ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠣᠷᠭᠢᠯ ᠪᠤᠯᠠᠭ
ᠰᠤᠷᠭ᠋ᠠᠨ ᠭᠦᠮᠦᠵᠢᠯ᠎ᠤᠨ ᠲᠤᠬᠠᠢ ᠲᠠᠰᠤᠭ ᠪᠤᠰᠤᠬ ᠦᠵᠡᠯᠳᠡ
ᠨᠡᠶ᠋ᠢᠲᠡᠯᠡᠭᠰᠡᠨ ᠴᠠᠭ᠄ 2024-04-19

                     ᠪᠦᠷᠢᠨᠳᠦᠶᠠᠭ᠎ᠠ


教学论坛.png


      ᠪᠢ ᠪᠣᠯ ᠨᠢᠭᠡᠨ ᠪᠠᠭ᠎ᠠ ᠰᠤᠷᠭ᠋ᠠᠭᠤᠯᠢ ᠵᠢᠨ ᠮᠣᠩᠭᠤᠯ ᠬᠡᠯᠡᠨ᠎ᠤ ᠪᠠᠭᠰᠢ ᠶᠤᠮ᠃᠂ ᠯᠢ ᠰᠢ ᠬᠦᠢ ᠪᠠᠭᠰᠢ ᠵᠢᠨ 《ᠴᠢᠯᠦᠭᠡᠳᠤ ᠠᠮᠢᠰᠬᠤᠯᠳᠤ ᠰᠤᠷᠭ᠋ᠠᠨ ᠬᠥᠮᠦᠵᠢᠯ》 ᠭᠡᠬᠦ ᠨᠣᠮ ᠎ᠢ ᠤᠩᠰᠢᠭ᠋ᠠᠳ ᠶᠡᠭᠡ ᠰᠡᠩᠬᠡᠷᠡᠭᠦᠯᠦᠯ ᠭᠦᠷᠳᠡᠵᠦ᠂ ᠶᠡᠭᠡ ᠣᠯᠤᠯᠲᠠ᠎ᠲᠠᠢ ᠪᠣᠯᠤᠭᠰᠠᠨ ᠶᠤᠮ᠃ ᠲᠡᠷᠡ ᠨᠤᠮ᠎ᠳᠤ ᠮᠠᠨ᠎ᠤ ᠳᠤᠮᠳᠠᠳᠤ ᠪᠠᠭ᠎ᠠ ᠰᠤᠷᠭ᠋ᠠᠭᠤᠯᠢ ᠵᠢᠨ ᠪᠠᠭᠰᠢ ᠨᠠᠷ᠎ᠤᠨ ᠳᠡᠷᠭᠡᠳᠡ ᠭᠠᠷᠴᠤ ᠥᠩᠭᠡᠷᠡᠭᠰᠡᠨ ᠶᠠᠪᠤᠳᠠᠯ᠎ᠤᠳ᠎ᠢ ᠶᠠᠷᠢᠵᠤ᠂ ᠬᠡᠯᠡ ᠪᠢᠴᠢᠭ᠎ᠢ ᠵᠢᠭ᠋ᠠᠬᠤ ᠠᠷᠭ᠎ᠠ᠂ ᠰᠤᠷᠤᠭᠴᠢᠳ᠎ᠤᠨ ᠰᠤᠷᠭ᠋ᠠᠨ ᠬᠥᠮᠦᠵᠢᠯ᠎ᠤᠨ ᠣᠶ᠋ᠢᠯᠠᠭ᠋ᠠᠭᠳᠠᠭ᠍ᠤᠨ ᠪᠠ ᠪᠠᠭᠰᠢ ᠵᠢ ᠬᠥᠮᠦᠵᠢᠭᠦᠯᠬᠦ ᠠᠷᠭ᠎ᠠ ᠵᠡᠷᠭᠡ ᠲᠠᠯ᠎ᠠ᠎ᠪᠠᠷ ᠨᠠᠷᠢᠨ ᠨᠢᠮᠪᠠᠢ ᠶᠠᠷᠢᠭᠰᠠᠨ ᠪᠠᠶ᠋ᠢᠳᠠᠭ᠃
      ᠨᠢᠭᠡ᠂ ᠮᠢᠨᠦ ᠨᠢᠳᠤᠨ᠎ᠳᠠᠬᠢ ᠰᠤᠷᠭ᠋ᠠᠨ ᠬᠥᠮᠦᠵᠢᠯ
      ᠯᠢ ᠰᠢ ᠬᠦᠶ ᠪᠠᠭᠰᠢ᠄ 《ᠰᠤᠷᠭ᠋ᠠᠨ ᠬᠥᠮᠦᠵᠢᠯ ᠪᠣᠯ ᠶᠡᠷᠦ᠎ᠠᠴᠠ᠎ᠪᠠᠨ ᠳᠥᠭᠦᠮᠬᠡᠨ ᠪᠠᠶ᠋ᠢᠳᠠᠭ᠂ ᠰᠤᠷᠭ᠋ᠠᠭᠤᠯᠢ ᠵᠢᠨ ᠬᠦᠷᠢᠶᠡᠨ᠎ᠳᠤ ᠠᠷᠠᠳᠴᠢᠯᠠᠯ᠎ᠲᠠᠢ᠂ ᠠ᠋ᠷᠬᠡ ᠲᠡᠭᠰᠢ ᠠᠭᠤᠷ ᠠᠮᠢᠰᠬᠤᠯ᠎ᠢ ᠪᠢᠯᠬᠠᠭᠤᠯᠵᠤ᠂ ᠪᠠᠭᠰᠢ᠂ ᠰᠤᠷᠤᠭᠴᠢᠳ᠎ᠢ ᠰᠤᠷᠭ᠋ᠠᠭᠤᠯᠢ ᠵᠢᠨ ᠬᠦᠷᠢᠶᠡᠨ᠎ᠳᠤ ᠴᠢᠯᠥᠭᠡᠲᠡᠶ ᠠᠮᠢᠰᠬᠤᠭᠤᠯᠤᠨ᠎ᠠ》 ᠬᠡᠵᠦ ᠪᠢᠴᠢᠭᠰᠡᠨ ᠪᠠᠶ᠋ᠢᠳᠠᠭ᠃
      ᠤᠯᠠᠨ᠎ᠤ ᠮᠡᠳᠡᠭᠡᠵᠢ᠎ᠪᠠᠷ᠂ ᠰᠤᠷᠭ᠋ᠠᠨ ᠬᠥᠮᠦᠵᠢᠯ᠎ᠨᠢ ᠦᠨᠡᠨ᠎ᠳᠤ᠎ᠪᠠᠨ ᠭᠡᠷ᠎ᠤᠨ ᠬᠥᠮᠦᠵᠢᠯ᠂ ᠰᠤᠷᠭ᠋ᠠᠭᠤᠯᠢ ᠵᠢᠨ ᠬᠥᠮᠦᠵᠢᠯ᠂ ᠨᠡᠶ᠋ᠢᠭᠡᠮ᠎ᠤᠨ ᠬᠥᠮᠦᠵᠢᠯ᠂ ᠥᠪᠡᠷ᠎ᠤᠨ ᠬᠥᠮᠦᠵᠢᠯ ᠵᠡᠷᠭᠡ ᠳᠦᠷᠪᠡᠨ ᠬᠡᠰᠡᠭ ᠵᠶ᠋ᠠᠷ ᠪᠦᠷᠢᠯᠳᠦᠳᠡᠭ᠂ ᠠ᠋ᠨᠡ ᠭᠦ᠌ ᠳᠦᠷᠪᠡᠨ ᠬᠡᠰᠡᠭ᠎ᠤᠨ ᠭᠡᠰᠡᠭ ᠪᠦᠷᠢ᠎ᠨᠢ ᠬᠡᠦᠬᠡᠳ᠎ᠤᠨ ᠠ᠋ᠷᠡᠭᠦᠯ ᠰᠠᠷᠠᠭᠤᠯ ᠦᠰᠦᠨ ᠪᠦᠢ᠍ᠵᠢᠯᠳᠠ᠎ᠳᠤ ᠭᠦᠨ ᠭᠦᠨᠵᠡᠭᠡᠶ ᠨᠥᠯᠥᠭᠡ ᠦᠵᠡᠭᠦᠯᠳᠡᠭ᠃ ᠲᠠᠷᠠ᠎ᠨᠢ ᠬᠠᠷᠢᠯᠴᠠᠨ ᠤᠶᠠᠯᠳᠤᠵᠦ᠂ ᠬᠠᠷᠢᠯᠴᠠᠨ ᠤᠶ᠋ᠢᠯᠡᠴᠢᠯᠡᠪᠡᠯ ᠰᠠᠶᠢ ᠢᠷᠡᠭᠡᠳᠦᠶ ᠵᠢᠨ ᠬᠡᠷᠡᠭᠴᠡᠭᠡᠨ᠎ᠳᠤ ᠳᠣᠭᠢᠷᠬᠠᠰᠠᠨ ᠴᠢᠳᠠᠪᠤᠷᠢᠲᠠᠨ᠎ᠢ ᠬᠥᠮᠦᠵᠢᠭᠦᠯᠵᠦ ᠴᠢᠳᠠᠳᠠᠭ᠃
      1. ᠭᠡᠷ᠎ᠤᠨ ᠬᠥᠮᠦᠵᠢᠯ
      ᠭᠡᠷ᠎ᠤᠨ ᠬᠥᠮᠦᠵᠢᠯ ᠪᠣᠯ ᠬᠡᠦᠬᠡᠳ᠎ᠤᠨ ᠬᠠᠶ᠋ᠢᠷ᠎ᠠ ᠰᠡᠳᠬᠢᠯᠭᠡ᠂ ᠵᠠᠩ ᠠᠭ᠋ᠠᠰᠢ ᠵᠢ ᠬᠥᠮᠦᠵᠢᠭᠦᠯᠬᠦ ᠵᠠᠩᠭᠢᠯᠠᠭ᠎ᠠ ᠮᠥᠨ᠃ ᠯᠢ ᠰᠢ ᠬᠦᠶ ᠪᠠᠭᠰᠢ᠄ 《ᠰᠠᠶ᠋ᠢᠨ ᠰᠠᠶ᠋ᠢᠬᠠᠨ ᠬᠥᠮᠦᠨᠴᠢ ᠴᠢᠨᠠᠷ᠎ᠢ ᠪᠣᠶ ᠪᠣᠯᠭ᠋ᠠᠬᠤ᠎ᠳᠤ ᠤᠨᠴᠠᠭ᠋ᠠᠢ ᠰᠤᠷᠭ᠋ᠠᠨ ᠬᠥᠮᠦᠵᠢᠯ᠎ᠤᠨ ᠠᠷᠭ᠎ᠠ ᠪᠠᠷᠢᠯ ᠬᠡᠷᠡᠭ ᠥᠬᠡᠶ᠂ ᠠ᠋ᠶ᠎ᠡ ᠨᠠᠶ᠋ᠢᠷᠲᠠᠶ ᠠᠭᠤᠷ ᠠᠮᠢᠰᠬᠤᠯ᠂ ᠠ᠋ᠶ᠎ᠡ ᠵᠣᠬᠢᠴᠠᠯ᠎ᠲᠠᠢ ᠬᠥᠮᠦᠨ᠎ᠤ ᠬᠤᠭᠤᠷᠣᠨᠳᠣᠬᠢ ᠬᠠᠷᠢᠴᠠᠭ᠎ᠠ᠂ ᠲᠤᠮᠤ ᠭᠦᠮᠤᠰ᠎ᠤᠨ ᠴᠠᠶ᠋ᠢᠯᠭ᠋ᠠᠨ ᠰᠡᠳᠬᠢᠯ᠂ ᠠᠷᠠᠳᠴᠢᠯᠠᠯ᠂ ᠠᠭᠤᠳᠠᠮᠴᠢ ᠰᠡᠳᠬᠢᠯ᠂ ᠥᠷᠥᠰᠢᠶᠡᠯ ᠬᠠᠶ᠋ᠢᠷ᠎ᠠ ᠵᠡᠷᠭᠡ᠎ᠨᠢ ᠰᠠᠶ᠋ᠢᠨ ᠰᠠᠶ᠋ᠢᠬᠠᠨ ᠬᠥᠮᠦᠨᠴᠢ ᠴᠢᠨᠠᠷ᠎ᠤᠨ ᠦᠰᠦᠨ ᠪᠤᠶ᠋ᠢᠵᠢᠯᠲᠠ ᠵᠢᠨ ᠬᠠᠮᠤᠭ᠎ᠤᠨ ᠲᠣᠬᠢᠷᠠᠮᠵᠢᠲᠠᠶ ᠬᠥᠷᠥᠰᠥ ᠰᠢᠷᠣᠶ ᠮᠥᠨ᠃ ᠲᠡᠳᠡᠭᠡᠷ᠎ᠢ ᠠᠯᠳᠠᠪᠠᠯ ᠶᠠᠮᠠᠷᠪᠠ ᠰᠤᠷᠭ᠋ᠠᠨ ᠬᠥᠮᠦᠵᠢᠯ ᠴᠥᠮ ᠲᠠᠯᠠᠭ᠋ᠠᠷ ᠪᠣᠯᠤᠨ᠎ᠠ》 ᠭᠡᠵᠦ ᠬᠡᠯᠡᠭᠰᠡᠨ ᠪᠠᠶ᠋ᠢᠳᠠᠭ᠃ ᠵᠦᠢ ᠵᠣᠬᠢᠰᠲᠠᠶ ᠬᠡᠷ᠎ᠤᠨ ᠬᠥᠮᠦᠵᠢᠯ᠎ᠨᠢ ᠭᠡᠤᠬᠡᠳ᠎ᠢ ᠢᠲᠡᠭᠡᠯ᠎ᠲᠠᠢ᠂ ᠪᠡᠶ᠎ᠡ᠎ᠪᠠᠨ ᠳᠠᠭ᠋ᠠᠭ᠋ᠠᠬᠤ ᠥᠪᠡᠷᠮᠢᠴᠡ ᠵᠠᠩ ᠠᠷᠠᠨᠰᠢᠨ᠎ᠲᠠᠢ ᠪᠣᠯᠭ᠋ᠠᠵᠤ ᠴᠢᠳᠠᠨ᠎ᠠ᠃ ᠭᠡᠷ᠎ᠤᠨ ᠬᠥᠮᠦᠵᠢᠯ ᠳᠤᠲᠠᠭᠳᠠᠪᠠᠯ ᠬᠡᠦᠬᠡᠳ᠎ᠤᠨ ᠵᠠᠩ ᠴᠢᠨᠠᠷ᠎ᠢ ᠦᠬᠡᠨᠴᠡ ᠲᠤᠷᠤᠢ ᠪᠣᠯᠭ᠋ᠠᠬᠤ ᠪᠤᠶᠤ ᠤᠮᠤᠷᠬᠠᠭ ᠪᠠᠷᠳᠠᠮ ᠪᠤᠯᠭ᠋ᠠᠵᠦ ᠮᠡᠳᠡᠬᠦ           ᠶᠤᠮ᠃ ᠭᠡᠷ᠎ᠤᠨ ᠠᠬᠠᠮᠠᠳ ᠬᠡᠤᠬᠡᠳ᠎ᠢ ᠬᠡᠲᠦᠷᠬᠡᠶ ᠠ᠋ᠩᠬᠦᠷᠡᠶ᠋ᠢᠯᠡᠨ ᠬᠠᠶ᠋ᠢᠷᠠᠯᠠᠪᠠᠯ ᠬᠡᠦᠬᠡᠳ ᠵᠶ᠋ᠠᠨ ᠠᠮᠢᠨᠴᠢᠷ ᠪᠣᠯᠭ᠋ᠠᠵᠤ᠂ ᠶᠠᠮᠠᠷ ᠴᠤ᠌ ᠰᠠᠯᠬᠢ ᠪᠣᠷᠣᠭ᠋ᠠᠨ᠎ᠳᠤ ᠴᠣᠬᠢᠭᠳᠠᠭ᠍ᠤ ᠵᠢ ᠲᠠᠭ᠋ᠠᠭ᠋ᠠᠵᠦ ᠴᠢᠳᠠᠭ᠍ᠤ ᠦᠭᠡᠢ ᠪᠣᠯᠭ᠋ᠠᠳᠠᠭ ᠮᠦᠷᠳᠡᠭᠡᠨ ᠬᠠᠷᠢᠨ ᠪᠤᠰᠤᠳ ᠵᠶ᠋ᠠᠷ ᠬᠠᠶ᠋ᠢᠷᠠᠯᠠᠭᠤᠯᠬᠤ ᠵᠢ ᠮᠡᠳᠡᠬᠡᠳ᠂ ᠪᠤᠰᠤᠳ᠎ᠢ ᠬᠠᠶ᠋ᠢᠷᠠᠯᠠᠭ᠍ᠤ ᠰᠡᠳᠬᠢᠯ ᠦᠬᠡᠢ ᠪᠤᠯᠳᠠᠭ᠃ ᠭᠡᠷ᠎ᠤᠨ ᠠᠬᠠᠮᠠᠳ ᠬᠡᠦᠬᠡᠳ ᠵᠶ᠋ᠠᠨ ᠭᠡᠷ᠎ᠤᠨ ᠠᠵᠢᠯ ᠬᠢᠯᠭᠡᠬᠦ ᠦᠭᠡᠢ᠂ ᠶᠠᠮᠠᠷ ᠴᠤ᠌ ᠬᠥᠳᠡᠯᠮᠦᠷᠢ᠎ᠳᠤ ᠣᠷᠣᠯᠴᠠᠭᠤᠯᠬᠤ ᠦᠭᠡᠢ ᠪᠣᠯ ᠬᠡᠦᠬᠡᠳ ᠪᠡᠶ᠎ᠡ᠎ᠪᠠᠨ ᠳᠠᠭ᠋ᠠᠭ᠋ᠠᠬᠤ ᠴᠢᠳᠠᠪᠤᠷᠢ ᠦᠬᠡᠢ ᠪᠤᠯᠤᠨ᠎ᠠ᠃ ᠬᠡᠦᠬᠡᠳ᠎ᠤᠨ ᠰᠤᠷᠤᠯᠭ᠎ᠠ ᠵᠢ ᠬᠡᠲᠦᠷᠬᠡᠶ ᠴᠢᠬᠤᠯᠠᠴᠢᠯᠠᠪᠠᠯ ᠰᠤᠷᠤᠯᠭ᠎ᠠ ᠵᠢᠨ ᠳᠠᠷᠤᠭ᠋ᠠᠰᠤ᠎ᠨᠢ ᠲᠡᠭᠦᠨ᠎ᠤ ᠳᠠᠭ᠋ᠠᠭ᠋ᠠᠵᠤ ᠳᠡᠶ᠋ᠢᠯᠬᠦ ᠴᠢᠳᠠᠪᠤᠷᠢ᠎ᠠᠴᠠ ᠬᠡᠲᠦᠷᠡᠭᠰᠡᠨ ᠦᠶ᠎ᠡ᠎ᠳᠤ ᠬᠡᠦᠬᠡᠳ ᠰᠤᠷᠤᠯᠭ᠎ᠠ᠎ᠳᠤ ᠳᠤᠷ᠎ᠠ ᠦᠭᠡᠶ᠋ᠢᠴᠡᠳᠡᠭ᠃ ᠭᠡᠷ᠎ᠤᠨ ᠠᠬᠠᠮᠠᠳ ᠬᠡᠦᠬᠡᠳ᠎ᠤᠨ ᠵᠶ᠋ᠠᠨ ᠠ᠋ᠳ᠋ ᠪᠣᠳᠠᠰ᠎ᠤᠨ ᠬᠦᠰᠡᠯ᠎ᠢ ᠬᠡᠲᠦᠷᠬᠡᠶ ᠬᠠᠩᠭ᠋ᠠᠪᠠᠯ ᠶᠡᠭᠡ ᠬᠡᠮᠵᠢᠶᠡᠨ᠎ᠤ ᠵᠣᠭᠤᠰ ᠵᠠᠷᠤᠳᠠᠭ ᠬᠥᠮᠦᠨ ᠪᠣᠯᠳᠠᠭ᠃ ᠬᠡᠦᠬᠡᠳ ᠬᠠᠷᠠᠭ᠍ᠠᠨ ᠪᠠᠭ᠎ᠠ᠎ᠠᠴᠠ᠎ᠪᠠᠨ ᠠᠪᠤ ᠡᠵᠢ ᠵᠢᠨ ᠵᠶ᠋ᠠᠨ ᠬᠠᠶ᠋ᠢᠷ᠎ᠠ ᠬᠠᠯᠠᠮᠵᠢ ᠵᠢ ᠬᠦᠷᠲᠡᠵᠦ ᠴᠢᠳᠠᠭᠰᠠᠨ ᠦᠭᠡᠢ ᠪᠣᠯ ᠬᠠᠶ᠋ᠢᠷ᠎ᠠ ᠨᠠᠶ᠋ᠢᠷ ᠦᠭᠡᠢ ᠬᠥᠮᠦᠨ ᠪᠣᠯᠤᠨ᠎ᠠ᠃ ᠬᠡᠦᠬᠡᠳ᠎ᠢ ᠬᠡᠲᠦᠷᠬᠡᠶ ᠬᠠᠶ᠋ᠢᠷᠠᠯᠠᠵᠤ ᠪᠣᠯᠬᠤ ᠦᠭᠡᠢ᠂ ᠨᠡᠩ ᠴᠤ᠌ ᠬᠠᠶ᠋ᠢᠷ᠎ᠠ᠎ᠪᠠᠷ ᠲᠤᠳᠠᠭᠤᠯᠵᠦ ᠪᠣᠯᠬᠤ ᠦᠭᠡᠢ᠂
      2. ᠰᠤᠷᠭ᠋ᠠᠭᠤᠯᠢ ᠵᠢᠨ ᠬᠥᠮᠦᠵᠢᠯ
      ᠮᠡᠳᠡᠯᠭᠡ ᠵᠢᠨ ᠬᠥᠮᠦᠵᠢᠯ᠎ᠢ ᠭᠤᠣᠯᠳᠠᠭᠤ ᠰᠤᠷᠭ᠋ᠠᠭᠤᠯᠢ᠎ᠠᠴᠠ ᠪᠡᠶᠡᠯᠡᠭᠦᠯᠳᠡᠭ᠂ ᠰᠤᠷᠭ᠋ᠠᠭᠤᠯᠢ ᠵᠢᠨ ᠮᠡᠳᠡᠯᠭᠡ ᠵᠢᠨ ᠬᠥᠮᠦᠵᠢᠯ ᠪᠣᠯ ᠰᠢᠨᠵᠢᠯᠡᠭᠡᠨ᠎ᠤ ᠰᠠᠯᠠᠭ᠎ᠠ ᠵᠢ ᠴᠢᠩᠭ᠎ᠠ ᠵᠢᠷᠤᠮᠯᠠᠨ ᠠᠩᠭᠢᠯᠠᠭᠰᠠᠨ ᠬᠡᠰᠡᠭᠴᠢᠯᠡᠭᠰᠡᠨ ᠮᠡᠳᠡᠯᠭᠡ ᠪᠣᠯᠤᠨ᠎ᠠ᠃ ᠰᠣᠷᠣᠭᠰᠠᠨ ᠮᠡᠳᠡᠯᠭᠡ ᠪᠣᠯ ᠬᠠᠷᠢᠯᠴᠠᠨ ᠠᠭᠤᠰᠤᠯᠴᠠᠭᠰᠠᠨ ᠪᠦᠬᠦᠯᠢ ᠴᠣᠭᠴᠠ ᠵᠢᠨ ᠮᠡᠳᠡᠯᠭᠡ ᠪᠢᠰᠢ᠃ ᠰᠤᠷᠭ᠋ᠠᠭᠤᠯᠢ ᠵᠢᠨ ᠰᠤᠷᠭ᠋ᠠᠨ ᠬᠥᠮᠦᠵᠢᠯ᠎ᠳᠤ ᠬᠡᠳᠦ᠋ᠢ᠍ᠪᠡᠷ ᠬᠡᠪ ᠴᠢᠨᠠᠷ᠎ᠤᠨ ᠰᠤᠷᠭ᠋ᠠᠨ ᠬᠥᠮᠦᠵᠢᠯ᠎ᠢ ᠴᠢᠬᠤᠯᠠᠴᠢᠯᠠᠳᠠᠭ ᠪᠣᠯᠪᠠᠴᠤ ᠶᠡᠷᠦᠩᠬᠡᠶ᠎ᠳᠤ᠎ᠪᠠᠨ ᠪᠠᠭ᠎ᠠ ᠰᠤᠷᠭ᠋ᠠᠭᠤᠯᠢ᠎ᠠᠴᠠ ᠠ᠋ᠬᠢᠯᠡᠨ ᠮᠡᠳᠡᠯᠭᠡ ᠤᠯᠠᠮᠵᠢᠯᠠᠭ᠍ᠤ᠎ᠪᠠᠷ ᠭᠤᠣᠯ ᠪᠣᠯᠭ᠋ᠠᠵᠤ᠂ ᠰᠢᠯᠭ᠋ᠠᠯᠲᠠ ᠵᠢᠨ ᠰᠤᠷᠭ᠋ᠠᠨ ᠬᠥᠮᠦᠵᠢᠯ᠎ᠢ ᠴᠢᠬᠤᠯᠠᠴᠢᠯᠠᠳᠠᠭ᠃ ᠰᠤᠷᠭ᠋ᠠᠭᠤᠯᠢ ᠵᠢᠨ ᠰᠤᠷᠭ᠋ᠠᠨ ᠬᠥᠮᠦᠵᠢᠯ᠎ᠳᠤ ᠯᠢ ᠰᠢ ᠭᠦᠢ ᠪᠠᠭᠰᠢ᠄ 《ᠰᠤᠷᠤᠭᠴᠢᠳ᠎ᠢ ᠢᠯᠡᠭᠦᠦ ᠰᠠᠶ᠋ᠢᠰᠢᠶᠡᠵᠦ᠂ ᠲᠤᠳᠠᠭᠤ ᠰᠢᠭᠦᠮᠵᠢᠯᠡᠭᠦ》 ᠵᠢ ᠪᠠᠷᠢᠮᠳᠠᠯᠠᠭ᠍ᠤ ᠬᠡᠷᠡᠭᠲᠡᠶ᠃ ᠢᠯᠠᠩᠭᠤᠶ᠎ᠠ ᠦᠰᠦᠨ ᠪᠤᠶ᠋ᠢᠵᠢᠵᠤ ᠪᠠᠶ᠋ᠢᠭ᠎ᠠ ᠳᠤᠮᠳᠠᠳᠤ᠂ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠶᠠᠮᠠᠷ ᠨᠢᠭᠡᠨ ᠪᠠᠭᠰᠢ᠎ᠠᠴᠠ᠎ᠪᠠᠨ ᠤᠯᠤᠭᠰᠠᠨ ᠶᠠᠪ ᠴᠠᠪ ᠳᠣᠭᠢᠷᠬᠠᠰᠠᠨ ᠮᠠᠭᠲᠠᠭ᠋ᠠᠯ ᠰᠠᠶ᠋ᠢᠰᠢᠶᠠᠯ᠎ᠨᠢ ᠲᠡᠭᠦᠨ᠎ᠤ ᠠᠮᠢᠳᠤᠷᠠᠯ᠎ᠳᠤ ᠮᠠᠷᠲᠠᠭᠳᠠᠰᠢ ᠦᠭᠡᠢ ᠴᠢᠬᠤᠯᠠ ᠶᠡᠭᠡ ᠨᠥᠯᠥᠭᠡ ᠭᠠᠷᠭ᠋ᠠᠵᠦ ᠮᠡᠳᠡᠨ᠎ᠡ᠃ ᠭᠡᠪᠡᠴᠦ ᠬᠡᠲᠦᠷᠬᠡᠶ ᠮᠠᠭᠲᠠᠪᠠᠯ ᠪᠠᠰᠠ ᠠ᠋ᠰᠡᠷᠭᠦ ᠦᠢ᠍ᠯᠡᠳᠦᠯ ᠭᠠᠷᠭ᠋ᠠᠨ᠎ᠠ᠃ ᠣᠳᠣᠬᠠᠨ᠎ᠳᠤ ᠬᠡᠦᠬᠡᠳ᠎ᠢ ᠶᠡᠭᠡ᠎ᠪᠠᠷ ᠨᠦᠯᠦᠬᠡᠯᠡᠵᠦ ᠪᠠᠶ᠋ᠢᠭ᠎ᠠ᠎ᠨᠢ᠂ ᠪᠠᠭᠰᠢ ᠨᠠᠷ ᠶᠠᠮᠠᠷ ᠴᠤ᠌ ᠳᠦᠷᠢᠮ ᠭᠤᠷᠢᠮ ᠦᠭᠡᠢ᠂ ᠶᠠᠮᠠᠷ ᠴᠤ᠌ ᠦᠨᠳᠦᠰᠦ ᠪᠠᠷᠢᠮᠲᠠ ᠦᠭᠡᠢ᠎ᠪᠠᠷ ᠰᠤᠷᠤᠭᠴᠢᠳ᠎ᠢ ᠮᠠᠭᠲᠠᠵᠤ᠂ ᠰᠤᠷᠤᠭᠴᠢᠳ᠎ᠢ ᠪᠠᠭᠰᠢ ᠵᠢᠨ ᠵᠶ᠋ᠠᠨ ᠮᠠᠭᠲᠠᠭ᠍ᠤ ᠵᠢ ᠢᠲᠡᠭᠡᠬᠦ ᠦᠭᠡᠢ ᠪᠣᠯᠭ᠋ᠠᠵᠤ᠂ ᠪᠠᠭᠰᠢ᠎ᠨᠢ ᠲᠡᠳᠡᠨ᠎ᠢ 《ᠮᠡᠬᠡᠯᠡᠵᠦ ᠪᠠᠶ᠋ᠢᠨ᠎ᠠ》 ᠬᠡᠰᠡᠨ ᠪᠤᠳᠤᠯ ᠲᠦᠷᠦᠭᠳᠡᠭᠦᠯᠳᠡᠭ ᠪᠠᠶ᠋ᠢᠨ᠎ᠠ᠃ ᠦᠨᠡᠨ᠎ᠳᠤ᠎ᠪᠠᠨ ᠰᠤᠷᠤᠭᠴᠢᠳ᠎ᠤᠨ ᠡᠯ᠎ᠡ ᠵᠦᠢ᠍ᠯ᠎ᠤᠨ ᠰᠠᠶ᠋ᠢᠨ ᠰᠠᠶ᠋ᠢᠬᠠᠨ ᠦᠢ᠍ᠯᠡ ᠠᠵᠢᠯᠯᠠᠭ᠎ᠠ ᠵᠢ ᠪᠦᠷᠢᠮᠦᠰᠦᠨ ᠨᠣᠮᠯᠠᠯ ᠵᠶ᠋ᠠᠷ ᠬᠥᠮᠦᠵᠢᠭᠦᠯᠵᠦ ᠭᠠᠷᠭ᠋ᠠᠭᠰᠠᠨ ᠪᠢᠰᠢ᠂ ᠨᠡᠩ ᠴᠢᠬᠤᠯᠠ᠎ᠨᠢ ᠪᠠᠭᠰᠢ᠎ᠪᠠᠨ ᠳᠠᠭᠤᠷᠢᠶᠠᠭ᠍ᠤ ᠪᠤᠶᠤ ᠲᠡᠭᠦᠨ᠎ᠤ ᠰᠢᠳᠦᠨ ᠪᠢᠰᠢᠷᠡᠳᠡᠭ ᠬᠥᠮᠦᠨ᠎ᠢ ᠳᠠᠭᠤᠷᠢᠶᠠᠵᠤ ᠠᠭ᠋ᠠᠵᠢᠮ ᠵᠶ᠋ᠠᠷ ᠪᠦᠷᠢᠯᠳᠦᠭᠦᠯᠦᠭᠰᠡᠨ ᠶᠤᠮ᠃ ᠠ᠋ᠶ᠋ᠢᠮᠦ᠎ᠠᠴᠠ ᠰᠤᠷᠭ᠋ᠠᠭᠤᠯᠢ᠎ᠳᠤ ᠰᠤᠷᠤᠭᠴᠢᠳ᠎ᠢ ᠬᠥᠮᠦᠵᠢᠭᠦᠯᠬᠦ ᠰᠠᠶ᠋ᠢᠨ ᠰᠠᠶ᠋ᠢᠬᠠᠨ ᠰᠤᠷᠤᠯᠴᠠᠭ᠍ᠤ ᠠᠭᠤᠷ ᠠᠮᠢᠰᠬᠤᠯ᠎ᠢ ᠪᠤᠶ ᠪᠣᠯᠭ᠋ᠠᠬᠤ᠎ᠨᠢ ᠲᠦᠢ᠍ᠯ᠎ᠤᠨ ᠴᠢᠬᠤᠯᠠ ᠶᠤᠮ᠃ ᠣᠷᠴᠢᠨ ᠲᠣᠭᠤᠷᠢᠨ ᠪᠣᠯ ᠰᠠᠶᠢ ᠵᠢᠩᠬᠢᠨᠢ ᠬᠥᠮᠦᠨ᠎ᠢ ᠬᠥᠮᠦᠵᠢᠭᠦᠯᠬᠦ ᠪᠤᠳᠤᠭ᠎ᠤᠨ ᠰᠠᠪᠠ ᠮᠥᠨ᠃ ᠬᠥᠮᠦᠨ᠎ᠢ ᠬᠥᠮᠦᠵᠢᠭᠦᠯᠬᠦ᠎ᠳᠤ ᠠᠪᠴᠤ ᠬᠡᠯᠡᠪᠡᠯ ᠭᠡᠷ ᠪᠦᠯᠢ ᠵᠢᠨ ᠣᠷᠴᠢᠨ ᠲᠣᠭᠤᠷᠢᠨ᠂ ᠰᠤᠷᠭ᠋ᠠᠭᠤᠯᠢ ᠵᠢᠨ ᠣᠷᠴᠢᠨ ᠲᠣᠭᠤᠷᠢᠨ᠂ ᠨᠡᠶ᠋ᠢᠭᠡᠮ᠎ᠤᠨ ᠣᠷᠴᠢᠨ ᠲᠣᠭᠤᠷᠢᠨ ᠪᠦᠷ ᠮᠠᠰᠢ ᠴᠢᠬᠤᠯᠠ ᠪᠠᠶ᠋ᠢᠳᠠᠭ᠂ ᠬᠡᠷᠪᠡ ᠶᠠᠮᠠᠷ ᠨᠢᠭᠡᠨ ᠬᠡᠰᠡᠭ᠎ᠲᠤ ᠠᠰᠠᠭᠤᠳᠠᠯ ᠭᠠᠷᠪᠠᠯ ᠬᠥᠮᠦᠨ᠎ᠤ ᠦᠵᠡᠯ ᠰᠠᠨᠠᠭ᠎ᠠ᠂ ᠦᠢ᠍ᠯᠡ ᠠᠵᠢᠯᠯᠠᠭ᠎ᠠ᠎ᠳᠤ ᠭᠦᠨ ᠭᠦᠨᠵᠡᠭᠡᠶ ᠨᠥᠯᠥᠭᠡ ᠦᠵᠡᠭᠦᠯᠬᠦ ᠪᠣᠯᠤᠨ᠎ᠠ᠃
      3. ᠨᠡᠶ᠋ᠢᠭᠡᠮ᠎ᠤᠨ ᠬᠥᠮᠦᠵᠢᠯ
      ᠨᠢᠭᠡ ᠨᠡᠶ᠋ᠢᠭᠡᠮ᠎ᠤᠨ ᠪᠦᠬᠦᠯᠢ ᠴᠣᠭᠴᠠ᠎ᠨᠢ ᠰᠠᠶ᠋ᠢᠨ ᠪᠣᠯ ᠲᠡᠭᠦᠨ᠎ᠤ ᠪᠦᠭᠦᠢ ᠯᠡ ᠠᠷᠠᠳ ᠢᠷᠭᠡᠳ᠎ᠤᠨ ᠬᠡᠪ ᠴᠢᠨᠠᠷ᠎ᠨᠢ ᠳᠠᠷᠤᠶ ᠨᠡᠯᠢᠶᠡᠳ ᠰᠠᠶ᠋ᠢᠨ ᠭᠡᠳᠡᠭ᠎ᠢ ᠪᠢᠳᠡ ᠪᠦᠷ ᠮᠡᠳᠡᠨ᠎ᠡ᠃ ᠢᠤᠢ ᠮᠢᠨ ᠬᠤᠩ ᠬᠡᠯᠡᠬᠦ᠎ᠳᠤ          ᠎ᠪᠠᠨ᠄ 《ᠪᠦᠭᠦᠢ ᠯᠡ ᠨᠡᠶ᠋ᠢᠭᠡᠮ᠎ᠤᠨ ᠰᠢᠰᠲ᠋ᠧᠮ ᠪᠣᠯ ᠬᠥᠮᠦᠰ᠎ᠢ ᠰᠤᠷᠭ᠋ᠠᠨ ᠬᠥᠮᠦᠵᠢᠭᠦᠯᠬᠦ ᠨᠢᠭᠡᠨ ᠶᠡᠭᠡ ᠪᠤᠳᠤᠭ᠎ᠤᠨ ᠭᠠᠩ ᠮᠥᠨ᠃ ᠠ᠋ᠨᠡ ᠪᠤᠳᠤᠭ᠎ᠤᠨ ᠭᠠᠩ᠎ᠳᠤ ᠲᠠᠯᠪᠢᠭᠰᠠᠨ᠎ᠤ ᠳᠠᠷᠠᠭ᠎ᠠ᠂ ᠬᠡᠷᠪᠡ ᠲᠡᠭᠦᠨ᠎ᠤ ᠪᠦᠭᠦᠢ ᠯᠡ ᠪᠤᠳᠤᠭ᠎ᠤᠨ ᠭᠠᠩ᠎ᠨᠢ ᠨᠣᠭᠤᠭ᠋ᠠᠨ ᠦᠩᠭᠡ᠎ᠲᠠᠢ ᠪᠤᠯ ᠴᠢ ᠨᠣᠭᠤᠭ᠋ᠠᠨ ᠦᠩᠭᠡ᠎ᠲᠠᠢ᠃ ᠬᠡᠷᠪᠡ ᠤᠯᠠᠭ᠋ᠠᠨ ᠦᠩᠭᠡ᠎ᠲᠠᠢ ᠪᠤᠯ ᠴᠢ ᠤᠯᠠᠭ᠋ᠠᠨ ᠦᠩᠭᠡ᠎ᠲᠠᠢ᠃ ᠠᠯᠢᠪᠠ ᠰᠤᠷᠭ᠋ᠠᠨ ᠬᠥᠮᠦᠵᠢᠯ᠎ᠤᠨ ᠰᠢᠰᠲ᠋ᠧᠮ᠎ᠨᠢ ᠪᠦᠷ ᠨᠡᠶ᠋ᠢᠭᠡᠮ᠎ᠤᠨ ᠪᠠᠶ᠋ᠢᠭᠤᠯᠤᠯ᠎ᠳᠤ ᠰᠠᠭᠤᠷᠢᠯᠠᠳᠠᠭ ᠶᠤᠮ᠃ ᠨᠡᠶ᠋ᠢᠭᠡᠮ᠎ᠤᠨ ᠪᠠᠶ᠋ᠢᠭᠤᠯᠤᠯ᠎ᠤᠨ ᠰᠠᠶ᠋ᠢᠨ ᠮᠠᠭᠤ᠎ᠨᠢ ᠦᠨᠡᠨ᠎ᠳᠤ᠎ᠪᠠᠨ ᠮᠠᠨ᠎ᠤ ᠪᠦᠭᠦᠢ ᠯᠡ ᠰᠤᠷᠭ᠋ᠠᠨ ᠬᠥᠮᠦᠵᠢᠯ᠎ᠤᠨ ᠰᠢᠰᠲ᠋ᠧᠮ ᠶᠠᠮᠠᠷ ᠶᠠᠩᠵᠤ ᠵᠢᠨ ᠰᠠᠭᠤᠷᠢ ᠳᠡᠭᠡᠷ᠎ᠡ ᠣᠷᠣᠰᠢᠵᠤ ᠪᠠᠶ᠋ᠢᠬᠤ ᠵᠢ ᠲᠣᠭᠲᠠᠭ᠋ᠠᠳᠠᠭ ᠶᠤᠮ᠃ ᠬᠡᠷᠪᠡ ᠨᠡᠶ᠋ᠢᠭᠡᠮ᠎ᠨᠢ ᠪᠠᠭᠲᠠᠭ᠋ᠠᠮᠵᠢᠲᠠᠢ᠂ ᠠ᠋ᠶ᠎ᠡ ᠵᠣᠬᠢᠴᠠᠩᠭᠤᠢ᠂ ᠠ᠋ᠷᠬᠡ ᠲᠡᠭᠰᠢ ᠶᠤᠮ ᠪᠣᠯ ᠬᠥᠮᠦᠨ ᠪᠦᠬᠦᠨ ᠮᠠᠰᠢ ᠴᠠᠶ᠋ᠢᠯᠭ᠋ᠠᠨ ᠰᠡᠳᠬᠢᠯ᠎ᠲᠠᠢ᠂ ᠮᠠᠰᠢ ᠠ᠋ᠶ᠎ᠡ ᠨᠠᠶ᠋ᠢᠷᠰᠠᠭ ᠪᠣᠯᠤᠨ᠎ᠠ᠃
      4. ᠥᠪᠡᠷ᠎ᠢ᠎ᠪᠠᠨ ᠬᠥᠮᠦᠵᠢᠭᠦᠯᠬᠦ
      ᠹᠷᠠᠨᠼᠢ ᠵᠢᠨ ᠠᠯᠳᠠᠷᠲᠤ ᠰᠤᠷᠭ᠋ᠠᠨ ᠬᠦᠮᠦᠵᠢᠯᠳᠡᠨ ᠯᠦ᠍ ᠵᠢᠶᠦ᠋ᠨ ᠬᠡᠯᠡᠬᠦ᠎ᠳᠤ᠎ᠪᠠᠨ᠄ 《ᠭᠤᠷᠪᠠᠨ ᠵᠦᠢ᠍ᠯ᠎ᠤᠨ ᠰᠤᠷᠭ᠋ᠠᠨ ᠬᠥᠮᠦᠵᠢᠭᠦᠯᠬᠦ ᠠᠷᠭ᠎ᠠ᠎ᠨᠢ ᠬᠡᠦᠬᠡᠳ᠎ᠲᠤ ᠮᠠᠭᠤ ᠨᠥᠯᠥᠭᠡ ᠠᠪᠴᠢᠷᠠᠨ᠎ᠠ᠂ ᠲᠡᠳᠡᠭᠡᠷ᠎ᠨᠢ 〈ᠶᠤᠰᠤ           ᠶᠠᠷᠢᠬᠤ᠂ ᠠᠭᠤᠷᠯᠠᠭ᠍ᠤ᠂ ᠵᠣᠷᠢᠭᠤᠳᠠ ᠰᠡᠳᠬᠢᠯ ᠬᠥᠳᠡᠯᠬᠦ〉》 ᠪᠣᠯᠤᠨ᠎ᠠ᠃ ᠦᠨᠡᠨ᠎ᠳᠤ᠎ᠪᠠᠨ ᠰᠤᠷᠭ᠋ᠠᠨ           ᠬᠥᠮᠦᠵᠢᠯ᠎ᠤᠨ ᠬᠠᠮᠤᠭ᠎ᠤᠨ ᠳᠡᠭᠡᠳᠦ ᠬᠡᠮᠵᠢᠶ᠎ᠡ ᠪᠣᠯ ᠬᠡᠦᠬᠡᠳ᠎ᠢ ᠥᠪᠡᠷ᠎ᠢ᠎ᠪᠠᠨ ᠬᠥᠮᠦᠵᠢᠭᠦᠯᠬᠦ ᠵᠢ ᠰᠤᠷᠭ᠋ᠠᠬᠤ᠎ᠳᠤ ᠣᠷᠣᠰᠢᠨ᠎ᠠ᠃ ᠰᠦᠬᠤᠮᠯᠢᠨ᠋ᠰᠺᠢ ᠬᠡᠯᠡᠬᠦ᠎ᠳᠤ᠎ᠪᠠᠨ᠄ 《ᠭᠠᠭᠴᠠ ᠬᠦ᠌ ᠰᠤᠷᠤᠭᠴᠢᠳ᠎ᠤᠨ ᠥᠪᠡᠷ᠎ᠢ᠎ᠪᠠᠨ ᠬᠥᠮᠦᠵᠢᠭᠦᠯᠬᠦ ᠬᠥᠮᠦᠵᠢᠯ ᠬᠢᠬᠦ ᠵᠢ ᠤᠷᠮᠠᠰᠢᠭᠤᠯᠵᠤ ᠴᠢᠳᠠᠪᠠᠯ ᠰᠠᠶᠢ ᠵᠢᠩᠬᠢᠨᠢ ᠬᠥᠮᠦᠵᠢᠯ ᠪᠣᠯᠤᠨ᠎ᠠ》 ᠭᠡᠵᠡᠶ᠃ ᠠ᠋ᠭᠦᠨ᠎ᠠᠴᠠ ᠦᠵᠡᠬᠦ᠎ᠳᠤ᠂ ᠥᠪᠡᠷ᠎ᠢ᠎ᠪᠠᠨ ᠬᠥᠮᠦᠵᠢᠭᠦᠯᠬᠦ᠎ᠨᠢ ᠬᠥᠮᠦᠨ᠎ᠤ ᠦᠰᠦᠨ ᠪᠤᠶ᠋ᠢᠵᠢᠯᠲᠠ᠎ᠳᠤ ᠲᠦᠢ᠍ᠯ᠎ᠤᠨ ᠴᠢᠬᠤᠯᠠ ᠠᠴᠢ ᠬᠤᠯᠪᠣᠭᠳᠠᠯ᠎ᠲᠠᠢ ᠶᠤᠮ᠃ ᠠᠮᠵᠢᠯᠲᠠ᠎ᠲᠠᠢ ᠭᠡᠷ᠎ᠤᠨ ᠬᠥᠮᠦᠵᠢᠯ ᠪᠣᠯ ᠬᠡᠦᠬᠡᠳ᠎ᠢ ᠬᠠᠪᠰᠤᠷᠴᠤ ᠥᠪᠡᠷ᠎ᠢ᠎ᠪᠠᠨ ᠬᠥᠮᠦᠵᠢᠭᠦᠯᠬᠦ ᠴᠢᠳᠠᠪᠤᠷᠢ ᠵᠢ᠎ᠨᠢ ᠳᠡᠭᠡᠭᠰᠢᠯᠡᠭᠦᠯᠬᠦ ᠴᠢᠳᠠᠨ᠎ᠠ᠃ ᠰᠤᠷᠭ᠋ᠠᠭᠤᠯᠢ ᠵᠢᠨ ᠬᠥᠮᠦᠵᠢᠯ᠎ᠳᠤ ᠰᠤᠷᠤᠭᠴᠢᠳ᠎ᠤᠨ ᠥᠪᠡᠷ᠎ᠢ᠎ᠪᠠᠨ ᠬᠥᠮᠦᠵᠢᠭᠦᠯᠬᠦ ᠴᠢᠳᠠᠪᠤᠷᠢ ᠪᠠ ᠤᠬᠠᠮᠰᠠᠷ᠎ᠢ ᠴᠠᠭ ᠢᠮᠠᠭᠲᠠ ᠠᠩᠬᠠᠷᠬᠤ ᠬᠡᠷᠡᠭᠲᠡᠶ᠃
