— ᠬᠦᠪᠡᠭᠡᠲᠤ ᠰᠢᠷ᠎ᠠ ᠬᠤᠰᠢᠭᠤᠨ᠎ᠤ ᠮᠤᠩᠭᠤᠯ ᠦᠨᠲᠤᠰᠤᠲᠡᠨᠤ
ᠲᠤᠮᠲᠠᠲᠤ ᠰᠤᠷᠭ᠋ᠠᠭᠤᠯᠢ ᠵᠢᠨ ᠠᠷᠤ ᠲᠠᠯ᠎ᠠ ᠵᠢᠨ ᠠᠵᠢᠯ᠎ᠤᠨ
ᠠᠬᠠᠮᠠᠳ ᠠᠵᠢᠯᠲᠠᠨ ᠤᠨᠢᠰᠤ᠎ᠲᠠᠢ ᠪᠠᠭᠰᠢ ᠵᠢᠨ ᠦᠯᠢᠭᠡᠷ
ᠲᠤᠷᠠᠰᠤᠮᠵᠢ᠎ᠲᠤ ᠤᠶ᠋ᠢᠯᠠ ᠠᠵᠢᠯᠯᠠᠭ᠎ᠠ ᠵᠢᠨ ᠲᠤᠬᠠᠢ ᠠ᠋ᠷᠬᠢᠴᠡᠬᠦᠯᠥᠯ
ᠤᠯᠠᠭ᠋ᠠᠨ
ᠰᠤᠷᠭ᠋ᠠᠭᠤᠯᠢ ᠵᠢᠨ ᠠᠷᠤ ᠲᠡᠯ᠎ᠡ ᠵᠢᠨ ᠠᠵᠢᠯ᠎ᠨᠢ ᠠ᠋ᠭᠡᠯ ᠵᠢᠷ᠎ᠤᠨ ᠪᠤᠯᠪᠠᠴᠤ ᠨᠢᠭᠡ ᠠ᠋ᠲᠤᠷ ᠪᠠᠶ᠋ᠢᠲᠤᠭ᠋ᠠᠢ ᠨᠢᠭᠡ ᠴᠠᠭ ᠴᠤ᠌ ᠭᠡᠰᠡᠨ ᠰᠠᠯᠬᠤ᠎ᠳᠤ ᠪᠡᠷᠬᠡᠲᠡᠢ ᠬᠠᠷᠢᠭᠤᠴᠠᠯᠭ᠎ᠠ ᠱᠠᠭ᠋ᠠᠷᠲᠠᠯᠭ᠎ᠠ᠎ᠪᠠᠷ ᠴᠢᠩᠭ᠎ᠠ ᠬᠠᠲᠠᠭᠤ ᠠᠵᠢᠯ ᠲᠦᠷᠤᠯ᠎ᠤᠨ ᠨᠢᠭᠡ ᠪᠤᠯᠬᠤ ᠶᠤᠮ᠃ ᠲᠡᠶ᠋ᠢᠮᠤ ᠪᠤᠯᠬᠤᠷ ᠠ᠋ᠨᠡ ᠭᠦ᠌ ᠠᠵᠢᠯ᠎ᠤᠨ ᠪᠠᠶ᠋ᠢᠷᠢ ᠵᠢ ᠬᠦᠮᠤᠰ᠎ᠤᠨ ᠰᠡᠳᠬᠢᠯ᠎ᠤᠨ ᠲᠡᠩᠬᠡᠬᠡ ᠵᠢ ᠰᠢᠯᠭ᠋ᠠᠭᠰᠠᠨ ᠬᠠᠯᠠ᠎ᠲᠠᠢ ᠤᠶ᠋ᠢᠲᠤᠮᠡᠷ ᠠᠵᠢᠯ ᠴᠦ᠍ ᠭᠡᠵᠤ ᠬᠡᠯᠡᠵᠤ ᠪᠤᠯᠤᠮᠡᠷ ᠰᠠᠨᠠᠭᠲᠠᠨ᠎ᠠ᠃ ᠨᠡᠩ ᠴᠤ᠌ ᠪᠠᠶ᠋ᠢᠷᠢ ᠵᠢᠨ ᠲᠦᠷᠢᠮᠲᠤ ᠰᠤᠷᠭ᠋ᠠᠭᠤᠯᠢ ᠵᠢᠨ ᠲᠤᠭᠤᠭ᠋ᠠᠨ ᠭᠡᠷ᠎ᠤᠨ ᠠᠵᠢᠯ᠎ᠢ ᠨᠢᠬᠡ ᠯᠡ ᠦᠭᠡ᠎ᠪᠠᠷ ᠬᠡᠯᠡᠪᠡᠯ᠂ ᠰᠤᠷᠭ᠋ᠠᠭᠤᠯᠢ ᠵᠢᠨ ᠬᠦᠷᠢᠶᠡᠨ᠎ᠳᠤ ᠰᠤᠷᠤᠭᠴᠢ ᠪᠤᠵᠢᠬᠢᠨᠡᠯᠲᠤᠵᠤ ᠪᠠᠶ᠋ᠢᠭᠰᠠᠨ ᠴᠠᠭ᠎ᠲᠤ ᠠ᠋ᠲᠤᠷ ᠪᠤᠯᠭ᠋ᠠᠨ᠂ ᠦᠷ᠎ᠤᠨ ᠬᠠᠷᠠᠩᠭᠤᠢ᠎ᠠᠴᠠ ᠦᠲᠡᠰᠢ ᠵᠢᠨ ᠪᠦᠷᠤᠢ ᠲᠠᠰᠤᠷᠠᠲᠠᠯ᠎ᠠ ᠪᠡᠶ᠎ᠡ ᠰᠡᠳᠬᠢᠯ ᠠᠮᠤᠷ ᠪᠠᠶ᠋ᠢᠬᠤ ᠵᠢᠨ ᠠᠷᠭ᠎ᠠ ᠥᠬᠡᠢ 《ᠬᠦᠵᠤᠬᠦᠤ ᠰᠣᠩᠭ᠋ᠠᠨ ᠬᠦᠯ ᠬᠤᠶ᠋ᠢᠰᠢ ᠦᠭᠡᠢ》 ᠲᠡᠮᠡᠥᠯᠳᠡᠭ᠂ ᠠᠶ᠋ᠢᠯ ᠭᠡᠷ ᠵᠶ᠋ᠠᠷ ᠥᠯᠢᠭᠡᠷᠯᠡᠪᠡᠯ ᠡᠵᠢ ᠬᠥᠮᠥᠨ᠎ᠤ ᠭᠠᠯ ᠲᠣᠭᠤᠭ᠋ᠠᠨ᠎ᠤ ᠠᠵᠢᠯ᠎ᠲᠠᠢ ᠲᠡᠩᠴᠡᠬᠦ ᠨᠥᠷᠢ ᠬᠥᠳᠡᠯᠮᠥᠷᠢ ᠭᠡᠭᠦ᠎ᠳᠤ ᠠᠬᠠᠳᠠᠭ᠍ᠣ ᠥᠬᠡᠢ ᠡ᠃
ᠮᠠᠨ᠎ᠤ ᠬᠦᠪᠡᠭᠡᠲᠤ ᠰᠢᠷ᠎ᠠ ᠬᠤᠰᠢᠭᠤᠨ᠎ᠤ ᠮᠤᠩᠭᠤᠯ ᠦᠨᠲᠤᠰᠤᠲᠡᠨᠤ ᠲᠤᠮᠲᠠᠲᠤ ᠰᠤᠷᠭ᠋ᠠᠭᠤᠯᠢ ᠵᠢᠨ ᠠᠷᠤ ᠲᠠᠯ᠎ᠠ ᠵᠢᠨ ᠭᠠᠯ ᠲᠤᠭᠤᠭ᠋ᠠᠨᠤ ᠠᠵᠢᠯ᠎ᠤᠨ ᠪᠠᠶ᠋ᠢᠷᠢᠨ᠎ᠳᠤ ᠦᠬᠡ ᠲᠠᠭᠤ ᠦᠭᠡᠢ ᠵᠢᠳᠬᠦᠵᠤ ᠢᠷᠡᠭᠰᠡᠨ ᠨᠡᠷ᠎ᠡ ᠦᠭᠡᠢ ᠤᠯᠡᠨ ᠤᠶ᠋ᠢᠯᠡᠰ᠎ᠤᠨ ᠲᠠᠷᠬᠠᠳ᠎ᠤᠨ ᠲᠤᠮᠲᠠ᠎ᠠᠴᠠ ᠨᠢᠭᠡᠨ ᠠᠬᠠᠮᠠᠳ ᠪᠠᠭᠰᠢ ᠵᠢ ᠠ᠋ᠷᠡᠬᠡᠢ ᠭᠠᠷᠭ᠋ᠠᠨ ᠮᠠᠭᠲᠠᠵᠤ ᠬᠡᠯᠡᠬᠦ ᠬᠦᠮᠤᠰ ᠵᠦᠩᠲᠡᠭᠡᠨ ᠤᠯᠠᠨ ᠪᠠᠶ᠋ᠢᠲᠠᠭ ᠪᠢᠯᠡ᠃ ᠲᠡᠬᠦᠨ᠎ᠤ ᠨᠡᠷ᠎ᠡ ᠵᠢ ᠤᠨᠢᠰᠤ᠎ᠲᠠᠢ ᠭᠡᠲᠡᠭ᠃ 《ᠨᠡᠷ᠎ᠡ᠎ᠠᠴᠠ ᠨᠢᠲᠡᠷ》 ᠭᠡᠲᠡᠭᠴᠢᠯᠡᠨ ᠤᠲᠤ ᠪᠤᠲᠤᠵᠤ ᠦᠵᠡᠪᠡᠯ᠂ ᠠᠬᠠᠮᠠᠳ ᠪᠤᠭᠤᠷᠤᠯᠤᠳᠨᠢ ᠤ ᠪᠠᠭᠰᠢ ᠵᠢᠨ ᠮᠠᠨᠢ ᠨᠡᠷ᠎ᠡ ᠵᠢ ᠴᠤᠬᠤᠮ ᠤᠨᠤᠭ᠋ᠠᠵᠤ ᠦᠭᠴᠠᠢ ᠳ᠋ᠡ᠃
ᠡ᠊ᠨᠲᠡ ᠪᠢ ᠰᠤᠷᠭ᠋ᠠᠭᠤᠯᠢ ᠵᠢᠨ ᠵᠶ᠋ᠠᠨ ᠲᠤᠭᠤᠯᠵᠤ ᠢᠷᠡᠭᠰᠡᠨ ᠵᠢᠷᠠᠨ ᠵᠢᠯ᠎ᠢ ᠬᠠᠷᠠᠭᠤᠯᠤᠭᠰᠠᠨ ᠲᠡᠤᠬᠡᠨ ᠤᠶ᠋ᠢᠯᠠᠯᠭᠠ ᠵᠢᠨ ᠨᠤᠮ᠎ᠳᠤ ᠲᠡᠬᠦᠨ᠎ᠤ ᠲᠤᠬᠠᠢ ᠨᠢᠭᠡᠨ ᠬᠤᠪᠢ ᠵᠤᠬᠢᠶᠠᠯ ᠪᠢᠴᠢᠵᠤ᠂ ᠲᠤᠷᠠᠳᠬᠤ ᠦᠭᠡᠢ᠂ ᠲᠡᠮᠲᠡᠭᠯᠡᠬᠦ ᠦᠭᠡᠢ ᠪᠠᠶ᠋ᠢᠬᠤ ᠵᠢᠨ ᠠᠷᠭ᠎ᠠ ᠦᠭᠡᠢ ᠦᠷᠤᠴᠡ ᠵᠢᠨ ᠦᠭᠡ᠎ᠪᠠᠷ ᠵᠶ᠋ᠠᠨ ᠰᠤᠷᠤᠭᠴᠢ ᠠᠬᠤᠢ ᠦᠶ᠎ᠡ᠎ᠠᠴᠠ᠎ᠪᠠᠨ ᠠᠪᠤᠭ᠋ᠠᠳ ᠬᠤᠭᠤᠯᠡ ᠪᠤᠲᠠᠭ᠎ᠠ ᠵᠢ᠎ᠨᠢ ᠢᠲᠡᠵᠤ ᠪᠠᠶ᠋ᠢᠭᠰᠠᠨ ᠪᠠ ᠰᠡᠬᠦᠯᠴᠢ ᠵᠢᠨ ᠵᠢᠯ ᠵᠶ᠋ᠠᠷ ᠬᠠᠮᠲᠤ ᠠᠵᠢᠯᠯᠠᠭᠴᠢ ᠪᠤᠯᠤᠭᠰᠠᠨ᠎ᠤ ᠲᠠᠷᠠᠭ᠋ᠠᠬᠢ ᠤᠴᠢᠷ ᠲᠤᠬᠠᠢ᠎ᠪᠠᠷ ᠬᠠᠷᠠᠭ᠋ᠠᠰᠤ ᠪᠤᠯᠭ᠋ᠠᠨ᠂ ᠦᠵᠡᠭᠰᠡᠨ ᠬᠠᠷᠠᠭᠰᠠᠨ ᠦᠯᠢᠭᠡᠷ᠎ᠤᠨ ᠪᠢᠰᠢ ᠤᠶ᠋ᠢᠯᠡ ᠶᠠᠪᠤᠲᠠᠯ ᠵᠶ᠋ᠠᠷ ᠦᠷᠤᠭᠡᠯ᠎ᠤᠨ ᠨᠢᠲᠤᠨᠳᠤᠬᠢ ᠤ ᠪᠠᠭᠰᠢ᠎ᠪᠠᠨ ᠵᠢᠷᠤᠭᠯᠠᠵᠤ᠂ ᠰᠡᠳᠬᠢᠯ᠎ᠤᠨ ᠬᠦᠨᠲᠤᠳᠬᠡᠯ ᠵᠶ᠋ᠠᠨ ᠲᠡᠪᠰᠢᠬᠦᠯᠬᠦ ᠵᠢ ᠰᠠᠨᠠᠵᠤ ᠪᠢᠯᠡ᠃
ᠤ ᠪᠠᠭᠰᠢ ᠮᠠᠨᠢ ᠤᠤᠯ᠎ᠳᠤ᠎ᠪᠠᠨ ᠪᠠᠷᠢᠭ᠋ᠠᠲᠠ ᠵᠢᠨ ᠰᠤᠷᠭ᠋ᠠᠭᠤᠯᠢ᠎ᠳᠤ 11 ᠵᠢᠯ ᠪᠠᠭᠰᠢᠯᠠᠵᠣ ᠪᠠᠶ᠋ᠢᠭᠰᠠᠨ᠎ᠠᠴᠠ᠎ᠪᠠᠨ 1981 ᠤᠨ᠎ᠳᠤ ᠵᠤᠬᠢᠶᠠᠨ ᠪᠠᠶ᠋ᠢᠭᠤᠯᠤᠯᠲᠠ ᠵᠢᠨ ᠲᠤᠬᠢᠷᠠᠭᠤᠯᠤᠯᠲᠠ᠎ᠪᠠᠷ ᠬᠦᠪᠡᠭᠡᠲᠤ ᠰᠢᠷ᠎ᠠ ᠬᠤᠰᠢᠭᠤᠨ᠎ᠤ ᠮᠤᠩᠭᠤᠯ ᠦᠨᠲᠤᠰᠤᠲᠡᠨᠤ ᠲᠤᠮᠲᠠᠲᠤ ᠰᠤᠷᠭ᠋ᠠᠭᠤᠯᠢ᠎ᠳᠤ ᠠᠵᠢᠯ ᠰᠢᠯᠵᠢᠵᠤ ᠢᠷᠡᠭᠡᠳ 2004 ᠤᠨ᠎ᠳᠤ ᠠᠵᠢᠯ᠎ᠤᠨ ᠠᠮᠠᠷᠠᠯᠲᠠ᠎ᠪᠠᠨ ᠠᠪᠬᠤ ᠪᠤᠯᠲᠠᠯ᠎ᠠ ᠰᠤᠷᠭ᠋ᠠᠭᠤᠯᠢ ᠵᠢᠨ ᠠᠷᠤ ᠲᠠᠯ᠎ᠠ ᠵᠢᠨ ᠰᠠᠩ ᠬᠠᠮᠢᠶᠠᠷᠤᠭᠴᠢ᠂ ᠲᠤᠭᠤᠭ᠋ᠠᠨ ᠭᠡᠷ᠎ᠤᠨ ᠬᠠᠮᠢᠶᠠᠷᠤᠯᠲᠠ ᠵᠢᠨ ᠠᠵᠢᠯ᠎ᠤᠨ ᠪᠠᠶ᠋ᠢᠷᠢ᠎ᠠᠴᠠ ᠲᠦᠬᠡ ᠰᠠᠯᠵᠤ ᠦᠵᠡᠭᠡ ᠦᠭᠡᠢ᠂ ᠲᠦᠪ ᠴᠢᠩᠭ᠎ᠠ᠂ ᠬᠠᠷᠢᠭᠤᠴᠠᠯᠭ᠋ᠠᠲᠤ ᠰᠤᠷᠲᠠᠯ ᠵᠶ᠋ᠠᠷ ᠠᠵᠢᠯ ᠶᠠᠪᠤᠲᠠᠯ᠎ᠳᠤ᠎ᠪᠠᠨ ᠭᠠᠪᠰᠢᠭ᠋ᠠᠶ᠋ᠢᠯᠠᠵᠤ᠂ ᠪᠠᠶ᠋ᠢᠷᠢ ᠵᠢᠨ ᠠᠮᠢᠲᠤᠷᠠᠯ᠎ᠢ ᠲᠦᠰᠢᠵᠤ᠂ ᠰᠤᠷᠭ᠋ᠠᠭᠤᠯᠢ ᠰᠤᠶᠤᠯ᠎ᠤᠨ ᠮᠦᠷ᠎ᠢ ᠬᠦᠭᠡᠭᠡᠵᠤ ᠠ᠋ᠷᠲᠡᠮ ᠨᠤᠮ᠎ᠤᠨ ᠰᠢᠮ᠎ᠡ ᠵᠢ ᠬᠦᠷᠲᠡᠭᠰᠡᠨ ᠬᠡᠤᠬᠡᠳ᠎ᠤᠳ᠎ᠲᠤ ᠪᠤᠯ ᠨᠡᠷ᠎ᠡ ᠦᠭᠡᠢ 《ᠡᠵᠢ》᠎ᠨᠢ ᠪᠤᠯᠵᠤ ᠶᠠᠪᠤᠭᠰᠠᠨ ᠪᠠᠭᠰᠢ ᠬᠦᠮᠤᠨ᠎ᠤ ᠨᠢᠬᠡ ᠪᠠᠶ᠋ᠢᠭ᠎ᠠ᠃ ᠬᠤᠶ᠋ᠢᠨᠡ ᠠ᠋ᠮᠤᠨ᠎ᠡ ᠨᠠᠢ᠍ᠮᠠᠨ ᠵᠠᠬᠢᠷᠤᠯ᠎ᠤᠨ ᠬᠠᠯᠠᠭ᠎ᠠ ᠰᠤᠯᠢᠭᠠ ᠵᠢ ᠦᠩᠭᠡᠷᠡᠬᠦᠯᠵᠤ ᠢᠷᠡᠬᠦ᠎ᠳᠤ᠎ᠪᠠᠨ ᠠᠯᠢᠨ᠎ᠳᠤ᠎ᠨᠢ ᠴᠤ᠌ ᠪᠤᠯᠤᠭ᠂ ᠵᠡᠬᠦᠨ ᠪᠠᠷᠠᠭᠤᠨ ᠭᠠᠷᠤᠨ ᠬᠢᠨᠢ 《ᠰᠢᠲᠠᠷ ᠲᠤᠰᠠᠯᠠᠭᠴᠢ》᠎ᠪᠠᠷ ᠮᠡᠲᠡᠷᠡᠭᠲᠡᠵᠤ ᠶᠠᠪᠤᠭᠰᠠᠨ ᠲᠠᠷᠡ ᠮᠠᠨᠢ ᠨᠠᠶᠠᠭ᠋ᠠᠳ ᠤᠨ᠎ᠤ ᠰᠤᠷᠤᠭᠴᠢᠳ᠎ᠤᠨ ᠤᠢ ᠲᠤᠶᠳᠤ ᠪᠤᠯ 《ᠲᠤᠭᠤᠭ᠋ᠠᠴᠢ ᠠᠪᠤ》᠂ ᠶᠡᠷᠡᠭᠡᠳ ᠤᠨ ᠪᠠ ᠰᠢᠨ᠎ᠡ ᠮᠢᠩᠭ᠋ᠠᠨ᠎ᠤ ᠠ᠋ᠬᠢᠨ᠎ᠤ ᠵᠢᠯ᠎ᠤᠨ ᠰᠤᠷᠤᠭᠴᠢᠳ᠎ᠤᠨ ᠨᠢᠲᠤᠨ᠎ᠳᠤ ᠪᠤᠯ 《ᠲᠤᠭᠤᠭ᠋ᠠᠴᠢ ᠡᠪᠦᠭᠡ》 ᠵᠢᠨ ᠲᠤᠷᠠᠰᠤᠮᠵᠢ᠎ᠲᠠᠢ ᠶᠠᠪᠤᠵᠤ ᠢᠷᠡᠭᠰᠡᠨ ᠠᠬᠠᠮᠠᠳ ᠪᠤᠭᠤᠷᠤᠯ ᠪᠤᠯᠬᠤ ᠶᠤᠰᠤᠲᠠᠢ᠃ ᠶᠡᠷᠢᠶᠡᠨ ᠦᠭᠡᠢ ᠲᠡᠳᠡᠭᠡᠷ ᠰᠣᠷᠣᠭᠴᠢ ᠵᠢᠨ ᠲᠣᠮᠳᠠ ᠪᠢ ᠴᠤ᠌ ᠪᠠᠭᠲᠠᠵᠤ ᠪᠠᠶ᠋ᠢᠭ᠎ᠠ ᠶᠤᠮ᠃
ᠲᠡᠶ᠋ᠢᠮᠤ ᠪᠤᠯᠬᠤᠷ ᠬᠤᠷᠢᠨ ᠬᠡᠲᠤᠨ ᠵᠢᠯ᠎ᠤᠨ ᠲᠤᠷᠰᠢ ᠪᠠᠭᠰᠢ ᠰᠤᠷᠤᠭᠴᠢᠳ᠎ᠤᠨ ᠵᠶ᠋ᠠᠨ ᠣᠶᠣᠨ ᠣᠬᠠᠭ᠋ᠠᠨ᠎ᠳᠤ ᠤᠨᠢᠰᠤ᠎ᠲᠠᠢ ᠪᠠᠭᠰᠢ ᠪᠤᠯ 《ᠴᠡᠪᠡᠷ ᠨᠢᠮᠪᠠᠢ᠂ ᠴᠢᠩᠭ᠎ᠠ ᠲᠦᠪᠯᠡᠬᠦᠨ᠂ ᠴᠢᠬᠡᠴᠢ ᠰᠢᠲᠤᠷᠭᠤ᠂ ᠠᠵᠢᠯᠴᠢ ᠠᠷᠪᠢᠴᠢ᠂ ᠲᠡᠰᠪᠤᠷᠢ ᠲᠠᠭ᠋ᠠᠭ᠋ᠠᠴᠠ》᠎ᠪᠠᠷ ᠦᠪᠡᠷ᠎ᠢ᠎ᠪᠠᠨ ᠱᠤᠭᠤᠭᠰᠠᠨ ᠦᠷᠭᠡᠨ ᠨᠦᠯᠤᠭᠡ᠂ ᠦᠯᠡᠮᠵᠢ ᠲᠤᠰᠬᠠᠯ᠎ᠲᠠᠢ ᠨᠢᠭᠡᠨ ᠠᠬᠠᠮᠠᠳ᠎ᠤᠨ ᠲᠦᠷᠢ᠎ᠪᠠᠷ ᠲᠠᠨᠢᠭᠳᠠᠭᠰᠠᠨ᠂ ᠵᠥᠪᠭᠡᠨ ᠤᠲᠤ ᠯᠠ ᠪᠢᠰᠢ ᠬᠠᠷᠢᠨ ᠠ᠋ᠬᠦᠷᠢᠲᠡ ᠵᠢᠨ ᠲᠦᠷᠢ ᠪᠤᠯᠬᠤ ᠤᠴᠢᠷ᠎ᠲᠠᠢ᠃
ᠦᠯᠢᠭᠡᠷ ᠨᠢᠬᠡ
1982 ᠤᠨ᠎ᠤ ᠨᠠᠮᠤᠷ᠂ ᠬᠦᠪᠡᠭᠡᠲᠤ ᠰᠢᠷ᠎ᠠ ᠬᠤᠰᠢᠭᠤᠨ᠎ᠤ ᠮᠤᠩᠭᠤᠯ ᠦᠨᠲᠤᠰᠤᠲᠡᠨᠤ ᠲᠤᠮᠲᠠᠲᠤ ᠰᠤᠷᠭ᠋ᠠᠭᠤᠯᠢ ᠵᠢᠨ ᠠᠨᠭ᠌ᠬ᠎ᠠ ᠵᠡᠷᠭᠡ ᠵᠢᠨ ᠲᠤᠮᠳᠠᠳᠤ ᠰᠤᠷᠭ᠋ᠠᠭᠤᠯᠢ ᠵᠢᠨ ᠨᠢᠭᠡᠲᠤᠭᠡᠷ ᠤᠨ᠎ᠳᠤ ᠲᠠᠪᠰᠢᠨ ᠤᠷᠤᠭᠰᠠᠨ ᠪᠢ ᠭᠡᠷ᠎ᠤᠨ ᠠᠬᠠᠮᠠᠳ᠎ᠤᠨ ᠵᠶ᠋ᠠᠨ ᠲᠠᠭ᠋ᠠᠭᠤᠯᠭ᠎ᠠ᠎ᠪᠠᠷ᠂ ᠶᠠᠭᠤᠨ᠎ᠤ ᠲᠡᠷᠢᠬᠦᠨ᠎ᠳᠤ ᠪᠠᠶ᠋ᠢᠷᠢ ᠵᠢᠨ ᠭᠡᠷ᠂ ᠬᠢᠴᠢᠶᠠᠯ᠎ᠤᠨ ᠭᠡᠷ ᠵᠶ᠋ᠠᠨ ᠲᠠᠨᠢᠵᠤ ᠠᠪᠤᠭᠰᠠᠨ᠎ᠤ ᠲᠠᠷᠠᠭ᠎ᠠ ᠰᠤᠷᠭ᠋ᠠᠭᠤᠯᠢ ᠵᠢᠨ ᠬᠤᠭᠤᠯᠠᠨ ᠪᠢᠯᠸᠲ ᠠᠪᠴᠤ᠂ ᠬᠤᠭᠤᠯᠠ ᠪᠤᠲᠠᠭ᠋ᠠᠨᠤ ᠭᠡᠷᠡᠴᠢ ᠲᠡᠮᠲᠡᠭ᠎ᠤᠨ ᠪᠠᠲᠤᠯᠠᠭ᠎ᠠ ᠰᠤᠯᠢᠵᠤ ᠠᠪᠤᠭᠰᠠᠨ ᠵᠶ᠋ᠠᠨ ᠤᠲᠤ ᠴᠤ᠌ ᠭᠡᠳ ᠪᠦᠤᠷ ᠲᠦᠤᠷ ᠴᠡᠭᠡᠵᠢᠯᠡᠵᠥ ᠪᠠᠶ᠋ᠢᠨ᠎ᠠ᠃ ᠲᠡᠷᠡ ᠦᠶ᠎ᠡ᠎ᠳᠤ ᠪᠢ ᠬᠤᠰᠢᠭᠤᠨ ᠲᠦᠪ᠎ᠲᠤ ᠠᠨᠭ᠌ᠬ᠎ᠠ ᠢᠷᠡᠵᠤ ᠪᠠᠶ᠋ᠢᠬᠤ ᠵᠢᠨ ᠲᠡᠭᠡᠷ᠎ᠡ ᠲᠠᠨᠢᠵᠤ ᠮᠡᠲᠡᠬᠦ ᠬᠠᠮᠲᠤ ᠰᠤᠷᠤᠭᠴᠢ ᠲᠤᠭ᠎ᠠ᠎ᠲᠠᠢ ᠨᠢᠭᠡ ᠬᠤᠶᠠᠷ ᠪᠠᠶ᠋ᠢᠵᠤ᠂ ᠶᠤᠰᠤᠲᠠᠢ ᠰᠤᠷᠭ᠋ᠠᠭᠤᠯᠢ ᠵᠢᠨ ᠮᠠᠨᠢ ᠶᠠᠭᠤ ᠪᠦᠬᠦᠨ ᠰᠢᠨ᠎ᠡ ᠰᠡᠪᠡᠬᠦᠨ ᠰᠤᠨᠢᠷᠬᠠᠯ᠎ᠲᠠᠢ ᠰᠠᠨᠠᠭᠲᠠᠵᠤ ᠪᠠᠶ᠋ᠢᠯ᠎ᠠ᠃ ᠬᠠᠷᠢᠨ ᠰᠠᠨᠠᠭ᠋ᠠᠨ᠎ᠠᠴᠠ ᠭᠠᠷᠲᠠᠭ ᠦᠭᠡᠢ ᠨᠢᠭᠡ ᠤᠴᠢᠷ ᠭᠡᠪᠡᠯ᠂ ᠠᠷᠪᠠᠨ ᠮᠦᠩᠬᠦ᠂ ᠬᠤᠷᠢᠨ ᠮᠦᠩᠬᠦ᠂ ᠲᠡᠪᠢᠨ ᠮᠦᠩᠬᠦ᠂ ᠨᠢᠭᠡ ᠲᠦᠬᠦᠷᠢᠭ᠎ᠤᠨ ᠬᠤᠭᠤᠯᠠᠨ ᠪᠢᠯᠸᠲ ᠲᠡᠭᠡᠷᠡᠬᠢ 《ᠤᠨᠢᠰᠤ᠎ᠲᠠᠢ》 ᠭᠡᠰᠡᠨ ᠲᠠᠮᠠᠭ᠎ᠠ ᠵᠢᠨ ᠲᠠᠷᠤᠳᠠᠰᠤ ᠦᠰᠦᠭ᠎ᠨᠢ ᠬᠡᠤᠬᠡᠳ ᠨᠠᠰᠤᠨ᠎ᠤ ᠨᠡᠳᠡ ᠶᠡᠬᠡᠲᠡ ᠭᠠᠶ᠋ᠢᠬᠠᠯᠲᠠᠢ ᠰᠠᠨᠠᠭᠲᠠᠭᠰᠠᠨ ᠵᠶ᠋ᠠᠷ ᠠ᠋ᠨᠡ ᠭᠦ᠌ ᠪᠢᠯᠸᠲ᠎ᠨᠢ ᠵᠤᠭᠤᠰ ᠮᠦᠩᠬᠦ᠎ᠠᠴᠠ ᠢᠯᠡᠬᠦᠤ 《ᠤᠨᠢᠰᠤ ᠴᠤᠤᠵᠢ᠎ᠲᠠᠢ ᠴᠢᠨᠭᠭ᠎ᠠ ᠬᠠᠮᠢᠶᠠᠷᠤᠯᠲᠠ᠎ᠲᠠᠢ ᠶᠠᠭᠤᠮ᠎ᠠ ᠪᠠᠶ᠋ᠢᠨ᠎ᠠ》 ᠬᠡᠮᠡᠨ ᠤᠶ᠋ᠢᠯᠠᠭ᠋ᠠᠬᠤ᠎ᠳᠤ᠎ᠪᠠᠨ ᠮᠠᠰᠢ ᠨᠠᠨᠲᠢᠩᠨᠡᠨ ᠦᠵᠡᠵᠤ ᠬᠠᠶᠠᠵᠤ ᠭᠡᠭᠡᠬᠦ ᠪᠠᠶ᠋ᠢᠲᠤᠭ᠋ᠠᠢ ᠨᠣᠬᠤᠴᠢᠵᠣ ᠣᠷᠠᠭ᠍ᠣᠠᠴᠠ ᠬᠦᠷᠲᠡᠯ᠎ᠡ ᠬᠢᠴᠢᠶᠡᠳᠡᠭ ᠪᠠᠶ᠋ᠢᠯ᠎ᠠ᠃ ᠲᠡᠷᠡ᠎ᠨᠢ ᠶᠠᠭ ᠤᠨᠢᠰᠤ᠎ᠲᠠᠢ ᠪᠠᠭᠰᠢ ᠤᠩᠭᠤᠨ ᠠᠭᠤᠯᠠ ᠨᠢᠭᠡᠲᠤᠯ᠎ᠤᠨ ᠪᠤᠩᠬᠤᠨ ᠭᠤᠤᠯ ᠪᠠᠷᠢᠭ᠋ᠠᠲᠠ (ᠲᠡᠷᠡ ᠦᠶ᠎ᠡ᠎ᠳᠤ ᠰᠤᠮᠤ ᠭᠠᠴᠠᠭ᠎ᠠ ᠵᠢᠨ ᠢᠩᠬᠢᠵᠤ ᠲᠠᠭᠤᠲᠠᠵᠤ ᠪᠠᠶ᠋ᠢᠭᠰᠠᠨ) ᠵᠢᠨ ᠰᠤᠷᠭ᠋ᠠᠭᠤᠯᠢ ᠵᠢᠨ ᠪᠠᠭᠰᠢ ᠵᠢᠨ ᠠᠵᠢᠯ᠎ᠠᠴᠠ᠎ᠪᠠᠨ ᠮᠠᠨ᠎ᠤ ᠰᠤᠷᠭ᠋ᠠᠭᠤᠯᠢ ᠵᠢᠨ ᠲᠤᠭᠤᠭ᠋ᠠᠨ ᠭᠡᠷ᠎ᠤᠨ ᠰᠠᠩ ᠬᠠᠮᠢᠶᠠᠷᠤᠭᠴᠢ᠂ ᠠᠷᠤ ᠲᠡᠯ᠎ᠡ ᠵᠢᠨ ᠠᠵᠢᠯ᠎ᠤᠨ ᠬᠠᠮᠢᠶᠠᠷᠤᠯᠲᠠ ᠵᠢᠨ ᠠᠵᠢᠯ᠎ᠤᠨ ᠪᠠᠶ᠋ᠢᠷᠢᠨ᠎ᠳᠤ ᠰᠢᠯᠵᠢᠵᠤ ᠢᠷᠡᠭᠡᠳ ᠲᠢᠭ ᠲᠠᠭ ᠲᠦᠷᠢᠮᠵᠢᠭᠰᠡᠨ ᠨᠢᠮᠪᠡᠢ ᠬᠠᠮᠢᠶᠠᠷᠤᠯᠲᠠ᠎ᠲᠠᠢ᠎ᠪᠠᠷ ᠠᠵᠢᠯ ᠵᠶ᠋ᠠᠨ ᠠ᠋ᠬᠢᠯᠡᠬᠦᠯᠵᠤ ᠪᠠᠶ᠋ᠢᠭᠰᠠᠨ᠎ᠢ ᠬᠡᠵᠢᠶ᠎ᠡ ᠰᠡᠬᠦᠯ᠎ᠳᠤ ᠮᠡᠲᠡᠵᠤ ᠪᠢᠯᠡ᠃ ᠲᠡᠭᠡᠭᠡᠳ ᠯᠡ ᠪᠢ ᠠ᠋ᠨᠡ ᠭᠦ᠌ ᠬᠤᠭᠤᠯᠠᠨ ᠪᠢᠯᠸᠲ ᠲᠡᠭᠡᠷᠡᠬᠢ 《ᠤᠨᠢᠰᠤ᠎ᠲᠠᠢ》 ᠭᠡᠰᠡᠨ ᠨᠡᠷ᠎ᠡ᠎ᠪᠠᠷ᠎ᠨᠢ ᠠᠯᠭᠤᠷ ᠠᠭ᠋ᠠᠵᠢᠮᠳᠤᠪᠠᠨ ᠤ ᠪᠠᠭᠰᠢ᠎ᠪᠠᠨ ᠮᠡᠲᠡᠵᠤ ᠠᠪᠤᠭᠰᠠᠨ ᠤᠬᠠᠭ᠋ᠠᠨ᠎ᠲᠠᠢ ᠶᠤᠮ᠃ ᠠᠷᠪᠠᠨ ᠬᠡᠲᠤᠨ ᠵᠢᠯ᠎ᠤᠨ ᠲᠠᠷᠠᠭ᠎ᠠ᠂ 1998 ᠤᠨ᠎ᠳᠤ ᠪᠢ ᠠᠵᠢᠯ ᠰᠢᠯᠵᠢᠵᠤ ᠠ᠋ᠬᠡ ᠰᠤᠷᠭ᠋ᠠᠭᠤᠯᠢ᠎ᠳᠤ᠎ᠪᠠᠨ ᠪᠠᠭᠰᠢᠯᠠᠭ᠍ᠤᠪᠠᠷ ᠢᠷᠡᠬᠦ᠎ᠳᠤ ᠤᠨᠢᠰᠤ᠎ᠲᠠᠢ ᠪᠠᠭᠰᠢ ᠮᠠᠨᠢ ᠮᠦᠨ ᠯᠡ ᠤᠤᠯ ᠠᠵᠢᠯ᠎ᠤᠨ ᠪᠠᠶ᠋ᠢᠷᠢᠨ᠎ᠳᠤ᠎ᠪᠠᠨ ᠵᠢᠷᠠ ᠵᠢᠨ ᠲᠠᠪᠠᠭ᠎ᠠ ᠵᠢ ᠲᠦᠬᠦᠴᠢᠬᠡᠭᠰᠡᠨ ᠠᠬᠠᠮᠠᠳ ᠲᠤᠮᠤᠭ᠋ᠠᠲᠠᠢ ᠪᠠᠭᠰᠢ ᠨᠡᠷ᠎ᠤᠨ ᠠ᠋ᠩᠨᠡᠭᠡᠨ᠎ᠳᠤ ᠤᠷᠤᠭᠰᠠᠨ ᠪᠤᠯᠪᠠᠴᠤ ᠵᠠᠯᠠᠭᠤ᠂ ᠢᠲᠡᠷ ᠲᠤᠭᠤᠭ᠋ᠠᠴᠢ ᠨᠡᠷ᠎ᠲᠠᠢ᠎ᠪᠠᠨ ᠮᠦᠷᠤ ᠵᠡᠷᠭᠡᠴᠡᠨ ᠦᠷ᠎ᠤᠨ ᠭᠡᠭᠡ᠎ᠲᠠᠢ ᠤᠷᠤᠯᠲᠤᠨ᠂ ᠠᠷᠭ᠋ᠠᠯ ᠨᠡᠬᠦᠷᠡᠰᠤ ᠬᠡᠲᠡᠯ᠎ᠡ ᠭᠤᠯᠢᠷ ᠪᠤᠲᠠᠭ᠎ᠠ᠂ ᠮᠢᠬ᠎ᠠ ᠲᠤᠰᠤ᠂ ᠨᠤᠭᠤᠭ᠎ᠠ ᠴᠠᠭ᠎ᠠ ᠭᠡᠳ ᠠ᠋ᠲᠤᠷ᠎ᠤᠨ ᠮᠠᠷᠭ᠋ᠠᠰᠢ ᠬᠢᠵᠤ ᠪᠠᠷᠠᠲᠠᠭ ᠦᠭᠡᠢ ᠦᠨᠤᠬᠢ ᠠᠵᠢᠯ᠎ᠲᠠᠢ᠎ᠪᠠᠨ ᠵᠢᠭᠤᠷᠠᠯᠲᠤᠨ ᠨᠤᠴᠤᠯᠲᠤᠵᠤ᠂ ᠵᠠᠷᠢᠮ᠎ᠳᠤ᠎ᠪᠠᠨ ᠬᠦᠭᠡᠷᠤᠬᠦᠢ᠂ ᠬᠦᠯᠤᠰᠤ᠎ᠪᠠᠨ ᠭᠤᠭᠤᠵᠢᠭᠤᠯᠣᠨ ᠵᠥᠳᠡᠷᠡᠯᠳᠡᠢ ᠠᠵᠢᠯᠯᠠᠭ᠍ᠤ ᠵᠢ᠎ᠨᠢ ᠥᠵᠡᠵᠥ ᠬᠠᠷᠠᠭᠰᠠᠨ ᠪᠢᠲᠡ ᠨᠡᠷ᠄ 《ᠤ ᠪᠠᠭᠰᠢ ᠡ! ᠶᠠᠲᠠᠷᠠᠵᠤ ᠪᠠᠶ᠋ᠢᠬᠤ ᠦᠭᠡᠢ ᠤᠤ? ᠵᠢᠭ᠋ᠠᠬᠠᠨ ᠠᠮᠤᠰᠬᠢᠭ᠋ᠠᠳ ᠠᠪᠬᠤ ᠦᠭᠡᠢ ᠤᠤ?》 ᠭᠡᠵᠤ ᠬᠦᠨᠲᠤᠳᠬᠡᠯ ᠲᠡᠪᠰᠢᠬᠦᠯᠤᠨ ᠬᠠᠯᠠᠮᠵᠢᠯᠠᠨ ᠠᠰᠠᠭᠤᠬᠤ᠎ᠳᠤ᠄ 《ᠬᠢᠭᠡᠳ ᠲᠠᠳᠴᠢᠬᠠᠭᠰᠠᠨ ᠠᠵᠢᠯ ᠶᠤᠮ ᠴᠢᠨᠢ᠂ ᠶᠠᠳᠠᠷᠠᠮᠠᠷ ᠶᠠᠭᠤᠮ᠎ᠠ ᠥᠬᠡᠢ᠂ ᠶᠠᠭᠤ ᠯᠡ ᠪᠠᠶ᠋ᠢᠬᠤᠪ!》 ᠭᠡᠳ ᠨᠠᠭ᠋ᠠᠲᠤᠮ ᠦᠨᠡᠨ᠎ᠤ ᠬᠤᠭᠤᠷᠤᠨᠲᠤ ᠬᠡᠯᠡᠵᠥ᠂ ᠬᠢᠲᠡᠭ ᠵᠶ᠋ᠠᠨ ᠬᠢᠵᠤ ᠯᠠ ᠶᠠᠪᠣᠳᠠᠭ᠎ᠨᠢ ᠦᠨᠡᠨ ᠪᠢᠰᠢᠷᠡᠬᠦᠰᠢᠳᠡᠢ᠂ ᠬᠦᠨᠲᠤᠳᠬᠡᠬᠦᠰᠢᠲᠠᠢ ᠰᠠᠨᠠᠭᠳᠠᠳᠠᠭ᠃
ᠦᠯᠢᠭᠡᠷ ᠬᠤᠶᠠᠷ
ᠲᠡᠭᠡᠷ᠎ᠡ ᠵᠠᠭᠤᠨ᠎ᠤ ᠨᠠᠶᠠ᠂ ᠶᠡᠷᠡᠭᠡᠳ ᠣᠨ᠎ᠤ ᠥᠶ᠎ᠡ᠎ᠳᠤ ᠪᠠᠶ᠋ᠢᠷᠢ ᠵᠢᠨ ᠬᠡᠥᠭᠡᠳ᠎ᠤᠨ ᠬᠤᠭᠤᠯᠠ ᠬᠥᠨᠡᠰᠥᠨᠤ ᠠᠰᠠᠭᠤᠳᠠᠯ ᠪᠣᠯ ᠰᠣᠷᠭ᠋ᠠᠭᠤᠯᠢ ᠵᠢᠨ ᠨᠢᠬᠡ ᠲᠣᠮᠣ ᠣᠴᠢᠷ ᠪᠠᠶ᠋ᠢᠭᠰᠠᠨ ᠭᠡᠭᠦ᠎ᠳᠤ ᠠᠬᠠᠳᠠᠭ᠍ᠣ ᠥᠬᠡᠢ᠃ ᠣᠴᠢᠷ᠎ᠨᠢ ᠰᠣᠷᠭ᠋ᠠᠭᠤᠯᠢ ᠵᠢᠨ ᠵᠠᠷᠣᠳᠠᠯ ᠵᠤᠭ᠎ᠠ ᠶᠡᠭᠡᠳᠡᠢ ᠲᠡᠭᠡᠷ᠎ᠡ ᠣᠯᠣᠰ᠎ᠠᠴᠠ ᠥᠭᠭᠦ ᠨᠥᠭᠦᠪᠥᠷᠢ ᠮᠥᠩᠬᠦ ᠠ᠋ᠨᠡ ᠲᠡᠷᠡ ᠲᠣᠩ ᠬᠤᠮᠰᠠᠭ᠍ᠠᠨ ᠲᠣᠯᠠ ᠬᠡᠥᠭᠡᠳ᠎ᠤᠳ᠎ᠤᠨ ᠭᠡᠷ᠎ᠤᠨ ᠠᠬᠠᠮᠠᠳ᠎ᠲᠤ ᠲᠥᠰᠢᠭᠯᠡᠵᠥ ᠡᠪᠥᠯ᠎ᠤᠨ ᠢᠳᠡᠰᠢ ᠣᠣᠭᠤᠰᠢ᠎ᠪᠠᠨ ᠠᠷᠭ᠋ᠠᠴᠠᠳᠠᠭ ᠪᠠᠶ᠋ᠢᠭᠰᠠᠨ ᠶᠤᠮ᠃ ᠵᠢᠯ ᠪᠣᠯᠭ᠋ᠠᠨ᠎ᠤ ᠨᠠᠮᠣᠷ᠎ᠤᠨ ᠰᠡᠬᠦᠯᠴᠢ᠂ ᠡᠪᠥᠯ᠎ᠤᠨ ᠠ᠋ᠬᠢ᠎ᠪᠠᠷ ᠪᠠᠶ᠋ᠢᠷᠢ ᠵᠢᠨ ᠬᠡᠥᠭᠡᠳ ᠪᠥᠷᠢ ᠵᠢᠨ ᠬᠡᠷ᠎ᠤᠨ ᠠᠬᠠᠮᠠᠳ ᠨᠢᠬᠡ ᠠᠮᠢᠳᠣ ᠬᠤᠨᠢ᠎ᠪᠠᠨ ᠰᠣᠷᠭ᠋ᠠᠭᠤᠯᠢ ᠵᠢᠨ ᠠᠷᠣ ᠲᠠᠯ᠎ᠠ᠎ᠳᠤ ᠲᠣᠰᠢᠶᠠᠵᠣ᠂ ᠲᠣᠭᠤᠭ᠋ᠠᠨ ᠭᠡᠷ᠎ᠤᠨ ᠮᠢᠬ᠎ᠠ ᠱᠥᠯᠥᠨᠤ ᠢᠷᠡᠯᠳᠡ ᠵᠢ ᠪᠠᠳᠣᠯᠠᠨ ᠬᠡᠥᠭᠡᠳ᠎ᠤᠨ ᠡᠪᠥᠯ᠎ᠤᠨ ᠬᠥᠨᠡᠰᠥᠨᠤ ᠠᠰᠠᠭᠤᠳᠠᠯ᠎ᠢ ᠰᠢᠢ᠍ᠳᠪᠥᠷᠢᠯᠡᠵᠥ᠂ ᠲᠣᠷᠠᠳᠠᠶᠠ ᠲᠣᠰᠠᠯᠠᠮᠵᠢ ᠬᠠᠩᠭ᠋ᠠᠳᠠᠭ᠃ ᠬᠡᠬᠦ᠎ᠳᠤ ᠵᠢᠯ ᠪᠣᠯᠭ᠋ᠠᠨ᠎ᠤ ᠶᠠᠭ ᠯᠠ ᠲᠡᠷᠡ ᠥᠶ᠎ᠡ ᠪᠣᠯ ᠣᠨᠢᠰᠣᠳᠠᠢ ᠪᠠᠭᠰᠢ ᠵᠢ ᠪᠠᠭᠳᠠᠭ᠋ᠠᠭᠰᠠᠨ ᠲᠣᠬᠠᠢ ᠵᠢᠨ ᠥᠶ᠎ᠡ ᠵᠢᠨ ᠲᠣᠭᠤᠭ᠋ᠠᠨ ᠭᠡᠷ᠎ᠤᠨ ᠠᠵᠢᠯᠳᠠᠳ᠎ᠤᠨ ᠬᠠᠮᠤᠭ᠎ᠤᠨ ᠶᠠᠭ᠋ᠠᠷᠠᠯᠳᠠᠢ ᠥᠶ᠎ᠡ ᠪᠠᠶ᠋ᠢᠵᠣ ᠰᠣᠷᠭ᠋ᠠᠭᠤᠯᠢ ᠵᠢᠨ ᠬᠡᠥᠭᠡᠳ᠎ᠤᠨ ᠡᠪᠥᠯ᠎ᠤᠨ ᠢᠳᠠᠰᠢ ᠵᠢ ᠲᠥᠪᠬᠢᠨᠡᠬᠦᠯᠬᠦ ᠠᠵᠢᠯ᠎ᠳᠤ ᠮᠣᠩᠭ᠋ᠠᠨᠢᠳᠠᠭ᠃ ᠵᠠᠷᠢᠮ ᠵᠢᠯ᠎ᠳᠤ᠎ᠪᠠᠨ ᠪᠠᠶ᠋ᠢᠷᠢ ᠵᠢᠨ ᠬᠡᠥᠭᠡᠳ᠎ᠤᠨ ᠲᠤᠭ᠎ᠠ ᠣᠯᠠᠨ ᠪᠣᠯ ᠭᠤᠷᠪᠠ ᠲᠥᠷᠪᠡᠨ ᠵᠠᠭᠤᠨ ᠬᠤᠨᠢ ᠵᠢ ᠠ᠋ᠳᠥᠷ ᠪᠣᠯᠭ᠋ᠠᠨ ᠰᠣᠷᠣᠭᠴᠢᠳ᠎ᠤᠨ ᠵᠶ᠋ᠠᠨ ᠬᠤᠭᠤᠯᠠ ᠴᠠᠢ ᠵᠢᠨ ᠠᠵᠢᠯ᠎ᠢ ᠵᠠᠪᠳᠣᠭᠤᠯᠬᠤ ᠵᠢᠨ ᠵᠡᠷᠭᠡᠴᠡᠭᠡ᠎ᠪᠠᠷ ᠲᠣᠭᠤᠭ᠋ᠠᠴᠢ ᠠᠵᠢᠯᠳᠠᠨ ᠵᠶ᠋ᠠᠨ ᠲᠠᠭ᠋ᠠᠭᠤᠯᠵᠣ ᠬᠤᠨᠢ ᠨᠢᠳᠣᠯᠵᠣ ᠪᠠᠵᠠᠭ᠋ᠠᠬᠤ᠂ ᠭᠡᠳᠡᠰᠥ ᠬᠥᠵᠡᠭᠡ ᠵᠢ᠎ᠨᠢ ᠣᠬᠢᠶᠠᠵᠣ ᠠᠷᠢᠯᠭ᠋ᠠᠬᠤ᠂ ᠥᠶ᠎ᠡ ᠮᠥᠴᠢᠪᠠᠷᠨᠢ ᠲᠣᠶᠠᠴᠢᠵᠣ ᠰᠠᠯᠭ᠋ᠠᠬᠤ᠂ ᠱᠣᠯᠣᠵᠣ ᠪᠣᠷᠴᠠᠯᠠᠭ᠍ᠣ ᠬᠡᠳ ᠰᠠᠷ᠎ᠠ ᠬᠤᠷᠢᠨ ᠬᠤᠨᠤᠭ ᠵᠶ᠋ᠠᠷ ᠠ᠋ᠳᠥᠷ᠎ᠤᠨ ᠠᠷᠪᠠ ᠭᠠᠷᠣᠢ ᠬᠤᠨᠢ ᠵᠢ ᠲᠥᠬᠦᠭᠡᠷᠣᠨ ᠰᠣᠨᠳᠠᠯᠠᠪᠠᠨ ᠣᠷᠣᠯᠳᠣᠳᠠᠭ ᠪᠠᠶ᠋ᠢᠵᠠᠢ᠃ ᠲᠡᠳᠡᠭᠡᠷ ᠠᠵᠢᠯ᠎ᠢ᠎ᠨᠢ ᠣᠳᠣ᠎ᠪᠠᠷ ᠪᠣᠳᠣᠪᠠᠯ ᠨᠢᠬᠡ ᠬᠥᠯᠳᠡᠬᠡᠬᠦ ᠬᠥᠮᠥᠷᠭᠡᠨᠤ ᠠᠵᠢᠯ᠎ᠠᠴᠠ ᠲᠣᠣᠷᠠᠳᠠᠭ᠍ᠣ ᠥᠬᠡᠢ ᠯᠠ ᠪᠠᠶ᠋ᠢᠵᠠᠢ ᠳ᠋ᠠ᠃ ᠲᠡᠭᠡᠭᠦ᠎ᠪᠠᠷ ᠪᠠᠷᠠᠭ᠍ᠣ ᠥᠬᠡᠢ ᠠ᠋ᠯᠬᠦᠵᠣ ᠬᠠᠳᠠᠭ᠋ᠠᠬᠤ᠂ ᠬᠠᠳᠠᠭ᠋ᠠᠯᠠᠵᠣ ᠬᠥᠮᠥᠷᠭᠡᠯᠡᠬᠦ᠂ ᠲᠠᠷᠠᠭ᠎ᠠ ᠵᠢᠯ᠎ᠤᠨ ᠬᠠᠪᠣᠷ ᠵᠣᠨᠢ ᠵᠠᠯᠭ᠋ᠠᠳᠠᠯᠠ ᠰᠣᠷᠣᠭᠴᠢᠳ᠎ᠤᠨ ᠬᠤᠭᠤᠯᠠᠨ᠎ᠤ ᠮᠢᠬ᠎ᠠ ᠲᠣᠰᠣ ᠵᠢ ᠲᠡᠩᠴᠡᠬᠦᠯᠵᠣ ᠲᠣᠬᠢᠷᠠᠭᠤᠯᠣᠨ ᠵᠣᠬᠢᠴᠠᠭᠤᠯᠬᠤ ᠭᠡᠳ ᠠᠷᠣ ᠠᠷᠣ᠎ᠠᠴᠠ᠎ᠪᠠᠨ ᠬᠥᠪᠥᠷᠡᠭᠰᠡᠨ ᠣᠯᠠᠨ ᠠᠵᠢᠯ᠎ᠢ ᠣᠨᠢᠰᠣᠳᠠᠢ ᠪᠠᠭᠰᠢ ᠮᠢᠨᠢ ᠲᠣᠷᠠᠩᠬᠠᠢ ᠥᠨᠳᠥᠷ ᠪᠡᠶ᠎ᠡ᠂ ᠬᠤᠶᠠᠷ ᠮᠥᠷᠥᠨ ᠲᠡᠭᠡᠷ᠎ᠡ᠎ᠪᠠᠨ ᠲᠣᠯᠵᠣ᠂ ᠰᠢᠳᠣ ᠵᠠᠭᠤᠨ ᠲᠠᠪᠠᠵᠣ ᠲᠣᠭᠤᠯᠵᠣ ᠶᠠᠪᠣᠭᠰᠠᠨ ᠪᠠᠶ᠋ᠢᠵᠠᠢ᠃
ᠪᠠᠭᠰᠢ ᠨᠠᠷ᠎ᠲᠤ ᠢᠳᠡᠰᠢᠨ᠎ᠤ ᠮᠢᠬ᠎ᠠ ᠬᠤᠪᠢᠶᠠᠭ᠍ᠣ᠂ ᠣᠨᠴᠠᠭ᠋ᠠᠶ᠋ᠢᠯᠠᠨ 1998 ᠣᠨ᠎ᠳᠤ ᠰᠣᠷᠭ᠋ᠠᠭᠤᠯᠢ ᠵᠢᠨ ᠰᠢᠨ᠎ᠡ ᠠᠰᠠᠷ᠎ᠤᠨ ᠨᠠᠶ᠋ᠢᠷ᠎ᠤᠨ ᠬᠤᠪᠢ ᠲᠠᠯᠪᠢᠭᠰᠠᠨ ᠮᠢᠬ᠎ᠠ ᠵᠢ 100 ᠭᠠᠷᠣᠢ ᠪᠠᠭᠰᠢ ᠠᠵᠢᠯᠳᠠᠨ᠎ᠳᠤ ᠯᠠᠩ ᠴᠢᠨ ᠵᠥᠷᠢᠬᠦᠯᠥᠯ ᠥᠬᠡᠢ ᠮᠥᠷᠳᠡᠭᠡᠨ ᠮᠢᠬ᠎ᠠ ᠥᠬᠡᠬᠦ ᠵᠢ᠎ᠨᠢ ᠲᠡᠩᠴᠡᠬᠦᠯᠵᠣ ᠲᠥᠬᠡᠬᠡᠭᠰᠡᠨᠨᠢ ᠲᠣᠬᠠᠢ ᠵᠢᠨ ᠥᠶ᠎ᠡ ᠵᠢᠨ ᠪᠠᠭᠰᠢ ᠨᠠᠷ᠎ᠤᠨ ᠰᠣᠷᠭ᠋ᠠᠭᠤᠯᠢ ᠵᠢᠨ ᠬᠥᠷᠢᠶᠡᠨ᠎ᠳᠤ ᠪᠠᠶ᠋ᠢᠨ ᠪᠠᠶ᠋ᠢᠨ ᠶᠠᠷᠢᠭᠳᠠᠳᠠᠭ ᠴᠠᠢ ᠵᠢᠨ ᠬᠠᠯᠠᠭᠤᠨ ᠵᠣᠭᠤᠭ᠎ᠤᠨ ᠰᠡᠳᠥᠪ ᠶᠤᠮ᠃ ᠲᠡᠷᠡ᠎ᠨᠢ ᠣᠨᠢᠰᠣᠳᠠᠢ ᠪᠠᠭᠰᠢ ᠵᠢᠨ ᠮᠢᠨᠢ ᠣᠳᠠᠭ᠋ᠠᠨ ᠵᠢᠯ ᠵᠶ᠋ᠠᠷ ᠬᠤᠨᠢᠨ ᠮᠢᠬ᠎ᠠ ᠵᠢ ᠲᠣᠶᠠᠴᠢᠵᠣ ᠰᠠᠯᠭ᠋ᠠᠬᠤ᠂ ᠬᠡᠰᠡᠭᠯᠡᠵᠥ ᠪᠣᠷᠴᠠᠯᠠᠭ᠍ᠣ ᠠᠵᠢᠯ᠎ᠳᠤ᠎ᠪᠠᠨ ᠴᠠᠭ᠋ᠠᠷᠠᠵᠣ ᠭᠠᠷᠰᠢᠨ᠂ ᠬᠢᠷᠢ ᠪᠠᠷᠤᠭ᠎ᠤᠨ ᠠᠯᠠᠰᠢᠨ᠎ᠤ ᠭᠠᠵᠠᠷ᠎ᠤᠨ ᠬᠥᠯᠥᠰᠥᠨᠤ ᠬᠥᠮᠥᠨᠤᠬᠢᠠᠴᠠ ᠲᠠᠪᠠᠮ᠎ᠠ ᠠᠵᠢᠯ ᠠ᠋ᠭᠦᠷᠭᠡ ᠵᠢ ᠠᠷᠪᠠᠨ ᠬᠡᠳᠥᠨ ᠵᠢᠯ ᠥᠬᠡ ᠲᠠᠭᠤ ᠥᠬᠡᠢ ᠠ᠋ᠬᠦᠷᠭᠡᠯᠡᠵᠥ ᠢᠷᠡᠭᠰᠡᠨ᠎ᠠᠴᠠ ᠰᠣᠷᠣᠭᠰᠠᠨ ᠲᠠᠳᠮᠠᠭ᠋ᠠᠢ ᠠ᠋ᠷᠳᠡᠮ ᠬᠡᠬᠦ ᠥᠬᠡᠢ ᠥᠬᠡᠷ᠎ᠡ ᠶᠠᠭᠤ ᠬᠡᠬᠦ ᠪᠢᠯᠡ? ᠬᠠᠷᠢᠭᠤᠴᠠᠯᠭ᠎ᠠ ᠬᠡᠭᠴᠢ ᠢᠢ᠍ᠮᠤ ᠯᠡ ᠰᠠᠶ᠋ᠢᠬᠠᠨ᠂ ᠠ᠋ᠶ᠋ᠢᠮᠥ ᠯᠡ ᠢᠳᠡ ᠬᠥᠴᠥᠨ᠎ᠲᠠᠢ ᠪᠠᠶ᠋ᠢᠲᠠᠭ ᠪᠠᠶ᠋ᠢᠨ᠎ᠠ ᠳ᠋ᠠ!
