ᠨᠠᠷᠠᠨᠬᠤᠸᠠᠷ | | | ᠬᠡᠣᠬᠡᠳ ᠤᠨ ᠴᠡᠴᠡᠷᠯᠢᠭ ᠨᠢ ᠬᠡᠣᠬᠡᠳ ᠢ ᠲᠤᠭᠯᠠᠭᠠᠮ ᠤᠨ ᠲᠤᠮᠳᠠ ᠰᠣᠷᠴᠣ ᠪᠤᠯᠪᠠᠰᠤᠷᠠᠭᠤᠯᠤᠨ ᠲᠡᠳᠡ | ᠨᠡᠷ ᠤᠨ ᠪᠠᠶ᠎ᠠ ᠰᠡᠳᠬᠢᠴᠡ ᠶᠢ ᠡᠷᠡᠭᠦᠯ ᠮᠡᠨᠳᠤ ᠪᠠᠷ ᠦᠰᠦᠨ ᠪᠤᠶᠢᠵᠢᠭᠤᠯᠳᠠᠬ᠃ | ᠨᠢᠭᠡ᠂ ᠪᠡᠶ᠎ᠡ ᠲᠠᠮᠢᠷ ᠤᠨ ᠬᠦᠳᠡᠯᠬᠡᠬᠡᠨ ᠤ ᠳᠠᠪᠬᠤᠷᠭᠠᠳᠣ ᠬᠠᠷᠠᠯᠳᠠ ᠶᠢ ᠲᠤᠭᠳᠠᠭᠠᠬᠤ | ᠪᠠᠭ᠎ᠠ ᠠᠩᠬᠢ ᠶᠢᠨ ᠬᠡᠤᠬᠡᠳ ᠤᠨ ᠠᠮᠢᠳᠣᠷᠠᠯ ᠢᠶᠠᠨ ᠵᠠᠬᠢᠷᠬᠤ ᠴᠢᠳᠠᠪᠦᠷᠢ ᠪᠠ ᠪᠤᠯᠴᠢᠩ ᠤᠨ ᠬᠦᠳᠡᠯᠬᠡᠬᠡᠨ ᠤ | ᠴᠢᠳᠠᠪᠦᠷᠢ ᠨᠢ ᠨᠡᠯᠢᠶᠠᠳ ᠰᠠᠶᠢᠨ ᠪᠠᠶᠢᠪᠠᠯ᠂ ᠪᠠᠶ᠎ᠠ ᠶᠢᠨ ᠲᠠᠮᠢᠷ ᠤᠨ ᠪᠠᠭᠠᠵᠢ ᠬᠡᠷᠡᠭᠰᠡᠯ ᠪᠠ ᠨᠠᠭᠠᠳᠣᠮ ᠤᠨ ᠵᠦᠢᠯ ᠢᠶᠠᠷ | ᠲᠠᠳᠡ ᠨᠡᠷ ᠤᠨ ᠥᠨᠳᠣᠰᠣᠨ ᠬᠦᠳᠡᠯᠤᠯ ᠢ ᠬᠦᠭᠵᠢᠬᠡᠵᠤ ᠪᠤᠯᠤᠨ᠎ᠠ᠃ ᠲᠤᠤᠷᠠᠬᠢ ᠬᠡᠳᠣᠨ ᠲᠠᠯ᠎ᠠ ᠪᠠᠷ ᠪᠦᠯᠦᠭ | ᠨᠢᠬᠡᠪᠤᠷᠢ ᠶᠢᠨ ᠭᠤᠤᠯᠳᠠᠯᠭ᠎ᠠ ᠲᠠᠢ ᠬᠠᠷᠠᠯᠳᠠ ᠪᠤᠯᠭᠠᠨ᠎ᠠ᠃ ᠵᠢᠱᠢᠶᠡᠯᠡᠪᠠᠯ᠄ ᠭᠠᠷ ᠬᠦᠯ ᠢᠶᠠᠨ ᠵᠤᠬᠢᠴᠠᠭᠤᠯᠤᠨ ᠮᠤᠷᠤᠢ | ᠵᠠᠮ ᠢᠶᠠᠷ ᠶᠠᠪᠤᠬᠤ᠂ ᠬᠡᠣᠬᠡᠳ ᠤᠨ ᠪᠠᠭ᠎ᠠ ᠲᠡᠷᠭᠡ ᠶᠢ ᠲᠦᠯᠬᠢᠵᠤ ᠬᠦᠶᠦᠬᠦ᠂ ᠭᠠᠭᠴᠠ ᠪᠠᠷ ᠢᠶᠠᠨ ᠪᠦᠮᠪᠦᠭᠡ | ᠠᠯᠠᠭᠠᠳᠠᠬᠤ᠂ ᠪᠦᠮᠪᠦᠭᠡ ᠥᠡᠭᠭᠦᠷᠢᠭᠦᠯᠵᠤ ᠴᠢᠳᠠᠬᠤ᠂ ᠭᠤᠯᠭᠤᠭᠤᠷ ᠱᠠᠳᠣᠨ ᠳᠡᠭᠡᠷ᠎ᠡ ᠨᠠᠭᠠᠳᠴᠤ ᠴᠢᠳᠠᠬᠤ ᠵᠡᠷᠬᠡ᠃ | ᠲᠤᠮᠳᠠ ᠠᠩᠬᠢ ᠶᠢᠨ ᠬᠡᠣᠬᠡᠳ ᠲᠤ ᠠᠪᠴᠣ ᠬᠡᠯᠡᠪᠠᠯ ᠲᠦᠪ ᠮᠡᠳᠡᠷᠡᠯ ᠤᠨ ᠰᠢᠰᠲ᠋ᠧᠮ ᠪᠠ ᠰᠠᠷᠡᠭᠦᠢ | ᠮᠡᠳᠡᠷᠡᠯ ᠤᠨ ᠰᠢᠰᠲ᠋ᠧᠮ ᠤᠨ ᠠᠵᠢᠯᠯᠠᠭᠠᠨ ᠤ ᠬᠦᠭᠵᠢᠯᠳᠡ ᠬᠠᠮᠤᠭ ᠴᠢᠬᠤᠯᠠ ᠴᠠᠭ ᠥᠶ᠎ᠡ ᠳᠤ ᠪᠠᠨ ᠪᠠᠶᠢᠵᠤ᠂ ᠲᠡᠳᠡ | ᠨᠡᠷ ᠤᠨ ᠬᠦᠳᠡᠯᠬᠡᠬᠡᠨ ᠤ ᠴᠢᠳᠠᠪᠬᠢ ᠶᠢ ᠬᠦᠭᠵᠢᠬᠦᠯᠬᠦ ᠪᠠᠷ ᠭᠤᠤᠯ ᠬᠠᠷᠠᠯᠳᠠ ᠪᠠᠨ ᠪᠤᠯᠭᠠᠵᠤ ᠪᠤᠯᠤᠨ᠎ᠠ᠃ | ᠵᠢᠱᠢᠶᠡᠯᠡᠪᠠᠯ᠄ ᠳᠤᠬᠢᠶ᠎ᠠ ᠪᠠᠷ ᠬᠦᠶᠦᠬᠦ ᠥᠰᠦᠷᠬᠦ ᠬᠦᠳᠡᠯᠣᠯ ᠤᠨ ᠬᠤᠷᠳᠣᠴᠠ ᠶᠢ ᠠᠩᠬᠠᠷᠤᠨ᠂ ᠦᠷᠦᠭᠡᠰᠦᠨ | ᠬᠦᠯ ᠢᠶᠠᠷ ᠢᠶᠠᠨ ᠥᠰᠣᠷᠭᠦ᠂ ᠭᠤᠮ ᠪᠦᠮᠪᠦᠭᠡ ᠨᠠᠭᠠᠳᠴᠣ ᠰᠣᠷᠬᠤ᠂ ᠪᠦᠮᠪᠦᠭᠡ ᠠᠯᠠᠭᠠᠳᠠᠬᠤ᠂ ᠪᠦᠮᠪᠦᠭᠡ ᠲᠣᠰᠬᠤ᠂ | ᠪᠦᠮᠪᠦᠭᠡ ᠢᠰᠬᠦᠯᠬᠦ᠂ ᠪᠦᠮᠪᠦᠭᠡ ᠥᠡᠭᠬᠦᠷᠢᠭᠦᠯᠬᠦ ᠵᠡᠷᠬᠡ ᠭᠦᠳᠠᠯᠭᠡᠭᠡᠨ ᠢ ᠬᠢᠯᠭᠡᠵᠦ ᠪᠤᠯᠤᠨ᠎ᠠ᠃ | ᠶᠡᠭᠡ ᠠᠩᠬᠢ ᠶᠢᠨ ᠬᠡᠣᠬᠡᠳ ᠤᠨ ᠪᠠᠶ᠎ᠠ ᠰᠡᠳᠬᠢᠴᠡ ᠶᠢᠨ ᠬᠦᠭᠵᠢᠯᠳᠡ ᠨᠡᠯᠢᠶᠠᠳ ᠲᠤᠭᠳᠠᠭᠤᠨ ᠪᠠᠶᠢᠵᠤ᠂ | ᠠᠵᠢᠯᠯᠠᠭᠠᠨ ᠤ ᠴᠢᠳᠠᠪᠬᠢ ᠨᠢ ᠲᠦᠷᠬᠡᠨ ᠬᠦᠭᠵᠢᠵᠤ ᠪᠠᠶᠢᠭ᠎ᠠ ᠴᠠᠭ ᠬᠤᠭᠤᠴᠠᠭ᠎ᠠ ᠳᠤ ᠪᠠᠶᠢᠬᠤ ᠶᠢ ᠠᠩᠬᠠᠷᠤᠨ᠎ᠠ᠃ | ᠵᠢᠱᠢᠶᠡᠯᠡᠪᠠᠯ᠄ ᠳᠡᠭᠡᠰᠣ ᠪᠠ ᠰᠣᠨᠳᠠᠭ ᠥᠰᠣᠷᠴᠣ ᠴᠢᠳᠠᠬᠤ᠂ ᠰᠢᠷᠭᠤᠵᠤ ᠮᠥᠯᠬᠦᠬᠦ᠂ ᠠᠪᠠᠷᠢᠬᠤ᠂ ᠥᠨᠳᠣᠷ ᠳᠡᠭᠳᠡᠷ | ᠳᠡᠭᠡᠷ᠎ᠡ ᠭᠠᠷᠬᠤ᠂ ᠰᠠᠭᠰᠣᠨ ᠪᠦᠮᠪᠦᠭᠡ ᠲᠤᠭᠯᠠᠬᠤ᠂ ᠫᠢᠡᠭᠫᠠᠩ ᠪᠦᠮᠪᠦᠭᠡ ᠨᠠᠭᠠᠳᠬᠤ᠂ ᠲᠡᠪᠡᠭ ᠢᠰᠬᠦᠯᠬᠦ ᠵᠡᠷᠬᠡ | ᠠᠵᠢᠯᠯᠠᠭᠠᠨ ᠢ ᠦᠷᠨᠢᠭᠦᠯᠵᠦ ᠪᠤᠯᠤᠨ᠎ᠠ᠃ | ᠬᠤᠶᠠᠷ᠂ ᠬᠦᠳᠡᠯᠤᠯ ᠤᠨ ᠥᠨᠳᠣᠰᠣᠨ ᠠᠭᠤᠯᠭ᠎ᠠ ᠶᠢ ᠥᠨᠳᠣᠰᠣᠯᠡᠵᠤ ᠲᠤᠭᠯᠠᠭᠠᠮ ᠤᠨ ᠬᠦᠳᠡᠯᠬᠡᠬᠡᠨ ᠢ | ᠥᠷᠨᠢᠬᠦᠯᠬᠦ | ᠪᠠᠶ᠎ᠠ ᠲᠠᠮᠢᠷ ᠤᠨ ᠬᠦᠳᠡᠯᠬᠡᠬᠡᠨ ᠤ ᠳᠠᠪᠬᠤᠷᠭᠠᠳᠣ ᠬᠠᠷᠠᠯᠳᠠ ᠶᠢ ᠥᠨᠳᠣᠰᠣᠯᠠᠵᠣ ᠪᠢᠳᠠ ᠭᠤᠷᠪᠠᠨ ᠵᠦᠢᠯ ᠤᠨ | ᠪᠠᠶ᠎ᠠ ᠲᠠᠮᠢᠷ ᠤᠨ ᠲᠤᠭᠯᠠᠭᠠᠮ ᠢ ᠲᠦᠰᠦᠪᠯᠡᠨ ᠭᠠᠷᠭᠠᠪᠠ᠃ | 1. ᠭᠠᠭᠴᠠ ᠲᠦᠷᠦᠯ ᠢᠶᠠᠷ ᠪᠤᠯᠪᠠᠰᠣᠷᠠᠬᠤ ᠪᠠᠭ᠎ᠠ ᠲᠤᠭᠯᠠᠭᠠᠮ | ᠪᠠᠭ᠎ᠠ ᠠᠩᠬᠢ ᠶᠢᠨ ᠬᠡᠣᠬᠡᠳ ᠬᠤᠶᠠᠷ ᠬᠦᠯ ᠢᠶᠠᠷ ᠢᠶᠠᠨ ᠵᠡᠷᠬᠡ ᠪᠠᠷ ᠥᠬᠡᠳᠡ ᠥᠰᠤᠷᠬᠦ ᠪᠤᠯᠪᠠᠰᠣᠷᠠᠯ ᠢ ᠪᠢᠳᠠ | ︽ᠮᠤᠤᠷ ᠡᠷᠪᠡᠭᠡᠢ ᠪᠠᠷᠢᠬᠤ︾ ᠬᠡᠵᠤ ᠲᠦᠷᠰᠣᠯᠡᠳᠡᠭ᠃ ᠪᠠᠭᠰᠢ ᠴᠠᠭᠠᠰᠣ ᠪᠠᠷ ︽ᠡᠷᠪᠡᠬᠡᠢ︾ ᠡᠪᠬᠡᠵᠤ᠂ | ᠬᠡᠣᠬᠡᠳ ᠤᠨ ᠲᠣᠯᠣᠭᠠᠢ ᠳᠡᠭᠡᠷ᠎ᠡ ᠲᠠᠯᠪᠢᠵᠤ᠂ ᠬᠡᠣᠬᠡᠳ ᠨᠢᠬᠡ ᠨᠢᠬᠡ ᠪᠠᠷ ᠢᠶᠠᠨ ᠡᠷᠪᠡᠬᠡᠢ ᠪᠠᠷᠢᠬᠤ ᠬᠡᠵᠤ ᠨᠠᠭᠠᠳᠳᠠᠭ᠃ | ᠲᠤᠰ ᠲᠤᠭᠯᠠᠭᠠᠮ ᠢᠶᠠᠷ ᠳᠠᠮᠵᠢᠵᠤ ᠬᠡᠣᠬᠡᠳ ᠤᠳ ᠵᠤᠷᠢᠭᠲᠠᠢ ᠠᠵᠢᠯᠯᠠᠭᠠᠨ ᠤ ᠬᠦᠳᠡᠯᠤᠯ ᠤᠨ ᠥᠨᠳᠣᠰᠣᠨ ᠵᠢᠮ᠎ᠡ | ᠶᠤᠰᠤ ᠶᠢ ᠡᠵᠡᠮᠰᠢᠵᠤ ᠴᠢᠳᠠᠳᠠᠭ᠃ ᠪᠠᠰᠠ ᠵᠢᠱᠢᠶᠡᠯᠡᠪᠠᠯ᠄ ︽ᠬᠦᠳᠡᠭᠡ ᠪᠠᠷ ᠵᠤᠭᠠᠴᠠᠬᠤ︾ ᠠᠶᠠᠯᠠᠯ ᠳᠤ ᠬᠡᠣᠬᠡᠳ | ᠲᠤᠬᠢᠶ᠎ᠠ ᠰᠣᠨᠣᠰᠴᠣ ᠬᠦᠶᠦᠳᠠᠯ ᠢᠶᠠᠨ ᠳᠠᠭᠠᠷᠠᠭᠤᠯᠬᠤ᠂ ᠬᠤᠨᠭ᠍ᠬᠤᠳᠤ ᠬᠡᠨᠭᠬᠡᠷᠬᠡ ᠶᠢᠨ ᠳᠠᠭᠤᠨ ᠳᠤᠮᠳᠠ ᠡᠯ᠎ᠡ ᠵᠦᠢᠯ | ᠤᠨ ᠬᠤᠷᠳᠤᠴᠠ ᠪᠠᠷ ᠠᠯᠬᠤᠬᠤ᠂ ᠬᠦᠶᠦᠬᠦ᠂ ᠲᠤᠩᠭᠤᠷᠴᠣ ᠠᠯᠬᠤᠬᠤ ᠵᠡᠷᠬᠡ᠂ ᠲᠤᠬᠢᠶᠠᠨ ᠲᠠᠭᠤ ᠪᠠᠷ ᠴᠡᠴᠡᠭ | ᠲᠡᠭᠦᠭᠦ᠂ ᠥᠷᠦᠮ᠎ᠡ ᠬᠤᠯᠠᠭᠠᠶᠢᠴᠢ ᠪᠠᠷᠢᠬᠤ ᠵᠡᠷᠭᠡ᠃ ᠡᠳᠡᠭᠡᠷ ᠲᠤᠭᠯᠠᠭᠠᠮ ᠨᠢ ᠰᠡᠳᠬᠢᠬᠦᠢ᠂ ᠰᠣᠨᠣᠷ ᠬᠠᠷᠠᠭ᠎ᠠ ᠪᠠ | ᠬᠦᠳᠡᠯᠤᠯ ᠤᠨ ᠨᠢᠬᠡᠳᠣᠮᠡᠯ ᠴᠢᠨᠠᠷ ᠢ ᠵᠤᠬᠢᠴᠠᠭᠤᠯᠬᠤ ᠶᠢᠨ ᠬᠠᠮᠳᠣ ᠬᠡᠣᠬᠡᠳ ᠤᠨ ᠴᠢᠳᠠᠪᠤᠷᠢ ᠵᠡᠷᠭᠡ ᠶᠢ | ᠪᠤᠯᠪᠠᠰᠣᠷᠠᠭᠤᠯᠤᠭᠰᠠᠨ ᠪᠠᠶᠢᠨ᠎ᠠ᠃ | 2. ᠠᠳᠠᠯᠢ ᠠᠭᠤᠯᠭ᠎ᠠ ᠲᠠᠢ ᠳᠤᠭᠤᠶᠢᠯᠠᠩ ᠤᠨ ᠲᠤᠭᠯᠠᠭᠠᠮ | ᠠᠳᠠᠯᠢ ᠠᠭᠤᠯᠭ᠎ᠠ ᠲᠠᠢ᠂ ᠠᠳᠠᠯᠢ ᠪᠣᠰᠣ ᠱᠠᠭᠠᠷᠳᠠᠯᠭ᠎ᠠ ᠲᠠᠢ ᠲᠤᠭᠯᠠᠭᠠᠮ ᠵᠤᠬᠢᠶᠠᠨ᠎ᠠ᠃ ᠳᠤᠮᠳᠠ ᠠᠩᠭᠢ ᠶᠢᠨ | ᠭᠡᠤᠭᠡᠳ ᠬᠤᠶᠠᠷ ᠭᠦᠯ ᠢᠶᠠᠷ ᠢᠶᠠᠨ ᠰᠢᠯᠤᠭᠤᠨ ᠱᠤᠭᠤᠮ ᠤᠨ ᠬᠤᠶᠠᠷ ᠲᠠᠯ᠎ᠠ ᠪᠠᠷ ᠦᠰᠤᠷᠴᠤ ᠪᠤᠯᠪᠠᠰᠤᠷᠠᠬᠤ ᠳᠤ | ᠪᠢᠳᠠ ᠲᠠᠪᠤᠨ ᠪᠠᠭ᠎ᠠ ᠲᠤᠭᠯᠠᠭᠠᠮ ᠢ ᠱᠠᠳᠤ ᠱᠠᠳᠤ ᠪᠠᠷ ᠲᠦᠰᠤᠪᠯᠠᠨ ᠭᠠᠷᠭᠠᠵᠠᠢ᠃ ᠵᠢᠱᠢᠶᠠᠯᠠᠪᠠᠯ᠄ | ᠨᠢᠭᠡᠳᠤᠭᠡᠷ ᠲᠤᠭᠯᠠᠭᠠᠮ᠂ ︽ᠲᠠᠤᠯᠠᠢ ᠭᠡᠷ ᠲᠤ ᠪᠠᠨ ᠬᠠᠷᠢᠬᠤ︾᠃ ᠱᠠᠭᠠᠷᠳᠠᠯᠭ᠎ᠠ ᠨᠢ᠄ ᠰᠢᠯᠤᠭᠤᠨ | ᠱᠤᠭᠤᠮ ᠤᠨ ᠬᠤᠶᠠᠷ ᠲᠠᠯ᠎ᠠ ᠪᠠᠷ ᠦᠰᠤᠷᠭᠦ᠃ | ᠬᠤᠶᠠᠳᠤᠭᠠᠷ ᠲᠤᠭᠯᠠᠭᠠᠮ᠂ ︽ᠪᠠᠴᠢᠨ ᠭᠤᠸ᠋ᠨ ᠲᠠᠷᠢᠬᠤ︾᠃ ᠱᠠᠭᠠᠷᠳᠠᠯᠭ᠎ᠠ ᠨᠢ᠄ 40 ᠰᠡᠨᠲ᠋ᠢᠮᠧᠲᠷ ᠤᠨ | ᠴᠠᠭᠠᠷᠢᠭ ᠲᠤᠲᠤᠷ᠎ᠠ ᠪᠦᠮᠪᠦᠭᠡ ᠠᠯᠠᠭᠠᠳᠠᠬᠤ᠃ | ᠭᠤᠷᠪᠠᠳᠤᠭᠠᠷ ᠲᠤᠭᠯᠠᠭᠠᠮ᠂ ︽ᠢᠮᠠᠭ᠎ᠠ ᠭᠤᠤᠯ ᠢᠶᠠᠷ ᠭᠠᠷᠬᠤ︾᠃ ᠱᠠᠭᠠᠷᠳᠠᠯᠭ᠎ᠠ ᠨᠢ᠄ 40 ᠰᠡᠨᠲ᠋ᠢᠮᠧᠲᠷ | ᠵᠡᠢ ᠲᠠᠢ ᠬᠤᠶᠠᠷ ᠱᠤᠭᠤᠮ ᠤᠨ ᠭᠠᠳᠠᠨ᠎ᠠ ᠨᠠᠭᠠᠰᠢ ᠴᠠᠭᠠᠰᠢ ᠦᠰᠤᠷᠭᠦ᠃ | ᠲᠦᠷᠪᠡᠳᠤᠭᠡᠷ ᠲᠤᠭᠯᠠᠭᠠᠮ᠂ ︽ᠬᠤᠯᠤᠭᠠᠨ᠎ᠠ ᠰᠡᠤᠭᠡ ᠲᠠᠮᠨᠠᠬᠤ︾᠃ ᠱᠠᠭᠠᠷᠳᠠᠯᠭ᠎ᠠ ᠨᠢ᠄ ᠭᠠᠭᠴᠨ | ᠭᠦᠯ ᠢᠶᠠᠷ ᠢᠶᠠᠨ ᠨᠠᠭᠠᠰᠢ ᠴᠠᠭᠠᠰᠢ ᠦᠰᠤᠷᠭᠦ᠃ | ᠲᠠᠪᠤᠳᠤᠭᠠᠷ ᠲᠤᠭᠯᠠᠭᠠᠮ᠂ ︽ᠶᠠᠪᠠᠭᠠᠨ ᠭᠠᠯᠠᠭᠤ ᠭᠤᠤᠯ ᠭᠠᠳᠤᠯᠬᠤ︾᠃ ᠱᠠᠭᠠᠷᠳᠠᠯᠭ᠎ᠠ ᠨᠢ᠄ ᠬᠤᠶᠠᠷ | ᠭᠦᠯ ᠢᠶᠠᠷ ᠢᠶᠠᠨ ᠮᠤᠷᠤᠢ ᠱᠤᠭᠤᠮ ᠲᠡᠭᠡᠭᠦᠷ ᠨᠠᠭᠠᠰᠢ ᠴᠠᠭᠠᠰᠢ ᠲᠦᠷᠭᠡᠨ ᠦᠰᠤᠷᠭᠦ᠃ | ᠡᠳᠡᠭᠡᠷ ᠲᠤᠭᠯᠠᠭᠠᠮ ᠨᠢ ᠭᠡᠤᠭᠡᠳ ᠤᠨ ᠲᠤᠭᠯᠠᠨ ᠰᠤᠷᠤᠯᠴᠠᠬᠤ ᠤᠷᠮ᠎ᠠ ᠵᠤᠷᠢᠭ ᠢ ᠤᠷᠮᠡᠰᠢᠭᠤᠯᠬᠤ ᠶᠢᠨ | ᠬᠠᠮᠲᠤ ᠲᠡᠳᠡ ᠨᠡᠷ ᠤᠨ ᠠᠳᠠᠯᠢ ᠪᠤᠰᠤ ᠪᠠᠶᠢᠳᠠᠯ ᠤᠨ ᠲᠤᠤᠷ᠎ᠠ ᠭᠦᠳᠡᠯᠤᠯ ᠢᠶᠠᠨ ᠶᠠᠭᠠᠭᠢᠵᠤ ᠵᠤᠭᠢᠴᠠᠭᠤᠯᠬᠤ | ᠴᠢᠳᠠᠪᠤᠷᠢ ᠶᠢ ᠤᠯᠠᠮ ᠪᠤᠯᠪᠠᠰᠤᠷᠠᠭᠤᠯᠤᠭᠰᠠᠨ ᠪᠠᠶᠢᠨ᠎ᠠ᠃ | 3. ᠶᠡᠷᠤᠩᠭᠡᠢ ᠪᠤᠯᠪᠠᠰᠤᠷᠠᠯ ᠤᠨ ᠴᠢᠨᠠᠷᠳᠠᠢ ᠲᠤᠭᠯᠠᠭᠠᠮ | ᠭᠡᠤᠭᠡᠳ ᠤᠨ ᠪᠡᠶ᠎ᠠ ᠮᠠᠬᠠᠪᠤᠤᠨ ᠢ ᠪᠦᠭᠦ ᠲᠠᠯ᠎ᠠ ᠪᠠᠷ ᠪᠤᠯᠪᠠᠰᠤᠷᠠᠭᠤᠯᠵᠤ᠂ ᠲᠡᠳᠡᠨᠡᠷ ᠤᠨ ᠭᠦᠳᠡᠯᠤᠯ ᠢ | ᠲᠡᠩᠴᠡᠭᠦᠷᠢᠲᠡᠢ ᠭᠦᠭᠵᠢᠭᠦᠯᠭᠦ ᠶᠢᠨ ᠲᠦᠯᠤᠭᠡ ᠵᠢᠭᠠᠨ ᠰᠤᠷᠭᠠᠬᠤ ᠬᠠᠷᠠᠯᠲᠡ ᠪᠠᠷ ᠠᠭᠤᠯᠭ᠎ᠠ ᠪᠤᠯᠭᠠᠭᠰᠠᠨ ᠶᠡᠷᠤᠩᠭᠡᠢ | ᠪᠤᠯᠪᠠᠰᠤᠷᠠᠯ ᠤᠨ ᠶᠡᠭᠡ ᠨᠠᠭᠠᠳᠤᠮ ᠢ ᠲᠦᠰᠦᠪᠯᠡᠨ ᠭᠠᠷᠭᠠᠵᠤ᠂ ᠰᠤᠷᠤᠯᠴᠡᠵᠤ ᠦᠩᠭᠡᠷᠡᠭᠰᠡᠨ ᠦᠨᠳᠤᠰᠤᠨ | ᠭᠦᠳᠡᠯᠤᠯ ᠢᠶᠠᠨ ᠪᠠᠭᠢᠵᠢᠭᠦᠯᠵᠤ᠂ ᠲᠤᠭᠯᠠᠭᠠᠮ ᠤᠨ ᠭᠦᠳᠡᠯᠤᠩᠭᠦᠢ ᠴᠢᠨᠠᠷ ᠪᠠ ᠪᠦᠷᠢᠨ ᠲᠡᠭᠦᠯᠳᠡᠷ ᠴᠢᠨᠡᠷ ᠢ | ᠴᠢᠩᠭᠠᠳᠬᠠᠨ᠂ ᠠᠵᠢᠯᠯᠠᠭᠠᠨ ᠤ ᠭᠡᠮ ᠢ ᠨᠢ ᠪᠠᠲᠤᠯᠠᠭᠰᠠᠨ ᠪᠠᠶᠢᠨ᠎ᠠ᠃ | ᠶᠡᠷᠤᠩᠭᠡᠢ ᠪᠤᠯᠪᠠᠰᠤᠷᠠᠯ ᠤᠨ ᠴᠢᠨᠠᠷᠳᠠᠢ ᠲᠤᠭᠯᠠᠭᠠᠮ ᠨᠢ ᠭᠡᠳᠤᠨ ᠪᠠᠭ᠎ᠠ ᠲᠤᠭᠯᠠᠭᠠᠮ ᠢᠶᠠᠷ ᠪᠦᠷᠢᠯᠳᠤᠵᠠᠢ᠃ | ᠵᠢᠱᠢᠶᠠᠯᠠᠪᠠᠯ᠄ ᠪᠠᠭ᠎ᠠ ᠠᠩᠭᠢ ᠶᠢᠨ ︽ᠵᠢᠮᠢᠰ ᠲᠡᠭᠦᠭᠦ︾ ᠶᠡᠷᠤᠩᠭᠡᠢ ᠪᠤᠯᠪᠠᠰᠤᠷᠠᠯ ᠳᠤ ᠠᠯᠬᠤᠬᠤ᠂ ᠭᠦᠶᠦᠭᠦ᠂ | ᠦᠰᠤᠷᠭᠦ ᠭᠦᠳᠡᠯᠤᠯ ᠲᠤᠮᠳᠡ ᠪᠦᠮᠪᠦᠭᠡ ᠦᠩᠭᠦᠷᠢᠭᠦᠯᠭᠦ᠂ ᠪᠦᠮᠪᠦᠭᠡ ᠠᠯᠠᠭᠠᠳᠠᠵᠤ ᠤᠷᠤᠭᠤᠯᠬᠤ ᠵᠡᠷᠭᠡ ᠭᠦᠳᠠᠯᠦᠯ ᠢ | ᠤᠷᠤᠭᠤᠯᠵᠠᠢ᠃ | ᠶᠡᠭᠡ ᠠᠩᠭᠢ ᠶᠢᠨ ︽ᠡᠷᠡᠯᠭᠡᠭ ᠪᠠᠭᠠᠲᠤᠷ ᠴᠡᠷᠢᠭ︾ ᠤᠨ ᠶᠡᠷᠤᠩᠭᠡᠢ ᠪᠤᠯᠪᠠᠰᠤᠷᠠᠯ ᠳᠤ ᠰᠢᠳᠡᠭᠦ᠂ ᠦᠰᠦᠷᠭᠦ᠂ | ᠮᠦᠯᠭᠦᠨ ᠤᠷᠤᠬᠰᠢᠯᠠᠬᠤ ᠵᠡᠷᠭᠡ ᠶᠢ ᠲᠤᠬᠢᠷᠠᠭᠤᠯᠵᠠᠢ᠃ ᠲᠤᠰ ᠲᠤᠭᠯᠠᠭᠠᠮ ᠢᠶᠠᠷ ᠲᠠᠮᠵᠢᠵᠤ ᠭᠡᠤᠭᠡᠳ ᠤᠨ ᠲᠦᠷᠭᠡᠨ | ᠭᠦᠶᠦᠭᠦ ᠴᠢᠳᠠᠪᠤᠷᠢ ᠶᠢ ᠲᠡᠭᠡᠭᠰᠢᠯᠡᠭᠦᠯᠳᠡᠭ᠃ ᠲᠠᠷᠤᠢ᠄ ᠪᠦᠰᠡᠯᠡᠯᠲᠡ ᠶᠢᠨ ᠲᠤᠭᠤᠷᠢᠭ ᠢᠶᠠᠷ ᠦᠩᠭᠡᠷᠡᠭᠦ — | ᠴᠠᠭᠢᠯᠭᠠᠨ ᠲᠤᠤᠷᠯᠡᠯ ᠢᠶᠠᠷ ᠮᠠᠴᠤᠵᠤ ᠭᠠᠷᠬᠤ — ᠪᠤᠭᠤᠨᠢ ᠭᠡᠷᠡᠮ ᠢᠶᠠᠷ ᠦᠰᠤᠷᠴᠤ ᠭᠠᠷᠬᠤ — ᠠᠶᠤᠯ ᠤᠨ | ᠤᠷᠤᠨ ᠢᠶᠠᠷ ᠦᠰᠤᠷᠴᠤ ᠭᠠᠷᠬᠤ ︵ᠭᠠᠭᠴᠨ ᠭᠦᠯ ᠢᠶᠠᠷ ᠦᠰᠤᠷᠭᠦ︶ — ᠨᠦᠭᠡᠨ ᠵᠠᠮ ᠢᠶᠠᠷ ᠵᠠᠪᠰᠢᠶᠠᠨ ᠢ | ᠲᠠᠯᠢᠮᠳᠠᠭᠤᠯᠬᠤ — ᠲᠠᠶᠢᠰᠤᠨ ᠤ ᠮᠠᠰᠢᠨ ᠢ ᠰᠢᠷᠪᠢᠨ ᠫᠤᠤᠳᠠᠬᠤ — ᠪᠠᠭᠢᠯᠡᠯᠲᠡ ᠶᠢ ᠲᠡᠮᠡᠴᠡᠨ ᠤᠯᠬᠤ ᠵᠡᠷᠭᠡ | ᠠᠭᠤᠯᠭ᠎ᠠ ᠪᠠᠷ ᠶᠠᠪᠤᠭᠳᠠᠵᠠᠢ᠃ | ᠡᠳᠡᠭᠡᠷ ᠲᠤᠭᠯᠠᠭᠠᠮ ᠳᠤ ᠭᠡᠤᠭᠡᠳ ᠶᠡᠭᠡ ᠲᠤᠷᠠᠲᠡᠢ ᠪᠠᠶᠢᠵᠤ᠂ ᠲᠡᠭᠦᠨᠴᠢᠯᠡᠨ ᠪᠠᠶᠠᠷ ᠪᠠᠶᠠᠰᠬᠤᠯᠠᠩ ᠲᠠᠢ | ᠲᠤᠭᠯᠠᠭᠠᠮ ᠲᠤᠮᠳᠡ ᠦᠨᠳᠦᠰᠤᠨ ᠭᠦᠳᠡᠯᠤᠯ ᠢ ᠡᠵᠡᠮᠰᠢᠵᠤ᠂ ᠭᠦᠳᠡᠯᠤᠯ ᠤᠨ ᠲᠤᠬᠠᠢ ᠲᠦᠷᠰᠤᠯᠡᠨ ᠪᠤᠳᠤᠬᠤ | ᠴᠢᠳᠠᠪᠤᠷᠢ ᠨᠢ ᠭᠦᠭᠵᠢᠳᠡᠭ᠃ | ᠭᠤᠷᠪᠠ᠂ ᠲᠤᠭᠯᠠᠭᠠᠮ ᠤᠨ ᠭᠡᠮ ᠢ ᠪᠠᠲᠤᠯᠠᠬᠤ | ᠪᠡᠶ᠎ᠡ ᠶᠢᠨ ᠲᠠᠮᠢᠷ ᠤᠨ ᠭᠦᠳᠡᠯᠭᠡᠭᠡᠨ ᠨᠢ ᠭᠡᠤᠭᠡᠳ ᠤᠨ ᠪᠡᠶ᠎ᠠ ᠮᠠᠬᠠᠪᠤᠳ ᠲᠤ ᠲᠦᠢᠯ ᠤᠨ ᠠᠰᠢᠬᠲᠠᠢ ᠶᠤᠮ᠃ | ᠪᠠᠭᠰᠢ ᠪᠤᠯᠤᠭᠰᠠᠳ ᠭᠡᠤᠭᠡᠳ ᠤᠨ ᠪᠡᠶ᠎ᠡ ᠶᠢᠨ ᠲᠠᠮᠢᠷ ᠤᠨ ᠭᠦᠳᠡᠯᠭᠡᠭᠡᠨ ᠤ ᠭᠦᠴᠤᠯᠡᠴᠨ ᠪᠠ ᠨᠢᠭᠲᠠᠴᠨ ᠶᠢ ᠡᠷᠭᠡᠪᠰᠢ | ᠪᠠᠲᠤᠯᠠᠵᠤ᠂ ᠭᠡᠣᠭᠡᠳ ᠤᠨ ᠪᠡᠶ᠎ᠠ ᠮᠠᠬᠠᠪᠤᠳ ᠤᠨ ᠪᠠᠶᠢᠳᠠᠯ ᠢ ᠴᠠᠭ ᠢᠮᠠᠭᠳᠡ ᠠᠩᠬᠠᠷᠴᠤ᠂ ᠭᠡᠤᠭᠡᠳ ᠲᠠᠢ ᠬᠠᠮᠳᠤ | ᠲᠤᠭᠯᠠᠭᠠᠮ ᠳᠤ ᠤᠷᠤᠯᠴᠠᠨ ᠭᠡᠣᠭᠡᠳ ᠤᠨ ᠢᠯᠡᠷᠡᠯ ᠪᠠᠶᠢᠳᠡᠯ᠂ ᠰᠡᠳᠭᠢᠯᠭᠡ ᠶᠢᠨ ᠬᠤᠪᠢᠷᠡᠯᠳᠡ ᠶᠢ ᠨᠠᠷᠢᠨ | ᠠᠵᠢᠭᠯᠠᠬᠤ ᠶᠢᠨ ᠬᠠᠮᠲᠤ ᠭᠦᠳᠡᠯᠭᠡᠭᠡᠨ ᠤ ᠭᠦᠴᠤᠯᠡᠴᠨ ᠶᠢ ᠴᠠᠭ ᠢᠮᠠᠭᠲᠡ ᠵᠤᠭᠢᠴᠠᠭᠤᠯᠬᠤ ᠭᠡᠷᠡᠭᠳᠠᠢ᠃ | ᠬᠠᠶ᠋ᠢᠬ᠄ ᠭᠠᠨᠰᠣ ᠮᠤᠵᠢ ᠶᠢᠨ ᠰᠥᠪᠸᠢ ᠰᠢᠶᠠᠨ ᠤ ᠬᠡᠣᠬᠡᠳ ᠤᠨ ᠴᠡᠴᠡᠷᠯᠢᠭ | ︵ᠴᠢᠶᠠᠨ ᠴᠦᠨ ᠵᠢᠶᠧ ᠨᠠᠶᠢᠷᠠᠭᠤᠯᠪᠠ︶ | 10 ᠳ᠋ᠤᠭᠠᠷ ᠬᠤᠭᠤᠴᠠᠭ᠎ᠠ | | |