ᠮᠦᠩᠭᠦᠨ ᠣᠪᠣᠭ᠎ᠠ ᠶᠢᠨ ᠬᠤᠷᠮᠦᠢ ᠠᠴᠠ ︽ᠮᠠᠯᠴᠢᠨ ᠪᠠᠭᠰᠢ︾᠎ ᠶᠢᠨ ᠲᠠᠭᠤᠯᠠᠯ ᠬᠠᠩᠬᠢᠨᠠᠨᠠᠮ
ᠨᠡᠶᠢᠲᠡᠯᠡᠭᠰᠡᠨ ᠴᠠᠭ᠄
2020/1/2
                               ᠬᠦᠬᠡᠳᠠᠪᠠᠯᠭᠠᠨ      ᠵᠣᠬᠢᠶᠠᠭᠴᠢ ᠮᠠᠯᠴᠢᠨ ᠲᠠᠷᠢᠶᠠᠴᠢᠳ ᠤᠨ ᠨᠠᠮᠣᠷ ᠤᠨ ᠬᠤᠷᠢᠶᠠᠯᠳᠡ ᠶᠢ ᠰᠣᠷᠪᠣᠯᠵᠢᠯᠠᠬᠤ ᠪᠠᠷ ᠪᠠᠭᠠᠷᠢᠨ ᠪᠠᠷᠠᠭᠤᠨ ᠬᠤᠰᠢᠭᠤᠨ ᠤ ᠵᠡᠬᠦᠨ ᠡᠮᠣᠨ᠎ᠡ ᠵᠠᠬ᠎ᠠ ᠶᠢ ᠪᠠᠷᠢᠵᠣ ᠰᠠᠭᠤᠭᠰᠠᠨ ᠰᠢᠷᠡᠮᠦ᠋ᠷᠡᠨ ᠰᠣᠮᠣ ᠶᠢᠨ ᠰᠢᠷᠡᠭᠡ ᠭᠠᠴᠠᠭ᠎ᠠ ᠶᠢᠨ ᠣᠪᠣᠭ᠎ᠠ ᠲᠣᠭᠤᠶᠢᠯᠠᠩ ᠳᠤ ᠬᠦᠷᠴᠣ ᠪᠢᠯᠨ᠃ ᠰᠣᠷᠪᠣᠯᠵᠢᠯᠠᠬᠤ ᠲᠣᠮᠳᠡ᠂ ᠲᠡᠨᠳᠡᠬᠢ ᠨᠢᠭᠡ ᠮᠠᠯᠴᠢᠨ ᠤ ︽ᠮᠠᠨ ᠤ ᠣᠪᠣᠭ᠎ᠠ ᠲᠣᠭᠤᠶᠢᠯᠠᠩ ᠳᠤ ᠨᠢᠭᠡᠨ ᠰᠣᠷᠭᠠᠭᠤᠯᠢ ᠪᠠᠶᠢᠳᠠᠭ ᠰᠢᠣ᠂ ᠬᠠᠰᠣᠵᠣ ᠨᠡᠶᠢᠯᠡᠬᠦᠯᠬᠦ ᠣᠷᠣᠰᠬᠠᠯ ᠳᠤ ᠲᠠᠭᠠᠷᠢᠭᠳᠠᠭᠰᠠᠨ ᠪᠣᠯᠪᠠᠴᠣ ᠮᠠᠯᠴᠢᠳ ᠠᠷᠠᠳ ᠰᠡᠳᠬᠢᠯ ᠨᠢᠭᠡᠳᠣᠨ ᠲᠡᠮᠵᠢᠵᠣ ᠡᠳᠦᠢ ᠳᠤ ᠲᠣᠯᠳᠠᠯ᠎ᠠ ᠡᠷᠬᠢᠯᠡᠭᠰᠡᠭᠡᠷ ᠪᠠᠶᠢᠨ᠎ᠠ᠃ ᠭᠡᠳᠦ᠋ᠢᠪᠡᠷ ᠣᠷᠢᠳᠣ ᠶᠢᠨ ᠠᠳᠠᠯᠢ ᠪᠠᠭᠰᠢ ᠰᠣᠷᠣᠭᠴᠢ ᠤᠯᠠᠨ ᠦᠬᠡᠢ ᠪᠣᠯᠪᠠᠴᠣ ᠬᠤᠷᠢᠨ ᠭᠡᠳᠣᠨ ᠵᠢᠯ ᠰᠣᠷᠭᠠᠭᠤᠯᠢ ᠪᠠᠨ ᠰᠠᠬᠢᠭᠰᠠᠨ ᠨᠢᠭᠡ ︿ᠮᠠᠯᠴᠢᠨ ᠪᠠᠭᠰᠢ﹀ ᠪᠠᠶᠢᠵᠤ᠂ ᠰᠣᠷᠭᠠᠭᠤᠯᠢ ᠶᠢᠨ ᠨᠠᠰᠣᠨ ᠠᠴᠠ ᠡᠮᠣᠨᠡᠬᠢ ᠴᠡᠴᠡᠷᠯᠢᠭ ᠤᠨ ᠠᠩᠬᠢ ᠪᠡ ᠨᠢᠭᠡᠳᠦᠭᠡᠷ ᠣᠨ ᠢ ᠡᠷᠬᠢᠯᠡᠵᠣ᠂ ᠲᠦᠷᠪᠡᠨ ᠭᠠᠴᠠᠭ᠎ᠠ ᠶᠢᠨ ᠭᠡᠣᠭᠡᠳ ᠡ᠊ᠨᠳᠡ ᠰᠤᠷᠭᠠᠭᠤᠯᠢ ᠳᠤ ᠰᠠᠭᠤᠵᠣ᠂ ᠰᠣᠷᠣᠯᠭ᠎ᠠ ᠶᠢᠨ ᠬᠢᠷᠢ ᠪᠦᠳᠦᠮᠵᠢ ᠡᠯ᠎ᠡ ᠲᠠᠯ᠎ᠠ ᠪᠠᠷ ᠮᠦᠨ ᠪᠣᠰᠣᠳ ᠠᠴᠠ ᠲᠠᠪᠠᠭᠤ ᠰᠢᠣ︕︾ ᠭᠡᠵᠣ ᠣᠮᠣᠭᠰᠢᠨ ᠶᠠᠷᠢᠬᠤ ᠶᠢ ᠰᠣᠨᠣᠰᠴᠣ ᠦᠪᠡᠷ ᠤᠨ ᠡᠷᠭᠡ ᠦᠭᠡᠢ ᠭᠠᠶᠢᠬᠠᠯ ᠲᠦᠷᠦᠵᠣ ᠰᠣᠷᠭᠠᠭᠤᠯᠢ ᠳᠤ ᠤᠴᠢᠵᠤ ᠦᠵᠡᠶ᠎ᠠ ᠭᠡᠰᠡᠨ ᠪᠣᠳᠣᠯ ᠲᠦᠷᠦᠭᠳᠡᠭᠰᠡᠨ ᠪᠢᠯᠡ᠃ ᠲᠠᠭᠡᠭᠡᠳ ᠣᠷᠡᠨ ᠪᠢᠴᠢᠯᠭᠡ ᠲᠠᠮᠠᠭ᠎ᠠ ᠰᠡᠶᠢᠯᠦᠮᠡᠯ ᠤᠨ ᠬᠠᠰᠢᠷ ᠪᠠᠭᠰᠢ᠂ ᠭᠠᠴᠠᠭᠠᠨ ᠤ ︽ᠨᠢᠭᠡᠳᠦᠭᠡᠷ ᠱᠦᠵᠢ︾᠎ ᠪᠠᠷ ᠠᠵᠢᠯᠯᠠᠵᠣ ᠪᠠᠶᠢᠭ᠎ᠠ ᠰᠣᠶᠣᠯ ᠤᠨ ᠺᠠᠳ᠋ᠷ ᠲᠦᠷᠪᠠᠨᠳᠠᠯᠠᠢ ᠭᠤᠸᠠᠢ ᠲᠠᠢ ᠵᠠᠮ ᠲᠠᠭᠠᠷᠠᠵᠣ ᠣᠪᠣᠭ᠎ᠠ ᠲᠣᠭᠤᠶᠢᠯᠠᠩ ᠢ ᠵᠣᠷᠢᠵᠣ ᠬᠦᠷᠬᠦ ᠳᠤ᠂ ᠮᠦᠩᠬᠦᠨ ᠣᠪᠣᠭ᠎ᠠ ᠨᠣᠳᠤᠭ ᠢᠶᠠᠨ ᠰᠠᠬᠢᠭᠰᠠᠨ ᠵᠠᠩᠵᠣᠨ ᠮᠡᠳᠣ ᠣᠮᠠᠷ᠎ᠠ ᠶᠢᠨ ᠬᠦᠢᠳᠡᠨ ᠰᠠᠯᠬᠢ ᠶᠢ ᠰᠦᠷᠦᠨ ᠰᠦᠨᠳᠡᠷᠯᠡᠨ ᠰᠡᠬᠦ᠋ᠢᠵᠣ᠂ ᠡᠩᠭᠡᠷ ᠬᠤᠷᠮᠦᠢ ᠳᠤ ᠬᠢ ᠬᠤᠭᠤᠯᠠᠢ ᠶᠢᠨ ᠭᠤᠣᠯ ᠴᠢᠮᠡᠭᠡ ᠦᠭᠡᠢ ᠤᠷᠤᠰᠤᠨ᠎ᠠ᠃ ᠬᠤᠶᠠᠷ ᠵᠠᠭᠤ ᠢᠯᠡᠬᠦᠦ ᠭᠠᠵᠠᠷ ᠢ ᠬᠦᠷᠳᠣ ᠶᠢᠨ ᠬᠤᠷᠳᠣᠨ ᠢᠶᠠᠷ ᠡᠪᠭᠡᠵᠣ ᠬᠤᠭᠤᠯᠠᠢ ᠶᠢᠨ ᠭᠤᠣᠯ ᠤᠨ ᠬᠦᠬᠦᠷᠭᠡ ᠶᠢ ᠣᠷᠣᠭᠰᠢ ᠲᠠᠪᠠᠨ ᠭᠠᠷᠴᠣ ᠶᠡᠭᠡ ᠵᠠᠮ ᠠᠴᠠ ᠵᠡᠬᠦᠨᠰᠢ ᠪᠠᠭᠤᠮᠠᠭᠴᠨ ᠠᠶᠢᠯ ᠤᠨ ᠪᠠᠷᠠᠭᠤᠨ ᠵᠠᠬ᠎ᠠ ᠳᠤ ᠬᠢ ᠠᠶᠠᠰ ᠤᠨ ᠰᠠᠯᠬᠢᠨ ᠳᠤ ᠨᠠᠮᠢᠷᠠᠬᠤ ᠣᠯᠣᠰ‌‍ᠤᠨ ᠲᠤᠭ ᠲᠠᠢ᠂ ᠠᠯᠪᠠᠨ ᠪᠠᠶᠢᠭᠤᠯᠭ᠎ᠠ ᠭᠡᠮᠡᠷᠭᠡᠨ ᠴᠡᠪ ᠴᠡᠪᠡᠷᠭᠡᠨ ᠲᠣᠮᠣ ᠬᠦᠷᠢᠶ᠎ᠡ᠂ ᠣᠯᠠᠭᠠᠨ ᠸᠠᠭᠠᠷ ᠴᠠᠭᠠᠨ ᠬᠠᠨ᠎ᠠ ᠲᠠᠢ ᠨᠢᠭᠡ ᠮᠦᠷ ᠪᠠᠶᠢᠰᠢᠩ ᠲᠠᠢ ᠣᠪᠣᠭ᠎ᠠ ᠠᠶᠢᠯ ᠤᠨ ᠰᠣᠷᠭᠠᠭᠤᠯᠢ ᠶᠢᠨ ᠡᠬᠦᠳᠡᠨ ᠳᠤ ᠪᠠᠭᠤᠪᠠ᠃      ᠬᠦᠷᠢᠶᠡᠨ ᠡᠬᠦᠳᠡ ᠤᠢᠢᠷᠠᠳᠤᠬᠤ ᠳᠤ᠂ ᠨᠢᠭᠡᠨ ᠲᠣᠮᠳᠡ ᠶᠢᠨ ᠪᠡᠶ᠎ᠡ ᠲᠠᠢ᠂ ᠬᠢᠵᠢᠶᠡᠯ ᠨᠠᠰᠣᠨ ᠤ ᠪᠦᠰᠡᠬᠦᠢ ᠶᠠᠭᠠᠷᠠᠪᠴᠢᠯᠡᠨ ᠭᠠᠷᠴᠤ ᠢᠷᠡᠭᠡᠳ ᠲᠣᠮᠣ ᠲᠡᠮᠣᠷ ᠬᠠᠭᠠᠯᠭ᠎ᠠ ᠶᠢ ᠤᠡᠭᠭᠤᠢᠢᠯᠭᠠᠬᠤ‌‍ᠳᠤ ᠪᠢᠳᠡᠨ ᠤ ᠠᠭᠤᠯᠵᠠᠬᠤ ᠪᠠᠷ ᠢᠷᠡᠭᠰᠡᠨ ᠪᠠᠭᠰᠢ ᠪᠣᠯᠬᠤ ᠶᠢ ᠲᠠᠨᠢᠵᠣ ᠠᠮᠤᠷ ᠮᠠᠨᠳᠤ ᠪᠠᠨ ᠠᠰᠠᠭᠤᠯᠴᠠᠨ ᠲᠤᠳᠤᠭᠰᠢ ᠤᠷᠤᠪᠠ᠃ ᠭᠡᠷ ᠲᠤ ᠤᠷᠤᠬᠤ ᠳᠤ ᠲᠤᠯᠠᠭᠠᠨ ᠲᠠᠭᠠᠯᠠᠮᠵᠢᠳᠠᠢ ᠰᠠᠨᠠᠭᠳᠠᠵᠣ᠂ ᠵᠡᠬᠦᠨ ᠦᠷᠦᠭᠡ ᠳᠤ ᠣᠷᠣᠬᠤ ᠳᠤ ᠨᠢᠳᠣᠨ ᠳᠤ ᠪᠠᠨ ᠭᠠᠯ ᠲᠠᠢ ᠨᠢᠭᠤᠷ ᠲᠤ ᠪᠠᠨ ᠴᠤᠭ ᠲᠠᠢ ᠵᠢᠭᠠᠯ ᠭᠡᠣᠭᠡᠳ ᠤᠳ ᠬᠦᠷ ᠬᠢᠳᠡᠯ᠎ᠡ ᠪᠣᠰᠣᠨ ᠵᠣᠭᠰᠣᠵᠣ᠄ ︽ᠲᠠ ᠰᠠᠶᠢᠨ ᠦᠦ︕︾ ᠭᠡᠮᠡᠨ ᠮᠡᠨᠳᠦᠴᠢᠯᠡᠨ ᠣᠭᠳᠣᠨ᠎ᠠ᠃ ᠭᠤᠣᠯ ᠲᠠᠰᠣᠯᠭ᠎ᠠ ᠨᠢ ᠪᠠᠭᠰᠢ ᠶᠢᠨ ᠠᠯᠪᠠᠨ ᠭᠡᠷ᠂ ᠪᠠᠷᠠᠭᠤᠨ ᠦᠷᠦᠭᠡ ᠳᠤ ᠨᠢ ᠰᠢᠨ᠎ᠡ ᠮᠠᠶ᠋ᠢᠭ ᠤᠨ ᠲᠤᠯᠠᠭᠠᠯᠠᠭ᠎ᠠ ᠶᠢᠨ ᠵᠤᠤᠬ᠎ᠠ ᠬᠦᠷᠴᠢᠬᠢᠨᠡᠵᠦ᠂ ᠤᠰᠤ ᠪᠤᠴᠠᠯᠬᠤ ᠳᠠᠭᠤᠨ ᠰᠤᠨᠤᠰᠳᠠᠨ᠎ᠠ᠃ ᠲᠡᠬᠦᠨ ᠠᠴᠠ ᠪᠠᠷᠠᠭᠤᠨᠳᠡᠬᠢ ᠦᠷᠦᠭᠡ ᠨᠢ ᠭᠡᠣᠭᠡᠳ ᠤᠨ ᠬᠤᠭᠤᠯᠠᠨ ᠭᠡᠷ᠃ ᠪᠢᠴᠢᠬᠠᠨ ᠪᠣᠳᠠᠭᠠᠨ ᠰᠢᠷᠡᠭᠡ ᠨᠦᠭᠦᠳ ᠢ ᠬᠤᠶᠠᠷ ᠮᠦᠷ ᠢᠶᠠᠷ ᠲᠡᠷᠢ ᠲᠡᠭᠰᠢ ᠵᠢᠭᠰᠠᠭᠠᠨ᠂ ᠴᠡᠩᠭᠡᠷ ᠵᠢᠵᠢᠭ ᠰᠠᠨᠳᠠᠯᠢ ᠨᠤᠭᠤᠳ ᠢ ᠬᠠᠨ᠎ᠠ ᠲᠠᠭᠠᠭᠤᠯᠣᠨ ᠲᠠᠪᠬᠤᠷᠯᠠᠨ ᠲᠠᠯᠪᠢᠵᠣ᠂ ᠠᠶᠠᠭ᠎ᠠ ᠰᠠᠪᠠ ᠶᠢᠨ ᠠᠷᠢᠭᠤᠳᠬᠠᠯ ᠤᠨ ᠬᠠᠶᠢᠷᠴᠠᠭ ᠡᠷᠬᠢᠨᠡᠭ ᠤᠨ ᠪᠠᠶᠢᠷᠢ ᠳᠤ ᠵᠣᠭᠰᠣᠨ᠎ᠠ᠃ ᠡᠷᠳᠡᠨᠢᠴᠡᠴᠡᠭ ᠪᠠᠭᠰᠢ ᠶᠢᠨ ᠠᠯᠪᠠᠨ ᠭᠡᠷ ᠨᠢ ᠮᠦᠨ ᠴᠦ ᠲᠡᠬᠦᠨ ᠤ ᠪᠠᠶᠢᠷᠢ ᠪᠠᠶᠢᠵᠤ᠂ ᠨᠢᠭᠡ ᠠᠮᠠᠷᠠᠬᠤ ᠣᠷᠣ ᠲᠡᠭᠡᠷ᠎ᠡ ᠨᠢ ᠭᠡᠳᠣᠨ ᠦᠩᠭᠡ ᠶᠢᠨ ᠦᠳᠦᠨ ᠬᠤᠪᠴᠠᠰᠣ ᠨᠢᠭᠡ ᠨᠢᠭᠡ ᠪᠠᠷ ᠢᠶᠠᠨ ᠵᠢᠭᠳᠡ ᠡᠪᠭᠡᠭᠳᠡᠨ᠂ ᠲᠡᠪᠡᠯ ᠪᠦᠰᠨ ᠮᠠᠰᠢ ᠲᠢᠭᠯᠢᠮ ᠲᠠᠢ ᠲᠠᠯᠪᠢᠭᠳᠠᠵᠤ ᠪᠠᠶᠢᠪᠠ᠃ ᠡᠷᠳᠡᠨᠢᠴᠡᠴᠡᠭ ᠪᠠᠭᠰᠢ ᠶᠢᠨ ᠠᠶᠠᠭᠠᠯᠠᠭᠰᠠᠨ ᠬᠠᠯᠠᠭᠤᠨ ᠴᠠᠢ ᠶᠢ ᠤᠤᠭᠤᠵᠤ ᠦᠭᠡ ᠡᠬᠦᠰᠭᠡᠨ ᠵᠣᠭᠤᠭᠳᠠᠵᠤ ᠪᠠᠶᠢᠬᠤ ᠳᠤ ᠵᠢᠭᠠᠯ ᠭᠡᠣᠭᠡᠳ ᠤᠳ᠄ ︽ᠪᠠᠭᠰᠢ ᠡ᠂ ᠪᠢᠳᠡ ᠭᠠᠳᠠᠨ᠎ᠠ ᠨᠠᠭᠠᠳᠬᠤ ᠪᠠᠷ ᠭᠠᠷᠣᠯ᠎ᠠ ᠰᠢᠣ︕︾ ᠭᠡᠳ ᠭᠡᠳᠣ ᠭᠡᠳᠣ ᠪᠠᠷ ᠣᠷᠣᠵᠣ ᠢᠷᠡᠭᠡᠳ ᠬᠤᠪᠴᠠᠰᠣ ᠪᠠᠨ ᠲᠠᠪᠬᠤᠷᠯᠠᠨ᠎ᠠ᠃ ᠡᠷᠳᠡᠨᠢᠴᠡᠴᠡᠭ ᠪᠠᠭᠰᠢ ᠶᠡᠭᠡ ᠰᠢᠭ ᠭᠡᠰᠡᠨ ᠳᠤ ᠨᠢ ᠲᠠᠪᠠᠯ ᠦᠳᠦᠨ ᠬᠤᠪᠴᠠᠰᠣ ᠶᠢ ᠨᠢ ᠠᠪᠴᠣ ᠦᠭᠬᠦᠨ᠂ ᠪᠠᠭ᠎ᠠ ᠭᠡᠤᠭᠡᠳ ᠤᠳ ᠲᠤ ᠨᠢ ᠨᠢᠭᠡ ᠨᠢᠭᠡ ᠪᠠᠷ ᠡᠮᠣᠰᠭᠡᠵᠣ ᠦᠭᠭᠦᠨ᠎ᠡ᠃ ᠪᠠᠰᠨ ᠨᠢᠭᠡᠨ ᠰᠢᠷ᠎ᠡ ᠲᠣᠯᠣᠭᠠᠢ‌‍ᠲ᠋ᠠᠢ ᠪᠢᠴᠢᠬᠠᠨ ᠵᠢᠭᠠᠯ᠄ ︽ᠡᠮᠡᠭᠡ ᠡ᠂ ᠪᠢ ᠰᠦ ᠣᠣᠭᠤᠨ᠎ᠠ︾ ᠭᠡᠬᠦ ᠳᠤ ᠨᠢ ᠡᠷᠳᠡᠨᠢᠴᠡᠴᠡᠭ ᠪᠠᠭᠰᠢ ᠪᠦᠯᠢᠶᠡᠨ ᠰᠦ ᠶᠢ ᠣᠭᠵᠢ ᠭᠡᠮᠡᠷᠭᠡᠨ ᠰᠠᠪᠠᠨ ᠳᠤ ᠬᠢᠵᠣ ᠭᠠᠷ ᠲᠤ ᠨᠢ ᠪᠠᠷᠢᠭᠤᠯᠣᠨ᠎ᠠ᠃      ᠡᠷᠳᠡᠨᠢᠴᠡᠴᠡᠭ᠂ 1969 ᠤᠨ ᠳᠤ ᠪᠠᠭᠠᠷᠢᠨ ᠪᠠᠷᠠᠭᠤᠨ ᠬᠤᠰᠢᠭᠤᠨ ᠤ ᠰᠢᠷᠠᠮᠦ᠋ᠷᠡᠨ ᠰᠤᠮᠤᠨ ᠤ ᠰᠦᠵᠢ ᠭᠠᠴᠠᠭ᠎ᠠ ᠶᠢᠨ ᠵᠡᠬᠦᠨ ᠰᠦᠵᠢ ᠲᠣᠭᠤᠶᠢᠯᠠᠩ ᠳᠤ ᠠᠷᠠᠳ ᠤᠨ ᠪᠠᠭᠰᠢ ᠪᠠᠳᠮᠠᠳᠣᠷᠵᠢ ᠮᠠᠯᠴᠢᠨ ᠡᠵᠢ ᠰᠠᠭᠰᠣ ᠶᠢᠨ ᠵᠢᠷᠭᠤᠭᠠᠨ ᠦᠷ᠎ᠡ ᠶᠢᠨ ᠭᠤᠷᠪᠠᠳᠣᠭᠠᠷ ᠨᠢ ᠪᠣᠯᠵᠣ ᠵᠠᠶᠠᠭᠠᠵᠠᠢ᠃ ᠨᠠᠰᠣᠨ ᠲᠣᠷᠰᠢ ᠠᠷᠠᠳ ᠤᠨ ᠪᠠᠭᠰᠢ ᠶᠢᠨ ᠠᠵᠢᠯ ᠳᠤ ᠵᠢᠳᠬᠦᠵᠣ ᠶᠠᠪᠣᠭᠰᠠᠨ ᠠᠪᠤ ᠶᠢᠨ ᠢᠶᠠᠨ ᠨᠦᠯᠦᠭᠡ ᠪᠠ ᠭᠡᠷ ᠪᠦᠯᠢ ᠶᠢᠨ ᠢᠶᠠᠨ ᠴᠢᠩᠭ᠎ᠠ ᠰᠣᠷᠭᠠᠯ ᠢᠶᠠᠷ ᠡᠷᠳᠡᠨᠢᠴᠡᠴᠡᠭ ᠬᠠᠷᠠᠬᠠᠨ ᠪᠠᠭ᠎ᠠ ᠠᠴᠠ ᠪᠠᠨ ᠰᠣᠷᠣᠯᠭ᠎ᠠ ᠮᠣᠷᠡᠯ ᠢ ᠡᠷᠬᠢᠮᠯᠡᠵᠣ᠂ ᠠᠪᠤ ᠲᠠᠢ ᠪᠠᠨ ᠠᠳᠠᠯᠢ ᠪᠠᠭᠰᠢ ᠪᠣᠯᠬᠤ ᠶᠣᠮ ᠰᠠᠨ ᠭᠡᠰᠡᠨ ᠬᠦᠰᠡᠯ ᠢ ᠡᠪᠦᠷᠯᠡᠨ ᠴᠢᠷᠮᠠᠶᠢᠨ ᠰᠣᠷᠣᠯᠴᠠᠵᠣ᠂ 1988 ᠤᠨ ᠳᠤ ᠳ᠋ᠠᠪᠠᠨ ᠤ ᠨᠢᠭᠡᠳᠦᠭᠡᠷ ᠲᠣᠮᠳᠠᠳᠣ ᠰᠣᠷᠭᠠᠭᠤᠯᠢ ᠠᠴᠠ ᠲᠡᠭᠡᠳᠣ ᠲᠣᠮᠳᠠᠳᠣ ᠪᠠᠨ ᠲᠡᠬᠦᠰᠭᠡᠵᠦ ᠨᠣᠳᠤᠭ ᠲᠤ ᠪᠠᠨ ᠬᠠᠷᠢᠵᠣ ᠮᠠᠯᠵᠢᠬᠤ ᠦᠢᠯᠡᠳᠪᠦᠷᠢᠯᠡᠯ ᠳᠤ ᠣᠷᠣᠯᠴᠠᠵᠠᠢ᠃ ᠮᠦᠨ ᠵᠢᠯ ᠤᠨ 9 ᠰᠡᠷ᠎ᠡ ᠳᠤ᠂ ᠠᠶᠢᠯ ᠣᠯᠠᠨ ᠤ ᠪᠠᠨ ᠰᠣᠩᠭᠤᠯᠳᠡ ᠪᠠᠷ ᠰᠦᠵᠢ ᠭᠠᠴᠠᠭ᠎ᠠ ᠶᠢᠨ ᠪᠠᠭ᠎ᠠ ᠰᠣᠷᠭᠠᠭᠤᠯᠢ ᠳᠤ ᠣᠷᠢᠭᠳᠠᠨ ᠬᠢᠴᠢᠶᠡᠯ ᠣᠷᠣᠯᠠᠭᠴᠢ ᠪᠠᠭᠰᠢ ᠪᠣᠯᠵᠠᠢ᠃ ᠲᠡᠷᠨ ᠡᠳᠦᠷ ᠠᠴᠠ ᠡᠷᠳᠡᠨᠢᠴᠡᠴᠡᠭ ᠬᠦᠮᠦᠨ ᠤ ᠠᠮᠢᠳᠣᠷᠡᠯ ᠤᠨ ᠰᠢᠨ᠎ᠡ ᠣᠷᠳᠣ ᠠᠶᠠᠨ ᠢᠶᠠᠨ ᠡᠬᠢᠯᠡᠬᠦᠯᠵᠣ ᠰᠣᠷᠭᠠᠨ ᠬᠦᠮᠦᠵᠢᠯ ᠤᠨ ᠡᠮᠦᠨ᠎ᠡ ᠹᠷᠣᠨᠲ ᠲᠡᠭᠡᠷ᠎ᠡ ᠭᠠᠪᠰᠢᠭᠠᠶᠢᠯᠠᠨ ᠠᠵᠢᠯᠯᠠᠵᠤ᠂ ᠣᠷᠢᠳ ᠬᠤᠵᠢᠳ ᠰᠦᠵᠢ ᠭᠠᠴᠠᠭ᠎ᠠ᠂ ᠬᠠᠷᠭᠠᠨᠠᠳᠣ ᠪᠠᠭ᠎ᠠ ᠰᠣᠷᠭᠠᠭᠤᠯᠢ᠂ ᠰᠢᠷᠡᠭᠡ ᠭᠠᠴᠠᠭ᠎ᠠ ᠶᠢᠨ ᠪᠠᠭ᠎ᠠ ᠰᠣᠷᠭᠠᠭᠤᠯᠢ ᠳᠤ ᠨᠠᠢᠮᠠᠨ ᠵᠢᠯ ᠪᠠᠭᠰᠢᠯᠠᠵᠠᠢ᠃ 1993 ᠣᠨ ᠳᠤ ᠡᠷᠳᠡᠨᠢᠴᠡᠴᠡᠭ ᠣᠪᠣᠭ᠎ᠠ ᠲᠣᠭᠤᠶᠢᠯᠠᠩ ᠤᠨ ᠡᠷᠳᠡᠨᠢᠪᠠᠳᠣ ᠲᠠᠢ ᠭᠡᠷᠯᠡᠵᠡᠢ᠃ ᠡᠷᠳᠡᠨᠢᠪᠠᠳᠣ ᠠᠬ᠎ᠠ ᠡᠭᠡᠴᠢ ᠲᠡᠬᠦᠦ ᠠᠷᠪᠠᠭᠤᠯᠨ ᠶᠢᠨ ᠢᠶᠠᠨ ᠣᠳᠬᠤᠨ ᠨᠢ ᠭᠡᠨ᠎ᠡ᠃ ᠡᠷᠳᠡᠨᠢᠴᠡᠴᠡᠭ ᠰᠣᠷᠭᠠᠭᠤᠯᠢ ᠳᠤ ᠪᠠᠨ ᠪᠣᠯ ᠪᠠᠭᠰᠢ᠂ ᠰᠣᠷᠭᠠᠭᠤᠯᠢ ᠠᠴᠠ ᠪᠠᠨ ᠬᠠᠷᠢᠪᠠᠯ ᠪᠡᠷᠢ᠂ ᠡᠭᠡᠨᠡᠷ᠂ ᠡᠵᠢ᠂ ᠮᠠᠯᠴᠢᠨ ᠶᠤᠮ᠃ ᠲᠡᠷᠨ ᠲᠠᠯᠠ ᠭᠠᠷᠣᠭᠰᠠᠨ ᠪᠠᠶ᠎ᠠ ᠪᠠᠭᠤᠷᠠᠢ ᠬᠠᠳᠠᠮ ᠡᠵᠢ ᠪᠠᠨ ᠲᠣᠯᠣᠭᠠᠨ ᠵᠢᠯ ᠠᠰᠠᠷᠠᠨ ᠬᠦᠨᠳᠦᠯᠡᠵᠣ᠂ ᠬᠠᠨᠢ ᠨᠦᠬᠦᠷ ᠡᠷᠳᠡᠨᠢᠪᠠᠳᠣ ᠲᠠᠢ ᠪᠠᠨ ᠬᠠᠮᠳᠣ ᠡᠷᠳᠡᠯᠡᠵᠤ ᠣᠷᠦ᠋ᠢᠯᠠᠨ ᠮᠠᠯ ᠲᠠᠷᠢᠶ᠎ᠠ ᠶᠢᠨ ᠠᠵᠢᠯ ᠳᠤ ᠣᠷᠣᠯᠴᠠᠵᠣ ᠡᠬᠦᠳᠡ ᠡᠷᠦᠭᠡ ᠪᠠᠨ ᠦᠭᠡᠳᠡ ᠲᠠᠳᠠᠵᠣ ᠦᠷ᠎ᠡ ᠭᠡᠤᠭᠡᠳ ᠢᠶᠠᠨ ᠦᠰᠭᠡᠵᠡᠢ᠃ ᠬᠦᠦ ᠲᠡᠯᠭᠡᠷᠬᠠᠩᠭᠠᠢ ᠨᠢ ᠣᠳᠣ ᠦᠪᠦᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠳᠤ ᠰᠣᠷᠣᠯᠴᠠᠵᠣ ᠪᠠᠶᠢᠬᠤ ᠶᠤᠮ ᠭᠡᠨ᠎ᠡ᠃ ᠡᠷᠳᠡᠨᠢᠴᠡᠴᠡᠭ ᠪᠠᠭᠰᠢ 1994 ᠣᠨ ᠳᠤ ᠨᠠᠮ ᠳᠤ ᠡᠯᠰᠡᠭᠳᠡᠵᠣ᠂ 1996 ᠣᠨ ᠠᠴᠠ ᠰᠢᠷᠡᠭᠡ ᠭᠠᠴᠠᠭ᠎ᠠ ᠶᠢᠨ ᠤᠪᠤᠭ᠎ᠠ ᠰᠣᠷᠭᠠᠭᠤᠯᠢ ᠳᠤ ᠰᠢᠯᠵᠢᠨ ᠢᠷᠡᠵᠣ ᠪᠠᠭᠰᠢᠯᠠᠭᠰᠠᠭᠠᠷ ᠣᠳᠣ ᠪᠣᠯᠳᠠᠯ᠎ᠠ ᠨᠢᠭᠡᠨᠳᠡ ᠪᠦᠬᠦᠯᠢ ᠭᠤᠴᠢᠨ ᠬᠠᠪᠣᠷ ᠨᠠᠮᠣᠷ ᠢ ᠦᠳᠡᠵᠣ᠂ ︽ᠡᠭᠡᠴᠢ ᠪᠠᠭᠰᠢ︾ ᠪᠠᠶᠢᠭᠰᠠᠨ ᠠᠴᠠ ᠪᠠᠨ ︽ᠠᠨᠢᠶ᠎ᠠ ᠪᠠᠭᠰᠢ︾ ᠪᠣᠯᠵᠣ᠂ ᠣᠳᠣ ︽ᠡᠮᠡᠭᠡ ᠪᠠᠭᠰᠢ︾ ᠪᠣᠯᠵᠠᠢ᠃ 1997 ᠣᠨ ᠳᠤ ᠪᠠᠭ᠎ᠠ ᠰᠣᠷᠭᠠᠭᠤᠯᠢ ᠶᠢᠨ ᠨᠢᠭᠡᠳᠣᠭᠡᠷ ᠲᠡᠰ ᠤᠨ ᠪᠠᠭᠰᠢ ᠪᠠᠷ ᠦᠨᠡᠯᠡᠭᠳᠡᠪᠡ᠂ ᠲᠡᠷᠨ ᠣᠪᠣᠭ᠎ᠠ ᠰᠣᠷᠭᠠᠭᠤᠯᠢ ᠳᠤ ᠠᠵᠢᠯᠯᠠᠭᠰᠠᠨ ᠠᠩᠬᠠᠨ ᠤ ᠣᠨ ᠳᠤ ᠪᠠᠨ ᠠᠯᠪᠠᠨ ᠤ ᠨᠢᠭᠡ ᠪᠠᠭᠰᠢ ᠲᠠᠢ ᠵᠢᠯ ᠰᠢᠬᠠᠮ ᠬᠠᠮᠳᠣ ᠠᠵᠢᠯᠯᠠᠵᠣ᠂ ᠲᠡᠬᠦᠨ ᠠᠴᠠ ᠨᠠᠭᠠᠰᠢ ᠭᠠᠭᠴᠠᠭᠠᠷ ᠢᠶᠠᠨ ᠡᠨᠡ ᠰᠣᠷᠭᠠᠭᠤᠯᠢ ᠶᠢ ᠬᠤᠷᠢ ᠢᠯᠡᠬᠦᠦ ᠵᠢᠯ ᠰᠠᠬᠢᠵᠣ ᠰᠣᠷᠭᠠᠭᠤᠯᠢ ᠶᠢᠨ ᠵᠠᠬᠢᠷᠦᠯ᠂ ᠠᠩᠬᠢ ᠶᠢᠨ ᠡᠷᠬᠢᠯᠡᠭᠴᠢ᠂ ᠭᠡᠯᠨ ᠲᠤᠭ᠎ᠠ ᠲᠠᠮᠢᠷ ᠲᠠᠭᠤᠣ ᠬᠦᠭᠵᠢᠮ ᠵᠢᠷᠤᠭ ᠤᠨ ᠪᠠᠭᠰᠢ᠂ ᠠᠮᠣᠷ ᠢ ᠬᠠᠮᠠᠭᠠᠯᠠᠭᠴᠢ᠂ ᠲᠣᠭᠤᠭᠠᠴᠢ᠂ ᠡᠷᠡᠬᠦᠯ ᠬᠠᠮᠠᠭᠠᠯᠠᠯ ᠤᠨ ᠪᠠᠭᠰᠢ᠂ ᠠᠰᠠᠷᠠᠭᠴᠢ ᠶᠢᠨ ᠣᠯᠠᠨ ᠲᠦᠷᠢ ᠶᠢ ᠭᠠᠭᠴᠠᠭᠠᠷ ᠢᠶᠠᠨ ᠲᠣᠭᠯᠠᠵᠣ ᠭᠤᠴᠢᠨ ᠬᠠᠪᠣᠷ ᠨᠠᠮᠣᠷ ︽ᠤᠷᠤᠯᠴᠠᠬᠴᠢ ᠪᠠᠭᠰᠢ︾ ᠬᠢᠭᠰᠡᠭᠡᠷ ᠶᠠᠪᠤᠵᠠᠢ᠃ ᠤᠤᠯ ᠳᠤ ᠪᠠᠨ ᠭᠤᠷᠪᠠ ᠲᠦᠷᠪᠡᠳᠦᠭᠡᠷ ᠣᠨ ᠬᠦᠷᠳᠡᠯ᠎ᠡ ᠪᠠᠶᠢᠵᠣ ᠪᠠᠶᠢᠭᠰᠠᠨ ᠢᠶᠠᠨ 2010 ᠣᠨ ᠠᠴᠠ ᠨᠠᠭᠠᠰᠢ ᠨᠢᠭᠡᠳᠦᠭᠡᠷ ᠣᠨ ᠯᠨ ᠦᠯᠡᠳᠡᠵᠠᠢ᠃ ᠭᠠᠭᠴᠠᠬᠠᠨ ᠰᠣᠷᠣᠭᠴᠢ ᠲᠠᠢ ᠰᠣᠷᠬᠤ ᠵᠢᠯ ᠭᠠᠷᠣᠭᠰᠠᠨ ᠳᠤ᠂ ᠡᠷᠳᠡᠨᠢᠴᠡᠴᠡᠭ ᠲᠡᠷᠨ ᠰᠣᠷᠣᠭᠴᠢ ᠪᠠᠨ ᠭᠡᠷ ᠲᠤ ᠪᠠᠨ ᠲᠣᠰᠣᠨ ᠠᠪᠠᠴᠢᠵᠣ ᠨᠢᠭᠡ ᠵᠢᠯ ᠵᠢᠭᠠᠪᠠ᠃ ᠤᠪᠤᠭ᠎ᠠ ᠰᠣᠷᠭᠠᠭᠤᠯᠢ ᠳᠤ ᠣᠳᠣᠬᠠᠨ᠎ᠠ ᠨᠢᠭᠡᠳᠦᠭᠡᠷ ᠣᠨ ᠤ ᠰᠣᠷᠣᠭᠴᠢ 7 ᠨᠡᠷ᠎ᠡ᠂ ᠭᠡᠣᠭᠡᠳ ᠤᠨ ᠴᠡᠴᠡᠷᠯᠢᠭ ᠤᠨ ᠶᠡᠭᠡ ᠠᠩᠬᠢ ᠳᠤ 3 ᠭᠡᠣᠭᠡᠳ᠂ ᠲᠣᠮᠳᠡ ᠠᠩᠬᠢ ᠳᠤ 4 ᠭᠡᠣᠭᠡᠳ᠂ ᠪᠠᠭ᠎ᠠ ᠠᠩᠬᠢ ᠳᠤ 1 ᠭᠡᠣᠭᠡᠳ ᠪᠠᠶᠢᠨ᠎ᠠ᠃      ᠰᠣᠷᠣᠭᠴᠢᠳ ᠤᠨ ᠦᠳᠡ ᠶᠢᠨ ᠬᠤᠭᠤᠯᠠᠨ ᠤ ᠴᠠᠭ ᠪᠣᠯᠪᠠ᠃ ᠡᠷᠳᠡᠨᠢᠴᠡᠴᠡᠭ ᠪᠠᠭᠰᠢ ᠬᠤᠶᠠᠷ ᠰᠠᠪᠠᠨ ᠳᠤ ᠬᠠᠯᠠᠭᠤᠨ ᠣᠰᠣ ᠬᠢᠵᠣ ᠭᠠᠵᠠᠷ ᠲᠠᠯᠪᠢᠭᠰᠠᠨ ᠳᠤ ᠵᠢᠭᠠᠯ ᠭᠡᠣᠭᠡᠳ ᠤᠳ ᠬᠦᠶᠦᠵᠣ ᠣᠷᠣᠵᠣ ᠢᠷᠡᠭᠡᠳ ᠭᠠᠷ ᠢᠶᠠᠨ ᠣᠬᠢᠶᠠᠨ ᠮᠦᠷᠯᠡᠨ ᠵᠣᠭᠰᠣᠨ᠎ᠠ᠃ ᠡᠷᠳᠡᠨᠢᠴᠡᠴᠡᠭ ᠪᠠᠭᠰᠢ ᠬᠠᠨ᠎ᠠ ᠲᠠᠭᠠᠭᠤᠯᠣᠨ ᠲᠠᠯᠪᠢᠭᠰᠠᠨ ᠪᠢᠴᠢᠬᠠᠨ ᠴᠡᠩᠭᠡᠷ ᠰᠠᠨᠳᠠᠯᠢ ᠨᠤᠭᠤᠳ ᠢ ᠨᠢᠭᠡ ᠨᠢᠭᠡ ᠪᠠᠷ ᠪᠣᠳᠠᠭᠠᠨ ᠰᠢᠷᠡᠭᠡᠨ ᠤ ᠲᠡᠷᠭᠡᠳᠡ ᠲᠠᠯᠪᠢᠵᠣ᠂ ᠰᠡᠨᠵᠢ ᠲᠠᠢ ᠲᠡᠮᠣᠷ ᠰᠠᠪᠠᠨ ᠳᠤ ᠰᠠᠶ᠋ᠢᠬᠠᠨ ᠪᠣᠯᠭᠤᠭᠠᠭᠰᠠᠨ ᠲᠣᠳᠣᠷᠭᠠᠨ ᠪᠣᠳᠠᠭ᠎ᠠ ᠶᠢ ᠨᠢᠭᠡ ᠨᠢᠭᠡ ᠰᠢᠨᠠᠭ᠎ᠠ ᠪᠠᠷ ᠰᠠᠪᠠᠯᠠᠵᠣ ᠰᠢᠷᠡᠭᠡᠨ ᠲᠡᠭᠡᠷ᠎ᠡ ᠵᠡᠷᠭᠡᠴᠡᠬᠦᠯᠦᠨ ᠲᠠᠯᠪᠢᠵᠣ ᠠᠳᠠᠯᠢ ᠪᠣᠰᠣ ᠵᠢᠵᠢᠭ ᠰᠠᠪᠠ ᠲᠠᠢ ᠲᠠᠪᠣᠰᠣᠯᠠᠭᠰᠠᠨ ᠨᠣᠭᠤᠭ᠎ᠠ ᠪᠣᠶᠣ ᠵᠠᠭᠤᠰᠢ ᠶᠢ ᠨᠢᠭᠡ ᠨᠢᠭᠡ ᠪᠠᠷ ᠨᠡᠭᠡᠭᠡᠵᠣ ᠲᠠᠯᠪᠢᠭᠠᠳ᠂ ᠶᠡᠭᠡ ᠪᠠᠭ᠎ᠠ ᠨᠢ ᠲᠡᠭᠰᠢ ᠦᠬᠡᠢ ᠠᠷᠪᠠᠨ ᠲᠠᠪᠣᠨ ᠬᠠᠯᠪᠠᠭ᠎ᠠ ᠶᠢ ᠪᠣᠳᠠᠭᠠᠨ ᠰᠠᠪᠠ ᠳᠤ ᠨᠢ ᠬᠢᠨ᠎ᠡ︔ ᠪᠠᠰᠨ ᠨᠠᠷᠢᠨ ᠣᠷᠳᠣ ᠬᠤᠪᠬᠢᠯ ᠲᠠᠢ ᠪᠢᠴᠢᠬᠠᠨ ᠣᠰᠣᠨ ᠣᠩᠭᠤᠴᠨ ᠰᠢᠬ ᠪᠠᠭᠠᠵᠢ ᠳᠤ ᠨᠢᠭᠡ ᠨᠢᠭᠡ ᠣᠭᠤᠳᠡ ᠰᠦ ᠬᠢᠵᠣ ᠲᠠᠯᠪᠢᠵᠠᠢ᠃ ᠢᠩᠬᠢᠬᠦ ᠨᠢ ᠭᠡᠣᠭᠡᠳ ᠤᠳ ᠰᠦ ᠪᠠᠨ ᠠᠰᠬᠠᠬᠤ ᠣᠴᠢᠷ ᠭᠠᠷᠬᠤ ᠦᠬᠡᠢ ᠭᠡᠨ᠎ᠡ᠃ ᠪᠢᠴᠢᠬᠠᠨ ᠬᠡᠣᠭᠡᠳ ᠤᠳ ᠮᠠᠰᠢ ᠨᠠᠮ ᠵᠢᠮ ᠲᠢᠭᠯᠢᠮ ᠲᠠᠢ ᠬᠤᠭᠤᠯᠠᠨ ᠭᠡᠷ ᠲᠤ ᠣᠷᠣᠵᠣ ᠰᠠᠭᠤᠯᠴᠠᠨ ᠬᠤᠭᠤᠯᠨ ᠪᠠᠨ ᠢᠳᠡᠵᠡᠭᠡᠪᠡ᠃  ᠰᠢᠷᠡᠭᠡ ᠭᠠᠴᠠᠭ᠎ᠠ ᠶᠢ ᠪᠠᠭᠳᠠᠭᠠᠭᠰᠠᠨ ᠦᠢᠷ᠎ᠡ ᠵᠡᠷᠭᠡᠯᠡᠳᠡᠭᠡ ᠪᠠᠶᠠᠠᠭᠤᠣᠯ᠂ ᠪᠠᠶᠠᠠᠳᠠᠯ᠎ᠠ᠂ ᠱᠠᠩᠰᠢᠨᠮᠣᠳᠣ ᠵᠡᠷᠭᠡ ᠭᠡᠳᠣᠨ ᠭᠠᠴᠠᠭ᠎ᠠ ᠶᠢᠨ ᠮᠠᠯᠴᠢᠨ ᠠᠷᠠᠳ ᠤᠨ ᠠᠷᠪᠠᠨ ᠲᠠᠪᠣᠨ ᠭᠡᠣᠭᠡᠳ ᠴᠦᠮ ᠦᠪᠡᠷ ᠦᠪᠡᠷ ᠤᠨ ᠬᠠᠯᠪᠠᠭ᠎ᠠ ᠪᠠᠨ ᠵᠠᠷᠣᠵᠣ᠂ ᠦᠪᠡᠷ ᠦᠪᠡᠷ ᠤᠨ ᠭᠡᠷ ᠠᠴᠠ ᠪᠠᠨ ᠠᠪᠴᠢᠷᠠᠭᠰᠠᠨ ᠨᠣᠭᠤᠭ᠎ᠠ ᠵᠠᠭᠤᠰᠢ ᠪᠠᠨ ᠢᠳᠡᠵᠣ᠂ ᠦᠪᠡᠷ ᠦᠪᠡᠷ ᠤᠨ ᠣᠷᠣᠨ ᠳᠤ ᠪᠠᠨ ᠰᠠᠭᠤᠵᠣ ᠦᠳᠡᠯᠡᠳᠡᠭ ᠵᠠᠩᠰᠢᠯ ᠲᠠᠢ ᠪᠣᠯᠵᠣ᠂ ᠡᠷᠳᠡᠨᠢᠴᠡᠴᠡᠭ ᠪᠠᠭᠰᠢ ᠰᠣᠷᠣᠭᠴᠢᠳ ᠤᠨ ᠢᠶᠠᠨ ᠡᠪᠬᠡᠵᠣ ᠲᠠᠯᠪᠢᠭᠰᠠᠨ ᠲᠡᠪᠡᠯ ᠬᠤᠪᠴᠠᠰᠣ ᠶᠢᠨ ᠠᠯᠢ ᠨᠢ ᠭᠡᠨ ᠤ ᠪᠣᠯᠬᠤ ᠶᠢ ᠲᠠᠨᠢᠬᠤ ᠪᠠᠷ ᠪᠠᠷᠠᠬᠤ ᠦᠬᠡᠢ ᠵᠢᠪ ᠵᠢᠵᠢᠭ ᠬᠠᠯᠪᠠᠭ᠎ᠠ ᠳᠤ ᠨᠢ ᠬᠦᠷᠳᠡᠯ᠎ᠡ ᠠᠨᠳᠠᠳᠠᠭ ᠦᠬᠡᠢ ᠪᠣᠯᠣᠭᠰᠠᠨ ᠶᠣᠮ ᠪᠠᠶᠢᠨ᠎ᠠ᠃ ᠵᠠᠷᠢᠮ ᠭᠡᠣᠭᠡᠳ ᠨᠢ ᠢᠳᠡᠵᠣ ᠪᠠᠶᠢᠭᠠᠳ ᠣᠰᠣ ᠣᠣᠭᠤᠨ᠎ᠠ ᠭᠡᠬᠦ ᠳᠤ ᠨᠢ ᠬᠠᠯᠠᠭᠤᠨ ᠪᠦᠯᠢᠶᠡᠨ ᠨᠢ ᠲᠣᠬᠢᠷᠠᠭᠰᠠᠨ ᠣᠰᠣ ᠶᠢ ᠴᠣᠮᠣ ᠳᠤ ᠬᠢᠵᠣ ᠦᠭᠬᠦᠨ᠂ ᠵᠠᠷᠢᠮ ᠨᠢ ᠣᠳᠠᠯ ᠦᠬᠡᠢ ᠨᠦᠢᠷᠮᠣᠭᠯᠠᠵᠣ ᠡᠬᠢᠯᠡᠬᠦ ᠳᠤ ︽ᠢᠳᠡ ᠡ᠂ ᠣᠣᠭᠤ︕︾ ᠭᠡᠮᠡᠨ ᠢᠳᠬᠠᠨ ᠠᠷᠭᠠᠳᠠᠵᠣ᠂ ᠨᠢᠯᠬ᠎ᠠ ᠪᠠᠭ᠎ᠠ ᠨᠢᠭᠡ ᠳᠤ ᠨᠢ ᠪᠠᠰᠨ ᠬᠠᠯᠪᠠᠭ᠎ᠠ ᠪᠠᠷ ᠠᠮᠠᠨ ᠳᠤ ᠨᠢ ᠪᠣᠳᠠᠭ᠎ᠠ ᠬᠢᠵᠦ ᠦᠭᠴᠦ ᠪᠠᠶᠢᠪᠠ᠃      ︽ᠨᠠᠮᠠᠢᠢ ᠠᠩᠬ᠎ᠠ ᠢᠷᠡᠬᠦ ᠳᠤ ᠣᠪᠣᠭ᠎ᠠ ᠰᠣᠷᠭᠠᠭᠤᠯᠢ ᠬᠦᠷᠢᠶ᠎ᠡ ᠬᠠᠰᠢᠶ᠎ᠠ ᠨᠢ ᠵᠠᠳᠠᠭᠠᠢ᠂ ᠭᠡᠳᠣᠨ ᠲᠠᠰᠣᠯᠭ᠎ᠠ ᠨᠣᠷᠠᠬᠤ ᠰᠢᠬᠠᠭᠰᠠᠨ ᠮᠠᠶᠢᠵᠢᠬᠢ ᠰᠢᠪᠡᠷ ᠭᠡᠷ ᠲᠠᠢ ᠯᠨ ᠪᠠᠶᠢᠭᠰᠠᠨ ᠶᠣᠮ᠃ ᠲᠣᠭᠤᠶᠢᠯᠠᠩ ᠤᠨ ᠮᠠᠯᠴᠢᠳ᠂ ᠰᠣᠷᠣᠭᠴᠢᠳ ᠤᠨ ᠭᠡᠷ ᠤᠨ ᠠᠬᠠᠮᠠᠳ ᠪᠠ ᠭᠠᠴᠠᠭ᠎ᠠ ᠰᠣᠮᠣ ᠬᠤᠰᠢᠭᠤ ᠭᠡᠳᠣᠨ ᠱᠠᠳᠣᠨ ᠤ ᠬᠠᠶᠢᠷ᠎ᠡ ᠬᠠᠯᠠᠮᠵᠢ ᠪᠠᠷ ᠦᠢᠷ᠎ᠡ ᠶᠢᠨ ᠵᠢᠯ ᠠᠴᠠ ᠭᠡᠷ ᠬᠦᠷᠢᠶ᠎ᠡ ᠰᠢᠨᠡᠳᠣᠨ᠂ ᠵᠢᠭᠠᠨ ᠰᠣᠷᠭᠠᠬᠤ ᠨᠦᠬᠦᠴᠡᠯ ᠲᠦᠬᠦᠭᠡᠷᠦᠮᠵᠢ ᠢᠯᠡᠳᠳᠡ ᠲᠦᠷᠭᠡᠨ ᠰᠠᠶᠢᠵᠢᠷᠠᠵᠣ ᠣᠰᠣ ᠴᠠᠬᠢᠯᠭᠠᠨ ᠪᠦᠷᠢᠳᠣᠨ ᠣᠣᠭᠤᠬᠤ ᠣᠰᠣ ᠠᠷᠢᠭᠤᠨ ᠴᠡᠪᠡᠷ᠂ ᠲᠣᠯᠠᠭᠠᠯᠭ᠎ᠠ ᠲᠠᠢ ᠪᠣᠯᠵᠣ᠂ ᠭᠠᠴᠠᠭᠠᠨ ᠵᠦᠪᠯᠡᠯ ᠤᠨ ᠠᠯᠪᠠᠯᠠᠬᠤ ᠨᠦᠬᠦᠴᠡᠯ ᠠᠴᠠ ᠪᠠᠰᠨ ᠰᠠᠶᠢᠨ ᠪᠤᠯᠵᠠᠢ︾ ᠭᠡᠵᠣ ᠭᠡᠯᠡᠭᠰᠡᠨ ᠠᠴᠠ ᠦᠵᠡᠪᠡᠯ ᠡᠷᠳᠡᠨᠢᠴᠡᠴᠡᠭ ᠪᠠᠭᠰᠢ ᠦᠪᠡᠷ ᠤᠨ ᠰᠣᠷᠭᠠᠭᠤᠯᠢ ᠪᠣᠯᠣᠨ ᠡᠷᠬᠢᠯᠡᠵᠣ ᠪᠠᠶᠢᠭ᠎ᠠ ᠠᠵᠢᠯ ᠳᠤ ᠪᠠᠨ ᠮᠠᠰᠢ ᠬᠠᠨᠣᠮᠵᠢᠳᠠᠢ ᠪᠠᠶᠢᠭ᠎ᠠ ᠨᠢ ᠢᠯᠡᠭᠡᠨ᠃ ᠬᠢᠴᠢᠶᠡᠯ ᠤᠨ ᠭᠡᠷ ᠤᠨ ᠵᠡᠭᠦᠨ ᠲᠠᠯ᠎ᠠ ᠳᠤ ᠨᠢ ᠭᠡᠣᠭᠡᠳ ᠤᠨ ᠨᠠᠭᠠᠳᠣᠮ ᠲᠣᠭᠯᠠᠭᠠᠮ ᠤᠨ ᠭᠡᠷ᠂ ᠨᠢᠭᠡᠳᠦᠭᠡᠷ ᠣᠨ ᠳᠤ ᠪᠠᠨ ᠰᠢᠨ᠎ᠡ ᠬᠢᠴᠢᠶᠡᠯ ᠵᠢᠭᠠᠬᠤ ᠦᠶᠡᠰ ᠴᠡᠴᠡᠷᠯᠢᠭ ᠤᠨ ᠠᠩᠬᠢ ᠶᠢᠨ ᠭᠡᠣᠭᠡᠳ ᠡᠨᠡ ᠦᠷᠦᠭᠡ ᠳᠤ ᠢᠷᠡᠵᠣ ᠲᠣᠭᠯᠠᠳᠠᠭ᠂ ᠴᠠᠭᠠᠨ᠎ᠠ ᠨᠢ ᠭᠡᠣᠭᠡᠳ ᠤᠨ ᠣᠨᠳᠠᠵᠣ ᠠᠮᠠᠷᠠᠬᠤ ᠲᠠᠰᠤᠭ ᠪᠠᠶᠢᠳᠠᠬ᠃ ᠴᠣᠩᠬᠤᠨ ᠲᠣᠳᠣᠷ᠎ᠡ ᠲᠠᠶᠢᠰᠠᠨ ᠲᠡᠭᠡᠷ᠎ᠡ ︽ᠬᠤᠷᠠᠬ᠎ᠠ ᠰᠣᠮᠣ ᠶᠢᠨ ᠣᠪᠣᠭ᠎ᠠ ᠪᠠᠭ᠎ᠠ ᠰᠣᠷᠭᠠᠭᠤᠯᠢ︾ ᠭᠡᠮᠡᠭᠦ ᠲᠡᠮᠣᠷ ᠫᠠᠶᠢᠵᠨ ᠲᠠᠯᠪᠢᠭᠠᠰᠣᠳᠠᠢ᠃ 2006 ᠣᠨ ᠳᠤ᠂ ᠰᠣᠮᠣ ᠰᠢᠶᠠᠩ ᠢ ᠬᠠᠰᠣᠵᠣ ᠨᠡᠶᠢᠯᠡᠬᠦᠯᠬᠦ ᠳᠤ ᠣᠣᠯ ᠤᠨ ᠬᠤᠷᠠᠬ᠎ᠠ ᠰᠣᠮᠣ ᠨᠢ ᠰᠢᠷᠠᠮᠦ᠋ᠷᠡᠨ ᠰᠣᠮᠣ᠂ ᠶᠡᠭᠡᠨᠠᠭᠤᠷ ᠰᠣᠮᠣ ᠲᠠᠢ ᠨᠡᠶᠢᠯᠡᠨ ᠣᠳᠣ ᠶᠢᠨ ᠰᠢᠷᠠᠮᠦ᠋ᠷᠡᠨ ᠰᠣᠮᠣ ᠪᠣᠯᠵᠣ᠂ 2008 ᠣᠨ ᠳᠤ ᠰᠣᠷᠭᠠᠨ ᠬᠦᠮᠦᠵᠢᠯ ᠤᠨ ᠡᠬᠢ ᠪᠠᠶᠠᠯᠢᠭ ᠢ ᠰᠢᠯᠢᠳᠡᠭᠵᠢᠬᠦᠯᠵᠣ ᠪᠦᠬᠦ ᠬᠤᠰᠢᠭᠤᠨ ᠤ ᠮᠣᠩᠭᠤᠯ ᠢᠶᠠᠷ ᠬᠢᠴᠢᠶᠡᠯᠯᠡᠬᠦ ᠠᠩᠬ᠎ᠠ ᠲᠣᠮᠳᠠᠳᠣ ᠰᠣᠷᠭᠠᠭᠤᠯᠢ ᠶᠢ ᠬᠤᠰᠢᠭᠤᠨ ᠳᠤ ᠲᠦᠪᠯᠡᠷᠡᠬᠦᠯᠦᠨ ᠨᠢᠭᠡᠳᠭᠡᠭᠰᠡᠨ ᠢᠶᠠᠷ ᠭᠠᠴᠠᠭ᠎ᠠ ᠳᠤ ᠪᠠᠶᠢᠭᠰᠠᠨ ᠪᠠᠭ᠎ᠠ ᠰᠣᠷᠭᠠᠭᠤᠯᠢ ᠰᠣᠮᠣᠨ ᠳᠤ ᠲᠦᠪᠯᠡᠷᠡᠵᠣ᠂ ᠭᠠᠭᠴᠠ ᠬᠦ 1~3 ᠳ᠋ᠤᠭᠠᠷ ᠣᠨ ᠲᠠᠢ ᠪᠠᠶᠢᠭᠰᠠᠨ ᠣᠪᠣᠭ᠎ᠠ ᠰᠣᠷᠭᠠᠭᠤᠯᠢ ᠦᠯᠡᠳᠡᠵᠣ᠂ 2010 ᠣᠨ ᠠᠴᠠ ᠨᠠᠭᠠᠰᠢ ᠪᠠᠭᠰᠢ ᠶᠢᠨ ᠬᠦᠴᠦᠨ ᠨᠦᠬᠦᠵᠣ ᠲᠡᠶᠢᠯᠬᠦ ᠦᠬᠡᠢ ᠠᠴᠠ ᠨᠢᠭᠡᠳᠦᠭᠡᠷ ᠣᠨ ᠯᠨ ᠦᠯᠡᠳᠡᠵᠡᠢ᠃ ᠭᠡᠣᠭᠡᠳ ᠤᠳ ᠬᠤᠭᠤᠯᠨ ᠪᠠᠨ ᠢᠳᠡᠵᠣ ᠪᠠᠷᠠᠭᠠᠳ ᠭᠠᠳᠠᠨ᠎ᠠ ᠨᠠᠭᠠᠳᠴᠣ᠂ ᠭᠡᠷ ᠲᠤ ᠡᠷᠳᠡᠨᠢᠴᠡᠴᠡᠭ ᠪᠠᠭᠰᠢ ᠪᠣᠳᠠᠭᠠᠨ ᠰᠠᠪᠠ ᠭᠡᠷᠡᠭᠰᠡᠯ ᠢ ᠣᠬᠢᠶᠠᠵᠣ ᠠᠷᠴᠢᠨ ᠲᠤᠯᠠᠭᠠᠯᠠᠭ᠎ᠠ ᠶᠢᠨ ᠵᠤᠤᠬᠠᠨ ᠳᠤ ᠨᠡᠬᠦᠷᠡᠰᠣ ᠨᠡᠮᠡᠨ᠎ᠡ᠃ ︽ᠪᠠᠭᠰᠢ ᠲᠠ ᠦᠢᠷ᠎ᠡ ᠶᠢᠨ ᠵᠢᠯ ᠳᠤ ᠲᠣᠮᠳᠠᠳᠣ ᠣᠯᠣᠰ ᠤᠨ ᠵᠠᠯᠠᠭᠤᠴᠣᠳ ᠪᠠᠭᠠᠴᠣᠳ ᠤᠨ ᠰᠠᠭᠤᠷᠢ ᠮᠦᠩᠬᠦ ᠶᠢᠨ ᠨᠡᠶᠢᠭᠡᠮᠯᠢᠭ ᠤᠨ ︿ᠯᠠᠪ ᠤᠨ ᠭᠡᠷᠡᠯ﹀ ᠱᠠᠩ ᠢ ᠲᠣᠰᠴᠣ᠂ ᠪᠠᠰᠨ ᠱᠠᠩᠨᠠᠯ ᠤᠨ ᠮᠦᠩᠭᠦ ᠪᠠᠨ ᠰᠣᠷᠭᠠᠭᠤᠯᠢ ᠪᠠ ᠰᠣᠷᠣᠭᠴᠢᠳ ᠲᠤ ᠪᠠᠨ ᠬᠠᠨᠳᠢᠪᠯᠠᠵᠣ᠂ ᠣᠯᠠᠭᠠᠠᠬᠠᠳᠠ ᠬᠤᠳᠡ ᠶᠢᠨ ︿ᠮᠠᠨ ᠤ ᠲᠡᠷᠭᠡᠳᠡᠬᠢ ᠬᠠᠮᠤᠭ ᠤᠨ ᠰᠠᠶᠢᠬᠠᠨ ᠪᠦᠰᠡᠬᠦᠢ﹀᠎ ᠪᠠᠷ ᠰᠣᠩᠭᠤᠭᠳᠠᠯ᠎ᠠ ᠭᠡᠰᠡᠨ᠂ ᠲᠠᠨ ᠤ ᠣᠯᠣᠭᠰᠠᠨ ᠢᠷᠠᠭᠤ ᠠᠯᠳᠡᠷ ᠣᠯᠠᠨ ᠪᠠᠶᠢᠬ᠎ᠠ ᠡ᠂ ᠡᠬᠦᠨ ᠤ ᠪᠠᠨ ᠲᠣᠬᠠᠢ ᠵᠢᠭᠠᠬᠠᠨ ᠬᠠᠭᠤᠴᠢᠯᠠᠬᠤ ᠦᠭᠡᠢ ᠤᠤ︖ ︾ ᠭᠡᠬᠦ ᠳᠤ ︽ᠭᠤᠴᠢᠨ ᠵᠢᠯ ᠤᠨ ᠲᠣᠷᠰᠢ ᠰᠣᠮᠣ ᠬᠤᠰᠢᠭᠤ ᠶᠢᠨ ᠨᠠᠮ ᠵᠠᠰᠠᠭ ᠤᠨ ᠠᠷᠪᠠᠨ ᠰᠣᠳᠣᠨ ᠵᠠᠯᠠᠭᠤ᠂  ︿3 · 8﹀᠎ ᠤ ᠣᠯᠠᠭᠠᠨ ᠲᠣᠭᠴᠢ᠂ ᠵᠢᠭᠠᠨ ᠰᠣᠷᠭᠠᠬᠤ ᠴᠢᠳᠠᠪᠦᠷᠢᠳᠡᠨ᠂ ᠰᠢᠯᠢᠳᠡᠭ ᠬᠠᠪᠰᠣᠷᠣᠨ ᠵᠢᠯᠣᠭᠤᠳᠣᠭᠴᠢ᠂ ᠵᠢᠱᠢᠶᠡᠴᠢ ᠪᠠᠭᠰᠢ᠂ ᠰᠢᠯᠢᠳᠡᠭ ᠨᠠᠮ ᠤᠨ ᠭᠡᠰᠢᠬᠦᠨ ᠵᠡᠷᠭᠡ ᠣᠯᠠᠨ ᠣᠯᠠᠨ ᠱᠠᠩᠨᠠᠯ ᠰᠠᠶᠢᠰᠢᠶᠡᠯ ᠢ  ᠬᠦᠷᠳᠡᠵᠣ ᠶᠠᠪᠣᠵᠠᠢ᠃ ᠨᠠᠳᠠᠳᠣ ᠬᠠᠶᠢᠷ᠎ᠠ ᠬᠠᠯᠠᠮᠵᠢ᠂ ᠢᠳᠡᠭᠡᠯ ᠬᠦᠴᠦ ᠣᠯᠭᠤᠭᠰᠠᠨ ᠨᠠᠮ ᠵᠠᠰᠠᠭ ᠪᠣᠯᠣᠨ ᠠᠶᠢᠯ ᠠᠶᠢᠮᠠᠭ ᠤᠨ ᠬᠢᠨ ᠳᠤ ᠪᠠᠨ ᠪᠠᠶᠠᠷᠯᠠᠨ ᠲᠠᠯᠠᠷᠬᠠᠭᠠᠳ ᠪᠠᠷᠠᠬᠤ ᠦᠬᠡᠢ ᠪᠠᠶᠢᠨ᠎ᠠ᠃ ᠰᠡᠳᠬᠢᠭᠳᠡᠯ ᠭᠡᠮᠡᠷ ᠶᠠᠭᠤ ᠯᠨ ᠪᠠᠶᠢᠨ᠎ᠠ ᠳ᠋ᠠ᠂ ᠨᠠᠳᠠᠳᠣ ᠲᠡᠬᠦᠨ ᠢ ᠲᠡᠯᠭᠡᠬᠦ ᠰᠡᠳᠬᠢᠯ ᠴᠦ ᠦᠬᠡᠢ᠂ ᠵᠠᠪ ᠴᠦ ᠦᠬᠡᠢ᠃ ᠣᠯᠠᠨ ᠲᠦᠮᠡᠨ ᠲᠦᠰᠢᠭ ᠪᠣᠯᠵᠣ ᠣᠪᠣᠭ᠎ᠠ ᠰᠣᠷᠭᠠᠭᠤᠯᠢ ᠮᠢᠨᠢ ᠣᠷᠣᠨ ᠳᠤ ᠪᠠᠨ ᠣᠪᠤᠶᠢᠵᠣ᠂ ᠣᠯᠠᠨ ᠭᠡᠣᠭᠡᠳ ᠮᠢᠨᠢ ᠰᠣᠷᠭᠠᠭᠤᠯᠢ ᠳᠤ ᠪᠠᠨ ᠲᠣᠭᠯᠠᠵᠣ ᠪᠠᠶᠢᠪᠠᠯ ᠮᠢᠨᠣ ᠬᠠᠮᠤᠭ ᠤᠨ ᠲᠡᠭᠡᠳᠣ ᠱᠠᠩᠨᠠᠯ ᠰᠠᠶᠢᠰᠢᠶᠠᠯ ᠲᠡᠷᠨ ᠰᠢᠣ︕︾ ᠭᠡᠵᠣ ᠶᠦᠮᠦᠷᠯᠢᠭ ᠮᠦᠷᠳᠡᠭᠡᠨ ᠢᠳᠡᠭᠡᠯ ᠲᠠᠢ ᠮᠦᠰᠢᠶᠡᠨ ᠶᠠᠷᠢᠭᠠᠳ ︽ᠪᠠᠭᠰᠢ ᠲᠠ ᠮᠢᠨᠣ ᠦᠭᠡ ᠭᠡᠯᠡᠬᠦ ᠶᠢ ᠪᠢᠳᠡᠭᠡᠢ ᠡᠯᠡᠭᠯᠡᠭᠡᠴᠢ ᠳ᠋ᠠ︾ ᠭᠡᠪᠡ᠃ ᠣᠣᠯ ᠨᠢ ᠡᠷᠳᠡᠨᠢᠴᠡᠴᠡᠭ ᠪᠠᠭᠰᠢ ᠬᠤᠶᠠᠷ ᠣᠳᠠᠭ᠎ᠠ ᠠᠶᠢᠯ ᠤᠨ ᠨᠣᠬᠠᠢ ᠳᠤ ᠬᠠᠵᠠᠭᠳᠠᠵᠦ ᠦᠩᠭᠡᠷᠡᠵᠠᠢ᠃ 1990 ᠣᠨ ᠤ ᠬᠠᠪᠣᠷ ᠤᠨ ᠨᠢᠭᠡᠨ ᠦᠳᠡᠰᠢ ᠰᠣᠷᠭᠠᠭᠤᠯᠢ ᠲᠠᠷᠬᠠᠭᠠᠳ ᠲᠤᠭᠤᠢ ᠣᠨᠣᠵᠣ ᠭᠡᠷ ᠵᠦᠭ ᠢᠶᠠᠨ ᠪᠣᠴᠠᠬᠤ ᠵᠠᠮ ᠵᠠᠭᠤᠷ᠎ᠠ ᠠᠶᠢᠯ ᠤᠨ ᠨᠣᠬᠠᠢ ᠳᠤ ᠬᠠᠵᠠᠭᠳᠠᠵᠣ᠂ 2014 ᠣᠨ ᠤ ᠰᠢᠨ᠎ᠡ ᠣᠨ ᠤ ᠰᠢᠨ᠎ᠡ ᠶᠢᠨ ᠨᠢᠭᠡᠨ ᠤ ᠡᠮᠣᠨ᠎ᠡ ᠡᠳᠣᠷ᠂ ᠲᠡᠷᠡ ᠰᠣᠷᠣᠭᠴᠢᠳ ᠤᠨ ᠢᠶᠠᠨ ᠬᠤᠭᠤᠴᠠᠭᠠᠨ ᠡᠴᠣᠰ ᠤᠨ ᠰᠢᠯᠭᠠᠯᠳᠠ ᠶᠢᠨ ᠬᠢᠷᠢ ᠪᠦᠳᠦᠮᠵᠢ ᠶᠢᠨ ᠬᠠᠭᠤᠳᠠᠰᠣ ᠶᠢ ᠲᠠᠷᠬᠠᠭᠠᠵᠣ ᠶᠠᠪᠣᠬᠤ ᠳᠤ ᠪᠠᠨ ᠠᠶᠢᠯ ᠤᠨ ᠨᠣᠬᠠᠢ ᠳᠤ ᠨᠢᠭᠤᠷ ᠣᠷᠣᠭᠤᠯ ᠢᠶᠠᠨ ᠬᠦᠷᠳᠡᠯ᠎ᠡ ᠣᠷᠠᠭᠤᠯᠵᠦ ᠰᠣᠮᠣ ᠬᠤᠰᠢᠭᠤᠨ ᠤ ᠡᠮᠨᠡᠯᠭᠡ ᠲᠠᠮᠵᠢᠨ 27 ᠵᠡᠬᠦᠦ ᠣᠶᠣᠭᠤᠯᠵᠣ ᠰᠣᠷᠪᠢ ᠠᠷᠬᠠᠭ ᠦᠯᠡᠳᠡᠭᠰᠡᠨ ᠪᠠᠶᠢᠨ᠎ᠠ᠃ ᠲᠡᠷᠨ ᠨᠢᠭᠡ ᠵᠢᠯ ᠡᠷᠳᠡᠨᠢᠴᠡᠴᠡᠭ ᠪᠠᠭᠰᠢ ᠶᠢ ᠭᠠᠢ ᠲᠡᠭᠡᠷ᠎ᠡ ᠭᠠᠮᠰᠢᠭ ᠲᠠᠭᠠᠷᠢᠵᠣ ᠣᠷᠢᠳ ᠬᠤᠵᠢᠳ ᠪᠠᠮᠪᠠᠢ ᠪᠣᠯᠴᠢᠷᠬᠠᠢ ᠶᠢᠨ ᠮᠡᠰᠨ ᠵᠠᠰᠠᠯ᠂ ᠭᠡᠪᠳᠡᠰᠢ ᠶᠢᠨ ᠪᠡᠳᠡᠬᠢ ᠶᠢᠨ ᠮᠡᠰᠨ ᠵᠠᠰᠠᠯ ᠬᠢᠯᠭᠡᠵᠣ ᠡᠪᠡᠷᠰᠢᠶᠡᠯ ᠡᠪᠡᠳᠦᠯ ᠤᠨ ᠲᠠᠷᠴᠢᠯᠭᠠᠯ ᠪᠠ ᠰᠣᠷᠭᠠᠭᠤᠯᠢ ᠰᠣᠷᠣᠭᠴᠢᠳ ᠢᠶᠠᠨ ᠰᠠᠨᠠᠬᠤ ᠰᠡᠳᠬᠢᠯ ᠤᠨ ᠵᠣᠪᠠᠯᠠᠩ ᠳᠤ ᠣᠨᠠᠭᠠᠵᠠᠢ᠃ ᠠᠯᠪᠠᠨ ᠭᠡᠷ ᠤᠨ ᠦᠨᠴᠦᠭ ᠲᠤ ᠡᠨᠡ ᠵᠣᠨ ᠲᠡᠬᠦᠰᠦᠭᠰᠡᠨ ᠨᠢᠭᠡᠳᠦᠭᠡᠷ ᠣᠨ ᠤ ᠰᠣᠷᠣᠭᠴᠢᠳ ᠠᠴᠠ ᠬᠦᠷᠭᠡᠭᠰᠡᠨ ᠨᠢᠭᠡ ᠭᠡᠮᠡᠷᠯᠢᠭ ᠲᠤᠭ ᠲᠠᠯᠪᠢᠭᠠᠰᠣᠳᠠᠢ᠂ ᠲᠡᠭᠡᠷ᠎ᠡ ᠨᠢ ︽ᠡᠷᠬᠢᠮ ᠬᠦᠨᠳᠣᠳᠣ ᠡᠷᠳᠡᠨᠢᠴᠡᠴᠡᠭ ᠪᠠᠭᠰᠢ ᠳᠤ ᠪᠠᠨ᠄ ᠰᠢᠨ᠎ᠡ ᠨᠣᠭᠤᠭ᠎ᠠ ᠰᠣᠷᠭᠤᠭ ᠴᠡᠴᠡᠭ ᠪᠦᠬᠦᠨ ᠳᠤ / ᠰᠢᠮ᠎ᠡ ᠪᠠᠨ ᠢᠪᠡᠭᠡᠭᠰᠡᠨ ᠬᠦᠷᠦᠰᠦ ᠰᠢᠷᠦᠢ ᠮᠡᠳᠣ / ᠰᠢᠮᠡᠳᠣ ᠰᠣᠶᠣᠯ ᠪᠢᠯᠢᠭ ᠡᠷᠳᠡᠮ ᠢᠶᠠᠷ ᠣᠷᠭᠤᠬᠤ / ᠰᠢᠨ᠎ᠡ ᠡᠷᠡᠨ ᠤ ᠪᠠᠭᠠᠴᠣᠳ ᠪᠢᠳᠡᠨ ᠳᠤ ᠨᠠᠷᠨ ᠮᠡᠳᠣ ᠲᠠ ᠮᠢᠨᠢ︕︾ ᠭᠡᠰᠡᠨ ᠠᠯᠳᠠᠨ ᠰᠢᠷᠭᠠᠯ ᠲᠦᠷᠪᠡᠨ ᠮᠦᠷ ᠲᠣᠮᠣ ᠦᠰᠦᠭ ᠲᠣᠷᠠᠶᠢᠨ᠎ᠠ᠃ ᠡᠷᠳᠡᠨᠢᠴᠡᠴᠡᠭ ᠪᠠᠭᠰᠢ ᠶᠢᠨ ᠰᠣᠷᠣᠭᠴᠢᠳ ᠠᠴᠠ ᠣᠳᠣ ᠭᠠᠷ ᠨᠢ ᠭᠠᠨᠵᠣᠭᠠᠨ ᠳᠤ᠂ ᠬᠦᠯ ᠨᠢ ᠲᠦᠷᠦᠭᠡᠨ ᠳᠤ ᠬᠦᠷᠦᠭᠡᠳ ᠪᠠᠭᠰᠢ᠂  ᠰᠣᠪᠢᠯᠠᠭᠴᠢ᠂ ᠠᠵᠣ ᠠᠬᠤᠶᠢᠯᠠᠯᠳᠡᠨ᠂ ᠦᠨᠳᠦᠰᠦᠨ ᠱᠠᠳᠣᠨ ᠤ ᠨᠠᠮ ᠵᠠᠰᠠᠭ ᠤᠨ ᠣᠳᠣᠷᠢᠳᠬᠤ ᠺᠠᠳ᠋ᠷ ᠪᠣᠯᠵᠣ ᠡᠯ᠎ᠡ ᠹᠷᠣᠨᠲ ᠲᠡᠭᠡᠷ᠎ᠡ ᠬᠢᠯᠠᠯᠵᠠᠭᠤᠯᠵᠤ ᠶᠠᠪᠣᠭ᠎ᠠ ᠦᠨᠳᠦᠷ ᠰᠣᠶᠣᠯ ᠦᠷᠭᠡᠨ ᠮᠡᠳᠡᠯᠭᠡ ᠦᠯᠡᠮᠵᠢ ᠠᠮᠵᠢᠯᠳᠡ ᠲᠠᠢ ᠬᠦᠮᠣᠰ ᠵᠦᠩᠳᠡᠭᠡᠨ ᠪᠠᠶᠢᠨ᠎ᠠ᠃      ︽ᠪᠠᠭᠰᠢ ᠡ᠂ 10᠎ ᠶᠢᠨ ᠪᠦᠳᠦᠴᠨ ᠶᠢ ᠢᠩᠬᠢᠵᠣ ᠵᠠᠳᠠᠯᠣᠭᠰᠠᠨ ᠲᠠᠭᠠᠷᠠᠨ᠎ᠠ ᠦᠦ︖︾ ᠭᠡᠵᠣ ᠨᠢᠭᠡ ᠭᠡᠣᠭᠡᠨ ᠰᠣᠷᠣᠭᠴᠢ ᠲᠠᠰᠬᠠᠯ ᠪᠠᠷᠢᠵᠣ ᠢᠷᠡᠭᠡᠳ ᠦᠵᠡᠬᠦᠯᠵᠣ ᠪᠠᠶᠢᠨ᠎ᠠ᠃ ᠬᠢᠴᠢᠶᠠᠯ ᠤᠷᠤᠬᠤ ᠴᠠᠭ ᠴᠤ ᠪᠤᠯᠪᠠ᠃ ᠣᠪᠣᠭ᠎ᠠ ᠰᠣᠷᠭᠠᠭᠤᠯᠢ ᠠᠴᠠ ᠡᠷᠳᠡᠨᠢᠴᠡᠴᠡᠭ ᠪᠠᠭᠰᠢ ᠲᠠᠢ ᠠᠶᠠᠷᠯᠠᠨ ᠪᠣᠴᠠᠬᠤ ᠵᠠᠮ ᠳᠤ ᠪᠠᠨ ᠪᠢ ᠮᠠᠣ ᠲᠡᠷᠢᠬᠦᠯᠡᠭᠴᠢ ᠶᠢᠨ ︽ᠨᠢᠭᠡ ᠬᠦᠮᠦᠨ ᠨᠢᠭᠡ ᠵᠢᠭᠠᠬᠠᠨ ᠰᠠᠶᠢᠨ ᠶᠠᠪᠣᠳᠠᠯ ᠬᠢᠬᠦ ᠲᠡᠮᠡᠢ ᠬᠦᠴᠢᠷ ᠪᠢᠰᠢ᠂ ᠬᠦᠴᠢᠷ ᠨᠢ ᠨᠠᠰᠣᠨ ᠲᠣᠷᠰᠢᠳᠡ ᠰᠠᠶᠢᠨ ᠶᠠᠪᠣᠳᠠᠯ ᠬᠢᠵᠣ ᠮᠠᠭᠤ ᠭᠡᠷᠡᠭ ᠬᠢᠬᠦ ᠦᠬᠡᠢ᠂ ᠢᠮᠠᠭᠳᠠ ᠦᠷᠭᠡᠨ ᠣᠯᠠᠨ ᠲᠦᠮᠡᠨ ᠳᠤ ᠲᠣᠰᠠᠳᠠᠢ᠂ ᠢᠮᠠᠭᠳᠡ ᠵᠠᠯᠠᠭᠤᠴᠣᠳ ᠲᠤ ᠲᠣᠰᠠᠳᠠᠢ᠂ ᠢᠮᠠᠬᠳᠠ ᠬᠤᠪᠢᠰᠬᠠᠯ ᠳᠤ ᠲᠣᠰᠠᠳᠠᠢ᠂ ᠭᠡᠳᠣᠨ ᠠᠷᠪᠠᠨ ᠵᠢᠯ ᠨᠢᠭᠡ ᠡᠳᠦᠷ ᠮᠡᠳᠣ ᠬᠠᠳᠠᠭᠤᠵᠢᠯᠳᠠᠢ ᠲᠡᠮᠡᠴᠡᠬᠦ ᠪᠣᠯ ᠰᠠᠶ᠋ᠢ ᠬᠦᠴᠢᠷ ᠠᠴᠠ ᠬᠦᠴᠢᠷ︾ ᠭᠡᠰᠡᠨ ᠨᠢᠭᠡ ᠪᠠᠳᠠᠭ ᠦᠬᠡ ᠶᠢ ᠦᠪᠡᠷ ᠤᠨ ᠡᠷᠭᠡ ᠦᠬᠡᠢ ᠰᠠᠨᠠᠵᠣ ᠣᠯᠪᠠ᠃      ᠬᠠᠶ᠋ᠢᠬ᠄ ᠪᠠᠭᠠᠷᠢᠨ ᠪᠠᠷᠠᠭᠤᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ                                   ︵ᠡᠾᠦ᠋ᠩ ᠮᠸᠢ ᠨᠠᠶᠢᠷᠠᠭᠤᠯᠪᠠ︶                                   2019 ᠣᠨ ᠤ 2 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号