| ᠠᠮᠤᠷᠭᠡᠰᠢᠭ | | 2018 ᠤᠨ ᠤ 10 ᠰᠠᠷ᠎ᠠ ᠶᠢᠨ 11 ᠤ ᠦᠷᠯᠦᠭᠡ ᠶᠢᠨ 2 ᠴᠠᠭ ᠲᠤ ᠪᠡᠭᠡᠵᠢᠩ ᠬᠤᠳᠡ ᠶᠢᠨ ᠨᠢᠰᠬᠡᠯ ᠤᠨ | ᠦᠷᠳᠡᠬᠡᠨ ᠠᠴᠠ ᠠᠵᠢᠯ ᠮᠡᠷᠭᠡᠵᠢᠯ ᠤᠨ ᠰᠤᠷᠭᠠᠭᠤᠯᠢ ᠶᠢᠨ ᠤᠳᠤᠷᠢᠳᠤᠯᠭ᠎ᠠ ᠺᠠᠳ᠋ᠷ ᠢᠶᠠᠷ ᠪᠦᠷᠢᠯᠳᠦᠭᠰᠡᠨ ᠲᠤᠭᠤᠷᠢᠨ | ᠰᠤᠷᠤᠯᠴᠠᠬᠤ ᠪᠦᠯᠭᠦᠮ ᠭᠧᠷᠮᠠᠨ ᠤᠯᠤᠰ ᠤᠨ ᠹᠷᠡᠨᠺᠹᠦ᠋ᠷᠲ ᠬᠤᠳᠡ ᠶᠢ ᠴᠢᠭᠯᠡᠪᠡ᠃ | ᠨᠢᠰᠬᠡᠯ ᠤᠯᠠᠭᠠᠨᠪᠠᠭᠠᠳᠤᠷ ᠬᠤᠳᠡ᠂ ᠤᠷᠤᠰ ᠤᠨ ᠬᠠᠷᠢᠶ᠎ᠠ ᠤᠬᠳᠠᠷᠭᠤᠢ ᠪᠠᠷ 12000 m ᠤᠨ ᠭᠦᠨ ᠳᠤ | ᠲᠡᠭᠳᠡᠵᠥ᠂ ᠴᠠᠭ ᠪᠦᠷᠢ 900 ᠺᠢᠯᠤᠮᠧᠲᠷ ᠤᠨ ᠬᠤᠷᠳᠤᠴᠨ ᠪᠠᠷ ᠠᠶᠠᠯᠠᠬᠤᠳᠤ ᠭᠡᠰᠡᠭ ᠨᠦᠢᠷᠮᠤᠭᠯᠠᠵᠥ᠂ ᠭᠡᠰᠡᠭ | ᠰᠠᠷᠠᠵᠥ ᠨᠢᠭᠡ ᠮᠡᠳᠡᠭᠦ ᠳᠤ ᠨᠢᠬᠡᠨᠳᠡ ᠠᠷᠪᠠᠭᠠᠳ ᠴᠠᠭ ᠠᠶᠠᠯᠠᠴᠢᠬᠠᠬᠰᠠᠨ ᠪᠠᠶᠢᠪᠠ᠃ | ᠪᠢᠳᠡ ᠭᠧᠷᠮᠠᠨ ᠤᠯᠤᠰ ᠤᠨ ᠹᠷᠡᠨᠺᠹᠦ᠋ᠷᠲ ᠬᠤᠳᠡ ᠶᠢᠨ ᠨᠢᠰᠬᠡᠯ ᠤᠨ ᠪᠠᠭᠤᠳᠠᠯ ᠳᠤ ᠲᠤᠰ ᠤᠯᠤᠰ ᠤᠨ | ᠴᠠᠭ ᠢᠶᠠᠷ 11 ᠤ ᠦᠷᠯᠦᠭᠡ ᠶᠢᠨ 7᠄ 15 ᠳᠤ ᠪᠠᠭᠤᠪᠠ᠃ ᠨᠢᠭᠤᠷ ᠭᠠᠷ ᠢᠶᠠᠨ ᠲᠦᠭᠦᠮ ᠤᠬᠢᠶᠠᠭᠠᠳ | ᠭᠠᠷᠬᠤ ᠳᠤ ᠭᠠᠳᠠᠨ᠎ᠠ ᠢᠰᠭᠢᠷᠦᠭᠰᠡᠨ ᠰᠡᠷᠢᠭᠦᠨ ᠰᠠᠯᠬᠢ ᠲᠠᠢ᠂ ᠨᠡᠯᠢᠶᠠᠳ ᠭᠦᠢᠳᠡᠨ ᠰᠢᠭ ᠰᠠᠨᠠᠭᠳᠠᠪᠠ᠃ | ᠭᠦᠳᠦᠯᠦᠭᠴᠢ ᠶᠢᠨ ᠲᠠᠭᠠᠭᠤᠯᠭ᠎ᠠ ᠪᠠᠷ ᠠᠶᠠᠨᠴᠢᠳ ᠤᠨ ᠮᠠᠰᠢᠨ ᠳᠤ ᠭᠠᠷᠴᠤ ᠰᠢᠭᠤᠳ ᠷᠤᠲ᠋ᠧᠨ᠋ᠪᠦᠷᠡᠭ ᠭᠡᠳᠡᠭ ᠵᠢᠵᠢᠭ | ᠬᠤᠳᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢ ᠴᠢᠭᠯᠡᠨ ᠲᠠᠪᠬᠢᠭᠤᠯᠪᠠ᠃ | ᠭᠧᠷᠮᠠᠨ ᠤᠯᠤᠰ 35.7 ᠲᠦᠮᠡᠨ ᠲᠡᠭᠰᠢ ᠲᠦᠷᠪᠡᠯᠵᠢᠨ ᠺᠢᠯᠦᠮᠧᠲᠷ ᠨᠤᠳᠤᠭ ᠲᠠᠪᠢᠰᠭᠡᠷ ᠲᠡᠭᠡᠷ᠎ᠡ 8401.2 | ᠲᠦᠮᠡᠨ ᠭᠦᠮᠦᠨ ᠠᠮᠨ ᠲᠠᠢ᠂ ᠡᠸᠦ᠋ᠷᠦᠫᠡ ᠲᠢᠪ ᠤᠨ ᠭᠤᠤᠯ ᠳᠤ ᠪᠠᠶᠢᠷᠢᠯᠠᠵᠥ ᠪᠠᠶᠢᠭ᠎ᠠ ᠭᠦᠭᠵᠢᠭᠰᠡᠨ ᠭᠦᠷᠦᠩᠭᠡᠳᠤ | ᠤᠯᠤᠰ ᠪᠠᠶᠢᠵᠤ᠂ ᠦᠪᠦᠷ ᠮᠤᠩᠭᠤᠯ ᠤᠨ ᠭᠠᠵᠠᠷ ᠨᠤᠳᠤᠭ ᠤᠨ 1/3 ᠳᠤ ᠭᠦᠷᠭᠦ ᠦᠭᠡᠢ ᠭᠠᠵᠠᠷ ᠲᠡᠭᠡᠷ᠎ᠡ ᠦᠪᠦᠷ | ᠮᠤᠩᠭᠤᠯ ᠤᠨ ᠭᠦᠮᠦᠨ ᠠᠮᠠᠨ ᠤ ᠭᠤᠷᠪᠡ ᠲᠠᠬᠢᠨ ᠠᠴᠠ ᠢᠯᠡᠬᠦᠦ ᠬᠦᠮᠦᠨ ᠠᠮᠨ ᠠᠮᠢᠳᠤᠷᠠᠵᠤ ᠪᠠᠶᠢᠳᠠᠬ᠃ ᠪᠦᠬᠦ | ᠤᠯᠤᠰ ᠲᠤ 16 ᠵᠸᠤ ᠲᠠᠢ᠃ ᠲᠡᠯᠡᠬᠡᠢ ᠶᠢᠨ ᠬᠤᠶᠠᠳᠤᠭᠠᠷ ᠲᠠᠶᠢᠨ ᠠᠴᠠ ᠬᠤᠶᠢᠰᠢ ᠠᠵᠥ ᠠᠬᠤᠢ ᠨᠡᠶᠢᠬᠡᠮ ᠤᠨ | ᠭᠦᠭᠵᠢᠯᠳᠡ ᠪᠠᠷ ᠲᠡᠯᠡᠬᠡᠢ ᠶᠢᠨ ᠲᠡᠷᠢᠬᠦᠨ ᠤ ᠡᠩᠨᠡᠭᠡᠨ ᠳᠤ ᠵᠢᠬᠰᠠᠭᠠᠬᠳᠠᠭᠰᠠᠨ ᠭᠧᠷᠮᠠᠨ ᠤ ᠨᠢᠭᠤᠴᠨ ᠵᠤᠷ ᠪᠤᠯᠪᠠᠰᠤ | ᠠᠵᠢᠯ ᠮᠡᠷᠭᠡᠵᠢᠯ ᠤᠨ ᠰᠤᠷᠭᠠᠨ ᠬᠦᠮᠦᠵᠢᠯ ᠳᠤ ᠪᠤᠢ ᠭᠡᠨ᠎ᠡ᠃ | ᠡᠳᠦᠬᠡ ᠲᠡᠯᠡᠬᠡᠢ ᠶᠢᠨ ᠬᠡᠪᠴᠢᠶᠡᠨ ᠳᠤ ᠵᠠᠭᠤ ᠭᠠᠷᠤᠢ ᠤᠯᠤᠰ ᠭᠧᠷᠮᠠᠨ ᠳᠤ ᠢᠷᠡᠵᠥ ᠠᠵᠢᠯ ᠮᠡᠷᠭᠡᠵᠢᠯ ᠤᠨ | ᠰᠤᠷᠭᠠᠨ ᠬᠦᠮᠦᠵᠢᠯ ᠤᠨ ᠪᠦᠳᠦᠴᠨ᠂ ᠲᠤᠬᠳᠠᠮᠵᠢ ᠬᠢᠬᠡᠳ ᠬᠠᠮᠢᠶᠠᠷᠤᠯᠳᠡ᠂ ᠠᠷᠭ᠎ᠠ ᠪᠠᠷᠢᠯ ᠢ ᠰᠤᠷᠤᠯᠴᠠᠵᠥ ᠪᠤᠢ᠃ | ᠦᠨᠳᠤᠷ ᠬᠤᠷᠳᠤᠴᠠᠳᠤ ᠵᠠᠰᠠᠮᠠᠯ ᠵᠠᠮ ᠲᠠᠭᠡᠷ᠎ᠡ 7 ᠰᠠᠭᠤᠳᠠᠯ ᠠᠴᠠ ᠲᠡᠭᠡᠭᠰᠢ ᠠᠶᠠᠨᠴᠢᠨ ᠤ ᠲᠡᠷᠭᠡ ᠪᠤᠶᠤ ᠪᠠᠷᠠᠭᠠᠨ ᠤ | ᠲᠤᠮᠤ ᠲᠡᠷᠭᠡ ᠬᠤᠷᠳᠤᠴᠨ ᠶᠢᠨ ᠬᠢᠵᠠᠭᠠᠷᠯᠠᠯ ᠲᠠᠢ᠂ ᠬᠤᠷᠳᠤᠴᠨ ᠶᠢ ᠨᠢ ᠮᠠᠰᠢᠨ ᠲᠡᠷᠭᠡ ᠳᠤ ᠨᠢ ᠤᠬᠰᠠᠷᠠᠭᠰᠠᠨ | ᠲᠤᠭᠠᠴᠠᠯᠠᠭᠰᠠᠨ ᠮᠡᠳᠡᠭᠡ ᠵᠠᠩᠬᠢ ᠬᠤᠷᠢᠶᠠᠬᠤ ᠬᠠᠷ᠎ᠠ ᠬᠠᠶᠢᠷᠴᠠᠭ ᠠᠳᠠᠯᠢ ᠴᠢᠳᠠᠪᠬᠢ ᠲᠠᠢ ᠮᠠᠰᠢᠨ ᠨᠢ ᠵᠢᠯᠤᠭᠤᠴᠢ ᠶᠢ | ᠭᠦᠢᠴᠡᠳ ᠡᠵᠡᠮᠰᠢᠴᠢᠭᠡᠳᠡᠭ᠃ ᠲᠦᠷᠪᠡᠨ ᠴᠠᠭ ᠤᠨ ᠠᠶᠠᠨ ᠳᠤ ᠬᠤᠶᠠᠷ ᠤᠳᠠᠭᠠᠨ ᠤ ᠠᠮᠠᠷᠠᠯᠳᠠ ᠶᠢ ᠵᠠᠪᠠᠯ | ᠪᠠᠶᠠᠯᠠᠭᠦᠯᠤᠨᠡ᠃ ᠨᠢᠬᠡᠳᠦᠭᠡᠷ ᠤᠳᠠᠭ᠎ᠠ 15 ᠮᠢᠨᠦ᠋ᠲ᠂ ᠬᠤᠶᠠᠳᠤᠭᠠᠷ ᠤᠳᠠᠭ᠎ᠠ 30 ᠮᠢᠨᠦ᠋ᠲ ᠢᠶᠠᠷ ᠠᠮᠠᠷᠠᠭᠰᠠᠨ | ᠡᠰᠡᠬᠦ ᠶᠢ ᠮᠠᠰᠢᠨ ᠲᠡᠷᠭᠡᠨ ᠳᠤ ᠤᠬᠰᠠᠷᠠᠭᠰᠠᠨ ᠬᠠᠷ᠎ᠠ ᠬᠠᠶᠢᠷᠴᠠᠭ ᠲᠤᠳᠤᠷᠬᠠᠢ ᠲᠡᠮᠳᠡᠭᠯᠡᠵᠥ᠂ ᠵᠠᠮ ᠬᠠᠷᠢᠯᠴᠠᠭᠠᠨ ᠤ | ᠶᠡᠷᠤᠩᠭᠡᠢ ᠬᠠᠮᠢᠶᠠᠷᠤᠯᠳᠠ ᠳᠤ ᠢᠯᠡᠷᠡᠳᠡᠭ᠃ ᠭᠡᠷᠪᠡ ᠠᠮᠠᠷᠠᠬᠤ ᠦᠬᠡᠢ ᠦᠩᠭᠡᠷᠡᠪᠡᠯ ᠵᠢᠯᠤᠭᠤᠴᠢ ᠳᠤ ᠵᠠᠯᠬᠠᠭᠠᠯ | ᠰᠶᠢᠳᠭᠡᠯ ᠦᠭᠭᠦᠨ᠎ᠡ᠃ ᠡᠸᠦ᠋ᠷᠦᠫᠡ ᠶᠢᠨ ᠤᠯᠤᠰ ᠤᠳ ᠤᠨ ᠨᠠᠶᠢᠳᠡ ᠶᠢᠨ ᠮᠠᠰᠢᠨ ᠲᠡᠷᠭᠡᠨ ᠤ ᠵᠢᠯᠤᠭᠤᠴᠢ ᠨᠢ | ᠤᠯᠠᠩᠬᠢ ᠳᠤ ᠪᠠᠨ 60 ᠨᠠᠰᠤᠨ ᠤ ᠲᠦᠯᠦᠪ ᠤᠨ ᠡᠪᠦᠭᠡᠳ ᠪᠠᠶᠢᠵᠥ᠂ ᠵᠠᠯᠠᠭᠤᠴᠤᠳ ᠴᠦᠬᠡᠨ᠂ ᠵᠢᠵᠢᠭ ᠮᠠᠰᠢᠨ | ᠦᠨᠳᠤᠷ ᠬᠤᠷᠳᠤᠴᠠᠳᠤ ᠪᠠᠷ ᠲᠠᠪᠬᠢᠬᠤ ᠳᠤ ᠬᠤᠷᠳᠤᠴᠨ ᠶᠢᠨ ᠬᠢᠵᠠᠭᠠᠷᠯᠠᠯ ᠬᠡᠵᠥ ᠦᠬᠡᠢ᠃ | ᠦᠨᠳᠤᠷ ᠬᠤᠷᠳᠤᠴᠠᠳᠤ ᠵᠠᠰᠠᠮᠠᠯ ᠵᠠᠮ ᠢᠶᠠᠷ ᠠᠶᠠᠯᠠᠬᠤ ᠳᠤ ᠰᠠᠭᠤᠳᠠᠯ ᠤᠷᠤ ᠠᠭᠤᠵᠢᠮ᠂ ᠴᠠᠪᠠᠷ ᠲᠤᠬᠢᠯᠢᠬ᠂ | ᠠᠭᠤᠷ ᠠᠮᠢᠰᠬᠤᠯ ᠤᠨᠴᠠᠭᠠᠢ ᠲᠠᠭᠠᠯᠠᠮᠵᠢᠲᠠᠢ᠃ ᠵᠠᠮ ᠲᠠᠭᠠᠤ ᠦᠨᠳᠤᠷ ᠰᠦᠷᠯᠢᠭ ᠤᠢ ᠮᠤᠳᠤ᠂ ᠡᠪᠡᠰᠤ ᠤᠷᠭᠤᠮᠠᠯ᠂ | ᠠᠭᠤᠯᠨ ᠲᠠᠯ᠎ᠠ ᠶᠢ ᠢᠬᠴᠤ ᠰᠠᠬᠤᠯᠢᠭ ᠪᠦᠷᠭᠦᠵᠥ᠂ ᠠᠯᠠᠭᠠᠨ ᠲᠠᠳᠤᠢ ᠲᠠᠴᠢᠷ ᠬᠠᠯᠴᠠᠭᠠᠢ ᠭᠠᠵᠠᠷ ᠦᠬᠡᠢ ᠬᠡᠵᠥ | ᠬᠡᠯᠡᠬᠦ ᠳᠤ ᠢᠯᠡᠬᠦᠳᠡᠬᠦ ᠪᠠᠷ ᠦᠬᠡᠢ︕ ᠬᠠᠶ᠋ᠨ ᠬᠠᠶ᠋ᠨ ᠲᠦᠷᠪᠡᠯᠵᠢᠨ᠂ ᠭᠤᠷᠪᠡᠯᠵᠢᠨ᠂ ᠵᠢᠰᠢᠬᠦᠯᠵᠢᠨ ᠤᠯᠠᠨ ᠶᠠᠩᠵᠥ | ᠬᠡᠯᠪᠡᠷᠢ ᠶᠢᠨ ᠨᠤᠪ ᠨᠤᠭᠤᠭᠠᠨ ᠲᠠᠷᠢᠮᠠᠯ ᠤᠨ ᠲᠠᠯᠠᠪᠠᠢ ᠪᠤᠶᠤ ᠠᠳᠠᠷ ᠬᠠᠭᠠᠯᠪᠦᠷᠢᠯᠠᠵᠥ ᠲᠠᠷᠢᠶ᠎ᠠ ᠲᠠᠷᠢᠬᠤ ᠪᠠᠷ ᠪᠠᠶᠢᠭ᠎ᠠ | ᠰᠢᠬ ᠲᠡᠭᠰᠢ ᠭᠠᠵᠠᠷ ᠠᠩᠬᠠᠷᠣᠯ ᠢ ᠲᠠᠳᠠᠵᠥ ᠭᠧᠷᠮᠠᠨ ᠤᠯᠤᠰ ᠴᠢᠨᠢ ᠲᠡᠷᠢᠶᠠᠯᠠᠩ ᠤᠨ ᠤᠯᠤᠰ ᠤᠤ︖ ᠬᠡᠵᠥ | ᠠᠰᠠᠭᠤᠬᠤ ᠳᠤ ᠭᠦᠳᠦᠯᠦᠭᠴᠢ ᠠᠴᠠ ᠭᠧᠷᠮᠠᠨ ᠤᠯᠤᠰ ᠪᠤᠯ ᠲᠠᠷᠢᠶᠠᠯᠠᠩ ᠤᠨ ᠤᠯᠤᠰ ᠪᠢᠰᠢ᠃ ᠦᠪᠡᠷ ᠤᠨ | ᠤᠯᠤᠰ ᠤᠨ ᠢᠶᠠᠨ ᠲᠠᠷᠢᠶ᠎ᠠ ᠲᠦᠮᠦᠰᠤᠨ ᠤ ᠭᠡᠷᠡᠭᠴᠡᠭᠡᠨ ᠤ ᠪᠠᠨ 1% ᠶᠢ ᠯᠨ ᠦᠪᠡᠷᠳᠡᠬᠡᠨ ᠰᠶᠢᠳᠪᠦᠷᠢᠯᠡᠵᠥ᠂ | ᠪᠤᠰᠤᠳ ᠢ ᠨᠢ ᠴᠦᠮ ᠭᠠᠳᠠᠭᠠᠳᠤ ᠠᠴᠠ ᠤᠷᠤᠭᠤᠯᠳᠠᠭ᠃ ᠡᠨᠡ ᠬᠦ ᠦᠵᠡᠭᠳᠡᠵᠥ ᠪᠠᠶᠢᠭ᠎ᠠ ᠵᠢᠵᠢᠭ ᠲᠡᠭᠰᠢ ᠲᠠᠯ᠎ᠠ ᠪᠤᠯ | ᠶᠡᠬᠡᠩᠬᠢ ᠳᠤ ᠪᠠᠨ ᠴᠢᠨᠠᠷ ᠰᠠᠶᠢᠲᠠᠢ ᠡᠪᠡᠰᠤ ᠲᠠᠷᠢᠵᠥ ᠪᠠᠶᠢᠨ᠎ᠡ᠃ ᠴᠦᠬᠡᠬᠡᠨ ᠲᠤᠭᠠᠨ ᠤ ᠲᠠᠷᠢᠶᠠᠯᠠᠩ ᠪᠤᠢ ᠬᠡᠨ᠎ᠡ᠃ | ᠴᠠᠭᠠᠰᠢᠯᠠᠭᠠᠳ ᠨᠠᠷᠢᠨ ᠠᠩᠬᠠᠷᠪᠠᠯ ᠬᠤᠳᠳᠤᠭ᠂ ᠤᠰᠤᠯᠠᠬᠤ ᠪᠠᠭᠠᠵᠢ ᠲᠦᠭᠦᠭᠡᠷᠦᠮᠵᠢ᠂ ᠬᠠᠶᠢᠷᠴᠠᠭ ᠬᠠᠮᠠᠷ ᠬᠡᠵᠥ | ᠦᠬᠡᠢ᠂ ᠵᠥᠪᠬᠡᠨ ᠭᠠᠵᠠᠷ ᠢ ᠨᠢ ᠬᠠᠭᠠᠯᠪᠤᠷᠢᠯᠠᠭᠠᠳ ᠰᠢᠪᠡᠷ ᠰᠢᠷᠤᠢ ᠶᠢ ᠨᠢ ᠭᠤᠶᠤ ᠰᠠᠶᠢᠬᠠᠨ ᠴᠤᠴᠠᠯᠠᠭᠠᠳ | ᠭᠦᠷᠦᠩᠭᠡ ᠤᠷᠤᠭᠤᠯᠴᠢᠬᠠᠳᠠᠭ ᠲᠠᠳᠤᠢ᠃ ᠤᠰᠤᠯᠠᠬᠤ ᠶᠢ ᠮᠡᠳᠡᠬᠦ ᠦᠬᠡᠢ᠂ ᠪᠤᠷᠤᠭᠠᠨ ᠢ ᠲᠦᠰᠢᠨ᠎ᠡ᠃ ᠴᠠᠭᠠᠰᠢ | ᠤᠬᠤᠴᠢᠯᠠᠨ ᠦᠢᠯᠠᠭᠠᠪᠠᠯ ᠭᠧᠷᠮᠠᠨ ᠤᠯᠤᠰ ᠲᠤ ᠲᠤᠮᠤ ᠮᠠᠯᠵᠢᠯᠤᠨ ᠲᠠᠯᠠᠪᠠᠢ ᠪᠠᠶᠢᠨ᠎ᠠ᠃ ᠭᠤᠤᠯᠳᠠᠭᠤ ᠦᠭᠡᠷ᠂ | ᠮᠤᠷᠢ᠂ ᠬᠤᠨᠢ ᠬᠡᠵᠥ ᠪᠤᠢ᠃ ᠴᠢᠨᠠᠷ ᠰᠠᠶᠢᠲᠠᠢ ᠡᠪᠡᠰᠤ ᠪᠠᠯᠴᠢᠭᠡᠷ ᠲᠤ ᠪᠠᠨ ᠮᠠᠯ ᠢᠶᠠᠨ ᠢᠳᠡᠰᠢᠯᠡᠬᠦᠯᠬᠦ ᠪᠤᠶᠤ | ᠡᠪᠡᠰᠤ ᠪᠠᠨ ᠮᠠᠰᠢᠨ ᠢᠶᠠᠷ ᠬᠤᠷᠢᠶᠠᠵᠥ ᠮᠠᠯᠵᠢᠯ ᠤᠨ ᠲᠠᠯᠠᠪᠠᠢ ᠳᠤ ᠪᠠᠨ ᠠᠰᠢᠬᠯᠠᠳᠠᠭ ᠪᠠᠶᠢᠳᠠᠯ ᠲᠠᠢ᠃ ᠭᠡᠪᠡᠴᠤ | ᠪᠡᠯᠴᠢᠭᠡᠷᠯᠡᠵᠥ ᠪᠠᠶᠢᠭ᠎ᠠ ᠮᠠᠯ ᠰᠦᠷᠦᠭ ᠬᠡᠵᠥ ᠴᠦᠭᠡᠪᠳᠤᠷ ᠦᠭᠡᠷ᠂ ᠠᠳᠤᠭᠤ᠂ ᠬᠤᠨᠢ ᠬᠠᠶ᠋ᠨ ᠬᠠᠶ᠋ᠨ | ᠬᠠᠷᠠᠭᠳᠠᠨ᠎ᠠ᠃ | ᠵᠠᠮ ᠲᠠᠭᠠᠤ ᠭᠤᠤᠯ ᠭᠤᠷᠤᠬ᠎ᠠ᠂ ᠨᠠᠭᠤᠷ ᠴᠦᠭᠦᠷᠤᠮ ᠤᠨ ᠣᠷᠣᠰᠬᠠᠯ ᠢ ᠬᠠᠪᠢᠳᠠᠨ ᠤᠢ ᠶᠢᠨ ᠲᠤᠳᠤᠷᠠᠬᠢ | ᠲᠤᠰᠬᠤᠨ ᠪᠠᠯᠭᠠᠰᠤ᠂ ᠲᠤᠰᠬᠤᠨ ᠤ ᠲᠤᠳᠤᠷᠠᠬᠢ ᠤᠢ ᠮᠣᠳᠣ ᠪᠠᠶᠢᠭᠠᠯᠢ ᠳᠤ ᠪᠠᠨ ᠵᠤᠬᠢᠴᠠᠭᠰᠠᠨ ᠮᠦᠷᠳᠡᠬᠡᠨ | ᠦᠨᠳᠤᠷ ᠦᠨᠳᠤᠷ ᠡᠾᠷᠢᠰᠲ᠋ᠤᠰ ᠤᠨ ᠱᠠᠰᠢᠨ ᠤ ᠲᠤᠭᠠᠩ ᠬᠢᠭᠡᠳ ᠡᠭ᠍ᠴᠨ ᠪᠤᠰᠤᠭ᠎ᠠ ᠲᠡᠭᠡᠪᠤᠷ ᠲᠠᠢ ᠬᠤᠶᠠᠷ ᠭᠤᠷᠪᠠᠨ | ᠲᠠᠪᠬᠤᠷ ᠠᠰᠠᠷ ᠲᠠᠭᠳᠤ ᠨᠡᠶᠢᠳᠡᠮ ᠳᠤ ᠪᠠᠨ ᠨᠢᠬᠡ ᠯᠨ ᠤᠨᠴᠠᠯᠢᠭ ᠲᠠᠢ᠃ ᠠᠶᠢᠯ ᠡᠷᠤᠬᠡ ᠭᠡᠵᠥ ᠲᠠᠷᠠᠬᠠᠢ | ᠰᠠᠭᠤᠷᠢᠰᠢᠬᠰᠠᠨ ᠮᠠᠨ ᠤ ᠠᠳᠡᠬᠢ ᠪᠠᠶᠢᠳᠠᠯ ᠶᠠᠷᠤ ᠬᠠᠷᠠᠭᠳᠠᠬᠤ ᠦᠬᠡᠢ᠃ | ᠭᠧᠷᠮᠠᠨ ᠤᠯᠤᠰ ᠤᠨ ᠴᠠᠭ ᠢᠶᠠᠷ 11 ᠴᠠᠭ ᠤᠨ ᠦᠶ᠎ᠡ ᠪᠠᠷ ᠷᠤᠲ᠋ᠧᠨ᠋ᠪᠦᠷᠡᠭ ᠭᠡᠳᠡᠭ ᠵᠢᠵᠢᠭ ᠬᠤᠳᠡ ᠶᠢᠨ | ᠠᠵᠢᠯ ᠮᠡᠷᠭᠡᠵᠢᠯ ᠤᠨ ᠰᠤᠷᠭᠠᠭᠤᠯᠢ ᠶᠢᠨ ᠡᠬᠦᠳᠡᠨ ᠳᠤ ᠭᠦᠷᠦᠯ᠎ᠠ᠃ ᠲᠤᠮᠳᠡ ᠪᠠᠨ ᠨᠢᠬᠡ ᠯᠨ ᠤᠳᠠᠭ᠎ᠠ 15 | ᠮᠢᠨᠦ᠋ᠲ ᠤᠨ ᠠᠮᠠᠷᠠᠯᠳᠠ ᠬᠢᠪᠡ᠃ ᠭᠡᠷᠪᠡ ᠪᠠᠭ᠋ᠠᠨ ᠤᠳᠠᠭᠠᠨ ᠰᠢᠬ ᠶᠠᠪᠤᠬᠰᠠᠨ ᠪᠤᠯ ᠭᠦᠷᠴᠤ ᠢᠷᠡᠬᠦ ᠠᠴᠠ ᠡᠮᠦᠨ᠎ᠡ | ᠪᠠᠰᠠ 30 ᠮᠢᠨᠦ᠋ᠲ ᠤᠨ ᠠᠮᠠᠷᠠᠯᠳᠠ ᠶᠢ ᠵᠠᠪᠠᠯ ᠬᠢᠬᠦ ᠴᠢᠬᠤᠯᠠᠲᠠᠢ ᠪᠠᠶᠢᠯ᠎ᠠ᠃ | ᠨᠢᠭᠡ᠂ ᠰᠤᠷᠭᠠᠭᠤᠯᠢ ᠶᠢᠨ ᠵᠠᠭᠢᠷᠣᠯ ᠡᠭᠦᠳᠡᠨ ᠤ ᠡᠮᠤᠨ᠎ᠡ ᠪᠢᠳᠡᠨ ᠢ ᠤᠬᠳᠤᠨ ᠠᠪᠴᠤ ᠬᠠᠯᠠᠭᠤᠨ ᠢᠶᠠᠷ | ᠮᠠᠨᠳᠤᠴᠢᠯᠠᠵᠤ ᠰᠤᠷᠭᠠᠭᠤᠯᠢ ᠶᠢᠨ ᠠᠰᠠᠷ ᠢ ᠨᠢᠭᠡ ᠨᠢᠭᠡ ᠲᠠᠪᠬᠤᠷᠭ᠎ᠠ ᠪᠠᠷ ᠲᠤᠭᠤᠷᠢᠨ ᠲᠠᠨᠢᠯᠴᠠᠭᠤᠯᠪᠠ᠃ | ᠲᠤᠰ ᠠᠵᠢᠯ ᠮᠡᠷᠭᠡᠵᠢᠯ ᠤᠨ ᠰᠤᠷᠭᠠᠭᠤᠯᠢ ᠨᠢ 1975 ᠤᠨ ᠠᠴᠠ ᠡᠮᠤᠨ᠎ᠡ ᠡᠩ ᠤᠨ ᠲᠤᠮᠳᠠᠳᠤ | ᠰᠤᠷᠭᠠᠭᠤᠯᠢ ᠪᠠᠶᠢᠬᠰᠠᠨ ᠢᠶᠠᠨ ᠠᠵᠢᠯ ᠮᠡᠷᠭᠡᠵᠢᠯ ᠤᠨ ᠰᠤᠷᠭᠠᠭᠤᠯᠢ ᠪᠤᠯᠭᠠᠨ ᠦᠭᠡᠷᠡᠴᠢᠯᠡᠭᠳᠡᠵᠡᠢ᠃ 90 ᠭᠠᠷᠤᠢ | ᠪᠠᠭᠰᠢ ᠠᠵᠢᠯᠳᠠᠨ ᠲᠠᠢ᠃ 1800 ᠭᠠᠷᠤᠢ ᠰᠤᠷᠤᠬᠴᠢ ᠲᠠᠢ᠂ ᠭᠤᠷᠪᠠᠨ ᠰᠠᠯᠪᠤᠷᠢ ᠰᠤᠷᠭᠠᠭᠤᠯᠢ ᠶᠢᠨ ᠴᠢᠭ ᠲᠠᠢ᠃ | ᠡᠬᠦᠨ ᠤ ᠲᠤᠳᠤᠷ᠎ᠠ ᠨᠢᠭᠡ ᠰᠠᠯᠪᠤᠷᠢ ᠰᠤᠷᠭᠠᠭᠤᠯᠢ ᠶᠢᠨ ᠴᠢᠭ ᠲᠤ ᠨᠢ ᠵᠥᠪᠬᠡᠨ 7 ᠰᠤᠷᠤᠭᠴᠢ ᠲᠠᠢ᠂ ᠠᠯᠪᠠᠨ | ᠠᠰᠠᠷ᠂ ᠪᠠᠶᠢᠷᠢ ᠶᠢᠨ ᠠᠰᠠᠷ ᠨᠢ ᠨᠢᠭᠡ ᠵᠠᠯᠭᠠᠭ᠎ᠠ ᠪᠦᠬᠦᠯᠢ ᠴᠤᠬᠴᠨ᠃ 500 ᠵᠢᠯ ᠤᠨ ᠲᠡᠤᠭᠡ ᠲᠠᠢ ᠬᠠᠭᠤᠴᠢᠨ | ᠪᠠᠷᠢᠯᠭ᠎ᠠ ᠶᠢ ᠠᠰᠢᠬᠯᠠᠵᠥ ᠰᠡᠯᠪᠢᠯᠳᠡ ᠵᠠᠰᠠᠯᠳᠠ᠂ ᠪᠠᠬᠢᠵᠢᠬᠦᠯᠥᠯᠳᠡ ᠶᠢ ᠰᠠᠶᠢᠬᠠᠨ ᠭᠢᠭᠡᠳ ᠰᠤᠷᠭᠠᠭᠤᠯᠢ ᠡᠷᠭᠢᠯᠡᠵᠥ | ᠪᠠᠶᠢᠨ᠎ᠠ᠃ ᠰᠡᠯᠪᠢᠯᠳᠡ ᠵᠠᠰᠠᠯᠳᠡ᠂ ᠪᠠᠬᠢᠵᠢᠬᠦᠯᠥᠯᠳᠡ ᠨᠢ ᠤᠭ ᠪᠠᠷᠢᠯᠭ᠎ᠠ ᠶᠢᠨ ᠭᠡᠯᠪᠡᠷᠢ ᠲᠦᠷᠰᠤ᠂ ᠪᠦᠳᠦᠴᠨ ᠶᠢ | ᠶᠠᠷᠤ ᠬᠤᠪᠢᠷᠠᠭᠤᠯᠬᠤ ᠦᠬᠡᠢ ᠪᠠᠶᠢᠳᠠᠯ ᠲᠤᠤᠷ᠎ᠡ ᠭᠦᠢᠴᠡᠳᠭᠡᠲᠡᠭ ᠲᠤᠯᠨ 500 ᠵᠢᠯ ᠤᠨ ᠡᠮᠦᠨᠡᠬᠢ ᠲᠡᠤᠬᠡ | ᠰᠤᠶᠤᠯ ᠤᠨ ᠤᠯᠨ ᠮᠦᠷ ᠢ ᠨᠢᠳᠤᠨ ᠳᠤ ᠦᠵᠡᠭᠳᠡᠵᠥ ᠭᠠᠷ ᠲᠤ ᠪᠠᠷᠢᠬᠳᠠᠬᠤ ᠬᠡᠮᠵᠢᠶᠡᠨ ᠳᠤ ᠭᠦᠷᠳᠡᠯ᠎ᠡ ᠲᠤᠳᠤᠷᠬᠠᠢ | ᠢᠯᠡᠷᠡᠭᠦᠯᠵᠥ᠂ ᠲᠡᠤᠭᠡ ᠰᠤᠶᠤᠯ ᠢᠶᠠᠨ ᠦᠨᠦᠳᠤᠷ ᠲᠤ ᠠᠭᠤᠰᠬᠠᠵᠥ᠂ ᠦᠨᠦᠳᠤᠷ ᠤᠨ ᠭᠦᠭᠵᠢᠯᠳᠡ ᠲᠠᠪᠰᠢᠯᠳᠡ ᠨᠢ | ᠴᠦᠮ ᠤᠷᠳᠤ ᠬᠤᠭᠤᠴᠠᠭᠠᠨ ᠤ ᠲᠡᠣᠬᠡᠶᠢᠨ ᠤᠯᠪᠠᠭ᠎ᠠ ᠶᠢᠨ ᠦᠶ᠎ᠡ ᠦᠶ᠎ᠡ ᠶᠢᠨ ᠭᠦᠮᠦᠨ ᠨᠡᠶᠢᠬᠡᠮ ᠤᠨ ᠤᠪᠤᠭᠠᠨ ᠳᠤ | ᠴᠢᠯᠠᠭᠤ ᠨᠡᠮᠡᠭᠰᠡᠨ ᠲᠠᠳᠤᠢ ᠭᠡᠳᠡᠭ ᠢ ᠭᠦᠨᠵᠡᠭᠡᠢ ᠲᠠᠨᠢᠭᠤᠯᠬᠤ ᠠᠴᠠ ᠭᠠᠳᠠᠨ᠎ᠠ ᠡᠬᠡ ᠪᠠᠶᠢᠭᠠᠯᠢ ᠶᠢᠨ ᠮᠦᠭᠦᠯᠢᠭ | ᠰᠢᠷᠤᠢᠶᠢ ᠭᠦᠷᠳᠡᠯ᠎ᠡ ᠡᠰᠡ ᠪᠦᠷᠢᠯᠭᠡᠬᠦ᠂ ᠬᠠᠶᠢᠷᠠᠯᠠᠵᠥ ᠨᠠᠨᠳᠢᠩᠨᠠᠬᠤ᠂ ᠦᠷᠭᠦᠯᠵᠢᠯᠡᠬᠦᠯᠬᠦ᠂ ᠵᠠᠯᠭᠠᠮᠵᠢᠯᠠᠬᠤᠶᠢ | ᠲᠠᠷᠢᠭᠦᠨ ᠳᠤ ᠲᠠᠯᠪᠢᠬᠤ ᠴᠠᠭ ᠤᠨ ᠤᠷᠤᠰᠬᠠᠯ ᠢ ᠲᠠᠭᠠᠵᠥ᠂ ᠬᠠᠭᠤᠴᠢᠨ ᠢ ᠤᠷᠤ ᠮᠦᠷ ᠦᠭᠡᠢ ᠦᠭᠡᠶᠢᠰᠬᠡᠵᠥ᠂ | ᠪᠦᠷᠢᠯᠭᠡᠵᠥ ᠰᠦᠢᠳᠭᠡᠬᠦ᠂ ᠴᠠᠭᠠᠰᠢᠳᠠ ᠲᠡᠥᠬᠡ ᠰᠤᠶᠤᠯ ᠢ ᠪᠠᠯᠠᠷᠬᠠᠶᠢᠰᠢᠭᠤᠯᠬᠤ ᠶᠢ ᠤᠨᠴᠠᠭᠠᠢ ᠴᠡᠭᠡᠷᠯᠡᠵᠥ᠂ ᠤᠴᠢᠷ | ᠦᠭᠡᠢ ᠰᠢᠨ᠎ᠡ ᠭᠠᠵᠠᠷ ᠨᠠᠭᠡᠭᠡᠵᠥ᠂ ᠲᠠᠬᠢᠨ ᠲᠠᠪᠳᠠᠨ ᠰᠢᠨ᠎ᠡ ᠠᠰᠠᠷ ᠲᠠᠭᠳᠤ ᠪᠠᠷᠢᠬᠤ ᠶᠢ ᠴᠢᠩᠭ᠎ᠠ ᠭᠢᠵᠠᠭᠠᠷᠯᠠᠵᠥ᠂ | ᠭᠡᠷᠡᠭᠴᠡᠭᠡ ᠱᠠᠭᠠᠷᠳᠠᠯᠭ᠎ᠠ ᠳᠤ ᠪᠠᠨ ᠵᠤᠭᠢᠴᠠᠭᠰᠠᠨ ᠪᠠᠶᠢᠬᠤ ᠪᠤᠯ ᠬᠠᠮᠤᠭ ᠤᠨ ᠶᠡᠭᠡ ᠦᠨᠳᠤᠷ ᠪᠠᠷᠢᠮᠵᠢᠶ᠎ᠠ | ᠱᠠᠭᠠᠷᠳᠠᠯᠭ᠎ᠠ ᠪᠣᠯᠣᠨ᠎ᠠ᠃ | ᠲᠤᠰ ᠰᠤᠷᠭᠠᠭᠤᠯᠢ 1800 ᠭᠠᠷᠤᠢ ᠰᠤᠷᠤᠬᠴᠢ ᠲᠠᠢ ᠪᠤᠯᠪᠠᠴᠤ ᠭᠤᠷᠪᠠᠨ ᠰᠠᠯᠪᠤᠷᠢ ᠰᠤᠷᠭᠠᠭᠤᠯᠢ ᠭᠢᠭᠡᠳ | ᠠᠵᠥ ᠠᠬᠤᠶᠢᠯᠠᠯ ᠳᠤ ᠬᠤᠪᠢᠶᠠᠭᠳᠠᠭᠠᠳ ᠪᠠᠶᠢᠩᠭᠤ ᠪᠠᠶᠢᠬᠤ ᠰᠤᠷᠤᠬᠴᠢ ᠨᠢ ᠵᠦᠪᠬᠡᠨ 600 ᠭᠠᠷᠤᠢ᠃ ᠪᠠᠶᠢᠷᠢ ᠳᠤ | ᠰᠠᠭᠤᠭ᠎ᠠ ᠰᠤᠷᠤᠬᠴᠢ ᠨᠢ ᠭᠡᠳᠤᠨ ᠠᠷᠪᠠᠭ᠋ᠠᠨ᠃ ᠭᠤᠷᠪᠠᠨ ᠴᠠᠭ ᠮᠠᠰᠢᠨ ᠢᠶᠠᠷ ᠠᠶᠠᠯᠠᠭᠠᠳ ᠰᠤᠷᠭᠠᠭᠤᠯᠢ ᠳᠤ ᠡᠰᠨ | ᠭᠦᠷᠴᠤ ᠲᠠᠶᠢᠯᠭᠦ ᠰᠤᠷᠤᠭᠴᠢᠳ ᠲᠤ ᠪᠠᠶᠢᠷᠢ ᠲᠤᠭᠢᠷᠠᠭᠤᠯᠥᠨᠡ᠃ ᠨᠢᠭᠡ ᠰᠤᠷᠤᠬᠴᠢ ᠨᠢᠭᠡ ᠪᠠᠶᠢᠷᠢ᠃ ᠪᠠᠶᠢᠷᠢ ᠶᠢᠨ | ᠲᠤᠳᠤᠷᠠᠭᠢ ᠨᠦᠭᠦᠴᠡᠯ ᠪᠤᠯ ᠤᠭᠢᠶᠠᠯᠭ᠎ᠠ ᠶᠢᠨ ᠦᠷᠦᠭᠡ᠂ ᠰᠤᠷᠤᠯᠴᠠᠬᠤ ᠰᠢᠷᠡᠭᠡ ᠰᠠᠨᠳᠠᠯᠢ᠂ ᠤᠨᠳᠠᠬᠤ ᠤᠷᠤ᠂ | ᠨᠤᠮ ᠰᠤᠳᠤᠷ ᠪᠤᠶᠤ ᠬᠤᠪᠴᠠᠰᠤ ᠬᠤᠨᠠᠷ ᠢᠶᠠᠨ ᠬᠤᠷᠢᠶᠠᠬᠤ ᠬᠤᠷᠭᠤ᠂ ᠰᠡᠯᠡᠭᠦᠴᠡᠯ ᠤᠨ ᠪᠠᠭ᠎ᠠ ᠲᠡᠭᠳᠡᠷ ᠵᠡᠷᠭᠡ | ᠪᠦᠷᠢᠨ ᠲᠦᠭᠦᠷ ᠲᠦᠭᠦᠭᠡᠷᠤᠮᠵᠢ ᠲᠠᠢ ᠮᠦᠷᠳᠡᠭᠡᠨ ᠤᠨᠴᠠᠭᠠᠢ ᠴᠠᠪᠡᠷ ᠴᠡᠮᠴᠡᠭᠡᠷ ᠪᠠᠶᠢᠳᠠᠬ᠃ ᠴᠡᠪᠡᠷ ᠤᠨ ᠲᠤᠳᠤᠷ᠎ᠠ | ᠵᠤᠷᠯᠤᠩ ᠨᠡᠩ ᠴᠠᠪᠡᠷ᠃ ᠬᠠᠭᠤᠴᠢᠨ ᠪᠠᠷᠢᠯᠭ᠎ᠠ᠂ ᠬᠠᠭᠤᠴᠢᠨ ᠤᠷᠤᠨ ᠰᠠᠭᠤᠴᠨ ᠪᠤᠯᠪᠠᠴᠤ ᠤᠰᠤᠨ ᠴᠤᠷᠭᠤ᠂ | ᠴᠠᠭᠢᠯᠭᠠᠨ ᠨᠡᠭᠡᠭᠡᠯᠭᠡ ᠬᠠᠭᠠᠯᠭ᠎ᠠ᠂ ᠠᠪᠳᠠᠷ᠎ᠠ ᠬᠤᠷᠭᠤ ᠭᠡᠳ ᠡᠪᠳᠡᠷᠭᠡᠢ ᠬᠠᠭᠠᠷᠬᠠᠢ ᠵᠦᠢᠯ ᠤᠬᠳᠤ ᠠᠯᠠᠭ᠎ᠠ᠃ | ᠦᠢᠯᠡᠳᠭᠦᠨ ᠤ ᠴᠢᠨᠠᠷᠵᠢᠯ ᠰᠠᠶᠢᠳᠠᠢ ᠲᠡᠭᠡᠷ᠎ᠡ ᠨᠢ ᠬᠠᠶᠢᠷᠠᠯᠠᠵᠥ ᠬᠠᠮᠠᠭᠠᠯᠠᠬᠤ ᠦᠵᠡᠯ ᠤᠬᠠᠮᠰᠠᠷ ᠦᠨᠳᠤᠷ᠂ | ᠬᠠᠮᠢᠶᠠᠷᠤᠯᠳᠠ ᠴᠢᠩᠭ᠎ᠠ᠃ ᠭᠡᠷᠡᠮ ᠬᠠᠨᠠᠨ ᠳᠤ ᠵᠢᠷᠤᠭ ᠰᠡᠭᠦᠳᠡᠷ᠂ ᠬᠤᠸᠠᠷ ᠭᠦᠷᠦᠭ ᠭᠡᠵᠥ ᠢᠯᠡᠬᠦᠳᠡᠮᠡᠯ ᠵᠦᠢᠯ ᠨᠢᠭᠡ | ᠴᠤ ᠦᠭᠡᠢ︕ | ᠵᠠᠬᠢᠷᠤᠯ ᠤᠨ ᠠᠯᠪᠠᠨ ᠭᠡᠷ ᠤᠨ ᠦᠷᠦᠬᠡᠨ ᠳᠤ ᠨᠢ ᠲᠡᠳ᠋ ᠵᠠᠬᠢᠷᠤᠯ᠂ ᠬᠠᠵᠠᠭᠤ ᠬᠠᠪᠢ ᠪᠠᠷ ᠨᠢ ᠠᠯᠪᠠᠨ | ᠭᠡᠷ ᠤᠨ ᠡᠷᠬᠢᠯᠡᠭᠴᠢ ᠬᠡᠳ ᠦᠨᠳᠤᠰᠤᠨ ᠳᠤ ᠪᠠᠨ ᠨᠢᠬᠡ ᠡᠬᠦᠳᠡ᠂ ᠬᠡᠳᠤᠨ ᠦᠷᠦᠬᠡᠨ ᠳᠤ ᠵᠠᠯᠭᠠᠯᠳᠤᠨ ᠰᠠᠭᠤᠵᠠᠢ᠃ | ᠪᠠᠭᠰᠢ ᠨᠠᠷ ᠴᠤ ᠪᠤᠯᠤᠭ᠂ ᠰᠤᠷᠤᠬᠴᠢ ᠨᠠᠷ ᠴᠤ ᠪᠤᠯᠤᠭ᠂ ᠬᠤᠭᠤᠯᠠᠨ ᠭᠡᠷ ᠤᠨ ᠲᠤᠭᠤᠭᠠᠴᠢ ᠨᠡᠷ ᠴᠤ | ᠪᠤᠯᠤᠭ᠂ ᠠᠭᠤᠯᠵᠠᠩᠭᠤᠳᠡ ᠢᠨᠢᠶᠡᠮᠰᠦᠭᠯᠡᠨ᠂ ᠲᠤᠯᠤᠭᠠᠢ ᠲᠤᠭᠢᠰᠬᠢᠨ ᠭᠧᠷᠮᠠᠨ ᠬᠡᠯᠨ ᠪᠠᠷ ᠮᠠᠨᠳᠤᠴᠢᠯᠠᠵᠥ᠂ ᠪᠠᠶᠠᠷ | ᠪᠠᠶᠠᠰᠬᠤᠯᠠᠩ ᠵᠢᠪᠬᠤᠭ᠎ᠠ ᠲᠡᠭᠦᠯᠳᠡᠷ ᠪᠠᠶᠢᠵᠥ᠂ ᠠᠵᠢᠯ ᠰᠤᠷᠤᠯᠭ᠎ᠠ ᠳᠤ ᠲᠠᠷᠤᠬᠳᠠᠭᠰᠠᠨ᠂ ᠤᠷᠮ᠎ᠠ ᠦᠭᠡᠶᠢᠳᠡᠭᠰᠠᠨ᠂ | ᠲᠤᠷᠤᠭᠰᠢ ᠬᠠᠷᠠᠭᠰᠠᠨ᠂ ᠵᠦᠷᠢᠭᠦᠯᠡᠨ ᠪᠤᠷᠤᠭᠤᠯᠠᠭᠰᠠᠨ ᠪᠠᠶᠢᠳᠠᠯ ᠬᠠᠷᠠᠭᠳᠠᠬᠤ ᠦᠭᠡᠢ︕ | ᠨᠢᠭᠡ ᠠᠩᠬᠢ 16 ᠰᠤᠷᠤᠬᠴᠢ ᠠᠴᠠ ᠲᠠᠪᠠᠭ᠋ᠤ ᠦᠭᠡᠢ᠂ ᠲᠡᠭᠡᠳᠤ ᠲᠤᠮᠳᠠᠳᠤ ᠶᠢᠨ ᠠᠩᠭᠢ ᠪᠠᠶᠢᠬᠤ ᠠᠴᠠ | ᠭᠠᠳᠠᠨ᠎ᠠ ᠠᠩᠬ᠎ᠠ ᠲᠤᠮᠳᠠᠳᠤ ᠶᠢᠨ ᠪᠡᠯᠡᠳᠭᠡᠯ ᠠᠩᠬᠢ ᠭᠡᠵᠥ ᠪᠤᠢ᠃ ᠲᠤᠰᠬᠠᠢ ᠮᠠᠷᠭᠡᠵᠢᠯ ᠤᠨ ᠤᠨᠴᠠᠯᠢᠭ ᠢ | ᠦᠨᠳᠤᠰᠤᠯᠠᠵᠥ ᠤᠯᠠᠩᠭᠢ ᠰᠤᠷᠤᠬᠴᠢ ᠨᠢᠭᠡ ᠬᠤᠭᠤᠴᠠᠭᠠᠨ ᠳᠤ ᠰᠤᠷᠭᠠᠭᠤᠯᠢ ᠳᠤ ᠲᠦᠪᠯᠠᠷᠠᠵᠥ ᠤᠨᠤᠯ | ᠮᠡᠳᠡᠯᠭᠡ ᠶᠢᠨ ᠬᠢᠴᠢᠶᠡᠯ ᠤᠷᠤᠬᠤ ᠨᠢ ᠰᠠᠶ᠋ᠢ 2~5 ᠭᠠᠷᠠᠭ ᠲᠠᠳᠤᠢ᠂ ᠪᠤᠰᠣᠳ ᠴᠠᠭ ᠲᠤ ᠴᠦᠮ ᠠᠵᠥ | ᠠᠬᠤᠶᠢᠯᠠᠯ ᠳᠤ ᠤᠴᠢᠵᠥ ᠦᠢᠯᠡᠳᠤᠯᠭᠡᠵᠢᠭᠰᠡᠨ ᠰᠤᠷᠭᠠᠨ ᠭᠦᠮᠦᠵᠢᠯ ᠢ ᠭᠦᠷᠳᠡᠳᠡᠭ᠃ ᠵᠠᠷᠢᠮ ᠰᠤᠷᠤᠬᠴᠢ ᠰᠢᠭᠤᠳ | ᠱᠠᠪᠢ ᠲᠠᠭᠠᠬᠤ ᠭᠡᠯᠪᠡᠷᠢ ᠪᠠᠷ ᠦᠢᠯᠡᠳᠦᠯᠭᠡᠵᠢᠭᠰᠡᠨ ᠰᠤᠷᠭᠠᠨ ᠭᠦᠮᠦᠵᠢᠯ ᠭᠦᠷᠳᠡᠨ᠎ᠡ᠃ ᠰᠤᠷᠭᠠᠭᠤᠯᠢ ᠳᠤ | ᠲᠦᠪᠯᠠᠷᠠᠵᠥ ᠰᠤᠶᠤᠯ ᠤᠨ ᠬᠢᠴᠢᠶᠡᠯ ᠤᠷᠤᠬᠤ ᠳᠤ ᠪᠠᠭ᠎ᠠ ᠲᠤᠭᠤᠶᠢᠯᠠᠩ ᠢᠶᠠᠷ ᠨᠢᠭᠡᠴᠢᠯᠡᠵᠥ ᠬᠤᠷᠰᠢᠨ ᠰᠤᠷᠤᠯᠴᠠᠬᠤ᠂ | ᠪᠠᠶ᠎ᠠ ᠪᠠᠨ ᠲᠠᠭᠠᠭᠠᠵᠥ ᠰᠤᠷᠤᠯᠴᠠᠬᠤ᠂ ᠪᠠᠭᠰᠢ ᠠᠴᠠ ᠰᠤᠷᠤᠯᠴᠠᠬᠤ ᠠᠭᠤᠯᠭ᠎ᠠ ᠶᠢ ᠨᠡᠶᠢᠳᠡᠪᠤᠷᠢᠵᠢᠭᠤᠯᠤᠨ | ᠲᠤᠰᠢᠶᠠᠵᠥ᠂ ᠰᠤᠷᠤᠯᠴᠠᠬᠤ ᠠᠷᠭ᠎ᠠ ᠶᠢ ᠵᠢᠯᠤᠭᠤᠳᠤᠨ ᠰᠤᠷᠤᠬᠴᠢ ᠨᠢᠭᠡᠪᠤᠷᠢ ᠶᠢᠨ ᠤᠨᠴᠠᠯᠢᠭ ᠲᠤ ᠨᠢ ᠲᠤᠭᠢᠷᠠᠭᠰᠠᠨ | ᠠᠳᠠᠯᠢ ᠪᠤᠰᠤ ᠡᠬᠦᠷᠭᠡ ᠱᠠᠭᠠᠷᠳᠠᠯᠭ᠎ᠠ ᠪᠠᠷ ᠠᠳᠠᠯᠢ ᠪᠤᠰᠤ ᠰᠤᠷᠬᠤ ᠠᠷᠭ᠎ᠠ ᠶᠢ ᠡᠵᠡᠮᠰᠢᠭᠦᠯᠳᠡᠭ᠃ ᠵᠤᠷᠢᠯᠭ᠎ᠠ | ᠬᠠᠷᠠᠯᠳᠠ ᠲᠤᠳᠤᠷᠬᠠᠢ ᠪᠠᠷ ᠰᠡᠳᠬᠢᠵᠥ ᠪᠤᠳᠤᠯᠬᠢᠯᠠᠬᠤ᠂ ᠤᠷᠤᠯᠳᠤᠯᠭ᠎ᠠ ᠬᠢᠬᠦ ᠶᠠᠪᠤᠴᠨ ᠶᠢ ᠴᠢᠬᠤᠯᠠᠴᠢᠯᠠᠨ | ᠡᠷᠴᠢᠮᠵᠢᠬᠦᠯᠵᠥ᠂ ᠲᠡᠷᠢᠬᠢ ᠬᠥᠳᠡᠯᠭᠡᠬᠦ ᠦᠭᠡᠢ᠂ ᠰᠡᠳᠬᠢᠵᠥ ᠪᠤᠳᠤᠯᠬᠢᠯᠠᠬᠤ ᠦᠬᠡᠢ᠂ ᠤᠷᠤᠯᠳᠤᠯᠭ᠎ᠠ ᠬᠢᠬᠦ | ᠦᠭᠡᠢ ᠪᠠᠷ ᠪᠠᠯᠠᠨ ᠬᠠᠷᠢᠭᠤᠯᠳᠠ ᠪᠠᠷ ᠲᠡᠵᠢᠭᠡᠬᠦ᠂ ᠪᠠᠷᠢᠮᠵᠢᠶ᠎ᠠ ᠬᠠᠷᠢᠭᠤᠯᠳᠠ ᠪᠠᠷ ᠲᠦᠭᠵᠢᠬᠦ ᠶᠢ ᠲᠡᠩᠬᠢᠮ ᠤᠨ ᠵᠢᠭᠠᠨ | ᠰᠤᠷᠭᠠᠯᠳᠠ᠂ ᠦᠢᠯᠡᠳᠤᠯᠭᠡ ᠶᠢᠨ ᠵᠢᠭᠠᠨ ᠰᠤᠷᠭᠠᠯᠳᠠ ᠳᠤ ᠴᠦᠮ ᠡᠷᠡᠰ ᠴᠡᠭᠡᠷᠯᠡᠳᠡᠭ᠃ ᠰᠤᠷᠤᠬᠴᠢ ᠨᠢᠭᠡᠪᠤᠷᠢ ᠶᠢᠨ | ᠲᠤᠷ᠎ᠠ ᠪᠠᠬ᠎ᠠ᠂ ᠠᠪᠢᠶᠠᠰ ᠤᠨᠴᠠᠯᠢᠭ ᠢ ᠪᠠᠭ᠎ᠠ ᠰᠤᠷᠭᠠᠭᠤᠯᠢ ᠶᠢᠨ ᠱᠠᠳᠤᠨ ᠠᠴᠠ ᠡᠬᠢᠯᠡᠨ ᠭᠡᠷ ᠤᠨ ᠠᠬᠠᠮᠠᠳ᠂ | ᠠᠩᠬᠢ ᠶᠢᠨ ᠡᠷᠬᠢᠯᠡᠭᠴᠢ᠂ ᠬᠢᠴᠢᠶᠡᠯᠯᠡᠭᠴᠢ ᠪᠠᠭᠰᠢ ᠨᠠᠷ ᠤᠨ ᠬᠠᠮᠳᠤ ᠶᠢᠨ ᠠᠵᠢᠬᠯᠠᠯᠳᠠ ᠰᠢᠨᠵᠢᠯᠡᠯᠳᠡ ᠪᠠᠷ | ᠡᠷᠳᠡᠬᠡᠨ ᠠᠴᠠ ᠤᠨᠤᠰᠢᠯᠠᠨ ᠡᠵᠡᠮᠰᠢᠵᠥ᠂ ᠡᠨᠡ ᠬᠦ ᠠᠪᠢᠶᠠᠰ ᠤᠨᠴᠠᠯᠢᠭ ᠲᠤᠷ᠎ᠠ ᠪᠠᠬ᠎ᠠ ᠳᠤ ᠨᠢ ᠵᠤᠬᠢᠴᠠᠭᠰᠠᠨ | ᠦᠪᠡᠷᠮᠢᠴᠨ ᠵᠢᠭᠠᠬᠤ ᠠᠷᠭ᠎ᠠ ᠪᠠᠷ ᠰᠤᠷᠤᠬᠴᠢ ᠨᠢᠭᠡᠪᠤᠷᠢ ᠶᠢᠨ ᠰᠤᠷᠤᠯᠴᠠᠬᠤ᠂ ᠤᠷᠤᠯᠳᠤᠬᠤ ᠤᠷᠮ᠎ᠠ ᠪᠠᠬ᠎ᠠ ᠶᠢ | ᠭᠦᠢᠴᠠᠳ ᠲᠠᠶᠢᠴᠢᠯᠠᠬᠤ ᠪᠤᠯ ᠭᠧᠷᠮᠠᠨ ᠤᠯᠤᠰ ᠤᠨ ᠰᠤᠷᠭᠠᠨ ᠭᠦᠮᠦᠵᠢᠯ ᠤᠨ ᠠᠮᠵᠢᠯᠳᠡ ᠤᠯᠳᠠᠭ ᠠᠷᠭ᠎ᠠ ᠵᠠᠮ | ᠪᠤᠯᠤᠨ᠎ᠠ᠃ | ᠰᠤᠷᠤᠬᠴᠢ ᠨᠠᠷ ᠪᠠᠭᠰᠢ ᠶᠢᠨ ᠵᠤᠬᠢᠶᠠᠨ ᠪᠠᠶᠢᠭᠤᠯᠬᠤ ᠪᠠ ᠵᠢᠯᠤᠭᠤᠳᠤᠯᠭ᠎ᠠ ᠲᠤᠤᠷ᠎ᠡ ᠰᠤᠷᠤᠯᠴᠠᠬᠤ | ᠠᠵᠢᠯᠯᠠᠭ᠎ᠠ ᠳᠤ ᠡᠬᠢᠨ ᠠᠴᠠ ᠨᠢ ᠠᠯᠬᠤᠮ ᠪᠦᠷᠢ ᠳᠤ ᠠᠯᠭᠠᠰᠠᠯ ᠦᠭᠡᠢ ᠤᠷᠤᠯᠴᠠᠵᠥ᠂ ᠤᠷᠤᠯᠳᠤᠯᠭ᠎ᠠ ᠪᠤᠯᠪᠠᠰᠤᠷᠠᠯ | ᠬᠢᠬᠦ᠂ ᠠᠰᠠᠭᠤᠯᠳᠠ ᠲᠤᠷᠡᠳᠬᠤ᠂ ᠬᠤᠷᠰᠢᠬᠤ᠂ ᠬᠠᠪᠰᠤᠷᠣᠯᠴᠠᠬᠤ ᠭᠦᠷ ᠭᠦᠭᠵᠢᠶᠡᠡᠳᠤ ᠪᠦᠬᠦᠯᠢ ᠶᠠᠪᠤᠴᠨ ᠳᠤ | ᠲᠡᠷᠢᠬᠢ ᠪᠠᠨ ᠭᠦᠳᠡᠯᠭᠡᠵᠥ᠂ ᠰᠡᠳᠬᠢᠨ ᠪᠤᠳᠤᠯᠬᠢᠯᠠᠵᠥ ᠯᠨ ᠪᠠᠶᠢᠪᠠᠯ ᠰᠤᠷᠤᠯᠴᠠᠯᠭ᠎ᠠ ᠶᠢᠨ ᠬᠠᠮᠤᠭ ᠦᠨᠳᠤᠷ | ᠱᠠᠭᠠᠷᠳᠠᠯᠭ᠎ᠠ ᠳᠤ ᠭᠦᠷᠦᠭᠰᠡᠨ ᠶᠠᠪᠤᠳᠠᠯ ᠪᠤᠯᠥᠨ᠎ᠡ᠃ ᠲᠤᠬᠠᠶᠢᠯᠠᠪᠠᠯ᠂ ᠬᠠᠮᠤᠭ ᠰᠠᠶᠢᠨ ᠦᠨᠡᠯᠡᠯᠳᠡ ᠶᠢ ᠤᠯᠤᠨ᠎ᠡ᠃ | ᠰᠢᠯᠭᠠᠯᠳᠠ ᠶᠢᠨ ᠬᠤᠪᠢ ᠪᠠᠷ ᠠᠯᠢ ᠨᠢ ᠰᠠᠶᠢᠨ ᠠᠯᠢ ᠨᠢ ᠮᠠᠭᠤ ᠬᠡᠵᠥ ᠢᠯᠭᠠᠬᠤ ᠦᠭᠡᠢ᠂ ᠵᠢᠬᠰᠠᠭᠠᠬᠤ ᠦᠭᠡᠢ᠂ | ᠬᠡᠪᠡᠴᠤ ᠪᠠᠭᠰᠢ ᠨᠡᠷ ᠤᠨ ᠴᠡᠭᠡᠵᠢᠨ ᠳᠤ ᠠᠯᠢ ᠰᠤᠷᠤᠬᠴᠢ ᠨᠢ ᠬᠢᠷᠢ ᠵᠡᠷᠬᠡ ᠭᠡᠳᠡᠭ ᠨᠢ ᠲᠤᠪ ᠲᠤᠳᠤᠷᠬᠠᠢ᠃ | ᠰᠤᠷᠤᠯᠴᠠᠬᠤ ᠶᠠᠪᠤᠴᠨ ᠶᠢ ᠪᠦᠷᠢᠨᠵᠢᠭᠦᠯᠦᠭᠰᠡᠨ ᠪᠤᠯ ᠲᠡᠭᠦᠰᠭᠦ ᠰᠢᠯᠭᠠᠯᠳᠠ ᠳᠤ ᠤᠷᠤᠬᠤ ᠪᠤᠶᠤ ᠰᠤᠷᠭᠠᠭᠤᠯᠢ | ᠲᠠᠪᠰᠢᠬᠤ ᠰᠢᠯᠭᠠᠯᠳᠠ ᠳᠤ ᠤᠷᠤᠯᠴᠠᠬᠤ ᠡᠷᠭᠡ ᠲᠠᠢ᠃ ᠰᠤᠷᠤᠯᠴᠠᠬᠤ ᠶᠠᠪᠤᠴᠨ ᠪᠦᠷᠢᠨᠵᠢᠭᠰᠡᠨ ᠦᠭᠡᠢ ᠪᠤᠯ ᠭᠡᠳᠤᠢ | ᠰᠠᠶᠢᠨ ᠨᠦᠬᠦᠴᠡᠯ ᠲᠠᠢ ᠬᠡᠤᠭᠡᠳ ᠴᠤ ᠰᠢᠯᠭᠠᠯᠳᠠ ᠳᠤ ᠤᠷᠤᠬᠤ ᠡᠷᠭᠡ ᠦᠭᠡᠢ᠃ ᠥᠭᠡᠷ᠎ᠡ ᠪᠠᠷ ᠬᠡᠯᠡᠪᠡᠯ᠂ | ᠰᠢᠯᠭᠠᠯᠳᠠ ᠳᠤ ᠤᠷᠤᠯᠴᠠᠭᠤᠯᠬᠤ ᠦᠭᠡᠢ᠃ ᠴᠢᠯᠦᠭᠡ ᠠᠪᠴᠤ ᠣᠰᠣᠯᠳᠠᠬᠤ᠂ ᠲᠤᠷ᠎ᠠ ᠪᠠᠷ ᠣᠰᠣᠯᠳᠠᠬᠤ᠂ | ᠬᠢᠴᠢᠶᠡᠯ ᠤᠨ ᠴᠠᠭ ᠲᠤ ᠤᠨᠳᠠᠬᠤ᠂ ᠡᠳᠤᠷ ᠲᠤᠳᠤᠮ ᠤᠨ ᠰᠤᠷᠤᠯᠴᠠᠯᠭ᠎ᠠ ᠶᠢᠨ ᠠᠵᠢᠯᠯᠠᠭ᠎ᠠ ᠳᠤ ᠤᠬᠠᠮᠰᠠᠷᠲᠠᠢ᠂ | ᠰᠠᠨᠠᠭᠠᠴᠢᠯᠠᠭ᠎ᠠ ᠲᠠᠢ ᠣᠷᠣᠯᠴᠠᠬᠤ ᠦᠬᠡᠢ ᠪᠤᠯ ᠴᠦᠮ ᠰᠤᠷᠤᠯᠴᠠᠯᠭ᠎ᠠ ᠶᠢᠨ ᠶᠠᠪᠤᠴᠨ ᠶᠢ ᠪᠦᠷᠢᠨᠵᠢᠬᠦᠯᠵᠥ | ᠭᠦᠢᠴᠡᠳᠭᠡᠭᠰᠡᠨ ᠦᠭᠡᠢᠳᠤ ᠲᠣᠭᠠᠴᠢᠭᠳᠠᠨ᠎ᠠ᠃ | ᠰᠤᠷᠤᠯᠴᠠᠯᠭ᠎ᠠ ᠶᠢᠨ ᠠᠭᠤᠷ ᠠᠮᠢᠰᠬᠤᠯ ᠪᠤᠯ ᠴᠢᠯᠦᠭᠡᠲᠠᠢ᠂ ᠭᠦᠷ ᠭᠦᠭᠵᠢᠶᠡᠨᠳᠡᠢ᠂ ᠠᠰᠠᠭᠤᠵᠥ ᠪᠠᠶᠢᠨ᠎ᠠ᠂ | ᠶᠠᠷᠢᠯᠴᠠᠵᠥ ᠪᠠᠶᠢᠨ᠎ᠠ᠂ ᠤᠷᠤᠯᠳᠤᠯᠭ᠎ᠠ ᠬᠢᠵᠥ ᠪᠠᠶᠢᠨ᠎ᠠ᠂ ᠪᠠᠭᠰᠢ ᠠᠴᠠ ᠰᠤᠷᠤᠬᠴᠢᠳ ᠤᠨ ᠪᠠᠶᠢᠳᠠᠯ ᠢ ᠠᠯᠳᠠᠯ ᠦᠬᠡᠢ | ᠠᠵᠢᠬᠯᠠᠨ᠂ ᠰᠡᠳᠬᠢᠨ ᠪᠤᠳᠤᠯᠬᠢᠯᠠᠬᠤ ᠠᠷᠭ᠎ᠠ ᠶᠢᠨ ᠲᠠᠯ᠎ᠠ ᠪᠠᠷ ᠰᠠᠮ ᠲᠤᠬᠢᠬᠤ ᠨᠢ ᠴᠢᠬᠤᠯᠨ ᠦᠢᠯᠡᠳᠤᠯ ᠲᠠᠢ᠃ | ᠵᠢᠭᠠᠬᠤ ᠮᠠᠲ᠋ᠧᠷᠢᠶᠠᠯ ᠬᠢᠭᠡᠳ ᠰᠤᠷᠬᠤ ᠠᠭᠤᠯᠭ᠎ᠠ ᠶᠢᠨ ᠬᠤᠪᠢ ᠳᠤ ᠤᠯᠤᠰ ᠠᠴᠠ ᠨᠢᠬᠡᠳᠤᠯᠳᠡᠢ | ᠳᠣᠭᠲᠠᠭᠠᠭᠰᠠᠨ ᠬᠠᠤᠯᠢ ᠶᠢᠨ ᠪᠠᠳᠤᠯᠠᠭ᠎ᠠ ᠲᠠᠢ ᠵᠢᠭᠠᠬᠤ ᠮᠠᠲ᠋ᠧᠷᠢᠶᠠᠯ᠂ ᠬᠢᠴᠢᠶᠡᠯ ᠤᠨ ᠠᠭᠤᠯᠭ᠎ᠠ ᠪᠠᠶᠢᠬᠤ ᠪᠤᠯᠪᠠᠴᠤ | ᠵᠸᠤ ᠶᠢᠨ ᠠᠵᠢᠯ ᠮᠡᠷᠭᠡᠵᠢᠯ ᠤᠨ ᠰᠤᠷᠭᠠᠨ ᠭᠦᠮᠦᠵᠢᠯ ᠤᠨ ᠬᠠᠮᠢᠶᠠᠷᠤᠯᠳᠡ ᠶᠢᠨ ᠭᠠᠵᠡᠷ ᠠᠴᠠ ᠦᠪᠡᠷ ᠤᠨ ᠪᠤᠳᠠᠳᠠᠢ | ᠪᠠᠶᠢᠳᠠᠯ ᠳᠤ ᠲᠤᠬᠢᠷᠠᠭᠰᠠᠨ ᠲᠤᠰᠠᠭᠠᠷ ᠬᠠᠤᠯᠢ ᠶᠢᠨ ᠬᠦᠷᠢᠶ᠎ᠡ ᠴᠠᠷᠠᠭ᠎ᠠ ᠪᠠᠷ ᠨᠡᠮᠡᠯᠳᠡ ᠬᠠᠰᠤᠯᠳᠡ ᠲᠠᠢ ᠬᠤᠪᠢᠷᠠᠭᠠᠵᠥ | ᠪᠤᠯᠬᠤ ᠠᠴᠠ ᠰᠤᠷᠭᠠᠭᠤᠯᠢ ᠨᠤᠭᠤᠳ ᠲᠤᠷ᠎ᠡ ᠪᠠᠷ ᠦᠭᠡᠷᠡᠴᠢᠯᠡᠵᠥ ᠬᠤᠪᠢᠷᠠᠭᠠᠵᠥ ᠪᠤᠯᠬᠤ ᠦᠭᠡᠢ᠃ | ᠶᠡᠮᠡᠷ ᠲᠤᠰᠬᠠᠢ ᠮᠡᠷᠭᠡᠵᠢᠯ ᠰᠤᠩᠭᠤᠬᠰᠠᠨ ᠪᠤᠯ ᠲᠡᠷᠨ ᠲᠤᠰᠬᠠᠢ ᠮᠡᠷᠭᠡᠵᠢᠯ ᠳᠤ ᠵᠤᠬᠢᠴᠠᠭᠰᠠᠨ ᠰᠤᠶᠤᠯ ᠤᠨ | ᠭᠢᠴᠢᠶᠡᠯᠯᠡᠭᠡ ᠶᠢᠨ ᠠᠭᠤᠯᠭ᠎ᠠ ᠲᠠᠢ᠂ ᠪᠤᠳᠠᠳᠠᠢ ᠱᠠᠭᠠᠷᠳᠠᠯᠭ᠎ᠠ ᠲᠠᠢ᠃ ᠲᠤᠰᠬᠠᠢ ᠮᠡᠷᠭᠡᠵᠢᠯ ᠲᠠᠢ ᠨᠢ ᠬᠤᠯᠪᠤᠬᠳᠠᠬᠤ | ᠦᠭᠡᠢ ᠰᠤᠶᠤᠯ ᠤᠨ ᠬᠢᠴᠢᠶᠡᠯ ᠭᠡᠵᠥ ᠲᠠᠮᠢᠷ᠂ ᠤᠯᠤᠰ ᠲᠦᠷᠦ ᠠᠵᠥ ᠠᠬᠤᠢ ᠠᠴᠠ ᠦᠭᠡᠷ᠎ᠡ ᠲᠡᠳᠤᠢ ᠤᠯᠠᠨ | ᠬᠢᠴᠢᠶᠡᠯ ᠲᠦᠷᠦᠯ ᠭᠡᠵᠥ ᠦᠭᠡᠢ᠃ ᠵᠥᠪᠬᠡᠨ ᠠᠷᠢᠭᠤᠨ ᠨᠤᠮ ᠤᠨ ᠲᠤᠬᠠᠢ ᠬᠢᠴᠢᠶᠡᠯ ᠢ ᠪᠤᠯ ᠨᠠᠶᠢᠳᠠᠮ ᠳᠤ ᠪᠠᠨ | ᠤᠷᠤᠳᠠᠭ᠃ ᠲᠠᠶᠢᠮᠤ ᠠᠴᠠ ᠰᠤᠷᠤᠬᠴᠢᠳ ᠦᠪᠡᠷ ᠤᠨ ᠲᠤᠷ᠎ᠡ ᠪᠠᠬ᠎ᠠ ᠠᠪᠢᠶᠠᠰ ᠤᠨᠴᠠᠯᠢᠭ ᠢᠶᠠᠷ ᠢᠶᠠᠨ ᠪᠠᠳᠤᠲᠠᠢ | ᠰᠤᠩᠭᠤᠯᠳᠡ ᠬᠢᠴᠢᠬᠡᠪᠡᠯ ᠬᠢᠴᠢᠶᠡᠯ ᠲᠦᠷᠦᠯ ᠤᠨ ᠤᠯᠠᠨ ᠪᠡ ᠠᠭᠤᠯᠭ᠎ᠠ ᠶᠢᠨ ᠭᠦᠨᠳᠤᠴᠨ ᠭᠡᠳᠦᠷᠡᠭᠰᠡᠨ ᠵᠦᠢᠯ | ᠦᠭᠡᠢ᠃ ᠰᠤᠷᠤᠬᠴᠢᠳ ᠢ ᠠᠯᠢ ᠡᠷᠳᠡ ᠠᠴᠠ ᠨᠢ ᠦᠪᠡᠷ ᠤᠨ ᠪᠠᠶ᠎ᠡ ᠪᠠᠨ ᠲᠠᠭᠠᠭᠠᠵᠥ᠂ ᠤᠬᠠᠮᠰᠠᠷ ᠡᠴᠠᠪᠠᠨ | ᠰᠠᠨᠠᠭᠠᠴᠢᠯᠠᠭ᠎ᠠ ᠲᠠᠢ ᠰᠤᠷᠤᠯᠴᠠᠬᠤ᠂ ᠰᠡᠳᠬᠢᠬᠦ᠂ ᠪᠤᠳᠤᠯᠬᠢᠯᠠᠬᠤ᠂ ᠤᠷᠤᠯᠳᠤᠯᠭ᠎ᠠ ᠬᠢᠬᠦ ᠵᠠᠮ ᠮᠦᠷ ᠲᠤ ᠨᠢ | ᠭᠦᠳᠦᠯᠥᠨ ᠤᠷᠤᠭᠤᠯᠵᠥ ᠤᠷᠮ᠎ᠠ ᠲᠠᠢ᠂ ᠪᠠᠬ᠎ᠠ ᠲᠠᠢ ᠰᠤᠷᠤᠯᠴᠠᠳᠠᠭ ᠪᠤᠯᠭᠠᠬᠤ ᠳᠤ ᠪᠠᠭᠰᠢ ᠬᠦᠮᠦᠨ ᠭᠦᠴᠦ | ᠲᠠᠯᠪᠢᠨ᠎ᠠ᠂ ᠴᠢᠳᠠᠯ ᠭᠠᠷᠭᠠᠨ᠎ᠠ᠂ ᠡᠷᠳᠡᠮ ᠭᠠᠷᠭᠠᠨ᠎ᠠ᠃ ᠰᠤᠷᠤᠬᠴᠢ ᠨᠢᠭᠡᠪᠦᠷᠢ ᠳᠤ ᠪᠤᠳᠠᠳᠤ ᠬᠠᠷᠠᠭᠠᠯᠵᠠᠭᠰᠠᠨ | ᠠᠮᠢᠳᠤᠯᠢᠭ ᠪᠠᠶᠠᠯᠢᠭ ᠰᠤᠷᠤᠯᠴᠠᠬᠤ ᠠᠷᠭ᠎ᠠ ᠪᠠᠷᠢᠯ ᠢ ᠵᠦᠪ ᠤᠨᠤᠪᠴᠢᠲᠠᠢ ᠲᠤᠭᠤᠰᠢᠳᠠᠢ ᠭᠦᠮᠦᠵᠢᠬᠦᠯᠵᠥ | ᠪᠤᠯᠪᠠᠰᠤᠷᠠᠭᠤᠯᠬᠤ ᠪᠤᠯ ᠪᠠᠭᠰᠢ ᠨᠠᠷ ᠤᠨ ᠵᠠᠪᠠᠯ ᠬᠦᠯᠢᠶᠡᠬᠦ ᠭᠦᠨᠳᠦ ᠡᠭᠦᠷᠭᠡ᠂ ᠲᠠᠷᠬᠠᠨ ᠬᠠᠷᠢᠭᠤᠴᠠᠯᠭ᠎ᠠ ᠨᠢ ᠶᠤᠮ | ᠪᠠᠶᠢᠨ᠎ᠠ᠃ ᠲᠡᠳᠡ ᠮᠠᠨ ᠤ ᠤᠯᠤᠰ ᠤᠨ ᠬᠡᠳᠤᠨ ᠠᠷᠪᠠᠨ ᠰᠤᠷᠤᠬᠴᠢ ᠲᠠᠢ ᠲᠡᠩᠬᠢᠮ ᠤᠨ ᠵᠢᠭᠠᠨ ᠰᠤᠷᠭᠠᠯᠳᠠ ᠶᠢᠨ | ᠭᠡᠯᠪᠡᠷᠢ ᠪᠠᠶᠢᠳᠠᠯ ᠢ ᠭᠠᠶᠢᠬᠠᠵᠥ ᠪᠠᠶᠢᠨ᠎ᠡ᠃ | ᠰᠤᠷᠭᠠᠭᠤᠯᠢ ᠶᠢᠨ ᠭᠦᠷᠢᠶ᠎ᠡ ᠢᠪᠴᠤᠤ᠂ ᠬᠢᠮᠡᠯ ᠵᠦᠯᠬᠡᠨ ᠲᠠᠮᠢᠷ ᠤᠨ ᠲᠠᠯᠠᠪᠡᠢ ᠨᠢ ᠬᠤᠶᠠᠷ ᠰᠠᠭᠰᠤᠨ | ᠪᠦᠮᠪᠦᠭᠡ ᠶᠢᠨ ᠲᠠᠯᠠᠪᠠᠢ ᠶᠢᠨ ᠤᠷᠴᠢᠮ᠂ ᠨᠢᠬᠡ ᠲᠠᠮᠢᠷ ᠤᠨ ᠤᠷᠳᠤᠨ ᠪᠠᠶᠢᠬᠤ ᠪᠤᠯᠪᠠᠴᠤ ᠵᠥᠪᠬᠡᠨ ᠨᠢᠭᠡ ᠰᠠᠭᠰᠤᠨ | ᠪᠦᠮᠪᠦᠭᠡ ᠶᠢᠨ ᠲᠠᠯᠠᠪᠠᠢ ᠲᠡᠳᠥᠢ᠃ ᠭᠡᠪᠡᠴᠤ ᠠᠰᠢᠬᠯᠠᠯᠳᠠ ᠶᠢᠨ ᠨᠤᠷᠮ᠎ᠠ ᠦᠨᠳᠤᠷ᠂ ᠠᠰᠢᠬᠯᠠᠯᠳᠠ ᠶᠢᠨ ᠴᠢᠨᠠᠷᠵᠢᠯ | ᠰᠠᠶᠢᠨ᠂ ᠴᠡᠪᠠᠷ ᠠᠷᠢᠭᠤᠨ᠂ ᠬᠢᠯᠠᠭᠠᠷ ᠴᠡᠮᠴᠡᠭᠡᠷ᠂ ᠡᠪᠳᠡᠷᠬᠡᠢ ᠬᠠᠭᠠᠷᠬᠠᠢ ᠵᠦᠢᠯ ᠦᠬᠡᠢ᠃ ᠲᠠᠮᠠᠬᠢ ᠲᠠᠳᠠᠬᠤ | ᠲᠤᠰᠬᠠᠢ ᠭᠠᠵᠠᠷ ᠭᠡᠵᠥ ᠵᠢᠵᠢᠭᠬᠡᠨ ᠪᠠᠭ᠎ᠠ ᠲᠦᠷᠪᠡᠯᠵᠢᠨ ᠲᠠᠯᠠᠪᠠᠢ ᠲᠡᠭᠡᠷ᠎ᠡ ᠲᠡᠮᠤᠷ ᠰᠡᠪᠡ ᠲᠠᠯᠪᠢᠵᠠᠢ᠃ ᠲᠠᠨᠳᠠ ᠠᠴᠠ | ᠪᠤᠰᠤᠳ ᠬᠠᠮᠢᠭ᠎ᠠ ᠴᠦ ᠲᠡᠮᠡᠬᠢ ᠲᠠᠳᠠᠵᠥ ᠪᠤᠯᠬᠤ ᠦᠭᠡᠢ᠃ ᠭᠡᠷᠪᠡ ᠲᠠᠮᠠᠬᠢ ᠲᠠᠳᠠᠵᠥ ᠪᠠᠶᠢᠭᠠᠳ ᠪᠠᠷᠢᠬᠳᠠᠪᠠᠯ ᠪᠠᠭᠰᠢ | ᠰᠤᠷᠤᠬᠴᠢ᠂ ᠨᠡᠶᠢᠬᠡᠮ ᠤᠨ ᠭᠦᠮᠦᠰ ᠪᠠᠶᠢᠯ᠎ᠠ ᠴᠦ ᠴᠢᠩᠭ᠎ᠠ ᠲᠤᠷᠭᠠᠭᠤᠯᠢ ᠳᠤ ᠤᠨᠤᠭᠳᠠᠳᠠᠬ᠃ ᠭᠧᠷᠮᠠᠨ ᠳᠤ ᠤᠯᠠᠨ | ᠨᠠᠶᠢᠳᠡ ᠶᠢᠨ ᠲᠠᠯᠡᠪᠤᠷ ᠲᠤ ᠲᠠᠮᠠᠬᠢ ᠲᠠᠳᠠᠵᠥ ᠪᠤᠯᠬᠤ ᠦᠭᠡᠢ᠂ ᠵᠦᠪᠬᠡᠨ ᠲᠠᠮᠠᠬᠢ ᠲᠠᠳᠠᠬᠤ ᠭᠠᠵᠠᠷ ᠭᠡᠳᠡᠭ | ᠲᠤᠬᠳᠠᠭᠰᠠᠨ ᠭᠠᠵᠠᠷ ᠯᠨ ᠲᠠᠮᠠᠬᠢ ᠲᠠᠳᠠᠵᠥ ᠪᠤᠯᠥᠨ᠎ᠡ᠃ | ᠰᠤᠷᠭᠠᠭᠤᠯᠢ ᠨᠢ ᠦᠷᠯᠦᠬᠡ ᠶᠢᠨ 9᠄ 00 ᠠᠴᠠ ᠡᠬᠢᠯᠡᠨ ᠬᠢᠴᠢᠶᠡᠯᠯᠡᠵᠦ ᠤᠷᠤᠢ ᠶᠢᠨ 4᠄ 00 ᠴᠠᠭ | ᠪᠤᠯᠬᠤ ᠳᠤ ᠠᠮᠠᠷᠠᠴᠢᠬᠠᠨ᠎ᠠ᠃ ᠦᠳᠡ ᠳᠤ ᠬᠠᠭᠠᠰ ᠴᠠᠭ ᠪᠤᠶᠤ ᠲᠦᠴᠢᠨ ᠮᠢᠨᠦ᠋ᠲ ᠤᠨ ᠬᠤᠭᠤᠯᠠ ᠢᠳᠡᠭᠦ | ᠴᠠᠭ ᠲᠠᠢ᠂ ᠭᠤᠤᠯᠳᠠᠭᠤ ᠲᠠᠯᠬ᠎ᠠ ᠤᠮᠳᠠᠭᠠᠨ ᠮᠡᠳᠤ ᠲᠦᠭᠦᠮ ᠬᠤᠭᠤᠯᠨ ᠢᠳᠡᠭᠡᠵᠡᠭᠡᠳᠡᠭ᠃ | ᠬᠤᠶᠠᠷ᠂ ᠭᠧᠷᠮᠠᠨ ᠤᠯᠤᠰ ᠤᠨ ᠰᠤᠷᠭᠠᠨ ᠬᠦᠮᠦᠵᠢᠯ ᠨᠢ ᠰᠠᠭᠤᠷᠢ ᠰᠤᠷᠭᠠᠨ ᠬᠦᠮᠦᠵᠢᠯ᠂ ᠲᠡᠭᠡᠳᠦ ᠵᠡᠷᠭᠡ ᠶᠢᠨ | ᠰᠤᠷᠭᠠᠨ ᠬᠦᠮᠦᠵᠢᠯ ᠬᠢᠭᠡᠳ ᠠᠵᠢᠯ ᠮᠡᠷᠭᠡᠵᠢᠯ ᠤᠨ ᠰᠤᠷᠭᠠᠨ ᠬᠦᠮᠦᠵᠢᠯ᠂ ᠦᠷᠬᠦᠯᠵᠢᠯᠡᠭᠰᠡᠨ ᠰᠤᠷᠭᠠᠨ ᠬᠦᠮᠦᠵᠢᠯ | ᠬᠡᠭᠦ ᠬᠤᠶᠠᠷ ᠵᠠᠮ ᠱᠤᠭᠤᠮ ᠲᠠᠢ᠂ ᠱᠤᠭᠤᠮ ᠪᠦᠷᠢ ᠳᠤ ᠠᠳᠠᠯᠢ ᠪᠤᠰᠤ ᠱᠠᠳᠤ ᠲᠡᠭᠳᠡᠷ ᠲᠠᠢ᠃ 12 ᠵᠢᠯ ᠤᠨ | ᠠᠯᠪᠠᠨ ᠵᠢᠷᠤᠮ ᠤᠨ ᠰᠤᠷᠭᠠᠨ ᠭᠦᠮᠦᠵᠢᠯᠢ ᠭᠡᠷᠡᠭᠵᠢᠬᠦᠯᠵᠥ᠂ 6~18 ᠨᠠᠰᠤᠨ ᠤ ᠭᠧᠷᠮᠠᠨ ᠢᠷᠭᠡᠳ ᠡᠷᠭᠡᠪᠰᠢ | ᠠᠯᠪᠠᠨ ᠵᠢᠷᠤᠮ ᠤᠨ ᠰᠤᠷᠭᠠᠨ ᠬᠦᠮᠦᠵᠢᠯ ᠢ ᠭᠦᠷᠳᠡᠬᠦ ᠭᠡᠷᠡᠭᠲᠡᠢ᠃ ᠬᠡᠬᠦ ᠳᠤ ᠪᠠᠨ ᠲᠡᠭᠡᠷᠡᠬᠢ ᠬᠤᠶᠠᠷ ᠵᠠᠮ | ᠱᠤᠭᠤᠮ ᠤᠨ ᠠᠯᠢ ᠨᠢ ᠴᠤ ᠠᠯᠪᠠᠨ ᠵᠢᠷᠤᠮ ᠤᠨ ᠰᠤᠷᠭᠠᠨ ᠬᠦᠮᠦᠵᠢᠯ ᠢ ᠬᠦᠢᠴᠡᠳᠬᠡᠵᠥ ᠪᠤᠯᠳᠠᠭ᠃ | ᠭᠧᠷᠮᠠᠨ ᠤᠯᠤᠰ ᠤᠨ ᠴᠢᠳᠠᠪᠤᠷᠢᠳᠠᠨ ᠬᠦᠮᠦᠵᠢᠬᠦᠯᠬᠦ ᠬᠤᠶᠠᠷ ᠵᠤᠷᠪᠤᠰ ᠵᠠᠮ ᠱᠤᠭᠤᠮ ᠤᠨ ᠨᠢᠬᠡ ᠨᠢ ᠪᠠᠭ᠎ᠠ | ᠰᠤᠷᠭᠠᠭᠤᠯᠢ → ᠨᠡᠶᠢᠬᠡᠮ ᠪᠠᠶᠢᠭᠠᠯᠢ ᠶᠢᠨ ᠬᠢᠴᠢᠶᠡᠯ ᠲᠦᠷᠦᠯ ᠤᠨ ᠲᠤᠮᠳᠠᠳᠤ ᠰᠤᠷᠭᠠᠭᠤᠯᠢ → ᠶᠡᠭᠡ | ᠰᠤᠷᠭᠠᠭᠤᠯᠢ ᠳᠤ ᠰᠢᠭᠤᠳ ᠲᠡᠪᠰᠢᠵᠥ ᠰᠢᠨᠵᠢᠯᠡᠬᠦ ᠤᠬᠠᠭᠠᠨ ᠰᠤᠳᠤᠯᠭᠠᠨ ᠬᠢᠭᠡᠳ ᠰᠠᠭᠤᠷᠢ ᠤᠨᠤᠯ ᠤᠨ | ᠰᠤᠳᠤᠯᠤᠬᠴᠢ ᠶᠢ ᠭᠦᠮᠦᠵᠢᠭᠦᠯᠦᠨ᠎ᠡ᠃ ᠨᠦᠬᠦᠭᠡ ᠨᠢ ᠪᠠᠭ᠎ᠠ ᠰᠤᠷᠭᠠᠭᠤᠯᠢ → ᠭᠤᠤᠯ ᠴᠤᠬᠴᠡᠳᠤ ᠲᠤᠮᠳᠠᠳᠤ | ᠰᠤᠷᠭᠠᠭᠤᠯᠢ ᠪᠤᠶᠤ ᠦᠢᠯᠡᠳᠤᠯᠭᠡᠴᠢ ᠲᠤᠮᠳᠠᠳᠤ ᠰᠤᠷᠭᠠᠭᠤᠯᠢ → ᠠᠵᠢᠯ ᠮᠡᠷᠭᠡᠵᠢᠯ ᠤᠨ ᠲᠡᠭᠡᠳᠦ ᠰᠤᠷᠭᠠᠭᠤᠯᠢ ᠪᠠᠷ | ᠲᠠᠮᠵᠢᠵᠤ ᠨᠡᠶᠢᠬᠡᠮ ᠤᠨ ᠭᠡᠷᠡᠭᠴᠡᠭᠡ ᠳᠤ ᠲᠤᠭᠢᠷᠠᠭᠰᠠᠨ ᠴᠢᠳᠠᠪᠤᠷᠢᠳᠠᠨ ᠢ ᠭᠦᠮᠦᠵᠢᠬᠦᠯᠥᠨᠡ᠃ | ᠭᠧᠷᠮᠠᠨ ᠤᠯᠤᠰ ᠤᠨ ᠪᠠᠭ᠎ᠠ ᠰᠤᠷᠭᠠᠭᠤᠯᠢ ᠨᠢ ᠲᠦᠷᠪᠡᠨ ᠵᠢᠯ ᠪᠠᠶᠢᠵᠥ᠂ ᠪᠠᠭ᠎ᠠ ᠰᠤᠷᠭᠠᠭᠤᠯᠢ ᠲᠡᠭᠦᠰᠦᠮᠡᠭᠴᠨ | ᠡᠷᠭᠡᠪᠰᠢ ᠨᠢᠬᠡᠳᠤᠯᠳᠠᠢ ᠰᠢᠯᠭᠠᠯᠳᠠ ᠳᠤ ᠤᠷᠤᠯᠴᠠᠨ᠂ ᠪᠠᠭ᠎ᠠ ᠰᠤᠷᠭᠠᠭᠤᠯᠢ ᠲᠡᠭᠦᠰᠦᠭᠰᠡᠨ ᠬᠢᠷᠢ ᠪᠦᠳᠦᠮᠵᠢ᠂ | ᠪᠠᠭᠰᠢ ᠶᠢᠨ ᠦᠨᠠᠯᠠᠯᠳᠠ ᠵᠠᠬᠢᠷᠤᠯ ᠤᠨ ᠰᠠᠨᠠᠯ ᠬᠢᠭᠡᠳ ᠰᠤᠷᠤᠬᠴᠢ ᠶᠢᠨ ᠲᠤᠷ᠎ᠠ ᠪᠠᠬ᠎ᠠ᠂ ᠭᠡᠷ ᠤᠨ ᠠᠬᠠᠮᠠᠳ ᠤᠨ | ᠰᠤᠩᠭᠤᠯᠳᠡ ᠪᠠᠷ ᠠᠳᠠᠯᠢ ᠪᠤᠰᠤ ᠬᠤᠶᠠᠷ ᠱᠤᠭᠤᠮ ᠢᠶᠠᠷ ᠰᠤᠷᠭᠠᠭᠤᠯᠢ ᠲᠠᠪᠰᠢᠨ᠎ᠠ᠃ ᠭᠤᠤᠯ ᠴᠤᠬᠴᠡᠳᠤ | ᠰᠤᠷᠭᠠᠭᠤᠯᠢ ᠶᠢ ᠰᠤᠩᠭᠤᠪᠠᠯ 5~9 ᠤᠨ ᠪᠤᠯᠳᠠᠯ᠎ᠠ ᠲᠠᠪᠤᠨ ᠵᠢᠯ ᠰᠤᠷᠤᠯᠴᠠᠨ᠎ᠠ᠃ ᠰᠢᠨᠵᠢᠯᠡᠭᠡ ᠭᠡᠷᠡᠭᠯᠡᠭᠡᠨ ᠤ | ᠭᠡᠯᠪᠠᠷᠢ ᠶᠢᠨ ᠲᠤᠮᠳᠠᠳᠤ ᠰᠤᠷᠭᠠᠭᠤᠯᠢ ᠶᠢ ᠰᠤᠩᠭᠤᠪᠠᠯ 5~10 ᠤᠨ ᠪᠤᠯᠳᠠᠯ᠎ᠠ ᠵᠢᠷᠭᠤᠭᠠᠨ ᠵᠢᠯ ᠰᠤᠷᠤᠯᠴᠠᠨ᠎ᠠ᠃ | ᠲᠡᠭᠦᠰᠦᠭᠰᠡᠳ ᠬᠤᠤᠰ ᠠᠯᠬᠤᠮᠳᠤ ᠠᠵᠢᠯ ᠮᠡᠷᠭᠡᠵᠢᠯ ᠤᠨ ᠲᠡᠭᠡᠳᠦ ᠲᠤᠮᠳᠠᠳᠤ ᠳᠤ ᠲᠠᠪᠰᠢᠨ ᠰᠤᠷᠤᠯᠴᠠᠨ᠎ᠠ᠃ | ᠡᠭᠦᠨ ᠨᠢ 2 ᠵᠢᠯ ᠤᠨ ᠬᠢ᠂ 3 ᠵᠢᠯ ᠤᠨ ᠬᠢ᠂ 3.5 ᠵᠢᠯ ᠤᠨ ᠬᠢ ᠪᠦᠷ ᠪᠠᠶᠢᠨ᠎ᠡ᠃ ᠲᠡᠭᠦᠰᠪᠡᠯ ᠰᠢᠭᠤᠳ ᠠᠵᠢᠯ | ᠤᠯᠬᠤ ᠪᠤᠶᠤ ᠶᠡᠭᠡ ᠰᠤᠷᠭᠠᠭᠤᠯᠢ ᠳᠤ ᠲᠡᠪᠰᠢᠨ ᠦᠷᠬᠦᠯᠵᠢᠯᠡᠨ ᠰᠤᠷᠤᠯᠴᠠᠨ᠎ᠠ᠃ ᠡᠨᠡ ᠬᠦ ᠵᠡᠮ ᠮᠦᠷ ᠢᠶᠠᠷ | ᠭᠦᠮᠦᠵᠢᠭᠳᠡᠬᠦ ᠰᠤᠷᠤᠬᠴᠢ 70% ᠶᠢ ᠡᠵᠡᠯᠡᠨ᠎ᠡ᠃ ᠪᠠᠶᠢᠭᠠᠯᠢ ᠨᠠᠶᠢᠭᠡᠮ ᠤᠨ ᠰᠢᠨᠵᠢᠯᠡᠭᠡᠨ ᠤ ᠲᠤᠮᠳᠠᠳᠤ | ᠰᠤᠷᠭᠠᠭᠤᠯᠢ ᠶᠢ ᠰᠤᠩᠭᠤᠬᠰᠠᠨ ᠨᠢ 5~12 ᠪᠤᠶᠤ 13 ᠳ᠋ᠤᠭᠠᠷ ᠤᠨ ᠪᠤᠯᠳᠠᠯ᠎ᠠ ᠨᠠᠶᠢᠳᠡ 8 ᠠᠴᠠ 9 ᠵᠢᠯ | ᠰᠤᠷᠤᠯᠴᠠᠭᠠᠳ ᠶᠡᠭᠡ ᠲᠡᠭᠡᠳᠤ ᠰᠤᠷᠭᠠᠭᠤᠯᠢ ᠳᠤ ᠲᠡᠪᠰᠢᠵᠥ ᠰᠢᠨᠵᠢᠯᠡᠬᠦ ᠤᠬᠠᠭᠠᠨ ᠰᠤᠳᠤᠯᠭᠠᠨ ᠤ ᠮᠡᠷᠭᠡᠵᠢᠯᠳᠡᠨ ᠢᠶᠠᠷ | ᠭᠦᠮᠦᠵᠢᠭᠳᠡᠨᠡ᠃ ᠡᠨᠡ ᠨᠢ ᠰᠠᠶ᠋ᠢ 30% ᠶᠢᠨ ᠬᠠᠷᠢᠴᠡᠯ ᠢ ᠡᠵᠡᠯᠡᠨ᠎ᠡ᠃ | ᠰᠤᠷᠭᠠᠭᠤᠯᠢ ᠲᠡᠪᠰᠢᠬᠤ ᠳᠤ ᠴᠦᠮ ᠨᠢᠬᠡᠳᠤᠯᠳᠡᠢ ᠰᠢᠯᠭᠠᠯᠳᠡ ᠪᠠᠷ ᠲᠡᠮᠵᠢᠬᠤ ᠪᠤᠯᠪᠠᠴᠤ ᠡᠯᠰᠡᠭᠳᠡᠭᠰᠡᠨ | ᠬᠤᠶᠢᠨ᠎ᠡ ᠰᠦᠢᠳᠬᠡᠯ ᠦᠭᠡᠢ ᠰᠤᠷᠤᠯᠴᠠᠨᠡ᠃ ᠭᠡᠷᠪᠡ ᠬᠤᠪᠢ ᠶᠢᠨ ᠰᠤᠷᠭᠠᠭᠤᠯᠢ ᠳᠤ ᠰᠤᠷᠤᠯᠴᠠᠪᠠᠯ ᠰᠦᠢᠳᠬᠡᠯ | ᠲᠣᠰᠢᠶᠡᠨᠡ᠃ | ᠭᠤᠷᠪᠠ᠂ ᠭᠧᠷᠮᠠᠨ ᠤᠯᠤᠰ ᠤᠨ ᠬᠤᠤᠰ ᠡᠰᠢᠳᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠳᠣᠣᠷᠠᠬᠢ | ᠮᠡᠲᠦ ᠤᠨᠴᠠᠯᠢᠭ ᠲᠠᠢ᠃ | 1. ᠭᠧᠷᠮᠠᠨ ᠤᠯᠤᠰ ᠤᠨ ᠬᠤᠤᠰ ᠡᠰᠢᠳᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠠᠵᠢᠯ | ᠮᠡᠷᠭᠡᠵᠢᠯ ᠤᠨ ᠰᠤᠷᠭᠠᠭᠤᠯᠢ ᠬᠢᠭᠡᠳ ᠠᠵᠥ ᠠᠬᠤᠶᠢᠯᠠᠯ ᠬᠤᠷᠰᠢᠨ ᠰᠤᠷᠤᠬᠴᠢ ᠬᠦᠮᠦᠵᠢᠬᠦᠯᠳᠡᠭ᠃ ᠰᠤᠷᠭᠠᠭᠤᠯᠢ ᠪᠡ | ᠠᠵᠥ ᠠᠬᠤᠶᠢᠯᠡᠯ ᠤᠨ ᠬᠤᠷᠰᠢᠬᠤ ᠬᠡᠯᠪᠡᠷᠢ ᠨᠢ ᠨᠢᠬᠡ ᠭᠠᠷᠠᠭ ᠢᠶᠠᠷ ᠪᠤᠳᠤᠪᠠᠯ 1.5 ᠡᠳᠤᠷ ᠰᠤᠷᠭᠠᠭᠤᠯᠢ ᠳᠤ ᠰᠤᠶᠤᠯ | ᠮᠡᠳᠡᠯᠭᠡ ᠶᠢᠨ ᠬᠢᠴᠢᠶᠡᠯ ᠰᠤᠨᠤᠰᠴᠤ᠂ 3.5 ᠡᠳᠤᠷ ᠨᠢ ᠠᠵᠥ ᠠᠬᠤᠶᠢᠯᠡᠯ ᠳᠤ ᠲᠠᠳᠤᠯᠭ᠎ᠠ ᠪᠤᠯᠪᠠᠰᠤᠷᠠᠯ ᠬᠢᠨ᠎ᠡ᠃ | ᠨᠢᠬᠡ ᠬᠤᠭᠤᠴᠠᠭ᠎ᠠ ᠪᠠᠷ ᠪᠤᠳᠤᠪᠠᠯ 2~5 ᠭᠠᠷᠠᠭ ᠰᠤᠷᠭᠠᠭᠤᠯᠢ ᠳᠤ᠂ ᠪᠤᠰᠤᠳ ᠴᠠᠭ ᠲᠤ ᠨᠢ ᠠᠵᠥ | ᠠᠬᠤᠶᠢᠯᠠᠯ ᠳᠤ ᠪᠣᠯᠪᠠᠰᠤᠷᠠᠨ᠎ᠠ᠃ ᠵᠢᠯ ᠢᠶᠠᠷ ᠪᠤᠳᠤᠪᠠᠯ 3᠄ 7 ᠶᠢᠨ ᠬᠠᠷᠢᠴᠠᠯ ᠢᠶᠠᠷ ᠪᠤᠳᠠᠳᠠᠢ ᠪᠠᠶᠢᠳᠠᠯ ᠢᠶᠠᠨ | ᠦᠨᠳᠤᠰᠤᠯᠠᠨ ᠲᠤᠬᠢᠷᠠᠭᠤᠯᠳᠠᠭ᠃ ᠭᠡᠪᠡᠴᠤ ᠠᠳᠠᠯᠢ ᠪᠤᠰᠤ ᠲᠤᠰᠬᠠᠢ ᠮᠡᠷᠭᠡᠵᠢᠯ ᠨᠢ ᠠᠳᠠᠯᠢ ᠪᠤᠰᠤ ᠶᠢᠨ ᠬᠠᠷᠢᠴᠠᠯ | ᠲᠠᠢ᠃ ᠬᠤᠤᠰ ᠠᠯᠬᠤᠮᠳᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠪᠡᠯᠡᠳᠬᠡᠯ ᠰᠤᠷᠭᠠᠨ ᠬᠦᠮᠦᠵᠢᠯ ᠨᠢ | 2~3 ᠵᠢᠯ᠂ ᠲᠡᠭᠡᠳᠤ ᠲᠤᠮᠳᠠᠳᠤ ᠶᠢᠨ ᠰᠤᠷᠭᠠᠨ ᠭᠦᠮᠦᠵᠢᠯ ᠨᠢ 2~3.5 ᠵᠢᠯ᠃ ᠲᠡᠭᠡᠳᠦ ᠲᠤᠮᠳᠠᠳᠤ ᠶᠢᠨ | ᠱᠠᠳᠤᠨ ᠤ ᠠᠵᠢᠯ ᠮᠡᠷᠭᠡᠵᠢᠯ ᠤᠨ ᠰᠤᠷᠭᠠᠭᠤᠯᠢ ᠳᠤ ᠲᠠᠪᠰᠢᠨ ᠤᠷᠤᠬᠤ ᠳᠤ ᠤᠯᠠᠨ ᠨᠦᠭᠦᠴᠠᠯ ᠱᠠᠭᠠᠷᠳᠠᠯᠭ᠎ᠠ ᠦᠭᠡᠢ | ᠪᠤᠯᠪᠠᠴᠤ ᠶᠡᠷᠤᠳᠡᠭᠡᠨ ᠭᠤᠤᠯ ᠴᠤᠬᠴᠠᠳᠤ ᠲᠤᠮᠳᠠᠳᠤ ᠰᠤᠷᠭᠠᠭᠤᠯᠢ᠂ ᠰᠢᠨᠵᠢᠯᠡᠭᠡ ᠭᠡᠷᠡᠭᠯᠡᠭᠡᠨ ᠤ ᠭᠡᠯᠪᠠᠷᠢ ᠶᠢᠨ | ᠲᠤᠮᠳᠠᠳᠤ ᠰᠤᠷᠭᠠᠭᠤᠯᠢ ᠶᠢ ᠲᠡᠭᠦᠰᠦᠭᠰᠡᠨ ᠰᠤᠷᠤᠬᠴᠢ ᠪᠠᠶᠢᠬᠤ ᠭᠡᠷᠡᠭᠲᠠᠢ᠃ | ᠰᠤᠷᠤᠬᠴᠢᠳ ᠰᠤᠷᠤᠯᠴᠠᠬᠤ ᠶᠠᠪᠤᠴᠨ ᠳᠤ ᠶᠠᠮᠠᠷᠴᠤ ᠰᠦᠢᠳᠬᠡᠯ ᠲᠤᠰᠢᠶᠠᠬᠤ ᠦᠬᠡᠢ᠃ ᠠᠵᠥ | ᠠᠬᠤᠶᠢᠯᠠᠯ ᠠᠴᠠ ᠰᠤᠷᠤᠬᠴᠢ ᠪᠦᠷᠢ ᠳᠤ 500~700 ᠡᠸᠦ᠋ᠷᠦᠫᠡ ᠮᠦᠩᠭᠦᠨ ᠤ ᠠᠮᠢᠳᠤᠷᠠᠯ ᠤᠨ ᠨᠦᠬᠦᠪᠦᠷᠢ | ᠤᠯᠭᠤᠳᠠᠭ ᠮᠦᠷᠳᠡᠬᠡᠨ ᠬᠠᠤᠯᠢ ᠶᠢᠨ ᠪᠠᠳᠤᠯᠠᠭ᠎ᠠ ᠲᠠᠢ᠃ | 2. ᠪᠦᠬᠦᠯᠢ ᠡᠳᠤᠷ ᠤᠨ ᠲᠦᠷᠢᠮᠳᠤ ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠲᠤᠳᠤᠷ᠎ᠠ ᠪᠠᠨ ᠬᠤᠶᠠᠷ | ᠶᠡᠭᠡ ᠲᠦᠷᠦᠯ ᠳᠤ ᠬᠤᠪᠢᠶᠠᠭᠳᠠᠳᠠᠭ᠃ ᠨᠢᠬᠡ ᠨᠢ ᠬᠤᠤᠰ ᠠᠯᠬᠤᠮᠳᠤ ᠬᠡᠯᠪᠡᠷᠢ ᠪᠠᠷ ᠵᠠᠰᠠᠬᠤ ᠦᠢᠯᠡᠳᠬᠦ ᠮᠠᠶ᠋ᠢᠭ ᠤᠨ | ᠲᠦᠷᠦᠯ ᠤᠨ ᠬᠢ ᠪᠠᠶᠢᠵᠤ᠂ ᠡᠨᠡ ᠲᠦᠷᠦᠯ ᠨᠢ ᠰᠢᠭᠤᠳ ᠨᠡᠶᠢᠬᠡᠮ ᠲᠡᠭᠡᠷ᠎ᠡ ᠠᠵᠢᠯ ᠤᠯᠬᠤ ᠬᠠᠨᠳᠤᠯᠭ᠎ᠠ ᠲᠠᠢ᠃ | ᠨᠦᠬᠦᠭᠡ ᠨᠢ ᠲᠤᠰᠠᠭᠠᠷᠯᠠᠭᠰᠠᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠲᠦᠷᠦᠯ ᠤᠨ ᠬᠢ ᠪᠠᠶᠢᠵᠤ᠂ | ᠭᠤᠤᠯᠳᠠᠭᠤ ᠠᠵᠥ ᠦᠢᠯᠡᠳᠪᠤᠷᠢ ᠬᠢᠭᠡᠳ ᠨᠡᠶᠢᠬᠡᠮ ᠤᠨ ᠰᠤᠷᠭᠠᠨ ᠬᠦᠮᠦᠵᠢᠯ᠂ ᠡᠮ ᠡᠮᠨᠡᠯᠭᠡ ᠬᠡᠬᠦ ᠮᠡᠳᠤ ᠪᠠᠶᠢᠳᠠᠬ᠃ | ᠡᠨᠡ ᠲᠦᠷᠦᠯ ᠨᠢ ᠦᠷᠬᠦᠯᠵᠢᠯᠡᠨ ᠶᠡᠭᠡ ᠰᠤᠷᠭᠠᠭᠤᠯᠢ ᠳᠤ ᠰᠢᠯᠭᠠᠨ ᠶᠠᠪᠤᠬᠤ ᠪᠤᠶᠤ ᠰᠢᠭᠤᠳ ᠠᠵᠢᠯ ᠤᠯᠵᠥ ᠪᠠᠰᠠ | ᠪᠤᠯᠥᠨ᠎ᠡ᠃ | 3. ᠶᠡᠭᠡ ᠰᠤᠷᠭᠠᠭᠤᠯᠢ ᠳᠤ ᠲᠡᠪᠰᠢᠬᠦᠯᠬᠦ ᠴᠢᠭᠯᠡᠯ ᠲᠠᠢ ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠭᠤᠤᠯ | ᠭᠤᠷᠪᠠᠨ ᠲᠦᠷᠦᠯ ᠪᠤᠢ᠃ | ᠨᠢᠬᠡ ᠨᠢ ᠲᠤᠰᠬᠠᠢ ᠮᠡᠷᠭᠡᠵᠢᠯ ᠤᠨ ᠲᠡᠭᠡᠳᠤ ᠲᠤᠮᠳᠠᠳᠤ᠃ ᠦᠢᠯᠡᠳᠤᠯᠭᠡᠴᠢ ᠲᠤᠮᠳᠠᠳᠤ ᠰᠤᠷᠭᠠᠭᠤᠯᠢ | ᠲᠡᠭᠦᠰᠦᠭᠰᠡᠨ ᠰᠤᠷᠤᠬᠴᠢᠳ ᠢ ᠡᠯᠰᠡᠨ᠎ᠡ᠃ ᠰᠤᠷᠤᠯᠭ᠎ᠠ ᠶᠢᠨ ᠬᠤᠭᠤᠴᠠᠭ᠎ᠠ 2 ᠵᠢᠯ᠃ ᠤᠨᠤᠯ ᠦᠢᠯᠡᠳᠤᠯᠭᠡ ᠶᠢᠨ | ᠬᠢᠴᠢᠶᠡᠯ ᠢ ᠲᠤᠰᠪᠤᠷᠢ ᠨᠢᠬᠡ ᠵᠢᠯ ᠤᠷᠤᠨ᠎ᠠ᠃ ᠲᠡᠭᠦᠰᠦᠭᠰᠡᠨ ᠤ ᠲᠠᠷᠠᠭ᠎ᠠ ᠰᠢᠭᠤᠳ ᠲᠤᠰᠬᠠᠢ ᠮᠡᠷᠭᠡᠵᠢᠯ ᠤᠨ ᠶᠡᠭᠡ | ᠰᠤᠷᠭᠠᠭᠤᠯᠢ ᠳᠤ ᠲᠡᠪᠰᠢᠨ᠎ᠡ᠃ | ᠨᠥᠭᠦᠬᠡ ᠨᠢ ᠠᠵᠢᠯ ᠮᠡᠷᠭᠡᠵᠢᠯ ᠪᠤᠶᠤ ᠲᠤᠰᠬᠠᠢ ᠮᠡᠷᠭᠡᠵᠢᠯ ᠤᠨ ᠲᠡᠭᠡᠳᠤ ᠲᠤᠮᠳᠠᠳᠤ ᠨᠢ ᠦᠢᠯᠡᠳᠤᠯᠭᠡᠴᠢ | ᠲᠤᠮᠳᠠᠳᠤ ᠰᠤᠷᠭᠠᠭᠤᠯᠢ ᠲᠡᠭᠦᠰᠦᠭᠰᠡᠨ ᠰᠤᠷᠤᠭᠴᠢᠳ ᠢ ᠡᠯᠰᠡᠨ᠎ᠡ᠃ ᠰᠤᠷᠤᠯᠭ᠎ᠠ ᠶᠢᠨ ᠬᠤᠭᠤᠴᠠᠭ᠎ᠠ 2 ᠵᠢᠯ᠂ | ᠪᠦᠬᠦᠯᠢ ᠡᠳᠤᠷ ᠢᠶᠠᠷ ᠤᠨᠤᠯ ᠤᠨ ᠬᠢᠴᠢᠶᠡᠯ ᠢ ᠰᠤᠷᠤᠯᠴᠠᠨ᠎ᠠ᠃ ᠲᠡᠭᠦᠰᠦᠭᠰᠡᠨ ᠤ ᠲᠠᠷᠠᠭ᠎ᠠ ᠶᠡᠷᠤᠩᠭᠡᠶᠢᠯᠡᠭᠰᠡᠨ ᠶᠡᠭᠡ | ᠰᠤᠷᠭᠠᠭᠤᠯᠢ ᠳᠤ ᠲᠠᠪᠰᠢᠨᠡ᠃ | ᠪᠠᠰᠠ ᠨᠢᠭᠡ ᠨᠢ ᠲᠤᠰᠬᠠᠢ ᠮᠠᠷᠭᠡᠵᠢᠯ᠂ ᠠᠵᠢᠯ ᠮᠡᠷᠭᠡᠵᠢᠯ ᠪᠤᠶᠤ ᠮᠡᠷᠭᠡᠵᠢᠯ ᠤᠨ ᠪᠦᠬᠦᠯᠢ ᠡᠳᠤᠷ ᠤᠨ | ᠲᠦᠷᠢᠮᠳᠤ ᠲᠤᠮᠳᠠᠳᠤ ᠰᠤᠷᠭᠠᠭᠤᠯᠢ᠃ ᠦᠢᠯᠡᠳᠤᠯᠭᠡᠴᠢ ᠲᠤᠮᠳᠠᠳᠤ ᠰᠤᠷᠭᠠᠭᠤᠯᠢ ᠲᠡᠭᠦᠰᠦᠭᠰᠡᠨ ᠰᠤᠷᠤᠬᠴᠢ ᠶᠢ | ᠡᠯᠰᠡᠨ᠎ᠡ᠃ ᠰᠤᠷᠤᠯᠭ᠎ᠠ ᠶᠢᠨ ᠵᠢᠯ 3 ᠵᠢᠯ᠃ ᠲᠡᠭᠦᠰᠦᠭᠰᠡᠨ ᠤ ᠲᠠᠷᠠᠭ᠎ᠠ ᠰᠢᠭᠤᠳ ᠶᠡᠷᠤᠩᠭᠡᠶᠢᠯᠡᠭᠰᠡᠨ ᠶᠡᠭᠡ | ᠰᠤᠷᠭᠠᠭᠤᠯᠢ ᠳᠤ ᠲᠡᠪᠰᠢᠨ᠎ᠡ᠃ | ᠲᠦᠷᠪᠡ᠂ ᠲᠡᠭᠡᠳᠤ ᠲᠤᠮᠳᠠᠳᠤ ᠶᠢ ᠲᠡᠭᠦᠰᠭᠡᠭᠰᠡᠨ ᠤ ᠲᠠᠷᠠᠭᠠᠬᠢ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ | ᠬᠦᠭᠵᠢᠯᠲᠡ ᠶᠢᠨ ᠬᠠᠨᠳᠤᠰᠢ ᠳᠣᠬᠢᠷᠠᠮᠵᠢᠲᠠᠢ᠃ | 1. ᠲᠡᠭᠡᠳᠤ ᠲᠤᠮᠳᠠᠳᠤ ᠶᠢ ᠲᠡᠭᠦᠰᠭᠡᠭᠰᠡᠨ ᠤ ᠲᠠᠷᠠᠭ᠎ᠠ ᠶᠡᠭᠡ ᠰᠤᠷᠭᠠᠭᠤᠯᠢ ᠶᠢᠨ ᠪᠤᠰᠤ ᠠᠵᠢᠯ ᠮᠡᠷᠭᠡᠵᠢᠯ ᠤᠨ | ᠰᠤᠷᠭᠠᠨ ᠬᠦᠮᠦᠵᠢᠯ᠃ ᠡᠨᠡ ᠪᠤᠯ ᠲᠠᠪᠳᠠᠨ ᠪᠤᠯᠪᠠᠰᠤᠷᠠᠯ ᠤᠨ ᠰᠢᠨᠵᠢ ᠲᠠᠢ᠃ ᠡᠯᠰᠡᠬᠦ ᠨᠦᠬᠦᠴᠡᠯ ᠨᠢ ᠠᠵᠢᠯ | ᠮᠡᠷᠭᠡᠵᠢᠯ ᠤᠨ ᠰᠤᠷᠭᠠᠨ ᠬᠦᠮᠦᠵᠢᠯ ᠢ 2 ᠵᠢᠯ ᠠᠴᠠ ᠲᠡᠭᠡᠭᠰᠢ ᠭᠦᠷᠳᠡᠭᠰᠡᠨ ᠮᠦᠷᠳᠡᠭᠡᠨ ᠦᠢᠯᠡᠳᠤᠯᠭᠡᠵᠢᠭᠰᠡᠨ ᠪᠠᠶᠢᠬᠤ | ᠭᠡᠷᠡᠭᠲᠡᠢ᠃ ᠰᠤᠷᠤᠯᠭ᠎ᠠ ᠶᠢᠨ ᠬᠤᠭᠤᠴᠠᠭ᠎ᠠ 2 ᠵᠢᠯ᠂ ᠮᠡᠷᠭᠡᠵᠢᠯ ᠤᠨ ᠪᠠᠭᠰᠢ ᠪᠤᠶᠤ ᠮᠡᠷᠭᠡᠵᠢᠯ ᠤᠨ ᠰᠤᠷᠭᠠᠭᠤᠯᠢ ︵ | ᠤᠯᠤᠰ ᠠᠴᠠ ᠭᠤᠤᠯᠯᠠᠨ ᠡᠷᠬᠢᠯᠡᠵᠥ︶ ᠰᠢᠯᠭᠠᠯᠳᠠ ᠬᠢᠨ᠎ᠡ᠃ ᠰᠢᠯᠭᠠᠯᠳᠠ ᠳᠤ ᠬᠢᠷᠢ ᠲᠡᠩᠴᠡᠪᠡᠯ ᠬᠢᠷᠢ ᠬᠡᠮ ᠤᠨ | ᠦᠨᠡᠮᠯᠡᠯ ᠤᠯᠭᠤᠵᠤ ᠠᠵᠢᠯ ᠤᠯᠤᠨ᠎ᠡ᠃ ᠭᠡᠷᠪᠡ ᠬᠢᠷᠢ ᠲᠡᠩᠴᠡᠭᠦ ᠦᠬᠡᠢ ᠪᠤᠯ ᠲᠡᠬᠢᠨ ᠬᠤᠶᠠᠷ ᠤᠳᠠᠭ᠎ᠠ ᠰᠢᠯᠭᠠᠵᠥ | ᠪᠤᠯᠥᠨ᠎ᠡ᠃ | 2. ᠲᠡᠭᠡᠳᠤ ᠲᠤᠮᠳᠠᠳᠤ ᠶᠢ ᠲᠡᠭᠦᠰᠦᠭᠰᠡᠨ ᠤ ᠲᠠᠷᠠᠭᠠᠬᠢ ᠶᠡᠭᠡ ᠰᠤᠷᠭᠠᠭᠤᠯᠢ ᠶᠢᠨ ᠱᠠᠳᠤᠨ ᠤ ᠠᠵᠢᠯ | ᠮᠡᠷᠭᠡᠵᠢᠯ ᠤᠨ ᠰᠤᠷᠭᠠᠨ ᠬᠦᠮᠦᠵᠢᠯ᠃ ᠡᠨᠡ ᠪᠤᠯ ᠪᠦᠬᠦᠯᠢ ᠡᠳᠤᠷ ᠤᠨ ᠲᠦᠷᠢᠮᠳᠤ ᠪᠦᠷᠢᠨ ᠲᠤᠮᠳᠠᠳᠤ ᠰᠤᠷᠭᠠᠭᠤᠯᠢ | ᠲᠡᠭᠦᠰᠦᠭᠰᠡᠨ ᠰᠤᠷᠤᠬᠴᠢᠳ ᠤᠨ ᠰᠢᠯᠭᠠᠯᠳᠠ ᠶᠢᠨ ᠦᠷ᠎ᠡ ᠪᠦᠳᠦᠮᠵᠢᠪᠠᠷ ᠨᠢ ᠡᠯᠰᠡᠨ ᠠᠪᠴᠤ ᠦᠨᠳᠦᠷ ᠲᠡᠰ ᠤᠨ | ᠴᠢᠳᠠᠪᠤᠷᠢᠳᠡᠨ ᠪᠤᠯᠭᠠᠨ ᠭᠦᠮᠦᠵᠢᠬᠦᠯᠦᠨ᠎ᠡ᠃ ᠭᠤᠷᠪᠠᠨ ᠵᠢᠯ ᠤᠨ ᠲᠦᠷᠢᠮ ᠢᠶᠠᠷ ᠲᠡᠭᠦᠰᠦᠭᠰᠡᠳ ᠢ ᠠᠵᠢᠯ | ᠮᠡᠷᠭᠡᠵᠢᠯ ᠤᠨ ᠰᠤᠷᠭᠠᠭᠤᠯᠢ ᠶᠢᠨ ᠢᠨᠵᠧᠨᠧᠷᠢᠩ ᠤᠨ ᠴᠤᠯᠨ ᠶᠢ ᠤᠯᠭᠤᠨ᠎ᠠ᠃ ᠬᠤᠶᠠᠷ ᠵᠢᠯ ᠤᠨ ᠰᠤᠷᠤᠯᠴᠠᠯᠭ᠎ᠠ ᠶᠢᠨ | ᠲᠦᠷᠢᠮ ᠢᠶᠠᠷ ᠲᠡᠭᠦᠰᠦᠭᠰᠡᠳ ᠢ ᠢᠨᠵᠧᠨᠧᠷᠢᠩ ᠤᠨ ᠲᠤᠰᠠᠯᠠᠭᠴᠢ ᠶᠢᠨ ᠴᠤᠯᠨ ᠤᠯᠭᠤᠨ᠎ᠠ᠃ | ᠠᠵᠢᠯ ᠮᠡᠷᠭᠡᠵᠢᠯ ᠤᠨ ᠰᠤᠷᠭᠠᠭᠤᠯᠢ ᠶᠢᠨ ᠲᠤᠰᠬᠠᠢ ᠮᠡᠷᠭᠡᠵᠢᠯ ᠢ ᠲᠤᠬᠢᠷᠠᠭᠤᠯᠬᠤ ᠶᠠᠪᠤᠴᠨ ᠳᠤ | ᠢᠨᠵᠧᠨᠧᠷᠢᠩ ᠤᠨ ᠮᠡᠷᠭᠡᠵᠢᠯ᠂ ᠠᠵᠥ ᠠᠬᠤᠢ ᠶᠢᠨ ᠢᠨᠵᠧᠨᠧᠷᠢᠩ᠂ ᠨᠡᠶᠢᠬᠡᠮ ᠤᠨ ᠦᠢᠯᠡᠴᠢᠯᠡᠭᠡ ᠵᠡᠷᠭᠡ ᠭᠤᠷᠪᠠᠨ | ᠤᠷᠴᠢᠨ ᠲᠤᠭᠤᠷᠢᠨ ᠳᠤ ᠬᠤᠤᠰ ᠠᠯᠬᠤᠮᠳᠤ ᠮᠠᠶ᠋ᠢᠭ ᠢᠶᠠᠷ ᠰᠤᠷᠤᠬᠴᠢ ᠬᠢᠭᠡᠳ ᠠᠵᠥ ᠠᠬᠤᠶᠢᠯᠠᠯ᠂ ᠰᠤᠷᠤᠬᠴᠢ | ᠬᠢᠭᠡᠳ ᠰᠤᠷᠭᠠᠭᠤᠯᠢ ᠶᠢᠨ ᠬᠤᠭᠤᠷᠤᠨᠳᠤᠬᠢ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠭᠡᠷ᠎ᠡ ᠶᠢ ᠳᠣᠭᠲᠠᠭᠠᠵᠤ | ᠰᠤᠷᠭᠠᠨ ᠬᠦᠮᠦᠵᠢᠯ ᠵᠢᠭᠠᠨ ᠰᠤᠷᠭᠠᠯᠳᠠ ᠶᠠᠪᠤᠬᠳᠠᠭᠤᠯᠤᠨᠡ᠃ ᠭᠤᠷᠪᠠᠨ ᠰᠠᠷ᠎ᠠ ᠪᠤᠯᠬᠤ ᠪᠦᠷᠢ ᠲᠡᠬᠢᠨ ᠰᠢᠨᠡᠳᠭᠡᠨ᠎ᠡ᠃ | ᠰᠤᠷᠤᠯᠭ᠎ᠠ ᠶᠢᠨ ᠬᠤᠭᠤᠴᠠᠭᠠᠨ ᠳᠤ ᠰᠤᠷᠤᠬᠴᠢᠳ ᠠᠴᠠ ᠰᠦᠢᠳᠬᠡᠯ ᠬᠤᠷᠢᠶᠠᠬᠤ ᠦᠬᠡᠢ᠂ ᠠᠵᠥ ᠠᠬᠤᠶᠢᠯᠡᠯ ᠠᠴᠠ | ᠨᠦᠬᠦᠪᠦᠷᠢ ᠤᠯᠭᠤᠵᠥ᠂ ᠤᠯᠤᠰ ᠤᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠬᠠᠥᠯᠢ ᠪᠠᠷ ᠪᠠᠳᠤᠯᠠᠳᠠᠭ᠃ | ᠲᠡᠪᠤ᠂ ᠠᠵᠢᠯ ᠮᠡᠷᠭᠡᠵᠢᠯ ᠤᠨ ᠰᠤᠷᠭᠠᠭᠤᠯᠢ ᠶᠢᠨ ᠦᠬᠡᠷᠡᠴᠢᠯᠡᠯᠳᠡ ᠬᠢᠭᠡᠳ ᠰᠢᠨ᠎ᠡ ᠡᠭᠦᠳᠥᠯᠳᠡ ᠨᠢ | ᠥᠪᠡᠷᠮᠢᠴᠡ ᠤᠨᠴᠠᠯᠢᠭ ᠲᠠᠢ᠃ | 1969 ᠤᠨ ᠳᠤ ᠭᠧᠷᠮᠠᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠦᠨᠳᠤᠰᠤᠨ ᠬᠠᠥᠯᠢ ᠶᠢ | ᠲᠤᠬᠳᠠᠭᠠᠨ ᠭᠡᠷᠡᠭᠵᠢᠬᠦᠯᠪᠡ᠃ | ᠤᠯᠤᠰ ᠤᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠰᠤᠳᠤᠯᠭᠠᠨ ᠤ ᠲᠦᠪ᠂ ᠵᠸᠤ ᠶᠢᠨ ᠠᠵᠢᠯ | ᠮᠡᠷᠭᠡᠵᠢᠯ ᠤᠨ ᠰᠤᠷᠭᠠᠨ ᠬᠦᠮᠦᠵᠢᠯ ᠤᠨ ᠰᠤᠳᠤᠯᠭᠠᠨ ᠤ ᠲᠦᠪ ᠪᠠᠶᠢᠬᠤ ᠠᠴᠠ ᠭᠠᠳᠠᠨ᠎ᠠ ᠠᠵᠢᠯ ᠮᠡᠷᠭᠡᠵᠢᠯ ᠤᠨ | ᠰᠤᠷᠭᠠᠨ ᠬᠦᠮᠦᠵᠢᠯ ᠤᠨ ᠨᠡᠶᠢᠬᠡᠮᠯᠢᠭ ︵ᠮᠠᠨ ᠤ ᠤᠯᠤᠰ ᠤᠨ ᠨᠡᠶᠢᠭᠡᠮᠯᠢᠭ ᠤᠳ ᠲᠠᠢ ᠠᠳᠠᠯᠢ ᠦᠬᠡᠢ᠂ ᠵᠠᠰᠠᠭ | ᠵᠠᠬᠢᠷᠭᠠᠨ ᠤ ᠡᠷᠬᠡ ᠮᠡᠳᠡᠯ ᠲᠠᠢ︶ ᠭᠡᠵᠦ ᠪᠠᠶᠢᠨ᠎ᠠ᠃ ᠲᠤᠰᠬᠠᠢ ᠮᠡᠷᠭᠡᠵᠢᠯ ᠤᠨ ᠬᠢᠷᠢ ᠬᠡᠮ ᠢ ᠬᠢᠨᠡᠨ ᠦᠨᠡᠯᠡᠵᠥ᠂ | ᠦᠨᠡᠮᠯᠡᠯ ᠤᠯᠭᠤᠬᠤ ᠡᠷᠬᠡ ᠲᠠᠢ᠃ ᠤᠨᠴᠠᠭᠠᠢ ᠡᠷᠬᠡ ᠲᠠᠢ ᠮᠦᠷᠳᠡᠬᠡᠨ ᠦᠢᠯᠡᠳᠤᠯ ᠰᠠᠶᠢᠳᠠᠢ᠃ ᠲᠤᠬᠠᠶᠢᠯᠠᠪᠠᠯ᠄ | 1. ᠠᠵᠥ ᠠᠬᠤᠶᠢᠯᠠᠯ ᠠᠴᠠ ᠰᠤᠷᠤᠬᠴᠢᠳ ᠲᠤ ᠲᠠᠳᠤᠯᠭ᠎ᠠ ᠪᠤᠯᠪᠠᠰᠤᠷᠠᠯ ᠭᠦᠷᠳᠡᠬᠡᠬᠦ ᠬᠢᠴᠢᠶᠡᠯ ᠤᠨ | ᠪᠠᠷᠢᠮᠵᠢᠶ᠎ᠠ ᠶᠢ ᠲᠤᠬᠳᠠᠭᠠᠨ᠎ᠠ᠃ | 2. ᠠᠵᠥ ᠠᠬᠤᠶᠢᠯᠠᠯ ᠤᠨ ᠰᠤᠷᠤᠬᠴᠢᠳ ᠲᠤ ᠭᠦᠷᠳᠡᠬᠡᠵᠥ ᠪᠠᠶᠢᠭ᠎ᠠ ᠲᠠᠳᠤᠯᠭ᠎ᠠ ᠪᠤᠯᠪᠠᠰᠤᠷᠠᠯ ᠳᠤ ᠰᠢᠭᠤᠳ | ᠬᠢᠨᠡᠯᠳᠡ ᠬᠠᠮᠢᠶᠠᠷᠤᠯᠳᠡ ᠬᠢᠨ᠎ᠡ᠃ | 3. ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠶᠠᠰᠤ ᠴᠢᠨᠠᠷ ᠲᠤ ᠡᠵᠡᠮᠰᠢᠯ ᠬᠢᠬᠦ ᠮᠦᠷᠳᠡᠬᠡᠨ ᠱᠠᠪᠢ | ᠲᠠᠭᠠᠬᠰᠠᠳ ᠢ ᠰᠢᠯᠭᠠᠵᠥ ᠦᠨᠡᠯᠡᠨ᠎ᠡ᠃ | 4. ᠠᠵᠥ ᠠᠬᠤᠶᠢᠯᠠᠯ ᠠᠯᠤᠰᠯᠠᠭᠰᠠᠨ ᠲᠠᠳᠤᠯᠭ᠎ᠠ ᠪᠤᠯᠪᠠᠰᠤᠷᠠᠯ ᠤᠨ ᠪᠦᠳᠦᠴᠨ ᠲᠤᠬᠳᠠᠮᠵᠢᠶᠢ ᠵᠤᠬᠢᠴᠠᠭᠤᠯᠬᠤ | ᠬᠦᠭᠦᠷᠬᠡ ᠶᠢᠨ ᠦᠢᠯᠡᠳᠤᠯ ᠲᠠᠢ᠃ | ᠰᠢᠨ᠎ᠡ ᠶᠢ ᠡᠭᠦᠳᠦᠭᠰᠡᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠰᠤᠳᠤᠯᠭᠠᠨ ᠢ ᠦᠪᠡᠷᠳᠡᠭᠡᠨ | ᠰᠤᠷᠤᠯᠴᠠᠬᠤ᠂ ᠬᠤᠷᠰᠢᠨ ᠰᠤᠷᠤᠯᠴᠠᠬᠤ ᠶᠠᠪᠤᠴᠨ ᠬᠢᠭᠡᠳ ᠠᠵᠢᠯ ᠤᠨ ᠶᠠᠪᠤᠴᠨ ᠠᠴᠠ ᠲᠤᠬᠳᠠᠭᠠᠬᠳᠠᠭᠰᠠᠨ ︽ᠠᠵᠢᠯ | ᠮᠡᠷᠭᠡᠵᠢᠯ ᠤᠨ ᠰᠢᠨᠵᠢᠯᠡᠬᠦ ᠤᠬᠠᠭᠠᠨ︾ ᠢ ᠰᠣᠳᠣᠯᠵᠥ ᠪᠤᠳᠠᠳᠡᠢᠡᠴᠠ ᠡᠭᠦᠰᠦᠭᠰᠡᠨ ᠬᠠᠮᠤᠭ ᠤᠨ ᠰᠠᠶᠢᠨ ᠰᠤᠷᠤᠯᠴᠠᠬᠤ | ᠤᠷᠴᠢᠨ ᠢ ᠡᠭᠦᠳᠴᠤ᠂ ᠠᠵᠢᠯ ᠤᠨ ᠶᠠᠪᠤᠴᠨ ᠪᠠᠷ ᠭᠦᠳᠦᠯᠦᠮᠵᠢ ᠪᠤᠯᠭᠠᠬᠰᠠᠨ ᠬᠢᠴᠢᠶᠡᠯᠯᠡᠭᠡ ᠶᠢ ᠭᠡᠷᠡᠭᠵᠢᠬᠦᠯᠵᠥ᠂ ︽ | ᠠᠵᠢᠯᠯᠠᠬᠤ ᠶᠢᠨ ᠲᠦᠯᠦᠭᠡ ᠰᠤᠷᠤᠯᠴᠠᠬᠤ᠂ ᠠᠵᠢᠯᠯᠠᠭᠠᠨ ᠤ ᠶᠠᠪᠤᠴᠨ ᠳᠤ ᠰᠤᠷᠤᠯᠴᠠᠬᠤ︾ ᠪᠠᠷ ᠵᠢᠯᠤᠭᠤᠳᠤᠭᠤᠯᠬᠤ | ᠰᠤᠷᠭᠠᠨ ᠬᠦᠮᠦᠵᠢᠯ ᠤᠨ ᠠᠷᠭ᠎ᠠ ᠪᠠᠷᠢᠯ ᠢ ᠭᠦᠨᠴᠨ ᠲᠠᠢ ᠰᠤᠳᠤᠯᠥᠨ ᠡᠭᠦᠳᠴᠤ ᠪᠤᠢ᠃ | ᠭᠧᠷᠮᠠᠨ ᠤ ᠠᠵᠢᠯ ᠮᠡᠷᠭᠡᠵᠢᠯ ᠤᠨ ᠰᠤᠳᠤᠯᠬᠤ ᠭᠠᠵᠡᠷ ᠠᠴᠠ ᠲᠤᠯᠤᠭᠠᠶᠢᠯᠠᠨ 2000 ᠲᠦᠯᠦᠭᠡᠯᠡᠭᠦ ᠴᠢᠨᠠᠷᠳᠠᠢ | ᠠᠵᠥ ᠠᠬᠤᠶᠢᠯᠠᠯ ᠠᠴᠠ ᠠᠵᠢᠯ ᠮᠡᠷᠭᠡᠵᠢᠯ ᠬᠢᠭᠡᠳ ᠠᠵᠢᠯ ᠮᠡᠷᠭᠡᠵᠢᠯ ᠤᠨ ᠬᠢᠷᠢ ᠬᠡᠮ ᠳᠤ ᠲᠠᠯᠪᠢᠬᠰᠠᠨ ᠪᠤᠳᠠᠳᠤ | ᠱᠠᠭᠠᠷᠳᠠᠯᠭ᠎ᠠ ᠶᠢ ᠭᠦᠯᠢᠶᠠᠨ ᠠᠪᠴᠤ ᠨᠠᠷᠢᠨ ᠵᠠᠳᠠᠯᠥᠯᠳᠠ ᠬᠢᠵᠥ᠂ ᠵᠤᠷᠢᠯᠭ᠎ᠠ ᠬᠠᠷᠠᠯᠳᠠ ᠪᠠᠨ ᠰᠢᠨᠡᠳᠭᠡᠵᠥ ᠠᠵᠢᠯ | ᠮᠡᠷᠭᠡᠵᠢᠯ ᠤᠨ ᠰᠢᠨ᠎ᠡ ᠲᠤᠭᠢᠷᠠᠭᠤᠯᠥᠯᠳᠡ ᠶᠢ ᠱᠠᠯᠠᠪᠳᠠᠵᠥ ᠪᠠᠶᠢᠨ᠎ᠠ᠃ | ᠵᠢᠷᠭᠤᠭ᠎ᠠ᠂ ᠮᠠᠨ ᠤ ᠤᠯᠤᠰ ᠤᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠬᠢᠭᠡᠳ ᠭᠧᠷᠮᠠᠨ ᠤ ᠠᠵᠢᠯ | ᠮᠡᠷᠭᠡᠵᠢᠯ ᠤᠨ ᠰᠤᠷᠭᠠᠨ ᠬᠦᠮᠦᠵᠢᠯ ᠤᠨ ᠬᠠᠷᠢᠴᠠᠭᠤᠯᠤᠯ | 1. ᠬᠠᠤᠯᠢᠵᠢᠨ ᠲᠤᠭᠤᠰᠢᠯᠠᠭᠳᠠᠭᠰᠠᠨ ᠲᠠᠯ᠎ᠠ ᠪᠠᠷ ᠮᠠᠨ ᠤ ᠤᠯᠤᠰ 1995 ᠤᠨ ᠳᠤ ᠠᠵᠢᠯ ᠮᠡᠷᠭᠡᠵᠢᠯ ᠤᠨ | ᠰᠤᠷᠭᠠᠨ ᠬᠦᠮᠦᠵᠢᠯ ᠤᠨ ᠬᠠᠥᠯᠢ ᠶᠢ ᠲᠤᠬᠳᠠᠭᠠᠨ ᠭᠡᠷᠡᠭᠵᠢᠬᠦᠯᠪᠡ᠃ | ᠭᠧᠷᠮᠠᠨ ᠤᠯᠤᠰ 1969 ᠤᠨ ᠳᠤ ᠠᠵᠢᠯ ᠮᠡᠷᠭᠡᠵᠢᠯ ᠤᠨ ᠬᠠᠥᠯᠢ ᠶᠢ ᠲᠤᠬᠳᠠᠭᠠᠵᠥ ᠭᠡᠷᠡᠭᠵᠢᠬᠦᠯᠥᠭᠡᠳ᠂ | 1972 ᠤᠨ᠂ 1976 ᠤᠨ᠂ 1981 ᠤᠨ᠂ 2005 ᠤᠨ ᠳᠤ ᠠᠵᠢᠯ ᠮᠡᠷᠭᠡᠵᠢᠯ ᠤᠨ ᠨᠦᠬᠦᠪᠦᠷᠢ ᠰᠢᠨ᠎ᠡ | ᠬᠠᠥᠯᠢ ᠶᠢ ᠨᠠᠮᠠᠨ ᠲᠤᠬᠳᠠᠭᠠᠵᠥ ᠲᠠᠰᠤᠷᠠᠯᠳᠠ ᠦᠬᠡᠢ ᠲᠡᠭᠦᠯᠳᠡᠷᠵᠢᠬᠦᠯᠥᠨ ᠭᠡᠷᠡᠭᠵᠢᠬᠦᠯᠪᠡ᠃ | 2. ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠪᠡᠯᠨ ᠤᠷᠤᠭᠤᠯᠥᠯᠳᠡ ᠠᠴᠠ ᠦᠵᠡᠪᠡᠯ ᠮᠡᠨ ᠤ ᠤᠯᠤᠰ | ᠪᠤᠯ ᠤᠯᠤᠰ ᠤᠨ ᠡᠳ᠋ ᠤᠨ ᠵᠠᠰᠠᠭ᠂ ᠭᠠᠵᠠᠷ ᠤᠷᠤᠨ ᠤ ᠡᠳ᠋ ᠤᠨ ᠵᠠᠰᠠᠭ ᠢᠶᠠᠷ ᠭᠤᠤᠯ ᠪᠤᠯᠭᠠᠨ ᠪᠡᠯᠨ | ᠤᠷᠤᠭᠤᠯᠤᠯᠳᠡ ᠪᠠᠨ ᠵᠢᠯ ᠠᠴᠠ ᠵᠢᠯ ᠨᠡᠮᠡᠭᠳᠡᠬᠦᠯᠵᠥ ᠪᠠᠶᠢᠨ᠎ᠡ᠃ ᠭᠧᠷᠮᠠᠨ ᠤᠯᠤᠰ ᠪᠤᠯ ᠤᠯᠤᠰ ᠤᠨ ᠡᠳ᠋ ᠤᠨ ᠵᠠᠰᠠᠭ᠂ | ᠵᠸᠤ ᠶᠢᠨ ᠡᠳ᠋ ᠤᠨ ᠵᠠᠰᠠᠭ ᠠᠴᠠ ᠭᠠᠳᠠᠨ᠎ᠠ ᠠᠵᠥ ᠠᠬᠤᠶᠢᠯᠡᠯ ᠠᠴᠠ ᠪᠠᠰᠠ ᠠᠵᠢᠯ ᠮᠡᠷᠭᠡᠵᠢᠯ ᠢᠶᠠᠷ ᠰᠤᠷᠤᠯᠴᠠᠵᠥ | ᠪᠠᠶᠢᠭ᠎ᠠ ᠰᠤᠷᠤᠬᠴᠢᠳ ᠲᠤ ᠠᠮᠢᠳᠤᠷᠠᠯ ᠤᠨ ᠨᠦᠬᠦᠪᠦᠷᠢ ᠤᠯᠭᠤᠵᠥ ᠪᠠᠶᠢᠬᠤ ᠮᠦᠷᠳᠡᠬᠡᠨ ᠡᠨᠡ ᠨᠢ ᠨᠡᠯᠢᠶᠠᠳ ᠶᠡᠭᠡ | ᠬᠠᠷᠢᠴᠠᠯ ᠢ ᠡᠵᠡᠯᠡᠲᠡᠭ᠃ | 3. ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠱᠠᠳᠤ ᠲᠡᠭᠳᠡᠷ ᠤᠨ ᠲᠠᠯ᠎ᠠ ᠪᠠᠷ ᠮᠠᠨ ᠤ ᠤᠯᠤᠰ ᠤᠨ | ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠬᠠᠥᠯᠢ ᠳᠤ ᠠᠩᠬ᠎ᠠ ᠵᠡᠷᠭᠡ᠂ ᠲᠤᠮᠳᠠᠳᠤ ᠵᠡᠷᠭᠡ᠂ ᠲᠡᠭᠡᠳᠦ | ᠵᠡᠷᠭᠡ ᠶᠢᠨ ᠠᠵᠢᠯ ᠮᠡᠷᠭᠡᠵᠢᠯ ᠤᠨ ᠱᠠᠳᠤ ᠲᠡᠭᠳᠡᠷ ᠲᠠᠢ ᠪᠤᠯᠪᠠᠴᠤ ᠡᠳᠤᠭᠡ ᠵᠦᠪᠬᠡᠨ ᠲᠤᠮᠳᠠᠳᠤ ᠵᠡᠷᠭᠡ ᠶᠢᠨ ᠠᠵᠢᠯ | ᠮᠡᠷᠭᠡᠵᠢᠯ᠂ ᠲᠡᠭᠡᠳᠦ ᠵᠡᠷᠭᠡ ᠶᠢᠨ ᠠᠵᠢᠯ ᠮᠡᠷᠭᠡᠵᠢᠯ ᠬᠡᠬᠦ ᠬᠤᠶᠠᠷ ᠱᠠᠳᠤ ᠲᠡᠭᠳᠡᠷ ᠢ ᠭᠡᠷᠡᠭᠵᠢᠬᠦᠯᠥᠨ ᠠᠰᠢᠬᠯᠠᠵᠥ ᠪᠤᠢ᠃ | ᠭᠧᠷᠮᠠᠨ ᠤᠯᠤᠰ ᠲᠤ ᠲᠦᠷᠪᠡᠨ ᠵᠢᠯ ᠤᠨ ᠲᠦᠷᠢᠮᠳᠤ ᠪᠠᠭ᠎ᠠ ᠰᠤᠷᠭᠠᠭᠤᠯᠢ ᠲᠡᠭᠦᠰᠦᠮᠡᠭᠴᠨ 70% ᠠᠴᠠ ᠲᠡᠭᠡᠭᠰᠢᠬᠢ | ᠰᠤᠷᠤᠬᠴᠢᠳᠢ ᠠᠵᠢᠯ ᠮᠡᠷᠭᠡᠵᠢᠯ ᠤᠨ ᠰᠤᠷᠭᠠᠨ ᠬᠦᠮᠦᠵᠢᠯ ᠢᠶᠠᠷ ᠰᠤᠩᠭᠤᠯᠳᠡ ᠲᠠᠢ ᠵᠠᠮᠨᠠᠭᠤᠯᠳᠠᠭ᠃ ᠭᠧᠷᠮᠠᠨ ᠤ | ᠠᠵᠢᠯ ᠮᠡᠷᠭᠡᠵᠢᠯ ᠤᠨ ᠰᠤᠷᠭᠠᠨ ᠬᠦᠮᠦᠵᠢᠯ ᠨᠢ ᠡᠷᠳ᠋ᠨ ᠠᠴᠠ ᠴᠢᠭᠯᠡᠯᠳᠤ ᠴᠢᠨᠠᠷ ᠲᠠᠢ᠂ ᠰᠤᠩᠭᠤᠯᠳᠡ ᠲᠠᠢ | ᠬᠤᠪᠢᠶᠠᠷᠢᠯᠡᠯᠳᠡ᠂ ᠰᠢᠰᠲ᠋ᠧᠮ ᠲᠠᠢ ᠠᠯᠬᠤᠮ ᠶᠠᠪᠤᠴᠨ ᠶᠢ ᠴᠢᠬᠤᠯᠠᠴᠢᠯᠠᠳᠠᠭ ᠠᠴᠠ ᠠᠵᠢᠯ ᠮᠡᠷᠭᠡᠵᠢᠯ ᠤᠨ | ᠰᠤᠷᠭᠠᠭᠤᠯᠢ ᠰᠤᠷᠤᠬᠴᠢ ᠡᠯᠰᠡᠬᠦ ᠲᠡᠷᠤᠭᠠᠰᠤ ᠦᠬᠡᠢ᠂ ᠰᠠᠭᠤᠷᠢ ᠪᠡᠳᠤ ᠪᠠᠬᠢ᠂ ᠴᠢᠨᠠᠷᠵᠢᠯ ᠤᠬᠢ ᠰᠢᠯᠢᠲᠡᠭ᠂ | ᠨᠡᠶᠢᠬᠡᠮ ᠤᠨ ᠭᠦᠭᠵᠢᠯᠳᠡ ᠶᠢᠨ ᠭᠡᠷᠡᠭᠴᠡᠭᠡ ᠱᠠᠭᠠᠷᠳᠠᠯᠭ᠎ᠠ ᠳᠤ ᠨᠠᠶᠢᠴᠡᠵᠥ ᠪᠠᠶᠢᠨ᠎ᠠ᠃ ᠨᠡᠶᠢᠬᠡᠮ ᠲᠡᠭᠡᠷ᠎ᠡ ᠠᠵᠢᠯ | ᠦᠬᠡᠢ ᠵᠠᠯᠠᠭᠤᠴᠤᠳ ᠬᠡᠵᠥ ᠲᠦᠢᠯ ᠤᠨ ᠴᠦᠬᠡᠨ᠃ | ᠮᠠᠨ ᠤ ᠤᠯᠤᠰ ᠨᠢ ᠵᠢᠷᠭᠤᠭᠠᠨ ᠵᠢᠯ ᠤᠨ ᠲᠦᠷᠢᠮᠳᠤ ᠪᠠᠭ᠎ᠠ ᠰᠤᠷᠭᠠᠭᠤᠯᠢ ᠬᠢᠭᠡᠳ ᠭᠤᠷᠪᠠᠨ ᠵᠢᠯ ᠤᠨ | ᠲᠦᠷᠢᠮᠳᠤ ᠠᠩᠬ᠎ᠠ ᠲᠤᠮᠳᠠᠳᠤ ᠶᠢ ᠲᠡᠭᠦᠰᠭᠡᠭᠰᠡᠨ ᠤ ᠲᠠᠷᠠᠭ᠎ᠠ ᠰᠠᠶ᠋ᠢ ᠡᠬᠢᠯᠡᠵᠥ ᠠᠵᠢᠯ ᠮᠡᠷᠭᠡᠵᠢᠯ ᠤᠨ ᠵᠠᠮ ᠢᠶᠠᠷ 1᠄ | 1 ᠶᠢᠨ ᠬᠠᠷᠢᠴᠠᠯ ᠢᠶᠠᠷ ᠬᠤᠪᠢᠶᠠᠷᠢᠯᠠᠬᠤ ᠳᠤ ᠤᠷᠳᠤ ᠬᠤᠭᠤᠴᠠᠭ᠎ᠠ ᠦᠢᠯᠡᠳᠤᠯᠬᠡ ᠠᠮᠢᠳᠤᠷᠠᠯ ᠠᠴᠠ ᠭᠦᠨᠳᠡᠶᠢᠷᠡᠭᠰᠡᠨ | ᠲᠡᠩᠭᠢᠮ ᠤᠨ ᠰᠤᠷᠭᠠᠨ ᠬᠦᠮᠦᠵᠢᠯ ᠳᠤ ᠮᠢᠨᠴᠦᠭᠦᠷᠦᠭᠰᠡᠨ ᠰᠤᠷᠤᠭᠴᠢ ᠨᠢ ᠪᠠᠭ᠎ᠠ ᠪᠤᠰᠤ ᠪᠠᠶᠢᠵᠤ᠂ ᠵᠠᠯᠠᠭᠤᠴᠤᠳ | ᠮᠡᠷᠭᠡᠵᠢᠯ ᠴᠢᠳᠠᠪᠤᠷᠢ ᠪᠠᠷ ᠬᠤᠮᠰᠠᠳᠠᠵᠥ ᠠᠵᠢᠯ ᠭᠦᠳᠡᠯᠮᠤᠷᠢ ᠠᠴᠠ ᠵᠠᠶᠢᠳᠠᠭᠰᠠᠭᠠᠷ ᠪᠠᠶᠢᠭᠠᠳ ᠨᠡᠶᠢᠬᠡᠮ ᠤᠨ ᠭᠡᠷᠡᠭᠴᠡᠭᠡ | ᠱᠠᠭᠠᠷᠳᠠᠯᠭ᠎ᠠ ᠳᠤ ᠭᠦᠷᠴᠦ ᠴᠢᠳᠠᠬᠤ ᠦᠭᠡᠢ ᠪᠤᠯᠵᠤ ᠮᠠᠳᠡᠭᠦ ᠶᠢ ᠠᠩᠬᠠᠷᠬᠤ ᠴᠢᠬᠤᠯᠠ ᠲᠠᠢ ᠪᠤᠯᠤᠭᠰᠠᠨ ᠶᠤᠮ᠃ | ᠬᠠᠶ᠋ᠢᠬ᠄ ᠣᠲᠤᠭ ᠬᠤᠰᠢᠭᠤᠨ ᠤ ᠦᠨᠳᠦᠰᠦᠲᠡᠨ ᠤ ᠠᠵᠢᠯ ᠮᠡᠷᠭᠡᠵᠢᠯ ᠤᠨ | ᠶᠡᠷᠦᠩᠬᠡᠶᠢᠯᠡᠭᠰᠡᠨ ᠳᠣᠮᠳᠠᠳᠤ ᠰᠤᠷᠭᠠᠭᠤᠯᠢ | ︵ᠡᠾᠦ᠋ᠩ ᠮᠸᠢ ᠨᠠᠶᠢᠷᠠᠭᠤᠯᠪᠠ︶ | 9 ᠳ᠋ᠤᠭᠠᠷ ᠬᠤᠭᠤᠴᠠᠭ᠎ᠠ |