ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠣᠷᠭᠢᠯ ᠪᠤᠯᠠᠭ
ᠭᠦᠰᠠᠯ ᠭᠦᠭᠡᠭᠡᠴᠠᠯᠳᠤᠯ
ᠨᠡᠶ᠋ᠢᠲᠡᠯᠡᠭᠰᠡᠨ ᠴᠠᠭ᠄ 2021-08-16


                                    ᠴᠤᠷᠵᠢ


      ᠦᠨᠭᠭᠡ ᠭᠡᠷᠡᠯ᠎ᠲᠠᠢ ᠪᠤᠯᠪᠠᠴᠤ ᠭᠦᠴᠢᠷ ᠲᠦᠪᠡᠭ᠎ᠲᠠᠢ ᠪᠠᠭᠰᠢ ᠵᠢᠨ ᠠᠯᠪᠠ ᠬᠠᠰᠢᠭᠰᠠᠨ᠎ᠠᠴᠠ ᠬᠤᠢ᠍ᠢ᠍ᠰᠢᠬᠢ 30 ᠳ᠋ᠤᠭ᠋ᠠᠷ ᠵᠢᠯ᠎ᠳᠤ᠎ᠪᠠᠨ ᠪᠢ ᠫᠷᠤᠹᠸᠰᠰᠤᠷ᠎ᠤᠨ ᠲᠠᠰ᠎ᠤᠨ ᠪᠠᠭᠰᠢ᠎ᠪᠠᠷ ᠴᠤᠯᠠᠯᠠᠭᠳᠠᠭᠰᠠᠨ ᠶᠤᠮ᠃ ᠮᠢᠨᠦ ᠲᠤᠰᠴᠤ ᠤᠯᠤᠭᠰᠠᠨ ᠬᠠᠮᠤᠭ᠎ᠤᠨ ᠦᠨ᠎ᠠ ᠦᠷᠳᠡᠭᠳᠤ ᠦᠨᠠᠮᠯᠠᠯ ᠠ᠋ᠨᠠ ᠪᠠᠢ᠍ᠢ᠍ᠬᠤ ᠦᠭᠡᠢ ᠤᠤ ᠳ᠋ᠠ᠃ ᠭᠡᠪᠡᠴᠤ᠂ ᠮᠢᠨᠦ ᠭᠦᠰᠠᠯ ᠭᠦᠭᠡᠭᠡᠴᠠᠯᠳᠤᠯ ᠠ᠋ᠨᠡ ᠦᠨᠠᠮᠯᠠᠯ᠎ᠢ ᠤᠯᠬᠤ ᠵᠢᠨ ᠲᠦᠯᠦᠭᠡ ᠭᠡᠵᠦ ᠤᠤ? ᠠ᠋ᠭᠦᠨ᠎ᠢ ᠲᠠᠪᠠᠭᠰᠠᠨ ᠦᠨᠠᠮᠯᠠᠯ᠎ᠢ ᠪᠢ ᠠ᠋ᠮᠦᠨ᠎ᠠ᠎ᠨᠢ ᠲᠤᠰᠴᠤ ᠦᠨᠭᠭᠡᠷᠡᠭᠡᠳᠤᠢ᠂ ᠬᠤᠢ᠍ᠢ᠍ᠨ᠎ᠠ᠎ᠨᠢ ᠤᠯᠬᠤ ᠪᠤᠯᠤᠮᠵᠢ ᠴᠦ᠍ ᠦᠭᠡᠢ ᠶᠤᠮ᠃ ᠮᠢᠨᠦ ᠭᠦᠰᠠᠯ ᠭᠦᠭᠡᠭᠡᠴᠡᠯᠳᠤᠯ ᠲᠦᠢ᠍ᠯ᠎ᠳᠤ᠎ᠪᠠᠨ ᠲᠤᠯᠤᠭᠰᠠᠨ ᠭᠡᠵᠤ ᠤᠤ? ᠰᠠᠶᠢ ᠠ᠋ᠬᠢᠯᠡᠨ ᠪᠠᠭᠰᠢᠯᠠᠵᠤ ᠪᠠᠢ᠍ᠢ᠍ᠭ᠎ᠠ ᠲᠠᠷᠠ ᠦᠶᠠᠰ ᠵᠶ᠋ᠠᠷ ᠠᠵᠢᠯ ᠦᠢ᠍ᠯᠠᠰ᠎ᠲᠤ᠎ᠪᠠᠨ ᠴᠢᠷᠮᠠᠢ᠍ᠢ᠍ᠨ ᠵᠢᠳᠭᠦᠵᠤ ᠵᠢᠭ᠋ᠠᠨ ᠰᠤᠷᠭ᠋ᠠᠬᠤ᠎ᠳᠤ᠎ᠪᠠᠨ ᠴᠠᠭ᠋ᠠᠷᠠᠭᠰᠠᠨ ᠪᠠᠭᠰᠢ ᠪᠤᠯᠤᠶ᠎ᠠ ᠭᠡᠰᠡᠨ ᠮᠦᠷᠤᠭᠡᠳᠤᠯ᠎ᠲᠠᠢ ᠪᠠᠢ᠍ᠢ᠍ᠭᠰᠠᠨ᠎ᠠᠴᠠ ᠪᠢᠰᠢ᠂ ᠬᠤᠵᠢᠮ ᠬᠤᠢ᠍ᠢ᠍ᠰᠢᠳᠠ ᠫᠷᠤᠹᠸᠰᠰᠤᠷ᠎ᠤᠨ ᠲᠠᠰ᠎ᠤᠨ ᠮᠠᠷᠭᠡᠵᠢᠯ᠎ᠤᠨ ᠴᠤᠯᠠ᠎ᠲᠠᠢ ᠪᠠᠭᠰᠢ ᠪᠤᠯᠤᠶ᠎ᠠ ᠭᠡᠰᠡᠨ ᠭᠤᠷᠢᠳᠠᠯᠭ᠎ᠠ ᠵᠡᠭᠦᠳᠦᠨ᠎ᠳᠤ ᠴᠦ᠍ ᠤᠷᠤᠭ᠎ᠠ ᠦᠭᠡᠢ ᠪᠠᠢ᠍ᠢ᠍ᠭᠰᠠᠨ ᠶᠤᠮ ᠪᠢᠯᠡ᠃ ᠭᠡᠷᠪᠠ ᠲᠤᠬᠠᠢ ᠵᠢᠨ ᠦᠶᠠᠰ ᠲᠠᠢ᠍ᠢ᠍ᠮᠦ ᠭᠦᠭᠡᠭᠡᠴᠡᠯᠳᠤᠯ ᠡᠪᠦᠷᠯᠡᠵᠦ ᠪᠠᠢ᠍ᠢ᠍ᠭᠰᠠᠨ ᠪᠤᠯ ᠭᠤᠷᠢᠳᠠᠯᠭ᠎ᠠ᠎ᠳᠤ᠎ᠪᠠᠨ ᠭᠡᠨᠵᠢᠯᠡᠭᠳᠡᠵᠦ ᠠ᠋ᠨᠡ ᠨᠠᠰᠤᠨ᠎ᠳᠤ ᠫᠷᠤᠹᠸᠰᠰᠤᠷ᠎ᠤᠨ ᠲᠠᠰ᠎ᠤᠨ ᠪᠠᠭᠰᠢ ᠪᠠᠢ᠍ᠢ᠍ᠳᠤᠭ᠋ᠠᠢ ᠤᠨᠴᠠ ᠲᠠᠰ᠎ᠤᠨ ᠪᠠᠭᠰᠢ ᠴᠦ᠍ ᠪᠤᠯᠵᠤ ᠲᠡᠢ᠍ᠢ᠍ᠯᠭᠦ ᠦᠭᠡᠢ ᠪᠠᠢ᠍ᠢ᠍ᠵᠤ ᠮᠠᠳᠠᠨ᠎ᠠ᠃ ᠭᠦᠭᠡᠭᠡᠴᠡᠯᠳᠤᠯ ᠭᠤᠷᠢᠳᠠᠯᠭ᠎ᠠ᠎ᠳᠤ ᠭᠡᠳᠤ ᠰᠢᠨᠤᠬᠠᠢ᠍ᠢ᠍ᠷᠠᠪᠠᠯ ᠭᠦᠰᠡᠷᠳᠡᠯ ᠬᠤᠭᠤᠰᠤᠷᠠᠯ᠎ᠨᠢ ᠴᠦ᠍ ᠲᠠᠳᠤᠢ ᠭᠡᠴᠡᠭᠦᠦ ᠪᠠᠢ᠍ᠢ᠍ᠳᠠᠬ ᠪᠢᠰᠢ ᠤᠤ?
      ᠫᠷᠤᠹᠸᠰᠰᠤᠷ᠎ᠤᠨ ᠲᠠᠰ᠎ᠤᠨ ᠪᠠᠭᠰᠢ᠎ᠪᠠᠷ ᠴᠤᠯᠠᠯᠠᠭᠳᠠᠭᠰᠠᠨ᠎ᠤ ᠲᠠᠷᠠᠭ᠋ᠠᠬᠠᠨ ᠨᠠᠳᠠ᠎ᠠᠴᠠ᠄ 《ᠲᠠ ᠶᠠᠭ᠋ᠠᠬᠢᠭ᠋ᠠᠳ ᠫᠷᠤᠹᠸᠰᠰᠤᠷ᠎ᠤᠨ ᠲᠠᠰ᠎ᠤᠨ ᠪᠠᠭᠰᠢ ᠪᠤᠯᠵᠤ ᠲᠠᠢ᠍ᠢ᠍ᠯᠦᠭᠰᠡᠨ ᠪᠤᠢ? ᠶᠠᠭ᠋ᠠᠬᠢᠪᠠᠯ ᠰᠠᠶᠢ ᠫᠷᠤᠹᠸᠰᠰᠤᠷ᠎ᠤᠨ ᠲᠠᠰ᠎ᠤᠨ ᠪᠠᠭᠰᠢ ᠪᠤᠯᠵᠤ ᠲᠠᠢ᠍ᠢ᠍ᠯᠭᠦ ᠪᠤᠢ? ᠰᠤᠷᠭ᠋ᠠᠯ ᠬᠠᠢ᠍ᠢ᠍ᠷᠠᠯᠠᠭ᠋ᠠᠴᠢ》 ᠭᠡᠵᠦ ᠯᠠᠪᠯᠠᠨ ᠠᠰᠠᠭᠤᠭᠰᠠᠨ ᠵᠠᠯᠠᠭᠤ ᠢᠳᠠᠷ ᠪᠠᠭᠰᠢ ᠨᠠᠷ ᠨᠠᠯᠢᠶᠠᠳ ᠪᠤᠢ᠃ ᠦᠷᠦᠭᠡᠯ᠎ᠤᠨ ᠭᠡᠤᠭᠡᠳ᠎ᠤᠨ ᠲᠦᠯᠦᠭᠡ ᠦᠪᠠᠷ᠎ᠤᠨ ᠠᠯᠢᠪᠠ᠎ᠪᠠᠨ ᠤᠷᠬᠢᠵᠤ᠂ ᠠᠵᠢᠯ ᠦᠢ᠍ᠯᠠᠰ ᠯᠡ ᠭᠡᠵᠦ ᠮᠠᠬᠠᠷᠠᠨ ᠵᠢᠳᠭᠦᠵᠤ᠂ ᠤᠷᠤᠯᠳᠤᠯᠭ᠎ᠠ ᠰᠤᠳᠤᠯᠭ᠎ᠠ᠎ᠪᠠᠷ ᠭᠠᠨᠵᠤᠭ᠎ᠠ ᠲᠦᠭᠦᠷᠠᠩ ᠶᠠᠪᠤᠭ᠎ᠠ ᠠ᠋ᠳᠡᠭᠡᠷ ᠰᠢᠯᠢᠳᠡᠭ ᠪᠠᠭᠰᠢ ᠨᠠᠷ᠎ᠲᠤ ᠶᠠᠭᠤ ᠨᠢᠭᠡ ᠵᠢ ᠰᠠᠨᠠᠭᠤᠯᠬᠤ ᠵᠤᠢ᠍ᠢ᠍ᠳᠠᠢ ᠪᠤᠯᠪᠠᠴᠤ ᠲᠠᠳᠠᠨ᠎ᠤ ᠠᠰᠠᠭᠤᠯᠳᠠ ᠵᠢ ᠪᠠᠷᠢᠨ ᠬᠠᠷᠢᠭᠤᠯᠬᠤ᠎ᠳᠤ ᠦᠨᠡᠭᠡᠷ ᠪᠠᠷᠭᠡ ᠠᠵᠢ! ᠪᠠᠭᠰᠢ ᠭᠦᠮᠦᠨ᠎ᠤ ᠬᠢᠪᠠᠰᠤ ᠵᠤᠬᠢᠬᠤ ᠠᠵᠢᠯ ᠵᠶ᠋ᠠᠨ ᠬᠢᠭᠰᠡᠭᠡᠷ ᠯᠡ ᠪᠠᠢ᠍ᠢ᠍ᠵᠤ ᠫᠷᠤᠹᠸᠰᠰᠤᠷ᠎ᠤᠨ ᠲᠠᠰ᠎ᠤᠨ ᠪᠠᠭᠰᠢ ᠪᠤᠯᠵᠠᠢ᠂ ᠦᠪᠠᠷ᠎ᠤᠨ ᠠ᠋ᠭᠦᠷᠭᠡ ᠬᠠᠷᠢᠭᠤᠴᠠᠯᠭ᠎ᠠ᠎ᠪᠠᠨ ᠴᠢᠷᠮᠠᠢ᠍ᠢ᠍ᠨ ᠪᠠᠶᠠᠯᠠᠭᠦᠯᠭᠦ ᠵᠢᠨ ᠵᠡᠷᠭᠡᠳᠡ ᠲᠤᠬᠠᠢ᠍ᠢ᠍ᠯᠠᠭᠰᠠᠨ ᠠᠵᠢᠯ᠎ᠤᠨ ᠵᠶ᠋ᠠᠨ ᠲᠤᠬᠠᠢ ᠰᠤᠳᠤᠯᠵᠤ ᠰᠢᠨᠵᠢᠯᠠᠵᠤ ᠯᠠ ᠪᠠᠢ᠍ᠢ᠍ᠪᠠᠯ ᠫᠷᠤᠹᠸᠰᠰᠤᠷ᠎ᠤᠨ ᠲᠠᠰ᠎ᠤᠨ ᠪᠠᠭᠰᠢ᠎ᠪᠠᠷ ᠴᠤᠯᠠᠯᠠᠭᠳᠠᠬᠤ ᠠ᠋ᠳᠦᠷ ᠠᠶᠠᠨᠳᠠᠭ᠋ᠠᠨ ᠭᠦᠷᠴᠤ ᠢᠷᠠᠭᠦ ᠶᠤᠮ ᠭᠡᠵᠦ ᠭᠡᠯᠡᠪᠡᠯ ᠠᠷᠠᠢ ᠭᠦᠨᠭᠭᠡᠨ ᠬᠠᠭᠤᠮᠠᠭ᠋ᠠᠢ ᠪᠤᠯᠴᠢᠬᠠᠬᠤ ᠰᠢᠬ ᠰᠠᠨᠠᠭᠳᠠᠬᠤ ᠶᠤᠮ᠃
      ᠦᠪᠠᠷ ᠵᠶ᠋ᠠᠨ ᠮᠠᠳᠠᠭᠦ ᠪᠠ ᠦᠭᠡᠷ᠎ᠠ ᠪᠤᠰᠤᠳ᠎ᠲᠤ ᠮᠠᠳᠠᠭᠦᠯᠭᠦ ᠪᠤᠯ ᠱᠠᠯ ᠠᠰᠳᠠᠭ᠋ᠠᠨ ᠬᠤᠶᠠᠷ ᠶᠠᠪᠤᠳᠠᠯ ᠮᠦᠨ᠃ ᠨᠡᠩ ᠦᠪᠠᠷ ᠵᠶ᠋ᠠᠨ ᠪᠠᠰᠠ ᠮᠠᠳᠠᠭᠦ ᠦᠭᠡᠢ ᠵᠢ ᠦᠭᠡᠷ᠎ᠠ ᠪᠤᠰᠤᠳ᠎ᠲᠤ ᠵᠢᠭ᠋ᠠᠵᠤ ᠲᠠᠢ᠍ᠢ᠍ᠯᠤᠨ᠎ᠠ ᠭᠡᠵᠦ ᠤᠤ? ᠰᠤᠷᠬᠤ ᠪᠢᠴᠢᠭ ᠪᠠ ᠰᠤᠷᠤᠭᠴᠢ᠎ᠳᠤ ᠲᠤᠳᠤᠷᠬᠠᠢ ᠪᠠᠢ᠍ᠢ᠍ᠬᠤ᠂ ᠺᠤᠨᠰᠫᠸᠺᠲ ᠪᠢᠴᠢᠭᠦ ᠪᠤᠯ ᠬᠢᠴᠢᠶᠡᠯ᠎ᠢ ᠴᠢᠨᠠᠷᠯᠢᠬ ᠵᠢᠭ᠋ᠠᠬᠤ ᠵᠢᠨ ᠤᠷᠢᠳᠠᠴᠢ ᠨᠦᠭᠦᠴᠡᠯ ᠮᠦᠨ᠃ ᠰᠤᠷᠬᠤ ᠪᠢᠴᠢᠭ᠎ᠲᠤ ᠲᠤᠳᠤᠷᠬᠠᠢ ᠦᠭᠡᠢ ᠪᠤᠯ ᠪᠤᠷᠤᠭᠤ ᠵᠢᠭ᠋ᠠᠵᠤ ᠮᠠᠰᠢ ᠭᠦᠨᠳᠤ ᠨᠤᠴᠢᠳᠠᠢ ᠵᠢᠭ᠋ᠠᠨ ᠰᠤᠷᠭ᠋ᠠᠯᠳᠠ ᠵᠢᠨ ᠠᠯᠳᠠᠭ᠎ᠠ ᠭᠠᠷᠭ᠋ᠠᠵᠤ ᠮᠠᠳᠠᠨ᠎ᠠ᠃ ᠵᠢᠭ᠋ᠠᠨ ᠰᠤᠷᠭ᠋ᠠᠯᠳᠠ ᠪᠤᠯᠤᠨ ᠰᠤᠷᠤᠭᠴᠢ ᠵᠢ ᠤᠮᠳᠤᠭ᠋ᠠᠢ᠍ᠢ᠍ᠯᠠᠭᠰᠠᠨ ᠵᠢᠭ᠋ᠠᠨ ᠰᠤᠷᠭ᠋ᠠᠯᠳᠠ ᠰᠤᠷᠤᠭᠴᠢ ᠵᠢᠨ ᠪᠤᠳᠠᠳᠠᠢ᠎ᠠᠴᠠ ᠭᠡᠳᠤ ᠵᠠᠢ᠍ᠢ᠍ᠳᠠᠵᠤ ᠮᠠᠳᠠᠭᠦ ᠲᠤᠯᠠ ᠵᠠᠷᠢᠮ ᠰᠤᠷᠤᠭᠴᠢ ᠵᠢᠨ ᠰᠤᠷᠬᠤ ᠵᠢ ᠰᠢᠭᠤᠳ ᠨᠦᠯᠦᠭᠡᠯᠡᠳᠡᠭ᠃ ᠠ᠋ᠭᠦᠨ᠎ᠤ ᠬᠤᠤᠷ ᠭᠦᠨᠦᠭᠡᠯ ᠮᠠᠰᠢ ᠭᠦᠨᠳᠤ ᠨᠤᠴᠢᠳᠠᠢ᠃ ᠶᠡᠭᠡ ᠭᠡᠮᠵᠢᠶᠡᠨ᠎ᠤ ᠰᠤᠷᠤᠭᠴᠢ ᠬᠢᠴᠢᠶᠡᠯ ᠰᠤᠷᠤᠯᠭ᠎ᠠ᠎ᠪᠠᠨ ᠲᠠᠭ᠋ᠠᠵᠤ ᠲᠠᠢ᠍ᠢ᠍ᠯᠭᠦ ᠦᠭᠡᠢ᠎ᠠᠴᠠ ᠪᠤᠯᠵᠤ ᠰᠤᠷᠬᠤ᠎ᠪᠠᠨ ᠪᠤᠯᠢᠬᠤ ᠪᠤᠶᠤ ᠵᠠᠷᠢᠮ ᠰᠤᠷᠤᠭᠴᠢ ᠭᠦᠷᠪᠠᠰᠤ ᠵᠤᠬᠢᠬᠤ ᠭᠦᠭᠵᠢᠯᠳᠠ᠎ᠳᠤ᠎ᠪᠠᠨ ᠲᠤᠯᠵᠤ ᠲᠠᠢ᠍ᠢ᠍ᠯᠭᠦ ᠦᠭᠡᠢ ᠦᠵᠡᠭᠳᠡᠯ ᠲᠤᠮᠳᠠᠳᠤ ᠪᠠᠭ᠎ᠠ ᠰᠤᠷᠭ᠋ᠠᠭᠤᠯᠢ᠎ᠳᠤ ᠲᠠᠨᠭ᠌ᠳᠠ ᠢᠯᠠᠷᠠᠳᠡᠭ᠎ᠨᠢ ᠰᠤᠷᠤᠭᠴᠢ ᠵᠢᠨ ᠪᠤᠳᠠᠳᠠᠢ᠎ᠠᠴᠠ ᠭᠡᠳᠤ ᠵᠠᠢ᠍ᠢ᠍ᠳᠠᠭᠰᠠᠨ ᠵᠢᠭ᠋ᠠᠨ ᠰᠤᠷᠭ᠋ᠠᠯᠳᠠ ᠵᠢᠨ ᠠᠷᠬᠠᠬ ᠭᠡᠮ᠎ᠠᠴᠠ ᠪᠤᠯᠤᠭᠰᠠᠨ ᠦᠭᠡᠢ ᠭᠡᠵᠦ ᠤᠤ? ᠺᠤᠨᠰᠫᠸᠺᠲ ᠭᠡᠭᠴᠢ ᠵᠢᠭ᠋ᠠᠬᠤ ᠠᠭᠤᠯᠭ᠎ᠠ᠎ᠪᠠᠨ ᠵᠢᠭ᠋ᠠᠬᠤ ᠲᠠᠷᠠᠭ᠋ᠠᠯᠠᠯ ᠵᠶ᠋ᠠᠷ ᠪᠢᠴᠢᠵᠤ ᠲᠠᠮᠳᠡᠭᠯᠡᠭᠰᠡᠨ ᠲᠠᠮᠳᠡᠭᠯᠡᠯ ᠤᠭᠳᠤ ᠪᠢᠰᠢ᠃ ᠺᠤᠨ᠋ᠰᠫᠸᠺᠲ ᠪᠢᠴᠢᠭᠦ᠎ᠳᠤ ᠭᠡᠪᠰᠢᠭᠰᠡᠨ ᠵᠦᠢ᠍ᠯᠠᠰ᠎ᠢ ᠠᠬᠢᠨ ᠲᠠᠬᠢᠨ ᠲᠠᠪᠳᠠᠵᠤ ᠪᠠᠢ᠍ᠢ᠍ᠭ᠎ᠠ ᠰᠢᠬ ᠪᠤᠯᠪᠠᠴᠤ ᠲᠠᠷᠠ᠎ᠨᠢ ᠭᠡᠷᠡᠭ ᠲᠡᠭᠡᠷ᠎ᠡ᠎ᠪᠠᠨ ᠵᠢᠭ᠋ᠠᠨ ᠰᠤᠷᠭ᠋ᠠᠯᠳᠠ᠎ᠳᠤ ᠴᠠᠭ᠋ᠠᠷᠠᠬᠤ ᠵᠢᠨ ᠠᠨᠭ᠌ᠬᠠᠨ᠎ᠤ ᠱᠠᠳᠤ᠎ᠪᠠᠷ ᠨᠠᠭ᠋ᠠᠰᠢ ᠴᠠᠭ᠋ᠠᠰᠢ ᠠᠯᠬᠤᠵᠤ᠂ ᠵᠢᠭ᠋ᠠᠨ ᠰᠤᠷᠭ᠋ᠠᠬᠤ ᠠᠷᠭ᠎ᠠ ᠤᠬᠠᠭ᠋ᠠᠨ ᠰᠤᠪᠢᠵᠤ ᠰᠢᠮ᠎ᠠ ᠰᠢᠭᠦᠰᠤ ᠵᠢ᠎ᠨᠢ ᠬᠤᠷᠠᠮᠳᠤᠭᠤᠯᠬᠤ ᠵᠢᠷᠦᠭᠡᠨ ᠲᠠᠮᠢᠷ ᠬᠢᠵᠦ ᠪᠠᠢ᠍ᠢ᠍ᠭ᠎ᠠ᠎ᠲᠠᠢ ᠠᠳᠠᠯᠢ ᠶᠤᠮ᠃ ᠺᠤᠨᠰᠫᠸᠺᠲ᠎ᠲᠤ ᠵᠢᠭ᠋ᠠᠨ ᠰᠤᠷᠭ᠋ᠠᠯᠳᠠ ᠵᠢᠨ ᠤᠷᠴᠢᠨ᠎ᠢ ᠪᠤᠢ ᠪᠤᠯᠭ᠋ᠠᠭᠰᠠᠨ ᠠᠬᠤᠢ ᠪᠠᠢ᠍ᠢ᠍ᠳᠠᠯ᠎ᠲᠠᠢ᠎ᠪᠠᠷ ᠪᠠᠷᠠᠬᠤ ᠦᠭᠡᠢ ᠰᠤᠷᠬᠤ ᠬᠠᠷᠠᠯᠳᠠ᠎ᠳᠤ ᠭᠦᠷᠭᠦ ᠵᠢ ᠪᠠᠶᠠᠯᠠᠭᠦᠯᠭᠦ ᠭᠤᠤᠯᠳᠠᠯᠭ᠎ᠠ ᠵᠢ ᠲᠤᠪᠤᠢ᠍ᠢ᠍ᠯᠭ᠋ᠠᠬᠤ ᠪᠠ ᠭᠦᠴᠢᠷᠳᠠᠯᠭᠡ ᠵᠢ ᠪᠤᠳᠠᠷᠠᠭ᠋ᠠᠬᠤ ᠵᠡᠷᠭᠡ ᠴᠢᠬᠤᠯᠠ ᠪᠦᠭᠦᠢ ᠢᠮ ᠲᠡᠮᠳᠡᠭ ᠢᠯᠠ ᠲᠤᠳᠤ ᠬᠠᠷᠠᠭᠳᠠᠬᠤ᠎ᠳᠤ᠎ᠪᠠᠨ ᠲᠠᠭ᠋ᠠᠷᠠᠨ᠎ᠠ᠃ ᠰᠤᠷᠤᠭᠴᠢ ᠵᠢᠨ ᠠᠵᠢᠯᠯᠠᠭ᠎ᠠ ᠪᠠ ᠪᠠᠭᠰᠢ ᠵᠢᠨ ᠠᠵᠢᠯᠯᠠᠭ᠎ᠠ ᠵᠢᠨ ᠲᠤᠬᠠᠢ ᠵᠢᠱ᠌ᠢᠶᠡᠯᠡᠪᠡᠯ᠂ ᠵᠢᠭ᠋ᠠᠨ ᠰᠤᠷᠭ᠋ᠠᠯᠳᠠ ᠵᠢᠨ ᠠᠯᠢ ᠭᠤᠭᠴᠤᠭ᠋ᠠᠨ᠎ᠳᠤ ᠰᠤᠷᠤᠭᠴᠢ ᠵᠢ ᠬᠤᠭᠤᠷᠤᠨᠳᠤ᠎ᠨᠢ ᠶᠠᠷᠢᠯᠴᠠᠭᠤᠯᠬᠤ᠂ ᠴᠢᠳᠠᠭᠰᠠᠨ ᠰᠤᠷᠤᠭᠴᠢ᠎ᠪᠠᠷ ᠴᠢᠳᠠᠭ᠋ᠠᠳᠤᠢ ᠰᠤᠷᠤᠭᠴᠢ ᠵᠢ ᠵᠢᠯᠤᠭᠤᠳᠤᠭᠤᠯᠬᠤ ᠪᠤᠶᠤ ᠶᠠᠮᠠᠷ ᠦᠶᠠᠰ ᠪᠠᠭᠰᠢ᠎ᠪᠠᠷ ᠪᠦᠭᠦᠳᠠ ᠰᠤᠷᠤᠭᠴᠢ᠎ᠳᠤ ᠰᠠᠨᠭ᠌ᠭᠡᠷᠡᠭᠦᠯᠦᠯ ᠵᠢᠯᠤᠭᠤᠳᠤᠮᠵᠢ ᠦᠭᠭᠦ᠂ ᠨᠠᠷᠢᠯᠢᠬ ᠲᠤᠳᠤᠷᠬᠠᠢ ᠲᠠᠢ᠍ᠢ᠍ᠯᠪᠤᠷᠢᠯᠠᠬᠤ ᠠᠭᠤᠯᠭ᠎ᠠ ᠪᠠᠢ᠍ᠢ᠍ᠬᠤ ᠠ᠋ᠰᠠᠭᠦ ᠵᠡᠷᠭᠡ ᠠᠯᠢ ᠤᠯᠠᠨ ᠵᠦᠢ᠍ᠯᠠᠰ᠎ᠢ ᠨᠠᠷᠢᠨ ᠲᠤᠳᠤᠷᠬᠠᠢ ᠪᠢᠴᠢᠪᠠᠯ ᠵᠤᠬᠢᠨ᠎ᠠ᠃ ᠵᠢᠭ᠋ᠠᠬᠤ᠎ᠳᠤ ᠲᠤᠭᠳᠠᠭᠰᠠᠨ ᠲᠤᠮᠢᠶᠠᠯᠠᠯ ᠦᠭᠡᠢ ᠲᠤᠯᠠ ᠬᠠᠮᠤᠭ᠎ᠤᠨ ᠤᠬᠢ ᠰᠢᠯᠢᠳᠡᠭ ᠵᠢᠭ᠋ᠠᠬᠤ ᠠᠷᠭ᠎ᠠ ᠭᠡᠵᠦ ᠦᠭᠡᠢ ᠶᠤᠮ᠃ ᠵᠠᠷᠢᠮ ᠠᠭᠤᠯᠭ᠎ᠠ ᠵᠢ ᠵᠢᠭ᠋ᠠᠬᠤ᠎ᠳᠤ ᠶᠡᠪ ᠴᠠᠪ ᠲᠤᠬᠢᠷᠠᠬᠤ ᠵᠢᠭ᠋ᠠᠬᠤ ᠠᠷᠭ᠎ᠠ ᠪᠠᠢ᠍ᠢ᠍ᠪᠠᠴᠤ ᠠ᠋ᠨᠡ ᠵᠢᠭ᠋ᠠᠬᠤ ᠠᠷᠭ᠎ᠠ᠎ᠪᠠᠷ ᠦᠭᠡᠷ᠎ᠠ ᠠᠭᠤᠯᠭ᠎ᠠ ᠵᠢ ᠵᠢᠭ᠋ᠠᠬᠤ᠎ᠳᠤ ᠲᠤᠬᠢᠷᠠᠬᠤ᠎ᠪᠠᠨ ᠪᠤᠯᠢᠵᠤ ᠮᠠᠳᠠᠨ᠎ᠠ᠃ ᠢᠨᠭᠬᠢᠭᠦ᠎ᠪᠠᠷ ᠵᠶ᠋ᠠᠨ ᠶᠠᠮᠠᠷ ᠨᠢᠭᠡᠨ ᠵᠢᠭ᠋ᠠᠨ ᠰᠤᠷᠭ᠋ᠠᠬᠤ ᠠᠷᠭ᠎ᠠ ᠵᠢᠨ ᠺᠤᠨᠰᠫᠸᠺᠲ᠎ᠢ ᠪᠢᠴᠢᠭᠦ᠎ᠳᠤ ᠭᠡᠯᠪᠠᠷᠢ ᠶᠠᠨᠭ᠌ᠵᠤ᠎ᠳᠤ᠎ᠨᠢ ᠭᠡᠳᠤᠷᠭᠡᠢ ᠪᠠᠷᠢᠭᠳᠠᠵᠤ ᠪᠤᠯᠬᠤ ᠦᠭᠡᠢ᠂ ᠠᠯᠪᠠ᠎ᠪᠠᠷ ᠲᠤᠬᠤᠵᠤ ᠪᠢᠴᠢᠪᠠᠯ ᠵᠢᠭ᠋ᠠᠨ ᠰᠤᠷᠭ᠋ᠠᠯᠳᠠ ᠵᠢᠨ ᠦᠷ᠎ᠠ ᠠᠰᠢᠬ᠎ᠢ ᠨᠦᠯᠦᠭᠡᠯᠡᠭᠦ᠎ᠨᠢ ᠭᠠᠷᠴᠠᠭ᠎ᠠ ᠦᠭᠡᠢ ᠶᠤᠮ᠃ ᠮᠢᠨᠦ ᠦᠵᠡᠭᠦ᠎ᠪᠠᠷ ᠵᠢᠭ᠋ᠠᠨ ᠰᠤᠷᠭ᠋ᠠᠯᠳᠠ ᠵᠢᠨ ᠵᠠᠷᠢᠮ ᠭᠤᠭᠴᠤᠭ᠎ᠠ ᠭᠡᠯᠬᠢᠶᠠᠰᠤ ᠵᠢ᠎ᠨᠢ ᠦᠭᠡᠷᠡᠴᠢᠯᠠᠭᠦ ᠪᠤᠶᠤ ᠤᠷᠬᠢᠬᠤ᠂ ᠵᠢᠭ᠋ᠠᠬᠤ ᠠᠷᠭ᠎ᠠ ᠵᠢᠨ ᠲᠠᠰ ᠲᠠᠷᠠᠭ᠋ᠠᠯᠠᠯ᠎ᠢ᠎ᠨᠢ ᠰᠤᠯᠢᠬᠤ᠂ ᠠ᠋ᠰᠠᠭᠦᠯ᠎ᠠ ᠵᠢᠭ᠋ᠠᠬᠤ ᠠᠷᠭ᠎ᠠ᠎ᠳᠤ ᠲᠤᠷᠠᠳᠤᠭᠳᠠᠭᠰᠠᠨ ᠦᠭᠡᠢ ᠵᠦᠢ᠍ᠯᠠᠰ᠎ᠢ ᠨᠠᠮᠠᠵᠤ ᠨᠦᠭᠦᠵᠤ ᠪᠦᠷ ᠪᠤᠯᠤᠨ᠎ᠠ᠃ ᠠ᠋ᠨᠠ ᠮᠠᠳᠤ ᠵᠠᠰᠠᠯᠳᠠ ᠦᠭᠡᠷᠡᠴᠢᠯᠠᠯᠳᠠ ᠬᠢᠵᠤ ᠲᠦᠰᠦᠪᠯᠡᠭᠰᠡᠨ ᠺᠤᠨᠰᠫᠸᠺᠲ ᠵᠶ᠋ᠠᠷ ᠬᠢᠴᠢᠶᠡᠯᠯᠡᠭᠦ᠎ᠳᠤ ᠦᠷ᠎ᠠ ᠠᠰᠢᠬ᠎ᠨᠢ ᠮᠠᠰᠢ ᠰᠠᠢ᠍ᠢ᠍ᠨ ᠪᠠᠢ᠍ᠢ᠍ᠪᠠᠯ ᠲᠡᠭᠦᠨ᠎ᠢ ᠠ᠋ᠨᠡ ᠵᠢᠭ᠋ᠠᠬᠤ ᠠᠷᠭ᠎ᠠ ᠪᠤᠷᠤᠭᠤ ᠭᠡᠵᠦ ᠦᠵᠡᠵᠤ ᠪᠤᠯᠤᠨ᠎ᠠ ᠤᠤ᠂ ᠠ᠋ᠰᠡᠷᠭᠦ᠎ᠪᠠᠷ ᠠ᠋ᠨᠠ ᠵᠢᠭ᠋ᠠᠬᠤ ᠠᠷᠭ᠎ᠠ ᠵᠢ ᠴᠢᠮᠦᠭᠡᠨ᠎ᠳᠤ᠎ᠨᠢ ᠲᠤᠯᠳᠠᠯ᠎ᠠ ᠤᠢ᠍ᠢ᠍ᠯᠠᠭ᠋ᠠᠵᠤ ᠤᠷᠠᠨ ᠴᠢᠳᠠᠮᠠᠭ᠋ᠠᠢ ᠭᠡᠷᠡᠭᠯᠡᠵᠦ ᠴᠢᠳᠠᠵᠤ ᠪᠠᠢ᠍ᠢ᠍ᠭ᠎ᠠ᠎ᠳᠤ ᠲᠤᠭ᠋ᠠᠴᠢᠭᠳᠠᠬᠤ ᠶᠤᠮ᠃ ᠠ᠋ᠨᠡ ᠬᠢᠴᠢᠶᠠᠯ᠎ᠳᠤ ᠰᠤᠷᠤᠭᠴᠢ ᠵᠢ ᠯᠠᠪᠳᠠᠢ ᠵᠢᠭ᠋ᠠᠨ ᠰᠤᠷᠭ᠋ᠠᠬᠤ ᠠᠵᠢᠯᠯᠠᠭ᠎ᠠ᠎ᠳᠤ ᠢᠳᠡᠪᠬᠢᠳᠠᠢ ᠤᠷᠤᠯᠴᠠᠭᠤᠯᠵᠤ ᠭᠤᠤᠯ ᠴᠤᠭᠴᠠ ᠵᠢᠨ ᠦᠢ᠍ᠯᠠᠳᠤᠯ᠎ᠢ᠎ᠨᠢ ᠲᠠᠭᠦᠰ ᠪᠠᠳᠠᠷᠠᠭᠤᠯᠤᠭᠰᠠᠨ ᠵᠶ᠋ᠠᠷ ᠪᠠᠷᠠᠬᠤ ᠦᠭᠡᠢ ᠪᠠᠭᠰᠢ ᠵᠢᠨ ᠭᠤᠤᠯᠴᠢᠯᠠᠨ ᠵᠢᠯᠤᠭᠤᠳᠬᠤ ᠦᠢ᠍ᠯᠠᠳᠤᠯ ᠵᠶ᠋ᠠᠨ ᠭᠦᠢ᠍ᠴᠡᠳ ᠪᠠᠳᠠᠷᠠᠭᠤᠯᠵᠤ ᠲᠠᠢ᠍ᠢ᠍ᠯᠦᠭᠰᠡᠨ᠂ ᠤᠯᠠᠨᠭ᠌ᠬᠢ ᠰᠤᠷᠤᠭᠴᠢ ᠵᠢ ᠵᠢᠭ᠋ᠠᠨ ᠰᠤᠷᠭ᠋ᠠᠬᠤ ᠬᠠᠷᠠᠯᠳᠠ ᠵᠢᠨ ᠱᠠᠭ᠋ᠠᠷᠳᠠᠯᠭ᠎ᠠ᠎ᠳᠤ ᠭᠦᠷᠭᠡᠵᠦ ᠲᠠᠢ᠍ᠢ᠍ᠯᠦᠭᠰᠡᠨ᠎ᠨᠢ ᠯᠠᠪᠳᠠᠢ ᠭᠡᠵᠦ ᠠᠮᠠ ᠪᠠᠷᠳᠠᠮ ᠭᠡᠯᠡᠵᠦ ᠲᠠᠢ᠍ᠢ᠍ᠯᠤᠨ᠎ᠠ᠃ ᠲᠡᠭᠡᠪᠡᠯ ᠬᠢᠴᠢᠶᠡᠯ ᠵᠶ᠋ᠠᠨ ᠵᠢᠭ᠋ᠠᠵᠤ ᠪᠠᠷᠠᠮᠠᠭᠴᠠ ᠺᠤᠨᠰᠫᠸᠺᠲ᠎ᠤᠨ ᠦᠢ᠍ᠯᠠᠳᠤᠯ ᠲᠠᠭᠤᠰᠴᠢᠬᠠᠬᠤ ᠪᠢᠰᠢ᠂ ᠬᠢᠴᠢᠶᠡᠯ᠎ᠤᠨ ᠲᠠᠷᠠᠭ᠎ᠠ ᠪᠠᠰᠠ ᠵᠠᠰᠠᠨ ᠵᠠᠯᠠᠷᠠᠭᠤᠯᠵᠤ᠂ ᠨᠦᠭᠦᠪᠤᠷᠢᠯᠡᠵᠦ ᠪᠦᠷᠢᠨᠵᠢᠭᠦᠯᠭᠦ ᠴᠢᠬᠤᠯᠠ ᠪᠤᠢ᠃ ᠵᠢᠭ᠋ᠠᠬᠤ ᠶᠠᠪᠤᠴᠠ᠎ᠳᠤ ᠰᠠᠷᠡᠭᠳᠡᠭᠰᠡᠨ ᠵᠦᠢ᠍ᠯᠠᠰ᠂ ᠠᠯᠳᠠᠰᠢ ᠤᠯᠤᠰᠢ᠂ ᠬᠢᠯᠠᠰ ᠴᠡᠭ᠂ ᠬᠠᠯᠠᠵᠤ ᠰᠠᠢ᠍ᠢ᠍ᠵᠢᠷᠠᠭᠤᠯᠬᠤ ᠵᠦᠢ᠍ᠯ᠂ ᠠ᠋ᠮᠵᠡᠭ ᠪᠠᠭᠤᠷᠠᠢ ᠲᠠᠯ᠎ᠠ ᠁ ᠵᠡᠷᠭᠡ ᠤᠯᠠᠨ ᠲᠠᠯ᠎ᠠ᠎ᠪᠠᠷ ᠲᠠᠮᠳᠡᠭᠯᠡᠵᠦ ᠪᠤᠯᠤᠨ᠎ᠠ᠃ ᠠ᠋ᠭᠦᠨ᠎ᠠᠴᠠ ᠭᠠᠳᠠᠨ᠎ᠠ ᠵᠢᠭ᠋ᠠᠨ ᠰᠤᠷᠭ᠋ᠠᠯᠳᠠ ᠵᠢᠨ ᠠ᠋ᠷᠬᠢᠴᠠᠭᠦᠯᠦᠯ ᠲᠤᠨᠭ᠌ᠭ᠋ᠠᠯᠳᠠ ᠵᠢ ᠲᠠᠭ᠋ᠠᠯᠳᠤᠭᠤᠯᠪᠠᠯ ᠨᠠᠩ ᠰᠠᠢ᠍ᠢ᠍ᠨ᠃ ᠢᠨᠭ᠌ᠬᠢᠵᠤ ᠵᠠᠰᠠᠵᠤ ᠰᠢᠨᠡᠳᠭᠡᠭᠰᠡᠨ ᠺᠤᠨᠰᠫᠸᠺᠲ ᠲᠠᠷᠠᠭ᠋ᠠᠴᠢ ᠵᠢᠨ ᠠ᠋ᠭᠡᠯᠵᠢ ᠵᠢᠨ ᠺᠤᠨᠰᠫᠸᠺᠲ᠎ᠢ ᠪᠢᠴᠢᠭᠦ᠎ᠳᠤ ᠤᠯᠳᠠᠰᠢ ᠦᠭᠡᠢ ᠬᠤᠪᠤᠷ ᠨᠠᠨᠳᠢᠨ ᠪᠤᠷᠤ ᠮᠠᠲᠸᠷᠢᠶᠠᠯ ᠪᠤᠯᠬᠤ ᠶᠤᠮ᠃ ᠠᠯᠵᠠᠭᠤᠷᠠᠵᠤ ᠵᠠᠯᠬᠠᠭᠤᠷᠠᠬᠤ ᠦᠭᠡᠢ᠂ ᠨᠠᠷᠢᠨ ᠬᠢᠨᠠᠮᠠᠭ᠋ᠠᠢ᠂ ᠱᠠᠭ᠋ᠠᠷᠳᠠᠯᠭ᠎ᠠ ᠲᠦᠷᠢᠮᠵᠢᠯ ᠵᠶ᠋ᠠᠷ ᠬᠢᠴᠢᠶᠡᠯ ᠪᠤᠯᠭ᠋ᠠᠨ᠎ᠤ ᠺᠤᠨᠰᠫᠸᠺᠲ᠎ᠢ ᠦᠪᠠᠷ᠎ᠤᠨ ᠭᠡᠰᠡᠨ ᠭᠡᠪ ᠨᠠᠮᠪᠠ᠎ᠲᠠᠢ ᠲᠠᠪᠳᠠᠨ ᠪᠢᠴᠢᠵᠤ ᠯᠠ ᠪᠠᠢ᠍ᠢ᠍ᠪᠠᠯ ᠠᠶᠠᠨᠳᠠᠭ᠋ᠠᠨ ᠰᠤᠷᠬᠤ ᠪᠢᠴᠢᠭ᠎ᠲᠤ ᠲᠦᠢ᠍ᠯ᠎ᠤᠨ ᠲᠤᠳᠤᠷᠬᠠᠢ ᠪᠤᠯᠵᠤ ᠵᠢᠭ᠋ᠠᠨ ᠰᠤᠷᠭ᠋ᠠᠬᠤ᠎ᠳᠤ ᠮᠠᠷᠭᠡᠰᠢᠵᠤ ᠴᠠᠭ᠋ᠠᠷᠠᠨ᠎ᠠ᠃ ᠵᠢᠭ᠋ᠠᠬᠤ ᠠᠭᠤᠯᠭ᠎ᠠ ᠵᠢᠨ ᠭᠠᠷᠴᠠᠭ᠎ᠢ ᠬᠠᠷᠠᠮᠠᠭᠴᠠ ᠪᠠᠷᠢᠨ ᠵᠢᠭ᠋ᠠᠵᠤ ᠲᠠᠢ᠍ᠢ᠍ᠯᠳᠡᠭ ᠬᠢᠷᠢ ᠭᠡᠮ᠎ᠲᠠᠢ ᠪᠤᠯᠤᠨ᠎ᠠ᠃ ᠶᠠᠮᠠᠷᠪᠠ ᠵᠢᠭ᠋ᠠᠨ ᠰᠤᠷᠭ᠋ᠠᠬᠤ ᠠᠷᠭ᠎ᠠ ᠵᠢ ᠭᠡᠷᠡᠭᠯᠡᠵᠦ ᠪᠠᠢ᠍ᠢ᠍ᠭᠰᠠᠨ ᠴᠦ᠍ ᠲᠡᠭᠦᠨ᠎ᠲᠠᠢ᠎ᠪᠠᠨ ᠶᠠᠪ ᠴᠠᠪ ᠲᠤᠬᠢᠷᠠᠯᠴᠠᠭᠰᠠᠨ ᠵᠢᠭ᠋ᠠᠨ ᠰᠤᠷᠭ᠋ᠠᠬᠤ ᠲᠦᠰᠦᠪ᠎ᠢ ᠲᠦᠰᠦᠪᠯᠡᠵᠦ ᠲᠠᠢ᠍ᠢ᠍ᠯᠤᠨ᠎ᠠ᠃ ᠴᠢᠨᠠᠭᠰᠢᠯᠠᠨ ᠬᠠᠮᠤᠭ᠎ᠤᠨ ᠤᠬᠢ ᠵᠢᠭ᠋ᠠᠨ ᠰᠤᠷᠭ᠋ᠠᠬᠤ ᠲᠦᠰᠦᠪ᠎ᠢ ᠴᠦ᠍ ᠲᠦᠰᠦᠪᠯᠡᠵᠦ ᠮᠠᠳᠠᠭᠦ ᠶᠤᠮ᠃ ᠡ᠊ᠨᠳᠠ᠂ ᠴᠡᠭ᠎ᠠᠴᠠ ᠰᠢᠯᠤᠭᠤᠨ ᠭᠦᠷᠭᠦ ᠵᠠᠢ ᠵᠢᠨ ᠤᠬᠠᠭᠳᠠᠬᠤᠨ᠎ᠢ ᠵᠢᠭ᠋ᠠᠬᠤ᠎ᠳᠤ ᠲᠦᠰᠦᠪᠯᠡᠭᠰᠡᠨ ᠵᠢᠭ᠋ᠠᠨ ᠰᠤᠷᠭ᠋ᠠᠬᠤ ᠲᠦᠰᠦᠪ᠎ᠠᠴᠠ᠎ᠪᠠᠨ ᠲᠤᠪᠴᠢᠯᠠᠨ ᠰᠠᠢ᠍ᠢ᠍ᠷᠠᠭᠦᠯᠵᠦ ᠯᠠᠪᠯᠠᠯᠳᠠ ᠪᠤᠯᠭ᠋ᠠᠶ᠎ᠠ᠃
      ᠪᠠᠭᠰᠢ ᠶᠠᠷᠢᠵᠤ ᠰᠤᠷᠤᠭᠴᠢ ᠪᠦᠭᠦᠨ ᠭᠦᠢ᠍ᠴᠡᠳᠭᠡᠨ᠎ᠡ᠃
     — ᠲᠤᠷ᠎ᠠ᠎ᠪᠠᠷ ᠨᠢᠭᠡᠨ ᠰᠢᠯᠤᠭᠤᠨ l᠎ᠢ ᠪᠠᠢ᠍ᠢ᠍ᠭᠤᠯ᠃
     — ᠲᠤᠷ᠎ᠠ ᠵᠢᠨ ᠨᠢᠭᠡᠨ ᠴᠡᠭ P ᠵᠢ ᠠᠪ᠃
     — ᠴᠡᠭ P᠎ᠢ ᠲᠠᠭ᠋ᠠᠷᠢᠭᠤᠯᠵᠤ ᠰᠢᠯᠤᠭᠤᠨ l᠎ᠳᠤ ᠠ᠋ᠭ᠌ᠴᠡ ᠰᠢᠯᠤᠭᠤᠨ ᠪᠠᠢ᠍ᠢ᠍ᠭᠤᠯ᠂ ᠠ᠋ᠭ᠌ᠴᠡ ᠵᠢᠨ ᠰᠠᠭᠤᠷᠢ ᠵᠢ᠎ᠨᠢ Q ᠭᠡᠵᠦ ᠠᠪ᠃
     — ᠭᠡᠷᠴᠢᠮ PQ ᠵᠢ ᠴᠡᠭ P᠎ᠠᠴᠠ ᠰᠢᠯᠤᠭᠤᠨ l ᠭᠦᠷᠭᠦ ᠠ᠋ᠭ᠌ᠴᠡ ᠭᠡᠷᠴᠢᠮ᠂ ᠠ᠋ᠭ᠌ᠴᠡ ᠭᠡᠷᠴᠢᠮ PQ ᠵᠢᠨ ᠤᠷᠳᠤ ᠵᠢ ᠴᠡᠭ P᠎ᠠᠴᠠ ᠰᠢᠯᠤᠭᠤᠨ l ᠭᠦᠷᠭᠦ ᠵᠠᠢ ᠭᠡᠨ᠎ᠠ᠃
     — ᠴᠡᠭ P᠎ᠠᠴᠠ ᠰᠢᠯᠤᠭᠤᠨ l ᠭᠦᠷᠭᠦ ᠵᠠᠢ ᠵᠢ ᠤᠯ᠃
      ᠴᠢᠳᠠᠬᠤ ᠦᠭᠡᠢ ᠰᠤᠷᠤᠭᠴᠢ ᠪᠠᠢ᠍ᠢ᠍ᠪᠠᠯ 《ᠠ᠋ᠭ᠌ᠴᠡ ᠭᠡᠷᠴᠢᠮ PQ ᠵᠢᠨ ᠤᠷᠳᠤ ᠵᠢ ᠭᠡᠮᠵᠢ》 ᠭᠡᠭᠦ ᠮᠠᠳᠤ᠎ᠪᠠᠷ ᠰᠠᠨᠭ᠌ᠭᠡᠷᠡᠭᠦᠯᠦᠨ᠎ᠠ᠃ ᠰᠤᠷᠤᠭᠴᠢᠳ ᠭᠦᠢ᠍ᠴᠡᠳᠭᠡᠵᠦ ᠪᠠᠷᠠᠭᠰᠠᠨ᠎ᠤ ᠳᠠᠷᠠᠭ᠎ᠠ ᠲᠠᠳᠠᠨ᠎ᠳᠤ ᠬᠠᠷᠢᠯᠴᠠᠨ ᠰᠤᠯᠢᠯᠴᠠᠵᠤ ᠰᠤᠷᠤᠯᠴᠠᠬᠤ ᠲᠤᠬᠢᠶᠠᠯ ᠤᠯᠭᠤᠨ᠎ᠠ᠃ ᠲᠤᠬᠠᠢ᠍ᠢ᠍ᠯᠠᠪᠠᠯ᠂ ᠴᠡᠭ᠎ᠠᠴᠠ ᠰᠢᠯᠤᠭᠤᠨ ᠭᠦᠷᠭᠦ ᠵᠠᠢ ᠵᠢ ᠤᠯᠤᠭᠰᠠᠨ᠎ᠢ ᠵᠦᠪ ᠠ᠋ᠰᠠᠭᠦ᠎ᠪᠠᠨ ᠬᠠᠷᠢᠯᠴᠠᠨ ᠪᠠᠢ᠍ᠢ᠍ᠴᠠᠭ᠋ᠠᠨ᠎ᠠ᠂ ᠭᠡᠷᠪᠠ ᠪᠤᠷᠤᠭᠤᠳᠠᠭᠰᠠᠨ ᠪᠠᠢ᠍ᠢ᠍ᠪᠠᠯ ᠵᠠᠰᠠᠵᠤ ᠵᠠᠯᠠᠷᠠᠭᠤᠯᠵᠤ ᠦᠭᠭᠦ ᠵᠢᠨ ᠵᠡᠷᠭᠡᠳᠡ ᠲᠠᠢ᠍ᠢ᠍ᠯᠪᠤᠷᠢ ᠲᠤᠳᠤᠷᠬᠠᠢ᠍ᠢ᠍ᠯᠠᠯ ᠭᠢᠵᠤ ᠦᠭᠭᠦᠨ᠎ᠠ᠃ ᠶᠠᠷᠢᠶᠠᠨ ᠦᠭᠡᠢ ᠪᠠᠭᠰᠢ ᠪᠠᠰᠠ ᠰᠤᠷᠤᠭᠴᠢ ᠵᠢᠨ ᠠᠬᠢᠴᠠ᠎ᠲᠠᠢ ᠠᠯᠬᠤᠮ ᠨᠢᠭᠡ᠎ᠲᠠᠢ᠎ᠪᠠᠷ ᠬᠠᠮᠢᠶ᠎ᠠ ᠪᠦᠭᠦᠢ ᠵᠦᠢ᠍ᠯᠠᠰ᠎ᠢ ᠰᠠᠮᠪᠠᠷ᠎ᠠ ᠲᠡᠭᠡᠷ᠎ᠠ ᠭᠦᠢ᠍ᠴᠡᠳᠭᠡᠵᠦ ᠪᠤᠯᠬᠤ ᠶᠤᠮ᠃ ᠢᠨᠭ᠌ᠬᠢᠵᠤ ᠲᠦᠰᠦᠪᠯᠡᠭᠰᠡᠨ ᠵᠢᠭ᠋ᠠᠨ ᠰᠤᠷᠭ᠋ᠠᠯᠳᠠ ᠵᠢᠨ ᠲᠦᠰᠦᠪ ᠬᠠᠮᠤᠭ᠎ᠤᠨ ᠤᠬᠢ ᠰᠢᠯᠢᠳᠡᠭ ᠵᠢᠭ᠋ᠠᠨ ᠰᠤᠷᠭ᠋ᠠᠬᠤ ᠲᠦᠰᠦᠪ ᠪᠤᠯᠬᠤ ᠦᠭᠡᠢ ᠭᠡᠵᠦ ᠤᠤ? ᠠ᠋ᠨᠠ ᠵᠢᠭ᠋ᠠᠨ ᠰᠤᠷᠭ᠋ᠠᠯᠳᠠ ᠵᠢᠨ ᠲᠦᠰᠦᠪ᠎ᠲᠤ ᠰᠤᠷᠤᠭᠴᠢ᠎ᠪᠠᠷ ᠭᠤᠤᠯ ᠴᠤᠭᠴᠠ ᠪᠤᠯᠭ᠋ᠠᠵᠤ ᠦᠭᠡᠢ ᠭᠡᠵᠦ ᠤᠤ? ᠰᠤᠷᠤᠭᠴᠢ ᠵᠢᠨ ᠤᠷᠤᠯᠳᠤᠯᠭ᠎ᠠ ᠬᠢᠭᠡᠳ ᠪᠠᠭᠰᠢ ᠵᠢᠨ ᠵᠢᠯᠤᠭᠤᠳᠤᠮᠵᠢ ᠵᠢ ᠤᠷᠭ᠋ᠠᠨᠢᠬ ᠵᠶ᠋ᠠᠷ ᠠᠪᠴᠠᠯᠳᠤᠭᠤᠯᠵᠤ ᠦᠭᠡᠢ ᠭᠡᠵᠦ ᠤᠤ? ᠪᠠᠭᠰᠢ ᠵᠢᠨ ᠵᠤᠬᠢᠶᠠᠨ ᠪᠠᠢ᠍ᠢ᠍ᠭᠤᠯᠤᠯᠳᠠ ᠲᠤᠤᠷ᠎ᠠ ᠰᠤᠷᠤᠭᠴᠢᠳ ᠦᠪᠠᠷ᠎ᠤᠨ ᠤᠷᠤᠯᠳᠤᠯᠭ᠎ᠠ᠎ᠳᠤ᠎ᠪᠠᠨ ᠲᠦᠰᠢᠭᠯᠡᠵᠦ ᠴᠡᠭ᠎ᠠᠴᠠ ᠰᠢᠯᠤᠭᠤᠨ ᠭᠦᠷᠭᠦ ᠵᠠᠢ ᠵᠢᠨ ᠤᠬᠠᠭᠳᠠᠬᠤᠨ᠎ᠢ ᠮᠠᠰᠢ ᠠᠮᠠᠷᠬᠠᠨ ᠡᠵᠡᠮᠰᠢᠵᠤ ᠲᠠᠢ᠍ᠢ᠍ᠯᠤᠨ᠎ᠠ᠃ ᠴᠡᠭ᠎ᠠᠴᠠ ᠰᠢᠯᠤᠭᠤᠨ ᠭᠦᠷᠭᠦ ᠵᠠᠢ᠎ᠲᠠᠢ ᠬᠠᠮᠢᠶ᠎ᠠ ᠪᠦᠭᠦᠢ ᠠᠰᠠᠭᠤᠳᠠᠯ᠎ᠢ ᠰᠢᠢ᠍ᠳᠪᠤᠷᠢᠯᠡᠭᠦ᠎ᠳᠤ ᠭᠦᠴᠢᠷᠳᠠᠭᠦ ᠦᠭᠡᠢ ᠪᠤᠯᠬᠤ ᠶᠤᠮ᠃ ᠶᠠᠷᠢᠶᠠᠨ ᠦᠭᠡᠢ ᠵᠢᠭ᠋ᠠᠨ ᠰᠤᠷᠭ᠋ᠠᠯᠳᠠ ᠵᠢᠨ ᠶᠠᠪᠤᠴᠠ᠎ᠳᠤ ᠴᠡᠭ᠎ᠢ ᠰᠢᠯᠤᠭᠤᠨ ᠲᠡᠭᠡᠷ᠎ᠠ ᠠᠪᠬᠤ ᠰᠤᠷᠤᠭᠴᠢ ᠪᠠᠢ᠍ᠢ᠍ᠵᠤ ᠮᠠᠳᠠᠨ᠎ᠠ᠃ ᠢᠢ᠍ᠮᠦ ᠪᠠᠢ᠍ᠢ᠍ᠳᠠᠯ ᠢᠯᠠᠷᠠᠪᠠᠯ ᠮᠠᠰᠢ ᠰᠠᠢ᠍ᠢ᠍ᠨ᠃ ᠲᠠᠷᠠ ᠪᠤᠯ ᠴᠡᠭ᠎ᠨᠢ ᠰᠢᠯᠤᠭᠤᠨ ᠲᠡᠭᠡᠷ᠎ᠠ ᠤᠷᠤᠰᠢᠬᠤ ᠦᠶᠠᠰ ᠴᠡᠭ᠎ᠠᠴᠠ ᠰᠢᠯᠤᠭᠤᠨ ᠭᠦᠷᠭᠦ ᠵᠠᠢ᠎ᠨᠢ 0 ᠪᠤᠯᠬᠤ ᠵᠢ ᠵᠢᠭ᠋ᠠᠬᠤ ᠬᠠᠮᠤᠭ᠎ᠤᠨ ᠤᠬᠢ ᠰᠠᠢ᠍ᠢ᠍ᠨ ᠵᠢᠭ᠋ᠠᠨ ᠰᠤᠷᠭ᠋ᠠᠯᠳᠠ ᠵᠢᠨ ᠤᠷᠴᠢᠨ ᠮᠦᠨ᠃ ᠵᠢᠭ᠋ᠠᠨ ᠰᠤᠷᠭ᠋ᠠᠯᠳᠠ ᠵᠢᠨ ᠶᠠᠪᠤᠴᠠ᠎ᠳᠤ᠂ ᠠ᠋ᠢ᠍ᠢ᠍ᠮᠦᠷᠭᠦᠦ ᠠᠬᠤᠢ ᠤᠷᠴᠢᠨ ᠢᠯᠠᠷᠡᠭᠦ ᠦᠭᠡᠢ ᠴᠦ᠍ ᠭᠡᠰᠡᠨ ᠪᠠᠭᠰᠢ ᠲᠡᠭᠦᠨ᠎ᠢ ᠪᠤᠢ ᠪᠤᠯᠭ᠋ᠠᠬᠤ᠎ᠳᠤ᠎ᠪᠠᠨ ᠲᠠᠭ᠋ᠠᠷᠠᠨ᠎ᠠ᠃
      ᠵᠢᠭ᠋ᠠᠨ ᠰᠤᠷᠭ᠋ᠠᠯᠳᠠ ᠵᠢ ᠲᠦᠰᠦᠪᠯᠡᠭᠦ᠎ᠳᠤ ᠵᠦᠪᠭᠡᠨ ᠰᠤᠷᠬᠤ ᠪᠢᠴᠢᠭ᠂ ᠯᠠᠪᠯᠠᠬᠤ ᠪᠢᠴᠢᠭ ᠪᠠ ᠠᠷᠭ᠎ᠠ ᠲᠤᠷᠰᠢᠯᠭ᠎ᠠ᠎ᠳᠤ᠎ᠪᠠᠨ ᠲᠦᠰᠢᠭᠯᠡᠭᠡᠳ ᠪᠠᠢ᠍ᠢ᠍ᠵᠤ ᠪᠤᠯᠬᠤ ᠦᠭᠡᠢ᠂ ᠠ᠋ᠷᠭᠡᠪᠰᠢ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠲᠤᠬᠠᠢ ᠴᠠᠬ ᠢᠮᠠᠭᠳᠠ ᠰᠤᠷᠤᠯᠴᠠᠵᠤ᠂ ᠰᠤᠷᠭ᠋ᠠᠨ ᠭᠦᠮᠦᠵᠢᠭᠦᠯᠭᠦ ᠤᠢ᠍ᠢ᠍ᠯᠠᠭ᠋ᠠᠭᠳᠠᠬᠤᠨ ᠵᠶ᠋ᠠᠨ ᠰᠢᠨᠡᠳᠭᠡᠨ᠂ ᠵᠢᠭ᠋ᠠᠨ ᠰᠤᠷᠭ᠋ᠠᠬᠤ ᠤᠤᠷ ᠮᠠᠷᠭᠡᠵᠢᠯ ᠵᠶ᠋ᠠᠨ ᠲᠠᠰᠤᠷᠠᠯᠳᠠ ᠦᠭᠡᠢ ᠲᠡᠭᠡᠭᠰᠢᠯᠠᠭᠦᠯᠭᠦ ᠭᠡᠷᠡᠭᠳᠠᠢ᠃ ᠠ᠋ᠰᠠ ᠲᠠᠢ᠍ᠢ᠍ᠮᠦ ᠪᠤᠯ ᠺᠤᠨᠰᠫᠸᠺᠲ ᠴᠢᠨᠢ ᠴᠢᠨᠠᠷᠯᠢᠬ᠍ᠵᠢᠵᠤ ᠲᠠᠢ᠍ᠢ᠍ᠯᠭᠦ ᠦᠭᠡᠢ᠂ ᠨᠡᠩ ᠴᠠᠭ ᠠ᠋ᠷᠢᠨ᠎ᠤ ᠱᠠᠭ᠋ᠠᠷᠳᠠᠯᠭ᠎ᠠ᠎ᠳᠤ ᠨᠠᠢ᠍ᠢ᠍ᠴᠡᠭᠰᠡᠨ ᠰᠤᠷᠤᠭᠴᠢ ᠵᠢ ᠭᠦᠮᠦᠵᠢᠭᠦᠯᠵᠦ ᠲᠠᠢ᠍ᠢ᠍ᠯᠭᠦ᠎ᠳᠤ ᠪᠡᠷᠭᠡ᠃ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠲᠤᠬᠠᠢ ᠨᠤᠮ ᠵᠤᠬᠢᠶᠠᠯ᠎ᠢ ᠦᠷᠭᠡᠨ ᠲᠠᠯᠭᠡᠷ ᠤᠨᠭ᠌ᠰᠢᠵᠤ᠂ ᠰᠤᠳᠤᠯᠵᠤ ᠰᠢᠨᠵᠢᠯᠠᠭᠦ ᠪᠤᠶᠤ ᠪᠢᠴᠢᠵᠤ ᠤᠷᠤᠯᠳᠤᠳᠠᠬ ᠯᠠ ᠶᠤᠮ ᠪᠤᠯ ᠠᠶᠠᠨᠳᠠᠭ᠋ᠠᠨ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠦᠭᠦᠯᠠᠯ ᠵᠤᠬᠢᠶᠠᠯ ᠪᠢᠴᠢᠭᠦ᠎ᠳᠤ ᠭᠦᠴᠢᠷᠳᠠᠭᠦ ᠦᠭᠡᠢ ᠪᠤᠯᠤᠨ᠎ᠠ᠂ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠤᠷᠤᠯᠳᠤᠯᠭ᠎ᠠ ᠰᠤᠳᠤᠯᠭ᠎ᠠ ᠵᠢ ᠬᠢᠵᠤ ᠴᠢᠳᠠᠬᠤ ᠪᠤᠯᠤᠨ᠎ᠠ᠂ ᠴᠢᠨᠠᠭᠰᠢᠯᠠᠨ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠰᠠᠳᠤᠪᠳᠤ ᠰᠤᠳᠤᠯᠭ᠋ᠠᠨ᠎ᠢ ᠴᠦ᠍ ᠠ᠋ᠭᠦᠷᠭᠡᠯᠡᠨ ᠭᠦᠢ᠍ᠴᠡᠳᠭᠡᠵᠦ ᠲᠠᠢ᠍ᠢ᠍ᠯᠭᠦ ᠬᠢᠷᠢ ᠭᠡᠮ᠎ᠲᠠᠢ ᠪᠤᠯᠬᠤ ᠶᠤᠮ᠃ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠲᠤᠬᠠᠢ ᠠᠷᠰᠠᠷ ᠶᠠᠪᠤᠳᠠᠯ᠂ ᠶᠠᠯᠢᠮ ᠦᠭᠡᠢ ᠦᠴᠦᠭᠡᠨ ᠶᠠᠪᠤᠳᠠᠯ᠎ᠢ ᠭᠦᠷᠳᠠᠯ᠎ᠠ ᠠ᠋ᠳᠦᠷ ᠲᠤᠵᠢ ᠬᠠᠯᠠᠰᠢᠷᠠᠯ ᠦᠭᠡᠢ ᠨᠠᠷᠢᠨ ᠬᠢᠨᠠᠮᠠᠭ᠋ᠠᠢ ᠪᠠᠶᠠᠯᠠᠭᠦᠯᠵᠦ ᠯᠠ ᠪᠠᠢ᠍ᠢ᠍ᠪᠠᠯ ᠰᠤᠷᠭ᠋ᠠᠵᠤ ᠭᠦᠮᠦᠵᠢᠭᠦᠯᠭᠦ ᠪᠠ ᠵᠢᠭ᠋ᠠᠵᠤ ᠰᠤᠷᠭ᠋ᠠᠬᠤ ᠨᠠᠩ ᠦᠨᠳᠤᠷ ᠲᠦᠪᠰᠢᠨ᠎ᠳᠤ ᠭᠦᠷᠴᠤ ᠲᠠᠢ᠍ᠢ᠍ᠯᠤᠨ᠎ᠠ᠃ ᠵᠦᠪᠭᠡᠨ ᠬᠢᠴᠢᠶᠠᠯ ᠵᠢᠭ᠋ᠠᠬᠤ᠎ᠳᠤ᠎ᠪᠠᠨ ᠮᠠᠷᠭᠡᠰᠢᠵᠤ ᠴᠠᠭ᠋ᠠᠷᠠᠬᠤ ᠲᠠᠳᠤᠢ ᠪᠢᠰᠢ᠂ ᠵᠢᠭ᠋ᠠᠨ ᠰᠤᠷᠭ᠋ᠠᠯᠳᠠ ᠵᠢᠨ ᠤᠷᠤᠯᠳᠤᠯᠭ᠎ᠠ ᠰᠤᠳᠤᠯᠭ᠎ᠠ ᠬᠢᠭᠦ᠂ ᠰᠤᠷᠤᠭᠴᠢ ᠵᠢ ᠭᠦᠮᠦᠵᠢᠭᠦᠯᠵᠦ ᠰᠤᠷᠭ᠋ᠠᠬᠤ᠂ ᠵᠠᠯᠠᠭᠤ ᠪᠠᠭᠰᠢ ᠵᠢ ᠪᠤᠯᠪᠠᠰᠤᠷᠠᠭᠤᠯᠵᠤ ᠭᠦᠮᠦᠵᠢᠭᠦᠯᠭᠦ᠂ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠶᠠᠷᠢᠶ᠎ᠠ ᠲᠠᠢ᠍ᠢ᠍ᠯᠤᠮᠵᠢ ᠬᠢᠭᠦ᠂ ᠦᠭᠦᠯᠡᠯ ᠵᠤᠬᠢᠶᠠᠯ ᠪᠢᠴᠢᠭᠦ ᠁ ᠵᠡᠷᠭᠡ ᠪᠢᠰᠢᠭᠦᠢ ᠤᠯᠠᠨ ᠲᠠᠯ᠎ᠠ᠎ᠪᠠᠷ ᠪᠦᠷ ᠦᠪᠠᠷ᠎ᠤᠨ ᠭᠡᠰᠡᠨ ᠭᠡᠪ ᠨᠠᠮᠪᠠ᠎ᠲᠠᠢ ᠪᠤᠯᠬᠤ ᠶᠤᠮ᠃ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠠ᠋ᠷᠳᠠᠮᠳᠠᠨ ᠮᠠᠷᠭᠡᠵᠢᠯᠳᠠᠨ ᠪᠤᠯᠵᠤ ᠮᠠᠳᠠᠨ᠎ᠠ᠂ ᠴᠢᠨᠠᠭᠰᠢᠯᠠᠨ ᠰᠤᠷᠭ᠋ᠠᠨ ᠭᠦᠮᠦᠵᠢᠯᠳᠠᠨ ᠪᠤᠯᠵᠤ ᠴᠦ᠍ ᠮᠠᠳᠠᠨ᠎ᠠ᠃ ᠠ᠋ᠢ᠍ᠢ᠍ᠮᠦ ᠬᠢᠷᠢ ᠲᠦᠪᠰᠢᠨ᠎ᠳᠤ ᠭᠦᠷᠴᠢᠭᠡᠪᠡᠯ ᠦᠭᠦᠯᠠᠯ ᠵᠤᠬᠢᠶᠠᠯ ᠪᠢᠴᠢᠭᠡᠳ ᠨᠠᠢ᠍ᠢ᠍ᠳᠠᠯᠠᠵᠤ ᠲᠠᠢ᠍ᠢ᠍ᠯᠭᠦ ᠦᠭᠡᠢ ᠭᠡᠵᠦ ᠵᠤᠪᠠᠬᠤ ᠤᠴᠢᠷ ᠪᠠᠢ᠍ᠢ᠍ᠨ᠎ᠠ ᠤᠤ? ᠴᠢ ᠭᠦᠮᠦᠨ᠎ᠢ ᠠ᠋ᠷᠢᠭᠦ ᠦᠭᠡᠢ᠎ᠳᠤ ᠭᠦᠮᠦᠨ ᠴᠢᠮ᠎ᠠ ᠵᠢ ᠠ᠋ᠷᠢᠭᠡᠳ ᠢᠷᠡᠴᠢᠭᠡᠨ᠎ᠡ᠃ ᠲᠠᠷᠠ ᠦᠶᠠᠰ ᠴᠢ ᠦᠪᠠᠷ᠎ᠤᠨ ᠭᠡᠰᠡᠨ ᠭᠡᠪ ᠨᠠᠮᠪᠠ᠎ᠲᠠᠢ ᠭᠡᠷᠡᠭᠯᠡᠭᠡᠨ᠎ᠤ ᠦᠷᠳᠡᠭ ᠪᠤᠶᠤ ᠤᠨᠤᠯ᠎ᠤᠨ ᠦᠷᠳᠡᠭ᠎ᠲᠠᠢ ᠦᠨᠳᠤᠷ ᠲᠦᠪᠰᠢᠨ ᠪᠦᠭᠦᠢ ᠦᠭᠦᠯᠡᠯ ᠨᠠᠢ᠍ᠢ᠍ᠳᠠᠯᠠᠵᠤ ᠲᠠᠢ᠍ᠢ᠍ᠯᠭᠦ᠎ᠨᠢ ᠭᠠᠷᠴᠠᠭ᠎ᠠ ᠦᠭᠡᠢ ᠶᠤᠮ᠃ ᠴᠢᠮ᠎ᠠ᠎ᠪᠠᠷ ᠠ᠋ᠨᠠ ᠲᠠᠷᠠ ᠶᠠᠷᠢᠶ᠎ᠠ ᠲᠠᠢ᠍ᠢ᠍ᠯᠤᠮᠵᠢ ᠬᠢᠯᠭᠡᠶ᠎ᠠ ᠭᠡᠰᠡᠨ ᠤᠷᠢᠯᠭ᠎ᠠ ᠵᠠᠯᠠᠯᠭ᠎ᠠ ᠲᠠᠰᠤᠷᠠᠬᠤ ᠦᠭᠡᠢ ᠭᠡᠵᠦ ᠮᠠᠳᠠ!
      ᠵᠢᠭ᠋ᠠᠨ ᠰᠤᠷᠭ᠋ᠠᠯᠳᠠ ᠵᠢᠨ ᠨᠢᠭᠡᠳᠤᠭᠡᠷ ᠹᠷᠤᠨᠲ ᠲᠡᠭᠡᠷ᠎ᠡ ᠭᠠᠪᠰᠢᠭ᠋ᠠᠢ᠍ᠢ᠍ᠯᠠᠵᠤ ᠪᠠᠢ᠍ᠢ᠍ᠭ᠎ᠠ ᠪᠠᠭᠰᠢ ᠨᠠᠷ᠎ᠲᠤ ᠠᠪᠴᠤ ᠭᠡᠯᠡᠪᠠᠯ ᠡᠯ᠎ᠠ ᠱᠠᠳᠤᠨ᠎ᠤ ᠬᠢᠴᠢᠶᠡᠯᠯᠡᠭᠡ ᠵᠢᠨ ᠰᠢᠯᠭ᠋ᠠᠷᠠᠭᠤᠯᠤᠯᠳᠠ᠎ᠳᠤ ᠤᠷᠤᠯᠴᠠᠬᠤ ᠪᠤᠯ ᠮᠠᠰᠢ ᠴᠢᠬᠤᠯᠠ ᠶᠠᠪᠤᠳᠠᠯ ᠮᠦᠨ᠂ ᠲᠡᠭᠦᠨ᠎ᠢ ᠭᠦᠨᠳᠤᠳᠭᠡᠭᠦ᠎ᠳᠤ᠎ᠪᠠᠨ ᠲᠠᠭ᠋ᠠᠷᠠᠨ᠎ᠠ᠃ ᠦᠨᠳᠤᠰᠤᠨ ᠪᠤᠯᠪᠠᠰᠤᠷᠠᠯ᠎ᠤᠨ ᠬᠢᠴᠢᠶᠡᠯᠯᠡᠭᠡ ᠵᠢᠨ ᠮᠦᠷᠦᠢ᠍ᠢ᠍ᠴᠡᠭᠡᠨ᠂ ᠵᠢᠭ᠋ᠠᠨ ᠰᠤᠷᠭ᠋ᠠᠬᠤ ᠴᠢᠳᠠᠪᠤᠷᠢᠳᠠᠨ᠎ᠤ ᠰᠢᠯᠭ᠋ᠠᠷᠠᠭᠤᠯᠤᠯᠳᠠ᠂ ᠬᠢᠴᠢᠶᠡᠯ ᠲᠦᠷᠦᠯ᠎ᠤᠨ ᠲᠠᠭ᠋ᠠᠭᠤᠯᠤᠭᠴᠢ ᠵᠢᠨ ᠰᠢᠯᠭ᠋ᠠᠷᠠᠭᠤᠯᠤᠯᠳᠠ ᠵᠡᠷᠭᠡ ᠵᠢ ᠵᠠᠰᠠᠭ᠎ᠤᠨ ᠲᠠᠯ᠎ᠠ᠎ᠠᠴᠠ ᠠ᠋ᠷᠬᠢᠯᠡᠨ ᠶᠠᠪᠤᠭᠳᠠᠭᠤᠯᠵᠤ ᠪᠠᠢ᠍ᠢ᠍ᠭ᠎ᠠ ᠤᠴᠢᠷ᠎ᠠᠴᠠ ᠲᠡᠭᠦᠨ᠎ᠤ ᠬᠤᠪᠢ ᠵᠢᠨ ᠵᠢᠩ ᠨᠠᠯᠢᠶᠠᠳ ᠭᠦᠨᠳᠤ ᠶᠤᠮ᠃ ᠠ᠋ᠳᠡᠭᠡᠷ ᠤᠷᠤᠯᠳᠤᠭ᠋ᠠᠨ ᠮᠦᠷᠦᠢ᠍ᠢ᠍ᠴᠡᠭᠡᠨ᠎ᠳᠤ ᠤᠷᠤᠯᠴᠠᠳᠠᠬ ᠯᠠ ᠶᠤᠮ ᠪᠤᠯ ᠵᠤᠬᠢᠬᠤ ᠤᠯᠤᠯᠳᠠ᠎ᠲᠠᠢ᠎ᠨᠢ ᠭᠠᠷᠴᠠᠭ᠎ᠠ ᠦᠭᠡᠢ᠃ ᠱᠠᠨᠭ᠌ᠨᠠᠯ ᠭᠦᠷᠳᠠᠭᠦ ᠦᠭᠡᠢ ᠴᠤ᠌ ᠭᠡᠰᠡᠨ ᠨᠢᠭᠡ ᠤᠳᠠᠭ᠋ᠠᠨ᠎ᠤ ᠲᠠᠪᠳᠠᠨ ᠪᠤᠯᠪᠠᠰᠤᠷᠠᠬᠤ ᠠᠵᠠ ᠲᠤᠬᠢᠶᠠᠯ ᠪᠠ ᠴᠠᠭ᠋ᠠᠷᠠᠵᠤ ᠮᠠᠷᠭᠡᠰᠢᠭᠦ ᠲᠠᠪᠴᠠᠩ ᠤᠯᠬᠤ ᠶᠤᠮ᠃ ᠠ᠋ᠭᠦᠨ᠎ᠢ ᠰᠢᠵᠢᠷ ᠠᠯᠳᠠ᠎ᠪᠠᠷ ᠰᠤᠯᠢᠵᠤ ᠲᠠᠢ᠍ᠢ᠍ᠯᠭᠦ ᠭᠡᠵᠦ ᠤᠤ? ᠨᠡᠩ ᠱᠠᠨᠭ᠌ᠨᠠᠯ ᠭᠦᠬᠢᠭᠦᠯᠤᠯ ᠵᠶ᠋ᠠᠷ ᠠ᠋ᠨᠭ᠌ᠭᠡᠷ ᠵᠶ᠋ᠠᠨ ᠮᠢᠯᠢᠶᠠᠯᠭ᠋ᠠᠴᠢᠬᠠᠪᠠᠯ ᠲᠡᠭᠦᠨ᠎ᠢ ᠲᠠᠪᠠᠬᠤ ᠤᠯᠵᠠ ᠠᠰᠢᠬ ᠪᠠᠢ᠍ᠢ᠍ᠬᠤ ᠭᠡᠵᠦ ᠤᠤ? ᠮᠠᠨ᠎ᠤ ᠪᠠᠭᠰᠢ ᠨᠠᠷ᠎ᠤᠨ ᠲᠤᠳᠤᠷ᠎ᠠ ᠬᠢᠴᠢᠶᠡᠯᠯᠡᠭᠡ ᠵᠢᠨ ᠤᠷᠤᠯᠳᠤᠭ᠋ᠠᠨ ᠮᠦᠷᠦᠢ᠍ᠢ᠍ᠴᠡᠭᠡᠨ᠎ᠳᠤ ᠤᠷᠤᠯᠴᠠᠬᠤ᠎ᠠᠴᠠ ᠲᠠᠳᠠᠭ᠋ᠠᠯᠵᠠᠬᠤ ᠪᠤᠶᠤ ᠤᠬᠤᠷᠢᠵᠤ ᠰᠠᠭᠤᠬᠤ ᠪᠠᠭᠰᠢ ᠨᠠᠯᠢᠶᠠᠳ ᠪᠤᠢ᠃ ᠴᠢᠨᠠᠭᠰᠢᠯᠠᠨ 《ᠨᠠᠳᠠ ᠵᠢ ᠤᠷᠤᠯᠴᠠᠭᠤᠯᠬᠤ ᠦᠭᠡᠢ᠂ ᠢᠨᠭᠬᠢᠭᠦ᠎ᠪᠠᠷ ᠵᠶ᠋ᠠᠨ ᠪᠢ ᠨᠠᠷ᠎ᠠ᠎ᠪᠠᠨ ᠮᠠᠳᠠᠭᠦᠯᠭᠦ ᠦᠭᠡᠢ᠃ ᠨᠠᠳᠠ᠎ᠳᠤ ᠱᠠᠨᠭ᠌ᠨᠠᠯ ᠦᠭᠭᠦ ᠦᠭᠡᠢ᠂ ᠢᠨᠭᠬᠢᠭᠦ᠎ᠪᠠᠷ ᠵᠶ᠋ᠠᠨ ᠪᠢ ᠤᠷᠤᠯᠴᠠᠬᠤ ᠦᠭᠡᠢ》 ᠭᠡᠭᠦ ᠮᠠᠳᠤ᠎ᠪᠠᠷ ᠭᠠᠰᠢᠭᠤᠨ ᠦᠭᠡ ᠭᠡᠯᠡᠭᠦ ᠴᠦ᠍ ᠪᠤᠢ᠃ ᠴᠢᠮ᠎ᠠ ᠵᠢ ᠤᠷᠤᠯᠴᠠᠭᠤᠯᠬᠤ ᠦᠭᠡᠢ ᠪᠤᠶᠤ ᠴᠢᠮ᠎ᠠ᠎ᠳᠤ ᠱᠠᠨᠭ᠌ᠨᠠᠯ ᠦᠭᠭᠦ ᠦᠭᠡᠢ ᠵᠢ ᠴᠢ ᠶᠠᠭ᠋ᠠᠬᠢᠵᠤ ᠤᠷᠢᠳᠴᠢᠯᠠᠨ ᠮᠠᠳᠡᠭᠰᠡᠨ ᠪᠤᠢ? ᠨᠦᠭᠦᠴᠡᠯ ᠴᠢᠨᠢ ᠭᠦᠷᠭᠦ ᠦᠭᠡᠢ ᠤᠤ? ᠠ᠋ᠰᠠᠭᠦᠯ᠎ᠠ ᠪᠠᠶ᠎ᠠ᠎ᠳᠤ᠎ᠪᠠᠨ ᠢᠳᠡᠭᠡᠯ ᠦᠭᠡᠢ ᠤᠤ? ᠭᠡᠷᠡᠭ ᠲᠠᠭᠡᠷ᠎ᠠ᠎ᠪᠠᠨ ᠬᠢᠴᠢᠶᠡᠯᠯᠡᠭᠡ ᠵᠢᠨ ᠤᠷᠤᠯᠳᠤᠭ᠋ᠠᠨ ᠮᠦᠷᠤᠢ᠍ᠢ᠍ᠴᠡᠭᠡᠨ᠎ᠳᠤ ᠤᠷᠤᠯᠴᠠᠬᠤ᠎ᠪᠠᠷ ᠠ᠋ᠷᠡᠮᠡᠯᠵᠡᠭᠦ ᠠ᠋ᠰᠠᠭᠦ ᠪᠤᠯ ᠴᠢᠨᠦ ᠠᠰᠠᠭᠤᠳᠠᠯ᠂ ᠤᠷᠤᠯᠴᠠᠭᠤᠯᠬᠤ ᠠ᠋ᠰᠠᠭᠦ ᠪᠤᠯ ᠪᠤᠰᠤᠳ᠎ᠤᠨ ᠠᠰᠠᠭᠤᠳᠠᠯ᠃ ᠴᠢᠷᠮᠠᠢ᠍ᠢ᠍ᠨ ᠮᠦᠷᠤᠢ᠍ᠢ᠍ᠴᠠᠭᠦ ᠪᠤᠯ ᠴᠢᠨᠦ ᠠᠰᠠᠭᠤᠳᠠᠯ᠂ ᠱᠠᠨᠭ᠌ᠨᠠᠯ ᠭᠦᠷᠳᠠᠭᠦ ᠠ᠋ᠰᠠᠭᠦ ᠪᠤᠯ ᠴᠢᠨᠦ ᠰᠠᠨᠠᠭ᠋ᠠᠰᠢᠷᠠᠬᠤ ᠠᠰᠠᠭᠤᠳᠠᠯ ᠤᠭᠳᠤ ᠪᠢᠰᠢ᠃ ᠲᠠᠢ᠍ᠢ᠍ᠮᠦ ᠦᠭᠡᠢ ᠤᠤ? ᠨᠦᠭᠦᠴᠡᠯ ᠱᠠᠭ᠋ᠠᠷᠳᠠᠯᠭ᠎ᠠ ᠪᠦᠷᠢᠯᠳᠦᠭᠰᠡᠨ ᠪᠠᠢ᠍ᠢ᠍ᠳᠠᠯ᠎ᠠ ᠤᠷᠤᠯᠴᠠᠬᠤ᠎ᠪᠠᠨ ᠪᠤᠯᠢᠪᠠᠯ ᠨᠢᠭᠡ ᠤᠳᠠᠭ᠋ᠠᠨ᠎ᠤ ᠪᠤᠯᠪᠠᠰᠤᠷᠠᠵᠤ ᠴᠠᠭ᠋ᠠᠷᠠᠬᠤ ᠠᠵᠠ ᠲᠤᠬᠢᠶᠠᠯ ᠵᠶ᠋ᠠᠨ ᠦᠪᠠᠷ ᠵᠶ᠋ᠠᠨ ᠲᠠᠶᠠᠭᠳᠠᠭᠰᠠᠨ ᠤᠴᠢᠷ ᠮᠦᠨ᠃ ᠬᠤᠢ᠍ᠢ᠍ᠰᠢᠳᠠ ᠬᠠᠷᠠᠮᠰᠠᠵᠤ ᠮᠠᠳᠠᠨ᠎ᠠ᠂ ᠠᠵᠠ ᠲᠤᠬᠢᠶᠠᠯ ᠲᠠᠨᠭ᠌ᠳᠠ ᠲᠤᠬᠢᠶᠠᠯᠳᠤᠭ᠋ᠠᠳ ᠪᠠᠢ᠍ᠢ᠍ᠳᠠᠭ ᠪᠢᠰᠢ ᠰᠢᠤ ᠳ᠋ᠠ!
      ᠱᠠᠨᠭ᠌ᠨᠠᠯ ᠭᠡᠭᠴᠢ ᠲᠤᠭ᠎ᠠ ᠨᠤᠷᠮ᠎ᠠ᠎ᠲᠠᠢ ᠤᠴᠢᠷ᠎ᠠᠴᠠ ᠤᠷᠤᠯᠴᠠᠪᠠᠯ ᠤᠯᠴᠢᠬᠠᠨ᠎ᠠ ᠭᠡᠰᠡᠨ ᠶᠠᠪᠤᠳᠠᠯ ᠪᠢᠰᠢ᠃ ᠤᠷᠤᠯᠳᠤᠵᠤ ᠮᠦᠷᠤᠢ᠍ᠢ᠍ᠴᠡᠭᠡᠳ ᠦᠨᠠᠨ ᠭᠦ᠌ ᠪᠤᠰᠤᠳ᠎ᠢ ᠭᠦᠷᠦᠭᠰᠡᠨ ᠦᠭᠡᠢ ᠪᠠᠢ᠍ᠢ᠍ᠵᠤ ᠮᠠᠳᠠᠨ᠎ᠠ᠂ ᠶᠠᠯᠢᠮ ᠦᠭᠡᠢ ᠠ᠋ᠮᠵᠡᠭ ᠭᠠᠷᠭ᠋ᠠᠭᠰᠠᠨ᠎ᠠᠴᠠ ᠪᠤᠯᠵᠤ ᠤᠯᠪᠠᠰᠤ ᠵᠤᠬᠢᠬᠤ ᠱᠠᠨᠭ᠌ᠨᠠᠯ ᠵᠶ᠋ᠠᠨ ᠦᠪᠠᠷ᠎ᠤᠨ ᠭᠠᠷ ᠵᠶ᠋ᠠᠷ ᠵᠶ᠋ᠠᠨ ᠪᠤᠰᠤᠳ᠎ᠲᠤ ᠪᠡᠯᠭᠡᠯᠡᠭᠰᠡᠨ ᠴᠤ᠌ ᠪᠠᠢ᠍ᠢ᠍ᠵᠤ ᠮᠠᠳᠠᠨ᠎ᠠ᠂ ᠬᠠᠰᠢ ᠶᠠᠰᠢ ᠠᠯᠠᠩ ᠰᠠᠯᠠᠩ ᠪᠤᠶᠤ ᠪᠠᠯᠠᠳᠭᠡᠯ ᠲᠤᠳᠠᠭᠤ ᠵᠡᠷᠭᠡ ᠰᠢᠯᠳᠠᠭ᠋ᠠᠨ᠎ᠠᠴᠠ ᠪᠤᠯᠵᠤ ᠱᠠᠨᠭ᠌ᠨᠠᠯ᠎ᠲᠠᠢ ᠪᠠᠶᠠᠷᠳᠠᠢ ᠭᠡᠰᠡᠨ ᠴᠦ᠍ ᠪᠠᠢ᠍ᠢ᠍ᠵᠤ ᠮᠠᠳᠠᠨ᠎ᠠ᠃ ᠭᠡᠪᠠᠴᠤ ᠠ᠋ᠳᠡᠭᠡᠷ ᠵᠦᠢ᠍ᠯᠠᠰ ᠴᠢᠮ᠎ᠠ᠎ᠳᠤ ᠰᠤᠷᠭ᠋ᠠᠮᠵᠢ ᠪᠤᠯᠬᠤ᠎ᠠᠴᠠ ᠪᠢᠰᠢ ᠶᠠᠮᠠᠷ ᠴᠦ᠍ ᠮᠠᠭᠤ ᠨᠦᠯᠦᠭᠡ ᠠᠪᠴᠢᠷᠠᠵᠤ ᠦᠭᠭᠦ ᠦᠭᠡᠢ ᠶᠤᠮ᠃ ᠲᠤᠷᠰᠢᠯᠭ᠎ᠠ ᠰᠤᠷᠭ᠋ᠠᠮᠵᠢ᠎ᠪᠠᠨ ᠳ᠋ᠦᠨᠭᠨᠡᠵᠤ᠂ ᠦᠪᠠᠷ᠎ᠢ᠎ᠪᠠᠨ ᠤᠯᠠᠮ᠎ᠠᠴᠠ ᠤᠯᠠᠮ ᠲᠡᠭᠦᠯᠳᠡᠷᠵᠢᠭᠦᠯᠵᠤ ᠪᠠᠢ᠍ᠢ᠍ᠪᠠᠯ ᠠ᠋ᠷᠳᠠ ᠤᠷᠤᠢ ᠦᠭᠡᠢ ᠠ᠋ᠨᠡ ᠲᠠᠷᠠ ᠬᠢᠴᠢᠶᠡᠯᠯᠡᠭᠡ ᠵᠢᠨ ᠤᠷᠤᠯᠳᠤᠭ᠋ᠠᠨ᠎ᠳᠤ ᠯᠠᠪᠳᠠᠢ ᠱᠠᠨᠭ᠌ᠨᠠᠯ ᠲᠤᠰᠬᠤ ᠶᠤᠮ ᠪᠢᠯᠡ᠃ ᠮᠢᠨᠦ ᠪᠤᠳᠤᠬᠤ᠎ᠪᠠᠷ ᠠ᠋ᠢ᠍ᠢ᠍ᠮᠦᠷᠭᠦᠦ ᠱᠠᠨᠭ᠌ᠨᠠᠯ᠎ᠢ ᠴᠢ ᠦᠪᠠᠷ᠎ᠤᠨ ᠴᠢᠷᠮᠠᠢ᠍ᠢ᠍ᠯᠭ᠎ᠠ᠎ᠪᠠᠷ ᠵᠶ᠋ᠠᠨ ᠭᠦᠴᠦ ᠭᠦᠯᠦᠰᠤ᠎ᠪᠠᠨ ᠤᠷᠤᠰᠬᠠᠨ ᠪᠠᠢ᠍ᠢ᠍ᠵᠤ ᠤᠯᠤᠭᠰᠠᠨ ᠪᠤᠯᠬᠤᠷ ᠲᠡᠭᠦᠨ᠎ᠤ ᠦᠨ᠎ᠠ ᠴᠠᠨ᠎ᠠ ᠵᠢ ᠪᠤᠰᠤᠳ ᠱᠠᠨᠭ᠌ᠨᠠᠯ᠎ᠲᠠᠢ ᠵᠤᠢ᠍ᠢ᠍ᠷᠯᠡᠭᠦ ᠵᠢᠨ ᠠᠷᠭ᠎ᠠ ᠦᠭᠡᠢ ᠶᠤᠮ᠃ ᠨᠠᠩ ᠰᠤᠨᠭ᠌ᠭᠤᠭᠤᠯᠢ᠎ᠪᠠᠷ ᠤᠯᠳᠠᠬ ᠱᠠᠨᠭ᠌ᠨᠠᠯ᠂ ᠮᠠᠳᠠᠭᠦᠯᠪᠡᠯ ᠤᠯᠴᠢᠬᠠᠳᠠᠬ ᠱᠠᠨᠭ᠌ᠨᠠᠯ᠎ᠲᠠᠢ ᠲᠡᠭᠷᠢ ᠭᠠᠵᠠᠷ᠎ᠤᠨ ᠵᠦᠷᠢᠶ᠎ᠠ᠎ᠲᠠᠢ ᠪᠢᠯᠡ᠃ ᠤᠷᠤᠯᠳᠤᠭ᠋ᠠᠨ ᠮᠦᠷᠤᠢ᠍ᠢ᠍ᠴᠠᠭᠡᠨ᠎ᠢ ᠰᠢᠯᠭ᠋ᠠᠷᠠᠭᠤᠯᠬᠤ᠎ᠳᠤ ᠰᠠᠬᠢᠯᠭ᠎ᠠ ᠵᠢᠷᠤᠮ᠂ ᠪᠠᠷᠢᠮᠵᠢᠶ᠎ᠠ ᠱᠠᠭ᠋ᠠᠷᠳᠠᠯᠭ᠎ᠠ᠂ ᠬᠢᠨᠠᠵᠤ ᠲᠤᠯᠢᠳᠠᠬᠤ ᠵᠦᠢ᠍ᠯ ᠪᠠᠢ᠍ᠢ᠍ᠭ᠎ᠠ ᠪᠤᠯᠬᠤᠷ ᠬᠠᠷᠢᠴᠠᠨᠭ᠌ᠭᠤᠢ᠎ᠪᠠᠷ ᠲᠦᠪ ᠭᠤᠤᠯᠴᠢ ᠠ᠋ᠷᠭᠡ ᠲᠡᠭᠰᠢ ᠪᠠᠢ᠍ᠢ᠍ᠳᠠᠬ᠃ ᠤᠷᠤᠯᠳᠤᠭ᠋ᠠᠨ ᠮᠦᠷᠤᠢ᠍ᠢ᠍ᠴᠡᠭᠡᠨ᠎ᠳᠤ ᠤᠷᠤᠯᠴᠠᠬᠤ᠎ᠳᠤ᠎ᠪᠠᠨ ᠭᠡᠷᠡᠭ ᠦᠭᠡᠢ ᠶᠠᠭᠤᠮᠠᠨ᠎ᠳᠤ ᠰᠡᠳᠬᠢᠯ ᠠᠯᠭ᠋ᠠᠰᠠᠵᠤ᠂ ᠭᠤᠤᠯ ᠲᠠᠳ᠋ ᠵᠶ᠋ᠠᠨ ᠲᠤᠨᠭ᠌ᠭᠤᠷᠠᠭᠤᠯᠬᠤ ᠵᠢ ᠠ᠋ᠷᠡᠰ ᠲᠠᠶᠠᠭᠳᠠᠪᠠᠯ ᠵᠤᠬᠢᠨ᠎ᠠ᠃
     《ᠮᠢᠨᠦ ᠰᠠᠶᠢᠬᠠᠨ ᠭᠡᠯᠡᠭᠰᠡᠨ ᠵᠦᠢ᠍ᠯᠡᠰ᠎ᠢ ᠪᠠᠶᠠᠯᠠᠭᠦᠯᠴᠢᠭᠡᠪᠡᠯ ᠫᠷᠤᠹᠸᠰᠰᠤᠷ᠎ᠤᠨ ᠲᠠᠰ᠎ᠤᠨ ᠪᠠᠭᠰᠢ ᠵᠢᠨ ᠬᠢᠷᠢ ᠲᠡᠮ᠎ᠲᠠᠢ ᠪᠤᠯᠴᠢᠬᠠᠬᠤ ᠶᠤᠮ》 ᠭᠡᠵᠦ ᠭᠡᠯᠡᠭᠦ᠎ᠳᠤ ᠲᠡᠭᠷᠢ ᠤᠢ᠍ᠢ᠍ᠷ᠎ᠠ ᠲᠠᠷᠠ ᠬᠤᠯᠠ ᠰᠢᠬ ᠵᠠᠯᠠᠭᠤ ᠪᠠᠭᠰᠢ ᠨᠠᠷ᠎ᠲᠤ ᠰᠠᠨᠠᠭᠳᠠᠬᠤ ᠮᠠᠭ᠋ᠠᠳ! ᠦᠨᠭᠭᠡᠷᠡᠭᠡᠵᠦ ᠪᠠᠢ᠍ᠢ᠍ᠭ᠎ᠠ ᠦᠶᠠᠰ᠎ᠲᠤ᠎ᠪᠠᠨ ᠮᠠᠳᠠᠷᠠᠵᠤ ᠪᠠᠢ᠍ᠢ᠍ᠭᠰᠠᠨ ᠦᠭᠡᠢ ᠪᠤᠯᠪᠠᠴᠤ ᠨᠢᠭᠡ ᠮᠠᠳᠠᠭᠦ᠎ᠳᠤ ᠵᠠᠯᠠᠭᠤ ᠽᠨᠨᠳᠠᠨ ᠨᠠᠰᠤ ᠠᠯᠢ ᠭᠡᠳᠤᠢ᠍ᠢ᠍ᠨ ᠤᠳᠴᠢᠬᠠᠭᠰᠠᠨ ᠪᠠᠢ᠍ᠢ᠍ᠵᠤ ᠮᠠᠳᠠᠨ᠎ᠠ᠃ ᠠᠵᠢᠯ ᠦᠢ᠍ᠯᠠᠰ᠎ᠲᠤ᠎ᠪᠠᠨ ᠰᠢᠭᠤᠷᠬᠠᠢ᠍ᠢ᠍ᠯᠠᠵᠤ ᠰᠤᠷᠴᠤ ᠰᠤᠳᠤᠯᠬᠤ᠎ᠪᠠᠨ ᠲᠠᠶᠠᠭᠳᠠᠬᠤ ᠦᠭᠡᠢ ᠪᠠᠢ᠍ᠢ᠍ᠪᠠᠯ ᠫᠷᠤᠹᠸᠰᠰᠤᠷ᠎ᠤᠨ ᠲᠠᠰ᠎ᠤᠨ ᠪᠠᠭᠰᠢ ᠴᠢᠨᠦ ᠲᠤᠯᠤᠭ᠋ᠠᠢ ᠲᠠᠭᠡᠷ᠎ᠠ ᠲᠤᠯᠵᠤ ᠢᠷᠡᠭᠦ ᠵᠢᠨ ᠦᠶᠠᠰ᠂ ᠫᠷᠤᠹᠸᠰᠰᠤᠷ᠎ᠤᠨ ᠲᠠᠰ᠎ᠤᠨ ᠪᠠᠭᠰᠢ᠎ᠪᠠᠷ ᠴᠤᠯᠠᠯᠠᠭᠳᠠᠬᠤ᠎ᠳᠤ ᠠ᠋ᠷᠭᠡᠪᠰᠢ ᠪᠦᠷᠢᠯᠳᠤᠭᠦᠯᠭᠦ ᠭᠡᠷᠡᠭᠳᠠᠢ ᠪᠦᠭᠡᠳ ᠬᠠᠮᠤᠭ᠎ᠤᠨ ᠭᠦᠴᠢᠷ ᠪᠡᠷᠭᠡ ᠪᠦᠭᠦᠢ ᠬᠠᠳᠠᠭᠤ ᠨᠦᠭᠦᠴᠡᠯ᠎ᠤᠳ᠎ᠢ᠎ᠨᠢ ᠴᠢ ᠠᠯᠢ ᠭᠡᠳᠤᠢ᠍ᠢ᠍ᠨ ᠪᠦᠷᠢᠯᠳᠤᠭᠦᠯᠴᠢᠭᠡᠭᠰᠡᠨ ᠪᠠᠢ᠍ᠢ᠍ᠬᠤ ᠶᠤᠮ᠃ ᠲᠠᠷᠠ ᠦᠶᠠᠰ ᠫᠷᠤᠹᠸᠰᠰᠤᠷ᠎ᠤᠨ ᠲᠠᠰ᠎ᠤᠨ ᠪᠠᠭᠰᠢ ᠵᠢᠨ ᠪᠦᠷᠢᠯᠳᠤᠭᠦᠯᠪᠠᠰᠤ ᠵᠤᠬᠢᠬᠤ ᠪᠤᠰᠤᠳ ᠨᠦᠭᠦᠴᠡᠯ᠎ᠢ᠎ᠨᠢ ᠰᠠᠨᠠᠭ᠋ᠠᠴᠢᠯᠠᠭ᠎ᠠ᠎ᠲᠠᠢ᠎ᠪᠠᠷ ᠪᠦᠷᠢᠯᠳᠤᠭᠦᠯᠵᠦ ᠲᠡᠢ᠍ᠢ᠍ᠯᠭᠦ ᠶᠤᠮ ᠭᠡᠵᠦ ᠪᠢ ᠠᠮᠠ ᠪᠠᠷᠳᠠᠮ ᠭᠡᠯᠡᠵᠦ ᠲᠠᠢ᠍ᠢ᠍ᠯᠤᠨ᠎ᠠ᠃
      ᠪᠠᠭᠰᠢ ᠭᠦᠮᠦᠨ ᠵᠦᠪᠭᠡᠨ ᠨᠠᠷ᠎ᠠ ᠲᠦᠷᠦ ᠠᠰᠢᠬ ᠲᠤᠰᠠ ᠵᠢ ᠭᠦᠭᠡᠭᠡᠴᠡᠯᠳᠤᠵᠤ᠂ ᠮᠠᠷᠭᠡᠵᠢᠯ᠎ᠤᠨ ᠴᠤᠯᠠ ᠤᠯᠬᠤ ᠵᠢᠨ ᠲᠦᠯᠦᠭᠡ ᠠᠵᠢᠯᠯᠠᠳᠠᠬ ᠪᠢᠰᠢ᠂ ᠬᠠᠷᠢᠨ ᠮᠤᠷᠠᠯ ᠰᠤᠷᠳᠠᠯ ᠰᠠᠢ᠍ᠢ᠍ᠳᠠᠢ ᠮᠦᠷᠳᠡᠭᠡᠨ ᠠ᠋ᠷᠳᠠᠮ ᠴᠢᠳᠠᠪᠤᠷᠢ ᠬᠤᠤᠰᠯᠠᠭᠰᠠᠨ ᠰᠤᠷᠤᠭᠴᠢ ᠵᠢ ᠭᠦᠮᠦᠵᠢᠭᠦᠯᠭᠦ᠎ᠪᠠᠷ ᠭᠦᠰᠠᠯ ᠵᠤᠷᠢᠯᠳᠠ᠎ᠪᠠᠨ ᠪᠤᠯᠭ᠋ᠠᠵᠤ᠂ ᠨᠠᠰᠤᠨ ᠲᠤᠷᠰᠢ ᠰᠤᠷᠤᠭᠴᠢ ᠵᠢᠨ ᠲᠦᠯᠦᠭᠡ ᠵᠢᠳᠭᠦᠵᠤ ᠵᠦᠳᠠᠷᠠᠭᠦ᠎ᠠᠴᠠ ᠶᠠᠷᠦ ᠵᠢᠷᠦᠭᠡᠰᠢᠶᠡᠳᠡᠭ ᠦᠭᠡᠢ᠂ ᠡ᠊ᠨᠡ ᠪᠤᠯ ᠪᠠᠭᠰᠢ ᠭᠦᠮᠦᠨ᠎ᠤ ᠭᠦᠮᠦᠨ ᠮᠦᠰᠤ ᠮᠦᠨ᠃ ᠢᠨᠭᠬᠢᠭᠦ᠎ᠪᠠᠷ ᠵᠶ᠋ᠠᠨ ᠲᠠᠳᠠ ᠰᠤᠷᠤᠭᠴᠢ᠎ᠳᠤ᠎ᠪᠠᠨ ᠭᠦᠨᠳᠤᠳᠭᠡᠯ᠎ᠲᠠᠢ᠂ ᠭᠡᠷ᠎ᠤᠨ ᠠᠬᠠᠮᠠᠳ᠎ᠲᠤ᠎ᠪᠠᠨ ᠭᠦᠷᠢᠶᠠᠯᠠᠯ᠎ᠲᠠᠢ᠂ ᠨᠠᠢ᠍ᠢ᠍ᠭᠡᠮ ᠨᠠᠢ᠍ᠢ᠍ᠳᠠ᠎ᠳᠤ ᠵᠢᠳᠭᠦᠯ᠎ᠲᠠᠢ ᠪᠠᠢ᠍ᠢ᠍ᠳᠠᠬ᠃ ᠫᠷᠤᠹᠸᠰᠰᠤᠷ᠎ᠤᠨ ᠲᠠᠰ᠎ᠤᠨ ᠪᠠᠭᠰᠢ ᠵᠢᠨ ᠠᠯᠢ ᠨᠢᠭᠡ ᠨᠦᠭᠦᠴᠡᠯ ᠱᠠᠭ᠋ᠠᠷᠳᠠᠯᠭ᠎ᠠ ᠵᠢ ᠪᠦᠷᠢᠯᠳᠤᠭᠦᠯᠭᠦ ᠠᠵᠠ ᠵᠠᠪᠰᠢᠶᠠᠨ ᠠ᠋ᠨᠠ ᠨᠠᠰᠤᠨ᠎ᠳᠤ ᠨᠢᠭᠡᠨᠳᠠ ᠲᠤᠬᠢᠶᠠᠯᠳᠤᠬᠤ᠎ᠪᠠᠨ ᠪᠤᠯᠢᠭᠰᠠᠨ᠂ ᠴᠢᠨᠠᠭᠰᠢᠯᠠᠨ ᠫᠷᠤᠹᠸᠰᠰᠤᠷ᠎ᠤᠨ ᠲᠠᠰ᠎ᠤᠨ ᠪᠠᠭᠰᠢ ᠵᠢᠨ ᠨᠦᠭᠦᠴᠡᠯ ᠱᠠᠭ᠋ᠠᠷᠳᠠᠯᠭ᠎ᠠ ᠵᠢ ᠴᠦᠮ ᠪᠦᠷᠢᠯᠳᠤᠭᠦᠯᠦᠭᠰᠡᠨ ᠪᠤᠯᠪᠠᠴᠤ ᠲᠤᠭ᠎ᠠ ᠨᠤᠷᠮ᠎ᠠ ᠵᠢᠨ ᠬᠢᠵᠠᠭ᠋ᠠᠷᠯᠠᠯ᠎ᠠᠴᠠ ᠪᠤᠯᠵᠤ ᠫᠷᠤᠹᠸᠰᠰᠤᠷ᠎ᠤᠨ ᠲᠠᠰ᠎ᠤᠨ ᠪᠠᠭᠰᠢ᠎ᠪᠠᠷ ᠴᠤᠯᠠᠯᠠᠭᠳᠠᠬ᠎ᠠ ᠦᠭᠡᠢ ᠪᠠᠭᠰᠢ ᠵᠢᠨ ᠲᠤᠳᠤᠷ᠎ᠠ ᠭᠠᠰᠢᠭᠤᠨ ᠦᠭᠡ ᠲᠠᠯᠪᠢᠵᠤ ᠤᠬᠤᠷᠢᠨ ᠰᠠᠭᠤᠳᠠᠬ ᠪᠠᠭᠰᠢ ᠨᠢᠭᠡ ᠴᠦ᠍ ᠦᠭᠡᠢ᠃ ᠲᠠᠳᠠ ᠮᠦᠨ ᠯᠡ ᠭᠢᠳᠡᠭ ᠵᠶ᠋ᠠᠨ ᠬᠢᠵᠤ ᠵᠢᠳᠭᠦᠳᠡᠭ ᠵᠶ᠋ᠠᠷ ᠵᠶ᠋ᠠᠨ ᠵᠢᠳᠭᠦᠨ᠎ᠠ᠂ ᠦᠷᠦᠭᠡᠯ᠎ᠤᠨ ᠭᠡᠤᠭᠡᠳ᠎ᠢ ᠦᠪᠠᠷ᠎ᠤᠨ ᠭᠡᠤᠭᠡᠳ ᠰᠢᠭ ᠠ᠋ᠨᠡᠷᠢᠵᠤ᠂ ᠤᠨᠳᠠᠵᠤ ᠠᠮᠠᠷᠠᠬᠤ ᠴᠠᠭ ᠵᠶ᠋ᠠᠨ ᠦᠷᠡᠭᠳᠡᠭᠦᠯᠵᠦ ᠪᠠᠢ᠍ᠢ᠍ᠭ᠋ᠠᠳ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠠᠵᠢᠯ᠎ᠳᠤ᠎ᠪᠠᠨ ᠵᠢᠳᠭᠦᠳᠡᠭ᠎ᠨᠢ ᠪᠠᠭᠰᠢ ᠭᠦᠮᠦᠨ᠎ᠤ ᠤᠨᠴᠠᠯᠢᠬ ᠰᠢᠨᠵᠢ ᠪᠤᠶᠤ᠃ ᠠᠯᠢ ᠴᠦ᠍ ᠲᠠᠯ᠎ᠠ᠎ᠪᠠᠷ ᠭᠡᠰᠡᠨ ᠦᠭᠡᠢ ᠰᠤᠷᠤᠭᠴᠢ᠎ᠨᠢ ᠲᠠᠪᠰᠢᠯᠳᠠ ᠲᠠᠭᠡᠭᠰᠢᠯᠠᠯᠳᠠ᠎ᠲᠠᠢ ᠯᠠ ᠶᠤᠮ ᠪᠤᠯ᠎ᠲᠠᠭᠠᠨ ᠪᠠᠶᠠᠰᠴᠤ᠂ ᠶᠠᠭᠤᠨ᠎ᠠᠴᠠ ᠴᠦ᠍ ᠲᠤᠮᠤ ᠱᠠᠨᠭ᠌ᠨᠠᠯ ᠲᠤᠰᠤᠭᠰᠠᠨ ᠶᠤᠮ ᠰᠢᠬ ᠭᠦᠭᠡᠷᠴᠦ ᠭᠦᠭᠰᠡᠳᠡᠭ᠃ ᠤᠴᠢᠷ ᠤᠬᠠᠭ᠋ᠠᠨ᠎ᠢ ᠲᠤᠨᠭ᠌ᠭ᠋ᠠᠨ ᠪᠤᠳᠤᠳᠠᠬ ᠦᠵᠠᠯ ᠪᠤᠳᠤᠯ᠎ᠲᠠᠢ᠂ ᠨᠠᠢ᠍ᠢ᠍ᠭᠡᠮ ᠨᠠᠢ᠍ᠢ᠍ᠳᠠ᠎ᠳᠤ ᠭᠡᠷᠡᠭᠴᠡᠭᠡ᠎ᠲᠠᠢ᠂ ᠦᠨᠳᠤᠰᠤ ᠤᠭᠰᠠᠭ᠎ᠠ᠎ᠪᠠᠨ ᠠ᠋ᠷᠭᠦᠨ ᠶᠠᠪᠤᠵᠤ ᠲᠠᠢ᠍ᠢ᠍ᠯᠳᠡᠭ ᠰᠤᠷᠤᠭᠴᠢ ᠵᠢ ᠭᠦᠮᠦᠵᠢᠭᠦᠯᠭᠦ᠎ᠪᠠᠷ ᠭᠦᠰᠠᠯ ᠭᠦᠭᠡᠭᠡᠴᠡᠯᠳᠤᠯ ᠵᠶ᠋ᠠᠨ ᠪᠤᠯᠭ᠋ᠠᠨ᠎ᠠ᠃ ᠭᠦᠮᠦᠵᠢᠭᠦᠯᠦᠨ ᠭᠠᠷᠭ᠋ᠠᠭᠰᠠᠨ ᠰᠤᠷᠤᠭᠴᠢ᠎ᠨᠢ ᠨᠤᠳᠤᠬ ᠤᠰᠤ᠎ᠪᠠᠨ ᠪᠦᠳᠦᠭᠡᠨ ᠪᠠᠢ᠍ᠢ᠍ᠭᠤᠯᠤᠭᠴᠢ᠂ ᠠ᠋ᠭᠡ ᠤᠷᠤᠨ᠎ᠤ᠎ᠪᠠᠨ ᠲᠦᠰᠢᠭ ᠲᠤᠯᠭ᠋ᠠᠭᠤᠷᠢ ᠪᠤᠯᠵᠤ ᠢᠷᠠᠭᠦ᠎ᠪᠠᠷ ᠮᠠᠨᠭ᠌ᠨᠠᠢ ᠲᠠᠨᠢᠨ ᠪᠠᠶᠠᠰᠳᠠᠬ᠃ ᠪᠠᠭᠰᠢ ᠭᠦᠮᠦᠨ ᠠ᠋ᠭᠦᠨ ᠵᠶ᠋ᠠᠷ ᠵᠶ᠋ᠠᠨ ᠬᠠᠮᠤᠭ᠎ᠤᠨ ᠶᠠᠭᠡ ᠬᠠᠪᠤ ᠴᠠᠨᠭ᠌ᠭᠡᠯ᠂ ᠪᠠᠶᠠᠷ ᠪᠠᠬᠠᠳᠤᠯ ᠪᠤᠯᠭ᠋ᠠᠨ᠎ᠠ᠃ ᠠ᠋ᠨᠡ᠎ᠨᠢ ᠮᠦᠨ ᠴᠦ᠍ ᠪᠠᠭᠰᠢ ᠭᠦᠮᠦᠨ᠎ᠤ ᠭᠦᠰᠠᠯ ᠭᠦᠭᠡᠭᠡᠴᠡᠯᠳᠤᠯ᠎ᠤᠨ ᠬᠢᠨᠢ ᠪᠡᠶᠡᠯᠡᠭᠳᠡᠯ ᠪᠠᠢ᠍ᠢ᠍ᠬ᠎ᠠ!
      ᠦᠭᠡ ᠤᠯᠠᠳᠠᠵᠤ᠂ ᠦᠭᠡᠷ ᠬᠤᠯᠠᠳᠠᠯ᠎ᠠ᠃
      ᠭᠦᠭᠡᠬᠤᠳᠠ ᠵᠢᠨ ᠮᠤᠨᠭ᠌ᠭᠤᠯ ᠦᠨᠳᠤᠰᠤᠳᠠᠨ᠎ᠤ ᠰᠤᠷᠭ᠋ᠠᠭᠤᠯᠢ ᠵᠢᠨ 2019 ᠤᠨ᠎ᠳᠤ ᠪᠠᠭᠰᠢ ᠵᠢᠨ ᠪᠠᠶᠠᠷ᠎ᠢ ᠪᠠᠯᠭᠡᠯᠡᠭᠦ ᠶᠤᠰᠤᠯᠠᠯ ᠲᠠᠭᠡᠷ᠎ᠠ ᠠᠬᠠᠮᠠᠳ ᠲᠤᠮᠤᠭ᠋ᠠᠳᠠᠨ ᠪᠠᠭᠰᠢ ᠨᠠᠷ ᠵᠶ᠋ᠠᠨ ᠲᠦᠯᠦᠭᠡᠯᠡᠵᠦ ᠶᠠᠷᠢᠭᠰᠠᠨ ᠶᠠᠷᠢᠶᠠᠨ᠎ᠠᠴᠠ᠎ᠪᠠᠨ ᠨᠢᠭᠡ ᠪᠠᠳᠠᠬ᠎ᠢ᠎ᠨᠢ ᠰᠠᠢ᠍ᠢ᠍ᠷᠠᠭᠦᠯᠵᠦ ᠵᠤᠬᠢᠶᠠᠯ᠎ᠤᠨ ᠵᠶ᠋ᠠᠨ ᠲᠠᠭᠦᠰᠭᠡᠯ ᠪᠤᠯᠭ᠋ᠠᠶ᠎ᠠ᠄
      ᠪᠠᠭᠰᠢ ᠭᠦᠮᠦᠨ᠎ᠤ ᠬᠢᠪᠠᠰᠤ ᠵᠤᠬᠢᠬᠤ ᠠᠵᠢᠯ ᠵᠶ᠋ᠠᠨ ᠬᠢᠭᠰᠡᠭᠡᠷ ᠯᠡ ᠪᠠᠢ᠍ᠢ᠍ᠵᠤ᠂ ᠠᠵᠠ ᠲᠤᠬᠢᠶᠠᠯ ᠲᠠᠭ᠋ᠠᠷᠠᠯᠳᠤᠭᠰᠠᠨ᠎ᠤ ᠰᠠᠢ᠍ᠢ᠍ᠨ ᠵᠶ᠋ᠠᠷ ᠰᠠᠨᠠᠮᠰᠠᠷ ᠦᠭᠡᠢ ᠫᠷᠤᠹᠸᠰᠰᠤᠷ᠎ᠤᠨ ᠲᠠᠰ᠎ᠤᠨ ᠪᠠᠭᠰᠢ ᠪᠤᠯᠤᠭᠰᠠᠨ ᠶᠤᠮ᠃ ᠫᠷᠤᠹᠸᠰᠰᠤᠷ᠎ᠤᠨ ᠲᠠᠰ᠎ᠤᠨ ᠪᠠᠭᠰᠢ ᠪᠠᠢ᠍ᠢ᠍ᠳᠤᠭ᠋ᠠᠢ᠂ ᠤᠨᠴᠠ ᠲᠠᠰ᠎ᠤᠨ ᠪᠠᠭᠰᠢ ᠪᠤᠯᠤᠭᠰᠠᠨ ᠴᠦ᠍ ᠭᠡᠰᠡᠨ ᠮᠦᠡ ᠯᠡ ᠢᠨᠭ᠌ᠬᠢᠵᠤ ᠠᠮᠢᠳᠤᠷᠠᠵᠤ ᠠᠵᠢᠯᠯᠠᠵᠤ ᠤᠳᠤᠬᠢ ᠰᠢᠬ ᠵᠶ᠋ᠠᠨ ᠶᠠᠪᠤᠵᠤ ᠪᠠᠢ᠍ᠢ᠍ᠭ᠎ᠠ ᠳ᠋ᠠ! ᠠᠳᠠᠯᠢ ᠦᠭᠡᠢ᠎ᠨᠢ ᠵᠦᠪᠭᠡᠨ ᠠ᠋ᠨᠡ ᠠ᠋ᠳᠦᠷ᠎ᠤᠨ ᠶᠠᠷᠢᠶᠠᠨ᠎ᠤ ᠲᠠᠪᠴᠠᠩ ᠲᠠᠭᠡᠷ᠎ᠡ ᠵᠤᠭᠰᠤᠵᠤ ᠶᠠᠷᠢᠶ᠎ᠠ ᠢᠯᠠᠳᠭᠡᠯ ᠬᠢᠵᠤ ᠦᠭᠡᠢ ᠯᠡ ᠲᠠᠳᠤᠢ᠃ ᠦᠨᠠᠨ᠎ᠢ ᠭᠡᠯᠡᠭᠦ᠎ᠳᠤ ᠪᠢ ᠵᠢᠷ᠎ᠤᠨ ᠪᠠᠭᠰᠢ ᠯᠠ ᠲᠠᠳᠤᠢ᠂ ᠦᠭᠡᠷ᠎ᠠ ᠪᠤᠰᠤᠳ᠎ᠠᠴᠠ ᠤᠨᠴᠠᠯᠢᠬᠳᠠᠬᠤ ᠵᠦᠢ᠍ᠯ ᠠᠯᠠᠭ᠎ᠠ᠃ ᠨᠠᠳᠠ᠎ᠠᠴᠠ ᠢᠯᠠᠭᠦᠦ ᠤᠷᠤᠯᠳᠤᠯᠭ᠎ᠠ᠎ᠲᠠᠢ᠂ ᠪᠦᠳᠦᠭᠡᠯ᠎ᠲᠠᠢ᠂ ᠵᠢᠳᠭᠦᠯ᠎ᠲᠠᠢ , ᠭᠠᠪᠢᠶ᠎ᠠ᠎ᠲᠠᠢ᠂ ᠠ᠋ᠷᠳᠠᠮ ᠴᠢᠳᠠᠪᠤᠷᠢ᠎ᠲᠠᠢ ᠰᠢᠯᠢᠳᠡᠭ ᠪᠠᠭᠰᠢ᠂ ᠤᠷᠤᠢ᠍ᠢ᠍ᠯᠠᠭᠰᠠᠨ ᠪᠠᠭᠰᠢ ᠠ᠋ᠨᠡ ᠲᠠᠨᠭ᠌ᠬᠢᠮ᠎ᠳᠤ ᠪᠠᠢ᠍ᠢ᠍ᠬᠤ ᠯᠠ ᠳ᠋ᠠ! ᠲᠠᠳᠠ ᠪᠤᠯ ᠮᠢᠨᠦ ᠰᠤᠷᠤᠯᠴᠠᠬᠤ ᠲᠠᠭᠤᠷᠢᠶᠠᠯ ᠮᠦᠨ᠃
      ᠡ᠊ᠨᠳᠠ ᠲᠠᠨᠳᠠ ᠦᠭᠡᠢ ᠠ᠋ᠰᠠᠨ ᠪᠤᠰᠠᠨ ᠪᠢᠴᠢᠭᠰᠡᠨ᠎ᠢ ᠰᠢᠮᠳᠠᠢ ᠤᠨᠭ᠌ᠰᠢᠭᠰᠠᠨ ᠲᠠ ᠪᠦᠭᠦᠨ᠎ᠳᠤ ᠪᠠᠶᠠᠷᠯᠠᠯ᠎ᠠ᠃

     

        ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠬᠦᠭᠡᠬᠤᠳᠠ ᠵᠢᠨ ᠮᠤᠨᠭ᠌ᠭᠤᠯ ᠦᠨᠳᠤᠰᠤᠳᠠᠨ᠎ᠤ ᠰᠤᠷᠭ᠋ᠠᠭᠤᠯᠢ
                                           (ᠠ᠋ᠾᠤᠢ᠍ᠩ ᠮᠸᠢ ᠨᠠᠢ᠍ᠢ᠍ᠷᠠᠭᠤᠯᠪᠠ)
                                           2021 ᠣᠨ᠎ᠤ 1 ᠳ᠋ᠦ᠍ᠭᠡᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠠ᠋ᠶ᠋ᠢᠮᠥ ᠨᠢᠬᠡᠨ 《ᠭᠠᠯᠴᠢ ᠪᠠᠭᠰᠢ》
ᠬᠠᠬᠢᠷ᠎ᠤᠨ ᠬᠦᠪᠡᠭᠡᠨ᠎ᠠᠴᠠ ᠲᠡᠭᠦᠯᠢᠭᠰᠡᠨ ᠬᠠᠷᠴᠠᠭ᠋ᠠᠢ ᠰᠢᠪᠠᠭᠤ
ᠦᠰᠤᠨ ᠪᠤᠢ᠍ᠢ᠍ᠵᠢᠯᠳᠠ ᠵᠢᠨ ᠲᠤᠮᠳᠠᠬᠢ ᠬᠠᠮᠤᠭ᠎ᠤᠨ ᠲᠤᠮᠤ ᠲᠠᠢ᠍ᠢ᠍ᠰᠤᠨ ᠪᠤᠯ ᠢᠴᠢᠨᠭᠭᠦᠷᠡᠭᠦ ᠰᠡᠳᠬᠢᠯᠭᠡ ᠪᠤᠯᠤᠨ᠎ᠠ
ᠶᠠᠫᠤᠨ ᠤᠯᠤᠰ ᠰᠤᠷᠤᠭᠴᠢ ᠵᠢᠨ ᠬᠤᠭᠤᠯᠠ ᠵᠢ ᠢᠨᠭ᠌ᠬᠢᠵᠤ ᠬᠢᠵᠤ ᠪᠠᠢ᠍ᠢ᠍ᠨ᠎ᠠ
ᠰᠤᠷᠭ᠋ᠠᠨ ᠭᠦᠮᠦᠵᠢᠯ᠎ᠤᠨ ᠲᠤᠬᠠᠢ ᠲᠠᠰᠤᠭ ᠪᠤᠰᠤᠬ ᠦᠵᠡᠯᠳᠡ
 
             蒙ICP备05000248号