| ᠪ᠊ · ᠠᠷᠠᠳᠴᠢ | | ᠪᠢ ᠠᠪᠤ ᠡᠵᠢ ᠶᠢᠨ ᠢᠶᠠᠨ ᠤᠤᠭᠠᠨ ᠭᠡᠦᠭᠡᠳ ᠨᠢ ᠶᠤᠮ ᠡ᠃ ᠪᠠᠶᠢᠬᠤ ᠳᠤ ᠡᠵᠢ ᠳᠤ ᠪᠠᠨ ᠲᠤᠭ᠎ᠠ ᠦᠭᠡᠢ | ᠤᠯᠠᠨ ᠤᠳᠠᠭ᠎ᠠ ᠵᠢᠮᠡᠯᠡᠭᠳᠡᠵᠤ ᠵᠤᠳᠤᠭᠳᠠᠵᠤ ᠪᠠᠶᠢᠪᠠ᠃ ᠭᠤᠷᠪᠠᠨ ᠲᠡᠭᠦᠦ ᠶᠢᠨ ᠢᠶᠠᠨ ᠡᠭᠡᠴᠢ ᠨᠢ ᠪᠠᠶᠢᠭᠠᠳ ᠲᠡᠭᠦᠦ | ᠨᠠᠷ ᠢᠶᠠᠨ ᠬᠠᠷᠠᠭᠠᠯᠵᠠᠵᠤ ᠴᠢᠳᠠᠭᠰᠠᠨ ᠦᠭᠡᠢ ᠶᠤᠮ ᠤᠤ︖ ᠡᠰᠡᠭᠦᠯ᠎ᠠ ᠠᠯᠢᠶ᠎ᠠ ᠠᠬᠠᠳᠠᠭᠰᠠᠨ ᠤ ᠶᠤᠮ ᠤᠤ ᠶᠠᠭᠤ | ᠪᠤᠯᠤᠭᠰᠠᠨ ᠴᠤ ᠪᠢ ᠡᠵᠢ ᠳᠤ ᠪᠠᠨ ᠵᠤᠳᠤᠭᠳᠠᠵᠤ ᠵᠠᠩᠨᠠᠭᠳᠠᠬᠤ ᠬᠤᠪᠢ ᠵᠠᠶᠠᠭ᠎ᠠ ᠠᠴᠠ ᠮᠤᠯᠳᠤᠷᠴᠤ ᠲᠡᠶᠢᠯᠳᠡᠭ | ᠦᠭᠡᠢ ᠪᠠᠶᠢᠯ᠎ᠠ᠃ ᠤᠳᠤ ᠪᠤᠳᠤᠬᠤ ᠳᠤ ᠮᠠᠭᠤ ᠡᠵᠢ ᠶᠢ ᠪᠠᠨ ᠭᠡᠳᠤᠢ ᠴᠤ ᠠᠭᠤᠷᠯᠠᠭᠤᠯᠵᠤ ᠪᠠᠶᠢᠭᠰᠠᠨ ᠪᠤᠯ ᠳ᠋ᠠ᠂ | ᠨᠢᠭᠡ ᠤᠳᠠᠭ᠎ᠠ ᠬᠠᠷᠢᠨ ᠵᠤᠳᠤᠭᠳᠠᠬᠤ ᠠᠴᠠ ᠮᠤᠯᠳᠤᠷᠠᠭᠰᠠᠨ ᠶᠤᠮ᠂ ᠡᠨᠡ ᠨᠢ ᠬᠤᠶᠢᠰᠢᠳᠠ ᠶᠢᠨ ᠠᠮᠢᠳᠤᠷᠠᠯ | ᠦᠢᠯᠡᠰ ᠢ ᠮᠢᠨᠢ ᠨᠦᠯᠦᠭᠡᠯᠡᠵᠤ᠂ ᠨᠠᠰᠤᠨ ᠤ ᠭᠦᠷᠦᠩᠭᠡ ᠪᠤᠯᠵᠤ ᠦᠯᠡᠳᠡᠵᠡᠢ᠃ | ᠪᠠᠭ᠎ᠠ ᠰᠤᠷᠭᠠᠭᠤᠯᠢ ᠶᠢᠨ ᠲᠠᠪᠤᠳᠤᠭᠠᠷ ᠠᠩᠭᠢ ᠶᠢᠨ ᠰᠤᠷᠤᠭᠴᠢ ᠪᠤᠯᠤᠬᠰᠠᠨ ᠪᠢ ᠠᠯᠢᠶ᠎ᠠ ᠵᠠᠩ ᠢᠶᠠᠨ ᠬᠠᠶᠠᠵᠤ | ᠪᠤᠯᠬᠤ ᠯᠨ ᠪᠠᠶᠢᠭᠰᠠᠨ ᠶᠤᠮ᠃ ᠭᠡᠪᠡᠴᠤ ᠪᠢ ᠪᠠᠰᠨ ᠯᠨ ᠠᠩᠭᠢ ᠶᠢᠨ ᠢᠶᠠᠨ ᠠᠯᠢᠶ᠎ᠠ ︽ᠭᠠᠶᠢᠬᠠᠯ︾ ᠤᠳ ᠲᠠᠢ | ᠬᠠᠮᠳᠤ ᠪᠠᠷ ᠨᠦᠭᠦᠳ ᠢᠶᠠᠨ ᠤᠶᠢᠮᠡᠭᠦᠯᠦᠭᠰᠡᠭᠡᠷ ᠪᠠᠶᠢᠪᠠ᠃ ᠨᠢᠭᠡ ᠤᠳᠠᠭ᠎ᠠ ᠶᠢᠨ ᠡᠷᠳᠡ ᠶᠢᠨ ᠲᠠᠪᠳᠠᠯᠭ᠎ᠠ ᠳᠤ | ᠲᠠᠰᠬᠠᠯ ᠢᠶᠠᠨ ᠭᠢᠵᠤ ᠪᠠᠶᠢᠳᠠᠯ᠎ᠠ ᠭᠡᠩᠰᠢᠭᠦᠨ ᠦᠨᠤᠷ ᠦᠨᠤᠷᠳᠤᠭ᠍ᠳᠡᠵᠤ ᠪᠢ ᠰᠠᠨᠳᠤᠷᠤᠨ ᠭᠦᠶᠤᠨ ᠪᠤᠰᠬᠤ ᠳᠤ | ᠭᠢᠰᠡ ᠶᠢᠨ ᠬᠠᠯᠠᠭᠤᠨ ᠭᠤᠬ᠎ᠠ ᠳᠤ ᠲᠡᠪᠡᠯ ᠮᠢᠨᠢ ᠲᠦᠯᠡᠭᠳᠡᠨ ᠪᠠᠷᠠᠭᠤᠨ ᠡᠩᠭᠡᠷ ᠲᠤ ᠨᠢ ᠲᠤᠮᠤ ᠨᠦᠭᠡ ᠭᠠᠷᠴᠤ | ᠲᠤᠭᠤᠷᠢᠭᠠᠳ ᠪᠦᠷ ᠠᠳᠤᠷᠢᠴᠢᠬᠠᠭᠰᠠᠨ ᠪᠠᠶᠢᠪᠠ᠃ ᠤᠤᠯ ᠨᠢ ᠦᠯᠵᠡᠢ ᠰᠢᠷᠡᠭᠡ ᠶᠢ ᠰᠢᠷᠠᠵᠤ ᠦᠨᠤᠷ ᠭᠠᠷᠭᠠᠨ | ᠨᠠᠮᠠᠢᠢ ᠦᠢᠮᠡᠭᠦᠯᠭᠦ ᠭᠡᠵᠤ ᠪᠠᠶᠢᠭᠰᠠᠨ ᠢᠶᠠᠨ ᠲᠡᠪᠡᠯ ᠢ ᠰᠢᠳᠠᠭᠠᠴᠢᠬᠠᠵᠠᠢ᠃ ᠠᠩᠭᠢ ᠶᠢᠨ ᠨᠦᠭᠦᠳ ᠤᠳ ᠠᠮᠨ | ᠪᠢᠳᠡᠭᠦᠯᠤᠨ ᠢᠨᠢᠶᠡᠯᠴᠡᠭᠦ ᠳᠤ ᠪᠢ ᠰᠠᠨᠳᠤᠷᠬᠤ ᠳᠤ ᠪᠠᠨ ᠤᠭᠢᠯᠠᠴᠢᠬᠠᠪᠠ᠃ ᠦᠯᠵᠡᠢ ᠨᠢᠭᠤᠷ ᠴᠢᠷᠠᠢ ᠪᠠᠨ | ᠤᠯᠠᠶᠢᠯᠠᠭᠠᠭᠰᠠᠭᠠᠷ ᠶᠠᠭᠠᠭᠢᠬᠤ ᠪᠠᠨ ᠤᠯᠬᠤ ᠦᠭᠡᠢ ᠪᠤᠯᠵᠠᠢ᠃ ᠦᠯᠵᠡᠢ ᠶᠢᠨ ᠠᠪᠤ ᠡᠵᠢ ᠨᠢ ᠪᠠᠭᠰᠢ ᠪᠠᠶᠢᠭᠰᠠᠨ | ᠪᠤᠯᠬᠤᠷ ᠪᠢ ᠡᠷᠢᠵᠤ ᠤᠴᠢᠭᠠᠳ ᠵᠠᠭᠠᠯᠳᠤᠬᠤ ᠶᠢ ᠰᠠᠨᠠᠭᠰᠠᠨ ᠪᠤᠯᠪᠠᠴᠤ ᠵᠤᠷᠢᠭ ᠭᠦᠷᠦᠭᠰᠡᠨ ᠦᠭᠡᠢ᠃ ᠲᠡᠷᠨ | ᠡᠳᠤᠷ ᠤᠨ ᠭᠢᠴᠢᠶᠡᠯ ᠳᠡᠭᠡᠷ᠎ᠠ ᠪᠠᠭᠰᠢ ᠨᠠᠷ ᠤᠨ ᠲᠠᠶᠢᠯᠪᠤᠷᠢᠯᠠᠭᠰᠠᠨ ᠵᠦᠢᠯ ᠮᠢᠨᠤ ᠵᠡᠭᠦᠨ ᠴᠢᠭᠢ ᠪᠠᠷ ᠤᠷᠤᠵᠤ | ᠪᠠᠷᠠᠭᠤᠨ ᠴᠢᠭᠢ ᠪᠠᠷ ᠭᠠᠷᠤᠭᠠᠳ ᠯᠨ ᠪᠠᠶᠢᠪᠠ᠃ ᠲᠡᠪᠡᠯ ᠢᠶᠠᠨ ᠬᠠᠷᠠᠬᠤ ᠲᠤᠳᠤᠮ ᠬᠠᠶᠢᠷᠠᠯᠠᠵᠤ᠂ ᠭᠡᠷ ᠲᠤ ᠪᠠᠨ | ᠬᠠᠷᠢᠪᠠᠯ ᠡᠵᠢ ᠳᠤ ᠪᠠᠨ ᠶᠠᠭᠠᠭᠢᠵᠤ ᠬᠡᠯᠡᠭᠦ᠂ ᠶᠠᠭᠠᠭᠢᠪᠡᠯ ᠰᠠᠶ᠋ᠢ ᠵᠤᠳᠤᠭᠳᠠᠬᠤ ᠦᠭᠡᠢ ᠪᠠᠷ ᠦᠩᠭᠡᠷᠡᠭᠦ ᠁ ᠮᠡᠳᠤ | ᠵᠦᠢᠯ ᠨᠢ ᠴᠡᠭᠡᠵᠢᠨ ᠳᠤ ᠤᠯᠤᠰᠤᠨ ᠤᠳᠠᠰᠤ ᠭᠡᠮᠡᠷ ᠤᠷᠢᠶᠠᠯᠳᠤᠵᠤ ᠯᠨ ᠪᠠᠶᠢᠯ᠎ᠠ᠃ | ᠪᠠᠭ᠎ᠠ ᠶᠢᠨ ᠦᠶ᠎ᠡ ᠳᠤ ᠠᠮᠢᠳᠤᠷᠠᠯ ᠶᠠᠳᠠᠭᠤᠬᠠᠨ᠂ ᠰᠢᠨ᠎ᠠ ᠬᠤᠪᠴᠠᠰᠤ ᠤᠯᠵᠤ ᠡᠮᠤᠰᠭᠦ ᠭᠡᠳᠡᠭ ᠶᠤᠰᠤᠳᠠᠢ | ᠴᠤ ᠡᠳᠦᠷ ᠤᠨ ᠤᠳᠤ ᠪᠠᠶᠢᠭᠰᠠᠨ ᠶᠤᠮ᠃ ᠭᠡᠷ ᠤᠨ ᠵᠦᠭᠡᠷᠭᠡᠨ ᠠᠮᠢᠳᠤᠷᠠᠯ ᠲᠠᠢ ᠭᠡᠦᠭᠡᠳ ᠵᠢᠯ ᠴᠠᠭᠠᠨ ᠰᠠᠷ᠎ᠠ | ᠪᠤᠯᠬᠤ ᠳᠤ ᠨᠢᠭᠡ ᠵᠠᠬ᠎ᠠ ᠰᠢᠨ᠎ᠠ ᠬᠤᠪᠴᠠᠰᠤ ᠤᠯᠵᠤ ᠡᠮᠤᠰᠳᠡᠭ᠃ ᠪᠢ ᠲᠡᠪᠡᠯ ᠤᠨ ᠢᠷᠡᠯᠳᠡ ᠪᠠᠨ ᠲᠤᠳᠤᠷᠬᠠᠢ | ᠮᠡᠳᠡᠨ᠎ᠠ᠃ ᠨᠠᠮᠤᠷ ᠤᠨ ᠴᠠᠭ ᠲᠤ ᠡᠵᠢ ᠮᠢᠨᠢ ᠠᠶᠢᠯ ᠤᠨ ᠪᠠᠷᠠᠭᠤᠨ ᠮᠠᠩᠬᠠᠨ ᠳᠤ ᠭᠦᠢᠯᠡᠰᠤᠨ ᠦᠷ᠎ᠡ ᠲᠡᠭᠦᠵᠤ | ᠬᠤᠳᠠᠯᠳᠤᠭᠠᠳ ᠨᠠᠳᠠ ᠳᠤ ᠰᠢᠨ᠎ᠠ ᠲᠡᠪᠡᠯ ᠬᠢᠵᠤ ᠦᠭᠭᠦᠭᠰᠡᠨ ᠶᠤᠮ᠃ ᠪᠢ ᠡ᠊ᠨᠡ ᠲᠡᠪᠡᠯ ᠢᠶᠠᠨ ᠲᠦᠢᠯ ᠢᠶᠠᠷ | ᠬᠠᠶᠢᠷᠠᠯᠠᠵᠤ᠂ ᠭᠤᠶᠤᠯᠠᠯ ᠤᠨ ᠬᠤᠪᠴᠠᠰᠤ ᠪᠤᠯᠭᠠᠳᠠᠭ᠃ ᠭᠡᠳᠡᠯ᠎ᠠ ᠦᠨᠤᠳᠤᠷ ᠶᠠᠭᠤᠨ ᠳᠤ ᠡ᠊ᠨᠡ ᠬᠤᠪᠴᠠᠰᠤ ᠪᠠᠨ | ᠡᠮᠤᠰᠴᠤ ᠭᠢᠴᠢᠶᠡᠯᠯᠡᠭᠦ ᠪᠠᠷ ᠢᠷᠡᠯ᠎ᠠ ᠳ᠋ᠠ ᠭᠡᠵᠤ ᠪᠤᠳᠤᠬᠤ ᠳᠤ ᠰᠡᠳᠭᠢᠯ ᠳᠤ ᠬᠠᠷᠠᠮᠰᠠᠯ ᠪᠢᠯᠬᠠᠨ᠂ ᠦᠪᠡᠷ ᠢ ᠪᠠᠨ | ᠠᠭᠤᠴᠢᠯᠠᠵᠤ ᠲᠡᠶᠢᠯᠤᠰᠢ ᠦᠭᠡᠢ ᠪᠤᠯᠵᠤ ᠪᠠᠶᠢᠨ ᠲᠠᠭᠢᠨ ᠰᠠᠨᠠᠭ᠎ᠠ ᠠᠯᠳᠠᠯ᠎ᠠ᠃ | ᠰᠤᠷᠭᠠᠭᠤᠯᠢ ᠲᠠᠷᠬᠠᠪᠠ᠃ ᠭᠡᠷ ᠲᠤ ᠪᠠᠨ ᠬᠠᠷᠢᠪᠠᠯ ᠡᠵᠢ ᠳᠤ ᠪᠠᠨ ᠵᠠᠩᠨᠠᠭᠳᠠᠬᠤ ᠪᠠᠷ ᠪᠠᠷᠠᠬᠤ ᠦᠭᠡᠢ ᠰᠠᠶᠢᠨ | ᠨᠢᠭᠡ ᠵᠤᠳᠤᠭᠤᠯᠬᠤ ᠪᠠᠨ ᠮᠠᠳᠠᠵᠤ ᠪᠠᠶᠢᠭ᠎ᠠ ᠪᠤᠯᠬᠤᠷ ᠠᠶᠢᠯ ᠭᠡᠰᠤᠵᠤ᠂ ᠴᠠᠭ ᠨᠦᠭᠴᠢᠭᠡᠭᠦ ᠯᠨ ᠴᠢᠬᠤᠯᠨ ᠲᠠᠢ | ᠪᠤᠯᠵᠠᠢ᠃ ᠠᠶᠢᠯ ᠤᠨ ᠭᠡᠦᠭᠡᠳ ᠤᠳ ᠲᠠᠢ ᠨᠠᠭᠠᠳᠴᠤ ᠤᠷᠤᠢ ᠪᠤᠯᠵᠤ᠂ ᠭᠡᠳᠡᠰᠤ ᠭᠤᠷᠴᠢᠭᠢᠨᠠᠨ ᠲᠤᠤᠭᠠᠷᠴᠤ | ᠪᠠᠶᠢᠭᠰᠠᠨ ᠴᠤ ᠭᠡᠷ ᠲᠤ ᠤᠷᠤᠬᠤ ᠵᠤᠷᠢᠭ ᠭᠦᠷᠦᠭᠰᠡᠨ ᠦᠭᠡᠢ᠃ | ᠤᠳᠠᠯ ᠦᠭᠡᠢ ᠨᠠᠷᠨ ᠪᠠᠷᠠᠭᠤᠨᠰᠢ ᠭᠡᠯᠪᠠᠶᠢᠵᠤ᠂ ᠭᠡᠭᠡᠷ᠎ᠡ ᠶᠢᠨ ᠭᠦᠮᠤᠰ ᠭᠡᠷ ᠵᠦᠭ ᠢᠶᠠᠨ ᠬᠠᠨᠳᠤᠭᠰᠠᠨ | ᠪᠦᠭᠡᠳ ᠠᠶᠢᠯ ᠤᠨ ᠭᠡᠦᠭᠡᠳ ᠤᠳ ᠮᠠᠯ ᠲᠤᠰᠬᠤ ᠪᠠᠷ ᠭᠦᠶᠤᠯᠴᠡᠪᠡ᠃ ᠤᠳᠤ ᠶᠠᠭᠠᠭᠢᠳᠠᠭ ᠪᠢᠯᠨ︖ ᠰᠦᠨᠢ ᠶᠢᠨ | ᠭᠦᠰᠢᠭᠡ ᠠᠭᠠᠵᠢᠮ ᠢᠶᠠᠷ ᠲᠤᠰᠬᠤᠨ ᠢ ᠶᠡᠪ ᠲᠠᠷᠤᠬᠤ ᠳᠤ ᠪᠢ ᠭᠡᠷ ᠲᠤ ᠪᠠᠨ ᠰᠡᠮᠭᠡᠨ ᠭᠤᠯᠭᠢᠨ ᠤᠷᠤᠵᠤ᠂ | ᠡᠪᠦᠭᠡ ᠶᠢᠨ ᠢᠶᠠᠨ ᠠᠷᠤ ᠪᠠᠷ ᠰᠢᠷᠭᠤᠪᠠ᠃ ᠡᠪᠦᠭᠡ ᠮᠠᠨᠢ ᠨᠠᠮᠠᠢᠢ ᠬᠠᠷᠠᠭᠰᠠᠨ ᠢᠶᠠᠨ ᠮᠠᠭᠤ ᠦᠭᠢᠨ ᠮᠢᠨᠢ ᠶᠠᠭᠠᠭᠢᠭᠠᠳ | ᠡᠶᠢᠮᠤ ᠤᠷᠤᠢ ᠭᠦᠷᠴᠤ ᠢᠷᠡᠭᠰᠡᠨ ᠪᠤᠢ ᠭᠡᠵᠤ ᠠᠰᠠᠭᠤᠬᠤ ᠳᠤ ᠡᠮᠡᠭᠡ ᠴᠦ ᠢᠷᠡᠭᠡᠳ ᠨᠠᠮ᠎ᠠ ᠠᠴᠠ ᠡ᠊ᠨᠡ ᠲᠡᠷᠨ ᠶᠢ | ᠠᠰᠠᠭᠤᠵᠤ ᠯᠨ ᠪᠠᠶᠢᠯ᠎ᠠ᠃ ᠪᠢ ᠡᠵᠡᠨ ᠳᠤ ᠪᠠᠨ ᠴᠤᠭᠢᠭᠤᠯᠤᠭᠰᠠᠨ ᠭᠦᠯᠦᠭᠡ ᠶᠢᠨ ᠨᠢᠳᠤ ᠪᠠᠷ ᠬᠤᠶᠠᠷ ᠨᠠᠰᠤᠳᠠᠨ ᠢ | ᠡᠭᠡᠯᠵᠢᠯᠡᠨ ᠰᠢᠷᠳᠡᠵᠤ᠂ ᠠᠮᠨ ᠨᠡᠭᠡᠭᠡᠵᠤ ᠲᠡᠶᠢᠯᠭᠦ ᠦᠭᠡᠢ ᠰᠠᠨᠳᠤᠷᠴᠤ ᠪᠠᠶᠢᠳᠠᠯ᠎ᠠ ᠡᠵᠢ ᠭᠠᠳᠠᠨ᠎ᠠ ᠠᠴᠠ ᠤᠷᠤᠵᠤ | ᠢᠷᠡᠪᠡ᠃ ᠡᠵᠢ ᠨᠠᠮᠠᠢᠢ ᠲᠤᠭᠤᠯ ᠲᠠᠳᠠᠭᠰᠠᠨ ᠦᠭᠡᠢ ᠭᠡᠵᠤ ᠲᠦᠳᠤᠨᠡᠵᠤ ᠪᠠᠶᠢᠭᠰᠠᠨ ᠢᠶᠠᠨ ᠬᠠᠮᠢᠭ᠎ᠠ ᠨᠠᠭᠠᠳᠤᠭᠠᠳ | ᠬᠤᠭᠤᠯᠠ ᠪᠠᠨ ᠢᠳᠡᠭᠦ ᠪᠠᠨ ᠬᠦᠷᠳᠡᠯ᠎ᠠ ᠮᠠᠷᠳᠠᠴᠢᠬᠠᠬᠰᠠᠨ ᠪᠤᠢ ᠭᠡᠳ ᠪᠤᠭᠴᠤ ᠶᠢ ᠠᠪᠤᠪᠠ᠃ ᠪᠢ | ᠰᠠᠨᠳᠤᠷᠬᠤ ᠳᠤ ᠪᠠᠨ ︽ᠸᠨ — ᠳ᠋ᠢ︾ ᠭᠡᠳ ᠲᠤᠮᠤ ᠲᠠᠭᠤ ᠪᠠᠷ ᠤᠭᠢᠯᠠᠴᠢᠬᠠᠯᠠ᠃ ᠡᠵᠢ ᠪᠤᠭᠴᠤ ᠪᠠᠷ ᠢᠶᠠᠨ | ᠲᠠᠯᠳᠠᠯᠠᠵᠤ ᠪᠠᠶᠢᠭᠰᠠᠨ ᠲᠡᠪᠡᠯ ᠤᠨ ᠡᠩᠭᠡᠷ ᠢ ᠬᠠᠷᠠᠭᠰᠠᠨ ᠢᠶᠠᠨ ᠲᠡᠷᠨ ᠤᠳᠠᠭ᠎ᠠ ᠶᠠᠭᠠᠭᠢᠭᠠᠳ ᠲᠡᠶᠢᠮᠤ ᠲᠠᠯᠪᠢᠭᠤᠨ | ᠪᠤᠯᠤᠭᠰᠠᠨ ᠢ ᠮᠡᠳᠡᠭᠦ ᠦᠭᠡᠢ᠂ ᠨᠠᠮᠠᠢᠢ ᠵᠠᠩᠨᠠᠵᠤ ᠵᠤᠳᠤᠭᠰᠠᠨ ᠦᠭᠡᠢ᠂ ᠬᠠᠷᠢᠨ ᠢᠨᠢᠶᠡᠮᠰᠦᠭᠯᠡᠩᠭᠦᠢ | ᠴᠢᠷᠠᠶᠢᠯᠠᠴᠢᠬᠠᠭᠠᠳ᠄ ︽ᠲᠠᠭᠠᠷᠠᠭᠰᠠᠨ ᠤᠤ︖ ᠶᠠᠭᠠᠭᠢᠵᠤ ᠪᠠᠶᠢᠭᠠᠳ ᠲᠡᠪᠡᠯ ᠢᠶᠠᠨ ᠰᠢᠳᠠᠭᠠᠴᠢᠬᠠᠭᠰᠠᠨ ᠶᠤᠮ ᠪᠤᠢ︖ | ︾ ᠭᠡᠪᠡ᠃ ᠪᠢ ᠡᠵᠢ ᠳᠤ ᠦᠯᠵᠡᠢ ᠶᠢᠨ ᠦᠢᠯᠡᠳᠦᠭᠰᠡᠨ ᠬᠡᠷᠡᠭ ᠢ ᠶᠠᠷᠢᠵᠤ ᠦᠭᠭᠦᠭᠡᠳ ᠰᠢᠨ᠎ᠠ ᠬᠤᠪᠴᠠᠰᠤ | ᠠᠪᠤᠭᠤᠯᠤᠨ᠎ᠠ ᠭᠡᠳ ᠤᠯᠠᠮ ᠤᠭᠢᠯᠠᠪᠠ᠃ ᠡᠵᠢ ᠢᠨᠢᠶᠡᠴᠢᠭᠡᠭᠡᠳ᠄ ︽ᠬᠠᠮᠳᠤ ᠰᠤᠷᠤᠯᠭᠠᠳᠠᠨ ᠳᠤ ᠪᠠᠨ ᠭᠠᠯ ᠢᠶᠠᠷ | ᠨᠠᠭᠠᠳᠴᠤ ᠪᠤᠯᠬᠤ ᠦᠭᠡᠢ ᠭᠡᠳᠡᠭ ᠢ ᠰᠠᠨᠠᠭᠤᠯᠵᠤ ᠪᠠᠶᠢᠭᠠᠷᠠᠢ᠂ ᠬᠢᠴᠢᠶᠡᠭᠦ ᠭᠡᠷᠡᠭᠳᠡᠢ ᠰᠢᠤ︕︾ ᠭᠡᠵᠤ ᠨᠠᠳᠠᠳᠤ | ᠤᠯᠠᠨ ᠵᠦᠢᠯ ᠢ ᠶᠠᠷᠢᠭᠰᠠᠨ ᠢᠶᠠᠨ ᠪᠤᠳᠠᠭ᠎ᠠ ᠨᠤᠭᠤᠭ᠎ᠠ ᠬᠠᠯᠠᠭᠤᠯᠵᠤ ᠦᠭᠪᠡ᠃ ᠲᠡᠷᠨ ᠤᠷᠤᠢ ᠨᠢ ᠡᠵᠢ ᠲᠡᠪᠡᠯ ᠤᠨ | ᠰᠢᠳᠠᠭᠠᠭᠳᠠᠭᠰᠠᠨ ᠭᠡᠰᠡᠭ ᠲᠤ ᠭᠦᠭᠡ ᠪᠦᠰ ᠢᠶᠠᠷ ᠲᠠᠰᠠᠮ᠎ᠠ ᠤᠷᠤᠭᠤᠯᠵᠤ ᠨᠦᠭᠦᠵᠤ ᠦᠭᠪᠡ᠃ | ᠭᠢᠯᠢᠰᠳᠠᠯ ᠭᠤᠮᠤᠳᠠᠯ ᠢᠶᠠᠷ ᠲᠦᠭᠦᠷᠦᠭᠰᠡᠨ ᠰᠡᠳᠭᠢᠯ ᠮᠢᠨᠢ ᠲᠡᠷᠨ ᠯᠠ ᠳᠤ ᠲᠠᠶᠢᠳᠬᠤᠷᠠᠵᠤ ᠰᠠᠷᠠᠭᠤᠯᠵᠢᠬᠰᠠᠨ | ᠪᠢᠯᠨ᠃ ᠲᠡᠭᠦᠨ ᠠᠴᠠ ᠰᠡᠭᠦᠯᠡᠷ ᠪᠢ ᠲᠡᠶᠢᠮᠤ ᠯᠨ ᠬᠤᠷᠳᠤᠨ ᠤᠬᠠᠭᠠᠨ ᠰᠠᠭᠤᠵᠤ᠂ ᠡᠵᠢ ᠳᠤ ᠪᠠᠨ ᠵᠤᠳᠤᠭᠳᠠᠬᠤ | ᠦᠭᠡᠢ ᠪᠤᠯᠤᠭᠰᠠᠨ ᠪᠦᠭᠡᠳ ᠡᠵᠢ ᠴᠦ ᠵᠤᠳᠤᠬᠤ ᠦᠭᠡᠢ ᠪᠤᠯᠪᠠ᠃ ᠡᠵᠢ ᠮᠢᠨᠢ ᠨᠠᠮᠠᠢᠢ ᠲᠤᠮᠤ ᠪᠤᠯᠴᠢᠬᠠᠯ᠎ᠠ ᠭᠡᠵᠤ | ᠮᠡᠳᠡᠷᠡᠭᠰᠡᠨ ᠴᠤ ᠶᠤᠮ ᠤᠤ︖ | ᠲᠤᠮᠤ ᠪᠤᠯᠤᠭᠰᠠᠨ ᠤ ᠲᠠᠷᠠᠭ᠎ᠠ ᠬᠠᠮᠳᠤ ᠰᠤᠷᠤᠭᠴᠢ ᠦᠯᠵᠡᠢ ᠠᠭᠤᠯᠵᠠᠬᠤ ᠪᠤᠯᠭᠠᠨ ᠳᠤ ᠪᠠᠨ ᠲᠠᠷᠠ ᠭᠦ | ᠤᠴᠢᠷ ᠢ ᠲᠤᠷᠠᠳᠴᠤ ᠬᠡᠷᠡᠭ ᠡᠳᠦᠭᠰᠡᠨ ᠲᠠᠷᠠ ᠡᠳᠦᠷ ᠨᠢᠭᠡ ᠰᠦᠨᠢ ᠤᠨᠳᠠᠵᠤ ᠲᠡᠶᠢᠯᠦᠭᠰᠡᠨ ᠦᠭᠡᠢ᠂ ᠠᠪᠤ | ᠡᠵᠢ ᠠᠴᠠ ᠪᠠᠨ ᠶᠠᠭᠠᠭᠢᠵᠤ ᠵᠤᠭᠤᠰ ᠤᠯᠵᠤ ᠲᠡᠪᠡᠯ ᠢ ᠮᠢᠨᠢ ᠲᠦᠯᠦᠭᠦ ᠪᠢᠯᠨ ᠭᠡᠵᠤ ᠲᠠᠷᠢᠭᠢ ᠪᠠᠨ ᠰᠢᠪᠬᠠᠨ | ᠪᠤᠳᠤᠭᠰᠠᠨ ᠭᠡᠨ᠎ᠡ᠃ ᠮᠠᠷᠭᠠᠰᠢ ᠨᠢ ᠮᠢᠨᠦ ᠶᠠᠭᠤ ᠴᠤ ᠪᠤᠯᠤᠭ᠎ᠠ ᠦᠭᠡᠢ ᠶᠤᠮ ᠰᠢᠬ ᠠᠯᠢᠶᠠᠷᠬᠠᠵᠤ ᠪᠠᠶᠢᠬᠤ ᠶᠢ | ᠦᠵᠡᠭᠡᠳ ᠰᠡᠳᠭᠢᠯ ᠤᠨ ᠲᠡᠭᠡᠭᠡᠷ᠎ᠡ ᠲᠠᠷᠤᠭᠠᠰᠤ ᠨᠢ ᠠᠷᠢᠯᠤᠭᠰᠠᠨ ᠭᠡᠳᠡᠭ᠃ | ᠰᠠᠭᠦᠯᠠᠷ ᠨᠢ ᠲᠤᠮᠤᠭᠠᠵᠢᠵᠤ ᠤᠬᠠᠭᠠᠨ ᠰᠠᠭᠤᠭᠰᠠᠨ ᠪᠦᠭᠦᠨ ᠭᠠᠶᠢᠭᠤᠢ ᠰᠤᠷᠳᠠᠬ ᠪᠤᠯᠬᠤᠷ ᠰᠤᠮᠤ ᠶᠢᠨ | ᠲᠤᠮᠳᠠᠳᠤ ᠰᠤᠷᠭᠠᠭᠤᠯᠢ ᠶᠢᠨ ᠬᠤᠶᠠᠷ ᠠᠩᠭᠢ ᠶᠢᠨ ᠰᠤᠷᠤᠭᠴᠢᠳ ᠠᠴᠠ ᠪᠠᠨ ᠭᠠᠭᠴᠠᠭᠠᠷ ᠢᠶᠠᠨ ᠬᠤᠰᠢᠭᠤᠨ ᠤ | ᠲᠦᠪ ᠤᠨ ᠭᠤᠤᠯᠳᠠᠯᠭᠠᠳᠤ ᠲᠡᠭᠡᠳᠤ ᠲᠤᠮᠳᠠᠳᠤ ᠰᠤᠷᠭᠠᠭᠤᠯᠢ ᠳᠤ ᠰᠢᠯᠭᠠᠭᠳᠠᠨ ᠤᠷᠤᠵᠠᠢ᠃ ᠠᠪᠤ ᠡᠵᠢ ᠮᠢᠨᠢ | ᠪᠠᠶᠠᠷᠯᠠᠵᠤ ᠨᠠᠮᠠᠢᠢ ᠬᠤᠰᠢᠭᠤᠨ ᠲᠦᠪ ᠲᠤ ᠭᠦᠷᠭᠡᠵᠤ ᠤᠴᠢᠭᠰᠠᠨ ᠪᠦᠭᠡᠳ ᠪᠢ ᠠᠪᠠᠭ᠎ᠠ ᠡᠵᠢ ᠶᠢᠨ ᠭᠡᠷ ᠲᠤ | ᠰᠠᠭᠤᠵᠤ ᠨᠠᠭᠠᠰᠢ ᠴᠠᠭᠠᠰᠢ ᠶᠠᠪᠤᠵᠤ ᠪᠢᠴᠢᠭ ᠦᠵᠡᠭᠦ ᠪᠤᠯᠪᠠ᠃ ᠨᠢᠭᠡ ᠬᠤᠭᠤᠴᠠᠭ᠎ᠠ ᠦᠩᠭᠡᠷᠡᠭᠰᠡᠨ ᠤ ᠲᠠᠷᠠᠭ᠎ᠠ ᠠᠪᠤ | ᠡᠵᠢ ᠢᠳᠡᠵᠤ ᠤᠤᠭᠤᠬᠤ ᠪᠠᠨ ᠠᠷᠪᠢᠯᠠᠵᠤ ᠪᠠᠶᠢᠭᠠᠳ ᠨᠠᠳᠠ ᠳᠤ ᠲᠤᠬᠠᠢ ᠶᠢᠨ ᠦᠶᠡᠰ ᠴᠦᠭᠡᠨ ᠪᠠᠶᠢᠭᠰᠠᠨ ᠲᠤᠭᠤᠢ | ᠲᠡᠷᠭᠡ ᠶᠢ ᠠᠪᠴᠤ ᠦᠭᠭᠦᠯ᠎ᠠ᠃ ᠪᠢ ᠲᠤᠭᠤᠢ ᠲᠡᠷᠭᠡ ᠤᠨᠤᠵᠤ ᠰᠤᠷᠭᠠᠭᠤᠯᠢ ᠳᠤ ᠪᠠᠨ ᠶᠠᠪᠤᠬᠤ ᠪᠤᠯᠤᠭᠰᠠᠨ ᠠᠴᠠ | ᠲᠦᠢᠯ ᠤᠨ ᠲᠦᠭᠦᠮ ᠪᠤᠯᠵᠤ᠂ ᠵᠠᠷᠢᠮ ᠳᠤ ᠪᠠᠨ ᠪᠠᠭ᠎ᠠ ᠰᠤᠷᠭᠠᠭᠤᠯᠢ ᠳᠤ ᠪᠠᠶᠢᠭᠰᠠᠨ ᠪᠦᠯᠤ ᠲᠡᠭᠦᠦ ᠪᠠᠨ ᠴᠤ | ᠲᠤᠭᠤᠢ ᠲᠡᠷᠭᠡᠨ ᠳᠤ ᠪᠠᠨ ᠠᠪᠤᠭᠠᠳ ᠶᠠᠪᠤᠳᠠᠭ᠃ | ᠲᠡᠭᠡᠳᠤ ᠲᠤᠮᠳᠠᠳᠤ ᠰᠤᠷᠭᠠᠭᠤᠯᠢ ᠶᠢᠨ ᠬᠤᠶᠠᠳᠤᠭᠠᠷ ᠤᠨ ᠤ ᠦᠶ᠎ᠡ ᠳᠤ ᠪᠢᠯᠨ᠃ ᠮᠠᠨ ᠤ ᠠᠩᠭᠢ ᠶᠢᠨ ᠪᠠᠳᠤ | ᠮᠢᠨᠤ ᠲᠤᠭᠤᠢ ᠶᠢ ᠵᠢᠭᠡᠯᠡᠵᠤ ᠭᠡᠷ ᠲᠤ ᠪᠠᠨ ᠬᠠᠷᠢᠬᠤ ᠭᠡᠪᠡ᠃ ᠲᠤᠬᠠᠢ ᠶᠢᠨ ᠦᠶ᠎ᠡ ᠳᠤ ᠵᠠᠮ ᠬᠠᠷᠢᠯᠴᠠᠭ᠎ᠠ ᠲᠦᠭᠦᠮ | ᠦᠭᠡᠢ᠂ ᠭᠠᠯᠳᠤ ᠲᠡᠷᠭᠡᠨ ᠳᠤ ᠰᠠᠭᠤᠬᠤ ᠪᠤᠶᠤ ᠶᠠᠪᠠᠭᠠᠨ ᠶᠠᠪᠤᠬᠤ ᠠᠴᠠ ᠦᠭᠡᠷ᠎ᠡ ᠠᠷᠭ᠎ᠠ ᠴᠦᠭᠡᠨ ᠪᠠᠶᠢᠭᠰᠠᠨ ᠶᠤᠮ᠃ | ᠪᠠᠳᠤ ᠲᠤᠭᠤᠢ ᠲᠡᠷᠭᠡ ᠤᠨᠤᠪᠠᠯ ᠪᠠᠯᠭᠠᠰᠤ ᠠᠴᠠ ᠭᠤᠴᠢᠭᠠᠳ ᠭᠠᠵᠠᠷ ᠵᠠᠢ ᠲᠠᠢ ᠪᠠᠶᠢᠭ᠎ᠠ ᠭᠡᠷ ᠲᠤ ᠪᠠᠨ ᠭᠦᠷᠴᠤ | ᠲᠡᠶᠢᠯᠭᠦ ᠪᠦᠭᠡᠳ ᠡᠳᠤᠷ ᠲᠤ ᠪᠠᠨ ᠢᠷᠡᠵᠤ ᠲᠡᠶᠢᠯᠭᠦ ᠶᠤᠮ᠃ ᠡᠵᠢ ᠨᠢ ᠡᠪᠡᠳᠴᠢᠨ ᠲᠠᠢ ᠪᠤᠯᠬᠤᠷ ᠡᠮ ᠠᠪᠴᠤ | ᠭᠦᠷᠭᠡᠭᠦ ᠶᠤᠮ ᠭᠡᠨ᠎ᠡ᠃ ᠪᠢ ᠲᠤᠭᠤᠢ ᠪᠠᠨ ᠬᠠᠶᠢᠷᠠᠯᠠᠵᠤ᠂ ᠦᠭᠭᠦ ᠲᠤᠷ᠎ᠠ ᠦᠭᠡᠢ ᠪᠠᠶᠢᠭᠰᠠᠨ ᠴᠤ ᠡᠵᠢ ᠳᠤ ᠪᠠᠨ ᠡᠮ | ᠭᠦᠷᠭᠡᠭᠦ ᠭᠡᠵᠤ ᠪᠠᠶᠢᠭ᠎ᠠ ᠪᠤᠯᠬᠤᠷ ᠠᠷᠭ᠎ᠠ ᠦᠭᠡᠢ ᠲᠡᠭᠦᠨ ᠳᠤ ᠵᠢᠭᠡᠯᠡᠭᠦᠯᠵᠤ ᠦᠭᠭᠦᠯ᠎ᠠ᠃ ᠭᠡᠳᠡᠯ᠎ᠠ ᠪᠠᠳᠤ | ᠭᠡᠷ ᠠᠴᠠ ᠪᠠᠨ ᠪᠤᠴᠠᠵᠤ ᠢᠷᠡᠭᠡᠳ ᠨᠢᠭᠡ ᠲᠡᠯᠭᠡᠭᠦᠷ ᠲᠤ ᠤᠷᠤᠭᠠᠳ ᠭᠠᠷᠴᠤ ᠢᠷᠡᠭᠦ ᠳᠤ ᠲᠤᠭᠤᠢ ᠲᠡᠷᠭᠡ ᠠᠯᠠᠭ᠎ᠠ | ᠪᠤᠯᠴᠢᠬᠠᠭᠰᠠᠨ ᠪᠠᠶᠢᠵᠠᠢ᠃ ᠪᠢ ᠲᠡᠭᠦᠨ ᠳᠤ ᠠᠭᠤᠷᠯᠠᠭᠠᠳ ᠲᠤᠭᠤᠢ ᠲᠡᠷᠭᠡ ᠪᠠᠨ ᠲᠦᠯᠤᠵᠤ ᠠᠪᠤᠶ᠎ᠠ ᠭᠡᠵᠤ ᠲᠤᠩ | ᠰᠠᠨᠠᠪᠠ᠃ ᠭᠡᠪᠡᠴᠤ ᠲᠤᠬᠠᠢ ᠶᠢᠨ ᠦᠶ᠎ᠡ ᠳᠤ ᠭᠡ᠊ᠨᠡᠳᠳᠡ ᠡᠵᠢ ᠶᠢᠨ ᠨᠠᠮᠠᠢᠢ ᠠᠭᠤᠴᠢᠯᠠᠭᠰᠠᠨ ᠤᠴᠢᠷ ᠲᠠᠷᠢᠭᠢᠨ ᠳᠤ | ᠬᠠᠷᠪᠤᠨ ᠤᠷᠤᠵᠤ ᠢᠷᠡᠭᠡᠳ ᠨᠦᠭᠦᠳ ᠢᠶᠠᠨ ᠠᠭᠤᠴᠢᠯᠠᠵᠤ ᠪᠠᠶᠢᠭᠠᠷᠠᠢ ᠭᠡᠵᠤ ᠴᠢᠭᠢᠨ ᠳᠤ ᠰᠢᠪᠡᠨᠡᠭᠰᠡᠨ ᠰᠢᠭ | ᠪᠤᠯᠬᠤᠯᠠᠷ ᠪᠠᠳᠤ ᠶᠢᠨ ᠡᠵᠢ ᠨᠢ ᠡᠪᠡᠳᠴᠢᠨ ᠲᠠᠢ᠂ ᠠᠮᠢᠳᠤᠷᠠᠯ ᠤᠨ ᠨᠦᠭᠦᠴᠡᠯ ᠨᠢ ᠲᠡᠶᠢᠮᠤ ᠰᠠᠶᠢᠨ ᠪᠢᠰᠢ ᠪᠠᠶᠢᠳᠠᠭ | ᠵᠡᠷᠭᠡ ᠨᠢ ᠰᠡᠳᠭᠢᠯ ᠳᠤ ᠲᠦᠭᠦᠷᠪᠡ᠃ ᠪᠢ ᠲᠡᠭᠦᠨ ᠢ ᠠᠭᠤᠴᠢᠯᠠᠵᠤ᠂ ᠲᠡᠷᠭᠡ ᠪᠠᠨ ᠲᠦᠯᠦᠵᠤ ᠠᠪᠤᠭᠰᠠᠨ ᠦᠭᠡᠢ | ᠭᠡᠪᠡᠴᠦ ᠦᠭᠡᠷ᠎ᠡ ᠲᠤᠭᠤᠢ ᠠᠪᠬᠤ ᠨᠦᠭᠦᠴᠡᠯ ᠪᠠᠶᠢᠭᠰᠠᠨ ᠦᠭᠡᠢ ᠪᠤᠯᠬᠤᠷ ᠶᠠᠪᠠᠭᠠᠨ ᠢᠶᠠᠷ ᠦᠭᠡᠳᠡ ᠤᠷᠤᠭᠤ | ᠶᠠᠪᠤᠵᠤ ᠪᠢᠴᠢᠭ ᠦᠵᠡᠭᠦ ᠬᠤᠪᠢ ᠲᠠᠪᠢᠯᠠᠩ ᠲᠠᠢ ᠪᠤᠯᠪᠠ᠃ | ᠲᠡᠭᠡᠳᠤ ᠲᠤᠮᠳᠠᠳᠤ ᠲᠡᠭᠦᠰᠤᠭᠡᠳ ᠠᠷᠪᠠᠭᠠᠳ ᠵᠢᠯ ᠤᠨ ᠲᠠᠷᠠᠭ᠎ᠠ ᠪᠢ ᠪᠠᠳᠤ ᠲᠠᠢ ᠠᠭᠤᠯᠵᠠᠭᠠᠳ ᠵᠤᠭᠤᠭ | ᠲᠡᠯᠭᠡᠭᠦ ᠳᠤ ᠲᠠᠷᠠ ᠲᠤᠬᠠᠢ ᠶᠢᠨ ᠦᠶ᠎ᠡ ᠪᠢ ᠲᠤᠭᠤᠢ ᠪᠠᠨ ᠲᠦᠯᠦᠵᠤ ᠠᠪᠤᠭᠰᠠᠨ ᠪᠠᠶᠢᠪᠠᠯ ᠲᠡᠭᠦᠨ ᠳᠤ ᠶᠠᠮᠠᠷᠬᠠᠨ | ᠲᠠᠷᠤᠭᠠᠰᠤ ᠪᠤᠯᠬᠤ ᠤᠴᠢᠷᠯᠠᠵᠤ ᠨᠢᠳᠤᠨ ᠳᠤ ᠪᠠᠨ ᠨᠢᠯᠪᠤᠰᠤ ᠴᠠᠭᠠᠷᠢᠭᠯᠠᠭᠤᠯᠵᠤ ᠪᠠᠶᠢᠯ᠎ᠠ᠃ ᠲᠡᠷᠨ ᠪᠠᠶᠠᠷᠯᠠᠵᠤ | ᠲᠠᠯᠠᠷᠬᠠᠭᠰᠠᠨ ᠰᠡᠳᠭᠢᠯᠭᠡ ᠪᠠᠨ ᠶᠠᠷᠢᠬᠤ ᠲᠤᠭᠢᠶᠠᠯ ᠤᠯᠤᠭᠰᠠᠨ ᠳᠤ ᠪᠠᠨ ᠰᠡᠳᠭᠢᠯ ᠨᠢ ᠲᠤᠭᠳᠤᠯᠤᠩᠭᠤᠢ ᠪᠠᠶᠢᠭᠰᠠᠨ | ᠪᠦᠭᠡᠳ ᠲᠤᠭᠤᠢ ᠲᠡᠷᠭᠡ ᠪᠠᠨ ᠲᠦᠯᠤᠵᠤ ᠠᠪᠤᠪᠠᠯ ᠭᠡᠳᠤᠢ ᠦᠨ᠎ᠡ ᠪᠠᠷ ᠴᠤ ᠲᠦᠯᠦᠵᠤ ᠲᠡᠶᠢᠯᠤᠨ᠎ᠠ ᠭᠡᠵᠤ ᠪᠠᠷᠳᠠᠮ | ᠶᠠᠷᠢᠵᠤ ᠪᠠᠶᠢᠭᠰᠠᠨ ᠶᠤᠮ᠃ ᠤᠳᠤ ᠪᠤᠳᠤᠬᠤ ᠳᠤ ᠲᠠᠷᠠ ᠦᠶᠠᠰ ᠬᠠᠮᠳᠤ ᠰᠤᠷᠤᠯᠭᠠᠳᠠᠨ ᠢᠶᠠᠨ ᠠᠭᠤᠴᠢᠯᠠᠵᠤ | ᠴᠢᠳᠠᠭᠰᠠᠨ ᠮᠢᠨᠢ ᠨᠠᠳᠠ ᠳᠤ ᠠᠪᠴᠤ ᠬᠡᠯᠡᠪᠡᠯ ᠲᠤᠮᠤ ᠤᠯᠤᠯᠳᠠ᠃ ᠭᠡᠷᠪᠡ ᠪᠢ ᠬᠠᠮᠳᠤ ᠰᠤᠷᠤᠯᠭᠠᠳᠠᠨ ᠢᠶᠠᠨ | ᠵᠤᠪᠠᠭᠠᠭᠰᠠᠨ ᠪᠤᠯ ᠬᠤᠵᠢᠮ ᠠᠭᠤᠯᠵᠠᠬᠤ ᠳᠤ ᠨᠢᠭᠤᠷ ᠮᠢᠨᠢ ᠨᠢᠯᠴᠢᠬᠢᠨᠡᠭᠦ ᠪᠠᠶᠢᠭ᠎ᠠ ᠭᠡᠵᠤ ᠦᠷᠭᠦᠯᠵᠢ ᠪᠤᠳᠤᠳᠠᠬ᠃ | ᠲᠡᠭᠦᠨ ᠠᠴᠠ ᠬᠤᠵᠢᠮ ᠨᠢ ᠪᠢ ᠶᠡᠭᠡ ᠰᠤᠷᠭᠠᠭᠤᠯᠢ ᠲᠡᠭᠦᠰᠤᠭᠡᠳ ᠬᠤᠰᠢᠭᠤᠨ ᠲᠦᠪ ᠤᠨ ᠢᠶᠠᠨ ᠲᠡᠭᠡᠳᠤ | ᠲᠤᠮᠳᠠᠳᠤ ᠰᠤᠷᠭᠠᠭᠤᠯᠢ ᠳᠤ ᠪᠠᠭᠰᠢᠯᠠᠪᠠ᠃ ᠡᠵᠢ ᠶᠢᠨ ᠨᠠᠮᠠᠢᠢ ᠠᠭᠤᠴᠢᠯᠠᠭᠰᠠᠨ ᠶᠠᠪᠤᠳᠠᠯ ᠨᠢ ᠮᠢᠨᠤ ᠰᠤᠷᠤᠭᠴᠢ | ᠭᠦᠮᠤᠵᠢᠭᠦᠯᠭᠦ ᠨᠠᠨᠳᠢᠨ ᠰᠤᠷᠭᠠᠯ ᠪᠤᠯᠵᠤ᠂ ᠰᠤᠷᠤᠭᠴᠢᠳ ᠢᠶᠠᠨ ᠠᠭᠤᠴᠢᠯᠠᠯ ᠢᠶᠠᠷ ᠬᠦᠮᠤᠵᠢᠭᠦᠯᠭᠦ ᠭᠡᠳᠡᠭ ᠢ ᠮᠠᠷᠳᠠᠭ᠎ᠠ | ᠦᠭᠡᠢ᠃ ᠰᠤᠷᠤᠭᠴᠢᠳ ᠮᠠᠨᠢ ᠠᠭᠤᠷ ᠶᠡᠭᠡᠳᠡᠢ ᠭᠡᠵᠤ ᠨᠠᠳᠠ ᠠᠴᠠ ᠠᠶᠤᠳᠠᠬ ᠴᠤ ᠵᠠᠩᠭᠢᠯᠠᠭ᠎ᠠ ᠶᠢᠨ ᠦᠶ᠎ᠡ ᠳᠤ | ᠲᠡᠳᠡᠨ ᠢ ᠠᠭᠤᠴᠢᠯᠠᠳᠠᠬ ᠠᠴᠠ ᠨᠠᠮ᠎ᠠ ᠶᠢ ᠲᠦᠢᠯ ᠢᠶᠠᠷ ᠭᠦᠨᠳᠤᠳᠭᠡᠳᠡᠭ᠃ ᠠᠩᠭᠢ ᠶᠢᠨ ᠡᠷᠭᠢᠯᠡᠭᠴᠢ ᠪᠤᠯᠤᠭᠰᠠᠨ ᠤ | ᠲᠠᠷᠠᠭ᠎ᠠ ᠨᠢᠭᠡ ᠤᠷᠤᠢ ᠶᠢᠨ ᠲᠠᠪᠳᠠᠯᠭ᠎ᠠ ᠳᠤ ᠠᠩᠭᠢ ᠶᠢᠨ ᠰᠤᠷᠤᠭᠴᠢᠳ ᠢᠶᠠᠨ ᠪᠠᠶᠢᠴᠠᠭᠠᠬᠤ ᠳᠤ ᠬᠤᠶᠠᠷ | ᠰᠤᠷᠤᠭᠴᠢ ᠶᠢᠨ ᠤᠷᠤ ᠬᠤᠭᠤᠰᠤᠨ ᠪᠠᠶᠢᠯ᠎ᠠ᠃ ᠶᠡᠷᠤ ᠶᠢᠨ ᠦᠶ᠎ᠡ ᠳᠤ ᠲᠠᠪᠳᠠᠯᠭ᠎ᠠ ᠶᠢᠨ ᠴᠠᠭ ᠢᠩᠭᠢᠵᠤ ᠤᠷᠭᠤᠳᠠᠭ | ᠰᠤᠷᠤᠭᠴᠢ ᠪᠠᠶᠢᠳᠠᠭ ᠦᠭᠡᠢ ᠶᠤᠮ ᠡ᠃ ᠡ᠊ᠨᠡ ᠤᠷᠤᠢ ᠶᠠᠭᠠᠭᠢᠭᠠᠳ ᠁ ᠭᠡᠵᠤ ᠰᠤᠨᠢᠭᠤᠴᠢᠯᠠᠭᠰᠠᠭᠠᠷ | ᠰᠤᠷᠭᠠᠭᠤᠯᠢ ᠶᠢᠨ ᠤᠶᠢᠷ᠎ᠠ ᠪᠠᠶᠢᠭ᠎ᠠ ᠲᠤᠭᠯᠠᠭᠠᠮ ᠤᠨ ᠭᠠᠵᠠᠷ ᠤᠳ ᠢᠶᠠᠷ ᠲᠠᠷᠠᠭᠠᠯᠠᠨ ᠤᠷᠤᠵᠤ ᠰᠤᠷᠤᠭᠴᠢ ᠪᠠᠨ | ᠡᠷᠢᠭ᠍ᠰᠡᠨ ᠴᠢᠨᠢ ᠮᠠᠨ ᠤ ᠬᠤᠶᠠᠷ ᠴᠢᠴᠢᠭᠦᠷ ᠪᠦᠮᠪᠤᠭᠡᠨ ᠭᠡᠷ ᠲᠤ ᠶᠡᠭᠡ ᠯᠨ ᠭᠦᠭᠵᠢᠶᠡᠨ ᠲᠠᠢ ᠨᠠᠭᠠᠳᠴᠤ ᠪᠠᠶᠢᠪᠠ᠃ | ᠪᠢ ᠲᠦᠢᠯ ᠢᠶᠠᠷ ᠠᠭᠤᠷᠯᠠᠵᠤ ᠲᠠᠷᠠ ᠬᠤᠶᠠᠭᠤᠯᠠ ᠶᠢ ᠠᠯᠪᠠᠨ ᠭᠡᠷ ᠲᠤ ᠪᠠᠨ ᠭᠦᠭᠡᠭᠡᠵᠤ ᠠᠪᠴᠢᠷᠠᠭᠠᠳ ᠪᠤᠷᠤᠭᠤ | ᠮᠡᠳᠡᠭᠦ ᠪᠢᠴᠢᠭ ᠪᠢᠴᠢᠭᠦ ᠭᠡᠷᠡᠭᠳᠡᠢ᠂ ᠡᠰᠨ ᠲᠡᠶᠢᠮᠤ ᠪᠤᠯ ᠮᠠᠷᠭᠠᠰᠢ ᠭᠢᠴᠢᠶᠡᠯ ᠤᠷᠤᠭᠤᠯᠬᠤ ᠦᠭᠡᠢ ᠭᠡᠵᠤ ᠭᠡᠰᠡᠨ ᠶᠤᠮ | ᠃ ᠮᠠᠷᠭᠠᠰᠢ ᠦᠷᠯᠦᠭᠡ ᠨᠢ ᠡᠷᠳᠡ ᠶᠢᠨ ᠲᠠᠪᠳᠠᠯᠭ᠎ᠠ ᠶᠢᠨ ᠲᠠᠷᠠᠭ᠎ᠠ ᠠᠭᠤᠳᠠᠮ ᠦᠨᠡᠭᠡᠷ ᠭᠢᠴᠢᠶᠡᠯ ᠤᠷᠤᠭᠰᠠᠨ ᠦᠭᠡᠢ | ᠪᠦᠭᠡᠳ ᠨᠦᠭᠦᠳ ᠨᠢ ᠴᠤ ᠪᠢᠴᠢᠭ ᠦᠵᠡᠭᠦ ᠦᠭᠡᠢ ᠭᠡᠳ ᠶᠠᠪᠤᠴᠢᠬᠠᠬᠰᠠᠨ ᠭᠡᠪᠡ᠃ ᠰᠤᠨᠤᠰᠤᠭᠠᠳ ᠲᠦᠢᠯ ᠢᠶᠠᠷ | ᠰᠠᠨᠳᠤᠷᠴᠤ ᠭᠡᠷ ᠤᠨ ᠭᠦᠮᠤᠰ ᠲᠠᠢ ᠨᠢ ᠬᠠᠷᠢᠯᠴᠠᠵᠤ ᠠᠭᠤᠳᠠᠮ ᠢ ᠰᠤᠷᠠᠬᠯᠠᠬᠤ ᠳᠤ ᠲᠠᠷᠠ ᠭᠦᠯᠤᠰᠤᠨ ᠠᠵᠢᠯ | ᠭᠢᠭᠦ ᠪᠠᠷ ᠶᠠᠪᠤᠭᠰᠠᠨ ᠢ ᠮᠡᠳᠡᠪᠡ᠃ | ᠡ᠊ᠨᠡ ᠤᠴᠢᠷ ᠢ ᠰᠤᠷᠭᠠᠭᠤᠯᠢ ᠮᠡᠳᠡᠭᠰᠡᠨ ᠤ ᠲᠠᠷᠠᠭ᠎ᠠ ᠰᠤᠷᠭᠠᠭᠤᠯᠢ ᠶᠢᠨ ᠮᠤᠷᠠᠯ ᠭᠦᠮᠤᠵᠢᠯ ᠤᠨ ᠭᠠᠵᠠᠷ ᠠᠴᠠ | ᠠᠭᠤᠳᠠᠮ ᠢ ᠡᠷᠭᠢᠵᠤ ᠢᠷᠡᠪᠡᠯ ᠠᠩᠭᠢ ᠳᠤ ᠪᠠᠨ ᠤᠷᠤᠭᠤᠯᠵᠤ ᠪᠤᠯᠬᠤ ᠦᠭᠡᠢ ᠭᠡᠰᠡᠨ ᠬᠠᠳᠠᠭᠤ ᠵᠠᠷᠯᠢᠭ ᠪᠠᠭᠤᠯᠭᠠᠪᠠ᠃ | ᠲᠤᠬᠠᠢ ᠶᠢᠨ ᠦᠶ᠎ᠡ ᠳᠤ ᠡᠵᠢ ᠶᠢᠨ ᠮᠢᠨᠢ ᠦᠪᠡᠷ ᠤᠨ ᠭᠡᠦᠭᠡᠳ ᠢᠶᠠᠨ ᠠᠭᠤᠴᠢᠯᠠᠵᠤ ᠴᠢᠳᠠᠭᠰᠠᠨ ᠮᠦᠷᠳᠡᠭᠡᠨ | ᠦᠷᠦᠭᠡᠯ ᠤᠨ ᠭᠡᠦᠭᠡᠳ ᠢ ᠴᠤ ᠠᠭᠤᠴᠢᠯᠠᠵᠤ ᠴᠢᠳᠠᠭᠰᠠᠨ ᠶᠠᠪᠤᠳᠠᠯ ᠨᠢ ᠮᠢᠨᠤ ᠲᠠᠷᠢᠭᠢᠨ ᠳᠤ ᠪᠠᠶᠢᠨ ᠳᠠᠬᠢᠨ | ᠡᠷᠬᠢᠯᠳᠦᠵᠦ᠂ ᠲᠠᠭᠦᠨ ᠳᠤ ᠯᠠᠪᠳᠠᠢ ᠶᠠᠮᠠᠷ ᠨᠢᠭᠡᠨ ᠰᠡᠳᠭᠢᠯ ᠤᠨ ᠡᠭᠡᠳᠡᠷᠡᠭᠡᠨ ᠤᠴᠠᠷᠠᠭᠰᠠᠨ ᠪᠠᠶᠢᠯᠭᠦᠢ ᠭᠡᠵᠤ | ᠪᠤᠳᠤᠭᠰᠠᠭᠠᠷ ᠨᠢᠭᠡ ᠲᠠᠯ᠎ᠠ ᠪᠠᠷ᠂ ᠰᠤᠷᠤᠭᠴᠢ ᠪᠠᠨ ᠠᠭᠤᠴᠢᠯᠠᠵᠤ ᠨᠦᠭᠦᠭᠡ ᠲᠠᠯ᠎ᠠ ᠪᠠᠷ ᠦᠪᠠᠷ ᠢ ᠪᠠᠨ | ᠪᠤᠷᠤᠭᠤᠳᠬᠠᠪᠠ᠃ ᠭᠡᠳᠤᠨ ᠡᠳᠤᠷ ᠤᠨ ᠲᠠᠷᠠᠭ᠎ᠠ ᠠᠭᠤᠳᠠᠮ ᠤᠨ ᠭᠡᠷ ᠤᠨ ᠠᠬᠠᠮᠠᠳ ᠨᠢ ᠲᠡᠭᠦᠨ ᠢ ᠲᠠᠭᠠᠭᠤᠯᠤᠭᠠᠳ | ᠢᠷᠡᠭᠦ ᠳᠤ ᠪᠢ ᠰᠤᠷᠭᠠᠭᠤᠯᠢ ᠳᠤ ᠠᠮᠠᠯᠳᠤᠭᠰᠠᠭᠠᠷ ᠰᠤᠷᠤᠭᠴᠢ ᠪᠠᠨ ᠦᠯᠡᠳᠡᠭᠡᠵᠤ ᠠᠪᠤᠯ᠎ᠠ᠃ ᠴᠢᠷᠮᠠᠶᠢᠨ | ᠰᠤᠷᠤᠯᠴᠠᠵᠤ ᠲᠤᠬᠠᠢ ᠶᠢᠨ ᠵᠢᠯ ᠳᠤ ᠪᠠᠨ ᠦᠪᠤᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠳᠤ | ᠰᠢᠯᠭᠠᠭᠤᠯᠤᠨ ᠤᠷᠤᠵᠠᠢ᠃ | ᠭᠦᠮᠤᠵᠢᠯ ᠤᠨ ᠭᠦᠴᠤᠨ ᠭᠢᠵᠠᠭᠠᠷᠯᠠᠰᠢ ᠦᠭᠡᠢ ᠪᠠᠶᠢᠳᠠᠬ᠃ ᠭᠡᠷ ᠤᠨ ᠭᠦᠮᠤᠵᠢᠯ᠂ ᠰᠤᠷᠭᠠᠭᠤᠯᠢ ᠶᠢᠨ | ᠭᠦᠮᠤᠵᠢᠯ ᠪᠠ ᠨᠡᠶᠢᠭᠡᠮ ᠤᠨ ᠭᠦᠮᠤᠵᠢᠯ ᠳᠤ ᠠᠭᠤᠴᠢᠯᠠᠯ ᠪᠠᠶᠢᠮᠠᠨᠵᠢᠨ ᠰᠠᠶ᠋ᠢ ᠦᠷ᠎ᠡ ᠬᠤᠶᠢᠴᠢᠰ ᠲᠤ ᠪᠠᠨ ᠪᠠᠷᠠᠭᠳᠠᠰᠢ | ᠦᠭᠡᠢ ᠤᠶᠤᠨ ᠤᠬᠠᠭᠠᠨ ᠢ ᠰᠤᠶᠤᠷᠬᠠᠵᠤ᠂ ᠲᠡᠳᠡᠨ ᠤ ᠢᠳᠡᠪᠭᠢᠳᠡᠢ ᠦᠢᠯᠨ ᠭᠦᠳᠡᠯᠤᠯ ᠢ ᠲᠠᠶᠢᠴᠢᠯᠠᠨ᠂ ᠢᠳᠡᠭᠡᠯ | ᠵᠤᠷᠢᠭ ᠢ ᠨᠢ ᠭᠦᠪᠴᠢᠯᠡᠵᠤ ᠴᠢᠳᠠᠳᠠᠭ ᠪᠠᠶᠢᠨ᠎ᠠ᠃ | ᠬᠠᠶ᠋ᠢᠬ᠄ ᠦᠪᠤᠷ ᠮᠤᠩᠭᠤᠯ ᠤᠨ ᠦᠨᠳᠤᠰᠤᠳᠠᠨ ᠤ ᠵᠠᠯᠠᠭᠤᠴᠤᠳ ᠪᠠᠭᠠᠴᠤᠳ ᠤᠨ ᠰᠡᠳᠭᠦᠯ ᠤᠨ | ᠬᠤᠷᠢᠶᠠᠨ ᠤ ︽ᠦᠪᠤᠷ ᠮᠤᠩᠭᠤᠯ ᠤᠨ ᠵᠠᠯᠠᠭᠤᠴᠤᠳ︾ ᠰᠡᠳᠭᠦᠯ ᠤᠨ ᠨᠠᠶᠢᠷᠠᠭᠤᠯᠬᠤ ᠭᠡᠯᠳᠡᠰ | ︵ᠦᠨᠡᠨᠪᠠᠳᠤ ᠨᠠᠶᠢᠷᠠᠭᠤᠯᠪᠠ︶ | 2018 ᠣᠨ ᠤ 10 ᠳ᠋ᠤᠭᠠᠷ ᠬᠤᠭᠤᠴᠠᠭ᠎ᠠ |