ᠲᠠᠶᠢᠴᠢᠨ | | | ᠮᠠᠨ ᠤ ᠵᠢᠭᠠᠬᠤ ᠶᠢ ᠰᠣᠲᠣᠯᠬᠤ ᠲᠠᠰᠤᠭ ᠤᠨ ᠵᠢᠭᠠᠬᠤ ᠶᠢ ᠰᠣᠲᠣᠯᠤᠭᠴᠢ ᠪᠠ ᠮᠣᠩᠭᠤᠯ ᠲᠣᠮᠲᠠᠲᠦ | ᠰᠣᠷᠭᠠᠭᠤᠯᠢ ᠶᠢᠨ ᠬᠡᠰᠡᠭ ᠪᠠᠭᠰᠢ ᠨᠠᠷ ᠲᠡᠭᠡᠷ᠎ᠡ ᠵᠢᠯ ᠤᠨ ᠲᠠᠪᠣᠨ ᠰᠠᠷ᠎ᠠ ᠳᠤ ᠮᠣᠩᠭᠤᠯ ᠣᠯᠣᠰ ᠤᠨ ᠣᠯᠠᠭᠠᠨᠪᠠᠭᠠᠲᠣᠷ | ᠬᠤᠲᠠ ᠶᠢᠨ ᠪᠠᠶᠠᠨᠵᠢᠷᠦᠬᠡ ᠲᠡᠭᠦᠷᠭᠡ ᠶᠢᠨ ᠰᠠᠨᠰᠠᠷ 33 ᠳ᠋ᠣᠭᠠᠷ ᠰᠣᠷᠭᠠᠭᠤᠯᠢ ᠳᠤ ᠬᠦᠷᠴᠦ ᠰᠣᠷᠣᠯᠴᠠᠭᠰᠠᠨ ᠪᠠᠶᠢᠨ᠎ᠠ | ᠃ ᠲᠣᠰ ᠰᠣᠷᠭᠠᠭᠤᠯᠢ ᠨᠢ 1966 ᠣᠨ ᠳᠤ ᠠᠩᠬ᠎ᠠ ᠪᠠᠶᠢᠭᠤᠯᠣᠭᠲᠠᠵᠦ᠂ ᠪᠠᠭ᠎ᠠ ᠪᠣᠯᠪᠠᠰᠣᠷᠠᠯ ᠤᠨ ᠠᠩᠬᠢ᠂ | ᠰᠠᠭᠤᠷᠢ ᠪᠣᠯᠪᠠᠰᠣᠷᠠᠯ ᠤᠨ ᠠᠩᠬᠢ᠂ ᠠᠬᠠᠯᠠᠭᠴᠢ ᠠᠩᠬᠢ ᠶᠢ ᠪᠠᠭᠲᠠᠭᠠᠭᠰᠠᠨ ᠶᠡᠷᠦᠩᠬᠡᠢ ᠪᠣᠯᠪᠠᠰᠣᠷᠠᠯ ᠤᠨ 78 | ᠪᠦᠯᠦᠭ᠂ 3499 ᠰᠣᠷᠣᠭᠴᠢ᠂ 340 ᠭᠠᠷᠣᠢ ᠪᠠᠭᠰᠢ ᠠᠵᠢᠯᠲᠠᠨ ᠲᠠᠢ ᠤᠯᠠᠭᠠᠨᠪᠠᠭᠠᠳᠤᠷ ᠬᠤᠳᠠ ᠶᠢᠨ ᠠᠷᠪᠠᠨ | ᠰᠢᠯᠢᠳᠡᠭ ᠰᠤᠷᠭᠠᠭᠤᠯᠢ ᠶᠢᠨ ᠨᠢᠭᠡ ᠨᠢ ᠪᠤᠯᠤᠨ᠎ᠠ᠃ ᠤᠳᠤ ᠪᠤᠯᠬᠤ ᠳᠤ ᠪᠠᠶᠢᠭᠤᠯᠤᠭᠳᠠᠭᠠᠳ ᠨᠢᠭᠡᠨᠳᠡ ᠲᠠᠪᠢᠨ | ᠵᠢᠯ ᠤᠨ ᠲᠠᠤᠭᠡ ᠲᠠᠢ ᠪᠤᠯᠵᠠᠢ᠃ ᠰᠣᠷᠭᠠᠭᠤᠯᠢ ᠨᠢ ᠬᠤᠶᠠᠷ ᠣᠲᠠᠭᠠᠨ ᠤ ᠣᠯᠣᠰ ᠤᠨ ᠲᠡᠷᠢᠭᠦᠨ ᠰᠣᠷᠭᠠᠭᠤᠯᠢ᠂ | ᠨᠡᠶᠢᠰᠯᠡᠯ ᠤᠨ ᠪᠠ ᠦᠨᠲᠦᠰᠦᠲᠡᠨ ᠤ ᠲᠡᠷᠢᠭᠦᠨ ᠰᠣᠷᠭᠠᠭᠤᠯᠢ ᠪᠠᠷ ᠦᠨᠡᠯᠡᠭᠳᠡᠵᠦ᠂ ᠲᠡᠯᠡᠬᠡᠢ ᠶᠢᠨ ᠰᠢᠲᠠᠷ᠎ᠠ ᠶᠢᠨ | ᠲᠣᠯᠣᠭᠠᠨ ᠠᠪᠣᠷᠭᠤ ᠭᠡᠭᠦ ᠮᠡᠳᠤᠴᠢᠯᠡᠨ ᠮᠠᠰᠢ ᠣᠯᠠᠨ ᠡᠷᠲᠡᠮᠲᠡᠨ᠂ ᠭᠠᠪᠢᠶᠠᠲᠦ᠂ ᠮᠡᠷᠭᠡᠵᠢᠯᠲᠡᠨ ᠢ ᠬᠦᠮᠦᠵᠢᠭᠦᠯᠦᠭᠰᠡᠨ | ᠪᠠᠶᠢᠨ᠎ᠠ᠃ | ᠰᠣᠷᠭᠠᠭᠤᠯᠢ ᠶᠢᠨ ᠣᠷᠴᠢᠨ ᠠᠬᠤᠢ ᠶᠢᠨ ᠬᠤᠪᠢ ᠳᠤ᠂ ᠰᠠᠨᠰᠠᠷ 33 ᠳ᠋ᠤᠭᠠᠷ ᠰᠤᠷᠭᠠᠭᠤᠯᠢ ᠨᠢ | ᠰᠣᠷᠭᠠᠭᠤᠯᠢ ᠶᠢᠨ ᠲᠡᠣᠬᠡ ᠪᠠᠨ ᠬᠠᠨ᠎ᠠ ᠲᠡᠭᠡᠷ᠎ᠡ ᠢᠯᠡ ᠲᠣᠲᠣ ᠨᠠᠭᠠᠵᠤ ᠰᠣᠷᠭᠠᠭᠤᠯᠢ ᠪᠠᠶᠢᠭᠤᠯᠣᠭᠲᠠᠭᠰᠠᠨ ᠠᠴᠠ | ᠨᠠᠭᠠᠰᠢᠬᠢ ᠰᠣᠷᠭᠠᠭᠤᠯᠢ ᠶᠢᠨ ᠵᠠᠬᠢᠷᠣᠯ᠂ ᠡᠷᠬᠢᠯᠡᠭᠴᠢ ᠪᠠ ᠭᠠᠪᠢᠶᠠᠲᠦ ᠪᠠᠭᠰᠢ ᠨᠠᠷ᠂ ᠰᠢᠯᠢᠲᠡᠭ ᠰᠣᠷᠣᠭᠴᠢ᠂ | ᠰᠣᠷᠭᠠᠭᠤᠯᠢ ᠶᠢᠨ ᠡᠯ᠎ᠡ ᠵᠦᠢᠯ ᠤᠨ ᠢᠷᠠᠭᠤ ᠠᠯᠲᠠᠷ᠂ ᠪᠦᠲᠦᠭᠡᠯ᠂ ᠴᠠᠭᠠᠰᠢᠯᠠᠪᠠᠯ ᠨᠡᠶᠢᠭᠡᠮ ᠨᠡᠶᠢᠲᠡ ᠶᠢᠨ | ᠲᠣᠰᠠᠯᠠᠮᠵᠢ ᠶᠢ ᠬᠦᠷᠳᠡᠯ᠎ᠠ ᠪᠠᠭᠳᠠᠭᠠᠵᠠᠢ᠃ ᠮᠣᠩᠭᠤᠯ ᠣᠯᠣᠰ ᠤᠨ ᠲᠡᠯᠡᠬᠡᠢ ᠳᠤ ᠪᠦᠷᠢᠳᠭᠡᠯ ᠲᠠᠢ ᠪᠡᠶᠡᠲᠦ ᠪᠣᠰᠣ | ᠦᠪ ᠪᠣᠯᠬᠤ ᠴᠣᠭᠤᠷ᠂ ᠪᠦᠷᠭᠦᠳ ᠤᠨ ᠠᠪ᠂ ᠲᠣᠣᠯᠢ ᠬᠠᠶᠢᠯᠠᠬᠤ᠂ ᠣᠷᠠᠨ ᠪᠢᠴᠢᠯᠭᠡ ᠵᠡᠷᠭᠡ ᠵᠦᠢᠯ ᠤᠳ ᠢ ᠲᠣᠲᠣ | ᠲᠤᠪᠤᠭᠤᠷ ᠢᠯᠠᠳᠭᠡᠨ᠂ ᠮᠣᠩᠭᠤᠯ ᠵᠠᠩ ᠦᠢᠯᠡ ᠶᠢᠨ ᠨᠡᠭᠡᠭᠡᠯᠲᠡ ᠲᠠᠢ ᠦᠷᠭᠦᠭᠡ ᠳᠤ ᠪᠠᠨ ᠮᠤᠩᠭᠤᠯ ᠤᠯᠠᠮᠵᠢᠯᠠᠯᠳᠤ | ᠡᠷ᠎ᠠ ᠶᠢᠨ ᠭᠤᠷᠪᠠᠨ ᠨᠠᠭᠠᠳᠤᠮ ᠤᠨ ᠵᠦᠢᠯᠠᠰ ᠵᠢᠴᠢ ᠱᠠᠭ᠎ᠠ ᠲᠤᠭᠯᠠᠭᠠᠮ ᠵᠡᠷᠭᠡ ᠶᠢ ᠦᠵᠡᠭᠦᠯᠦᠭᠰᠡᠨ ᠪᠠᠶᠢᠨ᠎ᠠ᠃ | ᠡᠭᠦᠨ ᠠᠴᠠ ᠭᠠᠳᠠᠨ᠎ᠠ᠂ ᠪᠠᠰᠠ ᠮᠣᠩᠭᠤᠯ ᠤᠯᠤᠰ ᠲᠤ ᠪᠠᠶᠢᠭ᠎ᠠ ᠬᠤᠪᠣᠷ ᠴᠣᠬᠠᠭ ᠠᠮᠢᠲᠠᠨ ︵ᠴᠣᠬᠤᠷ ᠢᠷᠪᠢᠰ᠂ | ᠮᠠᠵᠠᠭᠠᠯᠠᠢ᠂ ᠲᠠᠬᠢ᠂ ᠬᠠᠪᠲᠠᠭᠠᠢ ᠵᠡᠷᠭᠡ︶ ᠵᠢᠭᠦᠷᠲᠡᠨ᠂ ᠡᠪᠡᠰᠦ ᠣᠷᠭᠤᠮᠠᠯ ᠤᠳ᠂ ᠲᠡᠯᠡᠬᠡᠢ ᠶᠢᠨ ᠨᠡᠷᠡᠲᠦ | ᠡᠷᠲᠡᠮᠲᠡᠨ ᠤ ᠪᠦᠲᠦᠭᠡᠯ᠂ ᠬᠠᠭᠤᠴᠢᠨ ᠤ ᠡᠯ᠎ᠡ ᠬᠠᠭᠠᠳ ᠤᠨ ᠬᠦᠷᠦᠭ ᠵᠢᠷᠤᠭ ᠵᠡᠷᠭᠡ ᠲᠡᠣᠬᠡ ᠰᠣᠶᠣᠯ ᠤᠨ | ᠲᠠᠨᠢᠯᠴᠠᠭᠤᠯᠭ᠎ᠠ ᠵᠢᠴᠢ ᠰᠣᠷᠭᠠᠭᠤᠯᠢ ᠪᠠ ᠪᠠᠭᠰᠢ ᠰᠣᠷᠣᠭᠴᠢᠳ ᠤᠨ ᠡᠯ᠎ᠡ ᠵᠦᠢᠯ ᠤᠨ ᠱᠠᠩᠨᠠᠯ ᠬᠦᠬᠢᠭᠦᠯᠦᠯ ᠤᠳ ᠢ | ᠲᠡᠯᠭᠡᠨ ᠦᠵᠡᠭᠦᠯᠵᠠᠢ᠃ | ᠬᠢᠴᠢᠶᠡᠯ ᠪᠣᠯᠪᠠᠰᠣᠷᠠᠯ ᠤᠨ ᠬᠤᠪᠢ ᠳᠤ ᠰᠤᠷᠭᠠᠭᠤᠯᠢ ᠳᠤ ᠪᠠᠰᠠ ᠰᠣᠷᠣᠭᠴᠢᠳ ᠲᠤ ᠬᠤᠭᠤᠯᠠ ᠬᠢᠬᠦ ᠶᠢ | ᠵᠢᠭᠠᠳᠠᠬ ᠲᠤᠰᠬᠠᠢ ᠬᠢᠢᠴᠶᠡᠯᠯᠡᠭᠡ ᠲᠠᠢ᠃ ᠲᠣᠰ ᠬᠢᠴᠢᠶᠡᠯᠯᠡᠭᠡ ᠶᠢ ᠭᠠᠷᠠᠭ ᠲᠤ ᠬᠤᠶᠠᠷ ᠴᠠᠭ ᠢᠶᠠᠷ ᠲᠠᠷᠠᠭᠠᠯᠠᠨ | ᠵᠢᠭᠠᠲᠠᠭ ᠪᠦᠭᠡᠳ ᠲᠣᠰᠬᠠᠢ ᠬᠢᠨᠠᠯᠲᠠ ᠪᠠ ᠰᠢᠯᠭᠠᠷᠠᠭᠤᠯᠣᠯᠲᠠ ᠬᠢᠵᠦ ᠦᠨᠡᠯᠡᠲᠡᠭ᠃ ᠡᠭᠦᠨ ᠳᠤ ᠤᠯᠠᠨ ᠵᠦᠢᠯ ᠤᠨ | ᠴᠠᠢ᠂ ᠱᠦᠯᠦ ᠪᠤᠴᠠᠯᠭᠠᠬᠤ᠂ ᠬᠤᠭᠤᠯᠠ ᠬᠢᠭᠦ ᠪᠠ ᠪᠣᠣᠪᠤ ᠬᠠᠭᠠᠷᠢᠬᠤ᠂ ᠴᠠᠭᠠᠰᠢᠯᠠᠨ ᠭᠠᠲᠠᠭᠠᠲᠦ ᠶᠢᠨ ᠬᠤᠭᠤᠯᠠ | ᠵᠠᠭᠤᠰᠢᠨ ᠤ ᠲᠣᠬᠠᠢ ᠴᠤ ᠵᠢᠭᠠᠲᠠᠭ᠃ ᠡᠭᠦᠨ ᠠᠴᠠ ᠭᠠᠳᠠᠨ᠎ᠠ ᠪᠠᠰᠠ ᠤᠯᠠᠨ ᠵᠦᠢᠯ ᠤᠨ ᠤᠨᠴᠠᠯᠢᠬᠳᠦ ᠵᠢᠭᠠᠨ | ᠰᠤᠷᠭᠠᠬᠤ ᠠᠩᠬᠢ ᠪᠠᠶᠢᠳᠠᠬ᠃ ᠵᠢᠱᠢᠶᠠᠯᠠᠪᠠᠯ᠄ ᠵᠠᠭᠪᠣᠷ ᠤᠨ ᠠᠩᠬᠢ — ᠵᠠᠭᠪᠤᠷ ᠵᠣᠬᠢᠶᠠᠨ ᠪᠦᠲᠦᠭᠡᠬᠦ | ᠴᠢᠭᠯᠡᠯ ᠢᠶᠠᠷ ᠭᠠᠷᠠᠭ ᠲᠤ ᠬᠤᠶᠠᠷ ᠣᠲᠠᠭ᠎ᠠ ᠬᠤᠶᠠᠷ ᠴᠠᠭ ᠢᠶᠠᠷ ᠵᠢᠭᠠᠲᠠᠭ᠃ ᠡᠭᠦᠨ ᠳᠤ ᠬᠤᠪᠴᠠᠰᠤ ᠡᠰᠭᠡᠬᠦ᠂ | ᠮᠠᠰᠢᠨ ᠢᠶᠠᠷ ᠬᠤᠪᠴᠠᠰᠤ ᠣᠶᠣᠬᠤ᠂ ᠵᠠᠭᠪᠣᠷ ᠡᠮᠦᠰᠬᠦ ᠪᠠ ᠦᠪᠡᠷᠰᠡᠳ ᠢᠶᠠᠨ ᠲᠦᠰᠦᠪᠯᠡᠨ ᠰᠢᠨ᠎ᠡ ᠵᠠᠭᠪᠣᠷ ᠡᠭᠦᠳᠬᠦ | ᠵᠡᠷᠭᠡ ᠠᠭᠤᠯᠭ᠎ᠠ ᠲᠠᠢ ᠪᠠᠶᠢᠵᠤ ᠪᠠᠰᠠ ᠵᠠᠭᠪᠣᠷ ᠤᠨ ᠤᠷᠤᠯᠲᠣᠭᠠᠨ ᠲᠠᠢ᠂ ᠡᠭᠦᠨ ᠢ ᠪᠠᠨ ᠲᠣᠰᠬᠠᠢ ᠰᠤᠪᠠᠬ ᠢᠶᠠᠷ | ᠨᠠᠪᠳᠠᠷᠠᠭᠦᠯᠳᠡᠭ᠃ ᠭᠠᠷ ᠤᠷᠠᠯᠠᠯ ᠤᠨ ᠠᠩᠭᠢ — ᠮᠠᠰᠢᠨ ᠤ ᠲᠤᠨᠤᠭ ᠵᠠᠰᠠᠵᠦ ᠰᠡᠯᠪᠢᠬᠦ᠂ ᠰᠠᠯᠭᠠᠵᠦ ᠣᠭᠰᠠᠷᠠᠬᠤ | ᠵᠡᠷᠭᠡ ᠣᠯᠠᠨ ᠬᠡᠯᠪᠡᠷᠢ ᠪᠠᠷ ᠵᠢᠭᠠᠨ ᠰᠤᠷᠭᠠᠯᠳᠠ ᠪᠠᠨ ᠶᠠᠪᠤᠭᠳᠠᠭᠤᠯᠳᠠᠬ᠃ ᠰᠤᠷᠤᠭᠴᠢ ᠶᠢᠨ ᠬᠢᠭᠰᠡᠨ ᠮᠠᠰᠢᠨ᠂ | ᠣᠩᠭᠤᠴᠠ ᠵᠡᠷᠭᠡ ᠶᠢ ᠰᠢᠯᠭᠠᠷᠠᠭᠤᠯᠲᠠᠭ᠃ ᠲᠡᠯᠡᠬᠡᠢ ᠶᠢᠨ ᠰᠢᠲᠠᠷ᠎ᠠ ᠶᠢᠨ ᠠᠩᠬᠢ — ᠰᠣᠷᠣᠭᠴᠢ ᠶᠢᠨ ᠲᠡᠰᠪᠦᠷᠢ | ᠲᠠᠪᠴᠢᠶᠠᠷᠢ᠂ ᠰᠡᠳᠬᠢᠨ ᠪᠣᠲᠣᠬᠤ ᠴᠢᠲᠠᠪᠣᠷᠢ ᠵᠡᠷᠭᠡ ᠶᠢ ᠬᠦᠭᠵᠢᠭᠦᠯᠬᠦ ᠪᠠ ᠪᠠᠶᠢᠭᠠᠯᠢ ᠶᠢᠨ ᠰᠢᠨᠵᠢᠯᠡᠬᠦ ᠣᠬᠠᠭᠠᠨ ᠢ | ᠬᠦᠭᠵᠢᠭᠦᠯᠬᠦ ᠪᠠᠷ ᠵᠤᠷᠢᠯᠭ᠎ᠠ ᠪᠤᠯᠭᠠᠵᠠᠢ᠃ | ᠡᠩ ᠤᠨ ᠬᠢᠴᠢᠶᠡᠯ ᠨᠢ 40 ᠮᠢᠨᠦ᠋ᠲ᠂ ᠪᠠᠭ᠎ᠠ ᠪᠣᠯᠪᠠᠰᠣᠷᠠᠯ ᠤᠨ ᠠᠩᠬᠢ ︵ᠨᠢᠭᠡ ᠤᠨ ᠡᠲᠦᠷ ᠲᠤ 4 | ᠬᠢᠴᠢᠶᠡᠯ︶ ᠡᠲᠦᠷ ᠲᠤ 6 ᠬᠢᠴᠢᠶᠡᠯ ᠲᠠᠢ᠂ ᠰᠠᠭᠤᠷᠢ ᠪᠣᠯᠪᠠᠰᠤᠷᠠᠯ ᠤᠨ ᠠᠩᠬᠢ ᠨᠢ 7 ᠬᠢᠴᠢᠶᠡᠯ᠂ ᠠᠬᠠᠯᠠᠭᠴᠢ | ᠠᠩᠬᠢ 8 ᠬᠢᠴᠢᠶᠡᠯ ᠪᠠ ᠡᠷᠲᠡ ᠤᠷᠤᠢ ᠶᠢᠨ ᠲᠠᠪᠲᠠᠯᠭ᠎ᠠ ᠲᠠᠢ ᠪᠠᠶᠢᠳᠠᠬ᠃ ᠪᠠᠭ᠎ᠠ ᠪᠣᠯᠪᠠᠰᠣᠷᠠᠯ ᠤᠨ ᠠᠩᠬᠢ ᠨᠢ | ᠭᠤᠣᠯᠲᠠᠭᠤ ᠬᠡᠯᠡ᠂ ᠲᠤᠭ᠎ᠠ᠂ ᠲᠠᠮᠢᠷ᠂ ᠵᠢᠷᠤᠭ᠂ ᠬᠦᠭᠵᠢᠮ᠂ ᠢᠷᠭᠡᠨ ᠤ ᠪᠣᠯᠪᠠᠰᠣᠷᠠᠯ᠂ ᠣᠷᠠᠯᠢᠭ᠂ ᠬᠦᠮᠦᠨ | ᠣᠷᠴᠢᠨ ᠵᠡᠷᠭᠡ ᠬᠢᠴᠢᠶᠡᠯ ᠲᠦᠷᠦᠯ ᠤᠳ ᠢ ᠨᠡᠭᠡᠭᠡᠲᠡᠭ᠃ ᠰᠣᠷᠭᠠᠭᠤᠯᠢ ᠶᠢᠨ ᠬᠢᠨᠢ ᠰᠠᠭᠰᠣᠨ ᠪᠦᠮᠪᠦᠭᠡ᠂ ᠬᠦᠯ | ᠪᠦᠮᠪᠦᠭᠡ᠂ ᠭᠠᠷ ᠪᠦᠮᠪᠦᠭᠡ ᠵᠡᠷᠭᠡ ᠶᠢᠨ ᠪᠦᠮᠪᠤᠭᠡᠨ ᠮᠠᠷᠭᠡᠵᠢᠯ ᠳᠤ ᠪᠠᠨ ᠰᠠᠶᠢᠨ ᠪᠠᠶᠢᠳᠠᠬ ᠴᠦ ᠡᠯ᠎ᠡ ᠵᠦᠢᠯ ᠤᠨ ᠪᠦᠬᠡ | ᠪᠠ ᠨᠢᠲᠣᠷᠭᠠᠨ ᠲᠡᠮᠡᠴᠡᠭᠡᠨ ᠵᠡᠷᠭᠡ ᠪᠠᠷ ᠵᠠᠬ᠎ᠠ ᠶᠢᠨ ᠪᠣᠰᠣᠳ ᠰᠣᠷᠭᠠᠭᠤᠯᠢ ᠳᠤ ᠬᠦᠷᠬᠦ ᠦᠭᠡᠢ ᠪᠠᠶᠢᠳᠠᠬ ᠭᠡᠨ᠎ᠡ᠃ | ᠲᠤᠭ᠎ᠠ᠂ ᠬᠢᠮᠢ᠂ ᠹᠢᠽᠢᠺ᠂ ᠠᠮᠢᠲᠦ ᠪᠣᠲᠠᠰ ᠵᠡᠷᠭᠡ ᠬᠢᠴᠢᠶᠡᠯ ᠲᠦᠷᠦᠯ ᠤᠨ ᠲᠣᠰᠬᠠᠢ ᠠᠩᠭᠢ ᠲᠠᠢ᠂ | ᠰᠣᠷᠣᠭᠴᠢᠳ ᠦᠪᠡᠷ ᠤᠨ ᠰᠠᠶᠢᠨ ᠳᠤᠷ᠎ᠠ ᠠᠴᠠ ᠪᠠᠨ ᠠᠩᠬᠢ ᠰᠣᠩᠭᠤᠨ ᠰᠣᠷᠣᠯᠴᠠᠲᠠᠭ᠂ ᠲᠣᠰ ᠠᠩᠬᠢ ᠨᠢ ᠭᠤᠣᠯ | ᠲᠦᠷᠦᠯ ᠤᠨ ᠬᠢᠴᠢᠶᠡᠯ ᠢᠶᠠᠨ ᠪᠣᠰᠣᠳ ᠠᠩᠬᠢ ᠠᠴᠠ 3~4 ᠴᠠᠭ ᠢᠯᠡᠭᠦᠦ ᠬᠢᠴᠢᠶᠡᠯᠯᠡᠲᠡᠭ᠃ ᠠᠩᠭ᠍ᠯᠢ ᠬᠡᠯᠡᠨ ᠤ | ᠲᠣᠰᠬᠠᠢ ᠲᠡᠭᠡᠭᠰᠢᠯᠡᠭᠦᠯᠦᠯᠲᠡ ᠶᠢᠨ ᠠᠩᠬᠢ᠂ ᠲᠣᠭᠠᠨ ᠤ ᠣᠬᠠᠭᠠᠨ ᠤ ᠰᠢᠯᠢᠲᠡᠭ ᠠᠩᠬᠢ᠂ ᠺᠣᠮᠫᠢᠦ᠋ᠲ᠋ᠧᠷ ᠤᠨ ᠠᠩᠬᠢ | ᠭᠡᠵᠦ ᠪᠠᠶᠢᠨ᠎ᠠ᠃ ᠪᠠᠭᠰᠢ ᠪᠣᠯᠭᠠᠨ ᠭᠠᠷᠠᠭ ᠲᠤ 19 ᠴᠠᠭ ᠬᠢᠴᠢᠶᠡᠯ ᠵᠢᠭᠠᠳᠠᠬ᠂ ᠡᠭᠦᠨ ᠠᠴᠠ ᠪᠠᠨ ᠢᠯᠡᠭᠦᠦ | ᠬᠢᠴᠢᠶᠠᠯ ᠵᠢᠭᠠᠬᠤ ᠳᠤ ᠭᠦᠷᠪᠡᠯ ᠱᠠᠩᠨᠠᠯ ᠲᠠᠢ᠃ ᠠᠬᠠᠯᠠᠬᠤ ᠠᠩᠬᠢ ᠨᠢ ᠲᠤᠷ᠎ᠠ ᠪᠠᠬ᠎ᠠ ᠪᠠᠨ ᠦᠨᠳᠤᠰᠤᠯᠠᠨ ᠠᠩᠬᠢ | ᠬᠤᠪᠢᠶᠠᠵᠤ᠂ ᠭᠠᠷᠠᠭ ᠲᠤ 35 ᠴᠠᠭ ᠤᠨ ᠬᠢᠴᠢᠶᠡᠯ ᠲᠠᠢ᠂ ᠡᠭᠦᠨ ᠳᠤ 12 ᠴᠠᠭ ᠤᠨ ᠬᠢᠴᠢᠶᠡᠯ ᠢ ᠨᠢ ᠵᠠᠪᠠᠯ | ᠰᠣᠲᠣᠯᠬᠤ ᠬᠢᠴᠢᠶᠡᠯ ᠪᠣᠯᠭᠠᠵᠦ᠂ 23 ᠴᠠᠭ ᠤᠨ ᠬᠢᠴᠢᠶᠡᠯ ᠢ ᠨᠢ ᠰᠣᠩᠭᠤᠨ ᠰᠣᠲᠣᠯᠬᠤ ᠬᠢᠴᠢᠶᠡᠯ ᠢᠶᠠᠷ | ᠲᠤᠬᠢᠷᠠᠭᠤᠯᠵᠠᠢ᠃ ᠲᠦᠷᠰᠦᠯᠡᠯ᠂ ᠣᠷᠠᠯᠢᠭ᠂ ᠬᠦᠭᠵᠢᠮ᠂ ᠭᠠᠵᠠᠷ ᠵᠦᠢ ᠶᠢᠨ ᠬᠢᠴᠢᠶᠡᠯ ᠢᠶᠠᠨ ᠬᠤᠶᠠᠷ ᠴᠠᠭ ᠢᠶᠠᠷ | ᠵᠠᠯᠭᠠᠨ ᠬᠢᠴᠢᠶᠡᠯᠯᠡᠲᠡᠭ ᠮᠦᠷᠲᠡᠭᠡᠨ ᠢᠡᠭᠬᠢᠭᠦ ᠨᠢ ᠦᠷ᠎ᠡ ᠠᠰᠢᠭ ᠲᠠᠢ ᠬᠢᠴᠢᠶᠡᠯ ᠪᠤᠯᠤᠨ᠎ᠠ ᠭᠡᠵᠦ ᠦᠵᠡᠲᠡᠭ᠃ | ᠵᠢᠭᠠᠨ ᠰᠣᠷᠭᠠᠯᠲᠠ ᠶᠢᠨ ᠬᠤᠪᠢ ᠳᠤ᠂ ᠰᠣᠷᠭᠠᠭᠤᠯᠢ ᠨᠢ ᠪᠠᠭᠰᠢ ᠨᠠᠷ ᠤᠨ ᠰᠣᠷᠣᠯᠭ᠎ᠠ ᠶᠢᠨ ᠬᠤᠭᠤᠴᠠᠭᠠᠨ ᠤ | ᠠᠵᠢᠯᠯᠠᠭ᠎ᠠ ᠪᠠ ᠲᠠᠰᠬᠠᠯ ᠤᠨ ᠴᠠᠭ ᠢ ᠲᠣᠭᠲᠠᠭᠠᠨ᠎ᠠ᠃ ᠵᠢᠭᠠᠨ ᠰᠣᠷᠭᠠᠯᠲᠠ ᠶᠢᠨ ᠡᠭᠦᠷᠭᠡ ᠬᠠᠷᠢᠭᠤᠴᠠᠯᠭ᠎ᠠ ᠪᠠ | ᠪᠡᠶᠡᠯᠡᠭᠦᠯᠬᠦ ᠵᠦᠢᠯ ᠢᠶᠠᠨ ᠣᠷᠢᠲᠠᠪᠡᠷ ᠲᠣᠰᠢᠶᠠᠲᠠᠭ᠃ ᠠᠵᠢᠯᠯᠠᠭ᠎ᠠ ᠪᠣᠯᠭᠠᠨ ᠳᠤ ᠤᠯᠠᠨ ᠰᠣᠷᠣᠭᠴᠢᠳ ᠢ | ᠣᠷᠣᠯᠴᠠᠭᠤᠯᠬᠤ ᠶᠢ ᠵᠣᠷᠢᠲᠠᠭ᠂ ᠰᠣᠷᠣᠭᠴᠢᠳ ᠨᠢ ᠡᠯ᠎ᠡ ᠠᠵᠢᠯᠯᠠᠭ᠎ᠠ ᠪᠠᠨ ᠪᠠᠭ ᠢᠶᠠᠷ ᠨᠢᠭᠡᠴᠢᠯᠡᠨ ᠠᠵᠢᠯᠯᠠᠭᠤᠯᠲᠠᠭ | ᠮᠦᠷᠲᠡᠭᠡᠨ ᠪᠠᠭᠰᠢ ᠨᠠᠷ ᠨᠢ ᠪᠠᠭ ᠢᠶᠠᠷ ᠠᠵᠢᠯᠯᠠᠲᠠᠭ᠃ ᠪᠦᠬᠦ ᠰᠣᠷᠭᠠᠭᠤᠯᠢ ᠶᠢᠨ ᠦᠵᠡᠭᠦᠯᠤᠯᠭᠡ ᠶᠢᠨ ᠬᠢᠴᠢᠶᠡᠯ ᠢ | ᠮᠦᠨ ᠪᠠᠭ ᠢᠶᠠᠷ ᠢᠶᠠᠨ ᠣᠷᠣᠯᠴᠠᠵᠦ ᠪᠡᠯᠡᠳᠭᠡᠨ᠎ᠡ᠃ | ᠪᠠᠶᠢᠭᠠᠯᠢ ᠣᠷᠴᠢᠨ᠂ ᠡᠬᠡ ᠬᠡᠯᠡ ᠪᠠᠨ ᠬᠠᠶᠢᠷᠠᠯᠠᠬᠤ ᠬᠦᠮᠦᠵᠢᠯ᠂ ᠬᠦᠮᠦᠨ ᠲᠠᠢ ᠬᠠᠷᠢᠯᠴᠠᠬᠤ᠂ ᠬᠦᠨᠲᠦᠯᠡᠵᠦ | ᠮᠡᠨᠲᠦᠯᠡᠬᠦ ᠶᠣᠰᠣ ᠵᠠᠩᠰᠢᠯ ᠵᠡᠷᠭᠡ ᠶᠢ ᠬᠢᠴᠢᠶᠡᠯ ᠲᠦᠷᠦᠯ ᠪᠣᠯᠭᠠᠨ ᠳᠤ ᠠᠭᠤᠰᠬᠠᠨ ᠵᠢᠭᠠᠬᠤ ᠶᠢ ᠰᠣᠷᠲᠠᠯᠴᠢᠯᠠᠲᠠᠭ᠃ | ︽ᠮᠢᠩᠭ᠎ᠠ ᠰᠣᠨᠣᠰᠬᠤ ᠪᠠᠷ ᠨᠢᠭᠡ ᠬᠠᠷ᠎ᠠ︾ ᠭᠡᠲᠡᠭᠴᠢᠯᠠᠨ᠂ ᠲᠠᠳᠠ ᠰᠣᠷᠣᠭᠴᠢᠳ ᠤᠨ ᠪᠣᠲᠠᠲᠠᠢ ᠣᠷᠣᠯᠲᠤᠯᠭᠠ ᠶᠢ | ᠬᠦᠨᠲᠦᠳᠭᠡᠳᠡᠭ᠃ | ᠬᠢᠴᠢᠶᠡᠯ ᠰᠣᠨᠣᠰᠣᠭᠰᠠᠨ ᠪᠠᠶᠢᠲᠠᠯ ᠠᠴᠠ ᠦᠵᠡᠪᠡᠯ᠄ | ᠽᠨᠨᠪᠠᠭ ᠪᠠᠭᠰᠢ ᠶᠢᠨ ᠣᠷᠠᠨ ᠵᠣᠬᠢᠶᠠᠯ ᠤᠨ ᠬᠢᠴᠢᠶᠡᠯ ︵ᠨᠠᠢᠮᠠ ᠶᠢᠨ ᠠ᠊ ᠪᠦᠯᠦᠭᠯᠡᠯ︶ ᠨᠢ ᠢᠷᠠᠭᠤ | ᠨᠠᠶᠢᠷᠠᠭᠴᠢ ᠳ᠋ᠠᠨᠽᠠᠨ ᠤ ᠨᠢᠮᠠᠰᠦ᠋ᠷᠦᠩ ᠤᠨ ︽ᠰᠡᠳᠬᠢᠯ ᠳᠤ ᠲᠡᠮᠡᠣᠯᠡᠭᠴᠢ︾ ᠪᠠ ︽ᠣᠨ ᠣᠨ ᠵᠢᠯ ᠤᠨ ᠲᠠᠷᠠᠭ᠎ᠠ︾ | ᠰᠢᠯᠦᠭ ᠤᠨ ᠣᠳᠬ᠎ᠠ᠂ ᠬᠡᠯᠡ ᠨᠠᠶᠢᠷᠠᠭᠤᠯᠭ᠎ᠠ ᠶᠢ ᠵᠠᠲᠠᠯᠣᠨ ᠰᠢᠨᠵᠢᠯᠡᠵᠦ᠂ ᠰᠢᠯᠦᠭ ᠤᠨ ᠣᠳᠬ᠎ᠠ ᠶᠢ ᠣᠶᠢᠯᠠᠭᠠᠬᠤ᠂ | ᠨᠢᠭᠡᠳᠬᠡᠨ ᠳ᠋ᠦᠩᠨᠡᠬᠦ ᠵᠡᠷᠭᠡ ᠠᠯᠬᠤᠮ ᠢᠶᠠᠷ ᠵᠤᠬᠢᠶᠠᠯ ᠤᠨ ᠠᠮᠳᠠ ᠰᠢᠮᠳᠠ ᠶᠢ ᠮᠡᠲᠡᠷᠡᠨ᠂ ᠲᠠᠨᠢᠯ ᠪᠣᠰᠣ ᠦᠭᠡ ᠶᠢ | ᠬᠠᠮ ᠣᠷᠴᠢᠨ ᠳᠤ ᠨᠢ ᠲᠠᠭᠠᠮᠠᠭᠯᠠᠬᠤ ᠪᠠ ᠲᠣᠯᠢ ᠪᠢᠴᠢᠭ ᠠᠰᠢᠭᠯᠠᠨ ᠤᠢᠢᠯᠠᠭᠠᠨ ᠡᠵᠠᠮᠰᠢᠵᠤ᠂ ᠦᠭᠡ | ᠪᠦᠲᠦᠭᠡᠪᠦᠷᠢ ᠶᠢ ᠵᠠᠲᠠᠯᠣᠨ ᠰᠢᠨᠵᠢᠯᠡᠬᠦ᠂ ᠰᠡᠲᠦᠪ ᠰᠣᠩᠭᠤᠬᠤ᠂ ᠰᠡᠲᠦᠪ ᠤᠨ ᠠᠭᠤᠯᠭ᠎ᠠ ᠶᠢᠨ ᠲᠤᠬᠠᠢ ᠠᠩᠬᠠᠨ ᠤ | ᠲᠦᠰᠦᠪ ᠪᠢᠴᠢᠬᠦ᠂ ᠰᠡᠲᠦᠪ ᠤᠨ ᠲᠠᠭᠠᠤ ᠵᠣᠬᠢᠶᠠᠨ ᠨᠠᠶᠢᠷᠠᠭᠤᠯᠬᠤ ᠶᠢᠨ ᠲᠣᠯᠠᠲᠠ ᠠᠰᠠᠭᠤᠯᠲᠠ ᠪᠠᠷ ᠬᠦᠳᠦᠯᠭᠦ ᠵᠡᠷᠭᠡ | ᠠᠷᠭ᠎ᠠ ᠠᠯᠬᠤᠮ ᠤᠳ ᠢ ᠠᠪᠴᠦ ᠭᠠᠭᠴᠠ ᠰᠡᠲᠦᠪ ᠢᠶᠠᠷ ᠪᠢᠰᠢ᠂ ᠭᠤᠷᠪᠠᠨ ᠰᠡᠲᠦᠪ ᠢᠶᠠᠷ ᠪᠦᠬᠦ ᠰᠣᠷᠣᠭᠴᠢᠳ ᠢ | ᠬᠠᠮᠤᠷᠤᠭᠰᠠᠨ ᠬᠠᠩᠭᠠᠯᠲᠠᠲᠠᠢ ᠬᠢᠴᠢᠶᠡᠯᠯᠡᠭᠡ ᠶᠢ ᠬᠢᠭᠰᠡᠨ ᠪᠠᠶᠢᠨ᠎ᠠ᠃ ᠰᠢᠯᠦᠭ ᠲᠤ — ᠣᠨ ᠣᠨ ᠵᠢᠯ ᠤᠨ | ᠲᠠᠷᠠᠭ᠎ᠠ ᠣᠲᠣᠳ ᠬᠡᠪ ᠢᠶᠠᠷ ᠭᠢᠯᠠᠯᠵᠠᠨ᠎ᠠ᠂ ᠣᠨ ᠣᠨ ᠵᠢᠯ ᠤᠨ ᠲᠠᠷᠠᠭ᠎ᠠ ᠬᠠᠷᠢᠨ ᠪᠢ ᠪᠠᠶᠢᠬᠤ ᠦᠭᠡᠢ ᠪᠠᠶᠢᠨ᠎ᠠ᠂ | ᠴᠢᠨᠣ ᠨᠢᠯᠪᠣᠰᠣ ᠶᠢ ᠠᠯᠠᠭᠠᠨ ᠳᠤ ᠪᠠᠨ ᠲᠣᠰᠣᠭᠠᠵᠦ᠂ ᠴᠢᠭᠢᠭ ᠲᠠᠢ ᠭᠠᠷ ᠢᠶᠠᠷ ᠬᠠᠴᠠᠷ ᠢ ᠴᠢᠨᠢ ᠡᠩᠬᠦᠷᠡᠶᠢᠯᠡᠵᠦ᠂ | ᠶᠠᠭᠠᠬᠢᠵᠦ ᠯᠡ ᠰᠢᠣ ᠲᠠᠨᠣᠰ ᠢ ᠦᠰᠭᠡᠯᠡ ᠳ᠋ᠡ᠂ ᠬᠤᠩᠭᠤᠷ ᠦᠬᠢᠳ ᠮᠢᠨᠢ᠂ ᠶᠠᠭ ᠲᠡᠷᠡ ᠶᠠᠩᠵᠦ ᠪᠠᠷ ᠢᠶᠠᠨ᠂ | ᠡᠪᠡᠰᠦᠨ ᠤ ᠦᠵᠦᠭᠦᠷ ᠲᠤ ᠰᠢᠭᠦᠲᠡᠷᠢ ᠪᠣᠯᠵᠦ᠂ ᠦᠯᠮᠡᠢ ᠶᠢ ᠴᠢᠨᠢ ᠣᠭᠢᠶᠠᠵᠦ ᠠᠷᠭᠠᠲᠠᠶᠠ᠂ ᠤᠨ ᠤᠨ ᠵᠢᠯ ᠤᠨ | ᠲᠠᠷᠠᠭ᠎ᠠ ᠁ ᠭᠡᠬᠦ ᠢᠷᠠᠭᠤ ᠪᠠᠲᠠᠭ ᠤᠳ ᠢ ᠬᠡᠯᠭᠢᠭᠰᠡᠨ ᠪᠠᠶᠢᠨ᠎ᠠ᠃ ᠡᠨᠡ ᠬᠦ ᠬᠠᠶᠢᠷ᠎ᠠ ᠪᠢᠯᠬᠠᠭᠰᠠᠨ | ᠰᠡᠳᠬᠢᠯᠭᠡ ᠶᠢᠨ ᠣᠷᠴᠢᠨ ᠳᠤ ᠰᠢᠵᠢᠮ ᠢᠶᠠᠨ ᠬᠡᠯᠬᠢᠵᠦ ︽ᠢᠷᠡᠭᠰᠡᠨ ᠭᠡᠶᠢᠴᠢᠳ ᠪᠣᠴᠠᠲᠠᠭ︾᠂ ︽ᠡᠴᠢᠭᠡ ᠲᠡᠭᠷᠢ︾ | ᠂ ︽ᠡᠲᠦᠭᠡᠨ ᠡᠬᠡ︾ ᠭᠡᠬᠦ ᠤᠳᠬ᠎ᠠ ᠲᠡᠭᠦᠯᠲᠡᠷ ᠭᠤᠷᠪᠠᠨ ᠰᠡᠲᠦᠪ ᠤᠨ ᠠᠯᠢ ᠨᠢᠭᠡᠨ ᠢ ᠰᠣᠩᠭᠤᠵᠦ ᠵᠤᠬᠢᠶᠠᠨ | ᠪᠢᠴᠢᠭᠦᠯᠦᠭᠰᠡᠨ ᠨᠢ ᠮᠠᠰᠢ ᠰᠠᠶᠢᠨ ᠵᠤᠬᠢᠴᠠᠯ ᠢᠶᠠᠨ ᠣᠯᠣᠭᠰᠠᠨ ᠪᠠᠶᠢᠨ᠎ᠠ᠃ ᠠᠭᠤᠣ ᠶᠡᠭᠡ ᠡᠴᠢᠭᠡ ᠡᠬᠡ ᠶᠢᠨ | ᠬᠠᠶᠢᠷ᠎ᠠ ᠠᠴᠠ ᠰᠢᠵᠢᠮᠯᠡᠨ ᠬᠦᠮᠦᠨ ᠤ ᠣᠷᠴᠢᠯᠠᠩ ᠤᠨ ᠤᠴᠠᠷᠠᠯ ᠲᠠᠪᠢᠯᠠᠩ ᠤᠨ ᠮᠦᠩᠬᠡ ᠪᠣᠰᠣ ᠪᠠ ᠮᠣᠩᠭᠤᠯᠴᠣᠳ | ᠬᠦᠬᠡ ᠮᠦᠩᠬᠡ ᠲᠡᠭᠷᠢ᠂ ᠬᠦᠷᠦᠰᠦᠲᠦ ᠠᠯᠲᠠᠨ ᠲᠡᠯᠡᠬᠡᠢ ᠪᠠᠨ ᠰᠢᠲᠦᠲᠡᠭ ᠤᠨ ᠭᠦᠨ ᠲᠠᠯᠲᠠ ᠣᠳᠬ᠎ᠠ ᠴᠢᠨᠠᠷ ᠢ | ᠮᠡᠲᠡᠭᠦᠯᠵᠦ᠂ ᠣᠷᠮ᠎ᠠ ᠰᠠᠳᠬᠢᠯᠭᠡ᠂ ᠣᠴᠢᠷ ᠶᠣᠰᠤ᠂ ᠣᠷᠠᠯᠠᠨ ᠪᠦᠲᠦᠭᠡᠬᠦ ᠶᠢᠨ ᠪᠣᠯᠵᠣᠯ ᠢ ᠬᠠᠩᠭᠠᠵᠠᠢ᠃ | ᠰᠣᠷᠣᠭᠴᠢᠳ ᠤᠨ ᠬᠤᠪᠢ ᠳᠤ᠂ ᠦᠪᠡᠷ ᠤᠨ ᠣᠶᠢᠯᠠᠭᠠᠯᠲᠠ ᠪᠠ ᠪᠣᠲᠣᠯ ᠰᠠᠨᠠᠭ᠎ᠠ ᠪᠠᠨ ᠰᠢᠭᠤᠳ ᠢᠯᠠᠳᠭᠡᠨ ︽ | ᠠᠮᠢᠲᠣᠷᠠᠯ ᠪᠣᠯ ᠠᠴᠢᠶᠠᠲᠠᠢ ᠪᠠᠶᠢᠲᠠᠭ ᠶᠣᠮ︾ ᠵᠡᠷᠭᠡ ᠵᠦᠢᠷ ᠰᠡᠴᠡᠨ ᠦᠭᠡ᠂ ᠬᠡᠯᠡᠴᠡ ᠶᠢ ᠶᠡᠭᠡ ᠡᠪᠲᠡᠢ ᠬᠡᠷᠡᠭᠯᠡᠵᠦ | ᠪᠠᠶᠢᠨ᠎ᠠ᠃ ᠰᠣᠷᠣᠭᠴᠢᠳ ᠮᠠᠰᠢ ᠦᠷᠭᠡᠨ ᠢᠶᠠᠷ ᠰᠡᠳᠬᠢᠮᠵᠢᠯᠡᠨ ᠪᠣᠲᠣᠵᠦ ᠪᠢᠴᠢᠭᠰᠡᠨ ᠨᠢ ᠰᠣᠨᠢᠷᠬᠠᠯᠲᠠᠢ᠃ ᠭᠡᠷ ᠤᠨ | ᠲᠠᠭᠠᠭᠠᠯᠭᠠᠪᠣᠷᠢ ᠳᠤ ᠮᠦᠨ ᠨᠢᠮᠠᠰᠦ᠋ᠷᠦᠩ ᠤᠨ ︽ᠡᠲᠦᠷ ᠪᠣᠯᠭᠠᠨ ᠪᠢ︾ ᠭᠡᠭᠦ ᠰᠢᠯᠦᠭ ᠢ ᠣᠩᠰᠢᠬᠤ ᠶᠢᠨ ᠲᠠᠭᠠᠣ | ᠴᠡᠭᠡᠵᠢᠯᠡᠬᠦ ᠶᠢ ᠲᠤᠰᠢᠶᠠᠪᠠ᠃ ᠳ᠋ᠦᠩᠨᠡᠯᠲᠡ ᠳᠤ ᠬᠦᠮᠦᠨ ᠲᠦᠷᠦᠯᠬᠢᠲᠡᠨ ᠤ ᠠᠮᠢᠲᠣᠷᠠᠯ ᠤᠨ ᠣᠷᠲᠦ ᠴᠣᠪᠣᠭ᠎ᠠ ᠶᠢ | ᠪᠣᠭᠤᠨ ᠤ ᠴᠣᠪᠣᠭ᠎ᠠ ᠬᠢᠭᠡᠳ ᠬᠦᠮᠦᠨ ᠰᠤᠶᠣᠯ ᠳᠤ ᠬᠠᠨᠲᠤᠭᠤᠯᠵᠦ ᠵᠦᠢᠷᠯᠡᠨ ᠳ᠋ᠦᠩᠨᠡᠯᠲᠡ ᠬᠢᠭᠰᠡᠨ ᠨᠢ ᠠᠮᠵᠢᠯᠲᠠᠲᠠᠢ | ᠪᠣᠯᠵᠦ᠂ ᠳ᠋ᠦᠩᠨᠡᠯᠲᠡ ᠶᠢ ᠮᠠᠯᠠᠭᠠᠶᠢᠲᠠᠵᠦ ᠳ᠋ᠦᠩᠨᠡᠭᠰᠡᠨ ᠪᠣᠰᠣ ᠬᠠᠷᠢᠨ ᠲᠠᠬᠢᠨ ᠰᠡᠳᠬᠢᠨ ᠪᠣᠲᠣᠯᠬᠢᠯᠠᠬᠤ ᠵᠠᠢ ᠲᠠᠯᠪᠢᠨ | ᠶᠠᠪᠣᠭᠲᠠᠭᠤᠯᠵᠠᠢ᠃ ᠣᠷᠠᠨ ᠵᠣᠬᠢᠶᠠᠯ ᠤᠨ ᠬᠢᠴᠢᠶᠡᠯ ᠳᠤ ᠰᠠᠮᠪᠠᠷ᠎ᠠ ᠲᠦᠭᠦᠷᠡᠩ ᠭᠠᠷᠴᠠᠭ ᠪᠢᠴᠢᠭᠰᠡᠨ ᠪᠢᠰᠢ᠂ ᠬᠠᠷᠢᠨ | ᠰᠢᠯᠦᠭ ᠤᠨ ᠠᠭᠤᠯᠭ᠎ᠠ ᠠᠴᠠ ᠵᠣᠬᠢᠶᠠᠨ ᠪᠦᠲᠦᠭᠡᠬᠦ ᠶᠢᠨ ᠣᠩᠭᠤᠳ ᠢ ᠬᠦᠲᠦᠯᠵᠦ᠂ ᠠᠮᠢᠲᠣᠷᠠᠯ ᠠᠴᠠ ᠰᠡᠲᠦᠪᠯᠡᠨ | ᠵᠣᠬᠢᠶᠠᠮᠵᠢ ᠶᠢ ᠲᠦᠰᠦᠪᠯᠡᠬᠦ ᠳᠤ ᠬᠦᠲᠦᠯᠦᠭᠰᠡᠨ ᠨᠢ ᠭᠠᠶᠢᠬᠠᠯᠲᠠᠢ᠃ | ᠪᠣᠶᠠᠨᠬᠡᠰᠢᠭ ᠪᠠᠭᠰᠢ ᠶᠢᠨ ︵ᠲᠣᠯᠤᠭ᠎ᠠ ᠶᠢᠨ ᠪᠠ᠊ ᠪᠦᠯᠦᠭᠯᠡᠯ︶ ᠢᠷᠭᠡᠨ ᠤ ᠪᠣᠯᠪᠠᠰᠣᠷᠠᠯ ᠤᠨ ᠬᠢᠴᠢᠶᠡᠯ ︵80 | ᠮᠢᠨᠦ᠋ᠲ ᠤᠨ ᠬᠢᠴᠢᠶᠡᠯ ᠢ 40 ᠮᠢᠨᠦ᠋ᠲ ᠪᠣᠯᠭᠠᠨ ᠵᠢᠭᠠᠭᠰᠠᠨ︶ ᠨᠢ ︽ᠪᠠᠶᠢᠭᠠᠯᠢ ᠤᠷᠴᠢᠨ ᠢᠶᠠᠨ ᠬᠠᠶᠢᠷᠠᠯᠠᠨ | ᠬᠠᠮᠠᠭᠠᠯᠠᠬᠤ ᠲᠠᠯ᠎ᠠ ᠳᠤ ᠪᠢᠳᠠ ᠶᠠᠭᠤ ᠬᠢᠪᠠ︖︾ ᠭᠡᠲᠡᠭ ᠰᠡᠲᠦᠪ ᠢᠶᠠᠷ ᠤᠳᠤᠷᠢᠳᠬᠠᠯ ᠪᠤᠯᠭᠠᠵᠤ | ᠰᠣᠷᠣᠭᠴᠢᠳ ᠢᠶᠠᠨ ᠭᠤᠷᠪᠠᠨ ᠪᠦᠯᠦᠭ ᠲᠤ ᠬᠤᠪᠢᠶᠠᠨ᠂ ᠠᠮᠢᠲᠣᠷᠠᠯ ᠤᠨ ᠵᠢᠱᠢᠶ᠎ᠡ ᠪᠠᠷᠢᠮᠲᠠ ᠪᠠᠷ ᠨᠣᠲᠠᠯᠠᠭᠤᠯᠬᠤ ᠶᠢ | ᠵᠣᠷᠢᠵᠦ᠂ ᠪᠠᠶᠢᠭᠠᠯᠢ ᠣᠷᠴᠢᠨ ᠢ ᠬᠠᠮᠠᠭᠠᠯᠠᠬᠤ ᠶᠢᠨ ᠣᠯᠠᠮᠵᠢᠯᠠᠯᠲᠦ ᠠᠷᠭ᠎ᠠ᠂ ᠬᠠᠮᠠᠭᠠᠯᠠᠬᠤ ᠦᠢᠯᠡ ᠠᠵᠢᠯᠯᠠᠭ᠎ᠠ᠂ | ᠪᠠᠶᠢᠭᠠᠯᠢ ᠶᠢ ᠪᠣᠬᠢᠷᠲᠤᠭᠤᠯᠣᠭᠰᠠᠨ ᠵᠦᠢᠯ᠂ ᠬᠡᠷᠬᠢᠨ ᠬᠠᠮᠠᠭᠠᠯᠠᠬᠤ ᠪᠠ ᠠᠰᠠᠭᠤᠲᠠᠯ ᠢ ᠬᠡᠷᠬᠢᠨ ᠰᠢᠢᠳᠪᠦᠷᠢᠯᠡᠬᠦ ᠬᠢᠭᠡᠳ | ᠬᠦᠰᠡᠯ ᠢᠶᠠᠨ ᠪᠡᠶᠡᠯᠡᠭᠦᠯᠬᠦ ᠡᠷᠡᠮᠡᠯᠵᠡᠯ ᠢ ᠲᠠᠯᠪᠢᠭᠰᠠᠨ ᠪᠠᠶᠢᠨ᠎ᠠ᠃ ᠡᠭᠦᠨ ᠳᠤ ᠰᠣᠷᠣᠭᠴᠢᠳ ᠲᠣᠩ ᠢᠲᠡᠪᠬᠢᠲᠡᠢ | ᠣᠷᠣᠯᠴᠠᠵᠦ᠂ ᠦᠪᠡᠷ ᠦᠪᠡᠷ ᠤᠨ ᠬᠦᠰᠡᠯ ᠪᠣᠲᠣᠯ ᠢᠶᠠᠨ ᠢᠯᠡᠳᠭᠡᠭᠰᠡᠨ ᠪᠠᠶᠢᠨ᠎ᠠ᠃ ᠵᠢᠱᠢᠶᠡᠯᠡᠪᠡᠯ᠄ ︽ᠭᠤᠣᠯ ᠤᠨ | ᠣᠰᠣᠨ ᠳᠤ ᠬᠤᠪᠴᠠᠰᠣ ᠣᠭᠢᠶᠠᠬᠤ ᠦᠭᠡᠢ︾᠂ ︽ᠭᠠᠵᠠᠷ ᠬᠦᠨᠲᠡᠬᠦ ᠦᠭᠡᠢ ᠭᠡᠵᠦ ᠮᠣᠩᠭᠤᠯ ᠭᠤᠲᠣᠯ ᠤᠨ | ᠬᠤᠩᠰᠢᠶᠠᠷ ᠡᠷᠲᠡᠭᠡᠷ ᠪᠠᠶᠢᠲᠠᠭ︾᠂ ︽ᠬᠤᠣᠵᠣᠯᠠ ᠲᠡᠭᠦᠬᠦ ᠳᠤ ᠪᠠᠨ ᠴᠡᠴᠡᠭ ᠣᠷᠭᠤᠭᠰᠠᠨ ᠬᠤᠣᠵᠣᠯᠠ ᠶᠢ | ᠲᠡᠭᠦᠲᠡᠭ ᠦᠭᠡᠢ︾ ᠭᠡᠭᠦ ᠪᠣᠶᠣ ᠤᠷᠴᠢᠨ ᠲᠤᠭᠤᠷᠢᠨ ᠢ ᠬᠠᠮᠠᠭᠠᠯᠠᠬᠤ ᠲᠣᠬᠠᠢ ᠶᠠᠷᠢᠬᠤ ᠳᠤ ᠪᠠᠨ ᠪᠠᠭ ᠢᠶᠠᠷ | ᠨᠢᠭᠡᠴᠢᠯᠡᠨ ᠬᠤᠭ ᠲᠡᠭᠦᠬᠦ᠂ ᠠᠩ ᠠᠪ ᠢ ᠬᠤᠷᠢᠭᠯᠠᠬᠤ᠂ ᠭᠠᠯ ᠲᠦᠢᠮᠡᠷ᠂ ᠮᠣᠲᠣ ᠣᠭᠲᠣᠯᠬᠤ᠂ ᠠᠯᠲᠠ | ᠣᠭᠢᠶᠠᠬᠤ ᠶᠢ ᠬᠤᠷᠢᠭᠯᠠᠬᠤ ᠵᠡᠷᠭᠡ ᠣᠯᠠᠨ ᠲᠠᠯ᠎ᠠ ᠪᠠᠷ ᠶᠠᠷᠢᠭᠰᠠᠨ ᠪᠠᠶᠢᠨ᠎ᠠ᠃ ᠭᠡᠷ ᠤᠨ ᠲᠠᠭᠠᠭᠠᠯᠭᠠᠪᠣᠷᠢ ᠳᠤ ᠮᠦᠨ | ᠪᠠᠶᠢᠭᠠᠯᠢ ᠣᠷᠴᠢᠨ ᠢ ᠬᠠᠮᠠᠭᠠᠯᠠᠬᠤ ᠳᠤ ᠶᠠᠮᠠᠷ ᠶᠠᠮᠠᠷ ᠲᠦᠷᠢᠮ ᠲᠤᠭᠳᠠᠭᠠᠯ ᠭᠠᠷᠭᠠᠪᠠᠯ ᠵᠣᠬᠢᠬᠤ ᠲᠣᠬᠠᠢ | ᠪᠤᠳᠤᠯᠬᠢᠯᠠᠬᠤ ᠨᠢ ᠮᠠᠰᠢ ᠣᠶᠢᠯᠠᠭᠠᠮᠵᠢᠲᠠᠢ ᠵᠦᠢᠯ ᠪᠣᠯᠵᠠᠢ᠃ | ᠰᠣᠷᠭᠠᠭᠤᠯᠢ ᠨᠢ ︽ᠱᠠᠪᠢ ᠲᠦᠪ ᠤᠨ ᠰᠣᠷᠭᠠᠯ︾ ᠢ ᠬᠡᠷᠡᠭᠵᠢᠭᠦᠯᠲᠡᠭ ᠮᠦᠷᠲᠡᠭᠡᠨ ︽ᠪᠠᠭ ᠤᠨ ᠠᠵᠢᠯᠯᠠᠭ᠎ᠠ︾ | ᠶᠢ ᠴᠢᠬᠤᠯᠠᠴᠢᠯᠠᠨ᠂ ︵ᠬᠠᠮᠤᠭ ᠤᠨ ᠪᠣᠭᠤᠨᠢ ᠨᠡᠷ᠎ᠡ ᠲᠠᠢ ᠰᠣᠷᠣᠭᠴᠢ︶ ︵ᠶᠠᠮᠠᠷ ᠬᠤᠪᠴᠠᠰᠦ ᠲᠠᠢ ᠭᠡᠤᠬᠡᠳ | ᠶᠠᠷᠢᠭᠠᠷᠠᠢ︶ ᠪᠦᠬᠦ ᠰᠣᠷᠣᠭᠴᠢ ᠳᠤ ᠬᠠᠨᠲᠤᠵᠦ᠂ ᠬᠦᠮᠦᠨ ᠪᠣᠯᠭᠠᠨ ᠢ ᠣᠷᠣᠯᠴᠠᠭᠤᠯᠲᠠᠭ᠃ ︽ᠦᠨᠡᠯᠡᠭᠡᠨ ᠤ | ᠬᠠᠭᠤᠲᠠᠰᠣ︾᠂ ︽ᠠᠵᠢᠯ ᠤᠨ ᠬᠠᠭᠤᠲᠠᠰᠤ︾᠂ ︽ᠦᠵᠡᠭᠦᠯᠭᠡ ᠶᠢᠨ ᠬᠠᠭᠤᠲᠠᠰᠦ︾ ᠵᠡᠷᠭᠡ ᠶᠢ ᠵᠢᠭᠠᠨ | ᠰᠣᠷᠭᠠᠯᠲᠠ ᠳᠤ ᠪᠠᠶᠢᠩᠭᠤ ᠬᠡᠷᠡᠭᠯᠡᠲᠡᠭ᠃ ᠪᠠᠭᠰᠢ ᠶᠢᠨ ᠣᠪᠣᠷ ᠲᠦᠪ᠂ ᠦᠭᠡ ᠶᠠᠷᠢᠶ᠎ᠠ ᠨᠠᠮ ᠲᠣᠭᠲᠠᠭᠤᠨ᠂ ᠪᠠᠭᠰᠢ | ᠰᠣᠷᠣᠭᠴᠢ ᠶᠢᠨ ᠬᠠᠮᠵᠢᠯᠴᠠᠭ᠎ᠠ ᠡᠶᠡᠯᠰᠡᠭ ᠨᠠᠶᠢᠷᠠᠮᠲᠠᠭᠤ᠂ ᠬᠢᠴᠢᠶᠡᠯ ᠤᠨ ᠲᠠᠩᠬᠢᠮ ᠤᠨ ᠠᠭᠤᠷ ᠠᠮᠢᠰᠬᠤᠯ ᠪᠠᠶᠠᠷ | ᠬᠦᠷ ᠲᠠᠢ᠂ ᠵᠢᠭᠠᠨ ᠰᠣᠷᠭᠠᠯᠲᠠ ᠶᠢᠨ ᠨᠠᠷᠢᠨ ᠠᠪᠣᠴᠠᠯᠲᠣᠯ ᠪᠠ ᠶᠠᠪᠣᠴᠠ ᠶᠢ ᠣᠨᠴᠠ ᠠᠩᠬᠠᠷᠲᠠᠭ ᠵᠡᠷᠭᠡ ᠠᠯᠢ | ᠣᠯᠠᠨ ᠰᠠᠶᠢᠨ ᠰᠠᠶᠢᠬᠠᠨ ᠠᠷᠭ᠎ᠠ ᠲᠣᠷᠰᠢᠯᠭ᠎ᠠ ᠠᠴᠠ ᠨᠢ ᠰᠣᠷᠣᠯᠴᠠᠭᠰᠠᠨ ᠪᠠᠶᠢᠨ᠎ᠠ᠃ | | ᠬᠠᠶ᠋ᠢᠬ᠄ ᠪᠠᠷᠠᠭᠤᠨ ᠦᠵᠦᠮᠦᠴᠢᠨ ᠬᠤᠰᠢᠭᠤᠨ ᠤ ᠵᠢᠭᠠᠬᠤ ᠶᠢ ᠰᠣᠲᠣᠯᠬᠤ ᠲᠠᠰᠤᠭ | ︵ᠡᠾᠦ᠋ᠩ ᠮᠸᠢ ᠨᠠᠶᠢᠷᠠᠭᠤᠯᠪᠠ︶ | 2018 ᠣᠨ ᠤ 8 ᠳ᠋ᠤᠭᠠᠷ ᠬᠤᠭᠤᠴᠠᠭ᠎ᠠ |