ᠫ᠊ · ᠰᠠᠶᠢᠨᠪᠠᠶᠠᠷ | | | ᠨᠡᠶᠢᠭᠡᠮ ᠪᠤᠯ ᠲᠠᠰᠤᠷᠡᠯᠳᠡ ᠥᠭᠡᠢ ᠭᠥᠭᠵᠢᠳᠡᠭ ᠨᠢ ᠲᠡᠤᠭᠡᠨ ᠵᠢᠮ᠎ᠡ ᠮᠥᠨ᠃ ᠤᠳᠤᠭᠢ ᠨᠡᠶᠢᠭᠡᠮ ᠤᠨ | ᠭᠥᠭᠵᠢᠯᠳᠡ ᠶᠢ ᠲᠥᠯᠭᠢᠨ ᠠᠭᠢᠭᠤᠯᠬᠤ ᠭᠤᠷᠪᠠᠨ ᠭᠤᠤᠯ ᠡᠯᠧᠮᠧᠨ᠋ᠲ ᠪᠤᠯ ᠰᠢᠨᠵᠢᠯᠡᠭᠦ ᠤᠬᠠᠭᠠᠨ᠂ ᠠᠵᠤ | ᠤᠶᠢᠯᠡᠳᠪᠤᠷᠢ᠂ ᠠᠵᠤ ᠠᠬᠤᠢ ᠶᠢᠨ ᠭᠤᠷᠮᠤᠰᠤᠨ ᠤᠷᠤᠰᠢᠬᠤ ᠴᠤᠭᠴᠠ ᠪᠤᠯᠤᠨ᠎ᠠ᠃ ᠰᠢᠨᠵᠢᠯᠡᠭᠦ ᠤᠬᠠᠭᠠᠨ ᠤ | ᠭᠥᠭᠵᠢᠯᠳᠡ ᠨᠢ ᠠᠵᠤ ᠤᠶᠢᠯᠡᠳᠪᠤᠷᠢ ᠶᠢ ᠭᠥᠭᠵᠢᠭᠦᠯᠵᠤ᠂ ᠠᠵᠤ ᠤᠶᠢᠯᠡᠳᠪᠤᠷᠢ ᠶᠢᠨ ᠭᠥᠭᠵᠢᠯᠳᠡ ᠨᠢ ᠠᠵᠤ | ᠠᠬᠤᠢ ᠶᠢᠨ ᠭᠥᠭᠵᠢᠯᠳᠡ ᠶᠢ ᠠᠪᠴᠢᠷᠠᠨ᠂ ᠠᠵᠤ ᠠᠬᠤᠢ ᠶᠢᠨ ᠭᠥᠭᠵᠢᠯᠳᠡ ᠨᠢ ᠲᠠᠭᠢᠨ ᠰᠢᠨᠵᠢᠯᠡᠭᠦ ᠤᠬᠠᠭᠠᠨ ᠤ | ᠭᠥᠭᠵᠢᠯᠳᠡ ᠶᠢ ᠠᠭᠢᠭᠤᠯᠳᠠᠭ᠃ ᠮᠠᠨ ᠤ ᠠᠮᠢᠳᠤᠷᠡᠵᠤ ᠪᠠᠶᠢᠭ᠎ᠠ ᠵᠠᠭᠤᠨ ᠪᠤᠯ ᠮᠡᠳᠡᠯᠭᠡ ᠶᠢᠨ ᠲᠡᠯᠪᠡᠷᠡᠯᠳᠡ ᠶᠢᠨ | ᠵᠠᠭᠤᠨ ᠮᠥᠨ᠃ ᠮᠡᠳᠡᠯᠭᠡ ᠶᠢᠨ ᠶᠢᠷᠳᠢᠨᠴᠤ ᠶᠢᠨ ᠭᠤᠷᠪᠠᠨ ᠲᠤᠮᠤ ᠲᠤᠯᠭᠠᠭᠤᠷᠢ ᠪᠤᠯ ᠰᠤᠷᠭᠠᠨ ᠭᠥᠮᠤᠵᠢᠯ᠂ ᠲᠧᠭᠨᠢᠭ | ᠮᠡᠷᠭᠡᠵᠢᠯ᠂ ᠰᠤᠶᠤᠯ ᠪᠤᠯᠤᠨ᠎ᠠ᠃ ᠨᠢᠭᠡ ᠤᠯᠤᠰ ᠥᠨᠳᠤᠰᠤᠳᠡᠨ ᠭᠥᠴᠥᠷᠭᠡᠭᠵᠢᠨ ᠮᠠᠨᠳᠤᠵᠤ᠂ ᠰᠢᠭᠤᠢ ᠰᠢᠬ ᠤᠯᠠᠨ | ᠤᠯᠤᠰ ᠭᠥᠷᠤᠨ ᠤ ᠲᠤᠮᠳᠡ ᠥᠪᠡᠷ ᠤᠨ ᠭᠡᠰᠡᠨ ᠤᠷᠤᠨ ᠪᠠᠶᠢᠷᠢ ᠲᠠᠢ ᠶᠠᠪᠤᠶ᠎ᠠ ᠭᠡᠪᠡᠯ ᠡᠨᠡ ︽ᠭᠤᠷᠪᠠᠨ ᠵᠡᠪᠰᠡᠭ︾ | ᠢᠶᠠᠨ ᠬᠤᠷᠴᠠᠯᠠᠬᠤ ᠥᠭᠡᠢ ᠪᠠᠶᠢᠵᠤ ᠪᠤᠯᠬᠤ ᠦᠭᠡᠢ᠃ ᠰᠢᠨᠵᠢᠯᠡᠭᠦ ᠤᠬᠠᠭᠠᠨ ᠲᠧᠭᠨᠢᠭ ᠮᠡᠷᠭᠡᠵᠢᠯ ᠪᠤᠯ ᠨᠡᠶᠢᠭᠡᠮ ᠤᠨ | ᠭᠥᠭᠵᠢᠯᠳᠡ ᠶᠢ ᠲᠥᠯᠭᠢᠨ ᠠᠭᠢᠭᠤᠯᠬᠤ ᠮᠤᠨᠳᠠᠭ ᠲᠤᠮᠤ ᠭᠥᠳᠡᠯᠭᠡᠭᠴᠢ ᠭᠥᠴᠤᠨ ᠮᠥᠨ᠃ ᠡᠭᠦᠨ ᠢ ᠲᠡᠯᠡᠭᠡᠢ ᠶᠢᠨ | ᠭᠡᠳᠤ ᠤᠳᠠᠭᠠᠨ ᠤ ᠠᠵᠤ ᠤᠶᠢᠯᠡᠳᠪᠤᠷᠢ ᠶᠢᠨ ᠬᠤᠪᠢᠰᠬᠠᠯ ᠨᠢᠭᠡᠨᠳᠡ ᠭᠡᠷᠡᠴᠢᠯᠡᠪᠡ᠃ ᠰᠢᠨᠵᠢᠯᠡᠭᠦ ᠤᠬᠠᠭᠠᠨ ᠪᠤᠯ | ᠰᠤᠷᠭᠠᠨ ᠭᠥᠮᠤᠵᠢᠯ ᠤᠨ ᠭᠥᠷᠤᠰᠤᠨ ᠳᠤ ᠲᠥᠯᠵᠢᠵᠤ ᠪᠤᠶᠢᠵᠢᠭᠰᠠᠨ ᠴᠡᠴᠡᠭ ᠶᠤᠮ᠃ ᠭᠥᠷᠤᠰᠤ ᠪᠥᠭᠦᠨ ᠳᠤ | ᠴᠡᠴᠡᠭ ᠤᠷᠭᠤᠬᠤ ᠪᠢᠰᠢ᠂ ᠭᠡᠳᠡᠯ᠎ᠡ ᠭᠥᠷᠤᠰᠤ ᠰᠠᠶᠢᠨ ᠪᠤᠯ ᠴᠡᠴᠡᠭ ᠯᠠᠪ ᠰᠠᠶᠢᠨ ᠤᠷᠭᠤᠨ᠎ᠠ᠃ | ᠰᠤᠷᠭᠠᠨ ᠭᠥᠮᠤᠵᠢᠯ ᠤᠨ ᠡᠴᠤᠰ ᠤᠨ ᠵᠤᠷᠢᠯᠭ᠎ᠠ ᠪᠤᠯ ᠭᠥᠮᠤᠨ ᠢ ᠭᠥᠮᠥᠵᠢᠭᠦᠯᠭᠦ ᠳᠤ ᠤᠷᠤᠰᠢᠨ᠎ᠡ᠃ ᠭᠥᠮᠤᠨ | ᠪᠤᠯ ᠨᠡᠶᠢᠭᠡᠮ ᠤᠨ ᠬᠢ᠂ ᠨᠡᠶᠢᠭᠡᠮ ᠤᠨ ᠭᠥᠭᠵᠢᠯᠳᠡ ᠶᠢ ᠭᠥᠮᠤᠨ ᠲᠥᠷᠤᠯᠭᠢᠳᠡᠨ ᠲᠥᠯᠭᠢᠨ ᠠᠭᠢᠭᠤᠯᠳᠠᠭ᠃ | ᠭᠥᠮᠤᠨ ᠨᠢ ᠲᠡᠭᠡᠳᠤ ᠭᠡᠮᠵᠢᠶᠡᠨ ᠤ ᠰᠤᠶᠤᠯ ᠪᠤᠯᠪᠠᠰᠤᠷᠡᠯ ᠲᠠᠢ ᠪᠠᠶᠢᠪᠠᠯ ᠨᠡᠶᠢᠭᠡᠮ ᠰᠠᠶ᠋ᠢ ᠲᠡᠭᠡᠳᠤ ᠬᠤᠷᠳᠤᠴᠠ ᠪᠠᠷ | ᠭᠥᠭᠵᠢᠵᠤ ᠴᠢᠳᠠᠨ᠎ᠠ᠃ ︽ᠥᠨᠤᠳᠤᠷ ᠰᠤᠷᠭᠠᠨ ᠭᠥᠮᠤᠵᠢᠯ ᠬᠤᠴᠤᠷᠪᠠᠯ ᠮᠠᠷᠭᠠᠰᠢ ᠤᠯᠤᠰ ᠥᠨᠳᠤᠰᠤᠳᠡᠨ | ᠬᠤᠴᠤᠷᠤᠨ᠎ᠠ︾ ᠭᠡᠵᠤ ᠰᠠᠴᠢᠶᠧᠷ ᠬᠠᠳᠤᠨ ᠭᠡᠯᠡᠵᠤ ᠥᠡᠭᠭᠡᠷᠡᠪᠡ᠃ ᠰᠤᠷᠭᠠᠨ ᠭᠥᠮᠤᠵᠢᠯ ᠭᠥᠭᠵᠢᠭᠰᠡᠨ ᠤᠯᠤᠰ | ᠭᠥᠷᠤᠨ ᠯᠠᠪᠳᠠᠢ ᠭᠥᠴᠥᠷᠭᠡᠭᠵᠢᠭᠦ ᠨᠢ ᠵᠠᠶᠢᠯᠠᠰᠢ ᠥᠭᠡᠢ ᠥᠨᠡᠨ ᠶᠤᠰᠤ ᠮᠥᠨ᠃ ︽ᠨᠢᠭᠤᠴᠠ ᠲᠤᠪᠴᠢᠶᠡᠨ︾᠂ ︽ | ᠵᠢᠩᠭᠠᠷ︾᠂ ︽ᠭᠡᠰᠡᠷ︾ ᠪᠤᠯ ᠮᠤᠩᠭᠤᠯ ᠤᠨ ᠡᠷᠳᠡᠨ ᠤ ᠤᠷᠠᠨ ᠵᠤᠭᠢᠶᠡᠯ ᠤᠨ ᠭᠢᠯᠠᠯᠵᠠᠭᠰᠠᠨ ᠪᠥᠳᠤᠭᠡᠯ ᠮᠥᠨ᠃ | ︽ᠬᠤᠮᠧᠷ ᠤᠨ ᠲᠤᠤᠯᠢᠰ︾᠂ ︽ᠢᠯᠢᠶᠡᠳᠡ︾ ᠲᠠᠢ ᠲᠡᠩᠴᠡᠭᠦ ᠲᠡᠯᠡᠭᠡᠢ ᠶᠢᠨ ᠲᠡᠰ ᠤᠨ ᠠᠯᠳᠠᠷᠳᠤ ᠪᠥᠳᠤᠭᠡᠯ | ᠮᠥᠨ᠃ ᠮᠥᠡᠭᠭᠡ ᠬᠠᠭᠠᠨ ᠡᠾᠥ᠋ᠺᠠᠯᠢᠳ᠋ ᠤᠨ ︽ᠭᠸᠤᠮᠲᠷᠢ ᠶᠢᠨ ᠤᠭ ᠵᠤᠭᠢᠶᠡᠯ︾ ᠢ ᠤᠯᠠᠨ ᠵᠢᠯ ᠰᠢᠷᠭᠠᠭᠤ | ᠰᠤᠳᠤᠯᠤᠨ᠂ ᠪᠥᠷᠢᠨ ᠭᠥᠢᠴᠡᠳ ᠲᠠᠶᠢᠯᠪᠤᠷᠢᠯᠠᠵᠤ ᠲᠡᠶᠢᠯᠥᠭᠰᠡᠨ ᠠᠩᠬᠠᠳᠠᠭᠴᠢ ᠡᠷᠳᠡᠮᠳᠡᠨ ᠪᠤᠯᠤᠭᠰᠠᠨ᠃ ᠲᠤᠮᠳᠡᠳᠤ | ᠤᠯᠤᠰ ᠤᠨ ᠬᠠᠮᠤᠭ ᠤᠨ ᠠᠩᠬᠠᠨ ᠤ ᠢᠳᠡᠭᠡᠨ ᠤᠮᠳᠠᠭᠠᠨ ᠤ ᠡᠷᠡᠭᠦᠯ ᠬᠠᠮᠠᠭᠠᠯᠠᠯ ᠪᠤᠯᠤᠨ ᠰᠢᠮ᠎ᠡ ᠲᠡᠵᠢᠭᠡᠯ ᠤᠨ | ᠰᠤᠳᠤᠯᠤᠯ ᠤᠨ ᠲᠤᠰᠬᠠᠢ ᠵᠤᠭᠢᠶᠡᠯ ᠪᠤᠯ ᠶᠤᠸᠠᠨ ᠤᠯᠤᠰ ᠤᠨ ᠡᠷᠳᠡᠮᠳᠡᠨ ᠭᠥᠰᠡᠭᠦᠢ ᠶᠢᠨ ︽ᠢᠳᠡᠭᠡᠨ ᠤᠮᠳᠠᠭᠠᠨ ᠤ | ᠵᠢᠩᠭᠢᠨᠢ ᠲᠤᠪᠴᠢ︾ ᠮᠥᠨ᠃ ᠲᠡᠯᠡᠭᠡᠢ ᠶᠢᠨ 28242 ᠳ᠋ᠤᠭᠠᠷ ᠤᠳᠤᠨ ᠢᠶᠠᠷ ᠨᠡᠷᠡᠶᠢᠳᠥᠭᠦᠯᠥᠭᠰᠡᠨ ᠤᠳᠤᠨ | ᠤᠷᠤᠨᠴᠢ ᠮᠢᠩᠭᠠᠨᠳᠤ᠂ ᠭᠥᠭᠡ ᠤᠰᠤᠨ ᠪᠥᠮᠪᠤᠷᠴᠡᠭ ᠤᠨ 101 ᠳᠤ ᠬᠢ ᠰᠠᠨᠰᠠᠷᠴᠢ ᠭᠥᠷᠤᠷᠠᠭᠴᠠ᠂ ᠬᠤᠷᠤᠭᠤ | ᠰᠢᠯ ᠳᠤ ᠢᠰᠢᠭᠡ ᠪᠤᠶᠢᠵᠢᠭᠤᠯᠤᠭᠰᠠᠨ ᠰᠢᠭᠤᠷᠭᠠᠨ᠂ ᠠᠶᠢᠽ ᠡᠪᠡᠳᠴᠢᠨ ᠢ ᠵᠠᠰᠠᠬᠤ ᠲᠤᠯᠤᠭᠠᠨ ᠵᠦᠢᠯ ᠤᠨ ᠰᠢᠨ᠎ᠡ | ᠡᠮ ᠢ ᠰᠤᠳᠤᠯᠤᠨ ᠭᠠᠷᠭᠠᠭᠰᠠᠨ ᠪᠤᠷᠵᠢᠭᠢᠨ ᠭᠡᠷᠡᠯᠳᠤ ᠁ ᠡᠳᠡᠭᠡᠷ ᠭᠦᠮᠦᠰ ᠪᠤᠯ ᠪᠥᠷ ᠲᠡᠯᠡᠭᠡᠢ ᠳᠤ ᠠᠯᠳᠠᠷᠳᠠᠢ | ᠮᠤᠩᠭᠤᠯ ᠡᠷᠳᠡᠮᠳᠡᠨ ᠶᠤᠮ᠃ ᠲᠡᠳᠡᠨ ᠤ ᠪᠥᠳᠤᠭᠡᠯ ᠤᠳ ᠪᠤᠯ ᠮᠠᠨ ᠤ ᠥᠨᠳᠤᠰᠤᠳᠡᠨ ᠤ ᠰᠤᠶᠤᠯ ᠤᠨ ᠤᠭᠢ | ᠲᠡᠯᠡᠰᠳᠤ ᠪᠥᠭᠡᠳ ᠮᠤᠩᠭᠤᠯ ᠥᠨᠳᠤᠰᠤᠳᠡᠨ ᠤ ᠲᠡᠯᠡᠭᠡᠢ ᠶᠢᠨ ᠰᠤᠶᠤᠯ ᠤᠨ ᠰᠠᠩ ᠳᠤ ᠨᠡᠮᠡᠷᠢᠯᠡᠭᠰᠡᠨ ᠪᠠᠳᠮᠠᠷᠭᠠ | ᠰᠤᠪᠤᠳ ᠪᠢᠯᠡ᠃ ︽ᠥᠡᠭᠭᠡᠷᠡᠭᠰᠡᠨ ᠢᠶᠠᠨ ᠭᠠᠷ ᠫᠤᠤ ᠪᠠᠷ ᠫᠤᠤᠳᠠᠪᠠᠯ ᠢᠷᠡᠭᠡᠳᠤᠢ ᠪᠠᠨ ᠥᠭᠡᠷ ᠫᠤᠤ ᠪᠠᠷ ᠫᠤᠤᠳᠠᠵᠤ | ᠪᠠᠶᠢᠬᠤ ᠲᠠᠢ ᠠᠳᠠᠯᠢᠬᠠᠨ︾ ᠭᠡᠵᠤ ᠳ᠋ᠠᠭᠢᠰᠲ᠋ᠠᠨ ᠤ ᠢᠷᠠᠭᠤ ᠨᠠᠶᠢᠷᠠᠭᠴᠢ ᠷᠠᠰᠥ᠋ᠯ · ᠭᠠᠮᠵᠤᠲ᠋ᠤᠸ᠋ ᠭᠡᠯᠡᠵᠤ | ᠥᠡᠭᠭᠡᠷᠡᠭᠰᠡᠨ ᠶᠤᠮ᠃ ᠪᠢᠳᠡ ᠲᠡᠤᠭᠡ ᠪᠠᠨ ᠵᠠᠪᠠᠯ ᠵᠥᠪ ᠤᠶᠢᠯᠠᠭᠠᠵᠤ᠂ ᠥᠪ ᠰᠤᠶᠤᠯ ᠢᠶᠠᠨ ᠥᠨᠡᠨᠬᠦ ᠤᠯᠠᠮᠵᠢᠯᠠᠵᠤ | ᠶᠠᠪᠤᠬᠤ ᠴᠢᠬᠤᠯᠠᠳᠠᠢ᠃ ᠭᠡᠳᠡᠯ᠎ᠡ ᠪᠢᠳᠡ ᠥᠷᠯᠥᠭ ᠲᠡᠤᠭᠡᠨ ᠳᠤ ᠪᠠᠨ ᠤᠮᠤᠷᠬᠠᠭᠯᠠᠭᠠᠳ ᠤᠷᠤᠭᠰᠢᠯᠠᠬᠤ ᠥᠭᠡᠢ | ᠪᠠᠶᠢᠵᠤ ᠥᠯᠤ ᠪᠤᠯᠤᠨ᠎ᠠ᠃ ᠥᠪ ᠰᠤᠶᠤᠯ ᠳᠤ ᠪᠠᠨ ᠡᠷᠳᠤᠭᠡᠳ ᠭᠥᠭᠵᠢᠭᠦᠯᠭᠦ ᠥᠭᠡᠢ ᠪᠠᠶᠢᠵᠤ ᠥᠯᠤ ᠪᠤᠯᠤᠨ᠎ᠠ᠃ | ᠨᠢᠭᠡ᠂ ᠡᠭᠡ ᠭᠡᠯᠡᠨ ᠤ ᠵᠢᠭᠠᠨ ᠰᠤᠷᠭᠠᠯᠳᠠ ᠶᠡᠭᠡ ᠭᠥᠴᠢᠷᠳᠡᠯ ᠳᠤ ᠤᠴᠠᠷᠠᠵᠤ ᠪᠠᠶᠢᠨ᠎ᠠ᠃ | ︽ᠴᠢᠭᠢᠨ ᠤ ᠴᠢᠮᠡᠭ ᠪᠤᠯᠤᠭᠰᠠᠨ ᠠᠶᠠᠯᠭᠤ ᠰᠠᠶᠢᠬᠠᠨ ᠮᠤᠩᠭᠤᠯ ᠭᠡᠯᠡ | ᠴᠢᠩ ᠵᠤᠷᠢᠭᠳᠤ ᠡᠪᠤᠭᠡᠳ ᠲᠡᠭᠡᠳᠤᠰ ᠤᠨ ᠮᠢᠨᠢ ᠥᠪ ᠶᠡᠭᠡ ᠡᠷᠳᠡᠨᠢ | ᠰᠤᠨᠤᠰᠬᠤ ᠪᠥᠷᠢ ᠢᠷᠠᠭᠤ ᠪᠠᠶᠠᠯᠢᠭ ᠢ ᠨᠢ ᠭᠠᠶᠢᠬᠠᠨ ᠪᠠᠶᠠᠰᠴᠤ | ᠰᠤᠤ ᠶᠡᠭᠡ ᠪᠢᠯᠢᠭᠳᠦ ᠲᠥᠮᠡᠨ ᠶᠦᠭᠡᠨ ᠪᠢᠰᠢᠷᠡᠨ ᠮᠠᠭᠳᠠᠮᠤ ᠪᠢ︾ ᠭᠡᠵᠤ | ᠶᠡᠭᠡ ᠪᠢᠴᠢᠭ ᠤᠨ ᠭᠥᠮᠤᠨ ᠡᠷᠳᠡᠮᠳᠡᠨ ᠭᠥᠤᠰᠢ ᠪ᠊ · ᠷᠢᠨᠴᠢᠨ ᠭᠤᠸᠠᠢ ᠮᠤᠩᠭᠤᠯ ᠭᠡᠯᠡᠨ ᠤ ᠮᠢᠨᠢ ᠲᠡᠭᠷᠢᠯᠢᠭ | ᠷᠢᠳᠢ ᠰᠢᠳᠢ ᠶᠢ ᠰᠢᠯᠥᠭᠯᠡᠭᠰᠡᠨ ᠪᠢᠯᠡ᠃ ᠭᠡᠳᠡᠯ᠎ᠡ ᠡᠨᠡ ᠰᠠᠶᠢᠬᠠᠨ ᠭᠡᠯᠡ ᠪᠠᠷ ᠪᠢᠴᠢᠭᠳᠡᠭᠰᠡᠨ ᠵᠤᠭᠢᠶᠡᠯ ᠢ ᠤᠡᠭᠰᠢᠬᠤ | ᠭᠥᠮᠤᠰ ᠬᠤᠪᠤᠷᠳᠠᠵᠤ ᠪᠠᠶᠢᠨ᠎ᠠ᠃ ᠤᠳᠤᠬᠠᠨ ᠤ ᠭᠡᠤᠭᠡᠳ ᠦᠷᠦᠭᠡᠯ ᠤᠨ ᠭᠡᠯᠡᠨ ᠳᠤ ᠭᠠᠷᠮᠠᠭᠠᠢ ᠪᠤᠯᠵᠤ᠂ ᠮᠤᠩᠭᠤᠯ | ᠭᠡᠯᠡᠨ ᠳᠤ ᠪᠠᠨ ᠬᠠᠷᠢᠨ ᠮᠠᠭᠤ ᠪᠤᠯᠵᠠᠢ᠃ ᠴᠠᠭᠠᠨ ᠠᠷᠢᠭᠢ᠂ ᠴᠠᠭᠠᠨ ᠤᠰᠤ ᠭᠡᠵᠤ ᠭᠡᠯᠡᠭᠦ ᠭᠡᠤᠭᠡᠳ ᠠᠷᠪᠢᠳᠤᠵᠤ᠂ | ᠬᠠᠳᠠᠷᠢᠶ᠎ᠠ ᠶᠥᠷᠭᠡᠭᠡ ᠭᠡᠳᠡᠯ᠎ᠡ ᠤᠯᠤᠩ᠂ ᠨᠢᠳᠤᠷᠭ᠎ᠠ᠂ ᠵᠤᠯᠤᠭ ᠭᠡᠭᠦᠴᠢᠯᠡᠨ ᠮᠤᠷᠢ ᠮᠠᠯ ᠤᠨ ᠶᠠᠪᠤᠳᠠᠯ᠂ ᠭᠡᠷᠡᠭᠰᠡᠯ | ᠪᠤᠶᠤ ᠲᠡᠪᠡᠯ ᠭᠤᠳᠤᠯ ᠲᠠᠢ ᠬᠤᠯᠪᠤᠭᠳᠠᠭᠰᠠᠨ ᠨᠡᠷᠡᠶᠢᠳᠤᠯ ᠢ ᠮᠡᠳᠡᠭᠦ ᠪᠠᠶᠢᠳᠤᠭᠠᠢ ᠲᠥᠭᠦᠭᠡᠷᠡᠭᠦ ᠪᠠᠨ ᠪᠠᠰᠠ | ᠪᠠᠶᠢᠴᠢᠬᠠᠵᠠᠢ᠃ ᠲᠡᠶᠢᠨᠬᠦ ᠪᠢᠳᠡ ᠠᠮᠢᠨ ᠤ ᠬᠠᠶᠢᠷᠠᠳᠠᠢ ᠠᠭᠳᠠ ᠭᠥᠯᠥᠭ ᠢᠶᠠᠨ ᠤᠷᠭᠢᠵᠤ ᠡᠭᠢᠯᠡᠯ᠎ᠡ᠃ ᠬᠠᠨᠭ᠍ᠪᠤᠨ | ᠲᠡᠷᠯᠢᠭ᠂ ᠬᠠᠰᠠᠭ ᠲᠡᠷᠭᠡ ᠪᠠᠨ ᠬᠠᠶᠠᠴᠢᠬᠠᠯ᠎ᠠ᠃ ᠬᠠᠨ᠎ᠠ ᠨᠢ ᠴᠡᠮᠴᠡᠭᠡᠷ ᠮᠤᠩᠭᠤᠯ ᠭᠡᠷ ᠢᠶᠠᠨ ᠮᠠᠷᠳᠠᠴᠢᠬᠠᠯ᠎ᠠ᠃ ︽ | ᠨᠢᠭᠡ ᠥᠨᠳᠤᠰᠤᠳᠡᠨ ᠭᠡᠷᠪᠡ ᠲᠠᠪᠰᠢᠬᠰᠠᠨ ᠰᠤᠶᠤᠯ᠂ ᠤᠳᠤᠭᠢᠴᠢᠯᠠᠭᠰᠠᠨ ᠵᠡᠪᠰᠡᠭ ᠥᠭᠡᠢ ᠪᠤᠯ ᠴᠤᠭᠢᠮᠠᠭᠴᠠ | ᠤᠰᠠᠳᠤᠨ᠎ᠠ᠃ ᠭᠡᠳᠡᠯ᠎ᠡ ᠤᠯᠠᠮᠵᠢᠯᠠᠯᠳᠤ ᠭᠥᠮᠤᠨ ᠰᠤᠶᠤᠯ ᠤᠨ ᠵᠤᠷᠢᠭ ᠰᠠᠨᠠᠭ᠎ᠠ ᠥᠭᠡᠢ ᠪᠤᠯ ᠴᠤᠭᠢᠬᠤ ᠥᠭᠡᠢ ᠴᠤ | ᠥᠪᠡᠷᠳᠡᠭᠡᠨ ᠤᠰᠠᠳᠤᠨ᠎ᠠ︾ ᠭᠡᠵᠤ ᠠᠺᠧᠳᠧᠮᠢᠴᠢ ᠶᠠᠩ ᠱᠤ᠋ ᠽᠢ ᠠᠪᠤᠭᠠᠢ ᠭᠡᠯᠡᠵᠤ ᠥᠡᠭᠭᠡᠷᠡᠭᠰᠡᠨ ᠶᠤᠮ᠃ | ᠥᠯᠥᠭᠡᠢ ᠳᠤ ᠠᠷᠭᠠᠳᠠᠭᠤᠯᠤᠭᠰᠠᠨ ᠭᠡᠤᠭᠡᠳ ᠥᠰᠴᠤ ᠲᠤᠮᠤᠵᠢᠭᠠᠳ ᠲᠡᠯᠡᠭᠡᠢ ᠶᠢ ᠠᠷᠭᠠᠳᠠᠨ᠎ᠠ ᠭᠡᠳᠡᠭ᠃ | ᠥᠪ ᠰᠤᠶᠤᠯ ᠤᠨ ᠡᠷᠳᠡᠨᠢ ᠶᠢᠨ ᠲᠠᠯ᠎ᠠ ᠳᠤ ᠪᠠᠷᠢᠯᠳᠤᠵᠤ ᠥᠰᠥᠭᠰᠡᠨ ᠭᠡᠤᠭᠡᠳ ᠰᠠᠶ᠋ᠢ ᠥᠰᠴᠤ ᠪᠤᠵᠠᠭᠠᠶᠢᠷᠠᠭᠠᠳ | ᠡᠨᠡ ᠥᠪ ᠰᠤᠶᠤᠯ ᠤᠨ ᠢᠶᠠᠨ ᠨᠠᠷᠠ ᠶᠢ ᠡᠷᠭᠦᠵᠤ ᠶᠠᠪᠤᠨ᠎ᠠ ᠰᠢᠤ ᠳ᠋ᠧ᠃ ᠭᠡᠤᠭᠡᠳ ᠨᠢ ᠮᠡᠳᠡᠳᠡᠭ ᠥᠭᠡᠢ ᠰᠤᠶᠤᠯ | ᠭᠡᠨ ᠤ ᠬᠢ ᠪᠤᠯᠳᠠᠭ ᠢ ᠡ᠊ᠨᠳᠠ ᠶᠠᠷᠢᠬᠤ ᠥᠭᠡᠢ ᠴᠤ ᠭᠥᠮᠤᠨ ᠪᠥᠭᠦᠨ ᠪᠥᠷ ᠮᠡᠳᠡᠨ᠎ᠡ᠃ ᠮᠥᠴᠢᠷ ᠠᠴᠠ ᠪᠠᠨ | ᠰᠠᠯᠤᠭᠰᠠᠨ ᠨᠠᠪᠴᠢ ᠢᠯᠵᠠᠷᠠᠬᠤ ᠲᠠᠪᠢᠯᠠᠩ ᠲᠠᠢ ᠪᠤᠯ ᠭᠡᠯᠡ ᠪᠠᠨ ᠮᠠᠷᠳᠠᠭᠰᠠᠨ ᠥᠨᠳᠤᠰᠤᠳᠡᠨ ᠬᠠᠶᠢᠯᠬᠤ ᠵᠠᠶᠠᠭ᠎ᠠ ᠲᠠᠢ | ᠃ ᠭᠡᠯᠡ ᠪᠤᠯ ᠥᠨᠳᠤᠰᠤᠳᠡᠨ ᠤ ᠰᠢᠨᠵᠢ ᠲᠡᠮᠳᠡᠭ ᠮᠥᠨ᠃ ᠭᠡᠯᠡᠨ ᠤ ᠬᠠᠶᠢᠯᠤᠭᠳᠠᠯ ᠨᠢ ᠥᠨᠳᠤᠰᠤᠳᠡᠨ ᠤ | ᠬᠠᠶᠢᠯᠤᠭᠳᠠᠯ ᠲᠠᠢ ᠰᠢᠭᠤᠳ ᠬᠠᠷᠢᠴᠠᠭᠠᠳᠤ ᠪᠤᠯᠳᠠᠭ᠃ ᠮᠤᠩᠭᠤᠯ ᠭᠡᠤᠭᠡᠳ ᠭᠢᠳᠡᠳ ᠢᠶᠠᠷ ᠪᠢᠴᠢᠭ ᠥᠵᠡᠭᠦ | ᠥᠵᠡᠭᠳᠡᠯ ᠲᠤᠩ ᠭᠥᠨᠳᠤ ᠨᠤᠴᠢᠳᠠᠢ ᠪᠤᠯᠵᠠᠢ᠃ ᠭᠠᠳᠠᠭᠠᠳᠤ ᠭᠡᠯᠡ ᠶᠢ ᠭᠡᠳᠤᠢ ᠡᠷᠳᠡ ᠰᠤᠷᠪᠡᠯ ᠲᠡᠳᠤᠢ ᠰᠠᠶᠢᠨ | ᠭᠡᠵᠤ ᠡᠷᠳᠡᠮᠳᠡᠳ ᠰᠤᠳᠤᠯᠤᠨ ᠭᠠᠷᠭᠠᠵᠠᠢ᠃ ᠡᠨᠡ ᠨᠢ ᠤᠨᠤᠯ ᠤᠨ ᠬᠤᠪᠢ ᠳᠤ ᠪᠤᠷᠤᠭᠤ ᠥᠭᠡᠢ ᠪᠠᠶᠢᠵᠤ ᠮᠡᠳᠡᠨ᠎ᠡ᠃ | ᠭᠡᠪᠡᠴᠤ ᠪᠢᠳᠡ ᠡᠭᠦᠨ ᠢᠶᠠᠷ ᠰᠢᠯᠳᠠᠵᠤ᠂ ᠭᠡᠤᠭᠡᠳ ᠲᠤ ᠪᠠᠨ ᠤᠷᠢᠳᠡᠪᠠᠷ ᠡᠭᠡ ᠭᠡᠯᠡ ᠶᠢ ᠨᠢ ᠪᠢᠰᠢ᠂ ᠬᠠᠷᠢ ᠭᠡᠯᠡ | ᠵᠢᠭᠠᠪᠠᠯ ᠰᠠᠶᠢᠨ ᠭᠡᠳᠡᠭ ᠶᠤᠰᠤ ᠶᠢ ᠮᠥᠷᠳᠡᠨ ᠭᠠᠷᠭᠠᠵᠤ ᠴᠢᠳᠠᠬᠤ ᠥᠭᠡᠢ᠃ ᠡᠸᠥ᠋ᠷᠤᠫᠡ ᠠᠮᠧᠷᠢᠺᠠ ᠶᠢᠨ ᠡᠷᠳᠡᠮᠳᠡᠳ | ᠡᠨᠡ ᠥᠵᠡᠯᠳᠡ ᠶᠢ ᠲᠤᠷᠠᠳᠤᠭᠠᠳ ᠵᠠᠭᠤᠨ ᠵᠢᠯ ᠪᠤᠯᠵᠤ ᠪᠠᠶᠢᠭ᠎ᠠ ᠪᠤᠯᠪᠠᠴᠤ ᠲᠡᠳᠡ ᠶᠡᠷᠤ ᠠᠴᠠ ᠨᠢᠭᠡᠳᠤᠭᠡᠷ | ᠤᠨ ᠠᠴᠠ ᠨᠢ ᠡᠭᠢᠯᠡᠵᠤ ᠵᠠᠪᠠᠯ ᠨᠢᠭᠡ ᠭᠠᠳᠠᠭᠠᠳᠤ ᠭᠡᠯᠡ ᠵᠢᠭᠠᠳᠠᠭ ᠶᠠᠪᠤᠳᠠᠯ ᠢ ᠰᠠᠨᠠᠭᠠᠴᠢᠯᠠᠭᠰᠠᠨ ᠥᠭᠡᠢ ᠪᠢᠯᠡ᠃ | ᠢᠯᠠᠩᠭᠤᠶ᠎ᠠ ᠡᠭᠡ ᠭᠡᠯᠡᠨ ᠤ ᠪᠠᠨ ᠭᠢᠴᠢᠶᠡᠯ ᠢ ᠬᠠᠰᠤᠬᠤ ᠪᠤᠶᠤ ᠬᠠᠷᠢ ᠭᠡᠯᠡ ᠪᠠᠷ ᠡᠭᠡ ᠭᠡᠯᠡᠨ ᠤ ᠪᠠᠨ ᠵᠢᠭᠠᠨ | ᠰᠤᠷᠭᠠᠯᠳᠠ ᠶᠢ ᠤᠷᠤᠯᠠᠭᠤᠯᠤᠨ᠎ᠠ ᠭᠡᠵᠤ ᠪᠠᠷᠭᠢᠷᠠᠭᠰᠠᠨ ᠭᠥᠮᠤᠨ ᠠᠯᠠᠭ᠎ᠠ᠃ ︽ᠮᠤᠩᠭᠤᠯᠴᠤᠳ ᠵᠠᠭᠤᠭᠠᠳ ᠵᠢᠯ ᠤᠨ | ᠲᠤᠷᠰᠢ ᠪᠤᠷᠬᠠᠨ ᠤ ᠰᠤᠷᠭᠠᠯ ᠢ ᠰᠢᠳᠤᠭᠡᠳ ᠤᠬᠠᠭᠠᠨ ᠥᠭᠡᠢ ᠪᠤᠯᠤᠭᠰᠠᠨ ᠪᠤᠯᠠᠢ᠂ ᠡᠭᠦᠨ ᠢ ᠬᠠᠭᠠᠨ ᠪᠢ | ᠰᠠᠶᠢᠰᠢᠶᠠᠮᠤᠢ︾ ᠭᠡᠵᠤ ᠲᠡᠭᠷᠢ ᠲᠡᠳᠭᠦᠭᠴᠢ ᠭᠡᠯᠡᠭᠰᠡᠨ ᠭᠡᠳᠡᠭ᠃ ᠤᠳᠤ ᠮᠤᠩᠭᠤᠯᠴᠤᠳ ᠤᠬᠠᠭᠠᠨ ᠥᠭᠡᠢ ᠪᠠᠷ | ᠥᠯᠤ ᠪᠠᠷᠠᠨ᠂ ᠭᠡᠯᠡ ᠪᠠᠨ ᠪᠠᠰᠠ ᠠᠯᠳᠠᠵᠤ ᠪᠤᠢ᠃ ᠡᠭᠦᠨ ᠢ ᠭᠡᠨ ᠰᠠᠶᠢᠰᠢᠶᠠᠳᠠᠭ ᠪᠤᠯ⁈ | ᠬᠤᠶᠠᠷ᠂ ᠲᠠᠩᠭᠢᠮ ᠤᠨ ᠭᠢᠴᠢᠶᠡᠯᠯᠡᠭᠡ ᠳᠤ ᠤᠯᠤᠯᠳᠡ ᠪᠠᠭ᠎ᠠ ᠪᠤᠯᠵᠤ ᠪᠤᠢ᠃ | ᠰᠤᠷᠭᠠᠭᠤᠯᠢ ᠪᠤᠯ ᠰᠤᠶᠤᠯ ᠡᠷᠳᠡᠮ ᠤᠨ ᠲᠠᠷᠬᠠᠨ ᠥᠯᠤᠭᠡᠢ᠂ ᠰᠤᠷᠳᠠᠯ ᠭᠥᠮᠤᠵᠢᠯ ᠤᠨ ᠠᠷᠢᠭᠤᠨ ᠤᠷᠤᠨ᠃ | ᠰᠤᠷᠭᠠᠭᠤᠯᠢ ᠪᠤᠯ ᠭᠡᠪᠯᠡᠭᠦ ᠤᠶᠢᠯᠡᠳᠪᠤᠷᠢ ᠪᠢᠰᠢ᠂ ᠠᠳᠠᠯᠢᠬᠠᠨ ᠲᠤᠭᠤᠰᠬ᠎ᠠ ᠰᠢᠬ ᠭᠥᠮᠤᠨ ᠢ ᠭᠥᠮᠥᠵᠢᠭᠦᠯᠭᠦ ᠪᠤᠯ | ᠲᠡᠭᠦᠨ ᠤ ᠵᠤᠷᠢᠯᠭ᠎ᠠ ᠪᠢᠰᠢ ᠬᠠᠷᠢᠨ ᠤᠯᠠᠨ ᠠᠷᠪᠢᠨ ᠴᠢᠳᠠᠪᠤᠷᠢᠳᠡᠨ ᠢ ᠭᠥᠮᠥᠵᠢᠭᠦᠯᠭᠦ ᠪᠤᠯ ᠲᠡᠭᠦᠨ ᠤ ᠡᠭᠦᠷᠭᠡ ᠶᠤᠮ᠃ | ᠪᠢᠳᠡ ᠵᠠᠭᠤᠨ ᠭᠡᠤᠭᠡᠳ ᠢ ᠨᠢᠭᠡ ᠯᠠ ᠭᠡᠤᠭᠡᠳ ᠪᠤᠯᠭᠠᠨ ᠭᠥᠮᠥᠵᠢᠭᠦᠯᠵᠤ ᠪᠤᠯᠬᠤ ᠥᠭᠡᠢ ᠬᠠᠷᠢᠨ ᠵᠠᠭᠤᠨ | ᠭᠡᠤᠭᠡᠳ ᠢ ᠬᠤᠶᠠᠷ ᠵᠠᠭᠤᠨ ᠭᠡᠤᠭᠡᠳ ᠪᠤᠯᠭᠠᠨ ᠭᠥᠮᠥᠵᠢᠭᠦᠯᠭᠦ ᠭᠡᠷᠡᠭᠳᠡᠢ᠃ ᠲᠠᠩᠭᠢᠮ ᠤᠨ ᠭᠢᠴᠢᠶᠡᠯᠯᠡᠭᠡ ᠶᠢᠨ ᠡᠵᠡᠨ | ᠪᠤᠯ ᠪᠠᠭᠰᠢ ᠪᠢᠰᠢ᠂ ᠬᠠᠷᠢᠨ ᠰᠤᠷᠤᠭᠴᠢ ᠶᠤᠮ᠃ ᠤᠳᠤᠬᠠᠨ ᠤ ᠪᠠᠶᠢᠳᠠᠯ ᠠᠴᠠ ᠥᠵᠡᠪᠡᠯ᠂ ᠨᠢᠭᠡ ᠪᠥᠯᠥᠭ ᠪᠠᠭᠰᠢ | ᠨᠠᠷ ᠪᠠᠰᠠ ᠯᠠ ᠰᠤᠷᠤᠭᠰᠠᠨ ᠲᠠᠭᠤᠤ ᠪᠠᠨ ᠲᠠᠭᠤᠯᠠᠨ ᠰᠤᠷ ᠪᠥᠰᠡ ᠪᠠᠨ ᠪᠥᠰᠡᠯᠡᠵᠤ᠂ ᠥᠪᠡᠷ ᠢᠶᠠᠨ ᠵᠢᠭᠠᠬᠤ | ᠲᠠᠪᠴᠠᠩ ᠲᠡᠭᠡᠷ᠎ᠡ ᠭᠤᠤᠯ ᠷᠤᠯᠢ ᠪᠤᠯᠤᠨ ᠲᠤᠭᠯᠠᠵᠤ᠂ ᠰᠤᠷᠤᠭᠴᠢᠳ ᠨᠢ ᠲᠤᠤᠷ᠎ᠠ ᠲᠡᠭᠦᠨ ᠤ ᠲᠤᠭᠯᠠᠬᠤ ᠶᠢ | ᠬᠠᠷᠠᠵᠤ ᠯᠠ ᠪᠤᠢ᠃ ᠡᠶᠢᠮᠤ ᠭᠢᠴᠢᠶᠡᠯᠯᠡᠭᠡ ᠶᠢ ᠳ᠋ᠥᠡᠭᠨᠡᠪᠡᠯ ᠰᠤᠷᠤᠭᠴᠢ ᠳᠤ ︽ᠭᠤᠷᠪᠠ ᠥᠭᠡᠢ︾ — ᠲᠠᠷᠤᠢ | ᠲᠡᠳᠡᠨ ᠳᠤ ᠰᠡᠳᠭᠢᠭᠦ ᠴᠠᠭ ᠥᠭᠡᠢ᠂ ᠭᠢᠭᠦ ᠴᠠᠭ ᠥᠭᠡᠢ᠂ ᠰᠤᠯᠢᠯᠴᠠᠬᠤ ᠴᠠᠭ ᠥᠭᠡᠢ᠃ ᠡᠭᠦᠨ ᠤ ᠳ᠋ᠥᠡᠭ ᠳᠤ | ᠲᠡᠳᠡᠨ ᠤ ᠰᠤᠷᠤᠭᠰᠠᠨ ᠶᠠᠭᠤᠮ᠎ᠠ ᠥᠭᠦᠭᠰᠡᠨ ᠤᠰᠤ ᠰᠢᠬ ᠪᠤᠯᠤᠨ᠂ ᠭᠡᠳᠤᠨ ᠰᠠᠷ᠎ᠠ ᠡᠰᠡᠭᠦᠯ᠎ᠡ ᠭᠡᠳᠤᠨ ᠵᠢᠯ ᠤᠨ | ᠲᠠᠷᠠᠭ᠎ᠠ ᠬᠠᠳᠠᠴᠢᠬᠠᠳᠠᠭ᠃ ᠥᠪᠡᠷ ᠢᠶᠠᠨ ᠰᠡᠳᠭᠢᠭᠦ ᠥᠭᠡᠢ᠂ ᠥᠪᠡᠷ ᠢᠶᠠᠨ ᠭᠢᠭᠦ ᠥᠭᠡᠢ᠂ ᠥᠵᠡᠯ ᠰᠠᠨᠠᠭ᠎ᠠ ᠪᠠᠨ | ᠰᠤᠯᠢᠯᠴᠠᠬᠤ ᠥᠭᠡᠢ ᠪᠠᠷ ᠶᠠᠭᠠᠭᠢᠵᠤ ᠰᠢᠨ᠎ᠡ ᠶᠢ ᠡᠭᠦᠳᠤᠨ ᠰᠢᠯᠢᠳᠡᠭ ᠢ ᠪᠥᠳᠤᠭᠡᠭᠦ ᠪᠤᠢ︖ ᠡᠶᠢᠮᠤ ᠠᠴᠠ | ᠤᠳᠤᠬᠠᠨ ᠤ ᠲᠠᠩᠭᠢᠮ ᠤᠨ ᠭᠢᠴᠢᠶᠡᠯᠯᠡᠭᠡ ᠳᠤ ᠵᠠᠪᠠᠯ ᠶᠡᠭᠡ ᠭᠡᠮᠵᠢᠶᠡᠨ ᠤ ︽ᠮᠡᠰᠡ ᠵᠠᠰᠠᠯ︾ ᠭᠢᠵᠤ ᠪᠠᠭᠰᠢ ᠶᠢᠨ | ᠶᠠᠷᠢᠬᠤ ᠶᠢ ᠰᠤᠷᠤᠭᠴᠢ ᠶᠢᠨ ᠶᠠᠷᠢᠬᠤ ᠪᠠᠷ᠂ ᠪᠠᠭᠰᠢ ᠶᠢᠨ ᠭᠢᠭᠦ ᠶᠢ ᠰᠤᠷᠤᠭᠴᠢ ᠶᠢᠨ ᠭᠢᠭᠦ ᠪᠠᠷ ᠤᠷᠤᠯᠠᠭᠤᠯᠬᠤ | ᠭᠡᠷᠡᠭᠳᠡᠢ᠃ ᠲᠠᠩᠭᠢᠮ ᠤᠨ ᠭᠢᠴᠢᠶᠡᠯᠯᠡᠭᠡ ᠶᠢᠨ ᠲᠤᠮᠳᠡ ᠰᠤᠷᠤᠭᠴᠢᠳ ᠲᠤ ᠵᠠᠪᠠᠯ ︽ᠭᠤᠷᠪᠠ ᠶᠢ ᠥᠭᠭᠦ︾ — | ᠲᠠᠷᠤᠢ ᠲᠡᠳᠡᠨ ᠳᠤ ᠰᠡᠳᠭᠢᠭᠦ ᠴᠠᠭ᠂ ᠭᠢᠭᠦ ᠴᠠᠭ᠂ ᠰᠤᠯᠢᠯᠴᠠᠬᠤ ᠴᠠᠭ ᠢ ᠥᠭᠭᠦ ᠭᠡᠷᠡᠭᠳᠡᠢ᠃ ᠢᠡᠭᠭᠢᠪᠡᠯ ᠰᠠᠶ᠋ᠢ | ᠲᠡᠳᠡ ᠮᠡᠳᠡᠯᠭᠡ ᠶᠢ ᠥᠪᠡᠷ ᠤᠨ ᠢᠶᠠᠨ ᠪᠤᠯᠭᠠᠵᠤ ᠴᠢᠳᠠᠨ᠎ᠠ᠃ ᠲᠡᠳᠡᠨ ᠤ ᠮᠡᠳᠡᠯᠭᠡ ᠨᠢ ᠵᠢᠩᠭᠢᠨᠢ ᠴᠢᠳᠠᠪᠤᠷᠢ ᠪᠤᠯᠵᠤ᠂ | ᠥᠨᠢ ᠮᠥᠡᠭᠭᠡ ᠶᠢᠨ ᠡᠷᠳᠡᠨᠢ ᠪᠤᠯᠵᠤ ᠲᠡᠶᠢᠯᠤᠨ᠎ᠡ᠃ | ᠰᠢᠨ᠎ᠡ ᠭᠢᠴᠢᠶᠡᠯ ᠤᠨ ᠥᠭᠡᠷᠡᠴᠢᠯᠡᠯᠳᠡ ᠳᠤ ᠰᠤᠷᠤᠭᠴᠢ ᠪᠠᠷ ᠲᠥᠪ ᠪᠤᠯᠭᠠᠬᠤ ᠶᠢ ᠬᠤᠭᠤᠯᠠᠢ ᠪᠠᠨ | ᠰᠥᠭᠡᠳᠡᠯᠡ ᠪᠠᠷᠭᠢᠷᠡᠵᠤ ᠪᠠᠶᠢᠨ᠎ᠠ᠃ ᠰᠤᠷᠤᠭᠴᠢ ᠥᠪᠡᠷ ᠢᠶᠠᠨ ᠭᠢᠭᠦ ᠶᠢ ᠱᠠᠭᠠᠷᠳᠠᠵᠤ ᠪᠠᠶᠢᠨ᠎ᠠ᠃ ᠡᠨᠡ | ᠥᠭᠡᠷᠡᠴᠢᠯᠡᠯᠳᠡ ᠶᠢ ᠲᠠᠪᠠᠭᠤ ᠶᠠᠪᠤᠭᠤᠯᠵᠤ ᠪᠠᠶᠢᠨ᠎ᠠ ᠭᠡᠪᠡᠯ ᠪᠡᠭᠡᠵᠢᠩ ᠤᠨ ᠯᠢ ᠰᠢ ᠭᠥᠢ ᠵᠠᠭᠢᠷᠤᠯ ᠤᠨ ᠲᠠᠷᠤᠭᠠᠯᠠᠵᠤ | ᠪᠠᠶᠢᠭ᠎ᠠ ᠰᠤᠷᠭᠠᠭᠤᠯᠢ ᠶᠢ ᠲᠤᠷᠠᠳᠴᠤ ᠪᠤᠯᠤᠨ᠎ᠠ᠃ ᠭᠡᠳᠡᠯ᠎ᠡ ᠪᠢᠳᠡ ᠴᠠᠭᠠᠰᠤᠨ ᠲᠡᠭᠡᠷ᠎ᠡ ᠰᠡᠳᠤᠪ ᠭᠢᠯᠭᠡᠵᠤ ᠯᠠ | ᠪᠠᠶᠢᠬᠤ ᠠᠴᠠ ᠪᠢᠰᠢ ᠴᠠᠭ ᠭᠠᠷᠭᠠᠵᠤ ᠲᠡᠳᠡᠨ ᠢ ᠤᠶᠢᠯᠡᠳᠤᠯᠭᠡ ᠳᠤ ᠤᠷᠤᠯᠴᠠᠭᠤᠯᠵᠤ ᠪᠠᠶᠢᠨᠠᠤ︖ ᠪᠠᠭᠰᠢ | ᠰᠠᠮᠪᠠᠷ᠎ᠡ ᠶᠢᠨ ᠡᠮᠤᠨ᠎ᠡ ᠪᠥᠳᠤᠨ ᠭᠢᠴᠢᠶᠡᠯ ᠠᠮᠠᠨ ᠠᠴᠠ ᠪᠠᠨ ᠭᠥᠭᠡᠰᠤ ᠵᠠᠪᠠᠭᠠᠷᠠᠳᠠᠯᠠ ᠶᠠᠷᠢᠵᠤ ᠪᠠᠶᠢᠬᠤ ᠠᠴᠠ ᠪᠢᠰᠢ | ᠭᠡᠤᠭᠡᠳ ᠲᠤ ᠰᠡᠳᠭᠢᠭᠦ ᠴᠢᠯᠤᠭᠡ ᠥᠭᠴᠤ ᠪᠠᠶᠢᠨᠠᠤ︖ ᠨᠤᠮ ᠤᠨ ᠰᠠᠩ ᠳᠤ ᠤᠴᠢᠵᠤ ᠮᠠᠲ᠋ᠧᠷᠢᠶᠠᠯ ᠤᠷᠪᠠᠭᠤᠯᠵᠤ | ᠥᠵᠡᠯᠳᠡ ᠪᠠᠨ ᠪᠢᠴᠢᠭᠦ ᠴᠢᠯᠤᠭᠡ ᠥᠭᠴᠤ ᠪᠠᠶᠢᠨᠠᠤ︖ | ᠠᠩᠭ᠍ᠯᠢ ᠳᠤ ︽ᠨᠢᠳᠤ ᠠᠯᠢᠪᠠ ᠶᠢ ᠤᠯᠵᠤ ᠥᠵᠡᠨ᠎ᠡ᠂ ᠭᠡᠪᠡᠴᠤ ᠲᠡᠷᠡ ᠥᠪᠡᠷ ᠢ ᠪᠠᠨ ᠤᠯᠵᠤ ᠥᠵᠡᠭᠦ | ᠥᠭᠡᠢ︾ ᠭᠡᠰᠡᠨ ᠠᠯᠳᠠᠷᠳᠤ ᠰᠡᠴᠡᠨ ᠥᠭᠡ ᠪᠠᠶᠢᠳᠠᠭ᠃ ᠪᠢᠳᠡ ᠥᠨᠤᠳᠤᠷ ︽ᠨᠢᠳᠤ︾ ᠪᠤᠯᠵᠤ ᠪᠠᠶᠢᠭ᠎ᠠ ᠪᠠᠨ | ᠵᠠᠪᠠᠯ ᠮᠡᠳᠡᠷᠡᠭᠦ ᠴᠢᠬᠤᠯᠠᠳᠠᠢ᠃ ᠰᠤᠷᠭᠠᠨ ᠭᠥᠮᠤᠵᠢᠯ ᠪᠤᠯ ᠨᠢᠭᠡ ᠵᠦᠢᠯ ᠤᠨ ᠭᠥᠮᠤᠨ ᠤ ᠤᠬᠠᠭᠠᠨ ᠮᠥᠨ᠃ ︽ | ᠮᠤᠳᠤ ᠲᠠᠷᠢᠬᠤ ᠳᠤ ᠠᠷᠪᠠᠨ ᠵᠢᠯ᠂ ᠭᠥᠮᠤᠨ ᠢ ᠭᠥᠮᠥᠵᠢᠭᠦᠯᠭᠦ ᠳᠤ ᠵᠠᠭᠤᠨ ᠵᠢᠯ︾ ᠭᠡᠳᠡᠭ ᠪᠢᠰᠢᠤ᠃ ᠪᠢᠳᠡ | ᠠᠮᠧᠷᠢᠺᠠ ᠶᠠᠫᠤᠨ ᠠᠴᠠ ᠵᠠᠭᠤᠨ ᠵᠢᠯ ᠢᠶᠠᠷ ᠬᠤᠴᠤᠷᠴᠤ ᠪᠠᠶᠢᠨ᠎ᠠ ᠭᠡᠳᠡᠭ ᠴᠢᠨᠢ ᠲᠡᠷᠤᠢ ᠭᠥᠮᠤᠨ ᠢ ᠭᠥᠮᠥᠵᠢᠭᠦᠯᠭᠦ | ᠤᠬᠠᠭᠠᠨ ᠲᠡᠭᠡᠷ᠎ᠡ ᠵᠠᠭᠤᠨ ᠵᠢᠯ ᠬᠤᠴᠤᠷᠴᠤ ᠪᠠᠶᠢᠨ᠎ᠠ ᠭᠡᠰᠡᠨ ᠥᠭᠡ᠃ ᠲᠡᠭᠡᠪᠡᠯ ᠰᠤᠷᠭᠠᠨ ᠭᠥᠮᠤᠵᠢᠯ ᠶᠠᠮᠠᠷ ᠪᠠᠶᠢᠪᠠᠯ | ᠵᠣᠭᠢᠬᠤ ᠪᠤᠢ︖ ᠰᠤᠷᠭᠠᠨ ᠭᠥᠮᠤᠵᠢᠯ ᠪᠤᠯ ᠰᠡᠵᠢᠭᠯᠡᠯ ᠮᠥᠨ᠃ ᠲᠡᠷᠡ ᠨᠢ ᠪᠠᠭᠰᠢ ᠶᠢᠨ ᠲᠤᠭ᠎ᠠ ᠥᠭᠡᠢ ᠤᠯᠠᠨ | ᠶᠠᠷᠢᠭᠰᠠᠨ ᠮᠡᠳᠡᠯᠭᠡ ᠳᠤ ᠪᠠᠶᠢᠬᠤ ᠪᠢᠰᠢ ᠬᠠᠷᠢᠨ ᠰᠤᠷᠤᠭᠴᠢ ᠶᠢᠨ ᠲᠠᠯᠪᠢᠭᠰᠠᠨ ᠤᠯᠠᠨ ︽ᠶᠠᠭᠠᠭᠢᠭᠠᠳ︖︾ ᠲᠤ | ᠪᠤᠢ᠃ ᠰᠤᠷᠬᠤ ᠶᠢᠨ ᠡᠵᠡᠨ ᠭᠥᠮᠤᠨ ᠪᠤᠯ ᠰᠤᠷᠤᠭᠴᠢ ᠮᠥᠨ᠃ ᠲᠡᠷᠡ ᠨᠢ ᠪᠠᠭᠰᠢ ᠶᠢᠨ ᠥ ᠰᠡᠪ ᠥᠭᠡᠢ | ᠵᠢᠭᠠᠭᠰᠠᠨ ᠳᠤ ᠪᠠᠶᠢᠬᠤ ᠪᠢᠰᠢ ᠬᠠᠷᠢᠨ ᠰᠤᠷᠤᠭᠴᠢ ᠶᠢᠨ ᠰᠤᠷᠬᠤ ᠠᠵᠢᠯᠯᠠᠭᠠᠨ ᠳᠤ ᠭᠡᠳᠤᠢ ᠤᠷᠤᠯᠴᠠᠭᠰᠠᠨ ᠳᠤ | ᠪᠠᠶᠢᠨ᠎ᠠ᠃ ᠰᠤᠷᠭᠠᠭᠤᠯᠢ ᠶᠢᠨ ᠪᠠᠶᠢᠷᠢᠯᠠᠭᠤᠯᠤᠭᠰᠠᠨ ᠡᠳᠤᠷ ᠪᠥᠷᠢ ᠶᠢᠨ ᠨᠠᠢᠮᠠᠨ ᠭᠢᠴᠢᠶᠡᠯ ᠳᠤ ᠪᠠᠶᠢᠬᠤ ᠪᠢᠰᠢ ᠬᠠᠷᠢᠨ | ᠰᠤᠷᠬᠤ ᠡᠳᠡᠭᠡᠳ ᠲᠤ ᠪᠠᠨ ᠭᠡᠳᠤᠢ ᠰᠤᠨᠢᠷᠬᠠᠯ ᠲᠠᠢ ᠪᠠᠶᠢᠬᠤ᠂ ᠰᠤᠷᠬᠤ ᠪᠠᠷ ᠲᠠᠮᠵᠢᠨ ᠭᠡᠳᠤᠢ ᠰᠤᠨᠢᠭᠤᠴᠢ ᠰᠡᠳᠭᠢᠯ | ᠪᠠ ᠬᠠᠶᠢᠬᠤ ᠪᠤᠳᠤᠯ ᠡᠭᠦᠰᠥᠭᠰᠡᠨ ᠳᠤ ᠪᠤᠢ᠃ ᠪᠠᠭᠰᠢ ᠶᠢᠨ ᠭᠡᠳᠤᠢ ᠲᠡᠰᠬᠠᠯ ᠥᠯᠡᠳᠡᠭᠡᠭᠰᠡᠨ ᠳᠤ ᠪᠠᠶᠢᠬᠤ ᠪᠢᠰᠢ | ᠬᠠᠷᠢᠨ ᠲᠡᠳᠡᠨ ᠤ ᠰᠡᠳᠭᠢᠭᠦᠢ ᠶᠢ ᠨᠢ ᠲᠡᠯᠡᠵᠤ᠂ ᠤᠷᠠᠨ ᠰᠠᠨᠠᠭᠠᠨ ᠤ ᠤᠷᠴᠢᠯᠠᠩ ᠢ ᠨᠡᠭᠡᠭᠡᠭᠦ ᠳᠤ ᠪᠤᠢ᠃ | ᠰᠢᠯᠭᠠᠯᠳᠠ ᠳᠤ ᠭᠡᠳᠤᠢ ᠬᠤᠪᠢ ᠤᠯᠬᠤ ᠳᠤ ᠪᠠᠶᠢᠬᠤ ᠪᠢᠰᠢ ᠬᠠᠷᠢᠨ ᠥᠪᠡᠷ ᠤᠨ ᠭᠥᠭᠵᠢᠯᠳᠡ ᠳᠤ ᠪᠠᠨ ᠭᠡᠳᠤᠢ | ᠢᠳᠡᠭᠡᠯ ᠲᠠᠢ ᠪᠠᠶᠢᠬᠤ ᠳᠤ ᠪᠤᠢ᠃ ᠶᠠᠳᠤᠭ᠎ᠠ ᠴᠢᠪᠬᠠᠳᠠᠵᠤ᠂ ᠵᠢᠷᠤᠭ ᠵᠢᠷᠤᠬᠤ ᠡᠰᠡᠭᠦᠯ᠎ᠡ ᠪᠤᠰᠤᠳ ᠤᠨᠴᠠᠭᠠᠢ | ᠴᠢᠳᠠᠪᠤᠷᠢ ᠳᠤ ᠪᠠᠶᠢᠬᠤ ᠪᠢᠰᠢ ᠬᠠᠷᠢᠨ ᠲᠡᠭᠦᠨ ᠳᠤ ᠪᠠᠶᠠᠯᠢᠭ ᠤᠷᠠᠨ ᠰᠠᠨᠠᠭᠠᠨ ᠤ ᠶᠢᠷᠳᠢᠨᠴᠤ ᠪᠠ ᠰᠠᠶᠢᠨ ᠰᠠᠶᠢᠬᠠᠨ | ᠭᠥᠰᠡᠯ ᠡᠷᠡᠮᠡᠯᠵᠡᠯ ᠪᠠᠶᠢᠬᠤ ᠡᠰᠡᠭᠦ ᠳᠤ ᠪᠤᠢ᠃ ᠪᠢᠳᠡ ᠡᠳᠡᠭᠡᠷ ᠢ ᠥᠨᠡᠨ ᠭᠦ ᠪᠡᠶᠡᠯᠡᠭᠦᠯᠵᠤ ᠪᠠᠶᠢᠨ᠎ᠠ ᠤᠤ⁈ | ᠭᠤᠷᠪᠠ᠂ ᠥᠨᠳᠤᠰᠤᠳᠡᠨ ᠤ ᠰᠤᠷᠭᠠᠭᠤᠯᠢ ᠨᠤᠭᠤᠳ ᠤᠨ ᠬᠤᠭᠤᠷᠤᠨᠳᠤᠭᠢ ᠬᠠᠮᠵᠢᠯᠴᠠᠭ᠎ᠠ ᠲᠤᠳᠠᠭᠳᠠᠵᠤ ᠪᠤᠢ | ᠃ | ᠥᠨᠳᠤᠰᠤᠳᠡᠨ ᠤ ᠰᠤᠷᠭᠠᠨ ᠭᠥᠮᠤᠵᠢᠯ ᠪᠤᠯ ᠪᠥᠯᠥᠭᠳᠤ ᠴᠤᠭᠴᠠ ᠶᠢᠨ ᠰᠤᠷᠭᠠᠨ ᠭᠥᠮᠤᠵᠢᠯ ᠮᠥᠨ᠃ | ᠲᠡᠷᠡ ᠨᠢ ᠭᠠᠭᠴᠠ ᠨᠢᠭᠡ᠂ ᠬᠤᠶᠠᠷ ᠭᠥᠮᠤᠨ ᠪᠤᠶᠤ ᠭᠠᠭᠴᠠ ᠨᠢᠭᠡ ᠬᠤᠶᠠᠷ ᠰᠤᠷᠭᠠᠭᠤᠯᠢ ᠶᠢᠨ ᠠᠵᠢᠯ ᠪᠢᠰᠢ᠃ | ᠪᠢᠳᠡ ᠬᠠᠮᠳᠤ ᠪᠠᠷ ᠡᠨᠡ ᠠᠵᠢᠯ ᠢ ᠰᠤᠳᠤᠯᠵᠤ᠂ ᠡᠨᠡ ᠠᠵᠢᠯ ᠳᠤ ᠪᠠᠨ ᠵᠢᠳᠭᠦᠭᠦ ᠴᠢᠬᠤᠯᠠᠳᠠᠢ᠃ ᠨᠢᠭᠡ ᠳᠤ᠂ | ᠮᠤᠩᠭᠤᠯ ᠰᠤᠷᠭᠠᠭᠤᠯᠢ ᠨᠤᠭᠤᠳ ᠬᠤᠭᠤᠷᠤᠨᠳᠤ ᠪᠠᠨ ᠭᠠᠳᠠᠭᠤᠷᠴᠢᠯᠠᠬᠤ ᠪᠢᠰᠢ᠂ ᠬᠠᠷᠢᠨ ᠬᠤᠯᠪᠤᠭᠠᠯᠠᠬᠤ ᠭᠡᠷᠡᠭᠳᠡᠢ᠃ | ᠪᠢᠳᠡ ᠰᠤᠷᠭᠠᠨ ᠭᠥᠮᠤᠵᠢᠯ ᠤᠨ ᠡᠭᠢ ᠪᠠᠶᠠᠯᠢᠭ ᠢ ᠬᠠᠮᠳᠤ ᠪᠠᠷ ᠠᠰᠢᠭᠯᠠᠨ᠂ ᠰᠤᠷᠭᠠᠨ ᠭᠥᠮᠤᠵᠢᠯ ᠤᠨ ᠢᠳᠡᠪᠭᠢ | ᠭᠥᠴᠤᠨ ᠢᠶᠠᠨ ᠬᠠᠷᠢᠯᠴᠠᠨ ᠰᠤᠯᠢᠯᠴᠠᠵᠤ᠂ ᠲᠤᠳᠠᠭᠳᠠᠯ ᠢᠶᠠᠨ ᠨᠥᠭᠦᠪᠤᠷᠢᠯᠡᠨ ᠠᠳᠠᠯᠢᠬᠠᠨ ᠭᠥᠭᠵᠢᠭᠦ ᠪᠠᠷ ᠴᠢᠷᠮᠠᠶᠢᠬᠤ | ᠭᠡᠷᠡᠭᠳᠡᠢ᠃ ᠰᠤᠷᠭᠠᠭᠤᠯᠢ ᠪᠤᠯ ᠨᠢᠭᠡ ᠨᠤᠳᠤᠭ ᠤᠰᠤᠨ ᠤ ᠰᠤᠶᠤᠯ ᠤᠨ ᠠᠯᠳᠠᠨ ᠲᠤᠯᠭ᠎ᠠ ᠶᠤᠮ᠃ ᠡᠨᠡ ᠲᠤᠯᠭ᠎ᠠ | ᠤᠨᠳᠠᠷᠠᠪᠠᠯ ᠡᠨᠡ ᠨᠤᠳᠤᠭ ᠤᠨ ᠰᠤᠶᠤᠯ ᠤᠰᠠᠳᠤᠯᠠ ᠭᠡᠰᠡᠨ ᠥᠭᠡ ᠰᠢᠤ ᠳ᠋ᠧ᠃ ᠬᠤᠶᠠᠷ ᠲᠤ᠂ ᠤᠯᠠᠨ ᠶᠠᠩᠵᠤ ᠪᠠᠷ | ᠰᠤᠷᠭᠠᠭᠤᠯᠢ ᠡᠷᠭᠢᠯᠡᠵᠤ ᠭᠠᠷᠬᠤ ᠵᠠᠮ ᠢᠶᠠᠨ ᠡᠷᠢᠯᠭᠢᠯᠡᠭᠦ ᠭᠡᠷᠡᠭᠳᠡᠢ᠃ ᠨᠡᠶᠢᠭᠡᠮ ᠪᠤᠯ ᠤᠯᠠᠨ ᠭᠥᠮᠤᠨ ᠤ ᠪᠥᠯᠥᠭᠳᠤ | ᠴᠤᠭᠴᠠ ᠶᠤᠮ᠃ ᠡᠨᠡ ᠨᠡᠶᠢᠭᠡᠮ ᠳᠤ ᠭᠠᠭᠴᠠ ᠴᠥᠭᠡᠨ ᠭᠡᠳᠤᠨ ᠰᠢᠨᠵᠢᠯᠡᠭᠦ ᠤᠬᠠᠭᠠᠨᠳᠠᠨ ᠪᠠᠶᠢᠭᠠᠳ ᠪᠤᠯᠬᠤ ᠥᠭᠡᠢ᠃ | ᠪᠠᠰᠠ ᠲᠤᠮᠳᠡ ᠵᠡᠷᠭᠡ ᠶᠢᠨ ᠴᠢᠳᠠᠪᠤᠷᠢᠳᠡᠳ ᠤᠯᠠᠨ ᠪᠠᠶᠢᠵᠤ ᠤᠯᠤᠰ ᠭᠡᠷ ᠤᠨ ᠢᠶᠠᠨ ᠪᠥᠳᠤᠭᠡᠨ ᠪᠠᠶᠢᠭᠤᠯᠤᠯᠳᠡ ᠶᠢᠨ | ᠲᠤᠯᠭᠠᠭᠤᠷᠢ ᠭᠥᠴᠤᠨ ᠪᠤᠯᠬᠤ ᠭᠡᠷᠡᠭᠳᠡᠢ᠃ ᠡᠨᠡ ᠨᠢ ᠲᠠᠷᠤᠢ ᠨᠡᠶᠢᠭᠡᠮ ᠥᠨᠳᠤᠷ ᠵᠡᠷᠭᠡ ᠶᠢᠨ ᠡᠷᠳᠡᠮ ᠮᠡᠳᠡᠯᠭᠡ ᠲᠠᠢ | ᠤᠶᠤᠳᠠᠨ ᠢ ᠱᠠᠭᠠᠷᠳᠠᠬᠤ ᠠᠴᠠ ᠭᠠᠳᠠᠨ᠎ᠠ ᠲᠤᠮᠳᠡ ᠵᠡᠷᠭᠡ ᠪᠤᠶᠤ ᠲᠡᠭᠡᠳᠤ ᠵᠡᠷᠭᠡ ᠶᠢᠨ ᠲᠤᠰᠬᠠᠢ ᠮᠡᠷᠭᠡᠵᠢᠯ ᠲᠠᠢ | ᠰᠤᠷᠤᠭᠴᠢᠳ ᠢ ᠴᠤ ᠱᠠᠭᠠᠷᠳᠠᠨ᠎ᠠ ᠭᠡᠰᠡᠨ ᠶᠠᠪᠤᠳᠠᠯ ᠪᠤᠯᠬᠤ ᠶᠤᠮ᠃ ᠪᠢᠳᠡ ᠵᠠᠪᠠᠯ ᠪᠥᠭᠦ ᠰᠤᠷᠤᠭᠴᠢ ᠳᠤ ᠬᠠᠨᠳᠤᠵᠤ | ᠂ ᠰᠤᠷᠤᠭᠴᠢ ᠶᠢᠨ ᠪᠥᠭᠦ ᠲᠠᠯ᠎ᠠ ᠳᠤ ᠬᠠᠨᠳᠤᠵᠤ ᠰᠤᠷᠭᠠᠭᠤᠯᠢ ᠡᠷᠭᠢᠯᠡᠭᠦ ᠭᠡᠷᠡᠭᠳᠡᠢ᠃ ᠲᠠᠷᠤᠢ ᠵᠠᠩᠵᠤᠨ ᠪᠤᠯᠬᠤ | ᠰᠤᠷᠤᠭᠴᠢ ᠶᠢ ᠭᠥᠮᠥᠵᠢᠭᠦᠯᠭᠦ ᠮᠥᠷᠳᠡᠭᠡᠨ ᠴᠡᠷᠢᠭ ᠪᠤᠯᠬᠤ ᠰᠤᠷᠤᠭᠴᠢ ᠶᠢ ᠴᠤ ᠭᠥᠮᠥᠵᠢᠭᠦᠯᠭᠦ ᠭᠡᠷᠡᠭᠳᠡᠢ᠃ ᠡᠷᠳᠡᠮᠳᠡᠨ | ᠪᠤᠯᠬᠤ ᠰᠤᠷᠤᠭᠴᠢ ᠶᠢ ᠭᠥᠮᠥᠵᠢᠭᠦᠯᠭᠦ ᠮᠥᠷᠳᠡᠭᠡᠨ ᠡᠩ ᠤᠨ ᠭᠥᠳᠡᠯᠮᠤᠷᠢᠴᠢᠨ ᠰᠤᠷᠤᠭᠴᠢ ᠶᠢ ᠴᠤ ᠭᠥᠮᠥᠵᠢᠭᠦᠯᠭᠦ | ᠴᠢᠬᠤᠯᠠᠳᠠᠢ᠃ | ᠰᠤᠷᠭᠠᠨ ᠭᠥᠮᠤᠵᠢᠯ ᠪᠤᠯ ᠪᠤᠯᠪᠠᠰᠤᠨ ᠢ ᠡᠷᠬᠢᠮᠯᠠᠵᠤ ᠭᠥᠭᠵᠢᠯᠳᠡ ᠶᠢ ᠠᠭᠢᠭᠤᠯᠬᠤ ᠭᠥᠳᠡᠯᠭᠡᠭᠴᠢ ᠭᠥᠴᠤᠨ | ᠮᠥᠨ᠃ ᠨᠢᠭᠡ ᠤᠯᠤᠰ ᠥᠨᠳᠤᠰᠤᠳᠡᠨ ᠤ ᠭᠥᠭᠵᠢᠯᠳᠡ ᠶᠢ ᠰᠢᠯᠭᠠᠬᠤ ᠴᠢᠬᠤᠯᠠ ᠪᠠᠷᠢᠮᠵᠢᠶ᠎ᠠ ᠪᠤᠯ ᠲᠥᠮᠡᠨ ᠭᠥᠮᠤᠨ | ᠪᠥᠷᠢ ᠳᠤ ᠨᠤᠭᠳᠠᠬᠤ ᠰᠢᠨᠵᠢᠯᠡᠭᠦ ᠤᠬᠠᠭᠠᠨᠳᠠᠨ ᠤ ᠲᠤᠭ᠎ᠠ ᠪᠤᠯᠤᠨ᠎ᠠ᠃ ᠡᠨᠡ ᠲᠤᠭ᠎ᠠ 2004 ᠤᠨ ᠤ | ᠪᠥᠷᠢᠳᠭᠡᠯ ᠳᠤ᠂ ᠠᠮᠧᠷᠢᠺᠠ ᠳᠤ 79.6᠂ ᠶᠠᠫᠤᠨ ᠳᠤ 73.6᠂ ᠭᠧᠷᠮᠡᠨ ᠠᠩᠭ᠍ᠯᠢ ᠢᠲ᠋ᠠᠯᠢ ᠳᠤ 48~61 | ᠨᠤᠭᠳᠠᠵᠤ᠂ ᠮᠠᠨ ᠤ ᠤᠯᠤᠰ ᠲᠤ 6.8 ᠨᠤᠭᠳᠠᠵᠠᠢ᠃ ᠰᠢᠨᠵᠢᠯᠡᠭᠦ ᠤᠬᠠᠭᠠᠨᠳᠠᠨ ᠪᠤᠯ ᠲᠡᠭᠷᠢ ᠠᠴᠠ ᠪᠠᠭᠤᠭᠰᠠᠳ | ᠪᠢᠰᠢ᠂ ᠲᠡᠳᠡ ᠪᠤᠯ ᠰᠤᠷᠬᠤ ᠪᠠᠷ ᠲᠠᠮᠵᠢᠨ ᠡᠷᠳᠡᠮᠳᠡᠨ ᠪᠤᠯᠤᠭᠰᠠᠳ ᠪᠢᠯᠡ᠃ ᠰᠤᠷᠭᠠᠨ ᠭᠥᠮᠤᠵᠢᠯ ᠭᠥᠷᠳᠡᠭᠡᠳ | ᠪᠤᠭᠳᠠ ᠭᠥᠮᠤᠨ ᠪᠤᠯᠤᠭᠰᠠᠨ ᠶᠤᠮ᠃ ᠵᠠᠭᠤᠨ ᠵᠢᠯ ᠤᠨ ᠥᠨᠳᠤᠰᠤ ᠠᠨᠤ ᠰᠤᠷᠭᠠᠨ ᠭᠥᠮᠤᠵᠢᠯ ᠭᠡᠳᠡᠭ᠃ ᠮᠢᠩᠭᠠᠨ ᠤ | ᠠᠯᠤᠰ ᠢ ᠬᠠᠷᠠᠶ᠎ᠠ ᠭᠡᠪᠡᠯ ᠭᠠᠭᠴᠠ ᠲᠡᠷᠡ ᠪᠤᠢ᠂ ᠲᠡᠷᠡ ᠪᠤᠯ ᠲᠠᠷᠤᠢ ᠰᠤᠷᠭᠠᠨ ᠭᠥᠮᠤᠵᠢᠯ ᠪᠤᠯᠤᠨ᠎ᠠ᠃ | ᠭᠷᠧᠭ ᠤᠨ ᠨᠢᠭᠡᠨ ᠡᠷᠳᠡᠮᠳᠡᠨ᠄ ︽ᠮᠢᠨᠤ ᠠᠮᠵᠢᠯᠳᠡ ᠤᠯᠤᠭᠰᠠᠨ ᠰᠢᠯᠳᠠᠭᠠᠨ ᠪᠤᠯ ᠰᠤᠷᠤᠭᠴᠢ ᠶᠢᠨ ᠢᠶᠠᠨ | ᠠᠰᠠᠭᠤᠯᠳᠡ ᠶᠢ ᠬᠠᠷᠢᠭᠤᠯᠵᠤ ᠲᠡᠶᠢᠯᠭᠦ ᠥᠭᠡᠢ ᠳᠤ ᠪᠠᠨ ᠢᠴᠢᠭᠦᠷᠢ ᠲᠥᠷᠤᠭᠦ ᠥᠭᠡᠢ︾ ᠭᠡᠵᠤ ᠭᠡᠯᠡᠭᠰᠡᠨ ᠪᠠᠶᠢᠳᠠᠭ᠃ | ᠠᠷᠢᠰᠲ᠋ᠤᠲ᠋ᠧᠯ᠄ ︽ᠪᠢ ᠪᠠᠭᠰᠢ ᠪᠠᠨ ᠭᠥᠨᠳᠤᠳᠭᠡᠨᠡ᠂ ᠥᠨᠡᠨ ᠶᠤᠰᠤ ᠶᠢ ᠨᠡᠩ ᠭᠥᠨᠳᠤᠳᠭᠡᠨᠡ︾ ᠭᠡᠵᠤ | ᠥᠭᠦᠯᠡᠭᠰᠡᠨ ᠶᠤᠮ᠃ ᠭᠡᠳᠡᠯ᠎ᠡ ᠪᠢᠳᠡ ᠭᠢᠴᠢᠶᠡᠯ ᠲᠡᠭᠡᠷ᠎ᠡ ᠭᠡᠤᠭᠡᠳ ᠤᠨ ᠠᠰᠠᠭᠤᠯᠳᠡ ᠶᠢ ᠬᠠᠷᠢᠭᠤᠯᠵᠤ ᠲᠡᠶᠢᠯᠭᠦ | ᠥᠭᠡᠢ ᠠᠴᠠ ᠥᠭᠦᠨ ᠠᠶᠤᠳᠠᠭ᠃ ᠠᠰᠠᠭᠤᠯᠳᠡ ᠪᠤᠯ ᠥᠨᠡᠨ ᠶᠤᠰᠤᠨ ᠤ ᠡᠭᠢ ᠪᠢᠯᠡ᠃ ᠭᠡᠤᠭᠡᠳ ᠤᠨ ᠢᠶᠠᠨ ᠥᠨᠡᠨ | ᠶᠤᠰᠤᠨ ᠤ ᠡᠭᠢ ᠶᠢ ᠪᠤᠯᠠᠭᠰᠠᠨ ᠪᠠᠶᠢᠪᠠᠯ ᠲᠡᠳᠡ ᠶᠠᠭᠠᠭᠢᠨ ᠥᠨᠡᠨ ᠶᠤᠰᠤ ᠶᠢ ᠢᠯᠡᠷᠡᠭᠦᠯᠵᠤ ᠴᠢᠳᠠᠬᠤ ᠠᠵᠢ᠃ | | ᠬᠠᠶ᠋ᠢᠭ᠄ ᠤᠯᠠᠭᠠᠠᠬᠠᠳᠠ ᠳᠤ ᠬᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ | ︵ᠡᠾᠦ᠋ᠩ ᠮᠸᠢ ᠨᠠᠶᠢᠷᠠᠭᠤᠯᠪᠠ︶ | 2018 ᠣᠨ ᠤ 8 ᠳ᠋ᠤᠭᠠᠷ ᠬᠤᠭᠤᠴᠠᠭ᠎ᠠ | |