ᠪᠦᠷᠢᠨᠳᠤᠭᠳᠠᠬᠤ | | | ︽ᠵᠡᠭᠦᠨ ᠦᠵᠦᠮᠦᠴᠢᠨ ᠤ ᠰᠤᠷᠭᠠᠨ ᠬᠥᠮᠥᠵᠢᠯ︾ ᠮᠠᠨᠢ ᠤᠳᠤᠷᠢᠳᠤᠯᠭ᠎ᠠ ᠶᠢᠨ ᠬᠠᠯᠠᠭᠤᠨ ᠲᠠᠮᠵᠢᠯᠭᠡ᠂ | ᠢᠲᠡᠭᠡᠯ ᠨᠠᠶᠢᠳᠠᠯᠭ᠎ᠠ᠂ ᠪᠠᠭᠰᠢ ᠰᠤᠷᠤᠭᠴᠢᠳ ᠤᠨ ᠬᠠᠮᠲᠤ ᠶᠢᠨ ᠴᠢᠷᠮᠠᠶᠢᠯᠭ᠎ᠠ ᠳᠤ ᠲᠦᠰᠢᠭᠯᠡᠨ᠂ ᠰᠢᠨ᠎ᠠ | ᠬᠤᠭᠤᠴᠠᠭᠠᠨ ᠤ ᠡᠬᠡ ᠪᠢᠴᠢᠭ ᠬᠢᠨᠠᠬᠤ ᠱᠠᠲᠤᠨ ᠳᠤ ᠤᠷᠤᠯ᠎ᠠ᠃ ᠰᠡᠳᠬᠦᠯ ᠤᠨ ︽ᠨᠠᠶᠢᠷᠠᠭᠤᠯᠤᠭᠴᠢ︾ | ᠪᠣᠯᠣᠭᠰᠠᠨ ᠤ ᠬᠤᠪᠢ ᠳᠤ ᠡᠬᠡ ᠪᠢᠴᠢᠭ ᠢ ᠬᠢᠨᠠᠵᠤ ᠨᠠᠶᠢᠷᠠᠭᠤᠯᠬᠤ ᠶᠠᠪᠤᠴᠠ ᠳᠤ ᠣᠯᠠᠨ ᠵᠦᠢᠯ ᠢ ᠪᠣᠳᠣᠯᠬᠢᠯᠠᠵᠤ | ᠰᠡᠳᠬᠢᠭᠰᠡᠨ ᠢᠶᠠᠨ ᠡᠷᠬᠢᠮ ᠤᠯᠠᠨ ᠲᠠᠢ ᠬᠤᠪᠢᠶᠠᠯᠴᠠᠬᠤ ᠶᠢ ᠵᠤᠷᠢᠵᠤ ᠪᠠᠶᠢᠭ᠎ᠠ ᠨᠢ ᠡ᠊ᠨᠠ ᠪᠢᠯᠠ᠃ | ᠢᠷᠡᠭᠦᠯᠵᠤ ᠪᠠᠶᠢᠭ᠎ᠠ ᠡᠬᠡ ᠪᠢᠴᠢᠭ ᠲᠥᠷᠥᠯ ᠵᠦᠢᠯ ᠴᠢᠨᠠᠷ ᠴᠢᠨᠰᠠᠭ᠎ᠠ ᠶᠢᠨ ᠬᠤᠪᠢ ᠳᠤ ᠨᠠᠯᠢᠶᠠᠳ | ᠲᠠᠭᠡᠭᠰᠢᠯᠠᠯᠳᠠ ᠲᠠᠢ ᠪᠠᠶᠢᠵᠤ᠂ ᠪᠠᠭᠰᠢ ᠨᠠᠷ ᠤᠷᠮ᠎ᠠ ᠪᠠᠬ᠎ᠠ ᠲᠠᠢ᠂ ᠲᠡᠰᠪᠦᠷᠢ ᠳᠠᠭᠠᠭᠠᠴᠠ ᠲᠠᠢ ᠰᠡᠳᠬᠢᠨ ᠪᠤᠳᠤᠵᠤ᠂ | ᠵᠠᠳᠠᠯᠤᠨ ᠰᠦᠪᠡᠭᠴᠢᠯᠠᠵᠤ ᠪᠠᠶᠢᠭ᠎ᠠ ᠨᠢ ᠪᠢᠰᠢᠷᠠᠯᠳᠠᠢ ᠦᠢᠯᠠ ᠪᠢᠯᠠ᠃ ᠭᠡᠪᠡᠴᠤ ᠪᠠᠰᠠ ᠡᠬᠡ ᠪᠢᠴᠢᠭ ᠤᠨ ᠲᠤᠭ᠎ᠠ | ᠬᠦᠷᠦᠯᠴᠡᠬᠦ ᠦᠭᠡᠢ᠂ ᠣᠷᠴᠢᠭᠤᠯᠤᠭᠰᠠᠨ᠂ ᠡᠪᠯᠡᠭᠦᠯᠵᠦ ᠠᠷᠭᠠᠯᠠᠭᠰᠠᠨ ᠤᠯᠠ ᠮᠥᠷ ᠡᠳᠦᠢ ᠲᠡᠳᠦᠢ ᠬᠠᠷᠠᠭᠳᠠᠵᠤ | ᠵᠠᠳᠠᠯᠵᠤ ᠰᠢᠨᠵᠢᠯᠡᠭᠰᠡᠨ ᠵᠦᠢᠯ ᠨᠢ ᠭᠦᠢᠬᠡᠨ᠂ ᠣᠨᠣᠯᠵᠢᠭᠤᠯᠵᠤ ᠰᠢᠰᠲ᠋ᠧᠮᠵᠢᠭᠦᠯᠦᠭᠰᠡᠨ ᠨᠢ ᠶᠠᠳᠠᠮᠠᠭ ᠵᠡᠷᠭᠡ ᠦᠵᠡᠭᠳᠡᠯ | ᠲᠠᠩᠳᠠ ᠤᠷᠤᠰᠢᠵᠤ ᠪᠠᠶᠢᠭ᠎ᠠ ᠨᠢ ᠪᠠᠭᠰᠢ ᠨᠠᠷ ᠤᠨ ︽ᠵᠢᠭᠠᠨ ᠰᠤᠷᠭᠠᠯᠳᠠ ᠶᠢᠨ ᠰᠤᠳᠤᠯᠭᠠᠨ︾ ︵ᠲᠤᠷᠤᠭᠰᠢ | ᠵᠢᠭᠠᠨ ᠰᠤᠳᠤᠯᠭᠠᠨ ᠭᠡᠶ᠎ᠠ︶ ᠤ ᠲᠤᠬᠠᠢ ᠭᠦᠨ ᠭᠦᠨᠵᠠᠭᠡᠢ ᠲᠠᠨᠢᠯᠳᠠ ᠲᠠᠢ ᠪᠤᠯᠵᠤ ᠴᠢᠳᠠᠭ᠎ᠠ ᠦᠭᠡᠢ ᠶᠢ ᠬᠠᠷᠠᠭᠤᠯᠵᠤ | ᠪᠤᠢ᠃ | ᠦᠨᠳᠦᠰᠦᠨ ᠱᠠᠲᠤᠨ ᠤ ᠳᠤᠮᠳᠠᠳᠤ ᠪᠠᠭ᠎ᠠ ᠰᠤᠷᠭᠠᠭᠤᠯᠢ ᠶᠢᠨ ᠴᠥᠭᠡᠨ ᠪᠤᠰᠤ ᠪᠠᠭᠰᠢ ᠨᠠᠷ ᠶᠠᠭᠤ ᠶᠢ ᠵᠢᠭᠠᠨ | ᠰᠤᠳᠤᠯᠭᠠᠨ ᠭᠡᠬᠦ᠂ ᠵᠢᠭᠠᠨ ᠰᠤᠳᠤᠯᠭᠠᠨ ᠢ ᠬᠡᠷᠬᠢᠨ ᠬᠢᠬᠦ ᠲᠤᠬᠠᠢ ᠪᠠᠯᠠᠷᠬᠠᠢ ᠰᠠᠭᠤᠭᠳᠠᠯ ᠲᠠᠢ ᠪᠠᠶᠢᠵᠤ᠂ ᠵᠠᠷᠢᠮ ᠨᠢ | ᠵᠢᠭᠠᠨ ᠰᠤᠳᠤᠯᠭᠠᠨ ᠪᠣᠯ ᠵᠥᠪᠬᠡᠨ ᠲᠡᠳᠡᠭᠡᠷ ᠲᠤᠰᠬᠠᠢ ᠰᠤᠳᠤᠯᠭᠠᠨ ᠬᠢᠳᠡᠭ ᠬᠥᠮᠥᠰ ᠤᠨ ᠶᠠᠪᠤᠳᠠᠯ ᠭᠡᠵᠦ ᠦᠵᠠᠨ᠂ | ᠵᠤᠷᠢᠭᠤᠳᠠ ᠵᠢᠭᠠᠨ ᠰᠤᠳᠤᠯᠭᠠᠨ ᠠᠴᠠ ᠬᠤᠯᠠᠳᠠᠵᠤ᠂ ᠬᠡᠴᠢᠨᠡᠭᠡᠨ ᠵᠢᠯ ᠪᠠᠭᠰᠢᠯᠠᠭᠠᠳ ᠴᠤ ᠰᠤᠳᠤᠯᠭᠠᠨ ᠶᠡᠷᠦ ᠬᠢᠭᠰᠡᠨ | ᠦᠭᠡᠢ ᠡᠰᠡᠪᠡᠯ ᠪᠤᠰᠤᠳ ᠤᠨ ᠰᠤᠳᠤᠯᠭᠠᠨ ᠤ ᠦᠷ᠎ᠡ ᠳ᠋ᠦᠩ ᠢ ᠴᠤ ᠵᠢᠭᠠᠨ ᠰᠤᠷᠭᠠᠯᠲᠠ ᠳᠤ ᠪᠠᠨ ᠠᠰᠢᠭᠯᠠᠵᠤ | ᠬᠡᠷᠡᠭᠯᠡᠭᠦ ᠦᠭᠡᠢ ᠪᠠᠷ ᠵᠥᠪᠬᠡᠨ ᠵᠤᠷᠰᠢᠯ ᠶᠤᠰᠤᠭᠠᠷ ᠬᠢᠴᠢᠶᠡᠯ ᠵᠢᠭᠠᠵᠤ᠂ ᠳᠠᠰᠬᠠᠯ ᠬᠢᠨᠠᠵᠤ ᠪᠠᠶᠢᠨ᠎ᠠ᠃ ᠵᠠᠷᠢᠮ ᠨᠢ | ᠵᠢᠭᠠᠨ ᠰᠤᠳᠤᠯᠭᠠᠨ ᠬᠢᠶ᠎ᠡ ᠭᠡᠵᠦ ᠪᠣᠳᠣᠪᠠᠴᠤ ᠬᠠᠮᠢᠭ᠎ᠠ ᠠᠴᠠ ᠨᠢ ᠭᠠᠷ ᠣᠷᠣᠬᠤ ᠪᠠᠨ ᠮᠠᠳᠠᠭᠦ ᠦᠭᠡᠢ ᠪᠠᠶᠢᠳᠠᠬ᠃ | ᠡᠶᠢᠮᠤᠷᠭᠦᠤ ᠪᠠᠶᠢᠳᠠᠯ ᠨᠢ ᠰᠤᠷᠭᠠᠭᠤᠯᠢ ᠶᠢᠨ ᠵᠢᠭᠠᠨ ᠰᠤᠳᠤᠯᠭᠠᠨ ᠤ ᠠᠵᠢᠯ ᠤᠨ ᠬᠥᠭᠵᠢᠯᠲᠡ ᠶᠢ ᠬᠠᠷᠰᠢᠯᠠᠬᠤ ᠪᠠᠷ | ᠪᠠᠷᠠᠬᠤ ᠦᠭᠡᠢ᠂ ᠪᠠᠭᠰᠢ ᠶᠢᠨ ᠬᠤᠪᠢ ᠶᠢᠨ ᠬᠥᠭᠵᠢᠯᠲᠡ ᠶᠢ ᠴᠤ ᠨᠥᠯᠥᠭᠡᠯᠡᠳᠡᠭ᠃ ᠤᠴᠢᠷ ᠨᠢ ᠰᠤᠳᠤᠯᠭᠠᠨ ᠪᠣᠯ | ᠪᠠᠭᠰᠢ ᠶᠢᠨ ᠵᠢᠭᠠᠨ ᠰᠤᠷᠭᠠᠯᠲᠠ ᠶᠢᠨ ᠠᠵᠢᠯ ᠤᠨ ᠴᠢᠬᠤᠯᠠ ᠨᠢᠭᠡ ᠬᠡᠰᠡᠭ ᠮᠥᠨ᠂ ᠵᠠᠷᠢᠮ ᠬᠥᠮᠥᠰ ︽ᠵᠢᠭᠠᠨ | ᠰᠤᠳᠤᠯᠭᠠᠨ ᠪᠣᠯ ᠪᠠᠭᠰᠢ ᠶᠢᠨ ᠬᠠᠭᠠᠰ ᠠᠵᠢᠯ ᠮᠥᠨ︾ ᠭᠡᠵᠦ ᠴᠤ ᠬᠡᠯᠡᠵᠦ ᠥᠩᠭᠡᠷᠡᠵᠡᠢ᠃ | ᠵᠢᠭᠠᠨ ᠰᠤᠷᠭᠠᠯᠲᠠ ᠪᠣᠯ ᠦᠢᠯᠡᠳᠦᠯᠭᠡ᠂ ᠵᠢᠭᠠᠨ ᠰᠤᠳᠤᠯᠭᠠᠨ ᠪᠣᠯ ᠣᠨᠣᠯ᠂ ᠵᠢᠭᠠᠨ ᠰᠤᠳᠤᠯᠭᠠᠨ ᠬᠢᠬᠦ ᠪᠣᠯ | ᠦᠢᠯᠡᠳᠦᠯᠭᠡ ᠶᠢ ᠣᠨᠣᠯᠵᠢᠭᠤᠯᠵᠤ ᠪᠠᠶᠢᠬᠤ ᠶᠠᠪᠤᠳᠠᠯ ᠮᠥᠨ ᠭᠡᠵᠦ ᠪᠢ ᠣᠶᠢᠯᠠᠭᠠᠵᠤ ᠪᠠᠶᠢᠨ᠎ᠠ᠃ ᠵᠢᠭᠠᠨ | ᠰᠤᠷᠭᠠᠯᠲᠠ ᠶᠢᠨ ᠳᠤᠮᠳᠠ ᠲᠣᠬᠢᠶᠠᠯᠳᠤᠭᠰᠠᠨ ᠴᠢᠬᠤᠯᠠ ᠠᠰᠠᠭᠤᠳᠠᠯ ᠢ ᠰᠢᠨᠵᠢᠯᠡᠬᠦ ᠤᠬᠠᠭᠠᠨᠴᠢ ᠪᠠᠷ᠂ ᠬᠠᠷᠠᠯᠲᠠ ᠲᠠᠢ | ᠂ ᠲᠥᠯᠥᠪᠯᠡᠭᠡ ᠲᠠᠢ ᠰᠢᠨᠵᠢᠯᠡᠨ ᠰᠤᠳᠤᠯᠵᠤ᠂ ᠰᠤᠷᠭᠠᠨ ᠬᠥᠮᠥᠵᠢᠯ ᠤᠨ ᠵᠢᠮ᠎ᠡ ᠶᠣᠰᠣ ᠪᠠᠷ ᠤᠴᠢᠵᠤ | ᠪᠦᠲᠦᠭᠡᠯᠴᠢ ᠪᠠᠷ ᠲᠠᠨᠢᠵᠤ ᠰᠢᠢᠳᠪᠦᠷᠢᠯᠡᠬᠦ ᠶᠠᠪᠤᠴᠠ ᠮᠥᠨ᠃ ᠵᠢᠱᠢᠶᠡᠯᠡᠪᠡᠯ᠄ ᠨᠢᠭᠡᠳᠦᠭᠡᠷ ᠣᠨ ᠤ ᠰᠤᠷᠤᠭᠴᠢ ᠶᠢ | ᠦᠰᠦᠭ ᠲᠠᠨᠢᠭᠤᠯᠬᠤ ᠳᠤ ᠪᠠᠭᠰᠢ ᠨᠠᠷ ᠣᠯᠠᠨ ᠤᠳᠠᠭ᠎ᠠ ᠬᠠᠭᠤᠯᠤᠨ ᠪᠢᠴᠢᠭᠦᠯᠵᠤ ᠬᠡᠦᠬᠡᠳ ᠲᠤ ᠳᠠᠷᠤᠭᠠᠰᠤ | ᠠᠪᠴᠢᠷᠠᠳᠠᠬ᠃ ᠲᠠᠭᠡᠪᠠᠯ ᠬᠡᠳᠦ ᠤᠳᠠᠭ᠎ᠠ ᠬᠠᠭᠤᠯᠤᠭᠤᠯᠵᠤ ᠪᠣᠯᠪᠠᠰᠤᠷᠠᠭᠤᠯᠪᠠᠯ ᠦᠷ᠎ᠡ ᠠᠰᠢᠭ ᠨᠢ ᠬᠠᠮᠤᠭ ᠤᠨ | ᠰᠠᠶᠢᠨ ᠪᠣᠢ︖ ᠡ᠊ᠨᠠ ᠭᠦ ᠠᠰᠠᠭᠤᠳᠠᠯ ᠢ ᠪᠢ ᠲᠤᠰᠬᠠᠢ ᠬᠠᠷᠢᠴᠠᠭᠤᠯᠵᠤ᠂ ᠲᠤᠷᠰᠢᠯᠲᠠ ᠬᠢᠵᠦ ᠰᠤᠳᠤᠯᠤᠭᠰᠠᠨ ᠤ | ᠳ᠋ᠦᠩ ᠳᠤ ᠳᠥᠷᠪᠡ ᠤᠳᠠᠭ᠎ᠠ ᠬᠠᠭᠤᠯᠵᠤ ᠪᠢᠴᠢᠪᠠᠯ ᠦᠷ᠎ᠠ ᠳ᠋ᠦᠩ ᠨᠢ ᠬᠠᠮᠤᠭ ᠤᠨ ᠰᠠᠶᠢᠨ ᠪᠠᠶᠢᠳᠠᠬ ᠭᠡᠰᠡᠨ ᠢ ︽ | ᠳᠠᠷᠤᠭᠠᠰᠤ ᠶᠢ ᠬᠥᠩᠭᠡᠯᠡᠨ᠂ ᠶᠠᠰᠤ ᠴᠢᠨᠠᠷ ᠢ ᠳᠡᠭᠡᠭᠰᠢᠯᠡᠭᠦᠯᠬᠦ ᠲᠤᠬᠠᠢ︾ ᠭᠡᠭᠦ ᠦᠭᠦᠯᠠᠯ ᠳᠤ ᠪᠠᠨ ᠣᠨᠣᠯᠲᠠ | ᠪᠠᠷᠢᠮᠲᠠ ᠲᠠᠢ ᠥᠭᠦᠯᠡᠨ ᠲᠣᠭᠠᠴᠢᠭᠰᠠᠨ ᠶᠤᠮ᠃ ᠡᠨᠡ ᠪᠣᠯ ᠳᠠᠷᠤᠢ ᠨᠢᠭᠡ ᠤᠳᠠᠭᠠᠨ ᠤ ᠪᠦᠲᠦᠮᠵᠢᠲᠡᠢ ᠵᠢᠭᠠᠨ | ᠰᠤᠳᠤᠯᠭᠠᠨ ᠮᠥᠨ᠃ ᠲᠠᠭᠡᠪᠠᠯ ᠵᠢᠭᠠᠨ ᠰᠤᠳᠤᠯᠭᠠᠨ ᠢ ᠭᠡᠷᠬᠢᠨ ᠬᠢᠭᠦ ᠪᠤᠢ︖ | ᠨᠢᠭᠡ᠂ ᠰᠤᠳᠤᠯᠬᠤ ᠰᠡᠳᠦᠪ ᠢᠶᠠᠨ ᠰᠣᠩᠭᠤᠬᠤ | ᠵᠢᠭᠠᠨ ᠰᠤᠳᠤᠯᠭᠠᠨ ᠬᠢᠬᠦ ᠳᠤ ᠡᠩ ᠲᠡᠷᠢᠭᠦᠨ ᠳᠤ ᠰᠤᠳᠤᠯᠬᠤ ᠰᠡᠳᠦᠪ ᠢᠶᠠᠨ ᠲᠣᠭᠲᠠᠭᠠᠬᠤ ᠬᠡᠷᠡᠭᠲᠡᠢ᠂ ᠡᠨᠡ | ᠪᠣᠯ ᠤᠷᠢᠳᠠᠯ ᠮᠥᠨ᠃ ᠳᠤᠮᠳᠠᠳᠤ ᠪᠠᠭ᠎ᠠ ᠰᠤᠷᠭᠠᠭᠤᠯᠢ ᠪᠣᠯ ᠵᠢᠭᠠᠨ ᠰᠤᠷᠭᠠᠬᠤ ᠦᠢᠯᠡᠳᠦᠯᠭᠡ ᠬᠢᠬᠦ ᠪᠠᠷ ᠭᠤᠣᠯᠯᠠᠵᠤ | ᠂ ᠶᠡᠭᠡ ᠰᠤᠷᠭᠠᠭᠤᠯᠢ ᠪᠣᠯ ᠵᠢᠭᠠᠨ ᠰᠤᠷᠭᠠᠬᠤ ᠣᠨᠣᠯ ᠢᠶᠠᠷ ᠭᠤᠤᠯᠳᠠᠭᠤᠯᠳᠠᠬ᠂ ᠦᠨᠠᠨ ᠳᠤ ᠪᠠᠨ ᠦᠢᠯᠡᠳᠦᠯᠭᠡ ᠪᠠᠷ | ᠭᠤᠣᠯᠯᠠᠭᠰᠠᠨ ᠲᠤᠮᠳᠠᠳᠤ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠲᠠ ᠳᠤ ᠰᠤᠳᠤᠯᠵᠤ ᠰᠢᠨᠵᠢᠯᠡᠮᠡᠷ ᠵᠦᠢᠯ ᠲᠤᠩ | ᠣᠯᠠᠨ ᠪᠠᠶᠢᠳᠠᠭ᠃ ᠪᠢᠳᠡ ᠡᠳᠦᠷᠵᠢᠨ ᠵᠢᠭᠠᠨ ᠰᠤᠷᠭᠠᠬᠤ ᠦᠢᠯᠡᠳᠦᠯᠭᠡ ᠶᠢᠨ ᠳᠤᠮᠳᠠ ᠪᠡᠶᠡᠳᠡᠨ ᠣᠷᠣᠯᠴᠠᠵᠤ᠂ | ᠨᠢᠳᠦ ᠪᠠᠷ ᠦᠵᠡᠵᠦ᠂ ᠴᠢᠬᠢ ᠪᠠᠷ ᠰᠣᠨᠣᠰᠤᠨ᠂ ᠭᠠᠷ ᠢᠶᠠᠷ ᠳᠠᠮᠵᠢᠨ᠂ ᠰᠡᠳᠬᠢᠨ ᠪᠤᠳᠤᠵᠤ ᠪᠠᠶᠢᠭ᠎ᠠ ᠲᠤᠯᠠ ᠵᠢᠭᠠᠨ | ᠰᠤᠷᠭᠠᠯᠲᠠ ᠶᠢᠨ ᠨᠢᠭᠡᠳᠦᠭᠡᠷ ᠪᠣᠷᠣ ᠮᠠᠲ᠋ᠧᠷᠢᠶᠠᠯ ᠠᠯᠢ ᠣᠯᠠᠨ ᠪᠤᠢ᠃ ᠰᠤᠳᠤᠯᠭᠠᠨ ᠤ ᠰᠡᠳᠦᠪ ᠰᠣᠩᠭᠤᠬᠤ ᠳᠤ | ᠮᠠᠨ ᠤ ᠡᠳᠦᠷ ᠲᠣᠳᠣᠮ ᠤᠨ ᠵᠢᠭᠠᠨ ᠰᠤᠷᠭᠠᠵᠤ ᠪᠠᠶᠢᠬᠤ ᠬᠢᠴᠢᠶᠡᠯ ᠲᠥᠷᠥᠯ᠂ ᠵᠢᠭᠠᠨ ᠰᠤᠷᠭᠠᠵᠤ ᠪᠠᠶᠢᠭ᠎ᠠ ᠣᠨ᠂ | ᠰᠤᠷᠤᠭᠴᠢ᠂ ᠣᠷᠣᠨ ᠨᠤᠲᠤᠭ᠂ ᠪᠠᠭᠰᠢ ᠶᠢᠨ ᠰᠤᠳᠤᠯᠵᠤ ᠰᠢᠨᠵᠢᠯᠡᠬᠦ ᠤᠷᠮ᠎ᠠ ᠪᠠᠬ᠎ᠠ ᠵᠡᠷᠭᠡ ᠣᠯᠠᠨ ᠲᠠᠯ᠎ᠠ ᠲᠠᠢ | ᠬᠤᠯᠪᠣᠭᠳᠠᠵᠤ ᠪᠠᠶᠢᠭ᠎ᠠ ᠪᠣᠯᠪᠠᠴᠤ ᠶᠡᠷᠦᠩᠬᠡᠢ ᠳᠤ ᠪᠠᠨ ᠰᠤᠳᠤᠯᠭᠠᠨ ᠤ ᠰᠡᠳᠦᠪ ᠨᠢ ᠪᠦᠷᠢᠨ ᠪᠦᠲᠦᠨ᠂ ᠤᠳᠬ᠎ᠠ | ᠠᠭᠤᠯᠭ᠎ᠠ ᠲᠠᠢ᠂ ᠦᠨ᠎ᠡ ᠥᠷᠲᠡᠭ ᠲᠠᠢ᠂ ᠰᠤᠳᠤᠯᠤᠭᠴᠢ᠂ ᠰᠤᠳᠤᠯᠬᠤ ᠠᠷᠭ᠎ᠠ᠂ ᠰᠤᠳᠤᠯᠬᠤ ᠬᠠᠷᠠᠯᠲᠠ ᠵᠡᠷᠭᠡ ᠨᠢ | ᠴᠦᠮ ᠲᠤᠳᠤᠷᠬᠠᠢ ᠪᠠᠶᠢᠬᠤ ᠬᠡᠷᠡᠭᠲᠡᠢ᠃ ᠪᠠᠰᠠ ᠵᠠᠪᠠᠯ ᠰᠤᠳᠤᠯᠬᠤ ᠭᠤᠣᠯᠳᠠᠯᠭ᠎ᠠ ᠪᠠ ᠣᠨᠣᠯ ᠤᠨ ᠵᠢᠯᠣᠭᠤᠳᠤᠯᠭ᠎ᠠ | ᠪᠠᠶᠢᠬᠤ ᠬᠡᠷᠡᠭᠲᠡᠢ᠂ ᠶᠠᠪᠤᠭᠳᠠᠭᠤᠯᠵᠤ ᠪᠣᠯᠬᠤᠶᠢᠴᠠ ᠰᠤᠳᠤᠯᠭᠠᠨ ᠪᠠᠶᠢᠬᠤ ᠬᠡᠷᠡᠭᠲᠡᠢ᠃ ᠰᠤᠳᠤᠯᠭᠠᠨ ᠤ ᠰᠡᠳᠦᠪ ᠨᠢ | ᠪᠣᠳᠠᠲᠠᠢ ᠠᠴᠠ ᠡᠭᠦᠰᠴᠦ᠂ ᠪᠣᠳᠠᠲᠠᠢ ᠲᠠᠢ ᠤᠶᠠᠯᠳᠤᠨ᠂ ᠦᠨᠡᠨ ᠪᠣᠳᠠᠲᠠᠢ ᠮᠥᠷᠲᠡᠭᠡᠨ ᠵᠢᠭᠠᠨ ᠰᠤᠷᠭᠠᠬᠤ ᠳᠤᠮᠳᠠ | ᠲᠣᠬᠢᠶᠠᠯᠳᠤᠭᠰᠠᠨ ᠠᠰᠠᠭᠤᠳᠠᠯ ᠤᠳ ᠢ ᠰᠢᠢᠳᠪᠦᠷᠢᠯᠡᠬᠦ ᠪᠠᠷ ᠭᠤᠣᠯᠯᠠᠭᠰᠠᠨ ᠰᠤᠳᠤᠯᠬᠤ ᠰᠠᠳᠤᠪ ᠪᠣᠯ ᠰᠠᠶ᠋ᠢ ᠵᠢᠩᠬᠢᠨᠢ | ᠦᠨ᠎ᠡ ᠥᠷᠲᠡᠭ ᠲᠠᠢ᠂ ᠠᠮᠢᠵᠢᠷᠠᠯ ᠤᠨ ᠬᠦᠴᠦᠨ ᠲᠠᠢ ᠰᠤᠳᠤᠯᠭᠠᠨ ᠮᠥᠨ᠃ ᠡᠶᠢᠮᠦ ᠰᠤᠳᠤᠯᠭᠠᠨ ᠢ ᠪᠠᠭᠰᠢ ᠨᠠᠷ | ᠬᠢᠬᠦ ᠳᠤᠷᠠᠲᠠᠢ ᠮᠥᠷᠲᠡᠭᠡᠨ ᠬᠢᠵᠦ ᠪᠠᠰᠠ ᠳᠡᠶᠢᠯᠦᠨ᠎ᠡ᠃ | ᠵᠢᠱᠢᠶᠡᠯᠡᠪᠡᠯ᠄ ︽ᠳᠤᠮᠳᠠᠳᠤ ᠰᠤᠷᠭᠠᠭᠤᠯᠢ ᠶᠢᠨ ᠰᠤᠷᠤᠭᠴᠢᠳ ᠲᠤ ᠰᠢᠯᠢᠳᠡᠭ ᠰᠠᠶᠢᠨ ᠵᠠᠩ ᠳᠠᠳᠬᠠᠯ ᠢ | ᠬᠥᠮᠥᠵᠢᠭᠦᠯᠬᠦ ᠰᠤᠳᠤᠯᠤᠯ ᠪᠠ ᠲᠤᠷᠰᠢᠯᠲᠠ︾ ᠭᠡᠬᠦ ᠰᠤᠳᠤᠯᠭᠠᠨ ᠢᠶᠠᠷ ᠦᠵᠡᠪᠡᠯ᠂ ᠰᠤᠳᠤᠯᠤᠭᠳᠠᠬᠤᠨ ᠨᠢ ᠳᠤᠮᠳᠠᠳᠤ | ᠰᠤᠷᠭᠠᠭᠤᠯᠢ ᠶᠢᠨ ᠰᠤᠷᠤᠭᠴᠢ᠂ ᠠᠭᠤᠯᠭ᠎ᠠ ᠨᠢ ᠰᠢᠯᠢᠳᠡᠭ ᠰᠠᠶᠢᠨ ᠳᠠᠳᠬᠠᠯ ᠢ ᠬᠥᠮᠥᠵᠢᠭᠦᠯᠬᠦ ᠶᠠᠪᠤᠳᠠᠯ᠂ | ᠬᠠᠷᠠᠯᠲᠠ ᠨᠢ ᠰᠤᠷᠤᠭᠴᠢᠳ ᠤᠨ ᠰᠢᠯᠢᠳᠡᠭ ᠰᠠᠶᠢᠨ ᠵᠠᠩ ᠳᠠᠳᠬᠠᠯ ᠢ ᠬᠥᠮᠥᠵᠢᠭᠦᠯᠬᠦ ᠪᠣᠯᠣᠨ᠎ᠠ᠃ | ᠨᠢᠭᠡ ᠯᠡ ᠰᠡᠳᠦᠪ ᠢ ᠠᠳᠠᠯᠢ ᠪᠤᠰᠤ ᠶᠢᠨ ᠬᠥᠮᠥᠨ ᠠᠳᠠᠯᠢ ᠪᠤᠰᠤ ᠶᠢᠨ ᠬᠠᠷᠠᠭᠠᠰᠤ᠂ ᠠᠳᠠᠯᠢ ᠪᠤᠰᠤ ᠶᠢᠨ | ᠲᠠᠨᠢᠯᠲᠠ ᠠᠴᠠ ᠰᠤᠳᠤᠯᠵᠤ ᠪᠣᠯᠣᠨ᠎ᠠ᠃ ᠮᠢᠨᠤ ᠰᠤᠳᠤᠯᠵᠤ ᠪᠦᠭᠦᠢ ᠨᠠᠯᠢᠶᠠᠳ ᠪᠦᠲᠦᠮᠵᠢᠲᠡᠢ ᠰᠢᠭ ᠰᠡᠳᠦᠪ ᠤᠳ ᠲᠤ | ᠄ 1. ︽ᠬᠤᠯᠪᠣᠬᠤ ᠡᠭᠡᠰᠢᠭ ᠤᠨ ᠳᠦᠷᠢᠮ ᠢ ᠬᠢᠯᠪᠠᠷᠴᠢᠯᠠᠵᠤ ᠵᠢᠭᠠᠭᠰᠠᠨ ᠲᠤᠷᠰᠢᠯᠲᠠ︾᠂ 2. ︽ᠳᠤᠮᠳᠠᠳᠤ | ᠰᠤᠷᠭᠠᠭᠤᠯᠢ ᠶᠢᠨ ᠵᠣᠬᠢᠶᠠᠨ ᠪᠢᠴᠢᠯᠭᠡ ᠶᠢ ᠪᠦᠲᠦᠭᠡᠯᠴᠢ ᠪᠠᠷ ᠵᠢᠭᠠᠨ ᠰᠤᠷᠭᠠᠭᠰᠠᠨ ᠲᠤᠷᠰᠢᠯᠲᠠ︾᠂ 3. ︽ | ᠳᠤᠮᠳᠠᠳᠤ ᠰᠤᠷᠭᠠᠭᠤᠯᠢ ᠶᠢᠨ ᠭᠤᠷᠪᠠᠨ ᠬᠡᠯᠡᠨ ᠤ ᠵᠢᠭᠠᠨ ᠰᠤᠷᠭᠠᠯᠲᠠ ᠶᠢᠨ ᠲᠤᠬᠠᠢ ᠰᠢᠨᠵᠢᠯᠡᠯ︾ ᠭᠡᠭᠦ ᠮᠠᠳᠤ ᠪᠤᠢ᠃ | ᠰᠤᠳᠤᠯᠭᠠᠨ ᠤ ᠰᠡᠳᠦᠪ ᠰᠣᠩᠭᠤᠬᠤ ᠳᠤ ᠰᠤᠷᠤᠭᠴᠢ ᠶᠢᠨ ᠰᠤᠷᠤᠯᠴᠠᠬᠤ ᠠᠰᠠᠭᠤᠳᠠᠯ᠂ ᠬᠢᠴᠢᠶᠡᠯ ᠤᠨ | ᠥᠭᠡᠷᠡᠴᠢᠯᠡᠯᠲᠡ᠂ ᠰᠤᠷᠤᠭᠴᠢ ᠶᠢᠨ ᠬᠠᠮᠢᠶᠠᠷᠤᠯᠲᠠ᠂ ᠭᠡᠷ ᠤᠨ ᠬᠥᠮᠥᠵᠢᠯ᠂ ᠰᠤᠷᠤᠭᠴᠢ ᠶᠢᠨ ᠡᠯ᠎ᠡ ᠲᠠᠯ᠎ᠠ ᠶᠢᠨ | ᠴᠢᠳᠠᠪᠤᠷᠢ ᠶᠢ ᠳᠡᠭᠡᠭᠰᠢᠯᠡᠭᠦᠯᠬᠦ᠂ ᠠᠵᠢᠯ ᠮᠡᠷᠭᠡᠵᠢᠯ ᠤᠨ ᠰᠤᠷᠭᠠᠨ ᠬᠥᠮᠥᠵᠢᠯ ᠪᠠ ᠡᠩ ᠤᠨ ᠰᠤᠷᠭᠠᠨ ᠬᠥᠮᠥᠵᠢᠯ ᠤᠨ | ᠣᠳᠣᠬᠠᠨ ᠤ ᠪᠠᠶᠢᠳᠠᠯ ᠪᠠ ᠬᠠᠨᠳᠤᠰᠢ᠂ ᠵᠢᠭᠠᠨ ᠰᠤᠷᠭᠠᠭᠰᠠᠨ ᠠᠵᠢᠯ ᠤᠨ ᠲᠤᠷᠰᠢᠯᠭ᠎ᠠ ᠪᠠᠨ ᠦᠨᠳᠦᠰᠦᠯᠡᠵᠦ | ᠭᠠᠷᠭᠠᠭᠰᠠᠨ ᠣᠨᠣᠯ᠂ ᠡᠳᠦᠷ ᠲᠣᠳᠣᠮ ᠤᠨ ᠵᠢᠭᠠᠨ ᠰᠤᠷᠭᠠᠯᠲᠠ ᠳᠤ ᠲᠣᠬᠢᠶᠠᠯᠳᠤᠭᠰᠠᠨ ᠠᠰᠠᠭᠤᠳᠠᠯ ᠢ | ᠰᠢᠢᠳᠪᠦᠷᠢᠯᠡᠭᠰᠡᠨ ᠳ᠋ᠦᠩᠨᠡᠯᠲᠡ ᠁ ᠪᠦᠷ ᠪᠠᠶᠢᠵᠤ ᠪᠣᠯᠣᠨ᠎ᠠ᠃ ᠡᠭᠦᠨ ᠠᠴᠠ ᠭᠠᠳᠠᠨ᠎ᠠ ᠲᠣᠣᠷ ᠰᠦᠯᠵᠢᠶ᠎ᠡ ᠠᠴᠠ | ᠡᠷᠢᠬᠦ᠂ ᠪᠤᠰᠤᠳ ᠠᠴᠠ ᠠᠰᠠᠭᠤᠵᠤ ᠯᠠᠪᠯᠠᠬᠤ ᠨᠢ ᠵᠢᠭᠠᠨ ᠰᠤᠳᠤᠯᠭᠠᠨ ᠤ ᠰᠡᠳᠦᠪ ᠣᠯᠬᠤ ᠶᠢᠨ ᠴᠢᠬᠤᠯᠠ ᠠᠷᠭ᠎ᠠ | ᠵᠠᠮ ᠪᠣᠯᠣᠨ᠎ᠠ᠃ | ᠡᠩ ᠤᠨ ᠦᠶ᠎ᠡ ᠳᠤ ᠪᠠᠨ ᠵᠤᠷᠢᠯᠭ᠎ᠠ ᠲᠠᠢ ᠪᠠᠷ ︽ᠬᠤᠷᠠᠮᠳᠤᠭᠤᠯᠬᠤ︾ ᠪᠣᠯ ᠵᠢᠭᠠᠨ ᠰᠤᠳᠤᠯᠭᠠᠨ ᠤ | ᠬᠠᠮᠤᠭ ᠤᠨ ᠴᠢᠬᠤᠯᠠ ᠵᠦᠢᠯ ᠶᠤᠮ᠃ ᠵᠢᠭᠠᠨ ᠰᠤᠳᠤᠯᠭᠠᠨ ᠪᠣᠯ ᠪᠠᠷᠢᠨ ᠲᠤᠤᠷ᠎ᠠ ᠨᠢ ︽ᠰᠤᠳᠤᠯᠵᠤ ᠭᠠᠷᠭᠠᠴᠢᠬᠠᠬᠤ | ︾ ᠶᠠᠭᠤᠮ᠎ᠠ ᠪᠢᠰᠢ᠂ ᠵᠢᠭᠠᠨ ᠰᠤᠷᠭᠠᠬᠤ ᠠᠵᠢᠯ ᠤᠨ ᠳᠤᠮᠳᠠ ᠤᠳᠠᠭᠠᠨ ᠡᠳᠦᠷ ᠵᠤᠵᠠᠭᠠᠨ ᠬᠤᠨᠤᠭ ᠦᠷᠭᠦᠯᠵᠢ | ᠰᠡᠳᠬᠢᠨ ᠪᠣᠳᠣᠯᠬᠢᠯᠠᠵᠤ᠂ ᠠᠵᠢᠭᠯᠠᠨ ᠰᠢᠨᠵᠢᠵᠦ᠂ ᠬᠠᠷᠢᠴᠠᠭᠤᠯᠤᠨ ᠲᠤᠩᠭᠠᠵᠤ᠂ ᠬᠤᠷᠠᠮᠳᠤᠭᠤᠯᠭ᠎ᠠ ᠬᠢᠵᠦ᠂ | ᠶᠡᠷᠦᠩᠬᠡᠶᠢᠯᠡᠨ ᠳ᠋ᠦᠩᠨᠡᠵᠦ ᠪᠠᠶᠢᠵᠤ ᠰᠠᠶ᠋ᠢ ᠪᠦᠳᠤᠳᠡᠭ᠃ ᠡᠰᠡ ᠲᠡᠶᠢᠮᠦ ᠪᠣᠯ ᠬᠡᠳᠦᠢ ᠵᠢᠯ ᠪᠠᠭᠰᠢᠯᠠᠭᠰᠠᠨ ᠴᠦ | ᠰᠤᠳᠤᠯᠭᠠᠨ ᠬᠢᠵᠦ ᠳᠡᠶᠢᠯᠬᠦ ᠦᠭᠡᠢ᠂ ᠤᠴᠢᠷ ᠨᠢ ᠡᠶᠢᠮᠦ ᠬᠥᠮᠥᠨ ᠤ ᠴᠡᠭᠡᠵᠢᠨ ᠳᠤ ᠶᠠᠭᠤᠮ᠎ᠠ ᠦᠭᠡᠢ᠂ ᠨᠠᠭᠠᠲᠤ | ᠵᠠᠬ᠎ᠠ ᠳᠤ ᠪᠠᠨ ᠨᠡᠯᠢᠶᠡᠳ ᠰᠢᠰᠲ᠋ᠧᠮ ᠲᠠᠢ ᠵᠦᠢᠯ ᠪᠠᠶᠢᠬᠤ ᠦᠭᠡᠢ᠃ | ᠪᠠᠰᠠ ᠨᠢᠭᠡ ᠠᠩᠬᠠᠷᠬᠤ ᠴᠢᠬᠤᠯᠠᠳᠠᠢ ᠵᠦᠢᠯ ᠭᠡᠪᠠᠯ᠄ ᠰᠡᠳᠦᠪ ᠰᠣᠩᠭᠤᠬᠤ ᠳᠤ ᠪᠠᠨ ᠳᠡᠩᠳᠡᠭᠦᠦ ᠶᠡᠭᠡ | ᠰᠡᠳᠦᠪ ᠪᠠᠶᠢᠵᠤ ᠪᠣᠯᠬᠤ ᠦᠭᠡᠢ ᠮᠥᠷᠲᠡᠭᠡᠨ ᠳᠡᠩᠳᠡᠭᠦᠦ ᠪᠠᠭ᠎ᠠ ᠪᠠᠰᠠ ᠪᠠᠶᠢᠵᠤ ᠪᠣᠯᠬᠤ ᠦᠭᠡᠢ᠂ | ᠪᠤᠰᠤᠳ ᠤᠨ ᠬᠢ ᠶᠢ ᠲᠡᠷᠡ ᠬᠡᠪ ᠢᠶᠠᠷ ᠨᠢ ᠬᠠᠭᠤᠯᠵᠤ ᠪᠣᠯᠬᠤ ᠦᠭᠡᠢ᠂ ᠵᠡᠪᠠᠯ ᠰᠢᠨᠵᠢᠯᠡᠬᠦ ᠤᠬᠠᠭᠠᠨᠴᠢ ᠴᠢᠨᠠᠷ ᠢ | ᠬᠦᠨᠳᠦᠳᠬᠡᠨ᠂ ᠴᠠᠭ ᠤᠨ ᠤᠷᠤᠰᠬᠠᠯ᠂ ᠤᠷᠢᠶ᠎ᠠ ᠰᠢᠬ ᠶᠠᠭᠤᠮ᠎ᠠ ᠶᠢ ᠳᠡᠩᠳᠡᠭᠦᠦ ᠳᠠᠭᠠᠬᠤ ᠦᠭᠡᠢ ᠪᠠᠶᠢᠪᠠᠯ ᠵᠤᠬᠢᠨ᠎ᠠ | ᠃ | ᠬᠤᠶᠠᠷ᠂ ᠰᠤᠳᠤᠯᠭᠠᠨ ᠤ ᠠᠷᠭ᠎ᠠ ᠪᠠᠨ ᠲᠣᠭᠲᠠᠭᠠᠬᠤ | ᠰᠤᠳᠤᠯᠬᠤ ᠰᠡᠳᠦᠪ ᠢᠶᠠᠨ ᠲᠣᠭᠲᠠᠭᠠᠭᠰᠠᠨ ᠤ ᠳᠠᠷᠠᠭ᠎ᠠ᠂ ᠰᠤᠳᠤᠯᠭᠠᠨ ᠤ ᠰᠡᠳᠦᠪ ᠤᠨ ᠢᠶᠠᠨ ᠣᠨᠴᠠᠯᠢᠭ ᠲᠤ | ᠲᠣᠬᠢᠷᠠᠭᠤᠯᠵᠤ ᠰᠤᠳᠤᠯᠬᠤ ᠠᠷᠭ᠎ᠠ ᠪᠠᠨ ᠲᠣᠭᠲᠠᠭᠠᠬᠤ ᠬᠡᠷᠡᠭᠲᠡᠢ᠂ ᠡᠭᠦᠨ ᠳᠤ ᠪᠠᠶᠢᠴᠠᠭᠠᠨ ᠰᠤᠳᠤᠯᠬᠤ᠂ ᠶᠠᠷᠢᠯᠴᠠᠬᠤ | ᠂ ᠲᠤᠷᠰᠢᠯᠲᠠ ᠬᠢᠬᠦ᠂ ᠬᠠᠷᠢᠴᠠᠭᠤᠯᠤᠨ ᠬᠠᠷᠭᠤᠭᠤᠯᠬᠤ᠂ ᠦᠢᠯᠡᠳᠦᠯᠭᠡ ᠶᠢᠨ ᠠᠷᠭ᠎ᠠ ᠠᠯᠢ ᠣᠯᠠᠨ ᠠᠷᠭ᠎ᠠ ᠪᠠᠶᠢᠵᠤ | ᠪᠣᠯᠣᠨ᠎ᠠ᠂ ᠡᠰᠡᠪᠡᠯ ᠬᠡᠳᠦᠨ ᠠᠷᠭ᠎ᠠ ᠶᠢ ᠰᠣᠯᠪᠢᠴᠠᠭᠤᠯᠤᠨ ᠬᠡᠷᠡᠭᠯᠡᠵᠦ ᠴᠤ ᠪᠣᠯᠣᠨ᠎ᠠ᠃ ᠵᠢᠱᠢᠶᠡᠯᠡᠪᠡᠯ᠄ | ︽ᠬᠤᠯᠪᠣᠬᠤ ᠡᠭᠡᠰᠢᠭ ᠤᠨ ᠳᠦᠷᠢᠮ ᠢ ᠳᠥᠭᠦᠮᠴᠢᠯᠡᠵᠦ ᠵᠢᠭᠠᠬᠤ ᠲᠤᠬᠠᠢ ᠲᠤᠷᠰᠢᠯᠲᠠ︾ ᠳᠤ ᠬᠤᠶᠠᠷ | ᠠᠩᠭᠢ ᠳᠤ ᠬᠠᠷᠢᠴᠠᠭᠤᠯᠵᠤ ᠵᠢᠭᠠᠭᠠᠳ᠂ ᠰᠢᠯᠭᠠᠭᠰᠠᠨ ᠬᠤᠪᠢ ᠶᠢ ᠨᠢ ᠲᠤᠷᠰᠢᠯᠲᠠ ᠶᠢᠨ ᠦᠷ᠎ᠡ ᠳ᠋ᠦᠩ ᠪᠤᠶᠤ | ᠰᠤᠳᠤᠯᠭᠠᠨ ᠤ ᠮᠡᠳᠡᠭᠦᠯᠦᠯᠲᠡ ᠶᠢᠨ ᠭᠤᠣᠯ ᠠᠭᠤᠯᠭ᠎ᠠ ᠪᠣᠯᠭᠠᠵᠠᠢ᠃ | ︽ᠭᠤᠷᠪᠠᠨ ᠬᠡᠯᠡᠨ ᠤ ᠵᠢᠭᠠᠨ ᠰᠤᠷᠭᠠᠯᠲᠠ ᠶᠢᠨ ᠲᠤᠬᠠᠢ ᠰᠤᠳᠤᠯᠭᠠᠨ︾ ᠳᠤ ᠮᠣᠩᠭᠤᠯ ᠬᠡᠯᠡ᠂ ᠬᠢᠲᠠᠳ | ᠬᠡᠯᠡ᠂ ᠠᠩᠭ᠍ᠯᠢ ᠬᠡᠯᠡ ᠶᠢᠨ ᠵᠢᠭᠠᠨ ᠰᠤᠷᠭᠠᠯᠲᠠ ᠶᠢᠨ ᠬᠡᠷᠡᠭᠴᠡᠭᠡ᠂ ᠲᠠᠯᠪᠢᠬᠤ ᠪᠠᠶᠢᠷᠢ ᠰᠠᠭᠤᠷᠢ᠂ ᠶᠠᠮᠠᠷ ᠪᠠᠶᠢᠷᠢ ᠳᠤ | ᠲᠠᠯᠪᠢᠨ ᠵᠢᠭᠠᠨ ᠰᠤᠷᠭᠠᠬᠤ ᠲᠤᠬᠠᠢ ᠠᠰᠠᠭᠤᠯᠳᠠ ᠳᠤ ᠰᠤᠷᠤᠭᠴᠢᠳ ᠢᠶᠠᠷ ᠬᠠᠷᠢᠭᠤᠯᠲᠠ ᠬᠢᠯᠭᠡᠵᠦ᠂ ᠪᠠᠶᠢᠴᠠᠭᠠᠨ | ᠰᠤᠳᠤᠯᠬᠤ ᠠᠷᠭ᠎ᠠ ᠶᠢ ᠢᠯᠡᠭᠦᠦ ᠬᠡᠷᠡᠭᠯᠡᠵᠡᠢ᠃ | ︽ᠵᠣᠬᠢᠶᠠᠨ ᠪᠢᠴᠢᠯᠭᠡ ᠶᠢ ᠪᠦᠲᠦᠭᠡᠯᠴᠢ ᠴᠢᠨᠠᠷᠲᠠᠢ ᠵᠢᠭᠠᠨ ᠰᠤᠷᠭᠠᠬᠤ ᠲᠤᠬᠠᠢ ᠰᠤᠳᠤᠯᠭᠠᠨ︾ ᠳᠤ | ᠭᠤᠣᠯᠳᠠᠬᠤ ᠤᠷᠢᠳ ᠢᠶᠠᠷ ᠪᠢᠴᠢᠬᠦ ᠮᠠᠲ᠋ᠧᠷᠢᠶᠠᠯ ᠢ ᠨᠢ ᠣᠯᠭᠤᠨ ᠰᠤᠷᠤᠭᠴᠢᠳ ᠤᠨ ᠰᠡᠳᠬᠢᠬᠦᠢ ᠶᠢ ᠲᠡᠯᠡᠵᠦ | ᠲᠠᠷᠠᠭ᠎ᠠ ᠨᠢ ᠵᠣᠬᠢᠶᠠᠨ ᠪᠢᠴᠢᠭᠦᠯᠵᠤ᠂ ᠵᠣᠬᠢᠶᠠᠭᠰᠠᠨ ᠵᠣᠬᠢᠶᠠᠯ ᠤᠨ ᠬᠢᠷᠢ ᠬᠡᠮᠵᠢᠶ᠎ᠡ ᠪᠠᠷ ᠰᠤᠳᠤᠯᠭᠠᠨ ᠢᠶᠠᠨ ᠦᠨᠡᠯᠡᠬᠦ | ᠠᠷᠭ᠎ᠠ ᠪᠣᠯᠭᠠᠵᠠᠢ᠂ ᠡᠨᠡ ᠪᠣᠯ ᠦᠢᠯᠡᠳᠦᠯᠭᠡ ᠶᠢᠨ ᠠᠷᠭ᠎ᠠ ᠮᠥᠨ᠃ ᠰᠤᠳᠤᠯᠭᠠᠨ ᠬᠢᠬᠦ ᠳᠤ ᠬᠡᠯᠪᠡᠷᠢ ᠶᠢ | ᠬᠥᠭᠡᠭᠡᠴᠡᠯᠳᠦᠨ᠂ ᠶᠠᠪᠤᠴᠠ ᠶᠢ ᠣᠮᠲᠣᠭᠠᠶᠢᠯᠠᠵᠤ ᠪᠣᠯᠬᠤ ᠦᠭᠡᠢ᠂ ᠶᠠᠪᠤᠴᠠ ᠬᠠᠮᠤᠭ ᠤᠨ ᠴᠢᠬᠤᠯᠠ᠂ ᠵᠢᠩᠬᠢᠨᠢ | ᠦᠷ᠎ᠡ ᠠᠰᠢᠭ ᠨᠢ ᠶᠠᠪᠤᠴᠠ ᠶᠢᠨ ᠳᠤᠮᠳᠠ ᠰᠠᠶ᠋ᠢ ᠭᠠᠷᠤᠨ᠎ᠠ᠃ ᠣᠶᠢᠷ᠎ᠠ ᠶᠢᠨ ᠵᠢᠯ ᠳᠤ᠄ ︽ᠬᠤᠶᠠᠷ ᠦᠵᠦᠭᠦᠷ ᠨᠢ | ᠬᠠᠯᠠᠭᠤᠨ᠂ ᠳᠤᠮᠳᠠ ᠨᠢ ᠬᠦᠢᠲᠡᠨ︾ ᠪᠠᠶᠢᠵᠤ ᠪᠣᠯᠬᠤ ᠦᠭᠡᠢ ᠭᠡᠵᠦ ᠱᠠᠭᠠᠷᠳᠠᠵᠤ ᠪᠠᠶᠢᠭ᠎ᠠ ᠨᠢ ᠳᠠᠷᠤᠢ ᠠᠵᠢᠯ | ᠶᠠᠪᠤᠳᠠᠯ ᠤᠨ ᠡᠬᠢᠯᠡᠯᠲᠡ ᠲᠡᠭᠦᠰᠬᠡᠯ ᠢ ᠬᠦᠨᠳᠦᠳᠬᠡᠵᠦ᠂ ᠥᠩᠭᠡᠷᠡᠯᠲᠡ ᠶᠠᠪᠤᠴᠠ ᠶᠢ ᠬᠥᠩᠭᠡᠪᠴᠢᠯᠡᠵᠦ ᠪᠣᠯᠬᠤ ᠦᠭᠡᠢ | ᠭᠡᠰᠡᠨ ᠦᠭᠡ ᠶᠤᠮ᠃ ᠪᠢᠳᠡ ᠰᠤᠳᠤᠯᠭᠠᠨ ᠤ ᠰᠡᠳᠦᠪ ᠢᠶᠠᠨ ᠡᠬᠢᠯᠡᠭᠦᠯᠦᠮᠡᠭᠴᠡ ᠲᠡᠭᠦᠰᠬᠡᠬᠦ ᠭᠡᠵᠦ ᠶᠠᠭᠠᠷᠠᠵᠤ ᠪᠣᠯᠬᠤ | ᠦᠭᠡᠢ᠂ ᠵᠠᠷᠢᠮ ᠰᠤᠳᠤᠯᠭᠠᠨ ᠨᠢ ᠨᠢᠭᠡ ᠬᠤᠶᠠᠷ ᠵᠢᠯ᠂ ᠴᠢᠨᠠᠭᠰᠢᠳᠠ ᠬᠡᠳᠦᠨ ᠵᠢᠯ ᠭᠡᠷᠡᠭᠰᠡᠨ᠎ᠠ᠃ | ᠭᠤᠷᠪᠠ᠂ ᠮᠠᠲ᠋ᠧᠷᠢᠶᠠᠯ ᠴᠤᠭᠯᠠᠭᠤᠯᠵᠤ ᠠᠰᠢᠭᠯᠠᠬᠤ | ᠶᠠᠮᠠᠷ ᠴᠦ ᠮᠠᠲ᠋ᠧᠷᠢᠶᠠᠯ ᠬᠡᠷᠡᠭᠯᠡᠬᠦ ᠦᠭᠡᠢ᠂ ᠮᠠᠲ᠋ᠧᠷᠢᠶᠠᠯ ᠡᠮᠬᠢᠯᠡᠵᠦ ᠳᠢᠭᠯᠡᠬᠦ ᠦᠭᠡᠢ ᠰᠤᠳᠤᠯᠭᠠᠨ ᠭᠡᠵᠦ ᠪᠠᠷᠤᠭ | ᠪᠠᠶᠢᠬᠤ ᠦᠭᠡᠢ᠂ ᠵᠢᠭᠠᠨ ᠰᠤᠳᠤᠯᠭᠠᠨ ᠢ ᠪᠠᠭᠲᠠᠭᠠᠭᠰᠠᠨ ᠪᠦᠬᠦ ᠰᠤᠳᠤᠯᠭᠠᠨ ᠨᠢ ᠵᠠᠷᠢᠮ ᠲᠠᠯ᠎ᠠ ᠪᠠᠷ ᠪᠦᠷ | ᠪᠤᠰᠤᠳ ᠤᠨ ᠰᠤᠳᠤᠯᠤᠭᠰᠠᠨ ᠵᠦᠢᠯ ᠠᠴᠠ ᠰᠢᠭᠤᠳ ᠪᠤᠶᠤ ᠳᠠᠮ ᠢᠶᠠᠷ ᠰᠤᠷᠤᠯᠴᠠᠵᠤ᠂ ᠵᠠᠯᠭᠠᠮᠵᠢᠯᠠᠵᠤ᠂ | ᠬᠥᠭᠵᠢᠭᠦᠯᠵᠦ᠂ ᠪᠤᠰᠤᠳ ᠤᠨ ᠰᠤᠳᠤᠯᠵᠤ ᠣᠯᠣᠭᠰᠠᠨ ᠦᠷ᠎ᠡ ᠳ᠋ᠦᠩ ᠢ ᠠᠮᠢᠳᠤᠯᠢᠭ ᠬᠡᠷᠡᠭᠯᠡᠨ᠂ ᠥᠪᠡᠷ ᠤᠨ | ᠶᠠᠭᠤᠮ᠎ᠠ᠂ ᠰᠢᠨ᠎ᠡ ᠶᠠᠭᠤᠮ᠎ᠠ ᠪᠣᠯᠭᠠᠵᠤ ᠭᠦᠭᠵᠢᠭᠦᠯᠭᠦ ᠶᠠᠪᠤᠳᠠᠯ ᠮᠥᠨ ᠭᠡᠵᠦ ᠦᠵᠡᠵᠦ ᠪᠣᠯᠣᠨ᠎ᠠ᠃ ᠮᠡᠷᠭᠡᠳ᠄ ︽ | ᠨᠣᠮ ᠪᠢᠴᠢᠭ ᠤᠩᠰᠢᠬᠤ ᠨᠢ ᠪᠤᠰᠤᠳ ᠤᠨ ᠦᠵᠡᠯ ᠰᠠᠨᠠᠭᠠᠨ ᠤ ᠬᠠᠪᠰᠤᠷᠤᠯᠭ᠎ᠠ ᠪᠠᠷ ᠥᠪᠡᠷ ᠤᠨ ᠦᠵᠡᠯ | ᠰᠠᠨᠠᠭ᠎ᠠ ᠪᠠᠨ ᠪᠠᠶᠢᠭᠤᠯᠵᠤ ᠪᠠᠶᠢᠬᠤ ᠶᠠᠪᠤᠳᠠᠯ ᠶᠤᠮ︾ ᠬᠡᠰᠡᠨ ᠨᠢ ᠶᠠᠬ ᠡᠭᠦᠨ ᠢ ᠬᠡᠯᠡᠭᠰᠡᠨ ᠶᠤᠮ᠃ ᠮᠠᠲ᠋ᠧᠷᠢᠶᠠᠯ | ᠴᠤᠭᠯᠠᠭᠤᠯᠵᠤ ᠡᠮᠬᠢᠯᠡᠨ᠂ ᠠᠰᠢᠭᠯᠠᠵᠤ᠂ ᠰᠤᠳᠤᠯᠭᠠᠨ ᠤ ᠪᠠᠨ ᠣᠨᠣᠯᠲᠠ ᠳᠤ ᠦᠨᠳᠦᠰᠦ ᠪᠠᠷᠢᠮᠲᠠ ᠬᠠᠩᠭᠠᠨ᠂ | ᠰᠡᠩᠬᠡᠷᠡᠭᠦᠯᠦᠯ ᠣᠯᠵᠤ᠂ ᠰᠡᠳᠬᠢᠴᠡ ᠪᠠᠨ ᠥᠷᠭᠡᠳᠬᠡᠵᠦ᠂ ᠰᠤᠳᠤᠯᠭᠠᠨ ᠳᠤ ᠪᠠᠨ ᠪᠠᠳᠤ ᠰᠠᠭᠤᠷᠢ ᠲᠠᠯᠪᠢᠬᠤ ᠨᠢ | ᠮᠠᠰᠢ ᠴᠢᠬᠤᠯᠠ ᠶᠤᠮ᠃ | ᠨᠣᠮ ᠪᠢᠴᠢᠭ᠂ ᠰᠣᠨᠢᠨ ᠰᠡᠳᠬᠦᠯ᠂ ᠷᠠᠳᠢᠣ᠋ ᠲᠧᠯᠸᠢᠰ᠂ ᠲᠣᠣᠷ ᠰᠦᠯᠵᠢᠶ᠎ᠡ ᠠᠴᠠ ᠪᠦᠷ ᠮᠠᠲ᠋ᠧᠷᠢᠶᠠᠯ | ᠴᠤᠭᠯᠠᠭᠤᠯᠵᠤ ᠪᠣᠯᠣᠨ᠎ᠠ᠃ ᠠᠵᠢᠯ ᠨᠢᠭᠡᠲᠡᠨ ᠲᠠᠢ ᠪᠠᠨ ᠶᠠᠷᠢᠯᠴᠠᠨ᠂ ᠠᠰᠢᠭᠲᠠᠢ ᠵᠦᠢᠯ ᠢ ᠴᠡᠭᠡᠵᠢᠯᠡᠨ ᠲᠣᠭᠲᠠᠭᠠᠵᠤ᠂ | ᠲᠡᠮᠳᠡᠭᠯᠡᠨ ᠠᠪᠴᠤ᠂ ᠰᠢᠩᠭᠡᠭᠡᠨ ᠦᠯᠡᠳᠡᠭᠡᠬᠦ ᠨᠢ ᠪᠦᠷ ᠮᠠᠲ᠋ᠧᠷᠢᠶᠠᠯ ᠴᠤᠭᠯᠠᠭᠤᠯᠬᠤ ᠰᠠᠶᠢᠨ ᠠᠷᠭ᠎ᠠ ᠵᠠᠮ ᠮᠥᠨ᠃ | ᠢᠯᠠᠩᠭᠤᠶ᠎ᠠ ᠲᠣᠣᠷ ᠰᠦᠯᠵᠢᠶ᠎ᠡ ᠭᠡᠵᠦ ᠳᠠᠯᠠᠢ ᠰᠢᠬ ᠪᠠᠶᠠᠯᠢᠭ ᠡᠬᠢ ᠰᠤᠷᠪᠤᠯᠵᠢ ᠪᠠᠶᠢᠭ᠎ᠠ ᠨᠢ ᠮᠠᠨ ᠳᠤ ᠡᠯᠪᠡᠭ | ᠪᠠᠶᠠᠯᠢᠭ ᠪᠣᠷᠣ ᠮᠠᠲ᠋ᠧᠷᠢᠶᠠᠯ ᠬᠠᠩᠭᠠᠵᠠᠢ᠃ ᠶᠠᠮᠠᠷ ᠮᠠᠲ᠋ᠧᠷᠢᠶᠠᠯ ᠢ ᠴᠤ ᠠᠰᠢᠭᠯᠠᠵᠤ ᠬᠡᠷᠡᠭᠯᠡᠬᠦ ᠳᠤ ᠪᠠᠨ | ᠠᠮᠢᠳᠤᠯᠢᠭ ᠢᠶᠠᠷ ᠦᠢᠯᠡᠴᠢᠯᠡᠭᠦᠯᠬᠦ ᠬᠡᠷᠡᠭᠲᠡᠢ᠃ ᠦᠬᠦᠮᠡᠯ ᠢᠶᠠᠷ ᠬᠠᠭᠤᠯᠪᠤᠷᠢᠯᠠᠨ ᠨᠠᠭᠠᠵᠤ ᠨᠡᠷ᠎ᠡ ᠤᠰᠤ᠂ ᠭᠠᠵᠠᠷ | ᠣᠷᠣᠨ᠂ ᠴᠠᠭ ᠬᠤᠭᠤᠴᠠᠭ᠎ᠠ ᠶᠢ ᠨᠢ ᠰᠣᠯᠢᠵᠤ ᠡᠪᠯᠡᠭᠦᠯᠬᠦ ᠨᠢ ᠱᠠᠯ ᠲᠠᠮᠠᠢ ᠶᠠᠪᠤᠳᠠᠯ ᠶᠤᠮ᠃ | ᠳᠥᠷᠪᠡ᠂ ᠰᠤᠳᠤᠯᠭᠠᠨ ᠬᠢᠭᠦ | ᠰᠤᠳᠤᠯᠭᠠᠨ ᠬᠢᠭᠦ ᠶᠠᠪᠤᠴᠠ ᠪᠣᠯ ᠰᠠᠶ᠋ᠢ ᠵᠢᠩᠬᠢᠨᠢ ᠰᠤᠳᠤᠯᠭᠠᠨ ᠬᠢᠵᠦ ᠪᠠᠶᠢᠬᠤ ᠶᠠᠪᠤᠳᠠᠯ ᠮᠥᠨ᠃ ᠡᠷᠬᠡᠪᠰᠢ | ᠨᠠᠷᠢᠨ ᠬᠢᠨᠠᠮᠠᠭᠠᠢ ᠬᠠᠨᠳᠤᠨ᠂ ᠲᠡᠰᠪᠦᠷᠢ ᠳᠠᠭᠠᠭᠠᠴᠠ ᠲᠠᠢ ᠰᠤᠳᠤᠯᠬᠤ ᠬᠡᠷᠡᠭᠲᠡᠢ᠃ ᠣᠯᠠᠭᠤᠯᠠ ᠬᠤᠷᠰᠢᠵᠤ ᠬᠢᠭᠰᠡᠨ | ᠰᠤᠳᠤᠯᠭᠠᠨ ᠤ ᠰᠡᠳᠦᠪ ᠪᠣᠯ ᠡᠩ ᠲᠡᠷᠢᠭᠦᠨ ᠳᠤ ᠣᠷᠣᠯᠴᠠᠬᠤ ᠬᠥᠮᠥᠨ ᠢᠶᠠᠨ ᠵᠣᠬᠢᠶᠠᠨ ᠪᠠᠶᠢᠭᠤᠯᠵᠤ᠂ | ᠰᠤᠳᠤᠯᠭᠠᠨ ᠤ ᠰᠠᠳᠤᠪ ᠢᠶᠠᠨ ᠰᠠᠶᠢᠲᠤᠷ ᠰᠤᠷᠤᠯᠴᠠᠵᠤ᠂ ᠰᠤᠳᠤᠯᠭᠠᠨ ᠤ ᠣᠨᠣᠯ᠂ ᠠᠷᠭ᠎ᠠ᠂ ᠮᠠᠲ᠋ᠧᠷᠢᠶᠠᠯ ᠢᠶᠠᠨ | ᠲᠠᠨᠢᠯᠴᠠᠭᠤᠯᠵᠤ᠂ ᠦᠵᠡᠯ ᠲᠠᠨᠢᠯᠲᠠ ᠪᠠᠨ ᠨᠢᠭᠡᠳᠬᠡᠨ᠂ ᠲᠥᠯᠥᠪᠯᠡᠭᠡ ᠪᠠᠨ ᠦᠨᠳᠦᠰᠦᠯᠡᠵᠦ ᠯᠠᠪᠳᠠᠭᠤᠨ ᠲᠣᠭᠲᠠᠭᠤᠨ | ᠂ ᠠᠯᠬᠤᠮ ᠳᠠᠷᠠᠭ᠎ᠠ ᠲᠠᠢ ᠶᠠᠪᠤᠭᠳᠠᠭᠤᠯᠤᠨ᠎ᠠ᠃ ᠲᠤᠷᠰᠢᠯᠲᠠ ᠳᠤ ᠣᠷᠣᠯᠴᠠᠬᠤ ᠰᠤᠷᠤᠭᠴᠢ ᠳᠤ | ᠲᠤᠷᠰᠢᠯᠲᠠ ᠶᠢᠨ ᠢᠶᠠᠨ ᠤᠳᠬ᠎ᠠ ᠠᠭᠤᠯᠭ᠎ᠠ ᠶᠢ ᠰᠠᠶᠢᠲᠤᠷ ᠶᠠᠷᠢᠵᠤ ᠥᠭᠭᠦᠨ᠂ ᠢᠳᠡᠪᠬᠢᠵᠢᠯ ᠢ ᠨᠢ ᠳᠠᠶᠢᠴᠢᠯᠠᠵᠤ | ᠣᠷᠣᠯᠴᠠᠭᠤᠯᠬᠤ ᠬᠡᠷᠡᠭᠲᠡᠢ ᠪᠦᠭᠡᠳ ᠰᠤᠷᠤᠭᠴᠢᠳ ᠤᠨ ᠢᠶᠠᠨ ᠦᠨᠳᠦᠰᠦᠨ ᠪᠠᠶᠢᠳᠠᠯ ᠢ ᠰᠠᠶᠢᠲᠤᠷ ᠣᠶᠢᠯᠠᠭᠠᠵᠤ᠂ | ᠲᠤᠷᠰᠢᠯᠲᠠ ᠳᠤ ᠦᠨᠳᠦᠰᠦᠯᠡᠯ ᠪᠣᠯᠭᠠᠪᠠᠯ ᠵᠣᠬᠢᠨ᠎ᠠ᠃ ᠵᠢᠭᠠᠨ ᠰᠤᠳᠤᠯᠭᠠᠨ ᠤ ᠬᠤᠭᠤᠴᠠᠭᠠᠨ ᠳᠤ ᠦᠷᠭᠦᠯᠵᠢ ᠬᠤᠷᠠᠯ | ᠴᠤᠭᠯᠠᠭᠠᠨ ᠪᠣᠯᠵᠤ᠂ ᠣᠷᠣᠰᠢᠵᠤ ᠪᠠᠶᠢᠬᠤ ᠠᠰᠠᠭᠤᠳᠠᠯ ᠢᠶᠠᠨ ᠶᠠᠷᠢᠯᠴᠠᠵᠤ᠂ ᠲᠤᠷᠰᠢᠯᠭ᠎ᠠ ᠰᠤᠷᠭᠠᠮᠵᠢ ᠪᠠᠨ ᠳ᠋ᠦᠩᠨᠡᠨ᠂ | ᠲᠠᠷᠠᠭᠠᠴᠢ ᠶᠢᠨ ᠠᠯᠬᠤᠮ ᠤᠨ ᠠᠵᠢᠯ ᠢᠶᠠᠨ ᠪᠠᠶᠢᠷᠢᠰᠢᠭᠤᠯᠬᠤ ᠬᠡᠷᠡᠭᠲᠡᠢ᠃ ᠰᠤᠳᠤᠯᠭᠠᠨ ᠤ ᠠᠵᠢᠯ ᠤᠨ ᠳᠤᠮᠳᠠᠬᠢ | ᠤᠯᠵᠤ ᠠᠯᠳᠠᠭᠰᠠᠨ ᠢᠶᠠᠨ ᠳ᠋ᠦᠩᠨᠡᠵᠦ᠂ ᠤᠤᠷ ᠮᠠᠲ᠋ᠧᠷᠢᠶᠠᠯ ᠢᠶᠠᠨ ᠨᠠᠷᠢᠨ ᠨᠢᠮᠪᠠᠢ ᠬᠠᠳᠠᠭᠠᠯᠠᠵᠤ ᠲᠠᠯᠪᠢᠬᠤ ᠬᠡᠷᠡᠭᠲᠡᠢ᠂ | ᠬᠡᠷᠪᠡ ᠬᠠᠮᠲᠤ ᠪᠠᠷ ᠬᠢᠭᠰᠡᠨ ᠰᠤᠳᠤᠯᠭᠠᠨ ᠪᠣᠯ ᠥᠪᠡᠷ ᠥᠪᠡᠷ ᠤᠨ ᠮᠠᠲ᠋ᠧᠷᠢᠶᠠᠯ ᠤᠳ ᠢᠶᠠᠨ ᠡᠮᠬᠢᠯᠡᠬᠦ ᠪᠠ ᠬᠠᠮᠲᠤ ᠶᠢᠨ | ᠪᠣᠯᠭᠠᠵᠤ ᠰᠢᠰᠲ᠋ᠧᠮ ᠲᠠᠢ ᠡᠮᠬᠢᠯᠡᠬᠦ ᠶᠢ ᠤᠶᠠᠯᠳᠤᠭᠤᠯᠵᠤ ᠬᠢᠬᠦ ᠬᠡᠷᠡᠭᠲᠡᠢ᠃ 2004 ᠣᠨ ᠤ ᠬᠠᠪᠤᠷ ᠵᠡᠭᠦᠨ | ᠦᠵᠦᠮᠦᠴᠢᠨ ᠬᠤᠰᠢᠭᠤᠨ ᠤ ᠮᠣᠩᠭᠤᠯ ᠳᠤᠮᠳᠠᠳᠤ ᠰᠤᠷᠭᠠᠭᠤᠯᠢ ᠶᠢᠨ ︽ᠰᠢᠨ᠎ᠡ ᠬᠢᠴᠢᠶᠡᠯ ᠤᠨ ᠥᠭᠡᠷᠡᠴᠢᠯᠡᠯᠲᠡ ᠶᠢ | ᠲᠦᠭᠡᠮᠡᠯᠵᠢᠭᠦᠯᠦᠭᠰᠡᠨ ᠰᠤᠳᠤᠯᠭᠠᠨ︾ ᠪᠣᠯ ᠲᠡᠷᠡ ᠴᠡᠭ ᠢᠶᠠᠷ ᠢᠶᠠᠨ ᠣᠯᠠᠭᠤᠯᠠ ᠬᠠᠮᠲᠤᠷᠠᠵᠤ ᠬᠢᠭᠰᠡᠨ | ᠰᠤᠷᠭᠠᠭᠤᠯᠢ ᠶᠢᠨ ᠱᠠᠲᠤᠨ ᠤ ᠠᠮᠵᠢᠯᠲᠠ ᠲᠠᠢ ᠵᠢᠭᠠᠨ ᠰᠤᠳᠤᠯᠭᠠᠨ ᠤ ᠰᠡᠳᠦᠪ ᠮᠥᠨ᠃ | ᠲᠠᠪᠤ᠂ ᠮᠡᠳᠡᠭᠦᠯᠦᠯᠲᠡ ᠪᠢᠴᠢᠬᠦ | ᠵᠢᠭᠠᠨ ᠰᠤᠳᠤᠯᠭᠠᠨ ᠬᠢᠬᠦ ᠳᠤ ᠬᠡᠰᠡᠭ ᠬᠤᠭᠤᠴᠠᠭ᠎ᠠ ᠪᠤᠶᠤ ᠰᠤᠳᠤᠯᠭᠠᠨ ᠲᠡᠭᠦᠰᠬᠦ ᠦᠶ᠎ᠡ ᠳᠤ ᠵᠠᠪᠠᠯ | ᠳ᠋ᠦᠩᠨᠡᠯᠲᠡ ᠮᠡᠳᠡᠭᠦᠯᠦᠯᠲᠡ ᠪᠢᠴᠢᠬᠦ ᠬᠡᠷᠡᠭᠲᠡᠢ᠃ | ᠮᠠᠳᠠᠭᠦᠯᠤᠯᠳᠠ ᠶᠢᠨ ᠦᠨᠳᠤᠰᠤᠨ ᠪᠦᠳᠤᠴᠠ᠄ | 1. ᠡᠮᠦᠨᠡᠬᠢ ᠦᠭᠡ᠃ ᠡᠨᠡ ᠬᠡᠰᠡᠭ ᠪᠣᠯ ᠰᠤᠳᠤᠯᠭᠠᠨ ᠤ ᠰᠡᠳᠦᠪ ᠤᠨ ᠡᠬᠢᠯᠡᠯᠲᠡ ᠶᠢᠨ ᠬᠡᠰᠡᠭ ᠮᠥᠨ᠂ ᠡᠩ | ᠲᠡᠷᠢᠭᠦᠨ ᠳᠤ ᠰᠡᠳᠦᠪ ᠰᠣᠩᠭᠤᠭᠰᠠᠨ ᠵᠣᠷᠢᠯᠲᠠ᠂ ᠰᠢᠯᠲᠠᠭᠠᠨ᠂ ᠠᠴᠢ ᠬᠤᠯᠪᠣᠭᠳᠠᠯ ᠵᠡᠷᠭᠡ ᠪᠠᠨ ᠪᠢᠴᠢᠨ᠎ᠡ᠃ | ᠬᠤᠶᠠᠳᠤᠭᠠᠷ ᠲᠤ ᠠᠰᠠᠭᠤᠳᠠᠯ ᠢᠶᠠᠨ ᠳᠤᠷᠠᠳᠤᠨ᠎ᠠ᠂ ᠰᠡᠳᠦᠪ ᠤᠨ ᠭᠤᠣᠯ ᠦᠵᠡᠯᠲᠡ ᠪᠠᠨ ᠪᠢᠴᠢᠨ᠎ᠡ᠂ ᠭᠤᠣᠯᠳᠠᠭᠤ | ᠡᠨᠡ ᠰᠡᠳᠦᠪ ᠬᠠᠮᠢᠭ᠎ᠠ ᠠᠴᠠ ᠢᠷᠡᠭᠰᠡᠨ᠂ ᠶᠠᠮᠠᠷ ᠰᠢᠨ᠎ᠡ ᠳᠤᠷᠠᠳᠤᠯᠭ᠎ᠠ ᠪᠠᠶᠢᠬᠤ᠂ ᠬᠡᠷᠡᠭᠯᠡᠭᠰᠡᠨ ᠠᠷᠭ᠎ᠠ ᠠᠪᠴᠠᠯ ᠢᠶᠠᠨ | ᠳᠥᠭᠦᠮ ᠢᠶᠠᠷ ᠳᠤᠷᠠᠳᠤᠨ᠎ᠠ᠃ | 2. ᠭᠤᠣᠯ ᠥᠭᠦᠯᠡᠬᠦ ᠬᠡᠰᠡᠭ᠃ ᠡᠨᠡ ᠪᠣᠯ ᠰᠤᠳᠤᠯᠭᠠᠨ ᠤ ᠰᠡᠳᠦᠪ ᠤᠨ ᠮᠡᠳᠡᠭᠦᠯᠦᠯᠲᠡ ᠶᠢᠨ ᠭᠤᠣᠯ ᠬᠡᠰᠡᠭ | ᠮᠥᠨ᠂ ᠡᠭᠦᠨ ᠳᠤ ᠡᠷᠬᠡᠪᠰᠢ ᠰᠡᠳᠦᠪ ᠤᠨ ᠰᠢᠨᠵᠢ ᠴᠢᠨᠠᠷ᠂ ᠭᠤᠣᠯ ᠦᠵᠡᠯᠲᠡ ᠲᠠᠨᠢᠯᠲᠠ ︵ᠡᠰᠡᠷᠭᠦᠴᠡᠬᠦ ᠪᠠ | ᠳᠡᠮᠵᠢᠬᠦ︶᠂ ᠡᠰᠡᠪᠡᠯ ᠰᠡᠵᠢᠭ ᠲᠠᠭᠠᠪᠤᠷᠢ ᠲᠠᠢ ᠠᠰᠠᠭᠤᠳᠠᠯ ᠢ ᠰᠢᠢᠳᠪᠦᠷᠢᠯᠡᠭᠰᠡᠨ ᠦᠵᠡᠯ ᠰᠠᠨᠠᠭ᠎ᠠ ᠰᠢᠨ᠎ᠡ | ᠳᠤᠷᠠᠳᠤᠯᠭ᠎ᠠ ᠵᠡᠷᠭᠡ ᠪᠠᠭᠲᠠᠨ᠎ᠠ᠃ ᠡᠨᠡ ᠬᠡᠰᠡᠭ ᠤᠨ ᠪᠢᠴᠢᠬᠦ ᠵᠦᠢᠯ ᠣᠯᠠᠨ᠂ ᠪᠦᠬᠦ ᠮᠡᠳᠡᠭᠦᠯᠦᠯᠲᠡ ᠶᠢᠨ ᠭᠤᠷᠪᠠᠨ ᠤ | ᠬᠤᠶᠠᠷ ᠤᠨ ᠬᠡᠰᠡᠭ ᠢ ᠡᠵᠡᠯᠡᠵᠦ ᠪᠣᠯᠣᠨ᠎ᠠ᠃ ᠡᠭᠦᠨ ᠳᠤ ᠵᠠᠪᠠᠯ ᠣᠨᠣᠯᠲᠠ ᠪᠠᠷᠢᠮᠲᠠ ᠨᠢ ᠤᠷᠭᠠᠨᠢᠭ ᠢᠶᠠᠷ | ᠠᠪᠴᠠᠯᠳᠤᠵᠤ᠂ ᠡᠬᠢ ᠰᠡᠭᠦᠯ ᠢ ᠨᠢ ᠵᠤᠬᠢᠴᠠᠭᠤᠯᠵᠤ᠂ ᠡᠮᠬᠢ ᠴᠡᠭᠴᠡ ᠲᠠᠢ᠂ ᠰᠢᠰᠲ᠋ᠧᠮᠲᠦ ᠴᠢᠨᠠᠷ ᠲᠠᠢ᠂ ᠯᠣᠭᠢᠬᠴᠢ | ᠴᠢᠨᠠᠷ ᠴᠢᠩᠭ᠎ᠠ᠂ ᠢᠲᠡᠭᠡᠭᠦᠯᠬᠦ ᠬᠦᠴᠦᠨ ᠲᠠᠢ ᠪᠠᠶᠢᠬᠤ ᠬᠡᠷᠡᠭᠲᠡᠢ᠃ | 3. ᠲᠡᠭᠦᠰᠬᠡᠯ ᠤᠨ ᠬᠡᠰᠡᠭ᠃ ᠡᠨᠡ ᠪᠣᠯ ᠮᠡᠳᠡᠭᠦᠯᠦᠯᠲᠡ ᠶᠢᠨ ᠳ᠋ᠦᠩᠨᠡᠯᠲᠡ ᠶᠢᠨ ᠬᠡᠰᠡᠭ ᠮᠥᠨ᠃ ᠪᠦᠬᠦ | ᠮᠡᠳᠡᠭᠦᠯᠦᠯᠲᠡ ᠪᠠᠨ ᠳᠥᠭᠦᠮ ᠢᠶᠠᠷ ᠲᠣᠪᠴᠢᠯᠠᠨ ᠲᠣᠳᠣᠷᠬᠠᠶᠢᠯᠠᠵᠤ ᠲᠡᠭᠦᠰᠬᠡᠵᠦ ᠪᠣᠯᠣᠨ᠎ᠠ︔ ᠪᠦᠬᠦ | ᠮᠡᠳᠡᠭᠦᠯᠦᠯᠲᠡ ᠪᠠᠨ ᠶᠡᠷᠦᠩᠬᠡᠶᠢᠯᠡᠨ ᠭᠤᠣᠯ ᠰᠡᠳᠦᠪ ᠢᠶᠠᠨ ᠬᠤᠷᠢᠶᠠᠩᠭᠤᠶᠢᠯᠠᠵᠤ᠂ ᠭᠤᠣᠯ ᠰᠠᠨᠠᠭ᠎ᠠ ᠪᠠᠨ | ᠲᠣᠪᠤᠶᠢᠯᠭᠠᠵᠤ ᠪᠣᠯᠣᠨ᠎ᠠ︔ ᠰᠡᠳᠦᠪ ᠤᠨ ᠬᠠᠨᠳᠤᠰᠢ ᠴᠢᠭᠯᠡᠯ᠂ ᠰᠠᠨᠠᠯ ᠳᠤᠷᠠᠳᠤᠯᠭ᠎ᠠ ᠪᠠᠨ ᠢᠯᠡᠳᠬᠡᠵᠦ ᠪᠣᠯᠣᠨ᠎ᠠ᠃ | ᠲᠤᠰ ᠰᠡᠳᠦᠪ ᠤᠨ ᠬᠦᠰᠡᠯ ᠱᠠᠭᠠᠷᠳᠠᠯᠭ᠎ᠠ᠂ ᠤᠷᠢᠶᠠᠯᠠᠭ᠎ᠠ ᠵᠣᠷᠢᠬᠵᠢᠭᠤᠯᠤᠯ᠂ ᠦᠯᠡᠳᠡᠭᠳᠡᠯ ᠠᠰᠠᠭᠤᠳᠠᠯ ᠵᠢᠴᠢ | ᠰᠤᠳᠤᠯᠭᠠᠨ ᠤ ᠶᠠᠪᠤᠴᠠ ᠳᠤ ᠬᠠᠷᠠᠭᠠᠯᠵᠠᠵᠤ ᠬᠠᠪᠰᠤᠷᠤᠭᠰᠠᠳ ᠲᠤ ᠲᠠᠯᠠᠷᠬᠠᠯ ᠢᠶᠠᠨ ᠢᠯᠡᠳᠬᠡᠵᠦ ᠪᠣᠯᠣᠨ᠎ᠠ᠃ | ︽ᠳᠤᠮᠳᠠᠳᠤ ᠰᠤᠷᠭᠠᠭᠤᠯᠢ ᠳᠤ ᠪᠦᠲᠦᠭᠡᠯᠴᠢ ᠴᠢᠨᠠᠷᠲᠠᠢ ᠵᠣᠬᠢᠶᠠᠨ ᠪᠢᠴᠢᠯᠭᠡ ᠵᠢᠭᠠᠬᠤ ᠲᠤᠬᠠᠢ ᠰᠤᠳᠤᠯᠭᠠᠨ︾ | ᠢᠶᠠᠷ ᠵᠢᠱᠢᠶᠠᠯᠠᠵᠤ ᠦᠵᠡᠪᠡᠯ᠄ | 1. ᠰᠡᠳᠦᠪ ᠤᠨ ᠨᠡᠷ᠎ᠡ — | 2. ᠬᠠᠷᠢᠭᠤᠴᠠᠯᠭᠠᠲᠠᠨ — ᠤᠲᠠᠰᠤ᠂ ᠢᠮᠧᠯ᠂ ᠰᠤᠷᠭᠠᠭᠤᠯᠢ ᠶᠢᠨ ᠨᠡᠷ᠎ᠡ | 3. ᠬᠠᠷᠢᠭᠤᠴᠠᠯᠭᠠᠲᠠᠨ ᠪᠠ ᠰᠡᠳᠦᠪ ᠰᠤᠳᠤᠯᠤᠭᠴᠢ ᠶᠢᠨ ᠪᠦᠷᠢᠯᠳᠦᠬᠦᠨ ᠤ ᠦᠨᠳᠦᠰᠦᠨ ᠪᠠᠶᠢᠳᠠᠯ — | ᠵᠢᠭᠠᠨ ᠰᠤᠳᠤᠯᠭᠠᠨ ᠤ ᠲᠠᠯ᠎ᠠ ᠪᠠᠷ ᠲᠡᠦᠬᠡᠨ ᠳᠤ ᠣᠯᠣᠭᠰᠠᠨ ᠠᠮᠵᠢᠯᠲᠠ ᠪᠦᠲᠦᠭᠡᠯ ᠤᠳ | 4. ᠰᠤᠳᠤᠯᠭᠠᠨ ᠤ ᠰᠡᠳᠦᠪ ᠤᠨ ᠦᠨᠡᠯᠡᠭᠡ᠄ | ① ᠰᠤᠳᠤᠯᠭᠠᠨ ᠤ ᠠᠬᠤᠢ ᠪᠠᠶᠢᠳᠠᠯ ᠪᠠ ᠠᠴᠢ ᠬᠤᠯᠪᠣᠭᠳᠠᠯ — ᠣᠳᠣᠬᠠᠨ ᠤ ᠳᠤᠮᠳᠠᠳᠤ | ᠰᠤᠷᠭᠠᠭᠤᠯᠢ ᠶᠢᠨ ᠵᠣᠬᠢᠶᠠᠨ ᠪᠢᠴᠢᠯᠭᠡ ᠳᠤ ᠣᠷᠣᠰᠢᠵᠤ ᠪᠠᠶᠢᠬᠤ ᠠᠰᠠᠭᠤᠳᠠᠯ᠂ ᠪᠢᠴᠢᠬᠦ ᠮᠠᠲ᠋ᠧᠷᠢᠶᠠᠯ ᠣᠯᠬᠤ ᠦᠭᠡᠢ᠂ | ᠪᠢᠴᠢᠭᠰᠡᠨ ᠨᠢ ᠬᠡᠪᠰᠢᠮᠡᠯ᠂ ᠵᠣᠬᠢᠶᠠᠯ ᠴᠡᠭᠡᠵᠢᠯᠡᠭᠦᠯᠦᠨ ᠰᠢᠯᠭᠠᠯᠲᠠ ᠶᠢ ᠠᠷᠭᠠᠴᠠᠭᠠᠵᠤ᠂ ︽ᠬᠡᠯᠡ ᠪᠢᠴᠢᠭ ᠵᠢᠭᠠᠬᠤ | ᠬᠢᠴᠢᠶᠡᠯ ᠤᠨ ᠪᠠᠷᠢᠮᠵᠢᠶ᠎ᠠ︾ ᠳᠤ ᠲᠣᠭᠲᠠᠭᠠᠭᠰᠠᠨ ᠵᠣᠬᠢᠶᠠᠨ ᠪᠢᠴᠢᠯᠭᠡ ᠶᠢᠨ ᠱᠠᠭᠠᠷᠳᠠᠯᠭ᠎ᠠ ᠳᠤ ᠬᠦᠷᠬᠦ ᠦᠭᠡᠢ᠂ | ᠡᠶᠢᠮᠦ ᠪᠠᠶᠢᠳᠠᠯ ᠳᠣᠣᠷ᠎ᠠ ᠡᠨᠡ ᠰᠤᠳᠤᠯᠭᠠᠨ ᠢ ᠬᠢᠬᠦ ᠨᠢ ᠶᠠᠮᠠᠷ ᠰᠠᠶᠢᠨ ᠲᠠᠯ᠎ᠠ ᠲᠠᠢ ᠪᠠᠶᠢᠬᠤ | ② ᠰᠤᠳᠤᠯᠭᠠᠨ ᠤ ᠬᠦᠷᠬᠦ ᠬᠠᠷᠠᠯᠲᠠ — ᠠᠮᠢᠳᠤᠷᠠᠯ ᠢ ᠠᠵᠢᠭᠯᠠᠨ᠂ ᠠᠮᠢᠳᠤᠷᠠᠯ ᠠᠴᠠ ᠵᠣᠬᠢᠶᠠᠨ ᠪᠢᠴᠢᠬᠦ | ᠵᠦᠢᠯ ᠢ ᠠᠶᠠᠨᠳᠠᠭᠠᠨ ᠣᠯᠬᠤ᠂ ᠠᠮᠢᠳᠤᠯᠢᠭ ᠨᠠᠶᠢᠷᠠᠭᠤᠯᠤᠨ ᠵᠣᠬᠢᠶᠠᠨ ᠪᠢᠴᠢᠬᠦ᠂ ᠪᠢᠴᠢᠭᠰᠡᠨ ᠵᠣᠬᠢᠶᠠᠯ ᠢᠶᠠᠨ | ᠥᠪᠡᠷ ᠢᠶᠠᠨ ᠵᠠᠰᠠᠬᠤ᠂ ᠪᠤᠰᠤᠳ ᠤᠨ ᠬᠢ ᠶᠢ ᠵᠠᠰᠠᠵᠤ ᠥᠭᠬᠦ | ③ ᠰᠤᠳᠤᠯᠬᠤ ᠠᠷᠭ᠎ᠠ ᠶᠠᠪᠤᠴᠠ — ᠪᠢᠴᠢᠬᠦ ᠮᠠᠲ᠋ᠧᠷᠢᠶᠠᠯ ᠲᠠᠢ ᠪᠣᠯᠭᠠᠬᠤ᠂ ᠰᠡᠳᠬᠢᠴᠡ ᠶᠢ ᠨᠢ ᠲᠡᠯᠡᠭᠰᠡᠨ | ᠵᠣᠬᠢᠶᠠᠨ ᠪᠢᠴᠢᠬᠦ ᠰᠡᠳᠦᠪ ᠬᠠᠩᠭᠠᠬᠤ | ④ᠣᠯᠣᠭᠰᠠᠨ ᠪᠦᠲᠦᠭᠡᠯ ᠢᠶᠠᠨ ᠢᠯᠡᠷᠡᠭᠦᠯᠬᠦ ᠬᠡᠯᠪᠡᠷᠢ — ᠠᠩᠭᠢ ᠶᠢᠨ ᠰᠤᠷᠤᠭᠴᠢ ᠶᠢᠨ ᠵᠣᠬᠢᠶᠠᠯ ᠤᠨ | ᠲᠡᠭᠦᠪᠦᠷᠢ ᠭᠠᠷᠭᠠᠬᠤ᠂ ᠰᠤᠷᠭᠠᠭᠤᠯᠢ ᠶᠢᠨ ᠰᠡᠳᠬᠦᠯ ᠡᠷᠬᠢᠯᠡᠨ᠂ ᠰᠣᠳᠣᠨ ᠰᠠᠶᠢᠬᠠᠨ ᠵᠣᠬᠢᠶᠠᠯ ᠤᠳ ᠢ ᠨᠡᠶᠢᠲᠡᠯᠡᠬᠦ | ⑤ ᠨᠥᠬᠦᠴᠡᠯ ᠤᠨ ᠪᠠᠲᠤᠯᠠᠭ᠎ᠠ — ᠰᠡᠳᠬᠦᠯ ᠨᠠᠶᠢᠷᠠᠭᠤᠯᠵᠤ ᠨᠡᠶᠢᠲᠡᠯᠡᠬᠦ ᠳᠤ ᠮᠥᠩᠭᠦ ᠬᠠᠩᠭᠠᠬᠤ ᠵᠡᠷᠭᠡ | ᠠᠭᠤᠯᠭ᠎ᠠ ᠪᠠᠶᠢᠵᠤ ᠪᠣᠯᠣᠨ᠎ᠠ | 5. ᠰᠤᠳᠤᠯᠭᠠᠨ ᠤ ᠰᠡᠳᠦᠪ ᠤᠨ ᠶᠠᠪᠤᠭᠳᠠᠬᠤ ᠴᠠᠭ ᠬᠤᠭᠤᠴᠠᠭᠠᠨ ᠤ ᠬᠤᠪᠢᠶᠠᠷᠢ᠂ ᠬᠤᠪᠢᠶᠠᠷᠢᠯᠠᠭᠰᠠᠨ | ᠬᠤᠭᠤᠴᠠᠭᠠᠨ ᠳᠤ ᠬᠢᠬᠦ ᠰᠤᠳᠤᠯᠭᠠᠨ ᠤ ᠠᠭᠤᠯᠭ᠎ᠠ᠂ ᠣᠯᠬᠤ ᠦᠷ᠎ᠡ ᠳ᠋ᠦᠩ᠃ | ᠵᠢᠷᠭᠤᠭ᠎ᠠ᠂ ᠰᠤᠳᠤᠯᠭᠠᠨ ᠤ ᠰᠡᠳᠦᠪ ᠮᠡᠳᠡᠭᠦᠯᠬᠦ | ᠣᠳᠣᠬᠠᠨ ᠤ ᠰᠤᠳᠤᠯᠭᠠᠨ ᠤ ᠰᠡᠳᠦᠪ ᠮᠡᠳᠡᠭᠦᠯᠬᠦ ᠠᠯᠬᠤᠮ ᠳᠠᠷᠠᠭ᠎ᠠ ᠨᠢ ᠪᠦᠷ ᠲᠣᠭᠲᠠᠴᠢᠬᠠᠭᠰᠠᠨ ᠶᠤᠮ᠃ | ᠪᠢᠳᠡ ᠳᠡᠭᠡᠳᠦ ᠱᠠᠲᠤᠨ ᠤ ᠲᠣᠬᠢᠷᠠᠭᠤᠯᠤᠯᠲᠠ ᠶᠣᠰᠣᠭᠠᠷ ᠬᠠᠷᠢᠭᠤᠴᠠᠯᠭ᠎ᠠ ᠲᠠᠢ ᠬᠥᠮᠥᠨ ᠲᠣᠬᠢᠷᠠᠭᠤᠯᠵᠤ᠂ | ᠲᠣᠭᠲᠠᠭᠰᠠᠨ ᠳᠡᠰ ᠳᠠᠷᠠᠭᠠᠯᠠᠯ ᠢᠶᠠᠷ ᠨᠠᠷᠢᠯᠢᠬ ᠪᠡᠯᠡᠳᠬᠡᠵᠦ᠂ ᠤᠤᠷ ᠮᠠᠲ᠋ᠧᠷᠢᠶᠠᠯ ᠢᠶᠠᠨ ᠰᠢᠰᠲ᠋ᠧᠮ ᠲᠠᠢ ᠡᠮᠬᠢᠯᠡᠵᠦ | ᠳᠢᠭᠯᠡᠨ᠂ ᠲᠤᠰᠬᠠᠢ ᠬᠠᠮᠢᠶᠠᠷᠬᠤ ᠬᠡᠷᠡᠭᠲᠡᠢ᠃ ᠵᠢᠱᠢᠶᠡᠯᠡᠪᠡᠯ᠄ ︽ᠳᠤᠮᠳᠠᠳᠤ ᠰᠤᠷᠭᠠᠭᠤᠯᠢ ᠳᠤ ᠪᠦᠲᠦᠭᠡᠯᠴᠢ ᠴᠢᠨᠠᠷᠲᠠᠢ | ᠵᠣᠬᠢᠶᠠᠨ ᠪᠢᠴᠢᠯᠭᠡ ᠵᠢᠭᠠᠬᠤ ᠲᠤᠬᠠᠢ ᠰᠤᠳᠤᠯᠭᠠᠨ︾ ᠢᠶᠠᠷ ᠦᠵᠡᠪᠡᠯ ᠡᠨᠡ ᠰᠡᠳᠦᠪ ᠤᠨ ᠲᠣᠭᠤᠷᠢᠨ ᠳᠤ ᠬᠢᠭᠰᠡᠨ | ᠠᠵᠢᠯᠯᠠᠭ᠎ᠠ᠂ ᠦᠯᠡᠳᠡᠭᠡᠵᠦ ᠬᠢᠨᠠᠭᠰᠠᠨ ᠵᠣᠬᠢᠶᠠᠯ ᠤᠨ ᠳᠠᠰᠬᠠᠯ᠂ ᠤᠷᠤᠯᠳᠤᠭᠠᠨ ᠮᠥᠷᠦ᠋ᠢᠴᠡᠭᠡᠨ᠂ ᠵᠣᠬᠢᠶᠠᠨ | ᠪᠢᠴᠢᠯᠭᠡ ᠶᠢᠨ ᠰᠠᠶᠢᠵᠢᠷᠠᠵᠤ ᠳᠡᠭᠡᠭᠰᠢᠯᠡᠭᠰᠡᠨ ᠤᠤᠷ ᠮᠠᠲ᠋ᠧᠷᠢᠶᠠᠯ᠂ ᠡᠮᠬᠢᠯᠡᠵᠦ ᠳ᠋ᠦᠩᠨᠡᠨ ᠬᠡᠪᠯᠡᠵᠦ ᠨᠡᠶᠢᠲᠡᠯᠡᠭᠰᠡᠨ | ᠰᠤᠷᠤᠭᠴᠢ ᠶᠢᠨ ᠵᠣᠬᠢᠶᠠᠯ ᠤᠨ ᠲᠡᠭᠦᠪᠦᠷᠢ ︵ᠰᠡᠳᠬᠦᠯ︶ · · · · ᠵᠡᠷᠭᠡ ᠶᠢ ᠪᠠᠭᠲᠠᠭᠠᠵᠤ ᠪᠣᠯᠣᠨ᠎ᠠ᠃ | ᠲᠤᠯᠤᠭ᠎ᠠ᠂ ᠵᠢᠭᠠᠨ ᠰᠤᠳᠤᠯᠭᠠᠨ ᠬᠢᠬᠦ ᠲᠤᠬᠠᠢ | 1. ᠵᠢᠭᠠᠨ ᠰᠤᠳᠤᠯᠭᠠᠨ ᠬᠢᠬᠦ ᠨᠢ ᠬᠦᠴᠢᠷ ᠶᠠᠭᠤᠮ᠎ᠠ ᠪᠢᠰᠢ᠂ ᠪᠠᠭᠰᠢ ᠪᠣᠯᠭᠠᠨ ᠬᠢᠵᠦ ᠳᠡᠶᠢᠯᠦᠨ᠎ᠡ᠂ ᠵᠥᠪᠬᠡᠨ | ᠬᠢᠬᠦ ᠡᠰᠡᠬᠦ ᠶᠢᠨ ᠠᠰᠠᠭᠤᠳᠠᠯ ᠮᠥᠨ᠃ ᠡᠩ ᠤᠨ ᠴᠠᠬ ᠤᠨ ᠵᠢᠭᠠᠨ ᠰᠤᠷᠭᠠᠯᠲᠠ ᠳᠤ ᠠᠰᠠᠭᠤᠳᠠᠯ ᠢᠶᠠᠨ ᠢᠯᠡᠷᠡᠭᠦᠯᠵᠦ | ᠂ ᠰᠢᠢᠳᠪᠦᠷᠢᠯᠡᠬᠦ ᠠᠷᠭ᠎ᠠ ᠲᠣᠭᠲᠠᠭᠠᠵᠤ᠂ ᠡᠨᠡ ᠠᠷᠭ᠎ᠠ ᠶᠢᠨ ᠢᠶᠠᠨ ᠲᠣᠭᠤᠷᠢᠨ ᠳᠤ ᠠᠯᠬᠤᠮ ᠠᠯᠬᠤᠮ ᠢᠶᠠᠷ | ᠠᠰᠠᠭᠤᠳᠠᠯ ᠢᠶᠠᠨ ᠰᠢᠢᠳᠪᠦᠷᠢᠯᠡᠭᠰᠡᠨ ᠶᠠᠪᠤᠴᠠ ᠪᠣᠯ ᠳᠠᠷᠤᠢ ᠵᠢᠭᠠᠨ ᠰᠤᠳᠤᠯᠭᠠᠨ ᠬᠢᠭᠰᠡᠨ ᠶᠠᠪᠤᠴᠠ ᠮᠥᠨ᠃ ᠪᠢᠳᠡ | ᠡᠩ ᠤᠨ ᠦᠶ᠎ᠡ ᠳᠤ ᠪᠠᠨ ᠡᠶᠢᠮᠦᠷᠬᠦᠤ ᠠᠵᠢᠯ ᠢ ᠣᠯᠠᠨ ᠬᠢᠵᠦ ᠢᠷᠡᠭᠰᠡᠨ ᠪᠣᠯᠪᠠᠴᠤ ᠡᠭᠦᠨ ᠢᠶᠠᠨ ᠬᠦᠨᠳᠦᠳᠬᠡᠵᠦ | ᠦᠵᠡᠭᠰᠡᠨ ᠦᠭᠡᠢ᠂ ᠰᠢᠨᠵᠢᠯᠡᠬᠦ ᠤᠬᠠᠭᠠᠨᠴᠢ ᠠᠷᠭ᠎ᠠ ᠪᠠᠷ ᠣᠨᠣᠯᠵᠢᠭᠤᠯᠤᠨ ᠳ᠋ᠦᠩᠨᠡᠭᠰᠡᠨ ᠦᠭᠡᠢ᠂ | ᠰᠢᠰᠲ᠋ᠧᠮᠵᠢᠭᠦᠯᠵᠦ ᠡᠮᠬᠢᠯᠡᠭᠰᠡᠨ ᠦᠭᠡᠢ᠂ ᠨᠡᠩ ᠪᠤᠰᠤᠳ ᠲᠤ ᠲᠦᠭᠡᠮᠡᠯᠵᠢᠭᠦᠯᠵᠦ ᠳᠡᠯᠭᠡᠷᠡᠭᠦᠯᠦᠭᠰᠡᠨ ᠦᠭᠡᠢ᠃ | 2. ᠶᠠᠮᠠᠷ ᠪᠠᠭᠰᠢ ᠰᠤᠳᠤᠯᠭᠠᠨ ᠬᠢᠵᠦ ᠴᠢᠳᠠᠬᠤ ᠦᠭᠡᠢ ᠪᠣᠢ︖ | ① ᠠᠵᠢᠯ ᠤᠨ ᠬᠠᠷᠢᠭᠤᠴᠠᠯᠭ᠎ᠠ ᠳᠤᠲᠠᠮᠠᠭ᠂ ᠰᠤᠳᠤᠯᠭᠠᠨ ᠬᠢᠬᠦ ᠤᠷᠮ᠎ᠠ ᠪᠠᠬ᠎ᠠ ᠦᠭᠡᠢ᠂ ᠰᠤᠳᠤᠯᠭᠠᠨ ᠬᠢᠶ᠎ᠡ | ᠭᠡᠵᠦ ᠪᠣᠳᠣᠳᠠᠭ ᠦᠭᠡᠢ ᠠᠯᠵᠠᠭᠤ ᠵᠠᠯᠬᠠᠭᠤ ᠬᠥᠮᠥᠰ | ② ᠰᠤᠳᠤᠯᠭᠠᠨ ᠬᠢᠶ᠎ᠡ ᠭᠡᠵᠦ ᠪᠣᠳᠣᠪᠠᠴᠤ ᠵᠢᠭᠠᠨ ᠰᠤᠷᠭᠠᠬᠤ ᠲᠠᠯ᠎ᠠ ᠪᠠᠷ ᠰᠢᠰᠲ᠋ᠧᠮ ᠲᠠᠢ ᠮᠡᠳᠡᠯᠭᠡ ᠪᠠᠶᠢᠬᠤ | ᠦᠭᠡᠢ᠂ ᠰᠤᠷᠤᠭᠰᠠᠨ ᠨᠢ ᠬᠠᠭᠠᠰ ᠳᠤᠲᠠᠭᠤ᠂ ᠮᠥᠴᠢᠳ ᠳᠤᠯᠢᠮᠠᠭ ᠮᠥᠷᠲᠡᠭᠡᠨ ᠦᠷᠭᠦᠯᠵᠢᠯᠡᠨ ᠰᠤᠷᠤᠯᠴᠠᠬᠤ ᠦᠭᠡᠢ | ᠂ ᠥᠪᠡᠷ ᠢ ᠪᠠᠨ ᠳᠡᠭᠡᠭᠰᠢᠯᠡᠭᠦᠯᠬᠦ ᠶᠢ ᠭᠦᠰᠠᠭᠦ ᠦᠭᠡᠢ᠂ ᠰᠡᠳᠬᠢᠯ ᠬᠠᠨᠤᠵᠤ ᠰᠠᠨᠠᠭ᠎ᠠ ᠠᠮᠤᠷ ᠶᠠᠪᠤᠳᠠᠭ ᠬᠥᠮᠥᠰ | ᠪᠣᠯᠣᠨ᠎ᠠ᠃ | ᠡᠳᠡᠭᠡᠷ ᠠᠰᠠᠭᠤᠳᠠᠯ ᠢ ᠰᠢᠢᠳᠪᠦᠷᠢᠯᠡᠴᠢᠭᠡᠪᠡᠯ ᠮᠠᠨ ᠤ ᠪᠠᠭᠰᠢ ᠶᠢᠨ ᠡᠩᠨᠡᠭᠡᠨ ᠤ ᠵᠢᠭᠠᠨ ᠰᠤᠳᠤᠯᠭᠠᠨ ᠤ ᠬᠢᠷᠢ | ᠪᠦᠲᠦᠮᠵᠢ ᠯᠠᠪᠲᠠᠢ ᠰᠢᠨ᠎ᠡ ᠨᠢᠭᠡ ᠱᠠᠲᠤᠨ ᠳᠤ ᠳᠠᠪᠰᠢᠵᠤ᠂ ᠰᠤᠷᠭᠠᠭᠤᠯᠢ ᠶᠢᠨ ᠵᠢᠭᠠᠨ ᠰᠤᠳᠤᠯᠭᠠᠨ ᠤ ᠠᠭᠤᠷ | ᠠᠮᠢᠰᠬᠤᠯ ᠥᠳᠬᠡᠨ ᠪᠣᠯᠵᠤ ᠴᠢᠳᠠᠨ᠎ᠠ᠃ | | ᠬᠠᠶ᠋ᠢᠬ᠄ ᠵᠠᠭᠦᠨ ᠦᠵᠤᠮᠴᠢᠨ ᠬᠤᠰᠢᠭᠤᠨ ᠤ ᠵᠢᠭᠠᠬᠤ ᠶᠢ ᠰᠤᠳᠤᠯᠬᠤ ᠲᠠᠰᠤᠬ | ︵ᠦᠭᠡᠯᠠᠳ ᠪᠠᠭᠠᠳᠤᠷ ᠨᠠᠶᠢᠷᠠᠭᠤᠯᠪᠠ︶ | 2018 ᠣᠨ ᠤ 3 ᠳ᠋ᠤᠭᠠᠷ ᠬᠤᠭᠤᠴᠠᠭ᠎ᠠ |