ᠨᠠᠮᠢᠳᠰᠠᠳᠠᠩ | | ᠡᠳᠦᠭᠡ ᠮᠠᠨ ᠤ ᠬᠡᠦᠬᠡᠳ ᠤᠳ ᠢᠲᠡᠭᠡᠯ ᠪᠢᠰᠢᠷᠡᠯ ᠦᠭᠡᠢ ᠪᠤᠯᠵᠠᠢ᠃ ᠨᠠᠭᠠᠲᠤ ᠵᠠᠬ᠎ᠠ ᠳᠤ ᠪᠠᠨ ᠪᠡᠶ᠎ᠡ ᠪᠠᠨ | ᠴᠦ ᠢᠳᠡᠭᠡᠭᠦ ᠪᠠᠨ ᠪᠣᠯᠵᠠᠢ᠃ ᠢᠡᠭᠬᠢᠭᠰᠡᠨ ᠠᠴᠠ ᠲᠠᠳᠡᠨ ᠤ ᠪᠡᠶ᠎ᠠ ᠳᠡᠭᠡᠷ᠎ᠡ ᠤᠯᠠᠨ ᠵᠦᠢᠯ ᠤᠨ ᠲᠤᠳᠠᠭᠳᠠᠯ ᠲᠠᠢ | ᠲᠠᠯ᠎ᠠ ᠢᠯᠠᠷᠠᠵᠦ ᠪᠤᠢ᠂ ᠶᠠᠮᠠᠷ ᠰᠠᠶᠢᠨ ᠳᠤ ᠪᠠᠨ ᠪᠠᠭᠰᠢ ᠨᠠᠷ ᠴᠦ᠄ ︽ᠣᠳᠣ ᠶᠢᠨ ᠰᠤᠷᠤᠭᠴᠢᠳ ᠪᠦᠷ ᠪᠣᠯᠬᠤ ᠪᠠᠨ | ᠪᠠᠶᠢᠵᠤ ᠪᠠᠶᠢᠨ᠎ᠠ᠂ ᠶᠠᠪᠤᠬᠤ ᠲᠤᠰᠤᠮ ᠢᠶᠠᠨ ᠪᠦᠷ ᠰᠤᠷᠬᠤ ᠦᠭᠡᠢ ᠠᠯᠵᠠᠭᠤ ᠪᠣᠯᠵᠠᠢ᠃ ᠲᠠᠨ ᠤ ᠲᠡᠷᠡ ᠦᠶᠡᠰ ᠲᠠᠢ | ᠲᠠᠭᠠᠷᠠᠬᠤ ᠪᠠᠨ ᠪᠣᠯᠢᠵᠠᠢ ᠁︾ ᠭᠡᠬᠦ ᠮᠡᠲᠦᠴᠢᠯᠡᠨ ᠬᠡᠯᠡᠬᠦ ᠪᠤᠶᠤ ᠭᠡᠷ ᠤᠨ ᠠᠬᠠᠮᠠᠳ᠄ ︽ᠮᠠᠨ ᠤ ᠡ᠊ᠨᠡ | ᠬᠡᠦᠬᠡᠳ ᠴᠢᠨᠢ ᠶᠠᠭᠠᠬᠢᠴᠢᠬᠠᠵᠤ ᠪᠤᠢ︖ ᠪᠦᠷ ᠰᠤᠷᠬᠤ ᠪᠠᠨ ᠪᠣᠯᠢᠯ᠎ᠠ᠂ ᠠᠯᠵᠠᠭᠤ ᠭᠡᠳᠡᠭ ᠨᠢ᠂ ᠦᠭᠡ ᠰᠣᠨᠣᠰᠬᠤ | ᠦᠭᠡᠢ ᠭᠡᠳᠡᠭ ᠨᠢ᠂ ᠬᠡᠷᠡᠭ ᠲᠠᠲᠠᠭᠠᠳ ᠁︾ ᠭᠡᠬᠦᠴᠢᠯᠡᠨ ᠶᠠᠷᠢᠵᠠᠭᠠᠳᠠᠭ ᠪᠣᠯᠵᠠᠢ᠃ ᠲᠡᠭᠡᠪᠡᠯ ᠣᠳᠣ ᠶᠢᠨ | ᠬᠡᠦᠬᠡᠳ ᠶᠠᠭᠠᠬᠢᠴᠢᠬᠠᠪᠠ︖ ᠲᠠᠷᠢᠬᠢ ᠲᠣᠯᠣᠭᠠᠢ ᠨᠢ ᠬᠦᠷᠦᠯᠴᠡᠬᠦ ᠦᠭᠡᠢ ᠪᠠᠶᠢᠨ᠎ᠠ ᠭᠡᠵᠦ ᠦᠦ︖ ᠦᠨᠡᠭᠡᠷ | ᠰᠤᠷᠬᠤ ᠪᠠᠷ ᠠᠨᠠᠢ ᠭᠡᠵᠦ ᠦᠦ︖ ᠲᠡᠶᠢᠮᠦ ᠪᠢᠰᠢ ᠪᠠᠶᠢᠬᠤ ᠡ᠃ ᠺᠣᠮᠫᠢᠦ᠋ᠲ᠋ᠧᠷ᠂ ᠭᠠᠷ ᠤᠲᠠᠰᠤ᠂ ᠨᠧᠲ | ᠲᠣᠭᠯᠠᠭᠠᠮ ᠨᠠᠭᠠᠳᠬᠤ ᠳᠤ ᠲᠡᠳᠡ ᠬᠡᠨ ᠢᠶᠠᠷ ᠴᠦ ᠵᠢᠭᠠᠯᠭᠠᠳᠠᠭ ᠦᠭᠡᠢ ᠪᠠᠶᠢᠳᠠᠭ ᠪᠢᠰᠢᠤ︖ | ᠳᠣᠣᠷ᠎ᠠ ᠣᠳᠣᠬᠠᠨ ᠤ ᠬᠡᠦᠬᠡᠳ ᠤᠨ ᠢᠯᠡᠷᠡᠯ ᠣᠨᠴᠠᠯᠢᠭ ᠢ ᠵᠠᠳᠠᠯᠵᠤ ᠦᠵᠠᠶ᠎ᠠ᠃ | ᠣᠳᠣᠬᠢ ᠬᠡᠦᠬᠡᠳ ᠤᠨ ᠣᠯᠠᠩᠬᠢ ᠨᠢ ᠠᠯᠵᠠᠭᠤ ᠵᠠᠯᠬᠠᠭᠤ᠂ ᠪᠣᠳᠣᠵᠤ ᠰᠡᠳᠬᠢᠬᠦ ᠳᠤᠷ᠎ᠠ ᠦᠭᠡᠢ᠂ ᠨᠡᠩ ᠴᠦ | ᠴᠡᠭᠡᠵᠢᠯᠡᠵᠦ ᠲᠣᠭᠲᠠᠭᠠᠬᠤ ᠳᠤᠷ᠎ᠠ ᠦᠭᠡᠢ ᠪᠣᠯᠵᠠᠢ︔ ᠲᠤᠩ ᠬᠤᠪᠢᠨᠴᠢᠷ᠂ ︽ᠮᠢᠨᠤ︾ ᠯᠡ ᠤᠴᠢᠷ᠂ ︽ᠪᠢ︾ | ᠯᠡ ᠭᠡᠳ ᠪᠠᠶᠢᠳᠠᠭ᠃ ᠲᠡᠳᠡᠨ ᠤ ᠠᠯᠢᠪᠠ ᠤᠴᠢᠷ ᠪᠣᠯ ᠬᠠᠮᠤᠭ ᠤᠨ ᠳᠡᠭᠡᠳᠦ᠂ ᠬᠠᠮᠤᠭ ᠤᠨ ᠡᠷᠬᠢᠮ᠃ ᠪᠤᠰᠤᠳ ᠢ | ᠪᠣᠳᠣᠳᠠᠬ ᠦᠭᠡᠢ᠃ ᠰᠤᠷᠭᠠᠭᠤᠯᠢ ᠶᠢᠨ ᠶᠠᠮᠠᠷ ᠨᠢᠭᠡᠨ ᠬᠥᠳᠡᠯᠭᠡᠭᠡᠨ ᠳᠤ ᠣᠷᠣᠯᠴᠠᠭᠰᠠᠨ ᠴᠦ ᠪᠤᠯᠤᠬ᠂ ᠡᠰᠡᠭᠦᠯ᠎ᠡ | ᠭᠡᠷ ᠪᠦᠯᠢ ᠪᠤᠯᠤᠨ ᠳᠡᠭᠦᠦ ᠨᠠᠷ ᠲᠤ ᠪᠠᠨ ᠴᠦ ᠪᠤᠯᠤᠬ ᠲᠡᠳᠡ ᠲᠤᠩ ᠬᠤᠪᠢᠨᠴᠢᠷ ᠠᠭᠠᠰᠢᠯᠠᠵᠤ᠂ ᠭᠡᠷ ᠠᠴᠠ ᠪᠠᠨ | ᠠᠪᠴᠢᠷᠠᠭᠰᠠᠨ ᠢᠶᠠᠨ ᠥᠪᠡᠷ ᠥᠪᠡᠷ ᠢᠶᠠᠨ ᠯᠡ ᠡᠳ᠋ᠯᠡᠨ᠎ᠡ᠃ ᠳᠡᠯᠭᠡᠭᠦᠷ ᠠᠴᠠ ᠶᠠᠭᠤᠮ᠎ᠠ ᠬᠤᠳᠠᠯᠳᠤᠨ ᠠᠪᠬᠤ ᠳᠤ ᠪᠠᠨ | ᠲᠡᠭᠦᠦ ᠲᠠᠢ ᠪᠠᠶᠢᠳᠠᠯ᠎ᠠ ᠪᠠᠨ ᠪᠠᠶ᠎ᠠ ᠳᠤ ᠪᠠᠨ ᠯᠠ ᠠᠪᠳᠠᠬ᠃ ᠶᠠᠭ ᠡᠶᠢᠮᠦ ᠶᠢᠨ ᠤᠴᠢᠷ ᠡᠳᠡᠭᠡᠷ ᠬᠡᠦᠬᠡᠳ ᠤᠳ | ᠨᠠᠶᠢᠵᠢ ᠨᠥᠬᠦᠳ ᠴᠥᠭᠡᠨ᠂ ᠭᠡᠷ ᠪᠦᠯᠢ᠂ ᠰᠤᠷᠭᠠᠭᠤᠯᠢ ᠳᠤ ᠪᠠᠨ ᠪᠦᠯᠬᠦᠮᠳᠡᠯ ᠢᠶᠠᠷ ᠠᠨᠠᠢ ᠪᠠᠶᠢᠳᠠᠭ︔ ᠵᠣᠷᠢᠭ | ᠰᠤᠯᠠ᠃ ᠭᠦᠳᠠᠯᠮᠤᠷᠢ ᠳᠤ ᠤᠷᠤᠯᠴᠠᠬᠤ ᠳᠤ ᠭᠦᠮᠦᠨ ᠤ ᠠᠷᠤ ᠳᠤ ᠲᠠᠭᠠᠭᠠᠳ ᠪᠤᠰᠤᠳ ᠤᠨ ᠬᠢᠭᠦ ᠶᠢ ᠬᠠᠷᠠᠨ᠎ᠠ︔ | ᠶᠠᠮᠠᠷ ᠴᠦ ᠶᠠᠭᠤᠮᠠᠨ ᠳᠤ ᠬᠠᠶᠢᠷ᠎ᠠ ᠭᠠᠮ ᠦᠭᠡᠢ᠂ ᠶᠠᠭᠤ ᠶᠢ ᠴᠦ ᠶᠠᠭᠤᠮᠠᠨ ᠤ ᠲᠣᠭᠠᠨ ᠳᠤ ᠪᠣᠳᠣᠳᠠᠭ ᠦᠭᠡᠢ︔ | ᠰᠦᠯᠵᠢᠶ᠎ᠡ ᠵᠢᠴᠢ ᠭᠠᠷ ᠤᠲᠠᠰᠤᠨ ᠤ ︽ᠪᠣᠭᠤᠯ︾ ᠪᠣᠯᠣᠭᠰᠠᠨ︔ ᠠᠶᠤᠮᠠᠲᠠᠭᠠᠢ ᠮᠥᠷᠲᠡᠭᠡᠨ ᠬᠢᠮᠡᠲᠡᠭᠡᠢ᠂ ᠵᠣᠷᠢᠭ | ᠰᠤᠯᠠ ᠤᠴᠢᠷ ᠠᠴᠠ ᠲᠤᠩ ᠠᠶᠤᠮᠠᠲᠠᠭᠠᠢ᠂ ᠴᠢᠩᠭ᠎ᠠ ᠳᠤᠤᠭᠠᠷᠬᠤ᠂ ᠪᠠᠭ᠎ᠠ ᠵᠠᠩᠨᠠᠬᠤ ᠳᠤ ᠯᠡ ᠠᠶᠤᠭᠠᠳ ᠪᠠᠶᠢᠳᠠᠭ᠃ | ᠭᠡᠬᠦ ᠳᠤ ᠠᠷᠤ ᠬᠤᠶᠢᠨ᠎ᠠ ᠨᠢ ᠰᠠᠨᠠᠭᠠᠨ ᠳᠤᠷ᠎ᠠ ᠪᠠᠷ ᠢᠶᠠᠨ ᠠᠭᠠᠰᠢᠯᠠᠳᠠᠭ᠂ ᠶᠠᠭᠤᠨ ᠳᠤ ᠴᠦ ᠭᠠᠷ ᠬᠦᠷᠴᠦ ᠦᠵᠡᠨ᠂ | ᠶᠠᠭᠤ ᠶᠢ ᠴᠦ ᠤᠷᠤᠯᠳᠤᠵᠤ ᠦᠵᠡᠳᠡᠭ᠃ | ᠪᠢᠳᠠ ᠡᠳᠡᠭᠡᠷ ᠢᠯᠡᠷᠡᠯ ᠤᠨ ᠦᠨᠳᠦᠰᠦ ᠰᠤᠷᠪᠤᠯᠵᠢ ᠵᠢᠴᠢ ᠰᠢᠢᠳᠪᠦᠷᠢᠯᠡᠬᠦ ᠠᠷᠭ᠎ᠠ ᠶᠢᠨ ᠲᠤᠬᠠᠢ | ᠰᠦᠪᠡᠭᠴᠢᠯᠡᠶ᠎ᠡ᠃ | ᠨᠢᠭᠡ᠂ ᠭᠡᠷ ᠤᠨ ᠨᠥᠬᠦᠴᠡᠯ᠂ ᠰᠤᠷᠭᠠᠯ ᠳᠣᠳᠣᠮᠳᠠᠯᠭ᠎ᠠ | ︵ᠨᠢᠭᠡ︶ ᠵᠦᠢᠯ ᠵᠦᠢᠯ ᠤᠨ ᠰᠢᠯᠲᠠᠭᠠᠨ ᠠᠴᠠ ᠪᠣᠯᠵᠤ᠂ ᠭᠠᠭᠴᠠ ᠬᠡᠦᠬᠡᠳ ᠲᠠᠢ ᠠᠶᠢᠯ ᠲᠤᠩ ᠣᠯᠠᠨ | ᠪᠣᠯᠵᠠᠢ᠃ ᠶᠠᠭ ᠡᠶᠢᠮᠦ ᠠᠴᠠ ᠭᠡᠷ ᠤᠨ ᠠᠬᠠᠮᠠᠳ ᠬᠡᠦᠬᠡᠳ ᠢᠶᠠᠨ ︽ᠠᠯᠠᠭᠠᠨ ᠳᠤ ᠪᠠᠨ ᠲᠠᠯᠪᠢᠪᠠᠯ ᠪᠥᠮᠪᠥᠷᠢᠮᠡᠷ᠂ | ᠠᠮᠠᠨ ᠳᠤ ᠪᠠᠨ ᠬᠢᠪᠡᠯ ᠬᠠᠶᠢᠯᠤᠮᠠᠷ︾ ᠬᠠᠶᠢᠷᠠᠯᠠᠵᠤ᠂ ᠬᠡᠦᠬᠡᠳ ᠤᠨᠢᠶ᠋ᠠᠨ ᠡᠮᠦᠨ᠎ᠡ ᠨᠢ ᠭᠦᠶᠦᠵᠦ᠂ ᠬᠤᠶᠢᠨ᠎ᠠ ᠨᠢ | ᠡᠷᠭᠦᠵᠦ ᠪᠠᠶᠢᠭᠠᠳ ᠬᠡᠦᠬᠡᠳ ᠢᠶᠠᠨ ᠶᠠᠭᠤ ᠴᠦ ᠬᠢᠳᠡᠭ ᠦᠭᠡᠢ᠂ ᠬᠢᠵᠦ ᠴᠦ ᠴᠢᠳᠠᠳᠠᠭ ᠦᠭᠡᠢ᠂ ᠬᠢᠬᠦ ᠠᠴᠠ ᠪᠠᠨ | ᠳᠤᠷ᠎ᠠ ᠦᠭᠡᠶᠢᠴᠡᠳᠡᠭ᠂ ᠪᠣᠳᠣᠵᠤ ᠰᠡᠳᠬᠢᠬᠦ ᠳᠤᠷ᠎ᠠ ᠦᠭᠡᠢ᠂ ᠨᠡᠩ ᠴᠠᠭᠠᠰᠢᠯᠠᠭᠠᠳ ᠴᠡᠭᠡᠵᠢᠯᠡᠵᠦ ᠲᠣᠭᠲᠠᠭᠠᠬᠤ | ᠳᠤᠷ᠎ᠠ ᠦᠭᠡᠢ ᠬᠡᠦᠬᠡᠳ ᠪᠣᠯᠭᠠᠵᠠᠢ᠃ ᠮᠦᠨ ᠬᠡᠦᠬᠡᠳ ᠤᠨ ᠢᠶᠠᠨ ᠭᠠᠷ ᠬᠥᠳᠡᠯᠵᠦ ᠤᠬᠠᠭᠠᠨ ᠰᠡᠶᠢᠯᠬᠦ᠂ ᠡᠷᠳᠡᠮ | ᠴᠢᠳᠠᠪᠤᠷᠢ ᠣᠯᠵᠤ ᠰᠤᠷᠬᠤ ᠴᠠᠭ ᠵᠠᠪᠰᠢᠶᠠᠨ ᠢ ᠨᠢ ᠠᠯᠳᠠᠭᠳᠠᠭᠤᠯᠤᠨ ᠬᠡᠦᠬᠡᠳ ᠢᠶᠠᠨ ᠶᠠᠭᠤᠨ ᠳᠤ ᠴᠦ ᠠᠯᠵᠠᠭᠤ | ᠬᠤᠶᠢᠷᠭᠤ ᠪᠣᠯᠭᠠᠨ ᠰᠤᠷᠭᠠᠴᠢᠬᠠᠭᠰᠠᠨ ᠪᠠᠶᠢᠳᠠᠭ᠃ | ᠪᠠᠰᠠ ᠠᠶᠢᠯ ᠤᠨ ᠭᠠᠭᠴᠠ ᠬᠡᠦᠬᠡᠳ ᠤᠨ ᠣᠯᠠᠩᠬᠢ ᠨᠢ ᠪᠦᠷ ᠲᠤᠩ ᠬᠤᠪᠢᠨᠴᠢᠷ᠂ ᠠᠮᠢᠨᠴᠢᠷ ᠦᠵᠡᠯ ᠲᠠᠢ | ᠪᠣᠯᠴᠢᠬᠠᠭᠰᠠᠨ ᠪᠠᠶᠢᠳᠠᠭ᠃ ᠤᠴᠢᠷ ᠨᠢ ᠲᠡᠳᠡ ︽ᠭᠡᠷ ᠲᠤ ᠬᠢ ᠠᠯᠢᠪᠠ ᠶᠠᠭᠤᠮ᠎ᠠ ᠪᠦᠬᠦᠨ ᠢᠶᠠᠷ ᠢᠶᠠᠨ ᠮᠢᠨᠤᠬᠢ︾ | ᠬᠡᠮᠡᠨ ᠦᠵᠡᠳᠡᠭ᠃ ᠭᠡᠷ ᠲᠤ ᠪᠠᠨ ᠲᠤᠩ ᠡᠷᠬᠡ ᠳᠤᠷ᠎ᠠ ᠪᠠᠷ ᠢᠶᠠᠨ ᠪᠠᠶᠢᠳᠠᠭ᠃ ᠠᠮᠢᠳᠤᠷᠠᠯ ᠠᠨᠠᠢ ᠴᠦ ᠪᠤᠯᠤᠬ᠂ | ᠠᠮᠢᠳᠤᠷᠠᠯ ᠪᠠᠶᠠᠨ ᠴᠦ ᠪᠤᠯᠤᠬ ᠬᠡᠦᠬᠡᠳ ᠨᠢ ᠡᠯᠪᠡᠭ ᠠᠮᠢᠳᠤᠷᠠᠭᠠᠳ ᠰᠤᠷᠴᠢᠬᠠᠭᠰᠠᠨ ᠤᠴᠢᠷ ᠠᠴᠠ ᠶᠠᠭᠤᠮ᠎ᠠ | ᠪᠦᠬᠦᠨ ᠳᠤ ᠬᠠᠶᠢᠷ᠎ᠠ ᠭᠠᠮ ᠦᠭᠡᠢ ᠪᠣᠯᠣᠭᠠᠳ᠂ ᠬᠡᠨ ᠢ ᠴᠦ᠂ ᠶᠠᠭᠤ ᠶᠢ ᠴᠦ ᠶᠠᠭᠤᠮᠠᠨ ᠤ ᠲᠣᠭᠠᠨ ᠳᠤ ᠦᠵᠡᠬᠦ | ᠦᠭᠡᠢ ᠥᠰᠴᠢᠬᠡᠭᠰᠡᠨ ᠪᠠᠶᠢᠳᠠᠭ᠃ ᠶᠠᠭᠤ ᠴᠦ ᠭᠡᠰᠡᠨ ᠭᠠᠭᠴᠠ ᠬᠡᠦᠬᠡᠳ ᠤᠨ ᠰᠢᠯᠲᠠᠭᠠᠨ ᠠᠴᠠ ᠪᠣᠯᠣᠭᠠᠳ ᠭᠡᠷ ᠤᠨ | ᠠᠬᠠᠮᠠᠳ ᠨᠢ ᠶᠠᠭᠤ ᠶᠢ ᠴᠦ ︽ᠬᠡᠲᠦᠷᠡᠭᠦᠯᠦᠨ︾ ᠥᠭᠳᠡᠭ ᠠᠴᠠ ᠬᠡᠦᠬᠡᠳ ᠤᠨ ︽ᠰᠢᠩᠭᠡᠭᠡᠯᠲᠡ︾ ᠮᠠᠭᠤᠳᠠᠵᠤ᠂ | ᠠᠯᠢᠪᠠ ᠵᠦᠢᠯ ᠢ ︽ᠰᠦᠢᠳᠬᠡᠬᠦ︾᠂ ︽ᠪᠦᠷᠢᠯᠭᠡᠬᠦ︾ ᠳᠤ ᠬᠦᠷᠳᠡᠭ᠃ ᠲᠡᠭᠡᠭᠡᠳ ᠠᠯᠢᠪᠠ ᠨᠢ ᠪᠦᠷ ︽ᠬᠠᠯᠠ︾ | ᠪᠣᠯᠵᠤ ᠬᠤᠴᠣᠷᠳᠠᠭ᠃ ᠬᠠᠶᠢᠷ᠎ᠠ ᠨᠢ ᠬᠡᠲᠦᠷᠡᠭᠡᠳ᠂ ᠮᠥᠩᠭᠦ ᠨᠢ ᠬᠡᠲᠦᠷᠡᠭᠡᠳ᠂ ᠬᠡᠦᠬᠡᠳ ᠤᠨ ᠢᠶᠠᠨ ᠡᠮᠦᠨ᠎ᠡ ᠠᠴᠠ | ᠬᠢᠭᠦ ᠨᠢ ᠬᠡᠲᠦᠷᠡᠭᠡᠳ᠂ ᠬᠡᠦᠬᠡᠳ ᠲᠤ ᠪᠠᠨ ᠪᠣᠳᠣᠵᠤ ᠥᠭᠬᠦ ᠨᠢ ᠬᠡᠲᠦᠷᠡᠭᠡᠳ ᠁ ᠬᠡᠦᠬᠡᠳ ᠤᠨ ᠢᠶᠠᠨ | ᠭᠠᠷ ᠠᠴᠠ᠂ ᠨᠢᠳᠦᠨ ᠠᠴᠠ᠂ ᠪᠣᠳᠣᠯ ᠠᠴᠠ ᠠᠯᠢᠪᠠ ᠶᠢ ᠨᠢ ᠤᠷᠤᠯᠠᠨ ᠪᠤᠯᠢᠶᠠᠭᠰᠠᠨ ᠠᠴᠠ ᠡᠳᠦᠭᠡ ᠬᠡᠦᠬᠡᠳ ᠨᠢ | ᠬᠥᠳᠡᠯᠮᠦᠷᠢ ᠳᠤ ᠳᠤᠷ᠎ᠠ ᠦᠭᠡᠢ᠂ ᠰᠤᠷᠬᠤ ᠳᠤ ᠲᠡᠰᠪᠦᠷᠢ ᠦᠭᠡᠢ᠂ ᠵᠣᠷᠢᠭ ᠦᠭᠡᠢ᠂ ᠬᠡᠷᠡᠭ ᠦᠭᠡᠢ ᠵᠦᠢᠯ ᠳᠤ | ᠳᠤᠷᠠᠲᠠᠢ᠂ ᠨᠠᠭᠠᠳᠤᠮ ᠳᠤ ᠰᠢᠨᠤᠬᠠᠢ᠂ ᠶᠠᠭᠤᠨ ᠳᠤ ᠴᠦ ︽ᠮᠡᠳᠡᠬᠦ ᠦᠭᠡᠢ᠂ ᠴᠢᠳᠠᠬᠤ ᠦᠭᠡᠢ᠂ ᠬᠢᠭᠦ ᠦᠭᠡᠢ᠂ | ᠪᠣᠳᠣᠬᠤ ᠦᠭᠡᠢ︾ ᠁ ᠬᠤᠶᠢᠷᠭᠤ ᠠᠯᠵᠠᠭᠤ᠂ ᠤᠨᠲᠠᠩᠬᠠᠢ ᠬᠡᠦᠬᠡᠳ ᠪᠤᠯᠵᠠᠭᠠᠵᠠᠢ᠃ ᠭᠡᠷ ᠤᠨ ᠠᠬᠠᠮᠠᠳ | ᠭᠡᠤᠭᠡᠳ ᠢᠶᠠᠨ ᠢᠡᠭᠬᠢᠵᠦ ᠭᠦᠮᠦᠵᠢᠭᠦᠯᠦᠭᠡᠳ ᠰᠤᠷᠭᠠᠭᠤᠯᠢ ᠳᠤ ᠬᠦᠷᠭᠡᠵᠦ᠂ ᠳᠠᠬᠢᠨ ᠪᠠᠭᠰᠢ ᠠᠴᠠ᠄ ︽ᠣᠳᠣ | ᠶᠠᠭᠠᠬᠢᠳᠠᠭ ᠪᠢᠯᠡ︖︾ ᠭᠡᠳ ᠯᠡ ︽ᠬᠠᠶᠢᠷ᠎ᠠ ᠨᠢ ᠬᠠᠯᠠ ᠪᠣᠯᠣᠭᠰᠠᠨ︾ ᠢᠶᠠᠨ ᠰᠤᠷᠭᠠᠭᠤᠯᠢ ᠪᠤᠯᠤᠨ ᠪᠠᠭᠰᠢ ᠳᠤ | ᠲᠦᠯᠬᠢᠭᠡᠳ᠂ ︽ᠲᠠ ᠨᠠᠷ ᠲᠠᠢ ᠠᠷᠪᠠᠨ ᠰᠠᠷ᠎ᠠ᠂ ᠪᠢᠳᠠᠨ ᠲᠠᠢ ᠬᠤᠶᠠᠷᠬᠠᠨ ᠰᠠᠷ᠎ᠠ ᠰᠠᠭᠤᠵᠤ ᠪᠠᠶᠢᠬᠤ ᠶᠤᠮ ᠴᠢᠨᠢ | ᠲᠠ ᠨᠠᠷ ᠢᠯᠡᠭᠦᠬᠡᠨ ᠴᠢᠷᠮᠠᠶᠢᠭᠠᠳ ᠥᠭ ᠳ᠋ᠠ︾ ᠬᠡᠮᠡᠨ ᠶᠠᠷᠢᠭᠠᠳ ᠯᠡ ᠪᠠᠶᠢᠳᠠᠭ᠃ ᠶᠠᠭ ᠯᠡ ᠬᠡᠦᠬᠡᠳ ᠢᠶᠠᠨ | ᠲᠥᠷᠥᠮᠡᠭᠴᠡ ᠨᠢ ᠠᠩᠭᠢ ᠶᠢᠨ ᠪᠠᠭᠰᠢ ᠳᠤ ᠥᠭᠴᠢᠬᠡᠭᠰᠡᠨ ᠶᠤᠮ ᠰᠢᠭ ᠯᠡ ᠪᠠᠶᠢᠳᠠᠭ᠃ | ᠭᠡᠷ ᠤᠨ ᠠᠬᠠᠮᠠᠳ ᠥᠪᠡᠷ ᠢᠶᠠᠨ ᠬᠠᠷᠢᠭᠤᠴᠠᠯᠭ᠎ᠠ ᠠᠯᠳᠠᠵᠤ᠂ ᠡᠭᠦᠷᠭᠡ ᠠᠴᠠ ᠪᠠᠨ ᠵᠠᠶᠢᠯᠠᠭᠰᠠᠨ ᠢᠶᠠᠨ | ᠥᠪᠡᠷ ᠢᠶᠠᠨ ᠴᠦ ᠥᠯᠥ ᠮᠡᠳᠡᠨ ᠡᠴᠦᠰ ᠲᠤ ᠪᠠᠨ ᠬᠡᠦᠬᠡᠳ ᠲᠤ ᠪᠠᠨ ᠥᠭᠭᠦᠭᠰᠡᠨ ᠬᠠᠶᠢᠷ᠎ᠠ ᠨᠢ ᠬᠠᠯᠠ ᠪᠣᠯᠳᠠᠬ᠃ | ︵ᠬᠤᠶᠠᠷ︶ ᠡᠴᠢᠭᠡ ᠡᠬᠡ ᠪᠣᠯᠣᠭᠰᠠᠳ ᠤᠨ ᠰᠠᠯᠵᠤ ᠰᠠᠷᠨᠢᠬᠤ ᠤᠯᠠᠳᠠᠭᠰᠠᠨ ᠠᠴᠠ ᠪᠣᠯᠵᠠᠢ᠃ | ᠮᠢᠨᠤ ᠡᠷᠬᠢᠯᠡᠵᠦ ᠥᠩᠭᠡᠷᠡᠭᠰᠡᠨ ᠠᠩᠬᠠᠨ ᠤ ᠠᠩᠭᠢ ᠳᠤ ᠨᠡᠶᠢᠲᠡ 42 ᠬᠡᠦᠬᠡᠳ ᠲᠠᠢ ᠪᠠᠶᠢᠭᠰᠠᠨ᠃ | ᠡᠭᠦᠨ ᠳᠤ 1 ᠥᠨᠥᠴᠢᠨ ᠬᠡᠦᠬᠡᠳ᠂ 8 ᠰᠠᠯᠵᠤ ᠰᠠᠷᠨᠢᠭᠰᠠᠨ ᠠᠶᠢᠯ ᠤᠨ ᠭᠡᠤᠭᠡᠳ᠂ 2 ᠶᠠᠭ ᠰᠠᠯᠤᠮᠠᠷ ᠪᠠᠶᠢᠭ᠎ᠠ | ᠠᠶᠢᠯ ᠤᠨ ᠭᠡᠤᠭᠡᠳ ᠪᠠᠶᠢᠳᠠᠬ᠃ | ᠣᠳᠣ ᠶᠢᠨ ᠡᠷᠬᠢᠯᠡᠵᠦ ᠪᠠᠶᠢᠭ᠎ᠠ ᠠᠩᠭᠢ ᠳᠤ ᠨᠡᠶᠢᠲᠡ 27 ᠰᠤᠷᠤᠭᠴᠢ ᠲᠠᠢ᠃ ᠡᠭᠦᠨ ᠳᠤ 1 ᠲᠡᠵᠢᠭᠡᠪᠦᠷᠢ | ᠬᠡᠦᠬᠡᠳ᠂ 2 ᠥᠨᠥᠴᠢᠨ ᠬᠡᠦᠬᠡᠳ᠂ 3 ᠰᠠᠯᠵᠤ ᠰᠠᠷᠨᠢᠭᠰᠠᠨ ᠠᠶᠢᠯ ᠤᠨ ᠬᠡᠦᠬᠡᠳ᠂ 2 ᠰᠠᠯᠵᠤ ᠰᠠᠷᠨᠢᠨ᠎ᠠ ᠭᠡᠳ | ᠪᠠᠶᠢᠳᠠᠭ ᠠᠶᠢᠯ ᠤᠨ ᠭᠡᠤᠭᠡᠳ᠃ ᠭᠡᠷ ᠤᠨ ᠠᠬᠠᠮᠠᠳ ᠨᠢ ᠭᠡᠷ ᠪᠦᠯᠢ ᠪᠠᠨ ᠬᠦᠨᠳᠦᠳᠬᠡᠬᠦ ᠦᠭᠡᠢ᠂ ᠬᠡᠦᠬᠡᠳ ᠢᠶᠠᠨ | ᠪᠣᠳᠣᠬᠤ ᠦᠭᠡᠢ ᠬᠠᠷᠢᠭᠤᠴᠠᠯᠭ᠎ᠠ ᠠᠯᠳᠠᠭᠰᠠᠨ ᠠᠴᠠ ᠪᠣᠯᠣᠭᠠᠳ ᠬᠡᠦᠬᠡᠳ ᠨᠢ ᠶᠠᠭᠤᠮ᠎ᠠ ᠪᠣᠯᠭᠠᠨ ᠳᠤ ᠰᠡᠳᠬᠢᠯ | ᠠᠯᠭᠠᠰᠠᠬᠤ ᠪᠣᠯᠵᠤ᠂ ᠬᠠᠷᠢᠭᠤᠴᠠᠯᠭ᠎ᠠ ᠶᠢ ᠮᠡᠳᠡᠬᠦ ᠦᠭᠡᠢ᠂ ᠢᠲᠡᠭᠡᠯ ᠵᠢᠷᠤᠮ ᠦᠭᠡᠢ ᠰᠤᠷᠴᠢᠬᠠᠳᠠᠭ ᠪᠠᠶᠢᠨ᠎ᠠ᠃ | ︵ᠭᠤᠷᠪᠠ︶ ᠡᠴᠢᠭᠡ ᠡᠬᠡ ᠶᠢᠨ ᠬᠢᠨᠢ ᠰᠢᠭᠤᠳ ᠳᠣᠳᠣᠮᠳᠠᠯᠭ᠎ᠠ ᠰᠤᠷᠭᠠᠯ ᠳᠤᠲᠠᠭᠤᠳᠠᠭᠰᠠᠨ ᠠᠴᠠ | ᠪᠣᠯᠵᠠᠢ᠃ | ᠮᠠᠨ ᠤ ᠣᠯᠠᠩᠬᠢ ᠬᠡᠦᠬᠡᠳ ᠤᠳ ᠡᠪᠦᠭᠡ ᠡᠮᠡᠭᠡ ᠶᠢᠨ ᠢᠶᠠᠨ ᠭᠠᠷ ᠳᠡᠭᠡᠷ᠎ᠡ ᠥᠰᠦᠭᠰᠡᠨ ᠢ ᠪᠢ ᠠᠰᠠᠭᠤᠵᠤ | ᠮᠡᠳᠡᠯ᠎ᠡ᠃ ᠨᠡᠩ ᠢᠯᠠᠩᠭᠤᠶ᠎ᠠ ᠬᠤᠲᠠ ᠳᠤ ᠣᠯᠠᠩᠬᠢ ᠵᠠᠯᠠᠭᠤᠴᠤᠳ ᠬᠡᠦᠬᠡᠳ ᠢᠶᠠᠨ ᠡᠬᠡ ᠡᠴᠢᠭᠡ ᠳᠤ ᠪᠠᠨ | ᠣᠷᠬᠢᠭᠠᠳ᠂ ᠥᠪᠡᠷ ᠢᠶᠠᠨ ᠳᠣᠳᠣᠮᠳᠠᠵᠤ ᠰᠤᠷᠭᠠᠭᠰᠠᠨ ᠢᠶᠠᠷ ᠲᠤᠳᠠᠮᠠᠬ᠂ ᠡᠴᠢᠭᠡ ᠡᠭᠡ ᠶᠢᠨ ᠬᠠᠶᠢᠷ᠎ᠠ ᠶᠢ | ᠮᠠᠳᠡᠷᠡᠭᠦᠯᠦᠭᠰᠡᠨ ᠢᠶᠠᠷ ᠲᠤᠩ ᠳᠤᠲᠠᠮᠠᠭ᠂ ᠬᠡᠦᠬᠡᠳ ᠢᠶᠠᠨ ︽ᠠᠮᠠᠷᠬᠠᠨ︾ ᠥᠰᠬᠡᠴᠢᠬᠡᠳᠡᠭ᠃ ᠡ᠊ᠨᠡ ᠨᠢ ᠬᠡᠦᠬᠡᠳ ᠢ | ᠲᠤᠩ ᠠᠶᠤᠮᠠᠲᠠᠭᠠᠢ ᠪᠥᠭᠡᠳ ᠵᠣᠷᠢᠭ ᠰᠤᠯᠠ᠂ ᠶᠡᠭᠡ ᠬᠥᠮᠥᠨ ᠤ ᠠᠪᠤᠷᠢ ᠲᠠᠢ ᠠᠲᠠᠯ᠎ᠠ ᠪᠠᠨ ᠲᠤᠩ ᠨᠢᠯᠬᠠᠰᠠᠭ | ᠬᠥᠩᠭᠡᠨ ᠠᠭᠠᠰᠢ ᠲᠠᠢ ᠪᠣᠯᠭᠠᠴᠢᠬᠠᠳᠠᠭ᠃ ᠲᠡᠭᠡᠭᠡᠳ ᠪᠠᠰᠠ ᠨᠠᠰᠤᠳᠠᠶᠢᠴᠤᠤᠯ ᠨᠢ ᠭᠡᠤᠭᠡᠳ ᠢ ᠳᠤᠷ᠎ᠠ ᠪᠠᠷ ᠨᠢ | ᠲᠠᠯᠪᠢᠵᠤ᠂ ᠡᠴᠢᠭᠡ ᠡᠬᠡ ᠨᠢ ᠰᠢᠭᠦᠮᠵᠢᠯᠡᠪᠡᠯ ᠥᠮᠥᠭᠯᠡᠭᠰᠡᠭᠡᠷ ᠪᠠᠶᠢᠵᠤ ᠡᠷᠬᠡ ᠳᠤᠷ᠎ᠠ ᠪᠠᠷ᠂ ᠶᠣᠰᠣ ᠵᠢᠷᠤᠮ ᠦᠭᠡᠢ | ᠰᠤᠷᠴᠢᠬᠠᠳᠠᠭ᠃ | ᠬᠤᠶᠠᠷ᠂ ᠨᠡᠶᠢᠭᠡᠮ ᠤᠨ ᠨᠥᠯᠥᠭᠡᠨ ᠠᠴᠠ ᠪᠣᠯᠣᠭᠠᠳ ᠬᠡᠦᠬᠡᠳ ᠤᠳ ᠢᠲᠡᠭᠡᠯ ᠪᠢᠰᠢᠷᠡᠯ ᠢᠶᠠᠨ ᠠᠯᠳᠠᠵᠤ | ᠪᠤᠢ᠃ | ︵ᠨᠢᠭᠡ︶ ᠨᠡᠶᠢᠭᠡᠮ ᠤᠨ ᠬᠥᠭᠵᠢᠯᠲᠡ ᠶᠢ ᠳᠠᠭᠠᠯᠳᠤᠨ ᠰᠦᠯᠵᠢᠶ᠎ᠡ ᠲᠦᠭᠡᠮᠡᠯᠵᠢᠨ᠂ ᠰᠤᠷᠤᠭᠴᠢᠳ ᠤᠨ | ᠳᠤᠮᠳᠠ ᠭᠠᠷ ᠤᠲᠠᠰᠤᠨ ᠤ ᠬᠢᠮᠤᠷᠠᠯ ᠪᠣᠯᠣᠭᠠᠳ ᠪᠠᠶᠢᠭ᠎ᠠ᠃ ᠲᠡᠭᠦᠨ ᠠᠴᠠ ᠪᠣᠯᠣᠭᠠᠳ ᠠᠯᠢᠪᠠ ᠪᠠᠨ ᠮᠠᠷᠲᠠᠬᠤ ᠳᠤ | ᠬᠦᠷᠴᠦ ᠪᠤᠢ᠃ | ︵ᠬᠤᠶᠠᠷ︶ ᠨᠡᠶᠢᠭᠡᠮ ᠳᠠᠶᠠᠭᠠᠷ ᠢᠶᠠᠨ ᠡᠳ᠋ ᠮᠥᠩᠭᠦ᠂ ᠨᠡᠷᠡᠲᠦ ᠲᠡᠮᠳᠡᠭᠲᠦ᠂ ᠠᠰᠢᠭ ᠬᠤᠨᠵᠢᠪᠤᠷᠢ | ᠬᠥᠭᠡᠭᠡᠴᠡᠯᠳᠦᠭᠰᠡᠨ ᠠᠴᠠ ᠲᠡᠳᠡᠨ ᠤ ᠥᠷᠲᠡᠭ ᠤᠨ ᠦᠵᠡᠯᠲᠡ ᠶᠢ ᠨᠥᠯᠥᠭᠡᠯᠡᠨ᠂ ᠵᠣᠭᠤᠰ ᠮᠥᠩᠭᠦ᠂ ᠭᠡᠷ ᠲᠡᠷᠭᠡ᠂ | ᠡᠮᠦᠰᠬᠡᠯ ᠵᠡᠭᠦᠭᠡᠯ ᠤᠨ ᠲᠤᠬᠠᠢ ᠠᠳᠠᠯᠢᠳᠬᠠᠬᠤ ᠨᠢ ᠴᠢᠩᠭᠠᠷᠠᠵᠤ᠂ ᠠᠲᠠᠭᠠᠴᠢ ᠰᠡᠳᠬᠢᠯ ᠨᠢ ᠨᠡᠮᠡᠭᠳᠡᠨ᠂ ᠣᠶᠣᠨ | ᠰᠠᠨᠠᠭ᠎ᠠ ᠨᠢ ᠪᠣᠬᠢᠷᠲᠤᠵᠠᠢ᠃ | ᠭᠤᠷᠪᠠ᠂ ᠰᠤᠷᠭᠠᠭᠤᠯᠢ ᠶᠢᠨ ᠬᠥᠮᠥᠵᠢᠯ ᠤᠨ ᠲᠠᠯ᠎ᠠ ᠪᠠᠷ ᠬᠢ ᠮᠢᠨᠤ ᠪᠠᠷᠢᠮᠲᠠᠯᠠᠯ | ᠰᠤᠷᠭᠠᠭᠤᠯᠢ ᠬᠡᠮᠡᠭᠴᠢ ᠬᠥᠮᠥᠨ ᠳᠤ ᠮᠡᠳᠡᠯᠭᠡ ᠴᠢᠳᠠᠪᠤᠷᠢ ᠶᠢ ᠰᠤᠷᠭᠠᠵᠤ᠂ ᠬᠥᠮᠥᠨ ᠪᠣᠯᠬᠤ ᠶᠣᠰᠣ ᠶᠢ | ᠤᠯᠠᠮᠵᠢᠯᠠᠳᠠᠭ ᠥᠯᠥᠭᠡᠢ ᠶᠢ ᠬᠡᠯᠡᠮᠦᠢ᠃ | ᠮᠣᠩᠭᠤᠯᠴᠤᠳ ᠠᠯᠢ ᠬᠡᠵᠢᠶᠡᠨ ᠠᠴᠠ ᠬᠥᠮᠥᠨ ᠢᠶᠠᠷ ᠦᠨᠳᠦᠰᠦ ᠪᠣᠯᠭᠠᠵᠤ᠂ ᠬᠥᠮᠥᠨ — ᠬᠥᠮᠥᠵᠢᠯ | — ᠬᠥᠮᠥᠵᠢᠭᠦᠯᠬᠦ ᠶᠣᠰᠣᠭᠠᠷ ︽ᠬᠥᠮᠥᠨ ᠪᠣᠯᠬᠤ ᠪᠠᠭ᠎ᠠ ᠠᠴᠠ ᠪᠠᠨ \ ᠬᠦᠯᠦᠭ ᠪᠣᠯᠬᠤ ᠤᠨᠠᠭᠠᠨ ᠠᠴᠠ ᠪᠠᠨ︾ | ᠬᠡᠮᠡᠨ ᠬᠡᠦᠬᠡᠳ ᠤᠨ ᠨᠠᠰᠤ ᠵᠢᠯ ᠤᠨ ᠣᠨᠴᠠᠯᠢᠭ᠂ ᠪᠡᠶ᠎ᠡ᠂ ᠣᠶᠣᠨ᠂ ᠰᠡᠳᠬᠢᠴᠡ ᠳᠤ ᠨᠢ ᠲᠣᠬᠢᠷᠠᠭᠰᠠᠨ ᠰᠤᠷᠭᠠᠯ | ᠬᠥᠮᠥᠵᠢᠯ ᠢ ᠬᠢᠭᠰᠡᠭᠡᠷ ᠢᠷᠡᠭᠰᠡᠨ᠃ ᠪᠢ ᠰᠤᠷᠤᠭᠴᠢᠳ ᠲᠤ ᠪᠠᠨ ᠢᠲᠡᠭᠡᠯ ᠪᠢᠰᠢᠷᠡᠯ ᠣᠯᠭᠤᠬᠤ ᠶᠢᠨ ᠲᠥᠯᠥᠭᠡ | ᠳᠣᠣᠷᠠᠬᠢ ᠮᠡᠲᠦ ᠶᠢᠨ ᠠᠷᠭ᠎ᠠ ᠬᠡᠮᠵᠢᠶ᠎ᠡ ᠶᠢ ᠠᠪᠳᠠᠭ᠃ | ︵ᠨᠢᠭᠡ︶ ︽ᠭᠤᠷᠪᠠᠨ ᠡᠬᠡ︾ ᠶᠢᠨ ᠬᠥᠮᠥᠵᠢᠯ ᠢ ᠰᠠᠶᠢᠲᠤᠷ ᠬᠢᠳᠡᠭ᠃ ᠡᠬᠡ ᠦᠨᠳᠦᠰᠦᠲᠡᠨ᠂ ᠡᠬᠡ | ᠨᠤᠲᠤᠭ᠂ ᠡᠬᠡ ᠰᠣᠶᠣᠯ ᠤᠨ ᠬᠥᠮᠥᠵᠢᠯ ᠢ ᠰᠤᠷᠤᠭᠴᠢᠳ ᠲᠤ ᠴᠠᠭ ᠦᠷᠭᠦᠯᠵᠢ ᠬᠢᠳᠡᠭ᠃ ᠥᠪᠡᠷ ᠤᠨ ᠣᠷᠣᠰᠢᠨ | ᠰᠠᠭᠤᠭ᠎ᠠ ᠥᠯᠥᠭᠡᠢ ᠨᠤᠲᠤᠭ᠂ ᠦᠨᠳᠦᠰᠦᠲᠡᠨ ᠤᠭᠰᠠᠭᠠᠳᠠᠨ᠂ ᠥᠪᠡᠷ ᠤᠨ ᠢᠵᠠᠭᠤᠷ ᠰᠣᠶᠣᠯ ᠢᠶᠠᠨ ᠲᠠᠨᠢᠨ | ᠮᠡᠳᠡᠷᠡᠴᠢᠬᠡᠪᠡᠯ ᠲᠡᠳᠡ ᠠᠶᠠᠨᠳᠠᠭᠠᠨ ᠢᠲᠡᠭᠡᠯ ᠪᠢᠰᠢᠷᠡᠯ ᠲᠠᠢ ᠪᠣᠯᠴᠢᠬᠠᠨ᠎ᠠ᠃ ᠪᠢ ᠮᠣᠩᠭᠤᠯ ᠬᠡᠯᠡᠨ ᠤ ᠪᠠᠭᠰᠢ | ᠪᠣᠯᠣᠭᠰᠠᠨ ᠤ ᠬᠤᠪᠢ ᠳᠤ᠂ ᠬᠡᠯᠡᠨ ᠤ ᠪᠠᠨ ᠢᠷᠠᠭᠤ ᠪᠠᠶᠠᠯᠢᠭ᠂ ᠭᠦᠨ ᠰᠢᠳᠢᠯᠢᠭ ᠰᠣᠶᠣᠯ ᠬᠦᠴᠦᠨ ᠢ | ᠭᠠᠶᠢᠬᠠᠭᠤᠯᠤᠨ ᠲᠡᠳᠡᠨ ᠳᠤ ᠬᠥᠮᠥᠵᠢᠯ ᠬᠢᠳᠡᠭ᠃ ᠵᠢᠱᠢᠶᠡᠯᠡᠪᠡᠯ᠄ ᠪᠢ ᠰᠤᠷᠤᠭᠴᠢᠳ ᠢ ᠶᠠᠭ ᠲᠠᠩᠭᠤᠳ ᠤᠨ | ᠭᠠᠯᠰᠠᠩ ᠭᠤᠸᠠᠢ ᠶᠢᠨ ᠪᠡᠯᠭᠡᠲᠦ ᠦᠭᠡᠰ ᠤᠨ ᠰᠤᠳᠤᠯᠤᠯ ᠳᠤ ᠪᠠᠨ ︽ᠬᠥᠮᠥᠨ ᠶᠡᠷᠦ ᠨᠢ ᠪᠤᠷᠤᠭᠤ ᠡᠷᠴᠢᠰ᠂ ᠬᠠᠷ᠎ᠠ | ᠡᠷᠴᠢᠰ᠂ ᠬᠦᠢᠲᠡᠨ ᠡᠷᠴᠢᠰ ᠪᠦᠬᠦᠢ ᠦᠭᠡᠰ ᠢ ᠴᠡᠭᠡᠷᠯᠡᠬᠦ ᠬᠡᠷᠡᠭᠲᠡᠢ ᠶᠤᠮ᠂ ᠶᠠᠷᠢᠬᠤ ᠦᠭᠡᠢ ᠪᠣᠯ ᠰᠠᠶᠢᠨ︾ ᠬᠡᠮᠡᠨ | ᠬᠡᠯᠡᠭᠰᠡᠨ ᠢ ᠲᠤᠩᠭᠠᠨ ᠪᠣᠳᠣᠭᠤᠯᠵᠤ᠂ ᠲᠡᠳᠡᠨ ᠢ ︽ᠦᠭᠡᠢ︾ ᠭᠡᠰᠡᠨ ᠦᠭᠡ ᠶᠢ ᠳᠤᠲᠠᠭᠤ ᠬᠡᠯᠡᠭᠦᠯᠦᠨ᠂ ᠰᠠᠶᠢᠨ | ᠰᠠᠶᠢᠬᠠᠨ ᠡᠶᠡᠷᠭᠦ ᠡᠨᠧᠷᠭᠢ ᠪᠦᠬᠦᠢ ᠦᠭᠡᠰ ᠢ ᠢᠯᠡᠭᠦᠬᠡᠨ ᠶᠠᠷᠢᠵᠤ ᠰᠤᠷᠬᠤ ᠶᠢ ᠱᠠᠭᠠᠷᠳᠠᠨ᠂ ᠠᠯᠢᠪᠠ ᠵᠦᠢᠯ ᠳᠤ | ᠲᠠᠯᠠᠷᠬᠠᠵᠤ ᠪᠣᠳᠣᠵᠤ ᠶᠠᠪᠤᠬᠤ ᠲᠤᠬᠠᠢ ᠰᠠᠨᠠᠭᠤᠯᠤᠨ᠂ ᠦᠭᠡ ᠬᠡᠯᠡᠨ ᠤ ᠬᠢᠨᠢ ᠮᠡᠳᠡᠷᠡᠮᠵᠢ ᠶᠢ ᠳᠡᠭᠡᠭᠰᠢᠯᠡᠭᠦᠯᠵᠦ᠂ | ᠨᠣᠮ ᠳᠤ ᠢᠲᠡᠭᠡᠨ᠂ ᠪᠠᠭᠰᠢ ᠳᠤ ᠪᠢᠰᠢᠷᠡᠬᠦ ᠵᠦᠭ ᠬᠥᠲᠥᠯᠳᠡᠭ᠃ | ︵ᠬᠤᠶᠠᠷ︶ ᠡᠭᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠬᠥᠮᠥᠵᠢᠯ ᠢ ᠰᠠᠶᠢᠲᠤᠷ ᠬᠢᠳᠡᠭ᠃ | ᠡᠭᠡ ᠪᠠᠶᠢᠭᠠᠯᠢ ᠪᠤᠯ ᠪᠢᠳᠠᠨ ᠤ ᠤᠷᠤᠰᠢᠨ ᠲᠤᠭᠳᠠᠨᠢᠬᠤ ᠲᠤᠯᠠᠭᠠᠨ ᠦᠯᠦᠭᠡᠢ᠂ ᠭᠠᠭᠴᠠ ᠭᠦ ᠡᠭᠡ | ᠪᠠᠶᠢᠭᠠᠯᠢ ᠪᠠᠨ ᠰᠠᠶᠢᠳᠤᠷ ᠬᠠᠶᠢᠷᠠᠯᠠᠨ ᠬᠠᠮᠠᠭᠠᠯᠠᠪᠠᠯ ᠰᠠᠶ᠋ᠢ ᠦᠨᠢ ᠤᠳᠠᠭᠠᠨ ᠤᠷᠤᠭᠰᠢᠯᠠᠵᠤ ᠲᠤᠭᠳᠠᠨᠢᠵᠤ | ᠴᠢᠳᠠᠬᠤ ᠶᠢᠨ ᠶᠤᠰᠤ ᠤᠴᠢᠷ ᠢ ᠶᠠᠷᠢᠵᠤ ᠦᠭᠳᠡᠭ᠃ | ︵ᠭᠤᠷᠪᠠ︶ ︽ᠭᠡᠷ ᠤᠨ ᠠᠬᠠᠮᠠᠳ ᠤᠨ ᠰᠤᠷᠭᠠᠭᠤᠯᠢ︾ ᠶᠢ ᠡᠷᠬᠢᠯᠡᠬᠦ ᠪᠤᠶᠤ ᠲᠡᠳᠡᠨ ᠤ ᠪᠣᠯᠪᠠᠰᠤᠷᠠᠯ ᠢ | ᠴᠢᠩᠭᠠᠳᠬᠠᠪᠠᠯ ᠵᠣᠬᠢᠨ᠎ᠠ᠃ | 1. ᠬᠠᠷᠢᠭᠤᠴᠠᠯᠭ᠎ᠠ ᠶᠢᠨ ᠬᠥᠮᠥᠵᠢᠯ ᠢ ᠰᠠᠶᠢᠲᠤᠷ ᠬᠢᠨ᠎ᠡ᠃ | 2. ᠬᠡᠦᠬᠡᠳ ᠢ ᠬᠡᠷᠬᠢᠨ ᠬᠥᠮᠥᠵᠢᠭᠦᠯᠬᠦ ︵ᠬᠡᠦᠬᠡᠳ ᠢ ᠣᠶᠢᠯᠠᠭᠠᠬᠤ᠂ ᠬᠡᠦᠬᠡᠳ ᠲᠠᠢ ᠨᠠᠶᠢᠵᠢᠯᠠᠬᠤ᠂ | ᠬᠡᠦᠬᠡᠳ ᠢ ᠰᠤᠷᠭᠠᠬᠤ ᠁︶ ᠲᠤᠬᠠᠢ ᠵᠢᠯᠣᠭᠤᠳᠤᠮᠵᠢ ᠥᠭᠭᠦᠨ᠎ᠡ᠃ | 3. ᠰᠢᠯᠢᠳᠡᠭ ᠰᠠᠶᠢᠨ ᠨᠣᠮ ᠵᠣᠬᠢᠶᠠᠯ ᠠᠴᠠ ᠲᠠᠨᠢᠯᠴᠠᠭᠤᠯᠵᠤ ᠥᠭᠭᠦᠨ᠎ᠡ᠃ | ᠡᠳᠡᠭᠡᠷ ᠠᠷᠭ᠎ᠠ ᠪᠠᠷ ᠪᠢᠳᠠ ᠰᠤᠷᠭᠠᠭᠤᠯᠢ᠂ ᠨᠡᠶᠢᠭᠡᠮ᠂ ᠭᠡᠷ ᠪᠦᠯᠢ ᠬᠠᠮᠲᠤᠷᠠᠵᠤ ᠬᠠᠮᠵᠢᠯᠴᠠᠳᠠᠭ ᠯᠡ ᠪᠣᠯ | ᠬᠡᠦᠬᠡᠳ ᠲᠤ ᠡᠶᠡᠷᠭᠦ ᠡᠨᠧᠷᠭᠢ ᠳᠠᠮᠵᠢᠭᠤᠯᠤᠨ ᠲᠡᠳᠡᠨ ᠢ ᠦᠨᠡᠨ ᠬᠦ ᠠᠮᠢᠳᠤᠷᠠᠯ ᠳᠤ ᠢᠲᠡᠭᠡᠵᠤ ᠪᠢᠰᠢᠷᠡᠳᠡᠭ ᠪᠤᠯᠭᠠᠵᠤ | ᠴᠢᠳᠠᠨ᠎ᠠ᠃ | ᠲᠡᠭᠡᠪᠡᠯ ᠪᠢ ᠠᠩᠭᠢ ᠳᠤ ᠪᠠᠨ ᠡᠶᠢᠮᠦᠷᠬᠦᠦ ᠠᠷᠭ᠎ᠠ ᠪᠠᠷ ᠬᠠᠮᠲᠤ ᠶᠢᠨ ᠢᠲᠡᠭᠡᠯ ᠪᠢᠰᠢᠷᠡᠯ ᠤᠨ ᠲᠤᠬᠠᠢ | ᠬᠥᠮᠥᠵᠢᠯ ᠢ ᠬᠢᠳᠡᠭ᠃ | 1. ᠰᠤᠷᠤᠭᠴᠢᠳ ᠲᠤ ᠪᠠᠨ ᠬᠢᠴᠢᠶᠡᠯᠯᠡᠭᠴᠢ ᠪᠠᠭᠰᠢ ᠨᠠᠷ ᠢ ᠦᠷᠭᠦᠯᠵᠢ ᠡᠷᠭᠦᠨ ᠮᠠᠭᠲᠠᠳᠠᠭ᠃ ᠬᠡᠷᠪᠡ | ᠰᠤᠷᠤᠭᠴᠢᠳ ᠦᠨᠡᠨ ᠬᠦ ᠲᠣᠭᠤᠵᠤ ᠶᠠᠳᠠᠭᠰᠠᠨ ᠪᠠᠶᠢᠪᠠᠯ ᠪᠢ ᠲᠡᠷᠡ ᠪᠠᠭᠰᠢ ᠶᠢᠨ ᠠᠯᠢ ᠨᠢᠭᠡᠨ ᠭᠡᠷᠡᠯ ᠭᠢᠯᠪᠠᠭ᠎ᠠ | ᠪᠦᠬᠦᠢ ᠲᠠᠯ᠎ᠠ ᠶᠢ ᠨᠢ ᠠᠳᠬᠤᠵᠤ ᠲᠡᠳᠡᠨ ᠳᠤ ᠳᠠᠭᠤᠷᠢᠶᠠᠯ ᠪᠣᠯᠭᠠᠳᠠᠭ᠃ ᠡ᠊ᠨᠡ ᠪᠣᠯ ᠬᠠᠮᠤᠭ ᠠᠩᠬᠠᠨ ᠤ ᠠᠵᠢᠯ᠂ | ᠬᠠᠮᠤᠭ ᠴᠢᠬᠤᠯᠠ ᠠᠵᠢᠯ᠃ | 2. ᠰᠤᠷᠤᠭᠴᠢᠳ ᠢᠶᠠᠨ ᠣᠶᠢᠯᠠᠭᠠᠨ᠂ ᠺᠠᠳ᠋ᠷ ᠢ ᠵᠥᠪ ᠰᠣᠩᠭᠤᠨ᠎ᠠ᠃ ᠠᠯᠢ ᠨᠢᠭᠡ ᠲᠠᠯ᠎ᠠ ᠪᠠᠷ ᠢᠶᠠᠨ | ᠲᠣᠯᠣᠭᠠᠶᠢᠯᠠᠬᠤ ᠴᠢᠳᠠᠪᠤᠷᠢ ᠪᠦᠬᠦᠢ ᠬᠡᠦᠬᠡᠳ ᠢ ᠣᠯᠵᠤ ᠺᠠᠳ᠋ᠷ ᠪᠣᠯᠭᠠᠨ᠎ᠠ᠃ | 3. ᠰᠤᠷᠤᠭᠴᠢᠳ ᠲᠠᠢ ᠪᠠᠨ ᠦᠨᠡᠨ ᠬᠦ ᠨᠠᠶᠢᠵᠢᠯᠠᠨ᠎ᠠ᠃ | 4. ᠰᠢᠯᠢᠳᠡᠭ ᠰᠠᠶᠢᠨ ᠠᠩᠭᠢ ᠶᠢᠨ ᠰᠣᠶᠣᠯ ᠤᠨ ᠣᠷᠴᠢᠨ ᠢ ᠪᠦᠷᠢᠯᠳᠤᠭᠦᠯᠵᠦ ᠥᠭᠭᠦᠨ᠎ᠡ᠃ | ︵1︶ ᠮᠣᠩᠭᠤᠯ ᠰᠣᠶᠣᠯ ᠤᠨ ᠠᠭᠤᠯᠭ᠎ᠠ ᠲᠠᠢ ᠪᠤᠶᠤ ᠮᠣᠩᠭᠤᠯ ᠰᠤᠷᠭᠠᠯ ᠢᠶᠠᠷ ᠬᠢᠴᠢᠶᠡᠯ ᠤᠨ ᠲᠠᠩᠬᠢᠮ ᠤᠨ | ᠬᠠᠨ᠎ᠠ ᠶᠢᠨ ᠰᠣᠶᠣᠯ ᠢ ᠪᠦᠲᠦᠭᠡᠨ᠎ᠡ᠃ | ︵2︶ ᠠᠩᠭᠢ ᠶᠢᠨ ᠳᠦᠷᠢᠮ᠄ ︽ᠪᠡᠶ᠎ᠡ ᠪᠠᠨ ᠮᠡᠳᠡᠪᠡᠯ ᠬᠥᠮᠥᠨ \ ᠪᠡᠯᠴᠢᠭᠡᠷ ᠢᠶᠠᠨ ᠮᠡᠳᠡᠪᠡᠯ ᠮᠠᠯ︾᠃ | ᠶᠠᠮᠠᠷ ᠨᠢᠭᠡᠨ ᠪᠣᠳᠠᠲᠠᠢ ᠳᠦᠷᠢᠮ ᠢ ᠲᠣᠭᠲᠠᠭᠠᠭᠠᠳ ᠰᠤᠷᠤᠭᠴᠢᠳ ᠢ ᠰᠢᠬᠠᠵᠤ ᠠᠯᠪᠠᠳᠠᠬᠤ ᠪᠤᠶᠤ ᠶᠠᠯᠠᠲᠠᠨ | ᠮᠡᠲᠦ ᠦᠵᠡᠬᠦ ᠠᠴᠠ ᠴᠡᠭᠡᠷᠯᠡᠳᠡᠭ᠃ | ︵3︶ ᠠᠩᠭᠢ ᠶᠢᠨ ᠤᠷᠢᠶ᠎ᠠ᠄ ᠣᠶᠢᠯᠠᠭᠠᠯᠴᠠᠶᠠ᠂ ᠪᠦᠯᠬᠦᠮᠳᠡᠶ᠎ᠡ᠂ ᠬᠠᠪᠰᠤᠷᠤᠯᠴᠠᠶ᠎ᠠ | ︵4︶ ᠳᠤᠭᠤᠶᠢᠯᠠᠩ ᠤᠨ ᠰᠣᠶᠣᠯ ᠢ ᠪᠦᠲᠦᠭᠡᠨ ᠪᠠᠶᠢᠭᠤᠯᠤᠨ᠎ᠠ᠃ | 5. ᠡᠵᠡᠨ ᠪᠣᠯᠬᠤ ᠶᠢᠨ ᠬᠥᠮᠥᠵᠢᠯ ᠢ ᠬᠢᠳᠡᠭ᠃ | ︵1︶ ᠪᠡᠶ᠎ᠡ ᠳᠤ ᠪᠠᠨ ᠡᠵᠡᠨ ᠪᠣᠯᠬᠤ᠃ | ︵2︶ ᠠᠵᠢᠬᠴᠢ ᠭᠢᠷᠠᠬᠠᠢ ᠶᠢᠨ ᠬᠥᠮᠥᠵᠢᠯ᠃ ︽ᠨᠢᠳᠦ ᠬᠤᠷᠴᠠ ᠪᠣᠯ ᠪᠢᠯᠢᠭ ᠬᠤᠷᠴᠠ︾ ᠭᠡᠳᠡᠭ᠃ | ︵3︶ ᠠᠵᠢᠯᠴᠢ ᠠᠷᠪᠢᠴᠢ ᠶᠢᠨ ᠬᠥᠮᠥᠵᠢᠯ᠃ | ︵4︶ ᠴᠡᠭᠡᠵᠢᠯᠡᠬᠦᠢ ᠲᠣᠭᠲᠠᠭᠠᠬᠤᠢ ᠶᠢᠨ ᠬᠥᠮᠥᠵᠢᠯ᠃ | ︵5︶ ᠬᠠᠶᠢᠷᠠᠯᠠᠵᠤ ᠲᠠᠯᠠᠷᠬᠠᠬᠤ ᠶᠢᠨ ᠬᠥᠮᠥᠵᠢᠯ᠃ | ︵6︶ ᠬᠦᠨᠳᠦᠳᠬᠡᠵᠦ ᠪᠢᠰᠢᠷᠡᠬᠦᠢ ᠶᠢᠨ ᠬᠥᠮᠥᠵᠢᠯ᠃ | ︵7︶ ᠬᠡᠮ ᠬᠡᠮᠵᠢᠶᠡᠨ ᠤ ᠬᠥᠮᠥᠵᠢᠯ᠃ | ᠡᠶᠢᠮᠦ ᠠᠴᠠ ᠪᠠᠭᠰᠢ ᠪᠣᠯᠤᠭᠰᠠᠳ ᠢᠲᠡᠭᠡᠯ ᠪᠢᠰᠢᠷᠡᠯ ᠤᠨ ᠬᠥᠮᠦᠵᠢᠯ ᠢ ᠰᠠᠶᠢᠳᠤᠷ ᠬᠢᠵᠦ᠂ ᠲᠡᠳᠡᠨ ᠤ ᠪᠠᠶ᠎ᠠ | ᠳᠡᠭᠡᠷ᠎ᠡ ᠢᠯᠠᠷᠠᠵᠦ ᠪᠠᠶᠢᠭ᠎ᠠ ᠵᠦᠢᠯ ᠵᠦᠢᠯ ᠤᠨ ᠦᠵᠡᠭᠳᠡᠯ ᠤᠨ ᠠᠷᠤ ᠳᠤ ᠬᠢ ᠦᠨᠠᠨ ᠶᠤᠰᠤ ᠶᠢ ᠰᠠᠶᠢᠳᠤᠷ ᠪᠤᠳᠤᠵᠤ | ᠲᠤᠩᠭᠠᠨ᠂ ᠵᠠᠰᠠᠵᠤ ᠵᠠᠯᠠᠷᠠᠭᠤᠯᠳᠠᠬ ᠲᠤ ᠭᠦᠷᠪᠡᠯ ᠰᠤᠷᠤᠭᠴᠢᠳ ᠤᠨ ᠢᠶᠠᠨ ᠬᠦᠨᠳᠦᠳᠬᠡᠯ ᠪᠢᠰᠢᠷᠡᠯ ᠢ ᠣᠯᠬᠤ ᠪᠠᠷ | ᠪᠠᠷᠠᠬᠤ ᠦᠭᠡᠢ ᠰᠤᠷᠤᠭᠴᠢ ᠶᠢ ᠪᠠᠨ ᠦᠨᠡᠡ ᠭᠦ ᠰᠤᠷᠤᠯᠴᠠᠯᠭ᠎ᠠ ᠶᠢᠨ ᠡᠵᠡᠨ ᠨᠢ ᠪᠣᠯᠭᠠᠵᠤ ᠴᠢᠳᠠᠨ᠎ᠠ᠃ | | ᠬᠠᠶ᠋ᠢᠬ᠄ ᠡᠵᠡᠨ ᠬᠤᠷᠤᠭ᠎ᠠ ᠬᠤᠰᠢᠭᠤᠨ ᠤ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ | ︵ᠴ᠊ · ᠲᠤᠭᠳᠠᠭᠤᠨ ᠨᠠᠶᠢᠷᠠᠭᠤᠯᠪᠠ︶ | 2019 ᠣᠨ ᠤ 11 ᠳ᠋ᠦ᠋ᠭᠡᠷ ᠬᠤᠭᠤᠴᠠᠭ᠎ᠠ | | |