ᠵᠢᠶᠠᠩ ᠹᠧᠩ | | | ᠰᠢᠷᠡᠭᠡ ᠲᠤᠬᠢᠷᠠᠭᠤᠯᠬᠤ ᠶᠢᠨ ᠤᠪᠠᠳᠢᠰ | ᠠᠩᠭ᠍ᠯᠢ ᠶᠢᠨ ᠭᠡᠤᠭᠡᠳ 4 ᠨᠠᠰᠤᠳᠠᠢ ᠰᠤᠷᠭᠠᠭᠤᠯᠢ ᠳᠤ ᠤᠷᠤᠳᠠᠬ᠃ ᠰᠤᠷᠭᠠᠭᠤᠯᠢ ᠳᠤ ᠤᠷᠤᠬᠤ ᠠᠴᠠ | ᠡᠮᠦᠨ᠎ᠡ ᠭᠡᠷ ᠤᠨ ᠠᠬᠠᠮᠠᠳ ᠨᠢ ᠰᠤᠷᠭᠠᠭᠤᠯᠢ ᠳᠤ ᠡᠷᠡᠮᠡᠯᠵᠡᠭᠦ ᠶᠢᠨ ᠬᠠᠮᠳᠤ ᠭᠡᠤᠭᠡᠳ ᠢᠶᠠᠨ ᠲᠠᠭᠠᠭᠤᠯᠤᠨ ᠬᠢᠴᠢᠶᠡᠯᠯᠡᠭᠦ | ᠭᠡᠵᠦ ᠪᠠᠶᠢᠭ᠎ᠠ ᠰᠤᠷᠭᠠᠭᠤᠯᠢ ᠶᠢ ᠲᠤᠭᠤᠷᠢᠨ ᠦᠵᠡᠭᠦᠯᠳᠡᠭ᠃ | ᠠᠩᠬᠢ ᠶᠢᠨ ᠭᠡᠷ ᠲᠤ ᠬᠢ ᠰᠢᠷᠡᠭᠡ ᠰᠠᠨᠳᠠᠯᠢ ᠶᠢᠨ ᠲᠠᠯᠪᠢᠭᠤᠷ ᠳᠡᠭᠡᠷ᠎ᠠ ᠭᠤᠷᠪᠠ ᠳᠦᠷᠪᠡᠨ ᠭᠡᠤᠭᠡᠳ ᠲᠤ | ᠨᠢᠭᠡ ᠯᠡ ᠵᠢᠵᠢᠭ ᠰᠢᠷᠡᠭᠡ ᠲᠤᠬᠢᠷᠠᠭᠤᠯᠳᠠᠬ ᠪᠦᠭᠡᠳ ᠠᠳᠠᠯᠢ ᠪᠤᠰᠤ ᠬᠢᠴᠢᠶᠡᠯ ᠳᠤ ᠠᠳᠠᠯᠢ ᠪᠤᠰᠤ ᠪᠠᠷ | ᠪᠠᠶᠢᠷᠢᠯᠠᠭᠤᠯᠳᠠᠬ᠃ ᠬᠡᠳᠦ᠋ᠢᠪᠡᠷ ᠰᠢᠯᠭᠠᠯᠳᠠ ᠶᠢᠨ ᠬᠢᠷᠢ ᠪᠦᠳᠤᠮᠵᠢ ᠪᠠᠷ ᠵᠢᠭᠰᠠᠭᠠᠳᠠᠬ ᠦᠭᠡᠢ ᠪᠤᠯᠪᠠᠴᠤ ᠪᠠᠭᠰᠢ ᠨᠢ | ᠰᠤᠷᠤᠭᠴᠢᠳ ᠤᠨ ᠰᠤᠷᠤᠯᠭ᠎ᠠ ᠶᠢᠨ ᠪᠠᠶᠢᠳᠠᠯ ᠢ ᠦᠨᠳᠤᠰᠤᠯᠠᠨ ᠰᠠᠭᠤᠳᠠᠯ ᠲᠤᠬᠢᠷᠠᠭᠤᠯᠳᠠᠬ ᠪᠠᠶᠢᠨ᠎ᠠ᠃ ᠦᠭᠡᠷ᠎ᠡ ᠪᠠᠷ | ᠬᠡᠯᠡᠪᠡᠯ᠂ ᠰᠤᠷᠤᠯᠭ᠎ᠠ ᠶᠢᠨ ᠬᠢᠷᠢ ᠭᠡᠮ ᠠᠳᠠᠯᠢᠪᠳᠤᠷ ᠭᠤᠷᠪᠠ ᠳᠦᠷᠪᠡᠨ ᠭᠡᠤᠭᠡᠳ ᠢ ᠨᠢᠭᠡ ᠲᠤᠤᠷ᠎ᠠ ᠰᠠᠭᠤᠯᠭᠠᠳᠠᠬ᠃ | ᠰᠢᠷᠡᠭᠡ ᠨᠢᠭᠡ ᠪᠦᠷᠢ ᠶᠢᠨ ᠬᠢᠴᠢᠶᠡᠯᠯᠡᠭᠡ ᠳᠡᠭᠡᠷᠠᠬᠢ ᠪᠤᠯᠪᠠᠰᠤᠷᠠᠯ ᠪᠠ ᠲᠠᠰᠬᠠᠯ ᠪᠦᠷ ᠠᠳᠠᠯᠢ ᠪᠤᠰᠤ ᠪᠠᠶᠢᠳᠠᠬ᠃ | ᠰᠤᠷᠤᠯᠴᠠᠬᠤ ᠴᠢᠳᠠᠪᠤᠷᠢ ᠪᠠᠷ ᠰᠠᠶᠢᠨ ᠭᠡᠤᠭᠡᠳ ᠲᠤ ᠪᠠᠭᠰᠢ ᠦᠨᠳᠤᠷ ᠨᠢᠭᠡ ᠲᠠᠰ ᠤᠨ ᠰᠤᠷᠤᠯᠴᠠᠬᠤ ᠡᠭᠦᠷᠭᠡ | ᠲᠤᠰᠢᠶᠠᠵᠤ᠂ ᠴᠢᠳᠠᠪᠤᠷᠢ ᠠᠨᠠᠢ᠂ ᠤᠳᠠᠭᠠᠨ ᠭᠡᠤᠭᠡᠳ ᠤᠳ ᠲᠤ ᠲᠤᠤᠷ᠎ᠠ ᠨᠢᠭᠡᠨ ᠲᠠᠰ ᠤᠨ ᠰᠤᠷᠤᠯᠴᠠᠬᠤ ᠡᠭᠦᠷᠭᠡ | ᠲᠤᠬᠢᠷᠠᠭᠤᠯᠳᠠᠬ ᠠᠴᠠ ᠰᠤᠷᠤᠭᠴᠢᠳ ᠰᠤᠷᠤᠯᠴᠠᠬᠤ ᠠᠬᠢᠴᠠ ᠶᠢ ᠲᠠᠭᠠᠵᠤ ᠠᠮᠵᠢᠬᠤ ᠦᠭᠡᠢ ᠪᠤᠶᠤ ᠢᠯᠠᠭᠳᠠᠭᠰᠨᠨ | ᠭᠡᠭᠦ ᠰᠡᠳᠬᠢᠯᠭᠡ ᠡᠭᠦᠰᠳᠡᠭ ᠦᠭᠡᠢ᠃ ᠰᠢᠷᠡᠭᠡᠨ ᠤ ᠨᠠᠷᠠᠶᠢᠳᠤᠯ ᠢ ᠦᠡᠭᠭᠡ ᠪᠠᠷ ᠨᠢ ᠨᠠᠷᠡᠯᠡᠭᠦ ᠠᠴᠠ ᠪᠢᠰᠢ | ᠵᠢᠭᠰᠠᠭᠠᠯᠳᠠ ᠶᠢᠨ ᠰᠢᠨᠵᠢᠳᠠᠢ ᠲᠤᠭ᠎ᠠ ᠶᠢ ᠤᠭᠳᠤ ᠭᠡᠷᠡᠭᠯᠡᠭᠳᠡᠭ ᠦᠭᠡᠢ᠃ ᠭᠡᠤᠭᠡᠳ ᠤᠳ ᠤᠨ ᠰᠠᠭᠤᠳᠠᠯ ᠳᠤ | ᠦᠷᠭᠦᠯᠵᠢ ᠲᠤᠬᠢᠷᠠᠭᠤᠯᠤᠯᠳᠠ ᠬᠢᠳᠡᠭ᠃ ᠭᠡᠷ ᠤᠨ ᠠᠬᠠᠮᠠᠳ ᠪᠤᠯᠤᠭᠰᠠᠨ ᠤ ᠬᠤᠪᠢ ᠳᠤ ᠪᠢ ᠭᠡᠤᠭᠡᠳ ᠤᠨ ᠢᠶᠠᠨ | ᠰᠤᠷᠭᠠᠭᠤᠯᠢ ᠳᠤ ᠤᠷᠤᠭᠰᠠᠨ ᠤ ᠲᠠᠷᠠᠭ᠎ᠠ ᠰᠠᠶ᠋ᠢ ᠰᠢᠷᠡᠭᠡ ᠲᠤᠬᠢᠷᠠᠭᠤᠯᠬᠤ ᠶᠢᠨ ᠤᠪᠠᠳᠢᠰ ᠢ ᠠᠭᠠᠵᠢᠮ ᠢᠶᠠᠷ | ᠤᠢᠢᠯᠠᠭᠠᠭᠰᠠᠨ ᠪᠢᠯᠡ᠃ | ᠪᠢᠳᠡᠨ ᠢ ᠪᠠᠭ᠎ᠠ ᠰᠤᠷᠭᠠᠭᠤᠯᠢ ᠳᠤ ᠪᠠᠶᠢᠬᠤ ᠦᠶ᠎ᠡ ᠳᠤ ︽ᠰᠤᠷᠤᠯᠴᠠᠯᠭ᠎ᠠ︾ ᠬᠢᠭᠡᠳ ︽ᠰᠠᠬᠢᠯᠭ᠎ᠠ ᠪᠠᠳᠤ︾ | ᠭᠡᠰᠡᠨ ᠬᠤᠶᠠᠷ ᠦᠭᠡ ᠶᠡᠭᠡ ᠶᠠᠷᠢᠭᠳᠠᠳᠠᠬ ᠪᠠᠶᠢᠭᠰᠠᠨ᠃ ᠰᠤᠷᠤᠯᠭ᠎ᠠ ᠶᠢᠨ ᠴᠢᠬᠤᠯᠠ ᠶᠢ ᠶᠡᠷᠦ ᠠᠴᠠ ᠬᠡᠯᠡᠭᠦ ᠤᠴᠢᠷ | ᠦᠭᠡᠢ᠂ ᠰᠤᠷᠤᠯᠭ᠎ᠠ ᠰᠠᠶᠢᠨ ᠪᠤᠯ ᠠᠯᠢᠪᠠ ᠪᠦᠭᠦᠨ ᠪᠠᠷᠤᠭ ᠪᠦᠷ ᠰᠠᠶᠢᠨ ᠪᠠᠶᠢᠳᠠᠬ᠃ ᠰᠤᠷᠤᠯᠭ᠎ᠠ ᠠᠴᠠ ᠭᠠᠳᠠᠨ᠎ᠠ | ᠬᠠᠮᠤᠭ ᠠᠴᠠ ᠴᠢᠬᠤᠯᠠᠴᠢᠯᠠᠳᠠᠬ ᠨᠢ ᠰᠠᠬᠢᠯᠭ᠎ᠠ ᠪᠠᠳᠤ ᠪᠤᠯᠤᠨ᠎ᠠ᠃ ᠪᠢᠳᠡᠨ ᠤ ᠰᠠᠬᠢᠯᠭ᠎ᠠ ᠪᠠᠳᠤ ᠶᠢᠨ ᠤᠯᠠᠩᠬᠢ ᠨᠢ | ᠦᠭᠡᠶᠢᠰᠭᠡᠭᠦ ᠭᠡᠯᠪᠠᠷᠢ ᠪᠠᠷ ᠢᠯᠡᠷᠡᠳᠡᠭ᠃ ᠲᠠᠷᠤᠢ ᠢᠡᠭᠬᠢᠵᠤ ᠪᠤᠯᠬᠤ ᠦᠭᠡᠢ᠂ ᠲᠡᠭᠡᠵᠦ ᠪᠤᠯᠬᠤ ᠦᠭᠡᠢ ᠭᠡᠳᠡᠭ | ᠪᠤᠯᠤᠨ᠎ᠠ᠃ ᠭᠡᠳᠡᠯ᠎ᠠ ᠠᠩᠭ᠍ᠯᠢ ᠶᠢᠨ ᠪᠠᠭ᠎ᠠ ᠰᠤᠷᠭᠠᠭᠤᠯᠢ ᠶᠢᠨ ᠠᠩᠬᠢ ᠶᠢᠨ ᠭᠡᠷ ᠲᠤ ᠪᠠᠭᠰᠢ ᠶᠢᠨ ︽Don’t︾ | ᠪᠠᠷ ᠡᠬᠢᠯᠡᠭᠦ ᠦᠭᠡ ᠶᠢ ᠪᠠᠷᠤᠭ ᠤᠯᠵᠤ ᠰᠤᠨᠤᠰᠬᠤ ᠦᠭᠡᠢ ᠪᠠᠶᠢᠳᠠᠬ᠃ ᠭᠡᠤᠭᠡᠳ ᠤᠳ ᠭᠡᠳᠤᠷᠭᠡᠢ ᠤᠢᠢᠮᠡᠯᠳᠤᠪᠡᠯ | ᠪᠠᠭᠰᠢ ᠶᠠᠷᠦ ᠳᠤ ᠪᠠᠨ ︽ᠦᠭᠡ ᠶᠠᠷᠢᠵᠤ ᠪᠤᠯᠬᠤ ᠦᠭᠡᠢ︾ ᠭᠡᠵᠦ ᠬᠡᠯᠡᠭᠦ ᠦᠭᠡᠢ ᠬᠠᠷᠢᠨ ᠲᠤᠤᠷ᠎ᠠ ᠪᠠᠨ ᠨᠢᠭᠡ | ᠵᠦᠢᠯ ᠤᠨ ᠶᠠᠭᠤᠮ᠎ᠠ ᠶᠢ ᠬᠢᠭᠦ ᠲᠤᠳᠤᠷᠬᠠᠢ ᠱᠠᠭᠠᠷᠳᠠᠯᠭ᠎ᠠ ᠲᠠᠯᠪᠢᠳᠠᠬ᠃ ᠵᠢᠱᠢᠶᠡᠯᠡᠪᠡᠯ᠄ ᠲᠤᠭᠳᠠᠭᠰᠠᠨ ᠨᠢᠭᠡ | ᠴᠤᠬᠢᠯᠭ᠎ᠠ ᠪᠠᠷ ᠭᠠᠷ ᠠᠯᠠᠭᠠᠳᠠᠬᠤ᠂ ᠲᠤᠯᠤᠭᠠᠢ ᠪᠠᠨ ᠠᠯᠠᠭᠠᠳᠠᠬᠤ᠂ ᠡᠪᠦᠳᠦᠭ ᠢᠶᠠᠨ ᠠᠯᠠᠭᠠᠳᠠᠬᠤ ᠭᠡᠭᠦ ᠮᠡᠳᠦ ᠪᠠᠷ | ᠦᠭᠡ ᠲᠠᠢ᠂ ᠲᠠᠭᠤᠤ ᠲᠠᠢ᠂ ᠭᠦᠳᠠᠯᠭᠡᠭᠡᠨ ᠲᠠᠢ ᠠᠵᠢᠯᠯᠠᠭ᠎ᠠ ᠬᠢᠯᠭᠡᠳᠡᠭ᠃ ᠭᠡᠤᠭᠡᠳ ᠤᠳ ᠴᠤᠬᠢᠯᠭ᠎ᠠ ᠶᠢ ᠲᠠᠭᠠᠵᠤ | ᠠᠮᠵᠢᠬᠤ ᠶᠢᠨ ᠲᠦᠯᠦᠭᠡ ᠠᠶᠠᠨᠳᠠᠭᠠᠨ ᠦᠢᠮᠡᠯᠳᠦᠭᠦ ᠪᠠᠨ ᠵᠤᠭᠰᠤᠵᠤ ᠭᠠᠷ ᠠᠯᠠᠭᠠᠳᠠᠬᠤ ᠴᠤᠬᠢᠯᠭ᠎ᠠ ᠲᠠᠢ ᠳᠠᠭᠤᠤ ᠪᠠᠨ | ᠲᠠᠭᠤᠯᠠᠭᠠᠳ ᠲᠠᠭᠤᠰᠬᠤ ᠳᠤ ᠠᠩᠬᠢ ᠶᠢᠨ ᠭᠡᠷ ᠴᠦ ᠨᠠᠮᠵᠢᠭᠤᠨ ᠪᠤᠯᠴᠢᠬᠠᠳᠠᠬ᠃ | ᠠᠩᠭ᠍ᠯᠢ ᠶᠢᠨ ᠪᠠᠭ᠎ᠠ ᠰᠤᠷᠭᠠᠭᠤᠯᠢ ᠳᠤ ᠶᠠᠭᠤ ᠶᠢ ᠬᠢᠵᠦ ᠪᠤᠯᠬᠤ ᠦᠭᠡᠢ ᠭᠡᠳᠡᠭ ᠢ ᠪᠠᠷᠤᠭ ᠲᠠᠢ ᠳᠤ | ᠬᠢᠵᠠᠭᠠᠷᠯᠠᠬᠤ ᠦᠭᠡᠢ ᠪᠠᠶᠢᠵᠤ᠂ ᠭᠤᠤᠯᠳᠠᠯᠭ᠎ᠠ ᠪᠠᠨ ᠭᠡᠤᠭᠡᠳ ᠤᠨ ᠶᠠᠭᠤ ᠬᠢᠨ᠎ᠡ ᠭᠡᠳᠡᠭ ᠢ ᠵᠤᠷᠢᠬᠵᠢᠭᠤᠯᠬᠤ ᠳᠤ | ᠲᠠᠯᠪᠢᠳᠠᠬ᠃ ᠵᠢᠱᠢᠶᠡᠯᠡᠭᠦ ᠳᠤ᠂ ᠢᠳᠡᠪᠬᠢᠳᠠᠢ ᠠᠰᠠᠭᠤᠯᠳᠠ ᠲᠤᠷᠠᠳᠬᠤ᠂ ᠰᠠᠨᠠᠯ ᠪᠤᠳᠤᠯ ᠢᠶᠠᠨ ᠢᠯᠠᠳᠭᠡᠭᠦ᠂ | ᠶᠠᠷᠢᠯᠴᠠᠭᠠᠨ ᠳᠤ ᠤᠷᠤᠯᠴᠠᠬᠤ ᠵᠡᠷᠭᠡ ᠠᠵᠢᠯᠯᠠᠭ᠎ᠠ ᠶᠠᠪᠤᠭᠳᠠᠭᠤᠯᠤᠨ᠂ ᠠᠩᠬᠢ ᠶᠢᠨ ᠭᠡᠷ ᠲᠤ ᠭᠡᠵᠢᠶᠡᠳᠡ ᠬᠠᠪᠤᠷ ᠤᠨ | ᠦᠷᠯᠦᠭᠡᠨ ᠤ ᠪᠤᠯᠵᠤᠮᠤᠷ ᠤᠨ ᠳᠠᠭᠤᠨ ᠰᠢᠬ ᠭᠦᠷ ᠪᠠᠶᠠᠷ ᠢᠶᠠᠷ ᠪᠢᠯᠬᠠᠭᠰᠠᠨ ᠭᠡᠤᠭᠡᠳ ᠤᠨ ᠳᠠᠭᠤᠨ ᠴᠤᠤᠷᠢᠶᠠᠳᠤᠵᠤ | ᠪᠠᠶᠢᠳᠠᠬ᠃ ᠨᠢᠯᠬ᠎ᠠ ᠭᠡᠤᠭᠡᠳ ᠤᠨ ᠠᠩᠬᠠᠷᠤᠯ ᠶᠠᠷᠦ ᠠᠴᠠ ᠪᠠᠨ ᠲᠠᠮᠠᠢ ᠤᠳᠠᠭᠠᠨ ᠲᠦᠪᠯᠠᠷᠠᠵᠦ ᠴᠢᠳᠠᠬᠤ ᠦᠭᠡᠢ | ᠪᠠᠶᠢᠳᠠᠬ ᠲᠤᠯᠠ ᠪᠠᠭᠰᠢ ᠠᠷᠪᠢᠨ ᠶᠠᠷᠢᠬᠤ ᠦᠭᠡᠢ ᠢᠯᠠᠳᠭᠡᠭᠦ ᠪᠠ ᠤᠷᠤᠯᠴᠠᠬᠤ ᠵᠠᠪᠰᠢᠶᠠᠨ ᠢ ᠰᠤᠷᠤᠭᠴᠢᠳᠲ᠋ᠤ | ᠢᠯᠠᠭᠦᠦ ᠤᠯᠭᠤᠳᠠᠬ᠃ ᠡᠨᠡ ᠨᠢ 50 ᠭᠡᠤᠭᠡᠳ ᠲᠤ 45 ᠮᠢᠨᠦ᠋ᠲ ᠤᠨ ᠬᠢᠴᠢᠶᠡᠯ ᠢ ᠨᠠᠮᠵᠢᠭᠤᠨ ᠰᠤᠨᠤᠰᠬᠠᠬᠤ ᠠᠴᠠ | ᠲᠦᠭᠦᠮ ᠮᠦᠷᠳᠡᠭᠡᠨ ᠦᠷ᠎ᠠ ᠳ᠋ᠦᠩ ᠨᠢ ᠴᠦ ᠰᠠᠶᠢᠨ ᠪᠠᠶᠢᠳᠠᠬ᠃ | ᠭᠡᠤᠭᠡᠳ ᠤᠨ ᠲᠦᠷᠤᠯᠬᠢ ᠠᠪᠢᠶᠠᠰ ᠢ ᠭᠦᠨᠳᠤᠳᠭᠡᠵᠦ ᠠᠯᠢ ᠪᠤᠯᠬᠤᠷ ᠬᠢᠵᠠᠭᠠᠷᠯᠠᠬᠤ ᠦᠭᠡᠢ ᠪᠠᠶᠢᠵᠤ᠂ | ᠭᠡᠤᠭᠡᠳ ᠤᠨ ᠤᠷᠤᠯᠴᠠᠬᠤ ᠪᠠ ᠭᠦᠳᠠᠯᠤᠩᠭᠦᠢ ᠰᠤᠷᠤᠯᠴᠠᠬᠤ ᠶᠢ ᠵᠤᠷᠢᠬᠵᠢᠭᠤᠯᠵᠤ᠂ ᠬᠢᠴᠢᠶᠡᠯᠯᠡᠭᠦ ᠭᠡᠯᠪᠠᠷᠢ ᠪᠠᠨ | ᠠᠮᠢᠳᠤᠯᠢᠬ ᠪᠠᠶᠢᠯᠭᠠᠬᠤ ᠪᠤᠯ ᠠᠩᠭ᠍ᠯᠢ ᠶᠢᠨ ᠪᠠᠭ᠎ᠠ ᠰᠤᠷᠭᠠᠭᠤᠯᠢ ᠶᠢᠨ ᠬᠢᠴᠢᠶᠡᠯᠯᠡᠭᠡ ᠶᠢᠨ ᠨᠢᠭᠡᠨ ᠤᠨᠴᠠᠯᠢᠬ ᠪᠤᠯᠤᠨ᠎ᠠ᠃ | ᠡᠭᠦᠨ ᠢ ᠪᠠᠶᠠᠯᠠᠭᠦᠯᠭᠦ ᠳᠤ ᠵᠢᠭᠠᠨ ᠰᠤᠷᠭᠠᠯᠳᠠ ᠶᠢᠨ ᠤᠨᠤᠯᠵᠢᠬᠤᠨ ᠠᠴᠠ ᠭᠠᠳᠠᠨ᠎ᠠ ᠪᠠᠭ᠎ᠠ ᠠᠩᠬᠢ ᠶᠢᠨ ᠲᠦᠷᠢᠮ ᠴᠦ | ᠴᠢᠬᠤᠯᠠ ᠦᠢᠯᠡᠳᠦᠯ ᠭᠠᠷᠭᠠᠵᠠᠢ᠃ ᠠᠩᠭ᠍ᠯᠢ ᠶᠢᠨ ᠬᠤᠪᠢ ᠶᠢᠨ ᠪᠠᠭ᠎ᠠ ᠰᠤᠷᠭᠠᠭᠤᠯᠢ ᠠᠩᠬᠢ ᠨᠢᠭᠡ ᠪᠦᠷᠢ 20 | ᠭᠦᠮᠦᠨ ᠠᠴᠠ ᠭᠡᠳᠤᠷᠡᠭᠦ ᠦᠭᠡᠢ᠂ ᠠᠯᠪᠠᠨ ᠤ ᠪᠠᠭ᠎ᠠ ᠰᠤᠷᠭᠠᠭᠤᠯᠢ 30 ᠭᠦᠮᠦᠨ ᠠᠴᠠ ᠭᠡᠳᠤᠷᠡᠭᠦ ᠦᠭᠡᠢ᠃ | ᠭᠤᠷᠪᠠᠳᠤᠭᠠᠷ ᠠᠩᠬᠢ ᠠᠴᠠ ᠲᠤᠷᠤᠭᠰᠢ ᠠᠩᠬᠢ ᠨᠢᠭᠡ ᠪᠦᠷᠢ ᠳᠤ ᠪᠠᠰᠠ ᠬᠢᠴᠢᠶᠡᠯᠯᠡᠭᠦ ᠪᠠᠭᠰᠢ ᠶᠢᠨ | ᠲᠤᠰᠠᠯᠠᠭᠴᠢ ᠲᠠᠢ ᠪᠠᠶᠢᠳᠠᠬ᠃ ᠪᠠᠭᠰᠢ ᠰᠤᠷᠤᠭᠴᠢ ᠶᠢᠨ ᠬᠠᠷᠢᠴᠠᠯ ᠤᠨ ᠵᠦᠷᠢᠶ᠎ᠠ ᠨᠢ ᠴᠦ ᠰᠤᠷᠭᠠᠨ ᠭᠦᠮᠦᠵᠢᠯ ᠤᠨ | ᠪᠠᠶᠢᠭᠤᠯᠤᠮᠵᠢ ᠶᠢᠨ ᠠᠳᠠᠯᠢ ᠪᠤᠰᠤ ᠶᠢ ᠢᠯᠠᠳᠭᠡᠵᠦ ᠪᠤᠢ᠃ | ᠦᠨ᠎ᠡ ᠭᠦᠷᠭᠦ ᠦᠭᠡᠢ ᠰᠤᠷᠭᠠᠭᠤᠯᠢ ᠶᠢᠨ ᠲᠤᠭᠤᠷᠢᠬ ᠤᠨ ᠭᠡᠷ ᠪᠠᠶᠢᠰᠢᠩ | ᠦᠨᠦᠳᠤᠷ ᠤᠨ ᠠᠩᠭ᠍ᠯᠢ ᠶᠢᠨ ᠪᠠᠭ᠎ᠠ ᠰᠤᠷᠭᠠᠭᠤᠯᠢ ᠶᠢ ᠶᠠᠷᠦᠩᠭᠡᠢ ᠳᠤ ᠪᠠᠨ ᠠᠯᠪᠠᠨ ᠤ ᠪᠠ ᠬᠤᠪᠢ ᠶᠢᠨ ᠭᠡᠵᠦ | ᠬᠤᠪᠢᠶᠠᠵᠤ ᠪᠤᠯᠤᠨ᠎ᠠ᠃ ᠠᠩᠭ᠍ᠯᠢ ᠬᠡᠯᠡᠨ ᠳᠤ ᠠᠯᠪᠠᠨ ᠤ ᠪᠠᠭ᠎ᠠ ᠰᠤᠷᠭᠠᠭᠤᠯᠢ ᠶᠢ Primary school | ᠭᠡᠵᠦ ᠬᠡᠯᠡᠳᠡᠭ᠃ ᠡᠭᠦᠨ ᠳᠤ 4~7 ᠨᠠᠰᠤᠨ ᠤ ᠭᠡᠤᠭᠡᠳ ᠤᠨ ᠰᠤᠷᠤᠯᠴᠠᠬᠤ infantschool ᠪᠠ 7~11 | ᠨᠠᠰᠤᠨ ᠤ ᠭᠡᠤᠭᠡᠳ ᠤᠨ ᠰᠤᠷᠤᠯᠴᠠᠬᠤ juniorschool ᠪᠠᠭᠳᠠᠨ᠎ᠠ᠃ ᠡᠨᠡ ᠲᠦᠷᠦᠯ ᠤᠨ ᠰᠤᠷᠭᠠᠭᠤᠯᠢ ᠨᠢ | ᠰᠤᠷᠤᠯᠭ᠎ᠠ ᠶᠢᠨ ᠵᠠᠷᠤᠳᠠᠯ ᠢ ᠪᠦᠷᠢᠮᠤᠰᠤᠨ ᠬᠡᠯᠳᠤᠷᠢᠭᠦᠯᠭᠦ ᠪᠠᠷ ᠪᠠᠷᠠᠬᠤ ᠦᠭᠡᠢ ᠰᠤᠷᠬᠤ ᠪᠢᠴᠢᠭ ᠪᠠ ᠪᠢᠴᠢᠭ ᠤᠨ | ᠭᠡᠷᠡᠭᠰᠡᠯ ᠠᠴᠠ ᠴᠦ ᠵᠤᠭᠤᠰ ᠠᠪᠬᠤ ᠦᠭᠡᠢ᠂ ᠴᠠᠭᠠᠰᠢᠯᠠᠪᠠᠯ ᠰᠤᠷᠭᠠᠭᠤᠯᠢ ᠶᠢᠨ ᠦᠳᠡ ᠶᠢᠨ ᠬᠤᠭᠤᠯᠠ ᠶᠢ ᠴᠦ ᠭᠡᠷ | ᠪᠦᠯᠢ ᠶᠢᠨ ᠤᠷᠤᠯᠭ᠎ᠠ ᠶᠢᠨ ᠪᠠᠶᠢᠳᠠᠯ ᠢᠶᠠᠨ ᠦᠨᠳᠤᠰᠤᠯᠡᠨ ᠵᠠᠷᠤᠳᠠᠯ ᠭᠠᠷᠭᠠᠬᠤ ᠦᠭᠡᠢ ᠭᠤᠶᠤᠴᠢᠯᠠᠯ ᠢ ᠲᠠᠪᠰᠢᠭᠦᠯᠵᠦ | ᠪᠤᠯᠤᠨ᠎ᠠ᠃ | ᠠᠯᠪᠠᠨ ᠤ ᠰᠤᠷᠭᠠᠭᠤᠯᠢ ᠳᠤ ᠤᠷᠤᠬᠤ ᠭᠤᠶᠤᠴᠢᠯᠠᠯ ᠢ ᠰᠠᠭᠤᠭ᠎ᠠ ᠭᠠᠵᠠᠷ ᠠᠴᠠ ᠪᠠᠨ ᠤᠢᠢᠷ᠎ᠠ ᠪᠠᠶᠢᠬᠤ | ᠵᠠᠷᠴᠢᠮ ᠢ ᠦᠨᠳᠤᠰᠤᠯᠡᠨ ᠭᠠᠷᠭᠠᠳᠠᠬ᠃ ᠦᠭᠡᠷ᠎ᠠ ᠪᠠᠷ ᠭᠡᠯᠡᠪᠡᠯ᠂ ᠮᠠᠨ ᠤ ᠭᠡᠯᠡᠳᠡᠭ ᠰᠤᠷᠤᠯᠭ᠎ᠠ ᠶᠢᠨ ᠲᠤᠭᠤᠷᠢᠭ ᠢ | ᠦᠨᠳᠤᠰᠤᠯᠠᠨ ᠬᠤᠪᠢᠶᠠᠷᠢᠯᠠᠬᠤ ᠪᠤᠯᠤᠨ᠎ᠠ᠃ ᠡᠭᠦᠨ ᠢ ᠪᠡᠭᠡᠵᠢᠩ ᠬᠤᠳᠠ ᠶᠢᠨ ᠳ᠋ᠦᠩ ᠴᠧᠨ ᠲᠤᠭᠤᠷᠢᠭ ᠤᠨ ᠱᠢ | ᠵᠢᠶᠠ ᠬᠤᠳᠳᠤᠬ ᠪᠠᠭ᠎ᠠ ᠰᠤᠷᠭᠠᠭᠤᠯᠢ ᠶᠢᠨ ᠲᠠᠷᠭᠡᠳᠡᠬᠢ ᠲᠡᠭᠰᠢ ᠲᠦᠷᠪᠡᠯᠵᠢᠨ ᠮᠧᠲᠷ ᠪᠠᠶᠢᠰᠢᠩ ᠢ ᠵᠠᠭᠤᠨ ᠲᠦᠮᠡᠨ | ᠲᠦᠭᠦᠷᠢᠭ ᠢᠶᠠᠷ ᠬᠤᠳᠠᠯᠳᠤᠭᠰᠠᠨ ᠲᠠᠢ ᠬᠠᠷᠢᠴᠠᠭᠤᠯᠪᠠᠯ ᠠᠩᠭ᠍ᠯᠢ ᠶᠢᠨ ᠰᠤᠷᠤᠯᠭ᠎ᠠ ᠶᠢᠨ ᠲᠤᠭᠤᠷᠢᠭ ᠤᠨ ᠭᠡᠷ ᠪᠠᠷᠢᠯᠭ᠎ᠠ | ᠶᠠᠷᠦ ᠠᠴᠠ ᠦᠨ᠎ᠡ ᠭᠦᠷᠳᠡᠭ ᠦᠭᠡᠢ᠃ ᠠᠩᠭ᠍ᠯᠢ ᠳᠤ ᠭᠡᠤᠭᠡᠳ ᠢᠶᠠᠨ ᠤᠢᠢᠷ᠎ᠠ ᠤᠷᠴᠢᠮ ᠤᠨ ᠰᠤᠷᠭᠠᠭᠤᠯᠢ ᠪᠤᠶᠤ | ᠰᠠᠶᠢᠨ ᠰᠤᠷᠭᠠᠭᠤᠯᠢ ᠳᠤ ᠤᠷᠤᠭᠤᠯᠬᠤ ᠶᠢᠨ ᠲᠦᠯᠦᠭᠡ ᠦᠨᠳᠤᠷ ᠦᠨ᠎ᠡ ᠪᠠᠷ ᠭᠡᠷ ᠬᠤᠳᠠᠯᠳᠤᠨ ᠠᠪᠬᠤ ᠭᠦᠮᠦᠨ | ᠪᠠᠷᠤᠭ ᠪᠠᠶᠢᠬᠤ ᠦᠭᠡᠢ᠃ ᠤᠴᠢᠷ ᠨᠢ ᠡᠳᠡᠭᠡᠷ ᠰᠠᠶᠢᠨ ᠰᠤᠷᠭᠠᠭᠤᠯᠢ ᠭᠡᠳᠡᠭ ᠨᠢ ᠦᠨᠡᠨ ᠳᠤ ᠪᠠᠨ ᠲᠡᠶᠢᠮᠦ ᠰᠠᠶᠢᠨ | ᠪᠢᠰᠢ ᠶᠤᠮ᠃ ᠰᠠᠶᠢᠨ ᠰᠤᠷᠭᠠᠭᠤᠯᠢ ᠭᠡᠳᠡᠭ ᠨᠢ ᠬᠤᠪᠢ ᠶᠢᠨ ᠰᠤᠷᠭᠠᠭᠤᠯᠢ ᠪᠠᠶᠢᠳᠠᠬ᠃ ᠬᠤᠪᠢ ᠶᠢᠨ | ᠰᠤᠷᠭᠠᠭᠤᠯᠢ ᠳᠤ ᠤᠷᠤᠬᠤ ᠬᠢᠵᠠᠭᠠᠷᠯᠠᠯ ᠨᠢ ᠭᠡᠷ ᠤᠨ ᠰᠠᠭᠤᠭ᠎ᠠ ᠪᠠᠶᠢᠷᠢᠰᠢᠯ ᠠᠴᠠ ᠪᠢᠰᠢ ᠬᠠᠷᠢᠨ ᠭᠡᠷ ᠪᠦᠯᠢ ᠶᠢᠨ | ᠤᠷᠤᠯᠭ᠎ᠠ ᠵᠢᠴᠢ ᠡᠴᠢᠭᠡ ᠡᠭᠡ ᠶᠢᠨ ᠬᠢᠨᠢ ᠭᠡᠤᠭᠡᠳ ᠲᠤ ᠪᠠᠨ ᠤᠷᠤᠭᠤᠯᠬᠤ ᠰᠤᠷᠭᠠᠨ ᠭᠦᠮᠦᠵᠢᠯ ᠤᠨ ᠪᠠᠯᠠ | ᠤᠷᠤᠭᠤᠯᠤᠯᠳᠠ ᠠᠴᠠ ᠲᠤᠭᠳᠠᠭᠠᠭᠳᠠᠳᠠᠬ ᠪᠠᠶᠢᠨ᠎ᠠ᠃ | ᠬᠤᠪᠢ ᠶᠢᠨ ᠰᠤᠷᠭᠠᠭᠤᠯᠢ ᠶᠢ ᠠᠩᠭ᠍ᠯᠢ ᠭᠡᠯᠡᠨ ᠳᠤ Preparatory school ᠭᠡᠳᠡᠭ᠃ ᠳᠠᠷᠤᠢ | ᠨᠠᠶᠢᠳᠠ ᠶᠢᠨ ᠰᠤᠷᠭᠠᠭᠤᠯᠢ ᠳᠤ ᠤᠷᠤᠬᠤ ᠪᠠᠯᠠᠳᠭᠡᠯ ᠭᠡᠰᠡᠨ ᠤᠳᠭ᠎ᠠ ᠲᠠᠢ᠃ ᠠᠩᠭ᠍ᠯᠢ ᠶᠢᠨ ︽ᠨᠠᠶᠢᠳᠠ ᠶᠢᠨ | ᠰᠤᠷᠭᠠᠭᠤᠯᠢ︾ ᠪᠤᠯ ᠬᠤᠪᠢ ᠶᠢᠨ ᠰᠤᠷᠭᠠᠭᠤᠯᠢ ᠪᠤᠯᠤᠨ᠎ᠠ᠂ ᠲᠡᠭᠦᠨ ᠤ ᠠᠩᠭ᠍ᠯᠢ ᠨᠠᠷᠠᠶᠢᠳᠤᠯ ᠨᠢ ︽public | school︾ ᠪᠤᠯᠤᠨ᠎ᠠ᠃ ᠠᠯᠪᠠᠨ ᠤ ᠰᠤᠷᠭᠠᠭᠤᠯᠢ ᠭᠡᠳᠡᠭ ᠨᠢ ᠳᠠᠷᠤᠢ ᠵᠠᠰᠠᠭ ᠤᠨ ᠭᠠᠵᠠᠷ ᠠᠴᠠ ᠡᠷᠬᠢᠯᠡᠭᠰᠡᠨ | ᠵᠠᠷᠤᠳᠠᠯ ᠠᠪᠬᠤ ᠦᠭᠡᠢ ᠰᠤᠷᠭᠠᠭᠤᠯᠢ ᠪᠤᠯᠤᠨ᠎ᠠ᠃ ᠲᠠᠭᠦᠨ ᠢ ︽state school︾ ᠭᠡᠵᠦ ᠨᠡᠷᠡᠯᠡᠳᠡᠭ᠃ | ᠠᠩᠭ᠍ᠯᠢ ᠳᠤ ᠬᠤᠪᠢ ᠶᠢᠨ ᠰᠤᠷᠭᠠᠭᠤᠯᠢ ᠶᠢ ᠰᠠᠶ᠋ᠢ ᠡᠷᠡᠭᠲᠡᠢ ᠰᠤᠷᠭᠠᠭᠤᠯᠢ᠂ ᠡᠮᠡᠭᠳᠠᠢ ᠰᠤᠷᠭᠠᠭᠤᠯᠢ ᠭᠡᠵᠦ | ᠬᠤᠪᠢᠶᠠᠳᠠᠬ᠃ ᠤᠴᠢᠷ ᠨᠢ ᠠᠩᠭ᠍ᠯᠢ ᠳᠤ ᠬᠤᠪᠢ ᠶᠢᠨ ᠰᠤᠷᠭᠠᠭᠤᠯᠢ᠂ ᠢᠯᠠᠩᠭᠤᠶ᠎ᠠ ᠡᠷᠡᠭᠲᠡᠢ ᠰᠤᠷᠭᠠᠭᠤᠯᠢ ᠪᠤᠯ | ᠬᠡᠳᠤᠨ ᠵᠠᠭᠤᠨ ᠵᠢᠯ ᠤᠨ ᠤᠯᠠᠮᠵᠢᠯᠠᠯ ᠲᠠᠢ ᠶᠤᠮ᠃ ᠡᠷᠳᠠᠨ ᠤ ᠰᠤᠷᠭᠠᠨ ᠭᠦᠮᠦᠵᠢᠯ ᠨᠢ ᠪᠦᠷ ᠡᠷᠡᠭᠲᠡᠢ ᠡᠮᠡᠭᠳᠠᠢ ᠭᠡᠵᠦ | ᠬᠤᠪᠢᠶᠠᠵᠤ ᠪᠠᠶᠢᠭᠰᠠᠨ ᠶᠤᠮ᠃ ᠺᠠᠮᠪᠷᠢᠵ ᠶᠡᠭᠡ ᠰᠤᠷᠭᠠᠭᠤᠯᠢ᠂ ᠨᠢᠤᠵᠢᠨ ᠶᠡᠭᠡ ᠰᠤᠷᠭᠠᠭᠤᠯᠢ ᠭᠦᠷᠳᠡᠯ᠎ᠡ ᠵᠦᠪᠭᠡᠨ | ᠡᠷᠡᠭᠲᠡᠢ ᠰᠤᠷᠤᠭᠴᠢ ᠡᠯᠰᠠᠵᠦ ᠪᠠᠶᠢᠭᠰᠠᠨ ᠶᠤᠮ᠃ ᠰᠤᠷᠭᠠᠭᠤᠯᠢ ᠪᠠᠶᠢᠭᠤᠯᠤᠭᠳᠠᠭᠠᠳ ᠲᠠᠪᠤᠨ ᠵᠢᠯ ᠪᠤᠯᠤᠭᠰᠠᠨ ᠤ | ᠳᠠᠷᠠᠭ᠎ᠠ ᠺᠠᠮᠪᠷᠢᠵ ᠶᠡᠭᠡ ᠰᠤᠷᠭᠠᠭᠤᠯᠢ ᠰᠠᠶ᠋ᠢ ᠡᠮᠡᠭᠲᠠᠢ ᠰᠤᠷᠤᠭᠴᠢ ᠶᠢ ᠡᠬᠢᠯᠡᠨ ᠡᠯᠰᠡᠵᠡᠢ᠃ | ᠠᠩᠭ᠍ᠯᠢ ᠶᠢᠨ ᠬᠤᠪᠢ ᠶᠢᠨ ᠪᠠᠭ᠎ᠠ ᠰᠤᠷᠭᠠᠭᠤᠯᠢ ᠶᠢᠨ ᠡᠮᠡᠭᠳᠠᠢ ᠰᠤᠷᠭᠠᠭᠤᠯᠢ ᠨᠢ 7 ᠠᠩᠬᠢ ᠲᠠᠢ᠂ ᠡᠷᠡᠭᠲᠡᠢ | ᠰᠤᠷᠭᠠᠭᠤᠯᠢ ᠨᠢ 9 ᠠᠩᠬᠢ ᠲᠠᠢ᠂ ᠰᠤᠷᠤᠭᠴᠢ ᠨᠢ 4~13 ᠨᠠᠰᠤᠳᠠᠢ᠂ ᠨᠠᠶᠢᠯᠠᠭᠦᠯᠦᠭᠡᠳ ᠬᠡᠳᠤᠨ ᠵᠠᠭᠤᠨ | ᠰᠤᠷᠤᠭᠴᠢ ᠲᠠᠢ᠃ ᠡᠭᠦᠨ ᠢ ᠤᠯᠤᠰ ᠤᠨ ᠲᠤᠳᠤᠷᠠᠬᠢ ᠪᠠᠭ᠎ᠠ ᠰᠤᠷᠭᠠᠭᠤᠯᠢ ᠲᠠᠢ ᠬᠠᠷᠢᠴᠠᠭᠤᠯᠪᠠᠯ ᠭᠡᠪᠴᠢᠶ᠎ᠠ ᠪᠠᠷ | ᠪᠠᠭ᠎ᠠ᠂ ᠭᠡᠪᠡᠴᠦ ᠪᠠᠭ᠎ᠠ ᠰᠤᠷᠭᠠᠭᠤᠯᠢ ᠶᠢᠨ ᠲᠤᠭ᠎ᠠ ᠨᠢ ᠬᠠᠷᠢᠨ ᠬᠠᠷᠢᠴᠠᠩᠭᠤᠢ ᠤᠯᠠᠨ ᠶᠤᠮ᠃ ᠪᠠᠭ᠎ᠠ ᠰᠤᠷᠭᠠᠭᠤᠯᠢ | ᠨᠢᠭᠡ ᠪᠦᠷᠢ ᠳᠤ ᠲᠤᠰᠬᠠᠢ ᠪᠠᠶᠢᠭᠤᠯᠤᠮᠵᠢ ᠠᠴᠠ ᠬᠤᠶᠠᠷ ᠠᠴᠠ ᠭᠤᠷᠪᠠᠨ ᠵᠢᠯ ᠳᠤ ᠨᠢᠭᠡ ᠤᠳᠠᠭ᠎ᠠ ᠦᠨᠡᠯᠡᠯᠲᠠ | ᠬᠢᠳᠡᠭ᠃ ᠭᠡᠪᠠᠴᠤ ᠠᠯᠪᠠᠨ ᠤ ᠲᠠᠯ᠎ᠠ ᠠᠴᠠ ᠨᠠᠷᠠ ᠶᠢᠨ ᠵᠢᠭᠰᠠᠭᠠᠯᠳᠠ ᠬᠢᠭᠦ ᠦᠭᠡᠢ᠃ ᠨᠢᠭᠡ ᠪᠠᠭ᠎ᠠ ᠰᠤᠷᠭᠠᠭᠤᠯᠢ ᠶᠢᠨ | ᠰᠠᠶᠢᠨ ᠮᠠᠭᠤ ᠨᠢ ᠤᠢᠢᠷ᠎ᠠ ᠤᠷᠴᠢᠮ ᠤᠨ ᠬᠤᠷᠢᠶᠠᠯᠠᠯ ᠤᠳ ᠤᠨ ᠦᠨᠡᠯᠡᠯᠲᠡ ᠳᠤ ᠲᠦᠰᠢᠭᠯᠡᠳᠡᠭ᠃ | ᠠᠩᠭ᠍ᠯᠢ ᠶᠢᠨ ᠪᠠᠭ᠎ᠠ ᠰᠤᠷᠭᠠᠭᠤᠯᠢ ᠳᠤ ᠨᠢᠭᠡᠳᠤᠯᠳᠠᠢ ᠵᠢᠭᠠᠬᠤ ᠮᠠᠲ᠋ᠧᠷᠢᠶᠠᠯ ᠪᠠᠶᠢᠬᠤ ᠦᠭᠡᠢ᠃ ᠠᠯᠪᠠᠨ ᠤ | ᠰᠤᠷᠭᠠᠭᠤᠯᠢ ᠳᠤ ᠵᠠᠰᠠᠭ ᠤᠨ ᠭᠠᠵᠠᠷ ᠤᠨ ᠰᠤᠷᠭᠠᠨ ᠭᠦᠮᠦᠵᠢᠯ ᠤᠨ ᠰᠠᠯᠠᠭ᠎ᠠ ᠮᠦᠴᠢᠷ ᠠᠴᠠ ᠲᠦᠭᠦᠮᠭᠡᠨ ᠯᠠᠪᠯᠠᠬᠤ | ᠭᠦᠳᠦᠯᠪᠤᠷᠢ ᠶᠢ ᠭᠠᠷᠭᠠᠵᠤ᠂ ᠲᠤᠭᠳᠠᠭᠰᠠᠨ ᠨᠠᠰᠤᠨ ᠤ ᠭᠡᠤᠭᠡᠳ ᠤᠨ ᠡᠷᠭᠡᠪᠰᠢ ᠰᠤᠷᠬᠤ ᠵᠦᠢᠯ ᠢ ᠲᠤᠭᠳᠠᠭᠠᠵᠤ | ᠦᠭᠳᠡᠭ᠃ ᠭᠡᠤᠭᠡᠳ ᠲᠤ ᠡᠳᠡᠭᠡᠷ ᠮᠠᠳᠠᠯᠭᠡ ᠪᠠ ᠴᠢᠳᠠᠪᠤᠷᠢ ᠶᠢ ᠭᠡᠷᠬᠢᠨ ᠤᠯᠭᠤᠬᠤ ᠭᠡᠳᠡᠭ ᠪᠤᠯ ᠰᠤᠷᠭᠠᠭᠤᠯᠢ ᠪᠤᠶᠤ | ᠬᠢᠴᠢᠶᠡᠯᠯᠡᠭᠴᠢ ᠪᠠᠭᠰᠢ ᠶᠢᠨ ᠲᠤᠬᠢᠷᠠᠭᠤᠯᠤᠯᠳᠠ ᠳᠤ ᠲᠦᠰᠢᠭᠯᠡᠳᠡᠭ᠃ | ᠬᠤᠪᠢ ᠶᠢᠨ ᠰᠤᠷᠭᠠᠭᠤᠯᠢ ᠡᠨᠡ ᠭᠦ ᠯᠠᠪᠯᠠᠬᠤ ᠭᠦᠳᠤᠯᠪᠤᠷᠢ ᠳᠤ ᠬᠢᠵᠠᠭᠠᠷᠯᠠᠭᠳᠠᠬᠤ ᠦᠭᠡᠢ᠂ ᠭᠡᠪᠠᠴᠤ | ᠶᠡᠷᠦ ᠳᠤ ᠪᠠᠨ ᠪᠠᠷᠤᠭ ᠠᠯᠪᠠᠨ ᠤ ᠰᠤᠷᠭᠠᠭᠤᠯᠢ ᠲᠠᠢ ᠠᠳᠠᠯᠢᠪᠳᠤᠷ ᠪᠤᠯᠪᠠᠴᠤ ᠨᠡᠩ ᠭᠦᠨᠵᠡᠭᠡᠢ ᠪᠤᠶᠤ | ᠤᠷᠢᠳᠴᠢᠯᠠᠭᠰᠠᠨ ᠠᠭᠤᠯᠭ᠎ᠠ ᠶᠢ ᠵᠢᠭᠠᠳᠠᠬ᠃ ᠵᠢᠱᠢᠶᠡᠯᠡᠪᠡᠯ᠄ ᠠᠯᠪᠠᠨ ᠤ ᠰᠤᠷᠭᠠᠭᠤᠯᠢ ᠶᠢᠨ ᠭᠡᠤᠭᠡᠳ ᠲᠤ 7 | ᠨᠠᠰᠤᠨ ᠳᠤ ᠨᠢ ᠦᠷᠡᠵᠢᠭᠦᠯᠭᠦ ᠦᠢᠯᠡᠳᠦᠯ ᠤᠨ ᠠᠮᠠᠨ ᠤᠡᠭᠰᠢᠯᠭ᠎ᠠ ᠶᠢ ᠡᠵᠡᠮᠰᠢᠭᠦᠯᠭᠦ ᠪᠠᠷ ᠱᠠᠭᠠᠷᠳᠠᠳᠠᠬ ᠪᠤᠯ | ᠬᠤᠪᠢ ᠶᠢᠨ ᠰᠤᠷᠭᠠᠭᠤᠯᠢ 6 ᠨᠠᠰᠤᠨ ᠠᠴᠠ ᠨᠢ ᠡᠬᠢᠯᠡᠨ ᠰᠤᠷᠭᠠᠳᠠᠬ᠃ ᠠᠯᠪᠠᠨ ᠤ ᠰᠤᠷᠭᠠᠭᠤᠯᠢ ᠨᠢ ᠲᠤᠤᠷ᠎ᠠ | ᠤᠨ ᠤ ᠭᠡᠤᠭᠡᠳ ᠤᠳ ᠲᠤ ᠡᠩ ᠤᠨ ᠪᠠᠶᠢᠳᠠᠯ ᠳᠤ ᠲᠠᠰᠬᠠᠯ ᠦᠯᠡᠳᠡᠭᠡᠳᠡᠭ ᠦᠭᠡᠢ᠂ ᠬᠤᠪᠢ ᠶᠢᠨ ᠰᠤᠷᠭᠠᠭᠤᠯᠢ ᠨᠢ | 4 ᠨᠠᠰᠤᠳᠠᠢ ᠭᠡᠤᠭᠡᠳ ᠲᠤ ᠰᠤᠷᠭᠠᠭᠤᠯᠢ ᠳᠤ ᠤᠷᠤᠭᠰᠠᠨ ᠡᠳᠦᠷ ᠠᠴᠠ ᠨᠢ ᠡᠬᠢᠯᠡᠨ ᠲᠠᠰᠬᠠᠯ ᠦᠯᠡᠳᠡᠭᠡᠳᠡᠭ᠃ | ᠭᠡᠪᠡᠴᠦ ᠠᠩᠭ᠍ᠯᠢ ᠶᠢᠨ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠲᠠᠰᠬᠠᠯ ᠠᠷᠪᠢᠨ ᠪᠢᠰᠢ ᠮᠦᠷᠳᠡᠭᠡᠨ | ᠲᠤᠭᠳᠠᠭᠰᠠᠨ ᠴᠠᠭ ᠲᠠᠢ ᠪᠠᠶᠢᠳᠠᠬ᠃ ᠭᠡᠷᠪᠡ ᠪᠤᠢ ᠪᠦᠭᠦᠢ ᠲᠠᠰᠬᠠᠯ ᠢ 20 ᠮᠢᠨᠦ᠋ᠲ ᠬᠢᠭᠡᠳ ᠪᠠᠷᠠᠬᠤ ᠦᠭᠡᠢ | ᠪᠠᠶᠢᠪᠠᠯ ᠬᠢᠭᠦ ᠦᠭᠡᠢ ᠪᠠᠶᠢᠵᠤ ᠪᠤᠯᠤᠨ᠎ᠠ᠃ | ᠬᠤᠪᠢ ᠶᠢᠨ ᠰᠤᠷᠭᠠᠭᠤᠯᠢ ᠶᠢᠨ ᠭᠤᠤᠯ ᠬᠢᠴᠢᠶᠡᠯ ᠤᠳ ᠤᠨ ᠲᠤᠬᠢᠷᠠᠭᠤᠯᠤᠯᠳᠠ ᠨᠢ ᠠᠯᠪᠠᠨ ᠤ | ᠰᠤᠷᠭᠠᠭᠤᠯᠢ ᠲᠠᠢ ᠦᠨᠳᠤᠰᠤᠨ ᠳᠤ ᠪᠠᠨ ᠠᠳᠠᠯᠢ᠃ ᠵᠢᠱᠢᠶᠡᠯᠡᠪᠡᠯ᠂ ᠲᠤᠭ᠎ᠠ ᠪᠤᠳᠤᠯᠭ᠎ᠠ᠂ ᠠᠩᠭ᠍ᠯᠢ ᠭᠡᠯᠡ᠂ ᠰᠢᠨᠵᠢᠯᠡᠭᠦ | ᠤᠬᠠᠭᠠᠨ᠂ ᠲᠡᠤᠭᠡ᠂ ᠭᠠᠵᠠᠷ ᠵᠦᠢ᠂ 1T ᠵᠡᠷᠭᠡ ᠪᠠᠶᠢᠳᠠᠬ᠂ ᠭᠡᠪᠠᠴᠤ ᠬᠢᠴᠢᠶᠡᠯ ᠤᠨ ᠭᠠᠳᠠᠨᠠᠬᠢ ᠭᠦᠳᠡᠯᠭᠡᠭᠡᠨ | ᠮᠠᠰᠢ ᠤᠯᠠᠨ ᠪᠠᠶᠢᠳᠠᠬ᠃ ᠡᠭᠦᠨ ᠢ ᠬᠢᠴᠢᠶᠠᠯ ᠤᠨ ᠭᠦᠰᠦᠨᠦᠭᠳᠦ ᠠᠴᠠ ᠨᠢ ᠦᠵᠠᠨ ᠭᠠᠷᠴᠤ ᠪᠤᠯᠤᠨ᠎ᠠ᠃ ᠮᠠᠰᠢ | ᠤᠯᠠᠨ ᠬᠤᠪᠢ ᠶᠢᠨ ᠰᠤᠷᠭᠠᠭᠤᠯᠢ ᠳᠤ ᠤᠰᠤᠨ ᠳᠤ ᠤᠮᠪᠠᠭ᠋ᠤ᠂ ᠪᠦᠵᠢᠭ᠂ ᠭᠦᠯ ᠪᠦᠮᠪᠦᠭᠡ᠂ ᠠᠷᠤᠷ᠎ᠠ ᠪᠦᠮᠪᠦᠭᠡ᠂ | ᠬᠠᠪᠳᠠᠰᠤ ᠪᠦᠮᠪᠦᠭᠡ ᠵᠡᠷᠭᠡ ᠶᠢ ᠲᠤᠬᠢᠷᠠᠭᠤᠯᠤᠭᠰᠠᠨ ᠪᠠᠶᠢᠳᠠᠬ᠃ ᠡᠳᠡᠭᠡᠷ ᠨᠢ ᠪᠦᠷ ᠲᠠᠮᠢᠷ ᠤᠨ ᠬᠢᠴᠢᠶᠡᠯ ᠤᠨ ᠨᠢᠭᠡ | ᠭᠡᠰᠡᠭ ᠨᠢ ᠪᠤᠯᠤᠨ᠎ᠠ᠃ ᠭᠠᠳᠠᠭᠠᠳᠤ ᠬᠡᠯᠡᠨ ᠤ ᠬᠢᠴᠢᠶᠡᠯ ᠳᠤ ᠹᠷᠠᠨᠼᠢ ᠬᠡᠯᠡ᠂ ᠢᠰᠫᠠᠨᠢ ᠬᠡᠯᠡ᠂ ᠢᠲ᠋ᠠᠯᠢ ᠭᠡᠯᠡ᠂ | ᠬᠢᠳᠠᠳ ᠬᠡᠯᠡ᠂ ᠶᠠᠫᠤᠨ ᠭᠡᠯ᠎ᠠ ᠭᠡᠭᠦ ᠮᠡᠳᠦ ᠤᠯᠠᠨ ᠲᠦᠷᠦᠯ ᠤᠨ ᠬᠡᠯᠡ ᠪᠤᠢ᠃ ᠨᠠᠶᠢᠷᠠᠯ ᠭᠦᠭᠵᠢᠮ ᠤᠨ ᠠᠩᠬᠢ ᠳᠤ | ᠬᠢᠴᠢᠶᠡᠯᠯᠡᠳᠡᠭ ᠭᠦᠭᠵᠢᠮ ᠤᠨ ᠪᠠᠭᠰᠢ ᠰᠤᠷᠭᠠᠭᠤᠯᠢ ᠳᠤ ᠴᠦ ᠪᠦᠷ ᠪᠠᠶᠢᠳᠠᠬ ᠪᠠ ᠨᠢᠭᠡ ᠰᠤᠷᠤᠭᠴᠢ ᠨᠢᠭᠡ ᠪᠠᠭᠰᠢ | ᠭᠡᠭᠦ ᠮᠡᠳᠦ ᠶᠢᠨ ᠭᠦᠭᠵᠢᠮ ᠤᠨ ᠬᠢᠴᠢᠶᠡᠯ᠂ ᠳᠠᠭᠤᠨ ᠤ ᠬᠢᠴᠢᠶᠡᠯ ᠢ ᠴᠦ ᠰᠤᠷᠭᠠᠭᠤᠯᠢ ᠳᠤ ᠪᠠᠨ ᠤᠷᠤᠳᠠᠬ᠃ | ᠡᠭᠦᠨ ᠠᠴᠠ ᠭᠠᠳᠠᠨ᠎ᠠ ᠰᠤᠷᠭᠠᠭᠤᠯᠢ ᠳᠤ ᠪᠠᠰᠠ ᠮᠠᠰᠢ ᠤᠯᠠᠨ ᠠᠰ ᠢᠶᠠᠷ ᠨᠢ ᠵᠠᠷᠤᠳᠠᠯ ᠲᠤᠰᠢᠶᠠᠬᠤ ᠪᠤᠶᠤ ᠵᠠᠷᠤᠳᠠᠯ | ᠬᠤᠷᠢᠶᠠᠬᠤ ᠦᠭᠡᠢ ᠬᠢᠴᠢᠶᠡᠯ ᠤᠨ ᠲᠠᠷᠠᠭᠠᠬᠢ ᠠᠩᠬᠢ ᠪᠠᠶᠢᠵᠤ᠂ ᠤᠷᠠᠨ ᠵᠢᠷᠤᠭ᠂ ᠰᠢᠳᠠᠷ᠎ᠠ ᠶᠢᠨ ᠲᠦᠷᠤᠯ᠂ | ᠪᠦᠮᠪᠦᠭᠡᠨ ᠤ ᠲᠦᠷᠦᠯ᠂ ᠴᠡᠴᠡᠷᠯᠢᠭ ᠤᠨ ᠤᠷᠠᠯᠢᠬ᠂ ᠭᠠᠷ ᠤᠷᠠᠯᠠᠯ ᠵᠡᠷᠭᠡ ᠶᠢ ᠵᠢᠭᠠᠳᠠᠬ᠃ | ᠬᠤᠪᠢ ᠶᠢᠨ ᠰᠤᠷᠭᠠᠭᠤᠯᠢ ᠨᠢ ᠪᠠᠶ᠎ᠠ ᠪᠠᠨ ᠲᠠᠭᠠᠭᠠᠭᠰᠠᠨ ᠡᠷᠭᠡ ᠴᠢᠯᠦᠭᠡᠳᠦ ᠰᠤᠷᠭᠠᠨ ᠭᠦᠮᠦᠵᠢᠯ ᠤᠨ | ᠤᠨᠤᠯᠵᠢᠬᠤᠨ ᠢ ᠵᠠᠯᠭᠠᠮᠵᠢᠯᠠᠭᠰᠠᠨ ᠢᠶᠠᠷ ᠪᠠᠷᠠᠬᠤ ᠦᠭᠡᠢ ᠨᠡᠩ ᠴᠦ ᠡᠯᠪᠡᠭ ᠪᠠᠶᠠᠯᠢᠬ ᠰᠤᠷᠭᠠᠨ ᠭᠦᠮᠦᠵᠢᠯ ᠤᠨ ᠡᠬᠢ | ᠰᠤᠷᠪᠤᠯᠵᠢ ᠶᠢ ᠡᠳ᠋ᠯᠡᠭᠰᠡᠨ ᠢᠶᠠᠷ ᠠᠩᠭ᠍ᠯᠢ ᠶᠢᠨ ᠰᠤᠳᠤᠨ ᠰᠤᠷᠭᠠᠨ ᠬᠦᠮᠦᠵᠢᠯ ᠢ ᠲᠦᠢᠯ ᠳᠤ ᠨᠢ ᠲᠤᠯᠳᠠᠯ᠎ᠠ ᠬᠢᠵᠤ | ᠴᠢᠳᠠᠵᠠᠢ᠃ | ᠪᠠᠶᠠᠷ ᠵᠢᠷᠭᠠᠯ ᠲᠠᠢ ᠭᠡᠤᠭᠡᠳ ᠠᠮᠵᠢᠯᠳᠠ ᠤᠯᠳᠠᠬ | ᠤᠯᠠᠨ ᠵᠢᠯ ᠤᠨ ᠳᠠᠳᠬᠠᠯ ᠠᠴᠠ ᠪᠠᠨ ᠪᠤᠯᠵᠤ ᠪᠢ ᠭᠡᠤᠭᠡᠳ ᠤᠨ ᠢᠶᠠᠨ ᠠᠩᠬᠢ ᠬᠢᠭᠡᠳ ᠤᠨ ᠳᠤ ᠬᠢ | ᠵᠢᠭᠰᠠᠭᠠᠯᠳᠠ ᠶᠢ ᠤᠢᠢᠯᠠᠭᠠᠶ᠎ᠠ ᠭᠡᠵᠦ ᠪᠤᠳᠤᠭᠠᠳ ᠪᠠᠶᠢᠯ᠎ᠠ᠃ ᠭᠡᠳᠡᠯ᠎ᠠ ᠠᠩᠭ᠍ᠯᠢ ᠶᠢᠨ ᠪᠠᠭ᠎ᠠ ᠰᠤᠷᠭᠠᠭᠤᠯᠢ ᠭᠡᠷ ᠤᠨ | ᠠᠬᠠᠮᠠᠳ ᠤᠨ ᠡᠨᠡ ᠭᠦ ᠱᠠᠭᠠᠷᠳᠠᠯᠭ᠎ᠠ ᠶᠢ ᠶᠠᠷᠦ ᠠᠴᠠ ᠬᠠᠨᠭ᠍ᠭᠠᠵᠤ ᠴᠢᠳᠠᠬᠤ ᠦᠭᠡᠢ ᠪᠠᠶᠢᠪᠠ᠃ ᠤᠴᠢᠷ ᠨᠢ | ᠰᠤᠷᠭᠠᠭᠤᠯᠢ ᠳᠤ ᠰᠤᠷᠤᠯᠭ᠎ᠠ ᠶᠢᠨ ᠬᠢᠷᠢ ᠪᠦᠳᠤᠮᠵᠢ ᠶᠢᠨ ᠵᠢᠭᠰᠠᠭᠠᠯᠳᠠ ᠭᠡᠵᠦ ᠪᠠᠶᠢᠳᠠᠬ ᠦᠭᠡᠢ ᠭᠡᠨ᠎ᠠ᠃ | ᠰᠤᠷᠤᠯᠭ᠎ᠠ ᠶᠢᠨ ᠬᠤᠭᠤᠴᠠᠭ᠎ᠠ ᠪᠦᠷᠢ ᠰᠤᠷᠤᠭᠴᠢ ᠶᠢᠨ ᠰᠤᠷᠤᠯᠴᠠᠯᠭ᠎ᠠ ᠪᠠ ᠡᠯ᠎ᠠ ᠲᠠᠯ᠎ᠠ ᠶᠢᠨ ᠢᠯᠠᠷᠠᠯ ᠢ | ᠮᠠᠳᠡᠭᠳᠡᠭᠦ ᠭᠡᠷ ᠤᠨ ᠠᠬᠠᠮᠠᠳ ᠤᠨ ᠬᠤᠷᠠᠯ ᠪᠠᠶᠢᠳᠠᠬ᠃ ᠲᠠᠷᠠ ᠬᠤᠷᠠᠯ ᠨᠢ ᠨᠢᠭᠡ ᠨᠢᠭᠡ ᠭᠦᠮᠦᠨ ᠪᠠᠶᠢᠳᠠᠬ ᠪᠦᠭᠡᠳ | ᠶᠠᠬ ᠬᠤᠳᠠᠯᠳᠤᠭᠠᠨ ᠤ ᠭᠡᠯᠡᠯᠴᠡᠭᠡᠷ ᠠᠳᠠᠯᠢ ᠡᠯ᠎ᠠ ᠬᠢᠴᠢᠶᠡᠯ ᠲᠦᠷᠤᠯ ᠤᠨ ᠪᠠᠭᠰᠢ ᠲᠤᠰ ᠲᠤᠰ ᠤᠨ | ᠰᠢᠷᠡᠭᠡᠨ ᠳᠤ ᠪᠠᠨ ᠰᠠᠭᠤᠵᠤ᠂ ᠭᠡᠷ ᠤᠨ ᠠᠬᠠᠮᠠᠳ ᠪᠤᠯᠵᠤᠭᠰᠠᠨ ᠴᠠᠭ ᠤᠨ ᠲᠠᠷᠠᠭᠠᠯᠠᠯ ᠢᠶᠠᠷ ᠲᠠᠳᠠᠨ ᠲᠠᠢ ᠨᠢᠭᠡ | ᠨᠢᠭᠡ ᠪᠠᠷ ᠶᠠᠷᠢᠯᠴᠠᠳᠠᠬ᠃ ᠭᠡᠷ ᠤᠨ ᠠᠬᠠᠮᠠᠳ ᠵᠦᠪᠭᠡᠨ ᠭᠡᠤᠭᠡᠳ ᠤᠨ ᠢᠶᠠᠨ ᠪᠠᠶᠢᠳᠠᠯ ᠢ ᠤᠢᠢᠯᠠᠭᠠᠨ᠎ᠠ᠃ | ᠡᠶᠢᠮᠦ ᠠᠴᠠ ᠭᠡᠨ ᠨᠢ ᠠᠩᠬᠢ ᠳᠤ ᠪᠠᠨ ᠲᠠᠷᠢᠭᠦᠯᠡᠵᠦ ᠪᠠᠶᠢᠬᠤ᠂ ᠭᠡᠨ ᠨᠢ ᠬᠤᠴᠤᠷᠴᠤ ᠪᠠᠶᠢᠬᠤ ᠶᠢ ᠮᠡᠳᠡᠭᠦ ᠨᠢ | ᠵᠦᠪᠭᠡᠨ ᠬᠢᠴᠢᠶᠡᠯᠯᠡᠭᠴᠢ ᠪᠠᠭᠰᠢ ᠶᠢᠨ ᠮᠠᠳᠡᠭᠦ ︽ᠨᠢᠭᠤᠴᠠ︾ ᠯᠠ ᠪᠤᠯᠤᠭᠰᠠᠨ ᠪᠠᠶᠢᠳᠠᠬ᠃ ᠡᠭᠦᠨ ᠢ ᠲᠤᠮᠳᠠᠳᠤ | ᠤᠯᠤᠰ ᠤᠨ ᠪᠠᠭ᠎ᠠ ᠰᠤᠷᠭᠠᠭᠤᠯᠢ ᠳᠤ ᠬᠢ ᠦᠵᠡᠭᠳᠡᠭᠦ ᠦᠭᠡᠢ ᠪᠤᠯᠪᠠᠴᠤ ᠭᠦᠮᠦᠨ ᠪᠦᠭᠦᠨ ᠤ ᠮᠠᠳᠡᠳᠡᠭ ᠰᠠᠶᠢᠨ | ᠰᠤᠷᠤᠭᠴᠢ ᠠᠨᠠᠢ ᠰᠤᠷᠤᠭᠴᠢ᠂ ᠲᠤᠮᠳᠠ ᠵᠡᠷᠭᠡ ᠶᠢᠨ ᠰᠤᠷᠤᠭᠴᠢ ᠭᠡᠳᠡᠭ ᠲᠡᠮᠳᠡᠭ ᠢ ᠰᠤᠷᠤᠭᠴᠢ ᠨᠢᠭᠡ ᠪᠦᠷᠢ ᠶᠢᠨ | ᠲᠤᠯᠤᠭᠠᠢ ᠳᠡᠭᠡᠷ᠎ᠠ ᠨᠢ ᠨᠠᠭᠠᠳᠠᠬ ᠲᠠᠢ ᠬᠠᠷᠢᠴᠠᠭᠤᠯᠪᠠᠯ ᠮᠠᠰᠢ ᠶᠡᠭᠡ ᠵᠦᠷᠢᠶ᠎ᠡ ᠲᠠᠢ ᠪᠢᠯᠡ᠃ | ᠮᠢᠨᠤ ᠦᠭᠢᠨ ᠬᠠᠮᠳᠤ ᠨᠦᠭᠦᠳ ᠲᠠᠢ ᠪᠠᠨ 7 ᠵᠢᠯ ᠬᠠᠮᠳᠤ ᠰᠤᠷᠤᠯᠴᠠᠬᠤ ᠳᠤ ᠪᠠᠨ ᠬᠠᠮᠳᠤ | ᠨᠦᠭᠦᠳ ᠤᠨ ᠢᠶᠠᠨ ᠲᠦᠷᠦᠭᠰᠡᠨ ᠡᠳᠦᠷ᠂ ᠤᠨᠴᠠᠯᠢᠬ᠂ ᠰᠠᠶᠢᠨ ᠮᠠᠭᠤ ᠵᠠᠩ ᠢ ᠰᠠᠶᠢᠨ ᠮᠠᠳᠡᠳᠡᠭ ᠪᠤᠯᠪᠠᠴᠤ ᠬᠠᠷᠢᠨ | ᠲᠠᠳᠡᠨ ᠤ ᠰᠤᠷᠤᠯᠭ᠎ᠠ ᠶᠢᠨ ᠬᠢᠷᠢ ᠪᠦᠳᠤᠮᠵᠢ ᠶᠢᠨ ᠵᠢᠭᠰᠠᠭᠠᠯᠳᠠ ᠶᠢ ᠤᠭᠳᠤ ᠮᠠᠳᠡᠳᠡᠭ ᠦᠭᠡᠢ ᠶᠤᠮ᠃ ᠡᠨᠡ ᠨᠢ | ᠲᠡᠳᠡ ᠦᠪᠠᠷᠳᠡᠭᠡᠨ ᠪᠤᠶᠤ ᠪᠠᠭᠰᠢ ᠨᠢ ᠪᠦᠷ ᠰᠤᠷᠤᠯᠭ᠎ᠠ ᠶᠢᠨ ᠬᠢᠷᠢ ᠪᠦᠳᠤᠮᠵᠢ ᠪᠠᠷ ᠨᠢᠭᠡ ᠭᠡᠤᠭᠡᠳ ᠤᠨ ᠰᠠᠶᠢᠨ | ᠮᠠᠭᠤ ᠶᠢ ᠦᠨᠡᠯᠡᠳᠡᠭ ᠦᠭᠡᠢ ᠲᠠᠢ ᠬᠤᠯᠪᠤᠭ᠎ᠠ ᠲᠠᠢ ᠪᠠᠶᠢᠵᠤ ᠮᠠᠳᠡᠭᠦ ᠶᠤᠮ᠃ ᠲᠡᠳᠡᠨ ᠤ ᠲᠡᠮᠳᠡᠭ ᠲᠠᠯᠪᠢᠵᠤ | ᠦᠨᠠᠯᠠᠳᠡᠭ ᠨᠢ ᠤᠯᠠᠩᠬᠢ ᠳᠤ ᠪᠠᠨ ᠭᠦᠮᠦᠨ ᠨᠢᠭᠡ ᠪᠦᠷᠢ ᠶᠢᠨ ᠲᠠᠪᠠᠭᠤᠯᠢᠬ ᠲᠠᠯ᠎ᠠ ᠪᠤᠯᠤᠨ᠎ᠠ᠃ ᠵᠢᠱᠢᠶᠡᠯᠡᠪᠡᠯ᠄ ᠵᠠᠷᠢᠮ | ᠰᠤᠷᠤᠭᠴᠢ ᠲᠤᠭᠠᠨ ᠳᠤ ᠪᠠᠨ ᠰᠠᠶᠢᠨ᠂ ᠵᠠᠷᠢᠮ ᠰᠤᠷᠤᠭᠴᠢ ᠵᠤᠬᠢᠶᠠᠨ ᠪᠢᠴᠢᠭᠦ ᠳᠤ ᠪᠠᠨ ᠰᠠᠶᠢᠨ᠂ ᠵᠠᠷᠢᠮ ᠰᠤᠷᠤᠭᠴᠢ | ᠲᠠᠭᠤᠤ ᠪᠦᠵᠢᠭ᠂ ᠤᠷᠠᠨ ᠵᠢᠷᠤᠭ ᠲᠤ ᠪᠠᠨ ᠰᠠᠶᠢᠨ᠂ ᠡᠰᠡᠭᠦᠯ᠎ᠠ ᠶᠠᠮᠠᠷ ᠨᠢᠭᠡᠨ ᠲᠠᠮᠢᠷ ᠤᠨ ᠭᠦᠳᠠᠯᠭᠡᠭᠡᠨ ᠳᠤ ᠰᠠᠶᠢᠨ | ᠭᠡᠭᠦ ᠮᠡᠳᠦ᠃ ᠮᠢᠨᠤ ᠭᠠᠶᠢᠬᠠᠭᠰᠠᠨ ᠨᠢ ᠨᠢᠭᠡ ᠠᠩᠬᠢ ᠶᠢᠨ 20 ᠰᠢᠬᠠᠮ ᠭᠡᠤᠭᠡᠳ ᠤᠨ ᠭᠡᠤᠭᠡᠳ ᠪᠤᠯᠭᠠᠨ ᠠᠴᠠ ᠪᠦᠷ | ᠭᠦᠮᠦᠨ ᠠᠴᠠ ᠲᠠᠪᠠᠮ᠎ᠠ ᠤᠮᠤᠭᠰᠢᠭᠤᠰᠢᠳᠠᠢ ᠲᠠᠯ᠎ᠠ ᠶᠢ ᠨᠢ ᠡᠷᠢᠨ ᠭᠠᠷᠭᠠᠵᠠᠢ᠃ ᠬᠤᠭᠤᠴᠠᠭᠠᠨ ᠡᠴᠦᠰ ᠤᠨ | ᠰᠢᠯᠢᠳᠡᠭ ᠢ ᠱᠠᠩᠨᠠᠬᠤ ᠴᠢᠬᠤᠯᠠ ᠨᠢᠭᠡ ᠱᠠᠩᠨᠠᠯ ᠪᠤᠯ ᠲᠤᠰ ᠬᠤᠭᠤᠴᠠᠭᠠᠨ ᠳᠤ ᠬᠢ ᠬᠠᠮᠤᠭ ᠰᠠᠶᠢᠨ ᠲᠠᠪᠰᠢᠯᠳᠠ ᠲᠠᠢ | ᠭᠡᠤᠭᠡᠳ ᠪᠤᠯᠤᠨ᠎ᠠ᠂ ᠬᠠᠷᠢᠨ ᠬᠠᠮᠤᠭ ᠤᠨ ᠰᠢᠯᠢᠳᠡᠭ ᠭᠡᠤᠭᠡᠳ ᠪᠢᠰᠢ᠃ | ᠠᠩᠭ᠍ᠯᠢ ᠶᠢᠨ ᠪᠠᠭ᠎ᠠ ᠰᠤᠷᠭᠠᠭᠤᠯᠢ ᠶᠢᠨ ᠪᠠᠭᠰᠢ ᠨᠠᠷ ᠬᠢᠷᠢ ᠪᠦᠳᠤᠮᠵᠢ ᠪᠠᠷ ᠰᠢᠯᠢᠳᠡᠭ ᠭᠡᠤᠭᠡᠳ ᠢ | ᠤᠨᠴᠠᠭᠠᠢᠢᠯᠠᠨ ᠬᠠᠶᠢᠷᠠᠯᠠᠬᠤ ᠦᠭᠡᠢ ᠪᠦᠭᠡᠳ ᠬᠢᠷᠢ ᠪᠦᠳᠤᠮᠵᠢ ᠠᠨᠠᠢ ᠭᠡᠤᠭᠡᠳ ᠢ ᠴᠦ ᠤᠨᠴᠠᠭᠠᠢᠢᠯᠠᠨ | ᠭᠠᠳᠠᠭᠤᠷᠰᠢᠶᠠᠬᠤ ᠦᠭᠡᠢ᠃ ᠨᠢᠯᠬ᠎ᠠ ᠪᠠᠭ᠎ᠠ ᠭᠡᠤᠭᠡᠳ ᠲᠤ ᠢᠯᠡᠷᠡᠭᠦ ᠰᠤᠷᠤᠯᠭ᠎ᠠ ᠶᠢᠨ ᠬᠢᠷᠢ ᠪᠦᠳᠤᠮᠵᠢ ᠶᠢᠨ | ᠵᠦᠷᠢᠶ᠎ᠠ ᠶᠢ ᠲᠡᠳᠡ ᠦᠰᠤᠯᠳᠠ ᠶᠢᠨ ᠬᠤᠷᠳᠤᠨ ᠤᠳᠠᠭᠠᠨ ᠲᠠᠢ ᠬᠤᠯᠪᠤᠭᠳᠠᠨ᠎ᠠ ᠭᠡᠵᠦ ᠦᠵᠡᠳᠡᠭ ᠪᠠᠶᠢᠨ᠎ᠠ᠃ | ᠠᠩᠭ᠍ᠯᠢ ᠶᠢᠨ ᠰᠤᠷᠭᠠᠭᠤᠯᠢ ᠨᠤᠭᠤᠳ ᠰᠤᠷᠤᠯᠭ᠎ᠠ ᠶᠢ ᠠᠳᠠᠯᠢᠬᠠᠨ ᠭᠦᠨᠳᠤᠳᠭᠡᠨᠡ᠃ ᠭᠡᠪᠡᠴᠦ ᠰᠤᠷᠤᠯᠭ᠎ᠠ ᠶᠢ | ᠰᠤᠷᠭᠠᠨ ᠭᠦᠮᠦᠵᠢᠯ ᠤᠨ ᠤᠭ ᠰᠠᠨᠠᠭ᠎ᠠ ᠪᠠ ᠡᠴᠦᠰ ᠤᠨ ᠴᠡᠭ ᠭᠡᠵᠦ ᠦᠵᠡᠳᠡᠭ ᠦᠭᠡᠢ᠃ ᠮᠢᠨᠤ ᠭᠦᠦ ᠶᠢᠨ | ᠰᠤᠷᠤᠭᠴᠢ ᠶᠢᠨ ᠭᠠᠷ ᠲᠠᠪᠳᠡᠷ ᠤᠨ ᠠᠩᠬᠠᠨ ᠤ ᠨᠢᠭᠤᠷ ᠳᠡᠭᠡᠷ᠎ᠠ ︽ᠰᠠᠶᠢᠨ ᠰᠤᠷᠤᠯᠴᠠᠵᠤ ᠡᠳᠦᠷ ᠠᠴᠠ ᠡᠳᠦᠷ | ᠲᠠᠪᠰᠢ︾᠂ ︽ᠮᠠᠳᠠᠯᠭᠡ ᠪᠤᠯ ᠭᠦᠴᠦᠨ︾ ᠭᠡᠵᠦ ᠪᠢᠴᠢᠭᠰᠡᠨ ᠦᠭᠡᠢ᠂ ᠬᠠᠷᠢᠨ ︽ᠲᠠ ᠪᠠᠶᠠᠷ ᠵᠢᠷᠭᠠᠯ ᠲᠠᠢ ᠪᠠᠶᠢᠨ᠎ᠠ | ᠤᠤ︖ ᠲᠠ ᠭᠦᠮᠦᠨ ᠳᠤ ᠪᠠᠶᠠᠷ ᠵᠢᠷᠭᠠᠯ ᠠᠪᠴᠢᠷᠠᠳᠠᠬ ᠭᠦᠮᠦᠨ ᠮᠦᠨ ᠤᠤ︖︾ ᠭᠡᠵᠦ ᠪᠢᠴᠢᠭᠰᠡᠨ ᠪᠠᠶᠢᠯ᠎ᠠ᠃ | ᠡᠨᠡ ᠦᠭᠦᠯᠡᠪᠤᠷᠢ ᠶᠢᠨ ᠲᠤᠤᠷ᠎ᠠ ᠨᠢ ᠵᠢᠵᠢᠭ ᠦᠰᠦᠭ ᠢᠶᠠᠷ᠄ ︽ᠪᠢᠳᠠ ᠴᠢᠨᠤ ᠰᠤᠷᠭᠠᠭᠤᠯᠢ ᠳᠤ ᠪᠠᠨ ᠪᠠᠶᠠᠷ | ᠵᠢᠷᠭᠠᠯ ᠲᠠᠢ ᠪᠠᠶᠢᠬᠤ ᠶᠢ ᠬᠦᠰᠡᠵᠦ ᠪᠠᠶᠢᠨ᠎ᠠ᠃ ᠭᠡᠪᠡᠴᠤ ᠵᠠᠷᠢᠮ ᠦᠶ᠎ᠠ ᠳᠤ ᠴᠢ ᠪᠠᠰᠠ ᠤᠷᠮ᠎ᠠ ᠬᠤᠭᠤᠷᠠᠬᠤ ᠪᠤᠶᠤ | ᠶᠠᠮᠠᠷ ᠨᠢᠭᠡᠨ ᠶᠠᠪᠤᠳᠠᠯ ᠳᠤ ᠵᠤᠪᠠᠵᠤ ᠠᠭᠤᠷᠯᠠᠵᠤ ᠮᠠᠳᠡᠨ᠎ᠡ᠃ ᠡᠶᠢᠮᠦ ᠪᠠᠶᠢᠳᠠᠯ ᠳᠤ ᠬᠢ ᠬᠠᠮᠤᠭ ᠤᠨ ᠰᠠᠶᠢᠨ ᠠᠷᠭ᠎ᠠ | ᠪᠤᠯ ᠭᠦᠮᠦᠨ ᠲᠠᠢ ᠶᠠᠷᠢᠯᠴᠠᠬᠤ ᠪᠤᠯᠤᠨ᠎ᠠ ᠭᠡᠵᠦ ᠪᠢᠴᠢᠵᠠᠢ᠃ ᠵᠠᠯᠭᠠᠭᠠᠳ ᠰᠤᠷᠤᠭᠴᠢ ᠶᠢᠨ ᠭᠡᠵᠢᠶ᠎ᠡ ᠴᠦ | ᠶᠠᠷᠢᠯᠴᠠᠬᠤ ᠳᠤ ᠪᠡᠯᠡᠭᠡᠨ ᠪᠠᠶᠢᠳᠠᠬ ᠠᠩᠬᠢ ᠶᠢᠨ ᠡᠷᠬᠢᠯᠡᠭᠴᠢ᠂ ᠪᠠᠶᠢᠷᠢ ᠶᠢᠨ ᠬᠠᠮᠢᠶᠠᠷᠤᠭᠴᠢ᠂ ᠵᠢᠭᠠᠨ | ᠵᠢᠯᠤᠭᠤᠳᠤᠭᠴᠢ᠂ ᠤᠨ ᠤ ᠡᠷᠬᠢᠯᠡᠭᠴᠢ᠂ ᠵᠠᠬᠢᠷᠤᠯ ᠤᠨ ᠲᠤᠰᠠᠯᠠᠭᠴᠢ᠂ ᠰᠤᠷᠭᠠᠭᠤᠯᠢ ᠶᠢᠨ ᠡᠮᠴᠢ᠂ ᠲᠠᠳ᠋ ᠵᠠᠬᠢᠷᠤᠯ᠂ | ᠰᠤᠷᠭᠠᠭᠤᠯᠢ ᠶᠢᠨ ᠵᠦᠪᠯᠡᠭᠴᠢ᠂ ᠵᠠᠬᠢᠷᠤᠯ᠂ ᠵᠠᠬᠢᠷᠤᠯ ᠤᠨ ᠬᠠᠳᠤᠨ ᠵᠡᠷᠭᠡ ᠤᠯᠠᠨ ᠭᠦᠮᠦᠰ ᠤᠨ ᠨᠠᠷᠠ ᠶᠢ ᠪᠢᠴᠢᠵᠠᠢ᠃ | ᠨᠠᠷᠠᠰ ᠤᠨ ᠬᠤᠶᠢᠨ᠎ᠠ ᠨᠢ ᠪᠠᠰᠠ ᠴᠡᠭᠡᠵᠢᠯᠡᠵᠦ ᠠᠪ᠂ ᠭᠦᠴᠢᠷᠳᠠᠢ ᠠᠰᠠᠭᠤᠳᠠᠯ ᠢᠶᠠᠨ ᠪᠤᠰᠤᠳ ᠭᠦᠮᠦᠨ ᠳᠤ | ᠬᠡᠯᠡᠭᠦ ᠨᠢ ᠲᠤᠳᠤᠷ᠎ᠠ ᠪᠠᠨ ᠬᠠᠳᠠᠭᠠᠯᠠᠬᠤ ᠠᠴᠠ ᠲᠦᠭᠦᠮ ᠶᠤᠮ᠂ ᠭᠡᠷᠪᠡ ᠴᠢ ᠭᠠᠭᠴᠠᠭᠠᠷ ᠢᠶᠠᠨ ᠲᠤᠮᠤ ᠭᠦᠮᠦᠰ ᠲᠠᠢ | ᠠᠭᠤᠯᠵᠠᠬᠤ ᠲᠤᠷ᠎ᠠ ᠦᠭᠡᠢ ᠪᠤᠯ ᠨᠠᠶᠢᠵᠢ ᠪᠠᠨ ᠲᠠᠭᠠᠭᠤᠯᠤᠭᠠᠳ ᠤᠴᠢᠭᠠᠷᠠᠢ︾ ᠭᠡᠵᠦ ᠰᠠᠨᠠᠭᠤᠯᠤᠨ ᠪᠢᠴᠢᠵᠠᠢ᠃ | 8 ᠵᠢᠯ ᠪᠤᠯᠴᠢᠬᠠᠯ᠎ᠠ᠂ ᠴᠡᠴᠡᠷᠯᠢᠭ ᠠᠴᠠ ᠡᠬᠢᠯᠡᠭᠡᠳ ᠤᠳᠠᠭ᠎ᠠ ᠪᠤᠯᠭᠠᠨ ᠭᠡᠤᠭᠡᠳ ᠢᠶᠠᠨ ᠲᠤᠰᠬᠤ ᠳᠤ ᠪᠢ | ᠬᠠᠮᠤᠭ ᠲᠦᠷᠦᠭᠦᠨ ᠳᠤ᠄ ᠵᠢᠭᠠᠬᠠᠨ ᠭᠦᠦ᠂ ᠦᠨᠦᠳᠤᠷ ᠶᠠᠮᠠᠷ ᠵᠡᠷᠭᠡ ᠪᠤᠢ︖ ᠪᠠᠶᠠᠷᠯᠠᠭᠰᠠᠨ ᠤᠤ︖ ᠭᠡᠰᠡᠨ | ᠦᠭᠡ ᠯᠡ ᠪᠠᠶᠢᠳᠠᠬ᠃ ᠲᠡᠷᠠ ᠮᠦᠷᠳᠡᠭᠡᠨ ᠰᠤᠷᠤᠭᠴᠢ ᠨᠢᠭᠡ ᠪᠦᠷᠢ ᠶᠢᠨ ᠭᠠᠷ ᠲᠠᠪᠳᠡᠷ ᠢ ᠦᠵᠡᠭᠦ ᠪᠤᠯᠭᠠᠨ ᠪᠢ ᠡᠨᠡ | ᠰᠤᠷᠭᠠᠭᠤᠯᠢ ᠶᠢ ᠬᠠᠶᠢᠷᠠᠯᠠᠬᠤ ᠦᠭᠡᠢ ᠪᠠᠶᠢᠬᠤ ᠶᠢᠨ ᠠᠷᠭ᠎ᠠ ᠦᠭᠡᠢ ᠪᠤᠯᠳᠠᠬ᠃ | ᠲᠤᠮᠳᠠᠳᠤ ᠤᠯᠤᠰ ᠤᠨ ᠲᠤᠮᠳᠠᠳᠤ ᠪᠠᠭ᠎ᠠ ᠰᠤᠷᠭᠠᠭᠤᠯᠢ ᠳᠤ ᠪᠠᠶᠠᠷᠳᠠᠢ ᠪᠠᠶᠢᠳᠠᠬ ᠨᠢ ᠭᠡᠵᠢᠶᠡᠳᠡ ᠬᠢᠷᠢ | ᠪᠦᠳᠤᠮᠵᠢ ᠰᠠᠶᠢᠨ ᠰᠤᠷᠤᠭᠴᠢ ᠪᠠᠶᠢᠳᠠᠬ᠃ ᠬᠢᠷᠢ ᠪᠦᠳᠤᠮᠵᠢ ᠠᠨᠠᠢ ᠰᠤᠷᠤᠭᠴᠢ ᠦᠷᠭᠦᠯᠵᠢ ᠨᠤᠭᠤᠷᠠᠯ ᠪᠦᠳᠦᠷᠢᠯ ᠪᠠ | ᠵᠤᠪᠠᠭᠤᠷᠢ ᠳᠤ ᠤᠴᠠᠷᠠᠳᠠᠬ᠃ ᠠᠩᠭ᠍ᠯᠢ ᠶᠢᠨ ᠰᠤᠷᠭᠠᠨ ᠭᠦᠮᠦᠵᠢᠯᠳᠡᠨ ᠤ ᠦᠵᠡᠭᠦ ᠪᠠᠷ ᠪᠠᠶᠠᠷ ᠵᠢᠷᠭᠠᠯ ᠲᠠᠢ ᠭᠡᠤᠭᠡᠳ | ᠰᠠᠶ᠋ᠢ ᠠᠮᠵᠢᠯᠳᠠ ᠤᠯᠵᠤ ᠴᠢᠳᠠᠨ᠎ᠠ᠃ ᠲᠡᠶᠢᠮᠦ ᠠᠴᠠ ᠰᠠᠶᠢᠨ ᠰᠤᠷᠭᠠᠭᠤᠯᠢ ᠭᠡᠤᠭᠡᠳ ᠤᠨ ᠪᠠᠶᠠᠷ ᠵᠢᠷᠭᠠᠯ ᠢ ᠪᠦᠭᠦ | ᠭᠦᠴᠦᠨ ᠢᠶᠠᠷ ᠢᠶᠠᠨ ᠠᠩᠬᠠᠷᠬᠤ ᠪᠠ ᠬᠠᠮᠠᠭᠠᠯᠠᠳᠠᠬ᠃ | ᠠᠩᠭ᠍ᠯᠢ ᠳᠤ ᠪᠠᠭ᠎ᠠ ᠰᠤᠷᠭᠠᠭᠤᠯᠢ ᠠᠴᠠ ᠠᠩᠬ᠎ᠠ ᠲᠤᠮᠳᠠᠳᠤ ᠳᠤ ᠶᠠᠭᠠᠬᠢᠵᠤ ᠰᠢᠯᠭᠠᠳᠠᠬ ᠪᠤᠢ | ᠠᠩᠭ᠍ᠯᠢ ᠶᠢᠨ ᠠᠯᠪᠠᠨ ᠤ ᠪᠠᠭ᠎ᠠ ᠰᠤᠷᠭᠠᠭᠤᠯᠢ ᠵᠢᠴᠢ ᠬᠤᠪᠢ ᠶᠢᠨ ᠡᠮᠡᠭᠳᠠᠢ ᠰᠤᠷᠭᠠᠭᠤᠯᠢ ᠵᠢᠷᠭᠤᠳᠤᠭᠠᠷ ᠤᠨ | ᠲᠡᠭᠦᠰᠪᠡᠯ ᠲᠤᠮᠳᠠᠳᠤ ᠰᠤᠷᠭᠠᠭᠤᠯᠢ ᠳᠤ ᠲᠠᠪᠰᠢᠳᠠᠬ᠃ ᠳᠠᠷᠤᠢ 11 ᠨᠠᠰᠤᠳᠠᠢ ᠳᠤ ᠪᠠᠨ ᠠᠩᠬᠢ ᠲᠠᠪᠰᠢᠳᠠᠬ᠃ | ᠡᠶᠢᠮᠦ ᠠᠴᠠ ᠲᠤᠮᠳᠠᠳᠤ ᠰᠤᠷᠭᠠᠭᠤᠯᠢ ᠲᠠᠪᠰᠢᠭᠦ ᠰᠢᠯᠭᠠᠯᠳᠠ ᠶᠢ ᠲᠦᠭᠦᠮᠴᠢᠯᠡᠭᠡᠳ ︽11+︾ ᠭᠡᠳᠡᠭ᠃ | ᠠᠩᠭ᠍ᠯᠢ ᠶᠢᠨ ᠬᠤᠪᠢ ᠶᠢᠨ ᠡᠷᠡᠭᠳᠠᠢ ᠰᠤᠷᠭᠠᠭᠤᠯᠢ ᠨᠢ ᠭᠡᠤᠭᠡᠳ ᠤᠳ ᠨᠠᠢᠮᠠᠳᠤᠭᠠᠷ ᠤᠨ ᠳᠤ ᠤᠷᠤᠵᠤ 13 | ᠨᠠᠰᠤᠯᠠᠮᠠᠨᠵᠢᠨ ᠰᠠᠶ᠋ᠢ ᠨᠠᠶᠢᠳᠠ ᠶᠢᠨ ᠰᠤᠷᠭᠠᠭᠤᠯᠢ ᠳᠤ ᠲᠠᠪᠰᠢᠨ ᠤᠷᠤᠳᠠᠬ᠃ ᠭᠡᠷᠪᠡ ᠬᠤᠶᠠᠷ ᠤᠯᠤᠰ ᠤᠨ ᠰᠤᠷᠭᠠᠨ | ᠭᠦᠮᠦᠵᠢᠯ ᠤᠨ ᠤᠨᠤᠯᠵᠢᠬᠤᠨ ᠴᠠᠭᠠᠰᠢᠯᠠᠪᠠᠯ ᠰᠤᠶᠤᠯ ᠤᠨ ᠦᠵᠡᠯᠳᠡ ᠶᠢ ᠰᠤᠳᠤᠯᠤᠶ᠎ᠠ ᠭᠡᠪᠡᠯ ᠲᠤᠮᠳᠠᠳᠤ ᠪᠠᠭ᠎ᠠ | ᠰᠤᠷᠭᠠᠭᠤᠯᠢ ᠶᠢᠨ ᠰᠤᠷᠤᠭᠴᠢ ᠡᠯᠰᠡᠭᠦ ᠪᠠᠷᠢᠮᠵᠢᠶ᠎ᠠ ᠨᠢ ᠮᠠᠰᠢ ᠰᠠᠶᠢᠨ ᠰᠠᠳᠤᠪ ᠪᠤᠯᠬᠤ ᠶᠤᠮ᠃ | ᠠᠯᠪᠠᠨ ᠤ ᠲᠤᠮᠳᠠᠳᠤ ᠰᠤᠷᠭᠠᠭᠤᠯᠢ ᠨᠢ ᠮᠦᠨ ᠯᠡ ᠬᠡᠷ ᠤᠨ ᠰᠠᠭᠤᠭ᠎ᠠ ᠪᠠᠶᠢᠷᠢᠰᠢᠯ ᠢᠶᠠᠷ ᠨᠢ ᠬᠤᠪᠢᠶᠠᠵᠤ | ᠰᠤᠷᠭᠠᠭᠤᠯᠢ ᠳᠤ ᠡᠯᠰᠡᠳᠡᠭ᠃ ᠭᠡᠪᠡᠴᠦ ︽11+︾ ᠨᠢ ᠠᠩᠭ᠍ᠯᠢ ᠳᠤ ᠶᠠᠷᠦᠩᠭᠡᠢ ᠲᠤᠭ᠎ᠠ ᠪᠠᠷ ᠭᠦᠮᠦᠨ ᠢ | ᠰᠤᠴᠢᠭᠠᠮ᠎ᠠ ᠠᠵᠤ ᠠᠬᠤᠢ ᠶᠢᠨ ᠭᠡᠯᠬᠢᠶᠡᠰᠦ ᠪᠤᠯᠵᠤ ᠴᠢᠳᠠᠳᠠᠬ ᠠᠴᠠ ᠰᠢᠯᠳᠠᠭᠠᠨ ᠨᠢ ᠬᠤᠶᠠᠷ ᠲᠦᠷᠦᠯ ᠤᠨ | ᠰᠤᠷᠭᠠᠭᠤᠯᠢ ᠳᠤ ᠵᠠᠪᠠᠯ ᠰᠢᠯᠭᠠᠯᠳᠠ ᠶᠢᠨ ᠭᠤᠶᠤᠴᠢᠯᠠᠯ ᠭᠠᠷᠭᠠᠬᠤ ᠭᠡᠷᠡᠭᠲᠡᠢ ᠪᠠᠶᠢᠳᠠᠬ᠃ ᠨᠢᠭᠡ ᠲᠦᠷᠦᠯ ᠨᠢ | ᠠᠯᠪᠠᠨ ᠤ ᠰᠤᠷᠭᠠᠭᠤᠯᠢ ᠳᠤ ᠬᠢ ᠭᠤᠤᠯᠳᠠᠯᠭ᠎ᠠ ᠲᠠᠢ ᠰᠤᠷᠭᠠᠭᠤᠯᠢ ︵Grammar school︶ ᠪᠤᠯᠤᠨ᠎ᠠ᠃ | ᠭᠤᠤᠯᠳᠠᠯᠭ᠎ᠠ ᠲᠠᠢ ᠰᠤᠷᠭᠠᠭᠤᠯᠢ ᠠᠩᠭ᠍ᠯᠢ ᠳᠤ ᠲᠤᠮᠳᠠᠳᠤ ᠵᠠᠭᠤᠨ ᠠᠴᠠ ᠡᠬᠢᠯᠡᠭᠰᠡᠨ ᠪᠠᠶᠢᠨ᠎ᠠ᠃ ᠰᠡᠭᠦᠯᠠᠷ ᠨᠢ | ᠠᠭᠠᠵᠢᠮ ᠢᠶᠠᠷ ᠰᠤᠷᠤᠯᠭ᠎ᠠ ᠶᠢᠨ ᠬᠢᠷᠢ ᠪᠦᠳᠤᠮᠵᠢ ᠶᠢ ᠭᠦᠨᠳᠤᠳᠭᠡᠭᠦ ᠪᠤᠯᠤᠨ ᠬᠤᠪᠢᠷᠠᠵᠤ᠂ ᠰᠤᠷᠭᠠᠭᠤᠯᠢ | ᠲᠠᠪᠰᠢᠭᠦ ᠳᠤ ᠵᠠᠪᠠᠯ ᠰᠢᠯᠭᠠᠯᠳᠠ ᠬᠢᠵᠦ ᠰᠤᠩᠭᠤᠬᠤ ᠪᠤᠯᠵᠠᠢ᠃ ᠭᠡᠪᠠᠴᠤ ᠮᠦᠨ ᠯᠡ ᠲᠦᠯᠦᠪᠤᠷᠢ ᠦᠭᠡᠢ | ᠰᠤᠷᠤᠯᠴᠠᠭᠤᠯᠳᠠᠬ ᠪᠠᠶᠢᠨ᠎ᠠ᠃ ᠡᠶᠢᠮᠦ ᠰᠤᠷᠭᠠᠭᠤᠯᠢ ᠶᠢᠨ ᠰᠤᠷᠤᠭᠴᠢᠳ ᠤᠨ ᠭᠡᠪ ᠴᠢᠨᠠᠷ᠂ ᠵᠢᠭᠠᠨ ᠰᠤᠷᠭᠠᠯᠳᠠ ᠶᠢᠨ | ᠶᠠᠰᠤ ᠴᠢᠨᠠᠷ᠂ ᠲᠡᠭᠦᠰᠦᠭᠰᠡᠨ ᠰᠤᠷᠤᠭᠴᠢ ᠶᠢᠨ ᠰᠤᠷᠭᠠᠭᠤᠯᠢ ᠲᠠᠪᠰᠢᠭᠦ ᠨᠤᠷᠮ᠎ᠠ ᠨᠢ ᠠᠯᠪᠠᠨ ᠤ ᠰᠤᠷᠭᠠᠭᠤᠯᠢ | ᠲᠤᠳᠤᠷ᠎ᠠ ᠪᠠᠨ ᠬᠠᠮᠤᠭ ᠤᠨ ᠰᠠᠶᠢᠨ ᠪᠠᠶᠢᠳᠠᠬ᠃ ᠠᠯᠪᠠᠨ ᠤ ᠪᠠᠭ᠎ᠠ ᠰᠤᠷᠭᠠᠭᠤᠯᠢ᠂ ᠬᠤᠪᠢ ᠶᠢᠨ ᠪᠠᠭ᠎ᠠ | ᠰᠤᠷᠭᠠᠭᠤᠯᠢ ᠠᠴᠠ ᠲᠡᠭᠦᠰᠦᠭᠰᠡᠨ ᠰᠤᠷᠤᠭᠴᠢᠳ ᠪᠦᠷ ᠭᠤᠤᠯᠳᠠᠯᠭ᠎ᠠ ᠲᠠᠢ ᠰᠤᠷᠭᠠᠭᠤᠯᠢ ᠳᠤ ᠭᠤᠶᠤᠴᠢᠯᠠᠵᠤ ᠪᠤᠯᠬᠤ | ᠪᠦᠭᠡᠳ ᠠᠩᠭ᠍ᠯᠢ ᠭᠡᠯᠡ᠂ ᠲᠤᠭᠠᠨ ᠤ ᠤᠬᠠᠭᠠᠨ ᠤ ᠰᠢᠯᠭᠠᠯᠳᠠ ᠶᠢᠨ ᠶᠡᠷᠦᠩᠭᠡᠢ ᠬᠤᠪᠢ ᠨᠢ ᠴᠤᠷ ᠤᠨ ᠭᠠᠭᠴᠠ | ᠪᠠᠷᠢᠮᠵᠢᠶ᠎ᠠ ᠪᠤᠯᠬᠤ ᠲᠤᠯᠠ ᠰᠤᠷᠭᠠᠭᠤᠯᠢ ᠲᠠᠪᠰᠢᠭᠦ ᠨᠢᠭᠡᠳᠦᠯᠳᠠᠢ ᠰᠢᠯᠭᠠᠯᠳᠠ ᠶᠢᠨ ᠦᠷᠢᠰᠦᠯᠳᠦᠭᠡᠨ ᠨᠢ ᠲᠦᠢᠯ ᠤᠨ | ᠬᠤᠷᠴᠠ ᠰᠢᠷᠦᠭᠦᠨ ᠪᠠᠶᠢᠳᠠᠬ᠃ | ᠪᠠᠰᠠ ᠨᠢᠭᠡ ᠲᠦᠷᠦᠯ ᠤᠨ ᠰᠢᠯᠭᠠᠯᠳᠠ ᠪᠤᠯ ᠬᠤᠪᠢ ᠶᠢᠨ ᠲᠤᠮᠳᠠᠳᠤ ᠰᠤᠷᠭᠠᠭᠤᠯᠢ ᠶᠢᠨ ᠰᠢᠯᠭᠠᠯᠳᠠ | ᠪᠤᠯᠤᠨ᠎ᠠ᠃ ᠠᠩᠭ᠍ᠯᠢ ᠶᠢᠨ ᠨᠡᠷ᠎ᠠ ᠠᠯᠳᠠᠷ ᠲᠠᠢ ᠪᠠᠶᠢᠷᠢ ᠳᠤ ᠰᠠᠭᠤᠬᠤ ᠰᠤᠷᠭᠠᠭᠤᠯᠢ ᠨᠤᠭᠤᠳ ᠪᠦᠷ ᠡᠨᠡ ᠲᠦᠷᠦᠯ ᠳᠤ | ᠪᠠᠭᠳᠠᠨ᠎ᠠ᠃ ᠭᠡᠷᠪᠡ ᠭᠤᠤᠯᠳᠠᠯᠭ᠎ᠠ ᠲᠠᠢ ᠰᠤᠷᠭᠠᠭᠤᠯᠢ ᠶᠢᠨ ᠦᠷᠢᠰᠦᠯᠳᠦᠭᠡᠨ ᠢ ᠬᠤᠷᠴᠠ ᠰᠢᠷᠦᠭᠦᠨ ᠭᠡᠭᠦ ᠳᠤ | ᠭᠦᠷᠪᠡᠯ ᠬᠠᠮᠤᠭ ᠤᠨ ᠰᠠᠶᠢᠨ ᠬᠤᠪᠢ ᠶᠢᠨ ᠲᠤᠮᠳᠠᠳᠤ ᠰᠤᠷᠭᠠᠭᠤᠯᠢ ᠶᠢᠨ ᠦᠷᠢᠰᠦᠯᠳᠦᠭᠡᠨ ᠨᠢ ᠨᠡᠩ ᠬᠤᠷᠴᠠ | ᠰᠢᠷᠦᠭᠦᠨ ᠪᠠᠶᠢᠳᠠᠬ᠃ ᠭᠡᠳᠡᠯ᠎ᠠ ᠵᠢᠭᠰᠠᠭᠠᠯᠳᠠ᠂ ᠨᠡᠷ᠎ᠠ ᠠᠯᠳᠠᠷ ᠢᠶᠠᠷ ᠬᠠᠷᠢᠴᠠᠩᠭᠤᠢ ᠠᠨᠠᠢ ᠰᠢᠬ ᠬᠤᠪᠢ ᠶᠢᠨ | ᠲᠤᠮᠳᠠᠳᠤ ᠰᠤᠷᠭᠠᠭᠤᠯᠢ ᠪᠤᠯ ᠭᠤᠤᠯᠳᠠᠯᠭ᠎ᠠ ᠲᠠᠢ ᠰᠤᠷᠭᠠᠭᠤᠯᠢ ᠶᠢ ᠪᠤᠳᠤᠪᠠᠯ ᠭᠤᠶᠤᠴᠢᠯᠠᠬᠤ ᠳᠤ ᠲᠦᠭᠦᠮ ᠪᠠᠶᠢᠳᠠᠬ᠃ | ᠭᠤᠤᠯ ᠭᠦᠴᠢᠷᠳᠠᠯ ᠨᠢ ᠭᠡᠷ ᠪᠦᠯᠢ ᠶᠢᠨ ᠠᠵᠤ ᠠᠬᠤᠢ ᠶᠢᠨ ᠴᠢᠳᠠᠪᠤᠷᠢ ᠲᠠᠢ ᠬᠤᠯᠪᠤᠭᠳᠠᠨ᠎ᠠ᠃ ᠭᠡᠭᠦ ᠳᠤ ᠪᠠᠨ | ᠠᠩᠭ᠍ᠯᠢ ᠶᠢᠨ ᠬᠠᠮᠤᠭ ᠤᠨ ᠰᠠᠶᠢᠨ ᠰᠤᠷᠭᠠᠭᠤᠯᠢ ᠪᠤᠯ ᠬᠠᠰᠢ ᠯᠠ ᠬᠤᠪᠢ ᠶᠢᠨ ᠲᠤᠮᠳᠠᠳᠤ ᠪᠠᠭ᠎ᠠ ᠰᠤᠷᠭᠠᠭᠤᠯᠢ | ᠪᠤᠯᠤᠨ᠎ᠠ᠃ ᠡᠨᠡ ᠲᠦᠷᠤᠯ ᠤᠨ ᠰᠤᠷᠭᠠᠭᠤᠯᠢ ᠶᠢᠨ ᠪᠠᠭᠰᠢ᠂ ᠪᠠᠯᠡᠳᠭᠡᠯ ᠲᠦᠭᠦᠭᠡᠷᠦᠮᠵᠢ᠂ ᠤᠯᠠᠮᠵᠢᠯᠠᠯ᠂ | ᠰᠤᠷᠤᠭᠴᠢ ᠶᠢᠨ ᠢᠷᠠᠯᠳᠠ᠂ ᠬᠢᠴᠢᠶᠡᠯ ᠤᠨ ᠲᠤᠬᠢᠷᠠᠭᠤᠯᠤᠯᠳᠠ ᠵᠡᠷᠭᠡ ᠲᠠᠯ᠎ᠠ ᠪᠠᠷ ᠬᠢ ᠦᠷᠭᠡᠴᠡ᠂ ᠲᠡᠭᠦᠰᠦᠭᠰᠡᠨ | ᠰᠤᠷᠤᠭᠴᠢ ᠶᠢᠨ ᠬᠠᠨᠳᠤᠰᠢ ᠶᠢ ᠬᠠᠷᠢᠴᠠᠭᠤᠯᠬᠤ ᠶᠢᠨ ᠠᠷᠭ᠎ᠠ ᠦᠭᠡᠢ ᠶᠤᠮ᠃ ᠬᠤᠪᠢ ᠶᠢᠨ ᠲᠤᠮᠳᠠᠳᠤ | ᠰᠤᠷᠭᠠᠭᠤᠯᠢ ᠨᠢ ᠪᠦᠷᠢᠮᠤᠰᠤᠨ ᠡᠵᠡᠨ ᠮᠠᠳᠡᠨ ᠰᠤᠷᠤᠭᠴᠢ ᠡᠯᠰᠡᠭᠦ ᠡᠷᠭᠡ ᠲᠠᠢ᠃ ᠰᠢᠯᠭᠠᠯᠳᠠ ᠶᠢᠨ ᠭᠦᠷᠢᠶ᠎ᠠ | ᠭᠡᠪᠴᠢᠶ᠎ᠠ᠂ ᠭᠦᠨᠳᠤᠴᠠ ᠨᠢ ᠭᠤᠤᠯᠳᠠᠯᠭ᠎ᠠ ᠲᠠᠢ ᠰᠤᠷᠭᠠᠭᠤᠯᠢ ᠠᠴᠠ ᠪᠦᠭᠦ ᠲᠠᠯ᠎ᠠ ᠶᠢᠨ ᠪᠠᠶᠢᠳᠠᠬ᠃ | ︽11+︾ ᠰᠢᠯᠭᠠᠯᠳᠠ ᠶᠢᠨ ᠬᠢᠴᠢᠶᠡᠯ ᠲᠦᠷᠤᠯ ᠢ ᠰᠤᠷᠭᠠᠭᠤᠯᠢ ᠦᠪᠠᠷᠳᠡᠭᠡᠨ ᠲᠤᠭᠳᠠᠭᠠᠳᠠᠬ᠃ ᠡᠩ ᠤᠨ | ᠪᠠᠶᠢᠳᠠᠯ ᠳᠤ ᠲᠤᠭᠠᠨ ᠤ ᠤᠬᠠᠭᠠᠨ᠂ ᠠᠩᠭ᠍ᠯᠢ ᠭᠡᠯᠡ᠂ ᠭᠡᠯᠡᠨ ᠤ ᠮᠠᠭᠠᠳᠯᠠᠯᠳᠠ ᠪᠠ ᠲᠤᠭᠠᠨ ᠤ ᠤᠬᠠᠭᠠᠨ ᠤ | ᠮᠠᠭᠠᠳᠯᠠᠯᠳᠠ ᠵᠡᠷᠭᠡ ᠪᠠᠶᠢᠳᠠᠬ᠃ ᠲᠦᠷᠦᠭᠦᠦ ᠬᠤᠶᠠᠷ ᠲᠦᠷᠦᠯ ᠨᠢ ᠰᠤᠷᠤᠭᠴᠢ ᠶᠢᠨ ᠰᠤᠷᠤᠯᠭ᠎ᠠ ᠶᠢᠨ ᠪᠠᠶᠢᠳᠠᠯ ᠢ ᠨᠢ | ᠰᠢᠯᠭᠠᠵᠤ᠂ ᠰᠡᠭᠦᠯ ᠤᠨ ᠬᠤᠶᠠᠷ ᠲᠦᠷᠦᠯ ᠨᠢ ᠰᠤᠷᠤᠭᠴᠢ ᠶᠢᠨ ᠤᠶᠤᠨ ᠤ ᠨᠤᠭᠳᠠᠪᠤᠷᠢ ᠶᠢ ᠨᠢ ᠰᠢᠯᠭᠠᠵᠤ ᠪᠠᠶᠢᠭ᠎ᠠ | ᠶᠤᠮ᠃ ᠦᠭᠡᠷ᠎ᠠ ᠪᠠᠷ ᠭᠡᠯᠡᠪᠡᠯ᠂ ᠬᠤᠵᠢᠮ ᠤᠨ ᠰᠤᠷᠤᠯᠴᠠᠯᠭ᠎ᠠ ᠶᠢᠨ ᠴᠢᠳᠠᠪᠤᠷᠢ ᠶᠢ ᠨᠢ ᠰᠢᠯᠭᠠᠵᠤ ᠪᠠᠶᠢᠭ᠎ᠠ ᠶᠤᠮ᠃ | ᠡᠨᠡ ᠬᠤᠶᠠᠷ ᠲᠦᠷᠤᠯ ᠤᠨ ᠰᠢᠯᠭᠠᠯᠳᠠ ᠪᠤᠯ ᠲᠠᠪᠳᠠᠯᠭ᠎ᠠ ᠪᠠ ᠪᠠᠯᠠᠳᠭᠡᠯ ᠢᠶᠠᠷ ᠳᠠᠮᠵᠢᠨ ᠦᠡᠭᠭᠡᠷᠡᠭᠡᠵᠦ ᠴᠢᠳᠠᠬᠤ | ᠰᠢᠯᠭᠠᠯᠳᠠ ᠪᠢᠰᠢ᠃ | ᠰᠢᠯᠭᠠᠯᠳᠠ ᠠᠴᠠ ᠭᠠᠳᠠᠨ᠎ᠠ ᠬᠤᠪᠢ ᠶᠢᠨ ᠰᠤᠷᠭᠠᠭᠤᠯᠢ ᠳᠤ ᠭᠤᠶᠤᠴᠢᠯᠠᠬᠤ ᠴᠢᠬᠤᠯᠠ ᠨᠢᠭᠡᠨ ᠵᠠᠩᠬᠢᠯᠠᠭ᠎ᠠ ᠪᠤᠯ | ᠰᠤᠷᠭᠠᠭᠤᠯᠢ ᠶᠢᠨ ᠵᠠᠬᠢᠷᠤᠯ ᠤᠨ ᠲᠠᠨᠢᠯᠴᠠᠭᠤᠯᠬᠤ ᠵᠠᠬᠢᠳᠠᠯ ᠢ ᠤᠡᠭᠰᠢᠬᠤ ᠪᠠ ᠨᠢᠭᠤᠷᠳᠠᠨ ᠰᠢᠯᠭᠠᠬᠤ ᠪᠤᠯᠤᠨ᠎ᠠ᠃ | ᠠᠩᠭ᠍ᠯᠢ ᠶᠢᠨ ᠬᠤᠪᠢ ᠶᠢᠨ ᠲᠤᠮᠳᠠᠳᠤ ᠰᠤᠷᠭᠠᠭᠤᠯᠢ ᠨᠢ ᠵᠢᠯ ᠤᠨ ᠲᠤᠷᠰᠢ ᠨᠡᠭᠡᠭᠡᠯᠳᠠ ᠲᠠᠢ ᠪᠠᠶᠢᠵᠤ ᠰᠤᠷᠤᠭᠴᠢ | ᠪᠤᠯᠤᠨ ᠭᠡᠷ ᠤᠨ ᠠᠬᠠᠮᠠᠳ ᠤᠨ ᠲᠤᠭᠤᠷᠢᠨ ᠦᠵᠡᠭᠦ ᠶᠢ ᠪᠠᠶᠠᠷᠯᠠᠨ ᠤᠭᠳᠤᠬᠤ ᠶᠢᠨ ᠬᠠᠮᠳᠤ ᠵᠠᠬᠢᠷᠤᠯ ᠬᠢᠭᠡᠳ ᠪᠠᠭᠰᠢ | ᠰᠤᠷᠤᠭᠴᠢ ᠨᠢᠭᠤᠷᠳᠠᠨ ᠶᠠᠷᠢᠯᠴᠠᠬᠤ ᠵᠠᠪᠰᠢᠶᠠᠨ ᠲᠠᠢ ᠪᠠᠶᠢᠳᠠᠬ᠃ ︽11+︾ ᠰᠢᠯᠭᠠᠯᠳᠠ ᠶᠢᠨ ᠠᠵᠢᠯᠯᠠᠭ᠎ᠠ ᠨᠢ | ᠲᠠᠪᠤᠳᠤᠭᠠᠷ ᠤᠨ ︵9 ᠨᠠᠰᠤ︶ ᠠᠴᠠ ᠵᠢᠩᠬᠢᠨᠢ ᠡᠬᠢᠯᠡᠳᠡᠭ᠃ ᠤᠯᠠᠩᠬᠢ ᠭᠡᠷ ᠤᠨ ᠠᠬᠠᠮᠠᠳ ᠲᠠᠪᠤᠳᠤᠭᠠᠷ ᠤᠨ ᠤ | ᠨᠢᠭᠡᠳᠤᠭᠡᠷ ᠬᠤᠭᠤᠴᠠᠭ᠎ᠠ ᠪᠤᠶᠤ ᠲᠡᠭᠦᠨ ᠠᠴᠠ ᠪᠠᠰᠠ ᠡᠷᠳᠠ ᠭᠤᠶᠤᠴᠢᠯᠠᠬᠤ ᠰᠤᠷᠭᠠᠭᠤᠯᠢ ᠪᠠᠨ ᠲᠤᠭᠳᠠᠭᠠᠴᠢᠬᠠᠳᠠᠬ᠃ | ᠭᠤᠶᠤᠴᠢᠯᠠᠯ ᠬᠢᠭᠦ ᠳᠤ 100~300 ᠫᠦᠨᠳ᠋ ᠵᠤᠭᠤᠰᠤᠨ ᠤ ᠠᠳᠠᠯᠢ ᠪᠤᠰᠤ ᠵᠠᠷᠤᠳᠠᠯ ᠤᠷᠤᠳᠠᠬ᠃ ᠭᠡᠪᠡᠴᠦ | ᠶᠡᠷᠦᠩᠭᠡᠢ ᠲᠤᠭᠠᠨ ᠤ ᠬᠢᠵᠠᠭᠠᠷᠯᠠᠯ ᠪᠠᠶᠢᠬᠤ ᠦᠭᠡᠢ᠃ | ᠰᠤᠷᠭᠠᠭᠤᠯᠢ ᠨᠢᠭᠡ ᠪᠦᠷᠢ ᠳᠤ ᠬᠢ ᠭᠤᠶᠤᠴᠢᠯᠠᠯ ᠨᠢ ᠪᠦᠷ ᠰᠤᠷᠭᠠᠭᠤᠯᠢ ᠶᠢ ᠨᠢ ᠦᠵᠡᠭᠦ᠂ ᠤᠷᠢᠳᠴᠢᠯᠠᠨ | ᠰᠤᠩᠭᠤᠬᠤ᠂ ᠰᠤᠷᠭᠠᠭᠤᠯᠢ ᠳᠤ ᠤᠷᠤᠬᠤ ᠰᠢᠯᠭᠠᠯᠳᠠ ᠳᠤ ᠤᠷᠤᠯᠴᠠᠬᠤ᠂ ᠨᠢᠭᠤᠷᠳᠠᠨ ᠰᠢᠯᠭᠠᠬᠤ᠂ ᠰᠤᠷᠤᠯᠭ᠎ᠠ ᠶᠢᠨ | ᠱᠠᠩᠨᠠᠯ ᠤᠨ ᠮᠦᠡᠭᠭᠦᠨ ᠤ ᠰᠢᠯᠭᠠᠯᠳᠠ ᠳᠤ ᠤᠷᠤᠯᠴᠠᠬᠤ ᠵᠡᠷᠭᠡ ᠶᠠᠪᠤᠴᠠ ᠶᠢ ᠦᠡᠭᠭᠡᠷᠡᠭᠡᠭᠦ ᠭᠡᠷᠡᠭᠲᠡᠢ᠃ ᠵᠢᠯ | ᠪᠦᠷᠢ ᠶᠢᠨ ᠪᠤᠷᠬᠠᠨ ᠮᠠᠨᠳᠦᠯᠡᠭᠰᠡᠨ ᠪᠠᠶᠠᠷ ᠤᠨ ᠲᠠᠷᠠᠭ᠎ᠠ ᠪᠤᠯ ᠤᠯᠠᠩᠬᠢ ᠬᠤᠪᠢ ᠶᠢᠨ ᠰᠤᠷᠭᠠᠭᠤᠯᠢ ᠶᠢᠨ ᠰᠢᠯᠭᠠᠯᠳᠠ | ᠬᠢᠭᠦ ᠡᠳᠦᠷ ᠤᠳ ᠪᠤᠯᠤᠨ᠎ᠠ᠃ 2 ᠳ᠋ᠤᠭᠠᠷ ᠰᠠᠷ᠎ᠠ ᠪᠤᠯ ᠨᠠᠷᠡᠰ ᠢ ᠨᠠᠶᠢᠳᠡᠯᠡᠭᠦ ᠴᠠᠭ ᠪᠤᠯᠤᠨ᠎ᠠ᠃ ᠶᠠᠮᠠᠷ ᠨᠢᠭᠡᠨ | ᠰᠤᠷᠭᠠᠭᠤᠯᠢ ᠳᠤ ᠰᠢᠯᠭᠠᠬᠤ ᠪᠠᠷ ᠨᠡᠷ᠎ᠠ ᠪᠠᠨ ᠮᠠᠳᠡᠭᠦᠯᠪᠡᠯ᠂ ᠡᠨᠡ ᠰᠤᠷᠭᠠᠭᠤᠯᠢ ᠳᠤ ᠭᠡᠳᠤᠨ ᠰᠠᠷ᠎ᠠ ᠶᠢᠨ ᠲᠤᠳᠤᠷ᠎ᠠ | ᠠᠳᠠᠭ ᠲᠤ ᠪᠠᠨ 4 ᠤᠳᠠᠭ᠎ᠠ ᠤᠴᠢᠬᠤ ᠭᠡᠷᠡᠭᠲᠡᠢ᠃ 2017 ᠤᠨ ᠤ ᠲᠤᠤᠷ᠎ᠠ ᠬᠭᠠᠰ ᠵᠢᠯ ᠪᠢ ᠵᠦᠢᠷᠠᠢ ᠬᠤᠶᠠᠷ | ᠭᠡᠤᠭᠡᠳ ᠲᠤ ᠪᠠᠨ ᠲᠤᠰ ᠪᠦᠷᠢ 5 ᠲᠤᠮᠳᠠᠳᠤ ᠰᠤᠷᠭᠠᠭᠤᠯᠢ ᠶᠢ ᠮᠡᠳᠡᠭᠦᠯᠵᠦ ᠦᠭᠴᠡᠢ᠃ ᠨᠠᠶᠢᠳᠡ 10 | ᠰᠤᠷᠭᠠᠭᠤᠯᠢ᠂ ᠡᠳᠡᠭᠡᠷ ᠰᠤᠷᠭᠠᠭᠤᠯᠢ ᠳᠤ 40 ᠤᠳᠠᠭ᠎ᠠ ᠭᠦᠶᠦᠵᠠᠢ᠃ 1 ᠳ᠋ᠤᠭᠡᠷ ᠰᠠᠷ᠎ᠠ ᠶᠢᠨ ᠡᠳᠦᠷ ᠪᠦᠷᠢ ᠪᠠᠷᠤᠭ | ᠪᠦᠷ ︽11+︾ ᠰᠢᠯᠭᠠᠯᠳᠠ ᠪᠠᠷ ᠲᠦᠭᠦᠷᠴᠦ ᠪᠠᠶᠢᠳᠠᠬ᠃ | ᠬᠠᠮᠤᠭ ᠤᠨ ᠤᠬᠢ ᠰᠢᠯᠢᠳᠡᠭ ᠬᠤᠪᠢ ᠶᠢᠨ ᠰᠤᠷᠭᠠᠭᠤᠯᠢ ᠳᠤ ᠭᠤᠶᠤᠴᠢᠯᠠᠬᠤ ᠴᠠᠭ ᠨᠢ ᠤᠷᠳᠤ ᠪᠠᠶᠢᠳᠠᠬ᠃ | ᠢᠲ᠋ᠦ᠋ᠨ ᠨᠠᠶᠢᠳᠠ ᠶᠢᠨ ᠰᠤᠷᠭᠠᠭᠤᠯᠢ ᠶᠢᠨ ᠭᠤᠶᠤᠴᠢᠯᠠᠯ ᠢ ᠤᠯᠠᠨᠳᠠ ᠦᠭᠡᠷᠡᠴᠢᠯᠡᠭᠰᠡᠨ ᠪᠤᠯᠪᠠᠴᠤ ᠮᠠᠰᠢ ᠤᠯᠠᠨ | ᠢᠵᠠᠭᠤᠷᠳᠠᠨ ᠤ ᠭᠡᠷ ᠪᠦᠯᠢ ᠭᠦᠤ ᠲᠦᠷᠦᠮᠡᠭᠴᠡ ᠳᠠᠷᠤᠢ ᠭᠤᠶᠤᠴᠢᠯᠠᠯ ᠢᠶᠠᠨ ᠲᠡᠮᠳᠡᠭᠯᠡᠭᠦᠯᠳᠡᠭ᠃ ᠭᠡᠳᠦ᠋ᠢᠪᠠᠷ | ᠶᠢᠰᠦᠳᠤᠭᠡᠷ ᠤᠨ ᠪᠤᠯᠤᠭᠠᠳ ᠰᠤᠷᠭᠠᠭᠤᠯᠢ ᠳᠤ ᠤᠷᠤᠳᠠᠬ ᠪᠤᠯᠪᠠᠴᠤ ᠭᠤᠤᠯ ᠪᠤᠯᠬᠤ ᠰᠤᠩᠭᠤᠯᠳᠠ ᠨᠢ ᠲᠠᠪᠤᠳᠤᠭᠠᠷ | ᠤᠨ ᠳᠤ ᠪᠠᠶᠢᠳᠠᠬ᠃ ᠶᠠᠭᠤᠨ ᠤ ᠡᠮᠦᠨ᠎ᠡ ᠮᠠᠰᠢᠨ ᠢᠶᠠᠷ ᠪᠠᠶᠢᠭᠠᠯᠢ ᠶᠢᠨ ᠬᠢᠴᠢᠶᠡᠯ ᠲᠦᠷᠤᠯ ᠬᠢᠭᠡᠳ ᠦᠭᠡ | ᠶᠠᠷᠢᠶᠠᠨ ᠤ ᠮᠠᠭᠠᠳᠯᠠᠯᠳᠠ ᠶᠢᠨ ᠴᠢᠳᠠᠪᠤᠷᠢ ᠶᠢ ᠰᠢᠯᠭᠠᠵᠤ᠂ ᠳᠠᠷᠠᠭ᠎ᠠ ᠨᠢ ᠪᠢᠷ ᠤᠨ ᠰᠢᠯᠭᠠᠯᠳᠠ ᠶᠢᠨ ᠤᠷᠢᠳᠴᠢᠯᠠᠭᠰᠠᠨ | ᠰᠤᠩᠭᠤᠯᠳᠠ᠂ ᠨᠢᠭᠤᠷᠳᠠᠨ ᠰᠢᠯᠭᠠᠬᠤ ᠰᠢᠯᠭᠠᠯᠳᠠ ᠬᠢᠳᠡᠭ᠃ ᠲᠠᠪᠬᠤᠷ ᠲᠠᠪᠬᠤᠷ ᠰᠤᠩᠭᠤᠯᠳᠠ ᠰᠢᠯᠭᠠᠯᠳᠠ ᠶᠢᠨ | ᠲᠠᠷᠠᠭ᠎ᠠ ᠵᠢᠷᠭᠤᠳᠤᠭᠠᠷ ᠤᠨ ᠪᠤᠯᠬᠤ ᠳᠤ ᠨᠦᠭᠦᠴᠡᠯ ᠲᠠᠢ ᠡᠯᠰᠡᠯᠲᠡ ᠬᠢᠵᠦ᠂ ᠨᠠᠢᠮᠠᠳᠤᠭᠠᠷ ᠤᠨ ᠪᠤᠯᠬᠤ ᠳᠤ | ᠳᠠᠬᠢᠭᠠᠳ ᠠᠩᠭ᠍ᠯᠢ ᠶᠢᠨ ᠬᠤᠪᠢ ᠶᠢᠨ ᠲᠤᠮᠳᠠᠳᠤ ᠰᠤᠷᠭᠠᠭᠤᠯᠢ ᠶᠢᠨ ᠲᠡᠭᠦᠰᠭᠦ ᠰᠢᠯᠭᠠᠯᠳᠠ ᠶᠢ ᠦᠨᠳᠤᠰᠦᠯᠡᠨ ᠬᠠᠮᠤᠭ | ᠡᠴᠤᠰ ᠤᠨ ᠡᠯᠰᠡᠯᠳᠠ ᠶᠢ ᠲᠤᠭᠳᠠᠭᠠᠳᠠᠬ᠃ ᠲᠡᠭᠦᠰᠭᠦ ᠰᠢᠯᠭᠠᠯᠳᠠ ᠳᠤ ᠲᠤᠭᠠᠨ ᠤ ᠤᠬᠠᠭᠠᠨ᠂ ᠠᠩᠭ᠍ᠯᠢ ᠭᠡᠯᠡ᠂ | ᠰᠢᠨᠵᠢᠯᠠᠭᠦ ᠤᠬᠠᠭᠠᠨ᠂ ᠹᠷᠠᠨᠼᠢ ᠬᠡᠯᠡ ᠵᠡᠷᠭᠡ ᠭᠤᠤᠯ ᠬᠢᠴᠢᠶᠠᠯ ᠲᠦᠷᠦᠯ ᠢ ᠰᠢᠯᠭᠠᠬᠤ ᠠᠴᠠ ᠭᠠᠳᠠᠨ᠎ᠠ ᠪᠠᠰᠠ ᠯᠠᠲ᠋ᠢᠨ | ᠬᠡᠯᠡ᠂ ᠡᠷᠳᠠᠨ ᠤ ᠭᠷᠧᠭ ᠬᠡᠯᠡ ᠶᠢ ᠰᠢᠯᠭᠠᠳᠠᠬ᠃ | ᠲᠠᠪᠤᠳᠤᠭᠠᠷ ᠤᠨ ᠤ ᠰᠤᠷᠭᠠᠭᠤᠯᠢ ᠡᠬᠢᠯᠡᠭᠰᠡᠨ ᠠᠩᠬᠠᠨ ᠤ ᠡᠳᠦᠷ ᠮᠢᠨᠤ ᠦᠬᠢᠨ ᠨᠠᠳᠠ ᠳᠤ ᠲᠠᠳᠡᠨ ᠤ | ᠠᠩᠬᠢ ᠳᠤ ᠲᠠᠷᠠ ᠬᠢᠭᠡᠳ ᠳ᠋ᠢᠨᠢ ᠬᠤᠶᠠᠷ ᠭᠡᠷ ᠤᠨ ᠪᠠᠭᠰᠢ ᠦᠭᠡᠢ ᠭᠡᠵᠦ ᠰᠠᠨᠠᠮᠰᠠᠷ ᠦᠭᠡᠢ ᠬᠡᠯᠡᠴᠢᠭᠡᠪᠡ᠃ ᠪᠢ | ᠦᠭᠢᠨ ᠤ ᠪᠠᠨ ᠰᠤᠷᠤᠯᠭ᠎ᠠ ᠶᠢ ᠰᠠᠭᠠᠳᠠᠴᠢᠬᠠᠬᠤ ᠠᠴᠠ ᠵᠢᠭᠠᠬᠠᠨ ᠠᠶᠤᠯ᠎ᠠ᠃ ᠨᠢᠭᠡ ᠤᠳᠠᠭ᠎ᠠ ᠪᠢ ᠦᠭᠢᠨ ᠤ ᠪᠠᠨ | ᠬᠠᠮᠳᠤ ᠰᠤᠷᠤᠭᠴᠢ ᠶᠢᠨ ᠡᠵᠢ ᠲᠠᠢ ᠨᠢ ᠴᠠᠢ ᠤᠤᠭᠤᠬᠤ ᠬᠤᠭᠤᠷᠤᠨᠳᠤ ᠡᠨᠡ ᠤᠴᠢᠷ ᠢ ᠶᠠᠷᠢᠭᠰᠠᠨ ᠳᠤ ᠮᠢᠨᠤ ᠲᠡᠷᠡ | ᠨᠠᠶᠢᠵᠢ ᠨᠠᠳᠠ ᠳᠤ ᠳ᠋ᠢᠨᠢ ᠭᠤᠷᠪᠠᠳᠤᠭᠠᠷ ᠤᠨ ᠠᠴᠠ ᠪᠠᠨ ᠳᠠᠷᠤᠢ ᠭᠡᠷ ᠤᠨ ᠪᠠᠭᠰᠢ ᠲᠠᠢ᠂ ᠭᠡᠪᠡᠴᠦ ᠲᠡᠷᠡ | ᠦᠭᠢᠨ ᠤ ᠪᠠᠨ ᠭᠡᠷ ᠤᠨ ᠪᠠᠭᠰᠢ ᠨᠢ ᠭᠡᠨ ᠪᠤᠯᠬᠤ ᠶᠢ ᠭᠡᠨ ᠳᠤ ᠴᠦ ᠬᠡᠯᠡᠳᠡᠭ ᠦᠭᠡᠢ ᠪᠠᠶᠢᠵᠠᠢ᠃ ᠪᠢ | ᠰᠠᠨᠳᠤᠷᠬᠤ ᠳᠤ ᠪᠠᠨ ᠲᠠᠪᠤᠳᠤᠭᠠᠷ ᠤᠨ ᠳᠤ ᠰᠤᠷᠤᠯᠴᠠᠵᠤ ᠪᠠᠶᠢᠭ᠎ᠠ ᠭᠦᠤ ᠠᠴᠠ ᠪᠠᠨ ᠠᠰᠠᠭᠤᠭᠰᠠᠨ ᠳᠤ ᠲᠠᠷᠠ ᠪᠠᠰᠠ | ᠠᠩᠬᠢ ᠳᠤ ᠪᠠᠨ ᠴᠤᠷ ᠤᠨ ᠭᠠᠭᠴᠠ ᠭᠡᠷ ᠤᠨ ᠪᠠᠭᠰᠢ ᠦᠭᠡᠢ ᠰᠤᠷᠤᠭᠴᠢ ᠪᠠᠶᠢᠯ᠎ᠠ᠃ | ᠪᠢ ᠶᠠᠷᠦ ᠠᠴᠠ ᠪᠠᠨ ᠭᠡᠷ ᠤᠨ ᠪᠠᠭᠰᠢ ᠵᠠᠯᠠᠬᠤ ᠶᠢ ᠵᠦᠪᠰᠢᠶᠠᠷᠠᠳᠡᠭ ᠦᠭᠡᠢ ᠪᠤᠯᠪᠠᠴᠤ ᠲᠠᠪᠤᠳᠤᠭᠠᠷ ᠤᠨ ᠤ | ᠭᠡᠷ ᠤᠨ ᠠᠬᠠᠮᠠᠳ ᠤᠨ ᠨᠠᠶᠢᠳᠠᠮ ᠤᠨ ᠠᠵᠢᠯᠯᠠᠭ᠎ᠠ ᠨᠢ ᠨᠠᠮ᠎ᠠ ᠶᠢ ᠮᠠᠰᠢ ᠶᠡᠭᠡ ᠰᠠᠨᠳᠤᠷᠭᠠᠪᠠ᠃ ᠲᠡᠭᠡᠭᠡᠳ ᠭᠡᠷ ᠤᠨ | ᠪᠠᠭᠰᠢ ᠡᠷᠢᠭ᠍ᠰᠡᠨ ᠴᠢᠨᠢ ᠨᠢᠭᠡ ᠴᠠᠭ 70 ᠫᠦᠨᠳ᠋ ︵ᠠᠷᠠᠳ ᠵᠤᠭᠤᠰ ᠢᠶᠠᠷ 600 ᠲᠦᠭᠦᠷᠢᠭ︶ ᠤᠨ ᠵᠠᠷᠤᠳᠠᠯ ᠲᠠᠢ | ᠮᠦᠷᠳᠡᠭᠡᠨ ᠪᠠᠭᠰᠢ ᠤᠯᠳᠠᠬᠤ ᠦᠭᠡᠢ ᠪᠠᠶᠢᠪᠠ᠃ ᠲᠤᠬᠢᠷᠠᠮᠵᠢᠳᠠᠢ ᠪᠠᠭᠰᠢ ᠨᠢ ᠨᠢᠭᠡ ᠵᠢᠯ ᠤᠨ ᠳᠠᠷᠠᠭ᠎ᠠ ᠰᠠᠶ᠋ᠢ | ᠤᠯᠳᠠᠨ᠎ᠠ ᠭᠡᠵᠦ ᠪᠠᠶᠢᠯ᠎ᠠ᠃ | ᠤᠯᠤᠰ ᠤᠨ ᠲᠤᠳᠤᠭᠠᠳᠤ ᠳᠤ ᠴᠦ ᠲᠡᠷᠡ᠂ ᠤᠯᠤᠰ ᠤᠨ ᠭᠠᠳᠠᠭᠠᠳᠤ ᠳᠤ ᠴᠦ ᠲᠡᠷᠡ ᠰᠢᠯᠢᠳᠡᠭ | ᠴᠢᠳᠠᠪᠤᠷᠢᠳᠠᠨ ᠢ ᠶᠠᠷᠦ ᠳᠤ ᠪᠠᠨ ᠲᠠᠪᠬᠤᠷ ᠲᠠᠪᠬᠤᠷ ᠰᠢᠯᠭᠠᠯᠳᠠ ᠪᠠᠷ ᠰᠤᠩᠭᠤᠨ ᠭᠠᠷᠭᠠᠳᠠᠬ ᠪᠠᠶᠢᠵᠠᠢ᠃ ᠰᠤᠷᠭᠠᠨ | ᠭᠦᠮᠦᠵᠢᠯ ᠤᠨ ᠤᠷᠴᠢᠨ ᠲᠤᠭᠤᠷᠢᠨ᠂ ᠰᠤᠷᠭᠠᠨ ᠭᠦᠮᠦᠵᠢᠯ ᠤᠨ ᠤᠨᠤᠯᠵᠢᠬᠤᠨ ᠭᠡᠳᠦᠢ ᠶᠡᠭᠡ ᠵᠦᠷᠢᠶ᠎ᠠ ᠲᠠᠢ ᠪᠠᠶᠢᠯ᠎ᠠ | ᠭᠡᠳ ᠰᠤᠳᠤᠨ ᠰᠤᠷᠭᠠᠨ ᠭᠦᠮᠦᠵᠢᠯ ᠬᠠᠮᠢᠭ᠎ᠠ ᠴᠦ ᠭᠡᠰᠡᠨ ᠦᠷᠢᠰᠦᠯᠳᠦᠭᠡᠨ ᠢᠶᠠᠷ ᠲᠦᠭᠦᠷᠠᠩ ᠪᠠᠶᠢᠳᠠᠬ ᠠᠵᠢ︕ | ︵︽ᠪᠠᠭᠰᠢ ᠶᠢᠨ ᠬᠤᠷᠸ᠎ᠠ︾ ᠰᠡᠳᠭᠦᠯ ᠤᠨ 2018 ᠤᠨ ᠤ | 9 ᠳ᠋ᠤᠭᠡᠷ ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠵᠤ ᠪᠠᠭᠤᠯᠭᠠᠪᠠ︶ | ︵ᠮᠦᠡᠭᠭᠦᠨᠴᠢᠮᠡᠭ ᠨᠠᠶᠢᠷᠠᠭᠤᠯᠪᠠ︶ | 2019 ᠣᠨ ᠤ 1 ᠳ᠋ᠦ᠋ᠭᠡᠷ ᠬᠤᠭᠤᠴᠠᠭ᠎ᠠ | |