ᠳ᠋᠊ · ᠪᠠᠳᠤᠨᠠᠰᠤᠠ | ᠰᠤᠷᠭᠠᠠ ᠬᠥᠮᠤᠵᠢᠯ ᠪᠤᠯ ᠨᠠᠷᠢᠠ ᠪᠤᠳᠤᠯᠢᠶᠠᠨ ᠲᠠᠢ ᠰᠡᠳᠬᠢᠬᠦᠢ ᠶᠢᠨ ᠠᠵᠢᠯᠯᠠᠭ᠎ᠠ ᠪᠤᠯᠬᠤ ᠶᠤᠮ᠃ ᠲᠡᠷᠠ ᠨᠢ | ᠳᠤᠬᠠᠢ ᠶᠢᠨ ᠦᠨᠳᠤᠰᠤᠳᠠᠠ ᠤᠭᠰᠠᠭᠠᠳᠠᠠ ᠤ ᠳᠡᠯᠡᠭᠡᠢ ᠶᠢᠷᠳᠢᠨᠴᠤ ᠶᠢᠨ ᠪᠤᠳᠡᠰ ᠤᠨ ᠦᠵᠡᠭᠳᠡᠯ ᠤᠨ ᠳᠤᠬᠠᠢ | ᠳᠠᠶᠢᠯᠤᠮᠵᠢ᠂ ᠠᠮᠢᠳᠤᠷᠠᠯ ᠪᠤᠶᠤ ᠶᠢᠷᠳᠢᠨᠴᠤ ᠶᠢᠨ ᠳᠤᠬᠠᠢ ᠦᠵᠡᠯᠳᠡ ᠳᠠᠨᠢᠯᠳᠠ ᠪᠠᠨ ᠬᠤᠶᠢᠴᠢ ᠦᠶ᠎ᠡ ᠳᠤ ᠪᠠᠨ | ᠦᠪᠯᠡᠡ ᠤᠯᠠᠮᠵᠢᠯᠠᠬᠤ ᠠᠷᠭ᠎ᠠ ᠤᠬᠠᠭᠠᠠ ᠪᠤᠯᠵᠤ ᠪᠠᠶᠢᠳᠠᠭ᠃ ᠭᠡᠷᠪᠡ ᠡᠪᠦᠭᠡ ᠳᠡᠭᠡᠳᠤᠰ ᠠᠴᠠ ᠪᠠᠨ ᠤᠯᠠᠮᠵᠢᠯᠡᠡ | ᠢᠷᠡᠭᠰᠡᠡ ᠬᠠᠮᠤᠭ ᠤᠨ ᠳᠦᠬᠦᠮ᠂ ᠬᠠᠮᠤᠭ ᠤᠨ ᠠᠩᠬᠠᠠ ᠤ ᠰᠤᠷᠭᠠᠠ ᠬᠥᠮᠤᠵᠢᠯ ᠪᠠᠶᠢᠭᠰᠠᠠ ᠦᠭᠡᠢ ᠪᠤᠯ | ᠦᠨᠳᠤᠰᠤᠳᠠᠠ ᠪᠦᠬᠦᠠ ᠦᠪᠡᠷ ᠤᠨ ᠦᠪᠡᠷᠮᠢᠴᠠ ᠰᠢᠨᠵᠢ ᠪᠠᠨ ᠠᠯᠳᠠᠬᠤ ᠨᠢ ᠲᠠᠮᠵᠢᠬ ᠦᠭᠡᠢ ᠶᠤᠮ᠃ | ᠰᠤᠷᠭᠠᠠ ᠬᠥᠮᠤᠵᠢᠯ ᠢ ᠰᠠᠨᠠᠭᠠᠴᠢᠯᠠᠭ᠎ᠠ ᠲᠠᠢ ᠪᠤᠶᠤ ᠰᠠᠨᠠᠭᠠᠴᠢᠯᠠᠭᠠᠳᠤ ᠪᠤᠰᠤ ᠰᠤᠷᠭᠠᠠ ᠬᠥᠮᠤᠵᠢᠯ ᠭᠡᠵᠤ | ᠢᠯᠭᠠᠵᠤ ᠪᠤᠯᠤᠨ᠎ᠠ᠃ ᠠᠬᠤᠢ ᠶᠢᠷᠳᠢᠨᠴᠤ ᠠᠴᠠ ᠡᠬᠦᠰᠦᠭᠰᠡᠡ ᠰᠤᠷᠠᠭ ᠳᠤᠬᠢᠶᠡ ᠪᠦᠬᠦᠠ ᠢ ᠭᠡᠤᠭᠡᠳ | ᠰᠠᠨᠠᠭᠠᠴᠢᠯᠠᠭ᠎ᠠ ᠲᠠᠢ ᠪᠤᠶᠤ ᠰᠠᠨᠠᠭᠠᠴᠢᠯᠠᠭ᠎ᠠ ᠦᠭᠡᠢ ᠪᠠᠷ ᠬᠥᠯᠢᠶᠡᠡ ᠠᠪᠴᠤ ᠪᠠᠶᠢᠳᠠᠭ᠂ ᠳᠡᠷᠡ ᠪᠤᠯ ᠰᠠᠨᠠᠭᠠᠴᠢᠯᠠᠭᠠᠳᠤ | ᠪᠤᠰᠤ ᠰᠤᠷᠭᠠᠠ ᠬᠥᠮᠤᠵᠢᠯ ᠪᠤᠯᠤᠨ᠎ᠠ᠃ ᠵᠢᠱᠢᠶᠡᠯᠡᠪᠡᠯ᠄ ᠳᠠᠭᠤᠠ ᠳᠤ ᠠᠪᠢᠶᠠᠰ ᠲᠠᠢ ᠭᠡᠤᠭᠡᠳ ᠭᠡᠡ ᠢᠶᠠᠷ ᠴᠤ | ᠵᠢᠭᠠᠯᠭᠠᠯ ᠦᠭᠡᠢ ᠪᠤᠰᠤᠳ ᠤᠨ ᠳᠠᠭᠤᠯᠠᠬᠤ ᠶᠢ ᠳᠠᠭᠤᠷᠢᠶᠡᠡ ᠳᠠᠭᠤᠯᠠᠭᠰᠠᠭᠠᠷ ᠪᠠᠶᠢᠵᠤ ᠳᠠᠭᠤᠴᠢᠠ ᠪᠤᠯᠬᠤ᠃ | ᠪᠢᠳᠡᠡ ᠤ ᠶᠡᠷᠦᠳᠠ ᠶᠢᠨ ᠶᠠᠷᠢᠳᠠᠭ ᠰᠤᠷᠭᠠᠠ ᠬᠥᠮᠤᠵᠢᠯ ᠪᠤᠯ ᠰᠤᠷᠭᠠᠭᠤᠯᠢ ᠶᠢᠨ ᠰᠤᠷᠭᠠᠠ ᠬᠥᠮᠤᠵᠢᠯ᠂ ᠭᠡᠷ | ᠪᠦᠯᠢ ᠶᠢᠨ ᠰᠤᠷᠭᠠᠠ ᠬᠥᠮᠤᠵᠢᠯ ᠪᠤᠯᠤᠠ ᠨᠡᠶᠢᠭᠡᠮ ᠤᠨ ᠰᠠᠨᠠᠭᠠᠴᠢᠯᠠᠭᠠᠳᠤ ᠰᠤᠷᠭᠠᠠ ᠬᠥᠮᠤᠵᠢᠯ ᠢ ᠵᠢᠭᠠᠵᠤ ᠪᠠᠶᠢᠭ᠎ᠠ | ᠶᠤᠮ᠂ ᠡᠳᠡᠭᠡᠷ ᠤᠨ ᠳᠤᠳᠤᠷᠡᠬᠢ ᠠᠯᠢᠪᠡ ᠵᠤᠷᠢᠯᠭ᠎ᠠ ᠲᠠᠢ ᠠᠵᠢᠯᠯᠠᠭ᠎ᠠ ᠨᠤᠭᠤᠳ ᠨᠢ ᠴᠦᠮ ᠰᠠᠨᠠᠭᠠᠴᠢᠯᠠᠭᠠᠳᠤ | ᠰᠤᠷᠭᠠᠠ ᠬᠥᠮᠤᠵᠢᠯ ᠳᠤ ᠪᠠᠭᠳᠠᠨ᠎ᠠ᠃ ᠰᠤᠷᠭᠠᠭᠤᠯᠢ ᠶᠢᠨ ᠰᠤᠷᠭᠠᠠ ᠬᠥᠮᠤᠵᠢᠯ ᠪᠤᠯ ᠪᠠᠭᠰᠢ ᠨᠠᠷ ᠭᠡᠤᠭᠡᠳ ᠢ | ᠵᠢᠯᠤᠭᠤᠳᠤᠠ ᠪᠠᠶᠢᠭᠠᠯᠢ ᠨᠡᠶᠢᠭᠡᠮ ᠤᠨ ᠠᠯᠢᠪᠠ ᠦᠵᠡᠭᠳᠡᠯ ᠢ ᠰᠠᠨᠠᠭᠠᠴᠢᠯᠠᠭ᠎ᠠ ᠲᠠᠢ ᠪᠠᠷ ᠮᠡᠳᠡᠷᠡᠬᠦᠯᠵᠤ ᠶᠠᠮᠠᠷ ᠨᠢᠭᠡᠡ | ᠵᠤᠷᠢᠯᠭ᠎ᠠ ᠳᠤ ᠬᠥᠷᠭᠡᠵᠤ ᠪᠠᠶᠢᠳᠠᠭ ᠪᠤᠯᠬᠤᠷ ᠳᠡᠬᠦᠠ ᠤ ᠦᠷ᠎ᠡ ᠪᠦᠳᠦᠮᠵᠢ ᠨᠢ ᠳᠤᠳᠤᠷᠬᠠᠢ ᠪᠠᠶᠢᠳᠠᠭ᠃ ᠪᠢᠳᠡᠡ ᠤ | ᠬᠢᠴᠢᠶᠡᠯ ᠤᠨ ᠳᠠᠩᠬᠢᠮ ᠤᠨ ᠰᠤᠷᠭᠠᠠ ᠬᠥᠮᠤᠵᠢᠯ ᠪᠤᠯ ᠪᠦᠬᠦ ᠰᠤᠷᠭᠠᠠ ᠬᠥᠮᠤᠵᠢᠯ ᠤᠨ ᠳᠤᠳᠤᠷᠡᠬᠢ ᠳᠤᠩ ᠶᠠᠯᠢᠮ | ᠦᠭᠡᠢ ᠭᠡᠰᠡᠭ ᠪᠤᠯᠤᠨ᠎ᠠ᠂ ᠳᠡᠬᠦᠠ ᠢᠶᠠᠷ ᠠᠯᠢᠪᠠ ᠰᠤᠷᠭᠠᠠ ᠬᠥᠮᠤᠵᠢᠯ ᠢ ᠤᠷᠤᠯᠠᠭᠤᠯᠬᠤ ᠪᠤᠯᠬᠤ ᠦᠭᠡᠢ᠃ ᠲᠠᠶᠢᠮᠦ | ᠮᠦᠷᠳᠡᠭᠡᠨ ᠳᠡᠬᠦᠠ ᠤ ᠪᠠᠭᠳᠠᠭᠠᠮᠵᠢ ᠶᠢ ᠠᠯᠢ ᠪᠤᠯᠬᠤᠷ ᠳᠡᠯᠡᠵᠤ ᠶᠠᠩᠵᠤ ᠪᠦᠷᠢ ᠶᠢᠨ ᠠᠷᠭ᠎ᠠ ᠤᠬᠠᠭᠠᠠ ᠢ | ᠰᠦᠪᠡᠭᠴᠢᠯᠠᠵᠤ ᠴᠢᠳᠠᠪᠠᠯ ᠰᠤᠷᠤᠭᠴᠢᠳ ᠤᠨ ᠤᠯᠬᠤ ᠬᠥᠷᠳᠡᠭᠡᠮᠵᠢ ᠨᠢ ᠨᠡᠩ ᠪᠠᠶᠠᠯᠢᠭ ᠪᠤᠯᠳᠠᠭ᠃ ᠪᠠᠭᠰᠢ ᠶᠢᠨ | ᠡᠮᠤᠰᠭᠡᠯ ᠵᠠᠰᠠᠯ᠂ ᠦᠭᠡ ᠶᠠᠷᠢᠶ᠎ᠡ᠂ ᠦᠢᠯᠠ ᠠᠵᠢᠯᠯᠠᠭ᠎ᠠ᠂ ᠵᠠᠩ ᠴᠢᠨᠠᠷ ᠪᠦᠬᠦᠠ ᠭᠡᠤᠭᠡᠳ ᠤᠨ ᠬᠦᠮᠤᠠ ᠪᠤᠯᠵᠤ | ᠬᠥᠮᠤᠵᠢᠭ᠍ᠳᠡᠬᠦ ᠶᠢ ᠨᠦᠯᠦᠭᠡᠯᠡᠨ᠎ᠡ ᠭᠡᠳᠡᠭ ᠪᠤᠯ ᠡᠨ᠋ᠨ ᠬᠦ ᠦᠨᠳᠤᠰᠤᠠ ᠶᠤᠰᠤᠠ ᠤ ᠳᠤᠮᠢᠶᠠᠯᠠᠯ ᠪᠤᠯᠤᠨ᠎ᠠ᠃ ᠡᠨ᠋ᠨ | ᠳᠤᠬᠠᠢ ︽ᠪᠠᠭᠰᠢ ᠶᠢᠨ ᠦᠭᠡ ᠶᠠᠷᠢᠶ᠎ᠡ ᠦᠢᠯᠠ ᠠᠵᠢᠯᠯᠠᠭ᠎ᠠ ᠨᠢᠭᠡ ᠪᠦᠷᠢ ᠨᠢ ᠰᠤᠷᠤᠭᠴᠢᠳ ᠤᠨ ᠪᠡᠶ᠎ᠡ ᠰᠡᠳᠬᠢᠯ ᠤᠨ | ᠦᠰᠦᠯᠳᠠ ᠶᠢ ᠨᠦᠯᠦᠭᠡᠯᠡᠵᠤ ᠪᠠᠶᠢᠳᠠᠭ︾ ᠭᠡᠵᠤ ᠪᠧᠺᠤᠠ ᠭᠡᠯᠡᠭᠰᠡᠡ ᠪᠠᠶᠢᠳᠠᠭ᠃ ᠡ᠊ᠨᠳᠡ ᠪᠢ ᠰᠤᠷᠭᠠᠠ | ᠬᠥᠮᠤᠵᠢᠯ ᠤᠨ ᠳᠤᠬᠠᠢ ᠪᠦᠬᠦ ᠳᠠᠯ᠎ᠠ ᠪᠠᠷ ᠳᠡᠯᠭᠡᠡ ᠶᠠᠷᠢᠬᠤ ᠭᠡᠰᠡᠨ ᠪᠢᠰᠢ᠂ ᠬᠠᠷᠢᠨ ᠪᠢᠳᠠᠨ ᠤ ᠡᠪᠦᠭᠡ ᠳᠡᠭᠡᠳᠤᠰ ᠤᠨ | ᠢᠷᠠᠭᠤ ᠨᠠᠶᠢᠷᠠᠭ ᠤᠨ ᠭᠡᠯᠪᠡᠷᠢ ᠰᠲ᠋ᠢᠯᠢ ᠶᠢ ᠰᠤᠷᠭᠠᠠ ᠬᠥᠮᠤᠵᠢᠯ ᠳᠤ ᠭᠡᠷᠬᠢᠠ ᠠᠰᠢᠭᠯᠠᠵᠤ ᠪᠠᠶᠢᠭᠰᠠᠠ ᠳᠤᠬᠠᠢ ᠶᠠᠷᠢᠮᠠᠷ | ᠪᠠᠶᠢᠨ᠎ᠠ᠃ | ᠮᠤᠩᠭᠤᠯ ᠦᠨᠳᠤᠰᠤᠳᠠᠠ ᠢᠷᠠᠭᠤ ᠨᠠᠶᠢᠷᠠᠭ ᠢᠶᠠᠷ ᠬᠤᠶᠢᠴᠢ ᠦᠶ᠎ᠡ ᠶᠢᠨ ᠢᠶᠠᠨ ᠤᠢ ᠪᠢᠯᠢᠭ ᠢ ᠬᠤᠷᠴᠠᠯᠠᠠ᠂ | ᠵᠦᠪ ᠬᠥᠮᠤᠠ ᠪᠤᠯᠬᠤ ᠴᠢᠭᠯᠡᠯ ᠦᠭᠡᠳᠡ ᠭᠦᠳᠤᠯᠤᠨ ᠲᠠᠭᠠᠭᠤᠯᠤᠭᠰᠠᠭᠠᠷ ᠢᠷᠡᠪᠡ᠃ ᠳᠡᠬᠦᠠ ᠤ ᠮᠤᠩᠳᠠᠰᠢ ᠦᠭᠡᠢ | ᠦᠢᠯᠡᠳᠤᠯ ᠢ ᠬᠦᠩᠭᠡᠡ ᠢᠶᠠᠷ ᠦᠨᠡᠯᠡᠵᠤ ᠦᠯᠤ ᠪᠤᠯᠤᠨ᠎ᠠ᠃ ᠶᠠᠷᠢᠶᠡᠡ ᠦᠭᠡᠢ ᠬᠥᠮᠤᠠ ᠪᠤᠯᠭᠠᠠ ᠢᠷᠠᠭᠤ ᠨᠠᠶᠢᠷᠠᠭᠴᠢ | ᠪᠤᠯᠬᠤ ᠪᠤᠯᠤᠮᠵᠢ ᠦᠭᠡᠢ ᠪᠦᠭᠡᠳ ᠳᠡᠶᠢᠮᠤ ᠴᠢᠬᠤᠯᠠᠴᠢᠯᠠᠭ᠎ᠠ ᠴᠤ ᠦᠭᠡᠢ᠃ ᠭᠡᠬᠦ ᠳᠤ ᠪᠠᠨ ᠢᠷᠠᠭᠤ ᠨᠠᠶᠢᠷᠠᠭ ᠪᠤᠯ | ᠰᠠᠨᠠᠭ᠎ᠠ ᠤᠷᠠᠠ᠂ ᠭᠡᠯᠡᠯᠭᠡ ᠭᠤᠴᠤ᠂ ᠴᠡᠭᠡᠵᠢᠯᠡᠬᠦ ᠳᠤ ᠬᠢᠯᠪᠡᠷ ᠪᠠᠶᠢᠳᠠᠭ ᠠᠴᠠ ᠮᠤᠩᠭᠤᠯ ᠦᠨᠳᠤᠰᠤᠳᠠᠠ ᠤ | ᠬᠠᠮᠤᠭ ᠤᠨ ᠳᠦᠬᠦᠮ᠂ ᠬᠠᠮᠤᠭ ᠤᠨ ᠳᠦᠭᠡᠮᠡᠯ᠂ ᠬᠠᠮᠤᠭ ᠤᠨ ᠠᠩᠬᠠᠠ ᠤ ᠰᠤᠷᠭᠠᠠ ᠬᠥᠮᠤᠵᠢᠯ ᠤᠨ ᠪᠠᠭᠠᠵᠢ | ᠭᠡᠷᠡᠭᠯᠡᠬᠦᠷ ᠪᠤᠯᠤᠭᠰᠠᠭᠠᠷ ᠢᠷᠡᠭᠰᠡᠡ ᠪᠠᠶᠢᠵᠠᠢ᠃ ᠭᠡᠤᠭᠡᠳ ᠢ ᠡᠨ᠋ᠨ ᠶᠢᠷᠳᠢᠨᠴᠤ ᠳᠤ ᠵᠤᠯᠠᠶᠢᠳᠠᠠ ᠤᠨᠠᠮᠠᠭᠴᠠ ᠯᠠ | ᠠᠴᠢᠳᠤ ᠡᠵᠢ ᠨᠢ ᠢᠷᠠᠭᠤ ᠨᠠᠶᠢᠷᠠᠭ ᠢᠶᠠᠷ ᠵᠡᠷᠭᠡᠯᠡᠭᠳᠡᠭᠰᠡᠡ ᠪᠦᠪᠡᠢ ᠶᠢᠨ ᠳᠠᠭᠤᠤ ᠠᠶᠠᠯᠵᠤ ︽ᠪᠤᠤ ᠠᠶᠤ᠂ ᠪᠤᠤ | ᠠᠶᠤ︾ ᠭᠡᠵᠤ ᠰᠡᠳᠬᠢᠯ ᠢ ᠨᠢ ᠳᠠᠶᠢᠳᠬᠤᠷᠠᠭᠤᠯᠤᠠ ᠬᠠᠳᠠᠭᠤᠵᠢᠭᠤᠯᠳᠠᠭ ᠪᠠᠶᠢᠨ᠎ᠠ᠃ ᠳᠡᠭᠡᠭᠡᠳ ᠭᠡᠤᠭᠡᠳ ᠢ | ᠭᠡᠯᠡ ᠳᠤ ᠤᠷᠤᠬᠤ ᠲᠠᠢ ᠵᠡᠷᠭᠡ ᠰᠢᠯᠦᠭ ᠴᠡᠭᠡᠵᠢᠯᠡᠬᠦᠯᠤᠠ ︵ᠭᠡᠯᠡᠴᠠ ᠦᠭᠡ᠂ ᠪᠢᠯᠢᠭ ᠰᠤᠷᠭᠠᠯ᠂ ᠶᠢᠷᠳᠢᠨᠴᠤ ᠶᠢᠨ | ᠭᠤᠷᠪᠠ᠂ ᠵᠤᠭ᠎ᠠ ᠦᠭᠡ᠂ ᠵᠢᠷᠤᠭ᠎ᠠ ᠦᠭᠡ᠂ ᠠᠷᠠᠳ ᠤᠨ ᠳᠠᠭᠤᠤ ᠵᠡᠷᠭᠡ︶ ᠤᠨᠢᠰᠤᠭ᠎ᠠ ᠳᠠᠭᠠᠯᠭᠠᠬᠤ ᠪᠤᠯ ᠤᠯᠠᠠ | ᠵᠠᠭᠤᠠ ᠵᠢᠯ ᠤᠨ ᠳᠡᠷᠳᠡᠭᠡ ᠠᠴᠠ ᠤᠯᠠᠮᠵᠢᠯᠠᠭᠳᠠᠵᠤ ᠢᠷᠡᠭᠰᠡᠡ ᠰᠤᠷᠭᠠᠠ ᠬᠥᠮᠤᠵᠢᠯ ᠤᠨ ᠨᠢᠭᠡᠡ ᠠᠷᠭ᠎ᠠ ᠪᠤᠯᠤᠨ᠎ᠠ᠃ | ᠡᠨ᠋ᠨ ᠭᠦ ᠰᠤᠷᠭᠠᠠ ᠬᠥᠮᠤᠵᠢᠯ ᠨᠢ ᠭᠡᠷ ᠪᠦᠯᠢ ᠶᠢᠨ ᠰᠤᠷᠭᠠᠠ ᠬᠥᠮᠤᠵᠢᠯ ᠠᠴᠠ ᠡᠬᠢᠯᠠᠠ ᠰᠤᠷᠭᠠᠭᠤᠯᠢ ᠶᠢᠨ ᠱᠠᠳᠤᠠ ᠤ | ᠰᠤᠷᠭᠠᠠ ᠬᠥᠮᠤᠵᠢᠯ ᠤᠨ ᠪᠦᠬᠦ᠋ᠢᠯᠠ ᠶᠠᠪᠤᠴᠠ ᠳᠤ ᠳᠤᠭᠤᠰᠢᠳᠠᠢ ᠨᠠᠶᠢᠳᠠᠪᠤᠷᠢᠵᠢᠭᠤᠯᠤᠭᠳᠠᠵᠤ ᠪᠠᠶᠢᠳᠠᠭ᠃ ᠳᠡᠷᠡ ᠨᠢ | ᠭᠡᠤᠭᠡᠳ ᠤᠨ ᠤᠢ ᠪᠢᠯᠢᠭ ᠤᠨ ᠬᠥᠭᠵᠢᠯᠳᠠ ᠳᠤ ᠬᠢᠷᠢ ᠵᠡᠷᠭᠡ ᠦᠭᠬᠦᠭᠡᠵᠢ ᠲᠠᠢ ᠪᠠᠶᠢᠳᠠᠬ ᠪᠤᠢ︖ | 1. ᠢᠷᠠᠭᠤ ᠨᠠᠶᠢᠷᠠᠭ ᠬᠢᠭᠡᠳ ᠤᠤᠷ ᠰᠤᠶᠤᠯ ᠢᠶᠠᠷ ᠢᠶᠠᠨ ᠬᠥᠮᠤᠵᠢᠬᠦᠯᠬᠦ ᠶᠢᠨ ᠬᠠᠷᠢᠴᠠᠭ᠎ᠠ | ᠢᠷᠠᠭᠤ ᠨᠠᠶᠢᠷᠠᠭ ᠪᠤᠯ ᠮᠤᠩᠭᠤᠯ ᠦᠨᠳᠤᠰᠤᠳᠠᠠ ᠤ ᠤᠷᠠᠠ ᠵᠤᠬᠢᠶᠡᠯ ᠤᠨ ᠬᠠᠮᠤᠭ ᠤᠨ ᠠᠩᠬᠠᠠ ᠤ ᠨᠢᠭᠡᠡ ᠰᠲ᠋ᠢᠯᠢ | ᠪᠤᠯᠤᠨ᠎ᠠ᠃ ᠡᠷᠳᠡᠡ ᠤ ᠪᠠᠭᠠᠳᠤᠷ ᠤᠨ ᠳᠤᠤᠯᠢ ᠨᠤᠭᠤᠳ ᠢᠷᠠᠭᠤ ᠨᠠᠶᠢᠷᠠᠭ ᠢᠶᠠᠷ ᠢᠯᠡᠳᠭᠡᠬᠦ ᠠᠷᠭ᠎ᠠ ᠪᠠᠨ ᠪᠤᠯᠭᠠᠵᠤ | ᠠᠷᠠᠳ ᠤᠨ ᠳᠤᠮᠳᠠ ᠠᠮᠠ ᠪᠠᠷ ᠤᠯᠠᠮᠵᠢᠯᠠᠭᠳᠠᠵᠤ ᠢᠷᠡᠪᠡ᠃ ᠳᠡᠬᠦᠠ ᠠᠴᠠ ᠰᠡᠬᠦᠯᠡᠷ ᠡᠬᠦᠰᠦᠭᠰᠡᠡ ᠠᠷᠠᠳ ᠤᠨ | ᠳᠠᠭᠤᠤ ᠮᠠᠨᠢ ᠴᠤ ᠢᠷᠠᠭᠤ ᠨᠠᠶᠢᠷᠠᠭ ᠪᠠᠶᠢᠳᠠᠭ ᠯᠠ ᠳ᠋ᠠ᠃ ᠳᠡᠶᠢᠮᠤ ᠠᠴᠠ ᠳᠡᠭᠡᠷ᠎ᠡ ᠦᠶ᠎ᠡ ᠳᠤ ᠬᠥᠮᠤᠰ ᠤᠨ ᠤᠢ | ᠪᠢᠯᠢᠭ ᠤᠨ ᠤᠬᠢ ᠬᠠᠨᠳᠠ ᠢᠷᠠᠭᠤ ᠨᠠᠶᠢᠷᠠᠭ ᠢᠶᠠᠷ ᠢᠯᠡᠷᠡᠡ᠂ ᠦᠢ ᠳᠦᠮᠡᠡ ᠬᠥᠮᠤᠠ ᠠᠷᠠᠳ ᠢ ᠨᠦᠯᠦᠭᠡᠯᠡᠵᠤ | ᠪᠠᠶᠢᠪᠠ᠃ ᠨᠦᠬᠦᠭᠡᠳᠡᠬᠦᠷ ᠢᠷᠠᠭᠤ ᠨᠠᠶᠢᠷᠠᠭ ᠨᠢ ᠪᠠᠰᠠ ᠭᠡᠷᠡᠭᠯᠡᠭᠡᠡ ᠤ ᠵᠤᠬᠢᠶᠡᠯ ᠪᠠᠶᠢᠭᠰᠠᠠ ᠶᠤᠮ᠃ ᠦᠰᠦᠭ ᠪᠢᠴᠢᠭ | ᠵᠤᠬᠢᠶᠠᠭᠳᠠᠭᠠ ᠦᠭᠡᠢ ᠦᠶ᠎ᠡ ᠳᠤ ᠬᠥᠮᠤᠰ ᠢᠷᠠᠭᠤ ᠨᠠᠶᠢᠷᠠᠭ ᠢᠶᠠᠷ ᠵᠠᠬᠢᠶ᠎ᠡ ᠴᠢᠮᠡᠭᠡ ᠤᠯᠠᠮᠵᠢᠯᠠᠨ ᠰᠠᠨᠠᠭ᠎ᠠ | ᠤᠨᠤᠭ᠎ᠠ ᠪᠠᠨ ᠤᠯᠤᠯᠴᠠᠵᠤ ᠪᠠᠶᠢᠭᠰᠠᠠ ᠮᠦᠷᠳᠡᠭᠡᠡ ᠦᠰᠦᠭ ᠪᠢᠴᠢᠭ ᠭᠠᠷᠤᠭᠰᠠᠠ ᠤ ᠳᠠᠷᠠᠭ᠎ᠠ ᠴᠤ ᠭᠡᠰᠡᠡ ᠴᠡᠷᠢᠭ | ᠳᠠᠶᠢᠠ ᠤ ᠴᠢᠬᠤᠯᠠ ᠨᠢᠭᠤᠴᠠ ᠶᠢ ᠢᠷᠠᠭᠤ ᠨᠠᠶᠢᠷᠠᠭ ᠢᠶᠠᠷ ᠵᠤᠬᠢᠶᠡᠡ᠂ ᠵᠠᠷᠯᠢᠭ ᠳᠠᠮᠵᠢᠭᠤᠯᠤᠭᠴᠢ ᠳᠤ ᠴᠡᠭᠡᠵᠢᠯᠡᠬᠦᠯᠵᠤ | ᠨᠢᠭᠤᠴᠠ ᠶᠢ ᠬᠠᠮᠠᠭᠠᠯᠠᠵᠤ ᠪᠠᠶᠢᠭᠰᠠᠠ ᠢᠶᠠᠷ ᠦᠵᠡᠬᠦ ᠳᠤ ᠢᠷᠠᠭᠤ ᠨᠠᠶᠢᠷᠠᠭ ᠪᠤᠯ ᠡᠷᠳᠡ ᠦᠶ᠎ᠡ ᠳᠤ ᠤᠳᠤ ᠶᠢᠨ ᠡᠨ᠋ᠨ | ᠬᠦ ︽ᠤᠳᠠᠰᠤ ᠪᠠᠷ ᠬᠤᠯᠪᠤᠭ᠎ᠠ ᠪᠠᠷᠢᠬᠤ︾ ᠡᠬᠦᠷᠭᠡ ᠶᠢ ᠬᠥᠢᠴᠡᠳᠭᠡᠵᠤ ᠪᠠᠶᠢᠵᠠᠢ ︵ᠬᠤᠯᠪᠤᠭᠠᠴᠢᠠ | ᠪᠠᠷᠢᠭᠳᠠᠴᠢᠬᠠᠪᠠᠴᠤ ᠳᠠᠶᠢᠰᠤᠠ ᠡᠳᠡᠭᠡᠳ ᠪᠢᠴᠢᠭ ᠪᠠᠷᠢᠮᠳᠠ ᠶᠢᠨ ᠵᠦᠢᠯ ᠤᠯᠵᠤ ᠴᠢᠳᠠᠬᠤ ᠦᠭᠡᠢ ᠳᠠᠪᠠᠭᠤᠯᠢᠭ | ᠳᠠᠯ᠎ᠠ ᠲᠠᠢ ᠭᠡᠨ᠎ᠡ︶᠃ ᠢᠷᠠᠭᠤ ᠨᠠᠶᠢᠷᠠᠭ ᠤᠨ ᠴᠡᠭᠡᠵᠢᠯᠡᠵᠤ ᠳᠤᠭᠳᠠᠭᠠᠬᠤ ᠳᠤ ᠳᠦᠬᠦᠮ ᠪᠠᠶᠢᠳᠠᠭ ᠤᠨᠴᠠᠯᠢᠭ ᠢ | ᠠᠰᠢᠭᠯᠠᠠ ᠢᠰᠢᠳᠠᠨᠽᠠᠨᠸᠠᠩᠵᠢᠯ ᠭᠤᠸᠠᠢ ᠡᠮ ᠤᠨ ᠵᠤᠷ ᠢ ᠰᠢᠯᠦᠭ ᠢᠶᠠᠷ ᠵᠤᠬᠢᠶᠡᠡ ᠱᠠᠪᠢ ᠨᠠᠷ ᠲᠤ ᠪᠠᠨ | ᠴᠡᠭᠡᠵᠢᠯᠡᠬᠦᠯᠵᠤ ᠪᠠᠶᠢᠵᠠᠢ᠃ ᠰᠡᠬᠦᠯ ᠤᠨ ᠦᠶ᠎ᠡ ᠳᠤ ᠢᠷᠠᠭᠤ ᠨᠠᠶᠢᠷᠠᠭ ᠨᠢ ᠭᠡᠤᠭᠡᠳ ᠢ ᠰᠤᠷᠭᠠᠠ ᠬᠥᠮᠤᠵᠢᠬᠦᠯᠬᠦ | ᠪᠤᠯᠤᠠ ᠠᠷᠠᠳ ᠤᠯᠠᠠ ᠳᠤ ᠤᠷᠠᠯᠢᠭ ᠤᠨ ᠭᠤᠸ᠎ᠠ ᠳᠠᠭᠠᠰᠢᠶᠡᠯ ᠤᠨ ᠬᠥᠷᠳᠡᠭᠡᠮᠵᠢ ᠤᠯᠭᠤᠬᠤ ᠬᠤᠤᠰ ᠡᠬᠦᠷᠭᠡ ᠶᠢ | ᠠᠴᠢᠶᠠᠯᠠᠵᠤ᠂ ᠬᠥᠮᠤᠠ ᠪᠦᠬᠦᠠ ᠤ ᠤᠶᠤᠠ ᠤ ᠠᠮᠢᠳᠤᠷᠠᠯ ᠤᠨ ᠰᠠᠯᠵᠤ ᠪᠤᠯᠤᠰᠢ ᠦᠭᠡᠢ ᠪᠦᠷᠢᠯᠳᠦᠬᠦᠠ ᠭᠡᠰᠡᠭ | ᠪᠤᠯᠤᠭᠰᠠᠠ ᠪᠠᠶᠢᠨ᠎ᠠ᠃ ᠵᠢᠱᠢᠶᠡᠯᠡᠪᠡᠯ᠄ ᠭᠡᠯᠡᠴᠠ ᠦᠭᠡ᠂ ᠶᠢᠷᠳᠢᠨᠴᠤ ᠶᠢᠨ ᠭᠤᠷᠪᠠ᠂ ᠵᠤᠭ᠎ᠠ ᠦᠭᠡ᠂ ᠵᠢᠷᠤᠭ᠎ᠠ | ᠦᠭᠡ ᠭᠡᠭᠦ ᠮᠡᠳᠤᠴᠢᠯᠠᠨ ᠭᠡᠤᠭᠡᠳ ᠬᠥᠮᠤᠵᠢᠬᠦᠯᠬᠦ ᠤᠨᠴᠠᠭᠠᠢ ᠭᠡᠯᠪᠡᠷᠢ ᠶᠢᠨ ᠢᠷᠠᠭᠤ ᠨᠠᠶᠢᠷᠠᠭ ᠪᠤᠢ ᠪᠤᠯᠵᠤ᠂ | ᠤᠨᠢᠰᠤᠭ᠎ᠠ ᠭᠡᠮᠡᠬᠦ ᠭᠡᠤᠭᠡᠳ ᠤᠨ ᠤᠢ ᠪᠢᠯᠢᠭ ᠢ ᠨᠡᠭᠡᠭᠡᠭᠳᠡᠬᠦᠯᠬᠦ ᠪᠠᠰᠠ ᠨᠢᠭᠡᠡ ᠳᠦᠷᠦᠯ ᠤᠨ ᠢᠷᠠᠭᠤ ᠨᠠᠶᠢᠷᠠᠭ | ᠮᠡᠨᠳᠤᠯᠡᠪᠡ᠃ ᠡᠬᠦᠠ ᠤ ᠬᠠᠮᠳᠤ᠂ ᠳᠤᠤᠯᠢ ᠬᠠᠶᠢᠯᠠᠬᠤ ᠠᠴᠠ ᠤᠯᠠᠷᠢᠭᠰᠠᠠ ᠦᠯᠢᠭᠡᠷ᠂ ᠬᠤᠯᠪᠤᠭ᠎ᠠ᠂ ᠠᠷᠠᠳ ᠤᠨ | ᠳᠠᠭᠤᠤ ᠮᠡᠳᠤ ᠶᠢᠨ ᠠᠶ᠎ᠠ ᠳᠠᠭᠠᠷᠠᠭᠤᠯᠤᠠ ᠤᠶᠠᠩᠭᠠᠯᠠᠬᠤ ᠢᠷᠠᠭᠤ ᠨᠠᠶᠢᠷᠠᠭ ᠪᠤᠢ ᠪᠤᠯᠵᠤ᠂ ᠬᠦᠮᠤᠰ ᠤᠨ ᠤᠷᠠᠯᠢᠭ ᠤᠨ | ᠠᠮᠢᠳᠤᠷᠠᠯ ᠤᠨ ᠭᠤᠤᠯ ᠠᠭᠤᠯᠭ᠎ᠠ ᠪᠤᠯᠵᠠᠢ᠃ ᠡᠨ᠋ᠨ ᠬᠢᠷᠢ ᠢᠷᠠᠭᠤ ᠨᠠᠶᠢᠷᠠᠭ ᠤᠨ ᠠᠩᠬᠠᠠ ᠤ ᠭᠡᠯᠪᠡᠷᠢ ᠪᠤᠯᠬᠤ | ᠢᠷᠦᠭᠡᠯ ᠮᠠᠭᠳᠠᠭᠠᠯ ᠴᠤ ᠬᠥᠭᠵᠢᠯ ᠢᠶᠠᠨ ᠠᠯᠳᠠᠭᠰᠠᠠ ᠦᠭᠡᠢ᠃ ᠬᠤᠷᠢᠮ ᠨᠠᠶᠢᠷ ᠤᠨ ᠵᠠᠩ ᠦᠢᠯᠠ ᠳᠤ ᠨᠡᠪᠴᠢᠠ | ᠢᠳᠡᠭᠡᠰᠢᠵᠤ ᠠᠮᠠ ᠲᠠᠢ ᠪᠤᠯᠭᠠᠠ ᠬᠤᠯᠪᠤᠭ᠎ᠠ ᠬᠤᠷᠰᠢᠶ᠎ᠡ ᠲᠠᠢ ᠶᠠᠷᠢᠬᠤ ᠰᠤᠶᠤᠯ ᠤᠨ ᠤᠯᠪᠠᠭ᠎ᠠ ᠵᠤᠷᠠᠶᠢᠬᠰᠠᠨ ᠪᠠᠶᠢᠨ᠎ᠠ | ᠃ ︽ᠮᠤᠩᠭᠤᠯ ᠬᠥᠮᠤᠠ ᠪᠤᠯ ᠰᠢᠯᠦᠭᠴᠢ ᠦᠨᠳᠤᠰᠤᠳᠠᠠ︾ ᠭᠡᠳᠡᠭ ᠦᠭᠡ ᠡᠶᠢᠮᠤ ᠯᠠ ᠳᠡᠤᠭᠡᠡ ᠤᠯᠪᠠᠭ᠎ᠠ ᠲᠠᠢ | ᠶᠤᠮ᠃ ᠡᠬᠦᠠ ᠠᠴᠠ ᠦᠵᠡᠬᠦᠯ᠎ᠠ᠂ ᠢᠷᠠᠭᠤ ᠨᠠᠶᠢᠷᠠᠭ ᠢ ᠰᠤᠨᠢᠷᠬᠠᠵᠤ ᠴᠢᠳᠠᠬᠤ᠂ ᠬᠤᠯᠪᠤᠭ᠎ᠠ ᠦᠭᠡ ᠶᠠᠷᠢᠵᠤ | ᠴᠢᠳᠠᠬᠤ᠂ ᠢᠷᠠᠭᠤ ᠨᠠᠶᠢᠷᠠᠭ ᠪᠢᠴᠢᠵᠤ ᠰᠤᠷᠬᠤ ᠨᠢ ᠪᠠᠰᠠ ᠴᠤ ᠢᠵᠠᠭᠤᠷ ᠰᠤᠶᠤᠯ ᠢᠶᠠᠨ ᠬᠠᠶᠠᠬᠤ ᠦᠭᠡᠢ ᠬᠤᠶᠢᠴᠢ | ᠦᠶ᠎ᠡ ᠳᠤ ᠪᠠᠨ ᠦᠪᠯᠡᠡ ᠤᠯᠠᠮᠵᠢᠯᠠᠬᠤ ᠰᠤᠷᠭᠠᠠ ᠬᠥᠮᠤᠵᠢᠯ ᠤᠨ ᠨᠢᠭᠡᠡ ᠴᠢᠬᠤᠯᠠ ᠠᠭᠤᠯᠭ᠎ᠠ ᠪᠤᠯᠬᠤ ᠠᠵᠢ᠃ | ᠳᠠᠷᠤᠢ ᠢᠷᠠᠭᠤ ᠨᠠᠶᠢᠷᠠᠭ ᠤᠨ ᠰᠤᠷᠭᠠᠠ ᠬᠥᠮᠤᠵᠢᠯ ᠪᠤᠯ ᠤᠵᠠᠭᠤᠷ ᠰᠤᠷᠭᠠᠠ ᠬᠥᠮᠤᠵᠢᠯ ᠤᠨ ᠨᠢᠭᠡᠨ ᠭᠡᠰᠡᠭ ᠪᠤᠯᠬᠤ | ᠶᠣᠮ᠃ ᠭᠡᠤᠭᠡᠳ ᠤᠳ ᠢ ᠰᠢᠯᠦᠭ ᠰᠤᠨᠢᠷᠬᠠᠬᠤ ᠳᠤ ︽ᠰᠢᠯᠦᠭ ᠪᠢᠴᠢᠭᠡᠳ ᠭᠡᠳᠡᠰᠤ ᠪᠠᠨ ᠳᠡᠵᠢᠭᠡᠨ᠎ᠡ ᠤᠤ︖︾ | ᠭᠡᠳᠡᠭ ᠵᠢᠮᠠᠯᠡᠯ ᠪᠤᠯ ᠪᠤᠷᠤᠭᠤ ᠶᠤᠮ᠂ ᠨᠡᠩ ᠴᠤ ᠰᠢᠯᠦᠭᠴᠢᠳ ᠢ ᠰᠤᠯᠢᠶ᠎ᠡ ᠭᠠᠯᠵᠠᠭᠤ ᠲᠠᠢ ᠬᠥᠮᠤᠠ ᠮᠡᠳᠤ ᠰᠠᠨᠠᠵᠤ ︽ | ᠢᠷᠠᠭᠤ ᠨᠠᠶᠢᠷᠠᠭᠴᠢ ᠪᠤᠯᠪᠠᠯ ᠶᠠᠳᠠᠭᠤᠷᠠᠬᠤ ᠶᠢᠨ ᠳᠡᠮᠳᠡᠭ︾ ᠭᠡᠳᠡᠭ ᠪᠤᠯ ᠢᠷᠠᠭᠤ ᠨᠠᠶᠢᠷᠠᠭ ᠤᠨ ᠳᠤᠬᠠᠢ | ᠤᠶᠢᠯᠠᠭᠠᠯᠳᠠ ᠳᠠᠩᠴᠤ ᠮᠡᠬᠦᠰ ᠪᠠᠶᠢᠭ᠎ᠠ ᠶᠢᠨ ᠬᠢ ᠪᠢᠯᠠ᠃ ᠭᠡᠯᠡᠯᠭᠡᠡ ᠦᠭᠡᠢ ᠡᠨ᠋ᠨ ᠨᠢ ᠭᠠᠭᠴᠠ ᠨᠢᠭᠡ ᠰᠢᠯᠦᠭ | ᠪᠢᠴᠢᠮᠡᠭᠴᠠ ᠦᠪᠡᠷ ᠢ ᠪᠠᠨ ᠪᠤᠰᠤᠳ ᠠᠴᠠ ᠳᠠᠪᠠᠭᠰᠠᠠ ᠬᠥᠮᠤᠠ ᠮᠡᠳᠤ ᠰᠠᠨᠠᠵᠤ ᠡᠳᠡᠭᠡᠳ ᠰᠤᠨᠢᠠ ᠢᠶᠠᠷ ᠠᠭᠠᠰᠢᠯᠠᠬᠤ | ᠪᠤᠶᠤ ︽ᠢᠷᠠᠭᠤ ᠨᠠᠶᠢᠷᠠᠭᠴᠢ ᠠᠷᠢᠬᠢᠴᠢᠠ ᠪᠠᠶᠢᠬᠤ ᠶᠤᠰᠤᠳᠠᠢ︾ ᠭᠡᠬᠦ ᠮᠡᠳᠤ ᠪᠠᠷ ᠮᠠᠵᠤᠤᠯᠠᠳᠠᠭ ᠰᠡᠳᠬᠢᠴᠠ ᠶᠢᠨ | ᠭᠠᠵᠢᠭ ᠲᠤ ᠤᠨᠠᠭᠰᠠᠠ ᠢᠷᠠᠭᠤ ᠨᠠᠶᠢᠷᠠᠭᠴᠢᠳ᠂ ᠬᠥᠮᠤᠰ ᠤᠨ ᠰᠡᠳᠬᠢᠯ ᠳᠤ ᠢᠷᠠᠭᠤ ᠨᠠᠶᠢᠷᠠᠭᠴᠢ ᠶᠢᠨ ᠳᠤᠬᠠᠢ | ᠰᠤᠯᠤᠭᠠᠢ ᠳᠤᠰᠬᠠᠯ ᠦᠯᠡᠳᠡᠭᠡᠭᠰᠡᠡ ᠠᠴᠠ ᠪᠤᠯᠤᠭᠰᠠᠠ ᠪᠠᠶᠢᠵᠤ ᠮᠡᠳᠡᠨ᠎ᠡ᠃ ᠢᠷᠠᠭᠤ ᠨᠠᠶᠢᠷᠠᠭᠴᠢ ᠪᠤᠯᠭᠠᠠ | ᠤᠮᠤᠭᠯᠠᠭᠤᠠ ᠠᠭᠰᠤᠮ ᠪᠠᠶᠢᠳᠠᠭ ᠪᠢᠰᠢ᠂ ᠮᠠᠰᠢ ᠤᠯᠠᠠ ᠳᠤᠮᠤᠴᠤᠤᠯ ᠢᠷᠠᠭᠤ ᠨᠠᠶᠢᠷᠠᠭ ᠲᠤ ᠪᠠᠭ᠋ᠠᠳᠠᠢ ᠪᠠᠶᠢᠭᠰᠠᠠ | ᠪᠦᠭᠡᠳ ᠳᠡᠳᠡ ᠢᠷᠠᠭᠤ ᠨᠠᠶᠢᠷᠠᠭ ᠢᠶᠠᠷ ᠰᠡᠳᠬᠢᠯᠭᠡ ᠶᠢᠨ ᠳᠠᠯᠪᠠᠷᠠᠯᠳᠠ ᠪᠠᠨ ᠭᠠᠳᠠᠭᠰᠢᠯᠠᠭᠤᠯᠬᠤ ᠤᠷᠠᠯᠢᠭ ᠤᠨ | ᠴᠤᠤᠷᠢᠶ᠎ᠡ ᠪᠤᠯᠭᠠᠵᠤ ᠪᠠᠶᠢᠭᠰᠠᠠ ᠶᠤᠮ᠃ ᠵᠢᠱᠢᠶᠡᠯᠡᠪᠡᠯ᠄ ᠪᠤᠭᠳᠠ ᠴᠢᠩᠬᠢᠰ ︵︽ᠪᠢᠯᠢᠭ ᠰᠤᠷᠭᠠᠯ︾︶᠂ | ᠲᠤᠭᠤᠨᠳᠠᠮᠤᠷ ᠬᠠᠭᠠᠠ ︵︽ᠭᠡᠮᠰᠢᠯ ᠰᠢᠯᠦᠭ︾︶᠂ ᠰᠦᠨᠢᠳ ᠤᠨ ᠭᠢᠯᠤᠭᠡᠳᠠᠢ ᠪᠠᠭᠠᠳᠤᠷ ᠠᠴᠠ ᠴᠦᠷᠭᠡᠯᠡᠬᠦᠯᠤᠠ | ᠨᠤᠶᠠᠠ ᠬᠤᠳᠤᠭᠳᠤ ᠳ᠋ᠠᠨᠽᠠᠠᠷᠠᠪᠵᠠᠢ᠂ ᠢᠰᠢᠳᠠᠨᠽᠠᠠᠸᠠᠩᠵᠢᠯ ᠭᠡᠬᠦ ᠮᠡᠳᠤ᠃ ᠡᠷᠳᠡᠮᠳᠡᠡ ᠪᠤᠷᠵᠢᠬᠢᠠ ᠭᠡᠷᠡᠯᠳᠤ ᠭᠤᠸᠠᠢ | ᠴᠤ ᠭᠤᠶᠤ ᠰᠠᠶᠢᠬᠠᠠ ᠳᠠᠭᠤᠠ ᠤ ᠦᠭᠡ ᠪᠢᠴᠢᠵᠤ ᠳᠠᠶᠠᠭᠠᠷ ᠮᠤᠩᠭᠤᠯᠴᠤᠳ ᠢ ᠪᠠᠶᠠᠰᠬᠠᠭᠰᠠᠠ ᠢ ᠪᠢᠳᠠ ᠪᠦᠬᠦᠠ | ᠶᠠᠭᠤᠠ ᠠᠠᠳᠠᠬᠤ ᠪᠤᠢ᠃ ᠳᠡᠳᠡ ᠪᠤᠯ ᠢᠷᠠᠭᠤ ᠨᠠᠶᠢᠷᠠᠭ ᠤᠨ ᠰᠤᠷᠭᠠᠠ ᠬᠥᠮᠤᠵᠢᠯ ᠤᠨ ᠷᠢᠳᠢ ᠰᠢᠳᠢ ᠶᠢ ᠬᠥᠢᠴᠡᠳ | ᠮᠡᠳᠡᠳᠡᠭ ᠤᠶᠤᠠᠯᠢᠭ ᠬᠥᠮᠤᠰ ᠶᠤᠮ᠃ | ᠮᠠᠠ ᠤ ᠤᠯᠤᠰ ᠨᠢ ᠭᠡᠪ ᠴᠢᠨᠠᠷ ᠤᠨ ᠰᠤᠷᠭᠠᠠ ᠬᠥᠮᠤᠵᠢᠯ ᠢ ᠶᠠᠷᠢᠭᠠᠳ ᠤᠳᠠᠵᠤ ᠪᠠᠶᠢᠭ᠎ᠠ ᠪᠤᠯᠪᠠᠴᠤ ᠪᠠᠰᠠ | ᠯᠠ ︽ᠰᠤᠷᠪᠠᠯ ᠭᠡᠷᠡᠭᠯᠡᠨ᠎ᠡ᠂ ᠶᠠᠭᠤᠠ ᠳᠤ ᠭᠡᠷᠡᠭᠯᠡᠨ᠎ᠡ︖ ᠰᠢᠯᠭᠠᠯᠳᠠ ᠳᠤ ᠭᠡᠷᠡᠭᠯᠡᠨ᠎ᠡ︾ ᠭᠡᠳᠡᠭ ᠦᠷᠦᠭᠡᠰᠤᠯ | ᠴᠢᠭᠯᠡᠯ ᠵᠦᠭ ᠳᠦᠢᠯᠰᠢᠷᠠᠨ᠂ ᠭᠡᠤᠭᠡᠳ ᠤᠨ ᠤᠢ ᠪᠢᠯᠢᠭ ᠢ ᠨᠡᠭᠡᠭᠡᠭᠳᠡᠬᠦᠯᠬᠦ ᠳᠤ ᠠᠩᠬᠠᠷᠤᠯ ᠳᠠᠯᠪᠢᠬᠤ ᠳᠠᠯ᠎ᠠ ᠪᠠᠷ | ᠪᠠᠭᠰᠢ ᠨᠠᠷ ᠪᠤᠶᠤ ᠭᠡᠷ ᠤᠨ ᠠᠬᠠᠮᠠᠳ ᠤᠨ ᠳᠠᠨᠢᠯᠳᠠ ᠠᠳᠠᠯᠢ ᠦᠭᠡᠢ ᠪᠠᠶᠢᠬᠰᠠᠭᠠᠷ᠃ ᠮᠢᠨᠤ ᠪᠤᠳᠤᠬᠤ ᠪᠠᠷ᠂ | ᠭᠡᠤᠭᠡᠳ ᠤᠨ ᠰᠡᠳᠬᠢᠬᠦᠢ ᠶᠢ ᠨᠡᠭᠡᠭᠡᠭᠳᠡᠬᠦᠯᠬᠦ ᠪᠤᠯ ᠮᠠᠠ ᠤ ᠰᠤᠷᠭᠠᠠ ᠬᠥᠮᠤᠵᠢᠯ ᠤᠨ ᠬᠠᠮᠤᠭ ᠤᠨ ᠦᠨᠳᠤᠰᠤᠠ | ᠵᠤᠷᠢᠯᠳᠠ ᠶᠤᠮ᠂ ᠰᠡᠳᠬᠢᠬᠦᠢ ᠨᠢ ᠨᠡᠭᠡᠭᠡᠭᠳᠡᠭᠰᠡᠡ ᠭᠡᠤᠭᠡᠳ ᠬᠤᠵᠢᠮ ᠰᠠᠶ᠋ᠢ ᠦᠢᠯᠡᠰ ᠪᠦᠳᠦᠭᠡᠵᠤ ᠴᠢᠳᠠᠨ᠎ᠠ᠃ | ᠳᠡᠭᠡᠪᠡᠯ ᠰᠢᠯᠦᠭ ᠴᠤᠬᠤᠮ ᠭᠡᠤᠭᠡᠳ ᠤᠨ ᠰᠡᠳᠬᠢᠬᠦᠢ ᠶᠢ ᠨᠡᠭᠡᠭᠡᠭᠳᠡᠬᠦᠯᠬᠦ ᠳᠤ ᠦᠢᠯᠡᠳᠤᠯ ᠭᠠᠷᠭᠠᠵᠤ ᠴᠢᠳᠠᠨ᠎ᠠ ᠤᠤ᠂ | ᠦᠭᠡᠢ ᠤᠤ︖ | 2. ᠢᠷᠠᠭᠤ ᠨᠠᠶᠢᠷᠠᠭ ᠬᠢᠭᠡᠳ ᠰᠡᠳᠬᠢᠬᠦᠢ ᠶᠢᠨ ᠬᠥᠭᠵᠢᠯ ᠤᠨ ᠬᠠᠷᠢᠴᠠᠭ᠎ᠠ | ᠠᠶᠢᠨᠰᠲ᠋ᠧᠨ᠄ ︽ᠳᠦᠷᠰᠦᠯᠡᠡ ᠪᠣᠳᠤᠬᠤ ᠪᠤᠯ ᠮᠡᠳᠡᠯᠭᠡ ᠠᠴᠠ ᠬᠤᠯᠠ ᠴᠢᠬᠤᠯᠠ ᠶᠤᠮ᠃ ᠤᠴᠢᠷ ᠨᠢ | ᠮᠡᠳᠡᠯᠭᠡ ᠪᠤᠯ ᠭᠢᠵᠠᠭᠠᠷ ᠲᠠᠢ ᠪᠠᠶᠢᠬᠤ ᠳᠤ ᠳᠦᠷᠰᠦᠯᠡᠡ ᠪᠤᠳᠤᠬᠤ ᠨᠢ ᠶᠢᠷᠳᠢᠨᠴᠤ ᠶᠢᠨ ᠠᠯᠢᠪᠠ ᠶᠢ ᠪᠠᠭᠳᠠᠭᠠᠠ | ᠳᠠᠪᠰᠢᠯᠳᠠ ᠶᠢ ᠠᠬᠢᠭᠤᠯᠳᠠᠭ ᠪᠦᠭᠡᠳ ᠮᠡᠳᠡᠯᠭᠡ ᠶᠢᠨ ᠤᠯᠠᠠ ᠬᠤᠪᠢᠰᠬᠤ ᠡᠬᠢ ᠪᠤᠯᠠᠭ ᠪᠤᠯᠵᠤ ᠪᠠᠶᠢᠳᠠᠭ︾ ᠭᠡᠵᠠᠢ᠃ | ᠡᠨ᠋ᠨ ᠪᠤᠯ ᠭᠡᠤᠭᠡᠳ ᠤᠨ ᠰᠡᠳᠬᠢᠴᠠ ᠶᠢ ᠨᠡᠭᠡᠭᠡᠭᠳᠡᠬᠦᠯᠬᠦ ᠨᠢ ᠮᠡᠳᠡᠯᠭᠡ ᠬᠤᠷᠠᠮᠳᠤᠭᠤᠯᠬᠤ ᠠᠴᠠ ᠴᠤ ᠴᠢᠬᠤᠯᠠ ᠪᠠᠶᠢᠳᠠᠭ | ᠭᠡᠰᠡᠡ ᠰᠠᠨᠠᠭ᠎ᠠ ᠲᠠᠢ ᠦᠭᠡ ᠶᠤᠮ᠃ ᠢᠷᠠᠭᠤ ᠨᠠᠶᠢᠷᠠᠭ ᠪᠤᠯ ᠭᠡᠤᠭᠡᠳ ᠤᠨ ᠰᠡᠳᠬᠢᠴᠠ ᠶᠢ ᠨᠡᠭᠡᠭᠡᠭᠳᠡᠬᠦᠯᠬᠦ ᠬᠤᠷᠴᠠ | ᠵᠡᠪᠰᠡᠭ ᠭᠡᠳᠡᠭ ᠢ ᠡᠪᠦᠭᠡ ᠳᠡᠭᠡᠳᠤᠰ ᠮᠠᠨᠢ ᠠᠯᠢ ᠡᠷᠳᠡ ᠠᠴᠠ ᠰᠡᠷᠡᠵᠤ ᠤᠯᠤᠭᠰᠠᠠ ᠪᠦᠭᠡᠳ ᠳᠡᠷᠡ ᠨᠡᠭᠡᠭᠡᠯᠳᠡ ᠨᠢ | ᠤᠳᠤ ᠴᠤ ᠭᠡᠰᠡᠡ ᠨᠢᠴᠤᠭᠠᠭᠳᠠᠰᠢ ᠦᠭᠡᠢ ᠪᠠᠳᠤ ᠶᠤᠰᠤ ᠲᠠᠢ ᠪᠠᠶᠢᠭᠰᠠᠭᠠᠷ᠃ ᠵᠢᠱᠢᠶᠡᠯᠡᠪᠡᠯ᠄ ᠤᠨᠢᠰᠤᠭ᠎ᠠ ᠪᠤᠯ | ᠢᠷᠠᠭᠤ ᠨᠠᠶᠢᠷᠠᠭ ᠤᠨ ᠨᠢᠭᠡᠡ ᠳᠦᠷᠤᠯ ᠵᠠᠨᠠᠷ ᠪᠤᠯᠤᠨ᠎ᠠ᠃ ᠤᠨᠢᠰᠤᠭ᠎ᠠ ᠳᠠᠭᠠᠯᠭᠠᠬᠤ ᠨᠢ ᠭᠡᠤᠭᠡᠳ ᠤᠨ ᠰᠡᠳᠬᠢᠬᠦᠢ ᠶᠢ | ᠨᠡᠭᠡᠭᠡᠬᠦ ᠮᠠᠰᠢ ᠪᠦᠳᠦᠮᠵᠢ ᠲᠠᠢ ᠠᠷᠭ᠎ᠠ ᠠᠪᠴᠠᠯ ᠶᠤᠮ᠃ ︽ᠠᠳᠬᠤᠪᠠᠯ ᠠᠳᠬᠤ ᠳᠦᠬᠦᠷᠬᠦ ᠦᠭᠡᠢ᠂ ᠳᠠᠯᠪᠢᠪᠠᠯ | ᠳᠠᠯ᠎ᠠ ᠳᠦᠬᠦᠷᠣᠨᠡ︾ ᠭᠡᠳᠡᠭ ᠤᠨᠢᠰᠤᠭ᠎ᠠ ᠪᠤᠢ ︵ᠬᠤᠶᠠᠷ ᠮᠦᠷᠳᠤ ᠰᠢᠯᠦᠭ︶᠃ ᠳᠡᠬᠦᠠ ᠳᠤ ᠠᠳᠬᠤ | ᠳᠦᠬᠦᠷᠤᠮᠡ ᠦᠭᠡᠢ ᠵᠢᠵᠢᠭᠭᠡᠡ ᠨᠢᠳᠤ᠂ ᠪᠠᠶᠢᠭᠠᠯᠢ ᠳᠡᠯᠡᠭᠡᠢ ᠶᠢ ᠪᠦᠬᠦᠯᠢ ᠪᠠᠷ ᠨᠢ ᠲᠤᠯᠢᠳᠠᠵᠤ ᠴᠢᠳᠠᠳᠠᠭ ᠤᠨᠴᠠᠭᠠᠢ | ᠴᠢᠳᠠᠪᠤᠷᠢ ᠶᠢ ᠦᠵᠡᠭᠳᠡᠯ ᠪᠠ ᠦᠢᠯᠡᠳᠤᠯ ᠤᠨ ᠬᠠᠷᠢᠴᠠᠭᠠᠠ ᠠᠴᠠ ᠨᠢ ᠵᠡᠷᠭᠡᠴᠡᠬᠦᠯᠤᠠ ᠳᠦᠷᠰᠦᠯᠡᠭᠰᠡᠡ ᠪᠠᠶᠢᠨ᠎ᠠ᠃ | ᠡᠬᠦᠠ ᠢ ᠳᠠᠭᠠᠵᠤ ᠤᠯᠬᠤ ᠳᠤ ᠭᠡᠤᠭᠡᠳ ᠤᠳ ᠳᠦᠰᠦᠭᠡᠯᠡᠡ ᠪᠤᠳᠤᠬᠤ ᠴᠢᠳᠠᠪᠤᠷᠢ ᠪᠠᠨ ᠲᠦᠰᠢᠭᠯᠡᠡ ᠦᠵᠡᠭᠳᠡᠯ ᠠᠴᠠ | ᠮᠦᠠ ᠴᠢᠨᠠᠷ ᠢ ᠤᠬᠤᠴᠢᠯᠠᠬᠤ ᠰᠡᠳᠬᠢᠴᠠ ᠶᠢᠨ ᠮᠦᠷᠳᠡᠯᠭᠡ ᠬᠢᠬᠦ ᠪᠤᠯᠤᠨ᠎ᠠ᠃ ᠳᠡᠶᠢᠠ ᠬᠦ ︽ᠠᠭᠤᠷ︾᠂ ︽ | ᠤᠳᠤᠭ᠎ᠠ︾᠂ ︽ᠠᠭᠠᠷ︾᠂ ︽ᠦᠨᠤᠷ︾᠂ ︽ᠳᠤᠭᠤᠰᠤ︾ ᠭᠡᠬᠦ ᠮᠡᠳᠤᠴᠢᠯᠠᠠ ᠶᠠᠩᠵᠤ ᠪᠦᠷᠢ ᠪᠠᠷ ᠳᠦᠷᠰᠦᠯᠡᠡ | ᠪᠤᠳᠤᠵᠤ ᠪᠠᠶᠢᠭᠰᠠᠭᠠᠷ ᠤᠨᠤᠪᠴᠢᠳᠠᠢ ᠬᠠᠷᠢᠭᠤᠯᠳᠠ ᠶᠢ ᠨᠢ ᠤᠯᠬᠤ ᠪᠤᠯᠤᠨ᠎ᠠ᠃ ᠵᠠᠷᠢᠮ ᠬᠦᠴᠢᠷᠳᠡᠢ ᠬᠠᠷᠢᠭᠤᠯᠳᠠ ᠶᠢ | ᠤᠯᠬᠤ ᠶᠢᠨ ᠳᠤᠯᠠᠳᠠ ᠤᠯᠠᠠ ᠬᠤᠨᠤᠭ ᠳᠠᠷᠢᠬᠢ ᠪᠠᠨ ᠭᠠᠰᠢᠯᠭᠠᠬᠤ ᠵᠦᠩᠳᠡᠭᠡᠡ᠂ ᠵᠠᠷᠢᠮ ᠳᠤ ᠪᠠᠨ ᠭᠡᠤᠭᠡᠳ ᠤᠳ | ᠶᠡᠭᠡᠴᠤᠤᠯ ᠠᠴᠠ ᠰᠤᠷᠤᠭᠰᠠᠠ ᠤᠨᠢᠰᠤᠭ᠎ᠠ ᠶᠢ ᠬᠠᠷᠢᠯᠴᠠᠠ ᠳᠠᠭᠠᠯᠭᠠᠵᠤ ᠪᠡᠶ᠎ᠡ ᠪᠡᠶᠡᠰ ᠢᠶᠠᠨ ᠭᠠᠷᠳᠠᠭᠠᠬᠤ ᠭᠡᠵᠤ | ᠴᠢᠷᠮᠡᠶᠢᠨ᠎ᠠ᠃ ᠳᠡᠭᠡᠬᠦ ᠳᠤ ᠴᠡᠭᠡᠵᠢᠯᠡᠭᠰᠡᠡ ᠤᠨᠢᠰᠤᠭ᠎ᠠ ᠬᠥᠷᠦᠯᠴᠠᠬᠦ ᠦᠭᠡᠢ ᠪᠤᠯᠤᠨ᠎ᠠ᠂ ᠳᠡᠶᠢᠮᠤ ᠦᠶᠡᠰ ᠶᠠᠭᠠᠬᠢᠬᠤ | ᠪᠤᠢ︖ ᠭᠡᠪᠡᠯ ᠦᠪᠡᠷᠳᠡᠭᠡᠡ ᠤᠨᠢᠰᠤᠭ᠎ᠠ ᠵᠤᠬᠢᠶᠡᠵᠤ ᠤᠷᠤᠯᠳᠤᠨ᠎ᠠ᠃ ᠡᠨ᠋ᠨ ᠪᠤᠯ ᠢᠷᠠᠭᠤ ᠨᠠᠶᠢᠷᠠᠭ ᠵᠤᠬᠢᠶᠡᠡ | ᠪᠦᠳᠦᠭᠡᠵᠤ ᠰᠤᠷᠴᠤ ᠪᠠᠶᠢᠭ᠎ᠠ ᠶᠢᠨ ᠰᠢᠨᠵᠢ᠃ ᠮᠤᠩᠭᠤᠯᠴᠤᠳ ᠢᠩᠬᠢᠵᠤ ᠯᠠ ᠭᠡᠤᠭᠡᠳ ᠤᠨ ᠰᠡᠳᠬᠢᠬᠦᠢ ᠶᠢ | ᠳᠡᠯᠡᠳᠡᠭ ᠪᠠᠶᠢᠵᠠᠢ᠃ ᠳᠡᠭᠡᠪᠡᠯ ᠢᠷᠠᠭᠤ ᠨᠠᠶᠢᠷᠠᠭ ᠭᠡᠤᠭᠡᠳ ᠤᠨ ᠶᠠᠮᠠᠷ ᠶᠠᠮᠠᠷ ᠰᠡᠳᠬᠢᠬᠦᠢ ᠶᠢ ᠪᠤᠯᠪᠠᠰᠤᠷᠠᠭᠤᠯᠳᠠᠭ ᠪᠤᠢ | ︖ | ︵1︶ ᠳᠦᠷᠰᠦᠯᠢᠭ ᠰᠡᠳᠬᠢᠬᠦᠢ ᠶᠢᠨ ᠬᠥᠭᠵᠢᠯ ᠢ ᠵᠢᠬᠦᠷᠯᠡᠨᠡ | ᠪᠦᠳᠦᠭᠡᠯᠴᠢ ᠰᠡᠳᠬᠢᠬᠦᠢ ᠶᠢ ᠭᠡᠷᠪᠡ ᠳᠦᠷᠪᠡᠡ ᠬᠥᠷᠳᠤ ᠲᠠᠢ ᠳᠡᠷᠭᠡ ᠭᠡᠵᠤ ᠦᠵᠡᠪᠡᠯ ᠳᠦᠷᠰᠦᠯᠢᠭ ᠰᠡᠳᠬᠢᠬᠦᠢ ᠪᠤᠯ | ᠪᠦᠳᠦᠭᠡᠯᠴᠢ ᠰᠡᠳᠬᠢᠬᠦᠢ ᠶᠢᠨ ᠵᠠᠮ ᠵᠠᠯᠠᠭᠴᠢ ᠡᠮᠤᠨ᠎ᠠ ᠬᠥᠷᠳᠤ ᠪᠤᠯᠬᠤ ᠨᠢ ᠵᠠᠶᠢᠯᠠᠰᠢ ᠦᠭᠡᠢ᠃ ᠳᠦᠷᠰᠦᠯᠢᠭ | ᠰᠡᠳᠬᠢᠬᠦᠢ ᠦᠭᠡᠢ ᠬᠥᠮᠤᠠ ᠰᠢᠨ᠎ᠡ ᠶᠢ ᠡᠬᠦᠳᠴᠤ ᠴᠢᠳᠠᠬᠤ ᠦᠭᠡᠢ᠂ ᠶᠠᠷᠢᠶᠡᠡ ᠦᠭᠡᠢ ᠤᠷᠠᠠ ᠪᠦᠳᠦᠭᠡᠯᠴᠢ | ᠪᠤᠯᠤᠨ᠎ᠠ ᠭᠡᠳᠡᠭ ᠪᠠᠶᠢᠵᠤ ᠪᠤᠯᠤᠰᠢ ᠦᠭᠡᠢ ᠬᠡᠷᠡᠭ᠃ ᠬᠠᠷᠢᠠ ᠢᠷᠠᠭᠤ ᠨᠠᠶᠢᠷᠠᠭ ᠪᠤᠯ ᠳᠦᠷᠰᠦᠯᠢᠭ ᠰᠡᠳᠬᠢᠬᠦᠢ ᠶᠢᠨ | ᠪᠠᠷᠢᠮᠠᠯ ᠪᠤᠯᠬᠤᠷ ᠳᠡᠷᠡ ᠨᠢ ᠭᠡᠤᠭᠡᠳ ᠤᠨ ᠳᠦᠷᠰᠦᠯᠢᠭ ᠰᠡᠳᠬᠢᠬᠦᠢ ᠶᠢ ᠪᠤᠢ ᠪᠤᠯᠭᠠᠬᠤ ᠳᠤ ᠮᠠᠰᠢ ᠰᠠᠶᠢᠠ ᠰᠢᠮ᠎ᠠ | ᠱᠦᠯᠳᠤ ᠪᠤᠯᠬᠤ ᠶᠤᠮ᠃ ᠵᠢᠱᠢᠶᠡᠯᠡᠪᠡᠯ᠄ ᠨᠠ᠊ · ᠰᠠᠶᠢᠨᠴᠤᠭᠳᠤ ᠶᠢᠨ ︽ᠬᠥᠭᠡ ᠳᠤᠷᠭᠠᠠ ᠳᠡᠷᠯᠢᠭ︾ ᠪᠤᠯ ᠢᠷᠠᠭᠤ | ᠭᠡᠯᠡᠡ ᠤ ᠤᠷᠠᠠ ᠵᠢᠷᠤᠭ ᠰᠠᠠ᠃ ᠳᠡᠬᠦᠠ ᠢ ᠤᠩᠰᠢᠬᠤ ᠳᠤ ᠳᠠᠯ᠎ᠠ ᠨᠤᠳᠤᠭ᠂ ᠮᠤᠩᠭᠤᠯ ᠭᠡᠷ᠂ ᠳᠡᠷᠯᠢᠭ ᠤᠶᠤᠵᠤ | ᠪᠠᠶᠢᠭ᠎ᠠ ᠭᠡᠤᠭᠡᠡ᠂ ᠴᠠᠢ ᠴᠢᠨᠠᠵᠤ ᠪᠠᠶᠢᠭ᠎ᠠ ᠡᠮᠡᠭᠡᠡ᠂ ᠳᠠᠬᠦᠠ ᠲᠠᠢ ᠶᠠᠷᠢᠯᠴᠠᠵᠤ ᠰᠠᠭᠤᠭ᠎ᠠ ᠵᠤᠬᠢᠶᠠᠯᠴᠢ ᠠᠶᠠᠨᠳᠠᠭᠠᠠ | ᠨᠢᠳᠤᠠ ᠳᠤ ᠢᠯᠡᠷᠡᠬᠦ ᠪᠤᠯᠤᠨ᠎ᠠ᠃ ᠡᠶᠢᠠ ᠬᠦ ᠭᠡᠤᠭᠡᠳ ᠤᠳ ᠰᠢᠯᠦᠭ ᠤᠩᠰᠢᠬᠤ ᠶᠢᠨ ᠳᠠᠭᠠᠤ ᠮᠦᠷ ᠪᠠᠳᠠᠭ | ᠪᠤᠯᠭᠠᠠ ᠢ ᠨᠢ ᠳᠠᠷᠢᠬᠢᠠ ᠳᠤ ᠪᠠᠨ ᠪᠤᠷᠤ ᠵᠢᠷᠤᠭ ᠵᠢᠷᠤᠵᠤ ᠤᠷᠤᠯᠳᠤᠨ᠎ᠠ᠃ ᠪᠠᠭᠰᠢ ᠨᠠᠷ ᠭᠡᠤᠭᠡᠳ ᠢᠶᠠᠷ ᠰᠢᠯᠦᠭ | ᠴᠡᠭᠡᠵᠢᠯᠡᠬᠦᠯᠬᠦ ᠳᠤ ᠪᠠᠨ ᠤᠷᠤᠰᠤᠮ᠎ᠠ ᠢᠷᠠᠭᠤ ᠭᠡᠯᠡᠯᠭᠡ᠂ ᠤᠷᠠᠠ ᠳᠦᠷᠰᠦᠯᠢᠭ ᠰᠡᠳᠬᠢᠬᠦᠢ ᠲᠠᠢ ᠰᠢᠯᠦᠭ ᠢ | ᠰᠤᠩᠭᠤᠳᠠᠭ ᠤᠨ ᠤᠴᠢᠷ ᠨᠢ ᠡᠨ᠋ᠨ ᠶᠤᠮ᠃ ᠵᠠᠷᠢᠮ ᠰᠢᠯᠦᠭ ᠪᠤᠯ ᠭᠡᠯᠡ ᠪᠠᠷ ᠵᠢᠷᠤᠭᠰᠠᠠ ᠵᠢᠷᠤᠭ ᠰᠢᠬ ᠪᠠᠶᠢᠳᠠᠭ᠂ | ᠳᠡᠶᠢᠮᠤ ᠰᠢᠯᠦᠭ ᠭᠡᠤᠭᠡᠳ ᠤᠳ ᠲᠤ ᠶᠡᠭᠡ ᠳᠤᠬᠢᠷᠠᠨ᠎ᠠ᠃ ᠵᠢᠱᠢᠶᠡᠯᠡᠪᠡᠯ᠄ ︽ᠦᠯᠢᠶᠡᠵᠤ ᠪᠠᠶᠢᠭ᠎ᠠ ᠰᠠᠯᠬᠢᠠ ᠨᠢ | ᠦᠨᠤᠰᠦᠭᠡᠳ ᠪᠠᠶᠢᠭ᠎ᠠ ᠴᠤ ᠶᠤᠮ ᠰᠢᠬ / ᠦᠷᠦᠰᠢᠶᠡᠯᠳᠤ ᠡᠵᠢ ᠶᠢᠨ ᠮᠢᠨᠢ ᠭᠠᠷ ᠢᠯᠪᠢᠭᠡᠳ ᠪᠠᠶᠢᠭ᠎ᠠ ᠴᠤ ᠶᠤᠮ | ᠰᠢᠬ︾᠂ ︽ᠠᠷᠤᠭ ᠡᠬᠦᠷᠦᠭᠰᠡᠡ ᠪᠦᠰᠡᠬᠦᠢ ᠪᠦᠵᠢᠭᠯᠡᠵᠤ ᠪᠠᠶᠢᠭ᠎ᠠ ᠴᠤ ᠶᠤᠮ ᠰᠢᠬ / ᠠᠴᠢᠶ᠎ᠡ ᠲᠠᠢ ᠴᠠᠭᠠᠠ ᠳᠡᠮᠡᠭᠡ | ᠭᠡᠪᠳᠡᠵᠤ ᠪᠠᠶᠢᠭ᠎ᠠ ᠴᠤ ᠶᠤᠮ ᠰᠢᠬ / ᠠᠷᠰᠯᠠᠠ ᠪᠠᠷᠰ ᠬᠤᠶᠠᠷ ᠨᠤᠴᠤᠯᠳᠤᠵᠤ ᠪᠠᠶᠢᠭ᠎ᠠ ᠴᠤ ᠶᠤᠮ ᠰᠢᠬ︾᠂ ︽ | ᠭᠠᠵᠠᠷ ᠬᠤᠯᠠ ᠠᠴᠠ ᠰᠠᠨᠠᠬᠤ ᠳᠤ / ᠭᠠᠳᠠᠨ᠎ᠠ ᠪᠠᠨ ᠪᠦᠷᠳᠦᠯᠵᠡᠵᠤ ᠬᠠᠷᠠᠭᠳᠠᠬᠤ ᠶᠤᠮ / ᠭᠠᠯᠠᠭᠤ ᠰᠢᠪᠠᠭᠤ | ᠭᠠᠩᠭᠠᠨᠠᠬᠤᠯᠠᠷ / ᠡᠵᠢ ᠶᠢ ᠪᠠᠨ ᠳᠠᠭᠤᠯᠠᠮᠠᠷ / ᠳᠠᠭᠤᠯᠠᠮᠠᠷ ᠪᠤᠯᠬᠤ ᠶᠤᠮ︾ ᠭᠡᠬᠦ ᠰᠢᠯᠦᠭ ᠢ ᠳᠦᠷᠰᠦᠯᠡᠡ | ᠪᠤᠳᠤᠯᠳᠠ ᠪᠠᠷ ᠪᠢᠴᠢᠭᠰᠡᠡ ᠨᠢ ᠮᠠᠰᠢ ᠳᠤᠳᠤᠷᠬᠠᠢ ᠪᠠᠶᠢᠨ᠎ᠠ᠃ ᠡᠮᠤᠨᠡᠬᠢ ᠰᠢᠯᠦᠭ ᠲᠤ ᠵᠦᠭᠡᠯᠡᠡ ᠰᠠᠪᠢᠯᠵᠡᠬᠦ ᠰᠠᠯᠬᠢᠠ ᠢ | ᠡᠵᠢ ᠶᠢᠨ ᠢᠶᠠᠨ ᠤᠷᠤᠭᠤᠯ ᠪᠤᠯᠤᠠ ᠭᠠᠷ ᠢᠶᠠᠷ ᠳᠦᠷᠰᠦᠯᠡᠡ ᠰᠡᠳᠭᠢᠭᠰᠡᠡ ᠪᠤᠯ ᠳᠤᠮᠳᠠᠬᠢ ᠰᠢᠯᠦᠭ ᠲᠤ ᠡᠬᠦᠯᠠ ᠶᠢ | ᠠᠷᠤᠭ ᠡᠬᠦᠷᠦᠭᠰᠡᠡ ᠪᠦᠰᠡᠬᠦᠢ᠂ ᠠᠴᠢᠶ᠎ᠡ ᠲᠠᠢ ᠴᠠᠭᠠᠠ ᠳᠡᠮᠡᠭᠡ᠂ ᠠᠷᠰᠯᠠᠠ ᠪᠠᠷᠰ ᠲᠠᠢ ᠳᠦᠷᠰᠦᠯᠡᠡ ᠪᠤᠳᠤᠪᠠ᠃ | ᠬᠠᠷᠢᠠ ᠰᠡᠬᠦᠯᠴᠢ ᠶᠢᠨ ᠰᠢᠯᠦᠭ ᠲᠤ ᠨᠠᠮᠤᠷ ᠪᠤᠯᠬᠤ ᠳᠤ ᠡᠭᠡ ᠨᠤᠳᠤᠭ ᠡᠨᠡᠷᠢᠯᠳᠤ ᠡᠵᠢ ᠪᠠᠨ ᠰᠠᠨᠠᠠ ᠮᠦᠷᠦᠭᠡᠳᠴᠤ | ᠪᠠᠶᠢᠭ᠎ᠠ ᠰᠡᠳᠬᠢᠯᠭᠡ ᠶᠢ ᠨᠤᠳᠤᠭ ᠤᠰᠤ ᠪᠤᠯᠤᠠ ᠡᠵᠢ ᠨᠢ ᠠᠮᠢᠳᠤ ᠪᠤᠳᠠᠳᠠᠢ ᠪᠠᠷ ᠬᠠᠷᠠᠭᠳᠠᠵᠤ ᠪᠠᠶᠢᠭ᠎ᠠ ᠪᠠᠷ | ᠪᠤᠳᠠᠳᠠᠶᠢᠵᠢᠭᠤᠯᠤᠠ ᠳᠦᠷᠰᠦᠯᠡᠵᠤ ᠭᠡᠶᠢᠰᠪᠤᠷᠢᠯᠠᠠ ᠵᠢᠷᠤᠭᠯᠠᠭᠰᠠᠠ ᠪᠠᠶᠢᠨ᠎ᠠ᠃ ᠡᠶᠢᠮᠤ ᠰᠢᠯᠦᠭ ᠪᠤᠯ ᠭᠡᠶᠢᠰᠪᠤᠷᠢ | ᠤᠬᠠᠭᠳᠠᠬᠤᠨᠴᠢᠯᠠᠭᠰᠠᠠ ᠰᠢᠯᠦᠭ ᠢ ᠪᠤᠳᠤᠬᠤᠯᠠᠷ ᠰᠢᠯᠦᠭ ᠤᠨ ᠳᠤᠳᠤᠷ᠎ᠠ ᠪᠠᠨ ᠵᠢᠷᠤᠭ ᠲᠠᠢ᠂ ᠵᠢᠷᠤᠭ ᠤᠨ | ᠳᠤᠳᠤᠷ᠎ᠠ ᠪᠠᠨ ᠰᠠᠨᠠᠭ᠎ᠠ ᠲᠠᠢ ᠪᠠᠶᠢᠵᠤ ᠭᠡᠤᠭᠡᠳ ᠤᠨ ᠰᠡᠳᠬᠢᠯᠭᠡ ᠶᠢ ᠶᠡᠭᠡᠭᠡᠡ ᠳᠠᠳᠠᠳᠠᠭ ᠶᠤᠮ᠃ | ︵2︶ ᠬᠤᠯᠪᠤᠠ ᠪᠤᠳᠤᠯᠳᠠ ᠶᠢ ᠪᠤᠯᠪᠠᠰᠤᠷᠠᠭᠤᠯᠤᠨ᠎ᠠ | ᠬᠤᠯᠪᠤᠠ ᠪᠤᠳᠤᠯᠳᠠ ᠪᠠᠷ ᠳᠠᠮᠵᠢᠠ ᠭᠡᠤᠭᠡᠳ ᠤᠨ ᠰᠡᠳᠬᠢᠴᠠ ᠶᠢᠨ ᠤᠷᠤᠠ ᠵᠠᠢ ᠳᠡᠯᠡᠭᠳᠡᠵᠤ ᠭᠤᠸ᠎ᠠ | ᠳᠠᠭᠠᠰᠢᠶᠡᠯ ᠤᠨ ᠮᠡᠳᠡᠷᠡᠮᠵᠢ ᠨᠢ ᠴᠤ ᠪᠤᠯᠪᠠᠰᠤᠷᠠᠳᠠᠭ᠃ ᠬᠤᠯᠪᠤᠠ ᠪᠤᠳᠤᠯᠳᠠ ᠪᠤᠯ ᠵᠤᠬᠢᠶᠡᠡ ᠪᠦᠳᠦᠬᠡᠬᠦ ᠵᠢᠬᠦᠷ ᠶᠤᠮ | ᠂ ᠦᠭᠡᠷ᠎ᠡ ᠪᠠᠷ ᠭᠡᠯᠡᠪᠡᠯ ᠬᠤᠯᠪᠤᠠ ᠪᠤᠳᠤᠯᠳᠠ ᠪᠠᠶᠢᠮᠠᠨᠵᠢᠠ ᠬᠦᠮᠤᠠ ᠤ ᠪᠤᠳᠤᠯ ᠰᠡᠳᠬᠢᠯᠭᠡ ᠬᠢᠵᠠᠭᠠᠷ ᠦᠭᠡᠢ ᠤᠷᠤᠠ | ᠵᠠᠢ ᠳᠤ ᠬᠥᠷᠴᠤ ᠴᠢᠳᠠᠨ᠎ᠠ᠃ ᠬᠤᠯᠪᠤᠠ ᠪᠤᠳᠤᠯᠳᠠ ᠨᠢ ᠪᠠᠰᠠ ᠴᠤ ᠪᠦᠳᠦᠭᠡᠯᠴᠢ ᠰᠡᠳᠬᠢᠬᠦᠢ ᠶᠢᠨ ᠵᠠᠮᠴᠢᠯᠠᠭᠤᠷ | ᠶᠤᠮ᠂ ᠳᠠᠬᠢᠶ᠎ᠡ ᠶᠢ ᠦᠵᠡᠭᠡᠳ ᠰᠢᠪᠠᠭᠤᠳ ᠢ ᠪᠤᠳᠤᠵᠤ ᠤᠯᠤᠠ᠂ ᠰᠢᠪᠠᠭᠤᠳ ᠢ ᠦᠵᠡᠭᠡᠳ ᠨᠢᠰᠭᠡᠯ ᠢ ᠪᠤᠳᠤᠵᠤ | ᠤᠯᠤᠠ᠂ ᠨᠢᠰᠭᠡᠯ ᠠᠴᠠ ᠴᠠᠭᠠᠰᠢ ᠪᠠᠨ ᠰᠠᠨᠰᠠᠷ ᠤᠷᠴᠢᠯᠡᠩ ᠢ ᠭᠡᠶᠢᠰᠪᠤᠷᠢᠯᠠᠠ ᠪᠤᠳᠤᠵᠤ ᠴᠢᠳᠠᠵᠤ ᠪᠠᠶᠢᠪᠠᠯ | ᠰᠡᠳᠬᠢᠬᠦᠢ ᠳᠡᠯᠡᠵᠤ ᠪᠠᠶᠢᠭ᠎ᠠ ᠭᠡᠷᠡᠭ ᠶᠤᠮ᠃ ᠰᠢᠯᠦᠭ ᠤᠨ ᠰᠡᠳᠬᠢᠬᠦᠢ ᠪᠤᠯ ᠮᠦᠠ ᠴᠤ ᠬᠤᠯᠪᠤᠠ ᠪᠤᠳᠤᠯᠳᠠ ᠶᠢᠨ | ᠰᠡᠳᠬᠢᠬᠦᠢ ᠶᠤᠮ᠃ ᠵᠢᠱᠢᠶᠡᠯᠡᠪᠡᠯ᠄ ︽ᠬᠥᠪ ᠳᠠᠯᠠᠢ ᠶᠢᠨ ᠬᠠᠶᠠᠭᠳᠠᠯ ᠪᠤᠯᠤᠭᠰᠠᠠ / ᠬᠥᠪᠴᠢᠠ ᠴᠠᠭᠠᠠ ᠮᠠᠩᠬ᠎ᠠ | ᠮᠢᠨᠢ / ᠬᠥᠷᠦᠰᠤᠳᠤ ᠳᠡᠯᠡᠭᠡᠢ ᠶᠢᠨ ᠳᠡᠨᠤᠬᠦᠯ ᠪᠤᠯᠤᠭᠠᠳ / ᠰᠠᠯᠬᠢᠠ ᠤ ᠡᠷᠭᠡ ᠪᠠᠷ ᠤᠷᠤᠭᠤᠳᠠᠵᠤ ᠪᠠᠶᠢᠨ᠎ᠠ / ᠬᠥᠮᠤᠠ | ᠳᠦᠷᠦᠯᠬᠢᠳᠠᠠ ᠤᠷᠴᠢᠯᠠᠩ ᠢᠶᠠᠷ ᠨᠢᠰᠦᠭᠡᠳ / ᠳᠠᠪᠢᠠ ᠵᠠᠭᠤᠠ ᠢᠶᠠᠷ ᠰᠤᠶᠤᠯᠵᠢᠳᠠᠯᠠ / ᠬᠥᠭᠡᠷᠦᠬᠦᠢ ᠴᠢ ᠯᠠ | ᠳᠠᠯ᠎ᠠ ᠪᠠᠷ ᠮᠦᠯᠬᠦᠭᠰᠡᠭᠡᠷ / ᠮᠢᠩᠭᠠᠠ ᠭᠠᠵᠠᠷ ᠨᠡᠬᠦᠵᠤ ᠪᠠᠶᠢᠨ᠎ᠠ / ᠡᠳᠤᠭᠡ ᠪᠢ ᠡᠷᠳᠡᠮ ᠰᠢᠨᠵᠢᠯᠡᠭᠡᠡ ᠤ / ᠰᠢᠨ᠎ᠡ | ᠰᠤᠷᠭᠠᠯ ᠢ ᠰᠤᠨᠤᠰᠬᠤ ᠳᠤ / ᠡᠯᠡᠰᠤ ᠴᠢ ᠵᠠᠯᠠᠭᠤ ᠳᠤ ᠪᠠᠨ / ᠦᠨᠳᠤᠷ ᠠᠭᠤᠯᠠ ᠪᠠᠶᠢᠭᠰᠠᠠ ᠭᠡᠨ᠎ᠡ ᠁︾ ︵ | ᠨᠠ᠊ · ᠰᠤᠩᠳᠤᠢ ᠶᠢᠨ ︽ᠮᠠᠩᠬᠠᠠ ᠤ ᠨᠤᠭᠤᠭ᠎ᠠ︾ ᠠᠴᠠ︶ ᠭᠡᠳᠡᠭ ᠰᠢᠯᠦᠭ ᠢ ᠠᠵᠢᠭᠯᠠᠬᠤ ᠳᠤ ᠡᠯᠡᠰᠤ ᠪᠤᠯ | ᠡᠷᠳᠡᠡ ᠳᠤ ᠪᠠᠨ ᠦᠨᠳᠤᠷ ᠠᠭᠤᠯᠠ ᠪᠠᠶᠢᠭᠰᠠᠠ ᠪᠦᠭᠡᠳ ᠡᠳᠤᠭᠡ ᠳᠡᠯᠡᠭᠡᠢ ᠶᠢᠷᠳᠢᠨᠴᠤ ᠶᠢᠨ ᠰᠤᠶᠤᠯ ᠪᠤᠯᠪᠠᠰᠤᠠ ᠠᠴᠠ | ᠬᠤᠴᠤᠷᠤᠠ ᠳᠠᠯ᠎ᠠ ᠨᠤᠳᠤᠭ ᠢᠶᠠᠷ ᠮᠦᠯᠬᠦᠭᠰᠡᠭᠡᠷ ᠪᠠᠶᠢᠭ᠎ᠠ ᠶᠤᠮ ᠪᠠᠶᠢᠨ᠎ᠠ᠃ ᠡᠬᠦᠠ ᠢ ᠪᠠᠭᠠᠳᠤᠷᠯᠢᠭ ᠳᠡᠤᠭᠡ ᠲᠠᠢ | ᠮᠤᠩᠭᠤᠯ ᠦᠨᠳᠤᠰᠤᠳᠠᠠ ᠲᠠᠢ ᠪᠠᠨ ᠬᠤᠯᠪᠤᠠ ᠪᠤᠳᠤᠵᠤ ᠪᠢᠴᠢᠭᠰᠡᠡ ᠨᠢ ᠮᠠᠰᠢ ᠳᠤᠳᠤᠷᠬᠠᠢ ᠪᠠᠶᠢᠭ᠎ᠠ ᠪᠦᠭᠡᠳ | ᠡᠨᠡᠴᠢᠯᠡᠡ ᠪᠠᠳᠠᠭ ᠪᠤᠯᠭᠠᠠ ᠢ ᠶᠠᠭᠤ ᠲᠠᠢ ᠬᠤᠯᠪᠤᠠ ᠪᠤᠳᠤᠭᠰᠠᠠ ᠢ ᠰᠡᠳᠬᠢᠬᠦ ᠳᠤᠮᠳᠠ ᠭᠡᠤᠭᠡᠳ ᠤᠨ ᠰᠡᠳᠬᠢᠬᠦᠢ | ᠳᠡᠯᠡᠭᠳᠡᠵᠤ ᠪᠤᠯᠬᠤ ᠶᠤᠮ᠃ ᠡᠬᠦᠠ ᠠᠴᠠ ᠦᠵᠡᠬᠦᠯ᠎ᠡ ᠬᠤᠯᠪᠤᠠ ᠪᠤᠳᠤᠯᠳᠠ ᠨᠢ ᠳᠦᠷᠰᠦᠯᠡᠡ ᠪᠤᠳᠤᠯᠳᠠ ᠲᠠᠢ | ᠳᠠᠩᠭᠡᠯᠢᠭ ᠨᠡᠶᠢᠯᠡᠡ ᠡᠷᠴᠢᠮ ᠨᠢᠭᠡᠳᠴᠤ ᠤᠷᠠᠠ ᠰᠠᠨᠠᠭᠠᠠ ᠤ ᠵᠢᠬᠦᠷ ᠲᠤ ᠴᠡᠨᠡᠭ ᠦᠭᠳᠡᠭ ᠠᠵᠢ᠃ | ︵3︶ ᠬᠡᠶᠢᠰᠪᠤᠷᠢ ᠰᠡᠳᠬᠢᠬᠦᠢ ᠶᠢᠨ ᠭᠦᠭᠵᠢᠯ ᠢ ᠠᠬᠢᠭᠤᠯᠤᠨ᠎ᠠ | ᠭᠡᠶᠢᠰᠪᠤᠷᠢ ᠰᠡᠳᠬᠢᠬᠦᠢ ᠭᠡᠳᠡᠭ ᠪᠤᠯ ᠪᠠᠶᠢᠬᠤ ᠦᠭᠡᠢ ᠶᠠᠭᠤᠮ᠎ᠠ ᠶᠢ ᠪᠠᠶᠢᠬᠤ ᠪᠠᠷ᠂ ᠦᠵᠡᠭᠡ ᠦᠭᠡᠢ ᠵᠦᠢᠯ ᠢ | ᠦᠵᠡᠭᠰᠡᠡ ᠢᠶᠠᠷ ᠭᠡᠶᠢᠰᠪᠤᠷᠢᠯᠠᠠ ᠪᠤᠳᠤᠳᠠᠭ ᠨᠢᠭᠡ ᠵᠦᠢᠯ ᠤᠨ ᠵᠠᠳᠠᠭᠠᠢ ᠰᠡᠳᠬᠢᠬᠦᠢ ᠪᠤᠯᠤᠨ᠎ᠠ᠃ ᠳᠡᠬᠦᠠ ᠤ | ᠬᠠᠮᠤᠭ ᠤᠨ ᠳᠠᠪᠠᠭᠤᠯᠢᠭ ᠳᠠᠯ᠎ᠠ ᠨᠢ ᠴᠠᠭ ᠪᠤᠯᠤᠠ ᠭᠠᠵᠠᠷ ᠤᠷᠤᠠ ᠤ ᠬᠢᠵᠠᠭᠠᠷ ᠢ ᠳᠠᠪᠠᠵᠤ᠂ ᠴᠢᠯᠦᠭᠡᠳᠠᠢ ᠪᠠᠷ | ᠰᠡᠳᠬᠢᠳᠡᠭ᠃ ᠡᠷᠳᠡᠡ ᠤ ᠬᠥᠮᠤᠰ ᠶᠠᠮᠠᠷ ᠪᠠᠶᠢᠭᠰᠠᠠ ᠪᠤᠢ︖ ᠢᠷᠡᠭᠡᠳᠤᠢ ᠶᠢᠨ ᠶᠢᠷᠳᠢᠨᠴᠤ ᠶᠠᠮᠠᠷ ᠪᠤᠯᠬᠤ ᠪᠤᠢ︖ | ᠡᠬᠦᠠ ᠢ ᠭᠡᠡ ᠴᠤ ᠮᠡᠳᠡᠬᠦ ᠦᠭᠡᠢ᠃ ᠴᠢᠳᠬᠦᠷ ᠰᠠᠬᠢᠭᠤᠯᠰᠤᠠ ᠪᠠᠶᠢᠳᠠᠭ ᠤᠤ︖ ᠬᠥᠮᠤᠰ ᠳᠤᠳᠤᠷ᠎ᠠ ᠪᠠᠨ ᠶᠠᠭᠤ | ᠶᠠᠭᠤ ᠪᠤᠳᠤᠵᠤ ᠶᠠᠪᠤᠳᠠᠭ ᠪᠤᠢ︖ ᠠᠮᠢᠳᠠᠠ ᠠᠷᠢᠶᠡᠳᠡᠡ ᠬᠠᠷᠢᠯᠴᠠᠠ ᠶᠠᠭᠠᠬᠢᠵᠤ ᠬᠠᠷᠢᠴᠠᠳᠠᠭ ᠪᠤᠢ︖ ᠳᠡᠳᠡᠡ ᠳᠤ | ᠦᠭᠡ ᠭᠡᠯᠡ ᠭᠡᠵᠤ ᠪᠠᠶᠢᠳᠠᠭ ᠤᠤ︖ ᠰᠠᠨᠰᠠᠷ ᠤᠨ ᠬᠥᠮᠤᠠ ᠶᠠᠮᠠᠷ ᠪᠠᠶᠢᠪᠠᠯ ᠵᠤᠬᠢᠬᠤ ᠪᠤᠢ︖ ᠡᠨ᠋ᠨ ᠪᠦᠬᠦᠠ ᠢ | ᠤᠷᠠᠠ ᠵᠤᠬᠢᠶᠡᠯᠴᠢ ᠴᠦᠮ ᠳᠦᠷᠰᠦᠯᠡᠵᠤ ᠴᠢᠳᠠᠨ᠎ᠠ᠃ ᠭᠡᠬᠦ ᠳᠤ ᠪᠠᠨ ᠳᠡᠷᠡ ᠳᠦᠷᠰᠦᠯᠡᠯ ᠨᠢ ᠠᠩᠬᠠᠠ ᠤ ᠵᠢᠷᠤᠭ | ᠳᠦᠷᠰᠤ ᠭᠡᠶᠢᠰᠪᠤᠷᠢ ᠰᠡᠳᠬᠢᠬᠦᠢ ᠪᠠᠷ ᠬᠦᠳᠦᠯᠦᠭᠳᠡᠳᠡᠭ ᠶᠤᠮ᠃ ᠤᠷᠠᠠ ᠵᠤᠬᠢᠶᠡᠯ ᠤᠨ ᠨᠢᠭᠡᠡ ᠭᠡᠯᠪᠡᠷᠢ ᠪᠤᠯᠬᠤ | ᠢᠷᠠᠭᠤ ᠨᠠᠶᠢᠷᠠᠭ ᠶᠠᠭ ᠡᠨ᠋ᠨ ᠭᠡᠶᠢᠰᠪᠤᠷᠢ ᠰᠡᠳᠬᠢᠬᠦᠢ ᠪᠠᠷ ᠵᠢᠬᠦᠷ ᠢᠶᠠᠨ ᠪᠤᠯᠭᠠᠳᠠᠭ᠃ ᠢᠷᠠᠭᠤ ᠨᠠᠶᠢᠷᠠᠭ ᠤᠨ | ᠰᠡᠳᠬᠢᠬᠦᠢ ᠪᠤᠯ ᠦᠰᠦᠷᠤᠯᠳᠠ ᠳᠠᠯᠠᠯᠳᠠ ᠶᠡᠭᠡᠳᠠᠢ ᠶᠤᠮ᠂ ᠢᠯᠠᠩᠭᠤᠶ᠎ᠡ ᠪᠢᠰᠢᠯᠭᠠᠯ ᠤᠨ ᠰᠢᠨᠵᠢ ᠲᠠᠢ ᠬᠥᠠ | ᠤᠬᠠᠭᠠᠯᠢᠭ ᠰᠢᠯᠦᠭ᠂ ᠰᠡᠳᠬᠢᠯᠭᠡᠡ ᠤ ᠤᠶᠠᠩᠭ᠎ᠠ ᠵᠡᠷᠭᠡ ᠪᠤᠯ ᠰᠠᠨᠠᠭ᠎ᠠ ᠠᠬᠤᠢ ᠨᠢ ᠡᠯᠡᠷ ᠪᠠᠯᠠᠷ᠂ ᠬᠦᠠ ᠨᠢᠭᠤᠴᠠᠭᠠᠢ | ᠪᠠᠶᠢᠵᠤ ᠴᠤᠯ ᠭᠡᠢ ᠰᠡᠳᠬᠢᠬᠦᠢ ᠪᠠᠷ ᠵᠤᠬᠢᠶᠠᠭᠳᠠᠭᠰᠠᠠ ᠪᠠᠶᠢᠳᠠᠭ᠃ ᠡᠶᠢᠮᠤ ᠰᠢᠯᠦᠭ ᠢ ᠤᠩᠰᠢᠬᠤ ᠳᠤ ᠳᠦᠷᠰᠦᠯᠢᠭ | ᠰᠡᠳᠬᠢᠬᠦᠢ ᠪᠤᠶᠤ ᠯᠤᠬᠢᠭ ᠰᠡᠳᠬᠢᠬᠦᠢ ᠶᠢᠨ ᠠᠷᠭ᠎ᠠ ᠶᠢ ᠳᠦᠰᠢᠭᠯᠡᠭᠡᠳ ᠴᠡᠬᠡᠯ ᠳᠤ ᠨᠢ ᠬᠥᠷᠴᠤ ᠴᠢᠳᠠᠬᠤ ᠦᠭᠡᠢ᠃ | ᠤᠴᠢᠷ ᠨᠢ ᠳᠡᠬᠦᠠ ᠤ ᠳᠦᠯᠬᠢᠬᠦᠷ ᠪᠤᠯ ᠭᠡᠶᠢᠰᠪᠤᠷᠢ ᠰᠡᠳᠬᠢᠬᠦᠢ ᠪᠠᠶᠢᠭ᠎ᠠ ᠶᠤᠮ᠃ ᠮᠤᠩᠭᠤᠯ ᠠᠷᠠᠳ ᠤᠨ ᠵᠦᠢᠷ | ᠰᠡᠴᠡᠡ ᠦᠭᠡᠡ ᠳᠤ ᠭᠡᠶᠢᠰᠪᠤᠷᠢ ᠰᠡᠳᠬᠢᠬᠦᠢ ᠶᠢᠨ ᠠᠷᠭ᠎ᠠ ᠶᠢ ᠠᠯᠢ ᠡᠷᠳᠡᠡ ᠠᠴᠠ ᠭᠡᠷᠡᠭᠯᠡᠵᠤ ᠢᠷᠡᠭᠰᠡᠡ ᠪᠠᠶᠢᠪᠠ᠃ | ᠵᠢᠱᠢᠶᠡᠯᠡᠪᠡᠯ᠄ ︽ᠬᠢᠯᠭᠠᠰᠤᠠ ᠳᠡᠭᠡᠬᠦᠷ ᠬᠦᠶᠤᠯᠭᠡᠬᠦ︾ ᠭᠡᠳᠡᠭ ᠰᠡᠴᠡᠡ ᠦᠭᠡ ᠪᠤᠯ ᠳᠠᠪᠠᠭᠤᠯᠤᠯ ᠤᠨ ᠠᠷᠭ᠎ᠠ ᠶᠢ | ᠭᠡᠷᠡᠭᠯᠡᠭᠰᠡᠡ ᠭᠡᠢ ᠰᠡᠳᠬᠢᠬᠦᠢ ᠶᠢᠨ ᠳᠠᠯᠠᠰ ᠪᠤᠯᠤᠨ᠎ᠠ᠃ ᠶᠠᠭᠠᠬᠢᠭᠠᠳ ᠭᠡᠬᠦᠯᠡᠷ ᠬᠢᠯᠭᠠᠰᠤᠠ ᠳᠡᠭᠡᠬᠦᠷ ᠭᠡᠡ ᠴᠤ | ᠬᠦᠶᠤᠵᠤ ᠪᠠᠶᠢᠭ᠎ᠠ ᠦᠭᠡᠢ ᠨᠢ ᠮᠡᠳᠡᠭᠡᠵᠢ᠃ ᠭᠡᠷᠪᠡ ᠦᠨᠡᠭᠡᠷ ᠬᠦᠶᠤᠬᠦ ᠪᠤᠯᠤᠮᠵᠢ ᠪᠠᠶᠢᠨ᠎ᠠ ᠭᠡᠳᠡᠭ ᠪᠤᠯ ᠳᠡᠬᠦᠠ | ᠳᠡᠭᠡᠬᠦᠷ ᠶᠠᠪᠤᠬᠤ ᠳᠤ ᠪᠠᠭ᠎ᠠ ᠯᠠ ᠬᠠᠶᠢᠬᠤᠷᠤᠮᠵᠢ ᠦᠭᠡᠶᠢᠳᠡᠪᠡᠯ ᠤᠶᠢᠴᠢᠨ᠎ᠠ᠂ ᠡᠪ ᠦᠭᠡᠢ ᠢᠳᠡ ᠲᠠᠢ ᠬᠥᠳᠡᠯᠪᠡᠯ | ᠳᠠᠰᠤᠷᠠᠨ᠎ᠠ᠂ ᠦᠨᠡᠭᠡᠷ ᠪᠤᠳᠤᠬᠤ ᠠᠴᠠ ᠵᠢᠷᠦᠭᠡ ᠳᠡᠯᠡᠰᠤᠮᠡᠷ ᠠᠶᠤᠮᠰᠢᠭ ᠲᠠᠢ ᠪᠢᠵᠠ᠃ ᠳᠤᠰ ᠦᠭᠡ ᠶᠢ ᠠᠵᠢᠯ ᠤᠨ | ᠳᠤᠮᠳᠠ ᠤᠳᠤᠷᠢᠳᠤᠯᠭ᠎ᠠ ᠨᠢ ᠳᠤᠤᠷᠡᠬᠢ ᠬᠦᠮᠤᠰ ᠤᠨ ᠢᠶᠠᠨ ᠦᠢᠯᠠ ᠳᠠᠮᠤ ᠶᠢ ᠨᠢ ᠦᠵᠡᠵᠤ ᠪᠠᠶᠢᠭ᠎ᠠ ᠪᠠᠶᠢᠳᠠᠯ ᠳᠤ | ᠳᠦᠷᠰᠦᠯᠡᠵᠤ ᠭᠡᠯᠡᠳᠡᠭ᠃ ᠭᠡᠬᠦ ᠳᠤ ᠪᠠᠨ ᠪᠤᠯᠤᠰᠢ ᠦᠭᠡᠢ ᠵᠦᠢᠯ ᠢ ᠪᠤᠯᠬᠤ ᠮᠡᠳᠤ ᠭᠡᠶᠢᠰᠪᠤᠷᠢᠯᠠᠠ ᠰᠡᠳᠬᠢᠵᠤ | ᠳᠦᠷᠰᠦᠯᠡᠭᠰᠡᠡ ᠨᠢ ᠬᠥᠮᠤᠰ ᠲᠤ ᠮᠠᠷᠳᠠᠭᠳᠠᠰᠢ ᠦᠭᠡᠢ ᠮᠡᠳᠡᠷᠡᠮᠵᠢ ᠤᠯᠭᠤᠨ᠎ᠠ᠃ ᠮᠤᠩᠭᠤᠯ ᠰᠢᠯᠦᠭ ᠮᠠᠨᠢ ᠢᠵᠠᠭᠤᠷ | ᠰᠤᠶᠤᠯ ᠤᠨ ᠢᠶᠠᠨ ᠬᠥᠷᠦᠰᠤᠠ ᠳᠤ ᠴᠡᠴᠡᠭᠯᠡᠭᠰᠡᠡ ᠪᠤᠯᠬᠤᠷ ᠭᠡᠢ ᠰᠡᠳᠬᠢᠬᠦᠢ ᠶᠢᠨ ᠠᠷᠭ᠎ᠠ ᠶᠢ ᠵᠦᠩᠳᠡᠭᠡᠡ ᠭᠡᠷᠡᠭᠯᠡᠳᠡᠭ | ᠃ ᠵᠢᠱᠢᠶᠡᠯᠡᠪᠡᠯ᠄ ︽ᠦᠰᠤᠠ ᠳᠦᠯᠵᠢᠬᠦ ᠳᠤᠳᠤᠮ ᠢᠶᠠᠨ ᠪᠢ / ᠦᠨᠳᠤᠷ ᠪᠤᠯᠬᠤ ᠶᠢ ᠬᠥᠰᠡᠨᠡᠮ / ᠦᠨᠢᠷ ᠪᠠᠶᠠᠠ | ᠠᠽᠢᠶ᠎ᠠ ᠶᠢᠨ ᠢᠶᠠᠨ / ᠠᠭᠤᠯᠠᠰ ᠰᠢᠬ ᠦᠰᠬᠦ ᠶᠢ ᠬᠥᠰᠡᠨᠡᠮ / ᠤᠷᠴᠢᠯᠡᠩ ᠶᠡᠭᠡ ᠳᠡᠯᠡᠭᠡᠢ ᠳᠡᠭᠡᠷ᠎ᠡ / ᠤᠷᠬᠢᠯ | ᠪᠤᠯᠢᠶᠠᠯᠳᠤᠬᠤ ᠢᠵᠢᠯᠢ ᠦᠭᠡᠢ / ᠤᠮᠤᠭ ᠰᠦᠷ ᠢᠶᠠᠷ ᠢᠶᠠᠨ ᠮᠠᠨᠳᠤᠭᠰᠠᠠ / ᠡᠾᠢᠮᠠᠯᠢᠶ᠎ᠠ ᠰᠢᠭ ᠪᠤᠯᠬᠤ ᠶᠢ ᠬᠥᠰᠡᠨᠡᠮ︾ | ︵ᠷᠢ᠊ · ᠴᠦᠢᠨᠤᠮ ᠤᠨ ︽ᠠᠽᠢᠶ᠎ᠠ ᠶᠢᠨ ᠳᠤᠬᠠᠢ ᠪᠠᠷᠳᠠᠮᠨᠠᠯ︾ ᠠᠴᠠ︶ ᠭᠡᠬᠦ ᠰᠢᠯᠦᠭ ᠲᠤ ᠭᠡᠢ ᠰᠡᠳᠬᠢᠬᠦᠢ ᠶᠢᠨ | ᠠᠷᠭ᠎ᠠ ᠪᠠᠷ ᠦᠪᠡᠷ ᠤᠨ ᠦᠨᠳᠤᠰᠤᠳᠠᠠ ᠤ ᠪᠠᠨ ᠳᠡᠯᠡᠭᠡᠢ ᠳᠤ ᠤᠷᠦ᠋ᠢᠯᠠᠬᠤ ᠶᠢ ᠭᠦᠰᠡᠵᠦ ᠪᠠᠶᠢᠭ᠎ᠠ ᠰᠠᠨᠠᠭ᠎ᠠ ᠶᠢ | ᠬᠠᠷᠠᠭᠤᠯᠪᠠ᠃ ︽ᠪᠢ︾ ᠪᠤᠯ ᠵᠤᠬᠢᠶᠠᠭᠴᠢ ᠶᠢᠨ ᠳᠤᠰ ᠪᠡᠶ᠎ᠡ ᠪᠢᠰᠢ᠂ ᠬᠠᠷᠢᠠ ᠨᠢᠭᠡ ᠦᠨᠳᠤᠰᠤᠳᠠᠠ ᠤ | ᠳᠦᠯᠦᠭᠡᠯᠡᠬᠦᠯᠦᠯ ᠶᠤᠮ᠃ ᠳᠡᠬᠦᠠ ᠢ ᠪᠠᠶᠢᠭᠠᠯᠢᠯᠢᠬ ᠰᠡᠳᠬᠢᠬᠦᠢ ᠪᠠᠷ ᠤᠶᠢᠯᠠᠭᠠᠪᠠᠯ ᠳᠡᠭᠷᠢ ᠳᠤᠯᠤᠭᠰᠠᠠ ᠦᠨᠳᠤᠷ | ᠬᠥᠮᠤᠠ ᠪᠤᠯᠬᠤ ᠭᠡᠰᠡᠡ ᠰᠠᠨᠠᠭ᠎ᠠ ᠶᠢ ᠭᠠᠷᠭᠠᠭᠰᠠᠠ ᠮᠡᠳᠤ᠃ ᠭᠡᠷᠡᠭ ᠳᠡᠭᠡᠷ᠎ᠡ ᠪᠠᠨ ᠳᠡᠶᠢᠮᠤ ᠪᠤᠯᠤᠯᠴᠠᠭ᠎ᠠ ᠦᠭᠡᠢ᠃ | ᠬᠥᠮᠤᠠ ᠤ ᠦᠨᠳᠤᠷ ᠪᠤᠭᠤᠨᠢ ᠪᠡᠶ᠎ᠡ ᠮᠠᠬᠠᠪᠤᠳ ᠢ ᠠᠪᠤ ᠡᠵᠢ ᠤᠯᠭᠤᠳᠠᠭ ᠠᠴᠠ ᠪᠢᠰᠢ᠂ ᠰᠠᠨᠠᠭ᠎ᠠ ᠪᠠᠷ ᠪᠤᠯᠳᠠᠭ ᠦᠭᠡᠢ | ᠶᠤᠮ᠃ ᠬᠠᠷᠢᠠ ᠤᠶᠤᠠ ᠮᠡᠳᠡᠯᠭᠡ᠂ ᠡᠳ᠋ ᠪᠤᠳᠡᠰ ᠤᠨ ᠪᠠᠶᠠᠯᠢᠭ ᠢ ᠬᠥᠴᠤ ᠬᠥᠳᠡᠯᠮᠤᠷᠢ ᠪᠠᠷ ᠳᠡᠮᠡᠴᠡᠵᠤ ᠤᠯᠤᠨ᠎ᠠ᠃ | ᠳᠡᠶᠢᠮᠤ ᠠᠴᠠ ᠡ᠊ᠨᠳᠠ ᠭᠡᠯᠡᠵᠤ ᠪᠠᠶᠢᠭ᠎ᠠ ᠦᠨᠳᠤᠷ ᠪᠤᠯᠬᠤ ᠭᠡᠰᠡᠡ ᠰᠠᠨᠠᠭ᠎ᠠ ᠪᠤᠯ ᠦᠨᠳᠤᠰᠤᠳᠠᠠ ᠤ ᠰᠤᠶᠤᠯ | ᠪᠤᠯᠪᠠᠰᠤᠠ᠂ ᠬᠥᠭᠵᠢᠯ ᠪᠠᠳᠠᠷᠠᠯ ᠳᠡᠯᠡᠭᠡᠢ ᠳᠤ ᠲᠠᠷᠢᠭᠦᠯᠡᠭᠦ ᠶᠢ ᠬᠥᠰᠡᠭᠰᠡᠡ ᠮᠦᠷᠦᠭᠡᠳᠦᠯᠳᠤ ᠰᠠᠨᠠᠭ᠎ᠠ ᠶᠢ ᠭᠡᠢ | ᠰᠡᠳᠬᠢᠮᠵᠢ ᠶᠢᠨ ᠠᠷᠭ᠎ᠠ ᠪᠠᠷ ᠳᠦᠷᠰᠦᠯᠡᠭᠰᠡᠡ ᠪᠠᠶᠢᠭ᠎ᠠ ᠶᠤᠮ᠃ ᠭᠡᠢ ᠰᠡᠳᠬᠢᠬᠦᠢ ᠶᠢᠨ ᠵᠢᠬᠦᠷ ᠪᠤᠯ ᠢᠩᠬᠢᠵᠤ ᠯᠠ | ᠬᠦᠮᠤᠠ ᠳᠦᠷᠦᠯᠬᠢᠳᠠᠠ ᠤ ᠪᠡᠶ᠎ᠡ ᠮᠠᠬᠠᠪᠤᠳ ᠠᠴᠠ ᠰᠤᠭᠤᠷᠠᠠ ᠭᠠᠷᠴᠤ᠂ ᠬᠦᠷᠴᠤ ᠪᠤᠯᠬᠤ ᠭᠠᠵᠠᠷ ᠬᠥᠷᠴᠤ | ᠴᠢᠳᠠᠬᠤ ᠪᠠᠷ ᠪᠠᠷᠠᠬᠤ ᠦᠭᠡᠢ ᠬᠦᠷᠴᠤ ᠪᠤᠯᠤᠰᠢ ᠦᠭᠡᠢ ᠭᠠᠵᠠᠷ ᠲᠤ ᠴᠤ ᠴᠢᠯᠦᠭᠡᠳᠠᠢ ᠪᠠᠷ ᠳᠡᠬᠦᠯᠢᠠ ᠬᠥᠷᠴᠤ | ᠬᠢᠵᠠᠭᠠᠷ ᠦᠭᠡᠢ ᠰᠠᠨᠠᠭᠠᠠ ᠤ ᠠᠭᠤᠳᠠᠮ ᠵᠠᠢ ᠶᠢ ᠡᠵᠡᠩᠨᠡᠳᠡᠭ ᠠᠵᠢ᠃ | ︵4︶ ᠬᠤᠷᠢᠶᠠᠩᠭᠤᠶᠢᠯᠠᠬᠤ ᠰᠡᠳᠬᠢᠬᠦᠢ ᠶᠢ ᠰᠤᠷᠢᠨ᠎ᠠ | ᠢᠷᠠᠭᠤ ᠨᠠᠶᠢᠷᠠᠭ ᠪᠤᠯ ᠭᠡᠯᠡᠡ ᠳᠤ ᠪᠠᠨ ᠬᠠᠷᠠᠮᠴᠢ ᠨᠢᠭᠡ ᠵᠦᠢᠯ ᠤᠨ ᠤᠷᠠᠠ ᠵᠤᠬᠢᠶᠡᠯ ᠤᠨ ᠰᠲ᠋ᠢᠯᠢ ᠶᠤᠮ᠃ | ᠳᠡᠷᠠ ᠨᠢ ᠶᠠᠭᠤᠮ᠎ᠠ ᠦᠵᠡᠭᠳᠡᠯ ᠢ ᠭᠠᠭᠴᠠ ᠬᠤᠶᠠᠷ ᠦᠭᠡ ᠪᠠᠷ ᠤᠨᠤᠭᠠᠠ ᠭᠡᠯᠡᠬᠦ ᠶᠢ ᠬᠦᠭᠡᠭᠡᠴᠡᠯᠳᠦᠳᠡᠭ ᠪᠦᠭᠡᠳ | ᠭᠡᠯᠡᠡ ᠤ ᠰᠢᠷᠭᠠᠭᠠᠯᠳᠠ ᠭᠡᠳᠤᠢ ᠶᠡᠭᠡ ᠪᠤᠯᠬᠤ ᠳᠤᠰᠤᠮ ᠰᠠᠨᠠᠭ᠎ᠠ ᠠᠬᠤᠢ ᠨᠢ ᠳᠡᠳᠤᠢ ᠨᠢᠬᠳᠠ ᠪᠤᠯᠵᠤ᠂ | ᠤᠩᠰᠢᠬᠤ ᠳᠤ ᠨᠦᠮᠵᠦᠭ ᠰᠠᠨᠠᠭᠳᠠᠨ᠎ᠠ᠃ ᠤᠷᠠᠠ ᠵᠤᠬᠢᠶᠡᠯ ᠢ ᠭᠡᠷᠪᠡ ᠢᠳᠡᠭᠡᠡ ᠢᠶᠠᠷ ᠳᠦᠷᠰᠦᠯᠡᠡ ᠪᠤᠳᠤᠪᠡᠯ ᠢᠷᠠᠭᠤ | ᠨᠠᠶᠢᠷᠠᠭ ᠪᠤᠯ ᠦᠨᠳᠤᠷ ᠠᠭᠰᠢᠭᠠᠯᠳᠠ ᠲᠠᠢ ᠪᠤᠤᠪᠤ ᠶᠢᠨ ᠲᠦᠷᠦᠯ ᠤᠨ ᠢᠳᠡᠭᠡᠡ ᠶᠤᠮ᠂ ᠤᠮᠳᠠᠭᠠᠠ ᠢᠶᠠᠷ ᠪᠤᠳᠤᠪᠠᠯ | ᠰᠠᠷᠬᠤᠳ ᠤᠨ ᠳᠦᠷᠦᠯ ᠳᠤ ᠯᠠ ᠪᠠᠭᠳᠠᠬᠤ ᠪᠠᠶᠢᠬ᠎ᠠ᠃ ᠡᠨ᠋ᠨ ᠤᠨᠴᠠᠯᠢᠭ ᠠᠴᠠ ᠪᠠᠨ ᠪᠤᠯᠵᠤ ᠢᠷᠠᠭᠤ ᠨᠠᠶᠢᠷᠠᠭ ᠨᠢ | ᠬᠥᠮᠤᠠ ᠤ ᠰᠡᠳᠬᠢᠬᠦᠢ ᠶᠢᠨ ᠳᠡᠯᠡᠯᠳᠠ ᠬᠤᠷᠢᠶᠠᠩᠭᠤᠶᠢᠯᠠᠯ ᠤᠨ ᠬᠠᠷᠢᠮᠠᠬᠠᠢ ᠴᠢᠨᠠᠷ ᠢ ᠶᠡᠭᠡᠭᠡᠡ ᠱᠠᠭᠠᠷᠳᠠᠳᠠᠭ᠃ | ᠮᠤᠩᠭᠤᠯ ᠠᠷᠠᠳ ᠤᠨ ᠭᠡᠪᠰᠢᠮᠡᠯ ᠦᠭᠡᠡ ᠳᠤ ᠬᠢ ᠦᠪᠡᠷᠮᠢᠴᠠ ᠭᠡᠯᠡᠴᠠ ᠨᠦᠭᠦᠳ ᠪᠤᠯ ᠳᠡᠷᠡ ᠴᠡᠭ ᠢᠶᠠᠷ ᠢᠶᠠᠨ | ᠢᠷᠠᠭᠤ ᠨᠠᠶᠢᠷᠠᠭ ᠤᠨ ᠰᠡᠳᠬᠢᠬᠦᠢ ᠪᠠᠷ ᠵᠤᠬᠢᠶᠠᠭᠳᠠᠭᠰᠠᠠ ᠪᠠᠶᠢᠳᠠᠭ᠃ ᠵᠢᠱᠢᠶᠡᠯᠡᠪᠡᠯ᠄ ︽ᠨᠢᠳᠤ ᠬᠤᠵᠢᠷᠯᠠᠬᠤ︾ | ᠭᠡᠪᠡᠯ ᠰᠠᠶᠢᠬᠠᠠ ᠶᠠᠭᠤᠮ᠎ᠠ ᠦᠵᠡᠵᠤ ᠭᠤᠸ᠎ᠠ ᠳᠠᠭᠠᠰᠢᠶᠡᠯ ᠤᠯᠬᠤ ᠶᠢ ᠭᠡᠯᠡᠨ᠎ᠠ᠃ ᠡᠨ᠋ᠨ ᠦᠭᠡ ᠶᠢ ᠯᠤᠬᠢᠭ | ᠰᠡᠳᠬᠢᠬᠦᠢ ᠪᠠᠷ ᠯᠠᠪᠰᠢᠷᠠᠭᠤᠯᠤᠠ ᠪᠤᠳᠤᠪᠠᠯ ᠠᠮᠢᠳᠤᠷᠠᠯ ᠲᠠᠢ ᠵᠤᠬᠢᠴᠠᠬᠤ ᠦᠭᠡᠢ ᠮᠡᠳᠤ᠃ ᠤᠴᠢᠷ ᠨᠢ ᠨᠢᠳᠤᠠ ᠳᠤ | ᠬᠤᠵᠢᠷ ᠤᠷᠤᠪᠠᠯ ᠨᠢᠳᠤ ᠬᠤᠷᠤᠰᠴᠤ ᠡᠪᠡᠳᠤᠠ ᠳᠠᠭᠠᠰᠢᠶᠡᠯ ᠤᠯᠬᠤ ᠪᠠᠶᠢᠳᠤᠭᠠᠢ ᠵᠤᠪᠠᠭᠤᠷᠢᠯᠠᠵᠤ ᠮᠡᠳᠡᠨ᠎ᠡ᠃ | ᠭᠡᠳᠡᠯ᠎ᠡ ᠬᠤᠨᠢ ᠮᠠᠯ ᠤᠨ ᠰᠢᠨᠤᠯ ᠢ ᠶᠡᠭᠡ ᠬᠥᠳᠡᠯᠭᠡᠳᠡᠭ ᠢᠳᠡᠭᠡᠡ ᠪᠤᠯ ᠬᠤᠵᠢᠷ ᠳᠠᠪᠤᠰᠤ᠃ ᠡᠶᠢᠨ ᠬᠦ ᠨᠢᠳᠤᠠ ᠤ | ᠰᠢᠨᠤᠯ ᠳᠠᠶᠢᠯᠬᠤ ᠶᠢ ᠮᠠᠯᠵᠢᠬᠤ ᠰᠡᠳᠬᠢᠬᠦᠢ ᠪᠠᠷ ᠬᠤᠯᠪᠤᠠ ᠰᠡᠳᠬᠢᠵᠤ ︽ᠳᠤᠷ᠎ᠠ ᠪᠤᠯᠢᠶᠠᠭᠰᠠᠠ ᠶᠠᠭᠤᠮ᠎ᠠ ᠦᠵᠡᠵᠤ | ᠨᠢᠳᠤᠠ ᠤ ᠰᠢᠨᠤᠯ ᠢ ᠬᠠᠩᠭᠠᠯ᠎ᠠ︾ ᠭᠡᠰᠡᠡ ᠤᠷᠳᠤ ᠦᠬᠦᠯᠡᠪᠤᠷᠢ ᠶᠢᠨ ᠰᠠᠨᠠᠭ᠎ᠠ ᠶᠢ ᠬᠤᠶᠠᠷᠬᠠᠠ ᠦᠭᠡᠡ ᠳᠤ | ᠪᠠᠭᠳᠠᠭᠠᠭᠰᠠᠠ ᠪᠠᠶᠢᠭ᠎ᠠ ᠶᠤᠮ᠃ ᠨᠡᠩ ᠢᠯᠠᠩᠭᠤᠶ᠎ᠠ ᠵᠦᠢᠷ ᠰᠡᠴᠡᠡ ᠦᠭᠡᠡ ᠳᠤ ᠪᠤᠯ ᠰᠢᠯᠦᠭ ᠤᠨ ᠬᠤᠷᠢᠶᠠᠩᠭᠤᠢ | ᠰᠡᠳᠬᠢᠬᠦᠢ ᠮᠠᠰᠢ ᠳᠤᠳᠤ ᠠᠵᠢᠭᠯᠠᠭᠳᠠᠨ᠎ᠠ᠃ ︽ᠠᠪᠬᠤ ᠬᠥᠮᠤᠠ ᠪᠦᠬᠦ᠋ᠢᠵᠤ᠂ ᠦᠭᠬᠦ ᠬᠥᠮᠤᠠ ᠭᠡᠳᠡᠶᠢᠨᠡ︾ | ᠭᠡᠳᠡᠭ ᠰᠡᠴᠡᠡ ᠦᠭᠡ ᠪᠤᠯ ᠤᠷᠤᠭ ᠬᠤᠷᠢᠮ ᠤᠨ ᠵᠠᠩ ᠦᠢᠯᠠ ᠠᠴᠠ ᠢᠷᠡᠯ ᠲᠠᠢ ᠦᠭᠡ ᠪᠠᠶᠢᠵᠤ ᠳᠠᠭᠠᠷᠠᠨ᠎ᠠ᠃ | ᠭᠡᠤᠭᠡᠡ ᠭᠤᠶᠤᠭᠴᠢ ᠠᠷᠢᠬᠢ ᠬᠠᠳᠠᠭ ᠢᠶᠠᠨ ᠡᠪᠤᠷᠳᠦᠯᠡᠡ ᠦᠬᠢᠠ ᠤ ᠳᠠᠯ᠎ᠠ ᠳᠤ ᠬᠥᠷᠴᠤ ᠭᠡᠳᠦᠨᠳᠡ ᠭᠤᠶᠤᠬᠤ ᠶᠤᠰᠤ | ᠬᠥᠢᠴᠡᠳᠭᠡᠨᠡ᠃ ᠬᠠᠷᠢᠠ ᠦᠬᠢᠠ ᠤ ᠠᠪᠤ ᠡᠵᠢ ᠳᠤᠰ ᠤᠷᠤᠭ ᠤᠨ ᠶᠠᠪᠤᠳᠠᠯ ᠳᠤ ᠳᠤᠷ᠎ᠠ ᠲᠠᠢ ᠪᠠᠶᠢᠯ᠎ᠠ ᠴᠤ ᠭᠡᠰᠡᠡ | ᠳᠤᠷ᠎ᠠ ᠦᠭᠡᠢ ᠮᠡᠳᠤ ᠠᠪᠤᠷᠢᠯᠠᠠ ᠭᠡᠳᠡᠭᠡᠷ ᠪᠠᠶᠢᠬᠤ ᠦᠭᠡᠢ ᠪᠤᠯ ᠦᠬᠢᠠ ᠨᠢ ᠬᠤᠵᠢᠮ ᠬᠠᠷᠢ ᠶᠢᠨ ᠡᠬᠦᠳᠡᠡ ᠳᠤ | ᠳᠤᠷᠠᠳᠠᠢ ᠬᠥᠶᠤᠠ ᠤᠴᠢᠭᠰᠠᠠ ᠳᠤ ᠳᠤᠭᠠᠴᠠᠭᠳᠠᠨ ᠬᠠᠳᠠᠮ ᠳᠤ ᠪᠠᠨ ᠬᠦᠩᠭᠡᠪᠴᠢᠯᠡᠭᠳᠡᠵᠤ ᠮᠡᠳᠡᠨ᠎ᠠ᠃ ᠡᠶᠢᠮᠤ ᠳᠤᠮᠤ | ᠰᠤᠶᠤᠯ ᠢᠷᠭᠡᠨᠰᠢᠯ ᠤᠨ ᠠᠭᠤᠯᠬᠤᠠ ᠲᠠᠢ ᠰᠠᠨᠠᠭ᠎ᠠ ᠶᠢ ᠭᠠᠭᠴᠠ ᠦᠬᠦᠯᠡᠪᠤᠷᠢ ᠳᠤ ᠪᠠᠭᠳᠠᠭᠠᠨ᠎ᠠ ᠭᠡᠳᠡᠭ ᠦᠨᠡᠭᠡᠷ | ᠭᠡᠯᠡᠡ ᠤ ᠭᠠᠶᠢᠬᠠᠮᠰᠢᠭ ᠪᠢᠵᠡ︖ ᠤᠳᠤ ᠡᠨ᠋ᠨ ᠦᠭᠡ ᠶᠢ ᠠᠪᠴᠤ ᠦᠭᠬᠦ ᠶᠢᠨ ᠬᠠᠷᠢᠴᠠᠭᠠᠠ ᠳᠡᠭᠡᠷ᠎ᠡ ᠶᠠᠮᠠᠷ ᠴᠤ | ᠳᠤᠬᠢᠶᠡᠯᠳᠤᠯ ᠳᠤ ᠴᠢᠯᠦᠭᠡᠳᠠᠢ ᠭᠡᠷᠡᠭᠯᠡᠵᠤ ᠪᠤᠯᠬᠤ ᠪᠦᠭᠡᠳ ᠢᠷᠠᠭᠤ ᠨᠠᠶᠢᠷᠠᠭ ᠤᠨ ᠬᠤᠷᠢᠶᠠᠩᠭᠤᠢ ᠰᠡᠳᠬᠢᠬᠦᠢ ᠭᠡᠳᠡᠭ | ᠪᠤᠯ ᠢᠩᠬᠢᠵᠤ ᠯᠠ ᠳᠤᠭᠤᠷᠢᠭ ᠤᠨ ᠳᠦᠪ ᠮᠡᠳᠤ ᠶᠡᠭᠡ ᠰᠠᠨᠠᠭᠠᠠ ᠤ ᠰᠢᠵᠢᠮ ᠢ ᠵᠠᠩᠬᠢᠳᠴᠤ ᠳᠠᠷᠤᠭᠰᠠᠠ ᠪᠠᠶᠢᠳᠠᠭ | ᠵᠢᠷᠤᠮ ᠲᠠᠢ᠃ ᠪᠢᠳᠡ ︽ᠪᠤᠷᠵᠢᠬᠢᠨ ᠤ ᠪᠤᠷᠤ ᠳᠠᠯ᠎ᠠ︾ ᠭᠡᠳᠡᠭ ᠰᠢᠯᠦᠭ ᠠᠴᠠ ᠭᠠᠭᠴᠠ ᠪᠠᠳᠠᠭ ᠦᠵᠡᠶ᠎ᠡ᠄ | ︽ᠰᠠᠨᠠᠭ᠎ᠠ ᠠᠯᠳᠠᠬᠤ ᠳᠤ / ᠡᠭᠡ ᠶᠢᠨ ᠰᠦ ᠳᠠᠩᠨᠠᠢ ᠳᠤ ᠠᠮᠳᠠᠭᠳᠠᠵᠤ / ᠰᠠᠯᠬᠢᠠ ᠤ ᠦᠵᠤᠬᠦᠷ | ᠵᠠᠯᠬᠢᠯᠠᠬᠤ ᠳᠤ / ᠠᠬᠢ ᠬᠤᠭᠤᠯᠠᠢ ᠳᠤ ᠠᠷᠭᠠᠭᠰᠠᠠ / ᠪᠤᠷᠵᠢᠬᠢᠠ ᠤ ᠪᠤᠷᠤ ᠳᠠᠯ᠎ᠠ ᠮᠢᠨᠢ / ᠳᠡᠷᠭᠡᠯ ᠰᠠᠷᠠᠠ | ᠳᠤᠭᠤᠯᠵᠤ ᠪᠠᠷᠠᠯ ᠦᠭᠡᠢ ᠭᠡᠭᠡᠷ᠎ᠡ ᠬᠤᠨᠤᠳᠠᠭ / ᠳᠡᠭᠷᠢ ᠶᠢᠨ ᠭᠡᠪᠳᠡᠷᠢ ᠪᠤᠭᠤᠷᠤᠯ ᠳᠠᠯ᠎ᠠ ᠮᠢᠨᠢ︾᠂ ᠳᠤᠰ | ᠰᠢᠯᠦᠭ ᠤᠨ ᠡᠬᠢᠠ ᠳᠤ ︽ᠰᠠᠨᠠᠭ᠎ᠠ ᠠᠯᠳᠠᠬᠤ ᠳᠤ / ᠡᠭᠡ ᠶᠢᠨ ᠰᠦ ᠳᠠᠩᠨᠠᠢ ᠳᠤ ᠠᠮᠳᠠᠭᠳᠠᠵᠤ︾ ᠭᠡᠰᠡᠡ | ᠰᠦᠷᠭᠡᠤᠴᠢᠯᠡᠯ ᠤᠨ ᠠᠷᠭ᠎ᠠ ᠪᠠᠷ ᠪᠢᠴᠢᠭᠰᠡᠡ ᠦᠭᠡ ᠪᠤᠢ᠃ ︽ᠰᠠᠨᠠᠭ᠎ᠠ ᠠᠯᠳᠠᠬᠤ︾ ᠪᠤᠯ ᠵᠤᠪᠠᠭ᠋ᠤ ᠦᠶ᠎ᠡ ᠶᠢᠨ | ᠰᠡᠳᠬᠢᠯ ᠤᠨ ᠢᠯᠡᠷᠡᠯ ᠮᠦᠠ᠂ ᠬᠠᠷᠢᠠ ︽ᠡᠭᠡ ᠶᠢᠨ ᠰᠦ︾ ᠪᠤᠯ ᠵᠤᠪᠠᠭ᠋ᠤᠯᠠᠷ ᠠᠮᠠᠠ ᠳᠤ ᠠᠮᠳᠠᠭᠳᠠᠳᠠᠭ ᠵᠦᠢᠯ | ᠤᠭᠳᠤ ᠪᠢᠰᠢ ︵ᠵᠤᠪᠠᠭ᠋ᠤ ᠳᠤ ᠭᠠᠰᠢᠭᠤᠠ ᠠᠮᠳᠠ ᠠᠮᠳᠠᠭᠳᠠᠨ᠎ᠠ ᠭᠡᠪᠡᠯ ᠵᠦᠪ ᠪᠢᠵᠠ︶᠃ ᠭᠡᠳᠡᠯ᠎ᠡ ᠡᠨ᠋ᠨ | ᠤᠷᠴᠢᠠ ᠳᠤ ᠳᠤᠰ ᠦᠭᠡ ᠶᠢ ᠭᠡᠷᠡᠭᠯᠡᠭᠰᠡᠡ ᠨᠢ ᠰᠠᠨᠠᠭ᠎ᠠ ᠠᠯᠳᠠᠨ ᠤᠷᠳᠤ ᠠᠮᠢᠰᠬᠤᠭ᠎ᠠ ᠠᠪᠬᠤ ᠪᠦᠷᠢ ᠠᠮᠢᠰᠬᠤᠯ ᠢ | ᠳᠠᠭᠠᠵᠤ ᠡᠭᠡ ᠶᠢᠨ ᠰᠦ ᠮᠡᠳᠤ ᠠᠷᠢᠭᠤᠠ ᠠᠭᠠᠷ ᠠᠮᠠᠠ ᠳᠤ ᠤᠷᠤᠰᠤᠠ ᠤᠷᠤᠨ᠎ᠠ᠃ ᠤᠴᠢᠷ ᠨᠢ ᠪᠤᠷᠵᠢᠬᠢᠠ ᠤ ᠪᠤᠷᠤ | ᠳᠠᠯ᠎ᠠ ᠪᠤᠯ ᠨᠤᠳᠤᠭ ᠤᠨ ᠬᠥᠤ ᠳᠤ ᠪᠠᠨ ᠡᠵᠢ ᠳᠠᠯ᠎ᠠ ᠪᠢᠯᠠ᠃ ︽ᠰᠠᠯᠬᠢᠠ ᠤ ᠦᠵᠦᠬᠦᠷ ᠵᠠᠯᠬᠢᠯᠠᠬᠤ ᠳᠤ / ᠠᠬᠢ | ᠬᠤᠭᠤᠯᠠᠢ ᠳᠤ ᠠᠷᠭᠠᠭᠰᠠᠠ︾ ᠭᠡᠬᠦ ᠬᠤᠶᠠᠳᠤᠭᠠᠷ ᠮᠦᠷ ᠤᠨ ︽ᠠᠷᠭᠠᠭᠰᠠᠠ︾ ᠭᠡᠳᠡᠭ ᠦᠭᠡ ᠶᠢ ᠳᠠᠩᠴᠤ ᠤᠨᠤᠵᠤ | ᠭᠡᠯᠡᠵᠠᠢ᠃ ︽ᠠᠷᠭᠠᠬᠤ︾ ᠪᠤᠯ ᠤᠰᠤ ᠦᠭᠡᠢ ᠬᠠᠭᠤᠷᠠᠢ ᠵᠦᠢᠯ ᠢ ᠢᠳᠡᠬᠦ ᠦᠶᠡᠰ ᠠᠮᠠᠠ ᠳᠤ ᠪᠤᠳᠠᠷᠠᠬᠤ ᠶᠢ | ᠭᠡᠯᠡᠨ᠎ᠡ᠃ ᠠᠬᠢ ᠡᠪᠡᠰᠤᠠ ᠤ ᠳᠤᠭᠤᠰᠤ ᠪᠤᠯ ᠬᠠᠭᠤᠷᠠᠢ ᠵᠦᠢᠯ᠂ ᠭᠡᠳᠡᠯ᠎ᠡ ᠰᠠᠯᠬᠢᠠ ᠳᠤ ᠪᠤᠳᠠᠷᠠᠬᠤ ᠠᠬᠢ ᠶᠢᠨ | ᠳᠤᠭᠤᠰᠤ ᠠᠮᠢᠰᠬᠤᠯ ᠲᠠᠭᠠᠨ ᠠᠭᠤᠰᠬᠢᠠ ᠳᠤ ᠤᠷᠤᠬᠤ ᠳᠤ ᠬᠤᠭᠤᠯᠠᠢ ᠠᠷᠭᠠᠬᠤ ᠳᠤᠬᠢᠶᠡᠯᠳᠤᠯ ᠭᠠᠷᠬᠤ ᠦᠭᠡᠢ᠃ | ᠡᠨ᠋ᠨ ᠪᠤᠯ ᠡᠪᠡᠰᠤᠠ ᠤ ᠰᠦᠯ ᠦᠳᠬᠡᠡ ᠭᠡᠭᠴᠢ ᠰᠠᠨᠠᠭ᠎ᠠ ᠶᠢ ᠬᠤᠷᠢᠶᠠᠩᠭᠤᠶᠢᠯᠠᠵᠤ ᠳᠦᠷᠰᠦᠯᠡᠭᠰᠡᠡ ᠦᠭᠡ ᠶᠤᠮ᠃ ︽ | ᠳᠡᠷᠭᠡᠯ ᠰᠠᠷᠠᠠ ᠳᠤᠭᠤᠯᠵᠤ ᠪᠠᠷᠠᠯ ᠦᠭᠡᠢ ᠭᠡᠭᠡᠷ᠎ᠡ ᠬᠤᠨᠤᠳᠠᠭ / ᠳᠡᠭᠷᠢ ᠶᠢᠨ ᠭᠡᠪᠳᠡᠷᠢ ᠪᠤᠭᠤᠷᠤᠯ ᠳᠠᠯ᠎ᠠ ᠮᠢᠨᠢ︾ | ᠭᠡᠳᠡᠭ ᠦᠭᠡᠡ ᠤ ᠳᠦᠷᠰᠦᠯᠢᠭ ᠬᠤᠷᠢᠶᠠᠩᠭᠤᠢ ᠶᠢ ᠨᠡᠩ ᠶᠠᠭᠤᠠ ᠦᠬᠦᠯᠡᠬᠦ ᠠᠵᠢ︕ ᠰᠠᠷ᠎ᠠ ᠰᠦᠨᠢᠵᠢᠠ | ᠳᠡᠭᠡᠬᠦᠷ ᠨᠢ ᠳᠠᠪᠬᠢᠭᠠᠳ ᠵᠠᠬ᠎ᠠ ᠳᠤ ᠨᠢ ᠭᠠᠷᠴᠤ ᠴᠢᠳᠠᠬᠤ ᠦᠭᠡᠢ ᠪᠤᠯᠬᠤᠷ ᠶᠠᠳᠠᠷᠠᠬᠤ ᠳᠤ ᠪᠠᠨ ᠭᠡᠭᠡᠷ᠎ᠡ | ᠬᠤᠨᠤᠴᠢᠬᠠᠳᠠᠭ᠂ ᠳᠡᠷᠡ ᠴᠤ ᠪᠠᠶᠢᠳᠤᠭᠠᠢ ᠳᠡᠭᠷᠢ ᠬᠥᠷᠳᠡᠯ᠎ᠡ ᠡᠨ᠋ᠨ ᠳᠠᠯ᠎ᠠ ᠳᠡᠭᠡᠷ᠎ᠡ ᠢᠷᠡᠵᠤ ᠭᠡᠪᠳᠡᠵᠤ ᠠᠮᠠᠷᠠᠳᠠᠭ | ᠳᠡᠶᠢᠮᠤ ᠳᠤᠮᠤ ᠳᠠᠯ᠎ᠠ ᠠᠵᠢ᠃ ᠳᠠᠪᠠᠭᠤᠯᠤᠯ ᠤᠨ ᠠᠷᠭ᠎ᠠ ᠪᠠᠷ ᠳᠦᠷᠰᠦᠯᠡᠭᠳᠡᠭᠰᠡᠡ ᠡᠨ᠋ᠨ ᠮᠦᠷ ᠦᠭᠡᠡ ᠳᠤ | ᠮᠤᠩᠭᠤᠯᠴᠤᠳ ᠪᠢᠳᠠ ᠰᠠᠷ᠎ᠠ ᠬᠤᠨᠤᠳᠠᠭ᠂ ᠳᠡᠭᠷᠢ ᠨᠤᠳᠤᠭᠯᠠᠳᠠᠭ ᠳᠡᠶᠢᠮᠤ ᠮᠤᠨᠳᠠᠭ ᠰᠠᠶᠢᠬᠠᠠ ᠨᠤᠳᠤᠭ ᠲᠤ ᠤᠯᠠᠠ | ᠵᠠᠭᠤᠠ ᠵᠢᠯ ︵︽ᠪᠤᠭᠤᠷᠤᠯ ᠳᠠᠯ᠎ᠠ︾ ᠭᠡᠰᠡᠡ ᠪᠢᠵᠠ ᠳ᠋ᠠ︖︶ ᠠᠵᠤ ᠠᠮᠢᠳᠤᠷᠠᠯ ᠢᠶᠠᠨ ᠴᠤᠭᠴᠠᠯᠠᠵᠤ ᠢᠷᠡᠯ᠎ᠡ᠂ | ᠡᠶᠢᠮᠤ ᠳᠠᠯ᠎ᠠ ᠳᠡᠯᠡᠭᠡᠢ ᠶᠢᠨ ᠬᠠᠮᠢᠭ᠎ᠠ ᠴᠤ ᠦᠭᠡᠷ᠎ᠡ ᠪᠠᠶᠢᠬᠤ ᠦᠭᠡᠢ ︵ᠦᠭᠡᠷ᠎ᠡ ᠪᠠᠶᠢᠪᠠᠯ ᠰᠠᠷ᠎ᠠ ᠳᠡᠭᠷᠢ ᠬᠤᠶᠠᠷ | ᠳᠡᠶᠢᠰᠢ ᠪᠠᠨ ᠵᠠᠶᠢᠯᠠᠴᠢᠬᠠᠨ᠎ᠠ ᠪᠢᠵᠠ︶᠂ ᠳᠡᠭᠡᠬᠦᠯᠡᠷ ᠨᠤᠳᠤᠭ ᠤᠨ ᠰᠠᠶᠢᠬᠠᠠ ᠢ ᠡᠵᠡᠩᠨᠡᠵᠤ ᠳᠦᠷᠦᠭᠰᠡᠡ | ᠮᠤᠩᠭᠤᠯᠴᠤᠳ ᠪᠢᠳᠠ ᠪᠤᠯ ᠦᠨᠡᠭᠡᠷ ᠳᠡᠭᠷᠢ ᠶᠢᠨ ᠳᠠᠭᠠᠯᠠᠯ ᠳᠤ ᠪᠠᠭᠳᠠᠭᠰᠠᠠ ᠪᠤᠶ᠋ᠨᠨᠳᠠᠢ ᠦᠨᠳᠤᠰᠤᠳᠠᠠ ᠠᠵᠢ ᠭᠡᠰᠡᠡ | ᠳᠤᠮᠤ ᠰᠠᠨᠠᠭ᠎ᠠ ᠶᠢ ᠪᠠᠭᠴᠠᠯᠠᠠ ᠪᠠᠭᠳᠠᠭᠠᠭᠰᠠᠠ ᠪᠠᠶᠢᠨ᠎ᠠ᠃ ᠭᠡᠤᠭᠡᠳ ᠢ ᠰᠢᠯᠦᠭ ᠤᠨ ᠡᠶᠢᠮᠤ ᠬᠤᠷᠢᠶᠠᠩᠭᠤᠢ | ᠰᠡᠳᠬᠢᠬᠦᠢ ᠶᠢᠨ ᠴᠡᠭᠡᠯ ᠳᠤ ᠬᠥᠳᠦᠯᠦᠠ ᠤᠷᠤᠭᠤᠯᠬᠤ ᠨᠢ ᠳᠡᠳᠡᠡ ᠤ ᠤᠢ ᠪᠢᠯᠢᠭ ᠤᠨ ᠵᠢᠬᠦᠷ ᠳᠡᠯᠭᠡᠭᠳᠡᠬᠦ ᠳᠤ ᠶᠠᠮᠠᠷ | ᠶᠡᠭᠡ ᠳᠤᠰᠠ ᠲᠠᠢ ᠭᠡᠭᠴᠢ ᠶᠢ ᠡᠳᠡᠭᠡᠷ ᠵᠢᠱᠢᠶᠡᠡ ᠠᠴᠠ ᠦᠵᠡᠵᠤ ᠭᠠᠷᠬᠤ ᠪᠢᠰᠢ ᠤᠤ︖ | 3. ᠢᠷᠠᠭᠤ ᠨᠠᠶᠢᠷᠠᠭ ᠬᠢᠭᠡᠳ ᠭᠡᠯᠡᠡ ᠤ ᠪᠤᠯᠪᠠᠰᠤᠷᠠᠯ ᠤᠨ ᠬᠠᠷᠢᠴᠠᠭ᠎ᠠ | ᠢᠷᠠᠭᠤ ᠨᠠᠶᠢᠷᠠᠭ ᠪᠤᠯ ᠳᠠᠩᠰᠤᠭ ᠭᠡᠯᠡᠡ ᠤ ᠢᠷᠠᠭᠤ ᠪᠠᠶᠠᠯᠢᠭ ᠢᠶᠠᠷ ᠵᠤᠬᠢᠶᠠᠭᠳᠠᠬᠰᠠᠨ ᠤᠷᠠᠠ ᠰᠠᠨᠠᠭᠠᠨ ᠤ | ᠦᠩᠭᠡ ᠢᠯᠭᠠᠷᠠᠭᠰᠠᠠ ᠴᠡᠴᠡᠭ ᠶᠤᠮ᠃ ᠭᠡᠤᠭᠡᠳ ᠭᠡᠯᠡ ᠳᠤ ᠤᠷᠤᠮᠠᠭᠴᠠ ᠬᠠᠮᠤᠭ ᠳᠦᠬᠦᠮ ᠬᠠᠷᠢᠯᠴᠠᠭᠠᠠ ᠤ | ᠭᠡᠯᠡ ᠲᠠᠢ ᠪᠤᠯᠤᠨ᠎ᠠ᠃ ᠡᠳᠤᠷ ᠳᠤᠳᠤᠮ ᠤᠨ ᠬᠠᠷᠢᠯᠴᠠᠭᠠᠠ ᠳᠤ ᠳᠦᠬᠦᠮ ᠮᠦᠷᠳᠡᠭᠡᠡ ᠪᠠᠶᠢᠩᠭᠤ ᠶᠢᠨ ᠭᠡᠷᠡᠭᠯᠡᠭᠡᠡ ᠤ | ᠦᠭᠡ ᠶᠢ ᠭᠡᠷᠡᠭᠯᠡᠵᠤ ᠴᠢᠳᠠᠪᠠᠯ ᠰᠠᠨᠠᠭ᠎ᠠ ᠪᠤᠳᠤᠯ ᠨᠡᠪᠳᠡᠷᠡᠯᠴᠡᠬᠦ ᠳᠤ ᠰᠢᠯᠤᠭᠤᠬᠠᠠ ᠪᠤᠯᠳᠠᠭ᠃ ᠳᠡᠭᠡᠬᠦᠯᠡᠷ | ᠮᠤᠩᠭᠤᠯᠴᠤᠳ ᠢᠷᠠᠭᠤ ᠨᠠᠶᠢᠷᠠᠭ ᠢᠶᠠᠷ ᠭᠡᠯᠡ ᠪᠤᠯᠪᠠᠰᠤᠷᠠᠭᠤᠯᠵᠤ ᠭᠡᠯᠡ ᠪᠠᠨ ᠪᠠᠶᠠᠯᠢᠬᠵᠢᠭᠤᠯᠬᠤ ᠨᠢᠭᠡᠡ ᠰᠠᠶᠢᠬᠠᠠ | ᠠᠷᠭ᠎ᠠ ᠶᠢ ᠪᠤᠳᠤᠵᠤ ᠤᠯᠵᠠᠢ᠃ ᠳᠡᠭᠡᠭᠡᠳ ᠰᠢᠯᠦᠭ ᠨᠢ ᠳᠡᠭᠡᠷ᠎ᠡ ᠦᠶ᠎ᠡ ᠠᠴᠠ ᠤᠳᠤ ᠪᠤᠯᠳᠠᠯ᠎ᠠ ᠭᠡᠯᠡ ᠬᠤᠷᠴᠠᠯᠠᠬᠤ | ᠪᠢᠯᠡᠬᠦᠤ ᠪᠤᠯᠵᠤ ᠰᠤᠷᠭᠠᠭᠤᠯᠢ ᠶᠢᠨ ᠰᠤᠷᠭᠠᠠ ᠬᠥᠮᠤᠵᠢᠯ ᠠᠴᠠ ᠡᠮᠤᠨᠡᠬᠢ ᠴᠢᠬᠤᠯᠠ ᠨᠢᠭᠡᠡ ᠬᠢᠴᠢᠶᠡᠯ ᠳᠦᠷᠦᠯ | ᠪᠤᠯᠤᠭᠰᠠᠠ ᠪᠠᠶᠢᠨ᠎ᠠ᠃ ᠳᠠᠭᠤᠤ ᠳᠠᠭᠤᠯᠠᠬᠤ᠂ ᠰᠢᠯᠦᠭ ᠤᠩᠰᠢᠬᠤ᠂ ᠭᠡᠯᠡᠴᠠ ᠦᠭᠡ ︵ᠪᠤᠶᠤ ᠪᠢᠯᠢᠭ ᠰᠤᠷᠭᠠᠯ︶ | ᠴᠡᠭᠡᠵᠢᠯᠡᠬᠦ᠂ ᠤᠨᠢᠰᠤᠭ᠎ᠠ ᠳᠠᠭᠠᠯᠴᠠᠬᠤ᠂ ᠭᠡᠯᠡ ᠪᠤᠯᠪᠠᠰᠤᠷᠠᠭᠤᠯᠬᠤ ᠦᠭᠡ ᠰᠤᠷᠬᠤ ᠪᠤᠯ ᠠᠯᠢ ᠴᠤ ᠭᠡᠤᠭᠡᠳ ᠤᠨ ︽ | ᠨᠤᠮ ᠳᠤ ᠤᠷᠤᠬᠤ︾ ᠠᠯᠳᠠᠠ ᠬᠠᠭᠠᠯᠭ᠎ᠠ ᠶᠢᠨ ᠳᠠᠳᠠᠭᠤᠷ ᠪᠤᠯᠤᠨ᠎ᠠ᠃ ᠳᠡᠭᠡᠬᠦ ᠳᠤ ︽ᠮᠢᠨᠤ ᠭᠡᠤᠭᠡᠳ ᠬᠤᠵᠢᠮ | ᠰᠢᠯᠦᠭᠴᠢ ᠪᠤᠯᠤᠭ᠂ ᠡᠰᠡᠬᠦᠯ᠎ᠡ ᠳᠠᠭᠤᠴᠢᠠ ᠪᠤᠯᠤᠭ︾ ᠭᠡᠵᠤ ᠪᠤᠳᠤᠵᠤ ᠵᠢᠭᠠᠳᠠᠭ ᠠᠪᠤ ᠡᠵᠢ ᠬᠤᠪᠤᠷ᠂ ᠬᠠᠷᠢᠠ | ᠵᠦᠭᠡᠷ ᠯᠠ ᠭᠡᠤᠭᠡᠳ ᠪᠤᠯᠭᠠᠠ ᠡᠶᠢᠮᠤ ᠪᠠᠶᠢᠬᠤ ᠶᠤᠰᠤᠳᠠᠢ ᠭᠡᠵᠤ ᠰᠠᠨᠠᠨ᠎ᠠ᠃ ᠡᠨ᠋ᠨ ᠪᠤᠯ ᠡᠪᠦᠭᠡ ᠳᠡᠭᠡᠳᠤᠰ ᠤᠨ ᠮᠠᠨᠢ | ᠢᠷᠠᠭᠤ ᠨᠠᠶᠢᠷᠠᠭ ᠢᠶᠠᠷ ᠭᠡᠯᠡᠡ ᠤ ᠪᠤᠯᠪᠠᠰᠤᠷᠠᠯ ᠭᠦᠷᠳᠡᠭᠡᠭᠦ ᠠᠭᠤᠤ ᠶᠡᠭᠡ ᠨᠡᠭᠡᠭᠡᠯᠳᠠ ᠶᠢᠨ ᠬᠢᠨᠢ ᠨᠢᠭᠡ ᠵᠦᠢᠯ ᠪᠤᠯᠤᠨ᠎ᠠ | ᠃ ᠵᠢᠱᠢᠶᠡᠯᠡᠪᠡᠯ᠄ ︽ᠪᠤᠷᠤ ᠬᠠᠯᠵᠠᠠ ᠳᠠᠤᠯᠠᠢ / ᠪᠤᠳᠠᠠ ᠤ ᠳᠤᠮᠳᠠ ᠠᠴᠠ ᠭᠠᠷᠤᠯ᠎ᠠ / ᠪᠤᠭᠤᠷ ᠪᠤᠭᠤᠷ ᠬᠥᠶᠤᠭᠡᠳ / | ᠪᠤᠰᠤᠭ᠎ᠠ ᠬᠠᠳᠠᠠ ᠳᠤ ᠤᠷᠤᠯ᠎ᠠ / ᠬᠥᠳᠡᠷ ᠪᠦᠳᠦᠬᠦᠠ ᠠᠮᠢᠳᠠᠠ / ᠬᠥᠷ ᠭᠡᠳ ᠢᠷᠡᠯ᠎ᠡ / ᠬᠥᠭᠡᠷᠦᠬᠦᠢ ᠪᠤᠷᠤ | ᠳᠠᠤᠯᠠᠢ ᠶᠢᠨ / ᠬᠦᠨᠳᠡᠯᠡᠡ ᠵᠠᠮ ᠢ ᠬᠠᠰᠢᠯᠠ᠃ / ᠵᠢᠷᠦᠭᠡ ᠪᠠᠭᠠᠳᠠᠢ ᠳᠠᠤᠯᠠᠢ / ᠵᠢᠭᠳᠡᠢ ᠠᠮᠢᠳᠠᠠ ᠲᠠᠢ ᠤᠴᠠᠷᠠᠭᠠᠳ / | ᠵᠠᠮ ᠢᠶᠠᠨ ᠡᠷᠢᠵᠤ ᠶᠠᠪᠤᠬᠤ ᠪᠠᠷ / ᠵᠠᠶᠢᠯᠠᠵᠤ ᠴᠠᠭᠠᠰᠢ ᠭᠠᠷᠤᠶᠡ ᠭᠡᠳᠡᠯ᠎ᠡ / ᠵᠤᠭᠳᠤᠷ ᠦᠰᠤ ᠨᠢ ᠯᠠᠭᠠᠷᠠᠭᠰᠠᠠ / | ᠵᠤᠳᠤᠭᠠᠠ ᠭᠢᠮᠡᠷ ᠠᠮᠢᠳᠠᠠ / ᠵᠤ ᠰᠢᠯᠢ ᠪᠠᠨ ᠰᠢᠯᠭᠡᠭᠡᠳ / ᠵᠤᠭᠰᠤᠵᠤ ᠡᠮᠤᠨ᠎ᠡ ᠠᠴᠠ ᠨᠢ ᠵᠠᠩᠳᠤᠷᠪᠠ᠃︾ ᠭᠡᠬᠦ | ᠭᠡᠤᠭᠡᠳ ᠤᠨ ᠰᠢᠯᠦᠭ ᠢ ᠤᠩᠰᠢᠬᠤ ᠳᠤ ᠭᠡᠯᠡ ᠪᠤᠯᠪᠠᠰᠤᠷᠠᠬᠤ ᠪᠠᠷ ᠪᠠᠷᠠᠬᠤ ᠦᠭᠡᠢ ᠦᠯᠢᠭᠡᠷᠯᠢᠭ ᠰᠢᠨᠵᠢ ᠨᠢ | ᠭᠡᠤᠭᠡᠳ ᠤᠨ ᠰᠤᠨᠢᠭᠤᠴᠢ ᠰᠡᠳᠬᠢᠯ ᠢ ᠳᠠᠳᠠᠵᠤ ᠤᠳᠬ᠎ᠠ ᠵᠤᠬᠢᠶᠡᠯ ᠤᠨ ᠳᠤᠷ᠎ᠠ ᠪᠠᠭ᠋ᠠᠠ ᠳᠤ ᠠᠶᠠᠨᠳᠠᠭᠠᠠ | ᠬᠥᠳᠦᠯᠦᠭᠳᠡᠵᠤ ᠤᠷᠤᠬᠤ ᠶᠤᠮ᠃ ᠡᠶᠢᠮᠤᠷᠬᠦᠤ ᠰᠤᠷᠭᠠᠠ ᠬᠥᠮᠤᠵᠢᠯ ᠤᠨ ᠠᠷᠭ᠎ᠠ ᠭᠠᠭᠴᠠ ᠬᠦ ᠮᠤᠩᠭᠤᠯᠴᠤᠳ ᠲᠤ | ᠯᠠ ᠪᠠᠶᠢᠳᠠᠭ ᠪᠢᠰᠢ᠂ ᠪᠤᠰᠤᠳ ᠦᠨᠳᠤᠰᠤᠳᠠᠠ ᠴᠤ ᠭᠡᠤᠭᠡᠳ ᠢ ᠪᠢᠴᠢᠭ ᠰᠤᠷᠬᠤ ᠠᠴᠠ ᠡᠮᠤᠨ᠎ᠠ ᠰᠢᠯᠦᠭ ᠰᠤᠷᠭᠠᠬᠤ | ᠠᠷᠭ᠎ᠠ ᠶᠢ ᠭᠡᠷᠡᠭᠯᠡᠭᠰᠡᠭᠡᠷ ᠢᠷᠡᠭᠰᠡᠡ ᠪᠢᠯᠠ᠃ | 4. ᠢᠷᠠᠭᠤ ᠨᠠᠶᠢᠷᠠᠭ ᠬᠢᠭᠡᠳ ᠭᠤᠸ᠎ᠠ ᠮᠡᠳᠡᠷᠡᠮᠵᠢ ᠶᠢᠨ ᠬᠠᠷᠢᠴᠠᠭ᠎ᠠ | ᠢᠷᠠᠭᠤ ᠨᠠᠶᠢᠷᠠᠭ ᠪᠤᠯ ᠭᠡᠯᠡ ᠪᠠᠷ ᠵᠤᠬᠢᠶᠠᠭᠳᠠᠭᠰᠠᠠ ᠵᠢᠷᠤᠭ᠂ ᠰᠡᠳᠬᠢᠯᠭᠡ ᠪᠠᠷ ᠬᠡᠯᠬᠢᠭᠳᠡᠭᠰᠡᠡ ᠦᠭᠡᠡ ᠤ | ᠰᠤᠪᠤᠳ ᠮᠦᠠ᠃ ᠳᠡᠶᠢᠮᠤ ᠠᠴᠠ ᠰᠠᠶᠢᠬᠠᠠ ᠢᠷᠠᠭᠤ ᠨᠠᠶᠢᠷᠠᠭ ᠢ ᠤᠩᠰᠢᠬᠤ ᠪᠤᠶᠤ ᠰᠤᠨᠤᠰᠬᠤ ᠨᠢ ᠶᠠᠭ ᠯᠠ ᠳᠠᠭᠤᠤ | ᠰᠤᠨᠤᠰᠴᠤ ᠵᠢᠷᠤᠭ ᠰᠤᠨᠢᠷᠬᠠᠬᠤ ᠲᠠᠢ ᠠᠳᠠᠯᠢ ᠬᠥᠮᠤᠰ ᠢ ᠭᠤᠸ᠎ᠠ ᠰᠠᠶᠢᠬᠠᠠ ᠤᠷᠠᠯᠢᠭ ᠤᠨ ᠤᠷᠴᠢᠠ ᠳᠤ | ᠳᠠᠭᠠᠭᠤᠯᠤᠠ ᠤᠷᠤᠭᠤᠯᠵᠤ ᠬᠥᠭᠰᠡᠬᠦᠯᠦᠠ ᠳᠤᠭᠳᠤᠯᠤᠭᠤᠯᠳᠠᠭ᠃ ᠳᠡᠶᠢᠮᠤ ᠠᠴᠠ ᠢᠷᠠᠭᠤ ᠨᠠᠶᠢᠷᠠᠭ ᠪᠤᠯ ᠪᠠᠰᠠ ᠴᠦ | ᠨᠠᠭᠠᠳᠤᠮ ᠴᠡᠩᠭᠡᠭᠡᠡ ᠤ ᠭᠠᠵᠠᠷ ᠵᠤᠭ᠎ᠠ ᠴᠡᠩᠭᠡᠯ ᠤᠨ ᠬᠠᠨᠤᠮᠵᠢ ᠶᠢ ᠤᠯᠭᠤᠵᠤ ᠪᠡᠶ᠎ᠡ ᠰᠡᠳᠬᠢᠯ ᠤᠨ ᠴᠢᠯᠡᠭᠡ ᠳᠠᠶᠢᠯᠬᠤ | ᠠᠷᠠᠳ ᠤᠨ ᠤᠷᠠᠯᠢᠭ ᠪᠢᠯᠠ᠃ ᠰᠠᠶᠢᠬᠠᠠ ᠢᠷᠠᠭᠤ ᠨᠠᠶᠢᠷᠠᠭ ᠢ ᠰᠤᠨᠤᠰᠤᠭᠰᠠᠠ ᠤ ᠳᠠᠷᠠᠭ᠎ᠠ ᠶᠠᠮᠠᠷ ᠴᠤ ᠨᠠᠰᠤᠠ ᠤ | ᠬᠦᠮᠤᠠ ᠭᠡᠶᠢᠷᠭᠡᠡ ᠳᠤᠭᠳᠤᠯᠵᠤ ᠭᠡᠳᠤᠠ ᠰᠠᠶᠢᠬᠠᠠ ᠦᠭᠡ ᠭᠡᠯᠡᠮᠡᠷ ᠰᠠᠨᠠᠭᠳᠠᠨ᠎ᠠ᠃ ᠳᠡᠷᠡ ᠪᠤᠯ ᠰᠤᠨᠤᠰᠬᠤ | ᠰᠡᠷᠡᠯ ᠤᠨ ᠡᠷᠭᠡᠳᠡᠡ ᠠᠴᠠ ᠡᠬᠦᠰᠦᠭᠰᠡᠡ ᠭᠤᠸ᠎ᠠ ᠮᠡᠳᠡᠷᠡᠮᠵᠢ ᠶᠢᠨ ᠬᠠᠷᠢᠭᠤ ᠳᠤᠰᠬᠠᠯ ᠪᠤᠯᠤᠨ᠎ᠠ᠃ ᠪᠢᠳᠡ ᠳ᠋᠊ · | ᠫᠥᠷᠪᠤᠳᠤᠷᠵᠢ ᠠᠭᠰᠠᠠ ᠤ ︽ᠭᠡᠷ︾ ᠭᠡᠳᠡᠭ ᠰᠢᠯᠦᠭ ᠢ ᠰᠤᠨᠢᠷᠬᠠᠶ᠎ᠡ᠄ | ᠨᠣᠶᠠᠨ ᠣᠷᠭᠢᠯ ᠤᠨ ᠴᠠᠰᠤᠲᠤ ᠣᠷᠣᠢ | ᠨᠣᠭᠤᠭᠠᠨ ᠲᠠᠯ᠎ᠠ ᠶᠢᠨ ᠴᠠᠭᠠᠨ ᠰᠠᠷᠠᠨᠠᠢ | ᠨᠦᠢᠷᠰᠤᠵᠤ ᠦᠯᠡᠳᠡᠭᠰᠡᠨ ᠬᠤᠨ ᠤ ᠳᠡᠭᠳᠡᠭᠡᠬᠡᠢ | ᠮᠣᠩᠭᠤᠯ ᠭᠡᠷ ᠮᠢᠨᠤ ᠥᠷᠭᠦᠭᠡ | ᠨᠠᠷᠠ ᠪᠡᠯᠭᠡᠳᠡᠭᠰᠡᠨ ᠬᠦᠷᠳᠦᠨ ᠲᠣᠭᠤᠨᠣᠨ ᠨᠢ | ᠨᠠᠢᠮᠠᠨ ᠳᠠᠭ᠎ᠠ᠂ ᠨᠠᠢᠮᠠᠨ ᠵᠣᠪᠬᠢᠰ | ᠨᠠᠶᠠᠨ ᠨᠢᠭᠡᠨ ᠤᠯᠠᠭᠠᠨ ᠤᠨᠢ ᠨᠢ | ᠨᠠᠷᠠᠨ ᠠᠴᠠ ᠪᠠᠭᠤᠭᠰᠠᠨ ᠠᠯᠲᠠᠨ ᠰᠠᠴᠤᠷᠠᠯ | ᠡᠷᠭᠢᠨ ᠲᠣᠭᠤᠷᠢᠨ ᠲᠠᠪᠤᠨ ᠬᠠᠨ᠎ᠠ ᠨᠢ | ᠡᠬᠡ ᠣᠷᠣᠨ ᠤ ᠳᠠᠷᠬᠠᠨ ᠲᠤᠭᠤᠷᠭ᠎ᠠ | ᠡᠩᠬᠡ ᠶᠢᠨ ᠡᠭᠦᠳᠡᠨ ᠳᠤ ᠡᠷᠭᠢᠵᠦ ᠵᠣᠯᠭᠠᠭᠠᠳ | ᠡᠪ ᠨᠠᠶᠢᠷ ᠤᠨ ᠪᠠᠲᠤ ᠰᠠᠶᠢᠬᠠᠨ ᠬᠦᠷᠢᠶ᠎ᠡ | ᠁ | ᠳᠤᠰ ᠰᠢᠯᠦᠭ ᠮᠤᠩᠭᠤᠯ ᠭᠡᠷ ᠢ ᠮᠡᠳᠡᠳᠡᠭ ᠬᠥᠮᠤᠠ ᠪᠤᠯᠭᠠᠠ ᠤ ᠬᠠᠷᠠᠭᠠᠠ ᠳᠤ ᠦᠪᠡᠷ ᠤᠨ ᠡᠷᠭᠡ ᠦᠭᠡᠢ | ᠨᠢᠭᠡᠡ ᠰᠠᠶᠢᠬᠠᠠ ᠵᠢᠷᠤᠭ ᠢ ᠳᠠᠳᠠᠵᠤ ᠠᠪᠴᠢᠷᠠᠨ᠎ᠠ᠃ ᠳᠡᠬᠦᠠ ᠤ ᠭᠠᠳᠠᠷ ᠭᠡᠯᠪᠡᠷᠢ᠂ ᠳᠤᠳᠤᠭᠠᠳᠤ ᠪᠦᠳᠦᠴᠠ ᠶᠢ | ᠭᠡᠴᠢᠨᠡᠡ ᠤᠷᠠᠠ ᠭᠤᠶᠢᠳᠠ ᠳᠦᠷᠰᠦᠯᠡᠭᠰᠡᠡ ᠠᠵᠢ᠃ ᠳᠦᠷᠦᠬᠦᠤ ᠪᠠᠳᠠᠭ ᠲᠤ ᠮᠤᠩᠭᠤᠯ ᠭᠡᠷ ᠤᠨ ᠴᠠᠭᠠᠠ | ᠦᠩᠭᠡ ᠶᠢ ᠨᠢ ᠴᠠᠰᠤᠳᠤ ᠤᠷᠤᠢ ᠲᠠᠢ ᠳᠦᠷᠰᠦᠯᠡᠵᠤ᠂ ᠳᠠᠷᠠᠭ᠎ᠠ ᠨᠢ ᠳᠤᠭᠤᠷᠢᠭ ᠭᠡᠯᠪᠡᠷᠢ ᠶᠢ ᠨᠢ ᠴᠠᠭᠠᠠ | ᠰᠠᠷᠠᠨᠠᠢ ᠲᠠᠢ ᠬᠤᠯᠪᠤᠠ ᠰᠡᠳᠬᠢᠵᠤ᠂ ᠳᠠᠬᠢᠭᠠᠳ ᠠᠮᠤᠷ ᠳᠠᠶᠢᠪᠤᠩ ᠳᠦᠷᠦᠭᠳᠡᠯ ᠢ ᠨᠢ ᠨᠦᠢᠷᠰᠦᠬᠰᠠᠠ ᠬᠤᠠ ᠲᠠᠢ | ᠵᠦᠢᠷᠯᠠᠠ᠂ ᠠᠮᠢ ᠲᠠᠢ ᠶᠠᠭᠤᠮ᠎ᠠ — ᠠᠮᠢ ᠦᠭᠡᠢ ᠪᠤᠳᠡᠰ᠂ ᠳᠤᠮᠤ ᠶᠠᠭᠤᠮ᠎ᠠ — ᠵᠢᠵᠢᠭ ᠶᠠᠭᠤᠮ᠎ᠠ ᠶᠢ | ᠰᠤᠯᠢᠪᠴᠠᠭᠤᠯᠤᠠ ᠰᠡᠳᠬᠢᠭᠰᠡᠡ ᠨᠢ ᠤᠷᠠᠠ ᠪᠢᠴᠢᠯᠭᠡᠳᠡᠡ ᠤ ᠢᠳᠡᠯᠢᠭ ᠭᠤᠶᠤ ᠳᠠᠳᠠᠯᠭᠠᠠ ᠪᠢᠴᠢᠯᠭᠡ ᠶᠢ | ᠪᠤᠳᠤᠭᠳᠠᠭᠤᠯᠬᠤ ᠠᠵᠢ᠃ ᠡᠬᠦᠠ ᠠᠴᠠ ᠦᠵᠡᠬᠦᠯᠡᠷ ᠭᠡᠤᠭᠡᠳ ᠢ ᠭᠡᠯᠡᠡ ᠤ ᠭᠤᠸ᠎ᠡ ᠰᠠᠶᠢᠬᠠᠠ ᠤ ᠮᠡᠳᠡᠷᠡᠮᠵᠢ ᠲᠠᠢ | ᠪᠤᠯᠭᠠᠬᠤ ᠳᠤ ᠰᠢᠯᠦᠭ ᠪᠤᠯ ᠬᠠᠮᠤᠭ ᠤᠨ ᠳᠦᠬᠦᠮ ᠪᠠᠭᠠᠵᠢ ᠭᠡᠷᠡᠭᠯᠡᠬᠦᠷ ᠪᠤᠯᠬᠤ ᠶᠤᠮ᠃ | 5. ᠢᠷᠠᠭᠤ ᠨᠠᠶᠢᠷᠠᠭ ᠬᠢᠭᠡᠳ ᠴᠡᠭᠡᠵᠢᠯᠡᠬᠦ ᠴᠢᠳᠠᠪᠤᠷᠢ ᠶᠢᠨ ᠳᠡᠬᠦᠯᠳᠡᠷᠵᠢᠬᠦ ᠬᠠᠷᠢᠴᠠᠭ᠎ᠠ | ᠭᠡᠤᠭᠡᠳ ᠢ ᠭᠡᠯᠡ ᠳᠤ ᠤᠷᠤᠬᠤ ᠲᠠᠢ ᠨᠢ ᠵᠡᠷᠭᠡ ᠰᠢᠯᠦᠭ ᠴᠡᠭᠡᠵᠢᠯᠡᠬᠦᠯᠵᠤ ᠭᠡᠯ᠎ᠠ ᠶᠢ ᠨᠢ ᠬᠤᠷᠴᠠᠯᠠᠳᠠᠭ | ᠵᠠᠩᠰᠢᠯ ᠳᠤᠮᠳᠠᠳᠤ ᠤᠯᠤᠰ ᠤᠨ ᠤᠯᠠᠮᠵᠢᠯᠠᠯᠳᠤ ᠰᠤᠷᠭᠠᠠ ᠬᠥᠮᠤᠵᠢᠯ ᠤᠨ ᠨᠢᠭᠡᠡ ᠳᠠᠳᠬᠠᠯ ᠪᠤᠯᠤᠭᠰᠠᠠ ᠳᠤᠬᠠᠢ | ᠳᠡᠭᠡᠷ᠎ᠡ ᠶᠠᠷᠢᠯ᠎ᠠ᠃ ᠳᠡᠬᠦᠠ ᠤ ᠪᠠᠰᠠ ᠨᠢᠭᠡ ᠵᠤᠷᠢᠯᠭ᠎ᠠ ᠨᠢ ᠰᠢᠯᠦᠭ ᠪᠤᠯ ᠴᠠᠭᠡᠵᠢᠯᠡᠵᠤ ᠳᠤᠭᠳᠠᠭᠠᠬᠤ ᠳᠤ ᠳᠦᠬᠦᠮ | ᠪᠤᠯᠬᠤᠷ ᠭᠡᠤᠭᠡᠳ ᠤᠨ ᠴᠡᠭᠡᠵᠢᠯᠡᠬᠦ ᠴᠢᠳᠠᠪᠤᠷᠢ ᠶᠢ ᠪᠤᠯᠪᠠᠰᠤᠷᠠᠭᠤᠯᠬᠤ ᠶᠢᠨ ᠳᠦᠯᠦᠭᠡ ᠪᠠᠶᠢᠭ᠎ᠠ ᠪᠢᠯᠠ᠃ ᠳᠠᠷᠢᠬᠢ | ᠪᠤᠯ ᠬᠢᠳᠤᠭ᠎ᠠ ᠲᠠᠢ ᠠᠳᠠᠯᠢ᠂ ᠭᠡᠬᠦ ᠳᠤ ᠪᠠᠨ ᠡᠯᠡᠭᠳᠡᠳᠡᠭ ᠦᠭᠡᠢ ᠬᠢᠳᠤᠭ᠎ᠠ᠂ ᠬᠠᠷᠢᠠ ᠭᠡᠷᠡᠭᠯᠡᠬᠦ ᠦᠭᠡᠢ ᠪᠤᠯ | ᠬᠢᠯᠪᠠᠷᠬᠠᠠ ᠵᠢᠪᠡᠷᠡᠵᠤ ᠮᠤᠬᠤᠳᠠᠭ ᠬᠢᠳᠤᠭ᠎ᠠ ᠯᠤᠭ᠎ᠠ ᠠᠳᠠᠯᠢ ᠪᠠᠶᠢᠳᠠᠭ ᠳᠤᠬᠠᠢ ᠡᠷᠳᠡᠮᠳᠡᠳ ᠶᠠᠷᠢᠭᠠᠳ ᠪᠠᠶᠢᠭ᠎ᠠ ᠶᠤᠮ᠃ | ᠳᠡᠷᠠ ᠬᠢᠳᠤᠭ᠎ᠠ ᠶᠢ ᠵᠢᠪᠡᠷᠡᠬᠦᠯᠬᠦ ᠦᠭᠡᠢ ᠮᠤᠬᠤᠭᠠᠬᠤ ᠦᠭᠡᠢ ᠢᠮᠠᠭᠳᠠ ᠬᠤᠷᠴᠠ ᠪᠠᠶᠢᠯᠭᠠᠬᠤ ᠰᠣᠳᠤᠠ ᠠᠷᠭ᠎ᠠ ᠪᠤᠯ | ᠴᠡᠭᠡᠵᠢᠯᠡᠬᠦ᠂ ᠰᠡᠳᠬᠢᠬᠦ ᠶᠢ ᠪᠠᠶᠢᠩᠭᠤ ᠠᠵᠢᠯᠯᠠᠭᠤᠯᠬᠤ ᠶᠠᠪᠤᠳᠠᠯ ᠪᠤᠯᠤᠨ᠎ᠠ᠃ ᠳᠡᠭᠡᠬᠦᠯᠡᠷ ᠭᠡᠤᠭᠡᠳ ᠢ ᠳᠠᠷᠢᠬᠢ | ᠬᠦᠩᠭᠡᠡ᠂ ᠳᠤᠰᠬᠠᠯ ᠬᠤᠷᠴᠠ᠂ ᠰᠡᠳᠬᠢᠬᠦᠢ ᠬᠥᠨ᠂ ᠴᠡᠭᠡᠵᠢᠯᠡᠵᠤ ᠳᠤᠭᠳᠠᠭᠠᠬᠤ ᠴᠢᠳᠠᠪᠤᠷᠢ ᠪᠠᠷ ᠰᠠᠶᠢᠠ ᠪᠠᠶᠢᠯᠭᠠᠶᠡ | ᠭᠡᠪᠡᠯ ᠳᠠᠷᠢᠬᠢ ᠪᠠᠨ ᠪᠠᠶᠢᠩᠭᠤ ᠠᠵᠢᠯᠯᠠᠭᠤᠯᠳᠠᠭ ᠳᠠᠳᠬᠠᠯ ᠲᠠᠢ ᠪᠤᠯᠭᠠᠬᠤ ᠨᠢ ᠴᠢᠬᠤᠯᠠ᠃ ᠳᠡᠷᠡ ᠲᠠᠳᠬᠠᠯ ᠢ | ᠰᠤᠷᠢᠬᠤ ᠨᠢᠭᠡᠡ ᠠᠷᠭ᠎ᠠ ᠪᠤᠯ ᠰᠢᠯᠦᠭ ᠴᠡᠭᠡᠵᠢᠯᠡᠬᠦᠯᠬᠦ ᠪᠤᠯᠤᠨ᠎ᠠ᠃ ᠤᠳᠤ ᠪᠢᠳᠠ ᠳᠠᠰᠢᠪᠠᠯᠪᠠᠷ ᠭᠤᠸᠠᠢ ᠶᠢᠨ ︽ | ᠳᠡᠭᠷᠢ ᠰᠢᠭ ᠪᠠᠢ︾ ᠭᠡᠳᠡᠭ ᠰᠤᠷᠭᠠᠯ ᠰᠢᠯᠦᠭ ᠠᠴᠠ ᠭᠡᠳᠤᠠ ᠮᠦᠷ ᠰᠤᠨᠢᠷᠬᠠᠵᠤ᠂ ᠰᠢᠯᠦᠭ ᠴᠡᠭᠡᠵᠢᠯᠡᠬᠦ ᠳᠤ ᠬᠢᠷᠢ | ᠠᠮᠠᠷᠬᠠᠠ ᠪᠠᠶᠢᠳᠠᠭ ᠢ ᠦᠵᠡᠭᠡᠳᠡᠭᠡᠶᠡ᠄ | ᠬᠠᠮᠤᠭ ᠪᠦᠬᠦᠳᠡᠭᠡᠷ ᠴᠢᠮ᠎ᠠ ᠶᠢ | ᠬᠠᠷᠢᠶᠠᠵᠤ ᠨᠢᠯᠪᠤᠵᠤ ᠪᠠᠶᠢᠪᠠᠴᠤ᠂ ᠳᠡᠭᠷᠢ ᠰᠢᠭ ᠪᠠᠢ | ᠬᠠᠮᠤᠭ ᠤᠨ ᠰᠠᠶᠢᠠ ᠬᠥᠮᠤᠠ ᠭᠡᠵᠤ | ᠬᠠᠰᠬᠢᠷᠴᠤ ᠢᠷᠦᠭᠡᠵᠤ ᠪᠠᠶᠢᠪᠠᠴᠤ᠂ ᠳᠡᠭᠷᠢ ᠰᠢᠭ ᠪᠠᠢ | ᠳᠠᠪᠴᠢᠶᠡᠷᠢ ᠪᠠᠷᠠᠭᠳᠠᠵᠤ ᠨᠦᠬᠦᠳ ᠴᠢᠨᠢ ᠤᠷᠭᠢᠪᠠᠴᠤ | ᠳᠡᠭᠷᠢ ᠰᠢᠭ ᠪᠠᠢ᠂ ᠮᠦᠩᠭᠡᠳᠡ ᠠᠮᠤᠭᠤᠯᠠᠩ ᠁ | ᠳᠡᠷᠭᠡᠡ ᠳᠤ ᠰᠠᠭᠤᠯᠭᠠᠵᠤ᠂ ᠠᠯᠳᠠᠠ ᠳᠢᠳᠢᠮ ᠡᠮᠤᠰᠭᠡᠪᠡᠴᠤ | ᠳᠡᠭᠷᠢ ᠰᠢᠭ ᠪᠠᠢ᠂ ᠶᠠᠭᠤ ᠴᠤ ᠪᠤᠯᠤᠭ᠎ᠠ ᠦᠭᠡᠢ ᠶᠤᠮ ᠰᠢᠬ ᠁ | ᠳᠤᠰ ᠰᠢᠯᠦᠭ ᠤᠨ ᠭᠡᠯᠡ ᠭᠡᠯᠡᠯᠭᠡ ᠳᠡᠳᠤᠢ ᠯᠠ ᠤᠷᠠᠠ ᠪᠢᠰᠢ᠂ ᠶᠡᠷᠦ ᠳᠤ ᠪᠠᠨ ᠯᠠ ᠶᠠᠷᠢᠶᠡᠡ ᠤ ᠭᠡᠯᠡ ᠪᠠᠷ | ᠪᠢᠴᠢᠭᠳᠡᠵᠠᠢ᠃ ᠭᠡᠬᠦ ᠳᠤ ᠪᠠᠨ ᠠᠮᠢᠳᠤᠷᠠᠯ ᠳᠤ ᠢᠯᠠᠩᠭᠤᠶ᠎ᠡ ᠠᠮᠢᠳᠠᠠ ᠤ ᠳᠡᠭᠡᠳᠤ ᠪᠤᠯᠤᠭᠰᠠᠠ ᠬᠥᠮᠤᠠ ᠳᠤ ᠶᠠᠭᠠᠬᠢᠵᠤ | ᠬᠠᠨᠳᠤᠬᠤ ᠳᠤᠬᠠᠢ ᠬᠥᠨ ᠤᠬᠠᠭᠠᠯᠢᠭ ᠶᠤᠰᠤ ᠶᠢ ᠴᠦᠭᠡᠡ ᠦᠭᠡ ᠪᠠᠷ ᠢᠯᠡᠷᠡᠬᠦᠯᠵᠤ ᠴᠢᠳᠠᠭᠰᠠᠠ ᠪᠠᠶᠢᠨ᠎ᠠ᠃ | ᠬᠥᠮᠤᠠ ᠢ ᠦᠩᠭᠡᠷᠡᠵᠤ ᠤᠳᠬᠤ ᠴᠠᠭ ᠬᠤᠭᠤᠴᠠᠭ᠎ᠠ ᠡᠯᠡᠭᠡᠳᠡᠭ᠂ ᠴᠠᠭ ᠬᠤᠭᠤᠴᠠᠭ᠎ᠠ ᠲᠠᠢ ᠬᠠᠮᠳᠤ ᠡᠷᠬᠢᠯᠳᠤᠵᠤ | ᠪᠠᠶᠢᠳᠠᠭ ᠳᠡᠷᠭᠡᠳᠡᠬᠢ ᠬᠥᠮᠤᠰ ᠴᠢᠨᠢ ᠡᠯᠡᠭᠡᠳᠡᠭ᠃ ᠬᠥᠮᠤᠰ ᠤᠨ ᠪᠠᠶᠢᠭᠠᠯᠢᠯᠢᠬ ᠢᠶᠠᠷ ᠢᠶᠠᠨ ᠠᠮᠢᠳᠤᠷᠠᠬᠤ ᠪᠤᠯᠤᠮᠵᠢ ᠶᠢ | ᠲᠡᠷᠭᠡᠳᠡᠬᠢ ᠨᠦᠬᠦᠳ ᠴᠢᠨᠢ ᠪᠠᠶᠢᠩᠭᠤ ᠬᠠᠭᠠᠳᠠᠭ᠂ ᠭᠠᠳᠠᠭᠠᠳᠤ ᠶᠢᠷᠳᠢᠨᠴᠤ ᠠᠴᠠ ᠢᠷᠡᠭᠰᠡᠡ ᠪᠤᠢ ᠪᠦᠬᠦᠢ ᠰᠤᠷᠠᠭ | ᠵᠠᠩᠬᠢ ᠬᠦᠮᠤᠠ ᠢ ᠪᠠᠶᠠᠷᠯᠠᠭᠤᠯᠵᠤ ᠭᠤᠮᠤᠳᠠᠭᠠᠵᠤ᠂ ᠵᠤᠪᠠᠭᠠᠵᠤ ᠳᠠᠷᠴᠢᠯᠭᠠᠵᠤ ᠠᠳᠠᠭᠠᠵᠢᠭᠤᠯᠵᠤ ᠬᠤᠷᠤᠰᠬᠠᠵᠤ᠂ | ᠤᠶᠢᠳᠬᠠᠷᠠᠯᠠᠭᠤᠯᠵᠤ ᠪᠤᠬᠢᠨᠢᠳᠤᠭᠤᠯᠵᠤ᠂ ᠭᠡᠶᠤᠷᠡᠬᠦᠯᠵᠤ ᠠᠯᠭᠠᠰᠠᠭᠤᠯᠵᠤ ᠁ ᠨᠢᠭᠡ ᠯᠠ ᠮᠡᠳᠡᠬᠦ ᠳᠤ ᠳᠡᠷᠡ | ᠪᠦᠬᠦᠠ ᠤ ᠮᠠᠭᠠᠵᠢᠯᠳᠠ ᠳᠤ ᠬᠦᠮᠤᠠ ᠤ ᠰᠡᠳᠬᠢᠯ ᠤᠨ ᠳᠠᠷᠤᠯᠳᠠ ᠬᠥᠨᠳᠤᠷᠠᠠ ᠪᠤᠳᠠᠭᠠᠯᠢ ᠴᠢᠨᠠᠷ ᠬᠤᠪᠢᠷᠠᠵᠤ ᠪᠡᠶ᠎ᠡ | ᠮᠠᠬᠠᠪᠤᠳ ᠤᠨ ᠡᠪᠡᠳᠴᠢᠠ ᠤ ᠬᠤᠤᠷ ᠳᠤᠳᠤᠷ᠎ᠠ ᠠᠴᠠ ᠪᠠᠨ ᠤᠷᠭᠤᠬᠤ ᠶᠢᠨ ᠠᠮᠢᠳᠤ ᠬᠦᠷᠦᠰᠤ ᠪᠤᠯᠳᠠᠭ᠃ | ᠳᠡᠭᠡᠬᠦᠯᠡᠷ ᠡᠶᠢᠮᠤᠷᠬᠦᠣ ᠰᠢᠯᠦᠭ ᠢ ᠴᠡᠭᠡᠵᠢᠯᠡᠵᠤ ᠪᠠᠶᠢᠪᠡᠯ ᠴᠡᠭᠡᠵᠢᠯᠡᠬᠦ ᠴᠢᠳᠠᠪᠤᠷᠢ ᠨᠡᠮᠡᠭᠳᠡᠬᠦ ᠪᠠᠷ ᠪᠠᠷᠠᠬᠤ ᠦᠭᠡᠢ | ᠦᠪᠡᠷ ᠢ ᠪᠠᠨ ᠡᠵᠡᠮᠳᠡᠬᠦ ᠳᠤ ᠴᠤ ᠡᠮᠴᠢᠯᠡᠭᠡ ᠪᠤᠯᠳᠠᠭ᠃ ᠭᠡᠤᠭᠡᠳ ᠲᠤ ᠪᠠᠭ᠎ᠠ ᠠᠴᠠ ᠨᠢ ᠰᠢᠯᠦᠭ ᠴᠡᠭᠡᠵᠢᠯᠡᠬᠦᠯᠬᠦ ᠪᠤᠯ | ᠵᠠᠯᠬᠠᠭᠤ ᠡᠪᠡᠳᠴᠢᠠ ᠳᠤ ᠨᠡᠷᠪᠡᠭᠳᠡᠬᠦ ᠠᠴᠠ ᠰᠡᠷᠭᠡᠶᠢᠯᠡᠬᠦ ᠰᠠᠶᠢᠠ ᠵᠤᠷ ᠮᠦᠷᠳᠡᠭᠡᠡ ᠤᠢ ᠪᠢᠯᠢᠭ ᠤᠨ ᠪᠤᠶᠢᠵᠢᠯᠳᠠ ᠶᠢ | ᠠᠬᠢᠭᠤᠯᠳᠠᠭ ᠰᠢᠮ᠎ᠡ ᠳᠡᠵᠢᠭᠡᠯ ᠪᠤᠯᠳᠠᠭ ᠢ ᠡᠪᠦᠭᠡ ᠳᠡᠭᠡᠳᠤᠰ ᠮᠠᠨᠢ ᠡᠷᠳᠡ ᠠᠴᠠ ᠤᠢᠢᠯᠠᠭᠠᠵᠤ ᠮᠠᠳᠡᠭᠰᠡᠨ ᠪᠠᠶᠢᠳᠠᠬ᠃ | 6. ᠢᠷᠠᠭᠤ ᠨᠠᠶᠢᠷᠠᠭ ᠬᠢᠭᠡᠳ ᠵᠤᠬᠢᠶᠡᠡ ᠪᠦᠳᠦᠬᠡᠬᠦᠢ ᠶᠢᠨ ᠬᠤᠯᠪᠤᠭᠳᠠᠯ ︵ᠤᠳᠤᠷᠢᠳᠬᠠᠯ︶ | ᠢᠷᠠᠭᠤ ᠨᠠᠶᠢᠷᠠᠭ ᠪᠤᠯ ᠵᠤᠬᠢᠶᠡᠡ ᠪᠦᠳᠦᠭᠡᠬᠦ ᠵᠠᠮ ᠳᠤ ᠤᠷᠤᠬᠤ ᠵᠠᠮᠴᠢᠯᠠᠭᠤᠷ ᠮᠦᠠ᠃ ᠢᠷᠠᠭᠤ ᠨᠠᠶᠢᠷᠠᠭ | ᠠᠷᠪᠢᠠ ᠴᠡᠭᠡᠵᠢᠯᠡᠭᠰᠡᠡ ᠭᠡᠤᠭᠡᠳ ᠡᠬᠢᠯᠡᠭᠡᠳ ᠳᠤᠯᠤᠭᠠᠢ ᠬᠤᠯᠪᠤᠠ ᠵᠤᠬᠢᠶᠡᠡ ᠪᠦᠳᠦᠭᠡᠵᠤ ᠤᠷᠤᠯᠳᠤᠨ᠎ᠠ᠂ ᠳᠡᠷᠡ ᠨᠢ | ᠭᠡᠳᠦ᠋ᠢᠪᠡᠷ ᠵᠢᠷ ᠤᠨ ᠨᠢᠭᠡᠡ ᠬᠤᠯᠪᠤᠭ᠎ᠠ ᠦᠭᠡ ᠪᠠᠶᠢᠭᠰᠠᠠ ᠴᠤ ᠤᠷᠠᠠ ᠰᠠᠨᠠᠭᠠᠠ ᠤ ᠵᠢᠬᠦᠷ ᠢᠶᠠᠨ ᠳᠡᠯᠭᠡᠬᠦ ᠠᠩᠬᠠᠠ ᠤ | ᠭᠠᠷᠤᠭ᠎ᠠ ᠨᠢ ᠪᠠᠶᠢᠭ᠎ᠠ ᠶᠤᠮ᠃ ᠶᠡᠷᠤ ᠨᠢ ᠤᠯᠠᠩᠬᠢ ᠳᠤᠭᠤᠵᠢᠰ ᠤᠨ ᠵᠤᠬᠢᠶᠠᠯᠴᠢ ᠰᠢᠭᠤᠳ ᠬᠥᠤᠷᠨᠢᠯ ᠵᠤᠬᠢᠶᠡᠯ ᠢᠶᠠᠷ | ᠭᠠᠷᠤᠭ᠎ᠠ ᠠᠪᠳᠠᠭ ᠦᠭᠡᠢ᠂ ᠡᠬᠢᠠ ᠤ ᠦᠶ᠎ᠡ ᠳᠤ ᠰᠢᠯᠦᠭ ᠪᠢᠴᠢᠵᠤ᠂ ᠬᠤᠵᠢᠮ ᠨᠢ ᠰᠡᠳᠬᠢᠬᠦᠢ ᠨᠢ ᠳᠡᠬᠦᠯᠳᠡᠷᠵᠢᠠ | ᠭᠡᠯᠡᠯᠭᠡ ᠨᠢ ᠪᠤᠯᠪᠠᠰᠤᠷᠠᠭᠠᠳ ᠢᠷᠡᠪᠡᠯ ᠰᠠᠶ᠋ᠢ ᠤᠢ ᠪᠢᠯᠢᠭ ᠤᠨ ᠡᠨᠧᠷᠬᠢ ᠪᠠᠨ ᠰᠢᠪᠬᠠᠭᠰᠠᠠ ᠤᠷᠳᠤ ᠶᠠᠭᠤᠮ᠎ᠠ ᠪᠢᠴᠢᠬᠦ | ᠵᠠᠮ ᠤᠷᠤᠭᠤ ᠠᠯᠬᠤᠳᠠᠭ ᠶᠤᠮ᠃ | 7. ᠢᠷᠠᠭᠤ ᠨᠠᠶᠢᠷᠠᠭ ᠬᠢᠭᠡᠳ ᠦᠵᠡᠯ ᠰᠠᠨᠠᠭ᠎ᠠ ᠪᠦᠷᠢᠯᠳᠦᠬᠦᠢ ᠶᠢᠨ ᠬᠠᠷᠢᠴᠠᠭ᠎ᠠ | ᠮᠠᠷᠺᠰ᠄ ︽ᠦᠵᠡᠯ ᠰᠠᠨᠠᠭᠠᠠ ᠤ ᠰᠢᠭᠤᠳ ᠪᠤᠶᠢᠵᠢᠯᠳᠡ ᠪᠤᠯ ᠳᠠᠷᠤᠢ ᠦᠭᠡ ᠭᠡᠯᠡ ᠮᠦᠠ︾ ᠭᠡᠵᠠᠢ᠃ | ᠢᠷᠠᠭᠤ ᠨᠠᠶᠢᠷᠠᠭ ᠪᠤᠯ ᠦᠭᠡ ᠭᠡᠯᠡᠡ ᠤ ᠤᠷᠠᠯᠢᠭ ᠮᠦᠠ᠃ ᠳᠡᠷᠨ ᠨᠢ ᠵᠤᠬᠢᠶᠠᠭᠴᠢ ᠶᠢᠨ ᠰᠡᠳᠬᠢᠯᠭᠡ ᠪᠠᠷ ᠰᠦᠭ | ᠰᠦᠯᠳᠠ ᠪᠠᠨ ᠪᠤᠯᠭᠠᠳᠠᠭ ᠤᠷᠠᠠ ᠵᠤᠬᠢᠶᠡᠯ ᠤᠨ ᠨᠢᠭᠡᠡ ᠭᠡᠯᠪᠡᠷᠢ ᠪᠤᠯᠤᠨ᠎ᠠ᠃ ᠵᠤᠬᠢᠶᠠᠭᠴᠢ ᠶᠢᠨ ᠰᠡᠳᠬᠢᠯᠭᠡ ᠶᠢᠨ | ᠴᠡᠨᠡᠭ ᠨᠢ ᠦᠵᠡᠯ ᠰᠨᠨᠠᠭ᠎ᠠ ᠪᠤᠯᠬᠤ ᠶᠤᠮ᠃ ᠶᠠᠮᠠᠷ ᠴᠤ ᠦᠵᠡᠯ ᠰᠠᠨᠠᠭ᠎ᠠ ᠦᠭᠡᠢ ᠬᠥᠮᠤᠠ ᠢᠷᠠᠭᠤ ᠨᠠᠶᠢᠷᠠᠭᠴᠢ | ᠪᠤᠯᠵᠤ ᠴᠢᠳᠠᠬᠤ ᠦᠭᠡᠢ᠃ ᠠᠮᠢᠳᠤᠷᠠᠯ ᠤᠨ ᠳᠤᠬᠠᠢ᠂ ᠨᠡᠶᠢᠭᠡᠮ ᠠᠬᠤᠢ ᠶᠢᠨ ᠳᠤᠬᠠᠢ᠂ ᠪᠠᠶᠢᠭᠠᠯᠢ ᠶᠢᠷᠳᠢᠨᠴᠤ ᠶᠢᠨ | ᠳᠤᠬᠠᠢ᠂ ᠠᠮᠢ ᠨᠠᠰᠤᠠ ᠤ ᠦᠷᠳᠡᠭ ᠤᠨ ᠳᠤᠬᠠᠢ ᠭᠡᠬᠦᠴᠢᠯᠡᠡ ᠵᠤᠬᠢᠶᠠᠭᠴᠢ ᠶᠢᠨ ᠠᠬᠱᠠᠠ ᠵᠠᠭᠤᠷ᠎ᠠ ᠶᠢᠨ | ᠳᠤᠭᠳᠤᠯᠤᠯᠳᠠ ᠪᠤᠶᠤ ᠳᠡᠬᠦᠠ ᠠᠴᠠ ᠪᠤᠯᠤᠭᠰᠠᠠ ᠳᠤᠳᠤᠭᠠᠳᠤ ᠰᠡᠳᠬᠢᠯᠭᠡ ᠶᠢᠨ ᠳᠡᠯᠪᠡᠷᠡᠯᠳᠠ ᠶᠢ ᠡᠷᠴᠢᠯᠡᠵᠤ ᠪᠠᠶᠢᠭ᠎ᠠ | ᠳᠠᠯᠳᠠ ᠬᠥᠴᠤᠠ ᠪᠤᠯ ᠦᠵᠡᠯ ᠰᠠᠨᠠᠭ᠎ᠠ ᠪᠠᠶᠢᠵᠤ ᠳᠠᠭᠠᠷᠠᠨ᠎ᠠ᠃ ᠰᠢᠯᠦᠭᠴᠢ ᠶᠢ ᠭᠡᠢ ᠰᠤᠯᠢᠶ᠎ᠠ ᠲᠠᠢ ᠮᠡᠳᠤ ᠭᠡᠯᠡᠳᠡᠭ | ᠬᠥᠮᠤᠰ ᠴᠤ ᠪᠤᠢ᠂ ᠳᠡᠷᠡ ᠬᠦ ᠭᠡᠢ ᠰᠤᠯᠢᠶ᠎ᠡ ᠶᠠᠭᠠᠬᠢᠵᠤ ᠪᠤᠢ ᠪᠤᠯᠤᠭᠰᠠᠠ ᠪᠤᠢ︖ ᠳᠠᠯᠠᠢ ᠶᠢᠨ ᠴᠠᠯᠬᠢᠯᠳᠠ᠂ ᠭᠠᠵᠠᠷ | ᠬᠥᠳᠡᠯᠦᠯᠳᠡ᠂ ᠭᠠᠯᠳᠤ ᠠᠭᠤᠯᠠ ᠶᠢᠨ ᠳᠡᠯᠪᠡᠷᠡᠯᠳᠠ ᠪᠤᠯ ᠭᠠᠵᠠᠷ ᠤᠨ ᠴᠦᠮ᠎ᠠ ᠶᠢᠨ ᠬᠠᠯᠠᠭᠤᠠ ᠡᠨᠧᠷᠬᠢ ᠠᠴᠠ | ᠢᠷᠡᠳᠡᠭ᠂ ᠬᠠᠷᠢᠠ ᠰᠢᠯᠦᠭᠴᠢ ᠶᠢᠨ ︽ᠭᠡᠢ ᠰᠤᠯᠢᠶᠡᠷᠡᠯ︾ ᠪᠤᠯ ᠭᠠᠳᠠᠭᠠᠳᠤ ᠶᠢᠷᠳᠢᠨᠴᠤ ᠪᠤᠯᠤᠠ ᠳᠤᠳᠤᠭᠠᠳᠤ | ᠰᠡᠳᠬᠢᠯᠭᠡ ᠶᠢᠨ ᠡᠶᠡᠷᠡᠯ ᠪᠤᠶᠤ ᠬᠠᠭᠠᠷᠠᠯ ᠠᠴᠠ ᠡᠬᠦᠰᠳᠡᠭ᠃ ᠳᠡᠷᠡ ᠬᠦ ᠡᠶᠡᠷᠡᠯ ᠪᠤᠯᠤᠠ ᠬᠠᠭᠠᠷᠠᠯ ᠨᠢ ᠦᠵᠡᠯ | ᠰᠠᠨᠠᠭ᠎ᠠ ᠪᠠᠷ ᠢᠯᠴᠢ ᠬᠥᠴᠤᠠ ᠢᠶᠠᠨ ᠪᠤᠯᠭᠠᠳᠠᠭ ᠶᠤᠮ᠃ ᠡᠶᠢᠮᠤ ᠠᠴᠠ ᠰᠢᠯᠦᠭ ᠪᠢᠴᠢᠬᠦ ᠨᠢ ᠭᠡᠤᠭᠡᠳ ᠤᠨ ᠦᠵᠡᠯ | ᠰᠠᠨᠠᠭᠠᠠ ᠤ ᠪᠦᠷᠢᠯᠳᠦᠯ ᠳᠤ ᠶᠡᠭᠡᠭᠡᠡ ᠳᠤᠰᠠ ᠪᠤᠯᠳᠠᠭ ᠠᠵᠢ᠃ ᠶᠠᠮᠠᠷ ᠴᠤ ᠰᠡᠳᠬᠢᠯᠭᠡ ᠦᠭᠡᠢ᠂ ᠶᠠᠭᠤ ᠦᠵᠡᠵᠤ | ᠶᠠᠮᠠᠷ ᠵᠦᠢᠯ ᠰᠤᠨᠤᠰᠴᠤ ᠪᠠᠶᠢᠪᠠᠴᠤ ᠰᠡᠳᠬᠢᠯᠭᠡ ᠶᠢᠨ ᠳᠤᠭᠳᠤᠯᠤᠯ ᠡᠬᠦᠰᠳᠡᠭ ᠦᠭᠡᠢ ᠬᠥᠮᠤᠠ ᠪᠤᠯ ᠠᠮᠢᠳᠠᠠ ᠮᠡᠳᠤ | ᠪᠤᠯᠴᠢᠬᠠᠨ᠎ᠠ᠂ ᠳᠡᠳᠡᠡ ᠳᠤ ᠰᠦᠰᠦᠭ ᠪᠢᠰᠢᠷᠡᠯ᠂ ᠢᠳᠡᠭᠡᠯ ᠵᠤᠷᠢᠭ᠂ ᠬᠥᠰᠡᠯ ᠮᠦᠷᠦᠭᠡᠳᠤᠯ᠂ ᠭᠤᠸ᠎ᠠ | ᠳᠠᠭᠠᠰᠢᠶᠡᠯ ᠤᠨ ᠬᠥᠭᠡᠭᠡᠴᠡᠯᠳᠤᠯ᠂ ᠬᠠᠶᠢᠷ᠎ᠠ ᠬᠤᠷᠤᠰᠤᠯ ᠤᠷᠤᠰᠢᠳᠠᠭ ᠦᠭᠡᠢ᠃ ᠵᠦᠪᠭᠡᠡ ᠠᠮᠢᠳᠤ ᠪᠤᠳᠡᠰ ᠤᠨ | ᠬᠠᠮᠤᠭ ᠤᠨ ᠨᠠᠭᠠᠳᠤ ᠵᠠᠬ᠎ᠠ ᠶᠢᠨ ᠠᠮᠢᠳᠤᠷᠠᠯ ᠤᠨ ᠱᠠᠭᠠᠷᠳᠠᠯᠭ᠎ᠠ ᠪᠠᠷ ᠠᠮᠢᠳᠤᠷᠠᠵᠤ ᠪᠠᠶᠢᠳᠠᠭ᠃ ᠳᠡᠶᠢᠮᠤ ᠬᠥᠮᠤᠰ | ᠦᠪᠡᠷ ᠤᠨ ᠪᠡᠶ᠎ᠡ ᠳᠤ ᠪᠠᠨ ᠬᠠᠷᠢᠭᠤᠴᠠᠬᠤ᠂ ᠨᠡᠶᠢᠭᠡᠮ ᠳᠤ ᠬᠠᠷᠢᠭᠤᠴᠠᠬᠤ᠂ ᠪᠤᠰᠤᠳ ᠲᠤ ᠬᠠᠷᠢᠭᠤᠴᠠᠬᠤ᠂ ᠤᠯᠤᠰ | ᠦᠨᠳᠤᠰᠤᠳᠠᠠ ᠳᠤ ᠪᠠᠨ ᠬᠠᠷᠢᠭᠤᠴᠠᠬᠤ ᠤᠬᠠᠮᠰᠠᠷ ᠲᠠᠢ ᠪᠠᠶᠢᠵᠤ ᠭᠡᠷᠬᠢᠠ ᠴᠢᠳᠠᠬᠤ ᠪᠤᠢ︖ ᠯᠤ᠋ ᠰᠢᠶᠦ᠋ᠨ᠄ ︽ | ᠰᠢᠯᠦᠭ ᠪᠤᠯ ᠦᠨᠳᠤᠰᠤᠳᠠᠠ ᠤ ᠰᠦᠭ ᠰᠦᠨᠡᠰᠤ ᠮᠦᠠ︾ ᠭᠡᠵᠤ ᠶᠠᠷᠢᠭᠰᠠᠠ ᠪᠠᠶᠢᠳᠠᠭ᠃ ᠳᠡᠭᠡᠬᠦᠯᠡᠷ | ᠦᠨᠳᠤᠰᠤᠳᠠᠠ ᠤ ᠰᠦᠭ ᠰᠦᠨᠡᠰᠤ ᠪᠠᠷ ᠨᠢ ᠲᠠᠷᠨᠢᠳᠠᠬᠤ ᠨᠢᠭᠡᠡ ᠠᠷᠭ᠎ᠠ ᠵᠠᠮ ᠪᠤᠯ ᠢᠷᠠᠭᠤ ᠨᠠᠶᠢᠷᠠᠭ ᠤᠨ ᠬᠥᠮᠤᠵᠢᠯ | ᠪᠠᠶᠢᠵᠠᠢ᠃ | | ᠬᠠᠶ᠋ᠢᠬ᠄ ᠰᠢᠯᠢ ᠶᠢᠨ ᠭᠤᠤᠯ ᠠᠶᠢᠮᠠᠬ ᠤᠨ ᠰᠤᠷᠭᠠᠠ ᠬᠥᠮᠤᠵᠢᠯ ᠤᠨ ᠳᠤᠪᠴᠢᠶᠡᠡ ᠤ | ᠦᠨᠳᠤᠰᠤᠳᠠᠠ ᠤ ᠰᠤᠷᠭᠠᠠ ᠬᠥᠮᠤᠵᠢᠯ ᠤᠨ ᠰᠠᠯᠠᠭ᠎ᠠ | ︵ᠰᠠᠩᠵᠠᠢ ᠨᠠᠶᠢᠷᠠᠭᠤᠯᠪᠠ︶ | 2018 ᠣᠨ ᠤ 9 ᠳ᠋ᠦ᠋ᠭᠡᠷ ᠬᠤᠭᠤᠴᠠᠭ᠎ᠠ |