ᠤ ᠪᠠᠭᠰᠢ ᠮᠢᠨᠢ ᠰᠣᠷᠭ᠋ᠠᠭᠤᠯᠢ ᠨᠡᠶ᠋ᠢᠳᠡ ᠵᠢᠨ ᠶᠠᠭᠤᠮᠠᠨ᠎ᠳᠤ ᠬᠠᠶ᠋ᠢᠷ᠎ᠠ ᠭᠠᠮᠲᠠᠢ ᠪᠣᠯᠪᠠᠴᠣ ᠥᠪᠡᠷ᠎ᠤᠨ ᠪᠡᠶ᠎ᠡ᠎ᠳᠤ᠎ᠪᠠᠨ ᠪᠣᠯ ᠲᠡᠭᠡᠵᠥ ᠯᠠ ᠬᠠᠶ᠋ᠢᠷ᠎ᠠ ᠭᠠᠮ ᠥᠬᠡᠢ ᠵᠢᠳᠬᠦᠵᠣ ᠢᠷᠡᠭᠰᠡᠨ ᠠᠬᠠᠮᠠᠳ ᠪᠢᠯᠡ᠃
ᠦᠯᠢᠭᠡᠷ ᠭᠤᠷᠪᠠ
ᠲᠡᠭᠡᠷ᠎ᠡ ᠵᠠᠭᠤᠨ᠎ᠤ ᠨᠠᠶᠠᠭ᠋ᠠᠳ ᠤᠨ᠎ᠤ ᠰᠡᠬᠦᠯᠴᠢ᠎ᠪᠠᠷ ᠰᠤᠷᠭ᠋ᠠᠭᠤᠯᠢ ᠵᠢᠨ ᠮᠠᠨᠢ ᠲᠤᠭᠤᠭ᠋ᠠᠨ ᠭᠡᠷ᠎ᠲᠤ ᠴᠠᠬᠢᠯᠭ᠋ᠠᠨ᠎ᠲᠠᠢ ᠪᠤᠯᠤᠭᠰᠠᠨ ᠵᠶ᠋ᠠᠷ ᠮᠠᠨᠳᠠᠤ ᠬᠢᠲᠡᠭ ᠮᠠᠰᠢᠨ᠎ᠠᠴᠠ ᠠᠪᠤᠭ᠋ᠠᠳ ᠮᠢᠬ᠎ᠠ ᠭᠡᠷᠴᠢᠲᠡᠭ ᠮᠠᠰᠢᠨ ᠭᠡᠳ ᠵᠤᠤᠬᠠᠨ᠎ᠳᠤ᠎ᠪᠠᠨ ᠬᠦᠷᠲᠡᠯ᠎ᠡ ᠴᠡᠬᠢᠯᠭ᠋ᠠᠨ ᠬᠦᠭᠡᠷᠭᠡ ᠤᠭᠰᠠᠷᠠᠨ ᠲᠠᠭ᠋ᠠᠷᠠᠭᠤᠯᠵᠤ ᠠᠰᠢᠭᠯᠠᠭ᠍ᠤ ᠪᠤᠯᠤᠭᠰᠠᠨ ᠶᠠᠪᠤᠲᠠᠯ᠎ᠨᠢ ᠰᠤᠷᠭ᠋ᠠᠭᠤᠯᠢ ᠵᠢᠨ ᠮᠠᠨᠢ ᠬᠤᠪᠢ᠎ᠳᠤ ᠠᠪᠴᠤ ᠬᠡᠯᠡᠪᠡᠯ᠂ ᠪᠠᠰᠠ ᠴᠤ᠌ ᠨᠢᠭᠡ ᠤᠲᠠᠭ᠋ᠠᠨ᠎ᠤ ᠬᠤᠪᠢᠰᠬᠠᠯ ᠪᠤᠯᠤᠭᠰᠠᠨ ᠲᠡᠤᠬᠡᠲᠤ ᠠᠴᠢ ᠬᠤᠯᠪᠤᠭᠲᠠᠯ᠎ᠲᠠᠢ ᠤᠴᠢᠷ ᠪᠤᠯᠬᠤ ᠶᠤᠮ ᠪᠠᠶ᠋ᠢᠨ᠎ᠠ᠃ ᠭᠡᠲᠡᠯ᠎ᠡ 《ᠰᠠᠶ᠋ᠢᠨ ᠶᠠᠪᠤᠲᠠᠯ᠎ᠳᠤ ᠰᠠᠭ᠋ᠠᠳ ᠤᠯᠠᠨ》 ᠭᠡᠲᠡᠭᠴᠢᠯᠡᠨ ᠭᠡᠨᠡᠳᠲᠡ ᠴᠠᠬᠢᠯᠭ᠋ᠠᠨ ᠵᠤᠭᠰᠤᠬᠤ᠎ᠳᠤ ᠬᠦᠷᠪᠡᠯ᠂ ᠤᠴᠢᠷ ᠶᠠᠪᠤᠲᠠᠯ ᠪᠤᠷᠤᠭᠤ᠎ᠪᠠᠷ ᠠ᠋ᠷᠬᠢᠨ ᠤᠤᠯ ᠵᠶ᠋ᠠᠨ ᠬᠦᠷᠬᠦ ᠦᠭᠡᠢ ᠮᠡᠲᠤ ᠰᠤᠶ᠋ᠢᠳ ᠪᠤᠯᠵᠤ᠂ ᠶᠤᠰᠤᠲᠠᠢ ᠠᠮᠢ᠎ᠲᠠᠢ ᠬᠡᠯᠡᠯᠴᠡᠭᠰᠡᠨ ᠭᠡᠴᠡᠬᠦᠤ ᠠᠵᠤ ᠪᠤᠯᠲᠠᠭ ᠪᠠᠶ᠋ᠢᠨ᠎ᠠ᠃ ᠦᠨᠡᠨ ᠲᠡᠶ᠋ᠢᠮᠤ ᠰᠢᠤ! ᠨᠢᠭᠡ ᠤᠲᠠᠭ᠎ᠠ ᠶᠠᠭ ᠢᠢ᠍ᠮᠤ ᠤᠴᠢᠷ ᠭᠠᠷᠴᠤ᠂ ᠵᠤᠯ ᠵᠶ᠋ᠠᠷ ᠬᠠᠭ᠋ᠠᠰᠬᠠᠨ ᠴᠠᠭ᠎ᠤᠨ ᠲᠤᠲᠤᠷ᠎ᠠ ᠠᠮᠵᠢᠵᠤ ᠰᠢᠢ᠍ᠳᠪᠤᠷᠢᠯᠡᠭᠰᠡᠨ ᠵᠶ᠋ᠠᠷ ᠮᠠᠨᠳᠠᠤ ᠲᠥᠬᠦᠭᠢᠶ᠋ᠢᠰᠢᠵᠣ ᠰᠤᠷᠤᠭᠴᠢᠳ᠎ᠤᠨ ᠮᠠᠨᠢ ᠠ᠋ᠷᠢᠨ᠎ᠤ ᠬᠤᠭᠤᠯᠠ ᠲᠠᠰᠤᠯᠤᠭᠲᠠᠭ᠍ᠤ ᠶᠡᠭᠡ ᠤᠰᠤᠯ᠎ᠠᠴᠠ ᠵᠠᠶ᠋ᠢᠯᠠᠵᠤ ᠴᠢᠲᠠᠭᠰᠠᠨ ᠲᠤᠷᠰᠢᠯᠭ᠎ᠠ ᠰᠤᠷᠭ᠋ᠠᠮᠵᠢ ᠪᠠᠶ᠋ᠢᠳᠠᠭ ᠬᠡᠨ᠎ᠡ᠃ ᠤᠴᠢᠷ᠎ᠨᠢ ᠲᠡᠷᠡ ᠦᠶ᠎ᠡ ᠵᠢᠨ ᠴᠠᠬᠢᠯᠭ᠋ᠠᠨ᠎ᠤ ᠶᠠᠪᠤᠲᠠᠯ ᠤᠲᠤ᠎ᠲᠠᠢ ᠠᠲᠠᠯᠢ ᠵᠠᠭᠤᠨ᠎ᠤ ᠵᠠᠭᠤ ᠵᠢᠨ ᠪᠦᠷᠢᠨ ᠪᠠᠲᠤᠯᠠᠭ᠎ᠠ ᠦᠭᠡᠢ ᠪᠠᠶ᠋ᠢᠵᠠᠢ᠃ ᠢᠩᠬᠢᠭᠡᠳ 1989 ᠤᠨ᠎ᠳᠤ ᠰᠤᠷᠭ᠋ᠠᠭᠤᠯᠢ ᠵᠢᠨ ᠠᠷᠤ ᠲᠠᠯ᠎ᠠ ᠵᠢᠨ ᠠᠵᠢᠯ᠎ᠢ ᠭᠤᠤᠯᠯᠠᠨ ᠬᠠᠮᠢᠶᠠᠷᠲᠠᠭ ᠰᠠᠴᠡᠨᠪᠢᠯᠢᠭ ᠵᠡᠷᠭᠡ ᠤᠲᠤᠷᠢᠲᠤᠯᠭ᠎ᠠ ᠨᠡᠷ ᠠᠷᠭ᠎ᠠ ᠰᠦᠪᠡᠭᠴᠢᠯᠡᠵᠤ ᠪᠠᠶ᠋ᠢᠭ᠋ᠠᠳ ᠰᠤᠷᠭ᠋ᠠᠭᠤᠯᠢ ᠵᠢᠨ ᠲᠤᠭᠤᠭ᠋ᠠᠨ ᠭᠡᠷ᠎ᠲᠤ 3000 ᠮᠢᠨᠭᠭ᠎ᠠ ᠭᠠᠷᠤᠢ ᠲᠦᠬᠦᠷᠢᠭ ᠵᠶ᠋ᠠᠷ ᠬᠠᠭᠤᠴᠢᠨ 《ᠶᠠᠮᠠᠬᠠ》 (YAMAHA) ᠲᠡᠮᠲᠡᠭᠲᠤ ᠴᠡᠬᠢᠯᠭ᠋ᠠᠨ ᠭᠠᠷᠭ᠋ᠠᠬᠤ ᠮᠠᠰᠢᠨ ᠠᠪᠤᠭᠰᠠᠨ ᠶᠠᠪᠤᠲᠠᠯ᠎ᠨᠢ ᠬᠡᠲᠤᠶ᠋ᠢᠪᠡᠷ ᠪᠠᠴᠢᠮ ᠪᠠᠶ᠋ᠢᠲᠠᠯ᠎ᠢ ᠠᠷᠭ᠋ᠠᠴᠠᠨ ᠰᠢᠢ᠍ᠳᠪᠤᠷᠢᠯᠡᠬᠦ᠎ᠳᠤ ᠪᠠᠶᠠᠷᠲᠤ ᠤᠴᠢᠷ ᠪᠤᠯᠤᠭᠰᠠᠨ ᠪᠤᠯᠪᠠᠴᠤ ᠤᠨᠢᠰᠤ᠎ᠲᠠᠢ ᠪᠠᠭᠰᠢ᠎ᠳᠤ ᠮᠢᠨᠢ ᠬᠠᠷᠢᠨ ᠲᠤᠰᠠ ᠠᠪᠴᠢᠷᠠᠭᠰᠠᠨ ᠮᠦᠷᠲᠡᠭᠡᠨ ᠪᠠᠰᠠ ᠲᠠᠷᠤᠭ᠋ᠠᠰᠤ ᠪᠤᠯᠵᠠᠢ᠃ ᠶᠠᠭ᠋ᠠᠬᠢᠭ᠋ᠠᠳ ᠭᠡᠪᠡᠯ᠂ ᠦᠨᠲᠤᠷ ᠬᠥᠴᠥᠳᠡᠯᠳᠥ ᠪᠠᠶ᠋ᠢᠩᠭᠤ ᠵᠢᠨ ᠴᠠᠬᠢᠯᠭ᠋ᠠᠨ ᠭᠡᠨᠡᠳᠲᠠ ᠵᠤᠭᠰᠤᠪᠠᠯ 《ᠶᠠᠮᠠᠬᠠ》 ᠮᠠᠰᠢᠨ ᠵᠶ᠋ᠠᠷ ᠵᠶ᠋ᠠᠨ ᠴᠠᠬᠢᠯᠭ᠋ᠠᠨ ᠭᠠᠷᠭ᠋ᠠᠵᠤ᠂ ᠪᠠᠴᠢᠮ ᠪᠠᠶ᠋ᠢᠲᠠᠯ᠎ᠢ ᠰᠢᠢ᠍ᠳᠪᠤᠷᠢᠯᠡᠵᠤ ᠰᠤᠷᠤᠭᠴᠢᠳ᠎ᠤᠨ ᠬᠤᠭᠤᠯᠠ ᠪᠤᠲᠠᠭ᠎ᠠ ᠴᠠᠭ ᠴᠠᠭ᠎ᠲᠤ᠎ᠪᠠᠨ ᠤᠰᠤᠯᠲᠠᠭ᠍ᠤ ᠦᠭᠡᠢ ᠪᠠᠲᠤᠯᠠᠭ᠎ᠠ᠎ᠲᠠᠢ ᠪᠤᠯᠤᠭᠰᠠᠨ᠎ᠨᠢ ᠬᠠᠪᠤᠲᠠᠢ ᠪᠠᠶ᠋ᠢᠭᠰᠠᠨ ᠴᠤ᠌ ᠬᠤᠰᠢᠭᠤ ᠪᠠᠯᠭ᠋ᠠᠰᠤᠨ᠎ᠤ ᠬᠤᠩᠬᠤᠷ᠎ᠲᠤ ᠨᠢᠭᠡ ᠬᠤᠶᠠᠷ ᠯᠠ ᠪᠠᠶ᠋ᠢᠭᠰᠠ ᠦᠨᠤᠬᠢ 《ᠬᠤᠪᠤᠷ ᠠ᠋ᠷᠲᠡ᠎ᠨᠢ》 ᠬᠡᠮᠡᠭᠲᠡᠭᠰᠡᠨ 《ᠶᠠᠮᠠᠬᠠ》 ᠮᠠᠰᠢᠨ᠎ᠢ ᠬᠠᠮᠢᠶᠠᠷᠴᠤ ᠬᠠᠮᠠᠭ᠋ᠠᠯᠠᠭ᠍ᠤ ᠠᠵᠢᠯ ᠤᠨᠢᠰᠤ᠎ᠲᠠᠢ ᠪᠠᠭᠰᠢ᠎ᠳᠤ ᠤᠨᠤᠭᠲᠠᠭᠰᠠᠨ ᠪᠦᠭᠡᠳ 《ᠠᠯᠪᠠᠨ᠎ᠤ ᠶᠠᠭᠤᠮᠠᠨ᠎ᠤ ᠠᠮᠢ᠎ᠨᠢ ᠪᠦᠬᠡ》 ᠭᠡᠲᠡᠭᠴᠢᠯᠡᠨ ᠲᠡᠷᠡ ᠮᠠᠰᠢᠨ᠎ᠢ᠎ᠨᠢ ᠵᠢᠭᠡᠯᠡᠵᠤ ᠵᠠᠷᠤᠬᠤ ᠬᠦᠮᠤᠨ ᠮᠤᠩᠲᠠᠭ᠍ᠤ ᠦᠭᠡᠢ᠂ ᠲᠠᠷᠤᠭ᠎ᠠ ᠤᠲᠤᠷᠢᠲᠤᠯᠭ᠎ᠠ ᠬᠡᠳᠡᠯ᠎ᠡ ᠰᠠᠲᠤᠨ ᠲᠦᠷᠤᠯ᠎ᠨᠢ ᠭᠡᠳ ᠤ ᠪᠠᠭᠰᠢ ᠵᠢ ᠠ᠋ᠷᠢᠵᠤ ᠭᠤᠶᠤᠵᠤ ᠭᠤᠩᠰᠢᠬᠤ ᠤᠯᠤᠰ ᠴᠤᠪᠤᠷᠠᠯᠲᠤᠵᠤ᠂ 《ᠴᠤᠬᠤᠮ ᠦᠭᠪᠡᠴᠤ ᠭᠡᠴᠡᠬᠦᠤ᠂ ᠦᠭᠬᠦ ᠦᠭᠡᠢ ᠭᠡᠬᠦ᠎ᠳᠤ ᠪᠡᠷᠭᠡ᠎ᠲᠠᠢ》 ᠬᠠᠷ᠎ᠠ ᠶᠠᠷᠰᠢᠭ᠎ᠤᠨ ᠤᠴᠢᠷ ᠪᠤᠯᠵᠠᠢ᠃ ᠢᠩᠬᠢᠭᠡᠳ ᠠᠷᠭ᠎ᠠ ᠪᠤᠰᠤ 《ᠰᠤᠷᠭ᠋ᠠᠭᠤᠯᠢ᠎ᠳᠤ ᠴᠠᠬᠢᠯᠭ᠋ᠠᠨ ᠵᠤᠭᠰᠤᠪᠠᠯ᠂ ᠲᠤᠭᠤᠭ᠋ᠠᠨ ᠭᠡᠷ᠎ᠲᠤ ᠪᠠᠴᠢᠮ ᠬᠡᠷᠡᠭᠯᠡᠨ᠎ᠡ》 ᠭᠡᠬᠦ ᠰᠢᠢ᠍ᠳᠪᠤᠷᠢ᠎ᠪᠠᠷ ᠬᠡᠨ᠎ᠳᠤ ᠴᠤ᠌ ᠵᠢᠭᠡᠯᠡᠬᠦᠯᠵᠤ ᠭᠠᠷᠭ᠋ᠠᠬᠤ ᠵᠢ ᠠ᠋ᠷᠡᠰ ᠴᠠᠭ᠋ᠠᠵᠠᠯᠠᠵᠤ᠂ ᠤᠯᠠᠨ ᠬᠦᠮᠤᠨ᠎ᠤ 《ᠠᠲᠠ》 ᠪᠤᠯᠵᠤ᠂ ᠤᠨᠢᠰᠤ᠎ᠲᠠᠢ ᠪᠠᠭᠰᠢ 《ᠶᠠᠮᠠᠬᠠ》 ᠮᠠᠰᠢᠨ᠎ᠤ ᠤᠴᠢᠷ ᠵᠶ᠋ᠠᠷ ᠶᠠᠯᠠᠳᠤ ᠤᠷᠤᠭᠰᠠᠨ ᠮᠠᠲᠤ ᠨᠢᠭᠡ ᠦᠶ᠎ᠡ ᠴᠤᠬᠤᠮ ᠭᠠᠴᠢᠭᠲᠠᠵᠤ ᠶᠠᠪᠤᠵᠠᠢ᠃ ᠲᠡᠶ᠋ᠢᠮᠤ ᠡ! ᠶᠠᠪᠤᠲᠠᠯ ᠤᠴᠢᠷ᠎ᠢ ᠢᠯᠭᠤᠮ ᠰᠠᠶ᠋ᠢᠬᠠᠨ ᠰᠢᠢ᠍ᠳᠪᠥᠷᠢᠯᠡᠭᠰᠡᠨ ᠴᠤ᠌ ᠠ᠋ᠰᠡᠷᠬᠦ᠎ᠪᠠᠷ ᠪᠠᠰᠠ 《ᠶᠠᠷᠰᠢᠭ ᠤᠷᠰᠢᠭ ᠲᠠᠲᠠᠭᠰᠠᠨ》 ᠦᠨᠤᠬᠢ 《ᠶᠠᠮᠠᠬᠠ》 ᠮᠠᠰᠢᠨ᠎ᠤ ᠲᠤᠬᠠᠢ ᠲᠡᠳ᠋ ᠵᠡᠬᠢᠷᠤᠯ ᠰᠠᠴᠡᠨᠪᠢᠯᠢᠭ ᠪᠠᠭᠰᠢ ᠪᠢᠳᠡᠨ᠎ᠳᠤ᠄ 《〈ᠤᠨᠢᠰᠤ᠎ᠲᠠᠢ〉 ᠨᠡᠷ᠎ᠡ ᠵᠢ ᠵᠡᠬᠦᠭᠰᠡᠨ ᠤ ᠪᠠᠭᠰᠢ ᠮᠢᠨᠢ ᠲᠠᠷᠡ ᠮᠠᠰᠢᠨ᠎ᠢ ᠨᠡᠷ᠎ᠡ ᠵᠢᠨ ᠵᠶ᠋ᠠᠨ ᠴᠤᠬᠤᠮ ᠴᠢᠨᠠᠷ ᠵᠶ᠋ᠠᠷ ᠶᠤᠰᠤᠲᠠᠢ ᠨᠢᠭᠡ ᠲᠡᠩᠬᠢᠨᠠᠲᠠᠯᠠ ᠰᠠᠶ᠋ᠢᠬᠠᠨ ᠬᠠᠮᠢᠶᠠᠷᠴᠤ ᠬᠠᠮᠠᠭ᠋ᠠᠯᠠᠵᠤ ᠴᠢᠲᠠᠭᠰᠠᠨ ᠳ᠋ᠠ᠂ ᠪᠢ ᠴᠢᠨᠢ ᠲᠡᠷᠡ ᠦᠶ᠎ᠡ᠎ᠳᠤ 〈ᠬᠤᠰᠢᠭᠤ ᠲᠠᠷᠤᠭ᠎ᠠ ᠭᠤᠶᠤᠪᠠᠴᠤ ᠦᠭᠴᠤ ᠪᠤᠯᠬᠤ ᠦᠭᠡᠢ〉 ᠭᠡᠵᠤ ᠤ ᠪᠠᠭᠰᠢ᠎ᠳᠤ᠎ᠪᠠᠨ 〈ᠵᠠᠷᠯᠢᠭ ᠪᠠᠭᠤᠯᠭ᠋ᠠᠨ〉 ᠲᠣᠰᠢᠶᠠᠴᠢᠬᠠᠭᠰᠠᠨ ᠶᠤᠮ ᠪᠤᠯᠬᠤᠷ ᠪᠤᠴᠠᠭ᠋ᠠᠳ ᠦᠪᠡᠷ ᠵᠶ᠋ᠠᠨ ᠴᠤ᠌ ᠠᠮᠠ ᠨᠡᠭᠡᠭᠡᠵᠤ ᠴᠢᠲᠠᠭ᠍ᠤ ᠦᠭᠡᠢ ᠰᠢᠷᠬᠡᠶ᠋ᠢᠳᠡᠭ ᠶᠤᠮ᠃ ᠨᠢᠭᠡ ᠤᠲᠠᠭ᠎ᠠ ᠬᠤᠰᠢᠭᠤᠨ᠎ᠤ ᠠᠯᠪᠠᠨ᠎ᠤ ᠴᠢᠬᠤᠯᠠ ᠠᠵᠢᠯ᠎ᠳᠤ ᠵᠠᠷᠤᠬᠤ ᠤᠴᠢᠷ᠎ᠲᠤ ᠤ ᠪᠠᠭᠰᠢ ᠮᠢᠨᠢ ᠮᠠᠰᠢᠨ ᠵᠶ᠋ᠠᠨ ᠲᠠᠭ᠋ᠠᠵᠣ ᠬᠦᠷᠴᠤ ᠪᠦᠲᠤᠨ ᠦᠲᠠᠰᠢ ᠰᠠᠬᠢᠵᠤ ᠬᠠᠮᠠᠭ᠋ᠠᠯᠠᠵᠤ ᠰᠠᠭᠤᠭᠰᠠᠨ ᠶᠤᠮ》 ᠭᠡᠵᠤ ᠶᠠᠷᠢᠭᠰᠠᠨ ᠬᠠᠭᠤᠴᠢ ᠬᠦᠭᠡᠷᠤᠭᠡ᠎ᠨᠢ ᠶᠡᠭᠡ ᠯᠡ ᠢᠨᠢᠶᠡᠲᠤᠮ ᠱᠤᠭ᠎ᠲᠠᠢ ᠰᠠᠨᠠᠭᠲᠠᠭ᠍ᠤ ᠪᠤᠯᠪᠠᠴᠤ ᠤ ᠪᠠᠭᠰᠢ ᠵᠢᠨ ᠮᠢᠨᠢ 《ᠠᠯᠪᠠᠨ᠎ᠤ ᠠ᠋ᠳ᠋ ᠬᠦᠷᠤᠩᠭᠡ ᠵᠢ ᠠᠮᠢ ᠨᠠᠰᠤᠲᠠᠢ᠎ᠪᠠᠨ ᠠᠲᠠᠯᠢ ᠰᠠᠨᠠᠲᠠᠭ ᠦᠵᠡᠯ ᠰᠤᠷᠲᠠᠯ》 ᠠ᠋ᠷᠬᠢᠮ ᠪᠢᠰᠢ⁈
ᠥᠯᠢᠭᠡᠷ ᠲᠥᠷᠪᠡ
ᠣ ᠪᠠᠭᠰᠢ ᠮᠢᠨᠢ ᠰᠣᠷᠭ᠋ᠠᠭᠤᠯᠢ ᠨᠡᠶ᠋ᠢᠳᠡ ᠵᠢᠨ ᠵᠶ᠋ᠠᠨ ᠠ᠋ᠳ᠋ ᠬᠥᠷᠥᠩᠬᠡ᠂ ᠬᠤᠭᠰᠢᠯ ᠶᠠᠭᠤᠮᠠᠨ᠎ᠳᠤ ᠭᠠᠷ ᠴᠢᠨᠭᠭ᠎ᠠ᠂ ᠬᠠᠳᠠᠭᠤ ᠵᠠᠷᠴᠢᠮ᠎ᠲᠠᠢ 《ᠬᠠᠷᠠᠮᠴᠢ》 ᠬᠥᠮᠥᠨ ᠴᠦ᠍ ᠠᠮᠢᠳᠣᠷᠠᠯ᠂ ᠠᠶ᠋ᠢᠯ ᠭᠡᠷ᠎ᠲᠤ᠎ᠪᠠᠨ ᠪᠣᠯ ᠬᠠᠷᠢᠨ ᠠᠯᠢ ᠪᠠᠶ᠋ᠢᠳᠠᠭ ᠵᠶ᠋ᠠᠨ ᠲᠡᠮᠳᠡᠷᠢᠳᠡᠭ᠂ ᠬᠠᠯᠠᠭᠤᠮᠰᠤᠭ᠂ ᠵᠣᠴᠢᠨᠰᠠᠭ ᠮᠥᠷᠳᠡᠭᠡᠨ ᠥᠭᠬᠢᠶᠡᠮᠥᠷᠴᠢ ᠨᠢᠩᠵᠢᠨ ᠰᠡᠳᠬᠢᠯᠳᠥ ᠠ᠋ᠶᠡᠯᠳᠡᠭ ᠵᠥᠬᠡᠯᠡᠨ ᠨᠠᠰᠣᠳᠠᠨ ᠭᠡᠳᠡᠭ᠎ᠢ᠎ᠨᠢ ᠣᠶ᠋ᠢᠷ᠎ᠠ ᠲᠥᠰᠥᠷᠤᠨᠬᠢᠨ ᠪᠥᠬᠦᠨ ᠵᠶ᠋ᠠᠷ ᠵᠶ᠋ᠠᠨ ᠮᠡᠳᠡᠷᠡᠨ ᠥᠨᠡᠯᠡᠵᠥ ᠱᠠᠭᠰᠢᠳᠠᠭ ᠶᠤᠮ᠃
ᠮᠠᠨ᠎ᠤ ᠰᠣᠷᠭ᠋ᠠᠭᠤᠯᠢ ᠵᠢᠨ ᠣᠣᠯ᠎ᠤᠨ ᠵᠠᠬᠢᠷᠣᠯ ᠽᠠᠨᠳᠠᠷ᠎ᠠ ᠪᠠᠭᠰᠢ᠄ 《ᠮᠠᠨ᠎ᠤ ᠣ ᠪᠠᠭᠰᠢ ᠲᠡᠷᠡ ᠥᠶ᠎ᠡ᠎ᠳᠤ ᠵᠠᠬᠢᠷᠣᠯ᠎ᠤᠨ ᠬᠠᠭ᠋ᠠᠰ ᠠᠵᠢᠯ᠎ᠢ ᠠ᠋ᠬᠦᠷᠭᠡᠯᠡᠵᠥ ᠪᠠᠶ᠋ᠢᠭᠰᠠᠨ ᠬᠡᠬᠦ᠎ᠳᠤ ᠠᠬᠠᠳᠠᠭ᠍ᠣ ᠥᠬᠡᠢ ᠰᠢᠥ᠂ ᠨᠢᠬᠡ ᠰᠣᠷᠭ᠋ᠠᠭᠤᠯᠢ ᠵᠢᠨ ᠵᠠᠬᠢᠷᠣᠯ ᠬᠥᠮᠥᠨ ᠰᠣᠷᠣᠭᠴᠢᠳ᠎ᠤᠨ ᠵᠶ᠋ᠠᠨ ᠬᠤᠭᠤᠯᠠ ᠬᠥᠨᠡᠰᠥᠨᠤ ᠠᠷᠰᠠᠷ ᠠᠵᠢᠯ᠂ ᠲᠣᠭᠤᠭ᠋ᠠᠨ ᠭᠡᠷ᠎ᠤᠨ ᠠ᠋ᠨᠡ ᠲᠡᠷᠡ ᠬᠠᠮᠢᠶᠠᠷᠣᠯᠳᠠ ᠵᠢᠨ ᠠᠵᠢᠯ᠎ᠤᠨ ᠲᠥᠯᠥᠭᠡ ᠰᠠᠨᠠᠭ᠎ᠠ ᠰᠡᠳᠬᠢᠯ ᠠᠯᠭ᠋ᠠᠰᠠᠯ ᠥᠬᠡᠢ ᠪᠥᠭᠦ ᠣᠶᠣᠨ ᠰᠠᠨᠠᠭ᠎ᠠ᠎ᠪᠠᠨ ᠵᠢᠭ᠋ᠠᠨ ᠰᠣᠷᠭ᠋ᠠᠯᠳᠠ ᠵᠢᠨ ᠠᠵᠢᠯ ᠲᠡᠭᠡᠷ᠎ᠡ᠎ᠪᠠᠨ ᠲᠥᠪᠯᠡᠷᠡᠬᠦᠯᠣᠨ ᠠᠵᠢᠯᠯᠠᠵᠣ ᠴᠢᠳᠠᠵᠣ ᠪᠠᠶ᠋ᠢᠭ᠎ᠠ ᠭᠡᠳᠡᠭ ᠪᠣᠯ ᠠᠷᠣ ᠲᠠᠯᠠᠳᠤᠨᠢ ᠭᠡᠳᠥᠢ ᠶᠡᠭᠡ ᠲᠥᠰᠢᠭ᠎ᠲᠠᠢ ᠪᠠᠶ᠋ᠢᠭᠰᠠᠨ᠎ᠢ ᠬᠡᠯᠡᠬᠦ ᠥᠬᠡᠢ᠎ᠳᠤ ᠮᠡᠳᠡᠴᠢᠬᠡᠬᠦ ᠪᠢᠰᠢ? ᠶᠡᠷᠥ᠎ᠨᠢ ᠰᠣᠷᠭ᠋ᠠᠭᠤᠯᠢ ᠵᠢᠨ ᠠᠷᠣ ᠲᠠᠯ᠎ᠠ ᠵᠢᠨ ᠠᠵᠢᠯᠳᠠᠳ᠎ᠤᠨ ᠰᠢᠷᠭ᠋ᠠᠭᠤ ᠬᠥᠳᠡᠯᠮᠥᠷᠢ᠂ ᠰᠢᠨᠳᠠᠰᠣᠳᠣ ᠴᠢᠷᠮᠠᠶ᠋ᠢᠯᠭ᠎ᠠ᠎ᠨᠢ ᠨᠢᠬᠡ ᠰᠣᠷᠭ᠋ᠠᠭᠤᠯᠢ ᠵᠢᠨ ᠪᠥᠬᠦᠢ ᠯᠡ ᠠᠵᠢᠯ ᠣᠷᠣᠭᠰᠢᠳᠠᠢ ᠪᠠᠶ᠋ᠢᠬᠤ ᠵᠢᠨ ᠴᠢᠬᠤᠯᠠ ᠪᠠᠳᠣᠯᠠᠭ᠎ᠠ ᠪᠣᠯᠳᠠᠭ ᠰᠢᠣ᠃ ᠰᠣᠷᠭ᠋ᠠᠭᠤᠯᠢ ᠵᠢ ᠣᠯᠣᠰ ᠭᠡᠷ᠎ᠲᠠᠢ ᠠᠳᠠᠯᠢᠳᠬᠠᠬᠤ ᠶᠤᠮ ᠪᠣᠯ ᠲᠡᠳᠡ ᠴᠢᠨᠢ ᠨᠢᠬᠡ ᠨᠢᠬᠡ᠎ᠪᠠᠷ ᠵᠶ᠋ᠠᠨ ᠪᠥᠷ 〈ᠭᠠᠪᠢᠶᠠᠳᠣ ᠰᠠᠶ᠋ᠢᠳ〉 ᠬᠡᠵᠥ ᠮᠡᠳᠡ!》 ᠬᠡᠵᠥ ᠪᠢᠳᠠᠨ᠎ᠳᠤ ᠣᠳᠠᠭ᠎ᠠ ᠪᠣᠯᠭ᠋ᠠᠨ ᠣᠴᠢᠷᠲᠠᠢ ᠰᠠᠶ᠋ᠢᠬᠠᠨ ᠶᠡᠷᠢᠵᠤ ᠪᠠᠶ᠋ᠢᠯ᠎ᠠ᠃
ᠵᠠᠬᠢᠷᠣᠯ ᠵᠶ᠋ᠠᠷ ᠠᠵᠢᠯᠯᠠᠵᠤ ᠦᠩᠭᠡᠷᠡᠭᠰᠡᠨ ᠠᠬᠠᠮᠠᠳ ᠪᠤᠭᠤᠷᠤᠯ᠎ᠤᠨ ᠨᠢᠭᠡ ᠪᠤᠯᠬᠤ ᠴᠣᠶ᠋ᠢᠵᠠᠵᠠᠪ ᠪᠠᠭᠰᠢ ᠴᠤ᠌ ᠪᠢᠳᠡᠨ᠎ᠳᠤ᠄ 《ᠲᠣᠰ ᠰᠣᠷᠭ᠋ᠠᠭᠤᠯᠢ᠎ᠳᠤ ᠵᠠᠬᠢᠷᠣᠯ ᠵᠶ᠋ᠠᠷ ᠰᠢᠯᠵᠢᠵᠣ ᠢᠷᠡᠭᠡᠳ ᠪᠢ ᠠᠨᠭ᠌ᠬ᠎ᠠ ᠣᠳᠠᠭ᠎ᠠ ᠲᠣᠭᠤᠭ᠋ᠠᠨ ᠭᠡᠷ᠎ᠤᠨ ᠰᠠᠩ ᠬᠥᠮᠥᠷᠭᠡ ᠵᠢᠨ ᠭᠡᠷ᠎ᠲᠤ ᠣᠷᠣᠭ᠋ᠠᠳ ᠮᠠᠨ᠎ᠤ ᠣ ᠪᠠᠭᠰᠢ᠎ᠪᠠᠨ ᠨᠢᠬᠡ ᠯᠡ ᠪᠢᠰᠢᠷᠡᠭᠰᠡᠨ ᠶᠤᠮ ᠳ᠋ᠡ᠃ ᠲᠣᠬᠠᠢ ᠵᠢᠨ ᠥᠶ᠎ᠡ ᠵᠢᠨ ᠰᠣᠷᠭ᠋ᠠᠭᠤᠯᠢ ᠵᠢᠨ ᠰᠠᠩ ᠬᠥᠮᠥᠷᠭᠡ ᠵᠢᠨ ᠪᠠᠶ᠋ᠢᠰᠢᠩ ᠪᠠᠷᠢᠯᠭ᠎ᠠ ᠵᠢᠨ ᠨᠥᠬᠦᠴᠡᠯ ᠪᠣᠯᠣᠯᠴᠠᠭ᠎ᠠ ᠬᠡᠵᠥ ᠶᠠᠭᠤ ᠯᠠ ᠪᠠᠶ᠋ᠢᠬᠤ ᠪᠣᠢ ᠳ᠋ᠠ᠂ ᠲᠣᠩ ᠪᠠᠷᠣᠭᠳᠠᠢ᠃ ᠶᠠᠳᠠᠭ᠍ᠣᠳᠤ ᠱᠠᠯᠠᠨᠳᠤᠪᠠᠨ ᠲᠣᠭᠤᠰᠬ᠎ᠠ ᠲᠡᠪᠢᠰᠬᠦ ᠴᠢᠳᠠᠯ ᠪᠠᠰᠠ ᠥᠬᠡᠢ ᠰᠢᠥ᠃ ᠲᠡᠭᠡᠭᠦ᠎ᠳᠤ ᠣ ᠪᠠᠭᠰᠢ ᠠ᠋ᠯᠬᠦᠭᠰᠡᠨ ᠮᠢᠬᠠᠨ᠎ᠳᠤ ᠲᠣᠭᠤᠰᠣ ᠰᠢᠷᠣᠢ ᠰᠠᠭᠤᠯᠭ᠋ᠠᠬᠤ ᠥᠬᠡᠢ ᠬᠡᠵᠥ ᠱᠠᠯᠠᠨᠳᠤᠪᠠᠨ ᠠ᠋ᠳᠥᠷ ᠠ᠋ᠳᠥᠷ ᠣᠰᠣ ᠰᠠᠴᠣᠨ ᠴᠢᠬᠢᠭᠯᠡᠵᠥ ᠴᠡᠪᠡᠷᠭᠡᠨ ᠪᠠᠶ᠋ᠢᠯᠭ᠋ᠠᠬᠤ ᠵᠢ ᠪᠠᠳᠣᠯᠠᠵᠣ ᠲᠣᠳᠣᠮᠳᠠᠨ ᠠᠵᠢᠯᠯᠠᠳᠠᠭ ᠪᠠᠶ᠋ᠢᠭᠰᠠᠨ ᠰᠢᠥ》 ᠬᠡᠵᠥ ᠠ᠋ᠷᠡᠭᠡᠢ ᠭᠤᠵᠥᠶ᠋ᠢᠯᠭ᠋ᠠᠨ ᠲᠣᠷᠠᠳᠬᠠᠵᠣ ᠶᠠᠷᠢᠲᠠᠭᠢᠨᠢ ᠪᠢ ᠶᠡᠷᠥ ᠮᠠᠷᠳᠠᠳᠠᠭ ᠥᠬᠡᠢ ᠪᠢᠯᠡ᠃
ᠨᠢᠬᠡᠨ ᠲᠣᠭᠤᠭ᠋ᠠᠴᠢ ᠵᠢᠨ ᠵᠣᠭᠤᠭ᠄ 《ᠮᠠᠨ᠎ᠤ ᠣ ᠪᠠᠭᠰᠢ ᠰᠠᠶ᠋ᠢᠨ ᠬᠥᠮᠥᠨ᠂ ᠨᠢᠮᠪᠡᠢ ᠴᠦ᠍ ᠬᠥᠮᠥᠨ! ᠲᠣᠭᠤᠭ᠋ᠠᠨ ᠭᠡᠷ᠎ᠤᠨ ᠴᠡᠪᠡᠷᠯᠡᠭᠡ ᠠ᠋ᠨᠡ ᠲᠡᠷᠡ ᠠᠵᠢᠯ ᠬᠢᠬᠦ᠎ᠳᠤ ᠣ ᠪᠠᠭᠰᠢ ᠲᠠᠩᠳᠠ ᠪᠡᠶ᠎ᠡ᠎ᠪᠠᠷ ᠵᠶ᠋ᠠᠨ ᠲᠡᠷᠢᠬᠦᠯᠡᠵᠥ ᠲᠠᠭ᠋ᠠᠭᠤᠯᠣᠨ ᠬᠢᠳᠡᠭ ᠰᠢᠥ᠃ ᠴᠢ ᠬᠢᠬᠦ ᠥᠬᠡᠢ ᠪᠣᠯ ᠣ ᠪᠠᠭᠰᠢ ᠬᠢᠨ᠎ᠡ᠂ ᠴᠢ ᠱᠥᠬᠦᠷᠳᠡᠬᠦ ᠥᠬᠡᠢ ᠪᠣᠯ ᠣ ᠪᠠᠭᠰᠢ ᠱᠥᠭᠦᠷᠳᠡᠳᠡᠭ᠃ ᠲᠡᠭᠡᠬᠦᠯᠡᠷ ᠪᠢᠳᠡ ᠬᠢᠬᠦ ᠥᠬᠡᠢ ᠪᠠᠶ᠋ᠢᠵᠥ ᠴᠢᠳᠠᠨ᠎ᠠ ᠤᠤ? ᠪᠢᠳᠡᠨ᠎ᠢ ᠶᠣᠰᠣᠳᠠᠢ ᠲᠡᠬᠦᠥ ᠨᠡᠷ᠂ ᠬᠡᠥᠬᠡᠳ ᠵᠶ᠋ᠠᠨ ᠰᠢᠭ ᠴᠢᠨᠭᠭ᠎ᠠ ᠬᠠᠷᠢᠭᠤᠴᠠᠯᠭ᠎ᠠ᠎ᠲᠠᠢ ᠲᠣᠳᠣᠮᠳᠠᠵᠣ ᠲᠠᠭ᠋ᠠᠭᠤᠯᠳᠠᠭ ᠪᠠᠶ᠋ᠢᠭᠰᠠᠨ ᠶᠤᠮ᠃ ᠣ ᠪᠠᠭᠰᠢ ᠵᠢᠨ ᠭᠠᠷ᠎ᠲᠤ ᠮᠠᠨ᠎ᠤ ᠲᠡᠷᠡ 〈ᠶᠠᠮᠠᠬᠠ〉 ᠮᠠᠰᠢᠨ ᠠᠷᠪᠠ ᠭᠠᠷᠣᠢ ᠵᠢᠯ᠎ᠳᠤ ᠨᠢᠬᠡ ᠠ᠋ᠷᠬᠢ ᠱᠣᠷᠠᠭᠢᠨᠢ ᠴᠦ᠍ ᠰᠣᠯᠢᠵᠣ ᠵᠠᠰᠠᠭᠰᠠᠨ ᠥᠬᠡᠢ ᠲᠡᠷᠡ ᠴᠢᠭ ᠵᠶ᠋ᠠᠷ ᠵᠶ᠋ᠠᠨ ᠥᠯᠡᠳᠡᠭᠰᠡᠨ ᠰᠢᠥ᠃》