      ᠰᠤᠷᠭ᠋ᠠᠨ ᠬᠥᠮᠦᠵᠢᠯ᠎ᠨᠢ ᠦᠨᠡᠨ᠎ᠳᠤ᠎ᠪᠠᠨ ᠭᠤᠣᠯᠳᠠᠭᠤ ᠬᠥᠮᠦᠨ᠎ᠤ ᠭᠤᠷᠪᠠᠨ ᠲᠠᠯ᠎ᠠ ᠵᠢᠨ ᠴᠢᠳᠠᠪᠤᠷᠢ ᠵᠢ ᠬᠥᠮᠦᠵᠢᠭᠦᠯᠳᠡᠭ᠂ ① ᠪᠠᠶᠠᠰᠤᠩᠭᠤᠶ᠎ᠪᠠᠷ ᠲᠡᠭᠦᠯᠳᠡᠷᠵᠢᠵᠦ᠂ ᠰᠠᠶ᠋ᠢᠬᠠᠨ ᠰᠠᠨᠠᠭ᠎ᠠ᠎ᠪᠠᠷ ᠢᠳᠡᠪᠬᠢᠯᠡᠨ ᠲᠠᠪᠰᠢᠬᠤ ᠥᠪᠡᠷᠮᠢᠴᠡ ᠴᠢᠨᠠᠷ᠎ᠤᠨ ᠰᠤᠷᠭ᠋ᠠᠨ ᠬᠥᠮᠦᠵᠢᠯ ᠪᠣᠯᠤᠨ᠎ᠠ᠃ ② ᠶᠢᠷᠲᠢᠨᠴᠦ ᠵᠢ ᠬᠠᠶ᠋ᠢᠨ ᠰᠦᠪᠡᠭᠴᠢᠯᠡᠵᠦ᠂ ᠥᠪᠡᠷ᠎ᠢ᠎ᠪᠠᠨ ᠲᠡᠭᠦᠯᠳᠡᠷᠵᠢᠭᠦᠯᠵᠦ᠂ ᠮᠡᠳᠡᠯᠭᠡ ᠵᠢ ᠤᠶᠤᠨ ᠤᠬᠠᠭ᠋ᠠᠨ᠂ ᠭᠦᠨ ᠤᠬᠠᠭ᠋ᠠᠨ᠎ᠤ ᠳᠠᠪᠬᠤᠷᠭ᠎ᠠ᠎ᠳᠤ ᠬᠦᠷᠭᠡᠵᠦ᠂ ᠲᠡᠷᠡᠴᠢᠯᠡᠨ ᠥᠪᠡᠷ᠎ᠤᠨ ᠠᠮᠢ ᠨᠠᠰᠤ᠎ᠪᠠᠨ ᠵᠢᠯᠣᠭᠤᠳᠴᠤ ᠴᠢᠳᠠᠨ᠎ᠠ᠃ ③ ᠨᠢᠭᠡ ᠬᠥᠮᠦᠨ᠎ᠤ ᠨᠡᠶ᠋ᠢᠭᠡᠮ᠎ᠳᠤ ᠬᠤᠪᠢ ᠨᠡᠮᠡᠷᠢ ᠦᠵᠡᠭᠦᠯᠬᠦ ᠴᠢᠳᠠᠪᠤᠷᠢ ᠵᠢ ᠬᠥᠮᠦᠵᠢᠭᠦᠯᠦᠨ᠎ᠡ᠃ 
       ᠬᠤᠶᠠᠷ᠂ ᠮᠢᠨᠦ ᠨᠢᠳᠦᠨ᠎ᠳᠠᠬᠢ ᠰᠤᠷᠤᠭᠴᠢ
       ᠰᠤᠷᠤᠭᠴᠢ ᠨᠢᠭᠡ ᠪᠦᠷᠢ ᠴᠥᠮ ᠥᠪᠡᠷ᠎ᠤᠨ ᠵᠶ᠋ᠠᠨ ᠥᠪᠡᠷᠮᠢᠴᠡ ᠳᠠᠪᠠᠭᠤᠯᠢᠭ ᠲᠠᠯ᠎ᠠ ᠎ᠲᠠᠢ᠂ ᠠ᠋ᠶ᠋ᠢᠮᠦ᠎ᠠᠴᠠ ᠪᠠᠭᠰᠢ ᠵᠢᠨ ᠰᠡᠳᠬᠢᠯ᠎ᠳᠤ ᠮᠠᠭᠤ ᠰᠣᠷᠣᠭᠴᠢ ᠪᠠᠶ᠋ᠢᠵᠤ ᠪᠣᠯᠬᠤ ᠥᠬᠡᠶ᠃
      《ᠬᠡᠦᠬᠡᠳ᠎ᠤᠨ ᠲᠠᠯ᠎ᠠ᠎ᠠᠴᠠ ᠠᠰᠠᠭᠤᠳᠠᠯ᠎ᠢ ᠦᠵᠡᠬᠦ᠎ᠪᠠᠷ ᠤᠷᠤᠯᠳᠤᠪᠠᠯ ᠬᠡᠦᠬᠡᠳ᠎ᠤᠨ ᠨᠢᠳᠦᠨ᠎ᠳᠠᠬᠢ ᠶᠢᠷᠲᠢᠨᠴᠦ ᠠᠳᠠᠯᠢ ᠦᠭᠡᠢ ᠭᠡᠳᠡᠭ᠎ᠢ ᠮᠡᠳᠡᠵᠦ᠂ ᠬᠡᠦᠬᠡᠳ᠎ᠢ ᠣᠶ᠋ᠢᠯᠠᠭ᠋ᠠᠬᠤ ᠵᠢ ᠰᠤᠷᠴᠤ ᠴᠢᠳᠠᠨ᠎ᠠ》 ᠭᠡᠵᠦ ᠯᠢ ᠰᠢ ᠺᠦᠢ ᠪᠠᠭᠰᠢ ᠬᠡᠯᠡᠵᠦ ᠥᠩᠭᠡᠷᠡᠭᠰᠡᠨ ᠪᠢᠯᠡ᠃ ᠠ᠋ᠨᠡ ᠠᠰᠠᠭᠤᠳᠠᠯ᠎ᠢ ᠬᠡᠦᠬᠡᠳ᠎ᠤᠨ ᠲᠠᠯ᠎ᠠ᠎ᠠᠴᠠ ᠦᠵᠡᠬᠦ᠎ᠳᠤ ᠬᠡᠦᠬᠡᠳ᠎ᠤᠨ ᠨᠢᠳᠦᠨ᠎ᠳᠠᠬᠢ ᠶᠢᠷᠲᠢᠨᠴᠦ ᠠᠳᠠᠯᠢ ᠦᠭᠡᠢ ᠭᠡᠳᠡᠭ᠎ᠢ ᠮᠡᠳᠡᠵᠦ ᠪᠣᠯᠤᠨ᠎ᠠ᠃ ᠬᠡᠦᠬᠡᠳ᠎ᠤᠨ ᠭᠠᠷᠭ᠋ᠠᠭᠰᠠᠨ ᠠᠯᠳᠠᠭ᠎ᠠ᠎ᠨᠢ ᠶᠡᠷᠦ᠎ᠳᠤ᠎ᠪᠠᠨ 《ᠭᠤᠸ᠎ᠠ ᠰᠠᠶ᠋ᠢᠬᠠᠨ᠎ᠤ ᠠᠯᠳᠠᠭ᠎ᠠ》᠂ ᠥᠰᠦᠨ ᠪᠤᠶ᠋ᠢᠵᠢᠯᠲᠠ ᠵᠢᠨ ᠳᠤᠮᠳᠠᠬᠢ ᠵᠠᠶ᠋ᠢᠯᠠᠰᠢ ᠦᠭᠡᠢ ᠠᠯᠳᠠᠭ᠎ᠠ ᠪᠣᠯᠤᠨ᠎ᠠ᠃ ᠮᠠᠨ᠎ᠤ ᠠᠵᠢᠯ ᠲᠣᠮᠣ ᠬᠥᠮᠦᠨ᠎ᠤ ᠵᠣᠭᠰᠣᠯᠲᠠ᠎ᠳᠤ ᠵᠣᠭᠰᠣᠵᠤ᠂ ᠲᠣᠮᠣ ᠬᠥᠮᠦᠨ᠎ᠤ ᠬᠠᠷᠠᠭ᠋ᠠᠨ᠎ᠠᠴᠠ ᠬᠡᠦᠬᠡᠳ᠎ᠲᠤ ᠵᠦᠢ᠍ᠯ ᠵᠦᠢ᠍ᠯ᠎ᠤᠨ ᠱᠠᠭ᠋ᠠᠷᠳᠠᠯᠭ᠎ᠠ ᠳᠤᠷᠠᠳᠴᠤ᠂ ᠬᠠᠷᠠᠯᠲᠠ᠎ᠪᠠᠨ ᠲᠣᠭᠲᠠᠭ᠋ᠠᠨ᠂ ᠠᠯᠪᠠ᠎ᠪᠠᠷ ᠰᠤᠷᠲᠠᠯᠴᠢᠯᠠᠭ᠍ᠤ᠎ᠳᠤ ᠵᠠᠩᠰᠢᠳᠠᠭ᠂ ᠢᠩᠭᠢᠪᠡᠯ ᠥᠪᠡᠷᠮᠢᠴᠡ ᠴᠢᠨᠠᠷ ᠵᠶ᠋ᠠᠨ ᠠᠯᠳᠠᠭᠰᠠᠨ ᠬᠡᠦᠬᠡᠯᠳᠡᠢ ᠵᠢ ᠪᠦᠲᠦᠭᠡᠵᠦ᠂ ᠰᠤᠷᠤᠭᠴᠢᠳ᠎ᠤᠨ ᠰᠡᠳᠬᠢᠯ ᠰᠠᠨᠠᠭ᠎ᠠ ᠵᠢ ᠰᠡᠪᠲᠦᠭᠡᠵᠦ᠂ ᠴᠢᠨᠠᠭᠰᠢᠯᠠᠪᠠᠯ ᠨᠠᠰᠤᠨ ᠲᠤᠷᠰᠢᠳᠠ ᠵᠢᠨ ᠠ᠋ᠳᠡᠭᠡᠷᠡᠰᠢ ᠦᠭᠡᠢ ᠰᠢᠷᠬ᠎ᠠ ᠰᠣᠷᠪᠢ ᠵᠢ ᠪᠣᠢ ᠪᠣᠯᠭ᠋ᠠᠨ᠎ᠠ᠃
      ᠪᠠᠭ᠎ᠠ ᠰᠤᠷᠭ᠋ᠠᠭᠤᠯᠢ ᠵᠢᠨ ᠰᠤᠷᠤᠭᠴᠢ ᠵᠢᠨ ᠨᠡᠶ᠋ᠢᠲᠡᠯᠢᠭ ᠤᠨᠴᠠᠯᠢᠭ ᠪᠣᠯ ᠠᠰᠪᠤᠷ ᠴᠠᠭ᠋ᠠᠪᠤᠷ᠂ ᠳᠠᠭᠤᠷᠢᠶᠠᠭ᠍ᠤ ᠴᠢᠨᠠᠷ ᠵᠶ᠋ᠠᠷ ᠴᠢᠩᠭ᠎ᠠ᠂ ᠴᠣᠪᠣᠭᠤ ᠳᠡᠭᠵᠢᠨ᠂ ᠰᠣᠨᠢᠭᠤᠴᠢ ᠵᠠᠩ᠎ᠲᠠᠢ᠂ ᠠᠯᠢᠶ᠎ᠠ ᠳᠡᠭᠵᠢᠨ ᠪᠠᠶ᠋ᠢᠳᠠᠭ ᠪᠥᠭᠡᠳ ᠠᠩᠭᠢ ᠵᠢᠨ ᠠ᠋ᠷᠬᠢᠯᠡᠭᠴᠢ ᠪᠠᠭᠰᠢ᠎ᠪᠠᠨ ᠮᠠᠰᠢ ᠢᠲᠡᠭᠡᠳᠡᠭ᠃ ᠪᠢᠳᠡ ᠬᠡᠦᠬᠡᠳ᠎ᠢ ᠰᠤᠷᠭ᠋ᠠᠬᠤ᠎ᠳᠤ᠎ᠪᠠᠨ ᠠ᠋ᠳᠡᠭᠡᠷ ᠣᠨᠴᠠᠯᠢᠭ᠎ᠢ᠎ᠨᠢ ᠪᠣᠳᠣᠯᠬᠢᠯᠠᠭ᠍ᠤ ᠬᠡᠷᠡᠭᠲᠡᠶ᠃ ᠪᠠᠭᠰᠢ ᠦᠨᠡᠨ ᠰᠡᠳᠬᠢᠯ᠎ᠠᠴᠠ᠎ᠪᠠᠨ ᠬᠡᠦᠬᠡᠳ᠎ᠤᠳ᠎ᠲᠤ ᠠᠰᠪᠤᠷ ᠴᠠᠭ᠋ᠠᠪᠤᠷ ᠬᠠᠨᠳᠤᠵᠤ᠂ ᠬᠡᠦᠬᠡᠳ᠎ᠢ ᠪᠢᠳᠡᠨ᠎ᠳᠤ ᠢᠲᠡᠭᠡᠯ ᠠᠯᠳᠠᠭᠤᠯᠵᠤ ᠪᠣᠯᠬᠤ ᠦᠭᠡᠢ᠃ ᠮᠠᠨ᠎ᠤ ᠠᠩᠭᠢ ᠵᠢᠨ ᠰᠤᠷᠤᠭᠴᠢ ᠬᠤᠶᠠᠳᠤᠭ᠋ᠠᠷ ᠣᠨ ᠪᠠᠶ᠋ᠢᠬᠤ᠎ᠳᠤ ᠮᠢᠨᠦ ᠬᠢᠴᠢᠶᠡᠯ ᠲᠡᠭᠡᠷ᠎ᠡ ᠨᠢᠭᠡ × × ᠭᠡᠳᠡᠭ ᠰᠤᠷᠤᠭᠴᠢ ᠲᠤᠶ᠋ᠢᠯ᠎ᠤᠨ ᠤᠷᠮ᠎ᠠ ᠮᠠᠭᠤᠳᠠᠢ᠂ ᠠᠩᠬᠠᠷᠤᠯ ᠲᠦᠪᠯᠡᠷᠡᠵᠦ ᠦᠭᠭᠦ ᠦᠬᠡᠢ ᠪᠠᠶ᠋ᠢᠯ᠎ᠠ᠃ ᠲᠡᠷᠡ ᠰᠤᠷᠤᠭᠴᠢ ᠠ᠋ᠩ᠎ᠤᠨ ᠦᠶ᠎ᠡ᠎ᠳᠤ ᠬᠢᠴᠢᠶᠡᠯ ᠳᠡᠭᠡᠷ᠎ᠡ ᠲᠤᠩ ᠪᠠᠶᠠᠷ ᠬᠦᠷ ᠎ᠲᠠᠢ᠂ ᠤᠷᠮ᠎ᠠ ᠵᠤᠷᠢᠭ᠎ᠲᠠᠢ ᠪᠠᠶ᠋ᠢᠳᠠᠭ᠃ ᠠ᠋ᠨᠡ ᠪᠠᠶ᠋ᠢᠳᠠᠯ᠎ᠢ ᠦᠵᠡᠬᠡᠳ ᠪᠢ ᠲᠡᠷᠬᠡᠳᠡ᠎ᠨᠢ ᠭᠦᠷᠭᠦ᠎ᠳᠤ ᠲᠡᠷᠡ ᠬᠥᠭᠡᠷᠦᠬᠦᠨ ᠬᠠᠷᠠᠴᠠ᠎ᠪᠠᠷ ᠨᠠᠮ᠎ᠠ ᠵᠢ ᠰᠢᠷᠲᠡᠨ᠄ 《ᠪᠠᠭᠰᠢ ᠡ᠂ ᠥᠨᠥᠳᠦᠷ ᠬᠢᠴᠢᠶᠡᠯ ᠪᠠᠭᠤᠭᠰᠠᠨ᠎ᠤ ᠲᠠᠷᠠᠭ᠎ᠠ ᠮᠠᠨ᠎ᠤ ᠭᠡᠷ᠎ᠲᠤ ᠣᠴᠢᠵᠤ ᠪᠣᠯᠬᠤ ᠦᠦ? ᠮᠢᠨᠦ ᠠᠪᠤ ᠡᠵᠢ ᠬᠡᠷᠡᠯᠳᠤᠬᠡᠳ ᠠᠪᠤ ᠪᠠᠰᠠ ᠡᠵᠢ ᠵᠢ ᠴᠤᠬᠢᠭᠰᠠᠨ᠂ ᠲᠠ ᠠᠪᠤ ᠵᠢ ᠨᠢᠭᠡ ᠰᠠᠶ᠋ᠢᠨ ᠵᠠᠩᠨᠠᠭ᠋ᠠᠳ ᠠᠯᠢ!》 