ᠨᠠᠶᠢᠷᠠᠭᠤᠯᠤᠭᠴᠢ ᠶᠢᠨ ᠦᠭᠡ᠄ ᠲᠤᠰ ᠠᠭᠤᠯᠭ᠎ᠠ ᠪᠤᠯ 2019 ᠤᠨ ᠤ ᠤᠯᠤᠰ ᠤᠨ ᠰᠢᠯᠭᠠᠯᠲᠠ ᠳᠤ 622 | ᠬᠤᠪᠢ ᠰᠢᠯᠭᠠᠭᠤᠯᠵᠤ᠂ ᠲᠦᠩᠯᠢᠶᠤᠤ ᠬᠤᠲᠠ ᠶᠢᠨ ᠮᠤᠩᠭᠤᠯ ᠢᠶᠠᠷ ᠬᠢᠴᠢᠶᠠᠯᠯᠠᠵᠤ ᠪᠠᠶᠢᠭ᠎ᠠ ᠨᠡᠶᠢᠭᠡᠮ ᠤᠨ ᠰᠢᠨᠵᠢᠯᠡᠬᠦ | ᠤᠬᠠᠭᠠᠨ ᠤ ᠬᠢᠴᠢᠶᠠᠯ ᠲᠦᠷᠤᠯ ᠤᠨ ᠮᠠᠩᠯᠠᠢ ᠪᠠᠷ ᠲᠤᠲᠤᠷᠠᠨ᠂ ᠤᠳᠤ ᠲᠤᠷᠤᠨᠠᠲᠦ ᠶᠢᠨ ᠤᠯᠤᠰ ᠲᠦᠷᠦ ᠬᠠᠤᠯᠢ | ᠴᠠᠭᠠᠵᠠ ᠶᠢᠨ ᠶᠡᠭᠡ ᠰᠤᠷᠭᠠᠭᠤᠯᠢ ᠶᠢᠨ ᠬᠠᠤᠯᠢ ᠶᠢᠨ ᠤᠬᠠᠭᠠᠨ ᠤ ᠰᠠᠯᠪᠤᠷᠢ ᠳᠤ ᠰᠤᠷᠤᠯᠴᠠᠵᠦ ᠪᠠᠶᠢᠭ᠎ᠠ | ᠭᠠᠩᠭᠠᠩ ᠤᠨ ᠡᠵᠢ — ᠤᠳᠤᠨ ᠪᠠᠭᠰᠢ ᠶᠢᠨ ᠬᠡᠤᠬᠡᠨ ᠢᠶᠠᠨ ᠦᠰᠭᠡᠨ ᠬᠦᠮᠦᠵᠢᠭᠦᠯᠦᠭᠰᠡᠨ ᠠᠷᠭ᠎ᠠ | ᠲᠤᠷᠰᠢᠯᠭ᠎ᠠ ᠪᠠᠨ ᠲᠠᠨᠢᠯᠴᠠᠭᠤᠯᠵᠤ ᠪᠢᠴᠢᠭᠰᠡᠨ ᠵᠤᠬᠢᠶᠠᠯ ᠪᠤᠯᠬᠤ ᠶᠤᠮ᠂ ᠵᠤᠬᠢᠶᠠᠯ ᠤᠨ ᠠᠷᠤ ᠳᠤ ᠲᠤᠭᠲᠠᠬᠤ | ᠪᠠᠭᠰᠢ ᠶᠢᠨ ᠦᠵᠠᠯᠳᠠ ᠤᠢᠢᠯᠠᠭᠠᠯᠳᠠ ᠶᠢ ᠲᠠᠭᠠᠯᠳᠤᠭᠤᠯᠪᠠ᠃ | | ᠮᠢᠨᠦ ᠦᠵᠡᠯᠳᠠ | — ᠤᠳᠤᠨ | | ᠶᠧ ᠱᠧᠩ ᠲᠤᠤ ᠠᠪᠤᠭᠠᠢ᠄ ︽ᠶᠠᠭᠤ ᠶᠢ ᠰᠤᠷᠭᠠᠨ ᠬᠦᠮᠦᠵᠢᠯ ᠭᠡᠬᠦ ᠪᠤᠢ︖ ᠲᠦᠭᠦᠮᠬᠡᠨ ᠬᠡᠯᠡᠪᠡᠯ᠂ | ᠰᠤᠷᠭᠠᠨ ᠬᠦᠮᠦᠵᠢᠯ ᠪᠤᠯ ᠲᠠᠷᠤᠢ ᠬᠡᠤᠬᠡᠳ ᠢ ᠲᠠᠳᠬᠠᠯᠵᠢᠭᠤᠯᠬᠤ ᠬᠦᠮᠦᠵᠢᠯ ᠪᠤᠯᠤᠨ᠎ᠠ︾ ᠭᠡᠵᠡᠢ᠃ ᠦᠭᠡᠷ᠎ᠡ ᠪᠠᠷ | ᠬᠡᠯᠡᠪᠡᠯ᠂ ᠰᠤᠷᠤᠭᠴᠢᠳ ᠲᠤ ᠰᠤᠷᠤᠯᠴᠠᠬᠤ ᠲᠠᠳᠬᠠᠯ᠂ ᠮᠡᠳᠡᠯᠭᠡ ᠡᠵᠡᠮᠰᠢᠬᠦ ᠤᠷᠮ᠎ᠠ ᠰᠡᠳᠭᠢᠯᠭᠡ᠂ ᠵᠦᠪ | ᠤᠨᠤᠪᠴᠢᠲᠡᠢ ᠶᠢᠷᠲᠢᠨᠴᠦ ᠶᠢᠨ ᠦᠵᠡᠯᠲᠡ ᠪᠠ ᠦᠷᠲᠡᠭ ᠤᠨ ᠦᠵᠡᠯᠲᠡ ᠶᠢ ᠪᠤᠢ ᠪᠤᠯᠭᠠᠬᠤ ᠶᠠᠪᠤᠳᠠᠯ ᠪᠤᠯᠤᠨ᠎ᠠ ᠭᠡᠵᠦ | ᠬᠡᠯᠡᠵᠦ ᠪᠤᠯᠬᠤ ᠶᠤᠮ᠃ ᠡᠳᠡᠭᠡᠷ ᠨᠢ ᠬᠡᠳᠦ᠋ᠢᠪᠡᠷ ᠰᠤᠷᠭᠠᠭᠤᠯᠢ ᠶᠢᠨ ᠵᠢᠭᠠᠨ ᠰᠤᠷᠭᠠᠯᠲᠠ ᠶᠢᠨ ᠶᠠᠪᠤᠴᠠ ᠳᠤ | ᠪᠦᠷᠢᠯᠳᠦᠳᠡᠭ ᠪᠤᠯᠪᠠᠴᠦ᠂ ᠭᠡᠷ ᠪᠦᠯᠢ ᠶᠢᠨ ᠬᠦᠮᠦᠵᠢᠯ ᠨᠢ ᠰᠠᠭᠤᠷᠢ ᠴᠢᠯᠠᠭᠤ ᠶᠢᠨ ᠦᠢᠯᠡᠳᠤᠯ ᠦᠵᠡᠭᠦᠯᠵᠦ | ᠪᠠᠶᠢᠳᠠᠭ᠃ ᠡᠶᠢᠮᠦ ᠤᠴᠢᠷ ᠠᠴᠠ᠂ ᠬᠡᠤᠬᠡᠳ ᠤᠨ ᠬᠦᠮᠦᠵᠢᠯ ᠳᠤ ᠭᠡᠷ ᠪᠦᠯᠢ ᠶᠢᠨ ᠭᠦᠮᠦᠵᠢᠯ ᠨᠢ ᠤᠮᠳᠤᠭᠠᠶᠢᠯᠠᠵᠦ | ᠪᠤᠯᠤᠰᠢ ᠦᠭᠡᠢ ᠴᠢᠬᠤᠯᠠ ᠪᠠᠶᠢᠳᠠᠭ᠃ ᠲᠡᠭᠡᠪᠡᠯ ᠭᠡᠷ ᠤᠨ ᠠᠬᠠᠮᠠᠳ ᠪᠤᠯᠤᠭᠰᠠᠳ ᠬᠡᠤᠬᠡᠳ ᠢᠶᠠᠨ ᠬᠡᠷᠬᠢᠨ ᠰᠤᠷᠭᠠᠨ | ᠬᠦᠮᠦᠵᠢᠭᠦᠯᠪᠡᠯ ᠵᠤᠬᠢᠬᠤ ᠪᠤᠢ︖ ᠡ᠊ᠨᠲᠡ ᠪᠢ ᠡᠨᠡ ᠭᠦ ᠠᠰᠠᠭᠤᠳᠠᠯ ᠢ ᠲᠤᠤᠷᠠᠬᠢ ᠮᠡᠲᠦ ᠬᠡᠳᠦᠨ ᠲᠠᠯ᠎ᠠ ᠪᠠᠷ | ᠲᠦᠭᠦᠮ ᠶᠠᠷᠢᠰᠤᠭᠠᠢ᠃ | ︵ᠨᠢᠭᠡ︶ ᠭᠡᠷ ᠤᠨ ᠠᠬᠠᠮᠠᠳ ᠪᠤᠯᠤᠭᠰᠠᠳ ᠬᠠᠮᠤᠭ ᠤᠨ ᠲᠦᠷᠦᠭᠦᠨ ᠳᠤ ᠬᠡᠤᠬᠡᠳ ᠲᠤ ᠪᠠᠨ ᠬᠦᠮᠦᠨ ᠪᠤᠯᠬᠤ | ᠶᠤᠰᠤ ᠶᠢ ᠮᠡᠳᠡᠭᠦᠯᠵᠦ᠂ ᠬᠦᠮᠦᠨᠴᠢ ᠴᠢᠨᠠᠷ ᠤᠨ ᠬᠦᠮᠦᠵᠢᠯ ᠬᠢᠬᠦ ᠶᠢ ᠴᠢᠬᠤᠯᠠᠴᠢᠯᠠᠬᠤ ᠬᠡᠷᠡᠭᠲᠡᠢ | ᠶᠠᠭᠤᠨ ᠤ ᠤᠷᠢᠳ ᠬᠦᠮᠦᠨ ᠪᠤᠯᠬᠤ ᠶᠤᠰᠤ ᠶᠢ ᠮᠡᠳᠡᠬᠦ ᠴᠢᠬᠤᠯᠠ ᠲᠠᠢ ᠪᠠᠶᠢᠳᠠᠭ᠃ ︽ᠬᠦᠮᠦᠨ ᠪᠤᠯᠬᠤ | ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾ ᠭᠡᠳᠡᠭᠴᠢᠯᠠᠨ ᠪᠢᠲᠡ ᠬᠡᠤᠬᠡᠳ ᠢᠶᠠᠨ ᠬᠠᠷᠠᠬᠠᠨ | ᠪᠠᠭ᠎ᠠ ᠠᠴᠠ ᠨᠢ ᠰᠠᠶᠢᠨ ᠬᠦᠮᠦᠨ ᠪᠤᠯᠬᠤ᠂ ᠬᠦᠮᠦᠨ ᠮᠦᠰᠦ ᠲᠠᠢ ᠬᠦᠮᠦᠨ ᠪᠤᠯᠬᠤ ᠲᠡᠰᠢ ᠬᠦᠮᠦᠵᠢᠭᠦᠯᠦᠨ | ᠰᠤᠷᠭᠠᠵᠦ᠂ ᠠᠪᠤ ᠡᠵᠢ ᠪᠤᠯᠤᠨ ᠪᠠᠭᠰᠢ ᠠᠬᠠᠮᠠᠳ ᠢᠶᠠᠨ ᠬᠦᠨᠳᠦᠯᠡᠬᠦ᠂ ᠠᠩᠭ᠎ᠠ ᠲᠡᠭᠦᠦ ᠨᠠᠷ ᠢᠶᠠᠨ ᠬᠠᠷᠠᠭᠠᠯᠵᠠᠬᠤ | ᠪᠤᠶᠤ ᠬᠠᠮᠲᠤ ᠨᠦᠬᠦᠳ ᠲᠠᠢ ᠪᠠᠨ ᠡᠶ᠎ᠡ ᠨᠠᠶᠢᠷᠲᠠᠢ ᠶᠠᠪᠤᠬᠤ ᠵᠡᠷᠭᠡ ᠬᠦᠮᠦᠨ ᠪᠤᠯᠬᠤ ᠶᠢᠨ ᠤᠭ ᠶᠤᠰᠤ ᠶᠢ | ᠲᠠᠨᠢᠭᠤᠯᠵᠦ ᠮᠡᠳᠡᠭᠦᠯᠬᠦ ᠶᠠᠪᠤᠳᠠᠯ ᠨᠢ ᠤᠮᠳᠤᠭᠠᠶᠢᠯᠠᠵᠦ ᠪᠤᠯᠤᠰᠢ ᠦᠭᠡᠢ ᠴᠢᠬᠤᠯᠠ ᠪᠠᠶᠢᠳᠠᠭ᠃ ᠮᠤᠩᠭᠤᠯ ᠵᠦᠢᠷ | ᠰᠡᠴᠡᠨ ᠦᠭᠡᠨ ᠳᠤ ︽ᠲᠡᠪᠡᠯ ᠳᠤ ᠵᠠᠬ᠎ᠠ ᠲᠠᠢ᠂ ᠬᠦᠮᠦᠨ ᠳᠤ ᠠᠬ᠎ᠠ ᠲᠠᠢ︾ ᠭᠡᠳᠡᠭ ᠪᠢᠰᠢᠤ᠃ ᠨᠢᠭᠡ ᠬᠦᠮᠦᠨ | ᠬᠡᠳᠦ᠋ᠢᠴᠢᠨᠡᠬᠡᠨ ᠶᠡᠭᠡ ᠡᠷᠲᠡᠮ ᠮᠡᠳᠡᠯᠭᠡ ᠲᠠᠢ ᠪᠠᠶᠢᠭᠰᠠᠨ ᠴᠦ ᠬᠦᠮᠦᠨ ᠪᠤᠯᠬᠤ ᠦᠨᠳᠦᠰᠦᠨ ᠶᠤᠰᠤ ᠶᠢ ᠮᠡᠳᠡᠭᠦ ᠦᠭᠡᠢ | ᠪᠤᠯᠪᠠᠯ ᠬᠡᠷᠡᠭ ᠦᠭᠡᠢ ᠶᠤᠮ᠃ ᠮᠠᠨ ᠤ ᠲᠡᠷᠭᠡᠲᠡ ᠲᠦᠷᠦᠭᠰᠡᠨ ᠠᠪᠤ ᠡᠵᠢ ᠪᠠᠨ ᠲᠡᠵᠢᠭᠡᠬᠦ ᠦᠭᠡᠢ᠂ ᠬᠠᠳᠠᠮ ᠡᠵᠢ | ᠠᠪᠤ ᠪᠠᠨ ᠬᠦᠨᠳᠦᠯᠡᠬᠦ ᠦᠭᠡᠢ᠂ ᠤᠯᠠᠨ ᠨᠡᠶᠢᠲᠡ ᠶᠢᠨ ᠲᠠᠯᠠᠪᠤᠷ ᠲᠤ ᠦᠪᠡᠷ ᠤᠨ ᠲᠦᠷᠦᠭᠰᠡᠨ ᠡᠵᠢ ᠪᠠᠨ ᠴᠤᠬᠢᠵᠦ | ᠨᠦᠳᠦᠬᠦ ᠮᠡᠲᠦ ᠶᠢᠨ ᠨᠠᠵᠠᠭᠠᠢ ᠪᠤᠷᠤᠭᠤ ᠠᠵᠢᠯᠯᠠᠭ᠎ᠠ ᠤᠯᠠᠨ ᠠᠷᠪᠢᠨ ᠭᠠᠷᠴᠦ ᠪᠠᠶᠢᠨ᠎ᠠ᠃ ᠮᠢᠨᠤ ᠪᠤᠳᠤᠬᠤ ᠪᠠᠷ | ᠡᠳᠡᠭᠡᠷ ᠨᠢ᠂ ᠭᠡᠷ ᠤᠨ ᠠᠬᠠᠮᠠᠳ ᠠᠴᠠ ᠬᠡᠤᠬᠡᠳ ᠲᠤ ᠪᠠᠨ ᠬᠦᠮᠦᠨ ᠪᠤᠯᠬᠤ ᠶᠤᠰᠤ ᠶᠢ ᠪᠦᠷᠢᠨ ᠬᠦᠢᠴᠡᠳ | ᠮᠡᠳᠡᠭᠦᠯᠦᠭᠰᠡᠨ ᠦᠭᠡᠢ ᠶᠢᠨ ᠦᠷ᠎ᠡ ᠳ᠋ᠦᠩ ᠭᠡᠵᠦ ᠦᠵᠡᠵᠦ ᠪᠠᠶᠢᠨ᠎ᠠ᠃ | ︵ᠬᠤᠶᠠᠷ︶ ᠬᠡᠤᠬᠡᠳ ᠲᠤ ᠰᠤᠷᠭᠠᠭᠤᠯᠢ ᠶᠢᠨ ᠨᠠᠰᠤᠨ ᠠᠴᠠ ᠡᠮᠦᠨᠡᠬᠢ ᠭᠡᠷ ᠪᠦᠯᠢ ᠶᠢᠨ ᠬᠦᠮᠦᠵᠢᠯ ᠢ ᠰᠠᠶᠢᠨ | ᠬᠢᠬᠦ ᠴᠢᠬᠤᠯᠠ ᠲᠠᠢ | ᠡᠨᠡ ᠲᠤᠬᠠᠢ ᠪᠢ ᠬᠡᠤᠬᠡᠨ ᠢᠶᠠᠨ ᠬᠦᠮᠦᠵᠢᠭᠦᠯᠦᠭᠰᠡᠨ ᠶᠠᠪᠤᠳᠠᠯ ᠲᠠᠢ ᠤᠶᠠᠯᠳᠤᠭᠤᠯᠵᠦ ᠲᠤᠤᠷᠠᠬᠢ ᠮᠡᠲᠦ | ᠬᠡᠲᠦᠨ ᠲᠠᠯ᠎ᠠ ᠪᠠᠷ ᠦᠭᠦᠯᠡᠶ᠎ᠡ᠃ ᠬᠡᠤᠬᠡᠨ ᠢ ᠪᠠᠭ᠎ᠠ ᠳᠤ ᠨᠢ ᠭᠤᠤᠯᠳᠠᠭᠤ ᠮᠢᠨᠤ ᠡᠵᠢ ᠰᠠᠭᠠᠲᠠᠭᠤᠯᠵᠦ ᠦᠰᠭᠡᠭᠰᠡᠨ | ᠶᠤᠮ᠃ ᠮᠢᠨᠤ ᠡᠵᠢ ᠭᠡᠵᠦ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠤ ᠬᠢᠷᠢ ᠭᠡᠮ ᠲᠠᠢ᠂ ᠬᠦᠳᠡᠭᠡ ᠶᠢᠨ | ᠵᠢᠷ ᠤᠨ ᠨᠢᠭᠡᠨ ᠮᠠᠯᠴᠢᠨ ᠪᠦᠰᠡᠭᠦᠢ ᠶᠤᠮ᠃ ᠡᠵᠢ ᠮᠢᠨᠢ ᠬᠡᠤᠬᠡᠳ ᠲᠤ ᠲᠤᠩ ᠬᠠᠶᠢᠷᠠᠲᠡᠢ ᠪᠠᠶᠢᠳᠠᠭ᠃ ᠬᠡᠤᠬᠡᠨ ᠢ | ᠦᠰᠭᠡᠬᠦ ᠳᠤ ᠪᠠᠨ ᠶᠠᠮᠠᠷᠴᠦ ᠲᠡᠶᠢᠮᠦ ᠢᠯᠡ ᠲᠤᠲᠤ ᠬᠠᠷᠠᠯᠲᠠ ᠵᠤᠷᠢᠯᠭ᠎ᠠ ᠦᠭᠡᠢ ᠪᠤᠯᠪᠠᠴᠦ᠂ ᠦᠪᠡᠷ ᠤᠨ ᠮᠡᠳᠡᠳᠡᠭ | ᠵᠦᠢᠯ ᠢᠶᠠᠨ ᠦᠯᠢᠭᠡᠷᠯᠡᠨ ᠶᠠᠷᠢᠬᠤ ᠠᠷᠭ᠎ᠠ ᠪᠠᠷ ᠦᠰᠭᠡᠵᠦ ᠪᠠᠶᠢᠵᠠᠢ᠃ ᠬᠡᠤᠬᠡᠨ ᠠᠷᠠᠢ ᠴᠢᠷᠠᠢ ᠦᠭᠡ ᠬᠡᠯᠡᠵᠦ | ᠡᠬᠢᠯᠡᠮᠡᠭᠴᠡ ᠡᠵᠢ ᠠᠴᠠ ᠬᠡᠤᠬᠡᠨ ᠲᠠᠢ ᠤᠯᠠᠨ ᠠᠷᠪᠢᠨ ᠦᠭᠡ ᠶᠠᠷᠢᠶ᠎ᠠ ᠭᠦᠤᠷᠨᠢᠨ ᠵᠤᠭᠤᠭᠳᠠᠳᠠᠭ᠃ ᠵᠢᠱᠢᠶᠡᠯᠡᠪᠡᠯ᠂ | ᠬᠠᠰᠢᠶᠠᠨ ᠳᠤ ᠪᠠᠨ ᠨᠤᠭᠤᠭ᠎ᠠ ᠲᠠᠷᠢᠵᠦ ᠪᠠᠶᠢᠬᠤ ᠦᠶᠡᠰ᠂ ᠠᠯᠢ ᠨᠢ ᠨᠤᠭᠤᠭ᠎ᠠ ᠶᠢᠨ ᠴᠢᠬᠢ ᠪᠤᠯᠬᠤ᠂ ᠠᠯᠢ ᠨᠢ | ᠪᠤᠵᠠᠷ ᠡᠪᠡᠰᠦ ᠪᠤᠯᠬᠤ᠂ ᠠᠯᠢ ᠨᠢ ᠲᠦᠪᠡᠳ ᠬᠠᠰᠢ ᠶᠢᠨ ᠴᠢᠬᠢ ᠪᠤᠯᠬᠤ᠂ ᠠᠯᠢ ᠨᠢ ᠬᠠᠰᠢ ᠶᠢᠨ ᠴᠢᠬᠢ ᠪᠤᠯᠬᠤ | ᠵᠡᠷᠭᠡ ᠶᠢ ᠨᠢᠭᠡᠳ ᠨᠢᠭᠡ ᠪᠠᠷ ᠬᠡᠯᠡᠵᠦ ᠦᠭᠳᠡᠭ ᠪᠠᠶᠢᠵᠠᠢ᠃ ᠡᠭᠦᠨ ᠠᠴᠠ ᠭᠠᠳᠠᠨ᠎ᠠ᠂ ᠲᠤᠭᠤᠯ ᠢᠶᠠᠨ ᠡᠷᠭᠢᠬᠦᠯᠬᠦ ᠪᠠᠷ | ᠶᠠᠪᠤᠬᠤ ᠳᠤ᠂ ᠬᠡᠤᠬᠡᠨ ᠢᠶᠠᠨ ᠠᠷᠤ ᠳᠤ ᠪᠠᠨ ᠡᠭᠦᠷᠴᠦ ᠪᠠᠶᠢᠬᠤ ᠦᠶ᠎ᠡ ᠳᠤ ᠪᠠᠨ ᠠᠶ᠎ᠠ ᠲᠠᠭᠤᠤ ᠭᠡᠩᠰᠢᠳᠡᠭ ᠪᠦᠭᠡᠳ | ᠬᠡᠤᠬᠡᠨ ᠢ ᠭᠠᠷ ᠠᠴᠠ ᠨᠢ ᠬᠦᠲᠦᠯᠵᠦ ᠶᠠᠪᠤᠬᠤ ᠳᠤ ᠪᠠᠨ ᠡᠪᠡᠰᠦ ᠤᠷᠭᠤᠮᠠᠯ ᠤᠨ ᠨᠡᠷ᠎ᠡ ᠶᠢ ᠤᠯᠠᠨ ᠠᠷᠪᠢᠨ ᠬᠡᠯᠡᠵᠦ | ᠦᠭᠳᠡᠭ ᠪᠠᠶᠢᠪᠠ᠃ ᠵᠢᠱᠢᠶᠡᠯᠡᠪᠡᠯ᠂ ᠪᠦᠪᠡᠭᠡᠳᠡᠩ ᠬᠤᠸᠠᠷ᠂ ᠰᠢᠷ᠎ᠡ ᠬᠤᠸᠠᠷ᠂ ᠴᠠᠬᠢᠯᠳᠠᠭ ᠤᠨ ᠴᠡᠴᠡᠭ ᠢ ᠶᠠᠮᠠᠷ | ᠲᠦᠷᠤᠯ ᠤᠨ ᠡᠪᠡᠰᠦ ᠪᠤᠯᠬᠤ ᠶᠢ ᠨᠢᠭᠡᠳ ᠨᠢᠭᠡ ᠪᠠᠷ ᠰᠠᠶᠢᠬᠠᠨ ᠶᠠᠷᠢᠵᠦ ᠦᠭᠳᠡᠭ ᠠᠵᠢ᠃ ᠡᠮᠡᠭᠡ ᠶᠢᠨ ᠢᠶᠠᠨ | ᠢᠩᠭᠢᠵᠦ ᠬᠡᠯᠡᠵᠦ ᠶᠠᠷᠢᠬᠤ ᠦᠭᠡ ᠶᠠᠷᠢᠶ᠎ᠠ ᠶᠢ ᠬᠡᠤᠬᠡᠨ ᠮᠠᠨᠢ ᠮᠠᠰᠢ ᠰᠡᠳᠭᠢᠯ ᠲᠠᠯᠪᠢᠨ ᠰᠤᠨᠤᠰᠳᠠᠭ ᠶᠤᠮ᠃ | ᠤᠴᠢᠷ ᠨᠢ᠂ ᠪᠢᠲᠡ ᠠᠵᠢᠯᠯᠠᠬᠤ ᠪᠠᠷ ᠶᠠᠪᠤᠭᠰᠠᠨ ᠤ ᠲᠠᠷᠠᠭ᠎ᠠ ᠬᠡᠤᠬᠡᠨ ᠮᠠᠨᠢ ᠡᠮᠡᠭᠡ ᠲᠠᠢ ᠪᠠᠨ ᠬᠤᠶᠠᠭᠤᠯᠬᠠᠨ | ᠭᠡᠷ ᠲᠤ ᠪᠠᠨ ᠦᠯᠡᠳᠡᠬᠦ ᠪᠤᠯᠬᠤᠷ ᠡᠮᠡᠭᠡ ᠡᠵᠢ ᠠᠴᠠ ᠪᠠᠨ ᠤᠯᠠᠨ ᠠᠷᠪᠢᠨ ᠦᠯᠢᠭᠡᠷ ᠲᠤᠮᠤᠭ ᠪᠤᠶᠤ ᠨᠤᠲᠤᠭ | ᠤᠰᠤᠨ ᠤ ᠲᠤᠬᠠᠢ ᠵᠤᠭᠤᠭ ᠶᠠᠷᠢᠶ᠎ᠡ ᠶᠢ ᠤᠯᠵᠦ ᠰᠤᠨᠤᠰᠲᠠᠭ ᠪᠠᠶᠢᠪᠠ᠃ ᠡᠨᠡ ᠦᠶ᠎ᠡ ᠳᠤ ᠭᠠᠩᠭᠠᠩ ᠡᠮᠡᠭᠡ | ᠡᠵᠢ ᠠᠴᠠ ᠪᠠᠨ ᠮᠠᠰᠢ ᠤᠯᠠᠨ ᠤᠬᠠᠭᠠᠨ ᠢ ᠨᠢ ᠤᠯᠬᠤ ᠦᠭᠡᠢ ᠠᠰᠠᠭᠤᠯᠲᠠ ᠠᠰᠠᠭᠤᠳᠠᠭ ᠪᠤᠯᠪᠠᠴᠦ᠂ ᠮᠢᠨᠤ ᠡᠵᠢ | ᠤᠭᠲᠤ ᠬᠠᠯᠠᠰᠢᠷᠠᠯ ᠦᠭᠡᠢ᠂ ᠬᠦᠯᠢᠴᠡᠩᠬᠦᠢ ᠰᠠᠶᠢᠬᠠᠨ ᠬᠠᠷᠢᠭᠤᠯᠵᠦ ᠦᠭᠳᠡᠭ ᠪᠠᠶᠢᠪᠠ᠃ | ᠨᠦᠭᠦᠭᠡ ᠲᠠᠯ᠎ᠠ ᠪᠠᠷ᠂ ᠮᠢᠨᠤ ᠡᠵᠢ ᠮᠤᠩᠭᠤᠯ ᠦᠰᠦᠭ ᠢ ᠲᠤᠷᠤᠭᠠ ᠦᠭᠡᠢ ᠰᠠᠶᠢᠬᠠᠨ ᠤᠩᠰᠢᠵᠦ ᠭᠠᠷᠳᠠᠭ | ᠪᠤᠯᠬᠤᠷ ᠮᠤᠩᠭᠤᠯ ᠢᠶᠠᠷ ᠪᠢᠴᠢᠭᠳᠡᠭᠰᠡᠨ ᠦᠯᠢᠭᠡᠷ ᠤᠨ ᠨᠤᠮ ᠢ ᠤᠩᠰᠢᠬᠤ ᠲᠤᠷ᠎ᠡ ᠲᠠᠢ ᠪᠢᠯᠠ᠃ ᠪᠠᠭ᠎ᠠ ᠪᠠᠶᠢᠬᠤ ᠳᠤ | ᠮᠠᠨ ᠤ ᠭᠡᠷ ᠲᠤ ︽ᠱᠦᠢ ᠬᠡᠤ ᠶᠢᠨ ᠦᠯᠢᠭᠡᠷ︾᠂ ︽ᠭᠤᠷᠪᠠᠨ ᠤᠯᠤᠰ ᠤᠨ ᠦᠯᠢᠭᠡᠷ︾᠂ ︽ᠰᠠᠬᠢᠭᠤᠯᠤᠭᠰᠠᠨ | ᠡᠷᠭᠦᠮᠵᠢᠯᠡᠭᠰᠡᠨ ᠦᠯᠢᠭᠡᠷ︾ ᠪᠤᠶᠤ ︽ᠪᠠᠷᠠᠭᠤᠨᠰᠢ ᠵᠤᠷᠴᠢᠭᠰᠠᠨ ᠲᠡᠮᠲᠡᠭᠯᠡᠯ︾ ᠵᠡᠷᠭᠡ ᠤᠯᠠᠨ ᠲᠦᠷᠤᠯ ᠤᠨ | ᠨᠤᠮ ᠲᠠᠢ ᠪᠠᠶᠢᠵᠠᠢ᠃ ᠡᠨᠡ ᠨᠤᠮ ᠤᠳ ᠢ ᠡᠵᠢ ᠨᠢᠭᠡ ᠲᠠᠯ᠎ᠠ ᠠᠴᠠ ᠨᠢ ᠬᠡᠤᠬᠡᠨ ᠳᠤ ᠡᠮᠬᠢ ᠲᠠᠷᠠᠭ᠎ᠠ ᠲᠠᠢ ᠤᠩᠰᠢᠨ | ᠰᠤᠨᠤᠰᠬᠠᠳᠠᠭ ᠪᠠᠶᠢᠪᠠ᠃ ᠬᠡᠤᠬᠡᠨ ᠦᠭᠡ ᠬᠡᠯᠡ ᠲᠠᠢ ᠪᠤᠯᠵᠦ ᠡᠬᠢᠯᠡᠬᠦ ᠦᠶ᠎ᠡ ᠳᠤ᠂ ᠡᠵᠢ ᠶᠢᠨ ᠤᠩᠰᠢᠳᠠᠭ ᠨᠤᠮ ᠨᠢ | ᠦᠯᠢᠭᠡᠷ ᠲᠡᠤᠬᠡ ᠠᠴᠠ ᠪᠠᠨ ︽ᠮᠤᠩᠭᠤᠯ ᠠᠷᠠᠳ ᠤᠨ ᠬᠡᠤᠬᠡᠳ ᠤᠨ ᠲᠤᠮᠤᠭ︾ ᠤᠷᠤᠭᠤ ᠰᠢᠯᠵᠢᠭᠰᠡᠨ ᠮᠦᠷᠲᠡᠭᠡᠨ᠂ | ᠮᠠᠨᠤᠰ ᠢ ᠭᠠᠳᠠᠭᠰᠢ ᠭᠠᠷᠬᠤ ᠪᠤᠯᠭᠠᠨ ᠳᠤ ᠮᠤᠩᠭᠤᠯ ᠬᠡᠤᠬᠡᠳ ᠤᠨ ᠦᠯᠢᠭᠡᠷ ᠲᠤᠮᠤᠭ ᠤᠨ ᠨᠤᠮ ᠢ ᠠᠪᠴᠢᠷᠠᠭᠤᠯᠤᠨ | ᠭᠠᠩᠭᠠᠩ ᠳᠤ ᠤᠩᠰᠢᠨ ᠰᠤᠨᠤᠰᠬᠠᠳᠠᠭ ᠪᠠᠶᠢᠪᠠ᠃ ᠵᠢᠱᠢᠶᠡᠯᠡᠪᠡᠯ᠂ ᠲᠡᠤᠯᠠᠢ ᠶᠢᠨ ᠦᠯᠢᠭᠡᠷ᠂ ᠠᠷᠰᠯᠠᠨ ᠤ ᠦᠯᠢᠭᠡᠷ᠂ | ᠪᠠᠷᠰ ᠤᠨ ᠦᠯᠢᠭᠡᠷ ᠪᠤᠶᠤ ᠬᠤᠯᠤᠭᠠᠨ᠎ᠠ ᠶᠢᠨ ᠦᠯᠢᠭᠡᠷ ᠢ ᠤᠩᠰᠢᠨ ᠰᠤᠨᠤᠰᠬᠠᠬᠤ ᠪᠤᠶᠤ ᠬᠡᠯᠡᠵᠦ ᠰᠤᠨᠤᠰᠬᠠᠳᠠᠭ | ᠪᠢᠯᠠ᠃ ᠮᠠᠨ ᠢ ᠡᠳᠦᠷ ᠪᠤᠯᠭᠠᠨ ᠠᠵᠢᠯ ᠪᠠᠭᠤᠵᠦ ᠭᠡᠷ ᠲᠤ ᠪᠠᠨ ᠬᠠᠷᠢᠵᠦ ᠢᠷᠡᠬᠦ ᠳᠤ᠂ ᠬᠡᠤᠬᠡᠨ ᠨᠢᠭᠡ ᠡᠳᠦᠷ ᠤᠨ | ᠰᠤᠨᠤᠰᠴᠦ ᠴᠡᠭᠡᠵᠢᠯᠡᠭᠰᠡᠨ ᠦᠯᠢᠭᠡᠷ ᠢᠶᠠᠨ ᠮᠠᠨᠤᠰ ᠲᠤ ᠤᠷᠮ᠎ᠠ ᠲᠠᠢ ᠰᠠᠶᠢᠬᠠᠨ ᠶᠠᠷᠢᠵᠦ ᠦᠭᠳᠡᠭ ᠶᠤᠮ᠃ ᠡᠳᠦᠷ | ᠤᠳᠠᠭᠠᠨ ᠦᠷᠬᠦᠯᠵᠢᠯᠡᠬᠦ ᠶᠢ ᠲᠠᠭᠠᠯᠳᠤᠨ ᠬᠡᠤᠬᠡᠨ ᠤ ᠴᠡᠭᠡᠵᠢᠯᠡᠬᠦ ᠴᠢᠳᠠᠪᠤᠷᠢ ᠨᠢ ᠶᠠᠪᠤᠬᠤ ᠲᠤᠲᠤᠮ ᠲᠡᠭᠡᠭᠰᠢᠯᠡᠵᠤ᠂ | ᠬᠡᠯᠡᠵᠦ ᠶᠠᠷᠢᠬᠤ ᠴᠢᠳᠠᠪᠤᠷᠢ ᠨᠢ ᠤᠷᠤᠰᠤᠮ᠎ᠠ ᠮᠦᠷᠲᠡᠭᠡᠨ ᠪᠤᠰᠤᠳ ᠠᠴᠠ ᠲᠠᠪᠠᠭᠰᠠᠨ ᠪᠠᠶᠢᠳᠠᠯ ᠲᠠᠢ ᠪᠤᠯᠵᠦ | ᠡᠬᠢᠯᠡᠵᠠᠢ᠃ ᠢᠩᠭᠢᠵᠦ ᠬᠡᠤᠬᠡᠨ ᠮᠠᠨᠢ ᠡᠮᠡᠭᠡ ᠠᠴᠠ ᠪᠠᠨ ᠤᠯᠠᠨ ᠠᠷᠪᠢᠨ ᠦᠯᠢᠭᠡᠷ ᠨᠤᠮ ᠢ ᠤᠯᠵᠦ ᠰᠤᠨᠤᠰᠬᠤ ᠪᠠᠷ | ᠲᠠᠮᠵᠢᠨ᠂ ᠨᠤᠮ ᠳᠤ ᠬᠤᠷᠤᠬᠠᠢ ᠲᠠᠢ ᠪᠤᠯᠵᠦ᠂ ᠨᠤᠮ ᠤᠩᠰᠢᠬᠤ ᠲᠤᠷ᠎ᠡ ᠲᠠᠢ ᠪᠤᠯᠤᠭᠰᠠᠨ ᠢᠶᠠᠷ ᠪᠠᠷᠠᠬᠤ ᠦᠭᠡᠢ | ᠨᠤᠮ ᠳᠤ ᠰᠡᠳᠭᠢᠯ ᠲᠠᠲᠠᠭᠳᠠᠨ ᠨᠤᠮ ᠠᠴᠠ ᠲᠤᠩ ᠤᠯᠠᠨ ᠮᠡᠳᠡᠯᠭᠡ ᠶᠢ ᠤᠯᠵᠦ ᠰᠤᠷᠳᠠᠭ ᠢ ᠮᠡᠳᠡᠵᠦ ᠡᠬᠢᠯᠡᠭᠰᠡᠨ | ᠪᠠᠶᠢᠨ᠎ᠠ᠃ ᠡᠭᠦᠨ ᠢᠶᠠᠷ ᠪᠠᠷᠠᠬᠤ ᠦᠭᠡᠢ ᠨᠤᠮ ᠤᠩᠰᠢᠬᠤ ᠲᠤᠷ᠎ᠡ ᠪᠠᠬ᠎ᠠ ᠨᠢ ᠡᠳᠦᠷ ᠠᠴᠠ ᠡᠳᠦᠷ ᠨᠡᠮᠡᠭᠳᠡᠵᠦ | ᠡᠬᠢᠯᠡᠭᠰᠡᠨ ᠶᠤᠮ᠃ | ᠡᠵᠢ ᠦᠪᠡᠷ ᠤᠨ ᠮᠡᠳᠡᠳᠡᠭ ᠬᠡᠲᠦᠨ ᠪᠠᠳᠠᠭ ᠰᠢᠯᠦᠭ ᠢᠶᠠᠨ ᠬᠡᠤᠬᠡᠨ ᠳᠤ ᠵᠢᠭᠠᠵᠦ ᠦᠭᠬᠦ ᠪᠠᠷ ᠪᠠᠷᠠᠬᠤ ᠦᠭᠡᠢ᠂ | ᠶᠢᠰᠦ ᠶᠢᠰᠦ ᠶᠢᠨ ᠦᠷᠡᠵᠢᠬᠦᠯᠬᠦ ᠦᠢᠯᠡᠳᠤᠯ ᠤᠨ ᠠᠮᠠᠨ ᠤᠩᠰᠢᠯᠭ᠎ᠠ᠂ ᠠᠷᠪᠠ ᠠᠴᠠ ᠬᠤᠷᠢ ᠲᠤᠲᠤᠷᠠᠬᠢ ᠲᠤᠭᠠᠨ ᠤ | ᠨᠡᠮᠡᠵᠦ ᠬᠠᠰᠤᠬᠤ ᠠᠷᠭ᠎ᠠ ᠶᠢ ᠵᠢᠭᠠᠵᠦ ᠡᠵᠡᠮᠰᠢᠭᠦᠯᠦᠭᠰᠡᠨ ᠪᠠᠶᠢᠳᠠᠭ᠃ ᠡᠵᠢ ᠭᠠᠩᠭᠠᠩ ᠳᠤ ᠡᠳᠡᠭᠡᠷ ᠢ | ᠵᠢᠭᠠᠬᠤ ᠳᠤ ᠪᠠᠨ ᠵᠠᠪᠠᠯ ᠴᠡᠭᠡᠵᠢᠯᠡᠬᠦᠯᠬᠦ ᠭᠡᠵᠦ ᠠᠯᠪᠠᠳᠠᠭᠰᠠᠨ ᠪᠢᠰᠢ᠂ ᠬᠠᠷᠢᠨ ᠬᠠᠵᠠᠭᠤ ᠳᠤ ᠨᠢ | ᠰᠠᠨᠠᠭᠠᠴᠢᠯᠠᠭ᠎ᠠ ᠲᠠᠢ ᠪᠠᠷ ᠤᠳᠠᠬᠤ ᠦᠭᠡᠢ ᠤᠳᠠᠬᠤ ᠦᠭᠡᠢ ᠦᠪᠡᠷ ᠢᠶᠠᠨ ᠤᠩᠰᠢᠳᠠᠭ ᠪᠠᠶᠢᠪᠠ᠃ ᠢᠩᠭᠢᠵᠦ | ᠤᠳᠠᠭᠠᠨ ᠡᠳᠦᠷ ᠦᠷᠭᠦᠯᠵᠢᠯᠡᠬᠦ ᠶᠢ ᠲᠠᠭᠠᠯᠳᠤᠨ ᠭᠠᠩᠭᠠᠩ ᠡᠮᠡᠭᠡ ᠶᠢᠨ ᠢᠶᠠᠨ ᠤᠩᠰᠢᠳᠠᠭ ᠰᠢᠯᠦᠭ ᠪᠤᠶᠤ ᠠᠮᠠᠨ | ᠤᠩᠰᠢᠯᠭ᠎ᠠ ᠶᠢ ᠰᠠᠨᠠᠮᠰᠠᠷ ᠦᠭᠡᠢ ᠪᠠᠷ ᠴᠡᠭᠡᠵᠢ ᠪᠠᠷ ᠤᠩᠰᠢᠵᠦ ᠴᠢᠳᠠᠬᠤ ᠪᠤᠯᠤᠭᠰᠠᠨ ᠢᠶᠠᠷ ᠪᠠᠷᠠᠬᠤ ᠦᠭᠡᠢ᠂ ᠬᠡᠯᠡᠵᠦ | ᠶᠠᠷᠢᠬᠤ ᠴᠢᠳᠠᠪᠤᠷᠢ ᠪᠤᠶᠤ ᠴᠡᠭᠡᠵᠢᠯᠡᠬᠦ ᠴᠢᠳᠠᠪᠤᠷᠢ ᠨᠢ ᠲᠡᠭᠡᠭᠰᠢᠯᠡᠨ ᠨᠠᠯᠢᠶᠠᠳ ᠬᠤᠷᠳᠤᠨ ᠬᠡᠯᠡ ᠳᠤ ᠤᠷᠤᠭᠰᠠᠨ | ᠪᠢᠯᠠ᠃ ᠦᠭᠡ ᠬᠡᠯᠡᠬᠦ ᠳᠤ ᠪᠠᠨ ᠤᠭᠲᠤ ᠲᠤᠷᠴᠦ ᠲᠡᠭᠡᠭᠯᠡᠳᠡᠭ ᠦᠭᠡᠢ ᠮᠦᠷᠲᠡᠭᠡᠨ ᠤᠷᠤᠰᠤᠮ᠎ᠠ ᠰᠠᠶᠢᠬᠠᠨ ᠶᠠᠷᠢᠵᠦ | ᠴᠢᠳᠠᠬᠤ ᠪᠤᠯᠤᠭᠰᠠᠨ ᠶᠤᠮ᠃ | ᠡᠵᠢ ᠪᠠᠰᠠ ᠮᠠᠨ ᠢ ᠪᠠᠭ᠎ᠠ ᠳᠤ ᠱᠠᠬᠠᠢ ᠬᠤᠪᠴᠠᠰᠦ ᠤᠶᠤᠬᠤ ᠦᠶ᠎ᠡ ᠳᠤ᠂ ᠭᠠᠩᠭᠠᠩ ᠢ ᠲᠠᠭᠤᠳᠠᠨ | ᠵᠡᠬᠦᠦ ᠪᠠᠨ ᠰᠦᠪᠡᠯᠡᠭᠦᠯᠳᠡᠭ ᠪᠤᠶᠤ ᠬᠡᠤᠬᠡᠨ ᠢᠶᠠᠷ ᠬᠠᠶᠢᠴᠢ ᠪᠠᠷᠢᠭᠤᠯᠵᠦ᠂ ᠤᠯᠠᠨ ᠲᠦᠷᠤᠯ ᠤᠨ ᠬᠠᠶᠢᠴᠢᠯᠠᠮᠠᠯ | ᠬᠠᠶᠢᠴᠢᠯᠠᠭᠤᠯᠬᠤ ᠠᠷᠭ᠎ᠠ ᠪᠠᠷ ᠭᠠᠷ ᠢ ᠨᠢ ᠬᠦᠳᠡᠯᠭᠡᠵᠦ᠂ ᠪᠡᠶ᠎ᠡ ᠶᠢᠨ ᠬᠦᠳᠡᠯᠮᠤᠷᠢ ᠳᠤ ᠤᠷᠤᠯᠴᠠᠭᠤᠯᠳᠠᠭ ᠪᠠᠶᠢᠵᠠᠢ᠃ | ᠵᠢᠱᠢᠶᠡᠯᠡᠪᠡᠯ᠂ ︽ᠬᠤᠤᠰᠪᠠᠶ᠋ᠷ︾ ᠭᠡᠳᠡᠭ ᠬᠢᠲᠡᠳ ᠦᠰᠦᠭ᠂ ᠵᠢᠭᠠᠰᠤ ᠪᠤᠶᠤ ᠤᠷᠠᠨ ᠬᠠᠵᠢᠨ ᠵᠡᠷᠭᠡ ᠶᠢ | ᠦᠪᠡᠷ ᠢᠶᠠᠨ ᠵᠢᠷᠤᠵᠦ ᠪᠠᠷᠠᠭᠰᠠᠨ ᠤ ᠲᠠᠷᠠᠭ᠎ᠠ ᠭᠠᠩᠭᠠᠩ ᠢᠶᠠᠷ ᠬᠠᠶᠢᠴᠢᠯᠠᠭᠤᠯᠳᠠᠭ ᠪᠠᠶᠢᠪᠠ᠃ ᠡᠨᠡ ᠬᠦ ᠠᠷᠭ᠎ᠠ ᠨᠢ᠂ | ᠮᠢᠨᠤ ᠬᠡᠤᠬᠡᠨ ᠤ ᠪᠠᠭ᠎ᠠ ᠶᠢᠨ ᠦᠶ᠎ᠡ ᠶᠢᠨ ᠤᠶᠤᠨ ᠤᠬᠠᠭᠠᠨ ᠢ ᠨᠢ ᠨᠦᠯᠦᠭᠡᠯᠡᠵᠦ᠂ ᠲᠠᠷᠢᠬᠢ ᠲᠤᠯᠤᠭᠠᠢ ᠶᠢᠨ | ᠬᠦᠭᠵᠢᠯᠲᠡ ᠶᠢ ᠮᠠᠰᠢ ᠶᠡᠭᠡ ᠨᠦᠯᠦᠭᠡᠯᠡᠵᠦ ᠴᠢᠳᠠᠭᠰᠠᠨ ᠪᠠᠶᠢᠨ᠎ᠠ᠃ ᠮᠢᠨᠤ ᠡᠵᠢ ᠬᠡᠤᠬᠡᠨ ᠢ ᠬᠡᠵᠢᠶᠡᠲᠡ ᠠᠭᠤᠷᠯᠠᠵᠤ | ᠵᠠᠩᠨᠠᠳᠠᠭ ᠦᠭᠡᠢ ᠮᠦᠷᠲᠡᠭᠡᠨ ᠠᠶ᠎ᠠ ᠶᠢ ᠨᠢ ᠳᠠᠭᠠᠭᠤᠯᠵᠦ ᠴᠢᠳᠠᠳᠠᠭ ᠠᠴᠠ ᠭᠠᠩᠭᠠᠩ ᠡᠮᠡᠭᠡ ᠪᠠᠨ ᠨᠠᠳᠠ ᠠᠴᠠ | ᠢᠯᠡᠬᠦᠦ ᠲᠠᠭᠠᠬᠤ ᠪᠤᠯᠵᠦ᠂ ᠡᠮᠡᠭᠡ ᠲᠠᠢ ᠪᠠᠨ ᠨᠠᠳᠠ ᠠᠴᠠ ᠢᠯᠡᠬᠦᠦ ᠲᠠᠰᠴᠢᠬᠠᠭᠰᠠᠨ ᠪᠠᠶᠢᠪᠠ᠃ ᠲᠤᠮᠲᠠᠳᠤ | ᠰᠤᠷᠭᠠᠭᠤᠯᠢ ᠶᠢᠨ ᠨᠢᠭᠡᠨ ᠤᠳᠠᠭᠠᠨ ᠤ ᠬᠤᠭᠤᠴᠠᠭᠠᠨ ᠡᠴᠤᠰ ᠤᠨ ᠬᠢᠲᠡᠳ ᠬᠡᠯᠡᠨ ᠤ ᠰᠢᠯᠭᠠᠯᠲᠠ ᠳᠤ ︽ᠮᠢᠨᠤ | ᠪᠠᠭᠰᠢ︾ ᠭᠡᠰᠡᠨ ᠭᠠᠷᠴᠠᠭ ᠢᠶᠠᠷ ᠦᠪᠡᠷ ᠤᠨ ᠡᠮᠡᠭᠡ ᠶᠢᠨ ᠢᠶᠠᠨ ᠲᠤᠬᠠᠢ ᠤᠬᠤᠷ ᠵᠤᠬᠢᠶᠠᠯ ᠪᠢᠴᠢᠭᠰᠡᠨ ᠪᠠᠶᠢᠪᠠ᠃ | ᠡᠨᠡ ᠵᠤᠬᠢᠶᠠᠯ ᠢ ᠨᠢ ᠪᠠᠭᠰᠢ ᠨᠢ ᠮᠠᠰᠢ ᠪᠠᠭ᠋ᠠᠷᠬᠠᠨ ᠲᠤᠭᠤᠭᠰᠠᠨ ᠮᠦᠷᠲᠡᠭᠡᠨ ᠲᠦᠩᠯᠢᠶᠤᠤ ᠶᠢᠨ ᠡᠳᠤᠷ ᠤᠨ | ᠰᠤᠨᠢᠨ ᠳᠤ ᠬᠦᠷᠭᠡᠵᠦ ᠦᠭᠭᠦᠭᠰᠡᠨ ᠳᠤ᠂ 2015 ᠤᠨ ᠤ 5 ᠰᠠᠷ᠎ᠡ ᠶᠢᠨ 14 ᠤ ᠲᠦᠩᠯᠢᠶᠤᠤ ᠶᠢᠨ ᠡᠳᠤᠷ ᠤᠨ | ᠰᠤᠨᠢᠨ ᠳᠤ ᠨᠡᠶᠢᠲᠡᠯᠡᠭᠳᠡᠭᠰᠡᠨ ᠪᠠᠶᠢᠪᠠ᠃ ᠡᠶᠢᠨ ᠬᠦ ᠮᠢᠨᠤ ᠬᠡᠤᠬᠡᠨ ᠤ ᠬᠠᠮᠤᠭ ᠤᠨ ᠠᠩᠬ᠎ᠠ ᠪᠢᠴᠢᠭᠰᠡᠨ ᠬᠢᠲᠡᠳ | ᠵᠤᠬᠢᠶᠠᠯ ᠤᠨ ᠡᠬᠢᠨ ᠳᠤ ︽ᠪᠠᠭᠰᠢ ᠭᠡᠵᠦ ᠬᠡᠯᠡᠬᠦ ᠳᠤ ᠪᠢ ᠶᠠᠭᠤᠨ ᠤ ᠡᠮᠦᠨ᠎ᠡ ᠪᠤᠳᠤᠵᠦ ᠤᠯᠬᠤ ᠨᠢ ᠦᠷᠭᠡᠨ | ᠮᠡᠳᠡᠯᠭᠡ ᠲᠠᠢ᠂ ᠠᠯᠤᠰ ᠤᠨ ᠬᠠᠷᠠᠯᠲᠠ ᠲᠠᠢ ᠮᠦᠷᠲᠡᠭᠡᠨ ᠮᠡᠳᠡᠯᠭᠡ ᠴᠢᠳᠠᠪᠤᠷᠢ ᠬᠤᠤᠰᠯᠠᠭᠰᠠᠨ ᠮᠦᠷᠲᠡᠭᠡᠨ | ᠨᠢᠳᠤᠨ ᠳᠤ ᠪᠠᠨ ᠰᠢᠯ ᠵᠡᠭᠦᠵᠦ ᠦᠰᠦ ᠭᠡᠵᠢᠭᠡ ᠨᠢ ᠪᠤᠭᠤᠷᠤᠯ ᠪᠤᠯᠤᠭᠰᠠᠨ ᠳ᠋ᠤᠺᠲ᠋ᠤᠷ ᠪᠤᠶᠤ ᠫᠷᠤᠹᠧᠰᠰᠤᠷ ᠪᠢᠰᠢ᠂ | ᠬᠠᠷᠢᠨ ᠵᠠᠵᠢᠨ ᠦᠰᠦ ᠨᠢ ᠴᠠᠶᠢᠵᠦ᠂ ᠡᠴᠢᠵᠦ ᠲᠤᠷᠠᠭᠰᠠᠨ ᠬᠦᠳᠡᠭᠡ ᠶᠢᠨ ᠵᠢᠷ ᠤᠨ ᠨᠢᠭᠡᠨ ᠮᠠᠯᠴᠢᠨ ᠡᠮᠡᠭᠡᠨ ᠪᠤᠯᠬᠤ | ᠶᠤᠮ︾ ᠭᠡᠵᠦ᠂ ᠦᠪᠡᠷ ᠤᠨ ᠠᠩᠬᠠᠨ ᠤ ᠪᠠᠭᠰᠢ ᠪᠤᠯᠬᠤ ᠡᠮᠡᠭᠡ ᠡᠵᠢ ᠶᠢᠨ ᠢᠶᠠᠨ ᠲᠤᠬᠠᠢ ᠪᠢᠴᠢᠭᠰᠡᠨ ᠪᠢᠯᠠ᠃ | ᠡᠭᠦᠨ ᠠᠴᠠ ᠪᠢ ᠮᠢᠨᠤ ᠬᠡᠤᠬᠡᠨ ᠤ ᠪᠠᠭ᠎ᠠ ᠨᠠᠰᠦ ᠶᠢ ᠬᠠᠮᠤᠭ ᠠᠴᠠ ᠨᠦᠯᠦᠭᠡᠯᠡᠭᠰᠡᠨ ᠨᠢ ᠪᠢ ᠪᠢᠰᠢ᠂ ᠬᠠᠷᠢᠨ ᠮᠢᠨᠤ | ᠡᠵᠢ ᠪᠤᠯᠤᠨ᠎ᠠ ᠭᠡᠳᠡᠭ ᠢ ᠰᠡᠳᠭᠢᠯ ᠳᠤ ᠪᠠᠨ ᠪᠤᠳᠤᠵᠦ ᠶᠠᠪᠤᠳᠠᠭ᠃ ᠪᠢ ᠡᠵᠢ ᠶᠢᠨ ᠢᠶᠠᠨ ᠲᠤᠬᠠᠢ ᠶᠠᠷᠢᠬᠤ ᠳᠤ | ᠮᠡᠳᠡᠯᠭᠡ ᠰᠤᠶᠤᠯ ᠦᠭᠡᠢ ᠮᠦᠷᠲᠡᠭᠡᠨ ᠬᠦᠮᠦᠨ ᠠᠴᠠ ᠲᠠᠪᠠᠭᠰᠠᠨ ᠡᠷᠳᠡᠮᠲᠡᠨ ᠪᠢᠰᠢ᠂ ᠡᠭᠦᠨ ᠢᠶᠠᠷ ᠪᠠᠷᠠᠬᠤ ᠦᠭᠡᠢ | ᠬᠡᠤᠬᠡᠨ ᠢ ᠬᠦᠮᠦᠵᠢᠬᠦᠯᠬᠦ ᠳᠤ ᠶᠠᠮᠠᠷᠴᠦ ᠵᠤᠷᠢᠯᠭ᠎ᠠ ᠲᠠᠢ ᠪᠠᠷ ᠤᠴᠢᠵᠦ ᠬᠢᠭᠰᠡᠨ ᠵᠦᠢᠯ ᠪᠠᠶᠢᠳᠠᠭ ᠦᠭᠡᠢ ᠪᠢᠯᠠ᠃ | ᠵᠦᠪᠬᠡᠨ ᠦᠪᠡᠷ ᠤᠨ ᠨᠠᠰᠤᠨ ᠲᠤᠷᠰᠢ ᠶᠢᠨ ᠦᠩᠭᠡᠷᠡᠯᠲᠡ ᠲᠤᠷᠰᠢᠯᠭ᠎ᠠ ᠪᠤᠯᠤᠨ ᠡᠳᠦᠢ ᠲᠡᠲᠦᠢ ᠪᠤᠳᠤᠵᠦ ᠤᠯᠤᠭᠰᠠᠨ | ᠵᠦᠢᠯ ᠢᠶᠠᠨ ᠬᠡᠤᠬᠡᠨ ᠳᠤ ᠬᠠᠷᠠᠮ ᠦᠭᠡᠢ ᠬᠦᠨᠲᠦᠷᠦᠨ ᠴᠢᠳᠬᠤᠭᠰᠠᠨ ᠵᠦᠢᠯᠡᠰ ᠨᠢ ᠭᠡᠤᠭᠡᠳ ᠤᠨ ᠬᠦᠮᠦᠵᠢᠯ | ᠪᠤᠯᠪᠠᠰᠤᠷᠠᠯ ᠳᠤ ᠲᠦᠢᠯ ᠤᠨ ᠶᠡᠭᠡ ᠰᠡᠩᠬᠡᠷᠡᠭᠦᠯᠦᠯ ᠬᠦᠷᠲᠡᠭᠡᠵᠦ ᠴᠢᠳᠠᠭᠰᠠᠨ ᠪᠠᠶᠢᠨ᠎ᠠ᠃ | ︵ᠭᠤᠷᠪᠠ︶ ᠦᠨᠳᠦᠰᠦᠨ ᠱᠠᠲᠤᠨ ᠤ ᠰᠠᠭᠤᠷᠢ ᠰᠤᠷᠭᠠᠨ ᠬᠦᠮᠦᠵᠢᠯ ᠢ ᠭᠤᠤᠯ ᠪᠤᠯᠭᠠᠨ ᠠᠳᠬᠤᠬᠤ ᠶᠢ | ᠴᠢᠬᠤᠯᠠᠴᠢᠯᠠᠭᠰᠠᠨ | ᠬᠡᠤᠬᠡᠳ ᠲᠤ ᠠᠪᠴᠦ ᠬᠡᠯᠡᠪᠡᠯ ᠪᠠᠭ᠎ᠠ ᠰᠤᠷᠭᠠᠭᠤᠯᠢ ᠶᠢᠨ ᠱᠠᠲᠦ ᠪᠤᠯ ᠰᠠᠶ᠋ᠢ ᠡᠬᠢᠯᠡᠨ ᠰᠤᠷᠭᠠᠭᠤᠯᠢ ᠳᠤ | ᠰᠠᠭᠤᠵᠦ᠂ ᠠᠩᠬ᠎ᠠ ᠠᠯᠬᠤᠮ ᠰᠤᠷᠭᠠᠭᠤᠯᠢ ᠶᠢᠨ ᠠᠮᠢᠳᠤᠷᠠᠯ ᠳᠤ ᠡᠬᠢᠯᠡᠨ ᠲᠠᠳᠬᠤ ᠶᠢᠨ ᠴᠢᠬᠤᠯᠠ ᠨᠢᠭᠡᠨ ᠱᠠᠲᠦ | ᠦᠶ᠎ᠡ ᠪᠤᠯᠤᠨ᠎ᠠ᠃ ᠡᠨᠡ ᠦᠶ᠎ᠡ ᠨᠢ ᠬᠡᠤᠬᠡᠳ ᠤᠨ ᠤᠬᠠᠭᠠᠨ ᠲᠦᠬᠦᠭᠡ ᠠᠩᠬ᠎ᠠ ᠠᠯᠬᠤᠮ ᠡᠬᠢᠯᠡᠨ ᠪᠦᠷᠢᠯᠳᠦᠵᠦ | ᠪᠠᠶᠢᠭ᠎ᠠ ᠱᠠᠲᠦ ᠦᠶ᠎ᠡ ᠪᠤᠯᠬᠤ ᠤᠴᠢᠷ ᠠᠴᠠ ᠡᠨᠡ ᠱᠠᠲᠤᠨ ᠤ ᠰᠤᠷᠭᠠᠨ ᠬᠦᠮᠦᠵᠢᠯ ᠢ ᠭᠤᠤᠯ ᠪᠤᠯᠭᠠᠨ ᠠᠳᠬᠤᠵᠦ᠂ | ᠰᠤᠷᠤᠯᠭ᠎ᠠ ᠶᠢᠨ ᠲᠠᠯ᠎ᠠ ᠳᠤ ᠨᠢ ᠢᠯᠡᠬᠦᠬᠡᠨ ᠠᠩᠬᠠᠷᠤᠯ ᠲᠠᠯᠪᠢᠵᠦ ᠬᠡᠤᠬᠡᠳ ᠤᠨ ᠪᠡᠶ᠎ᠡ ᠰᠡᠳᠭᠢᠴᠡ ᠶᠢᠨ | ᠬᠦᠭᠵᠢᠯᠲᠡ ᠶᠢ ᠴᠢᠬᠤᠯᠠᠴᠢᠯᠠᠨ ᠦᠵᠡᠪᠡᠯ ᠲᠠᠭᠠᠷᠠᠨ᠎ᠠ ᠭᠡᠵᠦ ᠦᠵᠡᠵᠦ ᠪᠤᠢ᠃ ᠡᠨᠡ ᠪᠤᠯ ᠤᠳᠤᠬᠠᠨ ᠤ ᠭᠡᠷ ᠤᠨ | ᠠᠬᠠᠮᠠᠳ ᠲᠤ ᠲᠤᠯᠭᠠᠷᠠᠵᠦ ᠪᠦᠬᠦᠢ ᠰᠢᠢᠳᠪᠦᠷᠢᠯᠡᠬᠦ ᠴᠢᠬᠤᠯᠠ ᠲᠠᠢ ᠠᠰᠠᠭᠤᠳᠠᠯ ᠪᠤᠯᠬᠤ ᠶᠤᠮ᠃ ᠮᠠᠨ ᠤ ᠵᠠᠷᠢᠮ | ᠬᠡᠷ ᠤᠨ ᠠᠬᠠᠮᠠᠳ ᠪᠠᠭ᠎ᠠ ᠰᠤᠷᠭᠠᠭᠤᠯᠢ ᠶᠢᠨ ᠥᠨᠳᠥᠰᠥᠨ ᠱᠠᠳᠥᠨ ᠤ ᠰᠠᠭᠤᠷᠢ ᠰᠤᠷᠭᠠᠨ ᠬᠥᠮᠥᠵᠢᠯ ᠢ | ᠤᠮᠳᠤᠭᠠᠶᠢᠯᠠᠵᠥ᠂ ︽ᠪᠠᠭ᠎ᠠ ᠰᠤᠷᠭᠠᠭᠤᠯᠢ ᠶᠢᠨ ᠱᠠᠲᠦ ᠪᠤᠯ ᠬᠠᠮᠢᠶ᠎ᠠ ᠦᠭᠡᠢ᠂ ᠰᠤᠷᠤᠭᠰᠠᠨ ᠴᠦ ᠪᠤᠯᠤᠨ᠎ᠠ᠂ ᠰᠤᠷᠬᠤ | ᠦᠭᠡᠢ ᠴᠦ ᠪᠠᠰᠠ ᠪᠤᠯᠤᠨ᠎ᠠ᠂ ᠬᠤᠵᠢᠮ ᠦᠭᠡᠯᠡᠢ ᠪᠤᠯᠤᠭᠠᠳ ᠨᠢᠭᠡ ᠯᠠ ᠮᠡᠳᠡᠴᠢᠭᠡᠶᠡ︾ ᠭᠡᠵᠦ ᠪᠤᠳᠤᠳᠠᠭ᠃ | ᠦᠨᠡᠨ ᠢ ᠬᠡᠯᠡᠬᠦ ᠳᠤ᠂ ᠡᠨᠡ ᠦᠶ᠎ᠡ ᠳᠤ ᠬᠡᠤᠬᠡᠳ ᠶᠠᠮᠠᠷ ᠬᠡᠪ ᠲᠦᠷᠢᠮ ᠢᠶᠠᠷ ᠪᠢᠴᠢᠭ ᠦᠵᠡᠪᠡᠯ ᠲᠡᠶᠢᠮᠦ ᠬᠡᠪ | ᠲᠦᠷᠢᠮ ᠤᠨ ᠪᠡᠶ᠎ᠡ ᠰᠡᠳᠭᠢᠴᠡ ᠲᠠᠢ ᠪᠤᠯᠵᠦ ᠬᠦᠮᠦᠵᠢᠭᠳᠡᠳᠡᠭ ᠶᠤᠮ᠃ ᠲᠡᠶᠢᠮᠦ ᠠᠴᠠ ᠪᠢ ᠬᠡᠤᠬᠡᠨ ᠤ ᠪᠠᠨ ᠪᠠᠭ᠎ᠠ | ᠰᠤᠷᠭᠠᠭᠤᠯᠢ ᠶᠢᠨ ᠱᠠᠲᠤᠨ ᠤ ᠰᠤᠷᠤᠯᠭ᠎ᠠ ᠶᠢ ᠭᠤᠤᠯ ᠪᠤᠯᠭᠠᠬᠤ ᠶᠢᠨ ᠲᠠᠭᠠᠤ ᠪᠠᠭᠰᠢ ᠶᠢᠨ ᠦᠯᠡᠳᠡᠭᠡᠭᠰᠡᠨ ᠲᠠᠰᠬᠠᠯ ᠢ | ᠶᠠᠭᠠᠬᠢᠵᠦ ᠪᠡᠶᠡᠯᠡᠭᠦᠯᠵᠦ ᠪᠠᠶᠢᠬᠤ᠂ ᠪᠠᠭᠰᠢ ᠶᠢᠨ ᠢᠶᠠᠨ ᠬᠢᠴᠢᠶᠡᠯ ᠢ ᠬᠢᠷᠢ ᠵᠡᠷᠭᠡ ᠰᠡᠳᠭᠢᠯ ᠲᠠᠯᠪᠢᠨ ᠰᠤᠨᠤᠰᠴᠦ | ᠪᠠᠶᠢᠬᠤ᠂ ᠰᠤᠷᠭᠠᠭᠤᠯᠢ ᠳᠤ ᠪᠠᠨ ᠬᠠᠮᠲᠤ ᠨᠦᠬᠦᠳ ᠲᠠᠢ ᠪᠠᠨ ᠬᠢᠷᠢ ᠵᠡᠷᠭᠡ ᠬᠠᠷᠢᠴᠠᠵᠦ ᠪᠠᠶᠢᠬᠤ ᠵᠡᠷᠭᠡ ᠤᠯᠠᠨ | ᠲᠠᠯ᠎ᠠ ᠠᠴᠠ ᠠᠩᠬᠠᠷᠤᠯ ᠲᠠᠯᠪᠢᠨ ᠠᠵᠢᠭᠯᠠᠨ ᠰᠢᠨᠵᠢᠵᠤ ᠰᠤᠷᠭᠠᠨ ᠭᠦᠮᠦᠵᠢᠭᠦᠯᠳᠡᠭ᠃ | ᠨᠢᠭᠡ ᠳᠤ᠂ ᠪᠠᠭ᠎ᠠ ᠰᠤᠷᠭᠠᠭᠤᠯᠢ ᠶᠢᠨ ᠨᠢᠭᠡᠲᠦᠭᠡᠷ ᠤᠨ ᠳᠤ ᠲᠤᠭ᠎ᠠ ᠪᠤᠳᠤᠯᠭ᠎ᠠ ᠶᠢᠨ ᠲᠦᠷᠭᠡᠨ ᠪᠤᠳᠤᠯᠭ᠎ᠠ | ᠭᠡᠰᠡᠨ ᠬᠢᠲᠡᠳ ᠮᠠᠲ᠋ᠧᠷᠢᠶᠠᠯ ᠢ ᠠᠪᠴᠦ ᠬᠢᠯᠭᠡᠳᠡᠭ ᠪᠠᠶᠢᠵᠠᠢ᠃ ᠲᠤᠰ ᠮᠠᠲ᠋ᠧᠷᠢᠶᠠᠯ ᠤᠨ ᠠᠭᠤᠯᠭ᠎ᠠ ᠨᠢ ᠲᠡᠶᠢᠮᠥ | ᠬᠥᠴᠢᠷ ᠪᠢᠰᠢ᠂ ᠰᠡᠳᠥᠪ ᠨᠢ ᠠᠮᠠᠷᠬᠠᠨ ᠪᠠᠶᠢᠳᠠᠭ ᠤᠨ ᠤᠴᠢᠷ ᠠᠴᠠ ᠤᠯᠠᠩᠬᠢ ᠭᠡᠷ ᠤᠨ ᠠᠬᠠᠮᠠᠳ ᠡᠶᠢᠮᠦ ᠬᠢᠯᠪᠡᠷ | ᠶᠠᠭᠤᠮ᠎ᠠ ᠶᠢ ᠬᠢᠬᠦ ᠴᠢᠬᠤᠯᠠ ᠦᠭᠡᠢ ᠭᠡᠵᠦ ᠦᠵᠡᠳᠡᠭ ᠪᠢᠯᠠ᠃ ᠭᠡᠲᠡᠯ᠎ᠡ ᠡᠨᠡ ᠨᠢ ᠬᠡᠳᠦ᠋ᠢᠪᠡᠷ ᠬᠢᠲᠡᠳ ᠮᠠᠲ᠋ᠧᠷᠢᠶᠠᠯ | ᠪᠤᠯᠪᠠᠴᠦ ᠮᠠᠰᠢ ᠨᠠᠷᠢᠯᠢᠬ᠂ ᠡᠮᠬᠢ ᠵᠢᠷᠤᠮ ᠲᠠᠢ᠂ ᠤᠳᠤᠬᠢᠴᠢᠯᠠᠭᠰᠠᠨ ᠬᠡᠯᠪᠡᠷᠢ ᠲᠠᠢ ᠮᠦᠷᠲᠡᠭᠡᠨ ᠴᠢᠨᠠᠷ ᠴᠢᠨᠰᠠᠭ᠎ᠠ ᠨᠢ | ᠮᠠᠰᠢ ᠰᠠᠶᠢᠨ ᠪᠠᠶᠢᠳᠠᠭ ᠠᠴᠠ ᠬᠡᠤᠬᠡᠳ ᠤᠨ ᠰᠡᠳᠤᠪ ᠬᠢᠬᠦ ᠬᠤᠷᠳᠤᠴᠠ ᠪᠠ ᠰᠡᠳᠤᠪ ᠬᠢᠬᠦ ᠤᠨᠤᠪᠴᠢ ᠶᠢᠨ | ᠬᠡᠮᠵᠢᠶ᠎ᠡ ᠶᠢ ᠲᠡᠭᠡᠭᠰᠢᠯᠡᠭᠦᠯᠬᠦ ᠳᠤ ᠲᠤᠩ ᠴᠢᠬᠤᠯᠠ ᠦᠢᠯᠡᠳᠤᠯ ᠲᠠᠢ ᠭᠡᠵᠦ ᠦᠵᠡᠵᠦ ᠪᠠᠶᠢᠨ᠎ᠠ᠃ ᠡᠨᠡ | ᠮᠠᠲ᠋ᠧᠷᠢᠶᠠᠯ ᠤᠨ ᠤᠨᠴᠠᠯᠢᠭ ᠤᠨ ᠲᠠᠯ᠎ᠠ ᠠᠴᠠ ᠠᠪᠴᠦ ᠬᠡᠯᠡᠪᠡᠯ᠂ ᠰᠡᠳᠤᠪ ᠢ ᠬᠢᠬᠦ ᠳᠤ ᠰᠤᠷᠤᠭᠴᠢ ᠲᠠᠷᠢᠬᠢ ᠶᠠᠳᠠᠷᠠᠬᠤ | ᠦᠭᠡᠢ ᠮᠦᠷᠲᠡᠭᠡᠨ ᠰᠡᠳᠤᠪ ᠬᠢᠬᠦ ᠬᠤᠷᠳᠤᠴᠠ ᠪᠠ ᠠᠷᠭ᠎ᠠ ᠤᠬᠠᠭᠠᠨ ᠢ ᠡᠵᠡᠮᠰᠢᠭᠦᠯᠬᠦ ᠵᠡᠷᠭᠡ ᠤᠯᠠᠨ ᠠᠷᠪᠢᠨ | ᠰᠠᠶᠢᠨ ᠲᠠᠢ ᠲᠠᠯ᠎ᠠ ᠪᠠᠶᠢᠳᠠᠭ᠃ ᠡᠶᠢᠮᠦ ᠠᠴᠠ ᠭᠡᠷ ᠤᠨ ᠠᠬᠠᠮᠠᠳ ᠬᠡᠤᠬᠡᠳ ᠲᠤ ᠪᠠᠨ ᠡᠨᠡ ᠰᠡᠳᠤᠪ ᠢ ᠬᠢᠯᠭᠡᠬᠦ ᠨᠢ | ᠬᠡᠤᠬᠡᠳ ᠤᠨ ᠲᠦᠷᠭᠡᠨ ᠪᠤᠳᠤᠬᠤ ᠴᠢᠳᠠᠪᠤᠷᠢ ᠶᠢ ᠲᠡᠭᠡᠭᠰᠢᠯᠡᠭᠦᠯᠵᠦ᠂ ᠲᠠᠷᠢᠬᠢᠨ ᠤ ᠬᠦᠭᠵᠢᠯᠲᠡ ᠶᠢ ᠠᠬᠢᠭᠤᠯᠵᠦ | ᠲᠡᠶᠢᠯᠦᠨ᠎ᠡ ᠭᠡᠵᠦ ᠰᠠᠨᠠᠭᠤᠯᠵᠦ ᠪᠠᠶᠢᠨ᠎ᠠ᠃ | ᠬᠤᠶᠠᠷ ᠲᠤ᠂ ᠵᠤᠷᠢᠯᠭ᠎ᠠ ᠲᠠᠢ ᠪᠠᠷ ᠨᠤᠮ ᠤᠨ ᠲᠡᠯᠭᠡᠭᠦᠷ ᠲᠤ ᠤᠴᠢᠵᠦ ᠨᠤᠮ ᠤᠩᠰᠢᠭᠤᠯᠳᠠᠭ ᠪᠠᠶᠢᠵᠠᠢ᠃ | ᠮᠢᠨᠤ ᠴᠡᠭᠡᠵᠢᠯᠡᠵᠦ ᠪᠠᠶᠢᠬᠤ ᠪᠠᠷ ᠦᠬᠢᠨ ᠢᠶᠠᠨ ᠲᠤᠯᠤᠭᠠᠨ ᠨᠠᠰᠤ ᠲᠠᠢ ᠦᠶ᠎ᠡ ᠳᠤ ᠭᠠᠨᠵᠤᠭ᠎ᠠ ᠪᠠᠯᠭᠠᠰᠤᠨ ᠤ | ᠰᠢᠠᠬᠤᠸᠠ ᠨᠤᠮ ᠤᠨ ᠲᠡᠯᠭᠡᠬᠦᠷ ᠲᠤ ᠲᠠᠭᠠᠭᠤᠯᠵᠦ ᠤᠴᠢᠭᠰᠠᠨ ᠳᠤ᠂ ᠬᠡᠤᠬᠡᠨ ᠮᠢᠨᠢ ᠲᠡᠯᠭᠡᠬᠦᠷ ᠤᠨ ᠡᠭᠦᠳᠡᠨ ᠳᠤ | ᠭᠦᠷᠦᠮᠡᠭᠴᠡ ︽ᠡᠨᠡ ᠴᠢᠨᠢ ᠮᠢᠨᠤ ᠡᠮᠡᠭᠡ ᠶᠢᠨ ᠨᠠᠳᠠ ᠳᠤ ᠬᠡᠯᠡᠵᠦ ᠦᠭᠭᠦᠭᠰᠡᠨ ᠦᠯᠢᠭᠡᠷ ᠪᠤᠯᠤᠨ᠎ᠠ᠂ ᠪᠢ ᠲᠤᠮᠤᠭ | ᠦᠯᠢᠭᠡᠷ ᠢ ᠠᠪᠤᠨ᠎ᠠ︾ ᠭᠡᠪᠡ᠃ ᠡᠭᠦᠨ ᠢᠶᠠᠷ ᠪᠠᠷᠠᠬᠤ ᠦᠭᠡᠢ ᠲᠡᠷᠡ ᠨᠤᠮ ᠢ ᠬᠤᠳᠠᠯᠳᠤᠨ ᠠᠪᠤᠮᠠᠭᠴᠠ ᠨᠤᠮ ᠤᠨ | ᠲᠡᠯᠭᠡᠬᠦᠷ ᠲᠤ ᠰᠠᠭᠤᠵᠦ ᠪᠠᠶᠢᠭᠠᠳ ᠤᠩᠰᠢᠵᠦ ᠲᠠᠭᠤᠰᠬᠠᠭᠰᠠᠨ ᠪᠦᠭᠡᠳ ᠡᠮᠡᠭᠡ ᠶᠢᠨ ᠢᠶᠠᠨ ᠬᠡᠯᠡᠵᠦ ᠦᠭᠭᠦᠭᠰᠡᠨ | ᠦᠭᠡᠷ᠎ᠡ ᠪᠤᠰᠤᠳ ᠦᠯᠢᠭᠡᠷ ᠤᠨ ᠨᠤᠮ ᠤᠳ ᠢ ᠪᠠᠷᠤᠭ ᠪᠦᠬᠦᠨ ᠢ ᠬᠤᠳᠠᠯᠳᠤᠨ ᠠᠪᠤᠭᠰᠠᠨ ᠪᠠᠶᠢᠨ᠎ᠠ᠃ ᠪᠢ | ᠬᠡᠤᠬᠡᠨ ᠤ ᠪᠠᠨ ᠡᠶᠢᠨ ᠬᠦ ᠨᠤᠮ ᠳᠤ ᠬᠤᠷᠤᠬᠠᠢ ᠲᠠᠢ ᠪᠤᠯᠤᠭᠰᠠᠨ ᠢ ᠮᠡᠳᠡᠭᠰᠡᠨ ᠤ ᠲᠠᠷᠠᠭ᠎ᠠ᠂ ᠭᠠᠷᠠᠭ ᠪᠤᠯᠭᠠᠨ | ᠨᠤᠮ ᠤᠨ ᠲᠡᠯᠭᠡᠬᠦᠷ ᠲᠤ ᠲᠠᠭᠠᠭᠤᠯᠤᠨ ᠤᠴᠢᠳᠠᠭ ᠪᠤᠯᠪᠠ᠃ ᠨᠤᠮ ᠤᠨ ᠲᠡᠯᠭᠡᠬᠦᠷ ᠲᠤ ᠤᠴᠢᠬᠤ ᠳᠤ ᠪᠠᠨ ᠪᠢ | ᠬᠡᠤᠬᠡᠨ ᠳᠤ ᠪᠠᠨ ᠶᠠᠮᠠᠷ ᠨᠤᠮ ᠦᠵᠡᠬᠦ ᠶᠢ ᠵᠠᠬᠢᠳᠠᠭ ᠦᠭᠡᠢ ᠪᠦᠭᠡᠳ ᠬᠢᠲᠡᠳ ᠨᠤᠮ᠂ ᠮᠤᠩᠭᠤᠯ ᠨᠤᠮ ᠤᠨ | ᠠᠯᠢᠨ ᠢ ᠨᠢ ᠦᠵᠡᠭᠰᠡᠨ ᠴᠦ ᠤᠭᠲᠤ ᠬᠠᠮᠢᠶᠠᠷᠳᠠᠭ ᠦᠭᠡᠢ ᠶᠤᠮ᠃ ᠤᠳᠠᠭ᠎ᠠ ᠪᠤᠯᠭᠠᠨ ᠬᠤᠶᠠᠷ ᠴᠠᠭ ᠪᠤᠶᠤ ᠬᠠᠭᠠᠰ | ᠡᠳᠦᠷ ᠤᠨ ᠴᠠᠭ ᠭᠠᠷᠭᠠᠨ ᠲᠤᠷᠡᠲᠡᠢ ᠨᠤᠮ ᠢ ᠨᠢ ᠤᠩᠰᠢᠭᠤᠯᠵᠦ ᠪᠠᠷᠠᠭᠰᠠᠨ ᠤ ᠲᠠᠷᠠᠭ᠎ᠠ ᠭᠡᠷ ᠲᠤ ᠪᠠᠨ ᠬᠠᠷᠢᠳᠠᠭ᠃ | ᠢᠩᠭᠢᠵᠦ ᠡᠳᠦᠷ ᠬᠤᠨᠤᠭ ᠦᠷᠭᠦᠯᠵᠢᠯᠡᠬᠦ ᠶᠢ ᠲᠠᠭᠠᠯᠳᠤᠨ ᠬᠡᠤᠬᠡᠨ ᠤ ᠨᠤᠮ ᠦᠵᠡᠬᠦ ᠤᠷᠮ᠎ᠠ ᠪᠠᠬ᠎ᠠ ᠨᠢ ᠤᠯᠠᠮ | ᠨᠡᠮᠡᠭᠳᠡᠵᠦ᠂ ᠭᠠᠷᠠᠭ ᠤᠨ ᠡᠳᠦᠷ ᠪᠤᠯᠪᠠᠯ ᠦᠪᠡᠷ ᠢᠶᠠᠨ ᠨᠤᠮ ᠤᠨ ᠳᠡᠯᠭᠡᠭᠦᠷ ᠲᠤ ᠤᠴᠢᠬᠤ ᠶᠢ ᠭᠤᠶᠤᠴᠢᠯᠠᠳᠠᠭ | ᠪᠤᠯᠪᠠ᠃ ᠲᠡᠷᠡ ᠦᠶ᠎ᠡ ᠳᠤ ᠪᠢ ᠬᠡᠤᠬᠡᠨ ᠢᠶᠠᠨ ᠨᠤᠮ ᠤᠨ ᠲᠡᠯᠭᠡᠬᠦᠷ ᠲᠤ ᠬᠦᠷᠭᠡᠵᠦ ᠤᠴᠢᠪᠠᠯ ᠬᠦᠯᠢᠶᠡᠵᠦ | ᠰᠠᠭᠤᠳᠠᠭ ᠦᠭᠡᠢ ᠪᠤᠯᠤᠭᠰᠠᠨ ᠮᠦᠷᠲᠡᠭᠡᠨ᠂ ᠬᠡᠤᠬᠡᠨ ᠦᠪᠡᠷ ᠤᠨ ᠲᠤᠷ᠎ᠡ ᠪᠠᠷ ᠢᠶᠠᠨ ᠨᠤᠮ ᠢᠶᠠᠨ ᠤᠩᠰᠢᠵᠦ ᠪᠠᠷᠠᠪᠠᠯ | ᠦᠪᠡᠷᠲᠡᠭᠡᠨ ᠭᠡᠷ ᠲᠤ ᠪᠠᠨ ᠬᠠᠷᠢᠵᠦ ᠢᠷᠡᠳᠡᠭ ᠪᠤᠯᠪᠠ᠃ | ᠭᠤᠷᠪᠠ ᠳᠤ᠂ ᠲᠠᠰᠬᠠᠯ ᠢᠶᠠᠨ ᠴᠠᠭ ᠲᠤᠬᠠᠢ ᠳᠤ ᠨᠢ ᠬᠢᠭᠦ᠂ ᠰᠢᠯᠭᠠᠯᠳᠠ ᠶᠢᠨ ᠰᠡᠳᠥᠪ ᠢᠶᠠᠨ ᠠᠯᠢ | ᠠᠯᠢ ᠶᠢ ᠨᠢ ᠬᠢᠵᠥ ᠴᠢᠳᠠᠬᠤ ᠥᠭᠡᠢ ᠪᠠᠶᠢᠬᠤ ᠲᠤᠬᠠᠢ ᠵᠠᠳᠠᠯᠥᠨ ᠰᠢᠨᠵᠢᠯᠡᠵᠥ ᠬᠡᠯᠡᠵᠥ ᠦᠭᠬᠦ ᠶᠢ ᠬᠢᠴᠢᠶᠡᠳᠡᠭ | ᠪᠠᠶᠢᠵᠠᠢ᠃ ᠬᠡᠤᠬᠡᠨ ᠢ ᠰᠤᠷᠭᠠᠭᠤᠯᠢ ᠳᠤ ᠤᠷᠤᠭᠰᠠᠨ ᠠᠴᠠ ᠠᠪᠤᠭᠠᠳ ᠲᠤᠮᠲᠠᠳᠤ ᠰᠤᠷᠭᠠᠭᠤᠯᠢ ᠶᠢ ᠲᠡᠭᠦᠰᠬᠦ | ᠪᠤᠯᠲᠠᠯ᠎ᠠ᠂ ᠪᠢ ᠬᠡᠤᠬᠡᠨ ᠤ ᠠᠩᠭ᠍ᠯᠢ ᠬᠡᠯᠡᠨ ᠠᠴᠠ ᠪᠤᠰᠤᠳ ᠬᠢᠴᠢᠶᠡᠯ ᠲᠦᠷᠤᠯ ᠤᠨ ᠰᠢᠯᠭᠠᠯᠲᠠ ᠶᠢ ᠶᠡᠭᠡ ᠪᠠᠭ᠎ᠠ | ᠭᠡᠵᠦ ᠬᠠᠮᠢᠶᠠᠷᠬᠤ ᠦᠭᠡᠢ ᠯᠠᠪᠲᠠᠢ ᠬᠢᠨᠠᠨ ᠪᠠᠶᠢᠴᠠᠭᠠᠬᠤ ᠶᠢ ᠢᠮᠠᠭᠲᠠ ᠪᠠᠷᠢᠮᠳᠠᠯᠠᠳᠠᠭ᠃ ᠰᠡᠳᠤᠪ ᠢ ᠬᠢᠨᠠᠬᠤ ᠲᠤᠮᠲᠠ | ᠠᠯᠢ ᠰᠡᠳᠤᠪ ᠢ ᠬᠢᠵᠦ ᠴᠢᠳᠠᠭᠰᠠᠨ᠂ ᠠᠯᠢ ᠰᠡᠳᠤᠪ ᠢ ᠬᠢᠵᠦ ᠴᠢᠳᠠᠭᠰᠠᠨ ᠦᠭᠡᠢ ᠪᠤᠶᠤ ᠶᠠᠭᠠᠬᠢᠵᠦ ᠬᠢᠬᠦ ᠡᠰᠡᠭᠦᠯ᠎ᠡ | ᠦᠭᠡᠷ᠎ᠡ ᠶᠠᠮᠠᠷ ᠬᠢᠬᠦ ᠠᠷᠭ᠎ᠠ ᠪᠠᠶᠢᠬᠤ ᠲᠤᠬᠠᠢ ᠤᠯᠠᠨ ᠠᠷᠪᠢᠨ ᠶᠠᠷᠢᠯᠴᠠᠨ ᠵᠤᠭᠤᠭᠳᠠᠳᠠᠭ ᠪᠠᠶᠢᠪᠠ᠃ ᠡᠭᠦᠨ ᠢᠶᠠᠷ | ᠲᠠᠮᠵᠢᠨ ᠮᠢᠨᠤ ᠬᠡᠤᠬᠡᠨ ᠤ ᠤᠢ ᠤᠬᠠᠭᠠᠨ ᠳᠤ ᠰᠢᠯᠭᠠᠯᠲᠠ ᠭᠡᠳᠡᠭ ᠪᠤᠯ ᠲᠦᠢᠯ ᠤᠨ ᠴᠢᠬᠤᠯᠠ ᠭᠡᠰᠡᠨ ᠦᠵᠡᠯᠲᠡ | ᠪᠤᠢ ᠪᠤᠯᠵᠦ ᠪᠦᠷᠢᠯᠳᠦᠭᠰᠡᠨ ᠪᠠᠶᠢᠨ᠎ᠠ᠃ ᠡᠶᠢᠮᠦ ᠠᠴᠠ ᠬᠡᠤᠭᠡᠨ ᠮᠠᠨᠢ ᠰᠢᠯᠭᠠᠯᠲᠠ ᠪᠤᠯᠭᠠᠨ ᠢ ᠬᠦᠨᠳᠦᠳᠭᠡᠨ ᠦᠵᠡᠵᠦ | ᠬᠦᠩᠭᠡᠨ ᠬᠠᠭᠤᠳᠠᠮᠴᠢ ᠬᠠᠨᠳᠤᠳᠠᠭ ᠦᠭᠡᠢ ᠪᠤᠯᠪᠠ᠃ | ᠲᠦᠷᠪᠡ ᠳᠤ᠂ ᠭᠠᠳᠠᠭᠠᠳᠥ ᠤᠷᠴᠢᠨ ᠲᠠᠢ ᠬᠠᠷᠢᠯᠴᠠᠬᠤ ᠲᠠᠯ᠎ᠠ ᠪᠠᠷ ᠬᠢᠵᠠᠭᠠᠷᠯᠠᠳᠠᠭ ᠪᠠᠶᠢᠵᠠᠢ᠃ ᠪᠢ | ᠬᠡᠤᠭᠡᠨ ᠢᠶᠠᠨ ᠪᠠᠭ᠎ᠠ ᠠᠴᠠ ᠨᠢ ᠶᠡᠭᠡ ᠪᠠᠭ᠎ᠠ ᠨᠠᠶᠢᠷ ᠨᠠᠭᠠᠳᠤᠮ ᠪᠤᠶᠤ ᠬᠤᠭᠤᠯᠠᠨ ᠰᠢᠷᠡᠭᠡ ᠵᠡᠷᠭᠡ ᠤᠯᠠᠨ ᠨᠡᠶᠢᠳᠡ ᠶᠢᠨ | ᠲᠠᠯᠠᠪᠤᠷ ᠲᠤ ᠲᠠᠭᠠᠭᠤᠯᠵᠥ ᠤᠴᠢᠬᠤ ᠶᠢ ᠶᠡᠭᠡ ᠬᠢᠴᠢᠶᠡᠳᠡᠭ ᠪᠠᠶᠢᠪᠠ᠃ ᠤᠴᠢᠷ ᠨᠢ ᠬᠤᠭᠤᠯᠠᠨ ᠰᠢᠷᠡᠭᠡ ᠭᠡᠳᠡᠭ ᠪᠤᠯ | ᠤᠯᠠᠨ ᠵᠦᠢᠯ ᠤᠨ ᠬᠦᠮᠦᠰ ᠴᠤᠭᠯᠠᠷᠠᠨ ᠦᠪᠡᠷ ᠦᠪᠡᠷ ᠤᠨ ᠦᠵᠡᠯᠲᠡ ᠵᠤᠷᠢᠯᠲᠡ ᠪᠠᠨ ᠶᠠᠷᠢᠬᠤ ᠪᠤᠶᠤ ᠨᠠᠭᠠᠳᠤᠮ | ᠲᠤᠭᠯᠠᠭᠠᠮ ᠭᠠᠷᠭᠠᠳᠠᠭ ᠴᠢᠯᠦᠭᠡᠲᠡᠢ ᠤᠷᠴᠢᠨ ᠪᠠᠶᠢᠵᠦ᠂ ᠡᠨᠡ ᠰᠢᠷᠡᠭᠡᠨ ᠠᠴᠠ ᠡᠯᠳᠡᠪ ᠤᠨ ᠰᠤᠨᠢᠨ ᠰᠡᠪᠡᠭᠦᠨ᠂ ᠮᠠᠭᠤ | ᠮᠠᠭᠤᠬᠠᠢ ᠪᠤᠶᠤ ᠵᠦᠪ ᠪᠤᠷᠤᠭᠤ ᠶᠠᠮᠠᠷᠴᠦ ᠦᠭᠡ ᠶᠠᠷᠢᠶ᠎ᠠ ᠪᠦᠷ ᠭᠠᠷᠴᠦ ᠪᠤᠯᠳᠠᠭ᠃ ᠲᠡᠶᠢᠮᠤ ᠪᠤᠯᠬᠤᠷ ᠪᠠᠭ᠎ᠠ | ᠨᠠᠰᠤᠨ ᠤ ᠬᠡᠤᠬᠡᠳ ᠢ ᠡᠯᠳᠡᠪ ᠡᠰᠡᠨ ᠨᠠᠶᠢᠷ ᠨᠠᠭᠠᠳᠤᠮ ᠤᠨ ᠰᠢᠷᠡᠭᠡᠨ ᠳᠤ ᠲᠠᠭᠠᠭᠤᠯᠵᠦ ᠤᠴᠢᠬᠤ ᠨᠢ ᠵᠠᠷᠢᠮ ᠮᠠᠭᠤ | ᠮᠠᠭᠤᠬᠠᠢ ᠵᠦᠢᠯ ᠳᠤ ᠨᠦᠯᠦᠭᠡᠯᠡᠭᠳᠡᠬᠦ ᠪᠤᠶᠤ ᠨᠠᠵᠠᠭᠠᠢ ᠪᠤᠷᠤᠭᠤ ᠤᠶᠢᠯᠠᠭᠠᠯᠲᠠ ᠲᠠᠢ ᠪᠤᠯᠵᠦ ᠮᠡᠳᠡᠬᠦ ᠶᠤᠮ᠃ | ᠲᠠᠪᠤ ᠳᠤ᠂ ᠬᠡᠤᠬᠡᠨ ᠢᠶᠠᠨ ᠡᠳᠤᠷ ᠪᠦᠷᠢ ᠰᠤᠷᠤᠭᠰᠠᠨ ᠬᠢᠴᠢᠶᠡᠯ ᠲᠤᠷᠤᠯ ᠤᠨ ᠲᠤᠬᠠᠢ ᠶᠠᠷᠢᠭᠤᠯᠳᠠᠭ ᠪᠠᠶᠢᠵᠠᠢ᠃ | ᠪᠢ ᠭᠡᠤᠬᠡᠨ ᠢᠶᠠᠨ ᠰᠤᠷᠭᠠᠭᠤᠯᠢ ᠳᠤ ᠤᠷᠤᠭᠰᠠᠨ ᠲᠡᠷᠡ ᠴᠠᠭ ᠠᠴᠠ ᠨᠢ ᠡᠬᠢᠯᠡᠵᠥ ᠡᠳᠥᠷ ᠪᠥᠷᠢ | ᠰᠤᠷᠭᠠᠭᠤᠯᠢ ᠳᠤ ᠪᠠᠨ ᠶᠠᠭᠤ ᠰᠤᠷᠤᠭᠰᠠᠨ ᠲᠤᠬᠠᠢ ᠬᠡᠷ ᠲᠤ ᠪᠠᠨ ᠢᠷᠡᠪᠡᠯ ᠵᠠᠪᠠᠯ ᠶᠠᠷᠢᠭᠤᠯᠳᠠᠭ ᠪᠠᠶᠢᠭᠰᠠᠨ ᠶᠤᠮ᠃ | ᠵᠢᠱᠢᠶᠡᠯᠡᠪᠡᠯ᠂ ᠨᠢᠭᠡᠲᠦᠭᠡᠷ ᠬᠢᠴᠢᠶᠡᠯ ᠪᠤᠯ ᠲᠤᠭ᠎ᠠ ᠪᠤᠳᠤᠯᠭ᠎ᠠ ᠶᠢᠨ ᠬᠢᠴᠢᠶᠡᠯ᠂ ᠬᠤᠶᠠᠳᠤᠭᠠᠷ ᠬᠢᠴᠢᠶᠡᠯ ᠪᠤᠯ ᠬᠡᠯᠡ | ᠪᠢᠴᠢᠭ ᠤᠨ ᠬᠢᠴᠢᠶᠡᠯ ᠪᠠᠶᠢᠵᠦ᠂ ᠲᠤᠭᠠᠨ ᠤ ᠬᠢᠴᠢᠶᠡᠯ ᠳᠤ ᠶᠠᠭᠤ ᠶᠢ ᠰᠤᠷᠴᠦ ᠬᠡᠯᠡ ᠪᠢᠴᠢᠭ ᠤᠨ ᠬᠢᠴᠢᠶᠡᠯ ᠳᠤ | ᠶᠠᠭᠤ ᠶᠢ ᠰᠤᠷᠤᠭᠰᠠᠨ ᠲᠤᠬᠠᠢ ᠨᠠᠷᠢᠨ ᠨᠢᠭᠲᠠ ᠲᠠᠶᠢᠯᠪᠤᠷᠢᠯᠠᠨ ᠶᠠᠷᠢᠭᠤᠯᠳᠠᠭ ᠪᠠᠶᠢᠪᠠ᠃ ᠢᠩᠭᠢᠵᠥ ᠤᠷᠳᠤ | ᠬᠤᠭᠤᠴᠠᠭ᠎ᠠ ᠶᠠᠷᠢᠭᠤᠯᠬᠤ ᠪᠠᠷ ᠲᠠᠮᠵᠢᠭᠠᠳ ᠬᠡᠤᠭᠡᠨ ᠤ ᠰᠤᠷᠤᠯᠭ᠎ᠠ ᠶᠢᠨ ᠵᠠᠮ ᠳᠤ ᠬᠢᠴᠢᠶᠡᠯ ᠤᠨ ᠴᠠᠭ ᠲᠤ | ᠪᠠᠭᠰᠢ ᠶᠢᠨ ᠲᠠᠶᠢᠯᠪᠤᠷᠢᠯᠠᠬᠤ ᠶᠢ ᠵᠠᠪᠠᠯ ᠰᠡᠳᠭᠢᠯ ᠲᠠᠯᠪᠢᠨ ᠰᠤᠨᠤᠰᠬᠤ ᠬᠡᠷᠡᠭᠲᠡᠢ ᠭᠡᠰᠡᠨ ᠦᠵᠡᠯᠲᠡ ᠪᠤᠢ ᠪᠤᠯᠵᠦ | ᠪᠦᠷᠢᠯᠲᠦᠭᠰᠡᠨ ᠪᠠᠶᠢᠨ᠎ᠠ᠃ ᠡᠶᠢᠮᠦ ᠠᠴᠠ ᠬᠡᠵᠢᠶ᠎ᠡ ᠶᠠᠮᠠᠷ ᠰᠤᠷᠭᠠᠭᠤᠯᠢ ᠳᠤ ᠤᠷᠤᠭᠰᠠᠨ ᠴᠦ ᠲᠡᠷᠡ ᠮᠠᠨᠢ ᠪᠠᠭᠰᠢ ᠶᠢᠨ | ᠬᠢᠴᠢᠶᠡᠯ ᠢ ᠲᠦᠢᠯ ᠢᠶᠠᠷ ᠠᠩᠬᠠᠷᠤᠯ ᠲᠦᠪᠯᠡᠷᠡᠭᠦᠯᠦᠨ ᠰᠤᠨᠤᠰᠳᠠᠭ ᠪᠤᠯᠵᠦ᠂ ᠬᠢᠴᠢᠶᠡᠯ ᠲᠡᠭᠡᠷ᠎ᠡ ᠭᠠᠷᠴᠦ ᠢᠷᠡᠬᠦ ᠪᠤᠢ | ᠪᠦᠬᠦᠢ ᠮᠡᠳᠡᠯᠭᠡ ᠶᠢ ᠦᠨᠳᠦᠰᠦᠨ ᠳᠤ ᠪᠠᠨ ᠲᠡᠮᠡᠢ ᠠᠯᠳᠠᠳᠠᠭ ᠦᠭᠡᠢ ᠪᠠᠶᠢᠪᠠ᠃ ᠤᠴᠢᠷ ᠨᠢ᠂ ᠲᠡᠷᠡ ᠬᠢᠴᠢᠶᠡᠯ | ᠲᠡᠭᠡᠷᠡᠬᠢ ᠮᠡᠳᠡᠯᠭᠡ ᠶᠢ ᠲᠤᠬᠠᠢ ᠶᠢᠨ ᠴᠠᠭ ᠲᠤ ᠨᠢ ᠰᠢᠩᠭᠡᠭᠡᠵᠦ ᠴᠢᠳᠠᠳᠠᠭ ᠪᠤᠯᠴᠢᠬᠠᠭᠰᠠᠨ ᠪᠤᠯᠬᠤᠷ᠂ ᠬᠢᠴᠢᠶᠡᠯ ᠠᠴᠠ | ᠭᠠᠳᠠᠭᠤᠷ ᠲᠡᠮᠡᠢ ᠬᠦᠴᠦ ᠲᠡᠯᠪᠢᠨ ᠲᠠᠪᠲᠠᠬᠤ ᠦᠭᠡᠢ ᠪᠠᠶᠢᠭᠰᠠᠨ ᠴᠦ ᠰᠤᠷᠤᠯᠭ᠎ᠠ ᠶᠢᠨ ᠬᠢᠷᠢ ᠪᠦᠲᠦᠮᠵᠢ ᠨᠢ | ᠨᠠᠯᠢᠶᠡᠳ ᠲᠤᠭᠲᠠᠪᠤᠷᠢᠲᠡᠢ ᠪᠤᠯᠤᠭᠰᠠᠨ ᠲᠠᠢ ᠬᠤᠯᠪᠤᠭ᠎ᠠ ᠲᠠᠢ ᠭᠡᠵᠦ ᠦᠵᠡᠨ᠎ᠡ᠃ ᠭᠡᠤᠭᠡᠨ ᠮᠢᠨᠢ ᠲᠡᠭᠡᠳᠤ ᠲᠤᠮᠲᠠᠳᠤ | ᠲᠡᠭᠦᠰᠲᠡᠯ᠎ᠡ ᠬᠡᠵᠢᠶᠡᠲᠡ ᠦᠷᠯᠦᠭᠡ ᠲᠤᠯᠤᠭᠠᠨ ᠴᠠᠭ ᠲᠤ ᠪᠤᠰᠴᠦ᠂ ᠤᠷᠤᠢ ᠪᠠᠰᠠ ᠲᠡᠶᠢᠮᠦ ᠤᠷᠤᠢ ᠪᠤᠯᠳᠠᠭ ᠦᠭᠡᠢ᠂ | ᠤᠨᠲᠠᠬᠤ ᠴᠠᠭ ᠲᠤ ᠪᠠᠨ ᠤᠨᠲᠠᠳᠠᠭ ᠪᠠᠶᠢᠪᠠ᠃ | ︵ᠲᠥᠷᠪᠡ︶ ᠦᠷᠢᠰᠦᠯᠳᠦᠭᠡᠨ ᠤ ᠴᠢᠳᠠᠪᠥᠷᠢ ᠶᠢ ᠨᠢ ᠠᠯᠬᠤᠮ ᠠᠯᠬᠤᠮ ᠢᠶᠠᠷ ᠪᠠᠳᠠᠷᠠᠭᠤᠯᠤᠨ᠎ᠠ | ᠮᠢᠨᠤ ᠬᠡᠦᠬᠡᠨ ᠴᠢᠯᠠᠭᠤᠲᠦ ᠰᠤᠮᠤ ᠶᠢᠨ ᠭᠤᠤᠯ ᠪᠠᠭ᠎ᠠ ᠰᠤᠷᠭᠠᠭᠤᠯᠢ ᠳᠤ ᠪᠢᠴᠢᠭ ᠦᠵᠡᠵᠠᠢ᠃ | ᠰᠤᠷᠭᠠᠭᠤᠯᠢ ᠳᠤ ᠰᠠᠭᠤᠵᠦ ᠪᠢᠴᠢᠭ ᠦᠵᠡᠬᠦ ᠪᠤᠯᠤᠭᠰᠠᠨ ᠤ ᠲᠠᠷᠠᠭ᠎ᠠ ᠪᠢ ᠭᠡᠦᠭᠡᠨ ᠤ ᠪᠠᠨ ᠪᠡᠶ᠎ᠡ ᠲᠡᠭᠡᠷ᠎ᠡ ᠨᠢᠭᠡᠨ | ᠵᠦᠢᠯ ᠤᠨ ᠡᠮᠵᠡᠭ ᠲᠠᠯ᠎ᠠ ᠪᠠᠶᠢᠬᠤ ᠶᠢ ᠤᠯᠵᠦ ᠮᠡᠳᠡᠵᠡᠢ᠃ ᠲᠡᠷᠡ ᠨᠢ ᠶᠡᠭᠤ ᠪᠤᠢ ᠭᠡᠪᠡᠯ᠂ ᠨᠢᠭᠡ ᠶᠠᠭᠤᠮ᠎ᠠ ᠶᠢ | ᠰᠤᠷᠤᠭᠠᠳ ᠬᠦᠮᠦᠨ ᠤ ᠡᠮᠦᠨ᠎ᠡ ᠤᠷᠤᠴᠢᠬᠠᠪᠠᠯ ᠲᠡᠮᠡᠢ ᠶᠡᠭᠡ ᠴᠢᠷᠮᠠᠶᠢᠬᠤ ᠦᠭᠡᠢ ᠪᠠᠶᠢᠳᠠᠯ ᠢᠯᠡᠷᠡᠳᠡᠭ᠃ | ᠵᠢᠱᠢᠶᠡᠯᠡᠪᠡᠯ᠂ ᠠᠩᠭᠢ ᠳᠤ ᠪᠠᠨ ᠲᠦᠷᠦᠭᠦᠦ ᠨᠢᠭᠡ ᠬᠤᠶᠠᠷ ᠲᠤ ᠤᠷᠤᠪᠠᠯ ᠲᠡᠮᠡᠢ ᠶᠡᠭᠡ ᠴᠢᠷᠮᠠᠶᠢᠬᠤ ᠦᠭᠡᠢ᠂ | ᠤᠮᠤᠷᠬᠠᠭ ᠰᠠᠭᠰᠠᠭᠤ ᠵᠠᠩ ᠭᠠᠷᠭᠠᠳᠠᠭ᠃ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠤ ᠦᠶ᠎ᠡ ᠳᠤ ᠴᠢᠯᠠᠭᠤᠲᠤ | ᠭᠤᠤᠯ ᠪᠠᠭ᠎ᠠ ᠰᠤᠷᠭᠠᠭᠤᠯᠢ ᠶᠢᠨ ᠨᠢᠭᠡ ᠤᠨ ᠳᠤ ᠬᠤᠶᠠᠷ ᠠᠩᠭᠢ ᠲᠠᠢ ᠪᠤᠯᠤᠭᠰᠠᠨ ᠪᠢᠯᠡ᠃ ᠭᠡᠪᠡᠴᠦ ᠬᠡᠤᠬᠡᠨ ᠤ | ᠰᠤᠷᠤᠯᠭ᠎ᠠ ᠶᠢᠨ ᠬᠢᠷᠢ ᠪᠦᠲᠦᠮᠵᠢ ᠨᠢ ᠦᠨᠳᠦᠰᠦᠨ ᠳᠤ ᠪᠠᠨ ᠨᠡᠯᠢᠶᠡᠳ ᠰᠠᠶᠢᠨ ᠪᠠᠶᠢᠳᠠᠭ ᠠᠴᠠ ᠤᠮᠤᠷᠬᠠᠭ ᠵᠠᠩ | ᠭᠠᠷᠭᠠᠨ ᠲᠡᠮᠡᠢ ᠴᠢᠷᠮᠠᠶᠢᠨ ᠰᠤᠷᠤᠯᠴᠠᠳᠠᠭ ᠦᠭᠡᠢ ᠪᠤᠯᠪᠠ᠃ ᠡᠨᠡ ᠪᠠᠶᠢᠳᠠᠯ ᠢ ᠦᠵᠡᠵᠦ ᠭᠠᠷᠤᠭᠰᠠᠨ ᠤ ᠲᠠᠷᠠᠭ᠎ᠠ᠂ | ᠪᠢ ᠬᠡᠤᠬᠡᠨ ᠢᠶᠠᠨ ᠲᠦᠷᠪᠡᠲᠦᠭᠡᠷ ᠤᠨ ