ᠴᠤᠷᠵᠢ | | ᠦᠨᠦᠳᠤᠷ ᠲᠡᠭᠷᠢ ᠭᠦᠢᠳᠡᠨ ᠦᠭᠡᠢ ᠴᠦ ᠭᠦᠷᠮ᠎ᠠ ᠲᠠᠢ ᠬᠤᠯᠪᠤᠯᠳᠤᠭᠰᠠᠨ ᠮᠠᠯᠠᠭᠠᠢ ᠪᠠᠨ ᠡᠮᠦᠰᠴᠢᠭᠡᠳ | ᠲᠦᠢᠯ ᠤᠨ ᠲᠠᠨᠢᠯ ᠲᠠᠰᠤᠯ ᠪᠤᠯᠤᠭᠰᠠᠨ ᠵᠢᠵᠢᠭ ᠵᠡᠭᠡᠯᠢ ᠨᠠᠷᠢᠨ ᠭᠤᠳᠤᠮᠵᠢ ᠪᠠᠷ ᠢᠶᠠᠨ ᠠᠯᠬᠤᠪᠠ᠃ ᠠᠩᠬᠢ ᠶᠢᠨ | ᠡᠷᠬᠢᠯᠡᠭᠴᠢ ᠠᠴᠠ ᠪᠠᠨ ᠰᠤᠯᠠᠯᠠᠭᠳᠠᠭᠰᠠᠨ ᠤ ᠲᠠᠷᠠᠭ᠎ᠠ ᠰᠤᠯᠠ ᠰᠠᠯᠠᠭᠦᠦ ᠴᠠᠭ ᠲᠠᠢ ᠯᠠ ᠶᠤᠮ ᠪᠤᠯ ᠬᠠᠶᠠ | ᠰᠤᠷᠭᠠᠭᠤᠯᠢ ᠶᠢᠨ ᠭᠦᠷᠢᠶᠡᠨ ᠠᠴᠠ ᠪᠠᠨ ᠭᠠᠷᠴᠤ ᠰᠡᠯᠡᠭᠦᠴᠠᠨ ᠠᠯᠬᠤᠬᠤ ᠨᠢᠭᠡᠨᠳᠠ ᠮᠢᠨᠦ ᠵᠤᠷᠰᠢᠯ ᠪᠤᠯᠤᠭᠰᠨᠨ ᠶᠤᠮ᠃ | ᠡᠳᠦᠷ ᠤᠨ ᠤᠳᠠᠭᠠᠨ ᠳᠤ ᠠᠯᠬᠤᠵᠤ ᠶᠠᠪᠤᠳᠠᠬ ᠭᠠᠵᠠᠷ ᠤᠨ ᠢᠶᠠᠨ ᠪᠠᠶᠢᠷᠢᠯᠠᠯ ᠳᠤ ᠲᠤᠪ ᠲᠤᠳᠤᠷᠬᠠᠢ ᠪᠤᠯᠵᠠᠢ᠃ | ᠬᠠᠮᠢᠭ᠎ᠠ ᠨᠢ ᠶᠠᠭᠤ ᠪᠠᠶᠢᠬᠤ ᠶᠢ ᠭᠦᠷᠳᠡᠯ᠎ᠡ ᠴᠡᠭᠡᠵᠢ ᠪᠠᠷ ᠠᠨᠳᠠᠬᠤ ᠦᠭᠡᠢ ᠭᠡᠯᠡᠵᠦ ᠲᠠᠶᠢᠯᠦᠨ᠎ᠡ᠃ ᠨᠢᠳᠤ ᠪᠠᠨ ᠠᠨᠢᠵᠤ | ᠶᠠᠪᠤᠭᠰᠠᠨ ᠴᠦ ᠭᠦᠯ ᠠᠯᠳᠠᠬᠤ ᠶᠢ ᠮᠠᠳᠠᠭᠦ ᠦᠭᠡᠢ ᠲᠤᠷᠦᠯ ᠦᠭᠡᠢ ᠶᠠᠪᠤᠵᠤ ᠲᠠᠶᠢᠯᠳᠡᠭ ᠪᠤᠯᠤᠭᠰᠠᠨ ᠶᠤᠮ᠃ | ᠲᠠᠳᠬᠠᠯ ᠭᠡᠭᠴᠢ ᠵᠠᠭᠤᠮᠠᠳᠠᠭᠠᠢ ᠯᠡ ᠶᠤᠮ ᠪᠠᠶᠢᠨ᠎ᠠ᠃ ᠲᠠᠳᠬᠠᠯ ᠢ ᠪᠦᠷᠢᠯᠳᠤᠭᠦᠯᠭᠦ ᠳᠤ ᠮᠠᠰᠢ ᠤᠷᠳᠤ | ᠬᠤᠭᠤᠴᠠᠭᠠᠨ ᠤ ᠪᠤᠯᠪᠠᠰᠤᠷᠠᠯ ᠲᠠᠰᠬᠠᠯᠵᠢᠯ ᠬᠢᠭᠡᠳ ᠲᠠᠰᠪᠤᠷᠢ ᠬᠠᠳᠠᠭᠤᠵᠢᠯ ᠢ ᠲᠤᠭᠤᠯᠳᠠᠬ ᠪᠠᠶᠢᠯ᠎ᠠ ᠴᠦ ᠨᠢᠭᠡᠨᠳᠠ | ᠪᠦᠷᠢᠯᠳᠤᠭᠦᠯᠦᠮᠡᠭᠴᠡ ᠲᠡᠭᠦᠨ ᠢ ᠲᠠᠬᠢᠵᠤ ᠦᠭᠡᠷᠡᠴᠢᠯᠠᠵᠤ ᠬᠠᠯᠠᠬᠤ ᠲᠦᠢᠯ ᠤᠨ ᠭᠦᠴᠢᠷ ᠪᠡᠷᠭᠡ ᠪᠤᠯᠴᠢᠬᠠᠳᠠᠬ | ᠪᠠᠶᠢᠨ᠎ᠠ᠃ ᠰᠠᠯᠠᠭᠦᠴᠡᠨ ᠠᠯᠬᠤᠬᠤ ᠴᠦ ᠠᠳᠠᠯᠢᠬᠠᠨ ᠵᠠᠯᠭᠠᠭ᠎ᠠ ᠪᠠᠷ ᠭᠡᠳᠤᠨ ᠡᠳᠦᠷ ᠠᠯᠬᠤᠬᠤ ᠪᠠᠨ ᠪᠤᠯᠢᠪᠠᠯ ᠪᠡᠶ᠎ᠠ | ᠠᠳᠬᠤᠷᠠᠵᠤ ᠬᠠᠴᠢᠨ ᠡᠪ ᠦᠭᠡᠢ ᠪᠤᠯᠳᠠᠬ᠂ ᠶᠠᠭᠤ ᠨᠢᠭᠡ ᠲᠤᠳᠠᠭᠳᠠᠵᠤ ᠪᠠᠶᠢᠭ᠎ᠠ ᠰᠢᠬ ᠪᠤᠯᠵᠤ ᠦᠪᠠᠷ ᠢᠶᠠᠨ ᠴᠦ | ᠤᠴᠢᠷ ᠤᠬᠠᠭᠠᠨ ᠢ ᠨᠢ ᠤᠯᠬᠤ ᠦᠭᠡᠢ ᠪᠤᠬᠢᠨᠢᠳᠤᠬᠤ ᠪᠤᠶᠤ ᠬᠢᠳᠠᠯ ᠠᠯᠳᠠᠳᠠᠬ᠂ ᠴᠠᠭᠠᠰᠢᠯᠠᠨ ᠬᠠᠮᠢᠶ᠎ᠠ ᠨᠠᠮᠢᠶ᠎ᠠ | ᠦᠭᠡᠢ ᠪᠠᠷ ᠤᠴᠠᠭᠠᠷᠳᠠᠳᠠᠬ᠃ ᠦᠨᠦᠳᠤᠷ ᠠᠯᠬᠤᠵᠤ ᠲᠤᠭᠤᠷᠢᠵᠤ ᠪᠠᠶᠢᠯ᠎ᠠ ᠴᠦ ᠭᠡᠰᠡᠨ ᠭᠦᠨᠳᠤ ᠪᠤᠳᠤᠯ ᠳᠤ ᠭᠦᠨ | ᠳᠠᠷᠤᠭᠳᠠᠵᠤ ᠪᠤᠬᠢᠨᠢᠳᠤᠵᠤ ᠪᠠᠶᠢᠭ᠎ᠠ ᠰᠢᠬ᠂ ᠤᠴᠠᠭᠠᠷᠳᠠᠵᠤ ᠪᠠᠶᠢᠭ᠎ᠠ ᠰᠢᠬ᠂ ᠨᠡᠩ ᠭᠤᠨᠢᠭᠯᠠᠵᠤ ᠪᠠᠶᠢᠭ᠎ᠠ ᠴᠦ | ᠭᠡᠮᠡᠷ᠃ ᠤᠷᠮ᠎ᠠ ᠮᠠᠭᠤᠳᠠᠢ ᠳᠤ ᠪᠠᠨ ᠯᠠᠪᠳᠠᠩ ᠰᠠᠪᠳᠠᠩ ᠠᠯᠬᠤᠵᠤ ᠪᠠᠶᠢᠭ᠎ᠠ ᠶᠢ ᠵᠦᠷᠢᠨ ᠦᠡᠭᠭᠡᠷᠡᠭᠦ ᠵᠠᠮ ᠤᠨ | ᠭᠦᠮᠦᠨ ᠴᠦ ᠭᠠᠶᠢᠬᠠᠭᠰᠠᠨ ᠪᠤᠯᠤᠯᠳᠠᠢ᠂ ᠵᠠᠷᠢᠮ ᠨᠢ ᠠᠯᠬᠤᠬᠤ ᠪᠠᠨ ᠪᠤᠯᠢᠵᠤ ᠤᠳᠠᠳᠠᠯ᠎ᠠ ᠰᠢᠷᠳᠠᠵᠤ ᠵᠤᠭᠰᠤᠳᠠᠬ᠂ | ᠵᠠᠷᠢᠮ ᠨᠢ ᠬᠤᠭᠤᠷᠤᠨᠳᠤ ᠪᠠᠨ ᠭᠦᠤᠷᠨᠢᠯᠳᠤᠵᠤ ᠬᠠᠴᠢᠨ ᠮᠠᠭᠤᠬᠠᠢ ᠪᠠᠷ ᠢᠨᠢᠶᠠᠨ᠎ᠠ᠂ ᠪᠠᠷᠤᠭ ᠨᠠᠳᠠ ᠪᠠᠷ ᠡᠯᠡᠭ | ᠲᠤᠭᠤᠬᠢ ᠪᠤᠯᠭᠠᠭᠰᠠᠨ ᠪᠠᠶᠢᠬ᠎ᠠ︕ ᠨᠠᠳᠠ ᠳᠤ ᠡᠳᠡᠭᠡᠷ ᠢ ᠬᠠᠮᠢᠶᠠᠷᠬᠤ ᠰᠡᠳᠬᠢᠯ ᠪᠠᠶᠢᠨ᠎ᠠ ᠤᠤ᠂ | ᠠᠯᠬᠤᠳᠠᠬ ᠢᠶᠠᠷ ᠢᠶᠠᠨ ᠠᠯᠬᠤᠨ᠎ᠠ᠃ | — ᠴᠢᠯᠦᠭᠡ ᠦᠭᠴᠦ ᠪᠤᠯᠳᠠᠬ ᠦᠭᠡᠢ ᠨᠢ ᠶᠠᠭᠤ ᠪᠤᠢ︖ ᠵᠠᠮ ᠲᠡᠭᠡᠭᠡᠪᠤᠷᠢ ᠮᠠᠰᠢ ᠰᠠᠶᠢᠵᠢᠷᠠᠭᠰᠠᠨ | ᠦᠨᠦ ᠶᠢᠨ ᠴᠠᠭ ᠲᠤ ᠤᠷᠤᠭᠰᠢᠳᠠᠢ ᠪᠤᠯ ᠬᠤᠶᠠᠷ ᠡᠳᠦᠷ ᠤᠨ ᠲᠤᠳᠤᠷ᠎ᠠ ᠪᠤᠴᠠᠭᠠᠳ ᠢᠷᠡᠴᠢᠭᠡᠨ᠎ᠡ᠃ ᠬᠤᠶᠠᠷ ᠡᠳᠦᠷ | ᠬᠤᠶᠠᠷᠬᠠᠨ ᠡᠳᠦᠷ ᠤᠨ ᠴᠢᠯᠦᠭᠡ ᠰᠢᠤ︕ ᠠᠬᠠᠳᠠᠬᠤ ᠳᠤ ᠪᠠᠨ ᠭᠤᠷᠪᠠᠨ ᠡᠳᠦᠷ ᠤᠨ ᠴᠢᠯᠦᠭᠡ ᠪᠢᠵᠠ᠃ ᠨᠠᠳᠠ ᠶᠢ | ᠤᠷᠤᠯᠠᠵᠤ ᠬᠢᠴᠢᠶᠡᠯᠯᠡᠳᠡᠭ ᠪᠠᠭᠰᠢ ᠶᠢ ᠭᠦᠷᠳᠡᠯ᠎ᠠ ᠪᠢ ᠦᠪᠠᠷᠳᠡᠭᠡᠨ ᠤᠯᠵᠤ᠂ ᠠᠯᠢᠪᠠ ᠪᠠᠨ ᠶᠠᠪ ᠴᠠᠪ | ᠲᠤᠬᠢᠷᠠᠭᠤᠯᠵᠤ ᠲᠠᠯᠪᠢᠭᠰᠠᠨ ᠪᠤᠯᠬᠤᠷ ᠰᠤᠷᠭᠠᠭᠤᠯᠢ ᠶᠢᠨ ᠭᠡᠪ ᠤᠨ ᠵᠢᠭᠠᠨ ᠰᠤᠷᠭᠠᠯᠳᠠ ᠶᠢ ᠨᠦᠯᠦᠭᠡᠯᠡᠭᠦ ᠦᠭᠡᠢ ᠨᠢ | ᠭᠠᠷᠴᠠᠭ᠎ᠠ ᠦᠭᠡᠢ᠃ ᠰᠠᠬᠢᠯᠭ᠎ᠠ ᠲᠢᠭᠯᠢᠮ ᠢ ᠴᠢᠩᠭᠠᠯᠠᠵᠤ ᠲᠦᠷᠢᠮᠵᠢᠭᠦᠯᠵᠤ ᠪᠠᠶᠢᠭ᠎ᠠ ᠨᠢ ᠭᠤᠤᠯᠳᠠᠭᠤ ᠴᠦᠭᠡᠪᠤᠷᠢ | ᠭᠦᠮᠦᠨ ᠤ ᠰᠤᠯᠠ ᠵᠠᠳᠠᠭᠠᠢ ᠠᠵᠢᠯᠯᠠᠭ᠎ᠠ ᠪᠤᠶᠤ ᠲᠤᠷ᠎ᠠ ᠲᠠᠪᠠ ᠪᠠᠷ ᠢᠶᠠᠨ ᠠᠭᠠᠰᠢᠯᠠᠬᠤ ᠳᠤ ᠬᠠᠨᠳᠤᠭᠤᠯᠤᠭᠰᠠᠨ ᠠᠴᠠ | ᠪᠢᠰᠢ᠂ ᠵᠦᠢ ᠶᠤᠰᠤᠨ ᠳᠤ ᠨᠠᠶᠢᠴᠠᠭᠦ ᠬᠤᠪᠢ ᠭᠦᠮᠦᠨ ᠤ ᠴᠢᠯᠦᠭᠡ ᠠᠪᠴᠤ ᠪᠤᠯᠬᠤ ᠦᠭᠡᠢ ᠭᠡᠰᠡᠨ ᠪᠢᠰᠢ ᠪᠢᠵᠠ | ᠭᠡᠵᠦ ᠤᠴᠢᠷ ᠶᠠᠪᠤᠳᠠᠯ ᠢ ᠡᠷᠬᠢᠭᠦᠦ ᠪᠠᠷ ᠰᠡᠳᠬᠢᠵᠤ ᠰᠠᠨᠠᠯ ᠲᠠᠢ ᠠᠯᠬᠤᠨ᠎ᠠ᠃ | — ᠴᠢᠯᠦᠭᠡ ᠦᠭᠭᠦᠭᠰᠡᠨ ᠦᠭᠡᠢ ᠴᠦ ᠶᠠᠭᠠᠬᠢᠬᠤ ᠪᠤᠢ᠂ ᠭᠡᠳᠦ᠋ᠢᠨ ᠦᠡᠭᠭᠡᠷᠡᠴᠢᠭᠡᠯᠡ᠃ ᠶᠠᠭᠤᠨ ᠤ ᠬᠢᠨᠢ | ᠪᠠᠰᠠ ᠪᠠᠭᠰᠢ ᠠᠵᠢᠯᠳᠠᠨ ᠤ ᠬᠤᠷᠠᠯ ᠳᠡᠭᠡᠷ᠎ᠠ ᠮᠠᠭᠳᠠᠴᠢᠬᠠᠭᠰᠠᠨ ᠶᠤᠮ ᠳ᠋ᠠ︕ ᠦᠭᠡᠷ᠎ᠠ ᠪᠤᠰᠤᠳ ᠲᠤ ︽ᠡᠨᠡ | ᠠᠪᠤᠭᠠᠢ ᠮᠠᠭᠳᠠᠭᠳᠠᠵᠤ ᠪᠠᠶᠢᠨ᠎ᠠ︾ ᠭᠡᠳᠡᠭ ᠪᠤᠯᠪᠠᠴᠤ ᠨᠠᠳᠠ ᠳᠤ ᠬᠠᠷᠢᠨ ᠦᠴᠦᠭᠡᠨ ᠴᠦ ᠲᠠᠭᠠᠯᠠᠮᠵᠢᠳᠠᠢ | ᠰᠠᠨᠠᠭᠳᠠᠭᠰᠠᠨ ᠦᠭᠡᠢ᠃ ᠡᠭᠡᠯ ᠵᠢᠷ ᠤᠨ ᠭᠦᠮᠦᠨ ᠨᠠᠳᠠ ᠳᠤ ᠦᠭᠡᠷ᠎ᠠ ᠪᠤᠰᠤ ᠠᠴᠠ ᠤᠨᠴᠠᠯᠢᠬᠳᠠᠬᠤ ᠲᠤᠪᠤᠶᠢᠮ᠎ᠠ | ᠶᠠᠭᠤᠮ᠎ᠠ ᠬᠠᠮᠢᠭ᠎ᠠ ᠪᠠᠶᠢᠬᠤ ᠠᠵᠢ︕ ᠮᠠᠭᠳᠠᠭᠰᠠᠨ ᠦᠭᠡᠢ ᠨᠢ ᠬᠠᠷᠢᠨ ᠮᠠᠭᠳᠠᠭᠰᠠᠨ ᠠᠴᠠ ᠪᠠᠨ ᠳᠡᠭᠡᠷ᠎ᠠ | ᠪᠠᠶᠢᠬ᠎ᠠ︕ ︽ᠡᠨᠡ ᠭᠦᠮᠦᠨ ᠪᠢᠳᠠᠭᠤ ᠭᠦᠳᠡᠬᠢ ᠪᠤᠯᠪᠠᠴᠤ ᠠᠵᠢᠯ ᠦᠢᠯᠠᠰ ᠲᠤ ᠪᠠᠨ ᠵᠢᠳᠭᠦᠵᠤ ᠶᠠᠪᠤᠳᠠᠬ︾ | ᠭᠡᠰᠡᠨ ᠨᠢ ᠬᠠᠷᠢᠨ ᠤᠨᠤᠭᠠᠵᠤ ᠭᠡᠯᠡᠭᠰᠡᠨ ᠪᠠᠶᠢᠨ᠎ᠠ ᠭᠡᠵᠦ ᠪᠤᠳᠤᠯ ᠳᠤ ᠪᠠᠨ ᠲᠠᠷᠤᠭᠳᠠᠵᠤ ᠭᠤᠮᠤᠳᠠᠯ ᠲᠠᠢ ᠠᠯᠬᠤᠨ᠎ᠠ ᠁ | ᠭᠢᠴᠢᠶᠡᠯᠯᠡᠭᠦ ᠬᠤᠨᠭ᠍ᠬᠤ ᠵᠢᠩᠬᠢᠨᠠᠨ ᠲᠤᠤᠭᠠᠷᠪᠠ᠃ ᠮᠠᠨ ᠤ ᠭᠡᠳᠦᠭᠦᠯᠡ ᠴᠢᠨᠡᠭᠡ ᠮᠠᠳᠠᠨ ᠭᠦᠶᠦᠯᠳᠤᠵᠤ | ᠠᠩᠬᠢ ᠶᠢᠨ ᠭᠡᠷ ᠲᠤ ᠪᠠᠨ ᠢᠷᠡᠭᠦ ᠳᠤ ᠠᠩᠬᠢ ᠶᠢᠨ ᠡᠷᠬᠢᠯᠡᠭᠴᠢ ᠪᠠᠭᠰᠢ ᠮᠠᠨᠢ ᠭᠡᠳᠦ᠋ᠢᠨ ᠢᠷᠡᠴᠢᠭᠡᠭᠡᠳ ᠪᠠᠶᠢᠵᠠᠢ᠂ | ᠮᠠᠨᠤᠰ ᠢ ︽ᠬᠢᠴᠢᠶᠡᠯ ᠤᠰᠤᠯᠳᠠᠴᠢᠬᠠᠯᠠ︾ ᠭᠡᠵᠦ ᠵᠢᠮᠡᠯᠡᠭᠰᠡᠨ ᠦᠭᠡᠢ᠃ ᠠᠩᠬ᠎ᠠ ᠭᠤᠷᠪᠠᠳᠤᠭᠠᠷ ᠤᠨ ᠤ ᠲᠤᠭᠠᠨ ᠤ | ᠤᠬᠠᠭᠠᠨ ᠤ ᠠᠩᠬᠠᠨ ᠤ ᠬᠢᠴᠢᠶᠡᠯ ᠢ ᠪᠠᠭᠰᠢ ᠮᠢᠨᠢ ᠢᠡᠭᠬᠢᠵᠤ ᠬᠢᠴᠢᠶᠡᠯᠯᠡᠭᠰᠡᠨ ᠶᠤᠮ᠃ | — ᠡᠨᠡ ᠴᠠᠭ ᠮᠦᠴᠠ ᠠᠴᠠ ᠲᠠ ᠨᠠᠷ ᠨᠢᠭᠡᠨᠳᠠ ᠠᠩᠬ᠎ᠠ ᠭᠤᠷᠪᠠᠳᠤᠭᠠᠷ ᠤᠨ ᠤ ᠰᠤᠷᠤᠭᠴᠢ | ᠪᠤᠯᠴᠢᠬᠠᠭᠰᠠᠨ ᠶᠤᠮ᠃ ᠠᠩᠬ᠎ᠠ ᠲᠤᠮᠳᠠᠳᠤ ᠶᠢᠨ ᠬᠠᠮᠤᠭ ᠤᠨ ᠵᠠᠩᠬᠢᠯᠠᠭ᠎ᠠ ᠶᠢᠨ ᠰᠤᠷᠤᠯᠭ᠎ᠠ ᠶᠢᠨ ᠱᠠᠳᠤᠨ ᠳᠤ | ᠤᠷᠤᠭᠰᠠᠨ ᠰᠢᠤ ᠳ᠋ᠠ︕ ᠡᠨᠡ ᠱᠠᠳᠤᠨ ᠤ ᠰᠤᠷᠤᠯᠴᠠᠯᠭ᠎ᠠ ᠲᠠ ᠨᠠᠷ ᠤᠨ ᠢᠷᠡᠭᠡᠳᠤᠢ ᠶᠢ ᠴᠢᠨᠢ ᠲᠤᠭᠳᠠᠭᠠᠨ᠎ᠠ᠂ | ᠬᠤᠪᠢ ᠵᠠᠶᠠᠭᠠᠨ ᠳᠤ ᠴᠢᠨᠢ ᠡᠷᠬᠢᠯᠳᠠ ᠭᠠᠷᠭᠠᠵᠤ ᠮᠠᠳᠠᠨ᠎ᠠ᠃ ᠲᠠᠷᠠᠭᠠᠴᠢ ᠪᠠᠷ ᠲᠡᠭᠡᠳᠤ ᠲᠤᠮᠳᠠᠳᠤ ᠳᠤ ᠲᠠᠪᠰᠢᠨ | ᠰᠤᠷᠤᠯᠴᠠᠭᠰᠠᠨ ᠴᠦ᠂ ᠲᠤᠮᠳᠠᠳᠤ ᠵᠡᠷᠭᠡ ᠶᠢᠨ ᠲᠤᠰᠬᠠᠢ ᠮᠠᠷᠭᠡᠵᠢᠯ ᠤᠨ ᠰᠤᠷᠭᠠᠭᠤᠯᠢ ᠳᠤ ᠰᠢᠯᠭᠠᠨ ᠤᠷᠤᠭᠰᠠᠨ ᠴᠦ᠂ | ᠡᠰᠡᠭᠦᠯ᠎ᠡ ᠭᠦᠳᠡᠭᠡ ᠨᠤᠳᠤᠭ ᠲᠤ ᠪᠠᠨ ᠪᠤᠴᠠᠵᠤ ᠦᠢᠯᠠᠳᠪᠤᠷᠢᠯᠡᠯ ᠭᠦᠳᠡᠯᠮᠤᠷᠢ ᠳᠤ ᠤᠷᠤᠯᠴᠠᠭᠰᠠᠨ ᠴᠦ ᠡᠷᠳᠠᠮ | ᠮᠠᠳᠠᠯᠭᠡ ᠱᠠᠭᠠᠷᠳᠠᠭᠳᠠᠬᠤ ᠶᠤᠮ᠃ ᠡᠷᠳᠠᠮ ᠮᠠᠳᠡᠯᠭᠡ ᠶᠢ ᠰᠤᠷᠬᠤ ᠲᠤᠳᠤᠮ ᠬᠠᠷᠠᠴᠠ ᠴᠢᠨᠢ ᠦᠷᠭᠡᠵᠢᠨᠠ᠂ ᠲᠠᠨᠢᠯᠳᠠ | ᠴᠢᠨᠢ ᠲᠡᠭᠡᠭᠰᠢᠯᠡᠨ᠎ᠡ᠂ ᠦᠵᠠᠯᠳᠠ ᠴᠢᠨᠢ ᠰᠢᠨᠡᠳᠭᠡᠭᠳᠡᠨᠡ᠃ ᠪᠢᠴᠢᠭ ᠡᠷᠳᠠᠮ ᠰᠤᠷᠬᠤ ᠶᠢ ᠪᠤᠰᠤᠳ ᠲᠤ ᠨᠠᠶᠢᠳᠠᠵᠤ | ᠪᠤᠯᠬᠤ ᠦᠭᠡᠢ᠂ ᠬᠠᠷᠢᠨ ᠪᠤᠰᠤᠳ ᠢᠶᠠᠷ ᠠᠯᠪᠠᠳᠠᠭᠤᠯᠬᠤ ᠦᠭᠡᠢ ᠪᠠᠷ ᠤᠬᠠᠮᠰᠠᠷ ᠠᠴᠠ ᠪᠠᠨ ᠰᠤᠷᠤᠯᠴᠠᠬᠤ ᠳᠤ ᠪᠠᠨ | ᠲᠠᠭᠠᠷᠠᠨ᠎ᠠ᠃ ᠤᠢᠢᠯᠠᠭᠠᠭᠰᠠᠨ ᠦᠭᠡᠢ ᠮᠠᠳᠡᠭᠰᠡᠨ ᠦᠭᠡᠢ ᠪᠠᠨ ᠪᠠᠷᠢᠨ ᠰᠢᠢᠳᠪᠤᠷᠢᠯᠡᠭᠦ ᠠᠴᠠ ᠪᠢᠰᠢ᠂ | ᠤᠳᠠᠭᠠᠰᠢᠷᠠᠭᠤᠯᠵᠤ ᠶᠠᠭᠠᠬᠢᠭᠰᠠᠨ ᠴᠦ ᠪᠤᠯᠳᠠᠬ ᠦᠭᠡᠢ ᠶᠤᠮ᠃ ᠭᠦᠮᠦᠨ ᠲᠡᠭᠡᠳᠤ ᠬᠠᠷᠢᠭᠤᠴᠠᠯᠭ᠎ᠠ᠂ ᠦᠨᠳᠤᠷ | ᠪᠤᠯᠪᠠᠰᠤᠷᠠᠯ᠂ ᠦᠯᠠᠮᠵᠢ ᠮᠠᠳᠠᠯᠭᠡ᠂ ᠲᠡᠭᠦᠰ ᠴᠢᠳᠠᠪᠤᠷᠢ ᠲᠠᠢ ᠪᠤᠯᠴᠢᠬᠠᠪᠠᠯ ᠠᠵᠢᠯ ᠢᠶᠠᠨ ᠦᠢᠯᠠᠰ ᠪᠤᠯᠭᠠᠵᠤ | ᠬᠢᠯᠠᠯᠵᠠᠳᠠᠯ᠎ᠠ ᠰᠠᠶᠢᠬᠠᠨ ᠬᠢᠵᠤ ᠲᠠᠶᠢᠯᠭᠦ ᠲᠠᠳᠤᠢ ᠪᠢᠰᠢ᠂ ᠪᠤᠰᠤᠳ ᠲᠤ ᠪᠠᠨ ᠲᠠᠭᠤᠷᠢᠶᠠᠯ ᠲᠦᠷᠢᠮᠵᠢᠯ ᠪᠤᠯᠵᠤ | ᠲᠠᠭᠠᠭᠤᠯᠬᠤ ᠲᠠᠶᠢᠴᠢᠯᠠᠬᠤ ᠦᠢᠯᠠᠳᠤᠯ ᠦᠵᠠᠭᠦᠯᠵᠤ ᠴᠢᠳᠠᠨ᠎ᠠ᠃ ᠰᠤᠷᠤᠭᠴᠢ ᠭᠦᠮᠦᠨ ᠤ ᠭᠤᠤᠯ ᠡᠭᠦᠷᠭᠡ ᠪᠤᠯ | ᠰᠤᠶᠤᠯ ᠮᠠᠳᠠᠯᠭᠡ ᠶᠢᠨ ᠰᠤᠷᠤᠯᠴᠠᠯᠭ᠎ᠠ ᠮᠦᠨ᠃ ᠲᠠ ᠨᠠᠷ ᠲᠤ ᠲᠠᠪᠠᠳᠠᠢ ᠰᠠᠶᠢᠬᠠᠨ ᠰᠤᠷᠤᠯᠴᠠᠬᠤ ᠤᠷᠴᠢᠨ ᠢ | ᠪᠦᠷᠢᠯᠳᠤᠭᠦᠯᠵᠤ᠂ ᠰᠢᠯᠢᠳᠡᠭ ᠰᠠᠶᠢᠨ ᠭᠦᠮᠦᠵᠢᠯ ᠪᠤᠯᠪᠠᠰᠤᠷᠠᠯ ᠭᠦᠷᠳᠡᠭᠡᠭᠦ ᠶᠢᠨ ᠲᠦᠯᠦᠭᠡ ᠤᠯᠠᠭᠠᠬᠤᠳᠤ᠂ | ᠬᠤᠭᠤᠯᠢᠳᠤ ᠶᠢᠨ ᠰᠤᠷᠭᠠᠭᠤᠯᠢ ᠶᠢ ᠠᠰᠢᠬᠠᠨ ᠲᠤᠮᠳᠠᠳᠤ ᠰᠤᠷᠭᠠᠭᠤᠯᠢ ᠳᠤ ᠲᠦᠪᠯᠠᠷᠠᠭᠦᠯᠦᠭᠰᠡᠨ ᠶᠤᠮ᠃ ᠪᠠᠭᠰᠢ ᠶᠢᠨ | ᠡᠩᠨᠡᠭᠡ ᠴᠦ ᠰᠢᠯᠢᠳᠡᠭᠵᠢᠯᠠ᠃ ᠤᠳᠤ ᠠᠴᠠ ᠲᠠ ᠨᠠᠷ ᠨᠢᠭᠡᠨᠳᠠ ᠨᠢᠭᠡ ᠠᠩᠬᠢ ᠶᠢᠨ ᠬᠠᠮᠳᠤ ᠰᠤᠷᠤᠯᠭᠠᠳᠠᠨ ᠪᠤᠯᠵᠠᠢ᠂ | ᠬᠠᠷᠢᠯᠴᠠᠨ ᠬᠠᠪᠰᠤᠷᠴᠤ ᠨᠢᠭᠡ ᠨᠢᠭᠡᠨ ᠳᠤ ᠪᠠᠨ ᠲᠤᠰᠠ ᠲᠠᠮᠵᠢᠯᠭᠡ ᠪᠤᠯᠵᠤ ᠶᠠᠪᠤᠭᠠᠷᠠᠢ᠃ ᠬᠠᠮᠳᠤ ᠰᠤᠷᠤᠭᠴᠢ ᠶᠢᠨ | ᠨᠦᠭᠦᠷᠯᠡᠯ ᠭᠡᠭᠴᠢ ᠦᠨᠠᠨᠴᠢ ᠮᠦᠷᠳᠡᠭᠡᠨ ᠦᠨᠢᠳᠠ ᠶᠢᠨ ᠶᠤᠮ᠂ ᠬᠠᠮᠳᠤ ᠰᠤᠷᠤᠯᠭᠠᠳᠠᠨ ᠪᠤᠯᠤᠭᠰᠠᠨ ᠢᠶᠠᠨ | ᠨᠠᠨᠳᠢᠩᠨᠠᠵᠤ ᠶᠠᠪᠤᠭᠠᠷᠠᠢ᠃ ᠲᠦᠷᠤᠯ ᠰᠠᠳᠤᠨ᠂ ᠨᠠᠶᠢᠵᠢ ᠨᠦᠭᠦᠳ ᠤᠨ ᠴᠢᠨᠢ ᠬᠠᠪᠰᠤᠷᠴᠤ ᠲᠠᠮᠵᠢᠵᠤ ᠲᠠᠶᠢᠯᠭᠦ | ᠦᠭᠡᠢ ᠶᠠᠪᠤᠳᠠᠯ ᠢ ᠬᠠᠮᠳᠤ ᠰᠤᠷᠤᠯᠭᠠᠳᠠᠨ ᠴᠢᠨᠢ ᠬᠠᠷᠢᠨ ᠪᠠᠶᠠᠯᠠᠭᠦᠯᠵᠦ ᠦᠭᠴᠦ ᠮᠠᠳᠠᠭᠦ ᠶᠤᠮ᠃ | ᠪᠠᠭᠰᠢ ᠶᠢᠨ ᠰᠤᠷᠭᠠᠯ ᠪᠠᠶᠢᠳᠠᠬ ᠠᠴᠠ ᠦᠨ᠎ᠠ ᠲᠠᠢ ᠶᠤᠮ ᠪᠠᠶᠢᠵᠠᠢ᠃ ᠪᠠᠭᠰᠢ ᠶᠢᠨ ᠭᠡᠯᠡᠭᠰᠡᠨ ᠦᠭᠡᠨ ᠳᠤ | ᠪᠢᠳᠠ ᠨᠢᠭᠡᠯᠡ ᠲᠠᠭᠡᠷ᠎ᠠ ᠲᠤᠮᠤᠭᠠᠵᠢᠵᠠᠢ᠃ ᠬᠤᠭᠤᠷᠤᠨᠳᠤ ᠪᠠᠨ ᠪᠢᠰᠢᠭᠦᠷᠭᠡᠵᠦ ᠪᠠᠶᠢᠭᠰᠠᠨ ᠰᠢᠨ᠎ᠠ ᠨᠠᠶᠢᠵᠢ | ᠨᠦᠭᠦᠳ ᠤᠳ ᠬᠠᠭᠤᠴᠢᠨ ᠲᠠᠨᠢᠯ ᠲᠤᠰᠤᠯ ᠶᠤᠮ ᠰᠢᠬ ᠪᠤᠯᠴᠢᠬᠠᠵᠠᠢ᠃ ᠪᠠᠭᠰᠢ ᠶᠢᠨ ᠢᠶᠠᠨ ᠲᠠᠶᠢᠯᠪᠤᠷᠢᠯᠠᠬᠤ ᠶᠢ | ᠬᠢᠨᠠᠮᠠᠭᠠᠢ ᠰᠤᠨᠤᠰᠴᠤ᠂ ᠬᠢᠴᠢᠶᠡᠯ ᠰᠤᠷᠤᠯᠭ᠎ᠠ ᠳᠤ ᠪᠠᠨ ᠴᠢᠷᠮᠠᠶᠢᠵᠠᠭᠠᠨ᠎ᠠ᠃ ᠮᠠᠳᠠᠭᠦ ᠦᠭᠡᠢ ᠴᠢᠳᠠᠬᠤ ᠦᠭᠡᠢ ᠪᠠᠨ | ᠬᠠᠵᠠᠭᠤ ᠬᠠᠪᠢᠷᠭ᠎ᠠ ᠶᠢᠨ ᠬᠢ ᠪᠠᠷ ᠢᠶᠠᠨ ᠵᠢᠭᠠᠯᠭᠠᠨ᠎ᠠ᠂ ᠮᠠᠳᠠᠬ ᠲᠠᠢ ᠰᠡᠵᠢᠭ ᠲᠠᠢ ᠪᠠᠨ ᠬᠤᠭᠤᠷᠤᠨᠳᠤ ᠪᠠᠨ | ᠶᠠᠷᠢᠯᠴᠠᠵᠠᠭᠠᠨ᠎ᠠ᠂ ᠰᠤᠯᠠ ᠰᠠᠯᠠᠭᠦᠦ ᠴᠠᠭ ᠢᠶᠠᠷ ᠢᠶᠠᠨ ᠨᠠᠭᠠᠳᠴᠤ ᠲᠤᠭᠯᠠᠨ᠎ᠠ᠂ ᠠᠯᠢᠶᠠᠷᠬᠠᠵᠤ ᠲᠡᠭᠵᠢᠷᠡᠨᠡ᠃ | ᠨᠠᠭᠠᠳᠤᠮ ᠠᠬᠠᠳᠠᠪᠠᠯ ᠨᠠᠮᠤᠰᠤ ᠪᠤᠯᠳᠠᠬ ᠭᠡᠭᠴᠢ ᠪᠠᠷ ᠬᠠᠶᠠ ᠳᠤ ᠪᠠᠨ ᠭᠡᠷᠡᠭᠦᠯ ᠵᠠᠭᠤᠷᠠᠭᠠᠨ ᠴᠦ ᠡᠭᠦᠰᠳᠡᠭ ᠪᠠᠶᠢᠯ᠎ᠠ᠃ | ᠠᠷᠭᠠᠯ ᠲᠦᠯᠡᠭᠡ ᠲᠡᠭᠦᠭᠦ ᠪᠤᠶᠤ ᠲᠡᠭᠡᠭᠡᠨ᠎ᠡ᠃ ᠰᠤᠷᠭᠠᠭᠤᠯᠢ ᠶᠢᠨ ᠨᠤᠭᠤᠭ᠎ᠠ ᠴᠠᠭ᠎ᠠ ᠶᠢᠨ ᠭᠠᠵᠠᠷ ᠲᠤ ᠤᠴᠢᠵᠤ | ᠭᠦᠳᠠᠯᠮᠤᠷᠢᠯᠠᠨᠠ᠂ ᠪᠤᠯᠢᠶᠠᠯᠳᠤᠨ ᠭᠦᠳᠡᠯᠮᠤᠷᠢᠯᠡᠭᠦ ᠪᠠᠷ ᠬᠠᠪᠤ ᠴᠡᠩᠭᠡᠯ ᠢᠶᠠᠨ ᠪᠤᠯᠭᠠᠨ᠎ᠠ᠂ ᠭᠤᠸ᠎ᠠ ᠯᠤᠤᠪᠠᠩ ᠤᠯᠵᠤ | ᠢᠳᠡᠪᠡᠯ ᠵᠤᠯ ᠵᠢᠷᠭᠠᠯ ᠡᠳ᠋ᠯᠡᠭᠰᠡᠨ ᠰᠢᠭ ᠲᠠᠭᠠᠳᠠᠢ ᠰᠠᠶᠢᠬᠠᠨ ᠰᠠᠨᠠᠭᠳᠠᠳᠠᠬ ᠪᠠᠶᠢᠯ᠎ᠠ᠃ ︽ᠭᠡᠯᠡᠵᠦ | ᠰᠤᠷᠭᠠᠬᠤ ᠪᠠᠷ ᠢᠶᠠᠨ ᠬᠢᠯᠭᠡᠵᠦ ᠪᠠᠶᠢᠭᠠᠳ ᠰᠤᠷᠭ᠎ᠠ᠂ ᠵᠢᠭᠠᠵᠤ ᠰᠤᠷᠭᠠᠬᠤ ᠪᠠᠷ ᠢᠶᠠᠨ ᠵᠠᠷᠤᠵᠤ ᠪᠠᠶᠢᠭᠠᠳ ᠰᠤᠷᠭ᠎ᠠ︾ | ᠭᠡᠭᠴᠢ ᠶᠤᠰᠤᠳᠠᠢ ᠤᠨᠤᠭᠠᠵᠤ ᠭᠡᠯᠡᠭᠰᠡᠨ ᠦᠭᠡ ᠪᠠᠶᠢᠵᠠᠢ᠃ ᠮᠠᠨᠤᠰ ᠰᠤᠷᠤᠯᠴᠠᠬᠤ ᠶᠢᠨ ᠵᠡᠷᠭᠡᠳᠡ ᠠᠵᠢᠯ | ᠭᠦᠳᠠᠯᠮᠤᠷᠢ ᠳᠤ ᠦᠷᠭᠦᠯᠵᠢ ᠤᠷᠤᠯᠴᠠᠳᠠᠬ ᠪᠠᠶᠢᠭᠰᠠᠨ ᠠᠴᠠ ᠠᠮᠢᠳᠤᠷᠠᠯ ᠤᠨ ᠠᠷᠭ᠎ᠠ ᠤᠬᠠᠭᠠᠨ ᠢ ᠡᠳᠤᠢ ᠲᠠᠳᠤᠢ | ᠬᠤᠷᠠᠮᠳᠤᠭᠤᠯᠤᠭᠰᠠᠨ ᠶᠤᠮ᠃ ᠲᠦᠳᠡᠯ ᠦᠭᠡᠢ ᠠᠮᠢᠨ ᠳᠤ ᠪᠠᠨ ᠵᠦᠪ ᠪᠤᠯᠬᠤ ᠶᠤᠮ ᠪᠠᠶᠢᠨ᠎ᠠ᠃ | ᠭᠠᠷᠠᠭ ᠤᠨ ᠡᠳᠦᠷ ᠲᠤ ᠰᠤᠷᠭᠠᠭᠤᠯᠢ ᠠᠮᠠᠷᠠᠯᠳᠠ ᠲᠠᠯᠪᠢᠳᠠᠬ ᠦᠭᠡᠢ᠃ ᠡᠳᠤᠷ ᠠᠯᠭᠠᠰᠠᠯ ᠦᠭᠡᠢ | ᠭᠢᠴᠢᠶᠡᠯᠯᠡᠳᠡᠭ ᠪᠤᠯᠬᠤᠷ ᠮᠠᠨᠤᠰ ᠭᠠᠷᠠᠭ ᠤᠨ ᠡᠳᠦᠷ ᠢ ᠴᠦ ᠮᠠᠳᠡᠳᠡᠭ ᠦᠭᠡᠢ ᠶᠤᠮ᠃ ᠬᠠᠶᠠ ᠵᠠᠷᠢᠮ ᠡᠳᠦᠷ ᠲᠤ ᠪᠠᠨ | ᠭᠦᠳᠠᠯᠮᠤᠷᠢᠯᠠᠳᠡᠭ ᠠᠴᠠ ᠪᠤᠯᠪᠠᠤ᠂ ᠰᠤᠷᠤᠯᠭ᠎ᠠ ᠶᠠᠳᠠᠷᠠᠭ᠎ᠠ ᠲᠠᠢ ᠭᠡᠵᠦ ᠤᠭᠳᠤᠬᠠᠨ ᠴᠦ ᠰᠠᠨᠠᠭᠳᠠᠳᠠᠬ ᠦᠭᠡᠢ᠃ | ᠬᠢᠴᠢᠶᠡᠯᠯᠡᠭᠡᠳ ᠰᠠᠷ᠎ᠠ ᠰᠢᠬᠠᠮ ᠪᠤᠯᠬᠤ ᠳᠤ ᠭᠡᠷ ᠡᠷᠦᠭᠡ ᠡᠷᠢᠭ᠍ᠳᠡᠭᠡᠳ ᠪᠤᠯᠬᠤ ᠪᠠᠨ ᠪᠠᠶᠢᠯ᠎ᠠ᠃ ᠰᠤᠷᠬᠤ ᠤᠷᠮ᠎ᠠ | ᠬᠠᠷᠢᠵᠤ᠂ ᠬᠢᠴᠢᠶᠠᠯ ᠰᠤᠷᠤᠯᠭ᠎ᠠ ᠳᠤ ᠰᠢᠮᠳᠠᠬᠤ ᠡᠷᠴᠢ ᠭᠦᠴᠦᠨ ᠴᠦ ᠠᠯᠳᠠᠷᠠᠵᠤ ᠡᠬᠢᠯᠡᠵᠡᠢ᠂ ᠮᠠᠨᠤᠰ ᠤᠨ ᠢᠯᠠᠷᠠᠯ | ᠬᠤᠪᠢᠷᠠᠯᠳᠠ ᠶᠢ ᠰᠤᠷᠭᠠᠭᠤᠯᠢ ᠤᠷᠢᠳᠴᠢᠯᠠᠨ ᠲᠦᠰᠦᠭᠡᠯᠡᠵᠦ ᠮᠠᠳᠡᠭᠰᠡᠨ ᠴᠦ ᠭᠡᠮᠡᠷ᠂ ᠦᠳᠠ ᠶᠢᠨ ᠡᠮᠦᠨᠡᠬᠢ | ᠲᠦᠷᠪᠡᠳᠤᠭᠡᠷ ᠦᠶ᠎ᠠ ᠶᠢᠨ ᠬᠢᠴᠢᠶᠡᠯ ᠢ ᠬᠠᠭᠠᠰ ᠤᠷᠤᠵᠤ ᠪᠠᠶᠢᠭᠠᠳ ᠪᠠᠭᠰᠢ ᠭᠡᠨᠡᠳᠳᠠ ᠪᠠᠷ᠄ ︽ᠡᠨᠡ ᠬᠢᠴᠢᠶᠡᠯ ᠢ | ᠤᠷᠤᠵᠤ ᠪᠠᠷᠠᠮᠠᠭᠴᠠ ᠰᠤᠷᠭᠠᠭᠤᠯᠢ ᠲᠤᠯᠤᠭᠠᠨ ᠡᠳᠦᠷ ᠬᠠᠭᠠᠰ ᠤᠨ ᠴᠢᠯᠦᠭᠡ ᠲᠠᠯᠪᠢᠨ᠎ᠠ︾ ᠭᠡᠵᠦ ᠭᠡᠯᠡᠭᠦ ᠲᠠᠢ ᠵᠡᠷᠭᠡ | ᠪᠦᠭᠦᠳᠡᠭᠡᠷ ᠢᠶᠠᠷ ᠢᠶᠠᠨ ᠭᠦᠷᠴᠢᠬᠢᠨᠠᠯᠳᠤᠵᠤ ᠪᠠᠭᠰᠢ ᠶᠢᠨ ᠵᠠᠯᠭᠠᠵᠤ ᠭᠡᠯᠡᠭᠦ ᠶᠢ ᠰᠤᠨᠤᠰᠬᠤ ᠪᠠᠨ ᠪᠤᠯᠢᠵᠠᠢ᠃ ᠪᠠᠭᠰᠢ | ᠮᠠᠨᠤᠰ ᠢ ᠪᠤᠷᠤᠭᠤᠳᠬᠠᠭᠰᠠᠨ ᠦᠭᠡᠢ᠂ ᠪᠦᠭᠦᠳᠡ ᠶᠢ ᠨᠠᠮ ᠵᠢᠮ ᠪᠠᠶᠢᠯᠭᠠᠵᠤ ᠠᠩᠬᠠᠷᠬᠤ ᠵᠦᠢᠯᠠᠰ ᠢ | ᠰᠠᠨᠠᠭᠤᠯᠤᠭᠰᠠᠨ ᠤ ᠳᠠᠷᠠᠭ᠎ᠠ ᠬᠠᠷᠢᠬᠤ ᠪᠠᠯᠠᠳᠭᠡᠯ ᠢ ᠬᠢᠯᠭᠡᠪᠡ᠃ ᠬᠢᠴᠢᠶᠡᠯ ᠪᠠᠭᠤᠬᠤ ᠬᠤᠨᠭ᠍ᠬᠤ ᠲᠤᠤᠭᠠᠷᠬᠤ ᠲᠠᠢ | ᠵᠡᠷᠭᠡ ᠰᠤᠷᠤᠭᠴᠢᠳ ᠭᠡᠳᠤ ᠭᠡᠳᠦᠭᠦᠯᠡ ᠪᠠᠨ ᠨᠠᠶᠢᠯᠠᠯᠳᠤᠵᠤ ᠶᠢᠰᠤᠨ ᠲᠠᠶᠢᠰᠢ ᠪᠠᠨ ᠪᠤᠳᠠᠷᠠᠨ ᠶᠠᠪᠤᠵᠠᠭᠠᠵᠠᠢ᠃ ︽ | ᠵᠠᠮ ᠳᠤ ᠪᠠᠨ ᠠᠮᠤᠷ ᠲᠦᠪᠰᠢᠨ ᠢ ᠠᠩᠬᠠᠷᠤᠭᠠᠷᠠᠢ᠂ ᠬᠠᠷᠢᠭᠰᠠᠨ ᠤ ᠪᠠᠨ ᠳᠠᠷᠠᠭ᠎ᠠ ᠪᠢᠳᠡᠬᠡᠢ ᠵᠤᠴᠢᠨ ᠰᠢᠬ ᠰᠠᠭᠤᠭᠠᠳ | ᠪᠠᠢ ᠳ᠋ᠠ᠂ ᠠᠪᠤ ᠡᠵᠢ ᠪᠠᠨ ᠬᠠᠪᠰᠤᠷᠴᠤ᠂ ᠡᠨᠡ ᠲᠠᠷᠠ ᠶᠢ ᠨᠢ ᠬᠢᠵᠦ ᠦᠭᠭᠦᠭᠡᠷᠡᠢ︾ ᠭᠡᠵᠦ ᠪᠠᠭᠰᠢ ᠮᠢᠨᠢ ᠠᠷᠤ | ᠬᠤᠶᠢᠨ᠎ᠠ ᠠᠴᠠ ᠠᠬᠢᠨ ᠲᠠᠬᠢᠨ ᠵᠠᠬᠢᠵᠤ ᠰᠤᠷᠭᠠᠵᠤ ᠪᠠᠶᠢᠭᠰᠠᠨ ᠶᠤᠮ᠃ ᠪᠢ ᠤᠨᠠᠭᠠᠨ ᠨᠠᠶᠢᠵᠢ ᠰᠧᠪᠡᠭᠵᠡᠪ ᠲᠠᠢ ᠪᠠᠨ | ᠬᠤᠶᠠᠭᠤᠯᠠ ᠵᠢᠷᠠ ᠲᠠᠯᠠᠨ ᠭᠠᠵᠠᠷ ᠬᠤᠯᠠ ᠶᠢᠨ ᠵᠠᠮ ᠢ ᠶᠠᠪᠠᠭᠠᠨ ᠢᠶᠠᠷ ᠲᠠᠪᠬᠢᠭᠰᠠᠨ ᠪᠢᠯᠠ᠃ ᠮᠠᠨ ᠤ ᠬᠢᠨ ᠨᠠᠯᠢᠶᠠᠳ | ᠪᠤᠶᠢᠳᠠ ᠪᠦᠭᠯᠡᠭᠦᠦ ᠭᠠᠵᠠᠷ ᠲᠤ ᠪᠠᠶᠢᠭ᠎ᠠ ᠪᠤᠯᠬᠤᠷ ᠵᠠᠮ ᠮᠦᠷ ᠭᠡᠮᠡᠷ ᠶᠠᠭᠤᠮ᠎ᠠ ᠪᠠᠷᠤᠭ ᠪᠠᠶᠢᠳᠠᠬ ᠦᠭᠡᠢ᠃ ᠮᠠᠨ ᠤ | ᠬᠤᠶᠠᠭᠤᠯᠠ ᠪᠠᠷᠳᠠᠭᠠᠳᠤ ᠮᠠᠩᠬᠠᠨ ᠵᠢᠯᠠᠭ᠎ᠠ ᠶᠢ ᠲᠠᠪᠠᠵᠤ᠂ ᠪᠢᠳᠠᠭᠦᠦ ᠭᠦᠨ ᠰᠤᠵᠠᠬ ᠢ ᠲᠤᠭᠤᠯᠵᠤ ᠪᠤᠷᠤ | ᠲᠦᠯᠦᠪ ᠢᠶᠠᠷ ᠢᠶᠠᠨ ᠶᠠᠪᠤᠭᠰᠠᠭᠠᠷ ᠪᠠᠶᠢᠵᠤ ᠪᠦᠷᠦᠢ ᠲᠠᠰᠤᠷᠠᠬᠤ ᠶᠢᠨ ᠦᠶ᠎ᠠ ᠪᠠᠷ ᠭᠡᠷ ᠲᠤ ᠪᠠᠨ ᠭᠦᠷᠦᠭᠰᠡᠨ ᠶᠤᠮ᠃ | ᠠᠪᠤ ᠡᠵᠢ ᠲᠠᠢ ᠪᠠᠨ ᠮᠠᠨᠳᠤᠴᠢᠯᠠᠵᠤ ᠵᠤᠯᠭᠠᠯ᠎ᠠ᠃ ᠲᠡᠭᠦᠤ ᠨᠠᠷ ᠨᠠᠳᠠ ᠠᠴᠠ ᠨᠠᠯᠢᠶᠠᠳ ᠵᠠᠶᠢᠳᠠᠴᠢᠬᠠᠵᠠᠢ᠂ ᠠᠪᠤ | ᠡᠵᠢ ᠶᠢᠨ ᠠᠷᠤ ᠳᠤ ᠲᠠᠯᠳᠠᠯᠠᠵᠤ ᠶᠠᠭᠠᠬᠢᠭᠰᠠᠨ ᠴᠦ ᠮᠢᠨᠦ ᠲᠡᠷᠭᠡᠳᠡ ᠢᠷᠡᠭᠦ ᠦᠭᠡᠢ ᠪᠢᠰᠢᠭᠦᠷᠭᠡᠨᠡ᠃ ᠬᠤᠷᠤᠳ | ᠵᠦᠭᠡᠭᠡᠢ ᠪᠠᠷ ᠦᠯᠳᠡᠭᠰᠡᠨ ᠦᠯ ᠢᠶᠠᠨ ᠳᠠᠷᠤᠵᠠᠢ᠃ ᠡᠷᠦᠭᠡ ᠭᠡᠷ ᠲᠤ ᠪᠠᠨ ᠬᠠᠷᠢᠭᠰᠠᠨ ᠠᠴᠠ ᠦᠭᠡᠷ᠎ᠠ ᠰᠠᠶᠢᠬᠠᠨ | ᠶᠠᠭᠤᠮ᠎ᠠ ᠡᠨᠡ ᠶᠢᠷᠳᠢᠨᠴᠤ ᠳᠤ ᠦᠭᠡᠢ ᠶᠤᠮ ᠰᠢᠬ ᠰᠠᠨᠠᠭᠳᠠᠨ᠎ᠠ᠃ ᠭᠡᠳᠡᠯ᠎ᠠ ᠭᠡᠳᠤᠨ ᠡᠳᠦᠷ ᠦᠡᠭᠭᠡᠷᠡᠵᠦ ᠭᠡᠳᠠᠰᠤ | ᠴᠠᠳᠬᠤᠯᠠᠩ ᠪᠤᠯᠬᠤ ᠲᠠᠢ ᠵᠡᠷᠭᠡ ᠲᠠᠬᠢᠭᠠᠳ ᠰᠤᠷᠭᠠᠭᠤᠯᠢ ᠪᠠᠨ ᠰᠠᠨᠠᠴᠢᠬᠠᠪᠠ᠂ ᠬᠠᠮᠳᠤ ᠰᠤᠷᠤᠯᠭᠠᠳᠠᠨ ᠢᠶᠠᠨ | ᠮᠦᠷᠦᠭᠡᠳᠤᠴᠢᠭᠡᠯᠡ᠂ ᠬᠠᠮᠳᠤ ᠶᠢᠨ ᠠᠮᠢᠳᠤᠷᠠᠯ ᠢᠶᠠᠨ ᠰᠠᠨᠠᠭᠠᠯᠵᠠᠴᠢᠬᠠᠯᠠ᠃ | ᠰᠤᠷᠤᠭᠴᠢ ᠶᠢᠨ ᠠᠮᠢᠳᠤᠷᠠᠯ ᠶᠠᠭᠠᠬᠢᠭᠰᠠᠨ ᠭᠤᠶᠤ ᠪᠤᠢ︕ ᠵᠦᠪᠭᠡᠨ ᠪᠢᠴᠢᠭ ᠡᠷᠳᠠᠮ ᠰᠤᠷᠬᠤ ᠲᠠᠳᠤᠢ | ᠪᠢᠰᠢ᠂ ᠪᠠᠰᠠ ᠶᠤᠰᠤ ᠲᠢᠭᠯᠢᠮ ᠰᠤᠷᠤᠨ᠎ᠠ᠂ ᠤᠬᠠᠭᠠᠨ ᠪᠤᠳᠤᠯ ᠴᠦ ᠰᠤᠷᠤᠨ᠎ᠠ᠃ ᠰᠤᠷᠤᠭᠴᠢ ᠶᠢᠨ ᠠᠮᠢᠳᠤᠷᠠᠯ ᠶᠠᠮᠠᠷ | ᠰᠠᠶᠢᠬᠠᠨ ᠪᠤᠢ︕ ᠤᠯᠠᠨ ᠠᠷᠪᠢᠨ ᠨᠠᠶᠢᠵᠠ ᠨᠦᠭᠦᠳ ᠲᠠᠢ ᠪᠤᠯᠤᠨ᠎ᠠ᠂ ᠬᠠᠮᠳᠤ ᠶᠢᠨ ᠠᠮᠢᠳᠤᠷᠠᠯ ᠢ ᠦᠡᠭᠭᠡᠷᠡᠭᠡᠭᠦ | ᠶᠠᠪᠤᠴᠠ ᠳᠤ ᠨᠢᠭᠡ ᠨᠢᠭᠡᠨ ᠲᠠᠢ ᠤᠯᠠᠮ ᠠᠴᠠ ᠤᠯᠠᠮ ᠢᠵᠢᠯᠰᠢᠨᠠ᠂ ᠬᠤᠯᠠ ᠶᠢᠨ ᠬᠤᠯᠠ ᠵᠠᠶᠢᠳᠠᠵᠤ ᠦᠨᠢ | ᠤᠳᠠᠭᠠᠨ ᠡᠳᠦᠷ ᠬᠤᠨᠤᠬ ᠦᠡᠭᠭᠡᠷᠡᠭᠰᠡᠨ ᠴᠦ ᠪᠤᠳᠤᠯ ᠰᠡᠳᠬᠢᠯ ᠳᠤ ᠨᠢ ᠡᠷᠢᠭ᠍ᠳᠡᠭᠡᠳ ᠪᠠᠶᠢᠳᠠᠬ ᠪᠠᠶᠢᠬ᠎ᠠ᠃ | ᠰᠤᠷᠤᠭᠴᠢ ᠶᠢᠨ ᠠᠮᠢᠳᠤᠷᠠᠯ ᠪᠠᠯ ᠪᠤᠷᠮ᠎ᠠ ᠰᠢᠬ ᠠᠮᠳᠠᠳᠠᠢ ᠪᠠᠶᠢᠳᠠᠬ᠃ ᠬᠠᠮᠳᠤ ᠶᠢᠨ ᠠᠮᠢᠳᠤᠷᠠᠯ ᠤᠨ ᠲᠤᠮᠳᠠ | ᠬᠠᠶᠢᠷ᠎ᠠ ᠲᠤᠷᠠᠯᠠᠯ ᠡᠭᠦᠰᠳᠡᠭ᠃ ︽× ×︾ ᠭᠡᠤᠭᠡᠨ ᠶᠠᠭᠠᠬᠢᠭᠰᠠᠨ ᠦᠵᠠᠰᠭᠦᠯᠡᠩ ᠭᠡᠭᠡᠨᠴᠢᠷ ᠪᠤᠢ︕ ᠨᠠᠳᠠ ᠳᠤ | ᠬᠠᠯᠠᠭᠤᠨ ᠲᠤᠳᠤᠨᠤ᠂ ᠡᠬᠡᠯᠢᠳᠠᠢ ᠬᠠᠷᠠᠭᠳᠠᠭᠠᠳ ᠪᠠᠶᠢᠳᠠᠬ ᠪᠤᠯᠵᠠᠢ᠃ ᠤᠬᠠᠮᠰᠠᠷ ᠲᠠᠢ ᠤᠬᠠᠮᠰᠠᠷ ᠦᠭᠡᠢ ᠪᠠᠷ | ᠲᠡᠭᠦᠨ ᠲᠠᠢ ᠤᠢᠢᠷᠠᠳᠬᠤ ᠴᠦ ᠤᠯᠠᠰᠢᠷᠠᠭᠰᠠᠨ ᠶᠤᠮ᠃ | ᠤᠤᠬᠠᠢ᠂ ᠪᠢ ᠴᠢᠨᠢ ᠲᠡᠭᠦᠨ ᠢ ᠲᠤᠭᠤᠴᠢᠬᠠᠵᠠᠢ᠂ ᠲᠠᠷᠠ ᠮᠢᠨᠦ ᠰᠠᠨᠠᠭ᠎ᠠ ᠶᠢ ᠭᠠᠳᠠᠷᠯᠠᠭᠰᠠᠨ ᠦᠭᠡᠢ ᠭᠡᠵᠦ | ᠤᠤ᠂ ᠡᠰᠡᠭᠦᠯ᠎ᠠ ᠨᠠᠳᠠ ᠶᠢ ᠲᠤᠭᠤᠬᠤ ᠦᠭᠡᠢ ᠭᠡᠵᠦ ᠤᠤ︕ ᠬᠤᠵᠢᠮ ᠲᠡᠭᠦᠨ ᠢ ᠡᠭᠡᠨᠠᠷ ᠢᠶᠠᠨ ᠪᠤᠯᠭᠠᠵᠤ᠂ | ᠠᠮᠢᠳᠤᠷᠠᠯ ᠢᠶᠠᠨ ᠬᠠᠮᠳᠤ ᠪᠠᠷ ᠴᠤᠭᠴᠠᠯᠠᠪᠠᠯ ᠶᠠᠮᠠᠷ ᠭᠤᠶᠤ ᠪᠤᠢ ᠁ | — ᠮᠠᠭᠤ ᠯᠦᠢᠪᠠᠷᠴᠢᠨ ᠭᠡᠵᠦ ᠪᠦᠰᠡᠭᠦᠢ ᠭᠦᠮᠦᠨ ᠤ ᠬᠠᠷᠢᠶᠠᠬᠤ ᠲᠤᠭᠤᠯᠳᠠᠯ᠎ᠠ᠃ ᠦᠵᠡᠰᠡ᠂ ᠪᠢ ᠴᠢᠨᠢ | ᠨᠠᠶᠢᠳᠠ ᠶᠢᠨ ᠵᠤᠷᠯᠤᠩ ᠳᠤ ᠤᠷᠤᠴᠢᠬᠠᠭᠠᠳ ᠡᠮᠡᠭᠳᠠᠢ ᠵᠤᠷᠯᠤᠩ ᠤᠨ ᠬᠢᠨᠢ ᠡᠭᠦᠳᠡᠨ ᠳᠤ ᠭᠦᠷᠴᠢᠭᠡᠭᠰᠡᠨ ᠪᠠᠶᠢᠯ᠎ᠠ᠃ | ᠪᠤᠷᠬᠠᠨ ᠡ᠂ ᠡᠭᠦᠳᠡ ᠨᠢ ᠨᠡᠭᠡᠭᠡᠭᠳᠡᠯᠳᠠᠢ ᠪᠠᠶᠢᠭᠰᠠᠨ ᠪᠠᠶᠢᠵᠠᠢ᠃ ᠡᠭ᠍ᠳᠡᠭᠦᠦ ᠲᠠᠢ ᠨᠢ ᠲᠠᠪᠢᠭᠠᠳ ᠨᠠᠰᠤᠨ ᠤ ᠨᠢᠭᠡ | ᠡᠭᠡᠨᠡᠷ ᠪᠠᠶ᠎ᠠ ᠴᠡᠪᠡᠷᠯᠡᠭᠦ ᠲᠠᠰᠤᠭ ᠤᠨ ᠢᠶᠠᠨ ᠬᠠᠭᠠᠯᠭ᠎ᠠ ᠶᠢ ᠨᠢ ᠴᠦ ᠬᠠᠭᠠᠭᠰᠠᠨ ᠦᠭᠡᠢ ᠯᠠᠬᠠᠢᠢᠨ ᠰᠠᠭᠤᠴᠢᠬᠠᠭᠠᠳ | ᠭᠠᠳᠠᠭᠰᠢᠯᠠᠭᠤᠯᠵᠤ ᠪᠠᠶᠢᠪᠠ᠃ ᠨᠤᠪᠰᠢ ᠶᠢᠨ ᠭᠠᠶᠢᠬᠠᠯ᠂ ᠡᠨᠡ ᠪᠦᠰᠡᠭᠦᠢ ᠬᠠᠷᠢᠶᠠᠵᠤ ᠪᠠᠶᠢᠭ᠎ᠠ ᠶᠤᠮ ᠪᠠᠶᠢᠨ᠎ᠠ ᠰᠢᠤ᠃ | ᠪᠢ ᠪᠠᠯᠠᠬ ᠠᠯᠳᠠᠵᠤ ᠠᠪᠤᠭᠰᠠᠨ ᠪᠤᠯᠪᠠᠴᠤ ︽ᠤᠰᠤᠯ ᠪᠤᠯᠤᠯ᠎ᠠ᠂ ᠠᠨᠳᠠᠭᠤᠷᠠᠴᠢᠬᠠᠵᠠᠢ︾ ᠭᠡᠵᠦ ᠭᠡᠯᠡᠮᠡᠭᠴᠡ ᠪᠠᠶ᠎ᠠ | ᠡᠷᠬᠢᠵᠤ ᠲᠠᠷᠠ ᠳᠠᠷᠦ᠋ᠢᠬᠠᠨ ᠵᠤᠷᠯᠤᠩ ᠠᠴᠠ ᠭᠠᠷᠪᠠ᠃ ᠲᠠᠷᠠ ᠡᠭᠡᠨᠡᠷ ᠬᠤᠶᠢᠨ᠎ᠠ ᠠᠴᠠ ᠡᠯᠳᠡᠪ ᠤᠨ ᠮᠠᠭᠤᠬᠠᠢ ᠪᠠᠷ | ᠬᠠᠷᠢᠶᠠᠵᠤ ᠯᠠ ᠪᠠᠶᠢᠯ᠎ᠠ᠃ ᠪᠤᠷᠬᠠᠨ ᠤ ᠠᠪᠤᠷᠠᠯ ᠡ᠂ ᠡᠭᠦᠳᠠᠨ ᠪᠤᠱᠤᠭ᠎ᠠ ᠲᠡᠭᠡᠭᠦᠷ ᠨᠢ ᠭᠦᠯ ᠦᠡᠭᠭᠡᠷᠡᠭᠦ ᠶᠢ | ᠪᠠᠶᠢᠳᠤᠭᠠᠢ ᠮᠦᠷᠭᠦᠵᠤ ᠠᠪᠤᠭᠰᠠᠨ ᠴᠦ ᠬᠢᠯᠢᠰ ᠭᠦᠵᠢᠷ ᠭᠡᠷᠡᠭ ᠲᠤ ᠬᠤᠯᠪᠤᠭᠳᠠᠵᠤ ᠮᠠᠳᠠᠨ᠎ᠠ᠃ ᠵᠤᠷᠯᠤᠩ ᠠᠴᠠ | ᠭᠠᠷᠴᠤ ᠢᠷᠡᠭᠰᠡᠨ ᠤ ᠳᠠᠷᠠᠭ᠎ᠠ ᠰᠠᠶ᠋ᠢ ᠲᠠᠪᠤᠰᠠᠩ ᠴᠢᠨᠠᠷᠠᠵᠤ ᠲᠠᠯᠠᠷᠡᠭᠡᠳ ᠲᠠᠯᠪᠠᠷᠠᠮᠠᠷ ᠪᠠᠶᠢᠭᠰᠠᠨ ᠢ ᠮᠠᠳᠠᠵᠠᠢ᠃ | ᠴᠤᠬᠤᠮ ᠶᠠᠭᠠᠬᠢᠭᠰᠠᠨ ᠢ ᠪᠤᠤ ᠮᠠᠳᠠᠨ᠂ ᠲᠠᠷᠠ ᠡᠭᠡᠨᠡᠷ ᠢ ᠭᠠᠶᠢᠬᠠᠵᠤ ᠮᠠᠯᠠᠷᠡᠭᠰᠡᠨ ᠠᠴᠠ ᠪᠤᠯᠪᠠᠤ᠂ ᠡᠰᠡᠭᠦᠯ᠎ᠡ | ᠪᠤᠳᠤᠯ ᠤᠨ ᠶᠢᠷᠳᠢᠨᠴᠤ ᠠᠴᠠ ᠪᠠᠨ ᠪᠠᠰᠠ ᠠᠩᠬᠢᠵᠢᠷᠠᠵᠤ ᠲᠠᠶᠢᠯᠦᠭᠡᠳᠤᠢ ᠪᠠᠶᠢᠭᠰᠠᠭᠠᠷ ᠤᠤ᠂ ᠵᠤᠷᠯᠤᠩ ᠤᠨ ᠴᠠᠭᠠᠳᠤ | ᠲᠠᠯ᠎ᠠ ᠳᠤ ᠭᠠᠷᠬᠤ ᠪᠠᠷ ᠵᠠᠮ ᠭᠡᠳᠤᠯᠵᠤ ᠪᠠᠶᠢᠭᠠᠳ ᠭᠤᠷᠪᠠᠨ ᠭᠦᠷᠳᠤᠳᠤ ᠴᠠᠬᠢᠯᠭᠠᠨ ᠲᠠᠷᠭᠡᠨ ᠳᠤ ᠲᠠᠭᠠᠷᠢᠭᠳᠠᠬᠤ ᠪᠠᠨ | ᠰᠢᠬᠠᠯ᠎ᠠ᠃ ᠲᠠᠷᠭᠡᠨ ᠤ ᠡᠵᠡᠨ ᠨᠢ ᠪᠠᠰᠠ ᠡᠮᠡᠭᠳᠠᠢ ᠪᠠᠶᠢᠵᠠᠢ᠂ ᠲᠠᠷᠠ ᠨᠠᠳᠠ ᠶᠢ ᠬᠠᠴᠢᠨ ᠮᠠᠭᠤᠬᠠᠢ ᠬᠢᠯᠠᠪᠬᠢᠵᠤ | ᠠᠪᠤᠭᠠᠳ ᠲᠡᠷᠭᠡ ᠪᠠᠨ ᠴᠢᠨᠡᠭᠡ ᠮᠠᠳᠡᠨ ᠲᠠᠪᠬᠢᠭᠤᠯᠵᠤ ᠤᠳᠤᠯ᠎ᠠ᠃ ᠠᠮᠠᠨ ᠲᠤᠳᠤᠷ᠎ᠠ ᠪᠠᠨ ᠪᠠᠰᠠ ᠬᠠᠷᠢᠶᠠᠯ ᠤᠨ | ᠦᠭᠡ ᠲᠦᠳᠦᠨᠡᠵᠦ ᠪᠠᠶᠢᠨ᠎ᠠ᠃ ᠶᠠᠭᠠᠬᠢᠭᠰᠠᠨ ᠤᠷᠤᠭᠰᠢ ᠦᠭᠡᠢ ᠪᠤᠢ᠂ ︽ᠲᠤᠷᠦ᠋ᠢᠳᠠᠪᠠᠯ ᠲᠤᠯᠤᠭ᠎ᠠ ᠲᠤᠤᠷᠠᠳᠤᠨᠠ︾ | ᠭᠡᠭᠴᠢ ᠨᠢ ᠡᠨᠡ ᠤᠤ ᠳ᠋ᠠ︕ ᠰᠡᠳᠬᠢᠯ ᠢᠶᠠᠨ ᠰᠠᠷᠭᠦᠭᠡᠶᠡ ᠭᠡᠵᠦ ᠲᠤᠭᠤᠷᠢᠬᠤ ᠪᠠᠷ ᠭᠠᠷᠤᠭᠰᠠᠨ ᠨᠢ ᠭᠡᠳᠡᠷᠭᠦ ᠪᠠᠨ | ᠬᠠᠷᠢᠨ ᠤᠷᠤᠭᠰᠢ ᠦᠭᠡᠢ ᠶᠢᠨ ᠲᠦᠢᠯ ᠪᠤᠯᠵᠠᠢ᠃ ᠠᠷᠠᠢ ᠭᠡᠢ ᠮᠤᠷᠢ ᠭᠡᠪᠳᠡᠭᠦ ᠦᠭᠡᠢ ᠪᠢᠵᠠ︕ ᠡᠨᠡ ᠶᠠᠩᠵᠤ ᠪᠠᠷ | ᠦᠨᠦᠳᠤᠷ ᠤᠨ ᠬᠢᠴᠢᠶᠡᠯ ᠢ ᠤᠷᠤᠭᠰᠢᠳᠠᠢ ᠰᠠᠶᠢᠨ ᠵᠢᠭᠠᠵᠤ ᠲᠠᠶᠢᠯᠤᠨ᠎ᠠ ᠤᠤ᠂ ᠠᠳᠠ ᠲᠠᠨᠳᠠ ᠭᠡᠯᠡᠭᠦ ᠦᠭᠡᠢ ᠪᠤᠯ | ᠡᠰᠠᠨ ᠪᠤᠰᠤᠨ ᠶᠠᠭᠤᠮ᠎ᠠ ᠴᠠᠯᠴᠢᠨᠠ᠂ ᠬᠠᠯᠠᠭᠠᠢ ᠪᠤᠷᠤᠭᠤ ᠵᠢᠭᠠᠬᠤ ᠦᠭᠡᠢ ᠪᠤᠯ ᠬᠠᠮᠢᠶ᠎ᠠ ᠨᠠᠮᠢᠶ᠎ᠠ ᠦᠭᠡᠢ ᠦᠢᠯᠠᠰ ᠢ | ᠲᠠᠶᠢᠯᠪᠤᠷᠢᠯᠠᠨ᠎ᠠ᠃ ᠪᠠᠭᠰᠢ ᠶᠠᠭᠠᠬᠢᠴᠢᠬᠠᠪᠠ︖ ᠭᠡᠵᠦ ᠰᠤᠷᠤᠭᠴᠢᠳ ᠮᠠᠰᠢ ᠭᠠᠶᠢᠬᠠᠰᠢ ᠠᠯᠳᠠᠭᠰᠠᠨ ᠪᠠᠶᠢᠬ᠎ᠠ᠃ | — ᠪᠠᠭᠰᠢ ᠲᠠ ᠪᠠᠶ᠎ᠠ ᠡᠪ ᠦᠭᠡᠢ ᠪᠠᠶᠢᠨ᠎ᠠ ᠪᠠ︖ ᠰᠠᠶᠢᠳᠤᠷ ᠠᠮᠠᠷᠠᠭᠠᠷᠠᠢ᠂ ᠪᠢᠳᠠ ᠦᠪᠠᠷᠰᠡᠳ ᠢᠶᠠᠨ | ᠦᠵᠡᠴᠢᠭᠡᠶᠠ ᠭᠡᠰᠡᠨ ᠳᠤ ᠨᠢ ᠪᠢ ᠮᠠᠰᠢ ᠪᠠᠶᠠᠷᠯᠠᠭᠰᠠᠨ ᠶᠤᠮ᠃ ᠦᠷᠦ ᠵᠦᠭᠡᠯᠡᠨ ᠰᠡᠳᠬᠢᠯ ᠲᠠᠢ ᠭᠡᠤᠭᠡᠳ ᠤᠳ | ᠪᠠᠶᠢᠨ᠎ᠠ᠂ ᠤᠬᠠᠭᠠᠨ ᠰᠠᠨᠠᠭ᠎ᠠ ᠰᠠᠶᠢᠳᠠᠢ ᠭᠡᠤᠭᠡᠳ ᠤᠳ ᠪᠠᠶᠢᠨ᠎ᠠ᠃ ᠦᠨᠠᠨ ᠳᠤ ᠪᠠᠨ ᠲᠠᠳᠠᠨ ᠢ ᠦᠪᠠᠷ ᠢᠶᠠᠷ ᠨᠢ | ᠰᠤᠷᠤᠯᠴᠠᠭᠤᠯᠬᠤ ᠠᠴᠠ ᠦᠭᠡᠷ᠎ᠠ ᠠᠷᠭ᠎ᠠ ᠤᠯᠳᠠᠬᠤ ᠪᠠᠨ ᠪᠤᠯᠢᠵᠠᠢ᠃ ᠰᠠᠯᠵᠤ ᠤᠳᠠᠭᠰᠠᠨ ᠬᠠᠮᠳᠤ | ᠰᠤᠷᠤᠯᠭᠠᠳᠠᠨ ᠲᠠᠢ ᠪᠠᠨ ᠤᠴᠠᠷᠠᠬᠤ ᠭᠡᠵᠦ ᠭᠡᠳᠤ ᠪᠠᠶᠠᠷᠯᠠᠵᠤ ᠭᠡᠳᠤᠷᠭᠡᠢ ᠰᠡᠳᠬᠢᠯ ᠲᠤᠭᠳᠤᠯᠤᠭᠰᠠᠨ ᠪᠤᠯᠪᠠᠴᠤ | ᠡᠴᠤᠰ ᠲᠤ ᠪᠠᠨ ᠬᠤᠭᠤᠰᠤᠳᠠᠭᠰᠠᠨ ᠠᠴᠠ ᠡᠶᠢᠮᠦ ᠪᠤᠯᠤᠭᠰᠠᠨ ᠪᠠᠶᠢᠪᠠᠤ ᠳ᠋ᠠ︕ ᠪᠠᠶ᠎ᠠ ᠠᠭᠠᠵᠢᠮ ᠠᠭᠠᠵᠢᠮ ᠢᠶᠠᠷ | ᠲᠠᠶᠢᠪᠤᠰᠢᠷᠠᠨ᠎ᠠ᠃ | ᠠᠰᠢᠬᠠᠨ ᠰᠤᠷᠭᠠᠭᠤᠯᠢ ᠠᠰᠠᠷ ᠲᠠᠭᠳᠤ ᠪᠠᠷᠢᠵᠤ ᠪᠠᠶᠢᠨ᠎ᠠ ᠭᠡᠰᠡᠨ ᠴᠢᠮᠡᠭᠡ ᠠᠯᠢ ᠭᠡᠳᠦ᠋ᠢᠨ ᠲᠤᠭᠤᠯᠳᠠᠵᠤ | ᠪᠠᠶᠢᠭᠰᠠᠨ ᠶᠤᠮ᠃ ᠤᠳᠤᠬᠢᠴᠢᠯᠠᠭᠰᠠᠨ ᠲᠤᠨᠤᠭ ᠲᠦᠭᠦᠭᠡᠷᠤᠮᠵᠢ ᠤᠭᠰᠠᠷᠠᠵᠤ ᠲᠠᠭᠠᠷᠠᠭᠤᠯᠵᠤ ᠪᠤᠢ᠂ ᠲᠠᠮᠢᠷ ᠤᠨ | ᠲᠠᠯᠠᠪᠠᠢ ᠪᠠᠨ ᠤᠳᠤᠬᠢ ᠮᠠᠶ᠋ᠢᠬ ᠢᠶᠠᠷ ᠵᠠᠰᠠᠵᠤ ᠰᠢᠨᠡᠳᠭᠡᠵᠦ ᠪᠤᠢ ᠭᠡᠭᠦ ᠮᠡᠳᠤ ᠶᠢᠨ ᠮᠠᠳᠡᠭᠡᠯᠡᠯ ᠵᠠᠯᠭᠠᠭ᠎ᠠ ᠵᠠᠯᠭᠠᠭ᠎ᠠ ᠪᠠᠷ | ᠸᠢᠴᠠᠲ ᠢᠶᠠᠷ ᠲᠠᠮᠵᠢᠬᠳᠠᠨ ᠲᠠᠷᠬᠠᠵᠤ ᠪᠠᠶᠢᠭᠰᠠᠨ ᠢ ᠤᠯᠠᠨ ᠬᠠᠷᠠᠵᠠᠢ᠃ ᠠᠩᠬᠢ ᠶᠢᠨ ᠭᠡᠷ ᠨᠢ ᠲᠤᠬᠢᠯᠢᠬ ᠰᠠᠶᠢᠬᠠᠨ᠂ | ᠭᠦᠷᠢᠶ᠎ᠡ ᠬᠠᠰᠢᠶ᠎ᠠ ᠨᠢ ᠴᠡᠪᠡᠷ ᠴᠡᠮᠴᠡᠭᠡᠷ ᠪᠠᠶᠢᠬ᠎ᠠ︕ ᠮᠠᠨ ᠤ ᠨᠤᠳᠤᠭ ᠤᠨ ᠭᠡᠤᠭᠡᠳ ᠤᠳ ᠵᠤᠨ ᠳᠤ ᠪᠠᠨ ᠰᠠᠷᠢᠭᠦᠨ᠂ | ᠡᠪᠦᠯ ᠳᠤ ᠪᠠᠨ ᠲᠤᠯᠠᠭᠠᠨ ᠠᠩᠬᠢ ᠶᠢᠨ ᠭᠡᠷ ᠲᠤ ᠪᠠᠨ ᠲᠠᠭᠠᠳᠠᠢ ᠰᠠᠭᠤᠵᠤ ᠲᠠᠪᠠᠳᠠᠢ ᠰᠤᠷᠤᠯᠴᠠᠬᠤ ᠶᠤᠮ ᠪᠠᠶᠢᠨ᠎ᠠ᠂ | ᠶᠠᠭᠠᠬᠢᠭᠰᠠᠨ ᠪᠠᠶᠠᠷᠯᠠᠭᠤᠰᠢᠳᠠᠢ ᠠᠵᠢ︕ ᠡᠨᠡ ᠪᠤᠯ ᠨᠠᠶᠢᠭᠡᠮ ᠭᠦᠭᠵᠢᠵᠤ ᠪᠠᠶᠢᠭ᠎ᠠ ᠶᠢᠨ ᠪᠠᠯᠭᠡ ᠲᠡᠮᠳᠡᠭ ᠮᠦᠨ᠂ | ᠬᠤᠳᠠ ᠭᠦᠳᠡᠭᠡ ᠶᠢᠨ ᠵᠦᠷᠢᠶ᠎ᠠ ᠪᠠᠭᠠᠰᠴᠤ ᠪᠠᠶᠢᠭ᠎ᠠ ᠶᠢᠨ ᠦᠯᠢᠭᠡᠷ ᠵᠢᠱᠢᠶ᠎ᠠ ᠮᠦᠨ᠃ | ᠲᠦᠷᠦ ᠭᠦᠷᠦᠨ ᠤ ᠮᠡᠷᠭᠡᠨ ᠪᠤᠳᠤᠯᠭ᠎ᠠ ᠨᠠᠶᠢᠭᠡᠮ ᠤᠨ ᠬᠤᠪᠢᠰᠤᠯᠳᠠ ᠶᠢᠨ ᠵᠤᠬᠢᠴᠠᠭᠠ ᠪᠠᠷ ᠠᠰᠢᠬᠠᠨ ᠰᠤᠮᠤ | ᠠᠯᠢ ᠭᠡᠳᠦ᠋ᠢᠨ ᠲᠤᠮᠳᠠᠳᠤ ᠰᠤᠷᠭᠠᠭᠤᠯᠢ ᠡᠷᠬᠢᠯᠡᠭᠦ ᠪᠠᠨ ᠪᠤᠯᠢᠵᠤ᠂ ᠪᠦᠭᠦ ᠰᠤᠮᠤ ᠶᠢᠨ ᠢᠶᠠᠨ ᠪᠠᠭ᠎ᠠ ᠰᠤᠷᠭᠠᠭᠤᠯᠢ ᠶᠢ | ᠴᠦᠮ ᠢᠶᠠᠷ ᠨᠢ ᠠᠰᠢᠬᠠᠨ ᠰᠤᠷᠭᠠᠭᠤᠯᠢ ᠳᠤ ᠪᠠᠨ ᠨᠢᠭᠡᠳᠭᠡᠵᠦ ᠲᠦᠪᠯᠠᠷᠠᠭᠦᠯᠦᠭᠰᠡᠨ ᠶᠤᠮ᠃ ᠢᠡᠭᠬᠢᠭᠦ ᠪᠠᠷ ᠢᠶᠠᠨ | ᠠᠰᠢᠬᠠᠨ ᠰᠤᠷᠭᠠᠭᠤᠯᠢ ᠶᠢ ᠠᠰᠢᠬᠠᠨ ᠤ ᠭᠦᠮᠦᠨ ᠨᠢᠭᠡ ᠪᠦᠷᠢ ᠶᠢᠨ ᠡᠭᠡ ᠰᠤᠷᠭᠠᠭᠤᠯᠢ ᠭᠡᠵᠦ ᠭᠡᠯᠡᠭᠦ ᠳᠤ ᠠᠬᠠᠳᠠᠬᠤ | ᠤᠴᠢᠷ ᠶᠤᠮ᠃ ᠠᠰᠢᠬᠠᠨ ᠰᠤᠮᠤ ᠶᠢᠨ ᠢᠶᠠᠨ ᠰᠤᠶᠤᠯ ᠭᠡᠭᠡᠷᠡᠯ ᠤᠨ ᠦᠯᠦᠭᠡᠢ ᠪᠤᠯᠤᠭᠰᠠᠨ ᠠᠰᠢᠬᠠᠨ ᠰᠤᠷᠭᠠᠭᠤᠯᠢ | ᠮᠠᠨᠢ ᠦᠶ᠎ᠠ ᠦᠶ᠎ᠠ ᠶᠢᠨ ᠠᠰᠢᠬᠠᠨᠴᠤᠳ ᠢᠶᠠᠨ ᠭᠡᠭᠡᠷᠡᠭᠦᠯᠦᠨ ᠰᠤᠶᠤᠯᠵᠢᠭᠤᠯᠵᠤ ᠬᠤᠶᠢᠰᠢᠳᠠ ᠶᠢᠨ ᠠᠮᠢᠳᠤᠷᠠᠯ | ᠦᠢᠯᠠᠰ ᠲᠤ ᠨᠢ ᠲᠤᠳᠠᠭᠳᠠᠵᠤ ᠪᠤᠯᠤᠰᠢ ᠦᠭᠡᠢ ᠡᠷᠳᠠᠮ ᠮᠠᠳᠠᠯᠭᠡ᠂ ᠢᠳᠡᠭᠡᠯ ᠭᠦᠰᠡᠯ᠂ ᠡᠷᠡᠮᠡᠭᠡᠢ ᠵᠤᠷᠢᠭ᠂ ᠢᠳᠠ | ᠭᠦᠴᠦ᠂ ᠭᠦᠮᠦᠨ ᠮᠦᠰᠦ ᠵᠡᠷᠭᠡ ᠠᠯᠢ ᠤᠯᠠᠨ ᠢᠳᠡᠪᠬᠢ ᠡᠯᠧᠮᠧᠨ᠋ᠲ ᠤᠨ ᠰᠠᠭᠤᠷᠢ ᠶᠢ ᠲᠠᠯᠪᠢᠭᠰᠠᠭᠠᠷ ᠪᠤᠢ᠃ | ᠠᠰᠢᠬᠠᠨᠴᠤᠳ ᠠᠴᠠ ᠰᠢᠯᠭᠠᠷᠠᠭᠰᠠᠨ ᠡᠷᠳᠠᠮᠳᠠᠨ᠂ ᠮᠠᠷᠭᠡᠵᠢᠯᠳᠠᠨ᠂ ᠴᠢᠳᠠᠪᠤᠷᠢᠳᠠᠨ᠂ ᠦᠢᠯᠠᠰᠴᠢᠳ ᠤᠯᠠᠨ ᠠᠷᠪᠢᠨ | ᠭᠠᠷᠤᠭᠰᠠᠨ ᠶᠤᠮ᠃ ᠡᠨᠡ ᠨᠢ ᠠᠰᠢᠬᠠᠨ ᠰᠤᠷᠭᠠᠭᠤᠯᠢ ᠶᠢᠨ ᠰᠤᠷᠭᠠᠵᠤ ᠭᠦᠮᠦᠵᠢᠭᠦᠯᠦᠭᠰᠡᠨ ᠲᠠᠢ ᠰᠠᠯᠵᠤ ᠲᠠᠶᠢᠯᠤᠰᠢ | ᠦᠭᠡᠢ᠃ ᠬᠤᠶᠢᠰᠢᠳᠠ ᠠᠰᠢᠬᠠᠨ ᠠᠴᠠ ᠨᠡᠩ ᠤᠯᠠᠨ ᠰᠢᠯᠭᠠᠷᠠᠭᠰᠠᠨ ᠭᠦᠮᠦᠰ ᠴᠤᠯᠭᠤᠷᠠᠨ ᠭᠠᠷᠬᠤ ᠶᠤᠮ᠃ ᠡᠨᠡ | ᠪᠤᠯ ᠮᠠᠳᠠᠭᠡᠵᠢ ᠶᠢᠨ ᠭᠡᠷᠡᠭ᠂ ᠭᠡᠨ ᠴᠦ ᠭᠡᠳ ᠰᠠᠵᠢᠭ᠍ᠯᠡᠰᠢ ᠦᠭᠡᠢ ᠪᠠᠳᠤ ᠢᠳᠡᠭᠡᠵᠦ ᠪᠤᠢ᠃ ᠡᠭᠡ ᠭᠦᠮᠦᠨ ᠰᠢᠭ ᠢᠶᠠᠷ | ᠠᠰᠢᠬᠠᠨ ᠰᠤᠷᠭᠠᠭᠤᠯᠢ ᠲᠦᠭ ᠲᠦᠮᠡᠨ ᠨᠤᠳᠤᠭ ᠤᠰᠤ ᠪᠠᠨ ᠪᠦᠳᠦᠭᠡᠨ ᠪᠠᠶᠢᠭᠤᠯᠤᠭᠴᠢ ᠶᠢ ᠭᠦᠮᠦᠵᠢᠭᠦᠯᠦᠨ | ᠪᠤᠶᠢᠵᠢᠭᠤᠯᠵᠤ ᠪᠤᠢ᠃ ᠡᠨᠡ ᠪᠤᠯ ᠠᠰᠢᠬᠠᠨ ᠰᠤᠷᠭᠠᠭᠤᠯᠢ ᠶᠢᠨ ᠬᠠᠮᠤᠭ ᠤᠨ ᠶᠡᠭᠡ ᠠᠯᠳᠠᠷ ᠭᠠᠪᠢᠶ᠎ᠠ ᠮᠦᠨ᠃ ᠲᠦᠭ | ᠲᠦᠮᠡᠨ ᠨᠤᠳᠤᠬ ᠤᠰᠤ ᠪᠠᠨ ᠪᠦᠳᠦᠭᠡᠨ ᠪᠠᠶᠢᠭᠤᠯᠤᠭᠴᠢ ᠲᠠᠢ ᠳᠤ ᠪᠠᠨ ᠠᠰᠢᠬᠠᠨ ᠨᠤᠳᠤᠭ ᠤᠨ ᠦᠡᠭᠭᠡ ᠦᠵᠡᠮᠵᠢ | ᠤᠯᠠᠮ ᠠᠴᠠ ᠤᠯᠠᠮ ᠦᠵᠠᠰᠭᠦᠯᠡᠩ ᠰᠠᠶᠢᠬᠠᠨ ᠪᠤᠯᠵᠤ ᠪᠠᠶᠢᠨ᠎ᠠ᠂ ᠠᠰᠢᠬᠠᠨ ᠨᠤᠳᠤᠬ ᠤᠨ ᠭᠦᠮᠦᠨ ᠠᠷᠠᠳ | ᠤᠯᠠᠮ ᠠᠴᠠ ᠤᠯᠠᠮ ᠪᠠᠶᠠᠨ ᠴᠢᠨᠡᠭᠡᠯᠢᠭ ᠪᠤᠯᠵᠤ ᠪᠠᠶᠢᠨ᠎ᠠ᠃ ᠡᠶ᠎ᠡ ᠵᠤᠬᠢᠴᠠᠩᠭᠤᠢ ᠠᠰᠢᠬᠠᠨ ᠴᠠᠭ ᠡᠷᠢᠨ ᠤ | ᠠᠯᠬᠤᠭ᠎ᠠ ᠲᠠᠢ ᠠᠯᠬᠤᠮ ᠨᠢᠭᠡᠳᠠᠢ ᠠᠯᠬᠤᠨ᠎ᠠ᠂ ᠮᠦᠷᠦ ᠲᠡᠭᠰᠢ ᠨᠢᠷᠤᠭᠤ ᠭᠡᠳᠡᠭᠡᠷ ᠠᠯᠬᠤᠨ᠎ᠠ᠂ ᠴᠤᠭ ᠵᠢᠪᠬᠤᠭ᠎ᠠ ᠲᠠᠢ | ᠤᠮᠤᠭ ᠪᠠᠷᠳᠠᠮ ᠠᠯᠬᠤᠨ᠎ᠠ᠃ | ᠦᠨᠦᠳᠤᠷ ᠨᠠᠶᠢᠳᠠ ᠶᠢᠨ ᠤᠨ ᠲᠤᠭᠠᠯᠠᠯ ᠤᠨ ᠬᠤᠶᠠᠷ ᠮᠢᠩᠭ᠎ᠠ ᠪᠦᠭᠡᠳ ᠠᠷᠪᠠ ᠶᠢᠰᠦᠨ ᠤᠨ ᠤ ᠠᠷᠪᠠᠨ | ᠨᠢᠭᠡᠨ ᠰᠠᠷ᠎ᠠ ᠶᠢᠨ ᠵᠢᠷᠭᠤᠭᠠᠨ᠂ ᠭᠠᠷᠠᠬ ᠤᠨ ᠭᠤᠷᠪᠠᠨ᠃ ᠡᠭᠡ ᠰᠤᠷᠭᠠᠭᠤᠯᠢ — ᠠᠰᠢᠬᠠᠨ ᠰᠤᠷᠭᠠᠭᠤᠯᠢ ᠮᠢᠨᠢ | ᠰᠢᠨ᠎ᠠ ᠪᠠᠭᠤᠴᠠ ᠳᠤ ᠨᠠᠭᠦᠭᠦ ᠭᠡᠷ ᠮᠢᠯᠢᠶᠠᠵᠤ ᠪᠠᠶᠠᠷ ᠢᠶᠠᠨ ᠲᠤᠷᠠᠰᠬᠠᠨ ᠲᠡᠮᠳᠡᠭᠯᠡᠭᠦ ᠭᠡᠵᠦ ᠡᠯ᠎ᠠ ᠭᠠᠵᠠᠷ ᠢᠶᠠᠷ | ᠲᠦᠭᠡᠭᠰᠡᠨ ᠨᠤᠮ ᠤᠨ ᠬᠠᠨᠢᠳᠠᠳ ᠢᠶᠠᠨ ᠭᠡᠭᠡᠭᠳᠡᠭᠦᠯᠦᠯ ᠦᠭᠡᠢ ᠤᠷᠢᠭᠰᠠᠨ ᠶᠤᠮ᠃ ᠤᠷᠢᠯᠭ᠎ᠠ ᠶᠢ ᠨᠢ ᠲᠤᠰᠴᠤ | ᠲᠠᠶᠢᠯᠦᠭᠡᠳᠤᠢ ᠪᠤᠯᠪᠠᠴᠤ ᠰᠤᠨᠤᠰᠤᠭᠰᠠᠨ ᠪᠦᠭᠦᠨ ᠤᠴᠢᠬᠤ ᠶᠤᠰᠤᠳᠠᠢ ᠪᠠᠶᠢᠬ᠎ᠠ︕ ᠭᠡᠳᠡᠯ᠎ᠠ ᠪᠢ ᠴᠢᠨᠢ | ᠭᠦᠮᠦᠨ ᠠᠴᠠ ᠪᠠᠨ ᠭᠠᠷᠤᠭᠰᠠᠨ ᠠᠮᠢᠳᠠᠨ ᠪᠠᠶᠢᠵᠠᠢ᠃ ︽ᠭᠠᠷᠠᠬ ᠤᠨ ᠲᠤᠮᠳᠠ ᠶᠤᠮ ᠴᠢᠨᠢ ᠤᠴᠢᠬᠤ ᠦᠭᠡᠢ ᠯᠠᠢ︾ | ᠭᠡᠵᠦ ᠨᠢᠭᠡᠮᠤᠰᠤᠨ ᠵᠤᠷᠢᠭ ᠰᠢᠭᠤᠳᠤᠭᠰᠠᠨ ᠠᠴᠠ ᠪᠤᠯᠪᠠᠤ ᠭᠡᠨ ᠨᠢ ᠭᠡᠯᠡᠭᠰᠡᠨ ᠴᠦ ︽ᠤᠴᠢᠵᠤ ᠲᠠᠶᠢᠯᠭᠦ ᠦᠭᠡᠢ︾ | ᠭᠡᠰᠡᠨ ᠴᠤᠷ ᠤᠨ ᠭᠠᠭᠴᠠ ᠬᠠᠷᠢᠭᠤᠯᠳᠠ ᠦᠭᠴᠡᠢ᠃ ᠨᠢᠭᠡ ᠪᠠᠶᠢᠷᠢ ᠶᠢᠨ ᠬᠠᠮᠳᠤ ᠰᠤᠷᠭᠠᠯᠳᠠᠨ ᠭᠡᠷᠡᠯᠳᠤ | ᠠᠪᠤᠭᠠᠢ ᠶᠢᠨ ᠤᠳᠠᠰᠤ ᠶᠢ ᠲᠤᠰᠤᠯ᠎ᠠ᠃ | — ᠴᠤᠷᠵᠢ ᠭᠤᠸᠠᠢ᠂ ᠬᠠᠶᠢᠷᠠᠳᠤ ᠬᠠᠮᠳᠤ ᠰᠤᠷᠤᠯᠭᠠᠳᠠᠨ ᠮᠢᠨᠢ︕ ᠪᠢᠳᠠ ᠴᠢᠨᠢ ᠠᠰᠢᠬᠠᠨ | ᠰᠤᠷᠭᠠᠭᠤᠯᠢ ᠠᠴᠠ ᠪᠠᠨ ᠠᠶᠠᠷᠯᠠᠭᠠᠳ ᠪᠦᠭᠦᠯᠢ ᠲᠦᠴᠢᠨ ᠵᠢᠯ ᠪᠤᠯᠬᠤ ᠭᠡᠵᠤ ᠪᠤᠢ᠃ ᠤᠴᠢᠷ ᠰᠢᠯᠳᠠᠭᠠᠨ ᠦᠭᠡᠢ ᠪᠠᠷ | ᠬᠠᠮᠳᠤ ᠰᠤᠷᠤᠭᠠᠯᠳᠠᠨ ᠨᠢᠭᠡ ᠤᠳᠠᠭ᠎ᠠ ᠴᠤᠭᠯᠠᠭᠠᠨ ᠪᠤᠯᠤᠨ᠎ᠠ ᠭᠡᠭᠴᠢ ᠬᠢᠯᠪᠠᠷ ᠤᠤ ᠳ᠋ᠠ︕ ᠡᠭᠡ | ᠰᠤᠷᠭᠠᠭᠤᠯᠢ ᠶᠢᠨ ᠢᠶᠠᠨ ᠭᠡᠷ ᠮᠢᠯᠢᠶᠠᠬᠤ ᠪᠠᠶᠠᠷ ᠢ ᠲᠤᠬᠢᠶᠠᠯᠳᠤᠭᠤᠯᠵᠤ ᠴᠤᠭᠯᠠᠷᠠᠪᠠᠯ ᠬᠠᠷᠢᠨ ᠤᠯᠠᠩᠬᠢ ᠨᠢ | ᠢᠷᠡᠴᠢᠭᠡᠨ᠎ᠡ᠃ ᠨᠢᠰᠭᠡᠯ ᠢᠶᠠᠷ ᠵᠠᠮᠨᠠᠪᠠᠯ ᠬᠤᠶᠠᠷᠬᠠᠨ ᠡᠳᠦᠷ ᠤᠨ ᠶᠠᠪᠤᠳᠠᠯ ᠪᠢᠵᠠ︕ ᠭᠤᠴᠢᠨ ᠭᠡᠳᠤᠨ ᠵᠢᠯ | ᠪᠠᠭᠰᠢᠯᠠᠴᠢᠬᠠᠭᠠᠳ ᠬᠤᠶᠠᠷᠬᠠᠨ ᠡᠳᠦᠷ ᠤᠨ ᠴᠢᠯᠦᠭᠡ ᠤᠯᠵᠤ ᠲᠠᠶᠢᠯᠳᠡᠭ ᠦᠭᠡᠢ ᠶᠤᠮ ᠤᠤ︖ ᠴᠢᠮ᠎ᠠ ᠠᠴᠠ | ᠬᠤᠯᠠ ᠪᠠᠶᠢᠭ᠎ᠠ ᠨᠢ ᠴᠦ ᠢᠷᠡᠭᠦ ᠭᠡᠵᠦ ᠪᠠᠶᠢᠨ᠎ᠠ ᠰᠢᠤ᠃ ᠡᠨᠡ ᠤᠳᠠᠭ᠎ᠠ ᠴᠤᠭᠯᠠᠷᠠᠬᠤ ᠦᠭᠡᠢ ᠪᠤᠯ ᠲᠠᠬᠢᠭᠠᠳ ᠪᠢᠳᠠ | ᠭᠡᠵᠢᠶ᠎ᠡ ᠴᠤᠭᠯᠠᠷᠠᠨ᠎ᠠ ᠪᠤᠢ︖ ᠡᠨᠡ ᠤᠳᠠᠭ᠎ᠠ ᠴᠦ ᠭᠡᠰᠡᠨ ᠪᠦᠭᠦᠨ ᠢᠶᠠᠷ ᠢᠶᠠᠨ ᠴᠤᠭᠯᠠᠷᠠᠵᠤ ᠲᠡᠶᠢᠯᠭᠦ ᠦᠭᠡᠢ | ᠪᠤᠯᠤᠭᠰᠠᠨ ᠶᠤᠮ᠃ ᠴᠠᠭᠠᠳᠤ ᠶᠢᠷᠳᠢᠨᠴᠤ ᠳᠤ ᠤᠳᠤᠭᠰᠠᠨ ᠬᠠᠮᠳᠤ ᠰᠤᠷᠤᠯᠭᠠᠳᠠᠨ ᠴᠤᠭᠯᠠᠭᠠᠨ ᠳᠤ ᠢᠷᠠᠵᠤ | ᠲᠠᠶᠢᠯᠤᠨ᠎ᠠ ᠤᠤ︖ ᠁ | ᠨᠠᠳᠠ ᠳᠤ ᠭᠡᠯᠡᠭᠦ ᠦᠭᠡ ᠦᠭᠡᠢ ᠪᠤᠯᠴᠢᠬᠠᠯ᠎ᠠ᠃ ︽ᠤᠴᠢᠵᠤ ᠲᠠᠶᠢᠯᠭᠦ ᠦᠭᠡᠢ︾ ᠭᠡᠵᠦ ᠭᠡᠯᠡᠭᠦ ᠨᠢᠭᠤᠷ | ᠪᠠᠶᠢᠨ᠎ᠠ ᠤᠤ᠃ ᠲᠠᠷᠠ ᠬᠤᠷᠤᠮᠬᠠᠨ ᠳᠤ ᠬᠠᠮᠳᠤ ᠰᠤᠷᠤᠯᠭᠠᠳᠠᠨ ᠢᠶᠠᠨ ᠦᠪᠠᠷ ᠤᠨ ᠡᠷᠭᠡ ᠦᠭᠡᠢ ᠰᠠᠨᠠᠭᠠᠯᠵᠠᠴᠢᠬᠠᠯᠠ᠃ | ᠲᠠᠶᠢᠮᠦ ᠡ᠂ ᠵᠠᠷᠢᠮ ᠲᠠᠢ ᠨᠢ ᠨᠢᠭᠤᠷ ᠤᠴᠠᠷᠠᠭ᠎ᠠ ᠦᠭᠡᠢ ᠲᠦᠴᠢᠨ ᠵᠢᠯ ᠪᠤᠯᠬᠤ ᠭᠡᠵᠦ ᠪᠠᠶᠢᠨ᠎ᠠ᠃ ᠲᠠᠬᠢᠭᠠᠳ | ᠭᠡᠳᠤᠨ ᠵᠢᠯ ᠦᠡᠭᠭᠡᠷᠡᠪᠡᠯ ᠭᠡᠨ ᠮᠠᠳᠠᠭᠦ ᠪᠤᠢ᠂ ᠪᠢ ᠦᠪᠠᠷᠳᠡᠭᠡᠨ ᠴᠦ ᠴᠠᠭᠠᠳᠤ ᠶᠢᠷᠳᠢᠨᠴᠤ ᠳᠤ ᠤᠴᠢᠴᠢᠬᠠᠵᠤ | ᠮᠠᠳᠠᠨ᠎ᠠ᠃ ︽ᠶᠠᠪᠤᠶ᠎ᠠ︾ ᠭᠡᠵᠦ ᠨᠢᠭᠡ ᠯᠡ ᠳᠡᠭᠡᠷ᠎ᠠ ᠵᠤᠷᠢᠬ ᠰᠢᠭᠤᠳᠴᠢᠬᠠᠯᠠ᠃ ᠬᠤᠷᠮᠤᠢ ᠳᠤ ᠭᠠᠯ ᠤᠷᠤᠭᠰᠠᠨ | ᠰᠢᠬ ᠪᠤᠯᠵᠤ ᠰᠠᠭᠤᠵᠤ ᠲᠤᠭᠳᠠᠬᠤ ᠪᠠᠨ ᠪᠤᠯᠢᠪᠠ᠃ ᠦᠨᠠᠨ ᠮᠦᠨ ᠢᠶᠠᠷ ᠨᠢ ᠭᠡᠯᠡᠪᠡᠯ ᠵᠠᠬᠢᠷᠤᠯ ᠭᠤᠸᠠᠢ ᠯᠠᠪᠳᠠᠢ | ᠴᠢᠯᠦᠭᠡ ᠦᠭᠭᠦ ᠪᠠᠶᠢᠬ᠎ᠠ︕ | ᠭᠠᠷ ᠤᠳᠠᠰᠤ ᠪᠠᠨ ᠨᠡᠭᠡᠭᠡᠵᠦ ᠦᠵᠠᠭᠦ ᠳᠤ ᠪᠦᠷ ᠯᠠ ᠠᠩᠬ᠎ᠠ ᠲᠤᠮᠳᠠᠳᠤ ᠶᠢᠨ ᠬᠠᠮᠳᠤ ᠰᠤᠷᠤᠯᠭᠠᠳᠠᠨ ᠤ | ᠬᠤᠯᠪᠤᠭ᠎ᠠ ᠪᠠᠷ ᠲᠠᠮᠵᠢᠭᠳᠠᠵᠤ ᠪᠠᠶᠢᠭ᠎ᠠ ᠠᠰᠢᠬᠠᠨ ᠰᠤᠷᠭᠠᠭᠤᠯᠢ ᠶᠢᠨ ᠰᠢᠨ᠎ᠠ ᠪᠠᠭᠤᠴᠠᠨ ᠳᠤ ᠪᠠᠨ ᠨᠡᠭᠦᠭᠦ ᠭᠡᠷ | ᠮᠢᠯᠢᠶᠠᠬᠤ ᠶᠤᠰᠤᠯᠠᠯ ᠤᠨ ᠲᠤᠬᠠᠢ ᠮᠠᠳᠠᠭᠡᠯᠡᠯ᠂ ᠵᠢᠷᠤᠬ ᠰᠠᠭᠦᠳᠡᠷ᠂ ᠲᠦᠷᠰᠦ ᠰᠢᠩᠭᠡᠭᠡᠯᠳᠠ᠂ ᠶᠠᠷᠢᠯᠴᠠᠭ᠎ᠠ ᠪᠠᠶᠢᠯ᠎ᠠ᠃ | ᠶᠤᠰᠤᠯᠠᠯ ᠤᠨ ᠠᠬᠤᠢ ᠪᠠᠶᠢᠳᠠᠯ ᠢ ᠰᠢᠭᠤᠳ ᠨᠡᠪᠳᠠᠷᠠᠭᠦᠯᠵᠦ ᠪᠠᠶᠢᠨ᠎ᠠ᠃ ᠮᠢᠨᠦ ᠪᠤᠳᠤᠬᠤ ᠪᠠᠷ ᠨᠠᠳᠠ ᠠᠴᠠ ᠪᠤᠰᠤᠳ | ᠲᠤᠬᠠᠢ ᠶᠢᠨ ᠲᠠᠯᠠᠪᠠᠢ ᠳᠤ ᠦᠭᠡᠢ ᠠᠰᠢᠬᠠᠨᠴᠤᠳ ᠶᠤᠰᠤᠯᠠᠯ ᠤᠨ ᠰᠢᠭᠤᠳ ᠨᠠᠪᠳᠠᠷᠠᠭᠦᠯᠭᠡ ᠶᠢ ᠯᠠᠪᠳᠠᠢ ᠦᠵᠠᠵᠤ | ᠰᠤᠨᠢᠷᠬᠠᠵᠤ ᠪᠠᠶᠢᠭ᠎ᠠ ᠶᠤᠮ᠃ ᠤᠷᠤᠭᠤᠳᠠᠭᠰᠠᠨ ᠲᠠᠮᠰᠢᠬ ᠨᠠᠳᠠ ᠳᠤ ᠮᠠᠯᠠᠷᠠᠵᠤ ᠰᠠᠭᠤᠬᠤ ᠠᠴᠠ ᠪᠢᠰᠢ᠂ ᠰᠢᠭᠤᠳ | ᠨᠠᠪᠳᠠᠷᠠᠭᠦᠯᠭᠡ ᠶᠢ ᠰᠤᠨᠢᠷᠬᠠᠬᠤ ᠰᠠᠷᠠᠯ ᠮᠠᠳᠠᠷᠠᠯ ᠴᠦ ᠦᠭᠡᠢ ᠪᠤᠯᠴᠢᠬᠠᠵᠠᠢ᠃ ᠬᠤᠯᠪᠤᠭ᠎ᠠ ᠪᠠᠷ ᠲᠠᠮᠵᠢᠭᠳᠠᠵᠤ ᠪᠠᠶᠢᠭ᠎ᠠ | ᠬᠠᠮᠳᠤ ᠰᠤᠷᠤᠯᠭᠠᠳᠠᠨ ᠤ ᠪᠠᠨ ᠰᠠᠭᠦᠳᠡᠷ ᠢ ᠬᠠᠷᠠᠭᠠᠳ ᠵᠠᠷᠢᠮ ᠢ ᠨᠢ ᠨᠢᠭᠡᠨᠳᠠ ᠨᠠᠷᠠ ᠪᠠ ᠵᠢᠰᠦ ᠶᠢ ᠨᠢ ᠬᠠᠷᠭᠤᠭᠤᠯᠵᠤ | ᠲᠠᠶᠢᠯᠭᠦ ᠪᠠᠨ ᠪᠤᠯᠢᠵᠠᠢ᠃ ᠠᠢ ᠳ᠋ᠠ︕ ᠰᠠᠭᠦᠷᠠᠰᠤ ᠠᠯᠳᠠᠬᠤ ᠠᠴᠠ ᠦᠭᠡᠷ᠎ᠠ ᠠᠷᠭ᠎ᠠ ᠤᠯᠳᠠᠬᠤ ᠦᠭᠡᠢ ᠁᠃ | ᠠᠷᠠᠢ ᠭᠡᠵᠦ ᠦᠨᠦᠳᠤᠷ ᠤᠨ ᠠᠵᠢᠯ ᠠᠯᠪᠠ ᠪᠠᠨ ᠪᠠᠷᠠᠭᠠᠵᠠᠢ᠃ | ᠦᠨᠦᠳᠤᠷ ᠪᠤᠯ ᠡᠭᠡ ᠰᠤᠷᠭᠠᠭᠤᠯᠢ ᠶᠢᠨ ᠮᠢᠨᠢ ᠰᠢᠨ᠎ᠠ ᠪᠠᠭᠤᠴᠠ ᠳᠤ ᠪᠠᠨ ᠨᠡᠭᠦᠭᠰᠡᠨ ᠪᠠᠶᠠᠷ ᠲᠤᠷᠠᠰᠬᠠᠯ ᠤᠨ | ᠡᠳᠦᠷ ᠮᠦᠨ᠂ ᠲᠡᠦᠭᠡᠨ ᠬᠠᠭᠤᠳᠠᠰᠤᠨ ᠳᠤ ᠲᠠᠮᠳᠡᠭᠯᠡᠭᠦᠰᠢᠳᠠᠢ ᠦᠯᠵᠠᠶᠢᠳᠤ ᠰᠠᠶᠢᠬᠠᠨ ᠡᠳᠦᠷ ᠮᠦᠨ᠃ ᠪᠦᠭᠦ | ᠠᠰᠢᠬᠠᠨᠴᠤᠳ ᠤᠨ ᠪᠠᠶᠠᠷᠯᠠᠯᠳᠤᠨ ᠨᠠᠷᠬᠢᠯᠳᠤᠬᠤ ᠠᠵᠠ ᠶᠢᠨ ᠰᠠᠶᠢᠨ ᠡᠳᠦᠷ ᠮᠦᠨ᠃ ᠪᠢ ᠴᠦ ᠪᠠᠶᠠᠷᠯᠠᠬᠤ ᠳᠤ ᠪᠠᠨ | ᠲᠠᠭᠠᠷᠠᠨ᠎ᠠ᠂ ᠨᠡᠩ ᠤᠮᠤᠭᠰᠢᠬᠤ ᠳᠤ ᠪᠠᠨ ᠲᠠᠭᠠᠷᠠᠨ᠎ᠠ᠃ ᠰᠠᠭᠠᠯᠢ ᠶᠢᠨ ᠲᠡᠭᠡᠵᠢ ᠰᠠᠷᠬᠤᠳ ᠢᠶᠠᠨ ᠱᠠᠭᠠᠵᠠᠩ | ᠠᠶᠠᠭᠠᠨ ᠳᠤ ᠪᠠᠨ ᠭᠡᠮᠨᠠᠵᠤ ᠰᠠᠴᠤᠯᠢ ᠶᠤᠭᠠᠨ ᠡᠷᠭᠦᠶ᠎ᠠ᠃ ᠡᠭᠡ ᠰᠤᠷᠭᠠᠭᠤᠯᠢ ᠶᠢᠨ ᠢᠶᠠᠨ ᠡᠳᠦᠷ ᠠᠴᠠ ᠡᠳᠦᠷ | ᠦᠭᠡᠳᠡᠯᠡᠨ ᠮᠠᠨᠳᠤᠬᠤ ᠶᠢ ᠨᠢ ᠵᠦᠡᠭᠨᠡᠨ ᠪᠠᠯᠭᠡᠳᠡᠶ᠎ᠡ᠂ ᠪᠤᠷᠬᠠᠨ ᠲᠡᠭᠷᠢ ᠢᠪᠡᠭᠡᠭᠦ ᠪᠤᠯᠳᠤᠭᠠᠢ᠂ ᠪᠤᠶᠠᠨ ᠭᠡᠰᠢᠭ ᠬᠤᠷᠤᠢ | ᠬᠤᠷᠤᠢ︕ ︽ᠤᠤᠭᠤᠭᠠᠳ ᠤᠤᠭᠤᠭᠠᠳ ᠬᠠᠨᠤᠰᠢ ᠦᠭᠡᠢ ᠦᠵᠦᠮ ᠤᠨ ᠠᠷᠢᠬᠢ ᠤᠴᠠᠷᠠᠨ ᠵᠤᠯᠭᠠᠵᠤ | ᠨᠠᠶᠢᠷᠠᠯᠳᠤᠭᠠᠳ ᠪᠠᠶᠢᠳᠠᠬ ᠦᠶ᠎ᠠ ᠶᠢᠨ ᠨᠦᠭᠦᠳ︾ ᠭᠡᠵᠦ ᠠᠮᠠᠨ ᠳᠤ ᠪᠠᠨ ᠭᠡᠨᠭᠰᠢᠨ᠂ ᠠᠷᠵᠠ ᠶᠢᠨ ᠲᠡᠭᠡᠵᠢ | ᠠᠷᠢᠬᠢ ᠶᠢ ᠠᠬᠢᠨ ᠲᠠᠬᠢᠨ ᠪᠠᠯᠭᠤᠭᠰᠠᠭᠠᠷ ᠪᠠᠶᠢᠵᠤ ᠪᠦᠭᠦ ᠪᠠᠶ᠎ᠠ ᠭᠦᠷᠢᠨ ᠵᠡᠭᠡᠷᠳᠡ ᠪᠤᠯᠴᠢᠬᠠᠯ᠎ᠠ᠃ ᠶᠠᠭᠠᠬᠢᠭᠰᠠᠨ | ᠲᠠᠭᠠᠳᠠᠢ ᠠᠵᠢ︕ ᠦᠨᠦᠳᠤᠷ ᠰᠤᠭᠳᠤᠳᠠᠯ᠎ᠠ ᠪᠠᠨ ᠤᠤᠭᠤᠬᠤ ᠦᠭᠡᠢ ᠭᠡᠵᠢᠶ᠎ᠡ ᠤᠤᠭᠤᠬᠤ ᠶᠤᠮ ᠳ᠋ᠠ︕ ᠤᠤᠭᠤ᠂ | ᠤᠤᠭᠤᠶ᠎ᠠ᠂ ᠤᠤᠭᠤᠵᠠᠭᠠᠶ᠎ᠠ᠃ ᠭᠡᠳᠤᠢ ᠳᠤ ᠨᠢ ᠤᠷᠤᠵᠤ ᠢᠷᠡᠭᠰᠡᠨ ᠢ ᠪᠤᠤ ᠮᠠᠳᠠᠨ᠂ ᠬᠠᠮᠳᠤ ᠰᠤᠷᠤᠯᠭᠠᠳᠠᠨ ᠮᠠᠨᠢ | ᠰᠢᠷᠡᠭᠡ ᠲᠤᠭᠤᠷᠢᠵᠤ ᠰᠠᠭᠤᠴᠢᠬᠠᠭᠠᠳ ᠡᠨᠡ ᠲᠠᠷᠠ ᠪᠠᠨ ᠭᠡᠯᠡᠯᠴᠠᠵᠤ ᠭᠦᠭᠡᠷᠤᠯᠳᠤᠨ ᠭᠦᠤᠷᠨᠢᠯᠳᠤᠵᠤ ᠪᠠᠶᠢᠯ᠎ᠠ᠃ | ᠮᠢᠨᠦ ᠲᠠᠷᠠ ᠭᠦᠪᠰᠤᠨ ᠪᠠᠶᠠᠷᠯᠠᠭᠰᠠᠨ ᠭᠡᠵᠦ ᠡ︕ ︽ᠪᠠᠭ᠎ᠠ ᠶᠢᠨ ᠦᠶ᠎ᠠ ᠶᠢᠨ ᠨᠠᠶᠢᠵᠢ︾ ᠭᠡᠭᠦ ᠰᠢᠯᠦᠭ ᠢᠶᠠᠨ | ᠪᠠᠷᠢᠨ ᠤᠶᠠᠩᠭᠠᠯᠠᠯ᠎ᠠ᠃ ᠰᠢᠯᠦᠭ ᠭᠡᠳᠡᠭ ᠪᠤᠯᠪᠠᠴᠤ ᠦᠨᠡᠨ ᠳᠤ ᠪᠠᠨ ᠰᠢᠯᠦᠭ ᠤᠨ ᠭᠡᠪ ᠨᠠᠮᠪᠠ᠂ ᠦᠨᠦᠷ ᠠᠮᠳᠠ | ᠪᠠᠶᠢᠨ᠎ᠠ ᠤᠤ ᠳ᠋ᠠ᠂ ᠦᠷᠦᠴᠡ ᠵᠢᠷᠦᠭᠡᠨ ᠠᠴᠠ ᠤᠷᠬᠢᠯᠤᠭᠰᠠᠨ ᠦᠨᠡᠨ ᠦᠭᠡ ᠲᠠᠳᠤᠢ᠃ | | ᠪᠠᠭ᠎ᠠ ᠶᠢᠨ ᠦᠶ᠎ᠠ ᠶᠢᠨ ᠨᠠᠶᠢᠵᠢ | | ᠨᠠᠮᠤᠷ ᠤᠨ ᠤᠯᠠᠷᠢᠯ ᠦᠨᠳᠤᠷᠯᠠᠮᠠᠷ ᠪᠤᠯᠬᠤ ᠳᠤ | ᠨᠠᠪᠴᠢ ᠴᠡᠴᠡᠭ ᠠᠶᠠᠨᠳᠠᠭᠠᠨ ᠰᠢᠷᠠᠯᠠᠨ᠎ᠠ᠂ | ᠨᠠᠰᠤᠨ ᠤ ᠨᠠᠮᠤᠷ ᠪᠤᠯᠬᠤ ᠶᠢᠨ ᠦᠶ᠎ᠠ ᠳᠤ | ᠨᠠᠰᠤᠨ ᠲᠤᠷᠰᠢᠬᠢ ᠨᠠᠶᠢᠵᠢ ᠠᠶᠠᠨᠳᠠᠭᠠᠨ ᠰᠠᠨᠠᠭᠳᠠᠨ᠎ᠠ᠃ | ᠡᠪᠦᠯ ᠤᠨ ᠤᠯᠠᠷᠢᠯ ᠤᠢᠢᠷᠠᠳᠤᠮᠠᠷ ᠪᠤᠯᠬᠤ ᠳᠤ | ᠡᠪᠠᠰᠤᠨ ᠤ ᠲᠤᠯᠤᠭᠠᠢ ᠠᠶᠠᠨᠳᠠᠭᠠᠨ ᠴᠠᠶᠢᠷᠠᠨ᠎ᠠ᠂ | ᠦᠳᠡᠯᠦᠭᠡ ᠨᠠᠰᠤᠨ ᠳᠤ ᠲᠤᠯᠬᠤ ᠶᠢᠨ ᠦᠶ᠎ᠠ | ᠦᠶ᠎ᠠ ᠶᠢᠨ ᠨᠦᠭᠦᠳ ᠠᠶᠠᠨᠳᠠᠭᠠᠨ ᠪᠤᠳᠤᠭᠳᠠᠨ᠎ᠠ᠃ | ᠪᠠᠭ᠎ᠠ ᠶᠢᠨ ᠦᠶ᠎ᠠ ᠶᠢᠨ ᠨᠠᠶᠢᠵᠢ ᠨᠦᠭᠦᠳ | ᠪᠠᠯᠴᠢᠷ ᠨᠠᠰᠤᠨ ᠤ ᠲᠤᠷᠠᠰᠤᠮᠵᠢ ᠪᠤᠯᠵᠤ ᠬᠤᠨᠤᠭᠰᠢᠵᠠᠢ᠂ | ᠪᠠᠶᠢᠭᠠᠯᠢ ᠶᠢᠨ ᠵᠢᠮ᠎ᠠ ᠪᠠᠷ ᠪᠤᠯᠪᠠᠤ ᠳ᠋ᠠ | ᠪᠠᠶᠢᠳᠠᠬ ᠵᠦᠢᠯ ᠤᠳ ᠪᠤᠳᠤᠯ ᠤᠨ ᠲᠤᠳᠤᠷ᠎ᠠ ᠢᠯᠠᠷᠠᠨ᠎ᠠ᠃ | ᠠᠯᠢᠶ᠎ᠠ ᠲᠡᠭᠵᠢᠨ ᠪᠠᠭ᠎ᠠ ᠨᠠᠰᠤᠨ ᠤ ᠦᠶ᠎ᠠ | ᠠᠯᠢ ᠭᠡᠳᠦ᠋ᠢᠨ ᠦᠡᠭᠭᠡᠷᠡᠨ ᠤᠳᠤᠭᠰᠠᠨ ᠪᠤᠯᠪᠠᠴᠤ | ᠠᠯᠢᠶᠠᠷᠬᠠᠵᠤ ᠲᠤᠭᠯᠠᠵᠤ ᠪᠠᠶᠢᠭᠰᠠᠨ ᠭᠡᠤᠭᠡᠳ ᠨᠠᠰᠤ | ᠠᠶᠤᠤᠯᠢᠬᠠᠢ ᠵᠢᠷᠦᠭᠡᠨ ᠠᠴᠠ ᠭᠡᠵᠢᠶᠡᠳᠠ ᠭᠠᠷᠳᠠᠬ ᠦᠭᠡᠢ᠃ | ᠠᠪᠠᠭᠠᠢ ᠠᠪᠴᠤ ᠭᠡᠤᠭᠡᠳ ᠲᠠᠢ ᠪᠤᠯᠤᠭᠰᠠᠨ ᠪᠤᠯᠪᠠᠴᠤ | ᠠᠯᠠ ᠲᠠᠢ ᠦᠮᠦᠳᠤ ᠡᠮᠦᠰᠴᠤ ᠪᠠᠶᠢᠭᠰᠠᠨ ᠢᠶᠠᠨ ᠮᠠᠷᠳᠠᠵᠤ ᠪᠤᠯᠤᠨ᠎ᠠ ᠤᠤ | ᠠᠰ ᠠᠰ ᠢᠶᠠᠷ ᠢᠶᠠᠨ ᠠᠮᠢᠳᠤᠷᠠᠯ ᠪᠤᠰᠬᠠᠭᠰᠠᠨ ᠪᠤᠯᠪᠠᠴᠤ | ᠠᠩᠬᠠᠨ ᠤ ᠲᠤᠷᠠᠯᠠᠯ ᠢᠶᠠᠨ ᠤᠮᠠᠷᠳᠠᠵᠤ ᠪᠤᠯᠤᠨ᠎ᠠ ᠤᠤ ᠳ᠋ᠠ᠃ | ᠡᠭᠡᠨᠠᠷ ᠠᠪᠴᠤ ᠦᠷ᠎ᠠ ᠲᠠᠢ ᠪᠤᠯᠤᠭᠰᠠᠨ ᠪᠤᠯᠪᠠᠴᠤ | ᠦᠶᠠᠷᠭᠡᠵᠦ ᠪᠠᠶᠢᠭᠰᠠᠨ ᠪᠠᠭ᠎ᠠ ᠶᠢᠨ ᠨᠠᠶᠢᠵᠢ ᠪᠠᠨ ᠮᠠᠷᠳᠠᠵᠤ ᠪᠤᠯᠤᠨ᠎ᠠ ᠤᠤ | ᠦᠪᠠᠷ ᠦᠪᠠᠷ ᠤᠨ ᠠᠮᠢᠳᠤᠷᠠᠯ ᠤᠨ ᠵᠠᠮ ᠢᠶᠠᠷ ᠢᠶᠠᠨ ᠵᠠᠮᠨᠠᠭᠰᠠᠨ ᠴᠦ | ᠦᠶ᠎ᠠ ᠬᠤᠷᠠᠬ ᠤᠨ ᠨᠦᠭᠦᠳ ᠢᠶᠠᠨ ᠤᠮᠠᠷᠳᠠᠵᠤ ᠪᠤᠯᠤᠨ᠎ᠠ ᠤᠤ ᠳ᠋ᠠ᠃ | ᠲᠤᠭᠯᠠᠵᠤ ᠨᠠᠭᠠᠳᠴᠤ ᠪᠠᠶᠢᠭᠰᠠᠨ ᠭᠡᠤᠭᠡᠳ ᠤᠨ ᠦᠶ᠎ᠠ | ᠲᠤᠭᠤᠰᠤᠨ ᠳᠤ ᠲᠠᠷᠤᠭᠳᠠᠭᠰᠠᠨ ᠲᠡᠦᠭᠡ ᠪᠤᠯᠤᠭᠰᠠᠨ ᠴᠦ | ᠲᠤᠭᠤᠵᠤ ᠲᠤᠷᠠᠯᠠᠵᠤ ᠪᠠᠶᠢᠭᠰᠠᠨ ᠰᠠᠨᠠᠭᠠᠨ ᠤ ᠠᠮᠠᠷᠠᠬ ᠢᠶᠠᠨ | ᠲᠤᠬᠤᠢᠢᠯᠠᠵᠤ ᠶᠠᠪᠤᠵᠤ ᠪᠠᠶᠢᠭ᠎ᠠ ᠪᠠᠷ ᠵᠠᠭᠦᠳᠦᠯᠡᠳᠡᠭ ᠳ᠋ᠠ᠃ | ᠲᠤᠷᠠᠯᠠᠯ ᠬᠠᠶᠢᠷ᠎ᠠ ᠭᠡᠭᠴᠢ ᠶᠠᠮᠠᠷ ᠰᠠᠶᠢᠬᠠᠨ ᠪᠤᠢ | ᠲᠤᠳᠤᠭᠠᠳᠤ ᠰᠡᠳᠬᠢᠯ ᠳᠤ ᠵᠤᠯᠠ ᠰᠢᠬ ᠭᠡᠷᠡᠯᠳᠤᠭᠡᠳ ᠪᠠᠶᠢᠳᠠᠬ᠂ | ᠲᠤᠭᠤᠰᠤᠳᠤ ᠶᠢᠷᠳᠢᠨᠴᠤ ᠠᠴᠠ ᠠᠩᠬᠢᠵᠢᠷᠠᠬᠤ ᠪᠤᠯᠳᠠᠯ᠎ᠠ | ᠲᠤᠳᠤᠨᠤ ᠠᠴᠠ ᠲᠤᠳᠤᠨᠤ ᠪᠠᠷ ᠢᠶᠠᠨ ᠪᠠᠶᠢᠳᠠᠬ ᠪᠠᠶᠢᠯᠭᠦᠢ᠃ | ᠠᠩᠬᠠᠨ ᠤ ᠠᠮᠠᠷᠠᠬ ᠭᠡᠭᠴᠢ ᠶᠠᠭᠠᠬᠢᠭᠰᠠᠨ ᠭᠤᠶᠤ ᠪᠤᠢ | ᠠᠶᠤᠤᠯᠢᠬᠠᠢ ᠴᠠᠭᠡᠵᠢ ᠶᠢ ᠨᠠᠷᠠ ᠰᠢᠬ ᠭᠡᠶᠢᠭᠦᠯᠦᠭᠡᠳ ᠪᠠᠶᠢᠳᠠᠬ᠂ | ᠠᠯᠠᠬ ᠬᠤᠷᠸ᠎ᠠ ᠠᠴᠠ ᠰᠠᠯᠬᠤ ᠪᠤᠯᠳᠠᠯ᠎ᠠ | ᠠᠷᠤ ᠬᠤᠶᠢᠨ᠎ᠠ ᠪᠠᠨ ᠤᠷᠬᠢᠬᠤ ᠪᠢᠰᠢ ᠪᠠᠶᠢᠯᠭᠦᠢ᠃ | ᠠᠨᠳᠠ ᠨᠠᠶᠢᠵᠢ ᠭᠡᠭᠴᠢ ᠶᠠᠭᠤ ᠪᠤᠢ | ᠠ ᠡ ᠢ ᠶᠢ ᠬᠠᠮᠳᠤ ᠪᠠᠷ ᠰᠤᠷᠤᠭᠰᠠᠳ ᠪᠢᠵᠠ᠂ | ᠠᠩᠬᠠᠢ ᠲᠠᠩᠬᠠᠢ ᠠᠭᠠᠰᠢᠯᠠᠵᠤ ᠪᠠᠶᠢᠭᠰᠠᠨ ᠮᠦᠷ ᠲᠠᠢ ᠴᠦ | ᠠᠬᠢᠨ ᠲᠠᠬᠢᠨ ᠲᠤᠷᠠᠰᠤᠭᠳᠠᠳᠠᠬ ᠨᠢ ᠲᠠᠳᠠ ᠯᠡ ᠪᠢᠵᠠ᠃ | ᠲᠤᠳᠤᠨᠤ ᠶᠢᠨ ᠨᠠᠶᠢᠵᠠ ᠭᠡᠭᠴᠢ ᠶᠡᠭᠤ ᠪᠤᠢ | ᠲᠤᠭ᠎ᠠ ᠲᠤᠭᠠᠯᠠᠬᠤ ᠶᠢ ᠬᠠᠮᠳᠤ ᠡᠯᠡᠭᠡᠭᠰᠡᠨ ᠰᠤᠷᠤᠯᠭᠠᠳᠠᠨ ᠪᠢᠵᠠ᠂ | ᠲᠤᠮᠤᠭ᠎ᠠ ᠦᠭᠡᠢ ᠠᠭᠠᠰᠢᠯᠠᠵᠤ ᠪᠠᠶᠢᠭᠰᠠᠨ ᠲᠡᠦᠭᠡ ᠲᠠᠢ ᠴᠦ | ᠲᠡᠭᠦᠨ ᠢ ᠲᠠᠪᠠᠭ᠋ᠤ ᠨᠠᠶᠢᠵᠢ ᠲᠠᠬᠢᠭᠠᠳ ᠤᠯᠳᠠᠬᠤ ᠦᠭᠡᠢ ᠪᠢᠵᠠ᠃ | ᠬᠤᠯᠠ ᠵᠠᠶᠢᠳᠠᠭᠰᠠᠨ ᠬᠠᠮᠳᠤ ᠰᠤᠷᠤᠯᠭᠠᠳᠠᠨ | ᠬᠤᠷᠠᠵᠤ ᠴᠤᠭᠯᠠᠷᠠᠨ᠎ᠠ ᠭᠡᠭᠴᠢ ᠬᠢᠯᠪᠠᠷ ᠤᠤ ᠳ᠋ᠠ᠂ | ᠬᠤᠪᠳᠤᠯ ᠵᠢᠷᠦᠭᠡᠨ ᠤ ᠦᠭᠡ ᠪᠠᠨ | ᠬᠤᠭᠤᠰᠤᠷᠠᠳᠠᠯ᠎ᠠ ᠪᠠᠨ ᠵᠤᠭᠤᠭᠳᠠᠶ᠎ᠠ ᠳ᠋ᠠ᠃ | ᠠᠭᠤᠳᠠᠮ ᠨᠤᠳᠤᠭ ᠲᠤ ᠪᠠᠨ ᠲᠦᠭᠡᠭᠰᠡᠨ ᠲᠠ ᠪᠢᠳᠠ | ᠤᠴᠠᠷᠠᠨ ᠵᠤᠯᠭᠠᠨ᠎ᠠ ᠭᠡᠭᠴᠢ ᠠᠮᠠᠷ ᠤᠤ ᠳ᠋ᠠ᠂ | ᠦᠷᠦ ᠵᠢᠷᠦᠭᠡᠨ ᠤ ᠦᠭᠡ ᠪᠠᠨ | ᠦᠨᠠᠭᠡᠨ ᠬᠠᠷᠠᠩᠭᠤᠢ ᠪᠤᠯᠳᠠᠯ᠎ᠠ ᠭᠡᠯᠡᠯᠴᠡᠶᠠ ᠳ᠋ᠠ᠃ | ᠢᠷᠦᠭᠡᠯ ᠪᠠᠷᠢᠯᠳᠤᠯᠭ᠎ᠠ ᠪᠠᠶᠢᠭᠰᠠᠨ ᠠᠴᠠ | ᠡᠨᠡ ᠡᠳᠦᠷ ᠦᠯᠵᠠᠶᠢᠳᠠᠢ ᠵᠤᠯᠭᠠᠯ᠎ᠠ ᠲᠠ ᠪᠢᠳᠠ᠂ | ᠢᠷᠡᠭᠦ ᠢᠷᠡᠭᠡᠳᠤᠢ ᠶᠢᠨ ᠠᠯᠢ ᠨᠢᠭᠡ ᠡᠳᠦᠷ | ᠡᠷᠡᠭᠦᠯ ᠲᠠᠩᠭᠡᠯᠡᠭᠦᠨ ᠢᠶᠠᠷ ᠤᠴᠠᠷᠠᠬᠤ ᠪᠠᠶᠢᠯᠭᠦᠢ ᠳ᠋ᠠ᠃ | ᠪᠠᠶ᠎ᠠ ᠪᠠᠶᠢᠪᠠᠯ ᠪᠡᠭᠡᠵᠢᠩ ᠭᠡᠳᠡᠭ ᠪᠢᠰᠢᠤ | ᠪᠠᠶ᠎ᠠ ᠪᠠᠨ ᠭᠠᠮᠨᠠᠭᠠᠷᠠᠢ ᠰᠤᠷᠤᠯᠭᠠᠳᠠᠨ ᠮᠢᠨᠢ᠂ | ᠪᠠᠶ᠎ᠠ ᠴᠤᠯᠤ ᠴᠢᠨᠢ ᠲᠡᠩᠭᠡᠯᠡᠭᠦᠨ ᠢᠶᠠᠷ ᠢᠶᠠᠨ ᠪᠠᠶᠢᠪᠠᠯ | ᠪᠢᠯᠢᠭ ᠤᠬᠠᠭᠠᠨ ᠴᠢᠨᠢ ᠴᠦ ᠰᠠᠷᠠᠭᠤᠯᠬᠠᠨ ᠶᠤᠮ᠃ | ᠦᠪᠠᠷ ᠤᠨ ᠪᠡᠶ᠎ᠡ ᠪᠠᠨ ᠭᠠᠮᠨᠠᠵᠤ ᠯᠠ ᠪᠠᠶᠢᠪᠠᠯ | ᠦᠷ᠎ᠡ ᠭᠡᠤᠭᠡᠳ ᠲᠤ ᠪᠠᠨ ᠳᠡᠭᠡᠭᠡᠷ᠎ᠡ ᠪᠤᠯᠬᠤ ᠦᠭᠡᠢ ᠶᠤᠮ᠂ | ᠦᠭᠦᠨ ᠦᠭᠦᠳᠡᠯ᠎ᠡ ᠪᠠᠶ᠎ᠠ ᠳᠤ ᠪᠠᠨ ᠵᠦᠪ ᠪᠠᠶᠢᠪᠠᠯ | ᠦᠯᠢᠭᠡᠷ ᠲᠠᠭᠤᠷᠢᠶᠠᠯ ᠪᠤᠯᠵᠤ ᠮᠦᠡᠭᠭᠡᠷᠡᠭᠦ ᠶᠤᠮ᠃ | | ᠬᠠᠶ᠋ᠢᠬ᠄ ᠭᠦᠬᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ | ︵ᠡᠾᠦ᠋ᠩ ᠮᠸᠢ ᠨᠠᠶᠢᠷᠠᠭᠤᠯᠪᠠ︶ | 2020 ᠤᠨ ᠤ 1 ᠳ᠋ᠦ᠋ᠭᠡᠷ ᠬᠤᠭᠤᠴᠠᠭ᠎ᠠ |