ᠭᠡᠵᠦ ᠭᠤᠶᠤᠪᠠ᠃ ᠪᠢ ᠬᠡᠦᠬᠡᠳ᠎ᠤᠨ ᠠ᠋ᠨᠡ           ᠭᠦ᠌ ᠠᠰᠪᠤᠷ ᠴᠠᠭ᠋ᠠᠪᠤᠷ᠂ ᠢᠳᠡᠬᠡᠵᠦ ᠨᠠᠶ᠋ᠢᠳᠠᠭᠰᠠᠨ ᠦᠬᠡ ᠵᠢ ᠰᠤᠨᠤᠰᠤᠭ᠋ᠠᠳ ᠲᠡᠭᠦᠨ᠎ᠤ ᠱᠠᠭ᠋ᠠᠷᠳᠠᠯᠭ᠎ᠠ ᠵᠢ ᠵᠥᠪᠰᠢᠶᠡᠷᠡᠪᠡ᠃ ᠤᠷᠤᠢ ᠬᠢᠴᠢᠶᠡᠯ ᠪᠠᠭᠤᠬᠤ ᠦᠶ᠎ᠡ᠎ᠳᠤ ᠠᠪᠤ᠎ᠨᠢ ᠲᠡᠭᠦᠨ᠎ᠢ ᠲᠤᠰᠬᠤ᠎ᠪᠠᠷ ᠢᠷᠡᠪᠠ᠃ ᠪᠢ ᠲᠡᠭᠦᠨ᠎ᠢ ᠬᠠᠷᠠᠭ᠍ᠤ᠎ᠳᠤ ᠠᠪᠤ ᠵᠢᠨ ᠵᠶ᠋ᠠᠨ ᠭᠠᠷ᠎ᠠᠴᠠ ᠬᠥᠲᠥᠯᠵᠦ᠂ ᠤᠷᠤᠭᠰᠢ ᠶᠠᠪᠤᠬᠤ ᠵᠢᠨ ᠳᠠᠭ᠋ᠠᠤ ᠬᠤᠶ᠋ᠢᠰᠢ ᠠ᠋ᠷᠬᠢᠵᠦ ᠨᠠᠮ᠎ᠠ ᠵᠢ ᠪᠠᠶ᠋ᠢᠨ ᠪᠠᠶ᠋ᠢᠨ ᠬᠠᠷᠠᠵᠤ᠂ ᠨᠢᠳᠦ᠎ᠪᠠᠷ ᠵᠶ᠋ᠠᠨ 《ᠠᠪᠤ ᠵᠢ ᠵᠠᠩᠨᠠᠵᠦ ᠦᠭᠭᠦᠨ᠎ᠠ ᠦᠦ?》 ᠬᠡᠵᠦ ᠬᠡᠯᠡᠵᠦ ᠪᠠᠶ᠋ᠢᠬᠤ᠎ᠨᠢ ᠦᠨᠡᠬᠡᠷ ᠦᠷᠦ ᠡᠪᠡᠳᠤᠮᠡᠷ ᠭᠦᠬᠡᠷᠦᠭᠦᠨ ᠪᠠᠶ᠋ᠢᠯ᠎ᠠ᠃ ᠪᠢ ᠲᠡᠶ᠋ᠢᠮᠦ ᠤᠯᠠᠨ ᠬᠡᠦᠬᠡᠳ᠎ᠤᠨ ᠠ᠋ᠮᠦᠨ᠎ᠡ ᠠᠪᠤ ᠵᠢ᠎ᠨᠢ ᠬᠡᠯᠡᠬᠦ᠎ᠠᠴᠠ᠎ᠪᠠᠨ ᠵᠤᠪᠠᠵᠦ᠂ ᠶᠠᠭᠤ ᠴᠦ᠍ ᠲᠤᠤᠭ᠋ᠠᠷᠴᠦ ᠴᠢᠳᠠᠭᠰᠠᠨ ᠦᠬᠡᠢ᠂ ᠭᠡᠷ ᠎ᠲᠤ᠎ᠪᠠᠨ ᠬᠠᠷᠢᠬᠤ ᠵᠠᠮ᠎ᠳᠤ᠎ᠪᠠᠨ ᠰᠤᠢ᠍ᠬᠤᠮᠯᠢᠨ᠋ᠰᠺᠢ ᠵᠢᠨ 《ᠪᠠᠭᠰᠢ ᠨᠠᠷ᠎ᠲᠤ ᠥᠭᠭᠦᠭᠰᠡᠨ ᠰᠠᠨᠠᠭᠤᠯᠭ᠎ᠠ》᠎ᠤᠨ ᠲᠤᠳᠤᠷᠠᠬᠢ 《ᠬᠠᠮᠤᠭ᠎ᠤᠨ ᠠ᠋ᠷᠬᠢᠮ ᠨᠠᠨᠳᠢᠨ ᠠ᠋ᠳ᠋ ᠬᠦᠷᠦᠩᠭᠡ᠎ᠪᠠᠨ ᠬᠠᠶ᠋ᠢᠷᠠᠯᠠᠭ᠍ᠤ ᠰᠢᠬ ᠵᠶ᠋ᠠᠷ ᠬᠡᠦᠬᠡᠳ᠎ᠤᠨ ᠢᠲᠡᠭᠡᠯ᠎ᠢ ᠬᠠᠶ᠋ᠢᠷᠠᠯᠠᠨ ᠬᠠᠮᠠᠭ᠋ᠠᠯᠠᠭ᠍ᠤ           ᠬᠡᠷᠡᠭᠲᠡᠶ》 ᠭᠡᠰᠡᠨ ᠦᠭᠡ ᠵᠢ ᠰᠠᠨᠠᠵᠤ ᠣᠯᠤᠭᠰᠠᠨ ᠶᠤᠮ᠃ ᠢᠩᠬᠢᠬᠡᠳ ᠪᠢ ᠭᠡᠷ᠎ᠲᠤ᠎ᠪᠠᠨ ᠬᠠᠷᠢᠭᠰᠠᠨ᠎ᠤ ᠳᠠᠷᠠᠭ᠎ᠠ ᠲᠡᠭᠦᠨ᠎ᠤ ᠠᠪᠤ ᠡᠵᠢ᠎ᠳᠤ ᠨᠢᠭᠡ ᠬᠤᠪᠢ ᠵᠠᠬᠢᠳᠠᠯ ᠪᠢᠴᠢᠵᠦ ᠥᠭᠬᠦ᠎ᠪᠠᠷ ᠰᠢᠢ᠍ᠳᠪᠡ᠃ ᠵᠠᠬᠢᠳᠠᠯ᠎ᠳᠤ᠎ᠪᠠᠨ᠄
      《ᠦᠳᠡ ᠵᠢᠨ ᠬᠤᠶ᠋ᠢᠨ᠎ᠠ ᠭᠦᠦ ᠴᠢᠨᠢ ᠮᠠᠰᠢ ᠤᠷᠮ᠎ᠠ ᠦᠬᠡᠢ ᠪᠠᠶ᠋ᠢᠯ᠎ᠠ᠃ ᠲᠠᠨ᠎ᠤ ᠬᠤᠶᠠᠷ᠎ᠢ ᠦᠳᠠ᠎ᠳᠤ ᠬᠡᠷᠡᠭᠦᠯ ᠬᠢᠯ᠎ᠠ ᠬᠡᠳ ᠨᠠᠳᠠ᠎ᠳᠤ ᠶᠠᠷᠢᠭ᠋ᠠᠳ ᠨᠢᠳᠦ ᠲᠦᠭᠦᠷᠠᠩ ᠨᠢᠯᠪᠤᠰᠤ ᠪᠦᠮᠪᠦᠷᠢᠭᠦᠯᠵᠦ ᠪᠠᠶ᠋ᠢᠯ᠎ᠠ᠃ ᠲᠡᠷᠡ ᠮᠦᠷᠳᠡᠭᠡᠨ 〈ᠨᠠᠮ᠎ᠠ ᠵᠢ ᠬᠡᠷ᠎ᠲᠤ ᠤᠴᠢᠭ᠋ᠠᠳ ᠠᠪᠤ ᠵᠢ ᠰᠠᠶ᠋ᠢᠨ ᠵᠠᠩᠨᠠᠭ᠋ᠠᠳ ᠠᠯᠢ!〉 ᠬᠡᠵᠦ ᠭᠤᠶᠤᠵᠦ           ᠪᠠᠶ᠋ᠢᠯ᠎ᠠ᠃ ᠭᠦᠦ ᠵᠢᠨ ᠴᠢᠨᠢ ᠲᠡᠷᠡ ᠭᠦ᠌ ᠨᠢᠯᠪᠦᠰᠦᠳᠠᠢ ᠨᠢᠳᠦ᠂ ᠨᠠᠮ᠎ᠠ ᠵᠢ ᠭᠤᠶᠤᠭᠰᠠᠨ ᠦᠭᠡ᠂ ᠬᠠᠷᠠᠴᠨ           ᠪᠦᠭᠦᠨ ᠦᠨᠡᠬᠡᠷ ᠭᠦᠬᠡᠷᠦᠭᠦᠢ ᠁ ᠲᠡᠶ᠋ᠢᠮᠦ ᠯᠠ ᠴᠠᠭ᠋ᠠᠪᠤᠷ᠂ ᠲᠡᠶ᠋ᠢᠮᠦ ᠯᠠ ᠦᠨᠡᠨᠴᠢ ᠁ ᠭᠦᠬᠡᠷᠦᠭᠦᠨ ᠪᠠᠶ᠋ᠢᠯ᠎ᠠ᠃ ᠭᠦᠦ ᠵᠢ ᠴᠢᠨᠢ ᠪᠢ ᠰᠡᠳᠬᠢᠯ᠎ᠠᠴᠠ᠎ᠪᠠᠨ ᠬᠠᠶ᠋ᠢᠷᠠᠯᠠᠵᠦ ᠦᠷᠦ ᠡᠪᠡᠳᠤᠯ᠎ᠠ᠃ ᠬᠡᠤᠬᠡᠳ᠎ᠤᠨ ᠰᠡᠳᠬᠢᠯ ᠬᠡᠵᠦ ᠮᠠᠰᠢ ᠨᠢᠯᠠᠭᠰᠠᠭ᠂ ᠠ᠋ᠮᠵᠡᠭᠬᠡᠨ ᠪᠠᠶ᠋ᠢᠳᠠᠭ ᠪᠤᠯᠬᠤᠷ ᠮᠢᠨᠦ ᠬᠤᠶᠠᠷ ᠲᠡᠭᠦᠦ ᠠᠭᠤᠷ ᠤᠮᠤᠭ ᠵᠶ᠋ᠠᠨ ᠲᠠᠷᠤᠵᠦ᠂ ᠪᠢᠳᠡᠬᠡᠢ ᠬᠡᠷᠡᠭᠦᠯ ᠴᠤᠤᠬᠢᠶᠠᠨ ᠬᠢᠬᠡᠷᠠᠢ! ᠭᠦᠬᠡᠷᠦᠭᠦᠨ ᠴᠤᠪᠤᠭᠤ ᠬᠡᠤᠬᠡᠳ᠎ᠤᠨ ᠰᠡᠳᠬᠢᠯ᠎ᠳᠤ ᠪᠢᠳᠡᠬᠡᠢ ᠰᠢᠷᠬ᠎ᠠ ᠰᠤᠷᠪᠢ ᠦᠯᠡᠳᠡᠭᠡᠷᠠᠢ᠃ ᠭᠦᠦ ᠴᠢᠨᠢ ᠭᠦᠮᠤᠨ ᠪᠦᠭᠦᠨ᠎ᠤ ᠬᠠᠶ᠋ᠢᠷ᠎ᠠ ᠵᠢ ᠲᠠᠳᠠᠭᠰᠠᠨ ᠮᠠᠰᠢ ᠬᠠᠶ᠋ᠢᠷᠠᠯᠠᠯᠳᠠᠢ ᠭᠦᠬᠡᠷᠦᠭᠦᠨ ᠭᠦᠦ ᠰᠢᠦ᠂ ᠭᠦᠬᠡᠷᠦᠭᠦᠨ ᠭᠦᠦ ᠵᠢᠨ ᠵᠶ᠋ᠠᠨ ᠲᠦᠯᠦᠭᠡ ᠮᠢᠨᠦ ᠬᠤᠶᠠᠷ ᠲᠡᠭᠦᠦ ᠬᠡᠷᠡᠭᠦᠯ ᠤᠷᠤᠭᠤᠯ ᠦᠬᠡᠢ ᠰᠠᠶ᠋ᠢᠬᠠᠨ ᠠᠮᠢᠳᠤᠷᠠᠭ᠋ᠠᠷᠠᠢ! ᠲᠠᠨ᠎ᠤ ᠭᠡᠷ ᠪᠦᠯᠢ᠎ᠳᠤ ᠠᠵᠠ ᠵᠢᠷᠭ᠋ᠠᠯ ᠭᠦᠰᠡᠶ᠎ᠠ!》 ᠬᠡᠵᠦ ᠪᠢᠴᠢᠬᠡᠳ ᠶᠠᠪᠤᠭᠤᠯᠬᠤ᠎ᠳᠤ ᠠᠪᠤ ᠡᠵᠢ᠎ᠨᠢ ᠲᠤᠤᠷ᠎ᠠ᠎ᠪᠠᠨ ᠨᠠᠳᠠ ᠤᠳᠠᠰᠤ ᠢᠷᠡᠵᠦ᠂ ᠭᠦᠦ ᠵᠢᠨ ᠵᠶ᠋ᠠᠨ ᠬᠠᠵᠠᠭᠤᠳᠠ ᠲᠠᠬᠢᠵᠦ ᠬᠡᠷᠡᠭᠦᠯ ᠬᠢᠭᠦ ᠦᠬᠡᠢ ᠬᠡᠵᠦ ᠬᠡᠯᠡᠭᠰᠡᠨ ᠮᠦᠷᠳᠡᠭᠡᠨ ᠮᠠᠷᠭ᠋ᠠᠰᠢ᠎ᠨᠢ ᠲᠡᠷᠡ ᠰᠤᠷᠤᠭᠴᠢ
      《ᠪᠠᠭᠰᠢ᠂ ᠠᠪᠤ ᠡᠵᠢ᠎ᠳᠤ ᠵᠠᠬᠢᠳᠠᠯ ᠪᠢᠴᠢᠵᠦ ᠵᠠᠩᠨᠠᠭᠰᠠᠨ᠎ᠠᠴᠠ ᠠᠪᠤ ᠡᠵᠢ ᠰᠠᠶ᠋ᠢᠨ ᠪᠤᠯᠤᠭᠰᠠᠨ᠂ ᠪᠠᠭᠰᠢ᠎ᠳᠤ᠎ᠪᠠᠨ ᠪᠠᠶᠠᠷᠯᠠᠯ᠎ᠠ!》 ᠭᠡᠵᠦ ᠪᠠᠶᠠᠷᠳᠠᠢ ᠶᠠᠷᠢᠵᠦ ᠪᠠᠶ᠋ᠢᠯ᠎ᠠ᠃
      ᠬᠥᠮᠦᠨ ᠨᠢᠭᠡ ᠪᠦᠷᠢ ᠵᠢᠨ ᠴᠡᠭᠡᠵᠢᠯᠡᠬᠦ ᠴᠢᠳᠠᠪᠤᠷᠢ᠂ ᠠᠵᠢᠭᠯᠠᠭ᠍ᠤ ᠴᠢᠳᠠᠪᠤᠷᠢ᠂ ᠠᠩᠬᠠᠷᠤᠯ ᠲᠦᠪᠯᠡᠷᠡᠭᠦ ᠴᠢᠳᠠᠪᠤᠷᠢ᠂ ᠢᠯᠡᠳᠬᠡᠭᠦ ᠴᠢᠳᠠᠪᠤᠷᠢ᠂ ᠯᠣᠭᠢᠭ ᠰᠡᠳᠬᠢᠬᠦᠶ᠂ ᠳᠠᠭᠤᠤ ᠬᠥᠭᠵᠢᠮ᠎ᠤᠨ ᠮᠡᠳᠡᠷᠡᠮᠵᠢ᠂ ᠣᠷᠣᠨ ᠵᠠᠶ ᠵᠢᠨ ᠲᠥᠰᠦᠭᠡᠯᠡᠨ ᠪᠤᠳᠤᠯᠳᠠ᠂ ᠪᠡᠶ᠎ᠡ ᠵᠢᠨ ᠲᠠᠮᠢᠷ᠎ᠤᠨ ᠬᠥᠳᠡᠯᠭᠡᠭᠡᠨ᠂ ᠬᠥᠮᠦᠰ᠎ᠤᠨ ᠬᠤᠭᠤᠷᠣᠨᠳᠣᠬᠢ ᠬᠠᠷᠢᠯᠴᠠᠭ᠎ᠠ᠂ ᠪᠦᠲᠦᠭᠡᠯᠴᠢ ᠴᠢᠳᠠᠪᠤᠷᠢ᠂ ᠵᠣᠬᠢᠶᠠᠨ ᠪᠠᠶ᠋ᠢᠭᠤᠯᠬᠤ ᠴᠢᠳᠠᠪᠤᠷᠢ᠂ ᠬᠡᠶ᠋ᠢᠰᠪᠦᠷᠢ ᠰᠡᠳᠬᠢᠬᠦᠶ ᠵᠡᠷᠭᠡ ᠴᠢᠳᠠᠪᠤᠷᠢ᠎ᠨᠢ ᠲᠥᠷᠥᠯᠬᠢ ᠵᠥᠷᠢᠶ᠎ᠡ᠎ᠲᠠᠢ ᠪᠠᠶ᠋ᠢᠳᠠᠭ᠎ᠢ ᠪᠢᠳᠡ ᠮᠡᠳᠡᠨ᠎ᠡ᠃ ᠳᠡᠯᠡᠬᠡᠶ ᠳᠡᠭᠡᠷ᠎ᠡ ᠶᠠᠮᠠᠷ ᠴᠤ᠌ ᠬᠥᠮᠦᠨ᠎ᠤ ᠣᠶᠣᠨ᠎ᠤ ᠴᠢᠳᠠᠪᠤᠷᠢ᠎ᠨᠢ ᠪᠦᠷ ᠥᠨᠳᠥᠷ ᠪᠢᠰᠢ᠃ ᠠ᠋ᠶ᠋ᠢᠮᠦ᠎ᠠᠴᠠ ᠪᠠᠭᠰᠢ ᠪᠤᠯᠤᠭᠰᠠᠳ ᠬᠡᠦᠬᠡᠳ᠎ᠤᠨ ᠣᠶᠣᠨ ᠴᠢᠳᠠᠪᠤᠷᠢ ᠵᠢᠨ ᠳᠠᠪᠠᠭᠤᠯᠢᠭ ᠪᠠ ᠤᠨᠴᠠᠭ᠋ᠠᠢ ᠴᠢᠳᠠᠪᠤᠷᠢ ᠵᠢ ᠠ᠋ᠷᠲᠡᠬᠡᠨ ᠢᠯᠡᠷᠡᠭᠦᠯᠵᠦ᠂ ᠬᠡᠤᠬᠡᠳ᠎ᠢ ᠢᠯᠡᠭᠦᠬᠡᠨ ᠵᠤᠷᠢᠬ᠍ᠵᠢᠭᠤᠯᠵᠦ᠂ ᠢᠳᠡᠬᠡᠯ ᠪᠢᠰᠢᠷᠠᠯ᠎ᠢ᠎ᠨᠢ ᠨᠡᠮᠡᠭᠳᠡᠭᠦᠯᠵᠦ ᠴᠢᠳᠠᠪᠠᠯ ᠨᠡᠩ ᠤᠯᠠᠨ ᠬᠡᠤᠬᠡᠳ᠎ᠢ ᠦᠨᠳᠤᠷ ᠠᠮᠵᠢᠯᠲᠠ᠎ᠳᠤ ᠭᠦᠷᠬᠡᠵᠦ ᠴᠢᠳᠠᠨ᠎ᠠ᠃
      ᠭᠤᠷᠪᠠ᠂ ᠮᠢᠨᠦ ᠨᠢᠳᠤᠨ᠎ᠳᠠᠬᠢ ᠵᠢᠭ᠋ᠠᠨ ᠰᠤᠷᠭ᠋ᠠᠯᠲᠠ
      ᠰᠤᠢ᠍ᠬᠤᠮᠯᠢᠨ᠋ᠰᠺᠢ᠄ 《ᠬᠢᠴᠢᠶᠡᠯ᠎ᠤᠨ ᠭᠠᠳᠠᠨᠠᠬᠢ ᠤᠩᠰᠢᠯᠭ᠎ᠠ ᠵᠢ ᠳᠦᠷᠰᠦᠯᠢᠭ ᠦᠭᠡ᠎ᠪᠠᠷ ᠬᠡᠯᠡᠪᠡᠯ᠂ ᠰᠡᠳᠬᠢᠨ ᠪᠣᠳᠣᠯᠬᠢᠯᠠᠳᠠᠭ ᠲᠣᠮᠣ ᠣᠩᠭᠤᠴᠠᠨ᠎ᠤ ᠠᠶᠠᠯᠠᠯ᠎ᠤᠨ ᠳᠠᠷᠪᠠᠭᠤᠯ ᠪᠣᠯᠬᠤ ᠪᠥᠭᠡᠳ ᠪᠠᠰᠠ ᠴᠤ᠌ ᠳᠠᠷᠪᠠᠭᠤᠯ ᠳᠡᠪᠢᠰᠦᠨ ᠤᠷᠤᠭᠰᠢᠯᠠᠭ᠍ᠤ ᠰᠠᠯᠬᠢ ᠪᠣᠯᠤᠨ᠎ᠠ᠂ ᠨᠣᠮ ᠤᠩᠰᠢᠬᠤ ᠦᠭᠡᠶ ᠪᠣᠯ ᠳᠠᠷᠪᠠᠭᠤᠯ ᠪᠠᠶ᠋ᠢᠬᠤ ᠦᠭᠡᠶ᠂ ᠰᠠᠯᠬᠢ ᠴᠤ᠌ ᠪᠠᠶ᠋ᠢᠬᠤ ᠦᠭᠡᠶ᠂ ᠨᠣᠮ ᠤᠩᠰᠢᠬᠤ ᠪᠣᠯ ᠳᠠᠷᠤᠶ ᠮᠡᠳᠡᠯᠭᠡ ᠵᠢᠨ ᠳᠠᠯᠠᠶ᠎ᠳᠤ ᠪᠡᠶ᠎ᠡ᠎ᠪᠠᠨ ᠳᠠᠭ᠋ᠠᠭ᠋ᠠᠵᠤ ᠠᠶᠠᠯᠠᠭ᠍ᠤ ᠵᠢ ᠬᠡᠯᠡᠨ᠎ᠡ》 ᠭᠡᠵᠦ ᠬᠡᠯᠡᠭᠰᠡᠨ ᠪᠠᠶ᠋ᠢᠳᠠᠭ᠃ ᠯᠢ ᠰᠢ ᠬᠦᠶ ᠪᠠᠭᠰᠢ᠄ 《ᠣᠷᠳᠣ ᠬᠤᠭᠤᠴᠠᠭ᠋ᠠᠨ᠎ᠤ ᠲᠤᠷᠰᠢ᠂ ᠲᠣᠭ᠋ᠠᠨ᠎ᠤ ᠤᠬᠠᠭ᠋ᠠᠨ᠂ ᠹᠢᠽᠢᠺ᠂ ᠬᠢᠮᠢ ᠵᠢᠨ ᠵᠢᠭ᠋ᠠᠨ ᠰᠤᠷᠭ᠋ᠠᠯᠲᠠ ᠵᠢᠨ ᠠᠷᠭ᠎ᠠ᠎ᠪᠠᠷ ᠬᠡᠯᠡ ᠪᠢᠴᠢᠭ᠎ᠤᠨ ᠬᠢᠴᠢᠶᠡᠯ᠎ᠢ ᠵᠢᠭ᠋ᠠᠪᠠᠯ ᠬᠡᠯᠡ ᠪᠢᠴᠢᠭ᠎ᠤᠨ ᠰᠤᠷᠤᠯᠴᠠᠯᠭ᠎ᠠ ᠵᠢᠨ ᠵᠢᠮ᠎ᠡ ᠶᠣᠰᠣ ᠵᠢ ᠬᠦᠨᠳᠦ ᠨᠣᠴᠢᠲᠠᠶ ᠵᠦᠷᠢᠴᠡᠨ᠎ᠠ᠃ ᠶᠡᠭᠡ ᠬᠡᠮᠵᠢᠶᠡᠨ᠎ᠤ ᠤᠶᠠᠩᠭ᠋ᠠᠯᠠᠨ ᠤᠩᠰᠢᠬᠤ᠂ ᠨᠢᠳᠤᠯᠡᠨ ᠤᠩᠰᠢᠬᠤ᠂ ᠮᠡᠳᠡᠷᠡᠮᠵᠢ ᠪᠤᠯᠤᠨ ᠤᠶ᠋ᠢᠯᠠᠭ᠋ᠠᠯᠳᠠ ᠦᠬᠡᠢ ᠪᠤᠯ ᠬᠡᠯᠡ ᠪᠢᠴᠢᠭ᠎ᠤᠨ ᠬᠢᠷᠢ ᠲᠦᠪᠰᠢᠨ᠎ᠨᠢ ᠲᠡᠬᠡᠭᠰᠢᠯᠡᠭᠦ ᠪᠤᠯᠤᠯᠴᠠᠭ᠎ᠠ ᠦᠬᠡᠢ》 ᠭᠡᠵᠡᠶ᠃ ᠲᠡᠶ᠋ᠢᠮᠦ ᠡ᠂ ᠮᠠᠨ᠎ᠤ ᠮᠣᠩᠭᠤᠯ ᠬᠡᠯᠡ ᠪᠢᠴᠢᠭ᠎ᠤᠨ ᠵᠢᠭ᠋ᠠᠨ ᠰᠤᠷᠭ᠋ᠠᠯᠲᠠ᠎ᠳᠤ ᠰᠣᠷᠣᠭᠰᠠᠨ ᠲᠡᠷᠡ ᠬᠡᠳᠦᠨ ᠬᠢᠴᠢᠶᠡᠯ᠎ᠤᠨ ᠳᠡᠪᠲᠡᠷ ᠲᠡᠳᠦᠶ᠃ ᠵᠢᠭ᠋ᠠᠬᠤ ᠠᠷᠭ᠎ᠠ᠎ᠨᠢ ᠬᠦᠨᠳᠦ ᠦᠭᠡᠰ᠎ᠢ ᠲᠠᠶ᠋ᠢᠯᠪᠤᠷᠢᠯᠠᠵᠤ᠂ ᠬᠢᠴᠢᠶᠡᠯ᠎ᠤᠨ ᠪᠢᠴᠢᠭ᠎ᠤᠨ ᠠᠭᠤᠯᠭ᠎ᠠ ᠵᠢ ᠲᠠᠶ᠋ᠢᠯᠪᠤᠷᠢᠯᠠᠵᠤ᠂ ᠵᠠᠷᠢᠮ᠎ᠳᠤ᠎ᠪᠠᠨ ᠲᠣᠯᠢ ᠪᠢᠴᠢᠭ ᠠ᠋ᠷᠢᠵᠦ ᠰᠤᠷᠤᠭᠴᠢᠳ᠎ᠲᠤ ᠬᠦᠨᠳᠦ ᠦᠭᠡᠰ᠎ᠤᠨ ᠬᠡᠳᠦᠨ ᠵᠦᠢ᠍ᠯ᠎ᠤᠨ ᠤᠳᠬ᠎ᠠ ᠠᠭᠤᠯᠭ᠎ᠠ ᠵᠢ ᠲᠠᠶ᠋ᠢᠯᠪᠤᠷᠢᠯᠠᠨ ᠥᠭᠴᠦ᠂ ᠰᠤᠷᠤᠭᠴᠢᠳ᠎ᠲᠤ ᠬᠦᠨᠳᠦ ᠦᠭᠡᠰ᠎ᠤᠨ ᠤᠳᠬ᠎ᠠ ᠠᠭᠤᠯᠭ᠎ᠠ ᠵᠢ ᠦᠬᠦᠮᠡᠯ ᠵᠶ᠋ᠠᠷ ᠴᠡᠭᠡᠵᠢᠯᠡᠭᠦᠯᠳᠡᠭ᠃ ᠢᠩᠬᠢᠵᠦ ᠵᠢᠭ᠋ᠠᠬᠤ᠎ᠨᠢ ᠰᠤᠷᠤᠭᠴᠢᠳ ᠪᠠᠷᠤᠭ ᠰᠣᠨᠣᠰᠴᠤ ᠪᠠᠷᠠᠮᠠᠭᠴᠠ ᠮᠠᠷᠲᠠᠴᠢᠬᠠᠳᠠᠭ᠃ ᠠ᠋ᠶ᠋ᠢᠮᠦ᠎ᠠᠴᠠ ᠪᠢᠳᠡ ᠬᠡᠦᠬᠡᠳ᠎ᠲᠤ 《ᠱᠠᠲᠤ ᠦᠶ᠎ᠡ ᠵᠢᠨ ᠤᠩᠰᠢᠯᠭ᠎ᠠ ᠵᠢᠨ ᠨᠣᠮ》᠎ᠢ ᠬᠠᠩᠭ᠋ᠠᠵᠤ᠂ ᠠᠳᠠᠯᠢ ᠪᠤᠰᠤ ᠣᠨ᠎ᠳᠤ ᠠᠳᠠᠯᠢ ᠪᠤᠰᠤ ᠨᠣᠮ ᠤᠩᠰᠢᠭᠤᠯᠵᠤ᠂ ᠠᠳᠠᠯᠢ ᠪᠤᠰᠤ ᠱᠠᠲᠤᠨ᠎ᠳᠤ ᠠᠳᠠᠯᠢ ᠪᠤᠰᠤ ᠵᠣᠬᠢᠶᠠᠯ ᠤᠩᠰᠢᠭᠤᠯᠪᠠᠯ ᠵᠣᠬᠢᠨ᠎ᠠ᠃ ᠬᠥᠮᠦᠨ᠎ᠤ ᠣᠶᠣᠨ ᠰᠠᠨᠠᠭ᠋ᠠᠨ᠎ᠤ ᠪᠤᠶ᠋ᠢᠵᠢᠯᠲᠠ ᠪᠠ ᠹᠢᠽᠢᠣᠯᠣᠭᠢ ᠵᠢᠨ ᠪᠤᠶ᠋ᠢᠵᠢᠯᠲᠠ ᠪᠣᠯ ᠠᠳᠠᠯᠢᠬᠠᠨ ᠶᠤᠮ᠂ 《ᠰᠢᠮ᠎ᠡ ᠲᠡᠵᠢᠭᠡᠯ》᠎ᠢ ᠬᠡᠷᠡᠭᠰᠡᠬᠦ ᠱᠠᠭ᠋ᠠᠷᠳᠠᠯᠭ᠎ᠠ᠎ᠨᠢ ᠴᠦ᠍ ᠱᠠᠲᠤ ᠬᠤᠪᠢᠶᠠᠵᠤ ᠪᠠᠶ᠋ᠢᠳᠠᠭ᠃ ᠬᠥᠮᠦᠨ ᠣᠨᠴᠠᠭ᠋ᠠᠶ ᠨᠠᠰᠤᠨ᠎ᠤ ᠦᠶ᠎ᠡ᠎ᠳᠤ᠎ᠪᠠᠨ ᠳᠠᠷᠤᠶ ᠣᠨᠴᠠᠭ᠋ᠠᠶ ᠨᠡᠷᠡᠲᠦ ᠬᠥᠮᠦᠰ᠎ᠤᠨ ᠨᠡᠷᠡᠲᠦ ᠪᠦᠲᠦᠭᠡᠯ᠎ᠢ ᠤᠩᠰᠢᠪᠠᠯ ᠵᠣᠬᠢᠨ᠎ᠠ᠃ ᠬᠡᠷᠪᠡ ᠠ᠋ᠨᠡ ᠬᠦ᠌ ᠤᠩᠰᠢᠯᠭ᠎ᠠ ᠵᠢᠨ ᠱᠠᠲᠤ᠎ᠪᠠᠨ ᠠᠯᠳᠠᠪᠠᠯ᠂ ᠲᠡᠳᠡ ᠤᠩᠰᠢᠯᠭ᠎ᠠ ᠵᠢᠨ ᠬᠦᠰᠡᠯ ᠵᠶ᠋ᠠᠨ ᠠᠯᠳᠠᠭ᠍ᠤ᠎ᠪᠠᠷ ᠪᠠᠷᠠᠭ᠍ᠤ ᠦᠭᠡᠢ ᠪᠠᠰᠠ ᠣᠨᠴᠠᠭ᠋ᠠᠶ ᠪᠤᠶ᠋ᠢᠵᠢᠯᠲᠠ ᠵᠢᠨ ᠱᠠᠲᠤᠨ᠎ᠳᠤ᠎ᠪᠠᠨ ᠬᠡᠷᠡᠭᠰᠡᠬᠦ ᠣᠶᠣᠨ ᠰᠠᠨᠠᠭ᠋ᠠᠨ᠎ᠤ ᠰᠢᠮ᠎ᠡ ᠲᠡᠵᠢᠭᠡᠯ᠎ᠢ ᠰᠢᠩᠭᠡᠭᠡᠨ ᠠᠪᠴᠤ ᠴᠢᠳᠠᠭ᠍ᠤ ᠦᠭᠡᠢ ᠪᠣᠯᠤᠨ᠎ᠠ᠃
      ᠮᠢᠨᠦ ᠦᠵᠡᠬᠦ᠎ᠪᠠᠷ ᠪᠠᠭ᠎ᠠ ᠰᠤᠷᠭ᠋ᠠᠭᠤᠯᠢ ᠵᠢᠨ ᠦᠶ᠎ᠡ ᠵᠢᠨ ᠬᠢᠴᠢᠶᠡᠯ᠎ᠨᠢ ᠬᠡᠦᠬᠡᠳ᠎ᠢ ᠠᠮᠠᠷᠬᠠᠨ ᠵᠶ᠋ᠠᠷ ᠰᠤᠷᠤᠯᠴᠠᠭᠤᠯᠵᠤ᠂ ᠰᠤᠷᠤᠭᠴᠢᠳ᠎ᠤᠨ ᠢᠲᠡᠭᠡᠯ ᠵᠣᠷᠢᠭ ᠪᠠ ᠰᠣᠨᠢᠭᠤᠴᠢ ᠰᠡᠳᠬᠢᠯ᠎ᠢ᠎ᠨᠢ ᠪᠠᠲᠤᠯᠠᠭ᠍ᠤ ᠵᠢᠨ ᠬᠠᠮᠲᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠢ ᠨᠠᠰᠤ ᠬᠤᠷᠠᠭ ᠬᠡᠦᠬᠡᠳ᠎ᠲᠠᠢ ᠨᠠᠭ᠋ᠠᠳᠤᠭᠤᠯᠬᠤ ᠨᠡᠩ ᠢᠯᠡᠭᠦᠦ ᠴᠠᠭ᠎ᠲᠠᠢ ᠪᠣᠯᠭ᠋ᠠᠬᠤ ᠬᠡᠷᠡᠭᠲᠡᠶ᠂ ᠠ᠋ᠨᠡ᠎ᠨᠢ ᠲᠡᠳᠡᠨ᠎ᠤ ᠪᠡᠶ᠎ᠡ ᠰᠡᠳᠬᠢᠯ᠎ᠤᠨ ᠠ᠋ᠷᠡᠭᠦᠯ ᠮᠡᠨᠳᠦ ᠪᠠ ᠦᠰᠦᠨ ᠪᠤᠶ᠋ᠢᠵᠢᠯᠲᠠ᠎ᠳᠤ ᠬᠠᠮᠤᠭ᠎ᠤᠨ ᠠᠰᠢᠭᠲᠠᠶ ᠶᠤᠮ᠃ ᠲᠣᠭᠯᠠᠭ᠋ᠠᠮ᠎ᠤᠨ ᠳᠤᠮᠳᠠ᠂ ᠬᠡᠤᠬᠡᠳ᠎ᠤᠳ ᠳᠠᠭᠤᠷᠢᠶᠠᠨ᠂ ᠪᠡᠶᠡᠴᠢᠯᠡᠨ ᠣᠶ᠋ᠢᠯᠠᠭ᠋ᠠᠵᠤ᠂ ᠠ᠋ᠭᠦᠳᠦᠨ ᠪᠦᠲᠦᠭᠡᠵᠦ᠂ ᠬᠠᠮᠳᠤ᠎ᠪᠠᠷ ᠣᠷᠣᠰᠢᠨ ᠲᠣᠭᠲᠠᠨᠢᠬᠤ ᠪᠠ ᠵᠠᠩᠭᠢᠯᠠᠭ᠎ᠠ ᠵᠢᠨ ᠴᠢᠳᠠᠪᠤᠷᠢ ᠵᠢ ᠰᠤᠷᠴᠤ ᠡᠵᠡᠮᠰᠢᠭᠡᠳ᠂ ᠪᠠᠶ᠋ᠢᠭ᠋ᠠᠯᠢ ᠪᠠ ᠪᠤᠰᠤᠳ ᠬᠥᠮᠦᠨ᠂ ᠨᠡᠶ᠋ᠢᠭᠡᠮ᠎ᠲᠠᠢ ᠶᠠᠷᠢᠯᠴᠠᠭ᠍ᠤ ᠠᠷᠭ᠎ᠠ ᠮᠠᠶᠢᠭ᠎ᠢ ᠰᠣᠷᠣᠭᠰᠠᠨ           ᠪᠠᠶ᠋ᠢᠨ᠎ᠠ᠃ ᠶᠠᠫᠣᠨ᠎ᠤ ᠠ᠋ᠷᠳᠡᠮᠲᠡᠨ ᠵᠢᠩ ᠱᠸᠨ ᠳ᠋ᠠ᠄ 《ᠲᠣᠭᠯᠠᠭ᠋ᠠᠮ ᠪᠣᠯ ᠬᠡᠤᠬᠡᠳ᠎ᠤᠨ ᠬᠤᠶᠠᠳᠠᠬᠢ ᠠᠮᠢ ᠨᠠᠰᠤ ᠮᠥᠨ᠂ ᠬᠡᠤᠬᠡᠳ᠎ᠤᠨ ᠨᠢᠭᠡ ᠰᠤᠷᠭ᠋ᠠᠭᠤᠯᠢ ᠮᠥᠨ》 ᠭᠡᠵᠦ ᠦᠵᠡᠳᠡᠭ᠃
      ᠪᠠᠭᠰᠢ ᠪᠣᠯᠤᠭᠰᠠᠨ᠎ᠤ ᠬᠤᠪᠢ᠎ᠳᠤ ᠬᠡᠦᠬᠡᠳ᠎ᠤᠨ ᠳᠠᠯᠳᠠ ᠴᠢᠳᠠᠪᠤᠷᠢ ᠵᠢ ᠰᠡᠷᠭᠦᠭᠡᠬᠦ ᠵᠢ ᠣᠯᠵᠤ ᠮᠡᠳᠡᠬᠦ ᠬᠡᠷᠡᠭᠲᠡᠶ᠃ ᠭᠠᠭᠴᠠ ᠬᠦ᠌ ᠣᠳᠣᠬᠠᠨ᠎ᠤ ᠰᠢᠯᠭ᠋ᠠᠯᠲᠠ ᠵᠢᠨ ᠬᠢᠷᠢ ᠪᠦᠲᠦᠮᠵᠢ᠎ᠪᠠᠷ ᠨᠢᠭᠡ ᠰᠤᠷᠤᠭᠴᠢ ᠵᠢᠨ ᠪᠦᠬᠦ ᠲᠠᠯ᠎ᠠ ᠵᠢ ᠦᠨᠡᠯᠡᠵᠦ ᠪᠣᠯᠬᠤ ᠦᠭᠡᠢ᠂ ᠬᠠᠷᠢᠨ ᠣᠯᠠᠨ ᠲᠠᠯ᠎ᠠ᠎ᠠᠴᠠ ᠰᠤᠷᠤᠭᠴᠢ ᠵᠢᠨ ᠳᠠᠯᠳᠠ ᠴᠢᠳᠠᠪᠤᠷᠢ ᠵᠢ ᠠᠵᠢᠭᠯᠠᠵᠤ᠂ ᠠᠯᠢ ᠴᠢᠳᠠᠭ᠍ᠤ᠎ᠪᠠᠷ ᠪᠦᠬᠦ ᠬᠡᠦᠬᠡᠳ᠎ᠤᠨ ᠣᠨᠴᠠ ᠴᠢᠳᠠᠪᠤᠷᠢ ᠵᠢ ᠭᠦᠭᠵᠢᠭᠦᠯᠦᠨ᠎ᠡ᠃
      ᠦᠨᠡᠨ᠎ᠳᠤ᠎ᠪᠠᠨ ᠬᠡᠦᠬᠡᠳ ᠨᠢᠭᠡ ᠪᠦᠷᠢ ᠤᠯᠠᠨ᠎ᠠᠴᠠ ᠣᠨᠴᠠᠭ᠋ᠠᠶ ᠤᠷᠮ᠎ᠠ ᠪᠠᠬ᠎ᠠ᠂ ᠣᠨᠴᠠᠭ᠋ᠠᠶ ᠠᠪᠢᠶᠠᠰ᠎ᠲᠠᠢ ᠪᠠᠶ᠋ᠢᠵᠤ᠂ ᠬᠡᠦᠬᠡᠳ᠎ᠤᠨ ᠥᠪᠡᠷᠮᠢᠴᠡ ᠴᠢᠨᠠᠷ᠂ ᠣᠨᠴᠠᠭ᠋ᠠᠶ ᠠᠪᠢᠶᠠᠰ᠎ᠢ ᠬᠦᠨᠳᠦᠳᠬᠡᠪᠡᠯ ᠳᠠᠷᠤᠶ ᠬᠡᠦᠬᠡᠳ᠎ᠲᠤ ᠴᠢᠯᠥᠭᠡᠲᠡᠶ ᠪᠥᠭᠡᠳ ᠥᠷᠭᠡᠨ ᠠᠭᠤᠳᠠᠮ ᠬᠥᠭᠵᠢᠯᠲᠡ ᠵᠢᠨ ᠣᠷᠣᠨ ᠵᠠᠶ ᠵᠢ ᠬᠠᠩᠭ᠋ᠠᠨ ᠥᠭᠴᠦ᠂ ᠣᠶᠣᠨ ᠰᠠᠨᠠᠭ᠋ᠠᠨ᠎ᠤ ᠠᠮᠢ ᠨᠠᠰᠤ᠎ᠨᠢ ᠴᠢᠯᠥᠭᠡᠲᠡᠶ ᠠᠮᠢᠰᠬᠤᠵᠤ ᠴᠢᠳᠠᠭ᠍ᠤ ᠶᠤᠮ᠃
      《ᠥᠨᠥᠳᠦᠷ᠎ᠤᠨ ᠰᠤᠷᠤᠭᠴᠢᠳ᠎ᠲᠤ ᠥᠭᠭᠦᠭᠰᠡᠨ ᠶᠠᠭᠤᠮ᠎ᠠ ᠵᠢ ᠬᠡᠵᠢᠶ᠎ᠡ ᠬᠡᠷᠡᠭᠯᠡᠵᠦ ᠪᠣᠯᠬᠤ ᠪᠤᠢ?》 ᠭᠡᠵᠦ ᠪᠠᠭᠰᠢ ᠨᠠᠷ ᠠ᠋ᠳᠦᠷ ᠪᠦᠷᠢ ᠥᠪᠡᠷ᠎ᠤᠨ ᠪᠡᠶ᠎ᠡ᠎ᠠᠴᠠ᠎ᠪᠠᠨ ᠠᠰᠠᠭᠤᠪᠠᠯ ᠵᠣᠬᠢᠨ᠎ᠠ᠃
      ᠪᠠᠭᠰᠢ ᠵᠥᠪᠬᠡᠨ ᠰᠤᠷᠤᠭᠴᠢ ᠵᠢᠨ ᠬᠢᠷᠢ ᠪᠦᠲᠦᠮᠵᠢ ᠵᠢᠨ ᠲᠥᠯᠥᠭᠡ ᠠᠮᠢ ᠴᠦᠯᠡᠨ ᠴᠢᠷᠮᠠᠶ᠋ᠢᠬᠤ ᠦᠶ᠎ᠡ᠎ᠳᠤ᠂ ᠪᠠᠭᠰᠢ ᠪᠣᠯ ᠮᠢᠨᠦ ᠲᠥᠯᠥᠭᠡ ᠴᠢᠷᠮᠠᠶ᠋ᠢᠬᠤ ᠪᠢᠰᠢ᠂ ᠬᠠᠷᠢᠨ ᠲᠡᠭᠦᠨ᠎ᠤ ᠢᠷᠠᠭᠤ ᠠᠯᠳᠠᠷ᠎ᠤᠨ ᠲᠥᠯᠥᠭᠡ ᠴᠢᠷᠮᠠᠶ᠋ᠢᠳᠠᠭ᠎ᠢ ᠰᠤᠷᠤᠭᠴᠢᠳ ᠪᠠᠰᠠ ᠮᠡᠳᠡᠳᠡᠭ᠂ ᠵᠠᠷᠢᠮ᠎ᠳᠤ᠎ᠪᠠᠨ ᠰᠤᠷᠤᠭᠴᠢᠳ ᠴᠢᠨᠦ ᠵᠢᠭ᠋ᠠᠨ ᠰᠤᠷᠭ᠋ᠠᠯᠳᠠ᠎ᠳᠤ ᠳᠤᠷ᠎ᠠ ᠦᠭᠡᠶ᠋ᠢᠴᠡᠳᠡᠭ ᠶᠤᠮ᠃
      ᠪᠠᠭᠰᠢ ᠪᠣᠯᠤᠭᠰᠠᠨ᠎ᠤ ᠬᠤᠪᠢ᠎ᠳᠤ ᠪᠢᠳᠡ ᠠ᠋ᠷᠬᠡᠪᠰᠢ ᠠ᠋ᠷᠬᠢᠮ ᠳᠡᠭᠡᠳᠦ ᠬᠥᠮᠦᠨ ᠴᠢᠨᠠᠷ᠎ᠤᠨ ᠲᠠᠲᠠᠭ᠍ᠤ ᠬᠦᠴᠦᠨ᠎ᠲᠠᠢ ᠪᠠᠶ᠋ᠢᠬᠤ ᠬᠡᠷᠡᠭᠲᠡᠶ᠂ ᠢᠲᠡᠭᠡᠯ ᠪᠢᠰᠢᠷᠡᠯ᠎ᠤᠨ ᠰᠠᠭᠤᠷᠢᠨ ᠳᠡᠭᠡᠷ᠎ᠡ ᠪᠠᠭᠰᠢ ᠵᠢᠨ ᠵᠶ᠋ᠠᠨ ᠰᠤᠷᠭ᠋ᠠᠨ ᠬᠥᠮᠦᠵᠢᠯ᠎ᠢ ᠬᠥᠷᠳᠡᠪᠡᠯ᠂ ᠰᠤᠷᠤᠭᠴᠢᠳ᠎ᠤᠨ ᠬᠥᠷᠳᠡᠬᠦ ᠰᠤᠷᠭ᠋ᠠᠨ ᠬᠥᠮᠦᠵᠢᠯ᠎ᠨᠢ ᠨᠡᠩ ᠭᠦᠨᠵᠡᠭᠡᠶ ᠪᠤᠯᠵᠤ᠂ ᠦᠷ᠎ᠡ ᠪᠦᠲᠦᠮᠵᠢ᠎ᠨᠢ ᠴᠦ᠍ ᠨᠡᠩ ᠰᠠᠶ᠋ᠢᠨ ᠪᠣᠯᠬᠤ ᠶᠤᠮ!
