ᠤᠷᠠᠨᠰᠤᠪᠤᠳ | | ︽ᠳᠡᠯᠡᠬᠡᠢ ᠳ᠋ᠡᠬᠢᠨ ᠳᠤ ᠠᠳᠠᠯᠢᠬᠠᠨ ᠬᠤᠶᠠᠷ ᠨᠠᠪᠴᠢ ᠪᠠᠶᠢᠳᠠᠬ ᠦᠭᠡᠢ︾ ᠭᠡᠳᠡᠭ ᠢᠶᠠᠷ ᠶᠠᠮᠠᠷᠪᠠ ᠬᠡᠷᠡᠭ | ᠪᠤᠳᠠᠰ ᠲᠤ ᠪᠦᠷ ᠲᠥᠭᠡᠮᠡᠯ ᠲᠠᠯ᠎ᠠ ᠪᠠ ᠥᠪᠡᠷᠮᠢᠴᠡ ᠲᠠᠯ᠎ᠠ ᠲᠠᠢ᠃ ᠠᠳᠠᠯᠢᠬᠠᠨ ᠢᠶᠠᠷ ᠠᠩᠬᠢ ᠶᠢᠨ ᠠᠵᠢᠯ ᠤᠨ | ᠬᠠᠮᠢᠶᠠᠷᠤᠯᠳᠠ ᠳᠤ ᠴᠤ ᠲᠥᠭᠡᠮᠡᠯ ᠣᠨᠴᠠᠯᠢᠭ ᠪᠠ ᠥᠪᠡᠷᠮᠢᠴᠡ ᠣᠨᠴᠠᠯᠢᠭ ᠲᠠᠢ ᠪᠠᠶᠢᠬᠤ ᠨᠢ ᠶᠠᠷᠢᠶᠠᠨ ᠦᠭᠡᠢ᠃ | ᠡ᠊ᠨᠳᠡ ᠪᠢ ᠠᠩᠬᠢ ᠶᠢᠨ ᠬᠠᠮᠢᠶᠠᠷᠤᠯᠳᠠ ᠶᠢᠨ ᠠᠵᠢᠯ ᠤᠨ ᠳᠤᠬᠠᠢ ᠳᠤᠪᠴᠢᠬᠠᠨ ᠶᠠᠷᠢᠶ᠎ᠠ᠃ | ᠨᠢᠭᠡ᠂ ᠡᠩ ᠲᠡᠷᠢᠭᠦᠨ ᠳᠤ ᠠᠩᠬᠢ ᠶᠢᠨ ᠡᠷᠬᠢᠯᠡᠭᠴᠢ ᠪᠠᠭᠰᠢ ᠶᠢᠨ ᠠᠵᠢᠯ ᠢ ᠭᠠᠷᠳᠠᠨ ᠠᠪᠬᠤ ᠳᠤ ᠦᠵᠡᠯ | ᠰᠠᠨᠠᠭᠠᠨ ᠤ ᠲᠠᠯ᠎ᠠ ᠪᠠᠷ ᠪᠦᠷᠢᠨ ᠪᠡᠯᠡᠳᠬᠡᠯ ᠲᠠᠢ ᠪᠠᠶᠢᠬᠤ ᠬᠡᠷᠡᠭᠲᠠᠢ | ᠤᠳᠤᠬᠠᠨ ᠤ ᠪᠠᠶᠢᠳᠠᠯ ᠠᠴᠠ ᠦᠵᠡᠬᠦ ᠳᠤ᠂ ᠬᠤᠪᠢ ᠬᠦᠮᠦᠨ ᠠᠩᠬᠢ ᠶᠢᠨ ᠡᠷᠬᠢᠯᠡᠭᠴᠢ ᠪᠠᠭᠰᠢ ᠪᠤᠯᠬᠤ ᠪᠠᠷ | ᠡᠷᠭᠦᠳᠡᠯ ᠲᠡᠪᠰᠢᠭᠦᠯᠭᠦ ᠪᠤᠶᠤ ᠰᠤᠷᠭᠠᠭᠤᠯᠢ ᠠᠴᠠ ᠰᠢᠭᠤᠳ ᠡᠭᠦᠷᠭᠡ ᠲᠠᠭᠠᠭᠠᠯᠭᠠᠬᠤ ᠬᠡᠯᠪᠡᠷᠢ ᠪᠠᠷ ᠠᠩᠬᠢ ᠶᠢᠨ | ᠡᠷᠬᠢᠯᠡᠭᠴᠢ ᠪᠠᠭᠰᠢ ᠶᠢ ᠳᠤᠭᠳᠠᠭᠠᠵᠤ ᠪᠠᠶᠢᠨ᠎ᠠ᠃ ︽ᠠᠵᠢᠯ ᠬᠢᠪᠡᠯ ᠳᠠᠭᠤᠰᠳᠠᠯ᠎ᠠ᠂ ᠳᠠᠪᠤᠰᠤ ᠬᠢᠪᠡᠯ ᠠᠭᠤᠰᠳᠠᠯ᠎ᠠ︾ | ᠭᠡᠳᠡᠭ ᠢᠶᠠᠷ ᠬᠢᠪᠡᠯ ᠵᠠᠪᠠᠯ ᠰᠠᠶᠢᠨ ᠬᠢᠬᠦ ᠬᠡᠷᠡᠭᠳᠠᠢ᠃ ᠨᠢᠭᠡ ᠠᠵᠢᠯ ᠢ ᠬᠢᠬᠦ ᠳᠤ ᠰᠡᠳᠬᠢᠯ ᠰᠢᠭᠤᠳᠬᠤ ᠦᠭᠡᠢ᠂ | ᠡᠷᠡᠬᠡᠯᠵᠡᠭᠡ ᠲᠠᠢ᠂ ᠬᠡᠷᠪᠡ ᠳᠤᠷ᠎ᠠ ᠦᠭᠡᠢ ᠪᠣᠯ ᠡᠷᠡᠮᠡᠯᠵᠡᠭᠰᠡᠨ ᠤ ᠬᠡᠷᠡᠭ ᠦᠭᠡᠢ᠂ ᠬᠦᠯᠢᠶᠡᠨ ᠠᠪᠤᠭᠰᠠᠨ ᠤ ᠴᠦ | ᠴᠢᠬᠤᠯᠠ ᠦᠭᠡᠢ᠃ ᠢᠡᠭᠬᠢᠭᠦ ᠨᠢ ᠬᠡᠦᠬᠡᠳ ᠢ ᠦᠭᠡᠶ ᠬᠢᠵᠦ ᠮᠡᠳᠡᠭᠦ ᠮᠦᠷᠳᠡᠭᠡᠨ ᠴᠠᠭᠠᠰᠢᠯᠠᠪᠠᠯ ᠰᠤᠷᠭᠠᠭᠤᠯᠢ ᠶᠢᠨ | ᠠᠵᠢᠯ ᠳᠤ ᠴᠦ ᠬᠠᠷᠰᠢ ᠪᠤᠯᠤᠨ᠎ᠠ᠃ ᠡᠶᠢᠮᠦ ᠠᠴᠠ ᠠᠩᠬᠢ ᠶᠢᠨ ᠡᠷᠬᠢᠯᠡᠭᠴᠢ ᠪᠠᠭᠰᠢ ᠪᠤᠯᠤᠨ᠎ᠠ ᠭᠡᠪᠡᠯ ᠡᠷᠬᠡᠪᠰᠢ | ᠦᠵᠡᠯ ᠰᠠᠨᠠᠭᠠᠨ ᠤ ᠲᠠᠯ᠎ᠠ ᠪᠠᠷ ᠭᠦᠢᠴᠡᠳ ᠪᠡᠯᠡᠳᠬᠡᠯ ᠬᠢᠵᠦ ︽ᠠᠩᠬᠢ ᠪᠠᠨ ᠵᠠᠪᠠᠯ ᠰᠠᠶᠢᠨ ᠡᠷᠬᠢᠯᠡᠶ᠎ᠡ︾ ᠭᠡᠰᠡᠨ | ᠡᠷᠡᠰ ᠰᠢᠭᠤᠷᠬᠠᠢ ᠵᠤᠷᠢᠭ᠂ ᠣᠷᠭᠢᠯᠤᠮ᠎ᠠ ᠬᠠᠯᠠᠭᠤᠨ ᠰᠡᠳᠬᠢᠯᠭᠡ ᠲᠠᠢ ᠪᠠᠶᠢᠬᠤ ᠬᠡᠷᠡᠭᠳᠠᠢ᠃ ᠡ᠊ᠨᠡ ᠪᠣᠯ ᠬᠠᠮᠤᠭ | ᠴᠢᠬᠤᠯᠠ᠃ ᠮᠦᠨ ᠴᠦ ᠪᠠᠭᠰᠢ ᠬᠦᠮᠦᠨ ᠤ ᠬᠠᠮᠤᠭ ᠤᠨ ᠳᠡᠭᠡᠳᠦ ᠬᠠᠷᠢᠭᠤᠴᠠᠯᠭ᠎ᠠ ᠪᠤᠯᠬᠤ ᠶᠤᠮ᠃ | ᠬᠤᠶᠠᠷ᠂ ᠰᠤᠷᠤᠭᠴᠢ ᠪᠠᠨ ᠰᠠᠶᠢᠳᠤᠷ ᠰᠤᠳᠤᠯᠵᠤ᠂ ᠣᠶᠢᠯᠠᠭᠠᠬᠤ ᠶᠢ ᠣᠨᠴᠠ ᠠᠩᠬᠠᠷᠬᠤ ᠬᠡᠷᠡᠭᠳᠡᠢ | ᠰᠤᠷᠤᠭᠴᠢ ᠶᠢᠨ ᠭᠡᠷ ᠪᠦᠯᠢ᠂ ᠵᠠᠩ ᠠᠷᠠᠨᠰᠢᠨ᠂ ᠰᠡᠳᠬᠢᠴᠡ᠂ ᠠᠮᠢᠳᠤᠷᠠᠯ ᠤᠨ ᠪᠠᠶᠢᠳᠠᠯ ᠵᠡᠷᠭᠡ ᠶᠢ ᠨᠢ | ᠠᠯᠠᠭᠠᠨ ᠵᠢᠷᠤᠭᠠᠰᠤ ᠪᠠᠨ ᠰᠢᠬ ᠳᠤᠳᠤᠷᠬᠠᠢ ᠮᠡᠳᠡᠵᠦ ᠠᠪᠬᠤ ᠪᠣᠯ ᠠᠩᠬᠢ ᠶᠢᠨ ᠡᠷᠬᠢᠯᠡᠭᠴᠢ ᠪᠠᠭᠰᠢ ᠶᠢᠨ ᠠᠵᠢᠯ ᠤᠨ | ᠬᠠᠮᠤᠭ ᠤᠨ ᠴᠢᠬᠤᠯᠠ ᠵᠦᠢᠯ ᠶᠤᠮ᠃ ᠪᠢ ᠰᠤᠷᠤᠭᠴᠢ ᠪᠠᠨ ᠬᠦᠯᠢᠶᠡᠨ ᠠᠪᠤᠮᠠᠭᠴᠠ ᠪᠠᠨ ᠨᠠᠷᠢᠨ ᠨᠢᠮᠪᠠᠢ ᠠᠰᠠᠭᠤᠨ | ᠯᠠᠪᠯᠠᠵᠤ᠂ ᠣᠶᠢᠯᠠᠭᠠᠵᠤ ᠠᠪᠬᠤ ᠶᠢ ᠡᠷᠬᠢᠮᠯᠡᠳᠡᠭ᠃ ᠡᠭᠦᠨ ᠳᠤ ᠰᠤᠷᠤᠭᠴᠢ ᠶᠢᠨ ᠲᠤᠰ ᠪᠡᠶ᠎ᠡ ᠲᠠᠢ ᠨᠢ ᠶᠠᠷᠢᠯᠴᠠᠬᠤ᠂ | ᠭᠡᠷ ᠤᠨ ᠠᠬᠠᠮᠠᠳ ᠠᠴᠠ ᠨᠢ ᠯᠠᠪᠯᠠᠬᠤ᠂ ᠬᠠᠮᠳᠤ ᠨᠦᠬᠦᠳ ᠠᠴᠠ ᠨᠢ ᠠᠰᠠᠭᠤᠬᠤ ᠵᠡᠷᠭᠡ ᠠᠷᠭ᠎ᠠ ᠪᠠᠷ ᠰᠤᠷᠤᠭᠴᠢ ᠶᠢᠨ | ᠳᠤᠬᠠᠢ ᠭᠦᠨᠵᠡᠭᠡᠢ ᠤᠶᠢᠯᠠᠭᠠᠯᠲᠠ ᠲᠠᠢ ᠪᠤᠯᠳᠠᠭ᠃ ᠠᠩᠬᠢ ᠶᠢᠨ ᠡᠷᠬᠢᠯᠡᠭᠴᠢ ᠪᠠᠭᠰᠢ ᠪᠠᠰᠠ ᠥᠪᠡᠷ ᠢ ᠪᠠᠨ | ᠰᠤᠷᠤᠭᠴᠢᠳ ᠲᠤ ᠤᠶᠢᠯᠠᠭᠠᠭᠤᠯᠬᠤ ᠬᠡᠷᠡᠭᠳᠠᠢ᠃ ᠢᠩᠬᠢᠵᠦ ᠬᠠᠷᠢᠯᠴᠠᠨ ᠰᠠᠶᠢᠨ ᠤᠶᠢᠯᠠᠭᠠᠴᠢᠬᠠᠪᠠᠯ ᠪᠠᠭᠰᠢ | ᠰᠤᠷᠤᠭᠴᠢ ᠶᠢᠨ ᠰᠡᠳᠬᠢᠯ ᠤᠨ ᠵᠠᠢ ᠣᠯᠠᠮ ᠣᠶᠢᠷ᠎ᠠ ᠪᠤᠯᠵᠤ᠂ ᠰᠤᠷᠤᠭᠴᠢ ᠴᠦ ᠰᠡᠳᠭᠢᠯ ᠤᠨ ᠦᠭᠡ ᠪᠠᠨ | ᠪᠠᠭᠰᠢ ᠳᠤ ᠪᠠᠨ ᠨᠢᠭᠤᠯ ᠦᠭᠡᠢ ᠶᠠᠷᠢᠬᠤ ᠪᠤᠯᠤᠨ᠎ᠠ᠃ ᠨᠡᠩ ᠴᠦ ᠤᠳᠤ ᠶᠢᠨ ᠬᠡᠦᠬᠡᠳ ᠤᠳ ᠬᠦᠴᠢᠷ ᠢ | ᠳᠡᠰᠪᠤᠷᠢᠯᠡᠵᠦ ᠳᠡᠶᠢᠯᠬᠦ ᠦᠭᠡᠢ᠂ ᠠᠯᠵᠠᠭᠤ ᠵᠠᠯᠬᠠᠭᠤ᠂ ᠵᠤᠵᠢᠭ ᠵᠦᠷᠢᠭᠦᠳ᠂ ᠪᠤᠰᠤᠳ ᠲᠤ ᠬᠡᠯᠡᠭᠳᠡᠬᠦ ᠳᠤᠷ᠎ᠠ | ᠦᠭᠡᠢ᠂ ᠰᠡᠳᠬᠢᠴᠡ ᠨᠢ ᠬᠡᠪᠡᠷᠡᠭ ᠪᠤᠯᠵᠤ ᠪᠠᠶᠢᠨ᠎ᠠ᠃ ᠶᠠᠭ ᠡᠶᠢᠮᠦᠷᠬᠦᠤ ᠪᠠᠶᠢᠳᠠᠯ ᠳᠤ ᠰᠤᠷᠤᠭᠴᠢ ᠪᠠᠨ ᠰᠤᠳᠤᠯᠵᠤ᠂ | ᠰᠤᠷᠤᠭᠴᠢ ᠪᠠᠨ ᠤᠶᠢᠯᠠᠭᠠᠵᠦ᠂ ᠰᠤᠷᠭᠠᠨ ᠬᠦᠮᠦᠵᠢᠭᠦᠯᠬᠦ ᠠᠷᠭ᠎ᠠ ᠠᠪᠴᠠᠯ ᠢᠶᠠᠨ ᠵᠥᠪ ᠪᠠᠶᠢᠯᠭᠠᠬᠤ ᠪᠣᠯ ᠲᠦᠢᠯ ᠤᠨ | ᠴᠢᠬᠤᠯᠠ ᠶᠤᠮ᠃ | ︽ᠡᠪᠡᠳᠴᠢᠨ ᠳᠤ ᠨᠢ ᠳᠤᠬᠢᠷᠠᠭᠤᠯᠵᠤ ᠡᠮ ᠬᠡᠷᠡᠭᠯᠡᠨ᠎ᠡ︾ ᠭᠡᠳᠡᠭ ᠢᠶᠠᠷ ᠰᠤᠷᠤᠭᠴᠢ ᠪᠠᠨ ᠰᠠᠶᠢᠨ ᠣᠶᠢᠯᠠᠭᠠᠵᠤ | ᠠᠪᠤᠪᠠᠯ ᠬᠦᠮᠦᠵᠢᠭᠦᠯᠵᠦ ᠰᠤᠷᠭᠠᠬᠤ ᠳᠤ ᠬᠠᠷᠠᠯᠳᠠ ᠲᠠᠢ ᠪᠤᠯᠵᠤ᠂ ᠣᠨᠴᠠᠯᠢᠭ ᠲᠤ ᠨᠢ ᠲᠤᠬᠢᠷᠠᠭᠤᠯᠵᠤ ᠰᠤᠷᠭᠠᠨ | ᠬᠦᠮᠦᠵᠢᠭᠦᠯᠵᠦ ᠴᠢᠳᠠᠨ᠎ᠠ᠃ ᠰᠤᠷᠤᠭᠴᠢ ᠶᠢᠨ ᠪᠤᠳᠠᠳᠠᠢ ᠪᠠᠶᠢᠳᠠᠯ ᠢ ᠡᠳᠦᠷ ᠪᠤᠯᠭᠠᠨ᠂ ᠴᠠᠭ ᠮᠦᠴᠡ ᠦᠭᠡᠢ | ᠠᠵᠢᠭᠯᠠᠨ ᠰᠤᠳᠤᠯᠵᠤ᠂ ᠲᠡᠳᠡᠨ ᠤ ᠥᠰᠥᠨ ᠪᠤᠶᠢᠵᠢᠯᠳᠠ ᠶᠢᠨ ᠶᠠᠪᠤᠴᠠ ᠶᠢ ᠲᠡᠮᠳᠡᠭᠯᠡᠵᠦ᠂ ᠰᠤᠷᠤᠭᠴᠢ ᠶᠢᠨ | ᠪᠤᠳᠠᠳᠠᠢ ᠠᠴᠠ ᠡᠭᠦᠰᠴᠦ ᠵᠢᠭᠠᠬᠤ ᠠᠷᠭ᠎ᠠ᠂ ᠬᠦᠮᠦᠵᠢᠭᠦᠯᠬᠦ ᠠᠷᠭ᠎ᠠ ᠪᠠᠨ ᠠᠮᠢᠳᠤᠯᠢᠭ ᠪᠠᠶᠢᠯᠭᠠᠬᠤ ᠬᠡᠷᠡᠭᠳᠠᠢ᠃ | ᠭᠤᠷᠪᠠ᠂ ᠠᠩᠬᠢ ᠶᠢᠨ ᠡᠷᠬᠢᠯᠡᠭᠴᠢ ᠪᠠᠭᠰᠢ ᠰᠤᠷᠤᠭᠴᠢ ᠪᠠᠨ ᠬᠠᠶᠢᠷᠠᠯᠠᠵᠤ᠂ ᠰᠤᠷᠤᠭᠴᠢ ᠶᠢᠨ ᠢᠶᠠᠨ | ᠬᠦᠨᠳᠦᠳᠬᠡᠯ ᠢ ᠣᠯᠬᠤ ᠶᠢ ᠴᠢᠬᠤᠯᠠᠴᠢᠯᠠᠬᠤ ᠬᠡᠷᠡᠭᠳᠡᠢ | ︽ᠰᠤᠷᠭᠠᠨ ᠬᠦᠮᠦᠵᠢᠭᠦᠯᠬᠦ ᠶᠢᠨ ᠠᠯᠢᠪᠠ ᠨᠢᠭᠤᠴᠠ ᠨᠢ ᠬᠡᠦᠬᠡᠳ ᠢ ᠬᠠᠶᠢᠷᠠᠯᠠᠬᠤ ᠳᠤ ᠪᠠᠶᠢᠨ᠎ᠠ︾ ᠭᠡᠬᠦ | ᠠᠯᠳᠠᠷᠳᠤ ᠦᠭᠡ ᠶᠢ ᠪᠠᠭᠰᠢ ᠪᠤᠯᠭᠠᠨ ᠮᠡᠳᠡᠳᠡᠭ᠂ ᠰᠤᠷᠤᠭᠴᠢ ᠪᠠᠨ ᠬᠠᠶᠢᠷᠠᠯᠠᠬᠤ ᠪᠣᠯ ᠪᠠᠭᠰᠢ ᠬᠦᠮᠦᠨ ᠤ | ᠪᠡᠶᠡᠯᠡᠭᠦᠯᠬᠦ ᠠᠵᠢᠯ᠂ ᠬᠦᠮᠦᠨ ᠢ ᠬᠦᠮᠦᠵᠢᠭᠦᠯᠬᠦ ᠬᠠᠮᠤᠭ ᠤᠨ ᠳᠤᠬᠢᠷᠠᠮᠵᠢᠳᠠᠢ ᠠᠷᠭ᠎ᠠ ᠪᠠᠷᠢᠯ ᠪᠤᠯᠬᠤ ᠶᠤᠮ᠃ | ︽ᠪᠠᠭᠰᠢ ᠶᠢᠨ ᠠᠵᠢᠯ ᠪᠣᠯ ᠨᠠᠷᠠᠨ ᠤ ᠭᠡᠷᠡᠯ ᠳᠤᠤᠷᠠᠬᠢ ᠬᠠᠮᠤᠭ ᠤᠨ ᠢᠷᠠᠭᠤ ᠠᠯᠳᠠᠷᠳᠠᠢ ᠪᠥᠭᠡᠳ | ᠬᠠᠮᠤᠭ ᠤᠨ ᠬᠦᠴᠢᠷ ᠠᠵᠢᠯ ᠮᠦᠨ︾ ᠭᠡᠵᠦ ᠡᠷᠳᠡᠮᠳᠠᠳ ᠶᠠᠷᠢᠭᠰᠠᠨ ᠪᠠᠶᠢᠳᠠᠭ᠃ ᠡᠴᠢᠬᠡ ᠡᠬᠡᠴᠤᠤᠯ ᠥᠪᠡᠷ ᠤᠨ | ᠦᠷ᠎ᠡ ᠬᠡᠦᠬᠡᠳ ᠤᠨ ᠢᠶᠠᠨ ᠲᠥᠯᠥᠭᠡ ᠵᠢᠳᠬᠦᠳᠡᠭ᠂ ᠮᠠᠨ ᠤ ᠪᠠᠭᠰᠢ ᠬᠦᠮᠦᠨ ᠣᠯᠠᠨ ᠬᠡᠦᠬᠡᠳ ᠤᠨ ᠲᠥᠯᠥᠭᠡ | ᠵᠢᠳᠬᠦᠳᠡᠭ ᠢᠶᠠᠷ ᠢᠶᠠᠨ ᠠᠭᠤᠤ ᠶᠡᠭᠡ ᠪᠠᠶᠢᠳᠠᠭ ᠶᠤᠮ᠃ ᠡᠶᠢᠮᠦ ᠠᠴᠠ ᠪᠢᠳᠡ ᠡᠶᠢᠮᠦ ᠠᠭᠤᠤ ᠶᠡᠭᠡ ᠬᠦᠮᠦᠨ | ᠪᠤᠯᠤᠭᠰᠠᠨ ᠳᠤ ᠪᠠᠨ ᠣᠮᠣᠭᠰᠢᠬᠤ ᠶᠤᠰᠤᠳᠠᠢ᠃ ᠰᠤᠷᠤᠭᠴᠢᠳ ᠤᠨ ᠬᠠᠯᠭᠤᠤ ᠪᠤᠷᠤᠭᠤ ᠵᠦᠢᠯ᠂ ᠬᠠᠵᠠᠭᠠᠢ | ᠮᠤᠰᠢᠭᠠᠢ ᠠᠯᠬᠤᠳᠠᠯ ᠳᠤ ᠵᠥᠪᠬᠡᠨ ᠠᠭᠤᠷᠯᠠᠭᠠᠳ ᠯᠡ ᠪᠠᠶᠢᠵᠤ ᠪᠤᠯᠬᠤ ᠦᠭᠡᠢ᠃ ᠬᠠᠷᠢᠨ ᠲᠡᠳᠡᠭᠡᠷ ᠠᠯᠢᠶ᠎ᠠ | ᠳᠦᠢᠳᠬᠡᠷ ᠰᠤᠷᠤᠭᠴᠢᠳ ᠢ ᠬᠠᠶᠢᠷᠠᠯᠠᠵᠤ ᠦᠨᠡᠨ ᠰᠡᠳᠬᠢᠯ ᠠᠴᠠ ᠪᠠᠨ ᠬᠠᠨᠳᠤᠪᠠᠯ ᠲᠡᠳᠡ ᠴᠦ ᠪᠠᠭᠰᠢ ᠪᠠᠨ | ᠤᠶᠢᠯᠠᠭᠠᠵᠦ᠂ ᠪᠠᠭᠰᠢ ᠪᠠᠨ ᠬᠦᠨᠳᠦᠳᠬᠡᠵᠤ᠂ ᠪᠠᠭᠰᠢ ᠪᠠᠨ ᠬᠠᠶᠢᠷᠠᠯᠠᠵᠤ᠂ ᠡᠰᠡᠷᠭᠦᠴᠡᠭᠴᠢ ᠳᠡᠷᠰᠡᠯᠡᠭᠴᠢ | ᠪᠠᠶᠢᠭᠰᠠᠨ ᠠᠴᠠ ᠪᠠᠨ ᠴᠢᠨᠦ ᠥᠮᠥᠭᠯᠡᠭᠴᠢ᠂ ᠬᠠᠮᠠᠭᠠᠯᠠᠭᠴᠢ᠂ ᠰᠢᠳᠦᠨ ᠪᠢᠰᠢᠷᠡᠭᠴᠢ ᠪᠤᠯᠵᠤ ᠮᠡᠳᠡᠨ᠎ᠡ᠃ ᠪᠢᠳᠡ | ᠰᠤᠷᠤᠭᠴᠢ ᠶᠢᠨ ᠬᠦᠯᠳᠡᠭᠰᠡᠨ ᠰᠡᠳᠬᠢᠯ ᠢ ᠬᠠᠶᠢᠷ᠎ᠠ ᠶᠢᠨ ᠬᠠᠯᠠᠭᠤᠨ ᠢᠯᠴᠢ ᠪᠠᠷ ᠢᠶᠠᠨ ᠤᠶᠠᠷᠠᠭᠠᠨ ᠬᠡᠰᠬᠡᠵᠦ᠂ ᠮᠠᠭᠤ | ᠮᠠᠭᠤᠬᠠᠢ ᠵᠠᠩ ᠰᠤᠷᠳᠠᠯ ᠢ ᠨᠢ ᠰᠠᠶᠢᠨ ᠰᠠᠶᠢᠬᠠᠨ ᠰᠡᠳᠬᠢᠯ ᠢᠶᠠᠷ ᠢᠶᠠᠨ ᠬᠤᠪᠢᠷᠠᠭᠤᠯᠵᠤ ᠠᠪᠬᠤ ᠬᠡᠷᠡᠭᠳᠠᠢ᠃ ︽ | ᠥᠪᠡᠷ ᠤᠨ ᠬᠡᠦᠬᠡᠳ ᠢᠶᠠᠨ ᠬᠠᠶᠢᠷᠠᠯᠠᠵᠤ ᠴᠢᠳᠠᠳᠠᠭ ᠪᠣᠯ ᠬᠦᠮᠦᠨ᠂ ᠥᠷᠥᠭᠡᠯ ᠤᠨ ᠬᠡᠦᠬᠡᠳ ᠢ ᠬᠠᠶᠢᠷᠠᠯᠠᠵᠤ | ᠴᠢᠳᠠᠳᠠᠭ ᠪᠣᠯ ᠪᠤᠷᠬᠠᠨ︾ ᠭᠡᠳᠡᠭ᠃ | ᠲᠦᠷᠪᠡ᠂ ᠰᠤᠷᠤᠭᠴᠢᠳ ᠲᠤ ᠵᠥᠪ ᠬᠦᠮᠦᠵᠢᠯ ᠬᠢᠬᠦ ᠶᠢ ᠴᠢᠬᠤᠯᠠᠴᠢᠯᠠᠨ ᠬᠦᠢᠴᠡᠳᠭᠡᠬᠦ ᠬᠡᠷᠡᠭᠲᠡᠢ | ᠪᠢ ᠰᠤᠷᠤᠭᠴᠢ ᠶᠢ ᠰᠠᠶᠢᠨ ᠰᠤᠷᠤᠭᠴᠢ ᠪᠤᠯᠬᠤ ᠠᠴᠠ ᠨᠢ ᠡᠮᠦᠨ᠎ᠡ ᠰᠠᠶᠢᠨ ᠬᠦᠮᠦᠨ ᠪᠤᠯᠭᠠᠬᠤ ᠶᠢ ᠵᠤᠷᠢᠳᠠᠭ᠃ | ᠳᠠᠷᠤᠢ ᠬᠦᠮᠦᠨ ᠮᠥᠰᠥ ᠶᠢᠨ ᠬᠦᠮᠦᠵᠢᠯ ᠬᠢᠬᠦ ᠶᠢ ᠣᠨᠴᠠ ᠠᠩᠬᠠᠷᠳᠠᠭ᠃ ︽ᠬᠦᠮᠦᠨ ᠤ ᠰᠠᠶᠢᠬᠠᠨ ᠰᠡᠳᠬᠢᠯ ᠨᠢ | ᠬᠤᠷᠸ᠎ᠠ ᠶᠢᠨ ᠳᠤᠳᠠᠭᠤ ᠶᠢ ᠨᠦᠬᠦᠳᠡᠭ︾ ᠭᠡᠳᠡᠭ ᠢᠶᠠᠷ ︽ᠶᠠᠮᠠᠷ ᠴᠦ ᠶᠠᠭᠤᠮ᠎ᠠ ᠶᠢ ᠰᠠᠶᠢᠨ ᠵᠦᠭ ᠲᠤ ᠨᠢ | ᠪᠤᠳᠤᠭᠠᠷᠠᠢ᠂ ᠶᠢᠷᠲᠢᠨᠴᠦ ᠭᠡᠵᠦ ᠰᠠᠶᠢᠨ ᠬᠦᠮᠦᠨ ᠤ ᠥᠯᠥᠭᠡᠢ ᠪᠤᠯᠬᠤᠷ ᠨᠠᠷᠠᠨ ᠪᠤᠷᠬᠠᠨ ᠭᠡᠷᠡᠯ ᠢᠯᠴᠢ ᠪᠠᠨ | ᠬᠠᠶᠢᠷᠠᠯᠠᠭᠰᠠᠨ ᠶᠤᠮ ᠰᠢᠤ︾ ᠭᠡᠬᠦ ᠬᠡᠯᠡᠯᠭᠡ ᠪᠠᠷ ᠬᠡᠦᠬᠡᠳ ᠤᠳ ᠲᠤ ᠪᠠᠨ ᠴᠠᠭ ᠦᠷᠭᠦᠯᠵᠢ ᠵᠢᠭᠠᠵᠤ ᠪᠠᠶᠢᠭ᠎ᠠ | ᠬᠢᠴᠢᠶᠡᠯ ᠲᠥᠷᠥᠯ ᠲᠠᠢ ᠪᠠᠨ ᠤᠶᠠᠯᠳᠤᠭᠤᠯᠤᠨ᠂ ᠪᠤᠯᠪᠠᠰᠤᠨ ᠰᠠᠶᠢᠬᠠᠨ ᠵᠠᠩ ᠰᠤᠷᠳᠠᠯ ᠲᠠᠢ᠂ ᠪᠤᠯᠪᠠᠰᠤᠨ ᠰᠠᠶᠢᠬᠠᠨ | ᠦᠭᠡ ᠶᠠᠷᠢᠶ᠎ᠠ ᠲᠠᠢ᠂ ᠪᠤᠯᠪᠠᠰᠤᠨ ᠰᠠᠶᠢᠬᠠᠨ ᠦᠢᠯᠡ ᠠᠵᠢᠯᠯᠠᠭ᠎ᠠ ᠲᠠᠢ᠂ ᠠᠴᠢᠯᠠᠯ ᠵᠢᠷᠤᠮ ᠢ ᠪᠤᠳᠤᠳᠠᠭ᠂ ᠬᠠᠶᠢᠷ᠎ᠠ | ᠡᠨᠡᠷᠢᠯ ᠢ ᠮᠡᠳᠡᠷᠡᠳᠡᠭ᠂ ᠠᠪᠤ ᠡᠵᠢ ᠪᠠᠨ ᠬᠠᠶᠢᠷᠠᠯᠠᠨ ᠠᠬᠠᠮᠠᠳ ᠨᠠᠰᠤᠳᠠᠨ ᠢᠶᠠᠨ ᠬᠦᠨᠳᠦᠳᠬᠡᠳᠡᠭ᠂ ᠠᠩᠬᠢ ᠶᠢᠨ | ᠨᠦᠬᠦᠳ ᠲᠠᠢ ᠪᠠᠨ ᠪᠦᠯᠬᠦᠮᠳᠡᠳᠡᠭ᠂ ᠪᠤᠰᠤᠳ ᠤᠨ ᠬᠠᠶᠢᠷ᠎ᠠ ᠬᠦᠨᠳᠦᠳᠬᠡᠯ ᠢ ᠣᠯᠵᠣ ᠴᠢᠳᠠᠳᠠᠭ ᠥᠭᠡᠳᠡᠷᠬᠡᠭ | ᠪᠤᠳᠤᠯ ᠲᠠᠢ ᠬᠦᠮᠦᠨ ᠪᠤᠯᠭᠠᠨ ᠬᠦᠮᠦᠵᠢᠭᠦᠯᠬᠦ ᠶᠢ ᠵᠤᠷᠢᠳᠠᠭ᠃ | ᠲᠠᠪᠤ᠂ ᠳᠠᠳᠬᠠᠯ ᠤᠨ ᠬᠦᠮᠦᠵᠢᠯ ᠢ ᠰᠠᠶᠢᠨ ᠬᠢᠵᠦ᠂ ᠪᠤᠯᠪᠠᠰᠤᠨ ᠶᠤᠰᠤᠷᠬᠠᠭ᠂ ᠪᠦᠯᠬᠦᠮᠳᠡᠯ ᠨᠢᠭᠳᠠᠷᠠᠯ ᠲᠠᠢ | ᠠᠩᠬᠢ ᠶᠢᠨ ᠬᠡᠪ ᠰᠤᠷᠳᠠᠯ ᠢ ᠪᠦᠷᠢᠯᠳᠦᠭᠦᠯᠬᠦ ᠶᠢ ᠠᠩᠬᠠᠷᠳᠠᠭ | ︽ᠨᠢᠭᠡ ᠰᠠᠶᠢᠬᠠᠨ ᠳᠠᠳᠬᠠᠯ ᠨᠢ ᠬᠦᠮᠦᠨ ᠢ ᠨᠠᠰᠤᠨ ᠲᠤᠷᠰᠢ ᠳᠤ ᠨᠢ ᠳᠠᠭᠠᠳᠠᠭ︾᠃ ᠪᠢ ᠠᠩᠬᠢ ᠶᠢᠨ ᠢᠶᠠᠨ | ᠬᠡᠦᠬᠡᠳ ᠢ ᠳᠤᠰᠤᠨ ᠠᠪᠤᠮᠠᠭᠴᠠ ᠵᠥᠪ ᠰᠠᠶᠢᠬᠠᠨ ᠠᠮᠢᠳᠤᠷᠠᠬᠤᠢ ᠶᠢᠨ ᠦᠵᠡᠯᠳᠡ ᠲᠠᠢ᠂ ᠠᠮᠢᠳᠤᠷᠠᠯ | ᠰᠤᠷᠤᠯᠴᠠᠯᠭ᠎ᠠ ᠳᠤ ᠪᠠᠨ ᠵᠥᠪ ᠣᠪᠣᠷ ᠢᠶᠠᠷ ᠬᠠᠨᠳᠤᠳᠠᠭ᠂ ᠠᠷᠢᠭᠤᠨ ᠴᠡᠪᠡᠷᠴᠢ ᠰᠤᠷᠳᠠᠯ ᠲᠠᠢ᠂ ᠠᠵᠢᠯᠴᠢ | ᠬᠦᠳᠡᠯᠮᠤᠷᠢᠴᠢ ᠠᠷᠠᠨᠰᠢᠨ ᠲᠠᠢ ᠬᠦᠮᠦᠨ ᠪᠤᠯᠭᠠᠬᠤ ᠵᠦᠭ ᠬᠦᠳᠦᠯᠳᠡᠭ᠃ | ᠵᠢᠷᠭᠤᠭ᠎ᠠ᠂ ᠤᠷᠮᠠᠰᠢᠭᠤᠯᠤᠯ ᠵᠤᠷᠢᠬᠵᠢᠭᠤᠯᠤᠯ ᠤᠨ ᠬᠦᠴᠦᠨ ᠢᠶᠠᠷ ᠬᠡᠦᠬᠡᠳ ᠤᠨ ᠢᠲᠡᠬᠡᠯ ᠬᠦᠰᠡᠯ ᠢ ᠨᠢ | ᠬᠥᠪᠴᠢᠯᠡᠳᠡᠭ | ︽ᠮᠤᠩᠭᠤᠯᠴᠤᠳ ᠬᠡᠦᠬᠡᠳ ᠢ ᠳᠤᠯᠤᠪᠤᠷ ᠬᠤᠷᠤᠭᠤ ᠪᠠᠷ ᠵᠢᠭᠠᠬᠤ ᠶᠢᠨ ᠣᠷᠤᠨ ᠳᠤ ᠡᠷᠡᠬᠡᠢ ᠭᠠᠷᠭᠠᠨ | ᠮᠠᠭᠳᠠ︾ ᠭᠡᠵᠦ ᠳᠤᠯᠤᠪᠤᠷ ᠬᠤᠷᠤᠭᠤ ᠪᠠᠷ ᠢᠶᠠᠨ ᠵᠢᠭᠠᠵᠤ ᠵᠢᠮᠡᠯᠡᠬᠦ ᠶᠢ ᠶᠡᠭᠡ ᠪᠠᠷ ᠴᠡᠭᠡᠷᠯᠡᠳᠡᠭ᠃ ᠭᠠᠳᠠᠭᠠᠳᠤ ᠶᠢᠨ | ᠰᠤᠷᠭᠠᠨ ᠬᠦᠮᠦᠵᠢᠯ ᠳᠤ ᠮᠠᠭᠳᠠᠭᠠᠯ ᠰᠠᠶᠢᠰᠢᠶᠠᠯ ᠢ ᠲᠤᠩ ᠡᠷᠬᠢᠮᠯᠡᠳᠡᠭ ᠭᠡᠨ᠎ᠠ᠃ ᠡᠶᠢᠮᠦ ᠨᠢᠭᠡᠨ ᠦᠯᠢᠭᠡᠷ ᠪᠠᠶᠢᠳᠠᠭ᠄ | ᠠᠮᠧᠷᠢᠺᠠ ᠶᠢᠨ ᠨᠢᠭᠡ ᠭᠡᠷ ᠪᠦᠯᠢ ᠳᠤ ᠭᠡᠷ ᠤᠨ ᠡᠵᠡᠭᠳᠠᠢ ᠨᠢ ᠣᠷᠤᠰ ᠬᠦᠮᠦᠨ᠂ ᠠᠩᠭ᠍ᠯᠢ ᠬᠡᠯᠡ ᠤᠭᠳᠤ ᠮᠡᠳᠡᠬᠦ | ᠦᠭᠡᠢ᠃ ᠬᠡᠦᠬᠡᠳ ᠨᠢ ᠣᠷᠤᠢ ᠰᠤᠷᠭᠠᠭᠤᠯᠢ ᠠᠴᠠ ᠪᠠᠨ ᠢᠷᠡᠮᠡᠭᠴᠡ ᠡᠵᠢ ᠳᠤ ᠪᠠᠨ ᠲᠠᠰᠬᠠᠯ ᠢᠶᠠᠨ ᠦᠵᠡᠭᠦᠯᠳᠡᠭ | ᠭᠡᠨ᠎ᠡ᠃ ᠡᠵᠢ ᠨᠢ ᠬᠦᠦ ᠶᠢᠨ ᠢᠶᠠᠨ ᠲᠠᠰᠬᠠᠯ ᠢ ᠦᠵᠡᠭᠡᠳ᠄ ︽ᠮᠢᠨᠦ ᠬᠦᠦ ᠶᠢᠨ ᠬᠢᠭᠰᠡᠨ ᠲᠠᠰᠬᠠᠯ ᠲᠤᠩ ᠭᠤᠶᠤ | ᠪᠠᠶᠢᠨ᠎ᠠ᠂ ᠵᠥᠪ ᠭᠦᠢᠴᠡᠳᠬᠡᠯ᠎ᠡ︾ ᠭᠡᠵᠦ ᠮᠠᠭᠳᠠᠳᠠᠭ᠃ ᠦᠨᠡᠨ ᠳᠤ ᠪᠠᠨ ᠬᠦᠦ ᠶᠢᠨ ᠬᠢᠨᠢ ᠲᠠᠰᠬᠠᠯ ᠲᠡᠶᠢᠮᠦ ᠭᠤᠶᠤ | ᠪᠢᠰᠢ᠃ ᠰᠡᠭᠦᠯᠡᠷ ᠨᠢ ᠬᠠᠨᠠᠨ ᠳᠤ ᠪᠠᠨ ᠨᠠᠭᠠᠵᠤ ᠵᠤᠴᠢᠨ ᠵᠠᠯᠠᠵᠤ ᠦᠵᠡᠭᠦᠯᠳᠡᠭ ᠪᠤᠯᠪᠠ᠃ ᠦᠵᠡᠭᠰᠡᠨ ᠵᠤᠴᠢᠳ ᠨᠢ | ᠡᠷᠡᠬᠡᠢ ᠭᠠᠷᠭᠠᠨ ᠮᠠᠭᠳᠠᠳᠠᠬ᠃ ᠬᠤᠵᠢᠮ ᠨᠢ ᠡ᠊ᠨᠡ ᠬᠦᠦ ᠶᠢᠨ ᠭᠠᠷ ᠤᠨ ᠲᠢᠭ ᠢᠳᠡᠭ ᠢᠳᠡᠭ ᠢᠶᠠᠷ | ᠳᠡᠭᠡᠭᠰᠢᠯᠡᠯᠳᠡ ᠲᠠᠢ ᠪᠤᠯᠵᠤ᠂ ᠰᠤᠷᠤᠯᠭ᠎ᠠ ᠨᠢ ᠴᠦ ᠳᠠᠪᠰᠢᠵᠤ᠂ ᠬᠤᠵᠢᠮ ᠨᠢ ᠲᠤᠰ ᠬᠦᠦ ᠨᠢᠭᠡᠨ ᠰᠢᠯᠭᠠᠷᠠᠭᠰᠠᠨ | ᠡᠷᠳᠡᠮᠲᠡᠨ ᠪᠤᠯᠤᠭᠰᠠᠨ ᠭᠡᠨ᠎ᠡ᠃ ᠲᠤᠰ ᠦᠯᠢᠭᠡᠷ ᠠᠴᠠ ᠦᠵᠡᠬᠦ ᠳᠤ ᠤᠷᠮᠠᠰᠢᠭᠤᠯᠤᠯ ᠵᠤᠷᠢᠬᠵᠢᠭᠤᠯᠤᠯ ᠪᠣᠯ ᠲᠤᠩ | ᠶᠡᠭᠡ ᠡᠷᠴᠢ ᠬᠦᠴᠦᠨ ᠲᠠᠢ ᠶᠤᠮ ᠪᠠᠶᠢᠨ᠎ᠠ ᠭᠡᠳᠡᠭ ᠢ ᠣᠶᠢᠯᠠᠭᠠᠵᠤ ᠪᠤᠯᠤᠨ᠎ᠠ᠃ | ᠲᠡᠭᠡᠪᠡᠯ ᠰᠤᠷᠤᠭᠴᠢ ᠪᠠᠨ ︽ᠤᠷᠮᠠᠰᠢᠭᠤᠯᠤᠨ᠎ᠠ᠂ ᠵᠤᠷᠢᠬᠵᠢᠭᠤᠯᠤᠨ᠎ᠠ᠂ ᠮᠠᠭᠳᠠᠨ᠎ᠠ᠂ ᠰᠠᠶᠢᠰᠢᠶᠠᠨ᠎ᠠ᠂ | ᠬᠠᠶᠢᠷᠠᠯᠠᠨ᠎ᠠ᠂ ᠬᠠᠮᠠᠭᠠᠯᠠᠨ᠎ᠠ︾ ᠭᠡᠳᠡᠭ ᠨᠢ ᠬᠡᠵᠢᠶᠡᠳᠡ ᠵᠢᠮᠡᠯᠡᠬᠦ ᠦᠭᠡᠢ᠂ ᠰᠢᠭᠦᠮᠵᠢᠯᠡᠬᠦ ᠦᠭᠡᠢ ᠭᠡᠰᠡᠨ ᠰᠠᠨᠠᠭ᠎ᠠ | ᠤᠭᠳᠤ ᠪᠢᠰᠢ᠃ ᠦᠨᠡᠨ ᠰᠡᠳᠬᠢᠯ ᠠᠴᠠ ᠪᠠᠨ ᠰᠤᠷᠤᠭᠴᠢ ᠳᠤ ᠪᠠᠨ ᠬᠠᠨᠳᠤᠵᠤ᠂ ᠦᠨᠡᠨ ᠬᠦ ᠵᠥᠪ | ᠬᠦᠮᠦᠵᠢᠭᠦᠯᠬᠦ ᠶᠢᠨ ᠲᠥᠯᠥᠭᠡ ᠴᠢᠷᠮᠠᠶᠢᠳᠠᠭ ᠯᠡ ᠶᠤᠮ ᠪᠣᠯ ᠰᠤᠷᠤᠭᠴᠢ ᠴᠢᠨᠢ ᠠᠭᠤᠷᠯᠠᠵᠤ ᠵᠠᠩᠨᠠᠭᠰᠠᠨ ᠴᠦ | ᠬᠤᠷᠤᠰᠬᠤ ᠦᠭᠡᠢ᠂ ᠬᠠᠷᠢᠨ ᠲᠠᠯᠠᠷᠬᠠᠬᠤ ᠰᠡᠳᠬᠢᠯ ᠢ ᠡᠪᠤᠷᠯᠡᠨᠡ᠃ ᠮᠦᠨ ᠴᠦ ᠪᠤᠰᠤᠳ ᠢ ᠬᠦᠨᠳᠦᠳᠬᠡᠨ | ᠬᠠᠶᠢᠷᠠᠯᠠᠬᠤ ᠰᠡᠳᠬᠢᠯ ᠠᠶᠠᠨᠳᠠᠭᠠᠨ ᠡᠭᠦᠰᠳᠡᠭ᠃ ᠤᠳᠤ ᠶᠢᠨ ᠬᠡᠦᠬᠡᠳ ᠬᠦᠮᠦᠨ ᠢᠶᠠᠷ ᠬᠠᠶᠢᠷᠠᠯᠠᠭᠤᠯᠬᠤ ᠶᠢ | ᠮᠡᠳᠡᠬᠦ ᠠᠴᠠ ᠪᠢᠰᠢ ᠬᠦᠮᠦᠨ ᠢ ᠬᠠᠶᠢᠷᠠᠯᠠᠵᠤ ᠬᠠᠯᠠᠮᠵᠢᠯᠠᠬᠤ ᠶᠢ ᠤᠭᠳᠤᠬᠠᠨ ᠴᠦ ᠮᠡᠳᠡᠬᠦ ᠦᠭᠡᠢ ᠪᠠᠶᠢᠨ᠎ᠠ᠃ | ᠡᠶᠢᠮᠦ ᠠᠴᠠ ᠲᠡᠳᠡᠨ ᠳᠤ ᠪᠠᠭᠰᠢ ᠶᠢᠨ ᠠᠤᠭ᠎ᠠ ᠬᠠᠶᠢᠷ᠎ᠠ᠂ ᠬᠦᠯᠢᠴᠡᠩᠭᠦᠢ ᠵᠢᠯᠤᠭᠤᠳᠤᠯᠭ᠎ᠠ ᠲᠤᠩ ᠴᠢᠬᠤᠯᠠ ᠶᠤᠮ᠃ | ᠳᠤᠯᠤᠭ᠎ᠠ᠂ ᠦᠯᠢᠭᠡᠷ ᠳᠠᠭᠤᠷᠢᠶᠠᠯ ᠤᠨ ᠦᠢᠯᠡᠳᠦᠯ ᠢᠶᠠᠷ ᠰᠤᠷᠤᠭᠴᠢ ᠪᠠᠨ ᠳᠠᠶᠢᠯᠠᠨ ᠳᠠᠭᠠᠭᠤᠯᠬᠤ ᠶᠢ | ᠠᠩᠬᠠᠷᠳᠠᠭ | ᠴᠧᠷᠨᠢᠰᠸᠧᠰᠺᠢ᠄ ︽ᠪᠠᠭᠰᠢ ᠬᠦᠮᠦᠨ ᠰᠤᠷᠤᠭᠴᠢ ᠪᠠᠨ ᠶᠠᠮᠠᠷ ᠮᠠᠶ᠋ᠢᠭ ᠤᠨ ᠬᠦᠮᠦᠨ ᠪᠤᠯᠭᠠᠶ᠎ᠠ ᠭᠡᠪᠡᠯ | ᠥᠪᠡᠷ ᠢᠶᠠᠨ ᠳᠠᠷᠤᠢ ᠲᠡᠶᠢᠮᠦ ᠮᠠᠶ᠋ᠢᠭ ᠤᠨ ᠬᠦᠮᠦᠨ ᠪᠠᠶᠢᠬᠤ ᠶᠤᠰᠤᠳᠠᠢ︾ ᠭᠡᠵᠦ ᠦᠭᠦᠯᠡᠭᠰᠡᠨ ᠪᠠᠶᠢᠳᠠᠭ᠃ ᠪᠠᠭᠰᠢ | ᠡᠷᠬᠡᠪᠰᠢ ᠪᠡᠶ᠎ᠡ ᠪᠠᠷ ᠢᠶᠠᠨ ᠬᠡᠪ ᠳᠠᠭᠤᠷᠢᠶᠠᠯ ᠦᠵᠡᠭᠦᠯᠦᠨ ᠰᠤᠷᠤᠭᠴᠢᠳ ᠢ ᠵᠥᠪ ᠳᠠᠭᠠᠭᠤᠯᠵᠤ᠂ ᠲᠡᠳᠡᠨ ᠤ ᠥᠰᠥᠨ | ᠪᠤᠶᠢᠵᠢᠯᠳᠠ ᠶᠢ ᠨᠥᠯᠥᠭᠡᠯᠡᠬᠦ ᠬᠡᠷᠡᠭᠳᠠᠢ᠃ ᠠᠩᠬᠢ ᠶᠢᠨ ᠡᠷᠬᠢᠯᠡᠭᠴᠢ ᠪᠠᠭᠰᠢ ᠪᠣᠯ ᠰᠤᠷᠤᠭᠴᠢ ᠲᠠᠢ ᠬᠠᠮᠤᠭ ᠠᠴᠠ | ᠢᠯᠡᠭᠦᠦ ᠣᠶᠢᠷᠠᠳᠤᠵᠤ᠂ ᠲᠡᠳᠡᠨᠢ ᠬᠠᠮᠤᠭ ᠠᠴᠠ ᠢᠯᠡᠭᠦᠦ ᠤᠶᠢᠯᠠᠭᠠᠳᠠᠭ ᠳᠤᠳᠤᠨᠤ ᠬᠦᠮᠦᠨ ᠤ ᠬᠢᠨᠢ ᠨᠢᠭᠡ ᠪᠤᠯᠬᠤ | ᠶᠤᠮ᠃ ᠰᠤᠷᠤᠭᠴᠢᠳ ᠮᠦᠨ ᠠᠩᠬᠢ ᠶᠢᠨ ᠡᠷᠬᠢᠯᠡᠭᠴᠢ ᠪᠠᠭᠰᠢ ᠪᠠᠨ ᠤᠶᠢᠯᠠᠭᠠᠵᠦ᠂ ᠳᠠᠭᠤᠷᠢᠶᠠᠵᠤ᠂ ᠠᠩᠬᠢ ᠶᠢᠨ | ᠡᠷᠬᠢᠯᠡᠭᠴᠢ ᠪᠠᠭᠰᠢ ᠲᠠᠢ ᠪᠠᠨ ᠠᠳᠠᠯᠢ ᠬᠦᠮᠦᠨ ᠪᠤᠯᠬᠤ ᠶᠢ ᠪᠤᠳᠤᠳᠠᠭ᠃ ᠪᠢᠴᠢᠬᠠᠨ ᠬᠡᠦᠬᠡᠳ ᠤᠨ ᠪᠤᠳᠤᠯ ᠳᠤ | ᠪᠠᠭᠰᠢ ᠶᠢᠨ ᠳᠦᠷᠢ ᠪᠣᠯ ᠠᠯᠢᠪᠠ ᠪᠦᠬᠦᠨ ᠢ ᠴᠢᠳᠠᠳᠠᠭ ︽ᠲᠡᠭᠦᠰ ᠴᠢᠳᠠᠪᠤᠷᠢᠳᠠᠨ︾᠂ ᠶᠠᠮᠠᠷ ᠤᠴᠢᠷ ᠲᠤ ᠴᠦ | ᠪᠤᠷᠤᠭᠤ ᠭᠠᠷᠭᠠᠳᠠᠭ ᠦᠭᠡᠢ ︽ᠪᠤᠭᠳᠠ ᠬᠦᠮᠦᠨ︾ ᠰᠢᠭ ᠪᠤᠳᠤᠭᠳᠠᠳᠠᠬ᠃ ᠡᠶᠢᠮᠦ ᠠᠴᠠ ᠰᠤᠷᠤᠭᠴᠢᠳ | ᠪᠠᠭᠰᠢ ᠶᠢᠨ ᠰᠤᠷᠭᠠᠯ ᠢ ᠰᠤᠨᠤᠰᠴᠤ᠂ ᠪᠠᠭᠰᠢ ᠶᠢᠨ ᠵᠢᠯᠤᠭᠤᠳᠤᠯᠭ᠎ᠠ ᠶᠢ ᠬᠦᠯᠢᠶᠡᠵᠦ᠂ ᠪᠠᠭᠰᠢ ᠪᠠᠨ ᠪᠢᠰᠢᠷᠡᠨ | ᠬᠦᠨᠳᠦᠳᠬᠡᠳᠡᠭ᠃ ᠪᠢᠳᠡ ᠶᠡᠷᠦ ᠳᠤ ᠪᠠᠨ ᠬᠡᠦᠬᠡᠳ ᠤᠨ ᠢᠶᠠᠨ ︽ᠪᠠᠭᠰᠢ ᠬᠡᠯᠡᠭᠰᠡᠨ︾᠂ ︽ᠪᠠᠭᠰᠢ ᠲᠡᠭᠡᠭᠰᠡᠨ︾᠂ | ︽ᠪᠠᠭᠰᠢ ᠠᠴᠠ ᠠᠰᠠᠭᠤᠶ᠎ᠠ︾᠂ ︽ᠪᠠᠭᠰᠢ ᠳᠤ ᠬᠡᠯᠡᠶ᠎ᠡ︾ ᠭᠡᠬᠦ ᠮᠡᠲᠦ ᠶᠢᠨ ᠦᠭᠡ ᠶᠢ ᠣᠯᠵᠣ ᠰᠤᠨᠤᠰᠳᠠᠭ᠂ | ᠡ᠊ᠨᠡ ᠨᠢ ᠪᠠᠭᠰᠢ ᠪᠠᠨ ᠢᠲᠡᠬᠡᠨ ᠳᠠᠭᠤᠷᠢᠶᠠᠵᠤ ᠪᠠᠶᠢᠬᠤ ᠶᠢ ᠬᠠᠷᠠᠭᠤᠯᠵᠤ ᠪᠤᠢ᠃ ︽ᠬᠡᠦᠬᠡᠳ ᠴᠢᠨᠠᠷ᠂ ᠮᠦᠷ ᠢ | ᠬᠠᠷᠠᠵᠦ ᠬᠦᠮᠦᠨ ᠪᠤᠯᠳᠠᠭ︾ ᠭᠡᠳᠡᠭ ᠦᠭᠡ ᠪᠤᠢ᠃ ᠪᠠᠭᠰᠢ ᠥᠪᠡᠷ ᠢᠶᠠᠨ ᠨᠠᠷᠢᠨ ᠨᠢᠮᠪᠠᠢ᠂ ᠲᠦᠪ ᠴᠢᠩᠭ᠎ᠠ᠂ | ᠦᠨᠡᠨᠴᠢ ᠯᠠᠪᠳᠠᠭᠤᠨ᠂ ᠪᠠᠶᠠᠷ ᠵᠢᠪᠬᠤᠯᠠᠩ ᠲᠠᠢ ᠪᠠᠶᠢᠵᠤ᠂ ᠬᠡᠯᠡᠵᠤ ᠬᠢᠬᠦ ᠪᠠᠨ ᠨᠢᠭᠡᠳᠦᠯᠳᠠᠢ ᠪᠤᠯᠭᠠᠨ | ᠰᠤᠷᠤᠭᠴᠢᠳ ᠲᠤ ᠦᠯᠢᠭᠡᠷ ᠳᠠᠭᠤᠷᠢᠶᠠᠯ ᠪᠤᠯᠬᠤ ᠬᠡᠷᠡᠭᠳᠠᠢ᠃ ᠬᠠᠷᠢᠨ ᠠᠯᠠᠩ ᠰᠠᠯᠠᠩ᠂ ᠰᠤᠯᠠ ᠵᠠᠳᠠᠭᠠᠢ᠂ ᠬᠤᠳᠠᠯ | ᠬᠠᠭᠤᠷᠮᠠᠴᠢ ᠪᠠᠶᠢᠵᠤ ᠪᠤᠯᠬᠤ ᠦᠭᠡᠢ᠂ ᠢᠡᠭᠬᠢᠪᠡᠯ ᠰᠤᠷᠤᠭᠴᠢᠳ ᠤᠨ ᠳᠤᠮᠳᠠ ᠢᠲᠡᠬᠡᠯ ᠢᠶᠠᠨ ᠠᠯᠳᠠᠬᠤ ᠮᠥᠷᠳᠡᠭᠡᠨ | ᠰᠤᠷᠤᠭᠴᠢ ᠴᠦ ᠪᠠᠭᠰᠢ ᠳᠤ ᠪᠠᠨ ᠨᠦᠯᠦᠭᠡᠯᠡᠭᠳᠡᠨ ᠰᠢᠯᠢᠳᠡᠭ ᠰᠠᠶᠢᠨ ᠳᠠᠳᠬᠠᠯ ᠲᠠᠢ ᠪᠤᠯᠤᠨ ᠬᠦᠮᠦᠵᠢᠭᠳᠡᠬᠦ ᠦᠭᠡᠢ | ᠶᠤᠮ᠃ ᠪᠢ ︽ᠦᠭᠦᠯᠡᠵᠦ ᠰᠤᠷᠭᠠᠬᠤ ᠪᠠᠷ ᠦᠯᠢᠭᠡᠷᠯᠡᠵᠦ ᠰᠤᠷᠭ᠎ᠠ︾ ᠭᠡᠳᠡᠭ ᠦᠭᠡ ᠶᠢ ᠣᠨᠴᠠ ᠴᠢᠬᠤᠯᠠᠴᠢᠯᠠᠵᠤ᠂ | ᠥᠪᠡᠷ ᠤᠨ ᠪᠡᠶ᠎ᠡ ᠪᠠᠷ ᠢᠶᠠᠨ ᠳᠠᠭᠤᠷᠢᠶᠠᠯ ᠪᠤᠯᠬᠤ ᠶᠢ ᠣᠨᠴᠠ ᠠᠩᠬᠠᠷᠳᠠᠭ᠃ ᠵᠢᠱᠢᠶᠡᠯᠡᠪᠡᠯ᠄ ① ᠠᠰᠠᠷ ᠤᠨ | ᠭᠤᠳᠤᠮ ᠪᠤᠶᠤ ᠵᠠᠮ ᠳᠤ ᠬᠤᠭ ᠪᠠᠶᠢᠪᠠᠯ ᠬᠤᠭ ᠤᠨ ᠬᠠᠶᠢᠷᠴᠠᠬ ᠲᠤ ᠬᠢᠨ᠎ᠡ᠃ ᠬᠠᠷᠢᠨ ᠥᠯᠥ ᠣᠶᠢᠰᠢᠶᠠᠬᠤ ᠪᠤᠶᠤ | ᠬᠡᠦᠬᠡᠳ ᠢ ᠠᠯᠪᠠᠳᠠᠨ ᠵᠠᠩᠨᠠᠵᠤ ᠭᠦᠢᠴᠡᠳᠬᠡᠯᠭᠡᠬᠦ ᠦᠭᠡᠢ᠃ ② ᠠᠩᠬᠢ ᠶᠢᠨ ᠭᠡᠷ ᠤᠨ ᠡᠭᠦᠳᠡᠨ ᠳᠤ᠂ ᠭᠠᠵᠠᠷ ᠤᠨ | ᠱᠦᠭᠦᠷ ᠤᠨᠠᠭᠰᠠᠨ ᠪᠠᠶᠢᠪᠠᠯ ᠳᠡᠭᠡᠭᠦᠷ ᠨᠢ ᠠᠯᠬᠤᠵᠤ ᠭᠠᠷᠬᠤ ᠪᠢᠰᠢ᠂ ᠬᠠᠷᠢᠨ ᠲᠡᠭᠦᠨ ᠢ ᠠᠪᠴᠤ ᠤᠭ | ᠣᠷᠤᠨ ᠳᠤ ᠨᠢ ᠲᠠᠯᠪᠢᠨ᠎ᠠ᠃ ③ ᠲᠠᠰᠬᠠᠯ ᠳᠠᠭᠠᠭᠠᠯᠭᠠᠪᠤᠷᠢ ᠪᠠᠨ ᠨᠠᠷᠢᠨ ᠨᠢᠮᠪᠠᠢ᠂ ᠴᠡᠪᠡᠷ ᠴᠡᠮᠴᠡᠭᠡᠷ ᠬᠢᠬᠦ ᠶᠢ | ᠠᠩᠬᠠᠷᠴᠤ᠂ ᠦᠭᠡ ᠦᠰᠦᠭ ᠤᠨ ᠠᠴᠤᠭ ᠰᠢᠯᠪᠢ᠂ ᠴᠡᠭ ᠳᠤᠰᠤᠯ ᠳᠤ ᠨᠢ ᠬᠦᠷᠳᠡᠯ᠎ᠡ ᠵᠥᠪ ᠨᠢᠮᠪᠠᠢ ᠪᠢᠴᠢᠬᠦ ᠶᠢ | ᠱᠠᠭᠠᠷᠳᠠᠵᠤ᠂ ᠥᠪᠡᠷ ᠤᠨ ᠪᠡᠶ᠎ᠡ ᠪᠠᠷ ᠢᠶᠠᠨ ᠳᠠᠭᠤᠷᠢᠶᠠᠯ ᠪᠤᠯᠤᠨ᠎ᠠ᠃ ᠡᠶᠢᠷᠮᠦᠬᠦᠤ ᠬᠦᠮᠦᠨ ᠳᠤ ᠥᠯᠥ | ᠣᠶᠢᠰᠢᠶᠠᠭᠳᠠᠮᠠ ᠵᠢᠵᠢᠭ ᠰᠠᠵᠢᠭ ᠦᠢᠯᠡ ᠬᠦᠳᠡᠯᠦᠯ᠂ ᠠᠵᠢᠯᠯᠠᠭ᠎ᠠ ᠨᠤᠭᠤᠳ ᠨᠢ ᠰᠤᠷᠤᠭᠴᠢ ᠶᠢ ᠵᠤᠬᠢᠬᠤ | ᠬᠡᠮᠵᠢᠶ᠎ᠡ ᠪᠠᠷ ᠨᠥᠯᠥᠭᠡᠯᠡᠳᠡᠭ᠃ ᠲᠡᠳᠡ ᠪᠠᠭᠰᠢ ᠶᠢᠨ ᠦᠢᠯᠡ ᠠᠵᠢᠯᠯᠠᠭ᠎ᠠ ᠶᠢ ᠳᠠᠭᠤᠷᠢᠶᠠᠵᠤ᠂ ᠵᠢᠵᠢᠭ ᠰᠠᠵᠢᠭ | ᠤᠴᠢᠷ ᠠᠴᠠ ᠡᠬᠢᠯᠡᠵᠦ᠂ ᠥᠪᠡᠷ ᠢ ᠪᠠᠨ ᠥᠭᠡᠷᠡᠴᠢᠯᠡᠵᠦ᠂ ᠥᠪᠡᠷ ᠢ ᠪᠠᠨ ᠳᠡᠭᠡᠭᠰᠢᠯᠡᠭᠦᠯᠵᠦ᠂ ᠡᠷᠡᠭᠦᠯ ᠰᠠᠶᠢᠬᠠᠨ | ᠥᠰᠥᠨ ᠪᠤᠶᠢᠵᠢᠳᠠᠭ᠃ | ᠨᠠᠢᠮᠨ᠂ ᠭᠡᠷ ᠤᠨ ᠠᠬᠠᠮᠠᠳ ᠲᠠᠢ ᠨᠢᠭᠳᠠ ᠬᠠᠮᠵᠢᠯᠴᠠᠵᠤ ᠰᠤᠷᠤᠭᠴᠢᠳ ᠤᠨ ᠰᠤᠷᠤᠯᠭ᠎ᠠ᠂ ᠠᠮᠢᠳᠤᠷᠠᠯ ᠳᠤ | ᠳᠦᠯᠬᠢᠴᠡ ᠬᠦᠴᠦᠨ ᠪᠤᠯᠭᠠᠬᠤ ᠶᠢ ᠠᠩᠬᠠᠷᠳᠠᠭ | ᠠᠩᠬᠢ ᠶᠢᠨ ᠡᠷᠬᠢᠯᠡᠭᠴᠢ ᠪᠠᠭᠰᠢ ᠪᠣᠯ ︽ᠰᠤᠷᠭᠠᠭᠤᠯᠢ᠂ ᠨᠡᠶᠢᠭᠡᠮ᠂ ᠭᠡᠷ ᠪᠦᠯᠢ︾ ᠶᠢᠨ ᠬᠠᠷᠢᠴᠠᠭᠠᠨ ᠳᠤ | ᠬᠥᠭᠦᠷᠭᠡ ᠶᠢᠨ ᠦᠢᠯᠡᠳᠦᠯ ᠦᠵᠡᠭᠦᠯᠵᠦ ᠪᠠᠶᠢᠳᠠᠭ᠃ ᠡᠶᠢᠮᠦ ᠠᠴᠠ ᠪᠢ ᠬᠤᠭᠤᠴᠠᠭ᠎ᠠ ᠪᠦᠷᠢ 2~3 ᠤᠳᠠᠭᠠᠨ ᠤ | ᠭᠡᠷ ᠤᠨ ᠠᠬᠠᠮᠠᠳ ᠤᠨ ᠬᠤᠷᠠᠯ ᠢ ᠵᠤᠬᠢᠶᠠᠨ ᠪᠠᠶᠢᠭᠤᠯᠵᠤ᠂ ᠰᠤᠷᠤᠭᠴᠢᠳ ᠤᠨ ᠢᠶᠠᠨ ᠰᠤᠷᠤᠯᠭ᠎ᠠ ᠠᠮᠢᠳᠤᠷᠠᠯ ᠤᠨ | ᠲᠠᠯ᠎ᠠ ᠪᠠᠷ ᠬᠠᠷᠢᠭᠤ ᠮᠡᠳᠡᠭᠦᠯᠦᠨ᠂ ᠭᠡᠷ ᠤᠨ ᠠᠬᠠᠮᠠᠳ ᠠᠴᠠ ᠰᠠᠨᠠᠯ ᠰᠢᠭᠦᠮᠵᠢ ᠬᠤᠷᠢᠶᠠᠨ᠂ ᠬᠡᠦᠬᠡᠳ ᠤᠨ | ᠬᠦᠭᠵᠢᠯᠳᠡ᠂ ᠥᠰᠥᠨ ᠪᠤᠶᠢᠵᠢᠯᠳᠠ ᠶᠢᠨ ᠲᠥᠯᠥᠭᠡ ᠨᠢᠭᠳᠠ ᠬᠠᠮᠵᠢᠯᠴᠠᠳᠠᠭ ᠠᠴᠠ ᠮᠠᠨ ᠤ ᠠᠩᠬᠢ ᠶᠢᠨ | ᠬᠡᠦᠬᠡᠳ ᠤᠳ ᠨᠢ ᠬᠦᠮᠦᠨ ᠮᠥᠰᠥ ᠪᠠᠷ ᠴᠢᠩᠭ᠎ᠠ᠂ ᠬᠢᠷᠢ ᠳᠤ ᠪᠠᠨ ᠳᠤᠬᠢᠷᠠᠭᠰᠠᠨ ᠬᠡᠪ ᠪᠣᠯᠪᠠᠰᠤᠷᠠᠯ ᠲᠠᠢ᠂ ᠰᠠᠶᠢᠨ | ᠰᠠᠶᠢᠬᠠᠨ ᠥᠭᠡᠳᠡᠷᠬᠡᠭ ᠪᠤᠳᠤᠯ ᠲᠠᠢ᠂ ᠬᠦᠰᠡᠯ ᠬᠥᠭᠡᠭᠡᠴᠡᠯᠳᠦᠯ ᠲᠠᠢ ᠬᠡᠦᠬᠡᠳ ᠪᠤᠯᠤᠨ ᠬᠦᠮᠦᠵᠢᠭᠳᠡᠳᠡᠭ᠃ | ᠬᠠᠶ᠋ᠢᠬ᠄ ᠤᠩᠨᠢᠭᠤᠳ ᠬᠤᠰᠢᠭᠤᠨ ᠤ ᠪᠤᠷᠤᠬᠤᠳᠠ ᠮᠣᠩᠭᠤᠯ ᠦᠨᠳᠦᠰᠦᠳᠡᠨ ᠤ ᠪᠠᠭ᠎ᠠ ᠰᠤᠷᠭᠠᠭᠤᠯᠢ | ︵ᠴ᠊ · ᠲᠤᠭᠳᠠᠭᠤᠨ ᠨᠠᠶᠢᠷᠠᠭᠤᠯᠪᠠ︶ | 2019 ᠣᠨ ᠤ 11 ᠳ᠋ᠦ᠋ᠭᠡᠷ ᠬᠤᠭᠤᠴᠠᠭ᠎ᠠ | | |