ᠮᠤᠩᠭᠤᠯᠴᠤᠳ ᠤᠨ ᠮᠡᠨᠳᠤᠴᠢᠯᠡᠭᠡᠨ ᠤ ᠬᠡᠯᠡ ᠬᠡᠯᠡᠯᠭᠡ ᠶᠢᠨ ᠲᠤᠬᠠᠢ
ᠨᠡᠶᠢᠲᠡᠯᠡᠭᠰᠡᠨ ᠴᠠᠭ᠄
2020/1/20
                                 ᠨᠠᠮᠨᠠᠩ      ᠮᠡᠨᠳᠤᠴᠢᠯᠡᠭᠡ ᠪᠤᠯ ᠲᠦᠭᠡᠮᠡᠯ ᠪᠠᠶᠢᠳᠠᠭ ᠵᠠᠩ ᠦᠢᠯᠡ ᠶᠢᠨ ᠨᠢᠭᠡᠨ ᠵᠦᠢᠯ ᠪᠤᠯᠬᠤ ᠶᠤᠮ᠃ ᠮᠡᠨᠳᠤᠴᠢᠯᠡᠳᠡᠭ ᠦᠭᠡᠢ ᠦᠨᠳᠤᠰᠤᠳᠡᠨ ᠭᠡᠵᠦ ᠪᠠᠶᠢᠳᠠᠭ ᠦᠭᠡᠢ᠃ ᠮᠡᠨᠳᠤᠴᠢᠯᠡᠭᠡᠨ ᠤ ᠰᠤᠶᠤᠯ ᠪᠤᠯ ᠨᠢᠭᠡᠨ ᠦᠨᠳᠤᠰᠤᠳᠡᠨ ᠤ ᠤᠷᠤᠰᠢᠨ ᠠᠮᠢᠳᠤᠷᠠᠵᠦ ᠪᠠᠶᠢᠭ᠎ᠠ ᠪᠠᠶᠢᠭᠠᠯᠢ ᠶᠢᠨ ᠤᠷᠴᠢᠨ ᠠᠬᠤᠢ ᠪᠠ ᠡᠨᠡᠬᠦ ᠪᠠᠶᠢᠭᠠᠯᠢ ᠶᠢᠨ ᠤᠷᠴᠢᠨ ᠠᠬᠤᠢ ᠳᠤ ᠵᠤᠬᠢᠴᠠᠭᠰᠠᠨ ᠠᠵᠦ ᠠᠬᠤᠢ ᠶᠢᠨ ᠬᠡᠯᠪᠡᠷᠢ ᠪᠤᠯᠤᠨ ᠨᠡᠶᠢᠭᠡᠮ ᠤᠨ ᠠᠮᠢᠳᠤᠷᠠᠯ ᠤᠨ ᠬᠡᠯᠪᠡᠷᠢ ᠠᠴᠠ ᠡᠭᠦᠰᠴᠦ᠂ ᠮᠦᠨ ᠴᠦ ᠡᠨᠡᠬᠦ ᠠᠵᠦ ᠠᠬᠤᠢ ᠶᠢᠨ ᠬᠡᠯᠪᠡᠷᠢ ᠪᠤᠯᠤᠨ ᠨᠡᠶᠢᠭᠡᠮ ᠤᠨ ᠠᠮᠢᠳᠤᠷᠠᠯ ᠤᠨ ᠬᠡᠯᠪᠡᠷᠢ ᠪᠠᠷ ᠠᠴᠢᠶᠠᠯᠠᠪᠦᠷᠢ ᠪᠤᠯᠭᠠᠵᠦ ᠤᠷᠤᠰᠢᠳᠠᠭ ᠪᠢᠯᠡ᠃ ᠡᠶᠢᠮᠦ ᠤᠴᠢᠷ ᠠᠴᠠ ᠠᠵᠦ ᠠᠬᠤᠢ ᠶᠢᠨ ᠬᠡᠯᠪᠡᠷᠢ ᠪᠤᠯᠤᠨ ᠠᠮᠢᠳᠤᠷᠠᠯ ᠤᠨ ᠬᠡᠯᠪᠡᠷᠢ ᠶᠢᠨ ᠬᠤᠪᠢᠷᠠᠬᠤ ᠶᠢ ᠲᠠᠭᠠᠯᠳᠤᠨ ᠮᠠᠨᠳᠤᠴᠢᠯᠡᠭᠡᠨ ᠴᠦ ᠬᠤᠪᠢᠷᠠᠵᠤ ᠪᠠᠶᠢᠳᠠᠭ ᠶᠤᠮ᠃ ᠲᠤᠤᠷ᠎ᠠ ᠣᠶᠢᠷ᠎ᠠ‌‍ᠶᠢᠨ 30~40 ᠵᠢᠯ ᠳᠤ ᠬᠢ ᠦᠪᠦᠷ ᠮᠣᠩᠭᠤᠯᠴᠤᠳ ᠤᠨ ᠠᠵᠦ ᠠᠬᠤᠢ ᠶᠢᠨ ᠬᠡᠯᠪᠡᠷᠢ ᠶᠢᠨ ᠬᠤᠪᠢᠷᠠᠯᠳᠠ ᠪᠠ ᠠᠮᠢᠳᠤᠷᠠᠯ ᠤᠨ ᠠᠷᠭ᠎ᠠ ᠬᠡᠯᠪᠡᠷᠢ ᠶᠢᠨ ᠬᠤᠪᠢᠷᠠᠯᠳᠠ ᠨᠢ ᠮᠡᠨᠳᠤᠴᠢᠯᠡᠭᠡᠨ ᠤ ᠬᠡᠯᠡ ᠬᠡᠯᠡᠯᠭᠡ ᠳᠤ ᠶᠠᠮᠠᠷ ᠬᠤᠪᠢᠷᠠᠯᠲᠠ ᠠᠪᠴᠢᠷᠠᠭᠰᠠᠨ ᠲᠤᠬᠠᠢ ᠲᠤᠷᠰᠢᠨ ᠦᠭᠦᠯᠡᠶ᠎ᠡ᠃      ᠮᠡᠨᠳᠤᠴᠢᠯᠡᠭᠡᠨ ᠤ ᠦᠭᠡ ᠬᠡᠯᠡᠯᠭᠡ ᠨᠢ ᠶᠠᠮᠠᠷ ᠴᠦ ᠦᠨᠳᠤᠰᠤᠳᠡᠨ᠂ ᠶᠠᠮᠠᠷ ᠴᠦ ᠬᠡᠯᠡᠨ ᠳᠤ ᠪᠦᠷ ᠪᠠᠶᠢᠳᠠᠭ᠃ ᠡᠭᠦᠨ ᠢ ᠨᠡᠶᠢᠳᠡᠮ ᠤᠨ ᠤᠨᠴᠠᠯᠢᠭ ᠭᠡᠵᠦ ᠣᠶᠢᠯᠠᠭᠠᠪᠠᠯ ᠵᠤᠬᠢᠨ᠎ᠠ᠃ ᠭᠡᠪᠡᠴᠦ ᠦᠨᠳᠤᠰᠤᠳᠡᠨ ᠪᠦᠬᠦᠨ ᠤ ᠮᠡᠨᠳᠤᠴᠢᠯᠡᠭᠡ ᠨᠢ ᠠᠳᠠᠯᠢ ᠪᠤᠰᠤ ᠪᠠᠶᠢᠵᠤ᠂ ᠦᠪᠡᠷ ᠦᠪᠡᠷ ᠤᠨ ᠤᠨᠴᠠᠯᠢᠭ ᠰᠢᠨᠵᠢ ᠲᠠᠢ᠃ ᠮᠡᠨᠳᠤᠴᠢᠯᠡᠭᠡᠨ ᠤ ᠰᠤᠶᠤᠯ ᠤᠨ ᠤᠨᠴᠠᠯᠢᠭ ᠪᠠ ᠢᠯᠭᠠᠭ᠎ᠠ ᠵᠦᠷᠢᠶ᠎ᠡ‌ᠨᠢ ᠭᠤᠤᠯᠳᠠᠭᠤ ᠲᠡᠭᠦᠨ ᠤ ᠬᠡᠷᠡᠭᠯᠡᠬᠦ ᠬᠡᠯᠡ ᠬᠡᠯᠡᠯᠭᠡ ᠲᠡᠭᠡᠷ᠎ᠡ ᠢᠯᠡᠷᠡᠵᠦ ᠪᠠᠶᠢᠳᠠᠭ᠃ ᠮᠤᠩᠭᠤᠯ ᠦᠨᠳᠤᠰᠤᠳᠡᠨ ᠪᠤᠯ ᠤᠷᠲᠦ ᠤᠳᠠᠭᠠᠨ ᠭᠢᠯᠠᠯᠵᠠᠭᠰᠠᠨ ᠲᠡᠤᠬᠡ ᠰᠤᠶᠤᠯ ᠲᠠᠢ ᠦᠨᠳᠤᠰᠤᠳᠡᠨ ᠪᠤᠯᠬᠤᠷ ᠭᠡᠯᠡ ᠨᠢ ᠲᠦᠢᠯ ᠤᠨ ᠪᠠᠶᠠᠯᠢᠬ ᠪᠠᠶᠢᠳᠠᠬ᠃      ᠮᠤᠩᠭᠤᠯ ᠦᠨᠳᠤᠰᠤᠳᠡᠨ ᠤ ᠮᠡᠨᠳᠤᠴᠢᠯᠡᠭᠡᠨ ᠤ ᠲᠦᠷᠦᠯ ᠵᠦᠢᠯ ᠳᠤ ᠡᠳᠦᠷ ᠲᠤᠳᠤᠮ ᠤᠨ ᠮᠡᠨᠳᠤᠴᠢᠯᠡᠭᠡ᠂ ᠣᠯᠠᠷᠢᠯ ᠤᠨ ᠮᠡᠨᠳᠤᠴᠢᠯᠡᠭᠡ᠂ ᠠᠵᠢᠯ ᠲᠦᠷᠦᠯ ᠤᠨ ᠮᠡᠨᠳᠦᠴᠢᠯᠡᠭᠡ᠂ ᠪᠠᠶᠠᠷ ᠶᠤᠰᠤᠯᠠᠯ ᠤᠨ ᠮᠡᠨᠳᠤᠴᠢᠯᠡᠭᠡ᠂ ᠢᠷᠦᠭᠡᠯᠲᠤ ᠮᠡᠨᠳᠤᠴᠢᠯᠡᠭᠡ ᠭᠡᠬᠦ ᠮᠡᠳᠤ ᠤᠯᠠᠨ ᠵᠦᠢᠯ ᠪᠠᠶᠢᠳᠠᠭ᠃      ᠨᠢᠭᠡ᠂ ᠡᠳᠦᠷ ᠲᠤᠳᠤᠮ ᠤᠨ ᠮᠡᠨᠳᠦᠴᠢᠯᠡᠭᠡ      ᠬᠦᠮᠤᠰ ᠠᠯᠢᠪᠠ ᠬᠡᠯᠡ ᠶᠢ ᠰᠤᠷᠬᠤ ᠳᠤ ᠮᠡᠨᠳᠤᠴᠢᠯᠡᠭᠡ ᠠᠴᠠ ᠡᠬᠢᠯᠡᠵᠦ ᠰᠤᠷᠳᠠᠭ ᠲᠠᠢ ᠠᠳᠠᠯᠢᠬᠠᠨ ᠠᠯᠢᠪᠠ ᠬᠡᠯᠡ ᠨᠢ ᠬᠢᠮᠤᠷᠠᠯ ᠳᠤ ᠤᠴᠠᠷᠠᠬᠤ ᠳᠤ ᠪᠠᠨ ᠮᠡᠨᠳᠤᠴᠢᠯᠡᠭᠡᠨ ᠤ ᠦᠬᠡ ᠬᠡᠯᠡᠯᠬᠡ ᠠᠴᠠ ᠡᠬᠢᠯᠡᠳᠡᠭ ᠪᠠᠶᠢᠵᠦ ᠴᠦ ᠮᠠᠭᠠᠳ ᠦᠭᠡᠢ᠃      ᠮᠣᠩᠭᠤᠯᠴᠤᠳ ᠡᠬᠢᠯᠡᠵᠦ ᠮᠡᠨᠳᠤᠴᠢᠯᠡᠬᠦ ᠳᠤ ᠪᠠᠨ ᠡᠳᠦᠷ ᠲᠤᠳᠤᠮ ᠤᠨ ᠮᠡᠨᠳᠤᠴᠢᠯᠡᠭᠡᠨ ᠠᠴᠠ ᠡᠬᠢᠯᠡᠳᠡᠭ᠃ ᠦᠪᠦᠷ ᠮᠤᠩᠭᠤᠯ ᠤᠨ ᠤᠯᠠᠩᠬᠢ ᠭᠠᠵᠠᠷ ᠨᠤᠳᠤᠭ ᠲᠤ ᠨᠢᠭᠡ ᠬᠦᠮᠤᠨ ᠲᠠᠢ ᠠᠭᠤᠯᠵᠠᠬᠤ ᠳᠤ᠄ ︽ᠲᠠ ᠰᠠᠶᠢᠨ ᠪᠠᠶᠢᠨ᠎ᠠ ᠤᠤ︖︾ ᠭᠡᠵᠦ ᠮᠡᠨᠳᠤᠴᠢᠯᠡᠭᠡᠳ᠂ ᠤᠯᠠᠨ ᠬᠦᠮᠤᠨ ᠲᠠᠢ ᠠᠭᠤᠯᠵᠠᠬᠤ ᠳᠤ ᠪᠠᠨ᠄ ︽ᠲᠠᠶᠠᠭᠠᠷ ᠢᠶᠠᠨ ᠰᠠᠶᠢᠨ ᠪᠠᠶᠢᠵᠠᠭᠠᠨ᠎ᠠ ᠤᠤ︖︾ ᠭᠡᠵᠦ ᠮᠡᠨᠳᠤᠴᠢᠯᠡᠳᠡᠭ᠃ ᠪᠤᠰᠤᠳ ᠤᠨ ᠮᠡᠨᠳᠤᠴᠢᠯᠡᠭᠡ ᠶᠢᠨ ᠬᠠᠷᠢᠭᠤ ᠳᠤ ᠭᠡᠯᠡᠭᠦ ᠮᠠᠨᠳᠤᠴᠢᠯᠡᠭᠡ ᠶᠢ ᠬᠠᠷᠢᠭᠤ ᠮᠡᠨᠳᠤᠴᠢᠯᠡᠭᠡ ᠭᠡᠨ᠎ᠡ᠃ ︽ᠲᠠ ᠰᠠᠶᠢᠨ ᠪᠠᠶᠢᠨ᠎ᠠ ᠤᠤ︖︾᠂ ︽ᠲᠠᠶᠠᠭᠠᠷ ᠢᠶᠠᠨ ᠰᠠᠶᠢᠨ ᠪᠠᠶᠢᠵᠠᠭᠠᠨ᠎ᠠ ᠤᠤ︖︾ ᠭᠡᠵᠦ ᠮᠡᠨᠳᠦᠴᠢᠯᠡᠬᠦ ᠳᠤ ︽ᠰᠠᠶᠢᠨ ᠰᠠᠶᠢᠨ᠂ ᠲᠠ ᠰᠠᠶᠢᠨ ᠤᠤ︖︾ ᠭᠡᠳᠡᠭ ᠨᠢ ᠬᠠᠷᠢᠭᠤ ᠮᠡᠨᠳᠤᠴᠢᠯᠡᠭᠡ ᠪᠤᠯᠬᠤ ᠶᠤᠮ᠃ ᠡᠭᠦᠨ ᠳᠤ ᠮᠡᠨᠳᠤᠴᠢᠯᠡᠭᠡᠨ ᠨᠢ ᠵᠠᠪᠠᠯ ︽ᠲᠠ︾ ᠭᠡᠬᠦ ᠪᠤᠶᠤ ︽ᠲᠠᠶᠠᠭᠠᠷ︾ ᠭᠡᠬᠦ ᠦᠭᠦᠯᠡᠪᠦᠷᠢ ᠶᠢᠨ ᠡᠵᠡᠨ ᠪᠡᠶ᠎ᠡ ᠶᠢ ᠲᠤᠳᠤᠷᠬᠠᠢ ᠦᠭᠦᠯᠡᠳᠡᠭ ᠪᠠᠶᠢᠬᠤ ᠶᠤᠰᠤᠳᠠᠢ ᠪᠤᠯ ᠤᠳᠤ ᠬᠠᠷᠢᠨ ᠡᠨᠡᠬᠦ ︽ᠲᠠ︾ ᠪᠤᠶᠤ ︽ᠲᠠᠶᠠᠭᠠᠷ︾ ᠭᠡᠬᠦ ᠦᠭᠡ ᠨᠢ ᠪᠦᠷᠢᠮᠦᠰᠦᠨ ᠬᠠᠶᠠᠭᠳᠠᠵᠤ ᠪᠠᠶᠢᠨ᠎ᠠ᠃ ᠤᠯᠠᠩᠬᠢ ᠬᠦᠮᠤᠰ ᠪᠦᠷ ᠯᠡ ︽ᠰᠠᠶᠢᠨ ᠤᠤ︖︾ ᠭᠡᠬᠦ ᠡᠵᠡᠨ ᠪᠡᠶ᠎ᠡ ᠦᠭᠡᠢ ᠦᠭᠦᠯᠡᠪᠦᠷᠢ ᠪᠠᠷ ᠪᠠᠷᠠᠭᠠᠴᠢᠬᠠᠳᠠᠭ ᠪᠠᠶᠢᠨ᠎ᠠ᠃ ᠢᠩᠬᠢᠵᠦ ᠬᠡᠨ ᠳᠤ ᠬᠡᠯᠡᠵᠦ ᠪᠠᠶᠢᠭ᠎ᠠ ᠨᠢ ᠲᠤᠳᠤᠷᠬᠠᠢ ᠦᠭᠡᠢ ᠬᠡᠷᠡᠭᠯᠡᠭᠳᠡᠬᠦ ᠪᠤᠯᠵᠠᠢ᠃ ᠨᠡᠩ ᠴᠦ ᠬᠠᠷᠢᠭᠤ ᠮᠡᠨᠳᠤᠴᠢᠯᠡᠭᠡ ᠳᠤ ︽ᠰᠠᠶᠢᠨ ᠰᠠᠶᠢᠨ︾ ᠭᠡᠬᠦ ᠬᠠᠷᠢᠭᠤᠯᠲᠠ ᠶᠢ ᠪᠦᠷᠢᠮᠦᠰᠤᠨ ᠮᠠᠷᠲᠠᠵᠦ ᠬᠡᠷᠡᠭᠯᠡᠬᠦ ᠪᠠᠨ ᠪᠤᠯᠢᠴᠢᠬᠠᠵᠠᠢ᠃ ᠵᠦᠪᠬᠡᠨ ᠬᠠᠷᠢᠯᠴᠠᠨ᠄ ︽ᠰᠠᠶᠢᠨ ᠪᠠᠶᠢᠨ᠎ᠠ ᠤᠤ︖︾ ᠭᠡᠵᠦ ᠮᠡᠨᠳᠤᠴᠢᠯᠡᠬᠦ ᠲᠡᠳᠦᠢ ᠪᠤᠯᠵᠦ ᠪᠠᠶᠢᠨ᠎ᠠ᠃ ᠤᠷᠤᠨ ᠨᠤᠳᠤᠭ ᠤᠨ ᠵᠦᠷᠢᠶ᠎ᠡ ᠠᠴᠠ ᠪᠤᠯᠵᠦ ᠵᠠᠷᠢᠮ ᠨᠤᠳᠤᠭ ᠲᠤ᠄ ︽ᠲᠠ ᠠᠮᠤᠷᠬᠠᠨ ᠰᠠᠶᠢᠨ ᠪᠠᠶᠢᠨ᠎ᠠ ᠤᠤ︖︾᠂ ︽ᠲᠠᠶᠠᠭᠠᠷ ᠠᠮᠤᠷᠬᠠᠨ ᠰᠠᠶᠢᠨ ᠪᠠᠶᠢᠨ᠎ᠠ ᠤᠤ︖︾ ᠭᠡᠵᠦ ᠮᠡᠨᠳᠣᠴᠢᠯᠡᠳᠡᠭ᠃ ᠪᠠᠰᠠ ᠵᠠᠷᠢᠮ ᠨᠤᠳᠤᠭ ᠲᠤ᠄ ︽ᠲᠠᠨ ᠤ ᠠᠮᠤᠷ ᠢ ᠡᠷᠢᠶ᠎ᠡ︕︾᠂ ︽ᠲᠠᠶᠠᠭᠠᠷ ᠤᠨ ᠠᠮᠤᠷ ᠢ ᠡᠷᠢᠶ᠎ᠡ︕︾ ᠭᠡᠵᠦ ᠠᠳᠠᠯᠢ ᠪᠤᠰᠤ ᠮᠡᠨᠳᠤᠴᠢᠯᠡᠳᠡᠭ ᠪᠤᠯᠪᠠᠴᠦ ᠤᠳᠤ ︽ᠲᠠ︾ ᠪᠤᠶᠤ ︽ᠲᠠᠶᠠᠭᠠᠷ︾᠎ ᠨᠢ ᠭᠡᠭᠡᠭᠳᠡᠭᠰᠡᠨ ᠢᠶᠠᠷ ᠪᠠᠷᠠᠬᠤ ᠦᠭᠡᠢ᠂ ︽ᠠᠮᠤᠷᠬᠠᠨ ᠰᠠᠶᠢᠨ ᠪᠠᠶᠢᠨ᠎ᠠ ᠤᠤ︖︾᠂ ︽ᠠᠮᠤᠷ ᠰᠠᠶᠢᠨ ᠪᠠᠶᠢᠨ᠎ᠠ ᠤᠤ︖︾ ᠭᠡᠳᠡᠭ ᠤᠨ ᠬᠠᠷᠢᠭᠤ ᠮᠠᠨᠳᠤᠴᠢᠯᠡᠭᠡ ︽ᠰᠠᠶᠢᠨ ᠪᠠᠶᠢᠨ᠎ᠠ︾᠂ ︽ᠠᠮᠤᠷ ᠪᠠᠶᠢᠨ᠎ᠠ︾ ᠭᠡᠳᠡᠭ ᠨᠢ ᠴᠦ ᠤᠮᠳᠤᠭᠠᠶᠢᠯᠠᠭᠳᠠᠵᠤ᠂ ᠵᠦᠪᠬᠡᠨ ᠬᠠᠷᠢᠯᠴᠠᠨ ᠬᠠᠷᠢᠭᠤ ᠦᠭᠡᠢ ᠮᠡᠨᠳᠤᠴᠢᠯᠡᠳᠡᠭ ᠪᠤᠯᠤᠭᠰᠠᠨ ᠪᠠᠶᠢᠨ᠎ᠠ᠃      ᠡᠭᠦᠨ ᠠᠴᠠ ᠭᠠᠳᠠᠨ᠎ᠠ ᠠᠬᠠᠮᠠᠳ ᠲᠤᠮᠤᠭᠠᠲᠠᠳ ᠪᠤᠶᠤ ᠬᠤᠨᠤᠭ ᠤᠨ ᠭᠡᠶᠢᠴᠢᠨ ᠳᠤ ᠪᠠᠨ ᠦᠷᠯᠦᠭᠡ ᠨᠢ᠄ ︽ᠲᠠ ᠲᠠᠪᠠᠲᠠᠢ ᠨᠦᠢᠷᠰᠤᠪᠠ ᠤᠤ︖︾᠂ ︽ᠲᠠ ᠰᠠᠶᠢᠬᠠᠨ ᠠᠮᠠᠷᠠᠪᠠ ᠤᠤ︖︾᠂ ︽ᠲᠠ ᠲᠠᠪᠠᠲᠠᠢ ᠠᠮᠠᠷᠠᠭᠰᠠᠨ ᠤᠤ︖︾᠂ ︽ᠲᠠ ᠰᠠᠶᠢᠬᠠᠨ ᠵᠡᠭᠦᠳᠦ ᠮᠠᠨᠠᠪᠠ ᠤᠤ︖︾ ᠭᠡᠬᠦ ᠮᠡᠳᠦᠴᠢᠯᠡᠨ ᠮᠡᠨᠳᠦᠴᠢᠯᠡᠵᠦ᠂ ᠡᠳᠦᠷ ᠨᠢ᠄ ︽ᠲᠠᠨ ᠳᠤ ᠡᠳᠦᠷ ᠤᠨ ᠠᠮᠤᠭᠤᠯᠠᠩ ᠢ ᠠᠶᠢᠯᠠᠳᠬᠠᠶ᠎ᠠ︾᠂ ︽ᠲᠠ ᠲᠠᠪᠠᠲᠠᠢ ᠰᠠᠭᠠᠳᠠᠵᠤ ᠪᠠᠶᠢᠨ᠎ᠠ ᠤᠤ︖︾᠂ ᠤᠷᠤᠢ ᠨᠢ᠄ ︽ᠲᠠ ᠲᠠᠪᠠᠲᠠᠢ ᠠᠮᠠᠷᠠᠭᠠᠷᠠᠢ︾᠂ ︽ᠲᠠ ᠰᠠᠶᠢᠬᠠᠨ ᠨᠦᠢᠷᠰᠤᠭᠠᠷᠠᠢ︾᠂ ︽ᠲᠠ ᠰᠠᠶᠢᠬᠠᠨ ᠵᠡᠭᠦᠳᠦ ᠮᠠᠨᠠᠭᠠᠷᠠᠢ︾᠂ ︽ᠲᠠᠨ ᠤ ᠦᠳᠡᠰᠢ ᠶᠢᠨ ᠠᠮᠤᠭᠤᠯᠠᠩ ᠢ ᠠᠶᠢᠯᠠᠳᠬᠠᠶ᠎ᠠ︾ ᠭᠡᠬᠦ ᠮᠡᠳᠦᠴᠢᠯᠡᠨ ᠬᠡᠯᠡᠳᠡᠭ᠃ ᠤᠳᠤ ᠮᠤᠩᠭᠤᠯᠴᠤᠳ ᠤᠨ ᠡᠳᠦᠷ ᠤᠨ ᠭᠤᠷᠪᠠᠨ ᠮᠡᠨᠳᠤᠴᠢᠯᠡᠭᠡ ᠨᠢ ᠪᠠᠷᠤᠭ ᠮᠠᠷᠳᠠᠭᠳᠠᠬᠤ ᠰᠢᠬᠠᠭᠰᠠᠨ ᠪᠠᠶᠢᠨ᠎ᠠ᠃ ᠡᠭᠦᠨ ᠤ ᠦᠨᠳᠤᠰᠤᠨ ᠰᠢᠯᠳᠠᠭᠠᠨ ᠨᠢ ᠬᠢᠲᠠᠳ ᠬᠡᠯᠡᠨ ᠤ ᠮᠡᠨᠳᠤᠴᠢᠯᠡᠭᠡᠨ ᠤ ᠶᠤᠰᠤᠨ ᠤ ᠵᠠᠩᠰᠢᠯ ᠳᠤ ᠨᠦᠯᠦᠭᠡᠯᠡᠭᠳᠡᠭᠰᠡᠨ ᠲᠠᠢ ᠬᠤᠯᠪᠤᠭ᠎ᠠ ᠲᠠᠢ ᠪᠠᠶᠢᠵᠤ ᠮᠡᠳᠡᠨ᠎ᠡ᠃ ᠤᠴᠢᠷ ᠨᠢ ᠬᠢᠲᠠᠳ ᠬᠡᠯᠡᠨ ᠤ ᠮᠡᠨᠳᠤᠴᠢᠯᠡᠭᠡᠨ ᠤ ᠦᠭᠡ ᠦᠭᠦᠯᠡᠪᠦᠷᠢ ᠪᠤᠯ ᠠᠩᠬᠠᠷᠤᠭᠤᠯᠬᠤ ᠦᠭᠦᠯᠡᠪᠦᠷᠢ ᠪᠠᠶᠢᠵᠦ᠂ ᠬᠠᠷᠢᠭᠤᠯᠬᠤ ᠶᠢ ᠱᠠᠭᠠᠷᠲᠠᠳᠠᠭ ᠦᠭᠡᠢ ᠶᠤᠮ᠃ ᠵᠢᠱᠢᠶ᠎ᠡ ᠨᠢ᠄ ︽你好︕︾ ᠭᠡᠬᠦ ᠨᠢ ᠠᠩᠬᠠᠷᠤᠭᠤᠯᠬᠤ ᠦᠭᠦᠯᠡᠪᠦᠷᠢ ᠪᠠᠶᠢᠵᠦ ᠶᠠᠮᠠᠷᠴᠦ ᠠᠰᠠᠭᠤᠯᠳᠠ ᠪᠢᠰᠢ ᠪᠠᠶᠢᠳᠠᠭ ᠲᠤᠯᠠ ᠬᠠᠷᠢᠭᠤᠯᠬᠤ ᠴᠢᠬᠤᠯᠠ ᠦᠭᠡᠢ᠃ ᠬᠠᠷᠢᠭᠤ ᠳᠤ ᠨᠢ ᠪᠠᠰᠠ ᠯᠠ ︽你好︕︾ ᠭᠡᠳᠡᠭ᠃ ᠬᠠᠷᠢᠨ ᠮᠤᠩᠭᠤᠯ ᠬᠡᠯᠡᠨ ᠤ ᠮᠡᠨᠳᠤᠴᠢᠯᠡᠭᠡᠨ ᠪᠤᠯ ︽ᠲᠠ ᠰᠠᠶᠢᠨ ᠪᠠᠶᠢᠨ᠎ᠠ ᠤᠤ︖︾ ᠭᠡᠬᠦ ᠠᠰᠠᠭᠤᠬᠤ ᠰᠤᠯᠠ ᠦᠭᠡ ᠪᠠᠷ ᠲᠡᠭᠦᠰᠴᠦ ᠪᠠᠶᠢᠳᠠᠭ ᠲᠤᠯᠠ ᠬᠠᠷᠢᠭᠤ ᠱᠠᠭᠠᠷᠲᠠᠭᠳᠠᠨ᠎ᠠ᠃      ᠬᠤᠶᠠᠷ᠂ ᠤᠯᠠᠷᠢᠯ ᠤᠨ ᠮᠡᠨᠳᠦᠴᠢᠯᠡᠭᠡ      ᠤᠯᠠᠷᠢᠯ ᠤᠨ ᠮᠡᠨᠳᠤᠴᠢᠯᠡᠭᠡ ᠪᠤᠯ ᠮᠤᠩᠭᠤᠯᠴᠤᠳ ᠤᠨ ᠨᠡᠯᠢᠶᠡᠳ ᠦᠪᠡᠷᠮᠢᠴᠡ ᠤᠨᠴᠠᠯᠢᠭ ᠲᠠᠢ ᠮᠡᠨᠳᠤᠴᠢᠯᠡᠭᠡ ᠪᠤᠯᠬᠤ ᠶᠤᠮ᠃ ᠡᠨᠡ ᠨᠢ ᠮᠤᠩᠭᠤᠯᠴᠤᠳ ᠤᠨ ᠤᠯᠠᠮᠵᠢᠯᠠᠯᠳᠦ ᠨᠡᠭᠦᠳᠡᠯ ᠮᠠᠯ ᠠᠵᠦ ᠠᠬᠤᠢ ᠶᠢᠨ ᠤᠨᠴᠠᠯᠢᠭ ᠲᠠᠢ ᠬᠤᠯᠪᠤᠭᠳᠠᠨ᠎ᠠ᠃ ᠮᠤᠩᠭᠤᠯᠴᠤᠳ ᠤᠨ ᠤᠯᠠᠮᠵᠢᠯᠠᠯᠳᠦ ᠨᠡᠭᠦᠳᠡᠯ ᠠᠵᠦ ᠠᠬᠤᠢ ᠨᠢ ᠵᠦᠪᠬᠡᠨ ᠤᠰᠤᠨ ᠤ ᠲᠤᠩᠭᠠᠯᠠᠭ᠂ ᠡᠪᠡᠰᠦᠨ ᠤ ᠰᠤᠷᠭᠤᠭ ᠢ ᠡᠷᠢᠨ ᠳᠤᠷ᠎ᠠ ᠪᠠᠷ ᠢᠶᠠᠨ ᠨᠡᠭᠦᠳᠡᠯᠯᠡᠳᠡᠭ ᠪᠢᠰᠢ᠂ ᠲᠡᠭᠦᠨ ᠳᠤ ᠨᠡᠭᠦᠵᠦ ᠪᠠᠭᠤᠬᠤ ᠶᠢᠨ ᠤᠯᠠᠷᠢᠯ ᠤᠨ ᠴᠢᠨᠠᠷᠲᠠᠢ ᠵᠠᠩ ᠵᠢᠷᠤᠮᠵᠢᠯ ᠪᠠ ᠵᠢᠮ᠎ᠡ ᠶᠤᠰᠤ ᠲᠠᠢ ᠪᠠᠶᠢᠳᠠᠭ᠃ ᠤᠯᠠᠷᠢᠯ ᠢ ᠲᠠᠭᠠᠵᠦ ᠨᠡᠭᠦᠳᠡᠯᠯᠡᠳᠡᠭ ᠠᠴᠠ ᠪᠤᠯᠵᠦ ᠤᠷᠤᠨ ᠰᠠᠭᠤᠴᠠ ᠨᠢ ᠴᠦᠮ ᠠᠳᠠᠯᠢ ᠪᠤᠰᠤ ᠪᠠᠶᠢᠳᠠᠭ᠃ ᠵᠤᠨ ᠤᠰᠤᠨ ᠤ ᠤᠷᠤᠰᠬᠠᠯ ᠭᠤᠤ ᠰᠤᠪᠠᠭ ᠠᠴᠠ ᠵᠤᠬᠢᠬᠤ ᠵᠠᠶᠢᠳᠠᠭᠤ᠂ ᠰᠡᠷᠢᠭᠦᠭᠡᠨ ᠰᠠᠯᠬᠢ ᠨᠡᠪᠳᠡᠷᠡᠬᠦ ᠵᠠᠳᠠᠭᠠᠢ ᠭᠠᠵᠠᠷ ᠢ ᠡᠷᠢᠵᠦ ᠶᠠᠪᠤᠳᠠᠭ ᠪᠠ ᠡᠪᠦᠯ ᠪᠤᠯᠪᠠᠯ ᠲᠤᠯᠠᠭᠠᠬᠠᠨ᠂ ᠨᠦᠮᠦᠷᠢ ᠶᠡᠬᠡᠳᠡᠢ᠂ ᠡᠪᠡᠰᠤ ᠰᠠᠬᠤᠯᠢᠬ ᠠᠮᠠᠷᠬᠠᠨ ᠴᠠᠰᠤᠨ ᠳᠤ ᠳᠠᠷᠤᠭᠳᠠᠬᠤ ᠦᠭᠡᠢ ᠦᠨᠳᠤᠷ ᠰᠢᠭ ᠭᠠᠵᠠᠷ ᠪᠠᠶᠢᠬᠤ ᠶᠢ ᠱᠠᠭᠠᠷᠳᠠᠳᠠᠭ᠃ ᠬᠠᠪᠤᠷ‌ᠨᠢ ᠨᠦᠭᠡᠴᠡ ᠡᠪᠡᠰᠦ ᠰᠠᠶᠢᠳᠠᠢ ᠪᠠ ᠲᠥᠯ ᠲᠤᠰᠬᠤ ᠳᠤ ᠲᠤᠬᠢᠷᠠᠭᠰᠠᠨ ᠭᠠᠵᠠᠷ ᠢ ᠰᠤᠩᠭᠤᠳᠠᠭ᠃ ᠨᠠᠮᠤᠷ ᠪᠤᠯᠪᠠᠯ ᠡᠪᠦᠯ ᠬᠠᠪᠤᠷ ᠤᠨ ᠨᠤᠳᠤᠭ ᠢᠶᠠᠨ ᠰᠤᠩᠭᠤᠨ ᠲᠤᠭᠳᠠᠭᠠᠭᠰᠠᠨ ᠤ ᠳᠠᠷᠠᠭ᠎ᠠ ᠵᠤᠬᠢᠬᠤ ᠬᠡᠮᠵᠢᠶᠡᠨ ᠤ ᠡᠪᠡᠰᠦᠨ ᠤ ᠨᠦᠭᠡᠴᠡ ᠠᠪᠴᠦ ᠪᠤᠯᠬᠤ ᠭᠠᠵᠠᠷ ᠢ ᠰᠤᠩᠭᠤᠬᠤ ᠬᠡᠷᠡᠭᠳᠡᠢ ᠪᠠᠶᠢᠳᠠᠭ᠃ ᠡᠭᠦᠨ ᠳᠤ ᠡᠪᠦᠯ ᠪᠤᠯ ᠤᠷᠤᠨ ᠰᠠᠭᠤᠴᠠ ᠬᠤᠷᠢᠶ᠎ᠠ ᠬᠠᠰᠢᠶ᠎ᠠ ᠡᠪᠯᠢᠭ᠂ ᠲᠤᠬᠢᠯᠢᠬ ᠲᠤᠯᠠᠭᠠᠬᠠᠨ ᠪᠠᠶᠢᠬᠤ ᠬᠡᠷᠡᠭᠳᠡᠢ᠃ ᠵᠤᠨ ᠪᠤᠯ ᠲᠦᠭᠦᠮ ᠠᠪᠰᠠᠷ ᠨᠡᠭᠦᠵᠦ ᠪᠠᠭᠤᠬᠤ ᠳᠤ ᠠᠮᠠᠷᠬᠠᠨ᠂ ᠠᠴᠢᠶ᠎ᠠ ᠬᠦᠰᠭᠡ ᠪᠠᠭ᠎ᠠ᠂ ᠬᠦᠳᠡᠯᠵᠦ ᠶᠠᠪᠤᠬᠤ ᠳᠤ ᠠᠰᠢᠭᠳᠠᠢ ᠪᠠᠶᠢᠪᠠᠯ ᠪᠣᠯᠴᠢᠬᠠᠳᠠᠭ᠃ ᠵᠣᠨ ᠤ ᠤᠯᠠᠷᠢᠯ ᠳᠤ ᠲᠡᠶᠢᠮᠦ ᠤᠯᠠᠨ ᠦᠢᠯᠡᠳᠪᠦᠷᠢᠯᠡᠯ ᠠᠮᠢᠳᠤᠷᠠᠯ ᠤᠨ ᠬᠡᠷᠡᠭᠰᠡᠯ ᠬᠡᠷᠡᠭᠰᠡᠬᠦ ᠦᠭᠡᠢ᠂ ᠬᠠᠷᠢᠨ ᠰᠦ ᠰᠠᠭᠠᠯᠢ ᠶᠢᠨ ᠰᠠᠪᠠ ᠰᠠᠭᠤᠯᠭ᠎ᠠ ᠨᠡᠯᠢᠶᠡᠳ ᠪᠦᠷᠢᠨ ᠪᠠᠶᠢᠬᠤ ᠬᠡᠷᠡᠭᠳᠡᠢ᠃ ᠡᠳᠡᠭᠡᠷ ᠠᠳᠠᠯᠢ ᠪᠤᠰᠤ ᠤᠨᠴᠠᠯᠢᠭ‌ᠡᠴᠠ ᠪᠤᠯᠵᠦ ᠬᠦᠮᠤᠰ ᠤᠨ ᠤᠯᠠᠷᠢᠯ ᠪᠤᠯᠭᠠᠨ ᠳᠤ ᠰᠠᠭᠤᠬᠤ ᠤᠷᠤᠨ ᠰᠠᠭᠤᠴᠠ᠂ ᠬᠢᠬᠦ ᠠᠵᠢᠯ ᠲᠦᠷᠦᠯ ᠨᠢ ᠴᠦ ᠢᠯᠭᠠᠭ᠎ᠠ ᠵᠦᠷᠢᠶ᠎ᠡ ᠲᠠᠢ ᠪᠠᠶᠢᠳᠠᠭ᠃ ᠢᠡᠭᠬᠢᠭᠡᠳ ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ ᠡᠪᠦᠯᠵᠢᠶ᠎ᠡ ᠭᠡᠬᠦ ᠮᠡᠳᠤᠴᠢᠯᠡᠨ ᠲᠤᠰᠬᠠᠢ ᠤᠨᠤᠭᠠᠭᠰᠠᠨ ᠨᠡᠷ᠎ᠡ ᠦᠭᠡ ᠭᠠᠷᠴᠤ ᠢᠷᠡᠵᠡᠢ᠃      ᠲᠡᠭᠡᠷ᠎ᠡ ᠲᠤᠷᠠᠳᠤᠭᠰᠠᠨ ᠤᠨᠴᠠᠯᠢᠭ ᠠᠴᠠ ᠪᠤᠯᠵᠦ᠂ ᠤᠯᠠᠷᠢᠯ ᠪᠤᠯᠭᠠᠨ ᠤ ᠮᠡᠨᠳᠤᠴᠢᠯᠡᠭᠡ ᠨᠢ ᠠᠳᠠᠯᠢ ᠪᠤᠰᠤ ᠪᠤᠯᠳᠠᠭ᠃ ᠡᠭᠦᠨ ᠳᠤ ᠬᠠᠪᠤᠷ ᠮᠠᠯᠴᠢᠳ ᠲᠠᠢ᠄ ︽ᠲᠠᠨ ᠤ ᠬᠢ ᠲᠠᠪᠠᠲᠠᠢ ᠰᠠᠶᠢᠬᠠᠨ ᠬᠠᠪᠤᠷᠵᠢᠵᠤ  ᠪᠠᠶᠢᠨ᠎ᠠ ᠤᠤ︖ ︾᠂ ︽ᠲᠠᠷᠭᠤᠨ ᠰᠠᠶᠢᠬᠠᠨ ᠬᠠᠪᠤᠷᠵᠢᠵᠤ ᠪᠠᠶᠢᠨ᠎ᠠ ᠤᠤ︖︾᠂ ︽ᠮᠠᠯ ᠲᠦᠯ ᠮᠡᠨᠳᠦ ᠪᠤᠶᠢᠵᠢᠵᠤ ᠪᠠᠶᠢᠨ᠎ᠠ ᠤᠤ︖︾᠂ ︽ᠬᠤᠷ᠎ᠠ ᠪᠤᠷᠤᠭ᠎ᠠ ᠡᠯᠪᠡᠭᠰᠢᠵᠦ᠂ ᠨᠤᠭᠤᠭ᠎ᠠ ᠰᠠᠶᠢᠨ ᠤᠷᠭᠤᠵᠤ᠂ ᠰᠦᠷᠦᠭ ᠲᠠᠷᠭᠤᠯᠠᠵᠤ  ᠪᠠᠶᠢᠨ᠎ᠠ ᠤᠤ︖ ︾᠂ ︽ᠲᠠᠨ ᠤ ᠬᠢ ᠰᠠᠶᠢᠬᠠᠨ ᠬᠠᠪᠤᠷᠵᠢᠵᠦ ᠪᠠᠶᠢᠨ᠎ᠠ ᠤᠤ︖︾ ᠭᠡᠳᠡᠭ᠃ ᠵᠤᠨ ᠪᠤᠯ᠄ ︽ᠲᠠᠪᠠᠲᠠᠢ ᠰᠠᠶᠢᠬᠠᠨ ᠵᠤᠰᠠᠵᠤ ᠪᠠᠶᠢᠨ᠎ᠠ ᠤᠤ︖︾᠂ ︽ᠰᠠᠶᠢᠬᠠᠨ ᠵᠤᠨ ᠪᠤᠯᠵᠤ ᠪᠠᠶᠢᠨ᠎ᠠ ᠤᠤ︖︾᠂ ︽ᠲᠠᠪᠠᠲᠠᠢ ᠵᠤᠰᠠᠵᠤ ᠮᠠᠯ ᠶᠡᠭᠡ ᠲᠠᠷᠭᠤ ᠠᠪᠴᠤ ᠪᠠᠶᠢᠨ᠎ᠠ ᠤᠤ︖︾᠂ ︽ᠭᠠᠵᠠᠷ ᠤᠨ ᠭᠠᠷᠴᠠ᠂ ᠮᠠᠯ ᠤᠨ ᠲᠠᠷᠭᠤ ᠬᠦᠴᠦ ᠰᠠᠶᠢᠨ ᠪᠠᠶᠢᠨ᠎ᠠ ᠤᠤ︖︾᠂ ︽ᠬᠤᠷ᠎ᠠ ᠪᠤᠷᠤᠭ᠎ᠠ ᠡᠯᠪᠡᠭᠰᠢᠵᠦ ᠪᠠᠶᠢᠨ᠎ᠠ ᠤᠤ︖︾ ᠭᠡᠵᠦ ᠮᠡᠨᠳᠦᠴᠢᠯᠡᠳᠡᠭ᠃ ᠨᠠᠮᠤᠷ ᠪᠤᠯ ︽ᠲᠠᠪᠠᠲᠠᠢ ᠰᠠᠶᠢᠬᠠᠨ ᠨᠠᠮᠤᠷᠵᠢᠵᠤ ᠪᠠᠶᠢᠨ᠎ᠠ ᠤᠤ︖︾᠂ ︽ᠮᠠᠯ ᠤᠨ ᠲᠠᠷᠭᠤ ᠬᠦᠴᠦ ᠨᠠᠮᠡᠭᠳᠡᠵᠦ  ᠪᠠᠶᠢᠨ᠎ᠠ ᠤᠤ︖︾᠂ ︽ᠡᠪᠡᠰᠦ ᠬᠠᠳᠤᠯᠠᠩ ᠰᠢᠮᠡᠳᠦ ᠲᠡᠵᠢᠭᠡᠯ ᠶᠡᠭᠡ ᠪᠡᠯᠡᠳᠭᠡᠪᠡ ᠤᠤ︖︾ ᠭᠡᠵᠦ ᠮᠡᠨᠳᠦᠴᠢᠯᠡᠳᠡᠭ᠃ ᠡᠪᠦᠯ ᠪᠤᠯ ︽ᠲᠠᠷᠭᠤᠨ ᠰᠠᠶᠢᠬᠠᠨ ᠡᠪᠦᠯᠵᠢᠵᠦ ᠪᠠᠶᠢᠨ᠎ᠠ ᠤᠤ︖︾᠂ ︽ᠦᠩ ᠲᠠᠢ ᠰᠠᠶᠢᠬᠠᠨ ᠡᠪᠦᠯᠵᠢᠵᠤ ᠪᠠᠶᠢᠨ᠎ᠠ ᠤᠤ︖︾᠂ ︽ᠡᠪᠦᠯᠵᠢᠶ᠎ᠡ ᠪᠠᠭᠤᠴᠠ ᠲᠠᠪᠠᠲᠠᠢ᠂ ᠡᠪᠡᠰᠦ ᠲᠤᠭᠤᠰᠤ ᠡᠯᠪᠡᠭ᠂ ᠲᠠᠷᠭᠤᠨ ᠰᠠᠶᠢᠬᠠᠨ ᠡᠪᠦᠯᠵᠢᠵᠦ ᠪᠠᠶᠢᠨ᠎ᠠ ᠤᠤ︖ ︾ ᠭᠡᠵᠦ ᠮᠡᠨᠳᠦᠴᠢᠯᠡᠳᠡᠭ᠃ ᠵᠢᠱᠢᠶ᠎ᠡ᠄      — ᠲᠠ ᠰᠠᠶᠢᠬᠠᠨ ᠵᠤᠰᠠᠵᠦ ᠪᠠᠶᠢᠨ᠎ᠠ ᠤᠤ︖ ︵ᠮᠡᠨᠳᠦᠴᠢᠯᠡᠭᠡ︶      — ᠰᠠᠶᠢᠬᠠᠨ ᠵᠤᠰᠠᠵᠦ ᠪᠠᠶᠢᠨ᠎ᠠ᠃ ᠲᠠᠨ ᠤ ᠬᠢᠨ ᠰᠠᠶᠢᠬᠠᠨ ᠵᠤᠰᠠᠵᠤ ᠪᠠᠶᠢᠨ᠎ᠠ ᠤᠤ︖ ︵ᠬᠠᠷᠢᠭᠤ ᠮᠡᠨᠳᠦᠴᠢᠯᠡᠭᠡ︶      — ᠲᠠ ᠰᠠᠶᠢᠬᠠᠨ ᠨᠠᠮᠤᠷᠵᠢᠵᠦ ᠪᠠᠶᠢᠨ᠎ᠠ ᠤᠤ︖ ︵ᠮᠡᠨᠳᠦᠴᠢᠯᠡᠭᠡ︶      — ᠰᠠᠶᠢᠬᠠᠨ ᠨᠠᠮᠤᠷᠵᠢᠵᠦ ᠪᠠᠶᠢᠨ᠎ᠠ᠃ ᠲᠠᠨ ᠤ ᠬᠢᠨ ᠰᠠᠶᠢᠬᠠᠨ ᠨᠠᠮᠤᠷᠵᠢᠵᠦ ᠪᠠᠶᠢᠨ᠎ᠠ ᠤᠤ︖ ︵ᠬᠠᠷᠢᠭᠤ ᠮᠡᠨᠳᠦᠴᠢᠯᠡᠭᠡ︶      — ᠲᠠ ᠰᠠᠶᠢᠬᠠᠨ ᠡᠪᠦᠯᠵᠢᠵᠦ ᠪᠠᠶᠢᠨ᠎ᠠ ᠤᠤ︖ ︵ᠮᠡᠨᠳᠦᠴᠢᠯᠡᠭᠡ︶      — ᠰᠠᠶᠢᠬᠠᠨ ᠡᠪᠦᠯᠵᠢᠵᠦ ᠪᠠᠶᠢᠨ᠎ᠠ᠃ ᠲᠠᠨ ᠤ ᠬᠢᠨ ᠰᠠᠶᠢᠬᠠᠨ ᠡᠪᠦᠯᠵᠢᠵᠦ ᠪᠠᠶᠢᠨ᠎ᠠ ᠤᠤ︖ ︵ᠬᠠᠷᠢᠭᠤ ᠮᠡᠨᠳᠦᠴᠢᠯᠡᠭᠡ︶      — ᠲᠠ ᠰᠠᠶᠢᠬᠠᠨ ᠬᠠᠪᠤᠷᠵᠢᠵᠦ ᠪᠠᠶᠢᠨ᠎ᠠ ᠤᠤ︖ ︵ᠮᠡᠨᠳᠦᠴᠢᠯᠡᠭᠡ︶      — ᠰᠠᠶᠢᠬᠠᠨ ᠬᠠᠪᠤᠷᠵᠢᠵᠦ ᠪᠠᠶᠢᠨ᠎ᠠ᠃ ᠲᠠᠨ ᠤ ᠬᠢᠨ ᠰᠠᠶᠢᠬᠠᠨ ᠬᠠᠪᠤᠷᠵᠢᠵᠦ ᠪᠠᠶᠢᠨ᠎ᠠ ᠤᠤ︖ ︵ᠬᠠᠷᠢᠭᠤ ᠮᠡᠨᠳᠦᠴᠢᠯᠡᠭᠡ︶ ᠭᠡᠬᠦ ᠪᠠᠷ ᠮᠡᠨᠳᠤᠴᠢᠯᠡᠭᠡ ᠪᠠ ᠬᠠᠷᠢᠭᠤ ᠮᠡᠨᠳᠤᠴᠢᠯᠡᠭᠡ ᠨᠢ ᠨᠡᠶᠢᠳᠡᠮ ᠬᠡᠷᠡᠭᠯᠡᠭᠳᠡᠳᠡᠭ  ᠪᠠᠶᠢᠪᠠ᠃ ᠤᠳᠤ ᠬᠤᠳᠠᠴᠢᠯᠠᠯᠳᠠ ᠶᠢ ᠲᠠᠭᠠᠯᠳᠤᠨ ᠬᠤᠲᠠ ᠶᠢᠨ ᠬᠦᠮᠤᠨ ᠠᠮᠠ ᠶᠢᠨ ᠡᠵᠡᠯᠡᠬᠦ ᠬᠠᠷᠢᠴᠠᠯ ᠡᠳᠦᠷ ᠢᠷᠡᠭᠦᠶ᠎ᠡ ᠨᠡᠮᠡᠭᠳᠡᠵᠦ ᠪᠠᠶᠢᠨ᠎ᠠ᠃ ᠬᠤᠳᠠ ᠶᠢᠨ ᠬᠦᠮᠤᠰ ᠤᠨ ᠠᠵᠢᠯ ᠠᠮᠢᠳᠤᠷᠠᠯ ᠨᠢ ᠵᠢᠯ ᠤᠨ ᠲᠦᠷᠪᠡᠨ ᠤᠯᠠᠷᠢᠯ ᠳᠤ ᠬᠤᠪᠢᠷᠠᠯᠳᠠ ᠭᠠᠷᠬᠤ ᠦᠭᠡᠢ᠂ ᠤᠯᠠᠷᠢᠯ ᠲᠠᠭᠠᠵᠦ ᠰᠢᠯᠵᠢᠵᠦ ᠨᠡᠭᠦᠳᠡᠭ ᠦᠭᠡᠢ ᠪᠤᠯᠬᠤᠷ ᠤᠯᠠᠷᠢᠯ ᠤᠨ ᠮᠡᠨᠳᠦᠴᠢᠯᠡᠭᠡ ᠬᠡᠷᠡᠭᠯᠡᠬᠦ ᠨᠦᠬᠦᠴᠡᠯ ᠪᠤᠯᠤᠮᠵᠢ ᠠᠯᠳᠠᠭᠳᠠᠵᠤ᠂ ᠡᠭᠦᠨ ᠢ ᠲᠠᠭᠠᠯᠳᠤᠨ ᠤᠯᠠᠷᠢᠯ ᠤᠨ ᠮᠡᠨᠳᠤᠴᠢᠯᠡᠭᠡᠨ ᠤ ᠦᠭᠡ ᠬᠡᠯᠡᠯᠭᠡ ᠨᠢ ᠴᠦ ᠬᠡᠷᠡᠭᠯᠡᠭᠳᠡᠬᠦ ᠤᠷᠴᠢᠨ ᠠᠬᠤᠢ ᠪᠠᠨ ᠠᠯᠳᠠᠭᠰᠠᠨ ᠠᠴᠠ ᠡᠭᠦᠨ ᠳᠤ ᠬᠤᠯᠪᠤᠭᠳᠠᠭᠰᠠᠨ ᠨᠢᠭᠡ ᠪᠦᠯᠦᠭ ᠲᠤᠰᠬᠠᠢ ᠬᠡᠷᠡᠭᠯᠡᠭᠡᠨ ᠤ ᠬᠡᠯᠡ ᠬᠡᠯᠡᠯᠭᠡ ᠪᠦᠷᠢᠮᠦᠰᠦᠨ ᠬᠠᠶᠠᠭᠳᠠᠵᠠᠢ᠃ ᠦᠭᠡᠷ᠎ᠡ ᠪᠠᠷ ᠬᠡᠯᠡᠪᠡᠯ᠂ ᠬᠤᠳᠠᠴᠢᠯᠠᠯᠳᠠ ᠠᠴᠠ ᠪᠤᠯᠵᠦ ᠤᠯᠠᠷᠢᠯ ᠤᠨ ᠮᠡᠨᠳᠤᠴᠢᠯᠡᠭᠡ ᠨᠢ ᠬᠡᠷᠡᠭᠯᠡᠭᠳᠡᠬᠦ ᠪᠠᠶᠢᠭᠠᠯᠢ ᠶᠢᠨ ᠪᠠ ᠨᠡᠶᠢᠭᠡᠮ ᠤᠨ ᠤᠷᠴᠢᠨ ᠢᠶᠠᠨ ᠠᠯᠳᠠᠭᠰᠠᠨ ᠪᠠᠶᠢᠨ᠎ᠠ᠃      ᠡᠭᠦᠨ ᠠᠴᠠ ᠭᠠᠳᠠᠨ᠎ᠠ ᠬᠦᠳᠡᠭᠡ ᠲᠤᠰᠬᠤᠨ ᠮᠠᠯᠵᠢᠬᠤ ᠤᠷᠤᠨ ᠤ ᠬᠦᠮᠤᠰ ᠨᠢ ᠴᠦ ᠭᠠᠵᠠᠷ ᠨᠤᠳᠤᠭ ᠤᠨ ᠬᠤᠪᠢᠶᠠᠷᠢᠯᠠᠯᠳᠠ ᠠᠴᠠ ᠪᠤᠯᠵᠦ ᠦᠪᠡᠷ ᠦᠪᠡᠷ ᠤᠨ ᠲᠠᠭᠠᠭᠠᠴᠢᠯᠠᠭᠰᠠᠨ ᠭᠠᠵᠠᠷ ᠨᠤᠳᠤᠭ ᠢ ᠲᠤᠤᠷᠯᠠᠨ ᠬᠤᠪᠢᠶᠠᠵᠦ ᠨᠡᠭᠦᠵᠦ ᠪᠠᠭᠤᠬᠤ ᠪᠤᠯᠤᠮᠵᠢ ᠪᠠᠭᠠᠰᠤᠭᠰᠠᠨ ᠠᠴᠠ ᠪᠠᠰᠠ ᠯᠠ ᠤᠯᠠᠷᠢᠯ ᠤᠨ ᠮᠡᠨᠳᠤᠴᠢᠯᠡᠭᠡ ᠶᠢᠨ ᠬᠡᠷᠡᠭᠯᠡᠵᠦ ᠪᠤᠯᠬᠤ ᠬᠡᠪᠴᠢᠶ᠎ᠡ ᠶᠢ ᠶᠡᠬᠡᠪᠡᠷ ᠢᠪᠴᠤᠷᠠᠭᠤᠯᠵᠠᠢ᠃ ᠶᠡᠬᠡᠩᠬᠢ ᠭᠠᠵᠠᠷ ︽ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ ᠡᠪᠦᠯᠵᠢᠶ᠎ᠡ︾᠎ ᠨᠢ ᠪᠤᠳᠠᠳᠠᠢ ᠤᠷᠤᠰᠢᠬᠤ ᠦᠭᠡᠢ ᠵᠦᠪᠬᠡᠨ ᠬᠡᠶᠢᠰᠪᠦᠷᠢ ᠨᠡᠷ᠎ᠡ ᠶᠢᠨ ᠲᠡᠳᠤᠢ ᠪᠤᠯᠵᠠᠢ᠃ ᠤᠳᠤ ᠴᠦᠭᠡᠪᠦᠷᠢ ᠲᠣᠭᠠᠨ ᠤ ᠨᠠᠰᠤᠳᠠᠳ ᠲᠤᠮᠤᠭᠠᠳᠠᠳ ᠯᠡ ᠤᠯᠠᠮᠵᠢᠯᠠᠯᠳᠦ ᠶᠤᠰᠤ ᠵᠠᠩ ᠲᠠᠳᠬᠠᠯ ᠢ ᠲᠡᠭᠡᠳᠦᠯᠡᠬᠦ ᠶᠢᠨ ᠡᠭᠦᠳᠡᠨ ᠠᠴᠠ ᠤᠯᠠᠷᠢᠯ ᠤᠨ ᠮᠡᠨᠳᠤᠴᠢᠯᠡᠭᠡ ᠶᠢ ᠬᠡᠷᠡᠭᠯᠡᠵᠦ ᠪᠠᠶᠢᠭ᠎ᠠ ᠪᠤᠯᠪᠠᠴᠦ ᠲᠡᠷᠡ ᠨᠢ ᠶᠤᠰᠤᠨ ᠤ ᠲᠡᠳᠦᠢ ᠪᠠᠷᠢᠮᠳᠠᠯᠠᠵᠦ ᠪᠠᠶᠢᠭ᠎ᠠ ᠵᠦᠢᠯ ᠪᠠᠶᠢᠵᠦ᠂ ᠪᠠᠶᠢᠪᠠᠰᠦ ᠵᠤᠬᠢᠬᠤ ᠠᠵᠦ ᠠᠬᠤᠢ ᠪᠠ ᠨᠡᠶᠢᠭᠡᠮ ᠤᠨ ᠠᠮᠢᠳᠤᠷᠠᠯ ᠤᠨ ᠪᠤᠳᠠᠳᠤ ᠰᠠᠭᠤᠷᠢ ᠦᠭᠡᠢ ᠪᠤᠯᠤᠭᠰᠠᠨ ᠶᠤᠮ᠃ ᠤᠯᠠᠷᠢᠯ ᠤᠨ ᠮᠡᠨᠳᠤᠴᠢᠯᠡᠭᠡ ᠬᠡᠷᠡᠭᠯᠡᠭᠳᠡᠬᠦ ᠪᠤᠯᠤᠮᠵᠢ ᠦᠭᠡᠢ ᠪᠤᠯᠤᠭᠰᠠᠨ ᠤᠴᠢᠷ ᠠᠴᠠ ᠲᠡᠭᠦᠨ ᠤ ᠬᠠᠷᠢᠭᠤ ᠮᠡᠨᠳᠤᠴᠢᠯᠡᠭᠡ ᠴᠦ ᠲᠠᠭᠠᠯᠳᠤᠨ ᠬᠡᠷᠡᠭᠯᠡᠭᠡᠨ ᠠᠴᠠ ᠭᠠᠷᠴᠦ ᠡᠳᠦᠷ ᠤᠨ ᠤᠳᠤ ᠡᠪᠦᠯ ᠤᠨ ᠴᠡᠴᠡᠭ ᠰᠢᠭ ᠬᠠᠶᠠ ᠨᠢᠭᠡ ᠰᠤᠨᠤᠰᠳᠠᠬᠤ ᠵᠦᠢᠯ ᠪᠤᠯᠵᠠᠢ᠃      ᠭᠤᠷᠪᠠ᠂ ᠠᠵᠢᠯ ᠲᠦᠷᠦᠯ ᠤᠨ ᠮᠡᠨᠳᠦᠴᠢᠯᠡᠭᠡ      ᠮᠣᠩᠭᠤᠯᠴᠤᠳ ᠡᠳᠦᠷ ᠲᠤᠳᠤᠮ ᠤᠨ ᠮᠡᠨᠳᠤᠴᠢᠯᠡᠭᠡᠨ ᠤ ᠲᠠᠷᠠᠭ᠎ᠠ ᠤᠯᠠᠷᠢᠯ ᠤᠨ ᠮᠡᠨᠳᠤᠴᠢᠯᠡᠭᠡ ᠳᠡᠪᠰᠢᠭᠦᠯᠵᠦ᠂ ᠲᠡᠭᠦᠨ ᠤ ᠲᠠᠷᠠᠭ᠎ᠠ ᠨᠢ ᠠᠵᠢᠯ ᠲᠦᠷᠦᠯ ᠤᠨ ᠮᠡᠨᠳᠤᠴᠢᠯᠡᠭᠡ ᠲᠡᠪᠰᠢᠭᠦᠯᠳᠡᠭ ᠪᠠᠶᠢᠵᠠᠢ᠃ ᠠᠵᠢᠯ ᠲᠦᠷᠦᠯ ᠤᠨ ᠮᠡᠨᠳᠤᠴᠢᠯᠡᠭᠡ ᠭᠡᠳᠡᠭ ᠨᠢ ᠬᠦᠮᠤᠰ ᠤᠨ ᠡᠷᠬᠢᠯᠡᠵᠦ ᠪᠠᠶᠢᠭ᠎ᠠ ᠲᠤᠰᠬᠠᠢ ᠠᠵᠢᠯ ᠲᠦᠷᠦᠯ ᠳᠤ ᠵᠤᠷᠢᠭᠤᠯᠤᠭᠳᠠᠵᠦ᠂ ᠨᠡᠯᠢᠶᠡᠳ ᠲᠤᠭᠳᠠᠪᠦᠷᠢᠵᠢᠭ᠌ᠰᠠᠨ ᠬᠡᠯᠡ ᠬᠡᠯᠡᠯᠭᠡ ᠲᠠᠢ ᠪᠠᠶᠢᠵᠠᠢ᠃ ᠨᠡᠶᠢᠭᠡᠮ ᠤᠨ ᠬᠤᠪᠢᠷᠠᠯᠲᠠ ᠶᠢ ᠲᠠᠭᠠᠯᠳᠤᠨ ᠠᠵᠢᠯ ᠲᠦᠷᠦᠯ ᠤᠨ ᠬᠤᠪᠢᠶᠠᠷᠢᠯᠠᠯ ᠤᠯᠠᠮ ᠠᠴᠠ ᠤᠯᠠᠮ ᠨᠠᠷᠢᠰᠴᠦ ᠪᠠᠶᠢᠬᠤ ᠳᠤ ᠮᠤᠩᠭᠤᠯᠴᠤᠳ ᠤᠨ ᠠᠵᠢᠯ ᠲᠦᠷᠦᠯ ᠤᠨ ᠮᠡᠨᠳᠤᠴᠢᠯᠡᠭᠡ ᠨᠢ ᠬᠠᠷᠢᠨ ᠮᠠᠷᠲᠠᠭᠳᠠᠵᠤ ᠬᠠᠶᠠᠭᠳᠠᠬᠤ ᠪᠤᠶᠤ ᠪᠤᠷᠤᠭᠤ ᠬᠡᠷᠡᠭᠯᠡᠭᠳᠡᠬᠦ ᠪᠤᠯᠵᠠᠢ᠃      ︵1︶ ᠠᠳᠤᠭᠤᠴᠢᠨ ᠲᠠᠢ ᠮᠡᠨᠳᠤᠴᠢᠯᠡᠬᠦ      ᠠᠳᠤᠭᠤᠴᠢᠨ ᠭᠡᠬᠦ ᠠᠵᠢᠯ ᠲᠦᠷᠦᠯ ᠪᠤᠯ ᠮᠤᠩᠭᠤᠯᠴᠤᠳ ᠤᠨ ᠤᠯᠠᠮᠵᠢᠯᠠᠯᠳᠦ ᠠᠵᠢᠯ ᠲᠦᠷᠦᠯ ᠤᠨ ᠲᠤᠳᠤᠷᠠᠬᠢ ᠴᠢᠬᠤᠯᠠ ᠨᠢᠭᠡᠨ ᠵᠦᠢᠯ ᠤᠨ ᠠᠵᠢᠯ ᠲᠦᠷᠦᠯ ᠮᠦᠨ᠃ ᠠᠳᠤᠭᠤᠴᠢᠨ ᠲᠠᠢ ᠠᠭᠤᠯᠵᠠᠬᠤ ᠳᠤ᠄ ︽ᠠᠳᠤᠭᠤ ᠮᠠᠯ ᠪᠦᠷᠢᠨ ᠤᠤ︖︾ ᠭᠡᠬᠦ ᠪᠤᠶᠤ ᠠᠳᠤᠭᠤᠨ ᠤ ᠮᠠᠨᠠᠭᠠᠨ ᠠᠴᠠ ᠪᠤᠴᠠᠵᠦ ᠶᠠᠪᠤᠭ᠎ᠠ ᠪᠠᠶᠢᠳᠠᠯ ᠳᠤ ᠪᠤᠯ ︽ᠰᠦᠷᠦᠭ ᠮᠡᠨᠳᠦ ᠰᠠᠶᠢᠨ ᠬᠤᠨᠤᠪᠠ ᠤᠤ︖︾ ᠭᠡᠬᠦ ᠵᠡᠷᠭᠡ ᠪᠠᠷ ᠠᠰᠠᠭᠤᠨ ᠮᠠᠨᠳᠤᠴᠢᠯᠡᠳᠡᠭ᠃ ᠡᠨᠡ ᠨᠢ ᠲᠤᠬᠠᠢ ᠶᠢᠨ ᠪᠠᠶᠢᠭᠠᠯᠢ ᠶᠢᠨ ᠤᠷᠴᠢᠨ᠂ ᠨᠡᠶᠢᠭᠡᠮ ᠤᠨ ᠠᠮᠢᠳᠤᠷᠠᠯ ᠤᠨ ᠪᠤᠳᠠᠳᠦ ᠤᠷᠴᠢᠨ ᠵᠡᠷᠭᠡ ᠠᠴᠠ ᠪᠤᠢ ᠪᠤᠯᠤᠭᠰᠠᠨ ᠰᠠᠶᠢᠬᠠᠨ ᠶᠤᠰᠤ ᠵᠠᠩᠰᠢᠯ ᠶᠤᠮ᠃      ᠶᠡᠷᠦᠨᠢ ᠠᠳᠤᠭᠤ ᠪᠤᠯ ᠬᠦᠯ ᠬᠤᠷᠳᠤᠨ ᠲᠠᠢ᠂ ᠡᠪᠡᠰᠦ ᠤᠰᠤᠨ ᠤ ᠰᠤᠷᠭᠤᠬ ᠢ ᠡᠷᠢᠵᠦ ᠪᠡᠯᠴᠢᠭᠡᠷᠯᠡᠳᠡᠭ᠃ ᠠᠳᠤᠭᠤ ᠪᠠᠨ ᠠᠯᠳᠠᠯ ᠦᠭᠡᠢ ᠪᠠᠯᠴᠢᠭᠡᠷᠯᠡᠭᠦᠯᠭᠦ ᠨᠢ ᠠᠳᠤᠭᠤᠴᠢᠨ ᠭᠦᠮᠦᠨ ᠤ ᠬᠠᠷᠢᠭᠤᠴᠠᠯᠭ᠎ᠠ ᠭᠡᠳᠡᠭ ᠴᠦ ᠠᠳᠤᠭᠤ ᠠᠯᠳᠠᠬᠤ ᠦᠵᠡᠭᠳᠡᠯ ᠪᠠᠶᠢᠡᠭᠭᠤ ᠪᠠᠶᠢᠳᠠᠬ ᠤᠴᠢᠷ ᠠᠴᠠ ︽ᠠᠳᠤᠭᠤ ᠮᠠᠯ ᠪᠦᠷᠢᠨ ᠤᠤ︖︾ ᠭᠡᠬᠦ ᠬᠡᠯᠡ ᠬᠡᠯᠡᠯᠭᠡ ᠪᠤᠢ ᠪᠤᠯᠤᠭᠰᠠᠨ ᠪᠠᠶᠢᠨ᠎ᠠ᠃ ᠪᠠᠰᠠ ᠴᠢᠨ᠋ᠸ᠎ᠠ ᠬᠠᠶᠠ ᠨᠢᠭᠡ ᠬᠤᠶᠠᠷ ᠤᠨᠠᠭ᠎ᠠ ᠲᠠᠭ᠎ᠠ ᠲᠠᠳᠠᠴᠢᠬᠠᠳᠠᠭ ᠠᠴᠠ ︽ᠰᠦᠷᠦᠭ ᠮᠡᠨᠳᠤ ᠬᠤᠨᠤᠪᠠ ᠤᠤ︖︾ ᠭᠡᠬᠦ ᠮᠡᠳᠤ ᠮᠡᠨᠳᠤᠴᠢᠯᠡᠭᠡ ᠪᠤᠢ ᠪᠤᠯᠪᠠ᠃      ᠡᠳᠡᠭᠡᠷ ᠮᠡᠨᠳᠦᠴᠢᠯᠡᠭᠡᠨ ᠤ ᠬᠠᠷᠢᠭᠤ ᠮᠡᠨᠳᠤᠴᠢᠯᠡᠭᠡ ᠨᠢ ︽ᠠᠳᠤᠭᠤ ᠮᠠᠯ ᠪᠦᠷᠢᠨ ᠰᠠᠶᠢᠨ ᠪᠠᠶᠢᠨ᠎ᠠ︾᠂ ︽ᠲᠠᠶᠢᠪᠦᠩ ᠰᠠᠶᠢᠬᠠᠨ ᠪᠠᠶᠢᠨ᠎ᠠ︾ ᠭᠡᠬᠦ ᠪᠤᠶᠤ ᠦᠨᠳᠤᠷ ᠨᠠᠰᠤᠳᠠᠢ ᠬᠦᠮᠤᠨ ᠤ ᠬᠠᠷᠢᠭᠤ ᠳᠤ ᠪᠤᠯ ︽ᠲᠠᠨ ᠤ ᠪᠤᠶᠠᠨ ᠢᠶᠠᠷ ᠠᠳᠤᠭᠤ ᠮᠠᠯ ᠪᠦᠷᠢᠨ ᠰᠠᠶᠢᠬᠠᠨ ᠪᠠᠶᠢᠨ᠎ᠠ︾ ᠭᠡᠬᠦ ᠮᠡᠳᠤ ᠪᠠᠷ ᠡᠳᠦᠷ ᠲᠤᠳᠤᠮ ᠤᠨ ᠠᠮᠢᠳᠤᠷᠠᠯ ᠲᠤᠮᠳᠠ ᠠᠬᠠᠮᠠᠳ ᠲᠤᠮᠤᠭᠠᠲᠠᠳ ᠤᠨ ᠲᠤᠷᠰᠢᠯᠭ᠎ᠠ ᠰᠠᠨᠠᠭᠤᠯᠭ᠎ᠠ ᠪᠠᠷ ᠮᠠᠯ ᠠᠵᠦ ᠠᠬᠤᠢ ᠶᠢᠨ ᠠᠵᠢᠯ ᠳᠤ ᠮᠡᠷᠭᠡᠰᠢᠵᠦ ᠰᠠᠶᠢᠨ ᠰᠠᠶᠢᠬᠠᠨ ᠠᠮᠢᠳᠤᠷᠠᠵᠦ ᠪᠠᠶᠢᠭ᠎ᠠ ᠳᠤ ᠪᠠᠨ ᠲᠠᠯᠠᠷᠬᠠᠵᠤ ᠶᠠᠪᠤᠳᠠᠭ ᠭᠡᠳᠡᠭ ᠲᠠᠯᠠᠷᠬᠠᠯ ᠤᠨ ᠰᠠᠨᠠᠭ᠎ᠠ ᠶᠢ ᠲᠤᠳᠤᠳᠬᠠᠨ ᠬᠠᠷᠢᠭᠤ ᠮᠡᠨᠳᠤᠴᠢᠯᠡᠭᠡ ᠲᠡᠪᠰᠢᠭᠦᠯᠳᠡᠭ ᠪᠠᠶᠢᠨ᠎ᠠ᠃ ᠤᠳᠤ ᠡᠳᠡᠭᠡᠷ ᠮᠡᠨᠳᠤᠴᠢᠯᠡᠭᠡ ᠪᠠᠷᠤᠭ ᠯᠠ ᠬᠡᠷᠡᠭᠯᠡᠭᠳᠡᠬᠦ ᠦᠭᠡᠢ ᠪᠤᠯᠤᠭᠰᠠᠨ ᠠᠴᠠ ᠬᠠᠷᠢᠭᠤ ᠮᠡᠨᠳᠤᠴᠢᠯᠡᠭᠡ ᠨᠢ ᠪᠠᠰᠠ ᠲᠠᠭᠠᠯᠳᠤᠭᠠᠳ ᠬᠡᠷᠡᠭᠯᠡᠭᠳᠡᠬᠦ ᠦᠭᠡᠢ ᠪᠤᠯᠵᠦ ᠪᠠᠶᠢᠨ᠎ᠠ᠃      ︵2︶ ᠬᠤᠨᠢᠴᠢᠨ ᠲᠠᠢ ᠮᠡᠨᠳᠤᠴᠢᠯᠡᠬᠦ      ᠬᠤᠨᠢᠴᠢᠨ ᠲᠠᠢ ᠠᠭᠤᠯᠵᠠᠪᠠᠯ᠄ ︽ᠬᠤᠨᠢᠨ ᠰᠦᠷᠦᠭ ᠲᠠᠪᠠᠳᠠᠢ ᠢᠳᠡᠰᠢᠯᠡᠵᠤ ᠪᠠᠶᠢᠨ᠎ᠠ ᠤᠤ︖︾᠂ ︽ᠰᠦᠷᠦᠭ ᠪᠦᠷᠢᠨ ᠮᠡᠨᠳᠦ᠂ ᠬᠦᠴᠦ ᠲᠠᠷᠭᠤ ᠰᠠᠶᠢᠲᠠᠢ ᠪᠠᠶᠢᠨ᠎ᠠ ᠤᠤ︖︾ ᠭᠡᠬᠦ ᠮᠡᠡᠳᠤᠴᠢᠯᠡᠨ ᠠᠰᠠᠭᠤᠳᠠᠬ᠃ ᠡᠨᠡ ᠨᠢ ᠮᠦᠨ ᠠᠳᠤᠭᠤᠴᠢᠨ ᠲᠠᠢ ᠮᠡᠨᠳᠤᠴᠢᠯᠡᠬᠦ ᠲᠠᠢ ᠦᠨᠳᠤᠰᠤᠨ ᠳᠤ ᠪᠠᠨ ᠠᠳᠠᠯᠢᠬᠠᠨ ᠶᠤᠰᠤ ᠪᠢᠯᠡ᠃ ᠬᠤᠨᠢ ᠬᠠᠷᠢᠭᠤᠯᠬᠤ ᠳᠤ ᠴᠦ ᠪᠡᠯᠴᠢᠭᠡᠷ ᠰᠤᠩᠭᠤᠵᠤ ᠬᠠᠷᠢᠭᠤᠯᠬᠤ ᠪᠤᠯᠤᠮᠵᠢ ᠪᠠᠭᠠᠰᠤᠭᠰᠠᠨ ᠠᠴᠠ ᠲᠤᠭᠳᠠᠭᠰᠠᠨ ᠬᠦᠷᠢᠶ᠎ᠡ ᠬᠠᠰᠢᠶᠠᠨ ᠳᠤ ᠬᠤᠷᠢᠲᠠᠭ ᠪᠤᠯᠬᠤᠷ ᠲᠠᠪᠠᠳᠠᠢ ᠴᠤ᠂ ᠲᠠᠪᠠ ᠦᠭᠡᠢ ᠴᠤ ᠬᠤᠷᠢᠭᠳᠠᠵᠤ ᠪᠠᠶᠢᠬᠤ ᠠᠴᠠ ᠦᠭᠡᠷ᠎ᠡ ᠪᠤᠯᠤᠮᠵᠢ ᠦᠭᠡᠢ᠃ ᠡᠶᠢᠮᠦ ᠠᠴᠠ ᠡᠳᠡᠭᠡᠷ ᠮᠡᠨᠳᠤᠴᠢᠯᠡᠬᠦ ᠬᠡᠯᠪᠡᠷᠢ ᠶᠢᠨ ᠬᠡᠷᠡᠭᠯᠡᠭᠳᠡᠬᠦ ᠤᠷᠴᠢᠨ ᠢᠪᠴᠤᠤᠷᠠᠵᠤ ᠮᠠᠷᠲᠠᠭᠳᠠᠵᠤ ᠬᠠᠶᠠᠭᠳᠠᠵᠤ ᠡᠬᠢᠯᠡᠪᠡ᠃ ᠴᠢᠨ᠋ᠸ᠎ᠠ᠂ ᠦᠨᠡᠭᠡ᠂ ᠮᠢᠬᠠᠴᠢᠨ ᠰᠢᠪᠠᠭᠤ ᠢᠷᠡᠵᠤ ᠬᠤᠷᠠᠭ᠎ᠠ ᠲᠦᠯᠦᠭᠡ ᠪᠠᠷᠢᠬᠤ ᠤᠴᠢᠷ ᠪᠠᠰᠠ ᠬᠤᠪᠤᠷ ᠪᠤᠯᠵᠠᠢ᠃ ᠢᠩᠬᠢᠭᠡᠳ ︽ᠬᠤᠨᠢᠨ ᠰᠦᠷᠦᠭ ᠲᠠᠪᠠᠳᠠᠢ ᠢᠳᠡᠰᠢᠯᠡᠵᠦ  ᠪᠠᠶᠢᠨ᠎ᠠ ᠤᠤ︖︾᠂ ︽ᠰᠦᠷᠦᠭ ᠪᠦᠷᠢᠨ ᠮᠡᠨᠳᠦ ᠪᠠᠶᠢᠨ᠎ᠠ ᠤᠤ︖︾ ᠭᠡᠬᠦ ᠵᠡᠷᠭᠡ ᠬᠡᠯᠡᠯᠭᠡ ᠴᠤ ᠬᠠᠶᠠᠭᠳᠠᠵᠠᠢ᠃ ᠬᠠᠷᠢᠨ ︽ᠮᠠᠯ ᠰᠦᠷᠦᠭ ᠰᠠᠶᠢᠨ ᠤᠤ︖︾ ︽ᠬᠦᠴᠦ ᠲᠠᠷᠭᠤ ᠰᠠᠶᠢᠲᠠᠢ ᠪᠠᠶᠢᠨ᠎ᠠ ᠤᠤ︖︾ ᠭᠡᠬᠦ ᠮᠡᠨᠳᠤᠴᠢᠯᠡᠭᠡ ᠪᠤᠯ ᠤᠳᠤ ᠪᠠᠰᠠ ᠬᠡᠷᠡᠭᠯᠡᠭᠳᠡᠵᠦ ᠪᠠᠶᠢᠭ᠎ᠠ ᠶᠤᠮ᠃ ᠬᠤᠨᠢᠴᠢᠨ ᠲᠠᠢ ᠮᠡᠨᠳᠦᠴᠢᠯᠡᠬᠦ ᠠᠵᠢᠯ ᠲᠦᠷᠦᠯ ᠤᠨ ᠮᠡᠨᠳᠤᠴᠢᠯᠡᠭᠡᠨ ᠤ ᠬᠠᠷᠢᠭᠤ ᠮᠡᠨᠳᠤᠴᠢᠯᠡᠭᠡ ᠴᠦ ᠭᠡᠰᠡᠨ ᠲᠠᠭᠠᠯᠳᠤᠭᠠᠳ ᠬᠠᠶᠠᠭᠳᠠᠵᠤ ᠵᠦᠪᠬᠡᠨ ᠬᠡᠷᠡᠭᠯᠡᠭᠳᠡᠵᠦ ᠪᠠᠶᠢᠭ᠎ᠠ ᠵᠦᠢᠯ ᠳᠤ ᠪᠤᠯ ᠲᠦᠭᠦᠮᠭᠡᠨ ᠬᠠᠷᠢᠭᠤ ᠮᠡᠨᠳᠤᠴᠢᠯᠡᠭᠡ ᠲᠡᠪᠰᠢᠭᠦᠯᠵᠤ ᠪᠠᠶᠢᠭ᠎ᠠ ᠨᠢ ᠰᠤᠨᠤᠰᠤᠭᠳᠠᠵᠤ ᠪᠠᠶᠢᠨ᠎ᠠ᠃      ︵3︶ ᠲᠠᠷᠢᠶᠠᠴᠢᠨ ᠲᠠᠢ ᠮᠡᠨᠳᠤᠴᠢᠯᠡᠬᠦ      ᠲᠠᠷᠢᠶᠠᠴᠢᠨ ᠬᠦᠮᠦᠨ ᠲᠠᠢ ᠠᠭᠤᠯᠵᠠᠪᠠᠯ ᠡᠳᠤᠷ ᠲᠤᠳᠤᠮ ᠤᠨ ᠮᠡᠨᠳᠤᠴᠢᠯᠡᠭᠡ᠂ ᠣᠯᠠᠷᠢᠯ ᠤᠨ ᠮᠡᠨᠳᠤᠴᠢᠯᠡᠭᠡ ᠲᠡᠪᠰᠢᠭᠦᠯᠦᠭᠰᠡᠨ ᠤ ᠳᠠᠷᠠᠭ᠎ᠠ ᠠᠰᠠᠭᠤᠬᠤ ᠠᠵᠢᠯ ᠲᠦᠷᠦᠯ ᠤᠨ ᠮᠡᠨᠳᠤᠴᠢᠯᠡᠭᠡ ᠪᠤᠯ ︽ᠲᠠᠷᠢᠶ᠎ᠠ ᠲᠦᠮᠦᠰᠦ ᠡᠯᠪᠡᠭ ᠤᠤ︖︾᠂ ︽ᠬᠤᠷᠢᠶᠠᠯᠳᠠ ᠡᠯᠪᠡᠭ ᠤᠤ︖︾ ᠭᠡᠬᠦ ᠮᠡᠳᠤ‌‍ᠪᠠᠷ ᠮᠡᠨᠳᠤᠴᠢᠯᠡᠳᠡᠭ᠃ ᠡᠨᠡᠬᠦ ᠮᠡᠨᠳᠤᠴᠢᠯᠡᠭᠡ ᠶᠢᠨ ᠬᠡᠯᠡ ᠬᠡᠯᠡᠯᠭᠡ ᠨᠢ ᠦᠪᠦᠷ ᠮᠣᠩᠭᠤᠯ ᠤᠷᠤᠨ ᠳᠤ ᠲᠠᠷᠢᠶᠠᠯᠠᠬᠤ ᠠᠵᠦ ᠠᠬᠤᠢ ᠡᠷᠬᠢᠯᠡᠵᠦ ᠪᠠᠶᠢᠭ᠎ᠠ ᠭᠠᠵᠠᠷ ᠤᠷᠤᠨ ᠢᠶᠠᠷ ᠬᠡᠷᠡᠭᠯᠡᠭᠳᠡᠳᠡᠭ ᠪᠠᠶᠢᠵᠠᠢ᠃ ᠤᠳᠤ ᠶᠢᠨ ᠠᠬᠤᠢ ᠪᠠᠶᠢᠳᠠᠯ ᠳᠤ ᠪᠦᠷᠢᠨ ᠪᠦᠳᠦᠨ ᠢᠶᠠᠷ ᠢᠶᠠᠨ ᠬᠠᠲᠠᠭᠠᠯᠠᠭᠳᠠᠵᠤ ᠬᠡᠷᠡᠭᠯᠡᠭᠳᠡᠭᠦ ᠪᠤᠯᠤᠮᠵᠢ ᠪᠦᠷᠢᠨ ᠪᠠᠶᠢᠨ᠎ᠠ᠃ ᠭᠡᠪᠡᠴᠦ ᠪᠤᠳᠠᠳᠠᠢ ᠪᠠᠶᠢᠳᠠᠯ ᠳᠤ ᠬᠡᠷᠡᠭᠯᠡᠭᠳᠡᠬᠦ ᠨᠢ ᠴᠦᠭᠡᠨ ᠪᠤᠯᠤᠭᠰᠠᠨ ᠪᠠᠶᠢᠳᠠᠯ ᠲᠠᠢ᠃ ᠤᠯᠠᠮᠵᠢᠯᠠᠯᠳᠦ ᠵᠠᠩ ᠦᠢᠯᠡ ᠮᠠᠷᠳᠠᠭᠳᠠᠵᠤ ᠪᠠᠶᠢᠭ᠎ᠠ ᠵᠡᠷᠭᠡ ᠰᠢᠯᠳᠠᠭᠠᠨ ᠠᠴᠠ ᠪᠤᠯᠵᠤ ᠠᠵᠢᠯ ᠲᠦᠷᠦᠯ ᠤᠨ ᠮᠡᠨᠳᠤᠴᠢᠯᠡᠭᠡ ᠶᠢᠨ ᠭᠡᠷᠡᠭᠯᠡᠭᠳᠡᠭᠦ ᠤᠷᠴᠢᠨ ᠢᠪᠴᠤᠤᠷᠠᠵᠤ ᠪᠠᠶᠢᠭ᠎ᠠ ᠮᠠᠭᠠᠳ᠃ ᠦᠭᠡᠷ᠎ᠡ ᠵᠦᠢᠯ ᠤᠨ ᠮᠡᠨᠳᠤᠴᠢᠯᠡᠭᠡ ᠶᠢ ᠪᠤᠳᠤᠪᠠᠯ ᠲᠠᠷᠢᠶᠠᠴᠢᠨ ᠲᠠᠢ ᠮᠡᠨᠳᠤᠴᠢᠯᠡᠬᠦ ᠠᠵᠢᠯ ᠲᠦᠷᠦᠯ ᠤᠨ ᠮᠡᠨᠳᠤᠴᠢᠯᠡᠭᠡ ᠪᠠ ᠲᠡᠭᠦᠨ ᠤ ᠬᠠᠷᠢᠭᠤ ᠮᠡᠨᠳᠤᠴᠢᠯᠡᠭᠡ ᠶᠢ ᠵᠤᠷᠢᠯᠭ᠎ᠠ ᠲᠠᠢ ᠪᠠᠷ ᠬᠠᠮᠠᠭᠠᠯᠠᠵᠤ ᠬᠠᠳᠠᠭᠠᠯᠠᠵᠦ ᠦᠪᠯᠡᠨ ᠤᠯᠠᠮᠵᠢᠯᠠᠵᠤ ᠶᠠᠪᠤᠪᠠᠯ ᠬᠠᠷᠢᠴᠠᠩᠭᠤᠢ ᠪᠠᠷ ᠤᠷᠳᠤ ᠤᠳᠠᠭᠠᠨ ᠦᠷᠭᠦᠯᠵᠢᠯᠡᠬᠦ ᠪᠤᠯᠤᠮᠵᠢ ᠲᠠᠢ ᠭᠡᠵᠤ ᠦᠵᠡᠵᠦ ᠪᠠᠶᠢᠨ᠎ᠠ᠃      ︵4︶ ᠠᠩᠴᠢᠨ ᠲᠠᠢ ᠮᠡᠨᠳᠤᠴᠢᠯᠡᠬᠦ      ᠠᠩᠴᠢᠨ ᠬᠦᠮᠤᠨ ᠲᠠᠢ ᠠᠭᠤᠯᠵᠠᠵᠤ ᠮᠠᠨᠳᠤᠴᠢᠯᠡᠬᠦ ᠳᠤ ᠡᠳᠦᠷ ᠲᠤᠳᠤᠮ ᠤᠨ ᠮᠡᠨᠳᠤᠴᠢᠯᠡᠭᠡ ᠲᠡᠪᠰᠢᠭᠦᠯᠵᠦ ᠪᠠᠷᠠᠭᠰᠠᠨ ᠤ ᠲᠠᠷᠠᠭ᠎ᠠ ᠪᠠᠷ ᠨᠢ ᠠᠵᠢᠯ ᠲᠦᠷᠦᠯ ᠤᠨ ᠮᠡᠨᠳᠤᠴᠢᠯᠡᠭᠡ ᠭᠢᠵᠦ ︽ᠬᠠᠷᠠᠭ᠎ᠠ ᠮᠡᠷᠭᠡᠨ᠂ ᠣᠯᠵᠠ  ᠶᠡᠭᠡ ᠤᠤ ︖︾᠂ ︽ᠤᠨᠤᠭ᠎ᠠ ᠮᠡᠷᠭᠡᠨ᠂ ᠭᠠᠨᠵᠤᠭ᠎ᠠ ᠲᠦᠭᠦᠷᠡᠩ ᠤᠤ︖︾ ᠭᠡᠬᠦ ᠮᠡᠳᠤ ᠪᠠᠷ ᠠᠰᠠᠭᠤᠵᠤ ᠪᠠᠶᠢᠵᠠᠢ᠃ ᠭᠡᠪᠡᠴᠦ ᠪᠠᠶᠢᠭᠠᠯᠢ ᠤᠷᠴᠢᠨ ᠮᠠᠭᠤᠳᠠᠵᠦ ᠠᠩ ᠠᠮᠢᠳᠠᠨ ᠴᠦᠭᠡᠬᠡᠷᠡᠭᠰᠡᠨ᠂ ᠠᠩ ᠬᠢᠬᠦ ᠶᠢ ᠠᠯᠪᠠᠨ ᠶᠤᠰᠤᠭᠠᠷ ᠬᠤᠷᠢᠭᠯᠠᠵᠤ ᠪᠠᠶᠢᠭ᠎ᠠ ᠵᠡᠷᠭᠡ ᠤᠯᠠᠨ ᠲᠠᠯ᠎ᠠ ᠶᠢᠨ ᠨᠦᠬᠦᠴᠡᠯ ᠰᠢᠯᠳᠠᠭᠠᠨ ᠠᠴᠠ ᠪᠤᠯᠵᠦ ᠠᠩᠴᠢᠨ ᠭᠡᠬᠦ ᠠᠵᠢᠯ ᠲᠦᠷᠦᠯ ᠢ ᠲᠤᠰᠬᠠᠶᠢᠵᠢᠭᠤᠯᠵᠦ ᠬᠢᠬᠦ ᠤᠴᠢᠷ ᠠᠯᠠᠭ᠎ᠠ ᠪᠤᠯᠤᠭᠠᠳ ᠶᠡᠭᠡ ᠤᠳᠠᠵᠤ ᠪᠠᠶᠢᠨ᠎ᠠ᠃ ᠡᠨᠡ ᠲᠦᠷᠦᠯ ᠤᠨ ᠮᠡᠨᠳᠤᠴᠢᠯᠡᠭᠡ ᠨᠢᠭᠡᠨᠳᠡ ᠬᠡᠷᠡᠭᠯᠡᠭᠳᠡᠬᠦ ᠦᠭᠡᠢ ᠪᠤᠯᠤᠭᠰᠠᠨ ᠪᠠ ᠬᠤᠵᠢᠮ ᠴᠦ ᠲᠠᠬᠢᠨ ᠰᠡᠷᠭᠦᠨ ᠬᠡᠷᠡᠭᠯᠡᠭᠳᠡᠬᠦ ᠪᠤᠯᠤᠮᠵᠢ ᠦᠭᠡᠢ ᠪᠤᠯᠤᠭᠰᠠᠨ ᠨᠢ ᠲᠤᠳᠤᠷᠬᠠᠢ ᠭᠡᠵᠦ ᠦᠵᠡᠵᠤ ᠪᠤᠯᠤᠨ᠎ᠠ᠃ ᠡᠳᠦᠭᠡ ᠵᠦᠪᠬᠡᠨ ᠨᠣᠮ ᠪᠢᠴᠢᠭ ᠤᠨ ᠲᠡᠮᠳᠡᠭᠯᠡᠯ ᠠᠴᠠ ᠦᠵᠡᠵᠤ ᠤᠶᠢᠯᠠᠭᠠᠬᠤ ᠠᠴᠠ ᠦᠭᠡᠷ᠎ᠡ ᠪᠤᠯᠤᠮᠵᠢ ᠦᠭᠡᠢ ᠪᠤᠯᠪᠠ᠃ ᠠᠩᠴᠢᠨ ᠲᠠᠢ ᠮᠡᠨᠳᠤᠴᠢᠯᠡᠬᠦ ᠬᠡᠯᠡ ᠬᠡᠯᠡᠯᠭᠡ ᠶᠢ ᠨᠡᠩ ᠴᠦ ᠦᠭᠦᠯᠡᠬᠦ ᠠᠷᠭ᠎ᠠ ᠦᠭᠡᠢ᠃ ᠠᠩᠴᠢᠨ ᠲᠠᠢ ᠮᠡᠨᠳᠤᠴᠢᠯᠡᠬᠦ ᠮᠡᠨᠳᠤᠴᠢᠯᠡᠭᠡᠨ ᠤ ᠬᠡᠯᠡ ᠬᠡᠯᠡᠯᠭᠡ ᠬᠡᠷᠡᠭᠯᠡᠭᠳᠡᠬᠦ ᠪᠠᠨ ᠪᠤᠯᠢᠭᠰᠠᠨ ᠠᠴᠠ ᠲᠡᠭᠦᠨ ᠤ ᠬᠠᠷᠢᠭᠤ ᠮᠡᠨᠳᠤᠴᠢᠯᠡᠭᠡ ᠨᠢ ᠶᠠᠭᠠᠬᠢᠬᠤ ᠠᠷᠭ᠎ᠠ ᠦᠭᠡᠢ ᠲᠠᠭᠠᠯᠳᠤᠨ ᠠᠯᠠᠭ᠎ᠠ ᠪᠤᠯᠤᠭᠰᠠᠨ ᠪᠠᠶᠢᠨ᠎ᠠ᠃ ᠮᠤᠩᠭᠤᠯ ᠰᠤᠶᠤᠯ ᠤᠨ ᠨᠢᠭᠡᠨ ᠬᠡᠰᠡᠭ ᠢᠩᠬᠢᠵᠦ ᠮᠠᠷᠲᠠᠭᠳᠠᠵᠤ ᠬᠠᠶᠠᠭᠳᠠᠵᠤ ᠪᠠᠶᠢᠭ᠎ᠠ ᠨᠢ ᠮᠠᠰᠢ ᠶᠡᠭᠡ ᠬᠠᠷᠠᠮᠰᠠᠯᠳᠠᠢ ᠤᠴᠢᠷ ᠶᠤᠮ᠃      ︵5︶ ᠤᠷᠠᠨ ᠲᠠᠷᠬᠠᠨ ᠲᠠᠢ ᠮᠡᠨᠳᠤᠴᠢᠯᠡᠬᠦ      ᠤᠷᠠᠨ ᠲᠠᠷᠬ᠎ᠠ ᠬᠢᠳᠡᠭ ᠬᠦᠮᠤᠰ ᠢ ᠠᠵᠢᠯ ᠲᠦᠷᠦᠯ ᠤᠨ ᠬᠢᠨᠢ ᠲᠠᠭᠠᠤ ᠳᠤ ᠮᠡᠨᠳᠤᠴᠢᠯᠡᠭᠡ ᠬᠢᠨ᠎ᠡ᠃ ᠵᠢᠱᠢᠶᠡᠯᠡᠪᠡᠯ᠄ ᠮᠤᠳᠤᠨ ᠲᠠᠷᠬᠠᠨ ᠲᠠᠢ ᠠᠭᠤᠯᠵᠠᠪᠠᠯ᠄ ︽ᠲᠠᠷᠬ᠎ᠠ ᠤᠷᠠᠨ ᠪᠤᠯᠵᠦ ᠪᠠᠶᠢᠨ᠎ᠠ ᠤᠤ︖︾᠂ ︽ᠲᠠᠷᠬ᠎ᠠ ᠰᠠᠶᠢᠨ ᠪᠤᠯᠵᠣ ᠪᠠᠶᠢᠨ᠎ᠠ ᠤᠤ︖︾ ᠭᠡᠵᠦ ᠮᠡᠨᠳᠤᠴᠢᠯᠡᠬᠦ ᠪᠤᠶᠤ ᠠᠯᠳᠠ ᠮᠦᠩᠭᠦ᠂ ᠲᠡᠮᠤᠷ ᠤᠨ ᠲᠠᠷᠬᠠᠨ ᠲᠠᠢ ᠠᠭᠤᠯᠵᠠᠪᠠᠯ᠄ ︽ᠲᠠᠷᠬ᠎ᠠ ᠤᠷᠠᠨ ᠪᠤᠯᠵᠦ ᠪᠠᠶᠢᠨ᠎ᠠ ᠤᠤ︖︾᠂ ︽ᠲᠠᠷᠬ᠎ᠠ ᠰᠠᠶᠢᠨ ᠪᠤᠯᠵᠣ ᠪᠠᠶᠢᠨ᠎ᠠ ᠤᠤ︖︾᠂ ︽ᠭᠠᠯ ᠢᠯᠴᠢ ᠲᠠᠢ᠂ ᠲᠠᠷᠬ᠎ᠠ ᠨᠠᠷᠢᠨ ᠪᠤᠯᠵᠦ ᠪᠠᠶᠢᠨ᠎ᠠ ᠤᠤ︖︾ ᠭᠡᠬᠦ ᠮᠡᠳᠤᠴᠢᠯᠡᠨ ᠮᠡᠨᠳᠤᠴᠢᠯᠡᠳᠡᠭ ᠪᠠᠶᠢᠨ᠎ᠠ᠃ ᠡᠭᠦᠨ ᠤ ᠬᠠᠷᠢᠭᠤ ᠳᠤ ︽ᠠᠵᠢᠯ ᠤᠷᠤᠭᠰᠢᠳᠠᠢ ᠪᠠᠶᠢᠨ᠎ᠠ︾ ︽ᠲᠠᠷᠬ᠎ᠠ ᠲᠠᠪᠠᠳᠠᠢ ᠶᠠᠪᠤᠭᠳᠠᠵᠤ ᠪᠠᠶᠢᠨ᠎ᠠ︾ ᠭᠡᠵᠦ ᠬᠠᠷᠢᠭᠤᠯᠳᠠᠭ ᠶᠤᠮ ᠪᠠᠶᠢᠵᠠᠢ᠃ ᠤᠳᠤ ᠤᠷᠠᠨ ᠲᠠᠷᠬ᠎ᠠ ᠬᠢᠭᠴᠢᠳ ᠲᠠᠢ ᠪᠤᠯ ᠠᠷᠠᠯᠵᠢᠶ᠎ᠠ ᠬᠤᠳᠠᠯᠳᠤᠭ᠎ᠠ ᠬᠢᠬᠦ ᠭᠡᠰᠡᠨ ᠵᠤᠷᠢᠯᠭ᠎ᠠ ᠪᠠᠷ ᠯᠡ ᠠᠭᠤᠯᠵᠠᠵᠤ ᠪᠠᠶᠢᠭ᠎ᠠ ᠲᠡᠳᠦᠢ ᠪᠣᠯᠵᠤ᠂ ᠵᠦᠪᠬᠡᠨ ᠦᠨ᠎ᠡ ᠬᠠᠩᠰᠢ ᠬᠦᠯᠦᠰᠦ ᠮᠦᠩᠭᠦ ᠶᠢ ᠠᠰᠠᠭᠤᠨ ᠯᠠᠪᠯᠠᠬᠤ ᠠᠴᠠ ᠪᠢᠰᠢ ᠠᠵᠢᠯ ᠲᠦᠷᠦᠯ ᠤᠨ ᠮᠡᠨᠳᠤᠴᠢᠯᠡᠭᠡ ᠶᠢ ᠲᠡᠪᠰᠢᠭᠦᠯᠬᠦ ᠦᠭᠡᠢ ᠪᠤᠯᠤᠭᠰᠠᠨ ᠪᠠᠶᠢᠨ᠎ᠠ᠃ ᠪᠠᠰᠠ ᠵᠠᠷᠢᠮ ᠬᠦᠮᠤᠰ ᠡᠭᠦᠨ ᠢ ︽ᠠᠷᠠᠯᠵᠢᠶ᠎ᠠ ᠮᠠᠶᠢᠮᠠᠢ ᠰᠠᠶᠢᠨ ᠪᠠᠶᠢᠨ᠎ᠠ ᠤᠤ︖︾ ᠭᠡᠬᠦ ᠦᠭᠡ ᠪᠠᠷ ᠣᠷᠣᠯᠠᠭᠤᠯᠤᠨ ᠮᠡᠨᠳᠤᠴᠢᠯᠡᠬᠦ ᠪᠤᠯᠤᠭᠰᠠᠨ ᠪᠠᠶᠢᠨ᠎ᠠ᠃      ᠲᠥᠷᠪᠡ᠂ ᠪᠠᠶᠠᠷ ᠶᠤᠰᠤᠯᠠᠯ ᠤᠨ ᠮᠡᠨᠳᠤᠴᠢᠯᠡᠭᠡ      ᠪᠠᠶᠠᠷ ᠶᠤᠰᠤᠯᠠᠯ ᠤᠨ ᠮᠡᠨᠳᠤᠴᠢᠯᠡᠭᠡ ᠪᠤᠯ ᠦᠨᠳᠤᠰᠤᠳᠡᠨ ᠪᠦᠬᠦᠨ ᠳᠤ ᠲᠦᠭᠡᠮᠡᠯ ᠪᠠᠶᠢᠳᠠᠭ ᠮᠡᠨᠳᠤᠴᠢᠯᠡᠬᠦ ᠦᠢᠯᠡ ᠠᠵᠢᠯᠯᠠᠭ᠎ᠠ ᠶᠤᠮ᠃ ᠮᠤᠩᠭᠤᠯᠴᠤᠳ ᠴᠦ ᠭᠡᠰᠡᠨ ᠪᠠᠶᠠᠷ ᠶᠤᠰᠤᠯᠠᠯ ᠤᠨ ᠮᠡᠨᠳᠤᠴᠢᠯᠡᠭᠡᠨ ᠤ ᠬᠡᠯᠡ ᠬᠡᠯᠡᠯᠭᠡ ᠶᠢ ᠬᠡᠷᠡᠭᠯᠡᠭᠰᠡᠭᠡᠷ ᠢᠷᠡᠵᠠᠢ᠃ ᠡᠨᠡ ᠲᠦᠷᠦᠯ ᠤᠨ ᠮᠡᠨᠳᠤᠴᠢᠯᠡᠭᠡ ᠪᠤᠯ ᠵᠢᠯ ᠴᠠᠭᠠᠨ ᠰᠠᠷ᠎ᠠ ᠪᠤᠶᠤ ᠤᠯᠤᠰ ᠦᠨᠳᠤᠰᠤᠳᠡᠨ ᠤ ᠶᠠᠮᠠᠷᠪᠠ ᠨᠢᠭᠡᠨ ᠪᠠᠶᠠᠷ ᠶᠤᠰᠤᠯᠠᠯ ᠢ ᠲᠤᠬᠢᠶᠠᠯᠳᠤᠭᠤᠯᠤᠨ ᠬᠡᠷᠡᠭᠯᠡᠳᠡᠭ ᠮᠡᠨᠳᠤᠴᠢᠯᠡᠭᠡ ᠮᠦᠨ᠃      ᠮᠤᠩᠭᠤᠯᠴᠤᠳ ᠰᠢᠨ᠎ᠡ ᠵᠢᠯ ᠴᠠᠭᠠᠨ ᠰᠠᠷ᠎ᠠ ᠪᠠᠷ ︽ᠬᠠᠭᠤᠴᠢᠨ ᠵᠢᠯ ᠬᠠᠩᠬᠢᠷᠠᠵᠦ᠂ ᠰᠢᠨ᠎ᠡ ᠵᠢᠯ ᠰᠢᠯᠵᠢᠷᠡᠵᠦ᠂ ᠬᠦᠭᠰᠢᠳ ᠬᠡᠤᠬᠡᠳ ᠬᠦᠷᠦᠰᠦᠳᠡᠢ᠂ ᠲᠦᠯᠦᠭᠡ ᠰᠡᠬᠦᠯᠳᠡᠢ᠂ ᠲᠠᠭ᠎ᠠ ᠲᠠᠯᠠᠩᠳᠠᠢ᠂ ᠪᠢᠷᠠᠭᠤ ᠪᠤᠯᠴᠢᠩᠳᠠᠢ᠂ ᠦᠨᠢᠲᠡ ᠲᠠᠷᠭᠤᠨ᠂ ᠦᠶᠦᠭ ᠴᠠᠳᠬᠤᠯᠠᠩ᠂ ᠲᠠᠪᠠᠳᠠᠢ ᠰᠠᠶᠢᠬᠠᠨ ᠰᠢᠨᠡᠯᠡᠵᠦ ᠪᠠᠶᠢᠨ᠎ᠠ ᠤᠤ︖︾᠂ ︽ᠲᠠᠷᠭᠤᠨ ᠲᠠᠪᠠᠳᠠᠢ ᠰᠢᠨᠡᠯᠡᠵᠦ ᠪᠠᠶᠢᠨ᠎ᠠ ᠤᠤ︖︾᠂ ︽ᠪᠤᠭᠤᠷᠤᠯ ᠵᠢᠯ ᠮᠤᠷᠢᠯᠠᠵᠦ᠂ ᠪᠤᠶᠠᠨᠳᠠᠢ ᠵᠢᠯ ᠢᠷᠡᠵᠦ᠂  ᠡᠪᠦᠭᠡᠨ ᠵᠢᠯ ᠮᠤᠷᠢᠯᠠᠵᠦ᠂ ᠦᠯᠵᠡᠶᠢᠳᠡᠢ ᠵᠢᠯ ᠢᠷᠡᠵᠦ᠂ ᠪᠠᠶᠠᠰᠬᠤᠯᠠᠩᠲᠠᠢ ᠰᠢᠨᠡᠯᠡᠭᠰᠡᠨ ᠤ ᠪᠡᠯᠭᠡ ᠶᠢ ᠠᠶᠢᠯᠠᠳᠬᠠᠶ᠎ᠠ︕︾ ᠭᠡᠬᠦ ᠵᠡᠷᠭᠡ ᠪᠠᠷ ᠠᠮᠤᠷ ᠠᠶᠢᠯᠠᠳᠬᠠᠵᠤ᠂ ᠪᠠᠶᠠᠯᠢᠭ ᠰᠠᠶᠢᠬᠠᠨ ᠮᠡᠨᠳᠤᠴᠢᠯᠡᠭᠡᠨ ᠤ ᠬᠡᠯᠡ ᠰᠤᠶᠤᠯ ᠢ ᠪᠦᠳᠦᠭᠡᠵᠦ ᠬᠡᠷᠡᠭᠯᠡᠵᠦ ᠢᠷᠡᠵᠡᠢ᠃ ᠬᠠᠷᠢᠨ ᠤᠳᠤᠬᠠᠨ ᠤ ᠨᠡᠶᠢᠳᠡᠮ ᠬᠡᠷᠡᠭᠯᠡᠭᠳᠡᠵᠦ ᠪᠠᠶᠢᠭ᠎ᠠ ᠰᠢᠨ᠎ᠡ ᠵᠢᠯ ᠤᠨ ᠮᠡᠨᠳᠤᠴᠢᠯᠡᠭᠡᠨ ᠤ ᠬᠡᠯᠡ ᠬᠡᠯᠡᠯᠭᠡ ᠪᠤᠯ ︽ᠲᠠ ᠰᠠᠶᠢᠨ ᠰᠢᠨᠡᠯᠡᠪᠡ ᠤᠤ︖︾᠂ ︽ᠭᠡᠷ ᠬᠤᠳᠠᠯᠠᠭᠠᠷ ᠰᠠᠶᠢᠨ ᠰᠢᠨᠡᠯᠡᠪᠡ ᠤᠤ︖︾ ᠭᠡᠬᠦ ᠲᠦᠭᠦᠮᠬᠡᠨ ᠭᠡᠯᠡᠯᠭᠡ ᠤᠯᠠᠨ ᠬᠡᠷᠡᠭᠯᠡᠭᠳᠡᠵᠦ ᠪᠠᠶᠢᠬᠤ ᠪᠠ ︽ᠮᠠᠨ ᠤ ᠭᠡᠷ ᠪᠦᠭᠦᠳᠡᠭᠡᠷ᠂ ᠲᠠᠨ ᠤ ᠭᠡᠷ ᠪᠦᠭᠦᠳᠡᠭᠡᠷ ᠲᠤ ᠰᠢᠨ᠎ᠡ ᠶᠢᠨ ᠮᠡᠨᠳᠤᠴᠢᠯᠡᠭᠡ ᠲᠡᠪᠰᠢᠭᠦᠯᠵᠦ ᠪᠠᠶᠢᠨ᠎ᠠ︕ ᠰᠠᠶᠢᠨ ᠰᠢᠨᠡᠯᠡᠪᠡ ᠤᠤ︖︾ ᠭᠡᠬᠦ ᠤᠷᠴᠢᠭᠤᠯᠭ᠎ᠠ ᠶᠢᠨ ᠮᠡᠨᠳᠤᠴᠢᠯᠡᠭᠡ ᠬᠡᠷᠡᠭᠯᠡᠭᠳᠡᠬᠦ ᠨᠢ ᠴᠦ ᠤᠯᠠᠰᠢᠷᠠᠵᠦ ᠢᠷᠡᠭᠰᠡᠨ ᠪᠠᠶᠢᠨ᠎ᠠ᠃ ᠤᠳᠤᠬᠠᠨ ᠳᠤ ᠵᠢᠯ ᠴᠠᠭᠠᠨ ᠰᠠᠷ᠎ᠠ ᠶᠢᠨ ᠮᠡᠨᠳᠤᠴᠢᠯᠡᠭᠡ ᠶᠢᠨ ᠬᠡᠯᠡ ᠬᠡᠯᠡᠯᠭᠡ ᠨᠢ ᠶᠠᠲᠠᠭᠤᠷᠠᠭᠰᠠᠨ᠂ ᠢᠯᠡᠳᠬᠡᠬᠦ ᠠᠷᠭ᠎ᠠ ᠪᠠᠷᠢᠯ ᠤᠨ ᠲᠠᠯ᠎ᠠ ᠪᠠᠷ ᠨᠡᠯᠢᠶᠡᠳ ᠬᠦᠰᠢᠭᠦᠨ ᠪᠤᠯᠤᠭᠰᠠᠨ ᠭᠡᠳᠡᠭ ᠪᠤᠯᠪᠠᠴᠦ ᠦᠪᠦᠷ ᠮᠤᠩᠭᠤᠯ ᠤᠨ ᠬᠠᠮᠢᠭ᠎ᠠ ᠴᠦ ᠭᠡᠰᠡᠨ ᠬᠠᠲᠠᠭᠠᠯᠠᠭᠳᠠᠵᠤ ᠬᠡᠷᠡᠭᠯᠡᠭᠳᠡᠵᠦ ᠪᠠᠶᠢᠭ᠎ᠠ ᠶᠤᠮ᠃ ᠬᠡᠳᠦ᠋ᠢᠪᠡᠷ ᠭᠠᠵᠠᠷ ᠤᠷᠤᠨ ᠤ ᠵᠦᠷᠢᠶ᠎ᠡ᠂ ᠨᠤᠳᠤᠭ ᠨᠤᠳᠤᠭ ᠤᠨ ᠢᠯᠭᠠᠭ᠎ᠠ ᠤᠷᠤᠰᠢᠵᠦ ᠪᠠᠶᠢᠪᠠᠴᠦ᠂ ᠵᠢᠯ ᠴᠠᠭᠠᠨ ᠰᠠᠷ᠎ᠠ ᠶᠢ ᠪᠡᠯᠭᠡᠯᠡᠬᠦ ᠠᠵᠢᠯᠯᠠᠭ᠎ᠠ ᠤᠷᠤᠰᠢᠵᠦ ᠯᠠ ᠪᠠᠶᠢᠪᠠᠯ ᠦᠷᠭᠦᠯᠵᠢᠯᠠᠨ ᠬᠡᠷᠡᠭᠯᠡᠭᠳᠡᠭᠦ ᠨᠢ ᠡᠷᠡᠭᠡᠯᠵᠡᠭᠡ ᠦᠭᠡᠢ᠃      ᠡᠭᠦᠨ ᠠᠴᠠ ᠭᠠᠳᠠᠨ᠎ᠠ ᠪᠤᠰᠤᠳ ᠵᠦᠢᠯ ᠤᠨ ᠪᠠᠶᠠᠷ ᠶᠤᠰᠤᠯᠠᠯ ᠤᠨ ᠮᠡᠨᠳᠤᠴᠢᠯᠡᠭᠡ ᠪᠠᠰᠠ ᠪᠤᠢ᠃  ᠵᠢᠱᠢᠶᠡᠯᠡᠪᠡᠯ᠂ ᠡᠮᠡᠭᠳᠡᠶᠢᠴᠥᠳ ᠤᠨ ᠪᠠᠶᠠᠷ᠂ ᠬᠡᠤᠬᠡᠳ ᠤᠨ ᠪᠠᠶᠠᠷ᠂ ᠵᠠᠯᠠᠭᠤᠴᠤᠳ ᠤᠨ ᠪᠠᠶᠠᠷ᠂ ᠨᠠᠰᠤᠨ ᠪᠠᠶᠠᠷ᠂ ᠭᠡᠤᠭᠡᠳ ᠤᠨ ᠣᠢ ᠶᠢᠨ ᠪᠠᠶᠠᠷ᠂ ᠬᠤᠷᠢᠮ ᠤᠨ ᠶᠤᠰᠤᠯᠠᠯ ᠤᠨ ᠪᠠᠶᠠᠷ᠂ ᠪᠠᠭᠰᠢ ᠶᠢᠨ ᠪᠠᠶᠠᠷ ᠵᠡᠷᠭᠡ ᠶᠢᠨ ︽ᠲᠠᠨ ᠳᠤ ᠪᠠᠶᠠᠷ ᠤᠨ ᠡᠳᠦᠷ ᠤᠨ ᠮᠡᠨᠳᠤᠴᠢᠯᠡᠭᠡ ᠳᠡᠪᠰᠢᠭᠦᠯᠦᠶ᠎ᠡ︾᠂ ︽ᠪᠠᠶᠠᠷ ᠤᠨ ᠮᠡᠨᠳᠦ ᠠᠶᠢᠯᠠᠳᠬᠠᠶ᠎ᠠ︾᠂ ︽᠁ ᠪᠠᠶᠠᠷ ᠤᠨ ᠡᠳᠦᠷ ᠢ ᠳᠤᠬᠢᠶᠠᠯᠳᠤᠭᠤᠯᠤᠨ ᠲᠠᠨ ᠳᠤ ᠪᠠᠶᠠᠷ ᠤᠨ ᠡᠳᠦᠷ ᠤᠨ ᠮᠡᠨᠳᠤᠴᠢᠯᠡᠭᠡ ᠳᠡᠪᠰᠢᠭᠦᠯᠦᠶ᠎ᠡ︾ ᠵᠡᠷᠭᠡ ᠶᠢᠨ ᠮᠡᠨᠳᠤᠴᠢᠯᠡᠭᠡᠨ ᠳᠤ ᠬᠤᠯᠪᠤᠭᠳᠠᠭᠰᠠᠨ ᠬᠡᠯᠡ ᠬᠡᠯᠡᠯᠭᠡ ᠨᠢ ᠪᠠᠷᠤᠭ ᠯᠠ ᠬᠠᠶᠠᠭᠳᠠᠵᠤ ᠬᠡᠷᠡᠭᠯᠡᠭᠡᠨ ᠠᠴᠠ ᠭᠠᠷᠤᠭᠰᠠᠨ ᠪᠤᠶᠤ ᠵᠠᠷᠢᠮ ᠨᠢ ᠢᠷᠦᠭᠡᠯ ᠢᠶᠠᠷ ᠤᠷᠤᠯᠠᠭᠤᠯᠤᠭᠳᠠᠨ ᠬᠡᠷᠡᠭᠯᠡᠭᠳᠡᠵᠦ ᠪᠠᠶᠢᠨ᠎ᠠ᠃ ᠪᠠᠷᠤᠭ ᠯᠠ ︽᠁᠎ ᠶᠢ ᠪᠠᠶᠠᠷᠯᠠᠨ ᠪᠡᠯᠭᠡᠯᠡᠶ᠎ᠡ︾᠂ ︽᠁ ᠳᠤ ᠪᠠᠶᠠᠷ ᠬᠦᠷᠭᠡᠶ᠎ᠡ︾ ᠭᠡᠬᠦ ᠦᠭᠦᠯᠡᠪᠦᠷᠢ ᠪᠠᠷ ᠲᠤᠪᠴᠢᠯᠠᠬᠤ ᠪᠤᠯᠤᠭᠰᠠᠨ ᠪᠠᠶᠢᠨ᠎ᠠ᠃      ᠲᠠᠪᠤ᠂ ᠢᠷᠤᠭᠡᠯᠲᠤ ᠮᠡᠨᠳᠤᠴᠢᠯᠡᠭᠡ      ᠢᠷᠤᠭᠡᠯᠲᠤ ᠮᠡᠨᠳᠤᠴᠢᠯᠡᠭᠡ ᠪᠤᠯ ᠪᠤᠰᠤᠳ ᠲᠦᠷᠦᠯ ᠤᠨ ᠮᠡᠨᠳᠤᠴᠢᠯᠡᠭᠡ ᠠᠴᠠ ᠴᠠᠭ ᠤᠨ ᠲᠠᠯ᠎ᠠ ᠪᠠᠷ ᠦᠭᠡᠷ᠎ᠡ ᠪᠠᠶᠢᠳᠠᠭ ᠤᠨᠴᠠᠯᠢᠭ ᠲᠠᠢ ᠶᠤᠮ᠃ ᠪᠤᠰᠤᠳ ᠮᠡᠨᠳᠤᠴᠢᠯᠡᠭᠡ ᠶᠢ ᠲᠡᠭᠦᠦᠨᠠᠷ ᠭᠦᠮᠦᠰ ᠤᠷᠢᠳᠴᠢᠯᠡᠨ ᠲᠡᠪᠰᠢᠭᠦᠯᠳᠡᠭ ᠪᠤᠯ ᠢᠷᠦᠭᠡᠯᠳᠤ ᠮᠡᠨᠳᠤᠴᠢᠯᠡᠭᠡ ᠨᠢ ᠠᠯᠢ ᠨᠢᠭᠡ ᠬᠦᠮᠤᠨ ᠨᠢ ᠴᠦ ᠤᠷᠢᠳᠠᠪᠡᠷ ᠲᠡᠪᠰᠢᠭᠦᠯᠵᠦ ᠪᠤᠯᠳᠠᠭ᠃ ᠡᠨᠡᠬᠦ ᠲᠦᠷᠦᠯ ᠤᠨ ᠮᠡᠨᠳᠤᠴᠢᠯᠡᠭᠡ ᠨᠢ ᠢᠷᠦᠭᠡᠨ ᠪᠡᠯᠭᠡᠰᠢᠶᠡᠵᠤ ᠬᠡᠯᠡᠬᠦ ᠪᠤᠶᠤ ᠬᠦᠰᠡᠨ ᠵᠦᠩᠨᠡᠬᠦ ᠬᠡᠯᠪᠡᠷᠢ ᠪᠠᠷ ᠲᠡᠪᠰᠢᠭᠦᠯᠳᠡᠭ ᠲᠤᠯᠠ ᠦᠪᠡᠷ ᠤᠨ ᠭᠡᠰᠡᠨ ᠤᠨᠴᠠᠯᠢᠭ ᠰᠢᠨᠵᠢ ᠲᠠᠢ ᠪᠠᠶᠢᠳᠠᠭ᠃ ᠡᠶᠢᠮᠦ ᠤᠴᠢᠷ ᠠᠴᠠ ᠡᠨᠡ ᠲᠦᠷᠦᠯ ᠤᠨ ᠮᠡᠨᠳᠦᠴᠢᠯᠡᠭᠡ ᠨᠢ ᠠᠰᠠᠭᠤᠬᠤ ᠦᠭᠦᠯᠡᠪᠦᠷᠢ ᠶᠢᠨ ᠬᠡᠯᠪᠡᠷᠢ ᠪᠠᠷ ᠲᠡᠭᠦᠰᠳᠡᠭ ᠦᠭᠡᠢ ᠶᠤᠮ᠃      ᠢᠷᠤᠭᠡᠯᠲᠤ ᠮᠡᠨᠳᠤᠴᠢᠯᠡᠭᠡ ᠶᠢ ᠵᠠᠷᠢᠮ ᠡᠷᠳᠡᠮᠲᠡᠨ ᠠᠴᠠ᠄ ︽ᠢᠷᠦᠭᠡᠯ ᠲᠠᠯᠠᠷᠬᠠᠯᠲᠤ ᠮᠡᠨᠳᠤᠴᠢᠯᠡᠭᠡ︾ ᠭᠡᠬᠦ ᠪᠤᠶᠤ ᠪᠦᠷ ᠵᠠᠷᠢᠮ ᠨᠢ ᠡᠭᠦᠨ ᠢ ᠮᠠᠨᠳᠦᠴᠢᠯᠡᠭᠡᠨ ᠤ ᠬᠦᠷᠢᠶ᠎ᠡ ᠬᠡᠪᠴᠢᠶᠡᠨ ᠠᠴᠠ ᠠᠩᠭᠢᠲᠠ ᠪᠠᠶ᠎ᠠ ᠳᠠᠭᠠᠭᠠᠭᠰᠠᠨ ︽ᠢᠷᠦᠭᠡᠯ︾᠎ ᠤᠨ ᠰᠤᠶᠤᠯ ᠭᠡᠵᠦ ᠰᠤᠳᠤᠯᠬᠤ ᠪᠤᠶᠤ ︽ᠢᠷᠦᠭᠡᠯ ᠮᠠᠭᠲᠠᠭᠠᠯ︾᠎ ᠤᠨ ᠰᠤᠶᠤᠯ ᠭᠡᠵᠦ ᠰᠢᠨᠵᠢᠯᠡᠵᠤ ᠪᠠᠶᠢᠭ᠎ᠠ ᠴᠤ ᠪᠤᠢ᠃ ᠡᠷᠳᠡᠮ ᠰᠢᠨᠵᠢᠯᠡᠭᠡᠨ ᠤ ᠬᠠᠷᠠᠯᠲᠠ ᠴᠢᠭᠯᠡᠯᠲᠡ ᠤᠨᠳᠤᠤ᠂ ᠰᠤᠳᠤᠯᠬᠤ ᠬᠦᠷᠢᠶ᠎ᠡ ᠬᠡᠪᠴᠢᠶ᠎ᠡ᠂ ᠠᠷᠭ᠎ᠠ ᠠᠳᠠᠯᠢ ᠪᠤᠰᠤ ᠲᠤᠯᠠ ᠠᠯᠢ ᠨᠢᠭᠡ ᠶᠢ ᠨᠢ ᠵᠦᠪ ᠪᠤᠷᠤᠭᠤ ᠭᠡᠵᠦ ᠦᠭᠦᠯᠡᠬᠦ ᠶᠢᠨ ᠠᠷᠭ᠎ᠠ ᠪᠠᠶᠢᠬᠤ ᠦᠭᠡᠢ᠃      ᠮᠤᠩᠭᠤᠯᠴᠤᠳ ᠤᠨ ᠳᠤᠮᠳᠠ ᠢᠷᠤᠭᠡᠯᠲᠤ ᠮᠡᠨᠳᠤᠴᠢᠯᠡᠭᠡ ᠪᠦᠷᠢᠨ ᠰᠠᠶᠢᠬᠠᠨ ᠬᠡᠷᠡᠭᠯᠡᠭᠳᠡᠵᠦ ᠢᠷᠡᠭᠰᠡᠨ ᠶᠤᠮ᠃ ᠵᠢᠱᠢᠶᠡᠯᠡᠪᠡᠯ᠂ ᠠᠳᠤᠭᠤ ᠮᠠᠯ ᠤᠰᠤᠯᠠᠵᠦ ᠪᠠᠶᠢᠬᠤ ᠲᠠᠢ ᠲᠤᠬᠢᠶᠠᠯᠳᠤᠪᠠᠯ ᠡᠳᠦᠷ ᠲᠤᠳᠤᠮ ᠤᠨ ᠮᠡᠨᠳᠤᠴᠢᠯᠡᠭᠡ ᠲᠡᠪᠰᠢᠭᠦᠯᠵᠦ᠂ ᠪᠠᠭ᠎ᠠ ᠵᠡᠷᠭᠡ ᠬᠠᠮ ᠲᠡᠮ ᠪᠤᠯᠵᠦ ᠦᠭᠭᠦᠭᠰᠡᠨ ᠤ ᠲᠠᠷᠠᠭ᠎ᠠ ᠰᠠᠯᠵᠦ ᠶᠠᠪᠤᠬᠤ ᠦᠶ᠎ᠡ ᠳᠤ ᠪᠠᠨ᠄ ︽ᠤᠰᠤ ᠴᠡᠩᠬᠡᠭ᠂ ᠤᠨᠳᠤᠷᠤᠭ᠎ᠠ ᠠᠷᠪᠢᠨ ᠪᠤᠯᠤᠭ︕︾ ᠭᠡᠬᠦ ᠪᠠ ᠠᠳᠤᠭᠤ ᠤᠷᠭᠠᠯᠠᠵᠤ ᠪᠠᠶᠢᠬᠤ ᠲᠠᠢ ᠲᠤᠬᠢᠶᠠᠯᠳᠤᠪᠠᠯ᠄ ︽ᠤᠨᠤᠭ᠎ᠠ ᠨᠢ ᠮᠡᠷᠭᠡᠨ᠂ ᠰᠠᠭᠤᠳᠠᠯ ᠨᠢ ᠪᠠᠳᠥ ᠪᠠᠶᠢᠭ︕︾ ᠭᠡᠬᠦ︔ ᠣᠳᠥᠷ ᠢᠶᠠᠷ ᠶᠠᠪᠤᠵᠤ ᠪᠠᠶᠢᠭ᠎ᠠ ᠬᠦᠮᠤᠨ ᠳᠤ᠄ ︽ᠪᠡᠯᠴᠢᠭᠡᠷ ᠠᠷᠪᠢᠨ᠂ ᠤᠰᠤ ᠤᠷᠭᠤᠮᠠᠯ ᠲᠡᠭᠰᠢ ᠪᠠᠶᠢᠬᠤ ᠪᠤᠯᠳᠤᠭᠠᠢ︕︾ ᠭᠡᠬᠦ︔ ᠮᠠᠯ ᠤᠨ ᠡᠷᠢᠯ ᠳᠤ ᠶᠠᠪᠤᠵᠥ ᠪᠠᠶᠢᠭ᠎ᠠ ᠬᠦᠮᠤᠨ ᠳᠤ᠄ ︽ᠡᠷᠢᠯ ᠦᠯᠵᠡᠶᠢᠳᠡᠢ ᠪᠤᠯᠤᠭ︕︾᠂ ︽ᠡᠷᠢᠯ ᠢᠶᠠᠨ ᠣᠯᠬᠤ ᠪᠤᠯᠳᠤᠭᠠᠢ︕︾᠂ ︽ᠡᠷᠢᠯ ᠤᠶᠢᠷ᠎ᠠ ᠪᠠᠶᠢᠭ︕︾ ᠭᠡᠬᠦ︔ ᠠᠶᠢᠷᠠᠭ ᠪᠦᠯᠢᠵᠦ ᠪᠠᠶᠢᠭ᠎ᠠ ᠬᠦᠮᠦᠨ ᠳᠤ᠄ ︽ᠲᠤᠰᠥ ᠶᠡᠭᠡ ᠤᠨᠠᠬᠤ ᠪᠤᠯᠳᠤᠭᠠᠢ︕︾ ᠭᠡᠬᠦ︔ ᠠᠶᠢᠷᠠᠭ ᠤᠤᠭᠤᠵᠤ ᠪᠤᠢ ᠬᠦᠮᠦᠨ ᠳᠤ᠄ ︽ᠠᠶᠢᠷᠠᠭ ᠰᠢᠩᠭᠡᠭᠡᠵᠢᠳᠡᠢ᠂ ᠰᠢᠮᠡᠳᠡᠢ ᠪᠤᠯᠤᠭ︕︾ ᠭᠡᠬᠦ︔ ᠲᠦᠷᠦᠭᠡ ᠲᠠᠷᠬᠠᠯᠠᠵᠦ᠂ ᠲᠦᠷᠦᠭᠡᠨ ᠰᠤᠷ ᠬᠢᠵᠦ ᠪᠠᠶᠢᠬᠤ ᠬᠦᠮᠦᠨ ᠳᠤ᠄ ︽ᠲᠦᠷᠦᠭᠡ ᠡᠭᠡᠯᠢᠳᠡᠢ ᠪᠤᠯᠤᠭ︕︾᠂ ︽ᠲᠦᠷᠦᠭᠡ ᠠᠷᠢᠭᠤᠨ ᠪᠤᠯᠤᠭ︕︾ ᠭᠡᠬᠦ︔ ᠡᠮᠨᠢᠭ ᠰᠤᠷᠭᠠᠵᠤ ᠪᠠᠶᠢᠬᠤ ᠬᠦᠮᠦᠨ ᠳᠤ᠄ ︽ᠡᠮᠨᠢᠭ ᠨᠢ ᠨᠤᠮᠤᠬᠠᠨ᠂ ᠡᠷ᠎ᠡ ᠨᠢ ᠠᠪᠬᠠᠯᠵᠢᠳᠠᠢ ᠪᠤᠯᠤᠭ︕︾᠂ ︽ᠡᠮᠨᠢᠭ ᠨᠢ ᠰᠢᠨᠳᠠᠰᠤᠳᠠᠢ᠂ ᠡᠷ᠎ᠡ ᠨᠢ ᠡᠷᠡᠲᠡᠢ ᠪᠤᠯᠤᠭ︕︾ ᠭᠡᠬᠦ︔ ᠮᠠᠯ ᠬᠦᠩᠭᠡᠯᠡᠵᠦ ᠪᠠᠶᠢᠪᠠᠯ᠄ ︽ᠦᠳᠦᠨ ᠠᠴᠠ ᠬᠦᠩᠭᠡᠨ᠂ ᠰᠤᠮᠤᠨ ᠠᠴᠠ ᠬᠤᠷᠳᠤᠨ ᠪᠤᠯᠤᠭ︕︾ ᠭᠡᠬᠦ︔ ᠲᠡᠮᠡᠭᠡ ᠨᠤᠤᠰᠤᠯᠠᠵᠦ ᠪᠠᠶᠢᠬᠤ ᠬᠦᠮᠦᠨ ᠳᠤ᠄ ︽ᠠᠪᠬᠤ ᠨᠤᠤᠰᠤ ᠨᠢ ᠠᠷᠪᠢᠨ᠂ ᠤᠷᠭᠤᠬᠤ ᠨᠤᠤᠰᠤ ᠨᠢ ᠤᠷᠳᠤ ᠪᠤᠯᠤᠭ︕︾ ᠭᠡᠬᠦ︔ ᠬᠤᠨᠢ ᠬᠠᠶᠢᠴᠢᠯᠠᠵᠦ ᠪᠠᠶᠢᠬᠤ ᠬᠦᠮᠦᠨ ᠳᠤ᠄ ︽ᠬᠠᠶᠢᠴᠢ ᠨᠢ ᠬᠤᠷᠴᠠ᠂ ᠬᠠᠶᠢᠴᠢᠯᠠᠭᠰᠠᠨ ᠬᠤᠨᠢ ᠨᠢ ᠲᠦᠮᠡ ᠬᠦᠷᠦᠭ︕︾ ᠭᠡᠬᠦ ᠪᠤᠶᠤ ︽ᠬᠠᠶᠢᠴᠢ ᠨᠢ ᠬᠤᠷᠴᠠ᠂ ᠬᠠᠭᠳᠠ ᠤᠩᠭᠠᠰᠤ ᠨᠢ ᠬᠦᠪᠰᠤᠭᠡᠷ ᠪᠤᠯᠤᠭ︕︾ ᠭᠡᠬᠦ︔ ᠲᠥᠯ ᠲᠤᠰᠴᠦ ᠪᠠᠶᠢᠬᠤ ᠬᠦᠮᠦᠨ ᠳᠤ᠄ ︽ᠮᠢᠩᠭᠠᠨ ᠬᠤᠨᠢᠨ ᠤ ᠮᠠᠩᠯᠠᠢ᠂ ᠲᠦᠮᠡᠨ ᠬᠤᠨᠢᠨ ᠤ ᠲᠦᠷᠦᠭᠦᠤ ᠪᠤᠯᠤᠭ︕︾᠂ ︽ᠲᠤᠭ᠎ᠠ ᠨᠢ ᠪᠤᠮ ᠬᠦᠷᠴᠦ᠂ ᠲᠤᠭᠤᠰᠤ ᠨᠢ ᠤᠭᠳᠠᠷᠭᠤᠢ ᠬᠦᠷᠦᠭ︕︾ ᠭᠡᠬᠦ︔ ᠢᠰᠡᠬᠡᠢ ᠬᠢᠵᠦ ᠪᠠᠶᠢᠬᠤ ᠬᠦᠮᠦᠨ ᠳᠤ᠄ ︽ᠶᠠᠰᠤᠨ ᠠᠴᠠ ᠬᠠᠲᠠᠭᠤ᠂ ᠴᠠᠰᠤᠨ ᠠᠴᠠ ᠴᠠᠭᠠᠨ ᠢᠰᠡᠬᠡᠢ ᠪᠤᠯᠤᠭ︕︾ ᠭᠡᠬᠦ︔ ᠦᠢᠯᠡ ᠣᠶᠣᠳᠠᠯ ᠤᠶᠤᠵᠤ ᠪᠠᠶᠢᠭ᠎ᠠ ᠬᠦᠮᠤᠨ ᠳᠤ᠄ ︽ᠦᠢᠯᠡ ᠤᠷᠠᠨ ᠪᠤᠯᠤᠭ︕︾᠂ ︽ᠤᠶᠤᠳᠠᠯ ᠨᠠᠷᠢᠨ ᠪᠤᠯᠤᠭ︕︾ ᠭᠡᠬᠦ︔ ᠨᠣᠮ ᠤᠩᠰᠢᠵᠦ ᠪᠠᠶᠢᠬᠤ ᠬᠦᠮᠦᠨ ᠳᠤ᠄ ︽ᠡᠷᠲᠡᠮ ᠶᠡᠭᠡ ᠪᠤᠯᠤᠭ︕︾᠂ ︽ᠪᠢᠯᠢᠭ ᠤᠶᠤᠨ ᠲᠡᠭᠦᠰ ᠪᠤᠯᠤᠭ︕︾᠂ ︽ᠤᠩᠰᠢᠭᠰᠠᠨ ᠨᠢ ᠶᠡᠭᠡ ᠪᠤᠯᠤᠭ︕︾᠂ ︽ᠨᠢᠳᠦ ᠬᠤᠷᠴᠠ ᠪᠤᠯᠤᠭ︕︾᠂ ᠪᠢᠴᠢᠭ ᠪᠢᠴᠢᠵᠤ ᠪᠠᠶᠢᠭ᠎ᠠ ᠬᠦᠮᠦᠨ ᠳᠤ᠄ ︽ᠪᠢᠷ ᠬᠤᠷᠴᠠ ᠪᠤᠯᠤᠭ︕︾᠂ ︽ᠪᠢᠴᠢᠭ ᠲᠦᠪᠰᠢᠨ ᠪᠤᠯᠤᠭ︕︾ ᠭᠡᠬᠦ︔ ᠪᠠᠶᠢᠰᠢᠩ ᠪᠠᠷᠢᠵᠦ ᠪᠠᠶᠢᠬᠤ ᠬᠦᠮᠦᠨ ᠳᠤ᠄ ︽ᠰᠠᠭᠤᠷᠢ ᠪᠠᠳᠥ᠂ ᠪᠠᠷᠢᠯᠭ᠎ᠠ ᠤᠷᠠᠨ ᠪᠤᠯᠤᠭ︕︾᠂  ︽ᠨᠢᠷᠤᠭᠤ ᠪᠠᠲᠦ ᠪᠤᠯᠤᠭ︕︾ ᠭᠡᠬᠦ ᠵᠡᠷᠭᠡ‌‍ᠪᠠᠷ ᠠᠯᠢᠪᠠ ᠰᠠᠶᠢᠨ ᠰᠠᠶᠢᠬᠠᠨ ᠢ ᠵᠦᠡᠭᠨᠡᠨ ᠪᠡᠯᠭᠡᠰᠢᠶᠡᠬᠦ ᠡᠭᠦᠳᠡᠨ ᠠᠴᠠ ᠢᠷᠦᠭᠡᠵᠤ ᠮᠠᠭᠲᠠᠬᠤ ᠠᠶᠠᠰ ᠲᠠᠢ ᠠᠩᠬᠠᠷᠤᠭᠤᠯᠬᠤ ᠦᠭᠡ ᠦᠭᠦᠯᠡᠪᠦᠷᠢ ᠬᠡᠷᠡᠭᠯᠡᠵᠤ ᠮᠡᠨᠳᠤᠴᠢᠯᠡᠵᠤ ᠢᠷᠡᠭᠰᠡᠨ ᠶᠤᠮ᠃ ᠢᠷᠤᠭᠡᠯᠲᠤ ᠮᠡᠨᠳᠤᠴᠢᠯᠡᠭᠡ ᠪᠤᠯ ᠮᠤᠩᠭᠤᠯᠴᠤᠳ ᠤᠨ ᠬᠠᠮᠤᠭ ᠤᠨ ᠦᠷᠭᠡᠨ ᠲᠡᠯᠭᠡᠷ ᠮᠦᠷᠲᠡᠭᠡᠨ ᠡᠳᠤᠷ ᠲᠤᠳᠤᠮ ᠤᠨ ᠠᠮᠢᠳᠤᠷᠠᠯ ᠲᠤᠮᠳᠠ ᠬᠡᠷᠡᠭᠯᠡᠭᠳᠡᠳᠡᠭ᠂ ᠠᠭᠤᠯᠭ᠎ᠠ ᠲᠦᠷᠦᠯ ᠵᠦᠢᠯ ᠢᠶᠠᠷ ᠬᠠᠮᠤᠭ ᠤᠨ ᠤᠯᠠᠨ᠂ ᠬᠡᠯᠡ ᠬᠡᠯᠡᠯᠭᠡ ᠬᠠᠮᠤᠭ ᠤᠨ ᠪᠠᠶᠠᠯᠢᠭ ᠮᠡᠨᠳᠤᠴᠢᠯᠡᠭᠡᠨ ᠤ ᠰᠤᠶᠤᠯ᠂ ᠵᠠᠩ ᠦᠢᠯᠡ ᠶᠢᠨ ᠨᠢᠭᠡᠨ ᠵᠦᠢᠯ ᠪᠤᠯᠬᠤ ᠶᠤᠮ᠃      ᠤᠳᠤ ᠴᠦᠬᠡᠨ ᠲᠣᠭᠠᠨ ᠤ ᠠᠬᠠᠮᠠᠳ ᠨᠠᠰᠤᠳᠠᠳ ᠠᠴᠠ ᠪᠤᠰᠤᠳ ᠢᠳᠡᠷ ᠨᠠᠰᠤᠨ ᠤ ᠬᠦᠮᠤᠰ ᠢ ᠪᠠᠭᠳᠠᠭᠠᠭᠰᠠᠨ ᠬᠤᠶᠢᠴᠢ ᠦᠶ᠎ᠡ ᠶᠢᠨ ᠬᠢᠨ ᠪᠠᠷᠤᠭ ᠯᠡ ᠬᠡᠷᠡᠭᠯᠡᠬᠦ ᠪᠠᠨ ᠪᠤᠯᠢᠭᠰᠠᠨ ᠪᠠᠶᠢᠨ᠎ᠠ᠃ ᠡᠭᠦᠨ ᠳᠤ ᠵᠠᠷᠢᠮ ᠠᠵᠢᠯ ᠲᠦᠷᠦᠯ ᠨᠢ ᠪᠤᠳᠠᠳᠤ ᠠᠮᠢᠳᠤᠷᠠᠯ ᠳᠤ ᠲᠡᠮᠡᠢ ᠲᠤᠬᠢᠶᠠᠯᠳᠤᠬᠤ ᠦᠭᠡᠢ ᠪᠤᠯᠤᠭᠰᠠᠨ ᠰᠢᠯᠳᠠᠭᠠᠨ ᠪᠤᠢ᠃  ᠵᠢᠱᠢᠶᠡᠯᠡᠪᠡᠯ᠂ ᠠᠶᠢᠷᠠᠭ ᠪᠦᠯᠢᠬᠦ᠂ ᠲᠦᠷᠦᠭᠡ ᠬᠢᠬᠦ᠂ ᠴᠢᠳᠤᠷ ᠵᠠᠩᠬᠢᠳᠬᠤ᠂ ᠢᠰᠡᠬᠡᠢ ᠬᠢᠬᠦ᠂ ᠦᠢᠯᠡ ᠣᠶᠤᠳᠠᠯ ᠤᠶᠤᠬᠤ ᠵᠡᠷᠭᠡ᠃ ᠡᠭᠦᠨ ᠠᠴᠠ ᠭᠠᠳᠠᠨ᠎ᠠ ᠭᠡᠷ ᠪᠠᠷᠢᠬᠤ᠂ ᠭᠡᠷ ᠨᠡᠬᠦᠬᠦ ᠵᠡᠷᠭᠡ ᠠᠵᠢᠯ ᠲᠦᠷᠦᠯ ᠢ ᠦᠪᠡᠷᠰᠡᠳ ᠢᠶᠠᠨ ᠬᠢᠬᠦ ᠪᠢᠰᠢ ᠲᠤᠰᠬᠠᠢ ᠬᠦᠮᠦᠰ ᠲᠤ ᠬᠦᠯᠦᠰᠦ ᠤᠯᠭᠤᠮᠵᠢ ᠦᠭᠭᠦᠨ ᠬᠢᠯᠭᠡᠳᠡᠭ ᠪᠤᠯᠤᠭᠰᠠᠨ ᠵᠡᠷᠭᠡ ᠲᠠᠢ ᠬᠤᠯᠪᠤᠭ᠎ᠠ ᠲᠠᠢ ᠶᠤᠮ᠃  ᠪᠠᠰᠠ ᠨᠠᠰᠤᠳᠠᠶᠢᠴᠤᠳ ᠪᠤᠶᠤ ᠠᠬᠠᠮᠠᠳ ᠬᠦᠮᠤᠰ ᠨᠢ ᠬᠡᠤᠬᠡᠳ ᠪᠠᠭᠠᠴᠤᠳ ᠤᠨ ᠭᠠᠷ ᠠᠴᠠ ᠶᠠᠭᠤᠮ᠎ᠠ ᠠᠪᠬᠤ ᠦᠶ᠎ᠡ ᠳᠤ ᠪᠠᠨ᠄ ︽ᠠᠭᠤᠯᠠ ᠠᠴᠠ ᠦᠨᠳᠤᠷ ᠪᠡᠶ᠎ᠡ ᠲᠠᠢ᠂ ᠤᠰᠤᠨ ᠠᠴᠠ ᠭᠦᠨ ᠡᠷᠲᠡᠮ ᠲᠠᠢ ᠪᠤᠯᠤᠭᠠᠷᠠᠢ︕︾᠂ ︽ᠵᠠᠭᠤ ᠨᠠᠰᠤᠯᠠ᠂ ᠵᠢᠷᠭᠤᠭᠠᠳᠠᠢ ᠲᠠᠶᠠᠭ ᠲᠤᠯᠤᠭ︕︾᠂ ︽ᠤᠷᠳᠤ  ᠨᠠᠰᠤᠯᠠ᠂ ᠤᠳᠠᠭᠠᠨ ᠵᠢᠷᠭ᠎ᠠ︕︾᠂ ︽ᠦᠨᠳᠤᠷ ᠬᠦᠤ ᠪᠤᠯᠤᠭᠠᠷᠠᠢ︕︾ ᠭᠡᠬᠦ ᠮᠡᠳᠤ ᠢᠷᠤᠭᠡᠯᠲᠤ ᠮᠡᠨᠳᠤᠴᠢᠯᠡᠭᠡᠨ ᠤ ᠦᠭᠡ ᠬᠡᠯᠡᠳᠡᠭ ᠵᠠᠩ ᠵᠠᠩᠰᠢᠯ ᠲᠠᠢ ᠪᠠᠶᠢᠵᠠᠢ᠃ ᠡᠳᠦᠭᠡ ᠡᠲᠡᠭᠡᠷ ᠢᠷᠤᠭᠡᠯᠲᠤ ᠮᠡᠨᠳᠤᠴᠢᠯᠡᠭᠡ ᠶᠢ ᠪᠤᠯ ᠡᠪᠦᠭᠡ ᠡᠮᠡᠭᠡ ᠨᠢ ᠤᠮᠪᠤᠯᠤ ᠲᠤᠮᠪᠤᠯᠤ᠂ ᠦᠪᠡᠷ ᠤᠨ ᠦᠷ᠎ᠡ ᠠᠴᠢ ᠨᠠᠷ ᠲᠤ ᠪᠠᠨ ᠬᠠᠶᠠ ᠨᠢᠭᠡ ᠬᠡᠷᠡᠭᠯᠡᠬᠦ ᠪᠤᠶᠤ ᠵᠢᠯ ᠴᠠᠭᠠᠨ ᠰᠠᠷ᠎ᠠ ᠪᠤᠯᠬᠤ᠂ ᠨᠠᠰᠤᠨ ᠪᠠᠶᠠᠷ᠂ ᠬᠤᠷᠢᠮ ᠨᠠᠶᠢᠷ ᠵᠡᠷᠭᠡ ᠪᠠᠶᠠᠷ ᠶᠤᠰᠤᠯᠠᠯ ᠤᠨ ᠴᠢᠨᠠᠷᠲᠠᠢ ᠴᠠᠭ ᠮᠦᠴᠠ ᠪᠤᠶᠤ ᠭᠡᠷ ᠬᠤᠳᠠᠯᠠᠭᠠᠷ ᠨᠠᠶᠢᠷ ᠬᠦᠷ ᠪᠣᠯᠵᠤ ᠪᠠᠶᠢᠭ᠎ᠠ ᠨᠡᠯᠢᠶᠡᠳ ᠤᠨᠴᠠᠭᠠᠢ ᠪᠠᠶᠢᠳᠠᠯ ᠳᠤ ᠯᠡ ᠬᠡᠷᠡᠭᠯᠡᠵᠥ ᠪᠠᠶᠢᠭ᠎ᠠ ᠶᠢ ᠭᠠᠷᠭᠠᠪᠠᠯ ᠦᠨᠳᠤᠰᠤᠨ ᠳᠤ ᠪᠠᠨ ᠬᠡᠷᠡᠭᠯᠡᠬᠦ ᠪᠠᠨ ᠪᠤᠯᠢᠭᠰᠠᠨ ᠪᠠᠶᠢᠨ᠎ᠠ᠃ ᠡᠳᠡᠭᠡᠷ ᠢᠷᠤᠭᠡᠯᠲᠤ ᠮᠡᠨᠳᠤᠴᠢᠯᠡᠭᠡ ᠶᠢᠨ ᠬᠠᠷᠢᠭᠤ ᠮᠡᠨᠳᠤᠴᠢᠯᠡᠭᠡ ᠨᠢ ᠨᠡᠯᠢᠶᠡᠳ ᠬᠡᠪᠰᠢᠭᠰᠡᠨ ᠪᠠᠶᠢᠳᠠᠭ᠃  ᠶᠡᠬᠡᠩᠬᠢ ᠳᠤ ᠪᠠᠨ ︽ᠠᠮᠠᠨ ᠪᠡᠯᠭᠡ ᠠᠴᠠ ᠠᠰᠢᠳᠠ ᠶᠢᠨ ᠪᠡᠯᠭᠡ︕︾᠂ ︽ᠢᠷᠦᠭᠡᠯ ᠪᠠᠳᠥ ᠤᠷᠤᠰᠢᠭ︕︾᠂ ︽ᠢᠷᠦᠭᠡᠯ ᠲᠤᠭᠳᠠᠬᠤ ᠪᠤᠯᠳᠤᠭᠠᠢ︕︾᠂ ︽ᠦᠯᠵᠡᠶᠢᠳᠡᠢ ᠪᠤᠯᠳᠤᠭᠠᠢ︕︾᠂ ︽ᠦᠯᠵᠡᠢ ᠤᠷᠤᠰᠢᠭ︕︾᠂ ︽ᠠᠮᠠᠨ ᠢᠷᠦᠭᠡᠯ ᠠᠰᠢᠳᠠ ᠶᠢᠨ ᠪᠡᠯᠭᠡ︕︾᠂ ︽ᠠᠮᠠ ᠦᠯᠵᠡᠶᠢᠳᠡᠢ ᠪᠤᠯᠤᠭ︕︾᠂ ︽ᠢᠷᠦᠭᠡᠯ ᠢᠶᠠᠷ ᠪᠤᠯᠤᠭ︕︾᠂ ︽ᠠᠮᠠᠨ ᠪᠡᠯᠭᠡ ᠪᠠᠷ ᠪᠤᠯᠤᠭ︕︾᠂ ︽ᠲᠡᠷᠡ ᠪᠡᠯᠭᠡ ᠤᠷᠤᠰᠢᠳᠤᠭᠠᠢ︕︾᠂ ︽ᠲᠠᠨ ᠤ ᠢᠷᠦᠭᠡᠯ ᠰᠢᠩᠭᠡᠬᠦ ᠪᠤᠯᠳᠤᠭᠠᠢ︕︾᠂ ︽ᠲᠠᠨ ᠤ ᠢᠷᠦᠭᠡᠯ ᠢᠶᠠᠷ ᠪᠤᠯᠤᠭ︕︾᠂ ︽ᠢᠷᠦᠭᠡᠯ ᠲᠤᠭᠳᠠᠬᠤ ᠪᠤᠯᠳᠤᠭᠠᠢ︕︾᠂ ︽ᠢᠷᠦᠭᠡᠯ ᠲᠣᠭᠲᠠᠭ︕︾᠂ ︽ᠲᠡᠶᠢᠮᠦ ᠪᠤᠯᠳᠤᠭᠠᠢ︾ ᠬᠡᠭᠦᠴᠢᠯᠡᠨ ᠠᠯᠢ ᠨᠢᠭᠡᠨ ᠦᠭᠡ ᠪᠠᠶᠢᠭᠰᠠᠨ ᠴᠦ ᠪᠤᠯᠬᠤ ᠶᠤᠮ᠃ ᠡᠳᠡᠭᠡᠷ ᠬᠠᠷᠢᠭᠤ ᠮᠡᠨᠳᠤᠴᠢᠯᠡᠭᠡ ᠨᠢ ᠶᠡᠷᠦᠩᠭᠡᠢ ᠳᠤ ᠪᠠᠨ ᠶᠤᠰᠤᠭᠠᠷ ᠬᠡᠯᠡᠭᠳᠡᠵᠦ ᠪᠠᠶᠢᠭ᠎ᠠ ᠪᠤᠯᠪᠠᠴᠦ ᠬᠡᠯᠡᠨ ᠤ ᠢᠯᠡᠳᠬᠡᠬᠦ ᠠᠷᠭ᠎ᠠ᠂ ᠦᠭᠡ ᠶᠢᠨ ᠪᠠᠶᠠᠯᠢᠭ ᠵᠡᠷᠭᠡ ᠲᠠᠯ᠎ᠠ ᠪᠠᠷ ᠢᠯᠡᠳᠲᠠ ᠶᠠᠳᠠᠭᠤᠷᠠᠵᠦ ᠪᠠᠶᠢᠭ᠎ᠠ ᠨᠢ ᠮᠡᠳᠡᠷᠡᠭᠳᠡᠵᠦ ᠪᠠᠶᠢᠨ᠎ᠠ᠃ ᠨᠡᠩ ᠴᠦ ᠵᠠᠯᠠᠭᠤᠴᠤᠳ ᠪᠠᠭᠠᠴᠤᠳ ᠦᠨᠳᠤᠰᠤᠨ ᠲᠡᠭᠡᠷ᠎ᠡ ᠪᠠᠨ ︽ᠲᠠᠨ ᠳᠤ ᠪᠠᠶᠠᠷᠯᠠᠯ᠎ᠠ︕︾᠂  ︽ᠲᠠᠨ ᠳᠤ ᠲᠠᠯᠠᠷᠬᠠᠯ᠎ᠠ︕︾᠂ ︽ᠲᠠᠨ ᠳᠤ ᠮᠠᠰᠢ ᠶᠡᠭᠡ ᠪᠠᠶᠠᠷᠯᠠᠯ᠎ᠠ︕︾᠂ ︽ᠲᠠᠨ ᠳᠤ ᠲᠦᠢᠯ ᠢᠶᠠᠷ ᠪᠠᠶᠠᠷᠯᠠᠯ᠎ᠠ︕︾ ᠭᠡᠬᠦ ᠮᠡᠳᠤᠴᠢᠯᠡᠨ ᠲᠦᠭᠦᠮᠴᠢᠯᠡᠭᠰᠡᠨ᠂ ᠦᠭᠡᠷᠡᠳᠡᠭᠦᠯᠦᠭᠰᠡᠨ ᠦᠭᠡ ᠬᠡᠯᠡᠯᠭᠡ ᠶᠢ ᠬᠡᠷᠡᠭᠯᠡᠵᠦ᠂ ᠬᠠᠷᠢᠭᠤ ᠮᠡᠨᠳᠤᠴᠢᠯᠡᠭᠡ ᠪᠤᠯᠭᠠᠬᠤ ᠪᠠᠶᠢᠳᠠᠯ ᠴᠦ ᠴᠦᠬᠡᠨ ᠪᠤᠰᠤ ᠲᠤᠬᠢᠶᠠᠯᠳᠤᠬᠤ ᠪᠤᠯᠤᠭᠰᠠᠨ ᠪᠠᠶᠢᠨ᠎ᠠ᠃ ᠢᠩᠬᠢᠵᠦ ᠦᠭᠡᠷᠡᠳᠦᠭᠦᠯᠵᠦ ᠪᠠᠶᠢᠭ᠎ᠠ ᠶᠢᠨ ᠰᠢᠯᠳᠠᠭᠠᠨ ᠨᠢ ᠤᠯᠠᠮᠵᠢᠯᠠᠯᠳᠦ ᠮᠡᠨᠳᠤᠴᠢᠯᠡᠭᠡᠨ ᠤ ᠶᠤᠰᠤ ᠵᠠᠩᠰᠢᠯ ᠢ ᠰᠠᠶᠢᠨ ᠮᠡᠳᠡᠬᠦ ᠦᠭᠡᠢ᠂ ᠵᠦᠪᠬᠡᠨ ᠬᠤᠪᠢ ᠬᠦᠮᠤᠨ ᠤ ᠪᠠᠶᠠᠷᠯᠠᠭᠰᠠᠨ ᠰᠡᠳᠬᠢᠯᠭᠡ ᠪᠠᠨ ᠢᠯᠡᠷᠬᠡᠶᠢᠯᠡᠵᠤ ᠪᠠᠶᠢᠭ᠎ᠠ ᠲᠠᠢ ᠬᠤᠯᠪᠤᠭ᠎ᠠ ᠲᠠᠢ ᠪᠠᠶᠢᠵᠦ ᠮᠡᠳᠡᠨ᠎ᠡ ᠭᠡᠵᠦ ᠦᠵᠡᠵᠦ ᠪᠠᠶᠢᠨ᠎ᠠ᠃ ᠡᠨᠡ ᠨᠢ ᠪᠠᠰᠠ ᠢᠷᠤᠭᠡᠯᠲᠤ ᠮᠡᠨᠳᠤᠴᠢᠯᠡᠭᠡ ᠶᠢᠨ ᠮᠠᠷᠲᠠᠭᠳᠠᠵᠤ ᠬᠠᠶᠠᠭᠳᠠᠵᠤ ᠪᠠᠶᠢᠭ᠎ᠠ ᠪᠠ ᠪᠤᠷᠤᠭᠤ ᠪᠠᠷ ᠬᠡᠷᠡᠭᠯᠡᠭᠳᠡᠵᠦ ᠪᠠᠶᠢᠭ᠎ᠠ ᠦᠵᠡᠭᠳᠡᠯ ᠤᠳ ᠤᠨ ᠠᠩᠬᠠᠨ ᠤ ᠢᠯᠡᠷᠡᠯ ᠭᠡᠵᠦ ᠤᠶᠢᠯᠠᠭᠠᠵᠤ ᠪᠤᠯᠤᠨ᠎ᠠ᠃      ᠵᠢᠷᠭᠤᠭ᠎ᠠ᠂ ᠵᠠᠬᠢᠳᠠᠯ ᠤᠨ ᠮᠡᠨᠳᠤᠴᠢᠯᠡᠭᠡ      ᠵᠠᠬᠢᠳᠠᠯ ᠤᠨ ᠮᠡᠨᠳᠤᠴᠢᠯᠡᠭᠡ ᠪᠤᠯ ᠠᠮᠠᠨ ᠮᠡᠨᠳᠦᠴᠢᠯᠡᠭᠡ ᠠᠴᠠ ᠢᠯᠭᠠᠭ᠎ᠠ ᠲᠠᠢ᠃ ᠵᠠᠬᠢᠳᠠᠯ ᠤᠨ ᠮᠡᠨᠳᠦᠴᠢᠯᠡᠭᠡ ᠳᠤ ᠬᠦᠨᠳᠦᠳᠭᠡᠯ ᠤᠨ ᠦᠭᠡ ᠨᠡᠩ ᠤᠯᠠᠨ ᠬᠡᠷᠡᠭᠯᠡᠳᠡᠭ ᠵᠤᠷᠰᠢᠯ ᠲᠠᠢ᠃ ᠪᠤᠰᠤᠳ ᠲᠦᠷᠦᠯ ᠤᠨ ᠮᠡᠨᠳᠤᠴᠢᠯᠡᠭᠡᠨ ᠳᠤ ᠰᠤᠨᠤᠰᠤᠭᠴᠢ ᠡᠳᠡᠭᠡᠳ ᠢ ᠵᠦᠪᠬᠡᠨ ︽ᠲᠠ︾ ᠭᠡᠬᠦ ᠬᠤᠶᠠᠳᠤᠭᠠᠷ ᠪᠡᠶ᠎ᠡ ᠶᠢᠨ ᠲᠦᠯᠦᠭᠡᠨ ᠤ ᠦᠭᠡ ᠶᠢᠨ ᠬᠦᠨᠳᠤᠳᠬᠡᠯ ᠬᠡᠯᠪᠡᠷᠢ ᠪᠠᠷ ᠳᠠᠭᠤᠳᠠᠳᠠᠭ ᠪᠤᠯ ᠵᠠᠬᠢᠲᠠᠯ ᠳᠤ ᠬᠠᠷᠢᠨ ᠬᠦᠨᠳᠤᠳᠭᠡᠯ ᠦᠭᠡ ᠪᠠ ᠠᠪᠤᠭᠠᠶᠢᠯᠠᠭ᠎ᠠ ᠦᠭᠡ ᠪᠠᠷ ᠲᠠᠭᠤᠳᠠᠳᠠᠭ᠃ ᠵᠢᠱᠢᠶ᠎ᠡ ᠨᠢ᠂ ᠪᠠᠭᠰᠢ ᠳᠤ ᠪᠠᠨ ᠵᠠᠬᠢᠲᠠᠯ ᠪᠢᠴᠢᠪᠡᠯ ︽ᠡᠷᠬᠢᠮ ᠬᠦᠨᠳᠤᠳᠤ ᠪᠠᠭᠰᠢ ᠲᠠᠨ᠎ᠠ᠂ ᠡᠳᠦᠭᠡ ᠪᠢ ᠠᠯᠤᠰ ᠭᠠᠵᠠᠷ ᠠᠴᠠ ᠲᠡᠷᠢᠭᠦᠨ ᠮᠡᠬᠦ᠋ᠢᠨ ᠡᠷᠬᠢᠮ ᠲᠠᠨ ᠤ ᠡᠷᠲᠡᠮ ᠵᠢᠭᠠᠭᠰᠠᠨ ᠭᠦᠨ ᠠᠴᠢ ᠳᠤ ᠲᠠᠯᠠᠷᠬᠠᠨ ᠠᠮᠤᠷ ᠠᠮᠤᠭᠤᠯᠠᠩ ᠢ ᠠᠶᠢᠯᠠᠳᠬᠠᠨ ᠪᠠᠶᠢᠨ᠎ᠠ᠃ ᠲᠠ ᠠᠮᠤᠷᠬᠠᠨ ᠰᠠᠶᠢᠨ ᠰᠠᠭᠠᠳᠠᠵᠦ ᠪᠠᠶᠢᠨ᠎ᠠ ᠤᠤ︖︾ ᠭᠡᠬᠦ ᠮᠡᠳᠤ ᠪᠠᠷ ᠬᠡᠷᠡᠭᠯᠡᠳᠡᠭ ᠪᠠᠶᠢᠨ᠎ᠠ᠃      ᠵᠢᠱᠢᠶ᠎ᠡ ᠨᠢᠭᠡ᠄      1921 ᠤᠨ ᠤ ᠡᠬᠢ ᠪᠠᠷ ᠳ᠋᠊ · ᠰᠦᠬᠡᠪᠠᠭᠠᠳᠤᠷ ᠤᠨ ᠠᠬ᠎ᠠ ᠨᠡᠮᠡᠨᠳᠡᠷ ᠲᠤ ᠪᠠᠨ ᠶᠠᠪᠤᠭᠤᠯᠤᠭᠰᠠᠨ ᠵᠠᠬᠢᠳᠠᠯ      ︽ᠦᠴᠦᠬᠡᠨ ᠳᠡᠭᠦᠤ ᠰᠦᠬᠡᠪᠠᠭᠠᠳᠤᠷ ᠠᠴᠠ      ᠡᠷᠲᠡᠨ ᠤ ᠰᠠᠶᠢᠨ ᠢᠷᠦᠭᠡᠯ ᠤᠨ ᠬᠦᠴᠦᠨ ᠢᠶᠠᠷ ᠡᠨᠡ ᠨᠠᠰᠤᠨ ᠳᠤ ᠰᠠᠳᠤᠨ ᠪᠤᠯᠤᠨ ᠤᠴᠠᠷᠠᠭᠰᠠᠨ᠂ ᠡᠷᠬᠢᠮ ᠠᠬ᠎ᠠ ᠨᠡᠮᠡᠨᠳᠡᠷ ᠲᠠᠨ ᠤ ᠰᠠᠨᠠᠭᠰᠠᠨ ᠬᠡᠷᠡᠭ ᠪᠦᠳᠦᠵᠦ᠂ ᠰᠢᠨ᠎ᠡ ᠵᠢᠯ ᠤᠨ ᠪᠠᠶᠠᠷ ᠪᠤᠯᠤᠭᠰᠠᠨ ᠲᠤᠯᠠ ᠮᠠᠰᠢᠲᠠ ᠶᠡᠭᠡ ᠪᠠᠶᠠᠷᠯᠠᠨ ᠲᠦᠮᠡᠨ ᠠᠮᠤᠭᠤᠯᠠᠩ ᠢ ᠠᠶᠢᠯᠠᠳᠬᠠᠵᠤ᠂ ᠮᠡᠨᠳᠦ ᠰᠠᠶᠢᠨ ᠢ ᠯᠠᠪᠯᠠᠨ᠂ ᠠᠷᠢᠭᠤᠨ ᠴᠠᠭᠠᠨ ᠬᠠᠳᠠᠭ᠂ ᠦᠴᠦᠬᠡᠨ ᠵᠠᠬᠢᠳᠠᠯ ᠮᠡᠳᠦᠰ ᠢ ᠡᠷᠭᠦᠨ ᠪᠠᠷᠢᠭᠤᠯᠪᠠ᠃      ᠵᠢᠴᠢ᠂ ᠲᠡᠭᠦᠨ ᠤ ᠮᠢᠨᠢ ᠲᠤᠰ ᠲᠤᠰ ᠤᠨ ᠭᠡᠷ ᠤᠨ ᠬᠤᠲᠠᠯᠠᠭᠠᠷ ᠮᠡᠨᠳᠦ ᠰᠠᠶᠢᠨ ᠢ ᠲᠡᠭᠦᠪᠡᠷ ᠯᠠᠪᠯᠠᠨ᠂ ᠮᠡᠨᠳᠦ ᠶᠢᠨ ᠬᠠᠷᠢᠭᠤ ᠢᠷᠡᠭᠦᠯᠬᠦ ᠠᠵᠢᠶᠠᠮᠤ ᠁︾      ᠵᠢᠱᠢᠶ᠎ᠡ ᠬᠤᠶᠠᠷ᠄      ᠳ᠋᠊ · ᠰᠦᠬᠡᠪᠠᠭᠠᠳᠤᠷ ᠤᠨ ᠵᠠᠯᠾᠭ᠍ᠵᠠ ᠬᠤᠳᠤᠭᠲᠤ ᠳᠠᠮᠳᠢᠨᠪᠠᠽᠠᠷ ᠲᠤ ᠶᠠᠪᠤᠭᠤᠯᠤᠭᠰᠠᠨ ᠵᠠᠬᠢᠳᠠᠯ      1921 ᠤᠨ ᠤ ᠳᠤᠯᠤᠳᠤᠭᠠᠷ ᠰᠠᠷ᠎ᠠ      ︽ᠮᠤᠩᠭᠤᠯ ᠠᠷᠠᠳ ᠤᠨ ᠪᠦᠬᠦ ᠴᠡᠷᠢᠭ ᠢ ᠶᠡᠷᠤᠩᠬᠡᠶᠢᠯᠡᠨ ᠵᠠᠬᠢᠷᠬᠤ ᠵᠠᠩᠵᠤᠨ ᠬᠢᠴᠢᠶᠡᠩᠭᠦ᠋ᠢᠯᠡᠨ᠄      ᠨᠤᠮ ᠤᠨ ᠠᠴᠢᠲᠤ ᠪᠠᠭᠰᠢ ᠲᠠᠨ ᠤ ᠡᠷᠳᠡᠨᠢᠳᠦ ᠯᠠᠭᠱᠠᠨ᠂ ᠲᠦᠮᠡᠨ ᠠᠮᠤᠭᠤᠯᠠᠩ ᠢ ᠠᠯᠤᠰ ᠬᠤᠯᠠ ᠦᠨᠳᠦᠷ ᠠᠭᠤᠯᠠ᠂ ᠦᠷᠭᠡᠨ ᠤᠰᠤᠨ ᠤ ᠳᠠᠯᠳᠠ ᠠᠴᠠ ᠮᠡᠬᠦ᠋ᠢᠨ ᠬᠢᠴᠢᠶᠡᠩᠭᠦ᠋ᠢᠯᠡᠨ ᠨᠠᠮᠠᠨᠴᠢᠯᠠᠨ ᠠᠶᠢᠯᠠᠳᠬᠠᠬᠤ ᠠᠴᠠ ᠭᠠᠳᠠᠨ᠎ᠠ ᠵᠠᠬᠢᠳᠠᠯ ᠡᠷᠭᠦᠨ ᠰᠤᠩᠭᠠᠬᠤ ᠤᠴᠢᠷ ᠁ ᠡᠭᠦᠨ ᠤ ᠲᠤᠯᠠ ᠠᠯᠤᠰ ᠬᠤᠯᠠ ᠠᠴᠠ ᠨᠠᠮᠠᠨᠴᠢᠯᠠᠨ ᠠᠮᠤᠭᠤᠯᠠᠩ ᠢ ᠠᠶᠢᠯᠠᠳᠬᠠᠵᠤ ᠳᠡᠮᠳᠡᠭ ᠳᠠᠷᠤᠭᠰᠠᠨ ᠵᠠᠬᠢᠳᠠᠯ ᠮᠡᠲᠤᠰ ᠢ ᠡᠷᠭᠦᠪᠡ      ᠤᠯᠠᠨ᠎ᠠ ᠡᠷᠭᠦᠭᠳᠡᠭᠰᠡᠨ ᠤ ᠠᠷᠪᠠᠨ ᠨᠢᠭᠡᠳᠦᠭᠡᠷ ᠤᠨ᠂ ᠲᠠᠪᠤᠨ ᠰᠠᠷ᠎ᠠ ᠶᠢᠨ ᠭᠤᠴᠢᠨ︾ ᠭᠡᠰᠡᠨ ᠪᠠᠶᠢᠨ᠎ᠠ᠃ ᠡᠳᠡᠭᠡᠷ ᠪᠤᠳᠠᠳᠤ ᠵᠢᠱᠢᠶᠡᠨ ᠠᠴᠠ ᠪᠢᠳᠡ ᠵᠠᠬᠢᠲᠠᠯ ᠤᠨ ᠮᠡᠨᠳᠤᠴᠢᠯᠡᠭᠡ ᠪᠤᠯ ᠠᠮᠠᠨ ᠮᠡᠨᠳᠤᠴᠢᠯᠡᠭᠡᠨ ᠠᠴᠠ ᠨᠡᠩ ᠶᠡᠭᠡ ᠬᠦᠨᠳᠤᠳᠬᠡᠯ ᠲᠠᠢ ᠪᠠᠶᠢᠬᠤ ᠶᠤᠰᠤᠳᠠᠢ ᠭᠡᠳᠡᠭ ᠢ ᠤᠶᠢᠯᠠᠭᠠᠵᠦ ᠪᠤᠯᠤᠨ᠎ᠠ᠃      ᠤᠳᠤ ᠬᠦᠮᠣᠰ ᠤᠲᠠᠰᠤ ᠪᠠᠷ ᠮᠡᠨᠳᠤᠴᠢᠯᠡᠬᠦ ᠪᠤᠶᠤ ᠢᠮᠧᠯ᠂ ᠤᠬᠤᠷ ᠴᠢᠮᠡᠭᠡ᠂ ︽ᠪᠠᠶᠢᠨ᠎ᠠ ᠤᠤ︾᠎ ᠪᠠᠷ ᠮᠡᠨᠳᠤᠴᠢᠯᠡᠬᠦ ᠨᠢ ᠠᠭᠤᠯᠵᠠᠵᠤ ᠮᠡᠨᠳᠤᠴᠢᠯᠡᠬᠦ᠂ ᠵᠠᠬᠢᠲᠠᠯ ᠪᠢᠴᠢᠬᠦ ᠠᠴᠠ ᠬᠠᠷᠢᠴᠠᠩᠭᠤᠢ ᠠᠷᠪᠢᠨ ᠪᠤᠯᠤᠭᠰᠠᠨ ᠲᠤᠯᠠ ᠵᠠᠬᠢᠳᠠᠯ ᠤᠨ ᠮᠡᠨᠳᠤᠴᠢᠯᠡᠭᠡ ᠬᠡᠷᠡᠭᠯᠡᠭᠳᠡᠬᠦ ᠨᠢ ᠢᠯᠡᠳᠲᠡ ᠴᠦᠭᠡᠬᠡᠷᠡᠭᠰᠡᠨ ᠪᠠᠶᠢᠨ᠎ᠠ᠃ ᠭᠡᠪᠡᠴᠦ ᠵᠠᠬᠢᠳᠠᠯ ᠪᠢᠴᠢᠬᠦ ᠦᠶ᠎ᠡ ᠳᠤ ᠬᠠᠭᠤᠴᠢᠨ ᠤᠯᠠᠮᠵᠢᠯᠠᠯ ᠢᠶᠠᠨ ᠨᠡᠯᠢᠶᠡᠳ ᠪᠦᠷᠢᠨ ᠭᠦᠢᠴᠡᠳ ᠪᠠᠷᠢᠮᠳᠠᠯᠠᠵᠦ ᠪᠠᠶᠢᠨ᠎ᠠ᠃ ᠡᠭᠦᠨ ᠳᠤ ᠦᠪᠦᠷ ᠮᠤᠩᠭᠤᠯ ᠤᠷᠤᠨ ᠳᠤ ᠵᠠᠬᠢᠳᠠᠯ ᠤᠨ ᠲᠡᠭᠦᠰᠬᠡᠯ ᠤᠨ ᠬᠡᠰᠡᠭ ᠤᠨ ᠢᠷᠦᠭᠡᠯ ᠮᠡᠨᠳᠤᠴᠢᠯᠡᠭᠡ ᠨᠢ ᠢᠯᠡᠷᠬᠡᠢ ᠴᠦᠬᠡᠨ ᠬᠡᠷᠡᠭᠯᠡᠭᠳᠡᠬᠦ ᠪᠤᠯᠵᠠᠢ᠃ ᠤᠬᠤᠷ ᠴᠢᠮᠡᠭᠡ᠂ ︽ᠪᠠᠶᠢᠨ᠎ᠠ ᠤᠤ︾᠂ ᠢᠮᠧᠯ ᠳᠤ ᠬᠡᠳᠦ᠋ᠢᠪᠡᠷ ᠦᠰᠦᠭ ᠪᠢᠴᠢᠭ ᠤᠨ ᠬᠡᠯᠪᠡᠷᠢ ᠪᠠᠷ ᠪᠢᠴᠢᠳᠡᠭ ᠪᠤᠯᠪᠠᠴᠤ ᠬᠦᠨᠳᠦᠲᠠᠢ ᠬᠦᠮᠦᠨ ᠳᠤ ᠪᠢᠴᠢᠬᠦ ᠴᠢᠮᠡᠭᠡ ᠪᠢᠰᠢ ᠪᠤᠯ ᠬᠦᠮᠦᠰ ᠮᠡᠨᠳᠤᠴᠢᠯᠡᠭᠡ ᠶᠢ ᠲᠦᠭᠦᠮᠴᠢᠯᠡᠵᠦ ᠭᠠᠭᠴᠠ ᠦᠭᠦᠯᠡᠪᠦᠷᠢ ᠪᠠᠷ ᠲᠠᠭᠤᠰᠬᠠᠵᠦ ᠪᠠᠶᠢᠨ᠎ᠠ᠃ ᠤᠯᠠᠩᠬᠢ ᠳᠤ ᠪᠠᠨ ᠰᠢᠭᠤᠳ ᠯᠠ ᠤᠴᠢᠷ ᠢᠶᠠᠨ ᠲᠤᠭᠠᠴᠢᠳᠠᠭ ᠪᠠᠶᠢᠳᠠᠯ ᠤᠯᠠᠨ ᠬᠠᠷᠠᠭᠳᠠᠵᠤ ᠪᠠᠶᠢᠨ᠎ᠠ᠃ ᠡᠨᠡ‌ᠨᠢ ᠠᠵᠢᠯ ᠠᠮᠢᠳᠤᠷᠠᠯ ᠤᠨ ᠠᠶᠢᠵᠠᠮ ᠬᠤᠷᠳᠤᠨ ᠪᠤᠯᠤᠭᠰᠠᠨ ᠪᠠ ᠤᠯᠠᠮᠵᠢᠯᠠᠯᠲᠤ ᠰᠤᠶᠤᠯ‌‍ᠤᠨ ᠭᠡᠭᠡᠭᠳᠡᠵᠦ ᠪᠠᠶᠢᠬᠤ ᠵᠡᠷᠭᠡ ᠰᠢᠯᠳᠠᠭᠠᠨ ᠲᠠᠢ ᠬᠤᠯᠪᠤᠭᠠᠳᠠᠢ ᠪᠠᠶᠢᠨ᠎ᠠ᠃      ᠳᠤᠯᠤᠭ᠎ᠠ᠂ ᠮᠡᠨᠳᠦᠴᠢᠯᠡᠭᠡᠨ ᠤ ᠬᠡᠯᠡ ᠬᠡᠯᠡᠯᠭᠡ ᠶᠢᠨ ᠬᠡᠷᠡᠭᠯᠡᠭᠳᠡᠵᠦ ᠪᠠᠶᠢᠭ᠎ᠠ ᠪᠠᠶᠢᠳᠠᠯ      ᠮᠡᠨᠳᠦᠴᠢᠯᠡᠭᠡ ᠪᠤᠯ ᠵᠢᠷ ᠤᠨ ᠠᠰᠠᠭᠤᠯᠲᠠ ᠲᠡᠳᠦᠢ ᠪᠢᠰᠢ᠂ ᠠᠰᠠᠭᠤᠯᠲᠠ ᠪᠦᠬᠦᠨ ᠮᠡᠨᠳᠦᠴᠢᠯᠡᠭᠡ ᠪᠢᠰᠢ᠃ ᠬᠠᠷᠢᠨ ︽ᠰᠠᠶᠢᠨ ᠰᠠᠶᠢᠬᠠᠨ︾᠎ ᠢ ᠨᠢ ᠠᠰᠠᠭᠤᠳᠠᠭ ᠲᠤᠰᠬᠠᠢ ᠲᠦᠷᠦᠯ ᠤᠨ ᠠᠰᠠᠭᠤᠯᠲᠠ ᠮᠦᠨ᠃ ᠤᠳᠤ ᠨᠡᠶᠢᠳᠡᠮ ᠤᠨ ᠴᠢᠨᠠᠷᠲᠠᠢ ᠭᠠᠷᠴᠤ ᠪᠠᠶᠢᠭ᠎ᠠ ᠠᠯᠳᠠᠭ᠎ᠠ ᠪᠤᠯ ᠡᠨᠡᠬᠦ ᠰᠠᠶᠢᠨ ᠰᠠᠶᠢᠬᠠᠨ ᠢ ᠨᠢ ᠠᠰᠠᠭᠤᠳᠠᠭ ᠠᠰᠠᠭᠤᠯᠲᠠ ᠶᠢ ᠡᠩ ᠤᠨ ᠠᠰᠠᠭᠤᠯᠲᠠ ᠪᠠᠷ ᠤᠷᠤᠯᠠᠭᠤᠯᠵᠤ ᠬᠡᠷᠡᠭᠯᠡᠵᠦ ᠪᠠᠶᠢᠭ᠎ᠠ ᠪᠠᠶᠢᠳᠠᠯ ᠪᠤᠯᠤᠨ᠎ᠠ᠃      ᠤᠶᠢᠷ᠎ᠠ ᠶᠢᠨ ᠵᠢᠯ ᠤᠳ ᠤᠨ ᠬᠤᠲᠠᠴᠢᠯᠠᠯᠲᠠ ᠪᠠ ᠬᠡᠤᠬᠡᠳ ᠵᠠᠯᠠᠭᠤᠴᠤᠳ ᠳᠡᠩᠳᠡᠭᠦᠤ ᠪᠠᠭ᠎ᠠ ᠠᠴᠠ ᠪᠠᠨ ᠰᠤᠷᠭᠠᠭᠤᠯᠢ ᠳᠤ ᠶᠠᠪᠤᠵᠤ᠂ ᠤᠳᠠᠭᠠᠨ ᠵᠢᠯ ᠬᠤᠲᠠ ᠭᠠᠵᠠᠷ ᠲᠤ ᠪᠠᠶᠢᠭᠰᠠᠨ ᠵᠢᠴᠢ ᠶᠡᠭᠡ ᠳᠡᠭᠡᠳᠤ ᠰᠤᠷᠭᠠᠭᠤᠯᠢ ᠪᠠ ᠰᠤᠳᠤᠯᠬᠤ ᠤᠶᠤᠲᠠᠳ ᠤᠨ ᠶᠠᠬᠡᠩᠬᠢ ᠨᠢ ᠬᠢᠲᠠᠳ ᠬᠡᠯᠡ ᠪᠠᠷ ᠪᠤᠶᠤ ᠭᠠᠳᠠᠭᠠᠳᠤ ᠬᠡᠯᠡ ᠪᠠᠷ ᠬᠦᠮᠦᠵᠢᠯ ᠬᠦᠷᠲᠡᠵᠦ ᠪᠠᠶᠢᠭ᠎ᠠ ᠵᠡᠷᠭᠡ ᠰᠢᠯᠳᠠᠭᠠᠨ ᠠᠴᠠ ᠪᠤᠯᠵᠤ ᠡᠳᠦᠷ ᠲᠤᠲᠤᠮ ᠤᠨ ᠮᠡᠨᠳᠦᠴᠢᠯᠡᠭᠡ᠂ ᠤᠯᠠᠷᠢᠯ ᠤᠨ ᠮᠡᠨᠳᠤᠴᠢᠯᠡᠭᠡ᠂ ᠠᠵᠢᠯ ᠲᠦᠷᠦᠯ ᠤᠨ ᠮᠡᠨᠳᠤᠴᠢᠯᠡᠭᠡ᠂ ᠪᠠᠶᠠᠷ ᠶᠤᠰᠤᠯᠠᠯ ᠤᠨ ᠮᠡᠨᠳᠤᠴᠢᠯᠡᠭᠡ᠂ ᠢᠷᠤᠭᠡᠯᠲᠤ ᠮᠡᠨᠳᠤᠴᠢᠯᠡᠭᠡ᠂ ᠵᠠᠬᠢᠲᠠᠯ ᠤᠨ ᠮᠡᠨᠳᠤᠴᠢᠯᠡᠭᠡ ᠵᠡᠷᠭᠡ ᠶᠢ ᠵᠦᠪᠬᠡᠨ ᠨᠢᠳᠦᠨ ᠡᠮᠦᠨᠡᠬᠢ ᠪᠠᠶᠢᠳᠠᠯ ᠢ ᠠᠰᠠᠭᠤᠭᠰᠠᠨ ᠡᠩ ᠤᠨ ᠠᠰᠠᠭᠤᠯᠲᠠ ᠪᠠᠷ ᠤᠷᠤᠯᠠᠭᠤᠯᠬᠤ ᠦᠵᠡᠭᠳᠡᠯ ᠭᠠᠵᠠᠷ ᠠᠪᠴᠤ ᠪᠠᠶᠢᠨ᠎ᠠ᠃ ᠵᠢᠱᠢᠶᠡᠯᠡᠪᠡᠯ᠂ ᠦᠷᠯᠦᠭᠡ ᠡᠷᠲᠡ ᠲᠠᠮᠢᠷ ᠤᠨ ᠪᠤᠯᠪᠠᠰᠤᠷᠠᠯ ᠳᠤ ᠤᠷᠤᠯᠴᠠᠵᠤ ᠪᠠᠶᠢᠭ᠎ᠠ ᠬᠦᠮᠦᠨ ᠠᠴᠠ ᠲᠠᠮᠢᠷ ᠤᠨ ᠪᠤᠯᠪᠠᠰᠤᠷᠠᠯ ᠳᠤ ᠤᠷᠤᠯᠴᠠᠵᠤ ᠪᠠᠶᠢᠭ᠎ᠠ ᠶᠢ ᠨᠢ ᠦᠪᠠᠷ ᠢᠶᠠᠨ ᠦᠵᠡᠵᠦ ᠬᠠᠷᠠᠵᠤ ᠪᠠᠶᠢᠭᠠᠳ᠄ ︽ᠲᠠᠮᠢᠷ ᠬᠢᠵᠤ ᠪᠠᠶᠢᠨ᠎ᠠ ᠤᠤ︖︾᠂ ︽ᠪᠡᠶ᠎ᠡ ᠪᠠᠨ ᠪᠤᠯᠪᠠᠰᠤᠷᠠᠵᠤ ᠪᠠᠶᠢᠨ᠎ᠠ ᠤᠤ︖︾᠂ ︽ᠠᠯᠬᠤᠵᠤ ᠪᠠᠶᠢᠨ᠎ᠠ ᠤᠤ︖︾᠂ ︽ᠭᠦᠶᠦᠵᠦ ᠪᠠᠶᠢᠨ᠎ᠠ ᠤᠤ︖︾ ᠭᠡᠬᠦᠴᠢᠯᠡᠨ ᠠᠰᠠᠭᠤᠳᠠᠭ᠃ ᠠᠵᠢᠯ ᠳᠤ ᠪᠠᠨ ᠭᠠᠷᠬᠤ ᠪᠠᠷ ᠶᠠᠪᠤᠵᠤ ᠪᠠᠶᠢᠭ᠎ᠠ ᠬᠦᠮᠦᠨ ᠲᠠᠢ ᠠᠭᠤᠯᠵᠠᠴᠢᠬᠠᠭᠠᠳ᠄ ︽ᠠᠵᠢᠯᠯᠠᠬᠤ ᠪᠠᠷ ᠶᠠᠪᠤᠵᠤ ᠪᠠᠶᠢᠨ᠎ᠠ ᠤᠤ︖︾ ᠭᠡᠬᠦ︔ ᠰᠤᠷᠭᠠᠭᠤᠯᠢ ᠳᠤ ᠪᠠᠨ ᠤᠴᠢᠬᠤ ᠭᠡᠵᠦ ᠪᠠᠶᠢᠭ᠎ᠠ ᠶᠢ ᠨᠢ ᠮᠡᠳᠡᠵᠤ ᠪᠠᠶᠢᠭᠠᠳ᠄ ︽ᠰᠣᠷᠭᠠᠭᠤᠯᠢ ᠳᠤ ᠪᠠᠨ ᠶᠠᠪᠤᠵᠦ ᠪᠠᠶᠢᠨ᠎ᠠ ᠤᠤ︖︾᠂ ︽ᠬᠢᠴᠢᠶᠡᠯ ᠳᠤ ᠪᠠᠨ ᠶᠠᠪᠤᠵᠤ ᠪᠠᠶᠢᠨ᠎ᠠ ᠤᠤ︖︾ ᠭᠡᠬᠦ︔ ᠲᠡᠯᠭᠡᠭᠦᠷ ᠲᠤᠲᠤᠷ᠎ᠠ ᠲᠠᠭᠠᠷᠠᠴᠢᠬᠠᠭᠠᠳ ᠳᠡᠯᠭᠡᠭᠦᠷ ᠲᠤᠭᠤᠷᠢᠵᠤ ᠪᠠᠶᠢᠭ᠎ᠠ ᠶᠢ ᠨᠢ ᠬᠠᠷᠠᠵᠤ ᠪᠠᠶᠢᠭᠠᠳ᠄ ︽ᠳᠡᠯᠭᠡᠭᠦᠷ ᠲᠤᠭᠤᠷᠢᠵᠤ ᠪᠠᠶᠢᠨ᠎ᠠ ᠤᠤ︖︾᠂ ︽ᠬᠤᠪᠴᠠᠰᠤ ᠠᠪᠬᠤ ᠭᠡᠵᠦ  ᠪᠠᠶᠢᠨ᠎ᠠ ᠤᠤ ︖︾᠂ ︽ᠭᠠᠭᠴᠠᠭᠠᠷ ᠢᠶᠠᠨ ᠤᠤ︖︾᠂ ︽ᠬᠤᠪᠴᠠᠰᠤ ᠦᠵᠡᠵᠦ ᠪᠠᠶᠢᠨ᠎ᠠ ᠤᠤ︖︾ ᠭᠡᠬᠦ᠂ ᠵᠡᠭᠡᠯᠢ ᠳᠡᠭᠡᠷ᠎ᠡ ᠠᠭᠤᠯᠵᠠᠭᠰᠠᠨ ᠬᠦᠮᠦᠨ ᠠᠴᠠ᠄ ︽ᠵᠡᠭᠡᠯᠢ ᠳᠤ ᠭᠠᠷᠤᠨ᠎ᠠ ᠤᠤ︖︾᠂ ︽ᠵᠡᠭᠡᠯᠢ ᠲᠤᠭᠤᠷᠢᠵᠤ ᠪᠠᠶᠢᠨ᠎ᠠ ᠤᠤ︖︾ ᠭᠡᠬᠦ︔ ᠬᠡᠤᠬᠡᠳ‌‍ᠢᠶ᠋ᠠᠨ ᠰᠤᠷᠭᠠᠭᠤᠯᠢ ᠳᠤ ᠨᠢ ᠬᠦᠷᠭᠡᠵᠦ ᠪᠠᠶᠢᠭ᠎ᠠ ᠪᠤᠶᠤ ᠰᠤᠷᠭᠠᠭᠤᠯᠢ ᠠᠴᠠ ᠨᠢ ᠲᠤᠰᠤᠭᠠᠳ ᠪᠤᠴᠠᠵᠤ ᠶᠠᠪᠤᠭ᠎ᠠ ᠬᠦᠮᠤᠨ ᠲᠠᠢ ᠠᠭᠤᠯᠵᠠᠴᠢᠬᠠᠭᠠᠳ᠄ ︽ᠬᠡᠤᠬᠡᠳ ᠢᠶᠠᠨ ᠬᠦᠷᠭᠡᠭᠰᠡᠨ ᠶᠤᠮ ᠤᠤ  ︖︾᠂ ︽ᠬᠡᠤᠬᠡᠳ ᠢᠶᠠᠨ ᠲᠤᠰᠴᠤ ᠪᠠᠶᠢᠨ᠎ᠠ ᠤᠤ︖︾ ᠭᠡᠬᠦ︔ ᠠᠵᠢᠯ ᠤᠨ ᠭᠠᠵᠠᠷ ᠲᠤ ᠪᠠᠨ ᠠᠭᠤᠯᠵᠠᠴᠢᠬᠠᠭᠠᠳ ︽ᠶᠠᠭᠠᠷᠠᠤ ᠪᠠᠶᠢᠨ᠎ᠠ ᠤᠤ︖︾᠂ ︽ᠢᠷᠡᠴᠢᠬᠡᠪᠡ ᠤᠤ︖︾᠂ ︽ᠡᠷᠲᠡ ᠢᠷᠡᠵᠤ ᠰᠢᠳᠡ︕︾ ᠭᠡᠬᠦᠴᠢᠯᠡᠨ ᠠᠰᠠᠭᠤᠭᠰᠠᠨ ᠢᠶᠠᠨ ᠮᠡᠨᠳᠦᠴᠢᠯᠡᠵᠦ ᠪᠠᠶᠢᠭ᠎ᠠ ᠳᠤ ᠲᠤᠭᠠᠴᠢᠳᠠᠭ ᠪᠠᠶᠢᠨ᠎ᠠ᠃ ᠵᠠᠯᠠᠭᠤᠴᠤᠳ ᠪᠤᠯ᠄ ︽ᠤᠷᠴᠢᠮ ᠶᠠᠭᠤ ᠬᠢᠵᠤ ᠪᠠᠶᠢᠨ᠎ᠠ︖︾᠂ ︽ᠶᠠᠭᠤᠨ‌‍ᠳᠤ ᠶᠠᠭᠠᠷᠠᠵᠤ ᠪᠠᠶᠢᠨ᠎ᠠ ᠪᠤᠢ︖︾ ᠭᠡᠵᠤ ᠨᠡᠩ ᠴᠠᠭᠠᠰᠢᠯᠠᠪᠠᠯ᠄ ︽ᠪᠠᠶᠢᠳᠠᠯ ᠲᠠᠢ ᠤᠤ︖︾᠂ ︽ᠶᠠᠮᠠᠷ ᠪᠠᠶᠢᠳᠠᠯ ᠲᠠᠢ ᠪᠠᠶᠢᠨ᠎ᠠ︖︾ ᠭᠡᠵᠦ ᠠᠰᠠᠭᠤᠭᠰᠠᠨ ᠢᠶᠠᠨ ᠮᠠᠨᠳᠤᠴᠢᠯᠡᠭᠰᠡᠨ ᠭᠡᠵᠦ ᠪᠤᠳᠤᠵᠤ ᠪᠤᠢ᠃ ︽ᠪᠠᠰᠠ ᠴᠢ ᠠᠮᠢᠳᠤ ᠪᠠᠶᠢᠭ᠎ᠠ ᠶᠤᠮ ᠤᠤ︖︾᠂ ︽ᠦᠬᠦᠭᠡ ᠦᠭᠡᠢ ᠶᠤᠮ ᠤᠤ︖︾ ᠭᠡᠵᠤ ᠬᠠᠷᠢᠶᠠᠯᠴᠠᠨ ᠠᠭᠤᠯᠵᠠᠬᠤ ᠪᠠᠶᠢᠳᠠᠯ ᠴᠤ ᠬᠠᠶᠠ ᠬᠠᠷᠠᠭᠳᠠᠳᠠᠭ ᠨᠢ ᠬᠠᠴᠢᠷᠬᠠᠯᠲᠠᠢ᠃ ᠡᠨᠡ ᠨᠢ ᠠᠮᠢᠳᠤᠷᠠᠯ ᠤᠨ ᠠᠶᠢᠵᠠᠮ ᠶᠠᠭᠠᠷᠠᠤ᠂ ᠴᠠᠭ ᠠᠷᠪᠢᠯᠠᠵᠤ ᠪᠠᠶᠢᠭ᠎ᠠ ᠶᠤᠮ ᠰᠢᠭ ᠬᠠᠷᠠᠭᠳᠠᠪᠠᠴᠤ ᠦᠡᠨᠡ ᠳᠤ ᠪᠠᠨ ᠰᠤᠶᠤᠯ ᠢᠶᠠᠨ ᠮᠠᠷᠲᠠᠵᠤ ᠪᠠᠶᠢᠭ᠎ᠠ ᠶᠢᠨ ᠢᠯᠡᠷᠡᠯ ᠮᠦᠨ᠃      ᠮᠤᠩᠭᠤᠯᠴᠤᠳ ᠤᠨ ᠤᠯᠠᠮᠵᠢᠯᠠᠯᠲᠤ ᠰᠤᠶᠤᠯ ᠪᠤᠯ ᠨᠡᠭᠦᠳᠡᠯ ᠮᠠᠯᠵᠢᠯ ᠤᠨ ᠠᠵᠤ ᠠᠬᠤᠢ ᠪᠠᠷ ᠠᠴᠢᠶᠠᠯᠠᠪᠤᠷᠢ ᠪᠤᠯᠭᠠᠵᠤ ᠪᠠᠶᠢᠭᠰᠠᠨ ᠶᠤᠮ᠃ ᠤᠶᠢᠷ᠎ᠠ ᠶᠢᠨ ᠵᠢᠯ ᠳᠤ᠂ ᠶᠡᠭᠡ ᠪᠠᠷ ᠬᠤᠲᠠᠴᠢᠯᠠᠬᠤ ᠶᠠᠪᠤᠴᠠ ᠳᠤ ᠬᠤᠲᠠ ᠰᠠᠭᠤᠷᠢᠨ ᠤ ᠠᠮᠢᠳᠤᠷᠠᠯ ᠳᠤ ᠵᠤᠬᠢᠴᠠᠭᠰᠠᠨ ᠰᠢᠨ᠎ᠡ ᠬᠡᠯᠪᠡᠷᠢ ᠶᠢᠨ ᠮᠡᠨᠳᠦᠴᠢᠯᠡᠭᠡ ᠪᠤᠢ ᠪᠤᠯᠵᠤ ᠴᠢᠳᠠᠭᠰᠠᠨ ᠦᠭᠡᠢ᠃ ᠬᠠᠷᠢᠨ ᠪᠤᠰᠤᠳ ᠦᠨᠳᠦᠰᠦᠲᠡᠨ ᠤ ᠮᠡᠨᠳᠦᠴᠢᠯᠡᠭᠡ ᠶᠢᠨ ᠠᠷᠭ᠎ᠠ ᠬᠡᠯᠪᠡᠷᠢ ᠶᠢ ᠪᠦᠳᠦᠭᠦᠯᠢᠭ ᠢᠶᠠᠷ ᠤᠷᠴᠢᠭᠤᠯᠵᠤ ᠠᠪᠬᠤ᠂ ᠡᠰᠡᠭᠦᠯ᠎ᠡ ᠵᠢᠭᠡᠯᠡᠵᠦ ᠬᠡᠷᠡᠭᠯᠡᠬᠦ᠂ ᠬᠠᠷᠢ ᠬᠡᠯᠡ ᠪᠠᠷ ᠰᠡᠳᠬᠢᠵᠤ ᠦᠪᠡᠷ ᠤᠨ ᠬᠡᠯᠡᠨ ᠳᠡᠭᠡᠷ᠎ᠡ ᠤᠷᠴᠢᠭᠤᠯᠵᠤ ᠬᠡᠷᠡᠭᠯᠡᠬᠦ᠂ ᠡᠰᠡᠭᠦᠯ᠎ᠡ ᠨᠠᠶᠢᠵᠢ ᠬᠤᠭᠤᠷᠤᠨᠳᠤ ᠪᠠᠨ ᠯᠡ ᠬᠡᠷᠡᠭᠯᠡᠳᠡᠭ ᠵᠢᠵᠢᠭ ᠤᠷᠴᠢᠨ ᠤ ᠬᠡᠯᠡ ᠬᠡᠯᠡᠯᠭᠡ ᠤᠯᠠᠰᠢᠷᠠᠭᠰᠠᠨ ᠵᠡᠷᠭᠡ ᠰᠢᠯᠲᠠᠭᠠᠨ ᠠᠴᠠ ᠪᠤᠯᠵᠤ ᠡᠶᠢᠮᠦᠷᠬᠦᠤ ᠮᠡᠨᠳᠦᠴᠢᠯᠡᠭᠡ ᠪᠢᠰᠢ ᠪᠦᠳᠦᠭᠦᠯᠢᠭ ᠮᠠᠶ᠋ᠢᠭ ᠤᠨ ᠬᠠᠷᠢᠯᠴᠠᠬᠤ ᠠᠷᠭ᠎ᠠ ᠤᠳ ᠳᠡᠯᠭᠡᠷᠡᠵᠤ ᠡᠬᠢᠯᠡᠭᠰᠡᠨ ᠪᠠᠶᠢᠨ᠎ᠠ᠃ ᠡᠨᠡ ᠨᠢ ᠤᠯᠠᠮᠵᠢᠯᠠᠯᠳᠦ ᠰᠤᠶᠤᠯ ᠤᠨ ᠢᠷᠡᠭᠡᠳᠦᠢ ᠶᠢ ᠨᠦᠯᠦᠭᠡᠯᠡᠬᠦ ᠠᠶᠤᠯ ᠲᠠᠢ ᠪᠠᠶᠢᠨ᠎ᠠ᠃      ᠲᠡᠭᠡᠷ᠎ᠡ ᠦᠭᠦᠯᠡᠭᠰᠡᠨ ᠪᠠᠶᠢᠳᠠᠯ ᠤᠳ ᠨᠢ ᠬᠡᠳᠦ᠋ᠢᠪᠡᠷ ᠪᠦᠷᠢᠨ ᠭᠦᠢᠴᠡᠳ ᠰᠤᠳᠤᠯᠭ᠎ᠠ ᠪᠤᠯᠵᠣ ᠴᠢᠳᠠᠭ᠎ᠠ ᠦᠭᠡᠢ ᠭᠡᠳᠡᠭ ᠪᠤᠯᠪᠠᠴᠦ ᠮᠠᠨ ᠤ ᠦᠨᠳᠤᠰᠤᠲᠡᠨ ᠤ ᠤᠯᠠᠮᠵᠢᠯᠠᠯᠳᠦ ᠮᠡᠨᠳᠤᠴᠢᠯᠡᠭᠡᠨ‌‍ᠤ ᠬᠡᠯᠡ ᠬᠡᠯᠡᠯᠭᠡ ᠨᠢ ᠪᠤᠳᠠᠳᠦ ᠬᠡᠷᠡᠭᠯᠡᠭᠡᠨ ᠠᠴᠠ ᠬᠤᠯᠠᠳᠴᠤ ᠮᠠᠷᠲᠠᠭᠳᠠᠵᠤ ᠪᠠᠶᠢᠭ᠎ᠠ ᠪᠠ ᠪᠤᠷᠤᠭᠤ ᠬᠡᠷᠡᠭᠯᠡᠭᠳᠡᠬᠦ ᠨᠢ ᠤᠯᠠᠰᠢᠷᠠᠵᠤ ᠪᠠᠶᠢᠭ᠎ᠠ ᠪᠠᠶᠢᠳᠠᠯ ᠢ ᠨᠢᠭᠡᠨ ᠬᠡᠮᠵᠢᠶᠡᠨ ᠳᠤ ᠬᠠᠷᠠᠭᠤᠯᠵᠤ ᠴᠢᠳᠠᠬᠤ ᠶᠤᠮ᠃ ᠡᠭᠦᠨ ᠠᠴᠠ ᠭᠠᠳᠠᠨ᠎ᠠ ᠪᠠᠰᠠ ᠬᠢᠲᠠᠳ ᠬᠡᠯᠡᠨ ᠤ ᠬᠡᠷᠡᠭᠯᠡᠭᠡ ᠶᠡᠬᠡᠰᠦᠭᠰᠡᠨ ᠠᠴᠠ ᠬᠢᠲᠠᠳ ᠬᠡᠯᠡ ᠪᠠᠷ ᠮᠡᠨᠳᠤᠴᠢᠯᠡᠬᠦ ᠦᠵᠡᠭᠳᠡᠯ ᠴᠦ ᠨᠡᠯᠢᠶᠡᠳ ᠨᠡᠮᠡᠭᠳᠡᠵᠦ ᠪᠠᠶᠢᠨ᠎ᠠ ᠭᠡᠳᠡᠭ ᠢ ᠭᠡᠯᠡᠭᠦ ᠶᠤᠰᠤᠳᠠᠢ᠃ ᠡᠨᠡ ᠦᠵᠡᠭᠳᠡᠯ ᠨᠢ ᠮᠤᠩᠭᠤᠯ ᠬᠡᠯᠡᠨ ᠤ ᠮᠡᠨᠳᠤᠴᠢᠯᠡᠭᠡᠨ ᠤ ᠬᠡᠯᠡ ᠬᠡᠯᠡᠯᠭᠡ ᠳᠤ ᠮᠠᠰᠢ ᠶᠡᠭᠡ ᠨᠦᠯᠦᠭᠡ ᠪᠤᠯᠵᠦ ᠪᠠᠶᠢᠨ᠎ᠠ᠃ ᠭᠡᠪᠡᠴᠦ ᠲᠤᠰ ᠦᠭᠦᠯᠡᠯ ᠪᠤᠯ ᠬᠠᠮᠤᠭ ᠤᠨ ᠡᠩ ᠤᠨ ᠪᠦᠭᠡᠳ ᠨᠡᠯᠢᠶᠡᠳ ᠲᠦᠭᠡᠮᠡᠯ ᠴᠢᠨᠠᠷᠲᠠᠢ ᠬᠡᠷᠡᠭᠯᠡᠭᠳᠡᠬᠦ ᠬᠡᠯᠡ ᠬᠡᠯᠡᠯᠭᠡ ᠳᠤ ᠬᠢᠵᠠᠭᠠᠷᠯᠠᠭᠳᠠᠭᠰᠠᠨ ᠰᠤᠳᠤᠯᠤᠯ ᠪᠤᠯᠬᠤᠷ ᠲᠡᠷᠡ ᠪᠦᠬᠦᠨ ᠢ ᠬᠠᠮᠤᠷᠴᠤ ᠴᠢᠳᠠᠭᠰᠠᠨ ᠦᠭᠡᠢ ᠭᠡᠳᠡᠭ ᠨᠢ ᠮᠡᠳᠡᠭᠡᠵᠢ᠃ ᠪᠤᠳᠠᠳᠤ ᠪᠠᠶᠢᠳᠠᠯ ᠢ ᠨᠢᠭᠳᠠᠯᠠᠪᠠᠯ ᠡᠯ᠎ᠡ ᠭᠠᠵᠠᠷ ᠤᠨ  ᠬᠡᠷᠡᠭᠯᠡᠵᠦ ᠵᠠᠩᠰᠢᠭᠰᠠᠨ ᠬᠡᠯᠡᠯᠬᠡ᠂ ᠡᠯ᠎ᠡ ᠠᠮᠠᠨ ᠠᠶᠠᠯᠭᠤᠨ ᠳᠤ ᠨᠡᠩ ᠢᠯᠡᠭᠦᠤ ᠬᠠᠶᠠᠭᠳᠠᠵᠤ ᠭᠡᠭᠡᠭᠳᠡᠭᠰᠡᠨ ᠵᠦᠢᠯ ᠪᠠ ᠬᠤᠪᠢᠷᠠᠵᠤ ᠤᠨᠳᠤᠤᠰᠢᠵᠦ᠂ ᠪᠤᠷᠤᠭᠤᠳᠠᠵᠤ ᠪᠠᠶᠢᠭ᠎ᠠ ᠪᠠᠶᠢᠳᠠᠯ ᠬᠦᠨᠳᠤ ᠨᠤᠴᠢᠳᠠᠢ ᠪᠣᠯᠵᠦ ᠪᠠᠶᠢᠭ᠎ᠠ ᠨᠢ ᠲᠠᠮᠵᠢᠭ ᠦᠭᠡᠢ ᠶᠤᠮ᠃ ᠵᠠᠯᠠᠭᠤ ᠨᠢᠭᠡ ᠦᠶ᠎ᠡ ᠶᠢᠨ ᠬᠢᠨ ᠦᠨᠳᠦᠰᠦᠲᠡᠨ ᠤ ᠬᠠᠷᠢᠭᠤᠴᠠᠯᠭᠠᠲᠤ ᠰᠡᠳᠬᠢᠯᠭᠡ ᠪᠠᠷ ᠮᠡᠨᠳᠦᠴᠢᠯᠡᠭᠡᠨ‌‍ᠤ ᠬᠡᠯᠡ ᠬᠡᠯᠡᠯᠭᠡ ᠪᠠᠨ ᠪᠦᠷᠢᠨ ᠪᠦᠲᠦᠨ ᠵᠦᠪ ᠰᠠᠶᠢᠬᠠᠨ ᠦᠪᠯᠡᠵᠦ ᠬᠡᠷᠡᠭᠯᠡᠬᠦ ᠵᠠᠶᠢᠯᠠᠰᠢ ᠦᠭᠡᠢ ᠡᠭᠦᠷᠭᠡ ᠲᠠᠢ ᠭᠡᠳᠡᠭ ᠢ ᠰᠠᠨᠠᠵᠤ ᠶᠠᠪᠤᠶ᠎ᠠ᠃      ※ ᠲᠠᠭᠠᠯᠳᠤᠭᠤᠯᠤᠯ      ᠰᠤᠷᠪᠤᠯᠵᠢᠯᠠᠭ᠎ᠠ᠄      1. ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤᠨ ᠤ ᠤᠯᠠᠨᠪᠤᠯᠠᠭ ᠰᠤᠮᠤᠨ ᠤ ᠲᠦᠭᠦᠮ ᠭᠠᠴᠠᠭ᠎ᠠ ᠶᠢᠨ ᠮᠠᠯᠴᠢᠨ ᠯᠢᠩᠬᠸ᠎ᠠ ︵ᠡᠮᠡᠭᠲᠡᠢ︶᠂ 72 ᠨᠠᠰᠤᠳᠠᠢ᠃      2. ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤᠨ ᠤ ᠤᠯᠠᠨᠪᠤᠯᠠᠭ ᠰᠤᠮᠤᠨ ᠤ ᠲᠦᠭᠦᠮ ᠭᠠᠴᠠᠭ᠎ᠠ ᠶᠢᠨ ᠮᠠᠯᠴᠢᠨ ᠪᠠᠳᠥ ︵ᠡᠷᠡᠭᠲᠡᠢ︶᠂ 72 ᠨᠠᠰᠤᠳᠠᠢ᠃      3. ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠥᠬᠡ ᠬᠤᠰᠢᠭᠤᠨ ᠤ ᠱᠠᠩᠳᠦ ᠶᠢᠨ ᠭᠤᠤᠯ ᠪᠠᠯᠭᠠᠰᠤᠨ ᠤ ᠪᠠᠶᠠᠩᠭᠤᠤᠯ ᠭᠠᠴᠠᠭ᠎ᠠ ᠶᠢᠨ ᠮᠠᠯᠴᠢᠨ ᠬᠦᠷᠡᠯᠡᠢ ︵ᠡᠮᠡᠭᠲᠡᠢ︶᠂ 74 ᠨᠠᠰᠤᠳᠠᠢ᠃      4. ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠥᠬᠡ ᠬᠤᠰᠢᠭᠤᠨ ᠤ ᠰᠠᠩ ᠤᠨ ᠲᠠᠯᠠᠢ ᠪᠠᠯᠭᠠᠰᠤᠨ ᠤ ᠮᠤᠩᠭᠤᠯ ᠦᠨᠳᠤᠰᠤᠳᠡᠨ ᠤ ᠪᠠᠭ᠎ᠠ ᠰᠤᠷᠭᠠᠭᠤᠯᠢ ᠶᠢᠨ ᠪᠠᠭᠰᠢ ᠦᠯᠵᠡᠶᠢᠪᠡᠶᠠᠷ ︵ᠡᠷᠡᠭᠲᠡᠢ︶᠂ 46 ᠨᠠᠰᠤᠳᠠᠢ᠃      5. ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠥᠬᠡ ᠬᠤᠰᠢᠭᠤᠨ ᠤ ᠮᠤᠩᠭᠤᠯ ᠦᠨᠳᠤᠰᠤᠳᠡᠨ ᠤ ᠪᠠᠭ᠎ᠠ ᠰᠤᠷᠭᠠᠭᠤᠯᠢ ᠶᠢᠨ ᠪᠠᠭᠰᠢ ᠤᠯᠠᠭᠠᠨᠴᠡᠴᠡᠭ ︵ᠡᠮᠡᠭᠲᠡᠢ︶᠂ 46 ᠨᠠᠰᠤᠳᠠᠢ᠃      6. ᠠᠯᠠᠱᠠ ᠠᠶᠢᠮᠠᠭ ᠤᠨ ︽ᠠᠭᠠᠷᠤ︾ ᠮᠤᠩᠭᠤᠯ ᠡᠮᠨᠡᠯᠭᠡ ᠶᠢᠨ ᠬᠤᠷᠢᠶ᠎ᠠ ᠶᠢᠨ ᠡᠮᠴᠢ ᠳᠠᠯᠠᠨᠪᠠᠶᠠᠷ ︵ᠡᠷᠡᠭᠲᠡᠢ︶᠂ 49 ᠨᠠᠰᠤᠲᠠᠢ᠃      7. ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤᠨ ᠤ ᠴᠤᠭᠲᠤᠬᠦ᠋ᠷᠢᠶ᠎ᠡ ᠰᠤᠮᠤᠨ ᠤ ᠡᠮᠨᠡᠯᠭᠡ ᠶᠢᠨ ᠬᠤᠷᠢᠶ᠎ᠠ ᠶᠢᠨ ᠡᠮᠴᠢ ᠬᠤᠸᠠᠷ ︵ᠡᠮᠡᠭᠲᠡᠢ︶᠂ 48 ᠨᠠᠰᠤᠲᠠᠢ᠃      ᠯᠠᠪᠯᠠᠯᠳᠠ ᠪᠤᠯᠭᠠᠭᠰᠠᠨ ᠨᠣᠮ᠄      1. ︽ᠮᠣᠩᠭᠤᠯ ᠠᠷᠠᠳ ᠤᠨ ᠬᠦᠨᠳᠤᠯᠡᠬᠦ᠂ ᠮᠡᠨᠳᠤᠯᠡᠬᠦ᠂ ᠲᠠᠯᠠᠷᠬᠠᠬᠤ ᠶᠤᠰᠤ︾᠂ ᠮᠣᠩᠭᠤᠯ ᠤᠯᠣᠰ᠂ ᠽ᠊ · ᠤᠳᠪᠠᠭᠮᠠᠳ ︵ᠳ᠋᠊ · ᠳ᠋ᠠᠷᠵᠠ ᠶᠢᠨ ᠬᠦᠷᠪᠡᠭᠦᠯᠭᠡ︶᠂ ︵ᠳ᠋᠊ · ᠰᠦᠬᠡᠪᠠᠭᠠᠳᠤᠷ ᠤᠨ ᠦᠢᠯᠡ ᠠᠮᠢᠳᠤᠷᠠᠯ ᠲᠠᠢ ᠬᠤᠯᠪᠤᠭᠳᠠᠬᠤ ᠪᠠᠷᠢᠮᠲᠠᠲᠤ ᠮᠠᠲ᠋ᠧᠷᠢᠶᠠᠯ ᠤᠨ ᠡᠮᠬᠢᠳᠭᠡᠯ᠂ 1964 ᠤᠨ᠂ ᠭᠤᠴᠢᠨ ᠨᠠᠢᠮᠠᠳᠤᠭᠠᠷ ᠲᠠᠯ᠎ᠠ︶᠂ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂ 1986.7᠃      2. ︽ᠬᠠᠮᠤᠭ ᠤᠨ ᠡᠷᠬᠢᠮ ᠶᠤᠰᠤᠨ︾᠂ ᠬ᠊ · ᠨᠢᠮᠪᠤᠤ᠂ ᠤᠯᠠᠭᠠᠨᠪᠠᠭᠠᠲᠤᠷ᠂ 1991 ᠤᠨ᠃      3. ︽ᠮᠤᠩᠭᠤᠯ ᠬᠡᠯᠡᠨ ᠤ ᠬᠦᠨᠳᠦᠳᠭᠡᠯ ᠤᠨ ᠦᠭᠡ︾᠂ ᠷ᠊ · ᠵᠠᠭᠪᠠᠷᠠᠯ᠂ ᠤᠯᠠᠭᠠᠨᠪᠠᠭᠠᠲᠤᠷ᠂ 1974 ᠤᠨ᠃                ᠬᠠᠶ᠋ᠢᠬ᠄ ᠬᠦᠬᠡᠬᠤᠲᠠ ᠦᠨᠳᠦᠰᠦᠲᠡᠨ ᠤ ᠳᠡᠭᠡᠳᠦ ᠰᠤᠷᠭᠠᠭᠤᠯᠢ                            ︵ᠲᠤ᠋ · ᠦᠯᠵᠡᠶᠢᠰᠠᠩ ᠨᠠᠶᠢᠷᠠᠭᠤᠯᠪᠠ︶                            2019 ᠣᠨ ᠤ 4 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号