠷ ᠱᠠᠭ᠋ᠠᠷᠳᠠᠵᠤ ᠦᠭᠡᠢ ᠭᠡᠪᠡ᠃
      ᠬᠠᠮᠳᠤ ᠶᠠᠪᠤᠭ᠎ᠠ ᠮᠠᠨ᠎ᠤ ᠤᠯᠤᠰ᠎ᠤᠨ ᠰᠤᠷᠭ᠋ᠠᠭᠤᠯᠢ ᠵᠢᠨ ᠢᠳᠡᠭᠡᠨ᠎ᠢ ᠨᠠᠢ᠍ᠢ᠍ᠷᠠᠭᠤᠯᠤᠨ ᠲᠤᠬᠢᠷᠠᠭᠤᠯᠬᠤ ᠺᠤᠮᠫᠠᠨᠢ ᠵᠢᠨ ᠵᠠᠬᠢᠷᠤᠯ ᠨᠠᠳᠠᠳᠤ᠄ 《ᠠ᠋ᠨᠡ ᠢᠳᠡᠭᠡᠨ ᠬᠢᠭᠦ ᠲᠠᠰᠤᠬ᠎ᠲᠤ ᠠᠰᠠᠭᠤᠳᠠᠯ ᠤᠯᠠᠨ ᠤᠷᠤᠰᠢᠵᠤ ᠪᠠᠢ᠍ᠢ᠍ᠭ᠎ᠠ ᠪᠤᠯᠬᠤᠷ ᠭᠡᠷᠪᠠ ᠲᠤᠮᠳᠠᠳᠤ ᠤᠯᠤᠰ᠎ᠲᠤ ᠶᠤᠮ ᠪᠤᠯ ᠤᠯᠠᠨ ᠤᠳᠠᠭ᠎ᠠ ᠰᠢᠳᠭᠡᠭᠳᠡᠭᠦ᠎ᠨᠢ ᠵᠠᠢ᠍ᠢ᠍ᠯᠠᠰᠢ               ᠦᠭᠡᠢ᠃ ᠵᠢᠱ᠌ᠢᠶᠡᠯᠡᠪᠡᠯ᠂ ᠭᠡᠷ᠎ᠤᠨ ᠠᠳᠠᠷ᠎ᠨᠢ ᠲᠡᠨᠭᠳᠡᠭᠦᠦ ᠦᠨᠳᠤᠷ ᠪᠤᠯᠬᠤᠷ ᠠᠭ᠋ᠠᠷ᠎ᠤᠨ ᠴᠠᠪᠠᠷᠴᠠ ᠪᠠ ᠬᠤᠮᠬᠢ ᠪᠤᠳᠠᠰ᠎ᠤᠨ ᠲᠡᠭᠳᠡᠯᠳᠠ ᠵᠢ ᠬᠢᠵᠠᠭ᠋ᠠᠷᠯᠠᠬᠤ᠎ᠳᠤ ᠮᠠᠭᠤ᠃ ᠲᠦᠷᠪᠡᠨ ᠲᠠᠯ᠎ᠠ᠎ᠳᠤ᠎ᠨᠢ ᠴᠤᠨᠭ᠌ᠬᠤ᠎ᠲᠠᠢ ᠪᠠᠢ᠍ᠢ᠍ᠭ᠎ᠠ᠎ᠨᠢ ᠬᠤᠷᠤᠬᠠᠢ ᠰᠢᠪᠠᠵᠢ ᠪᠠ ᠲᠤᠭᠤᠰᠤ ᠰᠢᠷᠤᠢ ᠪᠠᠺᠲᠸᠷᠢ ᠵᠢᠨ ᠤᠷᠤᠵᠤ ᠢᠷᠡᠭᠦ ᠵᠢ ᠰᠠᠷᠭᠡᠢ᠍ᠢ᠍ᠯᠡᠭᠦ ᠎ᠳᠤ ᠮᠠᠭᠤ᠃ ᠠᠳᠠᠯᠢ ᠪᠤᠰᠤ ᠢᠳᠡᠭᠡᠨ ᠬᠢᠭᠦ ᠲᠠᠰᠤᠯᠭ᠎ᠠ᠎ᠨᠢ ᠹᠢᠽᠢᠺ᠎ᠤᠨ ᠬᠠᠯᠬᠠᠪᠴᠢ ᠦᠭᠡᠢ ᠪᠠᠢ᠍ᠢ᠍ᠵᠤ ᠵᠦᠪᠭᠡᠨ ᠭᠠᠵᠠᠷ ᠳᠡᠭᠡᠷ᠎ᠠ ᠵᠢᠷᠤᠭ᠋ᠠᠰᠤ ᠵᠢᠷᠤᠨ ᠰᠠᠯᠭ᠋ᠠᠵᠤ ᠪᠠᠢ᠍ᠢ᠍ᠭ᠎ᠠ ᠵᠡᠷᠭᠡ ᠠᠰᠠᠭᠤᠳᠠᠯ ᠪᠠᠢ᠍ᠢ᠍ᠨ᠎ᠠ》 ᠭᠡᠵᠦ ᠭᠡᠯᠡᠪᠡ᠃
      ᠠ᠋ᠭᠦᠨ᠎ᠠᠴᠠ ᠭᠠᠳᠠᠨ᠎ᠠ ᠬᠤᠭᠤᠯᠠ ᠵᠢ ᠬᠢᠭᠰᠡᠨ᠎ᠤ ᠲᠠᠷᠠᠭ᠎ᠠ ᠬᠤᠪᠢᠶᠠᠨ ᠰᠠᠪᠠᠯᠠᠵᠤ ᠪᠢᠳᠡᠭᠦᠮᠵᠢᠯᠡᠭᠦ ᠪᠠ ᠬᠠᠯᠠᠭᠤᠨ ᠪᠠᠢ᠍ᠢ᠍ᠯᠭ᠋ᠠᠬᠤ ᠱᠠᠭ᠋ᠠᠷᠳᠠᠯᠭ᠎ᠠ ᠦᠭᠡᠢ ᠪᠠᠢ᠍ᠢ᠍ᠨ᠎ᠠ᠃ ᠨᠤᠭᠤᠭ᠎ᠠ ᠬᠢᠭᠡᠳ ᠪᠤᠳᠠᠭ᠎ᠠ ᠵᠢ ᠪᠦᠷ ᠭᠡᠳᠤᠨ ᠲᠤᠮᠤ ᠰᠠᠭᠤᠯᠭ᠋ᠠᠨ᠎ᠳᠤ ᠬᠢᠵᠤ ᠵᠢᠵᠢᠭ ᠪᠠᠷᠠᠭ᠋ᠠᠨ᠎ᠤ ᠲᠡᠷᠭᠡ᠎ᠪᠠᠷ ᠬᠤᠭᠤᠯᠠᠨ ᠭᠡᠷ᠎ᠲᠤ ᠭᠦᠷᠭᠡᠵᠦ ᠲᠤᠬᠠᠢ ᠵᠢᠨ ᠭᠠᠵᠠᠷ᠎ᠲᠤ᠎ᠨᠢ ᠬᠤᠪᠢᠶᠠᠵᠤ ᠦᠭᠳᠡᠭ᠃ ᠭᠡᠤᠭᠡᠳ᠎ᠤᠨ ᠠᠶᠠᠭ᠎ᠠ ᠰᠠᠪᠬ᠎ᠠ ᠵᠢ ᠴᠦ᠍ ᠤᠬᠢᠶᠠᠵᠤ ᠴᠡᠪᠡᠷᠯᠡᠭᠰᠡᠨ᠎ᠤ ᠲᠠᠷᠠᠭ᠎ᠠ ᠲᠠᠬᠢᠨ ᠭᠡᠷᠡᠭᠯᠡᠳᠡᠭ ᠪᠠᠢ᠍ᠢ᠍ᠨ᠎ᠠ᠃ ᠲᠤᠮᠳᠠᠳᠤ ᠤᠯᠤᠰ᠎ᠲᠤ ᠪᠤᠯ ᠪᠤᠢ ᠪᠦᠭᠦᠢ ᠬᠤᠭᠤᠯᠠᠨ᠎ᠤ ᠭᠡᠷᠡᠭᠰᠡᠯ᠎ᠢ ᠤᠬᠢᠶᠠᠨ ᠴᠡᠪᠡᠷᠯᠡᠵᠦ ᠠᠷᠢᠭᠤᠳᠬᠠᠭᠰᠠᠨ᠎ᠤ ᠲᠠᠷᠠᠭ᠎ᠠ ᠠᠰ᠎ᠲᠤ᠎ᠨᠢ ᠪᠢᠳᠠᠭᠦᠮᠵᠢᠯᠡᠨ ᠲᠠᠯᠪᠢᠳᠠᠬ᠃
      ᠠ᠋ᠢ᠍ᠢ᠍ᠮᠦ᠎ᠠᠴᠠ ᠰᠤᠷᠤᠭᠴᠢ ᠵᠢᠨ ᠬᠤᠭᠤᠯᠠᠨ᠎ᠤ ᠠᠮᠤᠷ ᠲᠦᠪᠰᠢᠨ᠎ᠤ ᠲᠠᠯ᠎ᠠ᠎ᠪᠠᠷ ᠶᠠᠫᠤᠨ᠎ᠤ ᠲᠤᠭᠳᠠᠭ᠋ᠠᠨ ᠭᠡᠷᠡᠭᠵᠢᠭᠦᠯᠵᠦ ᠪᠠᠢ᠍ᠢ᠍ᠭ᠎ᠠ ᠪᠠᠷᠢᠮᠵᠢᠶ᠎ᠠ᠎ᠨᠢ ᠲᠤᠮᠳᠠᠳᠤ ᠤᠯᠤᠰ᠎ᠠᠴᠠ ᠬᠤᠯᠠ ᠲᠤᠤᠷ᠎ᠠ ᠪᠠᠢ᠍ᠢ᠍ᠨ᠎ᠠ᠃ ᠲᠠᠳᠠ ᠪᠠᠰᠠ ᠢᠳᠡᠭᠡᠨ᠎ᠤ ᠴᠠᠪᠠᠷᠯᠡᠭᠦ᠂ ᠬᠢᠭᠦ᠂ ᠭᠦᠷᠭᠡᠭᠦ ᠪᠠᠷᠢᠮᠵᠢᠶ᠎ᠠ ᠵᠢ ᠲᠤᠭᠳᠠᠭ᠋ᠠᠭᠰᠠᠨ ᠪᠤᠯᠪᠠᠴᠤ ᠠ᠋ᠳᠡᠭᠡᠷ ᠠᠮᠤᠷ ᠲᠦᠪᠰᠢᠨ᠎ᠤ ᠲᠦᠷᠢᠮᠵᠢᠯ᠎ᠨᠢ ᠬᠠᠮᠤᠭ᠎ᠤᠨ ᠲᠤᠤᠷ᠎ᠠ ᠲᠠᠰ᠎ᠤᠨ ᠠᠮᠤᠷ ᠲᠦᠪᠰᠢᠨ᠎ᠤ ᠪᠠᠷᠢᠮᠵᠢᠶᠠᠨ᠎ᠤ ᠱᠠᠭ᠋ᠠᠷᠳᠠᠯᠭ᠎ᠠ ᠪᠤᠯᠬᠤ᠎ᠠᠴᠠ ᠪᠢᠰᠢ ᠶᠠᠮᠠᠷ ᠴᠦ᠍ ᠠᠰᠠᠭᠤᠳᠠᠯ ᠦᠭᠡᠢ ᠲᠦᠷᠢᠮᠵᠢᠯ᠎ᠢ ᠲᠤᠭᠳᠠᠭ᠋ᠠᠵᠤ ᠠ᠋ᠨᠡ ᠭᠦ᠌ ᠲᠦᠷᠢᠮᠵᠢᠯ ᠵᠶ᠋ᠠᠷ ᠠᠶᠤᠯ ᠦᠭᠡᠢ ᠪᠠᠢ᠍ᠢ᠍ᠬᠤ ᠵᠢ ᠪᠠᠶᠠᠯᠠᠭᠦᠯᠭᠦ ᠭᠡᠰᠡᠨ ᠪᠢᠰᠢ ᠶᠤᠮ᠃
      ᠶᠠᠫᠤᠨ᠎ᠳᠤ ᠪᠢ ᠲᠠᠷᠠ ᠵᠠᠬᠢᠷᠤᠯ᠎ᠠᠴᠠ ᠵᠢᠯ ᠪᠦᠷᠢ ᠬᠤᠭᠤᠯᠠ ᠨᠤᠭᠤᠭ᠋ᠠᠨ᠎ᠠᠴᠠ ᠭᠡᠳᠤᠢ ᠤᠳᠠᠭ᠎ᠠ ᠭᠡᠵᠢᠭᠡ ᠦᠰᠦ᠂ ᠬᠤᠷᠤᠬᠠᠢ ᠰᠢᠪᠡᠵᠢ ᠮᠠᠳᠤ ᠵᠢᠨ ᠶᠠᠭᠤᠮ᠎ᠠ ᠵᠢ ᠢᠯᠠᠷᠠᠭᠦᠯᠦᠭᠰᠡᠨ ᠪᠤᠢ ᠭᠡᠭᠦ᠎ᠳᠤ ᠲᠠᠷᠠ ᠲᠠᠪᠤ ᠵᠢᠷᠭᠤᠭ᠎ᠠ ᠤᠳᠠᠭ᠎ᠠ ᠭᠡᠵᠦ ᠬᠠᠷᠢᠭᠤᠯᠪᠠ᠃ ᠮᠠᠨ᠎ᠤ ᠤᠯᠤᠰ᠎ᠤᠨ ᠢᠳᠡᠭᠡᠨ ᠨᠠᠢ᠍ᠢ᠍ᠷᠠᠭᠤᠯᠤᠨ ᠲᠤᠬᠢᠷᠠᠭᠤᠯᠬᠤ ᠺᠤᠮᠫᠠᠨᠢ ᠵᠢᠨ ᠵᠠᠬᠢᠷᠤᠯ ᠢᠨᠢᠶᠡᠭᠰᠡᠭᠡᠷ᠄ 《800 ᠭᠠᠷᠤᠢ ᠰᠤᠷᠤᠭᠴᠢ᠎ᠳᠤ ᠬᠤᠭᠤᠯᠠ ᠭᠦᠷᠭᠡᠭᠦ᠎ᠳᠤ᠎ᠪᠠᠨ ᠵᠢᠯ᠎ᠳᠤ 6 ᠤᠳᠠᠭ᠎ᠠ ᠡ᠊ᠨᠳᠡᠭᠳᠡᠯ ᠭᠠᠷᠭ᠋ᠠᠬᠤ᠎ᠳᠤ ᠭᠦᠷᠪᠡᠯ ᠪᠢᠳᠠ 1 ᠲᠦᠮᠠᠨ ᠭᠦᠮᠦᠨ᠎ᠳᠤ ᠬᠤᠭᠤᠯᠠ ᠭᠦᠷᠭᠡᠭᠦ᠎ᠳᠤ 100 ᠤᠳᠠᠭ᠎ᠠ ᠡ᠊ᠨᠳᠡᠭᠳᠡᠯ ᠭᠠᠷᠬᠤ ᠪᠤᠯᠤᠨ᠎ᠠ᠃ ᠭᠡᠷᠪᠡ ᠪᠢ 100 ᠤᠳᠠᠭ᠎ᠠ ᠡ᠊ᠨᠳᠡᠭᠳᠡᠯ ᠭᠠᠷᠭ᠋ᠠᠪᠠᠯ ᠭᠡᠷ᠎ᠤᠨ ᠠᠬᠠᠮᠠᠳ ᠨᠠᠮ᠎ᠠ ᠵᠢ ᠴᠤᠬᠢᠭ᠋ᠠᠳ ᠠᠯᠠᠴᠢᠬᠠᠬᠤ ᠦᠭᠡᠢ ᠤᠤ?》 ᠭᠡᠪᠡ᠃

      ᠢᠳᠡᠭᠡᠨ ᠤᠮᠳᠠᠭ᠋ᠠᠨ ᠰᠤᠳᠤᠯᠤᠭᠴᠢ ᠵᠢᠨ ᠬᠤᠪᠢ᠎ᠠᠴᠠ ᠦᠵᠠᠪᠠᠯ ᠭᠡᠳᠤᠢ ᠶᠠᠭᠡ ᠦᠷᠡᠭᠳᠡᠯ ᠭᠠᠷᠭ᠋ᠠᠭᠰᠠᠨ ᠴᠦ᠍ ᠠᠮᠤᠷ ᠲᠦᠪᠰᠢᠨ᠎ᠢ ᠪᠦᠷᠢᠮᠤᠰᠤᠨ ᠪᠠᠳᠤᠯᠠᠬᠤ᠎ᠳᠤ ᠭᠦᠴᠢᠷ ᠮᠦᠷᠳᠡᠭᠡᠨ ᠠᠮᠤᠷ ᠲᠦᠪᠰᠢᠨ᠎ᠤ ᠪᠠᠷᠢᠮᠵᠢᠶ᠎ᠠ ᠦᠨᠳᠤᠷ ᠪᠤᠯᠬᠤ ᠲᠤᠳᠤᠮ ᠭᠠᠷᠭ᠋ᠠᠬᠤ ᠦᠷᠡᠭᠳᠡᠯ᠎ᠨᠢ ᠴᠦ᠍ ᠲᠠᠳᠤᠢ ᠶᠠᠭᠡ ᠪᠠᠢ᠍ᠢ᠍ᠳᠠᠬ᠃ ᠵᠢᠱ᠌ᠢᠶᠡᠯᠡᠪᠡᠯ᠂ ᠶᠠᠫᠤᠨ᠎ᠤ ᠰᠤᠷᠭ᠋ᠠᠭᠤᠯᠢ ᠵᠢᠨ ᠬᠤᠭᠤᠯᠠᠨ᠎ᠤ ᠲᠤᠳᠤᠷᠠᠬᠢ ᠤᠯᠠᠨᠭ᠌ᠬᠢ ᠨᠤᠭᠤᠭ᠎ᠠ᠎ᠨᠢ ᠬᠠᠯᠠᠭᠤᠨ ᠪᠠᠢ᠍ᠢ᠍ᠬᠤ ᠵᠢ ᠱᠠᠭ᠋ᠠᠷᠳᠠᠳᠠᠬ ᠦᠭᠡᠢ᠃ ᠭᠡᠳᠡᠯ᠎ᠠ ᠲᠤᠮᠳᠠᠳᠤ ᠤᠯᠤᠰ᠎ᠤᠨ ᠰᠤᠷᠭ᠋ᠠᠭᠤᠯᠢ ᠵᠢᠨ ᠬᠤᠭᠤᠯᠠ ᠵᠢ᠎ᠨᠢ ᠲᠤᠭᠳᠠᠭᠰᠠᠨ ᠴᠠᠭ᠎ᠲᠤ ᠭᠦᠷᠭᠡᠭᠦ ᠮᠦᠷᠳᠡᠭᠡᠨ 60℃᠎ᠤᠨ ᠬᠠᠯᠠᠭᠤᠨ ᠪᠠᠢ᠍ᠢ᠍ᠬᠤ ᠵᠢ ᠪᠠᠳᠤᠯᠠᠬᠤ ᠭᠡᠷᠡᠭᠳᠠᠢ ᠪᠠᠢ᠍ᠢ᠍ᠳᠠᠬ᠃ ᠠ᠋ᠨᠡ ᠭ᠋ᠷᠠᠳᠦᠢ᠍ᠰ᠎ᠨᠢ ᠪᠠᠺᠲᠸᠷᠢ ᠵᠢᠨ ᠪᠤᠢ᠍ᠢ᠍ᠵᠢᠬᠤ ᠵᠢ ᠰᠠᠷᠭᠡᠢ᠍ᠢ᠍ᠯᠡᠭᠦ ᠬᠠᠯᠠᠭᠤᠨ ᠪᠤᠯᠬᠤ ᠮᠦᠷᠳᠡᠭᠡᠨ ᠲᠤᠭᠳᠠᠭᠰᠠᠨ ᠴᠠᠭ᠎ᠲᠤ ᠭᠦᠷᠭᠡᠳᠡᠭ ᠪᠤᠯᠬᠤᠷ ᠲᠠᠪᠬᠤᠷ ᠪᠠᠳᠤᠯᠠᠭ᠎ᠠ᠎ᠲᠠᠢ ᠪᠠᠢ᠍ᠢ᠍ᠳᠠᠬ᠃ ᠭᠡᠪᠡᠴᠤ ᠦᠷᠳᠡᠭ᠎ᠤᠨ ᠬᠤᠪᠢ᠎ᠳᠤ ᠲᠡᠭᠡᠭᠡᠪᠤᠷᠢ ᠵᠢᠨ ᠦᠪᠠᠷ᠎ᠤᠨ ᠦᠷᠳᠡᠭ ᠨᠡᠮᠡᠭᠳᠠᠵᠤ᠂ ᠨᠤᠭᠤᠭ᠋ᠠᠨ ᠦᠨᠭᠭᠡᠳᠤ ᠨᠤᠭᠤᠭ᠋ᠠᠨ᠎ᠤ ᠦᠨᠭᠭᠡ᠎ᠨᠢ ᠬᠤᠪᠢᠷᠠᠵᠤ ᠢᠳᠠᠭᠦ᠎ᠳᠤ ᠴᠤ᠌ ᠠᠮᠳᠠ ᠦᠭᠡᠢ ᠪᠤᠯᠳᠠᠬ᠃
      ᠲᠤᠮᠳᠠᠳᠤ ᠤᠯᠤᠰ᠎ᠲᠤ ᠢᠳᠡᠭᠡᠨ᠎ᠤ ᠠᠮᠤᠷ ᠲᠦᠪᠰᠢᠨ᠎ᠤ ᠠᠰᠠᠭᠤᠳᠠᠯ ᠳᠡᠭᠡᠷ᠎ᠠ ᠪᠦᠭᠦ ᠨᠠᠢ᠍ᠢ᠍ᠭᠡᠮ ᠢᠯᠠᠨᠭ᠌ᠭᠤᠶ᠎ᠠ ᠭᠡᠷ᠎ᠤᠨ ᠠᠬᠠᠮᠠᠳ᠎ᠲᠤ ᠶᠡᠭᠡ ᠭᠡᠮᠵᠢᠶᠡᠨ᠎ᠤ ᠪᠤᠷᠤᠭᠤ ᠲᠠᠨᠢᠯᠳᠠ ᠤᠷᠤᠰᠢᠵᠤ ᠪᠠᠢ᠍ᠢ᠍ᠨ᠎ᠠ᠃ ᠵᠢᠱ᠌ᠢᠶᠡᠯᠡᠪᠡᠯ᠂ ᠵᠠᠷᠢᠮ ᠭᠡᠷ᠎ᠤᠨ ᠠᠬᠠᠮᠠᠳ ᠠᠮᠳᠠ ᠵᠢᠨ ᠤᠬᠢ ᠬᠢᠭᠦ ᠵᠢ ᠠ᠋ᠰᠠᠷᠭᠦᠴᠠᠵᠤ ᠪᠠᠢ᠍ᠢ᠍ᠳᠠᠬ᠃ ᠲᠠᠳᠠᠨ᠎ᠤ ᠦᠵᠠᠭᠦ᠎ᠪᠠᠷ ᠢᠳᠡᠭᠡᠨ᠎ᠳᠤ ᠨᠠᠮᠠᠯᠳᠠ ᠵᠦᠢ᠍ᠯ ᠬᠢᠭᠦ ᠦᠭᠡᠢ ᠪᠤᠯ ᠰᠠᠢ᠍ᠢ᠍ᠨ ᠭᠡᠵᠦ ᠪᠤᠳᠤᠳᠠᠬ᠃ ᠰᠤᠷᠭ᠋ᠠᠭᠤᠯᠢ᠎ᠠᠴᠠ ᠭᠡᠤᠭᠡᠳ᠎ᠲᠤ ᠭᠦᠯᠳᠡᠭᠡᠭᠰᠡᠨ ᠬᠠᠪᠢᠷᠭ᠎ᠠ ᠵᠡᠷᠭᠡ ᠭᠦᠯᠳᠡᠭᠡᠭᠰᠡᠨ ᠢᠳᠡᠭᠡᠨ ᠢᠳᠠᠭᠦᠯᠭᠦ ᠵᠢ ᠠ᠋ᠰᠠᠷᠭᠦᠴᠠᠵᠤ ᠪᠠᠢ᠍ᠢ᠍ᠳᠠᠬ᠃ ᠭᠡᠷ᠎ᠤᠨ ᠠᠬᠠᠮᠠᠳ᠎ᠤᠨ ᠶᠠᠮᠠᠷ ᠴᠦ᠍ ᠠᠶᠤᠯ ᠦᠭᠡᠢ ᠪᠠᠢ᠍ᠢ᠍ᠬᠤ ᠵᠢ ᠱᠠᠭ᠋ᠠᠷᠳᠠᠬᠤ ᠮᠦᠷᠳᠡᠭᠡᠨ ᠪᠠᠰᠠ ᠢᠳᠡᠭᠡᠨ᠎ᠤ ᠮᠠᠲᠸᠷᠢᠶᠠᠯ᠎ᠤᠨ ᠰᠢᠨ᠎ᠠ ᠰᠤᠷᠭᠤᠭ ᠪᠠ ᠰᠢᠮ᠎ᠠ ᠲᠡᠵᠢᠭᠡᠯ᠎ᠲᠠᠢ ᠪᠠᠢ᠍ᠢ᠍ᠬᠤ ᠵᠢ ᠱᠠᠭ᠋ᠠᠷᠳᠠᠬᠤ ᠵᠢᠨ ᠬᠤᠭᠤᠷᠤᠨᠳᠤ ᠲᠤᠩ ᠶᠡᠭᠡ ᠵᠦᠷᠢᠴᠡᠯ ᠤᠷᠤᠰᠢᠵᠤ ᠪᠠᠢ᠍ᠢ᠍ᠨ᠎ᠠ᠃
      ᠬᠤᠶᠠᠷ᠂ ᠭᠡᠳᠤᠢ ᠦᠭᠪᠡᠯ ᠲᠠᠳᠤᠢ ᠢᠳᠠᠵᠤ ᠬᠤᠰᠤᠮ᠎ᠢ᠎ᠨᠢ ᠭᠦᠷᠳᠠᠯ᠎ᠠ ᠪᠦᠷᠢᠯᠭᠡᠭᠦ ᠦᠭᠡᠢ ᠪᠠᠢ᠍ᠢ᠍ᠳᠠᠬ
      15% ᠵᠢᠨ ᠲᠤᠳᠤᠷᠭ᠋ᠠᠨ ᠪᠤᠳᠠᠭ᠎ᠠ ᠵᠢᠨ ᠳᠡᠭᠡᠷ᠎ᠡ ᠶᠠᠫᠤᠨ ᠮᠠᠶᠢᠬ᠎ᠤᠨ ᠳ᠋ᠸᠫᠦ᠋ ᠬᠠᠭᠤᠷᠤᠭᠰᠠᠨ ᠴᠠᠭ᠋ᠠᠨ ᠨᠤᠭᠤᠭ᠎ᠠ᠂ ᠵᠢᠵᠢᠭ ᠵᠢᠭ᠋ᠠᠰᠤᠨ ᠬᠠᠳᠠᠭ᠋ᠠᠮᠠᠯ᠂ ᠰᠦ ᠨᠡᠮᠡᠭᠰᠡᠨ ᠬᠤᠭᠤᠯᠠ ᠪᠤᠯ ᠶᠠᠫᠤᠨ᠎ᠤ ᠲᠠᠪᠤ ᠵᠢᠷᠭᠤᠳᠤᠭ᠋ᠠᠷ ᠤᠨ᠎ᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠦᠳᠠ ᠵᠢᠨ ᠬᠤᠭᠤᠯᠠ ᠪᠤᠯᠤᠨ᠎ᠠ᠃ ᠬᠤᠭᠤᠯᠠ ᠲᠤᠬᠢᠷᠠᠭᠤᠯᠬᠤ ᠲᠦᠪ᠎ᠤᠨ ᠲᠠᠨᠢᠯᠴᠠᠭᠤᠯᠬᠤ᠎ᠪᠠᠷ ᠠ᠋ᠨᠡ ᠪᠤᠯ ᠵᠠᠰᠠᠭ᠎ᠤᠨ ᠭᠠᠵᠠᠷ᠎ᠤᠨ ᠨᠢᠭᠡᠳᠤᠯᠳᠠᠢ ᠲᠤᠭᠳᠠᠭ᠋ᠠᠯ᠎ᠢ ᠵᠢᠷᠤᠮᠯᠡᠨ ᠢᠯᠴᠢ ᠵᠢᠨ ᠭᠡᠮᠵᠢᠶ᠎ᠠ ᠪᠠ ᠭᠤᠤᠯ ᠪᠤᠯᠬᠤ ᠰᠢᠮ᠎ᠠ ᠲᠡᠵᠢᠭᠡᠯ᠎ᠤᠨ ᠪᠦᠷᠢᠯᠳᠤᠭᠦᠨ᠎ᠢ ᠦᠨᠳᠤᠰᠤᠯᠠᠨ ᠲᠤᠬᠢᠷᠠᠭᠤᠯᠤᠭᠰᠠᠨ ᠶᠤᠮ ᠭᠡᠵᠦ ᠪᠠᠢ᠍ᠢ᠍ᠪᠠ᠃
      ᠪᠢ ᠠ᠋ᠳᠡᠭᠡᠷ ᠵᠢᠷᠤᠭ᠎ᠢ ᠸᠢᠴᠠᠲ ᠳᠡᠭᠡᠷ ᠲᠠᠯᠪᠢᠭᠰᠠᠨ᠎ᠳᠤ ᠰᠦᠯᠵᠢᠶᠡᠨ᠎ᠤ ᠨᠠᠢ᠍ᠢ᠍ᠵᠠᠰ᠎ᠤᠨ 《ᠬᠤᠱ᠌ᠤᠨᠭ᠌ᠨᠠᠯ》᠎ᠢ ᠲᠡᠭᠳᠡᠭᠡᠪᠡ᠃ ᠲᠠᠳᠠᠨᠤᠰ᠄ 《ᠦᠵᠡᠭᠦ ᠰᠠᠷᠠᠯ᠎ᠠᠴᠠ ᠠᠪᠴᠤ ᠭᠡᠯᠡᠪᠡᠯ ᠭᠡᠷᠪᠡ ᠤᠯᠤᠰ᠎ᠤᠨ ᠲᠤᠳᠤᠭ᠋ᠠᠳᠤ᠎ᠳᠤ ᠠ᠋ᠢ᠍ᠢ᠍ᠮᠦ ᠬᠤᠭᠤᠯᠠ ᠵᠢ ᠲᠤᠬᠢᠷᠠᠭᠤᠯᠪᠠᠯ ᠯᠠᠪᠳᠠᠢ ᠭᠡᠷ᠎ᠤᠨ ᠠᠬᠠᠮᠠᠳ᠎ᠤᠨ ᠰᠢᠭᠦᠮᠵᠢᠯᠡᠯ᠎ᠢ ᠭᠦᠷᠳᠠᠭᠦ ᠯᠡ ᠪᠤᠯᠤᠨ᠎ᠠ》 ᠭᠡᠵᠦ ᠭᠡᠯᠡᠵᠤ ᠪᠠᠢ᠍ᠢ᠍ᠪᠠ᠃ ᠵᠠᠷᠢᠮ ᠰᠦᠯᠵᠢᠶᠡᠨ᠎ᠤ ᠨᠠᠢ᠍ᠢ᠍ᠵᠠ ᠪᠠᠰᠠ ᠮᠢᠬ᠎ᠠ ᠨᠤᠭᠤᠭ᠎ᠠ᠎ᠨᠢ ᠪᠠᠭ᠎ᠠ ᠪᠤᠯᠬᠤᠷ ᠦᠵᠠᠭᠦ᠎ᠳᠤ ᠮᠠᠭᠤᠬᠠᠢ ᠮᠦᠷᠳᠡᠭᠡᠨ ᠠᠮᠳᠠ ᠦᠭᠡᠢ ᠭᠡᠵᠦ ᠪᠠᠢ᠍ᠢ᠍ᠪᠠ᠃ ᠠ᠋ᠳᠡᠭᠡᠷ ᠨᠤᠭᠤᠭ᠎ᠠ ᠪᠤᠳᠠᠭ᠎ᠠ ᠦᠨᠡᠭᠡᠷ ᠠᠮᠳᠠ᠎ᠪᠠᠷ ᠠᠨᠠᠢ ᠪᠤᠯᠪᠠᠴᠤ ᠠᠷᠠᠢ ᠮᠠᠭᠤᠬᠠᠢ ᠪᠢᠰᠢ ᠶᠤᠮ᠃ ᠪᠢᠳᠠ ᠠ᠋ᠨᠡ ᠭᠦ᠌ ᠬᠤᠭᠤᠯᠠ ᠵᠢ ᠢᠳᠡᠭᠰᠡᠨ᠎ᠤ ᠲᠠᠷᠠᠭ᠎ᠠ ᠪᠦᠭᠦᠢ ᠯᠡ ᠦᠳᠠ ᠵᠢᠨ ᠬᠤᠢ᠍ᠢ᠍ᠰᠢ ᠦᠯᠦᠰᠦᠭᠰᠡᠨ ᠦᠭᠡᠢ᠃
      ᠠ᠋ᠭᠦᠨ᠎ᠠᠴᠠ ᠠ᠋ᠮᠦᠨ᠎ᠠ ᠪᠢ ᠱᠸᠨᠵᠸᠨ᠎ᠤ ᠨᠢᠭᠡ ᠬᠤᠭᠤᠯᠠ ᠭᠦᠷᠭᠡᠭᠦ ᠺᠤᠮᠫᠠᠨᠢ ᠵᠢᠨ ᠬᠠᠨᠭ᠌ᠭ᠋ᠠᠭᠰᠠᠨ ᠰᠤᠷᠭ᠋ᠠᠭᠤᠯᠢ ᠵᠢᠨ ᠦᠳᠠ ᠵᠢᠨ ᠬᠤᠭᠤᠯᠠᠨ᠎ᠳᠤ ᠮᠢᠬ᠎ᠠ᠂ ᠦᠨᠳᠡᠭᠡ᠂ ᠨᠤᠭᠤᠭ᠎ᠠ᠂ ᠪᠤᠳᠠᠭ᠎ᠠ ᠪᠦᠷ ᠠ᠋ᠯᠪᠡᠭ           ᠪᠠᠢ᠍ᠢ᠍ᠪᠠ᠃ ᠠ᠋ᠢ᠍ᠢ᠍ᠮᠦ ᠬᠤᠭᠤᠯᠠ ᠵᠢ ᠪᠢ ᠴᠦ᠍ ᠢᠳᠠᠵᠤ ᠪᠠᠷᠠᠬᠤ ᠦᠭᠡᠢ ᠶᠤᠮ ᠴᠢᠨᠢ ᠭᠡᠤᠭᠡᠳ ᠭᠡᠷᠬᠢᠨ ᠢᠳᠠᠵᠤ ᠪᠠᠷᠠᠬᠤ ᠪᠤᠢ? ᠠ᠋ᠢ᠍ᠢ᠍ᠮᠦ ᠬᠤᠭᠤᠯᠠ ᠵᠦᠪᠭᠡᠨ ᠬᠤᠶᠠᠷ ᠵᠦᠢ᠍ᠯ᠎ᠤᠨ ᠦᠷ᠎ᠠ ᠳ᠋ᠦᠩ᠎ᠳᠤ ᠭᠦᠷᠤᠨ᠎ᠠ᠄ ᠨᠢᠭᠡ᠎ᠨᠢ ᠭᠡᠤᠭᠡᠳ ᠢᠳᠡᠭᠡᠳ ᠪᠠᠷᠠᠴᠢᠬᠠᠪᠠᠯ ᠢᠯᠴᠢ ᠵᠢᠨ ᠭᠡᠮᠵᠢᠶ᠎ᠠ᠎ᠨᠢ ᠪᠠᠷᠢᠮᠵᠢᠶ᠎ᠠ᠎ᠠᠴᠠ ᠬᠤᠯᠠ ᠲᠠᠪᠠᠵᠤ᠂ ᠪᠢᠴᠢᠬᠠᠨ ᠮᠠᠷᠢᠶᠠᠴᠤᠳ ᠪᠤᠢ ᠪᠤᠯᠤᠨ᠎ᠠ᠃ ᠨᠦᠭᠦᠭᠡ᠎ᠨᠢ ᠭᠡᠤᠭᠡᠳ ᠲᠤᠷᠠᠳᠠᠢ᠎ᠪᠠᠨ ᠢᠳᠠᠵᠤ ᠦᠯᠠᠳᠡᠭᠰᠡᠨ᠎ᠢ᠎ᠨᠢ ᠬᠠᠶᠠᠬᠤ ᠪᠤᠯᠬᠤᠷ ᠰᠢᠮ᠎ᠠ ᠲᠡᠵᠢᠭᠡᠯ᠎ᠤᠨ ᠲᠤᠬᠢᠷᠠᠭᠤᠯᠤᠯᠳᠠ᠎ᠨᠢ ᠶᠠᠮᠠᠷ ᠴᠦ᠍ ᠤᠳᠬ᠎ᠠ ᠠᠭᠤᠯᠭ᠎ᠠ ᠦᠭᠡᠢ ᠪᠤᠯᠴᠢᠬᠠᠨ᠎ᠠ᠃
      ᠭᠡᠪᠡᠴᠤ ᠲᠤᠮᠳᠠᠳᠤ ᠤᠯᠤᠰ᠎ᠤᠨ ᠭᠡᠷ᠎ᠤᠨ ᠠᠬᠠᠮᠠᠳ ᠠ᠋ᠯᠪᠡᠭ ᠲᠡᠯᠪᠡᠭ ᠭᠤᠶᠤ ᠬᠤᠭᠤᠯᠠᠨ᠎ᠳᠤ ᠲᠤᠷᠠᠳᠠᠢ ᠪᠠᠢ᠍ᠢ᠍ᠳᠠᠬ᠃ ᠮᠢᠨᠦ ᠸᠢᠴᠠᠲ ᠲᠡᠭᠡᠷ᠎ᠡ ᠨᠠᠢ᠍ᠢ᠍ᠳᠡᠯᠡᠭᠰᠡᠨ ᠶᠠᠫᠤᠨ᠎ᠤ ᠭᠡᠤᠭᠡᠳ᠎ᠤᠨ ᠴᠡᠴᠡᠷᠯᠢᠭ᠎ᠤᠨ ᠪᠠᠭ᠎ᠠ ᠭᠡᠮᠵᠢᠶᠡᠨ᠎ᠤ ᠪᠤᠳᠠᠭ᠎ᠠ᠎ᠲᠠᠢ ᠱᠦᠯᠦ ᠪᠠ ᠵᠢᠮᠢᠰ ᠵᠶ᠋ᠠᠷ ᠭᠤᠤᠯᠯᠠᠭᠰᠠᠨ ᠭᠡᠤᠭᠡᠳ᠎ᠤᠨ ᠬᠤᠭᠤᠯᠠᠨ᠎ᠤ ᠵᠢᠷᠤᠭ᠎ᠢ ᠦᠵᠡᠭᠡᠳ ᠨᠢᠭᠡ ᠰᠦᠯᠵᠢᠶᠠᠨ᠎ᠤ ᠨᠠᠢ᠍ᠢ᠍ᠵᠠ ᠨᠠᠳᠠ᠎ᠳᠤ᠄ 《ᠭᠡᠨ ᠭᠡᠷᠪᠡ ᠮᠢᠨᠦ ᠭᠡᠤᠭᠡᠳ᠎ᠲᠤ ᠠ᠋ᠢ᠍ᠢ᠍ᠮᠦ ᠬᠤᠭᠤᠯᠠ ᠢᠳᠡᠭᠦᠯᠪᠡᠯ ᠪᠢ ᠲᠤᠤᠷ᠎ᠠ᠎ᠪᠠᠨ ᠰᠤᠷᠭ᠋ᠠᠭᠤᠯᠢ ᠰᠢᠯᠵᠢᠭᠦᠯᠦᠨ᠎ᠠ》 ᠭᠡᠵᠦ ᠭᠡᠯᠡᠵᠦ ᠪᠠᠢ᠍ᠢ᠍ᠯ᠎ᠠ᠃
      ᠠ᠋ᠢ᠍ᠢ᠍ᠮᠦ ᠪᠠᠢ᠍ᠢ᠍ᠳᠠᠯ᠎ᠳᠤ ᠪᠢ ᠲᠠᠷᠠ ᠵᠠᠬᠢᠷᠤᠯ᠎ᠠᠴᠠ ᠠ᠋ᠢ᠍ᠢ᠍ᠮᠦ ᠪᠤᠳᠠᠭ᠎ᠠ ᠬᠤᠭᠤᠯᠠᠨ᠎ᠳᠤ ᠭᠡᠷ᠎ᠤᠨ ᠠᠬᠠᠮᠠᠳ ᠰᠠᠨᠠᠯ᠎ᠲᠠᠢ ᠪᠠᠢ᠍ᠢ᠍ᠳᠠᠬ ᠤᠤ ᠭᠡᠰᠡᠨ᠎ᠳᠤ ᠵᠠᠬᠢᠷᠤᠯ ᠨᠠᠳᠠ᠎ᠳᠤ᠄ ᠪᠤᠳᠠᠭ᠎ᠠ ᠬᠤᠭᠤᠯᠠᠨ᠎ᠤ ᠭᠡᠮᠵᠢᠶ᠎ᠠ ᠵᠢ ᠵᠠᠰᠠᠭ᠎ᠤᠨ ᠭᠠᠵᠠᠷ᠎ᠤᠨ ᠲᠤᠭᠳᠠᠭ᠋ᠠᠭᠰᠠᠨ ᠰᠢᠮ᠎ᠠ ᠲᠡᠵᠢᠭᠡᠯ᠎ᠤᠨ ᠵᠢᠭ᠋ᠠᠯᠳᠠ ᠵᠢ ᠦᠨᠳᠤᠰᠤᠯᠠᠨ ᠰᠢᠮ᠎ᠠ ᠲᠡᠵᠢᠭᠡᠯ ᠲᠤᠬᠢᠷᠠᠭᠤᠯᠤᠭᠴᠢ᠎ᠠᠴᠠ ᠠ᠋ᠢ᠍ᠯᠴᠢ ᠵᠢᠨ ᠭᠡᠮᠵᠢᠶ᠎ᠠ᠂ ᠤᠭᠤᠷᠠᠬ᠂ ᠦᠭᠡᠭᠦ᠂ ᠨᠠᠭᠦᠷᠠᠰᠤ ᠤᠰᠤᠨ᠎ᠤ ᠨᠢᠭᠡᠳᠪᠤᠷᠢ᠂ ᠪᠢᠴᠢᠯ ᠠ᠋ᠯᠸᠮᠸᠨ᠋ᠲ᠎ᠢ ᠪᠤᠳᠤᠯᠬᠢᠯᠠᠨ ᠲᠦᠰᠦᠪᠯᠡᠭᠰᠡᠨ ᠪᠤᠯᠬᠤᠷ ᠭᠡᠷ᠎ᠤᠨ ᠠᠬᠠᠮᠠᠳ ᠤᠢ᠍ᠢ᠍ᠯᠠᠭ᠋ᠠᠬᠤ ᠮᠦᠷᠳᠡᠭᠡᠨ ᠭᠦᠯᠢᠶᠡᠨ ᠠᠪᠳᠠᠬ ᠭᠡᠵᠦ ᠭᠡᠯᠡᠪᠡ᠃
      ᠵᠠᠬᠢᠷᠤᠯ᠎ᠢ ᠪᠠᠭᠳᠠᠭ᠋ᠠᠭᠰᠠᠨ ᠪᠦᠭᠦ ᠰᠤᠷᠭ᠋ᠠᠭᠤᠯᠢ ᠵᠢᠨ ᠪᠠᠭᠰᠢ ᠬᠢᠭᠡᠳ ᠡᠯ᠎ᠠ ᠤᠨ᠎ᠤ ᠭᠡᠤᠭᠡᠳ ᠪᠦᠷ ᠠ᠋ᠢ᠍ᠢ᠍ᠮᠦ ᠬᠤᠭᠤᠯᠠ ᠵᠢ ᠢᠳᠠᠵᠤ ᠪᠠᠢ᠍ᠢ᠍ᠨ᠎ᠠ᠃ ᠭᠡᠪᠡᠴᠤ ᠠᠳᠠᠯᠢ ᠪᠤᠰᠤ ᠤᠨ᠎ᠤ ᠬᠤᠭᠤᠯᠠᠨ᠎ᠤ ᠭᠡᠮᠵᠢᠶ᠎ᠠ᠎ᠨᠢ ᠵᠤᠬᠢᠬᠤ ᠵᠦᠷᠢᠶ᠎ᠠ᠎ᠲᠠᠢ ᠪᠠᠢ᠍ᠢ᠍ᠵᠤ ᠲᠤᠤᠷ᠎ᠠ ᠤᠨ᠎ᠤ ᠭᠡᠤᠭᠡᠳ᠎ᠤᠨ ᠬᠤᠭᠤᠯᠠᠨ᠎ᠤ ᠭᠡᠮᠵᠢᠶ᠎ᠠ᠎ᠨᠢ ᠪᠠᠭ᠎ᠠ ᠪᠠᠢ᠍ᠢ᠍ᠨ᠎ᠠ᠃ ᠭᠡᠪᠡᠴᠤ ᠪᠦᠭᠦᠨ᠎ᠢ ᠦᠯᠡᠳᠡᠭᠡᠯ ᠦᠭᠡᠢ ᠢᠳᠠᠵᠤ ᠲᠠᠭᠤᠰᠬᠠᠳᠠᠬ ᠪᠠᠢ᠍ᠢ᠍ᠨ᠎ᠠ᠃
