ᠤᠯᠠᠭᠠᠨᠪᠠᠭᠠᠳᠤᠷ ᠬᠤᠳᠠ ᠶᠢᠨ ᠰᠠᠨᠰᠠᠷ 33 ᠳ᠋ᠣᠭᠠᠷ ᠰᠣᠷᠭᠠᠭᠤᠯᠢ ᠳᠤ ᠭᠦᠷᠴᠦ ᠰᠣᠷᠣᠯᠴᠠᠭᠰᠠᠨ ᠤᠢᠢᠯᠠᠭᠠᠯᠳᠠ
ᠨᠡᠶᠢᠲᠡᠯᠡᠭᠰᠡᠨ ᠴᠠᠭ᠄
2019/1/11
                                                        ᠲᠠᠶᠢᠴᠢᠨ      ᠮᠠᠨ ᠤ ᠵᠢᠭᠠᠬᠤ ᠶᠢ ᠰᠣᠲᠣᠯᠬᠤ ᠲᠠᠰᠤᠭ ᠤᠨ ᠵᠢᠭᠠᠬᠤ ᠶᠢ ᠰᠣᠲᠣᠯᠤᠭᠴᠢ ᠪᠠ ᠮᠣᠩᠭᠤᠯ ᠲᠣᠮᠲᠠᠲᠦ ᠰᠣᠷᠭᠠᠭᠤᠯᠢ ᠶᠢᠨ ᠬᠡᠰᠡᠭ ᠪᠠᠭᠰᠢ ᠨᠠᠷ ᠲᠡᠭᠡᠷ᠎ᠡ ᠵᠢᠯ ᠤᠨ ᠲᠠᠪᠣᠨ ᠰᠠᠷ᠎ᠠ ᠳᠤ ᠮᠣᠩᠭᠤᠯ ᠣᠯᠣᠰ ᠤᠨ ᠣᠯᠠᠭᠠᠨᠪᠠᠭᠠᠲᠣᠷ ᠬᠤᠲᠠ ᠶᠢᠨ ᠪᠠᠶᠠᠨᠵᠢᠷᠦᠬᠡ ᠲᠡᠭᠦᠷᠭᠡ ᠶᠢᠨ ᠰᠠᠨᠰᠠᠷ 33 ᠳ᠋ᠣᠭᠠᠷ ᠰᠣᠷᠭᠠᠭᠤᠯᠢ ᠳᠤ ᠬᠦᠷᠴᠦ ᠰᠣᠷᠣᠯᠴᠠᠭᠰᠠᠨ ᠪᠠᠶᠢᠨ᠎ᠠ ᠃ ᠲᠣᠰ ᠰᠣᠷᠭᠠᠭᠤᠯᠢ ᠨᠢ 1966 ᠣᠨ ᠳᠤ ᠠᠩᠬ᠎ᠠ ᠪᠠᠶᠢᠭᠤᠯᠣᠭᠲᠠᠵᠦ᠂ ᠪᠠᠭ᠎ᠠ ᠪᠣᠯᠪᠠᠰᠣᠷᠠᠯ ᠤᠨ ᠠᠩᠬᠢ᠂ ᠰᠠᠭᠤᠷᠢ ᠪᠣᠯᠪᠠᠰᠣᠷᠠᠯ ᠤᠨ ᠠᠩᠬᠢ᠂ ᠠᠬᠠᠯᠠᠭᠴᠢ ᠠᠩᠬᠢ ᠶᠢ ᠪᠠᠭᠲᠠᠭᠠᠭᠰᠠᠨ ᠶᠡᠷᠦᠩᠬᠡᠢ ᠪᠣᠯᠪᠠᠰᠣᠷᠠᠯ ᠤᠨ 78 ᠪᠦᠯᠦᠭ᠂ 3499 ᠰᠣᠷᠣᠭᠴᠢ᠂ 340 ᠭᠠᠷᠣᠢ ᠪᠠᠭᠰᠢ ᠠᠵᠢᠯᠲᠠᠨ ᠲᠠᠢ ᠤᠯᠠᠭᠠᠨᠪᠠᠭᠠᠳᠤᠷ ᠬᠤᠳᠠ ᠶᠢᠨ ᠠᠷᠪᠠᠨ ᠰᠢᠯᠢᠳᠡᠭ ᠰᠤᠷᠭᠠᠭᠤᠯᠢ ᠶᠢᠨ ᠨᠢᠭᠡ ᠨᠢ ᠪᠤᠯᠤᠨ᠎ᠠ᠃ ᠤᠳᠤ ᠪᠤᠯᠬᠤ ᠳᠤ ᠪᠠᠶᠢᠭᠤᠯᠤᠭᠳᠠᠭᠠᠳ ᠨᠢᠭᠡᠨᠳᠡ ᠲᠠᠪᠢᠨ ᠵᠢᠯ ᠤᠨ ᠲᠠᠤᠭᠡ ᠲᠠᠢ ᠪᠤᠯᠵᠠᠢ᠃ ᠰᠣᠷᠭᠠᠭᠤᠯᠢ ᠨᠢ ᠬᠤᠶᠠᠷ ᠣᠲᠠᠭᠠᠨ ᠤ ᠣᠯᠣᠰ ᠤᠨ ᠲᠡᠷᠢᠭᠦᠨ ᠰᠣᠷᠭᠠᠭᠤᠯᠢ᠂ ᠨᠡᠶᠢᠰᠯᠡᠯ ᠤᠨ ᠪᠠ ᠦᠨᠲᠦᠰᠦᠲᠡᠨ ᠤ ᠲᠡᠷᠢᠭᠦᠨ ᠰᠣᠷᠭᠠᠭᠤᠯᠢ ᠪᠠᠷ ᠦᠨᠡᠯᠡᠭᠳᠡᠵᠦ᠂ ᠲᠡᠯᠡᠬᠡᠢ ᠶᠢᠨ ᠰᠢᠲᠠᠷ᠎ᠠ ᠶᠢᠨ ᠲᠣᠯᠣᠭᠠᠨ ᠠᠪᠣᠷᠭᠤ ᠭᠡᠭᠦ ᠮᠡᠳᠤᠴᠢᠯᠡᠨ ᠮᠠᠰᠢ ᠣᠯᠠᠨ ᠡᠷᠲᠡᠮᠲᠡᠨ᠂ ᠭᠠᠪᠢᠶᠠᠲᠦ᠂ ᠮᠡᠷᠭᠡᠵᠢᠯᠲᠡᠨ ᠢ ᠬᠦᠮᠦᠵᠢᠭᠦᠯᠦᠭᠰᠡᠨ ᠪᠠᠶᠢᠨ᠎ᠠ᠃      ᠰᠣᠷᠭᠠᠭᠤᠯᠢ ᠶᠢᠨ ᠣᠷᠴᠢᠨ ᠠᠬᠤᠢ ᠶᠢᠨ ᠬᠤᠪᠢ ᠳᠤ᠂ ᠰᠠᠨᠰᠠᠷ 33 ᠳ᠋ᠤᠭᠠᠷ ᠰᠤᠷᠭᠠᠭᠤᠯᠢ ᠨᠢ ᠰᠣᠷᠭᠠᠭᠤᠯᠢ ᠶᠢᠨ ᠲᠡᠣᠬᠡ ᠪᠠᠨ ᠬᠠᠨ᠎ᠠ ᠲᠡᠭᠡᠷ᠎ᠡ ᠢᠯᠡ ᠲᠣᠲᠣ ᠨᠠᠭᠠᠵᠤ ᠰᠣᠷᠭᠠᠭᠤᠯᠢ ᠪᠠᠶᠢᠭᠤᠯᠣᠭᠲᠠᠭᠰᠠᠨ ᠠᠴᠠ ᠨᠠᠭᠠᠰᠢᠬᠢ ᠰᠣᠷᠭᠠᠭᠤᠯᠢ ᠶᠢᠨ ᠵᠠᠬᠢᠷᠣᠯ᠂ ᠡᠷᠬᠢᠯᠡᠭᠴᠢ ᠪᠠ ᠭᠠᠪᠢᠶᠠᠲᠦ ᠪᠠᠭᠰᠢ ᠨᠠᠷ᠂ ᠰᠢᠯᠢᠲᠡᠭ ᠰᠣᠷᠣᠭᠴᠢ᠂ ᠰᠣᠷᠭᠠᠭᠤᠯᠢ ᠶᠢᠨ ᠡᠯ᠎ᠡ ᠵᠦᠢᠯ ᠤᠨ ᠢᠷᠠᠭᠤ ᠠᠯᠲᠠᠷ᠂ ᠪᠦᠲᠦᠭᠡᠯ᠂ ᠴᠠᠭᠠᠰᠢᠯᠠᠪᠠᠯ ᠨᠡᠶᠢᠭᠡᠮ ᠨᠡᠶᠢᠲᠡ ᠶᠢᠨ ᠲᠣᠰᠠᠯᠠᠮᠵᠢ ᠶᠢ ᠬᠦᠷᠳᠡᠯ᠎ᠠ ᠪᠠᠭᠳᠠᠭᠠᠵᠠᠢ᠃ ᠮᠣᠩᠭᠤᠯ ᠣᠯᠣᠰ ᠤᠨ ᠲᠡᠯᠡᠬᠡᠢ ᠳᠤ ᠪᠦᠷᠢᠳᠭᠡᠯ ᠲᠠᠢ ᠪᠡᠶᠡᠲᠦ ᠪᠣᠰᠣ ᠦᠪ ᠪᠣᠯᠬᠤ ᠴᠣᠭᠤᠷ᠂ ᠪᠦᠷᠭᠦᠳ ᠤᠨ ᠠᠪ᠂ ᠲᠣᠣᠯᠢ ᠬᠠᠶᠢᠯᠠᠬᠤ᠂ ᠣᠷᠠᠨ ᠪᠢᠴᠢᠯᠭᠡ ᠵᠡᠷᠭᠡ ᠵᠦᠢᠯ ᠤᠳ ᠢ ᠲᠣᠲᠣ ᠲᠤᠪᠤᠭᠤᠷ ᠢᠯᠠᠳᠭᠡᠨ᠂ ᠮᠣᠩᠭᠤᠯ ᠵᠠᠩ ᠦᠢᠯᠡ ᠶᠢᠨ ᠨᠡᠭᠡᠭᠡᠯᠲᠡ ᠲᠠᠢ ᠦᠷᠭᠦᠭᠡ ᠳᠤ ᠪᠠᠨ ᠮᠤᠩᠭᠤᠯ ᠤᠯᠠᠮᠵᠢᠯᠠᠯᠳᠤ ᠡᠷ᠎ᠠ ᠶᠢᠨ ᠭᠤᠷᠪᠠᠨ ᠨᠠᠭᠠᠳᠤᠮ ᠤᠨ ᠵᠦᠢᠯᠠᠰ ᠵᠢᠴᠢ ᠱᠠᠭ᠎ᠠ ᠲᠤᠭᠯᠠᠭᠠᠮ ᠵᠡᠷᠭᠡ ᠶᠢ ᠦᠵᠡᠭᠦᠯᠦᠭᠰᠡᠨ ᠪᠠᠶᠢᠨ᠎ᠠ᠃ ᠡᠭᠦᠨ ᠠᠴᠠ ᠭᠠᠳᠠᠨ᠎ᠠ᠂ ᠪᠠᠰᠠ ᠮᠣᠩᠭᠤᠯ ᠤᠯᠤᠰ ᠲᠤ ᠪᠠᠶᠢᠭ᠎ᠠ ᠬᠤᠪᠣᠷ ᠴᠣᠬᠠᠭ ᠠᠮᠢᠲᠠᠨ ︵ᠴᠣᠬᠤᠷ ᠢᠷᠪᠢᠰ᠂ ᠮᠠᠵᠠᠭᠠᠯᠠᠢ᠂ ᠲᠠᠬᠢ᠂ ᠬᠠᠪᠲᠠᠭᠠᠢ ᠵᠡᠷᠭᠡ︶ ᠵᠢᠭᠦᠷᠲᠡᠨ᠂ ᠡᠪᠡᠰᠦ ᠣᠷᠭᠤᠮᠠᠯ ᠤᠳ᠂ ᠲᠡᠯᠡᠬᠡᠢ ᠶᠢᠨ ᠨᠡᠷᠡᠲᠦ ᠡᠷᠲᠡᠮᠲᠡᠨ ᠤ ᠪᠦᠲᠦᠭᠡᠯ᠂ ᠬᠠᠭᠤᠴᠢᠨ ᠤ ᠡᠯ᠎ᠡ ᠬᠠᠭᠠᠳ ᠤᠨ ᠬᠦᠷᠦᠭ ᠵᠢᠷᠤᠭ ᠵᠡᠷᠭᠡ ᠲᠡᠣᠬᠡ ᠰᠣᠶᠣᠯ ᠤᠨ ᠲᠠᠨᠢᠯᠴᠠᠭᠤᠯᠭ᠎ᠠ ᠵᠢᠴᠢ ᠰᠣᠷᠭᠠᠭᠤᠯᠢ ᠪᠠ ᠪᠠᠭᠰᠢ ᠰᠣᠷᠣᠭᠴᠢᠳ ᠤᠨ ᠡᠯ᠎ᠡ ᠵᠦᠢᠯ ᠤᠨ ᠱᠠᠩᠨᠠᠯ ᠬᠦᠬᠢᠭᠦᠯᠦᠯ ᠤᠳ ᠢ ᠲᠡᠯᠭᠡᠨ ᠦᠵᠡᠭᠦᠯᠵᠠᠢ᠃      ᠬᠢᠴᠢᠶᠡᠯ ᠪᠣᠯᠪᠠᠰᠣᠷᠠᠯ ᠤᠨ ᠬᠤᠪᠢ ᠳᠤ ᠰᠤᠷᠭᠠᠭᠤᠯᠢ ᠳᠤ ᠪᠠᠰᠠ ᠰᠣᠷᠣᠭᠴᠢᠳ ᠲᠤ ᠬᠤᠭᠤᠯᠠ ᠬᠢᠬᠦ ᠶᠢ ᠵᠢᠭᠠᠳᠠᠬ ᠲᠤᠰᠬᠠᠢ ᠬᠢᠢᠴᠶᠡᠯᠯᠡᠭᠡ ᠲᠠᠢ᠃ ᠲᠣᠰ ᠬᠢᠴᠢᠶᠡᠯᠯᠡᠭᠡ ᠶᠢ ᠭᠠᠷᠠᠭ ᠲᠤ ᠬᠤᠶᠠᠷ ᠴᠠᠭ ᠢᠶᠠᠷ ᠲᠠᠷᠠᠭᠠᠯᠠᠨ ᠵᠢᠭᠠᠲᠠᠭ ᠪᠦᠭᠡᠳ ᠲᠣᠰᠬᠠᠢ ᠬᠢᠨᠠᠯᠲᠠ ᠪᠠ ᠰᠢᠯᠭᠠᠷᠠᠭᠤᠯᠣᠯᠲᠠ ᠬᠢᠵᠦ ᠦᠨᠡᠯᠡᠲᠡᠭ᠃ ᠡᠭᠦᠨ ᠳᠤ ᠤᠯᠠᠨ ᠵᠦᠢᠯ ᠤᠨ ᠴᠠᠢ᠂ ᠱᠦᠯᠦ ᠪᠤᠴᠠᠯᠭᠠᠬᠤ᠂ ᠬᠤᠭᠤᠯᠠ ᠬᠢᠭᠦ ᠪᠠ ᠪᠣᠣᠪᠤ ᠬᠠᠭᠠᠷᠢᠬᠤ᠂ ᠴᠠᠭᠠᠰᠢᠯᠠᠨ ᠭᠠᠲᠠᠭᠠᠲᠦ ᠶᠢᠨ ᠬᠤᠭᠤᠯᠠ ᠵᠠᠭᠤᠰᠢᠨ ᠤ ᠲᠣᠬᠠᠢ ᠴᠤ ᠵᠢᠭᠠᠲᠠᠭ᠃ ᠡᠭᠦᠨ ᠠᠴᠠ ᠭᠠᠳᠠᠨ᠎ᠠ ᠪᠠᠰᠠ ᠤᠯᠠᠨ ᠵᠦᠢᠯ ᠤᠨ ᠤᠨᠴᠠᠯᠢᠬᠳᠦ ᠵᠢᠭᠠᠨ ᠰᠤᠷᠭᠠᠬᠤ ᠠᠩᠬᠢ ᠪᠠᠶᠢᠳᠠᠬ᠃ ᠵᠢᠱᠢᠶᠠᠯᠠᠪᠠᠯ᠄ ᠵᠠᠭᠪᠣᠷ ᠤᠨ ᠠᠩᠬᠢ — ᠵᠠᠭᠪᠤᠷ ᠵᠣᠬᠢᠶᠠᠨ ᠪᠦᠲᠦᠭᠡᠬᠦ ᠴᠢᠭᠯᠡᠯ ᠢᠶᠠᠷ ᠭᠠᠷᠠᠭ ᠲᠤ ᠬᠤᠶᠠᠷ ᠣᠲᠠᠭ᠎ᠠ ᠬᠤᠶᠠᠷ ᠴᠠᠭ ᠢᠶᠠᠷ ᠵᠢᠭᠠᠲᠠᠭ᠃ ᠡᠭᠦᠨ ᠳᠤ ᠬᠤᠪᠴᠠᠰᠤ ᠡᠰᠭᠡᠬᠦ᠂ ᠮᠠᠰᠢᠨ ᠢᠶᠠᠷ ᠬᠤᠪᠴᠠᠰᠤ ᠣᠶᠣᠬᠤ᠂ ᠵᠠᠭᠪᠣᠷ ᠡᠮᠦᠰᠬᠦ ᠪᠠ ᠦᠪᠡᠷᠰᠡᠳ ᠢᠶᠠᠨ ᠲᠦᠰᠦᠪᠯᠡᠨ ᠰᠢᠨ᠎ᠡ ᠵᠠᠭᠪᠣᠷ ᠡᠭᠦᠳᠬᠦ ᠵᠡᠷᠭᠡ ᠠᠭᠤᠯᠭ᠎ᠠ ᠲᠠᠢ ᠪᠠᠶᠢᠵᠤ ᠪᠠᠰᠠ ᠵᠠᠭᠪᠣᠷ ᠤᠨ ᠤᠷᠤᠯᠲᠣᠭᠠᠨ ᠲᠠᠢ᠂ ᠡᠭᠦᠨ ᠢ ᠪᠠᠨ ᠲᠣᠰᠬᠠᠢ ᠰᠤᠪᠠᠬ ᠢᠶᠠᠷ ᠨᠠᠪᠳᠠᠷᠠᠭᠦᠯᠳᠡᠭ᠃ ᠭᠠᠷ ᠤᠷᠠᠯᠠᠯ ᠤᠨ ᠠᠩᠭᠢ — ᠮᠠᠰᠢᠨ ᠤ ᠲᠤᠨᠤᠭ ᠵᠠᠰᠠᠵᠦ ᠰᠡᠯᠪᠢᠬᠦ᠂ ᠰᠠᠯᠭᠠᠵᠦ ᠣᠭᠰᠠᠷᠠᠬᠤ ᠵᠡᠷᠭᠡ ᠣᠯᠠᠨ ᠬᠡᠯᠪᠡᠷᠢ ᠪᠠᠷ ᠵᠢᠭᠠᠨ ᠰᠤᠷᠭᠠᠯᠳᠠ ᠪᠠᠨ ᠶᠠᠪᠤᠭᠳᠠᠭᠤᠯᠳᠠᠬ᠃ ᠰᠤᠷᠤᠭᠴᠢ ᠶᠢᠨ ᠬᠢᠭᠰᠡᠨ ᠮᠠᠰᠢᠨ᠂ ᠣᠩᠭᠤᠴᠠ ᠵᠡᠷᠭᠡ ᠶᠢ ᠰᠢᠯᠭᠠᠷᠠᠭᠤᠯᠲᠠᠭ᠃ ᠲᠡᠯᠡᠬᠡᠢ ᠶᠢᠨ ᠰᠢᠲᠠᠷ᠎ᠠ ᠶᠢᠨ ᠠᠩᠬᠢ — ᠰᠣᠷᠣᠭᠴᠢ ᠶᠢᠨ ᠲᠡᠰᠪᠦᠷᠢ ᠲᠠᠪᠴᠢᠶᠠᠷᠢ᠂ ᠰᠡᠳᠬᠢᠨ ᠪᠣᠲᠣᠬᠤ ᠴᠢᠲᠠᠪᠣᠷᠢ ᠵᠡᠷᠭᠡ ᠶᠢ ᠬᠦᠭᠵᠢᠭᠦᠯᠬᠦ ᠪᠠ ᠪᠠᠶᠢᠭᠠᠯᠢ ᠶᠢᠨ ᠰᠢᠨᠵᠢᠯᠡᠬᠦ ᠣᠬᠠᠭᠠᠨ ᠢ ᠬᠦᠭᠵᠢᠭᠦᠯᠬᠦ ᠪᠠᠷ ᠵᠤᠷᠢᠯᠭ᠎ᠠ ᠪᠤᠯᠭᠠᠵᠠᠢ᠃      ᠡᠩ ᠤᠨ ᠬᠢᠴᠢᠶᠡᠯ ᠨᠢ 40 ᠮᠢᠨᠦ᠋ᠲ᠂ ᠪᠠᠭ᠎ᠠ ᠪᠣᠯᠪᠠᠰᠣᠷᠠᠯ ᠤᠨ ᠠᠩᠬᠢ ︵ᠨᠢᠭᠡ ᠤᠨ ᠡᠲᠦᠷ ᠲᠤ 4 ᠬᠢᠴᠢᠶᠡᠯ︶ ᠡᠲᠦᠷ ᠲᠤ 6 ᠬᠢᠴᠢᠶᠡᠯ ᠲᠠᠢ᠂ ᠰᠠᠭᠤᠷᠢ ᠪᠣᠯᠪᠠᠰᠤᠷᠠᠯ ᠤᠨ ᠠᠩᠬᠢ ᠨᠢ 7 ᠬᠢᠴᠢᠶᠡᠯ᠂ ᠠᠬᠠᠯᠠᠭᠴᠢ ᠠᠩᠬᠢ 8 ᠬᠢᠴᠢᠶᠡᠯ ᠪᠠ ᠡᠷᠲᠡ ᠤᠷᠤᠢ ᠶᠢᠨ ᠲᠠᠪᠲᠠᠯᠭ᠎ᠠ ᠲᠠᠢ ᠪᠠᠶᠢᠳᠠᠬ᠃ ᠪᠠᠭ᠎ᠠ ᠪᠣᠯᠪᠠᠰᠣᠷᠠᠯ ᠤᠨ ᠠᠩᠬᠢ ᠨᠢ ᠭᠤᠣᠯᠲᠠᠭᠤ ᠬᠡᠯᠡ᠂ ᠲᠤᠭ᠎ᠠ᠂ ᠲᠠᠮᠢᠷ᠂ ᠵᠢᠷᠤᠭ᠂ ᠬᠦᠭᠵᠢᠮ᠂ ᠢᠷᠭᠡᠨ ᠤ ᠪᠣᠯᠪᠠᠰᠣᠷᠠᠯ᠂ ᠣᠷᠠᠯᠢᠭ᠂ ᠬᠦᠮᠦᠨ ᠣᠷᠴᠢᠨ ᠵᠡᠷᠭᠡ ᠬᠢᠴᠢᠶᠡᠯ ᠲᠦᠷᠦᠯ ᠤᠳ ᠢ ᠨᠡᠭᠡᠭᠡᠲᠡᠭ᠃ ᠰᠣᠷᠭᠠᠭᠤᠯᠢ ᠶᠢᠨ ᠬᠢᠨᠢ ᠰᠠᠭᠰᠣᠨ ᠪᠦᠮᠪᠦᠭᠡ᠂ ᠬᠦᠯ ᠪᠦᠮᠪᠦᠭᠡ᠂ ᠭᠠᠷ ᠪᠦᠮᠪᠦᠭᠡ ᠵᠡᠷᠭᠡ ᠶᠢᠨ ᠪᠦᠮᠪᠤᠭᠡᠨ ᠮᠠᠷᠭᠡᠵᠢᠯ ᠳᠤ ᠪᠠᠨ ᠰᠠᠶᠢᠨ ᠪᠠᠶᠢᠳᠠᠬ ᠴᠦ ᠡᠯ᠎ᠡ ᠵᠦᠢᠯ ᠤᠨ ᠪᠦᠬᠡ ᠪᠠ ᠨᠢᠲᠣᠷᠭᠠᠨ ᠲᠡᠮᠡᠴᠡᠭᠡᠨ ᠵᠡᠷᠭᠡ ᠪᠠᠷ ᠵᠠᠬ᠎ᠠ ᠶᠢᠨ ᠪᠣᠰᠣᠳ ᠰᠣᠷᠭᠠᠭᠤᠯᠢ ᠳᠤ ᠬᠦᠷᠬᠦ ᠦᠭᠡᠢ ᠪᠠᠶᠢᠳᠠᠬ ᠭᠡᠨ᠎ᠡ᠃      ᠲᠤᠭ᠎ᠠ᠂ ᠬᠢᠮᠢ᠂ ᠹᠢᠽᠢᠺ᠂ ᠠᠮᠢᠲᠦ ᠪᠣᠲᠠᠰ ᠵᠡᠷᠭᠡ ᠬᠢᠴᠢᠶᠡᠯ ᠲᠦᠷᠦᠯ ᠤᠨ ᠲᠣᠰᠬᠠᠢ ᠠᠩᠭᠢ ᠲᠠᠢ᠂ ᠰᠣᠷᠣᠭᠴᠢᠳ ᠦᠪᠡᠷ ᠤᠨ ᠰᠠᠶᠢᠨ ᠳᠤᠷ᠎ᠠ ᠠᠴᠠ ᠪᠠᠨ ᠠᠩᠬᠢ ᠰᠣᠩᠭᠤᠨ ᠰᠣᠷᠣᠯᠴᠠᠲᠠᠭ᠂ ᠲᠣᠰ ᠠᠩᠬᠢ ᠨᠢ ᠭᠤᠣᠯ ᠲᠦᠷᠦᠯ ᠤᠨ ᠬᠢᠴᠢᠶᠡᠯ ᠢᠶᠠᠨ ᠪᠣᠰᠣᠳ ᠠᠩᠬᠢ ᠠᠴᠠ 3~4 ᠴᠠᠭ ᠢᠯᠡᠭᠦᠦ ᠬᠢᠴᠢᠶᠡᠯᠯᠡᠲᠡᠭ᠃ ᠠᠩᠭ᠍ᠯᠢ ᠬᠡᠯᠡᠨ ᠤ ᠲᠣᠰᠬᠠᠢ ᠲᠡᠭᠡᠭᠰᠢᠯᠡᠭᠦᠯᠦᠯᠲᠡ ᠶᠢᠨ ᠠᠩᠬᠢ᠂ ᠲᠣᠭᠠᠨ ᠤ ᠣᠬᠠᠭᠠᠨ ᠤ ᠰᠢᠯᠢᠲᠡᠭ ᠠᠩᠬᠢ᠂ ᠺᠣᠮᠫᠢᠦ᠋ᠲ᠋ᠧᠷ ᠤᠨ ᠠᠩᠬᠢ ᠭᠡᠵᠦ ᠪᠠᠶᠢᠨ᠎ᠠ᠃ ᠪᠠᠭᠰᠢ ᠪᠣᠯᠭᠠᠨ ᠭᠠᠷᠠᠭ ᠲᠤ 19 ᠴᠠᠭ ᠬᠢᠴᠢᠶᠡᠯ ᠵᠢᠭᠠᠳᠠᠬ᠂ ᠡᠭᠦᠨ ᠠᠴᠠ ᠪᠠᠨ ᠢᠯᠡᠭᠦᠦ ᠬᠢᠴᠢᠶᠠᠯ ᠵᠢᠭᠠᠬᠤ ᠳᠤ ᠭᠦᠷᠪᠡᠯ ᠱᠠᠩᠨᠠᠯ ᠲᠠᠢ᠃ ᠠᠬᠠᠯᠠᠬᠤ ᠠᠩᠬᠢ ᠨᠢ ᠲᠤᠷ᠎ᠠ ᠪᠠᠬ᠎ᠠ ᠪᠠᠨ ᠦᠨᠳᠤᠰᠤᠯᠠᠨ ᠠᠩᠬᠢ ᠬᠤᠪᠢᠶᠠᠵᠤ᠂ ᠭᠠᠷᠠᠭ ᠲᠤ 35 ᠴᠠᠭ ᠤᠨ ᠬᠢᠴᠢᠶᠡᠯ ᠲᠠᠢ᠂ ᠡᠭᠦᠨ ᠳᠤ 12 ᠴᠠᠭ ᠤᠨ ᠬᠢᠴᠢᠶᠡᠯ ᠢ ᠨᠢ ᠵᠠᠪᠠᠯ ᠰᠣᠲᠣᠯᠬᠤ ᠬᠢᠴᠢᠶᠡᠯ ᠪᠣᠯᠭᠠᠵᠦ᠂ 23 ᠴᠠᠭ ᠤᠨ ᠬᠢᠴᠢᠶᠡᠯ ᠢ ᠨᠢ ᠰᠣᠩᠭᠤᠨ ᠰᠣᠲᠣᠯᠬᠤ ᠬᠢᠴᠢᠶᠡᠯ ᠢᠶᠠᠷ ᠲᠤᠬᠢᠷᠠᠭᠤᠯᠵᠠᠢ᠃ ᠲᠦᠷᠰᠦᠯᠡᠯ᠂ ᠣᠷᠠᠯᠢᠭ᠂ ᠬᠦᠭᠵᠢᠮ᠂ ᠭᠠᠵᠠᠷ ᠵᠦᠢ ᠶᠢᠨ ᠬᠢᠴᠢᠶᠡᠯ ᠢᠶᠠᠨ ᠬᠤᠶᠠᠷ ᠴᠠᠭ ᠢᠶᠠᠷ ᠵᠠᠯᠭᠠᠨ ᠬᠢᠴᠢᠶᠡᠯᠯᠡᠲᠡᠭ ᠮᠦᠷᠲᠡᠭᠡᠨ ᠢᠡᠭᠬᠢᠭᠦ ᠨᠢ ᠦᠷ᠎ᠡ ᠠᠰᠢᠭ ᠲᠠᠢ ᠬᠢᠴᠢᠶᠡᠯ ᠪᠤᠯᠤᠨ᠎ᠠ ᠭᠡᠵᠦ ᠦᠵᠡᠲᠡᠭ᠃      ᠵᠢᠭᠠᠨ ᠰᠣᠷᠭᠠᠯᠲᠠ ᠶᠢᠨ ᠬᠤᠪᠢ ᠳᠤ᠂ ᠰᠣᠷᠭᠠᠭᠤᠯᠢ ᠨᠢ ᠪᠠᠭᠰᠢ ᠨᠠᠷ ᠤᠨ ᠰᠣᠷᠣᠯᠭ᠎ᠠ ᠶᠢᠨ ᠬᠤᠭᠤᠴᠠᠭᠠᠨ ᠤ ᠠᠵᠢᠯᠯᠠᠭ᠎ᠠ ᠪᠠ ᠲᠠᠰᠬᠠᠯ ᠤᠨ ᠴᠠᠭ ᠢ ᠲᠣᠭᠲᠠᠭᠠᠨ᠎ᠠ᠃ ᠵᠢᠭᠠᠨ ᠰᠣᠷᠭᠠᠯᠲᠠ ᠶᠢᠨ ᠡᠭᠦᠷᠭᠡ ᠬᠠᠷᠢᠭᠤᠴᠠᠯᠭ᠎ᠠ ᠪᠠ ᠪᠡᠶᠡᠯᠡᠭᠦᠯᠬᠦ ᠵᠦᠢᠯ ᠢᠶᠠᠨ ᠣᠷᠢᠲᠠᠪᠡᠷ ᠲᠣᠰᠢᠶᠠᠲᠠᠭ᠃ ᠠᠵᠢᠯᠯᠠᠭ᠎ᠠ ᠪᠣᠯᠭᠠᠨ ᠳᠤ ᠤᠯᠠᠨ ᠰᠣᠷᠣᠭᠴᠢᠳ ᠢ ᠣᠷᠣᠯᠴᠠᠭᠤᠯᠬᠤ ᠶᠢ ᠵᠣᠷᠢᠲᠠᠭ᠂ ᠰᠣᠷᠣᠭᠴᠢᠳ ᠨᠢ ᠡᠯ᠎ᠡ ᠠᠵᠢᠯᠯᠠᠭ᠎ᠠ ᠪᠠᠨ ᠪᠠᠭ ᠢᠶᠠᠷ ᠨᠢᠭᠡᠴᠢᠯᠡᠨ ᠠᠵᠢᠯᠯᠠᠭᠤᠯᠲᠠᠭ ᠮᠦᠷᠲᠡᠭᠡᠨ ᠪᠠᠭᠰᠢ ᠨᠠᠷ ᠨᠢ ᠪᠠᠭ ᠢᠶᠠᠷ ᠠᠵᠢᠯᠯᠠᠲᠠᠭ᠃ ᠪᠦᠬᠦ ᠰᠣᠷᠭᠠᠭᠤᠯᠢ ᠶᠢᠨ ᠦᠵᠡᠭᠦᠯᠤᠯᠭᠡ ᠶᠢᠨ ᠬᠢᠴᠢᠶᠡᠯ ᠢ ᠮᠦᠨ ᠪᠠᠭ ᠢᠶᠠᠷ ᠢᠶᠠᠨ ᠣᠷᠣᠯᠴᠠᠵᠦ ᠪᠡᠯᠡᠳᠭᠡᠨ᠎ᠡ᠃      ᠪᠠᠶᠢᠭᠠᠯᠢ ᠣᠷᠴᠢᠨ᠂ ᠡᠬᠡ ᠬᠡᠯᠡ ᠪᠠᠨ ᠬᠠᠶᠢᠷᠠᠯᠠᠬᠤ ᠬᠦᠮᠦᠵᠢᠯ᠂ ᠬᠦᠮᠦᠨ ᠲᠠᠢ ᠬᠠᠷᠢᠯᠴᠠᠬᠤ᠂ ᠬᠦᠨᠲᠦᠯᠡᠵᠦ ᠮᠡᠨᠲᠦᠯᠡᠬᠦ ᠶᠣᠰᠣ ᠵᠠᠩᠰᠢᠯ ᠵᠡᠷᠭᠡ ᠶᠢ ᠬᠢᠴᠢᠶᠡᠯ ᠲᠦᠷᠦᠯ ᠪᠣᠯᠭᠠᠨ ᠳᠤ ᠠᠭᠤᠰᠬᠠᠨ ᠵᠢᠭᠠᠬᠤ ᠶᠢ ᠰᠣᠷᠲᠠᠯᠴᠢᠯᠠᠲᠠᠭ᠃ ︽ᠮᠢᠩᠭ᠎ᠠ ᠰᠣᠨᠣᠰᠬᠤ ᠪᠠᠷ ᠨᠢᠭᠡ ᠬᠠᠷᠠ︾ ᠭᠡᠲᠡᠭᠴᠢᠯᠠᠨ᠂ ᠲᠠᠳᠠ ᠰᠣᠷᠣᠭᠴᠢᠳ ᠤᠨ ᠪᠣᠲᠠᠲᠠᠢ ᠣᠷᠣᠯᠲᠤᠯᠭ᠎ᠠ ᠶᠢ ᠬᠦᠨᠲᠦᠳᠭᠡᠳᠡᠭ᠃      ᠬᠢᠴᠢᠶᠡᠯ ᠰᠣᠨᠣᠰᠣᠭᠰᠠᠨ ᠪᠠᠶᠢᠲᠠᠯ ᠠᠴᠠ ᠦᠵᠡᠪᠡᠯ᠄      ᠽᠨᠨᠪᠠᠭ ᠪᠠᠭᠰᠢ ᠶᠢᠨ ᠣᠷᠠᠨ ᠵᠣᠬᠢᠶᠠᠯ ᠤᠨ ᠬᠢᠴᠢᠶᠡᠯ ︵ᠨᠠᠢᠮᠠ ᠶᠢᠨ ᠠ᠊ ᠪᠦᠯᠦᠭᠯᠡᠯ︶᠎ ᠨᠢ ᠢᠷᠠᠭᠤ ᠨᠠᠶᠢᠷᠠᠭᠴᠢ ᠳ᠋ᠠᠨᠽᠠᠨ ᠤ ᠨᠢᠮᠠᠰᠦ᠋ᠷᠦᠩ ᠤᠨ ︽ᠰᠡᠳᠬᠢᠯ ᠳᠤ ᠲᠡᠮᠡᠣᠯᠡᠭᠴᠢ︾ ᠪᠠ ︽ᠣᠨ ᠣᠨ ᠵᠢᠯ ᠤᠨ ᠲᠠᠷᠠᠭ᠎ᠠ︾ ᠰᠢᠯᠦᠭ ᠤᠨ ᠣᠳᠬ᠎ᠠ᠂ ᠬᠡᠯᠡ ᠨᠠᠶᠢᠷᠠᠭᠤᠯᠭ᠎ᠠ ᠶᠢ ᠵᠠᠲᠠᠯᠣᠨ ᠰᠢᠨᠵᠢᠯᠡᠵᠦ᠂ ᠰᠢᠯᠦᠭ ᠤᠨ ᠣᠳᠬ᠎ᠠ ᠶᠢ ᠣᠶᠢᠯᠠᠭᠠᠬᠤ᠂ ᠨᠢᠭᠡᠳᠬᠡᠨ ᠳ᠋ᠦᠩᠨᠡᠬᠦ ᠵᠡᠷᠭᠡ ᠠᠯᠬᠤᠮ ᠢᠶᠠᠷ ᠵᠤᠬᠢᠶᠠᠯ ᠤᠨ ᠠᠮᠳᠠ ᠰᠢᠮᠳᠠ ᠶᠢ ᠮᠡᠲᠡᠷᠡᠨ᠂ ᠲᠠᠨᠢᠯ ᠪᠣᠰᠣ ᠦᠭᠡ ᠶᠢ ᠬᠠᠮ ᠣᠷᠴᠢᠨ ᠳᠤ ᠨᠢ ᠲᠠᠭᠠᠮᠠᠭᠯᠠᠬᠤ ᠪᠠ ᠲᠣᠯᠢ ᠪᠢᠴᠢᠭ ᠠᠰᠢᠭᠯᠠᠨ ᠤᠢᠢᠯᠠᠭᠠᠨ ᠡᠵᠠᠮᠰᠢᠵᠤ᠂ ᠦᠭᠡ ᠪᠦᠲᠦᠭᠡᠪᠦᠷᠢ ᠶᠢ ᠵᠠᠲᠠᠯᠣᠨ ᠰᠢᠨᠵᠢᠯᠡᠬᠦ᠂ ᠰᠡᠲᠦᠪ ᠰᠣᠩᠭᠤᠬᠤ᠂ ᠰᠡᠲᠦᠪ ᠤᠨ ᠠᠭᠤᠯᠭ᠎ᠠ ᠶᠢᠨ ᠲᠤᠬᠠᠢ ᠠᠩᠬᠠᠨ ᠤ ᠲᠦᠰᠦᠪ ᠪᠢᠴᠢᠬᠦ᠂ ᠰᠡᠲᠦᠪ ᠤᠨ ᠲᠠᠭᠠᠤ ᠵᠣᠬᠢᠶᠠᠨ ᠨᠠᠶᠢᠷᠠᠭᠤᠯᠬᠤ ᠶᠢᠨ ᠲᠣᠯᠠᠲᠠ ᠠᠰᠠᠭᠤᠯᠲᠠ ᠪᠠᠷ ᠬᠦᠳᠦᠯᠭᠦ ᠵᠡᠷᠭᠡ ᠠᠷᠭ᠎ᠠ ᠠᠯᠬᠤᠮ ᠤᠳ ᠢ ᠠᠪᠴᠦ ᠭᠠᠭᠴᠠ ᠰᠡᠲᠦᠪ ᠢᠶᠠᠷ ᠪᠢᠰᠢ᠂ ᠭᠤᠷᠪᠠᠨ ᠰᠡᠲᠦᠪ ᠢᠶᠠᠷ ᠪᠦᠬᠦ ᠰᠣᠷᠣᠭᠴᠢᠳ ᠢ ᠬᠠᠮᠤᠷᠤᠭᠰᠠᠨ ᠬᠠᠩᠭᠠᠯᠲᠠᠲᠠᠢ ᠬᠢᠴᠢᠶᠡᠯᠯᠡᠭᠡ ᠶᠢ ᠬᠢᠭᠰᠡᠨ ᠪᠠᠶᠢᠨ᠎ᠠ᠃ ᠰᠢᠯᠦᠭ ᠲᠤ — ᠣᠨ ᠣᠨ ᠵᠢᠯ ᠤᠨ ᠲᠠᠷᠠᠭ᠎ᠠ ᠣᠲᠣᠳ ᠬᠡᠪ ᠢᠶᠠᠷ ᠭᠢᠯᠠᠯᠵᠠᠨ᠎ᠠ᠂ ᠣᠨ ᠣᠨ ᠵᠢᠯ ᠤᠨ ᠲᠠᠷᠠᠭ᠎ᠠ ᠬᠠᠷᠢᠨ ᠪᠢ ᠪᠠᠶᠢᠬᠤ ᠦᠭᠡᠢ ᠪᠠᠶᠢᠨ᠎ᠠ᠂ ᠴᠢᠨᠣ ᠨᠢᠯᠪᠣᠰᠣ ᠶᠢ ᠠᠯᠠᠭᠠᠨ ᠳᠤ ᠪᠠᠨ ᠲᠣᠰᠣᠭᠠᠵᠦ᠂ ᠴᠢᠭᠢᠭ ᠲᠠᠢ ᠭᠠᠷ ᠢᠶᠠᠷ ᠬᠠᠴᠠᠷ ᠢ ᠴᠢᠨᠢ ᠡᠩᠬᠦᠷᠡᠶᠢᠯᠡᠵᠦ᠂ ᠶᠠᠭᠠᠬᠢᠵᠦ ᠯᠡ ᠰᠢᠣ ᠲᠠᠨᠣᠰ ᠢ ᠦᠰᠭᠡᠯ᠎ᠡ ᠳ᠋ᠡ᠂ ᠬᠤᠩᠭᠤᠷ ᠦᠬᠢᠳ ᠮᠢᠨᠢ᠂ ᠶᠠᠭ ᠲᠡᠷᠡ ᠶᠠᠩᠵᠦ ᠪᠠᠷ ᠢᠶᠠᠨ᠂ ᠡᠪᠡᠰᠦᠨ ᠤ ᠦᠵᠦᠭᠦᠷ ᠲᠤ ᠰᠢᠭᠦᠲᠡᠷᠢ ᠪᠣᠯᠵᠦ᠂ ᠦᠯᠮᠡᠢ ᠶᠢ ᠴᠢᠨᠢ ᠣᠭᠢᠶᠠᠵᠦ ᠠᠷᠭᠠᠲᠠᠶ᠎ᠠ᠂ ᠤᠨ ᠤᠨ ᠵᠢᠯ ᠤᠨ ᠲᠠᠷᠠᠭ᠎ᠠ ᠁ ᠭᠡᠬᠦ ᠢᠷᠠᠭᠤ ᠪᠠᠲᠠᠭ ᠤᠳ ᠢ ᠬᠡᠯᠭᠢᠭᠰᠡᠨ ᠪᠠᠶᠢᠨ᠎ᠠ᠃ ᠡᠨᠡ ᠬᠦ ᠬᠠᠶᠢᠷ᠎ᠠ ᠪᠢᠯᠬᠠᠭᠰᠠᠨ ᠰᠡᠳᠬᠢᠯᠭᠡ ᠶᠢᠨ ᠣᠷᠴᠢᠨ ᠳᠤ ᠰᠢᠵᠢᠮ ᠢᠶᠠᠨ ᠬᠡᠯᠬᠢᠵᠦ ︽ᠢᠷᠡᠭᠰᠡᠨ ᠭᠡᠶᠢᠴᠢᠳ ᠪᠣᠴᠠᠲᠠᠭ︾᠂ ︽ᠡᠴᠢᠭᠡ ᠲᠡᠭᠷᠢ︾᠂ ︽ᠡᠲᠦᠭᠡᠨ ᠡᠬᠡ︾ ᠭᠡᠬᠦ ᠤᠳᠬ᠎ᠠ ᠲᠡᠭᠦᠯᠲᠡᠷ ᠭᠤᠷᠪᠠᠨ ᠰᠡᠲᠦᠪ ᠤᠨ ᠠᠯᠢ ᠨᠢᠭᠡᠨ ᠢ ᠰᠣᠩᠭᠤᠵᠦ ᠵᠤᠬᠢᠶᠠᠨ ᠪᠢᠴᠢᠭᠦᠯᠦᠭᠰᠡᠨ ᠨᠢ ᠮᠠᠰᠢ ᠰᠠᠶᠢᠨ ᠵᠤᠬᠢᠴᠠᠯ ᠢᠶᠠᠨ ᠣᠯᠣᠭᠰᠠᠨ ᠪᠠᠶᠢᠨ᠎ᠠ᠃ ᠠᠭᠤᠣ ᠶᠡᠭᠡ ᠡᠴᠢᠭᠡ ᠡᠬᠡ ᠶᠢᠨ ᠬᠠᠶᠢᠷ᠎ᠠ ᠠᠴᠠ ᠰᠢᠵᠢᠮᠯᠡᠨ ᠬᠦᠮᠦᠨ ᠤ ᠣᠷᠴᠢᠯᠠᠩ ᠤᠨ ᠤᠴᠠᠷᠠᠯ ᠲᠠᠪᠢᠯᠠᠩ ᠤᠨ ᠮᠦᠩᠬᠡ ᠪᠣᠰᠣ ᠪᠠ ᠮᠣᠩᠭᠤᠯᠴᠣᠳ ᠬᠦᠬᠡ ᠮᠦᠩᠬᠡ ᠲᠡᠭᠷᠢ᠂ ᠬᠦᠷᠦᠰᠦᠲᠦ ᠠᠯᠲᠠᠨ ᠲᠡᠯᠡᠬᠡᠢ ᠪᠠᠨ ᠰᠢᠲᠦᠲᠡᠭ ᠤᠨ ᠭᠦᠨ ᠲᠠᠯᠲᠠ ᠣᠳᠬ᠎ᠠ ᠴᠢᠨᠠᠷ ᠢ ᠮᠡᠲᠡᠭᠦᠯᠵᠦ᠂ ᠣᠷᠮ᠎ᠠ ᠰᠠᠳᠬᠢᠯᠭᠡ᠂ ᠣᠴᠢᠷ ᠶᠣᠰᠤ᠂ ᠣᠷᠠᠯᠠᠨ ᠪᠦᠲᠦᠭᠡᠬᠦ ᠶᠢᠨ ᠪᠣᠯᠵᠣᠯ ᠢ ᠬᠠᠩᠭᠠᠵᠠᠢ᠃ ᠰᠣᠷᠣᠭᠴᠢᠳ ᠤᠨ ᠬᠤᠪᠢ ᠳᠤ᠂ ᠦᠪᠡᠷ ᠤᠨ ᠣᠶᠢᠯᠠᠭᠠᠯᠲᠠ ᠪᠠ ᠪᠣᠲᠣᠯ ᠰᠠᠨᠠᠭ᠎ᠠ ᠪᠠᠨ ᠰᠢᠭᠤᠳ ᠢᠯᠠᠳᠭᠡᠨ ︽ᠠᠮᠢᠲᠣᠷᠠᠯ ᠪᠣᠯ ᠠᠴᠢᠶᠠᠲᠠᠢ ᠪᠠᠶᠢᠲᠠᠭ ᠶᠣᠮ︾ ᠵᠡᠷᠭᠡ ᠵᠦᠢᠷ ᠰᠡᠴᠡᠨ ᠦᠭᠡ᠂ ᠬᠡᠯᠡᠴᠡ ᠶᠢ ᠶᠡᠭᠡ ᠡᠪᠲᠡᠢ ᠬᠡᠷᠡᠭᠯᠡᠵᠦ ᠪᠠᠶᠢᠨ᠎ᠠ᠃ ᠰᠣᠷᠣᠭᠴᠢᠳ ᠮᠠᠰᠢ ᠦᠷᠭᠡᠨ ᠢᠶᠠᠷ ᠰᠡᠳᠬᠢᠮᠵᠢᠯᠡᠨ ᠪᠣᠲᠣᠵᠦ ᠪᠢᠴᠢᠭᠰᠡᠨ ᠨᠢ ᠰᠣᠨᠢᠷᠬᠠᠯᠲᠠᠢ᠃ ᠭᠡᠷ ᠤᠨ ᠲᠠᠭᠠᠭᠠᠯᠭᠠᠪᠣᠷᠢ ᠳᠤ ᠮᠦᠨ ᠨᠢᠮᠠᠰᠦ᠋ᠷᠦᠩ ᠤᠨ ︽ᠡᠲᠦᠷ ᠪᠣᠯᠭᠠᠨ ᠪᠢ︾ ᠭᠡᠭᠦ ᠰᠢᠯᠦᠭ ᠢ ᠣᠩᠰᠢᠬᠤ ᠶᠢᠨ ᠲᠠᠭᠠᠣ ᠴᠡᠭᠡᠵᠢᠯᠡᠬᠦ ᠶᠢ ᠲᠤᠰᠢᠶᠠᠪᠠ᠃ ᠳ᠋ᠦᠩᠨᠡᠯᠲᠡ ᠳᠤ ᠬᠦᠮᠦᠨ ᠲᠦᠷᠦᠯᠬᠢᠲᠡᠨ ᠤ ᠠᠮᠢᠲᠣᠷᠠᠯ ᠤᠨ ᠣᠷᠲᠦ ᠴᠣᠪᠣᠭ᠎ᠠ ᠶᠢ ᠪᠣᠭᠤᠨ ᠤ ᠴᠣᠪᠣᠭ᠎ᠠ ᠬᠢᠭᠡᠳ ᠬᠦᠮᠦᠨ ᠰᠤᠶᠣᠯ ᠳᠤ ᠬᠠᠨᠲᠤᠭᠤᠯᠵᠦ ᠵᠦᠢᠷᠯᠡᠨ ᠳ᠋ᠦᠩᠨᠡᠯᠲᠡ ᠬᠢᠭᠰᠡᠨ ᠨᠢ ᠠᠮᠵᠢᠯᠲᠠᠲᠠᠢ ᠪᠣᠯᠵᠦ᠂ ᠳ᠋ᠦᠩᠨᠡᠯᠲᠡ ᠶᠢ ᠮᠠᠯᠠᠭᠠᠶᠢᠲᠠᠵᠦ ᠳ᠋ᠦᠩᠨᠡᠭᠰᠡᠨ ᠪᠣᠰᠣ ᠬᠠᠷᠢᠨ ᠲᠠᠬᠢᠨ ᠰᠡᠳᠬᠢᠨ ᠪᠣᠲᠣᠯᠬᠢᠯᠠᠬᠤ ᠵᠠᠢ ᠲᠠᠯᠪᠢᠨ ᠶᠠᠪᠣᠭᠲᠠᠭᠤᠯᠵᠠᠢ᠃ ᠣᠷᠠᠨ ᠵᠣᠬᠢᠶᠠᠯ ᠤᠨ ᠬᠢᠴᠢᠶᠡᠯ ᠳᠤ ᠰᠠᠮᠪᠠᠷ᠎ᠠ ᠲᠦᠭᠦᠷᠡᠩ ᠭᠠᠷᠴᠠᠭ ᠪᠢᠴᠢᠭᠰᠡᠨ ᠪᠢᠰᠢ᠂ ᠬᠠᠷᠢᠨ ᠰᠢᠯᠦᠭ ᠤᠨ ᠠᠭᠤᠯᠭ᠎ᠠ ᠠᠴᠠ ᠵᠣᠬᠢᠶᠠᠨ ᠪᠦᠲᠦᠭᠡᠬᠦ ᠶᠢᠨ ᠣᠩᠭᠤᠳ ᠢ ᠬᠦᠲᠦᠯᠵᠦ᠂ ᠠᠮᠢᠲᠣᠷᠠᠯ ᠠᠴᠠ ᠰᠡᠲᠦᠪᠯᠡᠨ ᠵᠣᠬᠢᠶᠠᠮᠵᠢ ᠶᠢ ᠲᠦᠰᠦᠪᠯᠡᠬᠦ ᠳᠤ ᠬᠦᠲᠦᠯᠦᠭᠰᠡᠨ ᠨᠢ ᠭᠠᠶᠢᠬᠠᠯᠲᠠᠢ᠃      ᠪᠣᠶᠠᠨᠬᠡᠰᠢᠭ ᠪᠠᠭᠰᠢ ᠶᠢᠨ ︵ᠲᠣᠯᠤᠭ᠎ᠠ ᠶᠢᠨ ᠪᠠ᠊ ᠪᠦᠯᠦᠭᠯᠡᠯ︶ ᠢᠷᠭᠡᠨ ᠤ ᠪᠣᠯᠪᠠᠰᠣᠷᠠᠯ ᠤᠨ ᠬᠢᠴᠢᠶᠡᠯ ︵80 ᠮᠢᠨᠦ᠋ᠲ ᠤᠨ ᠬᠢᠴᠢᠶᠡᠯ ᠢ 40 ᠮᠢᠨᠦ᠋ᠲ ᠪᠣᠯᠭᠠᠨ ᠵᠢᠭᠠᠭᠰᠠᠨ︶᠎ ᠨᠢ ︽ᠪᠠᠶᠢᠭᠠᠯᠢ ᠤᠷᠴᠢᠨ ᠢᠶᠠᠨ ᠬᠠᠶᠢᠷᠠᠯᠠᠨ ᠬᠠᠮᠠᠭᠠᠯᠠᠬᠤ ᠲᠠᠯ᠎ᠠ ᠳᠤ ᠪᠢᠳᠠ ᠶᠠᠭᠤ ᠬᠢᠪᠠ︖︾ ᠭᠡᠲᠡᠭ ᠰᠡᠲᠦᠪ ᠢᠶᠠᠷ ᠤᠳᠤᠷᠢᠳᠬᠠᠯ ᠪᠤᠯᠭᠠᠵᠤ ᠰᠣᠷᠣᠭᠴᠢᠳ ᠢᠶᠠᠨ ᠭᠤᠷᠪᠠᠨ ᠪᠦᠯᠦᠭ ᠲᠤ ᠬᠤᠪᠢᠶᠠᠨ᠂ ᠠᠮᠢᠲᠣᠷᠠᠯ ᠤᠨ ᠵᠢᠱᠢᠶ᠎ᠡ ᠪᠠᠷᠢᠮᠲᠠ ᠪᠠᠷ ᠨᠣᠲᠠᠯᠠᠭᠤᠯᠬᠤ ᠶᠢ ᠵᠣᠷᠢᠵᠦ᠂ ᠪᠠᠶᠢᠭᠠᠯᠢ ᠣᠷᠴᠢᠨ ᠢ ᠬᠠᠮᠠᠭᠠᠯᠠᠬᠤ ᠶᠢᠨ ᠣᠯᠠᠮᠵᠢᠯᠠᠯᠲᠦ ᠠᠷᠭ᠎ᠠ᠂ ᠬᠠᠮᠠᠭᠠᠯᠠᠬᠤ ᠦᠢᠯᠡ ᠠᠵᠢᠯᠯᠠᠭ᠎ᠠ᠂ ᠪᠠᠶᠢᠭᠠᠯᠢ ᠶᠢ ᠪᠣᠬᠢᠷᠲᠤᠭᠤᠯᠣᠭᠰᠠᠨ ᠵᠦᠢᠯ᠂ ᠬᠡᠷᠬᠢᠨ ᠬᠠᠮᠠᠭᠠᠯᠠᠬᠤ ᠪᠠ ᠠᠰᠠᠭᠤᠲᠠᠯ ᠢ ᠬᠡᠷᠬᠢᠨ ᠰᠢᠢᠳᠪᠦᠷᠢᠯᠡᠬᠦ ᠬᠢᠭᠡᠳ ᠬᠦᠰᠡᠯ ᠢᠶᠠᠨ ᠪᠡᠶᠡᠯᠡᠭᠦᠯᠬᠦ ᠡᠷᠡᠮᠡᠯᠵᠡᠯ ᠢ ᠲᠠᠯᠪᠢᠭᠰᠠᠨ ᠪᠠᠶᠢᠨ᠎ᠠ᠃ ᠡᠭᠦᠨ ᠳᠤ ᠰᠣᠷᠣᠭᠴᠢᠳ ᠲᠣᠩ ᠢᠲᠡᠪᠬᠢᠲᠡᠢ ᠣᠷᠣᠯᠴᠠᠵᠦ᠂ ᠦᠪᠡᠷ ᠦᠪᠡᠷ ᠤᠨ ᠬᠦᠰᠡᠯ ᠪᠣᠲᠣᠯ ᠢᠶᠠᠨ ᠢᠯᠡᠳᠭᠡᠭᠰᠡᠨ ᠪᠠᠶᠢᠨ᠎ᠠ᠃ ᠵᠢᠱᠢᠶᠡᠯᠡᠪᠡᠯ᠄ ︽ᠭᠤᠣᠯ ᠤᠨ ᠣᠰᠣᠨ ᠳᠤ ᠬᠤᠪᠴᠠᠰᠣ ᠣᠭᠢᠶᠠᠬᠤ ᠦᠭᠡᠢ︾᠂ ︽ᠭᠠᠵᠠᠷ ᠬᠦᠨᠲᠡᠬᠦ ᠦᠭᠡᠢ ᠭᠡᠵᠦ ᠮᠣᠩᠭᠤᠯ ᠭᠤᠲᠣᠯ ᠤᠨ ᠬᠤᠩᠰᠢᠶᠠᠷ ᠡᠷᠲᠡᠭᠡᠷ ᠪᠠᠶᠢᠲᠠᠭ︾᠂ ︽ᠬᠤᠣᠵᠣᠯ᠎ᠠ ᠲᠡᠭᠦᠬᠦ ᠳᠤ ᠪᠠᠨ ᠴᠡᠴᠡᠭ ᠣᠷᠭᠤᠭᠰᠠᠨ ᠬᠤᠣᠵᠣᠯ᠎ᠠ ᠶᠢ ᠲᠡᠭᠦᠲᠡᠭ ᠦᠭᠡᠢ︾ ᠭᠡᠭᠦ ᠪᠣᠶᠣ ᠤᠷᠴᠢᠨ ᠲᠤᠭᠤᠷᠢᠨ ᠢ ᠬᠠᠮᠠᠭᠠᠯᠠᠬᠤ ᠲᠣᠬᠠᠢ ᠶᠠᠷᠢᠬᠤ ᠳᠤ ᠪᠠᠨ ᠪᠠᠭ ᠢᠶᠠᠷ ᠨᠢᠭᠡᠴᠢᠯᠡᠨ ᠬᠤᠭ ᠲᠡᠭᠦᠬᠦ᠂ ᠠᠩ ᠠᠪ ᠢ ᠬᠤᠷᠢᠭᠯᠠᠬᠤ᠂ ᠭᠠᠯ ᠲᠦᠢᠮᠡᠷ᠂ ᠮᠣᠲᠣ ᠣᠭᠲᠣᠯᠬᠤ᠂ ᠠᠯᠲᠠ ᠣᠭᠢᠶᠠᠬᠤ ᠶᠢ ᠬᠤᠷᠢᠭᠯᠠᠬᠤ ᠵᠡᠷᠭᠡ ᠣᠯᠠᠨ ᠲᠠᠯ᠎ᠠ ᠪᠠᠷ ᠶᠠᠷᠢᠭᠰᠠᠨ ᠪᠠᠶᠢᠨ᠎ᠠ᠃ ᠭᠡᠷ ᠤᠨ ᠲᠠᠭᠠᠭᠠᠯᠭᠠᠪᠣᠷᠢ ᠳᠤ ᠮᠦᠨ ᠪᠠᠶᠢᠭᠠᠯᠢ ᠣᠷᠴᠢᠨ ᠢ ᠬᠠᠮᠠᠭᠠᠯᠠᠬᠤ ᠳᠤ ᠶᠠᠮᠠᠷ ᠶᠠᠮᠠᠷ ᠲᠦᠷᠢᠮ ᠲᠤᠭᠳᠠᠭᠠᠯ ᠭᠠᠷᠭᠠᠪᠠᠯ ᠵᠣᠬᠢᠬᠤ ᠲᠣᠬᠠᠢ ᠪᠤᠳᠤᠯᠬᠢᠯᠠᠬᠤ ᠨᠢ ᠮᠠᠰᠢ ᠣᠶᠢᠯᠠᠭᠠᠮᠵᠢᠲᠠᠢ ᠵᠦᠢᠯ ᠪᠣᠯᠵᠠᠢ᠃      ᠰᠣᠷᠭᠠᠭᠤᠯᠢ ᠨᠢ ︽ᠱᠠᠪᠢ ᠲᠦᠪ ᠤᠨ ᠰᠣᠷᠭᠠᠯ︾᠎ ᠢ ᠬᠡᠷᠡᠭᠵᠢᠭᠦᠯᠲᠡᠭ ᠮᠦᠷᠲᠡᠭᠡᠨ ︽ᠪᠠᠭ ᠤᠨ ᠠᠵᠢᠯᠯᠠᠭ᠎ᠠ︾᠎ ᠶᠢ ᠴᠢᠬᠤᠯᠠᠴᠢᠯᠠᠨ᠂ ︵ᠬᠠᠮᠤᠭ ᠤᠨ ᠪᠣᠭᠤᠨᠢ ᠨᠡᠷ᠎ᠡ ᠲᠠᠢ ᠰᠣᠷᠣᠭᠴᠢ︶ ︵ᠶᠠᠮᠠᠷ ᠬᠤᠪᠴᠠᠰᠦ ᠲᠠᠢ ᠭᠡᠤᠬᠡᠳ ᠶᠠᠷᠢᠭᠠᠷᠠᠢ︶ ᠪᠦᠬᠦ ᠰᠣᠷᠣᠭᠴᠢ ᠳᠤ ᠬᠠᠨᠲᠤᠵᠦ᠂ ᠬᠦᠮᠦᠨ ᠪᠣᠯᠭᠠᠨ ᠢ ᠣᠷᠣᠯᠴᠠᠭᠤᠯᠲᠠᠭ᠃ ︽ᠦᠨᠡᠯᠡᠭᠡᠨ ᠤ ᠬᠠᠭᠤᠲᠠᠰᠣ︾᠂ ︽ᠠᠵᠢᠯ ᠤᠨ ᠬᠠᠭᠤᠲᠠᠰᠤ︾᠂ ︽ᠦᠵᠡᠭᠦᠯᠭᠡ ᠶᠢᠨ ᠬᠠᠭᠤᠲᠠᠰᠦ︾ ᠵᠡᠷᠭᠡ ᠶᠢ ᠵᠢᠭᠠᠨ ᠰᠣᠷᠭᠠᠯᠲᠠ ᠳᠤ ᠪᠠᠶᠢᠩᠭᠤ ᠬᠡᠷᠡᠭᠯᠡᠲᠡᠭ᠃ ᠪᠠᠭᠰᠢ ᠶᠢᠨ ᠣᠪᠣᠷ ᠲᠦᠪ᠂ ᠦᠭᠡ ᠶᠠᠷᠢᠶ᠎ᠠ ᠨᠠᠮ ᠲᠣᠭᠲᠠᠭᠤᠨ᠂ ᠪᠠᠭᠰᠢ ᠰᠣᠷᠣᠭᠴᠢ ᠶᠢᠨ ᠬᠠᠮᠵᠢᠯᠴᠠᠭ᠎ᠠ ᠡᠶᠡᠯᠰᠡᠭ ᠨᠠᠶᠢᠷᠠᠮᠲᠠᠭᠤ᠂ ᠬᠢᠴᠢᠶᠡᠯ ᠤᠨ ᠲᠠᠩᠬᠢᠮ ᠤᠨ ᠠᠭᠤᠷ ᠠᠮᠢᠰᠬᠤᠯ ᠪᠠᠶᠠᠷ ᠬᠦᠷ ᠲᠠᠢ᠂ ᠵᠢᠭᠠᠨ ᠰᠣᠷᠭᠠᠯᠲᠠ ᠶᠢᠨ ᠨᠠᠷᠢᠨ ᠠᠪᠣᠴᠠᠯᠲᠣᠯ ᠪᠠ ᠶᠠᠪᠣᠴᠠ ᠶᠢ ᠣᠨᠴᠠ ᠠᠩᠬᠠᠷᠲᠠᠭ ᠵᠡᠷᠭᠡ ᠠᠯᠢ ᠣᠯᠠᠨ ᠰᠠᠶᠢᠨ ᠰᠠᠶᠢᠬᠠᠨ ᠠᠷᠭ᠎ᠠ ᠲᠣᠷᠰᠢᠯᠭ᠎ᠠ ᠠᠴᠠ ᠨᠢ ᠰᠣᠷᠣᠯᠴᠠᠭᠰᠠᠨ ᠪᠠᠶᠢᠨ᠎ᠠ᠃      ᠬᠠᠶ᠋ᠢᠬ᠄ ᠪᠠᠷᠠᠭᠤᠨ ᠦᠵᠦᠮᠦᠴᠢᠨ ᠬᠤᠰᠢᠭᠤᠨ ᠤ ᠵᠢᠭᠠᠬᠤ ᠶᠢ ᠰᠣᠲᠣᠯᠬᠤ ᠲᠠᠰᠤᠭ                  ︵ᠡᠾᠦ᠋ᠩ ᠮᠸᠢ ᠨᠠᠶᠢᠷᠠᠭᠤᠯᠪᠠ︶                  2018 ᠣᠨ ᠤ 8 ᠳ᠋ᠤᠭᠠᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号