ᠨᠠᠮᠨᠠᠩ | | | ᠮᠡᠨᠳᠤᠴᠢᠯᠡᠭᠡ ᠪᠤᠯ ᠲᠦᠭᠡᠮᠡᠯ ᠪᠠᠶᠢᠳᠠᠭ ᠵᠠᠩ ᠦᠢᠯᠡ ᠶᠢᠨ ᠨᠢᠭᠡᠨ ᠵᠦᠢᠯ ᠪᠤᠯᠬᠤ ᠶᠤᠮ᠃ ᠮᠡᠨᠳᠤᠴᠢᠯᠡᠳᠡᠭ | ᠦᠭᠡᠢ ᠦᠨᠳᠤᠰᠤᠳᠡᠨ ᠭᠡᠵᠦ ᠪᠠᠶᠢᠳᠠᠭ ᠦᠭᠡᠢ᠃ ᠮᠡᠨᠳᠤᠴᠢᠯᠡᠭᠡᠨ ᠤ ᠰᠤᠶᠤᠯ ᠪᠤᠯ ᠨᠢᠭᠡᠨ ᠦᠨᠳᠤᠰᠤᠳᠡᠨ ᠤ | ᠤᠷᠤᠰᠢᠨ ᠠᠮᠢᠳᠤᠷᠠᠵᠦ ᠪᠠᠶᠢᠭ᠎ᠠ ᠪᠠᠶᠢᠭᠠᠯᠢ ᠶᠢᠨ ᠤᠷᠴᠢᠨ ᠠᠬᠤᠢ ᠪᠠ ᠡᠨᠡᠬᠦ ᠪᠠᠶᠢᠭᠠᠯᠢ ᠶᠢᠨ ᠤᠷᠴᠢᠨ ᠠᠬᠤᠢ ᠳᠤ | ᠵᠤᠬᠢᠴᠠᠭᠰᠠᠨ ᠠᠵᠦ ᠠᠬᠤᠢ ᠶᠢᠨ ᠬᠡᠯᠪᠡᠷᠢ ᠪᠤᠯᠤᠨ ᠨᠡᠶᠢᠭᠡᠮ ᠤᠨ ᠠᠮᠢᠳᠤᠷᠠᠯ ᠤᠨ ᠬᠡᠯᠪᠡᠷᠢ ᠠᠴᠠ ᠡᠭᠦᠰᠴᠦ᠂ ᠮᠦᠨ | ᠴᠦ ᠡᠨᠡᠬᠦ ᠠᠵᠦ ᠠᠬᠤᠢ ᠶᠢᠨ ᠬᠡᠯᠪᠡᠷᠢ ᠪᠤᠯᠤᠨ ᠨᠡᠶᠢᠭᠡᠮ ᠤᠨ ᠠᠮᠢᠳᠤᠷᠠᠯ ᠤᠨ ᠬᠡᠯᠪᠡᠷᠢ ᠪᠠᠷ ᠠᠴᠢᠶᠠᠯᠠᠪᠦᠷᠢ ᠪᠤᠯᠭᠠᠵᠦ | ᠤᠷᠤᠰᠢᠳᠠᠭ ᠪᠢᠯᠡ᠃ ᠡᠶᠢᠮᠦ ᠤᠴᠢᠷ ᠠᠴᠠ ᠠᠵᠦ ᠠᠬᠤᠢ ᠶᠢᠨ ᠬᠡᠯᠪᠡᠷᠢ ᠪᠤᠯᠤᠨ ᠠᠮᠢᠳᠤᠷᠠᠯ ᠤᠨ ᠬᠡᠯᠪᠡᠷᠢ ᠶᠢᠨ | ᠬᠤᠪᠢᠷᠠᠬᠤ ᠶᠢ ᠲᠠᠭᠠᠯᠳᠤᠨ ᠮᠠᠨᠳᠤᠴᠢᠯᠡᠭᠡᠨ ᠴᠦ ᠬᠤᠪᠢᠷᠠᠵᠤ ᠪᠠᠶᠢᠳᠠᠭ ᠶᠤᠮ᠃ ᠲᠤᠤᠷ᠎ᠠ ᠣᠶᠢᠷᠠᠶᠢᠨ 30~40 | ᠵᠢᠯ ᠳᠤ ᠬᠢ ᠦᠪᠦᠷ ᠮᠣᠩᠭᠤᠯᠴᠤᠳ ᠤᠨ ᠠᠵᠦ ᠠᠬᠤᠢ ᠶᠢᠨ ᠬᠡᠯᠪᠡᠷᠢ ᠶᠢᠨ ᠬᠤᠪᠢᠷᠠᠯᠳᠠ ᠪᠠ ᠠᠮᠢᠳᠤᠷᠠᠯ ᠤᠨ ᠠᠷᠭ᠎ᠠ | ᠬᠡᠯᠪᠡᠷᠢ ᠶᠢᠨ ᠬᠤᠪᠢᠷᠠᠯᠳᠠ ᠨᠢ ᠮᠡᠨᠳᠤᠴᠢᠯᠡᠭᠡᠨ ᠤ ᠬᠡᠯᠡ ᠬᠡᠯᠡᠯᠭᠡ ᠳᠤ ᠶᠠᠮᠠᠷ ᠬᠤᠪᠢᠷᠠᠯᠲᠠ ᠠᠪᠴᠢᠷᠠᠭᠰᠠᠨ ᠲᠤᠬᠠᠢ | ᠲᠤᠷᠰᠢᠨ ᠦᠭᠦᠯᠡᠶ᠎ᠡ᠃ | ᠮᠡᠨᠳᠤᠴᠢᠯᠡᠭᠡᠨ ᠤ ᠦᠭᠡ ᠬᠡᠯᠡᠯᠭᠡ ᠨᠢ ᠶᠠᠮᠠᠷ ᠴᠦ ᠦᠨᠳᠤᠰᠤᠳᠡᠨ᠂ ᠶᠠᠮᠠᠷ ᠴᠦ ᠬᠡᠯᠡᠨ ᠳᠤ ᠪᠦᠷ ᠪᠠᠶᠢᠳᠠᠭ᠃ | ᠡᠭᠦᠨ ᠢ ᠨᠡᠶᠢᠳᠡᠮ ᠤᠨ ᠤᠨᠴᠠᠯᠢᠭ ᠭᠡᠵᠦ ᠣᠶᠢᠯᠠᠭᠠᠪᠠᠯ ᠵᠤᠬᠢᠨ᠎ᠠ᠃ ᠭᠡᠪᠡᠴᠦ ᠦᠨᠳᠤᠰᠤᠳᠡᠨ ᠪᠦᠬᠦᠨ ᠤ | ᠮᠡᠨᠳᠤᠴᠢᠯᠡᠭᠡ ᠨᠢ ᠠᠳᠠᠯᠢ ᠪᠤᠰᠤ ᠪᠠᠶᠢᠵᠤ᠂ ᠦᠪᠡᠷ ᠦᠪᠡᠷ ᠤᠨ ᠤᠨᠴᠠᠯᠢᠭ ᠰᠢᠨᠵᠢ ᠲᠠᠢ᠃ ᠮᠡᠨᠳᠤᠴᠢᠯᠡᠭᠡᠨ ᠤ | ᠰᠤᠶᠤᠯ ᠤᠨ ᠤᠨᠴᠠᠯᠢᠭ ᠪᠠ ᠢᠯᠭᠠᠭ᠎ᠠ ᠵᠦᠷᠢᠶᠡᠨᠢ ᠭᠤᠤᠯᠳᠠᠭᠤ ᠲᠡᠭᠦᠨ ᠤ ᠬᠡᠷᠡᠭᠯᠡᠬᠦ ᠬᠡᠯᠡ ᠬᠡᠯᠡᠯᠭᠡ ᠲᠡᠭᠡᠷ᠎ᠡ | ᠢᠯᠡᠷᠡᠵᠦ ᠪᠠᠶᠢᠳᠠᠭ᠃ ᠮᠤᠩᠭᠤᠯ ᠦᠨᠳᠤᠰᠤᠳᠡᠨ ᠪᠤᠯ ᠤᠷᠲᠦ ᠤᠳᠠᠭᠠᠨ ᠭᠢᠯᠠᠯᠵᠠᠭᠰᠠᠨ ᠲᠡᠤᠬᠡ ᠰᠤᠶᠤᠯ ᠲᠠᠢ | ᠦᠨᠳᠤᠰᠤᠳᠡᠨ ᠪᠤᠯᠬᠤᠷ ᠭᠡᠯᠡ ᠨᠢ ᠲᠦᠢᠯ ᠤᠨ ᠪᠠᠶᠠᠯᠢᠬ ᠪᠠᠶᠢᠳᠠᠬ᠃ | ᠮᠤᠩᠭᠤᠯ ᠦᠨᠳᠤᠰᠤᠳᠡᠨ ᠤ ᠮᠡᠨᠳᠤᠴᠢᠯᠡᠭᠡᠨ ᠤ ᠲᠦᠷᠦᠯ ᠵᠦᠢᠯ ᠳᠤ ᠡᠳᠦᠷ ᠲᠤᠳᠤᠮ ᠤᠨ ᠮᠡᠨᠳᠤᠴᠢᠯᠡᠭᠡ᠂ | ᠣᠯᠠᠷᠢᠯ ᠤᠨ ᠮᠡᠨᠳᠤᠴᠢᠯᠡᠭᠡ᠂ ᠠᠵᠢᠯ ᠲᠦᠷᠦᠯ ᠤᠨ ᠮᠡᠨᠳᠦᠴᠢᠯᠡᠭᠡ᠂ ᠪᠠᠶᠠᠷ ᠶᠤᠰᠤᠯᠠᠯ ᠤᠨ ᠮᠡᠨᠳᠤᠴᠢᠯᠡᠭᠡ᠂ | ᠢᠷᠦᠭᠡᠯᠲᠤ ᠮᠡᠨᠳᠤᠴᠢᠯᠡᠭᠡ ᠭᠡᠬᠦ ᠮᠡᠳᠤ ᠤᠯᠠᠨ ᠵᠦᠢᠯ ᠪᠠᠶᠢᠳᠠᠭ᠃ | ᠨᠢᠭᠡ᠂ ᠡᠳᠦᠷ ᠲᠤᠳᠤᠮ ᠤᠨ ᠮᠡᠨᠳᠦᠴᠢᠯᠡᠭᠡ | ᠬᠦᠮᠤᠰ ᠠᠯᠢᠪᠠ ᠬᠡᠯᠡ ᠶᠢ ᠰᠤᠷᠬᠤ ᠳᠤ ᠮᠡᠨᠳᠤᠴᠢᠯᠡᠭᠡ ᠠᠴᠠ ᠡᠬᠢᠯᠡᠵᠦ ᠰᠤᠷᠳᠠᠭ ᠲᠠᠢ ᠠᠳᠠᠯᠢᠬᠠᠨ ᠠᠯᠢᠪᠠ | ᠬᠡᠯᠡ ᠨᠢ ᠬᠢᠮᠤᠷᠠᠯ ᠳᠤ ᠤᠴᠠᠷᠠᠬᠤ ᠳᠤ ᠪᠠᠨ ᠮᠡᠨᠳᠤᠴᠢᠯᠡᠭᠡᠨ ᠤ ᠦᠬᠡ ᠬᠡᠯᠡᠯᠬᠡ ᠠᠴᠠ ᠡᠬᠢᠯᠡᠳᠡᠭ ᠪᠠᠶᠢᠵᠦ ᠴᠦ ᠮᠠᠭᠠᠳ | ᠦᠭᠡᠢ᠃ | ᠮᠣᠩᠭᠤᠯᠴᠤᠳ ᠡᠬᠢᠯᠡᠵᠦ ᠮᠡᠨᠳᠤᠴᠢᠯᠡᠬᠦ ᠳᠤ ᠪᠠᠨ ᠡᠳᠦᠷ ᠲᠤᠳᠤᠮ ᠤᠨ ᠮᠡᠨᠳᠤᠴᠢᠯᠡᠭᠡᠨ ᠠᠴᠠ ᠡᠬᠢᠯᠡᠳᠡᠭ᠃ | ᠦᠪᠦᠷ ᠮᠤᠩᠭᠤᠯ ᠤᠨ ᠤᠯᠠᠩᠬᠢ ᠭᠠᠵᠠᠷ ᠨᠤᠳᠤᠭ ᠲᠤ ᠨᠢᠭᠡ ᠬᠦᠮᠤᠨ ᠲᠠᠢ ᠠᠭᠤᠯᠵᠠᠬᠤ ᠳᠤ᠄ ︽ᠲᠠ ᠰᠠᠶᠢᠨ | ᠪᠠᠶᠢᠨ᠎ᠠ ᠤᠤ︖︾ ᠭᠡᠵᠦ ᠮᠡᠨᠳᠤᠴᠢᠯᠡᠭᠡᠳ᠂ ᠤᠯᠠᠨ ᠬᠦᠮᠤᠨ ᠲᠠᠢ ᠠᠭᠤᠯᠵᠠᠬᠤ ᠳᠤ ᠪᠠᠨ᠄ ︽ᠲᠠᠶᠠᠭᠠᠷ ᠢᠶᠠᠨ | ᠰᠠᠶᠢᠨ ᠪᠠᠶᠢᠵᠠᠭᠠᠨ᠎ᠠ ᠤᠤ︖︾ ᠭᠡᠵᠦ ᠮᠡᠨᠳᠤᠴᠢᠯᠡᠳᠡᠭ᠃ ᠪᠤᠰᠤᠳ ᠤᠨ ᠮᠡᠨᠳᠤᠴᠢᠯᠡᠭᠡ ᠶᠢᠨ ᠬᠠᠷᠢᠭᠤ ᠳᠤ ᠭᠡᠯᠡᠭᠦ | ᠮᠠᠨᠳᠤᠴᠢᠯᠡᠭᠡ ᠶᠢ ᠬᠠᠷᠢᠭᠤ ᠮᠡᠨᠳᠤᠴᠢᠯᠡᠭᠡ ᠭᠡᠨ᠎ᠡ᠃ ︽ᠲᠠ ᠰᠠᠶᠢᠨ ᠪᠠᠶᠢᠨ᠎ᠠ ᠤᠤ︖︾᠂ ︽ᠲᠠᠶᠠᠭᠠᠷ ᠢᠶᠠᠨ | ᠰᠠᠶᠢᠨ ᠪᠠᠶᠢᠵᠠᠭᠠᠨ᠎ᠠ ᠤᠤ︖︾ ᠭᠡᠵᠦ ᠮᠡᠨᠳᠦᠴᠢᠯᠡᠬᠦ ᠳᠤ ︽ᠰᠠᠶᠢᠨ ᠰᠠᠶᠢᠨ᠂ ᠲᠠ ᠰᠠᠶᠢᠨ ᠤᠤ︖︾ ᠭᠡᠳᠡᠭ ᠨᠢ | ᠬᠠᠷᠢᠭᠤ ᠮᠡᠨᠳᠤᠴᠢᠯᠡᠭᠡ ᠪᠤᠯᠬᠤ ᠶᠤᠮ᠃ ᠡᠭᠦᠨ ᠳᠤ ᠮᠡᠨᠳᠤᠴᠢᠯᠡᠭᠡᠨ ᠨᠢ ᠵᠠᠪᠠᠯ ︽ᠲᠠ︾ ᠭᠡᠬᠦ ᠪᠤᠶᠤ ︽ᠲᠠᠶᠠᠭᠠᠷ︾ | ᠭᠡᠬᠦ ᠦᠭᠦᠯᠡᠪᠦᠷᠢ ᠶᠢᠨ ᠡᠵᠡᠨ ᠪᠡᠶ᠎ᠡ ᠶᠢ ᠲᠤᠳᠤᠷᠬᠠᠢ ᠦᠭᠦᠯᠡᠳᠡᠭ ᠪᠠᠶᠢᠬᠤ ᠶᠤᠰᠤᠳᠠᠢ ᠪᠤᠯ ᠤᠳᠤ ᠬᠠᠷᠢᠨ ᠡᠨᠡᠬᠦ ︽ | ᠲᠠ︾ ᠪᠤᠶᠤ ︽ᠲᠠᠶᠠᠭᠠᠷ︾ ᠭᠡᠬᠦ ᠦᠭᠡ ᠨᠢ ᠪᠦᠷᠢᠮᠦᠰᠦᠨ ᠬᠠᠶᠠᠭᠳᠠᠵᠤ ᠪᠠᠶᠢᠨ᠎ᠠ᠃ ᠤᠯᠠᠩᠬᠢ ᠬᠦᠮᠤᠰ ᠪᠦᠷ ᠯᠡ | ︽ᠰᠠᠶᠢᠨ ᠤᠤ︖︾ ᠭᠡᠬᠦ ᠡᠵᠡᠨ ᠪᠡᠶ᠎ᠡ ᠦᠭᠡᠢ ᠦᠭᠦᠯᠡᠪᠦᠷᠢ ᠪᠠᠷ ᠪᠠᠷᠠᠭᠠᠴᠢᠬᠠᠳᠠᠭ ᠪᠠᠶᠢᠨ᠎ᠠ᠃ ᠢᠩᠬᠢᠵᠦ ᠬᠡᠨ ᠳᠤ | ᠬᠡᠯᠡᠵᠦ ᠪᠠᠶᠢᠭ᠎ᠠ ᠨᠢ ᠲᠤᠳᠤᠷᠬᠠᠢ ᠦᠭᠡᠢ ᠬᠡᠷᠡᠭᠯᠡᠭᠳᠡᠬᠦ ᠪᠤᠯᠵᠠᠢ᠃ ᠨᠡᠩ ᠴᠦ ᠬᠠᠷᠢᠭᠤ ᠮᠡᠨᠳᠤᠴᠢᠯᠡᠭᠡ ᠳᠤ ︽ᠰᠠᠶᠢᠨ | ᠰᠠᠶᠢᠨ︾ ᠭᠡᠬᠦ ᠬᠠᠷᠢᠭᠤᠯᠲᠠ ᠶᠢ ᠪᠦᠷᠢᠮᠦᠰᠤᠨ ᠮᠠᠷᠲᠠᠵᠦ ᠬᠡᠷᠡᠭᠯᠡᠬᠦ ᠪᠠᠨ ᠪᠤᠯᠢᠴᠢᠬᠠᠵᠠᠢ᠃ ᠵᠦᠪᠬᠡᠨ ᠬᠠᠷᠢᠯᠴᠠᠨ᠄ ︽ | ᠰᠠᠶᠢᠨ ᠪᠠᠶᠢᠨ᠎ᠠ ᠤᠤ︖︾ ᠭᠡᠵᠦ ᠮᠡᠨᠳᠤᠴᠢᠯᠡᠬᠦ ᠲᠡᠳᠦᠢ ᠪᠤᠯᠵᠦ ᠪᠠᠶᠢᠨ᠎ᠠ᠃ ᠤᠷᠤᠨ ᠨᠤᠳᠤᠭ ᠤᠨ ᠵᠦᠷᠢᠶ᠎ᠡ ᠠᠴᠠ | ᠪᠤᠯᠵᠦ ᠵᠠᠷᠢᠮ ᠨᠤᠳᠤᠭ ᠲᠤ᠄ ︽ᠲᠠ ᠠᠮᠤᠷᠬᠠᠨ ᠰᠠᠶᠢᠨ ᠪᠠᠶᠢᠨ᠎ᠠ ᠤᠤ︖︾᠂ ︽ᠲᠠᠶᠠᠭᠠᠷ ᠠᠮᠤᠷᠬᠠᠨ ᠰᠠᠶᠢᠨ | ᠪᠠᠶᠢᠨ᠎ᠠ ᠤᠤ︖︾ ᠭᠡᠵᠦ ᠮᠡᠨᠳᠣᠴᠢᠯᠡᠳᠡᠭ᠃ ᠪᠠᠰᠠ ᠵᠠᠷᠢᠮ ᠨᠤᠳᠤᠭ ᠲᠤ᠄ ︽ᠲᠠᠨ ᠤ ᠠᠮᠤᠷ ᠢ ᠡᠷᠢᠶ᠎ᠡ︕︾᠂ | ︽ᠲᠠᠶᠠᠭᠠᠷ ᠤᠨ ᠠᠮᠤᠷ ᠢ ᠡᠷᠢᠶ᠎ᠡ︕︾ ᠭᠡᠵᠦ ᠠᠳᠠᠯᠢ ᠪᠤᠰᠤ ᠮᠡᠨᠳᠤᠴᠢᠯᠡᠳᠡᠭ ᠪᠤᠯᠪᠠᠴᠦ ᠤᠳᠤ ︽ᠲᠠ︾ ᠪᠤᠶᠤ | ︽ᠲᠠᠶᠠᠭᠠᠷ︾ ᠨᠢ ᠭᠡᠭᠡᠭᠳᠡᠭᠰᠡᠨ ᠢᠶᠠᠷ ᠪᠠᠷᠠᠬᠤ ᠦᠭᠡᠢ᠂ ︽ᠠᠮᠤᠷᠬᠠᠨ ᠰᠠᠶᠢᠨ ᠪᠠᠶᠢᠨ᠎ᠠ ᠤᠤ︖︾᠂ ︽ᠠᠮᠤᠷ | ᠰᠠᠶᠢᠨ ᠪᠠᠶᠢᠨ᠎ᠠ ᠤᠤ︖︾ ᠭᠡᠳᠡᠭ ᠤᠨ ᠬᠠᠷᠢᠭᠤ ᠮᠠᠨᠳᠤᠴᠢᠯᠡᠭᠡ ︽ᠰᠠᠶᠢᠨ ᠪᠠᠶᠢᠨ᠎ᠠ︾᠂ ︽ᠠᠮᠤᠷ ᠪᠠᠶᠢᠨ᠎ᠠ︾ | ᠭᠡᠳᠡᠭ ᠨᠢ ᠴᠦ ᠤᠮᠳᠤᠭᠠᠶᠢᠯᠠᠭᠳᠠᠵᠤ᠂ ᠵᠦᠪᠬᠡᠨ ᠬᠠᠷᠢᠯᠴᠠᠨ ᠬᠠᠷᠢᠭᠤ ᠦᠭᠡᠢ ᠮᠡᠨᠳᠤᠴᠢᠯᠡᠳᠡᠭ ᠪᠤᠯᠤᠭᠰᠠᠨ ᠪᠠᠶᠢᠨ᠎ᠠ᠃ | | ᠡᠭᠦᠨ ᠠᠴᠠ ᠭᠠᠳᠠᠨ᠎ᠠ ᠠᠬᠠᠮᠠᠳ ᠲᠤᠮᠤᠭᠠᠲᠠᠳ ᠪᠤᠶᠤ ᠬᠤᠨᠤᠭ ᠤᠨ ᠭᠡᠶᠢᠴᠢᠨ ᠳᠤ ᠪᠠᠨ ᠦᠷᠯᠦᠭᠡ ᠨᠢ᠄ ︽ | ᠲᠠ ᠲᠠᠪᠠᠲᠠᠢ ᠨᠦᠢᠷᠰᠤᠪᠠ ᠤᠤ︖︾᠂ ︽ᠲᠠ ᠰᠠᠶᠢᠬᠠᠨ ᠠᠮᠠᠷᠠᠪᠠ ᠤᠤ︖︾᠂ ︽ᠲᠠ ᠲᠠᠪᠠᠲᠠᠢ ᠠᠮᠠᠷᠠᠭᠰᠠᠨ | ᠤᠤ︖︾᠂ ︽ᠲᠠ ᠰᠠᠶᠢᠬᠠᠨ ᠵᠡᠭᠦᠳᠦ ᠮᠠᠨᠠᠪᠠ ᠤᠤ︖︾ ᠭᠡᠬᠦ ᠮᠡᠳᠦᠴᠢᠯᠡᠨ ᠮᠡᠨᠳᠦᠴᠢᠯᠡᠵᠦ᠂ ᠡᠳᠦᠷ ᠨᠢ᠄ ︽ | ᠲᠠᠨ ᠳᠤ ᠡᠳᠦᠷ ᠤᠨ ᠠᠮᠤᠭᠤᠯᠠᠩ ᠢ ᠠᠶᠢᠯᠠᠳᠬᠠᠶ᠎ᠠ︾᠂ ︽ᠲᠠ ᠲᠠᠪᠠᠲᠠᠢ ᠰᠠᠭᠠᠳᠠᠵᠤ ᠪᠠᠶᠢᠨ᠎ᠠ ᠤᠤ︖︾᠂ | ᠤᠷᠤᠢ ᠨᠢ᠄ ︽ᠲᠠ ᠲᠠᠪᠠᠲᠠᠢ ᠠᠮᠠᠷᠠᠭᠠᠷᠠᠢ︾᠂ ︽ᠲᠠ ᠰᠠᠶᠢᠬᠠᠨ ᠨᠦᠢᠷᠰᠤᠭᠠᠷᠠᠢ︾᠂ ︽ᠲᠠ ᠰᠠᠶᠢᠬᠠᠨ ᠵᠡᠭᠦᠳᠦ | ᠮᠠᠨᠠᠭᠠᠷᠠᠢ︾᠂ ︽ᠲᠠᠨ ᠤ ᠦᠳᠡᠰᠢ ᠶᠢᠨ ᠠᠮᠤᠭᠤᠯᠠᠩ ᠢ ᠠᠶᠢᠯᠠᠳᠬᠠᠶ᠎ᠠ︾ ᠭᠡᠬᠦ ᠮᠡᠳᠦᠴᠢᠯᠡᠨ ᠬᠡᠯᠡᠳᠡᠭ᠃ ᠤᠳᠤ | ᠮᠤᠩᠭᠤᠯᠴᠤᠳ ᠤᠨ ᠡᠳᠦᠷ ᠤᠨ ᠭᠤᠷᠪᠠᠨ ᠮᠡᠨᠳᠤᠴᠢᠯᠡᠭᠡ ᠨᠢ ᠪᠠᠷᠤᠭ ᠮᠠᠷᠳᠠᠭᠳᠠᠬᠤ ᠰᠢᠬᠠᠭᠰᠠᠨ ᠪᠠᠶᠢᠨ᠎ᠠ᠃ ᠡᠭᠦᠨ ᠤ | ᠦᠨᠳᠤᠰᠤᠨ ᠰᠢᠯᠳᠠᠭᠠᠨ ᠨᠢ ᠬᠢᠲᠠᠳ ᠬᠡᠯᠡᠨ ᠤ ᠮᠡᠨᠳᠤᠴᠢᠯᠡᠭᠡᠨ ᠤ ᠶᠤᠰᠤᠨ ᠤ ᠵᠠᠩᠰᠢᠯ ᠳᠤ ᠨᠦᠯᠦᠭᠡᠯᠡᠭᠳᠡᠭᠰᠡᠨ ᠲᠠᠢ | ᠬᠤᠯᠪᠤᠭ᠎ᠠ ᠲᠠᠢ ᠪᠠᠶᠢᠵᠤ ᠮᠡᠳᠡᠨ᠎ᠡ᠃ ᠤᠴᠢᠷ ᠨᠢ ᠬᠢᠲᠠᠳ ᠬᠡᠯᠡᠨ ᠤ ᠮᠡᠨᠳᠤᠴᠢᠯᠡᠭᠡᠨ ᠤ ᠦᠭᠡ ᠦᠭᠦᠯᠡᠪᠦᠷᠢ ᠪᠤᠯ | ᠠᠩᠬᠠᠷᠤᠭᠤᠯᠬᠤ ᠦᠭᠦᠯᠡᠪᠦᠷᠢ ᠪᠠᠶᠢᠵᠦ᠂ ᠬᠠᠷᠢᠭᠤᠯᠬᠤ ᠶᠢ ᠱᠠᠭᠠᠷᠲᠠᠳᠠᠭ ᠦᠭᠡᠢ ᠶᠤᠮ᠃ ᠵᠢᠱᠢᠶ᠎ᠡ ᠨᠢ᠄ ︽你好 | ︕︾ ᠭᠡᠬᠦ ᠨᠢ ᠠᠩᠬᠠᠷᠤᠭᠤᠯᠬᠤ ᠦᠭᠦᠯᠡᠪᠦᠷᠢ ᠪᠠᠶᠢᠵᠦ ᠶᠠᠮᠠᠷᠴᠦ ᠠᠰᠠᠭᠤᠯᠳᠠ ᠪᠢᠰᠢ ᠪᠠᠶᠢᠳᠠᠭ ᠲᠤᠯᠠ | ᠬᠠᠷᠢᠭᠤᠯᠬᠤ ᠴᠢᠬᠤᠯᠠ ᠦᠭᠡᠢ᠃ ᠬᠠᠷᠢᠭᠤ ᠳᠤ ᠨᠢ ᠪᠠᠰᠠ ᠯᠠ ︽你好︕︾ ᠭᠡᠳᠡᠭ᠃ ᠬᠠᠷᠢᠨ ᠮᠤᠩᠭᠤᠯ | ᠬᠡᠯᠡᠨ ᠤ ᠮᠡᠨᠳᠤᠴᠢᠯᠡᠭᠡᠨ ᠪᠤᠯ ︽ᠲᠠ ᠰᠠᠶᠢᠨ ᠪᠠᠶᠢᠨ᠎ᠠ ᠤᠤ︖︾ ᠭᠡᠬᠦ ᠠᠰᠠᠭᠤᠬᠤ ᠰᠤᠯᠠ ᠦᠭᠡ ᠪᠠᠷ ᠲᠡᠭᠦᠰᠴᠦ | ᠪᠠᠶᠢᠳᠠᠭ ᠲᠤᠯᠠ ᠬᠠᠷᠢᠭᠤ ᠱᠠᠭᠠᠷᠲᠠᠭᠳᠠᠨᠠ᠃ | ᠬᠤᠶᠠᠷ᠂ ᠤᠯᠠᠷᠢᠯ ᠤᠨ ᠮᠡᠨᠳᠦᠴᠢᠯᠡᠭᠡ | ᠤᠯᠠᠷᠢᠯ ᠤᠨ ᠮᠡᠨᠳᠤᠴᠢᠯᠡᠭᠡ ᠪᠤᠯ ᠮᠤᠩᠭᠤᠯᠴᠤᠳ ᠤᠨ ᠨᠡᠯᠢᠶᠡᠳ ᠦᠪᠡᠷᠮᠢᠴᠡ ᠤᠨᠴᠠᠯᠢᠭ ᠲᠠᠢ ᠮᠡᠨᠳᠤᠴᠢᠯᠡᠭᠡ | ᠪᠤᠯᠬᠤ ᠶᠤᠮ᠃ ᠡᠨᠡ ᠨᠢ ᠮᠤᠩᠭᠤᠯᠴᠤᠳ ᠤᠨ ᠤᠯᠠᠮᠵᠢᠯᠠᠯᠳᠦ ᠨᠡᠭᠦᠳᠡᠯ ᠮᠠᠯ ᠠᠵᠦ ᠠᠬᠤᠢ ᠶᠢᠨ ᠤᠨᠴᠠᠯᠢᠭ ᠲᠠᠢ | ᠬᠤᠯᠪᠤᠭᠳᠠᠨ᠎ᠠ᠃ ᠮᠤᠩᠭᠤᠯᠴᠤᠳ ᠤᠨ ᠤᠯᠠᠮᠵᠢᠯᠠᠯᠳᠦ ᠨᠡᠭᠦᠳᠡᠯ ᠠᠵᠦ ᠠᠬᠤᠢ ᠨᠢ ᠵᠦᠪᠬᠡᠨ ᠤᠰᠤᠨ ᠤ ᠲᠤᠩᠭᠠᠯᠠᠭ᠂ | ᠡᠪᠡᠰᠦᠨ ᠤ ᠰᠤᠷᠭᠤᠭ ᠢ ᠡᠷᠢᠨ ᠳᠤᠷ᠎ᠠ ᠪᠠᠷ ᠢᠶᠠᠨ ᠨᠡᠭᠦᠳᠡᠯᠯᠡᠳᠡᠭ ᠪᠢᠰᠢ᠂ ᠲᠡᠭᠦᠨ ᠳᠤ ᠨᠡᠭᠦᠵᠦ ᠪᠠᠭᠤᠬᠤ ᠶᠢᠨ | ᠤᠯᠠᠷᠢᠯ ᠤᠨ ᠴᠢᠨᠠᠷᠲᠠᠢ ᠵᠠᠩ ᠵᠢᠷᠤᠮᠵᠢᠯ ᠪᠠ ᠵᠢᠮ᠎ᠡ ᠶᠤᠰᠤ ᠲᠠᠢ ᠪᠠᠶᠢᠳᠠᠭ᠃ ᠤᠯᠠᠷᠢᠯ ᠢ ᠲᠠᠭᠠᠵᠦ | ᠨᠡᠭᠦᠳᠡᠯᠯᠡᠳᠡᠭ ᠠᠴᠠ ᠪᠤᠯᠵᠦ ᠤᠷᠤᠨ ᠰᠠᠭᠤᠴᠠ ᠨᠢ ᠴᠦᠮ ᠠᠳᠠᠯᠢ ᠪᠤᠰᠤ ᠪᠠᠶᠢᠳᠠᠭ᠃ ᠵᠤᠨ ᠤᠰᠤᠨ ᠤ ᠤᠷᠤᠰᠬᠠᠯ | ᠭᠤᠤ ᠰᠤᠪᠠᠭ ᠠᠴᠠ ᠵᠤᠬᠢᠬᠤ ᠵᠠᠶᠢᠳᠠᠭᠤ᠂ ᠰᠡᠷᠢᠭᠦᠭᠡᠨ ᠰᠠᠯᠬᠢ ᠨᠡᠪᠳᠡᠷᠡᠬᠦ ᠵᠠᠳᠠᠭᠠᠢ ᠭᠠᠵᠠᠷ ᠢ ᠡᠷᠢᠵᠦ ᠶᠠᠪᠤᠳᠠᠭ ᠪᠠ | ᠡᠪᠦᠯ ᠪᠤᠯᠪᠠᠯ ᠲᠤᠯᠠᠭᠠᠬᠠᠨ᠂ ᠨᠦᠮᠦᠷᠢ ᠶᠡᠬᠡᠳᠡᠢ᠂ ᠡᠪᠡᠰᠤ ᠰᠠᠬᠤᠯᠢᠬ ᠠᠮᠠᠷᠬᠠᠨ ᠴᠠᠰᠤᠨ ᠳᠤ ᠳᠠᠷᠤᠭᠳᠠᠬᠤ ᠦᠭᠡᠢ | ᠦᠨᠳᠤᠷ ᠰᠢᠭ ᠭᠠᠵᠠᠷ ᠪᠠᠶᠢᠬᠤ ᠶᠢ ᠱᠠᠭᠠᠷᠳᠠᠳᠠᠭ᠃ ᠬᠠᠪᠤᠷᠨᠢ ᠨᠦᠭᠡᠴᠡ ᠡᠪᠡᠰᠦ ᠰᠠᠶᠢᠳᠠᠢ ᠪᠠ ᠲᠥᠯ ᠲᠤᠰᠬᠤ ᠳᠤ | ᠲᠤᠬᠢᠷᠠᠭᠰᠠᠨ ᠭᠠᠵᠠᠷ ᠢ ᠰᠤᠩᠭᠤᠳᠠᠭ᠃ ᠨᠠᠮᠤᠷ ᠪᠤᠯᠪᠠᠯ ᠡᠪᠦᠯ ᠬᠠᠪᠤᠷ ᠤᠨ ᠨᠤᠳᠤᠭ ᠢᠶᠠᠨ ᠰᠤᠩᠭᠤᠨ | ᠲᠤᠭᠳᠠᠭᠠᠭᠰᠠᠨ ᠤ ᠳᠠᠷᠠᠭ᠎ᠠ ᠵᠤᠬᠢᠬᠤ ᠬᠡᠮᠵᠢᠶᠡᠨ ᠤ ᠡᠪᠡᠰᠦᠨ ᠤ ᠨᠦᠭᠡᠴᠡ ᠠᠪᠴᠦ ᠪᠤᠯᠬᠤ ᠭᠠᠵᠠᠷ ᠢ ᠰᠤᠩᠭᠤᠬᠤ | ᠬᠡᠷᠡᠭᠳᠡᠢ ᠪᠠᠶᠢᠳᠠᠭ᠃ ᠡᠭᠦᠨ ᠳᠤ ᠡᠪᠦᠯ ᠪᠤᠯ ᠤᠷᠤᠨ ᠰᠠᠭᠤᠴᠠ ᠬᠤᠷᠢᠶ᠎ᠠ ᠬᠠᠰᠢᠶ᠎ᠠ ᠡᠪᠯᠢᠭ᠂ ᠲᠤᠬᠢᠯᠢᠬ ᠲᠤᠯᠠᠭᠠᠬᠠᠨ | ᠪᠠᠶᠢᠬᠤ ᠬᠡᠷᠡᠭᠳᠡᠢ᠃ ᠵᠤᠨ ᠪᠤᠯ ᠲᠦᠭᠦᠮ ᠠᠪᠰᠠᠷ ᠨᠡᠭᠦᠵᠦ ᠪᠠᠭᠤᠬᠤ ᠳᠤ ᠠᠮᠠᠷᠬᠠᠨ᠂ ᠠᠴᠢᠶ᠎ᠠ ᠬᠦᠰᠭᠡ ᠪᠠᠭ᠎ᠠ᠂ | ᠬᠦᠳᠡᠯᠵᠦ ᠶᠠᠪᠤᠬᠤ ᠳᠤ ᠠᠰᠢᠭᠳᠠᠢ ᠪᠠᠶᠢᠪᠠᠯ ᠪᠣᠯᠴᠢᠬᠠᠳᠠᠭ᠃ ᠵᠣᠨ ᠤ ᠤᠯᠠᠷᠢᠯ ᠳᠤ ᠲᠡᠶᠢᠮᠦ ᠤᠯᠠᠨ ᠦᠢᠯᠡᠳᠪᠦᠷᠢᠯᠡᠯ | ᠠᠮᠢᠳᠤᠷᠠᠯ ᠤᠨ ᠬᠡᠷᠡᠭᠰᠡᠯ ᠬᠡᠷᠡᠭᠰᠡᠬᠦ ᠦᠭᠡᠢ᠂ ᠬᠠᠷᠢᠨ ᠰᠦ ᠰᠠᠭᠠᠯᠢ ᠶᠢᠨ ᠰᠠᠪᠠ ᠰᠠᠭᠤᠯᠭ᠎ᠠ ᠨᠡᠯᠢᠶᠡᠳ ᠪᠦᠷᠢᠨ | ᠪᠠᠶᠢᠬᠤ ᠬᠡᠷᠡᠭᠳᠡᠢ᠃ ᠡᠳᠡᠭᠡᠷ ᠠᠳᠠᠯᠢ ᠪᠤᠰᠤ ᠤᠨᠴᠠᠯᠢᠭᠡᠴᠠ ᠪᠤᠯᠵᠦ ᠬᠦᠮᠤᠰ ᠤᠨ ᠤᠯᠠᠷᠢᠯ ᠪᠤᠯᠭᠠᠨ ᠳᠤ ᠰᠠᠭᠤᠬᠤ | ᠤᠷᠤᠨ ᠰᠠᠭᠤᠴᠠ᠂ ᠬᠢᠬᠦ ᠠᠵᠢᠯ ᠲᠦᠷᠦᠯ ᠨᠢ ᠴᠦ ᠢᠯᠭᠠᠭ᠎ᠠ ᠵᠦᠷᠢᠶ᠎ᠡ ᠲᠠᠢ ᠪᠠᠶᠢᠳᠠᠭ᠃ ᠢᠡᠭᠬᠢᠭᠡᠳ ᠬᠠᠪᠤᠷᠵᠢᠶ᠎ᠠ᠂ | ᠵᠤᠰᠠᠯᠠᠩ᠂ ᠨᠠᠮᠤᠷᠵᠢᠶ᠎ᠠ᠂ ᠡᠪᠦᠯᠵᠢᠶ᠎ᠡ ᠭᠡᠬᠦ ᠮᠡᠳᠤᠴᠢᠯᠡᠨ ᠲᠤᠰᠬᠠᠢ ᠤᠨᠤᠭᠠᠭᠰᠠᠨ ᠨᠡᠷ᠎ᠡ ᠦᠭᠡ ᠭᠠᠷᠴᠤ ᠢᠷᠡᠵᠡᠢ᠃ | ᠲᠡᠭᠡᠷ᠎ᠡ ᠲᠤᠷᠠᠳᠤᠭᠰᠠᠨ ᠤᠨᠴᠠᠯᠢᠭ ᠠᠴᠠ ᠪᠤᠯᠵᠦ᠂ ᠤᠯᠠᠷᠢᠯ ᠪᠤᠯᠭᠠᠨ ᠤ ᠮᠡᠨᠳᠤᠴᠢᠯᠡᠭᠡ ᠨᠢ ᠠᠳᠠᠯᠢ ᠪᠤᠰᠤ | ᠪᠤᠯᠳᠠᠭ᠃ ᠡᠭᠦᠨ ᠳᠤ ᠬᠠᠪᠤᠷ ᠮᠠᠯᠴᠢᠳ ᠲᠠᠢ᠄ ︽ᠲᠠᠨ ᠤ ᠬᠢ ᠲᠠᠪᠠᠲᠠᠢ ᠰᠠᠶᠢᠬᠠᠨ ᠬᠠᠪᠤᠷᠵᠢᠵᠤ ᠪᠠᠶᠢᠨ᠎ᠠ ᠤᠤ︖ | ︾᠂ ︽ᠲᠠᠷᠭᠤᠨ ᠰᠠᠶᠢᠬᠠᠨ ᠬᠠᠪᠤᠷᠵᠢᠵᠤ ᠪᠠᠶᠢᠨ᠎ᠠ ᠤᠤ︖︾᠂ ︽ᠮᠠᠯ ᠲᠦᠯ ᠮᠡᠨᠳᠦ ᠪᠤᠶᠢᠵᠢᠵᠤ ᠪᠠᠶᠢᠨ᠎ᠠ ᠤᠤ︖ | ︾᠂ ︽ᠬᠤᠷ᠎ᠠ ᠪᠤᠷᠤᠭ᠎ᠠ ᠡᠯᠪᠡᠭᠰᠢᠵᠦ᠂ ᠨᠤᠭᠤᠭ᠎ᠠ ᠰᠠᠶᠢᠨ ᠤᠷᠭᠤᠵᠤ᠂ ᠰᠦᠷᠦᠭ ᠲᠠᠷᠭᠤᠯᠠᠵᠤ ᠪᠠᠶᠢᠨ᠎ᠠ ᠤᠤ︖ | ︾᠂ ︽ᠲᠠᠨ ᠤ ᠬᠢ ᠰᠠᠶᠢᠬᠠᠨ ᠬᠠᠪᠤᠷᠵᠢᠵᠦ ᠪᠠᠶᠢᠨ᠎ᠠ ᠤᠤ︖︾ ᠭᠡᠳᠡᠭ᠃ ᠵᠤᠨ ᠪᠤᠯ᠄ ︽ᠲᠠᠪᠠᠲᠠᠢ ᠰᠠᠶᠢᠬᠠᠨ | ᠵᠤᠰᠠᠵᠤ ᠪᠠᠶᠢᠨ᠎ᠠ ᠤᠤ︖︾᠂ ︽ᠰᠠᠶᠢᠬᠠᠨ ᠵᠤᠨ ᠪᠤᠯᠵᠤ ᠪᠠᠶᠢᠨ᠎ᠠ ᠤᠤ︖︾᠂ ︽ᠲᠠᠪᠠᠲᠠᠢ ᠵᠤᠰᠠᠵᠤ ᠮᠠᠯ ᠶᠡᠭᠡ | ᠲᠠᠷᠭᠤ ᠠᠪᠴᠤ ᠪᠠᠶᠢᠨ᠎ᠠ ᠤᠤ︖︾᠂ ︽ᠭᠠᠵᠠᠷ ᠤᠨ ᠭᠠᠷᠴᠠ᠂ ᠮᠠᠯ ᠤᠨ ᠲᠠᠷᠭᠤ ᠬᠦᠴᠦ ᠰᠠᠶᠢᠨ ᠪᠠᠶᠢᠨ᠎ᠠ ᠤᠤ︖ | ︾᠂ ︽ᠬᠤᠷ᠎ᠠ ᠪᠤᠷᠤᠭ᠎ᠠ ᠡᠯᠪᠡᠭᠰᠢᠵᠦ ᠪᠠᠶᠢᠨ᠎ᠠ ᠤᠤ︖︾ ᠭᠡᠵᠦ ᠮᠡᠨᠳᠦᠴᠢᠯᠡᠳᠡᠭ᠃ ᠨᠠᠮᠤᠷ ᠪᠤᠯ ︽ᠲᠠᠪᠠᠲᠠᠢ | ᠰᠠᠶᠢᠬᠠᠨ ᠨᠠᠮᠤᠷᠵᠢᠵᠤ ᠪᠠᠶᠢᠨ᠎ᠠ ᠤᠤ︖︾᠂ ︽ᠮᠠᠯ ᠤᠨ ᠲᠠᠷᠭᠤ ᠬᠦᠴᠦ ᠨᠠᠮᠡᠭᠳᠡᠵᠦ ᠪᠠᠶᠢᠨ᠎ᠠ ᠤᠤ︖︾᠂ ︽ | ᠡᠪᠡᠰᠦ ᠬᠠᠳᠤᠯᠠᠩ ᠰᠢᠮᠡᠳᠦ ᠲᠡᠵᠢᠭᠡᠯ ᠶᠡᠭᠡ ᠪᠡᠯᠡᠳᠭᠡᠪᠡ ᠤᠤ︖︾ ᠭᠡᠵᠦ ᠮᠡᠨᠳᠦᠴᠢᠯᠡᠳᠡᠭ᠃ ᠡᠪᠦᠯ ᠪᠤᠯ ︽ | ᠲᠠᠷᠭᠤᠨ ᠰᠠᠶᠢᠬᠠᠨ ᠡᠪᠦᠯᠵᠢᠵᠦ ᠪᠠᠶᠢᠨ᠎ᠠ ᠤᠤ︖︾᠂ ︽ᠦᠩ ᠲᠠᠢ ᠰᠠᠶᠢᠬᠠᠨ ᠡᠪᠦᠯᠵᠢᠵᠤ ᠪᠠᠶᠢᠨ᠎ᠠ ᠤᠤ︖︾᠂ | ︽ᠡᠪᠦᠯᠵᠢᠶ᠎ᠡ ᠪᠠᠭᠤᠴᠠ ᠲᠠᠪᠠᠲᠠᠢ᠂ ᠡᠪᠡᠰᠦ ᠲᠤᠭᠤᠰᠤ ᠡᠯᠪᠡᠭ᠂ ᠲᠠᠷᠭᠤᠨ ᠰᠠᠶᠢᠬᠠᠨ ᠡᠪᠦᠯᠵᠢᠵᠦ ᠪᠠᠶᠢᠨ᠎ᠠ ᠤᠤ︖ | ︾ ᠭᠡᠵᠦ ᠮᠡᠨᠳᠦᠴᠢᠯᠡᠳᠡᠭ᠃ ᠵᠢᠱᠢᠶ᠎ᠡ᠄ | — ᠲᠠ ᠰᠠᠶᠢᠬᠠᠨ ᠵᠤᠰᠠᠵᠦ ᠪᠠᠶᠢᠨ᠎ᠠ ᠤᠤ︖ ︵ᠮᠡᠨᠳᠦᠴᠢᠯᠡᠭᠡ︶ | — ᠰᠠᠶᠢᠬᠠᠨ ᠵᠤᠰᠠᠵᠦ ᠪᠠᠶᠢᠨ᠎ᠠ᠃ ᠲᠠᠨ ᠤ ᠬᠢᠨ ᠰᠠᠶᠢᠬᠠᠨ ᠵᠤᠰᠠᠵᠤ ᠪᠠᠶᠢᠨ᠎ᠠ ᠤᠤ︖ ︵ᠬᠠᠷᠢᠭᠤ | ᠮᠡᠨᠳᠦᠴᠢᠯᠡᠭᠡ︶ | — ᠲᠠ ᠰᠠᠶᠢᠬᠠᠨ ᠨᠠᠮᠤᠷᠵᠢᠵᠦ ᠪᠠᠶᠢᠨ᠎ᠠ ᠤᠤ︖ ︵ᠮᠡᠨᠳᠦᠴᠢᠯᠡᠭᠡ︶ | — ᠰᠠᠶᠢᠬᠠᠨ ᠨᠠᠮᠤᠷᠵᠢᠵᠦ ᠪᠠᠶᠢᠨ᠎ᠠ᠃ ᠲᠠᠨ ᠤ ᠬᠢᠨ ᠰᠠᠶᠢᠬᠠᠨ ᠨᠠᠮᠤᠷᠵᠢᠵᠦ ᠪᠠᠶᠢᠨ᠎ᠠ ᠤᠤ︖ ︵ᠬᠠᠷᠢᠭᠤ | ᠮᠡᠨᠳᠦᠴᠢᠯᠡᠭᠡ︶ | — ᠲᠠ ᠰᠠᠶᠢᠬᠠᠨ ᠡᠪᠦᠯᠵᠢᠵᠦ ᠪᠠᠶᠢᠨ᠎ᠠ ᠤᠤ︖ ︵ᠮᠡᠨᠳᠦᠴᠢᠯᠡᠭᠡ︶ | — ᠰᠠᠶᠢᠬᠠᠨ ᠡᠪᠦᠯᠵᠢᠵᠦ ᠪᠠᠶᠢᠨ᠎ᠠ᠃ ᠲᠠᠨ ᠤ ᠬᠢᠨ ᠰᠠᠶᠢᠬᠠᠨ ᠡᠪᠦᠯᠵᠢᠵᠦ ᠪᠠᠶᠢᠨ᠎ᠠ ᠤᠤ︖ ︵ᠬᠠᠷᠢᠭᠤ | ᠮᠡᠨᠳᠦᠴᠢᠯᠡᠭᠡ︶ | — ᠲᠠ ᠰᠠᠶᠢᠬᠠᠨ ᠬᠠᠪᠤᠷᠵᠢᠵᠦ ᠪᠠᠶᠢᠨ᠎ᠠ ᠤᠤ︖ ︵ᠮᠡᠨᠳᠦᠴᠢᠯᠡᠭᠡ︶ | — ᠰᠠᠶᠢᠬᠠᠨ ᠬᠠᠪᠤᠷᠵᠢᠵᠦ ᠪᠠᠶᠢᠨ᠎ᠠ᠃ ᠲᠠᠨ ᠤ ᠬᠢᠨ ᠰᠠᠶᠢᠬᠠᠨ ᠬᠠᠪᠤᠷᠵᠢᠵᠦ ᠪᠠᠶᠢᠨ᠎ᠠ ᠤᠤ︖ ︵ | ᠬᠠᠷᠢᠭᠤ ᠮᠡᠨᠳᠦᠴᠢᠯᠡᠭᠡ︶ ᠭᠡᠬᠦ ᠪᠠᠷ ᠮᠡᠨᠳᠤᠴᠢᠯᠡᠭᠡ ᠪᠠ ᠬᠠᠷᠢᠭᠤ ᠮᠡᠨᠳᠤᠴᠢᠯᠡᠭᠡ ᠨᠢ ᠨᠡᠶᠢᠳᠡᠮ ᠬᠡᠷᠡᠭᠯᠡᠭᠳᠡᠳᠡᠭ | ᠪᠠᠶᠢᠪᠠ᠃ ᠤᠳᠤ ᠬᠤᠳᠠᠴᠢᠯᠠᠯᠳᠠ ᠶᠢ ᠲᠠᠭᠠᠯᠳᠤᠨ ᠬᠤᠲᠠ ᠶᠢᠨ ᠬᠦᠮᠤᠨ ᠠᠮᠠ ᠶᠢᠨ ᠡᠵᠡᠯᠡᠬᠦ ᠬᠠᠷᠢᠴᠠᠯ ᠡᠳᠦᠷ | ᠢᠷᠡᠭᠦᠶ᠎ᠡ ᠨᠡᠮᠡᠭᠳᠡᠵᠦ ᠪᠠᠶᠢᠨ᠎ᠠ᠃ ᠬᠤᠳᠠ ᠶᠢᠨ ᠬᠦᠮᠤᠰ ᠤᠨ ᠠᠵᠢᠯ ᠠᠮᠢᠳᠤᠷᠠᠯ ᠨᠢ ᠵᠢᠯ ᠤᠨ ᠲᠦᠷᠪᠡᠨ ᠤᠯᠠᠷᠢᠯ ᠳᠤ | ᠬᠤᠪᠢᠷᠠᠯᠳᠠ ᠭᠠᠷᠬᠤ ᠦᠭᠡᠢ᠂ ᠤᠯᠠᠷᠢᠯ ᠲᠠᠭᠠᠵᠦ ᠰᠢᠯᠵᠢᠵᠦ ᠨᠡᠭᠦᠳᠡᠭ ᠦᠭᠡᠢ ᠪᠤᠯᠬᠤᠷ ᠤᠯᠠᠷᠢᠯ ᠤᠨ ᠮᠡᠨᠳᠦᠴᠢᠯᠡᠭᠡ | ᠬᠡᠷᠡᠭᠯᠡᠬᠦ ᠨᠦᠬᠦᠴᠡᠯ ᠪᠤᠯᠤᠮᠵᠢ ᠠᠯᠳᠠᠭᠳᠠᠵᠤ᠂ ᠡᠭᠦᠨ ᠢ ᠲᠠᠭᠠᠯᠳᠤᠨ ᠤᠯᠠᠷᠢᠯ ᠤᠨ ᠮᠡᠨᠳᠤᠴᠢᠯᠡᠭᠡᠨ ᠤ ᠦᠭᠡ | ᠬᠡᠯᠡᠯᠭᠡ ᠨᠢ ᠴᠦ ᠬᠡᠷᠡᠭᠯᠡᠭᠳᠡᠬᠦ ᠤᠷᠴᠢᠨ ᠠᠬᠤᠢ ᠪᠠᠨ ᠠᠯᠳᠠᠭᠰᠠᠨ ᠠᠴᠠ ᠡᠭᠦᠨ ᠳᠤ ᠬᠤᠯᠪᠤᠭᠳᠠᠭᠰᠠᠨ ᠨᠢᠭᠡ ᠪᠦᠯᠦᠭ | ᠲᠤᠰᠬᠠᠢ ᠬᠡᠷᠡᠭᠯᠡᠭᠡᠨ ᠤ ᠬᠡᠯᠡ ᠬᠡᠯᠡᠯᠭᠡ ᠪᠦᠷᠢᠮᠦᠰᠦᠨ ᠬᠠᠶᠠᠭᠳᠠᠵᠠᠢ᠃ ᠦᠭᠡᠷ᠎ᠡ ᠪᠠᠷ ᠬᠡᠯᠡᠪᠡᠯ᠂ ᠬᠤᠳᠠᠴᠢᠯᠠᠯᠳᠠ ᠠᠴᠠ | ᠪᠤᠯᠵᠦ ᠤᠯᠠᠷᠢᠯ ᠤᠨ ᠮᠡᠨᠳᠤᠴᠢᠯᠡᠭᠡ ᠨᠢ ᠬᠡᠷᠡᠭᠯᠡᠭᠳᠡᠬᠦ ᠪᠠᠶᠢᠭᠠᠯᠢ ᠶᠢᠨ ᠪᠠ ᠨᠡᠶᠢᠭᠡᠮ ᠤᠨ ᠤᠷᠴᠢᠨ ᠢᠶᠠᠨ ᠠᠯᠳᠠᠭᠰᠠᠨ | ᠪᠠᠶᠢᠨ᠎ᠠ᠃ | ᠡᠭᠦᠨ ᠠᠴᠠ ᠭᠠᠳᠠᠨ᠎ᠠ ᠬᠦᠳᠡᠭᠡ ᠲᠤᠰᠬᠤᠨ ᠮᠠᠯᠵᠢᠬᠤ ᠤᠷᠤᠨ ᠤ ᠬᠦᠮᠤᠰ ᠨᠢ ᠴᠦ ᠭᠠᠵᠠᠷ ᠨᠤᠳᠤᠭ ᠤᠨ | ᠬᠤᠪᠢᠶᠠᠷᠢᠯᠠᠯᠳᠠ ᠠᠴᠠ ᠪᠤᠯᠵᠦ ᠦᠪᠡᠷ ᠦᠪᠡᠷ ᠤᠨ ᠲᠠᠭᠠᠭᠠᠴᠢᠯᠠᠭᠰᠠᠨ ᠭᠠᠵᠠᠷ ᠨᠤᠳᠤᠭ ᠢ ᠲᠤᠤᠷᠯᠠᠨ ᠬᠤᠪᠢᠶᠠᠵᠦ | ᠨᠡᠭᠦᠵᠦ ᠪᠠᠭᠤᠬᠤ ᠪᠤᠯᠤᠮᠵᠢ ᠪᠠᠭᠠᠰᠤᠭᠰᠠᠨ ᠠᠴᠠ ᠪᠠᠰᠠ ᠯᠠ ᠤᠯᠠᠷᠢᠯ ᠤᠨ ᠮᠡᠨᠳᠤᠴᠢᠯᠡᠭᠡ ᠶᠢᠨ ᠬᠡᠷᠡᠭᠯᠡᠵᠦ ᠪᠤᠯᠬᠤ | ᠬᠡᠪᠴᠢᠶ᠎ᠡ ᠶᠢ ᠶᠡᠬᠡᠪᠡᠷ ᠢᠪᠴᠤᠷᠠᠭᠤᠯᠵᠠᠢ᠃ ᠶᠡᠬᠡᠩᠬᠢ ᠭᠠᠵᠠᠷ ︽ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ | ᠡᠪᠦᠯᠵᠢᠶ᠎ᠡ︾ ᠨᠢ ᠪᠤᠳᠠᠳᠠᠢ ᠤᠷᠤᠰᠢᠬᠤ ᠦᠭᠡᠢ ᠵᠦᠪᠬᠡᠨ ᠬᠡᠶᠢᠰᠪᠦᠷᠢ ᠨᠡᠷ᠎ᠡ ᠶᠢᠨ ᠲᠡᠳᠤᠢ ᠪᠤᠯᠵᠠᠢ᠃ ᠤᠳᠤ | ᠴᠦᠭᠡᠪᠦᠷᠢ ᠲᠣᠭᠠᠨ ᠤ ᠨᠠᠰᠤᠳᠠᠳ ᠲᠤᠮᠤᠭᠠᠳᠠᠳ ᠯᠡ ᠤᠯᠠᠮᠵᠢᠯᠠᠯᠳᠦ ᠶᠤᠰᠤ ᠵᠠᠩ ᠲᠠᠳᠬᠠᠯ ᠢ ᠲᠡᠭᠡᠳᠦᠯᠡᠬᠦ ᠶᠢᠨ | ᠡᠭᠦᠳᠡᠨ ᠠᠴᠠ ᠤᠯᠠᠷᠢᠯ ᠤᠨ ᠮᠡᠨᠳᠤᠴᠢᠯᠡᠭᠡ ᠶᠢ ᠬᠡᠷᠡᠭᠯᠡᠵᠦ ᠪᠠᠶᠢᠭ᠎ᠠ ᠪᠤᠯᠪᠠᠴᠦ ᠲᠡᠷᠡ ᠨᠢ ᠶᠤᠰᠤᠨ ᠤ ᠲᠡᠳᠦᠢ | ᠪᠠᠷᠢᠮᠳᠠᠯᠠᠵᠦ ᠪᠠᠶᠢᠭ᠎ᠠ ᠵᠦᠢᠯ ᠪᠠᠶᠢᠵᠦ᠂ ᠪᠠᠶᠢᠪᠠᠰᠦ ᠵᠤᠬᠢᠬᠤ ᠠᠵᠦ ᠠᠬᠤᠢ ᠪᠠ ᠨᠡᠶᠢᠭᠡᠮ ᠤᠨ ᠠᠮᠢᠳᠤᠷᠠᠯ ᠤᠨ | ᠪᠤᠳᠠᠳᠤ ᠰᠠᠭᠤᠷᠢ ᠦᠭᠡᠢ ᠪᠤᠯᠤᠭᠰᠠᠨ ᠶᠤᠮ᠃ ᠤᠯᠠᠷᠢᠯ ᠤᠨ ᠮᠡᠨᠳᠤᠴᠢᠯᠡᠭᠡ ᠬᠡᠷᠡᠭᠯᠡᠭᠳᠡᠬᠦ ᠪᠤᠯᠤᠮᠵᠢ ᠦᠭᠡᠢ | ᠪᠤᠯᠤᠭᠰᠠᠨ ᠤᠴᠢᠷ ᠠᠴᠠ ᠲᠡᠭᠦᠨ ᠤ ᠬᠠᠷᠢᠭᠤ ᠮᠡᠨᠳᠤᠴᠢᠯᠡᠭᠡ ᠴᠦ ᠲᠠᠭᠠᠯᠳᠤᠨ ᠬᠡᠷᠡᠭᠯᠡᠭᠡᠨ ᠠᠴᠠ ᠭᠠᠷᠴᠦ ᠡᠳᠦᠷ ᠤᠨ | ᠤᠳᠤ ᠡᠪᠦᠯ ᠤᠨ ᠴᠡᠴᠡᠭ ᠰᠢᠭ ᠬᠠᠶᠠ ᠨᠢᠭᠡ ᠰᠤᠨᠤᠰᠳᠠᠬᠤ ᠵᠦᠢᠯ ᠪᠤᠯᠵᠠᠢ᠃ | ᠭᠤᠷᠪᠠ᠂ ᠠᠵᠢᠯ ᠲᠦᠷᠦᠯ ᠤᠨ ᠮᠡᠨᠳᠦᠴᠢᠯᠡᠭᠡ | ᠮᠣᠩᠭᠤᠯᠴᠤᠳ ᠡᠳᠦᠷ ᠲᠤᠳᠤᠮ ᠤᠨ ᠮᠡᠨᠳᠤᠴᠢᠯᠡᠭᠡᠨ ᠤ ᠲᠠᠷᠠᠭ᠎ᠠ ᠤᠯᠠᠷᠢᠯ ᠤᠨ ᠮᠡᠨᠳᠤᠴᠢᠯᠡᠭᠡ ᠳᠡᠪᠰᠢᠭᠦᠯᠵᠦ᠂ | ᠲᠡᠭᠦᠨ ᠤ ᠲᠠᠷᠠᠭ᠎ᠠ ᠨᠢ ᠠᠵᠢᠯ ᠲᠦᠷᠦᠯ ᠤᠨ ᠮᠡᠨᠳᠤᠴᠢᠯᠡᠭᠡ ᠲᠡᠪᠰᠢᠭᠦᠯᠳᠡᠭ ᠪᠠᠶᠢᠵᠠᠢ᠃ ᠠᠵᠢᠯ ᠲᠦᠷᠦᠯ ᠤᠨ | ᠮᠡᠨᠳᠤᠴᠢᠯᠡᠭᠡ ᠭᠡᠳᠡᠭ ᠨᠢ ᠬᠦᠮᠤᠰ ᠤᠨ ᠡᠷᠬᠢᠯᠡᠵᠦ ᠪᠠᠶᠢᠭ᠎ᠠ ᠲᠤᠰᠬᠠᠢ ᠠᠵᠢᠯ ᠲᠦᠷᠦᠯ ᠳᠤ ᠵᠤᠷᠢᠭᠤᠯᠤᠭᠳᠠᠵᠦ᠂ | ᠨᠡᠯᠢᠶᠡᠳ ᠲᠤᠭᠳᠠᠪᠦᠷᠢᠵᠢᠭ᠌ᠰᠠᠨ ᠬᠡᠯᠡ ᠬᠡᠯᠡᠯᠭᠡ ᠲᠠᠢ ᠪᠠᠶᠢᠵᠠᠢ᠃ ᠨᠡᠶᠢᠭᠡᠮ ᠤᠨ ᠬᠤᠪᠢᠷᠠᠯᠲᠠ ᠶᠢ ᠲᠠᠭᠠᠯᠳᠤᠨ ᠠᠵᠢᠯ | ᠲᠦᠷᠦᠯ ᠤᠨ ᠬᠤᠪᠢᠶᠠᠷᠢᠯᠠᠯ ᠤᠯᠠᠮ ᠠᠴᠠ ᠤᠯᠠᠮ ᠨᠠᠷᠢᠰᠴᠦ ᠪᠠᠶᠢᠬᠤ ᠳᠤ ᠮᠤᠩᠭᠤᠯᠴᠤᠳ ᠤᠨ ᠠᠵᠢᠯ ᠲᠦᠷᠦᠯ ᠤᠨ | ᠮᠡᠨᠳᠤᠴᠢᠯᠡᠭᠡ ᠨᠢ ᠬᠠᠷᠢᠨ ᠮᠠᠷᠲᠠᠭᠳᠠᠵᠤ ᠬᠠᠶᠠᠭᠳᠠᠬᠤ ᠪᠤᠶᠤ ᠪᠤᠷᠤᠭᠤ ᠬᠡᠷᠡᠭᠯᠡᠭᠳᠡᠬᠦ ᠪᠤᠯᠵᠠᠢ᠃ | ︵1︶ ᠠᠳᠤᠭᠤᠴᠢᠨ ᠲᠠᠢ ᠮᠡᠨᠳᠤᠴᠢᠯᠡᠬᠦ | ᠠᠳᠤᠭᠤᠴᠢᠨ ᠭᠡᠬᠦ ᠠᠵᠢᠯ ᠲᠦᠷᠦᠯ ᠪᠤᠯ ᠮᠤᠩᠭᠤᠯᠴᠤᠳ ᠤᠨ ᠤᠯᠠᠮᠵᠢᠯᠠᠯᠳᠦ ᠠᠵᠢᠯ ᠲᠦᠷᠦᠯ ᠤᠨ | ᠲᠤᠳᠤᠷᠠᠬᠢ ᠴᠢᠬᠤᠯᠠ ᠨᠢᠭᠡᠨ ᠵᠦᠢᠯ ᠤᠨ ᠠᠵᠢᠯ ᠲᠦᠷᠦᠯ ᠮᠦᠨ᠃ ᠠᠳᠤᠭᠤᠴᠢᠨ ᠲᠠᠢ ᠠᠭᠤᠯᠵᠠᠬᠤ ᠳᠤ᠄ ︽ | ᠠᠳᠤᠭᠤ ᠮᠠᠯ ᠪᠦᠷᠢᠨ ᠤᠤ︖︾ ᠭᠡᠬᠦ ᠪᠤᠶᠤ ᠠᠳᠤᠭᠤᠨ ᠤ ᠮᠠᠨᠠᠭᠠᠨ ᠠᠴᠠ ᠪᠤᠴᠠᠵᠦ ᠶᠠᠪᠤᠭ᠎ᠠ ᠪᠠᠶᠢᠳᠠᠯ ᠳᠤ ᠪᠤᠯ ︽ | ᠰᠦᠷᠦᠭ ᠮᠡᠨᠳᠦ ᠰᠠᠶᠢᠨ ᠬᠤᠨᠤᠪᠠ ᠤᠤ︖︾ ᠭᠡᠬᠦ ᠵᠡᠷᠭᠡ ᠪᠠᠷ ᠠᠰᠠᠭᠤᠨ ᠮᠠᠨᠳᠤᠴᠢᠯᠡᠳᠡᠭ᠃ ᠡᠨᠡ ᠨᠢ ᠲᠤᠬᠠᠢ ᠶᠢᠨ | ᠪᠠᠶᠢᠭᠠᠯᠢ ᠶᠢᠨ ᠤᠷᠴᠢᠨ᠂ ᠨᠡᠶᠢᠭᠡᠮ ᠤᠨ ᠠᠮᠢᠳᠤᠷᠠᠯ ᠤᠨ ᠪᠤᠳᠠᠳᠦ ᠤᠷᠴᠢᠨ ᠵᠡᠷᠭᠡ ᠠᠴᠠ ᠪᠤᠢ ᠪᠤᠯᠤᠭᠰᠠᠨ ᠰᠠᠶᠢᠬᠠᠨ | ᠶᠤᠰᠤ ᠵᠠᠩᠰᠢᠯ ᠶᠤᠮ᠃ | ᠶᠡᠷᠦᠨᠢ ᠠᠳᠤᠭᠤ ᠪᠤᠯ ᠬᠦᠯ ᠬᠤᠷᠳᠤᠨ ᠲᠠᠢ᠂ ᠡᠪᠡᠰᠦ ᠤᠰᠤᠨ ᠤ ᠰᠤᠷᠭᠤᠬ ᠢ ᠡᠷᠢᠵᠦ ᠪᠡᠯᠴᠢᠭᠡᠷᠯᠡᠳᠡᠭ᠃ | ᠠᠳᠤᠭᠤ ᠪᠠᠨ ᠠᠯᠳᠠᠯ ᠦᠭᠡᠢ ᠪᠠᠯᠴᠢᠭᠡᠷᠯᠡᠭᠦᠯᠭᠦ ᠨᠢ ᠠᠳᠤᠭᠤᠴᠢᠨ ᠭᠦᠮᠦᠨ ᠤ ᠬᠠᠷᠢᠭᠤᠴᠠᠯᠭ᠎ᠠ ᠭᠡᠳᠡᠭ ᠴᠦ ᠠᠳᠤᠭᠤ | ᠠᠯᠳᠠᠬᠤ ᠦᠵᠡᠭᠳᠡᠯ ᠪᠠᠶᠢᠡᠭᠭᠤ ᠪᠠᠶᠢᠳᠠᠬ ᠤᠴᠢᠷ ᠠᠴᠠ ︽ᠠᠳᠤᠭᠤ ᠮᠠᠯ ᠪᠦᠷᠢᠨ ᠤᠤ︖︾ ᠭᠡᠬᠦ ᠬᠡᠯᠡ ᠬᠡᠯᠡᠯᠭᠡ | ᠪᠤᠢ ᠪᠤᠯᠤᠭᠰᠠᠨ ᠪᠠᠶᠢᠨ᠎ᠠ᠃ ᠪᠠᠰᠠ ᠴᠢᠨ᠋ᠸ᠎ᠠ ᠬᠠᠶᠠ ᠨᠢᠭᠡ ᠬᠤᠶᠠᠷ ᠤᠨᠠᠭ᠎ᠠ ᠲᠠᠭ᠎ᠠ ᠲᠠᠳᠠᠴᠢᠬᠠᠳᠠᠭ ᠠᠴᠠ ︽ᠰᠦᠷᠦᠭ | ᠮᠡᠨᠳᠤ ᠬᠤᠨᠤᠪᠠ ᠤᠤ︖︾ ᠭᠡᠬᠦ ᠮᠡᠳᠤ ᠮᠡᠨᠳᠤᠴᠢᠯᠡᠭᠡ ᠪᠤᠢ ᠪᠤᠯᠪᠠ᠃ | ᠡᠳᠡᠭᠡᠷ ᠮᠡᠨᠳᠦᠴᠢᠯᠡᠭᠡᠨ ᠤ ᠬᠠᠷᠢᠭᠤ ᠮᠡᠨᠳᠤᠴᠢᠯᠡᠭᠡ ᠨᠢ ︽ᠠᠳᠤᠭᠤ ᠮᠠᠯ ᠪᠦᠷᠢᠨ ᠰᠠᠶᠢᠨ ᠪᠠᠶᠢᠨ᠎ᠠ︾᠂ ︽ | ᠲᠠᠶᠢᠪᠦᠩ ᠰᠠᠶᠢᠬᠠᠨ ᠪᠠᠶᠢᠨ᠎ᠠ︾ ᠭᠡᠬᠦ ᠪᠤᠶᠤ ᠦᠨᠳᠤᠷ ᠨᠠᠰᠤᠳᠠᠢ ᠬᠦᠮᠤᠨ ᠤ ᠬᠠᠷᠢᠭᠤ ᠳᠤ ᠪᠤᠯ ︽ᠲᠠᠨ ᠤ | ᠪᠤᠶᠠᠨ ᠢᠶᠠᠷ ᠠᠳᠤᠭᠤ ᠮᠠᠯ ᠪᠦᠷᠢᠨ ᠰᠠᠶᠢᠬᠠᠨ ᠪᠠᠶᠢᠨ᠎ᠠ︾ ᠭᠡᠬᠦ ᠮᠡᠳᠤ ᠪᠠᠷ ᠡᠳᠦᠷ ᠲᠤᠳᠤᠮ ᠤᠨ ᠠᠮᠢᠳᠤᠷᠠᠯ ᠲᠤᠮᠳᠠ | ᠠᠬᠠᠮᠠᠳ ᠲᠤᠮᠤᠭᠠᠲᠠᠳ ᠤᠨ ᠲᠤᠷᠰᠢᠯᠭ᠎ᠠ ᠰᠠᠨᠠᠭᠤᠯᠭ᠎ᠠ ᠪᠠᠷ ᠮᠠᠯ ᠠᠵᠦ ᠠᠬᠤᠢ ᠶᠢᠨ ᠠᠵᠢᠯ ᠳᠤ ᠮᠡᠷᠭᠡᠰᠢᠵᠦ ᠰᠠᠶᠢᠨ | ᠰᠠᠶᠢᠬᠠᠨ ᠠᠮᠢᠳᠤᠷᠠᠵᠦ ᠪᠠᠶᠢᠭ᠎ᠠ ᠳᠤ ᠪᠠᠨ ᠲᠠᠯᠠᠷᠬᠠᠵᠤ ᠶᠠᠪᠤᠳᠠᠭ ᠭᠡᠳᠡᠭ ᠲᠠᠯᠠᠷᠬᠠᠯ ᠤᠨ ᠰᠠᠨᠠᠭ᠎ᠠ ᠶᠢ ᠲᠤᠳᠤᠳᠬᠠᠨ | ᠬᠠᠷᠢᠭᠤ ᠮᠡᠨᠳᠤᠴᠢᠯᠡᠭᠡ ᠲᠡᠪᠰᠢᠭᠦᠯᠳᠡᠭ ᠪᠠᠶᠢᠨ᠎ᠠ᠃ ᠤᠳᠤ ᠡᠳᠡᠭᠡᠷ ᠮᠡᠨᠳᠤᠴᠢᠯᠡᠭᠡ ᠪᠠᠷᠤᠭ ᠯᠠ ᠬᠡᠷᠡᠭᠯᠡᠭᠳᠡᠬᠦ ᠦᠭᠡᠢ | ᠪᠤᠯᠤᠭᠰᠠᠨ ᠠᠴᠠ ᠬᠠᠷᠢᠭᠤ ᠮᠡᠨᠳᠤᠴᠢᠯᠡᠭᠡ ᠨᠢ ᠪᠠᠰᠠ ᠲᠠᠭᠠᠯᠳᠤᠭᠠᠳ ᠬᠡᠷᠡᠭᠯᠡᠭᠳᠡᠬᠦ ᠦᠭᠡᠢ ᠪᠤᠯᠵᠦ ᠪᠠᠶᠢᠨ᠎ᠠ᠃ | ︵2︶ ᠬᠤᠨᠢᠴᠢᠨ ᠲᠠᠢ ᠮᠡᠨᠳᠤᠴᠢᠯᠡᠬᠦ | ᠬᠤᠨᠢᠴᠢᠨ ᠲᠠᠢ ᠠᠭᠤᠯᠵᠠᠪᠠᠯ᠄ ︽ᠬᠤᠨᠢᠨ ᠰᠦᠷᠦᠭ ᠲᠠᠪᠠᠳᠠᠢ ᠢᠳᠡᠰᠢᠯᠡᠵᠤ ᠪᠠᠶᠢᠨ᠎ᠠ ᠤᠤ︖︾᠂ ︽ | ᠰᠦᠷᠦᠭ ᠪᠦᠷᠢᠨ ᠮᠡᠨᠳᠦ᠂ ᠬᠦᠴᠦ ᠲᠠᠷᠭᠤ ᠰᠠᠶᠢᠲᠠᠢ ᠪᠠᠶᠢᠨ᠎ᠠ ᠤᠤ︖︾ ᠭᠡᠬᠦ ᠮᠡᠡᠳᠤᠴᠢᠯᠡᠨ ᠠᠰᠠᠭᠤᠳᠠᠬ᠃ | ᠡᠨᠡ ᠨᠢ ᠮᠦᠨ ᠠᠳᠤᠭᠤᠴᠢᠨ ᠲᠠᠢ ᠮᠡᠨᠳᠤᠴᠢᠯᠡᠬᠦ ᠲᠠᠢ ᠦᠨᠳᠤᠰᠤᠨ ᠳᠤ ᠪᠠᠨ ᠠᠳᠠᠯᠢᠬᠠᠨ ᠶᠤᠰᠤ ᠪᠢᠯᠡ᠃ ᠬᠤᠨᠢ | ᠬᠠᠷᠢᠭᠤᠯᠬᠤ ᠳᠤ ᠴᠦ ᠪᠡᠯᠴᠢᠭᠡᠷ ᠰᠤᠩᠭᠤᠵᠤ ᠬᠠᠷᠢᠭᠤᠯᠬᠤ ᠪᠤᠯᠤᠮᠵᠢ ᠪᠠᠭᠠᠰᠤᠭᠰᠠᠨ ᠠᠴᠠ ᠲᠤᠭᠳᠠᠭᠰᠠᠨ ᠬᠦᠷᠢᠶ᠎ᠡ | ᠬᠠᠰᠢᠶᠠᠨ ᠳᠤ ᠬᠤᠷᠢᠲᠠᠭ ᠪᠤᠯᠬᠤᠷ ᠲᠠᠪᠠᠳᠠᠢ ᠴᠤ᠂ ᠲᠠᠪᠠ ᠦᠭᠡᠢ ᠴᠤ ᠬᠤᠷᠢᠭᠳᠠᠵᠤ ᠪᠠᠶᠢᠬᠤ ᠠᠴᠠ ᠦᠭᠡᠷ᠎ᠡ | ᠪᠤᠯᠤᠮᠵᠢ ᠦᠭᠡᠢ᠃ ᠡᠶᠢᠮᠦ ᠠᠴᠠ ᠡᠳᠡᠭᠡᠷ ᠮᠡᠨᠳᠤᠴᠢᠯᠡᠬᠦ ᠬᠡᠯᠪᠡᠷᠢ ᠶᠢᠨ ᠬᠡᠷᠡᠭᠯᠡᠭᠳᠡᠬᠦ ᠤᠷᠴᠢᠨ ᠢᠪᠴᠤᠤᠷᠠᠵᠤ | ᠮᠠᠷᠲᠠᠭᠳᠠᠵᠤ ᠬᠠᠶᠠᠭᠳᠠᠵᠤ ᠡᠬᠢᠯᠡᠪᠡ᠃ ᠴᠢᠨ᠋ᠸ᠎ᠠ᠂ ᠦᠨᠡᠭᠡ᠂ ᠮᠢᠬᠠᠴᠢᠨ ᠰᠢᠪᠠᠭᠤ ᠢᠷᠡᠵᠤ ᠬᠤᠷᠠᠭ᠎ᠠ ᠲᠦᠯᠦᠭᠡ | ᠪᠠᠷᠢᠬᠤ ᠤᠴᠢᠷ ᠪᠠᠰᠠ ᠬᠤᠪᠤᠷ ᠪᠤᠯᠵᠠᠢ᠃ ᠢᠩᠬᠢᠭᠡᠳ ︽ᠬᠤᠨᠢᠨ ᠰᠦᠷᠦᠭ ᠲᠠᠪᠠᠳᠠᠢ ᠢᠳᠡᠰᠢᠯᠡᠵᠦ ᠪᠠᠶᠢᠨ᠎ᠠ ᠤᠤ︖ | ︾᠂ ︽ᠰᠦᠷᠦᠭ ᠪᠦᠷᠢᠨ ᠮᠡᠨᠳᠦ ᠪᠠᠶᠢᠨ᠎ᠠ ᠤᠤ︖︾ ᠭᠡᠬᠦ ᠵᠡᠷᠭᠡ ᠬᠡᠯᠡᠯᠭᠡ ᠴᠤ ᠬᠠᠶᠠᠭᠳᠠᠵᠠᠢ᠃ ᠬᠠᠷᠢᠨ ︽ᠮᠠᠯ | ᠰᠦᠷᠦᠭ ᠰᠠᠶᠢᠨ ᠤᠤ︖︾ ︽ᠬᠦᠴᠦ ᠲᠠᠷᠭᠤ ᠰᠠᠶᠢᠲᠠᠢ ᠪᠠᠶᠢᠨ᠎ᠠ ᠤᠤ︖︾ ᠭᠡᠬᠦ ᠮᠡᠨᠳᠤᠴᠢᠯᠡᠭᠡ ᠪᠤᠯ ᠤᠳᠤ | ᠪᠠᠰᠠ ᠬᠡᠷᠡᠭᠯᠡᠭᠳᠡᠵᠦ ᠪᠠᠶᠢᠭ᠎ᠠ ᠶᠤᠮ᠃ ᠬᠤᠨᠢᠴᠢᠨ ᠲᠠᠢ ᠮᠡᠨᠳᠦᠴᠢᠯᠡᠬᠦ ᠠᠵᠢᠯ ᠲᠦᠷᠦᠯ ᠤᠨ ᠮᠡᠨᠳᠤᠴᠢᠯᠡᠭᠡᠨ ᠤ | ᠬᠠᠷᠢᠭᠤ ᠮᠡᠨᠳᠤᠴᠢᠯᠡᠭᠡ ᠴᠦ ᠭᠡᠰᠡᠨ ᠲᠠᠭᠠᠯᠳᠤᠭᠠᠳ ᠬᠠᠶᠠᠭᠳᠠᠵᠤ ᠵᠦᠪᠬᠡᠨ ᠬᠡᠷᠡᠭᠯᠡᠭᠳᠡᠵᠦ ᠪᠠᠶᠢᠭ᠎ᠠ ᠵᠦᠢᠯ ᠳᠤ ᠪᠤᠯ | ᠲᠦᠭᠦᠮᠭᠡᠨ ᠬᠠᠷᠢᠭᠤ ᠮᠡᠨᠳᠤᠴᠢᠯᠡᠭᠡ ᠲᠡᠪᠰᠢᠭᠦᠯᠵᠤ ᠪᠠᠶᠢᠭ᠎ᠠ ᠨᠢ ᠰᠤᠨᠤᠰᠤᠭᠳᠠᠵᠤ ᠪᠠᠶᠢᠨ᠎ᠠ᠃ | ︵3︶ ᠲᠠᠷᠢᠶᠠᠴᠢᠨ ᠲᠠᠢ ᠮᠡᠨᠳᠤᠴᠢᠯᠡᠬᠦ | ᠲᠠᠷᠢᠶᠠᠴᠢᠨ ᠬᠦᠮᠦᠨ ᠲᠠᠢ ᠠᠭᠤᠯᠵᠠᠪᠠᠯ ᠡᠳᠤᠷ ᠲᠤᠳᠤᠮ ᠤᠨ ᠮᠡᠨᠳᠤᠴᠢᠯᠡᠭᠡ᠂ ᠣᠯᠠᠷᠢᠯ ᠤᠨ ᠮᠡᠨᠳᠤᠴᠢᠯᠡᠭᠡ | ᠲᠡᠪᠰᠢᠭᠦᠯᠦᠭᠰᠡᠨ ᠤ ᠳᠠᠷᠠᠭ᠎ᠠ ᠠᠰᠠᠭᠤᠬᠤ ᠠᠵᠢᠯ ᠲᠦᠷᠦᠯ ᠤᠨ ᠮᠡᠨᠳᠤᠴᠢᠯᠡᠭᠡ ᠪᠤᠯ ︽ᠲᠠᠷᠢᠶ᠎ᠠ ᠲᠦᠮᠦᠰᠦ ᠡᠯᠪᠡᠭ | ᠤᠤ︖︾᠂ ︽ᠬᠤᠷᠢᠶᠠᠯᠳᠠ ᠡᠯᠪᠡᠭ ᠤᠤ︖︾ ᠭᠡᠬᠦ ᠮᠡᠳᠤᠪᠠᠷ ᠮᠡᠨᠳᠤᠴᠢᠯᠡᠳᠡᠭ᠃ ᠡᠨᠡᠬᠦ ᠮᠡᠨᠳᠤᠴᠢᠯᠡᠭᠡ ᠶᠢᠨ | ᠬᠡᠯᠡ ᠬᠡᠯᠡᠯᠭᠡ ᠨᠢ ᠦᠪᠦᠷ ᠮᠣᠩᠭᠤᠯ ᠤᠷᠤᠨ ᠳᠤ ᠲᠠᠷᠢᠶᠠᠯᠠᠬᠤ ᠠᠵᠦ ᠠᠬᠤᠢ ᠡᠷᠬᠢᠯᠡᠵᠦ ᠪᠠᠶᠢᠭ᠎ᠠ ᠭᠠᠵᠠᠷ | ᠤᠷᠤᠨ ᠢᠶᠠᠷ ᠬᠡᠷᠡᠭᠯᠡᠭᠳᠡᠳᠡᠭ ᠪᠠᠶᠢᠵᠠᠢ᠃ ᠤᠳᠤ ᠶᠢᠨ ᠠᠬᠤᠢ ᠪᠠᠶᠢᠳᠠᠯ ᠳᠤ ᠪᠦᠷᠢᠨ ᠪᠦᠳᠦᠨ ᠢᠶᠠᠷ ᠢᠶᠠᠨ | ᠬᠠᠲᠠᠭᠠᠯᠠᠭᠳᠠᠵᠤ ᠬᠡᠷᠡᠭᠯᠡᠭᠳᠡᠭᠦ ᠪᠤᠯᠤᠮᠵᠢ ᠪᠦᠷᠢᠨ ᠪᠠᠶᠢᠨ᠎ᠠ᠃ ᠭᠡᠪᠡᠴᠦ ᠪᠤᠳᠠᠳᠠᠢ ᠪᠠᠶᠢᠳᠠᠯ ᠳᠤ ᠬᠡᠷᠡᠭᠯᠡᠭᠳᠡᠬᠦ ᠨᠢ | ᠴᠦᠭᠡᠨ ᠪᠤᠯᠤᠭᠰᠠᠨ ᠪᠠᠶᠢᠳᠠᠯ ᠲᠠᠢ᠃ ᠤᠯᠠᠮᠵᠢᠯᠠᠯᠳᠦ ᠵᠠᠩ ᠦᠢᠯᠡ ᠮᠠᠷᠳᠠᠭᠳᠠᠵᠤ ᠪᠠᠶᠢᠭ᠎ᠠ ᠵᠡᠷᠭᠡ ᠰᠢᠯᠳᠠᠭᠠᠨ ᠠᠴᠠ | ᠪᠤᠯᠵᠤ ᠠᠵᠢᠯ ᠲᠦᠷᠦᠯ ᠤᠨ ᠮᠡᠨᠳᠤᠴᠢᠯᠡᠭᠡ ᠶᠢᠨ ᠭᠡᠷᠡᠭᠯᠡᠭᠳᠡᠭᠦ ᠤᠷᠴᠢᠨ ᠢᠪᠴᠤᠤᠷᠠᠵᠤ ᠪᠠᠶᠢᠭ᠎ᠠ ᠮᠠᠭᠠᠳ᠃ ᠦᠭᠡᠷ᠎ᠡ | ᠵᠦᠢᠯ ᠤᠨ ᠮᠡᠨᠳᠤᠴᠢᠯᠡᠭᠡ ᠶᠢ ᠪᠤᠳᠤᠪᠠᠯ ᠲᠠᠷᠢᠶᠠᠴᠢᠨ ᠲᠠᠢ ᠮᠡᠨᠳᠤᠴᠢᠯᠡᠬᠦ ᠠᠵᠢᠯ ᠲᠦᠷᠦᠯ ᠤᠨ ᠮᠡᠨᠳᠤᠴᠢᠯᠡᠭᠡ ᠪᠠ | ᠲᠡᠭᠦᠨ ᠤ ᠬᠠᠷᠢᠭᠤ ᠮᠡᠨᠳᠤᠴᠢᠯᠡᠭᠡ ᠶᠢ ᠵᠤᠷᠢᠯᠭ᠎ᠠ ᠲᠠᠢ ᠪᠠᠷ ᠬᠠᠮᠠᠭᠠᠯᠠᠵᠤ ᠬᠠᠳᠠᠭᠠᠯᠠᠵᠦ ᠦᠪᠯᠡᠨ ᠤᠯᠠᠮᠵᠢᠯᠠᠵᠤ | ᠶᠠᠪᠤᠪᠠᠯ ᠬᠠᠷᠢᠴᠠᠩᠭᠤᠢ ᠪᠠᠷ ᠤᠷᠳᠤ ᠤᠳᠠᠭᠠᠨ ᠦᠷᠭᠦᠯᠵᠢᠯᠡᠬᠦ ᠪᠤᠯᠤᠮᠵᠢ ᠲᠠᠢ ᠭᠡᠵᠤ ᠦᠵᠡᠵᠦ ᠪᠠᠶᠢᠨ᠎ᠠ᠃ | ︵4︶ ᠠᠩᠴᠢᠨ ᠲᠠᠢ ᠮᠡᠨᠳᠤᠴᠢᠯᠡᠬᠦ | ᠠᠩᠴᠢᠨ ᠬᠦᠮᠤᠨ ᠲᠠᠢ ᠠᠭᠤᠯᠵᠠᠵᠤ ᠮᠠᠨᠳᠤᠴᠢᠯᠡᠬᠦ ᠳᠤ ᠡᠳᠦᠷ ᠲᠤᠳᠤᠮ ᠤᠨ ᠮᠡᠨᠳᠤᠴᠢᠯᠡᠭᠡ ᠲᠡᠪᠰᠢᠭᠦᠯᠵᠦ | ᠪᠠᠷᠠᠭᠰᠠᠨ ᠤ ᠲᠠᠷᠠᠭ᠎ᠠ ᠪᠠᠷ ᠨᠢ ᠠᠵᠢᠯ ᠲᠦᠷᠦᠯ ᠤᠨ ᠮᠡᠨᠳᠤᠴᠢᠯᠡᠭᠡ ᠭᠢᠵᠦ ︽ᠬᠠᠷᠠᠭ᠎ᠠ ᠮᠡᠷᠭᠡᠨ᠂ ᠣᠯᠵᠠ ᠶᠡᠭᠡ ᠤᠤ | ︖︾᠂ ︽ᠤᠨᠤᠭ᠎ᠠ ᠮᠡᠷᠭᠡᠨ᠂ ᠭᠠᠨᠵᠤᠭ᠎ᠠ ᠲᠦᠭᠦᠷᠡᠩ ᠤᠤ︖︾ ᠭᠡᠬᠦ ᠮᠡᠳᠤ ᠪᠠᠷ ᠠᠰᠠᠭᠤᠵᠤ ᠪᠠᠶᠢᠵᠠᠢ᠃ | ᠭᠡᠪᠡᠴᠦ ᠪᠠᠶᠢᠭᠠᠯᠢ ᠤᠷᠴᠢᠨ ᠮᠠᠭᠤᠳᠠᠵᠦ ᠠᠩ ᠠᠮᠢᠳᠠᠨ ᠴᠦᠭᠡᠬᠡᠷᠡᠭᠰᠡᠨ᠂ ᠠᠩ ᠬᠢᠬᠦ ᠶᠢ ᠠᠯᠪᠠᠨ ᠶᠤᠰᠤᠭᠠᠷ | ᠬᠤᠷᠢᠭᠯᠠᠵᠤ ᠪᠠᠶᠢᠭ᠎ᠠ ᠵᠡᠷᠭᠡ ᠤᠯᠠᠨ ᠲᠠᠯ᠎ᠠ ᠶᠢᠨ ᠨᠦᠬᠦᠴᠡᠯ ᠰᠢᠯᠳᠠᠭᠠᠨ ᠠᠴᠠ ᠪᠤᠯᠵᠦ ᠠᠩᠴᠢᠨ ᠭᠡᠬᠦ ᠠᠵᠢᠯ | ᠲᠦᠷᠦᠯ ᠢ ᠲᠤᠰᠬᠠᠶᠢᠵᠢᠭᠤᠯᠵᠦ ᠬᠢᠬᠦ ᠤᠴᠢᠷ ᠠᠯᠠᠭ᠎ᠠ ᠪᠤᠯᠤᠭᠠᠳ ᠶᠡᠭᠡ ᠤᠳᠠᠵᠤ ᠪᠠᠶᠢᠨ᠎ᠠ᠃ ᠡᠨᠡ ᠲᠦᠷᠦᠯ ᠤᠨ | ᠮᠡᠨᠳᠤᠴᠢᠯᠡᠭᠡ ᠨᠢᠭᠡᠨᠳᠡ ᠬᠡᠷᠡᠭᠯᠡᠭᠳᠡᠬᠦ ᠦᠭᠡᠢ ᠪᠤᠯᠤᠭᠰᠠᠨ ᠪᠠ ᠬᠤᠵᠢᠮ ᠴᠦ ᠲᠠᠬᠢᠨ ᠰᠡᠷᠭᠦᠨ ᠬᠡᠷᠡᠭᠯᠡᠭᠳᠡᠬᠦ ᠪᠤᠯᠤᠮᠵᠢ | ᠦᠭᠡᠢ ᠪᠤᠯᠤᠭᠰᠠᠨ ᠨᠢ ᠲᠤᠳᠤᠷᠬᠠᠢ ᠭᠡᠵᠦ ᠦᠵᠡᠵᠤ ᠪᠤᠯᠤᠨ᠎ᠠ᠃ ᠡᠳᠦᠭᠡ ᠵᠦᠪᠬᠡᠨ ᠨᠣᠮ ᠪᠢᠴᠢᠭ ᠤᠨ | ᠲᠡᠮᠳᠡᠭᠯᠡᠯ ᠠᠴᠠ ᠦᠵᠡᠵᠤ ᠤᠶᠢᠯᠠᠭᠠᠬᠤ ᠠᠴᠠ ᠦᠭᠡᠷ᠎ᠡ ᠪᠤᠯᠤᠮᠵᠢ ᠦᠭᠡᠢ ᠪᠤᠯᠪᠠ᠃ ᠠᠩᠴᠢᠨ ᠲᠠᠢ ᠮᠡᠨᠳᠤᠴᠢᠯᠡᠬᠦ | ᠬᠡᠯᠡ ᠬᠡᠯᠡᠯᠭᠡ ᠶᠢ ᠨᠡᠩ ᠴᠦ ᠦᠭᠦᠯᠡᠬᠦ ᠠᠷᠭ᠎ᠠ ᠦᠭᠡᠢ᠃ ᠠᠩᠴᠢᠨ ᠲᠠᠢ ᠮᠡᠨᠳᠤᠴᠢᠯᠡᠬᠦ ᠮᠡᠨᠳᠤᠴᠢᠯᠡᠭᠡᠨ ᠤ ᠬᠡᠯᠡ | ᠬᠡᠯᠡᠯᠭᠡ ᠬᠡᠷᠡᠭᠯᠡᠭᠳᠡᠬᠦ ᠪᠠᠨ ᠪᠤᠯᠢᠭᠰᠠᠨ ᠠᠴᠠ ᠲᠡᠭᠦᠨ ᠤ ᠬᠠᠷᠢᠭᠤ ᠮᠡᠨᠳᠤᠴᠢᠯᠡᠭᠡ ᠨᠢ ᠶᠠᠭᠠᠬᠢᠬᠤ ᠠᠷᠭ᠎ᠠ ᠦᠭᠡᠢ | ᠲᠠᠭᠠᠯᠳᠤᠨ ᠠᠯᠠᠭ᠎ᠠ ᠪᠤᠯᠤᠭᠰᠠᠨ ᠪᠠᠶᠢᠨ᠎ᠠ᠃ ᠮᠤᠩᠭᠤᠯ ᠰᠤᠶᠤᠯ ᠤᠨ ᠨᠢᠭᠡᠨ ᠬᠡᠰᠡᠭ ᠢᠩᠬᠢᠵᠦ ᠮᠠᠷᠲᠠᠭᠳᠠᠵᠤ | ᠬᠠᠶᠠᠭᠳᠠᠵᠤ ᠪᠠᠶᠢᠭ᠎ᠠ ᠨᠢ ᠮᠠᠰᠢ ᠶᠡᠭᠡ ᠬᠠᠷᠠᠮᠰᠠᠯᠳᠠᠢ ᠤᠴᠢᠷ ᠶᠤᠮ᠃ | ︵5︶ ᠤᠷᠠᠨ ᠲᠠᠷᠬᠠᠨ ᠲᠠᠢ ᠮᠡᠨᠳᠤᠴᠢᠯᠡᠬᠦ | ᠤᠷᠠᠨ ᠲᠠᠷᠬ᠎ᠠ ᠬᠢᠳᠡᠭ ᠬᠦᠮᠤᠰ ᠢ ᠠᠵᠢᠯ ᠲᠦᠷᠦᠯ ᠤᠨ ᠬᠢᠨᠢ ᠲᠠᠭᠠᠤ ᠳᠤ ᠮᠡᠨᠳᠤᠴᠢᠯᠡᠭᠡ ᠬᠢᠨ᠎ᠡ᠃ | ᠵᠢᠱᠢᠶᠡᠯᠡᠪᠡᠯ᠄ ᠮᠤᠳᠤᠨ ᠲᠠᠷᠬᠠᠨ ᠲᠠᠢ ᠠᠭᠤᠯᠵᠠᠪᠠᠯ᠄ ︽ᠲᠠᠷᠬ᠎ᠠ ᠤᠷᠠᠨ ᠪᠤᠯᠵᠦ ᠪᠠᠶᠢᠨ᠎ᠠ ᠤᠤ︖︾᠂ ︽ᠲᠠᠷᠬ᠎ᠠ | ᠰᠠᠶᠢᠨ ᠪᠤᠯᠵᠣ ᠪᠠᠶᠢᠨ᠎ᠠ ᠤᠤ︖︾ ᠭᠡᠵᠦ ᠮᠡᠨᠳᠤᠴᠢᠯᠡᠬᠦ ᠪᠤᠶᠤ ᠠᠯᠳᠠ ᠮᠦᠩᠭᠦ᠂ ᠲᠡᠮᠤᠷ ᠤᠨ ᠲᠠᠷᠬᠠᠨ ᠲᠠᠢ | ᠠᠭᠤᠯᠵᠠᠪᠠᠯ᠄ ︽ᠲᠠᠷᠬ᠎ᠠ ᠤᠷᠠᠨ ᠪᠤᠯᠵᠦ ᠪᠠᠶᠢᠨ᠎ᠠ ᠤᠤ︖︾᠂ ︽ᠲᠠᠷᠬ᠎ᠠ ᠰᠠᠶᠢᠨ ᠪᠤᠯᠵᠣ ᠪᠠᠶᠢᠨ᠎ᠠ ᠤᠤ︖︾᠂ | ︽ᠭᠠᠯ ᠢᠯᠴᠢ ᠲᠠᠢ᠂ ᠲᠠᠷᠬ᠎ᠠ ᠨᠠᠷᠢᠨ ᠪᠤᠯᠵᠦ ᠪᠠᠶᠢᠨ᠎ᠠ ᠤᠤ︖︾ ᠭᠡᠬᠦ ᠮᠡᠳᠤᠴᠢᠯᠡᠨ ᠮᠡᠨᠳᠤᠴᠢᠯᠡᠳᠡᠭ ᠪᠠᠶᠢᠨ᠎ᠠ᠃ | ᠡᠭᠦᠨ ᠤ ᠬᠠᠷᠢᠭᠤ ᠳᠤ ︽ᠠᠵᠢᠯ ᠤᠷᠤᠭᠰᠢᠳᠠᠢ ᠪᠠᠶᠢᠨ᠎ᠠ︾ ︽ᠲᠠᠷᠬ᠎ᠠ ᠲᠠᠪᠠᠳᠠᠢ ᠶᠠᠪᠤᠭᠳᠠᠵᠤ ᠪᠠᠶᠢᠨ᠎ᠠ︾ ᠭᠡᠵᠦ | ᠬᠠᠷᠢᠭᠤᠯᠳᠠᠭ ᠶᠤᠮ ᠪᠠᠶᠢᠵᠠᠢ᠃ ᠤᠳᠤ ᠤᠷᠠᠨ ᠲᠠᠷᠬ᠎ᠠ ᠬᠢᠭᠴᠢᠳ ᠲᠠᠢ ᠪᠤᠯ ᠠᠷᠠᠯᠵᠢᠶ᠎ᠠ ᠬᠤᠳᠠᠯᠳᠤᠭ᠎ᠠ ᠬᠢᠬᠦ ᠭᠡᠰᠡᠨ | ᠵᠤᠷᠢᠯᠭ᠎ᠠ ᠪᠠᠷ ᠯᠡ ᠠᠭᠤᠯᠵᠠᠵᠤ ᠪᠠᠶᠢᠭ᠎ᠠ ᠲᠡᠳᠦᠢ ᠪᠣᠯᠵᠤ᠂ ᠵᠦᠪᠬᠡᠨ ᠦᠨ᠎ᠡ ᠬᠠᠩᠰᠢ ᠬᠦᠯᠦᠰᠦ ᠮᠦᠩᠭᠦ ᠶᠢ | ᠠᠰᠠᠭᠤᠨ ᠯᠠᠪᠯᠠᠬᠤ ᠠᠴᠠ ᠪᠢᠰᠢ ᠠᠵᠢᠯ ᠲᠦᠷᠦᠯ ᠤᠨ ᠮᠡᠨᠳᠤᠴᠢᠯᠡᠭᠡ ᠶᠢ ᠲᠡᠪᠰᠢᠭᠦᠯᠬᠦ ᠦᠭᠡᠢ ᠪᠤᠯᠤᠭᠰᠠᠨ ᠪᠠᠶᠢᠨ᠎ᠠ᠃ | ᠪᠠᠰᠠ ᠵᠠᠷᠢᠮ ᠬᠦᠮᠤᠰ ᠡᠭᠦᠨ ᠢ ︽ᠠᠷᠠᠯᠵᠢᠶ᠎ᠠ ᠮᠠᠶᠢᠮᠠᠢ ᠰᠠᠶᠢᠨ ᠪᠠᠶᠢᠨ᠎ᠠ ᠤᠤ︖︾ ᠭᠡᠬᠦ ᠦᠭᠡ ᠪᠠᠷ ᠣᠷᠣᠯᠠᠭᠤᠯᠤᠨ | ᠮᠡᠨᠳᠤᠴᠢᠯᠡᠬᠦ ᠪᠤᠯᠤᠭᠰᠠᠨ ᠪᠠᠶᠢᠨ᠎ᠠ᠃ | ᠲᠥᠷᠪᠡ᠂ ᠪᠠᠶᠠᠷ ᠶᠤᠰᠤᠯᠠᠯ ᠤᠨ ᠮᠡᠨᠳᠤᠴᠢᠯᠡᠭᠡ | ᠪᠠᠶᠠᠷ ᠶᠤᠰᠤᠯᠠᠯ ᠤᠨ ᠮᠡᠨᠳᠤᠴᠢᠯᠡᠭᠡ ᠪᠤᠯ ᠦᠨᠳᠤᠰᠤᠳᠡᠨ ᠪᠦᠬᠦᠨ ᠳᠤ ᠲᠦᠭᠡᠮᠡᠯ ᠪᠠᠶᠢᠳᠠᠭ ᠮᠡᠨᠳᠤᠴᠢᠯᠡᠬᠦ | ᠦᠢᠯᠡ ᠠᠵᠢᠯᠯᠠᠭ᠎ᠠ ᠶᠤᠮ᠃ ᠮᠤᠩᠭᠤᠯᠴᠤᠳ ᠴᠦ ᠭᠡᠰᠡᠨ ᠪᠠᠶᠠᠷ ᠶᠤᠰᠤᠯᠠᠯ ᠤᠨ ᠮᠡᠨᠳᠤᠴᠢᠯᠡᠭᠡᠨ ᠤ ᠬᠡᠯᠡ ᠬᠡᠯᠡᠯᠭᠡ ᠶᠢ | ᠬᠡᠷᠡᠭᠯᠡᠭᠰᠡᠭᠡᠷ ᠢᠷᠡᠵᠠᠢ᠃ ᠡᠨᠡ ᠲᠦᠷᠦᠯ ᠤᠨ ᠮᠡᠨᠳᠤᠴᠢᠯᠡᠭᠡ ᠪᠤᠯ ᠵᠢᠯ ᠴᠠᠭᠠᠨ ᠰᠠᠷ᠎ᠠ ᠪᠤᠶᠤ ᠤᠯᠤᠰ | ᠦᠨᠳᠤᠰᠤᠳᠡᠨ ᠤ ᠶᠠᠮᠠᠷᠪᠠ ᠨᠢᠭᠡᠨ ᠪᠠᠶᠠᠷ ᠶᠤᠰᠤᠯᠠᠯ ᠢ ᠲᠤᠬᠢᠶᠠᠯᠳᠤᠭᠤᠯᠤᠨ ᠬᠡᠷᠡᠭᠯᠡᠳᠡᠭ ᠮᠡᠨᠳᠤᠴᠢᠯᠡᠭᠡ ᠮᠦᠨ᠃ | ᠮᠤᠩᠭᠤᠯᠴᠤᠳ ᠰᠢᠨ᠎ᠡ ᠵᠢᠯ ᠴᠠᠭᠠᠨ ᠰᠠᠷ᠎ᠠ ᠪᠠᠷ ︽ᠬᠠᠭᠤᠴᠢᠨ ᠵᠢᠯ ᠬᠠᠩᠬᠢᠷᠠᠵᠦ᠂ ᠰᠢᠨ᠎ᠡ ᠵᠢᠯ ᠰᠢᠯᠵᠢᠷᠡᠵᠦ᠂ | ᠬᠦᠭᠰᠢᠳ ᠬᠡᠤᠬᠡᠳ ᠬᠦᠷᠦᠰᠦᠳᠡᠢ᠂ ᠲᠦᠯᠦᠭᠡ ᠰᠡᠬᠦᠯᠳᠡᠢ᠂ ᠲᠠᠭ᠎ᠠ ᠲᠠᠯᠠᠩᠳᠠᠢ᠂ ᠪᠢᠷᠠᠭᠤ ᠪᠤᠯᠴᠢᠩᠳᠠᠢ᠂ ᠦᠨᠢᠲᠡ | ᠲᠠᠷᠭᠤᠨ᠂ ᠦᠶᠦᠭ ᠴᠠᠳᠬᠤᠯᠠᠩ᠂ ᠲᠠᠪᠠᠳᠠᠢ ᠰᠠᠶᠢᠬᠠᠨ ᠰᠢᠨᠡᠯᠡᠵᠦ ᠪᠠᠶᠢᠨ᠎ᠠ ᠤᠤ︖︾᠂ ︽ᠲᠠᠷᠭᠤᠨ ᠲᠠᠪᠠᠳᠠᠢ | ᠰᠢᠨᠡᠯᠡᠵᠦ ᠪᠠᠶᠢᠨ᠎ᠠ ᠤᠤ︖︾᠂ ︽ᠪᠤᠭᠤᠷᠤᠯ ᠵᠢᠯ ᠮᠤᠷᠢᠯᠠᠵᠦ᠂ ᠪᠤᠶᠠᠨᠳᠠᠢ ᠵᠢᠯ ᠢᠷᠡᠵᠦ᠂ ᠡᠪᠦᠭᠡᠨ ᠵᠢᠯ | ᠮᠤᠷᠢᠯᠠᠵᠦ᠂ ᠦᠯᠵᠡᠶᠢᠳᠡᠢ ᠵᠢᠯ ᠢᠷᠡᠵᠦ᠂ ᠪᠠᠶᠠᠰᠬᠤᠯᠠᠩᠲᠠᠢ ᠰᠢᠨᠡᠯᠡᠭᠰᠡᠨ ᠤ ᠪᠡᠯᠭᠡ ᠶᠢ ᠠᠶᠢᠯᠠᠳᠬᠠᠶ᠎ᠠ︕︾ ᠭᠡᠬᠦ | ᠵᠡᠷᠭᠡ ᠪᠠᠷ ᠠᠮᠤᠷ ᠠᠶᠢᠯᠠᠳᠬᠠᠵᠤ᠂ ᠪᠠᠶᠠᠯᠢᠭ ᠰᠠᠶᠢᠬᠠᠨ ᠮᠡᠨᠳᠤᠴᠢᠯᠡᠭᠡᠨ ᠤ ᠬᠡᠯᠡ ᠰᠤᠶᠤᠯ ᠢ ᠪᠦᠳᠦᠭᠡᠵᠦ ᠬᠡᠷᠡᠭᠯᠡᠵᠦ | ᠢᠷᠡᠵᠡᠢ᠃ ᠬᠠᠷᠢᠨ ᠤᠳᠤᠬᠠᠨ ᠤ ᠨᠡᠶᠢᠳᠡᠮ ᠬᠡᠷᠡᠭᠯᠡᠭᠳᠡᠵᠦ ᠪᠠᠶᠢᠭ᠎ᠠ ᠰᠢᠨ᠎ᠡ ᠵᠢᠯ ᠤᠨ ᠮᠡᠨᠳᠤᠴᠢᠯᠡᠭᠡᠨ ᠤ ᠬᠡᠯᠡ | ᠬᠡᠯᠡᠯᠭᠡ ᠪᠤᠯ ︽ᠲᠠ ᠰᠠᠶᠢᠨ ᠰᠢᠨᠡᠯᠡᠪᠡ ᠤᠤ︖︾᠂ ︽ᠭᠡᠷ ᠬᠤᠳᠠᠯᠠᠭᠠᠷ ᠰᠠᠶᠢᠨ ᠰᠢᠨᠡᠯᠡᠪᠡ ᠤᠤ︖︾ ᠭᠡᠬᠦ | ᠲᠦᠭᠦᠮᠬᠡᠨ ᠭᠡᠯᠡᠯᠭᠡ ᠤᠯᠠᠨ ᠬᠡᠷᠡᠭᠯᠡᠭᠳᠡᠵᠦ ᠪᠠᠶᠢᠬᠤ ᠪᠠ ︽ᠮᠠᠨ ᠤ ᠭᠡᠷ ᠪᠦᠭᠦᠳᠡᠭᠡᠷ᠂ ᠲᠠᠨ ᠤ ᠭᠡᠷ ᠪᠦᠭᠦᠳᠡᠭᠡᠷ ᠲᠤ | ᠰᠢᠨ᠎ᠡ ᠶᠢᠨ ᠮᠡᠨᠳᠤᠴᠢᠯᠡᠭᠡ ᠲᠡᠪᠰᠢᠭᠦᠯᠵᠦ ᠪᠠᠶᠢᠨ᠎ᠠ︕ ᠰᠠᠶᠢᠨ ᠰᠢᠨᠡᠯᠡᠪᠡ ᠤᠤ︖︾ ᠭᠡᠬᠦ ᠤᠷᠴᠢᠭᠤᠯᠭ᠎ᠠ ᠶᠢᠨ | ᠮᠡᠨᠳᠤᠴᠢᠯᠡᠭᠡ ᠬᠡᠷᠡᠭᠯᠡᠭᠳᠡᠬᠦ ᠨᠢ ᠴᠦ ᠤᠯᠠᠰᠢᠷᠠᠵᠦ ᠢᠷᠡᠭᠰᠡᠨ ᠪᠠᠶᠢᠨ᠎ᠠ᠃ ᠤᠳᠤᠬᠠᠨ ᠳᠤ ᠵᠢᠯ ᠴᠠᠭᠠᠨ ᠰᠠᠷ᠎ᠠ ᠶᠢᠨ | ᠮᠡᠨᠳᠤᠴᠢᠯᠡᠭᠡ ᠶᠢᠨ ᠬᠡᠯᠡ ᠬᠡᠯᠡᠯᠭᠡ ᠨᠢ ᠶᠠᠲᠠᠭᠤᠷᠠᠭᠰᠠᠨ᠂ ᠢᠯᠡᠳᠬᠡᠬᠦ ᠠᠷᠭ᠎ᠠ ᠪᠠᠷᠢᠯ ᠤᠨ ᠲᠠᠯ᠎ᠠ ᠪᠠᠷ ᠨᠡᠯᠢᠶᠡᠳ | ᠬᠦᠰᠢᠭᠦᠨ ᠪᠤᠯᠤᠭᠰᠠᠨ ᠭᠡᠳᠡᠭ ᠪᠤᠯᠪᠠᠴᠦ ᠦᠪᠦᠷ ᠮᠤᠩᠭᠤᠯ ᠤᠨ ᠬᠠᠮᠢᠭ᠎ᠠ ᠴᠦ ᠭᠡᠰᠡᠨ ᠬᠠᠲᠠᠭᠠᠯᠠᠭᠳᠠᠵᠤ | ᠬᠡᠷᠡᠭᠯᠡᠭᠳᠡᠵᠦ ᠪᠠᠶᠢᠭ᠎ᠠ ᠶᠤᠮ᠃ ᠬᠡᠳᠦ᠋ᠢᠪᠡᠷ ᠭᠠᠵᠠᠷ ᠤᠷᠤᠨ ᠤ ᠵᠦᠷᠢᠶ᠎ᠡ᠂ ᠨᠤᠳᠤᠭ ᠨᠤᠳᠤᠭ ᠤᠨ ᠢᠯᠭᠠᠭ᠎ᠠ | ᠤᠷᠤᠰᠢᠵᠦ ᠪᠠᠶᠢᠪᠠᠴᠦ᠂ ᠵᠢᠯ ᠴᠠᠭᠠᠨ ᠰᠠᠷ᠎ᠠ ᠶᠢ ᠪᠡᠯᠭᠡᠯᠡᠬᠦ ᠠᠵᠢᠯᠯᠠᠭ᠎ᠠ ᠤᠷᠤᠰᠢᠵᠦ ᠯᠠ ᠪᠠᠶᠢᠪᠠᠯ ᠦᠷᠭᠦᠯᠵᠢᠯᠠᠨ | ᠬᠡᠷᠡᠭᠯᠡᠭᠳᠡᠭᠦ ᠨᠢ ᠡᠷᠡᠭᠡᠯᠵᠡᠭᠡ ᠦᠭᠡᠢ᠃ | ᠡᠭᠦᠨ ᠠᠴᠠ ᠭᠠᠳᠠᠨ᠎ᠠ ᠪᠤᠰᠤᠳ ᠵᠦᠢᠯ ᠤᠨ ᠪᠠᠶᠠᠷ ᠶᠤᠰᠤᠯᠠᠯ ᠤᠨ ᠮᠡᠨᠳᠤᠴᠢᠯᠡᠭᠡ ᠪᠠᠰᠠ ᠪᠤᠢ᠃ | ᠵᠢᠱᠢᠶᠡᠯᠡᠪᠡᠯ᠂ ᠡᠮᠡᠭᠳᠡᠶᠢᠴᠥᠳ ᠤᠨ ᠪᠠᠶᠠᠷ᠂ ᠬᠡᠤᠬᠡᠳ ᠤᠨ ᠪᠠᠶᠠᠷ᠂ ᠵᠠᠯᠠᠭᠤᠴᠤᠳ ᠤᠨ ᠪᠠᠶᠠᠷ᠂ ᠨᠠᠰᠤᠨ ᠪᠠᠶᠠᠷ᠂ | ᠭᠡᠤᠭᠡᠳ ᠤᠨ ᠣᠢ ᠶᠢᠨ ᠪᠠᠶᠠᠷ᠂ ᠬᠤᠷᠢᠮ ᠤᠨ ᠶᠤᠰᠤᠯᠠᠯ ᠤᠨ ᠪᠠᠶᠠᠷ᠂ ᠪᠠᠭᠰᠢ ᠶᠢᠨ ᠪᠠᠶᠠᠷ ᠵᠡᠷᠭᠡ ᠶᠢᠨ ︽ᠲᠠᠨ ᠳᠤ | ᠪᠠᠶᠠᠷ ᠤᠨ ᠡᠳᠦᠷ ᠤᠨ ᠮᠡᠨᠳᠤᠴᠢᠯᠡᠭᠡ ᠳᠡᠪᠰᠢᠭᠦᠯᠦᠶ᠎ᠡ︾᠂ ︽ᠪᠠᠶᠠᠷ ᠤᠨ ᠮᠡᠨᠳᠦ ᠠᠶᠢᠯᠠᠳᠬᠠᠶ᠎ᠠ︾᠂ ︽᠁ | ᠪᠠᠶᠠᠷ ᠤᠨ ᠡᠳᠦᠷ ᠢ ᠳᠤᠬᠢᠶᠠᠯᠳᠤᠭᠤᠯᠤᠨ ᠲᠠᠨ ᠳᠤ ᠪᠠᠶᠠᠷ ᠤᠨ ᠡᠳᠦᠷ ᠤᠨ ᠮᠡᠨᠳᠤᠴᠢᠯᠡᠭᠡ ᠳᠡᠪᠰᠢᠭᠦᠯᠦᠶ᠎ᠡ︾ | ᠵᠡᠷᠭᠡ ᠶᠢᠨ ᠮᠡᠨᠳᠤᠴᠢᠯᠡᠭᠡᠨ ᠳᠤ ᠬᠤᠯᠪᠤᠭᠳᠠᠭᠰᠠᠨ ᠬᠡᠯᠡ ᠬᠡᠯᠡᠯᠭᠡ ᠨᠢ ᠪᠠᠷᠤᠭ ᠯᠠ ᠬᠠᠶᠠᠭᠳᠠᠵᠤ ᠬᠡᠷᠡᠭᠯᠡᠭᠡᠨ ᠠᠴᠠ | ᠭᠠᠷᠤᠭᠰᠠᠨ ᠪᠤᠶᠤ ᠵᠠᠷᠢᠮ ᠨᠢ ᠢᠷᠦᠭᠡᠯ ᠢᠶᠠᠷ ᠤᠷᠤᠯᠠᠭᠤᠯᠤᠭᠳᠠᠨ ᠬᠡᠷᠡᠭᠯᠡᠭᠳᠡᠵᠦ ᠪᠠᠶᠢᠨ᠎ᠠ᠃ ᠪᠠᠷᠤᠭ ᠯᠠ ︽᠁ | ᠶᠢ ᠪᠠᠶᠠᠷᠯᠠᠨ ᠪᠡᠯᠭᠡᠯᠡᠶ᠎ᠡ︾᠂ ︽᠁ ᠳᠤ ᠪᠠᠶᠠᠷ ᠬᠦᠷᠭᠡᠶ᠎ᠡ︾ ᠭᠡᠬᠦ ᠦᠭᠦᠯᠡᠪᠦᠷᠢ ᠪᠠᠷ ᠲᠤᠪᠴᠢᠯᠠᠬᠤ ᠪᠤᠯᠤᠭᠰᠠᠨ | ᠪᠠᠶᠢᠨ᠎ᠠ᠃ | ᠲᠠᠪᠤ᠂ ᠢᠷᠤᠭᠡᠯᠲᠤ ᠮᠡᠨᠳᠤᠴᠢᠯᠡᠭᠡ | ᠢᠷᠤᠭᠡᠯᠲᠤ ᠮᠡᠨᠳᠤᠴᠢᠯᠡᠭᠡ ᠪᠤᠯ ᠪᠤᠰᠤᠳ ᠲᠦᠷᠦᠯ ᠤᠨ ᠮᠡᠨᠳᠤᠴᠢᠯᠡᠭᠡ ᠠᠴᠠ ᠴᠠᠭ ᠤᠨ ᠲᠠᠯ᠎ᠠ ᠪᠠᠷ ᠦᠭᠡᠷ᠎ᠡ | ᠪᠠᠶᠢᠳᠠᠭ ᠤᠨᠴᠠᠯᠢᠭ ᠲᠠᠢ ᠶᠤᠮ᠃ ᠪᠤᠰᠤᠳ ᠮᠡᠨᠳᠤᠴᠢᠯᠡᠭᠡ ᠶᠢ ᠲᠡᠭᠦᠦᠨᠠᠷ ᠭᠦᠮᠦᠰ ᠤᠷᠢᠳᠴᠢᠯᠡᠨ ᠲᠡᠪᠰᠢᠭᠦᠯᠳᠡᠭ | ᠪᠤᠯ ᠢᠷᠦᠭᠡᠯᠳᠤ ᠮᠡᠨᠳᠤᠴᠢᠯᠡᠭᠡ ᠨᠢ ᠠᠯᠢ ᠨᠢᠭᠡ ᠬᠦᠮᠤᠨ ᠨᠢ ᠴᠦ ᠤᠷᠢᠳᠠᠪᠡᠷ ᠲᠡᠪᠰᠢᠭᠦᠯᠵᠦ ᠪᠤᠯᠳᠠᠭ᠃ ᠡᠨᠡᠬᠦ | ᠲᠦᠷᠦᠯ ᠤᠨ ᠮᠡᠨᠳᠤᠴᠢᠯᠡᠭᠡ ᠨᠢ ᠢᠷᠦᠭᠡᠨ ᠪᠡᠯᠭᠡᠰᠢᠶᠡᠵᠤ ᠬᠡᠯᠡᠬᠦ ᠪᠤᠶᠤ ᠬᠦᠰᠡᠨ ᠵᠦᠩᠨᠡᠬᠦ ᠬᠡᠯᠪᠡᠷᠢ ᠪᠠᠷ | ᠲᠡᠪᠰᠢᠭᠦᠯᠳᠡᠭ ᠲᠤᠯᠠ ᠦᠪᠡᠷ ᠤᠨ ᠭᠡᠰᠡᠨ ᠤᠨᠴᠠᠯᠢᠭ ᠰᠢᠨᠵᠢ ᠲᠠᠢ ᠪᠠᠶᠢᠳᠠᠭ᠃ ᠡᠶᠢᠮᠦ ᠤᠴᠢᠷ ᠠᠴᠠ ᠡᠨᠡ | ᠲᠦᠷᠦᠯ ᠤᠨ ᠮᠡᠨᠳᠦᠴᠢᠯᠡᠭᠡ ᠨᠢ ᠠᠰᠠᠭᠤᠬᠤ ᠦᠭᠦᠯᠡᠪᠦᠷᠢ ᠶᠢᠨ ᠬᠡᠯᠪᠡᠷᠢ ᠪᠠᠷ ᠲᠡᠭᠦᠰᠳᠡᠭ ᠦᠭᠡᠢ ᠶᠤᠮ᠃ | ᠢᠷᠤᠭᠡᠯᠲᠤ ᠮᠡᠨᠳᠤᠴᠢᠯᠡᠭᠡ ᠶᠢ ᠵᠠᠷᠢᠮ ᠡᠷᠳᠡᠮᠲᠡᠨ ᠠᠴᠠ᠄ ︽ᠢᠷᠦᠭᠡᠯ ᠲᠠᠯᠠᠷᠬᠠᠯᠲᠤ ᠮᠡᠨᠳᠤᠴᠢᠯᠡᠭᠡ︾ ᠭᠡᠬᠦ | ᠪᠤᠶᠤ ᠪᠦᠷ ᠵᠠᠷᠢᠮ ᠨᠢ ᠡᠭᠦᠨ ᠢ ᠮᠠᠨᠳᠦᠴᠢᠯᠡᠭᠡᠨ ᠤ ᠬᠦᠷᠢᠶ᠎ᠡ ᠬᠡᠪᠴᠢᠶᠡᠨ ᠠᠴᠠ ᠠᠩᠭᠢᠲᠠ ᠪᠠᠶ᠎ᠠ ᠳᠠᠭᠠᠭᠠᠭᠰᠠᠨ ︽ | ᠢᠷᠦᠭᠡᠯ︾ ᠤᠨ ᠰᠤᠶᠤᠯ ᠭᠡᠵᠦ ᠰᠤᠳᠤᠯᠬᠤ ᠪᠤᠶᠤ ︽ᠢᠷᠦᠭᠡᠯ ᠮᠠᠭᠲᠠᠭᠠᠯ︾ ᠤᠨ ᠰᠤᠶᠤᠯ ᠭᠡᠵᠦ ᠰᠢᠨᠵᠢᠯᠡᠵᠤ | ᠪᠠᠶᠢᠭ᠎ᠠ ᠴᠤ ᠪᠤᠢ᠃ ᠡᠷᠳᠡᠮ ᠰᠢᠨᠵᠢᠯᠡᠭᠡᠨ ᠤ ᠬᠠᠷᠠᠯᠲᠠ ᠴᠢᠭᠯᠡᠯᠲᠡ ᠤᠨᠳᠤᠤ᠂ ᠰᠤᠳᠤᠯᠬᠤ ᠬᠦᠷᠢᠶ᠎ᠡ ᠬᠡᠪᠴᠢᠶ᠎ᠡ᠂ | ᠠᠷᠭ᠎ᠠ ᠠᠳᠠᠯᠢ ᠪᠤᠰᠤ ᠲᠤᠯᠠ ᠠᠯᠢ ᠨᠢᠭᠡ ᠶᠢ ᠨᠢ ᠵᠦᠪ ᠪᠤᠷᠤᠭᠤ ᠭᠡᠵᠦ ᠦᠭᠦᠯᠡᠬᠦ ᠶᠢᠨ ᠠᠷᠭ᠎ᠠ ᠪᠠᠶᠢᠬᠤ ᠦᠭᠡᠢ᠃ | ᠮᠤᠩᠭᠤᠯᠴᠤᠳ ᠤᠨ ᠳᠤᠮᠳᠠ ᠢᠷᠤᠭᠡᠯᠲᠤ ᠮᠡᠨᠳᠤᠴᠢᠯᠡᠭᠡ ᠪᠦᠷᠢᠨ ᠰᠠᠶᠢᠬᠠᠨ ᠬᠡᠷᠡᠭᠯᠡᠭᠳᠡᠵᠦ ᠢᠷᠡᠭᠰᠡᠨ ᠶᠤᠮ᠃ | ᠵᠢᠱᠢᠶᠡᠯᠡᠪᠡᠯ᠂ ᠠᠳᠤᠭᠤ ᠮᠠᠯ ᠤᠰᠤᠯᠠᠵᠦ ᠪᠠᠶᠢᠬᠤ ᠲᠠᠢ ᠲᠤᠬᠢᠶᠠᠯᠳᠤᠪᠠᠯ ᠡᠳᠦᠷ ᠲᠤᠳᠤᠮ ᠤᠨ ᠮᠡᠨᠳᠤᠴᠢᠯᠡᠭᠡ | ᠲᠡᠪᠰᠢᠭᠦᠯᠵᠦ᠂ ᠪᠠᠭ᠎ᠠ ᠵᠡᠷᠭᠡ ᠬᠠᠮ ᠲᠡᠮ ᠪᠤᠯᠵᠦ ᠦᠭᠭᠦᠭᠰᠡᠨ ᠤ ᠲᠠᠷᠠᠭ᠎ᠠ ᠰᠠᠯᠵᠦ ᠶᠠᠪᠤᠬᠤ ᠦᠶ᠎ᠡ ᠳᠤ ᠪᠠᠨ᠄ ︽ | ᠤᠰᠤ ᠴᠡᠩᠬᠡᠭ᠂ ᠤᠨᠳᠤᠷᠤᠭ᠎ᠠ ᠠᠷᠪᠢᠨ ᠪᠤᠯᠤᠭ︕︾ ᠭᠡᠬᠦ ᠪᠠ ᠠᠳᠤᠭᠤ ᠤᠷᠭᠠᠯᠠᠵᠤ ᠪᠠᠶᠢᠬᠤ ᠲᠠᠢ | ᠲᠤᠬᠢᠶᠠᠯᠳᠤᠪᠠᠯ᠄ ︽ᠤᠨᠤᠭ᠎ᠠ ᠨᠢ ᠮᠡᠷᠭᠡᠨ᠂ ᠰᠠᠭᠤᠳᠠᠯ ᠨᠢ ᠪᠠᠳᠥ ᠪᠠᠶᠢᠭ︕︾ ᠭᠡᠬᠦ︔ ᠣᠳᠥᠷ ᠢᠶᠠᠷ ᠶᠠᠪᠤᠵᠤ | ᠪᠠᠶᠢᠭ᠎ᠠ ᠬᠦᠮᠤᠨ ᠳᠤ᠄ ︽ᠪᠡᠯᠴᠢᠭᠡᠷ ᠠᠷᠪᠢᠨ᠂ ᠤᠰᠤ ᠤᠷᠭᠤᠮᠠᠯ ᠲᠡᠭᠰᠢ ᠪᠠᠶᠢᠬᠤ ᠪᠤᠯᠳᠤᠭᠠᠢ︕︾ ᠭᠡᠬᠦ︔ | ᠮᠠᠯ ᠤᠨ ᠡᠷᠢᠯ ᠳᠤ ᠶᠠᠪᠤᠵᠥ ᠪᠠᠶᠢᠭ᠎ᠠ ᠬᠦᠮᠤᠨ ᠳᠤ᠄ ︽ᠡᠷᠢᠯ ᠦᠯᠵᠡᠶᠢᠳᠡᠢ ᠪᠤᠯᠤᠭ︕︾᠂ ︽ᠡᠷᠢᠯ ᠢᠶᠠᠨ ᠣᠯᠬᠤ | ᠪᠤᠯᠳᠤᠭᠠᠢ︕︾᠂ ︽ᠡᠷᠢᠯ ᠤᠶᠢᠷ᠎ᠠ ᠪᠠᠶᠢᠭ︕︾ ᠭᠡᠬᠦ︔ ᠠᠶᠢᠷᠠᠭ ᠪᠦᠯᠢᠵᠦ ᠪᠠᠶᠢᠭ᠎ᠠ ᠬᠦᠮᠦᠨ ᠳᠤ᠄ ︽ᠲᠤᠰᠥ | ᠶᠡᠭᠡ ᠤᠨᠠᠬᠤ ᠪᠤᠯᠳᠤᠭᠠᠢ︕︾ ᠭᠡᠬᠦ︔ ᠠᠶᠢᠷᠠᠭ ᠤᠤᠭᠤᠵᠤ ᠪᠤᠢ ᠬᠦᠮᠦᠨ ᠳᠤ᠄ ︽ᠠᠶᠢᠷᠠᠭ ᠰᠢᠩᠭᠡᠭᠡᠵᠢᠳᠡᠢ᠂ | ᠰᠢᠮᠡᠳᠡᠢ ᠪᠤᠯᠤᠭ︕︾ ᠭᠡᠬᠦ︔ ᠲᠦᠷᠦᠭᠡ ᠲᠠᠷᠬᠠᠯᠠᠵᠦ᠂ ᠲᠦᠷᠦᠭᠡᠨ ᠰᠤᠷ ᠬᠢᠵᠦ ᠪᠠᠶᠢᠬᠤ ᠬᠦᠮᠦᠨ ᠳᠤ᠄ ︽ | ᠲᠦᠷᠦᠭᠡ ᠡᠭᠡᠯᠢᠳᠡᠢ ᠪᠤᠯᠤᠭ︕︾᠂ ︽ᠲᠦᠷᠦᠭᠡ ᠠᠷᠢᠭᠤᠨ ᠪᠤᠯᠤᠭ︕︾ ᠭᠡᠬᠦ︔ ᠡᠮᠨᠢᠭ ᠰᠤᠷᠭᠠᠵᠤ ᠪᠠᠶᠢᠬᠤ | ᠬᠦᠮᠦᠨ ᠳᠤ᠄ ︽ᠡᠮᠨᠢᠭ ᠨᠢ ᠨᠤᠮᠤᠬᠠᠨ᠂ ᠡᠷ᠎ᠡ ᠨᠢ ᠠᠪᠬᠠᠯᠵᠢᠳᠠᠢ ᠪᠤᠯᠤᠭ︕︾᠂ ︽ᠡᠮᠨᠢᠭ ᠨᠢ ᠰᠢᠨᠳᠠᠰᠤᠳᠠᠢ᠂ | ᠡᠷ᠎ᠡ ᠨᠢ ᠡᠷᠡᠲᠡᠢ ᠪᠤᠯᠤᠭ︕︾ ᠭᠡᠬᠦ︔ ᠮᠠᠯ ᠬᠦᠩᠭᠡᠯᠡᠵᠦ ᠪᠠᠶᠢᠪᠠᠯ᠄ ︽ᠦᠳᠦᠨ ᠠᠴᠠ ᠬᠦᠩᠭᠡᠨ᠂ ᠰᠤᠮᠤᠨ ᠠᠴᠠ | ᠬᠤᠷᠳᠤᠨ ᠪᠤᠯᠤᠭ︕︾ ᠭᠡᠬᠦ︔ ᠲᠡᠮᠡᠭᠡ ᠨᠤᠤᠰᠤᠯᠠᠵᠦ ᠪᠠᠶᠢᠬᠤ ᠬᠦᠮᠦᠨ ᠳᠤ᠄ ︽ᠠᠪᠬᠤ ᠨᠤᠤᠰᠤ ᠨᠢ ᠠᠷᠪᠢᠨ᠂ | ᠤᠷᠭᠤᠬᠤ ᠨᠤᠤᠰᠤ ᠨᠢ ᠤᠷᠳᠤ ᠪᠤᠯᠤᠭ︕︾ ᠭᠡᠬᠦ︔ ᠬᠤᠨᠢ ᠬᠠᠶᠢᠴᠢᠯᠠᠵᠦ ᠪᠠᠶᠢᠬᠤ ᠬᠦᠮᠦᠨ ᠳᠤ᠄ ︽ | ᠬᠠᠶᠢᠴᠢ ᠨᠢ ᠬᠤᠷᠴᠠ᠂ ᠬᠠᠶᠢᠴᠢᠯᠠᠭᠰᠠᠨ ᠬᠤᠨᠢ ᠨᠢ ᠲᠦᠮᠡ ᠬᠦᠷᠦᠭ︕︾ ᠭᠡᠬᠦ ᠪᠤᠶᠤ ︽ᠬᠠᠶᠢᠴᠢ ᠨᠢ ᠬᠤᠷᠴᠠ᠂ | ᠬᠠᠭᠳᠠ ᠤᠩᠭᠠᠰᠤ ᠨᠢ ᠬᠦᠪᠰᠤᠭᠡᠷ ᠪᠤᠯᠤᠭ︕︾ ᠭᠡᠬᠦ︔ ᠲᠥᠯ ᠲᠤᠰᠴᠦ ᠪᠠᠶᠢᠬᠤ ᠬᠦᠮᠦᠨ ᠳᠤ᠄ ︽ᠮᠢᠩᠭᠠᠨ | ᠬᠤᠨᠢᠨ ᠤ ᠮᠠᠩᠯᠠᠢ᠂ ᠲᠦᠮᠡᠨ ᠬᠤᠨᠢᠨ ᠤ ᠲᠦᠷᠦᠭᠦᠤ ᠪᠤᠯᠤᠭ︕︾᠂ ︽ᠲᠤᠭ᠎ᠠ ᠨᠢ ᠪᠤᠮ ᠬᠦᠷᠴᠦ᠂ | ᠲᠤᠭᠤᠰᠤ ᠨᠢ ᠤᠭᠳᠠᠷᠭᠤᠢ ᠬᠦᠷᠦᠭ︕︾ ᠭᠡᠬᠦ︔ ᠢᠰᠡᠬᠡᠢ ᠬᠢᠵᠦ ᠪᠠᠶᠢᠬᠤ ᠬᠦᠮᠦᠨ ᠳᠤ᠄ ︽ᠶᠠᠰᠤᠨ ᠠᠴᠠ | ᠬᠠᠲᠠᠭᠤ᠂ ᠴᠠᠰᠤᠨ ᠠᠴᠠ ᠴᠠᠭᠠᠨ ᠢᠰᠡᠬᠡᠢ ᠪᠤᠯᠤᠭ︕︾ ᠭᠡᠬᠦ︔ ᠦᠢᠯᠡ ᠣᠶᠣᠳᠠᠯ ᠤᠶᠤᠵᠤ ᠪᠠᠶᠢᠭ᠎ᠠ | ᠬᠦᠮᠤᠨ ᠳᠤ᠄ ︽ᠦᠢᠯᠡ ᠤᠷᠠᠨ ᠪᠤᠯᠤᠭ︕︾᠂ ︽ᠤᠶᠤᠳᠠᠯ ᠨᠠᠷᠢᠨ ᠪᠤᠯᠤᠭ︕︾ ᠭᠡᠬᠦ︔ ᠨᠣᠮ ᠤᠩᠰᠢᠵᠦ | ᠪᠠᠶᠢᠬᠤ ᠬᠦᠮᠦᠨ ᠳᠤ᠄ ︽ᠡᠷᠲᠡᠮ ᠶᠡᠭᠡ ᠪᠤᠯᠤᠭ︕︾᠂ ︽ᠪᠢᠯᠢᠭ ᠤᠶᠤᠨ ᠲᠡᠭᠦᠰ ᠪᠤᠯᠤᠭ︕︾᠂ ︽ | ᠤᠩᠰᠢᠭᠰᠠᠨ ᠨᠢ ᠶᠡᠭᠡ ᠪᠤᠯᠤᠭ︕︾᠂ ︽ᠨᠢᠳᠦ ᠬᠤᠷᠴᠠ ᠪᠤᠯᠤᠭ︕︾᠂ ᠪᠢᠴᠢᠭ ᠪᠢᠴᠢᠵᠤ ᠪᠠᠶᠢᠭ᠎ᠠ | ᠬᠦᠮᠦᠨ ᠳᠤ᠄ ︽ᠪᠢᠷ ᠬᠤᠷᠴᠠ ᠪᠤᠯᠤᠭ︕︾᠂ ︽ᠪᠢᠴᠢᠭ ᠲᠦᠪᠰᠢᠨ ᠪᠤᠯᠤᠭ︕︾ ᠭᠡᠬᠦ︔ ᠪᠠᠶᠢᠰᠢᠩ | ᠪᠠᠷᠢᠵᠦ ᠪᠠᠶᠢᠬᠤ ᠬᠦᠮᠦᠨ ᠳᠤ᠄ ︽ᠰᠠᠭᠤᠷᠢ ᠪᠠᠳᠥ᠂ ᠪᠠᠷᠢᠯᠭ᠎ᠠ ᠤᠷᠠᠨ ᠪᠤᠯᠤᠭ︕︾᠂ ︽ᠨᠢᠷᠤᠭᠤ ᠪᠠᠲᠦ | ᠪᠤᠯᠤᠭ︕︾ ᠭᠡᠬᠦ ᠵᠡᠷᠭᠡᠪᠠᠷ ᠠᠯᠢᠪᠠ ᠰᠠᠶᠢᠨ ᠰᠠᠶᠢᠬᠠᠨ ᠢ ᠵᠦᠡᠭᠨᠡᠨ ᠪᠡᠯᠭᠡᠰᠢᠶᠡᠬᠦ ᠡᠭᠦᠳᠡᠨ ᠠᠴᠠ ᠢᠷᠦᠭᠡᠵᠤ | ᠮᠠᠭᠲᠠᠬᠤ ᠠᠶᠠᠰ ᠲᠠᠢ ᠠᠩᠬᠠᠷᠤᠭᠤᠯᠬᠤ ᠦᠭᠡ ᠦᠭᠦᠯᠡᠪᠦᠷᠢ ᠬᠡᠷᠡᠭᠯᠡᠵᠤ ᠮᠡᠨᠳᠤᠴᠢᠯᠡᠵᠤ ᠢᠷᠡᠭᠰᠡᠨ ᠶᠤᠮ᠃ | ᠢᠷᠤᠭᠡᠯᠲᠤ ᠮᠡᠨᠳᠤᠴᠢᠯᠡᠭᠡ ᠪᠤᠯ ᠮᠤᠩᠭᠤᠯᠴᠤᠳ ᠤᠨ ᠬᠠᠮᠤᠭ ᠤᠨ ᠦᠷᠭᠡᠨ ᠲᠡᠯᠭᠡᠷ ᠮᠦᠷᠲᠡᠭᠡᠨ ᠡᠳᠤᠷ ᠲᠤᠳᠤᠮ ᠤᠨ | ᠠᠮᠢᠳᠤᠷᠠᠯ ᠲᠤᠮᠳᠠ ᠬᠡᠷᠡᠭᠯᠡᠭᠳᠡᠳᠡᠭ᠂ ᠠᠭᠤᠯᠭ᠎ᠠ ᠲᠦᠷᠦᠯ ᠵᠦᠢᠯ ᠢᠶᠠᠷ ᠬᠠᠮᠤᠭ ᠤᠨ ᠤᠯᠠᠨ᠂ ᠬᠡᠯᠡ ᠬᠡᠯᠡᠯᠭᠡ | ᠬᠠᠮᠤᠭ ᠤᠨ ᠪᠠᠶᠠᠯᠢᠭ ᠮᠡᠨᠳᠤᠴᠢᠯᠡᠭᠡᠨ ᠤ ᠰᠤᠶᠤᠯ᠂ ᠵᠠᠩ ᠦᠢᠯᠡ ᠶᠢᠨ ᠨᠢᠭᠡᠨ ᠵᠦᠢᠯ ᠪᠤᠯᠬᠤ ᠶᠤᠮ᠃ | ᠤᠳᠤ ᠴᠦᠬᠡᠨ ᠲᠣᠭᠠᠨ ᠤ ᠠᠬᠠᠮᠠᠳ ᠨᠠᠰᠤᠳᠠᠳ ᠠᠴᠠ ᠪᠤᠰᠤᠳ ᠢᠳᠡᠷ ᠨᠠᠰᠤᠨ ᠤ ᠬᠦᠮᠤᠰ ᠢ | ᠪᠠᠭᠳᠠᠭᠠᠭᠰᠠᠨ ᠬᠤᠶᠢᠴᠢ ᠦᠶ᠎ᠡ ᠶᠢᠨ ᠬᠢᠨ ᠪᠠᠷᠤᠭ ᠯᠡ ᠬᠡᠷᠡᠭᠯᠡᠬᠦ ᠪᠠᠨ ᠪᠤᠯᠢᠭᠰᠠᠨ ᠪᠠᠶᠢᠨ᠎ᠠ᠃ ᠡᠭᠦᠨ ᠳᠤ ᠵᠠᠷᠢᠮ | ᠠᠵᠢᠯ ᠲᠦᠷᠦᠯ ᠨᠢ ᠪᠤᠳᠠᠳᠤ ᠠᠮᠢᠳᠤᠷᠠᠯ ᠳᠤ ᠲᠡᠮᠡᠢ ᠲᠤᠬᠢᠶᠠᠯᠳᠤᠬᠤ ᠦᠭᠡᠢ ᠪᠤᠯᠤᠭᠰᠠᠨ ᠰᠢᠯᠳᠠᠭᠠᠨ ᠪᠤᠢ᠃ | ᠵᠢᠱᠢᠶᠡᠯᠡᠪᠡᠯ᠂ ᠠᠶᠢᠷᠠᠭ ᠪᠦᠯᠢᠬᠦ᠂ ᠲᠦᠷᠦᠭᠡ ᠬᠢᠬᠦ᠂ ᠴᠢᠳᠤᠷ ᠵᠠᠩᠬᠢᠳᠬᠤ᠂ ᠢᠰᠡᠬᠡᠢ ᠬᠢᠬᠦ᠂ ᠦᠢᠯᠡ ᠣᠶᠤᠳᠠᠯ | ᠤᠶᠤᠬᠤ ᠵᠡᠷᠭᠡ᠃ ᠡᠭᠦᠨ ᠠᠴᠠ ᠭᠠᠳᠠᠨ᠎ᠠ ᠭᠡᠷ ᠪᠠᠷᠢᠬᠤ᠂ ᠭᠡᠷ ᠨᠡᠬᠦᠬᠦ ᠵᠡᠷᠭᠡ ᠠᠵᠢᠯ ᠲᠦᠷᠦᠯ ᠢ ᠦᠪᠡᠷᠰᠡᠳ ᠢᠶᠠᠨ | ᠬᠢᠬᠦ ᠪᠢᠰᠢ ᠲᠤᠰᠬᠠᠢ ᠬᠦᠮᠦᠰ ᠲᠤ ᠬᠦᠯᠦᠰᠦ ᠤᠯᠭᠤᠮᠵᠢ ᠦᠭᠭᠦᠨ ᠬᠢᠯᠭᠡᠳᠡᠭ ᠪᠤᠯᠤᠭᠰᠠᠨ ᠵᠡᠷᠭᠡ ᠲᠠᠢ | ᠬᠤᠯᠪᠤᠭ᠎ᠠ ᠲᠠᠢ ᠶᠤᠮ᠃ ᠪᠠᠰᠠ ᠨᠠᠰᠤᠳᠠᠶᠢᠴᠤᠳ ᠪᠤᠶᠤ ᠠᠬᠠᠮᠠᠳ ᠬᠦᠮᠤᠰ ᠨᠢ ᠬᠡᠤᠬᠡᠳ ᠪᠠᠭᠠᠴᠤᠳ ᠤᠨ | ᠭᠠᠷ ᠠᠴᠠ ᠶᠠᠭᠤᠮ᠎ᠠ ᠠᠪᠬᠤ ᠦᠶ᠎ᠡ ᠳᠤ ᠪᠠᠨ᠄ ︽ᠠᠭᠤᠯᠠ ᠠᠴᠠ ᠦᠨᠳᠤᠷ ᠪᠡᠶ᠎ᠡ ᠲᠠᠢ᠂ ᠤᠰᠤᠨ ᠠᠴᠠ ᠭᠦᠨ | ᠡᠷᠲᠡᠮ ᠲᠠᠢ ᠪᠤᠯᠤᠭᠠᠷᠠᠢ︕︾᠂ ︽ᠵᠠᠭᠤ ᠨᠠᠰᠤᠯᠠ᠂ ᠵᠢᠷᠭᠤᠭᠠᠳᠠᠢ ᠲᠠᠶᠠᠭ ᠲᠤᠯᠤᠭ︕︾᠂ ︽ᠤᠷᠳᠤ | ᠨᠠᠰᠤᠯᠠ᠂ ᠤᠳᠠᠭᠠᠨ ᠵᠢᠷᠭ᠎ᠠ︕︾᠂ ︽ᠦᠨᠳᠤᠷ ᠬᠦᠤ ᠪᠤᠯᠤᠭᠠᠷᠠᠢ︕︾ ᠭᠡᠬᠦ ᠮᠡᠳᠤ ᠢᠷᠤᠭᠡᠯᠲᠤ | ᠮᠡᠨᠳᠤᠴᠢᠯᠡᠭᠡᠨ ᠤ ᠦᠭᠡ ᠬᠡᠯᠡᠳᠡᠭ ᠵᠠᠩ ᠵᠠᠩᠰᠢᠯ ᠲᠠᠢ ᠪᠠᠶᠢᠵᠠᠢ᠃ ᠡᠳᠦᠭᠡ ᠡᠲᠡᠭᠡᠷ ᠢᠷᠤᠭᠡᠯᠲᠤ ᠮᠡᠨᠳᠤᠴᠢᠯᠡᠭᠡ ᠶᠢ | ᠪᠤᠯ ᠡᠪᠦᠭᠡ ᠡᠮᠡᠭᠡ ᠨᠢ ᠤᠮᠪᠤᠯᠤ ᠲᠤᠮᠪᠤᠯᠤ᠂ ᠦᠪᠡᠷ ᠤᠨ ᠦᠷ᠎ᠡ ᠠᠴᠢ ᠨᠠᠷ ᠲᠤ ᠪᠠᠨ ᠬᠠᠶᠠ ᠨᠢᠭᠡ ᠬᠡᠷᠡᠭᠯᠡᠬᠦ ᠪᠤᠶᠤ | ᠵᠢᠯ ᠴᠠᠭᠠᠨ ᠰᠠᠷ᠎ᠠ ᠪᠤᠯᠬᠤ᠂ ᠨᠠᠰᠤᠨ ᠪᠠᠶᠠᠷ᠂ ᠬᠤᠷᠢᠮ ᠨᠠᠶᠢᠷ ᠵᠡᠷᠭᠡ ᠪᠠᠶᠠᠷ ᠶᠤᠰᠤᠯᠠᠯ ᠤᠨ ᠴᠢᠨᠠᠷᠲᠠᠢ ᠴᠠᠭ ᠮᠦᠴᠠ | ᠪᠤᠶᠤ ᠭᠡᠷ ᠬᠤᠳᠠᠯᠠᠭᠠᠷ ᠨᠠᠶᠢᠷ ᠬᠦᠷ ᠪᠣᠯᠵᠤ ᠪᠠᠶᠢᠭ᠎ᠠ ᠨᠡᠯᠢᠶᠡᠳ ᠤᠨᠴᠠᠭᠠᠢ ᠪᠠᠶᠢᠳᠠᠯ ᠳᠤ ᠯᠡ ᠬᠡᠷᠡᠭᠯᠡᠵᠥ ᠪᠠᠶᠢᠭ᠎ᠠ ᠶᠢ | ᠭᠠᠷᠭᠠᠪᠠᠯ ᠦᠨᠳᠤᠰᠤᠨ ᠳᠤ ᠪᠠᠨ ᠬᠡᠷᠡᠭᠯᠡᠬᠦ ᠪᠠᠨ ᠪᠤᠯᠢᠭᠰᠠᠨ ᠪᠠᠶᠢᠨ᠎ᠠ᠃ ᠡᠳᠡᠭᠡᠷ ᠢᠷᠤᠭᠡᠯᠲᠤ ᠮᠡᠨᠳᠤᠴᠢᠯᠡᠭᠡ ᠶᠢᠨ | ᠬᠠᠷᠢᠭᠤ ᠮᠡᠨᠳᠤᠴᠢᠯᠡᠭᠡ ᠨᠢ ᠨᠡᠯᠢᠶᠡᠳ ᠬᠡᠪᠰᠢᠭᠰᠡᠨ ᠪᠠᠶᠢᠳᠠᠭ᠃ ᠶᠡᠬᠡᠩᠬᠢ ᠳᠤ ᠪᠠᠨ ︽ᠠᠮᠠᠨ ᠪᠡᠯᠭᠡ ᠠᠴᠠ | ᠠᠰᠢᠳᠠ ᠶᠢᠨ ᠪᠡᠯᠭᠡ︕︾᠂ ︽ᠢᠷᠦᠭᠡᠯ ᠪᠠᠳᠥ ᠤᠷᠤᠰᠢᠭ︕︾᠂ ︽ᠢᠷᠦᠭᠡᠯ ᠲᠤᠭᠳᠠᠬᠤ ᠪᠤᠯᠳᠤᠭᠠᠢ︕︾᠂ | ︽ᠦᠯᠵᠡᠶᠢᠳᠡᠢ ᠪᠤᠯᠳᠤᠭᠠᠢ︕︾᠂ ︽ᠦᠯᠵᠡᠢ ᠤᠷᠤᠰᠢᠭ︕︾᠂ ︽ᠠᠮᠠᠨ ᠢᠷᠦᠭᠡᠯ ᠠᠰᠢᠳᠠ ᠶᠢᠨ ᠪᠡᠯᠭᠡ︕ | ︾᠂ ︽ᠠᠮᠠ ᠦᠯᠵᠡᠶᠢᠳᠡᠢ ᠪᠤᠯᠤᠭ︕︾᠂ ︽ᠢᠷᠦᠭᠡᠯ ᠢᠶᠠᠷ ᠪᠤᠯᠤᠭ︕︾᠂ ︽ᠠᠮᠠᠨ ᠪᠡᠯᠭᠡ ᠪᠠᠷ ᠪᠤᠯᠤᠭ︕ | ︾᠂ ︽ᠲᠡᠷᠡ ᠪᠡᠯᠭᠡ ᠤᠷᠤᠰᠢᠳᠤᠭᠠᠢ︕︾᠂ ︽ᠲᠠᠨ ᠤ ᠢᠷᠦᠭᠡᠯ ᠰᠢᠩᠭᠡᠬᠦ ᠪᠤᠯᠳᠤᠭᠠᠢ︕︾᠂ ︽ᠲᠠᠨ ᠤ | ᠢᠷᠦᠭᠡᠯ ᠢᠶᠠᠷ ᠪᠤᠯᠤᠭ︕︾᠂ ︽ᠢᠷᠦᠭᠡᠯ ᠲᠤᠭᠳᠠᠬᠤ ᠪᠤᠯᠳᠤᠭᠠᠢ︕︾᠂ ︽ᠢᠷᠦᠭᠡᠯ ᠲᠣᠭᠲᠠᠭ︕︾᠂ ︽ | ᠲᠡᠶᠢᠮᠦ ᠪᠤᠯᠳᠤᠭᠠᠢ︾ ᠬᠡᠭᠦᠴᠢᠯᠡᠨ ᠠᠯᠢ ᠨᠢᠭᠡᠨ ᠦᠭᠡ ᠪᠠᠶᠢᠭᠰᠠᠨ ᠴᠦ ᠪᠤᠯᠬᠤ ᠶᠤᠮ᠃ ᠡᠳᠡᠭᠡᠷ ᠬᠠᠷᠢᠭᠤ | ᠮᠡᠨᠳᠤᠴᠢᠯᠡᠭᠡ ᠨᠢ ᠶᠡᠷᠦᠩᠭᠡᠢ ᠳᠤ ᠪᠠᠨ ᠶᠤᠰᠤᠭᠠᠷ ᠬᠡᠯᠡᠭᠳᠡᠵᠦ ᠪᠠᠶᠢᠭ᠎ᠠ ᠪᠤᠯᠪᠠᠴᠦ ᠬᠡᠯᠡᠨ ᠤ ᠢᠯᠡᠳᠬᠡᠬᠦ ᠠᠷᠭ᠎ᠠ᠂ | ᠦᠭᠡ ᠶᠢᠨ ᠪᠠᠶᠠᠯᠢᠭ ᠵᠡᠷᠭᠡ ᠲᠠᠯ᠎ᠠ ᠪᠠᠷ ᠢᠯᠡᠳᠲᠠ ᠶᠠᠳᠠᠭᠤᠷᠠᠵᠦ ᠪᠠᠶᠢᠭ᠎ᠠ ᠨᠢ ᠮᠡᠳᠡᠷᠡᠭᠳᠡᠵᠦ ᠪᠠᠶᠢᠨ᠎ᠠ᠃ ᠨᠡᠩ ᠴᠦ | ᠵᠠᠯᠠᠭᠤᠴᠤᠳ ᠪᠠᠭᠠᠴᠤᠳ ᠦᠨᠳᠤᠰᠤᠨ ᠲᠡᠭᠡᠷ᠎ᠡ ᠪᠠᠨ ︽ᠲᠠᠨ ᠳᠤ ᠪᠠᠶᠠᠷᠯᠠᠯ᠎ᠠ︕︾᠂ ︽ᠲᠠᠨ ᠳᠤ ᠲᠠᠯᠠᠷᠬᠠᠯ᠎ᠠ︕ | ︾᠂ ︽ᠲᠠᠨ ᠳᠤ ᠮᠠᠰᠢ ᠶᠡᠭᠡ ᠪᠠᠶᠠᠷᠯᠠᠯ᠎ᠠ︕︾᠂ ︽ᠲᠠᠨ ᠳᠤ ᠲᠦᠢᠯ ᠢᠶᠠᠷ ᠪᠠᠶᠠᠷᠯᠠᠯ᠎ᠠ︕︾ ᠭᠡᠬᠦ ᠮᠡᠳᠤᠴᠢᠯᠡᠨ | ᠲᠦᠭᠦᠮᠴᠢᠯᠡᠭᠰᠡᠨ᠂ ᠦᠭᠡᠷᠡᠳᠡᠭᠦᠯᠦᠭᠰᠡᠨ ᠦᠭᠡ ᠬᠡᠯᠡᠯᠭᠡ ᠶᠢ ᠬᠡᠷᠡᠭᠯᠡᠵᠦ᠂ ᠬᠠᠷᠢᠭᠤ ᠮᠡᠨᠳᠤᠴᠢᠯᠡᠭᠡ ᠪᠤᠯᠭᠠᠬᠤ ᠪᠠᠶᠢᠳᠠᠯ | ᠴᠦ ᠴᠦᠬᠡᠨ ᠪᠤᠰᠤ ᠲᠤᠬᠢᠶᠠᠯᠳᠤᠬᠤ ᠪᠤᠯᠤᠭᠰᠠᠨ ᠪᠠᠶᠢᠨ᠎ᠠ᠃ ᠢᠩᠬᠢᠵᠦ ᠦᠭᠡᠷᠡᠳᠦᠭᠦᠯᠵᠦ ᠪᠠᠶᠢᠭ᠎ᠠ ᠶᠢᠨ | ᠰᠢᠯᠳᠠᠭᠠᠨ ᠨᠢ ᠤᠯᠠᠮᠵᠢᠯᠠᠯᠳᠦ ᠮᠡᠨᠳᠤᠴᠢᠯᠡᠭᠡᠨ ᠤ ᠶᠤᠰᠤ ᠵᠠᠩᠰᠢᠯ ᠢ ᠰᠠᠶᠢᠨ ᠮᠡᠳᠡᠬᠦ ᠦᠭᠡᠢ᠂ ᠵᠦᠪᠬᠡᠨ ᠬᠤᠪᠢ | ᠬᠦᠮᠤᠨ ᠤ ᠪᠠᠶᠠᠷᠯᠠᠭᠰᠠᠨ ᠰᠡᠳᠬᠢᠯᠭᠡ ᠪᠠᠨ ᠢᠯᠡᠷᠬᠡᠶᠢᠯᠡᠵᠤ ᠪᠠᠶᠢᠭ᠎ᠠ ᠲᠠᠢ ᠬᠤᠯᠪᠤᠭ᠎ᠠ ᠲᠠᠢ ᠪᠠᠶᠢᠵᠦ ᠮᠡᠳᠡᠨ᠎ᠡ ᠭᠡᠵᠦ | ᠦᠵᠡᠵᠦ ᠪᠠᠶᠢᠨ᠎ᠠ᠃ ᠡᠨᠡ ᠨᠢ ᠪᠠᠰᠠ ᠢᠷᠤᠭᠡᠯᠲᠤ ᠮᠡᠨᠳᠤᠴᠢᠯᠡᠭᠡ ᠶᠢᠨ ᠮᠠᠷᠲᠠᠭᠳᠠᠵᠤ ᠬᠠᠶᠠᠭᠳᠠᠵᠤ ᠪᠠᠶᠢᠭ᠎ᠠ ᠪᠠ | ᠪᠤᠷᠤᠭᠤ ᠪᠠᠷ ᠬᠡᠷᠡᠭᠯᠡᠭᠳᠡᠵᠦ ᠪᠠᠶᠢᠭ᠎ᠠ ᠦᠵᠡᠭᠳᠡᠯ ᠤᠳ ᠤᠨ ᠠᠩᠬᠠᠨ ᠤ ᠢᠯᠡᠷᠡᠯ ᠭᠡᠵᠦ ᠤᠶᠢᠯᠠᠭᠠᠵᠤ ᠪᠤᠯᠤᠨ᠎ᠠ᠃ | ᠵᠢᠷᠭᠤᠭ᠎ᠠ᠂ ᠵᠠᠬᠢᠳᠠᠯ ᠤᠨ ᠮᠡᠨᠳᠤᠴᠢᠯᠡᠭᠡ | ᠵᠠᠬᠢᠳᠠᠯ ᠤᠨ ᠮᠡᠨᠳᠤᠴᠢᠯᠡᠭᠡ ᠪᠤᠯ ᠠᠮᠠᠨ ᠮᠡᠨᠳᠦᠴᠢᠯᠡᠭᠡ ᠠᠴᠠ ᠢᠯᠭᠠᠭ᠎ᠠ ᠲᠠᠢ᠃ ᠵᠠᠬᠢᠳᠠᠯ ᠤᠨ | ᠮᠡᠨᠳᠦᠴᠢᠯᠡᠭᠡ ᠳᠤ ᠬᠦᠨᠳᠦᠳᠭᠡᠯ ᠤᠨ ᠦᠭᠡ ᠨᠡᠩ ᠤᠯᠠᠨ ᠬᠡᠷᠡᠭᠯᠡᠳᠡᠭ ᠵᠤᠷᠰᠢᠯ ᠲᠠᠢ᠃ ᠪᠤᠰᠤᠳ ᠲᠦᠷᠦᠯ ᠤᠨ | ᠮᠡᠨᠳᠤᠴᠢᠯᠡᠭᠡᠨ ᠳᠤ ᠰᠤᠨᠤᠰᠤᠭᠴᠢ ᠡᠳᠡᠭᠡᠳ ᠢ ᠵᠦᠪᠬᠡᠨ ︽ᠲᠠ︾ ᠭᠡᠬᠦ ᠬᠤᠶᠠᠳᠤᠭᠠᠷ ᠪᠡᠶ᠎ᠡ ᠶᠢᠨ ᠲᠦᠯᠦᠭᠡᠨ ᠤ | ᠦᠭᠡ ᠶᠢᠨ ᠬᠦᠨᠳᠤᠳᠬᠡᠯ ᠬᠡᠯᠪᠡᠷᠢ ᠪᠠᠷ ᠳᠠᠭᠤᠳᠠᠳᠠᠭ ᠪᠤᠯ ᠵᠠᠬᠢᠲᠠᠯ ᠳᠤ ᠬᠠᠷᠢᠨ ᠬᠦᠨᠳᠤᠳᠭᠡᠯ ᠦᠭᠡ ᠪᠠ | ᠠᠪᠤᠭᠠᠶᠢᠯᠠᠭ᠎ᠠ ᠦᠭᠡ ᠪᠠᠷ ᠲᠠᠭᠤᠳᠠᠳᠠᠭ᠃ ᠵᠢᠱᠢᠶ᠎ᠡ ᠨᠢ᠂ ᠪᠠᠭᠰᠢ ᠳᠤ ᠪᠠᠨ ᠵᠠᠬᠢᠲᠠᠯ ᠪᠢᠴᠢᠪᠡᠯ ︽ᠡᠷᠬᠢᠮ ᠬᠦᠨᠳᠤᠳᠤ | ᠪᠠᠭᠰᠢ ᠲᠠᠨ᠎ᠠ᠂ ᠡᠳᠦᠭᠡ ᠪᠢ ᠠᠯᠤᠰ ᠭᠠᠵᠠᠷ ᠠᠴᠠ ᠲᠡᠷᠢᠭᠦᠨ ᠮᠡᠬᠦ᠋ᠢᠨ ᠡᠷᠬᠢᠮ ᠲᠠᠨ ᠤ ᠡᠷᠲᠡᠮ ᠵᠢᠭᠠᠭᠰᠠᠨ ᠭᠦᠨ | ᠠᠴᠢ ᠳᠤ ᠲᠠᠯᠠᠷᠬᠠᠨ ᠠᠮᠤᠷ ᠠᠮᠤᠭᠤᠯᠠᠩ ᠢ ᠠᠶᠢᠯᠠᠳᠬᠠᠨ ᠪᠠᠶᠢᠨ᠎ᠠ᠃ ᠲᠠ ᠠᠮᠤᠷᠬᠠᠨ ᠰᠠᠶᠢᠨ ᠰᠠᠭᠠᠳᠠᠵᠦ ᠪᠠᠶᠢᠨ᠎ᠠ | ᠤᠤ︖︾ ᠭᠡᠬᠦ ᠮᠡᠳᠤ ᠪᠠᠷ ᠬᠡᠷᠡᠭᠯᠡᠳᠡᠭ ᠪᠠᠶᠢᠨ᠎ᠠ᠃ | ᠵᠢᠱᠢᠶ᠎ᠡ ᠨᠢᠭᠡ᠄ | 1921 ᠤᠨ ᠤ ᠡᠬᠢ ᠪᠠᠷ ᠳ᠋᠊ · ᠰᠦᠬᠡᠪᠠᠭᠠᠳᠤᠷ ᠤᠨ ᠠᠬ᠎ᠠ ᠨᠡᠮᠡᠨᠳᠡᠷ ᠲᠤ ᠪᠠᠨ ᠶᠠᠪᠤᠭᠤᠯᠤᠭᠰᠠᠨ ᠵᠠᠬᠢᠳᠠᠯ | ︽ᠦᠴᠦᠬᠡᠨ ᠳᠡᠭᠦᠤ ᠰᠦᠬᠡᠪᠠᠭᠠᠳᠤᠷ ᠠᠴᠠ | ᠡᠷᠲᠡᠨ ᠤ ᠰᠠᠶᠢᠨ ᠢᠷᠦᠭᠡᠯ ᠤᠨ ᠬᠦᠴᠦᠨ ᠢᠶᠠᠷ ᠡᠨᠡ ᠨᠠᠰᠤᠨ ᠳᠤ ᠰᠠᠳᠤᠨ ᠪᠤᠯᠤᠨ ᠤᠴᠠᠷᠠᠭᠰᠠᠨ᠂ ᠡᠷᠬᠢᠮ | ᠠᠬ᠎ᠠ ᠨᠡᠮᠡᠨᠳᠡᠷ ᠲᠠᠨ ᠤ ᠰᠠᠨᠠᠭᠰᠠᠨ ᠬᠡᠷᠡᠭ ᠪᠦᠳᠦᠵᠦ᠂ ᠰᠢᠨ᠎ᠡ ᠵᠢᠯ ᠤᠨ ᠪᠠᠶᠠᠷ ᠪᠤᠯᠤᠭᠰᠠᠨ ᠲᠤᠯᠠ ᠮᠠᠰᠢᠲᠠ ᠶᠡᠭᠡ | ᠪᠠᠶᠠᠷᠯᠠᠨ ᠲᠦᠮᠡᠨ ᠠᠮᠤᠭᠤᠯᠠᠩ ᠢ ᠠᠶᠢᠯᠠᠳᠬᠠᠵᠤ᠂ ᠮᠡᠨᠳᠦ ᠰᠠᠶᠢᠨ ᠢ ᠯᠠᠪᠯᠠᠨ᠂ ᠠᠷᠢᠭᠤᠨ ᠴᠠᠭᠠᠨ ᠬᠠᠳᠠᠭ᠂ | ᠦᠴᠦᠬᠡᠨ ᠵᠠᠬᠢᠳᠠᠯ ᠮᠡᠳᠦᠰ ᠢ ᠡᠷᠭᠦᠨ ᠪᠠᠷᠢᠭᠤᠯᠪᠠ᠃ | ᠵᠢᠴᠢ᠂ ᠲᠡᠭᠦᠨ ᠤ ᠮᠢᠨᠢ ᠲᠤᠰ ᠲᠤᠰ ᠤᠨ ᠭᠡᠷ ᠤᠨ ᠬᠤᠲᠠᠯᠠᠭᠠᠷ ᠮᠡᠨᠳᠦ ᠰᠠᠶᠢᠨ ᠢ ᠲᠡᠭᠦᠪᠡᠷ ᠯᠠᠪᠯᠠᠨ᠂ | ᠮᠡᠨᠳᠦ ᠶᠢᠨ ᠬᠠᠷᠢᠭᠤ ᠢᠷᠡᠭᠦᠯᠬᠦ ᠠᠵᠢᠶᠠᠮᠤ ᠁︾ | ᠵᠢᠱᠢᠶ᠎ᠡ ᠬᠤᠶᠠᠷ᠄ | ᠳ᠋᠊ · ᠰᠦᠬᠡᠪᠠᠭᠠᠳᠤᠷ ᠤᠨ ᠵᠠᠯᠾᠭ᠍ᠵᠠ ᠬᠤᠳᠤᠭᠲᠤ ᠳᠠᠮᠳᠢᠨᠪᠠᠽᠠᠷ ᠲᠤ ᠶᠠᠪᠤᠭᠤᠯᠤᠭᠰᠠᠨ ᠵᠠᠬᠢᠳᠠᠯ | 1921 ᠤᠨ ᠤ ᠳᠤᠯᠤᠳᠤᠭᠠᠷ ᠰᠠᠷ᠎ᠠ | ︽ᠮᠤᠩᠭᠤᠯ ᠠᠷᠠᠳ ᠤᠨ ᠪᠦᠬᠦ ᠴᠡᠷᠢᠭ ᠢ ᠶᠡᠷᠤᠩᠬᠡᠶᠢᠯᠡᠨ ᠵᠠᠬᠢᠷᠬᠤ ᠵᠠᠩᠵᠤᠨ ᠬᠢᠴᠢᠶᠡᠩᠭᠦ᠋ᠢᠯᠡᠨ᠄ | ᠨᠤᠮ ᠤᠨ ᠠᠴᠢᠲᠤ ᠪᠠᠭᠰᠢ ᠲᠠᠨ ᠤ ᠡᠷᠳᠡᠨᠢᠳᠦ ᠯᠠᠭᠱᠠᠨ᠂ ᠲᠦᠮᠡᠨ ᠠᠮᠤᠭᠤᠯᠠᠩ ᠢ ᠠᠯᠤᠰ ᠬᠤᠯᠠ ᠦᠨᠳᠦᠷ | ᠠᠭᠤᠯᠠ᠂ ᠦᠷᠭᠡᠨ ᠤᠰᠤᠨ ᠤ ᠳᠠᠯᠳᠠ ᠠᠴᠠ ᠮᠡᠬᠦ᠋ᠢᠨ ᠬᠢᠴᠢᠶᠡᠩᠭᠦ᠋ᠢᠯᠡᠨ ᠨᠠᠮᠠᠨᠴᠢᠯᠠᠨ ᠠᠶᠢᠯᠠᠳᠬᠠᠬᠤ ᠠᠴᠠ | ᠭᠠᠳᠠᠨ᠎ᠠ ᠵᠠᠬᠢᠳᠠᠯ ᠡᠷᠭᠦᠨ ᠰᠤᠩᠭᠠᠬᠤ ᠤᠴᠢᠷ ᠁ ᠡᠭᠦᠨ ᠤ ᠲᠤᠯᠠ ᠠᠯᠤᠰ ᠬᠤᠯᠠ ᠠᠴᠠ ᠨᠠᠮᠠᠨᠴᠢᠯᠠᠨ | ᠠᠮᠤᠭᠤᠯᠠᠩ ᠢ ᠠᠶᠢᠯᠠᠳᠬᠠᠵᠤ ᠳᠡᠮᠳᠡᠭ ᠳᠠᠷᠤᠭᠰᠠᠨ ᠵᠠᠬᠢᠳᠠᠯ ᠮᠡᠲᠤᠰ ᠢ ᠡᠷᠭᠦᠪᠡ | ᠤᠯᠠᠨ᠎ᠠ ᠡᠷᠭᠦᠭᠳᠡᠭᠰᠡᠨ ᠤ ᠠᠷᠪᠠᠨ ᠨᠢᠭᠡᠳᠦᠭᠡᠷ ᠤᠨ᠂ ᠲᠠᠪᠤᠨ ᠰᠠᠷ᠎ᠠ ᠶᠢᠨ ᠭᠤᠴᠢᠨ︾ ᠭᠡᠰᠡᠨ ᠪᠠᠶᠢᠨ᠎ᠠ᠃ | ᠡᠳᠡᠭᠡᠷ ᠪᠤᠳᠠᠳᠤ ᠵᠢᠱᠢᠶᠡᠨ ᠠᠴᠠ ᠪᠢᠳᠡ ᠵᠠᠬᠢᠲᠠᠯ ᠤᠨ ᠮᠡᠨᠳᠤᠴᠢᠯᠡᠭᠡ ᠪᠤᠯ ᠠᠮᠠᠨ ᠮᠡᠨᠳᠤᠴᠢᠯᠡᠭᠡᠨ ᠠᠴᠠ ᠨᠡᠩ ᠶᠡᠭᠡ | ᠬᠦᠨᠳᠤᠳᠬᠡᠯ ᠲᠠᠢ ᠪᠠᠶᠢᠬᠤ ᠶᠤᠰᠤᠳᠠᠢ ᠭᠡᠳᠡᠭ ᠢ ᠤᠶᠢᠯᠠᠭᠠᠵᠦ ᠪᠤᠯᠤᠨ᠎ᠠ᠃ | ᠤᠳᠤ ᠬᠦᠮᠣᠰ ᠤᠲᠠᠰᠤ ᠪᠠᠷ ᠮᠡᠨᠳᠤᠴᠢᠯᠡᠬᠦ ᠪᠤᠶᠤ ᠢᠮᠧᠯ᠂ ᠤᠬᠤᠷ ᠴᠢᠮᠡᠭᠡ᠂ ︽ᠪᠠᠶᠢᠨ᠎ᠠ ᠤᠤ︾ ᠪᠠᠷ | ᠮᠡᠨᠳᠤᠴᠢᠯᠡᠬᠦ ᠨᠢ ᠠᠭᠤᠯᠵᠠᠵᠤ ᠮᠡᠨᠳᠤᠴᠢᠯᠡᠬᠦ᠂ ᠵᠠᠬᠢᠲᠠᠯ ᠪᠢᠴᠢᠬᠦ ᠠᠴᠠ ᠬᠠᠷᠢᠴᠠᠩᠭᠤᠢ ᠠᠷᠪᠢᠨ ᠪᠤᠯᠤᠭᠰᠠᠨ ᠲᠤᠯᠠ | ᠵᠠᠬᠢᠳᠠᠯ ᠤᠨ ᠮᠡᠨᠳᠤᠴᠢᠯᠡᠭᠡ ᠬᠡᠷᠡᠭᠯᠡᠭᠳᠡᠬᠦ ᠨᠢ ᠢᠯᠡᠳᠲᠡ ᠴᠦᠭᠡᠬᠡᠷᠡᠭᠰᠡᠨ ᠪᠠᠶᠢᠨ᠎ᠠ᠃ ᠭᠡᠪᠡᠴᠦ ᠵᠠᠬᠢᠳᠠᠯ ᠪᠢᠴᠢᠬᠦ | ᠦᠶ᠎ᠡ ᠳᠤ ᠬᠠᠭᠤᠴᠢᠨ ᠤᠯᠠᠮᠵᠢᠯᠠᠯ ᠢᠶᠠᠨ ᠨᠡᠯᠢᠶᠡᠳ ᠪᠦᠷᠢᠨ ᠭᠦᠢᠴᠡᠳ ᠪᠠᠷᠢᠮᠳᠠᠯᠠᠵᠦ ᠪᠠᠶᠢᠨ᠎ᠠ᠃ ᠡᠭᠦᠨ ᠳᠤ ᠦᠪᠦᠷ | ᠮᠤᠩᠭᠤᠯ ᠤᠷᠤᠨ ᠳᠤ ᠵᠠᠬᠢᠳᠠᠯ ᠤᠨ ᠲᠡᠭᠦᠰᠬᠡᠯ ᠤᠨ ᠬᠡᠰᠡᠭ ᠤᠨ ᠢᠷᠦᠭᠡᠯ ᠮᠡᠨᠳᠤᠴᠢᠯᠡᠭᠡ ᠨᠢ ᠢᠯᠡᠷᠬᠡᠢ ᠴᠦᠬᠡᠨ | ᠬᠡᠷᠡᠭᠯᠡᠭᠳᠡᠬᠦ ᠪᠤᠯᠵᠠᠢ᠃ ᠤᠬᠤᠷ ᠴᠢᠮᠡᠭᠡ᠂ ︽ᠪᠠᠶᠢᠨ᠎ᠠ ᠤᠤ︾᠂ ᠢᠮᠧᠯ ᠳᠤ ᠬᠡᠳᠦ᠋ᠢᠪᠡᠷ ᠦᠰᠦᠭ ᠪᠢᠴᠢᠭ ᠤᠨ | ᠬᠡᠯᠪᠡᠷᠢ ᠪᠠᠷ ᠪᠢᠴᠢᠳᠡᠭ ᠪᠤᠯᠪᠠᠴᠤ ᠬᠦᠨᠳᠦᠲᠠᠢ ᠬᠦᠮᠦᠨ ᠳᠤ ᠪᠢᠴᠢᠬᠦ ᠴᠢᠮᠡᠭᠡ ᠪᠢᠰᠢ ᠪᠤᠯ ᠬᠦᠮᠦᠰ ᠮᠡᠨᠳᠤᠴᠢᠯᠡᠭᠡ ᠶᠢ | ᠲᠦᠭᠦᠮᠴᠢᠯᠡᠵᠦ ᠭᠠᠭᠴᠠ ᠦᠭᠦᠯᠡᠪᠦᠷᠢ ᠪᠠᠷ ᠲᠠᠭᠤᠰᠬᠠᠵᠦ ᠪᠠᠶᠢᠨ᠎ᠠ᠃ ᠤᠯᠠᠩᠬᠢ ᠳᠤ ᠪᠠᠨ ᠰᠢᠭᠤᠳ ᠯᠠ | ᠤᠴᠢᠷ ᠢᠶᠠᠨ ᠲᠤᠭᠠᠴᠢᠳᠠᠭ ᠪᠠᠶᠢᠳᠠᠯ ᠤᠯᠠᠨ ᠬᠠᠷᠠᠭᠳᠠᠵᠤ ᠪᠠᠶᠢᠨ᠎ᠠ᠃ ᠡᠨᠡᠨᠢ ᠠᠵᠢᠯ ᠠᠮᠢᠳᠤᠷᠠᠯ ᠤᠨ ᠠᠶᠢᠵᠠᠮ | ᠬᠤᠷᠳᠤᠨ ᠪᠤᠯᠤᠭᠰᠠᠨ ᠪᠠ ᠤᠯᠠᠮᠵᠢᠯᠠᠯᠲᠤ ᠰᠤᠶᠤᠯᠤᠨ ᠭᠡᠭᠡᠭᠳᠡᠵᠦ ᠪᠠᠶᠢᠬᠤ ᠵᠡᠷᠭᠡ ᠰᠢᠯᠳᠠᠭᠠᠨ ᠲᠠᠢ ᠬᠤᠯᠪᠤᠭᠠᠳᠠᠢ | ᠪᠠᠶᠢᠨ᠎ᠠ᠃ | ᠳᠤᠯᠤᠭ᠎ᠠ᠂ ᠮᠡᠨᠳᠦᠴᠢᠯᠡᠭᠡᠨ ᠤ ᠬᠡᠯᠡ ᠬᠡᠯᠡᠯᠭᠡ ᠶᠢᠨ ᠬᠡᠷᠡᠭᠯᠡᠭᠳᠡᠵᠦ ᠪᠠᠶᠢᠭ᠎ᠠ ᠪᠠᠶᠢᠳᠠᠯ | ᠮᠡᠨᠳᠦᠴᠢᠯᠡᠭᠡ ᠪᠤᠯ ᠵᠢᠷ ᠤᠨ ᠠᠰᠠᠭᠤᠯᠲᠠ ᠲᠡᠳᠦᠢ ᠪᠢᠰᠢ᠂ ᠠᠰᠠᠭᠤᠯᠲᠠ ᠪᠦᠬᠦᠨ ᠮᠡᠨᠳᠦᠴᠢᠯᠡᠭᠡ ᠪᠢᠰᠢ᠃ | ᠬᠠᠷᠢᠨ ︽ᠰᠠᠶᠢᠨ ᠰᠠᠶᠢᠬᠠᠨ︾ ᠢ ᠨᠢ ᠠᠰᠠᠭᠤᠳᠠᠭ ᠲᠤᠰᠬᠠᠢ ᠲᠦᠷᠦᠯ ᠤᠨ ᠠᠰᠠᠭᠤᠯᠲᠠ ᠮᠦᠨ᠃ ᠤᠳᠤ | ᠨᠡᠶᠢᠳᠡᠮ ᠤᠨ ᠴᠢᠨᠠᠷᠲᠠᠢ ᠭᠠᠷᠴᠤ ᠪᠠᠶᠢᠭ᠎ᠠ ᠠᠯᠳᠠᠭ᠎ᠠ ᠪᠤᠯ ᠡᠨᠡᠬᠦ ᠰᠠᠶᠢᠨ ᠰᠠᠶᠢᠬᠠᠨ ᠢ ᠨᠢ ᠠᠰᠠᠭᠤᠳᠠᠭ ᠠᠰᠠᠭᠤᠯᠲᠠ ᠶᠢ | ᠡᠩ ᠤᠨ ᠠᠰᠠᠭᠤᠯᠲᠠ ᠪᠠᠷ ᠤᠷᠤᠯᠠᠭᠤᠯᠵᠤ ᠬᠡᠷᠡᠭᠯᠡᠵᠦ ᠪᠠᠶᠢᠭ᠎ᠠ ᠪᠠᠶᠢᠳᠠᠯ ᠪᠤᠯᠤᠨ᠎ᠠ᠃ | ᠤᠶᠢᠷ᠎ᠠ ᠶᠢᠨ ᠵᠢᠯ ᠤᠳ ᠤᠨ ᠬᠤᠲᠠᠴᠢᠯᠠᠯᠲᠠ ᠪᠠ ᠬᠡᠤᠬᠡᠳ ᠵᠠᠯᠠᠭᠤᠴᠤᠳ ᠳᠡᠩᠳᠡᠭᠦᠤ ᠪᠠᠭ᠎ᠠ ᠠᠴᠠ ᠪᠠᠨ | ᠰᠤᠷᠭᠠᠭᠤᠯᠢ ᠳᠤ ᠶᠠᠪᠤᠵᠤ᠂ ᠤᠳᠠᠭᠠᠨ ᠵᠢᠯ ᠬᠤᠲᠠ ᠭᠠᠵᠠᠷ ᠲᠤ ᠪᠠᠶᠢᠭᠰᠠᠨ ᠵᠢᠴᠢ ᠶᠡᠭᠡ ᠳᠡᠭᠡᠳᠤ ᠰᠤᠷᠭᠠᠭᠤᠯᠢ ᠪᠠ | ᠰᠤᠳᠤᠯᠬᠤ ᠤᠶᠤᠲᠠᠳ ᠤᠨ ᠶᠠᠬᠡᠩᠬᠢ ᠨᠢ ᠬᠢᠲᠠᠳ ᠬᠡᠯᠡ ᠪᠠᠷ ᠪᠤᠶᠤ ᠭᠠᠳᠠᠭᠠᠳᠤ ᠬᠡᠯᠡ ᠪᠠᠷ ᠬᠦᠮᠦᠵᠢᠯ ᠬᠦᠷᠲᠡᠵᠦ | ᠪᠠᠶᠢᠭ᠎ᠠ ᠵᠡᠷᠭᠡ ᠰᠢᠯᠳᠠᠭᠠᠨ ᠠᠴᠠ ᠪᠤᠯᠵᠤ ᠡᠳᠦᠷ ᠲᠤᠲᠤᠮ ᠤᠨ ᠮᠡᠨᠳᠦᠴᠢᠯᠡᠭᠡ᠂ ᠤᠯᠠᠷᠢᠯ ᠤᠨ ᠮᠡᠨᠳᠤᠴᠢᠯᠡᠭᠡ᠂ ᠠᠵᠢᠯ | ᠲᠦᠷᠦᠯ ᠤᠨ ᠮᠡᠨᠳᠤᠴᠢᠯᠡᠭᠡ᠂ ᠪᠠᠶᠠᠷ ᠶᠤᠰᠤᠯᠠᠯ ᠤᠨ ᠮᠡᠨᠳᠤᠴᠢᠯᠡᠭᠡ᠂ ᠢᠷᠤᠭᠡᠯᠲᠤ ᠮᠡᠨᠳᠤᠴᠢᠯᠡᠭᠡ᠂ ᠵᠠᠬᠢᠲᠠᠯ ᠤᠨ | ᠮᠡᠨᠳᠤᠴᠢᠯᠡᠭᠡ ᠵᠡᠷᠭᠡ ᠶᠢ ᠵᠦᠪᠬᠡᠨ ᠨᠢᠳᠦᠨ ᠡᠮᠦᠨᠡᠬᠢ ᠪᠠᠶᠢᠳᠠᠯ ᠢ ᠠᠰᠠᠭᠤᠭᠰᠠᠨ ᠡᠩ ᠤᠨ ᠠᠰᠠᠭᠤᠯᠲᠠ ᠪᠠᠷ | ᠤᠷᠤᠯᠠᠭᠤᠯᠬᠤ ᠦᠵᠡᠭᠳᠡᠯ ᠭᠠᠵᠠᠷ ᠠᠪᠴᠤ ᠪᠠᠶᠢᠨ᠎ᠠ᠃ ᠵᠢᠱᠢᠶᠡᠯᠡᠪᠡᠯ᠂ ᠦᠷᠯᠦᠭᠡ ᠡᠷᠲᠡ ᠲᠠᠮᠢᠷ ᠤᠨ | ᠪᠤᠯᠪᠠᠰᠤᠷᠠᠯ ᠳᠤ ᠤᠷᠤᠯᠴᠠᠵᠤ ᠪᠠᠶᠢᠭ᠎ᠠ ᠬᠦᠮᠦᠨ ᠠᠴᠠ ᠲᠠᠮᠢᠷ ᠤᠨ ᠪᠤᠯᠪᠠᠰᠤᠷᠠᠯ ᠳᠤ ᠤᠷᠤᠯᠴᠠᠵᠤ ᠪᠠᠶᠢᠭ᠎ᠠ ᠶᠢ ᠨᠢ | ᠦᠪᠠᠷ ᠢᠶᠠᠨ ᠦᠵᠡᠵᠦ ᠬᠠᠷᠠᠵᠤ ᠪᠠᠶᠢᠭᠠᠳ᠄ ︽ᠲᠠᠮᠢᠷ ᠬᠢᠵᠤ ᠪᠠᠶᠢᠨ᠎ᠠ ᠤᠤ︖︾᠂ ︽ᠪᠡᠶ᠎ᠡ ᠪᠠᠨ ᠪᠤᠯᠪᠠᠰᠤᠷᠠᠵᠤ | ᠪᠠᠶᠢᠨ᠎ᠠ ᠤᠤ︖︾᠂ ︽ᠠᠯᠬᠤᠵᠤ ᠪᠠᠶᠢᠨ᠎ᠠ ᠤᠤ︖︾᠂ ︽ᠭᠦᠶᠦᠵᠦ ᠪᠠᠶᠢᠨ᠎ᠠ ᠤᠤ︖︾ ᠭᠡᠬᠦᠴᠢᠯᠡᠨ | ᠠᠰᠠᠭᠤᠳᠠᠭ᠃ ᠠᠵᠢᠯ ᠳᠤ ᠪᠠᠨ ᠭᠠᠷᠬᠤ ᠪᠠᠷ ᠶᠠᠪᠤᠵᠤ ᠪᠠᠶᠢᠭ᠎ᠠ ᠬᠦᠮᠦᠨ ᠲᠠᠢ ᠠᠭᠤᠯᠵᠠᠴᠢᠬᠠᠭᠠᠳ᠄ ︽ | ᠠᠵᠢᠯᠯᠠᠬᠤ ᠪᠠᠷ ᠶᠠᠪᠤᠵᠤ ᠪᠠᠶᠢᠨ᠎ᠠ ᠤᠤ︖︾ ᠭᠡᠬᠦ︔ ᠰᠤᠷᠭᠠᠭᠤᠯᠢ ᠳᠤ ᠪᠠᠨ ᠤᠴᠢᠬᠤ ᠭᠡᠵᠦ ᠪᠠᠶᠢᠭ᠎ᠠ ᠶᠢ ᠨᠢ | ᠮᠡᠳᠡᠵᠤ ᠪᠠᠶᠢᠭᠠᠳ᠄ ︽ᠰᠣᠷᠭᠠᠭᠤᠯᠢ ᠳᠤ ᠪᠠᠨ ᠶᠠᠪᠤᠵᠦ ᠪᠠᠶᠢᠨ᠎ᠠ ᠤᠤ︖︾᠂ ︽ᠬᠢᠴᠢᠶᠡᠯ ᠳᠤ ᠪᠠᠨ ᠶᠠᠪᠤᠵᠤ | ᠪᠠᠶᠢᠨ᠎ᠠ ᠤᠤ︖︾ ᠭᠡᠬᠦ︔ ᠲᠡᠯᠭᠡᠭᠦᠷ ᠲᠤᠲᠤᠷ᠎ᠠ ᠲᠠᠭᠠᠷᠠᠴᠢᠬᠠᠭᠠᠳ ᠳᠡᠯᠭᠡᠭᠦᠷ ᠲᠤᠭᠤᠷᠢᠵᠤ ᠪᠠᠶᠢᠭ᠎ᠠ ᠶᠢ ᠨᠢ | ᠬᠠᠷᠠᠵᠤ ᠪᠠᠶᠢᠭᠠᠳ᠄ ︽ᠳᠡᠯᠭᠡᠭᠦᠷ ᠲᠤᠭᠤᠷᠢᠵᠤ ᠪᠠᠶᠢᠨ᠎ᠠ ᠤᠤ︖︾᠂ ︽ᠬᠤᠪᠴᠠᠰᠤ ᠠᠪᠬᠤ ᠭᠡᠵᠦ ᠪᠠᠶᠢᠨ᠎ᠠ ᠤᠤ | ︖︾᠂ ︽ᠭᠠᠭᠴᠠᠭᠠᠷ ᠢᠶᠠᠨ ᠤᠤ︖︾᠂ ︽ᠬᠤᠪᠴᠠᠰᠤ ᠦᠵᠡᠵᠦ ᠪᠠᠶᠢᠨ᠎ᠠ ᠤᠤ︖︾ ᠭᠡᠬᠦ᠂ ᠵᠡᠭᠡᠯᠢ ᠳᠡᠭᠡᠷ᠎ᠡ | ᠠᠭᠤᠯᠵᠠᠭᠰᠠᠨ ᠬᠦᠮᠦᠨ ᠠᠴᠠ᠄ ︽ᠵᠡᠭᠡᠯᠢ ᠳᠤ ᠭᠠᠷᠤᠨ᠎ᠠ ᠤᠤ︖︾᠂ ︽ᠵᠡᠭᠡᠯᠢ ᠲᠤᠭᠤᠷᠢᠵᠤ ᠪᠠᠶᠢᠨ᠎ᠠ ᠤᠤ︖︾ | ᠭᠡᠬᠦ︔ ᠬᠡᠤᠬᠡᠳᠢᠶ᠋ᠠᠨ ᠰᠤᠷᠭᠠᠭᠤᠯᠢ ᠳᠤ ᠨᠢ ᠬᠦᠷᠭᠡᠵᠦ ᠪᠠᠶᠢᠭ᠎ᠠ ᠪᠤᠶᠤ ᠰᠤᠷᠭᠠᠭᠤᠯᠢ ᠠᠴᠠ ᠨᠢ ᠲᠤᠰᠤᠭᠠᠳ | ᠪᠤᠴᠠᠵᠤ ᠶᠠᠪᠤᠭ᠎ᠠ ᠬᠦᠮᠤᠨ ᠲᠠᠢ ᠠᠭᠤᠯᠵᠠᠴᠢᠬᠠᠭᠠᠳ᠄ ︽ᠬᠡᠤᠬᠡᠳ ᠢᠶᠠᠨ ᠬᠦᠷᠭᠡᠭᠰᠡᠨ ᠶᠤᠮ ᠤᠤ ︖︾᠂ ︽ | ᠬᠡᠤᠬᠡᠳ ᠢᠶᠠᠨ ᠲᠤᠰᠴᠤ ᠪᠠᠶᠢᠨ᠎ᠠ ᠤᠤ︖︾ ᠭᠡᠬᠦ︔ ᠠᠵᠢᠯ ᠤᠨ ᠭᠠᠵᠠᠷ ᠲᠤ ᠪᠠᠨ ᠠᠭᠤᠯᠵᠠᠴᠢᠬᠠᠭᠠᠳ ︽ | ᠶᠠᠭᠠᠷᠠᠤ ᠪᠠᠶᠢᠨ᠎ᠠ ᠤᠤ︖︾᠂ ︽ᠢᠷᠡᠴᠢᠬᠡᠪᠡ ᠤᠤ︖︾᠂ ︽ᠡᠷᠲᠡ ᠢᠷᠡᠵᠤ ᠰᠢᠳᠡ︕︾ ᠭᠡᠬᠦᠴᠢᠯᠡᠨ | ᠠᠰᠠᠭᠤᠭᠰᠠᠨ ᠢᠶᠠᠨ ᠮᠡᠨᠳᠦᠴᠢᠯᠡᠵᠦ ᠪᠠᠶᠢᠭ᠎ᠠ ᠳᠤ ᠲᠤᠭᠠᠴᠢᠳᠠᠭ ᠪᠠᠶᠢᠨ᠎ᠠ᠃ ᠵᠠᠯᠠᠭᠤᠴᠤᠳ ᠪᠤᠯ᠄ ︽ᠤᠷᠴᠢᠮ ᠶᠠᠭᠤ | ᠬᠢᠵᠤ ᠪᠠᠶᠢᠨ᠎ᠠ︖︾᠂ ︽ᠶᠠᠭᠤᠨᠳᠤ ᠶᠠᠭᠠᠷᠠᠵᠤ ᠪᠠᠶᠢᠨ᠎ᠠ ᠪᠤᠢ︖︾ ᠭᠡᠵᠤ ᠨᠡᠩ ᠴᠠᠭᠠᠰᠢᠯᠠᠪᠠᠯ᠄ ︽ | ᠪᠠᠶᠢᠳᠠᠯ ᠲᠠᠢ ᠤᠤ︖︾᠂ ︽ᠶᠠᠮᠠᠷ ᠪᠠᠶᠢᠳᠠᠯ ᠲᠠᠢ ᠪᠠᠶᠢᠨ᠎ᠠ︖︾ ᠭᠡᠵᠦ ᠠᠰᠠᠭᠤᠭᠰᠠᠨ ᠢᠶᠠᠨ ᠮᠠᠨᠳᠤᠴᠢᠯᠡᠭᠰᠡᠨ | ᠭᠡᠵᠦ ᠪᠤᠳᠤᠵᠤ ᠪᠤᠢ᠃ ︽ᠪᠠᠰᠠ ᠴᠢ ᠠᠮᠢᠳᠤ ᠪᠠᠶᠢᠭ᠎ᠠ ᠶᠤᠮ ᠤᠤ︖︾᠂ ︽ᠦᠬᠦᠭᠡ ᠦᠭᠡᠢ ᠶᠤᠮ ᠤᠤ︖︾ | ᠭᠡᠵᠤ ᠬᠠᠷᠢᠶᠠᠯᠴᠠᠨ ᠠᠭᠤᠯᠵᠠᠬᠤ ᠪᠠᠶᠢᠳᠠᠯ ᠴᠤ ᠬᠠᠶᠠ ᠬᠠᠷᠠᠭᠳᠠᠳᠠᠭ ᠨᠢ ᠬᠠᠴᠢᠷᠬᠠᠯᠲᠠᠢ᠃ ᠡᠨᠡ ᠨᠢ ᠠᠮᠢᠳᠤᠷᠠᠯ ᠤᠨ | ᠠᠶᠢᠵᠠᠮ ᠶᠠᠭᠠᠷᠠᠤ᠂ ᠴᠠᠭ ᠠᠷᠪᠢᠯᠠᠵᠤ ᠪᠠᠶᠢᠭ᠎ᠠ ᠶᠤᠮ ᠰᠢᠭ ᠬᠠᠷᠠᠭᠳᠠᠪᠠᠴᠤ ᠦᠡᠨᠡ ᠳᠤ ᠪᠠᠨ ᠰᠤᠶᠤᠯ ᠢᠶᠠᠨ ᠮᠠᠷᠲᠠᠵᠤ | ᠪᠠᠶᠢᠭ᠎ᠠ ᠶᠢᠨ ᠢᠯᠡᠷᠡᠯ ᠮᠦᠨ᠃ | ᠮᠤᠩᠭᠤᠯᠴᠤᠳ ᠤᠨ ᠤᠯᠠᠮᠵᠢᠯᠠᠯᠲᠤ ᠰᠤᠶᠤᠯ ᠪᠤᠯ ᠨᠡᠭᠦᠳᠡᠯ ᠮᠠᠯᠵᠢᠯ ᠤᠨ ᠠᠵᠤ ᠠᠬᠤᠢ ᠪᠠᠷ ᠠᠴᠢᠶᠠᠯᠠᠪᠤᠷᠢ | ᠪᠤᠯᠭᠠᠵᠤ ᠪᠠᠶᠢᠭᠰᠠᠨ ᠶᠤᠮ᠃ ᠤᠶᠢᠷ᠎ᠠ ᠶᠢᠨ ᠵᠢᠯ ᠳᠤ᠂ ᠶᠡᠭᠡ ᠪᠠᠷ ᠬᠤᠲᠠᠴᠢᠯᠠᠬᠤ ᠶᠠᠪᠤᠴᠠ ᠳᠤ ᠬᠤᠲᠠ ᠰᠠᠭᠤᠷᠢᠨ ᠤ | ᠠᠮᠢᠳᠤᠷᠠᠯ ᠳᠤ ᠵᠤᠬᠢᠴᠠᠭᠰᠠᠨ ᠰᠢᠨ᠎ᠡ ᠬᠡᠯᠪᠡᠷᠢ ᠶᠢᠨ ᠮᠡᠨᠳᠦᠴᠢᠯᠡᠭᠡ ᠪᠤᠢ ᠪᠤᠯᠵᠤ ᠴᠢᠳᠠᠭᠰᠠᠨ ᠦᠭᠡᠢ᠃ ᠬᠠᠷᠢᠨ | ᠪᠤᠰᠤᠳ ᠦᠨᠳᠦᠰᠦᠲᠡᠨ ᠤ ᠮᠡᠨᠳᠦᠴᠢᠯᠡᠭᠡ ᠶᠢᠨ ᠠᠷᠭ᠎ᠠ ᠬᠡᠯᠪᠡᠷᠢ ᠶᠢ ᠪᠦᠳᠦᠭᠦᠯᠢᠭ ᠢᠶᠠᠷ ᠤᠷᠴᠢᠭᠤᠯᠵᠤ ᠠᠪᠬᠤ᠂ | ᠡᠰᠡᠭᠦᠯ᠎ᠡ ᠵᠢᠭᠡᠯᠡᠵᠦ ᠬᠡᠷᠡᠭᠯᠡᠬᠦ᠂ ᠬᠠᠷᠢ ᠬᠡᠯᠡ ᠪᠠᠷ ᠰᠡᠳᠬᠢᠵᠤ ᠦᠪᠡᠷ ᠤᠨ ᠬᠡᠯᠡᠨ ᠳᠡᠭᠡᠷ᠎ᠡ ᠤᠷᠴᠢᠭᠤᠯᠵᠤ ᠬᠡᠷᠡᠭᠯᠡᠬᠦ᠂ | ᠡᠰᠡᠭᠦᠯ᠎ᠡ ᠨᠠᠶᠢᠵᠢ ᠬᠤᠭᠤᠷᠤᠨᠳᠤ ᠪᠠᠨ ᠯᠡ ᠬᠡᠷᠡᠭᠯᠡᠳᠡᠭ ᠵᠢᠵᠢᠭ ᠤᠷᠴᠢᠨ ᠤ ᠬᠡᠯᠡ ᠬᠡᠯᠡᠯᠭᠡ ᠤᠯᠠᠰᠢᠷᠠᠭᠰᠠᠨ ᠵᠡᠷᠭᠡ | ᠰᠢᠯᠲᠠᠭᠠᠨ ᠠᠴᠠ ᠪᠤᠯᠵᠤ ᠡᠶᠢᠮᠦᠷᠬᠦᠤ ᠮᠡᠨᠳᠦᠴᠢᠯᠡᠭᠡ ᠪᠢᠰᠢ ᠪᠦᠳᠦᠭᠦᠯᠢᠭ ᠮᠠᠶ᠋ᠢᠭ ᠤᠨ ᠬᠠᠷᠢᠯᠴᠠᠬᠤ ᠠᠷᠭ᠎ᠠ ᠤᠳ | ᠳᠡᠯᠭᠡᠷᠡᠵᠤ ᠡᠬᠢᠯᠡᠭᠰᠡᠨ ᠪᠠᠶᠢᠨ᠎ᠠ᠃ ᠡᠨᠡ ᠨᠢ ᠤᠯᠠᠮᠵᠢᠯᠠᠯᠳᠦ ᠰᠤᠶᠤᠯ ᠤᠨ ᠢᠷᠡᠭᠡᠳᠦᠢ ᠶᠢ ᠨᠦᠯᠦᠭᠡᠯᠡᠬᠦ ᠠᠶᠤᠯ ᠲᠠᠢ | ᠪᠠᠶᠢᠨ᠎ᠠ᠃ | ᠲᠡᠭᠡᠷ᠎ᠡ ᠦᠭᠦᠯᠡᠭᠰᠡᠨ ᠪᠠᠶᠢᠳᠠᠯ ᠤᠳ ᠨᠢ ᠬᠡᠳᠦ᠋ᠢᠪᠡᠷ ᠪᠦᠷᠢᠨ ᠭᠦᠢᠴᠡᠳ ᠰᠤᠳᠤᠯᠭ᠎ᠠ ᠪᠤᠯᠵᠣ ᠴᠢᠳᠠᠭ᠎ᠠ | ᠦᠭᠡᠢ ᠭᠡᠳᠡᠭ ᠪᠤᠯᠪᠠᠴᠦ ᠮᠠᠨ ᠤ ᠦᠨᠳᠤᠰᠤᠲᠡᠨ ᠤ ᠤᠯᠠᠮᠵᠢᠯᠠᠯᠳᠦ ᠮᠡᠨᠳᠤᠴᠢᠯᠡᠭᠡᠨᠤ ᠬᠡᠯᠡ ᠬᠡᠯᠡᠯᠭᠡ ᠨᠢ ᠪᠤᠳᠠᠳᠦ | ᠬᠡᠷᠡᠭᠯᠡᠭᠡᠨ ᠠᠴᠠ ᠬᠤᠯᠠᠳᠴᠤ ᠮᠠᠷᠲᠠᠭᠳᠠᠵᠤ ᠪᠠᠶᠢᠭ᠎ᠠ ᠪᠠ ᠪᠤᠷᠤᠭᠤ ᠬᠡᠷᠡᠭᠯᠡᠭᠳᠡᠬᠦ ᠨᠢ ᠤᠯᠠᠰᠢᠷᠠᠵᠤ ᠪᠠᠶᠢᠭ᠎ᠠ ᠪᠠᠶᠢᠳᠠᠯ ᠢ | ᠨᠢᠭᠡᠨ ᠬᠡᠮᠵᠢᠶᠡᠨ ᠳᠤ ᠬᠠᠷᠠᠭᠤᠯᠵᠤ ᠴᠢᠳᠠᠬᠤ ᠶᠤᠮ᠃ ᠡᠭᠦᠨ ᠠᠴᠠ ᠭᠠᠳᠠᠨ᠎ᠠ ᠪᠠᠰᠠ ᠬᠢᠲᠠᠳ ᠬᠡᠯᠡᠨ ᠤ ᠬᠡᠷᠡᠭᠯᠡᠭᠡ | ᠶᠡᠬᠡᠰᠦᠭᠰᠡᠨ ᠠᠴᠠ ᠬᠢᠲᠠᠳ ᠬᠡᠯᠡ ᠪᠠᠷ ᠮᠡᠨᠳᠤᠴᠢᠯᠡᠬᠦ ᠦᠵᠡᠭᠳᠡᠯ ᠴᠦ ᠨᠡᠯᠢᠶᠡᠳ ᠨᠡᠮᠡᠭᠳᠡᠵᠦ ᠪᠠᠶᠢᠨ᠎ᠠ ᠭᠡᠳᠡᠭ ᠢ ᠭᠡᠯᠡᠭᠦ | ᠶᠤᠰᠤᠳᠠᠢ᠃ ᠡᠨᠡ ᠦᠵᠡᠭᠳᠡᠯ ᠨᠢ ᠮᠤᠩᠭᠤᠯ ᠬᠡᠯᠡᠨ ᠤ ᠮᠡᠨᠳᠤᠴᠢᠯᠡᠭᠡᠨ ᠤ ᠬᠡᠯᠡ ᠬᠡᠯᠡᠯᠭᠡ ᠳᠤ ᠮᠠᠰᠢ ᠶᠡᠭᠡ ᠨᠦᠯᠦᠭᠡ | ᠪᠤᠯᠵᠦ ᠪᠠᠶᠢᠨ᠎ᠠ᠃ ᠭᠡᠪᠡᠴᠦ ᠲᠤᠰ ᠦᠭᠦᠯᠡᠯ ᠪᠤᠯ ᠬᠠᠮᠤᠭ ᠤᠨ ᠡᠩ ᠤᠨ ᠪᠦᠭᠡᠳ ᠨᠡᠯᠢᠶᠡᠳ ᠲᠦᠭᠡᠮᠡᠯ ᠴᠢᠨᠠᠷᠲᠠᠢ | ᠬᠡᠷᠡᠭᠯᠡᠭᠳᠡᠬᠦ ᠬᠡᠯᠡ ᠬᠡᠯᠡᠯᠭᠡ ᠳᠤ ᠬᠢᠵᠠᠭᠠᠷᠯᠠᠭᠳᠠᠭᠰᠠᠨ ᠰᠤᠳᠤᠯᠤᠯ ᠪᠤᠯᠬᠤᠷ ᠲᠡᠷᠡ ᠪᠦᠬᠦᠨ ᠢ ᠬᠠᠮᠤᠷᠴᠤ ᠴᠢᠳᠠᠭᠰᠠᠨ | ᠦᠭᠡᠢ ᠭᠡᠳᠡᠭ ᠨᠢ ᠮᠡᠳᠡᠭᠡᠵᠢ᠃ ᠪᠤᠳᠠᠳᠤ ᠪᠠᠶᠢᠳᠠᠯ ᠢ ᠨᠢᠭᠳᠠᠯᠠᠪᠠᠯ ᠡᠯ᠎ᠡ ᠭᠠᠵᠠᠷ ᠤᠨ ᠬᠡᠷᠡᠭᠯᠡᠵᠦ ᠵᠠᠩᠰᠢᠭᠰᠠᠨ | ᠬᠡᠯᠡᠯᠬᠡ᠂ ᠡᠯ᠎ᠡ ᠠᠮᠠᠨ ᠠᠶᠠᠯᠭᠤᠨ ᠳᠤ ᠨᠡᠩ ᠢᠯᠡᠭᠦᠤ ᠬᠠᠶᠠᠭᠳᠠᠵᠤ ᠭᠡᠭᠡᠭᠳᠡᠭᠰᠡᠨ ᠵᠦᠢᠯ ᠪᠠ ᠬᠤᠪᠢᠷᠠᠵᠤ | ᠤᠨᠳᠤᠤᠰᠢᠵᠦ᠂ ᠪᠤᠷᠤᠭᠤᠳᠠᠵᠤ ᠪᠠᠶᠢᠭ᠎ᠠ ᠪᠠᠶᠢᠳᠠᠯ ᠬᠦᠨᠳᠤ ᠨᠤᠴᠢᠳᠠᠢ ᠪᠣᠯᠵᠦ ᠪᠠᠶᠢᠭ᠎ᠠ ᠨᠢ ᠲᠠᠮᠵᠢᠭ ᠦᠭᠡᠢ ᠶᠤᠮ᠃ | ᠵᠠᠯᠠᠭᠤ ᠨᠢᠭᠡ ᠦᠶ᠎ᠡ ᠶᠢᠨ ᠬᠢᠨ ᠦᠨᠳᠦᠰᠦᠲᠡᠨ ᠤ ᠬᠠᠷᠢᠭᠤᠴᠠᠯᠭᠠᠲᠤ ᠰᠡᠳᠬᠢᠯᠭᠡ ᠪᠠᠷ ᠮᠡᠨᠳᠦᠴᠢᠯᠡᠭᠡᠨᠤ ᠬᠡᠯᠡ | ᠬᠡᠯᠡᠯᠭᠡ ᠪᠠᠨ ᠪᠦᠷᠢᠨ ᠪᠦᠲᠦᠨ ᠵᠦᠪ ᠰᠠᠶᠢᠬᠠᠨ ᠦᠪᠯᠡᠵᠦ ᠬᠡᠷᠡᠭᠯᠡᠬᠦ ᠵᠠᠶᠢᠯᠠᠰᠢ ᠦᠭᠡᠢ ᠡᠭᠦᠷᠭᠡ ᠲᠠᠢ ᠭᠡᠳᠡᠭ ᠢ | ᠰᠠᠨᠠᠵᠤ ᠶᠠᠪᠤᠶ᠎ᠠ᠃ | | | ※ ᠲᠠᠭᠠᠯᠳᠤᠭᠤᠯᠤᠯ | | ᠰᠤᠷᠪᠤᠯᠵᠢᠯᠠᠭ᠎ᠠ᠄ | 1. ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤᠨ ᠤ ᠤᠯᠠᠨᠪᠤᠯᠠᠭ ᠰᠤᠮᠤᠨ ᠤ ᠲᠦᠭᠦᠮ ᠭᠠᠴᠠᠭ᠎ᠠ ᠶᠢᠨ | ᠮᠠᠯᠴᠢᠨ ᠯᠢᠩᠬᠸ᠎ᠠ ︵ᠡᠮᠡᠭᠲᠡᠢ︶᠂ 72 ᠨᠠᠰᠤᠳᠠᠢ᠃ | 2. ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤᠨ ᠤ ᠤᠯᠠᠨᠪᠤᠯᠠᠭ ᠰᠤᠮᠤᠨ ᠤ ᠲᠦᠭᠦᠮ ᠭᠠᠴᠠᠭ᠎ᠠ ᠶᠢᠨ | ᠮᠠᠯᠴᠢᠨ ᠪᠠᠳᠥ ︵ᠡᠷᠡᠭᠲᠡᠢ︶᠂ 72 ᠨᠠᠰᠤᠳᠠᠢ᠃ | 3. ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠥᠬᠡ ᠬᠤᠰᠢᠭᠤᠨ ᠤ ᠱᠠᠩᠳᠦ ᠶᠢᠨ ᠭᠤᠤᠯ ᠪᠠᠯᠭᠠᠰᠤᠨ ᠤ | ᠪᠠᠶᠠᠩᠭᠤᠤᠯ ᠭᠠᠴᠠᠭ᠎ᠠ ᠶᠢᠨ ᠮᠠᠯᠴᠢᠨ ᠬᠦᠷᠡᠯᠡᠢ ︵ᠡᠮᠡᠭᠲᠡᠢ︶᠂ 74 ᠨᠠᠰᠤᠳᠠᠢ᠃ | 4. ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠥᠬᠡ ᠬᠤᠰᠢᠭᠤᠨ ᠤ ᠰᠠᠩ ᠤᠨ ᠲᠠᠯᠠᠢ ᠪᠠᠯᠭᠠᠰᠤᠨ ᠤ | ᠮᠤᠩᠭᠤᠯ ᠦᠨᠳᠤᠰᠤᠳᠡᠨ ᠤ ᠪᠠᠭ᠎ᠠ ᠰᠤᠷᠭᠠᠭᠤᠯᠢ ᠶᠢᠨ ᠪᠠᠭᠰᠢ ᠦᠯᠵᠡᠶᠢᠪᠡᠶᠠᠷ ︵ᠡᠷᠡᠭᠲᠡᠢ︶᠂ 46 ᠨᠠᠰᠤᠳᠠᠢ᠃ | 5. ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠥᠬᠡ ᠬᠤᠰᠢᠭᠤᠨ ᠤ ᠮᠤᠩᠭᠤᠯ ᠦᠨᠳᠤᠰᠤᠳᠡᠨ ᠤ ᠪᠠᠭ᠎ᠠ | ᠰᠤᠷᠭᠠᠭᠤᠯᠢ ᠶᠢᠨ ᠪᠠᠭᠰᠢ ᠤᠯᠠᠭᠠᠨᠴᠡᠴᠡᠭ ︵ᠡᠮᠡᠭᠲᠡᠢ︶᠂ 46 ᠨᠠᠰᠤᠳᠠᠢ᠃ | 6. ᠠᠯᠠᠱᠠ ᠠᠶᠢᠮᠠᠭ ᠤᠨ ︽ᠠᠭᠠᠷᠤ︾ ᠮᠤᠩᠭᠤᠯ ᠡᠮᠨᠡᠯᠭᠡ ᠶᠢᠨ ᠬᠤᠷᠢᠶ᠎ᠠ ᠶᠢᠨ ᠡᠮᠴᠢ ᠳᠠᠯᠠᠨᠪᠠᠶᠠᠷ ︵ | ᠡᠷᠡᠭᠲᠡᠢ︶᠂ 49 ᠨᠠᠰᠤᠲᠠᠢ᠃ | 7. ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤᠨ ᠤ ᠴᠤᠭᠲᠤᠬᠦ᠋ᠷᠢᠶᠡ ᠰᠤᠮᠤᠨ ᠤ ᠡᠮᠨᠡᠯᠭᠡ ᠶᠢᠨ | ᠬᠤᠷᠢᠶ᠎ᠠ ᠶᠢᠨ ᠡᠮᠴᠢ ᠬᠤᠸᠠᠷ ︵ᠡᠮᠡᠭᠲᠡᠢ︶᠂ 48 ᠨᠠᠰᠤᠲᠠᠢ᠃ | | | ᠯᠠᠪᠯᠠᠯᠳᠠ ᠪᠤᠯᠭᠠᠭᠰᠠᠨ ᠨᠣᠮ᠄ | 1. ︽ᠮᠣᠩᠭᠤᠯ ᠠᠷᠠᠳ ᠤᠨ ᠬᠦᠨᠳᠤᠯᠡᠬᠦ᠂ ᠮᠡᠨᠳᠤᠯᠡᠬᠦ᠂ ᠲᠠᠯᠠᠷᠬᠠᠬᠤ ᠶᠤᠰᠤ︾᠂ ᠮᠣᠩᠭᠤᠯ ᠤᠯᠣᠰ᠂ ᠽ᠊ · | ᠤᠳᠪᠠᠭᠮᠠᠳ ︵ᠳ᠋᠊ · ᠳ᠋ᠠᠷᠵᠠ ᠶᠢᠨ ᠬᠦᠷᠪᠡᠭᠦᠯᠭᠡ︶᠂ ︵ᠳ᠋᠊ · ᠰᠦᠬᠡᠪᠠᠭᠠᠳᠤᠷ ᠤᠨ ᠦᠢᠯᠡ ᠠᠮᠢᠳᠤᠷᠠᠯ ᠲᠠᠢ | ᠬᠤᠯᠪᠤᠭᠳᠠᠬᠤ ᠪᠠᠷᠢᠮᠲᠠᠲᠤ ᠮᠠᠲ᠋ᠧᠷᠢᠶᠠᠯ ᠤᠨ ᠡᠮᠬᠢᠳᠭᠡᠯ᠂ 1964 ᠤᠨ᠂ ᠭᠤᠴᠢᠨ ᠨᠠᠢᠮᠠᠳᠤᠭᠠᠷ ᠲᠠᠯ᠎ᠠ︶᠂ ᠦᠪᠦᠷ | ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂ 1986.7᠃ | 2. ︽ᠬᠠᠮᠤᠭ ᠤᠨ ᠡᠷᠬᠢᠮ ᠶᠤᠰᠤᠨ︾᠂ ᠬ᠊ · ᠨᠢᠮᠪᠤᠤ᠂ ᠤᠯᠠᠭᠠᠨᠪᠠᠭᠠᠲᠤᠷ᠂ 1991 ᠤᠨ᠃ | 3. ︽ᠮᠤᠩᠭᠤᠯ ᠬᠡᠯᠡᠨ ᠤ ᠬᠦᠨᠳᠦᠳᠭᠡᠯ ᠤᠨ ᠦᠭᠡ︾᠂ ᠷ᠊ · ᠵᠠᠭᠪᠠᠷᠠᠯ᠂ ᠤᠯᠠᠭᠠᠨᠪᠠᠭᠠᠲᠤᠷ᠂ 1974 | ᠤᠨ᠃ | ᠬᠠᠶ᠋ᠢᠬ᠄ ᠬᠦᠬᠡᠬᠤᠲᠠ ᠦᠨᠳᠦᠰᠦᠲᠡᠨ ᠤ ᠳᠡᠭᠡᠳᠦ ᠰᠤᠷᠭᠠᠭᠤᠯᠢ | ︵ᠲᠤ᠋ · ᠦᠯᠵᠡᠶᠢᠰᠠᠩ ᠨᠠᠶᠢᠷᠠᠭᠤᠯᠪᠠ︶ | 2019 ᠣᠨ ᠤ 4 ᠳ᠋ᠤᠭᠠᠷ ᠬᠤᠭᠤᠴᠠᠭ᠎ᠠ |