ᠳᠦᠯᠭᠡᠴᠢᠨ · ᠪᠠᠳᠤᠬᠡᠰᠢᠭ | | ᠮᠤᠩᠭᠤᠯᠴᠤᠳ ᠡᠷᠳᠡ ᠢᠵᠠᠭᠤᠷ ᠠᠴᠠ ᠪᠠᠨ ᠳᠠᠪᠤᠨ ᠬᠤᠰᠢᠭᠤ ᠮᠠᠯ ᠢ ᠭᠠᠷᠰᠢᠭᠤᠯᠤᠨ ᠳᠠᠰᠬᠠᠭᠰᠠᠨ ᠪᠠ | ᠤᠷᠳᠤ ᠤᠳᠠᠭᠠᠨ ᠬᠤᠭᠤᠴᠠᠭᠠᠨ ᠤ ᠮᠠᠯᠵᠢᠬᠤ ᠶᠠᠪᠤᠴᠠ ᠳᠤ ᠪᠠᠨ ᠮᠠᠯ ᠠᠵᠤ ᠠᠬᠤᠢ ᠶᠢᠨ ᠠᠷᠠᠴᠢᠯᠠᠯ ᠳᠤᠳᠤᠮᠯᠠᠯ ᠤᠨ | ᠠᠷᠭ᠎ᠠ ᠮᠡᠷᠭᠡᠵᠢᠯ᠂ ᠮᠠᠯᠵᠢᠯ ᠤᠨ ᠤᠨᠴᠠᠯᠢᠭ ᠭᠡᠯᠪᠡᠷᠢ᠂ ᠠᠡᠭ ᠠᠩᠨᠠᠯ᠂ ᠡᠭᠡ ᠪᠠᠶᠢᠭᠠᠯᠢ ᠶᠢᠨ ᠤᠯᠠᠷᠢᠨ ᠬᠤᠪᠢᠷᠠᠬᠤ | ᠵᠢᠮ᠎ᠡ ᠶᠤᠰᠤ ᠁ ᠵᠡᠷᠭᠡ ᠶᠢᠨ ᠳᠤᠬᠠᠢ ᠮᠠᠰᠢ ᠦᠷᠭᠡᠨ ᠳᠡᠯᠭᠡᠷ ᠮᠡᠳᠡᠯᠭᠡ ᠳᠤᠷᠰᠢᠯᠭ᠎ᠠ ᠶᠢ ᠬᠤᠷᠠᠮᠳᠤᠭᠤᠯᠤᠨ᠂ | ᠡᠷᠭᠢᠮ ᠨᠠᠨᠳᠢᠨ ᠦᠪ ᠰᠤᠶᠤᠯ᠂ ᠰᠢᠯᠢᠳᠡᠭ ᠰᠠᠶᠢᠬᠠᠨ ᠠᠮᠢᠳᠤᠷᠠᠯ ᠤᠨ ᠶᠤᠰᠤ ᠵᠠᠩᠰᠢᠯ ᠢ ᠡᠭᠦᠳᠤᠨ ᠪᠦᠳᠤᠭᠡᠵᠤ᠂ | ᠦᠶ᠎ᠡ ᠶᠢᠨ ᠦᠶ᠎ᠡ ᠳᠤ ᠪᠠᠨ ᠦᠷ᠎ᠡ ᠬᠤᠶᠢᠴᠢᠰ ᠲᠤ ᠪᠠᠨ ᠦᠪᠯᠡᠨ ᠦᠯᠡᠳᠡᠭᠡᠵᠤ᠂ ᠴᠢᠩᠭ᠎ᠠ ᠵᠢᠷᠤᠮᠯᠠᠨ ᠤᠯᠠᠮᠵᠢᠯᠠᠨ | ᠪᠠᠶᠠᠯᠢᠬᠵᠢᠭᠤᠯᠤᠭᠰᠠᠭᠠᠷ ᠢᠷᠡᠭᠰᠡᠨ ᠪᠠᠶᠢᠨ᠎ᠠ᠃ ᠮᠤᠩᠭᠤᠯᠴᠤᠳ ᠮᠠᠯ ᠠᠬᠤᠢ ᠪᠠᠨ ᠨᠢᠳᠤᠨ ᠤ ᠴᠡᠴᠡᠭᠡᠢ ᠮᠡᠳᠤ ᠡᠨᠡᠷᠢᠨ | ᠬᠠᠶᠢᠷᠠᠯᠠᠵᠤ ᠦᠰᠭᠡᠨ ᠪᠤᠶᠢᠵᠢᠭᠤᠯᠳᠠᠭ ᠤᠴᠢᠷ ᠠᠴᠠ ᠮᠠᠯ ᠢ ᠵᠠᠷᠤᠬᠤ ᠳᠤ ᠪᠠᠨ ᠦᠭᠦᠴᠡᠯᠡᠭᠦ᠂ ᠱᠦᠯᠤ ᠤᠤᠭᠤᠬᠤ | ᠪᠤᠶᠤ ᠭᠠᠷᠭᠠᠬᠤ ᠁ ᠭᠡᠭᠦ ᠵᠡᠷᠭᠡ ᠪᠠᠷ ᠭᠡᠯᠡᠵᠦ᠂ ᠠᠯᠠᠬᠤ᠂ ᠭᠢᠳᠤᠬᠤ ᠮᠡᠳᠤ ᠶᠢᠨ ᠪᠦᠳᠤᠭᠦᠯᠢᠭ ᠭᠡᠯᠡ | ᠭᠡᠯᠡᠯᠭᠡ ᠶᠢ ᠴᠢᠩᠭ᠎ᠠ ᠴᠡᠭᠡᠷᠯᠡᠳᠡᠭ ᠶᠤᠰᠤᠨ ᠪᠤᠢ᠃ ᠡ᠊ᠨᠳᠡ ᠵᠦᠪᠬᠡᠨ ᠮᠤᠩᠭᠤᠯᠴᠤᠳ ᠤᠨ ᠮᠠᠯ ᠤᠨ ᠮᠢᠬ᠎ᠠ ᠶᠢ | ᠮᠦᠴᠢᠯᠡᠭᠦ᠂ ᠴᠢᠨᠠᠭᠰᠠᠨ ᠤ ᠬᠤᠶᠢᠨ᠎ᠠ ᠶᠠᠰᠤ ᠮᠦᠯᠵᠢᠭᠦ ᠪᠠ ᠲᠡᠭᠦᠨ ᠲᠠᠢ ᠬᠤᠯᠪᠤᠭᠳᠠᠭᠰᠠᠨ ᠴᠡᠭᠡᠷ ᠶᠤᠰᠤᠨ ᠭᠢᠭᠡᠳ | ᠵᠠᠩ ᠤᠶᠢᠯᠡ ᠶᠢᠨ ᠳᠤᠬᠠᠢ ᠶᠠᠷᠢᠶ᠎ᠠ᠃ | ᠮᠤᠩᠭᠤᠯᠴᠤᠳ ᠠᠵᠢᠯᠴᠢ ᠭᠦᠳᠡᠯᠮᠤᠷᠢᠴᠢ ᠮᠦᠷᠳᠡᠭᠡᠨ ᠭᠦᠳᠡᠯᠮᠤᠷᠢ ᠶᠢᠨ ᠦᠷ᠎ᠡ ᠪᠦᠳᠤᠭᠡᠯ ᠢᠶᠠᠨ ᠮᠠᠰᠢ | ᠨᠠᠨᠳᠢᠭᠡᠨᠡ ᠬᠠᠶᠢᠷᠠᠯᠠᠳᠠᠭ ᠦᠨᠳᠤᠰᠤᠳᠡᠨ ᠪᠢᠯᠡ᠃ ᠡᠶᠢᠮᠤ ᠠᠴᠠ ᠮᠠᠯ ᠤᠨ ᠪᠤᠶᠤ ᠠᠡᠭ ᠭᠦᠷᠤᠭᠡᠰᠤ ᠶᠢᠨ ᠮᠢᠬ᠎ᠠ ᠶᠢ | ᠢᠳᠡᠭᠦ ᠳᠤ ᠪᠠᠨ ᠴᠦ ᠭᠡᠰᠢᠭ ᠢ ᠨᠢ ᠲᠡᠭᠷᠢ ᠭᠠᠵᠠᠷ᠂ ᠭᠠᠯ ᠳᠤᠯᠭ᠎ᠠ ᠳᠤ ᠪᠠᠨ ᠡᠷᠭᠦᠭᠦ᠂ ᠶᠠᠰᠤ ᠶᠢ ᠨᠢ ᠴᠡᠪᠡᠷ | ᠴᠡᠮᠴᠡᠭᠡᠷ ᠮᠦᠯᠵᠢᠵᠤ ᠳᠠᠯᠪᠢᠳᠠᠭ ᠵᠠᠩ ᠵᠠᠩᠰᠢᠯ ᠲᠠᠢ᠃ ᠨᠡᠩ ᠴᠦ ᠨᠠᠮᠤᠷ ᠡᠪᠤᠯ ᠤᠨ ᠴᠢᠨᠠᠵᠤ ᠢᠳᠡᠭᠰᠡᠨ ᠶᠠᠰᠤ ᠪᠠᠨ | ᠴᠡᠪᠡᠷᠭᠡᠨ ᠬᠤᠷᠢᠶᠠᠵᠤ ᠬᠠᠩᠰᠢ ᠠᠴᠠ ᠡᠮᠤᠨ᠎ᠡ ᠵᠢᠵᠢᠭᠬᠡᠨ ᠭᠡᠰᠡᠭᠯᠡᠨ ᠪᠠᠯᠪᠠᠯᠠᠵᠤ ᠴᠢᠨᠠᠭᠠᠳ ᠳᠤᠰᠤ ᠶᠢ ᠨᠢ ᠠᠪᠴᠤ | ᠱᠦᠯᠤ ᠶᠢ ᠨᠢ ᠤᠤᠭᠤᠳᠠᠭ ᠮᠦᠷᠳᠡᠭᠡᠨ ᠶᠠᠳᠠᠷ ᠳᠤᠷᠤᠢ ᠮᠠᠯ ᠳᠤ ᠪᠠᠨ ᠦᠭᠭᠦ ᠶᠤᠰᠤ ᠪᠠᠶᠢᠳᠠᠭ᠃ ︽ᠮᠢᠬ᠎ᠠ ᠶᠢ ᠮᠢᠨᠢ | ᠢᠳᠡᠭᠦ ᠪᠠᠷ ᠢᠳᠡ︕ ᠶᠠᠰᠤ ᠶᠢ ᠮᠢᠨᠢ ᠰᠠᠶᠢᠬᠠᠨ ᠮᠦᠯᠵᠢᠵᠤ ᠳᠠᠯᠪᠢ︾ ᠭᠡᠵᠤ ᠮᠠᠯ ᠨᠢ ᠡᠵᠡᠨ ᠳᠤ ᠪᠠᠨ ᠭᠤᠶᠤᠨ | ᠳᠠᠭᠠᠳᠬᠠᠳᠠᠭ ᠭᠡᠳᠡᠭ ᠭᠡᠯᠡᠯᠭᠡ ᠪᠠᠶᠢᠳᠠᠭ ᠠᠴᠠ ᠡᠵᠡᠨ ᠨᠢ ᠴᠦ ᠠᠯᠢ ᠪᠤᠯᠬᠤᠷ ᠴᠡᠪᠡᠷ ᠠᠷᠢᠭᠤᠨ ᠰᠢᠢᠳᠪᠦᠷᠢᠯᠡᠳᠡᠭ | ᠪᠠᠶᠢᠨ᠎ᠠ᠃ ᠮᠤᠩᠭᠤᠯᠴᠤᠳ ᠠᠯᠢ ᠴᠦ ᠴᠠᠭ ᠦᠶ᠎ᠡ ᠳᠤ ᠮᠠᠯ ᠵᠠᠷᠤᠬᠤ ᠳᠤ ᠪᠠᠨ ᠶᠡᠷᠤ ᠠᠴᠠ ᠦᠶ᠎ᠡ ᠮᠦᠴᠢ ᠪᠠᠷ ᠨᠢ | ᠨᠠᠷᠢᠯᠢᠬ ᠦᠶᠡᠯᠡᠨ ᠰᠠᠯᠭᠠᠵᠤ᠂ ᠭᠦᠵᠤᠭᠦᠤ᠂ ᠰᠤᠭᠤ ᠴᠠᠪᠢ ᠶᠢᠨ ᠪᠤᠯᠴᠢᠷᠬᠠᠢ ᠶᠢ ᠰᠠᠶᠢᠬᠠᠨ ᠠᠪᠴᠤ ᠬᠠᠶᠠᠳᠠᠭ᠃ | ᠮᠦᠨ ᠴᠦ ᠮᠦᠴᠢ ᠪᠦᠷᠢ ᠠᠴᠠ ᠳᠡᠭᠡᠵᠢᠯᠡᠨ ᠲᠡᠭᠷᠢ ᠭᠠᠵᠠᠷ᠂ ᠳᠡᠭᠡᠳᠤᠰ ᠤᠨ ᠰᠦᠭ ᠰᠦᠨᠡᠰᠤ ᠳᠤ ᠡᠷᠭᠦᠵᠤ᠂ | ᠢᠷᠤᠭᠡᠯ ᠳᠠᠭᠠᠳᠬᠠᠯ ᠬᠢᠬᠦ ᠪᠦᠭᠡᠳ ᠪᠡᠯᠭᠡ ᠳᠡᠮᠪᠡᠷᠢᠯ ᠦᠭᠡᠢ ᠵᠦᠢᠯ ᠢ ᠴᠢᠩᠭ᠎ᠠ ᠴᠡᠭᠡᠷᠯᠡᠳᠡᠭ ᠨᠢ ᠮᠤᠩᠭᠤᠯᠴᠤᠳ ᠤᠨ | ᠭᠦᠳᠡᠯᠮᠤᠷᠢ ᠶᠢᠨ ᠦᠷ᠎ᠡ ᠪᠦᠳᠤᠭᠡᠯ ᠢᠶᠠᠨ ᠬᠠᠶᠢᠷᠠᠯᠠᠬᠤ ᠪᠠᠷ ᠪᠠᠷᠠᠬᠤ ᠦᠭᠡᠢ ᠲᠡᠭᠷᠢ ᠭᠠᠵᠡᠷ᠂ ᠡᠭᠡ ᠪᠠᠶᠢᠭᠠᠯᠢ ᠠᠴᠠ | ᠢᠪᠡᠭᠡᠭᠰᠡᠨ ᠮᠠᠯ ᠤᠨ ᠭᠡᠰᠢᠭ ᠪᠤᠶᠠᠨ ᠢᠶᠠᠨ ᠳᠡᠭᠡᠳᠤᠯᠡᠵᠤ᠂ ᠬᠠᠶᠢᠷᠠᠯᠠᠬᠤ ᠬᠠᠮᠠᠭᠠᠯᠠᠬᠤ ᠭᠢᠭᠡᠳ ᠡᠷᠡᠭᠦᠯ ᠡᠩᠭᠡ᠂ | ᠠᠮᠤᠷ ᠳᠠᠶᠢᠪᠤᠡᠭ ᠠᠮᠢᠳᠤᠷᠠᠯ ᠢ ᠭᠦᠰᠠᠮᠵᠢᠯᠡᠨ᠂ ᠤᠷᠴᠢᠨ ᠳᠤᠭᠤᠷᠢᠨ ᠢᠶᠠᠨ ᠴᠡᠪᠡᠷ ᠠᠷᠢᠭᠤᠨ ᠪᠠᠶᠢᠯᠭᠠᠬᠤ ᠶᠢ | ᠡᠷᠭᠢᠮᠯᠡᠨ᠂ ᠭᠦᠮᠤᠨ ᠵᠤᠨ ᠨᠢ ᠪᠠᠶᠢᠭᠠᠯᠢ ᠲᠠᠢ ᠪᠠᠨ ᠬᠠᠮᠤᠭ ᠳᠡᠭᠡᠳᠤ ᠭᠡᠮᠵᠢᠶ᠎ᠡ ᠪᠠᠷ ᠵᠤᠭᠢᠴᠠᠨ᠂ ᠤᠭᠢ ᠰᠠᠶᠢᠨ ᠰᠢᠮ᠎ᠡ | ᠲᠡᠵᠢᠭᠡᠯ ᠢ ᠭᠦᠷᠳᠡᠨ ᠠᠮᠢᠳᠤᠷᠠᠭᠰᠠᠨ ᠤ ᠭᠢᠨᠢ ᠪᠤᠳᠠᠳᠤ ᠢᠯᠡᠷᠡᠯ ᠪᠤᠯᠬᠤ ᠶᠤᠮ᠃ ︽ᠶᠠᠰᠤ ᠮᠦᠯᠵᠢᠭᠡᠳ ᠴᠠᠳᠬᠤ | ᠦᠭᠡᠢ᠂ ᠶᠠᠯ᠎ᠠ ᠢᠳᠡᠭᠡᠳ ᠪᠠᠶᠠᠵᠢᠬᠤ ᠦᠭᠡᠢ︾ ᠭᠡᠳᠡᠭ ᠪᠤᠯᠪᠠᠴᠤ ᠢᠳᠡᠰᠢᠨ ᠮᠠᠯ ᠤᠨ ᠶᠠᠰᠤ ᠶᠢ ᠮᠦᠯᠵᠢᠭᠦ ᠨᠢ | ᠮᠤᠩᠭᠤᠯᠴᠤᠳ ᠤᠨ ᠨᠢᠭᠡ ᠶᠤᠰᠤᠨ ᠤ ᠴᠢᠬᠤᠯᠠ ᠡᠭᠦᠷᠭᠡ ᠪᠠ ᠠᠮᠢᠳᠤᠷᠠᠯ ᠤᠨ ᠭᠢᠨᠢ ᠵᠠᠩ ᠳᠠᠳᠬᠠᠯ ᠪᠤᠯᠵᠤ | ᠭᠡᠪᠰᠢᠭᠰᠡᠨ ᠪᠠᠶᠢᠨ᠎ᠠ᠃ | ᠤᠤᠯ ᠳᠤ ᠪᠠᠨ ᠮᠤᠩᠭᠤᠯᠴᠤᠳ ᠤᠨ ᠡᠳᠤᠷ ᠳᠤᠳᠤᠮ ᠤᠨ ᠢᠳᠡᠭᠡᠨ ᠨᠢ ᠦᠨᠳᠤᠰᠤᠨ ᠳᠤ ᠪᠠᠨ ᠮᠢᠬ᠎ᠠ ᠪᠠᠷ | ᠭᠤᠤᠯ ᠪᠤᠯᠭᠠᠳᠠᠭ ᠪᠠᠶᠢᠵᠠᠢ᠃ ᠤᠯᠠᠩᠭᠢ ᠳᠤ ᠪᠠᠨ ᠮᠠᠯ ᠤᠨ ᠮᠢᠬ᠎ᠠ᠂ ᠠᠡᠭ ᠤᠨ ᠮᠢᠬ᠎ᠠ ᠭᠡᠳ ᠵᠢᠯ ᠤᠨ ᠳᠦᠷᠪᠡᠨ | ᠤᠯᠠᠷᠢᠯ ᠳᠤ ᠪᠠᠷᠤᠭ ᠤᠯᠠᠭᠠᠨ ᠴᠠᠭᠠᠨ ᠢᠳᠡᠭᠡᠨ ᠢᠶᠠᠷ ᠦᠩᠭᠡᠷᠡᠭᠡᠵᠤ ᠪᠠᠶᠢᠭᠰᠠᠨ ᠳᠤᠬᠠᠢ ᠡᠯᠪᠡᠭ ᠳᠡᠯᠪᠡᠭ ᠲᠡᠮᠳᠡᠭᠯᠡᠯ | ᠪᠤᠢ᠃ ᠮᠠᠯ ᠤᠨ ᠮᠢᠬ᠎ᠠ᠂ ᠠᠡᠭ ᠤᠨ ᠮᠢᠬ᠎ᠠ ᠶᠢ ᠢᠳᠡᠭᠦ ᠳᠤ ᠮᠠᠰᠢ ᠤᠯᠠᠨ ᠭᠡᠯᠡᠴᠡ ᠪᠤᠶᠤ ᠴᠡᠭᠡᠷ ᠶᠤᠰᠤ ᠲᠠᠢ | ᠪᠠᠶᠢᠳᠠᠭ ᠪᠠ ᠮᠠᠯ ᠤᠨ ᠶᠠᠰᠤ ᠪᠦᠷᠢ ᠳᠤ ᠲᠤᠬᠢᠷᠠᠭᠰᠠᠨ ᠭᠡᠯᠡ ᠭᠡᠯᠡᠯᠭᠡ᠂ ᠴᠡᠭᠡᠷ ᠶᠤᠰᠤᠨ ᠪᠠᠶᠢᠳᠠᠭ ᠤᠴᠢᠷ ᠠᠴᠠ | ᠶᠠᠰᠤ ᠶᠢ ᠨᠠᠷᠢᠯᠢᠬ ᠰᠠᠶᠢᠬᠠᠨ ᠮᠦᠯᠵᠢᠭᠦ ᠭᠡᠷᠡᠭᠳᠡᠢ ᠪᠠᠶᠢᠳᠠᠭ᠃ ᠶᠠᠰᠤ ᠮᠦᠯᠵᠢᠨᠠ ᠭᠡᠳᠡᠭ ᠨᠢ ᠭᠡᠯᠡᠭᠦ ᠳᠤ ᠠᠮᠠᠷᠬᠠᠨ᠂ | ᠭᠢᠭᠦ ᠳᠤ ᠭᠦᠴᠢᠷ ᠠᠵᠢᠯ ᠪᠤᠯᠤᠨ᠎ᠠ᠃ ᠮᠠᠯ ᠤᠨ ᠳᠤᠯᠤᠭᠠᠢ ᠰᠢᠭᠢᠷ᠎ᠡ ᠨᠢ ᠡᠯᠪᠡᠭ ᠪᠠᠶᠠᠯᠢᠭ ᠰᠢᠮ᠎ᠡ ᠳᠡᠵᠢᠭᠡᠯ ᠲᠠᠢ | ᠳᠤᠯᠠ ᠮᠠᠰᠢ ᠭᠦᠨᠳᠤᠳᠭᠡᠳᠡᠭ᠃ ᠨᠡᠩ ᠴᠦ ᠰᠢᠭᠦᠰᠤᠨ ᠤ ᠳᠤᠯᠤᠭᠠᠢ ᠶᠢ ᠮᠠᠩᠨᠠᠢ ᠳᠡᠭᠡᠷ᠎ᠡ ᠨᠢ ᠰᠠᠷᠠᠨ ᠭᠡᠯᠪᠡᠷᠢ ᠲᠠᠢ | ᠭᠦᠨᠳᠡᠭᠡᠳ ᠳᠡᠭᠡᠷ᠎ᠡ ᠨᠢ ᠰᠢᠷ᠎ᠠ ᠳᠤᠰᠤ ᠪᠤᠶᠤ ᠤᠭᠤᠷᠠᠭ ᠰᠡᠭᠦᠯ ᠠᠴᠠ ᠨᠢ ᠪᠢᠴᠢᠬᠠᠨ ᠬᠠᠯᠢᠵᠤ ᠤᠭᠳᠤᠯᠳ | ᠳᠠᠯᠪᠢᠵᠤ᠂ ᠳᠦᠷᠤᠯ ᠳᠠᠶᠠᠭᠠᠷ ᠲᠤ ︽ᠳᠦᠭᠡᠯ︾ ᠭᠡᠮᠡᠨ ᠠᠮᠰᠠᠭᠤᠯᠳᠠᠭ ᠶᠤᠰᠤᠳᠠᠢ ᠪᠢᠯᠡ᠃ ᠳᠤᠯᠤᠭᠠᠢ ᠶᠢ | ᠭᠠᠯ ᠳᠤ ᠬᠤᠶᠢᠬᠠᠯᠠᠬᠤ ᠪᠤᠶᠤ ᠪᠤᠴᠠᠯᠤᠭᠰᠠᠨ ᠤᠰᠤ ᠪᠠᠷ ᠵᠤᠮᠠᠯᠳᠠᠭ᠃ ᠳᠤᠯᠤᠭᠠᠢ ᠶᠢ ᠴᠢᠨᠠᠬᠤ ᠳᠤ ᠪᠠᠨ ︽ | ᠳᠤᠯᠤᠭᠠᠢ ᠰᠢᠭᠢᠷ᠎ᠡ ᠲᠠᠢ ᠪᠠᠨ ᠳᠤᠭᠤᠭ᠎ᠠ ᠳᠦᠭᠦᠷᠤᠨ᠎ᠡ︾ ᠭᠡᠮᠠᠨ ᠪᠠᠯᠭᠡᠰᠢᠶᠡᠨ ᠢᠷᠤᠭᠡᠳᠡᠭ᠃ ᠳᠤᠯᠤᠭᠠᠢ ᠢᠳᠡᠭᠦ ᠶᠢ | ᠮᠤᠩᠭᠤᠯᠴᠤᠳ ᠮᠠᠰᠢ ᠡᠷᠭᠢᠮᠯᠡᠨ ᠭᠦᠨᠳᠤᠳᠭᠡᠳᠡᠭ ᠤᠴᠢᠷ ᠴᠡᠪᠡᠷ ᠰᠠᠶᠢᠬᠠᠨ ᠮᠦᠯᠵᠢᠵᠤ ᠰᠠᠳᠠᠷᠬᠠᠢ᠂ ᠳᠠᠷᠢᠭᠢ ᠭᠡᠳ | ᠤᠷᠭᠢᠯ ᠦᠭᠡᠢ ᠢᠳᠡᠳᠡᠭ᠂ ᠬᠠᠷᠢᠨ ᠴᠢᠭᠢ᠂ ᠨᠢᠳᠤ ᠶᠢ ᠬᠤᠪᠢᠶᠠᠵᠤ ᠢᠳᠡᠭᠦ ᠶᠢ ᠴᠡᠭᠡᠷᠯᠡᠨ᠎ᠡ᠃ ᠠᠶᠠᠨ ᠵᠢᠩ ᠪᠤᠶᠤ | ᠵᠠᠮ ᠤᠨ ᠭᠦᠮᠤᠨ ᠳᠤ ᠴᠢᠨᠠᠭᠰᠠᠨ ᠳᠤᠯᠤᠭᠠᠢ ᠳᠠᠭᠠᠷᠠᠪᠡᠯ ᠶᠠᠪᠤᠳᠠᠯ ᠤᠴᠢᠷ ᠪᠦᠳᠤᠮᠵᠢ ᠲᠠᠢ ᠪᠤᠯᠤᠨ᠎ᠠ ᠭᠡᠮᠡᠨ ᠮᠠᠰᠢ | ᠪᠡᠯᠭᠡᠰᠢᠶᠡᠳᠡᠭ᠃ ᠭᠠᠳᠠᠨ᠎ᠠ ᠶᠢᠨ ᠭᠦᠮᠤᠨ ᠳᠤ ᠨᠢᠳᠤ ᠴᠢᠭᠢ ᠶᠢ ᠨᠢ ᠭᠦᠨᠳᠡᠭᠰᠡᠨ ᠳᠤᠯᠤᠭᠠᠢ ᠶᠢ ᠳᠠᠯᠪᠢᠳᠠᠭ ᠦᠭᠡᠢ | ᠴᠡᠭᠡᠷ ᠪᠤᠢ᠃ ᠳᠤᠯᠤᠭᠠᠢ ᠶᠢ ᠮᠦᠯᠵᠢᠭᠰᠡᠨ ᠤ ᠳᠠᠷᠠᠭ᠎ᠠ ᠨᠢᠳᠤᠨ ᠤ ᠬᠤᠩᠭᠢᠶᠡ ᠶᠢ ᠰᠡᠳᠡᠯᠡᠵᠤ ᠳᠠᠯᠪᠢᠳᠠᠭ᠂ ᠰᠡᠳᠡᠯᠡᠭᠦ | ᠦᠭᠡᠢ ᠪᠤᠯ ᠪᠤᠭ ᠰᠢᠮᠨᠤ ᠡᠭᠦᠷᠯᠡᠨ ᠭᠠᠢ ᠪᠠᠷᠴᠢᠳ ᠪᠤᠯᠤᠨ᠎ᠠ ᠭᠡᠨ᠎ᠠ᠃ ᠤᠷᠤᠭᠤᠯ ᠤᠨ ᠤᠷᠠᠨ ᠦᠵᠤᠭᠦᠷ ᠢᠳᠡᠪᠡᠯ | ᠢᠯᠡᠭᠦᠤ ᠳᠤᠳᠠᠭᠤ ᠬᠤᠩᠰᠢᠶᠠᠷᠯᠠᠨᠠ ᠭᠡᠮᠠᠨ ᠭᠠᠯ ᠳᠤ ᠡᠷᠭᠦᠨ᠎ᠡ᠃ ᠮᠥᠨ ᠬᠡᠯᠡᠨ ᠤ ᠮᠡᠷᠭᠡᠨ ᠦᠵᠤᠭᠦᠷ ᠢ ᠢᠳᠡᠭᠦ ᠶᠢ | ᠴᠡᠭᠡᠷᠯᠡᠨ᠎ᠡ᠂ ᠭᠦᠮᠤᠨ ᠳᠤ ᠭᠡᠯᠡᠭᠳᠡᠨᠡ ᠭᠡᠭᠦ ᠪᠤᠶᠤ ᠢᠯᠡᠭᠦᠤ ᠳᠤᠳᠠᠭᠤ ᠶᠠᠭᠤᠮ᠎ᠠ ᠶᠠᠷᠢᠨ᠎ᠠ ᠭᠡᠳ ᠭᠠᠯ ᠳᠤ ᠡᠷᠭᠦᠳᠡᠭ᠃ | ᠤᠷᠡᠨ ᠳᠠᠩᠨᠠᠢ ᠶᠢ ᠦᠭᠢᠨ ᠭᠦᠮᠤᠨ ᠳᠤ ᠢᠳᠡᠭᠦᠯᠵᠤ ᠤᠷᠠᠨ ᠪᠤᠯᠬᠤ ᠶᠢ ᠪᠡᠯᠭᠡᠰᠢᠶᠡᠳᠡᠭ᠃ ᠡᠶᠢᠮᠤ ᠠᠴᠠ ᠬᠠᠮᠠᠷ᠂ | ᠭᠡᠯᠡ᠂ ᠴᠢᠭᠢᠨ ᠦᠵᠤᠭᠦᠷ ᠢ ᠲᠡᠭᠷᠢ ᠭᠠᠵᠠᠷ᠂ ᠭᠠᠯ ᠰᠠᠭᠢᠭᠤᠯᠰᠤᠨ ᠳᠤ ᠪᠠᠨ ᠡᠷᠭᠦᠵᠤ ᠳᠠᠭᠢᠯᠭ᠎ᠠ ᠭᠢᠭᠦ ᠶᠢᠨ ᠬᠠᠮᠳᠤ | ᠮᠠᠯ ᠤᠨ ᠭᠡᠰᠢᠭ ᠪᠤᠶᠠᠨ ᠢ ᠢᠷᠤᠭᠡᠨ ᠳᠠᠯᠠᠯᠳᠠᠭ ᠪᠠᠶᠢᠨ᠎ᠠ᠃ ᠭᠦᠵᠤᠭᠦᠤ ᠶᠢ ᠦᠶᠡᠯᠡᠵᠤ ᠮᠦᠴᠢᠯᠡᠭᠦ ᠨᠢ ᠡᠷ᠎ᠡ | ᠭᠦᠮᠤᠨ ᠤ ᠴᠢᠳᠠᠯ᠂ ᠤᠬᠠᠭ᠎ᠠ ᠰᠠᠮᠪᠠᠭ᠎ᠠ ᠶᠢ ᠰᠤᠷᠢᠭᠰᠠᠨ ᠭᠡᠷᠡᠭ ᠪᠤᠯᠤᠨ᠎ᠠ᠃ ᠬᠤᠷᠢᠮ ᠳᠡᠭᠡᠷ᠎ᠡ ᠰᠢᠨ᠎ᠡ ᠭᠦᠷᠭᠡᠨ ᠢᠶᠠᠷ | ᠭᠦᠵᠤᠭᠦᠤ ᠨᠤᠭᠤᠯᠤᠭᠤᠯᠳᠠᠭ ᠶᠤᠰᠤᠨ ᠪᠤᠢ᠃ ᠠᠷᠠᠳ ᠤᠨ ᠦᠭᠡᠨ ᠳᠤ ︽ᠡᠷᠬᠢᠭᠦᠯᠵᠤ ᠳᠤᠭᠤᠷᠢᠭᠤᠯᠵᠤ | ᠮᠦᠯᠵᠢᠭᠦ ᠳᠤ ᠭᠦᠵᠤᠭᠦᠨ ᠮᠢᠬ᠎ᠠ ᠠᠮᠳᠠᠳᠠᠢ︾ ᠭᠡᠵᠤ ᠭᠦᠵᠤᠭᠦᠤ ᠶᠢ ᠰᠠᠯᠭᠠᠬᠤ ᠪᠠ ᠮᠦᠯᠵᠢᠭᠦ ᠶᠢ ᠮᠠᠰᠢ | ᠭᠦᠨᠳᠤᠳᠭᠡᠳᠡᠭ᠃ ᠠᠬᠠᠮᠠᠳ ᠭᠦᠮᠤᠨ ᠪᠤᠶᠤ ᠵᠤᠴᠢᠨ ᠤ ᠡᠮᠤᠨ᠎ᠡ ᠭᠦᠵᠤᠭᠦᠤ᠂ ᠪᠤᠭᠤᠨᠢ ᠬᠠᠪᠢᠰᠤ᠂ ᠬᠠᠷ᠎ᠠ ᠰᠡᠭᠡᠷ | ᠨᠢᠷᠤᠭᠤ᠂ ᠤᠬᠤᠷ ᠰᠡᠭᠦᠯ᠂ ᠦᠨᠤᠴᠢᠨ ᠰᠦᠪᠡᠭᠡ᠂ ᠳᠤᠶᠢᠭ᠂ ᠪᠤᠷᠪᠢ᠂ ᠱᠠᠭ᠎ᠠ ᠳᠠᠯᠪᠢᠬᠤ ᠶᠢ ᠴᠡᠭᠡᠷᠯᠡᠳᠡᠭ | ᠶᠤᠰᠤᠨ ᠪᠤᠢ᠃ ᠮᠤᠩᠭᠤᠯᠴᠤᠳ ᠦᠭᠡᠷ ᠤᠨ ᠠᠮᠠᠨ ᠭᠦᠵᠤᠭᠦᠤ᠂ ᠪᠤᠭᠤᠨᠢ ᠬᠠᠪᠢᠰᠤ ᠪᠠᠷ ᠭᠠᠯ ᠰᠢᠳᠤᠭᠡᠨ ᠢᠶᠠᠨ | ᠳᠠᠭᠢᠵᠤ᠂ ᠢᠷᠡᠭᠦ ᠨᠢᠭᠡ ᠵᠢᠯ ᠳᠤ ᠪᠠᠨ ᠭᠦᠮᠤᠨ ᠮᠠᠯ᠂ ᠪᠠᠶᠢᠭᠠᠯᠢ ᠤᠷᠴᠢᠨ ᠤ ᠰᠠᠶᠢᠨ ᠰᠠᠶᠢᠬᠠᠨ ᠪᠠᠶᠢᠬᠤ ᠶᠢ | ᠳᠠᠭᠠᠳᠬᠠᠵᠤ ᠭᠡᠰᠢᠭ ᠪᠤᠶᠠᠨ ᠢ ᠨᠢ ᠬᠤᠷᠦ᠋ᠢᠯᠠᠨ ᠳᠠᠯᠠᠯᠵᠤ ᠳᠠᠭᠠᠳᠬᠠᠳᠠᠭ ᠪᠠᠶᠢᠨ᠎ᠠ᠃ ᠳᠠᠯᠤᠨ ᠳᠤ ᠳᠠᠯᠠᠨ ᠰᠢᠨᠵᠢ | ᠢᠯᠡᠷᠡᠨ᠎ᠡ᠂ ᠳᠠᠯᠤᠨ ᠮᠢᠬ᠎ᠠ ᠶᠢ ᠳᠠᠶᠠᠭᠠᠷ ᠭᠡᠮᠡᠨ ᠳᠠᠶᠠᠭᠠᠷ ᠲᠤ ᠳᠦᠭᠡᠭᠡᠳᠡᠭ᠃ ᠳᠠᠯᠤᠨ ᠮᠢᠬ᠎ᠠ ᠶᠢ ᠭᠠᠭᠴᠠᠭᠠᠷ | ᠢᠳᠡᠭᠦ ᠪᠤᠶᠤ ᠰᠢᠳᠤ ᠪᠠᠷ ᠮᠡᠷᠡᠬᠦ ᠶᠢ ᠴᠡᠭᠡᠷᠯᠡᠵᠤ᠂ ᠵᠠᠪᠡᠯ ᠭᠢᠳᠤᠭ᠎ᠠ ᠪᠠᠷ ᠴᠠᠭᠠᠯᠠᠳᠠᠭ᠃ ᠵᠤᠴᠢᠨ ᠭᠦᠮᠤᠨ ᠳᠠᠯᠤ | ᠴᠠᠭᠠᠯᠠᠬᠤ ᠶᠢ ᠴᠡᠭᠡᠷᠯᠡᠨ᠎ᠡ᠂ ᠭᠡᠷ ᠤᠨ ᠡᠵᠡᠨ ᠢ ᠳᠤᠷᠤᠮᠵᠢᠯᠠᠭᠰᠠᠨ ᠪᠤᠶᠤ ᠬᠤᠪᠢ ᠵᠡᠶᠠᠭᠠ ᠶᠢ ᠰᠢᠨᠵᠢᠭᠰᠡᠨ ᠶᠠᠪᠤᠳᠠᠯ | ᠭᠡᠮᠡᠨ ᠴᠡᠭᠡᠷᠯᠡᠳᠡᠭ᠃ ᠳᠦᠯᠭᠡ ᠰᠢᠨᠵᠢᠭᠦ ᠳᠠᠯᠤ ᠶᠢ ᠶᠡᠷᠤ ᠭᠢᠨᠠᠮᠠᠭᠠᠢ ᠮᠦᠯᠵᠢᠳᠡᠭ᠂ ᠭᠢᠳᠤᠭᠠᠨ ᠤ ᠰᠤᠷᠪᠢ | ᠦᠯᠡᠳᠡᠭᠡᠭᠦ ᠶᠢ ᠴᠦ ᠤᠨᠴᠠ ᠭᠢᠴᠢᠶᠡᠳᠡᠭ ᠪᠢᠯᠡ᠃ ᠴᠠᠭᠠᠯᠠᠭᠰᠠᠨ ᠳᠠᠯᠤᠨ ᠶᠠᠰᠤ ᠪᠠᠨ ᠪᠦᠳᠤᠨ ᠤᠷᠭᠢᠳᠠᠭ ᠦᠭᠡᠢ᠃ | ᠵᠠᠪᠡᠯ ᠴᠤᠭᠤᠯᠬᠤ ᠪᠤᠶᠤ ᠭᠠᠯ ᠳᠤ ᠳᠦᠯᠡᠵᠤ ᠡᠷᠭᠦᠳᠡᠭ᠂ ᠦᠭᠡᠢ ᠪᠤᠯ ᠰᠢᠨᠵᠢᠭᠡᠴᠢᠨ ᠳᠤ ᠦᠭᠳᠡᠪᠡᠯ ᠠᠶᠢᠯ ᠭᠡᠷ ᠤᠨ | ᠪᠦᠭᠦ ᠤᠴᠢᠷ ᠢ ᠮᠡᠳᠡᠭᠦ ᠠᠴᠠ ᠰᠡᠷᠡᠮᠵᠢᠯᠡᠨ ᠵᠠᠪᠡᠯ ᠴᠤᠭᠤᠯᠵᠤ ᠳᠤᠮ ᠰᠢᠪᠰᠢᠯᠭᠡ ᠬᠢᠳᠡᠭ ᠶᠤᠰᠤᠨ ᠪᠤᠢ᠃ ᠳᠠᠯᠤ ᠪᠠᠨ | ᠰᠠᠶᠢᠬᠠᠨ ᠴᠠᠭᠠᠯᠠᠭᠰᠠᠨ ᠤ ᠬᠤᠶᠢᠨ᠎ᠠ ︽ ᠲᠠᠭᠠᠨ ᠠᠳᠤᠭᠤᠨ ᠳᠠᠯ᠎ᠠ ᠭᠦᠷᠤᠭᠡᠷᠡᠢ᠂ ᠲᠠᠯ᠎ᠠ ᠪᠠᠷ ᠳᠦᠭᠦᠷᠡᠩ | ᠠᠳᠤᠭᠤ ᠲᠠᠢ ᠪᠤᠯ ᠲᠠᠷᠭᠢ ᠬᠤᠩᠭᠤᠷ ᠠᠵᠢᠷᠭ᠎ᠠ ᠲᠠᠢ ᠪᠤᠯ᠂ ᠳᠡᠩᠳᠡ ᠵᠢᠷᠤᠭ᠎ᠠ ᠪᠠᠶᠢᠬᠤ ᠪᠤᠯᠳᠤᠭᠠᠢ︕ ᠁ | ᠳᠠᠯ᠎ᠠ ᠶᠢᠨ ᠳᠠᠪᠠᠭ᠎ᠠ ᠶᠢ ᠳᠠᠪᠠᠵᠤ ᠳᠠᠪᠠᠳᠠᠢ ᠰᠠᠶᠢᠬᠠᠨ ᠵᠢᠷᠭᠠᠳᠤᠭᠠᠢ︕︾ ᠭᠡᠭᠦ ᠮᠡᠳᠤᠴᠢᠯᠡᠨ ᠢᠷᠤᠭᠡᠳᠡᠭ᠃ ᠵᠢᠭᠡ | ᠭᠦᠮᠤᠨ ᠨᠠᠭᠠᠴᠤ ᠶᠢᠨ ᠳᠡᠷᠭᠡᠳᠡ ᠳᠠᠯᠤ ᠢᠳᠡᠭᠦ ᠪᠠᠶᠢᠳᠤᠭᠠᠢ ᠭᠠᠷ ᠴᠦ ᠬᠦᠷᠴᠤ ᠪᠤᠯᠳᠠᠭ ᠦᠭᠡᠢ᠂ ᠨᠠᠭᠠᠴᠤ ᠨᠢ | ᠶᠠᠳᠠᠭᠤᠷᠠᠬᠤ ᠪᠤᠶᠤ ᠦᠭᠡᠶᠢᠷᠡᠨ᠎ᠡ ᠭᠡᠳᠡᠭ᠂ ᠬᠠᠷᠢᠨ ᠠᠬᠠᠰ ᠵᠠᠬᠠᠰ ᠠᠬᠠᠮᠠᠳ ᠨᠢ ᠳᠠᠶᠠᠭᠠᠷ ᠲᠤ ᠳᠦᠭᠡᠭᠡᠳᠡᠭ᠃ | ᠬᠠᠷᠢᠳᠤ ᠴᠢᠮᠤᠭᠡ ︵ᠪᠠᠰᠠ ᠵᠠᠷᠢᠮ ᠨᠤᠳᠤᠭ ᠲᠤ ᠪᠤᠭᠳᠤ ᠴᠢᠮᠤᠭᠡ᠂ ᠪᠠᠶᠠᠨ ᠳᠦᠷᠤᠭᠦᠤ ᠴᠢᠮᠤᠭᠡ ᠴᠦ ᠭᠡᠳᠡᠭ︶ ᠶᠢ | ᠵᠤᠴᠢᠨ ᠳᠤ ᠦᠭᠬᠦ ᠶᠢ ᠴᠡᠭᠡᠷᠯᠡᠨ᠎ᠡ᠃ ︽ᠬᠠᠷᠢᠭᠤ ᠦᠭᠡᠢ ᠭᠦᠮᠤᠨ ᠳᠤ ᠬᠠᠷᠢᠳᠤ ᠴᠢᠮᠤᠭᠡ ᠦᠭᠳᠡᠭ︾ ᠭᠡᠳᠡᠭ | ᠭᠡᠯᠡᠯᠭᠡ ᠠᠴᠠ ᠵᠠᠶᠢᠯᠠᠰᠬᠢᠳᠠᠭ᠃ ᠬᠠᠷᠢ ᠳᠤ ᠮᠤᠷᠳᠠᠬᠤ ᠦᠭᠢᠨ ᠢᠶᠠᠨ ᠮᠤᠷᠳᠠᠭᠤᠯᠬᠤ ᠦᠶ᠎ᠡ ᠳᠤ ᠭᠦᠷᠭᠡᠨ | ᠭᠡᠤᠭᠡᠨ ᠳᠤ ᠪᠠᠨ ᠰᠦᠨ ᠠᠪᠤ ᠨᠢ ᠬᠠᠷᠢᠳᠤ ᠴᠢᠮᠤᠭᠡ ᠶᠢ ᠳᠠᠰᠢᠵᠤ ᠰᠢᠪᠡᠭᠡ ᠳᠤᠰᠤ ᠶᠢ ᠨᠢ ᠬᠤᠪᠢᠶᠠᠨ ᠢᠳᠡᠭᠦᠯᠳᠡᠭ | ᠶᠤᠰᠤᠨ ᠪᠤᠢ᠃ ᠡᠨᠡ ᠨᠢ ︽ᠬᠠᠷᠢ ᠳᠤ ᠦᠭᠭᠦᠭᠰᠠᠨ ᠭᠡᠤᠭᠡᠨ ᠬᠠᠳᠠᠨ ᠳᠤ ᠬᠠᠷᠪᠤᠭᠰᠠᠨ ᠰᠤᠮᠤ ᠬᠠᠷᠢᠯᠳᠠ ᠦᠭᠡᠢ︾ | ᠭᠡᠭᠦ ᠭᠡᠯᠡᠯᠭᠡ ᠠᠴᠠ ᠢᠷᠡᠯ ᠲᠠᠢ ᠪᠤᠶᠤ ᠭᠡᠤᠭᠡᠨ ᠭᠦᠷᠭᠡᠨ ᠤ ᠪᠠᠨ ᠤᠷᠤᠭ ᠬᠤᠷᠢᠮ ᠪᠠᠳᠤ ᠪᠠᠭᠢ᠂ ᠠᠮᠢᠳᠤᠷᠠᠯ ᠨᠢ | ᠦᠭᠡᠳᠡ ᠡᠰᠡᠷᠡᠭ᠂ ᠳᠦᠭᠦᠷᠡᠩ ᠳᠠᠪᠠᠳᠠᠢ ᠪᠠᠶᠢᠭ᠎ᠠ ᠶᠢ ᠪᠡᠯᠭᠡᠳᠡᠭᠰᠡᠨ ᠤᠴᠢᠷ ᠪᠤᠯᠤᠨ᠎ᠠ᠃ ᠡᠩ ᠤᠨ ᠦᠶ᠎ᠡ ᠳᠤ | ᠴᠢᠮᠤᠭᠡ ᠶᠢᠨ ᠳᠤᠰᠤ ᠶᠢ ᠬᠤᠪᠢᠶᠠᠵᠤ ᠢᠳᠠᠭᠦ ᠶᠢ ᠴᠡᠭᠡᠷᠯᠡᠳᠡᠭ᠃ ᠪᠤᠭᠳᠤᠭ᠎ᠠ ᠴᠢᠮᠤᠭᠡ ︵ᠪᠠᠰᠠ ᠵᠠᠯᠠᠭ᠎ᠠ ᠴᠢᠮᠤᠭᠡ | ᠴᠦ ᠭᠡᠳᠡᠭ᠂ ᠮᠠᠨᠵᠤ ᠶᠢᠨ ᠨᠤᠶᠠᠳ ᠳᠦᠰᠢᠮᠡᠳ ᠤᠨ ᠮᠠᠯᠠᠭᠠᠢ ᠶᠢᠨ ᠵᠠᠯᠠᠭ᠎ᠠ ᠠᠳᠠᠯᠢ ᠪᠤᠭᠳᠤᠭ᠎ᠠ ᠴᠢᠮᠤᠭᠡ ᠶᠢ | ᠦᠶᠡᠯᠡᠭᠦ ᠦᠶᠡᠰ ᠲᠤ ᠰᠦᠭᠡᠮ ᠬᠢᠷᠢ ᠵᠠᠯᠠᠭ᠎ᠠ ᠦᠯᠡᠳᠡᠭᠡᠳᠡᠭ︶ ᠶᠢ ᠴᠠᠭᠠᠯᠠᠬᠤ ᠳᠤ ᠪᠠᠨ ᠬᠠᠨᠭ᠍ᠭᠢᠷᠴᠠᠭ ︵ᠤᠶᠢᠯᠡᠷ | ᠪᠤᠶᠤ ᠵᠤᠪᠠᠯᠠᠩ︶ ᠤᠨ ᠵᠢᠷᠭᠤᠭᠠᠨ ᠶᠠᠰᠤ ᠶᠢ ᠨᠢ ᠮᠦᠯᠵᠢᠭᠡᠳ ᠵᠦᠭ ᠪᠤᠯᠭᠠᠨ ᠳᠤ ᠰᠠᠴᠤᠳᠠᠭ᠃ ︽ᠠᠯᠠᠵᠤ | ᠢᠳᠡᠭᠦ ᠶᠢ ᠨᠢ ᠢᠳᠡᠪᠡ᠂ ᠬᠠᠨᠭ᠍ᠭᠢᠷᠴᠠᠭ ᠢ ᠮᠢᠨᠢ ᠰᠠᠯᠭᠠᠬᠤ ᠶᠢ ᠶᠠᠭᠠᠭᠢᠨ᠎ᠠ ᠳ᠋ᠠ︕︾ ᠭᠡᠵᠤ ᠮᠠᠯ ᠨᠢ ᠡᠵᠡᠨ ᠳᠤ ᠪᠠᠨ | ᠭᠤᠮᠤᠳᠠᠬᠤ ᠶᠢ ᠴᠡᠭᠡᠷᠯᠡᠭᠰᠡᠨ ᠭᠡᠯᠡᠯᠭᠡ ᠪᠠᠶᠢᠳᠠᠭ ᠨᠢ ᠮᠥᠨ ᠴᠦ ᠴᠡᠪᠡᠷ ᠰᠠᠶᠢᠬᠠᠨ ᠮᠦᠯᠵᠢᠭᠦ ᠶᠢ ᠱᠠᠭᠠᠷᠳᠠᠭᠰᠠᠨ | ᠶᠠᠪᠤᠳᠠᠯ ᠪᠤᠯᠤᠨ᠎ᠠ᠃ ᠮᠦᠯᠵᠢᠭᠰᠡᠨ ᠤ ᠬᠤᠶᠢᠨ᠎ᠠ ᠤᠶᠢᠯᠡᠷ ᠤᠨ ᠵᠢᠷᠭᠤᠭᠠᠨ ᠭᠡᠰᠡᠭ ᠶᠡᠰᠤ ᠶᠢ ᠨᠢᠭᠡ ᠳᠤᠤᠷ᠎ᠠ | ᠳᠠᠯᠪᠢᠬᠤ ᠶᠢ ᠴᠡᠭᠡᠷᠯᠡᠨ᠎ᠡ᠃ ᠤᠶᠢᠯᠡᠷ ᠬᠤᠷᠠᠵᠤ ᠭᠠᠢ ᠪᠠᠷᠴᠢᠳ ᠪᠤᠯᠤᠨ᠎ᠠ ᠭᠡᠮᠡᠨ ᠪᠠᠷᠢᠨ ᠳᠤᠤᠷ᠎ᠠ ᠨᠢ ᠰᠠᠴᠤᠵᠤ | ᠤᠷᠭᠢᠳᠠᠭ ᠶᠤᠰᠤᠨ ᠪᠤᠢ᠃ ᠪᠤᠭᠳᠤᠭ᠎ᠠ ᠴᠢᠮᠤᠭᠡ ᠶᠢᠨ ᠪᠦᠯᠡᠭᠡ ᠶᠢ ︽ᠬᠠ ᠶᠢᠨ ᠬᠤᠶᠠᠩ︾ ᠳᠤ ᠳᠠᠭᠠᠷᠢᠭᠳᠠᠨ᠎ᠠ | ᠭᠡᠮᠡᠨ ᠭᠡᠤᠭᠡᠳ ᠪᠤᠶᠤ ᠨᠠᠰᠤᠳᠠᠢ ᠭᠦᠮᠤᠨ ᠢᠳᠡᠭᠦ ᠶᠢ ᠴᠡᠭᠡᠷᠯᠡᠨ᠎ᠡ᠃ ᠬᠠᠷᠢ ᠳᠠᠶᠢᠰᠤᠨ ᠤ ᠬᠤᠤᠷᠯᠠᠯ ᠢ ᠠᠮᠰᠠᠨ᠎ᠠ ᠴᠦ | ᠭᠡᠳᠡᠭ ᠭᠡᠯᠡᠯᠭᠡ ᠪᠤᠢ᠃ ᠪᠤᠭᠳᠤᠭ᠎ᠠ ᠴᠢᠮᠤᠭᠡ ᠨᠢ ᠪᠤᠯᠴᠢᠩ ᠪᠤᠶᠤ ᠰᠢᠷᠪᠤᠰᠦᠯᠢᠭ ᠮᠢᠬ᠎ᠠ ᠡᠯᠪᠡᠭ ᠤᠴᠢᠷ | ᠬᠠᠭ᠋ᠠᠬᠤ ᠠᠴᠠ ᠭᠢᠴᠢᠶᠡᠭᠰᠡᠨ ᠶᠠᠪᠤᠳᠠᠯ ᠪᠤᠯᠤᠨ᠎ᠠ᠃ ᠪᠤᠭᠳᠤᠭ᠎ᠠ ᠴᠢᠮᠤᠭᠡ ᠶᠢ ᠡᠴᠢᠭᠡ ᠶᠢᠨ ᠭᠠᠭᠴᠠ ᠭᠦᠤ ᠢᠳᠡᠭᠦ ᠶᠢ | ᠴᠡᠭᠡᠷᠯᠡᠨ᠎ᠡ᠂ ᠭᠠᠭᠴᠠ ᠭᠦᠪᠡᠭᠦᠨ ᠤ ᠠᠬ᠎ᠠ ᠭᠡᠮᠡᠨ ᠭᠦᠨᠳᠤᠳᠭᠡᠳᠡᠭ ᠠᠴᠠ ᠲᠡᠭᠡᠵᠤ ᠴᠡᠭᠡᠷᠯᠡᠳᠡᠭ᠃ ︽ᠭᠠᠭᠴᠠ | ᠭᠦᠮᠤᠨ ᠶᠠᠪᠤᠪᠠᠯ ᠮᠠᠯᠠᠭᠠᠢ ᠨᠢ ᠠᠬ᠎ᠠ᠂ ᠬᠤᠶᠠᠷ ᠭᠦᠮᠤᠨ ᠶᠠᠪᠤᠪᠠᠯ ᠨᠢᠭᠡ ᠨᠢ ᠠᠬ᠎ᠠ᠂ ᠭᠠᠭᠴᠠ ᠭᠦᠪᠡᠭᠦᠨ ᠳᠤ | ᠪᠤᠭᠳᠤᠭ᠎ᠠ ᠴᠢᠮᠤᠭᠡ ᠨᠢ ᠠᠬ᠎ᠠ︾ ᠭᠡᠳ ᠭᠡᠷ ᠤᠨ ᠭᠦᠮᠤᠰ ᠨᠢ ᠪᠤᠭᠳᠤᠭ᠎ᠠ ᠴᠢᠮᠤᠭᠡᠨ ᠤ ᠵᠠᠯᠠᠭ᠎ᠠ ᠶᠢᠨ ᠮᠢᠬ᠎ᠠ ᠶᠢ ᠨᠢ | ᠭᠦᠨᠳᠡᠵᠤ᠂ ᠭᠦᠮᠤᠰ ᠲᠤ ᠳᠦᠭᠡᠭᠦ ᠳᠤ ᠭᠠᠭᠴᠠ ᠭᠦᠪᠡᠭᠦᠨ ᠴᠦ ᠢᠳᠡᠵᠤ ᠪᠤᠯᠤᠨ᠎ᠠ᠂ ᠭᠡᠳᠡᠯ᠎ᠡ ᠭᠠᠭᠴᠠ ᠭᠦᠪᠡᠭᠦᠨ | ᠶᠠᠰᠤ ᠶᠢ ᠨᠢ ᠮᠦᠯᠵᠢᠳᠡᠭ ᠦᠭᠡᠢ᠃ ᠶᠠᠰᠤ ᠶᠢ ᠨᠢ ᠮᠦᠯᠵᠢᠪᠡᠯ ᠠᠬ᠎ᠠ ᠭᠦᠮᠤᠨ ᠤ ᠳᠤᠯᠤᠭᠠᠢ ᠶᠢ ᠬᠠᠵᠡᠯᠡ ᠭᠡᠵᠤ | ᠴᠡᠭᠡᠷᠯᠡᠳᠡᠭ᠃ ᠪᠤᠭᠳᠤᠭ᠎ᠠ ᠴᠢᠮᠤᠭᠡ ᠶᠢ ᠴᠠᠭᠠᠯᠠᠵᠤ ᠪᠠᠷᠠᠭᠠᠳ ᠭᠡᠷ ᠤᠨ ᠳᠤᠳᠤᠭᠤ ᠶᠢᠨ ᠳᠡᠭᠡᠷ᠎ᠡ ᠳᠠᠯᠪᠢᠵᠤ᠂ ᠭᠠᠢ | ᠪᠠᠷᠴᠢᠳ ᠭᠡᠷ ᠲᠤ ᠤᠷᠤᠬᠤ ᠶᠢ ᠰᠡᠷᠭᠡᠶᠢᠯᠡᠨ᠎ᠡ ᠭᠡᠮᠡᠨ ᠪᠡᠯᠭᠡᠰᠢᠶᠡᠳᠡᠭ ᠶᠤᠰᠤᠨ ᠪᠤᠢ᠃ ᠪᠤᠭᠤᠨᠢ ᠬᠠᠪᠢᠰᠤ᠂ ᠪᠤᠷᠪᠢ᠂ | ᠳᠤᠶᠢᠭ᠂ ᠱᠠᠭ᠎ᠠ ᠶᠢ ᠰᠠᠶᠢᠬᠠᠨ ᠮᠦᠯᠵᠢᠵᠤ᠂ ᠱᠠᠭ᠎ᠠ ᠶᠢ ᠨᠢ ᠠᠪᠴᠤ ᠤᠷᠭᠢᠵᠤ᠂ ᠶᠠᠭᠤ ᠪᠤᠰᠤᠭᠰᠠᠨ ᠢ ᠰᠢᠨᠵᠢᠨ | ᠪᠡᠯᠭᠡ ᠳᠡᠮᠪᠡᠷᠢᠯ ᠲᠠᠢ ᠦᠭᠡ ᠰᠢᠯᠦᠭ ᠢᠶᠠᠷ ᠢᠷᠤᠭᠡᠨ ᠵᠦᠩᠨᠡᠳᠡᠭ ᠶᠤᠰᠤᠨ ᠪᠤᠢ᠃ ᠱᠠᠭᠠᠨ ᠳᠤ ᠲᠠᠪᠤᠨ ᠬᠤᠰᠢᠭᠤ | ᠮᠠᠯ ᠤᠨ ᠰᠢᠨᠵᠢ ᠳᠡᠮᠳᠡᠭ ᠢᠯᠡᠷᠡᠳᠡᠭ ᠭᠡᠮᠡᠨ ᠦᠵᠡᠭᠦ ᠪᠠᠷ ᠪᠠᠷᠠᠬᠤ ᠦᠭᠡᠢ ᠮᠤᠩᠭᠤᠯ ᠵᠢᠷᠤᠬᠠᠢ ᠶᠢᠨ ᠤᠬᠠᠭᠠᠨ ᠳᠤ | ᠱᠠᠭ᠎ᠠ ᠪᠠᠷ ᠳᠦᠯᠭᠡ ᠮᠡᠷᠭᠡ ᠦᠵᠡᠳᠡᠭ ᠶᠠᠪᠤᠳᠠᠯ ᠪᠤᠢ᠃ ᠳᠤᠶᠢᠭ ᠰᠠᠶᠢᠬᠠᠨ ᠮᠦᠯᠵᠢᠪᠡᠯ ᠭᠡᠤᠭᠡᠳ ᠰᠠᠶᠢᠬᠠᠨ | ᠳᠦᠷᠤᠨ᠎ᠡ ᠭᠡᠮᠡᠨ ᠰᠠᠶᠢᠬᠠᠨ ᠮᠦᠯᠵᠢᠳᠡᠭ᠂ ᠳᠤᠶᠢᠭ ᠤᠨ ᠶᠠᠰᠤ ᠶᠢ ᠳᠤᠭᠤᠨᠤ ᠪᠠᠷ ᠴᠤᠭᠢᠨ ᠭᠠᠷᠭᠠᠭᠠᠳ ᠠᠯᠢ | ᠵᠦᠭ ᠲᠤ ᠤᠨᠠᠭᠰᠠᠨ ᠪᠤᠯ ᠳᠠᠷᠡ ᠵᠦᠭ ᠠᠴᠠ ᠬᠤᠷᠳᠤᠨ ᠮᠤᠷᠢᠨ ᠤ ᠭᠡᠰᠢᠭ ᠢᠷᠡᠨ᠎ᠡ ᠭᠡᠮᠡᠨ ᠪᠡᠯᠭᠡᠰᠢᠶᠡᠳᠡᠭ᠃ | ᠭᠡᠤᠭᠡᠳ ᠲᠤ ᠪᠤᠭᠤᠨᠢ ᠬᠠᠪᠢᠰᠤ ᠢᠳᠡᠭᠦᠯᠳᠡᠭ ᠦᠭᠡᠢ ᠨᠢ ᠪᠤᠭᠤᠨᠢ ᠬᠠᠪᠢᠰᠤ ᠨᠢ ᠪᠠᠭᠠᠯᠵᠠᠭᠤᠷ ᠭᠦᠵᠤᠭᠦᠤ ᠲᠠᠢ | ᠵᠠᠯᠭᠠᠯᠳᠤᠵᠤ ᠮᠠᠰᠢ ᠤᠯᠠᠨ ᠴᠢᠰᠤᠨ ᠰᠤᠳᠠᠯ ᠳᠦᠪᠯᠡᠷᠡᠵᠤ ᠪᠠᠶᠢᠭ᠎ᠠ ᠮᠦᠷᠳᠡᠭᠡᠨ ᠪᠤᠯᠴᠢᠷᠬᠠᠢ ᠤᠯᠠᠨ ᠪᠠᠶᠢᠳᠠᠭ ᠠᠴᠠ | ᠭᠡᠤᠭᠡᠳ ᠪᠤᠯᠴᠢᠷᠬᠠᠢ ᠶᠢ ᠡ᠊ᠨᠳᠡᠭᠦᠷᠡᠵᠤ ᠢᠳᠡᠭᠦ ᠠᠴᠠ ᠰᠡᠷᠭᠡᠶᠢᠯᠡᠭᠰᠡᠨ ᠶᠠᠪᠤᠳᠠᠯ ᠪᠤᠯᠤᠨ᠎ᠠ᠃ ᠡᠶᠢᠮᠤ ᠠᠴᠠ ︽ᠪᠤᠭᠤᠨᠢ | ᠬᠠᠪᠢᠰᠤ ᠢᠳᠡᠪᠡᠯ ᠪᠤᠭᠤᠨᠢ ᠪᠡᠶ᠎ᠡ ᠲᠠᠢ ᠪᠤᠯᠤᠨ᠎ᠠ︾ ᠭᠡᠰᠡᠨ ᠭᠠᠭᠴᠠᠬᠠᠨ ᠦᠭᠦᠯᠡᠪᠤᠷᠢ ᠪᠠᠷ ᠴᠡᠭᠡᠷᠯᠡᠯ ᠪᠤᠯᠭᠠᠨ | ᠭᠡᠤᠭᠡᠳ ᠢᠶᠠᠨ ᠰᠤᠷᠭᠠᠳᠠᠭ ᠪᠠᠶᠢᠨ᠎ᠠ᠃ ᠬᠡᠦᠬᠡᠳ ᠲᠤ ᠪᠠᠨ ︽ᠮᠢᠩᠭᠠᠨ ᠱᠠᠭ᠎ᠠ ᠳᠤ ᠨᠢᠭᠡ ᠠᠯᠳᠠᠨ ᠱᠠᠭ᠎ᠠ ᠪᠠᠶᠢᠳᠠᠭ᠂ | ᠳᠤᠶᠢᠭ ᠰᠠᠶᠢᠬᠠᠨ ᠮᠦᠯᠵᠢᠪᠡᠯ ᠮᠠᠯ ᠦᠰᠭᠦ᠂ ᠬᠤᠷᠳᠤᠨ ᠮᠤᠷᠢ ᠭᠠᠷᠤᠨ᠎ᠠ ᠭᠡᠭᠦ ᠪᠤᠶᠤ ᠠᠴᠢᠷ ᠦᠷ᠎ᠡ ᠨᠢ ᠭᠡᠭᠡᠨᠴᠢᠷ | ᠭᠤᠶᠤ ᠰᠡᠴᠡᠨ ᠰᠡᠷᠭᠦᠯᠡᠩ ᠳᠦᠷᠤᠨ᠎ᠡ︾ ᠭᠡᠮᠡᠨ ᠵᠠᠬᠢᠳᠠᠭ ᠠᠴᠠ ᠬᠡᠦᠬᠡᠳ ᠶᠠᠰᠤ ᠶᠢ ᠬᠠᠮᠢᠶ᠎ᠠ ᠦᠭᠡᠢ ᠬᠠᠶᠠᠵᠤ | ᠤᠷᠭᠢᠬᠤ ᠶᠢ ᠭᠢᠴᠢᠶᠡᠨ ᠬᠠᠷᠠᠬᠠᠨ ᠪᠠᠭ᠎ᠠ ᠠᠴᠠ ᠠᠮᠢᠳᠤᠷᠠᠯ ᠤᠨ ᠳᠤᠮᠳᠠ ᠵᠢᠷᠤᠮᠯᠠᠳᠠᠭ ᠪᠠᠶᠢᠨ᠎ᠠ᠃ ᠪᠠᠰᠠ ᠰᠡᠭᠦᠵᠢ ᠶᠢ | ᠮᠦᠯᠵᠢᠵᠤ ᠬᠤᠩᠭᠢᠶ᠎ᠠ ᠶᠢ ᠨᠢ ᠰᠡᠳᠠᠯᠠᠳᠡᠭ᠂ ᠰᠡᠭᠦᠵᠢᠨ ᠬᠤᠭᠤᠰᠤᠨ ᠶᠠᠰᠤ ᠶᠢ ᠭᠡᠷ ᠲᠤ ᠬᠤᠨᠤᠭᠤᠯᠳᠠᠭ ᠦᠭᠡᠢ | ᠶᠤᠰᠤᠨ ᠪᠤᠢ᠃ ᠰᠡᠭᠦᠵᠢᠨ ᠨᠦᠭᠡᠨ ᠳᠤ ᠨᠢ ᠮᠠᠭᠤ ᠶᠠᠭᠤᠮ᠎ᠠ ᠤᠷᠤᠰᠢᠵᠤ ᠭᠠᠢ ᠪᠠᠷᠴᠢᠳ ᠪᠤᠯᠤᠨ᠎ᠠ ᠭᠡᠮᠡᠨ | ᠴᠡᠭᠡᠷᠯᠡᠳᠡᠭ᠃ | ᠬᠤᠷᠢᠮ ᠨᠠᠶᠢᠷ ᠲᠤ ᠳᠠᠯᠪᠢᠭᠰᠠᠨ ᠰᠢᠭᠦᠰᠤᠨ ᠤ ᠮᠢᠬ᠎ᠠ ᠶᠢ ᠰᠢᠳᠤ ᠪᠠᠷ ᠮᠡᠷᠡᠬᠦ ᠪᠤᠶᠤ ᠶᠡᠰᠤ ᠶᠢ ᠨᠢ | ᠴᠠᠭᠠᠯᠠᠬᠤ ᠶᠢ ᠴᠡᠭᠡᠷᠯᠡᠳᠡᠭ᠃ ᠦᠩᠭᠡᠷᠡᠭᠰᠡᠨ ᠨᠡᠶᠢᠭᠡᠮ ᠳᠤ ᠬᠤᠷᠢᠮ ᠨᠠᠶᠢᠷ ᠲᠤ ᠭᠡᠨ ᠨᠢ ᠶᠠᠭᠤ ᠶᠢ ᠢᠳᠡᠭᠦ ᠨᠢ | ᠳᠤᠳᠤᠷᠬᠠᠢ ᠬᠤᠪᠢᠶᠠᠷᠢᠯᠠᠯ ᠲᠠᠢ ᠪᠠᠶᠢᠳᠠᠭ᠃ ᠤᠭᠤᠴᠠ ᠨᠢ ᠡᠵᠡᠨ ᠨᠤᠶᠡᠳ ᠭᠡᠷᠭᠡᠮᠳᠡᠨ ᠤ ᠵᠤᠭᠤᠭ᠂ ᠰᠡᠭᠦᠵᠢ ᠨᠢ | ᠮᠠᠶᠢᠷᠠᠨ ᠪᠢᠴᠢᠭᠡᠴᠢ ᠶᠢᠨ ᠵᠤᠭᠤᠭ᠂ ᠡᠪᠴᠢᠭᠦᠤ ᠨᠢ ᠬᠠᠳᠤᠨ ᠪᠤᠶᠤ ᠪᠡᠷᠢ ᠪᠡᠷᠭᠡᠳ ᠤᠨ ᠵᠤᠭᠤᠭ᠂ ᠰᠡᠭᠡᠷ ᠳᠠᠯᠤ ᠨᠢ | ᠨᠠᠰᠤᠳᠠᠢ ᠭᠦᠮᠤᠨ ᠤ ᠵᠤᠭᠤᠭ ᠶᠤᠮ᠃ ᠳᠠᠯᠤ ᠶᠢᠨ ᠮᠢᠬ᠎ᠠ ᠶᠢ ︽ᠤᠰᠤᠨ ᠤ ᠡᠬᠢ ᠨᠢ ᠪᠤᠯᠠᠭ᠂ ᠭᠦᠮᠤᠨ ᠤ ᠡᠭᠢ ᠨᠢ | ᠨᠠᠭᠠᠴᠤ︾ ᠭᠡᠮᠡᠨ ᠨᠠᠭᠠᠴᠤ ᠭᠦᠮᠤᠨ ᠳᠤ ᠵᠤᠷᠢᠭᠤᠯᠤᠨ ᠭᠢᠳᠡᠭ ᠴᠦ ᠳᠡᠭᠡᠷ᠎ᠡ ᠨᠢ ᠰᠠᠭᠤᠭᠰᠠᠨ ᠠᠬᠠᠮᠠᠳ ᠳᠤᠮᠤᠭᠠᠳᠠᠨ | ᠪᠤᠶᠤ ᠳᠡᠮᠴᠢ ᠠᠴᠠ ᠭᠡᠶᠢᠴᠢᠯᠡᠨ ᠢᠷᠡᠭᠰᠡᠨ ᠭᠦᠮᠤᠰ ᠲᠤ ᠮᠠᠯ ᠤᠨ ᠪᠤᠶᠤ ᠳᠡᠭᠡᠳᠤᠰ ᠤᠨ ᠭᠡᠰᠢᠭ ᠭᠡᠮᠡᠨ ᠮᠦᠴᠢ | ᠪᠦᠷᠢ ᠶᠢᠨ ᠮᠢᠬᠠᠨ ᠠᠴᠠ ᠳᠦᠭᠡᠭᠡᠳᠡᠭ᠃ ᠮᠤᠩᠭᠤᠯᠴᠤᠳ ᠤᠨ ᠮᠢᠬ᠎ᠠ ᠢᠳᠡᠭᠦ ᠳᠤ ᠪᠠᠨ ᠮᠦᠴᠢ ᠪᠦᠷᠢ ᠶᠢᠨ | ᠮᠢᠬᠠᠨ ᠠᠴᠠ ᠬᠤᠪᠢᠶᠠᠷᠢᠯᠠᠨ ᠴᠢᠨᠠᠵᠤ ᠢᠳᠡᠳᠡᠭ ᠨᠢ ᠮᠠᠰᠢ ᠨᠢᠭᠤᠴᠠᠭᠠᠢ ᠰᠢᠨᠵᠢᠯᠡᠭᠦ ᠤᠬᠠᠭᠠᠨ ᠤ ᠶᠤᠰᠤ ᠲᠠᠢ᠃ | ᠮᠦᠴᠢ ᠪᠦᠷᠢ ᠶᠢᠨ ᠮᠢᠬᠠᠨ ᠤ ᠰᠢᠮ᠎ᠡ ᠳᠡᠵᠢᠭᠡᠯ ᠨᠢ ᠪᠦᠷ ᠠᠳᠠᠯᠢ ᠦᠭᠡᠢ ᠪᠠᠶᠢᠳᠠᠭ᠃ ᠡᠨᠡ ᠨᠢ ᠤᠳᠤ ᠦᠶ᠎ᠡ ᠶᠢᠨ | ᠢᠳᠡᠭᠡᠨ ᠤᠮᠳᠠᠭᠠᠨ ᠤ ᠰᠢᠨᠵᠢᠯᠡᠭᠡ ᠮᠡᠷᠭᠡᠵᠢᠯ ᠤᠨ ᠤᠨᠤᠯ ᠲᠠᠢ ᠶᠠᠪ ᠴᠠᠪ ᠨᠡᠶᠢᠴᠡᠵᠤ ᠪᠤᠢ᠃ ᠮᠠᠨ ᠤ ᠳᠡᠭᠡᠳᠤᠰ ᠠᠯᠢ | ᠡᠷᠳᠡ ᠠᠴᠠ ᠢᠳᠡᠭᠡᠨ ᠤᠮᠳᠠᠭᠠᠨ ᠢ ᠠᠰᠢᠭᠯᠠᠨ ᠡᠪᠡᠳᠴᠢᠨ ᠢ ᠰᠡᠷᠭᠡᠶᠢᠯᠡᠵᠤ ᠡᠷᠡᠭᠦᠯ ᠴᠢᠭᠢᠷᠠᠭ ᠢ ᠡᠷᠭᠢᠮᠯᠡᠳᠡᠭ | ᠭᠡᠰᠡᠨ ᠢ ᠮᠡᠳᠡᠵᠤ ᠪᠤᠯᠤᠨ᠎ᠠ᠃ ᠦᠭᠡᠷ ᠤᠨ ᠦᠭᠦᠴᠡ ᠢᠳᠡᠭᠦ ᠳᠤ ︽ᠳᠠᠭᠢᠯ ᠳᠤᠭᠤᠭ᠎ᠠ︾ ᠳᠦᠭᠦᠭᠡᠷᠳᠡᠭ᠃ | ᠦᠭᠡᠷ ᠤᠨ ᠮᠢᠬᠠᠨ ᠤ ᠮᠦᠴᠢ ᠪᠦᠷᠢ ᠶᠢᠨ ᠮᠢᠬᠠᠨ ᠠᠴᠠ ᠠᠪᠴᠤ ᠬᠢᠬᠦ ᠪᠠ ᠭᠤᠤᠯ ᠨᠢ ᠠᠮᠠᠨ ᠭᠦᠵᠤᠭᠦᠤ᠂ ᠪᠤᠭᠤᠨᠢ | ᠬᠠᠪᠢᠰᠤ᠂ ᠡᠪᠴᠢᠭᠦᠨ ᠪᠦᠳᠤᠷᠭᠡᠢ᠂ ᠭᠤᠷᠪᠢᠴᠠᠭ ᠶᠠᠰᠤ ︵ᠳᠤᠤᠬᠠᠨ ᠨᠢᠷᠤᠭᠤ᠂ ᠤᠯᠠᠨ ᠶᠠᠰᠤ ᠴᠦ ᠭᠡᠳᠡᠭ᠂ | ᠨᠤᠳᠤᠭ ᠤᠨ ᠭᠡᠯᠡᠯᠭᠡ ᠪᠤᠯᠤᠯᠳᠠᠢ︶ ᠵᠡᠷᠭᠡ ᠪᠠᠶᠢᠳᠠᠭ᠃ ᠠᠮᠠᠨ ᠭᠦᠵᠤᠭᠦᠤ᠂ ᠪᠤᠭᠤᠨᠢ ᠬᠠᠪᠢᠰᠤ᠂ ᠡᠪᠴᠢᠭᠦᠨ | ᠪᠦᠳᠤᠷᠭᠡᠢ᠂ ᠭᠤᠷᠪᠢᠴᠠᠭ ᠶᠠᠰᠤ ᠶᠢ ᠨᠢ ᠰᠠᠶᠢᠬᠠᠨ ᠮᠦᠯᠵᠢᠵᠤ ᠠᠮᠠᠨ ᠭᠦᠵᠤᠭᠦᠨ ᠳᠤ ᠨᠢ ᠪᠤᠭᠤᠨᠢ ᠬᠠᠪᠢᠰᠤ ᠶᠢ ᠨᠢ | ᠤᠭᠯᠠᠵᠤ ᠳᠠᠯᠪᠢᠭᠠᠳ ᠪᠤᠰᠤᠳ ᠢᠳᠡᠭᠡᠨ ᠤ ᠳᠡᠭᠡᠵᠢ ᠲᠠᠢ ᠬᠠᠮᠳᠤ ᠭᠠᠯ ᠳᠤ ᠡᠷᠭᠦᠵᠤ ︽ᠤᠨᠠᠭᠰᠠᠨ ᠭᠠᠵᠡᠷ ᠲᠤ ᠨᠢ | ᠤᠯᠠᠭᠠᠨ ᠳᠤᠭᠤᠯ ᠲᠤᠭᠤᠯᠯᠠ︕ ᠭᠦᠯᠢᠭᠰᠡᠨ ᠭᠠᠵᠡᠷ ᠲᠤ ᠨᠢ ᠭᠦᠷᠡᠩ ᠳᠤᠭᠤᠯ ᠲᠤᠭᠤᠯᠯᠠ︕ ᠬᠠᠳᠠᠷᠢᠵᠤ | ᠭᠦᠷᠤᠰᠢ ᠦᠭᠡᠢ ᠪᠡᠯᠴᠢᠭᠡᠷ ᠲᠠᠢ ᠪᠤᠯ᠂ ᠬᠠᠷᠪᠤᠵᠤ ᠭᠦᠷᠤᠰᠢ ᠦᠭᠡᠢ ᠵᠡᠯ᠎ᠡ ᠲᠠᠢ ᠪᠤᠯ᠂ ᠮᠢᠯᠠᠭᠠᠷ ᠡᠪᠡᠷ ᠲᠠᠢ ᠨᠢ | ᠮᠢᠩᠭ᠎ᠠ ᠮᠢᠩᠭ᠎ᠠ ᠪᠠᠷ ᠦᠰᠤᠭᠡᠷᠡᠢ︕ ᠳᠦᠷᠤᠭᠦᠯᠡ ᠡᠪᠡᠷ ᠲᠠᠢ ᠨᠢ ᠳᠦᠮᠡ ᠳᠦᠮᠡ ᠪᠠᠷ ᠦᠰᠤᠭᠡᠷᠡᠢ︕ ᠪᠤᠯᠭᠠᠶ᠎ᠠ | ᠭᠡᠰᠡᠨ ᠪᠤᠭᠤᠨᠢ ᠪᠠᠷ᠂ ᠪᠦᠳᠤᠭᠡᠶᠠ ᠭᠡᠰᠡᠨ ᠪᠦᠳᠤᠷᠭᠡᠢ ᠪᠠᠷ᠂ ᠪᠠᠭᠢᠵᠢᠶᠠ ᠭᠡᠮᠡᠨ ᠠᠮᠠᠨ ᠭᠦᠵᠤᠭᠦᠤ ᠪᠠᠷ ᠭᠠᠯ᠂ | ᠳᠦᠷᠪᠡᠨ ᠵᠦᠭ ᠨᠡᠢᠮᠠᠨ ᠵᠤᠪᠭᠢᠰ ᠤᠨ ᠲᠡᠭᠷᠢ ᠭᠠᠵᠡᠷ ᠤᠨ ᠰᠠᠭᠢᠭᠤᠯᠰᠤᠨ ᠳᠤ ᠪᠠᠨ ᠡᠷᠭᠦᠶ᠎ᠠ ᠁︾ ᠭᠡᠵᠤ | ᠢᠷᠤᠭᠡᠳᠡᠭ᠃ ᠵᠠᠷᠢᠮ ᠠᠶᠢᠯ ᠭᠡᠷ ᠦᠭᠡᠯᠵᠢᠨ ᠰᠠᠷ᠎ᠠ ᠶᠢᠨ ᠬᠤᠷᠢᠨ ᠭᠤᠷᠪᠠᠨ ᠳᠦᠷᠪᠡᠨ ᠳᠤ ᠭᠠᠯ ᠳᠠᠭᠢᠯᠭ᠎ᠠ ᠲᠠᠢ | ᠬᠠᠮᠳᠤ ᠳᠠᠭᠢᠳᠠᠭ ᠴᠦ ᠪᠤᠢ᠃ | ᠠᠰᠠᠭᠤᠬᠤ ᠨᠢᠷᠤᠭᠤ ᠨᠢ ᠦᠨᠤᠴᠢᠨ ᠨᠢᠷᠤᠭᠤ ︵ᠤᠬᠤᠷ ᠨᠢᠷᠤᠭᠤ᠂ ᠤᠬᠤᠷᠴᠠᠭ ᠨᠢᠷᠤᠭᠤ ᠭᠡᠵᠤ ᠪᠠᠰᠠ | ᠭᠡᠯᠡᠳᠡᠭ︶ ᠶᠢᠨ ᠶᠠᠰᠤ ᠲᠠᠢ ᠪᠠᠳᠤ ᠪᠠᠬᠢ ᠵᠠᠯᠭᠠᠯᠳᠤᠵᠤ ᠪᠠᠶᠢᠳᠠᠭ ᠤᠴᠢᠷ ᠠᠴᠠ ᠦᠶᠡᠯᠡᠭᠦ ᠳᠤ ᠨᠡᠯᠢᠶᠡᠳ ᠭᠦᠴᠢᠷ | ᠪᠠᠶᠢᠳᠠᠭ᠃ ᠦᠶᠡᠯᠡᠭᠦ ᠳᠤ ᠪᠠᠨ ᠬᠠᠵᠠᠭᠤ ᠶᠢᠨ ᠭᠦᠮᠤᠨ ᠠᠴᠠ ︽ᠦᠶᠡᠯᠡᠭᠦ ᠤᠤ︖︾ ᠭᠡᠵᠤ ᠠᠰᠠᠭᠤᠳᠠᠭ᠃ | ᠲᠡᠷᠡ ᠭᠦᠮᠤᠨ ᠨᠢ ︽ᠦᠶᠡᠯᠡ︾ ᠭᠡᠵᠤ ᠭᠡᠯᠡᠪᠡᠯ ᠰᠠᠶ᠋ᠢ ᠦᠶᠡᠯᠡᠨᠡ᠃ ᠠᠰᠠᠭᠤᠬᠤ ᠨᠢᠷᠤᠭᠤ ᠶᠢ ᠮᠦᠯᠵᠢᠭᠰᠡᠨ ᠤ | ᠳᠠᠷᠠᠭ᠎ᠠ ᠶᠠᠰᠤᠨ ᠤ ᠭᠢᠨᠢ ᠤᠨᠴᠠᠯᠢᠭ ᠰᠢᠨᠵᠢ ᠪᠠᠷ ᠨᠦᠭᠦᠭᠡ ᠡᠳᠡᠭᠡᠳ ᠠᠴᠠ ᠠᠰᠠᠭᠤᠯᠳᠠ ᠠᠰᠠᠭᠤᠵᠤ | ᠭᠠᠷᠳᠠᠭᠠᠬᠤ ᠪᠠᠷ ᠴᠢᠷᠮᠠᠶᠢᠳᠠᠭ᠃ ᠠᠰᠠᠭᠤᠬᠤ ᠠᠰᠠᠭᠤᠯᠳᠠ ᠶᠢ ᠨᠢ ᠬᠠᠷᠢᠭᠤᠯᠵᠤ ᠴᠢᠳᠠᠬᠤ ᠦᠭᠡᠢ ᠪᠤᠯ | ᠳᠤᠷᠭᠠᠭᠳᠠᠳᠠᠭ ᠪᠠᠶᠢᠨ᠎ᠠ᠃ | ᠠᠰᠠᠭᠤᠬᠤ ᠠᠰᠠᠭᠤᠯᠳᠠ ᠬᠠᠷᠢᠭᠤᠯᠳᠠ ᠶᠢ ᠰᠡᠶᠢᠷᠡᠭᠦᠯᠪᠡᠯ᠄ | ᠡᠨᠡ ᠶᠠᠭᠤᠨ ᠤ ᠰᠢᠨᠵᠢᠳᠡᠢ ᠪᠤᠢ︖ ᠰᠦᠮᠪᠤᠷ ᠠᠭᠤᠯᠠ ᠶᠢᠨ ᠰᠢᠨᠵᠢᠳᠡᠢ᠃ | ᠶᠠᠭᠠᠭᠢᠭᠠᠳ︖ ᠳᠦᠷᠪᠡᠨ ᠲᠢᠪ ᠲᠠᠢ᠃ | ᠡᠨᠡ ᠶᠠᠭᠤᠨ ᠤ ᠰᠢᠨᠵᠢᠳᠡᠢ ᠪᠤᠢ︖ ᠭᠦᠨᠳᠡᠢ ᠶᠢᠨ ᠭᠦᠭᠡ ᠭᠤᠤᠯ ᠰᠢᠨᠵᠢᠳᠡᠢ᠃ | ᠶᠠᠭᠠᠭᠢᠭᠠᠳ︖ ᠮᠢᠩᠭᠠᠨ ᠴᠡᠷᠢᠭ ᠢ ᠮᠢᠳᠠᠭᠠᠬᠤ ᠦᠭᠡᠢ᠂ ᠳᠦᠮᠡᠨ ᠴᠡᠷᠢᠭ ᠢ ᠳᠦᠳᠡᠭᠡᠭᠦ ᠦᠭᠡᠢ᠃ | ᠡᠨᠡ ᠶᠠᠮᠠᠷ ᠰᠢᠨᠵᠢᠳᠡᠢ ᠪᠤᠢ︖ ᠰᠠᠶᠢᠨ ᠡᠷ᠎ᠡ ᠶᠢᠨ ᠮᠠᠩᠨᠠᠢ ᠶᠢᠨ ᠰᠢᠨᠵᠢᠳᠠᠢ᠃ | ᠶᠠᠭᠠᠭᠢᠭᠠᠳ︖ ᠢᠷᠡᠭᠰᠡᠨ ᠳᠠᠶᠢᠰᠤᠨ ᠢ ᠰᠦᠷᠤᠨ ᠳᠠᠷᠤᠵᠤ᠂ ᠰᠦᠷᠤᠭ᠍ᠰᠡᠨ ᠳᠠᠶᠢᠰᠤᠨ ᠢ ᠳᠠᠭᠠᠷᠢᠨ | ᠳᠠᠷᠤᠭᠰᠠᠨ᠃ | ᠡᠨᠡ ᠶᠠᠭᠤᠨ ᠤ ᠰᠢᠨᠵᠢᠳᠡᠢ ᠪᠤᠢ︖ ᠠᠯᠳᠠᠨ ᠬᠠᠩᠭᠠᠢ ᠰᠢᠬ᠃ | ᠶᠠᠭᠠᠭᠢᠭᠠᠳ︖ ᠦᠯᠤᠭᠡᠨ ᠳᠤ ᠨᠢ ᠦᠷᠤᠮ᠎ᠡ ᠴᠦᠷᠮ᠎ᠡ ᠳᠦᠭᠦᠷᠡᠩ᠂ ᠠᠷᠤ ᠳᠤ ᠨᠢ ᠠᠶᠢᠷᠠᠭ ᠳᠠᠷᠠᠭ | ᠳᠦᠭᠦᠷᠡᠩ᠃ | ᠡᠨᠡ ᠶᠠᠭᠤᠨ ᠤ ᠰᠢᠨᠵᠢᠳᠡᠢ ᠪᠤᠢ︖ ᠭᠡᠶᠢᠳᠤ ᠪᠤᠭᠤ ᠶᠢᠨ ᠡᠪᠡᠷ ᠰᠢᠨᠵᠢᠳᠡᠢ᠃ | ᠶᠠᠭᠠᠭᠢᠭᠠᠳ︖ ᠡᠳᠤᠷ ᠤᠨ ᠭᠠᠵᠠᠷ ᠠᠴᠠ ᠦᠨᠤᠷ ᠠᠪᠴᠤ᠂ ᠬᠤᠨᠤᠭ ᠤᠨ ᠭᠠᠵᠠᠷ ᠠᠴᠠ ᠠᠨᠢᠷ ᠠᠪᠳᠠᠭ᠃ | | ᠡᠨᠡ ᠶᠠᠭᠤᠨ ᠤ ᠰᠢᠨᠵᠢᠳᠡᠢ ᠪᠤᠢ︖ ᠬᠠᠨ ᠭᠠᠷᠤᠳᠢ ᠶᠢᠨ ᠵᠢᠭᠦᠷ ᠤᠨ ᠰᠢᠨᠵᠢᠳᠠᠢ᠃ | ᠶᠠᠭᠠᠭᠢᠭᠠᠳ︖ ᠤᠷᠠᠨ ᠭᠦᠮᠤᠨ ᠤ ᠬᠤᠮᠤᠬᠠᠢ ᠬᠤᠷᠤᠭᠤ ᠰᠢᠨᠵᠢᠳᠠᠢ᠃ | ᠶᠠᠭᠠᠭᠢᠭᠠᠳ︖ ᠤᠨᠳᠠᠭ᠎ᠠ ᠭᠦᠮᠤᠨ ᠤ ᠤᠬᠤᠷᠬᠠᠢ ᠳᠤᠤᠷᠯᠠᠵᠤ᠂ ᠭᠡᠪᠳᠡᠭᠡ ᠭᠦᠮᠤᠨ ᠤ ᠭᠡᠯᠡ ᠶᠢ | ᠳᠤᠤᠷᠯᠠᠳᠠᠭ᠃ | ᠡᠨᠡ ᠶᠠᠭᠤᠨ ᠤ ᠰᠢᠨᠵᠢᠳᠡᠢ ᠪᠤᠢ︖ ᠠᠯᠳᠠᠨ ᠡᠮᠡᠭᠡᠯ ᠤᠨ ᠪᠦᠭᠦᠷᠭᠡ ᠰᠢᠨᠵᠢᠳᠡᠢ᠃ | ᠶᠠᠭᠠᠭᠢᠭᠠᠳ︖ ᠪᠦᠭᠦᠷᠭᠡ ᠳᠤᠮᠳᠠ ᠪᠠᠨ ᠰᠠᠷ᠎ᠠ ᠲᠠᠢ᠂ ᠰᠠᠷᠠᠨ ᠭᠠᠳᠠᠭᠤᠷ ᠢᠶᠠᠨ ᠬᠤᠳᠠ ᠲᠠᠢ᠂ | ᠭᠦᠪᠡᠭᠡ ᠪᠠᠷ ᠢᠶᠠᠨ ᠤᠳᠤᠨ ᠲᠠᠢ᠂ ᠭᠦᠭᠡ ᠲᠡᠭᠷᠢ ᠶᠢᠨ ᠰᠢᠨᠵᠢᠳᠤ ᠳᠡᠯᠪᠢ ᠲᠠᠢ᠃ | ᠡᠨᠡ ᠶᠠᠭᠤᠨ ᠤ ᠰᠢᠨᠵᠢᠳᠡᠢ ᠪᠤᠢ︖ ᠰᠠᠶᠢᠨ ᠡᠭᠡᠨᠡᠷ ᠤᠨ ᠰᠢᠨᠵᠢᠳᠠᠢ᠃ | ᠶᠠᠭᠠᠭᠢᠭᠠᠳ︖ ᠬᠠᠷᠢ ᠳᠤ ᠳᠠᠭᠠᠬᠤ ᠭᠡᠤᠭᠡᠨ ᠲᠠᠢ᠂ ᠬᠠᠯᠠ ᠳᠠᠭᠠᠭᠠᠬᠤ ᠬᠦᠪᠡᠭᠦᠨ ᠲᠠᠢ᠃ | ᠡᠨᠡ ᠶᠠᠭᠤᠨ ᠤ ᠰᠢᠨᠵᠢᠳᠡᠢ ᠪᠤᠢ︖ ᠰᠠᠶᠢᠨ ᠠᠭᠳᠠ ᠶᠢᠨ ᠰᠤᠶᠤᠭ᠎ᠠ ᠰᠢᠨᠵᠢᠳᠠᠢ᠃ | ᠶᠠᠭᠠᠭᠢᠭᠠᠳ︖ ᠤᠯᠤᠩ ᠦᠭᠡᠢ ᠤᠭᠤᠨᠤ ᠭᠦᠶᠤᠭᠦ᠂ ᠬᠤᠳᠤᠷᠭ᠎ᠠ ᠦᠭᠡᠢ ᠬᠤᠯᠠᠨ ᠭᠦᠶᠤᠭᠦ᠃ | ᠡᠨᠡ ᠶᠠᠭᠤᠨ ᠤ ᠰᠢᠨᠵᠢᠳᠡᠢ ᠪᠤᠢ︖ ᠬᠠᠷ᠎ᠠ ᠭᠡᠷᠢᠶ᠎ᠡ ᠶᠢᠨ ᠬᠤᠩᠰᠢᠶᠠᠷ ᠰᠢᠨᠵᠢᠳᠠᠢ᠃ | ᠶᠠᠭᠠᠭᠢᠭᠠᠳ︖ ᠠᠭᠤᠯᠠ ᠰᠢᠪᠳᠤ ᠤᠯᠠᠢ ᠦᠵᠡᠭᠦ᠂ ᠳᠠᠪᠠᠭ᠎ᠠ ᠰᠢᠪᠳᠤ ᠳᠠᠭᠠᠷᠢ ᠦᠵᠡᠭᠦ᠃ | ᠡᠨᠡ ᠶᠠᠭᠤᠨ ᠤ ᠰᠢᠨᠵᠢᠳᠡᠢ ᠪᠤᠢ︖ ᠭᠠᠭᠴᠠ ᠭᠦᠯ ᠲᠠᠢ ᠲᠡᠶᠢᠷᠡᠩ ᠰᠢᠨᠵᠢᠳᠠᠢ᠃ | ᠶᠠᠭᠠᠭᠢᠭᠠᠳ︖ ᠭᠠᠯ ᠤᠨ ᠳᠡᠷᠭᠡᠳᠡ ᠰᠡᠭᠦᠳᠡᠷ ᠦᠭᠡᠢ᠂ ᠭᠠᠵᠠᠷ ᠤᠯᠠᠯᠬᠤ ᠭᠦᠯ ᠦᠭᠡᠢ᠃ | ᠡᠨᠡ ᠶᠠᠭᠤᠨ ᠤ ᠰᠢᠨᠵᠢᠳᠡᠢ ᠪᠤᠢ︖ ᠰᠠᠶᠢᠨ ᠬᠤᠳᠠᠴᠢ ᠶᠢᠨ ᠰᠢᠨᠵᠢᠳᠠᠢ᠃ | ᠶᠠᠭᠠᠭᠢᠭᠠᠳ︖ ᠶᠠᠷ ᠶᠠᠷ ᠬᠤᠴᠠᠵᠤ᠂ ᠶᠠᠰᠤ ᠭᠦᠰᠤ ᠢᠳᠡᠵᠤ᠂ ᠭᠦᠷ ᠭᠦᠷ ᠬᠤᠴᠠᠵᠤ᠂ ᠭᠦᠷᠢᠶ᠎ᠡ ᠬᠤᠳᠠ | ᠮᠠᠨᠠᠳᠠᠭ᠃ | ᠢᠩᠭᠢᠵᠤ ᠠᠰᠠᠭᠤᠵᠤ ᠨᠠᠭᠠᠳᠴᠤ ᠭᠦᠭᠡᠷᠤᠯᠳᠤᠨ ᠪᠠᠶᠠᠰᠤᠭᠠᠳ ᠬᠠᠮᠤᠭ ᠰᠡᠭᠦᠯ ᠳᠤ ᠨᠢ ᠮᠦᠯᠵᠢᠭᠰᠡᠨ | ᠠᠰᠠᠭᠤᠬᠤ ᠨᠢᠷᠤᠭᠤᠨ ᠶᠠᠰᠤᠨ ᠤ ᠭᠤᠤᠯ ᠳᠤ ᠨᠢ ᠦᠭᠡᠭᠦ ᠳᠠᠯᠪᠢᠭᠠᠳ ᠭᠠᠯ ᠳᠤ ᠡᠷᠭᠦᠭᠦ ᠳᠤ ᠪᠠᠨ ᠬᠠᠷᠠᠴᠤ | ᠭᠦᠮᠤᠨ ᠤ ᠬᠤᠭᠤᠯᠠ ᠪᠤᠯᠬᠤ᠂ ᠬᠠᠭᠠᠨ ᠭᠦᠮᠤᠨ ᠤ ᠵᠤᠭᠤᠭ ᠪᠤᠯᠬᠤ ᠠᠰᠠᠭᠤᠬᠤ ᠨᠢᠷᠤᠭᠤ ᠴᠢᠮ᠎ᠠ ᠶᠢ ᠬᠠᠷ᠎ᠠ | ᠨᠤᠬᠠᠢ ᠶᠢᠨ ᠠᠮᠠᠨ ᠠᠴᠠ ᠭᠠᠷᠭᠠᠨ᠎ᠠ ᠭᠡᠳ ᠭᠠᠯ ᠳᠤ ᠡᠷᠭᠦᠳᠡᠭ ᠪᠠᠶᠢᠨ᠎ᠠ᠃ | ᠭᠦᠵᠤᠭᠦᠤ᠂ ᠱᠠᠭ᠎ᠠ᠂ ᠪᠤᠷᠪᠢ᠂ ᠳᠤᠶᠢᠭ᠂ ᠤᠶᠢᠯᠡᠷ ᠤᠨ ᠶᠠᠰᠤ᠂ ᠭᠤᠷᠪᠢᠴᠠᠭ ᠶᠠᠰᠤ ᠶᠢ ᠴᠠᠪᠡᠷ | ᠮᠦᠯᠵᠢᠭᠦ ᠳᠤ ᠮᠠᠰᠢ ᠭᠦᠴᠢᠷ ᠪᠠᠶᠢᠳᠠᠭ᠂ ᠡᠳᠡᠭᠡᠷ ᠶᠠᠰᠤ ᠪᠦᠳᠤᠴᠡ ᠨᠢ ᠪᠤᠳᠤᠯᠢᠶᠠᠨᠳᠠᠢ ᠪᠠᠶᠢᠳᠠᠭ ᠠᠴᠠ ᠴᠡᠪᠡᠷ | ᠮᠦᠯᠵᠢᠵᠤ ᠴᠢᠳᠠᠪᠡᠯ ᠡᠷ᠎ᠡ ᠴᠢᠳᠠᠯ᠂ ᠠᠷᠭ᠎ᠠ ᠤᠬᠠᠭᠠᠨ ᠪᠦᠷᠢᠯᠳᠤᠴᠢᠭᠡᠯᠡ ᠭᠡᠵᠤ ᠦᠵᠡᠳᠡᠭ᠃ ᠶᠠᠰᠤ ᠶᠢ ᠴᠡᠪᠡᠷ | ᠰᠠᠶᠢᠬᠠᠨ ᠮᠦᠯᠵᠢᠪᠡᠯ ᠳᠦᠷᠤᠭ᠍ᠰᠡᠨ ᠠᠴᠢᠷ ᠦᠷ᠎ᠡ ᠨᠢ ᠭᠡᠭᠡᠨᠴᠢᠷ ᠭᠤᠶᠤ᠂ ᠴᠡᠪᠡᠷ ᠠᠷᠢᠭᠤᠨ ᠰᠠᠨᠠᠭ᠎ᠠ ᠲᠠᠢ ᠭᠡᠮᠡᠨ | ᠵᠦᠩᠨᠡᠳᠡᠭ᠃ ᠳᠠᠯᠤᠨ ᠮᠦᠭᠡᠷᠡᠰᠤ᠂ ᠪᠤᠷᠪᠢ ᠶᠢᠨ ᠶᠠᠰᠤ ᠪᠤᠯᠴᠢᠩ ᠮᠢᠬ᠎ᠠ ᠲᠠᠢ᠂ ᠳᠤᠶᠢᠭ ᠤᠨ ᠶᠠᠰᠤ ᠪᠤᠯᠴᠢᠩ | ᠮᠢᠬ᠎ᠠ ᠲᠠᠢ᠂ ᠰᠡᠭᠦᠯ ᠤᠨ ᠦᠶ᠎ᠡ᠂ ᠭᠤᠷᠪᠢᠴᠠᠭ ᠶᠠᠰᠤ᠂ ᠪᠤᠭᠳᠤᠭ᠎ᠠ ᠴᠢᠮᠤᠭᠡ ᠶᠢᠨ ᠵᠤᠪᠠᠯᠠᠩ ᠤᠨ ᠶᠠᠰᠤ ᠶᠢ ᠰᠦᠭᠡᠮ | ᠭᠢᠷᠢ ᠮᠢᠬ᠎ᠠ ᠲᠠᠢ ᠠᠪᠴᠤ ᠴᠢᠨᠠᠭᠰᠠᠨ ᠱᠦᠯᠤ ᠶᠢ ︽ᠲᠠᠪᠤᠨ ᠰᠢᠮᠡᠳ︾ ᠭᠡᠵᠤ ᠰᠠᠷ᠎ᠠ ᠳᠤ ᠰᠠᠭᠤᠭ᠎ᠠ ᠪᠦᠰᠡᠭᠦᠢ | ᠪᠤᠶᠤ ᠤᠳᠠᠭᠠᠨ ᠬᠤᠨᠤᠭ ᠮᠢᠬ᠎ᠠ ᠢᠳᠡᠭᠰᠡᠨ ᠦᠭᠡᠢ ᠡᠪᠡᠳᠴᠢᠨ ᠲᠠᠢ ᠭᠦᠮᠤᠰ ᠲᠤ ᠴᠢᠨᠠᠵᠤ ᠤᠤᠭᠤᠯᠭᠠᠨ ᠲᠠᠮᠢᠷ | ᠨᠦᠭᠦᠪᠤᠷᠢᠯᠡᠳᠡᠭ᠃ ︽ᠲᠠᠪᠤᠨ ᠰᠢᠮᠡᠳ︾ ᠭᠡᠳᠡᠭ ᠨᠢ ᠵᠤᠭᠢᠬᠤ ᠭᠡᠮᠵᠢᠶᠡᠨ ᠤ ᠮᠢᠬ᠎ᠠ ᠲᠠᠢ ᠪᠠᠶᠢᠳᠠᠭ᠂ ᠵᠠᠷᠢᠮ | ᠭᠦᠮᠤᠰ ᠶᠡᠰᠤ ᠪᠠᠷ ᠨᠢ ᠱᠦᠯᠤ ᠭᠠᠷᠭᠠᠳᠠᠭ ᠭᠡᠮᠡᠨ ᠭᠡᠯᠡᠳᠡᠭ ᠨᠢ ᠡᠰᠢ ᠪᠠᠷᠢᠮᠳᠠ ᠦᠭᠡᠢ ᠳᠠᠭᠠᠮᠠᠭᠯᠠᠯ ᠳᠡᠳᠤᠢ᠃ | ᠮᠤᠩᠭᠤᠯᠴᠤᠳ ᠱᠦᠯᠤ ᠤᠤᠭᠤᠬᠤ ᠪᠤᠶᠤ ᠦᠭᠦᠴᠡ ᠭᠠᠷᠭᠠᠬᠤ ᠪᠤᠯᠭᠠᠨ ᠬᠠᠷ᠎ᠠ ᠰᠡᠭᠡᠷ᠂ ᠬᠠᠷ᠎ᠠ ᠨᠢᠷᠤᠭᠤ᠂ ᠪᠤᠭᠤᠨᠢ | ᠬᠠᠪᠢᠰᠤ᠂ ᠦᠨᠤᠴᠢᠨ ᠰᠦᠪᠡᠭᠡ᠂ ᠪᠤᠭᠳᠤᠭ᠎ᠠ ᠴᠢᠮᠤᠭᠡ᠂ ᠱᠠᠭᠠᠳᠤ ᠴᠢᠮᠤᠭᠡ᠂ ᠤᠭᠤᠷᠠᠭ ᠰᠡᠭᠦᠯ ᠵᠡᠷᠭᠡ ᠶᠢ | ᠳᠡᠭᠡᠳᠤᠰ ᠤᠨ ᠬᠤᠪᠢ ᠭᠡᠮᠡᠨ ᠭᠠᠷᠭᠠᠵᠤ ᠮᠢᠬ᠎ᠠ ᠶᠢ ᠨᠢ ᠠᠪᠤᠭᠠᠳ ᠶᠠᠰᠤ ᠲᠠᠢ ᠭᠡᠰᠡᠭ ᠢ ᠨᠢ ᠦᠭᠯᠢᠭᠡ ᠲᠦᠯᠡᠰᠢᠨ ᠳᠤ | ᠵᠠᠷᠤᠳᠠᠭ ᠶᠤᠰᠤᠨ ᠪᠤᠢ᠃ ᠦᠯᠡᠳᠡᠭᠰᠡᠨ ᠢ ᠨᠢ ᠠᠪᠴᠤ ᠢᠷᠡᠭᠡᠳ ᠳᠡᠭᠡᠳᠤᠰ ᠤᠨ ᠭᠡᠰᠢᠭ ᠭᠡᠵᠤ ᠭᠡᠷ ᠪᠦᠯᠢ ᠪᠠᠷ | ᠬᠤᠪᠢᠶᠠᠯᠴᠡᠨ ᠢᠳᠡᠳᠡᠭ ᠪᠠᠶᠢᠨ᠎ᠠ᠃ ᠳᠡᠭᠡᠳᠤᠰ ᠤᠨ ᠭᠡᠰᠢᠭ ᠢ ᠬᠠᠷᠢ ᠤᠭᠰᠠᠭᠠᠨ ᠤ ᠭᠦᠮᠤᠰ ᠲᠤ ᠢᠳᠡᠭᠦᠯᠭᠦ ᠶᠢ | ᠴᠡᠭᠡᠷᠯᠡᠨ᠎ᠡ᠃ ᠭᠡᠰᠢᠭ ᠪᠤᠶᠡᠨ ᠨᠢ ᠭᠠᠳᠠᠭᠰᠢ ᠶᠠᠪᠤᠬᠤ ᠪᠤᠶᠤ ᠵᠠᠶᠢᠯᠠᠨ᠎ᠠ ᠭᠡᠳᠡᠭ᠃ | ᠮᠠᠯ ᠤᠨ ᠶᠠᠰᠤ ᠶᠢ ᠰᠠᠶᠢᠬᠠᠨ ᠮᠦᠯᠵᠢᠵᠤ ᠪᠠᠶᠢᠪᠡᠯ ᠮᠠᠯ ᠬᠤᠢ ᠳᠡᠭᠰᠢ ᠰᠠᠶᠢᠬᠠᠨ ᠦᠰᠴᠤ ᠡᠵᠡᠨ ᠢᠶᠠᠨ | ᠪᠠᠶᠠᠰᠬᠠᠳᠠᠭ ᠭᠡᠳᠡᠭ ᠨᠢ ᠮᠠᠰᠢ ᠠᠯᠤᠰᠴᠢ᠂ ᠰᠢᠨᠵᠢᠯᠡᠭᠦ ᠤᠬᠠᠭᠠᠨᠴᠢ᠂ ᠶᠤᠰᠤ ᠵᠦᠢᠴᠢ ᠦᠵᠡᠯ ᠮᠦᠷᠳᠡᠭᠡᠨ ᠨᠠᠶᠢᠳᠡ | ᠮᠤᠩᠭᠤᠯ ᠤᠨ ᠭᠡᠷ ᠪᠦᠯᠢ ᠶᠢᠨ ᠰᠤᠷᠭᠠᠨ ᠭᠦᠮᠤᠵᠢᠯ ᠤᠨ ᠴᠢᠬᠤᠯᠠ ᠠᠭᠤᠯᠭ᠎ᠠ ᠪᠤᠯᠤᠭᠰᠠᠨ ᠪᠠᠶᠢᠨ᠎ᠠ᠃ ᠨᠠᠶᠠᠭᠠᠳ | ᠤᠨ ᠠᠴᠠ ᠬᠤᠶᠢᠰᠢ ᠠᠮᠢᠳᠤᠷᠠᠯ ᠡᠳᠤᠷ ᠢᠷᠡᠭᠦᠶ᠎ᠠ ᠰᠠᠶᠢᠵᠢᠷᠠᠭᠰᠠᠨ ᠪᠠ ᠬᠤᠭᠤᠯᠠᠨ ᠭᠡᠷ ᠲᠤ ᠬᠤᠭᠤᠯᠠᠯᠠᠬᠤ ᠭᠦᠮᠤᠨ | ᠤᠯᠠᠰᠢᠷᠠᠭᠰᠠᠨ ᠠᠴᠠ ᠤᠯᠠᠨ ᠭᠦᠮᠤᠰ ᠨᠡᠩ ᠢᠯᠠᠩᠭᠤᠶ᠎ᠠ ᠵᠠᠯᠠᠭᠤ ᠪᠠᠭᠠᠴᠤᠤᠯ᠂ ᠬᠤᠳᠠ ᠶᠢᠨ ᠮᠤᠩᠭᠤᠯᠴᠤᠳ ︽ | ᠵᠢᠷᠤᠭ᠎ᠠ ᠢᠳᠡᠯᠭᠡ︾ ᠭᠡᠮᠡᠨ ᠰᠢᠳᠤᠨ ᠳᠤ ᠦᠷᠳᠡᠭᠦ ᠶᠢ ᠨᠢ ᠢᠳᠡᠭᠡᠳ ᠪᠤᠰᠤᠳ ᠢ ᠨᠢ ᠤᠷᠭᠢᠴᠢᠬᠠᠳᠠᠭ ᠮᠠᠭᠤᠬᠠᠢ | ᠰᠤᠷᠳᠠᠯ ᠶᠠᠪᠤᠬᠤ ᠳᠤᠳᠤᠮ ᠵᠠᠢ ᠡᠵᠡᠯᠡᠵᠤ ᠪᠤᠢ᠃ ᠡᠨᠡ ᠨᠢ ᠪᠦᠷᠢᠯᠭᠡᠵᠤ ᠰᠦᠢᠳᠭᠡᠵᠤ ᠪᠠᠶᠢᠭ᠎ᠠ ᠶᠢᠨ ᠢᠯᠡᠷᠡᠯ᠂ ᠨᠡᠩ | ᠴᠦ ᠦᠨᠳᠤᠰᠤᠳᠡᠨ ᠤ ᠪᠠᠨ ᠤᠭᠢ ᠰᠢᠯᠢᠳᠡᠭ ᠵᠠᠩ ᠤᠶᠢᠯᠡ ᠠᠴᠠ ᠬᠤᠯᠠᠳᠠᠵᠤ ᠪᠤᠰᠤᠳ ᠤᠨ ᠪᠤᠯᠭᠢ ᠪᠦᠳᠤᠭᠦᠯᠢᠭ ᠢ | ᠳᠠᠭᠤᠷᠢᠶᠠᠭᠰᠠᠨ ᠵᠢᠭᠰᠢᠭᠦᠷᠢᠳᠠᠢ ᠶᠠᠪᠤᠳᠠᠯ ᠪᠤᠯᠤᠨ᠎ᠠ᠃ ᠮᠤᠩᠭᠤᠯᠴᠤᠳ ᠤᠨ ︽ᠴᠡᠭᠡᠷ ᠤᠨ ᠰᠤᠶᠤᠯ︾ ᠪᠤᠯ | ᠠᠷᠠᠳ ᠤᠨ ᠳᠤᠮᠳᠠ ᠠᠶᠠᠨᠳᠠᠭᠠᠨ ᠪᠤᠢ ᠪᠤᠯᠤᠭᠰᠠᠨ ᠮᠠᠰᠢ ᠡᠮᠭᠢ ᠲᠢᠭᠯᠢᠮ ᠲᠠᠢ᠂ ᠠᠮᠢᠳᠤᠷᠠᠯ ᠤᠨ ᠵᠦᠢ ᠪᠠᠷ | ᠤᠶᠢᠯᠡᠳᠤᠯᠭᠡᠵᠢᠭᠰᠡᠨ ᠬᠠᠤᠯᠢ ᠪᠤᠯᠤᠨ᠎ᠠ᠃ | ᠮᠤᠩᠭᠤᠯᠴᠤᠳ ᠶᠡᠷᠤ ᠠᠴᠠ ︽ᠶᠠᠰᠤ ᠲᠠᠢ ᠮᠢᠬ᠎ᠠ ᠢᠳᠠᠵᠤ᠂ ᠶᠤᠰᠤ ᠲᠠᠢ ᠦᠭᠡ ᠭᠡᠯᠡᠳᠡᠭ︾ | ᠪᠠᠶᠢᠭᠰᠠᠨ ᠠᠴᠠ ᠡᠳᠤᠭᠡ ᠪᠤᠯᠬᠤ ᠳᠤ ᠦᠪᠡᠷ ᠤᠨ ᠤᠭᠰᠠᠭ᠎ᠠ ᠶᠡᠰᠤᠳᠠᠨ ᠤ ᠵᠠᠩ ᠤᠶᠢᠯᠡ ᠪᠠᠨ ᠭᠦᠨᠳᠤᠳᠭᠡᠭᠦ ᠦᠭᠡᠢ | ᠮᠠᠷᠳᠠᠵᠤ ᠪᠠᠶᠢᠬᠤ ᠨᠢ ᠤᠯᠠᠰᠢᠷᠠᠵᠦ ᠪᠤᠢ᠃ ᠠᠮᠢᠳᠤᠷᠠᠯ ᠤᠨ ᠳᠤᠷᠰᠢᠯᠭ᠎ᠠ ᠵᠦᠢ ᠠᠴᠠ ᠭᠦᠮᠤᠨ ᠤ ᠤᠬᠠᠭ᠎ᠠ | ᠨᠡᠭᠡᠭᠡᠭᠳᠡᠳᠡᠭ ᠪᠢᠯᠡ᠃ ︽ᠠᠮᠠᠨ ᠤ ᠪᠡᠯᠭᠡ ᠠᠴᠠ ᠠᠰᠢᠳᠠ ᠶᠢᠨ ᠪᠡᠯᠬᠡ︾ ᠭᠡᠳᠡᠭ ᠢᠶᠠᠷ ᠠᠮᠠᠨ ᠤ ᠪᠡᠯᠭᠡ ᠶᠢ ᠮᠠᠰᠢ | ᠡᠷᠭᠢᠮᠯᠡᠨ ᠶᠠᠮᠠᠷ ᠨᠢᠭᠡᠨ ᠤᠴᠢᠷ ᠶᠠᠪᠤᠳᠠᠯ ᠳᠡᠭᠡᠷ᠎ᠡ ᠪᠠᠶᠢᠩᠭᠤ ᠢᠷᠤᠭᠡᠯ ᠮᠠᠭᠳᠠᠭᠠᠯ ᠬᠡᠯᠡᠵᠤ ᠰᠠᠴᠤᠯᠢ ᠰᠡᠷᠵᠢᠮ | ᠡᠷᠭᠦᠳᠡᠭ ᠨᠢ ᠨᠠᠶᠢᠳᠡᠯᠢᠭ ᠦᠵᠡᠭᠳᠡᠯ ᠶᠤᠮ᠃ ᠦᠨᠤᠳᠤᠷ ᠤᠨ ᠮᠤᠩᠭᠤᠯᠴᠤᠳ ᠢᠷᠤᠭᠡᠯ ᠮᠠᠭᠳᠠᠭᠠᠯ᠂ ᠦᠴᠢᠭ | ᠳᠠᠭᠠᠳᠬᠠᠯ ᠤᠨ ᠤᠶᠢᠯᠡᠳᠤᠯ ᠭᠡᠷᠡᠭᠴᠡᠭᠡ᠂ ᠦᠷᠳᠡᠭ ᠢ ᠮᠡᠳᠡᠭᠦ ᠪᠠᠨ ᠪᠠᠶᠢᠴᠢᠬᠠᠵᠤ᠂ ᠠᠯᠢᠪᠡ ᠶᠢ ᠦᠷᠤᠭᠡᠯ | ᠪᠤᠰᠤᠳ ᠲᠤ ᠨᠠᠶᠢᠳᠠᠵᠤ ᠮᠤᠩᠭᠤᠯ ᠰᠤᠶᠤᠯ ᠤᠨ ᠴᠢᠬᠤᠯᠠ ᠴᠢᠨᠠᠷ᠂ ᠷᠢᠳᠢ ᠰᠢᠳᠢ ᠶᠢ ᠤᠮᠠᠷᠳᠠᠨ᠂ ᠮᠤᠩᠭᠤᠯ | ᠰᠡᠳᠭᠢᠭᠦᠢ ᠪᠠᠨ ᠠᠯᠳᠠᠵᠤ ᠪᠠᠶᠢᠭ᠎ᠠ ᠦᠵᠡᠭᠳᠡᠯ ᠲᠦᠭᠡᠮᠡᠯ ᠬᠠᠷᠠᠭᠳᠠᠵᠤ ᠪᠤᠢ᠃ ᠮᠤᠩᠭᠤᠯᠴᠤᠳ ᠶᠡᠷᠤᠨᠢ ᠠᠯᠢᠪᠠ | ᠤᠶᠢᠯᠡ ᠶᠢ ᠤᠭᠳᠤᠵᠤ ᠮᠡᠳᠡᠭᠡᠳ᠂ ᠳᠤᠰᠴᠤ ᠪᠡᠯᠡᠳᠭᠡᠭᠦ᠂ ᠳᠡᠰᠴᠤ ᠤᠶᠢᠯᠡᠳᠭᠦ ᠠᠯᠤᠰᠴᠢ ᠪᠤᠳᠤᠯ᠂ ᠤᠷᠢᠳᠴᠢᠯᠠᠨ | ᠵᠦᠩᠡᠨᠡ ᠰᠡᠳᠭᠢᠭᠦ ᠴᠢᠳᠠᠪᠤᠷᠢ ᠲᠠᠢ ᠪᠢᠯᠡ᠃ ᠤᠳᠤ ᠪᠤᠯᠬᠤ ᠳᠤ ᠶᠠᠭᠤᠮ᠎ᠠ ᠪᠤᠯᠭᠠᠨ ᠳᠤ ᠪᠠᠯᠡᠨ ᠢ | ᠭᠦᠭᠡᠭᠡᠴᠡᠯᠳᠤᠭ᠍ᠰᠠᠭᠡᠷ ᠪᠠᠶᠢᠭᠠᠳ ᠦᠪ ᠰᠤᠶᠤᠯ ᠬᠠᠶᠠᠭᠳᠠᠵᠤ ᠪᠠᠶᠢᠨ᠎ᠠ᠃ ᠡᠶᠢᠮᠤ ᠠᠴᠠ ᠵᠠᠯᠠᠭᠤ ᠨᠢᠭᠡᠨ | ᠦᠶ᠎ᠡ ᠶᠢᠨ ᠬᠢᠨ ︽ᠴᠡᠭᠡᠷ ᠰᠤᠶᠤᠯ︾ ᠢ ᠴᠠᠭ ᠢᠮᠠᠭᠳᠠ ᠰᠤᠷᠤᠯᠴᠡᠵᠤ᠂ ᠭᠦᠨᠳᠤᠳᠭᠡᠵᠤ᠂ ᠪᠤᠳᠠᠳᠤ | ᠠᠮᠢᠳᠤᠷᠠᠯ ᠳᠤ ᠪᠠᠨ ᠦᠷᠭᠦᠯᠵᠢ ᠠᠩᠬᠠᠷᠬᠤ ᠭᠡᠷᠡᠭᠳᠡᠢ ᠪᠤᠯᠤᠭᠠᠳ ᠪᠠᠶᠢᠨ᠎ᠠ᠃ | ᠬᠠᠶ᠋ᠢᠬ᠄ ᠤᠳᠤᠭ ᠬᠤᠰᠢᠭᠤᠨ ᠤ ᠮᠤᠩᠭᠤᠯ ᠦᠨᠳᠤᠰᠤᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ | ︵ᠲᠤ᠋ · ᠦᠯᠵᠡᠶᠢᠰᠠᠩ ᠨᠠᠶᠢᠷᠠᠭᠤᠯᠪᠠ︶ | 2019 ᠣᠨ ᠤ 4 ᠳ᠋ᠤᠭᠠᠷ ᠬᠤᠭᠤᠴᠠᠭ᠎ᠠ |