ᠠᠭᠤᠯᠠ | | | ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠵᠦ ᠠᠩᠬ᠎ᠠ ᠨᠢᠭᠡ ᠶᠢᠨ ᠰᠤᠷᠤᠭᠴᠢ ᠳᠤ ᠮᠣᠩᠭᠤᠯ ᠬᠡᠯᠡᠨ ᠤ | ᠬᠢᠴᠢᠶᠡᠯ ᠣᠷᠣᠬᠤ ᠠᠴᠠ ᠪᠠᠨ ᠡᠮᠦᠨ᠎ᠡ ᠮᠣᠩᠭᠤᠯ ᠬᠡᠯᠡ ᠪᠠᠨ ᠤᠩᠰᠢᠵᠤ ᠪᠢᠴᠢᠵᠦ ᠴᠢᠳᠠᠳᠠᠭ ᠦᠭᠡᠢ ᠰᠤᠷᠤᠭᠴᠢ | ᠪᠠᠶᠢᠬᠤ ᠡᠰᠡᠬᠦ ᠲᠤᠬᠠᠢ ᠯᠠᠪᠯᠠᠭᠰᠠᠨ ᠳᠤ ᠤᠩᠰᠢᠵᠤ ᠴᠢᠳᠠᠬᠤ ᠦᠭᠡᠢ ᠭᠡᠵᠤ ᠶᠠᠷᠢᠭᠰᠠᠨ ᠬᠡᠦᠬᠡᠳ ᠪᠠᠶᠢᠬᠤ ᠦᠭᠡᠢ᠂ | ᠭᠡᠲᠡᠯ᠎ᠡ ᠪᠢᠴᠢᠵᠦ ᠴᠢᠳᠠᠬᠤ ᠦᠭᠡᠢ ᠭᠡᠰᠡᠨ ᠰᠤᠷᠤᠭᠴᠢ ᠬᠠᠭᠠᠰ ᠢᠯᠠᠭᠦᠤ ᠬᠠᠷᠢᠴᠠᠯ ᠢ ᠡᠵᠡᠯᠡᠭᠰᠡᠨ ᠨᠢ ᠨᠠᠮ᠎ᠠ ᠶᠢ | ᠲᠤᠩ ᠶᠡᠭᠡ ᠰᠣᠴᠢᠭᠠᠭᠰᠠᠨ ᠶᠤᠮ᠃ ᠪᠠᠭ᠎ᠠ ᠰᠤᠷᠭᠠᠭᠤᠯᠢ ᠶᠢᠨ ᠵᠢᠷᠭᠤᠭᠠᠨ ᠵᠢᠯ ᠳᠤ ᠰᠤᠷᠤᠭᠴᠢᠳ ᠢᠶᠠᠷ ᠵᠥᠪᠬᠡᠨ | ᠬᠢᠴᠢᠶᠡᠯ ᠢ ᠤᠩᠰᠢᠭᠤᠯᠤᠭᠠᠳ᠂ ᠶᠠᠷᠢᠭᠤᠯᠤᠭᠠᠳ ᠯᠠ ᠢᠷᠡᠭᠰᠡᠨ ᠠᠴᠠ ᠪᠤᠰᠤ᠂ ᠮᠣᠩᠭᠤᠯ ᠦᠰᠦᠭ ᠢᠶᠠᠨ | ᠪᠢᠴᠢᠭᠦᠯᠵᠦ ᠰᠤᠷᠭᠠᠭᠰᠠᠨ ᠦᠭᠡᠢ ᠭᠡᠵᠤ ᠦᠦ︖ ᠲᠡᠳᠡᠨ ᠤ ᠳᠤᠮᠳᠠ ᠠᠴᠠ ᠬᠡᠳᠦ ᠶᠢ ᠳᠠᠭᠤᠳᠠᠨ ᠶᠠᠭᠠᠬᠢᠭᠠᠳ | ᠪᠢᠴᠢᠵᠦ ᠴᠢᠳᠠᠳᠠᠭ ᠦᠭᠡᠢ ᠶᠢᠨ ᠤᠴᠢᠷ ᠰᠢᠯᠲᠠᠭᠠᠨ ᠢ ᠨᠢ ᠯᠠᠪᠯᠠᠪᠠᠯ ᠮᠣᠩᠭᠤᠯ ᠭᠠᠯᠢᠭ ᠢ ᠨᠢ ᠪᠢᠴᠢᠵᠦ ᠴᠢᠳᠠᠳᠠᠭ | ᠦᠭᠡᠢ᠂ ᠬᠠᠷᠢᠨ ᠮᠣᠩᠭᠤᠯ ᠦᠰᠦᠭ ᠢ ᠨᠢ ᠪᠢᠴᠢᠵᠦ ᠴᠢᠳᠠᠳᠠᠭ ᠭᠡᠨ᠎ᠡ᠃ ᠶᠠᠭᠠᠬᠢᠭᠠᠳ ᠮᠣᠩᠭᠤᠯ ᠭᠠᠯᠢᠭ ᠢ ᠨᠢ | ᠴᠢᠳᠠᠳᠠᠭ ᠦᠭᠡᠢ ᠶᠤᠮ ᠪᠣᠢ ᠭᠡᠪᠡᠯ ᠰᠤᠷᠤᠭᠰᠠᠨ ᠦᠭᠡᠢ ᠭᠡᠨ᠎ᠡ᠃ ᠪᠠᠭᠰᠢ ᠵᠢᠭᠠᠭᠰᠠᠨ ᠦᠭᠡᠢ ᠭᠡᠰᠡᠨ ᠦᠭᠡ᠃ | ᠲᠡᠭᠡᠭᠡᠳ ᠶᠠᠭᠠᠬᠢᠭᠠᠳ ᠮᠣᠩᠭᠤᠯ ᠭᠠᠯᠢᠭ ᠭᠡᠵᠤ ᠮᠡᠳᠡᠭᠰᠡᠨ ᠶᠤᠮ ᠭᠡᠪᠡᠯ ᠤᠳᠠᠭ᠎ᠠ ᠪᠦᠷᠢ ᠶᠢᠨ ᠰᠢᠯᠭᠠᠯᠲᠠ ᠳᠤ | ᠮᠣᠩᠭᠤᠯ ᠭᠠᠯᠢᠭ ᠤᠨ ᠰᠡᠳᠦᠪ ᠭᠠᠷᠳᠠᠭ ᠶᠤᠮ ᠭᠡᠨ᠎ᠡ᠃ ᠯᠠᠮᠠ ᠡ᠂ ᠶᠣᠰᠣᠲᠠᠢ ᠬᠤᠪᠢᠯᠭᠠᠨ ᠬᠠᠷᠢᠭᠤᠯᠲᠠ᠃ | ᠤᠳᠠᠭ᠎ᠠ ᠪᠦᠷᠢ ᠶᠢᠨ ᠰᠢᠯᠭᠠᠯᠲᠠ ᠳᠤ ᠭᠠᠷᠳᠠᠭ ᠠᠭᠤᠯᠭ᠎ᠠ ᠶᠢ ᠵᠢᠭᠠᠳᠠᠭ ᠦᠭᠡᠢ ᠲᠡᠭᠡᠭᠡᠳ ᠥᠭᠡᠷ᠎ᠡ ᠶᠠᠭᠤ ᠶᠢ | ᠵᠢᠭᠠᠭᠠᠳ ᠪᠠᠶᠢᠭᠰᠠᠨ ᠶᠤᠮ ᠪᠣᠢ᠂ ᠮᠠᠨ ᠤ ᠪᠠᠭᠰᠢ ᠨᠠᠷ︖ ᠵᠢᠷᠭᠤᠭᠠᠨ ᠵᠢᠯ ᠤᠨ ᠲᠤᠷᠰᠢ᠃ | ᠰᠤᠷᠤᠭᠴᠢᠳ ᠤᠨ ᠳᠠᠰᠬᠠᠯ ᠪᠤᠶᠤ ᠵᠣᠬᠢᠶᠠᠯ ᠢ ᠵᠠᠰᠠᠬᠤ ᠪᠦᠷᠢ ᠳᠠᠭᠠᠪᠤᠷᠢ ᠪᠠ ᠦᠭᠡ ᠦᠰᠦᠭ ᠤᠨ | ᠲᠠᠰᠢᠶ᠎ᠠ ᠶᠢ ᠵᠠᠰᠠᠬᠤ ᠨᠢ ᠮᠣᠩᠭᠤᠯ ᠬᠡᠯᠡᠨ ᠤ ᠪᠠᠭᠰᠢ ᠨᠠᠷ ᠤᠨ ᠭᠤᠣᠯ ᠠᠵᠢᠯ᠂ ᠬᠠᠮᠤᠭ ᠤᠨ ᠶᠡᠭᠡ ᠳᠠᠷᠤᠭᠠᠰᠤ | ᠪᠣᠯᠵᠠᠢ᠃ ᠳᠠᠭᠠᠪᠤᠷᠢ᠂ ᠴᠡᠭ ᠲᠡᠮᠳᠡᠭ᠂ ᠤᠯᠠᠭᠠᠨ ᠮᠥᠷ ᠪᠦᠷ ᠬᠡᠷᠡᠭᠯᠡᠳᠡᠭ ᠦᠭᠡᠢ ᠪᠣᠯᠣᠭᠰᠠᠨ ᠪᠥᠭᠡᠳ ᠬᠡᠷᠡᠭᠯᠡᠳᠡᠭ | ᠨᠢᠭᠡ ᠨᠢ ᠴᠦ ᠳᠤᠷ᠎ᠠ ᠲᠠᠪᠠ ᠪᠠᠷ ᠢᠶᠠᠨ ᠬᠡᠷᠡᠭᠯᠡᠵᠤ ᠪᠠᠶᠢᠨ᠎ᠠ᠃ ︽ ᠶᠢᠨ᠂ ᠤᠨ᠂ ᠤ᠂ ᠳᠤ᠂ ᠲᠤ᠂ ᠶᠢ᠂ ᠢ᠂ ᠪᠠᠷ᠂ | ᠢᠶᠠᠷ︾ ᠵᠡᠷᠭᠡ ᠲᠠᠶᠢᠨ ᠢᠯᠭᠠᠯ ᠤᠨ ᠳᠠᠭᠠᠪᠤᠷᠢ ᠪᠣᠯᠣᠨ ︽ ᠪᠠᠨ᠂ ᠢᠶᠠᠨ︾ ᠵᠡᠷᠭᠡ ᠶᠡᠷᠦᠩᠬᠡᠶᠢᠯᠡᠨ ᠬᠠᠮᠢᠶᠠᠳᠠᠭᠤᠯᠬᠤ | ᠳᠠᠭᠠᠪᠤᠷᠢ ᠶᠢ ᠬᠤᠳᠬᠤᠵᠤ ᠬᠡᠷᠡᠭᠯᠡᠬᠦ ᠨᠢ ᠵᠣᠩᠭᠢ ᠶᠢᠨ ᠳᠡᠭᠡᠷ᠎ᠡ ᠨᠢᠭᠡ ᠪᠦᠯᠦᠭ ᠶᠠᠷᠢᠶᠠᠨ ᠤ ᠬᠡᠯᠡ ︽ᠲᠡᠷᠡ ᠶᠢ ︵ | ᠲᠡᠭᠦᠨ ᠤ︶᠂ ᠪᠢ ᠶᠢᠨ ︵ᠮᠢᠨᠤ︶᠂ ᠨᠠᠮ᠎ᠠ ᠶᠢ ︵ᠨᠠᠮ᠎ᠠ ᠶᠢ︶︾ ᠶᠢ ᠲᠡᠮᠳᠡᠭᠯᠡᠵᠦ ᠪᠢᠴᠢᠬᠦ ᠳᠤ ᠦᠭᠡ ᠶᠢᠨ | ᠦᠨᠳᠦᠰᠦ ᠥᠭᠡᠷᠡᠴᠢᠯᠡᠭᠳᠡᠬᠦ ᠶᠣᠰᠣ᠂ ︽ᠥᠭᠭᠦᠪᠡ ︵ᠥᠭᠪᠡ︶᠂ ᠣᠯᠤᠵᠤ ︵ᠣᠯᠵᠤ︶᠂ ᠠᠪᠤᠵᠠᠢ ︵ᠠᠪᠴᠠᠢ︶ | ︾ ᠮᠡᠲᠦ ᠬᠤᠯᠪᠣᠬᠤ ᠦᠰᠦᠭ ᠤᠨ ᠳᠦᠷᠢᠮ ᠳᠤ ᠬᠤᠯᠪᠣᠭᠳᠠᠬᠤ ᠦᠰᠦᠭ᠂ ︽ᠪᠠᠬᠢᠷᠠᠭᠠᠳ ︵ᠪᠠᠷᠬᠢᠷᠠᠭᠠᠳ︶᠂ | ᠮᠠᠭᠠᠲᠤᠷ ︵ᠮᠠᠷᠭᠠᠰᠢ︶︾ ᠮᠡᠲᠦ ᠶᠢᠨ ᠶᠠᠷᠢᠶᠠᠨ ᠤ ᠬᠡᠯᠡᠯᠭᠡ ᠶᠢᠨ ᠪᠢᠴᠢᠯᠭᠡ ᠵᠡᠷᠭᠡ ᠶᠢ ᠳᠠᠩᠳᠠ ᠲᠠᠰᠢᠶ᠎ᠠ ᠪᠢᠴᠢᠳᠡᠭ | ᠪᠠᠶᠢᠨ᠎ᠠ᠃ ᠬᠡᠯᠡᠨ ᠵᠦᠢ ᠳᠤ ᠬᠢ ᠬᠠᠮᠤᠭ ᠤᠨ ᠦᠨᠳᠦᠰᠦᠨ ᠵᠦᠢᠯ᠂ ᠵᠥᠪ ᠪᠢᠴᠢᠯᠭᠡ ᠶᠢᠨ ᠬᠠᠮᠤᠭ ᠤᠨ ᠠᠩᠬᠠᠨ ᠤ᠂ | ᠬᠠᠮᠤᠭ ᠤᠨ ᠨᠠᠭᠠᠲᠤ ᠵᠠᠬ᠎ᠠ ᠶᠢᠨ ᠮᠡᠳᠡᠯᠭᠡ ᠶᠢ ᠵᠥᠪ ᠡᠵᠡᠮᠰᠢᠵᠦ ᠬᠡᠷᠡᠭᠯᠡᠬᠦ ᠦᠭᠡᠢ ᠪᠠᠷ ᠦᠰᠦᠭ ᠢᠶᠠᠨ ᠵᠥᠪ | ᠪᠢᠴᠢᠴᠢᠭᠡᠨᠡ ᠦᠦ ᠳ᠋ᠠ︖ | ᠳᠠᠬᠢᠭᠠᠳ ᠥᠨᠥ ᠴᠢᠳᠠᠳᠠᠭ ᠤᠩᠰᠢᠯᠭ᠎ᠠ ᠶᠢ ᠨᠢ ᠶᠠᠷᠢᠶ᠎ᠠ᠃ ᠠᠩᠬ᠎ᠠ ᠨᠢᠭᠡ ᠶᠢᠨ ᠬᠠᠮᠤᠭ ᠤᠨ ᠠᠩᠬᠠᠨ ᠤ | ᠬᠢᠴᠢᠶᠡᠯ ᠪᠣᠯ ᠮᠣᠩᠭᠤᠯ ᠤᠯᠤᠰ ᠤᠨ ᠳ᠋᠊ · ᠨᠠᠴᠤᠭᠳᠣᠷᠵᠢ ᠶᠢᠨ ︽ᠮᠢᠨᠤ ᠨᠤᠲᠤᠭ︾ ᠭᠡᠭᠦ ᠰᠢᠯᠦᠭ᠃ ᠵᠢᠩᠬᠢᠨᠢ | ᠬᠢᠴᠢᠶᠠᠯᠯᠡᠭᠦ ᠠᠴᠠ ᠡᠮᠦᠨ᠎ᠡ ᠰᠤᠷᠤᠭᠴᠢᠳ ᠠᠮᠠ ᠪᠤᠯᠢᠶᠠᠯᠳᠤᠨ ᠬᠢᠴᠢᠶᠡᠯ ᠢᠶᠠᠨ ᠤᠩᠰᠢᠭᠠᠳ ᠡᠬᠢᠯᠡᠬᠦ ᠨᠢ ᠪᠦᠷ ᠪᠢ | ᠤᠩᠰᠢᠵᠤ ᠴᠢᠳᠠᠨ᠎ᠠ ᠭᠡᠳᠡᠭ ᠢᠶᠠᠨ ᠮᠡᠳᠡᠭᠦᠯᠵᠦ ᠪᠠᠶᠢᠭ᠎ᠠ ᠬᠡᠷᠡᠭ᠂ ᠰᠠᠶᠢᠨ ᠤᠴᠢᠷ᠃ ᠭᠡᠲᠡᠯ᠎ᠡ ︽ᠳ᠋ᠠ ︵dα︶ | ᠨᠠᠴᠤᠭᠳᠣᠷᠵᠢ︾ ᠭᠡᠵᠤ ᠤᠩᠰᠢᠵᠤ ᠡᠬᠢᠯᠡᠬᠦ ᠪᠠᠷ ᠨᠠᠮ᠎ᠠ ᠶᠢ ᠪᠠᠰᠠ ᠯᠠ ᠰᠣᠴᠢᠭᠠᠭᠰᠠᠨ ᠶᠤᠮ᠃ ᠳ᠋ᠠ ︵dα︶︖ | ᠨᠣᠮ ᠳᠡᠭᠡᠷ᠎ᠡ ᠲᠣᠪ ᠲᠣᠳᠤᠷᠬᠠᠢ ︽ᠳ᠋᠊︾ ᠭᠡᠵᠤ ᠶᠠᠮᠠᠷ ᠴᠦ ᠡᠭᠡᠰᠢᠭ ᠦᠭᠡᠢ ᠳᠠᠩ ᠭᠠᠭᠴᠠ ᠭᠡᠶᠢᠭᠦᠯᠦᠭᠴᠢ | ᠦᠰᠦᠭ ᠢᠶᠠᠷ ᠪᠢᠴᠢᠵᠦ ᠪᠠᠶᠢᠬᠤ ᠳᠤ ᠪᠠᠰᠠ ᠬᠠᠮᠢᠭ᠎ᠠ ᠠᠴᠠ ᠨᠢ ︽ᠠ︾ ᠡᠭᠡᠰᠢᠭ ᠲᠠᠢ ᠪᠣᠯᠵᠤ ᠤᠩᠰᠢᠬᠤ | ᠪᠣᠯᠴᠢᠬᠠᠪᠠ︖ ᠡᠭᠡᠰᠢᠭ ᠲᠠᠢ ᠤᠩᠰᠢᠬᠤ ᠪᠠᠷ ᠪᠣᠳᠣᠬᠤ ᠳᠤ ᠶᠠᠭᠤᠨ ᠳᠤ ︽ᠡ︾ ᠪᠠᠷ ᠤᠩᠰᠢᠬᠤ ᠦᠭᠡᠢ ᠶᠤᠮ︖ | ᠤᠴᠢᠷ ᠢ ᠯᠠᠪᠯᠠᠪᠠᠯ ᠮᠠᠨ ᠤ ᠪᠠᠭᠰᠢ ᠲᠡᠭᠡᠵᠦ ᠤᠩᠰᠢᠵᠤ᠂ ᠲᠡᠭᠡᠵᠦ ᠵᠢᠭᠠᠵᠠᠢ ᠭᠡᠨ᠎ᠡ᠂ ᠠᠮᠠ ᠬᠤᠷᠳᠤᠨ ᠨᠢᠭᠡ ᠨᠢ | ᠷᠠᠳᠢᠣ᠋ ᠲᠧᠯᠸᠢᠰ ᠢᠶᠠᠷ ᠴᠦ ᠲᠡᠭᠡᠵᠦ ᠤᠩᠰᠢᠳᠠᠭ ᠶᠠ᠂ ᠬᠥᠲᠥᠯᠥᠭᠴᠢ ᠨᠡᠪᠲᠡᠷᠡᠭᠦᠯᠦᠭᠴᠢ ᠴᠦ ᠲᠡᠭᠡᠵᠦ ᠤᠩᠰᠢᠳᠠᠭ | ᠡ᠂ ᠪᠠᠭᠰᠢ ᠡ ᠭᠡᠬᠦ ᠶᠤᠮ᠃ ᠶᠣᠰᠣᠲᠠᠢ ᠢᠨᠢᠶᠡᠵᠦ ᠤᠬᠢᠯᠠᠬᠤ ᠪᠠᠨ ᠣᠯᠬᠤ ᠦᠭᠡᠢ ᠪᠣᠯᠵᠠᠢ᠃ ᠮᠠᠨ ᠤ ᠪᠠᠭᠰᠢ ᠨᠠᠷ | ᠴᠦ ᠲᠡᠭᠡᠵᠦ ᠤᠩᠰᠢᠵᠤ᠂ ᠲᠡᠭᠡᠵᠦ ᠵᠢᠭᠠᠭᠠᠳ ᠢᠷᠠᠵᠠᠢ ᠭᠡᠳᠡᠭ ᠢ ᠪᠢ ᠨᠢᠴᠤᠭᠠᠬᠤ ᠦᠭᠡᠢ᠂ ᠵᠥᠪᠰᠢᠶᠡᠷᠡᠨ᠎ᠡ᠂ | ᠦᠨᠡᠨ ᠤᠴᠢᠷ ᠶᠤᠮ ᠴᠢᠨᠢ ᠳ᠋ᠠ᠃ ᠡᠨᠡ ᠬᠡᠦᠬᠡᠳ ᠤᠨ ᠪᠤᠷᠤᠭᠤ ᠪᠢᠰᠢ᠂ ᠮᠥᠨ ᠲᠡᠳᠡᠭᠡᠷ ᠬᠥᠲᠥᠯᠥᠭᠴᠢ | ᠨᠡᠪᠲᠡᠷᠡᠭᠦᠯᠦᠭᠴᠢ ᠶᠢᠨ ᠪᠤᠷᠤᠭᠤ ᠴᠦ ᠪᠢᠰᠢ ᠪᠠᠶᠢᠵᠤ ᠮᠡᠳᠡᠨ᠎ᠡ᠂ ᠭᠡᠲᠡᠯ᠎ᠡ ᠪᠠᠭᠰᠢ ᠶᠢᠨ ᠪᠤᠷᠤᠭᠤ ᠭᠡᠳᠡᠭ ᠨᠢ ᠮᠠᠷᠭᠤᠰᠢ | ᠦᠭᠡᠢ ᠪᠠᠶᠢᠨ᠎ᠠ᠃ ᠳ᠋᠊ · ᠨᠠᠴᠤᠭᠳᠣᠷᠵᠢ ᠶᠢᠨ ︽ᠳ᠋᠊︾ ᠶᠢ ᠬᠢᠲᠠᠳ ᠬᠡᠯᠡᠨ ᠳᠤ ︽达︾ ᠭᠡᠵᠤ ᠲᠡᠮᠳᠡᠭᠯᠡᠭᠰᠡᠨ ᠢ | ᠮᠠᠨ ᠤ ᠮᠣᠩᠭᠤᠯᠴᠤᠳ ᠪᠤᠴᠠᠭᠠᠭᠠᠳ ᠡᠬᠡ ᠬᠡᠯᠡᠨ ᠳᠤ ᠪᠠᠨ ᠶᠠᠷᠢᠬᠤ ᠳᠤ ᠪᠠᠨ ᠰᠢᠭᠤᠳ ᠬᠢᠲᠠᠳ ᠬᠡᠯᠡᠯᠭᠡ ᠶᠢ ᠨᠢ | ᠬᠡᠷᠡᠭᠯᠡᠵᠦ ᠮᠣᠩᠭᠤᠯ ᠢᠶᠠᠨ ᠮᠠᠷᠲᠠᠴᠢᠬᠠᠭᠰᠠᠨ ᠪᠠᠶᠢᠬᠤ ᠦᠭᠡᠢ ᠦᠦ︖ ᠢᠲᠡᠭᠡᠬᠦ ᠦᠭᠡᠢ ᠪᠣᠯ ᠬᠠᠯᠬᠠᠴᠤᠳ | ᠶᠠᠭᠠᠬᠢᠵᠤ ᠬᠡᠯᠡᠳᠡᠭ ᠢ ᠨᠢ ᠦᠵᠡᠶ᠎ᠡ᠃ | ᠮᠠᠨ ᠤ ᠬᠢᠨ ᠬᠢᠯᠢ ᠳᠠᠭᠠᠵᠤ ᠰᠠᠭᠤᠷᠢᠰᠢᠭᠰᠠᠨ ᠢᠶᠠᠷ ᠢᠶᠠᠨ ᠳᠠᠩᠳᠠ ᠬᠠᠯᠬ᠎ᠠ ᠮᠣᠩᠭᠤᠯ ᠤᠨ ᠰᠤᠷᠭᠠᠭᠤᠯᠢ | ᠪᠣᠯᠣᠨ ᠪᠠᠭᠰᠢ ᠨᠠᠷ ᠲᠠᠢ ᠬᠢᠴᠢᠶᠡᠯ ᠤᠨ ᠰᠣᠯᠢᠯᠴᠠᠭ᠎ᠠ ᠬᠢᠳᠡᠭ ᠶᠤᠮ᠃ ᠲᠡᠭᠡᠵᠦ ᠬᠢᠴᠢᠶᠡᠯ ᠤᠨ ᠵᠠᠪᠰᠠᠷᠯᠠᠭ᠎ᠠ ᠶᠢᠨ | ᠴᠠᠭ ᠢᠶᠠᠷ ᠡᠨᠡ ᠲᠤᠬᠠᠢ ᠲᠠᠢ ᠨᠢᠭᠡ ᠤᠳᠠᠭᠠᠨ ᠤ ᠶᠠᠷᠢᠯᠴᠠᠭᠠᠨ ᠪᠣᠯᠣᠭᠰᠠᠨ ᠶᠤᠮ᠃ ᠶᠠᠷᠢᠯᠴᠠᠭ᠎ᠠ ᠴᠦ ᠭᠡᠵᠤ ᠳ᠋ᠠ᠂ | ᠵᠦᠭᠡᠷ ᠨᠢᠭᠡ ᠴᠠᠭ ᠨᠥᠭᠴᠢᠭᠡᠵᠦ ᠶᠠᠷᠢᠯᠴᠠᠭᠰᠠᠨ ᠲᠡᠳᠦᠢ᠃ ᠮᠣᠩᠭᠤᠯ ᠤᠯᠤᠰ ᠤᠨ ᠳᠣᠷᠣᠨᠠᠲᠤ ᠠᠶᠢᠮᠠᠭ ᠠᠴᠠ | ᠢᠷᠡᠭᠰᠡᠨ ᠪᠠᠭᠰᠢ ᠨᠠᠷ ᠭᠡᠵᠤ ᠰᠣᠨᠣᠰᠤᠭᠰᠠᠨ ᠮᠠᠨ ᠤ ᠨᠢᠭᠡ ᠠᠬᠠᠮᠠᠳ ᠪᠠᠭᠰᠢ ᠠᠴᠠ᠄ ︽ᠲᠠ ᠨᠠᠷ ᠳᠣᠷᠣᠨᠠᠲᠤ | ᠠᠶᠢᠮᠠᠭ ᠠᠴᠠ ᠢᠷᠠᠯ᠎ᠠ ᠭᠡᠪᠡ ᠦᠦ᠂ ᠲᠡᠭᠡᠪᠡᠯ ᠳ᠋᠊ ︵dα︶ ᠨᠠᠴᠤᠭᠳᠣᠷᠵᠢ ᠲᠠᠢ ᠨᠢᠭᠡ ᠨᠤᠲᠤᠭ ᠤᠨ ᠬᠢ ᠰᠢᠳᠡ︾ | ᠭᠡᠪᠡᠯ ᠥᠨᠥᠬᠢ ᠨᠢ ᠤᠶᠢᠯᠠᠭᠠᠭᠰᠠᠨ ᠦᠭᠡᠢ᠃ | ︽ᠬᠡᠨ ᠪᠤᠢ︖︾ ᠭᠡᠵᠤ ᠪᠤᠴᠠᠭᠤᠯᠤᠭᠠᠳ ᠠᠰᠠᠭᠤᠵᠤ ᠪᠠᠶᠢᠨ᠎ᠠ᠃ | ︽ᠦᠭᠡᠢ᠂ ᠵᠣᠬᠢᠶᠠᠯᠴᠢ ᠳ᠋᠊ ︵dα︶ ᠨᠠᠴᠤᠭᠳᠣᠷᠵᠢ ᠦᠦ︖︾ ᠭᠡᠵᠤ ᠮᠠᠨ ᠤ ᠬᠥᠮᠥᠨ ᠴᠦ ᠲᠠᠬᠢᠨ | ᠠᠰᠠᠭᠤᠯ᠎ᠠ᠃ ᠶᠠᠭᠤ ᠭᠡᠵᠤ ᠰᠠᠨᠠᠨ᠎ᠠ︖ ᠥᠨᠥ ᠬᠠᠯᠬ᠎ᠠ ᠮᠣᠩᠭᠤᠯ ᠤᠨ ᠪᠠᠭᠰᠢ ᠮᠥᠨ ᠯᠠ ᠠᠰᠠᠭᠤᠯᠲᠠ ᠶᠢᠨ | ᠤᠬᠠᠭᠠᠨ ᠢ ᠨᠢ ᠣᠯᠣᠭᠰᠠᠨ ᠦᠭᠡᠢ ᠪᠣᠯᠣᠯᠲᠠᠢ᠂ ᠬᠡᠰᠡᠭ ᠳᠠᠭᠤᠨ ᠦᠭᠡᠢ ᠮᠡᠯᠡᠷᠡᠵᠦ ᠠᠪᠤᠭᠰᠠᠨ ᠢᠶᠠᠨ ᠬᠠᠮᠲᠦ | ᠢᠷᠡᠭᠰᠡᠨ ᠬᠠᠵᠠᠭᠤ ᠳᠤ ᠬᠢ ᠬᠠᠮᠰᠠᠭᠠᠲᠠᠨ ᠠᠴᠠ ᠪᠠᠨ ᠲᠤᠰᠠᠯᠠᠮᠵᠢ ᠭᠤᠶᠤᠭᠰᠠᠨ ᠪᠠᠶᠢᠷᠢ ᠲᠠᠢ ᠬᠠᠷᠠᠪᠠᠯ ᠥᠨᠥᠬᠢ ᠨᠢ | ᠴᠦ ᠤᠬᠠᠭᠠᠨ ᠢ ᠨᠢ ᠣᠯᠤᠭ᠎ᠠ ᠦᠭᠡᠢ ᠮᠠᠶ᠋ᠢᠭ ᠲᠠᠢ ᠲᠣᠯᠣᠭᠠᠢ ᠰᠡᠭᠰᠦᠷᠴᠡᠢ᠃ ᠲᠡᠭᠡᠲᠡᠯ᠎ᠡ ᠠᠷᠤ ᠶᠢᠨ ᠮᠥᠷ ᠲᠤ | ᠰᠠᠭᠤᠵᠤ ᠪᠠᠶᠢᠭᠰᠠᠨ ᠮᠠᠨ ᠤ ᠨᠢᠭᠡᠨ ᠵᠠᠯᠠᠭᠤ ᠪᠠᠭᠰᠢ ᠠᠴᠠ ︽︿ᠮᠢᠨᠤ ᠨᠤᠲᠤᠭ﹀ ᠰᠢᠯᠦᠭ ᠤᠨ ᠵᠣᠬᠢᠶᠠᠭᠴᠢ ᠶᠢ | ᠬᠡᠯᠡᠵᠦ ᠪᠠᠶᠢᠨ᠎ᠠ︾ ᠭᠡᠵᠤ ᠦᠭᠡ ᠬᠠᠪᠴᠢᠭᠤᠯᠪᠠᠯ ︽ᠥ᠂ ᠳ᠋᠊ ︵D︶ ᠨᠠᠴᠤᠭᠳᠣᠷᠵᠢ ᠦᠦ︖ ᠮᠥᠨ᠂ ᠮᠥᠨ︾ | ᠭᠡᠳ ᠯᠠ ᠡᠮᠦᠨ᠎ᠡ ᠪᠠᠶᠢᠭ᠎ᠠ ᠴᠠᠭᠠᠰᠤᠨ ᠳᠡᠭᠡᠷ᠎ᠡ ᠺᠢᠷᠢᠯ ᠢᠶᠠᠷ ᠢᠶᠠᠨ ᠤᠷᠤᠰᠤᠮ᠎ᠠ ᠰᠠᠶᠢᠬᠠᠨ ︽D︾ ᠭᠡᠵᠤ | ᠲᠣᠮᠣ ᠪᠠᠷ ᠡᠬᠢᠯᠡᠵᠦ ᠪᠢᠴᠢᠭᠡᠳ ᠨᠢᠭᠡ ᠲᠣᠰᠣᠯ ᠲᠠᠯᠪᠢᠴᠢᠬᠠᠭᠰᠠᠨ ᠤᠷᠤᠰᠤᠭᠤᠯᠵᠤ ᠭᠠᠷᠤᠯ᠎ᠠ᠃ ᠳ᠋᠊ ︵dα︶᠂ | ᠨᠠᠴᠤᠭᠳᠣᠷᠵᠢ ᠭᠡᠵᠤ ᠶᠠᠷᠢᠭᠠᠳ ᠢᠷᠡᠭᠰᠡᠨ ᠮᠠᠨ ᠤ ᠠᠬᠠᠮᠠᠳ ᠪᠠᠭᠰᠢ ᠮᠢᠨᠢ ᠨᠢᠭᠡ ᠨᠠᠰᠤᠨ ᠳᠤ ᠪᠠᠨ ᠬᠡᠴᠢᠨᠡᠭᠡᠨ | ᠰᠤᠷᠤᠭᠴᠢ ᠬᠥᠮᠥᠵᠢᠭᠦᠯᠦᠭᠰᠡᠨ ᠢ ᠨᠢ ᠪᠢᠳᠠ ᠮᠡᠳᠡᠬᠦ ᠦᠭᠡᠢ᠂ ᠭᠡᠪᠡᠴᠦ ᠨᠢᠭᠡ ᠨᠠᠰᠤ ᠪᠠᠷ ᠢᠶᠠᠨ ᠳ᠋᠊ ︵dα︶ | ᠨᠠᠴᠤᠭᠳᠣᠷᠵᠢ ᠭᠡᠵᠤ ᠵᠢᠭᠠᠵᠤ ᠢᠷᠡᠭᠰᠡᠨ ᠨᠢ ᠮᠠᠷᠭᠤᠰᠢ ᠦᠭᠡᠢ᠃ ᠲᠡᠭᠡᠬᠦ ᠪᠠᠷ ᠢᠶᠠᠨ ᠮᠠᠨ ᠤ ᠣᠳᠣ ᠶᠢᠨ ᠥᠪᠥᠷ | ᠮᠣᠩᠭᠤᠯᠴᠤᠳ ᠪᠦᠷ ᠲᠡᠭᠡᠵᠦ ᠳᠠᠭᠤᠳᠠᠭᠠᠳ ᠰᠤᠷᠤᠭᠰᠠᠨ ᠪᠠᠶᠢᠳᠠᠯ ᠲᠠᠢ᠃ ᠠᠢ ᠶᠠᠭᠠᠬᠢᠬᠤ ᠪᠤᠢ ᠳ᠋ᠠ︖ | ᠭᠡᠶᠢᠭᠦᠯᠦᠭᠴᠢ ᠶᠢᠨ ᠳᠠᠭᠤᠳᠠᠯᠭ᠎ᠠ ᠪᠠᠨ ᠴᠦ ᠵᠥᠪ ᠴᠢᠳᠠᠬᠤ ᠦᠭᠡᠢ ᠪᠠᠶᠢᠨ᠎ᠠ ᠭᠡᠵᠤ ᠬᠡᠯᠡᠬᠦ ᠠᠴᠠ ᠥᠭᠡᠷ᠎ᠡ ᠶᠠᠭᠤ | ᠭᠡᠵᠤ ᠬᠡᠯᠡᠨ᠎ᠡ︖ ᠡᠮᠴᠢ ᠬᠥᠮᠥᠨ ᠬᠥᠮᠥᠨ ᠢ ᠨᠢᠭᠡ ᠨᠢᠭᠡ ᠪᠠᠷ ᠬᠤᠣᠷᠯᠠᠬᠤ ᠳᠤ ᠪᠠᠭᠰᠢ ᠬᠥᠮᠥᠨ ᠴᠢᠨᠢ ᠬᠥᠮᠥᠨ ᠢ | ᠪᠦᠯᠦᠭ ᠪᠦᠯᠦᠭ ᠢᠶᠠᠷ ᠬᠤᠣᠷᠯᠠᠳᠠᠭ ᠭᠡᠭᠴᠢ ᠣᠷᠣ ᠦᠭᠡᠢ ᠦᠭᠡ ᠪᠢᠰᠢ ᠯᠠ ᠳ᠋ᠠ᠃ | ᠨᠢᠭᠡ ᠤᠳᠠᠭ᠎ᠠ ᠪᠢ ᠠᠬ᠎ᠠ ᠳᠡᠭᠦᠦ ᠰᠤᠷᠭᠠᠭᠤᠯᠢ ᠳᠤ ᠬᠦᠷᠴᠦ᠂ ᠠᠩᠬ᠎ᠠ ᠭᠤᠷᠪᠠ ᠶᠢᠨ ᠬᠢᠴᠢᠶᠡᠯ | ᠰᠣᠨᠣᠰᠤᠭᠰᠠᠨ ᠶᠤᠮ᠃ ᠬᠢᠴᠢᠶᠡᠯ ᠴᠦ ᠭᠡᠵᠤ᠂ ᠪᠤᠰᠤᠳ ᠲᠤ ᠰᠣᠨᠣᠰᠬᠠᠵᠤ ᠪᠠᠶᠢᠭ᠎ᠠ ᠤᠴᠢᠷ ᠲᠤᠩ ᠠᠮᠵᠢᠯᠲᠠ ᠲᠠᠢ | ᠰᠠᠶᠢᠬᠠᠨ ᠬᠢᠴᠢᠶᠡᠯ ᠪᠣᠯᠣᠭᠰᠠᠨ ᠨᠢ ᠮᠡᠳᠡᠭᠡᠵᠢ᠂ ᠶᠠᠷᠢᠬᠤ ᠤᠴᠢᠷ ᠦᠭᠡᠢ᠃ ᠮᠢᠨᠤ ᠠᠩᠬᠠᠷᠤᠯ ᠳᠤ ᠣᠷᠣᠭᠰᠠᠨ ᠨᠢ | ᠲᠡᠷᠡ ᠬᠦ ᠰᠠᠮᠪᠠᠷ᠎ᠠ ᠳᠡᠭᠡᠭᠦᠷ ᠨᠠᠭᠠᠯᠲᠠ ᠲᠠᠢ ︽ᠢᠯᠭᠤᠬᠤ ᠮᠠᠷᠭᠠᠰᠢ︾ ᠭᠡᠰᠡᠨ ᠠᠩᠭᠢ ᠶᠢᠨ ᠵᠠᠰᠠᠯ ᠤᠨ ᠦᠰᠦᠭ | ᠪᠠᠶᠢᠭ᠎ᠠ ᠶᠤᠮ᠃ ᠲᠣᠬᠢᠶᠠᠯᠳᠤᠯ ᠭᠡᠵᠤ ᠬᠡᠯᠡᠬᠦ ᠦᠦ ᠳ᠋ᠠ᠂ ᠠᠩᠭᠢ ᠶᠢᠨ ᠠᠷᠤ ᠬᠠᠨ᠎ᠠ ᠶᠢᠨ ᠬᠠᠨ᠎ᠠ ᠶᠢᠨ ᠰᠣᠨᠢᠨ ᠤ | ᠰᠠᠮᠪᠠᠷ᠎ᠠ ᠳᠡᠭᠡᠷ᠎ᠡ ᠴᠦ ᠰᠤᠷᠤᠭᠴᠢᠳ ᠨᠢ ᠣ ᠶᠢᠨ ᠪᠢᠷ ᠢᠶᠠᠷ ᠮᠥᠨ ᠦᠰᠦᠭ ᠢ ᠲᠠᠷᠡ ᠬᠡᠪ ᠢᠶᠠᠷ ᠨᠢ ᠳᠠᠭᠤᠷᠢᠶᠠᠨ | ᠪᠢᠴᠢᠭᠰᠡᠨ ᠪᠠᠶᠢᠬᠤ ᠦᠭᠡᠢ ᠦᠦ︖ ᠠᠩᠬ᠎ᠠ ᠭᠤᠷᠪᠠ ᠶᠢᠨ ᠰᠤᠷᠤᠭᠴᠢᠳ ᠠᠵᠢ᠂ ᠢᠷᠡᠬᠦ ᠮᠠᠷᠭᠠᠰᠢ ᠶᠢᠨ ᠢᠶᠠᠨ | ᠢᠯᠠᠯᠲᠠ ᠶᠢᠨ ᠲᠥᠯᠥᠭᠡ ᠴᠢᠷᠮᠠᠶᠢᠶ᠎ᠠ ᠭᠡᠰᠡᠨ ᠵᠣᠷᠢᠯᠭ᠎ᠠ ᠲᠠᠢ ᠪᠢᠴᠢᠭᠳᠡᠭᠰᠡᠨ ᠬᠠᠨ᠎ᠠ ᠶᠢᠨ ᠰᠣᠨᠢᠨ᠂ ᠬᠡᠨ ᠴᠤ | ᠣᠶᠢᠯᠠᠭᠠᠵᠤ ᠶᠠᠳᠠᠮᠠᠷ ᠵᠦᠢᠯ ᠪᠢᠰᠢ᠃ ᠭᠡᠲᠡᠯ᠎ᠡ ᠥᠨᠥᠬᠢ ᠴᠢᠨᠢ ︽ᠢᠯᠠ︾ ᠢᠵᠠᠭᠤᠷ ᠲᠠᠢ ︽ᠢᠯᠠᠭᠤᠬᠤ︾ | ᠭᠡᠰᠡᠨ ᠦᠰᠦᠭ ᠪᠠᠶᠢᠪᠠᠯ ᠲᠠᠭᠠᠷᠠᠬᠤ ᠰᠠᠨ᠃ ᠠᠩᠭᠢ ᠶᠢᠨ ᠪᠠᠭᠰᠢ ᠶᠢ ᠨᠢ ᠲᠠᠨᠢᠳᠠᠭ ᠢᠶᠠᠷ ᠬᠢᠴᠢᠶᠡᠯ ᠤᠨ ᠳᠠᠷᠠᠭ᠎ᠠ ᠪᠠᠷ | ᠳᠠᠭᠤᠳᠠᠨ ᠢᠷᠠᠵᠤ ᠥᠨᠥᠬᠢ ᠦᠰᠦᠭ ᠢ ᠨᠢ ᠦᠵᠡᠭᠦᠯᠵᠦ᠂ ᠳᠠᠬᠢᠭᠠᠳ ᠬᠠᠨ᠎ᠠ ᠶᠢᠨ ᠰᠣᠨᠢᠨ ᠳᠤ ᠬᠢ ᠦᠰᠦᠭ ᠢ ᠨᠢ | ᠦᠵᠡᠭᠦᠯᠵᠦ ᠪᠤᠷᠤᠭᠤ ᠶᠢ ᠨᠢ ᠶᠠᠷᠢᠵᠤ ᠥᠭᠪᠡᠯ ᠭᠤᠷᠪᠠᠨ ᠵᠢᠯ ᠤᠨ ᠲᠤᠷᠰᠢ ᠨᠠᠭᠠᠭᠠᠳ ᠶᠡᠷᠦ ᠶᠠᠷᠢᠭᠰᠠᠨ ᠬᠥᠮᠥᠨ | ᠦᠭᠡᠢ ᠤᠴᠢᠷ ᠠᠴᠠ ᠪᠢ ᠴᠦ ᠣᠪᠠᠶᠢᠯᠠᠭᠠ ᠦᠭᠡᠢ ᠭᠡᠵᠤ ᠦᠨᠡᠨ ᠮᠥᠨ ᠢᠶᠠᠷ ᠢᠶᠠᠨ ᠶᠠᠷᠢᠵᠤ ᠪᠠᠶᠢᠨ᠎ᠠ᠂ ᠮᠠᠨ ᠤ | ᠬᠥᠮᠥᠨ᠃ ᠬᠡᠷᠪᠡ ᠡᠨᠡ ᠪᠠᠭᠰᠢ ᠠᠩᠭᠢ ᠡᠷᠬᠢᠯᠡᠬᠦ ᠪᠦᠷᠢ ᠡᠨᠡ ᠪᠢᠴᠢᠭᠡᠰᠦ ᠶᠢ ᠰᠠᠮᠪᠠᠷ᠎ᠠ ᠳᠡᠭᠡᠷ᠎ᠡ ᠨᠠᠭᠠᠭᠠᠳ ᠢᠷᠡᠭᠰᠡᠨ | ᠪᠠᠶᠢᠪᠠᠯ ᠡᠨᠡ ᠦᠰᠦᠭ ᠢ ᠴᠣᠬᠤᠮ ᠬᠡᠳᠦᠢ ᠬᠡᠦᠬᠡᠳ ᠪᠤᠷᠤᠭᠤ ᠪᠠᠷ ᠪᠢᠴᠢᠭᠡᠳ ᠪᠠᠶᠢᠪᠠ︖ ᠮᠥᠨ ᠭᠤᠷᠪᠠᠨ | ᠵᠢᠯ ᠤᠨ ᠲᠤᠷᠰᠢ ᠢᠩᠭᠢᠵᠦ ᠪᠢᠴᠢᠭᠡᠳ ᠰᠤᠷᠴᠢᠬᠠᠭᠰᠠᠨ ᠬᠡᠦᠬᠡᠳ ᠬᠤᠵᠢᠮ ᠭᠤᠴᠢᠨ ᠵᠢᠯ ᠬᠡᠷᠡᠭᠰᠡᠭᠡᠳ ᠵᠥᠪ ᠢᠶᠠᠷ | ᠪᠢᠴᠢᠵᠦ ᠳᠡᠶᠢᠯᠦᠨ᠎ᠡ ᠦᠦ᠂ ᠦᠭᠡᠢ ᠦᠦ ᠳ᠋ᠠ᠂ ᠪᠦᠦ ᠮᠡᠳᠡ᠃ | ᠮᠠᠨ ᠤ ᠰᠤᠷᠭᠠᠭᠤᠯᠢ ᠳᠤ ᠳᠠᠳᠤᠯᠭ᠎ᠠ ᠶᠢᠨ ᠪᠠᠭᠰᠢ ᠢᠷᠡᠭᠡᠳ ᠬᠢᠴᠢᠶᠡᠯ ᠣᠷᠣᠯᠠᠵᠤ ᠣᠷᠣᠳᠠᠭ ᠨᠢ | ᠬᠤᠭᠤᠴᠠᠭ᠎ᠠ ᠪᠣᠯᠭᠠᠨ ᠪᠠᠶᠢᠳᠠᠭ ᠤᠴᠢᠷ ᠮᠦᠷᠳᠡᠭᠡᠨ ᠡᠯ᠎ᠡ ᠬᠢᠴᠢᠶᠡᠯ ᠲᠥᠷᠥᠯ ᠤᠨ ᠬᠢᠴᠢᠶᠠᠯ ᠤᠷᠤᠳᠠᠬ ᠪᠢ ᠭᠠᠭᠴᠠ | ᠮᠣᠩᠭᠤᠯ ᠬᠡᠯᠡᠨ ᠤ ᠪᠠᠭᠰᠢ ᠶᠢᠨ ᠬᠢᠴᠢᠶᠡᠯ ᠢ ᠯᠠ ᠠᠩᠬᠠᠷᠴᠤ ᠰᠣᠨᠣᠰᠳᠠᠭ᠃ ᠰᠠᠮᠪᠠᠷᠠᠴᠢᠯᠠᠭᠠ ᠭᠡᠰᠡᠨ ᠦᠭᠡᠢ᠂ | ᠣᠯᠠᠨ ᠵᠠᠭᠤᠴᠢᠲᠤ ᠭᠡᠰᠡᠨ ᠦᠭᠡᠢ ᠲᠠᠰᠢᠶ᠎ᠠ ᠦᠰᠦᠭ ᠳᠠᠩᠳᠠ ᠬᠠᠷᠠᠭᠳᠠᠨ᠎ᠠ᠃ ᠲᠡᠳᠡᠭᠡᠷ ᠤᠨ ᠳᠤᠮᠳᠠ ᠠᠴᠠ ᠨᠢᠭᠡ | ᠪᠠᠭᠰᠢ ᠨᠢ ᠬᠤᠯᠪᠣᠬᠤ ᠦᠰᠦᠭ ᠤᠨ ᠳᠦᠷᠢᠮ ᠢ ᠰᠤᠷᠤᠭᠴᠢᠳ ᠲᠤ ᠪᠠᠨ ᠵᠢᠭᠠᠳᠠᠭ ᠶᠤᠮ ᠪᠠᠶᠢᠨ᠎ᠠ᠃ ᠦᠨᠳᠦᠰᠦᠨ | ᠳᠦᠷᠢᠮ ᠪᠣᠯᠣᠨ ᠣᠨᠴᠠᠭᠠᠢ ᠳᠦᠷᠢᠮ ᠭᠡᠵᠤ ᠬᠡᠳᠦᠨ ᠵᠤᠷᠪᠤᠰ ᠶᠠᠷᠢᠭᠠᠳ ᠯᠠ ᠳᠥᠭᠦᠮ ᠰᠠᠮᠪᠠᠷᠠᠴᠢᠯᠠᠵᠤ᠂ | ᠰᠤᠷᠤᠭᠴᠢᠳ ᠢᠶᠠᠷ ᠢᠶᠠᠨ ᠰᠠᠮᠪᠠᠷ᠎ᠠ ᠳᠡᠭᠡᠷ᠎ᠡ ᠪᠠᠲᠤᠳᠬᠠᠯ ᠰᠡᠳᠦᠪ ᠬᠢᠯᠭᠡᠪᠠ᠃ ᠬᠢᠴᠢᠶᠡᠯ ᠴᠦ ᠰᠤᠷᠤᠭᠴᠢ ᠶᠢᠨ | ᠠᠵᠢᠯᠯᠠᠭ᠎ᠠ ᠪᠠᠷ ᠭᠤᠣᠯᠳᠠᠭᠰᠠᠨ ᠰᠢᠨ᠎ᠡ ᠬᠢᠴᠢᠶᠡᠯ ᠤᠨ ᠱᠠᠭᠠᠷᠳᠠᠯᠭ᠎ᠠ ᠳᠤ ᠵᠣᠬᠢᠴᠠᠭᠰᠠᠨ ᠭᠤᠶᠣ ᠬᠢᠴᠢᠶᠡᠯ ᠪᠣᠯᠵᠠᠢ᠃ | ᠭᠡᠲᠡᠯ᠎ᠡ ᠪᠤᠷᠬᠠᠨ ᠤ ᠨᠢᠭᠤᠷ ᠢ ᠪᠠᠭᠠᠰᠤ ᠪᠠᠷ ᠭᠤᠲᠤᠭᠠᠨᠠ ᠭᠡᠵᠤ ᠥᠨᠥ ᠪᠠᠭᠰᠢ ᠴᠢᠨᠢ ᠰᠤᠷᠤᠭᠴᠢ ᠶᠢᠨ ᠢᠶᠠᠨ ᠬᠢᠭᠰᠡᠨ | ᠰᠡᠳᠦᠪ ᠤᠨ ᠵᠥᠪ ᠪᠤᠷᠤᠭᠤ ᠶᠢ ᠨᠢ ᠦᠵᠡᠵᠦ ᠭᠠᠷᠤᠭ᠎ᠠ ᠦᠭᠡᠢ ᠯᠠ᠃ ᠵᠥᠪ ᠢ ᠨᠢ ᠪᠤᠷᠤᠭᠤ ᠪᠠᠷ ᠬᠢᠨᠠᠵᠤ᠂ | ᠪᠤᠷᠤᠭᠤ ᠶᠢ ᠨᠢ ᠵᠥᠪ ᠢᠶᠠᠷ ᠬᠢᠨᠠᠭᠰᠠᠨ ᠤᠴᠢᠷ ᠨᠢ ᠭᠠᠶᠢᠭᠤᠢ ᠬᠡᠷᠡᠭ᠂ ᠥᠪᠡᠷ ᠢᠶᠠᠨ ᠴᠦ ᠪᠤᠷᠤᠭᠤ ᠪᠢᠴᠢᠵᠦ᠂ | ᠪᠤᠷᠤᠭᠤ ᠬᠢᠬᠦ ᠮᠥᠷᠲᠡᠭᠡᠨ ᠰᠤᠷᠤᠭᠴᠢ ᠶᠢᠨ ᠵᠥᠪ ᠬᠢᠭᠰᠡᠨ ᠢ ᠴᠦ ᠪᠤᠷᠤᠭᠤ ᠪᠠᠷ ᠬᠢᠨᠠᠵᠤ ᠬᠢᠴᠢᠶᠡᠯ ᠰᠣᠨᠣᠰᠤᠭᠰᠠᠨ | ᠪᠢᠳᠠᠨ ᠢ ᠴᠣᠬᠤᠮ ᠢᠨᠢᠶᠡᠵᠦ ᠤᠬᠢᠯᠠᠬᠤ ᠶᠢᠨ ᠠᠷᠭ᠎ᠠ ᠦᠭᠡᠢ ᠪᠣᠯᠲᠠᠯ᠎ᠠ ᠠᠷᠭ᠎ᠠ ᠪᠠᠷᠠᠭᠳᠠᠭᠤᠯᠵᠤ᠂ ᠠᠷᠤ | ᠨᠢᠷᠤᠭᠤᠨ ᠠᠴᠠ ᠬᠦᠢᠲᠡᠨ ᠬᠥᠯᠥᠰᠦ ᠴᠢᠬᠠᠷᠠᠭᠤᠯᠤᠭᠰᠠᠨ ᠶᠤᠮ᠃ ᠪᠦᠷ ᠮᠣᠩᠭᠤᠯ ᠬᠡᠯᠡᠨ ᠤ ᠵᠢᠩᠬᠢᠨᠢ ᠠᠩᠭᠢ ᠠᠴᠠ | ᠲᠡᠭᠦᠰᠦᠭᠰᠡᠨ ᠣᠶᠤᠲᠠᠳ ᠰᠢᠤ ᠳ᠋ᠠ᠂ ᠬᠢᠴᠢᠶᠡᠯ ᠤᠨ ᠳᠠᠷᠠᠭ᠎ᠠ ᠵᠦᠭᠡᠷ ᠵᠣᠭᠤᠭ ᠳᠡᠯᠭᠡᠨ ᠯᠠᠪᠯᠠᠪᠠᠯ ᠶᠡᠭᠡ | ᠰᠤᠷᠭᠠᠭᠤᠯᠢ ᠳᠤ ᠪᠠᠨ ᠬᠡᠯᠡᠨ ᠵᠦᠢ ᠨᠢᠭᠡ ᠴᠦ ᠰᠤᠷᠤᠭᠰᠠᠨ ᠦᠭᠡᠢ ᠭᠡᠵᠤ ᠬᠡᠯᠡᠬᠦ ᠶᠢᠨ ᠬᠠᠮᠲᠤ ᠮᠣᠩᠭᠤᠯ ᠬᠡᠯᠡᠨ ᠤ | ᠬᠠᠮᠤᠭ ᠤᠨ ᠰᠤᠷᠬᠤ ᠳᠤᠷ᠎ᠠ ᠦᠭᠡᠢ ᠵᠦᠢᠯ ᠨᠢ ᠬᠡᠯᠡᠨ ᠵᠦᠢ ᠭᠡᠨ᠎ᠡ᠃ ᠶᠠᠭᠠᠬᠢᠬᠤ ᠳ᠋ᠠ ᠪᠤᠢ᠂ ᠤᠰᠤ ᠤᠤᠭᠤᠬᠤ | ᠦᠭᠡᠢ ᠦᠬᠡᠷ ᠤᠨ ᠲᠣᠯᠣᠭᠠᠢ ᠶᠢ ᠨᠢ ᠳᠠᠷᠤᠵᠤ ᠪᠠᠶᠢᠭᠠᠳ ᠤᠰᠤ ᠤᠤᠭᠤᠯᠭᠠᠭᠰᠠᠨ ᠬᠡᠷᠡᠭ ᠪᠣᠯᠵᠠᠢ ᠭᠡᠵᠤ ᠲᠣᠰ | ᠬᠢᠴᠢᠶᠡᠯᠯᠡᠭᠡ ᠶᠢ ᠳ᠋ᠦᠩᠨᠡᠵᠦ ᠬᠡᠯᠡᠬᠦ ᠠᠴᠠ ᠥᠭᠡᠷ᠎ᠡ ᠶᠠᠭᠤ ᠬᠡᠯᠡᠨ᠎ᠡ ᠳ᠋ᠠ᠂ ᠡᠭᠦᠨ ᠢ ᠴᠢᠨᠢ᠃ ᠰᠤᠷᠬᠤ ᠳᠤᠷ᠎ᠠ ᠦᠭᠡᠢ | ᠭᠡᠳ ᠬᠠᠶᠠᠭᠠᠨ ᠳᠤ ᠨᠢ ᠬᠠᠶᠠᠭᠠᠳ᠂ ᠰᠤᠷᠤᠭᠰᠠᠨ ᠦᠭᠡᠢ ᠮᠡᠳᠡᠯᠭᠡ ᠶᠢ ᠨᠢ ᠣᠷᠣᠭᠤᠯᠴᠢᠬᠠᠭᠰᠠᠨ ᠶᠤᠮ ᠴᠢᠨᠢ ᠳ᠋ᠠ᠃ | ᠨᠥᠭᠦᠭᠡ ᠲᠠᠯ᠎ᠠ ᠪᠠᠷ ᠣᠳᠣᠬᠠᠨ ᠤ ᠶᠡᠭᠡ ᠰᠤᠷᠭᠠᠭᠤᠯᠢ ᠶᠢᠨ ᠮᠣᠩᠭᠤᠯ ᠬᠡᠯᠡᠨ ᠤ ᠲᠤᠰᠬᠠᠢ ᠮᠡᠷᠭᠡᠵᠢᠯ ᠤᠨ ᠬᠢᠴᠢᠶᠡᠯ | ᠲᠥᠷᠥᠯ ᠳᠤ ᠦᠨᠡᠨ ᠢᠶᠠᠷ ᠬᠡᠯᠡᠨ ᠤ ᠵᠦᠢ ᠶᠢ ᠵᠢᠭᠠᠬᠤ ᠦᠭᠡᠢ ᠪᠣᠯᠣᠭᠰᠠᠨ ᠪᠣᠯᠣᠯᠲᠠᠢ᠃ ᠡᠮᠦᠨᠡᠬᠡᠨ ᠮᠠᠨ ᠤ | ᠰᠤᠷᠭᠠᠭᠤᠯᠢ ᠨᠢ ᠨᠡᠶᠢᠭᠡᠮ ᠳᠡᠭᠡᠷ᠎ᠡ ᠠᠴᠠ ᠮᠣᠩᠭᠤᠯ ᠬᠡᠯᠡᠨ ᠤ ᠪᠠᠭᠰᠢ ᠶᠢ ᠢᠯᠡ ᠪᠠᠷ ᠰᠢᠯᠭᠠᠨ ᠡᠯᠰᠡᠵᠦ ᠠᠪᠤᠭᠰᠠᠨ | ᠶᠤᠮ᠃ ᠲᠡᠭᠡᠵᠦ ᠡᠯᠰᠡᠭᠳᠡᠵᠦ ᠢᠷᠡᠭᠰᠡᠨ ᠰᠤᠳᠤᠯᠬᠤ ᠰᠤᠷᠤᠭᠴᠢ ᠲᠡᠭᠦᠰᠦᠭᠰᠡᠨ᠂ ᠠᠰᠫᠢᠷᠠᠨᠲ ᠤᠨ ᠰᠤᠷᠤᠯᠭ᠎ᠠ ᠶᠢᠨ | ᠨᠠᠮᠲᠠᠷ ᠲᠠᠢ ᠨᠢᠭᠡᠨ ᠵᠠᠯᠠᠭᠤ ᠪᠠᠭᠰᠢ ᠲᠠᠢ ᠠᠵᠢᠯ ᠤᠨ ᠴᠢᠯᠦᠭᠡ ᠪᠠᠷ ᠵᠦᠭᠡᠷ ᠵᠣᠭᠤᠭ ᠳᠡᠯᠭᠡᠨ ᠬᠡᠯᠡᠨ ᠵᠦᠢ ᠶᠢᠨ | ᠲᠤᠬᠠᠢ ᠲᠠᠢ ᠶᠠᠷᠢᠶ᠎ᠠ ᠪᠣᠯᠣᠭᠰᠠᠨ ᠳᠤ ᠲᠡᠷᠡ ᠪᠠᠭᠰᠢ ᠠᠴᠠ ᠥᠪᠡᠷ ᠢ ᠪᠠᠨ ᠶᠡᠭᠡ ᠰᠤᠷᠭᠠᠭᠤᠯᠢ ᠳᠤ ᠬᠡᠯᠡᠨ ᠵᠦᠢ | ᠰᠤᠷᠤᠭᠰᠠᠨ ᠦᠭᠡᠢ᠂ ᠠᠰᠫᠢᠷᠠᠨᠲ ᠦᠵᠡᠵᠦ ᠪᠠᠶᠢᠭ᠎ᠠ ᠬᠤᠭᠤᠴᠠᠭᠠᠨ ᠳᠤ ᠪᠠᠨ ᠴᠦ ᠰᠤᠷᠤᠭ᠎ᠠ ᠦᠭᠡᠢ ᠭᠡᠵᠤ | ᠲᠠᠰᠤᠷᠬᠠᠢ ᠶᠠᠷᠢᠭᠰᠠᠨ ᠪᠥᠭᠡᠳ ᠣᠳᠣ ᠶᠢᠨ ᠬᠡᠯᠡᠨ ᠵᠦᠢ ᠶᠢᠨ ᠰᠠᠭᠤᠷᠢ ᠨᠢ ᠳᠡᠭᠡᠳᠦ ᠳᠤᠮᠳᠠᠳᠤ ᠳᠤ ᠪᠠᠨ | ᠰᠤᠷᠤᠭᠰᠠᠨ ᠮᠡᠳᠡᠯᠭᠡ ᠪᠣᠯᠣᠨ᠎ᠠ᠂ ᠣᠳᠣ ᠪᠦᠷ ᠬᠢᠴᠢᠶᠡᠯ ᠤᠨ ᠠᠭᠤᠯᠭ᠎ᠠ ᠪᠠᠨ ᠲᠠᠭᠠᠨ ᠬᠡᠯᠡᠨ ᠵᠦᠢ ᠶᠢᠨ ᠮᠡᠳᠡᠯᠭᠡ ᠶᠢ | ᠥᠪᠡᠰᠦᠪᠡᠨ ᠰᠤᠷᠴᠤ᠂ ᠵᠢᠭᠠᠵᠤ ᠪᠠᠶᠢᠨ᠎ᠠ ᠭᠡᠵᠤ ᠶᠠᠷᠢᠭᠰᠠᠨ ᠶᠤᠮ᠃ ᠥᠨᠥ ᠶᠡᠭᠡ ᠰᠤᠷᠭᠠᠭᠤᠯᠢ ᠶᠢᠨ ᠳᠦᠷᠪᠡᠨ ᠵᠢᠯ | ᠂ ᠰᠤᠳᠤᠯᠬᠤ ᠰᠤᠷᠤᠭᠴᠢ ᠶᠢᠨ ᠬᠡᠳᠦᠨ ᠵᠢᠯ ᠤᠨ ᠰᠤᠷᠤᠯᠴᠠᠯᠭ᠎ᠠ ᠳᠤ ᠪᠦᠷ ᠶᠠᠭᠤ ᠰᠤᠷᠤᠭᠠᠳ ᠪᠠᠶᠢᠪᠠ ᠳ᠋ᠠ ᠭᠡᠵᠤ | ᠪᠢ ᠬᠠᠷᠠᠬᠠᠨ ᠠᠰᠠᠭᠤᠵᠤ ᠳᠦᠪᠳᠡᠭᠰᠡᠨ ᠦᠭᠡᠢ ᠴᠦ ᠳᠡᠭᠡᠵᠦ ᠪᠣᠳᠣᠭᠰᠠᠨ ᠢᠶᠠᠨ ᠪᠢ ᠨᠢᠭᠤᠬᠤ ᠦᠭᠡᠢ᠃ ᠡᠰᠡᠬᠦᠯ᠎ᠡ | ᠬᠡᠯᠡᠨ ᠵᠦᠢ ᠮᠥᠨ ᠬᠠᠮᠤᠭ ᠤᠨ ᠰᠤᠷᠬᠤ ᠳᠤᠷ᠎ᠠ ᠦᠭᠡᠢ ᠬᠢᠴᠢᠶᠡᠯ ᠨᠢ ᠪᠠᠶᠢᠵᠤ᠂ ᠶᠠᠭᠤ ᠴᠦ ᠰᠤᠷᠤᠭᠰᠠᠨ ᠦᠭᠡᠢ | ᠶᠤᠮ ᠦᠦ ᠳ᠋ᠠ᠂ ᠪᠦᠦ ᠮᠡᠳᠡ᠃ | ᠨᠢᠭᠡ ᠤᠳᠠᠭ᠎ᠠ ᠮᠢᠨᠤ ᠠᠩᠬ᠎ᠠ ᠨᠢᠭᠡ ᠶᠢᠨ ᠬᠤᠶᠠᠷ ᠰᠤᠷᠤᠭᠴᠢ ᠬᠢᠴᠢᠶᠡᠯ ᠤᠨ ᠨᠣᠮ ᠢᠶᠠᠨ ᠪᠠᠷᠢᠭᠰᠠᠭᠠᠷ | ᠲᠡᠷᠭᠡᠳᠡ ᠢᠷᠡᠭᠡᠳ ᠨᠢᠭᠡ ᠨᠢ ︽ᠬᠠᠷᠢᠭᠤᠯᠠᠨ᠎ᠠ︾᠂ ᠨᠥᠭᠦᠭᠡ ᠨᠢ ︽ᠬᠤᠯᠠᠳᠤᠨ᠎ᠠ︾ ᠭᠡᠰᠡᠨ ᠦᠭᠡ ᠶᠢ ᠶᠠᠮᠠᠷ | ᠤᠳᠬ᠎ᠠ ᠲᠠᠢ ᠦᠭᠡ ᠪᠣᠯᠬᠤ ᠶᠢ ᠨᠠᠳᠠ ᠠᠴᠠ ᠠᠰᠠᠭᠤᠵᠤ ᠪᠠᠶᠢᠨ᠎ᠠ᠂ ᠲᠣᠯᠢ ᠪᠢᠴᠢᠭ ᠤᠷᠪᠠᠭᠤᠯᠤᠭᠠᠳ ᠡᠷᠢᠵᠦ | ᠣᠯᠤᠭ᠎ᠠ ᠦᠭᠡᠢ ᠪᠠᠭᠰᠢ ᠠᠴᠠ ᠪᠠᠨ ᠲᠤᠰᠠᠯᠠᠮᠵᠢ ᠡᠷᠢᠬᠦ ᠪᠠᠷ ᠢᠷᠠᠵᠤ ᠳ᠋ᠠ᠂ ᠲᠡᠳᠡ ᠴᠢᠨᠢ᠃ ᠪᠢ ᠦᠵᠡᠩᠭᠦᠳᠡ | ᠲᠠᠰᠢᠶ᠎ᠠ ᠪᠢᠴᠢᠭᠳᠡᠭᠰᠡᠨ ᠪᠣᠯᠬᠤ ᠶᠢ ᠮᠡᠳᠡᠭᠡᠳ᠄ ︽ᠲᠠᠨᠤᠰ ᠠᠷᠠᠢ ᠲᠠᠰᠢᠶ᠎ᠠ ᠬᠠᠭᠤᠯᠵᠤ ᠪᠢᠴᠢᠭᠡ ᠦᠭᠡᠢ ᠪᠢᠵᠡ︖︾ | ᠭᠡᠵᠤ ᠳᠠᠪᠲᠠᠨ ᠠᠰᠠᠭᠤᠪᠠᠯ᠄ ︽ᠦᠭᠡᠢ ᠪᠠᠭᠰᠢ ᠡ᠂ ᠡ᠊ᠨᠳᠡ ᠪᠠᠶᠢᠨ᠎ᠠ᠂ ᠥᠪᠡᠷ ᠢᠶᠠᠨ ᠦᠵᠡ︾ ᠭᠡᠳ ᠪᠠᠷᠢᠵᠤ | ᠢᠷᠡᠭᠰᠡᠨ ᠬᠢᠴᠢᠶᠡᠯ ᠤᠨ ᠪᠢᠴᠢᠭ ᠢᠶᠠᠨ ᠲᠡᠯᠭᠡᠭᠡᠳ ᠦᠵᠡᠭᠦᠯᠬᠦ ᠶᠤᠮ᠃ ᠦᠨᠡᠬᠡᠷ ᠲᠡᠶᠢᠮᠦ ᠰᠢᠳᠡ᠂ ᠠᠩᠬ᠎ᠠ | ᠨᠢᠭᠡ ᠶᠢᠨ ᠬᠡᠦᠬᠡᠳ ᠪᠠᠶᠢᠲᠠᠯ᠎ᠠ ᠪᠤᠷᠤᠭᠤ ᠭᠡᠵᠤ ᠮᠡᠳᠡᠵᠦ ᠭᠠᠷᠴᠤ ᠪᠠᠶᠢᠲᠠᠯ᠎ᠠ ᠮᠠᠨ ᠤ ᠨᠠᠶᠢᠷᠠᠭᠤᠯᠤᠭᠴᠢ ᠨᠠᠷ ᠴᠢᠨᠢ | ᠦᠵᠡᠵᠦ ᠭᠠᠷᠤᠭ᠎ᠠ ᠦᠭᠡᠢ ᠶᠤᠮ ᠪᠠᠶᠢᠨ᠎ᠠ᠃ ᠡᠰᠡᠬᠦᠯ᠎ᠡ ᠪᠠᠰᠠ ᠯᠠ ᠥᠨᠥᠬᠢ ᠬᠡᠯᠡᠨ ᠵᠦᠢ ᠰᠤᠷᠬᠤ ᠳᠤᠷ᠎ᠠ ᠦᠭᠡᠢ | ᠨᠠᠶᠢᠷᠠᠭᠤᠯᠤᠭᠴᠢ ᠨᠢ ᠨᠠᠶᠢᠷᠠᠭᠤᠯᠴᠢᠬᠠᠭᠰᠠᠨ ᠶᠤᠮ ᠦᠦ ᠳ᠋ᠠ᠂ ᠪᠦᠦ ᠮᠡᠳᠡ᠃ ᠪᠤᠷᠬᠠᠨ ᠪᠠᠶᠢᠲᠠᠯ᠎ᠠ ᠭᠤᠷᠪᠠᠨ | ᠪᠥᠭᠡᠰᠦ ᠲᠠᠢ ᠭᠡᠳᠡᠭ ᠪᠠᠶᠢᠲᠠᠯ᠎ᠠ ᠲᠡᠶᠢᠮᠦ ᠣᠯᠠᠨ ᠨᠣᠮ ᠨᠠᠶᠢᠷᠠᠭᠤᠯᠵᠤ ᠪᠠᠶᠢᠭ᠎ᠠ ᠬᠥᠮᠥᠰ ᠲᠤ ᠴᠦ ᠭᠡᠰᠡᠨ ᠬᠡᠳᠦᠨ | ᠪᠤᠷᠤᠭᠤ ᠪᠠᠶᠢᠵᠤ ᠪᠣᠯᠳᠠᠭ ᠯᠠ ᠪᠠᠶᠢᠯ ᠦᠭᠡᠢ ᠭᠡᠵᠤ ᠵᠠᠷᠢᠮᠠᠳ ᠨᠢ ᠮᠡᠷᠭᠡᠯᠡᠵᠦ ᠮᠡᠳᠡᠨ᠎ᠡ᠃ ᠭᠡᠲᠡᠯ᠎ᠡ ᠶᠠᠭ ᠥᠨᠥ | ᠨᠠᠶᠢᠷᠠᠭᠤᠯᠤᠭᠴᠢ ᠶᠢᠨ ᠡᠨᠡ ᠨᠢᠭᠡᠯᠬᠡᠨ ᠠᠯᠳᠠᠭ᠎ᠠ ᠪᠠᠷ ᠬᠡᠴᠢᠨᠡᠭᠡᠨ ᠰᠤᠷᠤᠭᠴᠢ ᠶᠢᠨ ᠬᠡᠳᠦᠢ ᠴᠠᠭ ᠪᠣᠯᠣᠨ ᠲᠠᠷᠢᠬᠢ ᠶᠢ | ᠦᠷᠡᠭᠡᠵᠦ ᠰᠦᠢᠳᠬᠡᠵᠦ ᠪᠠᠶᠢᠭ᠎ᠠ ᠶᠢ ᠬᠡᠨ ᠨᠠᠷᠢᠨ ᠪᠣᠳᠣᠵᠤ ᠦᠵᠡᠪᠡ︖ ᠳᠠᠬᠢᠭᠠᠳ ᠬᠡᠯᠡᠪᠡᠯ ᠮᠠᠨᠤᠰ ᠶᠠᠭᠤ | ᠪᠦᠬᠦᠨ ᠳᠤ ᠠᠭᠤᠴᠢᠯᠠᠬᠤ ᠣᠪᠣᠷ ᠠᠪᠤᠭᠰᠠᠭᠠᠷ ᠪᠠᠶᠢᠵᠤ ᠣᠳᠣ ᠶᠠᠭᠤ ᠪᠣᠯᠵᠤ ᠪᠠᠶᠢᠭ᠎ᠠ ᠭᠡᠭᠴᠢ ᠪᠠᠨ ᠦᠵᠡᠵᠦ | ᠬᠠᠷᠠᠵᠤ ᠮᠡᠳᠡᠬᠦ ᠴᠢᠬᠤᠯᠠ ᠲᠠᠢ ᠴᠦ ᠪᠣᠯᠵᠤ ᠪᠠᠶᠢᠨ᠎ᠠ ᠰᠢᠤ ᠳ᠋ᠠ᠃ ᠢᠲᠡᠭᠡᠬᠦ ᠦᠭᠡᠢ ᠪᠣᠯ ᠳᠠᠬᠢᠭᠠᠳ ᠨᠢᠭᠡ ᠤᠴᠢᠷ ᠢ | ᠶᠠᠷᠢᠶ᠎ᠠ᠃ ᠨᠢᠭᠡ ᠤᠳᠠᠭᠠᠨ ᠤ ᠬᠡᠯᠡᠨ ᠵᠦᠢ ᠶᠢᠨ ᠬᠢᠴᠢᠶᠡᠯᠯᠡᠭᠡ ᠳᠤ ᠰᠤᠷᠤᠭᠴᠢᠳ ᠢᠶᠠᠷ ︽ᠰᠣᠷᠣᠯᠴᠠᠬᠤ᠂ | ᠣᠷᠣᠯᠴᠠᠬᠤ︾ ᠦᠭᠡ ᠶᠢ ᠢᠵᠠᠭᠤᠷ ᠳᠠᠭᠠᠪᠤᠷᠢ ᠪᠠᠷ ᠵᠠᠳᠠᠯᠤᠭᠤᠯᠤᠭᠰᠠᠨ ᠶᠤᠮ᠃ ᠶᠠᠭᠤ ᠭᠡᠵᠤ ᠰᠠᠨᠠᠨ᠎ᠠ︖ | ᠰᠤᠷᠤᠯᠴᠠᠬᠤ ᠶᠢᠨ ︽ᠰᠤᠷ︾᠂ ᠣᠷᠣᠯᠴᠠᠬᠤ ᠶᠢᠨ ᠬᠢᠨᠢ ᠴᠦ ︽ᠣᠷ︾ ᠢᠵᠠᠭᠤᠷ ᠪᠠᠶᠢᠨ᠎ᠠ᠃ ︽ᠰᠤᠷ︾ ᠪᠣᠯ | ᠰᠤᠷᠤᠯᠴᠠᠬᠤ ᠶᠢᠨ ᠢᠵᠠᠭᠤᠷ ᠭᠡᠰᠡᠨ ᠳᠤ ᠡᠷᠡᠭᠡᠯᠵᠡᠭᠡ ᠲᠠᠢ ᠬᠥᠮᠥᠨ ᠪᠠᠶᠢᠬᠤ ᠦᠭᠡᠢ ᠪᠢᠵᠡ᠂ ᠭᠡᠲᠡᠯ᠎ᠡ | ᠣᠷᠣᠯᠴᠠᠬᠤ ᠶᠢᠨ ᠢᠵᠠᠭᠤᠷ ᠨᠢ ︽ᠣᠷ︾ ᠭᠡᠪᠡᠯ ᠬᠡᠳᠦᠨ ᠬᠥᠮᠥᠨ ᠵᠥᠪᠰᠢᠶᠡᠷᠡᠨ᠎ᠡ︖ ︽ᠭᠡᠷ ᠲᠤ ᠣᠷᠣ︾ | ᠭᠡᠳᠡᠭ ᠢ ᠪᠦᠷ ᠬᠡᠵᠢᠶ᠎ᠡ ᠠᠴᠠ ᠨᠢ ᠡᠬᠢᠯᠡᠭᠡᠳ ︽ᠭᠡᠷ ᠲᠤ ᠣᠷ︾ ᠭᠡᠵᠤ ᠪᠢᠴᠢᠬᠦ ᠪᠣᠯᠴᠢᠬᠠᠪᠠ ᠭᠡᠵᠤ ᠨᠠᠮ᠎ᠠ ᠶᠢ | ᠪᠠᠭᠲᠠᠭᠠᠭᠰᠠᠨ ᠣᠯᠠᠩᠬᠢ ᠲᠣᠭᠠᠨ ᠤ ᠮᠣᠩᠭᠤᠯ ᠬᠡᠯᠡᠨ ᠤ ᠪᠠᠭᠰᠢ ᠭᠠᠶᠢᠬᠠᠯ ᠲᠥᠷᠥᠬᠦ ᠨᠢ ᠯᠠᠪᠲᠠᠢ᠃ ︽ᠣᠷᠣᠯᠴᠠᠬᠤ | ︾ ᠶᠢᠨ ᠢᠵᠠᠭᠤᠷ ᠪᠤᠷᠤᠭᠤᠳᠠᠵᠠᠢ ᠭᠡᠵᠤ ᠨᠠᠮ᠎ᠠ ᠶᠢ ᠬᠡᠯᠡᠬᠦ ᠳᠤ ᠥᠨᠥ ᠰᠤᠷᠤᠭᠴᠢ ᠣᠭᠲᠣ ᠬᠦᠯᠢᠶᠡᠬᠦ ᠦᠭᠡᠢ᠂ | ᠥᠪᠡᠷ ᠤᠨ ᠬᠢᠭᠰᠡᠨ ᠢᠶᠠᠨ ᠲᠠᠭᠠᠷᠠᠨ᠎ᠠ ᠭᠡᠵᠤ ᠪᠠᠷᠢᠮᠲᠠᠯᠠᠵᠤ ᠪᠠᠶᠢᠨ᠎ᠠ᠃ ᠤᠴᠢᠷ ᠢ ᠨᠢ ᠤᠬᠤᠴᠢᠯᠠᠨ ᠯᠠᠪᠯᠠᠪᠠᠯ ᠲᠣᠯᠢ | ᠪᠢᠴᠢᠭ ᠳᠡᠭᠡᠷ᠎ᠡ ᠲᠡᠭᠡᠵᠦ ᠰᠠᠯᠭᠠᠵᠤ ᠪᠠᠶᠢᠨ᠎ᠠ ᠭᠡᠳ ᠥᠨᠥᠬᠢ ᠲᠣᠯᠢ ᠪᠢᠴᠢᠭ ᠢᠶᠠᠨ ᠲᠡᠪᠡᠷᠢᠵᠦ ᠢᠷᠡᠭᠡᠳ | ᠤᠷᠪᠠᠭᠤᠯᠵᠤ ᠦᠵᠡᠭᠦᠯᠬᠦ ᠶᠤᠮ᠃ ᠯᠠᠮᠠ ᠡ᠂ ᠶᠣᠰᠣᠲᠠᠢ ᠦᠰᠦᠲᠦ ᠮᠡᠯᠡᠬᠡᠢ ᠦᠵᠡᠭᠰᠡᠨ ︵ᠦᠨᠡᠨ ᠳᠤ ᠪᠠᠨ | ᠲᠡᠭᠡᠵᠦ ᠰᠠᠯᠭᠠᠵᠤ ᠪᠠᠶᠢᠭᠰᠠᠨ ᠢ ᠥᠭᠡᠷ᠎ᠡ ᠨᠣᠮ ᠠᠴᠠ ᠬᠠᠷᠠᠭᠰᠠᠨ ᠯᠠ ᠳ᠋ᠠ᠂ ᠭᠡᠪᠡᠴᠦ ᠠᠩᠬ᠎ᠠ ᠳᠤᠮᠳᠠᠳᠤ ᠶᠢᠨ | ᠰᠤᠷᠤᠭᠴᠢᠳ ᠢ ᠲᠡᠭᠡᠵᠦ ᠰᠣᠨᠢᠭᠤᠴᠢᠯᠠᠨᠠ ᠭᠡᠵᠤ ᠪᠣᠳᠣᠵᠤ ᠣᠯᠣᠭᠰᠠᠨ ᠦᠭᠡᠢ︶ ᠭᠡᠳᠡᠭ ᠪᠣᠯᠵᠤ ᠪᠠᠶᠢᠭ᠎ᠠ ᠬᠡᠷᠡᠭ᠃ | ᠣᠳᠣ ᠴᠢᠨᠢ ᠪᠦᠷ ᠥᠭᠡᠷᠡᠴᠢᠯᠡᠯᠲᠡ ᠶᠢᠨ ᠴᠠᠭ ᠡᠷᠢᠨ᠂ ᠶᠠᠭᠤ ᠪᠦᠬᠦᠨ ᠥᠭᠡᠷᠡᠴᠢᠯᠡᠭᠳᠡᠵᠦ ᠰᠢᠨᠡᠴᠢᠯᠡᠭᠳᠡᠵᠦ ᠪᠠᠶᠢᠭ᠎ᠠ | ᠴᠠᠭ ᠦᠶ᠎ᠡ᠃ ︽ᠦᠷ︾ ᠨᠢ ᠪᠦᠷ ︽ᠦᠤᠷ︾ ᠪᠣᠯᠵᠤ᠂ ︽ᠰᠡᠷᠡᠯ︾ ᠨᠢ ︽ᠰᠠᠭᠠᠷᠠᠯ︾ ᠪᠣᠯᠵᠤ᠂ ︽ᠨᠠᠰᠢ᠂ | ᠴᠠᠰᠢ︾ ᠨᠢ ︽ᠨᠠᠭᠠᠰᠢ᠂ ᠴᠠᠭᠠᠰᠢ︾ ᠪᠣᠯᠣᠨ ᠪᠢᠴᠢᠭᠳᠡᠬᠦ ᠪᠣᠯᠵᠠᠢ᠃ ︽ᠶᠠᠭᠠᠬᠢᠭᠠᠳ ᠲᠡᠭᠡᠵᠦ ᠪᠢᠴᠢᠭᠳᠡᠬᠦ ᠪᠣᠯᠪᠠ᠂ | ᠪᠠᠭᠰᠢ ᠡ︖︾ ᠭᠡᠰᠡᠨ ᠰᠤᠷᠤᠭᠴᠢᠳ ᠤᠨ ᠠᠰᠠᠭᠤᠯᠲᠠ ᠶᠢᠨ ᠬᠠᠷᠢᠭᠤ ᠳᠤ ︽ᠤᠷᠲᠤ ᠪᠠᠷ ᠳᠠᠭᠤᠳᠠᠳᠠᠭ | ᠪᠣᠯᠬᠤᠷ ᠯᠠ ᠳᠠᠪᠬᠤᠷ ︵ᠬᠤᠣᠰ︶ ᠡᠭᠡᠰᠢᠭ ᠪᠤᠶᠤ ᠤᠷᠲᠤᠳᠬᠠᠯ ︿ᠭᠠ᠊﹀ ᠨᠡᠮᠡᠵᠦ ᠲᠣᠳᠣᠷᠬᠠᠶᠢᠯᠠᠨ ᠲᠡᠮᠳᠡᠭᠯᠡᠳᠡᠭ | ᠪᠣᠯᠵᠠᠢ︾ ᠭᠡᠵᠤ ᠬᠠᠷᠢᠭᠤᠯᠲᠠ ᠥᠭᠬᠦ ᠠᠴᠠ ᠥᠭᠡᠷ᠎ᠡ ᠬᠤᠷᠢᠭᠠᠳ ᠵᠢᠯ ᠮᠣᠩᠭᠤᠯ ᠬᠡᠯᠡ ᠵᠢᠭᠠᠵᠤ ᠢᠷᠡᠭᠰᠡᠨ ᠪᠢ ᠴᠦ | ᠥᠪᠡᠷ ᠢᠶᠠᠨ ᠲᠡᠭᠡᠵᠦ ᠪᠢᠴᠢᠳᠡᠭ ᠪᠣᠯᠣᠭᠰᠠᠨ ᠤ ᠤᠴᠢᠷ ᠤᠬᠠᠭᠠᠨ ᠢ ᠨᠢ ᠮᠡᠳᠡᠭᠡ ᠦᠭᠡᠢ ᠭᠡᠳᠡᠭ ᠢᠶᠠᠨ ᠨᠢᠭᠤᠬᠤ ᠴᠦ | ᠪᠢᠰᠢ᠂ ᠨᠢᠭᠡ ᠮᠡᠳᠡᠬᠦ ᠳᠤ ᠬᠢᠴᠢᠶᠡᠯ ᠤᠨ ᠪᠢᠴᠢᠭ᠂ ᠲᠣᠯᠢ ᠪᠢᠴᠢᠭ ᠢᠶᠠᠷ ᠪᠦᠷ ᠲᠡᠭᠡᠵᠤ ᠪᠢᠴᠢᠭᠳᠡᠬᠦ ᠪᠣᠯᠣᠭᠰᠠᠨ | ᠬᠤᠶᠢᠨ᠎ᠠ᠂ ᠲᠡᠭᠡᠵᠦ ᠵᠢᠭᠠᠬᠤ ᠯᠠ ᠬᠡᠷᠡᠭ ᠳ᠋ᠠ᠃ ︽ᠰᠤᠷ + ᠊ᠯᠴᠠ — ᠰᠤᠷᠤᠯᠴᠠ︾ ᠭᠡᠳᠡᠭ ᠲᠠᠢ ᠠᠳᠠᠯᠢ ᠪᠠᠷ | ︽ᠣᠷ + ᠊ᠯᠴᠠ — ᠣᠷᠣᠯᠴᠠ︾ ᠪᠣᠯᠳᠠᠭ ᠪᠠᠶᠢᠬ᠎ᠠ᠂ ᠬᠠᠷᠢᠨ ᠪᠢᠳᠠᠨ ᠤ ︽ᠣᠷᠣ + ᠊ᠯᠴᠠ — ᠣᠷᠣᠯᠴᠠ | ︾ ᠭᠡᠳᠡᠭ ᠨᠢ ᠪᠦᠷ ᠪᠤᠷᠤᠭᠤ ᠵᠢᠭᠠᠭᠠᠳ ᠢᠷᠡᠭᠰᠡᠨ ᠪᠠᠶᠢᠪᠠ ᠦᠦ ᠳ᠋ᠠ ᠭᠡᠵᠤ ᠥᠪᠡᠷ ᠢ ᠪᠠᠨ ᠰᠡᠵᠢᠭᠯᠡᠬᠦ ᠳᠤ ᠬᠦᠷᠴᠡᠢ᠃ | ᠶᠣᠰᠣᠲᠠᠢ ᠥᠨᠥᠬᠢ ᠠᠷᠢᠬᠢᠴᠢᠨ ᠠᠪᠤᠭᠠᠢ ᠨᠣᠮ ᠳᠡᠭᠡᠷ᠎ᠡ ᠠᠴᠠ ᠠᠷᠢᠬᠢᠨ ᠤ ᠬᠤᠣᠷ ᠬᠥᠨᠥᠭᠡᠯ ᠤᠨ ᠲᠤᠬᠠᠢ ᠣᠯᠵᠤ | ᠤᠩᠰᠢᠭᠠᠳ ᠠᠶᠤᠬᠤ ᠶᠢᠨ ᠶᠡᠭᠡ ᠪᠠᠷ ᠠᠶᠤᠬᠤ ᠳᠤ ᠪᠠᠨ ᠠᠬᠢᠭᠠᠳ ᠨᠢᠭᠡ ᠣᠭᠤᠴᠢ ᠠᠷᠢᠬᠢ ᠤᠤᠭᠤᠵᠤ ᠠᠶᠤᠭᠰᠠᠨ | ᠰᠡᠳᠬᠢᠯ ᠢᠶᠠᠨ ᠳᠠᠷᠤᠵᠤ ︽ᠳᠠᠬᠢᠭᠠᠳ ᠨᠣᠮ ᠦᠵᠡᠬᠦ ᠦᠭᠡᠢ᠂ ᠲᠤᠩ ᠠᠶᠤᠮᠰᠢᠭᠲᠠᠢ︾ ᠭᠡᠵᠤ ᠬᠡᠯᠡᠯ᠎ᠡ ᠭᠡᠰᠡᠨ | ᠱᠤᠭ ᠦᠯᠢᠭᠡᠷ ᠰᠢᠭ ᠪᠢ ᠴᠦ ᠲᠣᠯᠢ ᠪᠢᠴᠢᠭ ᠠᠴᠠ ᠠᠶᠤᠵᠤ ᠳᠠᠬᠢᠵᠤ ᠤᠷᠪᠠᠭᠤᠯᠬᠤ ᠦᠭᠡᠢ ᠭᠡᠵᠤ ᠪᠣᠳᠣᠭᠰᠠᠨ | ᠤᠳᠠᠭ᠎ᠠ ᠲᠠᠢ ᠪᠠᠨ ᠨᠢᠭᠤᠬᠤ ᠦᠭᠡᠢ᠃ | ᠪᠢᠳᠠ ᠮᠡᠳᠡᠬᠦ ᠦᠭᠡᠢ ᠪᠣᠯ ᠰᠤᠷᠤᠨ᠎ᠠ᠂ ᠴᠢᠳᠠᠬᠤ ᠦᠭᠡᠢ ᠪᠣᠯ ᠠᠰᠠᠭᠤᠨ᠎ᠠ᠂ ᠮᠠᠭᠤ ᠤᠴᠢᠷ ᠪᠢᠰᠢ᠃ | ᠲᠡᠭᠡᠪᠡᠯ ᠶᠠᠭᠠᠬᠢᠵᠤ ᠰᠤᠷᠳᠠᠭ ᠶᠤᠮ︖ ᠶᠠᠭᠤ ᠰᠤᠷᠳᠠᠭ ᠶᠤᠮ ᠭᠡᠪᠡᠯ ᠨᠢᠭᠡ ᠯᠠ ᠦᠭᠡ᠂ ᠬᠡᠯᠡᠨ ᠵᠦᠢ ᠶᠢ | ᠰᠢᠰᠲ᠋ᠧᠮ ᠲᠠᠢ ᠰᠤᠷᠤᠨ᠎ᠠ᠃ ᠤᠴᠢᠷ ᠨᠢ ᠳᠡᠭᠡᠷ᠎ᠡ ᠶᠠᠷᠢᠭᠰᠠᠨ ᠲᠡᠷᠡ ᠪᠦᠬᠦᠨ ᠴᠢᠨᠢ ᠪᠦᠷ ᠬᠡᠯᠡᠨ ᠵᠦᠢ ᠶᠢᠨ | ᠠᠰᠠᠭᠤᠳᠠᠯ ᠤᠳ᠂ ᠲᠡᠶᠢᠮᠦ ᠠᠴᠠ ᠬᠡᠯᠡᠨ ᠵᠦᠢ ᠪᠣᠯ ᠡᠳᠡᠭᠡᠷ ᠬᠢᠵᠢᠭ ᠢ ᠠᠷᠢᠯᠭᠠᠬᠤ ᠰᠢᠳᠢᠲᠦ ᠵᠣᠷ᠃ ᠬᠡᠯᠡᠨ ᠵᠦᠢ | ᠯᠠ ᠰᠠᠶ᠋ᠢ ᠠᠰᠠᠭᠤᠳᠠᠯ ᠢ ᠰᠢᠢᠳᠪᠦᠷᠢᠯᠠᠬᠦ ᠵᠠᠩᠭᠢᠯᠠᠭ᠎ᠠ ᠪᠣᠯᠣᠭᠠᠳ ᠪᠣᠢ ᠭᠡᠳᠡᠭ ᠢ ᠪᠢᠳᠠ ᠦᠵᠡᠵᠦ ᠭᠠᠷᠤᠭᠰᠠᠨ | ᠪᠠᠶᠢᠬᠤ ᠬᠡᠷᠡᠭᠲᠡᠢ᠂ ᠮᠡᠳᠡᠵᠦ ᠲᠠᠨᠢᠭᠰᠠᠨ ᠪᠠᠶᠢᠬᠤ ᠶᠣᠰᠣᠲᠠᠢ᠃ ᠡᠶᠢᠮᠦ ᠠᠴᠠ ᠪᠢᠳᠡ ᠡᠨᠡ ᠬᠦ ᠰᠢᠳᠢᠲᠦ ᠵᠣᠷ ᠢ | ᠣᠯᠣᠶ᠎ᠠ ᠭᠡᠪᠡᠯ ᠮᠣᠩᠭᠤᠯ ᠬᠡᠯᠡᠨ ᠵᠦᠢ ᠶᠢᠨ ᠵᠢᠭᠠᠨ ᠰᠤᠷᠭᠠᠯᠲᠠ ᠶᠢ ᠬᠦᠨᠲᠦᠳᠬᠡᠪᠡᠯ ᠵᠣᠬᠢᠨ᠎ᠠ᠃ | ᠨᠢᠭᠡ ᠳᠤ᠂ ᠳᠡᠭᠡᠳᠦ ᠱᠠᠲᠤᠨ ᠠᠴᠠ ᠡᠨᠡ ᠬᠦ ᠠᠰᠠᠭᠤᠳᠠᠯ ᠢ ᠡᠷᠬᠡᠪᠰᠢ ᠬᠦᠨᠲᠦᠳᠬᠡᠨ ᠦᠵᠡᠵᠦ ᠴᠠᠭ | ᠲᠤᠬᠠᠢ ᠳᠤ ᠨᠢ ᠬᠦᠴᠦᠨ ᠪᠦᠬᠦᠢ ᠵᠦᠢ ᠵᠣᠬᠢᠰᠲᠠᠢ ᠠᠷᠭ᠎ᠠ ᠬᠡᠮᠵᠢᠶ᠎ᠡ ᠠᠪᠬᠤ ᠴᠢᠬᠤᠯᠠ ᠲᠠᠢ᠃ | ᠬᠤᠶᠠᠷ ᠲᠤ᠂ ᠬᠠᠮᠢᠶ᠎ᠠ ᠪᠦᠬᠦᠢ ᠰᠠᠯᠠᠭ᠎ᠠ ᠮᠥᠴᠢᠷ ᠪᠣᠯᠣᠨ ᠲᠤᠰᠬᠠᠢ ᠮᠡᠷᠭᠡᠵᠢᠯᠲᠡᠨ᠂ ᠦᠨᠳᠦᠰᠦᠨ ᠱᠠᠲᠤᠨ ᠤ | ᠣᠷᠣᠯᠳᠣᠯᠭ᠎ᠠ ᠲᠤᠷᠰᠢᠯᠭ᠎ᠠ ᠲᠠᠢ ᠮᠣᠩᠭᠤᠯ ᠬᠡᠯᠡᠨ ᠤ ᠪᠠᠭᠰᠢ ᠨᠠᠷ ᠢ ᠵᠣᠬᠢᠶᠠᠨ ᠪᠠᠶᠢᠭᠤᠯᠵᠤ ᠳᠤᠮᠳᠠᠳᠤ ᠪᠠᠭ᠎ᠠ | ᠰᠤᠷᠭᠠᠭᠤᠯᠢ ᠶᠢᠨ ᠪᠠᠭᠰᠢ ᠰᠤᠷᠤᠭᠴᠢᠳ ᠲᠤ ᠵᠣᠷᠢᠭᠤᠯᠤᠭᠰᠠᠨ ᠬᠡᠯᠡᠨ ᠵᠦᠢ ᠶᠢᠨ ᠬᠢᠴᠢᠶᠡᠯ ᠤᠨ ᠪᠢᠴᠢᠭ᠂ ᠯᠠᠪᠯᠠᠬᠤ | ᠪᠢᠴᠢᠭ ᠪᠠ ᠬᠠᠷᠠᠭᠠᠯᠵᠠᠭᠰᠠᠨ ᠪᠠᠲᠤᠳᠬᠠᠯ ᠪᠣᠯᠪᠠᠰᠤᠷᠠᠯ ᠨᠢᠭᠡ ᠢᠵᠢ ᠨᠣᠮ ᠢ ᠨᠠᠶᠢᠷᠠᠭᠤᠯᠵᠤ ᠬᠡᠪᠯᠡᠭᠦᠯᠦᠨ᠂ | ᠲᠠᠷᠬᠠᠭᠠᠵᠤ ᠬᠡᠷᠡᠭᠯᠡᠨ᠎ᠡ᠃ | ᠭᠤᠷᠪᠠ ᠳᠤ᠂ ᠳᠤᠮᠳᠠᠳᠤ ᠪᠠᠭ᠎ᠠ ᠰᠤᠷᠭᠠᠭᠤᠯᠢ ᠶᠢᠨ ᠪᠦᠬᠦ ᠪᠠᠭᠰᠢ ︵ᠮᠣᠩᠭᠤᠯ ᠬᠡᠯᠡᠨ ᠤ ᠪᠠᠭᠰᠢ ᠶᠢ | ᠪᠠᠭᠲᠠᠭᠠᠭᠰᠠᠨ ᠪᠤᠰᠤᠳ ᠬᠢᠴᠢᠶᠡᠯ ᠲᠥᠷᠥᠯ ᠤᠨ ᠪᠠᠭᠰᠢ ᠶᠢ ᠴᠦ ᠪᠠᠭᠲᠠᠭᠠᠨ᠎ᠠ︶ ᠳᠤ ᠲᠤᠰᠬᠠᠢ ᠮᠣᠩᠭᠤᠯ ᠬᠡᠯᠡᠨ | ᠵᠦᠢ ᠶᠢᠨ ᠪᠣᠯᠪᠠᠰᠤᠷᠠᠯ ᠢ ᠥᠷᠭᠦᠯᠵᠢ ᠬᠦᠷᠲᠡᠭᠡᠨ᠎ᠡ᠂ ᠲᠠᠶᠢᠯᠤᠮᠵᠢ ᠬᠢᠵᠦ ᠮᠠᠳᠠᠭ ᠢ ᠰᠢᠢᠳᠪᠦᠷᠢᠯᠡᠨ᠎ᠡ᠃ ᠢᠩᠭᠢᠵᠦ | ᠪᠠᠭᠰᠢ ᠶᠢᠨ ᠬᠦᠴᠦᠨ ᠢ ᠭᠦᠢᠴᠡᠳ ᠪᠣᠯᠪᠠᠰᠤᠷᠠᠭᠤᠯᠤᠨ᠎ᠠ᠃ | ᠳᠥᠷᠪᠡ ᠳᠤ᠂ ᠬᠡᠯᠡᠨ ᠵᠦᠢ ᠲᠠᠢ ᠬᠤᠯᠪᠣᠭᠳᠠᠯ ᠪᠦᠬᠦᠢ ᠠᠵᠢᠯᠯᠠᠭ᠎ᠠ ᠬᠥᠳᠡᠯᠭᠡᠭᠡᠨ ᠢ ᠢᠯᠡᠭᠦᠬᠡᠨ ᠵᠣᠬᠢᠶᠠᠨ | ᠪᠠᠶᠢᠭᠤᠯᠵᠤ ᠥᠷᠨᠢᠭᠦᠯᠦᠨ᠂ ᠬᠡᠯᠡᠨ ᠵᠦᠢ ᠶᠢ ᠰᠠᠶᠢᠨ ᠰᠤᠷᠴᠤ ᠡᠵᠡᠮᠰᠢᠬᠦ ᠶᠢ ᠤᠷᠮᠠᠰᠢᠭᠤᠯᠤᠨ᠂ ᠬᠡᠯᠡᠨ ᠵᠦᠢ ᠶᠢ | ᠰᠠᠶᠢᠨ ᠰᠤᠷᠬᠤ ᠪᠠᠷ ᠳᠠᠮᠵᠢᠨ ᠬᠡᠯᠡ ᠦᠰᠦᠭ ᠢᠶᠠᠨ ᠵᠥᠪ ᠰᠠᠶᠢᠬᠠᠨ ᠰᠤᠷᠴᠤ ᠬᠡᠷᠡᠭᠯᠡᠬᠦ ᠵᠥᠪ ᠦᠵᠡᠯᠲᠡ ᠲᠠᠨᠢᠯᠲᠠ | ᠤᠬᠠᠮᠰᠠᠷ ᠢ ᠪᠣᠢ ᠪᠣᠯᠭᠠᠨ᠂ ᠦᠭᠡ ᠪᠠᠨ ᠵᠥᠪ ᠶᠠᠷᠢᠵᠤ ᠦᠰᠦᠭ ᠢᠶᠠᠨ ᠵᠥᠪ ᠪᠢᠴᠢᠶ᠎ᠡ᠃ | | ᠬᠠᠶ᠋ᠢᠬ᠄ ᠵᠡᠭᠦᠨ ᠦᠵᠦᠮᠦᠴᠢᠨ ᠬᠤᠰᠢᠭᠤᠨ ᠤ ᠮᠣᠩᠭᠤᠯ ᠳᠤᠮᠳᠠᠳᠤ ᠰᠤᠷᠭᠠᠭᠤᠯᠢ | ︵ᠰᠠᠩᠵᠠᠢ ᠨᠠᠶᠢᠷᠠᠭᠤᠯᠪᠠ︶ | 2018 ᠣᠨ ᠤ 7 ᠳ᠋ᠤᠭᠠᠷ ᠬᠤᠭᠤᠴᠠᠭ᠎ᠠ |