ᠪᠠᠶᠠᠨ᠋ᠧᠴᠢᠷ | ᠨᠢᠭᠡ᠂ ᠰᠣᠳᠣᠯᠭᠠᠨ ᠬᠢᠭᠰᠡᠨ ᠶᠠᠪᠤᠴᠠ | 1. ᠬᠦᠵᠦᠷ ᠲᠣᠭᠯᠠᠭᠠᠮ ᠢᠶᠠᠷ ᠵᠢᠭᠠᠬᠤ ᠪᠣᠳᠣᠯ ᠤᠷᠤᠭᠰᠠᠨ | 1995 ᠣᠨ ᠳᠤ ᠠᠵᠢᠯ ᠤᠨ ᠱᠠᠭᠠᠷᠳᠠᠯᠭ᠎ᠠ ᠠᠴᠠ ᠪᠤᠯᠵᠤ ᠪᠢ ᠬᠤᠷᠴᠢᠨ ᠪᠠᠷᠠᠭᠤᠨ ᠭᠠᠷᠣᠨ ᠲᠣᠮᠳᠠᠳᠣ | ᠬᠤᠰᠢᠭᠤᠨ ᠤ ᠬᠠᠷᠠᠨᠠᠭᠤᠷ ᠰᠣᠷᠭᠠᠭᠤᠯᠢ ᠶᠢᠨ ᠲᠦᠰᠢᠶᠡᠳᠦ ᠭᠠᠴᠠᠭᠠᠨ ᠤ ᠵᠢᠭᠠᠨ ᠰᠣᠷᠭᠠᠬᠤ ᠴᠡᠭ ᠲᠤ ᠠᠵᠢᠯ | ᠰᠢᠯᠵᠢᠭᠰᠡᠨ ᠶᠤᠮ᠃ ᠲᠣᠬᠠᠢ ᠶᠢᠨ ᠦᠶᠡᠰ 1~4 ᠳ᠋ᠣᠭᠡᠷ ᠣᠨ ᠳᠤ ᠨᠠᠶᠢᠳᠠ 46 ᠬᠡᠤᠭᠡᠳ ᠪᠠᠶᠢᠯ᠎ᠠ᠃ ᠨᠢᠭᠡ | ᠭᠤᠷᠪᠠᠳᠤᠭᠠᠷ ᠣᠨ ᠤ ᠬᠡᠦᠭᠡᠳ ᠢ ᠨᠢᠭᠡ ᠦᠷᠦᠭᠡᠨ ᠳᠤ ᠲᠠᠪᠬᠤᠷ ᠪᠦᠯᠦᠭ ᠢᠶᠠᠷ ᠬᠢᠴᠢᠶᠡᠯᠯᠡᠵᠦ᠂ ᠬᠤᠶᠠᠷ | ᠲᠦᠷᠪᠡᠳᠦᠭᠡᠷ ᠣᠨ ᠤ ᠬᠡᠦᠭᠡᠳ ᠢ ᠨᠦᠬᠦᠭᠡ ᠦᠷᠦᠭᠡᠨ ᠳᠤ ᠲᠠᠪᠬᠤᠷ ᠪᠦᠯᠦᠭ ᠢᠶᠠᠷ ᠬᠢᠴᠢᠶᠡᠯᠯᠡᠳᠡᠭ ᠪᠠᠶᠢᠪᠠ᠃ | ᠨᠢᠭᠡ ᠠᠩᠭᠢ ᠳᠤ ᠨᠢ ᠪᠠᠭᠰᠢ ᠬᠢᠴᠢᠶᠡᠯ ᠣᠷᠣᠪᠠᠯ ᠨᠦᠬᠦᠭᠡ ᠠᠩᠭᠢ ᠳᠤ ᠨᠢ ᠰᠣᠷᠣᠭᠴᠢᠳ ᠪᠡᠶ᠎ᠡ ᠪᠠᠨ ᠲᠠᠭᠠᠭᠠᠵᠣ | ᠲᠠᠰᠬᠠᠯ ᠢᠶᠠᠨ ᠬᠢᠳᠡᠭ᠃ ᠡᠶᠢᠮᠦᠷᠬᠦᠤ ᠪᠠᠶᠢᠳᠠᠯ ᠢᠶᠠᠷ ᠬᠢᠴᠢᠶᠡᠯᠯᠠᠵᠤ ᠪᠠᠶᠢᠬᠤ ᠳᠤ ᠨᠢᠭᠡᠨ ᠰᠤᠨᠢᠷᠬᠠᠯᠳᠠᠢ ᠣᠴᠢᠷ | ᠲᠠᠭᠠᠷᠠᠯᠳᠤᠵᠠᠢ᠃ ᠨᠢᠭᠡ ᠠᠩᠭᠢ ᠳᠤ ᠨᠢ ᠲᠠᠰᠬᠠᠯ ᠲᠣᠬᠢᠷᠠᠭᠤᠯᠵᠤ ᠨᠦᠬᠦᠭᠡ ᠠᠩᠭᠢ ᠳᠤ ᠨᠢ ᠬᠢᠴᠢᠶᠡᠯ ᠣᠷᠣᠭᠠᠳ | ᠪᠤᠴᠠᠵᠤ ᠦᠭᠭᠦ ᠳᠤ ᠲᠠᠰᠬᠠᠯ ᠲᠤᠬᠢᠷᠠᠭᠤᠯᠤᠭᠰᠠᠨ ᠠᠩᠬᠢ ᠶᠢᠨ ᠬᠡᠦᠭᠡᠳ ᠤᠳ ᠬᠦᠵᠦᠷ ᠲᠣᠭᠯᠠᠭᠠᠳ ᠬᠦᠭᠡᠷᠦᠯᠳᠣᠵᠦ | ᠪᠠᠶᠢᠪᠠ᠃ ᠪᠠᠭᠰᠢ ᠠᠴᠠ ᠡᠨᠡ ᠭᠦ ᠪᠠᠶᠢᠳᠠᠯ ᠢ ᠬᠤᠷᠢᠬᠯᠠᠬᠤ ᠳᠤ ᠲᠡᠲᠡ ᠲᠡᠮᠡᠢ ᠣᠶᠢᠰᠢᠶᠠᠬᠤ ᠦᠭᠡᠢ ᠮᠦᠷᠳᠡᠭᠡᠨ | ᠬᠦᠵᠦᠷ ᠫᠠᠢ ᠶᠢ ᠨᠢ ᠬᠤᠷᠢᠶᠠᠭᠠᠳ ᠠᠪᠴᠢᠬᠠᠬᠤ ᠳᠤ ᠲᠡᠯᠭᠡᠬᠦᠷ ᠲᠤ ᠬᠦᠷᠴᠦ ᠣᠴᠢᠭᠠᠳ ᠲᠠᠬᠢᠭᠠᠳ ᠯᠠ | ᠬᠤᠳᠠᠯᠳᠣᠭᠠᠳ ᠠᠪᠴᠢᠬᠠᠨ᠎ᠠ᠃ ᠶᠠᠭᠤ ᠶᠢ ᠰᠠᠭᠠᠲᠠᠭᠠᠭᠰᠠᠨ ᠴᠦ ᠬᠦᠵᠦᠷ ᠢ ᠯᠡ ᠶᠠᠭ ᠰᠠᠭᠠᠳᠠᠭᠠᠬᠤ ᠦᠭᠡᠢ ᠳᠤ | ᠠᠷᠭ᠎ᠠ ᠪᠠᠷᠠᠭᠳᠠᠵᠤ ᠨᠦᠢᠷ ᠬᠤᠭᠤᠯᠠ ᠦᠭᠡᠢ ᠪᠣᠯᠬᠤ ᠭᠡᠮᠵᠢᠶᠠᠨ ᠳᠤ ᠭᠦᠷᠴᠠᠢ᠃ ᠬᠡᠦᠭᠡᠳ ᠬᠦᠵᠦᠷ ᠲᠤ ᠰᠢᠨᠣᠬᠤ | ᠪᠣᠯᠣᠭᠰᠠᠨ ᠨᠢ ᠬᠡᠨ ᠨᠢᠭᠡᠨ ᠤ ᠬᠢᠨᠢ ᠠᠵᠢᠯ ᠢᠶᠠᠨ ᠰᠠᠶᠢᠨ ᠬᠢᠭᠰᠡᠨ ᠦᠭᠡᠢ ᠠᠴᠠ ᠪᠤᠯᠤᠭᠰᠠᠨ ᠴᠦ ᠪᠢᠯᠢᠦ ᠭᠡᠵᠦ | ᠪᠣᠳᠣᠯ᠎ᠠ᠃ ᠭᠡᠪᠡᠴᠦ ᠠᠬᠢᠭᠠᠳ ᠬᠦᠨᠵᠡᠭᠡᠢ ᠰᠢᠭ ᠪᠤᠳᠤᠯᠬᠢᠯᠠᠪᠠᠯ ᠡᠨᠡ ᠪᠣᠯ ᠬᠡᠦᠭᠡᠳ ᠤᠨ ᠲᠣᠷ᠎ᠠ ᠪᠠᠬ᠎ᠠ᠂ | ᠲᠣᠷ᠎ᠠ ᠳᠤ ᠨᠢ ᠲᠠᠭᠠᠷᠠᠭᠤᠯᠪᠠᠯ ᠶᠠᠭᠠᠬᠢᠳᠠᠭ ᠪᠣᠯ︖ ᠭᠡᠭᠦ ᠪᠤᠳᠤᠯ ᠲᠦᠷᠦᠭᠳᠡᠵᠦ ᠮᠣᠩᠭᠤᠯ ᠦᠰᠦᠭ ᠤᠨ | ᠦᠶ᠎ᠡ ᠶᠢᠨ ᠬᠦᠵᠦᠷ ᠬᠢᠶ᠎ᠠ ᠭᠡᠵᠤ ᠪᠤᠳᠤᠭᠰᠠᠨ ᠶᠤᠮ᠃ ᠨᠢᠭᠡᠳᠦᠭᠡᠷ ᠣᠨ ᠤ ᠬᠢᠴᠢᠶᠡᠯ ᠳᠤ ᠬᠢ ᠲᠠᠩ ᠦᠭᠡ ᠶᠢᠨ | ᠵᠢᠭᠠᠨ ᠰᠤᠷᠭᠠᠯᠳᠠ ᠳᠤ ᠬᠠᠷᠠᠭᠠᠯᠵᠠᠭᠤᠯᠵᠣ ᠨᠢᠭᠡ ᠨᠢᠭᠡ ᠦᠶ᠎ᠡ ᠪᠠᠷ ᠬᠦᠵᠦᠷ ᠬᠢᠭᠡᠳ ᠨᠠᠭᠠᠳᠣᠭᠤᠯᠵᠣ ᠦᠵᠡᠯ᠎ᠡ᠃ | ᠡᠬᠢᠨ ᠳᠤ ᠪᠠᠨ ᠬᠡᠦᠭᠡᠳ ᠲᠠᠮᠡᠢ ᠯᠠ ᠲᠣᠭᠤᠭᠰᠠᠨ ᠮᠠᠶ᠋ᠢᠭ ᠦᠭᠡᠢ ᠪᠠᠶᠢᠪᠠ᠃ ᠣᠬᠠᠭᠠᠨ ᠢ ᠨᠢ ᠣᠯᠣᠭᠰᠠᠨ ᠤ ᠪᠠᠨ | ᠲᠠᠷᠠᠭ᠎ᠠ ᠬᠡᠦᠭᠡᠳ ᠲᠤ ᠰᠣᠨᠢᠨ ᠭᠠᠶᠢᠬᠠᠯᠳᠠᠢ ᠰᠠᠨᠠᠭᠳᠠᠵᠤ᠂ ᠲᠡᠭᠡᠷ᠎ᠡ ᠲᠣᠣᠷ᠎ᠠ ᠣᠨ ᠦᠭᠡᠢ ᠪᠣᠯᠢᠶᠠᠯᠳᠣᠵᠣ | ᠨᠠᠭᠠᠳᠬᠤ ᠪᠣᠯᠵᠠᠢ᠃ ᠨᠠᠭᠠᠳᠣᠭᠰᠠᠭᠠᠷ ᠪᠠᠶᠢᠵᠣ ᠬᠡᠦᠭᠡᠳ ᠮᠣᠩᠭᠤᠯ ᠬᠡᠯᠡ ᠪᠠᠨ ᠰᠣᠷᠬᠤ ᠲᠣᠷᠠᠳᠠᠢ ᠪᠣᠯᠪᠠ᠃ | ᠬᠡᠯᠡᠨ ᠤ ᠪᠠᠨ ᠵᠢᠮ᠎ᠡ ᠶᠣᠰᠣ ᠶᠢ ᠨᠢ ᠮᠡᠳᠡᠭᠡᠳ ᠣᠴᠢᠷ ᠣᠬᠠᠭᠠᠨ ᠢ ᠨᠢ ᠰᠣᠪᠢᠵᠣ ᠣᠯᠣᠭᠠᠳ᠂ ᠣᠷᠮ᠎ᠠ ᠪᠠᠬ᠎ᠠ ᠨᠢ | ᠬᠦᠭᠵᠢᠭᠡᠳ ᠢᠷᠡᠯ᠎ᠡ᠃ ᠣᠳᠠᠯ ᠦᠭᠡᠢ ᠢᠷᠡᠬᠦ ᠵᠢᠯ ᠨᠢ ᠪᠣᠯᠵᠣ᠂ ᠪᠦᠬᠦ ᠲᠣᠭᠤᠷᠢᠭ ᠨᠢᠭᠡᠴᠢ ᠶᠢᠨ ᠵᠢᠯ ᠤᠨ | ᠡᠴᠦᠰ ᠤᠨ ᠰᠣᠷᠣᠯᠭ᠎ᠠ ᠶᠢᠨ ᠬᠢᠷᠢ ᠪᠦᠲᠦᠮᠵᠢ ᠶᠢ ᠦᠨᠡᠯᠡᠬᠦ ᠰᠢᠯᠭᠠᠯᠲᠠ ᠬᠦᠷᠦᠭᠡᠳ ᠢᠷᠡᠯ᠎ᠡ᠃ ︽ᠨᠡᠷᠡᠲᠡᠢ︾ | ᠪᠠᠶᠢᠭᠰᠠᠨ ᠰᠣᠷᠭᠠᠭᠤᠯᠢ ᠨᠡᠷᠡᠲᠦ ᠰᠣᠷᠭᠠᠭᠤᠯᠢ ᠪᠣᠯᠵᠣ ᠬᠤᠪᠢᠷᠠᠭᠠᠳ ᠣᠨ ᠨᠢᠭᠡᠴᠢ ᠳᠤ ᠪᠠᠨ ᠲᠡᠷᠢᠭᠦᠯᠡᠪᠠ᠃ | 2. ᠮᠣᠩᠭᠤᠯ ᠦᠶ᠎ᠡ ᠶᠢᠨ ᠲᠣᠭᠤᠷᠢᠭ ᠬᠦᠵᠦᠷ ᠢ ᠬᠢᠭᠰᠡᠨ | ︵1︶ ᠲᠣᠭᠤᠷᠢᠭᠤ ᠵᠠᠮ | ︽ᠲᠠᠰᠬᠠᠯ ᠳᠤ ᠲᠠᠷᠣᠭᠲᠠᠵᠣ ᠪᠠᠶᠢᠭᠰᠠᠨ ᠠᠴᠠ ᠪᠠᠨ ᠬᠦᠵᠦᠷ ᠲᠤ ᠪᠣᠯᠠᠭᠳᠠᠬᠤ ᠨᠢ ᠡ︕︾ ᠭᠡᠵᠦ ᠵᠠᠷᠢᠮ | ᠬᠦᠮᠦᠨ ᠤ ᠳᠠᠭᠠᠷᠢᠭᠤᠯᠵᠤ ᠬᠡᠯᠡᠵᠤ ᠪᠠᠶᠢᠭᠰᠠᠨ ᠨᠢ ᠣᠷᠣ ᠦᠭᠡᠢ ᠦᠭᠡ ᠪᠢᠰᠢ ᠶᠣᠮ᠃ ᠲᠣᠬᠠᠢ ᠶᠢᠨ ᠦᠶ᠎ᠡ ᠳᠤ | ᠴᠠᠭᠠᠨ ᠴᠠᠭᠠᠰᠤ ᠶᠢ ᠭᠤᠷᠪᠠ ᠪᠠᠷ ᠲᠠᠪᠬᠤᠷᠯᠠᠵᠤ ᠴᠠᠷᠳᠠᠵᠤ ᠨᠠᠭᠠᠭᠠᠳ ᠲᠦᠷᠪᠡᠯᠵᠢᠨ ᠬᠦᠵᠦᠷ ᠤᠨ ᠮᠠᠶ᠋ᠢᠭ ᠲᠠᠢ | ᠬᠠᠶᠢᠴᠢᠯᠠᠵᠤ ᠰᠠᠯᠭᠠᠭᠠᠳ᠂ ᠬᠢᠴᠢᠶᠡᠯ ᠤᠨ ᠦᠭᠡ ᠪᠠᠨ ᠰᠣᠩᠭᠤᠨ ᠲᠣᠭᠲᠠᠭᠠᠭᠰᠠᠨ ᠤ ᠲᠠᠷᠠᠭ᠎ᠠ ᠨᠢᠭᠡ ᠨᠢᠭᠡ | ᠦᠶ᠎ᠡ ᠪᠠᠷ ᠬᠦᠵᠦᠷ ᠲᠡᠭᠡᠷ᠎ᠡ ᠪᠢᠴᠢᠭᠡᠳ ᠬᠡᠦᠭᠡᠳ ᠢᠶᠠᠷ ᠢᠶᠠᠨ ᠲᠣᠭᠯᠠᠭᠤᠯᠵᠤ ᠨᠠᠭᠠᠳᠤᠭᠤᠯᠵᠤ ᠪᠠᠶᠢᠵᠠᠢ᠃ ᠬᠢᠴᠢᠶᠡᠯ | ᠪᠤᠯᠭᠠᠨ ᠳᠤ ᠨᠢᠭᠡ ᠠᠳᠬᠤ ᠬᠦᠵᠦᠷ ᠬᠢᠬᠦ ᠴᠢᠬᠤᠯᠠ ᠲᠠᠢ ᠪᠠᠶᠢᠭᠰᠠᠨ ᠠᠴᠠ ᠬᠡᠦᠭᠡᠳ ᠤᠳ ᠦᠨᠡᠭᠡᠷ ᠪᠣᠭᠴᠤ ᠨᠢ | ᠲᠦᠭᠦᠷᠠᠩ ᠬᠦᠵᠦᠷ ᠲᠠᠢ ᠪᠣᠯᠴᠢᠬᠠᠭᠠᠳ ᠪᠠᠶᠢᠪᠠ᠃ ᠪᠢᠳᠡ ᠰᠦᠨᠢ ᠶᠢᠨ ᠠᠷᠪᠠᠨ ᠬᠤᠶᠠᠷ ᠴᠠᠭ ᠪᠣᠯᠳᠠᠯ᠎ᠠ | ᠴᠠᠭᠠᠰᠤ ᠪᠠᠨ ᠨᠠᠭᠠᠨ᠎ᠠ᠂ ᠺᠠᠷᠲ ᠢᠶᠠᠨ ᠬᠠᠶᠢᠴᠢᠯᠠᠨ᠎ᠠ᠂ ᠦᠶ᠎ᠡ ᠪᠠᠨ ᠪᠢᠴᠢᠨ᠎ᠡ ᠁ ᠵᠠᠪ ᠲᠠᠢ ᠪᠣᠯ ᠬᠦᠵᠦᠷ ᠤᠨ | ᠲᠡᠭᠡᠷ᠎ᠡ ᠪᠠᠰᠠ ᠲᠦᠬᠦᠮᠬᠡᠨ ᠵᠢᠭᠢᠷᠢᠭ ᠵᠢᠷᠤᠭ ᠵᠢᠷᠤᠭᠠᠳ ᠦᠭᠴᠢᠬᠡᠳᠡᠭ ᠪᠠᠶᠢᠭᠰᠠᠨ ᠶᠤᠮ᠃ ᠲᠡᠷᠡ ᠦᠶ᠎ᠡ ᠠᠴᠠ | ᠡᠬᠢᠯᠡᠨ ︽ᠪᠣᠢ ᠪᠦᠬᠦᠢ ᠮᠣᠩᠭᠤᠯ ᠦᠭᠡ ᠶᠢ ᠴᠦᠮ ᠬᠤᠯᠪᠣᠵᠣ ᠪᠦᠲᠦᠭᠡᠵᠦ ᠲᠡᠶᠢᠯᠬᠦ ᠴᠢᠳᠠᠮᠵᠢ ᠲᠠᠢ ᠮᠣᠩᠭᠤᠯ | ᠬᠡᠯᠡᠨ ᠤ ᠬᠦᠵᠦᠷ ᠪᠠᠶᠢᠭᠰᠠᠨ ᠪᠣᠯ ᠬᠡᠴᠢᠨᠡᠨ ᠭᠤᠶᠤ ᠪᠢᠯᠡ︕︾ ᠭᠡᠬᠦ ᠪᠤᠳᠤᠯ ᠤᠷᠤᠭᠰᠠᠨ ᠪᠢᠯᠡ᠃ | ᠮᠠᠨ ᠤ ᠮᠣᠩᠭᠤᠯ ᠬᠡᠯᠡᠨ ᠤ ᠦᠶ᠎ᠡ ᠶᠢᠨ ᠪᠦᠲᠦᠴᠡ ᠠᠴᠠ ᠦᠵᠡᠪᠡᠯ᠂ ᠴᠠᠭᠠᠨ ᠲᠣᠯᠣᠭᠠᠢ ᠶᠢᠨ ᠣᠭ ᠲᠦᠷᠰᠦ | 112᠂ ᠭᠤᠷᠪᠠᠨ ᠬᠤᠪᠢᠷᠠᠯ ᠨᠡᠶᠢᠳᠡ 339 ᠥᠶ᠎ᠡ ᠪᠣᠢ᠃ ᠴᠠᠭᠠᠨ ᠲᠣᠯᠣᠭᠠᠢ ᠶᠢᠨ ᠡᠬᠢᠨ ᠳᠤ ᠣᠷᠣᠬᠤ ᠦᠶ᠎ᠡ | ᠪᠠ ᠲᠣᠮᠲᠠ ᠣᠷᠣᠬᠤ ᠦᠶ᠎ᠡ ᠶᠢᠨ ᠲᠠᠷᠠᠭ᠎ᠠ 11 ᠲᠡᠪᠢᠰᠭᠡᠷ ᠦᠰᠦᠭ ᠤᠨ 25 ᠲᠦᠷᠰᠦ ᠶᠢ ᠵᠠᠯᠭᠠᠪᠠᠯ ᠲᠠᠪᠢᠰᠭᠡᠷᠲᠦ | ᠦᠶ᠎ᠡ ᠡᠭᠦᠰᠦᠨ᠎ᠡ᠃ ᠲᠡᠪᠢᠰᠭᠡᠷᠲᠦ ᠦᠶ᠎ᠡ ᠶᠢᠨ ᠣᠭ ᠲᠦᠷᠰᠦ ᠨᠡᠶᠢᠳᠡ 1309᠂ ᠡᠭᠦᠨ ᠳᠤ ᠦᠭᠡ ᠡᠬᠢᠨ ᠳᠤ | ᠣᠷᠣᠬᠤ ᠨᠢ 1309᠂ ᠲᠣᠮᠲᠠ ᠪᠠ ᠠᠳᠠᠭ ᠲᠤ ᠣᠷᠣᠬᠤ ᠨᠢ ᠲᠤᠰ ᠲᠤᠰ 1155 ᠪᠠᠶᠢᠳᠠᠭ᠃ ᠡᠶᠢᠮᠥ ᠠᠴᠠ | ᠲᠡᠪᠢᠰᠭᠡᠷᠲᠦ ᠥᠶ᠎ᠡ ᠨᠡᠶᠢᠳᠡ 4928᠂ ᠭᠠᠯᠢᠭ ᠥᠶ᠎ᠡ ᠨᠡᠶᠢᠳᠡ 1800 ᠪᠠᠶᠢᠵᠤ᠂ ᠮᠣᠩᠭᠤᠯ ᠬᠡᠯᠡᠨ ᠤ ᠪᠦᠭᠦᠲᠡ | ᠦᠶ᠎ᠡ ᠨᠠᠶᠢᠯᠠᠭᠡᠳ 7179 ᠪᠠᠶᠢᠳᠠᠬ᠃ ᠡᠳᠡᠭᠡᠷ ᠥᠶ᠎ᠡ ᠨᠦᠭᠦᠳ ᠢ ᠪᠦᠭᠦᠨ ᠢ ᠬᠦᠵᠦᠷ ᠪᠣᠯᠭᠠᠵᠤ ᠬᠡᠦᠭᠡᠳ ᠲᠤ | ᠲᠣᠭᠯᠠᠭᠤᠯᠬᠤ ᠭᠡᠭᠴᠢ ᠪᠡᠶᠡᠯᠡᠭᠳᠡᠰᠢ ᠦᠭᠡᠢ ᠤᠴᠢᠷ ᠪᠤᠯᠬᠤᠷ ᠲᠥᠷᠰᠥ ᠶᠢᠨ ᠴᠣᠮᠬᠠᠳᠬᠠᠯ ᠬᠢᠬᠦ ᠠᠷᠭ᠎ᠠ ᠠᠪᠴᠤ | ᠲᠥᠷᠰᠥ ᠢᠵᠢᠯ ᠥᠶ᠎ᠡ ᠳᠤ ᠣᠯᠠᠨ ᠢ ᠨᠢᠭᠡ ᠪᠠᠷ ᠢᠯᠡᠳᠭᠡᠬᠦ ᠪᠠ ᠲᠡᠪᠢᠰᠭᠡᠷ ᠥᠰᠥᠭ ᠢ ᠰᠠᠯᠭᠠᠵᠣ᠂ ᠭᠠᠯᠢᠭ | ᠥᠶ᠎ᠡ ᠶᠢ ᠭᠠᠷᠭᠠᠬᠤ ᠠᠷᠭ᠎ᠠ ᠠᠪᠣᠭᠰᠠᠨ ᠤ ᠲᠠᠷᠠᠭ᠎ᠠ ᠠᠩᠬ᠎ᠠ 132 ᠲᠥᠷᠰᠥ ᠪᠠᠷ ᠲᠣᠭᠳᠠᠵᠣ ᠵᠠᠷᠢᠮ ᠥᠶ᠎ᠡ | ᠲᠠᠪᠳᠠᠵᠣ ᠣᠷᠣᠭᠰᠠᠨ ᠢᠶᠠᠷ ᠨᠡᠶᠢᠳᠡ 150 ᠺᠠᠷᠲ ᠲᠠᠢ ︽ᠮᠣᠩᠭᠤᠯ ᠥᠶ᠎ᠡ ᠶᠢᠨ ᠦᠨᠳᠦᠰᠦᠨ ᠬᠥᠵᠥᠷ︾ | ᠪᠦᠳᠦᠪᠡ᠃ ᠡᠨᠡ 