ᠠᠯᠠᠱᠠ ᠶᠢᠨ ᠮᠤᠩᠭᠤᠯ ᠰᠤᠷᠭᠠᠭᠤᠯᠢ ᠨᠤᠭᠤᠳ ᠤᠨ ︽ᠰᠤᠷᠭᠠᠭᠤᠯᠢ ᠶᠢᠨ ᠰᠤᠷᠬᠤ ᠪᠢᠴᠢᠭ︾᠎ ᠤᠨ ᠪᠠᠶᠢᠭᠤᠯᠤᠯᠳᠠ ᠶᠢᠨ ᠳᠤᠬᠠᠢ
ᠨᠡᠶᠢᠲᠡᠯᠡᠭᠰᠡᠨ ᠴᠠᠭ᠄
2019/1/11
                                                ᠫᠦ᠊ · ᠦᠯᠵᠡᠢ            ᠳᠡᠭᠡᠷ᠎ᠡ ᠵᠠᠭᠤᠨ ᠤ ᠰᠡᠬᠦᠯᠴᠢ ᠪᠠᠷ ᠨᠠᠶᠢᠳᠠᠯᠠᠨ ᠭᠡᠷᠡᠭᠵᠢᠬᠦᠯᠤᠭ᠍ᠰᠡᠨ ︽ᠰᠤᠷᠭᠠᠨ ᠬᠦᠮᠤᠵᠢᠯ ᠤᠨ ᠦᠭᠡᠷᠡᠴᠢᠯᠡᠯᠳᠡ ᠶᠢ ᠬᠦᠨᠵᠡᠭᠡᠶᠢᠷᠡᠬᠦᠯᠵᠤ ᠭᠡᠪ ᠴᠢᠨᠠᠷ ᠤᠨ ᠰᠤᠷᠭᠠᠨ ᠬᠦᠮᠤᠵᠢᠯ ᠢ ᠪᠦᠬᠦ ᠳᠠᠯ᠎ᠠ ᠪᠠᠷ ᠶᠠᠪᠤᠭᠳᠠᠭᠤᠯᠬᠤ ᠳᠤᠬᠠᠢ ᠳᠤᠮᠳᠠᠳᠤ ᠤᠯᠤᠰ ᠤᠨ ᠡᠪ ᠬᠠᠮᠳᠤ ᠨᠠᠮ ᠤᠨ ᠳᠦᠪ ᠬᠤᠷᠢᠶ᠎ᠠ᠂ ᠳᠦᠷᠤ ᠶᠢᠨ ᠶᠠᠪᠤᠳᠠᠯ ᠤᠨ ᠬᠤᠷᠢᠶᠠᠨ ᠤ ᠰᠶᠢᠳᠪᠤᠷᠢ︾᠎ ᠳᠤ ︽ᠭᠢᠴᠢᠶᠠᠯ ᠤᠨ ᠰᠢᠰᠲ᠋ᠧᠮ ᠤᠨ ᠪᠦᠳᠤᠴᠠ᠂ ᠠᠭᠤᠯᠭ᠎ᠠ ᠳᠤ ᠳᠤᠭᠢᠷᠠᠭᠤᠯᠤᠯᠳᠠ ᠭᠢᠬᠦ ᠪᠤᠶᠤ ᠦᠭᠡᠷᠡᠴᠢᠯᠡᠵᠤ᠂ ᠰᠠᠭᠤᠷᠢ ᠰᠤᠷᠭᠠᠨ ᠬᠦᠮᠤᠵᠢᠯ ᠤᠨ ᠰᠢᠨ᠎ᠡ ᠰᠢᠰᠲ᠋ᠧᠮ ᠪᠠᠶᠢᠭᠤᠯᠵᠤ᠂ ᠤᠯᠤᠰ ᠠᠴᠠ ᠳᠤᠭᠳᠠᠭᠠᠭᠰᠠᠨ ᠭᠢᠴᠢᠶᠠᠯ᠂ ᠭᠠᠵᠠᠷ ᠤᠷᠤᠨ ᠠᠴᠠ ᠳᠤᠭᠳᠠᠭᠠᠭᠰᠠᠨ ᠭᠢᠴᠢᠶᠠᠯ ᠪᠠ ᠰᠤᠷᠭᠠᠭᠤᠯᠢ ᠠᠴᠠ ᠳᠤᠭᠳᠠᠭᠠᠭᠰᠠᠨ ᠭᠢᠴᠢᠶᠠᠯ ᠢ ᠳᠤᠷᠰᠢᠨ ᠭᠡᠷᠡᠭᠵᠢᠬᠦᠯᠤᠨ᠎ᠡ︾ ᠭᠡᠵᠤ ᠳᠤᠭᠳᠠᠭᠠᠭᠰᠠᠨ ᠪᠠᠶᠢᠳᠠᠭ᠃ ᠳᠤᠰ ︽ᠰᠶᠢᠳᠪᠤᠷᠢ︾᠎ ᠶᠢ ᠦᠢᠯᠡᠳᠤᠯᠭᠡᠵᠢᠬᠦᠯᠵᠤ᠂ ᠭᠡᠪ ᠴᠢᠨᠠᠷ ᠤᠨ ᠰᠤᠷᠭᠠᠨ ᠬᠦᠮᠤᠵᠢᠯ ᠤᠨ ᠦᠭᠡᠷᠡᠴᠢᠯᠡᠯᠳᠡ ᠬᠦᠨᠵᠡᠭᠡᠶᠢᠷᠡᠯᠳᠡ ᠶᠢ ᠳᠠᠭᠠᠯᠳᠤᠨ ᠠᠯᠠᠱᠠ ᠶᠢᠨ ᠡᠯ᠎ᠡ ᠮᠤᠩᠭᠤᠯ ᠦᠨᠳᠤᠰᠤᠳᠡᠨ ᠤ ᠳᠤᠮᠳᠠᠳᠤ ᠪᠠᠭ᠎ᠠ ᠰᠤᠷᠭᠠᠭᠤᠯᠢ ᠴᠠᠭᠠᠰᠢᠯᠠᠨ ᠵᠠᠷᠢᠮ ᠭᠡᠤᠭᠡᠳ ᠤᠨ ᠴᠡᠴᠡᠷᠯᠢᠭ ᠴᠤ ᠰᠤᠷᠭᠠᠭᠤᠯᠢ ᠶᠢᠨ ᠰᠤᠷᠬᠤ ᠪᠢᠴᠢᠭ ᠤᠨ ᠪᠠᠶᠢᠭᠤᠯᠤᠯᠳᠠ ᠶᠢ ᠴᠢᠬᠤᠯᠠᠴᠢᠯᠠᠨ ᠦᠵᠡᠵᠤ ᠵᠤᠭᠢᠬᠤ ᠠᠮᠵᠢᠯᠳᠠ ᠤᠯᠤᠭᠰᠠᠨ ᠪᠠᠶᠢᠨ᠎ᠠ᠃      ᠨᠢᠭᠡ᠂ ᠰᠤᠷᠬᠤ ᠪᠢᠴᠢᠭ ᠤᠨ ᠪᠠᠶᠢᠭᠤᠯᠤᠯᠳᠠ ᠶᠢᠨ ᠦᠨᠳᠤᠰᠤᠨ ᠪᠠᠶᠢᠳᠠᠯ      ᠠᠯᠠᠱᠠ ᠶᠢᠨ ᠡᠯ᠎ᠡ ᠮᠤᠩᠭᠤᠯ ᠳᠤᠮᠳᠠᠳᠤ ᠪᠠᠭ᠎ᠠ ᠰᠤᠷᠭᠠᠭᠤᠯᠢ ᠳᠤᠰ ᠵᠠᠭᠤᠨ ᠤ ᠡᠭᠢᠨ ᠠᠴᠠ ᠡᠭᠢᠯᠡᠨ ᠦᠨᠳᠤᠰᠤᠳᠡᠨ ᠤ ᠪᠠᠨ ᠳᠡᠤᠭᠡ ᠰᠤᠶᠤᠯ ᠢ ᠦᠪᠯᠠᠨ ᠤᠯᠠᠮᠵᠢᠯᠠᠬᠤ᠂ ᠨᠤᠳᠤᠭ ᠤᠷᠤᠨ ᠤ ᠪᠠᠨ ᠵᠠᠩ ᠢᠷᠭᠡᠨᠰᠢᠯ ᠢ ᠰᠤᠷᠳᠠᠯᠴᠢᠯᠠᠨ ᠤᠬᠠᠭᠤᠯᠬᠤ ᠪᠠᠷ ᠭᠤᠤᠯ ᠵᠤᠷᠢᠯᠭ᠎ᠠ ᠪᠤᠯᠭᠠᠭᠰᠠᠨ᠂ ᠰᠤᠷᠭᠠᠭᠤᠯᠢ ᠶᠢᠨ ᠢᠶᠠᠨ ᠤᠨᠴᠠᠯᠢᠭ ᠰᠢᠨᠵᠢ ᠶᠢ ᠬᠠᠷᠠᠭᠤᠯᠵᠤ ᠴᠢᠳᠠᠬᠤᠶᠢᠴᠠ ᠰᠤᠷᠭᠠᠭᠤᠯᠢ ᠶᠢᠨ ᠰᠤᠷᠬᠤ ᠪᠢᠴᠢᠭ ᠢ ᠨᠠᠶᠢᠷᠠᠭᠤᠯᠬᠤ᠂ ᠭᠡᠪᠯᠡᠬᠦ᠂ ᠠᠰᠢᠭᠯᠠᠬᠤ ᠠᠵᠢᠯ ᠢ ᠬᠦᠨᠳᠤᠳᠭᠡᠨ ᠠᠳᠬᠤᠵᠤ᠂ ᠤᠳᠤ ᠪᠤᠯᠬᠤ ᠳᠤ ᠰᠤᠷᠭᠠᠭᠤᠯᠢ ᠪᠦᠬᠦᠨ ᠦᠪᠡᠷ ᠤᠨ ᠭᠡᠰᠡᠨ ᠰᠤᠷᠬᠤ ᠪᠢᠴᠢᠭ ᠲᠠᠢ ᠪᠤᠯᠤᠭᠰᠠᠨ ᠪᠤᠶᠤ ᠵᠠᠷᠢᠮ ᠬᠤᠰᠢᠭᠤ ᠨᠢ ᠪᠦᠬᠦ ᠬᠤᠰᠢᠭᠤ ᠪᠠᠷ ᠢᠶᠠᠨ ᠨᠢᠭᠡᠳᠤᠯᠳᠠᠢ ᠭᠡᠷᠡᠭᠯᠡᠬᠦ ᠰᠤᠷᠬᠤ ᠪᠢᠴᠢᠭ ᠲᠠᠢ ᠪᠤᠯᠵᠡᠢ᠃      2003 ᠤᠨ ᠤ ᠨᠠᠮᠤᠷ᠂ ᠡᠵᠡᠨ᠎ᠡ ᠬᠤᠰᠢᠭᠤᠨ ᠤ ᠮᠤᠩᠭᠤᠯ ᠦᠨᠳᠤᠰᠤᠳᠡᠨ ᠤ ᠴᠤᠮᠤᠷᠯᠢᠭ ᠪᠠᠭ᠎ᠠ ᠰᠤᠷᠭᠠᠭᠤᠯᠢ ︵ᠤᠳᠤ ᠶᠢᠨ ᠡᠵᠡᠨ᠎ᠡ ᠬᠤᠰᠢᠭᠤᠨ ᠤ ᠮᠤᠩᠭᠤᠯ ᠰᠤᠷᠭᠠᠭᠤᠯᠢ︶᠎ ᠶᠢᠨ ᠳᠡᠳ᠋ ᠵᠠᠭᠢᠷᠤᠯ ᠳ᠋ᠠᠰᠢᠪᠠᠯ ᠪᠠ ᠪᠠᠭᠰᠢ ᠭᠡᠷᠡᠯ᠂ ᠴᠡᠭᠴᠤᠭᠡᠢ᠂ ᠮᠠᠨᠳᠤᠯ᠎ᠠ ᠨᠠᠷ ᠢᠶᠠᠷ ᠪᠦᠷᠢᠯᠳᠤᠭ᠍ᠰᠡᠨ ᠰᠤᠷᠭᠠᠭᠤᠯᠢ ᠶᠢᠨ ᠰᠤᠷᠬᠤ ᠪᠢᠴᠢᠭ ᠢ ᠨᠠᠶᠢᠷᠠᠭᠤᠯᠬᠤ ᠺᠤᠮᠢᠰ ᠢ ᠵᠤᠭᠢᠶᠠᠨ ᠪᠠᠶᠢᠭᠤᠯᠵᠤ᠂ ︽ᠰᠤᠷᠭᠠᠭᠤᠯᠢ ᠶᠢᠨ ᠭᠢᠴᠢᠶᠡᠯᠯᠡᠭᠡ︾ ᠭᠡᠰᠡᠨ ᠨᠢᠭᠡᠳᠤᠯᠳᠠᠢ ᠨᠡᠷ᠎ᠡ ᠶᠢᠨ ᠳᠤᠤᠷ᠎ᠠ ᠤᠨ ᠢᠶᠠᠷ ᠨᠢᠭᠡᠴᠢᠯᠡᠨ ︽ᠵᠦᠢᠷ ᠰᠡᠴᠡᠨ ᠦᠭᠡ᠂ ᠤᠨᠢᠰᠤᠭ᠎ᠠ︾᠂ ︽ᠮᠤᠩᠭᠤᠯ ᠠᠷᠠᠳ ᠤᠨ ᠠᠮᠠᠨ ᠦᠯᠢᠭᠡᠷ︾᠂ ︽ᠮᠢᠨᠤ ᠮᠤᠩᠭᠤᠯ︾᠂ ︽ᠡᠩᠬᠦᠷᠡᠢ ᠬᠠᠶᠢᠷᠠᠳᠤ ᠡᠵᠡᠨ᠎ᠡ ᠮᠢᠨᠢ︾᠂ ︽ᠡᠵᠡᠨ᠎ᠡ ᠨᠤᠳᠤᠭ ᠤᠨ ᠳᠠᠭᠤᠤ︾᠂ ︽ᠳᠡᠮᠡᠭᠡᠨ ᠰᠤᠶᠤᠯ ᠤᠨ ᠳᠤᠬᠠᠢ︾ ᠭᠡᠬᠦ ᠵᠡᠷᠭᠡ ᠵᠢᠷᠭᠤᠭᠠᠨ ᠳᠡᠪᠳᠡᠷ ᠨᠤᠮ ᠨᠠᠶᠢᠷᠠᠭᠤᠯᠵᠤ᠂ 2005 ᠤᠨ ᠤ ᠨᠠᠮᠤᠷ ᠤᠨ ᠬᠤᠭᠤᠴᠠᠭ᠎ᠠ ᠠᠴᠠ ᠡᠭᠢᠯᠡᠨ ᠵᠢᠭᠠᠨ ᠰᠤᠷᠭᠠᠯᠳᠠ ᠳᠤ ᠠᠰᠢᠭᠯᠠᠵᠠᠢ᠃      ᠠᠯᠠᠱᠠ ᠪᠠᠷᠠᠭᠤᠨ ᠬᠤᠰᠢᠭᠤᠨ ᠤ ᠮᠤᠩᠭᠤᠯ ᠳᠤᠮᠳᠠᠳᠤ ᠰᠤᠷᠭᠠᠭᠤᠯᠢ 2003 ᠤᠨ ᠳᠤ ᠵᠠᠭᠢᠷᠤᠯ ᠬᠦᠸᠧ ᠪᠦᠷᠢᠨᠪᠠᠶᠠᠷ ᠢᠶᠠᠷ ᠡᠷᠭᠢᠯᠡᠭᠴᠢ ᠪᠤᠯᠭᠠᠭᠰᠠᠨ ᠰᠤᠷᠭᠠᠭᠤᠯᠢ ᠶᠢᠨ ᠭᠢᠴᠢᠶᠠᠯ ᠨᠠᠶᠢᠷᠠᠭᠤᠯᠬᠤ ᠳᠤᠭᠤᠶᠢᠯᠠᠩ ᠢ ᠵᠤᠭᠢᠶᠠᠨ ᠪᠠᠶᠢᠭᠤᠯᠵᠤ᠂ ᠵᠠᠮᠰᠤ᠂ ᠤᠳᠤᠨᠭᠡᠷᠡᠯ᠂ ᠬᠦᠭᠵᠢᠯᠳᠤ᠂ ᠰᠧᠷᠡᠩᠨᠢᠮ᠎ᠠ ᠨᠠᠷ ᠤᠨ ᠭᠤᠤᠯᠯᠠᠨ ᠨᠠᠶᠢᠷᠠᠭᠤᠯᠤᠭᠰᠠᠨ ︽ᠦᠩ ᠦᠷᠭᠡᠨ ᠠᠯᠠᠱᠠ︾ ᠭᠡᠰᠡᠨ ᠨᠢᠭᠡᠳᠤᠯᠳᠠᠢ ᠨᠡᠷ᠎ᠡ ᠪᠦᠬᠦᠢ ᠭᠤᠷᠪᠠᠨ ᠳᠡᠪᠳᠡᠷ ᠰᠤᠷᠭᠠᠭᠤᠯᠢ ᠶᠢᠨ ᠰᠤᠷᠬᠤ ᠪᠢᠴᠢᠭ ᠢ ᠠᠩᠬ᠎ᠠ ᠨᠢᠭᠡ ᠠᠴᠠ ᠠᠩᠬ᠎ᠠ ᠭᠤᠷᠪᠠ ᠶᠢᠨ ᠰᠤᠷᠤᠭᠴᠢᠳ ᠤᠨ ᠵᠢᠭᠠᠨ ᠰᠤᠷᠭᠠᠯᠳᠠ ᠳᠤ ᠭᠡᠷᠡᠭᠯᠡᠵᠤ︔ ᠠᠯᠠᠱᠠ ᠪᠠᠷᠠᠭᠤᠨ ᠬᠤᠰᠢᠭᠤᠨ ᠤ ᠮᠤᠩᠭᠤᠯ ᠦᠨᠳᠤᠰᠤᠳᠡᠨ ᠤ ᠪᠠᠭ᠎ᠠ ᠰᠤᠷᠭᠠᠭᠤᠯᠢ ᠨᠢᠭᠡᠳᠤᠭᠡᠷ ᠤᠨ ᠠᠴᠠ ᠵᠢᠷᠭᠤᠳᠤᠭᠠᠷ ᠤᠨ ᠬᠦᠷᠳᠡᠯᠡᠭᠢ ᠰᠤᠷᠤᠭᠴᠢ ᠶᠢᠨ ᠨᠠᠰᠤᠨ ᠤ ᠤᠨᠴᠠᠯᠢᠭ ᠲᠤ ᠵᠤᠭᠢᠴᠠᠭᠤᠯᠤᠨ ︽ᠦᠪ ᠰᠤᠶᠤᠯ︾ ᠭᠡᠰᠡᠨ ᠨᠢᠭᠡᠳᠤᠯᠳᠠᠢ ᠨᠡᠷ᠎ᠡ ᠪᠠᠷ ᠪᠠᠳᠤᠰᠦ᠋ᠭᠡ᠂ ᠭᠠᠯᠪᠠᠳᠤ᠂ ᠵᠢᠠᠬᠤᠸᠠ ᠵᠡᠷᠭᠡ ᠪᠠᠭᠰᠢ ᠨᠠᠷ ᠢ ᠵᠤᠭᠢᠶᠠᠨ ᠪᠠᠶᠢᠭᠤᠯᠵᠤ ᠨᠠᠶᠢᠷᠠᠭᠤᠯᠤᠭᠰᠠᠨ ᠵᠢᠷᠭᠤᠭᠠᠨ ᠳᠡᠪᠳᠡᠷ ᠰᠤᠷᠭᠠᠭᠤᠯᠢ ᠶᠢᠨ ᠰᠤᠷᠬᠤ ᠪᠢᠴᠢᠭ ᠨᠢ 2005 ᠤᠨ ᠳᠤ ᠵᠢᠭᠠᠨ ᠰᠤᠷᠭᠠᠯᠳᠠ ᠳᠤ ᠠᠰᠢᠭᠯᠠᠭᠳᠠᠵᠤ ᠡᠭᠢᠯᠡᠭᠰᠡᠨ ᠶᠤᠮ᠃      ᠠᠯᠠᠱᠠ ᠵᠡᠬᠦᠨ ᠬᠤᠰᠢᠭᠤᠨ ᠤ ᠮᠤᠩᠭᠤᠯ ᠦᠨᠳᠤᠰᠤᠳᠡᠨ ᠤ ᠨᠢᠭᠡᠳᠤᠭᠡᠷ ᠳᠤᠷᠰᠢᠯᠳᠠ ᠶᠢᠨ ᠪᠠᠭ᠎ᠠ ᠰᠤᠷᠭᠠᠭᠤᠯᠢ ︵ᠤᠳᠤ ᠶᠢᠨ ᠠᠯᠠᠱᠠ ᠵᠡᠬᠦᠨ ᠬᠤᠰᠢᠭᠤᠨ ᠤ ᠮᠤᠩᠭᠤᠯ ᠰᠤᠷᠭᠠᠭᠤᠯᠢ︶ 2004 ᠤᠨ ᠳᠤ ︽ᠮᠤᠩᠭᠤᠯ ᠦᠨᠳᠤᠰᠤᠳᠡᠨ ᠤ ᠵᠠᠩ ᠳᠠᠳᠬᠠᠯ ᠶᠤᠰᠤ ᠰᠤᠷᠳᠠᠬᠤᠨ ᠤ ᠬᠦᠮᠤᠵᠢᠯ ᠤᠨ ᠮᠡᠳᠡᠯᠭᠡ︾ ᠭᠡᠰᠡᠨ ᠬᠤᠶᠠᠷ ᠳᠡᠪᠳᠡᠷ ᠨᠤᠮ ᠢ ᠰᠤᠷᠭᠠᠨ ᠬᠦᠮᠤᠵᠢᠯ ᠤᠨ ᠵᠢᠳᠬᠦᠯᠳᠡᠨ᠂ ᠳᠡᠤᠭᠡ ᠰᠤᠶᠤᠯ ᠤᠨ ᠡᠷᠳᠡᠮᠳᠡᠨ ᠳᠤᠤ · ᠡᠷᠳᠡᠨᠢᠪᠠᠳᠤ ᠠᠪᠤᠭᠠᠢ ᠳᠤ ᠨᠠᠶᠢᠳᠠᠨ ᠪᠢᠴᠢᠬᠦᠯᠵᠤ᠂ ᠰᠤᠷᠭᠠᠭᠤᠯᠢ ᠳᠤ ᠪᠠᠨ ᠠᠰᠢᠭᠯᠠᠨ᠂ ᠠᠯᠠᠱᠠ ᠵᠡᠬᠦᠨ ᠬᠤᠰᠢᠭᠤᠨ ᠤ ᠮᠤᠩᠭᠤᠯ ᠦᠨᠳᠤᠰᠤᠳᠡᠨ ᠤ ᠬᠤᠶᠠᠳᠤᠭᠠᠷ ᠳᠤᠷᠰᠢᠯᠳᠠ ᠶᠢᠨ ᠪᠠᠭ᠎ᠠ ᠰᠤᠷᠭᠠᠭᠤᠯᠢ ︵ᠤᠳᠤ ᠶᠢᠨ ᠠᠯᠠᠱᠠ ᠵᠡᠬᠦᠨ ᠬᠤᠰᠢᠭᠤᠨ ᠤ ᠮᠤᠩᠭᠤᠯ ᠦᠨᠳᠤᠰᠤᠳᠡᠨ ᠤ ᠳᠤᠷᠰᠢᠯᠳᠠ ᠶᠢᠨ ᠪᠠᠭ᠎ᠠ ᠰᠤᠷᠭᠠᠭᠤᠯᠢ︶᠎ ᠨᠢ ᠢᠷᠠᠭᠤ ᠨᠠᠶᠢᠷᠠᠭᠴᠢ᠂ ᠤᠷᠠᠨ ᠵᠤᠭᠢᠶᠠᠯ ᠤᠨ ᠰᠢᠬᠦᠮᠵᠢᠯᠡᠭᠴᠢ᠂ ᠤᠷᠴᠢᠭᠤᠯᠤᠭᠴᠢ ᠮ᠊ · ᠼᠠᠳᠠᠨᠪᠠᠯ ᠢ ᠤᠨᠴᠠ ᠤᠷᠢᠭᠰᠠᠨ ᠨᠠᠶᠢᠷᠠᠭᠤᠯᠤᠭᠴᠢ ᠪᠠᠷ ᠤᠷᠢᠵᠤ᠂ ᠵᠠᠭᠢᠷᠤᠯ ᠤᠷᠠᠨᠴᠢᠮᠡᠭ ᠶᠡᠷᠤᠩᠭᠡᠶᠢᠯᠡᠨ ᠳᠦᠰᠤᠪᠯᠡᠵᠤ᠂ ᠤᠳᠤᠨᠴᠢᠮᠡᠭ᠂ ᠬᠠᠰᠴᠡᠴᠡᠭ᠂ ᠨᠠᠪᠴᠢᠠᠬᠤᠸᠠᠷ ᠵᠡᠷᠭᠡ ᠪᠠᠭᠰᠢ ᠶᠢ ᠵᠤᠭᠢᠶᠠᠨ ᠪᠠᠶᠢᠭᠤᠯᠤᠨ᠂ ᠪᠠᠭ᠎ᠠ ᠰᠤᠷᠭᠠᠭᠤᠯᠢ ᠶᠢᠨ ᠭᠡᠤᠭᠡᠳ ᠤᠨ ᠰᠡᠳᠭᠢᠬᠦᠢ᠂ ᠮᠡᠳᠡᠯᠭᠡ ᠬᠦᠯᠢᠶᠡᠬᠦ ᠴᠢᠳᠠᠪᠤᠷᠢ ᠳᠤ ᠵᠤᠭᠢᠴᠠᠭᠤᠯᠤᠨ ᠠᠭᠤᠯᠭ᠎ᠠ ᠶᠢᠨ ᠦᠷᠭᠡᠴᠠ ᠬᠦᠨᠳᠤᠴᠠ᠂ ᠬᠦᠴᠢᠷᠳᠡᠯᠭᠡ ᠶᠢ ᠠᠩᠬᠠᠷᠤᠨ ᠮᠦᠨ 2004 ᠤᠨ ᠳᠤ ︽ᠮᠤᠩᠭᠤᠯ ᠵᠠᠩ ᠦᠢᠯᠡ︾ ᠭᠡᠰᠡᠨ ᠨᠢᠭᠡᠳᠤᠯᠳᠠᠢ ᠨᠡᠷ᠎ᠡ ᠪᠠᠷ ᠵᠢᠷᠭᠤᠭᠠᠨ ᠳᠡᠪᠳᠡᠷ ᠨᠤᠮ ᠢ ᠨᠠᠶᠢᠷᠠᠭᠤᠯᠤᠨ ᠨᠢᠭᠡ ᠠᠴᠠ ᠵᠢᠷᠭᠤᠳᠤᠭᠠᠷ ᠤᠨ ᠳᠤ ᠠᠰᠢᠭᠯᠠᠭᠰᠠᠨ ᠪᠠᠶᠢᠨ᠎ᠠ᠃      ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ ᠰᠤᠷᠭᠠᠭᠤᠯᠢ 2010 ᠤᠨ ᠳᠤ ᠰᠤᠷᠭᠠᠭᠤᠯᠢ ᠶᠢᠨ ᠵᠠᠭᠢᠷᠤᠯ ᠠᠯᠳᠠᠨ᠋ᠧᠴᠢᠷ ᠢᠶᠠᠷ ᠡᠷᠭᠢᠯᠡᠭᠴᠢ ᠪᠤᠯᠭᠠᠭᠰᠠᠨ ᠤᠷᠤᠨ ᠨᠤᠳᠤᠭ ᠤᠨ ᠰᠤᠶᠤᠯ ᠳᠡᠤᠭᠡ ᠶᠢᠨ ᠵᠢᠭᠠᠬᠤ ᠮᠠᠲ᠋ᠧᠷᠢᠶᠠᠯ ᠨᠠᠶᠢᠷᠠᠭᠤᠯᠬᠤ ᠺᠤᠮᠢᠰ ᠢ ᠪᠠᠶᠢᠭᠤᠯᠵᠤ᠂ ᠦᠯᠵᠡᠢ᠂ ᠪᠤᠶᠠᠨᠪᠠᠳᠤ᠂ ᠤᠶᠤᠩᠭᠡᠷᠡᠯ᠂ ᠰᠧ · ᠳᠤᠶᠠᠭ᠎ᠠ᠂ ᠰᠠᠷᠠᠩᠬᠤᠸᠠᠷ᠂ ᠤᠶᠤᠠᠬᠤᠸᠠᠷ ᠵᠡᠷᠭᠡ ᠤᠯᠤᠰ ᠳᠦᠷᠤ᠂ ᠳᠡᠤᠭᠡ᠂ ᠭᠠᠵᠠᠷ ᠵᠦᠢ ᠶᠢᠨ ᠪᠠᠭᠰᠢ ᠨᠠᠷ ᠭᠠᠷᠳᠠᠨ᠂ ᠳᠤᠰ ᠰᠤᠷᠭᠠᠭᠤᠯᠢ ᠶᠢᠨ ᠳᠡᠤᠭᠡᠨ ᠳᠤ ᠬᠢ ᠠᠩᠬᠠᠨ ᠤ ᠰᠤᠷᠭᠠᠭᠤᠯᠢ ᠶᠢᠨ ᠰᠤᠷᠬᠤ ᠪᠢᠴᠢᠭ ᠪᠤᠯᠬᠤ ︽ᠠᠮᠢᠨ ᠬᠠᠶᠢᠷᠠᠳᠠᠢ ᠨᠤᠳᠤᠭ ᠤᠰᠤᠨ︾᠎ ᠢ ᠨᠠᠶᠢᠷᠠᠭᠤᠯᠤᠨ ᠠᠰᠢᠭᠯᠠᠯᠳᠠ ᠳᠤ ᠤᠷᠤᠭᠤᠯᠵᠤ᠂ ᠡ᠊ᠨᠡ ᠰᠠᠭᠤᠷᠢᠨ ᠲᠡᠭᠡᠷ᠎ᠠ 2016 ᠤᠨ ᠳᠤ ᠵᠠᠭᠢᠷᠤᠯ ᠯᠦᠸᠧ · ᠮᠠᠩᠯᠠᠶᠢᠬᠦᠦ᠂ ᠱᠦᠵᠢ ᠤᠶᠠᠩᠭ᠎ᠠ ︽ᠦᠢᠷᠡᠳ ᠮᠤᠩᠭᠤᠯ︾᠂ ︽ᠮᠢᠨᠤ ᠯᠠ ᠠᠯᠠᠱᠠ︾ ᠪᠤᠯᠤᠨ ︽ᠬᠦᠳᠡᠭᠡ ᠰᠡᠶᠢᠬᠠᠨ︾ ᠭᠡᠰᠡᠨ ᠦᠰᠦᠭ ᠪᠢᠴᠢᠭ ᠪᠠ ᠭᠡᠷᠡᠯ ᠵᠢᠷᠤᠭ ᠬᠠᠪᠰᠤᠷᠭᠠᠭᠰᠠᠨ ᠴᠤᠪᠤᠷᠠᠯ ᠰᠤᠷᠬᠤ ᠪᠢᠴᠢᠭ ᠨᠠᠶᠢᠷᠠᠭᠤᠯᠤᠨ ᠭᠠᠷᠭᠠᠵᠤ᠂ ᠪᠠᠰᠠ ᠪᠠᠢ · ᠪᠠᠭᠠᠳᠤᠷ ᠤᠨ ᠨᠠᠶᠢᠷᠠᠭᠤᠯᠤᠭᠰᠠᠨ ︽ᠦᠢᠷᠡᠳ ᠮᠤᠩᠭᠤᠯ ᠤᠨ ᠳᠡᠤᠭᠡᠳᠤ ᠬᠦᠮᠤᠰ︾᠂ ︽ᠦᠢᠷᠡᠳ ᠮᠤᠩᠭᠤᠯ ᠤᠨ ᠠᠶᠢᠮᠠᠭ ᠤᠭᠰᠠᠭᠠᠳᠠᠨ ᠤ ᠦᠶ᠎ᠡ ᠵᠠᠯᠭᠠᠮᠵᠢ︾᠂ ︽ᠦᠢᠷᠡᠳ ᠮᠤᠩᠭᠤᠯ ᠤᠨ ᠴᠢᠬᠤᠯᠠ ᠭᠡᠷᠡᠭ ᠶᠠᠪᠤᠳᠠᠯ ᠤᠨ ᠳᠡᠮᠳᠡᠭᠯᠡᠯ︾᠂ ︽ᠠᠯᠠᠱᠠ ᠡᠵᠡᠨ᠎ᠡ ᠶᠢᠨ ᠴᠢᠬᠤᠯᠠ ᠭᠡᠷᠡᠭ ᠶᠠᠪᠤᠳᠠᠯ ᠤᠨ ᠳᠡᠮᠳᠡᠭᠯᠡᠯ︾ ᠵᠡᠷᠭᠡ ᠨᠤᠮ ᠮᠦᠨ ᠰᠤᠷᠭᠠᠭᠤᠯᠢ ᠶᠢᠨ ᠰᠤᠷᠬᠤ ᠪᠢᠴᠢᠭ ᠢᠶᠠᠷ ᠭᠡᠪᠯᠡᠭᠳᠡᠵᠠᠢ᠃ ᠡ᠊ᠨᠡ ᠪᠦᠬᠦᠨ ᠨᠢ ᠨᠠᠶᠢᠳᠠ ᠮᠤᠩᠭᠤᠯ᠂ ᠦᠢᠷᠡᠳ ᠮᠤᠩᠭᠤᠯ᠂ ᠠᠯᠠᠱᠠ ᠬᠤᠱᠤᠳ᠂ ᠡᠵᠡᠨ᠎ᠡ ᠳᠤᠷᠭᠤᠳ ᠤᠨ ᠳᠡᠤᠭᠡ ᠰᠤᠶᠤᠯ ᠤᠨ ᠠᠭᠤᠯᠭ᠎ᠠ ᠶᠢ ᠨᠠᠯᠢᠶᠠᠳ ᠦᠷᠭᠡᠨ ᠭᠡᠪᠴᠢᠶᠠᠨ ᠳᠤ ᠬᠠᠮᠤᠷᠴᠤ᠂ ᠳᠤᠰ ᠰᠤᠷᠭᠠᠭᠤᠯᠢ ᠶᠢᠨ ︽ᠨᠤᠳᠤᠭ ᠰᠤᠶᠤᠯ︾᠎ ᠤᠨ ᠭᠢᠴᠢᠶᠠᠯ ᠵᠢᠭᠠᠬᠤ ᠪᠠᠭᠰᠢ ᠳᠤ ᠬᠠᠩᠭᠠᠮᠵᠢᠳᠠᠢ ᠯᠠᠪᠯᠠᠨ ᠠᠰᠢᠭᠯᠠᠬᠤ ᠮᠠᠲ᠋ᠧᠷᠢᠶᠠᠯ ᠪᠤᠯᠤᠭᠰᠠᠨ ᠢᠶᠠᠷ ᠪᠠᠷᠠᠬᠤ ᠦᠭᠡᠢ ᠰᠤᠷᠤᠭᠴᠢᠳ ᠤᠨ ᠵᠤᠭᠢᠬᠤ ᠴᠠᠷᠠᠭ᠎ᠠ ᠳᠤ ᠭᠢᠴᠢᠶᠠᠯ ᠳᠡᠭᠡᠷ᠎ᠡ ᠰᠤᠷᠬᠤ᠂ ᠭᠢᠴᠢᠶᠠᠯ ᠤᠨ ᠭᠠᠳᠠᠭᠤᠷ ᠦᠨᠳᠤᠰᠤᠳᠡᠨ ᠤ ᠪᠤᠶᠤ ᠤᠷᠤᠨ ᠨᠤᠳᠤᠭ ᠤᠨ ᠳᠡᠤᠭᠡ ᠰᠤᠶᠤᠯ ᠢᠶᠠᠨ ᠤᠩᠰᠢᠨ ᠦᠢᠯᠠᠭᠠᠬᠤ ᠳᠤ ᠨᠢ ᠳᠤᠰᠠᠯᠠᠮᠵᠢ ᠶᠢᠨ ᠦᠢᠯᠡᠳᠤᠯ ᠦᠵᠡᠬᠦᠯᠵᠤ ᠴᠢᠳᠠᠭᠰᠠᠨ ᠶᠤᠮ᠃      ᠠᠯᠠᠱᠠ ᠵᠡᠬᠦᠨ ᠬᠤᠰᠢᠭᠤᠨ ᠤ ᠮᠤᠩᠭᠤᠯ ᠦᠨᠳᠤᠰᠤᠳᠡᠨ ᠤ ᠬᠤᠶᠠᠳᠤᠭᠠᠷ ᠭᠡᠤᠭᠡᠳ ᠤᠨ ᠴᠡᠴᠡᠷᠯᠢᠭ 2011 ᠤᠨ ᠳᠤ ︽ᠴᠡᠴᠡᠭᠡᠰ ᠠᠴᠠ ᠳᠡᠬᠦᠭᠰᠡᠨ ᠰᠢᠬᠦᠳᠡᠷᠢ︾ ᠭᠡᠰᠡᠨ ᠮᠤᠩᠭᠤᠯ ᠵᠠᠩ ᠦᠢᠯᠡ᠂ ᠨᠠᠭᠠᠳᠤᠮ ᠳᠤᠭᠯᠠᠭᠠᠮ᠂ ᠬᠤᠪᠴᠠᠰᠤ ᠵᠠᠰᠠᠯ᠂ ᠠᠯᠠᠱᠠ ᠶᠢᠨ ᠳᠡᠤᠭᠡᠳᠤ ᠬᠦᠮᠤᠨ᠂ ᠦᠵᠡᠮᠵᠢᠳᠤ ᠤᠷᠤᠨ᠂ ᠳᠡᠮᠡᠭᠡ ᠮᠠᠯᠵᠢᠯ ᠤᠨ ᠰᠤᠶᠤᠯ᠂ ᠨᠤᠳᠤᠭ ᠤᠨ ᠭᠠᠷᠤᠯᠳᠠ ᠵᠢᠴᠢ ᠭᠡᠤᠭᠡᠳ ᠤᠨ ᠦᠯᠢᠭᠡᠷ᠂ ᠰᠢᠯᠦᠭ᠂ ᠳᠠᠭᠤᠤ ᠵᠡᠷᠭᠡ ᠠᠭᠤᠯᠭ᠎ᠠ ᠪᠦᠬᠦᠢ ᠴᠡᠴᠡᠷᠯᠢᠭ ᠤᠨ ᠰᠤᠷᠬᠤ ᠪᠢᠴᠢᠭ ᠢ ᠨᠠᠶᠢᠷᠠᠭᠤᠯᠵᠤ ᠠᠰᠢᠭᠯᠠᠭᠰᠠᠨ ᠨᠢ ᠪᠦᠬᠦ ᠠᠶᠢᠮᠠᠭ ᠤᠨ ᠭᠡᠪᠴᠢᠶᠠᠨ ᠳᠤ ᠦᠨᠳᠤᠰᠤᠳᠡᠨ ᠤ ᠵᠠᠩ ᠵᠠᠩᠰᠢᠯ᠂ ᠰᠤᠶᠤᠯ ᠢᠷᠭᠡᠨᠰᠢᠯ ᠢ ᠭᠡᠤᠭᠡᠳ ᠠᠴᠠ ᠡᠭᠢᠯᠡᠨ ᠠᠳᠬᠤᠬᠤ ᠶᠢᠨ ᠳᠤᠷᠰᠢᠯᠳᠠ ᠪᠤᠯᠵᠤ᠂ ᠳᠤᠰ ᠰᠤᠷᠬᠤ ᠪᠢᠴᠢᠭ ᠢ ᠴᠡᠴᠡᠷᠯᠢᠭ ᠤᠨ ᠳᠠᠷᠤᠭ᠎ᠠ ᠶᠢᠨ · ᠳᠤᠶᠠᠭ᠎ᠠ ᠵᠢᠴᠢ ᠯᠢ · ᠴᠢᠮᠡᠭ᠂ ᠬᠦᠪᠤᠳᠡᠢ ᠨᠠᠷ ᠨᠠᠶᠢᠷᠠᠭᠤᠯᠤᠭᠰᠠᠨ ᠪᠠᠶᠢᠨ᠎ᠠ᠃      ᠢᠯᠠᠩᠭᠤᠶ᠎ᠠ᠂ 2015 ᠤᠨ ᠳᠤ ᠠᠯᠠᠱᠠ ᠵᠡᠬᠦᠨ ᠬᠤᠰᠢᠭᠤᠨ ᠤ ᠰᠤᠷᠭᠠᠨ ᠬᠦᠮᠤᠵᠢᠯ ᠪᠠᠶ᠎ᠠ ᠳᠠᠮᠢᠷ ᠤᠨ ᠳᠤᠪᠴᠢᠶ᠎ᠠ ᠪᠦᠬᠦ ᠬᠤᠰᠢᠭᠤᠨ ᠤ ᠡᠯ᠎ᠡ ᠰᠤᠷᠭᠠᠭᠤᠯᠢ ᠶᠢᠨ ᠦᠩᠭᠡᠷᠡᠭᠰᠡᠨ ᠤ ᠰᠤᠷᠭᠠᠭᠤᠯᠢ ᠶᠢᠨ ᠰᠤᠷᠬᠤ ᠪᠢᠴᠢᠭ ᠤᠨ ᠪᠠᠶᠢᠭᠤᠯᠤᠯᠳᠠ ᠶᠢᠨ ᠳᠤᠷᠰᠢᠯᠭ᠎ᠠ ᠶᠢ ᠳ᠋ᠦᠩᠨᠡᠵᠦ᠂ ᠪᠦᠬᠦ ᠬᠤᠰᠢᠭᠤᠨ ᠳᠤ ᠨᠢᠭᠡᠳᠤᠯᠳᠠᠢ ᠭᠡᠷᠡᠭᠯᠡᠬᠦ ᠰᠤᠷᠭᠠᠭᠤᠯᠢ ᠶᠢᠨ ᠰᠤᠷᠬᠤ ᠪᠢᠴᠢᠭ ᠢ ᠨᠠᠶᠢᠷᠠᠭᠤᠯᠬᠤ ᠠᠵᠢᠯ ᠢ ᠭᠠᠷᠳᠠᠵᠤ᠂ ᠳᠤᠪᠴᠢᠶᠠᠨ ᠳᠠᠷᠤᠭ᠎ᠠ ᠨᠠᠴᠢᠨ ᠢᠶᠠᠷ ᠡᠷᠭᠢᠯᠡᠭᠴᠢ ᠪᠤᠯᠭᠠᠭᠰᠠᠨ ᠨᠠᠶᠢᠷᠠᠭᠤᠯᠬᠤ ᠺᠤᠮᠢᠰ ᠪᠠᠶᠢᠭᠤᠯᠵᠤ᠂ ᠮᠤᠩᠭᠤᠯ ᠶᠤᠰᠤ ᠵᠠᠩᠰᠢᠯ᠂ ᠤᠷᠤᠨ ᠰᠠᠭᠤᠴᠠ᠂ ᠢᠳᠡᠭᠡᠨ ᠤᠮᠳᠠᠭᠠᠨ᠂ ᠴᠡᠭᠡᠷ ᠬᠤᠷᠢᠭ᠎ᠠ᠂ ᠦᠭᠡ ᠭᠡᠯᠡᠨ ᠤ ᠪᠤᠯᠪᠠᠰᠤᠷᠠᠯ᠂ ᠠᠯᠠᠱᠠ ᠶᠢᠨ ᠳᠡᠤᠭᠡ ᠰᠤᠶᠤᠯ ᠵᠡᠷᠭᠡ ᠨᠠᠯᠢᠶᠠᠳ ᠦᠷᠭᠡᠨ ᠳᠡᠯᠭᠡᠷ ᠠᠭᠤᠯᠭ᠎ᠠ ᠶᠢ ᠬᠠᠮᠤᠷᠤᠭᠰᠠᠨ ︽ᠤᠬᠠᠭᠠᠷᠠᠵᠤ ᠠᠮᠢᠳᠤᠷᠠᠬᠤ ᠶᠤᠰᠤᠨ︾ ᠭᠡᠬᠦ ᠰᠢᠷᠢᠰ ᠨᠤᠮ ᠨᠠᠶᠢᠷᠠᠭᠤᠯᠵᠤ᠂ ᠡ᠊ᠨᠡ ᠬᠦ ᠰᠢᠷᠢᠰ ᠨᠤᠮ ᠨᠢ ᠭᠡᠤᠭᠡᠳ ᠤᠨ ᠴᠡᠴᠡᠷᠯᠢᠭ ᠲᠤ ᠭᠡᠷᠡᠭᠯᠡᠬᠦ‍ ᠨᠢᠭᠡ ᠳᠡᠪᠳᠡᠷ᠂ ᠪᠠᠭ᠎ᠠ ᠰᠤᠷᠭᠠᠭᠤᠯᠢ ᠳᠤ ᠭᠡᠷᠡᠭᠯᠡᠬᠦ ᠭᠤᠷᠪᠠᠨ ᠳᠡᠪᠳᠡᠷ᠂ ᠠᠩᠬ᠎ᠠ ᠳᠤᠮᠳᠠᠳᠤ ᠳᠤ ᠭᠡᠷᠡᠭᠯᠡᠬᠦ‍ ᠨᠢᠭᠡ ᠳᠡᠪᠳᠡᠷ ᠵᠡᠷᠭᠡ ᠪᠠᠷ ᠪᠦᠷᠢᠯᠳᠤᠵᠤ ᠰᠤᠪᠤᠳ᠂ ᠰᠡᠴᠡᠩᠭᠤᠸ᠎ᠠ᠂ ᠬᠦᠪᠤᠳᠡᠢ᠂ ᠬᠤ᠋ · ᠰᠦᠮᠪᠤᠷ᠂ ᠨᠠᠪᠴᠢᠠᠬᠤᠸᠠᠷ᠂ ᠡᠷᠳᠡᠨᠢᠡᠤᠷᠭᠢᠯ ᠨᠠᠷ ᠨᠠᠶᠢᠷᠠᠭᠤᠯᠬᠤ ᠠᠵᠢᠯ ᠢ ᠬᠦᠢᠴᠡᠳᠭᠡᠵᠤ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠷᠭᠠᠨ ᠬᠦᠮᠤᠵᠢᠯ ᠤᠨ ᠳᠢᠩᠭᠢᠮ ᠤᠨ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠭᠢᠨᠠᠯᠳᠠ ᠶᠢ ᠬᠦᠯᠢᠶᠡᠵᠦ᠂ 2016 ᠤᠨ ᠤ ᠨᠠᠮᠤᠷ ᠦᠪᠤᠷ ᠮᠤᠩᠭᠤᠯ ᠤᠨ ᠰᠤᠷᠭᠠᠨ ᠬᠦᠮᠤᠵᠢᠯ ᠤᠨ ᠭᠡᠪᠯᠡᠯ ᠤᠨ ᠬᠤᠷᠢᠶ᠎ᠠ ᠠᠴᠠ ᠢᠯᠠ ᠪᠠᠷ ᠭᠡᠪᠯᠡᠭᠳᠡᠨ ᠠᠰᠢᠭᠯᠠᠭᠳᠠᠪᠠ᠃ ᠳᠤᠰ ᠰᠢᠷᠢᠰ ᠰᠤᠷᠭᠠᠭᠤᠯᠢ ᠶᠢᠨ ᠰᠤᠷᠬᠤ ᠪᠢᠴᠢᠭ ᠤᠨ ᠢᠯᠡ ᠭᠡᠪᠯᠡᠭᠳᠡᠭᠰᠡᠨ ᠶᠠᠪᠤᠳᠠᠯ ᠪᠤᠯ ᠠᠯᠠᠱᠠ ᠶᠢᠨ ᠰᠤᠷᠭᠠᠨ ᠬᠦᠮᠤᠵᠢᠯ ᠤᠨ ᠳᠡᠤᠭᠡᠨ ᠳᠤ ᠬᠢ ᠠᠩᠬᠠᠳᠠᠭᠴᠢ ᠪᠤᠯᠬᠤ ᠪᠠᠷ ᠪᠠᠷᠠᠬᠤ ᠦᠭᠡᠢ ᠦᠪᠤᠷ ᠮᠤᠩᠭᠤᠯ ᠤᠷᠤᠨ ᠳᠤ ᠴᠤ ᠢᠯᠡ ᠭᠡᠪᠯᠡᠭᠳᠡᠭᠰᠡᠨ ᠲᠤᠭ᠎ᠠ ᠲᠠᠢ ᠭᠡᠳᠤᠭᠡᠨ ᠰᠤᠷᠭᠠᠭᠤᠯᠢ ᠶᠢᠨ ᠰᠤᠷᠬᠤ ᠪᠢᠴᠢᠭ ᠤᠨ ᠨᠢᠭᠡ ᠨᠢ ᠪᠤᠯᠵᠤ᠂ ᠳᠠᠷᠠᠴᠢᠯᠠᠨ ᠨᠢᠭᠡ ᠶᠤᠰᠤᠨ ᠳᠤ ᠤᠷᠤᠨ ᠨᠤᠳᠤᠭ ᠤᠨ ᠴᠢᠨᠠᠷᠳᠠᠢ ᠰᠤᠷᠬᠤ ᠪᠢᠴᠢᠭ ᠪᠤᠯᠤᠭᠰᠠᠨ ᠶᠤᠮ᠃       ᠬᠤᠶᠠᠷ᠂ ᠰᠤᠷᠭᠠᠭᠤᠯᠢ ᠶᠢᠨ ᠰᠤᠷᠬᠤ ᠪᠢᠴᠢᠭ ᠤᠨ ᠳᠡᠤᠭᠡᠨ ᠠᠴᠢ ᠬᠤᠯᠪᠤᠭᠳᠠᠯ      ᠭᠡᠪ ᠴᠢᠨᠠᠷ ᠤᠨ ᠰᠤᠷᠭᠠᠨ ᠬᠦᠮᠤᠵᠢᠯ ᠤᠨ ᠦᠭᠡᠷᠡᠴᠢᠯᠡᠯᠳᠡ ᠳᠤ ᠵᠤᠭᠢᠴᠠᠭᠤᠯᠤᠨ ᠠᠯᠠᠱᠠ ᠶᠢᠨ ᠮᠤᠩᠭᠤᠯ ᠦᠨᠳᠤᠰᠤᠳᠡᠨ ᠤ ᠳᠤᠮᠳᠠᠳᠤ ᠪᠠᠭ᠎ᠠ ᠰᠤᠷᠭᠠᠭᠤᠯᠢ ᠨᠤᠭᠤᠳ ᠰᠤᠷᠭᠠᠭᠤᠯᠢ ᠶᠢᠨ ᠰᠤᠷᠬᠤ ᠪᠢᠴᠢᠭ ᠢ ᠨᠠᠶᠢᠷᠠᠭᠤᠯᠤᠨ ᠵᠢᠭᠠᠨ ᠰᠤᠷᠭᠠᠯᠳᠠ ᠳᠤ ᠠᠰᠢᠭᠯᠠᠵᠤ ᠤᠳᠤᠬᠠᠨ ᠤ ᠬᠤᠳᠠᠴᠢᠯᠠᠯᠳᠠ ᠳᠠᠶᠠᠭᠠᠷᠴᠢᠯᠠᠯᠳᠠ ᠶᠢᠨ ᠠᠬᠤᠢ ᠤᠷᠴᠢᠨ ᠳᠤ ᠡᠯ᠎ᠡ ᠰᠤᠷᠭᠠᠭᠤᠯᠢ ᠨᠢ ᠭᠠᠷᠠᠭ ᠪᠦᠷᠢ ᠳᠤᠰᠬᠠᠢ ᠨᠢᠭᠡ ᠴᠠᠭ ᠭᠠᠷᠭᠠᠵᠤ᠂ ᠳᠤᠰᠬᠠᠢ ᠪᠠᠭᠰᠢ ᠳᠤᠭᠢᠷᠠᠭᠤᠯᠤᠨ ᠭᠢᠴᠢᠶᠡᠯᠯᠡᠬᠦ ᠶᠢ ᠪᠠᠷᠢᠮᠳᠠᠯᠠᠭᠰᠠᠨ ᠠᠴᠠ ᠦᠨᠳᠤᠰᠤᠳᠡᠨ ᠤ ᠪᠠᠨ ᠳᠡᠤᠭᠡ ᠰᠤᠶᠤᠯ ᠢᠶᠠᠨ ᠦᠪᠯᠡᠬᠦ᠂ ᠤᠯᠠᠮᠵᠢᠯᠠᠬᠤ᠂ ᠵᠠᠯᠭᠠᠮᠵᠢᠯᠠᠬᠤ ᠳᠤ ᠠᠯᠤᠰ ᠭᠡᠳᠤ ᠶᠢᠨ ᠠᠬᠤᠶᠢᠴᠢ ᠠᠴᠢ ᠬᠤᠯᠪᠤᠭᠳᠠᠯ ᠲᠠᠢ ᠦᠢᠯᠡ ᠠᠵᠢᠯᠯᠠᠭ᠎ᠠ ᠪᠤᠯᠤᠭᠰᠠᠨ ᠪᠠᠶᠢᠨ᠎ᠠ      1. ᠰᠤᠷᠤᠭᠴᠢᠳ ᠤᠨ ᠤᠷᠤᠨ ᠨᠤᠳᠤᠭ ᠢᠶᠠᠨ ᠳᠠᠨᠢᠵᠤ ᠦᠢᠯᠠᠭᠠᠬᠤ ᠳᠤ ᠲᠤᠩ ᠴᠢᠬᠤᠯᠠ ᠦᠢᠯᠡᠳᠤᠯ ᠦᠵᠡᠬᠦᠯᠪᠠ᠃ ᠰᠤᠷᠭᠠᠭᠤᠯᠢ ᠶᠢᠨ ᠰᠤᠷᠬᠤ ᠪᠢᠴᠢᠭ ᠤᠨ ᠠᠰᠢᠭᠯᠠᠯᠳᠠ ᠨᠢ ᠰᠤᠷᠤᠭᠴᠢᠳ ᠤᠨ ︽ᠰᠤᠷᠭᠠᠭᠤᠯᠢ ᠳᠤ ᠪᠠᠨ ᠰᠠᠭᠤᠭᠠᠳ ᠰᠤᠷᠭᠠᠭᠤᠯᠢ ᠪᠠᠨ ᠦᠢᠯᠠᠭᠠᠬᠤ ᠦᠭᠡᠢ︾᠂ ︽ᠨᠤᠳᠤᠭ ᠲᠠᠭᠠᠨ ᠪᠠᠶᠢᠭᠠᠳ ᠨᠤᠳᠤᠭ ᠢᠶᠠᠨ ᠦᠢᠯᠠᠭᠠᠵᠤ ᠮᠡᠳᠡᠬᠦ ᠦᠭᠡᠢ︾ ᠪᠠᠶᠢᠳᠠᠯ ᠢ ᠬᠤᠪᠢᠷᠠᠭᠤᠯᠬᠤ ᠳᠤ ᠴᠢᠬᠤᠯᠠ ᠦᠢᠯᠡᠳᠤᠯ ᠦᠵᠡᠬᠦᠯᠤᠭ᠍ᠰᠡᠨ ᠶᠤᠮ᠃ ᠦᠭᠡᠷ᠎ᠡ ᠪᠠᠷ ᠭᠡᠯᠡᠪᠡᠯ᠂ ᠰᠤᠷᠭᠠᠭᠤᠯᠢ ᠶᠢᠨ ᠰᠤᠷᠬᠤ ᠪᠢᠴᠢᠭ ᠤᠨ ᠪᠠᠶᠢᠭᠤᠯᠤᠯᠳᠠ ᠪᠠᠷ ᠳᠠᠮᠵᠢᠨ ᠭᠢᠴᠢᠶᠠᠯ ᠤᠨ ᠪᠢᠴᠢᠭ ᠠᠴᠠ ᠤᠭᠳᠤ ᠤᠯᠵᠤ ᠬᠠᠷᠠᠬᠤ ᠦᠭᠡᠢ ᠠᠯᠠᠱᠠ ᠡᠵᠡᠨ᠎ᠡ ᠶᠢᠨ ᠳᠡᠤᠭᠡᠨ ᠢᠷᠡᠯᠳᠡ᠂ ᠭᠠᠵᠠᠷ ᠵᠦᠢ ᠶᠢᠨ ᠪᠠᠶᠢᠷᠢᠰᠢᠯ᠂ ᠨᠤᠳᠤᠭ ᠳᠡᠪᠢᠰᠭᠡᠷ᠂ ᠵᠠᠰᠠᠭ ᠵᠠᠭᠢᠷᠭᠠᠨ ᠤ ᠬᠤᠪᠢᠶᠠᠷᠢᠯᠠᠯ᠂ ᠦᠯᠢᠭᠡᠷ ᠳᠡᠤᠭᠡᠳᠤ ᠬᠦᠮᠤᠨ᠂ ᠳᠤᠮᠤᠭᠳᠤ ᠨᠤᠳᠤᠭ ᠤᠰᠤ᠂ ᠳᠡᠮᠡᠭᠡ ᠮᠠᠯᠵᠢᠯ ᠤᠨ ᠰᠤᠶᠤᠯ᠂ ᠦᠷᠡᠰ ᠨᠠᠶᠢᠷ᠂ ᠮᠤᠷᠢᠨ ᠨᠤᠮᠤ᠂ ᠱᠠᠯᠪᠤᠷ ᠪᠦᠭᠡ ᠵᠡᠷᠭᠡ ᠨᠠᠭᠠᠳᠤᠮ ᠳᠤᠭᠯᠠᠭᠠᠮ᠂ ᠭᠡᠭᠡᠷ᠎ᠡ ᠶᠢᠨ ᠠᠮᠢᠳᠠᠨ ᠤᠷᠭᠤᠮᠠᠯ᠂ ᠠᠭᠤᠷᠬᠠᠢ ᠶᠢᠨ ᠪᠤᠯᠠᠭᠳᠠᠴᠠ ᠁ ᠭᠡᠬᠦᠴᠢᠯᠡᠨ ᠤᠷᠤᠨ ᠨᠤᠳᠤᠭ ᠤᠨ ᠦᠪᠡᠷᠮᠢᠴᠠ ᠤᠨᠴᠠᠯᠢᠭ ᠪᠦᠬᠦᠢ ᠳᠡᠤᠭᠡᠨ ᠦᠢᠯᠡ ᠭᠡᠷᠡᠭ᠂ ᠰᠤᠶᠤᠯ ᠤᠨ ᠦᠪ ᠬᠦᠷᠤᠩᠭᠡ᠂ ᠭᠠᠵᠠᠷ ᠵᠦᠢ ᠶᠢᠨ ᠪᠠ ᠠᠮᠢᠳᠤ ᠪᠤᠳᠠᠰ ᠤᠨ ᠮᠡᠳᠡᠯᠭᠡ ᠵᠠᠷᠭᠡ ᠶᠢ ᠳᠠᠨᠢᠯᠴᠠᠭᠤᠯᠵᠤ᠂ ᠳᠡᠳᠡᠨ ᠤ ᠨᠤᠳᠤᠭ ᠤᠷᠤᠨ ᠢᠶᠠᠨ ᠦᠢᠯᠠᠭᠠᠵᠤ᠂ ᠨᠤᠳᠤᠭ ᠤᠷᠤᠨ ᠳᠤ ᠪᠠᠨ ᠡᠵᠡᠨ ᠪᠤᠯᠬᠤ ᠳᠤ ᠨᠢᠭᠡ ᠶᠤᠰᠤᠨ ᠤ ᠢᠳᠡᠪᠭᠢ ᠦᠢᠯᠡᠳᠤᠯ ᠦᠵᠡᠬᠦᠯᠤᠭ᠍ᠰᠡᠨ ᠪᠠᠶᠢᠨ᠎ᠠ᠃      2. ᠰᠤᠷᠤᠭᠴᠢᠳ ᠤᠨ ᠦᠨᠳᠤᠰᠤᠳᠡᠨ ᠤ ᠪᠠᠨ ᠵᠠᠩ ᠳᠠᠳᠬᠠᠯ ᠲᠠᠢ ᠳᠠᠨᠢᠯᠴᠠᠬᠤ ᠳᠤ ᠵᠠᠪᠰᠢᠶᠠᠨ ᠬᠠᠩᠭᠠᠪᠠ᠃ ᠮᠤᠩᠭᠤᠯ ᠦᠨᠳᠤᠰᠤᠳᠡᠨ ᠪᠤᠯ ᠤᠷᠳᠤ ᠤᠳᠠᠭᠠᠨ ᠳᠡᠤᠭᠡ ᠲᠠᠢ᠂ ᠡᠷᠭᠢᠮ ᠪᠤᠯᠪᠠᠰᠤᠨ ᠵᠠᠩ ᠳᠠᠳᠬᠠᠯ ᠲᠠᠢ ᠦᠨᠳᠤᠰᠤᠳᠡᠨ ᠪᠤᠯᠬᠤ ᠶᠤᠮ᠃ ᠰᠡᠬᠦᠯᠴᠢ ᠶᠢᠨ ᠦᠶ᠎ᠡ ᠳᠤ ᠬᠤᠳᠠᠴᠢᠯᠠᠯᠳᠠ ᠳᠠᠶᠠᠭᠠᠷᠴᠢᠯᠠᠯᠳᠠ ᠶᠢᠨ ᠰᠢᠷᠤᠬᠦᠨ ᠳᠠᠭᠠᠷᠢᠯᠳᠠ᠂ ᠰᠢᠯᠭᠠᠯᠳᠠ ᠶᠢ ᠠᠷᠭᠠᠴᠠᠭᠠᠬᠤ ᠰᠤᠷᠭᠠᠨ ᠬᠦᠮᠤᠵᠢᠯ ᠤᠨ ᠭᠡᠮ ᠰᠤᠭᠤᠭ᠂ ᠭᠡᠷ ᠪᠦᠯᠢ ᠶᠢᠨ ᠬᠦᠮᠤᠵᠢᠯ ᠤᠨ ᠴᠠᠯᠠᠭᠠᠶᠢᠳᠠᠯ ᠵᠡᠷᠭᠡ ᠪᠠᠶᠠᠴᠢ ᠪᠠ ᠪᠤᠰᠤᠳᠴᠢ ᠰᠢᠯᠳᠠᠭᠠᠨ ᠠᠴᠠ ᠪᠤᠯᠵᠤ ᠠᠯᠢ ᠤᠯᠠᠨ ᠪᠤᠯᠪᠠᠰᠤᠨ ᠰᠡᠶᠢᠬᠠᠨ ᠶᠤᠰᠤ ᠵᠠᠩᠰᠢᠯ ᠤᠮᠳᠤᠭᠠᠶᠢᠯᠠᠭᠳᠠᠭᠰᠠᠨ ᠪᠠᠶᠢᠳᠠᠭ᠂ ᠡᠶᠢᠮᠤᠷᠬᠦᠤ ᠪᠠᠶᠢᠳᠠᠯ ᠳᠤ ᠰᠤᠷᠭᠠᠭᠤᠯᠢ ᠶᠢᠨ ᠰᠤᠷᠬᠤ ᠪᠢᠴᠢᠭ ᠢ ᠨᠠᠶᠢᠷᠠᠭᠤᠯᠤᠨ ᠭᠢᠴᠢᠶᠡᠯᠯᠡᠭᠰᠡᠨ ᠶᠠᠪᠤᠳᠠᠯ ᠨᠢ ᠠᠮᠤᠷ ᠮᠠᠨᠳᠤ ᠠᠰᠠᠭᠤᠬᠤ᠂ ᠠᠬᠠᠮᠠᠳ ᠨᠠᠰᠤᠳᠠᠨ ᠢᠶᠠᠨ ᠬᠦᠨᠳᠤᠯᠡᠬᠦ᠂ ᠪᠤᠰᠤᠳ ᠲᠤ ᠳᠠᠯᠠᠷᠬᠠᠯ ᠳᠡᠪᠰᠢᠬᠦᠯᠬᠦ᠂ ᠰᠢᠨᠡᠯᠡᠬᠦ᠂ ᠪᠢᠳᠡᠬᠦᠯᠡᠬᠦ ᠶᠤᠰᠤ ᠵᠠᠩᠰᠢᠯ᠂ ᠬᠠᠳᠠᠭᠯᠠᠵᠤ ᠬᠦᠬᠦᠷ ᠰᠤᠯᠢᠯᠴᠠᠬᠤ ᠶᠤᠰᠤ᠂ ᠢᠳᠡᠭᠡᠨ ᠤᠮᠳᠠᠭᠠᠨ ᠤ ᠵᠠᠩᠰᠢᠯ ᠵᠢᠴᠢ ᠴᠡᠭᠡᠷ ᠬᠤᠷᠢᠭ᠎ᠠ᠂ ᠠᠭᠤᠯᠠ ᠬᠠᠶᠢᠷᠬᠠᠨ ᠤᠰᠤ ᠮᠦᠷᠡᠨ ᠢᠶᠠᠨ ᠳᠡᠭᠡᠳᠤᠯᠡᠬᠦ᠂ ᠡᠪᠡᠰᠤ ᠤᠷᠭᠤᠮᠠᠯ ᠴᠢᠯᠠᠭᠤ ᠮᠤᠳᠤ ᠪᠠᠨ ᠬᠠᠶᠢᠷᠠᠯᠠᠨ ᠬᠠᠮᠠᠭᠠᠯᠠᠬᠤ ᠵᠡᠷᠭᠡ ᠦᠷᠭᠡᠨ ᠴᠠᠷᠠᠭ᠎ᠠ ᠳᠤ ᠶᠤᠰᠤ ᠤᠯᠠᠮᠵᠢᠯᠠᠨ ᠮᠤᠷᠠᠯ ᠰᠤᠷᠳᠠᠯᠴᠢᠯᠠᠵᠤ᠂ ᠵᠠᠯᠠᠭᠤᠴᠤᠳ ᠪᠠᠭᠠᠴᠤᠳ ᠤᠨ ᠦᠨᠳᠤᠰᠤᠳᠡᠨ ᠤ ᠪᠠᠨ ᠪᠣᠯᠪᠠᠰᠤᠨ ᠰᠤᠶᠤᠯ ᠢ ᠦᠪᠯᠡᠵᠤ᠂ ᠪᠤᠯᠪᠠᠰᠤᠨ ᠵᠠᠩ ᠳᠠᠳᠬᠠᠯ ᠢ ᠡᠷᠭᠢᠮᠯᠡᠬᠦ ᠳᠤ ᠢᠳᠡᠪᠭᠢ ᠦᠢᠯᠡᠳᠤᠯ ᠦᠵᠡᠬᠦᠯᠵᠤ᠂ ᠭᠡᠷ ᠪᠦᠯᠢ᠂ ᠨᠠᠶᠢᠭᠡᠮ ᠨᠠᠶᠢᠳᠠ ᠶᠢᠨ ᠮᠠᠭᠳᠠᠭᠠᠯ ᠰᠡᠶᠢᠰᠢᠶᠡᠯ ᠢ ᠤᠯᠵᠤ ᠪᠠᠶᠢᠨ᠎ᠠ᠃      3. ᠰᠤᠷᠤᠭᠴᠢᠳ ᠤᠨ ᠦᠨᠳᠤᠰᠤᠳᠡᠨ ᠤ ᠳᠡᠤᠭᠡ ᠪᠠᠨ ᠮᠡᠳᠡᠵᠦ ᠦᠢᠯᠠᠭᠠᠬᠤ ᠳᠤ ᠠᠩᠬᠠᠨ ᠤ ᠵᠠᠮᠴᠢ ᠪᠤᠯᠪᠠ᠃ ᠤᠯᠤᠰ ᠤᠨ ᠰᠤᠷᠬᠤ ᠪᠢᠴᠢᠭ ᠲᠤ ᠮᠤᠩᠭᠤᠯ ᠳᠡᠤᠭᠡ ᠶᠢᠨ ᠠᠭᠤᠯᠭ᠎ᠠ ᠪᠠᠶᠢᠳᠠᠭ ᠪᠤᠯᠪᠠᠴᠤ ᠬᠠᠭᠤᠳᠠᠰᠤ ᠶᠢᠨ ᠭᠢᠵᠠᠭᠠᠷᠯᠠᠯ ᠠᠴᠠ ᠪᠤᠯᠵᠤ ᠬᠦᠨᠴᠠ ᠲᠠᠢ᠂ ᠦᠷᠭᠡᠨ ᠳᠡᠯᠭᠡᠷ ᠳᠠᠨᠢᠯᠴᠠᠭᠤᠯᠬᠤ ᠪᠤᠯᠤᠯᠴᠠᠭ᠎ᠠ ᠦᠭᠡᠢ ᠶᠤᠮ᠃ ᠰᠤᠷᠭᠠᠭᠤᠯᠢ ᠶᠢᠨ ᠰᠤᠷᠬᠤ ᠪᠢᠴᠢᠭ᠂ ᠡᠭᠦᠨ ᠢ ᠵᠤᠭᠢᠬᠤ ᠭᠡᠮᠵᠢᠶᠠᠨ ᠳᠤ ᠨᠦᠭᠦᠪᠤᠷᠢᠯᠡᠵᠡᠢ᠂ ᠡᠳᠡᠭᠡᠷ ᠢ ᠮᠤᠩᠭᠤᠯ ᠦᠨᠳᠤᠰᠤᠳᠡᠨ ᠤ ᠡᠬᠦᠰᠤᠯ ᠭᠠᠷᠤᠯ ᠢ ᠦᠬᠦᠯᠡᠭᠰᠡᠨ᠂ ᠶᠡᠭᠡ ᠮᠤᠩᠭᠤᠯ ᠤᠯᠤᠰ ᠤᠨ ᠬᠠᠭᠠᠳ ᠢ ᠳᠠᠨᠢᠯᠴᠠᠭᠤᠯᠤᠭᠰᠠᠨ᠂ ᠮᠤᠩᠭᠤᠯ ᠦᠨᠳᠤᠰᠤᠳᠡᠨ ᠤ ᠠᠷᠪᠠᠨ ᠶᠡᠭᠡ ᠰᠢᠨᠵᠢᠯᠡᠬᠦ ᠤᠬᠠᠭᠠᠨᠳᠠᠨ ᠳᠤ ᠳᠠᠨᠢᠯᠴᠠᠭᠤᠯᠭ᠎ᠠ ᠭᠢᠭᠰᠡᠨ ᠵᠡᠷᠭᠡ ᠠᠴᠠ ᠮᠡᠳᠡᠵᠤ ᠪᠤᠯᠤᠨ᠎ᠠ᠃ ᠭᠡᠯᠡᠯᠭᠡᠨ ᠦᠭᠡᠢ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠵᠤᠷᠢᠭᠤᠯᠤᠭᠰᠠᠨ ᠰᠤᠷᠭᠠᠭᠤᠯᠢ ᠶᠢᠨ ᠰᠤᠷᠬᠤ ᠪᠢᠴᠢᠭ ᠪᠤᠯᠤᠭᠰᠠᠨ ᠤ ᠬᠤᠪᠢ ᠳᠤ ᠮᠤᠩᠭᠤᠯ ᠤᠨ ᠳᠡᠤᠭᠡ ᠶᠢ ᠪᠦᠬᠦ ᠳᠠᠯ᠎ᠠ ᠪᠠᠷ᠂ ᠰᠢᠰᠲ᠋ᠧᠮ ᠲᠠᠢ ᠳᠠᠨᠢᠯᠴᠠᠭᠤᠯᠵᠤ ᠪᠠᠰᠠ ᠴᠢᠳᠠᠭᠰᠠᠨ ᠦᠭᠡᠢ᠃ ᠭᠡᠪᠡᠴᠦ ᠵᠠᠯᠠᠭᠤᠴᠤᠳ ᠪᠠᠭᠠᠴᠤᠳ ᠤᠨ ᠦᠨᠳᠤᠰᠤᠳᠡᠨ ᠤ ᠪᠠᠨ ᠳᠡᠤᠭᠡ ᠲᠠᠢ ᠳᠠᠨᠢᠯᠴᠠᠬᠤ ᠳᠤ᠂ ᠦᠨᠳᠤᠰᠤᠳᠡᠨ ᠢᠶᠠᠨ ᠪᠠᠭ᠋ᠠᠷᠬᠠᠬᠤ ᠰᠡᠳᠭᠢᠯᠭᠡ ᠶᠢ ᠬᠦᠮᠤᠵᠢᠬᠦᠯᠬᠦ ᠳᠤ ᠤᠮᠳᠤᠭᠠᠶᠢᠯᠠᠵᠤ ᠪᠤᠯᠤᠰᠢ ᠦᠭᠡᠢ ᠦᠢᠯᠡᠳᠦᠯ ᠦᠵᠡᠭᠦᠯᠦᠭᠰᠡᠨ ᠪᠢᠯᠡ᠃      4. ᠰᠤᠷᠤᠭᠴᠢᠳ ᠤᠨ ᠰᠤᠶᠤᠯ ᠢᠶᠠᠨ ᠦᠢᠯᠠᠭᠠᠬᠤ ᠳᠤ ᠳᠤᠰᠠᠯᠠᠮᠵᠢ ᠪᠤᠯᠪᠠ᠃ ᠠᠯᠠᠱᠠ ᠶᠢᠨ ᠮᠤᠩᠭᠤᠯ ᠦᠨᠳᠤᠰᠤᠳᠡᠨ ᠤ ᠳᠤᠮᠳᠠᠳᠤ ᠪᠠᠭ᠎ᠠ ᠰᠤᠷᠭᠠᠭᠤᠯᠢ ᠨᠤᠭᠤᠳ ᠰᠤᠷᠭᠠᠭᠤᠯᠢ ᠶᠢᠨ ᠰᠤᠷᠬᠤ ᠪᠢᠴᠢᠭ ᠢ ᠨᠠᠶᠢᠷᠠᠭᠤᠯᠤᠨ ᠠᠰᠢᠭᠯᠠᠯᠳᠠ ᠳᠤ ᠤᠷᠤᠭᠤᠯᠤᠭᠰᠠᠨ ᠶᠠᠪᠤᠳᠠᠯ ᠨᠢ ᠰᠤᠷᠤᠭᠴᠢᠳ ᠤᠨ ᠦᠨᠳᠤᠰᠤᠳᠡᠨ ᠤ ᠪᠠᠨ ᠳᠡᠤᠭᠡ ᠶᠢ ᠰᠤᠷᠴᠤ ᠮᠡᠳᠡᠬᠦ ᠳᠤ ᠵᠠᠮᠴᠢ ᠶᠢᠨ ᠦᠢᠯᠡᠳᠤᠯ ᠦᠵᠡᠬᠦᠯᠤᠭ᠍ᠰᠡᠨ ᠢᠶᠠᠷ ᠪᠠᠷᠠᠬᠤ ᠦᠭᠡᠢ ᠳᠠᠯᠠᠢ ᠪᠠᠶᠠᠨ ᠦᠪ ᠰᠤᠶᠤᠯ ᠢᠶᠠᠨ ᠦᠢᠯᠠᠭᠠᠬᠤ ᠳᠤ ᠴᠤ ᠳᠤᠰᠠᠯᠠᠮᠵᠢ ᠪᠤᠯᠪᠠ᠃ ᠤᠳᠤᠬᠠᠨ ᠤ ᠮᠤᠩᠭᠤᠯ ᠰᠤᠶᠤᠯ ᠭᠡᠭᠡᠭᠳᠡᠵᠦ ᠤᠷᠭᠢᠭᠳᠠᠵᠤ ᠪᠠᠶᠢᠭ᠎ᠠ ᠪᠠᠶᠢᠳᠠᠯ ᠳᠤ ᠴᠢᠭᠯᠡᠬᠦᠯᠤᠨ ᠡᠯ᠎ᠡ ᠰᠤᠷᠭᠠᠭᠤᠯᠢ ᠰᠤᠷᠬᠤ ᠪᠢᠴᠢᠭ ᠲᠤ ᠪᠠᠨ ᠮᠤᠩᠭᠤᠯ ᠭᠡᠷ ᠤᠨ ᠰᠤᠶᠤᠯ᠂ ᠭᠠᠯ ᠭᠤᠯᠤᠮᠳᠠ ᠶᠢᠨ ᠰᠤᠶᠤᠯ᠂ ᠮᠠᠯᠵᠢᠯ ᠰᠤᠶᠤᠯ᠂ ᠤᠪᠤᠭᠠᠨ ᠰᠤᠶᠤᠯ᠂ ᠴᠠᠭᠠᠨ ᠢᠳᠡᠭᠡᠨ ᠤ ᠰᠤᠶᠤᠯ᠂ ᠤᠯᠠᠭᠠᠨ ᠢᠳᠡᠭᠡᠨ ᠤ ᠰᠤᠶᠤᠯ᠂ ᠱᠠᠭ᠎ᠠ ᠶᠢᠨ ᠰᠤᠶᠤᠯ ᠁ ᠵᠡᠷᠭᠡ ᠶᠢ ᠠᠳᠠᠯᠢ ᠪᠤᠰᠤ ᠵᠤᠭᠰᠤᠴᠠ ᠪᠤᠶᠤ ᠬᠠᠷᠠᠭᠠᠰᠤ ᠠᠴᠠ ᠳᠠᠨᠢᠯᠴᠠᠭᠤᠯᠤᠭᠰᠠᠨ ᠨᠢ ᠰᠤᠷᠤᠭᠴᠢᠳ ᠤᠨ ᠦᠨᠳᠤᠰᠤᠳᠡᠨ ᠤ ᠪᠠᠨ ᠰᠤᠶᠤᠯ ᠲᠠᠢ ᠨᠠᠯᠢᠶᠠᠳ ᠦᠷᠭᠡᠨ ᠭᠡᠪᠴᠢᠶᠠᠨ ᠳᠤ ᠳᠠᠨᠢᠯᠴᠠᠬᠤ ᠳᠤ ᠳᠤᠰᠠᠯᠠᠮᠵᠢ ᠪᠣᠯᠵᠤ ᠴᠢᠳᠠᠵᠠᠢ᠃      5. ᠰᠤᠷᠤᠭᠴᠢᠳ ᠤᠨ ᠬᠡᠯᠡ ᠶᠢ ᠪᠠᠶᠠᠯᠢᠬᠵᠢᠭᠤᠯᠪᠠ᠃ ᠰᠤᠷᠭᠠᠭᠤᠯᠢ ᠶᠢ ᠳᠦᠪᠯᠡᠷᠡᠬᠦᠯᠤᠨ ᠡᠷᠭᠢᠯᠡᠬᠦ ᠪᠠ ᠬᠤᠳᠠᠴᠢᠯᠠᠯᠳᠠ ᠠᠴᠠ ᠪᠤᠯᠵᠤ ᠭᠡᠤᠭᠡᠳ ᠤᠨ ᠭᠡᠯᠡᠨ ᠤ ᠮᠡᠳᠡᠷᠡᠮᠵᠢ ᠮᠠᠭᠤᠳᠠᠵᠤ᠂ ᠴᠡᠪᠡᠷ ᠮᠤᠩᠭᠤᠯ ᠭᠡᠯᠠ ᠲᠠᠢ ᠭᠡᠤᠭᠡᠳ ᠴᠦᠭᠡᠷᠡᠭᠦ ᠬᠠᠨᠳᠤᠰᠢ ᠲᠠᠢ ᠪᠤᠯᠤᠭᠰᠠᠨ ᠪᠠᠶᠢᠨ᠎ᠠ᠃ ᠡ᠊ᠨᠡ ᠬᠦ ᠪᠤᠳᠠᠳᠤ ᠪᠠᠶᠢᠳᠠᠯ ᠳᠤ ᠬᠠᠨᠳᠤᠵᠤ᠂ ᠰᠤᠷᠭᠠᠭᠤᠯᠢ ᠶᠢᠨ ᠰᠤᠷᠬᠤ ᠪᠢᠴᠢᠭ ᠨᠠᠶᠢᠷᠠᠭᠤᠯᠬᠤ ᠳᠤ ᠪᠠᠨ ᠠᠷᠠᠳ ᠤᠨ ᠠᠮᠠᠨ ᠵᠤᠭᠢᠶᠠᠯ ᠤᠨ ᠦᠪ ᠢ ᠴᠢᠬᠤᠯᠠᠴᠢᠯᠠᠵᠤ᠂ ᠵᠦᠢᠷ ᠰᠡᠴᠡᠨ ᠦᠭᠡ᠂ ᠤᠨᠢᠰᠤᠭ᠎ᠠ ᠳᠠᠭᠠᠪᠤᠷᠢ᠂ ᠠᠮᠠᠨ ᠦᠯᠢᠭᠡᠷ᠂ ᠠᠷᠠᠳ ᠤᠨ ᠳᠠᠭᠤᠤ᠂ ᠭᠡᠯᠠ ᠵᠦᠭᠰᠢᠷᠡᠬᠦᠯᠬᠦ ᠦᠭᠡ᠂ ᠳᠠᠭᠠᠷᠢᠯᠴᠠᠭ᠎ᠠ ᠵᠡᠷᠭᠡ ᠶᠢ ᠵᠤᠭᠢᠬᠤ ᠭᠡᠮᠵᠢᠶ᠎ᠠ ᠪᠠᠷ ᠰᠤᠩᠭᠤᠯᠳᠠ ᠲᠠᠢ ᠪᠠᠷ ᠤᠷᠤᠭᠤᠯᠤᠨ ᠵᠢᠭᠠᠨ ᠰᠤᠷᠭᠠᠯᠳᠠ ᠳᠤ ᠠᠰᠢᠭᠯᠠᠭᠰᠠᠨ ᠶᠠᠪᠤᠳᠠᠯ ᠨᠢ ᠰᠤᠷᠤᠭᠴᠢᠳ ᠤᠨ ᠭᠡᠯᠡ ᠰᠤᠶᠤᠯ ᠢᠶᠠᠨ ᠳᠡᠭᠡᠳᠤᠯᠡᠬᠦ᠂ ᠦᠭᠡᠰ ᠤᠨ ᠰᠠᠩ ᠢᠶᠠᠨ ᠪᠠᠶᠠᠯᠢᠬᠵᠢᠭᠤᠯᠬᠤ᠂ ᠠᠷᠠᠳ ᠤᠨ ᠠᠮᠠᠨ ᠶᠠᠷᠢᠶᠠᠨ ᠤ ᠰᠤᠶᠤᠯ ᠢ ᠰᠤᠷᠤᠯᠴᠠᠵᠤ ᠭᠡᠯᠡᠨ ᠤ ᠮᠠᠳᠠᠷᠠᠮᠵᠢ ᠪᠠᠨ ᠳᠡᠭᠡᠭᠰᠢᠯᠡᠬᠦᠯᠬᠦ ᠳᠤ ᠴᠢᠬᠤᠯᠠ ᠦᠢᠯᠡᠳᠤᠯ ᠦᠵᠡᠬᠦᠯᠬᠦ ᠪᠤᠯᠤᠭᠰᠠᠨ ᠪᠠᠶᠢᠨ᠎ᠠ᠃      6. ᠰᠤᠷᠭᠠᠭᠤᠯᠢ ᠶᠢᠨ ᠰᠤᠷᠬᠤ ᠪᠢᠴᠢᠭ ᠪᠤᠯᠤᠨ ᠬᠤᠶᠠᠳᠤᠭᠠᠷ ᠭᠢᠴᠢᠶᠠᠯ ᠤᠨ ᠳᠠᠩᠭᠢᠮ ᠤᠨ ᠠᠵᠢᠯᠯᠠᠭ᠎ᠠ ᠬᠠᠷᠢᠯᠴᠠᠨ ᠠᠭᠤᠰᠤᠯᠴᠠᠵᠤ᠂ ᠦᠨᠳᠤᠰᠤᠳᠡᠨ ᠤ ᠰᠤᠶᠤᠯ ᠢᠶᠠᠨ ᠦᠪᠯᠡᠬᠦ ᠶᠢ ᠠᠭᠢᠭᠤᠯᠪᠠ᠃ ᠦᠢᠷ᠎ᠡ ᠳᠤ᠂ ᠵᠢᠯ ᠳᠤᠳᠤᠮ ᠶᠠᠪᠤᠭᠳᠠᠬᠤ ᠪᠤᠯᠤᠭᠰᠠᠨ ᠠᠯᠠᠱᠠ ᠪᠠᠷᠠᠭᠤᠨ ᠬᠤᠰᠢᠭᠤᠨ ᠤ ᠮᠤᠩᠭᠤᠯ ᠳᠤᠮᠳᠠᠳᠤ ᠰᠤᠷᠭᠠᠭᠤᠯᠢ ᠶᠢᠨ ︽ᠮᠤᠩᠭᠤᠯ ᠤᠨ ᠨᠢᠭᠤᠴᠠ ᠳᠤᠪᠴᠢᠶᠠᠨ︾᠎ ᠤ ᠤᠷᠠᠨ ᠳᠤᠳᠤ ᠤᠩᠰᠢᠯᠭ᠎ᠠ ᠶᠢᠨ ᠤᠷᠤᠯᠳᠤᠭᠠᠨ᠂ ᠠᠯᠠᠱᠠ ᠵᠠᠬᠦᠨ ᠬᠤᠰᠢᠭᠤᠨ ᠤ ᠮᠤᠩᠭᠤᠯ ᠰᠤᠷᠭᠠᠭᠤᠯᠢ ᠶᠢᠨ ︽ᠮᠦᠩᠬᠦᠨ ᠳᠦᠷᠤᠭᠡ︾ ᠰᠢᠯᠦᠭ ᠤᠨ ᠤᠷᠤᠯᠳᠤᠭᠠᠨ᠂ ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ ᠰᠤᠷᠭᠠᠭᠤᠯᠢ ᠶᠢᠨ ︽ᠳᠠᠩᠰᠤᠭ ᠭᠡᠯᠡᠨ ᠤ ᠴᠤᠤᠷᠢᠶ᠎ᠠ︾ ᠬᠦᠳᠤᠯᠤᠭ᠍ᠴᠢ ᠨᠡᠪᠳᠡᠷᠡᠬᠦᠯᠤᠭ᠍ᠴᠢ ᠶᠢᠨ ᠤᠷᠤᠯᠳᠤᠭᠠᠨ᠂ ᠡᠵᠡᠨ᠎ᠡ ᠬᠤᠰᠢᠭᠤᠨ ᠤ ᠮᠤᠩᠭᠤᠯ ᠰᠤᠷᠭᠠᠭᠤᠯᠢ ᠶᠢᠨ ︽ᠶᠤᠰᠤ ᠲᠠᠢ ᠮᠤᠩᠭᠤᠯ︾ ᠵᠠᠩ ᠦᠢᠯᠡ ᠶᠢᠨ ᠦᠵᠡᠬᠦᠯᠭᠡ ᠪᠤᠯᠤᠨ ᠤᠷᠤᠯᠳᠤᠭᠠᠨ ᠵᠡᠷᠭᠡ ᠠᠯᠢ ᠤᠯᠠᠨ ᠦᠨᠳᠤᠰᠤᠳᠡᠨ ᠤ ᠤᠨᠴᠠᠯᠢᠭ᠂ ᠤᠷᠤᠨ ᠨᠤᠳᠤᠭ ᠤᠨ ᠤᠨᠴᠠᠯᠢᠭ ᠪᠠ ᠰᠤᠷᠭᠠᠭᠤᠯᠢ ᠶᠢᠨ ᠤᠨᠴᠠᠯᠢᠭ ᠪᠦᠬᠦᠢ ᠬᠤᠶᠠᠳᠤᠭᠠᠷ ᠭᠢᠴᠢᠶᠠᠯ ᠤᠨ ᠳᠠᠩᠭᠢᠮ ᠤᠨ ᠠᠵᠢᠯᠯᠠᠭ᠎ᠠ ᠨᠢ ᠰᠤᠷᠭᠠᠭᠤᠯᠢ ᠶᠢᠨ ᠰᠤᠷᠬᠤ ᠪᠢᠴᠢᠭ ᠲᠠᠢ ᠤᠷᠭᠠᠨᠢᠭ ᠢᠶᠠᠷ ᠤᠶᠠᠯᠳᠤᠵᠤ᠂ ᠵᠠᠯᠠᠭᠤᠴᠤᠳ ᠪᠠᠭᠠᠴᠤᠳ ᠤᠨ ᠦᠨᠳᠤᠰᠤᠳᠡᠨ ᠤ ᠪᠠᠨ ᠰᠤᠶᠤᠯ ᠳᠡᠤᠭᠡ ᠲᠠᠢ ᠳᠠᠨᠢᠯᠴᠠᠬᠤ ᠶᠢ ᠠᠭᠢᠭᠤᠯᠤᠭᠰᠠᠨ ᠪᠠᠶᠢᠨ᠎ᠠ᠃ ᠢᠯᠠᠩᠭᠤᠶ᠎ᠠ ᠰᠤᠷᠭᠠᠭᠤᠯᠢ ᠶᠢᠨ ᠰᠤᠷᠬᠤ ᠪᠢᠴᠢᠭ ᠤᠨ ᠠᠭᠤᠯᠭ᠎ᠠ ᠨᠢ ᠠᠯᠠᠱᠠ ᠨᠤᠳᠤᠭ ᠲᠤ 2005 ᠤᠨ ᠠᠴᠠ ᠡᠭᠢᠯᠡᠨ ᠤᠷᠢᠳ ᠬᠤᠵᠢᠳ ᠵᠤᠭᠢᠶᠠᠨ ᠪᠠᠶᠢᠭᠤᠯᠤᠭᠳᠠᠵᠤ᠂ ᠪᠦᠬᠦ ᠠᠶᠢᠮᠠᠭ ᠤᠨ ᠮᠤᠩᠭᠤᠯ ᠳᠤᠮᠳᠠᠳᠤ ᠪᠠᠭ᠎ᠠ ᠰᠤᠷᠭᠠᠭᠤᠯᠢ᠂ ᠭᠡᠤᠭᠡᠳ ᠤᠨ ᠴᠡᠴᠡᠷᠯᠢᠭ ᠤᠨ ᠰᠤᠷᠤᠭᠴᠢᠳ ᠤᠨ ᠳᠤᠮᠳᠠ ᠪᠠᠶᠢᠩᠭᠤ ᠶᠠᠪᠤᠭᠳᠠᠬᠤ ᠪᠤᠯᠤᠭᠰᠠᠨ ︽ᠠᠯᠠᠱᠠ ᠠᠶᠠᠯᠭᠤ︾ ᠬᠤᠨᠳᠠᠭᠠᠳᠤ ᠠᠷᠠᠳ ᠤᠨ ᠳᠠᠭᠤᠤ᠂ ︽ᠱᠠᠯᠪᠢᠩ︾ ᠨᠠᠷᠠᠮᠵᠢᠳᠤ ᠱᠠᠯᠪᠤᠷ ᠪᠦᠭᠡ᠂ ︽ᠰᠦᠮᠪᠤᠷ ᠤᠪᠤᠭ᠎ᠠ︾ ᠬᠤᠨᠳᠠᠭᠠᠳᠤ ᠮᠤᠩᠭᠤᠯ ᠪᠦᠭᠡ᠂ ︽ᠪᠤᠳᠤᠭᠤᠨ ᠪᠦᠢᠯᠠᠭ᠎ᠠ︾ ᠠᠷᠠᠳ ᠤᠨ ᠠᠮᠠᠨ ᠵᠤᠭᠢᠶᠠᠯ᠂ ︽ᠬᠠᠨ ᠭᠡᠰᠢᠭ︾ ᠢᠷᠤᠭᠡᠯ ᠮᠠᠭᠳᠠᠭᠠᠯ᠂ ︽ᠳᠡᠭᠷᠢ ᠠᠴᠠ ᠰᠤᠶᠤᠷᠬᠠᠯᠳᠤ︾ ᠬᠤᠨᠳᠠᠭᠠᠳᠤ ᠳᠤᠪᠰᠢᠭᠤᠷ᠂ ︽ᠬᠦᠯᠦᠭ︾ ᠬᠤᠨᠳᠠᠭᠠᠳᠤ ᠮᠤᠩᠭᠤᠯ ᠰᠢᠳᠠᠷ᠎ᠠ᠂ ︽ᠳ᠋ᠠᠨᠳᠠᠷ︾ ᠨᠡᠷᠡᠮᠵᠢᠳᠤ ᠰᠢᠯᠦᠭ ᠤᠨ ᠤᠷᠠᠨ ᠤᠩᠰᠢᠯᠭ᠎ᠠ ᠵᠡᠷᠭᠡ ᠨᠡᠢᠮᠠᠨ ᠳᠦᠷᠤᠯ ᠤᠨ ᠤᠷᠤᠯᠳᠤᠭᠠᠨ ᠲᠠᠢ ᠨᠢᠭᠳᠠ ᠠᠭᠤᠰᠤᠯᠴᠠᠨ᠂ ᠰᠤᠷᠤᠭᠴᠢᠳ ᠤᠨ ᠦᠨᠳᠤᠰᠤᠳᠡᠨ ᠤ ᠪᠠᠨ ᠰᠤᠶᠤᠯ ᠢᠶᠠᠨ ᠳᠡᠭᠡᠳᠤᠯᠡᠨ ᠦᠪᠯᠡᠬᠦ᠂ ᠵᠠᠯᠭᠠᠮᠵᠢᠯᠠᠨ ᠪᠠᠳᠠᠷᠠᠭᠤᠯᠬᠤ ᠤᠬᠠᠮᠰᠠᠷ ᠢ ᠬᠦᠮᠤᠵᠢᠬᠦᠯᠤᠨ ᠳᠠᠶᠢᠴᠢᠯᠠᠬᠤ ᠳᠤ ᠢᠳᠡᠪᠭᠢ ᠦᠢᠯᠡᠳᠤᠯ ᠦᠵᠡᠬᠦᠯᠵᠤ ᠪᠠᠶᠢᠨ᠎ᠠ᠃      ᠰᠤᠷᠭᠠᠭᠤᠯᠢ ᠶᠢᠨ ᠰᠤᠷᠬᠤ ᠪᠢᠴᠢᠭ ᠤᠨ ᠪᠠᠶᠢᠭᠤᠯᠤᠯᠳᠠ ᠨᠢ ᠵᠠᠯᠠᠭᠤᠴᠤᠳ ᠪᠠᠭᠠᠴᠤᠳ ᠤᠨ ᠦᠨᠳᠤᠰᠤᠳᠡᠨ ᠤ ᠪᠠᠨ ᠳᠡᠤᠭᠡ ᠰᠤᠶᠤᠯ ᠢ ᠦᠢᠯᠠᠭᠠᠵᠤ ᠮᠡᠳᠡᠬᠦ ᠳᠤ ᠨᠡᠯᠢᠶᠡᠳ ᠦᠷᠭᠡᠨ ᠪᠤᠯᠤᠮᠵᠢ ᠶᠢ ᠬᠠᠩᠭᠠᠭᠰᠠᠨ ᠢᠳᠡᠪᠭᠢ ᠳᠠᠯ᠎ᠠ ᠪᠠᠶᠢᠬᠤ ᠠᠴᠠ ᠭᠠᠳᠠᠨ᠎ᠠ ᠰᠤᠷᠬᠤ ᠪᠢᠴᠢᠭ ᠢᠶᠠᠨ ᠴᠠᠭᠠᠰᠢᠳᠠ ᠳᠡᠬᠦᠯᠳᠡᠷᠵᠢᠬᠦᠯᠤᠨ ᠰᠢᠰᠲ᠋ᠧᠮᠵᠢᠬᠦᠯᠬᠦ᠂ ᠭᠢᠴᠢᠶᠡᠯᠯᠡᠬᠦ ᠴᠠᠭ ᠢ ᠪᠠᠳᠤᠯᠠᠬᠤ᠂ ᠳᠤᠰᠬᠠᠢ ᠪᠠᠭᠰᠢ ᠳᠤᠭᠢᠷᠠᠭᠤᠯᠬᠤ᠂ ᠦᠨᠳᠤᠰᠤᠳᠡᠨ ᠤ ᠳᠡᠤᠭᠡ ᠰᠤᠶᠤᠯ ᠤᠨ ᠠᠭᠤᠯᠭ᠎ᠠ ᠶᠢ ᠪᠤᠰᠤᠳ ᠭᠢᠴᠢᠶᠠᠯ ᠳᠦᠷᠤᠯ ᠳᠤ ᠠᠭᠤᠰᠬᠠᠬᠤ ᠵᠡᠷᠭᠡ ᠳᠠᠯ᠎ᠠ ᠪᠠᠷ ᠠᠩᠬᠠᠷᠤᠨ ᠰᠦᠪᠡᠭᠴᠢᠯᠡᠯᠳᠡ ᠭᠢᠬᠦ ᠴᠢᠬᠤᠯᠠᠳᠠᠢ ᠪᠠᠶᠢᠭ᠎ᠠ ᠶᠢ ᠳᠤᠷᠠᠳᠬᠤ ᠳᠤ ᠢᠯᠡᠬᠦᠳᠡᠬᠦ ᠤᠴᠢᠷ ᠦᠭᠡᠢ᠃      ᠭᠤᠷᠪᠠ᠂ ᠰᠤᠷᠬᠤ ᠪᠢᠴᠢᠭ ᠤᠨ ᠨᠡᠶᠢᠭᠡᠮ ᠳᠤ ᠬᠢ ᠨᠦᠯᠤᠭᠡ ᠳᠤᠰᠬᠠᠯ      ᠠᠯᠠᠱᠠ ᠶᠢᠨ ᠮᠤᠩᠭᠤᠯ ᠰᠤᠷᠭᠠᠭᠤᠯᠢ ᠨᠤᠭᠤᠳ ᠰᠤᠷᠭᠠᠭᠤᠯᠢ ᠶᠢᠨ ᠰᠤᠷᠬᠤ ᠪᠢᠴᠢᠭ ᠤᠨ ᠪᠠᠶᠢᠭᠤᠯᠤᠯᠳᠠ ᠶᠢ ᠬᠦᠨᠳᠤᠳᠭᠡᠵᠤ᠂ ᠬᠦᠮᠤᠨ ᠤ ᠬᠦᠴᠤ᠂ ᠡᠳ᠋ ᠤᠨ ᠬᠦᠴᠤ ᠶᠢ ᠳᠤᠭᠢᠷᠠᠭᠤᠯᠤᠨ ᠦᠨᠳᠤᠰᠤᠳᠡᠨ ᠤ ᠤᠨᠴᠠᠯᠢᠭ᠂ ᠤᠷᠤᠨ ᠨᠤᠳᠤᠭ ᠤᠨ ᠤᠨᠴᠠᠯᠢᠭ ᠪᠠ ᠰᠤᠷᠭᠠᠭᠤᠯᠢ ᠶᠢᠨ ᠪᠤᠳᠠᠳᠤ ᠪᠠᠶᠢᠳᠠᠯ ᠳᠤ ᠨᠡᠶᠢᠴᠡᠭᠰᠡᠨ ᠰᠤᠷᠬᠤ ᠪᠢᠴᠢᠭ ᠢ ᠨᠠᠶᠢᠷᠠᠭᠤᠯᠵᠤ ᠠᠰᠢᠭᠯᠠᠯᠳᠠ ᠳᠤ ᠤᠷᠤᠭᠤᠯᠤᠭᠰᠠᠨ ᠶᠠᠪᠤᠳᠠᠯ ᠨᠢ ᠦᠨᠳᠤᠰᠤᠳᠡᠨ ᠤ ᠪᠠᠨ ᠳᠡᠤᠭᠡ ᠰᠤᠶᠤᠯ ᠢ ᠤᠯᠠᠮᠵᠢᠯᠠᠨ ᠦᠪᠯᠡᠬᠦᠯᠵᠤ᠂ ᠰᠤᠷᠳᠠᠯᠴᠢᠯᠠᠨ ᠬᠠᠮᠠᠭᠠᠯᠠᠬᠤ ᠳᠤ ᠢᠳᠡᠪᠭᠢ ᠦᠢᠯᠡᠳᠤᠯ ᠦᠵᠡᠬᠦᠯᠤᠭ᠍ᠰᠡᠨ ᠢᠶᠠᠷ ᠪᠠᠷᠠᠬᠤ ᠦᠭᠡᠢ ᠨᠡᠶᠢᠭᠡᠮ ᠨᠠᠶᠢᠳᠠ᠂ ᠭᠡᠷ ᠪᠦᠯᠢ ᠶᠢᠨ ᠬᠢᠨ ᠤ ᠬᠠᠯᠠᠭᠤᠨ ᠬᠦᠷᠢᠶᠡᠯᠡᠯ᠂ ᠬᠦᠴᠤᠳᠤ ᠳᠡᠮᠵᠢᠯᠭᠡ᠂ ᠮᠠᠭᠳᠠᠭᠠᠯ ᠰᠡᠶᠢᠰᠢᠶᠠᠯ ᠢ ᠤᠯᠤᠭᠰᠠᠭᠠᠷ ᠢᠷᠡᠵᠤ᠂ ᠵᠠᠷᠢᠮ ᠨᠤᠮ ᠵᠢᠱᠢᠶᠡᠯᠡᠪᠡᠯ᠄ ︽ᠠᠮᠢᠨ ᠬᠠᠶᠢᠷᠠᠳᠠᠢ ᠨᠤᠳᠤᠭ ᠤᠰᠤᠨ︾᠂ ︽ᠤᠬᠠᠭᠠᠷᠠᠵᠤ ᠠᠮᠢᠳᠤᠷᠠᠬᠤ ᠶᠤᠰᠤᠨ︾ ᠵᠡᠷᠭᠡ ᠨᠢ ᠭᠡᠪᠯᠡᠭᠳᠡᠮᠡᠭᠴᠠ ᠵᠦᠪᠭᠡᠨ ᠰᠤᠷᠭᠠᠭᠤᠯᠢ ᠶᠢᠨ ᠵᠢᠭᠠᠨ ᠰᠤᠷᠭᠠᠯᠳᠠ ᠳᠤ ᠦᠢᠯᠡᠴᠢᠯᠡᠭᠰᠡᠨ ᠳᠡᠳᠤᠢ ᠪᠢᠰᠢ᠂ ᠬᠠᠷᠢᠨ ᠨᠠᠶᠢᠭᠡᠮ ᠤᠨ ᠬᠦᠮᠤᠰ ᠤᠨ ᠠᠩᠬᠠᠷᠤᠯ ᠳᠤ ᠴᠤ ᠬᠦᠷᠤᠭ᠍ᠰᠡᠨ ᠪᠠᠶᠢᠳᠠᠭ᠃      ᠢᠯᠠᠩᠭᠤᠶ᠎ᠠ᠂ 2017 ᠤᠨ ᠤ ᠡᠭᠢᠨ ᠳᠤ ᠪᠤᠯᠤᠭᠰᠠᠨ ᠪᠦᠬᠦ ᠤᠷᠤᠨ ᠤ ᠰᠤᠷᠭᠠᠭᠤᠯᠢ ᠶᠢᠨ ᠰᠤᠷᠬᠤ ᠪᠢᠴᠢᠭ ᠤᠨ ᠠᠳᠠᠯᠢᠳᠬᠠᠨ ᠰᠢᠯᠭᠠᠷᠠᠭᠤᠯᠤᠯᠳᠠ ᠳᠤᠮᠳᠠ ︽ᠤᠬᠠᠭᠠᠷᠠᠵᠤ ᠠᠮᠢᠳᠤᠷᠠᠬᠤ ᠶᠤᠰᠤᠨ︾᠂ ︽ᠦᠢᠷᠡᠳ ᠮᠤᠩᠭᠤᠯ︾᠂ ︽ᠮᠢᠨᠤ ᠠᠯᠠᠱᠠ︾ ᠵᠡᠷᠭᠡ ᠨᠢ ᠨᠢᠭᠡᠳᠤᠭᠡᠷ ᠳᠡᠰ ᠲᠤ᠂ ︽ᠠᠮᠢᠨ ᠬᠠᠶᠢᠷᠠᠳᠠᠢ ᠨᠤᠳᠤᠭ ᠤᠰᠤᠨ︾᠎ ᠨᠢ ᠭᠤᠷᠪᠠᠳᠤᠭᠠᠷ ᠳᠠᠰ ᠲᠤ ᠳᠤᠳᠤᠷᠠᠵᠤ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠷᠭᠠᠨ ᠬᠦᠮᠤᠵᠢᠯ ᠤᠨ ᠰᠢᠨᠵᠢᠯᠡᠭᠡᠨ ᠤ ᠨᠡᠶᠢᠭᠡᠮᠯᠢᠭ ᠪᠤᠯᠤᠨ ᠦᠪᠤᠷ ᠮᠤᠩᠭᠤᠯ ᠤᠨ ᠴᠤᠸᠠᠩ ᠰᠢᠨ ᠰᠤᠷᠭᠠᠨ ᠬᠦᠮᠤᠵᠢᠯ ᠤᠨ ᠡᠭᠢ ᠪᠠᠶᠠᠯᠢᠭ ᠤᠨ ᠨᠡᠭᠡᠭᠡᠯᠳᠡ ᠶᠢᠨ ᠰᠤᠳᠤᠯᠬᠤ ᠬᠦᠷᠢᠶᠡᠯᠡᠩ ᠤᠨ ᠬᠦᠭᠢᠬᠦᠯᠤᠯ ᠢ ᠬᠦᠷᠳᠡᠭᠰᠡᠨ ᠶᠠᠪᠤᠳᠠᠯ ᠨᠢ ᠠᠯᠠᠱᠠ ᠶᠢᠨ ᠮᠤᠩᠭᠤᠯ ᠰᠤᠷᠭᠠᠭᠤᠯᠢ ᠨᠤᠭᠤᠳ ᠤᠨ ᠰᠤᠷᠬᠤ ᠪᠢᠴᠢᠭ ᠨᠡᠶᠢᠭᠡᠮ ᠨᠠᠶᠢᠳᠠ ᠶᠢᠨ ᠦᠨᠡᠯᠡᠯᠳᠡ ᠶᠢ ᠤᠯᠤᠭᠰᠠᠨ ᠢ ᠨᠢᠭᠡ ᠶᠤᠰᠤᠨ ᠳᠤ ᠬᠠᠷᠠᠭᠤᠯᠵᠤ ᠪᠠᠶᠢᠭ᠎ᠠ ᠭᠡᠷᠡᠭ ᠪᠤᠯᠬᠤ ᠶᠤᠮ᠃      ᠬᠠᠶ᠋ᠢᠬ᠄ ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ ᠰᠤᠷᠭᠠᠭᠤᠯᠢ                   ︵ᠦᠨᠡᠨᠪᠠᠳᠤ ᠨᠠᠶᠢᠷᠠᠭᠤᠯᠪᠠ︶                    2018 ᠣᠨ ᠤ 10 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号