ᠨᠢᠬᠡᠨ ᠢᠳᠡᠷ ᠨᠠᠰᠣᠨ᠎ᠤ ᠪᠠᠭᠰᠢ ᠵᠢᠨ ᠵᠣᠭᠤᠭ᠄ 《ᠨᠡᠶ᠋ᠢᠳᠡ ᠵᠢᠨ ᠲᠣᠯᠠᠭ᠋ᠠᠯᠠᠮᠵᠢ ᠥᠬᠡᠢ ᠪᠠᠶ᠋ᠢᠭᠰᠠᠨ ᠲᠡᠳᠡᠭᠡᠷ ᠵᠢᠯ᠎ᠤᠨ ᠡᠪᠥᠯ᠎ᠤᠨ ᠴᠠᠭ᠎ᠲᠤ ᠰᠣᠷᠭ᠋ᠠᠭᠤᠯᠢ ᠵᠢᠨ ᠠᠯᠪᠠᠨ ᠭᠡᠷ᠂ ᠠᠩᠬᠢ ᠵᠢᠨ ᠬᠡᠷ᠂ ᠪᠠᠶ᠋ᠢᠷᠢ ᠵᠢᠨ ᠭᠡᠷ᠎ᠲᠤ ᠲᠥᠯᠡᠬᠦ ᠠᠷᠭ᠋ᠠᠯᠢ ᠣ ᠪᠠᠭᠰᠢ ᠪᠡᠶ᠎ᠡ᠎ᠪᠠᠷ ᠵᠶ᠋ᠠᠨ ᠬᠤᠪᠢᠶᠠᠭ᠍ᠣᠳᠤᠪᠠᠨ ᠲᠡᠷᠡ ᠣᠯᠠᠨ ᠪᠠᠭᠰᠢ ᠰᠣᠷᠣᠭᠴᠢ᠎ᠳᠤ 〈ᠠᠷᠭ᠋ᠠᠯ ᠲᠡᠭᠡᠷ᠎ᠡ ᠬᠢᠰᠬᠢᠵᠣ ᠪᠢᠳᠡᠭᠡᠢ ᠲᠡᠪᠰᠡᠭᠡᠷᠡᠢ〉 ᠬᠡᠵᠥ ᠰᠠᠨᠠᠭᠤᠯᠬᠤ᠎ᠠᠴᠠ ᠪᠢᠰᠢ᠂ ᠠᠭᠤᠷᠯᠠᠵᠤ ᠣᠴᠠᠭ᠋ᠠᠷᠳᠠᠭ᠍ᠣ ᠴᠢᠷᠠᠢ ᠥᠵᠡᠬᠦᠯᠥᠯ ᠥᠬᠡᠢ᠂ ᠠᠷᠭ᠋ᠠᠯ ᠬᠥᠷᠵᠠᠩᠤᠨ ᠲᠣᠮᠣ ᠵᠢᠵᠢᠭᠢᠨᠢ ᠬᠥᠷᠳᠡᠯ᠎ᠡ ᠲᠡᠩᠴᠡᠬᠦᠯᠵᠣ ᠲᠠᠭ᠋ᠠᠷᠠᠭᠤᠯᠣᠨ ᠬᠡᠮᠵᠢᠶ᠎ᠡ᠎ᠲᠠᠢ ᠲᠥᠬᠡᠬᠡᠬᠦᠪᠠᠷ ᠨᠢᠮᠪᠡᠶ᠋ᠢᠯᠡᠵᠥ ᠠᠵᠢᠯᠯᠠᠲᠠᠭᠨᠢ ᠪᠠᠭᠰᠢ ᠰᠣᠷᠣᠭᠴᠢᠳ᠎ᠤᠨ ᠬᠥᠨᠳᠥᠳᠭᠡᠯᠢ ᠶᠠᠭ᠋ᠠᠬᠢᠬᠤ ᠵᠢᠨ ᠠᠷᠭ᠎ᠠ ᠦᠭᠡᠢ ᠣᠯᠵᠣ᠂ ᠪᠢᠳᠡ ᠲᠥᠷᠢᠮ ᠲᠢᠭᠯᠢᠮ᠎ᠢ᠎ᠨᠢ ᠲᠠᠭ᠋ᠠᠳᠠᠭ》᠃
ᠨᠢᠬᠡᠨ ᠠᠬᠠᠮᠠᠳ ᠪᠠᠭᠰᠢ ᠵᠢᠨ ᠵᠣᠭᠤᠭ᠄ 《ᠮᠠᠨ᠎ᠤ ᠣ᠊ ᠪᠠᠭᠰᠢ ᠲᠣᠭᠤᠭ᠋ᠠᠨ ᠭᠡᠷ᠎ᠤᠨ ᠨᠢᠬᠡ ᠪᠣᠷᠴᠠ ᠥᠢ᠍ᠷᠡᠭᠡᠳ ᠣᠨᠠᠪᠠᠴᠣ ᠴᠡᠪᠡᠷᠯᠡᠭᠡᠳ ᠠᠪᠳᠠᠭ᠂ ᠭᠤᠭᠤᠵᠢᠵᠣ ᠭᠡᠭᠡᠭᠳᠡᠭᠰᠡᠨ ᠨᠢᠬᠡ ᠰᠢᠷᠭᠡᠭ ᠰᠣᠩᠬᠢᠨ᠎ᠡ᠂ ᠨᠢᠬᠡ ᠭᠡᠰᠡᠭ ᠨᠡᠭᠦᠷᠡᠰᠥ ᠵᠢ ᠴᠦ᠍ ᠲᠡᠬᠦᠬᠡᠳ ᠠᠪᠳᠠᠭ ᠨᠢᠮᠪᠡᠢ ᠬᠥᠮᠥᠨ ᠶᠤᠮ ᠡ!》᠃ 《ᠨᠡᠷᠡᠳᠡᠢ ᠪᠠᠶᠠᠨ ᠵᠠᠩᠬᠢ ᠭᠤᠸᠠᠢ ᠵᠢᠨ ᠭᠠᠭᠴᠠ ᠭᠥᠥ᠎ᠨᠢ ᠪᠠᠶ᠋ᠢᠳᠠᠯ᠎ᠠ᠎ᠪᠠᠨ ᠮᠠᠨ᠎ᠤ ᠣ᠊ ᠪᠠᠭᠰᠢ ᠶᠠᠭ᠋ᠠᠬᠢᠬᠤᠳᠤᠪᠠᠨ ᠲᠡᠶ᠋ᠢᠮᠥ ᠠᠵᠢᠯᠴᠢ ᠬᠠᠳᠠᠭᠤᠵᠢᠯᠳᠠᠢ᠂ ᠠᠯᠪᠠᠨ᠎ᠤ ᠶᠠᠭᠤᠮᠠᠨ᠎ᠳᠤ ᠬᠡᠷᠤᠨᠬᠢᠪᠠᠨᠠᠴᠠ ᠢᠯᠡᠬᠦᠥ ᠠᠷᠪᠢᠴᠢ ᠭᠠᠮᠳᠠᠢ ᠪᠠᠶ᠋ᠢᠭᠰᠠᠨ᠎ᠤ ᠨᠢᠭᠤᠴᠠ᠎ᠨᠢ ᠲᠡᠬᠦᠨ᠎ᠤ ᠬᠥᠮᠥᠨ ᠴᠢᠨᠠᠷ᠎ᠲᠤ᠎ᠪᠠᠨ ᠯᠠ ᠪᠠᠶ᠋ᠢᠭ᠎ᠠ ᠪᠠᠶ᠋ᠢᠬᠤ᠃ ᠬᠥᠮᠥᠨ᠎ᠳᠤ ᠥᠷᠥ ᠵᠥᠬᠡᠯᠡᠨ᠂ ᠥᠨᠡᠨᠴᠢ ᠰᠢᠳᠣᠷᠭᠤ᠂ ᠨᠡᠷ᠎ᠡ ᠲᠥᠷᠥ ᠵᠢᠨ ᠲᠥᠯᠥᠬᠡ ᠬᠥᠬᠡᠬᠡᠴᠡᠯᠳᠥᠳᠡᠭ ᠥᠬᠡᠢ᠂ ᠨᠢᠷᠣᠭᠤ᠎ᠲᠠᠢ᠂ ᠰᠠᠶ᠋ᠢᠬᠠᠨ ᠮᠣᠩᠭᠤᠯ ᠬᠥᠮᠥᠨ᠎ᠤ ᠪᠣᠳᠠᠳᠠᠢ ᠵᠢᠱ᠌ᠢᠶ᠎ᠡ ᠶᠤᠮ ᠰᠢᠣ᠃ ᠣ᠊ ᠪᠠᠭᠰᠢ ᠠ᠋ᠩ᠎ᠤᠨ ᠬᠥᠮᠥᠨ᠎ᠤ ᠬᠢᠵᠣ ᠴᠢᠳᠠᠭ᠍ᠣ ᠥᠬᠡᠢ ᠠᠵᠢᠯ᠎ᠢ ᠬᠢᠵᠥ ᠶᠠᠪᠣᠭᠰᠠᠨ ᠮᠥᠷᠳᠡᠯ᠎ᠡ᠎ᠪᠠᠨ ᠭᠠᠪᠢᠶᠠᠷᠬᠠᠵᠣ ᠠᠴᠢᠷᠬᠠᠭᠰᠠᠨ ᠥᠬᠡ ᠵᠢ ᠠᠮᠠ ᠵᠠᠪᠰᠠᠷ ᠴᠣᠬᠤᠶ᠋ᠢᠯᠭ᠋ᠠᠳᠠᠭ ᠥᠬᠡᠢ᠂ ᠶᠠᠷᠢᠵᠣ ᠴᠦ᠍ ᠴᠢᠳᠠᠳᠠᠭ ᠥᠬᠡᠢ᠂ ᠣᠯᠠᠨ ᠲᠠᠪᠣᠨ ᠥᠬᠡ ᠥᠬᠡᠢ᠂ ᠲᠡᠶ᠋ᠢᠮᠥ ᠰᠠᠶ᠋ᠢᠬᠠᠨ ᠬᠥᠮᠥᠨ ᠶᠤᠮ ᠰᠢᠥ!》 ᠬᠡᠬᠦ ᠮᠡᠳᠥ ᠵᠢᠨ ᠬᠠᠮᠳᠣ ᠠᠵᠢᠯᠯᠠᠭᠰᠠᠳ᠎ᠤᠨ᠎ᠬᠢᠨ ᠥᠨᠡᠯᠡᠯᠳᠡ ᠬᠠᠮᠤᠭ ᠲᠡᠭᠡᠳᠥ ᠢᠷᠠᠭᠤ ᠠᠯᠳᠠᠷ ᠪᠠᠶ᠋ᠢᠵᠣ ᠲᠠᠭ᠋ᠠᠷᠠᠨ᠎ᠠ᠃
ᠲᠡᠶ᠋ᠢᠮᠥ ᠡ᠂ ᠥᠩᠬᠡᠷᠡᠨ ᠣᠳᠣᠭᠰᠠᠨ ᠲᠡᠳᠡᠭᠡᠷ ᠣᠨ ᠵᠢᠯ᠎ᠤᠨ ᠬᠠᠳᠠᠭᠤ ᠪᠡᠷᠭᠡ ᠠᠵᠢᠯ ᠬᠥᠳᠡᠯᠮᠥᠷᠢ᠂ ᠣᠶ᠋ᠢᠭᠠ ᠥᠬᠡᠢ ᠵᠢᠳᠬᠦᠯ ᠲᠡᠮᠡᠴᠡᠯ᠎ᠢ᠎ᠨᠢ ᠲᠣᠷᠠᠰᠬᠠᠨ ᠲᠡᠮᠳᠡᠭᠯᠡᠭᠰᠡᠨ ᠰᠣᠷᠭ᠋ᠠᠭᠤᠯᠢ ᠱᠠᠳᠣᠨ᠎ᠤ 《ᠲᠡᠷᠢᠬᠦᠨ᠎ᠤ ᠠᠵᠢᠯᠳᠠᠨ》᠎ᠤ ᠬᠤᠷᠢ ᠰᠢᠬᠠᠮ ᠥᠨᠠᠮᠯᠠᠯ᠂ 1985 ᠣᠨ᠂ 1994 ᠣᠨ᠎ᠳᠤ ᠬᠤᠰᠢᠭᠤ ᠱᠠᠳᠣᠨ᠎ᠤ 《ᠲᠡᠷᠢᠬᠦᠨ᠎ᠤ ᠠᠵᠢᠯᠳᠠᠨ》 ᠪᠠ 1997 ᠣᠨ᠎ᠳᠤ ᠰᠢᠯᠢ ᠵᠢᠨ ᠭᠤᠣᠯ ᠠᠶ᠋ᠢᠮᠠᠭ᠎ᠤᠨ ᠰᠣᠷᠭ᠋ᠠᠨ ᠬᠥᠮᠥᠵᠢᠯ᠎ᠤᠨ ᠰᠢᠰᠲᠸᠮ᠎ᠤᠨ 《ᠲᠡᠷᠢᠬᠦᠨ᠎ᠤ ᠠᠵᠢᠯᠳᠠᠨ》᠎ᠤ ᠥᠨᠠᠮᠯᠠᠯ᠎ᠤᠨ ᠣᠯᠠᠭ᠋ᠠᠨ ᠲᠡᠪᠳᠡᠷ ᠬᠢᠭᠡᠳ ᠬᠥᠪᠡᠭᠡᠳᠥ ᠰᠢᠷ᠎ᠠ ᠬᠤᠰᠢᠭᠤᠨ᠎ᠤ ᠮᠣᠩᠭᠤᠯ ᠥᠨᠳᠥᠰᠥᠳᠡᠨ᠎ᠤ ᠲᠣᠮᠳᠠᠳᠣ ᠰᠣᠷᠭ᠋ᠠᠭᠤᠯᠢ ᠵᠢᠨ ᠵᠠᠬᠢᠷᠣᠯ᠂ ᠪᠠᠭᠰᠢ ᠨᠠᠷ᠂ ᠰᠣᠷᠣᠭᠴᠢᠳ᠂ ᠭᠡᠷ᠎ᠤᠨ ᠠᠬᠠᠮᠠᠳ᠎ᠢ ᠪᠠᠭᠳᠠᠭ᠋ᠠᠭᠰᠠᠨ ᠬᠥᠮᠥᠨ ᠠᠷᠠᠳ᠎ᠤᠨ ᠪᠢᠰᠢᠷᠡᠯ ᠮᠠᠭᠳᠠᠭ᠋ᠠᠯ᠂ ᠬᠠᠯᠠᠭᠤᠨ ᠵᠣᠭᠤᠭ᠎ᠤᠳ ᠠ᠋ᠶ᠋ᠢᠮᠥ ᠨᠢᠬᠡᠨ ᠠᠬᠠᠮᠠᠳ 《ᠭᠠᠯᠴᠢ ᠪᠠᠭᠰᠢ》 ᠵᠢᠨ ᠵᠶ᠋ᠠᠨ ᠬᠥᠮᠥᠨ ᠮᠥᠰᠥ᠂ ᠠᠯᠳᠠᠷ ᠭᠠᠪᠢᠶ᠎ᠠ ᠵᠢ ᠠ᠋ᠬᠦᠷᠢᠳᠡ ᠲᠠᠭᠤᠷᠢᠰᠬᠠᠨᠠ ᠁
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠬᠥᠪᠡᠭᠡᠳᠥ ᠰᠢᠷ᠎ᠠ ᠬᠤᠰᠢᠭᠤᠨ᠎ᠤ ᠮᠣᠩᠭᠤᠯ
ᠥᠨᠳᠥᠰᠥᠳᠡᠨ᠎ᠤ ᠲᠣᠮᠳᠠᠳᠣ ᠰᠣᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)
2021 ᠣᠨ᠎ᠤ 4 ᠳ᠋ᠦ᠍ᠭᠡᠷ ᠬᠤᠭᠤᠴᠠᠭ᠎ᠠ