      ᠬᠤᠭᠤᠯᠠᠨ ᠭᠡᠷ᠎ᠤᠨ ᠰᠢᠷᠡᠭᠡᠨ ᠳᠡᠭᠡᠷ᠎ᠠ᠎ᠨᠢ ᠪᠦᠷ ᠨᠠᠷ᠎ᠠ ᠵᠢᠨ ᠫᠠᠢ᠍ᠢ᠍ᠰᠠ᠎ᠲᠠᠢ ᠪᠤᠯᠬᠤᠷ ᠭᠡᠤᠭᠡᠳ᠎ᠤᠳ ᠦᠪᠠᠷ᠎ᠤᠨ ᠨᠠᠷ᠎ᠠ᠎ᠪᠠᠷ ᠤᠷᠤ᠎ᠪᠠᠨ ᠤᠯᠵᠤ ᠰᠠᠭᠤᠨ᠎ᠠ᠃ ᠨᠠᠷ᠎ᠠ ᠵᠢᠨ ᠲᠤᠤᠷ᠎ᠠ᠎ᠨᠢ ᠪᠠᠰᠠ ᠲᠠᠮᠳᠡᠭ᠎ᠲᠠᠢ᠃ ᠭᠡᠷᠪᠠ ᠤᠯᠠᠭ᠋ᠠᠨ ᠴᠡᠭ ᠪᠠᠢ᠍ᠢ᠍ᠪᠠᠯ ᠬᠤᠭᠤᠯᠠᠨ᠎ᠤ ᠭᠡᠮᠵᠢᠶ᠎ᠠ᠎ᠨᠢ ᠪᠠᠭ᠎ᠠ ᠭᠡᠳᠡᠭ᠎ᠢ ᠢᠯᠠᠳᠭᠡᠨ᠎ᠠ᠂ ᠲᠡᠭᠡᠪᠡᠯ ᠵᠢᠵᠢᠭᠦᠷ ᠰᠤᠷᠤᠭᠴᠢ ᠲᠡᠭᠦᠨ᠎ᠳᠤ ᠪᠠᠭ᠎ᠠ ᠰᠢᠬ ᠬᠤᠭᠤᠯᠠ ᠦᠭᠭᠦᠨ᠎ᠠ᠃ ᠭᠡᠷᠪᠠ ᠨᠤᠭᠤᠭ᠋ᠠᠨ ᠴᠡᠭ ᠪᠠᠢ᠍ᠢ᠍ᠪᠠᠯ ᠬᠤᠭᠤᠯᠠᠨ᠎ᠤ ᠭᠡᠮᠵᠢᠶ᠎ᠠ᠎ᠨᠢ ᠶᠡᠭᠡ ᠭᠡᠳᠡᠭ᠎ᠢ ᠢᠯᠠᠳᠭᠡᠭᠦ ᠲᠤᠯᠠ ᠵᠢᠵᠢᠭᠦᠷ ᠰᠤᠷᠤᠭᠴᠢ ᠢᠯᠠᠭᠦᠦ ᠰᠢᠭ ᠬᠤᠭᠤᠯᠠ ᠦᠭᠭᠦᠨ᠎ᠡ᠃ ᠭᠡᠷᠪᠡ ᠢᠳᠡᠭᠡᠨ᠎ᠳᠤ ᠬᠠᠷᠰᠢᠳᠠᠬ ᠪᠤᠯ ᠠᠰ᠎ᠲᠤ᠎ᠨᠢ ᠬᠤᠭᠤᠯᠠ ᠪᠠᠯᠠᠳᠭᠡᠨ ᠦᠭᠭᠦᠨ᠎ᠠ᠃
      ᠶᠠᠫᠤᠨ᠎ᠤ ᠭᠡᠤᠭᠡᠳ ᠬᠠᠷᠠᠬᠠᠨ ᠪᠠᠭ᠎ᠠ᠎ᠠᠴᠠ᠎ᠪᠠᠨ ᠰᠤᠷᠭ᠋ᠠᠨ ᠭᠦᠮᠦᠵᠢᠯ ᠭᠦᠷᠳᠡᠭᠰᠡᠨ ᠪᠤᠯᠬᠤᠷ ᠭᠡᠳᠤᠢ ᠢᠳᠡᠳᠡᠭ ᠪᠤᠯ ᠲᠠᠳᠤᠢ᠎ᠪᠠᠨ ᠯᠠ ᠠᠪᠳᠠᠬ᠃ ᠠᠪᠤᠭᠰᠠᠨ ᠢᠳᠡᠭᠡᠨ ᠵᠶ᠋ᠠᠨ ᠢᠳᠠᠵᠤ ᠪᠠᠷᠠᠬᠤ ᠦᠭᠡᠢ ᠶᠠᠪᠤᠳᠠᠯ ᠪᠤᠯ ᠲᠤᠩ ᠨᠢᠭᠤᠷ ᠪᠠᠷᠠᠭᠰᠠᠨ ᠤᠴᠢᠷ ᠪᠤᠯᠬᠤᠷ ᠬᠤᠭᠤᠯᠠ ᠢᠳᠠᠭᠦ᠎ᠠᠴᠠ ᠠ᠋ᠮᠦᠨ᠎ᠠ ᠠᠨᠭ᠌ᠬᠢ ᠵᠢᠨ ᠪᠠᠭᠰᠢ᠎ᠨᠢ ᠭᠡᠤᠭᠡᠳ᠎ᠤᠨ ᠱᠠᠭ᠋ᠠᠷᠳᠠᠯᠭ᠎ᠠ ᠵᠢ ᠦᠨᠳᠤᠰᠤᠯᠠᠨ ᠵᠤᠬᠢᠬᠤ ᠲᠤᠬᠢᠷᠠᠭᠤᠯᠤᠯᠳᠠ ᠬᠢᠳᠡᠭ᠃ ᠵᠢᠱ᠌ᠢᠶᠡᠯᠡᠪᠡᠯ᠂ ᠢᠳᠠᠵᠤ ᠪᠠᠷᠠᠬᠤ ᠦᠭᠡᠢ ᠭᠡᠤᠭᠡᠳ᠎ᠤᠨ ᠬᠤᠭᠤᠯᠠ ᠵᠢ᠎ᠨᠢ ᠢᠳᠠᠵᠤ ᠭᠦᠷᠭᠦ ᠦᠭᠡᠢ ᠭᠡᠤᠭᠡᠳ᠎ᠲᠤ ᠬᠤᠪᠢᠶᠠᠵᠤ ᠦᠭᠭᠦ ᠵᠡᠷᠭᠡ ᠪᠤᠯᠤᠨ᠎ᠠ᠃
      ᠬᠤᠭᠤᠯᠠ ᠲᠤᠬᠢᠷᠠᠭᠤᠯᠬᠤ ᠺᠤᠮᠫᠠᠨᠢ ᠵᠢᠨ ᠰᠤᠷᠭ᠋ᠠᠭᠤᠯᠢ᠎ᠳᠤ ᠭᠦᠷᠭᠡᠭᠦ ᠬᠤᠭᠤᠯᠠ᠎ᠨᠢ ᠴᠤ᠌ ᠲᠤᠰ ᠠ᠋ᠳᠦᠷ᠎ᠤᠨ ᠰᠤᠷᠭ᠋ᠠᠭᠤᠯᠢ᠎ᠳᠤ ᠢᠷᠡᠭᠰᠡᠨ ᠭᠡᠤᠭᠡᠳ᠎ᠤᠨ ᠲᠤᠭ᠎ᠠ᠎ᠪᠠᠷ ᠪᠠᠯᠠᠳᠭᠡᠳᠡᠭ ᠪᠤᠯᠬᠤᠷ ᠪᠤᠢ ᠪᠦᠭᠦᠢ ᠢᠳᠡᠭᠡᠨ᠎ᠢ ᠬᠤᠪᠢᠶᠠᠵᠤ ᠪᠠᠷᠠᠳᠠᠬ ᠪᠦᠭᠡᠳ ᠲᠤᠭᠤᠭ᠋ᠠᠨ ᠢᠷᠤᠭ᠋ᠠᠷ᠎ᠲᠠᠬᠢ ᠬᠤᠰᠤᠮ᠎ᠢ᠎ᠨᠢ ᠭᠦᠷᠳᠠᠯ᠎ᠠ ᠪᠦᠷᠢᠯᠭᠡᠳᠡᠭ ᠦᠭᠡᠢ ᠪᠠᠢ᠍ᠢ᠍ᠨ᠎ᠠ᠃ ᠬᠠᠮᠳᠤ ᠶᠠᠪᠤᠭᠰᠠᠨ ᠲᠤᠮᠳᠠᠳᠤ ᠵᠢᠨ ᠰᠤᠷᠭ᠋ᠠᠭᠤᠯᠢ ᠵᠢᠨ ᠬᠤᠭᠤᠯᠠ ᠲᠤᠬᠢᠷᠠᠭᠤᠯᠬᠤ ᠺᠤᠮᠫᠠᠨᠢ ᠵᠢᠨ ᠵᠠᠬᠢᠷᠤᠯ ᠬᠤᠰᠤᠮ᠎ᠲᠠᠢ ᠪᠤᠳᠠᠭ᠎ᠠ ᠵᠢ ᠦᠵᠡᠭᠡᠳ᠄ 《ᠭᠡᠷᠪᠡ ᠲᠤᠮᠳᠠᠳᠤ ᠤᠯᠤᠰ᠎ᠲᠤ ᠢᠢ᠍ᠮᠦ ᠬᠤᠭᠤᠯᠠ ᠵᠢ ᠰᠤᠷᠤᠭᠴᠢ᠎ᠳᠤ ᠭᠦᠷᠭᠡᠭᠦ᠎ᠳᠤ ᠭᠦᠷᠪᠡᠯ ᠪᠢᠳᠠ ᠪᠠᠰᠠ ᠯᠠ ᠰᠢᠳᠭᠡᠭᠳᠡᠭᠦ᠎ᠳᠤ ᠭᠦᠷᠤᠨ᠎ᠠ》 ᠭᠡᠵᠦ ᠪᠠᠢ᠍ᠢ᠍ᠯ᠎ᠠ᠃
      ᠭᠤᠷᠪᠠ᠂ ᠲᠤᠮᠳᠠᠳᠤ ᠤᠯᠤᠰ᠎ᠤᠨ ᠢᠳᠡᠭᠡᠨ ᠤᠮᠳᠠᠭ᠋ᠠᠨ᠎ᠤ ᠰᠤᠷᠭ᠋ᠠᠨ ᠭᠦᠮᠦᠵᠢᠯ᠎ᠢ ᠬᠢᠭᠦ᠎ᠳᠤ ᠭᠡᠳᠤᠨ ᠦᠶ᠎ᠠ ᠵᠢᠨ ᠭᠦᠮᠦᠨ ᠤᠷᠤᠯᠴᠠᠨ᠎ᠠ
