ᠭᠧᠷᠮᠠᠨ ᠤᠯᠣᠰ ᠢᠶᠠᠷ ᠲᠤᠭᠤᠷᠢᠵᠥ ᠰᠤᠷᠤᠯᠴᠠᠭᠰᠠᠨ ᠬᠠᠷᠢᠭᠤ ᠮᠡᠳᠡᠭᠦᠯᠦᠯᠳᠡ
ᠨᠡᠶᠢᠲᠡᠯᠡᠭᠰᠡᠨ ᠴᠠᠭ᠄
2020/4/9
                          ᠠᠮᠤᠷᠭᠡᠰᠢᠭ      2018 ᠤᠨ ᠤ 10 ᠰᠠᠷ᠎ᠠ ᠶᠢᠨ 11᠎ ᠤ ᠦᠷᠯᠦᠭᠡ ᠶᠢᠨ 2 ᠴᠠᠭ ᠲᠤ ᠪᠡᠭᠡᠵᠢᠩ ᠬᠤᠳᠡ ᠶᠢᠨ ᠨᠢᠰᠬᠡᠯ ᠤᠨ ᠦᠷᠳᠡᠬᠡᠨ ᠠᠴᠠ ᠠᠵᠢᠯ ᠮᠡᠷᠭᠡᠵᠢᠯ ᠤᠨ ᠰᠤᠷᠭᠠᠭᠤᠯᠢ ᠶᠢᠨ ᠤᠳᠤᠷᠢᠳᠤᠯᠭ᠎ᠠ ᠺᠠᠳ᠋ᠷ ᠢᠶᠠᠷ ᠪᠦᠷᠢᠯᠳᠦᠭᠰᠡᠨ ᠲᠤᠭᠤᠷᠢᠨ ᠰᠤᠷᠤᠯᠴᠠᠬᠤ ᠪᠦᠯᠭᠦᠮ ᠭᠧᠷᠮᠠᠨ ᠤᠯᠤᠰ ᠤᠨ ᠹᠷᠡᠨᠺᠹᠦ᠋ᠷᠲ ᠬᠤᠳᠡ ᠶᠢ ᠴᠢᠭᠯᠡᠪᠡ᠃      ᠨᠢᠰᠬᠡᠯ ᠤᠯᠠᠭᠠᠨᠪᠠᠭᠠᠳᠤᠷ ᠬᠤᠳᠡ᠂ ᠤᠷᠤᠰ ᠤᠨ ᠬᠠᠷᠢᠶ᠎ᠠ ᠤᠬᠳᠠᠷᠭᠤᠢ ᠪᠠᠷ 12000 m᠎ ᠤᠨ ᠭᠦᠨ ᠳᠤ ᠲᠡᠭᠳᠡᠵᠥ᠂ ᠴᠠᠭ ᠪᠦᠷᠢ 900 ᠺᠢᠯᠤᠮᠧᠲᠷ ᠤᠨ ᠬᠤᠷᠳᠤᠴᠨ ᠪᠠᠷ ᠠᠶᠠᠯᠠᠬᠤ‌‍ᠳᠤ ᠭᠡᠰᠡᠭ ᠨᠦᠢᠷᠮᠤᠭᠯᠠᠵᠥ᠂ ᠭᠡᠰᠡᠭ ᠰᠠᠷᠠᠵᠥ ᠨᠢᠭᠡ ᠮᠡᠳᠡᠭᠦ ᠳᠤ ᠨᠢᠬᠡᠨᠳᠡ ᠠᠷᠪᠠᠭᠠᠳ ᠴᠠᠭ ᠠᠶᠠᠯᠠᠴᠢᠬᠠᠬᠰᠠᠨ ᠪᠠᠶᠢᠪᠠ᠃      ᠪᠢᠳᠡ ᠭᠧᠷᠮᠠᠨ ᠤᠯᠤᠰ ᠤᠨ ᠹᠷᠡᠨᠺᠹᠦ᠋ᠷᠲ ᠬᠤᠳᠡ ᠶᠢᠨ ᠨᠢᠰᠬᠡᠯ ᠤᠨ ᠪᠠᠭᠤᠳᠠᠯ ᠳᠤ ᠲᠤᠰ ᠤᠯᠤᠰ ᠤᠨ ᠴᠠᠭ ᠢᠶᠠᠷ 11᠎ ᠤ ᠦᠷᠯᠦᠭᠡ ᠶᠢᠨ 7᠄ 15᠎ ᠳᠤ ᠪᠠᠭᠤᠪᠠ᠃ ᠨᠢᠭᠤᠷ ᠭᠠᠷ ᠢᠶᠠᠨ ᠲᠦᠭᠦᠮ ᠤᠬᠢᠶᠠᠭᠠᠳ ᠭᠠᠷᠬᠤ ᠳᠤ ᠭᠠᠳᠠᠨ᠎ᠠ ᠢᠰᠭᠢᠷᠦᠭᠰᠡᠨ ᠰᠡᠷᠢᠭᠦᠨ ᠰᠠᠯᠬᠢ ᠲᠠᠢ᠂ ᠨᠡᠯᠢᠶᠠᠳ ᠭᠦᠢᠳᠡᠨ ᠰᠢᠭ ᠰᠠᠨᠠᠭᠳᠠᠪᠠ᠃ ᠭᠦᠳᠦᠯᠦᠭᠴᠢ ᠶᠢᠨ ᠲᠠᠭᠠᠭᠤᠯᠭ᠎ᠠ ᠪᠠᠷ ᠠᠶᠠᠨᠴᠢᠳ ᠤᠨ ᠮᠠᠰᠢᠨ ᠳᠤ ᠭᠠᠷᠴᠤ ᠰᠢᠭᠤᠳ ᠷᠤᠲ᠋ᠧᠨ᠋ᠪᠦᠷᠡᠭ ᠭᠡᠳᠡᠭ ᠵᠢᠵᠢᠭ ᠬᠤᠳᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢ ᠴᠢᠭᠯᠡᠨ ᠲᠠᠪᠬᠢᠭᠤᠯᠪᠠ᠃      ᠭᠧᠷᠮᠠᠨ ᠤᠯᠤᠰ 35.7 ᠲᠦᠮᠡᠨ ᠲᠡᠭᠰᠢ ᠲᠦᠷᠪᠡᠯᠵᠢᠨ ᠺᠢᠯᠦᠮᠧᠲᠷ ᠨᠤᠳᠤᠭ ᠲᠠᠪᠢᠰᠭᠡᠷ ᠲᠡᠭᠡᠷ᠎ᠡ 8401.2 ᠲᠦᠮᠡᠨ ᠭᠦᠮᠦᠨ ᠠᠮᠨ ᠲᠠᠢ᠂ ᠡᠸᠦ᠋ᠷᠦᠫᠡ ᠲᠢᠪ ᠤᠨ ᠭᠤᠤᠯ ᠳᠤ ᠪᠠᠶᠢᠷᠢᠯᠠᠵᠥ ᠪᠠᠶᠢᠭ᠎ᠠ ᠭᠦᠭᠵᠢᠭᠰᠡᠨ ᠭᠦᠷᠦᠩᠭᠡᠳᠤ ᠤᠯᠤᠰ ᠪᠠᠶᠢᠵᠤ᠂ ᠦᠪᠦᠷ ᠮᠤᠩᠭᠤᠯ ᠤᠨ ᠭᠠᠵᠠᠷ ᠨᠤᠳᠤᠭ ᠤᠨ 1/3᠎ ᠳᠤ ᠭᠦᠷᠭᠦ ᠦᠭᠡᠢ ᠭᠠᠵᠠᠷ ᠲᠡᠭᠡᠷ᠎ᠡ ᠦᠪᠦᠷ ᠮᠤᠩᠭᠤᠯ ᠤᠨ ᠭᠦᠮᠦᠨ ᠠᠮᠠᠨ ᠤ ᠭᠤᠷᠪᠡ ᠲᠠᠬᠢᠨ ᠠᠴᠠ ᠢᠯᠡᠬᠦᠦ ᠬᠦᠮᠦᠨ ᠠᠮᠨ ᠠᠮᠢᠳᠤᠷᠠᠵᠤ ᠪᠠᠶᠢᠳᠠᠬ᠃ ᠪᠦᠬᠦ ᠤᠯᠤᠰ ᠲᠤ 16 ᠵᠸᠤ ᠲᠠᠢ᠃ ᠲᠡᠯᠡᠬᠡᠢ ᠶᠢᠨ ᠬᠤᠶᠠᠳᠤᠭᠠᠷ ᠲᠠᠶᠢᠨ ᠠᠴᠠ ᠬᠤᠶᠢᠰᠢ ᠠᠵᠥ ᠠᠬᠤᠢ ᠨᠡᠶᠢᠬᠡᠮ ᠤᠨ ᠭᠦᠭᠵᠢᠯᠳᠡ ᠪᠠᠷ ᠲᠡᠯᠡᠬᠡᠢ ᠶᠢᠨ ᠲᠡᠷᠢᠬᠦᠨ ᠤ ᠡᠩᠨᠡᠭᠡᠨ ᠳᠤ ᠵᠢᠬᠰᠠᠭᠠᠬᠳᠠᠭᠰᠠᠨ ᠭᠧᠷᠮᠠᠨ ᠤ ᠨᠢᠭᠤᠴᠨ ᠵᠤᠷ ᠪᠤᠯᠪᠠᠰᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠳᠤ ᠪᠤᠢ ᠭᠡᠨ᠎ᠡ᠃      ᠡᠳᠦᠬᠡ ᠲᠡᠯᠡᠬᠡᠢ ᠶᠢᠨ ᠬᠡᠪᠴᠢᠶᠡᠨ ᠳᠤ ᠵᠠᠭᠤ ᠭᠠᠷᠤᠢ ᠤᠯᠤᠰ ᠭᠧᠷᠮᠠᠨ ᠳᠤ ᠢᠷᠡᠵᠥ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠪᠦᠳᠦᠴᠨ᠂ ᠲᠤᠬᠳᠠᠮᠵᠢ ᠬᠢᠬᠡᠳ ᠬᠠᠮᠢᠶᠠᠷᠤᠯᠳᠡ᠂ ᠠᠷᠭ᠎ᠠ ᠪᠠᠷᠢᠯ ᠢ ᠰᠤᠷᠤᠯᠴᠠᠵᠥ ᠪᠤᠢ᠃ ᠦᠨᠳᠤᠷ ᠬᠤᠷᠳᠤᠴᠠᠳᠤ ᠵᠠᠰᠠᠮᠠᠯ ᠵᠠᠮ ᠲᠠᠭᠡᠷ᠎ᠡ 7 ᠰᠠᠭᠤᠳᠠᠯ ᠠᠴᠠ ᠲᠡᠭᠡᠭᠰᠢ ᠠᠶᠠᠨᠴᠢᠨ ᠤ ᠲᠡᠷᠭᠡ ᠪᠤᠶᠤ ᠪᠠᠷᠠᠭᠠᠨ ᠤ ᠲᠤᠮᠤ ᠲᠡᠷᠭᠡ ᠬᠤᠷᠳᠤᠴᠨ ᠶᠢᠨ ᠬᠢᠵᠠᠭᠠᠷᠯᠠᠯ ᠲᠠᠢ᠂ ᠬᠤᠷᠳᠤᠴᠨ ᠶᠢ ᠨᠢ ᠮᠠᠰᠢᠨ ᠲᠡᠷᠭᠡ ᠳᠤ ᠨᠢ ᠤᠬᠰᠠᠷᠠᠭᠰᠠᠨ ᠲᠤᠭᠠᠴᠠᠯᠠᠭᠰᠠᠨ ᠮᠡᠳᠡᠭᠡ ᠵᠠᠩᠬᠢ ᠬᠤᠷᠢᠶᠠᠬᠤ ᠬᠠᠷ᠎ᠠ ᠬᠠᠶᠢᠷᠴᠠᠭ ᠠᠳᠠᠯᠢ ᠴᠢᠳᠠᠪᠬᠢ ᠲᠠᠢ ᠮᠠᠰᠢᠨ ᠨᠢ ᠵᠢᠯᠤᠭᠤᠴᠢ ᠶᠢ ᠭᠦᠢᠴᠡᠳ ᠡᠵᠡᠮᠰᠢᠴᠢᠭᠡᠳᠡᠭ᠃ ᠲᠦᠷᠪᠡᠨ ᠴᠠᠭ ᠤᠨ ᠠᠶᠠᠨ ᠳᠤ ᠬᠤᠶᠠᠷ ᠤᠳᠠᠭᠠᠨ ᠤ ᠠᠮᠠᠷᠠᠯᠳᠠ ᠶᠢ ᠵᠠᠪᠠᠯ ᠪᠠᠶᠠᠯᠠᠭᠦᠯᠤᠨ᠎ᠡ᠃ ᠨᠢᠬᠡᠳᠦᠭᠡᠷ ᠤᠳᠠᠭ᠎ᠠ 15 ᠮᠢᠨᠦ᠋ᠲ᠂ ᠬᠤᠶᠠᠳᠤᠭᠠᠷ ᠤᠳᠠᠭ᠎ᠠ 30 ᠮᠢᠨᠦ᠋ᠲ ᠢᠶᠠᠷ ᠠᠮᠠᠷᠠᠭᠰᠠᠨ ᠡᠰᠡᠬᠦ ᠶᠢ ᠮᠠᠰᠢᠨ ᠲᠡᠷᠭᠡᠨ ᠳᠤ ᠤᠬᠰᠠᠷᠠᠭᠰᠠᠨ ᠬᠠᠷ᠎ᠠ ᠬᠠᠶᠢᠷᠴᠠᠭ ᠲᠤᠳᠤᠷᠬᠠᠢ ᠲᠡᠮᠳᠡᠭᠯᠡᠵᠥ᠂ ᠵᠠᠮ ᠬᠠᠷᠢᠯᠴᠠᠭᠠᠨ ᠤ ᠶᠡᠷᠤᠩᠭᠡᠢ ᠬᠠᠮᠢᠶᠠᠷᠤᠯᠳᠠ ᠳᠤ ᠢᠯᠡᠷᠡᠳᠡᠭ᠃ ᠭᠡᠷᠪᠡ ᠠᠮᠠᠷᠠᠬᠤ ᠦᠬᠡᠢ ᠦᠩᠭᠡᠷᠡᠪᠡᠯ ᠵᠢᠯᠤᠭᠤᠴᠢ ᠳᠤ ᠵᠠᠯᠬᠠᠭᠠᠯ ᠰᠶᠢᠳᠭᠡᠯ ᠦᠭᠭᠦᠨ᠎ᠡ᠃ ᠡᠸᠦ᠋ᠷᠦᠫᠡ ᠶᠢᠨ ᠤᠯᠤᠰ ᠤᠳ ᠤᠨ ᠨᠠᠶᠢᠳᠡ ᠶᠢᠨ ᠮᠠᠰᠢᠨ ᠲᠡᠷᠭᠡᠨ ᠤ ᠵᠢᠯᠤᠭᠤᠴᠢ ᠨᠢ ᠤᠯᠠᠩᠬᠢ ᠳᠤ ᠪᠠᠨ 60 ᠨᠠᠰᠤᠨ ᠤ ᠲᠦᠯᠦᠪ ᠤᠨ ᠡᠪᠦᠭᠡᠳ ᠪᠠᠶᠢᠵᠥ᠂ ᠵᠠᠯᠠᠭᠤᠴᠤᠳ ᠴᠦᠬᠡᠨ᠂ ᠵᠢᠵᠢᠭ ᠮᠠᠰᠢᠨ ᠦᠨᠳᠤᠷ ᠬᠤᠷᠳᠤᠴᠠᠳᠤ ᠪᠠᠷ ᠲᠠᠪᠬᠢᠬᠤ ᠳᠤ ᠬᠤᠷᠳᠤᠴᠨ ᠶᠢᠨ ᠬᠢᠵᠠᠭᠠᠷᠯᠠᠯ ᠬᠡᠵᠥ ᠦᠬᠡᠢ᠃      ᠦᠨᠳᠤᠷ ᠬᠤᠷᠳᠤᠴᠠᠳᠤ ᠵᠠᠰᠠᠮᠠᠯ ᠵᠠᠮ ᠢᠶᠠᠷ ᠠᠶᠠᠯᠠᠬᠤ ᠳᠤ ᠰᠠᠭᠤᠳᠠᠯ ᠤᠷᠤ ᠠᠭᠤᠵᠢᠮ᠂ ᠴᠠᠪᠠᠷ ᠲᠤᠬᠢᠯᠢᠬ᠂ ᠠᠭᠤᠷ ᠠᠮᠢᠰᠬᠤᠯ ᠤᠨᠴᠠᠭᠠᠢ ᠲᠠᠭᠠᠯᠠᠮᠵᠢᠲᠠᠢ᠃ ᠵᠠᠮ ᠲᠠᠭᠠᠤ ᠦᠨᠳᠤᠷ ᠰᠦᠷᠯᠢᠭ ᠤᠢ ᠮᠤᠳᠤ᠂ ᠡᠪᠡᠰᠤ ᠤᠷᠭᠤᠮᠠᠯ᠂ ᠠᠭᠤᠯᠨ ᠲᠠᠯ᠎ᠠ ᠶᠢ ᠢᠬᠴᠤ ᠰᠠᠬᠤᠯᠢᠭ ᠪᠦᠷᠭᠦᠵᠥ᠂ ᠠᠯᠠᠭᠠᠨ ᠲᠠᠳᠤᠢ ᠲᠠᠴᠢᠷ ᠬᠠᠯᠴᠠᠭᠠᠢ ᠭᠠᠵᠠᠷ ᠦᠬᠡᠢ ᠬᠡᠵᠥ ᠬᠡᠯᠡᠬᠦ ᠳᠤ ᠢᠯᠡᠬᠦᠳᠡᠬᠦ ᠪᠠᠷ ᠦᠬᠡᠢ︕ ᠬᠠᠶ᠋ᠨ ᠬᠠᠶ᠋ᠨ ᠲᠦᠷᠪᠡᠯᠵᠢᠨ᠂ ᠭᠤᠷᠪᠡᠯᠵᠢᠨ᠂ ᠵᠢᠰᠢᠬᠦᠯᠵᠢᠨ ᠤᠯᠠᠨ ᠶᠠᠩᠵᠥ ᠬᠡᠯᠪᠡᠷᠢ ᠶᠢᠨ ᠨᠤᠪ ᠨᠤᠭᠤᠭᠠᠨ ᠲᠠᠷᠢᠮᠠᠯ ᠤᠨ ᠲᠠᠯᠠᠪᠠᠢ ᠪᠤᠶᠤ ᠠᠳᠠᠷ ᠬᠠᠭᠠᠯᠪᠦᠷᠢᠯᠠᠵᠥ ᠲᠠᠷᠢᠶ᠎ᠠ ᠲᠠᠷᠢᠬᠤ ᠪᠠᠷ ᠪᠠᠶᠢᠭ᠎ᠠ ᠰᠢᠬ ᠲᠡᠭᠰᠢ ᠭᠠᠵᠠᠷ ᠠᠩᠬᠠᠷᠣᠯ ᠢ ᠲᠠᠳᠠᠵᠥ ᠭᠧᠷᠮᠠᠨ ᠤᠯᠤᠰ ᠴᠢᠨᠢ ᠲᠡᠷᠢᠶᠠᠯᠠᠩ ᠤᠨ ᠤᠯᠤᠰ ᠤᠤ︖ ᠬᠡᠵᠥ ᠠᠰᠠᠭᠤᠬᠤ ᠳᠤ ᠭᠦᠳᠦᠯᠦᠭᠴᠢ ᠠᠴᠠ ᠭᠧᠷᠮᠠᠨ ᠤᠯᠤᠰ ᠪᠤᠯ ᠲᠠᠷᠢᠶᠠᠯᠠᠩ ᠤᠨ ᠤᠯᠤᠰ ᠪᠢᠰᠢ᠃ ᠦᠪᠡᠷ ᠤᠨ ᠤᠯᠤᠰ ᠤᠨ ᠢᠶᠠᠨ ᠲᠠᠷᠢᠶ᠎ᠠ ᠲᠦᠮᠦᠰᠤᠨ ᠤ ᠭᠡᠷᠡᠭᠴᠡᠭᠡᠨ ᠤ ᠪᠠᠨ 1%᠎ ᠶᠢ ᠯᠨ ᠦᠪᠡᠷᠳᠡᠬᠡᠨ ᠰᠶᠢᠳᠪᠦᠷᠢᠯᠡᠵᠥ᠂ ᠪᠤᠰᠤᠳ ᠢ ᠨᠢ ᠴᠦᠮ ᠭᠠᠳᠠᠭᠠᠳᠤ ᠠᠴᠠ ᠤᠷᠤᠭᠤᠯᠳᠠᠭ᠃ ᠡᠨᠡ ᠬᠦ ᠦᠵᠡᠭᠳᠡᠵᠥ ᠪᠠᠶᠢᠭ᠎ᠠ ᠵᠢᠵᠢᠭ ᠲᠡᠭᠰᠢ ᠲᠠᠯ᠎ᠠ ᠪᠤᠯ ᠶᠡᠬᠡᠩᠬᠢ ᠳᠤ ᠪᠠᠨ ᠴᠢᠨᠠᠷ ᠰᠠᠶᠢᠲᠠᠢ ᠡᠪᠡᠰᠤ ᠲᠠᠷᠢᠵᠥ ᠪᠠᠶᠢᠨ᠎ᠡ᠃ ᠴᠦᠬᠡᠬᠡᠨ ᠲᠤᠭᠠᠨ ᠤ ᠲᠠᠷᠢᠶᠠᠯᠠᠩ ᠪᠤᠢ ᠬᠡᠨ᠎ᠡ᠃ ᠴᠠᠭᠠᠰᠢᠯᠠᠭᠠᠳ ᠨᠠᠷᠢᠨ ᠠᠩᠬᠠᠷᠪᠠᠯ ᠬᠤᠳᠳᠤᠭ᠂ ᠤᠰᠤᠯᠠᠬᠤ ᠪᠠᠭᠠᠵᠢ ᠲᠦᠭᠦᠭᠡᠷᠦᠮᠵᠢ᠂ ᠬᠠᠶᠢᠷᠴᠠᠭ ᠬᠠᠮᠠᠷ ᠬᠡᠵᠥ ᠦᠬᠡᠢ᠂ ᠵᠥᠪᠬᠡᠨ ᠭᠠᠵᠠᠷ ᠢ ᠨᠢ ᠬᠠᠭᠠᠯᠪᠤᠷᠢᠯᠠᠭᠠᠳ ᠰᠢᠪᠡᠷ ᠰᠢᠷᠤᠢ ᠶᠢ ᠨᠢ ᠭᠤᠶᠤ ᠰᠠᠶᠢᠬᠠᠨ ᠴᠤᠴᠠᠯᠠᠭᠠᠳ ᠭᠦᠷᠦᠩᠭᠡ ᠤᠷᠤᠭᠤᠯᠴᠢᠬᠠᠳᠠᠭ ᠲᠠᠳᠤᠢ᠃ ᠤᠰᠤᠯᠠᠬᠤ ᠶᠢ ᠮᠡᠳᠡᠬᠦ ᠦᠬᠡᠢ᠂ ᠪᠤᠷᠤᠭᠠᠨ ᠢ ᠲᠦᠰᠢᠨ᠎ᠡ᠃ ᠴᠠᠭᠠᠰᠢ ᠤᠬᠤᠴᠢᠯᠠᠨ ᠦᠢᠯᠠᠭᠠᠪᠠᠯ ᠭᠧᠷᠮᠠᠨ ᠤᠯᠤᠰ ᠲᠤ ᠲᠤᠮᠤ ᠮᠠᠯᠵᠢᠯ‌‍ᠤᠨ ᠲᠠᠯᠠᠪᠠᠢ ᠪᠠᠶᠢᠨ᠎ᠠ᠃ ᠭᠤᠤᠯᠳᠠᠭᠤ ᠦᠭᠡᠷ᠂  ᠮᠤᠷᠢ᠂ ᠬᠤᠨᠢ ᠬᠡᠵᠥ ᠪᠤᠢ᠃ ᠴᠢᠨᠠᠷ ᠰᠠᠶᠢᠲᠠᠢ ᠡᠪᠡᠰᠤ ᠪᠠᠯᠴᠢᠭᠡᠷ ᠲᠤ ᠪᠠᠨ ᠮᠠᠯ ᠢᠶᠠᠨ ᠢᠳᠡᠰᠢᠯᠡᠬᠦᠯᠬᠦ ᠪᠤᠶᠤ ᠡᠪᠡᠰᠤ ᠪᠠᠨ ᠮᠠᠰᠢᠨ ᠢᠶᠠᠷ ᠬᠤᠷᠢᠶᠠᠵᠥ ᠮᠠᠯᠵᠢᠯ ᠤᠨ ᠲᠠᠯᠠᠪᠠᠢ ᠳᠤ ᠪᠠᠨ ᠠᠰᠢᠬᠯᠠᠳᠠᠭ ᠪᠠᠶᠢᠳᠠᠯ ᠲᠠᠢ᠃ ᠭᠡᠪᠡᠴᠤ ᠪᠡᠯᠴᠢᠭᠡᠷᠯᠡᠵᠥ ᠪᠠᠶᠢᠭ᠎ᠠ ᠮᠠᠯ ᠰᠦᠷᠦᠭ ᠬᠡᠵᠥ ᠴᠦᠭᠡᠪᠳᠤᠷ ᠦᠭᠡᠷ᠂ ᠠᠳᠤᠭᠤ᠂ ᠬᠤᠨᠢ ᠬᠠᠶ᠋ᠨ ᠬᠠᠶ᠋ᠨ   ᠬᠠᠷᠠᠭᠳᠠᠨ᠎ᠠ᠃      ᠵᠠᠮ ᠲᠠᠭᠠᠤ ᠭᠤᠤᠯ ᠭᠤᠷᠤᠬ᠎ᠠ᠂ ᠨᠠᠭᠤᠷ ᠴᠦᠭᠦᠷᠤᠮ ᠤᠨ ᠣᠷᠣᠰᠬᠠᠯ ᠢ ᠬᠠᠪᠢᠳᠠᠨ ᠤᠢ ᠶᠢᠨ ᠲᠤᠳᠤᠷᠠᠬᠢ ᠲᠤᠰᠬᠤᠨ ᠪᠠᠯᠭᠠᠰᠤ᠂ ᠲᠤᠰᠬᠤᠨ ᠤ ᠲᠤᠳᠤᠷᠠᠬᠢ ᠤᠢ ᠮᠣᠳᠣ ᠪᠠᠶᠢᠭᠠᠯᠢ ᠳᠤ ᠪᠠᠨ ᠵᠤᠬᠢᠴᠠᠭᠰᠠᠨ ᠮᠦᠷᠳᠡᠬᠡᠨ ᠦᠨᠳᠤᠷ ᠦᠨᠳᠤᠷ ᠡᠾᠷᠢᠰᠲ᠋ᠤᠰ ᠤᠨ ᠱᠠᠰᠢᠨ ᠤ ᠲᠤᠭᠠᠩ ᠬᠢᠭᠡᠳ ᠡᠭ᠍ᠴᠨ ᠪᠤᠰᠤᠭ᠎ᠠ ᠲᠡᠭᠡᠪᠤᠷ ᠲᠠᠢ ᠬᠤᠶᠠᠷ ᠭᠤᠷᠪᠠᠨ ᠲᠠᠪᠬᠤᠷ ᠠᠰᠠᠷ ᠲᠠᠭᠳᠤ ᠨᠡᠶᠢᠳᠡᠮ ᠳᠤ ᠪᠠᠨ ᠨᠢᠬᠡ ᠯᠨ ᠤᠨᠴᠠᠯᠢᠭ ᠲᠠᠢ᠃ ᠠᠶᠢᠯ ᠡᠷᠤᠬᠡ ᠭᠡᠵᠥ ᠲᠠᠷᠠᠬᠠᠢ ᠰᠠᠭᠤᠷᠢᠰᠢᠬᠰᠠᠨ ᠮᠠᠨ ᠤ ᠠᠳᠡᠬᠢ ᠪᠠᠶᠢᠳᠠᠯ ᠶᠠᠷᠤ ᠬᠠᠷᠠᠭᠳᠠᠬᠤ ᠦᠬᠡᠢ᠃      ᠭᠧᠷᠮᠠᠨ ᠤᠯᠤᠰ ᠤᠨ ᠴᠠᠭ ᠢᠶᠠᠷ 11 ᠴᠠᠭ ᠤᠨ ᠦᠶ᠎ᠡ ᠪᠠᠷ ᠷᠤᠲ᠋ᠧᠨ᠋ᠪᠦᠷᠡᠭ ᠭᠡᠳᠡᠭ ᠵᠢᠵᠢᠭ ᠬᠤᠳᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠡᠬᠦᠳᠡᠨ ᠳᠤ ᠭᠦᠷᠦᠯ᠎ᠠ᠃ ᠲᠤᠮᠳᠡ ᠪᠠᠨ ᠨᠢᠬᠡ ᠯᠨ ᠤᠳᠠᠭ᠎ᠠ 15 ᠮᠢᠨᠦ᠋ᠲ ᠤᠨ ᠠᠮᠠᠷᠠᠯᠳᠠ ᠬᠢᠪᠡ᠃ ᠭᠡᠷᠪᠡ ᠪᠠᠭ᠋ᠠᠨ ᠤᠳᠠᠭᠠᠨ ᠰᠢᠬ ᠶᠠᠪᠤᠬᠰᠠᠨ ᠪᠤᠯ ᠭᠦᠷᠴᠤ ᠢᠷᠡᠬᠦ ᠠᠴᠠ ᠡᠮᠦᠨ᠎ᠡ ᠪᠠᠰᠠ 30 ᠮᠢᠨᠦ᠋ᠲ ᠤᠨ ᠠᠮᠠᠷᠠᠯᠳᠠ ᠶᠢ ᠵᠠᠪᠠᠯ ᠬᠢᠬᠦ ᠴᠢᠬᠤᠯᠠᠲᠠᠢ ᠪᠠᠶᠢᠯ᠎ᠠ᠃      ᠨᠢᠭᠡ᠂ ᠰᠤᠷᠭᠠᠭᠤᠯᠢ ᠶᠢᠨ ᠵᠠᠭᠢᠷᠣᠯ ᠡᠭᠦᠳᠡᠨ ᠤ ᠡᠮᠤᠨ᠎ᠡ ᠪᠢᠳᠡᠨ ᠢ ᠤᠬᠳᠤᠨ ᠠᠪᠴᠤ ᠬᠠᠯᠠᠭᠤᠨ ᠢᠶᠠᠷ ᠮᠠᠨᠳᠤᠴᠢᠯᠠᠵᠤ ᠰᠤᠷᠭᠠᠭᠤᠯᠢ ᠶᠢᠨ ᠠᠰᠠᠷ ᠢ ᠨᠢᠭᠡ ᠨᠢᠭᠡ ᠲᠠᠪᠬᠤᠷᠭ᠎ᠠ ᠪᠠᠷ ᠲᠤᠭᠤᠷᠢᠨ ᠲᠠᠨᠢᠯᠴᠠᠭᠤᠯᠪᠠ᠃      ᠲᠤᠰ ᠠᠵᠢᠯ ᠮᠡᠷᠭᠡᠵᠢᠯ ᠤᠨ ᠰᠤᠷᠭᠠᠭᠤᠯᠢ ᠨᠢ 1975 ᠤᠨ ᠠᠴᠠ ᠡᠮᠤᠨ᠎ᠡ ᠡᠩ ᠤᠨ ᠲᠤᠮᠳᠠᠳᠤ ᠰᠤᠷᠭᠠᠭᠤᠯᠢ ᠪᠠᠶᠢᠬᠰᠠᠨ ᠢᠶᠠᠨ ᠠᠵᠢᠯ ᠮᠡᠷᠭᠡᠵᠢᠯ ᠤᠨ ᠰᠤᠷᠭᠠᠭᠤᠯᠢ ᠪᠤᠯᠭᠠᠨ ᠦᠭᠡᠷᠡᠴᠢᠯᠡᠭᠳᠡᠵᠡᠢ᠃ 90 ᠭᠠᠷᠤᠢ ᠪᠠᠭᠰᠢ ᠠᠵᠢᠯᠳᠠᠨ ᠲᠠᠢ᠃ 1800 ᠭᠠᠷᠤᠢ ᠰᠤᠷᠤᠬᠴᠢ ᠲᠠᠢ᠂ ᠭᠤᠷᠪᠠᠨ ᠰᠠᠯᠪᠤᠷᠢ ᠰᠤᠷᠭᠠᠭᠤᠯᠢ ᠶᠢᠨ ᠴᠢᠭ ᠲᠠᠢ᠃ ᠡᠬᠦᠨ ᠤ ᠲᠤᠳᠤᠷ᠎ᠠ ᠨᠢᠭᠡ ᠰᠠᠯᠪᠤᠷᠢ ᠰᠤᠷᠭᠠᠭᠤᠯᠢ ᠶᠢᠨ ᠴᠢᠭ ᠲᠤ ᠨᠢ ᠵᠥᠪᠬᠡᠨ 7 ᠰᠤᠷᠤᠭᠴᠢ ᠲᠠᠢ᠂ ᠠᠯᠪᠠᠨ  ᠠᠰᠠᠷ᠂ ᠪᠠᠶᠢᠷᠢ ᠶᠢᠨ ᠠᠰᠠᠷ ᠨᠢ ᠨᠢᠭᠡ ᠵᠠᠯᠭᠠᠭ᠎ᠠ ᠪᠦᠬᠦᠯᠢ ᠴᠤᠬᠴᠨ᠃ 500 ᠵᠢᠯ ᠤᠨ ᠲᠡᠤᠭᠡ ᠲᠠᠢ ᠬᠠᠭᠤᠴᠢᠨ ᠪᠠᠷᠢᠯᠭ᠎ᠠ ᠶᠢ ᠠᠰᠢᠬᠯᠠᠵᠥ ᠰᠡᠯᠪᠢᠯᠳᠡ ᠵᠠᠰᠠᠯᠳᠠ᠂ ᠪᠠᠬᠢᠵᠢᠬᠦᠯᠥᠯᠳᠡ ᠶᠢ ᠰᠠᠶᠢᠬᠠᠨ ᠭᠢᠭᠡᠳ ᠰᠤᠷᠭᠠᠭᠤᠯᠢ ᠡᠷᠭᠢᠯᠡᠵᠥ ᠪᠠᠶᠢᠨ᠎ᠠ᠃ ᠰᠡᠯᠪᠢᠯᠳᠡ ᠵᠠᠰᠠᠯᠳᠡ᠂ ᠪᠠᠬᠢᠵᠢᠬᠦᠯᠥᠯᠳᠡ ᠨᠢ ᠤᠭ ᠪᠠᠷᠢᠯᠭ᠎ᠠ ᠶᠢᠨ ᠭᠡᠯᠪᠡᠷᠢ ᠲᠦᠷᠰᠤ᠂ ᠪᠦᠳᠦᠴᠨ ᠶᠢ ᠶᠠᠷᠤ ᠬᠤᠪᠢᠷᠠᠭᠤᠯᠬᠤ ᠦᠬᠡᠢ ᠪᠠᠶᠢᠳᠠᠯ ᠲᠤᠤᠷ᠎ᠡ ᠭᠦᠢᠴᠡᠳᠭᠡᠲᠡᠭ ᠲᠤᠯᠨ 500 ᠵᠢᠯ ᠤᠨ ᠡᠮᠦᠨᠡᠬᠢ ᠲᠡᠤᠬᠡ ᠰᠤᠶᠤᠯ ᠤᠨ ᠤᠯᠨ ᠮᠦᠷ ᠢ ᠨᠢᠳᠤᠨ ᠳᠤ ᠦᠵᠡᠭᠳᠡᠵᠥ ᠭᠠᠷ ᠲᠤ ᠪᠠᠷᠢᠬᠳᠠᠬᠤ ᠬᠡᠮᠵᠢᠶᠡᠨ ᠳᠤ ᠭᠦᠷᠳᠡᠯ᠎ᠡ ᠲᠤᠳᠤᠷᠬᠠᠢ ᠢᠯᠡᠷᠡᠭᠦᠯᠵᠥ᠂ ᠲᠡᠤᠭᠡ ᠰᠤᠶᠤᠯ ᠢᠶᠠᠨ ᠦᠨᠦᠳᠤᠷ ᠲᠤ ᠠᠭᠤᠰᠬᠠᠵᠥ᠂ ᠦᠨᠦᠳᠤᠷ ᠤᠨ ᠭᠦᠭᠵᠢᠯᠳᠡ ᠲᠠᠪᠰᠢᠯᠳᠡ ᠨᠢ ᠴᠦᠮ ᠤᠷᠳᠤ ᠬᠤᠭᠤᠴᠠᠭᠠᠨ ᠤ ᠲᠡᠣᠬᠡ‌‍ᠶᠢᠨ ᠤᠯᠪᠠᠭ᠎ᠠ ᠶᠢᠨ ᠦᠶ᠎ᠡ ᠦᠶ᠎ᠡ ᠶᠢᠨ ᠭᠦᠮᠦᠨ ᠨᠡᠶᠢᠬᠡᠮ ᠤᠨ ᠤᠪᠤᠭᠠᠨ ᠳᠤ ᠴᠢᠯᠠᠭᠤ ᠨᠡᠮᠡᠭᠰᠡᠨ ᠲᠠᠳᠤᠢ ᠭᠡᠳᠡᠭ ᠢ ᠭᠦᠨᠵᠡᠭᠡᠢ ᠲᠠᠨᠢᠭᠤᠯᠬᠤ ᠠᠴᠠ ᠭᠠᠳᠠᠨ᠎ᠠ ᠡᠬᠡ ᠪᠠᠶᠢᠭᠠᠯᠢ ᠶᠢᠨ ᠮᠦᠭᠦᠯᠢᠭ ᠰᠢᠷᠤᠢ‌‍ᠶᠢ ᠭᠦᠷᠳᠡᠯ᠎ᠡ ᠡᠰᠡ ᠪᠦᠷᠢᠯᠭᠡᠬᠦ᠂ ᠬᠠᠶᠢᠷᠠᠯᠠᠵᠥ ᠨᠠᠨᠳᠢᠩᠨᠠᠬᠤ᠂ ᠦᠷᠭᠦᠯᠵᠢᠯᠡᠬᠦᠯᠬᠦ᠂ ᠵᠠᠯᠭᠠᠮᠵᠢᠯᠠᠬᠤ‌‍ᠶᠢ ᠲᠠᠷᠢᠭᠦᠨ ᠳᠤ ᠲᠠᠯᠪᠢᠬᠤ ᠴᠠᠭ ᠤᠨ ᠤᠷᠤᠰᠬᠠᠯ ᠢ ᠲᠠᠭᠠᠵᠥ᠂ ᠬᠠᠭᠤᠴᠢᠨ ᠢ ᠤᠷᠤ ᠮᠦᠷ ᠦᠭᠡᠢ ᠦᠭᠡᠶᠢᠰᠬᠡᠵᠥ᠂ ᠪᠦᠷᠢᠯᠭᠡᠵᠥ ᠰᠦᠢᠳᠭᠡᠬᠦ᠂ ᠴᠠᠭᠠᠰᠢᠳᠠ ᠲᠡᠥᠬᠡ ᠰᠤᠶᠤᠯ ᠢ ᠪᠠᠯᠠᠷᠬᠠᠶᠢᠰᠢᠭᠤᠯᠬᠤ ᠶᠢ ᠤᠨᠴᠠᠭᠠᠢ ᠴᠡᠭᠡᠷᠯᠡᠵᠥ᠂ ᠤᠴᠢᠷ ᠦᠭᠡᠢ ᠰᠢᠨ᠎ᠡ ᠭᠠᠵᠠᠷ ᠨᠠᠭᠡᠭᠡᠵᠥ᠂ ᠲᠠᠬᠢᠨ ᠲᠠᠪᠳᠠᠨ ᠰᠢᠨ᠎ᠡ ᠠᠰᠠᠷ ᠲᠠᠭᠳᠤ ᠪᠠᠷᠢᠬᠤ ᠶᠢ ᠴᠢᠩᠭ᠎ᠠ ᠭᠢᠵᠠᠭᠠᠷᠯᠠᠵᠥ᠂ ᠭᠡᠷᠡᠭᠴᠡᠭᠡ ᠱᠠᠭᠠᠷᠳᠠᠯᠭ᠎ᠠ ᠳᠤ ᠪᠠᠨ ᠵᠤᠭᠢᠴᠠᠭᠰᠠᠨ ᠪᠠᠶᠢᠬᠤ ᠪᠤᠯ ᠬᠠᠮᠤᠭ ᠤᠨ ᠶᠡᠭᠡ ᠦᠨᠳᠤᠷ ᠪᠠᠷᠢᠮᠵᠢᠶ᠎ᠠ ᠱᠠᠭᠠᠷᠳᠠᠯᠭ᠎ᠠ ᠪᠣᠯᠣᠨ᠎ᠠ᠃      ᠲᠤᠰ ᠰᠤᠷᠭᠠᠭᠤᠯᠢ 1800 ᠭᠠᠷᠤᠢ ᠰᠤᠷᠤᠬᠴᠢ ᠲᠠᠢ ᠪᠤᠯᠪᠠᠴᠤ ᠭᠤᠷᠪᠠᠨ ᠰᠠᠯᠪᠤᠷᠢ ᠰᠤᠷᠭᠠᠭᠤᠯᠢ ᠭᠢᠭᠡᠳ ᠠᠵᠥ ᠠᠬᠤᠶᠢᠯᠠᠯ ᠳᠤ ᠬᠤᠪᠢᠶᠠᠭᠳᠠᠭᠠᠳ ᠪᠠᠶᠢᠩᠭᠤ ᠪᠠᠶᠢᠬᠤ ᠰᠤᠷᠤᠬᠴᠢ ᠨᠢ ᠵᠦᠪᠬᠡᠨ 600 ᠭᠠᠷᠤᠢ᠃ ᠪᠠᠶᠢᠷᠢ ᠳᠤ ᠰᠠᠭᠤᠭ᠎ᠠ ᠰᠤᠷᠤᠬᠴᠢ ᠨᠢ ᠭᠡᠳᠤᠨ ᠠᠷᠪᠠᠭ᠋ᠠᠨ᠃ ᠭᠤᠷᠪᠠᠨ ᠴᠠᠭ ᠮᠠᠰᠢᠨ ᠢᠶᠠᠷ ᠠᠶᠠᠯᠠᠭᠠᠳ ᠰᠤᠷᠭᠠᠭᠤᠯᠢ ᠳᠤ ᠡᠰᠨ ᠭᠦᠷᠴᠤ ᠲᠠᠶᠢᠯᠭᠦ ᠰᠤᠷᠤᠭᠴᠢᠳ ᠲᠤ ᠪᠠᠶᠢᠷᠢ ᠲᠤᠭᠢᠷᠠᠭᠤᠯᠥᠨ᠎ᠡ᠃ ᠨᠢᠭᠡ ᠰᠤᠷᠤᠬᠴᠢ ᠨᠢᠭᠡ ᠪᠠᠶᠢᠷᠢ᠃ ᠪᠠᠶᠢᠷᠢ ᠶᠢᠨ ᠲᠤᠳᠤᠷᠠᠭᠢ ᠨᠦᠭᠦᠴᠡᠯ ᠪᠤᠯ ᠤᠭᠢᠶᠠᠯᠭ᠎ᠠ ᠶᠢᠨ ᠦᠷᠦᠭᠡ᠂ ᠰᠤᠷᠤᠯᠴᠠᠬᠤ ᠰᠢᠷᠡᠭᠡ ᠰᠠᠨᠳᠠᠯᠢ᠂ ᠤᠨᠳᠠᠬᠤ ᠤᠷᠤ᠂ ᠨᠤᠮ ᠰᠤᠳᠤᠷ ᠪᠤᠶᠤ ᠬᠤᠪᠴᠠᠰᠤ ᠬᠤᠨᠠᠷ ᠢᠶᠠᠨ ᠬᠤᠷᠢᠶᠠᠬᠤ ᠬᠤᠷᠭᠤ᠂ ᠰᠡᠯᠡᠭᠦᠴᠡᠯ ᠤᠨ ᠪᠠᠭ᠎ᠠ ᠲᠡᠭᠳᠡᠷ ᠵᠡᠷᠭᠡ ᠪᠦᠷᠢᠨ ᠲᠦᠭᠦᠷ ᠲᠦᠭᠦᠭᠡᠷᠤᠮᠵᠢ ᠲᠠᠢ ᠮᠦᠷᠳᠡᠭᠡᠨ ᠤᠨᠴᠠᠭᠠᠢ ᠴᠠᠪᠡᠷ ᠴᠡᠮᠴᠡᠭᠡᠷ ᠪᠠᠶᠢᠳᠠᠬ᠃ ᠴᠡᠪᠡᠷ ᠤᠨ ᠲᠤᠳᠤᠷ᠎ᠠ ᠵᠤᠷᠯᠤᠩ ᠨᠡᠩ ᠴᠠᠪᠡᠷ᠃ ᠬᠠᠭᠤᠴᠢᠨ ᠪᠠᠷᠢᠯᠭ᠎ᠠ᠂ ᠬᠠᠭᠤᠴᠢᠨ ᠤᠷᠤᠨ ᠰᠠᠭᠤᠴᠨ ᠪᠤᠯᠪᠠᠴᠤ ᠤᠰᠤᠨ ᠴᠤᠷᠭᠤ᠂ ᠴᠠᠭᠢᠯᠭᠠᠨ ᠨᠡᠭᠡᠭᠡᠯᠭᠡ ᠬᠠᠭᠠᠯᠭ᠎ᠠ᠂ ᠠᠪᠳᠠᠷ᠎ᠠ ᠬᠤᠷᠭᠤ ᠭᠡᠳ ᠡᠪᠳᠡᠷᠭᠡᠢ ᠬᠠᠭᠠᠷᠬᠠᠢ ᠵᠦᠢᠯ ᠤᠬᠳᠤ ᠠᠯᠠᠭ᠎ᠠ᠃ ᠦᠢᠯᠡᠳᠭᠦᠨ ᠤ ᠴᠢᠨᠠᠷᠵᠢᠯ ᠰᠠᠶᠢᠳᠠᠢ ᠲᠡᠭᠡᠷ᠎ᠡ ᠨᠢ ᠬᠠᠶᠢᠷᠠᠯᠠᠵᠥ ᠬᠠᠮᠠᠭᠠᠯᠠᠬᠤ ᠦᠵᠡᠯ ᠤᠬᠠᠮᠰᠠᠷ ᠦᠨᠳᠤᠷ᠂ ᠬᠠᠮᠢᠶᠠᠷᠤᠯᠳᠠ ᠴᠢᠩᠭ᠎ᠠ᠃ ᠭᠡᠷᠡᠮ ᠬᠠᠨᠠᠨ ᠳᠤ ᠵᠢᠷᠤᠭ ᠰᠡᠭᠦᠳᠡᠷ᠂ ᠬᠤᠸᠠᠷ ᠭᠦᠷᠦᠭ ᠭᠡᠵᠥ ᠢᠯᠡᠬᠦᠳᠡᠮᠡᠯ ᠵᠦᠢᠯ ᠨᠢᠭᠡ ᠴᠤ ᠦᠭᠡᠢ︕      ᠵᠠᠬᠢᠷᠤᠯ ᠤᠨ ᠠᠯᠪᠠᠨ ᠭᠡᠷ ᠤᠨ ᠦᠷᠦᠬᠡᠨ ᠳᠤ ᠨᠢ ᠲᠡᠳ᠋ ᠵᠠᠬᠢᠷᠤᠯ᠂ ᠬᠠᠵᠠᠭᠤ ᠬᠠᠪᠢ ᠪᠠᠷ ᠨᠢ ᠠᠯᠪᠠᠨ ᠭᠡᠷ ᠤᠨ ᠡᠷᠬᠢᠯᠡᠭᠴᠢ ᠬᠡᠳ ᠦᠨᠳᠤᠰᠤᠨ ᠳᠤ ᠪᠠᠨ ᠨᠢᠬᠡ ᠡᠬᠦᠳᠡ᠂ ᠬᠡᠳᠤᠨ ᠦᠷᠦᠬᠡᠨ ᠳᠤ ᠵᠠᠯᠭᠠᠯᠳᠤᠨ ᠰᠠᠭᠤᠵᠠᠢ᠃      ᠪᠠᠭᠰᠢ ᠨᠠᠷ ᠴᠤ ᠪᠤᠯᠤᠭ᠂ ᠰᠤᠷᠤᠬᠴᠢ ᠨᠠᠷ ᠴᠤ ᠪᠤᠯᠤᠭ᠂ ᠬᠤᠭᠤᠯᠠᠨ ᠭᠡᠷ ᠤᠨ ᠲᠤᠭᠤᠭᠠᠴᠢ ᠨᠡᠷ ᠴᠤ ᠪᠤᠯᠤᠭ᠂ ᠠᠭᠤᠯᠵᠠᠩᠭᠤᠳᠡ ᠢᠨᠢᠶᠡᠮᠰᠦᠭᠯᠡᠨ᠂ ᠲᠤᠯᠤᠭᠠᠢ ᠲᠤᠭᠢᠰᠬᠢᠨ ᠭᠧᠷᠮᠠᠨ ᠬᠡᠯᠨ ᠪᠠᠷ ᠮᠠᠨᠳᠤᠴᠢᠯᠠᠵᠥ᠂ ᠪᠠᠶᠠᠷ ᠪᠠᠶᠠᠰᠬᠤᠯᠠᠩ ᠵᠢᠪᠬᠤᠭ᠎ᠠ ᠲᠡᠭᠦᠯᠳᠡᠷ ᠪᠠᠶᠢᠵᠥ᠂ ᠠᠵᠢᠯ ᠰᠤᠷᠤᠯᠭ᠎ᠠ ᠳᠤ ᠲᠠᠷᠤᠬᠳᠠᠭᠰᠠᠨ᠂ ᠤᠷᠮ᠎ᠠ ᠦᠭᠡᠶᠢᠳᠡᠭᠰᠠᠨ᠂ ᠲᠤᠷᠤᠭᠰᠢ ᠬᠠᠷᠠᠭᠰᠠᠨ᠂ ᠵᠦᠷᠢᠭᠦᠯᠡᠨ ᠪᠤᠷᠤᠭᠤᠯᠠᠭᠰᠠᠨ ᠪᠠᠶᠢᠳᠠᠯ ᠬᠠᠷᠠᠭᠳᠠᠬᠤ ᠦᠭᠡᠢ︕      ᠨᠢᠭᠡ ᠠᠩᠬᠢ 16 ᠰᠤᠷᠤᠬᠴᠢ ᠠᠴᠠ ᠲᠠᠪᠠᠭ᠋ᠤ ᠦᠭᠡᠢ᠂ ᠲᠡᠭᠡᠳᠤ ᠲᠤᠮᠳᠠᠳᠤ ᠶᠢᠨ ᠠᠩᠭᠢ ᠪᠠᠶᠢᠬᠤ ᠠᠴᠠ ᠭᠠᠳᠠᠨ᠎ᠠ ᠠᠩᠬ᠎ᠠ ᠲᠤᠮᠳᠠᠳᠤ ᠶᠢᠨ ᠪᠡᠯᠡᠳᠭᠡᠯ ᠠᠩᠬᠢ ᠭᠡᠵᠥ ᠪᠤᠢ᠃ ᠲᠤᠰᠬᠠᠢ ᠮᠠᠷᠭᠡᠵᠢᠯ ᠤᠨ ᠤᠨᠴᠠᠯᠢᠭ ᠢ ᠦᠨᠳᠤᠰᠤᠯᠠᠵᠥ ᠤᠯᠠᠩᠭᠢ ᠰᠤᠷᠤᠬᠴᠢ ᠨᠢᠭᠡ ᠬᠤᠭᠤᠴᠠᠭᠠᠨ ᠳᠤ ᠰᠤᠷᠭᠠᠭᠤᠯᠢ ᠳᠤ ᠲᠦᠪᠯᠠᠷᠠᠵᠥ ᠤᠨᠤᠯ ᠮᠡᠳᠡᠯᠭᠡ ᠶᠢᠨ ᠬᠢᠴᠢᠶᠡᠯ ᠤᠷᠤᠬᠤ ᠨᠢ ᠰᠠᠶ᠋ᠢ 2~5 ᠭᠠᠷᠠᠭ ᠲᠠᠳᠤᠢ᠂ ᠪᠤᠰᠣᠳ ᠴᠠᠭ ᠲᠤ ᠴᠦᠮ ᠠᠵᠥ ᠠᠬᠤᠶᠢᠯᠠᠯ ᠳᠤ ᠤᠴᠢᠵᠥ ᠦᠢᠯᠡᠳᠤᠯᠭᠡᠵᠢᠭᠰᠡᠨ ᠰᠤᠷᠭᠠᠨ ᠭᠦᠮᠦᠵᠢᠯ ᠢ ᠭᠦᠷᠳᠡᠳᠡᠭ᠃ ᠵᠠᠷᠢᠮ ᠰᠤᠷᠤᠬᠴᠢ ᠰᠢᠭᠤᠳ ᠱᠠᠪᠢ ᠲᠠᠭᠠᠬᠤ ᠭᠡᠯᠪᠡᠷᠢ ᠪᠠᠷ ᠦᠢᠯᠡᠳᠦᠯᠭᠡᠵᠢᠭᠰᠡᠨ ᠰᠤᠷᠭᠠᠨ ᠭᠦᠮᠦᠵᠢᠯ ᠭᠦᠷᠳᠡᠨ᠎ᠡ᠃ ᠰᠤᠷᠭᠠᠭᠤᠯᠢ ᠳᠤ ᠲᠦᠪᠯᠠᠷᠠᠵᠥ ᠰᠤᠶᠤᠯ ᠤᠨ ᠬᠢᠴᠢᠶᠡᠯ ᠤᠷᠤᠬᠤ ᠳᠤ ᠪᠠᠭ᠎ᠠ ᠲᠤᠭᠤᠶᠢᠯᠠᠩ ᠢᠶᠠᠷ ᠨᠢᠭᠡᠴᠢᠯᠡᠵᠥ ᠬᠤᠷᠰᠢᠨ ᠰᠤᠷᠤᠯᠴᠠᠬᠤ᠂ ᠪᠠᠶ᠎ᠠ ᠪᠠᠨ ᠲᠠᠭᠠᠭᠠᠵᠥ ᠰᠤᠷᠤᠯᠴᠠᠬᠤ᠂ ᠪᠠᠭᠰᠢ ᠠᠴᠠ ᠰᠤᠷᠤᠯᠴᠠᠬᠤ ᠠᠭᠤᠯᠭ᠎ᠠ ᠶᠢ ᠨᠡᠶᠢᠳᠡᠪᠤᠷᠢᠵᠢᠭᠤᠯᠤᠨ  ᠲᠤᠰᠢᠶᠠᠵᠥ᠂ ᠰᠤᠷᠤᠯᠴᠠᠬᠤ ᠠᠷᠭ᠎ᠠ ᠶᠢ ᠵᠢᠯᠤᠭᠤᠳᠤᠨ ᠰᠤᠷᠤᠬᠴᠢ ᠨᠢᠭᠡᠪᠤᠷᠢ ᠶᠢᠨ ᠤᠨᠴᠠᠯᠢᠭ ᠲᠤ ᠨᠢ ᠲᠤᠭᠢᠷᠠᠭᠰᠠᠨ ᠠᠳᠠᠯᠢ ᠪᠤᠰᠤ ᠡᠬᠦᠷᠭᠡ ᠱᠠᠭᠠᠷᠳᠠᠯᠭ᠎ᠠ ᠪᠠᠷ ᠠᠳᠠᠯᠢ ᠪᠤᠰᠤ ᠰᠤᠷᠬᠤ ᠠᠷᠭ᠎ᠠ ᠶᠢ ᠡᠵᠡᠮᠰᠢᠭᠦᠯᠳᠡᠭ᠃ ᠵᠤᠷᠢᠯᠭ᠎ᠠ ᠬᠠᠷᠠᠯᠳᠠ ᠲᠤᠳᠤᠷᠬᠠᠢ ᠪᠠᠷ ᠰᠡᠳᠬᠢᠵᠥ ᠪᠤᠳᠤᠯᠬᠢᠯᠠᠬᠤ᠂ ᠤᠷᠤᠯᠳᠤᠯᠭ᠎ᠠ ᠬᠢᠬᠦ ᠶᠠᠪᠤᠴᠨ ᠶᠢ ᠴᠢᠬᠤᠯᠠᠴᠢᠯᠠᠨ ᠡᠷᠴᠢᠮᠵᠢᠬᠦᠯᠵᠥ᠂ ᠲᠡᠷᠢᠬᠢ ᠬᠥᠳᠡᠯᠭᠡᠬᠦ ᠦᠭᠡᠢ᠂ ᠰᠡᠳᠬᠢᠵᠥ ᠪᠤᠳᠤᠯᠬᠢᠯᠠᠬᠤ ᠦᠬᠡᠢ᠂ ᠤᠷᠤᠯᠳᠤᠯᠭ᠎ᠠ ᠬᠢᠬᠦ ᠦᠭᠡᠢ ᠪᠠᠷ ᠪᠠᠯᠠᠨ ᠬᠠᠷᠢᠭᠤᠯᠳᠠ ᠪᠠᠷ ᠲᠡᠵᠢᠭᠡᠬᠦ᠂ ᠪᠠᠷᠢᠮᠵᠢᠶ᠎ᠠ ᠬᠠᠷᠢᠭᠤᠯᠳᠠ ᠪᠠᠷ ᠲᠦᠭᠵᠢᠬᠦ ᠶᠢ ᠲᠡᠩᠬᠢᠮ ᠤᠨ ᠵᠢᠭᠠᠨ ᠰᠤᠷᠭᠠᠯᠳᠠ᠂ ᠦᠢᠯᠡᠳᠤᠯᠭᠡ ᠶᠢᠨ ᠵᠢᠭᠠᠨ ᠰᠤᠷᠭᠠᠯᠳᠠ ᠳᠤ ᠴᠦᠮ ᠡᠷᠡᠰ ᠴᠡᠭᠡᠷᠯᠡᠳᠡᠭ᠃ ᠰᠤᠷᠤᠬᠴᠢ ᠨᠢᠭᠡᠪᠤᠷᠢ ᠶᠢᠨ ᠲᠤᠷ᠎ᠠ ᠪᠠᠬ᠎ᠠ᠂ ᠠᠪᠢᠶᠠᠰ ᠤᠨᠴᠠᠯᠢᠭ ᠢ ᠪᠠᠭ᠎ᠠ ᠰᠤᠷᠭᠠᠭᠤᠯᠢ ᠶᠢᠨ ᠱᠠᠳᠤᠨ ᠠᠴᠠ ᠡᠬᠢᠯᠡᠨ ᠭᠡᠷ ᠤᠨ ᠠᠬᠠᠮᠠᠳ᠂ ᠠᠩᠬᠢ ᠶᠢᠨ ᠡᠷᠬᠢᠯᠡᠭᠴᠢ᠂ ᠬᠢᠴᠢᠶᠡᠯᠯᠡᠭᠴᠢ ᠪᠠᠭᠰᠢ ᠨᠠᠷ ᠤᠨ ᠬᠠᠮᠳᠤ ᠶᠢᠨ ᠠᠵᠢᠬᠯᠠᠯᠳᠠ ᠰᠢᠨᠵᠢᠯᠡᠯᠳᠡ ᠪᠠᠷ ᠡᠷᠳᠡᠬᠡᠨ ᠠᠴᠠ ᠤᠨᠤᠰᠢᠯᠠᠨ ᠡᠵᠡᠮᠰᠢᠵᠥ᠂ ᠡᠨᠡ ᠬᠦ ᠠᠪᠢᠶᠠᠰ ᠤᠨᠴᠠᠯᠢᠭ ᠲᠤᠷ᠎ᠠ ᠪᠠᠬ᠎ᠠ ᠳᠤ ᠨᠢ ᠵᠤᠬᠢᠴᠠᠭᠰᠠᠨ ᠦᠪᠡᠷᠮᠢᠴᠨ ᠵᠢᠭᠠᠬᠤ ᠠᠷᠭ᠎ᠠ ᠪᠠᠷ ᠰᠤᠷᠤᠬᠴᠢ ᠨᠢᠭᠡᠪᠤᠷᠢ ᠶᠢᠨ ᠰᠤᠷᠤᠯᠴᠠᠬᠤ᠂ ᠤᠷᠤᠯᠳᠤᠬᠤ ᠤᠷᠮ᠎ᠠ ᠪᠠᠬ᠎ᠠ ᠶᠢ ᠭᠦᠢᠴᠠᠳ ᠲᠠᠶᠢᠴᠢᠯᠠᠬᠤ ᠪᠤᠯ ᠭᠧᠷᠮᠠᠨ ᠤᠯᠤᠰ ᠤᠨ ᠰᠤᠷᠭᠠᠨ ᠭᠦᠮᠦᠵᠢᠯ ᠤᠨ ᠠᠮᠵᠢᠯᠳᠡ ᠤᠯᠳᠠᠭ ᠠᠷᠭ᠎ᠠ ᠵᠠᠮ ᠪᠤᠯᠤᠨ᠎ᠠ᠃      ᠰᠤᠷᠤᠬᠴᠢ ᠨᠠᠷ ᠪᠠᠭᠰᠢ ᠶᠢᠨ ᠵᠤᠬᠢᠶᠠᠨ ᠪᠠᠶᠢᠭᠤᠯᠬᠤ ᠪᠠ ᠵᠢᠯᠤᠭᠤᠳᠤᠯᠭ᠎ᠠ ᠲᠤᠤᠷ᠎ᠡ ᠰᠤᠷᠤᠯᠴᠠᠬᠤ ᠠᠵᠢᠯᠯᠠᠭ᠎ᠠ ᠳᠤ ᠡᠬᠢᠨ ᠠᠴᠠ ᠨᠢ ᠠᠯᠬᠤᠮ ᠪᠦᠷᠢ ᠳᠤ ᠠᠯᠭᠠᠰᠠᠯ ᠦᠭᠡᠢ ᠤᠷᠤᠯᠴᠠᠵᠥ᠂ ᠤᠷᠤᠯᠳᠤᠯᠭ᠎ᠠ ᠪᠤᠯᠪᠠᠰᠤᠷᠠᠯ ᠬᠢᠬᠦ᠂ ᠠᠰᠠᠭᠤᠯᠳᠠ ᠲᠤᠷᠡᠳᠬᠤ᠂ ᠬᠤᠷᠰᠢᠬᠤ᠂ ᠬᠠᠪᠰᠤᠷᠣᠯᠴᠠᠬᠤ ᠭᠦᠷ ᠭᠦᠭᠵᠢᠶᠡᠡᠳᠤ ᠪᠦᠬᠦᠯᠢ ᠶᠠᠪᠤᠴᠨ ᠳᠤ ᠲᠡᠷᠢᠬᠢ ᠪᠠᠨ ᠭᠦᠳᠡᠯᠭᠡᠵᠥ᠂ ᠰᠡᠳᠬᠢᠨ ᠪᠤᠳᠤᠯᠬᠢᠯᠠᠵᠥ ᠯᠨ ᠪᠠᠶᠢᠪᠠᠯ ᠰᠤᠷᠤᠯᠴᠠᠯᠭ᠎ᠠ ᠶᠢᠨ ᠬᠠᠮᠤᠭ ᠦᠨᠳᠤᠷ ᠱᠠᠭᠠᠷᠳᠠᠯᠭ᠎ᠠ ᠳᠤ ᠭᠦᠷᠦᠭᠰᠡᠨ ᠶᠠᠪᠤᠳᠠᠯ ᠪᠤᠯᠥᠨ᠎ᠡ᠃ ᠲᠤᠬᠠᠶᠢᠯᠠᠪᠠᠯ᠂ ᠬᠠᠮᠤᠭ ᠰᠠᠶᠢᠨ ᠦᠨᠡᠯᠡᠯᠳᠡ ᠶᠢ ᠤᠯᠤᠨ᠎ᠡ᠃ ᠰᠢᠯᠭᠠᠯᠳᠠ ᠶᠢᠨ ᠬᠤᠪᠢ ᠪᠠᠷ ᠠᠯᠢ ᠨᠢ ᠰᠠᠶᠢᠨ ᠠᠯᠢ ᠨᠢ ᠮᠠᠭᠤ ᠬᠡᠵᠥ ᠢᠯᠭᠠᠬᠤ ᠦᠭᠡᠢ᠂ ᠵᠢᠬᠰᠠᠭᠠᠬᠤ ᠦᠭᠡᠢ᠂ ᠬᠡᠪᠡᠴᠤ ᠪᠠᠭᠰᠢ ᠨᠡᠷ ᠤᠨ ᠴᠡᠭᠡᠵᠢᠨ ᠳᠤ ᠠᠯᠢ ᠰᠤᠷᠤᠬᠴᠢ ᠨᠢ ᠬᠢᠷᠢ ᠵᠡᠷᠬᠡ ᠭᠡᠳᠡᠭ ᠨᠢ ᠲᠤᠪ ᠲᠤᠳᠤᠷᠬᠠᠢ᠃ ᠰᠤᠷᠤᠯᠴᠠᠬᠤ ᠶᠠᠪᠤᠴᠨ ᠶᠢ ᠪᠦᠷᠢᠨᠵᠢᠭᠦᠯᠦᠭᠰᠡᠨ ᠪᠤᠯ ᠲᠡᠭᠦᠰᠭᠦ ᠰᠢᠯᠭᠠᠯᠳᠠ ᠳᠤ ᠤᠷᠤᠬᠤ ᠪᠤᠶᠤ ᠰᠤᠷᠭᠠᠭᠤᠯᠢ ᠲᠠᠪᠰᠢᠬᠤ ᠰᠢᠯᠭᠠᠯᠳᠠ ᠳᠤ ᠤᠷᠤᠯᠴᠠᠬᠤ ᠡᠷᠭᠡ ᠲᠠᠢ᠃ ᠰᠤᠷᠤᠯᠴᠠᠬᠤ ᠶᠠᠪᠤᠴᠨ ᠪᠦᠷᠢᠨᠵᠢᠭᠰᠡᠨ ᠦᠭᠡᠢ ᠪᠤᠯ ᠭᠡᠳᠤᠢ ᠰᠠᠶᠢᠨ ᠨᠦᠬᠦᠴᠡᠯ ᠲᠠᠢ ᠬᠡᠤᠭᠡᠳ ᠴᠤ ᠰᠢᠯᠭᠠᠯᠳᠠ ᠳᠤ ᠤᠷᠤᠬᠤ ᠡᠷᠭᠡ ᠦᠭᠡᠢ᠃ ᠥᠭᠡᠷ᠎ᠡ ᠪᠠᠷ ᠬᠡᠯᠡᠪᠡᠯ᠂ ᠰᠢᠯᠭᠠᠯᠳᠠ ᠳᠤ ᠤᠷᠤᠯᠴᠠᠭᠤᠯᠬᠤ ᠦᠭᠡᠢ᠃ ᠴᠢᠯᠦᠭᠡ ᠠᠪᠴᠤ ᠣᠰᠣᠯᠳᠠᠬᠤ᠂ ᠲᠤᠷ᠎ᠠ ᠪᠠᠷ ᠣᠰᠣᠯᠳᠠᠬᠤ᠂ ᠬᠢᠴᠢᠶᠡᠯ ᠤᠨ ᠴᠠᠭ ᠲᠤ ᠤᠨᠳᠠᠬᠤ᠂ ᠡᠳᠤᠷ ᠲᠤᠳᠤᠮ ᠤᠨ ᠰᠤᠷᠤᠯᠴᠠᠯᠭ᠎ᠠ ᠶᠢᠨ ᠠᠵᠢᠯᠯᠠᠭ᠎ᠠ ᠳᠤ ᠤᠬᠠᠮᠰᠠᠷᠲᠠᠢ᠂ ᠰᠠᠨᠠᠭᠠᠴᠢᠯᠠᠭ᠎ᠠ ᠲᠠᠢ ᠣᠷᠣᠯᠴᠠᠬᠤ ᠦᠬᠡᠢ ᠪᠤᠯ ᠴᠦᠮ ᠰᠤᠷᠤᠯᠴᠠᠯᠭ᠎ᠠ ᠶᠢᠨ ᠶᠠᠪᠤᠴᠨ ᠶᠢ ᠪᠦᠷᠢᠨᠵᠢᠬᠦᠯᠵᠥ ᠭᠦᠢᠴᠡᠳᠭᠡᠭᠰᠡᠨ ᠦᠭᠡᠢ‌‍ᠳᠤ ᠲᠣᠭᠠᠴᠢᠭᠳᠠᠨ᠎ᠠ᠃      ᠰᠤᠷᠤᠯᠴᠠᠯᠭ᠎ᠠ ᠶᠢᠨ ᠠᠭᠤᠷ ᠠᠮᠢᠰᠬᠤᠯ ᠪᠤᠯ ᠴᠢᠯᠦᠭᠡᠲᠠᠢ᠂ ᠭᠦᠷ ᠭᠦᠭᠵᠢᠶᠡᠨᠳᠡᠢ᠂ ᠠᠰᠠᠭᠤᠵᠥ ᠪᠠᠶᠢᠨ᠎ᠠ᠂ ᠶᠠᠷᠢᠯᠴᠠᠵᠥ ᠪᠠᠶᠢᠨ᠎ᠠ᠂ ᠤᠷᠤᠯᠳᠤᠯᠭ᠎ᠠ ᠬᠢᠵᠥ ᠪᠠᠶᠢᠨ᠎ᠠ᠂ ᠪᠠᠭᠰᠢ ᠠᠴᠠ ᠰᠤᠷᠤᠬᠴᠢᠳ ᠤᠨ ᠪᠠᠶᠢᠳᠠᠯ ᠢ ᠠᠯᠳᠠᠯ ᠦᠬᠡᠢ ᠠᠵᠢᠬᠯᠠᠨ᠂ ᠰᠡᠳᠬᠢᠨ ᠪᠤᠳᠤᠯᠬᠢᠯᠠᠬᠤ ᠠᠷᠭ᠎ᠠ ᠶᠢᠨ ᠲᠠᠯ᠎ᠠ ᠪᠠᠷ ᠰᠠᠮ ᠲᠤᠬᠢᠬᠤ ᠨᠢ ᠴᠢᠬᠤᠯᠨ ᠦᠢᠯᠡᠳᠤᠯ ᠲᠠᠢ᠃      ᠵᠢᠭᠠᠬᠤ ᠮᠠᠲ᠋ᠧᠷᠢᠶᠠᠯ ᠬᠢᠭᠡᠳ ᠰᠤᠷᠬᠤ ᠠᠭᠤᠯᠭ᠎ᠠ ᠶᠢᠨ ᠬᠤᠪᠢ ᠳᠤ ᠤᠯᠤᠰ ᠠᠴᠠ ᠨᠢᠬᠡᠳᠤᠯᠳᠡᠢ ᠳᠣᠭᠲᠠᠭᠠᠭᠰᠠᠨ ᠬᠠᠤᠯᠢ ᠶᠢᠨ ᠪᠠᠳᠤᠯᠠᠭ᠎ᠠ ᠲᠠᠢ ᠵᠢᠭᠠᠬᠤ ᠮᠠᠲ᠋ᠧᠷᠢᠶᠠᠯ᠂ ᠬᠢᠴᠢᠶᠡᠯ ᠤᠨ ᠠᠭᠤᠯᠭ᠎ᠠ ᠪᠠᠶᠢᠬᠤ ᠪᠤᠯᠪᠠᠴᠤ ᠵᠸᠤ ᠶᠢᠨ ᠠᠵᠢᠯ ᠮᠡᠷᠭᠡᠵᠢᠯ ᠤᠨ ᠰᠤᠷᠭᠠᠨ ᠭᠦᠮᠦᠵᠢᠯ ᠤᠨ ᠬᠠᠮᠢᠶᠠᠷᠤᠯᠳᠡ ᠶᠢᠨ ᠭᠠᠵᠡᠷ ᠠᠴᠠ ᠦᠪᠡᠷ ᠤᠨ ᠪᠤᠳᠠᠳᠠᠢ ᠪᠠᠶᠢᠳᠠᠯ ᠳᠤ ᠲᠤᠬᠢᠷᠠᠭᠰᠠᠨ ᠲᠤᠰᠠᠭᠠᠷ ᠬᠠᠤᠯᠢ ᠶᠢᠨ ᠬᠦᠷᠢᠶ᠎ᠡ ᠴᠠᠷᠠᠭ᠎ᠠ ᠪᠠᠷ ᠨᠡᠮᠡᠯᠳᠡ ᠬᠠᠰᠤᠯᠳᠡ ᠲᠠᠢ ᠬᠤᠪᠢᠷᠠᠭᠠᠵᠥ ᠪᠤᠯᠬᠤ ᠠᠴᠠ ᠰᠤᠷᠭᠠᠭᠤᠯᠢ ᠨᠤᠭᠤᠳ ᠲᠤᠷ᠎ᠡ ᠪᠠᠷ ᠦᠭᠡᠷᠡᠴᠢᠯᠡᠵᠥ ᠬᠤᠪᠢᠷᠠᠭᠠᠵᠥ ᠪᠤᠯᠬᠤ ᠦᠭᠡᠢ᠃      ᠶᠡᠮᠡᠷ ᠲᠤᠰᠬᠠᠢ ᠮᠡᠷᠭᠡᠵᠢᠯ ᠰᠤᠩᠭᠤᠬᠰᠠᠨ ᠪᠤᠯ ᠲᠡᠷᠨ ᠲᠤᠰᠬᠠᠢ ᠮᠡᠷᠭᠡᠵᠢᠯ ᠳᠤ ᠵᠤᠬᠢᠴᠠᠭᠰᠠᠨ ᠰᠤᠶᠤᠯ ᠤᠨ ᠭᠢᠴᠢᠶᠡᠯᠯᠡᠭᠡ ᠶᠢᠨ ᠠᠭᠤᠯᠭ᠎ᠠ ᠲᠠᠢ᠂ ᠪᠤᠳᠠᠳᠠᠢ ᠱᠠᠭᠠᠷᠳᠠᠯᠭ᠎ᠠ ᠲᠠᠢ᠃ ᠲᠤᠰᠬᠠᠢ ᠮᠡᠷᠭᠡᠵᠢᠯ ᠲᠠᠢ ᠨᠢ ᠬᠤᠯᠪᠤᠬᠳᠠᠬᠤ ᠦᠭᠡᠢ ᠰᠤᠶᠤᠯ ᠤᠨ ᠬᠢᠴᠢᠶᠡᠯ ᠭᠡᠵᠥ ᠲᠠᠮᠢᠷ᠂ ᠤᠯᠤᠰ ᠲᠦᠷᠦ ᠠᠵᠥ ᠠᠬᠤᠢ ᠠᠴᠠ ᠦᠭᠡᠷ᠎ᠡ ᠲᠡᠳᠤᠢ ᠤᠯᠠᠨ ᠬᠢᠴᠢᠶᠡᠯ ᠲᠦᠷᠦᠯ ᠭᠡᠵᠥ ᠦᠭᠡᠢ᠃ ᠵᠥᠪᠬᠡᠨ ᠠᠷᠢᠭᠤᠨ ᠨᠤᠮ ᠤᠨ ᠲᠤᠬᠠᠢ ᠬᠢᠴᠢᠶᠡᠯ ᠢ ᠪᠤᠯ ᠨᠠᠶᠢᠳᠠᠮ ᠳᠤ ᠪᠠᠨ ᠤᠷᠤᠳᠠᠭ᠃ ᠲᠠᠶᠢᠮᠤ ᠠᠴᠠ ᠰᠤᠷᠤᠬᠴᠢᠳ ᠦᠪᠡᠷ ᠤᠨ ᠲᠤᠷ᠎ᠡ ᠪᠠᠬ᠎ᠠ ᠠᠪᠢᠶᠠᠰ ᠤᠨᠴᠠᠯᠢᠭ ᠢᠶᠠᠷ ᠢᠶᠠᠨ ᠪᠠᠳᠤᠲᠠᠢ ᠰᠤᠩᠭᠤᠯᠳᠡ ᠬᠢᠴᠢᠬᠡᠪᠡᠯ ᠬᠢᠴᠢᠶᠡᠯ ᠲᠦᠷᠦᠯ ᠤᠨ ᠤᠯᠠᠨ ᠪᠡ ᠠᠭᠤᠯᠭ᠎ᠠ ᠶᠢᠨ ᠭᠦᠨᠳᠤᠴᠨ ᠭᠡᠳᠦᠷᠡᠭᠰᠡᠨ ᠵᠦᠢᠯ ᠦᠭᠡᠢ᠃ ᠰᠤᠷᠤᠬᠴᠢᠳ ᠢ ᠠᠯᠢ ᠡᠷᠳᠡ ᠠᠴᠠ ᠨᠢ ᠦᠪᠡᠷ ᠤᠨ ᠪᠠᠶ᠎ᠡ ᠪᠠᠨ ᠲᠠᠭᠠᠭᠠᠵᠥ᠂ ᠤᠬᠠᠮᠰᠠᠷ ᠡᠴᠠ‌‍ᠪᠠᠨ ᠰᠠᠨᠠᠭᠠᠴᠢᠯᠠᠭ᠎ᠠ ᠲᠠᠢ ᠰᠤᠷᠤᠯᠴᠠᠬᠤ᠂ ᠰᠡᠳᠬᠢᠬᠦ᠂ ᠪᠤᠳᠤᠯᠬᠢᠯᠠᠬᠤ᠂ ᠤᠷᠤᠯᠳᠤᠯᠭ᠎ᠠ ᠬᠢᠬᠦ ᠵᠠᠮ ᠮᠦᠷ ᠲᠤ ᠨᠢ ᠭᠦᠳᠦᠯᠥᠨ ᠤᠷᠤᠭᠤᠯᠵᠥ ᠤᠷᠮ᠎ᠠ ᠲᠠᠢ᠂ ᠪᠠᠬ᠎ᠠ ᠲᠠᠢ ᠰᠤᠷᠤᠯᠴᠠᠳᠠᠭ ᠪᠤᠯᠭᠠᠬᠤ ᠳᠤ ᠪᠠᠭᠰᠢ ᠬᠦᠮᠦᠨ ᠭᠦᠴᠦ ᠲᠠᠯᠪᠢᠨ᠎ᠠ᠂ ᠴᠢᠳᠠᠯ ᠭᠠᠷᠭᠠᠨ᠎ᠠ᠂ ᠡᠷᠳᠡᠮ ᠭᠠᠷᠭᠠᠨ᠎ᠠ᠃ ᠰᠤᠷᠤᠬᠴᠢ ᠨᠢᠭᠡᠪᠦᠷᠢ ᠳᠤ ᠪᠤᠳᠠᠳᠤ ᠬᠠᠷᠠᠭᠠᠯᠵᠠᠭᠰᠠᠨ ᠠᠮᠢᠳᠤᠯᠢᠭ ᠪᠠᠶᠠᠯᠢᠭ ᠰᠤᠷᠤᠯᠴᠠᠬᠤ ᠠᠷᠭ᠎ᠠ ᠪᠠᠷᠢᠯ ᠢ ᠵᠦᠪ ᠤᠨᠤᠪᠴᠢᠲᠠᠢ ᠲᠤᠭᠤᠰᠢᠳᠠᠢ ᠭᠦᠮᠦᠵᠢᠬᠦᠯᠵᠥ ᠪᠤᠯᠪᠠᠰᠤᠷᠠᠭᠤᠯᠬᠤ ᠪᠤᠯ ᠪᠠᠭᠰᠢ ᠨᠠᠷ ᠤᠨ ᠵᠠᠪᠠᠯ ᠬᠦᠯᠢᠶᠡᠬᠦ ᠭᠦᠨᠳᠦ ᠡᠭᠦᠷᠭᠡ᠂ ᠲᠠᠷᠬᠠᠨ ᠬᠠᠷᠢᠭᠤᠴᠠᠯᠭ᠎ᠠ ᠨᠢ ᠶᠤᠮ ᠪᠠᠶᠢᠨ᠎ᠠ᠃ ᠲᠡᠳᠡ ᠮᠠᠨ ᠤ ᠤᠯᠤᠰ ᠤᠨ ᠬᠡᠳᠤᠨ ᠠᠷᠪᠠᠨ ᠰᠤᠷᠤᠬᠴᠢ ᠲᠠᠢ ᠲᠡᠩᠬᠢᠮ ᠤᠨ ᠵᠢᠭᠠᠨ ᠰᠤᠷᠭᠠᠯᠳᠠ ᠶᠢᠨ ᠭᠡᠯᠪᠡᠷᠢ ᠪᠠᠶᠢᠳᠠᠯ ᠢ ᠭᠠᠶᠢᠬᠠᠵᠥ ᠪᠠᠶᠢᠨ᠎ᠡ᠃      ᠰᠤᠷᠭᠠᠭᠤᠯᠢ ᠶᠢᠨ ᠭᠦᠷᠢᠶ᠎ᠡ ᠢᠪᠴᠤᠤ᠂ ᠬᠢᠮᠡᠯ ᠵᠦᠯᠬᠡᠨ ᠲᠠᠮᠢᠷ ᠤᠨ ᠲᠠᠯᠠᠪᠡᠢ ᠨᠢ ᠬᠤᠶᠠᠷ ᠰᠠᠭᠰᠤᠨ ᠪᠦᠮᠪᠦᠭᠡ ᠶᠢᠨ ᠲᠠᠯᠠᠪᠠᠢ ᠶᠢᠨ ᠤᠷᠴᠢᠮ᠂ ᠨᠢᠬᠡ ᠲᠠᠮᠢᠷ ᠤᠨ ᠤᠷᠳᠤᠨ ᠪᠠᠶᠢᠬᠤ ᠪᠤᠯᠪᠠᠴᠤ ᠵᠥᠪᠬᠡᠨ ᠨᠢᠭᠡ ᠰᠠᠭᠰᠤᠨ ᠪᠦᠮᠪᠦᠭᠡ ᠶᠢᠨ ᠲᠠᠯᠠᠪᠠᠢ ᠲᠡᠳᠥᠢ᠃ ᠭᠡᠪᠡᠴᠤ ᠠᠰᠢᠬᠯᠠᠯᠳᠠ ᠶᠢᠨ ᠨᠤᠷᠮ᠎ᠠ ᠦᠨᠳᠤᠷ᠂ ᠠᠰᠢᠬᠯᠠᠯᠳᠠ ᠶᠢᠨ ᠴᠢᠨᠠᠷᠵᠢᠯ ᠰᠠᠶᠢᠨ᠂ ᠴᠡᠪᠠᠷ ᠠᠷᠢᠭᠤᠨ᠂ ᠬᠢᠯᠠᠭᠠᠷ ᠴᠡᠮᠴᠡᠭᠡᠷ᠂ ᠡᠪᠳᠡᠷᠬᠡᠢ ᠬᠠᠭᠠᠷᠬᠠᠢ ᠵᠦᠢᠯ ᠦᠬᠡᠢ᠃ ᠲᠠᠮᠠᠬᠢ ᠲᠠᠳᠠᠬᠤ ᠲᠤᠰᠬᠠᠢ ᠭᠠᠵᠠᠷ ᠭᠡᠵᠥ ᠵᠢᠵᠢᠭᠬᠡᠨ ᠪᠠᠭ᠎ᠠ ᠲᠦᠷᠪᠡᠯᠵᠢᠨ ᠲᠠᠯᠠᠪᠠᠢ ᠲᠡᠭᠡᠷ᠎ᠡ ᠲᠡᠮᠤᠷ ᠰᠡᠪᠡ ᠲᠠᠯᠪᠢᠵᠠᠢ᠃ ᠲᠠᠨᠳᠠ ᠠᠴᠠ ᠪᠤᠰᠤᠳ ᠬᠠᠮᠢᠭ᠎ᠠ ᠴᠦ ᠲᠡᠮᠡᠬᠢ ᠲᠠᠳᠠᠵᠥ ᠪᠤᠯᠬᠤ ᠦᠭᠡᠢ᠃ ᠭᠡᠷᠪᠡ ᠲᠠᠮᠠᠬᠢ ᠲᠠᠳᠠᠵᠥ ᠪᠠᠶᠢᠭᠠᠳ ᠪᠠᠷᠢᠬᠳᠠᠪᠠᠯ ᠪᠠᠭᠰᠢ ᠰᠤᠷᠤᠬᠴᠢ᠂ ᠨᠡᠶᠢᠬᠡᠮ ᠤᠨ ᠭᠦᠮᠦᠰ ᠪᠠᠶᠢᠯ᠎ᠠ ᠴᠦ ᠴᠢᠩᠭ᠎ᠠ ᠲᠤᠷᠭᠠᠭᠤᠯᠢ ᠳᠤ ᠤᠨᠤᠭᠳᠠᠳᠠᠬ᠃ ᠭᠧᠷᠮᠠᠨ ᠳᠤ ᠤᠯᠠᠨ ᠨᠠᠶᠢᠳᠡ ᠶᠢᠨ ᠲᠠᠯᠡᠪᠤᠷ ᠲᠤ ᠲᠠᠮᠠᠬᠢ ᠲᠠᠳᠠᠵᠥ ᠪᠤᠯᠬᠤ ᠦᠭᠡᠢ᠂ ᠵᠦᠪᠬᠡᠨ ᠲᠠᠮᠠᠬᠢ ᠲᠠᠳᠠᠬᠤ ᠭᠠᠵᠠᠷ ᠭᠡᠳᠡᠭ ᠲᠤᠬᠳᠠᠭᠰᠠᠨ ᠭᠠᠵᠠᠷ ᠯᠨ ᠲᠠᠮᠠᠬᠢ ᠲᠠᠳᠠᠵᠥ ᠪᠤᠯᠥᠨ᠎ᠡ᠃      ᠰᠤᠷᠭᠠᠭᠤᠯᠢ ᠨᠢ ᠦᠷᠯᠦᠬᠡ ᠶᠢᠨ 9᠄ 00᠎ ᠠᠴᠠ ᠡᠬᠢᠯᠡᠨ ᠬᠢᠴᠢᠶᠡᠯᠯᠡᠵᠦ ᠤᠷᠤᠢ ᠶᠢᠨ 4᠄ 00 ᠴᠠᠭ ᠪᠤᠯᠬᠤ ᠳᠤ ᠠᠮᠠᠷᠠᠴᠢᠬᠠᠨ᠎ᠠ᠃ ᠦᠳᠡ ᠳᠤ ᠬᠠᠭᠠᠰ ᠴᠠᠭ ᠪᠤᠶᠤ ᠲᠦᠴᠢᠨ ᠮᠢᠨᠦ᠋ᠲ ᠤᠨ ᠬᠤᠭᠤᠯᠠ ᠢᠳᠡᠭᠦ  ᠴᠠᠭ ᠲᠠᠢ᠂ ᠭᠤᠤᠯᠳᠠᠭᠤ ᠲᠠᠯᠬ᠎ᠠ ᠤᠮᠳᠠᠭᠠᠨ ᠮᠡᠳᠤ ᠲᠦᠭᠦᠮ ᠬᠤᠭᠤᠯᠨ ᠢᠳᠡᠭᠡᠵᠡᠭᠡᠳᠡᠭ᠃      ᠬᠤᠶᠠᠷ᠂ ᠭᠧᠷᠮᠠᠨ ᠤᠯᠤᠰ ᠤᠨ ᠰᠤᠷᠭᠠᠨ ᠬᠦᠮᠦᠵᠢᠯ ᠨᠢ ᠰᠠᠭᠤᠷᠢ ᠰᠤᠷᠭᠠᠨ ᠬᠦᠮᠦᠵᠢᠯ᠂ ᠲᠡᠭᠡᠳᠦ ᠵᠡᠷᠭᠡ ᠶᠢᠨ ᠰᠤᠷᠭᠠᠨ ᠬᠦᠮᠦᠵᠢᠯ ᠬᠢᠭᠡᠳ ᠠᠵᠢᠯ ᠮᠡᠷᠭᠡᠵᠢᠯ ᠤᠨ ᠰᠤᠷᠭᠠᠨ ᠬᠦᠮᠦᠵᠢᠯ᠂ ᠦᠷᠬᠦᠯᠵᠢᠯᠡᠭᠰᠡᠨ ᠰᠤᠷᠭᠠᠨ ᠬᠦᠮᠦᠵᠢᠯ ᠬᠡᠭᠦ ᠬᠤᠶᠠᠷ ᠵᠠᠮ ᠱᠤᠭᠤᠮ ᠲᠠᠢ᠂ ᠱᠤᠭᠤᠮ ᠪᠦᠷᠢ ᠳᠤ ᠠᠳᠠᠯᠢ ᠪᠤᠰᠤ ᠱᠠᠳᠤ ᠲᠡᠭᠳᠡᠷ ᠲᠠᠢ᠃ 12 ᠵᠢᠯ ᠤᠨ ᠠᠯᠪᠠᠨ ᠵᠢᠷᠤᠮ ᠤᠨ ᠰᠤᠷᠭᠠᠨ ᠭᠦᠮᠦᠵᠢᠯ‌ᠢ ᠭᠡᠷᠡᠭᠵᠢᠬᠦᠯᠵᠥ᠂ 6~18 ᠨᠠᠰᠤᠨ ᠤ ᠭᠧᠷᠮᠠᠨ ᠢᠷᠭᠡᠳ ᠡᠷᠭᠡᠪᠰᠢ ᠠᠯᠪᠠᠨ ᠵᠢᠷᠤᠮ ᠤᠨ ᠰᠤᠷᠭᠠᠨ ᠬᠦᠮᠦᠵᠢᠯ ᠢ ᠭᠦᠷᠳᠡᠬᠦ ᠭᠡᠷᠡᠭᠲᠡᠢ᠃ ᠬᠡᠬᠦ ᠳᠤ ᠪᠠᠨ ᠲᠡᠭᠡᠷᠡᠬᠢ ᠬᠤᠶᠠᠷ ᠵᠠᠮ ᠱᠤᠭᠤᠮ ᠤᠨ ᠠᠯᠢ ᠨᠢ ᠴᠤ ᠠᠯᠪᠠᠨ ᠵᠢᠷᠤᠮ ᠤᠨ ᠰᠤᠷᠭᠠᠨ ᠬᠦᠮᠦᠵᠢᠯ ᠢ ᠬᠦᠢᠴᠡᠳᠬᠡᠵᠥ ᠪᠤᠯᠳᠠᠭ᠃      ᠭᠧᠷᠮᠠᠨ ᠤᠯᠤᠰ ᠤᠨ ᠴᠢᠳᠠᠪᠤᠷᠢᠳᠠᠨ ᠬᠦᠮᠦᠵᠢᠬᠦᠯᠬᠦ ᠬᠤᠶᠠᠷ ᠵᠤᠷᠪᠤᠰ ᠵᠠᠮ ᠱᠤᠭᠤᠮ ᠤᠨ ᠨᠢᠬᠡ ᠨᠢ ᠪᠠᠭ᠎ᠠ ᠰᠤᠷᠭᠠᠭᠤᠯᠢ → ᠨᠡᠶᠢᠬᠡᠮ ᠪᠠᠶᠢᠭᠠᠯᠢ ᠶᠢᠨ ᠬᠢᠴᠢᠶᠡᠯ ᠲᠦᠷᠦᠯ ᠤᠨ ᠲᠤᠮᠳᠠᠳᠤ ᠰᠤᠷᠭᠠᠭᠤᠯᠢ → ᠶᠡᠭᠡ ᠰᠤᠷᠭᠠᠭᠤᠯᠢ ᠳᠤ ᠰᠢᠭᠤᠳ ᠲᠡᠪᠰᠢᠵᠥ ᠰᠢᠨᠵᠢᠯᠡᠬᠦ ᠤᠬᠠᠭᠠᠨ ᠰᠤᠳᠤᠯᠭᠠᠨ ᠬᠢᠭᠡᠳ ᠰᠠᠭᠤᠷᠢ ᠤᠨᠤᠯ ᠤᠨ ᠰᠤᠳᠤᠯᠤᠬᠴᠢ ᠶᠢ ᠭᠦᠮᠦᠵᠢᠭᠦᠯᠦᠨ᠎ᠡ᠃ ᠨᠦᠬᠦᠭᠡ ᠨᠢ ᠪᠠᠭ᠎ᠠ ᠰᠤᠷᠭᠠᠭᠤᠯᠢ → ᠭᠤᠤᠯ ᠴᠤᠬᠴᠡᠳᠤ ᠲᠤᠮᠳᠠᠳᠤ ᠰᠤᠷᠭᠠᠭᠤᠯᠢ ᠪᠤᠶᠤ ᠦᠢᠯᠡᠳᠤᠯᠭᠡᠴᠢ ᠲᠤᠮᠳᠠᠳᠤ ᠰᠤᠷᠭᠠᠭᠤᠯᠢ → ᠠᠵᠢᠯ ᠮᠡᠷᠭᠡᠵᠢᠯ ᠤᠨ ᠲᠡᠭᠡᠳᠦ ᠰᠤᠷᠭᠠᠭᠤᠯᠢ ᠪᠠᠷ ᠲᠠᠮᠵᠢᠵᠤ ᠨᠡᠶᠢᠬᠡᠮ ᠤᠨ ᠭᠡᠷᠡᠭᠴᠡᠭᠡ ᠳᠤ ᠲᠤᠭᠢᠷᠠᠭᠰᠠᠨ ᠴᠢᠳᠠᠪᠤᠷᠢᠳᠠᠨ ᠢ ᠭᠦᠮᠦᠵᠢᠬᠦᠯᠥᠨ᠎ᠡ᠃      ᠭᠧᠷᠮᠠᠨ ᠤᠯᠤᠰ ᠤᠨ ᠪᠠᠭ᠎ᠠ ᠰᠤᠷᠭᠠᠭᠤᠯᠢ ᠨᠢ ᠲᠦᠷᠪᠡᠨ ᠵᠢᠯ ᠪᠠᠶᠢᠵᠥ᠂ ᠪᠠᠭ᠎ᠠ ᠰᠤᠷᠭᠠᠭᠤᠯᠢ ᠲᠡᠭᠦᠰᠦᠮᠡᠭᠴᠨ ᠡᠷᠭᠡᠪᠰᠢ ᠨᠢᠬᠡᠳᠤᠯᠳᠠᠢ ᠰᠢᠯᠭᠠᠯᠳᠠ ᠳᠤ ᠤᠷᠤᠯᠴᠠᠨ᠂ ᠪᠠᠭ᠎ᠠ ᠰᠤᠷᠭᠠᠭᠤᠯᠢ ᠲᠡᠭᠦᠰᠦᠭᠰᠡᠨ ᠬᠢᠷᠢ ᠪᠦᠳᠦᠮᠵᠢ᠂ ᠪᠠᠭᠰᠢ ᠶᠢᠨ ᠦᠨᠠᠯᠠᠯᠳᠠ ᠵᠠᠬᠢᠷᠤᠯ ᠤᠨ ᠰᠠᠨᠠᠯ ᠬᠢᠭᠡᠳ ᠰᠤᠷᠤᠬᠴᠢ ᠶᠢᠨ ᠲᠤᠷ᠎ᠠ ᠪᠠᠬ᠎ᠠ᠂ ᠭᠡᠷ ᠤᠨ ᠠᠬᠠᠮᠠᠳ ᠤᠨ ᠰᠤᠩᠭᠤᠯᠳᠡ ᠪᠠᠷ ᠠᠳᠠᠯᠢ ᠪᠤᠰᠤ ᠬᠤᠶᠠᠷ ᠱᠤᠭᠤᠮ ᠢᠶᠠᠷ ᠰᠤᠷᠭᠠᠭᠤᠯᠢ ᠲᠠᠪᠰᠢᠨ᠎ᠠ᠃ ᠭᠤᠤᠯ ᠴᠤᠬᠴᠡᠳᠤ ᠰᠤᠷᠭᠠᠭᠤᠯᠢ ᠶᠢ ᠰᠤᠩᠭᠤᠪᠠᠯ 5~9 ᠤᠨ ᠪᠤᠯᠳᠠᠯ᠎ᠠ ᠲᠠᠪᠤᠨ ᠵᠢᠯ ᠰᠤᠷᠤᠯᠴᠠᠨ᠎ᠠ᠃ ᠰᠢᠨᠵᠢᠯᠡᠭᠡ ᠭᠡᠷᠡᠭᠯᠡᠭᠡᠨ ᠤ ᠭᠡᠯᠪᠠᠷᠢ ᠶᠢᠨ ᠲᠤᠮᠳᠠᠳᠤ ᠰᠤᠷᠭᠠᠭᠤᠯᠢ ᠶᠢ ᠰᠤᠩᠭᠤᠪᠠᠯ 5~10 ᠤᠨ ᠪᠤᠯᠳᠠᠯ᠎ᠠ ᠵᠢᠷᠭᠤᠭᠠᠨ ᠵᠢᠯ ᠰᠤᠷᠤᠯᠴᠠᠨ᠎ᠠ᠃ ᠲᠡᠭᠦᠰᠦᠭᠰᠡᠳ ᠬᠤᠤᠰ ᠠᠯᠬᠤᠮᠳᠤ ᠠᠵᠢᠯ ᠮᠡᠷᠭᠡᠵᠢᠯ ᠤᠨ ᠲᠡᠭᠡᠳᠦ ᠲᠤᠮᠳᠠᠳᠤ ᠳᠤ ᠲᠠᠪᠰᠢᠨ ᠰᠤᠷᠤᠯᠴᠠᠨ᠎ᠠ᠃ ᠡᠭᠦᠨ ᠨᠢ 2 ᠵᠢᠯ ᠤᠨ ᠬᠢ᠂ 3 ᠵᠢᠯ ᠤᠨ ᠬᠢ᠂ 3.5 ᠵᠢᠯ ᠤᠨ ᠬᠢ ᠪᠦᠷ ᠪᠠᠶᠢᠨ᠎ᠡ᠃ ᠲᠡᠭᠦᠰᠪᠡᠯ ᠰᠢᠭᠤᠳ ᠠᠵᠢᠯ ᠤᠯᠬᠤ ᠪᠤᠶᠤ ᠶᠡᠭᠡ ᠰᠤᠷᠭᠠᠭᠤᠯᠢ ᠳᠤ ᠲᠡᠪᠰᠢᠨ ᠦᠷᠬᠦᠯᠵᠢᠯᠡᠨ ᠰᠤᠷᠤᠯᠴᠠᠨ᠎ᠠ᠃ ᠡᠨᠡ ᠬᠦ ᠵᠡᠮ ᠮᠦᠷ ᠢᠶᠠᠷ ᠭᠦᠮᠦᠵᠢᠭᠳᠡᠬᠦ ᠰᠤᠷᠤᠬᠴᠢ 70%᠎ ᠶᠢ ᠡᠵᠡᠯᠡᠨ᠎ᠡ᠃ ᠪᠠᠶᠢᠭᠠᠯᠢ ᠨᠠᠶᠢᠭᠡᠮ ᠤᠨ ᠰᠢᠨᠵᠢᠯᠡᠭᠡᠨ ᠤ ᠲᠤᠮᠳᠠᠳᠤ ᠰᠤᠷᠭᠠᠭᠤᠯᠢ ᠶᠢ ᠰᠤᠩᠭᠤᠬᠰᠠᠨ ᠨᠢ 5~12 ᠪᠤᠶᠤ 13 ᠳ᠋ᠤᠭᠠᠷ ᠤᠨ ᠪᠤᠯᠳᠠᠯ᠎ᠠ ᠨᠠᠶᠢᠳᠡ 8᠎ ᠠᠴᠠ 9 ᠵᠢᠯ ᠰᠤᠷᠤᠯᠴᠠᠭᠠᠳ ᠶᠡᠭᠡ ᠲᠡᠭᠡᠳᠤ ᠰᠤᠷᠭᠠᠭᠤᠯᠢ ᠳᠤ ᠲᠡᠪᠰᠢᠵᠥ ᠰᠢᠨᠵᠢᠯᠡᠬᠦ ᠤᠬᠠᠭᠠᠨ ᠰᠤᠳᠤᠯᠭᠠᠨ ᠤ ᠮᠡᠷᠭᠡᠵᠢᠯᠳᠡᠨ ᠢᠶᠠᠷ ᠭᠦᠮᠦᠵᠢᠭᠳᠡᠨ᠎ᠡ᠃ ᠡᠨᠡ ᠨᠢ ᠰᠠᠶ᠋ᠢ 30%᠎ ᠶᠢᠨ ᠬᠠᠷᠢᠴᠡᠯ ᠢ ᠡᠵᠡᠯᠡᠨ᠎ᠡ᠃      ᠰᠤᠷᠭᠠᠭᠤᠯᠢ ᠲᠡᠪᠰᠢᠬᠤ ᠳᠤ ᠴᠦᠮ ᠨᠢᠬᠡᠳᠤᠯᠳᠡᠢ ᠰᠢᠯᠭᠠᠯᠳᠡ ᠪᠠᠷ ᠲᠡᠮᠵᠢᠬᠤ ᠪᠤᠯᠪᠠᠴᠤ ᠡᠯᠰᠡᠭᠳᠡᠭᠰᠡᠨ ᠬᠤᠶᠢᠨ᠎ᠡ ᠰᠦᠢᠳᠬᠡᠯ ᠦᠭᠡᠢ ᠰᠤᠷᠤᠯᠴᠠᠨ᠎ᠡ᠃ ᠭᠡᠷᠪᠡ ᠬᠤᠪᠢ ᠶᠢᠨ ᠰᠤᠷᠭᠠᠭᠤᠯᠢ ᠳᠤ ᠰᠤᠷᠤᠯᠴᠠᠪᠠᠯ ᠰᠦᠢᠳᠬᠡᠯ ᠲᠣᠰᠢᠶᠡᠨ᠎ᠡ᠃      ᠭᠤᠷᠪᠠ᠂ ᠭᠧᠷᠮᠠᠨ ᠤᠯᠤᠰ ᠤᠨ ᠬᠤᠤᠰ ᠡᠰᠢᠳᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠳᠣᠣᠷᠠᠬᠢ ᠮᠡᠲᠦ ᠤᠨᠴᠠᠯᠢᠭ ᠲᠠᠢ᠃      1. ᠭᠧᠷᠮᠠᠨ ᠤᠯᠤᠰ ᠤᠨ ᠬᠤᠤᠰ ᠡᠰᠢᠳᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠠᠵᠢᠯ ᠮᠡᠷᠭᠡᠵᠢᠯ ᠤᠨ ᠰᠤᠷᠭᠠᠭᠤᠯᠢ ᠬᠢᠭᠡᠳ ᠠᠵᠥ ᠠᠬᠤᠶᠢᠯᠠᠯ ᠬᠤᠷᠰᠢᠨ ᠰᠤᠷᠤᠬᠴᠢ ᠬᠦᠮᠦᠵᠢᠬᠦᠯᠳᠡᠭ᠃ ᠰᠤᠷᠭᠠᠭᠤᠯᠢ ᠪᠡ ᠠᠵᠥ ᠠᠬᠤᠶᠢᠯᠡᠯ ᠤᠨ ᠬᠤᠷᠰᠢᠬᠤ ᠬᠡᠯᠪᠡᠷᠢ ᠨᠢ ᠨᠢᠬᠡ ᠭᠠᠷᠠᠭ ᠢᠶᠠᠷ ᠪᠤᠳᠤᠪᠠᠯ 1.5 ᠡᠳᠤᠷ ᠰᠤᠷᠭᠠᠭᠤᠯᠢ ᠳᠤ ᠰᠤᠶᠤᠯ ᠮᠡᠳᠡᠯᠭᠡ ᠶᠢᠨ ᠬᠢᠴᠢᠶᠡᠯ ᠰᠤᠨᠤᠰᠴᠤ᠂ 3.5 ᠡᠳᠤᠷ ᠨᠢ ᠠᠵᠥ ᠠᠬᠤᠶᠢᠯᠡᠯ ᠳᠤ ᠲᠠᠳᠤᠯᠭ᠎ᠠ ᠪᠤᠯᠪᠠᠰᠤᠷᠠᠯ ᠬᠢᠨ᠎ᠡ᠃ ᠨᠢᠬᠡ ᠬᠤᠭᠤᠴᠠᠭ᠎ᠠ ᠪᠠᠷ ᠪᠤᠳᠤᠪᠠᠯ 2~5 ᠭᠠᠷᠠᠭ ᠰᠤᠷᠭᠠᠭᠤᠯᠢ ᠳᠤ᠂ ᠪᠤᠰᠤᠳ ᠴᠠᠭ ᠲᠤ ᠨᠢ ᠠᠵᠥ ᠠᠬᠤᠶᠢᠯᠠᠯ ᠳᠤ ᠪᠣᠯᠪᠠᠰᠤᠷᠠᠨ᠎ᠠ᠃ ᠵᠢᠯ ᠢᠶᠠᠷ ᠪᠤᠳᠤᠪᠠᠯ 3᠄ 7᠎ ᠶᠢᠨ ᠬᠠᠷᠢᠴᠠᠯ ᠢᠶᠠᠷ ᠪᠤᠳᠠᠳᠠᠢ ᠪᠠᠶᠢᠳᠠᠯ ᠢᠶᠠᠨ ᠦᠨᠳᠤᠰᠤᠯᠠᠨ ᠲᠤᠬᠢᠷᠠᠭᠤᠯᠳᠠᠭ᠃ ᠭᠡᠪᠡᠴᠤ ᠠᠳᠠᠯᠢ ᠪᠤᠰᠤ ᠲᠤᠰᠬᠠᠢ ᠮᠡᠷᠭᠡᠵᠢᠯ ᠨᠢ ᠠᠳᠠᠯᠢ ᠪᠤᠰᠤ ᠶᠢᠨ ᠬᠠᠷᠢᠴᠠᠯ  ᠎ ᠲᠠᠢ᠃ ᠬᠤᠤᠰ ᠠᠯᠬᠤᠮᠳᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠪᠡᠯᠡᠳᠬᠡᠯ ᠰᠤᠷᠭᠠᠨ ᠬᠦᠮᠦᠵᠢᠯ ᠨᠢ 2~3 ᠵᠢᠯ᠂ ᠲᠡᠭᠡᠳᠤ ᠲᠤᠮᠳᠠᠳᠤ ᠶᠢᠨ ᠰᠤᠷᠭᠠᠨ ᠭᠦᠮᠦᠵᠢᠯ ᠨᠢ 2~3.5 ᠵᠢᠯ᠃ ᠲᠡᠭᠡᠳᠦ ᠲᠤᠮᠳᠠᠳᠤ ᠶᠢᠨ ᠱᠠᠳᠤᠨ ᠤ ᠠᠵᠢᠯ ᠮᠡᠷᠭᠡᠵᠢᠯ ᠤᠨ ᠰᠤᠷᠭᠠᠭᠤᠯᠢ ᠳᠤ ᠲᠠᠪᠰᠢᠨ ᠤᠷᠤᠬᠤ ᠳᠤ ᠤᠯᠠᠨ ᠨᠦᠭᠦᠴᠠᠯ ᠱᠠᠭᠠᠷᠳᠠᠯᠭ᠎ᠠ ᠦᠭᠡᠢ ᠪᠤᠯᠪᠠᠴᠤ ᠶᠡᠷᠤᠳᠡᠭᠡᠨ ᠭᠤᠤᠯ ᠴᠤᠬᠴᠠᠳᠤ ᠲᠤᠮᠳᠠᠳᠤ ᠰᠤᠷᠭᠠᠭᠤᠯᠢ᠂ ᠰᠢᠨᠵᠢᠯᠡᠭᠡ ᠭᠡᠷᠡᠭᠯᠡᠭᠡᠨ ᠤ ᠭᠡᠯᠪᠠᠷᠢ ᠶᠢᠨ ᠲᠤᠮᠳᠠᠳᠤ ᠰᠤᠷᠭᠠᠭᠤᠯᠢ ᠶᠢ ᠲᠡᠭᠦᠰᠦᠭᠰᠡᠨ ᠰᠤᠷᠤᠬᠴᠢ ᠪᠠᠶᠢᠬᠤ ᠭᠡᠷᠡᠭᠲᠠᠢ᠃      ᠰᠤᠷᠤᠬᠴᠢᠳ ᠰᠤᠷᠤᠯᠴᠠᠬᠤ ᠶᠠᠪᠤᠴᠨ ᠳᠤ ᠶᠠᠮᠠᠷᠴᠤ ᠰᠦᠢᠳᠬᠡᠯ ᠲᠤᠰᠢᠶᠠᠬᠤ ᠦᠬᠡᠢ᠃ ᠠᠵᠥ ᠠᠬᠤᠶᠢᠯᠠᠯ ᠠᠴᠠ ᠰᠤᠷᠤᠬᠴᠢ ᠪᠦᠷᠢ ᠳᠤ 500~700 ᠡᠸᠦ᠋ᠷᠦᠫᠡ ᠮᠦᠩᠭᠦᠨ ᠤ ᠠᠮᠢᠳᠤᠷᠠᠯ ᠤᠨ ᠨᠦᠬᠦᠪᠦᠷᠢ ᠤᠯᠭᠤᠳᠠᠭ ᠮᠦᠷᠳᠡᠬᠡᠨ ᠬᠠᠤᠯᠢ ᠶᠢᠨ ᠪᠠᠳᠤᠯᠠᠭ᠎ᠠ ᠲᠠᠢ᠃      2. ᠪᠦᠬᠦᠯᠢ ᠡᠳᠤᠷ ᠤᠨ ᠲᠦᠷᠢᠮᠳᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠲᠤᠳᠤᠷ᠎ᠠ ᠪᠠᠨ ᠬᠤᠶᠠᠷ ᠶᠡᠭᠡ ᠲᠦᠷᠦᠯ ᠳᠤ ᠬᠤᠪᠢᠶᠠᠭᠳᠠᠳᠠᠭ᠃ ᠨᠢᠬᠡ ᠨᠢ ᠬᠤᠤᠰ ᠠᠯᠬᠤᠮᠳᠤ ᠬᠡᠯᠪᠡᠷᠢ ᠪᠠᠷ ᠵᠠᠰᠠᠬᠤ ᠦᠢᠯᠡᠳᠬᠦ ᠮᠠᠶ᠋ᠢᠭ ᠤᠨ ᠲᠦᠷᠦᠯ ᠤᠨ ᠬᠢ ᠪᠠᠶᠢᠵᠤ᠂ ᠡᠨᠡ ᠲᠦᠷᠦᠯ ᠨᠢ ᠰᠢᠭᠤᠳ ᠨᠡᠶᠢᠬᠡᠮ ᠲᠡᠭᠡᠷ᠎ᠡ ᠠᠵᠢᠯ ᠤᠯᠬᠤ ᠬᠠᠨᠳᠤᠯᠭ᠎ᠠ ᠲᠠᠢ᠃      ᠨᠦᠬᠦᠭᠡ ᠨᠢ ᠲᠤᠰᠠᠭᠠᠷᠯᠠᠭᠰᠠᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠲᠦᠷᠦᠯ ᠤᠨ ᠬᠢ ᠪᠠᠶᠢᠵᠤ᠂ ᠭᠤᠤᠯᠳᠠᠭᠤ ᠠᠵᠥ ᠦᠢᠯᠡᠳᠪᠤᠷᠢ ᠬᠢᠭᠡᠳ ᠨᠡᠶᠢᠬᠡᠮ ᠤᠨ ᠰᠤᠷᠭᠠᠨ ᠬᠦᠮᠦᠵᠢᠯ᠂ ᠡᠮ ᠡᠮᠨᠡᠯᠭᠡ ᠬᠡᠬᠦ ᠮᠡᠳᠤ ᠪᠠᠶᠢᠳᠠᠬ᠃ ᠡᠨᠡ ᠲᠦᠷᠦᠯ ᠨᠢ ᠦᠷᠬᠦᠯᠵᠢᠯᠡᠨ ᠶᠡᠭᠡ ᠰᠤᠷᠭᠠᠭᠤᠯᠢ ᠳᠤ ᠰᠢᠯᠭᠠᠨ ᠶᠠᠪᠤᠬᠤ ᠪᠤᠶᠤ ᠰᠢᠭᠤᠳ ᠠᠵᠢᠯ ᠤᠯᠵᠥ ᠪᠠᠰᠠ ᠪᠤᠯᠥᠨ᠎ᠡ᠃      3. ᠶᠡᠭᠡ ᠰᠤᠷᠭᠠᠭᠤᠯᠢ ᠳᠤ ᠲᠡᠪᠰᠢᠬᠦᠯᠬᠦ ᠴᠢᠭᠯᠡᠯ ᠲᠠᠢ ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠭᠤᠤᠯ ᠭᠤᠷᠪᠠᠨ ᠲᠦᠷᠦᠯ ᠪᠤᠢ᠃      ᠨᠢᠬᠡ ᠨᠢ ᠲᠤᠰᠬᠠᠢ ᠮᠡᠷᠭᠡᠵᠢᠯ ᠤᠨ ᠲᠡᠭᠡᠳᠤ ᠲᠤᠮᠳᠠᠳᠤ᠃ ᠦᠢᠯᠡᠳᠤᠯᠭᠡᠴᠢ ᠲᠤᠮᠳᠠᠳᠤ ᠰᠤᠷᠭᠠᠭᠤᠯᠢ ᠲᠡᠭᠦᠰᠦᠭᠰᠡᠨ ᠰᠤᠷᠤᠬᠴᠢᠳ ᠢ ᠡᠯᠰᠡᠨ᠎ᠡ᠃ ᠰᠤᠷᠤᠯᠭ᠎ᠠ ᠶᠢᠨ ᠬᠤᠭᠤᠴᠠᠭ᠎ᠠ 2 ᠵᠢᠯ᠃ ᠤᠨᠤᠯ ᠦᠢᠯᠡᠳᠤᠯᠭᠡ ᠶᠢᠨ ᠬᠢᠴᠢᠶᠡᠯ ᠢ ᠲᠤᠰᠪᠤᠷᠢ ᠨᠢᠬᠡ ᠵᠢᠯ ᠤᠷᠤᠨ᠎ᠠ᠃ ᠲᠡᠭᠦᠰᠦᠭᠰᠡᠨ ᠤ ᠲᠠᠷᠠᠭ᠎ᠠ ᠰᠢᠭᠤᠳ ᠲᠤᠰᠬᠠᠢ ᠮᠡᠷᠭᠡᠵᠢᠯ ᠤᠨ ᠶᠡᠭᠡ ᠰᠤᠷᠭᠠᠭᠤᠯᠢ ᠳᠤ ᠲᠡᠪᠰᠢᠨ᠎ᠡ᠃      ᠨᠥᠭᠦᠬᠡ ᠨᠢ ᠠᠵᠢᠯ ᠮᠡᠷᠭᠡᠵᠢᠯ ᠪᠤᠶᠤ ᠲᠤᠰᠬᠠᠢ ᠮᠡᠷᠭᠡᠵᠢᠯ ᠤᠨ ᠲᠡᠭᠡᠳᠤ ᠲᠤᠮᠳᠠᠳᠤ ᠨᠢ ᠦᠢᠯᠡᠳᠤᠯᠭᠡᠴᠢ ᠲᠤᠮᠳᠠᠳᠤ ᠰᠤᠷᠭᠠᠭᠤᠯᠢ ᠲᠡᠭᠦᠰᠦᠭᠰᠡᠨ ᠰᠤᠷᠤᠭᠴᠢᠳ ᠢ ᠡᠯᠰᠡᠨ᠎ᠡ᠃ ᠰᠤᠷᠤᠯᠭ᠎ᠠ ᠶᠢᠨ ᠬᠤᠭᠤᠴᠠᠭ᠎ᠠ 2 ᠵᠢᠯ᠂ ᠪᠦᠬᠦᠯᠢ ᠡᠳᠤᠷ ᠢᠶᠠᠷ ᠤᠨᠤᠯ ᠤᠨ ᠬᠢᠴᠢᠶᠡᠯ ᠢ ᠰᠤᠷᠤᠯᠴᠠᠨ᠎ᠠ᠃ ᠲᠡᠭᠦᠰᠦᠭᠰᠡᠨ ᠤ ᠲᠠᠷᠠᠭ᠎ᠠ ᠶᠡᠷᠤᠩᠭᠡᠶᠢᠯᠡᠭᠰᠡᠨ ᠶᠡᠭᠡ ᠰᠤᠷᠭᠠᠭᠤᠯᠢ ᠳᠤ ᠲᠠᠪᠰᠢᠨ᠎ᠡ᠃      ᠪᠠᠰᠠ ᠨᠢᠭᠡ ᠨᠢ ᠲᠤᠰᠬᠠᠢ ᠮᠠᠷᠭᠡᠵᠢᠯ᠂ ᠠᠵᠢᠯ ᠮᠡᠷᠭᠡᠵᠢᠯ ᠪᠤᠶᠤ ᠮᠡᠷᠭᠡᠵᠢᠯ ᠤᠨ ᠪᠦᠬᠦᠯᠢ ᠡᠳᠤᠷ ᠤᠨ ᠲᠦᠷᠢᠮᠳᠤ ᠲᠤᠮᠳᠠᠳᠤ ᠰᠤᠷᠭᠠᠭᠤᠯᠢ᠃ ᠦᠢᠯᠡᠳᠤᠯᠭᠡᠴᠢ ᠲᠤᠮᠳᠠᠳᠤ ᠰᠤᠷᠭᠠᠭᠤᠯᠢ ᠲᠡᠭᠦᠰᠦᠭᠰᠡᠨ ᠰᠤᠷᠤᠬᠴᠢ ᠶᠢ ᠡᠯᠰᠡᠨ᠎ᠡ᠃ ᠰᠤᠷᠤᠯᠭ᠎ᠠ ᠶᠢᠨ ᠵᠢᠯ 3 ᠵᠢᠯ᠃ ᠲᠡᠭᠦᠰᠦᠭᠰᠡᠨ ᠤ ᠲᠠᠷᠠᠭ᠎ᠠ ᠰᠢᠭᠤᠳ ᠶᠡᠷᠤᠩᠭᠡᠶᠢᠯᠡᠭᠰᠡᠨ ᠶᠡᠭᠡ ᠰᠤᠷᠭᠠᠭᠤᠯᠢ ᠳᠤ ᠲᠡᠪᠰᠢᠨ᠎ᠡ᠃     ᠲᠦᠷᠪᠡ᠂ ᠲᠡᠭᠡᠳᠤ ᠲᠤᠮᠳᠠᠳᠤ ᠶᠢ ᠲᠡᠭᠦᠰᠭᠡᠭᠰᠡᠨ ᠤ ᠲᠠᠷᠠᠭᠠᠬᠢ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠬᠦᠭᠵᠢᠯᠲᠡ ᠶᠢᠨ ᠬᠠᠨᠳᠤᠰᠢ ᠳᠣᠬᠢᠷᠠᠮᠵᠢᠲᠠᠢ᠃      1. ᠲᠡᠭᠡᠳᠤ ᠲᠤᠮᠳᠠᠳᠤ ᠶᠢ ᠲᠡᠭᠦᠰᠭᠡᠭᠰᠡᠨ ᠤ ᠲᠠᠷᠠᠭ᠎ᠠ ᠶᠡᠭᠡ ᠰᠤᠷᠭᠠᠭᠤᠯᠢ ᠶᠢᠨ ᠪᠤᠰᠤ ᠠᠵᠢᠯ ᠮᠡᠷᠭᠡᠵᠢᠯ ᠤᠨ ᠰᠤᠷᠭᠠᠨ ᠬᠦᠮᠦᠵᠢᠯ᠃ ᠡᠨᠡ ᠪᠤᠯ ᠲᠠᠪᠳᠠᠨ ᠪᠤᠯᠪᠠᠰᠤᠷᠠᠯ ᠤᠨ ᠰᠢᠨᠵᠢ ᠲᠠᠢ᠃ ᠡᠯᠰᠡᠬᠦ ᠨᠦᠬᠦᠴᠡᠯ ᠨᠢ ᠠᠵᠢᠯ ᠮᠡᠷᠭᠡᠵᠢᠯ ᠤᠨ ᠰᠤᠷᠭᠠᠨ ᠬᠦᠮᠦᠵᠢᠯ ᠢ 2 ᠵᠢᠯ ᠠᠴᠠ ᠲᠡᠭᠡᠭᠰᠢ ᠭᠦᠷᠳᠡᠭᠰᠡᠨ ᠮᠦᠷᠳᠡᠭᠡᠨ ᠦᠢᠯᠡᠳᠤᠯᠭᠡᠵᠢᠭᠰᠡᠨ ᠪᠠᠶᠢᠬᠤ ᠭᠡᠷᠡᠭᠲᠡᠢ᠃ ᠰᠤᠷᠤᠯᠭ᠎ᠠ ᠶᠢᠨ ᠬᠤᠭᠤᠴᠠᠭ᠎ᠠ 2 ᠵᠢᠯ᠂ ᠮᠡᠷᠭᠡᠵᠢᠯ ᠤᠨ ᠪᠠᠭᠰᠢ ᠪᠤᠶᠤ ᠮᠡᠷᠭᠡᠵᠢᠯ ᠤᠨ ᠰᠤᠷᠭᠠᠭᠤᠯᠢ ︵ᠤᠯᠤᠰ ᠠᠴᠠ ᠭᠤᠤᠯᠯᠠᠨ ᠡᠷᠬᠢᠯᠡᠵᠥ︶ ᠰᠢᠯᠭᠠᠯᠳᠠ ᠬᠢᠨ᠎ᠡ᠃ ᠰᠢᠯᠭᠠᠯᠳᠠ ᠳᠤ ᠬᠢᠷᠢ ᠲᠡᠩᠴᠡᠪᠡᠯ ᠬᠢᠷᠢ ᠬᠡᠮ ᠤᠨ ᠦᠨᠡᠮᠯᠡᠯ ᠤᠯᠭᠤᠵᠤ ᠠᠵᠢᠯ ᠤᠯᠤᠨ᠎ᠡ᠃ ᠭᠡᠷᠪᠡ ᠬᠢᠷᠢ ᠲᠡᠩᠴᠡᠭᠦ ᠦᠬᠡᠢ ᠪᠤᠯ ᠲᠡᠬᠢᠨ ᠬᠤᠶᠠᠷ ᠤᠳᠠᠭ᠎ᠠ ᠰᠢᠯᠭᠠᠵᠥ ᠪᠤᠯᠥᠨ᠎ᠡ᠃      2. ᠲᠡᠭᠡᠳᠤ ᠲᠤᠮᠳᠠᠳᠤ ᠶᠢ ᠲᠡᠭᠦᠰᠦᠭᠰᠡᠨ ᠤ ᠲᠠᠷᠠᠭᠠᠬᠢ ᠶᠡᠭᠡ ᠰᠤᠷᠭᠠᠭᠤᠯᠢ ᠶᠢᠨ ᠱᠠᠳᠤᠨ ᠤ ᠠᠵᠢᠯ ᠮᠡᠷᠭᠡᠵᠢᠯ ᠤᠨ ᠰᠤᠷᠭᠠᠨ ᠬᠦᠮᠦᠵᠢᠯ᠃ ᠡᠨᠡ ᠪᠤᠯ ᠪᠦᠬᠦᠯᠢ ᠡᠳᠤᠷ ᠤᠨ ᠲᠦᠷᠢᠮᠳᠤ ᠪᠦᠷᠢᠨ ᠲᠤᠮᠳᠠᠳᠤ ᠰᠤᠷᠭᠠᠭᠤᠯᠢ ᠲᠡᠭᠦᠰᠦᠭᠰᠡᠨ ᠰᠤᠷᠤᠬᠴᠢᠳ ᠤᠨ ᠰᠢᠯᠭᠠᠯᠳᠠ ᠶᠢᠨ ᠦᠷ᠎ᠡ ᠪᠦᠳᠦᠮᠵᠢ‌‍ᠪᠠᠷ ᠨᠢ ᠡᠯᠰᠡᠨ ᠠᠪᠴᠤ ᠦᠨᠳᠦᠷ ᠲᠡᠰ ᠤᠨ ᠴᠢᠳᠠᠪᠤᠷᠢᠳᠡᠨ ᠪᠤᠯᠭᠠᠨ ᠭᠦᠮᠦᠵᠢᠬᠦᠯᠦᠨ᠎ᠡ᠃ ᠭᠤᠷᠪᠠᠨ ᠵᠢᠯ ᠤᠨ ᠲᠦᠷᠢᠮ ᠢᠶᠠᠷ ᠲᠡᠭᠦᠰᠦᠭᠰᠡᠳ ᠢ ᠠᠵᠢᠯ ᠮᠡᠷᠭᠡᠵᠢᠯ ᠤᠨ ᠰᠤᠷᠭᠠᠭᠤᠯᠢ ᠶᠢᠨ ᠢᠨᠵᠧᠨᠧᠷᠢᠩ ᠤᠨ ᠴᠤᠯᠨ ᠶᠢ ᠤᠯᠭᠤᠨ᠎ᠠ᠃ ᠬᠤᠶᠠᠷ ᠵᠢᠯ ᠤᠨ ᠰᠤᠷᠤᠯᠴᠠᠯᠭ᠎ᠠ ᠶᠢᠨ ᠲᠦᠷᠢᠮ ᠢᠶᠠᠷ ᠲᠡᠭᠦᠰᠦᠭᠰᠡᠳ ᠢ ᠢᠨᠵᠧᠨᠧᠷᠢᠩ ᠤᠨ ᠲᠤᠰᠠᠯᠠᠭᠴᠢ ᠶᠢᠨ ᠴᠤᠯᠨ ᠤᠯᠭᠤᠨ᠎ᠠ᠃      ᠠᠵᠢᠯ ᠮᠡᠷᠭᠡᠵᠢᠯ ᠤᠨ ᠰᠤᠷᠭᠠᠭᠤᠯᠢ ᠶᠢᠨ ᠲᠤᠰᠬᠠᠢ ᠮᠡᠷᠭᠡᠵᠢᠯ ᠢ ᠲᠤᠬᠢᠷᠠᠭᠤᠯᠬᠤ ᠶᠠᠪᠤᠴᠨ ᠳᠤ ᠢᠨᠵᠧᠨᠧᠷᠢᠩ ᠤᠨ ᠮᠡᠷᠭᠡᠵᠢᠯ᠂ ᠠᠵᠥ ᠠᠬᠤᠢ ᠶᠢᠨ ᠢᠨᠵᠧᠨᠧᠷᠢᠩ᠂ ᠨᠡᠶᠢᠬᠡᠮ ᠤᠨ ᠦᠢᠯᠡᠴᠢᠯᠡᠭᠡ ᠵᠡᠷᠭᠡ ᠭᠤᠷᠪᠠᠨ ᠤᠷᠴᠢᠨ ᠲᠤᠭᠤᠷᠢᠨ ᠳᠤ ᠬᠤᠤᠰ ᠠᠯᠬᠤᠮᠳᠤ ᠮᠠᠶ᠋ᠢᠭ ᠢᠶᠠᠷ ᠰᠤᠷᠤᠬᠴᠢ ᠬᠢᠭᠡᠳ ᠠᠵᠥ ᠠᠬᠤᠶᠢᠯᠠᠯ᠂ ᠰᠤᠷᠤᠬᠴᠢ ᠬᠢᠭᠡᠳ ᠰᠤᠷᠭᠠᠭᠤᠯᠢ ᠶᠢᠨ ᠬᠤᠭᠤᠷᠤᠨᠳᠤᠬᠢ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠭᠡᠷ᠎ᠡ ᠶᠢ ᠳᠣᠭᠲᠠᠭᠠᠵᠤ ᠰᠤᠷᠭᠠᠨ ᠬᠦᠮᠦᠵᠢᠯ ᠵᠢᠭᠠᠨ ᠰᠤᠷᠭᠠᠯᠳᠠ ᠶᠠᠪᠤᠬᠳᠠᠭᠤᠯᠤᠨ᠎ᠡ᠃ ᠭᠤᠷᠪᠠᠨ ᠰᠠᠷ᠎ᠠ ᠪᠤᠯᠬᠤ ᠪᠦᠷᠢ ᠲᠡᠬᠢᠨ ᠰᠢᠨᠡᠳᠭᠡᠨ᠎ᠡ᠃ ᠰᠤᠷᠤᠯᠭ᠎ᠠ ᠶᠢᠨ ᠬᠤᠭᠤᠴᠠᠭᠠᠨ ᠳᠤ ᠰᠤᠷᠤᠬᠴᠢᠳ ᠠᠴᠠ ᠰᠦᠢᠳᠬᠡᠯ ᠬᠤᠷᠢᠶᠠᠬᠤ ᠦᠬᠡᠢ᠂ ᠠᠵᠥ ᠠᠬᠤᠶᠢᠯᠡᠯ ᠠᠴᠠ ᠨᠦᠬᠦᠪᠦᠷᠢ ᠤᠯᠭᠤᠵᠥ᠂ ᠤᠯᠤᠰ ᠤᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠬᠠᠥᠯᠢ ᠪᠠᠷ ᠪᠠᠳᠤᠯᠠᠳᠠᠭ᠃      ᠲᠡᠪᠤ᠂ ᠠᠵᠢᠯ ᠮᠡᠷᠭᠡᠵᠢᠯ ᠤᠨ ᠰᠤᠷᠭᠠᠭᠤᠯᠢ ᠶᠢᠨ ᠦᠬᠡᠷᠡᠴᠢᠯᠡᠯᠳᠡ ᠬᠢᠭᠡᠳ ᠰᠢᠨ᠎ᠡ ᠡᠭᠦᠳᠥᠯᠳᠡ ᠨᠢ ᠥᠪᠡᠷᠮᠢᠴᠡ ᠤᠨᠴᠠᠯᠢᠭ ᠲᠠᠢ᠃      1969 ᠤᠨ ᠳᠤ ᠭᠧᠷᠮᠠᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠦᠨᠳᠤᠰᠤᠨ ᠬᠠᠥᠯᠢ ᠶᠢ ᠲᠤᠬᠳᠠᠭᠠᠨ ᠭᠡᠷᠡᠭᠵᠢᠬᠦᠯᠪᠡ᠃      ᠤᠯᠤᠰ ᠤᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠰᠤᠳᠤᠯᠭᠠᠨ ᠤ ᠲᠦᠪ᠂ ᠵᠸᠤ ᠶᠢᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠰᠤᠳᠤᠯᠭᠠᠨ ᠤ ᠲᠦᠪ ᠪᠠᠶᠢᠬᠤ ᠠᠴᠠ ᠭᠠᠳᠠᠨ᠎ᠠ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠨᠡᠶᠢᠬᠡᠮᠯᠢᠭ ︵ᠮᠠᠨ ᠤ ᠤᠯᠤᠰ ᠤᠨ ᠨᠡᠶᠢᠭᠡᠮᠯᠢᠭ ᠤᠳ ᠲᠠᠢ ᠠᠳᠠᠯᠢ ᠦᠬᠡᠢ᠂ ᠵᠠᠰᠠᠭ ᠵᠠᠬᠢᠷᠭᠠᠨ ᠤ ᠡᠷᠬᠡ ᠮᠡᠳᠡᠯ ᠲᠠᠢ︶ ᠭᠡᠵᠦ ᠪᠠᠶᠢᠨ᠎ᠠ᠃ ᠲᠤᠰᠬᠠᠢ ᠮᠡᠷᠭᠡᠵᠢᠯ ᠤᠨ ᠬᠢᠷᠢ ᠬᠡᠮ ᠢ ᠬᠢᠨᠡᠨ ᠦᠨᠡᠯᠡᠵᠥ᠂ ᠦᠨᠡᠮᠯᠡᠯ ᠤᠯᠭᠤᠬᠤ ᠡᠷᠬᠡ ᠲᠠᠢ᠃ ᠤᠨᠴᠠᠭᠠᠢ ᠡᠷᠬᠡ ᠲᠠᠢ ᠮᠦᠷᠳᠡᠬᠡᠨ ᠦᠢᠯᠡᠳᠤᠯ ᠰᠠᠶᠢᠳᠠᠢ᠃ ᠲᠤᠬᠠᠶᠢᠯᠠᠪᠠᠯ᠄      1. ᠠᠵᠥ ᠠᠬᠤᠶᠢᠯᠠᠯ ᠠᠴᠠ ᠰᠤᠷᠤᠬᠴᠢᠳ ᠲᠤ ᠲᠠᠳᠤᠯᠭ᠎ᠠ ᠪᠤᠯᠪᠠᠰᠤᠷᠠᠯ ᠭᠦᠷᠳᠡᠬᠡᠬᠦ ᠬᠢᠴᠢᠶᠡᠯ ᠤᠨ ᠪᠠᠷᠢᠮᠵᠢᠶ᠎ᠠ ᠶᠢ ᠲᠤᠬᠳᠠᠭᠠᠨ᠎ᠠ᠃      2. ᠠᠵᠥ ᠠᠬᠤᠶᠢᠯᠠᠯ ᠤᠨ ᠰᠤᠷᠤᠬᠴᠢᠳ ᠲᠤ ᠭᠦᠷᠳᠡᠬᠡᠵᠥ ᠪᠠᠶᠢᠭ᠎ᠠ ᠲᠠᠳᠤᠯᠭ᠎ᠠ ᠪᠤᠯᠪᠠᠰᠤᠷᠠᠯ ᠳᠤ ᠰᠢᠭᠤᠳ ᠬᠢᠨᠡᠯᠳᠡ ᠬᠠᠮᠢᠶᠠᠷᠤᠯᠳᠡ ᠬᠢᠨ᠎ᠡ᠃      3. ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠶᠠᠰᠤ ᠴᠢᠨᠠᠷ ᠲᠤ ᠡᠵᠡᠮᠰᠢᠯ ᠬᠢᠬᠦ ᠮᠦᠷᠳᠡᠬᠡᠨ ᠱᠠᠪᠢ ᠲᠠᠭᠠᠬᠰᠠᠳ ᠢ ᠰᠢᠯᠭᠠᠵᠥ ᠦᠨᠡᠯᠡᠨ᠎ᠡ᠃      4. ᠠᠵᠥ ᠠᠬᠤᠶᠢᠯᠠᠯ ᠠᠯᠤᠰᠯᠠᠭᠰᠠᠨ ᠲᠠᠳᠤᠯᠭ᠎ᠠ ᠪᠤᠯᠪᠠᠰᠤᠷᠠᠯ ᠤᠨ ᠪᠦᠳᠦᠴᠨ ᠲᠤᠬᠳᠠᠮᠵᠢ‌‍ᠶᠢ ᠵᠤᠬᠢᠴᠠᠭᠤᠯᠬᠤ ᠬᠦᠭᠦᠷᠬᠡ ᠶᠢᠨ ᠦᠢᠯᠡᠳᠤᠯ ᠲᠠᠢ᠃      ᠰᠢᠨ᠎ᠡ ᠶᠢ ᠡᠭᠦᠳᠦᠭᠰᠡᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠰᠤᠳᠤᠯᠭᠠᠨ ᠢ ᠦᠪᠡᠷᠳᠡᠭᠡᠨ ᠰᠤᠷᠤᠯᠴᠠᠬᠤ᠂ ᠬᠤᠷᠰᠢᠨ ᠰᠤᠷᠤᠯᠴᠠᠬᠤ ᠶᠠᠪᠤᠴᠨ ᠬᠢᠭᠡᠳ ᠠᠵᠢᠯ ᠤᠨ ᠶᠠᠪᠤᠴᠨ ᠠᠴᠠ ᠲᠤᠬᠳᠠᠭᠠᠬᠳᠠᠭᠰᠠᠨ ︽ᠠᠵᠢᠯ ᠮᠡᠷᠭᠡᠵᠢᠯ ᠤᠨ ᠰᠢᠨᠵᠢᠯᠡᠬᠦ ᠤᠬᠠᠭᠠᠨ︾᠎ ᠢ ᠰᠣᠳᠣᠯᠵᠥ ᠪᠤᠳᠠᠳᠡᠢ‌ᠡᠴᠠ ᠡᠭᠦᠰᠦᠭᠰᠡᠨ ᠬᠠᠮᠤᠭ ᠤᠨ ᠰᠠᠶᠢᠨ ᠰᠤᠷᠤᠯᠴᠠᠬᠤ ᠤᠷᠴᠢᠨ ᠢ ᠡᠭᠦᠳᠴᠤ᠂ ᠠᠵᠢᠯ ᠤᠨ ᠶᠠᠪᠤᠴᠨ ᠪᠠᠷ ᠭᠦᠳᠦᠯᠦᠮᠵᠢ ᠪᠤᠯᠭᠠᠬᠰᠠᠨ ᠬᠢᠴᠢᠶᠡᠯᠯᠡᠭᠡ ᠶᠢ ᠭᠡᠷᠡᠭᠵᠢᠬᠦᠯᠵᠥ᠂ ︽ᠠᠵᠢᠯᠯᠠᠬᠤ ᠶᠢᠨ ᠲᠦᠯᠦᠭᠡ ᠰᠤᠷᠤᠯᠴᠠᠬᠤ᠂ ᠠᠵᠢᠯᠯᠠᠭᠠᠨ ᠤ ᠶᠠᠪᠤᠴᠨ ᠳᠤ ᠰᠤᠷᠤᠯᠴᠠᠬᠤ︾᠎ ᠪᠠᠷ ᠵᠢᠯᠤᠭᠤᠳᠤᠭᠤᠯᠬᠤ ᠰᠤᠷᠭᠠᠨ ᠬᠦᠮᠦᠵᠢᠯ ᠤᠨ ᠠᠷᠭ᠎ᠠ ᠪᠠᠷᠢᠯ ᠢ ᠭᠦᠨᠴᠨ ᠲᠠᠢ ᠰᠤᠳᠤᠯᠥᠨ ᠡᠭᠦᠳᠴᠤ ᠪᠤᠢ᠃      ᠭᠧᠷᠮᠠᠨ ᠤ ᠠᠵᠢᠯ ᠮᠡᠷᠭᠡᠵᠢᠯ ᠤᠨ ᠰᠤᠳᠤᠯᠬᠤ ᠭᠠᠵᠡᠷ ᠠᠴᠠ ᠲᠤᠯᠤᠭᠠᠶᠢᠯᠠᠨ 2000 ᠲᠦᠯᠦᠭᠡᠯᠡᠭᠦ ᠴᠢᠨᠠᠷᠳᠠᠢ ᠠᠵᠥ ᠠᠬᠤᠶᠢᠯᠠᠯ ᠠᠴᠠ ᠠᠵᠢᠯ ᠮᠡᠷᠭᠡᠵᠢᠯ ᠬᠢᠭᠡᠳ ᠠᠵᠢᠯ ᠮᠡᠷᠭᠡᠵᠢᠯ ᠤᠨ ᠬᠢᠷᠢ ᠬᠡᠮ ᠳᠤ ᠲᠠᠯᠪᠢᠬᠰᠠᠨ ᠪᠤᠳᠠᠳᠤ ᠱᠠᠭᠠᠷᠳᠠᠯᠭ᠎ᠠ ᠶᠢ ᠭᠦᠯᠢᠶᠠᠨ ᠠᠪᠴᠤ ᠨᠠᠷᠢᠨ ᠵᠠᠳᠠᠯᠥᠯᠳᠠ ᠬᠢᠵᠥ᠂ ᠵᠤᠷᠢᠯᠭ᠎ᠠ ᠬᠠᠷᠠᠯᠳᠠ ᠪᠠᠨ ᠰᠢᠨᠡᠳᠭᠡᠵᠥ ᠠᠵᠢᠯ ᠮᠡᠷᠭᠡᠵᠢᠯ ᠤᠨ ᠰᠢᠨ᠎ᠡ ᠲᠤᠭᠢᠷᠠᠭᠤᠯᠥᠯᠳᠡ ᠶᠢ ᠱᠠᠯᠠᠪᠳᠠᠵᠥ ᠪᠠᠶᠢᠨ᠎ᠠ᠃      ᠵᠢᠷᠭᠤᠭ᠎ᠠ᠂ ᠮᠠᠨ ᠤ ᠤᠯᠤᠰ ᠤᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠬᠢᠭᠡᠳ ᠭᠧᠷᠮᠠᠨ ᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠬᠠᠷᠢᠴᠠᠭᠤᠯᠤᠯ      1. ᠬᠠᠤᠯᠢᠵᠢᠨ ᠲᠤᠭᠤᠰᠢᠯᠠᠭᠳᠠᠭᠰᠠᠨ ᠲᠠᠯ᠎ᠠ ᠪᠠᠷ ᠮᠠᠨ ᠤ ᠤᠯᠤᠰ 1995 ᠤᠨ ᠳᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠬᠠᠥᠯᠢ ᠶᠢ ᠲᠤᠬᠳᠠᠭᠠᠨ ᠭᠡᠷᠡᠭᠵᠢᠬᠦᠯᠪᠡ᠃      ᠭᠧᠷᠮᠠᠨ ᠤᠯᠤᠰ 1969 ᠤᠨ ᠳᠤ ᠠᠵᠢᠯ ᠮᠡᠷᠭᠡᠵᠢᠯ ᠤᠨ ᠬᠠᠥᠯᠢ ᠶᠢ ᠲᠤᠬᠳᠠᠭᠠᠵᠥ ᠭᠡᠷᠡᠭᠵᠢᠬᠦᠯᠥᠭᠡᠳ᠂ 1972 ᠤᠨ᠂ 1976 ᠤᠨ᠂ 1981 ᠤᠨ᠂ 2005 ᠤᠨ ᠳᠤ ᠠᠵᠢᠯ ᠮᠡᠷᠭᠡᠵᠢᠯ ᠤᠨ ᠨᠦᠬᠦᠪᠦᠷᠢ ᠰᠢᠨ᠎ᠡ ᠬᠠᠥᠯᠢ ᠶᠢ ᠨᠠᠮᠠᠨ ᠲᠤᠬᠳᠠᠭᠠᠵᠥ ᠲᠠᠰᠤᠷᠠᠯᠳᠠ ᠦᠬᠡᠢ ᠲᠡᠭᠦᠯᠳᠡᠷᠵᠢᠬᠦᠯᠥᠨ ᠭᠡᠷᠡᠭᠵᠢᠬᠦᠯᠪᠡ᠃      2. ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠪᠡᠯᠨ ᠤᠷᠤᠭᠤᠯᠥᠯᠳᠡ ᠠᠴᠠ ᠦᠵᠡᠪᠡᠯ ᠮᠡᠨ ᠤ ᠤᠯᠤᠰ ᠪᠤᠯ ᠤᠯᠤᠰ ᠤᠨ ᠡᠳ᠋ ᠤᠨ ᠵᠠᠰᠠᠭ᠂ ᠭᠠᠵᠠᠷ ᠤᠷᠤᠨ ᠤ ᠡᠳ᠋ ᠤᠨ ᠵᠠᠰᠠᠭ ᠢᠶᠠᠷ ᠭᠤᠤᠯ ᠪᠤᠯᠭᠠᠨ ᠪᠡᠯᠨ ᠤᠷᠤᠭᠤᠯᠤᠯᠳᠡ ᠪᠠᠨ ᠵᠢᠯ ᠠᠴᠠ ᠵᠢᠯ ᠨᠡᠮᠡᠭᠳᠡᠬᠦᠯᠵᠥ ᠪᠠᠶᠢᠨ᠎ᠡ᠃ ᠭᠧᠷᠮᠠᠨ ᠤᠯᠤᠰ ᠪᠤᠯ ᠤᠯᠤᠰ ᠤᠨ ᠡᠳ᠋ ᠤᠨ ᠵᠠᠰᠠᠭ᠂ ᠵᠸᠤ ᠶᠢᠨ ᠡᠳ᠋ ᠤᠨ ᠵᠠᠰᠠᠭ ᠠᠴᠠ ᠭᠠᠳᠠᠨ᠎ᠠ ᠠᠵᠥ ᠠᠬᠤᠶᠢᠯᠡᠯ ᠠᠴᠠ ᠪᠠᠰᠠ ᠠᠵᠢᠯ ᠮᠡᠷᠭᠡᠵᠢᠯ ᠢᠶᠠᠷ ᠰᠤᠷᠤᠯᠴᠠᠵᠥ ᠪᠠᠶᠢᠭ᠎ᠠ ᠰᠤᠷᠤᠬᠴᠢᠳ ᠲᠤ ᠠᠮᠢᠳᠤᠷᠠᠯ ᠤᠨ ᠨᠦᠬᠦᠪᠦᠷᠢ ᠤᠯᠭᠤᠵᠥ ᠪᠠᠶᠢᠬᠤ ᠮᠦᠷᠳᠡᠬᠡᠨ ᠡᠨᠡ ᠨᠢ ᠨᠡᠯᠢᠶᠠᠳ ᠶᠡᠭᠡ ᠬᠠᠷᠢᠴᠠᠯ ᠢ ᠡᠵᠡᠯᠡᠲᠡᠭ᠃      3. ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠱᠠᠳᠤ ᠲᠡᠭᠳᠡᠷ ᠤᠨ ᠲᠠᠯ᠎ᠠ ᠪᠠᠷ ᠮᠠᠨ ᠤ ᠤᠯᠤᠰ ᠤᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠬᠠᠥᠯᠢ ᠳᠤ ᠠᠩᠬ᠎ᠠ ᠵᠡᠷᠭᠡ᠂ ᠲᠤᠮᠳᠠᠳᠤ ᠵᠡᠷᠭᠡ᠂ ᠲᠡᠭᠡᠳᠦ ᠵᠡᠷᠭᠡ ᠶᠢᠨ ᠠᠵᠢᠯ ᠮᠡᠷᠭᠡᠵᠢᠯ ᠤᠨ ᠱᠠᠳᠤ ᠲᠡᠭᠳᠡᠷ ᠲᠠᠢ ᠪᠤᠯᠪᠠᠴᠤ ᠡᠳᠤᠭᠡ ᠵᠦᠪᠬᠡᠨ ᠲᠤᠮᠳᠠᠳᠤ ᠵᠡᠷᠭᠡ ᠶᠢᠨ ᠠᠵᠢᠯ ᠮᠡᠷᠭᠡᠵᠢᠯ᠂ ᠲᠡᠭᠡᠳᠦ ᠵᠡᠷᠭᠡ ᠶᠢᠨ ᠠᠵᠢᠯ ᠮᠡᠷᠭᠡᠵᠢᠯ ᠬᠡᠬᠦ ᠬᠤᠶᠠᠷ ᠱᠠᠳᠤ ᠲᠡᠭᠳᠡᠷ ᠢ ᠭᠡᠷᠡᠭᠵᠢᠬᠦᠯᠥᠨ ᠠᠰᠢᠬᠯᠠᠵᠥ ᠪᠤᠢ᠃ ᠭᠧᠷᠮᠠᠨ ᠤᠯᠤᠰ ᠲᠤ ᠲᠦᠷᠪᠡᠨ ᠵᠢᠯ ᠤᠨ ᠲᠦᠷᠢᠮᠳᠤ ᠪᠠᠭ᠎ᠠ ᠰᠤᠷᠭᠠᠭᠤᠯᠢ ᠲᠡᠭᠦᠰᠦᠮᠡᠭᠴᠨ 70%᠎ ᠠᠴᠠ ᠲᠡᠭᠡᠭᠰᠢᠬᠢ ᠰᠤᠷᠤᠬᠴᠢᠳ‌ᠢ ᠠᠵᠢᠯ ᠮᠡᠷᠭᠡᠵᠢᠯ ᠤᠨ ᠰᠤᠷᠭᠠᠨ ᠬᠦᠮᠦᠵᠢᠯ ᠢᠶᠠᠷ ᠰᠤᠩᠭᠤᠯᠳᠡ ᠲᠠᠢ ᠵᠠᠮᠨᠠᠭᠤᠯᠳᠠᠭ᠃ ᠭᠧᠷᠮᠠᠨ ᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠡᠷᠳ᠋ᠨ ᠠᠴᠠ ᠴᠢᠭᠯᠡᠯᠳᠤ ᠴᠢᠨᠠᠷ ᠲᠠᠢ᠂ ᠰᠤᠩᠭᠤᠯᠳᠡ ᠲᠠᠢ ᠬᠤᠪᠢᠶᠠᠷᠢᠯᠡᠯᠳᠡ᠂ ᠰᠢᠰᠲ᠋ᠧᠮ ᠲᠠᠢ ᠠᠯᠬᠤᠮ ᠶᠠᠪᠤᠴᠨ ᠶᠢ ᠴᠢᠬᠤᠯᠠᠴᠢᠯᠠᠳᠠᠭ ᠠᠴᠠ ᠠᠵᠢᠯ ᠮᠡᠷᠭᠡᠵᠢᠯ ᠤᠨ ᠰᠤᠷᠭᠠᠭᠤᠯᠢ ᠰᠤᠷᠤᠬᠴᠢ ᠡᠯᠰᠡᠬᠦ ᠲᠡᠷᠤᠭᠠᠰᠤ ᠦᠬᠡᠢ᠂ ᠰᠠᠭᠤᠷᠢ ᠪᠡᠳᠤ ᠪᠠᠬᠢ᠂ ᠴᠢᠨᠠᠷᠵᠢᠯ ᠤᠬᠢ ᠰᠢᠯᠢᠲᠡᠭ᠂ ᠨᠡᠶᠢᠬᠡᠮ ᠤᠨ ᠭᠦᠭᠵᠢᠯᠳᠡ ᠶᠢᠨ ᠭᠡᠷᠡᠭᠴᠡᠭᠡ ᠱᠠᠭᠠᠷᠳᠠᠯᠭ᠎ᠠ ᠳᠤ ᠨᠠᠶᠢᠴᠡᠵᠥ ᠪᠠᠶᠢᠨ᠎ᠠ᠃ ᠨᠡᠶᠢᠬᠡᠮ ᠲᠡᠭᠡᠷ᠎ᠡ ᠠᠵᠢᠯ ᠦᠬᠡᠢ ᠵᠠᠯᠠᠭᠤᠴᠤᠳ ᠬᠡᠵᠥ ᠲᠦᠢᠯ ᠤᠨ ᠴᠦᠬᠡᠨ᠃      ᠮᠠᠨ ᠤ ᠤᠯᠤᠰ ᠨᠢ ᠵᠢᠷᠭᠤᠭᠠᠨ ᠵᠢᠯ ᠤᠨ ᠲᠦᠷᠢᠮᠳᠤ ᠪᠠᠭ᠎ᠠ ᠰᠤᠷᠭᠠᠭᠤᠯᠢ ᠬᠢᠭᠡᠳ ᠭᠤᠷᠪᠠᠨ ᠵᠢᠯ ᠤᠨ ᠲᠦᠷᠢᠮᠳᠤ ᠠᠩᠬ᠎ᠠ ᠲᠤᠮᠳᠠᠳᠤ ᠶᠢ ᠲᠡᠭᠦᠰᠭᠡᠭᠰᠡᠨ ᠤ ᠲᠠᠷᠠᠭ᠎ᠠ ᠰᠠᠶ᠋ᠢ ᠡᠬᠢᠯᠡᠵᠥ ᠠᠵᠢᠯ ᠮᠡᠷᠭᠡᠵᠢᠯ ᠤᠨ ᠵᠠᠮ ᠢᠶᠠᠷ 1᠄ 1᠎ ᠶᠢᠨ ᠬᠠᠷᠢᠴᠠᠯ ᠢᠶᠠᠷ ᠬᠤᠪᠢᠶᠠᠷᠢᠯᠠᠬᠤ ᠳᠤ ᠤᠷᠳᠤ ᠬᠤᠭᠤᠴᠠᠭ᠎ᠠ ᠦᠢᠯᠡᠳᠤᠯᠬᠡ ᠠᠮᠢᠳᠤᠷᠠᠯ ᠠᠴᠠ ᠭᠦᠨᠳᠡᠶᠢᠷᠡᠭᠰᠡᠨ ᠲᠡᠩᠭᠢᠮ ᠤᠨ ᠰᠤᠷᠭᠠᠨ ᠬᠦᠮᠦᠵᠢᠯ ᠳᠤ ᠮᠢᠨᠴᠦᠭᠦᠷᠦᠭᠰᠡᠨ ᠰᠤᠷᠤᠭᠴᠢ ᠨᠢ ᠪᠠᠭ᠎ᠠ ᠪᠤᠰᠤ ᠪᠠᠶᠢᠵᠤ᠂ ᠵᠠᠯᠠᠭᠤᠴᠤᠳ ᠮᠡᠷᠭᠡᠵᠢᠯ ᠴᠢᠳᠠᠪᠤᠷᠢ ᠪᠠᠷ ᠬᠤᠮᠰᠠᠳᠠᠵᠥ ᠠᠵᠢᠯ ᠭᠦᠳᠡᠯᠮᠤᠷᠢ ᠠᠴᠠ ᠵᠠᠶᠢᠳᠠᠭᠰᠠᠭᠠᠷ ᠪᠠᠶᠢᠭᠠᠳ ᠨᠡᠶᠢᠬᠡᠮ ᠤᠨ ᠭᠡᠷᠡᠭᠴᠡᠭᠡ ᠱᠠᠭᠠᠷᠳᠠᠯᠭ᠎ᠠ ᠳᠤ ᠭᠦᠷᠴᠦ ᠴᠢᠳᠠᠬᠤ ᠦᠭᠡᠢ ᠪᠤᠯᠵᠤ ᠮᠠᠳᠡᠭᠦ ᠶᠢ ᠠᠩᠬᠠᠷᠬᠤ ᠴᠢᠬᠤᠯᠠ ᠲᠠᠢ ᠪᠤᠯᠤᠭᠰᠠᠨ ᠶᠤᠮ᠃           ᠬᠠᠶ᠋ᠢᠬ᠄ ᠣᠲᠤᠭ ᠬᠤᠰᠢᠭᠤᠨ ᠤ ᠦᠨᠳᠦᠰᠦᠲᠡᠨ ᠤ ᠠᠵᠢᠯ ᠮᠡᠷᠭᠡᠵᠢᠯ ᠤᠨ                    ᠶᠡᠷᠦᠩᠬᠡᠶᠢᠯᠡᠭᠰᠡᠨ ᠳᠣᠮᠳᠠᠳᠤ ᠰᠤᠷᠭᠠᠭᠤᠯᠢ                              ︵ᠡᠾᠦ᠋ᠩ ᠮᠸᠢ ᠨᠠᠶᠢᠷᠠᠭᠤᠯᠪᠠ︶                              9  ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号