ᠤᠶᠤᠨᠰᠠᠴᠡᠨ | | | ᠨᠢᠭᠡ ᠪᠠᠭᠰᠢ ᠬᠦᠮᠤᠨ ᠶᠠᠭᠠᠬᠢᠪᠠᠯ ᠰᠡᠶ᠋ᠢ ᠰᠤᠷᠤᠭᠴᠢᠳ ᠤᠨ ᠵᠢᠩᠭᠢᠨᠢ ᠲᠤᠳᠤᠨᠤ ᠬᠠᠨᠢ ᠪᠤᠯᠵᠤ ᠴᠢᠳᠠᠬᠤ | ᠪᠤᠢ︖ ᠡᠨᠡ ᠪᠤᠯ ᠪᠠᠭᠰᠢ ᠪᠤᠯᠤᠭᠰᠠᠳ ᠤᠨ ᠦᠪᠡᠷ ᠤᠨ ᠪᠡᠶ᠎ᠡ ᠪᠠᠨ ᠦᠨᠡᠯᠡᠭᠦ ᠪᠠᠷᠢᠮᠵᠢᠶ᠎ᠠ ᠪᠤᠯᠤᠨ ᠡᠬᠦᠷᠭᠡ | ᠬᠠᠷᠢᠭᠤᠴᠠᠯᠭ᠎ᠠ ᠪᠤᠯᠤᠨ᠎ᠠ᠃ ᠪᠠᠭᠰᠢ ᠪᠤᠯᠤᠭᠰᠠᠳ ᠬᠢᠴᠢᠶᠡᠯ ᠤᠨ ᠲᠠᠶᠢᠰᠠᠨ ᠳᠤ ᠭᠠᠷᠤᠭᠰᠠᠨ ᠲᠡᠷᠡ ᠴᠠᠭ ᠠᠴᠠ | ᠡᠬᠢᠯᠡᠨ ᠲᠡᠶᠢᠰᠠᠨ ᠠᠴᠠ ᠪᠠᠭᠤᠬᠤ ᠦᠶ᠎ᠡ ᠭᠦᠷᠳᠡᠯ᠎ᠡ ᠰᠤᠷᠤᠭᠴᠢᠳ ᠤᠨ ᠢᠶᠠᠨ ᠲᠤᠳᠤᠨᠤ ᠬᠠᠨᠢ ᠨᠠᠶᠢᠵᠠ ᠨᠢ ᠪᠤᠯᠵᠤ᠂ | ᠦᠭᠡᠷ᠎ᠡ ᠪᠤᠰᠤᠳ ᠤᠨ ᠭᠡᠤᠭᠡᠳ ᠢ ᠦᠪᠡᠷ ᠤᠨ ᠦᠷ᠎ᠡ ᠲᠠᠢ ᠪᠠᠨ ᠠᠳᠠᠯᠢ ᠬᠠᠶᠢᠷᠠᠯᠠᠨ ᠬᠠᠯᠠᠮᠵᠢᠯᠠᠵᠤ ᠰᠤᠷᠭᠠᠨ | ᠭᠦᠮᠦᠵᠢᠭᠦᠯᠳᠡᠭ᠃ ᠭᠡᠪᠡᠴᠤ ᠰᠤᠷᠤᠭᠴᠢᠳ ᠤᠨ ᠵᠢᠩᠭᠢᠨᠢ ᠲᠤᠳᠤᠨᠤ ᠬᠠᠨᠢ ᠪᠤᠯᠬᠤ ᠶᠠᠪᠤᠳᠠᠯ ᠲᠠᠶᠢᠮᠤ ᠬᠢᠯᠪᠠᠷ | ᠶᠠᠪᠤᠳᠠᠯ ᠪᠢᠰᠢ ᠪᠤᠯᠬᠤᠷ ᠤᠯᠠᠩᠭᠢ ᠪᠠᠭᠰᠢ ᠨᠠᠷ ᠡᠨᠡ ᠭᠦ ᠲᠠᠯ᠎ᠠ ᠪᠠᠷ ᠲᠡᠶᠢᠮᠤ ᠰᠡᠶᠢᠨ ᠠᠮᠵᠢᠯᠳᠠ ᠤᠯᠵᠤ ᠴᠢᠳᠠᠳᠠᠭ | ᠦᠭᠡᠢ᠃ ᠡᠬᠦᠨ ᠤ ᠭᠤᠤᠯ ᠰᠢᠯᠳᠠᠭᠠᠨ ᠪᠤᠯ ᠭᠡᠤᠭᠡᠳ ᠤᠨ ᠠᠳᠠᠯᠢ ᠪᠤᠰᠤ ᠵᠠᠩ ᠠᠷᠠᠨᠰᠢᠨ ᠵᠡᠷᠭᠡ ᠭᠠᠳᠠᠭᠠᠳᠤ | ᠤᠷᠴᠢᠨ ᠤ ᠰᠢᠯᠳᠠᠭᠠᠨ ᠪᠠᠶᠢᠬᠤ ᠠᠴᠠ ᠭᠠᠳᠠᠨ᠎ᠠ ᠬᠠᠮᠤᠭ ᠤᠨ ᠦᠨᠳᠤᠰᠤᠨ ᠠᠰᠠᠭᠤᠳᠠᠯ ᠪᠤᠯ ᠪᠠᠭᠰᠢ ᠶᠢᠨ ᠲᠤᠰ | ᠪᠡᠶ᠎ᠡ ᠳᠤ ᠪᠤᠢ᠃ ᠲᠠᠷᠤᠢ ᠨᠢᠭᠡ ᠪᠠᠭᠰᠢ ᠬᠦᠮᠤᠨ ᠤ ᠭᠡᠪ ᠪᠤᠯᠪᠠᠰᠤᠷᠠᠯ ᠤᠨ ᠬᠢᠷᠢ ᠲᠦᠪᠰᠢᠨ ᠬᠢᠷᠢ ᠵᠡᠷᠭᠡ | ᠪᠠᠶᠢᠬᠤ ᠳᠤ ᠪᠤᠢ᠃ ᠡᠨᠡᠬᠦ ᠭᠡᠪ ᠪᠤᠯᠪᠠᠰᠤᠷᠠᠯ ᠪᠤᠯ ᠮᠢᠨᠦ ᠦᠵᠡᠭᠦ ᠪᠠᠷ ︽ᠬᠠᠶᠢᠷ᠎ᠠ᠂ ᠮᠡᠳᠡᠯᠭᠡ᠂ ᠤᠷ᠎ᠠ ᠲᠡᠮ︾ | ᠮᠦᠨ᠃ | ᠨᠢᠭᠡ᠂ ᠤᠷᠬᠢᠯᠤᠮ᠎ᠠ ᠬᠠᠯᠠᠭᠤᠨ ᠬᠠᠶᠢᠷ᠎ᠠ ᠶᠢᠨ ᠡᠬᠢ ᠪᠤᠯᠠᠭ ᠲᠠᠢ ᠪᠠᠶᠢᠬᠤ ᠭᠡᠷᠡᠭᠳᠡᠢ | ︽ᠬᠠᠶᠢᠷ᠎ᠠ ᠦᠭᠡᠢ ᠪᠤᠯ ᠰᠤᠷᠭᠠᠨ ᠬᠦᠮᠤᠵᠢᠯ ᠪᠠᠶᠢᠵᠤ ᠴᠢᠳᠠᠬᠤ ᠦᠭᠡᠢ᠂ ᠬᠠᠶᠢᠷ᠎ᠠ ᠪᠤᠯ ᠰᠤᠷᠤᠭᠴᠢᠳ ᠢ | ᠰᠤᠷᠭᠠᠨ ᠬᠦᠮᠤᠵᠢᠬᠦᠯᠬᠦ ᠨᠢᠭᠤᠴᠠ ᠤᠪᠠᠳᠢᠰ ᠮᠦᠨ︾ ᠭᠡᠵᠤ ᠰᠤᠷᠭᠠᠨ ᠬᠦᠮᠤᠵᠢᠬᠦᠯᠬᠦ ᠤᠬᠠᠭᠠᠨᠳᠠᠨ ᠤᠨᠤᠪᠴᠢᠳᠡᠢ | ᠰᠡᠶᠢᠬᠠᠨ ᠵᠢᠭᠠᠵᠤ ᠭᠠᠷᠭᠠᠭᠰᠨᠨ ᠪᠢᠯᠡ᠃ ᠨᠢᠭᠡᠨ ᠪᠠᠭᠰᠢ ᠭᠦᠮᠦᠨ ᠶᠠᠭᠤᠨ ᠤ ᠡᠮᠤᠨ᠎ᠡ ᠤᠷᠬᠢᠯᠤᠮ᠎ᠠ ᠬᠠᠯᠠᠭᠤᠨ | ᠬᠠᠶᠢᠷ᠎ᠡ ᠰᠡᠳᠬᠢᠯᠭᠡ᠂ ᠭᠡᠬᠦᠳᠡᠭ ᠲᠦᠬᠦᠷᠡᠩ ᠢᠳᠡᠭᠡᠯ ᠵᠤᠷᠢᠭ ᠢᠶᠠᠷ ᠰᠤᠷᠤᠭᠴᠢᠳ ᠢᠶᠠᠨ ᠬᠠᠶᠢᠷᠠᠯᠠᠨ ᠬᠠᠷᠠᠭᠠᠯᠵᠠᠵᠤ᠂ | ᠰᠤᠷᠭᠠᠨ ᠬᠦᠮᠦᠵᠢᠭᠦᠯᠭᠦ ᠶᠤᠰᠤᠳᠡᠢ᠃ ᠨᠡᠩ ᠢᠯᠠᠩᠭᠤᠶ᠎ᠠ ᠨᠢᠭᠡᠨ ᠵᠠᠯᠠᠭᠤ ᠪᠠᠭᠰᠢ ᠳᠤ ᠠᠪᠴᠤ ᠭᠡᠯᠡᠪᠠᠯ | ᠰᠤᠷᠤᠭᠴᠢᠳ ᠢᠶᠠᠨ ᠬᠠᠶᠢᠷᠠᠯᠠᠬᠤ ᠤᠷᠬᠢᠯᠤᠮ᠎ᠠ ᠬᠠᠯᠠᠭᠤᠨ ᠰᠡᠳᠬᠢᠯᠭᠡ ᠪᠠᠶᠢᠬᠤ ᠡᠰᠡᠭᠦ ᠨᠢ ᠵᠢᠭᠠᠨ ᠰᠤᠷᠭᠠᠯᠳᠠ ᠶᠢᠨ | ᠠᠯᠢᠪᠠ ᠠᠵᠢᠯ ᠢ ᠭᠠᠷᠳᠠᠨ ᠬᠢᠬᠦ ᠶᠢᠨ ᠡᠭᠦᠰᠤᠯᠳᠠ ᠶᠢᠨ ᠴᠡᠭ ᠪᠤᠯᠬᠤ ᠶᠤᠮ᠃ ᠪᠠᠭᠰᠢ ᠨᠢ ᠰᠤᠷᠤᠭᠴᠢᠳ ᠢᠶᠠᠨ | ᠬᠠᠯᠠᠮᠵᠢᠯᠠᠨ ᠬᠠᠶᠢᠷᠠᠯᠠᠵᠤ᠂ ᠰᠤᠷᠤᠭᠴᠢᠳ ᠢᠶᠠᠨ ᠢᠳᠡᠭᠡᠨ ᠬᠦᠨᠳᠤᠳᠭᠡᠪᠡᠯ ᠲᠡᠳᠡ ᠰᠠᠶ᠋ᠢ ᠪᠠᠭᠰᠢ ᠪᠠᠨ ᠨᠡᠩ | ᠢᠳᠡᠭᠡᠨ᠂ ᠦᠨᠡᠨ ᠰᠡᠳᠬᠢᠯ ᠠᠴᠠ ᠪᠠᠨ ᠪᠢᠰᠢᠷᠠᠨ ᠬᠦᠨᠳᠤᠳᠭᠡᠬᠦ ᠶᠤᠮ᠃ | ᠪᠠᠭᠰᠢ ᠠᠴᠠ ᠵᠢᠭᠠᠨ ᠰᠤᠷᠭᠠᠬᠤ ᠠᠵᠢᠯ ᠤᠨ ᠲᠤᠮᠳᠠ ᠪᠠᠨ ᠰᠤᠷᠤᠭᠴᠢᠳ ᠢᠶᠠᠨ ᠬᠠᠶᠢᠷᠠᠯᠠᠬᠤ ᠪᠠ ᠴᠢᠩᠭ᠎ᠠ | ᠱᠠᠭᠠᠷᠳᠠᠬᠤ ᠶᠢ ᠨᠢᠬᠳᠠ ᠤᠶᠠᠯᠳᠤᠭᠤᠯᠬᠤ ᠪᠤᠯ ᠮᠦᠨ ᠴᠤ ᠪᠠᠭᠰᠢ ᠬᠦᠮᠤᠨ ᠤ ᠵᠠᠪᠠᠯ ᠵᠢᠷᠤᠮᠯᠠᠨ ᠬᠦᠢᠴᠡᠳᠭᠡᠬᠦ ᠵᠦᠢᠯ | ᠮᠦᠨ᠃ ᠡᠨᠡᠬᠦ ᠰᠤᠷᠭᠠᠨ ᠬᠦᠮᠤᠵᠢᠯ ᠨᠢ ᠬᠠᠯᠠᠭᠤᠨ ᠬᠠᠶᠢᠷ᠎ᠠ᠂ ᠴᠢᠩᠭ᠎ᠠ ᠱᠠᠭᠠᠷᠳᠠᠯᠭ᠎ᠠ ᠠᠴᠠ ᠰᠠᠯᠵᠤ ᠴᠢᠳᠠᠬᠤ | ᠦᠭᠡᠢ ᠪᠠᠶᠢᠳᠠᠭ ᠢᠶᠠᠷ ᠪᠠᠭᠰᠢ ᠪᠤᠯᠤᠭᠰᠠᠳ ᠡᠷᠭᠡᠪᠰᠢ ᠬᠦᠨ ᠵᠤᠵᠠᠭᠠᠨ ᠬᠠᠶᠢᠷ᠎ᠠ ᠰᠡᠳᠬᠢᠯᠭᠡ ᠪᠠᠷ | ᠰᠤᠷᠤᠭᠴᠢᠳ ᠲᠤ ᠪᠠᠨ ᠬᠠᠨᠳᠤᠵᠤ᠂ ᠲᠡᠳᠡᠨ ᠤ ᠪᠦᠬᠦ ᠲᠠᠯ᠎ᠠ ᠪᠠᠷ ᠦᠰᠤᠨ ᠪᠦᠢᠵᠢᠬᠤ ᠶᠢ ᠠᠩᠬᠠᠷᠴᠤ᠂ ᠰᠤᠶᠤᠯ | ᠮᠡᠳᠡᠯᠭᠡ ᠲᠠᠢ᠂ ᠶᠤᠰᠤ ᠰᠤᠷᠳᠠᠬᠤᠨ ᠲᠠᠢ᠂ ᠡᠷᠡᠬᠦᠯ ᠴᠢᠬᠢᠷᠠᠭ ᠪᠡᠶ᠎ᠡ ᠰᠡᠳᠬᠢᠴᠡ ᠲᠠᠢ᠂ ᠨᠡᠶᠢᠭᠡᠮ ᠨᠡᠶᠢᠳᠠ ᠳᠤ | ᠬᠠᠶᠢᠷ᠎ᠠ ᠲᠠᠢ ᠴᠠᠭ ᠦᠶ᠎ᠡ ᠳᠤ ᠲᠤᠬᠢᠷᠠᠭᠰᠠᠨ ᠴᠢᠳᠠᠪᠤᠷᠢᠳᠠᠨ ᠢ ᠬᠦᠮᠤᠵᠢᠬᠦᠯᠤᠨ ᠭᠠᠷᠭᠠᠬᠤ ᠳᠤ ᠪᠦᠬᠦ ᠤᠶᠤᠨ | ᠰᠠᠨᠠᠭ᠎ᠠ᠂ ᠬᠦᠴᠤᠨ ᠴᠢᠳᠠᠯ ᠢᠶᠠᠨ ᠵᠤᠷᠢᠭᠤᠯᠬᠤ ᠭᠡᠷᠡᠭᠳᠡᠢ᠃ | ᠪᠠᠭᠰᠢ ᠬᠦᠮᠤᠨ ᠰᠤᠷᠤᠭᠴᠢᠳ ᠤᠨ ᠲᠤᠳᠤᠨᠤ ᠬᠠᠨᠢ ᠪᠤᠯᠬᠤ ᠳᠤ ᠤᠷᠢᠳ ᠢᠶᠠᠷ ᠰᠤᠷᠤᠭᠴᠢᠳ ᠤᠨ ᠪᠠᠶᠢᠳᠠᠯ ᠢ | ᠡᠷᠭᠡᠪᠰᠢ ᠨᠠᠷᠢᠨ ᠲᠤᠳᠤᠷᠬᠠᠢ ᠦᠢᠯᠠᠭᠠᠬᠤ ᠭᠡᠷᠡᠭᠳᠡᠢ᠃ ᠰᠤᠷᠤᠭᠴᠢ ᠶᠢᠨ ᠪᠠᠶᠢᠳᠠᠯ ᠢ ᠦᠢᠯᠠᠭᠠᠬᠤ ᠳᠤ ᠪᠠᠨ ᠪᠦᠭᠦᠨ ᠢ | ᠦᠪᠡᠷ ᠤᠨ ᠨᠢᠳᠤ ᠪᠠᠷ ᠢᠶᠠᠨ ᠦᠵᠡᠵᠤ᠂ ᠴᠢᠬᠢ ᠪᠠᠷ ᠢᠶᠠᠨ ᠰᠤᠨᠤᠰᠴᠤ ᠪᠠᠶᠢᠭᠠᠳ ᠬᠦᠢᠴᠡᠳᠭᠡᠬᠦ ᠭᠡᠭᠴᠢ ᠪᠡᠶᠡᠯᠡᠭᠳᠡᠰᠢ | ᠦᠭᠡᠢ ᠭᠡᠷᠡᠭ ᠤᠴᠢᠷ ᠠᠴᠠ ᠠᠩᠭᠢ ᠶᠢᠨ ᠡᠷᠬᠢᠯᠡᠭᠴᠢ᠂ ᠭᠡᠷ ᠤᠨ ᠠᠬᠠᠮᠠᠳ᠂ ᠬᠢᠴᠢᠶᠡᠯᠯᠡᠭᠴᠢ ᠪᠠᠭᠰᠢ ᠪᠠ | ᠰᠤᠷᠤᠭᠴᠢᠳ ᠲᠠᠢ ᠢᠯᠡᠬᠦᠤ ᠬᠠᠷᠢᠯᠴᠠᠬᠤ ᠪᠠᠷ ᠲᠠᠮᠵᠢᠭᠤᠯᠵᠤ᠂ ᠰᠤᠷᠤᠭᠴᠢᠳ ᠤᠨ ᠪᠠᠶᠢᠳᠠᠯ ᠢ ᠨᠠᠷᠢᠨ ᠦᠢᠯᠠᠭᠠᠭᠰᠠᠨ | ᠰᠠᠭᠤᠷᠢᠨ ᠲᠡᠭᠡᠷ᠎ᠡ ᠪᠦᠬᠦ ᠰᠤᠷᠤᠭᠴᠢᠳ ᠢ ᠪᠦᠬᠦ ᠲᠡᠯ᠎ᠠ ᠪᠠᠷ ᠬᠠᠷᠠᠭᠠᠯᠵᠠᠵᠤ᠂ ᠵᠠᠷᠢᠮ ᠤᠨᠴᠠᠭᠠᠢ ᠰᠤᠷᠤᠭᠴᠢᠳ ᠤᠨ | ᠤᠨᠴᠠᠯᠢᠭ ᠢ ᠨᠢ ᠠᠳᠬᠤᠵᠤ᠂ ︽ᠡᠪᠡᠳᠴᠢᠨ ᠳᠤ ᠨᠢ ᠲᠤᠬᠢᠷᠠᠭᠤᠯᠵᠤ ᠡᠮ ᠦᠭᠬᠦ︾ ᠠᠷᠭ᠎ᠠ ᠶᠢ ᠭᠡᠷᠡᠭᠯᠡᠪᠠᠯ ᠦᠷ᠎ᠡ | ᠪᠦᠳᠤᠮᠵᠢ ᠦᠨᠳᠤᠷ ᠮᠦᠷᠳᠡᠭᠡᠨ ᠰᠤᠷᠤᠭᠴᠢᠳ ᠤᠨ ᠢᠳᠡᠭᠡᠯ ᠬᠦᠨᠳᠤᠳᠭᠡᠯ ᠢ ᠤᠯᠵᠤ ᠰᠤᠷᠤᠭᠴᠢᠳ ᠤᠨ ᠢᠳᠡᠭᠡᠯ | ᠨᠡᠶᠢᠳᠠᠪᠤᠷᠢᠳᠡᠢ ᠰᠡᠳᠬᠢᠯ ᠤᠨ ᠬᠦᠮᠤᠨ ᠨᠢ ᠪᠤᠯᠵᠤ ᠴᠢᠳᠠᠬᠤ ᠶᠤᠮ᠃ | ᠬᠤᠶᠡᠷ᠂ ᠦᠷᠭᠡᠨ ᠲᠡᠯᠭᠡᠷ ᠮᠡᠳᠡᠯᠭᠡ ᠴᠢᠳᠠᠪᠤᠷᠢ ᠲᠠᠢ ᠪᠠᠶᠢᠬᠤ ᠭᠡᠷᠡᠭᠳᠡᠢ | ᠪᠠᠭᠰᠢ ᠬᠦᠮᠤᠨ ᠶᠠᠭᠤᠨ ᠤ ᠡᠮᠤᠨ᠎ᠠ ᠦᠷᠭᠡᠨ ᠲᠡᠯᠭᠡᠷ ᠡᠷᠳᠡᠮ ᠮᠡᠳᠡᠯᠭᠡ ᠲᠠᠢ ᠪᠠᠶᠢᠮᠠᠨᠵᠢᠨ ᠰᠠᠶ᠋ᠢ ᠬᠦᠮᠤᠨ | ᠲᠦᠷᠤᠯᠬᠢᠳᠡᠨ ᠤ ᠤᠶᠤᠨ ᠤ ᠢᠠᠵᠧᠨᠧᠷ ᠤᠨ ᠲᠠᠷᠬᠠᠨ ᠡᠭᠦᠷᠭᠡ ᠪᠠᠨ ᠬᠦᠢᠴᠡᠳᠭᠡᠵᠤ ᠴᠢᠳᠠᠬᠤ ᠶᠤᠮ᠃ ᠪᠠᠭᠰᠢ ᠶᠢᠨ | ᠡᠬᠦᠷᠭᠡ ᠬᠠᠷᠢᠭᠤᠴᠠᠯᠭ᠎ᠠ ᠪᠤᠯ ︽ᠬᠦᠮᠤᠨ︾ ᠢ ᠬᠦᠮᠤᠵᠢᠬᠦᠯᠵᠤ᠂ ᠤᠶᠤᠨ ᠰᠠᠨᠠᠭ᠎ᠠ ᠶᠢ ᠨᠢ ᠰᠢᠭᠤᠳ ᠪᠦᠳᠤᠭᠡᠬᠦ ᠳᠤ | ᠪᠠᠶᠢᠭ᠎ᠠ ᠶᠤᠮ᠃ ᠪᠠᠭᠰᠢ ᠪᠤᠯᠤᠭᠰᠠᠳ ᠵᠢᠭᠠᠨ ᠰᠤᠷᠭᠠᠬᠤ ᠶᠠᠪᠤᠴᠠ ᠳᠤ ᠪᠠᠨ ᠵᠦᠪᠭᠡᠨ ᠬᠢᠴᠢᠶᠡᠯ ᠤᠨ ᠪᠢᠴᠢᠭ ᠢ | ᠵᠢᠭᠠᠵᠤ ᠰᠤᠷᠭᠠᠬᠤ ᠲᠡᠳᠤᠢ ᠯᠠ ᠪᠢᠰᠢ ᠬᠠᠷᠢᠨ ᠰᠤᠷᠤᠭᠴᠢᠳ ᠤᠨ ᠤᠶᠤᠨ ᠰᠡᠳᠬᠢᠴᠡ ᠶᠢᠨ ᠬᠦᠭᠵᠢᠯᠳᠠ᠂ | ᠴᠢᠳᠠᠪᠤᠷᠢ ᠶᠢᠨ ᠬᠦᠭᠵᠢᠯᠳᠠ᠂ ᠶᠡᠷᠳᠢᠨᠴᠤ ᠶᠢᠨ ᠦᠵᠡᠯᠳᠡ᠂ ᠠᠮᠢᠳᠤᠷᠠᠬᠤᠢ ᠶᠢᠨ ᠦᠵᠡᠯᠳᠡ ᠵᠡᠷᠭᠡ ᠲᠠᠯ᠎ᠠ ᠶᠢᠨ ᠵᠦᠪ | ᠦᠵᠡᠯᠳᠡ ᠶᠢ ᠵᠢᠯᠤᠭᠤᠳᠤᠨ ᠬᠦᠭᠵᠢᠬᠦᠯᠬᠦ ᠴᠢᠬᠤᠯᠠᠳᠡᠢ ᠲᠤᠯᠠ ᠨᠢᠭᠡ ᠪᠠᠭᠰᠢ ᠬᠦᠮᠤᠨ ᠦᠷᠭᠡᠨ ᠲᠡᠯᠭᠡᠷ ᠡᠷᠳᠡᠮ | ᠮᠡᠳᠡᠯᠭᠡ ᠪᠠ ᠡᠯᠪᠡᠭ ᠪᠠᠶᠠᠯᠢᠭ ᠴᠢᠳᠠᠪᠤᠷᠢᠳᠡᠢ ᠪᠠᠶᠢᠬᠤ ᠦᠭᠡᠢ ᠪᠤᠯᠬᠤ ᠦᠭᠡᠢ᠃ | ᠪᠠᠭᠰᠢ ᠬᠦᠮᠤᠨ ᠶᠠᠭᠤ ᠪᠦᠬᠦᠨ ᠢ ᠮᠡᠳᠡᠵᠤ᠂ ᠶᠠᠭᠤ ᠪᠦᠬᠦᠨ ᠢ ᠴᠢᠳᠠᠭᠴᠢ ᠪᠢᠰᠢ ᠪᠤᠯᠪᠠᠴᠤ | ᠰᠤᠷᠤᠭᠴᠢᠳ ᠤᠨ ᠡᠮᠤᠨ᠎ᠠ ᠪᠠᠭᠰᠢ ᠬᠦᠮᠤᠨ ᠡᠷᠭᠡᠪᠰᠢ ᠡᠯᠪᠡᠭ ᠪᠠᠶᠠᠯᠢᠭ ᠡᠷᠳᠡᠮ ᠮᠡᠳᠡᠯᠭᠡ ᠪᠠ ᠴᠢᠳᠠᠪᠤᠷᠢ ᠲᠠᠢ᠂ | ᠡᠷᠭᠡᠮ ᠲᠡᠭᠡᠳᠤ ᠭᠡᠪ ᠪᠤᠯᠪᠠᠰᠤᠷᠠᠯ ᠲᠠᠢ᠂ ᠡᠨᠡᠷᠢᠯ ᠤᠨ ᠶᠡᠭᠡ ᠬᠠᠶᠢᠷ᠎ᠠ ᠬᠠᠯᠠᠮᠵᠢ ᠲᠠᠢ ᠡᠭᠡ ᠬᠦᠮᠤᠨ ᠤ ᠲᠦᠷᠢ ᠪᠠᠷ | ᠢᠯᠡᠷᠡᠵᠤ᠂ ᠰᠤᠷᠤᠭᠴᠢᠳ ᠤᠨ ᠢᠶᠠᠨ ᠪᠢᠰᠢᠷᠡᠯ ᠬᠦᠨᠳᠤᠳᠭᠡᠯᠢ ᠤᠯᠬᠤ ᠭᠡᠷᠡᠭᠳᠡᠢ᠃ ᠤᠴᠢᠷ ᠨᠢ ᠢᠳᠡᠭᠡᠯ | ᠬᠦᠨᠳᠤᠳᠭᠡᠯ ᠪᠠ ᠪᠢᠰᠢᠷᠡᠯ ᠪᠠᠭ᠋ᠠᠷᠬᠠᠯ ᠪᠤᠯ ᠨᠢᠭᠡ ᠤᠴᠢᠷ ᠤᠨ ᠬᠤᠶᠠᠷ ᠲᠠᠯ᠎ᠠ ᠪᠢᠯᠡ᠃ ᠪᠢᠰᠢᠷᠡᠯ ᠪᠠᠭ᠋ᠠᠷᠬᠠᠯ ᠠᠴᠠ | ᠢᠳᠡᠭᠡᠯ ᠬᠦᠨᠳᠤᠳᠭᠡᠯ ᠲᠦᠷᠦᠭᠳᠡᠵᠤ᠂ ᠢᠳᠡᠭᠡᠯ ᠬᠦᠨᠳᠤᠳᠭᠡᠯ ᠠᠴᠠ ᠪᠢᠰᠢᠷᠡᠯ ᠪᠠᠭ᠋ᠠᠷᠬᠠᠯ ᠪᠤᠢ ᠪᠤᠯᠳᠠᠭ ᠠᠴᠠ | ᠰᠤᠷᠤᠭᠴᠢᠳ ᠤᠨ ᠢᠶᠠᠨ ᠢᠳᠡᠭᠡᠯ ᠪᠢᠰᠢᠷᠡᠯ ᠢ ᠤᠯᠬᠤ ᠲᠤᠳᠤᠮ ᠰᠤᠷᠤᠭᠴᠢᠳ ᠴᠢᠨᠢ ᠴᠢᠮ᠎ᠠ ᠲᠠᠢ ᠤᠯᠠᠮ | ᠦᠢᠷᠠᠳᠴᠤ᠂ ᠦᠨᠠᠨ ᠬᠦ ᠪᠠᠭᠰᠢ ᠰᠤᠷᠤᠭᠴᠢᠳ ᠬᠠᠷᠢᠯᠴᠠᠨ ᠢᠳᠡᠭᠡᠯ ᠨᠡᠶᠢᠳᠠᠪᠤᠷᠢ ᠲᠠᠢ ᠪᠤᠯᠵᠤ᠂ ᠬᠠᠮᠳᠤ ᠶᠢᠨ | ᠲᠤᠳᠤᠨᠤ ᠬᠠᠷᠢᠴᠠᠭ᠎ᠠ ᠶᠢ ᠪᠠᠶᠢᠭᠤᠯᠵᠤ ᠴᠢᠳᠠᠨ᠎ᠠ᠃ ᠪᠠᠭᠰᠢ ᠪᠤᠯᠤᠭᠰᠠᠳ ᠰᠤᠷᠤᠭᠴᠢᠳ ᠤᠨ ᠡᠮᠤᠨ᠎ᠠ ︽ᠰᠢᠳᠢ | ᠦᠵᠡᠬᠦᠯᠬᠦ ᠭᠡᠳ ᠰᠢᠪᠰᠢᠭ ᠦᠵᠡᠬᠦᠯᠬᠦ︾ ᠠᠴᠠ ᠵᠠᠶᠢᠯᠠᠰᠬᠢᠬᠦ ᠭᠡᠷᠡᠭᠳᠡᠢ᠃ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ | ᠲᠦᠷᠭᠡᠨ ᠬᠦᠭᠵᠢᠵᠤ ᠪᠠᠶᠢᠭ᠎ᠠ ᠦᠨᠤᠳᠤᠷ ᠪᠠᠭᠰᠢ ᠶᠢᠨ ᠮᠡᠳᠡᠯᠭᠡ ᠶᠢᠨ ᠬᠠᠳᠠᠭᠠᠯᠠᠮᠵᠢ ᠨᠢ ᠰᠤᠷᠤᠭᠴᠢ ᠶᠢᠨ ᠬᠢ ᠠᠴᠠ | ᠠᠷᠪᠢᠨ ᠪᠢᠰᠢ ᠪᠠᠶᠢᠵᠤ ᠮᠡᠳᠡᠨ᠎ᠠ᠃ ᠰᠤᠷᠤᠭᠴᠢᠳ ᠡᠳᠤᠷ ᠲᠤᠳᠤᠮ ᠤᠨ ᠠᠮᠢᠳᠤᠷᠠᠯ ᠲᠤᠮᠳᠠ ᠪᠠᠨ ᠰᠢᠨ᠎ᠡ ᠭᠡᠷᠡᠭ | ᠪᠤᠳᠠᠰ ᠯᠤᠭ᠎ᠠ ᠦᠢᠷᠠᠳᠬᠤ ᠲᠤᠬᠢᠶᠠᠯ ᠲᠤᠩ ᠤᠯᠠᠨ ᠪᠠᠶᠢᠵᠤ᠂ ᠪᠠᠭᠰᠢ ᠶᠢᠨ ᠮᠡᠳᠡᠬᠦ ᠦᠭᠡᠢ ᠶᠠᠭᠤᠮ᠎ᠠ ᠶᠢ ᠴᠤ | ᠰᠤᠷᠴᠤ ᠠᠪᠳᠠᠭ᠃ ᠡᠶᠢᠮᠤ ᠠᠴᠠ ᠪᠠᠭᠰᠢ ᠪᠤᠯᠤᠭᠰᠠᠳ ᠴᠠᠭ ᠦᠷᠬᠦᠯᠵᠢ ᠰᠤᠷᠤᠯᠴᠠᠯᠭ᠎ᠠ ᠬᠢᠵᠤ ᠦᠪᠡᠷ ᠤᠨ | ᠮᠡᠳᠡᠯᠭᠡ᠂ ᠦᠵᠡᠯᠳᠡ ᠲᠠᠨᠢᠯᠳᠠ ᠪᠠᠨ ᠰᠢᠨᠡᠳᠭᠡᠨ ᠲᠡᠭᠡᠭᠰᠢᠯᠡᠬᠦᠯᠬᠦ ᠦᠭᠡᠢ ᠪᠤᠯ ᠰᠤᠷᠭᠠᠨ ᠬᠦᠮᠤᠵᠢᠯ ᠤᠨ ᠬᠦᠭᠵᠢᠯᠳᠡ | ᠱᠠᠭᠠᠷᠳᠠᠯᠭ᠎ᠠ᠂ ᠭᠡᠷᠡᠭᠴᠡᠭᠡ ᠠᠴᠠ ᠬᠤᠴᠤᠷᠴᠤ᠂ ᠪᠠᠭᠰᠢ ᠶᠢᠨ ᠭᠢᠷᠢ ᠭᠡᠮ ᠢᠶᠠᠨ ᠴᠤ ᠠᠶᠠᠨᠳᠠᠭᠠᠨ ᠠᠯᠳᠠᠬᠤ ᠳᠤ | ᠬᠦᠷᠤᠨ᠎ᠡ᠃ ᠡᠶᠢᠮᠤ ᠠᠴᠠ ᠪᠠᠭᠰᠢ ᠪᠤᠯᠤᠭᠰᠠᠳ ᠵᠠᠪᠠᠯ ᠲᠠᠰᠤᠷᠠᠯ ᠦᠭᠡᠢ ᠰᠤᠷᠤᠯᠴᠠᠬᠤ ᠭᠡᠷᠡᠭᠳᠠᠢ᠃ | ᠭᠤᠷᠪᠠ᠂ ᠪᠠᠭᠰᠢ ᠪᠤᠯᠤᠭᠰᠠᠳ ᠰᠤᠷᠤᠭᠴᠢᠳ ᠤᠨ ᠲᠤᠳᠤᠨᠤ ᠬᠠᠨᠢ ᠪᠤᠯᠬᠤ ᠳᠤ ᠤᠷᠠᠨ ᠠᠷᠭ᠎ᠠ ᠪᠠᠷᠢᠯ | ᠪᠠᠶᠢᠬᠤ ᠭᠡᠷᠡᠭᠳᠡᠢ | ︽ᠭᠦᠴᠤ ᠪᠠᠷ ᠵᠠᠭᠤᠨ ᠵᠢᠩ ᠡᠷᠬᠦᠬᠦ ᠳᠤ ᠠᠷᠭ᠎ᠠ ᠪᠠᠷ ᠮᠢᠩᠭᠠᠨ ᠵᠢᠩ ᠡᠷᠬᠦᠨ᠎ᠠ︾ ᠭᠡᠳᠡᠭᠴᠢᠯᠠᠨ ᠪᠠᠭᠰᠢ | ᠬᠦᠮᠤᠨ ᠵᠦᠪᠭᠡᠨ ᠡᠨᠡᠷᠢᠩᠬᠦᠢ ᠲᠤᠳᠤᠨᠤ ᠬᠠᠶᠢᠷ᠎ᠠ᠂ ᠦᠷᠭᠡᠨ ᠲᠡᠯᠭᠡᠷ ᠮᠡᠳᠡᠯᠭᠡ ᠴᠢᠳᠠᠪᠤᠷᠢ ᠪᠠᠶᠢᠭᠠᠳ ᠪᠠᠰᠠ ᠪᠤᠯᠬᠤ | ᠦᠭᠡᠢ᠂ ᠨᠠᠩ ᠴᠢᠬᠤᠯᠠ ᠨᠢ ᠡᠨᠡ ᠬᠦ ᠤᠷᠬᠢᠯᠤᠮ᠎ᠠ ᠬᠠᠯᠠᠭᠤᠨ ᠬᠠᠶᠢᠷ᠎ᠠ ᠪᠠ ᠡᠷᠳᠡᠮ ᠮᠡᠳᠡᠯᠭᠡ ᠪᠠᠨ ᠰᠤᠷᠤᠭᠴᠢᠳ ᠲᠤ | ᠬᠦᠷᠳᠡᠭᠡᠵᠤ ᠴᠢᠳᠠᠬᠤ ᠤᠷᠠᠨ ᠠᠷᠭ᠎ᠠ ᠪᠠᠷᠢᠯ ᠪᠠᠶᠢᠬᠤ ᠭᠡᠷᠡᠭᠳᠡᠢ᠃ ᠵᠠᠷᠢᠮ ᠪᠠᠭᠰᠢ ᠬᠢᠴᠢᠶᠡᠯ ᠵᠢᠭᠠᠬᠤ ᠳᠤ ᠪᠠᠨ | ᠨᠡᠯᠢᠶᠡᠳ ᠬᠦᠴᠢᠷ ᠲᠦᠪᠡᠭᠳᠡᠢ ᠠᠭᠤᠯᠭ᠎ᠠ ᠶᠢ ᠴᠤ ᠴᠦᠭᠡᠨ ᠭᠡᠳᠤᠨ ᠦᠭᠡ ᠪᠠᠷ ᠲᠡᠶᠢᠯᠪᠤᠷᠢᠯᠠᠨ ᠦᠢᠯᠠᠭᠠᠭᠤᠯᠵᠤ | ᠰᠤᠷᠤᠭᠴᠢ ᠶᠢᠨ ᠢᠳᠡᠭᠡᠯ ᠢ ᠤᠯᠵᠤ ᠴᠢᠳᠠᠬᠤ ᠪᠠᠶᠢᠳᠠᠯ᠎ᠠ ᠵᠠᠷᠢᠮ ᠪᠠᠭᠰᠢ ᠠᠳᠠᠯᠢᠬᠠᠨ ᠨᠢᠭᠡ ᠠᠭᠤᠯᠭ᠎ᠠ ᠶᠢ ᠦᠰᠤ ᠪᠠᠨ | ᠲᠡᠬᠦᠵᠤ᠂ ᠦᠢᠯᠡ ᠪᠠᠨ ᠪᠠᠷᠠᠳᠠᠯ᠎ᠠ ᠶᠠᠷᠢᠭᠠᠳ ᠮᠦᠨ ᠦᠷ᠎ᠡ ᠪᠦᠳᠤᠮᠵᠢ ᠤᠯᠳᠠᠭ ᠦᠭᠡᠢ ᠲᠠᠢ ᠠᠳᠠᠯᠢ ᠪᠠᠷ ᠪᠠᠭᠰᠢ | ᠬᠦᠮᠤᠨ ᠰᠤᠷᠤᠭᠴᠢᠳ ᠤᠨ ᠢᠶᠠᠨ ᠲᠤᠳᠤᠨᠤ ᠬᠠᠨᠢ ᠪᠤᠯᠬᠤ ᠳᠤ ᠠᠷᠭ᠎ᠠ ᠲᠡᠮ ᠨᠢ ᠲᠠᠭᠠᠷᠠᠬᠤ ᠦᠭᠡᠢ ᠪᠤᠯ ᠭᠡᠳᠤᠢ | ᠬᠦᠨ ᠵᠤᠵᠠᠭᠠᠨ ᠬᠠᠶᠢᠷ᠎ᠠ ᠰᠡᠳᠬᠢᠯᠭᠡ᠂ ᠭᠡᠳᠤᠢ ᠦᠷᠭᠡᠨ ᠲᠡᠯᠭᠡᠷ ᠡᠷᠳᠡᠮ ᠮᠡᠳᠡᠯᠭᠡ ᠪᠠᠶᠢᠯ᠎ᠠ ᠭᠡᠰᠡᠨ ᠴᠦ ᠵᠢᠩᠭᠢᠨᠢ | ᠦᠢᠯᠡᠳᠤᠯ ᠢᠶᠠᠨ ᠪᠠᠳᠠᠷᠠᠭᠤᠯᠵᠤ ᠴᠢᠳᠠᠬᠤ ᠦᠭᠡᠢ᠃ ᠪᠠᠭᠰᠢ ᠪᠤᠯᠤᠭᠰᠠᠳ ᠰᠤᠷᠤᠭᠴᠢᠳ ᠤᠨ ᠲᠤᠳᠤᠨᠤ ᠬᠠᠨᠢ | ᠪᠤᠯᠬᠤ ᠳᠤ ᠲᠤᠤᠷᠠᠬᠢ ᠮᠡᠳᠦ ᠭᠤᠷᠪᠠᠨ ᠵᠦᠢᠯ ᠤᠨ ᠠᠷᠭ᠎ᠠ ᠪᠠᠷᠢᠯ ᠲᠠᠢ ᠪᠠᠶᠢᠬᠤ ᠭᠡᠷᠡᠭᠳᠠᠢ᠃ | 1. ᠲᠤᠬᠢᠳᠡᠢ ᠰᠡᠶᠢᠬᠠᠨ ᠠᠷᠭ᠎ᠠ ᠪᠠᠷᠢᠯ ᠢᠶᠠᠷ ᠪᠠᠭᠰᠢ ᠰᠤᠷᠤᠭᠴᠢᠳ ᠤᠨ ᠬᠠᠶᠢᠷ᠎ᠠ ᠰᠡᠳᠬᠢᠯᠭᠡ ᠶᠢᠨ | ᠠᠭᠤᠰᠤᠯᠴᠠᠯ ᠢ ᠪᠡᠶᠡᠯᠡᠬᠦᠯᠬᠦ ᠭᠡᠷᠡᠭᠳᠡᠢ᠃ ᠪᠠᠭᠰᠢ ᠪᠤᠯᠤᠭᠰᠳ ᠰᠤᠷᠤᠭᠴᠢ ᠪᠠᠨ ᠦᠪᠡᠷ ᠤᠨ ᠦᠷ᠎ᠡ ᠭᠡᠤᠭᠡᠳ ᠢᠶᠠᠨ | ᠰᠢᠭ ᠬᠠᠶᠢᠷᠠᠯᠠᠨ ᠬᠠᠷᠠᠭᠠᠯᠵᠠᠬᠤ ᠭᠡᠷᠡᠭᠳᠡᠢ᠃ ᠰᠤᠷᠤᠭᠴᠢ ᠪᠠᠨ ᠵᠦᠪ ᠢᠶᠠᠷ ᠦᠢᠯᠠᠭᠠᠵᠤ᠂ ᠵᠦᠪ ᠢᠶᠠᠷ ᠦᠨᠡᠯᠡᠵᠤ᠂ | ᠲᠡᠳᠡᠨ ᠤ ᠤᠴᠢᠷ ᠶᠠᠪᠤᠳᠠᠯ ᠪᠦᠬᠦᠨ ᠢ ᠴᠢᠬᠤᠯᠠᠴᠢᠯᠠᠨ ᠦᠵᠡᠵᠤ ᠵᠤᠬᠢᠰᠳᠡᠢ ᠰᠢᠢᠳᠪᠤᠷᠢᠯᠡᠵᠤ᠂ ᠲᠡᠳᠡᠨ ᠢ ᠵᠦᠪ ᠢᠶᠠᠷ | ᠬᠦᠮᠤᠵᠢᠬᠦᠯᠬᠦ ᠦᠨᠠᠨᠴᠢ ᠬᠠᠯᠠᠭᠤᠨ ᠬᠠᠶᠢᠷ᠎ᠠ ᠰᠡᠳᠬᠢᠯᠭᠡ ᠲᠠᠢ ᠪᠠᠶᠢᠬᠤ ᠭᠡᠷᠡᠭᠳᠡᠢ᠃ ᠢᠩᠬᠢᠮᠠᠨᠵᠢᠨ ᠪᠠᠭᠰᠢ | ᠰᠤᠷᠤᠭᠴᠢ ᠶᠢᠨ ᠬᠠᠶᠢᠷ᠎ᠠ ᠶᠢ ᠬᠤᠯᠪᠤᠵᠤ᠂ ᠰᠤᠷᠤᠭᠴᠢᠳ ᠤᠨ ᠤᠶᠤᠨᠴᠢ ᠰᠡᠷᠡᠯ᠂ ᠶᠤᠰᠤ ᠰᠤᠷᠳᠠᠬᠤᠨ ᠤ ᠰᠡᠷᠡᠯ | ᠬᠢᠭᠡᠳ ᠭᠤᠸ᠎ᠠ ᠰᠡᠶᠢᠬᠠᠨ ᠤ ᠲᠠᠭᠠᠰᠢᠶᠠᠯ ᠢ ᠡᠭᠦᠰᠭᠡᠨ ᠬᠠᠶᠢᠷ᠎ᠠ ᠬᠦᠨᠳᠤᠳᠭᠡᠯ ᠤᠨ ᠰᠠᠭᠤᠷᠢᠨ ᠲᠡᠭᠡᠷ᠎ᠡ ᠬᠠᠮᠳᠤᠪᠠᠷ | ᠲᠠᠪᠰᠢᠬᠤ ᠬᠠᠮᠳᠤᠴᠢ ᠬᠠᠷᠢᠴᠠᠭ᠎ᠠ ᠶᠢ ᠪᠤᠢ ᠪᠤᠯᠭᠠᠵᠤ ᠴᠢᠳᠠᠨ᠎ᠠ᠃ | 2. ᠰᠤᠷᠤᠭᠴᠢᠳ ᠲᠠᠢ ᠢᠯᠡᠬᠦᠤ ᠦᠢᠷᠠᠳᠬᠤ ᠪᠠᠷ ᠲᠠᠮᠵᠢᠨ᠂ ᠦᠪᠡᠷ ᠢ ᠪᠠᠨ ᠰᠤᠷᠤᠭᠴᠢᠳ ᠲᠤ | ᠦᠢᠯᠠᠭᠠᠭᠤᠯᠬᠤ ᠭᠡᠷᠡᠭᠳᠡᠢ᠃ ᠪᠠᠭᠰᠢ ᠪᠤᠯᠤᠭᠰᠠᠳ ᠰᠤᠷᠤᠭᠴᠢᠳ ᠤᠨ ᠲᠤᠳᠤᠨᠤ ᠬᠠᠨᠢ ᠪᠤᠯᠬᠤ ᠳᠤ ᠵᠦᠪᠭᠡᠨ | ᠰᠤᠷᠤᠭᠴᠢᠳ ᠢᠶᠠᠨ ᠦᠢᠯᠠᠭᠠᠭᠠᠳ ᠪᠤᠯᠬᠤ ᠪᠢᠰᠢ᠂ ᠨᠡᠩ ᠴᠢᠬᠤᠯᠠ ᠨᠢ ᠦᠪᠡᠷ ᠢ ᠪᠠᠨ ᠵᠠᠪᠠᠯ ᠰᠤᠷᠤᠭᠴᠢᠳ ᠲᠤ | ᠰᠡᠶᠢᠳᠤᠷ ᠦᠢᠯᠠᠭᠠᠭᠤᠯᠬᠤ ᠭᠡᠷᠡᠭᠳᠡᠢ᠃ ᠰᠤᠷᠤᠭᠴᠢᠳ ᠲᠠᠢ ᠬᠠᠮᠳᠤ ᠨᠠᠭᠠᠳᠬᠤ᠂ ᠦᠯᠢᠭᠡᠷ ᠶᠠᠷᠢᠬᠤ᠂ ᠬᠠᠮᠳᠤ ᠶᠢᠨ | ᠠᠵᠢᠯᠯᠠᠭ᠎ᠠ ᠳᠤ ᠤᠷᠤᠯᠴᠠᠬᠤ᠂ ᠶᠠᠷᠢᠯᠴᠠᠬᠤ ᠵᠡᠷᠭᠡ ᠠᠵᠠ ᠲᠤᠬᠢᠶᠠᠯ ᠢ ᠠᠰᠢᠭᠯᠠᠵᠤ ᠪᠠᠶᠢᠭᠠᠳ ᠲᠤᠬᠢᠳᠡᠢ ᠠᠷᠭ᠎ᠠ | ᠪᠡᠷᠢᠯ ᠢᠶᠠᠷ ᠪᠤᠳᠤᠯ ᠰᠠᠨᠠᠯ ᠢᠶᠠᠨ ᠰᠤᠯᠢᠯᠴᠠᠨ᠂ ᠦᠪᠠᠷ ᠢ ᠪᠠᠨ ᠰᠤᠷᠤᠭᠴᠢᠳ ᠲᠤ ᠤᠢᠢᠯᠠᠭᠠᠭᠤᠯᠤᠨᠠ᠃ ︽ | ᠬᠡᠤᠭᠡᠳ ᠤᠨ ᠪᠡᠶ᠎ᠡ ᠲᠡᠭᠡᠷ᠎ᠡ ᠠᠴᠠ ᠠᠷᠪᠠᠨ ᠵᠦᠢᠯ ᠤᠨ ᠰᠢᠯᠢᠳᠡᠭ ᠲᠡᠯ᠎ᠠ ᠶᠢ ᠤᠯᠵᠤ ᠬᠠᠷᠠᠪᠠᠯ ᠰᠢᠯᠢᠳᠡᠭ ᠡᠵᠢ᠂ | ᠲᠠᠪᠤᠨ ᠵᠦᠢᠯ ᠤᠨ ᠰᠢᠯᠢᠳᠡᠭ ᠲᠠᠯ᠎ᠠ ᠶᠢ ᠤᠯᠵᠤ ᠬᠠᠷᠠᠪᠠᠯ ᠬᠢᠷᠢ ᠲᠠᠩᠴᠡᠭᠰᠡᠨ ᠡᠵᠢ᠂ ᠲᠠᠪᠤᠨ ᠵᠦᠢᠯ ᠤᠨ ᠰᠢᠯᠢᠳᠡᠭ | ᠲᠠᠯ᠎ᠠ ᠶᠢ ᠴᠦ ᠤᠯᠵᠤ ᠲᠡᠶᠢᠯᠬᠦ ᠦᠭᠡᠢ ᠪᠤᠯ ᠬᠢᠷᠢ ᠲᠡᠩᠴᠡᠬᠦ ᠦᠭᠡᠢ ᠡᠵᠢ︾ ᠭᠡᠳᠡᠭ ᠮᠡᠷᠭᠡᠨ ᠦᠭᠡ ᠪᠠᠷ ᠦᠪᠡᠷ ᠤᠨ | ᠠᠵᠢᠯᠯᠠᠭᠠᠨ ᠤ ᠵᠦᠭᠯᠡᠬᠦᠷ ᠪᠤᠯᠭᠠᠵᠤ᠂ ᠮᠦᠨ ᠴᠦ ᠰᠤᠷᠤᠭᠴᠢᠳ ᠤᠨ ᠲᠤᠮᠳᠠ ᠦᠷᠬᠦᠯᠵᠢ ᠬᠦᠨᠵᠡᠭᠡᠶᠢᠷᠡᠬᠦ ᠪᠠ | ᠭᠡᠷ ᠤᠨ ᠠᠬᠠᠮᠠᠳ ᠲᠠᠢ ᠢᠯᠡᠬᠦᠤ ᠬᠠᠷᠢᠯᠴᠠᠬᠤ ᠪᠠᠷ ᠲᠡᠮᠵᠢᠨ᠂ ᠰᠤᠷᠤᠭᠴᠢᠳ ᠢᠶᠠᠨ ᠦᠢᠯᠠᠭᠠᠬᠤ ᠶᠢᠨ ᠬᠠᠮᠳᠤ | ᠪᠡᠶ᠎ᠡ ᠪᠠᠨ ᠦᠢᠯᠠᠭᠠᠭᠤᠯᠬᠤ ᠭᠡᠷᠡᠭᠳᠡᠢ᠃ | 3. ᠲᠠᠭᠤᠷᠢᠶᠠᠯ ᠤᠨ ᠦᠢᠯᠡᠳᠤᠯ ᠢ ᠪᠠᠳᠠᠷᠠᠭᠤᠯᠵᠤ᠂ ᠰᠤᠷᠤᠭᠴᠢᠳ ᠢ ᠴᠢᠩᠭ᠎ᠠ ᠱᠠᠭᠠᠷᠳᠠᠬᠤ ᠪᠠᠷ ᠪᠠᠭᠰᠢ | ᠰᠤᠷᠤᠭᠴᠢᠳ ᠤᠨ ᠲᠤᠳᠤᠨᠤ ᠬᠠᠷᠢᠴᠠᠭ᠎ᠠ ᠪᠠᠨ ᠴᠢᠩᠭᠠᠳᠬᠠᠬᠤ ᠭᠡᠷᠡᠭᠳᠡᠢ᠃ ︽ᠪᠡᠶ᠎ᠡ ᠲᠦᠪ ᠪᠤᠯᠪᠠᠰᠤ ᠲᠠᠭᠤᠷᠢᠶᠠᠯ | ᠪᠤᠯᠵᠤ᠂ ᠮᠡᠳᠡᠯᠭᠡ ᠬᠦᠨ ᠪᠤᠯᠪᠠᠰᠤ ᠪᠠᠭᠰᠢ ᠪᠤᠯᠤᠮᠤᠢ︾ ᠭᠡᠳᠡᠭᠴᠢᠯᠡᠨ ᠦᠯᠢᠭᠡᠷ ᠲᠠᠭᠤᠷᠢᠶᠠᠯ ᠤᠨ ᠬᠦᠴᠤᠨ ᠪᠤᠯ | ᠬᠢᠵᠠᠭᠠᠷ ᠦᠭᠡᠢ ᠶᠡᠭᠡ᠃ ᠪᠠᠭᠰᠢ ᠬᠦᠮᠤᠨ ᠦᠪᠡᠷ ᠤᠨ ᠦᠢᠯᠡ ᠠᠵᠢᠯᠯᠠᠭ᠎ᠠ ᠪᠠᠷ ᠢᠶᠠᠨ ᠰᠤᠷᠤᠭᠴᠢᠳ ᠲᠤ ᠪᠠᠨ | ᠰᠡᠶᠢᠨ ᠰᠡᠶᠢᠬᠠᠨ ᠭᠡᠪ ᠪᠤᠯᠪᠠᠰᠤᠷᠠᠯ ᠤᠨ ᠲᠠᠭᠤᠷᠢᠶᠠᠯ ᠦᠵᠡᠬᠦᠯᠬᠦ ᠪᠠᠷ ᠲᠡᠮᠵᠢᠭᠤᠯᠵᠤ᠂ ᠲᠡᠳᠡᠨ ᠤ ᠡᠳᠤᠷ | ᠲᠤᠳᠤᠮ ᠤᠨ ᠰᠤᠷᠤᠯᠭ᠎ᠠ ᠠᠮᠢᠳᠤᠷᠠᠯ ᠤᠨ ᠶᠡᠷᠤ ᠶᠢᠨ ᠵᠠᠩ ᠲᠠᠳᠬᠠᠯ ᠢ ᠲᠠᠳᠬᠠᠰᠢᠭᠤᠯᠬᠤ ᠭᠡᠷᠡᠭᠳᠡᠢ᠃ ᠪᠠᠭᠰᠢ | ᠪᠤᠯᠤᠭᠰᠠᠳ ᠦᠪᠡᠷ ᠤᠨ ᠪᠡᠶ᠎ᠡ ᠪᠠᠷ ᠢᠶᠠᠨ ᠬᠦᠮᠤᠨ ᠤ ᠠᠮᠢᠳᠤᠷᠠᠯ ᠤᠨ ᠡᠷᠬᠢᠮ ᠲᠡᠭᠡᠳᠤ ᠪᠤᠯᠪᠠᠰᠤᠨ ᠭᠡᠪ | ᠪᠤᠯᠪᠠᠰᠤᠷᠠᠯ ᠢᠶᠠᠷ ᠢᠶᠠᠨ ᠰᠤᠷᠤᠭᠴᠢᠳ ᠲᠤ ᠬᠦᠮᠤᠨ ᠪᠤᠯᠬᠤ ᠶᠢᠨ ᠬᠠᠮᠤᠭ ᠠᠩᠬᠠᠨ ᠤ ᠶᠤᠰᠤ ᠤᠴᠢᠷ ᠢ | ᠦᠢᠯᠠᠭᠠᠭᠤᠯᠵᠤ᠂ ᠲᠡᠳᠡᠨ ᠳᠤ ᠬᠦᠮᠤᠨ ᠪᠤᠯᠬᠤ ᠶᠢᠨ ᠶᠤᠰᠤ᠂ ᠠᠮᠢᠳᠤᠷᠠᠬᠤᠢ ᠶᠢᠨ ᠤᠬᠠᠭᠠᠨ ᠪᠠ ᠵᠦᠪ | ᠶᠢᠷᠳᠢᠨᠴᠤ ᠶᠢᠨ ᠦᠵᠡᠯᠲᠡ ᠶᠢ ᠬᠦᠮᠤᠵᠢᠭᠦᠯᠬᠦ ᠭᠡᠷᠡᠭᠳᠡᠢ᠃ ᠭᠡᠤᠭᠡᠳ ᠪᠠᠭᠠᠴᠤᠳ ᠢ ᠶᠠᠷᠤᠳᠡᠭᠡᠨ ᠨᠢᠭᠡᠨ ᠴᠡᠪᠡᠷ | ᠴᠤᠯᠭᠤᠢ ᠴᠠᠭᠠᠨ ᠴᠠᠭᠠᠰᠤ ᠠᠳᠠᠯᠢ ᠭᠡᠳᠡᠭ ᠤᠴᠢᠷ ᠠᠴᠠ ᠡᠨᠡ ᠴᠠᠭᠠᠰᠤᠨ ᠲᠡᠭᠡᠷᠡᠭᠢ ᠠᠩᠬᠠᠨ ᠤ ᠵᠢᠷᠤᠭᠠᠰᠤ ᠶᠢ | ᠶᠠᠭᠠᠬᠢᠵᠤ ᠵᠢᠷᠤᠵᠤ ᠡᠬᠢᠯᠡᠬᠦᠯᠬᠦ ᠪᠤᠯ ᠵᠠᠩᠭᠢᠯᠠᠭ᠎ᠠ᠃ ᠶᠠᠭ ᠡᠶᠢᠮᠤ ᠠᠴᠠ ᠪᠠᠭᠰᠢ ᠪᠤᠯᠤᠭᠰᠠᠳ ᠰᠤᠷᠤᠭᠴᠢᠳ ᠢᠶᠠᠨ | ᠬᠦᠮᠤᠵᠢᠬᠦᠯᠵᠤ ᠰᠤᠷᠭᠠᠬᠤ ᠳᠤ ᠪᠠᠨ ᠦᠪᠡᠷ ᠤᠨ ᠪᠡᠶ᠎ᠡ ᠪᠠᠨ ᠦᠷᠬᠦᠯᠵᠢ ᠴᠢᠩᠭ᠎ᠠ ᠱᠠᠭᠠᠷᠳᠠᠵᠤ᠂ ᠰᠤᠷᠤᠭᠴᠢᠳ ᠲᠤ | ᠠᠮᠢᠳᠤᠷᠠᠯ ᠰᠤᠷᠤᠯᠴᠠᠯᠭ᠎ᠠ ᠶᠢᠨ ᠲᠠᠯ᠎ᠠ ᠪᠠᠷ ᠰᠠᠶᠢᠨ ᠰᠠᠶᠢᠬᠠᠨ ᠲᠠᠭᠤᠷᠢᠶᠠᠯ ᠦᠵᠡᠬᠦᠯᠬᠦ ᠶᠢᠨ ᠲᠠᠭᠠᠤ ᠳᠤ | ᠰᠤᠷᠤᠭᠴᠢᠳ ᠢᠶᠠᠨ ᠮᠦᠨ ᠴᠢᠩᠭ᠎ᠠ ᠱᠠᠭᠠᠷᠳᠠᠬᠤ ᠭᠡᠷᠡᠭᠳᠡᠢ᠃ ᠶᠠᠷᠤᠳᠡᠭᠡᠨ ︽ᠴᠢᠩᠭ᠎ᠠ ᠪᠠᠭᠰᠢ ᠠᠴᠠ ᠴᠢᠳᠠᠪᠤᠷᠢ ᠲᠠᠢ | ᠱᠠᠪᠢ ᠬᠦᠮᠤᠵᠢᠭ᠍ᠳᠡᠨᠠ︾ ᠭᠡᠳᠡᠭ ᠢᠶᠠᠷ ᠪᠠᠭᠰᠢ ᠶᠢᠨ ᠴᠢᠩᠭ᠎ᠠ ᠱᠠᠭᠠᠷᠳᠠᠯᠭ᠎ᠠ ᠨᠢ ᠰᠤᠷᠤᠭᠴᠢᠳ ᠤᠨ ᠡᠷᠡᠬᠦᠯ ᠴᠢᠬᠢᠷᠠᠭ | ᠦᠰᠤᠨ ᠪᠦᠢᠵᠢᠯᠳᠠ ᠪᠠ ᠬᠦᠭᠵᠢᠯᠳᠡ ᠳᠤ ᠲᠤᠩ ᠴᠢᠬᠤᠯᠠ ᠦᠢᠯᠡᠳᠤᠯ ᠦᠵᠡᠬᠦᠯᠵᠤ᠂ ᠨᠢᠭᠡ ᠭᠡᠤᠭᠡᠳ ᠤᠨ ᠨᠢᠭᠡ | ᠨᠠᠰᠤᠨ ᠤ ᠠᠵᠤ ᠠᠮᠢᠳᠤᠷᠠᠯ ᠳᠤ ᠪᠠᠨ ᠬᠠᠨᠳᠤᠬᠤ ᠭᠡᠪ ᠪᠤᠯᠪᠠᠰᠤᠷᠠᠯ ᠢ ᠲᠤᠭᠳᠠᠭᠠᠵᠤ ᠪᠠᠶᠢᠭ᠎ᠠ ᠶᠠᠪᠤᠳᠠᠯ ᠪᠤᠯᠬᠤ | ᠶᠤᠮ᠃ ᠡᠬᠦᠨ ᠠᠴᠠ ᠪᠢᠳᠠ ᠪᠠᠭᠰᠢ ᠬᠦᠮᠤᠨ ᠤ ᠰᠤᠷᠤᠭᠴᠢᠳ ᠲᠤ ᠪᠠᠨ ᠦᠵᠡᠬᠦᠯᠬᠦ ᠭᠡᠪ ᠪᠤᠯᠪᠠᠰᠤᠷᠠᠯ ᠪᠠ | ᠰᠤᠷᠤᠭᠴᠢᠳ ᠲᠤ ᠪᠠᠨ ᠲᠠᠯᠪᠢᠬᠤ ᠴᠢᠩᠭ᠎ᠠ ᠱᠠᠭᠠᠷᠳᠠᠯᠭ᠎ᠠ ᠭᠡᠳᠤᠢ ᠴᠢᠬᠤᠯᠠ ᠭᠡᠳᠡᠭ ᠢ ᠲᠤᠳᠤᠷᠬᠠᠢ ᠦᠢᠯᠠᠭᠠᠵᠤ | ᠪᠤᠯᠤᠨ᠎ᠠ᠃ | ᠶᠠᠷᠤᠩᠭᠡᠢ ᠳᠤ ᠨᠢ ᠠᠪᠴᠤ ᠭᠡᠯᠡᠪᠠᠯ᠂ ᠨᠢᠭᠡ ᠪᠠᠭᠰᠢ ᠬᠦᠮᠤᠨ ᠤᠷᠬᠢᠯᠤᠮ᠎ᠠ ᠬᠠᠯᠠᠭᠤᠨ ᠬᠠᠶᠢᠷ᠎ᠠ ᠰᠡᠳᠬᠢᠯᠭᠡ᠂ | ᠦᠷᠭᠡᠨ ᠲᠡᠯᠭᠡᠷ ᠡᠷᠳᠡᠮ ᠴᠢᠳᠠᠪᠤᠷᠢ᠂ ᠡᠯᠪᠡᠭ ᠪᠠᠶᠠᠯᠢᠭ ᠤᠷᠠᠨ ᠠᠷᠭ᠎ᠠ ᠪᠠᠷᠢᠯ ᠢᠶᠠᠷ ᠰᠤᠷᠤᠭᠴᠢᠳ ᠢ ᠨᠦᠯᠤᠭᠡᠯᠡᠵᠤ᠂ | ᠰᠤᠷᠤᠭᠴᠢ ᠶᠢᠨ ᠢᠶᠠᠨ ᠵᠢᠩᠭᠢᠨᠢ ᠲᠤᠳᠤᠨᠤ ᠬᠠᠨᠢ ᠪᠤᠯᠵᠤ ᠴᠢᠳᠠᠬᠤ ᠳᠤ ᠬᠦᠷᠪᠠᠯ ᠰᠤᠷᠭᠠᠶ᠎ᠠ ᠭᠡᠰᠡᠨ ᠪᠠᠭᠰᠢ ᠶᠢᠨ | ᠵᠦᠳᠡᠷᠡᠯ᠂ ᠰᠤᠷᠤᠶ᠎ᠠ ᠭᠡᠰᠡᠨ ᠰᠤᠷᠤᠭᠴᠢ ᠶᠢᠨ ᠴᠢᠷᠮᠠᠶᠢᠯᠭ᠎ᠠ ᠳᠤ ᠠᠮᠵᠢᠯᠳᠠ ᠶᠢᠨ ᠤᠴᠢ ᠬᠢᠯᠠᠯᠵᠠᠬᠤ ᠳᠤ ᠲᠤᠩ | ᠬᠢᠯᠪᠠᠷᠬᠠᠨ ᠶᠤᠮ᠃ | ᠬᠠᠶ᠋ᠢᠬ᠄ ᠦᠤᠰᠢᠨ ᠬᠤᠰᠢᠭᠤᠨ ᠤ ᠮᠤᠩᠭᠤᠯ ᠦᠨᠳᠦᠰᠦᠲᠡᠨ ᠤ | ᠳᠤᠷᠰᠢᠯᠲᠠ ᠶᠢᠨ ᠪᠠᠭ᠎ᠠ ᠰᠤᠷᠭᠠᠭᠤᠯᠢ | ︵ᠴᠢᠶᠠᠨ ᠴᠦᠨ ᠵᠢᠶᠧ ᠨᠠᠶᠢᠷᠠᠭᠤᠯᠪᠠ︶ | 9 ᠳ᠋ᠤᠭᠠᠷ ᠬᠤᠭᠤᠴᠠᠭ᠎ᠠ |