      ᠳᠥᠷᠪᠡ᠂ ᠮᠢᠨᠦ ᠨᠢᠳᠦᠨ᠎ᠳᠠᠬᠢ ᠰᠤᠷᠭ᠋ᠠᠭᠤᠯᠢ
      ᠰᠤᠢ᠍ᠬᠤᠮᠯᠢᠨ᠋ᠰᠺᠢ ᠬᠡᠯᠡᠬᠦ᠎ᠳᠤ᠎ᠪᠠᠨ᠄ 《ᠰᠤᠷᠭ᠋ᠠᠭᠤᠯᠢ ᠵᠢ ᠤᠳᠤᠷᠢᠳᠬᠤ᠎ᠳᠤ᠎ᠪᠠᠨ ᠶᠠᠭᠤᠨ᠎ᠤ ᠠ᠋ᠮᠦᠨ᠎ᠡ ᠰᠤᠷᠭ᠋ᠠᠨ ᠬᠥᠮᠦᠵᠢᠯ᠎ᠤᠨ ᠦᠵᠡᠯ ᠰᠠᠨᠠᠭ᠎ᠠ ᠵᠢ ᠤᠳᠤᠷᠢᠳᠴᠤ᠂ ᠲᠠᠷᠠᠭ᠎ᠠ᠎ᠨᠢ ᠰᠠᠶᠢ ᠵᠠᠰᠠᠭ ᠵᠠᠬᠢᠷᠭ᠋ᠠᠨ᠎ᠤ ᠲᠠᠯ᠎ᠠ ᠵᠢᠨ ᠤᠳᠤᠷᠢᠳᠤᠯᠭ᠎ᠠ ᠵᠢ ᠤᠳᠤᠷᠢᠳᠬᠤ ᠬᠡᠷᠡᠭᠲᠡᠶ》 ᠭᠡᠵᠡᠶ᠃
      ᠮᠡᠷᠺᠰ᠄ 《ᠬᠥᠮᠦᠨ᠎ᠤ ᠰᠡᠳᠬᠢᠯ᠎ᠤᠨ ᠬᠠᠮᠢᠶᠠᠷᠤᠯᠲᠠ ᠵᠢ ᠡᠵᠡᠮᠳᠡᠶ᠎ᠡ》 ᠭᠡᠳᠡᠭ ᠨᠣᠮ᠎ᠳᠤ᠎ᠪᠠᠨ᠄ 《ᠬᠥᠮᠦᠨ ᠪᠣᠯᠭ᠋ᠠᠨ ᠥᠪᠡᠷ᠎ᠢ᠎ᠪᠠᠨ ᠴᠢᠬᠤᠯᠠ ᠬᠥᠮᠦᠨ ᠪᠣᠯᠬᠤ ᠵᠢ ᠬᠦᠰᠡᠳᠡᠭ᠂ ᠬᠠᠮᠢᠶᠠᠷᠤᠯᠲᠠ ᠵᠢᠨ ᠠᠮᠵᠢᠯᠲᠠ᠎ᠨᠢ ᠬᠥᠮᠦᠨ ᠪᠣᠯᠭ᠋ᠠᠨ᠎ᠳᠤ ᠥᠪᠡᠷ᠎ᠢ᠎ᠪᠠᠨ ᠴᠢᠬᠤᠯᠠ ᠭᠡᠳᠡᠭ᠎ᠢ ᠮᠡᠳᠡᠷᠡᠭᠦᠯᠬᠦ᠎ᠳᠤ ᠣᠷᠣᠰᠢᠨ᠎ᠠ》 ᠭᠡᠰᠡᠨ ᠪᠠᠢ᠍ᠢ᠍ᠨ᠎ᠠ᠃
      ᠯᠢ ᠰᠢ ᠺᠦᠢ ᠪᠠᠭᠰᠢ ᠰᠤᠷᠭ᠋ᠠᠭᠤᠯᠢ ᠵᠢᠨ ᠵᠠᠬᠢᠷᠤᠯ ᠪᠠᠶ᠋ᠢᠬᠤ᠎ᠳᠤ᠎ᠪᠠᠨ ᠰᠤᠷᠭ᠋ᠠᠭᠤᠯᠢ ᠵᠢᠨ ᠬᠠᠮᠢᠶᠠᠷᠤᠯᠲᠠ ᠵᠢᠨ ᠲᠦᠷᠢᠮ ᠪᠠ ᠪᠠᠭᠰᠢ ᠵᠢᠨ ᠤᠳᠤᠷᠢᠳᠤᠯᠭ᠎ᠠ ᠵᠢᠨ ᠬᠡᠪ ᠴᠢᠨᠠᠷ᠎ᠢ ᠣᠨᠴᠠᠭ᠋ᠠᠶ᠋ᠢᠯᠠᠨ ᠴᠢᠬᠤᠯᠠᠴᠢᠯᠠᠳᠠᠭ᠃ ᠤᠴᠢᠷ᠎ᠨᠢ᠂ ᠰᠠᠶ᠋ᠢᠨ ᠪᠠᠭᠰᠢ᠎ᠲᠠᠢ ᠪᠣᠯᠪᠠᠯ ᠯᠠᠪᠲᠠᠶ ᠰᠠᠶ᠋ᠢᠨ ᠰᠤᠷᠤᠭᠴᠢ ᠵᠢ ᠬᠥᠮᠦᠵᠢᠭᠦᠯᠦᠨ ᠭᠠᠷᠭ᠋ᠠᠵᠤ ᠲᠠᠶ᠋ᠢᠯᠤᠨ᠎ᠠ᠃ ᠠ᠋ᠶ᠋ᠢᠮᠦ᠎ᠠᠴᠠ ᠡᠯ᠎ᠡ ᠲᠠᠯ᠎ᠠ ᠵᠢᠨ ᠬᠠᠮᠢᠶᠠᠷᠤᠯᠲᠠ ᠵᠢᠨ ᠲᠦᠷᠢᠮ᠎ᠢ ᠭᠦᠨᠳᠤᠳᠭᠡᠭᠦ ᠴᠢᠬᠤᠯᠠᠲᠠᠢ ᠶᠤᠮ᠃ ᠪᠠᠭᠰᠢ ᠨᠢᠭᠡ ᠪᠦᠷᠢ᠎ᠳᠤ ᠥᠪᠡᠷ᠎ᠢ᠎ᠪᠠᠨ ᠮᠠᠰᠢ ᠴᠢᠬᠤᠯᠠ ᠭᠡᠳᠡᠭ᠎ᠢ ᠮᠡᠳᠡᠭᠦᠯᠵᠦ᠂ ᠪᠠᠭᠰᠢ ᠨᠢᠭᠡ ᠪᠦᠷᠢ ᠵᠢ ᠰᠤᠷᠤᠭᠴᠢᠳ᠎ᠤᠨ ᠵᠶ᠋ᠠᠨ ᠲᠥᠯᠥᠭᠡ ᠪᠣᠳᠣᠯᠬᠢᠯᠠᠭᠤᠯᠬᠤ ᠬᠡᠷᠡᠭᠲᠡᠶ᠃ ᠭᠠᠭᠴᠠ ᠬᠦ᠌ ᠪᠠᠭᠰᠢ 《ᠴᠢᠬᠤᠯᠠ ᠬᠥᠮᠦᠨ ᠪᠣᠯᠬᠤ》 ᠬᠦᠰᠡᠯ᠎ᠢ ᠳᠠᠶ᠋ᠢᠴᠢᠯᠠᠪᠠᠯ ᠰᠠᠶᠢ ᠬᠥᠮᠦᠨ᠎ᠤ ᠠᠮᠢᠳᠤᠷᠠᠯ᠎ᠤᠨ ᠣᠷᠳᠣ ᠵᠠᠮ ᠳᠡᠭᠡᠷ᠎ᠡ ᠲᠡᠳᠡᠨ᠎ᠢ ᠵᠣᠷᠢᠬ᠍ᠵᠢᠭᠤᠯᠤᠨ ᠨᠠᠩ ᠥᠨᠳᠥᠷ ᠬᠠᠷᠠᠯᠲᠠ ᠵᠦᠭ ᠲᠠᠰᠤᠷᠠᠯᠲᠠ ᠥᠬᠡᠶ ᠤᠷᠤᠭᠰᠢᠯᠠᠭᠤᠯᠵᠤ ᠴᠢᠳᠠᠨ᠎ᠠ᠃ ᠪᠠᠭᠰᠢ ᠵᠢᠨ ᠲᠡᠷᠢᠭᠦᠨ ᠵᠡᠷᠭᠡ᠎ᠨᠢ ᠵᠥᠪᠬᠡᠨ ᠰᠤᠷᠭ᠋ᠠᠭᠤᠯᠢ ᠵᠢᠨ ᠵᠣᠷᠢᠭᠤᠳᠠ ᠬᠥᠮᠦᠵᠢᠭᠦᠯᠦᠯ᠎ᠠᠴᠠ ᠢᠷᠡᠳᠡᠭ ᠪᠢᠰᠢ᠂ ᠬᠠᠷᠢᠨ ᠠᠮᠢ ᠨᠠᠰᠤᠨ᠎ᠤ ᠠᠮᠢᠵᠢᠷᠠᠯ᠎ᠤᠨ ᠬᠦᠴᠦᠨ᠎ᠢ ᠬᠥᠭᠵᠢᠭᠡᠬᠦ ᠲᠣᠭᠲᠠᠴᠠ᠎ᠠᠴᠠ ᠢᠷᠡᠳᠡᠭ᠂ ᠪᠠᠭᠰᠢ ᠵᠢᠨ ᠥᠪᠡᠷ᠎ᠤᠨ ᠬᠥᠭᠵᠢᠯᠲᠡ ᠵᠢᠨ ᠳᠣᠲᠣᠭ᠋ᠠᠳᠤ ᠬᠥᠳᠡᠯᠭᠡᠬᠦ ᠬᠦᠴᠦᠨ᠎ᠠᠴᠠ ᠢᠷᠡᠳᠡᠭ᠃ ᠵᠥᠪᠬᠡᠨ ᠱᠠᠩᠨᠠᠵᠤ ᠲᠤᠷᠭ᠋ᠠᠬᠤ ᠠᠷᠭ᠎ᠠ᠎ᠳᠤ ᠲᠦᠰᠢᠭᠯᠡᠵᠦ᠂ ᠵᠥᠪᠬᠡᠨ ᠵᠢᠭ᠋ᠠᠨ ᠰᠤᠷᠭ᠋ᠠᠯᠲᠠ ᠵᠢᠨ ᠬᠢᠷᠢ ᠪᠦᠲᠦᠮᠵᠢ᠎ᠪᠠᠷ ᠪᠠᠭᠰᠢ ᠨᠠᠷ᠎ᠢ ᠦᠨᠡᠯᠡᠬᠦ᠎ᠨᠢ ᠪᠠᠭ᠍ᠠᠨ ᠥᠷᠥᠭᠡᠰᠦᠭᠡᠯ  ᠪᠠᠶ᠋ᠢᠳᠠᠭ᠃ ᠰᠤᠷᠭ᠋ᠠᠭᠤᠯᠢ ᠵᠢ ᠬᠠᠶ᠋ᠢᠷ᠎ᠠ ᠰᠡᠳᠬᠢᠯᠭᠡ᠎ᠪᠠᠷ ᠪᠢᠯᠬᠠᠮ᠎ᠠ᠂ ᠠᠮᠢᠳᠤ ᠴᠣᠪᠣᠭᠤᠯᠢᠭ ᠠᠮᠢᠳᠤᠷᠠᠯ᠎ᠲᠠᠢ᠂ ᠠ᠋ᠷᠳᠡᠮ ᠮᠡᠳᠡᠯᠭᠡ ᠰᠤᠷᠬᠤ ᠴᠡᠩᠭᠡᠯ᠎ᠤᠨ ᠬᠦᠷᠢᠶᠡᠯᠡᠩ ᠪᠣᠯᠭ᠋ᠠᠨ ᠠ᠋ᠷᠬᠢᠯᠡᠬᠦ ᠬᠡᠷᠡᠭᠲᠡᠶ᠃
      ᠪᠢᠳᠠ ᠯᠢ ᠰᠢ ᠬᠦᠢ ᠪᠠᠭᠰᠢ ᠵᠢᠨ ᠠ᠋ᠷᠬᠢᠮ ᠨᠠᠨᠳᠢᠨ ᠥᠩᠭᠡᠷᠡᠯᠲᠡ᠎ᠠᠴᠠ ᠲᠤᠷᠰᠢᠯᠭ᠎ᠠ ᠬᠤᠷᠠᠮᠳᠤᠭᠤᠯᠵᠤ᠂ ᠵᠣᠷᠢᠭᠲᠠᠢ᠎ᠪᠠᠷ ᠰᠢᠨ᠎ᠡ ᠵᠢ ᠠ᠋ᠭᠦᠳᠴᠦ᠂ ᠵᠣᠷᠢᠭᠲᠠᠢ᠎ᠪᠠᠷ ᠰᠢᠨ᠎ᠡ ᠰᠣᠷᠭᠤᠭ ᠠᠭᠤᠷ ᠠᠮᠢᠰᠬᠤᠯ᠎ᠢ ᠠᠮᠢᠰᠬᠤᠵᠤ᠂ ᠴᠢᠯᠥᠭᠡᠲᠦ ᠰᠤᠷᠭ᠋ᠠᠨ ᠬᠥᠮᠦᠵᠢᠯ᠎ᠢ ᠲᠤᠷᠰᠢᠵᠤ ᠦᠵᠡᠶ᠎ᠡ᠃
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠰᠢᠯᠤᠭᠤᠨ ᠬᠥᠬᠡ ᠬᠤᠰᠢᠭᠤᠨ᠎ᠤ 
                                 ᠨᠢᠬᠡᠳᠦᠭᠡᠷ ᠪᠠᠭ᠎ᠠ ᠰᠣᠷᠭ᠋ᠠᠭᠤᠯᠢ 
                                (ᠠᠯᠳᠠᠨᠰᠦᠢ᠍ᠭᠡ ᠨᠠᠢ᠍ᠢ᠍ᠷᠠᠭᠤᠯᠪᠠ)


 

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠶᠠᠫᠤᠨ ᠤᠯᠤᠰ ᠰᠤᠷᠤᠭᠴᠢ ᠵᠢᠨ ᠬᠤᠭᠤᠯᠠ ᠵᠢ ᠢᠨᠭ᠌ᠬᠢᠵᠤ ᠬᠢᠵᠤ ᠪᠠᠢ᠍ᠢ᠍ᠨ᠎ᠠ
ᠦᠰᠤᠨ ᠪᠤᠢ᠍ᠢ᠍ᠵᠢᠯᠳᠠ ᠵᠢᠨ ᠲᠤᠮᠳᠠᠬᠢ ᠬᠠᠮᠤᠭ᠎ᠤᠨ ᠲᠤᠮᠤ ᠲᠠᠢ᠍ᠢ᠍ᠰᠤᠨ ᠪᠤᠯ ᠢᠴᠢᠨᠭᠭᠦᠷᠡᠭᠦ ᠰᠡᠳᠬᠢᠯᠭᠡ ᠪᠤᠯᠤᠨ᠎ᠠ
ᠬᠠᠬᠢᠷ᠎ᠤᠨ ᠬᠦᠪᠡᠭᠡᠨ᠎ᠠᠴᠠ ᠲᠡᠭᠦᠯᠢᠭᠰᠡᠨ ᠬᠠᠷᠴᠠᠭ᠋ᠠᠢ ᠰᠢᠪᠠᠭᠤ
ᠠ᠋ᠶ᠋ᠢᠮᠥ ᠨᠢᠬᠡᠨ 《ᠭᠠᠯᠴᠢ ᠪᠠᠭᠰᠢ》
ᠭᠦᠰᠠᠯ ᠭᠦᠭᠡᠭᠡᠴᠠᠯᠳᠤᠯ
 
             蒙ICP备05000248号