150 ᠺᠠᠷᠲ ᠢᠶᠠᠷ ᠣᠯᠠᠩᠬᠢ ᠦᠭᠡ ᠶᠢ ᠴᠦᠮ ᠬᠤᠯᠪᠤᠵᠤ ᠪᠦᠲᠦᠭᠡᠵᠦ ᠴᠢᠳᠠᠳᠠᠭ ᠪᠠᠶᠢᠯ᠎ᠠ᠃ | ᠭᠡᠳᠡᠯ᠎ᠡ ᠣᠯᠠᠩᠬᠢ ᠦᠶ᠎ᠡ ᠨᠢ ᠬᠦᠵᠦᠷ ᠲᠤ ᠨᠢᠭᠡ ᠯᠡ ᠬᠠᠭᠤᠳᠠᠰᠣ ᠪᠠᠷ ᠣᠷᠣᠯᠴᠠᠭᠰᠠᠨ ᠲᠣᠯᠠ ᠦᠭᠡ ᠪᠦᠲᠦᠭᠦ ᠳᠤ | ᠲᠣᠩ ᠬᠦᠰᠢᠬᠦᠨ ᠪᠠᠶᠢᠪᠠ᠃ ᠡᠨᠡ ᠬᠦ ᠪᠠᠶᠢᠳᠠᠯ ᠢ ᠦᠭᠡᠷᠡᠴᠢᠯᠡᠬᠦ ᠶᠢᠨ ᠲᠦᠯᠦᠭᠡ ᠪᠢᠳᠡ ᠦᠭᠡ ᠬᠠᠷᠠᠭᠠᠯᠵᠠᠭᠤᠯᠬᠤ | ᠠᠷᠭ᠎ᠠ ᠠᠪᠴᠣ ︽ᠪᠦᠷᠢᠨ ᠴᠢᠳᠠᠯᠲᠣ ᠮᠣᠩᠭᠤᠯ ᠦᠶ᠎ᠠ ᠶᠢᠨ ᠬᠦᠵᠦᠷ︾ ᠢ ᠬᠢᠵᠡᠢ᠃ ᠬᠦᠵᠦᠷ ᠲᠤ ᠦᠶ᠎ᠡ ᠨᠦᠭᠦᠳ | ︵ᠴᠢᠬᠤᠯᠠ ᠪᠦᠬᠦᠢ ᠭᠡᠶᠢᠬᠦᠯᠦᠭᠴᠢ ᠦᠰᠦᠭ᠂ ᠭᠠᠯᠢᠭ ᠦᠰᠦᠭ᠂ ᠲᠡᠶᠢᠨ ᠢᠯᠭᠠᠯ᠂ ᠣᠯᠠᠨ ᠲᠤᠭ᠎ᠠ᠂ | ᠬᠠᠮᠢᠶᠠᠳᠠᠭᠤᠯᠬᠤ ᠲᠠᠭᠠᠪᠣᠷᠢ ᠨᠤᠭᠤᠳ ᠢ ᠲᠠᠭᠠᠭᠤᠯᠵᠣ ᠣᠷᠣᠭᠤᠯᠵᠠᠢ︶ ᠢ ᠠᠷᠪᠠᠨ ᠬᠠᠭᠤᠳᠠᠰᠤ ᠣᠷᠣᠭᠤᠯᠵᠤ᠂ | ᠨᠡᠶᠢᠲᠡ 3200 ᠺᠠᠷᠲ ᠲᠠᠢ ᠬᠦᠵᠦᠷ ᠦᠢᠯᠡᠳᠦᠭᠰᠡᠨ ᠪᠠᠶᠢᠯ᠎ᠠ᠃ ᠲᠣᠰ ᠺᠠᠷᠲ ᠪᠦᠬᠦ᠋ᠢᠯᠡ ᠮᠣᠩᠭᠤᠯ ᠦᠬᠡ ᠶᠢ | ᠬᠤᠯᠪᠣᠵᠣ ᠪᠦᠲᠦᠬᠡᠬᠦ ᠴᠢᠳᠠᠮᠵᠢ ᠲᠠᠢ ᠪᠣᠯᠬᠤᠷ ︽ᠪᠦᠷᠢᠨ ᠴᠢᠳᠠᠯᠳᠣ︾ ᠭᠡᠵᠤ ᠨᠡᠷᠡᠶᠢᠳᠪᠡ᠃ ᠡᠨᠡ ᠨᠢ ᠮᠦᠨ | ᠪᠣᠯᠪᠠᠰᠣᠷᠠᠬᠤ ᠦᠭᠡ ᠪᠠᠨ ᠲᠣᠭᠲᠠᠭᠠᠭᠰᠠᠨ ᠤ ᠲᠠᠷᠠᠭ᠎ᠠ ᠲᠣᠬᠠᠢ ᠶᠢᠨ ᠦᠭᠡᠨ ᠳᠤ ᠣᠷᠣᠯᠴᠠᠬᠤ ᠦᠶ᠎ᠡ ᠦᠰᠦᠭ ᠢ | ᠬᠦᠵᠦᠷ ᠺᠠᠷᠲ ᠤᠨ ᠲᠣᠳᠣᠷ᠎ᠠ ᠠᠴᠠ ᠰᠣᠩᠭᠤᠵᠣ ᠠᠪᠣᠭᠠᠳ ᠨᠢᠭᠡᠨ ᠠᠳᠬᠤ ᠬᠦᠵᠦᠷ ᠪᠣᠯᠭᠠᠵᠣ ᠲᠣᠭᠯᠠᠳᠠᠭ᠃ | ᠨᠡᠶᠢᠲᠡ 3200 ᠺᠠᠷᠲ ᠲᠠᠢ ᠬᠦᠵᠦᠷ ᠺᠠᠷᠲ ᠬᠡᠭᠴᠢ ᠮᠦᠨ ᠴᠦ ᠨᠢᠭᠡ ᠮᠣᠨᠳᠠᠭ ᠶᠠᠭᠤᠮ᠎ᠠ ᠲᠣᠯᠠ ᠠᠪᠴᠣ | ᠶᠠᠪᠣᠬᠤ ᠳᠤ ᠲᠦᠭᠦᠮ ᠦᠭᠡᠢ ᠪᠦᠭᠡᠳ ᠬᠦᠵᠦᠷ ᠺᠠᠷᠲ ᠤᠨ ᠲᠣᠲᠣᠷ᠎ᠠ ᠠᠴᠠ ᠬᠡᠷᠡᠭᠯᠡᠬᠦ ᠦᠶ᠎ᠡ ᠪᠠᠨ ᠡᠷᠢᠵᠦ | ᠣᠯᠬᠤ ᠨᠢ ᠴᠦ ᠬᠡᠲᠦᠷᠭᠡᠢ ᠶᠠᠷᠰᠢᠭ ᠲᠦᠪᠡᠭ ᠪᠣᠯᠣᠭᠠᠳ ᠬᠡᠷᠡᠭᠯᠡᠭᠳᠡᠬᠦ ᠪᠣᠯᠣᠮᠵᠢ ᠲᠣᠩ ᠲᠣᠣᠷ᠎ᠠ ᠭᠡᠳᠡᠭ ᠢ ᠲᠡᠷᠡ | ᠲᠣᠣᠷ᠎ᠠ ᠪᠠᠨ ᠰᠡᠷᠡᠵᠦ ᠮᠡᠳᠡᠭᠰᠡᠨ ᠶᠤᠮ᠃ ᠲᠡᠭᠡᠭᠡᠳ ᠬᠦᠵᠦᠷ ᠤᠨ ᠨᠢᠭᠤᠷ ᠬᠠᠭᠤᠳᠠᠰᠣ ᠶᠢ ᠶᠠᠭᠠᠬᠢᠵᠣ | ᠴᠤᠮᠬᠠᠳᠬᠠᠬᠤ ᠪᠠ ᠵᠢᠭᠠᠨ ᠰᠣᠷᠭᠠᠬᠤ ᠣᠭ ᠰᠠᠨᠠᠭ᠎ᠠ ᠶᠢ ᠶᠠᠭᠠᠬᠢᠵᠣ ᠢᠯᠡᠷᠡᠭᠦᠯᠦᠨ᠂ ᠬᠦᠵᠦᠷ ᠫᠠᠢ ᠶᠢᠨ ᠬᠤᠯᠪᠣᠵᠣ | ᠪᠦᠲᠦᠬᠦ ᠪᠣᠯᠣᠮᠵᠢ ᠨᠦᠬᠦᠴᠡᠯ ᠢ ᠶᠠᠭᠠᠬᠢᠵᠣ ᠬᠠᠮᠤᠭ ᠤᠨ ᠦᠨᠳᠦᠷ ᠲᠦᠪᠰᠢᠨ ᠳᠤ ᠬᠦᠷᠳᠡᠯ᠎ᠡ ᠲᠡᠭᠡᠭᠰᠢᠯᠡᠬᠦᠯᠬᠦ | ᠠᠰᠠᠭᠤᠳᠠᠯ ᠢ ᠬᠠᠯᠠᠰᠢᠷᠠᠯ ᠦᠭᠡᠢ ᠰᠦᠪᠡᠭᠴᠢᠯᠡᠭᠰᠡᠭᠡᠷ ᠢᠷᠠᠯ᠎ᠠ᠃ | ︵2︶ ᠰᠠᠨᠠᠭᠠᠨ ᠳᠤ ᠦᠭᠡᠢ ᠣᠯᠣᠯᠲᠠ | 2013 ᠣᠨ ᠤ ᠬᠠᠪᠣᠷ ᠤᠨ ᠨᠢᠭᠡᠨ ᠣᠷᠢᠨ ᠲᠣᠯᠠᠭᠠᠨ ᠡᠳᠦᠷ ᠪᠠᠶᠢᠯ᠎ᠠ᠃ ᠬᠢᠴᠢᠶᠡᠯ ᠤᠨ ᠵᠠᠪᠰᠠᠷᠯᠠᠭ᠎ᠠ ᠪᠠᠷ | ᠪᠢ ᠨᠠᠷᠠᠨ ᠡᠯᠢᠭᠡᠨ ᠳᠤ ᠬᠡᠦᠭᠡᠳ ᠤᠨ ᠴᠠᠭᠠᠰᠣᠨ ᠬᠠᠪᠳᠠᠰᠣ ᠴᠣᠬᠢᠵᠣ ᠨᠠᠭᠠᠳᠬᠤ ᠶᠢ ᠦᠵᠡᠵᠦ ᠴᠢᠯᠡᠭᠡ ᠲᠠᠶᠢᠯᠵᠤ | ᠵᠣᠭᠰᠣᠵᠣ ᠪᠠᠶᠢᠪᠠ᠃ ᠦᠵᠡᠭᠡᠳ ᠦᠵᠡᠭᠡᠳ ᠪᠠᠶᠢᠬᠤᠯᠠᠷ ᠨᠡᠳᠠ ᠶᠠᠭᠤ ᠨᠢᠭᠡ ᠶᠢ ᠪᠣᠳᠣᠭᠳᠠᠭᠤᠯᠪᠠ᠃ ︽ᠴᠠᠭᠠᠰᠣᠨ | ᠬᠠᠪᠲᠠᠰᠣ ᠲᠣᠭᠤᠷᠢᠭ ᠬᠡᠯᠪᠡᠷᠢᠲᠡᠢ᠂ ᠬᠦᠵᠦᠷ ᠤᠨ ᠨᠢᠭᠤᠷ ᠲᠦᠷᠪᠡᠯᠵᠢᠨ ᠬᠡᠯᠪᠡᠷᠢᠲᠡᠢ᠂ ᠬᠦᠵᠦᠷ ᠲᠤ ᠨᠢᠭᠡ ᠯᠡ | ᠲᠡᠮᠲᠡᠭ ᠦᠰᠦᠭ ᠲᠠᠢ᠂ ᠲᠡᠭᠦᠨ ᠢ ᠲᠣᠭᠤᠷᠢᠭ ᠬᠡᠯᠪᠡᠷᠢᠲᠡᠢ ᠪᠣᠯᠭᠠᠵᠣ ᠬᠤᠪᠢᠷᠠᠭᠤᠯᠪᠠᠯ ᠁︾ ᠭᠡᠵᠦ | ᠪᠤᠳᠤᠭᠰᠠᠨ ᠢᠶᠠᠨ ᠶᠠᠭᠠᠷᠠᠯᠳᠠᠢ ᠪᠠᠷ ᠠᠯᠪᠠᠨ ᠭᠡᠷ ᠢᠶᠠᠨ ᠴᠢᠭᠯᠡᠪᠡ᠃ ᠢᠩᠭᠢᠭᠡᠳ ᠲᠡᠮᠡᠢ ᠣᠳᠠᠯ ᠦᠭᠡᠢ ᠨᠢᠭᠡ | ᠬᠠᠭᠤᠳᠠᠰᠣᠨ ᠳᠤ ᠣᠯᠠᠨ ᠲᠡᠮᠲᠡᠭ ᠦᠰᠦᠭ ᠲᠠᠢ ︽ᠮᠣᠩᠭᠤᠯ ᠦᠶ᠎ᠡ ᠶᠢᠨ ᠲᠣᠭᠤᠷᠢᠭ ᠬᠦᠵᠦᠷ︾ ᠵᠣᠬᠢᠶᠠᠭᠳᠠᠭᠰᠠᠨ | ᠶᠣᠮ᠃ ︽ᠮᠣᠩᠭᠤᠯ ᠦᠶ᠎ᠡ ᠶᠢᠨ ᠲᠣᠭᠤᠷᠢᠭ ᠬᠦᠵᠦᠷ︾ ᠨᠢ ᠬᠦᠵᠦᠷ ᠤᠨ ᠨᠢᠭᠤᠷ ᠬᠠᠭᠤᠳᠠᠰᠤ ᠶᠢ ᠲᠤᠭᠤᠷᠢᠭ | ᠬᠡᠯᠪᠡᠷᠢ ᠲᠠᠢ ᠵᠢᠷᠤᠵᠤ ᠲᠦᠯᠦᠪᠯᠡᠨ᠂ ᠨᠢᠭᠡ ᠬᠠᠭᠤᠳᠠᠰᠤᠨ ᠳᠤ ᠣᠯᠠᠨ ᠲᠡᠮᠲᠡᠭ ᠦᠰᠦᠭ ᠢ ᠪᠠᠭᠲᠠᠭᠠᠭᠰᠠᠨ | ᠣᠨᠴᠠᠯᠢᠭ ᠲᠠᠢ᠃ ᠣᠯᠠᠮᠵᠢᠯᠠᠯᠳᠣ ᠬᠦᠵᠦᠷ ᠤᠨ 54 ᠬᠠᠭᠤᠳᠠᠰᠣ ᠶᠢᠨ ᠣᠨᠴᠠᠯᠢᠭ ᠰᠢᠨᠵᠢ ᠶᠢ ᠬᠠᠳᠠᠭᠠᠯᠠᠵᠣ ᠪᠣᠢ | ᠪᠦᠬᠦᠢ ᠦᠨᠳᠦᠰᠦᠨ ᠦᠭᠡ ᠶᠢ ᠪᠦᠷ ᠬᠤᠯᠪᠤᠵᠤ ᠪᠦᠲᠦᠭᠡᠵᠦ ᠴᠢᠳᠠᠨ᠎ᠠ᠃ ᠬᠦᠵᠦᠷ ᠤᠨ ᠨᠢᠭᠤᠷ ᠬᠠᠭᠤᠳᠠᠰᠤᠨ ᠤ | ᠵᠢᠷᠤᠭ ᠲᠦᠯᠦᠪᠯᠡᠭᠡ ᠶᠢᠨ ᠲᠠᠯ᠎ᠠ ᠪᠠᠷ ᠮᠣᠩᠭᠤᠯ ᠬᠡᠯᠡᠨ ᠤ ᠣᠨᠴᠠᠯᠢᠭ ᠰᠢᠨᠵᠢ ᠶᠢ ᠬᠠᠷᠠᠭᠤᠯᠵᠤ᠂ ᠵᠢᠭᠠᠬᠤ ᠪᠠ | ᠰᠤᠷᠬᠤ ᠶᠢᠨ ᠣᠭ ᠰᠠᠨᠠᠭ᠎ᠠ ᠶᠢ ᠬᠦᠢᠴᠡᠳ ᠢᠯᠡᠷᠡᠬᠦᠯᠵᠦ᠂ ᠰᠢᠨᠵᠢᠯᠡᠬᠦ ᠤᠬᠠᠭᠠᠨᠴᠢ ᠴᠢᠨᠠᠷ ᠬᠢᠭᠡᠳ ᠨᠠᠶᠢᠳᠠᠪᠤᠷᠢᠲᠤ | ᠴᠢᠨᠠᠷ ᠢ ᠪᠦᠷᠢᠯᠳᠦᠭᠦᠯᠦᠭᠰᠡᠨ ᠪᠠᠶᠢᠨ᠎ᠠ᠃ | ᠬᠤᠶᠠᠷ᠂ ᠰᠣᠳᠣᠯᠭᠠᠨ ᠤ ᠦᠨᠳᠦᠰᠦᠯᠡᠯ | 1. ᠬᠦᠵᠦᠷ ᠲᠣᠭᠯᠠᠭᠠᠮ ᠢᠶᠠᠷ ᠬᠡᠯᠡ ᠪᠢᠴᠢᠭ ᠵᠢᠭᠠᠬᠤ ᠦᠢᠯᠡᠳᠦᠯᠭᠡ | ᠬᠦᠵᠦᠷ ᠲᠣᠭᠯᠠᠭᠠᠮ ᠢᠶᠠᠷ ᠬᠡᠯᠡ ᠪᠢᠴᠢᠭ ᠰᠤᠷᠬᠤ ᠪᠣᠯ ᠣᠯᠠᠮᠵᠢᠯᠠᠯᠲᠤ ᠬᠦᠵᠦᠷ ᠤᠨ ᠨᠢᠭᠤᠷ ᠬᠠᠭᠤᠳᠠᠰᠤᠨ ᠤ | ᠵᠢᠷᠤᠭ ᠲᠦᠯᠦᠪᠯᠡᠭᠡ ᠶᠢᠨ ᠲᠠᠯ᠎ᠠ ᠳᠤ ᠦᠭᠡᠷᠡᠴᠢᠯᠡᠯᠲᠡ ᠬᠢᠵᠦ᠂ ᠬᠦᠵᠦᠷ ᠤᠨ ᠲᠡᠮᠲᠡᠭ ᠦᠰᠦᠭ ᠢ ᠨᠢ ᠮᠣᠩᠭᠤᠯ | ᠬᠡᠯᠡᠨ ᠤ ᠪᠠᠨ ᠦᠶ᠎ᠡ ᠦᠰᠦᠭ ᠪᠣᠯᠭᠠᠨ ᠬᠤᠪᠢᠷᠠᠭᠤᠯᠤᠭᠰᠠᠨ ᠤ ᠲᠠᠷᠠᠭ᠎ᠠ ᠬᠦᠵᠦᠷ ᠲᠣᠭᠯᠠᠭᠠᠮ ᠤᠨ ᠲᠣᠮᠲᠠ | ᠬᠡᠦᠭᠡᠳ ᠲᠤ ᠦᠶ᠎ᠡ ᠲᠠᠨᠢᠭᠤᠯᠤᠨ ᠦᠭᠡ ᠡᠵᠡᠮᠰᠢᠬᠦᠯᠲᠡᠭ ᠨᠢᠭᠡ ᠵᠦᠢᠯ ᠤᠨ ᠠᠷᠭ᠎ᠠ ᠬᠡᠯᠪᠡᠷᠢ ᠪᠣᠯᠬᠤ ᠶᠤᠮ᠃ | ᠬᠦᠵᠦᠷ ᠲᠣᠭᠯᠠᠭᠠᠮ ᠨᠢ ᠨᠢᠭᠡ ᠵᠦᠢᠯ ᠤᠨ ᠵᠢᠭᠠᠬᠤ ᠠᠷᠭ᠎ᠠ ᠪᠣᠯᠬᠤ ᠪᠦᠭᠡᠳ ᠪᠠᠰᠠ ᠴᠦ ᠨᠢᠭᠡ ᠵᠦᠢᠯ ᠤᠨ ᠰᠣᠷᠬᠤ | ᠠᠷᠭ᠎ᠠ ᠪᠣᠯᠣᠨ᠎ᠠ᠃ ᠬᠡᠦᠬᠡᠳ ᠬᠦᠵᠦᠷ ᠲᠣᠭᠯᠠᠵᠣ ᠬᠦᠭᠡᠷᠴᠦ ᠨᠠᠷᠬᠢᠬᠤ ᠲᠣᠮᠲᠠ ᠲᠦᠪ ᠭᠤᠣᠯᠴᠢ ᠪᠠᠷ ᠦᠷᠢᠰᠴᠦ | ᠣᠷᠣᠯᠳᠣᠨ ᠠᠶᠠᠨᠳᠠᠭᠠᠨ ᠮᠡᠳᠡᠯᠭᠡ ᠡᠵᠡᠮᠰᠢᠨ ᠴᠢᠳᠠᠪᠣᠷᠢ ᠬᠦᠷᠳᠡᠵᠦ᠂ ᠣᠶᠣᠨ ᠢᠶᠠᠨ ᠨᠡᠭᠡᠭᠡᠭᠳᠡᠭᠦᠯᠦᠨ᠂ ᠲᠤᠷ᠎ᠠ | ᠰᠤᠨᠢᠷᠬᠠᠯ ᠢᠶᠠᠨ ᠬᠦᠭᠵᠢᠭᠡᠳᠡᠭ᠃ ᠬᠦᠵᠦᠷ ᠲᠣᠭᠯᠠᠭᠠᠮ ᠢᠶᠠᠷ ᠵᠢᠭᠠᠬᠤ ᠠᠷᠭ᠎ᠠ ᠪᠣᠯ ᠬᠦᠵᠦᠷ ᠬᠢᠭᠡᠳ ᠵᠢᠭᠠᠬᠤ | ᠠᠷᠭ᠎ᠠ ᠶᠢᠨ ᠵᠤᠬᠢᠰᠳᠠᠢ ᠤᠶᠠᠯᠳᠤᠯ ᠮᠦᠨ᠃ ᠲᠡᠷᠡ ᠨᠢ ᠣᠯᠠᠮᠵᠢᠯᠠᠯᠳᠣ ᠬᠦᠵᠦᠷ ᠫᠠᠢ ᠠᠴᠠ ᠡᠬᠢ ᠠᠪᠴᠣ᠂ | ᠲᠣᠭᠯᠠᠭᠠᠮᠵᠢᠭᠤᠯᠬᠤ ᠠᠷᠭ᠎ᠠ ᠠᠴᠠ ᠰᠢᠯᠵᠢᠵᠦ ᠢᠷᠡᠭᠰᠡᠨ ᠪᠦᠭᠡᠳ ᠵᠢᠭᠠᠨ ᠰᠣᠷᠭᠠᠬᠤ ᠬᠦᠳᠡᠯᠭᠡᠭᠡᠨ ᠤ ᠶᠠᠪᠣᠴᠠ ᠳᠤ | ᠬᠦᠭᠵᠢᠯᠲᠡ ᠪᠠᠨ ᠣᠯᠣᠭᠰᠠᠨ ᠦᠪᠡᠷ ᠤᠨ ᠰᠢᠰᠲ᠋ᠧᠮ ᠲᠠᠢ᠂ ᠪᠡᠶ᠎ᠡ ᠪᠠᠨ ᠲᠠᠭᠠᠭᠠᠭᠰᠠᠨ᠂ ᠦᠪᠡᠷᠮᠢᠴᠡ ᠣᠨᠴᠠᠯᠢᠭ | ᠪᠦᠬᠦᠢ ᠴᠣ ᠰᠢᠨ᠎ᠡ ᠬᠡᠯᠪᠡᠷᠢ ᠶᠢᠨ ᠵᠢᠭᠠᠨ ᠰᠣᠷᠭᠠᠬᠤ ᠠᠷᠭ᠎ᠠ ᠠᠪᠴᠠᠯ ᠶᠤᠮ᠃ | ᠣᠷᠣᠯᠴᠠᠭᠴᠢ ︵ᠪᠠᠭᠰᠢ ᠠᠬᠠᠮᠠᠳ ᠵᠢᠴᠢ ᠬᠡᠦᠬᠡᠳ ᠢ ᠪᠠᠭᠳᠠᠭᠠᠭᠰᠠᠨ︶᠂ ᠪᠠᠭᠠᠵᠢ ︵ᠦᠰᠦᠭ ᠲᠠᠨᠢᠬᠤ | ᠬᠦᠵᠦᠷ ᠺᠠᠷᠲ︶᠂ ᠭᠤᠣᠯ ᠰᠡᠳᠦᠪ ︵ᠵᠢᠭᠠᠬᠤ ᠪᠠ ᠰᠣᠷᠬᠤ ᠠᠷᠭ᠎ᠠ︶᠂ ᠶᠠᠪᠣᠴᠠ ︵ᠵᠢᠭᠠᠬᠤ ᠪᠠ ᠰᠣᠷᠬᠤ | ᠶᠠᠪᠣᠴᠠ︶ ᠪᠣᠯ ᠬᠦᠵᠦᠷ ᠲᠣᠭᠯᠠᠭᠠᠮ ᠢᠶᠠᠷ ᠵᠢᠭᠠᠬᠤ ᠦᠨᠳᠦᠰᠦᠨ ᠲᠦᠷᠪᠡᠨ ᠡᠯᠧᠮᠧᠨ᠋ᠲ ᠮᠦᠨ᠃ ᠬᠦᠵᠦᠷ | ᠲᠣᠭᠯᠠᠭᠠᠮ ᠢᠶᠠᠷ ᠵᠢᠭᠠᠬᠤ ᠠᠷᠭ᠎ᠠ ᠨᠢ ᠭᠤᠣᠯ ᠰᠡᠳᠦᠪᠲᠦ ᠣᠨᠣᠯ ᠤᠨ ᠰᠠᠭᠤᠷᠢ ᠳᠤ ᠦᠨᠳᠦᠰᠦᠨ ᠲᠦᠷᠪᠡᠨ | ᠡᠯᠧᠮᠧᠨ᠋ᠲ ᠢ ᠴᠢᠩᠭ᠎ᠠ ᠠᠳᠬᠤᠵᠣ᠂ ᠪᠠᠭᠰᠢ ᠠᠬᠠᠮᠠᠳ ᠤᠨ ᠭᠤᠣᠯᠯᠠᠭᠴᠢ ᠦᠢᠯᠡᠳᠦᠯ ᠬᠢᠭᠡᠳ ᠰᠣᠷᠣᠭᠴᠢ ᠶᠢᠨ ᠲᠣᠰ | ᠪᠡᠶ᠎ᠡ ᠶᠢᠨ ᠭᠤᠣᠯ ᠴᠣᠭᠴᠠ ᠶᠢᠨ ᠦᠢᠯᠡᠳᠦᠯ ᠢ ᠬᠦᠢᠴᠡᠳ ᠪᠠᠳᠠᠷᠠᠭᠤᠯᠵᠣ᠂ ᠬᠢᠴᠢᠶᠡᠯ ᠦᠭᠡᠷᠡᠴᠢᠯᠡᠯᠳᠡ ᠶᠢᠨ ᠵᠣᠷᠢᠭ | ᠰᠠᠨᠠᠭ᠎ᠠ ᠶᠢ ᠰᠠᠶᠢᠳᠣᠷ ᠬᠡᠷᠡᠭᠵᠢᠬᠦᠯᠵᠦ᠂ ᠵᠢᠭᠠᠬᠤ ᠠᠭᠤᠯᠭ᠎ᠠ ᠶᠢᠨ ᠲᠤᠭᠤᠷᠢᠨ ᠳᠤ ᠲᠣᠭᠯᠠᠭᠠᠮ ᠤᠨ ᠠᠭᠤᠯᠭ᠎ᠠ | ᠬᠢᠭᠡᠳ ᠠᠷᠭ᠎ᠠ ᠪᠠᠷᠢᠯ ᠢ ᠲᠣᠭᠲᠠᠭᠠᠵᠣ᠂ ᠬᠦᠷᠢᠶ᠎ᠡ ᠬᠡᠪᠴᠢᠶ᠎ᠡ ᠶᠢ ᠲᠣᠬᠢᠲᠠᠢ ᠬᠢᠵᠠᠭᠠᠷᠯᠠᠨ ᠲᠦᠷᠢᠮᠵᠢᠬᠦᠯᠬᠦ ᠪᠠ | ᠰᠢᠰᠲ᠋ᠧᠮᠵᠢᠬᠦᠯᠬᠦ ᠪᠠᠷ ᠲᠠᠮᠵᠢᠨ ᠰᠢᠨ᠎ᠡ ᠬᠢᠴᠢᠶᠡᠯᠯᠡᠭᠡ ᠶᠢᠨ ᠨᠢᠭᠡᠨ ᠦᠯᠢᠭᠡᠷ ᠬᠡᠪ ᠪᠣᠯᠵᠣ ᠪᠦᠷᠢᠯᠳᠦᠭᠰᠡᠨ ᠪᠠᠶᠢᠨ᠎ᠠ᠃ | ᠬᠦᠮᠦᠰ ᠤᠨ ᠣᠶᠢᠯᠠᠭᠠᠯᠲᠠ ᠳᠤ ᠬᠢ ᠬᠦᠵᠦᠷ ᠪᠣᠯ ᠵᠦᠪᠬᠡᠨ ᠨᠠᠭᠠᠳᠴᠦ ᠲᠣᠭᠯᠠᠬᠤ ᠵᠤᠭ᠎ᠠ ᠴᠡᠩᠭᠡᠯ ᠤᠨ | ᠪᠠᠭᠠᠵᠢ ᠲᠡᠳᠦᠢ ᠪᠠᠶᠢᠭᠰᠠᠨ ᠶᠤᠮ᠃ ᠭᠡᠳᠡᠯ᠎ᠡ ᠦᠨᠦᠳᠦᠷ ᠬᠦᠵᠦᠷ ᠲᠣᠭᠯᠠᠭᠠᠮ ᠢᠶᠠᠷ ᠵᠢᠭᠠᠨ ᠰᠣᠷᠭᠠᠬᠤ ᠲᠤᠮᠳᠠ | ᠬᠦᠵᠦᠷ ᠤᠨ ᠲᠣᠬᠠᠢ ᠪᠢᠳᠡ ᠰᠢᠨ᠎ᠡ ᠨᠢᠭᠡᠨ ᠣᠶᠢᠯᠠᠭᠠᠯᠲᠠ ᠲᠠᠢ ᠪᠤᠯᠵᠦ᠂ ᠨᠠᠭᠠᠳᠴᠣ ᠲᠣᠭᠯᠠᠵᠣ ᠬᠦᠭᠡᠷᠴᠦ | ᠨᠠᠷᠬᠢᠬᠤ ᠠᠴᠠ ᠨᠡᠩ ᠴᠢᠬᠤᠯᠠ ᠰᠢᠨ᠎ᠡ ᠬᠡᠷᠡᠭᠴᠡᠭᠡ — ᠦᠰᠦᠭ ᠲᠠᠨᠢᠵᠣ᠂ ᠦᠭᠡ ᠡᠵᠡᠮᠰᠢᠵᠦ ᠪᠣᠯᠳᠠᠭ ᠭᠡᠰᠡᠨ ᠢ | ᠲᠠᠨᠢᠵᠤ ᠤᠬᠠᠭᠠᠷᠠᠵᠠᠢ᠃ ᠡᠶᠢᠮᠦ ᠠᠴᠠ ᠡᠬᠦᠨ ᠢ ᠬᠦᠵᠦᠷ ᠲᠣᠭᠯᠠᠭᠠᠮ ᠢᠶᠠᠷ ︽ᠦᠰᠦᠭᠯᠡᠯ ᠤᠨ ᠪᠤᠭᠤᠮᠳᠠ ᠶᠢ | ᠲᠠᠪᠠᠭᠤᠯᠬᠤ︾ ᠵᠢᠭᠠᠬᠤ ᠠᠷᠭ᠎ᠠ ᠭᠡᠵᠦ ᠨᠡᠷᠡᠯᠡᠭᠡᠳ ᠲᠣᠰᠬᠠᠢ ᠰᠣᠳᠤᠯᠭᠠᠨ ᠪᠣᠯᠭᠠᠭᠰᠠᠨ ᠪᠠᠶᠢᠨ᠎ᠠ᠃ ᠬᠦᠵᠦᠷ | ᠲᠣᠭᠯᠠᠭᠠᠮ ᠢᠶᠠᠷ ᠵᠢᠭᠠᠬᠤ ᠠᠷᠭ᠎ᠠ ᠨᠢ ᠤᠷᠤᠭᠤᠯᠭᠠ ᠪᠠᠭ᠎ᠠ ᠣᠯᠣᠯᠲᠠ ᠶᠡᠭᠡ ᠪᠠᠶᠢᠵᠣ ᠬᠢᠴᠢᠶᠡᠯ ᠦᠭᠡᠷᠡᠴᠢᠯᠡᠯᠲᠡ ᠶᠢᠨ | ᠣᠨᠴᠠᠯᠢᠭ ᠢ ᠬᠦᠢᠴᠡᠳ ᠬᠠᠷᠠᠭᠤᠯᠣᠭᠰᠠᠨ ᠪᠠᠶᠢᠳᠠᠭ᠃ ᠬᠦᠵᠦᠷ ᠲᠣᠭᠯᠠᠭᠠᠮ ᠢᠶᠠᠷ ᠵᠢᠭᠠᠬᠤ ᠪᠣᠯ ᠣᠯᠠᠮᠵᠢᠯᠠᠯᠲᠣ | ᠬᠦᠵᠦᠷ ᠲᠣᠭᠯᠠᠭᠠᠮ ᠳᠤ ᠰᠢᠨ᠎ᠡ ᠠᠮᠢᠯᠠᠯ ᠤᠨ ᠬᠦᠴᠦᠨ ᠢ ᠣᠯᠭᠤᠭᠰᠠᠨ ᠶᠠᠪᠣᠳᠠᠯ ᠮᠦᠨ᠃ ᠪᠢᠲᠡ ᠬᠡᠷᠬᠢᠨ | ᠬᠡᠦᠭᠡᠳ ᠲᠤ ᠰᠣᠷᠬᠤᠢ ᠶᠢᠨ ᠡᠵᠡᠨ ᠪᠠᠶᠢᠷᠢ ᠶᠢ ᠤᠯᠭᠤᠬᠤ ᠪᠤᠢ︖ ᠵᠠᠩᠬᠢᠯᠠᠭ᠎ᠠ ᠨᠢ ᠲᠠᠷᠣᠢ ᠠᠷᠭ᠎ᠠ ᠪᠦᠬᠦᠨ ᠢ | ᠰᠦᠪᠡᠭᠴᠢᠯᠡᠵᠦ ᠰᠤᠷᠤᠭᠴᠢ ᠶᠢᠨ ᠰᠤᠷᠤᠯᠴᠠᠬᠤ ᠢᠳᠡᠪᠬᠢᠵᠢᠯ ᠢ ᠵᠤᠭᠰᠤᠩᠭᠤᠢ ᠠᠴᠠ ᠬᠦᠳᠡᠯᠦᠩᠬᠦᠢ ᠲᠡᠶᠢᠰᠢ | ᠠᠬᠢᠭᠤᠯᠬᠤ᠂ ᠰᠤᠷᠤᠯᠴᠠᠯᠭ᠎ᠠ ᠶᠢ ᠠᠯᠪᠠᠳᠠᠯᠭ᠎ᠠ ᠶᠢᠨ ᠴᠢᠨᠠᠷ ᠠᠴᠠ ᠦᠪᠡᠷ ᠤᠨ ᠬᠢᠨᠢ ᠲᠣᠷᠠᠰᠢᠯ᠂ ᠪᠠᠶᠠᠷ ᠪᠠᠭ᠋ᠠᠳᠣᠯ | ᠬᠢᠭᠡᠳ ᠵᠣᠯ ᠵᠢᠷᠭᠠᠯ ᠪᠣᠯᠭᠠᠵᠣ ᠬᠤᠪᠢᠷᠠᠭᠤᠯᠬᠤ ᠲᠡᠭᠡᠷ᠎ᠡ ᠪᠠᠶᠢᠨ᠎ᠠ᠃ ᠡᠭᠦᠨ ᠢ ᠪᠡᠶᠡᠯᠡᠬᠦᠯᠬᠦ ᠳᠤ ᠬᠦᠵᠦᠷ | ᠲᠤᠭᠯᠠᠭᠠᠮ ᠢᠶᠠᠷ ᠵᠢᠭᠠᠬᠤ ᠠᠷᠭ᠎ᠠ ᠶᠢ ᠬᠡᠷᠡᠭᠯᠡᠬᠦ ᠨᠢ ᠵᠤᠬᠢᠬᠤ ᠦᠢᠯᠡᠳᠦᠯ ᠲᠠᠢ ᠬᠡᠳᠡᠭ ᠢ ᠦᠢᠯᠡᠳᠦᠯᠬᠡ ᠲᠤᠮᠳᠠ | ᠭᠡᠷᠡᠴᠢᠯᠡᠭᠰᠡᠨ ᠶᠤᠮ᠃ | ᠬᠦᠵᠦᠷ ᠲᠣᠭᠯᠠᠭᠠᠮ ᠢᠶᠠᠷ ᠵᠢᠭᠠᠬᠤ ᠨᠢ ᠲᠣᠷ᠎ᠠ ᠵᠣᠷᠢᠭ ᠤᠨ ᠶᠠᠭᠤᠮ᠎ᠠ ᠪᠢᠰᠢ᠂ ᠲᠡᠷᠡ ᠪᠤᠯ ᠵᠣᠷᠢᠯᠭ᠎ᠠ ᠲᠣᠳᠣ᠂ | ᠠᠯᠬᠤᠮ ᠲᠠᠷᠠᠭ᠎ᠠ ᠲᠣᠳᠣᠷᠬᠠᠢ ᠪᠦᠬᠡᠳ ᠨᠢᠭᠲᠠ ᠴᠢᠩᠭ᠎ᠠ ᠵᠣᠬᠢᠶᠠᠨ ᠪᠠᠶᠢᠭᠤᠯᠣᠯᠲᠠ ᠲᠠᠢ ᠵᠢᠭᠠᠬᠤ ᠪᠠ ᠰᠣᠷᠬᠤ | ᠠᠷᠭ᠎ᠠ ᠬᠡᠯᠪᠡᠷᠢ ᠪᠣᠯᠬᠤ ᠶᠣᠮ᠃ ᠬᠦᠵᠦᠷ ᠲᠣᠭᠯᠠᠭᠠᠮ ᠢᠶᠠᠷ ᠵᠢᠭᠠᠬᠤ ᠶᠠᠪᠣᠴᠠ ᠶᠢᠨ ᠲᠣᠮᠲᠠ ᠪᠠᠭᠰᠢ ᠠᠬᠠᠮᠠᠳ ᠤᠨ | ᠲᠠᠨᠢᠯᠲᠠ ᠶᠢᠨ ᠶᠠᠪᠣᠴᠠ᠂ ᠰᠣᠷᠣᠭᠴᠢ ᠶᠢᠨ ᠬᠦᠯᠢᠶᠡᠨ ᠠᠪᠬᠤ ᠶᠠᠪᠣᠴᠠ᠂ ᠬᠢᠴᠢᠶᠡᠯᠯᠡᠭᠡ ᠳᠤ ᠬᠡᠷᠡᠭᠯᠡᠬᠦ ᠶᠠᠪᠣᠴᠠ᠂ | ᠬᠢᠴᠢᠶᠡᠯ ᠤᠨ ᠭᠠᠳᠠᠨ᠎ᠠ ᠦᠷᠭᠡᠳᠭᠡᠬᠦ ᠶᠠᠪᠣᠴᠠ ᠭᠡᠵᠦ ᠲᠦᠷᠪᠡᠨ ᠲᠠᠯ᠎ᠠ ᠶᠢ ᠪᠠᠭᠲᠠᠭᠠᠳᠠᠭ᠃ ᠪᠠᠭᠰᠢ ᠠᠬᠠᠮᠠᠳ ᠤᠨ | ᠲᠠᠨᠢᠯᠲᠠ ᠶᠢᠨ ᠶᠠᠪᠣᠴᠠ ᠳᠤ ᠬᠦᠵᠦᠷ ᠺᠠᠷᠲ ᠢ ᠬᠦᠯᠢᠶᠠᠨ ᠠᠪᠬᠤ ᠶᠠᠪᠣᠴᠠ᠂ ᠲᠦᠷᠢᠮ ᠬᠢᠭᠡᠳ ᠠᠷᠭ᠎ᠠ ᠶᠢ ᠡᠵᠡᠮᠰᠢᠬᠦ | ᠶᠠᠪᠣᠴᠠ᠂ ᠰᠣᠷᠣᠭᠴᠢ ᠶᠢ ᠦᠨᠡᠯᠡᠬᠦ ᠶᠠᠪᠣᠴᠠ᠂ ᠵᠣᠷᠢᠯᠭ᠎ᠠ ᠪᠠᠨ ᠲᠣᠭᠲᠠᠭᠠᠵᠣ ᠠᠭᠤᠯᠭ᠎ᠠ ᠪᠠᠨ ᠰᠣᠩᠭᠤᠬᠤ ᠶᠠᠪᠣᠴᠠ᠂ | ᠵᠢᠭᠠᠬᠤ ᠠᠭᠤᠯᠭ᠎ᠠ ᠲᠠᠢ ᠤᠶᠠᠯᠳᠤᠨ ᠨᠢᠭᠡᠳᠬᠦ ᠶᠠᠪᠣᠴᠠ ᠵᠡᠷᠭᠡ ᠠᠯᠬᠤᠮ ᠶᠠᠪᠣᠴᠠ ᠶᠢ ᠪᠠᠭᠲᠠᠭᠠᠨ᠎ᠠ᠃ | ᠰᠣᠷᠣᠭᠴᠢ ᠶᠢᠨ ᠲᠠᠯ᠎ᠠ ᠳᠤ᠂ ᠬᠦᠵᠦᠷ ᠤᠨ ᠨᠢᠭᠤᠷ ᠬᠠᠭᠤᠳᠠᠰᠣ ᠶᠢ ᠲᠠᠨᠢᠬᠤ ᠶᠠᠪᠣᠴᠠ ︵ᠬᠦᠵᠦᠷ ᠤᠨ ᠬᠡᠪ ᠢ | ᠣᠩᠰᠢᠵᠤ ᠲᠠᠨᠢᠬᠤ︶᠂ ᠬᠦᠵᠦᠷ ᠺᠠᠷᠲ ᠢ ᠬᠡᠷᠡᠭᠯᠡᠵᠦ ᠰᠣᠷᠬᠤ ᠶᠠᠪᠣᠴᠠ ︵ᠬᠤᠯᠪᠤᠵᠤ ᠪᠦᠲᠦᠭᠡᠬᠦ ᠠᠷᠭ᠎ᠠ ᠶᠢ | ᠰᠤᠷᠬᠤ︶᠂ ᠬᠦᠵᠦᠷ ᠲᠣᠭᠯᠠᠭᠠᠮ ᠤᠨ ᠶᠠᠪᠣᠴᠠ ᠵᠡᠷᠭᠡ ᠠᠯᠬᠤᠮ ᠶᠠᠪᠣᠴᠠ ᠶᠢ ᠪᠠᠭᠲᠠᠭᠠᠨ᠎ᠠ᠃ ᠬᠢᠴᠢᠶᠡᠯᠯᠡᠭᠡ ᠶᠢᠨ | ᠲᠠᠯ᠎ᠠ ᠳᠤ᠂ ᠬᠦᠵᠦᠷ ᠺᠠᠷᠲ ᠢ ᠬᠡᠷᠡᠭᠯᠡᠵᠦ ᠬᠢᠴᠢᠶᠡᠯ ᠳᠤ ᠪᠡᠯᠡᠳᠭᠡᠬᠦ ᠶᠠᠪᠣᠴᠠ᠂ ᠬᠢᠴᠢᠶᠡᠯ ᠳᠤ ᠣᠳᠣᠷᠢᠳᠬᠤ | ᠶᠠᠪᠣᠴᠠ᠂ ᠰᠢᠨ᠎ᠡ ᠮᠡᠳᠡᠯᠭᠡ ᠣᠯᠠᠮᠵᠢᠯᠠᠬᠤ ᠶᠠᠪᠣᠴᠠ᠂ ᠰᠣᠷᠣᠭᠰᠠᠨ ᠮᠡᠳᠡᠯᠭᠡ ᠪᠠᠨ ᠪᠠᠳᠤᠳᠬᠠᠬᠤ ᠶᠠᠪᠣᠴᠠ᠂ | ᠰᠣᠷᠣᠭᠰᠠᠨ ᠮᠡᠳᠡᠯᠭᠡ ᠪᠠᠨ ᠦᠨᠡᠯᠡᠵᠦ ᠲᠣᠭᠲᠠᠭᠠᠬᠤ ᠶᠠᠪᠣᠴᠠ᠂ ᠦᠷᠭᠡᠳᠭᠡᠵᠦ ᠰᠦᠪᠡᠭᠴᠢᠯᠡᠨ ᠰᠣᠷᠬᠤ ᠶᠠᠪᠣᠴᠠ ᠶᠢ | ᠪᠠᠭᠲᠠᠭᠠᠨ᠎ᠠ᠃ ᠬᠢᠴᠢᠶᠡᠯ ᠤᠨ ᠭᠠᠳᠠᠨ᠎ᠠ ᠦᠷᠭᠡᠳᠭᠡᠵᠦ ᠬᠡᠷᠡᠭᠯᠡᠬᠦ ᠳᠤ ᠣᠷᠣᠨ ᠵᠠᠢ ᠳᠤ ᠬᠢᠵᠠᠭᠠᠷᠯᠠᠭᠳᠠᠬᠤ ᠦᠭᠡᠢ᠂ | ᠰᠣᠷᠭᠠᠭᠤᠯᠢ ᠶᠢᠨ ᠬᠦᠷᠢᠶ᠎ᠡ᠂ ᠬᠤᠭᠤᠯᠠᠨ ᠭᠡᠷ᠂ ᠬᠤᠨᠤᠭ ᠤᠨ ᠦᠷᠦᠭᠡ᠂ ᠵᠣᠭᠠᠴᠠᠯ ᠤᠨ ᠲᠠᠯᠠᠪᠣᠷ ᠵᠡᠷᠭᠡ ᠣᠷᠣᠨ | ᠵᠠᠢ ᠲᠠᠢ ᠯᠠ ᠶᠣᠮ ᠪᠣᠯ ᠬᠤᠶᠠᠷ ᠭᠤᠷᠪᠠ ᠪᠠᠷ ᠢᠶᠠᠨ ᠨᠡᠶᠢᠯᠡᠭᠡᠳ ᠪᠦᠷ ᠬᠦᠵᠦᠷ ᠲᠣᠭᠯᠠᠵᠣ ᠬᠦᠭᠡᠷᠴᠦ ᠪᠣᠯᠳᠠᠭ᠃ | ᠴᠠᠭ ᠤᠨ ᠲᠠᠯ᠎ᠠ ᠳᠤ ᠲᠠᠪᠲᠠᠯᠭ᠎ᠠ ᠶᠢᠨ ᠴᠠᠭ᠂ ᠬᠦᠳᠡᠯᠭᠡᠭᠡᠨ ᠤ ᠴᠠᠭ᠂ ᠠᠮᠠᠷᠠᠬᠤ ᠴᠢᠯᠦᠭᠡ᠂ ᠠᠮᠠᠷᠠᠯᠲᠠ ᠶᠢᠨ | ᠡᠳᠦᠷ ᠢᠶᠠᠷ ᠲᠣᠷ᠎ᠠ ᠪᠠᠬ᠎ᠠ ᠬᠦᠳᠡᠯᠦᠭᠰᠡᠨ ᠦᠶ᠎ᠡ ᠳᠤ ᠪᠦᠷ ᠴᠦ ᠴᠢᠯᠦᠭᠡᠲᠡᠢ ᠲᠣᠭᠯᠠᠵᠣ ᠪᠣᠯᠳᠠᠭ᠃ ᠬᠦᠮᠦᠨ ᠤ | ᠲᠠᠯ᠎ᠠ ᠳᠤ ᠠᠩᠭᠢ ᠶᠢᠨ ᠨᠦᠭᠦᠳ᠂ ᠬᠠᠮᠳᠣ ᠨᠠᠶᠢᠵᠢ᠂ ᠲᠡᠭᠡᠷ᠎ᠡ ᠲᠣᠣᠷ᠎ᠠ ᠣᠨ ᠤ ᠰᠣᠷᠣᠭᠴᠢ᠂ ᠪᠠᠭᠰᠢ ᠰᠣᠷᠣᠭᠴᠢ᠂ | ᠦᠲᠡᠯᠦᠭᠰᠡᠨ ᠵᠠᠯᠠᠭᠤ ᠭᠡᠵᠦ ᠢᠯᠭᠠᠯ ᠦᠭᠡᠢ ᠴᠤᠭ ᠰᠠᠭᠤᠵᠣ ᠬᠠᠮᠳᠣ ᠲᠣᠭᠯᠠᠨ ᠬᠦᠭᠡᠷᠴᠦ ᠨᠠᠷᠬᠢᠬᠤ ᠲᠣᠮᠲᠠ | ᠮᠡᠳᠡᠯᠭᠡ ᠴᠢᠳᠠᠪᠣᠷᠢ ᠶᠢ ᠡᠵᠡᠮᠰᠢᠨ᠂ ᠰᠣᠷᠣᠯᠴᠠᠯᠭ᠎ᠠ ᠠᠮᠢᠳᠣᠷᠠᠯ ᠤᠨ ᠢᠶᠠᠨ ᠣᠳᠬ᠎ᠠ ᠠᠭᠤᠯᠭ᠎ᠠ ᠶᠢ ᠨᠡᠮᠡᠭᠳᠡᠭᠦᠯᠦᠨ᠂ | ᠬᠦᠮᠦᠰ ᠤᠨ ᠬᠤᠭᠤᠷᠣᠨᠳᠣᠬᠢ ᠬᠠᠷᠢᠴᠠᠭ᠎ᠠ ᠬᠤᠯᠪᠣᠭ᠎ᠠ ᠪᠠᠨ ᠨᠢᠭᠲᠠᠷᠠᠭᠤᠯᠵᠣ ᠪᠣᠯᠳᠠᠬ᠃ | ᠬᠦᠵᠦᠷ ᠲᠣᠭᠯᠠᠭᠠᠮ ᠢᠶᠠᠷ ᠵᠢᠭᠠᠬᠤ ᠲᠣᠮᠲᠠ ᠪᠠᠭᠰᠢ ᠠᠬᠠᠮᠠᠳ ᠤᠨ ︽ᠲᠣᠭᠯᠠᠬᠤ︾ ᠣᠷᠣᠨ ᠪᠠᠶᠢᠷᠢ ᠶᠢᠨ | ᠲᠠᠯ᠎ᠠ ᠳᠤ ᠦᠨᠳᠦᠰᠦᠨ ᠴᠢᠨᠠᠷ ᠤᠨ ᠬᠤᠪᠢᠷᠠᠯᠲᠠ ᠭᠠᠷᠴᠠᠢ᠃ ᠪᠠᠭᠰᠢ ︽ᠪᠣᠭᠲᠠ︾ ᠪᠢᠰᠢ᠂ ᠬᠢᠴᠢᠶᠡᠯᠯᠡᠭᠡ ᠨᠢ | ᠪᠠᠭᠰᠢ ᠶᠢᠨ ᠡᠷᠬᠡ ᠮᠡᠳᠡᠯ ᠢ ᠪᠡᠶᠡᠯᠡᠬᠦᠯᠬᠦ ︽ᠰᠢᠬᠦᠬᠦ ᠲᠠᠯᠠᠪᠣᠷ︾ ᠪᠢᠰᠢ᠂ ᠭᠡᠷ ᠤᠨ ᠠᠬᠠᠮᠠᠳ ᠨᠢ ᠠᠮᠣ ᠬᠦᠨᠡᠰᠦ ᠶᠢ | ᠯᠡ ᠬᠠᠩᠭᠠᠬᠤ ᠠᠷᠣ ᠲᠠᠯ᠎ᠠ ᠶᠢᠨ ︽ᠴᠡᠷᠢᠭ︾ ᠪᠢᠰᠢ᠂ ᠵᠢᠭᠠᠬᠤ ᠨᠢ ᠭᠠᠭᠴᠠ ᠪᠠᠭᠰᠢ ᠶᠢᠨ ᠣᠴᠢᠷ ᠪᠢᠰᠢ᠂ | ᠰᠣᠷᠬᠤ ᠨᠢ ᠭᠠᠭᠴᠠ ᠰᠣᠷᠣᠭᠴᠢ ᠶᠢᠨ ᠣᠴᠢᠷ ᠪᠢᠰᠢ᠂ ᠬᠠᠷᠢᠨ ᠵᠢᠭᠠᠵᠤ ᠰᠣᠷᠬᠤ ᠲᠣᠮᠲᠠ ᠪᠠᠭᠰᠢ ᠠᠬᠠᠮᠠᠳ ᠪᠣᠯ | ᠬᠡᠦᠭᠡᠳ ᠤᠨ ᠬᠠᠮᠵᠢᠬᠤ ᠡᠳᠡᠭᠡᠳ᠂ ᠲᠣᠳᠣᠨᠣ ᠨᠠᠶᠢᠵᠠ ᠪᠠᠶᠢᠵᠤ᠂ ᠬᠡᠦᠭᠡᠳ ᠤᠨ ᠬᠦᠭᠵᠢᠯᠲᠡ ᠳᠤ ᠪᠦᠬᠦ ᠲᠠᠯ᠎ᠠ ᠶᠢᠨ | ᠬᠠᠷᠢᠭᠤᠴᠠᠯᠭ᠎ᠠ ᠡᠭᠦᠷᠭᠡᠯᠡᠬᠦ ᠪᠣᠯᠣᠭᠰᠠᠨ ᠪᠠᠶᠢᠨ᠎ᠠ᠃ ᠬᠦᠵᠦᠷ ᠲᠣᠭᠯᠠᠭᠠᠮ ᠢᠶᠠᠷ ᠵᠢᠭᠠᠨ ᠰᠣᠷᠭᠠᠬᠤ ᠳᠤ ᠪᠠᠭᠰᠢ | ᠠᠬᠠᠮᠠᠳ ᠬᠢᠭᠡᠳ ᠬᠡᠦᠭᠡᠳ ᠤᠨ ᠬᠤᠭᠤᠷᠣᠨᠳᠣᠬᠢ ᠬᠠᠷᠢᠴᠠᠭ᠎ᠠ ᠨᠢ ᠬᠠᠷᠢᠯᠴᠠᠨ ᠬᠠᠮᠵᠢᠯᠴᠠᠵᠣ᠂ ᠬᠠᠷᠢᠯᠴᠠᠨ | ᠲᠦᠰᠢᠯᠴᠡᠨ᠂ ᠬᠠᠷᠢᠯᠴᠠᠨ ᠠᠬᠢᠭᠤᠯᠬᠤ ᠬᠠᠷᠢᠴᠠᠭ᠎ᠠ ᠪᠣᠯᠵᠤ ᠬᠦᠭᠵᠢᠵᠦ ᠴᠢᠳᠠᠵᠠᠢ᠃ | ᠰᠣᠷᠣᠭᠴᠢ ᠪᠣᠯ ᠰᠢᠨ᠎ᠡ ᠬᠢᠴᠢᠶᠡᠯ ᠤᠨ ᠦᠭᠡᠷᠡᠴᠢᠯᠡᠯᠲᠡ ᠶᠢᠨ ᠭᠤᠣᠯ ᠴᠦᠮ᠎ᠡ ᠮᠦᠨ᠂ ᠪᠠᠰᠠ ᠴᠦ ᠬᠦᠵᠦᠷ | ᠲᠣᠭᠯᠠᠭᠠᠮ ᠢᠶᠠᠷ ᠵᠢᠭᠠᠨ ᠰᠣᠷᠭᠠᠬᠤ ᠶᠢᠨ ᠭᠤᠣᠯ ᠴᠤᠭᠴᠠ ᠮᠦᠨ᠃ ᠰᠣᠷᠣᠭᠴᠢ ᠪᠣᠯ ᠮᠡᠳᠡᠯᠭᠡ ᠶᠡᠭᠦᠯᠡᠬᠦ ᠪᠡ | ᠴᠢᠳᠬᠤᠬᠤ ︽ᠮᠧᠬᠠᠨᠢᠭ ᠰᠠᠪᠠ︾ ᠪᠢᠰᠢ᠂ ᠪᠠᠭᠰᠢ ᠶᠢᠨ ︽ᠵᠠᠷᠯᠢᠭ︾ ᠢ ᠲᠠᠭᠠᠵᠣ ᠡᠭᠦᠷᠭᠡ ᠬᠦᠢᠴᠡᠳᠭᠡᠬᠦ ︽ | ᠠᠯᠪᠠᠳᠣ ᠪᠣᠭᠤᠯ︾ ᠨᠡᠩ ᠴᠦ ᠪᠢᠰᠢ᠃ ᠬᠦᠵᠦᠷ ᠲᠣᠭᠯᠠᠭᠠᠮ ᠢᠶᠠᠷ ᠰᠤᠷᠬᠤ ᠳᠤ ᠪᠠᠭᠰᠢ ᠰᠣᠷᠣᠭᠴᠢ ᠬᠢᠭᠡᠳ | ᠭᠡᠷ ᠤᠨ ᠠᠬᠠᠮᠠᠳ ᠪᠣᠯ ᠪᠦᠷ ᠠᠳᠠᠯᠢᠬᠠᠨ ᠡᠷᠭᠡ ᠲᠡᠭᠰᠢ ᠣᠷᠣᠯᠴᠠᠭᠴᠢ ᠮᠦᠨ᠃ ᠬᠦᠵᠦᠷ ᠲᠣᠭᠯᠠᠭᠠᠮ ᠢᠶᠠᠷ | ᠰᠣᠷᠬᠤ ᠨᠢ ᠰᠣᠷᠣᠭᠴᠢ ᠶᠢᠨ ᠰᠣᠷᠬᠤ ᠶᠢᠨ ᠡᠵᠡᠨ ᠪᠡᠶ᠎ᠡ ᠶᠢᠨ ᠪᠠᠶᠢᠷᠢ ᠰᠠᠭᠤᠷᠢ ᠶᠢ ᠣᠯᠠᠮ ᠨᠢᠭᠡ ᠠᠯᠬᠤᠮ ᠪᠣᠲᠠᠲᠠᠢ | ᠲᠤᠭᠤᠰᠢᠯᠠᠭᠤᠯᠵᠤ ᠴᠢᠳᠠᠵᠠᠢ᠃ ᠬᠦᠵᠦᠷ ᠲᠣᠭᠯᠠᠭᠠᠮ ᠢᠶᠠᠷ ᠵᠢᠭᠠᠨ ᠰᠣᠷᠭᠠᠬᠤ ᠶᠢᠨ ᠬᠠᠮᠤᠭ ᠤᠨ ᠡᠴᠦᠰ ᠤᠨ | ᠵᠣᠷᠢᠯᠭ᠎ᠠ ᠨᠢ ᠬᠡᠦᠬᠡᠳ ᠤᠨ ᠪᠦᠬᠦ ᠲᠠᠯ᠎ᠠ ᠶᠢᠨ ᠬᠦᠭᠵᠢᠯᠲᠡ ᠶᠢ ᠠᠬᠢᠭᠤᠯᠬᠤ ᠶᠠᠪᠣᠳᠠᠯ ᠮᠦᠨ᠃ ᠬᠦᠵᠦᠷ | ᠲᠣᠭᠯᠠᠭᠠᠮ ᠢᠶᠠᠷ ᠵᠢᠭᠠᠬᠤ ᠳᠤ ᠰᠣᠷᠣᠭᠴᠢᠳ ᠡᠷᠭᠡ ᠲᠡᠭᠰᠢ ᠪᠠᠷ ᠣᠷᠣᠯᠴᠠᠵᠣ᠂ ᠪᠣᠲᠠᠲᠠᠢ ᠣᠷᠣᠯᠴᠠᠬᠤ ᠲᠣᠮᠲᠠ | ᠮᠡᠳᠡᠯᠭᠡ ᠶᠢ ᠡᠵᠡᠮᠰᠢᠵᠦ ᠴᠢᠳᠠᠪᠣᠷᠢ ᠶᠢ ᠣᠯᠳᠠᠭ ᠲᠣᠯᠠ ᠣᠯᠣᠭᠰᠠᠨ ᠮᠡᠳᠡᠯᠭᠡ ᠴᠢᠳᠠᠪᠣᠷᠢ ᠨᠢ ᠰᠡᠳᠬᠢᠯᠭᠡ ᠶᠢᠨ | ᠦᠩᠭᠡ ᠪᠣᠳᠤᠭ ᠢᠶᠠᠷ ᠪᠢᠯᠬᠠᠮ᠎ᠠ ᠪᠠᠶᠢᠵᠣ ᠵᠢᠩᠬᠢᠨᠢ ᠦᠪᠡᠷ ᠤᠨ ᠬᠢᠨᠢ ᠲᠠᠨᠢᠯᠲᠠ ᠪᠤᠯᠵᠤ ᠪᠦᠷᠢᠯᠳᠦᠳᠡᠭ᠃ | ᠮᠣᠩᠭᠤᠯ ᠬᠦᠵᠦᠷ ᠪᠤᠯ ᠬᠡᠯᠡ ᠪᠢᠴᠢᠭ ᠵᠢᠭᠠᠬᠤ ᠪᠠ ᠰᠣᠷᠬᠤ ᠳᠤ ᠦᠢᠯᠡᠴᠢᠯᠡᠳᠡᠭ ᠲᠣᠭᠯᠠᠭᠠᠮ ᠤᠨ ᠺᠠᠷᠲ | ᠮᠦᠨ᠃ ᠮᠣᠩᠭᠤᠯ ᠬᠦᠵᠦᠷ ᠢ ᠨᠡᠭᠡᠭᠡᠨ ᠠᠰᠢᠭᠯᠠᠬᠤ ᠳᠤ ᠡᠷᠬᠡᠪᠰᠢ ᠵᠢᠭᠠᠬᠤ ᠠᠭᠤᠯᠭ᠎ᠠ ᠶᠢᠨ ᠲᠤᠭᠤᠷᠢᠨ ᠳᠤ | ᠬᠢᠴᠢᠶᠡᠯ ᠤᠨ ᠦᠭᠡᠷᠡᠴᠢᠯᠡᠯᠲᠡ ᠶᠢᠨ ᠵᠣᠷᠢᠭ ᠰᠠᠨᠠᠭ᠎ᠠ ᠶᠢ ᠬᠦᠢᠴᠡᠳ ᠢᠯᠡᠷᠡᠭᠦᠯᠵᠦ᠂ ᠰᠣᠷᠣᠯᠴᠠᠯᠭ᠎ᠠ ᠶᠢᠨ ᠲᠣᠮᠳᠠᠬᠢ | ᠭᠤᠣᠯᠳᠠᠯᠭ᠎ᠠ ᠶᠢ ᠲᠣᠪᠤᠶᠢᠯᠭᠠᠨ ᠬᠦᠴᠢᠷᠳᠡᠯᠭᠡ ᠶᠢ ᠰᠢᠢᠳᠪᠦᠷᠢᠯᠡᠬᠦ ᠪᠠᠷ ᠵᠤᠷᠢᠯᠳᠠ ᠪᠤᠯᠭᠠᠬᠤ ᠬᠡᠷᠡᠭᠲᠡᠢ᠃ | 2. ᠪᠡᠯᠡᠳᠭᠡᠵᠦ ᠲᠠᠪᠲᠠᠬᠤ ᠬᠢᠭᠡᠳ ᠬᠦᠵᠦᠷ ᠲᠣᠭᠯᠠᠭᠠᠮ | ᠬᠢᠴᠢᠶᠡᠯ ᠳᠤ ᠪᠡᠯᠡᠳᠭᠡᠵᠦ ᠲᠠᠪᠲᠠᠬᠤ ᠪᠣᠯ ᠬᠢᠴᠢᠶᠡᠯ ᠳᠤ ᠣᠷᠣᠯᠴᠠᠬᠤ ᠶᠢᠨ ᠦᠨᠳᠦᠰᠦᠨ ᠬᠦᠲᠡᠯᠭᠡᠭᠴᠢ | ᠬᠦᠴᠦᠨ ᠮᠦᠨ᠃ ᠬᠢᠴᠢᠶᠡᠯ ᠳᠤ ᠪᠡᠯᠡᠳᠭᠡᠬᠦ ᠨᠢ ᠶᠠᠭ ᠨᠢᠭᠡ ᠰᠠᠭᠤᠷᠢ ᠭᠦᠳᠠᠯᠭᠡᠭᠦᠷ ᠮᠠᠰᠢᠨ ᠰᠢᠬ ᠬᠢᠴᠢᠶᠡᠯ ᠳᠤ | ᠰᠢᠨ᠎ᠡ ᠠᠮᠢᠯᠠᠯ ᠤᠨ ᠬᠦᠴᠦᠨ ᠣᠯᠭᠤᠳᠠᠭ᠃ ᠪᠡᠯᠡᠳᠭᠡᠵᠦ ᠲᠠᠪᠲᠠᠬᠤ ᠨᠢ ᠰᠣᠷᠣᠭᠴᠢᠳ ᠤᠨ ᠬᠢᠴᠢᠶᠡᠯ ᠳᠤ | ᠣᠷᠣᠯᠴᠠᠬᠤ ᠦᠷ᠎ᠡ ᠪᠦᠲᠦᠮᠵᠢ ᠶᠢ ᠲᠡᠭᠡᠭᠰᠢᠯᠡᠬᠦᠯᠵᠦ᠂ ᠦᠪᠡᠰᠦᠪᠠᠨ ᠰᠣᠷᠬᠤ ᠴᠢᠳᠠᠪᠣᠷᠢ᠂ ᠪᠡᠶ᠎ᠡ ᠪᠠᠨ ᠲᠠᠭᠠᠭᠠᠬᠤ | ᠴᠢᠳᠠᠪᠣᠷᠢ ᠵᠢᠴᠢ ᠰᠣᠷᠣᠯᠴᠠᠬᠤ ᠵᠠᠩ ᠲᠠᠳᠬᠠᠯ ᠬᠢᠭᠡᠳ ᠣᠷᠮ᠎ᠠ ᠪᠠᠬ᠎ᠠ ᠶᠢ ᠬᠦᠭᠵᠢᠭᠡᠬᠦ ᠳᠤ ᠠᠰᠢᠭᠲᠠᠢ ᠪᠠᠶᠢᠳᠠᠭ᠃ | ᠤᠳᠤᠬᠠᠨ ᠳᠤ ᠪᠡᠯᠡᠳᠭᠡᠯ ᠲᠠᠪᠲᠠᠯᠭ᠎ᠠ ᠨᠢ ᠬᠡᠯᠪᠡᠷᠢ ᠲᠡᠳᠦᠢ ᠪᠣᠯᠵᠣ ᠪᠣᠲᠠᠲᠣ ᠦᠢᠯᠡᠳᠦᠯ ᠢᠶᠠᠨ ᠠᠯᠳᠠᠭᠰᠠᠨ ᠪᠠᠶᠢᠳᠠᠯ | ᠣᠷᠣᠰᠢᠵᠤ ᠪᠠᠶᠢᠨ᠎ᠠ᠃ ᠢᠢᠮᠦᠷᠬᠦᠤ ᠠᠰᠠᠭᠤᠳᠠᠯ ᠢ ᠡᠭᠦᠰᠭᠡᠭᠰᠡᠨ ᠤ ᠴᠢᠬᠤᠯᠠ ᠰᠢᠯᠲᠠᠭᠠᠨ ᠨᠢ ᠰᠣᠷᠬᠤ ᠣᠷᠮ᠎ᠠ | ᠲᠤᠳᠠᠭᠳᠠᠭᠰᠠᠨ ᠠᠰᠠᠭᠤᠳᠠᠯ ᠪᠣᠯᠣᠨ᠎ᠠ᠃ ᠡᠬᠦᠨ ᠳᠤ ᠪᠢᠲᠡ ᠵᠠᠪᠠᠯ ᠰᠢᠨ᠎ᠡ ᠨᠢᠭᠡᠨ ᠬᠠᠷᠠᠭᠠᠰᠣ ᠪᠠᠷ ᠠᠰᠠᠭᠤᠳᠠᠯ ᠢ | ᠰᠢᠨᠵᠢᠵᠦ᠂ ᠰᠢᠨ᠎ᠡ ᠨᠢᠭᠡᠨ ᠵᠣᠭᠰᠣᠴᠠ ᠠᠴᠠ ᠠᠰᠠᠭᠤᠳᠠᠯ ᠢ ᠰᠢᠢᠳᠪᠦᠷᠢᠯᠡᠬᠦ ᠴᠢᠬᠤᠯᠠ ᠲᠠᠢ ᠶᠤᠮ᠃ ᠬᠦᠵᠦᠷ | ᠲᠣᠭᠯᠠᠭᠠᠮ ᠢ ᠬᠡᠷᠡᠭᠯᠡᠵᠤ ᠬᠢᠴᠢᠶᠡᠯ ᠳᠤ ᠪᠡᠯᠡᠳᠭᠡᠬᠦ ᠨᠢ ᠰᠣᠷᠣᠯᠴᠠᠯᠭ᠎ᠠ ᠶᠢᠨ ᠲᠣᠮᠳᠠᠬᠢ ᠠᠮᠲᠠ ᠰᠢᠮᠲᠡ ᠦᠭᠡᠢ | ᠵᠦᠳᠡᠷᠡᠩᠭᠦᠢ ᠪᠠᠶᠢᠳᠠᠯ ᠢ ᠠᠷᠢᠯᠭᠠᠨ ᠰᠤᠷᠤᠭᠴᠢᠳ ᠤᠨ ᠣᠷᠮ᠎ᠠ ᠪᠠᠬ᠎ᠠ ᠶᠢ ᠭᠦᠭᠵᠢᠭᠡᠨ᠂ ᠲᠠᠳᠠ ᠨᠠᠷ ᠢ ᠬᠦᠴᠢᠷ | ᠲᠦᠪᠡᠭ ᠢ ᠬᠢᠯᠪᠠᠷᠬᠠᠨ ᠢᠶᠠᠷ ᠢᠯᠠᠨ ᠲᠠᠪᠠᠭᠤᠯᠬᠤ ᠪᠤᠯᠭᠠᠨ᠎ᠠ᠃ ᠨᠢᠭᠡᠳᠦᠭᠡᠷ ᠣᠨ ᠤ ᠱᠠᠳᠣᠨ ᠳᠤ ᠬᠦᠵᠦᠷ ᠺᠠᠷᠲ ᠢ | ᠬᠡᠷᠡᠭᠯᠡᠨ ᠬᠡᠦᠭᠡᠳ ᠢ ᠬᠡᠯᠡ ᠪᠢᠴᠢᠭ ᠤᠨ ᠬᠢᠴᠢᠶᠡᠯ ᠳᠤ ᠪᠡᠯᠡᠳᠭᠡᠯ ᠬᠢᠯᠭᠡᠪᠡᠯ ᠬᠡᠦᠭᠡᠳ ᠤᠨ ᠰᠣᠨᠢᠭᠤᠴᠢ ᠰᠡᠳᠬᠢᠯ ᠢ | ᠬᠦᠭᠵᠢᠭᠡᠵᠦ ᠭᠡᠷ ᠤᠨ ᠠᠬᠠᠮᠠᠳ ᠢ ᠴᠦ ᠬᠢᠴᠢᠶᠡᠯ ᠳᠤ ᠣᠷᠢᠶᠠᠯᠠᠨ ᠲᠠᠭᠤᠳᠠᠵᠣ᠂ ᠰᠢᠨ᠎ᠡ ᠨᠢᠭᠡᠨ ᠬᠡᠯᠡ ᠪᠢᠴᠢᠭ ᠤᠨ | ᠰᠤᠷᠤᠯᠴᠠᠯᠭ᠎ᠠ ᠶᠢᠨ ᠠᠭᠤᠷ ᠠᠮᠢᠰᠬᠤᠯ ᠢ ᠪᠣᠢ ᠪᠤᠯᠭᠠᠳᠠᠭ᠃ | 3. ᠬᠢᠴᠢᠶᠡᠯ ᠳᠤ ᠣᠷᠣᠯᠴᠠᠬᠤ ᠬᠢᠭᠡᠳ ᠬᠦᠵᠦᠷ ᠲᠣᠭᠯᠠᠭᠠᠮ | ᠵᠠᠷᠢᠮ ᠪᠠᠶᠢᠳᠠᠯ ᠳᠤ ᠰᠢᠨ᠎ᠡ ᠬᠢᠴᠢᠶᠡᠯᠯᠡᠭᠡ ᠶᠢᠨ ᠲᠤᠮᠳᠠ ᠲᠣᠭᠤᠶᠢᠯᠠᠩ ᠢᠶᠠᠷ ᠨᠢᠭᠡᠴᠢ ᠪᠤᠯᠭᠠᠨ ᠲᠡᠯᠭᠡᠵᠦ | ᠦᠵᠡᠬᠦᠯᠬᠦ᠂ ᠶᠠᠷᠢᠯᠴᠠᠬᠤ᠂ ᠬᠤᠷᠰᠢᠵᠣ ᠬᠠᠮᠳᠣᠷᠠᠯᠴᠠᠬᠤ᠂ ᠬᠠᠮᠳᠣ ᠪᠠᠷ ᠰᠦᠪᠡᠭᠴᠢᠯᠡᠬᠦ ᠵᠡᠷᠭᠡ ᠨᠢ ᠬᠡᠦᠭᠡᠳ ᠤᠨ | ᠬᠢᠴᠢᠶᠡᠯ ᠳᠤ ᠣᠷᠣᠯᠴᠠᠬᠤ ᠤᠷᠮ᠎ᠠ ᠶᠢ ᠶᠡᠭᠡ ᠪᠠᠷ ᠲᠡᠭᠡᠭᠰᠢᠯᠡᠬᠦᠯᠦᠭᠰᠡᠨ ᠭᠡᠳᠡᠭ ᠪᠣᠯᠪᠠᠴᠣ ᠣᠯᠠᠩᠬᠢ ᠪᠠᠶᠢᠳᠠᠯ ᠳᠤ | ᠵᠦᠪᠭᠡᠨ ᠴᠦᠭᠡᠨ ᠬᠡᠳᠦᠨ ᠢᠳᠡᠪᠬᠢᠲᠡᠨ ᠳᠤ ᠶᠠᠷᠢᠵᠣ ᠢᠯᠡᠳᠭᠡᠬᠦ ᠪᠠ ᠦᠪᠡᠷ ᠢ ᠪᠠᠨ ᠢᠯᠡᠷᠡᠭᠦᠯᠬᠦ ᠵᠠᠪᠰᠢᠶᠠᠨ | ᠣᠯᠭᠤᠵᠣ᠂ ᠤᠯᠠᠩᠬᠢ ᠲᠤᠭᠠᠨ ᠤ ᠰᠤᠷᠤᠭᠴᠢ ᠪᠣᠰᠣᠳ ᠢ ᠲᠠᠭᠤᠷᠢᠶᠠᠵᠣ᠂ ᠪᠣᠰᠣᠳ ᠤᠨ ᠴᠢᠷᠠᠢ ᠬᠠᠷᠠᠵᠣ ︽ᠪᠡᠯᠡᠨ | ᠪᠣᠳᠠᠭ᠎ᠠ ᠢᠳᠡᠬᠦ︾ ᠠᠴᠠ ᠪᠠᠨ ᠭᠠᠷᠴᠣ ᠴᠢᠳᠠᠭᠰᠠᠨ ᠦᠭᠡᠢ ᠪᠠᠶᠢᠳᠠᠭ᠃ ᠬᠦᠵᠦᠷ ᠲᠣᠭᠯᠠᠭᠠᠮ ᠤᠨ ᠵᠣᠬᠢᠶᠠᠨ | ᠪᠠᠶᠢᠭᠤᠯᠬᠤ ᠬᠡᠯᠪᠡᠷᠢ ᠨᠢ ᠰᠢᠨ᠎ᠡ ᠬᠢᠴᠢᠶᠡᠯᠯᠡᠭᠡ ᠶᠢᠨ ᠲᠣᠭᠤᠶᠢᠯᠠᠩ ᠨᠢᠭᠡᠴᠢ ᠪᠠᠷ ᠵᠣᠬᠢᠶᠠᠨ ᠪᠠᠶᠢᠭᠤᠯᠬᠤ ᠬᠡᠯᠪᠡᠷᠢ ᠲᠠᠢ | ᠨᠢᠭᠡᠳᠥᠯᠳᠡᠢ ᠪᠠᠶᠢᠵᠤ᠂ ᠬᠦᠵᠦᠷ ᠲᠣᠭᠯᠠᠭᠠᠮ ᠢᠶᠠᠷ ᠰᠣᠷᠬᠤ ᠠᠷᠭ᠎ᠠ ᠶᠠᠪᠣᠴᠠ ᠨᠢ ᠰᠢᠨ᠎ᠡ ᠬᠢᠴᠢᠶᠡᠯᠯᠡᠭᠡ ᠶᠢᠨ ᠡᠵᠡᠨ | ᠮᠡᠳᠡᠬᠦ᠂ ᠬᠤᠷᠰᠢᠨ ᠬᠠᠮᠳᠣᠷᠠᠬᠤ᠂ ᠬᠠᠮᠲᠣ ᠪᠠᠷ ᠰᠦᠪᠡᠭᠴᠢᠯᠡᠵᠦ ᠰᠣᠷᠬᠤ ᠠᠷᠭ᠎ᠠ ᠶᠠᠪᠣᠴᠠ ᠲᠠᠢ ᠨᠢᠭᠡᠳᠦᠯᠲᠡᠢ ᠪᠤᠯᠵᠤ | ᠂ ᠰᠢᠨ᠎ᠡ ᠬᠢᠴᠢᠶᠡᠯᠯᠡᠭᠡ ᠶᠢᠨ ᠲᠣᠮᠳᠠᠬᠢ ᠢᠯᠡᠷᠬᠡᠢ ᠬᠦᠴᠢᠷᠳᠡᠯᠭᠡ ᠶᠢ ᠰᠢᠢᠳᠪᠦᠷᠢᠯᠡᠭᠰᠡᠨ ᠪᠠᠶᠢᠳᠠᠭ᠃ | 4. ᠡᠵᠡᠨ ᠮᠡᠳᠡᠬᠦ᠂ ᠬᠤᠷᠰᠢᠨ ᠬᠠᠮᠲᠣᠷᠠᠬᠤ᠂ ᠰᠦᠪᠡᠭᠴᠢᠯᠡᠵᠦ ᠰᠣᠷᠬᠤ ᠬᠢᠭᠡᠳ ᠬᠦᠵᠦᠷ ᠲᠣᠭᠯᠠᠭᠠᠮ | ᠡᠵᠡᠨ ᠮᠡᠳᠡᠬᠦ᠂ ᠬᠤᠷᠰᠢᠨ ᠬᠠᠮᠲᠣᠷᠠᠬᠤ᠂ ᠰᠦᠪᠡᠭᠴᠢᠯᠡᠵᠦ ᠰᠣᠷᠬᠤ ᠪᠣᠯ ᠰᠢᠨ᠎ᠡ ᠬᠢᠴᠢᠶᠡᠯᠯᠡᠭᠡ ᠶᠢᠨ | ᠬᠠᠮᠤᠭ ᠤᠨ ᠦᠨᠳᠦᠰᠦᠨ ᠰᠣᠷᠬᠤ ᠠᠷᠭ᠎ᠠ ᠬᠡᠯᠪᠡᠷᠢ ᠮᠦᠨ᠃ ᠬᠦᠵᠦᠷ ᠲᠣᠭᠯᠠᠭᠠᠮ ᠤᠨ ᠲᠣᠮᠲᠠ ᠤᠷᠤᠯᠴᠠᠭᠴᠢ | ᠪᠦᠷ ᠬᠠᠷᠢᠴᠠᠩᠭᠤᠢ ᠪᠡᠶ᠎ᠡ ᠪᠠᠨ ᠲᠠᠭᠠᠭᠠᠬᠤ ᠴᠢᠨᠠᠷ ᠲᠠᠢ ᠪᠠᠶᠢᠵᠤ ᠬᠤᠪᠢᠳᠠᠵᠤ ᠠᠪᠤᠭᠰᠠᠨ ᠺᠠᠷᠲ ᠢᠶᠠᠨ ᠡᠮᠬᠢᠯᠡᠵᠦ | ᠲᠡᠭᠰᠢᠯᠡᠬᠦ᠂ ᠬᠤᠯᠪᠤᠵᠤ ᠪᠦᠲᠦᠭᠡᠬᠦ ᠡᠭᠦᠷᠭᠡ ᠬᠠᠷᠢᠭᠤᠴᠠᠯᠭ᠎ᠠ ᠲᠠᠢ ᠪᠠᠶᠢᠳᠠᠭ ᠪᠣᠯᠬᠤᠷ ᠬᠦᠮᠦᠨ ᠪᠦᠬᠦᠨ ᠳᠤ ᠡᠷᠭᠡ | ᠲᠡᠭᠰᠢ ᠡᠵᠡᠨ ᠮᠡᠳᠡᠵᠦ ᠰᠣᠷᠬᠤ ᠲᠤᠬᠢᠶᠠᠯ ᠵᠠᠪᠰᠢᠶᠠᠨ ᠢ ᠣᠯᠭᠤᠵᠠᠢ᠃ ᠬᠦᠵᠦᠷ ᠲᠣᠭᠯᠠᠭᠠᠮ ᠤᠨ ᠲᠣᠮᠳᠠ | ᠣᠷᠣᠯᠴᠠᠭᠴᠢ ᠬᠤᠭᠤᠷᠣᠨᠳᠣ ᠪᠠᠨ ᠬᠠᠷᠢᠯᠴᠠᠨ ᠦᠷᠢᠰᠦᠯᠳᠦᠬᠦ ᠨᠢ ᠮᠦᠨ ᠣᠨᠴᠠᠭᠠᠢ ᠨᠢᠭᠡᠨ ᠬᠡᠯᠪᠡᠷᠢ ᠪᠠᠷ ᠬᠠᠷᠢᠯᠴᠠᠨ | ᠬᠢᠨᠠᠵᠣ᠂ ᠬᠠᠷᠢᠯᠴᠠᠨ ᠰᠡᠩᠭᠡᠷᠡᠭᠦᠯᠵᠦ᠂ ᠬᠠᠷᠢᠯᠴᠠᠨ ᠰᠣᠷᠴᠣ᠂ ᠬᠤᠷᠰᠢᠨ ᠬᠠᠮᠳᠣᠷᠠᠯᠴᠠᠵᠣ ᠬᠠᠮᠳᠣ ᠪᠠᠷ ᠲᠠᠪᠰᠢᠵᠣ | ᠪᠠᠶᠢᠭ᠎ᠠ ᠶᠠᠪᠣᠳᠠᠯ ᠮᠦᠨ᠃ ᠬᠦᠵᠦᠷ ᠲᠣᠭᠯᠠᠭᠠᠮ ᠤᠨ ᠲᠣᠮᠳᠠ ᠬᠡᠦᠭᠡᠳ ᠦᠷᠢᠰᠴᠦ ᠣᠷᠣᠯᠳᠣᠬᠤ ᠶᠢᠨ ᠲᠠᠷᠣᠯᠲᠠ᠂ | ᠢᠯᠠᠵᠣ ᠢᠯᠠᠭᠳᠠᠬᠤ ᠶᠢᠨ ᠣᠴᠢᠷ᠂ ᠠᠮᠵᠢᠯᠲᠠ ᠬᠦᠰᠡᠬᠦ ᠶᠢᠨ ᠬᠡᠷᠡᠭᠴᠡᠭᠡ ᠠᠴᠠ ᠪᠣᠯᠵᠣ ᠠᠶᠠᠨᠳᠠᠭᠠᠨ ᠲᠠᠰᠣᠷᠠᠯᠲᠠ | ᠦᠭᠡᠢ ᠪᠡᠶ᠎ᠡ ᠪᠠᠨ ᠲᠠᠭᠠᠭᠠᠵᠣ ᠰᠣᠳᠣᠯᠵᠣ ᠨᠢᠭᠳᠠᠯᠠᠨ ᠦᠪᠡᠷ ᠤᠨ ᠡᠷᠭᠡ ᠦᠭᠡᠢ ᠦᠷᠭᠡᠳᠭᠡᠵᠦ ᠰᠦᠪᠡᠭᠴᠢᠯᠡᠨ | ᠢᠳᠡᠪᠬᠢ ᠬᠦᠳᠡᠯᠦᠩᠭᠦᠢ ᠲᠡᠶᠢᠰᠢ ᠬᠦᠭᠵᠢᠳᠡᠭ᠃ | 5. ᠬᠢᠴᠢᠶᠡᠯ ᠦᠷᠨᠢᠯᠳᠡ ᠬᠢᠭᠡᠳ ᠬᠦᠵᠦᠷ ᠲᠣᠭᠯᠠᠭᠠᠮ | ᠬᠢᠴᠢᠶᠡᠯ ᠳᠤ ᠵᠢᠭᠠᠬᠤ ᠵᠣᠷᠢᠯᠭ᠎ᠠ ᠬᠢᠭᠡᠳ ᠡᠭᠦᠷᠭᠡ ᠠᠴᠠ ᠨᠡᠩ ᠲᠠᠪᠠᠭᠤ ᠬᠢᠴᠢᠶᠡᠯ ᠦᠷᠨᠢᠯᠳᠡ ᠭᠡᠵᠦ | ᠪᠠᠶᠢᠳᠠᠭ᠃ ᠲᠤᠬᠠᠶᠢᠯᠠᠪᠠᠯ᠂ ᠰᠣᠷᠬᠤ ᠶᠠᠪᠣᠴᠠ ᠳᠤ ᠲᠠᠨᠢᠬᠤᠢ ᠠᠴᠠ ᠨᠡᠩ ᠦᠨᠳᠦᠷ ᠣᠪᠣᠷ ᠬᠢᠭᠡᠳ ᠰᠡᠳᠬᠢᠯᠭᠡ ᠶᠢᠨ | ᠡᠭᠦᠰᠦᠯᠲᠡ ᠨᠢ ᠰᠣᠷᠣᠭᠴᠢ ᠶᠢᠨ ᠰᠣᠷᠬᠤ ᠶᠠᠪᠣᠴᠠ ᠳᠤ ᠬᠢ ᠦᠷᠨᠢᠯᠳᠡ ᠶᠢᠨ ᠶᠠᠪᠣᠴᠠ ᠪᠠᠶᠢᠵᠤ ᠰᠤᠷᠬᠤ ᠦᠷ᠎ᠡ | ᠪᠦᠲᠦᠮᠵᠢ ᠳᠤ ᠬᠦᠷᠬᠦ ᠳᠤ ᠰᠢᠢᠳᠪᠦᠷᠢᠯᠡᠭᠴᠢ ᠦᠢᠯᠡᠳᠦᠯ ᠦᠵᠡᠬᠦᠯᠦᠨ᠎ᠡ᠃ ᠰᠣᠷᠣᠭᠴᠢ ᠦᠢᠯᠡᠳᠦᠯᠭᠡ ᠶᠢᠨ | ᠬᠦᠳᠡᠯᠭᠡᠭᠡᠨ ᠳᠤ ᠣᠷᠣᠯᠴᠠᠪᠠᠯ ᠰᠠᠶ᠋ᠢ ᠪᠦᠳᠦᠭᠡᠯᠴᠢ ᠴᠢᠳᠠᠪᠣᠷᠢ ᠪᠠᠨ ᠬᠦᠭᠵᠢᠭᠦᠯᠵᠤ ᠴᠢᠳᠠᠬᠤ ᠪᠠᠷ ᠪᠠᠷᠠᠬᠤ ᠦᠬᠡᠢ | ᠰᠡᠳᠬᠢᠯᠬᠡ ᠶᠢᠨ ᠲᠠᠨᠢᠯᠳᠠ ᠪᠠᠨ ᠦᠷᠨᠢᠭᠦᠯᠵᠤ ᠮᠡᠳᠡᠯᠬᠡ ᠶᠢ ᠲᠠᠰᠤᠷᠠᠯᠳᠠ ᠦᠭᠡᠢ ᠰᠦᠪᠡᠭᠴᠢᠯᠡᠵᠤ ᠴᠢᠳᠠᠳᠠᠭ᠃ ᠬᠡᠯᠡ | ᠪᠢᠴᠢᠭ ᠤᠨ ᠬᠢᠴᠢᠶᠡᠯᠯᠡᠭᠡ ᠳᠤ ᠬᠦᠵᠦᠷ ᠲᠣᠭᠯᠠᠭᠠᠮ ᠢ ᠣᠳᠣᠷᠢᠳᠣᠨ ᠣᠷᠣᠭᠤᠯᠪᠠᠯ ᠬᠦᠵᠦᠷ ᠲᠣᠭᠯᠠᠭᠠᠮ ᠤᠨ | ᠲᠣᠮᠲᠠ ᠬᠡᠦᠭᠡᠳ ᠪᠣᠲᠠᠲᠠᠢ ᠭᠠᠷ ᠬᠦᠳᠡᠯᠵᠦ ᠬᠢᠵᠦ ᠣᠷᠣᠯᠳᠤᠳᠠᠭ ᠪᠣᠯᠬᠤᠷ ᠬᠡᠯᠡᠨ ᠤ ᠮᠡᠳᠡᠷᠡᠮᠵᠢ ᠠᠴᠠ ᠬᠡᠯᠡᠨ ᠤ | ᠴᠢᠳᠠᠪᠤᠷᠢ ᠳᠤ ᠬᠦᠷᠭᠡᠵᠦ᠂ ᠬᠡᠯᠡ ᠪᠢᠴᠢᠭ ᠰᠣᠷᠬᠤ ᠣᠷᠣᠨ ᠵᠠᠢ ᠶᠢ ᠨᠡᠩ ᠦᠷᠭᠡᠳᠭᠡᠵᠦ᠂ ᠬᠢᠴᠢᠶᠡᠯ | ᠰᠣᠷᠣᠯᠴᠠᠯᠭ᠎ᠠ ᠶᠢ ᠵᠢᠩᠬᠢᠨᠢ ᠦᠷᠨᠢᠯᠳᠡ ᠲᠠᠢ ᠪᠣᠯᠭᠠᠵᠤ ᠴᠢᠳᠠᠨ᠎ᠠ᠃ | ᠭᠤᠷᠪᠠ᠂ ᠰᠣᠳᠣᠯᠭᠠᠨ ᠤ ᠰᠢᠨ᠎ᠡ ᠡᠭᠦᠲᠦᠯᠲᠡ ᠶᠢᠨ ᠴᠡᠭ | ᠦᠰᠦᠭ ᠲᠠᠨᠢᠬᠤ ᠬᠦᠵᠦᠷ ᠪᠤᠯ ᠬᠡᠯᠡ ᠪᠢᠴᠢᠭ ᠤᠨ ᠵᠢᠭᠠᠨ ᠰᠤᠷᠭᠠᠯᠲᠠ ᠶᠢᠨ ᠰᠢᠨ᠎ᠡ ᠡᠭᠦᠳᠦᠯᠳᠡ ᠮᠦᠨ᠃ | ᠬᠢᠴᠢᠶᠡᠯᠯᠡᠭᠡ ᠶᠢᠨ ᠲᠠᠯ᠎ᠠ ᠳᠤ᠂ ᠦᠰᠦᠭ ᠲᠠᠨᠢᠬᠤ ᠮᠣᠩᠭᠤᠯ ᠬᠦᠵᠦᠷ ᠨᠢ ᠬᠢᠴᠢᠶᠡᠯᠯᠡᠭᠡ ᠶᠢ ᠨᠡᠩ ᠠᠮᠢᠳᠤ | ᠲᠦᠷᠰᠦᠯᠢᠭ ᠪᠤᠯᠭᠠᠵᠠᠢ᠃ ᠰᠣᠷᠣᠭᠴᠢ ᠶᠢᠨ ᠲᠠᠯ᠎ᠠ ᠳᠤ᠂ ᠦᠰᠦᠭ ᠲᠠᠨᠢᠬᠤ ᠮᠣᠩᠭᠤᠯ ᠬᠦᠵᠦᠷ ᠨᠢ ᠰᠢᠨ᠎ᠡ ᠨᠢᠭᠡ | ᠰᠣᠷᠬᠤ ᠪᠠᠭᠠᠵᠢ ᠬᠢᠭᠡᠳ ᠰᠤᠷᠬᠤ ᠠᠷᠭ᠎ᠠ ᠶᠢ ᠬᠠᠨᠭ᠍ᠭᠠᠵᠠᠢ᠃ ᠪᠠᠭᠰᠢ ᠶᠢᠨ ᠲᠠᠯ᠎ᠠ ᠳᠤ᠂ ᠦᠰᠦᠭ ᠲᠠᠨᠢᠬᠤ ᠮᠣᠩᠭᠤᠯ | ᠬᠦᠵᠦᠷ ᠨᠢ ᠰᠢᠨ᠎ᠡ ᠨᠢᠭᠡ ᠵᠢᠭᠠᠬᠤ ᠪᠠᠭᠠᠵᠢ ᠪᠠ ᠵᠢᠭᠠᠬᠤ ᠠᠷᠭ᠎ᠠ ᠶᠢ ᠪᠤᠢ ᠪᠤᠯᠭᠠᠪᠠ᠃ ᠭᠡᠷ ᠤᠨ ᠠᠬᠠᠮᠠᠳ ᠤᠨ | ᠲᠠᠯ᠎ᠠ ᠳᠤ᠂ ᠦᠰᠦᠭ ᠲᠠᠨᠢᠬᠤ ᠮᠣᠩᠭᠤᠯ ᠬᠦᠵᠦᠷ ᠨᠢ ᠰᠢᠨ᠎ᠡ ᠨᠢᠭᠡ ᠬᠠᠪᠰᠣᠷᠣᠨ ᠵᠢᠯᠣᠭᠤᠳᠬᠤ ᠪᠠᠭᠠᠵᠢ ᠬᠢᠭᠡᠳ | ᠵᠢᠯᠤᠭᠤᠳᠬᠤ ᠠᠷᠭ᠎ᠠ ᠶᠢ ᠬᠠᠨᠭ᠍ᠭᠠᠵᠠᠢ᠃ ᠨᠡᠶᠢᠭᠡᠮ ᠨᠡᠶᠢᠲᠡ ᠶᠢᠨ ᠲᠠᠯ᠎ᠠ ᠳᠤ᠂ ᠦᠰᠦᠭ ᠲᠠᠨᠢᠬᠤ ᠮᠣᠩᠭᠤᠯ | ᠬᠦᠵᠦᠷ ᠨᠢ ᠰᠣᠷᠭᠠᠭᠤᠯᠢ᠂ ᠭᠡᠷ ᠪᠦᠯᠢ᠂ ᠨᠡᠶᠢᠭᠡᠮ ᠤᠨ ᠬᠤᠭᠤᠷᠣᠨᠳᠣᠬᠢ ᠬᠠᠮᠵᠢᠯᠴᠠᠭ᠎ᠠ ᠶᠢ ᠴᠢᠩᠭᠠᠳᠬᠠᠵᠤ᠂ | ᠦᠪᠡᠷᠮᠢᠴᠡ ᠨᠢᠭᠡᠨ ᠬᠡᠯᠪᠡᠷᠢ ᠶᠢᠨ ᠰᠣᠷᠣᠯᠴᠠᠯᠭ᠎ᠠ ᠶᠢᠨ ᠠᠭᠤᠷ ᠠᠮᠢᠰᠬᠤᠯ᠂ ᠤᠷᠤᠨ ᠵᠠᠢ ᠶᠢ ᠪᠣᠢ ᠪᠣᠯᠭᠠᠵᠣ᠂ | ᠰᠢᠨᠵᠢᠯᠡᠬᠦ ᠣᠬᠠᠭᠠᠨᠴᠢ ᠰᠣᠷᠭᠠᠨ ᠬᠦᠮᠦᠵᠢᠯ ᠤᠨ ᠦᠵᠡᠯ ᠰᠠᠨᠠᠭ᠎ᠠ ᠬᠢᠭᠡᠳ ᠣᠪᠣᠷ ᠰᠣᠷᠲᠠᠯ ᠢ ᠲᠦᠭᠡᠮᠡᠯᠵᠢᠭᠦᠯᠵᠠᠢ᠃ | ᠲᠦᠷᠪᠡ᠂ ᠰᠣᠳᠣᠯᠭᠠᠨ ᠤ ᠭᠤᠤᠯ ᠠᠭᠤᠯᠭ᠎ᠠ | 1. ᠬᠦᠵᠦᠷ ᠺᠠᠷᠲ ᠢᠶᠠᠷ ᠦᠶ᠎ᠡ ᠲᠠᠨᠢᠭᠤᠯᠬᠤ ᠠᠷᠭ᠎ᠠ | ᠬᠦᠵᠦᠷ ᠺᠠᠷᠲ ᠢᠶᠠᠷ ᠦᠶ᠎ᠡ ᠲᠠᠨᠢᠭᠤᠯᠬᠤ ᠠᠷᠭ᠎ᠠ ᠶᠢᠨ ᠭᠤᠣᠯ ᠠᠴᠢᠶᠠᠯᠠᠪᠤᠷᠢ ᠪᠠᠭᠠᠵᠢ ᠨᠢ ︽ᠮᠣᠩᠭᠤᠯ | ᠬᠡᠯᠡᠨ ᠤ ᠦᠶ᠎ᠡ ᠶᠢᠨ ᠺᠠᠷᠲ︾ ᠪᠣᠯᠣᠨ᠎ᠠ᠃ ︽ᠮᠣᠩᠭᠤᠯ ᠬᠡᠯᠡᠨ ᠤ ᠦᠶ᠎ᠡ ᠶᠢᠨ ᠺᠠᠷᠲ︾ ᠪᠣᠯ ᠬᠦᠵᠦᠷ ᠤᠨ ᠨᠢᠭᠤᠷ | ᠬᠠᠭᠤᠳᠠᠰᠤ ᠶᠢ ᠲᠣᠭᠤᠷᠢᠭ ᠬᠡᠯᠪᠡᠷᠢ ᠲᠠᠢ ᠵᠢᠷᠤᠵᠤ ᠲᠦᠯᠦᠪᠯᠡᠨ ᠨᠢᠭᠡ ᠬᠠᠭᠤᠳᠠᠰᠤᠨ ᠳᠤ ᠣᠯᠠᠨ ᠲᠡᠮᠲᠡᠭ ᠦᠰᠦᠭ ᠢ | ᠪᠠᠭᠲᠠᠭᠠᠭᠰᠠᠨ ᠣᠨᠴᠠᠯᠢᠭ ᠲᠠᠢ᠃ ᠴᠠᠭᠠᠨ ᠲᠣᠯᠣᠭᠠᠢ ᠶᠢᠨ ᠲᠦᠷᠦᠯ ᠦᠶ᠎ᠡ ᠶᠢᠨ ᠠᠶᠢᠮᠠᠭ ᠨᠢᠭᠡᠪᠦᠷᠢ ᠶᠢ ᠨᠢᠭᠡ | ᠬᠡᠪ ᠲᠤ ᠣᠷᠣᠭᠤᠯᠵᠤ ᠨᠡᠶᠢᠲᠡ 16 ᠬᠡᠪ ᠢ ᠬᠡᠷᠡᠭᠯᠡᠵᠡᠢ᠂ ᠡᠬᠦᠨ ᠤ ᠲᠡᠭᠡᠷ᠎ᠡ ᠲᠡᠪᠢᠰᠭᠡᠷ ᠦᠰᠦᠭ ᠤᠨ ᠲᠣᠮᠲᠠ ᠪᠠ | ᠠᠳᠠᠭ ᠲᠤ ᠣᠷᠣᠬᠤ ᠲᠦᠷᠰᠦ ᠶᠢ ᠨᠢᠭᠡ ᠬᠡᠪ ᠲᠤ ᠣᠷᠣᠭᠤᠯᠵᠤ᠂ ᠲᠡᠶᠢᠨ ᠢᠯᠭᠠᠯ ᠤᠨ ᠨᠦᠬᠦᠴᠡᠯ᠂ ᠣᠯᠠᠨ | ᠲᠣᠭᠠᠨ ᠤ ᠨᠦᠬᠦᠴᠡᠯ᠂ ᠶᠡᠷᠦᠩᠭᠡᠶᠢᠯᠡᠨ ᠬᠠᠮᠢᠶᠠᠳᠠᠭᠤᠯᠬᠤ ᠨᠦᠬᠦᠴᠡᠯ᠂ ᠠᠩᠬ᠎ᠠ ᠦᠬᠦᠯᠡᠪᠦᠷᠢ ᠵᠣᠬᠢᠶᠠᠵᠤ | ᠰᠤᠷᠬᠤ ᠳᠤ ᠬᠡᠷᠡᠭᠯᠡᠳᠡᠭ ᠦᠨᠳᠦᠰᠦᠨ ᠴᠡᠭ ᠲᠡᠮᠲᠡᠭ ᠢ ᠨᠢᠭᠡ ᠬᠡᠪ ᠲᠤ ᠣᠷᠣᠭᠤᠯᠣᠭᠰᠠᠨ ᠠᠴᠠ ᠨᠡᠶᠢᠲᠡ 18 | ᠬᠡᠪ ᠲᠠᠢ ᠪᠣᠯᠵᠠᠢ᠃ ᠡᠳᠡᠭᠡᠷ ᠬᠦᠵᠦᠷ ᠤᠨ ᠬᠡᠪ ᠢ ᠠᠳᠠᠯᠢ ᠪᠤᠰᠤ ᠲᠤᠭ᠎ᠠ ᠨᠣᠷᠮ᠎ᠠ ᠪᠠᠷ ᠣᠷᠣᠯᠴᠠᠭᠤᠯᠤᠭᠰᠠᠨ ᠤ | ᠲᠠᠷᠠᠭ᠎ᠠ ︽ᠮᠣᠩᠭᠤᠯ ᠦᠶ᠎ᠡ ᠶᠢᠨ ᠬᠦᠵᠦᠷ︾ ᠨᠢ ᠠᠳᠬᠤ ᠪᠦᠷᠢ ᠳᠤ 98 ᠺᠠᠷᠲ ᠲᠠᠢ ᠪᠣᠯᠵᠠᠢ᠃ ᠴᠠᠭᠠᠨ | ᠲᠣᠯᠣᠭᠠᠢ ᠶᠢᠨ ᠣᠭ ᠲᠦᠷᠰᠦ᠂ ᠭᠤᠷᠪᠠᠨ ᠬᠤᠪᠢᠷᠠᠯ᠂ ᠲᠠᠪᠢᠰᠭᠡᠷ ᠦᠰᠦᠭ᠂ ᠵᠦᠪ ᠲᠠᠭᠤᠳᠠᠯᠭ᠎ᠠ᠂ ᠨᠦᠬᠦᠴᠡᠯ | ᠵᠡᠷᠭᠡ ᠶᠢ ᠤᠩᠰᠢᠬᠤ ᠲᠣᠮᠲᠠ ᠬᠦᠵᠦᠷ ᠤᠨ ᠬᠡᠪ ᠢ ᠲᠠᠨᠢᠭᠤᠯᠤᠨ᠎ᠠ᠃ ᠲᠡᠪᠢᠰᠭᠡᠷᠲᠦ ᠦᠶ᠎ᠡ ᠶᠢ ᠬᠦᠵᠦᠷ | ᠺᠠᠷᠲ ᠢᠶᠠᠷ ᠢᠶᠠᠨ ᠬᠤᠯᠪᠤᠵᠤ ᠪᠦᠲᠦᠭᠡᠬᠦ ᠲᠣᠮᠲᠠ ᠪᠠᠨ ᠲᠠᠨᠢᠵᠤ ᠡᠵᠡᠮᠰᠢᠨ᠎ᠡ᠃ ᠦᠩᠭᠡ ᠪᠤᠳᠤᠭ ᠤᠨ ᠣᠨᠴᠠᠯᠢᠭ ᠢᠶᠠᠷ | ᠦᠶ᠎ᠡ ᠶᠢᠨ ᠴᠢᠩᠭ᠎ᠠ ᠬᠦᠨᠲᠡᠢ ᠰᠠᠭᠠᠷᠮᠠᠭ᠂ ᠬᠠᠲᠠᠭᠤ ᠵᠦᠭᠡᠯᠡᠨ ᠡᠭᠡᠰᠢᠭ ᠲᠡᠪᠢᠰᠭᠡᠷ ᠢ ᠢᠯᠭᠠᠨ ᠲᠠᠨᠢᠨ᠎ᠠ᠃ | ︽ᠮᠣᠩᠭᠤᠯ ᠦᠶ᠎ᠡ ᠶᠢᠨ ᠬᠦᠵᠦᠷ︾ ᠢ ᠣᠯᠠᠨ ᠵᠦᠢᠯ ᠤᠨ ᠠᠷᠭ᠎ᠠ ᠪᠠᠷ ᠲᠣᠭᠯᠠᠵᠤ ᠨᠠᠭᠠᠳᠴᠤ ᠪᠣᠯᠳᠠᠭ | ᠪᠦᠭᠡᠳ ᠨᠠᠭᠠᠳᠬᠤ ᠠᠷᠭ᠎ᠠ ᠨᠢᠭᠡᠪᠦᠷᠢ ᠨᠢ ᠴᠦᠮ ᠲᠣᠭᠲᠠᠭᠰᠠᠨ ᠨᠢᠭᠡᠨ ᠮᠡᠳᠡᠯᠭᠡ ᠶᠢᠨ ᠬᠠᠷᠠᠭᠠᠰᠤ ᠶᠢ ᠴᠢᠭᠯᠡᠭᠰᠡᠨ | ᠪᠠᠶᠢᠳᠠᠭ᠃ ᠺᠠᠷᠲ ᠣᠩᠰᠢᠬᠤ ᠲᠣᠭᠯᠠᠭᠠᠮ ᠪᠠ ᠦᠶ᠎ᠡ ᠡᠷᠢᠬᠦ ᠲᠣᠭᠯᠠᠭᠠᠮ ᠪᠣᠯ ᠬᠠᠮᠤᠭ ᠤᠨ ᠡᠬᠢᠨ ᠤ ᠦᠶ᠎ᠡ | ᠲᠠᠨᠢᠭᠤᠯᠬᠤ ᠠᠷᠭ᠎ᠠ ᠮᠦᠨ᠃ ᠲᠠᠪᠢᠰᠭᠡᠷᠲᠦ ᠦᠶ᠎ᠡ ᠬᠤᠯᠪᠤᠵᠤ ᠪᠦᠲᠦᠭᠡᠬᠦ ᠲᠣᠭᠯᠠᠭᠠᠮ ᠪᠣᠯ ︽ᠨᠢᠭᠡ ᠭᠤᠣᠯᠳᠠᠯᠭ᠎ᠠ | ᠲᠦᠷᠪᠡᠨ ᠵᠢᠮ᠎ᠡ ᠶᠤᠰᠤ︾ ᠪᠠᠨ ᠪᠣᠲᠠᠲᠠᠢ ᠬᠡᠷᠡᠭᠵᠢᠬᠦᠯᠵᠦ ᠪᠠᠶᠢᠭ᠎ᠠ ᠶᠠᠪᠤᠳᠠᠯ ᠮᠦᠨ᠃ ᠲᠠᠩ ᠦᠭᠡ ᠬᠤᠯᠪᠤᠵᠤ | ᠤᠷᠤᠯᠳᠤᠬᠤ ᠲᠤᠭᠯᠠᠭᠠᠮ᠂ ᠡᠭᠦᠲᠡ ᠨᠡᠭᠡᠭᠡᠬᠦ ᠲᠣᠭᠯᠠᠭᠠᠮ ᠪᠣᠯ ᠦᠶ᠎ᠡ ᠬᠤᠯᠪᠤᠵᠤ ᠦᠭᠡ ᠪᠦᠲᠦᠭᠡᠬᠦ ᠬᠡᠯᠡᠨ ᠤ ᠵᠢᠮ᠎ᠡ | ᠶᠤᠰᠤ ᠶᠢ ᠮᠡᠳᠡᠬᠦᠯᠬᠦ ᠶᠢᠨ ᠲᠦᠯᠦᠭᠡ ᠶᠤᠮ᠃ ᠦᠭᠦᠯᠡᠪᠦᠷᠢ ᠬᠤᠯᠪᠣᠬᠤ ᠲᠣᠭᠯᠠᠭᠠᠮ ᠪᠣᠯ ᠦᠬᠦᠯᠡᠪᠦᠷᠢ ᠶᠢᠨ | ᠬᠡᠯᠪᠡᠷᠢ ᠶᠢ ᠰᠤᠷᠭᠠᠵᠤ᠂ ᠦᠬᠦᠯᠡᠪᠦᠷᠢ ᠵᠣᠬᠢᠶᠠᠬᠤ ᠶᠠᠪᠤᠴᠠ ᠶᠢ ᠬᠠᠮᠲᠤ ᠶᠢᠨ ᠶᠠᠷᠢᠯᠴᠠᠭᠠᠨ ᠤ ᠲᠡᠪᠴᠠᠩ ᠪᠣᠯᠭᠠᠨ | ᠬᠤᠪᠢᠷᠠᠭᠤᠯᠬᠤ ᠶᠢᠨ ᠲᠦᠯᠦᠭᠡ ᠶᠤᠮ᠃ | ᠲᠠᠩ ᠦᠭᠡ ᠬᠤᠯᠪᠤᠵᠤ ᠪᠦᠲᠦᠭᠡᠬᠦ ᠪᠠ ᠦᠭᠦᠯᠡᠪᠦᠷᠢ ᠬᠤᠯᠪᠤᠵᠤ ᠪᠦᠲᠦᠭᠡᠬᠦ ᠲᠣᠭᠯᠠᠭᠠᠮ ᠪᠣᠯ ᠬᠠᠮᠤᠭ ᠠᠴᠠ | ᠦᠷᠭᠡᠨ ᠬᠡᠷᠡᠭᠯᠡᠭᠳᠡᠬᠦ ᠲᠣᠭᠯᠠᠭᠠᠮ ᠤᠨ ᠠᠷᠭ᠎ᠠ ᠮᠦᠨ᠃ ᠬᠡᠦᠭᠡᠳ ᠤᠨ ᠦᠶ᠎ᠡ ᠲᠠᠨᠢᠬᠤ ᠪᠠ ᠦᠭᠡᠰ ᠤᠨ | ᠬᠤᠷᠠᠮᠳᠤᠭᠤᠯᠤᠯ ᠳᠤ ᠬᠠᠮᠤᠭ ᠠᠴᠠ ᠶᠡᠭᠡ ᠲᠣᠰᠠᠯᠠᠳᠠᠭ ᠨᠢ ᠮᠦᠨ ᠡᠨᠡ ᠬᠤᠶᠠᠷ ᠵᠦᠢᠯ ᠤᠨ ᠲᠣᠭᠯᠠᠬᠤ ᠠᠷᠭ᠎ᠠ ᠶᠤᠮ | ᠃ ᠲᠣᠷᠰᠢᠯᠲᠠ ᠶᠢᠨ ᠪᠠᠶᠢᠳᠠᠯ ᠠᠴᠠ ᠦᠵᠡᠪᠡᠯ᠂ ᠭᠡᠷ ᠤᠨ ᠠᠬᠠᠮᠠᠳ ᠤᠨ ᠪᠣᠯᠪᠠᠰᠤᠷᠠᠯ ᠤᠨ ᠬᠢᠷᠢ ᠬᠡᠮᠵᠢᠶ᠎ᠡ ᠠᠴᠠ | ᠪᠣᠯᠵᠤ ᠦᠭᠡᠰ ᠤᠨ ᠰᠠᠩ ᠤᠨ ᠬᠤᠷᠠᠮᠳᠤᠭᠤᠯᠭ᠎ᠠ ᠬᠢᠬᠦ ᠪᠠ ᠦᠬᠦᠯᠡᠪᠦᠷᠢ ᠶᠢᠨ ᠬᠡᠯᠪᠡᠷᠢ ᠰᠤᠷᠬᠤ ᠲᠣᠬᠠᠢ | ᠵᠢᠯᠤᠭᠤᠳᠤᠯᠭ᠎ᠠ ᠶᠢ ᠨᠡᠩ ᠴᠢᠩᠭᠠᠳᠬᠠᠬᠤ ᠴᠢᠬᠤᠯᠠ ᠲᠠᠢ ᠪᠠᠶᠢᠨ᠎ᠠ᠃ | ᠬᠦᠵᠦᠷ ᠲᠣᠭᠯᠠᠬᠤ ᠪᠣᠯ ᠭᠤᠣᠯ ᠠᠷᠭ᠎ᠠ ᠪᠠᠷᠢᠯ ᠮᠦᠨ᠃ ᠠᠭᠤᠯᠭ᠎ᠠ ᠶᠢᠨ ᠬᠤᠪᠢ ᠳᠤ᠂ ᠦᠨᠳᠦᠰᠦᠨ | ᠦᠶ᠎ᠡ ᠪᠠᠷ ᠲᠠᠩ ᠦᠭᠡ ᠬᠤᠯᠪᠤᠬᠤ᠂ ᠲᠠᠪᠢᠰᠭᠡᠷᠲᠦ ᠦᠶ᠎ᠡ ᠣᠷᠣᠯᠴᠠᠭᠤᠯᠵᠤ ᠲᠠᠩ ᠦᠭᠡ ᠬᠤᠯᠪᠤᠬᠤ᠂ ᠲᠡᠶᠢᠨ | ᠢᠯᠭᠠᠯ ᠤᠨ ᠨᠦᠬᠦᠴᠡᠯ ᠬᠤᠯᠪᠤᠬᠤ᠂ ᠣᠯᠠᠨ ᠲᠣᠭᠠᠨ ᠤ ᠨᠦᠬᠦᠴᠡᠯ ᠬᠤᠯᠪᠤᠬᠤ᠂ ᠦᠬᠦᠯᠡᠪᠦᠷᠢ ᠬᠤᠯᠪᠤᠬᠤ | ᠮᠡᠳᠦ ᠶᠢᠨ ᠠᠳᠠᠯᠢ ᠪᠣᠰᠤ ᠬᠢᠷᠢ ᠬᠡᠮᠵᠢᠶᠡᠨ ᠤ ᠠᠭᠤᠯᠭ᠎ᠠ ᠶᠢ ᠬᠡᠦᠭᠡᠳ ᠤᠨ ᠣᠨ ᠠᠩᠭᠢ ᠶᠢᠨ ᠪᠠᠶᠢᠳᠠᠯ ᠳᠤ | ᠲᠣᠬᠢᠷᠠᠭᠤᠯᠵᠤ ᠲᠣᠭᠯᠠᠭᠤᠯᠵᠤ ᠪᠣᠯᠣᠨ᠎ᠠ᠃ ᠡ᠊ᠨᠳᠡ ᠦᠬᠦᠯᠡᠪᠦᠷᠢ ᠬᠤᠯᠪᠤᠵᠤ ᠨᠠᠭᠠᠳᠬᠤ ᠳᠤ ᠯᠠ ᠰᠠᠶ᠋ᠢ ᠪᠦᠬᠦᠯᠢ | ᠠᠳᠬᠤ ᠬᠦᠵᠦᠷ ᠢ ᠬᠡᠷᠡᠭᠯᠡᠵᠦ ︽ᠦᠩᠭᠡᠷᠡᠭᠡᠬᠦ ᠠᠷᠭ᠎ᠠ︾ ᠪᠠᠷ ᠲᠠᠰᠤᠷᠠᠯᠲᠠ ᠦᠭᠡᠢ ᠠᠳᠬᠤᠨ ᠳᠤ ᠬᠢ ᠺᠠᠷᠲ ᠢᠶᠠᠨ | ᠨᠡᠮᠡᠭᠳᠡᠭᠦᠯᠦᠭᠰᠡᠭᠡᠷ ᠪᠠᠶᠢᠵᠤ ᠪᠦᠲᠦᠨ ᠦᠭᠦᠯᠡᠪᠦᠷᠢ ᠶᠢ ᠬᠤᠯᠪᠤᠵᠤ ᠪᠦᠲᠦᠭᠡᠨ ᠪᠣᠭᠤᠮᠲᠠ ᠲᠠᠪᠠᠳᠠᠭ ᠪᠠᠶᠢᠨ᠎ᠠ᠃ | ᠲᠣᠣᠷᠠᠳᠤ ᠣᠨ ᠤ ᠱᠠᠲᠤᠨ ᠳᠤ ᠬᠠᠮᠤᠭ ᠤᠨ ᠰᠠᠶᠢᠨ ᠤᠷᠮ᠎ᠠ ᠬᠦᠭᠵᠢᠭᠡᠬᠦ ᠠᠷᠭ᠎ᠠ ᠪᠤᠯ ᠲᠠᠷᠤᠢ ᠱᠣᠰᠢᠭ᠎ᠠ | ᠪᠣᠯᠢᠶᠠᠯᠳᠤᠬᠤ ᠪᠣᠯᠣᠨ᠎ᠠ᠃ | ᠦᠭᠡ ᠬᠠᠷᠠᠭᠠᠯᠵᠠᠭᠤᠯᠵᠤ ᠬᠦᠵᠦᠷ ᠲᠣᠭᠯᠠᠬᠤ ᠪᠣᠯ ᠵᠣᠷᠢᠯᠭ᠎ᠠ ᠲᠠᠢ᠂ ᠲᠦᠯᠦᠪᠯᠡᠭᠡ ᠲᠠᠢ᠂ ᠠᠯᠬᠤᠮ | ᠲᠠᠷᠠᠭ᠎ᠠ ᠲᠠᠢ ᠪᠠᠷ ᠦᠭᠡᠰ ᠤᠨ ᠬᠤᠷᠠᠮᠳᠤᠭᠤᠯᠤᠯ ᠢ ᠠᠬᠢᠭᠤᠯᠬᠤ ᠲᠣᠬᠢᠷᠠᠮᠵᠢᠲᠠᠢ ᠠᠷᠭ᠎ᠠ ᠶᠤᠮ᠃ ᠬᠠᠷᠠᠭᠠᠯᠵᠠᠭᠤᠯᠬᠤ | ᠦᠭᠡᠰ ᠨᠢ ᠲᠠᠷᠤᠢ ᠰᠢᠨ᠎ᠡ ᠰᠣᠷᠬᠤ ᠦᠭᠡᠰ ᠪᠣᠯᠣᠨ᠎ᠠ᠂ ᠬᠢᠴᠢᠶᠡᠯ ᠳᠤ ᠰᠤᠷᠬᠤ ᠰᠢᠨ᠎ᠡ ᠦᠭᠡᠰ ᠪᠠᠶᠢᠵᠤ ᠪᠣᠯᠣᠨ᠎ᠠ᠂ | ᠦᠷᠭᠡᠳᠭᠡᠵᠦ ᠰᠦᠪᠡᠭᠴᠢᠯᠡᠵᠦ ᠰᠤᠷᠬᠤ ᠰᠢᠨ᠎ᠡ ᠦᠭᠡᠰ ᠪᠠᠶᠢᠵᠤ ᠪᠣᠯᠣᠨ᠎ᠠ᠃ ᠡᠳᠡᠭᠡᠷ ᠦᠭᠡᠰ ᠢᠶᠠᠨ ᠴᠠᠭᠠᠰᠤᠨ ᠳᠤ | ᠪᠢᠴᠢᠵᠦ ᠲᠡᠮᠲᠡᠭᠯᠡᠨ ᠤᠷᠢᠳᠠᠪᠠᠷ ᠬᠦᠵᠦᠷ ᠺᠠᠷᠲ ᠢᠶᠠᠷ ᠢᠶᠠᠨ ᠬᠤᠯᠪᠤᠵᠤ ᠪᠦᠲᠦᠭᠡᠨ᠎ᠡ᠃ ᠬᠦᠵᠦᠷ ᠤᠨ ᠬᠡᠪ | ᠬᠦᠷᠦᠯᠴᠡᠬᠦ ᠦᠭᠡᠢ ᠪᠠᠶᠢᠳᠠᠯ ᠭᠠᠷᠪᠠᠯ ᠬᠡᠷᠡᠭᠯᠡᠭᠰᠡᠨ ᠬᠡᠪ ᠢᠶᠠᠨ ᠲᠠᠬᠢᠵᠤ ᠠᠪᠤᠭᠠᠳ ᠬᠡᠷᠡᠭᠯᠡᠨ᠎ᠡ᠃ ᠪᠣᠯᠪᠠᠰᠤᠷᠠᠬᠤ | ᠦᠭᠡ ᠪᠠᠨ ᠬᠦᠵᠦᠷ ᠺᠠᠷᠲ ᠢᠶᠠᠨ ᠬᠡᠷᠡᠭᠯᠡᠵᠦ ᠬᠤᠯᠪᠤᠵᠤ ᠪᠦᠲᠦᠭᠡᠭᠰᠡᠨ ᠤ ᠪᠠᠨ ᠲᠠᠷᠠᠭ᠎ᠠ ᠪᠦᠭᠦᠲᠡ ᠶᠢ | ᠨᠡᠶᠢᠯᠡᠭᠦᠯᠦᠭᠡᠳ ᠨᠢᠭᠡ ᠠᠳᠬᠤ ᠬᠦᠵᠦᠷ ᠪᠣᠯᠭᠠᠵᠤ ᠬᠡᠷᠡᠭᠯᠡᠭᠰᠡᠨ ᠦᠭᠡᠢ ᠬᠡᠰᠡᠭ ᠢ ᠬᠠᠶᠢᠷᠴᠠᠭ ᠲᠤ ᠨᠢ ᠪᠣᠴᠠᠭᠠᠵᠤ | ᠬᠢᠨ᠎ᠡ᠃ ᠬᠦᠵᠦᠷ ᠲᠣᠭᠯᠠᠭᠠᠮ ᠤᠨ ᠠᠷᠭ᠎ᠠ ᠪᠠᠷ ᠲᠣᠭᠯᠠᠬᠤ ᠳᠤ ᠪᠠᠨ ᠬᠤᠯᠪᠤᠵᠤ ᠪᠦᠲᠦᠭᠡᠬᠦ ᠪᠠᠷ ᠰᠣᠩᠭᠤᠭᠰᠠᠨ | ᠡᠳᠡᠭᠡᠷ ᠦᠭᠡᠰ ᠢᠶᠠᠷ ᠬᠢᠵᠠᠭᠠᠷᠯᠠᠨ᠎ᠠ᠃ ᠱᠣᠰᠢᠭ᠎ᠠ ᠪᠣᠯᠢᠶᠠᠯᠳᠤᠬᠤ ᠠᠷᠭ᠎ᠠ ᠪᠠᠷ ᠤᠷᠮ᠎ᠠ ᠬᠦᠭᠵᠢᠭᠡᠵᠦ᠂ ᠬᠤᠯᠪᠤᠵᠤ | ᠪᠦᠲᠦᠭᠡᠭᠰᠡᠨ ᠦᠭᠡ ᠶᠢᠨ ᠲᠡᠭᠡᠷ᠎ᠡ ︽√︾ ᠲᠡᠮᠲᠡᠭ ᠲᠠᠯᠪᠢᠭᠰᠠᠭᠠᠷ ᠲᠦᠬᠦᠷᠡᠩ ᠪᠤᠯᠭᠠᠬᠤ ᠮᠡᠳᠤ ᠲᠣᠭᠲᠠᠭᠰᠠᠨ | ᠲᠤᠭᠠᠨ ᠤ ᠱᠣᠰᠢᠭ᠎ᠠ ᠱᠦᠬᠦᠯᠴᠡᠬᠦ ᠠᠷᠭ᠎ᠠ ᠪᠠᠷ ᠲᠣᠭᠯᠠᠪᠠᠯ ᠦᠷ᠎ᠡ ᠪᠦᠲᠦᠮᠵᠢ ᠨᠢ ᠨᠡᠩ ᠦᠨᠳᠤᠷ ᠪᠣᠯᠣᠨ᠎ᠠ᠃ | ᠲᠣᠷᠰᠢᠯᠲᠠ ᠶᠢᠨ ᠪᠠᠶᠢᠳᠠᠯ ᠠᠴᠠ ᠦᠵᠡᠪᠡᠯ ᠬᠦᠵᠦᠷ ᠤᠨ ᠬᠡᠪ ᠢ ᠲᠠᠨᠢᠵᠤ᠂ ᠬᠤᠯᠪᠤᠵᠤ ᠪᠦᠲᠦᠭᠡᠬᠦ | ᠠᠷᠭ᠎ᠠ ᠶᠢ ᠨᠢ ᠮᠡᠳᠡᠵᠦ᠂ ᠲᠠᠩ ᠦᠭᠡ ᠠᠴᠠ ᠦᠬᠦᠯᠡᠪᠦᠷᠢ ᠳᠤ ᠬᠦᠷᠲᠡᠯ᠎ᠡ ᠬᠤᠯᠪᠤᠵᠤ ᠪᠦᠲᠦᠭᠡᠬᠦ ᠳᠤ ᠲᠡᠮᠡᠢ | ᠬᠦᠴᠢᠷᠳᠡᠬᠦ ᠦᠭᠡᠢ᠂ ᠬᠠᠷᠢᠨ ᠬᠦᠵᠦᠷ ᠲᠣᠭᠯᠠᠭᠠᠮ ᠤᠨ ᠠᠷᠭ᠎ᠠ ᠶᠢ ᠰᠤᠷᠬᠤ ᠳᠤ ᠬᠠᠮᠤᠭ ᠠᠴᠠ ᠶᠡᠭᠡ ᠬᠦᠴᠢᠷᠳᠡᠵᠦ | ᠪᠠᠶᠢᠨ᠎ᠠ᠃ ᠬᠦᠵᠦᠷ ᠲᠣᠭᠯᠠᠬᠤ ᠲᠣᠮᠲᠠ ᠲᠠᠩ ᠦᠭᠡ ᠬᠤᠯᠪᠤᠵᠤ ᠪᠦᠲᠦᠭᠡᠨ᠎ᠡ᠂ ᠨᠡᠩ ᠣᠯᠠᠨ ᠦᠶ᠎ᠡ ᠦᠰᠦᠭ | ᠣᠷᠣᠯᠴᠠᠭᠰᠠᠨ ᠲᠠᠩ ᠦᠭᠡ ᠶᠢ ᠬᠤᠯᠪᠤᠵᠤ ᠪᠦᠲᠦᠭᠡᠬᠦ ᠳᠤ ᠬᠦᠴᠢᠷᠳᠡᠯᠭᠡ ᠣᠷᠣᠰᠢᠨ᠎ᠠ᠂ ᠡᠬᠦᠨ ᠤ ᠰᠢᠯᠲᠠᠭᠠᠨ ᠨᠢ | ᠲᠠᠳᠬᠠᠯ ᠤᠨ ᠲᠠᠯ᠎ᠠ ᠶᠢᠨ ᠠᠰᠠᠭᠤᠳᠠᠯ ᠠᠴᠠ ᠪᠣᠯᠵᠤ ᠬᠤᠶᠠᠷ ᠭᠤᠷᠪᠠᠭ᠋ᠠᠨ ᠦᠶ᠎ᠡ ᠣᠷᠣᠯᠴᠠᠭᠰᠠᠨ ᠲᠠᠩ ᠦᠭᠡ ᠶᠢ | ᠬᠤᠯᠪᠤᠵᠤ ᠪᠦᠲᠦᠭᠡᠬᠦ ᠲᠣᠷᠠᠲᠠᠢ ᠪᠠᠶᠢᠳᠠᠭ ᠲᠤ ᠪᠤᠢ᠃ ᠡᠬᠦᠨ ᠢ ᠬᠤᠪᠢ ᠨᠡᠮᠡᠬᠦ ᠲᠦᠷᠢᠮ ᠤᠨ ᠲᠠᠯ᠎ᠠ ᠪᠠᠷ ᠲᠣᠬᠢᠲᠠᠢ | ᠠᠷᠭ᠎ᠠ ᠠᠪᠴᠤ ᠰᠢᠢᠳᠪᠦᠷᠢᠯᠡᠵᠦ ᠪᠣᠯᠣᠨ᠎ᠠ᠃ ᠬᠦᠵᠦᠷ ᠲᠣᠭᠯᠠᠭᠠᠮ ᠤᠨ ᠲᠣᠮᠲᠠ ᠦᠭᠦᠯᠡᠪᠦᠷᠢ ᠬᠤᠯᠪᠤᠵᠤ | ᠪᠦᠲᠦᠭᠡᠬᠦ ᠶᠢ ᠲᠣᠮᠲᠠ ᠣᠨ ᠤ ᠱᠠᠲᠤᠨ ᠤ ᠭᠤᠣᠯ ᠪᠣᠯᠬᠤ ᠪᠣᠯᠪᠠᠰᠤᠷᠠᠯ ᠤᠨ ᠠᠭᠤᠯᠭ᠎ᠠ ᠪᠤᠯᠭᠠᠪᠠᠯ ᠵᠣᠬᠢᠰᠲᠠᠢ ᠶᠤᠮ᠃ | | ᠬᠦᠵᠦᠷ ᠲᠣᠭᠯᠠᠭᠠᠮ ᠤᠨ ᠲᠣᠮᠲᠠ ᠦᠶ᠎ᠡ ᠬᠤᠯᠪᠤᠵᠤ ᠦᠭᠡ ᠪᠦᠲᠦᠭᠡᠨ ᠦᠬᠦᠯᠡᠪᠦᠷᠢ ᠶᠢᠨ ᠬᠡᠯᠪᠡᠷᠢ ᠶᠢ | ᠰᠤᠷᠬᠤ ᠨᠢ ᠬᠡᠦᠭᠡᠳ ᠤᠨ ᠣᠶᠣᠨ ᠢ ᠨᠡᠭᠡᠭᠡᠭᠳᠡᠬᠦᠯᠵᠦ᠂ ᠴᠢᠳᠠᠪᠤᠷᠢ ᠶᠢ ᠨᠢ ᠬᠦᠭᠵᠢᠭᠡᠬᠦ ᠦᠢᠯᠡᠳᠦᠯ ᠲᠠᠢ | ᠤᠴᠢᠷ ᠠᠴᠠ ᠪᠠᠭᠰᠢ ᠠᠬᠠᠮᠠᠳ ᠠᠴᠠ ᠵᠦᠪ ᠢᠶᠠᠷ ᠣᠶᠢᠯᠠᠭᠠᠵᠤ ᠲᠡᠰᠪᠦᠷᠢ ᠲᠡᠪᠴᠢᠶᠡᠷᠢ ᠲᠠᠢ ᠬᠠᠨᠳᠤᠪᠠᠯ ᠵᠣᠬᠢᠨ᠎ᠠ᠃ | ︽ᠭᠠᠯᠢᠭ ᠦᠶ᠎ᠡ ᠶᠢᠨ ᠺᠠᠷᠲ︾ ᠢ ᠬᠢᠬᠦ ᠳᠤ ᠪᠠᠨ ᠬᠤᠶᠠᠳᠣᠭᠠᠷ ᠣᠨ ᠤ ᠲᠡᠭᠡᠳᠦ ᠲᠡᠪᠲᠡᠷ ᠤᠨ 5᠂ 6 | ᠳ᠋ᠣᠭᠠᠷ ᠬᠢᠴᠢᠶᠡᠯ ᠤᠨ ᠲᠠᠩ ᠦᠭᠡ ᠪᠠᠷ ᠭᠤᠣᠯ ᠠᠭᠤᠯᠭ᠎ᠠ ᠪᠠᠨ ᠪᠣᠯᠭᠠᠵᠤ ᠭᠠᠯᠢᠭ ᠦᠶ᠎ᠡ ᠶᠢ ᠲᠠᠨᠢᠵᠤ᠂ ᠭᠠᠯᠢᠭ | ᠦᠭᠡ ᠡᠵᠡᠮᠰᠢᠬᠦ ᠳᠤ ᠵᠣᠷᠢᠭᠤᠯᠵᠤ ᠬᠢᠵᠡᠢ᠃ ᠬᠦᠵᠦᠷ ᠤᠨ ᠵᠡᠬᠦᠨ ᠲᠡᠭᠡᠲᠦ ᠦᠨᠴᠦᠭ ᠪᠠ ᠪᠠᠷᠠᠭᠤᠨ ᠲᠣᠣᠷᠠᠳᠤ | ᠦᠨᠴᠦᠭ ᠲᠤ ᠢᠵᠢᠯ ᠨᠢᠭᠡᠨ ᠦᠶ᠎ᠡ ᠶᠢ ᠬᠠᠷᠢᠯᠴᠠᠨ ᠲᠣᠩᠭᠤᠷᠤᠭᠤᠯᠵᠤ ᠬᠡᠪᠯᠡᠵᠡᠢ᠃ ᠪᠠᠷᠠᠭᠤᠨ ᠲᠡᠭᠡᠳᠦ ᠦᠨᠴᠦᠭ | ᠪᠠ ᠵᠡᠬᠦᠨ ᠲᠣᠣᠷᠠᠳᠤ ᠦᠨᠴᠦᠭ ᠲᠤ ᠨᠢ ᠬᠤᠯᠪᠣᠵᠣ ᠪᠦᠲᠦᠭᠡᠬᠦ ᠲᠠᠩ ᠦᠭᠡ ᠶᠢ ᠮᠦᠨ ᠬᠠᠷᠢᠯᠴᠠᠨ | ᠲᠣᠩᠭᠤᠷᠣᠭᠤᠯᠵᠣ ᠬᠡᠪᠯᠡᠵᠡᠢ᠃ ᠬᠦᠵᠦᠷ ᠲᠤ ᠣᠷᠣᠯᠴᠠᠭᠰᠠᠨ ᠲᠠᠩ ᠦᠭᠡᠨ ᠳᠤ ᠵᠢᠷᠤᠭ ᠬᠠᠳᠠᠵᠤ ᠣᠳᠬ᠎ᠠ ᠶᠢ ᠨᠢ | ᠲᠠᠨᠢᠭᠤᠯᠤᠭᠰᠠᠨ ᠪᠦᠭᠡᠳ ᠬᠦᠵᠦᠷ ᠤᠨ ᠲᠣᠮᠲᠠ ᠬᠡᠰᠡᠭ ᠲᠤ ᠬᠤᠯᠪᠣᠭᠳᠠᠬᠤ ᠭᠠᠯᠢᠭ ᠦᠶ᠎ᠡ ᠨᠦᠭᠦᠳ ᠢ ᠴᠦ | ᠲᠠᠭᠠᠭᠤᠯᠵᠤ ᠣᠷᠣᠭᠤᠯᠣᠭᠰᠠᠨ ᠪᠠᠶᠢᠨ᠎ᠠ᠃ ᠬᠦᠵᠦᠷ ᠲᠤ ︽ᠠᠽᠢᠶ᠎ᠡ᠂ ᠾᠧᠨᠠᠨ᠂ ᠾᠦᠩᠨᠤ᠂ ᠺᠢᠨᠣ᠋᠂ ᠺᠣᠹᠧ᠂ | ᠪᠠᠾᠠᠮᠠ᠂ ᠸᠠᠭᠠᠷ᠂ ᠺᠤᠮᠫᠢᠦ᠋ᠲ᠋ᠧᠷ᠂ ᠬᠦᠸᠧ ᠮᠦᠸᠧ ᠿᠦᠸᠧ᠂ ᠯᠢ ᠰᠧ ᠭᠤᠸᠠᠩ᠂ ᠮᠦᠽᠸᠢ᠂ ᠾᠢᠮᠠᠯᠠᠶ᠎ᠠ᠂ | ᠸᠢᠲ᠋ᠠᠮᠢᠨ᠂ ᠯᠸᠢ ᠹᠧᠩ᠂ ᡀᠠᠰᠠ᠂ ᡀᠠᠰᠦ᠋ᠷᠦᠩ᠂ ᠽᠠᠨᠳᠠᠨ᠂ ᠹᠣᠰᠹᠣᠷ᠂ ᠼᠣᠣ᠂ ᠹᠷᠠᠨᠼᠢ᠂ ᠹᠢᠯᠢᠮ︾ ᠵᠡᠷᠭᠡ | 21 ᠦᠭᠡ ᠶᠢ ᠰᠣᠩᠭᠤᠵᠤ ᠨᠡᠶᠢᠲᠡ 54 ᠺᠠᠷᠲ ᠬᠡᠷᠡᠭᠯᠡᠭᠰᠡᠨ ᠪᠠᠶᠢᠨ᠎ᠠ᠃ ︽ᠼᠣᠣ᠂ ᠬᠦᠸᠧ᠂ ᠮᠦᠸᠧ᠂ | ᠿᠦᠸᠧ᠂ ᠯᠢ᠂ ᠰᠧ᠂ ᠭᠤᠸᠠᠩ︾ ᠲᠠᠩ ᠢᠶᠠᠷ ᠢᠶᠠᠨ ᠦᠭᠡ ᠪᠦᠲᠦᠵᠦ ᠪᠣᠯᠣᠨ᠎ᠠ᠃ ᠬᠡᠷᠡᠭᠯᠡᠬᠦ ᠠᠷᠭ᠎ᠠ ᠶᠢᠨ | ᠲᠠᠯ᠎ᠠ ᠳᠤ ︽ᠮᠣᠩᠭᠤᠯ ᠬᠡᠯᠡᠨ ᠤ ᠦᠶ᠎ᠡ ᠶᠢᠨ ᠺᠠᠷᠲ︾ ᠲᠠᠢ ᠦᠨᠳᠦᠰᠦᠨ ᠳᠤ ᠪᠠᠨ ᠠᠳᠠᠯᠢᠬᠠᠨ ᠪᠠᠶᠢᠳᠠᠭ᠃ | ᠪᠡᠯᠡᠳᠭᠡᠯ ᠱᠠᠳᠣᠨ ᠳᠤ ︽ᠺᠠᠷᠲ ᠣᠩᠰᠢᠬᠤ ᠲᠣᠭᠯᠠᠭᠠᠮ︾᠂ ︽ᠭᠠᠯᠢᠭ ᠦᠶ᠎ᠡ ᠡᠷᠢᠬᠦ ᠲᠣᠭᠯᠠᠭᠠᠮ︾ ᠢ ᠢᠯᠡᠭᠦᠭᠡᠨ | ᠬᠢᠯᠭᠡᠪᠡᠯ ᠭᠠᠯᠢᠭ ᠦᠶ᠎ᠡ ᠶᠢᠨ ᠲᠣᠬᠠᠢ ᠰᠠᠭᠤᠭᠳᠠᠯ ᠢ ᠨᠢ ᠬᠦᠨᠵᠡᠭᠡᠶᠢᠷᠡᠭᠦᠯᠵᠦ ᠪᠣᠯᠳᠠᠭ᠃ ᠣᠳᠤᠬᠠᠨ ᠤ | ᠬᠡᠮᠵᠢᠶᠡᠨ ᠳᠤ ︽ᠭᠠᠯᠢᠭ ᠦᠶ᠎ᠡ ᠶᠢᠨ ᠺᠠᠷᠲ︾ ᠪᠣᠯ ᠵᠦᠪᠬᠡᠨ ᠬᠢᠴᠢᠶᠡᠯ ᠤᠨ ᠦᠭᠡ ᠡᠵᠡᠮᠰᠢᠬᠦ ᠪᠠ ᠭᠠᠯᠢᠭ | ᠦᠶ᠎ᠡ ᠶᠢ ᠲᠠᠨᠢᠬᠤ ᠳᠤ ᠯᠠ ᠲᠣᠰᠠᠯᠠᠵᠤ ᠴᠢᠳᠠᠨ᠎ᠠ᠃ ᠬᠡᠦᠭᠡᠳ ᠤᠨ ᠭᠠᠯᠢᠭ ᠦᠭᠡ ᠡᠵᠡᠮᠰᠢᠬᠦ ᠠᠰᠠᠭᠤᠳᠠᠯ ᠢ ︽ | ᠦᠰᠦᠭ ᠤᠨ ᠬᠦᠵᠦᠷ︾ ᠢᠶᠠᠷ ᠪᠦᠷᠢᠮᠦᠰᠦᠨ ᠰᠢᠢᠳᠪᠦᠷᠢᠯᠡᠵᠦ ᠪᠣᠯᠣᠨ᠎ᠠ᠃ ᠭᠡᠲᠡᠯ᠎ᠡ ᠪᠠᠭ᠎ᠠ ᠰᠤᠷᠭᠠᠭᠤᠯᠢ ᠶᠢᠨ | ᠱᠠᠲᠤᠨ ᠳᠤ ᠦᠰᠦᠭ ᠤᠨ ᠬᠦᠵᠦᠷ ᠢ ᠬᠡᠷᠡᠭᠯᠡᠬᠦ ᠳᠤ ᠮᠠᠰᠢ ᠬᠦᠴᠢᠷ ᠲᠣᠯᠠ ᠰᠣᠷᠠᠭ ᠵᠠᠩᠭᠢ ᠪᠣᠯᠣᠨ ᠰᠦᠯᠵᠢᠶᠡᠨ ᠤ | ᠨᠦᠬᠦᠴᠡᠯ ᠢ ᠠᠰᠢᠭᠯᠠᠨ ᠴᠢᠬᠤᠯᠠ ᠪᠦᠬᠦᠢ ᠪᠣᠯᠪᠠᠰᠤᠷᠠᠬᠤ ᠦᠭᠡᠰ ᠢ ᠦᠭᠡ ᠬᠠᠷᠠᠭᠠᠯᠵᠠᠭᠤᠯᠬᠤ ᠠᠷᠭ᠎ᠠ ᠪᠠᠷ | ᠰᠢᠢᠳᠪᠦᠷᠢᠯᠡᠬᠦ ᠪᠣᠯ ᠬᠠᠮᠤᠭ ᠤᠨ ᠰᠢᠨᠵᠢᠯᠡᠬᠦ ᠤᠬᠠᠭᠠᠨᠴᠢ ᠠᠷᠭ᠎ᠠ ᠮᠦᠨ᠃ | ︽ᠮᠣᠩᠭᠤᠯ ᠬᠡᠯᠡᠨ ᠤ ᠦᠰᠦᠭ ᠤᠨ ᠬᠦᠵᠦᠷ︾ ᠲᠤ᠂ ᠡᠭᠡᠰᠢᠭ ᠦᠰᠦᠭ ᠤᠨ ᠦᠭᠡ ᠶᠢᠨ ᠡᠬᠢᠨ᠂ ᠲᠣᠮᠲᠠ | ᠂ ᠠᠳᠠᠭ ᠲᠤ ᠣᠷᠣᠬᠤ ᠲᠦᠷᠰᠦ ᠨᠢ ᠲᠣᠰ ᠪᠦᠷᠢ ᠨᠢᠭᠡ ᠭᠡᠪ ᠡᠵᠡᠯᠡᠵᠦ᠂ ᠬᠡᠶᠢᠬᠦᠯᠦᠭᠴᠢ ᠦᠰᠦᠭ ᠤᠨ ᠦᠭᠡ ᠶᠢᠨ | ᠡᠬᠢᠨ᠂ ᠲᠣᠮᠲᠠ᠂ ᠠᠳᠠᠭ ᠲᠤ ᠣᠷᠣᠬᠤ ᠲᠦᠷᠰᠦ ᠨᠢ ᠲᠣᠰ ᠪᠦᠷᠢ ᠨᠢᠭᠡ ᠭᠡᠪ ᠡᠵᠡᠯᠡᠨ᠂ ᠭᠠᠯᠢᠭ ᠦᠰᠦᠭ ᠤᠨ | ᠦᠭᠡ ᠶᠢᠨ ᠡᠬᠢᠨ᠂ ᠲᠣᠮᠲᠠ᠂ ᠠᠳᠠᠭ ᠲᠤ ᠣᠷᠣᠬᠤ ᠲᠦᠷᠰᠦ ᠨᠢ ᠲᠣᠰ ᠪᠦᠷᠢ ᠨᠢᠭᠡ ᠭᠡᠪ ᠡᠵᠡᠯᠡᠵᠦ ᠨᠡᠶᠢᠲᠡ 9 | ᠬᠡᠪ 54 ᠺᠠᠷᠲ ᠲᠠᠢ᠃ ᠲᠣᠮᠳᠠᠬᠢ ᠭᠡᠶᠢᠬᠦᠯᠦᠭᠴᠢ ᠳᠤ ᠬᠡᠷᠡᠭᠯᠡᠬᠦ ᠵᠢᠱᠢᠶ᠎ᠡ ᠦᠭᠡ ᠲᠠᠭᠠᠯᠳᠣᠭᠤᠯᠪᠠ᠃ ᠡᠭᠡᠰᠢᠭ | ᠬᠡᠶᠢᠬᠦᠯᠦᠭᠴᠢ ᠦᠰᠦᠭ ᠲᠤ ᠴᠦᠮ ᠲᠠᠭᠤᠳᠠᠯᠭ᠎ᠠ ᠶᠢ ᠨᠢ ᠬᠠᠳᠠᠪᠠ᠃ ᠲᠦᠷᠰᠦ ᠢᠵᠢᠯ ᠲᠠᠭᠤᠳᠠᠯᠭ᠎ᠠ ᠣᠨᠳᠣᠣ | ᠦᠰᠦᠭ ᠢ ᠰᠢᠢᠳᠪᠤᠷᠢᠯᠡᠬᠦ ᠳᠤ ᠣᠯᠠᠨ ᠢ ᠨᠢᠭᠡ ᠪᠠᠷ ᠲᠦᠯᠦᠭᠡᠯᠡᠬᠦᠯᠵᠡᠢ᠃ ᠡᠭᠡᠰᠢᠭ ᠦᠰᠦᠭ ᠲᠤ ᠬᠠᠷ᠎ᠠ ᠦᠩᠭᠡ ᠪᠠᠷ | ᠪᠣᠳᠤᠭ ᠣᠷᠣᠭᠤᠯᠵᠣ᠂ ᠬᠡᠶᠢᠬᠦᠯᠦᠭᠴᠢ ᠦᠰᠦᠭ ᠲᠤ ᠬᠦᠭᠡ ᠦᠩᠭᠡ ᠪᠠᠷ ᠪᠣᠳᠤᠭ ᠣᠷᠣᠭᠤᠯᠣᠨ᠂ ᠭᠠᠯᠢᠭ | ᠦᠰᠦᠭ ᠲᠤ ᠨᠣᠭᠤᠭᠠᠨ ᠦᠩᠭᠡ ᠪᠠᠷ ᠪᠣᠳᠤᠭ ᠣᠷᠣᠭᠤᠯᠵᠠᠢ᠃ ︽ᠪᠤ᠂ ᠪᠦ᠊᠂ ᠬᠦ᠊︾ ᠮᠡᠳᠦ ᠬᠤᠯᠪᠣᠬᠤ | ᠦᠭᠡᠨ ᠳᠤ ᠠᠷᠣ ᠬᠦᠩᠬᠦᠷ ᠲᠤ ᠨᠢ ᠠᠩᠭᠠᠷᠬᠠᠢ ᠭᠠᠷᠳᠠᠭ ᠭᠠᠵᠠᠷ ᠲᠤ ᠨᠢ ᠲᠣᠰᠬᠠᠢ ᠬᠡᠷᠡᠭᠯᠡᠬᠦ ᠲᠣᠮᠲᠠ ᠪᠠ | ᠠᠳᠠᠭ ᠤᠨ ᠡᠭᠡᠰᠢᠭ ᠪᠣᠢ᠂ ᠡᠬᠦᠨ ᠢ ᠰᠣᠷᠣᠭᠴᠢᠳ ᠲᠤ ᠣᠨᠴᠠᠭᠠᠢ ᠪᠠᠶᠢᠳᠠᠯ ᠢᠶᠠᠷ ᠲᠠᠨᠢᠭᠤᠯᠵᠤ ᠬᠡᠷᠡᠭᠯᠡᠬᠦᠯᠬᠦ | ᠬᠡᠷᠡᠭᠲᠡᠢ᠃ ᠠᠳᠬᠤ ᠪᠦᠷᠢ ᠳᠤ ᠡᠬᠢᠨ ᠤ ᠡᠭᠡᠰᠢᠭ 4᠂ ᠭᠡᠶᠢᠭᠦᠯᠦᠭᠴᠢ ᠭᠡᠪ ᠪᠦᠷᠢ 5 ᠣᠷᠣᠯᠴᠠᠵᠣ᠂ ᠭᠠᠯᠢᠭ | ᠦᠰᠦᠭ ᠬᠡᠪ ᠪᠦᠷᠢ 5 ᠣᠷᠣᠯᠴᠠᠨ ᠲᠣᠮᠳᠠᠬᠢ ᠡᠭᠡᠰᠢᠭ 12 ᠣᠷᠣᠯᠴᠠᠨ᠂ ᠠᠳᠠᠭ ᠤᠨ ᠡᠭᠡᠰᠢᠭ 8 ᠣᠷᠣᠯᠴᠠᠭᠠᠳ | ᠨᠡᠶᠢᠲᠡ 54 ᠺᠠᠷᠲ ᠲᠠᠢ ᠪᠣᠯᠵᠠᠢ᠃ | ᠵᠢᠭᠠᠬᠤ ᠠᠭᠤᠯᠭ᠎ᠠ ᠬᠢᠭᠡᠳ ︽ᠬᠢᠴᠢᠶᠡᠯ ᠤᠨ ᠪᠠᠷᠢᠮᠵᠢᠶ᠎ᠠ︾ ᠶᠢᠨ ᠲᠣᠭᠲᠠᠭᠠᠯ ᠢ ᠦᠨᠳᠦᠰᠦᠯᠡᠵᠦ ︽ | ᠦᠰᠦᠭ ᠤᠨ ᠬᠦᠵᠦᠷ︾ ᠢ ᠠᠩᠬ᠎ᠠ ᠲᠣᠮᠲᠠᠳᠤ ᠶᠢᠨ ᠱᠠᠲᠤᠨ ᠤ ᠰᠤᠷᠬᠤ ᠠᠭᠤᠯᠭ᠎ᠠ ᠪᠣᠯᠭᠠᠵᠤ ᠦᠶ᠎ᠡ ᠶᠢᠨ | ᠪᠦᠲᠦᠴᠡ ᠶᠢ ᠣᠯᠠᠮ ᠨᠢᠭᠡ ᠠᠯᠬᠤᠮ ᠬᠦᠨᠵᠡᠭᠡᠶᠢᠷᠡᠭᠦᠯᠵᠦ ᠣᠶᠢᠯᠠᠭᠠᠭᠤᠯᠤᠨ᠂ ᠭᠠᠯᠢᠭ ᠦᠭᠡ ᠶᠢ ᠬᠤᠯᠪᠤᠵᠤ | ᠪᠦᠲᠦᠭᠡᠬᠦ ᠵᠢᠮ᠎ᠡ ᠶᠣᠰᠤ ᠶᠢ ᠡᠵᠡᠮᠰᠢᠭᠦᠯᠬᠦ ᠠᠰᠠᠭᠤᠳᠠᠯ ᠢ ᠰᠢᠢᠳᠪᠤᠷᠢᠯᠡᠵᠤ ᠪᠤᠯᠤᠨ᠎ᠠ᠃ | 2. ᠦᠭᠡ ᠶᠢᠨ ᠤᠷᠴᠢᠨ ᠳᠤ ᠦᠶ᠎ᠡ ᠲᠠᠨᠢᠭᠤᠯᠬᠤ ᠠᠷᠭ᠎ᠠ | ᠰᠣᠷᠣᠭᠰᠠᠨ ᠦᠶ᠎ᠡ ᠪᠠᠨ ᠲᠠᠩ ᠦᠭᠡ ᠠᠴᠠ᠂ ᠬᠤᠯᠪᠤᠭ᠎ᠠ ᠦᠭᠡ ᠠᠴᠠ᠂ ᠦᠭᠦᠯᠡᠪᠦᠷᠢ ᠳᠤ ᠪᠣᠲᠠᠲᠠᠢ | ᠬᠡᠷᠡᠭᠯᠡᠬᠦ ᠲᠣᠮᠲᠠ ᠠᠴᠠ ᠲᠠᠨᠢᠵᠤ ᠡᠵᠡᠮᠰᠢᠪᠡᠯ ᠰᠠᠶ᠋ᠢ ᠬᠦᠨᠵᠡᠭᠡᠢ ᠲᠣᠭᠲᠠᠭᠠᠳᠠᠭ ᠶᠣᠮ᠃ ᠪᠣᠲᠠᠲᠠᠢ ᠪᠠᠷ ᠬᠡᠯᠡᠪᠡᠯ᠂ | ᠬᠡᠦᠭᠡᠳ ᠲᠤ ᠴᠠᠭᠠᠨ ᠲᠣᠯᠣᠭᠠᠢ ᠶᠢᠨ ᠭᠤᠷᠪᠠᠨ ᠬᠤᠪᠢᠷᠠᠯ ᠪᠠ ᠲᠡᠪᠢᠰᠭᠡᠷᠲᠦ ᠦᠶ᠎ᠡ ᠪᠠᠨ ᠲᠠᠨᠢᠭᠤᠯᠤᠭᠰᠠᠨ ᠤ | ᠲᠠᠷᠠᠭ᠎ᠠ ᠡᠳᠡᠭᠡᠷ ᠦᠶ᠎ᠡ ᠨᠦᠭᠦᠳ ᠢ ᠴᠡᠭᠡᠵᠢ ᠪᠠᠷ ᠪᠢᠴᠢᠬᠦᠯᠬᠦ ᠲᠡᠭᠡᠷ᠎ᠡ ᠭᠤᠣᠯ ᠬᠦᠴᠦ ᠪᠠᠨ ᠲᠠᠯᠪᠢᠬᠤ ᠪᠢᠰᠢ ᠬᠠᠷᠢᠨ | ᠦᠶ᠎ᠡ ᠬᠤᠯᠪᠤᠵᠤ ᠦᠭᠡ ᠪᠦᠲᠦᠭᠡᠬᠦ ᠶᠢᠨ ᠲᠠᠭᠠᠤ ᠠᠯᠭᠤᠷ ᠠᠭᠠᠵᠢᠮ ᠢᠶᠠᠷ ᠪᠦᠬᠦᠯᠢ ᠴᠤᠭᠴᠠ ᠶᠢᠨ ᠲᠠᠯ᠎ᠠ ᠠᠴᠠ | ᠶᠡᠷᠦᠩᠭᠡᠶᠢᠯᠡᠵᠦ ᠲᠠᠨᠢᠭᠤᠯᠬᠤ ᠶᠢ ᠴᠢᠬᠤᠯᠠᠴᠢᠯᠠᠬᠤ ᠭᠡᠷᠡᠭᠳᠠᠢ᠃ ᠬᠢᠴᠢᠶᠡᠯ ᠤᠨ ᠪᠢᠴᠢᠭ ᠲᠤ ᠨᠢᠭᠡᠳᠦᠭᠡᠷ ᠣᠨ ᠤ | ᠲᠡᠭᠡᠲᠦ ᠬᠤᠭᠤᠴᠠᠭᠠᠨ ᠳᠤ ᠦᠶ᠎ᠡ ᠲᠠᠨᠢᠭᠤᠯᠬᠤ ᠶᠢᠨ ᠲᠠᠭᠠᠤ ᠳᠤ 135 ᠲᠠᠩ ᠦᠭᠡ ᠶᠢ ᠣᠩᠰᠢᠵᠤ ᠪᠢᠴᠢᠬᠦᠯᠬᠦ | ᠠᠭᠤᠯᠭ᠎ᠠ ᠶᠢ ᠲᠣᠬᠢᠷᠠᠭᠤᠯᠤᠭᠰᠠᠨ ᠪᠠᠶᠢᠳᠠᠭ᠃ ᠬᠦᠵᠦᠷ ᠲᠣᠭᠯᠠᠭᠠᠮ ᠢᠶᠠᠷ ᠰᠤᠷᠬᠤ ᠳᠤ ᠰᠤᠷᠬᠤ ᠤᠷᠮ᠎ᠠ ᠪᠠᠬ᠎ᠠ | ᠵᠢᠴᠢ ᠰᠤᠷᠭᠠᠭᠤᠯᠢ ᠭᠡᠷ ᠪᠦᠯᠢ ᠶᠢᠨ ᠬᠤᠭᠤᠷᠣᠨᠳᠤᠬᠢ ᠨᠢᠭᠲᠠ ᠬᠠᠮᠵᠢᠯᠴᠠᠭ᠎ᠠ ᠪᠠᠷ ᠲᠠᠮᠵᠢᠭᠤᠯᠵᠣ 600 ᠣᠷᠴᠢᠮ | ᠲᠠᠩ ᠦᠭᠡ ᠶᠢ ᠬᠤᠯᠪᠤᠵᠤ ᠪᠦᠲᠦᠭᠡᠨ ᠣᠩᠰᠢᠵᠤ ᠣᠶᠢᠯᠠᠭᠠᠬᠤ ᠶᠢᠨ ᠲᠠᠭᠠᠤ ᠳᠤ ᠴᠠᠭᠠᠰᠢ ᠨᠡᠩ ᠣᠯᠠᠨ ᠦᠷᠭᠡᠳᠭᠡᠨ | ᠰᠦᠪᠡᠭᠴᠢᠯᠡᠬᠦ ᠣᠷᠣᠨ ᠵᠠᠢ ᠶᠢ ᠲᠠᠯᠪᠢᠵᠤ ᠴᠢᠳᠠᠭᠰᠠᠨ ᠪᠠᠶᠢᠨ᠎ᠠ᠃ ᠦᠭᠡ ᠶᠢᠨ ᠣᠷᠴᠢᠨ ᠳᠤ ᠦᠶ᠎ᠡ ᠲᠠᠨᠢᠭᠤᠯᠬᠤ | ᠠᠷᠭ᠎ᠠ ᠨᠢ ᠦᠶ᠎ᠡ ᠲᠠᠨᠢᠭᠤᠯᠬᠤ ᠪᠠ ᠦᠭᠡ ᠡᠵᠡᠮᠰᠢᠬᠦᠯᠬᠦ ᠪᠣᠯ ᠬᠠᠷᠢᠯᠴᠠᠨ ᠲᠦᠰᠢᠯᠴᠡᠵᠦ᠂ ᠬᠠᠷᠢᠯᠴᠠᠨ ᠠᠬᠢᠭᠤᠯᠬᠤ | ᠬᠠᠷᠢᠴᠠᠭ᠎ᠠ ᠲᠠᠢ ᠭᠡᠳᠡᠭ ᠢ ᠵᠦᠪ ᠢᠶᠠᠷ ᠣᠶᠢᠯᠠᠭᠠᠵᠤ ᠲᠠᠨᠢᠭᠰᠠᠨ ᠶᠤᠮ᠃ ᠡᠨᠡ ᠨᠢ ᠦᠶ᠎ᠡ ᠲᠠᠨᠢᠭᠤᠯᠬᠤ ᠠᠴᠠ | ᠦᠶ᠎ᠡ ᠶᠢ ᠬᠡᠷᠡᠭᠯᠡᠬᠦ ᠲᠡᠶᠢᠰᠢ ᠬᠦᠭᠵᠢᠭᠦᠯᠵᠤ ᠴᠢᠳᠠᠭᠰᠠᠨ ᠪᠠᠶᠢᠨ᠎ᠠ᠃ | ᠦᠭᠡ ᠶᠢᠨ ᠤᠷᠴᠢᠨ ᠳᠤ ᠦᠶ᠎ᠡ ᠲᠠᠨᠢᠭᠤᠯᠬᠤ ᠠᠷᠭ᠎ᠠ ᠪᠣᠯ ᠰᠢᠨᠵᠢᠯᠡᠬᠦ ᠤᠬᠠᠭᠠᠨᠴᠢ ᠣᠪᠣᠷ ᠬᠢᠭᠡᠳ ᠠᠷᠭ᠎ᠠ | ᠪᠣᠳᠤᠯᠭ᠎ᠠ ᠳᠤ ᠲᠦᠰᠢᠭᠯᠡᠨ᠎ᠡ᠃ ᠭᠤᠣᠯ ᠣᠨᠣᠯᠲᠠ ᠨᠢ ᠦᠶ᠎ᠡ ᠲᠠᠨᠢᠭᠤᠯᠬᠤ ᠪᠠ ᠦᠭᠡ ᠡᠵᠡᠮᠰᠢᠬᠦᠯᠬᠦ ᠶᠠᠪᠤᠴᠠ ᠶᠢ | ᠤᠶᠠᠯᠳᠤᠭᠤᠯᠤᠨ ᠨᠢᠭᠡᠳᠭᠡᠵᠦ ᠬᠡᠦᠭᠡᠳ ᠤᠨ ᠲᠠᠨᠢᠨ ᠮᠡᠳᠡᠬᠦᠢ ᠶᠢᠨ ᠵᠢᠮ᠎ᠡ ᠶᠤᠰᠤ ᠪᠣᠯᠣᠨ ᠬᠡᠯᠡᠨ ᠤ ᠵᠢᠮ᠎ᠡ ᠶᠢ | ᠵᠦᠪ ᠢᠶᠠᠷ ᠡᠵᠡᠮᠰᠢᠬᠦ ᠳᠤ ᠪᠠᠶᠢᠳᠠᠭ᠃ ᠬᠡᠦᠭᠡᠳ ᠢ ᠠᠯᠪᠠᠳᠠᠵᠤ ᠲᠠᠷᠤᠨ ᠪᠢᠴᠢᠬᠦᠯᠦᠭᠡᠳ ᠪᠠᠶᠢᠬᠤ ᠨᠢ ᠶᠠᠷᠢᠶᠠᠨ ᠦᠭᠡᠢ | ᠰᠢᠨᠵᠢᠯᠡᠬᠦ ᠤᠬᠠᠭᠠᠨᠴᠢ ᠠᠷᠭ᠎ᠠ ᠪᠠᠷᠢᠯ ᠪᠢᠰᠢ᠂ ᠭᠡᠳᠡᠯ᠎ᠡ ᠦᠶ᠎ᠡ ᠪᠠᠨ ᠪᠦᠬᠦᠯᠢ ᠴᠣᠭᠴᠠ ᠶᠢᠨ ᠲᠠᠯ᠎ᠠ ᠠᠴᠠ | ᠶᠡᠷᠦᠩᠭᠡᠶᠢᠯᠡᠵᠦ ᠲᠠᠨᠢᠭᠤᠯᠬᠤ ᠦᠭᠡᠢ ᠲᠠᠩᠲᠠ ᠯᠠ ᠦᠭᠡ ᠡᠵᠡᠮᠰᠢᠬᠦᠯᠬᠦ ᠲᠡᠶᠢᠰᠢ ᠭᠡᠳᠦᠷᠭᠡᠢ ᠬᠡᠯᠪᠠᠶᠢᠪᠡᠯ ᠮᠦᠨ ᠴᠦ | ᠠᠳᠠᠯᠢᠬᠠᠨ ᠲᠣᠬᠢᠲᠠᠢ ᠰᠠᠶᠢᠨ ᠦᠷ᠎ᠡ ᠪᠦᠲᠦᠮᠵᠢ ᠳᠤ ᠬᠦᠷᠴᠦ ᠴᠢᠳᠠᠬᠤ ᠦᠭᠡᠢ ᠶᠤᠮ᠃ ᠢᠢᠮᠦ ᠠᠴᠠ ᠦᠶ᠎ᠡ | ᠲᠠᠨᠢᠭᠤᠯᠬᠤ ᠪᠠ ᠦᠭᠡ ᠡᠵᠡᠮᠰᠢᠬᠦᠯᠬᠦ ᠶᠢᠨ ᠬᠠᠷᠢᠴᠠᠭᠠᠨ ᠤ ᠲᠣᠮᠲᠠ ᠠᠯᠢ ᠨᠢᠭᠡ ᠲᠡᠶᠢᠰᠢ ᠨᠢ ᠬᠡᠯᠪᠠᠶᠢᠬᠦ ᠶᠠᠪᠤᠳᠠᠯ | ᠪᠢᠰᠢ᠂ ᠬᠠᠷᠢᠨ ᠵᠡᠷᠭᠡ ᠪᠠᠷ ᠠᠳᠬᠤᠵᠤ ᠬᠠᠮᠲᠤ ᠪᠠᠷ ᠲᠡᠭᠡᠭᠰᠢᠯᠡᠬᠦᠯᠬᠦ ᠴᠢᠬᠤᠯᠠ ᠲᠠᠢ ᠪᠠᠶᠢᠳᠠᠭ᠃ ᠡᠬᠦᠨ ᠤ ᠭᠤᠣᠯ | ᠵᠠᠩᠬᠢᠯᠠᠭ᠎ᠠ ᠨᠢ᠄ ᠨᠢᠭᠡ ᠳᠤ᠂ ᠬᠦᠵᠦᠷ ᠺᠠᠷᠲ ᠤᠨ ᠤᠷᠮ᠎ᠠ ᠶᠢ ᠬᠦᠭᠵᠢᠭᠡᠬᠦ ᠦᠢᠯᠡᠳᠦᠯ ᠢ ᠬᠡᠷᠬᠢᠨ ᠪᠠᠳᠠᠷᠠᠭᠤᠯᠬᠤ ᠳᠤ | ᠪᠠᠶᠢᠨ᠎ᠠ︔ ᠬᠤᠶᠠᠷ ᠲᠤ᠂ ᠰᠤᠷᠭᠠᠨ ᠬᠦᠮᠦᠵᠢᠯ ᠤᠨ ᠡᠬᠢ ᠪᠠᠶᠠᠯᠢᠭ ᠢ ᠪᠦᠬᠦ ᠲᠠᠯ᠎ᠠ ᠪᠠᠷ ᠠᠭᠤᠳᠠᠯᠠᠨ ᠭᠡᠷ ᠤᠨ | ᠠᠬᠠᠮᠠᠳ ᠢ ᠬᠢᠴᠢᠶᠡᠯ ᠳᠤ ᠤᠷᠢᠶᠠᠯᠠᠨ ᠲᠠᠭᠤᠲᠠᠬᠤ ᠳᠤ ᠪᠠᠶᠢᠨ᠎ᠠ᠃ | 3. ︽ᠠᠷᠪᠠᠨ ᠬᠤᠶᠠᠷ ᠰᠠᠮᠪᠠᠷ᠎ᠠ︾ ᠤᠩᠰᠢᠭᠤᠯᠬᠤ | ︽ᠠᠷᠪᠠᠨ ᠬᠤᠶᠠᠷ ᠰᠠᠮᠪᠠᠷ᠎ᠠ︾ ᠪᠣᠯ ᠮᠠᠰᠢ ᠤᠷᠳᠤ ᠣᠳᠠᠭᠠᠨ ᠲᠡᠦᠭᠡ ᠲᠠᠢ ᠣᠯᠠᠮᠵᠢᠯᠠᠯᠳᠤ ᠦᠶ᠎ᠡ | ᠲᠠᠨᠢᠭᠤᠯᠬᠤ ᠠᠷᠭ᠎ᠠ ᠪᠣᠯᠣᠨ᠎ᠠ᠃ ᠲᠡᠷᠡ ᠨᠢ ᠮᠣᠩᠭᠤᠯ ᠬᠡᠯᠡᠨ ᠤ ᠦᠶ᠎ᠡ ᠶᠢᠨ ᠲᠣᠬᠠᠢ ᠦᠪᠡᠷᠮᠢᠴᠡ ᠨᠢᠭᠡᠨ | ᠪᠦᠷᠢᠳᠭᠡᠯ ᠤᠨ ᠬᠦᠰᠦᠨᠦᠭᠲᠦ ᠪᠣᠯᠬᠤ ᠮᠦᠷᠲᠡᠭᠡᠨ ᠦᠶ᠎ᠡ ᠲᠠᠨᠢᠭᠤᠯᠬᠤ ᠪᠦᠷᠢᠨ ᠲᠡᠭᠦᠯᠲᠡᠷ ᠠᠷᠭ᠎ᠠ ᠪᠠᠷᠢᠯ ᠪᠣᠯᠬᠤ | ᠶᠤᠮ᠃ ᠦᠨᠦᠲᠦᠷ ᠪᠢᠲᠠ ᠬᠡᠦᠭᠡᠳ ᠲᠤ ᠪᠠᠨ ︽ᠠᠷᠪᠠᠨ ᠬᠤᠶᠠᠷ ᠰᠠᠮᠪᠠᠷ᠎ᠠ︾ ᠶᠢ ᠣᠩᠰᠢᠭᠤᠯᠵᠤ ᠪᠠᠶᠢᠭ᠎ᠠ ᠨᠢ | ᠤᠯᠠᠮᠵᠢᠯᠠᠯᠲᠤ ᠵᠢᠭᠠᠬᠤ ᠠᠷᠭ᠎ᠠ ᠪᠠᠨ ᠣᠳᠣᠬᠢᠴᠢᠯᠠᠵᠤ ᠬᠡᠷᠡᠭᠯᠡᠭᠰᠡᠨ ᠶᠠᠪᠤᠳᠠᠯ ᠪᠣᠯᠣᠨ᠎ᠠ᠃ | ︽ᠠᠷᠪᠠᠨ ᠬᠤᠶᠠᠷ ᠰᠠᠮᠪᠠᠷ᠎ᠠ︾ ᠳᠤ᠄ ︽ᠴᠠᠭᠠᠨ ᠲᠣᠯᠣᠭᠠᠢ ᠶᠢᠨ ᠰᠠᠮᠪᠠᠷ᠎ᠠ︾᠂ ︽ᠠᠨ ᠰᠠᠮᠪᠠᠷ᠎ᠠ︾᠂ ︽ | ᠠᠮ ᠰᠠᠮᠪᠠᠷ᠎ᠠ︾᠂ ︽ᠠᠯ ᠰᠠᠮᠪᠠᠷ᠎ᠠ︾᠂ ︽ᠠᠩ ᠰᠠᠮᠪᠠᠷ᠎ᠠ︾᠂ ︽ᠠᠪ ᠰᠠᠮᠪᠠᠷ᠎ᠠ︾᠂ ︽ᠠᠭ ᠰᠠᠮᠪᠠᠷ᠎ᠠ︾᠂ ︽ | ᠠᠷ ᠰᠠᠮᠪᠠᠷ᠎ᠠ︾᠂ ︽ᠠᠰ ᠰᠠᠮᠪᠠᠷ᠎ᠠ︾᠂ ︽ᠠᠳ ᠰᠠᠮᠪᠠᠷ᠎ᠠ︾᠂ ︽ᠠᠢ ᠰᠠᠮᠪᠠᠷ᠎ᠠ︾᠂ ︽ᠠᠤ ᠰᠠᠮᠪᠠᠷ᠎ᠠ︾ | ᠪᠠᠭᠲᠠᠨ᠎ᠠ᠃ | ︽ᠯᠠᠪᠯᠠᠬᠤ ᠪᠢᠴᠢᠭ︾ ᠲᠤ ᠲᠣᠲᠣᠷᠬᠠᠶᠢᠯᠠᠭᠰᠠᠨ ︽ᠨᠢᠭᠡ ᠭᠤᠣᠯᠳᠠᠯᠭ᠎ᠠ᠂ ᠲᠦᠷᠪᠡᠨ ᠵᠢᠮ᠎ᠡ ᠶᠤᠰᠤ︾ ᠪᠣᠯ | ᠲᠡᠪᠢᠰᠭᠡᠷᠲᠦ ᠦᠶ᠎ᠡ ᠶᠢ ᠵᠢᠮ᠎ᠡ ᠶᠤᠰᠤᠨ ᠤ ᠲᠠᠯ᠎ᠠ ᠠᠴᠠ ᠨᠢ ᠲᠠᠨᠢᠭᠤᠯᠬᠤ ᠠᠷᠭ᠎ᠠ ᠪᠠᠷᠢᠯ ᠮᠦᠨ᠃ ︽ᠨᠢᠭᠡ | ᠭᠤᠣᠯᠳᠠᠯᠭ᠎ᠠ᠂ ᠲᠦᠷᠪᠡᠨ ᠵᠢᠮ᠎ᠡ ᠶᠤᠰᠤ︾ ᠨᠢ ︽ᠠᠷᠪᠠᠨ ᠬᠤᠶᠠᠷ ᠰᠠᠮᠪᠠᠷ᠎ᠠ︾ ᠣᠩᠰᠢᠭᠤᠯᠬᠤ ᠠᠷᠭ᠎ᠠ ᠲᠠᠢ | ᠤᠶᠠᠯᠳᠤᠪᠠᠯ ᠰᠠᠶ᠋ᠢ ᠨᠢᠭᠡᠨ ᠪᠦᠷᠢᠨ ᠪᠦᠲᠦᠨ ᠦᠶ᠎ᠡ ᠲᠠᠨᠢᠭᠤᠯᠬᠤ ᠠᠷᠭ᠎ᠠ ᠪᠠᠷᠢᠯ ᠢ ᠪᠦᠷᠢᠯᠳᠤᠭᠦᠯᠳᠡᠭ᠃ ︽ᠠᠷᠪᠠᠨ | ᠬᠤᠶᠠᠷ ᠰᠠᠮᠪᠠᠷ᠎ᠠ︾ ᠶᠢ ᠤᠩᠰᠢᠪᠠᠯ ᠰᠠᠶ᠋ᠢ ᠬᠡᠦᠭᠡᠳ ᠮᠣᠩᠭᠤᠯ ᠬᠡᠯᠡᠨ ᠤ ᠪᠠᠨ ᠦᠶ᠎ᠡ ᠶᠢ ᠰᠢᠰᠲ᠋ᠧᠮ ᠲᠠᠢ ᠣᠶᠢᠯᠠᠭᠠᠵᠤ | ᠪᠦᠬᠦᠯᠢ ᠴᠣᠭᠴᠠ ᠶᠢᠨ ᠲᠠᠯ᠎ᠠ ᠶᠢᠨ ᠪᠣᠲᠠᠲᠤ ᠲᠠᠨᠢᠯᠲᠠ ᠲᠠᠢ ᠪᠣᠯᠵᠤ ᠴᠢᠳᠠᠨ᠎ᠠ᠃ ︽ᠠᠷᠪᠠᠨ ᠬᠤᠶᠠᠷ ᠰᠠᠮᠪᠠᠷ᠎ᠠ︾ | ᠶᠢ ᠣᠩᠰᠢᠭᠤᠯᠬᠤ ᠳᠤ ᠨᠢᠭᠡ ᠯᠠ ᠠᠷᠭ᠎ᠠ ᠳᠤ ᠪᠠᠷᠢᠭᠳᠠᠨ᠂ ᠨᠢᠭᠡ ᠯᠠ ᠬᠦᠭ ᠢᠶᠠᠷ ᠨᠣᠷᠰᠢᠵᠣ ᠣᠩᠰᠢᠭᠤᠯᠵᠤ | ᠪᠣᠯᠬᠤ ᠦᠭᠡᠢ᠃ ᠵᠠᠪᠠᠯ ᠣᠯᠠᠨ ᠵᠦᠢᠯ ᠤᠨ ᠠᠷᠭ᠎ᠠ ᠶᠢ ᠬᠡᠷᠡᠭᠯᠡᠵᠦ ᠬᠡᠦᠭᠡᠳ ᠤᠨ ᠲᠣᠷ᠎ᠠ ᠪᠠᠬ᠎ᠠ ᠶᠢ ᠲᠠᠲᠠᠬᠤ | ᠬᠡᠷᠡᠭᠲᠡᠢ᠃ ︽ᠠᠷᠪᠠᠨ ᠬᠤᠶᠠᠷ ᠰᠠᠮᠪᠠᠷ᠎ᠠ︾ ᠶᠢ ᠬᠡᠦᠭᠡᠳ ᠲᠤ ᠴᠡᠭᠡᠵᠢᠯᠡᠬᠦᠯᠬᠦ ᠪᠣᠶᠣ ᠪᠢᠴᠢᠬᠦᠯᠬᠦ ᠭᠡᠵᠤ ᠠᠯᠪᠠᠳᠠᠵᠤ | ᠲᠠᠷᠤᠭᠰᠠᠨ ᠤ ᠬᠡᠷᠡᠭ ᠦᠭᠡᠢ᠂ ᠣᠩᠰᠢᠯᠭ᠎ᠠ ᠪᠠᠷ ᠲᠠᠮᠵᠢᠭᠠᠳ ᠬᠡᠦᠭᠡᠳ ᠵᠢᠮ᠎ᠡ ᠶᠣᠰᠣ ᠪᠠᠷ ᠨᠢ ᠮᠦᠷᠳᠡᠪᠡᠯ | ᠲᠡᠪᠢᠰᠭᠡᠷᠲᠦ ᠦᠶ᠎ᠡ ᠶᠢ ᠠᠶᠠᠨᠳᠠᠭᠠᠨ ᠲᠣᠭᠲᠠᠭᠠᠬᠤ ᠪᠣᠯᠣᠨ᠎ᠠ᠃ ︽ᠠᠷᠪᠠᠨ ᠬᠤᠶᠠᠷ ᠰᠠᠮᠪᠠᠷ᠎ᠠ︾ ᠣᠩᠰᠢᠭᠤᠯᠬᠤ | ᠠᠷᠭ᠎ᠠ ᠶᠢ ᠪᠣᠲᠠᠲᠠᠢ ᠬᠡᠷᠡᠭᠵᠢᠬᠦᠯᠬᠦ ᠳᠤ ᠪᠠᠨ ᠬᠦᠵᠦᠷ ᠺᠠᠷᠲ ᠢᠶᠠᠷ ᠦᠶ᠎ᠡ ᠲᠠᠨᠢᠭᠤᠯᠬᠤ ᠠᠷᠭ᠎ᠠ ᠲᠠᠢ ᠤᠶᠠᠯᠳᠤᠭᠤᠯᠬᠤ | ᠂ ᠦᠭᠡ ᠶᠢᠨ ᠣᠷᠴᠢᠨ ᠳᠤ ᠦᠶ᠎ᠡ ᠲᠠᠨᠢᠭᠤᠯᠬᠤ ᠠᠷᠭ᠎ᠠ ᠲᠠᠢ ᠤᠶᠠᠯᠳᠤᠭᠤᠯᠬᠤ ᠶᠢ ᠣᠨᠴᠠ ᠠᠩᠬᠠᠷᠴᠦ᠂ | ᠲᠡᠲᠡᠭᠡᠷ ᠤᠨ ᠣᠶᠠᠯᠳᠤᠯ ᠤᠨ ᠴᠡᠭ ᠬᠢᠭᠡᠳ ᠡᠵᠡᠯᠡᠬᠦ ᠪᠣᠲᠠᠲᠠᠢ ᠣᠷᠣᠨ ᠵᠠᠢ ᠶᠢ ᠨᠢ ᠵᠦᠪ ᠢᠶᠠᠷ ᠠᠳᠬᠤᠬᠤ ᠪᠣᠯ | ᠬᠠᠮᠤᠭ ᠤᠨ ᠴᠢᠬᠤᠯᠠ ᠪᠠᠶᠢᠳᠠᠭ ᠶᠣᠮ᠃ | ᠬᠦᠵᠦᠷ ᠲᠣᠭᠯᠠᠭᠠᠮ ᠢᠶᠠᠷ ᠰᠣᠷᠬᠤ ᠪᠣᠯ ᠲᠣᠷ᠎ᠠ ᠵᠣᠷᠢᠭ ᠤᠨ ᠶᠠᠭᠤᠮ᠎ᠠ ᠪᠢᠰᠢ᠂ ᠬᠦᠵᠦᠷ ᠰᠠᠶᠢᠨ ᠭᠡᠳ | ᠬᠠᠮᠢᠶ᠎ᠠ ᠨᠠᠮᠢᠶ᠎ᠠ ᠦᠭᠡᠢ ᠬᠡᠷᠡᠭᠯᠡᠬᠦ ᠶᠠᠪᠤᠳᠠᠯ ᠪᠢᠰᠢ᠂ ᠪᠣᠢ ᠪᠦᠬᠦᠢ ᠵᠢᠭᠠᠬᠤ ᠠᠭᠤᠯᠭ᠎ᠠ ᠲᠡᠷᠡ ᠪᠦᠬᠦᠨ ᠢ ᠵᠠᠪᠠᠯ | ᠬᠦᠵᠦᠷ ᠲᠣᠭᠯᠠᠭᠠᠮ ᠢᠶᠠᠷ ᠰᠢᠢᠳᠪᠦᠷᠢᠯᠡᠬᠦ ᠭᠡᠰᠡᠨ ᠣᠴᠢᠷ ᠴᠤ ᠪᠢᠰᠢ᠂ ᠶᠠᠮᠠᠷ ᠦᠶ᠎ᠡ ᠳᠤ ᠬᠦᠵᠦᠷ ᠲᠣᠭᠯᠠᠭᠠᠮ ᠢ | ᠰᠣᠩᠭᠤᠵᠣ ᠬᠡᠷᠡᠭᠯᠡᠬᠦ ᠭᠡᠳᠡᠭ ᠢ ᠵᠠᠪᠠᠯ ᠨᠢᠭᠡᠨ ᠲᠣᠭᠲᠠᠭᠰᠠᠨ ᠵᠣᠷᠢᠯᠭ᠎ᠠ ᠶᠢᠨ ᠡᠭᠦᠲᠡᠨ ᠠᠴᠠ ᠰᠠᠶᠢᠳᠣᠷ ᠲᠤᠩᠭᠠᠨ | ᠪᠣᠳᠣᠯᠬᠢᠯᠠᠬᠤ ᠬᠡᠷᠡᠭᠲᠡᠢ᠃ ᠬᠦᠵᠦᠷ ᠲᠣᠭᠯᠠᠭᠠᠮ ᠢᠶᠠᠷ ᠵᠢᠭᠠᠬᠤ ᠪᠠ ᠪᠣᠰᠣᠳ ᠵᠦᠢᠯ ᠤᠨ ᠵᠢᠭᠠᠬᠤ ᠠᠷᠭ᠎ᠠ ᠶᠢ | ᠣᠶᠠᠯᠳᠣᠭᠤᠯᠵᠣ ᠭᠡᠷᠡᠭᠯᠡᠬᠦ ᠶᠢ ᠠᠩᠬᠠᠷᠬᠤ ᠬᠡᠷᠡᠭᠲᠡᠢ᠃ ᠶᠠᠭᠠᠬᠢᠭᠰᠠᠨ ᠴᠦ ᠬᠦᠵᠦᠷ ᠢᠶᠠᠷ ᠵᠢᠭᠠᠬᠤ ᠪᠣᠯᠣᠭᠰᠠᠨ ᠠᠴᠠ | ᠪᠣᠰᠣᠳ ᠵᠦᠢᠯ ᠤᠨ ᠠᠷᠭ᠎ᠠ ᠬᠡᠷᠡᠭ ᠦᠭᠡᠢ ᠪᠣᠯᠣᠭᠰᠠᠨ ᠭᠡᠵᠦ ᠦᠵᠡᠵᠦ ᠪᠣᠯᠬᠤ ᠦᠭᠡᠢ᠃ ᠬᠦᠵᠦᠷ | ᠲᠣᠭᠯᠠᠭᠠᠮ ᠢᠶᠠᠷ ᠵᠢᠭᠠᠬᠤ ᠶᠢᠨ ᠦᠨᠳᠦᠰᠦᠨ ᠵᠣᠷᠢᠯᠭ᠎ᠠ ᠨᠢ ᠬᠡᠦᠬᠡᠳ ᠢ ᠨᠠᠭᠠᠳᠴᠣ ᠲᠣᠭᠯᠠᠭᠤᠯᠬᠤ ᠲᠡᠭᠡᠷ᠎ᠡ ᠪᠠᠶᠢᠭ᠎ᠠ | ᠪᠢᠰᠢ᠂ ᠬᠠᠷᠢᠨ ᠨᠠᠭᠠᠳᠴᠣ ᠨᠠᠷᠬᠢᠬᠤ ᠠᠴᠠ ᠰᠣᠷᠴᠣ ᠰᠣᠳᠣᠯᠬᠤ ᠲᠡᠶᠢᠰᠢ ᠬᠦᠭᠵᠢᠭᠡᠵᠦ᠂ ᠰᠣᠷᠴᠣ ᠰᠣᠳᠣᠯᠬᠤ ᠶᠢᠨ | ᠠᠮᠲᠠᠷᠬᠠᠯ ᠬᠢᠭᠡᠳ ᠣᠷᠮ᠎ᠠ ᠵᠣᠷᠢᠭ ᠢ ᠣᠯᠭᠤᠬᠤ ᠲᠡᠭᠡᠷ᠎ᠡ ᠪᠠᠶᠢᠭ᠎ᠠ ᠶᠣᠮ᠃ | ᠣᠯᠠᠮᠵᠢᠯᠠᠯᠳᠣ ᠬᠦᠵᠦᠷ ᠲᠣᠭᠯᠠᠭᠠᠮ ᠨᠢ ᠬᠢᠴᠢᠶᠡᠯᠯᠡᠭᠡ ᠶᠢᠨ ᠡᠬᠢ ᠪᠠᠶᠠᠯᠢᠭ ᠪᠤᠯᠵᠤ ᠬᠤᠪᠢᠷᠠᠭᠰᠠᠨ ᠶᠠᠪᠤᠳᠠᠯ | ᠪᠣᠯ ᠨᠢᠭᠡ ᠵᠦᠢᠯ ᠤᠨ ᠦᠵᠡᠯᠲᠡ ᠲᠠᠨᠢᠯᠲᠠ ᠶᠢᠨ ᠲᠡᠭᠡᠭᠰᠢᠯᠡᠯᠳᠡ ᠮᠦᠨ᠃ ᠬᠦᠵᠦᠷ ᠲᠣᠭᠯᠠᠭᠠᠮ ᠢᠶᠠᠷ ᠰᠣᠷᠬᠤ ᠨᠢ | ᠬᠢᠴᠢᠶᠡᠯ ᠪᠦᠬᠦᠨ ᠢ ᠵᠠᠪᠠᠯ ᠬᠦᠵᠦᠷ ᠢᠶᠠᠷ ᠲᠦᠭᠦᠷᠭᠡᠬᠦ ᠭᠡᠰᠡᠨ ᠣᠴᠢᠷ ᠪᠢᠰᠢ᠂ ᠬᠦᠵᠦᠷ ᠲᠣᠭᠯᠠᠭᠠᠮ ᠢᠶᠠᠷ ᠵᠢᠭᠠᠬᠤ | ᠪᠣᠯ ᠬᠤᠶᠠᠳᠣᠭᠠᠷ ᠬᠢᠴᠢᠶᠡᠯᠯᠡᠭᠡ ᠶᠢᠨ ᠬᠡᠯᠪᠡᠷᠢ ᠮᠦᠨ᠂ ᠲᠡᠷᠡ ᠨᠢ ᠶᠡᠷᠦ ᠶᠢᠨ ᠬᠢᠴᠢᠶᠡᠯᠯᠡᠭᠡ ᠶᠢ ᠤᠷᠤᠯᠠᠵᠤ ᠴᠢᠳᠠᠬᠤ | ᠦᠭᠡᠢ᠃ ᠲᠡᠷᠡ ᠪᠣᠯ ᠬᠢᠴᠢᠶᠡᠯ ᠤᠨ ᠭᠠᠳᠠᠨ᠎ᠠ ᠠᠴᠠ ᠬᠢᠴᠢᠶᠡᠯ ᠳᠤ ᠦᠢᠯᠡᠴᠢᠯᠡᠬᠦ᠂ ᠭᠡᠷ ᠪᠦᠯᠢ ᠠᠴᠠ ᠬᠢᠴᠢᠶᠡᠯ ᠳᠤ | ᠬᠠᠮᠵᠢᠬᠤ ᠣᠨᠴᠠᠯᠢᠭ ᠲᠠᠢ᠃ ᠬᠡᠦᠭᠡᠳ ᠬᠢᠴᠢᠶᠡᠯ ᠤᠨ ᠭᠠᠳᠠᠨ᠎ᠠ᠂ ᠭᠡᠷ ᠲᠤ ᠪᠠᠨ ᠬᠦᠵᠦᠷ ᠲᠣᠭᠯᠠᠵᠣ ᠮᠡᠳᠡᠯᠭᠡ ᠶᠢᠨ | ᠬᠠᠷᠠᠭᠠᠰᠣ ᠪᠠᠨ ᠦᠷᠭᠡᠳᠭᠡᠨ ᠴᠢᠳᠠᠪᠤᠷᠢ ᠪᠠᠨ ᠭᠦᠭᠵᠢᠭᠦᠯᠳᠡᠭ᠃ ︽ᠬᠦᠵᠦᠷ ᠲᠣᠭᠯᠠᠭᠠᠮ ᠢᠶᠠᠷ ᠰᠤᠷᠬᠤ ᠠᠷᠭ᠎ᠠ︾ | ᠨᠢ ᠭᠤᠤᠯᠳᠠᠭᠤ ᠭᠡᠷ ᠪᠦᠯᠢ ᠳᠤ ᠲᠦᠰᠢᠭᠯᠡᠳᠡᠭ ᠪᠣᠯᠬᠤᠷ ᠭᠡᠷ ᠤᠨ ᠠᠬᠠᠮᠠᠳ ᠢ ᠤᠷᠢᠶᠠᠯᠠᠨ ᠲᠠᠭᠤᠳᠠᠵᠤ᠂ ᠲᠠᠳᠠ | ᠨᠠᠷ ᠲᠠᠢ ᠨᠢᠭᠲᠠ ᠬᠠᠮᠵᠢᠯᠴᠠᠵᠤ᠂ ᠲᠣᠬᠢᠲᠠᠢ ᠪᠣᠯᠪᠠᠰᠤᠷᠠᠯ ᠤᠨ ᠠᠷᠭ᠎ᠠ ᠬᠡᠮᠵᠢᠶ᠎ᠡ ᠠᠪᠴᠤ ᠴᠢᠳᠠᠭᠰᠠᠨ ᠪᠠᠶᠢᠬᠤ | ᠬᠡᠷᠡᠭᠲᠡᠢ᠃ | | ᠬᠠᠶ᠋ᠢᠬ᠄ ᠬᠤᠷᠴᠢᠨ ᠪᠠᠷᠠᠭᠤᠨ ᠭᠠᠷᠤᠨ ᠲᠣᠮᠲᠠᠲᠤ ᠬᠤᠰᠢᠭᠤᠨ ᠤ | ᠪᠠᠶᠠᠨᠬᠤᠰᠢᠭᠤ ᠲᠦᠷᠪᠡᠳᠦᠭᠡᠷ ᠪᠠᠭ᠎ᠠ ᠰᠣᠷᠭᠠᠭᠤᠯᠢ | ︵ᠰᠦᠶ᠎ᠠ ᠨᠠᠶᠢᠷᠠᠭᠤᠯᠪᠠ︶ | 2018 ᠣᠨ ᠤ 8 ᠳ᠋ᠤᠭᠠᠷ ᠬᠤᠭᠤᠴᠠᠭ᠎ᠠ |