ᠤᠷᠭᠤᠭ᠎ᠠ | | ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ ᠨᠡᠶᠢᠭᠡᠮ ᠲᠡᠣᠬᠡ ᠶᠢᠨ ᠰᠣᠳᠣᠯᠬᠤ ᠠᠷᠭ᠎ᠠ ᠰᠢᠬ ᠵᠤᠬᠢᠶᠠᠯ | ᠪᠦᠳᠦᠬᠡᠯ ᠤᠨ ᠨᠠᠶᠢᠭᠡᠮ ᠲᠡᠣᠬᠡ ᠶᠢ ᠰᠣᠳᠣᠯᠬᠤ ᠪᠢᠰᠢ᠂ ᠬᠠᠷᠢᠨ ᠵᠤᠬᠢᠶᠠᠯ ᠪᠦᠳᠦᠬᠡᠯ ᠪᠤᠯᠤᠨ ᠵᠤᠬᠢᠶᠠᠭᠴᠢ ᠶᠢᠨ | ᠬᠤᠭᠤᠷᠤᠨᠳᠤᠬᠢ ᠬᠠᠷᠢᠴᠠᠭ᠎ᠠ ᠶᠢ ᠨᠠᠷᠢᠪᠴᠢᠯᠠᠨ ᠰᠢᠨᠵᠢᠯᠠᠵᠤ᠂ ᠵᠤᠬᠢᠶᠠᠯ ᠪᠦᠳᠦᠬᠡᠯ ᠠᠴᠠ ᠵᠤᠬᠢᠶᠠᠭᠴᠢ ᠶᠢᠨ | ᠠᠮᠢᠳᠤᠷᠠᠯ ᠲᠤᠷᠰᠢᠯᠭ᠎ᠠ᠂ ᠵᠡᠩ ᠴᠢᠨᠠᠷ ᠢ ᠰᠦᠪᠡᠭᠴᠢᠯᠠᠨ ᠭᠠᠷᠭᠠᠬᠤ ᠪᠤᠶᠤ ᠵᠤᠬᠢᠶᠠᠭᠴᠢ ᠶᠢᠨ ᠠᠮᠢᠳᠦᠷᠠᠯ ᠲᠤᠷᠰᠢᠯᠭ᠎ᠠ | ᠂ ᠵᠠᠩ ᠴᠢᠨᠠᠷ ᠠᠴᠠ ᠨᠢ ᠤᠴᠢᠵᠤ ᠵᠤᠬᠢᠶᠠᠯ ᠪᠦᠳᠦᠬᠡᠯ ᠢ ᠨᠢ ᠲᠠᠶᠢᠯᠪᠤᠷᠢᠯᠠᠬᠤ ᠶᠠᠪᠤᠳᠠᠯ ᠪᠤᠯᠤᠨ᠎ᠠ᠃ ᠵᠤᠬᠢᠶᠠᠯ | ᠪᠦᠳᠦᠭᠡᠯ ᠤᠨ ᠠᠮᠢ ᠨᠠᠰᠦ ᠶᠢ ᠵᠣᠬᠢᠶᠠᠭᠴᠢ ᠨᠢ ᠤᠯᠭᠤᠭᠰᠠᠨ ᠪᠠᠶᠢᠳᠠᠭ ᠪᠤᠯᠬᠤᠷ ᠵᠤᠬᠢᠶᠠᠭᠴᠢ ᠶᠢ ᠰᠣᠳᠣᠯᠬᠤ ᠪᠠᠷ | ᠲᠠᠮᠵᠢᠵᠤ ᠲᠡᠬᠦᠨ ᠤ ᠵᠤᠬᠢᠶᠠᠯ ᠪᠦᠳᠦᠬᠡᠯ ᠢ ᠰᠣᠳᠣᠯᠬᠤ ᠨᠢ ᠶᠤᠰᠤᠨ ᠳᠤ ᠨᠠᠶᠢᠴᠡᠭᠦ ᠤᠴᠢᠷ ᠮᠦᠨ᠃ ᠲᠠᠶᠢᠮᠦ ᠠᠴᠠ | ᠨᠠᠮᠳᠠᠷ ᠲᠠᠤᠬᠡ ᠶᠢᠨ ᠰᠣᠳᠣᠯᠬᠤ ᠠᠷᠭ᠎ᠠ ᠨᠢ ᠴᠤ ᠣᠷᠠᠨ ᠵᠤᠬᠢᠶᠠᠯ ᠰᠣᠳᠣᠯᠬᠤ ᠠᠷᠭ᠎ᠠ ᠶᠢᠨ ᠲᠤᠳᠤᠷᠠᠬᠢ ᠨᠢᠬᠡᠨ | ᠠᠷᠭ᠎ᠠ ᠮᠦᠨ᠃ | ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ ᠣᠷᠠᠨ ᠵᠤᠬᠢᠶᠠᠯ ᠤᠨ ᠰᠣᠳᠣᠯᠭᠠᠨ ᠤ ᠲᠡᠤᠬᠡᠨ ᠲᠡᠭᠡᠷ᠎ᠡ | ᠡᠷᠳᠡᠨ ᠠᠴᠠ ᠠᠪᠤᠭᠠᠳ ᠦᠷᠬᠡᠨ ᠢᠶᠠᠷ ᠬᠡᠷᠡᠭᠯᠡᠭᠳᠡᠭᠰᠡᠭᠡᠷ ᠢᠷᠡᠭᠰᠡᠨ ᠶᠤᠮ᠃ ᠭᠡᠪᠡᠴᠦ ᠤᠷᠠᠨ ᠵᠤᠬᠢᠶᠠᠯ ᠤᠨ | ᠰᠣᠳᠣᠯᠭᠠᠨ ᠳᠤ ᠵᠢᠩᠬᠢᠨᠢ ᠪᠠᠷ ᠪᠠᠶᠢᠷᠢ ᠪᠠᠨ ᠤᠯᠤᠭᠰᠠᠨ ᠶᠠᠪᠤᠳᠠᠯ ᠨᠢ 19 ᠳ᠋ᠤᠭᠡᠷ ᠵᠠᠭᠤᠨ ᠤ ᠹᠷᠠᠨᠼᠢ ᠶᠢᠨ | ᠷᠣᠮᠠᠨᠲ᠋ᠢᠭ ᠦᠵᠡᠯ ᠤᠨ ᠰᠢᠭᠦᠮᠵᠢᠯᠡᠭᠴᠢ ᠱᠸᠡᠭ ᠫᠸᠢ ᠸᠧᠢ ᠶᠢᠨ ᠰᠢᠬᠦᠮᠵᠢᠯᠡᠬᠦ ᠠᠷᠭ᠎ᠠ ᠪᠠᠷ ᠪᠡᠯᠭᠡ ᠲᠠᠮᠳᠡᠭ ᠢᠶᠠᠨ | ᠪᠤᠯᠭᠠᠭᠰᠠᠨ ᠠᠴᠠ ᠡᠬᠢᠯᠡᠵᠡᠢ᠃ ᠱᠸᠡᠭ ᠫᠸᠢ ᠸᠧᠢ ᠶᠢᠨ ᠰᠢᠬᠦᠮᠵᠢᠯᠡᠬᠦ ᠠᠷᠭ᠎ᠠ ᠨᠢ ᠨᠠᠮᠳᠠᠷ ᠲᠡᠤᠬᠡ ᠶᠢᠨ ᠰᠤᠳᠤᠯᠬᠤ | ᠠᠷᠭ᠎ᠠ ᠶᠢᠨ ᠮᠠᠨᠳᠦᠯᠡᠭᠰᠡᠨ ᠢ ᠬᠠᠷᠠᠭᠤᠯᠵᠣ ᠪᠠᠶᠢᠬᠤ ᠮᠦᠷᠳᠡᠭᠡᠨ ᠨᠠᠮᠳᠠᠷ ᠲᠡᠤᠭᠡ ᠶᠢᠨ ᠠᠷᠭ᠎ᠠ ᠶᠢ ᠲᠡᠯᠬᠡᠷᠡᠬᠦᠯᠦᠭᠰᠡᠨ | ᠪᠠᠶᠢᠨ᠎ᠠ᠃ ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ ᠲᠡᠭᠦᠨ ᠤ ᠬᠦᠭᠵᠢᠯᠳᠡ ᠶᠢᠨ ᠶᠠᠪᠤᠴᠠ ᠲᠤᠮᠳᠡ ᠪᠠᠨ ᠵᠠᠷᠢᠮ | ᠤᠷᠤᠰᠬᠠᠯ ᠪᠦᠯᠦᠭ ᠤᠨ ᠡᠰᠡᠷᠭᠦᠴᠡᠯ ᠳᠤ ᠣᠴᠠᠷᠠᠭᠰᠠᠨ ᠪᠤᠯᠪᠠᠴᠤ ᠲᠣᠷᠰᠢᠯᠭ᠎ᠠ ᠰᠣᠷᠭᠠᠮᠵᠢ ᠪᠠᠨ ᠬᠤᠷᠢᠶᠠᠩᠭᠤᠶᠢᠯᠠᠵᠤ | ᠂ ᠪᠤᠰᠤᠳ ᠰᠣᠳᠣᠯᠬᠤ ᠠᠷᠭ᠎ᠠ ᠶᠢᠨ ᠰᠠᠶᠢᠨ ᠲᠠᠯ᠎ᠠ ᠶᠢ ᠰᠢᠩᠭᠡᠭᠡᠵᠣ᠂ ᠦᠷᠭᠦᠯᠵᠢᠯᠡᠨ ᠭᠦᠭᠵᠢᠭᠰᠡᠭᠡᠷ ᠢᠷᠡᠵᠡᠢ᠃ | ᠦᠷᠦᠨᠡᠳᠠᠬᠢᠨ ᠤ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠶᠢᠨ ᠠᠪᠢᠶᠠᠰ ᠪᠢᠯᠢᠭ᠂ ᠰᠠᠨᠠᠭ᠎ᠠ | ᠰᠡᠳᠬᠢᠯᠭᠡ ᠶᠢᠨ ᠦᠡᠭᠭᠡᠷᠡᠯᠳᠡ ᠶᠢ ᠴᠢᠬᠤᠯᠠᠴᠢᠯᠠᠨ᠂ ᠰᠢᠰᠲ᠋ᠧᠮ ᠲᠠᠢ᠂ ᠰᠢᠨᠵᠢᠯᠡᠬᠦ ᠤᠬᠠᠭᠠᠨᠴᠢ ᠪᠠᠷ ᠰᠣᠳᠣᠯᠬᠤ ᠪᠠᠷ | ᠭᠤᠤᠯ ᠤᠨᠴᠠᠯᠢᠭ ᠢᠶᠠᠨ ᠪᠤᠯᠭᠠᠳᠠᠬ ᠪᠤᠯ ᠲᠤᠮᠳᠠᠳᠤ ᠤᠯᠤᠰ ᠤᠨ ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ | ᠬᠦᠮᠦᠨ ᠴᠢᠨᠠᠷ ᠢ ᠰᠣᠳᠣᠯᠬᠤ ᠪᠠᠷ ᠭᠤᠤᠯ ᠤᠨᠴᠠᠯᠢᠭ ᠢᠶᠠᠨ ᠪᠤᠯᠭᠠᠳᠠᠬ ᠬᠡᠵᠤ ᠤᠷᠠᠨ ᠵᠤᠬᠢᠶᠠᠯ ᠤᠨ ᠰᠤᠳᠤᠯᠭᠠᠳᠠᠳ | ᠦᠵᠡᠳᠡᠭ ᠪᠤᠯᠪᠠᠴᠦ ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ ︽ᠵᠤᠬᠢᠶᠠᠭᠴᠢ ᠪᠤᠯ ᠵᠤᠬᠢᠶᠠᠯ ᠪᠦᠳᠦᠬᠡᠯ ᠢ | ᠡᠭᠦᠳᠤᠭ᠍ᠴᠢ ᠤᠴᠢᠷ ᠠᠴᠠ ᠵᠤᠬᠢᠶᠠᠯ ᠪᠦᠳᠦᠭᠡᠯ ᠤᠨ ᠦᠢᠯᠡ ᠶᠠᠪᠤᠴᠠ ᠶᠢ ᠤᠶᠢᠯᠠᠭᠠᠬᠤ ᠬᠡᠪᠡᠯ ᠡᠷᠬᠡᠪᠰᠢ | ᠵᠣᠬᠢᠶᠠᠭᠴᠢ ᠶᠢᠨ ᠲᠤᠰ ᠪᠡᠶ᠎ᠡ ᠶᠢ ᠤᠷᠢᠳ ᠢᠶᠠᠷ ᠣᠶᠢᠯᠠᠭᠠᠭᠰᠠᠨ ᠪᠠᠶᠢᠬᠤ ᠬᠡᠷᠡᠭᠳᠡᠢ︾ ᠬᠡᠬᠦ ᠦᠵᠡᠯᠳᠡ ᠪᠠᠷ ᠢᠳᠡᠬᠡᠯ | ᠪᠢᠰᠢᠷᠠᠯ ᠢᠶᠠᠨ ᠪᠤᠯᠭᠠᠭᠰᠠᠨ ᠪᠠᠶᠢᠳᠠᠭ᠃ | ᠡᠩ ᠤᠨ ᠪᠠᠶᠢᠳᠠᠯ ᠳᠤ᠂ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠶᠢᠨ ᠪᠦᠬᠦ᠋ᠢᠯᠠ | ᠠᠮᠢᠳᠤᠷᠠᠯ ᠲᠤᠷᠰᠢᠯᠭ᠎ᠠ ᠶᠢᠨ ᠲᠤᠮᠳᠠ ᠠᠴᠠ ᠵᠤᠬᠢᠶᠠᠯ ᠪᠦᠳᠦᠭᠡᠯ ᠢ ᠰᠤᠳᠤᠯᠬᠤ᠂ ᠵᠤᠬᠢᠶᠠᠭᠴᠢ ᠶᠢᠨ ᠨᠠᠮᠳᠠᠷ ᠪᠤᠯᠤᠨ | ᠵᠤᠬᠢᠶᠠᠯ ᠪᠦᠳᠦᠭᠡᠯ ᠤᠨ ᠬᠠᠷᠢᠴᠠᠭ᠎ᠠ ᠶᠢ ᠰᠣᠳᠣᠯᠬᠤ ᠪᠠᠷ ᠭᠤᠤᠯ ᠪᠤᠯᠭᠠᠳᠠᠭ᠃ ᠳᠤᠤᠷ᠎ᠠ ᠨᠠᠮᠳᠠᠷ ᠲᠡᠤᠬᠡ ᠶᠢᠨ | ᠰᠤᠳᠤᠯᠬᠤ ᠠᠷᠭ᠎ᠠ ᠶᠢᠨ ᠦᠨᠳᠦᠰᠦᠨ ᠤᠨᠴᠠᠯᠢᠭ ᠢᠶᠠᠷ ᠢᠨᠵᠠᠨᠨᠠᠰᠢ ᠪᠠ ᠲᠡᠭᠦᠨ ᠤ ᠵᠤᠬᠢᠶᠠᠯ ᠪᠦᠳᠦᠭᠡᠯ ᠢ ᠲᠦᠭᠦᠮ | ᠲᠠᠨᠢᠯᠴᠠᠭᠤᠯᠤᠶ᠎ᠠ᠃ | ᠨᠢᠭᠡ᠂ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠶᠢᠨ ᠲᠤᠰ ᠪᠡᠶ᠎ᠡ ᠶᠢᠨ ᠠᠮᠢᠳᠦᠷᠠᠯ | ᠲᠤᠷᠰᠢᠯᠭ᠎ᠠ ᠶᠢ ᠦᠨᠳᠦᠰᠦᠯᠡᠵᠤ ᠵᠣᠬᠢᠶᠠᠯ ᠪᠦᠳᠦᠬᠡᠯ ᠢ ᠨᠢ ᠲᠠᠶᠢᠯᠪᠣᠷᠢᠯᠠᠨ᠎ᠠ᠃ ᠵᠣᠬᠢᠶᠠᠯ ᠪᠦᠳᠦᠭᠡᠯ ᠨᠢ | ᠵᠤᠬᠢᠶᠠᠭᠴᠢ ᠶᠢᠨ ᠠᠮᠢᠳᠦᠷᠠᠯ ᠤᠨ ᠦᠡᠭᠭᠡᠷᠡᠯᠳᠡ ᠶᠢ ᠵᠤᠬᠢᠬᠤ ᠬᠡᠮᠵᠢᠶ᠎ᠠ ᠪᠠᠷ ᠢᠯᠡᠷᠡᠬᠦᠯᠵᠤ ᠪᠠᠶᠢᠳᠠᠭ᠃ ᠲᠠᠶᠢᠮᠦ ᠠᠴᠠ | ᠵᠤᠬᠢᠶᠠᠭᠴᠢ ᠶᠢᠨ ᠲᠤᠰ ᠪᠡᠶ᠎ᠡ ᠶᠢᠨ ᠠᠮᠢᠳᠤᠷᠠᠯ ᠤᠨ ᠦᠡᠭᠭᠡᠷᠡᠯᠳᠡ ᠶᠢᠨ ᠲᠤᠮᠳᠠ ᠠᠴᠠ ᠵᠤᠬᠢᠶᠠᠯ ᠪᠦᠳᠦᠭᠡᠯ ᠢ ᠨᠢ | ᠲᠠᠶᠢᠯᠪᠤᠷᠢᠯᠠᠬᠤ ᠰᠦᠪᠡᠭᠴᠢ ᠶᠢ ᠡᠷᠢᠵᠤ ᠪᠤᠯᠤᠨ᠎ᠠ᠃ | ᠢᠨᠵᠠᠨᠨᠠᠰᠢ ᠪᠤᠯ ᠮᠤᠩᠭᠤᠯ ᠤᠨ ᠭᠠᠷᠮᠠᠭᠠᠢ ᠵᠤᠬᠢᠶᠠᠭᠴᠢ᠂ ᠮᠤᠩᠭᠤᠯ ᠤᠨ ᠤᠷᠠᠨ ᠵᠤᠬᠢᠶᠠᠯ ᠤᠨ ᠦᠪ | ᠤᠯᠠᠮᠵᠢᠯᠠᠯ ᠢ ᠵᠠᠯᠭᠠᠮᠵᠢᠯᠠᠨ ᠬᠦᠭᠵᠢᠬᠦᠯᠦᠭᠴᠢ ᠮᠦᠨ᠃ ᠢᠨᠵᠠᠨᠨᠠᠰᠢ ᠶᠢᠨ ᠪᠠᠭ᠎ᠠ ᠶᠢᠨ ᠨᠠᠷᠠ ᠨᠢ ᠬᠠᠰᠴᠢᠯᠠᠭᠤ᠂ | ᠬᠢᠳᠠᠳ ᠨᠠᠷᠠ ᠨᠢ ᠪᠤᠤ ᠶᠢᠩ᠂ ᠡᠷᠭᠦᠭᠰᠡᠨ ᠨᠡᠷ᠎ᠡ ᠨᠢ ᠯᠦᠨ ᠲᠢᠩ᠂ ᠴᠤᠯᠠ ᠡᠾᠸᠡᠭ ᠱᠠᠨ᠃ ᠴᠢᠩ ᠤᠯᠤᠰ ᠤᠨ | ᠲᠦᠷᠦ ᠬᠡᠷᠡᠯᠳᠦ ᠶᠢᠨ ᠠᠷᠪᠠᠨ ᠲᠤᠯᠤᠳᠤᠭᠠᠷ ᠤᠨ ᠤ ᠲᠦᠷᠪᠡᠨ ᠰᠠᠷ᠎ᠠ ᠶᠢᠨ ᠠᠷᠪᠠᠨ ᠵᠢᠷᠭᠤᠭᠠᠨ ᠤ ᠡᠳᠦᠷ | ᠵᠤᠰᠤᠳᠦ ᠶᠢᠨ ᠴᠢᠭᠤᠯᠭᠠᠨ ᠤ ᠲᠦᠮᠠᠳ ᠪᠠᠷᠠᠭᠤᠨ ᠬᠤᠰᠢᠭᠤᠨ ᠤ ︽ᠰᠢᠳᠤᠷᠭᠤ ᠪᠠᠳᠦ ᠬᠤᠷᠤᠭ᠎ᠠ︾ ᠬᠡᠮᠡᠨ ᠨᠢᠭᠡᠨ | ᠮᠤᠩᠭᠤᠯ ᠢᠵᠡᠭᠤᠷᠳᠠᠨ ᠤ ᠭᠡᠷ ᠲᠤ ᠲᠦᠷᠦᠵᠠᠢ᠃ ᠲᠡᠭᠦᠨ ᠤ ᠦᠰᠴᠦ ᠲᠦᠷᠦᠭᠰᠡᠨ ᠴᠠᠭ ᠦᠶ᠎ᠠ ᠪᠤᠯ ᠮᠠᠨᠵᠤ | ᠮᠤᠩᠭᠤᠯ ᠤᠨ ᠬᠤᠭᠤᠷᠤᠨᠳᠤᠬᠢ ᠵᠦᠷᠢᠴᠡᠯ ᠵᠢᠴᠢ ᠡᠬᠦᠨ ᠯᠦᠭᠡ ᠬᠤᠯᠪᠤᠭ᠎ᠠ ᠪᠦᠬᠦᠢ ᠮᠤᠩᠭᠤᠯ ᠦᠨᠳᠦᠰᠦᠳᠠᠨ ᠤ | ᠲᠣᠳᠣᠭᠠᠳᠦᠬᠢ ᠠᠶᠢᠮᠠᠭ ᠤᠭᠰᠠᠭᠠᠳᠠᠨ ᠤ ᠬᠤᠭᠤᠷᠤᠨᠳᠣᠬᠢ ᠵᠦᠷᠢᠴᠠᠯ ᠬᠤᠷᠴᠠ ᠰᠢᠷᠦᠬᠦᠨ ᠪᠠᠶᠢᠵᠤ ᠬᠢᠮᠤᠷᠡᠯ ᠢᠶᠠᠷ | ᠲᠦᠭᠦᠷᠦᠭᠰᠡᠨ ᠴᠠᠭ ᠡᠷᠢᠨ ᠪᠠᠶᠢᠪᠠ᠃ ᠢᠨᠵᠠᠨᠨᠠᠰᠢ ᠲᠦᠷᠦᠯᠬᠢ ᠶᠢᠨ ᠬᠤᠷᠴᠠ ᠰᠡᠷᠬᠦᠯᠡᠩ ᠠᠪᠬᠠᠯᠵᠢᠳᠠᠢ ᠬᠦᠮᠦᠨ | ᠪᠠᠶᠢᠭᠰᠠᠨ ᠲᠤᠯᠠ ᠪᠠᠭ᠎ᠠ ᠠᠴᠠ ᠪᠠᠨ ᠡᠷᠳᠡᠮᠳᠡᠨ ᠪᠠᠭᠰᠢ ᠨᠡᠷ ᠢ ᠵᠠᠯᠠᠵᠤ ᠮᠤᠩᠭᠤᠯ᠂ ᠬᠢᠳᠡᠳ᠂ ᠮᠠᠨᠵᠤ᠂ ᠲᠦᠪᠡᠳ | ᠪᠢᠴᠢᠭ ᠰᠣᠷᠣᠭᠰᠠᠨ ᠪᠠ ᠢᠯᠡᠩᠭᠤᠶ᠎ᠠ ᠮᠤᠩᠭᠤᠯ ᠬᠢᠳᠡᠳ ᠤᠨ ᠰᠣᠩᠭᠤᠳᠠᠭ ᠵᠤᠬᠢᠶᠠᠯ ᠪᠤᠯᠤᠨ ᠲᠤᠮᠳᠠᠳᠤ ᠤᠯᠤᠰ ᠤᠨ | ᠲᠡᠤᠬᠡᠨ ᠳᠤ ᠬᠦᠨ ᠨᠠᠪᠳᠡᠷᠡᠭᠰᠡᠨ ᠶᠤᠮ᠃ ᠡᠭᠦᠨ ᠤ ᠲᠡᠭᠡᠷ᠎ᠠ ᠣᠷᠠᠨ ᠵᠢᠷᠤᠭ ᠲᠤ ᠠᠪᠢᠶᠠᠰ ᠲᠠᠢ ᠬᠦᠮᠦᠨ ᠪᠠᠶᠢᠵᠤ᠂ | ᠬᠤᠷᠢᠨ ᠶᠢᠰᠦᠨ ᠨᠠᠰᠣᠯᠠᠳᠠᠯ᠎ᠠ ᠨᠠᠶᠢᠬᠡᠮ ᠲᠡᠭᠡᠷ᠎ᠡ ᠲᠡᠮᠡᠢ ᠠᠵᠢᠯᠯᠠᠭᠰᠠᠨ ᠦᠭᠡᠢ᠂ ᠭᠤᠤᠯᠳᠠᠭᠤ ᠡᠷᠳᠡᠮ ᠨᠤᠮ ᠰᠣᠷᠴᠦ | ᠵᠤᠬᠢᠶᠠᠯ ᠪᠦᠳᠦᠭᠡᠯ ᠤᠷᠤᠯᠳᠣᠵᠣ ᠪᠠᠶᠢᠵᠠᠢ᠃ ᠬᠡᠳᠡᠯ᠎ᠠ ᠭᠤᠴᠢᠨ ᠨᠠᠰᠤᠨ ᠠᠴᠠ ᠨᠡᠶᠢᠭᠡᠮ ᠤᠨ ᠡᠯ᠎ᠡ ᠵᠦᠢᠯ ᠤᠨ | ᠵᠦᠷᠢᠴᠡᠯ ᠬᠤᠷᠴᠠᠳᠴᠦ᠂ ᠢᠨᠵᠡᠨᠨᠠᠰᠢ ᠶᠢᠨ ᠭᠡᠷ ᠤᠨ ᠠᠮᠢᠳᠦᠷᠠᠯ ᠨᠢ ᠲᠤᠷᠦ᠋ᠢᠳᠡᠨ ᠪᠠᠭᠤᠷᠠᠵᠤ᠂ ᠢᠨᠵᠠᠨᠨᠠᠰᠢ ᠶᠢᠨ | ᠦᠵᠡᠯ ᠰᠠᠨᠠᠭ᠎ᠠ ᠵᠢᠴᠢ ᠵᠤᠬᠢᠶᠠᠨ ᠪᠦᠳᠦᠭᠡᠬᠦ ᠠᠭᠤᠯᠭ᠎ᠠ ᠬᠡᠯᠪᠡᠷᠢ ᠳᠤ ᠪᠦᠷ ᠬᠤᠪᠢᠷᠠᠯᠳᠠ ᠭᠠᠷᠤᠭᠰᠠᠨ ᠪᠠᠶᠢᠨ᠎ᠠ᠃ | ᠢᠨᠵᠠᠨᠨᠠᠰᠢ ᠶᠢᠨ ︽ᠨᠢᠯᠬ᠎ᠠ ᠶᠢᠨ ᠰᠤᠷᠤᠯᠴᠠᠭᠰᠠᠨ ᠰᠣᠯᠢᠭᠤ ᠰᠢᠯᠦᠭ︾ ᠤᠨ ᠲᠤᠪᠬᠢᠮᠠᠯ ᠳᠤ ᠤᠷᠤᠭᠰᠠᠨ | ᠰᠢᠯᠦᠭ ᠤᠳ ᠪᠤᠯ ᠢᠨᠵᠡᠨᠨᠠᠰᠢ ᠶᠢᠨ ᠰᠢᠯᠦᠭ ᠤᠨ ᠵᠠᠮ ᠳᠤ ᠬᠢ ᠠᠩᠬᠠᠨ ᠤ ᠤᠯᠠ ᠮᠦᠨ᠃ ᠡᠳᠡᠭᠡᠷ ᠠᠷᠪᠠᠨ ᠬᠤᠶᠠᠷ | ᠰᠢᠯᠦᠭ ᠲᠤ ᠲᠡᠬᠦᠨ ᠤ ᠪᠠᠭ᠎ᠠ ᠶᠢᠨ ᠦᠶ᠎ᠠ ᠶᠢᠨ ᠣᠴᠠᠷᠠᠯ ᠭᠤᠮᠤᠳᠠᠯ᠂ ᠪᠤᠳᠤᠯ ᠰᠡᠳᠬᠢᠯ᠂ ᠬᠦᠰᠡᠯ ᠮᠦᠷᠦᠭᠡᠳᠦᠯ | ᠶᠡᠭᠡ ᠲᠤᠳᠤᠷᠬᠠᠢ ᠲᠤᠰᠬᠠᠭᠳᠠᠵᠤ ᠪᠠᠶᠢᠳᠠᠬ᠃ | ᠢᠨᠵᠠᠨᠨᠠᠰᠢ ᠶᠢᠨ ᠪᠠᠭ᠎ᠠ ᠶᠢᠨ ᠦᠶ᠎ᠠ ᠶᠢᠨ ᠤᠷᠤᠭ ᠤᠨ ᠬᠡᠷᠡᠭ ᠨᠢ ᠪᠦᠳᠦᠭᠰᠡᠨ ᠦᠭᠡᠢ ᠶᠠᠪᠤᠳᠡᠯ ᠲᠡᠭᠦᠨ ᠤ | ᠦᠵᠡᠯ ᠰᠠᠨᠠᠭᠠᠨ ᠳᠤ ᠶᠡᠭᠡ ᠴᠤᠬᠢᠯᠳᠠ ᠪᠤᠯᠤᠭᠰᠠᠨ ᠪᠠᠶᠢᠨ᠎ᠠ᠃ ᠲᠡᠭᠦᠨ ᠤ ᠪᠢᠴᠢᠭᠰᠡᠨ ᠠᠷᠪᠠᠨ ᠬᠤᠶᠠᠷ ᠰᠢᠯᠦᠭ | ᠲᠤᠳᠤᠷ᠎ᠠ ᠠᠴᠠ ︽ᠡᠬᠡ ᠪᠠᠨ ᠮᠦᠷᠦᠬᠡᠳᠦᠭᠰᠡᠨ ᠰᠤᠯᠠ ᠰᠢᠯᠤᠭ᠍ᠯᠠᠯ︾᠂ ︽ᠦᠡᠭᠬᠡᠳᠦ ᠰᠣᠯᠣᠩᠭ᠎ᠠ ᠰᠢᠩᠬᠡᠪᠠᠢ︾᠂ ︽ | ᠤᠯᠠᠭᠠᠨ ᠲᠤᠭᠤᠰᠤᠳᠤ ᠤᠷᠰᠢᠭᠳᠤ ᠶᠢᠷᠳᠢᠨᠴᠦ︾᠂ ︽ᠦᠡᠭᠬᠡᠳᠦ ᠶᠢᠷᠳᠢᠨᠴᠦ ᠶᠢ ᠲᠡᠪᠴᠢᠮᠤᠢ︾᠂ ︽ᠴᠠᠭᠠᠨ | ᠡᠬᠦᠯᠡ︾᠂ ︽ᠵᠢᠭᠰᠢᠮᠦᠷᠢᠳᠦ ᠵᠢᠪᠭᠦᠨ ᠬᠦᠮᠦᠨ︾᠂ ︽ᠰᠡᠷᠬᠦᠬᠡᠪᠠᠢ︾ ᠬᠡᠳᠡᠭ ᠲᠤᠯᠤᠭᠠᠨ ᠰᠢᠯᠦᠭ ᠨᠢ ᠪᠦᠷ ᠡ᠊ᠨᠡ | ᠶᠠᠪᠤᠳᠠᠯ ᠳᠤ ᠴᠢᠭᠯᠡᠭᠳᠡᠭᠰᠠᠨ ᠪᠠᠶᠢᠳᠠᠭ᠃ ᠡᠬᠦᠨ ᠳᠤ ︽ᠦᠡᠭᠬᠡᠳᠦ ᠰᠣᠯᠣᠩᠭ᠎ᠠ ᠰᠢᠩᠬᠡᠪᠠᠢ︾ ᠬᠡᠳᠡᠭ ᠰᠢᠯᠦᠭ ᠲᠤ | ᠲᠡᠬᠦᠨ ᠤ ᠤᠷᠤᠭ ᠤᠨ ᠶᠠᠪᠤᠳᠠᠯ ᠨᠢ ᠪᠦᠳᠦᠭᠰᠡᠨ ᠦᠭᠡᠢ ᠪᠠ ᠡᠬᠦᠨ ᠠᠴᠠ ᠪᠤᠯᠤᠭᠰᠠᠨ ᠭᠤᠮᠤᠳᠠᠯ ᠭᠤᠳᠤᠷᠠᠯ | ᠪᠤᠬᠢᠨᠢᠳᠤᠭᠰᠠᠨ ᠰᠡᠳᠬᠢᠯ ᠢᠶᠠᠨ ᠤᠶᠠᠩᠭᠠᠯᠠᠭᠰᠠᠨ ᠪᠠᠶᠢᠨ᠎ᠠ᠃ ᠰᠢᠯᠦᠭ ᠲᠤ ᠢᠨᠵᠠᠨᠨᠠᠰᠢ ᠶᠢ ︽ᠬᠤᠶᠠᠷ ᠠᠷᠪᠠᠨ ᠳᠤᠷ | ᠤᠶᠢᠷᠡᠳᠤᠵᠤ︾ ᠪᠠᠶᠢᠭ᠎ᠠ ᠨᠠᠰᠤᠨ ᠳᠤ ᠨᠢ ᠡᠵᠢ ᠨᠢ ᠲᠡᠬᠦᠨ ᠳᠤ ︽ᠡᠷᠬᠢᠮ ᠬᠠᠳᠣᠨ ᠡᠶᠡᠪᠡᠷᠬᠦᠤ ᠨᠦᠬᠦᠷ︾ ᠢ | ᠬᠡᠯᠡᠯᠴᠠᠵᠤ ᠦᠭᠬᠦᠭᠰᠡᠨ ᠪᠠ ᠤᠷᠤᠭ ᠤᠨ ᠶᠠᠪᠤᠳᠠᠯ ᠨᠢ ᠪᠦᠳᠦᠮᠡᠷ ᠪᠠᠶᠢᠭᠠᠳ ᠬᠡᠨᠡᠳᠳᠡ ᠢᠯᠠᠭᠳᠠᠭᠰᠠᠨ ᠳᠤ | ᠰᠢᠯᠤᠭ᠍ᠴᠢ ᠦᠪᠡᠷ ᠤᠨ ︽ᠵᠠᠶᠠᠭ᠎ᠠ ᠨᠢᠮᠭᠡᠨ︾ ᠳᠤ ᠪᠠᠨ ᠡᠮᠬᠡᠨᠢᠨ᠂ ᠠᠮᠢᠳᠦᠷᠠᠯ ᠤᠨ ᠢᠷᠡᠬᠡᠳᠦᠢ ᠪᠠᠨ ︽ᠦᠡᠭᠭᠡᠳᠦ | ᠰᠣᠯᠣᠩᠭ᠎ᠠ ᠰᠢᠩᠭᠡᠭᠰᠡᠨ︾ ᠢᠶᠠᠷ ᠦᠵᠡᠵᠦ᠂ ᠡᠭᠦᠨ ᠤ ᠤᠯᠠᠮ ᠠᠴᠠ ︽ᠦᠮᠡᠬᠡᠢ ᠶᠢᠷᠳᠢᠨᠴᠦ︾ ᠶᠢ ᠵᠢᠭ᠍ᠰᠢᠵᠤ᠂ ︽ | ᠡᠷᠢᠪᠡᠴᠦ ᠡᠰᠡ ᠤᠯᠳᠠᠬᠤ ᠠᠭᠤᠯᠠ ᠵᠠᠪᠠ︾ ᠳᠤ ᠰᠢᠷᠭᠤᠭᠠᠳ ᠯᠠᠮᠠ ᠪᠤᠯᠬᠤ ᠪᠠᠷ ᠵᠤᠷᠢᠪᠠ᠃ ᠣᠷᠤᠭ ᠤᠨ | ᠶᠠᠪᠤᠳᠡᠯ ᠨᠢ ᠪᠦᠳᠦᠭᠰᠡᠨ ᠦᠬᠡᠢ ᠳᠤ ᠢᠨᠵᠠᠨᠨᠠᠰᠢ ᠠᠮᠢᠳᠦᠷᠡᠯ ᠳᠤ ᠪᠠᠨ ᠢᠳᠡᠭᠡᠯ ᠠᠯᠳᠠᠬᠤ᠂ ᠰᠠᠶᠢᠨ ᠰᠠᠶᠢᠬᠠᠨ | ᠬᠦᠰᠯᠡᠩ ᠢᠶᠠᠨ ︽ᠦᠡᠭᠬᠡᠳᠦ ᠰᠣᠯᠣᠩᠭ᠎ᠠ ᠰᠢᠩᠬᠡᠭᠰᠡᠨ︾ ᠲᠠᠢ ᠠᠳᠠᠯᠢ ᠦᠴᠦᠬᠡᠨ ᠴᠤ ᠡᠷᠡᠮᠡᠯᠵᠡᠯ ᠦᠭᠡᠢ | ᠪᠤᠯᠤᠭᠰᠠᠨ ᠢᠶᠠᠷ ᠦᠵᠡᠵᠦ᠂ ᠴᠠᠭᠠᠰᠢᠯᠠᠪᠠᠯ ᠶᠢᠷᠳᠢᠨᠴᠦ ᠠᠴᠠ ᠠᠩᠬᠢᠵᠢᠷᠠᠬᠤ ᠪᠤᠳᠤᠯ ᠤᠷᠤᠵᠠᠢ᠃ ᠲᠤᠰ ᠣᠳᠠᠭᠠᠨ ᠤ | ᠤᠷᠤᠭ ᠤᠨ ᠶᠠᠪᠤᠳᠠᠯ ᠨᠢ ᠲᠡᠭᠦᠨ ᠤ ᠰᠡᠳᠬᠢᠯ ᠰᠠᠨᠠᠭ᠎ᠠ ᠶᠢ ᠲᠦᠢᠯ ᠤᠨ ᠶᠡᠭᠡ ᠪᠠᠷ ᠲᠡᠷᠴᠢᠯᠭᠠᠵᠤ ᠵᠤᠪᠠᠭᠠᠭᠰᠠᠨ ᠨᠢ | ᠢᠯᠠᠬᠡᠨ ᠪᠠᠶᠢᠳᠠᠭ᠃ ᠰᠡᠬᠦᠯᠡᠷᠬᠢ ︽ᠤᠯᠠᠭᠠᠨ ᠲᠤᠭᠤᠰᠣᠳᠦ ᠣᠷᠰᠢᠬᠳᠦ ᠶᠢᠷᠳᠢᠨᠴᠦ︾᠂ ︽ᠦᠡᠭᠬᠡᠳᠦ | ᠶᠢᠷᠳᠢᠨᠴᠦ ᠶᠢ ᠲᠡᠪᠴᠢᠮᠦᠢ︾᠂ ︽ᠴᠠᠭᠠᠨ ᠡᠭᠦᠯᠡ︾ ᠬᠡᠳᠡᠭ ᠰᠢᠯᠦᠭ ᠲᠤ ᠪᠠᠨ ᠴᠤ ᠣᠷᠤᠭ ᠤᠨ ᠶᠠᠪᠤᠳᠠᠯ ᠠᠴᠠ | ᠪᠤᠯᠤᠭᠰᠠᠨ ᠬᠦᠨᠳᠦ ᠨᠦᠰᠡᠷ ᠰᠡᠳᠬᠢᠯ ᠢᠶᠠᠨ ᠤᠯᠠᠮ ᠨᠢᠬᠡ ᠠᠯᠬᠤᠮ ᠯᠠᠪᠰᠢᠷᠠᠭᠤᠯᠣᠨ ᠤᠶᠠᠩᠭᠠᠯᠠᠵᠤ᠂ ᠤᠷᠤᠭ ᠤᠨ | ᠶᠠᠪᠤᠳᠠᠯ ᠤᠨ ᠢᠯᠠᠭᠳᠠᠭᠰᠠᠨ ᠢᠶᠠᠨ ︽ᠬᠠᠭᠤᠷᠮᠠᠭ ᠦᠭᠡᠰ ᠢ ᠬᠠᠭᠤᠷᠠᠢ ᠬᠤᠭᠤᠯᠠᠢ ᠪᠠᠷ ᠫᠠᠷᠴᠢᠬᠢᠨᠠᠭᠤᠯᠳᠠᠭ︾᠂ ︽ | ᠵᠢᠭᠰᠢᠮᠦᠷᠢᠳᠦ ᠵᠢᠪᠬᠦᠨ ᠬᠦᠮᠦᠨ︾ ᠤ ᠡᠪᠳᠡᠯᠬᠡ ᠠᠴᠠ ᠪᠤᠯᠤᠯ᠎ᠠ ᠬᠡᠵᠤ ᠵᠢᠭᠠᠵᠤ ᠭᠠᠷᠭᠠᠭᠰᠠᠨ ᠪᠤᠯᠪᠠᠴᠦ᠂ ᠡᠶᠢᠮᠦ | ᠬᠡᠷᠡᠭ ᠨᠢ ᠲᠤᠬᠠᠢ ᠶᠢᠨ ᠠᠬᠤᠢ ᠨᠡᠶᠢᠬᠡᠮ ᠳᠤ ᠲᠦᠬᠡᠮᠡᠯ ᠤᠷᠤᠰᠢᠵᠤ ᠪᠠᠶᠢᠭᠰᠠᠨ ᠪᠤᠯᠬᠤᠷ ᠮᠦᠨ ᠴᠢᠨᠡᠷ ᠲᠡᠭᠡᠷ᠎ᠠ ᠪᠠᠨ | ︽ᠦᠮᠡᠭᠡᠢ ᠶᠢᠷᠳᠢᠨᠴᠦ︾ ᠶᠢᠨ ᠤᠷᠰᠢᠭ ᠬᠡᠵᠤ ᠲᠠᠨᠢᠭᠠᠳ᠂ ︽ᠷᠠᠩ ᠲᠠᠩᠱᠠᠪ ᠡᠮᠦᠰᠴᠦ ᠦᠮᠡᠬᠡᠢ ᠶᠢᠷᠳᠢᠨᠴᠦ ᠠᠴᠠ | ᠤᠳᠤᠬᠠᠨ ᠳᠤ ᠲᠤᠨᠢᠯᠰᠤᠭᠠᠢ︾᠂ ︽ᠰᠡᠬᠦᠷᠡᠰᠦ ᠠᠯᠳᠠᠬᠤ ᠨᠢᠬᠡᠨ ᠠᠮᠢᠰᠬᠤᠯ ᠳᠤᠷ ᠦᠡᠭᠬᠡᠳᠦ ᠶᠢᠷᠳᠢᠨᠴᠦ ᠶᠢ | ᠲᠡᠪᠴᠢᠮᠦᠢ︾᠂ ︽ᠤᠳᠤᠬᠠᠨ ᠴᠤ ᠶᠢᠷᠳᠢᠨᠴᠦ ᠶᠢ ᠬᠡᠬᠡᠵᠤ ᠭᠡᠷ ᠠᠴᠠ ᠭᠠᠷᠰᠤ︾ ᠬᠡᠮᠡᠨ ᠬᠢᠯᠢᠩᠳᠦ ᠲᠠᠭᠤᠨ ᠢᠶᠠᠷ | ᠪᠠᠶᠢᠨ ᠲᠠᠬᠢᠨ ᠦᠨᠳᠦᠷ ᠬᠠᠰᠬᠢᠷᠴᠦ᠂ ᠦᠬᠢᠳ ᠬᠦᠪᠡᠬᠦᠳ ᠤᠨ ᠤᠷᠤᠭ ᠤᠨ ᠶᠠᠪᠤᠳᠠᠯ ᠢ ᠲᠡᠬᠢᠵᠤ ᠦᠯᠤ ᠬᠡᠯᠡᠯᠴᠡᠨ | ᠂ ︽ᠤᠯᠠᠭᠠᠨ ᠲᠤᠭᠤᠰᠤᠳᠦ ᠤᠷᠰᠢᠬᠳᠦ ᠶᠢᠷᠳᠢᠨᠴᠦ︾ ᠠᠴᠠ ᠲᠦᠷᠭᠡᠨ ᠵᠠᠶᠢᠯᠠᠬᠤ ᠶᠢ ᠤᠷᠤᠯᠳᠤᠭᠰᠠᠨ ᠪᠠᠶᠢᠨ᠎ᠠ᠃ | ᠢᠨᠵᠠᠨᠨᠠᠰᠢ ᠶᠢᠨ ᠡ᠊ᠨᠡ ᠭᠦ ᠲᠤᠯᠤᠭᠠᠨ ᠰᠢᠯᠦᠭ ᠨᠢ ᠲᠡᠬᠦᠨ ᠤ ᠪᠠᠭ᠎ᠠ ᠶᠢᠨ ᠦᠶ᠎ᠠ ᠶᠢᠨ ᠤᠷᠤᠭ ᠤᠨ | ᠶᠠᠪᠤᠳᠠᠯ ᠤᠨ ᠦᠡᠭᠭᠡᠷᠡᠯᠳᠠ ᠲᠤᠭᠠᠴᠢᠯᠳᠠ ᠮᠦᠨ᠃ ᠪᠠᠭ᠎ᠠ ᠶᠢᠨ ᠦᠶ᠎ᠠ ᠶᠢᠨ ᠠᠮᠢᠳᠦᠷᠠᠯ ᠲᠤᠮᠳᠠᠬᠢ ᠠᠵᠠ ᠪᠤᠰᠤ | ᠣᠴᠠᠷᠠᠯ ᠲᠤᠬᠢᠶᠠᠯᠳᠤᠯ ᠤᠨ ᠲᠦᠪᠯᠡᠷᠠᠩᠬᠦᠢ ᠲᠤᠰᠬᠠᠯ ᠮᠦᠨ᠃ | ᠢᠨᠵᠠᠠᠨᠠᠰᠢ ᠶᠢᠨ ᠢᠳᠡᠷ ᠨᠠᠰᠤᠨ ᠤ ᠦᠶ᠎ᠠ ᠳᠤ᠂ ᠨᠡᠶᠢᠬᠡᠮ ᠲᠡᠤᠬᠡ ᠶᠢᠨ ᠨᠦᠯᠦᠬᠡ ᠠᠴᠠ ᠪᠤᠯᠵᠤ᠂ ᠭᠡᠷ ᠤᠨ | ᠠᠵᠤ ᠠᠮᠢᠳᠤᠷᠠᠯ ᠨᠠᠯᠢᠶᠠᠳ ᠲᠤᠷᠦ᠋ᠢᠳᠠᠵᠤ᠂ ᠡᠮ᠎ᠡ ᠦᠷ᠎ᠡ ᠦᠭᠦᠵᠤ ᠦᠯᠵᠡᠢ ᠪᠤᠰᠤ ᠶᠠᠪᠤᠳᠠᠯ | ᠲᠠᠪᠬᠤᠴᠠᠭᠰᠠᠨ ᠠᠴᠠ ᠦᠨᠳᠦᠰᠦᠳᠠᠨ ᠤ ᠪᠠᠨ ᠲᠡᠤᠬᠡ ᠶᠢ ᠰᠣᠳᠣᠯᠵᠣ ᠪᠢᠴᠢᠭ ᠤᠨ ᠵᠤᠬᠢᠶᠠᠯ ᠢᠶᠠᠷ ᠰᠡᠳᠬᠢᠯ ᠢᠶᠠᠨ | ᠰᠠᠭᠠᠳᠠᠭᠤᠯᠬᠤ ᠪᠤᠯᠵᠠᠢ᠃ ᠡᠭᠦᠨ ᠠᠴᠠ ᠦᠨᠳᠦᠰᠦᠳᠠᠨ ᠤ ᠪᠠᠨ ᠠᠷᠠᠳ ᠲᠦᠮᠡᠨ ᠢ ᠰᠡᠬᠡᠬᠡᠷᠡᠬᠦᠯᠵᠤ ᠦᠨᠳᠦᠰᠦᠳᠠᠨ ᠤ | ᠲᠠᠷᠤᠯᠠᠯ ᠢ ᠡᠰᠡᠷᠬᠦᠴᠠᠵᠣ ᠪᠤᠯᠬᠤ ᠵᠢᠮ᠎ᠠ ᠬᠠᠤᠯᠢ ᠶᠢ ᠮᠡᠳᠡᠵᠤ᠂ ︽ᠬᠦᠬᠡ ᠰᠣᠳᠣᠷ︾ ᠢ ᠪᠢᠴᠢᠭᠰᠡᠨ ᠪᠦᠭᠡᠳ | ᠢᠯᠡ ᠪᠠᠷ ᠬᠡᠯᠡᠵᠤ ᠴᠢᠳᠠᠳᠠᠭ ᠦᠭᠡᠢ ᠦᠭᠡ ᠪᠠᠨ ︽ᠨᠢᠬᠡᠨ ᠲᠠᠪᠬᠤᠷ ᠠᠰᠠᠷ︾ ᠤᠨ ᠤᠷᠠᠨ ᠲᠦᠷᠰᠦᠯᠡᠯ ᠢᠶᠠᠷ | ᠲᠠᠮᠵᠢᠭᠤᠯᠵᠤ ᠬᠡᠷᠡᠭᠯᠡᠬᠦ ᠭᠠᠵᠠᠷ ᠡᠰᠡ ᠤᠯᠳᠠᠭᠰᠠᠨ ᠡᠷᠳᠡᠮ ᠢᠶᠠᠨ ᠤᠷᠠᠨ ᠵᠤᠬᠢᠶᠠᠯ ᠢᠶᠠᠷ ᠦᠵᠡᠬᠦᠯᠦᠭᠰᠡᠨ ᠪᠠᠶᠢᠨ᠎ᠠ᠃ | ᠲᠡᠭᠦᠨᠴᠢᠯᠠᠨ ᠲᠤᠰ ᠵᠤᠬᠢᠶᠠᠯ ᠳᠤ ᠪᠠᠨ ᠵᠦᠪᠬᠡᠨ ᠨᠠᠶᠢᠬᠡᠮ ᠤᠨ ᠵᠢᠵᠢᠭ ᠰᠡᠵᠢᠭ ᠦᠵᠡᠭᠳᠡᠯ ᠤᠳ ᠢ ᠲᠡᠭᠦᠪᠦᠷᠢᠯᠡᠨ | ᠪᠢᠴᠢᠭᠰᠡᠨ ᠪᠢᠰᠢ᠂ ᠬᠠᠷᠢᠨ ᠲᠡᠷᠡ ᠦᠶ᠎ᠠ ᠶᠢᠨ ᠦᠪᠦᠷ ᠮᠤᠩᠭᠤᠯ ᠤᠷᠤᠨ᠂ ᠭᠤᠪᠢ ᠶᠢᠨ ᠡᠮᠦᠨᠡᠳᠦ ᠤᠷᠤᠨ ᠤ | ᠹᠸᠤᠳᠠᠯ ᠢᠵᠠᠭᠤᠷᠳᠠᠨ ᠤ ᠲᠦᠪᠯᠡᠷᠡᠭᠰᠡᠨ ᠰᠢᠨᠵᠢ ᠪᠤᠯᠤᠭᠴᠢ ᠦᠪᠡᠷ ᠤᠨ ᠭᠡᠷ — ︽ᠰᠢᠳᠤᠷᠭᠤ ᠪᠠᠳᠦ ᠬᠤᠷᠤᠭ᠎ᠠ | ︾ ᠶᠢ ᠲᠦᠷᠰᠣᠯᠡᠨ ᠪᠢᠴᠢᠪᠠ᠃ | ︽ᠨᠢᠬᠡᠨ ᠲᠠᠪᠬᠤᠷ ᠠᠰᠠᠷ︾ ᠲᠤ ᠢᠨᠵᠠᠨᠨᠠᠰᠢ ᠶᠢᠨ ᠬᠡᠷ ᠪᠦᠯᠢ ᠶᠢᠨ ᠬᠢᠨ ᠤ ᠰᠠᠭᠦᠳᠡᠷ ᠬᠠᠷᠠᠭᠳᠠᠵᠤ ᠪᠠᠶᠢᠳᠠᠬ | ᠃ ᠵᠢᠱᠢᠶᠠᠯᠠᠪᠠᠯ᠂ ᠪᠸᠢ ᠡᠾᠸᠤ ᠶᠢᠨ ᠠᠪᠤ ᠪᠸᠢ ᠳ᠋ᠤᠸᠠᠨ ᠪᠣᠯ ᠢᠨᠵᠠᠨᠨᠠᠰᠢ ᠶᠢᠨ ᠡᠯᠤᠴᠠ ᠡᠪᠦᠭᠡ ᠲᠤᠨᠳᠤᠪ ᠢ | ᠵᠢᠭᠠᠭᠰᠠᠨ᠂ ᠫᠦ᠋ ᠢᠤᠢ ᠶᠢᠨ ᠬᠠᠳᠠᠮ ᠠᠪᠤ ᠰᠦ᠋ ᠵᠢᠶᠧ ᠳ᠋ᠦ᠋ ᠪᠤᠯ ᠢᠨᠵᠠᠨᠨᠠᠰᠢ ᠶᠢᠨ ᠲᠡᠭᠡᠳᠦᠰ ᠤᠨ ᠬᠠᠳᠠᠮ ᠪᠤᠯᠬᠤ | ᠵᠡᠭᠦᠨ ᠲᠦᠮᠡᠳ ᠤᠨ ᠸᠠᠩ ᠰᠣᠳᠨᠤᠮᠪᠠᠯᠵᠣᠷ ᠤᠨ ᠨᠠᠷᠠ ᠠᠴᠠ ᠠᠰᠢᠭᠯᠠᠭᠰᠠᠨ᠃ ᠰᠦ᠋ ᠵᠢᠶᠧ ᠳ᠋ᠦ᠋ ᠶᠢᠨ ᠬᠦᠪᠡᠬᠦᠨ | ᠭᠤᠤ ᠯᠦᠢ ᠨᠢ ᠲᠦᠮᠡᠳ ᠤᠨ ᠲᠤᠤᠷ᠎ᠠ ᠦᠶ᠎ᠠ ᠶᠢᠨ ᠸᠠᠩ ᠭᠤᠴᠤᠷᠠᠩᠪᠠ ᠪᠤᠯᠤᠨ᠎ᠠ᠃ ᠫᠦ᠋ ᠢᠤᠢ ᠶᠢᠨ ᠲᠦᠷᠦᠭᠰᠠᠨ | ᠡᠳᠦᠷ ᠪᠤᠯᠬᠤ᠂ ᠢᠯᠠᠩᠭᠤᠶ᠎ᠠ ᠪᠸᠢ ᠡᠾᠸᠤ ᠶᠢᠨ ᠴᠡᠷᠢᠭ ᠤᠨ ᠲᠦᠰᠢᠮᠠᠯ ᠪᠤᠯᠤᠭᠰᠠᠨ ᠬᠢᠬᠡᠳ ᠫᠦ᠋ ᠢᠤᠢ ᠶᠢᠨ | ᠭᠤᠷᠪᠠᠨ ᠡᠬᠡᠨᠡᠷ ᠠᠪᠤᠭᠰᠠᠨ ᠯᠦ ᠮᠸᠢ᠂ ᠴᠢᠨ ᠮᠦᠸᠧ ᠨᠡᠷ ᠴᠦᠮ ᠵᠢᠶᠠᠨ ᠴᠠᠩ ᠭᠠᠵᠠᠷ ᠨᠤᠳᠤᠭ ᠲᠠᠢ᠂ ᠫᠦ᠋ ᠢᠤᠢ | ᠲᠡᠭᠡᠳᠦᠰ ᠤᠨ ᠢᠶᠠᠨ ᠨᠠᠰᠤ ᠨᠦᠭᠴᠢᠭᠰᠡᠨ ᠤᠢ ᠳᠤ ︽ᠡᠾᠦ᠋ᠢ ᠨᠢᠩ ᠰᠧ ᠰᠦᠮ᠎ᠠ︾ ᠳᠤ ᠬᠦᠵᠢ ᠰᠢᠳᠡᠭᠠᠷᠠ | ᠣᠴᠢᠭᠰᠠᠨ ᠬᠡᠰᠡᠨ ᠪᠠ ᠵᠢᠴᠢ ᠡ᠊ᠨᠡ ᠵᠤᠬᠢᠶᠠᠯ ᠢ ᠤᠯᠠᠨ ᠵᠢᠯ ᠰᠣᠳᠣᠯᠣᠨ ᠣᠡᠭᠰᠢᠭ᠌ᠰᠠᠨ ᠡᠪᠣᠭᠡᠳ ᠨᠠᠰᠤᠳᠠᠨ ᠠᠴᠠ | ᠦᠪᠡᠷ᠎ᠠ ᠪᠤᠰᠤᠳ ᠬᠦᠮᠦᠰ ᠤᠨ ᠤᠭ ᠢᠷᠠᠯ ᠢ ᠮᠠᠰᠢ ᠤᠯᠠᠨ ᠠᠷᠪᠢᠨ ᠢᠯᠡᠴᠢᠯᠡᠨ ᠭᠠᠷᠭᠠᠵᠤ ᠪᠠᠶᠢᠳᠠᠭ ᠪᠢᠯᠡ᠃ | ᠡᠬᠦᠨ ᠤ ᠬᠠᠮᠳᠤ᠂ ᠢᠨᠵᠠᠨᠨᠠᠰᠢ ᠦᠪᠡᠷ ᠤᠨ ᠦᠡᠭᠭᠡᠷᠡᠯᠳᠡ ᠪᠠᠷ ᠢᠶᠠᠨ ᠰᠡᠳᠤᠪᠯᠠᠨ ︽ᠤᠯᠠᠭᠠᠨ ᠡᠭᠦᠯᠡᠨ ᠤ | ᠨᠢᠯᠪᠣᠰᠤᠨ︾ ᠬᠡᠬᠦ ᠤᠤᠭᠠᠨ ᠷᠤᠮᠠᠨ ᠢᠶᠠᠨ ᠪᠢᠴᠢᠭᠰᠡᠨ ᠠᠴᠠ ᠭᠠᠳᠠᠨ᠎ᠠ ᠪᠠᠰᠠ ︽ᠰᠠᠷᠠᠨ ᠬᠦᠬᠦᠬᠡ ᠶᠢᠨ ᠱᠠᠰᠳᠢᠷ︾ | ᠬᠡᠬᠦ ᠲᠤᠭᠤᠵᠢ ᠶᠢ ᠲᠤᠭᠤᠷᠪᠢᠨ ᠪᠢᠴᠢᠪᠠ᠃ ᠡ᠊ᠨᠠ ᠬᠦ ᠷᠤᠮᠠᠨ ᠪᠠ ᠲᠤᠭᠤᠵᠢ ᠳᠤ ᠪᠠᠨ ᠲᠤᠬᠠᠢ ᠶᠢᠨ ᠦᠶ᠎ᠠ ᠶᠢᠨ | ᠢᠨᠠᠭ ᠲᠤᠷᠠᠯᠠᠯ ᠪᠠ ᠦᠵᠡᠯᠳᠡ ᠲᠠᠨᠢᠯᠳᠠ ᠪᠠᠨ ᠦᠨᠠᠨ ᠪᠤᠳᠠᠳᠠᠢ ᠪᠠᠷ ᠵᠢᠷᠤᠭᠯᠠᠨ ᠬᠠᠷᠠᠭᠤᠯᠵᠤ ᠲᠤᠭᠤᠵᠢᠰ ᠤᠨ | ᠵᠤᠬᠢᠶᠠᠯ ᠤᠨ ᠲᠠᠯ᠎ᠠ ᠪᠠᠷ ᠬᠢ ᠠᠪᠢᠶᠠᠰ ᠪᠢᠯᠢᠭ ᠢᠶᠠᠨ ᠢᠯᠠᠷᠠᠬᠦᠯᠵᠠᠢ᠃ | ᠡᠬᠦᠨ ᠠᠴᠠ ᠦᠵᠡᠬᠦ ᠳᠤ᠂ ᠢᠨᠵᠠᠨᠨᠠᠰᠢ ᠶᠢᠨ ᠲᠣᠰ ᠪᠡᠶ᠎ᠠ ᠶᠢᠨ ᠠᠮᠢᠳᠤᠷᠠᠯ ᠤᠨ ᠦᠡᠭᠭᠡᠷᠡᠯᠳᠠ ᠶᠢ ᠮᠡᠳᠡᠪᠡᠯ | ᠲᠡᠬᠦᠨ ᠤ ᠠᠳᠠᠯᠢ ᠪᠤᠰᠤ ᠴᠠᠭ ᠦᠶ᠎ᠠ ᠳᠤ ᠬᠢ ᠵᠤᠬᠢᠶᠠᠯ ᠪᠦᠳᠦᠭᠡᠯ ᠤᠨ ᠠᠭᠤᠯᠭ᠎ᠠ᠂ ᠦᠵᠡᠯ ᠰᠠᠨᠠᠭ᠎ᠠ ᠶᠢ ᠰᠣᠳᠣᠯᠵᠣ | ᠤᠶᠢᠯᠠᠭᠠᠬᠤ ᠳᠤ ᠴᠢᠬᠤᠯᠠ ᠦᠢᠯᠠᠳᠣᠯ ᠦᠵᠡᠬᠦᠯᠦᠨ᠎ᠠ᠃ | ᠬᠤᠶᠠᠷ᠂ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠶᠢᠨ ᠶᠢᠷᠳᠢᠨᠴᠦ ᠳᠤ ᠬᠠᠨᠳᠤᠬᠤ | ᠤᠪᠤᠷ ᠢᠶᠠᠷ ᠨᠢ ᠲᠠᠮᠵᠢᠭᠤᠯᠵᠤ ᠵᠤᠬᠢᠶᠠᠯ ᠪᠦᠳᠦᠭᠡᠯ ᠢ ᠨᠢ ᠰᠣᠳᠣᠯᠤᠨ᠎ᠠ᠃ ᠭᠤᠤᠯᠳᠠᠭᠤ ᠵᠤᠬᠢᠶᠠᠭᠴᠢ ᠶᠢᠨ | ᠠᠮᠢᠳᠤᠷᠠᠬᠤᠢ ᠶᠢᠨ ᠦᠵᠡᠯᠳᠠ᠂ ᠤᠯᠤᠰ ᠲᠦᠷᠦ ᠶᠢᠨ ᠦᠵᠡᠯᠳᠡ᠂ ᠤᠨᠤᠯ ᠰᠢᠬᠦᠮᠵᠢᠯᠡᠬᠦᠢ ᠶᠢᠨ ᠦᠵᠡᠯᠳᠡ ᠪᠠᠷ | ᠲᠡᠮᠵᠢᠵᠤ ᠵᠤᠬᠢᠶᠠᠯ ᠪᠦᠳᠦᠬᠡᠯ ᠢ ᠨᠢ ᠰᠣᠳᠣᠯᠬᠤ ᠶᠢ ᠬᠡᠯᠡᠨ᠎ᠡ᠃ ᠵᠤᠬᠢᠶᠠᠭᠴᠢ ᠶᠢᠨ ᠦᠪᠡᠷ ᠤᠨ ᠪᠡᠶ᠎ᠠ ᠪᠠᠷ | ᠦᠡᠭᠭᠡᠷᠡᠬᠦᠯᠦᠭᠰᠡᠨ ᠦᠡᠭᠭᠡᠷᠡᠯᠳᠡ ᠨᠢ ᠲᠡᠬᠦᠨ ᠤ ᠦᠪᠡᠷ ᠤᠨ ᠪᠡᠶ᠎ᠠ ᠶᠢᠨ ᠪᠤᠳᠠᠳᠠᠢ ᠦᠢᠯᠡᠳᠦᠯᠬᠡ ᠮᠦᠨ᠃ | ᠬᠡᠭᠦ ᠳᠤ ᠪᠠᠨ ᠵᠤᠬᠢᠶᠠᠭᠴᠢ ᠦᠪᠡᠷ ᠤᠨ ᠠᠮᠢᠳᠤᠷᠠᠯ ᠤᠨ ᠲᠤᠮᠳᠠᠬᠢ ᠵᠡᠷᠢᠮ ᠦᠡᠭᠭᠡᠷᠡᠯᠳᠡ ᠶᠢ ᠵᠤᠷᠢᠯᠭ᠎ᠠ ᠲᠠᠢ ᠪᠤᠶᠤ | ᠵᠤᠷᠢᠯᠭ᠎ᠠ ᠦᠭᠡᠢ ᠪᠠᠷ ᠰᠣᠩᠭᠤᠯᠳᠠ ᠬᠢᠬᠦ ᠪᠤᠶᠤ ᠬᠡᠰᠡᠭᠯᠡᠨ ᠠᠪᠴᠦ ᠵᠤᠬᠢᠶᠠᠯ ᠪᠦᠳᠦᠭᠡᠯ ᠳᠤ ᠪᠠᠨ ᠬᠡᠷᠡᠭᠯᠡᠳᠡᠭ | ᠪᠠᠶᠢᠨ᠎ᠠ᠃ ᠡᠭᠦᠨ ᠢ ᠵᠤᠬᠢᠶᠠᠭᠴᠢ ᠶᠢᠨ ᠨᠠᠮᠳᠠᠷ ᠲᠡᠤᠬᠡ ᠠᠴᠠ ᠡᠳᠦᠢ ᠲᠡᠳᠦᠢ ᠤᠯᠵᠤ ᠬᠠᠷᠠᠳᠠᠭ᠃ ᠬᠡᠳᠡᠯ᠎ᠡ | ᠵᠤᠬᠢᠶᠠᠭᠴᠢ ᠶᠢᠨ ᠶᠢᠷᠳᠢᠨᠴᠦ ᠳᠤ ᠬᠠᠨᠳᠣᠬᠤ ᠦᠵᠡᠯᠳᠡ ᠶᠢ ᠪᠤᠯ ᠶᠠᠮᠠᠷ ᠨᠢᠬᠡᠨ ᠠᠷᠭ᠎ᠠ ᠢᠶᠠᠷ ᠲᠡᠮᠵᠢᠭᠤᠯᠵᠤ | ᠢᠯᠡᠳᠬᠡᠵᠤ ᠪᠤᠯᠳᠠᠭ᠃ ᠵᠤᠬᠢᠶᠠᠭᠴᠢ ᠶᠢᠷᠳᠢᠨᠴᠤ ᠶᠢᠨ ᠦᠵᠡᠯᠳᠡ ᠪᠠᠨ ᠶᠠᠮᠠᠷ ᠨᠢᠬᠡᠨ ᠲᠠᠯᠠᠪᠤᠷ ᠲᠤ ᠰᠢᠭᠤᠳ | ᠢᠯᠡᠳᠬᠡᠭᠦ ᠪᠤᠶᠤ ᠡᠰᠡᠬᠦᠯ᠎ᠡ ᠵᠤᠬᠢᠶᠠᠯ ᠪᠦᠳᠦᠭᠡᠯ ᠤᠨ ᠦᠵᠡᠯ ᠰᠡᠳᠬᠢᠯᠭᠡ ᠶᠢᠨ ᠲᠤᠮᠳᠠ ᠪᠠᠨ ᠰᠢᠭᠤᠳ ᠪᠤᠶᠤ | ᠲᠠᠮ ᠢᠶᠠᠷ ᠢᠯᠡᠷᠡᠬᠦᠯᠦᠨ ᠭᠠᠷᠭᠠᠳᠠᠭ᠃ ᠶᠠᠷᠢᠶᠠᠨ ᠦᠭᠡᠢ ᠮᠡᠷᠬᠡᠨ ᠵᠤᠬᠢᠶᠠᠭᠴᠢ ᠶᠡᠷᠣᠨᠢ ᠦᠪᠡᠷ ᠤᠨ ᠤᠯᠤᠰ | ᠲᠦᠷᠦ ᠶᠢᠨ ᠦᠵᠡᠯ᠂ ᠠᠮᠢᠳᠦᠷᠠᠬᠤᠢ ᠶᠢᠨ ᠦᠵᠡᠯ ᠢᠶᠠᠨ ᠦᠪᠡᠷ ᠤᠨ ᠵᠤᠬᠢᠶᠠᠯ ᠪᠦᠳᠦᠭᠡᠯ ᠤᠨ ᠦᠢᠯᠡ ᠶᠠᠪᠤᠳᠠᠯ | ᠪᠤᠯᠤᠨ ᠲᠦᠷᠢ ᠶᠢᠨ ᠬᠠᠷᠢᠴᠠᠭᠠᠨ ᠤ ᠲᠤᠮᠳᠠ ᠠᠭᠤᠰᠬᠠᠨ ᠰᠢᠩᠭᠡᠭᠡᠳᠡᠭ᠃ ᠲᠠᠶᠢᠮᠦ ᠠᠴᠠ ᠵᠤᠬᠢᠶᠠᠭᠴᠢ ᠶᠢᠨ | ᠶᠢᠷᠳᠢᠨᠴᠦ ᠳᠤ ᠬᠠᠨᠳᠤᠬᠤ ᠦᠵᠡᠯᠳᠡ ᠶᠢ ᠨᠡᠬᠡᠮᠵᠢᠯᠡᠨ ᠠᠰᠠᠭᠤᠬᠤ ᠨᠢ ᠵᠤᠬᠢᠶᠠᠯ ᠪᠦᠳᠦᠭᠡᠯ ᠢ ᠲᠠᠶᠢᠯᠪᠤᠷᠢᠯᠠᠬᠤ ᠳᠤ | ᠠᠰᠢᠭᠳᠠᠢ ᠪᠠᠶᠢᠳᠠᠭ᠃ | ᠢᠨᠵᠠᠨᠨᠠᠰᠢ ᠪᠤᠯ ᠪᠢᠴᠢᠭ ᠤᠨ ᠰᠤᠷᠭᠠᠯ ᠤᠨ ᠨᠦᠯᠦᠭᠡ ᠶᠢ ᠬᠦᠷᠳᠡᠭᠰᠡᠨ ᠶᠤᠮ᠂ ᠲᠤᠬᠠᠢ ᠶᠢᠨ ᠦᠶ᠎ᠠ ᠶᠢᠨ | ᠨᠠᠶᠢᠬᠡᠮ᠂ ᠠᠩᠬᠢ ᠶᠢᠨ ᠪᠠᠶᠢᠷᠢ ᠶᠢᠨ ᠬᠤᠪᠢᠷᠠᠯᠳᠠ ᠬᠢᠭᠡᠳ ᠬᠤᠪᠢ ᠪᠡᠶ᠎ᠠ ᠶᠢᠨ ᠤᠴᠠᠷᠠᠯ ᠲᠤᠬᠢᠶᠠᠯᠳᠣᠯ ᠨᠢ | ᠢᠨᠵᠠᠨᠨᠠᠰᠢ ᠶᠢᠨ ᠵᠤᠬᠢᠶᠠᠯ ᠪᠦᠳᠦᠭᠡᠯ ᠤᠨ ᠡᠬᠢ ᠰᠤᠷᠪᠤᠯᠵᠢ ᠪᠠ ᠤᠨᠤᠯ ᠤᠨ ᠰᠠᠭᠤᠷᠢ ᠪᠤᠯᠤᠭᠰᠠᠨ ᠶᠤᠮ᠃ | ᠬᠡᠬᠦ ᠳᠤ ᠪᠠᠨ ᠢᠨᠵᠡᠨᠨᠠᠰᠢ ᠶᠢᠨ ᠦᠭᠦᠯᠡᠯ ᠰᠢᠬᠦᠮᠵᠢ ᠳᠤ ᠢᠯᠡᠷᠬᠡᠶᠢᠯᠡᠭᠰᠡᠨ ᠦᠵᠡᠯ ᠬᠢᠭᠡᠳ ᠤᠷᠠᠨ ᠪᠦᠳᠦᠭᠡᠯ ᠳᠤ ᠪᠠᠨ | ᠲᠡᠪᠰᠢᠬᠦᠯᠦᠭᠰᠡᠨ ᠰᠠᠨᠠᠭ᠎ᠠ ᠵᠢᠴᠢ ᠬᠤᠯᠪᠤᠭᠳᠠᠯ ᠪᠦᠭᠦᠢ ᠪᠤᠰᠤᠳ ᠮᠠᠲ᠋ᠧᠷᠢᠶᠠᠯ ᠢ ᠠᠵᠢᠭᠯᠠᠪᠠᠯ᠂ ᠢᠨᠵᠠᠨᠨᠠᠰᠢ ᠶᠢᠨ | ᠦᠵᠡᠯᠳᠠ ᠨᠢ ᠨᠡᠯᠢᠶᠡᠳ ᠡᠬᠡᠳᠡᠷᠡᠬᠡᠨ ᠪᠤᠳᠤᠯᠢᠶᠠᠨᠳᠠᠢ ᠪᠠᠶᠢᠳᠠᠬ᠃ | ᠡᠩ ᠲᠡᠷᠢᠬᠦᠨ ᠳᠤ᠂ ᠢᠨᠵᠠᠨᠨᠠᠰᠢ ᠪᠤᠯ ᠨᠢᠭᠡᠨ ᠦᠨᠳᠦᠰᠦᠳᠡᠨ ᠤ ᠡᠷᠬᠡ ᠴᠢᠯᠦᠬᠡ᠂ ᠦᠨᠳᠦᠰᠦᠳᠡᠨ ᠤ | ᠬᠦᠴᠦᠷᠬᠡᠭᠵᠢᠯ ᠢ ᠬᠦᠰᠡᠨ ᠡᠷᠡᠮᠡᠯᠵᠡᠯᠡᠭᠰᠡᠨ ᠦᠨᠳᠦᠰᠦᠳᠠᠨ ᠤ ᠦᠵᠡᠯᠳᠡᠨ ᠮᠦᠨ᠃ ︽ᠬᠦᠬᠡ ᠰᠤᠳᠤᠷ︾ ᠤᠨ | ᠲᠤᠪᠴᠢᠳᠦ ᠲᠤᠯᠳᠤ ᠶᠢᠨ ᠭᠤᠳᠠᠭᠠᠷ ᠠᠩᠬᠢ ᠳᠤ᠂ ᠮᠠᠨᠵᠤ ᠴᠢᠩ ᠤᠨ ᠹᠸᠣᠳᠡᠯ ᠨᠤᠶᠠᠷᠬᠠᠭᠴᠢᠳ ᠤᠨ ᠶᠠᠯ᠎ᠠ ᠭᠡᠮ ᠢ | ᠢᠯᠡᠴᠢᠯᠡᠨ ᠰᠢᠬᠦᠮᠵᠢᠯᠡᠬᠦ ᠳᠤ ᠪᠠᠨ᠄ ᠴᠢᠩ ᠤᠯᠤᠰ ᠤᠨ ᠵᠠᠰᠠᠭ ᠤᠨ ᠭᠠᠵᠠᠷ᠂ ᠮᠤᠩᠭᠤᠯᠴᠤᠳ ᠤᠨ ᠲᠣᠳᠣᠷᠠᠬᠢ | ᠹᠸᠤᠳᠠᠯ ᠢᠵᠠᠭᠤᠷᠳᠠᠨ ᠨᠤᠭᠤᠳ ᠢ ︽ᠸᠠᠩ᠂ ᠪᠠᠶᠢᠯ᠎ᠠ᠂ ᠪᠠᠶᠢᠰᠠ᠂ ᠬᠦᠡᠭ ᠡᠷᠬᠦᠮᠵᠢᠯᠡᠨ᠂ ᠬᠤᠭᠤᠰᠤᠨ ᠶᠡᠭᠡ ᠨᠡᠷ᠎ᠡ | ᠡᠷᠭᠦᠬᠡᠳ ᠬᠤᠪᠳᠤᠬᠯᠠᠭᠤᠯᠤᠨ ᠵᠠᠷᠤᠴᠠᠯᠠᠮᠦᠢ︾ ᠬᠡᠵᠤ᠂ ᠮᠠᠨᠵᠣ ᠴᠢᠩ ᠤᠯᠤᠰ ᠤᠨ ᠡᠷᠬᠡ ᠲᠡᠭᠰᠢ ᠪᠤᠰᠤ | ᠰᠢᠯᠭᠠᠭᠤᠯᠢ ᠶᠢᠨ ᠲᠦᠷᠢᠮ ᠳᠤ ᠡᠭ᠍ᠳᠡᠭᠦᠦ ᠬᠦᠷᠴᠦ ︽ᠡ᠊ᠨᠡ ᠲᠠᠶᠢᠴᠢᠩ ᠤᠯᠤᠰ ᠲᠤᠷ ᠁ ᠤᠨᠴᠠ ᠮᠤᠩᠭᠤᠯ | ᠲᠤᠭᠠᠳᠠᠨ ᠪᠦᠬᠦᠨ ᠢ ᠨᠢᠬᠡᠮᠦᠰᠦᠨ ᠦᠯᠦ ᠰᠢᠯᠭᠠᠭᠤᠯᠬᠤ ᠠᠨᠤ ᠶᠠᠮᠠᠷ ᠣᠴᠢᠷ ᠪᠤᠯᠪᠠ︖︾ ᠬᠡᠮᠡᠨ ᠬᠠᠰᠬᠢᠷᠣᠨ᠂ | ︽ᠮᠤᠩᠭᠤᠯ ᠠᠴᠠ ᠪᠢᠳᠠᠭᠤ ᠮᠤᠩᠬᠠᠭ ᠴᠦᠯᠢᠰ ᠪᠢᠳᠠᠭᠦᠯᠢᠬ᠂ ᠰᠢᠯᠭᠠᠪᠡᠴᠦ ᠭᠠᠷᠬᠤ ᠬᠦᠮᠦᠨ ᠦᠬᠡᠢ ᠬᠡᠵᠤ | ᠰᠢᠯᠭᠠᠬᠤ ᠬᠠᠤᠯᠢ ᠡᠰᠡ ᠲᠣᠭᠳᠠᠭᠠᠪᠠ ᠬᠡᠬᠦᠯᠡ᠂ ᠪᠠᠰᠠ ᠡ᠊ᠨᠡ ᠶᠤᠸᠠᠨ ᠤᠯᠤᠰ ᠤᠨ ᠦᠶ᠎ᠠ ᠳᠤᠷ ᠪᠤᠭᠳᠠ | ᠬᠠᠳ ᠤᠳ ᠲᠦᠷᠦᠵᠤ᠂ ᠲᠡᠯᠡᠬᠡᠢ ᠳ᠋ᠠᠬᠢᠨ ᠢ ᠨᠢᠬᠡ ᠵᠠᠭᠤ ᠵᠢᠷᠠᠨ ᠬᠤᠶᠠᠷ ᠤᠨ ᠠᠮᠤᠭᠤᠯᠤᠨ ᠵᠠᠰᠠᠵᠤᠬᠤᠢ︾᠂ ︽ | ᠡᠬᠦᠨ ᠢ ᠪᠠᠰᠠ ᠪᠠᠶᠢᠳᠣᠭᠠᠢ᠂ ᠲᠠᠷᠤᠢ ᠮᠤᠩᠭᠤᠯ ᠢ ᠰᠢᠭᠤᠳ ᠮᠤᠩᠬᠠᠭ ᠳᠤᠷ ᠠᠨᠤ ᠰᠢᠭᠤᠳᠬᠠᠵᠤ ᠨᠢᠬᠡᠨ ᠲᠠᠰᠢ | ᠲᠠᠯᠪᠢᠭᠠᠳ᠂ ᠤᠳᠤ ᠴᠡᠷᠢᠭ ᠤᠨ ᠰᠤᠷᠭᠠᠭᠤᠯᠢ ᠪᠠᠷ ᠠᠪᠴᠤ ᠬᠡᠯᠡᠯᠴᠠᠪᠠᠰᠦ᠂ ᠮᠤᠩᠭᠤᠯ ᠬᠡᠳᠦᠢ ᠰᠡᠴᠡᠨ ᠮᠡᠷᠬᠡᠨ | ᠤᠶᠤᠨ ᠪᠢᠯᠢᠭ ᠦᠭᠡᠢ ᠪᠤᠯᠪᠠᠴᠦ᠂ ᠬᠤᠨᠢᠨ ᠤ ᠮᠢᠬ᠎ᠠ ᠶᠢᠨ ᠲᠠᠨᠡᠭ ᠲᠦᠬᠦᠬᠡᠢ ᠬᠦᠴᠦᠨ ᠢᠨᠤ ᠮᠠᠰᠢ ᠪᠡᠯᠡᠬᠡᠨ | ᠪᠠᠶᠢᠬᠤ ᠦᠭᠡᠢ ᠤᠤ︖ ᠣᠳᠣ ᠴᠡᠷᠢᠭ ᠤᠨ ᠡᠷᠳᠡᠮ ᠢᠶᠠᠷ ᠮᠦᠨᠴᠦ ᠦᠯᠦ ᠰᠢᠯᠭᠠᠭᠤᠯᠬᠤ ᠠᠨᠤ ᠡ᠊ᠨᠡ ᠡᠬᠡᠨᠡᠭᠳᠡ | ᠶᠠᠭᠤᠨ ᠤ ᠰᠢᠯᠳᠠᠭᠠᠨ ᠪᠤᠯᠪᠠ︾ ᠬᠡᠵᠤ ︽ᠰᠤᠷᠴᠦ ᠮᠡᠳᠡᠬᠦᠢ ᠶᠢᠨ ᠵᠠᠮ ᠢ ᠲᠠᠰᠦ ᠬᠠᠭᠠᠭᠠᠭᠰᠠᠨ ᠠᠨᠤ ᠲᠦᠢᠯ ᠤᠨ | ᠪᠤᠷᠤᠭᠤ︾ ᠬᠡᠮᠡᠨ ᠪᠤᠷᠤᠭᠤᠰᠢᠶᠠᠭᠰᠠᠨ ᠪᠠᠶᠢᠨ᠎ᠠ᠃ ︽ᠤᠭ ᠢᠵᠠᠭᠤᠷ ᠢᠶᠠᠨ ᠮᠠᠷᠳᠠᠵᠤ ᠪᠤᠯᠬᠤ ᠦᠭᠡᠢ︾ ᠬᠡᠳᠡᠭ | ᠵᠣᠬᠢᠶᠠᠯ ᠳᠤ ᠪᠠᠨ ︽︿ᠮᠠᠨ ᠤ ᠡ᠊ᠨᠡ ᠵᠡᠭᠦᠨ ᠭᠤᠷᠪᠠᠨ ᠴᠢᠭᠤᠯᠭᠠᠨ ᠪᠠ ᠲᠠᠪᠤᠨ ᠬᠠᠷᠠᠴᠢᠨ ᠤ ᠲᠠᠶᠢᠵᠢ | ᠲᠠᠪᠤᠨᠠᠩ ᠤᠨ ᠲᠣᠳᠣᠷᠠᠬᠢ ᠸᠠᠩ ᠬᠦᠡᠭ ᠪᠠᠶᠢᠯ᠎ᠠ ᠪᠠᠶᠢᠰᠠ ᠵᠡᠷᠭᠡᠳᠡᠨ ᠠᠴᠠ ᠲᠠᠷᠠᠭᠠᠯᠠᠨ ᠲᠡᠷᠢᠭᠦᠨ ᠲᠡᠳ᠋ ᠭᠤᠳᠠᠭᠠᠷ | ᠲᠦᠳᠦᠭᠡᠷ ᠵᠡᠷᠭᠡ﹀ ᠳᠤ ᠬᠦᠷᠳᠡᠯᠠᠬᠢ ᠬᠦᠮᠦᠰ ᠠᠴᠠ ᠣᠭ ᠢᠵᠠᠭᠤᠷ ᠢ ᠨᠢ ︿ᠨᠡᠬᠡᠮᠵᠢᠯᠡᠨ ᠠᠰᠠᠭᠤᠪᠠᠰᠦ﹀ ᠲᠡᠳᠡ | ᠡᠭᠡᠨᠡᠭᠳᠡ ︿ᠴᠦᠮ ᠪᠦᠷᠢᠨ ᠢᠶᠠᠷ ᠪᠦᠭᠯᠡᠷᠡᠨ ᠴᠢᠭᠯᠡᠷᠡᠭᠦᠨ᠂ ᠲᠦᠳᠡᠵᠣ ᠲᠦᠷᠪᠢᠨ᠂ ᠡᠶᠢᠮᠦ ᠬᠡᠯᠦ᠂ ᠲᠡᠶᠢᠮᠦ ᠬᠡᠯᠦ᠂ | ᠬᠡᠯᠡᠢ ᠬᠡᠬᠦ ᠠᠴᠠ ᠤᠭᠳᠦ ᠭᠠᠷᠴᠦ ᠴᠢᠳᠠᠬᠤ ᠦᠭᠡᠢ︾ ᠪᠠᠶᠢᠳᠠᠭ ᠬᠡᠵᠤ ᠦᠨᠳᠦᠰᠦᠳᠡᠨ ᠤ ᠮᠡᠳᠡᠷᠡᠯ ᠢᠶᠠᠨ ᠠᠯᠳᠠᠭᠠᠳ | ᠂ ᠤᠭ ᠢᠵᠠᠭᠤᠷ ᠢᠶᠠᠨ ᠮᠡᠷᠳᠠᠭᠰᠠᠨ ᠬᠦᠮᠦᠰ ᠤᠳ ᠢ ᠦᠵᠡᠨ ᠶᠡᠳᠡᠵᠤ ᠵᠢᠭᠰᠢᠭᠰᠡᠨ ᠪᠠᠶᠢᠨ᠎ᠠ᠃ ᠡᠶᠢᠮᠦ ᠠᠴᠠ ︽ | ᠬᠦᠬᠡ ᠰᠣᠳᠣᠷ︾ ᠤᠨ ᠢᠶᠠᠨ ᠲᠤᠪᠴᠢᠳᠦ ᠲᠤᠯᠳᠤ ᠶᠢᠨ ᠭᠤᠳᠠᠭᠠᠷ ᠠᠩᠬᠢ ᠳᠤ ︽ᠬᠦᠮᠦᠨ ᠪᠦᠭᠡᠳ | ᠦᠨᠳᠦᠰᠦᠳᠡᠨ ᠢᠶᠠᠨ ᠦᠯᠦ ᠮᠡᠳᠡᠬᠦ ᠢᠨᠦ ᠠᠳᠤᠭᠤᠰᠤᠨ ᠪᠤᠶᠤ ᠲᠠᠶᠢᠵᠢ ᠪᠦᠭᠡᠳ ᠡᠪᠦᠭᠡ ᠶᠦᠭᠡᠨ ᠦᠯᠦ ᠮᠡᠳᠡᠬᠦ | ᠢᠨᠦ ᠮᠠᠯ ᠪᠤᠶᠤ᠂ ᠨᠢᠳᠦ ᠪᠤᠢ ᠪᠦᠭᠡᠳ ᠲᠡᠤᠬᠡ ᠶᠦᠭᠡᠨ ᠦᠯᠦ ᠦᠵᠡᠬᠦ ᠢᠨᠦ ᠰᠣᠬᠤᠷ ᠨᠤᠮᠤᠨ ᠪᠤᠶᠤ᠂ ᠮᠡᠳᠡᠯᠳᠡᠢ | ᠪᠦᠭᠡᠳ ᠢᠵᠠᠭᠤᠷ ᠢᠶᠠᠨ ᠦᠯᠦ ᠰᠡᠳᠬᠢᠬᠦ ᠢᠨᠦ ᠮᠤᠩᠬᠠᠭ ᠭᠠᠭ᠋ᠠᠢ ᠪᠤᠶᠤ︾ ᠬᠡᠪᠡ᠃ ᠡ᠊ᠨᠡ ᠮᠡᠳᠦ ᠪᠠᠷ ᠢᠨᠵᠠᠨᠨᠠᠰᠢ | ᠦᠪᠡᠷ ᠤᠨ ᠦᠨᠳᠦᠰᠦᠳᠡᠨ ᠢᠶᠠᠨ ᠬᠠᠶᠢᠷᠠᠯᠠᠬᠤ ᠰᠡᠳᠬᠢᠯᠬᠡ ᠦᠨᠳᠦᠰᠦᠳᠡᠨ ᠤ ᠪᠠᠨ ᠲᠦᠯᠦᠬᠡ ᠬᠡᠬᠦ ᠰᠡᠳᠬᠢᠯᠬᠡ ᠪᠠᠨ | ᠦᠪᠡᠷ ᠤᠨ ᠵᠤᠬᠢᠶᠠᠯ ᠪᠦᠳᠦᠬᠡᠯ ᠳᠤ ᠪᠠᠨ ᠠᠭᠤᠰᠬᠠᠨ ᠰᠢᠩᠬᠡᠬᠡᠵᠤ᠂ ᠦᠨᠳᠦᠰᠦᠳᠡᠨ ᠤ ᠲᠠᠷᠦᠯᠡᠯ ᠢ ᠡᠰᠡᠷᠭᠦᠴᠡᠵᠤ᠂ | ᠦᠨᠳᠦᠰᠦᠳᠡᠨ ᠤ ᠡᠷᠬᠡ ᠲᠡᠭᠰᠢ᠂ ᠦᠨᠳᠦᠰᠦᠳᠡᠨ ᠤ ᠬᠦᠴᠦᠷᠬᠡᠭᠵᠢᠯ ᠢ ᠬᠦᠰᠡᠨ ᠡᠷᠡᠮᠡᠯᠵᠡᠭᠰᠡᠨ ᠦᠵᠡᠯ | ᠰᠡᠳᠬᠢᠯᠬᠡ ᠪᠠᠨ ᠢᠯᠡᠳᠬᠡᠭᠰᠡᠨ ᠶᠤᠮ᠃ | ᠲᠠᠷᠠᠭᠠᠯᠠᠪᠠᠯ᠂ ᠢᠨᠵᠠᠨᠨᠠᠰᠢ ᠪᠤᠯ ᠨᠢᠬᠡᠨ ᠠᠷᠠᠳᠴᠢᠯᠠᠭᠰᠠᠨ ᠦᠵᠡᠯᠳᠡᠨ ᠮᠦᠨ᠃ ᠢᠨᠵᠠᠨᠨᠠᠰᠢ ᠶᠢᠨ ᠦᠵᠡᠯ | ᠰᠠᠨᠠᠭᠠᠨ ᠤ ᠲᠤᠳᠤᠷ᠎ᠡ ᠬᠦᠮᠦᠰ ᠤᠨ ᠬᠤᠭᠤᠷᠤᠨᠳᠤᠬᠢ ᠡᠷᠬᠡ ᠲᠡᠭᠰᠢ ᠶᠢ ᠡᠷᠬᠢᠮᠯᠡᠭᠰᠡᠨ ᠠᠷᠠᠳᠴᠢᠯᠠᠬᠰᠠᠨ ᠦᠵᠡᠯ ᠴᠤ | ᠲᠤᠩ ᠴᠢᠬᠤᠯᠠ ᠪᠠᠶᠢᠷᠢ ᠶᠢ ᠡᠵᠡᠯᠡᠨ᠎ᠠ᠃ ᠲᠡᠭᠦᠨ ᠤ ᠠᠷᠠᠳᠴᠢᠯᠠᠬᠰᠠᠨ ᠦᠵᠡᠯ ᠪᠤᠯ ᠲᠤᠬᠠᠢ ᠶᠢᠨ ᠦᠶ᠎ᠡ ᠳᠤ ᠬᠢ | ᠨᠠᠶᠢᠬᠡᠮ ᠤᠨ ᠵᠦᠷᠢᠴᠡᠯ ᠲᠡᠮᠡᠴᠡᠯ ᠪᠠ ᠲᠡᠭᠦᠨ ᠤ ᠲᠤᠰ ᠪᠡᠶ᠎ᠠ ᠶᠢᠨ ᠬᠢᠨᠢ ᠤᠴᠠᠷᠠᠯ ᠲᠤᠬᠢᠶᠠᠯᠳᠣᠯ ᠲᠠᠢ | ᠬᠠᠷᠢᠴᠠᠭ᠎ᠠ ᠲᠠᠢ ᠪᠠᠶᠢᠳᠠᠬ᠃ | ᠢᠨᠵᠠᠨᠨᠠᠰᠢ ︽ᠬᠦᠬᠡ ᠰᠤᠳᠤᠷ︾ ᠲᠤ ᠪᠠᠨ ᠡᠮᠡᠭᠳᠡᠢ ᠬᠦᠮᠦᠨ ᠤ ᠬᠢᠯᠡᠯᠵᠠᠩᠰᠠᠨ ᠲᠦᠷᠢ ᠶᠢ ᠨᠡᠯᠢᠶᠠᠳ | ᠪᠢᠴᠢᠵᠤ ᠤᠷᠤᠭᠤᠯᠤᠭᠰᠠᠨ ᠪᠠᠶᠢᠨ᠎ᠠ᠃ ᠨᠠᠢᠮᠠᠨ ᠤ ᠬᠤᠭ᠍ᠭᠤᠷᠵᠤᠯᠠ᠂ ᠬᠡᠷᠡᠶᠢᠳ ᠤᠨ ᠰᠤᠯᠤᠩᠭᠤᠸ᠎ᠠ ᠪᠠ | ᠰᠤᠯᠤᠩᠭᠤᠰ ᠤᠨ ᠰᠡᠷᠡᠨ ᠬᠦᠡᠭᠵᠤ ᠶᠢᠨ ᠲᠦᠷᠢ ᠪᠠᠷ ᠲᠡᠮᠵᠢᠵᠦ᠂ ᠡᠮᠡᠭᠳᠡᠶᠢᠴᠤᠳ ᠤᠨ ᠡᠷᠡᠰ ᠵᠤᠷᠢᠭ᠂ ᠡᠷᠡᠯᠬᠡᠭ | ᠪᠠᠭᠠᠳᠦᠷ᠂ ᠤᠶᠤᠨ ᠤᠬᠠᠭᠠᠨ ᠪᠠ ᠡᠷᠳᠡᠮ ᠴᠢᠳᠡᠯ ᠢ ᠪᠢᠴᠢᠵᠠᠢ᠃ ᠬᠤᠭ᠍ᠭᠤᠷᠵᠤᠯᠠ ᠪᠠ ᠰᠤᠯᠤᠩᠭᠤᠸ᠎ᠠ ᠬᠡᠤᠬᠡᠨ | ᠡᠷᠡᠭᠳᠡᠢ ᠬᠦᠮᠦᠨ ᠲᠠᠢ ᠠᠳᠠᠯᠢ ᠪᠠᠷ ᠲᠠᠶᠢᠨ ᠪᠠᠶᠢᠯᠳᠣᠭᠠᠨ ᠳᠤ ᠤᠷᠤᠯᠴᠠᠳᠠᠭ ᠪᠦᠭᠡᠳ ᠰᠤᠯᠤᠩᠭᠤᠸ᠎ᠠ᠂ ᠰᠠᠷᠠᠨ | ᠭᠦᠡᠭᠵᠤ ᠬᠤᠶᠠᠭᠤᠯᠠ ᠲᠦᠷᠦ ᠶᠢᠨ ᠶᠡᠭᠡ ᠬᠡᠷᠡᠭ ᠢ ᠡᠷᠡᠭᠳᠡᠶᠢᠴᠤᠳ ᠠᠴᠠ ᠴᠤ ᠢᠯᠡᠭᠦᠦ ᠰᠢᠢᠳᠪᠦᠷᠢᠯᠡᠵᠤ ᠴᠢᠳᠡᠨ᠎ᠠ᠃ | ᠢᠡᠭᠬᠢᠵᠤ ᠢᠨᠵᠠᠨᠨᠠᠰᠢ ᠡᠮᠡᠭᠳᠠᠢ ᠬᠦᠮᠦᠨ ᠤ ᠡᠷᠳᠡᠮ ᠴᠢᠳᠠᠯ ᠢ ᠦᠨᠡᠯᠡᠭᠰᠡᠨ ᠶᠠᠪᠤᠳᠡᠯ ᠪᠤᠯ ᠢᠨᠵᠠᠨᠨᠠᠰᠢ ᠶᠢᠨ ᠡᠷᠡᠭᠳᠡᠢ | ᠡᠮᠡᠭᠳᠡᠢ ᠶᠢᠨ ᠡᠷᠬᠡ ᠲᠡᠭᠰᠢ ᠪᠠᠶᠢᠬᠤ ᠬᠡᠷᠡᠭᠳᠡᠢ ᠬᠡᠰᠡᠨ ᠠᠷᠠᠳᠴᠢᠯᠠᠭᠰᠠᠨ ᠦᠵᠡᠯ ᠤᠨ ᠬᠢᠨᠢ ᠢᠯᠡᠷᠠᠯ ᠪᠤᠯᠤᠨ᠎ᠠ᠃ | ᠢᠨᠵᠠᠨᠨᠠᠰᠢ ᠶᠢᠨ ︽ᠨᠢᠬᠡᠨ ᠲᠠᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾ ᠪᠤᠯ ᠢᠨᠠᠭ ᠤᠨ | ᠠᠰᠠᠭᠤᠳᠠᠯ ᠢᠶᠠᠷ ᠭᠤᠤᠯ ᠰᠡᠳᠦᠪ ᠪᠤᠯᠭᠠᠭᠰᠠᠨ ᠵᠤᠬᠢᠶᠠᠯ ᠶᠤᠮ᠃ ᠫᠦ᠋ ᠢᠤᠢ ᠭᠤᠷᠪᠠᠨ ᠬᠡᠤᠬᠡᠨ ᠲᠠᠢ ᠢᠨᠠᠭᠯᠠᠭᠰᠠᠨ | ᠪᠤᠯᠪᠠᠴᠦ ᠡᠴᠦᠰ ᠲᠤ ᠪᠠᠨ ᠠᠯᠢᠨ ᠲᠠᠢ ᠨᠢ ᠴᠤ ᠤᠷᠤᠭᠯᠠᠵᠤ ᠴᠢᠳᠠᠭᠰᠠᠨ ᠦᠭᠡᠢ᠂ ᠬᠦᠰᠡᠭᠰᠡᠨ ᠪᠤᠳᠤᠯ ᠰᠠᠨᠠᠭᠰᠠᠨ | ᠭᠡᠷᠡᠭ ᠨᠢ ᠵᠡᠬᠦᠳᠦᠨ ᠳᠤ ᠪᠡᠶᠡᠯᠡᠭᠳᠡᠬᠦ ᠠᠴᠠ ᠪᠢᠰᠢ ᠪᠤᠳᠠᠳᠠᠢ ᠲᠡᠭᠡᠷ᠎ᠡ ᠪᠠᠨ ᠪᠡᠶᠡᠯᠡᠭᠳᠡᠵᠤ ᠴᠢᠳᠠᠬᠤ ᠦᠭᠡᠢ ᠭᠤᠨᠢᠭᠳᠤ | ᠲᠡᠭᠦᠰᠭᠡᠯ ᠪᠤᠯᠤᠭᠰᠠᠨ ᠪᠠᠶᠢᠨ᠎ᠠ᠃ ᠡᠶᠢᠮᠦᠷᠬᠦᠦ ᠭᠤᠨᠢᠬᠳᠦ ᠲᠡᠭᠦᠰᠭᠡᠯ ᠨᠢ ᠢᠨᠵᠡᠨᠨᠡᠰᠢ ᠶᠢᠨ ᠪᠤᠳᠠᠭᠠᠯᠢ ᠴᠢᠨᠡᠷ ᠢ | ᠴᠢᠯᠦᠬᠡᠯᠡᠬᠦ ᠦᠵᠡᠯ ᠢᠶᠠᠷ ᠹᠸᠤᠳᠡᠯ ᠤᠨ ᠣᠷᠤᠭ ᠤᠨ ᠶᠣᠰᠣᠨ ᠤ ᠶᠠᠯ᠎ᠠ ᠬᠡᠮ ᠢ ᠢᠯᠡᠴᠢᠯᠡᠨ᠂ ᠡᠷᠬᠡ ᠴᠢᠯᠦᠬᠡ ᠲᠠᠢ ᠪᠠᠷ | ᠣᠷᠤᠭ ᠪᠠᠷᠢᠯᠳᠣᠬᠤ ᠶᠢ ᠬᠦᠰᠡᠭᠰᠡᠨ ᠦᠵᠡᠯᠳᠡ ᠨᠢ ᠪᠦᠬᠦ ᠵᠤᠬᠢᠶᠠᠯ ᠤᠨ ᠦᠢᠯᠡ ᠶᠠᠪᠤᠳᠠᠯ ᠪᠠ ᠵᠤᠬᠢᠶᠠᠯ ᠤᠨ | ᠪᠠᠭᠠᠳᠤᠷ ᠤᠨ ᠵᠠᠩ ᠴᠢᠨᠠᠷ ᠲᠡᠭᠡᠷ᠎ᠡ ᠢᠯᠡᠷᠡᠬᠦ ᠪᠦᠬᠡᠳ ︽ᠨᠢᠬᠡᠨ ᠲᠠᠪᠬᠤᠷ ᠠᠰᠠᠷ︾ ᠤᠨ ᠬᠤᠷᠢᠨ ᠶᠢᠰᠦᠳᠦᠭᠡᠷ | ᠪᠦᠯᠦᠭ ᠲᠤ ᠰᠦ᠋ ᠵᠢᠶᠧ ᠳ᠋ᠦ᠋ ᠳᠤ ᠫᠦ᠋ ᠢᠤᠢ ᠶᠢᠨ ᠵᠤᠬᠢᠶᠠᠵᠤ ᠦᠵᠡᠭᠦᠯᠦᠭᠰᠡᠨ ︽ᠴᠠᠭᠠᠨ ᠡᠭᠦᠯᠡᠨ ᠤ ᠰᠢᠯᠦᠭ︾ ᠲᠤ | ᠲᠦᠪᠯᠡᠷᠡᠨ ᠬᠠᠷᠠᠭᠳᠠᠨ᠎ᠠ᠃ | ᠢᠨᠵᠡᠨᠨᠠᠰᠢ ᠶᠢᠨ ᠠᠷᠠᠳᠴᠢᠯᠠᠭᠰᠡᠨ ᠦᠵᠡᠯ ᠪᠤᠯ ᠬᠠᠭᠤᠴᠢᠨ ᠠᠷᠠᠳᠴᠢᠯᠠᠭᠰᠠᠨ ᠬᠤᠪᠢᠰᠬᠠᠯ ᠤᠨ ᠦᠵᠡᠯ | ᠰᠠᠨᠠᠭᠠᠨ ᠤ ᠤᠷᠤᠰᠬᠠᠯ ᠳᠤ ᠪᠠᠭᠳᠠᠬᠤ ᠠᠷᠠᠳᠴᠢᠯᠠᠭᠰᠠᠨ ᠦᠵᠡᠯ ᠮᠦᠨ᠃ ᠲᠡᠭᠦᠨ ᠤ ᠡ᠊ᠨᠡ ᠠᠷᠠᠳᠴᠢᠯᠠᠭᠰᠠᠨ | ᠦᠵᠡᠯ ᠨᠢ ᠹᠸᠤᠳᠡᠯ ᠤᠨ ᠲᠠᠷᠤᠯᠠᠯ ᠪᠠ ᠶᠤᠰᠦ ᠰᠤᠷᠳᠠᠬᠤᠨ ᠤ ᠡᠰᠡᠷᠬᠦ ᠴᠢᠭᠯᠡᠭᠰᠡᠨ ᠤ ᠬᠤᠪᠢ ᠳᠤ ᠲᠤᠬᠠᠢ ᠶᠢᠨ | ᠦᠶ᠎ᠠ ᠳᠤ ᠪᠠᠨ ᠲᠠᠪᠰᠢᠩᠭᠤᠢ ᠠᠴᠢ ᠬᠤᠯᠪᠤᠭᠳᠠᠯ ᠲᠠᠢ ᠪᠠᠶᠢᠵᠤ ᠵᠤᠬᠢᠶᠠᠯ ᠪᠦᠳᠦᠭᠡᠯ ᠳᠤ ᠪᠠᠨ ᠤᠷᠠᠯᠢᠭ ᠢᠶᠠᠷ | ᠢᠯᠡᠷᠡᠬᠦᠯᠦᠭᠰᠡᠨ ᠪᠠᠶᠢᠨ᠎ᠠ᠃ | ᠭᠤᠷᠪᠠ᠂ ᠨᠠᠮᠳᠠᠷ ᠲᠡᠦᠭᠡ ᠶᠢᠨ ᠰᠤᠳᠤᠯᠬᠤ ᠠᠷᠭ᠎ᠠ ᠨᠢ ᠵᠤᠬᠢᠶᠠᠭᠴᠢ ᠶᠢᠨ ᠡᠬᠦᠳᠦᠨ ᠪᠦᠳᠦᠭᠡᠬᠦ | ᠵᠤᠷᠢᠯᠭ᠎ᠠ ᠠᠴᠠ ᠵᠤᠬᠢᠶᠠᠯ ᠪᠦᠳᠦᠭᠡᠯ ᠢ ᠲᠠᠶᠢᠯᠪᠤᠷᠢᠯᠠᠬᠤ᠃ ᠵᠤᠬᠢᠶᠠᠭᠴᠢ ᠵᠤᠬᠢᠶᠠᠯ ᠪᠦᠳᠦᠭᠡᠯ ᠢᠶᠠᠨ ᠡᠬᠦᠳᠦᠨ | ᠪᠦᠳᠦᠭᠡᠬᠦ ᠠᠴᠠ ᠭᠠᠳᠠᠨ᠎ᠠ᠂ ᠦᠬᠦᠯᠡᠨ ᠪᠢᠴᠢᠬᠦ᠂ ᠡᠳᠦᠷ ᠤᠨ ᠲᠡᠮᠳᠡᠭᠯᠡᠯ᠂ ᠵᠡᠬᠢᠳᠡᠯ ᠪᠢᠴᠢᠬᠦ᠂ ᠶᠠᠷᠢᠯᠴᠠᠭ᠎ᠠ ᠵᠡᠷᠬᠡ | ᠬᠡᠯᠪᠡᠷᠢ ᠪᠠᠷ ᠲᠡᠮᠵᠢᠵᠣ ᠦᠪᠡᠷ ᠤᠨ ᠡᠭᠦᠳᠦᠨ ᠪᠦᠳᠦᠭᠡᠬᠦ ᠵᠤᠷᠢᠯᠭ᠎ᠠ ᠪᠠᠨ ᠢᠯᠡᠳᠬᠡᠨ ᠭᠠᠷᠭᠠᠳᠠᠭ᠃ ᠲᠡᠶᠢᠮᠦ ᠠᠴᠠ | ᠵᠤᠬᠢᠶᠠᠭᠴᠢ ᠶᠢᠨ ᠡᠭᠦᠳᠦᠨ ᠪᠦᠳᠦᠭᠡᠬᠦ ᠵᠤᠷᠢᠯᠭ᠎ᠠ ᠶᠢ ᠰᠣᠳᠣᠯᠬᠤ ᠨᠢ ᠵᠤᠬᠢᠶᠠᠯ ᠪᠦᠳᠦᠬᠡᠯ ᠤᠨ ᠭᠤᠤᠯ ᠰᠠᠨᠠᠭ᠎ᠠ ᠶᠢ | ᠤᠯᠬᠤ ᠳᠤ ᠠᠰᠢᠭᠳᠠᠢ᠃ ᠬᠡᠳᠦ᠋ᠢᠪᠡᠷ ᠡᠷᠳᠡᠨ ᠤ ᠵᠤᠬᠢᠶᠠᠯᠴᠢᠳ ᠲᠤᠬᠠᠢ ᠶᠢᠨ ᠦᠶ᠎ᠡ ᠶᠢᠨ ᠨᠦᠬᠦᠴᠡᠯ | ᠰᠢᠯᠳᠠᠭᠠᠨ ᠠᠴᠠ ᠪᠤᠯᠵᠤ ᠡᠭᠦᠳᠦᠨ ᠪᠦᠳᠦᠭᠡᠯᠳᠡ ᠶᠢᠨ ᠲᠠᠨᠢᠯᠴᠠᠭᠤᠯᠭ᠎ᠠ ᠪᠠᠶᠢᠬᠤ ᠦᠭᠡᠢ ᠪᠤᠯᠪᠠᠴᠦ ᠣᠳᠣᠬᠠᠨ ᠤ | ᠤᠯᠠᠩᠬᠢ ᠵᠤᠬᠢᠶᠠᠭᠴᠢᠳ ᠡᠬᠦᠳᠦᠨ ᠪᠦᠳᠦᠭᠡᠬᠦ ᠵᠤᠷᠢᠯᠭ᠎ᠠ ᠪᠠᠨ ᠰᠢᠭᠤᠳ ᠢᠯᠡᠳᠬᠡᠵᠤ᠂ ᠨᠠᠮᠳᠠᠷ ᠲᠡᠤᠬᠡ ᠶᠢᠨ | ᠰᠣᠳᠣᠯᠭᠠᠨ ᠳᠤ ᠲᠦᠭᠦᠮ ᠦᠵᠡᠭᠦᠯᠵᠠᠢ᠃ | ᠢᠨᠵᠠᠨᠨᠠᠰᠢ ᠠᠴᠠ ᠦᠪᠡᠷ ᠤᠨ ᠢᠶᠠᠨ ᠬᠤᠯᠪᠤᠭᠳᠠᠯ ᠪᠦᠬᠦᠢ ᠵᠤᠬᠢᠶᠠᠯ ᠦᠬᠦᠯᠡᠯ ᠤᠨ ᠲᠤᠳᠤᠷ᠎ᠠ᠂ ᠦᠪᠡᠷ ᠤᠨ | ᠦᠵᠡᠯᠳᠡ ᠲᠠᠨᠢᠯᠳᠠ ᠪᠠᠨ ᠴᠦᠬᠡᠨ ᠪᠤᠰᠤ ᠲᠤᠷᠠᠳᠤᠭᠰᠠᠨ ᠪᠠᠶᠢᠳᠠᠭ᠃ ᠢᠨᠵᠡᠨᠡᠰᠢ ᠶᠢᠨ ᠲᠡᠳᠡᠭᠡᠷ ᠦᠭᠡ ᠶᠠᠷᠢᠶ᠎ᠠ ᠨᠢ | ᠲᠡᠬᠦᠨ ᠤ ︽ᠬᠦᠬᠡ ᠰᠤᠳᠤᠷ︾᠂ ︽ᠨᠢᠬᠡᠨ ᠲᠡᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾ | ᠮᠡᠳᠦ ᠶᠢᠨ ᠵᠤᠬᠢᠶᠠᠯ ᠪᠦᠳᠦᠭᠡᠯ ᠢ ᠰᠣᠳᠣᠯᠬᠤ ᠳᠤ ᠴᠢᠬᠤᠯᠠ ᠬᠢᠨᠠᠯᠳᠠ ᠶᠢᠨ ᠮᠠᠲ᠋ᠧᠷᠢᠶᠠᠯ ᠪᠤᠯᠬᠤ ᠮᠦᠷᠳᠡᠬᠡᠨ ᠵᠡᠷᠢᠮ | ᠤᠳᠬ᠎ᠠ ᠤᠷᠠᠯᠢᠭ ᠤᠨ ᠤᠨᠤᠯ ᠤᠨ ᠲᠠᠯ᠎ᠠ ᠪᠠᠷ ᠬᠢ ᠦᠵᠡᠯᠳᠡ ᠨᠢ ᠮᠠᠨ ᠤ ᠮᠤᠩᠭᠤᠯ ᠦᠨᠳᠦᠰᠦᠳᠠᠨ ᠤ ᠤᠳᠬ᠎ᠠ | ᠤᠷᠠᠯᠢᠭ ᠤᠨ ᠤᠨᠤᠯ ᠤᠨ ᠬᠦᠭᠵᠢᠯᠳᠠ ᠳᠤ ᠴᠢᠬᠤᠯᠠ ᠬᠤᠪᠢ ᠨᠠᠮᠠᠷᠢ ᠦᠵᠡᠬᠦᠯᠦᠭᠰᠡᠨ ᠶᠤᠮ᠃ | ᠢᠨᠵᠠᠨᠨᠠᠰᠢ ︽ᠬᠦᠬᠡ ᠰᠤᠳᠤᠷ︾ ᠤᠨ ᠲᠤᠪᠴᠢᠳᠤ ᠲᠤᠯᠳᠤ ᠶᠢᠨ ᠬᠤᠶᠠᠳᠣᠭᠠᠷ ᠠᠩᠬᠢ ᠳᠤ ᠬᠡᠯᠡᠬᠦ ᠳᠤ ᠪᠠᠨ | ᠄ ︽ᠮᠢᠨᠤ ᠪᠠᠶ᠎ᠠ ᠭᠤᠴᠢᠨ ᠨᠠᠰᠦᠨ ᠠᠴᠠ ᠤᠯᠠᠷᠢᠯ ᠮᠠᠭᠤᠳᠠᠵᠤ᠂ ᠢᠳᠡᠭᠡᠵᠤ ᠵᠠᠷᠤᠴᠠᠯᠠᠭᠰᠠᠨ ᠭᠡᠷ ᠤᠨ ᠪᠤᠭᠤᠯ ᠨᠡᠷ | ᠭᠡᠷ ᠤᠨ ᠬᠦᠷᠦᠩᠭᠡ ᠶᠢ ᠵᠠᠭᠤᠨ ᠵᠦᠢᠯ ᠢᠶᠠᠷ ᠬᠤᠯᠭᠤᠨ ᠬᠤᠨᠵᠢᠵᠤ᠂ ᠪᠠᠰᠠ ᠭᠠᠳᠠᠨ᠎ᠠ ᠪᠤᠯᠪᠠᠰᠦ ᠬᠤᠳᠠᠯᠳᠤᠭ᠎ᠠ | ᠠᠷᠠᠯᠵᠢᠶ᠎ᠠ ᠡᠬᠡ ᠦᠨ᠎ᠡ ᠶᠢ ᠠᠯᠳᠠᠵᠤ᠂ ᠲᠠᠷᠢᠶ᠎ᠠ ᠲᠦᠮᠦᠰᠦ ᠭᠠᠷᠴᠦ᠂ ᠲᠤᠳᠤᠷ᠎ᠠ ᠪᠦᠬᠡᠰᠦ ᠡᠮ᠎ᠡ ᠦᠷ᠎ᠡ ᠦᠬᠦᠵᠤ᠂ | ᠭᠡᠷ ᠤᠨ ᠪᠤᠭᠤᠯ ᠴᠡᠬᠡᠮᠢᠭ᠂ ᠵᠢᠨᠪᠦᠦ ᠨᠡᠷ ᠲᠡᠷᠰᠯᠡᠨ ᠬᠤᠯᠭᠤᠵᠤ᠂ ᠵᠠᠭᠤᠨ ᠵᠦᠢᠯ ᠢᠶᠠᠷ ᠡᠯ᠎ᠡ ᠦᠢᠯᠡ ᠳᠤᠷ | ᠦᠴᠦᠬᠡᠨ ᠴᠤ ᠡᠰᠡᠷᠡᠭ ᠦᠭᠡᠢ᠃ ᠭᠤᠴᠢᠨ ᠲᠦᠷᠪᠡᠨ ᠨᠠᠰᠤᠯᠡᠵᠤ᠂ ᠦᠪᠡᠷ ᠤᠨ ᠦᠢᠯᠡ ᠳᠤᠷ ᠲᠠᠨᠴᠢᠬᠦᠷᠡᠨ | ᠬᠤᠷᠤᠰᠴᠦ᠂ ᠨᠠᠩ ᠪᠤᠳᠤᠬᠤᠢ ᠳᠤᠷ ᠨᠠᠩ ᠴᠢᠬᠤᠯᠳᠠᠵᠤ᠂ ᠤᠯᠡᠮ ᠰᠠᠨᠠᠬᠤᠢ ᠳᠤᠷ ᠤᠯᠠᠮ ᠪᠠᠴᠢᠮᠳᠠᠨ᠂ ᠠᠷᠠᠢ | ᠡᠪᠡᠳᠴᠢᠨ ᠪᠤᠯᠬᠤᠢ ᠳᠤᠷ ᠬᠦᠷᠦᠯ᠎ᠠ︾ ᠬᠡᠵᠡᠢ᠃ ᠢᠨᠵᠡᠨᠨᠠᠰᠢ ︽ᠭᠤᠴᠢᠨ ᠨᠠᠰᠦᠨ ᠠᠴᠠ ᠤᠯᠠᠷᠢᠯ ᠮᠠᠭᠤᠳᠠᠵᠤ︾ | ᠡᠬᠢᠯᠡᠭᠰᠡᠨ ︽ᠦᠪᠡᠷ ᠤᠨ ᠦᠢᠯᠡ︾ ᠪᠠᠨ ᠢᠡᠭᠬᠢᠵᠤ ᠡᠷᠬᠢᠴᠡᠭᠦᠯᠦᠨ ᠪᠤᠳᠤᠬᠤ ᠶᠠᠪᠤᠴᠠ ᠳᠤ ᠪᠠᠨ ᠰᠤᠯᠠ ᠰᠠᠭᠤᠵᠤ | ᠵᠢᠷᠭᠠᠵᠤ ᠴᠡᠩᠬᠡᠬᠦ ᠶᠠᠪᠤᠳᠠᠯ ᠢ ᠴᠡᠭᠡᠷᠯᠡᠬᠦ ᠪᠤᠯᠤᠭᠰᠠᠨ ᠪᠠᠶᠢᠨ᠎ᠠ᠃ ᠲᠡᠬᠦᠨ ᠤ ᠦᠵᠡᠯ ᠰᠠᠨᠠᠭᠠᠨ ᠲᠡᠭᠡᠷᠡᠬᠢ ᠡ᠊ᠨᠡ | ᠬᠤᠪᠢᠷᠠᠯᠳᠠ ᠨᠢ ︽ᠬᠦᠬᠡ ᠰᠣᠳᠣᠷ︾ ᠤᠨ ᠲᠤᠪᠴᠢᠳᠦ ᠲᠤᠯᠳᠦ ᠶᠢᠨ ᠵᠢᠷᠭᠤᠳᠤᠭᠠᠷ ᠠᠩᠬᠢ ᠳᠤ ᠲᠤᠳᠤᠷᠬᠠᠢ | ᠢᠯᠡᠷᠡᠵᠤ ᠪᠤᠢ᠃ ᠲᠤᠬᠠᠶᠢᠯᠠᠪᠠᠯ᠂ ᠢᠨᠵᠠᠨᠨᠠᠰᠢ ᠠᠴᠠ᠄ ︽ᠭᠠᠷ ᠢᠶᠠᠨ ᠪᠡᠷᠢᠵᠤ ᠡᠪᠤᠳᠦᠭ ᠢᠶᠠᠨ ᠲᠡᠪᠡᠷᠢᠨ ᠪᠡᠶ᠎ᠡ ᠪᠠᠨ | ᠰᠤᠪᠢᠯᠠᠨ ᠬᠡᠪᠡᠯᠢ ᠪᠠᠨ ᠬᠡᠯᠪᠢᠵᠣ ᠰᠣᠯᠠ ᠰᠠᠭᠤᠨ ᠵᠢᠷᠭᠠᠬᠤᠢ ᠶᠢ ᠪᠢ ᠬᠠᠷᠢᠨ ᠵᠢᠷᠭᠠᠯ ᠳᠤᠷ ᠦᠵᠡᠬᠦ ᠦᠬᠡᠢ︾ | ᠬᠡᠵᠡᠢ᠃ ᠲᠡᠬᠦᠨ ᠤ ᠦᠵᠡᠬᠦ ᠪᠠᠷ᠂ ᠰᠤᠯᠠ ᠰᠠᠭᠤᠵᠤ ᠵᠢᠷᠭᠠᠬᠤ ᠪᠠᠨ ᠪᠤᠯᠢᠭᠠᠳ ᠬᠠᠷᠢᠨ ︽ᠪᠢᠷ ᠪᠡᠬᠡᠰ ᠤᠨ | ᠨᠦᠵᠢᠳ ᠴᠠᠩᠬᠡᠯ︾ ᠳᠤ ᠤᠷᠤᠵᠤ᠂ ︽ᠵᠦᠪ ᠵᠦᠭᠡᠷ ᠲᠡᠪ ᠲᠡᠯᠡᠭᠠᠷ ᠨᠢᠭᠡᠨ ᠲᠦᠷᠦᠭᠰᠡᠨ ᠪᠠᠶ᠎ᠠ ᠶᠢ ᠦᠡᠭᠭᠡᠷᠡᠭᠦᠯᠵᠤ | ᠲᠦᠪᠳᠡᠬᠦ ᠦᠭᠡᠢ︾ ᠳᠤ ᠪᠠᠨ ᠵᠤᠬᠢᠶᠠᠨ ᠪᠦᠳᠦᠭᠡᠬᠦ ᠠᠵᠢᠯᠯᠠᠭ᠎ᠠ ᠪᠠᠷ ᠲᠠᠮᠵᠢᠭᠤᠯᠤᠨ ᠨᠡᠶᠢᠭᠡᠮ ᠤᠨ ᠠᠰᠠᠭᠤᠳᠠᠯ ᠢ | ᠨᠠᠷᠢᠪᠴᠢᠯᠠᠨ ᠰᠢᠨᠵᠢᠯᠡᠵᠠᠢ᠃ ︽ᠬᠦᠬᠡ ᠰᠤᠳᠤᠷ︾ ᠢ ᠵᠤᠬᠢᠶᠠᠭᠰᠠᠨ ᠶᠠᠪᠣᠳᠠᠯ ᠨᠢ ᠲᠠᠷᠤᠢ ᠡᠭᠦᠨ ᠤ ᠪᠤᠳᠠᠳᠠᠢ | ᠭᠡᠷᠡᠴᠢ ᠪᠤᠯᠤᠨ᠎ᠠ᠃ | ᠢᠨᠵᠠᠨᠨᠠᠰᠢ ᠶᠢᠨ ︽ᠨᠢᠬᠡᠨ ᠲᠡᠪᠬᠤᠷ ᠠᠰᠠᠷ︾ ᠲᠤ ᠡᠶᠢᠮᠦ ᠪᠠᠳᠠᠭ ᠰᠢᠯᠦᠭ ᠪᠤᠢ᠄ ︽ᠬᠦᠯᠳᠡᠵᠤ ᠬᠡᠮᠬᠡᠷᠡᠭᠰᠡᠨ | ᠴᠠᠭᠠᠨ ᠬᠠᠰ ᠶᠠᠭᠤᠳᠠᠢ ᠡᠶᠢᠮᠦ ᠪᠤᠯᠪᠠᠷᠠᠢ / ᠬᠦᠨᠳᠦᠷᠴᠦ ᠠᠰᠬᠠᠭᠰᠠᠨ ᠰᠢᠷ᠎ᠠ ᠮᠦᠬᠦᠯᠢᠭ ᠦᠨᠡᠭᠡᠷ ᠮᠠᠰᠢ ᠵᠦᠭᠡᠯᠡᠨ | / ᠬᠦᠢᠳᠡᠨ ᠢ ᠡᠰᠡᠷᠬᠦᠯᠡᠨ ᠮᠡᠳᠡᠭᠡ ᠶᠢ ᠤᠯᠰᠤᠭᠠᠢ ᠬᠡᠮᠡᠨ ᠡᠴᠢᠭᠰᠡᠨ ᠳᠤᠷ / ᠬᠦᠷᠢᠶᠠᠨ ᠤ ᠲᠤᠳᠤᠷᠠᠬᠢ | ᠮᠦᠡᠭᠭᠦᠨ ᠬᠤᠮᠠᠭ ᠲᠤᠷ ᠬᠦᠯ ᠤᠨ ᠬᠡᠪ ᠲᠦᠭᠦᠷᠢᠭ︾ ᠁ ᠡ᠊ᠨᠡ ᠪᠤᠯ ᠵᠤᠬᠢᠶᠠᠯ ᠤᠨ ᠲᠤᠳᠤᠷᠡᠬᠢ ᠳ᠋ᠧ ᠴᠢᠩ᠂ | ᠱᠢ ᠴᠢᠩ᠂ ᠫᠦ᠋ ᠢᠤᠢ᠂ ᠴᠢᠨ ᠮᠦᠸᠧ ᠵᠡᠷᠬᠡ ᠶᠢᠨ ᠲᠦᠷᠪᠡᠨ ᠬᠦᠮᠦᠨ᠂ ᠴᠠᠰᠤ ᠤᠷᠤᠵᠤ ᠰᠠᠯᠬᠢ ᠰᠢᠭᠤᠷᠤᠭᠰᠠᠨ | ᠡᠪᠤᠯ ᠤᠨ ᠨᠢᠬᠡᠨ ᠡᠳᠦᠷ ᠲᠤ ᠲᠡᠯᠭᠡᠷᠡᠭᠰᠡᠨ ᠲᠡᠷᠢᠬᠦᠯᠡᠭᠴᠢ ᠴᠡᠴᠡᠭ ᠪᠠ ᠲᠡᠬᠦᠨ ᠤ ᠤᠷᠴᠢᠨ ᠲᠤᠭᠤᠷᠢᠨ ᠤ ᠪᠠᠶᠢᠳᠠᠯ ᠢ | ᠦᠵᠡᠵᠤ ᠪᠠᠶᠢᠭᠠᠳ ᠬᠠᠮᠳᠤ ᠳᠤ ᠪᠠᠨ ᠵᠤᠬᠢᠶᠠᠭᠰᠠᠨ ︽ᠬᠦᠢᠳᠡᠨ︾ ᠬᠡᠮᠡᠬᠦ ᠰᠢᠯᠦᠭ ᠪᠤᠯᠤᠨ᠎ᠠ᠃ ᠡᠩ ᠲᠡᠷᠢᠬᠦᠨ ᠳᠤ᠂ | ᠳ᠋ᠧ ᠴᠢᠩ ᠠᠴᠠ ᠲᠡᠷᠢᠬᠦᠯᠡᠭᠴᠢ ᠴᠡᠴᠡᠭ ᠤᠨ ᠬᠡᠰᠡᠷ ᠢ ᠦᠵᠡᠬᠡᠳ᠂ ︽ᠬᠦᠯᠳᠡᠵᠤ ᠬᠡᠮᠬᠡᠷᠡᠭᠰᠡᠨ ᠴᠠᠭᠠᠨ ᠬᠠᠰ | ᠶᠠᠭᠤᠳᠠᠢ ᠡᠶᠢᠮᠦ ᠪᠤᠯᠪᠠᠷᠠᠢ︾ ᠬᠡᠮᠡᠨ ᠰᠢᠯᠦᠭᠯᠡᠵᠠᠢ᠃ ᠲᠠᠷᠠᠭ᠎ᠠ ᠨᠢ ᠱᠢ ᠴᠢᠩ ᠠᠴᠠ ᠲᠡᠷᠢᠬᠦᠯᠡᠭᠴᠢ ᠴᠡᠴᠡᠭ ᠤᠨ | ᠰᠢᠷ᠎ᠠ ᠭᠤᠤᠯ ᠢ ᠦᠵᠡᠭᠡᠳ ︽ᠬᠦᠨᠳᠦᠷᠴᠦ ᠠᠰᠬᠠᠭᠰᠠᠨ ᠰᠢᠷ᠎ᠠ ᠮᠦᠬᠦᠯᠢᠭ ᠦᠨᠡᠭᠡᠷ ᠮᠠᠰᠢ ᠵᠦᠭᠡᠯᠡᠨ︾ ᠬᠡᠵᠤ | ᠤᠶᠠᠩᠭᠠᠯᠠᠵᠠᠢ᠃ ᠭᠤᠳᠠᠭᠠᠷ ᠳᠤ᠂ ᠫᠦ᠋ ᠢᠤᠢ ᠠᠴᠠ ︽ᠬᠦᠢᠳᠡᠨ ᠢ ᠡᠰᠡᠷᠬᠦᠯᠡᠨ ᠮᠡᠳᠡᠭᠡ ᠶᠢ ᠤᠯᠰᠤᠭᠠᠢ ᠬᠡᠮᠡᠨ | ᠡᠴᠢᠭᠰᠡᠨ ᠳᠤᠷ︾ ᠬᠡᠮᠡᠨ ᠰᠢᠯᠤᠭ᠍ᠯᠡᠭᠰᠡᠨ ᠳᠤ᠂ ᠴᠢᠨ ᠮᠦᠸᠧ ᠡᠭᠦᠨ ᠢ ᠨᠢ ᠡᠯᠬᠦᠵᠤ ᠠᠪᠤᠭᠠᠳ ︽ᠬᠦᠷᠢᠶᠠᠨ ᠤ | ᠲᠤᠳᠤᠷᠠᠬᠢ ᠮᠦᠡᠭᠭᠦᠨ ᠬᠤᠮᠠᠭ ᠲᠤᠷ ᠬᠦᠯ ᠤᠨ ᠬᠡᠪ ᠲᠦᠭᠦᠷᠡᠩ︾ ᠬᠡᠵᠠᠢ᠃ ᠴᠢᠨ ᠮᠦᠸᠧ ᠶᠢᠨ ᠨᠡᠶᠢᠯᠡᠬᠦᠯᠦᠭᠰᠡᠨ | ᠡ᠊ᠨᠡ ᠮᠦᠷ ︽ᠬᠦᠯ ᠤᠨ ᠬᠡᠪ ᠲᠦᠭᠦᠷᠢᠭ︾ ᠬᠡᠰᠡᠨ ᠦᠬᠡ ᠶᠢ ᠫᠦ᠋ ᠢᠣᠢ ᠰᠣᠨᠣᠰᠣᠭᠰᠠᠨ ᠤ ᠰᠡᠭᠦᠯᠡᠷ ᠮᠢᠨᠦ | ᠬᠦᠯ ᠤᠨ ᠮᠦᠷ ᠴᠢᠮᠠᠳᠦ ︽ᠡᠯᠵᠢᠭᠡ ᠮᠠᠳᠣ ᠦᠵᠡᠭᠳᠡᠪᠠᠤ︾ ᠬᠡᠮᠡᠨ ᠡᠭ᠍ᠳᠡᠬᠦᠴᠡᠵᠠᠢ᠃ ᠴᠢᠨ ᠮᠦᠸᠧ ᠶᠠᠭᠤᠨ ᠤ | ᠤᠴᠢᠷ ᠲᠤ ︽ᠬᠦᠯ ᠤᠨ ᠬᠡᠪ ᠲᠦᠭᠦᠷᠢᠭ︾ ᠬᠡᠵᠤ ᠰᠢᠯᠦᠭᠯᠡᠭᠰᠡᠨ ᠢᠶᠠᠨ ᠲᠠᠶᠢᠯᠪᠤᠷᠢᠯᠡᠨ ᠬᠡᠯᠡᠬᠦ ᠳᠤ ᠪᠠᠨ᠄ ︽ᠡ᠊ᠨᠡ | ᠰᠢᠯᠦᠭ ᠤᠨ ᠲᠡᠷᠢᠬᠦᠨ ᠪᠠᠳᠠᠭ ᠲᠤᠷ ᠴᠡᠴᠡᠭ ᠤᠨ ᠬᠡᠯᠳᠡᠰ ᠢ ᠦᠬᠦᠯᠡᠪᠡ᠃ ᠲᠡᠳ᠋ ᠪᠠᠳᠠᠭ ᠲᠤᠷ ᠮᠦᠨ ᠭᠠᠭᠴᠠ | ᠴᠡᠴᠡᠭ ᠤᠨ ᠦᠷ᠎ᠡ ᠭᠤᠤᠯ ᠢ ᠭᠠᠷᠭᠠᠪᠠ᠃ ᠭᠤᠳᠠᠭᠠᠷ ᠪᠠᠳᠠᠭ ᠲᠤᠷ ᠰᠡᠶ᠋ᠢ ᠬᠦᠢᠳᠡᠨ ᠪᠠ ᠡᠴᠢᠭᠰᠡᠨ ᠤᠴᠢᠷ ᠲᠠᠢ | ᠬᠠᠮᠳᠦ ᠪᠠᠷ ᠲᠤᠭᠠᠴᠠᠴᠢᠵᠤᠬᠤᠢ᠃ ᠡ᠊ᠨᠡ ᠭᠤᠷᠪᠠᠨ ᠪᠠᠳᠠᠭ ᠲᠤᠷ ᠶᠡᠷᠦ ᠰᠡᠯᠬᠢᠨ ᠪᠠ ᠴᠠᠰᠤᠨ ᠢ ᠤᠭᠳᠦ | ᠲᠤᠷᠠᠳᠤᠭᠰᠠᠨ ᠦᠭᠡᠢ᠃ ᠲᠡᠶᠢᠨ ᠬᠦ ᠲᠦᠳᠦᠬᠡᠷ ᠪᠠᠳᠠᠭ ᠲᠤᠷ ᠬᠦᠷᠢᠶ᠎ᠠ ᠪᠠ ᠴᠠᠰᠦ᠂ ᠬᠦᠮᠦᠨ ᠢ ᠴᠦᠮ ᠪᠢᠴᠢᠭᠰᠡᠨ | ᠪᠤᠯᠪᠠᠴᠦ ᠭᠠᠭᠴᠠ ᠰᠠᠯᠬᠢᠨ ᠢ ᠲᠡᠯᠭᠡᠷᠡᠩᠭᠦᠢ ᠪᠢᠴᠢᠵᠤ ᠡᠰᠡ ᠴᠢᠳᠠᠭᠰᠠᠨ ᠲᠤᠯᠠ᠂ ᠲᠠᠶᠢᠨ ᠬᠦ ᠬᠦᠯ ᠤᠨ ᠮᠦᠷ ᠤᠨ | ᠲᠠᠰᠢᠷᠡᠮᠠ ᠲᠦᠬᠦᠷᠢᠭ ᠬᠡᠮᠡᠭᠦ ᠨᠢᠭᠡᠨ ᠦᠰᠦᠭ ᠲᠤᠷ ᠬᠤᠷᠢᠶᠠᠩᠭᠤᠶᠢᠯᠠᠨ ᠭᠠᠷᠭᠠᠵᠤᠬᠤᠢ᠃ ᠬᠦᠯ ᠤᠨ ᠬᠡᠪ ᠬᠡᠮᠡᠭᠴᠢ | ᠤᠷᠳᠦ ᠲᠦᠷᠪᠡᠯᠵᠢᠨ ᠪᠦᠬᠡᠳᠡᠯ᠎ᠡ ᠶᠠᠭᠤᠨ ᠤ ᠣᠴᠢᠷ ᠲᠤᠷ ᠲᠦᠭᠦᠷᠢᠭ ᠪᠤᠯᠬᠤ ᠠᠵᠢ᠃ ᠡᠭᠦᠨ ᠤ ᠪᠤᠳᠤᠭᠰᠠᠨ ᠳᠤᠷ | ᠲᠠᠷᠤᠢ ᠬᠢᠰᠬᠢᠭᠰᠡᠨ ᠬᠤᠶᠢᠨ᠎ᠠ ᠬᠦᠯ ᠤᠨ ᠤᠷᠤᠮ ᠤᠨ ᠴᠠᠰᠤ ᠶᠢ ᠰᠠᠯᠬᠢᠨ ᠬᠡᠶᠢᠰᠬᠡᠵᠤ᠂ ᠬᠠᠭᠠᠰ ᠢ ᠠᠨᠤ | ᠪᠠᠯᠠᠷᠠᠭᠤᠯᠣᠭᠰᠠᠨ ᠢ ᠮᠠᠳᠠᠪᠠᠰᠦ ᠪᠤᠯᠬᠤ ᠪᠤᠯᠠᠢ᠃ ᠡᠭᠦᠨ ᠢ ᠲᠠᠷᠤᠢ ᠤᠳᠬ᠎ᠠ ᠤᠶᠠᠩᠭ᠎ᠠ ᠶᠢ ᠲᠠᠪᠬᠤᠴᠠᠭᠤᠯᠤᠨ | ᠢᠯᠡᠳᠬᠡᠬᠦ ᠠᠷᠭ᠎ᠠ ᠬᠡᠮᠡᠮᠦᠢ︾ ᠬᠡᠰᠡᠨ ᠪᠠᠶᠢᠨ᠎ᠠ᠃ ᠡ᠊ᠨᠳᠡ ᠢᠨᠵᠠᠨᠨᠠᠰᠢ ᠠᠴᠠ ᠴᠢᠨ ᠮᠦᠸᠧ ᠶᠢᠨ ᠦᠬᠡ ᠪᠠᠷ | ᠲᠡᠮᠵᠢᠭᠤᠯᠤᠨ ᠰᠢᠯᠦᠭ ᠤᠨ ᠤᠷᠠᠨ ᠰᠠᠨᠠᠭᠠᠨ ᠤ ᠲᠤᠬᠠᠢ ᠦᠪᠡᠷ ᠤᠨ ᠢᠶᠠᠨ ᠨᠢᠬᠡᠨ ᠵᠦᠢᠯ ᠤᠨ ᠪᠤᠳᠠᠳᠠᠢ | ᠦᠵᠡᠯᠳᠡ ᠶᠢ ᠮᠠᠰᠢ ᠭᠦᠨ ᠭᠦᠨᠵᠡᠭᠡᠢ ᠢᠯᠡᠳᠬᠡᠭᠰᠡᠨ ᠪᠠᠶᠢᠨ᠎ᠠ᠃ ᠡᠬᠦᠨ ᠠᠴᠠ ᠭᠠᠳᠠᠨ᠎ᠠ᠂ ᠢᠨᠵᠠᠨᠨᠠᠰᠢ ᠦᠪᠡᠷ ᠤᠨ | ᠦᠵᠡᠯᠳᠡ ᠵᠤᠷᠢᠯᠳᠠ ᠪᠠᠨ ᠦᠪᠡᠷ ᠤᠨ ᠵᠤᠬᠢᠶᠠᠯ ᠪᠦᠳᠦᠭᠡᠯ ᠳᠤ ᠪᠠᠨ ᠠᠳᠠᠯᠢ ᠪᠤᠰᠤ ᠬᠡᠯᠪᠡᠷᠢ ᠪᠠᠷ ᠤᠷᠤᠭᠤᠯᠤᠭᠰᠠᠨ | ᠪᠠᠶᠢᠳᠠᠭ᠃ ᠵᠢᠱᠢᠶᠡᠯᠡᠪᠡᠯ᠄ ︽ᠨᠤᠮ ᠪᠠ ᠪᠢᠴᠢᠭ︾ ᠲᠤ ︽ᠪᠢᠴᠢᠭ ᠰᠣᠳᠣᠷ᠂ ᠱᠠᠰᠳᠢᠷ ᠲᠡᠮᠳᠡᠭᠯᠡᠯ ᠬᠡᠮᠡᠭᠴᠢ | ᠡᠬᠡᠨᠡᠭᠳᠡ ᠨᠢᠭᠡᠭᠡᠨ ᠦᠨᠡᠨ ᠬᠡᠷᠡᠭ ᠦᠢᠯᠡᠰ ᠤᠨ ᠵᠠᠩ ᠲᠠᠩᠰᠠ᠂ ᠦᠢᠯᠡᠳᠪᠦᠷᠢ ᠲᠡᠪᠳᠡᠷ ᠤᠳ ᠪᠤᠶᠤ︾᠂ ︽ | ᠨᠣᠮᠴᠢ ᠶᠢᠨ ᠬᠠᠭᠤᠷᠮᠠᠭ︾ ᠲᠤ ︽ᠪᠢᠴᠢᠭ ᠪᠤᠯᠪᠠᠰᠤ ᠦᠨᠡᠨ ᠬᠡᠷᠡᠴᠢ ᠪᠠᠷᠢᠮᠳᠠ ᠲᠠᠢ ᠪᠠᠶᠢᠬᠤ ᠬᠡᠷᠡᠭᠳᠠᠢ︾ ᠬᠡᠬᠦ | ᠮᠡᠳᠦ᠃ | ᠡᠬᠦᠨ ᠠᠴᠠ ᠦᠵᠡᠬᠦ ᠳᠤ᠂ ᠢᠨᠵᠠᠨᠨᠠᠰᠢ ᠶᠢᠨ ᠦᠵᠡᠯᠳᠡ ᠵᠤᠷᠢᠯᠭ᠎ᠠ ᠦᠬᠦᠯᠡᠯ ᠲᠡᠮᠳᠡᠭᠯᠡᠯ᠂ ᠦᠬᠡ | ᠶᠠᠷᠢᠶ᠎ᠠ ᠠᠴᠠ ᠲᠡᠭᠦᠨ ᠤ ᠵᠤᠬᠢᠶᠠᠯ ᠪᠦᠳᠦᠭᠡᠯ ᠢ ᠨᠠᠩ ᠬᠦᠨᠵᠡᠬᠡᠢ ᠤᠶᠢᠯᠡᠭᠠᠵᠤ ᠪᠤᠯᠤᠨ᠎ᠠ᠃ | ᠤᠷᠠᠨ ᠵᠤᠬᠢᠶᠠᠯ ᠤᠨ ᠰᠤᠳᠤᠯᠭᠠᠨ ᠪᠤᠯ ᠤᠷᠠᠨ ᠪᠦᠳᠦᠭᠡᠯ ᠢᠶᠠᠷ ᠭᠤᠤᠯ ᠰᠣᠳᠣᠯᠣᠭᠳᠠᠬᠤᠨ ᠢᠶᠠᠨ ᠪᠤᠯᠭᠠᠵᠤ᠂ | ᠵᠤᠬᠢᠶᠠᠭᠴᠢ — ᠵᠤᠬᠢᠶᠠᠯ ᠪᠦᠳᠦᠭᠡᠯ — ᠤᠡᠭᠰᠢᠭ᠌ᠴᠢ ᠶᠢᠨ ᠨᠢᠬᠡᠳᠦᠮᠡᠯ ᠴᠤᠭᠴᠠ ᠠᠴᠠ ᠤᠴᠢᠵᠤ ᠤᠷᠠᠨ | ᠪᠦᠳᠦᠬᠡᠯ ᠢ ᠰᠣᠳᠣᠯᠬᠤ ᠠᠴᠠ ᠪᠢᠰᠢ᠂ ᠭᠠᠭᠴᠠ ᠨᠠᠮᠳᠠᠷ ᠲᠡᠤᠬᠡ ᠶᠢᠨ ᠰᠣᠳᠣᠯᠬᠤ ᠠᠷᠭ᠎ᠠ ᠪᠠᠷ ᠤᠷᠠᠨ ᠪᠦᠳᠦᠭᠡᠯ ᠢ | ᠰᠣᠳᠣᠯᠬᠤ ᠪᠢᠰᠢ ᠶᠤᠮ᠃ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠦᠪᠬᠡᠨ ᠣᠷᠠᠨ ᠪᠦᠳᠦᠬᠡᠯ ᠢ ᠰᠣᠳᠣᠯᠬᠤ | ᠠᠷᠭ᠎ᠠ ᠶᠢᠨ ᠨᠢᠬᠡᠨ ᠠᠷᠭ᠎ᠠ ᠠᠪᠴᠠᠯ ᠲᠡᠳᠦᠢ᠃ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠤᠷᠠᠨ ᠵᠤᠬᠢᠶᠠᠯ ᠢ | ᠰᠣᠳᠣᠯᠬᠤ ᠨᠢᠬᠡᠨ ᠠᠷᠭ᠎ᠠ ᠪᠤᠯᠤᠭᠰᠠᠨ ᠤ ᠬᠤᠪᠢ ᠳᠤ ᠲᠡᠷᠡ ᠨᠢ ᠦᠪᠡᠷ ᠤᠨ ᠵᠤᠬᠢᠬᠤ ᠠᠴᠢ ᠬᠤᠯᠪᠤᠭᠳᠠᠯ ᠲᠠᠢ | ᠪᠠᠶᠢᠳᠠᠬ᠃ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠪᠤᠯᠤᠨ ᠵᠤᠬᠢᠶᠠᠯ ᠪᠦᠳᠦᠬᠡᠯ ᠤᠨ | ᠬᠠᠷᠢᠴᠠᠭᠠᠨ ᠠᠴᠠ ᠤᠷᠠᠨ ᠪᠦᠳᠦᠬᠡᠯ ᠢ ᠰᠣᠳᠣᠯᠬᠤ ᠪᠠᠷ ᠭᠤᠤᠯ ᠤᠨᠴᠠᠯᠢᠭ ᠪᠤᠯᠭᠠᠳᠠᠭ᠃ ᠬᠡᠪᠡᠴᠦ ᠵᠤᠬᠢᠶᠠᠭᠴᠢ ᠶᠢᠨ | ᠨᠠᠮᠳᠠᠷ ᠲᠤ ᠭᠠᠷᠤᠭᠰᠠᠨ ᠠᠮᠢᠳᠦᠷᠠᠯ ᠤᠨ ᠦᠡᠭᠭᠡᠷᠡᠯᠳᠡ᠂ ᠵᠤᠬᠢᠶᠠᠭᠴᠢ ᠶᠢᠨ ᠨᠠᠮᠳᠠᠷ ᠪᠤᠯᠤᠨ ᠤᠷᠠᠨ ᠵᠤᠬᠢᠶᠠᠯ ᠨᠢ | ᠪᠦᠷᠢᠮᠦᠰᠦᠨ ᠲᠡᠩᠴᠡᠬᠦᠦ ᠪᠢᠰᠢ᠃ ᠤᠷᠠᠨ ᠵᠤᠬᠢᠶᠠᠯ ᠲᠤᠳᠤᠷᠠᠬᠢ ᠦᠢᠯᠡ ᠶᠠᠪᠤᠳᠠᠯ᠂ ᠤᠷᠠᠨ ᠲᠦᠷᠢ ᠨᠢ | ᠵᠤᠬᠢᠶᠠᠭᠴᠢ ᠶᠢᠨ ᠨᠡᠮᠳᠠᠷ ᠲᠤ ᠭᠠᠷᠤᠭᠰᠠᠨ ᠠᠮᠢᠳᠦᠷᠠᠯ ᠤᠨ ᠦᠡᠭᠭᠡᠷᠡᠯᠳᠡ᠂ ᠵᠤᠬᠢᠶᠠᠭᠴᠢ ᠶᠢᠨ ᠲᠤᠰ ᠪᠠᠶ᠎ᠠ ᠲᠠᠢ | ᠪᠦᠷᠢᠮᠦᠰᠦᠨ ᠲᠡᠩᠴᠡᠭᠦᠦ ᠪᠢᠰᠢ᠃ ᠤᠴᠢᠷ ᠨᠢ ᠵᠤᠬᠢᠶᠠᠭᠴᠢ ᠪᠤᠯ ᠵᠤᠬᠢᠶᠠᠯ ᠤᠨ ᠲᠤᠰ ᠪᠠᠶ᠎ᠠ᠂ ᠤᠷᠠᠨ ᠪᠦᠳᠦᠭᠡᠯ | ᠪᠤᠯ ᠵᠤᠬᠢᠶᠠᠭᠴᠢ ᠶᠢᠨ ᠵᠤᠬᠢᠶᠠᠵᠤ ᠪᠦᠳᠦᠭᠡᠭᠰᠡᠨ ᠪᠦᠳᠦᠭᠡᠯ ᠮᠦᠨ᠃ ᠨᠡᠮᠳᠡᠷ ᠲᠡᠤᠬᠡ ᠶᠢᠨ ᠰᠣᠳᠣᠯᠬᠤ ᠠᠷᠭ᠎ᠠ ᠨᠢ | ᠬᠡᠳᠦ᠋ᠢᠪᠡᠷ ᠵᠤᠬᠢᠶᠠᠬᠴᠢ ᠶᠢᠨ ᠨᠠᠮᠳᠠᠷ ᠪᠤᠯᠤᠨ ᠵᠤᠬᠢᠶᠠᠯ ᠪᠦᠳᠦᠭᠡᠯ ᠤᠨ ᠬᠠᠷᠢᠴᠠᠭ᠎ᠠ ᠶᠢ ᠰᠣᠳᠣᠯᠬᠤ ᠪᠠᠷ ᠭᠤᠤᠯ | ᠤᠨᠴᠠᠯᠢᠭ ᠢᠶᠠᠨ ᠪᠤᠯᠭᠠᠳᠠᠭ ᠪᠤᠯᠪᠠᠴᠦ᠂ ᠵᠤᠬᠢᠶᠠᠭᠴᠢ ᠶᠢᠨ ᠨᠠᠮᠳᠠᠷ ᠪᠤᠯᠤᠨ ᠵᠤᠬᠢᠶᠠᠯ ᠪᠦᠳᠦᠭᠡᠯ ᠢ ᠨᠢ ᠨᠢᠬᠡ | ᠨᠢᠬᠡ ᠶᠢᠨ ᠬᠠᠷᠠᠭᠠᠯᠵᠠᠯ ᠢᠶᠠᠷ ᠰᠣᠳᠣᠯᠳᠠᠭ ᠪᠢᠰᠢ᠂ ᠬᠠᠷᠢᠨ ᠵᠤᠬᠢᠶᠠᠭᠴᠢ ᠶᠢᠨ ᠨᠠᠮᠳᠠᠷ ᠢᠶᠠᠷ ᠲᠠᠮᠵᠢᠵᠤ ᠵᠤᠬᠢᠶᠠᠯ | ᠪᠦᠳᠦᠭᠡᠯ ᠤᠨ ᠬᠢᠨ ᠤᠳᠬ᠎ᠠ ᠰᠠᠨᠠᠭ᠎ᠠ ᠶᠢ ᠨᠢ ᠤᠶᠢᠯᠠᠭᠠᠬᠤ ᠪᠠᠷ ᠭᠤᠤᠯ ᠵᠤᠷᠢᠯᠭ᠎ᠠ ᠪᠠᠨ ᠪᠤᠯᠭᠠᠳᠠᠭ᠃ ᠨᠠᠮᠳᠡᠷ | ᠲᠡᠦᠭᠡ ᠶᠢᠨ ᠰᠤᠳᠤᠯᠬᠤ ᠠᠷᠭ᠎ᠠ ᠨᠢ ᠦᠪᠡᠷ ᠤᠨ ᠢᠶᠠᠨ ᠲᠤᠳᠠᠭᠳᠠᠯ ᠲᠠᠢ ᠲᠠᠯ᠎ᠠ ᠲᠠᠢ ᠪᠠᠶᠢᠳᠠᠬ ᠪᠤᠯᠪᠠᠴᠤ ᠤᠷᠠᠨ | ᠵᠤᠬᠢᠶᠠᠯ ᠤᠨ ᠰᠤᠳᠤᠯᠬᠤ ᠠᠷᠭ᠎ᠠ ᠶᠢᠨ ᠨᠢᠭᠡ ᠪᠤᠯᠤᠭᠰᠠᠨ ᠤ ᠬᠤᠪᠢ ᠳᠤ ᠮᠦᠨ ᠴᠦ ᠲᠡᠭᠦᠨ ᠤ ᠪᠠᠨ ᠦᠨ᠎ᠠ | ᠦᠷᠳᠡᠭ ᠲᠠᠢ ᠪᠠᠶᠢᠳᠠᠬ᠃ | ᠵᠡᠬᠦᠯᠳᠡ᠄ | ① ᠸᠠᠩ ᠶᠤᠸᠠᠢ ᠴᠤᠸᠠᠨ᠂ ᠬᠤ᠋ ᠶᠢᠨ ᡁᠢ ︽ᠤᠳᠬ᠎ᠠ ᠵᠤᠬᠢᠶᠠᠯ ᠭᠤᠸ᠎ᠠ ᠵᠦᠢ ᠶᠢᠨ ᠠᠷᠭ᠎ᠠ ᠶᠢᠨ ᠤᠨᠤᠯ︾ | ᠪᠡᠬᠡᠵᠢᠩ ᠶᠡᠭᠡ ᠰᠣᠷᠭᠠᠭᠤᠯᠢ ᠶᠢᠨ ᠬᠡᠪᠯᠡᠯ ᠤᠨ ᠬᠤᠷᠢᠶ᠎ᠠ᠂ p54᠂ p57᠂ p60 | ② ᠵᠡᠯᠭᠠ ︽ᠢᠨᠵᠡᠨᠨᠠᠰᠢ ᠶᠢᠨ ᠤᠨ ᠤ ᠪᠢᠴᠢᠭ︾ ᠦᠪᠦᠷ ᠮᠤᠩᠭᠤᠯ ᠤᠨ ᠠᠷᠠᠳ ᠤᠨ ᠬᠡᠪᠯᠡᠯ ᠤᠨ | ᠬᠤᠷᠢᠶ᠎ᠠ᠂ 1995 ᠤᠨ᠂ p1 | ③ ︽ᠢᠨᠵᠡᠨᠨᠡᠰᠢ ᠶᠢᠨ ᠲᠤᠬᠠᠢ ᠰᠣᠳᠣᠯᠭᠠᠨ ᠤ ᠦᠬᠦᠯᠡᠯ ᠤᠨ ᠲᠡᠬᠦᠪᠦᠷᠢ︾ ᠦᠪᠦᠷ ᠮᠤᠩᠭᠤᠯ ᠤᠨ | ᠠᠷᠠᠳ ᠤᠨ ᠬᠡᠪᠯᠡᠯ ᠤᠨ ᠬᠤᠷᠢᠶ᠎ᠠ᠂ 1982 ᠤᠨ᠂ p249 | ᠬᠠᠶ᠋ᠢᠬ᠄ ᠤᠯᠠᠭᠠᠠᠬᠠᠳᠠ ᠳᠤ ᠬᠢ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ | ︵ᠰᠠᠩᠵᠠᠢ ᠨᠠᠶᠢᠷᠠᠭᠤᠯᠪᠠ︶ | 2018 ᠣᠨ ᠤ 10 ᠳ᠋ᠤᠭᠠᠷ ᠬᠤᠭᠤᠴᠠᠭ᠎ᠠ |