ᠪᠤᠷᠵᠢᠭᠢᠨ ᠭᠡᠰᠢᠭᠨᠢᠮᠠ | | ᠮᠤᠩᠭᠤᠯ ᠡᠬᠡ ᠶᠢᠨ ᠬᠦᠮᠦᠵᠢᠯ ᠪᠤᠯ ᠳᠡᠯᠡᠬᠡᠢ ᠳᠤ ᠠᠯᠳᠠᠷᠲᠠᠢ ᠶᠤᠮ᠃ ᠪᠢᠳᠡ ᠪᠦᠬᠦᠨ ᠤ ᠮᠡᠳᠡᠭᠡᠵᠢ ᠪᠠᠷ | ᠠᠯᠤᠩᠭᠤᠸ᠎ᠠ ᠡᠬᠡ ᠶᠢᠨ ︽ᠲᠠᠪᠤᠨ ᠮᠦᠰᠦ ᠶᠢᠨ ᠰᠤᠷᠭᠠᠯ︾ ᠵᠡᠷᠭᠡ ᠨᠢ ᠴᠦᠮ ᠡᠭᠡ ᠶᠢᠨ ᠭᠦᠮᠦᠵᠢᠯ ᠲᠠᠢ | ᠬᠤᠯᠪᠤᠭ᠎ᠠ ᠲᠠᠢ ᠪᠠᠶᠢᠳᠠᠬ᠃ | ᠲᠦᠷᠪᠡᠨ ᠬᠠᠭᠠᠨ ᠢ ᠦᠰᠭᠡᠵᠦ ᠬᠦᠮᠦᠵᠢᠭᠦᠯᠦᠭᠰᠡᠨ ᠰᠤᠷᠬᠠᠭᠳᠠᠨᠢ ᠪᠠᠬᠢ ᠬᠠᠳᠤᠨ᠄ ︽ᠦᠷ᠎ᠡ ᠬᠡᠦᠬᠡᠳ | ᠴᠠᠭᠠᠰᠢᠲᠠ ᠪᠠᠨ ᠬᠡᠨ ᠪᠤᠯᠵᠤ ᠦᠰᠬᠦ ᠨᠢ ᠡᠬᠡ ᠠᠴᠠ ᠰᠢᠯᠲᠠᠭᠠᠯᠠᠭᠳᠠᠨ᠎ᠠ︾ ᠭᠡᠵᠠᠢ᠃ ᠲᠡᠷᠡ ᠲᠦᠷᠪᠡᠨ | ᠬᠡᠦᠬᠡᠳ ᠢᠶᠠᠨ ᠬᠦᠮᠦᠵᠢᠭᠦᠯᠬᠦ ᠶᠢ ᠬᠠᠷᠠᠬᠠᠨ ᠪᠠᠭ᠎ᠠ ᠠᠴᠠ ᠨᠢ ᠠᠩᠬᠠᠷᠳᠠᠭ᠃ ᠪᠠᠭᠰᠢ ᠵᠠᠯᠠᠵᠤ ᠪᠢᠴᠢᠭ ᠵᠢᠭᠠᠯᠭᠠᠪᠠ᠃ | ᠬᠠᠷᠢ ᠤᠯᠤᠰ ᠠᠴᠠ ᠪᠠᠭᠰᠢ ᠵᠠᠯᠠᠵᠤ᠂ ᠭᠠᠳᠠᠭᠠᠳᠤ ᠬᠡᠯᠡ ᠴᠦ ᠰᠤᠷᠭᠠᠪᠠ᠃ ᠡᠭᠦᠨ ᠤ ᠳ᠋ᠦᠩ ᠳᠤ ᠮᠦᠩᠬᠡ ᠬᠠᠭᠠᠨ | ᠳᠡᠯᠡᠬᠡᠢ ᠳᠤ ᠨᠡᠷᠡᠲᠠᠢ ᠲᠤᠭᠠᠨ ᠤ ᠤᠬᠠᠭᠠᠨᠲᠠᠨ᠂ ᠤᠳᠤᠨ ᠤᠷᠤᠨ ᠤ ᠰᠢᠨᠵᠢᠯᠡᠭᠡᠲᠡᠨ᠂ ᠬᠤᠪᠢᠯᠠᠢ ᠬᠠᠭᠠᠨ | ᠳᠡᠯᠡᠬᠡᠢ ᠳᠤ ᠨᠡᠷᠡᠲᠠᠢ ᠭᠧᠦᠮᠧᠲᠷᠢ ᠶᠢᠨ ᠤᠬᠠᠭᠠᠨᠲᠠᠨ ᠪᠤᠯᠵᠠᠢ᠃ ᠰᠤᠷᠬᠠᠭᠲᠠᠨᠢ ᠪᠠᠭᠢ ᠬᠠᠳᠤᠨ ᠤ ᠨᠦᠯᠦᠭᠡ | ᠮᠤᠩᠭᠤᠯ ᠤᠨ ᠲᠡᠦᠬᠡ ᠶᠢ ᠲᠦᠷᠪᠡᠨ ᠵᠠᠭᠤ ᠭᠠᠷᠤᠢ ᠵᠢᠯ ᠨᠦᠯᠦᠭᠡᠯᠡᠪᠡ ᠭᠡᠵᠦ ᠮᠤᠩᠭᠤᠯ ᠤᠯᠤᠰ ᠤᠨ ᠪᠢᠮᠪᠠ ᠶᠢᠨ | ᠰᠠᠷᠠᠨᠳᠤᠶᠠᠭ᠎ᠠ ᠶᠢᠨ ᠪᠢᠴᠢᠭᠰᠡᠨ ︽ᠰᠤᠷᠬᠠᠭᠳᠠᠨᠢ ᠪᠠᠬᠢ ᠬᠠᠳᠤᠨ︾ ᠭᠡᠰᠡᠨ ᠨᠤᠮ ᠳᠤ ᠳᠤᠲᠤᠷᠬᠠᠢ ᠪᠢᠴᠢᠵᠦ ᠪᠤᠢ᠃ | ᠹᠷᠠᠨᠽᠢ ᠶᠢᠨ ᠠᠯᠲᠠᠷᠲᠤ ᠲᠤᠭᠠᠨ ᠤ ᠤᠬᠠᠭᠠᠨᠲᠠᠨ ᠺᠠᠯᠦ᠋ᠸᠧᠨ ᠬᠡᠯᠡᠬᠦ ᠳᠤ ᠪᠠᠨ᠄ ︽ᠮᠢᠨᠤ ᠤᠤᠭᠠᠨ ᠪᠠᠭᠰᠢ | ᠪᠤᠯ ᠮᠢᠨᠤ ᠡᠵᠢ ᠮᠦᠨ᠃ ᠲᠡᠷᠡ ᠬᠤᠷᠴᠠ ᠰᠡᠷᠭᠦᠯᠡᠩ᠂ ᠰᠤᠷᠭᠠᠯ ᠬᠦᠮᠦᠵᠢᠯ ᠲᠠᠢ᠃ ᠦᠷᠭᠦᠯᠵᠢ ᠯᠠᠲ᠋ᠢᠨ ᠪᠤᠯᠤᠨ | ᠭᠧᠷᠢᠭ ᠤᠨ ᠤᠷᠠᠨ ᠵᠤᠬᠢᠶᠠᠯ ᠳᠤᠲᠤᠷ᠎ᠠ ᠠᠴᠠ ᠴᠡᠭᠡᠵᠢᠯᠡᠭᠰᠡᠨ ᠦᠯᠢᠭᠡᠷ ᠢᠶᠠᠷ ᠨᠠᠮ᠎ᠠ ᠶᠢ ᠬᠦᠮᠦᠵᠢᠭᠦᠯᠳᠡᠭ︾ ᠭᠡᠵᠠᠢ᠃ | ᠡᠨᠡ ᠡᠵᠢ ᠯᠠᠲ᠋ᠢᠨ ᠬᠡᠯᠡ ᠪᠤᠯᠤᠨ ᠭᠧᠷᠢᠭ ᠬᠡᠯᠡ ᠮᠡᠳᠡᠳᠡᠭ ᠢᠶᠠᠷ ᠪᠠᠷᠠᠬᠤ ᠦᠭᠡᠢ ᠭᠠᠳᠠᠭᠠᠳᠤ ᠶᠢᠨ ᠤᠬᠢ ᠰᠢᠯᠢᠳᠡᠭ | ᠦᠯᠢᠭᠡᠷ ᠢᠶᠠᠷ ᠬᠡᠦᠬᠡᠳ ᠢᠶᠠᠨ ᠬᠦᠮᠦᠵᠢᠭᠦᠯᠦᠭᠰᠡᠨ ᠡᠵᠢ ᠶᠤᠮ ᠪᠠᠶᠢᠨ᠎ᠠ᠃ | ᠡᠬᠡ ᠬᠦᠮᠦᠨ ᠰᠤᠷᠤᠯᠴᠠᠬᠤ ᠬᠡᠷᠡᠭᠲᠠᠢ᠃ ᠥᠪᠡᠷ ᠢᠶᠠᠨ ᠬᠡᠳᠦᠢ ᠦᠷᠭᠡᠨ ᠳᠡᠯᠭᠡᠷ ᠮᠡᠳᠡᠯᠭᠡ ᠡᠵᠡᠮᠰᠢᠪᠡᠯ | ᠬᠡᠦᠬᠡᠳ ᠢᠶᠠᠨ ᠲᠡᠳᠦᠢ ᠰᠠᠶᠢᠬᠠᠨ ᠬᠦᠮᠦᠵᠢᠭᠦᠯᠵᠦ ᠴᠢᠳᠠᠨ᠎ᠠ᠃ ᠥᠪᠡᠷᠲᠡᠭᠡᠨ ᠰᠤᠷᠤᠯᠴᠠᠵᠤ ᠴᠢᠳᠠᠮᠠᠨᠵᠢᠨ ᠰᠠᠶ᠋ᠢ | ᠬᠡᠦᠬᠡᠳ ᠲᠤ ᠪᠠᠨ ᠰᠤᠷᠤᠯᠴᠠᠬᠤ ᠠᠷᠭ᠎ᠠ ᠶᠢ ᠵᠢᠭᠠᠨ ᠦᠭᠴᠦ ᠴᠢᠳᠠᠨ᠎ᠠ᠃ ᠡᠨᠡ ᠲᠤᠬᠠᠢ ᠲᠠᠢ ᠨᠢᠭᠡ ᠵᠢᠱᠢᠶ᠎ᠡ | ᠲᠠᠲᠠᠶ᠎ᠠ᠃ ᠲᠡᠯᠡᠬᠡᠢ ᠳᠤ ᠨᠡᠷᠡᠲᠠᠢ ᠬᠠᠷᠸᠠᠷᠳ᠋ ᠶᠡᠭᠡ ᠰᠤᠷᠭᠠᠭᠤᠯᠢ ᠨᠢᠭᠡ ᠤᠳᠠᠭ᠎ᠠ 1500 ᠨᠡᠷ᠎ᠡ ᠰᠤᠷᠤᠭᠴᠢ ᠳᠤ | ᠪᠠᠶᠢᠴᠠᠭᠠᠯᠲᠠ ᠬᠢᠵᠤ᠂ ᠲᠠ ᠨᠠᠷ ᠡᠵᠢᠡᠴᠠ ᠪᠠᠨ ᠶᠠᠭᠤ ᠰᠤᠷᠤᠭᠰᠠᠨ ᠲᠤᠬᠠᠢ ᠪᠠᠨ ᠨᠢᠭᠡ ᠦᠭᠡ ᠪᠠᠷ ᠬᠠᠷᠢᠭᠤᠯ | ᠬᠡᠬᠦ ᠳᠤ 85% ᠶᠢᠨ ᠰᠤᠷᠤᠭᠴᠢ᠄ ︽ᠴᠢᠳᠠᠪᠤᠷᠢ︾ ᠭᠡᠵᠦ ᠬᠠᠷᠢᠭᠤᠯᠵᠠᠢ᠃ ᠵᠠᠯᠭᠠᠭᠠᠳ ᠶᠠᠮᠠᠷ ᠴᠢᠳᠠᠪᠤᠷᠢ | ᠰᠤᠷᠤᠭᠰᠠᠨ ᠢᠶᠠᠨ ᠬᠤᠶᠠᠷ ᠦᠭᠡ ᠪᠠᠷ ᠬᠠᠷᠢᠭᠤᠯ ᠭᠡᠰᠡᠨ ᠳᠤ 85% ᠶᠢᠨ ᠰᠤᠷᠤᠭᠴᠢ ᠮᠦᠨ᠄ ︽ᠰᠤᠷᠬᠤ | ᠴᠢᠳᠠᠪᠤᠷᠢ︾ ᠭᠡᠵᠦ ᠬᠠᠷᠢᠭᠤᠯᠵᠠᠢ᠃ | ᠡᠬᠡ ᠬᠦᠮᠦᠨ ᠭᠡᠵᠦ ᠠᠷᠢᠭᠤᠨ ᠴᠠᠭᠠᠨ ᠰᠦ ᠪᠠᠨ ᠰᠢᠮᠡᠭᠦᠯᠦᠨ ᠦᠰᠭᠡᠵᠦ᠂ ᠴᠠᠶᠢᠯᠭᠠᠨ ᠴᠠᠭᠠᠪᠤᠷ | ᠰᠡᠳᠬᠢᠯ ᠢᠶᠠᠷ ᠢᠶᠠᠨ ᠡᠨᠡᠷᠢᠨ ᠬᠠᠶᠢᠷᠠᠯᠠᠵᠤ᠂ ︽ᠬᠠᠶᠢᠷ᠎ᠠ ᠪᠠᠷ ᠬᠦᠮᠦᠵᠢᠭᠦᠯᠵᠦ ᠬᠠᠯᠠᠮᠵᠢ ᠪᠠᠷ ᠲᠤᠷᠨᠢᠭᠤᠯᠳᠠᠭ︾ ᠰᠢᠤ | ᠳ᠋ᠠ᠃ ᠡᠬᠡ ᠶᠢᠨ ᠬᠠᠶᠢᠷ᠎ᠠ ᠠᠴᠠ ᠥᠭᠡᠷ᠎ᠡ ᠡᠨᠡᠷᠢᠩᠭᠦᠢ ᠵᠦᠭᠡᠯᠡᠨ᠂ ᠦᠨᠡᠨᠴᠢ ᠦᠭᠭᠢᠶᠡᠮᠦᠷ ᠬᠠᠶᠢᠷ᠎ᠠ ᠭᠡᠵᠦ ᠬᠠᠮᠢᠭ᠎ᠠ | ᠪᠠᠶᠢᠬᠤ ᠪᠤᠢ᠃ ᠡᠨᠡ ᠳᠤᠬᠠᠢ᠂ ᠫᠤᠯᠠᠨᠳ᠋ ᠤᠨ ᠠᠯᠳᠠᠷᠲᠤ ᠹᠢᠽᠢᠺ᠂ ᠬᠢᠮᠢ ᠶᠢᠨ ᠤᠬᠠᠭᠠᠨᠲᠠᠨ ᠨᠤᠪᠧᠯ ᠤᠨ ᠱᠠᠩᠨᠠᠯ | ᠭᠦᠷᠲᠡᠭᠴᠢ ᠺᠢᠦ᠋ᠢᠷᠢ ᠬᠠᠳᠤᠨ ᠬᠡᠯᠡᠬᠦ ᠳᠤ ᠪᠠᠨ᠄ ︽ᠳᠡᠯᠡᠬᠡᠢ ᠳ᠋ᠠᠬᠢᠨ ᠳᠤ ᠮᠢᠨᠤ ᠡᠬᠡ ᠰᠢᠭ ᠲᠡᠶᠢᠮᠦ ᠬᠤᠷᠴᠠ | ᠰᠡᠷᠭᠦᠯᠡᠩ᠂ ᠠᠷᠢᠭᠤᠨ ᠴᠢᠭᠡᠴᠢ᠂ ᠡᠨᠡᠷᠢᠩᠭᠦᠢ ᠰᠡᠳᠭᠢᠯ ᠲᠠᠢ ᠬᠦᠮᠦᠨ ᠦᠭᠡᠢ︾ ᠭᠡᠵᠠᠢ᠃ ᠨᠤᠪᠧᠯ ᠤᠨ ᠱᠠᠩᠨᠠᠯ | ᠬᠦᠷᠲᠡᠭᠰᠡᠨ ᠳᠡᠯᠡᠬᠡᠢ ᠳᠤ ᠨᠡᠷᠡᠲᠠᠢ ᠺᠢᠦ᠋ᠢᠷᠢ ᠬᠠᠲᠤᠨ ᠤ ᠰᠡᠳᠭᠢᠯ ᠳᠤ ᠡᠵᠢ ᠨᠢ ᠬᠤᠷᠴᠠ ᠰᠡᠷᠭᠦᠯᠡᠩ᠂ ᠠᠷᠢᠭᠤᠨ | ᠴᠢᠭᠡᠴᠢ᠂ ᠰᠡᠳᠭᠢᠯ ᠵᠢᠷᠦᠬᠡᠨ ᠤ ᠠᠷᠢᠭᠤᠨ ᠬᠠᠶᠢᠷ᠎ᠠ ᠪᠠᠷ ᠢᠶᠠᠨ ᠺᠢᠦ᠋ᠢᠷᠢ ᠬᠠᠳᠤᠨᠢ ᠦᠰᠭᠡᠵᠦ ᠬᠦᠮᠦᠵᠢᠭᠦᠯᠦᠨ | ᠬᠠᠮᠤᠭ ᠤᠨ ᠭᠦᠨ ᠰᠠᠭᠤᠭᠳᠠᠯ ᠦᠯᠡᠳᠡᠭᠡᠵᠦ ᠲᠡᠭᠦᠨ ᠤ ᠨᠢᠭᠡ ᠨᠠᠰᠤ ᠶᠢ ᠬᠠᠮᠤᠭ ᠶᠡᠭᠡ ᠨᠦᠯᠦᠭᠡᠯᠡᠵᠠᠢ ᠭᠡᠳᠡᠭ ᠢ | ᠤᠶᠢᠯᠠᠭᠠᠵᠤ ᠪᠤᠯᠤᠨ᠎ᠠ᠃ | ᠠᠮᠧᠷᠢᠺᠡ ᠶᠢᠨ ᠨᠢᠭᠡᠨ ᠰᠡᠳᠭᠢᠴᠡ ᠵᠦᠢ ᠶᠢᠨ ᠡᠷᠳᠡᠮᠲᠡᠨ ᠠᠴᠠ ᠡᠵᠢ ᠭᠦᠮᠦᠨ ᠤ ᠬᠡᠦᠬᠡᠳᠤᠨ ᠨᠢᠭᠡ | ᠨᠠᠰᠤᠨ ᠳᠤ ᠦᠵᠡᠭᠦᠯᠬᠦ ᠦᠢᠯᠡᠳᠦᠯ ᠢ ᠰᠤᠳᠤᠯᠬᠤ ᠶᠢᠨ ᠲᠦᠯᠦᠭᠡ ᠪᠦᠬᠦ ᠠᠮᠧᠷᠢᠺᠡ ᠶᠢᠨ ᠬᠡᠪᠴᠢᠶᠡᠨ ᠳᠤ 50 | ᠨᠡᠷᠡᠰ ᠠᠮᠵᠢᠯᠲᠠ ᠤᠯᠤᠭᠰᠠᠳ ᠪᠠ 50 ᠨᠡᠷᠡᠰ ᠢᠯᠠᠭᠳᠠᠭᠰᠠᠳ ᠠᠴᠠ ᠰᠤᠩᠭᠤᠵᠤ᠂ ᠵᠠᠬᠢᠳᠠᠯ ᠤᠨ ᠬᠡᠯᠪᠡᠷᠢ ᠪᠠᠷ | ᠲᠡᠳᠡᠨ ᠠᠴᠠ ᠡᠵᠢ ᠶᠢᠨ ᠬᠢᠨᠢ ᠦᠭᠭᠦᠭᠰᠡᠨ ᠨᠦᠯᠦᠭᠡ ᠶᠢ ᠠᠰᠠᠭᠤᠪᠠ᠃ ᠬᠠᠷᠢᠭᠤ ᠵᠠᠬᠢᠳᠠᠯ ᠤᠨ ᠳᠤᠲᠤᠷ᠎ᠠ ᠠᠴᠠ | ᠬᠤᠶᠠᠷ ᠬᠤᠪᠢ ᠨᠢ ᠲᠡᠭᠦᠨ ᠤ ᠠᠩᠬᠠᠷᠤᠯ ᠢ ᠮᠠᠰᠢ ᠶᠡᠭᠡ ᠲᠠᠳᠠᠪᠠ᠃ ᠨᠢᠭᠡ ᠨᠢ ᠴᠠᠭᠠᠨ ᠤᠷᠳᠤᠨ ᠳᠤ ᠪᠠᠶᠢᠬᠤ | ᠨᠡᠷᠡᠲᠦ ᠬᠦᠮᠦᠨ᠂ ᠨᠢᠭᠡ ᠨᠢ ᠭᠢᠨᠳᠠᠨ ᠳᠤ ᠬᠤᠷᠢᠭᠳᠠᠵᠤ ᠪᠠᠶᠢᠭ᠎ᠠ ᠶᠠᠯᠠᠲᠠᠨ᠃ ᠲᠡᠳᠡ ᠴᠦᠮ ᠠᠳᠠᠯᠢ ᠨᠢᠭᠡ ᠤᠴᠢᠷ ᠢ | ᠶᠠᠷᠢᠵᠠᠢ᠃ ᠪᠠᠭ᠎ᠠ ᠶᠢᠨ ᠦᠶ᠎ᠡ ᠳᠤ ᠡᠵᠢ ᠨᠢ ᠠᠯᠮᠤᠷᠠᠳ ᠬᠤᠪᠢᠶᠠᠭᠰᠠᠨ ᠠᠳᠠᠯᠢᠬᠠᠨ ᠶᠠᠪᠤᠳᠠᠯ ᠢ ᠲᠤᠭᠠᠴᠢᠪᠠ᠃ | ᠭᠢᠨᠳᠠᠨ ᠳᠤ ᠪᠠᠶᠢᠭ᠎ᠠ ᠶᠠᠯᠠᠲᠠᠨ ᠵᠠᠬᠢᠳᠠᠯ ᠳᠤ ᠪᠠᠨ ᠢᠩᠬᠢᠵᠦ ᠪᠢᠴᠢᠪᠡ᠄ ᠪᠠᠭ᠎ᠠ ᠶᠢᠨ ᠦᠶᠡᠳᠤ ᠨᠢᠭᠡᠨ ᠡᠳᠦᠷ | ᠡᠵᠢ ᠬᠡᠳᠦᠨ ᠠᠯᠮᠤᠷᠠᠳ ᠠᠪᠴᠢᠷᠠᠪᠠ᠃ ᠤᠯᠠᠭᠠᠨ᠂ ᠨᠤᠭᠤᠭᠠᠨ᠂ ᠶᠡᠭᠡ ᠪᠠᠭ᠎ᠠ ᠲᠠᠢ ᠠᠯᠮᠤᠷᠠᠳ ᠪᠠᠶᠢᠪᠠ᠃ ᠪᠢ | ᠬᠠᠮᠤᠭ ᠪᠦᠲᠦᠭᠦᠨ ᠤᠯᠠᠭᠠᠨ ᠠᠯᠮᠤᠷᠠᠳ ᠢ ᠨᠢ ᠤᠯᠵᠤ ᠠᠪᠤᠶ᠎ᠠ ᠭᠡᠵᠦ ᠶᠡᠭᠡ ᠳᠤᠷᠠᠯᠠᠪᠠ᠃ ᠡᠨᠡ ᠦᠶᠡᠰ ᠡᠵᠢ | ᠠᠯᠮᠤᠷᠠᠳ ᠢ ᠰᠢᠷᠡᠭᠡᠨ ᠳᠡᠭᠡᠷ᠎ᠡ ᠲᠠᠯᠪᠢᠵᠤ᠂ ᠲᠡᠭᠦᠦ ᠮᠠᠨ ᠤ ᠬᠤᠶᠠᠭᠤᠯᠠ ᠠᠴᠠ᠄ ︽ᠠᠯᠢ ᠶᠢ ᠨᠢ ᠠᠪᠤᠶ᠎ᠠ ᠭᠡᠵᠦ | ᠰᠠᠨᠠᠵᠤ ᠪᠠᠶᠢᠬᠤ ᠪᠤᠢ︖︾ ᠭᠡᠵᠦ ᠠᠰᠠᠭᠤᠪᠠ᠃ ᠪᠢ ᠬᠠᠮᠤᠭ ᠪᠦᠳᠦᠭᠦᠨ ᠤᠯᠠᠭᠠᠨ ᠠᠴᠠ ᠨᠢ ᠭᠡᠵᠦ ᠬᠡᠯᠡᠵᠦ | ᠠᠮᠵᠢᠬᠤ ᠠᠴᠠ ᠡᠮᠦᠨ᠎ᠡ ᠲᠡᠭᠦᠦ ᠤᠷᠢᠳ ᠢᠶᠠᠷ ᠮᠢᠨᠤ ᠰᠠᠨᠠᠭᠰᠠᠨ ᠢ ᠭᠡᠯᠡᠴᠢᠭᠡᠪᠡ᠃ ᠡᠵᠢ ᠲᠡᠭᠦᠦ ᠶᠢ ᠬᠦᠴᠦᠲᠠᠢ | ᠬᠢᠯᠦ᠋ᠢᠵᠦ ᠠᠪᠤᠭᠠᠳ᠄ ︽ᠰᠠᠶᠢᠨ ᠬᠡᠦᠬᠡᠳ ᠪᠤᠯ ᠰᠠᠶᠢᠨ ᠶᠠᠭᠤᠮ᠎ᠠ ᠶᠢ ᠪᠤᠰᠤᠳ ᠲᠤ ᠨᠠᠶᠢᠷ ᠲᠠᠯᠪᠢᠳᠠᠭ ᠰᠢᠤ᠂ | ᠥᠪᠡᠷ ᠢ ᠪᠠᠨ ᠯᠡ ᠪᠤᠳᠤᠭᠠᠳ ᠪᠤᠯᠬᠤ ᠦᠭᠡᠢ︾ ᠭᠡᠪᠡ᠃ ᠪᠢ ᠪᠠᠷᠢᠨ ᠰᠠᠨᠠᠭᠰᠠᠨ ᠦᠭᠡ ᠪᠠᠨ ᠡᠷᠬᠢᠭᠦᠯᠵᠦ᠄ ︽ | ᠡᠵᠢ ᠡ᠂ ᠪᠢ ᠪᠠᠭ᠎ᠠ ᠶᠢ ᠨᠢ ᠠᠪᠤᠶ᠎ᠠ᠂ ᠬᠠᠮᠤᠭ ᠪᠦᠲᠦᠭᠦᠨ ᠤᠯᠠᠭᠠᠨ ᠢ ᠨᠢ ᠲᠡᠭᠦᠦ ᠳᠤ ᠦᠭᠴᠢᠬᠡ︕︾ | ᠭᠡᠰᠡᠨ ᠳᠤ ᠡᠵᠢ ᠰᠤᠨᠤᠰᠤᠭᠠᠳ ᠲᠦᠢᠯ ᠢᠶᠠᠷ ᠪᠠᠶᠠᠷᠯᠠᠵᠤ ᠮᠢᠨᠤ ᠮᠠᠩᠨᠠᠢ ᠳᠡᠭᠡᠷ᠎ᠡ ᠬᠦᠴᠦᠲᠠᠢ ᠦᠨᠦᠰᠴᠦ ᠠᠪᠤᠭᠠᠳ | ᠬᠠᠮᠤᠭ ᠪᠦᠲᠦᠭᠦᠨ ᠤᠯᠠᠭᠠᠨ ᠠᠯᠮᠤᠷᠠᠳ ᠢ ᠨᠠᠳᠠ ᠳᠤ ᠦᠭᠪᠡ᠃ ᠥᠪᠡᠷ ᠤᠨ ᠤᠯᠵᠤ ᠠᠪᠤᠶ᠎ᠠ ᠭᠡᠰᠡᠨ | ᠶᠠᠭᠤᠮ᠎ᠠ ᠪᠠᠨ ᠪᠢ ᠤᠯᠵᠤ ᠠᠪᠤᠯ᠎ᠠ᠃ ᠡᠨᠡ ᠡᠳᠦᠷ ᠠᠴᠠ ᠬᠤᠶᠢᠰᠢ ᠪᠢ ᠬᠤᠳᠠᠯ ᠬᠡᠯᠡᠬᠦ ᠶᠢ ᠰᠤᠷᠪᠠ᠂ ᠰᠡᠭᠦᠯᠡᠷ ᠨᠢ | ᠬᠡᠷᠡᠯᠳᠦᠬᠦ᠂ ᠬᠤᠯᠠᠭᠠᠶᠢᠯᠠᠬᠤ᠂ ᠳᠡᠭᠡᠷᠡᠮᠳᠡᠬᠦ ᠶᠢ ᠰᠤᠷᠴᠤ᠂ ᠦᠪᠡᠷ ᠤᠨ ᠵᠤᠷᠢᠭᠰᠠᠨ ᠳᠤ ᠪᠠᠨ ᠬᠦᠷᠬᠦ ᠭᠡᠳ ᠶᠠᠮᠠᠷ ᠴᠦ | ᠠᠷᠭ᠎ᠠ ᠪᠠᠷᠢᠯ ᠢ ᠰᠤᠩᠭᠤᠵᠤ ᠬᠡᠷᠡᠭᠯᠡᠬᠦ ᠠᠴᠠ ᠪᠤᠴᠠᠬᠤ ᠦᠭᠡᠢ ᠪᠤᠯᠵᠤ ᠬᠢᠨᠳᠠᠨ ᠳᠤ ᠬᠦᠷᠭᠡᠭᠳᠡᠵᠦ ᠶᠠᠯᠠᠲᠠᠨ ᠪᠤᠯᠪᠠ | ᠭᠡᠵᠠᠢ᠃ | ᠴᠠᠭᠠᠨ ᠤᠷᠳᠤᠨ ᠳᠤ ᠠᠵᠢᠯᠯᠠᠵᠤ ᠪᠠᠶᠢᠭ᠎ᠠ ᠨᠡᠷᠡᠲᠦ ᠬᠦᠮᠦᠨ ᠢᠩᠬᠢᠵᠦ ᠪᠢᠴᠢᠵᠡᠢ᠄ ᠪᠠᠭ᠎ᠠ ᠶᠢᠨ ᠦᠶ᠎ᠡ ᠳᠤ᠂ | ᠨᠢᠭᠡᠨ ᠡᠳᠦᠷ ᠡᠵᠢ ᠬᠡᠳᠦᠨ ᠠᠯᠮᠤᠷᠠᠳ ᠠᠪᠴᠢᠷᠠᠪᠠ᠃ ᠤᠯᠠᠭᠠᠨ᠂ ᠨᠤᠭᠤᠭᠠᠨ᠂ ᠶᠡᠭᠡ ᠪᠠᠭ᠎ᠠ ᠲᠠᠢ ᠠᠯᠮᠤᠷᠠᠳ | ᠪᠠᠶᠢᠯ᠎ᠠ᠃ ᠪᠢ ᠲᠡᠭᠦᠦ ᠨᠠᠷ ᠲᠠᠢ ᠪᠠᠨ ᠬᠠᠮᠤᠭ ᠶᠡᠭᠡ ᠤᠯᠠᠭᠠᠨᠢ ᠨᠢ ᠪᠤᠯᠢᠶᠠᠯᠴᠠᠬᠤ ᠳᠤ ᠡᠵᠢ ᠬᠠᠮᠤᠭ ᠶᠡᠭᠡ ᠤᠯᠠᠭᠠᠨ | ᠠᠯᠮᠤᠷᠠᠳ ᠢ ᠭᠠᠷ ᠲᠤ ᠪᠠᠨ ᠪᠠᠷᠢᠵᠤ᠄ ︽ᠡᠨᠡ ᠬᠦ ᠬᠠᠮᠤᠭ ᠰᠠᠶᠢᠨ ᠠᠯᠮᠤᠷᠠᠳ ᠢ ᠬᠡᠨ ᠴᠦ ᠣᠯᠣᠶ᠎ᠠ ᠭᠡᠵᠦ ᠰᠠᠨᠠᠵᠤ | ᠪᠠᠶᠢᠨ᠎ᠠ᠂ ᠲᠡᠭᠡᠪᠡᠯ ᠪᠢᠳᠡ ᠨᠢᠭᠡ ᠤᠷᠤᠯᠳᠤᠭᠠᠨ ᠶᠠᠪᠤᠭᠤᠯᠤᠶ᠎ᠠ᠂ ᠪᠢ ᠡᠭᠦᠳᠡᠨ ᠡᠮᠦᠨᠡᠬᠢ ᠡᠪᠡᠰᠦᠨ ᠲᠠᠯᠠᠪᠠᠢ ᠶᠢ | ᠳᠡᠭᠰᠢ ᠭᠤᠷᠪᠠᠨ ᠭᠡᠰᠡᠭ ᠬᠤᠪᠢᠶᠠᠶᠠ᠂ ᠲᠠ ᠭᠤᠷᠪᠠᠭᠤᠯᠠ ᠨᠢᠭᠡ ᠬᠦᠮᠦᠨ ᠤ ᠨᠢᠭᠡ ᠭᠡᠰᠡᠭ ᠢ ᠬᠠᠷᠢᠭᠤᠴᠠᠨ᠎ᠠ᠂ | ᠬᠡᠨ ᠨᠢ ᠬᠠᠮᠤᠭ ᠲᠦᠷᠭᠡᠨ ᠬᠠᠮᠤᠭ ᠰᠠᠶᠢᠬᠠᠨ ᠬᠢᠷᠪᠢᠵᠦ ᠴᠢᠳᠠᠪᠠᠯ ᠲᠡᠷᠡ ᠡᠨᠡ ᠠᠯᠮᠤᠷᠠᠳ ᠢ ᠤᠯᠬᠤ ᠡᠷᠬᠡ ᠲᠠᠢ | ᠪᠤᠯᠤᠨ᠎ᠠ︾ ᠭᠡᠪᠡ᠃ ᠪᠢ ᠬᠠᠮᠤᠭ ᠲᠦᠷᠭᠡᠨ ᠬᠠᠮᠤᠭ ᠰᠠᠶᠢᠬᠠᠨ ᠬᠠᠶᠢᠴᠢᠯᠠᠭᠰᠠᠨ ᠲᠤᠯᠠ ᠬᠠᠮᠤᠭ ᠶᠡᠭᠡ ᠬᠠᠮᠤᠭ | ᠤᠯᠠᠭᠠᠨ ᠠᠯᠮᠤᠷᠠᠳ ᠢ ᠤᠯᠪᠠ᠃ ᠪᠢ ᠡᠵᠢ ᠳᠤ ᠪᠠᠨ ᠲᠠᠯᠠᠷᠬᠠᠨ᠎ᠠ᠂ ᠲᠡᠷᠡ ᠨᠠᠳᠠ ᠳᠤ ᠬᠠᠮᠤᠭ ᠲᠦᠭᠦᠮ᠂ ᠮᠦᠨ | ᠴᠦ ᠬᠠᠮᠤᠭ ᠴᠢᠬᠤᠯᠠ ᠪᠤᠯᠬᠤ ᠶᠤᠰᠤ ᠶᠢ ᠲᠠᠨᠢᠭᠤᠯᠪᠠ᠃ ᠳᠠᠷᠤᠢ ᠬᠠᠮᠤᠭ ᠰᠠᠶᠢᠨ ᠢ ᠤᠯᠤᠶ᠎ᠠ ᠭᠡᠪᠡᠯ ᠨᠢᠭᠡᠳᠦᠭᠡᠷ ᠢ | ᠤᠯᠬᠤ ᠪᠠᠷ ᠴᠢᠷᠮᠠᠶᠢᠬᠤ ᠬᠡᠷᠡᠭᠲᠠᠢ᠃ ᠶᠠᠭᠤ ᠤᠯᠬᠤ᠂ ᠬᠡᠳᠦᠢ ᠶᠢ ᠤᠯᠬᠤ ᠭᠡᠪᠡᠯ ᠡᠷᠬᠡᠪᠰᠢ ᠲᠡᠳᠦᠢ ᠶᠢᠨ ᠴᠢᠷᠮᠠᠶᠢᠯᠭ᠎ᠠ | ᠵᠠᠷᠤᠴᠠᠭᠤᠯᠬᠤ ᠬᠡᠷᠡᠭᠲᠠᠢ ᠭᠡᠰᠡᠨ ᠶᠤᠰᠤ ᠶᠢ ᠮᠡᠳᠡᠭᠦᠯᠪᠡ ᠭᠡᠵᠠᠢ᠃ ᠠᠳᠠᠯᠢᠬᠠᠨ ᠨᠢᠭᠡ ᠠᠯᠮᠤᠷᠠᠳ ᠬᠤᠪᠢᠶᠠᠭᠰᠠᠨ | ᠶᠠᠪᠤᠳᠠᠯ ᠳᠤ ᠬᠠᠨᠳᠤᠭᠰᠠᠨ ᠬᠤᠶᠠᠷ ᠡᠵᠢ ᠶᠢᠨ ᠠᠳᠠᠯᠢ ᠪᠤᠰᠤ ᠦᠢᠯᠡ ᠠᠵᠢᠯᠯᠠᠭ᠎ᠠ ᠨᠢ ᠬᠤᠶᠠᠷ ᠲᠦᠢᠯ ᠤᠨ | ᠬᠦᠮᠦᠨ ᠢ ᠬᠦᠮᠦᠵᠢᠭᠦᠯᠵᠦ ᠭᠠᠷᠭᠠᠵᠠᠢ᠃ ᠡᠶᠢᠮᠦ ᠠᠴᠠ ᠡᠬᠡ ᠪᠤᠯᠤᠭᠰᠠᠨ ᠬᠦᠮᠦᠨ ᠵᠢᠵᠢᠭ ᠰᠠᠵᠢᠭ ᠤᠴᠢᠷ | ᠶᠠᠪᠤᠳᠠᠯ ᠳᠤ ᠴᠠᠯᠠᠭᠠᠶᠢᠳᠠᠵᠤ ᠪᠤᠯᠬᠤ ᠦᠭᠡᠢ᠂ ᠤᠶᠤᠨ ᠤᠬᠠᠭᠠᠨ ᠢᠶᠠᠨ ᠰᠢᠪᠬᠠᠵᠤ᠂ ᠳᠠᠷᠢᠬᠢ ᠲᠤᠯᠤᠭᠠᠢ ᠪᠠᠨ | ᠬᠦᠳᠡᠯᠭᠡᠨ ᠤᠶᠤᠨᠴᠢ ᠪᠠᠷ ᠬᠠᠨᠳᠤᠬᠤ ᠬᠡᠷᠡᠭᠲᠠᠢ ᠭᠡᠰᠡᠨ ᠢ ᠵᠠᠪᠠᠯ ᠠᠩᠬᠠᠷᠤᠯ ᠳᠤ ᠪᠠᠨ ᠠᠪᠬᠤ ᠬᠡᠷᠡᠭᠲᠠᠢ᠃ ᠤᠯᠠᠨ | ᠤᠳᠠᠭᠠᠨ ᠤ ᠰᠤᠳᠤᠯᠭᠠᠨ ᠤ ᠦᠷ᠎ᠡ ᠳ᠋ᠦᠩ ᠠᠴᠠ ᠦᠵᠡᠪᠡᠯ ᠤᠯᠠᠩᠬᠢ ᠠᠮᠵᠢᠯᠲᠠ ᠤᠯᠤᠭᠰᠠᠨ ᠬᠦᠮᠦᠰ ᠤᠨ ᠡᠬᠡ ᠨᠢ | ᠠᠭᠤᠵᠢᠭᠤ ᠲᠠᠯᠪᠢᠭᠤ ᠵᠠᠩ ᠲᠠᠢ᠂ ᠠᠭᠤᠷᠯᠠᠵᠤ ᠤᠴᠠᠭᠠᠷᠯᠠᠬᠤ ᠨᠢ ᠴᠦᠭᠡᠨ᠂ ᠮᠡᠳᠡᠯᠭᠡ ᠰᠤᠷᠬᠤ ᠶᠢ | ᠬᠦᠭᠡᠭᠡᠴᠡᠯᠳᠦᠳᠡᠭ ᠬᠦᠮᠦᠰ ᠪᠠᠶᠢᠵᠠᠢ ᠭᠡᠵᠦ ᠨᠤᠲᠠᠯᠠᠵᠤ ᠪᠤᠢ᠃ ᠡᠷᠳᠡᠮᠳᠡᠳ ᠤᠨ ᠦᠵᠡᠬᠦ ᠪᠠᠷ᠂ ᠦᠭᠡᠯᠦᠨ ᠡᠬᠡ ᠪᠤᠯ | ᠦᠲᠡᠭᠦᠰ ᠦᠭᠡ᠂ ᠰᠤᠶᠤᠭᠠᠷ ᠦᠭᠡ ᠶᠢ ᠰᠠᠶᠢᠨ ᠮᠡᠳᠡᠳᠡᠭ ᠰᠡᠴᠡᠨ ᠰᠡᠷᠭᠦᠯᠡᠩ ᠰᠤᠷᠭᠠᠨ ᠬᠦᠮᠦᠵᠢᠭᠦᠯᠦᠭᠴᠢ ᠮᠦᠨ | ᠭᠡᠵᠠᠢ᠃ ᠦᠭᠡᠯᠦᠨ ᠡᠬᠡ ᠶᠢᠨ ᠬᠦᠮᠦᠵᠢᠯ ᠳᠤᠤᠷ᠎ᠠ ᠴᠢᠩᠭᠢᠰ ᠬᠠᠭᠠᠨ ᠪᠦᠮᠪᠦᠷᠴᠡᠭ ᠤᠨ ᠬᠠᠭᠠᠰ ᠢ ᠡᠵᠡᠯᠡᠭᠰᠡᠨ | ᠴᠢᠳᠠᠪᠤᠷᠢᠲᠠᠨ ᠪᠤᠯᠤᠨ ᠬᠦᠮᠦᠵᠢᠭᠳᠡᠵᠦ ᠳᠡᠯᠡᠬᠡᠢ ᠶᠢᠨ ᠠᠯᠳᠠᠷᠲᠤ ᠬᠦᠮᠦᠨ ᠪᠤᠯᠪᠠ᠃ | ᠮᠤᠩᠭᠤᠯ ᠤᠯᠠᠮᠵᠢᠯᠠᠯᠲᠤ ᠶᠤᠰᠤ ᠵᠠᠩᠰᠢᠯ ᠳᠤ᠂ ᠡᠬᠡ ᠬᠦᠮᠦᠨ ᠤ ᠬᠤᠪᠢ ᠳᠤ ︽ᠬᠡᠭᠡᠷ ᠠᠯᠠᠭ ᠠᠴᠠ ᠰᠢᠭᠢᠷ᠎ᠡ | ᠠᠯᠠᠭ᠂ ᠭᠡᠯᠳᠡᠩ ᠭᠡᠬᠦᠦ ᠠᠴᠠ ᠱᠤᠪᠳᠤᠩ ᠤᠨᠠᠭ᠎ᠠ︾ ᠭᠡᠬᠦ ᠪᠤᠶᠤ ︽ᠦᠬᠢᠨ ᠢ ᠨᠢ ᠠᠪᠬᠤ ᠬᠦᠮᠦᠨ ᠡᠵᠢ ᠶᠢ ᠨᠢ | ᠦᠵᠡ︾᠂ ︽ᠶᠠᠩᠰᠢᠶ᠎ᠠ ᠡᠬᠡ ᠠᠴᠠ ᠶᠠᠷᠢᠶ᠎ᠠ ᠦᠬᠢᠨ︾᠂ ︽ᠬᠡᠷᠡᠭᠦᠯᠴᠢ ᠡᠬᠡ ᠶᠢᠨ ᠬᠠᠷᠢᠶᠠᠯᠴᠢ ᠦᠬᠢᠨ︾ ᠭᠡᠬᠦ | ᠮᠡᠲᠦ ᠶᠢᠨ ᠦᠬᠢᠳ ᠬᠦᠪᠡᠭᠦᠳ ᠤᠨ ᠠᠯᠢᠪᠠ ᠵᠠᠩ ᠲᠦᠷᠬᠦ᠂ ᠶᠤᠰᠤ ᠰᠤᠷᠲᠠᠬᠤᠨ ᠤ ᠪᠦᠷᠢᠯᠳᠦᠯ ᠵᠢᠴᠢ ᠤᠶᠤᠨ | ᠤᠬᠠᠭᠠᠨ ᠤ ᠬᠦᠭᠵᠢᠯᠲᠡ ᠨᠢ ᠪᠦᠷ ᠡᠬᠡ ᠶᠢᠨ ᠰᠤᠷᠭᠠᠯ ᠠᠴᠠ ᠰᠠᠯᠵᠤ ᠪᠤᠯᠤᠰᠢ ᠦᠭᠡᠢ ᠭᠡᠳᠡᠭ ᠢ ᠦᠭᠦᠯᠡᠵᠦ᠂ ᠡᠬᠡ | ᠪᠤᠯᠤᠭᠰᠠᠳᠤᠨ ᠬᠦᠨᠳᠦ ᠴᠢᠬᠤᠯᠠ ᠡᠭᠦᠷᠭᠡ ᠬᠠᠷᠢᠭᠤᠴᠠᠯᠭ᠎ᠠ ᠵᠢᠴᠢ ᠤᠨᠴᠠ ᠦᠢᠯᠡᠳᠦᠯ ᠬᠡᠷᠡᠭᠴᠡᠭᠡ ᠶᠢ | ᠳᠤᠲᠤᠷᠬᠠᠶᠢᠯᠠᠭᠰᠠᠨ ᠪᠠᠶᠢᠳᠠᠭ᠃ ᠮᠤᠩᠭᠤᠯᠴᠤᠳ ᠡᠨᠡ ᠲᠠᠯ᠎ᠠ ᠪᠠᠷ ᠮᠠᠰᠢ ᠡᠷᠲᠡ ᠮᠡᠳᠡᠳᠡᠭ᠂ ᠤᠤᠯ ᠨᠢ ᠠᠪᠤ ᠡᠵᠢ ᠨᠢ | ᠬᠦᠦ ᠳᠤ ᠪᠠᠨ ᠪᠡᠷᠢ ᠠᠰᠠᠭᠤᠵᠤ ᠦᠭᠬᠦ ᠦᠶ᠎ᠡ ᠳᠤ ᠪᠠᠨ ᠤᠷᠢᠳᠠᠪᠡᠷ ᠡᠬᠡ ᠶᠢ ᠨᠢ ᠦᠵᠡᠳᠡᠭ᠃ ᠡᠬᠡ ᠨᠢ ︽ᠤᠯᠠᠭᠠᠨ | ᠭᠠᠯᠵᠠᠭᠤ︾ ᠠᠶᠢᠯ ᠤᠨ ᠬᠡᠦᠬᠡᠨ ᠢ ᠠᠰᠠᠭᠤᠳᠠᠭ ᠦᠭᠡᠢ ᠪᠠᠶᠢᠭᠰᠠᠨ ᠭᠡᠨ᠎ᠡ᠃ ᠤᠴᠢᠷ ᠨᠢ ᠬᠡᠦᠬᠡᠨ ᠬᠦᠮᠦᠨ | ᠡᠬᠡ ᠶᠢᠨ ᠢᠶᠠᠨ ᠵᠠᠩ ᠠᠭᠠᠰᠢ ᠶᠢ ᠶᠡᠬᠡᠳᠡ ᠳᠠᠭᠤᠷᠢᠶᠠᠳᠠᠭ ᠶᠤᠮ᠃ ︽ᠰᠠᠶᠢᠨ ᠪᠡᠷᠢ ᠭᠤᠷᠪᠠᠨ ᠦᠶ᠎ᠡ ᠶᠢ ᠳᠡᠭᠡᠭᠰᠢ | ᠳᠠᠲᠠᠨ᠎ᠠ︾ ᠭᠡᠳᠡᠭ ᠢ ᠦᠨᠡᠨ ᠰᠠᠨᠠᠭᠠᠨ ᠠᠴᠠ ᠪᠠᠨ ᠮᠡᠳᠡᠷᠡᠳᠡᠭ ᠶᠤᠮ ᠪᠠᠶᠢᠨ᠎ᠠ᠃ | ᠮᠤᠩᠭᠤᠯ ᠠᠶᠢᠯ ᠭᠡᠷ ᠤᠨ ᠲᠢᠭ ᠶᠤᠰᠤ᠂ ᠦᠨᠳᠦᠰᠦᠲᠡᠨ ᠤ ᠵᠠᠩ ᠦᠢᠯᠡ ᠰᠤᠶᠤᠯ ᠤᠨ ᠤᠯᠠᠮᠵᠢᠯᠠᠯ ᠲᠡᠷᠡ | ᠪᠦᠬᠦᠨ ᠮᠤᠩᠭᠤᠯ ᠡᠬᠡᠴᠦᠤᠯ ᠤᠨ ᠰᠤᠷᠭᠠᠯ ᠢᠶᠠᠷ ᠳᠠᠮᠵᠢᠨ ᠤᠯᠠᠮᠵᠢᠯᠠᠭᠳᠠᠭᠰᠠᠭᠠᠷ ᠢᠷᠡᠭᠰᠡᠨ ᠰᠢᠤ ᠳ᠋ᠠ︕ ᠡ᠊ᠨᠳᠡ | ᠮᠠᠨᠳᠤᠬᠠᠢ ᠰᠡᠴᠡᠨ ᠬᠠᠳᠤᠨ ᠤ ᠳᠤᠬᠠᠢ ᠦᠯᠢᠭᠡᠷ ᠶᠠᠷᠢᠶ᠎ᠠ᠃ ᠲᠡᠷᠡ ᠪᠠᠷ ᠪᠠᠳᠤᠮᠦ᠋ᠩᠬᠡ ᠳᠡᠶᠠᠨ ᠬᠠᠭᠠᠨ ᠢ ᠨᠢᠯᠬ᠎ᠠ | ᠪᠠᠯᠴᠢᠷ ᠪᠠᠶᠢᠬᠤ ᠳᠤ ᠨᠢ ᠬᠠᠳᠤᠨ ᠨᠢ ᠮᠦᠷᠲᠡᠭᠡᠨ ᠡᠵᠢ ᠶᠢᠨ ᠤᠷᠤᠨ ᠳᠤ ᠡᠵᠢ ᠨᠢ ᠪᠠᠶᠢᠵᠤ ᠦᠰᠭᠡᠵᠦ | ᠬᠦᠮᠦᠵᠢᠭᠦᠯᠬᠦ ᠠᠴᠠ ᠦᠭᠰᠦᠭᠦᠯᠦᠭᠡᠳ ᠪᠤᠳᠠᠷᠠᠭᠰᠠᠨ ᠤᠯᠤᠰ ᠢ ᠨᠢ ᠨᠢᠭᠡᠳᠭᠡᠵᠦ᠂ ᠲᠦᠷᠦ ᠶᠢᠨ ᠵᠢᠯᠤᠭᠤ ᠶᠢ | ᠠᠳᠬᠤᠭᠤᠯᠵᠤ ᠦᠭᠬᠦ ᠶᠢᠨ ᠵᠡᠷᠭᠡ ᠪᠠᠷ ᠠᠯᠢᠪᠠ ᠪᠦᠬᠦᠨ ᠢ ᠨᠢ ᠬᠠᠮᠵᠢᠯᠴᠠᠨ ᠬᠦᠢᠴᠡᠳᠭᠡᠭᠰᠡᠨ ᠶᠤᠮ᠃ ᠲᠡᠭᠡᠭᠡᠳ | ᠡᠷᠡᠶᠢᠨ ᠴᠡᠭᠡᠯ ᠳᠤ ᠬᠦᠷᠦᠭᠰᠡᠨ ᠤ ᠬᠢᠨᠢ ᠳᠠᠷᠠᠭ᠎ᠠ᠄ ︽ᠪᠢ ᠨᠢᠭᠡᠨ ᠪᠦᠰᠡᠬᠦᠢ ᠬᠦᠮᠦᠨ ᠲᠦᠷᠦ ᠶᠢᠨ ᠠᠵᠢᠯᠳᠤ | ᠤᠷᠤᠯᠴᠠᠬᠤ ᠨᠢ ᠵᠦᠢ ᠦᠭᠡᠢ᠃ ᠠᠯᠲᠠᠨ ᠤᠷᠤᠭ ᠤᠨ ᠵᠠᠯᠭᠠᠮᠵᠢᠯᠠᠭᠴᠢ ᠪᠤᠯᠤᠭᠰᠠᠨ ᠲᠡᠶᠡᠨ ᠬᠠᠭᠠᠨ ᠥᠪᠡᠷ ᠢᠶᠠᠨ | ᠮᠠᠳᠡᠭᠳᠦᠨ︾ ᠬᠡᠮᠡᠭᠡᠳ ᠰᠠᠶᠢᠨ ᠳᠤᠷ᠎ᠠ ᠠᠴᠠ ᠪᠠᠨ ᠭᠡᠷ ᠤᠨ ᠡᠵᠡᠭᠲᠠᠢ ᠪᠤᠯᠤᠭᠰᠠᠨ ᠰᠠᠨ᠃ ᠡᠨᠡ ᠨᠢ ᠬᠠᠳᠤᠨ | ᠬᠦᠮᠦᠨ ᠤ ᠡᠭᠦᠷᠭᠡ ᠬᠠᠷᠢᠭᠤᠴᠠᠯᠭ᠎ᠠ ᠪᠤᠯ ᠬᠠᠭᠠᠨ ᠲᠦᠷᠦ ᠶᠢᠨ ᠵᠠᠯᠭᠠᠮᠵᠢᠯᠠᠭᠴᠢ ᠶᠢ ᠬᠦᠮᠦᠵᠢᠭᠦᠯᠬᠦ ᠶᠠᠪᠤᠳᠠᠯ ᠬᠡᠮᠡᠨ | ᠲᠤᠳᠤ ᠤᠬᠠᠭᠠᠷᠠᠭᠰᠠᠨ ᠤ ᠬᠢ ᠪᠤᠯᠤᠢ᠃ | ᠶᠠᠫᠤᠨ ᠳᠤ ᠡᠮᠡᠭᠲᠠᠢ ᠬᠦᠮᠦᠨ ᠬᠡᠦᠬᠡᠳ ᠲᠦᠷᠦᠮᠡᠭᠴᠡ ᠠᠯᠪᠠᠨ ᠠᠵᠢᠯ ᠬᠢᠳᠡᠭ ᠦᠭᠡᠢ ︵ᠤᠯᠤᠰ ᠠᠴᠠ | ᠨᠦᠬᠦᠪᠦᠷᠢ ᠦᠭᠳᠡᠭ︶᠃ ᠭᠡᠷ ᠲᠤ ᠪᠠᠨ ᠬᠡᠦᠬᠡᠳ ᠢᠶᠠᠨ ᠦᠰᠭᠡᠨ ᠬᠦᠮᠦᠵᠢᠭᠦᠯᠵᠦ ᠰᠠᠭᠤᠳᠠᠭ᠃ ᠭᠡᠬᠦ ᠳᠤ ᠪᠠᠨ | ᠨᠤᠮ ᠤᠨ ᠰᠠᠩ ᠳᠤ ᠤᠴᠢᠵᠤ ᠬᠡᠦᠬᠡᠳ ᠲᠠᠢ ᠪᠠᠨ ᠬᠠᠮᠲᠤ ᠨᠤᠮ ᠤᠩᠰᠢᠵᠤ ᠰᠠᠭᠤᠳᠠᠭ᠃ ᠶᠠᠫᠤᠨ ᠬᠦᠮᠦᠨ ᠤ ᠬᠡᠪ | ᠴᠢᠨᠠᠷ ᠦᠨᠳᠦᠷ ᠪᠠᠶᠢᠳᠠᠭ ᠪᠠ ᠰᠢᠨᠵᠢᠯᠡᠭᠡ ᠮᠡᠷᠭᠡᠵᠢᠯ ᠤᠨ ᠦᠳᠲᠡᠷ ᠲᠦᠷᠭᠡᠨ ᠬᠦᠭᠵᠢᠯᠲᠡ ᠨᠢ ᠡᠭᠦᠨ ᠲᠠᠢ | ᠬᠤᠯᠪᠤᠭ᠎ᠠ ᠲᠠᠢ ᠭᠡᠵᠦ ᠭᠠᠳᠠᠭᠠᠳᠤ ᠲᠤᠲᠤᠭᠠᠳᠤ ᠶᠢᠨ ᠰᠤᠳᠤᠯᠭᠠᠲᠠᠳ ᠰᠠᠨᠠᠯ ᠨᠢᠭᠡᠲᠠᠢ ᠦᠵᠡᠵᠦ ᠪᠠᠶᠢᠨ᠎ᠠ᠃ | ︽ᠡᠵᠢ ᠶᠢᠨ ᠬᠠᠷᠠᠮ ᠦᠭᠡᠢ ᠬᠤᠶᠢᠰᠢ ᠦᠭᠡᠢ ᠬᠠᠶᠢᠷ᠎ᠠ ᠬᠠᠪᠰᠤᠷᠤᠯᠭ᠎ᠠ ᠦᠭᠡᠢ ᠪᠤᠯ ᠬᠡᠦᠬᠡᠳ ᠤᠨ ᠤᠶᠤᠨ | ᠰᠠᠨᠠᠭ᠎ᠠ ᠬᠤᠪᠠᠭ᠋ᠠᠢ ᠡᠯᠡᠰᠦ ᠰᠢᠭ ᠪᠤᠯᠳᠠᠭ︾ ᠭᠡᠰᠡᠨ ᠠᠩᠭ᠍ᠯᠢ ᠶᠢᠨ ᠰᠡᠴᠡᠨ ᠦᠭᠡ ᠪᠠᠶᠢᠳᠠᠭ᠃ ᠬᠦᠮᠦᠨ ᠤ ᠨᠢᠭᠡ | ᠨᠠᠰᠤᠨ ᠤ ᠬᠦᠮᠦᠵᠢᠯ ᠳᠤ ᠡᠬᠡ ᠶᠢᠨ ᠬᠦᠮᠦᠵᠢᠯ ᠪᠤᠯ ᠬᠠᠮᠤᠭ ᠤᠨ ᠴᠢᠬᠤᠯᠠ᠂ ᠬᠠᠮᠤᠭ ᠤᠨ ᠰᠠᠭᠤᠷᠢ ᠬᠦᠮᠦᠵᠢᠯ | ᠮᠦᠨ ᠭᠡᠰᠡᠨ ᠢ ᠤᠬᠠᠭᠠᠷᠠᠬᠤ ᠶᠤᠰᠤᠲᠠᠢ᠃ ᠬᠡᠦᠬᠡᠳ ᠡᠬᠡ ᠶᠢᠨ ᠢᠶᠠᠨ ᠬᠡᠪᠡᠯᠢ ᠳᠤ ᠬᠦᠮᠦᠨ ᠲᠦᠷᠦᠯ ᠤᠯᠤᠭᠰᠠᠨ | ᠴᠠᠭ ᠠᠴᠠ ᠳᠠᠭᠤ ᠶᠢ ᠨᠢ ᠰᠤᠨᠤᠰᠴᠤ᠂ ᠨᠦᠯᠦᠭᠡ ᠶᠢ ᠨᠢ ᠭᠦᠷᠲᠡᠳᠡᠭ᠃ ᠡᠶᠢᠮᠦ ᠠᠴᠠ ᠡᠬᠡ ᠪᠤᠯᠤᠭᠰᠠᠳ ᠨᠤᠮ | ᠪᠢᠴᠢᠭ ᠤᠩᠰᠢᠬᠤ᠂ ᠡᠷᠳᠡᠮᠲᠡᠨ ᠪᠠᠭᠰᠢ ᠨᠠᠷ ᠤᠨ ᠬᠢᠴᠢᠶᠠᠯ ᠢ ᠰᠤᠨᠤᠰᠬᠤ᠂ ᠲᠤᠭᠤᠷᠢᠨ ᠰᠤᠷᠤᠯᠴᠠᠬᠤ ᠭᠡᠬᠦ | ᠮᠡᠲᠦ ᠶᠢᠨ ᠠᠷᠭ᠎ᠠ ᠪᠠᠷ ᠥᠪᠡᠷ ᠤᠨ ᠬᠡᠦᠬᠡᠳ ᠬᠦᠮᠦᠵᠢᠭᠦᠯᠬᠦ ᠮᠡᠳᠡᠯᠭᠡ ᠪᠠᠨ ᠦᠷᠭᠡᠳᠭᠡᠵᠦ᠂ ᠥᠪᠡᠷ ᠤᠨ ᠬᠡᠪ | ᠴᠢᠨᠠᠷ ᠢᠶᠠᠨ ᠳᠠᠰᠤᠷᠠᠯᠲᠠ ᠦᠭᠡᠢ ᠳᠡᠭᠡᠭᠰᠢᠯᠡᠭᠦᠯᠵᠦ᠂ ᠬᠡᠦᠬᠡᠳ ᠤᠨ ᠬᠦᠮᠦᠵᠢᠯ ᠳᠤ ᠡᠬᠡ ᠬᠦᠮᠦᠨ ᠤ ᠬᠦᠮᠦᠵᠢᠯ | ᠬᠠᠮᠤᠭ ᠤᠨ ᠵᠠᠩᠭᠢᠯᠠᠭ᠎ᠠ ᠭᠡᠰᠡᠨ ᠢ ᠪᠠᠳᠤ ᠮᠡᠳᠡᠷᠡᠬᠦ ᠬᠡᠷᠡᠭᠲᠠᠢ᠃ | | ᠬᠠᠶ᠋ᠢᠬ᠄ ᠪᠠᠷᠠᠭᠤᠨ ᠦᠵᠦᠮᠦᠴᠢᠨ ᠬᠤᠰᠢᠭᠤᠨ ᠤ ᠰᠤᠷᠤᠯᠭ᠎ᠠ ᠶᠢᠨ ᠳᠡᠳᠬᠦᠮᠵᠢ ᠶᠢᠨ ᠲᠦᠪ | ︵ᠪᠠᠭᠠᠨ᠎ᠠ ᠨᠠᠶᠢᠷᠠᠭᠤᠯᠪᠠ︶ | 2019 ᠣᠨ ᠤ 12 ᠳ᠋ᠤᠭᠠᠷ ᠬᠤᠭᠤᠴᠠᠭ᠎ᠠ | | |