ᠰᠡᠴᠡᠨᠳᠤᠶᠠᠭ᠎ᠠ | | ︽ᠦᠯᠦᠭᠡᠢ ᠳᠤ ᠠᠷᠭᠠᠳᠠᠭᠤᠯᠤᠭᠰᠠᠨ ᠬᠡᠦᠬᠡᠳ ᠦᠰᠴᠦ ᠪᠤᠶᠢᠵᠢᠭᠠᠳ ᠲᠡᠯᠡᠭᠡᠢ ᠶᠢ ᠠᠷᠭᠠᠳᠠᠨ᠎ᠠ︾ ᠭᠡᠳᠡᠭ᠃ | ᠲᠡᠭᠡᠬᠦ ᠳᠤ ᠬᠡᠦᠭᠡᠳ ᠤᠨ ᠲᠡᠯᠡᠬᠡᠢ ᠶᠢ ᠠᠷᠭᠠᠳᠠᠬᠤ ᠬᠦᠴᠦᠨ ᠰᠤᠷᠭᠠᠨ ᠬᠦᠮᠦᠵᠢᠯ ᠠᠴᠠ ᠢᠷᠡᠳᠡᠭ᠃ | ︽ᠪᠠᠶᠢᠭᠠᠯᠢ ᠶᠢᠨ ᠨᠠᠷᠠᠨ ᠬᠦᠮᠦᠨ ᠢ ᠭᠠᠳᠠᠨ᠎ᠠ ᠠᠴᠠ ᠲᠤᠯᠠᠭᠠᠴᠠᠭᠤᠯᠳᠠᠭ ᠪᠠᠶᠢᠬᠤ ᠳᠤ ᠰᠤᠶᠤᠯ ᠤᠨ ᠨᠠᠷᠠᠨ ᠬᠦᠮᠦᠨ ᠢ | ᠲᠤᠳᠤᠷ᠎ᠠ ᠠᠴᠠ ᠨᠢ ᠭᠡᠷᠡᠯᠳᠦᠭᠦᠯᠳᠡᠭ︾ ᠭᠡᠳᠡᠭ ᠤᠨ ᠶᠤᠰᠤᠨ ᠡᠨᠡ ᠠᠵᠣᠭᠤ᠃ ᠰᠤᠷᠭᠠᠨ ᠬᠦᠮᠦᠵᠢᠯ ᠳᠤ ᠭᠡᠷ | ᠪᠦᠯᠢ ᠶᠢᠨ ᠰᠤᠷᠭᠠᠨ ᠬᠦᠮᠦᠵᠢᠯ᠂ ᠰᠤᠷᠭᠠᠭᠤᠯᠢ ᠶᠢᠨ ᠰᠤᠷᠭᠠᠨ ᠬᠦᠮᠦᠵᠢᠯ᠂ ᠨᠡᠶᠢᠭᠡᠮ ᠤᠨ ᠰᠤᠷᠭᠠᠨ ᠬᠦᠮᠦᠵᠢᠯ᠂ | ᠦᠪᠡᠷ ᠤᠨ ᠰᠤᠷᠭᠠᠨ ᠭᠦᠮᠦᠵᠢᠯ ᠭᠡᠵᠦ ᠲᠦᠷᠪᠡᠨ ᠲᠠᠯ᠎ᠠ ᠪᠠᠶᠢᠳᠠᠭ᠃ ᠡᠭᠦᠨ ᠳᠤ ᠦᠪᠡᠷ ᠤᠨ ᠰᠤᠷᠭᠠᠨ ᠬᠦᠮᠦᠵᠢᠯ | ᠪᠣᠯ ᠨᠠᠰᠤᠨ ᠲᠤᠷᠰᠢᠳᠠ ᠶᠢᠨ ᠰᠤᠷᠭᠠᠨ ᠬᠦᠮᠦᠵᠢᠯ ᠪᠣᠯᠤᠨ᠎ᠠ᠃ ᠨᠢᠭᠡ ᠬᠦᠮᠦᠨ ᠤ ᠦᠰᠦᠨ ᠪᠤᠶᠢᠵᠢᠯᠳᠠ ᠳᠤ ᠠᠪᠴᠤ | ᠬᠡᠯᠡᠪᠡᠯ ᠭᠡᠷ ᠪᠦᠯᠢ ᠶᠢᠨ ᠰᠤᠷᠭᠠᠨ ᠬᠦᠮᠦᠵᠢᠯ᠂ ᠰᠤᠷᠭᠠᠭᠤᠯᠢ ᠶᠢᠨ ᠰᠤᠷᠭᠠᠨ ᠬᠦᠮᠦᠵᠢᠯ᠂ ᠨᠡᠶᠢᠭᠡᠮ ᠤᠨ ᠰᠤᠷᠭᠠᠨ | ᠬᠦᠮᠦᠵᠢᠯ ᠪᠣᠯ ᠲᠡᠭᠦᠨ ᠤ ᠬᠦᠭᠵᠢᠵᠦ ᠲᠦᠯᠵᠢᠬᠦ ᠶᠢᠨ ᠤᠴᠤᠭ ᠤᠨ ᠭᠤᠷᠪᠠᠨ ᠴᠢᠯᠠᠭᠤ ᠮᠦᠨ᠃ ᠡᠨᠡ ᠭᠤᠷᠪᠠ ᠶᠢᠨ | ᠭᠠᠷ ᠨᠡᠶᠢᠯᠡᠭᠰᠡᠨ ᠬᠦᠳᠡᠯᠮᠦᠷᠢ ᠠᠴᠠ ᠰᠠᠶ᠋ᠢ ᠨᠢᠭᠡᠨ ᠰᠢᠯᠢᠳᠡᠭ ᠬᠦᠮᠦᠨ ᠮᠡᠨᠳᠦᠯᠡᠨ᠎ᠡ᠃ ᠭᠡᠬᠦ ᠳᠤ ᠦᠪᠡᠷ ᠤᠨ | ᠰᠤᠷᠭᠠᠨ ᠬᠦᠮᠦᠵᠢᠯ ᠪᠣᠯ ᠡᠨᠡ ᠬᠦ ︽ᠤᠴᠤᠭ︾ ᠠᠴᠠ ᠲᠦᠷᠡᠯᠵᠡᠨ ᠮᠠᠨᠳᠤᠭᠰᠠᠨ ᠭᠠᠯ ᠮᠦᠨ᠃ ᠡᠨᠡ ᠭᠠᠯ | ᠬᠦᠴᠦᠳᠡᠢ ᠪᠣᠯ ᠨᠠᠰᠤᠨ ᠲᠤᠷᠰᠢᠳᠠ ᠪᠠᠳᠠᠷᠠᠵᠤ᠂ ᠬᠦᠴᠦ ᠦᠭᠡᠢ ᠪᠣᠯ ᠲᠤᠳᠠᠭᠤ ᠲᠤᠷᠭᠤᠨ ᠤᠨᠳᠠᠷᠠᠴᠢᠬᠠᠳᠠᠭ᠃ | ᠡᠨᠡ ᠭᠠᠯ ᠤᠨ ᠬᠦᠴᠦ ᠬᠦᠮᠦᠨ ᠤ ᠬᠤᠪᠢ ᠪᠡᠶ᠎ᠡ ᠶᠢᠨ ᠬᠡᠪ ᠪᠣᠯᠪᠠᠰᠤᠷᠠᠯ᠂ ᠡᠷᠳᠡᠮ ᠴᠢᠳᠠᠪᠤᠷᠢ᠂ ᠤᠢ ᠤᠬᠠᠭᠠᠨ᠂ | ᠦᠵᠡᠯ ᠰᠠᠨᠠᠭ᠎ᠠ ᠳᠤ ᠪᠤᠢ᠃ | ᠠᠩᠭᠢ ᠶᠢᠨ ᠡᠷᠭᠢᠯᠡᠭᠴᠢ ᠪᠣᠯ ᠨᠢᠭᠡᠨ ᠤᠨᠴᠠᠭᠠᠢ ᠷᠤᠯᠢ ᠶᠢᠨ ᠬᠦᠮᠦᠰ ᠶᠤᠮ᠃ ᠲᠡᠳᠡ ᠰᠤᠷᠭᠠᠭᠤᠯᠢ ᠶᠢᠨ | ᠲᠦᠯᠦᠭᠡᠨ ᠤ ᠠᠵᠢᠯᠯᠠᠭᠴᠢ ᠮᠦᠷᠳᠡᠭᠡᠨ ᠮᠦᠨ ᠴᠤ ᠰᠤᠷᠤᠭᠴᠢ ︵ᠭᠡᠷ ᠤᠨ ᠠᠬᠠᠮᠠᠳ︶ ᠶᠢᠨ ᠲᠠᠯ᠎ᠠ ᠶᠢᠨ | ︽ᠦᠮᠦᠭᠯᠡᠭᠴᠢ︾ ᠮᠦᠨ᠃ ᠲᠡᠳᠡ ᠰᠤᠷᠭᠠᠨ ᠬᠦᠮᠦᠵᠢᠯ ᠤᠨ ᠵᠣᠷᠢᠭ ᠰᠠᠨᠠᠭ᠎ᠠ᠂ ᠰᠤᠷᠭᠠᠭᠤᠯᠢ ᠶᠢᠨ ᠲᠥᠷᠢᠮ | ᠲᠤᠭᠳᠠᠭᠠᠯ ᠢ ᠵᠦᠪ ᠲᠥᠪ ᠢᠶᠠᠷ ᠲᠤᠭᠤᠰᠢᠯᠠᠭᠤᠯᠬᠤ ᠬᠠᠷᠢᠭᠤᠴᠠᠯᠭ᠎ᠠ ᠲᠠᠢ ᠪᠦᠭᠡᠳ ᠰᠤᠷᠤᠭᠴᠢ ᠶᠢᠨ ᠡᠷᠬᠡ | ᠠᠰᠢᠭ ᠤᠨ ᠡᠮᠦᠨ᠎ᠡ ᠠᠴᠠ ᠲᠡᠳᠡᠨ ᠤ ᠠᠰᠢᠭ ᠲᠤᠰᠠ ᠶᠢ ᠬᠠᠮᠠᠭᠠᠯᠠᠬᠤ ᠡᠭᠦᠷᠬᠡ ᠲᠠᠢ ᠪᠠᠶᠢᠳᠠᠭ᠃ ᠡᠶᠢᠮᠦᠷᠬᠦᠤ | ᠲᠠᠪᠬᠤᠷᠳᠠᠯ ᠬᠠᠷᠢᠴᠠᠭᠠᠳᠤ ᠠᠵᠢᠯ ᠤᠨ ᠪᠠᠶᠢᠷᠢ ᠨᠢ ᠠᠩᠭᠢ ᠶᠢᠨ ᠡᠷᠭᠢᠯᠡᠭᠴᠢ ᠳᠤ ᠨᠡᠩ ᠶᠡᠭᠡ ᠦᠪᠡᠷ ᠢ ᠨᠢ ᠡᠵᠡᠮᠳᠡᠬᠦ᠂ | ᠤᠷᠤᠨ ᠵᠤᠭᠰᠣᠴᠠ ᠪᠠᠨ ᠤᠶᠢᠯᠠᠭᠠᠬᠤ ᠱᠠᠭᠠᠷᠳᠠᠯᠭ᠎ᠠ ᠦᠭᠭᠦᠭᠰᠡᠨ ᠪᠠᠶᠢᠨ᠎ᠠ᠃ ᠠᠳᠡ ᠪᠢ ︽ᠬᠠᠷᠠᠮᠴᠢ︾ | ᠠᠩᠭᠢ ᠶᠢᠨ ᠡᠷᠬᠢᠯᠡᠭᠴᠢ ᠪᠤᠯᠬᠤ ᠲᠣᠬᠠᠢ ᠦᠵᠡᠯᠳᠠ ᠪᠤᠳᠤᠯ ᠢᠶᠠᠨ ᠰᠠᠶᠢᠷᠡᠭᠦᠯᠪᠡ᠃ | ᠨᠢᠭᠡ᠂ ᠠᠩᠭᠢ ᠶᠢᠨ ᠡᠷᠭᠢᠯᠡᠭᠴᠢ ᠦᠭᠡᠨ ᠳᠤ ᠪᠠᠨ ᠵᠠᠪᠠᠯ ︽ᠬᠠᠷᠠᠮᠴᠢ︾ ᠪᠠᠶᠢᠬᠤ ᠬᠡᠷᠡᠭᠳᠡᠢ᠃ | ᠦᠭᠡ ᠪᠣᠯ ᠬᠦᠳᠡᠯᠮᠦᠷᠢ ᠪᠠ ᠬᠠᠷᠢᠯᠴᠠᠭᠠᠨ ᠤ ᠬᠡᠷᠡᠭᠯᠡᠭᠦᠷ᠂ ᠬᠦᠮᠦᠰ ᠢ ᠵᠠᠯᠠᠵᠤ ᠵᠢᠯᠤᠭᠤᠳᠬᠤ ᠤᠷᠠᠯᠢᠭ | ᠶᠤᠮ᠃ ᠦᠭᠡ ᠪᠣᠯ ᠤᠶᠤᠨ ᠤᠬᠠᠭᠠᠨ ᠤ ᠪᠠᠶᠠᠯᠢᠭ᠂ ᠳᠤᠲᠤᠭᠠᠳᠤ ᠰᠡᠳᠬᠢᠯ ᠤᠨ ᠲᠤᠰᠬᠠᠯ᠂ ᠡᠷᠳᠡᠮᠳᠦ ᠬᠦᠮᠦᠨ ᠤ | ᠦᠪᠡᠷ ᠢ ᠪᠠᠨ ᠲᠤᠳᠤᠷᠬᠠᠶᠢᠯᠠᠬᠤ ᠦᠵᠡᠬᠦᠯᠦᠯᠳᠡ ᠶᠤᠮ᠃ ᠰᠠᠶᠢᠨ ᠦᠭᠡ ᠡᠮ ᠪᠤᠯᠵᠤ᠂ ᠮᠠᠭᠤ ᠦᠭᠡ ᠰᠤᠮᠤ | ᠪᠤᠯᠳᠠᠭ᠃ ᠰᠠᠷᠠᠭᠤᠯ ᠤᠬᠠᠭᠠᠨ ᠲᠠᠢ ᠬᠦᠮᠦᠨ ᠰᠠᠶᠢᠨ ᠦᠭᠡ ᠬᠡᠯᠡᠵᠦ᠂ ᠰᠠᠭᠠᠷ ᠪᠤᠳᠤᠯᠭ᠎ᠠ ᠲᠠᠢ ᠬᠦᠮᠦᠨ ᠮᠠᠭᠤ | ᠦᠭᠡ ᠶᠠᠷᠢᠳᠠᠭ᠃ ᠮᠠᠭᠳᠠᠭᠠᠯ ᠤᠨ ᠨᠢᠭᠡ ᠦᠭᠡ ᠭᠤᠷᠪᠠᠨ ᠰᠠᠷ᠎ᠠ ᠶᠢᠨ ᠬᠦᠴᠦᠨ ᠲᠠᠢ ᠪᠠᠶᠢᠬᠤ ᠳᠤ ᠵᠢᠮᠡᠯᠡᠯ ᠤᠨ ᠨᠢᠭᠡ | ᠦᠭᠡ ᠭᠤᠷᠪᠠᠨ ᠵᠢᠯ ᠤᠨ ᠦᠰᠢᠯ ᠲᠠᠢ ᠪᠠᠶᠢᠳᠠᠭ᠃ ᠠ᠊ · ᠰ᠊ · ᠫᠦᠱᠺᠢᠨ ︽ᠬᠦᠮᠦᠨ ᠤ ᠵᠢᠷᠦᠭᠡ ᠶᠢ ᠦᠭᠡ ᠪᠠᠷ | ᠲᠤᠯᠠᠭᠠᠴᠠᠭᠤᠯᠤᠨ᠎ᠠ︾ ᠬᠡᠵᠦ ᠬᠡᠯᠡᠭᠰᠡᠨ ᠪᠢᠯᠡ᠃ ᠬᠡᠦᠬᠡᠳ ᠢ ᠬᠡᠯᠡᠵᠦ ᠰᠤᠷᠭᠠᠬᠤ ᠪᠣᠯ ᠡᠩ ᠤᠨ ᠶᠤᠰᠤᠨ᠃ | ᠡᠶᠢᠮᠦ ᠠᠴᠠ ᠠᠩᠭᠢ ᠶᠢᠨ ᠡᠷᠬᠢᠯᠡᠭᠴᠢ ᠪᠤᠯᠤᠭᠰᠠᠳ ᠡᠳᠦᠷ ᠪᠦᠷᠢ ᠴᠠᠭ ᠮᠦᠴᠡ ᠦᠭᠡᠢ ᠬᠡᠦᠬᠡᠳ ᠢ ᠬᠡᠯᠡᠵᠦ | ᠰᠤᠷᠭᠠᠵᠤ ᠪᠠᠶᠢᠳᠠᠭ᠃ ᠭᠡᠬᠦ ᠳᠤ ᠪᠠᠨ ᠡ᠊ᠨᠳᠡ ᠰᠠᠨᠠᠭᠤᠯᠬᠤ ᠨᠢ ᠲᠠ ᠨᠠᠷ ᠦᠭᠡᠨ ᠳᠤ ᠪᠠᠨ ︽ᠬᠠᠷᠠᠮᠴᠢ︾ ᠪᠠᠢ᠃ | ᠦᠭᠡ ᠪᠣᠯ ᠮᠦᠩᠭᠦ᠂ ᠬᠠᠷᠢᠨ ᠲᠣᠭᠤᠢ ᠪᠠᠶᠢᠬᠤ ᠪᠣᠯ ᠠᠯᠳᠠ ᠭᠡᠳᠡᠭ ᠦᠭᠡ ᠪᠤᠢ᠃ ᠢᠯᠡᠬᠦᠦ ᠦᠭᠡ ᠬᠠᠷᠠᠮᠰᠠᠯ ᠳᠤ | ᠬᠦᠷᠭᠡᠳᠡᠭ᠃ ᠮᠠᠭᠤ ᠦᠭᠡ ᠬᠤᠤᠷ ᠲᠠᠷᠢᠳᠠᠭ᠃ ᠲᠠᠨ ᠤ ᠬᠢᠯᠢᠩᠨᠡᠵᠦ ᠶᠠᠷᠢᠭᠰᠠᠨ᠂ ᠠᠭᠤᠷᠯᠠᠵᠦ ᠬᠡᠯᠡᠭᠰᠡᠨ᠂ | ᠶᠦᠭᠡᠳᠡᠵᠦ ᠬᠡᠯᠡᠭᠰᠡᠨ᠂ ᠳᠤᠷ᠎ᠠ ᠦᠭᠡᠶᠢᠴᠡᠵᠦ ᠬᠡᠯᠡᠭᠰᠡᠨ ᠦᠭᠡ ᠴᠢᠨᠢ ᠨᠢᠭᠡ ᠰᠤᠷᠤᠭᠴᠢ ᠶᠢ ᠪᠤᠷᠤᠭᠤ ᠵᠠᠮ ᠢᠶᠠᠷ | ᠶᠠᠪᠤᠭᠤᠯᠵᠤ ᠮᠡᠳᠡᠨ᠎ᠡ᠃ ︽ᠰᠦᠭᠡᠨ ᠳᠤ ᠦᠬᠦᠬᠦ ᠦᠭᠡᠢ᠂ ᠦᠭᠡᠨ ᠳᠤ ᠦᠬᠦᠳᠡᠭ︾ ᠭᠡᠳᠡᠭ ᠬᠡᠯᠡᠯᠭᠡ ᠪᠤᠢ᠃ | ᠴᠠᠭ ᠢᠶᠠᠨ ᠤᠯᠤᠭᠰᠠᠨ ᠦᠭᠡ ᠦᠨ᠎ᠡ ᠲᠠᠢ ᠪᠠᠶᠢᠳᠠᠭ᠃ ᠰᠠᠶᠢᠬᠠᠨ ᠦᠭᠡ ᠰᠡᠳᠬᠢᠯ ᠢ ᠲᠤᠯᠠᠭᠠᠯᠠᠳᠠᠭ᠂ ᠰᠠᠶᠢᠨ | ᠦᠭᠡ ᠪᠤᠳᠣᠯ ᠢ ᠭᠡᠭᠡᠷᠡᠭᠦᠯᠳᠡᠭ᠃ ᠡᠶᠢᠮᠦ ᠳᠤ ᠪᠠᠨ ᠠᠩᠭᠢ ᠶᠢᠨ ᠡᠷᠭᠢᠯᠡᠭᠴᠢ ᠪᠠᠭᠰᠢ ᠨᠠᠷ ᠦᠭᠡᠨ ᠳᠤ ᠪᠠᠨ ᠵᠠᠪᠠᠯ | ︽ᠬᠠᠷᠠᠮᠴᠢ︾ ᠪᠠᠶᠢᠵᠦ᠂ ᠬᠡᠦᠭᠡᠳ ᠤᠨ ᠰᠡᠳᠬᠢᠯ ᠢ ᠭᠡᠮᠳᠦᠭᠡᠬᠦ᠂ ᠰᠠᠨᠠᠭ᠎ᠠ ᠶᠢ ᠰᠢᠷᠬᠠᠳᠤᠭᠤᠯᠬᠤ ᠮᠠᠭᠤ ᠦᠭᠡ | ᠶᠠᠭᠠᠭᠢᠭᠰᠠᠨ ᠴᠤ ᠬᠡᠯᠡᠵᠦ ᠪᠤᠯᠬᠤ ᠦᠭᠡᠢ᠃ | ᠬᠤᠶᠠᠷ᠂ ᠠᠩᠭᠢ ᠶᠢᠨ ᠡᠷᠭᠢᠯᠡᠭᠴᠢ ᠬᠠᠶᠢᠷ᠎ᠠ ᠳᠤ ᠪᠠᠨ ᠵᠠᠪᠠᠯ ︽ᠬᠠᠷᠠᠮᠴᠢ︾ ᠪᠠᠶᠢᠬᠤ ᠬᠡᠷᠡᠭᠳᠡᠢ᠃ | ᠬᠠᠶᠢᠷ᠎ᠠ ᠭᠡᠭᠴᠢ ᠰᠡᠳᠬᠢᠯ ᠤᠨ ᠠᠷᠢᠭᠤᠨ ᠰᠦᠨᠡᠰᠦ᠂ ᠠᠮᠢᠳᠣᠷᠠᠯ ᠤᠨ ᠠᠮᠢᠨ ᠲᠡᠵᠢᠭᠡᠯ᠃ ᠬᠠᠶᠢᠷ᠎ᠠ | ᠪᠠᠶᠢᠳᠠᠭ ᠠᠴᠠ ᠰᠠᠶ᠋ᠢ ᠬᠦᠢ ᠪᠦᠮᠪᠦᠷᠴᠡᠭ ᠤᠷᠤᠰᠢᠨ ᠲᠣᠭᠳᠠᠨᠢᠵᠣ᠂ ᠬᠦᠮᠦᠨ ᠲᠦᠷᠦᠯᠬᠢᠳᠡᠨ ᠤᠳᠣᠮ ᠵᠠᠯᠭᠠᠭᠰᠠᠨ | ᠶᠤᠮ᠃ ᠰᠤᠷᠭᠠᠨ ᠬᠦᠮᠦᠵᠢᠯ ᠤᠨ ᠠᠮᠵᠢᠯᠳᠠ ᠤᠯᠬᠤ ᠶᠢᠨ ᠨᠢᠭᠤᠴᠠ ᠵᠣᠷ ᠪᠣᠯ ᠬᠠᠶᠢᠷ᠎ᠠ ᠪᠤᠯᠤᠨ᠎ᠠ᠃ ᠬᠠᠶᠢᠷ᠎ᠠ ᠶᠢᠨ | ᠬᠦᠴᠦᠨ ᠳᠤ ᠰᠤᠷᠭᠠᠨ ᠬᠦᠮᠦᠵᠢᠯ ᠰᠦᠮᠪᠦᠷᠯᠡᠵᠦ᠂ ᠬᠠᠶᠢᠷ᠎ᠠ ᠶᠢᠨ ᠠᠯᠳᠠᠭᠳᠠᠯ ᠳᠤ ᠰᠤᠷᠭᠠᠨ ᠬᠦᠮᠦᠵᠢᠯ | ᠤᠰᠠᠳᠳᠠᠭ᠃ ᠨᠡᠩ ᠴᠤ ᠠᠩᠭᠢ ᠶᠢᠨ ᠡᠷᠭᠢᠯᠡᠭᠴᠢ ᠶᠢᠨ ᠰᠤᠷᠤᠭᠴᠢ ᠪᠠᠨ ᠬᠦᠮᠦᠵᠢᠭᠦᠯᠬᠦ ᠰᠢᠳᠢᠳᠦ ᠵᠡᠪᠰᠡᠭ ᠪᠣᠯ | ᠬᠠᠶᠢᠷ᠎ᠠ ᠪᠢᠯᠡ᠃ ᠭᠡᠬᠦ ᠳᠤ ᠡᠨᠡ ᠬᠠᠶᠢᠷ᠎ᠠ ᠪᠠᠨ ᠬᠡᠮᠵᠢᠶ᠎ᠡ ᠲᠠᠢ ᠪᠠᠶᠢᠯᠭᠠᠵᠤ᠂ ᠵᠠᠷᠢᠮ ᠦᠶ᠎ᠡ ᠳᠤ ᠪᠠᠨ ︽ᠬᠠᠷᠠᠮᠴᠢ︾ | ᠵᠠᠩ ᠭᠠᠷᠭᠠᠬᠤ ᠴᠢᠬᠤᠯᠠᠳᠠᠢ᠃ ᠮᠤᠩᠭᠤᠯᠴᠤᠳ ᠬᠡᠦᠬᠡᠳ ᠢ ᠬᠦᠮᠦᠵᠢᠭᠦᠯᠬᠦ ᠳᠤ ᠪᠠᠨ 1~3 ᠨᠠᠰᠤᠨ ᠳᠤ ᠨᠢ | ᠬᠠᠭᠠᠨ ᠮᠡᠲᠦ ᠬᠦᠨᠳᠦᠯᠡᠵᠦ᠂ 3~6 ᠨᠠᠰᠤᠨ ᠳᠤ ᠨᠢ ᠬᠠᠳᠤᠨ ᠮᠡᠲᠦ ᠠᠰᠠᠷᠠᠵᠦ᠂ 6~9 ᠨᠠᠰᠤᠨ ᠳᠤ ᠨᠢ ᠱᠠᠪᠢ | ᠮᠡᠲᠦ ᠰᠤᠷᠭᠠᠵᠤ᠂ 9~12 ᠨᠠᠰᠤᠨ ᠳᠤ ᠨᠢ ᠠᠯᠪᠠᠳᠤ ᠮᠡᠲᠦ ᠵᠠᠷᠤᠳᠠᠭ᠃ ᠡᠨᠡ ᠪᠣᠯ ᠳᠠᠷᠤᠢ ᠬᠠᠶᠢᠷ᠎ᠠ ᠳᠤ ᠪᠠᠨ | ︽ᠦᠭᠯᠢᠭᠡᠴᠢ︾ ᠪᠠ ︽ᠬᠠᠷᠠᠮᠴᠢ︾ ᠪᠠᠶᠢᠬᠤ ᠶᠢᠨ ᠪᠤᠳᠠᠳᠤ ᠵᠢᠱᠢᠶ᠎ᠡ ᠮᠦᠨ᠃ ᠠᠩᠭᠢ ᠶᠢᠨ ᠡᠷᠭᠢᠯᠡᠭᠴᠢ ᠪᠠᠭᠰᠢ | ᠨᠠᠷ ᠴᠤ ᠰᠤᠷᠤᠭᠴᠢ ᠳᠤ ᠪᠠᠨ ᠡᠶᠢᠮᠦ ᠮᠠᠶ᠋ᠢᠭ ᠢᠶᠠᠷ ᠬᠠᠨᠳᠤᠵᠤ᠂ ᠬᠠᠶᠢᠷᠠᠯᠠᠬᠤ ᠴᠠᠭ ᠲᠤ ᠨᠢ ᠬᠠᠶᠢᠷᠠᠯᠠᠵᠤ᠂ | ᠰᠤᠷᠭᠠᠬᠤ ᠴᠠᠭ ᠲᠤ ᠨᠢ ᠴᠢᠩᠭ᠎ᠠ ᠰᠤᠷᠭᠠᠬᠤ ᠭᠡᠷᠡᠭᠳᠡᠢ᠃ ᠢᠯᠠᠩᠭᠤᠶ᠎ᠠ ᠬᠦᠳᠡᠯᠮᠦᠷᠢ ᠳᠤ ᠢᠯᠡᠬᠦᠭᠡᠨ | ᠤᠷᠤᠯᠴᠠᠭᠤᠯᠵᠤ᠂ ᠲᠡᠳᠡᠨ ᠳᠤ ᠬᠠᠳᠠᠭᠤ ᠪᠡᠷᠭᠡ ᠶᠢ ᠮᠡᠳᠡᠭᠦᠯᠬᠦ ᠬᠡᠷᠡᠭᠳᠡᠢ᠃ ︽ᠶᠤᠰᠤ ᠰᠤᠷᠳᠠᠬᠤᠨ᠂ ᠤᠢ | ᠤᠬᠠᠭᠠᠨ᠂ ᠲᠠᠮᠢᠷ᠂ ᠭᠤᠸ᠎ᠠ ᠰᠠᠶᠢᠬᠠᠨ᠂ ᠬᠦᠳᠡᠯᠮᠦᠷᠢ ᠵᠡᠷᠭᠡ ᠪᠦᠬᠦ ᠲᠠᠯ᠎ᠠ ᠪᠠᠷ ᠬᠦᠭᠵᠢᠭᠰᠡᠨ ᠨᠡᠶᠢᠭᠡᠮ ᠵᠢᠷᠦᠮᠳᠦ | ᠦᠢᠯᠡᠰ ᠤᠨ ᠵᠠᠯᠭᠠᠮᠵᠢᠯᠠᠭᠴᠢ ᠪᠠ ᠪᠦᠳᠦᠭᠡᠨ ᠪᠠᠶᠢᠭᠤᠯᠤᠭᠴᠢ︾ ᠶᠢ ᠬᠦᠮᠦᠵᠢᠬᠦᠯᠬᠦ ᠪᠣᠯ ᠨᠠᠮ ᠤᠨ ᠰᠤᠷᠭᠠᠨ | ᠬᠦᠮᠦᠵᠢᠯ ᠤᠨ ᠴᠢᠭᠯᠡᠯᠳᠡ ᠪᠤᠯᠬᠤ ᠶᠤᠮ᠃ ᠠᠩᠭᠢ ᠶᠢᠨ ᠡᠷᠭᠢᠯᠡᠭᠴᠢ ᠪᠠᠭᠰᠢ ᠨᠠᠷ ᠡᠨᠡ ᠴᠢᠭᠯᠡᠯᠳᠡ ᠶᠢ ᠵᠠᠪᠠᠯ ᠵᠦᠪ | ᠰᠢᠭᠤᠷᠬᠠᠢ ᠲᠤᠭᠤᠰᠢᠯᠠᠭᠤᠯᠬᠤ ᠬᠡᠷᠡᠭᠳᠡᠢ᠃ | ᠭᠤᠷᠪᠠ᠂ ᠠᠩᠭᠢ ᠶᠢᠨ ᠡᠷᠭᠢᠯᠡᠭᠴᠢ ᠦᠭᠶᠦᠭᠡᠳᠡᠯ ᠳᠤ ᠵᠠᠪᠠᠯ ︽ᠬᠠᠷᠠᠮᠴᠢ︾ ᠪᠠᠶᠢᠬᠤ ᠬᠡᠷᠡᠭᠳᠡᠢ᠃ | ᠰᠤᠷᠭᠠᠨ ᠬᠦᠮᠦᠵᠢᠯ ᠪᠣᠯ ᠨᠢᠭᠡ ᠵᠦᠢᠯ ᠤᠨ ᠠᠵᠢᠯ ᠦᠢᠯᠡᠰ ᠮᠦᠨ᠃ ᠳᠡᠬᠦᠨ ᠤ ᠨᠢᠭᠤᠴᠠ ᠨᠢ ᠭᠤᠶᠠᠴᠢ | ᠦᠭᠡᠢ ᠵᠢᠳᠬᠦᠬᠦ ᠳᠤ ᠪᠤᠢ᠃ ᠠᠪᠯᠢᠭᠠᠴᠢ ᠬᠤᠪᠳᠤᠭ ᠬᠦᠮᠦᠨ ᠪᠣᠯ ᠠᠷᠠᠳ ᠤᠨ ᠪᠠᠭᠰᠢ ᠪᠤᠯᠤᠭᠰᠠᠨ ᠤ ᠬᠡᠷᠡᠭ ᠦᠭᠡᠢ | ᠪᠢᠯᠡ᠃ ᠶᠠᠭ ᠡᠶᠢᠮᠦ ᠳᠤ ᠪᠠᠨ ᠠᠩᠭᠢ ᠶᠢᠨ ᠡᠷᠭᠢᠯᠡᠭᠴᠢ ᠪᠠᠭᠰᠢ ᠪᠤᠯᠤᠭᠰᠠᠳ ᠦᠭᠶᠦᠭᠡᠳᠡᠯ ᠳᠤ ︽ᠬᠠᠷᠠᠮᠴᠢ︾ | ᠪᠠᠶᠢᠬᠤ ᠬᠡᠷᠡᠭᠳᠡᠢ᠃ ᠳᠠᠷᠤᠢ ᠠᠪᠴᠤ ᠪᠤᠯᠬᠤ ᠦᠭᠡᠢ ᠶᠠᠭᠤᠮ᠎ᠠ ᠳᠤ ︽ᠳᠠᠬᠢᠷ︾ ᠪᠠᠶᠢᠬᠤ ᠭᠡᠷᠡᠭᠳᠡᠢ᠃ ᠬᠦᠷᠴᠦ | ᠪᠤᠯᠬᠤ ᠦᠭᠡᠢ ᠭᠠᠵᠠᠷ ᠲᠤ ︽ᠲᠡᠮᠪᠡ︾ ᠪᠠᠶᠢᠬᠤ ᠭᠡᠷᠡᠭᠳᠡᠢ᠃ ᠶᠠᠷᠢᠵᠦ ᠪᠤᠯᠬᠤ ᠦᠭᠡᠢ ᠵᠦᠢᠯ ᠳᠤ ︽ᠶᠡᠪᠡ︾ | ᠪᠠᠶᠢᠬᠤ ᠭᠡᠷᠡᠭᠳᠡᠢ᠃ ᠰᠣᠨᠤᠰᠴᠤ ᠪᠤᠯᠬᠤ ᠦᠭᠡᠢ ᠵᠦᠢᠯ ᠳᠤ ︽ᠲᠦᠯᠡᠢ︾ ᠪᠠᠶᠢᠬᠤ ᠭᠡᠷᠡᠭᠳᠡᠢ᠃ ᠢᠩᠭᠢᠪᠡᠯ ᠰᠠᠶ᠋ᠢ | ᠪᠢᠳᠠ ᠭᠡᠷ ᠤᠨ ᠠᠬᠠᠮᠠᠳ ᠤᠨ ᠭᠠᠷ ᠤᠨ ᠪᠡᠯᠡᠭ ᠢ ᠪᠠᠭᠳᠠᠭᠠᠭᠰᠠᠨ ᠡᠯ᠎ᠡ ᠵᠦᠢᠯ ᠤᠨ ︽ᠦᠭᠶᠦᠭᠡᠳᠡᠯ︾ ᠠᠴᠠ | ᠵᠠᠶᠢᠯᠠᠵᠦ᠂ ᠰᠤᠷᠭᠠᠨ ᠬᠦᠮᠦᠵᠢᠯ ᠤᠨ ᠦᠢᠯᠡᠰ ᠢᠶᠠᠨ ︽ᠪᠣᠯᠠᠩᠭᠢᠷ︾ ᠦᠭᠡᠢ ᠴᠡᠪᠡᠷ ᠪᠠᠶᠢᠯᠭᠠᠵᠤ ᠴᠢᠳᠠᠨ᠎ᠠ᠃ ᠴᠡᠪᠡᠷ | ᠤᠰᠤ ᠲᠠᠢ ᠴᠤᠮᠤᠨ ᠳᠤ ᠪᠣᠭᠢᠷ ᠤᠰᠤ ᠨᠢᠭᠡ ᠲᠤᠰᠤᠭᠠᠪᠠᠯ ᠪᠤᠯᠠᠩᠭᠢᠷᠳᠤᠵᠤ᠂ ᠪᠤᠬᠢᠷ ᠤᠰᠤ ᠲᠠᠢ ᠴᠤᠮᠤᠨ ᠳᠤ | ᠴᠡᠪᠡᠷ ᠤᠰᠤ ᠠᠷᠪᠠ ᠲᠤᠰᠤᠭᠠᠭᠰᠠᠨ ᠴᠤ ᠴᠡᠩᠭᠡᠭ ᠦᠯᠦ ᠪᠣᠯᠤᠨ᠎ᠠ ᠭᠡᠳᠡᠭ ᠢᠪᠷᠡᠢ ᠦᠭᠡ ᠪᠤᠢ᠃ ᠰᠤᠷᠭᠠᠨ | ᠬᠦᠮᠦᠵᠢᠯ ᠴᠤ ᠠᠳᠠᠯᠢᠬᠠᠨ ᠪᠠᠶᠢᠬᠤ ᠶᠤᠰᠤᠳᠠᠢ᠃ ᠬᠠᠷᠠᠮᠵᠢ ᠬᠦᠯᠢᠶᠡᠭᠰᠡᠨ ᠰᠤᠷᠭᠠᠨ ᠬᠦᠮᠦᠵᠢᠯ ᠨᠢ ᠬᠠᠷᠠᠭ᠎ᠠ ᠪᠠᠨ | ᠠᠯᠳᠠᠭᠰᠠᠨ ᠰᠤᠷᠭᠠᠨ ᠬᠦᠮᠦᠵᠢᠯ ᠯᠦᠭᠡ ᠶᠠᠭᠤᠨ ᠵᠦᠷᠢᠭᠦ ᠠᠵᠢ᠃ | ᠲᠥᠷᠪᠡ᠂ ᠠᠩᠭᠢ ᠶᠢᠨ ᠡᠷᠭᠢᠯᠡᠭᠴᠢ ᠡᠷᠬᠡ ᠳᠤ ᠪᠠᠨ ᠵᠠᠪᠠᠯ ︽ᠬᠠᠷᠠᠮᠴᠢ︾ ᠪᠠᠶᠢᠬᠤ ᠬᠡᠷᠡᠭᠳᠡᠢ᠃ | ᠠᠩᠭᠢ ᠶᠢᠨ ᠡᠷᠬᠢᠯᠡᠭᠴᠢ ᠪᠣᠯ ᠨᠢᠭᠡ ᠠᠩᠭᠢ ᠶᠢᠨ ᠤᠳᠤᠷᠢᠳᠤᠭᠴᠢ᠂ ᠵᠤᠬᠢᠶᠠᠨ ᠪᠠᠶᠢᠭᠤᠯᠤᠭᠴᠢ᠂ | ︽ᠡᠵᠡᠨᠳᠡᠨ︾ ᠮᠦᠨ᠃ ᠳᠡᠬᠦᠨ ᠤ ᠤᠳᠤᠷᠢᠳᠤᠯᠭ᠎ᠠ ᠲᠤᠤᠷ᠎ᠠ ᠨᠢᠭᠡ ᠠᠩᠭᠢ ᠶᠢᠨ ᠬᠡᠦᠬᠡᠳ ᠤᠨ ᠰᠤᠷᠤᠯᠭ᠎ᠠ | ᠠᠮᠢᠳᠤᠷᠠᠯ ᠡᠶ᠎ᠡ ᠵᠤᠬᠢᠴᠠᠯ ᠢᠶᠠᠨ ᠣᠯᠵᠤ ᠡᠪ ᠲᠦᠨᠵᠢᠨ ᠶᠠᠪᠤᠭᠳᠠᠵᠤ ᠪᠠᠶᠢᠳᠠᠭ᠃ ᠡᠶᠢᠮᠦ ᠳᠤ ᠪᠠᠨ ᠠᠩᠭᠢ ᠶᠢᠨ | ᠪᠠᠭᠰᠢ ᠶᠢᠨ ᠵᠠᠷᠯᠢᠭ ᠪᠣᠯ ᠳᠠᠷᠤᠢ ᠵᠦᠷᠢᠴᠡᠵᠦ ᠪᠤᠯᠬᠤ ᠦᠭᠡᠢ ᠶᠤᠰᠤ᠂ ᠠᠩᠭᠢ ᠶᠢᠨ ᠪᠠᠭᠰᠢ ᠶᠢᠨ ᠦᠭᠡ ᠪᠣᠯ ᠳᠠᠷᠤᠢ | ᠳᠠᠷᠤᠮᠠᠯᠯᠠᠵᠤ ᠲᠠᠯᠪᠢᠭᠰᠠᠨ ᠪᠠᠳᠤᠶᠤᠰᠣ᠂ ᠠᠩᠭᠢ ᠶᠢᠨ ᠪᠠᠭᠰᠢ ᠶᠢᠨ ᠡᠷᠬᠡ ᠪᠣᠯ ᠳᠠᠷᠤᠢ ᠬᠠᠯᠳᠠᠵᠤ ᠪᠤᠯᠤᠰᠢ ᠦᠭᠡᠢ | ᠶᠤᠰᠤ ᠪᠠᠶᠢᠵᠦ ᠲᠠᠭᠠᠷᠠᠨ᠎ᠠ᠃ ᠭᠡᠲᠡᠯ᠎ᠡ ᠠᠩᠭᠢ ᠶᠢᠨ ᠪᠠᠭᠰᠢ ᠶᠢᠨ ᠡᠷᠬᠡ ᠰᠦᠷ ᠵᠠᠷᠯᠢᠭ ᠨᠢ ᠬᠠᠷᠢᠴᠠᠯᠠᠰᠢᠬᠦᠢ ᠶᠡᠭᠡ | ᠪᠣᠯᠴᠢᠬᠠᠪᠠᠯ ᠭᠡᠳᠡᠷᠬᠦ ᠪᠠᠨ ᠬᠡᠦᠬᠡᠳ ᠤᠨ ᠡᠷᠬᠡ ᠴᠢᠯᠦᠭᠡ ᠶᠢ ᠬᠢᠵᠠᠭᠠᠷᠯᠠᠵᠦ ᠲᠡᠳᠡᠨ ᠤ ᠰᠡᠳᠬᠢᠬᠦᠢ ᠦᠵᠡᠯ | ᠰᠠᠨᠠᠭ᠎ᠠ ᠶᠢ ᠪᠤᠭᠤᠮᠢᠯᠠᠬᠤ ᠠᠶᠤᠯ ᠲᠠᠢ ᠪᠠᠶᠢᠳᠠᠭ᠃ ᠤᠳᠤᠬᠠᠨ ᠤ ᠬᠡᠪ ᠴᠢᠨᠠᠷ ᠤᠨ ᠰᠤᠷᠭᠠᠨ ᠬᠦᠮᠦᠵᠢᠯ ᠴᠤ ᠲᠡᠷᠡ᠂ | ᠭᠤᠤᠯᠯᠠᠭᠴᠢ ᠬᠡᠪ ᠪᠤᠯᠪᠠᠰᠤᠷᠠᠯ ᠤᠨ ᠬᠦᠮᠦᠵᠢᠯ ᠴᠤ ᠲᠡᠷᠡ ᠪᠦᠷ ᠬᠡᠦᠬᠡᠳ ᠤᠨ ᠡᠵᠡᠨᠰᠡᠭ ᠰᠤᠷᠬᠤ᠂ ᠰᠤᠳᠤᠯᠤᠨ | ᠰᠤᠷᠬᠤ᠂ ᠬᠠᠮᠵᠢᠯᠴᠠᠵᠦ ᠰᠤᠷᠬᠤ ᠶᠢ ᠱᠠᠭᠠᠷᠳᠠᠵᠤ ᠪᠤᠢ᠃ ᠡᠨᠡ ᠪᠣᠯ ᠳᠠᠷᠤᠢ ᠪᠠᠭᠰᠢ ᠨᠠᠷ ᠦᠪᠡᠷ ᠤᠨ ᠮᠡᠳᠡᠨ᠎ᠡ | ᠴᠢᠳᠠᠨ᠎ᠠ ᠭᠡᠰᠡᠨ ︽ᠡᠷᠬᠡ︾ ᠪᠠᠨ ᠲᠠᠶᠠᠭᠳᠠᠵᠤ ᠰᠤᠷᠤᠭᠴᠢᠳ ᠲᠠᠢ ᠪᠠᠨ ᠡᠷᠬᠡ ᠲᠡᠭᠰᠢ ᠪᠣᠯ ᠭᠡᠰᠡᠨ ᠦᠭᠡ ᠪᠤᠯᠬᠤ | ᠶᠤᠮ᠃ ᠡᠶᠢᠮᠦ ᠳᠤ ᠪᠠᠨ ᠠᠩᠭᠢ ᠶᠢᠨ ᠬᠠᠮᠢᠶᠠᠷᠤᠯᠳᠠ ᠳᠤᠮᠳᠠ ᠳᠤ ᠴᠤ ᠠᠩᠭᠢ ᠶᠢᠨ ᠪᠠᠭᠰᠢ ᠪᠤᠯᠤᠭᠰᠠᠳ ︽ᠡᠷᠬᠡ︾ | ᠳᠤ ᠪᠠᠨ ᠬᠠᠷᠠᠮᠴᠢ ᠪᠠᠶᠢᠵᠦ᠂ ᠰᠤᠷᠤᠭᠴᠢᠳ ᠤᠨ ᠡᠵᠡᠨᠰᠡᠭ ᠬᠠᠮᠢᠶᠠᠷᠤᠯᠳᠠ ᠬᠢᠬᠦ ᠶᠢ ᠬᠦᠬᠢᠬᠦᠯᠬᠦ ᠬᠡᠷᠡᠭᠳᠡᠢ᠃ | ᠬᠠᠷᠠᠭ᠎ᠠ ᠬᠦᠷᠬᠦ ᠦᠭᠡᠢ ᠠᠯᠤᠰ ᠲᠤ ᠤᠬᠠᠭᠠᠨ ᠬᠦᠷᠳᠡᠭ᠃ ᠲᠠ ︽ᠡᠷᠬᠡ︾ ᠳᠤ ᠪᠠᠨ ᠬᠡᠳᠦᠢ ︽ᠬᠠᠷᠠᠮᠴᠢ︾ | ᠪᠠᠶᠢᠪᠠᠯ ᠰᠤᠷᠤᠭᠴᠢ ᠴᠢᠨᠢ ᠲᠡᠳᠦᠢ ᠬᠦᠭᠵᠢᠯᠳᠡ ᠲᠠᠢ ᠪᠤᠯᠬᠤ ᠶᠤᠮ᠃ ᠡᠷᠳᠡᠮ ᠤᠨ ᠬᠡᠲᠡ ᠶᠢ ᠴᠠᠬᠢᠪᠠᠰᠤ | ᠬᠦᠭᠵᠢᠯᠳᠡ ᠶᠢᠨ ᠭᠠᠯ ᠪᠠᠳᠠᠷᠠᠳᠠᠭ ᠪᠢᠯᠡ᠃ | ︽ᠬᠠᠷᠠᠮᠴᠢ︾ ᠠᠩᠭᠢ ᠶᠢᠨ ᠡᠷᠭᠢᠯᠡᠭᠴᠢ ᠪᠤᠯᠬᠤ ᠶᠢᠨ ᠰᠠᠶᠢᠨ ᠲᠠᠯ᠎ᠠ ᠤᠯᠠᠨ ᠪᠤᠢ᠃ ᠡᠬᠢᠯᠡᠯᠳᠡ ᠲᠠᠢ ᠪᠣᠯ | ᠬᠡᠵᠢᠶᠡᠳᠡ ᠤᠷᠦ᠋ᠢᠳᠠᠳᠠᠭ ᠦᠭᠡᠢ ᠶᠤᠮ᠃ ᠨᠢᠭᠡ ᠬᠦᠮᠦᠨ ᠬᠤᠷᠳᠤᠨ ᠶᠠᠪᠤᠳᠠᠭ᠂ ᠤᠯᠠᠨ ᠬᠦᠮᠦᠨ ᠬᠤᠯᠠ | ᠶᠠᠪᠤᠳᠠᠭ᠃ ᠰᠠᠷᠠᠭᠤᠯ ᠤᠬᠠᠭᠠᠨᠳᠠᠨ ᠦᠪᠡᠷ ᠤᠨ ᠪᠤᠷᠤᠭᠤ ᠪᠠᠨ ᠰᠤᠳᠤᠯᠳᠠᠭ᠃ ᠮᠤᠩᠬᠠᠭ ᠬᠦᠮᠦᠨ ᠪᠤᠰᠤᠳ ᠤᠨ | ᠠᠯᠳᠠᠭ᠎ᠠ ᠶᠢ ᠰᠤᠳᠤᠯᠳᠠᠭ᠃ ᠡᠶᠢᠮᠦ ᠳᠤ ᠪᠠᠨ ᠠᠩᠭᠢ ᠶᠢᠨ ᠡᠬᠢᠯᠡᠭᠴᠢ ᠪᠤᠯᠤᠭᠰᠠᠳ ᠪᠤᠷᠤᠭᠤ ᠶᠢ ᠬᠡᠦᠬᠡᠳ ᠤᠨ | ᠪᠡᠶ᠎ᠡ ᠠᠴᠠ ᠪᠢᠰᠢ ᠤᠷᠢᠳᠠᠪᠠᠷ ᠦᠪᠠᠷ ᠤᠨ ᠪᠡᠶ᠎ᠡ ᠲᠡᠭᠡᠷ᠎ᠡ ᠠᠴᠠ ᠡᠷᠢᠵᠤ ᠰᠤᠷᠪᠠᠯ ᠵᠤᠬᠢᠨ᠎ᠠ︕ | | ᠬᠠᠶ᠋ᠢᠬ᠄ ᠤᠯᠠᠭᠠᠨᠬᠠᠳᠠ ᠬᠤᠳᠠ ᠶᠢᠨ ᠰᠢᠨ᠎ᠠ ᠬᠤᠳᠠ ᠳᠤ ᠬᠢ ᠮᠤᠩᠭᠤᠯ | ᠦᠨᠳᠤᠰᠤᠳᠠᠨ ᠤ ᠲᠤᠷᠰᠢᠯᠳᠠ ᠶᠢᠨ ᠪᠠᠭ᠎ᠠ ᠰᠤᠷᠭᠠᠭᠤᠯᠢ | ︵ᠰᠦᠶ᠎ᠠ ᠨᠠᠶᠢᠷᠠᠭᠤᠯᠪᠠ︶ | 2020 ᠤᠨ ᠤ 1 ᠳ᠋ᠦ᠋ᠭᠡᠷ ᠬᠤᠭᠤᠴᠠᠭ᠎ᠠ | | |