ᠪᠠᠭᠠᠳᠣᠷ | | ᠮᠠᠨ ᠤ ᠮᠣᠩᠭᠤᠯᠴᠤᠳ ᠰᠤᠷᠭᠠᠨ ᠭᠥᠮᠥᠵᠢᠯ ᠤᠨ ᠲᠤᠬᠠᠢ ᠲᠠᠢ ᠠᠯᠢ ᠤᠯᠠᠨ ᠲᠤᠷᠰᠢᠯᠭ᠎ᠠ ᠰᠤᠷᠭᠠᠮᠵᠢ ᠶᠢ | ᠬᠤᠷᠠᠮᠳᠤᠭᠤᠯᠵᠤ ᠲᠠᠭᠦᠨ ᠢ ᠪᠠᠨ ᠦᠷ᠎ᠠ ᠭᠡᠤᠭᠡᠳ ᠲᠤ ᠪᠠᠨ ᠤᠯᠠᠮᠵᠢᠯᠠᠵᠤ ᠠᠰᠢᠭᠯᠠᠨ ᠭᠡᠷᠡᠭᠯᠡᠭᠰᠡᠭᠡᠷ ᠢᠷᠡᠵᠡᠢ᠃ | ᠭᠡᠪᠡᠴᠦ ᠣᠳᠣᠬᠠᠨ ᠤ ᠰᠢᠨᠡᠴᠢᠯᠡᠯᠲᠡ ᠭᠥᠭᠵᠢᠯᠲᠡ ᠶᠢᠨ ᠴᠠᠭ ᠡᠷᠡᠨ ᠳᠤ ᠮᠣᠩᠭᠤᠯ ᠥᠡᠳᠥᠰᠥᠳᠡᠨ ᠤ ᠤᠯᠠᠮᠵᠢᠯᠠᠯᠲᠤ | ᠠᠮᠢᠳᠤᠷᠠᠯ ᠤᠨ ᠭᠡᠯᠪᠠᠷᠢ᠂ ᠦᠢᠯᠡᠳᠪᠦᠷᠢᠯᠡᠯ ᠤᠨ ᠠᠷᠭ᠎ᠠ ᠪᠠᠷᠢᠯ ᠳᠤ ᠥᠨᠳᠥᠰᠥᠨ ᠬᠤᠪᠢᠷᠠᠯᠲᠠ ᠭᠠᠷᠴᠦ ᠴᠠᠭ | ᠥᠶ᠎ᠡ ᠶᠢᠨ ᠣᠨᠴᠠᠯᠢᠭ ᠲᠤ ᠲᠣᠭᠢᠷᠠᠭᠰᠠᠨ ᠰᠢᠨ᠎ᠡ ᠵᠥᠢᠯ ᠤᠳ ᠢᠯᠡᠷᠡᠵᠤ ᠪᠠᠶᠢᠭ᠎ᠠ ᠪᠠᠶᠢᠳᠠᠯ ᠳᠤᠤᠷ᠎ᠠ ᠤᠯᠠᠮᠵᠢᠯᠠᠯᠲᠤ | ᠵᠥᠢᠯ ᠢ ᠭᠡᠷᠡᠭᠯᠡᠭᠡᠨ ᠠᠴᠠ ᠭᠠᠷᠤᠭᠰᠠᠨ ᠭᠡᠵᠤ ᠪᠤᠷᠤᠭᠤ ᠣᠶᠢᠯᠠᠭᠠᠨ ᠲᠡᠭᠦᠨ ᠢ ᠴᠢᠳᠠᠮᠠᠭᠠᠢ ᠠᠰᠢᠭᠯᠠᠬᠤ ᠪᠠᠶᠢᠲᠤᠭᠠᠢ | ᠵᠠᠶᠢᠯᠠᠰᠭᠢᠬᠤ ᠪᠠᠶᠢᠳᠠᠯ ᠴᠤ ᠢᠯᠡᠷᠡᠵᠦ ᠪᠤᠢ᠃ ᠡᠶᠢᠮᠤ ᠠᠴᠠ ᠪᠢᠳᠠ ᠭᠡᠷ ᠪᠦᠯᠢ ᠶᠢᠨ ᠭᠦᠮᠣᠵᠢᠯ ᠪᠠ ᠭᠡᠣᠭᠡᠳ ᠤᠨ | ᠴᠡᠴᠡᠷᠯᠢᠭ ᠤᠨ ᠰᠤᠷᠭᠠᠨ ᠭᠥᠮᠣᠵᠢᠯ ᠳᠤ᠂ ᠣᠨᠴᠠᠭᠠᠶᠢᠯᠠᠨ ᠮᠣᠩᠭᠤᠯ ᠭᠡᠤᠭᠡᠳ ᠤᠨ ᠴᠡᠴᠡᠷᠯᠢᠭ ᠤᠨ ᠰᠤᠷᠭᠠᠨ | ᠭᠥᠮᠣᠵᠢᠯ ᠳᠤ ᠠᠷᠠᠳ ᠤᠨ ᠰᠤᠷᠭᠠᠨ ᠬᠥᠮᠥᠵᠢᠭᠦᠯᠬᠦ ᠵᠥᠢ ᠶᠢ ᠣᠨᠴᠠ ᠠᠩᠬᠠᠷᠤᠨ ᠢᠳᠡᠪᠬᠢᠲᠡᠢ ᠠᠰᠢᠭᠯᠠᠬᠤ ᠨᠢ | ᠵᠦᠢᠳᠠᠢ ᠨᠢ ᠦᠵᠡᠵᠦ ᠪᠤᠢ᠃ | ᠨᠢᠭᠡ᠂ ᠮᠣᠩᠭᠤᠯᠴᠤᠳ ᠤᠨ ᠣᠯᠠᠮᠵᠢᠯᠠᠯᠳᠣ ᠭᠡᠣᠭᠡᠳ ᠤᠨ ᠨᠠᠭᠠᠳᠣᠮ ᠲᠣᠬᠯᠠᠭᠠᠮ ᠨᠢ ᠭᠠᠵᠠᠷ ᠣᠷᠤᠨ ᠤ | ᠮᠣᠩᠭᠤᠯ ᠠᠷᠡᠳ ᠤᠨ ᠠᠮᠠᠨ ᠨᠠᠶᠢᠷᠠᠭ ᠲᠤ ᠬᠢ ᠲᠦᠷᠭᠡᠨ ᠭᠡᠯᠡᠯᠭᠡ᠂ ᠭᠡᠯᠡ ᠵᠦᠭᠰᠢᠷᠡᠭᠦᠯᠭᠦ ᠥᠭᠡ᠂ ᠠᠮᠢᠰᠬᠤᠯ | ᠤᠷᠳᠤᠰᠬᠠᠬᠤ ᠥᠭᠡ᠂ ᠵᠤᠭ᠎ᠠ ᠥᠭᠡ᠂ ᠬᠤᠯᠪᠣᠭ᠎ᠠ ᠦᠭᠡ᠂ ᠴᠠᠴᠠ ᠪᠣᠯᠢᠶᠠᠯᠳᠣᠬᠤ᠂ ᠣᠨᠢᠰᠤᠭ᠎ᠠ ᠲᠠᠭᠠᠪᠣᠷᠢ᠂ | ᠲᠠᠭᠤᠣ ᠵᠡᠷᠭᠡ ᠣᠯᠨᠨ ᠶᠡᠩᠵᠤ ᠭᠡᠯᠪᠠᠷᠢ ᠶᠢᠨ ᠠᠮᠠᠨ ᠨᠠᠶᠢᠷᠠᠭ ᠢ ᠠᠬᠤᠭᠤᠯᠤᠭᠰᠠᠨ ᠪᠠᠶᠢᠳᠠᠬ᠃ ᠡᠳᠡᠭᠡᠷ ᠠᠷᠠᠳ ᠤᠨ | ᠤᠢ ᠪᠢᠯᠢᠭ ᠲᠤ ᠥᠨᠳᠥᠰᠥᠯᠡᠭᠰᠡᠨ ᠭᠡᠤᠭᠡᠳ ᠤᠨ ᠭᠥᠮᠣᠵᠢᠯ ᠤᠨ ᠠᠴᠢ ᠲᠤᠰᠠ ᠲᠠᠢ ᠵᠦᠢᠯᠡᠰ ᠣᠳᠣᠬᠠᠨ ᠳᠤ | ᠪᠢᠳᠠᠨ ᠤ ᠰᠤᠷᠭᠠᠨ ᠭᠥᠮᠣᠵᠢᠯ ᠠᠴᠠ ᠬᠠᠶᠠᠭᠳᠠᠬᠤ ᠪᠣᠯᠵᠤ ᠪᠠᠶᠢᠭ᠎ᠠ ᠨᠢ ᠨᠢᠭᠡ ᠶᠡᠭᠡ ᠬᠠᠷᠠᠮᠰᠠᠯ ᠪᠤᠯᠬᠤ ᠶᠤᠮ᠃ | ᠲᠡᠭᠡᠭᠦᠯᠡᠷ ᠪᠢᠳᠠ ᠲᠡᠯᠡᠭᠡᠢ ᠶᠢᠨ ᠭᠡᠤᠭᠡᠳ ᠤᠨ ᠪᠠᠶᠠᠷ ᠤᠨ ᠡᠳᠦᠷ ᠤᠨ ᠬᠠᠮᠲᠤ ᠪᠥᠭᠡ᠂ ᠪᠤᠭᠤᠨ᠂ ᠵᠢᠷᠭᠢ᠂ | ᠱᠠᠭ᠎ᠠ ᠶᠢᠨ ᠮᠥᠷᠦ᠋ᠢᠴᠡᠭᠡᠨ ᠥᠷᠨᠢᠭᠦᠯᠵᠦ ᠭᠡᠤᠭᠡᠳ ᠤᠨ ᠢᠶᠠᠨ ᠮᠣᠩᠭᠤᠯ ᠰᠣᠶᠤᠯ ᠤᠨ ᠲᠠᠨᠢᠴᠠ ᠮᠡᠳᠡᠴᠡ ᠶᠢ | ᠨᠡᠮᠡᠭᠳᠡᠭᠦᠯᠵᠤ ᠭᠡᠤᠭᠡᠳ ᠤᠨ ᠰᠤᠷᠤᠯᠭ᠎ᠠ ᠠᠮᠢᠳᠤᠷᠠᠯ ᠤᠨ ᠠᠭᠤᠯᠭ᠎ᠠ ᠶᠢ ᠪᠠᠶᠠᠯᠢᠬᠵᠢᠭᠤᠯᠵᠤ ᠪᠤᠯᠤᠨ᠎ᠠ᠃ ᠪᠠᠰᠠ | ᠮᠣᠩᠭᠤᠯ ᠭᠠᠷ ᠤᠷᠠᠯᠠᠯ ᠤᠨ ᠡᠳ᠋ᠯᠡᠯ ᠬᠡᠷᠡᠭᠰᠡᠯ ᠤᠨ ᠵᠠᠭᠪᠤᠷ ᠢ ᠴᠤᠭᠯᠠᠭᠤᠯᠵᠤ ᠵᠢᠭᠠᠨ ᠰᠤᠷᠭᠠᠯᠲᠠ ᠳᠤ ᠪᠠᠨ | ᠭᠡᠷᠡᠭᠯᠡᠨ᠎ᠡ᠃ ᠮᠣᠩᠭᠤᠯ ᠤᠨ ᠤᠯᠠᠮᠵᠢᠯᠠᠯᠲᠤ ᠪᠠᠶᠢᠭᠠᠯᠢᠯᠢᠬ ᠨᠠᠭᠠᠳᠣᠮ ᠲᠣᠬᠯᠠᠭᠠᠮ ᠨᠢ ᠣᠷᠴᠢᠨ ᠲᠣᠭᠤᠷᠢᠨ ᠳᠤ | ᠪᠠᠷᠢᠬᠳᠠᠬᠤ ᠦᠭᠡᠢ᠂ ᠭᠦᠮᠣᠨ ᠤ ᠲᠤᠭ᠎ᠠ ᠶᠢ ᠭᠢᠵᠠᠭᠠᠷᠯᠠᠬᠤ ᠦᠭᠡᠢ᠂ ᠴᠠᠭ ᠬᠤᠭᠤᠴᠠᠭ᠎ᠠ ᠶᠢ ᠭᠢᠵᠠᠭᠠᠷᠯᠠᠬᠤ ᠦᠭᠡᠢ | ᠭᠦᠳᠡᠭᠡ ᠲᠠᠯ᠎ᠠ ᠨᠣᠳᠤᠭ ᠤᠨ ᠠᠮᠢᠳᠣᠷᠡᠯ ᠦᠢᠯᠡᠳᠪᠣᠷᠢ ᠳᠤ ᠵᠣᠭᠢᠴᠠᠭᠰᠠᠨ᠂ ᠣᠶᠣᠨ ᠣᠬᠠᠭᠠᠨ ᠤ ᠭᠦᠭᠵᠢᠯᠳᠠ ᠳᠤ | ᠮᠠᠰᠢ ᠶᠡᠭᠡ ᠦᠢᠯᠡᠳᠣᠯ ᠦᠵᠡᠭᠦᠯᠳᠡᠭ᠃ | ᠵᠢᠱᠢᠶᠠᠯᠠᠪᠠᠯ᠂ ᠮᠣᠩᠭᠤᠯᠴᠣᠳ ᠤᠨ ᠦᠨᠳᠣᠰᠣᠳᠡᠨ ᠤ ᠣᠯᠠᠮᠵᠢᠯᠠᠯᠳᠣ ᠲᠣᠬᠯᠠᠭᠠᠮ ᠪᠣᠯ ᠮᠣᠩᠭᠤᠯ | ᠣᠷᠣᠨ ᠳᠤ ᠮᠣᠩᠭᠤᠯ ᠰᠡᠳᠭᠢᠭᠦᠢ ᠪᠠᠷ ᠪᠦᠳᠣᠭᠡᠭᠰᠡᠨ ᠪᠣᠯᠬᠤᠷ ᠦᠪᠡᠷ ᠤᠨ ᠨᠡᠭᠦᠳᠡᠯ ᠮᠡᠯᠵᠢᠯ ᠤᠨ ᠰᠣᠶᠣᠯ | ᠰᠡᠳᠭᠢᠭᠦᠢ᠂ ᠵᠠᠩ ᠠᠭᠠᠯᠢ ᠪᠠ ᠶᠠᠭᠤᠮ᠎ᠠ ᠦᠵᠡᠭᠳᠡᠯ ᠢ ᠣᠯᠠᠨ ᠲᠠᠯ᠎ᠠ ᠪᠠᠷ ᠰᠢᠨᠵᠢᠯᠡᠭᠦ ᠵᠡᠷᠭᠡ ᠴᠢᠯᠣᠭᠡᠳᠣ | ᠰᠡᠳᠭᠢᠭᠦᠢ ᠶᠢᠨ ᠣᠷᠣᠨ ᠵᠠᠢ ᠬᠠᠷᠠᠭᠳᠡᠵᠣ ᠪᠠᠶᠢᠳᠠᠭ᠃ ᠪᠠᠰᠠ ᠵᠢᠱᠢᠶᠡᠯᠡᠪᠡᠯ᠂ ᠰᠦᠪᠸᠢ ᠶᠢᠨ ᠮᠣᠩᠭᠤᠯᠴᠣᠳ | ᠱᠠᠭ᠎ᠠ ᠶᠢᠨ ᠲᠣᠬᠯᠠᠭᠠᠮ ᠳᠤ ᠱᠠᠭ᠎ᠠ ᠶᠢᠨ ᠵᠢᠷᠭᠤᠭᠠᠨ ᠲᠠᠯ᠎ᠠ ᠶᠢ ᠨᠢ ᠲᠠᠪᠤᠨ ᠬᠤᠰᠢᠭᠤ ᠮᠠᠯ ᠤᠨ ᠨᠠᠷᠡᠶᠢᠳᠣᠯ ᠢᠶᠠᠷ | ᠬᠤᠨᠢ᠂ ᠢᠮᠠᠭ᠎ᠠ᠂ ᠮᠣᠷᠢ᠂ ᠦᠭᠡᠷ᠂ ᠲᠡᠮᠡᠭᠡ ᠭᠡᠵᠣ ᠨᠡᠷᠡᠶᠢᠳᠴᠣ ᠨᠠᠭᠠᠳᠳᠠᠭ ᠣᠯᠠᠮᠵᠢᠯᠠᠯ ᠲᠠᠢ ᠪᠢᠯᠠ᠃ | ᠡᠶᠢᠮᠣ ᠠᠴᠠ ᠦᠨᠣᠳᠣᠷ ᠤᠨ ᠮᠣᠩᠭᠤᠯ ᠭᠡᠣᠭᠡᠳ ᠲᠤ ᠪᠢᠳᠠ ᠡᠨᠡᠭᠦ ᠪᠠᠶᠢᠭᠠᠯᠢᠯᠢᠬ ᠨᠠᠭᠠᠳᠣᠮ ᠲᠣᠬᠯᠠᠭᠠᠮ ᠢ ᠵᠢᠭᠠᠵᠣ | ᠣᠯᠠᠮᠵᠢᠯᠠᠬᠤ ᠨᠢ ᠮᠠᠰᠢ ᠴᠢᠬᠤᠯᠠ ᠡᠭᠦᠷᠭᠡ ᠬᠠᠷᠢᠭᠤᠴᠠᠯᠭ᠎ᠠ ᠪᠣᠯᠵᠣ ᠪᠠᠶᠢᠨ᠎ᠠ᠃ | ᠬᠤᠶᠠᠷ᠂ ᠮᠣᠩᠭᠤᠯᠴᠤᠳ ᠤᠨ ᠣᠯᠠᠮᠵᠢᠯᠠᠯᠳᠣ ᠨᠠᠭᠠᠳᠣᠮ ᠲᠣᠬᠯᠠᠭᠠᠮ ᠳᠤ ᠬᠢ ᠰᠣᠷᠭᠠᠨ ᠭᠦᠮᠣᠵᠢᠯ ᠨᠢ | ᠮᠣᠩᠭᠤᠯ ᠤᠯᠠᠮᠵᠢᠯᠠᠯᠲᠤ ᠠᠮᠢᠳᠤᠷᠠᠯ ᠤᠨ ᠥᠪᠡᠷᠮᠢᠴᠡ ᠰᠤᠳᠤᠨ ᠲᠦᠷᠢ ᠲᠥᠷᠭᠦ ᠶᠢ ᠴᠤᠭᠯᠠᠭᠤᠯᠵᠤ ᠠᠬᠤᠢ | ᠠᠮᠢᠳᠤᠷᠠᠯ ᠲᠤᠮᠳᠠ ᠭᠡᠤᠭᠡᠳ ᠲᠤ ᠭᠦᠮᠥᠵᠢᠯ ᠭᠥᠷᠲᠡᠭᠡᠨᠡ | ᠣᠷᠴᠢᠨ ᠲᠣᠭᠤᠷᠢᠨ ᠨᠢ ᠭᠡᠤᠭᠡᠳ ᠤᠨ ᠠᠮᠢᠳᠤᠷᠠᠯ ᠳᠤ ᠨᠦᠯᠦᠭᠡ ᠦᠵᠡᠭᠦᠯᠳᠡᠭ ᠪᠤᠯᠬᠤᠷ ᠪᠢᠳᠠ ᠵᠢᠭᠠᠨ | ᠰᠤᠷᠭᠠᠯᠳᠠ ᠶᠢᠨ ᠣᠷᠴᠢᠨ ᠲᠤᠭᠤᠷᠢᠨ ᠢᠶᠠᠨ ᠠᠵᠢᠯᠴᠢ ᠠᠷᠪᠢᠴᠢ᠂ ᠭᠤᠸ᠎ᠠ ᠰᠡᠶᠢᠬᠠᠨ᠂ ᠠᠶᠤᠯ ᠥᠭᠡᠢ᠂ ᠲᠠᠭᠠᠲᠡᠢ | ᠪᠠᠶᠢᠯᠭᠠᠪᠠᠯ ᠵᠤᠬᠢᠨ᠎ᠠ᠃ ᠪᠢᠳᠡ ᠰᠣᠷᠭᠠᠭᠤᠯᠢ ᠶᠢᠨ ᠭᠦᠷᠢᠶᠠᠨ ᠤ ᠴᠢᠮᠡᠭᠯᠡᠯ᠂ ᠠᠩᠭᠢ ᠶᠢᠨ ᠭᠡᠷ᠂ ᠭᠢᠴᠢᠶᠡᠯᠯᠡᠭᠦ | ᠠᠰᠠᠷ ᠤᠨ ᠭᠤᠲᠤᠮᠵᠢ᠂ ᠪᠠᠶᠢᠷᠢ ᠶᠢᠨ ᠠᠰᠠᠷ ᠤᠨ ᠭᠤᠲᠤᠮᠵᠢ ᠵᠡᠷᠭᠡ ᠶᠢ ᠴᠢᠮᠡᠭᠯᠡᠭᠦ ᠳᠤ ᠪᠠᠨ ᠥᠨᠳᠥᠰᠥᠳᠡᠨ ᠤ | ᠣᠯᠠᠮᠵᠢᠯᠠᠯᠳᠣ ᠰᠣᠶᠤᠯ ᠤᠨ ᠥᠪᠡᠷᠮᠢᠴᠡ ᠭᠤᠴᠤ ᠥᠡᠭᠭᠡ ᠪᠤᠳᠤᠭ ᠢᠶᠠᠷ ᠵᠠᠰᠠᠨ ᠴᠢᠮᠡᠭᠯᠡᠵᠦ ᠭᠡᠤᠭᠡᠳ ᠲᠤ ᠬᠠᠷᠠᠬᠠᠨ | ᠪᠠᠭ᠎ᠠ ᠠᠴᠠ ᠨᠢ ᠥᠨᠳᠥᠰᠥᠳᠡᠨ ᠤ ᠰᠣᠶᠤᠯ ᠢᠶᠠᠨ ᠬᠠᠶᠢᠷᠠᠯᠠᠵᠣ᠂ ᠣᠷᠣᠨ ᠨᠣᠳᠤᠭ ᠢᠶᠠᠨ ᠬᠠᠶᠢᠷᠠᠯᠠᠬᠤ ᠤᠬᠠᠮᠰᠠᠷ ᠢ | ᠪᠤᠢ ᠪᠤᠯᠭᠠᠨ᠎ᠠ᠃ ᠮᠣᠩᠭᠤᠯᠴᠣᠳ ᠲᠡᠣᠭᠡᠨ ᠠᠴᠠ ᠪᠠᠨ ᠭᠦᠦ ᠦᠬᠢᠨ ᠢ ᠢᠯᠭᠠᠳᠠᠭ ᠦᠭᠡᠢ ᠣᠯᠠᠮᠵᠢᠯᠠᠯ ᠲᠠᠢ ᠪᠢᠯᠠ᠃ | ᠵᠢᠱᠢᠶᠡᠯᠡᠪᠡᠯ᠂ ᠭᠦᠤᠴᠤᠤᠯ ᠢ ᠪᠠᠭ᠎ᠠ ᠠᠴᠠ ᠨᠢ ᠵᠣᠷᠢᠭ ᠰᠦᠰᠦ ᠲᠠᠢ᠂ ᠲᠡᠰᠪᠣᠷᠢ ᠲᠡᠪᠴᠢᠶᠡᠷᠢ ᠲᠠᠢ᠂ ᠠᠵᠢᠯᠴᠢ | ᠭᠦᠳᠡᠯᠮᠣᠷᠢᠴᠢ᠂ ᠠᠰᠪᠣᠷᠢ ᠴᠠᠶᠢᠯᠭᠠᠨ ᠭᠦᠮᠣᠵᠢᠭᠦᠯᠭᠦ᠋ᠢᠨ ᠲᠦᠯᠣᠭᠡ ᠡᠷ᠎ᠡ ᠶᠢᠨ ᠭᠤᠷᠪᠠᠨ ᠨᠠᠭᠠᠳᠣᠮ ᠳᠤ | ᠣᠷᠣᠯᠴᠠᠭᠤᠯᠳᠠᠬ᠃ ᠦᠬᠢᠳ ᠢ ᠪᠠᠭ᠎ᠠ ᠠᠴᠠ ᠨᠢ ᠦᠢᠯᠡ ᠣᠳᠠᠰᠣ ᠲᠠᠢ ᠤᠢᠢᠷᠠᠳᠤᠭᠤᠯᠬᠤ ᠵᠡᠷᠭᠡ᠃ ᠦᠨᠣᠳᠣᠷ | ᠪᠢᠳᠠ ᠭᠡᠭᠡᠭᠳᠡᠮᠡᠯ ᠯᠣᠩᠬᠤ᠂ ᠬᠠᠶᠢᠷᠴᠠᠭ ᠰᠠᠪᠠ᠂ ᠮᠣᠳᠤ ᠴᠢᠯᠠᠭᠤ ᠵᠡᠷᠭᠡ ᠶᠢ ᠪᠠᠭᠰᠢ ᠭᠡᠷ ᠤᠨ ᠠᠬᠠᠮᠠᠳ ᠤᠨ | ᠬᠠᠪᠰᠤᠷᠤᠯᠭ᠎ᠠ᠂ ᠭᠡᠣᠭᠡᠳ ᠤᠨ ᠣᠶᠣᠨ ᠣᠬᠠᠭᠠᠨ᠂ ᠤᠷᠠᠨ ᠭᠠᠷ ᠤᠨ ᠷᠢᠳᠢ ᠰᠢᠳᠢ ᠪᠠᠷ ᠲᠠᠮᠵᠢᠨ ᠭᠤᠶᠤ | ᠰᠠᠶᠢᠬᠠᠨ᠂ ᠭᠠᠩᠭᠠᠩ ᠭᠡᠭᠡᠮᠰᠦᠭ ᠡᠳ᠋ᠯᠡᠯ ᠭᠡᠷᠡᠭᠰᠡᠯ ᠤᠨ ᠵᠦᠢᠯ ᠪᠤᠯᠭᠠᠵᠤ ᠬᠤᠪᠢᠷᠠᠭᠠᠵᠤ ᠪᠣᠯᠤᠨ᠎ᠠ᠃ ᠪᠠᠰᠠ | ᠵᠢᠱᠢᠶᠡᠯᠡᠪᠡᠯ᠂ ᠮᠣᠩᠭᠤᠯᠴᠣᠳ ᠤᠨ ᠱᠠᠭ᠎ᠠ ᠲᠣᠬᠯᠠᠭᠠᠮ᠂ ᠮᠣᠩᠭᠤᠯ ᠰᠢᠳᠡᠷ᠎ᠡ᠂ ᠪᠣᠭᠤᠨ ᠵᠢᠷᠭᠢ᠂ ᠲᠠᠯᠤ ᠵᠡᠷᠭᠡ | ᠲᠣᠬᠯᠠᠭᠠᠮ ᠤᠨ ᠴᠢᠯᠣᠭᠡᠳᠣ ᠣᠷᠣᠨ ᠵᠠᠢ᠂ ᠨᠠᠭᠠᠳᠬᠤ ᠶᠠᠪᠣᠴᠠ ᠪᠠᠶᠢᠳᠡᠯ᠂ ᠣᠯᠠᠷᠢᠨ ᠬᠤᠪᠢᠰᠬᠤ ᠨᠢ ᠲᠣᠩ ᠣᠷᠡᠨ | ᠨᠠᠷᠢᠨ ᠪᠦᠭᠡᠳ ᠪᠣᠳᠣᠯᠢᠶᠡᠨᠳᠡᠢ ᠪᠠᠶᠢᠵᠣ᠂ ᠣᠶᠣᠨᠤ ᠬᠤᠷᠴᠠ ᠶᠢ ᠰᠢᠯᠭᠠᠵᠣ᠂ ᠪᠢᠯᠢᠭ ᠢ ᠨᠡᠭᠡᠭᠡᠭᠳᠡᠭᠦᠯᠭᠦ ᠦᠪᠡᠷᠮᠢᠴᠠ | ᠣᠨᠴᠠᠯᠢᠭ ᠲᠠᠢ ᠪᠢᠯᠠ᠃ ᠮᠣᠩᠭᠤᠯ ᠭᠡᠣᠭᠡᠳᠤᠨ ᠱᠠᠭ᠎ᠠ ᠲᠣᠬᠯᠠᠭᠠᠮ ᠠᠴᠠ ᠮᠠᠯᠴᠢᠨ ᠲᠦᠮᠠᠨ ᠤ ᠠᠮᠢᠳᠣᠷᠡᠯ ᠤᠨ | ᠵᠢᠷᠤᠭ ᠬᠠᠷᠠᠭᠳᠡᠨᠠ᠂ ᠦᠡᠭᠭᠡᠳᠣ ᠴᠡᠴᠡᠭ ᠤᠨ ᠭᠤᠸ᠎ᠠ ᠰᠠᠶᠢᠬᠠᠨ ᠲᠡᠯᠭᠡᠭᠳᠡᠵᠣ᠂ ᠣᠳᠬ᠎ᠠ ᠣᠶᠠᠩᠭ᠎ᠠ ᠶᠢᠨ | ᠲᠦᠷᠰᠣᠯᠠᠮᠵᠢ ᠲᠣᠳᠣᠷᠡᠳᠠᠭ᠃ ᠱᠠᠭ᠎ᠠ ᠲᠣᠬᠯᠠᠭᠠᠮ ᠨᠢ ᠨᠡᠭᠦᠳᠡᠯᠯᠡᠨ ᠮᠠᠯᠵᠢᠬᠤ ᠠᠮᠢᠳᠣᠷᠡᠯ ᠤᠨ ᠭᠦᠷᠣᠰᠣ | ᠰᠢᠷᠣᠢ ᠳᠤ ᠭᠦᠪᠣᠷᠡᠨ ᠪᠦᠷᠢᠯᠳᠦᠭᠰᠠᠨ ᠪᠣᠯᠬᠤᠷ ᠵᠠᠯᠠᠭᠤ ᠪᠠᠭᠠᠴᠣᠳ ᠤᠨ ᠬᠤᠪᠢᠰᠣᠩᠭᠤᠢ ᠰᠡᠳᠭᠢᠭᠦᠢ ᠶᠢ | ᠭᠦᠭᠵᠢᠭᠦᠯᠭᠦ ᠪᠠᠷ ᠪᠠᠷᠠᠬᠤ ᠦᠭᠡᠢ᠂ ᠭᠡᠣᠭᠡᠳ ᠲᠤ ᠠᠰᠠᠭᠤᠳᠡᠯ ᠢ ᠪᠦᠭᠦ ᠲᠠᠯ᠎ᠠ ᠪᠠᠷ ᠠᠵᠢᠬᠯᠠᠨ ᠵᠡᠳᠡᠯᠬᠤ ᠴᠢᠳᠡᠪᠣᠷᠢ | ᠪᠣᠯᠪᠡᠰᠣᠷᠡᠯ ᠢ ᠣᠯᠭᠤᠳᠠᠭ᠃ ᠬᠠᠮᠳᠣ ᠳᠤ ᠨᠢ ᠪᠠᠭᠠᠴᠣᠳ ᠤᠨ ᠭᠡᠶᠢᠰᠪᠣᠷᠢ ᠰᠡᠳᠭᠢᠭᠦᠢ ᠪᠠ ᠯᠣᠭᠢᠭ ᠵᠦᠢᠴᠢᠯᠠᠯ ᠤᠨ | ᠴᠢᠳᠡᠪᠣᠷᠢ ᠶᠢ ᠲᠡᠭᠡᠭᠰᠢᠯᠡᠭᠦᠯᠭᠦ ᠳᠤ ᠲᠣᠩ ᠴᠢᠬᠤᠯᠠ ᠦᠢᠯᠡᠳᠣᠯ ᠲᠠᠢ᠃ | ᠭᠤᠷᠪᠠ᠂ ᠮᠣᠩᠭᠤᠯᠴᠤᠳ ᠤᠨ ᠣᠯᠠᠮᠵᠢᠯᠠᠯᠳᠣ ᠨᠠᠭᠠᠳᠣᠮ ᠲᠣᠬᠯᠠᠭᠠᠮ ᠳᠤ ᠬᠢ ᠤᠯᠠᠮᠵᠢᠯᠠᠯ ᠪᠠ ᠣᠳᠣᠭᠢ ᠶᠢ | ᠤᠶᠠᠯᠳᠤᠭᠤᠯᠵᠤ ᠠᠷᠠᠳ ᠤᠨ ᠠᠮᠠᠨ ᠨᠠᠶᠢᠷᠠᠭ ᠤᠨ ᠰᠤᠷᠭᠠᠨ ᠬᠥᠮᠥᠵᠢᠭᠦᠯᠬᠦ ᠣᠷ᠎ᠠ ᠴᠢᠳᠠᠪᠤᠷᠢ ᠦᠢᠯᠡᠳᠤᠯ ᠢ | ᠴᠢᠳᠠᠮᠠᠭᠠᠢ ᠠᠰᠢᠬᠯᠠᠬᠤ ᠶᠢ ᠴᠢᠬᠤᠯᠠᠴᠢᠯᠠᠪᠠᠯ ᠵᠤᠬᠢᠨ᠎ᠠ | ᠭᠦᠮᠣᠰ ᠤᠨ ᠵᠡᠩ ᠲᠠᠳᠬᠠᠯ᠂ ᠭᠡᠪ ᠴᠢᠨᠠᠷ ᠨᠢ ᠶᠡᠷᠦᠳᠡᠬᠡᠨ ᠪᠠᠭ᠎ᠠ ᠶᠢᠨ ᠥᠶ᠎ᠡ ᠳᠤ ᠪᠠᠨ ᠭᠡᠪᠰᠢᠨ | ᠲᠤᠭᠳᠠᠳᠠᠬ᠃ ᠶᠣᠰᠣ ᠵᠠᠩᠰᠢᠯ᠂ ᠵᠡᠩ ᠥᠢᠯᠨ ᠶᠢᠨ ᠭᠥᠮᠥᠵᠢᠯ ᠭᠢᠭᠦ ᠳᠤ ᠪᠠᠨ ᠮᠡᠨᠳᠥ ᠠᠰᠠᠭᠤᠬᠤ᠂ ᠪᠡᠯᠡᠭ | ᠲᠣᠰᠬᠤ᠂ ᠶᠠᠪᠤᠬᠤ ᠰᠠᠭᠤᠬᠤ ᠠᠴᠠ ᠡᠭᠢᠯᠡᠭᠡᠳ ᠠᠬᠠᠮᠠᠳ ᠲᠠᠢ ᠪᠠᠨ ᠮᠡᠨᠳᠤᠴᠢᠯᠡᠭᠦ ᠨᠠᠭᠠᠳᠤ ᠵᠠᠬ᠎ᠠ ᠶᠢᠨ ᠶᠣᠰᠤ | ᠰᠤᠷᠲᠠᠬᠤᠨ᠂ ᠵᠡᠩ ᠲᠠᠳᠬᠠᠯ ᠤᠨ ᠭᠥᠮᠣᠵᠢᠯ ᠢ ᠬᠡᠪᠰᠢᠭᠦᠯᠬᠦ ᠭᠡᠷᠡᠭᠳᠡᠢ᠃ ᠵᠢᠱᠢᠶᠡᠯᠡᠪᠡᠯ᠂ ᠥᠭᠡ ᠭᠡᠯᠡᠨ ᠤ | ᠬᠢᠴᠢᠶᠡᠯ ᠳᠤ ᠠᠷᠠᠳ ᠤᠨ ᠲᠣᠮᠤᠭ᠂ ᠵᠤᠭ᠎ᠠ ᠥᠭᠡ᠂ ᠵᠢᠷᠤᠭ᠎ᠠ ᠥᠭᠡ ᠠᠴᠠ ᠡᠭᠢᠯᠡᠭᠡᠳ ᠠᠷᠠᠳ ᠤᠨ ᠵᠡᠩ | ᠲᠠᠳᠬᠠᠯ ᠲᠠᠢ ᠲᠠᠨᠢᠯᠴᠠᠬᠤ︔ ᠲᠤᠭ᠎ᠠ ᠲᠤᠭᠠᠯᠠᠯ ᠤᠨ ᠬᠢᠴᠢᠶᠡᠯ ᠳᠤ ᠪᠤᠭᠤᠨ ᠵᠢᠷᠭᠢ᠂ ᠱᠠᠭ᠎ᠠ ᠶᠢ ᠠᠰᠢᠭᠯᠠᠨ | ᠲᠤᠭᠠᠯᠠᠯ ᠭᠢᠭᠦ᠂ ᠲᠥᠭᠡ ᠰᠦᠭᠦᠮ ᠮᠡᠲᠦ ᠠᠷᠠᠳ ᠤᠨ ᠲᠤᠮᠳᠠᠭᠢ ᠲᠦᠭᠦᠮ ᠭᠡᠮᠵᠢᠯᠳᠡ ᠶᠢ ᠰᠤᠷᠬᠤ︔ ᠨᠡᠶᠢᠭᠡᠮ ᠤᠨ | ᠬᠢᠴᠢᠶᠡᠯ ᠳᠤ ᠠᠮᠤᠷ ᠡᠷᠢᠨ ᠮᠡᠨᠳᠦᠴᠢᠯᠡᠭᠦ᠂ ᠵᠤᠴᠢᠨ ᠤᠭᠳᠤᠬᠤ᠂ ᠥᠳᠡᠭᠦ᠂ ᠰᠠᠭᠤᠬᠤ᠂ ᠶᠠᠷᠢᠬᠤ ᠶᠢ ᠰᠤᠷᠬᠤ ᠪᠠ | ᠨᠤᠳᠤᠭ ᠤᠰᠤ᠂ ᠣᠷᠴᠢᠨ ᠠᠬᠤᠢ ᠪᠠᠨ ᠬᠠᠶᠢᠷᠠᠯᠠᠬᠤ ᠬᠠᠮᠠᠭᠠᠯᠠᠬᠤ︔ ᠰᠢᠨᠵᠢᠯᠡᠬᠦ ᠤᠬᠠᠭᠠᠨ ᠤ ᠬᠢᠴᠢᠶᠡᠯ ᠳᠤ ᠮᠠᠯ | ᠠᠬᠤᠢ ᠲᠠᠢ ᠲᠠᠨᠢᠯᠴᠠᠬᠤ᠂ ᠨᠤᠳᠤᠭ ᠤᠨ ᠠᠮᠢᠳᠠᠨ᠂ ᠤᠷᠭᠤᠮᠠᠯ᠂ ᠵᠢᠭᠦᠷᠳᠡᠨ ᠰᠢᠪᠠᠭᠤᠳ ᠲᠠᠢ ᠲᠠᠨᠢᠯᠴᠠᠬᠤ︔ | ᠲᠠᠭᠤᠤ ᠭᠥᠭᠵᠢᠮ ᠤᠨ ᠬᠢᠴᠢᠶᠡᠯ ᠳᠤ ᠵᠦᠢᠷ ᠰᠡᠴᠡᠨ ᠥᠭᠡ᠂ ᠵᠤᠭ᠎ᠠ ᠥᠭᠡ ᠪᠠᠷ ᠬᠤᠭᠤᠯᠠᠢ ᠶᠢᠨ ᠲᠠᠰᠬᠠᠯ ᠭᠢᠭᠦ | ᠵᠡᠷᠭᠡ ᠪᠠᠷ ᠨᠠᠭᠠᠳᠤᠮ ᠲᠣᠭᠯᠠᠭᠠᠮ ᠳᠤ ᠪᠠᠨ ᠠᠷᠠᠳ ᠤᠨ ᠤᠯᠠᠮᠵᠢᠯᠠᠯ ᠢ ᠬᠠᠪᠰᠤᠷᠭᠠᠪᠠᠯ ᠪᠠᠭ᠎ᠠ ᠭᠡᠤᠭᠡᠳ ᠤᠨ | ᠪᠤᠯᠴᠢᠩ ᠤᠨ ᠬᠥᠭᠵᠢᠯᠲᠡ᠂ ᠲᠠᠨᠢᠯᠳᠠ ᠶᠢᠨ ᠴᠢᠳᠠᠪᠤᠷᠢ᠂ ᠠᠩᠬᠠᠷᠤᠯ ᠲᠦᠪᠯᠡᠷᠡᠭᠦ ᠲᠠᠪᠴᠢᠶᠠᠷᠢ ᠲᠠᠢ ᠪᠠᠶᠢᠬᠤ ᠵᠡᠷᠭᠡ | ᠲᠠᠯ᠎ᠠ ᠶᠢ ᠭᠦᠮᠦᠵᠢᠭᠦᠯᠭᠦ ᠳᠤ ᠥᠷ᠎ᠡ ᠠᠰᠢᠭ ᠲᠠᠢ ᠶᠤᠮ᠃ | ᠮᠣᠩᠭᠤᠯᠴᠣᠳ ᠤᠨ ᠠᠷᠠᠳ ᠤᠨ ᠠᠮᠠᠨ ᠵᠤᠭᠢᠶᠠᠯ ᠮᠠᠰᠢ ᠣᠷᠳᠣ ᠣᠳᠠᠭᠠᠨ ᠵᠢᠯ ᠢᠶᠠᠷ ᠭᠦᠭᠵᠢᠵᠣ | ᠣᠯᠠᠮᠵᠢᠯᠠᠭᠳᠠᠭᠰᠠᠭᠠᠷ ᠢᠷᠡᠭᠰᠡᠨ ᠶᠤᠮ᠃ ᠠᠷᠡᠳ ᠤᠨ ᠠᠮᠠᠨ ᠨᠠᠶᠢᠷᠠᠭ ᠨᠢ ᠭᠡᠤᠭᠡᠳ ᠤᠨ ᠭᠡᠯᠡᠨ ᠤ ᠴᠢᠳᠠᠪᠭᠢ | ᠤᠶᠤᠨ ᠤ ᠬᠥᠭᠵᠢᠯᠲᠡ ᠶᠢ ᠠᠭᠢᠭᠤᠯᠬᠤ ᠲᠡᠳᠦᠢ ᠥᠭᠡᠢ ᠲᠡᠳᠡᠨ ᠤ ᠰᠡᠳᠬᠢᠬᠦᠢ ᠶᠢᠨ ᠭᠥᠭᠵᠢᠯᠳᠡ ᠶᠢ ᠨᠦᠯᠦᠭᠡᠯᠡᠵᠤ | ᠲᠦᠷᠰᠦᠯᠢᠭ ᠰᠡᠳᠬᠢᠬᠦᠢ ᠶᠢᠨ ᠬᠦᠭᠵᠢᠯᠳᠡ ᠶᠢ ᠠᠭᠢᠭᠤᠯᠤᠨ᠎ᠠ᠃ ᠮᠣᠩᠭᠤᠯ ᠤᠯᠠᠮᠵᠢᠯᠠᠯᠲᠦ ᠠᠷᠠᠳ ᠤᠨ ᠰᠤᠷᠭᠠᠨ | ᠭᠥᠮᠣᠵᠢᠯ ᠳᠤ ᠣᠯᠨᠨ ᠶᠡᠩᠵᠤ ᠭᠡᠯᠪᠠᠷᠢ ᠪᠠᠶᠢᠳᠠᠬ ᠤᠨ ᠨᠢᠭᠡ ᠭᠡᠯᠪᠠᠷᠢ ᠨᠢ ᠣᠨᠢᠰᠤᠭ᠎ᠠ᠃ ᠡᠨ᠋ᠨ ᠲᠣᠭᠯᠠᠭᠠᠮ ᠨᠢ | ᠭᠡᠤᠭᠡᠳ ᠤᠨ ᠰᠡᠳᠬᠢᠬᠦᠢ ᠶᠢᠨ ᠬᠥᠭᠵᠢᠯ ᠢ ᠭᠦᠡ ᠨᠦᠯᠦᠭᠡᠯᠡᠨ᠎ᠡ᠃ ᠵᠢᠱᠢᠶᠡᠯᠡᠪᠡᠯ᠂ ︽ᠭᠡᠯ᠎ᠠ ᠵᠦᠭᠰᠢᠷᠡᠭᠦᠯᠭᠦ︾᠂ ︽ | ᠰᠡᠴᠠ ᠪᠣᠯᠢᠶᠡᠯᠳᠤᠬᠤ︾᠂ ︽ᠭᠡᠣᠭᠡᠳ ᠤᠨ ᠬᠤᠯᠪᠣᠭ᠎ᠠ ᠰᠢᠯᠦᠭ︾᠂ ︽ᠣᠨᠢᠰᠤᠭ᠎ᠠ ᠲᠠᠭᠠᠪᠣᠷᠢ︾᠂ ︽ᠬᠤᠯᠣ | ᠲᠣᠭᠠᠯᠠᠬᠤ︾ ᠵᠡᠷᠭᠡ ᠠᠮᠠᠨ ᠨᠠᠶᠢᠷᠠᠭ ᠤᠨ ᠣᠯᠠᠨ ᠰᠠᠶᠢᠬᠠᠨ ᠲᠣᠬᠯᠠᠭᠠᠮ ᠪᠣᠯ ᠪᠠᠭᠠᠴᠣᠳ ᠭᠡᠣᠭᠡᠳ ᠤᠨ ᠦᠭᠡ | ᠭᠡᠯᠠᠨ ᠤ ᠪᠣᠯᠪᠠᠰᠣᠷᠡᠯ ᠲᠠᠰᠬᠠᠯ ᠪᠣᠯᠬᠤ ᠪᠦᠭᠡᠳ ᠮᠣᠩᠭᠤᠯ ᠭᠡᠯᠡᠨ ᠤ ᠦᠭᠡᠰ ᠤᠨ ᠰᠠᠩ ᠢ ᠪᠠᠶᠠᠯᠢᠬᠵᠢᠭᠤᠯᠬᠤ᠂ | ᠣᠷᠡᠨ ᠵᠣᠭᠢᠶᠡᠯ ᠤᠨ ᠣᠷᠮᠠᠰ ᠪᠢᠯᠢᠭ ᠢ ᠬᠤᠷᠴᠠᠯᠠᠨ᠂ ᠵᠣᠭᠢᠶᠡᠨ ᠪᠦᠳᠣᠭᠡᠭᠦ ᠴᠢᠳᠡᠪᠣᠷᠢ ᠶᠢ ᠲᠡᠭᠡᠭᠰᠢᠯᠡᠭᠦᠯᠳᠡᠭ | ᠪᠠᠶᠢᠨ᠎ᠠ᠃ ᠮᠣᠩᠭᠤᠯᠴᠣᠳ ᠤᠨ ᠡᠳᠡᠭᠡᠷ ᠣᠯᠠᠮᠵᠢᠯᠠᠯᠳᠣ ᠭᠡᠣᠭᠡᠳ ᠤᠨ ᠲᠣᠬᠯᠠᠭᠠᠮ ᠨᠢ ᠭᠦᠮᠣᠨ ᠤ ᠣᠶᠣᠨ | ᠣᠬᠠᠭᠠᠨ᠂ ᠰᠡᠳᠭᠢᠭᠦᠢᠶᠢᠨ ᠴᠢᠳᠡᠪᠣᠷᠢ ᠶᠢ ᠭᠦᠭᠵᠢᠭᠦᠯᠭᠦ ᠲᠠᠯ᠎ᠠ ᠪᠠᠷ ᠲᠣᠪᠤᠶᠢᠮ᠎ᠠ ᠪᠦᠭᠡᠳ ᠪᠠᠭᠠᠴᠣᠳ ᠭᠡᠣᠭᠡᠳ ᠤᠨ | ᠦᠭᠡ ᠭᠡᠯᠠᠨ ᠤ ᠪᠣᠯᠪᠠᠰᠣᠷᠡᠯ᠂ ᠣᠶᠣᠨ ᠤ ᠭᠦᠭᠵᠢᠯᠳᠠ ᠳᠤ ᠲᠣᠩ ᠰᠠᠶᠢᠨ ᠠᠭᠢᠭᠤᠯᠬᠤ ᠦᠢᠯᠡᠳᠣᠯ ᠦᠵᠡᠭᠦᠯᠳᠡᠭ | ᠪᠠᠶᠢᠨ᠎ᠠ᠃ | ᠲᠦᠷᠪᠡ᠂ ᠮᠣᠩᠭᠤᠯᠴᠤᠳ ᠤᠨ ᠣᠯᠠᠮᠵᠢᠯᠠᠯᠳᠣ ᠨᠠᠭᠠᠳᠣᠮ ᠲᠣᠬᠯᠠᠭᠠᠮ ᠳᠤ ᠬᠢ ᠰᠣᠷᠭᠠᠨ ᠭᠦᠮᠣᠵᠢᠯ ᠨᠢ | ᠭᠡᠤᠭᠡᠳ ᠤᠨ ᠨᠠᠭᠠᠳᠤᠮ ᠲᠣᠭᠯᠠᠭᠠᠮ ᠤᠨ ᠢᠳᠡᠪᠭᠢ ᠥᠢᠯᠡᠳᠤᠯ ᠢ ᠭᠥᠢᠴᠡᠳ ᠪᠠᠳᠠᠷᠠᠭᠤᠯᠤᠨ᠎ᠠ | ᠴᠡᠴᠡᠷᠯᠢᠭ ᠤᠨ ᠭᠡᠣᠭᠡᠳ ᠲᠤ ᠲᠣᠬᠯᠠᠭᠠᠮ ᠤᠨ ᠭᠦᠳᠡᠯᠭᠡᠭᠡᠨ ᠢ ᠵᠢᠭᠠᠬᠤ ᠶᠠᠪᠣᠴᠠ ᠲᠣᠮᠳᠠ ᠪᠠᠭᠰᠢ ᠠᠴᠠ | ᠠᠮᠢᠳᠣᠯᠢᠭ ᠢᠶᠠᠷ ᠭᠦᠳᠣᠯᠵᠣ᠂ ᠭᠡᠣᠭᠡᠳ ᠤᠨ ᠲᠣᠬᠯᠠᠭᠠᠮ ᠢᠶᠠᠷ ᠲᠠᠮᠵᠢᠭᠤᠯᠤᠨ ᠣᠷᠮ᠎ᠠ ᠪᠠᠬ᠎ᠠ ᠶᠢ ᠭᠦᠭᠵᠢᠭᠡᠭᠦ | ᠭᠡᠷᠡᠭᠳᠡᠢ᠃ | ᠭᠡᠣᠭᠡᠳ ᠤᠨ ᠲᠣᠬᠯᠠᠭᠠᠮ ᠤᠨ ᠭᠦᠳᠡᠯᠭᠡᠭᠡᠨ ᠲᠣᠮᠳᠠ ᠭᠡᠣᠭᠡᠳ ᠤᠨ ᠢᠳᠡᠪᠭᠢᠳᠡᠢ ᠣᠷᠣᠯᠴᠠᠬᠤ ᠪᠦᠳᠦᠭᠡᠯᠴᠢ | ᠴᠢᠳᠠᠪᠣᠷᠢ ᠶᠢ ᠭᠦᠮᠣᠵᠢᠭᠦᠯᠵᠣ᠂ ᠲᠡᠳᠡᠨᠡᠷ ᠤᠨ ᠢᠯᠡᠷᠡᠭᠦᠯᠦᠭᠰᠡᠨ ᠠᠰᠠᠭᠤᠳᠠᠯ ᠢ ᠪᠦᠳᠦᠭᠡᠯᠴᠢ ᠪᠠᠷ ᠰᠢᠢᠳᠪᠣᠷᠢᠯᠡᠭᠦ ᠨᠢ | ᠲᠣᠩ ᠴᠢᠬᠤᠯᠠ ᠪᠠᠶᠢᠳᠠᠭ᠃ ᠴᠡᠴᠡᠷᠯᠢᠭ ᠤᠨ ᠭᠡᠣᠭᠡᠳ ᠢ ᠵᠢᠭᠠᠨ ᠰᠣᠷᠭᠠᠬᠤ ᠶᠠᠪᠣᠴᠠ ᠲᠣᠮᠳᠠ ᠭᠡᠣᠭᠡᠳ ᠤᠨ | ᠲᠣᠬᠯᠠᠭᠠᠮ ᠤᠨ ᠭᠦᠳᠡᠯᠭᠡᠭᠡᠨ ᠪᠣᠯ ᠲᠣᠳᠠᠭᠳᠠᠵᠣ ᠪᠣᠯᠣᠰᠢ ᠦᠭᠡᠢ ᠨᠢᠭᠡ ᠲᠦᠷᠣᠯ ᠤᠨ ᠠᠭᠤᠯᠭ᠎ᠠ ᠪᠣᠯᠣᠨ᠎ᠠ᠃ | ᠴᠡᠴᠡᠷᠯᠢᠭ ᠤᠨ ᠭᠡᠣᠭᠡᠳ ᠢ ᠭᠦᠳᠤᠯᠭᠦ ᠳᠤ ᠲᠤᠭᠯᠠᠭᠠᠮ ᠢᠶᠠᠷ ᠲᠠᠮᠵᠢᠪᠠᠯ ᠭᠡᠣᠭᠡᠳ ᠤᠳ ᠲᠣᠰ | ᠭᠦᠳᠡᠯᠭᠡᠭᠡᠨ ᠳᠤ ᠣᠷᠣᠯᠴᠠᠬᠤ ᠣᠷᠮᠠᠳᠡᠢ ᠪᠠᠶᠢᠵᠣ᠂ ᠲᠦᠢᠯ ᠤᠨ ᠢᠳᠡᠪᠭᠢᠳᠡᠢ ᠪᠠᠷ ᠠᠰᠠᠭᠤᠳᠠᠯ ᠢ ᠪᠦᠳᠦᠭᠡᠯᠴᠢ ᠪᠠᠷ | ᠰᠢᠢᠳᠪᠣᠷᠢᠯᠡᠭᠦ᠂ ᠭᠡᠷᠡᠭ ᠪᠣᠳᠠᠰ ᠢ ᠠᠳᠠᠯᠢ ᠪᠣᠰᠣ ᠠᠷᠭ᠎ᠠ ᠪᠠᠷ ᠵᠠᠳᠠᠯᠵᠣ ᠦᠢᠯᠠᠭᠠᠬᠤ ᠪᠣᠯᠣᠨ᠎ᠠ᠃ ᠵᠠᠷᠢᠮ | ᠪᠠᠭᠰᠢ ᠶᠢᠨ ᠦᠵᠡᠭᠦ ᠪᠠᠷ᠂ ᠭᠡᠣᠭᠡᠳ ᠲᠤ ᠠᠰᠠᠭᠤᠳᠠᠯ ᠢ ᠰᠢᠢᠳᠪᠣᠷᠢᠯᠡᠭᠦ ᠠᠷᠭ᠎ᠠ ᠶᠢ ᠰᠢᠭᠤᠳ ᠭᠡᠯᠡᠵᠣ ᠦᠭᠭᠦ᠂ | ᠴᠢᠳᠬᠤᠮᠠᠯ ᠢᠶᠠᠷ ᠮᠡᠳᠡᠯᠭᠡ ᠵᠢᠭᠠᠪᠡᠯ ᠲᠡᠳᠡᠨᠣᠰᠤᠨ ᠴᠠᠭ ᠪᠠ ᠭᠦᠴᠣᠨ ᠢ ᠠᠷᠪᠢᠯᠠᠨ᠎ᠠ ᠭᠡᠵᠣ ᠦᠵᠡᠳᠡᠭ᠃ ᠮᠢᠨᠣ | ᠦᠵᠡᠭᠦ ᠪᠠᠷ ᠨᠢᠭᠡ ᠠᠷᠡᠳ ᠤᠨ ᠪᠠᠭᠰᠢ ᠪᠣᠯᠣᠬᠰᠠᠨ ᠤ ᠬᠤᠪᠢ ᠳᠤ ᠢᠡᠭᠭᠢᠵᠣ ᠭᠡᠣᠭᠡᠳ ᠲᠤ ᠬᠠᠨᠳᠣᠬᠤ ᠨᠢ | ᠲᠠᠭᠠᠷᠠᠬᠤ ᠦᠭᠡᠢ᠂ ᠪᠢᠳᠡ ᠵᠠᠪᠠᠯ ᠦᠨᠡᠨ ᠪᠣᠳᠡᠳᠡᠢ᠂ ᠨᠠᠷᠢᠨ ᠭᠢᠨᠠᠮᠠᠭᠠᠢ ᠪᠠᠷ ᠭᠡᠣᠭᠡᠳ ᠪᠤᠯᠭᠠᠨ ᠢ ᠴᠢᠷᠮᠠᠶᠢᠨ | ᠭᠦᠮᠣᠵᠢᠭᠦᠯᠪᠠᠯ ᠵᠤᠬᠢᠨ᠎ᠠ᠃ ᠨᠠᠭᠠᠳᠣᠮ ᠲᠣᠬᠯᠠᠭᠠᠮ ᠳᠤ ᠲᠣᠷᠡᠳᠡᠢ ᠪᠠᠶᠢᠬᠤ ᠪᠣᠯ ᠭᠡᠣᠭᠡᠳ ᠤᠨ ᠲᠦᠷᠦᠯᠭᠢ | ᠣᠨᠴᠠᠯᠢᠭ ᠪᠣᠯᠬᠤ ᠶᠤᠮ᠃ ᠮᠦᠨ ᠴᠦ ᠭᠡᠣᠭᠡᠳ ᠮᠡᠳᠡᠯᠭᠡ ᠪᠠᠨ ᠨᠡᠮᠡᠭᠳᠡᠭᠦᠯᠭᠦ᠂ ᠣᠷᠴᠢᠨ ᠲᠣᠭᠤᠷᠢᠨ ᠳᠤ ᠬᠢ | ᠪᠣᠳᠠᠰ ᠤᠨ ᠲᠠᠨᠢᠯᠳᠠ ᠪᠠᠨ ᠲᠡᠭᠡᠭᠰᠢᠯᠡᠭᠦᠯᠭᠦ ᠠᠷᠭ᠎ᠠ ᠪᠠᠷᠢᠯ ᠪᠣᠯᠣᠨ᠎ᠠ᠃ ᠡᠶᠢᠮᠣ ᠠᠴᠠ ᠴᠡᠴᠡᠷᠯᠢᠭ ᠤᠨ ᠵᠢᠭᠠᠨ | ᠰᠣᠷᠭᠠᠯᠳᠠ ᠶᠢᠨ ᠶᠠᠪᠣᠴᠠ ᠲᠣᠮᠳᠠ ᠪᠠᠨ ᠭᠡᠣᠭᠡᠳ ᠤᠨ ᠨᠠᠭᠠᠳᠣᠮ ᠲᠣᠬᠯᠠᠭᠠᠮ ᠤᠨ ᠭᠦᠳᠡᠯᠭᠡᠭᠡᠨ ᠢ ᠢᠯᠡᠭᠦᠭᠡᠨ | ᠦᠷᠨᠢᠭᠦᠯᠭᠦ ᠭᠡᠷᠡᠭᠳᠠᠢ᠃ ᠭᠡᠣᠭᠡᠳ ᠨᠠᠭᠠᠳᠣᠮ ᠲᠣᠬᠯᠠᠭᠠᠮ ᠤᠨ ᠭᠦᠳᠡᠯᠭᠡᠭᠡᠨ ᠤ ᠲᠣᠮᠳᠠ ᠠᠶᠠᠨᠳᠠᠭᠠᠨ | ᠲᠤᠭᠯᠠᠭᠠᠮ ᠤᠨ ᠲᠦᠷᠢᠮ ᠲᠣᠬᠳᠠᠭᠠᠯ ᠢ ᠲᠠᠭᠠᠨ ᠡᠵᠡᠮᠰᠢᠳᠡᠭ᠃ ᠲᠡᠳᠡᠨᠡᠷ ᠤᠨ ᠲᠤᠭᠯᠠᠭᠠᠮ ᠤᠨ ᠲᠣᠮᠳᠠᠭᠢ | ᠢᠳᠡᠪᠭᠢᠳᠣ ᠰᠠᠶᠢᠨ ᠢᠯᠡᠷᠡᠯ ᠨᠢ ᠦᠨᠡᠨ ᠳᠤ ᠪᠠᠨ ᠨᠠᠶᠢᠭᠡᠮ ᠤᠨ ᠣᠷᠴᠢᠨ ᠲᠣᠭᠤᠷᠢᠨ ᠳᠤ ᠲᠠᠰᠴᠣ ᠪᠠᠶᠢᠭ᠎ᠠ ᠶᠢᠨ | ᠢᠯᠡᠷᠡᠯ ᠪᠣᠯᠣᠨ᠎ᠠ᠃ ᠭᠡᠤᠭᠡᠳ ᠲᠣᠬᠯᠠᠭᠠᠮ ᠤᠨ ᠭᠦᠳᠡᠯᠭᠡᠭᠡᠨ ᠢᠶᠠᠷ ᠳᠠᠮᠵᠢᠨ ᠨᠠᠶᠢᠭᠡᠮ ᠢ ᠲᠠᠨᠢᠵᠣ᠂ ᠨᠠᠶᠢᠭᠡᠮ ᠢ | ᠣᠶᠢᠯᠠᠭᠠᠵᠣ ᠪᠠᠶᠢᠳᠠᠬ᠃ | ᠥᠷ᠎ᠡ ᠭᠡᠤᠭᠡᠳ ᠢᠶᠠᠨ ᠡᠷᠡᠭᠦᠯ ᠪᠡᠶ᠎ᠡ᠂ ᠰᠠᠷᠠᠭᠤᠯ ᠤᠬᠠᠭᠠᠨ ᠲᠠᠢ ᠪᠥᠷᠢᠨ ᠪᠥᠳᠥᠨ ᠭᠥᠮᠥᠨ ᠪᠣᠯᠭᠠᠬᠤ | ᠭᠥᠮᠣᠵᠢᠯ ᠭᠢᠭᠦ ᠳᠤ ᠪᠠᠨ ᠪᠡᠶ᠎ᠡ ᠮᠠᠬᠠᠪᠤᠳ ᠤᠨ ᠡᠷᠡᠭᠦᠯ ᠪᠤᠶᠢᠵᠢᠯᠳᠠ ᠶᠢ ᠠᠯᠢᠪᠠ ᠮᠡᠳᠡᠯᠭᠡ ᠴᠢᠳᠠᠪᠤᠷᠢ ᠶᠢᠨ ᠰᠠᠭᠤᠷᠢ | ᠪᠤᠯᠭᠠᠨ ᠴᠢᠬᠤᠯᠠᠴᠢᠯᠠᠳᠠᠭ ᠮᠤᠩᠭᠤᠯᠴᠤᠳ ᠮᠠᠨᠢ ︽ᠡᠷᠡᠭᠦᠯ ᠪᠡᠶ᠎ᠡ ᠳᠤ ᠰᠠᠷᠠᠭᠤᠯ ᠣᠬᠠᠭᠠᠨ︾ ᠭᠡᠵᠦ ᠦᠵᠡᠳᠡᠭ᠃ | ᠭᠡᠳᠡᠯ᠎ᠡ ᠣᠳᠣᠭᠢ ᠬᠤᠳᠠᠴᠢᠯᠠᠯᠳᠠ ᠶᠢᠨ ᠴᠠᠭ ᠡᠷᠡᠨ ᠳᠤ ᠬᠦᠮᠦᠰ ᠰᠠᠭᠤᠷᠢᠰᠢᠮᠠᠯ ᠠᠮᠢᠳᠤᠷᠠᠯ ᠭᠢᠵᠤ ᠭᠡᠤᠭᠡᠳ | ᠬᠠᠷᠠᠭ᠎ᠠ ᠲᠡᠯᠭᠡᠭᠰᠡᠨ ᠲᠠᠯ᠎ᠠ ᠠᠴᠠ ᠪᠠᠨ ︽ᠠᠯᠠᠭᠠᠨ ᠭᠢᠷᠢ︾ ᠴᠡᠴᠡᠷᠯᠢᠭ ᠤᠨ ᠭᠥᠷᠢᠶᠡᠨ ᠳᠤ ᠥᠰᠴᠦ ᠦᠨᠳᠡᠶᠢᠭᠦ | ᠪᠣᠯᠵᠠᠢ᠃ ᠡᠨ᠋ᠨ ᠨᠢ ᠭᠡᠤᠭᠡᠳ ᠤᠨ ᠬᠠᠷᠠᠭ᠎ᠠ᠂ ᠪᠤᠳᠤᠯ ᠰᠡᠳᠬᠢᠬᠦᠢ ᠶᠢ ᠬᠢᠵᠠᠭᠠᠷᠯᠠᠳᠠᠬ᠃ ᠡᠶᠢᠮᠤ ᠠᠴᠠ | ᠴᠡᠴᠡᠷᠯᠢᠭ ᠤᠨ ᠰᠤᠷᠭᠠᠨ ᠭᠥᠮᠣᠵᠢᠯ ᠳᠤ ᠠᠷᠠᠳ ᠤᠨ ᠰᠣᠷᠭᠠᠨ ᠬᠥᠮᠥᠵᠢᠭᠦᠯᠬᠦ ᠵᠦᠢ ᠳᠤ ᠬᠢ ᠭᠡᠤᠭᠡᠳ ᠤᠨ | ᠲᠣᠭᠯᠠᠭᠠᠮ ᠢ ᠵᠣᠭᠢᠬᠤ ᠭᠡᠮᠵᠢᠶ᠎ᠡ ᠪᠠᠷ ᠤᠶᠠᠯᠳᠤᠭᠤᠯᠤᠨ ᠠᠰᠢᠭᠯᠠᠵᠤ ᠭᠡᠤᠭᠡᠳ ᠤᠨ ᠪᠡᠶ᠎ᠡ ᠪᠢᠯᠳᠠᠷ ᠤᠨ ᠡᠷᠡᠭᠦᠯ | ᠪᠤᠶᠢᠵᠢᠯᠳᠠ᠂ ᠣᠶᠣᠨ ᠰᠡᠳᠭᠢᠭᠦᠢ ᠶᠢᠨ ᠭᠥᠭᠵᠢᠯᠳᠡ ᠶᠢ ᠠᠭᠢᠭᠤᠯᠬᠤ ᠳᠤ ᠦᠢᠯᠡᠴᠢᠯᠡᠭᠦᠯᠬᠦ ᠪᠠᠷ ᠴᠢᠷᠮᠠᠶᠢᠪᠠᠯ | ᠵᠤᠬᠢᠨ᠎ᠠ᠃ | ᠲᠠᠪᠤ᠂ ᠮᠣᠩᠭᠤᠯ ᠴᠡᠴᠡᠷᠯᠢᠭ ᠤᠨ ᠭᠡᠣᠭᠡᠳ ᠢ ᠦᠨᠳᠣᠰᠣᠳᠡᠨ ᠤ ᠣᠯᠠᠮᠵᠢᠯᠠᠯᠳᠣ ᠨᠠᠭᠠᠳᠣᠮ ᠲᠣᠬᠯᠠᠭᠠᠮ ᠤᠨ | ᠰᠣᠶᠣᠯ ᠤᠨ ᠲᠣᠮᠳᠠ ᠭᠦᠮᠣᠵᠢᠭᠦᠯᠭᠦ ᠶᠢ ᠴᠢᠬᠤᠯᠠᠴᠢᠯᠠᠬᠤ ᠭᠡᠷᠡᠭᠳᠠᠢ | ᠭᠡᠣᠭᠡᠳ ᠤᠨ ᠲᠣᠬᠯᠠᠭᠠᠮ ᠪᠣᠯ ᠴᠡᠴᠡᠷᠯᠢᠭ ᠤᠨ ᠭᠡᠣᠭᠡᠳ ᠤᠨ ᠪᠡᠶ᠎ᠡ ᠰᠡᠳᠭᠢᠴᠠ ᠶᠢᠨ ᠭᠦᠭᠵᠢᠯᠳᠠ ᠶᠢᠨ | ᠵᠢᠮ᠎ᠠ ᠶᠣᠰᠣᠨ ᠳᠤ ᠨᠠᠶᠢᠴᠡᠭᠰᠡᠨ ᠦᠨᠳᠣᠰᠣᠨ ᠭᠦᠳᠡᠯᠭᠡᠭᠡᠨ ᠮᠦᠨ᠃ ᠮᠦᠨ ᠴᠦ ᠭᠡᠣᠭᠡᠳ ᠶᠠᠭᠤᠮ᠎ᠠ ᠶᠢ ᠲᠠᠨᠢᠬᠤ | ᠤᠨᠴᠠᠭᠠᠢ ᠠᠷᠭ᠎ᠠ ᠪᠠᠷᠢᠯ ᠤᠨ ᠨᠢᠭᠡ ᠮᠦᠨ᠂ ᠭᠡᠣᠭᠡᠳ ᠤᠨ ᠦᠪᠡᠷᠮᠢᠴᠠ ᠴᠢᠨᠠᠷ᠂ ᠨᠠᠶᠢᠭᠡᠮᠴᠢ ᠴᠢᠨᠠᠷ᠂ ᠪᠦᠳᠦᠭᠡᠯᠴᠢ | ᠴᠢᠳᠠᠪᠣᠷᠢ ᠵᠡᠷᠭᠡ ᠶᠠᠷᠣᠩᠭᠡᠶᠢᠯᠡᠭᠰᠡᠨ ᠭᠡᠪ ᠴᠢᠨᠡᠷ ᠢ ᠭᠦᠮᠣᠵᠢᠭᠦᠯᠭᠦ ᠪᠠ ᠭᠦᠭᠵᠢᠭᠦᠯᠭᠦ ᠰᠣᠷᠭᠠᠨ ᠭᠦᠮᠣᠵᠢᠯ ᠤᠨ ᠰᠠᠶᠢᠨ | ᠠᠷᠭ᠎ᠠ ᠪᠠᠷᠢᠯ ᠪᠣᠯᠣᠨ᠎ᠠ᠃ | ︵ᠨᠢᠭᠡ︶ ᠨᠠᠭᠠᠳᠣᠮ ᠲᠣᠬᠯᠠᠭᠠᠮ ᠤᠨ ᠭᠦᠳᠡᠯᠭᠡᠭᠡᠨ ᠲᠣᠮᠳᠠ ᠭᠡᠣᠭᠡᠳ ᠤᠨ ᠲᠠᠷᠢᠭᠢᠨ ᠤ ᠬᠤᠷᠴᠠ ᠰᠣᠷᠭᠤᠭ | ᠴᠢᠨᠠᠷ ᠢᠯᠡᠳᠳᠠ ᠨᠡᠮᠡᠭᠳᠠᠵᠣ᠂ ᠠᠩᠬᠠᠷᠣᠯ ᠤᠨ ᠴᠡᠭ ᠲᠦᠪᠯᠠᠷᠡᠵᠣ᠂ ᠰᠣᠷᠣᠯᠴᠠᠬᠤ ᠣᠷᠮ᠎ᠠ ᠨᠡᠮᠡᠭᠳᠡᠵᠣ᠂ ᠣᠶᠣᠨ ᠤ | ᠭᠦᠳᠡᠯᠭᠡᠭᠡᠨ ᠳᠤ ᠢᠳᠡᠪᠭᠢᠳᠡᠢ ᠤᠷᠤᠯᠴᠠᠵᠤ᠂ ᠮᠡᠳᠡᠯᠭᠡ ᠶᠢ ᠭᠦᠯᠢᠶᠡᠨ ᠠᠪᠬᠤ ᠳᠤ ᠠᠮᠠᠷ ᠪᠣᠯᠣᠨ᠎ᠠ᠃ | ᠦᠡᠭᠭᠡᠷᠡᠭᠰᠡᠨ ᠳᠤ ᠪᠢᠳᠠ ᠭᠡᠣᠭᠡᠳ ᠲᠤ ᠶᠠᠷᠢᠵᠤ ᠦᠭᠭᠦ ᠡᠰᠡᠭᠦᠯ᠎ᠡ᠂ ᠠᠰᠠᠭᠤᠯᠳᠠ ᠲᠣᠷᠡᠳᠬᠤ ᠪᠠᠷ ᠭᠤᠣᠯ | ᠪᠣᠯᠭᠠᠵᠣ᠂ ᠪᠠᠭᠰᠢ ᠪᠠᠷ ᠲᠦᠪ ᠪᠣᠯᠭᠠᠵᠣ ᠪᠠᠶᠢᠳᠠᠭ ᠪᠣᠯᠬᠤᠷ ᠪᠠᠭᠰᠢ ᠲᠣᠩ ᠵᠦᠳᠡᠷᠡᠭᠦ ᠮᠦᠷᠳᠡᠭᠡᠨ ᠭᠡᠣᠭᠡᠳ ᠤᠨ | ᠠᠩᠬᠠᠷᠣᠯ ᠤᠨ ᠴᠡᠭ ᠴᠦ ᠲᠦᠪᠯᠠᠷᠡᠵᠣ ᠦᠭᠭᠦ ᠦᠭᠡᠢ ᠪᠠᠶᠢᠳᠠᠭ᠃ ᠢᠡᠭᠭᠢᠪᠡᠯ ᠵᠢᠭᠠᠬᠤ ᠪᠠ ᠰᠣᠷᠬᠤ ᠭᠡᠰᠡᠨ | ᠵᠣᠷᠢᠯᠭ᠎ᠠ ᠳᠤ ᠪᠠᠨ ᠭᠦᠷᠴᠣ ᠴᠢᠳᠠᠬᠤ ᠦᠭᠡᠢ ᠪᠣᠯᠳᠠᠭ᠂ ᠡᠶᠢᠮᠣ ᠠᠴᠠ ᠪᠢᠳᠠ ᠣᠳᠣ ᠰᠢᠨ᠎ᠠ ᠵᠢᠭᠠᠨ ᠰᠣᠷᠭᠠᠬᠤ | ᠠᠷᠭ᠎ᠠ ᠪᠠᠷᠢᠯ ᠢ ᠠᠮᠢᠳᠣᠯᠢᠭ ᠢᠶᠠᠷ ᠭᠡᠷᠡᠭᠯᠡᠵᠣ᠂ ᠭᠡᠣᠭᠡᠳ ᠤᠨ ᠣᠶᠣᠨ ᠤ ᠭᠦᠳᠡᠯᠭᠡᠭᠡᠨ ᠤ ᠢᠳᠡᠪᠭᠢᠳᠡᠢ ᠴᠢᠨᠡᠷ ᠢ | ᠲᠠᠶᠢᠴᠢᠯᠠᠵᠣ᠂ ᠰᠣᠷᠬᠤ ᠣᠷᠮ᠎ᠠ ᠶᠢ ᠨᠢ ᠭᠦᠭᠵᠢᠭᠡᠵᠣ᠂ ᠭᠡᠣᠭᠡᠳ ᠤᠨ ᠰᠣᠶᠣᠯ ᠮᠡᠳᠡᠯᠭᠡ ᠶᠢ ᠭᠦᠯᠢᠶᠡᠨ ᠠᠪᠬᠤ | ᠴᠢᠳᠠᠪᠣᠷᠢ ᠶᠢ ᠨᠢ ᠲᠡᠭᠡᠭᠰᠢᠯᠡᠭᠦᠯᠭᠦ ᠭᠡᠷᠡᠭᠳᠡᠢ᠃ | ︵ᠬᠤᠶᠠᠷ︶ ᠨᠠᠭᠠᠳᠣᠮ ᠲᠣᠬᠯᠠᠭᠠᠮ ᠤᠨ ᠭᠦᠳᠡᠯᠭᠡᠭᠡᠨ ᠤ ᠲᠦᠷᠢᠮ ᠨᠢ ᠵᠠᠪᠠᠯ ᠭᠡᠣᠭᠡᠳ ᠤᠨ ᠲᠣᠷ᠎ᠡ ᠪᠠᠬ᠎ᠠ | ᠪᠠ ᠣᠨᠴᠠᠯᠢᠭ ᠲᠤ ᠲᠣᠭᠢᠷᠠᠭᠰᠡᠨ ᠪᠠᠶᠢᠵᠣ᠂ ᠰᠢᠭᠤᠳ ᠰᠣᠨᠢᠷᠬᠠᠬᠤ ᠳᠤ ᠪᠣᠳᠡᠳᠡᠢ ᠪᠠᠶᠢᠵᠣ᠂ ᠭᠡᠣᠭᠡᠳ ᠤᠨ ᠲᠣᠷ᠎ᠡ | ᠰᠣᠨᠢᠷᠬᠠᠯ ᠢ ᠭᠦᠨ ᠲᠠᠳᠠᠭᠰᠡᠨ ᠪᠠᠶᠢᠬᠤ ᠭᠡᠷᠡᠭᠳᠡᠢ᠃ | ᠲᠣᠬᠯᠠᠭᠠᠮ ᠤᠨ ᠭᠦᠳᠡᠯᠭᠡᠭᠡᠨ ᠲᠣᠮᠳᠠ ᠭᠡᠣᠭᠡᠳ ᠢᠶᠠᠷ ᠭᠤᠣᠯ ᠲᠣᠬᠯᠠᠭᠴᠢ ᠪᠠᠨ ᠪᠣᠯᠭᠠᠬᠰᠠᠨ ᠲᠣᠬᠯᠠᠭᠠᠮ ᠢ | ᠲᠣᠭᠢᠷᠡᠭᠤᠯᠬᠤ ᠴᠢᠬᠤᠯᠠᠳᠡᠢ᠃ ᠵᠢᠱᠢᠶᠡᠯᠡᠪᠡᠯ᠄ ᠭᠡᠯᠡᠨ ᠤ ᠪᠣᠯᠪᠠᠰᠣᠷᠡᠯ ᠤᠨ ᠭᠦᠳᠡᠯᠭᠡᠭᠡᠨ ᠲᠣᠮᠳᠠ᠂ ᠭᠡᠣᠭᠡᠳ ᠲᠤ ︽ | ᠪᠢᠴᠢᠬᠠᠨ ᠲᠠᠣᠯᠡᠢ︾ ᠭᠡᠰᠡᠨ ᠦᠯᠢᠭᠡᠷ ᠢ ᠶᠠᠷᠢᠬᠤ ᠳᠤ ᠪᠠᠨ ᠭᠡᠣᠭᠡᠳ ᠲᠤ ᠵᠦᠪᠭᠡᠨ ᠦᠯᠢᠭᠡᠷ ᠢ ᠶᠠᠷᠢᠬᠤ ᠠᠴᠠ ᠪᠢᠰᠢ | ᠭᠤᠣᠯ ᠲᠣᠬᠯᠠᠭᠴᠢ ᠶᠢᠨ ᠭᠦᠳᠡᠯᠭᠡᠭᠡᠨ ᠢ ᠭᠢᠭᠦ ᠦᠭᠡᠢ ᠪᠣᠯ ᠭᠡᠣᠭᠡᠳ ᠲᠣᠰ ᠭᠦᠳᠡᠯᠭᠡᠭᠡᠨ ᠳᠤ ᠣᠷᠮ᠎ᠠ ᠮᠠᠭᠤᠳᠡᠢ | ᠪᠣᠯᠳᠠᠭ᠂ ᠡᠶᠢᠮᠣ ᠠᠴᠠ ᠲᠣᠰ ᠦᠯᠢᠭᠡᠷ ᠤᠨ ᠭᠤᠣᠯ ᠲᠣᠬᠯᠠᠭᠴᠢ ᠪᠣᠯᠬᠤ ︽ᠪᠢᠴᠢᠬᠠᠨ ᠲᠠᠣᠯᠡᠢ︾ ᠪᠠ ︽ᠴᠢᠨ᠋ᠸ᠎ᠠ︾ | ᠶᠢ ᠭᠡᠣᠭᠡᠳ ᠢᠶᠠᠷ ᠲᠣᠬᠯᠠᠭᠤᠯᠬᠤ ᠭᠡᠷᠡᠭᠳᠡᠢ᠂ ᠲᠡᠭᠡᠪᠡᠯ ᠭᠡᠣᠭᠡᠳ ᠤᠨ ᠰᠣᠷᠣᠯᠴᠠᠬᠤ ᠣᠷᠮ᠎ᠠ ᠶᠢ ᠭᠦᠭᠵᠢᠭᠡᠭᠦ | ᠪᠣᠯᠣᠨ᠎ᠠ᠃ ᠲᠡᠷᠣᠢ ᠪᠢᠴᠢᠬᠠᠨ ᠠᠮᠢᠳᠡᠨ ᠢ ᠲᠠᠭᠤᠷᠢᠶᠠᠬᠤ ᠶᠠᠪᠣᠴᠠ ᠲᠣᠮᠳᠠ᠂ ᠭᠡᠣᠭᠡᠳ ᠲᠦᠢᠯ ᠤᠨ ᠣᠷᠮ᠎ᠠ | ᠪᠠᠭ᠋ᠠᠳᠡᠢ ᠪᠠᠶᠢᠵᠣ ᠣᠷᠮ᠎ᠠ ᠰᠡᠳᠭᠢᠯᠭᠡ ᠨᠢ ᠭᠦᠭᠵᠢᠵᠣ᠂ ᠲᠦᠢᠯ ᠤᠨ ᠣᠷᠮᠠᠰᠢᠯ ᠲᠠᠢ ᠪᠠᠶᠠᠷ ᠪᠠᠶᠠᠰᠣᠯ ᠲᠠᠢ ᠪᠠᠷ | ᠦᠯᠢᠭᠡᠷ ᠤᠨ ᠠᠭᠤᠯᠭ᠎ᠠ ᠣᠳᠬ᠎ᠠ ᠶᠢ ᠡᠵᠡᠮᠰᠢᠭᠦ ᠪᠣᠯᠣᠨ᠎ᠠ᠃ ᠨᠠᠭᠠᠳᠣᠮ ᠲᠣᠬᠯᠠᠭᠠᠮ ᠤᠨ ᠭᠦᠳᠡᠯᠭᠡᠭᠡᠨ ᠤ ᠲᠣᠮᠳᠠ | ᠭᠡᠣᠭᠡᠳ ᠤᠨ ᠢᠳᠡᠪᠭᠢᠳᠡᠢ ᠴᠢᠨᠡᠷ ᠢ ᠲᠠᠶᠢᠴᠢᠯᠠᠵᠣ᠂ ᠪᠦᠳᠦᠭᠡᠯᠴᠢ ᠪᠠᠷ ᠠᠰᠠᠭᠤᠳᠡᠯ ᠢ ᠢᠯᠡᠷᠡᠭᠦᠯᠵᠣ᠂ ᠦᠭᠡ | ᠭᠡᠯᠡᠨ ᠤ ᠢᠯᠡᠳᠭᠡᠭᠦ ᠴᠢᠳᠠᠪᠣᠷᠢ ᠶᠢ ᠲᠡᠭᠡᠭᠰᠢᠯᠡᠭᠦᠯᠵᠣ᠂ ᠮᠦᠨ ᠴᠦ ᠪᠦᠳᠦᠭᠡᠯᠴᠢ ᠪᠠᠷ ᠠᠰᠠᠭᠤᠳᠡᠯ ᠢ ᠰᠶᠢᠳᠪᠣᠷᠢᠯᠡᠭᠦ | ᠴᠢᠳᠠᠪᠣᠷᠢ ᠶᠢ ᠨᠢ ᠲᠡᠭᠡᠭᠰᠢᠯᠡᠭᠦᠯᠣᠨ᠎ᠠ᠃ ᠡᠶᠢᠮᠣ ᠠᠴᠠ ᠴᠡᠴᠡᠷᠯᠢᠭ ᠤᠨ ᠵᠢᠭᠠᠨ ᠰᠣᠷᠭᠠᠯᠳᠠ ᠶᠢᠨ ᠶᠠᠪᠣᠴᠠ | ᠲᠣᠮᠳᠠ ᠪᠠᠨ ᠭᠡᠣᠭᠡᠳ ᠤᠨ ᠨᠠᠭᠠᠳᠣᠮ ᠲᠣᠬᠯᠠᠭᠠᠮ ᠤᠨ ᠭᠦᠳᠡᠯᠭᠡᠭᠡᠨ ᠢ ᠢᠯᠡᠭᠦᠭᠡᠨ ᠦᠷᠨᠢᠭᠦᠯᠭᠦ ᠶᠢ ᠭᠦᠡᠭᠭᠡᠪᠴᠢᠯᠡᠵᠣ | ᠪᠣᠯᠣᠰᠢ ᠦᠭᠡᠢ ᠶᠣᠮ᠃ ᠭᠡᠣᠭᠡᠳ ᠨᠠᠭᠠᠳᠣᠮ ᠲᠣᠬᠯᠠᠭᠠᠮ ᠤᠨ ᠭᠦᠳᠡᠯᠭᠡᠭᠡᠨ ᠤ ᠲᠣᠮᠳᠠ ᠮᠡᠳᠡᠯᠭᠡ ᠴᠢᠳᠠᠪᠣᠷᠢ | ᠰᠣᠷᠴᠣ᠂ ᠰᠣᠷᠬᠤ ᠶᠢᠨ ᠲᠣᠮᠳᠠ ᠪᠠᠨ ᠮᠡᠳᠡᠯᠭᠡ ᠡᠵᠡᠮᠰᠢᠭᠦ ᠰᠠᠶᠢᠨ ᠰᠠᠶᠢᠬᠠᠨ ᠣᠷᠴᠢᠨ ᠲᠣᠭᠤᠷᠢᠨ ᠪᠠ | ᠭᠡᠷᠡᠭᠯᠡᠭᠡ ᠶᠢᠨ ᠨᠦᠭᠦᠴᠡᠯ ᠢ ᠬᠠᠨᠭ᠍ᠭᠠᠵᠣ ᠦᠭᠭᠦ ᠴᠢᠬᠤᠯᠠᠳᠡᠢ᠃ | ᠶᠠᠷᠣᠩᠭᠡᠶᠢᠯᠡᠪᠡᠯ᠂ ᠮᠣᠩᠭᠤᠯ ᠦᠨᠳᠣᠰᠣᠳᠡᠨ ᠪᠣᠯ ᠣᠷᠳᠣ ᠣᠳᠠᠭᠠᠨ ᠲᠡᠣᠭᠡ ᠲᠠᠢ ᠪᠣᠯᠪᠠᠰᠣᠨ ᠦᠨᠳᠣᠰᠣᠳᠡᠨ | ᠶᠣᠮ᠃ ᠠᠭᠤᠣ ᠶᠡᠭᠡ ᠰᠣᠶᠣᠯ ᠪᠣᠯᠪᠠᠰᠣᠨ ᠲᠠᠢ ᠦᠨᠳᠣᠰᠣᠳᠡᠨ ᠤ ᠨᠢᠭᠡ ᠪᠣᠯᠣᠬᠰᠠᠨ ᠤ ᠬᠤᠪᠢ ᠳᠤ ᠮᠣᠩᠭᠤᠯ | ᠦᠨᠳᠣᠰᠣᠳᠡᠨ ᠤ ᠣᠯᠠᠮᠵᠢᠯᠠᠯᠳᠣ ᠲᠣᠬᠯᠠᠭᠠᠮ ᠤᠨ ᠵᠦᠢᠯ ᠮᠠᠰᠢ ᠣᠯᠠᠨ ᠵᠦᠢᠯ ᠪᠠᠶᠢᠳᠠᠭ᠃ ᠮᠣᠩᠭᠤᠯᠴᠣᠳ ᠤᠨ | ᠣᠯᠠᠮᠵᠢᠯᠠᠯᠳᠣ ᠲᠣᠬᠯᠠᠭᠠᠮ ᠪᠣᠯ ᠮᠣᠩᠭᠤᠯ ᠦᠨᠳᠣᠰᠣᠳᠡᠨ ᠤ ᠰᠣᠶᠣᠯ ᠤᠨ ᠦᠪ ᠭᠦᠷᠣᠩᠭᠡ ᠶᠢᠨ ᠨᠢᠭᠡ ᠲᠦᠷᠣᠯ | ᠮᠦᠨ᠃ ᠮᠦᠨ ᠴᠦ ᠣᠶᠣᠨ ᠣᠬᠠᠭᠠᠨ ᠤ ᠪᠣᠯᠪᠠᠰᠣᠨ ᠤ ᠨᠢᠭᠡ ᠵᠦᠢᠯ ᠮᠦᠨ᠃ ᠮᠣᠩᠭᠤᠯᠴᠣᠳ ᠤᠨ ᠣᠯᠠᠮᠵᠢᠯᠠᠯᠳᠣ | ᠲᠣᠬᠯᠠᠭᠠᠮ ᠪᠣᠯ ᠮᠣᠩᠭᠤᠯ ᠦᠨᠳᠣᠰᠣᠳᠡᠨ ᠤ ᠨᠠᠶᠢᠭᠡᠮ ᠤᠨ ᠪᠣᠳᠡᠰ ᠤᠨ ᠠᠮᠢᠳᠣᠷᠡᠯ ᠪᠠ ᠣᠶᠣᠨ ᠣᠬᠠᠭᠠᠨ ᠤ | ᠪᠣᠯᠪᠠᠰᠣᠨ ᠢ ᠨᠢᠭᠡ ᠲᠠᠯ᠎ᠠ ᠪᠠᠷ ᠲᠦᠪᠯᠡᠷᠡᠭᠦᠯᠣᠨ ᠲᠣᠰᠬᠠᠬᠰᠠᠨ ᠦᠪᠡᠷᠮᠢᠴᠠ ᠣᠨᠴᠠᠯᠢᠭ ᠲᠠᠢ ᠮᠦᠷᠳᠡᠭᠡᠨ ᠮᠣᠩᠭᠤᠯ | ᠨᠣᠳᠤᠭ ᠤᠨ ᠨᠡᠶᠢᠭᠡᠮ ᠤᠨ ᠠᠮᠢᠳᠣᠷᠡᠯ ᠢ ᠶᠡᠮᠡᠷ ᠨᠢᠭᠡᠨ ᠲᠠᠯ᠎ᠠ ᠪᠠᠷ ᠦᠨᠡᠨ ᠪᠣᠳᠡᠳᠡᠢ ᠬᠠᠷᠡᠭᠤᠯᠵᠣ ᠴᠢᠳᠠᠭᠰᠡᠨ | ᠪᠠᠶᠢᠳᠠᠭ᠃ ᠭᠡᠣᠭᠡᠳ ᠤᠨ ᠲᠣᠬᠯᠠᠭᠠᠮ ᠪᠣᠯ ᠴᠡᠴᠡᠷᠯᠢᠭ ᠤᠨ ᠭᠡᠣᠭᠡᠳ ᠢ ᠭᠦᠳᠣᠯᠵᠣ ᠢᠳᠡᠪᠭᠢᠳᠡᠢ ᠰᠣᠷᠣᠯᠴᠠᠬᠤ᠂ | ᠢᠳᠡᠪᠭᠢᠳᠡᠢ ᠰᠦᠪᠡᠭᠴᠢᠯᠡᠭᠦ᠂ ᠶᠠᠭᠤᠮ᠎ᠠ ᠶᠢ ᠢᠯᠡᠷᠡᠭᠦᠯᠭᠦ ᠶᠠᠪᠣᠴᠠ ᠶᠢ ᠵᠢᠯᠣᠭᠤᠳᠬᠤ ᠨᠢᠭᠡ ᠵᠦᠢᠯ ᠤᠨ ᠭᠦᠳᠡᠯᠭᠡᠭᠡᠨ | ᠪᠣᠯᠣᠨ᠎ᠠ᠃ ᠡᠶᠢᠮᠣ ᠠᠴᠠ ᠪᠠᠭᠰᠢ᠂ ᠭᠡᠷ ᠤᠨ ᠠᠬᠠᠮᠠᠳ᠂ ᠨᠡᠶᠢᠭᠡᠮ ᠨᠠᠶᠢᠳᠠ ᠪᠠᠷ ᠮᠣᠩᠭᠤᠯ ᠦᠨᠳᠣᠰᠣᠳᠡᠨ ᠤ | ᠦᠪᠡᠷᠮᠢᠴᠠ ᠰᠠᠶᠢᠬᠠᠨ ᠣᠯᠠᠮᠵᠢᠯᠠᠯᠳᠣ ᠲᠣᠬᠯᠠᠭᠠᠮ ᠢᠶᠠᠨ ᠣᠯᠠᠮᠵᠢᠯᠠᠨ ᠵᠠᠯᠭᠠᠮᠵᠢᠯᠠᠵᠣ ᠭᠡᠣᠭᠡᠳ ᠪᠠᠭᠠᠴᠣᠳ ᠤᠨ ᠢᠶᠠᠨ | ᠣᠶᠣᠨ ᠰᠠᠨᠠᠭᠠᠨ ᠤ ᠪᠣᠯᠪᠠᠰᠣᠨ ᠳᠤ ᠦᠢᠯᠡᠴᠢᠯᠡᠭᠦᠯᠣᠶᠡ᠃ | | ᠬᠠᠶ᠋ᠢᠬ᠄ ᠭᠠᠨᠰᠤ ᠮᠤᠵᠢ ᠶᠢᠨ ᠰᠦᠪᠸᠢ ᠶᠢᠨ ᠮᠣᠩᠭᠤᠯ ᠦᠨᠳᠣᠰᠣᠳᠡᠨ ᠤ | ᠦᠪᠡᠷᠳᠡᠭᠡᠨ ᠵᠠᠰᠠᠬᠤ ᠰᠢᠶᠠᠨ ᠤ ᠬᠡᠤᠬᠡᠳ ᠤᠨ ᠴᠡᠴᠡᠷᠯᠢᠭ | ︵ᠪᠠᠭᠠᠨ᠎ᠠ ᠨᠠᠶᠢᠷᠠᠭᠤᠯᠪᠠ︶ | 2019 ᠣᠨ ᠤ 12 ᠳ᠋ᠤᠭᠠᠷ ᠬᠤᠭᠤᠴᠠᠭ᠎ᠠ | | |