      ᠢᠳᠡᠭᠡᠨ᠎ᠤ ᠲᠤᠰ ᠪᠠᠶ᠎ᠠ᠎ᠠᠴᠠ᠎ᠨᠢ ᠠᠪᠴᠤ ᠭᠡᠯᠡᠪᠡᠯ ᠶᠠᠫᠤᠨ᠎ᠤ ᠰᠤᠷᠭ᠋ᠠᠭᠤᠯᠢ ᠵᠢᠨ ᠬᠤᠭᠤᠯᠠ ᠤᠮᠳᠠᠭ᠋ᠠᠨ᠎ᠢ ᠮᠠᠭᠳᠠᠮᠠᠷ ᠶᠠᠭᠤᠮ᠎ᠠ ᠪᠠᠢ᠍ᠢ᠍ᠬᠤ ᠦᠭᠡᠢ᠃ ᠭᠡᠪᠡᠴᠤ ᠲᠠᠳᠠᠨ᠎ᠤ ᠢᠳᠡᠭᠡᠨ ᠤᠮᠳᠠᠭ᠋ᠠᠨ᠎ᠢ ᠭᠦᠨᠳᠤᠳᠭᠡᠭᠦ᠂ ᠭᠦᠳᠠᠯᠮᠤᠷᠢ᠎ᠳᠤ ᠤᠷᠤᠯᠴᠠᠬᠤ ᠵᠢᠴᠢ ᠰᠠᠢ᠍ᠢ᠍ᠨ ᠰᠠᠢ᠍ᠢ᠍ᠬᠠᠨ ᠢᠳᠡᠵᠤ ᠤᠤᠭᠤᠬᠤ ᠵᠠᠩ ᠲᠠᠳᠬᠠᠯ᠎ᠢ᠎ᠨᠢ ᠪᠢᠳᠠ ᠰᠤᠷᠤᠯᠴᠠᠬᠤ ᠶᠤᠰᠤᠳᠠᠢ᠃
      ᠶᠠᠫᠤᠨ᠎ᠤ ᠢᠳᠡᠭᠡᠨ ᠤᠮᠳᠠᠭ᠋ᠠᠨ᠎ᠤ ᠰᠤᠷᠭ᠋ᠠᠨ ᠭᠦᠮᠦᠵᠢᠯ 2005 ᠤᠨ᠎ᠠᠴᠠ ᠠ᠋ᠬᠢᠯᠡᠵᠡᠢ᠃ ᠤᠯᠤᠰ᠎ᠠᠴᠠ ᠭᠡᠤᠭᠡᠳ᠎ᠲᠤ ᠢᠳᠠᠭᠡᠨ ᠤᠮᠳᠠᠭ᠋ᠠᠨ᠎ᠤ ᠰᠤᠷᠭ᠋ᠠᠨ ᠭᠦᠮᠦᠵᠢᠯ᠎ᠤᠨ ᠬᠠᠤᠯᠢ ᠲᠤᠭᠳᠠᠭ᠋ᠠᠵᠤ ᠭᠡᠤᠭᠡᠳ᠎ᠲᠤ ᠢᠳᠡᠭᠡᠨ ᠤᠮᠳᠠᠭ᠋ᠠᠨ᠎ᠢ ᠤᠢ᠍ᠢ᠍ᠯᠠᠭ᠋ᠠᠬᠤ᠂ ᠢᠳᠡᠭᠡᠨ ᠤᠮᠳᠠᠭ᠋ᠠᠨ᠎ᠢ ᠬᠠᠢ᠍ᠢ᠍ᠷᠠᠯᠠᠬᠤ᠂ ᠪᠦᠷᠢᠯᠭᠡᠨ ᠰᠦᠢ᠍ᠳᠭᠡᠭᠦ ᠵᠢ ᠠ᠋ᠰᠠᠷᠭᠦᠴᠡᠭᠦ ᠵᠢᠴᠢ ᠭᠦᠳᠠᠯᠮᠤᠷᠢ᠎ᠳᠤ ᠤᠷᠤᠯᠴᠠᠬᠤ᠂ ᠢᠳᠡᠭᠡᠨ ᠤᠮᠳᠠᠭ᠋ᠠᠨ᠎ᠢ ᠬᠢᠵᠤ ᠦᠢ᠍ᠯᠠᠳᠭᠦ ᠪᠠ ᠢᠳᠡᠭᠡᠨ ᠤᠮᠳᠠᠭ᠋ᠠᠨ᠎ᠳᠤ ᠲᠠᠯᠠᠷᠬᠠᠬᠤ ᠭᠦᠮᠦᠵᠢᠯ᠎ᠢ ᠤᠯᠭᠤᠳᠠᠬ᠃ ᠠ᠋ᠳᠤᠷ ᠪᠦᠷᠢ ᠬᠤᠭᠤᠯᠠᠯᠠᠬᠤ᠎ᠠᠴᠠ ᠠ᠋ᠮᠦᠨ᠎ᠠ ᠲᠡᠭᠡᠳᠤ ᠠᠨᠭ᠌ᠬᠢ ᠵᠢᠨ ᠨᠢᠭᠡ ᠰᠤᠷᠤᠭᠴᠢ ᠤᠴᠢᠵᠤ ᠦᠨᠦᠳᠤᠷ᠎ᠤᠨ ᠬᠤᠭᠤᠯᠠ ᠵᠢ ᠲᠠᠨᠢᠯᠴᠠᠭᠤᠯᠵᠤ᠂ ᠢᠳᠡᠭᠡᠨ ᠤᠮᠳᠠᠭ᠋ᠠᠨ᠎ᠳᠤ ᠲᠠᠯᠠᠷᠬᠠᠭᠰᠠᠨ᠎ᠤ ᠬᠤᠢ᠍ᠢ᠍ᠨ᠎ᠠ ᠰᠠᠶᠢ ᠠ᠋ᠬᠢᠯᠡᠵᠦ ᠬᠤᠭᠤᠯᠠᠯᠠᠳᠠᠬ᠃
      340 ᠰᠤᠷᠤᠭᠴᠢ᠎ᠲᠠᠢ ᠰᠤᠷᠭ᠋ᠠᠭᠤᠯᠢ ᠵᠢᠨ ᠬᠤᠭᠤᠯᠠᠨ ᠭᠡᠷ᠎ᠲᠤ ᠨᠢᠭᠡᠨ ᠠᠨᠢᠶ᠎ᠠ ᠰᠤᠷᠤᠭᠴᠢᠳ᠎ᠢ ᠬᠠᠷᠢᠭᠤᠴᠠᠨ ᠵᠢᠯᠤᠭᠤᠳᠳᠠᠬ᠃ ᠬᠤᠭᠤᠯᠠ ᠭᠦᠷᠭᠡᠭᠦ ᠺᠤᠮᠫᠠᠨᠢ ᠢᠳᠡᠭᠡᠨ᠎ᠢ ᠬᠤᠭᠤᠯᠠᠨ ᠲᠠᠨᠭ᠌ᠬᠢᠮ᠎ᠳᠤ ᠭᠦᠷᠭᠡᠭᠦ ᠵᠢ ᠬᠠᠷᠢᠭᠤᠴᠠᠵᠤ᠂ ᠵᠢᠵᠢᠭᠦᠷ ᠰᠤᠷᠤᠭᠴᠢ ᠰᠢᠷᠡᠭᠡ ᠵᠦᠯᠭᠦᠭᠦ᠂ ᠠᠶᠠᠭ᠎ᠠ ᠫᠢᠯᠠ ᠲᠠᠯᠪᠢᠬᠤ ᠵᠢ              ᠬᠠᠷᠢᠭᠤᠴᠠᠨ᠎ᠠ᠃ ᠬᠤᠭᠤᠯᠠᠯᠠᠬᠤ᠎ᠠᠴᠠ ᠠ᠋ᠮᠦᠨ᠎ᠡ ᠵᠢᠵᠢᠭᠦᠷ ᠰᠤᠷᠤᠭᠴᠢ ᠠᠵᠢᠯ᠎ᠤᠨ ᠬᠤᠪᠴᠠᠰᠤ᠎ᠪᠠᠨ ᠠ᠋ᠮᠦᠰᠴᠤ ᠪᠤᠳᠠᠭ᠎ᠠ ᠨᠤᠭᠤᠭ᠎ᠠ ᠬᠤᠪᠢᠶᠠᠬᠤ ᠠᠵᠢᠯ᠎ᠢ ᠬᠠᠷᠢᠭᠤᠴᠠᠨ᠎ᠠ᠃ ᠢᠳᠡᠵᠤ ᠪᠠᠷᠠᠭᠰᠠᠨ᠎ᠤ ᠳᠠᠷᠠᠭ᠎ᠠ ᠪᠠᠰᠠ ᠰᠢᠷᠡᠭᠡ ᠰᠠᠨᠳᠠᠯᠢ᠂ ᠱᠠᠯᠠ ᠵᠢ ᠴᠠᠪᠠᠷᠯᠡᠨ ᠤᠬᠢᠶᠠᠵᠤ᠂ ᠰᠠᠨᠳᠠᠯᠢ ᠵᠢ ᠵᠡᠷᠭᠡᠯᠡᠨ ᠲᠠᠯᠪᠢᠨ᠎ᠠ᠃ ᠭᠡᠤᠭᠡᠳ᠎ᠤᠳ ᠱᠠᠯᠠᠨ ᠳᠡᠭᠡᠷ᠎ᠠ ᠰᠦᠭᠦᠳᠤᠨ ᠰᠠᠭᠤᠵᠤ ᠭᠠᠵᠠᠷ ᠵᠶ᠋ᠠᠨ ᠬᠢᠯᠠᠯᠵᠠᠳᠠᠯ᠎ᠠ ᠵᠦᠯᠭᠦᠨ᠎ᠠ᠃ ᠪᠤᠢ ᠪᠦᠭᠦᠢ ᠠᠵᠢᠯ᠎ᠢ ᠭᠡᠤᠭᠡᠳ᠎ᠤᠳ ᠪᠦᠷ ᠦᠪᠠᠷᠳᠡᠭᠡᠨ ᠪᠠᠶᠠᠯᠠᠭᠦᠯᠦᠨ᠎ᠠ᠃ ᠲᠠᠳᠠᠨ᠎ᠤ ᠦᠵᠠᠭᠦ᠎ᠪᠠᠷ ᠭᠦᠳᠠᠯᠮᠤᠷᠢ᠎ᠳᠤ ᠤᠷᠤᠯᠴᠠᠬᠤ ᠪᠤᠯ ᠢᠳᠡᠭᠡᠨ ᠤᠮᠳᠠᠭ᠋ᠠᠨ᠎ᠤ ᠰᠤᠷᠭ᠋ᠠᠨ ᠭᠦᠮᠦᠵᠢᠯ᠎ᠤᠨ ᠲᠦᠢ᠍ᠯ᠎ᠤᠨ ᠴᠢᠬᠤᠯᠠ ᠨᠢᠭᠡᠨ ᠭᠡᠰᠡᠭ ᠪᠤᠯᠤᠨ᠎ᠠ ᠭᠡᠵᠤ ᠪᠤᠢ᠃
      ᠠ᠋ᠭᠦᠨ᠎ᠠᠴᠠ ᠭᠠᠳᠠᠨ᠎ᠠ ᠲᠠᠳᠠ ᠢᠳᠡᠭᠡᠨ ᠤᠮᠳᠠᠭ᠋ᠠᠨ᠎ᠤ ᠵᠠᠩ ᠲᠠᠳᠬᠠᠯ᠎ᠢ ᠭᠦᠮᠦᠵᠢᠭᠦᠯᠭᠦ ᠵᠢ ᠲᠤᠩ ᠭᠦᠨᠳᠤᠳᠭᠡᠨ ᠦᠵᠠᠳᠡᠭ᠃ ᠬᠤᠭᠤᠯᠠᠨ᠎ᠠᠴᠠ ᠠ᠋ᠮᠦᠨ᠎ᠠ ᠭᠡᠤᠭᠡᠳ᠎ᠤᠳ ᠵᠠᠪᠠᠯ ᠭᠠᠷ ᠵᠶ᠋ᠠᠨ               ᠤᠬᠢᠶᠠᠨ᠎ᠠ᠃ ᠰᠤᠷᠭ᠋ᠠᠭᠤᠯᠢ᠎ᠳᠤ ᠭᠡᠤᠭᠡᠳ ᠨᠢᠭᠡᠪᠦᠷᠢ ᠰᠢᠳᠤ ᠤᠬᠢᠶᠠᠬᠤ ᠭᠡᠷᠡᠭᠰᠡᠯ᠎ᠲᠠᠢ ᠪᠠᠢ᠍ᠢ᠍ᠳᠠᠬ ᠪᠤᠯᠬᠤᠷ ᠬᠤᠭᠤᠯᠠᠨ᠎ᠤ ᠲᠠᠷᠠᠭ᠎ᠠ ᠰᠢᠳᠤ᠎ᠪᠠᠨ ᠤᠬᠢᠶᠠᠨ᠎ᠠ᠃ ᠠ᠋ᠢ᠍ᠢ᠍ᠮᠦᠷᠭᠦᠦ ᠶᠠᠪᠤᠴᠠ ᠵᠢ ᠲᠠᠳᠠ ᠤᠨᠴᠠᠭ᠋ᠠᠢ ᠴᠢᠬᠤᠯᠠᠴᠢᠯᠠᠳᠠᠬ ᠪᠠᠢ᠍ᠢ᠍ᠨ᠎ᠠ᠃
      ᠲᠠᠷᠠ ᠠ᠋ᠳᠤᠷ ᠪᠢᠳᠠ ᠭᠡᠳᠤᠭᠦᠯᠡ ᠰᠦ᠎ᠪᠠᠨ ᠤᠤᠭᠤᠵᠤ ᠪᠠᠷᠠᠭ᠋ᠠᠳ ᠬᠠᠢ᠍ᠢ᠍ᠷᠴᠠᠬ᠎ᠢ᠎ᠨᠢ ᠰᠢᠷᠡᠭᠡᠨ ᠳᠡᠭᠡᠷ᠎ᠠ ᠲᠠᠯᠪᠢᠭᠰᠠᠨ᠎ᠳᠤ ᠨᠢᠭᠡ ᠶᠠᠫᠤᠨ ᠭᠡᠤᠭᠡᠳ ᠭᠦᠷᠴᠤ ᠢᠷᠡᠭᠡᠳ ᠠ᠋ᠨᠡ ᠬᠠᠢ᠍ᠢ᠍ᠷᠴᠠᠬ᠎ᠢ ᠨᠤᠭᠤᠯᠵᠤ ᠲᠠᠯᠪᠢᠭ᠋ᠠᠷᠠᠢ ᠢᠨᠭᠬᠢᠪᠡᠯ ᠬᠤᠭ᠎ᠤᠨ ᠰᠠᠪᠠᠨ᠎ᠳᠤ ᠬᠠᠶᠠᠬᠤ᠎ᠳᠤ ᠵᠠᠢ ᠡᠵᠡᠯᠡᠭᠦ ᠦᠭᠡᠢ ᠭᠡᠵᠦ ᠭᠡᠯᠡᠪᠡ᠃ ᠭᠡᠤᠭᠡᠳ ᠵᠶ᠋ᠠᠷ ᠭᠡᠯᠡᠭᠦᠯᠦᠭᠰᠡᠨ᠎ᠳᠤ᠎ᠪᠠᠨ ᠪᠢᠳᠠ ᠲᠤᠩ ᠢᠴᠢᠨᠭᠭᠦᠷᠡᠪᠡ᠃
      ᠠ᠋ᠨᠡ ᠤᠳᠠᠭ᠋ᠠᠨ᠎ᠤ ᠪᠠᠢ᠍ᠢ᠍ᠴᠠᠭ᠋ᠠᠯᠳᠠ᠎ᠪᠠᠷ ᠲᠠᠮᠵᠢᠭ᠋ᠠᠳ ᠤᠯᠤᠰ᠎ᠤᠨ ᠲᠤᠳᠤᠭ᠋ᠠᠳᠤ᠎ᠳᠤ ᠤᠳᠤᠬᠠᠨ᠎ᠳᠤ᠎ᠪᠠᠨ ᠪᠢᠳᠠᠨ᠎ᠤ ᠠᠨᠭ᠌ᠬᠠᠷᠤᠯ ᠮᠦᠨ ᠯᠡ ᠰᠤᠷᠭ᠋ᠠᠭᠤᠯᠢ ᠵᠢᠨ ᠬᠤᠭᠤᠯᠠᠨ᠎ᠤ ᠲᠤᠰ ᠪᠠᠶ᠎ᠠ᠎ᠳᠤ᠎ᠨᠢ ᠲᠦᠪᠯᠠᠷᠠᠵᠤ ᠪᠠᠢ᠍ᠢ᠍ᠨ᠎ᠠ ᠭᠡᠳᠡᠭ᠎ᠢ ᠮᠠᠳᠠᠪᠠ᠃ ᠠᠮᠤᠷ ᠲᠦᠪᠰᠢᠨ ᠬᠢᠭᠡᠳ ᠰᠢᠮ᠎ᠠ ᠲᠠᠵᠢᠭᠡᠯ ᠭᠡᠰᠡᠨ ᠴᠢᠬᠤᠯᠠ ᠬᠤᠶᠠᠷ ᠠᠰᠠᠭᠤᠯᠳᠠ ᠵᠢᠨ ᠠᠮᠤᠷ ᠲᠦᠪᠰᠢᠨ᠎ᠢ᠎ᠨᠢ ᠶᠠᠭᠡ ᠠᠨᠭ᠌ᠬᠠᠷᠤᠭ᠋ᠠᠳ ᠰᠢᠮ᠎ᠠ ᠲᠠᠵᠢᠭᠡᠯ᠎ᠢ᠎ᠨᠢ ᠠᠨᠭ᠌ᠬᠠᠷᠬᠤ᠎ᠪᠠᠷ ᠭᠦᠷᠤᠯᠴᠠᠭᠦ ᠦᠭᠡᠢ           ᠪᠠᠢ᠍ᠢ᠍ᠨ᠎ᠠ᠃ ᠦᠨᠠᠨ᠎ᠳᠤ᠎ᠪᠠᠨ ᠰᠢᠮ᠎ᠠ ᠲᠡᠵᠢᠭᠡᠯ᠎ᠤᠨ ᠠᠰᠠᠭᠤᠳᠠᠯ᠎ᠨᠢ ᠠᠮᠤᠷ ᠲᠦᠪᠰᠢᠨ᠎ᠤ ᠠᠰᠠᠭᠤᠳᠠᠯ᠎ᠠᠴᠠ ᠨᠠᠩ ᠴᠢᠬᠤᠯᠠ  ᠶᠤᠮ᠃
      ᠤᠳᠤ ᠪᠢᠳᠠ ᠰᠤᠷᠭ᠋ᠠᠭᠤᠯᠢ ᠵᠢᠨ ᠬᠤᠭᠤᠯᠠᠨ᠎ᠳᠤ ᠠᠰᠠᠭᠤᠳᠠᠯ ᠭᠠᠷᠤᠯ᠎ᠠ ᠭᠡᠳᠡᠭ᠎ᠢ ᠵᠦᠪᠭᠡᠨ ᠨᠢᠭᠡ ᠵᠢᠯ᠎ᠤᠨ ᠲᠤᠳᠤᠷ᠎ᠠ ᠭᠡᠴᠢᠨᠡᠭᠡᠨ ᠰᠠᠭᠤᠷᠢ ᠰᠤᠷᠭ᠋ᠠᠭᠤᠯᠢ᠎ᠳᠤ ᠭᠡᠴᠢᠨᠡᠨ ᠭᠡᠤᠭᠡᠳ ᠪᠠᠭ᠋ᠠᠰᠤ ᠠᠯᠳᠠᠭᠰᠠᠨ᠂ ᠢᠳᠡᠭᠡᠨ᠎ᠳᠤ ᠬᠤᠤᠷᠳᠠᠭᠳᠠᠭᠰᠠᠨ ᠭᠡᠭᠦ ᠮᠠᠳᠤ ᠵᠦᠢ᠍ᠯ᠎ᠢ ᠭᠡᠯᠡᠳᠡᠭ᠎ᠠᠴᠠ ᠪᠢᠰᠢ ᠰᠢᠮ᠎ᠠ ᠲᠠᠵᠢᠭᠡᠯ᠎ᠤᠨ ᠲᠠᠯ᠎ᠠ᠎ᠪᠠᠷ᠎ᠬᠢ᠂ ᠵᠢᠱ᠌ᠢᠶᠡᠯᠡᠪᠡᠯ᠂ 20% ᠵᠢᠨ ᠭᠡᠤᠭᠡᠳ᠎ᠤᠨ ᠮᠠᠷᠢᠶᠠᠯᠠᠵᠤ ᠪᠠᠢ᠍ᠢ᠍ᠬᠤ᠂ ᠡᠯ᠎ᠠ ᠵᠦᠢ᠍ᠯ᠎ᠤᠨ ᠰᠤᠯᠢᠯᠴᠠᠭ᠋ᠠᠨ᠎ᠤ ᠶᠡᠷᠦᠨᠭᠭᠡᠢ᠍ᠢ᠍ᠯᠡᠭᠰᠡᠨ ᠢᠯᠠᠷᠠᠯ᠂ ᠪᠠᠶ᠎ᠠ ᠵᠢᠨ ᠲᠤᠷᠤᠢ᠍ᠢ᠍ᠳᠠᠯ᠎ᠠᠴᠠ ᠡᠪᠡᠳᠴᠢᠨ ᠠ᠋ᠭᠦᠰᠭᠦ ᠵᠡᠷᠭᠡ ᠠᠰᠠᠭᠤᠳᠠᠯ ᠪᠤᠯ ᠬᠠᠷᠢᠨ ᠭᠡᠤᠭᠡᠳ ᠎ᠤᠨ ᠨᠢᠭᠡ ᠨᠠᠰᠤ ᠵᠢ ᠨᠦᠯᠦᠭᠡᠯᠡᠭᠦ ᠵᠦᠢ᠍ᠯ ᠭᠡᠳᠡᠭ᠎ᠢ ᠤᠮᠳᠤᠭ᠋ᠠᠢ᠍ᠢ᠍ᠯᠠᠭᠰᠠᠨ ᠪᠠᠢ᠍ᠢ᠍ᠨ᠎ᠠ᠃
