ᠤᠯᠠᠭᠠᠨᠪᠠᠶᠠᠷ ᠸᠠᠩ ᠸᠧᠨ ᠴᠢᠨ | | ᠪᠠᠭ᠎ᠠ ᠰᠣᠷᠭᠠᠭᠤᠯᠢ ᠶᠢᠨ ᠠᠩᠭᠢ ᠶᠢᠨ ᠡᠷᠬᠢᠯᠡᠭᠴᠢ ᠶᠢᠨ ᠠᠵᠢᠯ ᠪᠣᠯ ᠠᠯᠪᠠᠨ ᠵᠢᠷᠣᠮ ᠤᠨ ᠰᠤᠷᠭᠠᠨ | ᠬᠥᠮᠦᠵᠢᠯ ᠤᠨ ᠠᠵᠢᠯ ᠤᠨ ᠳᠤᠮᠳᠠᠬᠢ ᠭᠤᠣᠯᠳᠠᠯᠭ᠎ᠠ ᠪᠣᠯᠬᠤ ᠠᠵᠢᠯ ᠪᠤᠯᠤᠨ᠎ᠠ᠃ ᠡᠶᠢᠨ ᠬᠦ ᠠᠩᠭᠢ ᠶᠢᠨ ᠡᠷᠬᠢᠯᠡᠭᠴᠢ | ᠪᠣᠯᠣᠭᠰᠠᠳ ᠪᠠᠯᠴᠢᠷ ᠪᠠᠭ᠎ᠠ ᠬᠡᠣᠬᠡᠳ ᠲᠤ ᠬᠠᠯᠠᠭᠤᠨ ᠰᠡᠳᠬᠢᠯᠭᠡ ᠪᠠᠷ ᠠᠭᠤᠣᠴᠢ ᠬᠠᠨᠳᠣᠬᠤ ᠬᠦᠯᠢᠴᠡᠩᠭᠦᠢ ᠣᠪᠣᠷ᠂ | ᠬᠡᠣᠬᠡᠳ ᠤᠨ ᠥᠰᠦᠨ ᠪᠤᠶᠢᠵᠢᠯᠲᠠ ᠶᠢᠨ ᠵᠠᠩᠭᠢ ᠬᠢᠭᠡᠳ ᠪᠣᠳᠣᠯ ᠰᠡᠳᠬᠢᠯ ᠢ ᠨᠢ ᠴᠠᠭ ᠢᠮᠠᠭᠲᠠ ᠬᠦᠯᠢᠶᠡᠨ ᠠᠪᠬᠤ | ᠲᠡᠰᠪᠦᠷᠢ ᠲᠠᠢ ᠣᠪᠣᠷ ᠢ ᠪᠦᠷᠢᠯᠳᠤᠭᠦᠯᠦᠭᠰᠡᠨ ᠪᠠᠶᠢᠬᠤ ᠬᠡᠷᠡᠭᠲᠡᠢ᠃ ᠨᠡᠩ ᠢᠯᠠᠩᠭᠤᠶ᠎ᠠ ᠠᠵᠢᠯ ᠤᠨ ᠶᠠᠪᠣᠴᠠ ᠳᠤ | ᠪᠥᠬᠦ ᠲᠠᠯᠠᠪᠠᠷ ᠣᠷᠣᠯᠴᠠᠭᠰᠠᠨ ᠲᠥᠭᠡᠮᠡᠯ ᠶᠡᠭᠡ ᠬᠠᠶᠢᠷ᠎ᠠ ᠰᠡᠳᠬᠢᠯᠭᠡ ᠪᠠᠶᠢᠬᠤ ᠭᠡᠷᠡᠭᠳᠠᠢ ᠮᠥᠷᠲᠡᠭᠡᠨ ᠳᠡᠭᠡᠳᠦ | ᠬᠡᠮᠵᠢᠶᠡᠨ ᠤ ᠬᠠᠷᠢᠭᠤᠴᠠᠯᠭᠠᠲᠣ ᠰᠡᠳᠬᠢᠯᠭᠡ ᠪᠠᠶᠢᠬᠤ ᠴᠢᠬᠤᠯᠠᠳᠠᠢ᠃ | ᠨᠢᠭᠡ᠂ ᠬᠠᠶᠢᠷ᠎ᠠ ᠪᠣᠯ ᠠᠯᠢᠪᠠ ᠬᠥᠮᠦᠵᠢᠯ ᠤᠨ ᠰᠠᠭᠤᠷᠢ ᠮᠦᠨ᠃ | ᠬᠠᠶᠢᠷ᠎ᠠ ᠪᠣᠯ ᠬᠤᠷᠸ᠎ᠠ ᠶᠢᠨ ᠠᠯᠢ ᠪᠥᠬᠦᠨ ᠢ ᠰᠡᠳᠬᠢᠯ ᠳᠤ ᠣᠶᠢᠷ᠎ᠠ ᠳᠥᠲᠡ᠂ ᠨᠢᠳᠦᠨ ᠳᠤ ᠬᠠᠯᠠᠭᠤᠨ | ᠪᠣᠯᠭᠠᠳᠠᠭ ᠶᠧᠯᠸᠢ ᠶᠢᠨ ᠭᠠᠯ ᠶᠤᠮ᠃ ᠭᠡᠷ ᠪᠦᠯᠢ ᠶᠢᠨ ᠬᠠᠯᠠᠭᠤᠨ ᠳᠣᠯᠠᠭᠠᠨ ᠡᠪᠦᠷ ᠠᠴᠠ ᠰᠠᠯᠵᠣ ᠥᠮᠨᠦᠭᠡ | ᠶᠢᠷᠲᠢᠨᠴᠦ ᠰᠣᠷᠭᠠᠭᠤᠯᠢ ᠶᠢᠨ ᠬᠦᠷᠢᠶᠡᠨ ᠳᠤ ᠢᠷᠡᠮᠡᠭᠴᠡ ᠬᠡᠣᠬᠡᠳ ᠤᠨ ᠰᠡᠳᠬᠢᠴᠡ ᠳᠤ ᠨᠢᠭᠡᠨ ᠣᠳᠠᠭᠠᠨ ᠤ | ᠬᠤᠪᠢᠰᠬᠠᠯ ᠡᠭᠦᠰᠴᠦ ᠵᠣᠬᠢᠴᠠᠨ ᠳᠠᠰᠣᠲᠠᠯᠠ ᠬᠡᠰᠡᠭ ᠬᠤᠭᠤᠴᠠᠭ᠎ᠠ ᠱᠠᠭᠠᠷᠳᠠᠨ᠎ᠠ᠃ ᠡᠭᠦᠨ ᠳᠤ ᠪᠠᠭᠰᠢ ᠠᠴᠠ | ᠡᠷᠬᠡᠪᠰᠢ ᠬᠠᠯᠠᠭᠤᠨ ᠬᠠᠶᠢᠷ᠎ᠠ ᠪᠠᠷ ᠢᠶᠠᠨ ᠬᠡᠣᠬᠡᠳ ᠢ ᠡᠨᠡ ᠬᠦ ᠣᠷᠴᠢᠨ ᠪᠠ ᠥᠪᠡᠷ ᠤᠨ ᠪᠡᠶ᠎ᠡ ᠳᠤ ᠪᠠᠨ ᠳᠠᠰᠬᠠᠬᠤ | ᠬᠡᠷᠡᠭᠲᠡᠢ᠃ ᠶᠠᠮᠠᠷ ᠴᠦ ᠣᠷᠴᠢᠨ ᠠᠬᠤᠢ ᠳᠤ ᠥᠰᠦᠭᠰᠡᠨ ᠬᠡᠣᠬᠡᠳ ᠴᠦ ᠭᠡᠰᠡᠨ ᠠᠶᠠᠨᠳᠠᠭᠠᠨ ᠡᠨᠡ ᠬᠦ ᠣᠷᠴᠢᠨ | ᠲᠣᠭᠤᠷᠢᠨ ᠳᠤ ᠳᠠᠰᠬᠤ ᠶᠤᠮ᠃ ᠬᠠᠪᠣᠷ ᠤᠨ ᠣᠷᠢᠨ ᠳᠤ ᠮᠥᠰᠦ ᠴᠠᠰᠤ ᠬᠠᠶᠢᠯ ᠪᠣᠯᠳᠠᠭ ᠰᠢᠬ ᠬᠡᠣᠬᠡᠳ ᠤᠨ | ᠪᠣᠳᠣᠯ ᠰᠡᠳᠬᠢᠯ ᠪᠥᠬᠦᠨ ᠪᠠᠭᠰᠢ ᠪᠠᠷ ᠲᠥᠪ ᠪᠣᠯᠭᠠᠨ ᠨᠢᠭᠲᠠᠷᠠᠵᠣ ᠢᠷᠡᠨ᠎ᠡ᠃ ᠲᠡᠭᠡᠬᠦ ᠪᠠᠷ ᠬᠡᠣᠬᠡᠳ ᠤᠳ | ᠠᠩᠭᠢ ᠶᠢᠨ ᠪᠠᠭᠰᠢ ᠪᠠᠨ ᠥᠪᠡᠷ ᠤᠨ ᠠᠪᠤ ᠡᠵᠢ ᠪᠠᠨ ᠰᠢᠭ ᠬᠠᠶᠢᠷᠠᠯᠠᠨ ᠬᠦᠨᠳᠦᠳᠬᠡᠵᠦ᠂ ᠴᠢᠮ᠎ᠠ ᠳᠤ ᠥᠷᠦ | ᠵᠢᠷᠦᠬᠡ ᠪᠠᠨ ᠳᠡᠯᠭᠡᠨ᠎ᠡ᠃ ᠦᠢ ᠣᠯᠠᠨ ᠪᠠᠭᠰᠢ ᠶᠢᠨ ᠳᠣᠲᠣᠷ᠎ᠠ ᠠᠴᠠ ᠠᠩᠭᠢ ᠶᠢᠨ ᠪᠠᠭᠰᠢ ᠪᠠᠨ ᠬᠠᠷᠠᠭᠰᠠᠭᠠᠷ | ᠨᠠᠷᠠ ᠪᠠᠨ ᠬᠠᠷᠠᠭᠰᠠᠨ ᠰᠢᠬ ᠪᠠᠶᠠᠷᠯᠠᠨ᠎ᠠ᠃ ᠪᠠᠭᠰᠢ ᠪᠠᠨ ᠬᠤᠪᠢᠨᠴᠢᠯᠠᠵᠣ᠂ ᠦᠨᠡᠨ ᠦᠭᠡ ᠪᠠᠨ ᠬᠡᠯᠡᠨ᠎ᠡ᠃ ᠠᠬᠢᠪᠠᠯ | ᠠᠪᠤ ᠡᠵᠢ ᠶᠢᠨ ᠢᠶᠠᠨ ᠲᠣᠬᠠᠢ ᠦᠵᠡᠯᠲᠡ ᠪᠠᠨ ᠲᠠᠨ ᠳᠤ ᠶᠠᠷᠢᠨ᠎ᠠ᠃ ᠮᠠᠨ ᠤ ᠠᠩᠭᠢ ᠳᠤ ᠸᠧᠨ ᠭᠤᠸᠠᠩ ᠭᠡᠳᠡᠭ | ᠨᠡᠷ᠎ᠡ ᠲᠠᠢ ᠨᠢᠭᠡ ᠰᠣᠷᠣᠭᠴᠢ ᠪᠠᠶᠢᠳᠠᠭ᠃ ᠲᠡᠷᠡ ᠠᠩᠬ᠎ᠠ ᠨᠢᠭᠡᠳᠦᠭᠡᠷ ᠣᠨ ᠳᠤ ᠣᠷᠣᠬᠤ ᠦᠶ᠎ᠡ ᠳᠤ ᠬᠡᠯᠡ ᠳᠤ | ᠣᠷᠣᠭᠠᠳᠣᠢ᠂ ᠠᠭᠠᠰᠢ ᠵᠠᠩ ᠬᠠᠴᠢᠨ ᠵᠢᠭᠲᠡᠢ᠂ ᠬᠢᠴᠢᠶᠡᠯ ᠪᠠᠭᠤᠪᠠᠯ ᠡᠷᠦᠢ ᠬᠤᠷᠣᠢ ᠦᠭᠡᠢ ᠭᠦᠶᠦᠵᠦ ᠪᠠᠷᠬᠢᠷᠠᠵᠣ | ᠬᠠᠰᠬᠢᠷᠣᠨ ᠨᠠᠶᠢᠵᠢ ᠨᠥᠬᠦᠳ ᠢᠶᠠᠨ ᠵᠣᠳᠣᠵᠣ ᠳᠠᠭᠠᠷᠢᠳᠠᠭ ᠠᠴᠠ ᠣᠶᠢᠷᠠᠳᠴᠣ ᠢᠵᠢᠯᠢᠰᠢᠬᠦ ᠨᠥᠬᠦᠳ ᠪᠠᠶᠢᠬᠤ | ᠦᠭᠡᠢ᠂ ᠪᠠᠭᠰᠢ ᠨᠠᠷ ᠴᠦ ᠠᠷᠭ᠎ᠠ ᠪᠠᠷᠠᠭᠳᠠᠵᠣ ᠪᠠᠶᠢᠭᠰᠠᠨ ᠶᠤᠮ᠃ ᠭᠡᠷ ᠤᠨ ᠠᠬᠠᠮᠠᠳ ᠨᠢ ᠸᠧᠨ ᠭᠤᠸᠠᠩ ᠢ ᠮᠠᠨ ᠤ | ᠰᠣᠷᠭᠠᠭᠤᠯᠢ ᠳᠤ ᠠᠪᠴᠢᠷᠠᠵᠣ ᠥᠭᠬᠦ ᠠᠴᠠ ᠡᠮᠦᠨ᠎ᠡ ᠣᠶᠢᠷ᠎ᠠ ᠬᠠᠪᠢ ᠶᠢᠨ ᠮᠣᠩᠭᠤᠯ ᠪᠠᠭ᠎ᠠ ᠰᠣᠷᠭᠠᠭᠤᠯᠢ ᠪᠠ | ᠣᠯᠠᠭᠠᠠᠬᠠᠳᠠ ᠶᠢᠨ ᠵᠡᠮᠳᠡᠭ ᠬᠡᠣᠬᠡᠳ ᠤᠨ ᠰᠣᠷᠭᠠᠭᠤᠯᠢ ᠵᠢᠴᠢ ᠰᠡᠳᠬᠢᠯ ᠮᠡᠳᠡᠷᠡᠯ ᠤᠨ ᠡᠮᠨᠡᠯᠭᠡ ᠳᠤ ᠠᠪᠠᠴᠢᠵᠣ | ᠰᠤᠷᠭᠠᠨ ᠬᠥᠮᠦᠵᠢᠯ ᠬᠦᠷᠲᠡᠭᠡᠬᠦ ᠪᠠ ᠡᠮᠴᠢᠯᠡᠨ ᠵᠠᠰᠠᠭᠤᠯᠬᠤ ᠭᠡᠰᠡᠨ ᠳᠤ ᠡᠶᠢᠮᠦ ᠬᠡᠣᠬᠡᠳ ᠢ ᠪᠢᠳᠡ ᠰᠤᠷᠭᠠᠨ | ᠬᠥᠮᠦᠵᠢᠭᠦᠯᠬᠦ ᠪᠠ ᠡᠮᠴᠢᠯᠡᠨ ᠵᠠᠰᠠᠵᠣ ᠳᠡᠶᠢᠯᠬᠦ ᠦᠭᠡᠢ ᠭᠡᠳ ᠬᠦᠯᠢᠶᠡᠵᠦ ᠠᠪᠣᠭᠰᠠᠨ ᠦᠭᠡᠢ᠃ ᠲᠡᠭᠡᠭᠡᠳ ᠡᠵᠢ ᠨᠢ | ᠡᠴᠦᠰ ᠤᠨ ᠵᠣᠷᠢᠯᠭ᠎ᠠ ᠳᠥᠷᠬᠦᠮ ᠤᠨ ᠨᠣᠲᠤᠭ ᠪᠦᠯᠢᠶᠡᠨ ᠭᠠᠴᠠᠭᠠᠨ ᠤ ᠪᠠᠨ ᠪᠠᠭ᠎ᠠ ᠰᠣᠷᠭᠠᠭᠤᠯᠢ ᠳᠤ ᠢᠷᠡᠵᠦ | ᠬᠡᠣᠬᠡᠳ ᠢᠶᠠᠨ ᠡ᠊ᠨᠳᠡ ᠰᠣᠷᠭᠠᠭᠤᠯᠢ ᠳᠤ ᠥᠭᠬᠦ ᠭᠡᠰᠡᠨ ᠳᠤ ᠮᠠᠨ ᠤ ᠰᠣᠷᠭᠠᠭᠤᠯᠢ ᠶᠢᠨ ᠣᠳᠣᠷᠢᠳᠣᠯᠭ᠎ᠠ ᠲᠣᠰ | ᠬᠡᠣᠬᠡᠳ ᠤᠨ ᠡᠪᠡᠳᠴᠢᠨ ᠡᠮᠭᠡᠭ ᠤᠨ ᠪᠠᠶᠢᠳᠠᠯ ᠳᠤ ᠰᠡᠳᠭᠢᠯ ᠲᠠᠯᠪᠢᠨ᠂ ᠲᠡᠭᠦᠨ ᠢ ᠬᠥᠮᠦᠵᠢᠭᠦᠯᠬᠦ ᠠᠵᠢᠯ ᠢ | ᠴᠢᠬᠤᠯᠠᠴᠢᠯᠠᠨ ᠦᠵᠡᠵᠦ᠂ ᠲᠣᠰ ᠡᠭᠦᠷᠭᠡ ᠶᠢ ᠮᠠᠨ ᠳᠤ ᠳᠠᠭᠠᠭᠠᠯᠭᠠᠵᠠᠢ᠃ ᠭᠡᠷ ᠤᠨ ᠠᠬᠠᠮᠠᠳ ᠤᠨ ᠬᠦᠰᠡᠯ | ᠰᠣᠷᠭᠠᠭᠤᠯᠢ ᠶᠢᠨ ᠨᠠᠶᠢᠳᠠᠯᠭ᠎ᠠ ᠮᠠᠨᠤᠰ ᠢ ᠸᠧᠨ ᠭᠤᠸᠠᠩ ᠢ ᠪᠣᠰᠣᠳ ᠰᠣᠷᠣᠭᠴᠢ ᠲᠠᠢ ᠠᠳᠠᠯᠢ ᠵᠢᠭᠠᠨ ᠰᠣᠷᠭᠠᠵᠣ | ᠡᠷᠲᠡ ᠨᠢᠭᠡᠨ ᠡᠳᠦᠷ ᠡᠷᠡᠭᠦᠯ ᠨᠥᠬᠦᠳ ᠲᠠᠢ ᠨᠢ ᠠᠳᠠᠯᠢ ᠪᠠᠶᠠᠷ ᠬᠥᠷ ᠲᠠᠢ ᠨᠠᠭᠠᠳᠣᠨ ᠲᠣᠭᠯᠠᠭᠤᠯᠵᠣ | ᠰᠣᠷᠣᠯᠭ᠎ᠠ ᠳᠤ ᠨᠢ ᠰᠢᠮᠳᠠᠭᠤᠯᠪᠠᠯ ᠬᠡᠴᠢᠨᠡᠨ ᠰᠠᠶᠢᠬᠠᠨ ᠪᠣᠢ ᠭᠡᠵᠦ ᠪᠣᠳᠣᠭᠳᠠᠭᠤᠯᠣᠭᠰᠠᠨ ᠪᠥᠭᠡᠳ ᠲᠡᠭᠡᠵᠦ | ᠬᠢᠯᠭᠡᠭᠰᠡᠨ ᠶᠤᠮ᠃ ᠡᠩ ᠲᠡᠷᠢᠭᠦᠨ ᠳᠤ ᠲᠡᠭᠦᠨ ᠤ ᠵᠣᠵᠢᠭ ᠵᠠᠩ ᠢ ᠬᠠᠯᠠᠨ ᠨᠥᠬᠦᠳ ᠲᠠᠢ ᠨᠢ ᠣᠶᠢᠷᠠᠲᠣᠭᠤᠯᠬᠤ ᠶᠢ | ᠠᠩᠬᠠᠷᠴᠤ ᠲᠡᠭᠦᠨ ᠢ ᠳᠠᠭᠠᠭᠤᠯᠵᠣ ᠨᠥᠬᠦᠳ ᠤᠨ ᠬᠢᠨᠢ ᠨᠠᠭᠠᠳᠣᠮ ᠲᠣᠭᠯᠠᠭᠠᠮ ᠤᠨ ᠳᠣᠮᠳᠠ ᠣᠴᠢᠵᠣ ᠴᠤᠭ | ᠨᠠᠭᠠᠳᠤᠭᠤᠯᠳᠠᠬ᠃ ᠨᠥᠬᠦᠳ ᠢ ᠨᠢ ᠳᠠᠶᠢᠴᠢᠯᠠᠨ ᠲᠡᠭᠦᠨ ᠲᠠᠢ ᠢᠯᠡᠭᠦᠬᠡᠨ ᠰᠡᠳᠬᠢᠯ ᠤᠨ ᠦᠭᠡ ᠪᠠᠨ ᠬᠡᠯᠡᠯᠴᠡᠵᠦ | ᠢᠯᠡᠭᠦᠬᠡᠨ ᠬᠠᠪᠰᠣᠷᠣᠯᠴᠠᠬᠤ ᠶᠢ ᠱᠠᠭᠠᠷᠳᠠᠪᠠ᠃ ᠣᠳᠠᠭᠠᠨ ᠬᠤᠭᠤᠴᠠᠭ᠎ᠠ ᠴᠥᠬᠦᠷᠡᠯ ᠦᠭᠡᠢ ᠪᠠᠷ ᠦᠭᠡ ᠬᠡᠯᠡ ᠪᠠᠨ | ᠰᠠᠶᠢᠬᠠᠨ ᠬᠡᠯᠡᠵᠦ ᠰᠣᠷᠬᠤ ᠶᠢ ᠵᠣᠷᠢᠬᠵᠢᠭᠤᠯᠣᠨ ᠬᠢᠴᠢᠶᠡᠯᠯᠡᠭᠡ ᠶᠢᠨ ᠳᠣᠮᠳᠠ ᠲᠡᠭᠦᠨ ᠢᠶᠠᠷ ᠢᠯᠡᠭᠦᠬᠡᠨ ᠣᠩᠰᠢᠭᠤᠯᠵᠣ | ᠬᠡᠯᠡᠭᠦᠯᠵᠦ ᠪᠢᠴᠢᠭᠦᠯᠳᠡᠭ ᠠᠴᠠ ᠲᠡᠷᠡ ᠠᠶᠠᠨᠳᠠᠭᠠᠨ ᠵᠠᠯᠬᠠᠭᠤᠷᠠᠬᠤ ᠦᠭᠡᠢ᠂ ᠡᠲᠡᠭᠡᠳ ᠵᠠᠩ ᠭᠠᠷᠭᠠᠬᠤ ᠦᠭᠡᠢ ᠮᠠᠰᠢ | ᠪᠠᠭ᠋ᠠᠲᠠᠢ ᠨᠢᠮᠪᠠᠢ ᠪᠢᠴᠢᠳᠡᠭ ᠪᠣᠯᠪᠠ᠃ ᠨᠢᠭᠡᠨ ᠤᠳᠠᠭ᠎ᠠ ᠰᠣᠷᠭᠠᠭᠤᠯᠢ ᠶᠢᠨ ᠰᠢᠯᠦᠭ ᠤᠨ ᠣᠷᠣᠯᠳᠣᠭᠠᠨ ᠬᠢᠬᠦ ᠳᠤ | ᠮᠠᠨ ᠤ ᠠᠩᠭᠢ ᠠᠴᠠ ᠬᠡᠳᠦᠨ ᠬᠥᠮᠦᠨ ᠣᠷᠣᠯᠴᠠᠬᠤ ᠪᠣᠯᠪᠠ᠃ ᠬᠡᠪ ᠤᠨ ᠪᠠᠶᠢᠳᠠᠯ ᠳᠤ ᠪᠣᠯ ᠸᠧᠨ ᠭᠤᠸᠠᠩ ᠣᠯᠵᠣ | ᠣᠷᠣᠯᠴᠠᠬᠤ ᠪᠣᠯᠣᠯᠴᠠᠭ᠎ᠠ ᠦᠭᠡᠢ ᠶᠤᠮ᠃ ᠭᠡᠲᠡᠯ᠎ᠡ ᠶᠠᠭ ᠰᠠᠨᠠᠮᠰᠠᠷ ᠦᠭᠡᠢ ᠸᠧᠨ ᠭᠤᠸᠠᠩ ᠳᠠᠩᠴᠢ ᠣᠷᠣᠯᠴᠠᠬᠤ | ᠭᠡᠳ ᠣᠬᠢᠯᠠᠵᠣ ᠤᠨᠵᠢᠨ ᠪᠠᠷᠬᠢᠷᠠᠵᠣ ᠪᠠᠭᠰᠢ ᠨᠠᠷ ᠢ ᠪᠠᠰᠠ ᠪᠠᠯᠠᠭ ᠠᠯᠳᠠᠭᠤᠯᠪᠠ᠃ ᠭᠡᠪᠡᠴᠦ ᠲᠡᠭᠦᠨ ᠤ ᠡᠨᠡ ᠬᠦ | ᠤᠷᠮ᠎ᠠ ᠪᠠᠬ᠎ᠠ ᠬᠢᠭᠡᠳ ᠵᠣᠷᠢᠭ ᠰᠠᠨᠠᠭ᠎ᠠ ᠶᠢ ᠨᠢ ᠦᠵᠡᠭᠡᠳ ᠶᠠᠭᠤ ᠴᠤ ᠭᠡᠰᠡᠨ ᠣᠷᠣᠯᠴᠠᠭᠤᠯᠵᠣ ᠦᠵᠡᠶ᠎ᠡ ᠭᠡᠳ | ᠤᠷᠤᠯᠴᠠᠭᠤᠯᠤᠭᠰᠠᠨ ᠶᠤᠮ᠃ ᠣᠷᠣᠯᠳᠣᠭᠠᠨ ᠳᠤ ᠲᠡᠷᠡ ᠥᠪᠡᠷ ᠤᠨ ᠪᠢᠴᠢᠭᠰᠡᠨ ᠬᠡᠳᠦᠨ ᠥᠭᠦᠯᠡᠪᠦᠷᠢ ︽ᠪᠢ | ᠡᠵᠢ ᠪᠠᠨ ᠬᠠᠶᠢᠷᠠᠯᠠᠨ᠎ᠠ᠂ ᠪᠢ ᠨᠠᠭᠠᠴᠣ ᠡᠮᠡᠭᠡ ᠪᠠᠨ ᠰᠠᠨᠠᠨ᠎ᠠ︾ ᠭᠡᠵᠦ ᠪᠢᠴᠢᠭᠰᠡᠨ ᠢ ᠪᠠᠨ ᠣᠩᠰᠢᠪᠠ᠃ ᠬᠤᠶᠠᠳᠣᠭᠠᠷ | ᠣᠨ ᠤ ᠰᠡᠭᠦᠯᠴᠢ ᠶᠢᠨ ᠬᠤᠭᠤᠴᠠᠭ᠎ᠠ ᠠᠴᠠ ᠡᠬᠢᠯᠡᠨ ᠲᠡᠭᠦᠨ ᠤ ᠦᠭᠡ ᠬᠡᠯᠡᠬᠦ ᠴᠢᠳᠠᠪᠣᠷᠢ ᠢᠯᠡᠳᠲᠡ ᠬᠤᠪᠢᠷᠠᠯᠲᠠ | ᠭᠠᠷᠴᠣ ᠣᠣᠯ ᠤᠨ ᠬᠢ ᠰᠢᠬ ᠪᠣᠰᠣᠳ ᠬᠥᠮᠦᠨ ᠲᠥᠬᠦᠭᠡᠷᠡᠬᠦ ᠦᠭᠡᠢ ᠶᠠᠭᠤᠮ᠎ᠠ ᠬᠠᠰᠬᠢᠷᠳᠠᠭ ᠦᠭᠡᠢ᠃ ᠬᠡᠯᠡ ᠨᠢ | ᠪᠠᠭ᠋ᠠᠨ ᠡᠭᠡᠳᠡᠷᠡᠵᠦ ᠣᠷᠢᠶᠠᠯᠳᠣᠬᠤ ᠠᠴᠠ ᠪᠢᠰᠢ ᠶᠡᠬᠡᠪᠴᠢᠯᠡᠨ ᠣᠶᠢᠯᠠᠭᠠᠮᠵᠢᠲᠠᠢ ᠶᠠᠷᠢᠵᠣ ᠴᠢᠳᠠᠬᠤ ᠪᠣᠯᠪᠠ᠃ ᠸᠧᠨ | ᠭᠤᠸᠠᠩ ᠳᠠᠰᠬᠠᠯ ᠪᠣᠶᠣ ᠰᠢᠯᠭᠠᠯᠲᠠ ᠳᠤ ᠶᠡᠷᠦ ᠨᠢ ᠮᠠᠰᠢ ᠰᠠᠶᠢᠨ ᠦᠷ᠎ᠡ ᠳ᠋ᠦᠩ ᠠᠪᠳᠠᠭ᠃ ᠵᠠᠷᠢᠮ ᠳᠤ ᠪᠠᠨ | ᠲᠡᠭᠦᠨ ᠢ ᠤᠯᠠᠮ ᠳᠠᠪᠰᠢᠬᠤ ᠵᠣᠷᠢᠭ ᠲᠠᠢ᠂ ᠪᠣᠰᠣᠳ ᠢ ᠳᠠᠪᠠᠭ᠋ᠣ ᠴᠢᠷᠮᠠᠶᠢᠯᠲᠠ ᠲᠠᠢ ᠪᠣᠯᠭᠠᠬᠤ ᠭᠡᠵᠦ ᠲᠡᠷᠡ ᠬᠡᠷᠪᠡ | ᠳᠠᠰᠬᠠᠯ ᠰᠢᠯᠭᠠᠯᠲᠠ ᠳᠤ ᠪᠠᠨ ᠶᠡᠷᠡᠨ ᠬᠡᠳᠦᠨ ᠬᠤᠪᠢ ᠪᠣᠶᠣ ᠵᠠᠭᠤᠨ ᠬᠤᠪᠢ ᠣᠯᠪᠠᠯ ᠪᠢ ᠶᠢᠰᠦ ᠪᠠ ᠠᠷᠪᠠ ᠭᠡᠰᠡᠨ | ᠬᠤᠪᠢ ᠪᠢᠴᠢᠭᠡᠳ ᠲᠡᠭᠦᠨ ᠢ ᠪᠤᠴᠠ ᠭᠡᠪᠡᠯ ᠲᠡᠷᠡ ᠶᠠᠪᠤᠬᠤ ᠦᠭᠡᠢ ᠪᠢᠴᠢᠬᠠᠨ ᠬᠡᠣᠬᠡᠳ ᠵᠠᠩ ᠢᠶᠠᠷ ︽ᠡᠩ᠂ ᠠ︾ | ᠭᠡᠵᠦ ᠨᠣᠣᠷᠠᠵᠣ ᠪᠠᠶᠢᠭᠠᠳ ᠵᠠᠪᠠᠯ ᠪᠥᠲᠦᠨ ᠬᠤᠪᠢ ᠪᠠᠨ ᠠᠪᠤᠭᠠᠳ ᠰᠠᠶ᠋ᠢ ᠰᠠᠨᠠᠭ᠎ᠠ ᠨᠢ ᠠᠮᠠᠷᠠᠵᠣ ᠣᠷᠣᠨ ᠳᠤ ᠪᠠᠨ | ᠪᠤᠴᠠᠳᠠᠭ᠃ ᠲᠣᠬᠠᠢ ᠶᠢᠨ ᠦᠶ᠎ᠡ ᠳᠤ ᠪᠠᠭᠰᠢ ᠨᠠᠷ ᠤᠨ ᠭᠠᠭᠴᠠ ᠪᠣᠳᠤᠯ ᠪᠣᠯ ᠸᠧᠨ ᠭᠤᠸᠠᠩ ᠢ ᠰᠤᠷᠤᠯᠭ᠎ᠠ ᠰᠠᠶᠢᠨ᠂ | ᠦᠭᠡ ᠬᠡᠯᠡᠨᠳᠤ ᠴᠠᠭᠠᠷᠠᠭᠰᠠᠨ ᠣᠬᠠᠭᠠᠨ ᠲᠣᠮᠤᠭᠠᠲᠠᠢ ᠬᠡᠣᠬᠡᠳ ᠪᠣᠯᠭᠠᠨ ᠬᠥᠮᠦᠵᠢᠭᠦᠯᠴᠢᠬᠡᠪᠡᠯ ᠪᠢᠳᠡ ᠲᠡᠭᠦᠨᠢ | ᠡᠭᠦᠳᠡ ᠪᠠᠨ ᠨᠡᠭᠡᠭᠡᠭᠡᠳ ᠤᠭᠲᠤᠵᠤ ᠠᠪᠤᠭᠰᠠᠨ ᠠᠷᠢᠭᠤᠨ ᠰᠠᠨᠠᠭᠠᠨ ᠤ ᠢᠲᠡᠭᠡᠯ ᠪᠠ ᠠᠨᠳᠠᠭᠠᠢᠳᠤ ᠪᠠᠨ ᠬᠦᠷᠴᠦ | ᠴᠢᠳᠠᠨ᠎ᠠ ᠭᠡᠵᠦ ᠪᠣᠳᠤᠵᠤ ᠪᠠᠶᠢᠭᠰᠠᠨ᠂ ᠣᠳᠣ ᠪᠣᠯᠬᠤ ᠳᠤ ᠸᠧᠨ ᠭᠤᠸᠠᠩ ᠪᠢᠳᠡ ᠪᠦᠭᠦᠨ ᠤ ᠴᠢᠷᠮᠠᠶᠢᠯᠭ᠎ᠠ ᠶᠢ | ᠬᠦᠰᠡᠷᠳᠡᠭᠦᠯᠦᠭᠰᠡᠨ ᠦᠭᠡᠢ ᠰᠢᠯᠦᠭ ᠤᠩᠰᠢᠬᠤ ᠳᠠᠭᠤᠣ ᠳᠠᠭᠤᠯᠠᠬᠤ ᠳᠤ ᠪᠠᠭ᠋ᠠᠲᠠᠢ᠂ ᠨᠥᠬᠦᠳ ᠲᠠᠢ ᠪᠠᠨ ᠡᠶ᠎ᠡ | ᠨᠠᠶᠢᠷ ᠲᠠᠢ᠂ ᠠᠩᠭᠢ ᠶᠢᠨ ᠵᠢᠵᠢᠭᠦᠷ ᠴᠡᠪᠡᠷᠯᠡᠭᠡ ᠶᠢ ᠬᠠᠷᠢᠭᠤᠴᠠᠯᠭ᠎ᠠ ᠲᠠᠢ ᠬᠢᠳᠡᠭ ᠮᠥᠷᠲᠡᠭᠡᠨ ᠨᠥᠬᠦᠳ ᠢᠶᠠᠨ ᠪᠠᠰᠠ | ︽ᠢᠩᠬᠢᠵᠦ ᠬᠢ᠂ ᠲᠡᠭᠡᠵᠦ ᠬᠢ︾ ᠭᠡᠵᠦ ᠵᠢᠭᠠᠵᠣ ᠲᠣᠬᠢᠵᠣ ᠬᠠᠪᠰᠣᠷᠳᠠᠭ ᠤᠬᠠᠭᠠᠨ ᠲᠠᠢ ᠬᠡᠣᠬᠡᠳ ᠪᠤᠯᠤᠭᠰᠠᠨ | ᠪᠠᠶᠢᠨ᠎ᠠ᠃ | ᠬᠤᠶᠠᠷ᠂ ᠰᠤᠷᠤᠭᠴᠢ ᠪᠠᠨ ᠣᠶᠢᠯᠠᠭᠠᠬᠤ ᠪᠣᠯ ᠰᠣᠷᠤᠭᠴᠢ ᠶᠢᠨ ᠬᠥᠮᠦᠵᠢᠯ ᠤᠨ ᠤᠷᠢᠳᠠᠯ ᠨᠥᠬᠦᠴᠡᠯ ᠮᠦᠨ᠃ | | ᠠᠩᠭᠢ ᠶᠢᠨ ᠡᠷᠬᠢᠯᠡᠭᠴᠢ ᠪᠣᠯᠣᠭᠰᠠᠳ ᠬᠡᠵᠢᠶᠡᠳᠡ ᠬᠡᠣᠬᠡᠳ ᠤᠨ ᠢᠶᠠᠨ ᠳᠣᠮᠳᠠ ᠪᠠᠶᠢᠵᠤ᠂ ᠬᠢᠴᠢᠶᠡᠯᠯᠡᠭᠡ | ᠪᠣᠯᠪᠠᠰᠤᠷᠠᠯ ᠪᠠ ᠪᠣᠰᠤᠳ ᠰᠤᠯᠠ ᠰᠡᠯᠡᠭᠦᠤ ᠴᠠᠭ ᠢ ᠴᠦ ᠲᠠᠶᠠᠭᠳᠠᠯ ᠦᠭᠡᠢ ᠬᠡᠣᠬᠡᠳ ᠢ ᠠᠵᠢᠭᠯᠠᠪᠠᠯ ᠵᠤᠬᠢᠨ᠎ᠠ᠃ | ᠬᠡᠯᠡᠶ᠎ᠡ ᠭᠡᠵᠦ ᠪᠣᠳᠤᠭᠰᠠᠨ ᠦᠭᠡ ᠶᠢ ᠨᠢ ᠣᠯᠵᠤ ᠬᠡᠯᠡᠬᠦ ᠶᠢ ᠰᠠᠨᠠᠳᠠᠭ᠃ ᠰᠤᠷᠤᠭᠴᠢᠳ ᠤᠨ ᠪᠠᠶᠢᠳᠠᠯ ᠢ ᠰᠠᠶᠢᠲᠤᠷ | ᠠᠵᠢᠵᠣ ᠡᠳᠦᠷ ᠲᠣᠲᠤᠮ ᠤᠨ ᠠᠮᠢᠳᠤᠷᠠᠯ ᠰᠤᠷᠤᠯᠭ᠎ᠠ ᠶᠢᠨ ᠳᠣᠮᠳᠠᠬᠢ ᠪᠣᠳᠤᠭᠰᠠᠨ ᠵᠦᠢᠯ ᠪᠠ ᠢᠯᠡᠳᠬᠡᠬᠦ ᠳᠤ | ᠪᠡᠷᠬᠡᠳᠡᠵᠦ ᠪᠠᠶᠢᠭ᠎ᠠ ᠠᠰᠠᠭᠤᠳᠠᠯ ᠪᠠᠶᠢᠪᠠᠯ ᠰᠤᠷᠤᠭᠴᠢ ᠶᠢᠨ ᠢᠶᠠᠨ ᠪᠣᠳᠠᠲᠤ ᠪᠠᠶᠢᠳᠠᠯ ᠲᠠᠢ ᠤᠶᠠᠯᠳᠤᠭᠤᠯᠤᠨ | ᠬᠥᠳᠡᠯᠦᠩᠭᠦᠢ ᠪᠠᠷ ᠬᠠᠷᠢᠯᠴᠠᠵᠣ ᠰᠡᠳᠬᠢᠯ ᠪᠣᠳᠤᠯ ᠢ ᠨᠢ ᠮᠡᠳᠡᠬᠦ ᠪᠠᠷ ᠴᠢᠷᠮᠠᠶᠢᠳᠠᠭ᠃ ᠪᠠᠭᠰᠢ ᠳᠤ ᠪᠠᠨ ᠬᠡᠯᠡᠬᠦ ᠭᠡᠰᠡᠨ | ᠪᠠ ᠨᠥᠬᠦᠳ ᠲᠤ ᠪᠠᠨ ᠬᠡᠯᠡᠬᠦ ᠭᠡᠰᠡᠨ ᠵᠦᠢᠯ ᠵᠢᠴᠢ ᠥᠪᠡᠷ ᠤᠨ ᠦᠵᠡᠯᠲᠡ ᠲᠠᠨᠢᠯᠲᠠ ᠪᠠᠨ ᠢᠯᠡᠳᠬᠡᠬᠦ ᠭᠡᠳ | ᠳᠠᠷᠣᠭᠠᠰᠣ ᠲᠠᠢ ᠵᠦᠢᠯ ᠪᠠᠶᠢᠪᠠᠯ ᠬᠠᠷᠰᠢ ᠰᠠᠭᠠᠳ ᠢ ᠨᠢ ᠠᠷᠢᠯᠭᠠᠨ ᠥᠭᠴᠦ ᠬᠡᠣᠬᠡᠳ ᠤᠨᠢᠶ᠋ᠠᠨ ᠬᠡᠯᠡᠶ᠎ᠡ ᠭᠡᠰᠡᠨ ᠲᠡᠷᠡ | ᠬᠦ ᠦᠭᠡ ᠶᠢ ᠨᠢ ᠬᠡᠯᠡᠭᠦᠯᠳᠡᠭ᠃ ᠢᠩᠬᠢᠭᠰᠡᠨ ᠠᠴᠠ ᠪᠣᠳᠣᠯ ᠰᠡᠳᠬᠢᠯᠭᠡ ᠪᠠ ᠰᠡᠳᠬᠢᠬᠦᠢ ᠡᠭᠦᠯᠡ ᠦᠭᠡᠢ ᠲᠡᠭᠷᠢ ᠰᠢᠭ | ᠰᠠᠷᠠᠭᠤᠯ ᠪᠣᠯᠵᠤ ᠪᠠᠭᠰᠢ ᠪᠠ ᠰᠣᠷᠣᠭᠴᠢᠳ᠂ ᠰᠤᠷᠤᠭᠴᠢ ᠬᠤᠭᠤᠷᠤᠨᠳᠤᠬᠢ ᠶᠢᠨ ᠬᠠᠷᠢᠴᠠᠭ᠎ᠠ ᠨᠢ ᠡᠶ᠎ᠡ ᠨᠠᠶᠢᠷᠰᠠᠬ | ᠪᠤᠯᠵᠤ᠂ ᠠᠩᠭᠢ ᠨᠡᠶᠢᠲᠡ ᠪᠠᠷ ᠢᠶᠠᠨ ᠪᠠᠶᠠᠷ ᠬᠥᠷ ᠤᠨ ᠳᠣᠮᠳᠠ ᠨᠢᠭᠡᠨ ᠴᠤᠪᠤᠭ᠎ᠠ ᠭᠠᠯᠠᠭᠤ ᠰᠢᠪᠠᠭᠤ ᠠᠭᠠᠷ ᠤᠨ | ᠭᠦᠨ ᠳᠤ ᠡᠷᠬᠡ ᠴᠢᠯᠦᠭᠡ ᠲᠠᠢ ᠪᠠᠶᠠᠷ ᠬᠥᠷ ᠲᠠᠢ ᠪᠠᠷ ᠬᠤᠰᠢᠭᠤᠷᠠᠨ ᠨᠢᠰᠬᠦ ᠰᠢᠭ ᠪᠣᠯᠳᠠᠬ᠃ ᠬᠡᠦᠬᠡᠳ ᠲᠤ ᠶᠠᠷᠢᠬᠤ | ᠡᠷᠬᠡ ᠴᠢᠯᠦᠭᠡ ᠥᠭᠴᠦ᠂ ᠬᠢᠴᠢᠶᠡᠯᠯᠡᠭᠡ ᠪᠠ ᠪᠤᠰᠤᠳ ᠴᠠᠭ ᠢᠶᠠᠷ ᠬᠡᠣᠬᠡᠳ ᠤᠨ ᠡᠷᠡᠭᠦᠯ ᠴᠠᠶᠢᠯᠭᠠᠨ ᠶᠠᠷᠢᠶ᠎ᠠ ᠶᠢ | ᠰᠣᠨᠣᠰᠴᠤ ᠪᠠᠶᠢᠳᠠᠭ᠃ ᠬᠡᠦᠬᠡᠳ ᠤᠨ ᠰᠣᠷᠤᠯᠭ᠎ᠠ ᠠᠮᠢᠳᠤᠷᠠᠯ᠂ ᠠᠩᠭᠢ ᠨᠢᠭᠡᠴᠢ ᠨᠠᠶᠢᠵᠠ ᠨᠥᠬᠦᠳ ᠤᠨ ᠬᠢᠨᠢ | ᠲᠤᠬᠠᠢ ᠶᠠᠮᠠᠷ ᠶᠠᠮᠠᠷ ᠪᠤᠳᠤᠯ ᠰᠠᠨᠠᠯ ᠪᠠᠶᠢᠬᠤ᠂ ᠠᠩᠭᠢ ᠶᠢᠨ ᠭᠡᠷ ᠤᠨ ᠵᠠᠰᠠᠯ ᠴᠢᠮᠡᠭᠯᠡᠯ᠂ ᠠᠷᠢᠭᠤᠨ ᠴᠡᠪᠡᠷ᠂ ᠡᠷᠡᠭᠦᠯ | ᠬᠠᠮᠠᠭᠠᠯᠠᠯ ᠤᠨ ᠲᠤᠬᠠᠢ ᠶᠠᠮᠠᠷ ᠪᠤᠳᠤᠯ ᠰᠠᠨᠠᠯ ᠲᠠᠢ ᠪᠠᠶᠢᠬᠤ ᠶᠢ ᠠᠰᠠᠭᠤᠵᠤ ᠰᠤᠷᠠᠵᠤ ᠬᠡᠯᠡᠭᠦᠯᠵᠦ ᠶᠠᠪᠤᠳᠠᠭ᠃ | ᠡᠨᠡ ᠨᠢ ᠬᠡᠦᠬᠡᠳ ᠢ ᠡᠷᠡᠭᠡ ᠵᠢᠷᠤᠭ᠎ᠠ ᠦᠭᠡᠢ᠂ ᠴᠡᠯᠮᠡᠭ ᠴᠠᠶᠢᠯᠭᠠᠨ᠂ ᠵᠣᠷᠢᠭ ᠲᠠᠢ ᠪᠠᠷ ᠰᠤᠪᠢᠨ ᠪᠤᠳᠤᠬᠤ᠂ | ᠰᠡᠳᠬᠢᠯ ᠤᠨ ᠡᠭᠡᠳᠡᠷᠡᠭᠡ ᠪᠠᠨ ᠭᠠᠷᠭᠠᠬᠤ ᠵᠡᠷᠭᠡ ᠣᠯᠠᠨ ᠵᠦᠢᠯ ᠤᠨ ᠠᠰᠢᠭ ᠲᠠᠢ ᠲᠠᠯ᠎ᠠ ᠲᠠᠢ ᠶᠤᠮ᠃ ᠮᠠᠨ ᠤ | ᠠᠩᠭᠢ ᠳᠤ ᠵᠢᠪᠬᠤᠭ᠎ᠠ ᠭᠡᠳᠡᠭ ᠰᠤᠷᠤᠭᠴᠢ ᠪᠠᠶᠢᠳᠠᠭ᠃ ᠲᠡᠷᠡ ᠨᠢᠭᠡᠳᠦᠭᠡᠷ ᠣᠨ ᠳᠤ ᠪᠠᠶᠢᠬᠤ ᠳᠤ ᠪᠠᠨ | ᠰᠤᠷᠤᠯᠭ᠎ᠠ ᠳᠤ ᠪᠠᠨ ᠠᠨᠠᠢ᠂ ᠪᠠᠭᠰᠢ ᠲᠡᠭᠦᠨ ᠢ ᠬᠡᠯᠡᠵᠦ ᠰᠤᠷᠭᠠᠬᠤ ᠭᠡᠪᠡᠯ ᠤᠬᠢᠯᠠᠴᠢᠬᠠᠬᠤ᠂ ᠦᠭᠡ ᠳᠠᠭᠤ ᠴᠥᠬᠡᠨ᠂ | ᠨᠥᠬᠦᠳ ᠲᠠᠢ ᠪᠠᠨ ᠨᠡᠶᠢᠴᠡᠬᠦ ᠦᠭᠡᠢ ᠵᠠᠩ ᠲᠠᠢ᠃ ᠲᠡᠭᠦᠨ ᠤ ᠨᠢᠭᠡ ᠳᠤ ᠠᠶᠤᠮᠠᠲᠠᠭᠠᠢ᠂ ᠬᠤᠶᠠᠷ ᠲᠤ ᠥᠪᠡᠷ ᠤᠨ | ᠪᠡᠶ᠎ᠡ ᠳᠤ ᠪᠠᠨ ᠢᠲᠡᠭᠡᠯ ᠦᠭᠡᠢ᠂ ᠭᠤᠷᠪᠠ ᠳᠤ ᠪᠠᠭᠰᠢ ᠠᠴᠠ ᠠᠶᠤᠬᠤ ᠪᠤᠶᠤ ᠪᠠᠭᠰᠢ ᠶᠢ ᠡᠭ᠍ᠳᠡᠭᠦᠴᠡᠬᠦ᠂ ᠪᠠᠭᠰᠢ ᠶᠢ | ᠥᠪᠡᠷ ᠤᠨ ᠢᠶᠠᠨ ᠠᠪᠤ ᠡᠵᠢ ᠰᠢᠭ ᠣᠶᠢᠷ᠎ᠠ ᠳᠣᠲᠣᠨᠣ ᠪᠤᠳᠤᠬᠤ ᠦᠭᠡᠢ ᠪᠠᠶᠢᠭ᠎ᠠ ᠶᠢ ᠮᠡᠳᠡᠵᠦ ᠦᠷᠭᠦᠯᠵᠢ | ᠲᠡᠭᠦᠨ ᠲᠠᠢ ᠶᠠᠷᠢᠵᠤ᠄ ︽ᠵᠢᠪᠬᠤᠭ᠎ᠠ ᠴᠢ ᠪᠢᠴᠢᠭ ᠰᠤᠷᠬᠤ ᠳᠤ ᠪᠠᠭᠰᠢ ᠠᠴᠠ ᠪᠠᠨ ᠵᠠᠶᠢᠳᠠᠵᠤ ᠪᠤᠯᠬᠤ ᠦᠭᠡᠢ ᠰᠢᠦ᠂ | ᠪᠠᠭᠰᠢ ᠪᠣᠯ ᠴᠢᠨᠦ ᠠᠪᠤ ᠡᠵᠢ ᠲᠠᠢ ᠠᠳᠠᠯᠢ ᠰᠢᠦ᠂ ᠴᠢ ᠯᠠᠪᠲᠠᠢ ᠨᠥᠬᠦᠳ ᠲᠠᠢ ᠪᠠᠨ ᠠᠳᠠᠯᠢ ᠰᠠᠶᠢᠨ ᠰᠤᠷᠴᠤ | ᠴᠢᠳᠠᠨ᠎ᠠ︾ ᠭᠡᠵᠦ ᠵᠣᠷᠢᠬᠵᠢᠭᠤᠯᠤᠨ ᠨᠥᠬᠦᠳ ᠢ ᠨᠢ ᠪᠠᠰᠠ ᠲᠡᠭᠦᠨ ᠳᠤ ᠬᠠᠪᠰᠤᠷᠬᠤ ᠶᠢ ᠰᠤᠷᠤᠭᠴᠢ ᠶᠢᠨ ᠳᠤᠮᠳᠠ | ᠬᠡᠯᠡᠬᠦ ᠳᠤ ᠪᠦᠷ ᠳᠠᠭᠤ ᠨᠢᠭᠡᠲᠡᠢ ᠵᠥᠪᠰᠢᠶᠡᠷᠡᠵᠦ ᠪᠦᠷ ᠰᠠᠶᠢᠨ ᠳᠤᠷ᠎ᠠ ᠠᠴᠠ ᠪᠠᠨ ᠪᠤᠯᠢᠶᠠᠯᠳᠤᠨ ᠬᠠᠪᠰᠤᠷᠴᠤ | ᠡᠬᠢᠯᠡᠭᠰᠡᠨ ᠪᠢᠯᠡ᠃ ᠵᠢᠯ ᠢᠯᠡᠭᠦᠦ ᠶᠢᠨ ᠴᠢᠷᠮᠠᠶᠢᠯᠭ᠎ᠠ ᠪᠠᠷ ᠬᠤᠶᠠᠳᠤᠭᠠᠷ ᠣᠨ ᠤ ᠳᠣᠣᠷᠠᠳᠣ ᠬᠤᠭᠤᠴᠠᠭ᠎ᠠ | ᠪᠣᠯᠬᠤ ᠳᠤ ᠰᠤᠷᠤᠭᠴᠢ ᠵᠢᠪᠬᠤᠭ᠎ᠠ ᠢᠳᠡᠭ ᠠᠯᠬᠤᠮ ᠢᠶᠠᠷ ᠬᠡᠯᠡ ᠪᠢᠴᠢᠭ ᠤᠨ ᠢᠶᠠᠨ ᠦᠭᠡ ᠦᠰᠦᠭ ᠢ ᠨᠢᠳᠦᠯᠦᠨ | ᠤᠩᠰᠢᠵᠤ ᠴᠢᠳᠠᠬᠤ ᠪᠣᠯᠵᠤ ᠵᠠᠷᠢᠮ ᠳᠤ ᠪᠠᠨ ᠰᠠᠮᠪᠠᠷ᠎ᠠ ᠳᠡᠭᠡᠷ᠎ᠡ ᠪᠢᠴᠢᠭᠰᠡᠨ ᠦᠭᠡ ᠶᠢ ᠵᠠᠬ᠎ᠠ ᠳᠠᠷᠠᠭᠠᠯᠠᠨ ᠤᠩᠰᠢᠵᠤ | ᠴᠢᠳᠠᠴᠢᠬᠠᠳᠠᠭ᠃ ᠣᠳᠣ ᠵᠢᠪᠬᠤᠭ᠎ᠠ ᠵᠢᠷᠭᠤᠳᠤᠭᠠᠷ ᠣᠨ ᠳᠤ ᠰᠤᠷᠴᠣ᠂ ᠤᠷᠠᠨ ᠲᠣᠳᠣ ᠤᠩᠰᠢᠬᠤ᠂ | ᠴᠡᠭᠡᠵᠢᠯᠡᠬᠦ ᠳᠤ ᠮᠠᠰᠢ ᠭᠠᠷᠮᠠᠭᠠᠢ ᠪᠣᠯᠵᠤ ᠦᠨᠳᠦᠰᠦᠨ ᠮᠡᠳᠡᠯᠭᠡ ᠶᠢᠨ ᠪᠣᠯᠪᠠᠰᠤᠷᠠᠯ᠂ ᠰᠢᠯᠭᠠᠯᠲᠠ ᠳᠤ ᠮᠠᠰᠢ ᠰᠠᠶᠢᠨ | ᠬᠢᠷᠢ ᠪᠥᠲᠦᠮᠵᠢ ᠣᠯᠬᠤ ᠪᠣᠯᠵᠠᠢ᠃ | ᠭᠤᠷᠪᠠ᠂ ᠤᠯᠠᠮᠵᠢᠯᠠᠯᠲᠤ ᠬᠥᠮᠦᠵᠢᠯ ᠪᠣᠯ ᠬᠥᠮᠦᠨ ᠮᠥᠰᠦ ᠶᠢ ᠰᠢᠮᠡᠵᠢᠭᠦᠯᠬᠦ ᠴᠢᠮᠦᠭᠡ ᠮᠦᠨ᠃ | ᠡᠷᠳᠡᠮᠲᠡᠨ ᠮᠡᠷᠭᠡᠳ ᠤᠨ ᠶᠠᠷᠢᠶᠠᠨ ᠳᠤ ᠬᠥᠮᠦᠨ ᠶᠠᠮᠠᠷᠴᠤ ᠴᠢᠳᠠᠪᠤᠷᠢᠲᠠᠨ ᠰᠣᠳᠣ ᠠᠪᠢᠶᠠᠰᠲᠠᠨ ᠪᠣᠯᠬᠤ ᠳᠤ | ᠤᠷᠢᠳᠠᠪᠠᠷ ᠵᠠᠪᠠᠯ ᠨᠢᠭᠡ ᠰᠠᠶᠢᠨ ᠬᠥᠮᠦᠨ ᠪᠣᠯᠬᠤ ᠬᠡᠷᠡᠭᠲᠡᠢ ᠭᠡᠳᠡᠭ᠃ ︽ᠬᠥᠮᠦᠨ ᠪᠣᠯᠬᠤ ᠳᠤ ᠪᠠᠭ᠎ᠠ ᠠᠴᠠ ᠪᠠᠨ᠂ | ᠬᠥᠯᠥᠭ ᠪᠣᠯᠬᠤ ᠳᠤ ᠤᠨᠠᠭᠠᠨ ᠠᠴᠠ ᠪᠠᠨ︾ ᠭᠡᠳᠡᠭ ᠮᠠᠨ ᠤ ᠮᠤᠩᠭᠤᠯᠴᠤᠳ ᠤᠨ ᠰᠤᠷᠭᠠᠯ ᠴᠦ ᠪᠠᠶᠢᠳᠠᠬ᠃ | ᠬᠡᠦᠬᠡᠳ ᠢ ᠬᠠᠷᠠᠬᠠᠨ ᠪᠠᠭ᠎ᠠ ᠠᠴᠠ ᠨᠢ ᠭᠦᠨᠵᠡᠭᠡᠢ ᠰᠤᠷᠭᠠᠨ᠂ ᠶᠠᠪᠤᠵᠤ ᠰᠠᠭᠤᠬᠤ ᠠᠴᠠ ᠡᠬᠢᠯᠡᠨ ᠢᠳᠡᠵᠦ ᠤᠨᠲᠠᠬᠤ᠂ | ᠬᠦᠨᠳᠦᠯᠡᠬᠦ ᠮᠡᠨᠳᠦᠯᠡᠬᠦ ᠵᠡᠷᠭᠡ ᠶᠢ ᠪᠦᠷ ᠡᠳᠦᠷ ᠲᠣᠲᠣᠮ ᠤᠨ ᠴᠢᠩᠭ᠎ᠠ ᠵᠢᠷᠤᠮ ᠪᠣᠯᠭᠠᠨ ᠱᠠᠭᠠᠷᠳᠠᠳᠠᠭ ᠶᠤᠮ᠃ ᠶᠣᠰᠣ | ᠮᠤᠷᠠᠯ ᠪᠣᠯ ᠬᠡᠦᠬᠡᠳ ᠤᠨ ᠥᠰᠦᠨ ᠬᠥᠮᠦᠵᠢᠬᠦ ᠶᠢᠨ ᠰᠠᠯᠵᠤ ᠪᠣᠯᠣᠰᠢ ᠦᠭᠡᠢ ᠳᠣᠲᠤᠮᠳᠠᠯᠭᠠ ᠪᠤᠶᠤ ᠬᠥᠮᠦᠨ | ᠪᠣᠯᠬᠤ ᠶᠢᠨ ᠬᠠᠲᠠᠭᠤ ᠬᠠᠤᠯᠢ ᠪᠢᠯᠡ᠃ ᠰᠤᠷᠤᠭᠴᠢᠳ ᠡᠳᠦᠷ ᠳᠣᠲᠣᠮ ᠤᠨ ᠠᠮᠢᠳᠤᠷᠠᠯ ᠰᠤᠷᠤᠯᠭ᠎ᠠ ᠳᠣᠮᠳᠠ ᠶᠣᠰᠣ | ᠮᠤᠷᠠᠯ ᠤᠨ ᠱᠠᠭᠠᠷᠳᠠᠯᠭ᠎ᠠ ᠠᠴᠠ ᠰᠠᠯᠵᠤ ᠪᠣᠯᠤᠰᠢ ᠦᠭᠡᠢ᠃ ᠪᠠᠭᠰᠢ ᠯᠤᠭ᠎ᠠ ᠪᠠᠨ ᠬᠠᠷᠢᠴᠠᠬᠤ᠂ ᠨᠠᠶᠢᠵᠢ | ᠨᠥᠬᠦᠳ ᠯᠦᠭᠡ ᠪᠠᠨ ᠶᠠᠪᠤᠯᠴᠠᠬᠤ᠂ ᠠᠪᠤ ᠡᠵᠢ ᠠᠬᠠᠰ ᠵᠠᠬᠠᠰ ᠲᠠᠢ ᠪᠠᠨ ᠤᠴᠠᠷᠠᠬᠤ ᠳᠤ ᠠᠮᠤᠷ ᠮᠡᠨᠳᠦ ᠠᠰᠠᠭᠤᠬᠤ | ᠮᠡᠲᠦ ᠡᠶ᠎ᠡ ᠵᠦᠢ ᠲᠠᠢ ᠬᠠᠷᠢᠯᠴᠠᠭ᠎ᠠ ᠶᠢ ᠤᠮᠲᠤᠭᠠᠶᠢᠯᠠᠵᠤ ᠪᠣᠯᠬᠤ ᠦᠭᠡᠢ ᠶᠤᠮ᠃ ᠣᠳᠣ ᠦᠶ᠎ᠡ ᠶᠢᠨ ᠪᠠᠭᠠᠴᠤᠤᠯ | ᠪᠦᠷ ᠯᠠ ᠡᠷᠬᠡ ᠪᠡᠷᠬᠡ ᠲᠠᠢ ᠥᠰᠦᠭᠰᠡᠨ ᠬᠥᠮᠦᠨ ᠤ ᠭᠠᠭᠴᠠ ᠬᠤᠶᠠᠷ ᠬᠡᠦᠬᠡᠳ ᠪᠣᠯᠬᠤᠷ ᠶᠡᠬᠡᠰ ᠲᠣᠮᠣᠴᠤᠤᠯ ᠢᠶᠠᠨ | ᠬᠦᠨᠳᠦᠳᠬᠡᠬᠦ᠂ ᠦᠭᠡ ᠶᠠᠷᠢᠶᠠᠨ ᠤ ᠡᠪ ᠵᠦᠢ ᠶᠢ ᠠᠩᠬᠠᠷᠬᠤ ᠲᠠᠯ᠎ᠠ ᠪᠠᠷ ᠬᠦᠷᠦᠯᠴᠡᠬᠦ ᠦᠭᠡᠢ ᠭᠡᠷ ᠪᠦᠯᠢ ᠶᠢᠨ ᠢᠶᠠᠨ | ︽ᠳᠠᠷᠬᠠᠨ ᠸᠠᠩ︾ ᠪᠣᠯᠬᠤᠷ ᠲᠡᠳᠡᠨᠦᠰ ᠤᠨ ᠡᠷᠬᠡ ᠮᠡᠳᠡᠯ ᠲᠤᠩ ᠶᠡᠭᠡ ᠶᠤᠮ᠃ ᠡᠭᠦᠨᠴᠢᠯᠡᠨ ᠬᠡᠦᠬᠡᠳ | ᠪᠠᠭᠠᠴᠤᠳ ᠢ ᠭᠡᠷ ᠤᠨ ᠬᠥᠮᠦᠵᠢᠯ ᠤᠨ ᠨᠠᠵᠠᠭᠠᠢ ᠣᠪᠣᠷ᠂ ᠨᠡᠶᠢᠭᠡᠮ ᠤᠨ ᠪᠠᠷᠠᠭᠠᠨ ᠰᠡᠭᠦᠳᠡᠷ ᠠᠴᠠ ᠬᠠᠯᠬᠠᠯᠠᠨ | ᠬᠠᠷᠠᠬᠠᠨ ᠪᠠᠭ᠎ᠠ ᠠᠴᠠ ᠨᠢ ᠢᠳᠡᠭ ᠠᠯᠬᠤᠮ ᠢᠶᠠᠷ ᠵᠥᠪ ᠣᠨᠣᠪᠴᠢᠲᠠᠢ ᠬᠥᠮᠦᠵᠢᠯ ᠬᠢᠬᠦ ᠬᠡᠷᠡᠭᠲᠡᠢ᠃ ᠠᠵᠢᠯ ᠤᠨ | ᠴᠢᠯᠦᠭᠡ ᠪᠠᠷ ᠢᠶᠠᠨ ︽ᠮᠣᠩᠭᠤᠯ ᠤᠨ ᠴᠡᠭᠡᠷ ᠰᠤᠷᠭᠠᠯ︾ ᠢ ᠴᠤᠭᠯᠠᠭᠤᠯᠵᠤ ᠰᠤᠷᠭᠠᠭᠤᠯᠢ ᠶᠢᠨ ᠬᠢᠴᠢᠶᠡᠯ ᠤᠨ ᠪᠢᠴᠢᠭ | ᠪᠣᠯᠭᠠᠨ ᠨᠠᠶᠢᠷᠠᠭᠤᠯᠵᠣ ᠥᠪᠡᠷ ᠤᠨ ᠵᠢᠭᠠᠵᠤ ᠪᠠᠶᠢᠭ᠎ᠠ ᠠᠩᠭᠢ ᠶᠢᠨ ᠰᠤᠷᠤᠭᠴᠢᠳ ᠲᠤ ᠭᠠᠷᠠᠭ ᠪᠦᠷᠢ ᠬᠤᠶᠠᠷ ᠴᠠᠭ | ᠬᠢᠴᠢᠶᠡᠯᠯᠡᠵᠦ ᠴᠢᠯᠦᠭᠡ ᠵᠠᠪ ᠢᠶᠠᠷ ᠢᠶᠠᠨ ᠲᠤᠰ ᠨᠣᠮ ᠢ ᠢᠯᠡᠭᠦᠬᠡᠨ ᠦᠵᠡᠭᠦᠯᠵᠦ ᠮᠣᠩᠭᠤᠯ ᠦᠨᠳᠦᠰᠦᠲᠡᠨ ᠤ ᠪᠠᠨ | ᠡᠷᠲᠡ ᠦᠶ᠎ᠡ ᠠᠴᠠ ᠤᠯᠠᠮᠵᠢᠯᠠᠵᠤ ᠢᠷᠡᠭᠰᠡᠨ ᠵᠠᠩ ᠮᠤᠷᠠᠯ ᠤᠨ ᠰᠤᠷᠭᠠᠯ ᠢ ᠬᠡᠣᠬᠡᠳ ᠲᠤ ᠮᠡᠳᠡᠭᠦᠯᠵᠦ᠂ ᠬᠡᠦᠬᠡᠳ ᠢ | ᠬᠠᠷᠠᠬᠠᠨ ᠪᠠᠭ᠎ᠠ ᠠᠴᠠ ᠪᠠᠨ ᠶᠣᠰᠣ ᠨᠣᠮ ᠲᠠᠢ ᠪᠣᠯᠭᠠᠨ ᠬᠥᠮᠦᠵᠢᠭᠦᠯᠬᠦ ᠳᠤ ᠮᠠᠰᠢ ᠲᠤᠰᠠ ᠲᠠᠢ ᠨᠣᠮ ᠭᠡᠵᠦ | ᠰᠤᠷᠭᠠᠭᠤᠯᠢ ᠨᠡᠶᠢᠲᠡ ᠳᠤ ᠮᠡᠳᠡᠷᠡᠭᠳᠡᠵᠦ ᠣᠳᠣ ᠰᠤᠷᠭᠠᠭᠤᠯᠢ ᠶᠢᠨ ᠬᠡᠪᠴᠢᠶᠡᠨ ᠳᠤ ᠳᠡᠯᠭᠡᠷᠡᠭᠦᠯᠦᠨ ᠬᠡᠷᠡᠭᠯᠡᠵᠦ | ᠪᠠᠶᠢᠨ᠎ᠠ᠃ ᠠᠩᠭᠢ ᠶᠢᠨ ᠡᠷᠬᠢᠯᠡᠭᠴᠢ ᠪᠣᠯᠤᠭᠰᠠᠨ ᠤ ᠬᠤᠪᠢ ᠳᠤ ᠡᠷᠬᠡᠪᠰᠢ ᠦᠨᠳᠦᠰᠦᠲᠡᠨ ᠤ ᠪᠠᠨ ᠦᠭᠡ ᠬᠡᠯᠡ | ᠦᠰᠦᠭ ᠪᠢᠴᠢᠭ ᠢᠶᠠᠨ ᠬᠠᠶᠢᠷᠠᠯᠠᠨ ᠬᠦᠨᠳᠦᠳᠬᠡᠵᠦ᠂ ᠲᠡᠦᠬᠡ ᠰᠣᠶᠣᠯ ᠢᠶᠠᠨ ᠨᠠᠨᠳᠢᠩᠨᠠᠬᠤ ᠵᠣᠷᠢᠭ ᠰᠠᠨᠠᠭ᠎ᠠ ᠶᠢ | ᠬᠡᠦᠬᠡᠳ ᠪᠠᠭᠠᠴᠤᠳ ᠲᠤ ᠤᠯᠠᠮᠵᠢᠯᠠᠬᠤ ᠭᠡᠷᠡᠭᠳᠠᠢ᠃ | ᠳᠥᠷᠪᠡ᠂ ᠤᠷᠮᠠᠰᠢᠭᠤᠯᠤᠯ ᠪᠣᠯ ᠳᠠᠪᠰᠢᠯᠲᠠ ᠶᠢ ᠠᠬᠢᠭᠤᠯᠬᠤ ᠬᠦᠴᠦᠨ ᠮᠥᠨ᠃ | ᠰᠤᠷᠤᠭᠴᠢᠳ ᠤᠨ ᠳᠣᠮᠳᠠ ᠰᠤᠷᠤᠯᠭ᠎ᠠ ᠰᠠᠶᠢᠨ᠂ ᠰᠤᠷᠤᠯᠭ᠎ᠠ ᠳᠣᠷᠣᠢ᠂ ᠶᠣᠰᠤ ᠮᠣᠷᠠᠯ ᠢ ᠰᠠᠬᠢᠳᠠᠭ ᠦᠭᠡᠢ᠂ | ᠬᠤᠴᠤᠷᠤᠩᠭᠤᠢ ᠳᠠᠪᠰᠢᠯᠲᠠ ᠪᠠᠷ ᠠᠨᠠᠢ ᠭᠡᠭᠦ ᠮᠠᠳᠦ ᠤᠯᠠᠨ ᠶᠠᠩᠵᠤ ᠶᠢᠨ ᠬᠡᠦᠬᠡᠳ ᠪᠠᠶᠢᠳᠠᠭ᠃ ᠠᠩᠭᠢ ᠶᠢᠨ | ᠡᠷᠬᠢᠯᠡᠭᠴᠢ ᠪᠠᠭᠰᠢ ᠡᠷᠬᠡᠪᠰᠢ ᠲᠥᠪ ᠶᠣᠰᠣ ᠶᠢ ᠪᠠᠷᠢᠮᠲᠠᠯᠠᠨ ᠬᠡᠦᠬᠡᠳ ᠪᠣᠯᠭᠠᠨ ᠳᠤ ᠠᠳᠠᠯᠢ ᠲᠡᠭᠰᠢ ᠬᠠᠨᠳᠤᠬᠤ | ᠬᠡᠷᠡᠭᠲᠡᠢ᠃ ᠭᠡᠲᠡᠯ᠎ᠡ ᠬᠥᠮᠦᠵᠢᠭᠦᠯᠬᠦ ᠠᠷᠭ᠎ᠠ ᠮᠠᠶ᠋ᠢᠭ ᠤᠨ ᠲᠠᠯ᠎ᠠ ᠪᠠᠷ ᠳᠠᠪᠰᠢᠩᠭᠤᠢ ᠬᠡᠦᠬᠡᠳ ᠲᠤ ᠬᠡᠷᠬᠢᠨ ᠬᠠᠨᠳᠤᠬᠤ | ᠪᠠ ᠬᠤᠴᠤᠷᠤᠩᠭᠤᠢ ᠬᠡᠦᠬᠡᠳ ᠲᠤ ᠬᠡᠷᠬᠢᠨ ᠬᠠᠨᠳᠤᠬᠤ ᠠᠷᠭ᠎ᠠ ᠠᠪᠴᠠᠯ ᠢᠶᠠᠨ ᠵᠣᠬᠢᠰᠲᠠᠢ ᠰᠣᠩᠭᠤᠨ ᠪᠣᠳᠠᠲᠠᠢ | ᠠᠵᠢᠯ ᠳᠡᠭᠡᠷ᠎ᠡ ᠵᠦᠢ ᠵᠣᠬᠢᠰᠲᠠᠢ ᠶᠠᠪᠤᠭᠳᠠᠭᠤᠯᠬᠤ ᠬᠡᠷᠡᠭᠲᠡᠢ᠃ ᠬᠠᠷᠢᠨ ᠳᠠᠪᠰᠢᠩᠭᠤᠢ ᠬᠡᠦᠬᠡᠳ ᠤᠳ ᠲᠤ ᠥᠨᠳᠥᠷ | ᠮᠠᠯᠠᠭᠠᠢ ᠶᠢ ᠳᠠᠪᠬᠤᠷ ᠳᠠᠪᠬᠤᠷ ᠱᠠᠩᠨᠠᠨ᠂ ᠬᠤᠶᠢᠷᠭᠤ ᠬᠡᠦᠬᠡᠳ ᠲᠤ ᠰᠢᠭᠦᠮᠵᠢᠯᠡᠯ ᠳᠣᠩᠭᠤᠳᠤᠯᠭᠠ ᠶᠢ ᠣᠪᠣᠭ᠎ᠠ | ᠳᠣᠪᠤᠭᠠ ᠪᠠᠷ ᠬᠦᠷᠭᠡᠬᠦ ᠨᠢ ᠬᠡᠦᠬᠡᠳ ᠤᠨ ᠥᠪᠡᠷ ᠢ ᠪᠠᠨ ᠬᠦᠨᠳᠦᠳᠬᠡᠬᠦ ᠰᠡᠳᠬᠢᠯᠭᠡ᠂ ᠴᠢᠷᠮᠠᠶᠢᠬᠤ ᠵᠣᠷᠢᠭ ᠢ | ᠮᠤᠬᠤᠭᠠᠨ᠂ ᠤᠯᠠᠮ ᠰᠢᠨᠲᠠᠷᠠᠮᠠᠲᠠᠭᠠᠢ ᠪᠣᠯᠭᠠᠨ᠎ᠠ᠃ ︽ᠵᠢᠭᠠᠵᠤ ᠴᠢᠳᠠᠬᠤ ᠦᠭᠡᠢ ᠪᠠᠭᠰᠢ ᠪᠠᠶᠢᠬᠤ ᠠᠴᠠ ᠪᠢᠰᠢ | ᠰᠤᠷᠴᠦ ᠴᠢᠳᠠᠬᠤ ᠦᠭᠡᠢ ᠬᠡᠦᠬᠡᠳ ᠪᠠᠶᠢᠳᠠᠭ ᠦᠭᠡᠢ︾ ᠭᠡᠳᠡᠭ ᠢᠶᠠᠷ ᠣᠢ ᠪᠢᠯᠢᠭ ᠤᠨ ᠰᠠᠭᠠᠳ ᠪᠠ ᠡᠮᠵᠡᠭ ᠲᠠᠢ | ᠬᠡᠦᠬᠡᠳ ᠢ ᠴᠦ ᠬᠠᠶᠢᠷ᠎ᠠ ᠪᠠᠷ ᠢᠶᠠᠨ ᠢᠪᠡᠭᠡᠨ ᠴᠥᠬᠦᠷᠡᠰᠢ ᠦᠭᠡᠢ ᠴᠢᠷᠮᠠᠶᠢᠪᠠᠯ ᠰᠠᠶᠢᠨ ᠰᠤᠷᠤᠯᠭᠠᠲᠠᠨ ᠤ ᠡᠩᠨᠡᠭᠡᠨ ᠳᠤ | ᠭᠦᠳᠦᠯᠦᠨ ᠤᠷᠤᠭᠤᠯᠵᠤ ᠪᠣᠯᠤᠨ᠎ᠠ᠃ ᠠᠯᠳᠠᠭ᠎ᠠ ᠪᠠ ᠠᠮᠵᠢᠯᠲᠠ ᠳᠤ ᠬᠡᠦᠬᠡᠳ ᠲᠦᠢᠯ ᠤᠨ ᠰᠠᠷᠭᠡᠢ ᠪᠠᠶᠢᠳᠠᠭ᠃ | ᠭᠡᠷᠪᠡ ᠵᠠᠭᠤᠨ ᠬᠤᠪᠢ ᠣᠯᠣᠭᠰᠠᠨ ᠪᠣᠯ ᠲᠦᠢᠯ ᠢᠶᠠᠷ ᠣᠮᠣᠭᠰᠢᠵᠣ ᠠᠪᠤ ᠡᠵᠢ᠂ ᠨᠠᠶᠢᠵᠢ ᠨᠥᠬᠦᠳ ᠲᠤ ᠪᠠᠨ | ᠭᠠᠶᠢᠬᠠᠭᠤᠯᠵᠤ᠂ ᠮᠠᠭᠤ ᠬᠤᠪᠢ ᠣᠯᠤᠭᠰᠠᠨ ᠪᠤᠯ ᠭᠤᠨᠢᠵᠤ ᠭᠤᠲᠣᠷᠠᠨ᠂ ᠠᠪᠤ ᠡᠵᠢ ᠳᠤ ᠪᠠᠨ ᠵᠢᠮᠡᠯᠡᠭᠳᠡᠬᠦ ᠠᠴᠠ | ᠠᠶᠤᠳᠠᠬ᠃ ᠡᠶᠢᠮᠦ ᠪᠠᠶᠢᠳᠠᠯ ᠳᠤᠤᠷ᠎ᠠ ᠠᠩᠭᠢ ᠶᠢᠨ ᠪᠠᠭᠰᠢ ᠵᠠᠪᠠᠯ ᠬᠡᠦᠬᠡᠳ ᠤᠳ ᠲᠤ ᠵᠥᠪ ᠵᠢᠯᠤᠭᠤᠳᠤᠯᠭ᠎ᠠ ᠬᠢᠵᠦ | ᠠᠮᠵᠢᠯᠲᠠ ᠣᠯᠤᠭᠰᠠᠨ ᠰᠢᠯᠲᠠᠭᠠᠨ ᠢ ᠨᠢ ᠳ᠋ᠦᠩᠨᠡᠨ ᠰᠠᠶᠢᠰᠢᠶᠠᠬᠤ ᠪᠠ ᠬᠦᠷᠦᠯᠴᠡᠬᠦ ᠦᠭᠡᠢ ᠲᠠᠯ᠎ᠠ ᠶᠢ ᠨᠢ | ᠬᠦᠯᠢᠴᠡᠩᠭᠦᠢ᠂ ᠡᠶᠡᠯᠰᠡᠭ ᠳᠣᠲᠣᠨᠣ ᠪᠠᠷ ᠵᠢᠭᠠᠨ ᠭᠠᠷᠭᠠᠵᠤ᠂ ᠶᠠᠭᠠᠬᠢᠪᠠᠯ ᠡᠶᠢᠮᠦ ᠠᠯᠳᠠᠭ᠎ᠠ ᠠᠴᠠ ᠵᠠᠶᠢᠯᠠᠰᠬᠢᠵᠦ | ᠴᠢᠳᠠᠬᠤ᠂ ᠶᠠᠭᠠᠬᠢᠪᠠᠯ ᠰᠠᠶᠢᠴᠣᠣᠯ ᠤᠨ ᠡᠩᠨᠡᠭᠡᠨ ᠳᠤ ᠳᠠᠪᠰᠢᠨ ᠣᠷᠣᠵᠤ ᠴᠢᠳᠠᠬᠤ ᠵᠡᠷᠭᠡ ᠶᠢ ᠤᠬᠠᠭᠠᠷᠠᠭᠤᠯᠤᠨ | ᠰᠤᠷᠭᠠᠨ᠎ᠠ᠃ ᠤᠴᠢᠷ ᠨᠢ ᠲᠡᠳᠡ ᠪᠣᠯ ᠬᠡᠦᠬᠡᠳ᠂ ᠠᠩᠬᠢ ᠶᠢᠨ ᠪᠠᠭᠰᠢ ᠪᠣᠯ ᠠᠪᠤ ᠡᠵᠢ ᠪᠠ ᠠᠬᠠᠮᠠᠳ ᠰᠢᠦ ᠳ᠋ᠠ᠃ | ᠵᠠᠷᠢᠮ ᠦᠶᠠᠰ ᠭᠠᠭᠴᠠ ᠨᠢᠭᠡ ᠮᠠᠭᠲᠠᠭᠠᠯ ᠴᠤ ᠬᠦᠮᠦᠨ ᠢ ᠠᠮᠵᠢᠯᠲᠠ ᠳᠤ ᠬᠦᠷᠭᠡᠵᠦ᠂ ᠠᠮᠢᠳᠤᠷᠠᠯ ᠤᠨ ᠵᠠᠮ ᠳᠤ ᠨᠢ | ᠥᠭᠡᠷᠡᠴᠢᠯᠡᠯᠲᠡ ᠭᠠᠷᠭᠠᠳᠠᠭ᠃ ᠭᠡᠪᠡᠴᠦ ᠬᠡᠢ ᠬᠤᠭᠤᠰᠣᠨ ᠮᠠᠭᠲᠠᠭᠠᠯ ᠪᠣᠯ ᠬᠡᠦᠬᠡᠳ ᠲᠤ ᠭᠡᠳᠡᠷᠭᠦ ᠦᠢᠯᠡᠳᠦᠯ | ᠦᠵᠡᠭᠦᠯᠦᠨ ᠥᠯᠥ ᠢᠲᠡᠭᠡᠬᠦ ᠰᠡᠵᠢᠭᠯᠡᠬᠦ ᠣᠪᠣᠷ ᠢ ᠪᠤᠢ ᠪᠤᠯᠭᠠᠵᠤ ᠮᠡᠳᠡᠨ᠎ᠡ᠃ ᠡᠭᠦᠨ ᠤ ᠲᠠᠭᠠᠤ ᠵᠤᠬᠢᠰᠳᠠᠢ | ᠰᠢᠭᠦᠮᠵᠢᠯᠡᠵᠦ ᠰᠢᠭᠦᠮᠵᠢᠯᠡᠯ ᠢ ᠵᠥᠪ ᠢᠶᠠᠷ ᠣᠶᠢᠯᠠᠭᠠᠬᠤ ᠶᠢ ᠲᠠᠨᠢᠭᠤᠯᠤᠨ᠎ᠠ᠃ ᠶᠢᠨ ᠱᠧᠩ ᠪᠣᠯ ᠮᠠᠨ ᠤ ᠠᠩᠬᠢ ᠳᠤ | ᠰᠤᠷᠤᠯᠴᠠᠵᠤ ᠪᠠᠶᠢᠭ᠎ᠠ ᠰᠤᠷᠤᠭᠴᠢ᠂ ᠲᠡᠷᠡ ᠤᠳᠤ ᠶᠢᠨ ᠠᠩᠬᠢ ᠶᠢ ᠨᠢᠭᠡᠳᠦᠭᠡᠷ ᠣᠨ ᠪᠣᠯᠬᠤ ᠳᠤ ᠳᠡᠭᠡᠷ᠎ᠡ | ᠤᠨ ᠠᠴᠠ ᠠᠩᠬᠢ ᠪᠠᠭᠤᠷᠠᠵᠤ ᠢᠷᠡᠭᠰᠡᠨ ᠶᠤᠮ᠃ ᠲᠤᠬᠠᠢ ᠶᠢᠨ ᠦᠶ᠎ᠡ ᠳᠤ ᠲᠤᠰ ᠰᠤᠷᠤᠭᠴᠢ ᠶᠢ ᠦᠨᠡᠨ ᠬᠦᠯᠢᠶᠡᠨ | ᠠᠪᠬᠤ ᠳᠤᠷ᠎ᠠ ᠦᠭᠡᠢ ᠪᠠᠶᠢᠯ᠎ᠠ᠃ ᠭᠡᠪᠡᠴᠦ ᠠᠪᠤ ᠨᠢ ᠬᠦᠦ ᠪᠠᠨ ᠳᠠᠭᠠᠭᠤᠯᠵᠤ ᠢᠷᠡᠭᠡᠳ ᠨᠠᠳᠠ ᠲᠠᠢ ᠠᠭᠤᠯᠵᠠᠵᠤ᠄ | ︽ᠪᠠᠭᠰᠢ ᠡ᠂ ᠶᠠᠭᠤ ᠴᠦ ᠭᠡᠰᠡᠨ ᠪᠢ ᠡᠨᠡ ᠬᠡᠦᠬᠡᠳ ᠢ ᠲᠠᠨ ᠳᠤ ᠲᠤᠰᠢᠶᠠᠵᠤ ᠥᠭᠭᠦᠶ᠎ᠡ᠂ ᠮᠢᠨᠤ ᠬᠡᠦᠬᠡᠳ ᠲᠠᠨ ᠤ | ᠡᠷᠬᠢᠯᠡᠭᠰᠡᠨ ᠠᠩᠭᠢ ᠳᠤ ᠯᠠ ᠰᠠᠭᠤᠪᠠᠯ ᠰᠠᠶᠢᠨ ᠰᠤᠷᠬᠤ ᠪᠤᠯᠤᠯᠴᠠᠭ᠎ᠠ ᠲᠠᠢ ᠰᠢᠦ︾ ᠭᠡᠵᠦ ᠮᠠᠨ ᠳᠤ ᠰᠢᠭᠤᠳ | ᠨᠠᠶᠢᠳᠠᠵᠠᠢ᠃ ᠶᠢᠨ ᠱᠧᠩ ᠨᠢᠭᠡᠳᠦᠭᠡᠷ ᠣᠨ ᠳᠤ ᠰᠠᠭᠤᠭᠰᠠᠨ ᠴᠦ ᠰᠠᠶ᠋ᠢ ᠳᠡᠭᠡᠷ᠎ᠡ ᠪᠠᠨ ᠳᠠᠭᠠᠵᠤ ᠳᠡᠶᠢᠯᠭᠦ ᠦᠭᠡᠢ᠂ | ᠦᠭᠡ ᠦᠰᠦᠭ ᠢ ᠰᠠᠨᠠᠭᠰᠠᠨ ᠢᠶᠠᠷ ᠢᠶᠠᠨ ᠡᠷᠦᠢ ᠬᠤᠷᠤᠢ ᠦᠭᠡᠢ ᠪᠢᠴᠢᠵᠦ᠂ ᠪᠢᠴᠢᠭᠰᠡᠨ ᠦᠰᠦᠭ ᠢ ᠨᠢ ᠬᠡᠨ ᠴᠤ | ᠲᠥᠬᠦᠭᠡᠷᠡᠬᠦ ᠦᠭᠡᠢ ᠪᠠᠶᠢᠯ᠎ᠠ᠃ ᠲᠡᠷᠡ ᠨᠠᠰᠤ ᠶᠡᠭᠡ ᠪᠣᠯᠬᠤᠷ ᠲᠡᠭᠦᠨ ᠢ ᠴᠢᠩᠭ᠎ᠠ ᠱᠠᠭᠠᠷᠳᠠᠵᠤ᠄ ︽ᠣᠳᠣ ᠠᠴᠠ | ᠡᠬᠢᠯᠡᠨ ᠴᠢᠷᠮᠠᠶᠢᠨ ᠰᠤᠷᠤᠯᠴᠠᠪᠠᠯ ᠣᠷᠦ᠋ᠢᠲᠠᠬᠤ ᠦᠭᠡᠢ᠂ ᠰᠠᠶᠢᠨ ᠴᠢᠷᠮᠠᠶᠢᠭᠠᠷᠠᠢ︕︾ ᠭᠡᠵᠦ ᠲᠤᠰᠬᠠᠢ ᠳᠠᠭᠤᠳᠠᠵᠤ | ᠠᠪᠠᠴᠢᠨ ᠵᠠᠬᠢᠨ ᠰᠤᠷᠭᠠᠳᠠᠬ ᠪᠠᠶᠢᠯ᠎ᠠ᠃ ᠲᠡᠷᠡ ᠬᠡᠳᠦ᠋ᠢᠪᠡᠷ ᠰᠤᠷᠤᠯᠭ᠎ᠠ ᠮᠠᠭᠤ ᠪᠣᠯᠪᠠᠴᠤ ᠮᠠᠰᠢ ᠤᠬᠠᠭᠠᠯᠢᠭ ᠬᠡᠦᠬᠡᠳ | ᠪᠠᠶᠢᠯ᠎ᠠ᠃ ᠪᠡᠶ᠎ᠡ ᠪᠠᠨ ᠳᠠᠭᠠᠭᠠᠵᠤ ᠴᠢᠷᠮᠠᠶᠢᠬᠤ ᠤᠬᠠᠮᠰᠠᠷ ᠲᠠᠢᠶᠢᠨ ᠳᠡᠭᠡᠷ᠎ᠡ ᠪᠠᠭᠰᠢ ᠪᠠ ᠨᠥᠬᠦᠳ ᠤᠨ ᠬᠢᠨᠢ | ᠬᠠᠪᠰᠤᠷᠤᠯᠭ᠎ᠠ ᠪᠠᠶᠢᠭᠰᠠᠨ ᠠᠴᠠ ᠲᠤᠩ ᠬᠤᠷᠳᠤᠨ ᠲᠠᠪᠰᠢᠵᠤ ᠪᠠᠶᠢᠪᠠ᠃ ᠣᠳᠣ ᠶᠢᠨ ᠱᠧᠩ ᠵᠢᠷᠭᠤᠳᠤᠭᠠᠷ ᠣᠨ ᠤ | ᠰᠤᠷᠤᠭᠴᠢ ᠪᠣᠯᠴᠢᠬᠠᠵᠤ᠂ ᠥᠭᠦᠯᠡᠪᠦᠷᠢ ᠵᠣᠬᠢᠶᠠᠬᠤ ᠳᠤ ᠠᠮᠢᠳᠤᠷᠠᠯ ᠣᠷᠴᠢᠨ ᠲᠣᠭᠤᠷᠢᠨ ᠠᠴᠠ ᠪᠠᠨ ᠦᠵᠡᠵᠦ | ᠬᠠᠷᠠᠭᠰᠠᠨ ᠢᠶᠠᠨ ᠠᠮᠢᠳᠤᠯᠢᠭ ᠰᠠᠶᠢᠬᠠᠨ ᠳᠦᠷᠰᠦᠯᠡᠨ ᠪᠢᠴᠢᠳᠡᠭ ᠪᠣᠯᠬᠤᠷ ᠪᠢᠳᠡ ᠮᠠᠰᠢ ᠲᠣᠭᠤᠳᠠᠭ᠃ | ᠲᠠᠪᠤ᠂ ᠬᠠᠮᠲᠤ ᠴᠣᠭᠴᠠ ᠪᠣᠯ ᠠᠩᠭᠢ ᠶᠢᠨ ᠡᠷᠬᠢᠯᠡᠭᠴᠢ ᠶᠢᠨ ᠠᠵᠢᠯ ᠤᠨ ᠠᠮᠢᠨ ᠰᠦᠨᠡᠰᠦ ᠮᠥᠨ᠃ | ᠥᠨᠥᠳᠥᠷ ᠤᠨ ᠬᠡᠦᠬᠡᠳ ᠪᠠᠭᠠᠴᠤᠳ ᠥᠩᠭᠡᠷᠡᠭᠰᠡᠨ ᠦᠶ᠎ᠡ ᠶᠢᠨ ᠰᠢᠭ ᠣᠯᠠᠨ ᠬᠡᠦᠬᠡᠳ ᠲᠠᠢ ᠠᠶᠢᠯ ᠤᠨ | ᠡᠭᠦᠳᠡᠨ ᠠᠴᠠ ᠢᠷᠡᠭᠰᠡᠨ ᠪᠢᠰᠢ᠂ ᠡᠭᠦᠨ ᠤ ᠡᠰᠡᠷᠭᠦ ᠪᠠᠷ ᠬᠠᠷᠢᠨ ᠭᠠᠭᠴᠠ ᠬᠤᠶᠠᠷ ᠢᠶᠠᠷ ᠥᠰᠦᠭᠰᠡᠨ ᠬᠡᠦᠬᠡᠳ | ᠪᠤᠯᠬᠤᠷ ᠵᠠᠩ ᠠᠭᠠᠯᠢ ᠵᠣᠵᠢᠭ᠂ ᠬᠤᠪᠢᠨᠴᠢᠷ ᠪᠠᠶᠢᠳᠠᠭ᠃ ᠵᠠᠷᠢᠮ ᠠᠪᠤ ᠡᠵᠢ ᠨᠢ ᠬᠡᠦᠬᠡᠳ ᠢᠶᠠᠨ ᠰᠤᠷᠭᠠᠭᠤᠯᠢ ᠳᠤ | ᠭᠦᠷᠭᠡᠭᠦ ᠳᠤ᠄ ︽ᠪᠤᠰᠤᠳ ᠲᠤ ᠶᠠᠭᠤᠮ᠎ᠠ ᠪᠠᠨ ᠪᠦᠦ ᠵᠢᠭᠡᠯᠡᠵᠦ ᠥᠭ︾ ᠭᠡᠬᠦ ᠮᠡᠲᠦ ᠪᠠᠷ ᠬᠡᠦᠬᠡᠳ ᠤᠨ ᠨᠢᠯᠬ᠎ᠠ | ᠣᠶᠤᠨ ᠳᠤ ᠪᠤᠷᠲᠠᠭ ᠰᠠᠭᠤᠯᠭᠠᠵᠤ ᠪᠤᠬᠢᠷ ᠠᠷᠭ᠎ᠠ ᠤᠬᠠᠭᠠᠨ ᠬᠢᠵᠦ ᠪᠠᠶᠢᠳᠠᠭ᠃ ᠡᠨᠡ ᠪᠠᠶᠢᠳᠠᠯ ᠳᠤ ᠰᠠᠭᠤᠷᠢᠯᠠᠨ | ᠬᠡᠦᠬᠡᠳ ᠲᠤ ᠵᠠᠪᠠᠯ ᠳᠣᠮᠳᠠᠳᠤ ᠶᠢᠨ ᠤᠯᠠᠮᠵᠢᠯᠠᠯᠲᠤ ᠨᠡᠶᠢᠲᠡᠴᠢ ᠦᠵᠡᠯ ᠤᠨ ᠵᠣᠷᠢᠭ ᠰᠠᠨᠠᠭ᠎ᠠ ᠶᠢ ᠰᠤᠷᠭᠠᠬᠤ ᠨᠢ | ᠴᠢᠬᠤᠯᠠ ᠶᠤᠮ᠃ ᠮᠠᠨ ᠤ ᠮᠣᠩᠭᠤᠯ ᠦᠨᠳᠦᠰᠦᠲᠡᠨ ᠳᠤ ᠴᠦ ︽ᠠᠯᠤᠩᠭᠤᠸ᠎ᠠ ᠡᠬᠡ ᠲᠠᠪᠤᠨ ᠮᠥᠰᠦ ᠪᠠᠷ | ᠬᠡᠦᠬᠡᠳ ᠢᠶᠠᠨ ᠰᠤᠷᠭᠠᠭᠰᠠᠨ︾ ᠬᠡᠮᠡᠬᠦ ᠪᠥᠯᠬᠦᠮᠳᠡᠯ ᠨᠢᠭᠲᠠᠷᠠᠯ ᠤᠨ ᠲᠣᠬᠠᠢ ᠳᠣᠮᠤᠭ ᠪᠠᠶᠢᠳᠠᠭ ᠢ ᠪᠢ ᠬᠡᠦᠬᠡᠳ ᠲᠤ | ᠦᠯᠢᠭᠡᠷᠯᠡᠨ ᠶᠠᠷᠢᠵᠤ ᠥᠭᠬᠦ ᠪᠠ ᠬᠡᠦᠬᠡᠳ ᠤᠳᠠᠭᠠᠨ ᠰᠣᠨᠤᠰᠴᠤ ᠬᠠᠳᠠᠩᠰᠢᠭᠰᠠᠨ ᠤ ᠳᠠᠷᠠᠭ᠎ᠠ ᠬᠡᠦᠬᠡᠳ ᠢᠶᠠᠷ | ᠳᠥᠭᠦᠮ ᠵᠥᠴᠦᠭᠡ ᠪᠣᠯᠭᠠᠨ ᠲᠣᠭᠯᠠᠭᠤᠯᠵᠤ᠂ ᠪᠥᠯᠬᠦᠮᠳᠡᠨ ᠨᠢᠭᠲᠠᠷᠠᠪᠠᠯ ᠶᠠᠮᠠᠷ᠂ ᠬᠠᠭᠠᠴᠠᠨ ᠰᠠᠯᠪᠠᠯ ᠶᠠᠮᠠᠷ ᠦᠷ᠎ᠡ | ᠳ᠋ᠦᠩ ᠲᠠᠢ ᠪᠣᠯᠬᠤ ᠶᠢ ᠮᠡᠳᠡᠭᠦᠯᠦᠨ ᠲᠠᠨᠢᠭᠤᠯᠤᠭᠰᠠᠨ ᠶᠤᠮ᠃ ᠡᠶᠢᠮᠦᠷᠭᠦᠦ ᠵᠣᠷᠢᠭ ᠰᠠᠨᠠᠭ᠎ᠠ ᠶᠢ ᠪᠠᠭ᠎ᠠ | ᠰᠤᠷᠭᠠᠭᠤᠯᠢ ᠶᠢᠨ ᠳᠣᠣᠷ᠎ᠠ ᠣᠨ ᠠᠴᠠ ᠳᠡᠭᠡᠳᠦ ᠣᠨ ᠪᠣᠯᠲᠠᠯ᠎ᠠ ᠠᠯᠬᠤᠮ ᠳᠠᠷᠠᠭ᠎ᠠ ᠲᠠᠢ ᠬᠥᠮᠦᠵᠢᠯ ᠬᠢᠭᠰᠡᠨ ᠠᠴᠠ | ᠬᠡᠦᠬᠡᠳ ᠥᠪᠡᠷ ᠤᠨ ᠠᠩᠭᠢ ᠨᠢᠭᠡᠴᠢ ᠳᠤ ᠪᠠᠨ ᠬᠠᠶᠢᠷ᠎ᠠ ᠲᠠᠢ᠂ ᠨᠠᠶᠢᠵᠢ ᠨᠥᠬᠦᠳ ᠲᠤ ᠪᠠᠨ ᠬᠠᠶᠢᠷ᠎ᠠ ᠲᠠᠢ᠂ ᠨᠡᠩ | ᠴᠠᠭᠠᠰᠢᠯᠠᠨ ᠥᠪᠡᠷ ᠤᠨ ᠡᠬᠡ ᠨᠤᠲᠤᠭ ᠡᠬᠡ ᠣᠷᠣᠨ ᠳᠤ ᠪᠠᠨ ᠬᠠᠶᠢᠷ᠎ᠠ ᠲᠠᠢ ᠪᠣᠯᠵᠤ ᠵᠣᠬᠢᠬᠤ ᠦᠵᠡᠯ ᠰᠠᠨᠠᠭᠠᠨ ᠤ | ᠥᠨᠳᠦᠷᠴᠡ ᠳᠤ ᠬᠦᠷᠦᠭᠰᠡᠨ ᠪᠠᠶᠢᠨ᠎ᠠ᠃ | ᠨᠡᠶᠢᠭᠡᠮ ᠪᠠ ᠴᠠᠭ ᠡᠷᠢᠨ ᠬᠥᠮᠦᠨ ᠨᠢ ᠬᠦᠮᠦᠨ ᠳᠤ ᠪᠠᠨ ᠬᠠᠶᠢᠷ᠎ᠠ ᠲᠠᠢ᠂ ᠲᠦᠰᠢᠭ ᠲᠠᠢ ᠪᠠᠶᠢᠬᠤ ᠶᠢ | ᠱᠠᠭᠠᠷᠳᠠᠵᠤ ᠪᠠᠶᠢᠨ᠎ᠠ᠃ ᠨᠢᠭᠡᠨ ᠠᠩᠭᠢ ᠰᠤᠷᠤᠭᠴᠢ ᠪᠦᠷ ᠡᠶᠢᠮᠦ ᠵᠣᠷᠢᠭ ᠰᠠᠨᠠᠭ᠎ᠠ ᠲᠠᠢ ᠪᠣᠯᠪᠠᠯ ᠡᠨᠡ ᠠᠩᠭᠢ ᠳᠤ | ᠬᠤᠴᠤᠷᠤᠩᠭᠤᠢ ᠳᠣᠷᠣᠢ ᠰᠤᠷᠤᠭᠴᠢ ᠯᠠᠪᠲᠠᠢ ᠣᠷᠤᠰᠢᠬᠤ ᠦᠭᠡᠢ᠃ ᠡᠭᠦᠨ ᠳᠤ ᠠᠩᠭᠢ ᠶᠢᠨ ᠡᠷᠬᠢᠯᠡᠭᠴᠢ ᠪᠠᠭᠰᠢ | ᠵᠠᠪᠠᠯ ᠪᠦᠬᠦ᠋ᠢᠯᠡ ᠣᠶᠤᠨ ᠤᠬᠠᠭᠠᠨ ᠢᠶᠠᠨ ᠰᠢᠪᠬᠠᠨ ᠪᠣᠳᠠᠲᠠᠢ ᠳᠤ ᠬᠠᠨᠳᠤᠨ ᠴᠥᠬᠦᠷᠡᠯ ᠦᠭᠡᠢ ᠴᠢᠷᠮᠠᠶᠢᠪᠠᠯ ᠯᠠᠪᠲᠠᠢ | ᠰᠠᠶᠢᠨ ᠦᠷ᠎ᠡ ᠪᠦᠳᠤᠮᠵᠢ ᠣᠯᠬᠤ ᠶᠤᠮ᠃ | | | ᠬᠠᠶ᠋ᠢᠬ᠄ ᠣᠩᠨᠢᠭᠤᠳ ᠬᠤᠰᠢᠭᠤᠨ ᠤ ᠪᠦᠯᠢᠶᠡᠨ ᠮᠣᠩᠭᠤᠯ ᠦᠨᠳᠦᠰᠦᠲᠡᠨ ᠤ ᠪᠠᠭ᠎ᠠ ᠰᠤᠷᠭᠠᠭᠤᠯᠢ | ︵ᠰᠦᠶ᠎ᠠ ᠨᠠᠶᠢᠷᠠᠭᠤᠯᠪᠠ︶ | 6 ᠳ᠋ᠤᠭᠠᠷ ᠬᠤᠭᠤᠴᠠᠭ᠎ᠠ |