      ᠲᠤᠮᠳᠠᠳᠤ ᠤᠯᠤᠰ᠎ᠤᠨ ᠰᠤᠷᠭ᠋ᠠᠭᠤᠯᠢ ᠵᠢᠨ ᠬᠤᠭᠤᠯᠠᠨ᠎ᠳᠤ ᠲᠤᠯᠭ᠋ᠠᠷᠠᠵᠤ ᠪᠠᠢ᠍ᠢ᠍ᠭ᠎ᠠ ᠠᠰᠠᠭᠤᠳᠠᠯ ᠦᠨᠠᠨ᠎ᠳᠤ᠎ᠪᠠᠨ ᠲᠤᠩ ᠤᠯᠠᠨ ᠪᠠᠢ᠍ᠢ᠍ᠬᠤ ᠮᠦᠷᠳᠡᠭᠡᠨ ᠪᠢᠳᠠ ᠮᠠᠰᠢ ᠤᠯᠠᠨ ᠲᠦᠷᠢᠮ ᠭᠤᠷᠢᠮ᠎ᠢ ᠲᠤᠭᠳᠠᠭ᠋ᠠᠵᠤ᠂ ᠮᠠᠰᠢ ᠤᠯᠠᠨ ᠠ᠋ᠷᠳᠠᠮᠳᠠᠨ ᠮᠠᠷᠭᠡᠵᠢᠯᠳᠠᠨ ᠵᠶ᠋ᠠᠷ ᠲᠠᠢ᠍ᠢ᠍ᠯᠪᠤᠷᠢ ᠬᠢᠯᠭᠡᠵᠦ ᠭᠡᠤᠭᠡᠳ᠎ᠢ ᠭᠦᠮᠦᠵᠢᠭᠦᠯᠪᠡᠯ ᠰᠢᠢ᠍ᠳᠪᠤᠷᠢᠯᠡᠴᠢᠭᠡᠭᠦ ᠠᠰᠠᠭᠤᠳᠠᠯ ᠪᠢᠰᠢ ᠶᠤᠮ᠃ ᠪᠢ ᠭᠡᠳᠤᠨ ᠤᠳᠠᠭ᠋ᠠᠨ᠎ᠤ ᠬᠤᠷᠠᠯ᠎ᠳᠤ ᠤᠷᠤᠯᠴᠠᠬᠤ᠎ᠳᠤ ᠤᠯᠠᠨ ᠵᠶ᠋ᠠᠷ ᠵᠶ᠋ᠠᠨ ᠢᠳᠡᠭᠡᠨ ᠤᠮᠳᠠᠭ᠋ᠠᠨ᠎ᠤ ᠰᠤᠷᠭ᠋ᠠᠨ ᠭᠦᠮᠦᠵᠢᠯ᠂ ᠰᠤᠷᠭ᠋ᠠᠭᠤᠯᠢ ᠵᠢᠨ ᠬᠤᠭᠤᠯᠠ ᠵᠢ ᠶᠠᠷᠢᠬᠤ ᠦᠶ᠎ᠠ᠎ᠳᠤ ᠪᠦᠷ 《ᠵᠢᠵᠢᠭ ᠭᠠᠷ ᠵᠶ᠋ᠠᠷ ᠲᠤᠮᠤ ᠭᠠᠷ᠎ᠢ ᠭᠦᠳᠤᠯᠭᠦ》 ᠭᠡᠳᠡᠭ ᠠᠰᠠᠭᠤᠳᠠᠯ᠎ᠢ ᠶᠠᠷᠢᠵᠤ᠂ ᠭᠡᠤᠭᠡᠳ᠎ᠢ ᠭᠦᠮᠦᠵᠢᠭᠦᠯᠭᠦ᠎ᠪᠠᠷ ᠲᠠᠮᠵᠢᠨ ᠭᠡᠷ᠎ᠤᠨ ᠠᠬᠠᠮᠠᠳ᠎ᠢ ᠨᠦᠯᠦᠭᠡᠯᠡᠭᠦ ᠵᠢ ᠭᠦᠰᠠᠮᠵᠢᠯᠠᠵᠤ ᠪᠠᠢ᠍ᠢ᠍ᠨ᠎ᠠ᠃ ᠮᠢᠨᠦ ᠪᠤᠳᠤᠬᠤ᠎ᠪᠠᠷ ᠠ᠋ᠨᠡ ᠭᠤᠷᠢᠳᠠᠯᠭ᠎ᠠ ᠪᠠᠶᠠᠯᠡᠭᠳᠡᠭᠦ᠎ᠳᠤ ᠭᠦᠴᠢᠷ ᠶᠤᠮ᠃
      ᠲᠤᠮᠳᠠᠳᠤ ᠤᠯᠤᠰ᠎ᠤᠨ ᠰᠤᠷᠭ᠋ᠠᠭᠤᠯᠢ ᠵᠢᠨ ᠬᠤᠭᠤᠯᠠ ᠬᠢᠭᠡᠳ ᠢᠳᠠᠭᠡᠨ᠎ᠤ ᠭᠦᠮᠦᠵᠢᠯ ᠶᠠᠭᠤ ᠪᠤᠢ? ᠭᠡᠷᠪᠡ ᠶᠠᠫᠤᠨ᠎ᠤ ᠢᠳᠡᠭᠡᠨ᠎ᠤ ᠭᠦᠮᠦᠵᠢᠯ᠎ᠢ ᠴᠠᠭ᠋ᠠᠨ ᠴᠠᠭ᠋ᠠᠰᠤᠨ ᠳᠡᠭᠡᠷ᠎ᠠ ᠵᠢᠷᠤᠵᠤ ᠪᠠᠢ᠍ᠢ᠍ᠨ᠎ᠠ ᠭᠡᠵᠦ ᠭᠡᠯᠡᠭᠦ᠎ᠳᠤ ᠭᠦᠷᠪᠡᠯ ᠪᠢᠳᠠ ᠪᠤᠯ ᠭᠡᠷ᠎ᠤᠨ ᠠᠬᠠᠮᠠᠳ᠎ᠤᠨ ᠪᠤᠷᠤᠭᠤ᠎ᠪᠠᠷ ᠪᠤᠳᠠᠷᠠᠳᠠᠯ᠎ᠠ ᠵᠢᠷᠤᠭᠰᠠᠨ ᠵᠢᠷᠤᠭ᠎ᠢ ᠪᠠᠯᠠᠯᠵᠤ ᠬᠠᠶᠠᠭ᠋ᠠᠳ ᠲᠠᠬᠢᠨ ᠵᠦᠪ ᠵᠶ᠋ᠠᠷ ᠵᠢᠷᠤᠬᠤ ᠶᠠᠪᠤᠳᠠᠯ ᠪᠤᠯᠤᠨ᠎ᠠ᠃ ᠲᠠᠷᠠ ᠮᠦᠷᠳᠡᠭᠡᠨ ᠭᠡᠤᠭᠡᠳ ᠭᠡᠷ᠎ᠲᠤ᠎ᠪᠠᠨ ᠬᠠᠷᠢᠭᠰᠠᠨ᠎ᠤ ᠲᠠᠷᠠᠭ᠎ᠠ ᠭᠡᠷ᠎ᠤᠨ ᠠᠬᠠᠮᠠᠳ᠎ᠨᠢ ᠪᠠᠰᠠ ᠪᠤᠷᠤᠭᠤ᠎ᠪᠠᠷ ᠵᠢᠷᠤᠬᠤ ᠶᠠᠪᠤᠳᠠᠯ ᠭᠠᠷᠴᠤ ᠮᠠᠳᠠᠭᠦ ᠶᠤᠮ᠃
      ᠠ᠋ᠢ᠍ᠢ᠍ᠮᠦ᠎ᠠᠴᠠ ᠪᠢᠳᠠ ᠢᠳᠡᠭᠡᠨ᠎ᠤ ᠵᠦᠪ ᠭᠦᠮᠦᠵᠢᠯ ᠵᠶ᠋ᠠᠷ ᠭᠡᠷ᠎ᠤᠨ ᠠᠬᠠᠮᠠᠳ᠎ᠤᠨ ᠪᠤᠷᠤᠭᠤ ᠲᠠᠨᠢᠯᠳᠠ᠎ᠲᠠᠢ ᠲᠠᠮᠠᠴᠠᠵᠤ ᠭᠡᠤᠭᠡᠳ ᠵᠶ᠋ᠠᠨ ᠲᠠᠳᠠᠨ ᠠᠪᠴᠢᠷᠠᠬᠤ ᠭᠡᠷᠡᠭᠳᠠᠢ᠃ ᠠ᠋ᠨᠡ ᠠ᠋ᠭᠦᠷᠭᠡ ᠪᠤᠯ ᠭᠦᠨᠳᠤ ᠮᠦᠷᠳᠡᠭᠡᠨ ᠴᠠᠭ           ᠤᠷᠤᠨ᠎ᠠ᠃ ᠮᠢᠨᠦ ᠪᠤᠳᠤᠬᠤ᠎ᠪᠠᠷ ᠲᠤᠮᠳᠠᠳᠤ ᠤᠯᠤᠰ᠎ᠤᠨ ᠢᠳᠡᠭᠡᠨ᠎ᠤ ᠭᠦᠮᠦᠵᠢᠯ᠎ᠨᠢ ᠭᠡᠳᠤᠭᠡᠨ ᠵᠢᠯ᠎ᠤᠨ ᠲᠤᠳᠤᠷ᠎ᠠ ᠢᠯᠠᠷᠭᠡᠢ ᠠᠮᠵᠢᠯᠳᠠ ᠤᠯᠬᠤ ᠪᠤᠯᠤᠯᠴᠠᠭ᠎ᠠ ᠦᠭᠡᠢ᠂ ᠬᠠᠷᠢᠨ ᠨᠢᠭᠡ ᠬᠤᠶᠠᠷ ᠦᠶ᠎ᠠ ᠵᠢᠨ ᠭᠦᠮᠦᠰ᠎ᠤᠨ ᠴᠦᠭᠦᠷᠠᠯ ᠦᠭᠡᠢ ᠴᠢᠷᠮᠠᠢ᠍ᠢ᠍ᠯᠭ᠎ᠠ᠎ᠪᠠᠷ ᠰᠠᠶᠢ ᠢᠯᠠᠷᠭᠡᠢ ᠬᠤᠪᠢᠷᠠᠯᠳᠠ ᠵᠢ ᠭᠠᠷᠭ᠋ᠠᠵᠤ ᠴᠢᠳᠠᠨ᠎ᠠ᠃

     (《ᠪᠠᠭᠰᠢ ᠵᠢᠨ ᠬᠤᠷᠸ᠎ᠠ》 ᠰᠠᠳᠭᠦᠯ᠎ᠤᠨ 2019 ᠤᠨ᠎ᠤ 12 ᠳ᠋ᠤᠭ᠋ᠠᠷ
             ᠬᠤᠭᠤᠴᠠᠭ᠎ᠠ᠎ᠠᠴᠠ ᠰᠠᠢ᠍ᠢ᠍ᠨᠪᠤᠶᠠᠨ ᠤᠷᠴᠢᠭᠤᠯᠤᠨ ᠨᠠᠢ᠍ᠢ᠍ᠷᠠᠭᠤᠯᠪᠠ)

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠰᠤᠷᠭ᠋ᠠᠨ ᠭᠦᠮᠦᠵᠢᠯ᠎ᠤᠨ ᠲᠤᠬᠠᠢ ᠲᠠᠰᠤᠭ ᠪᠤᠰᠤᠬ ᠦᠵᠡᠯᠳᠡ
 
             蒙ICP备05000248号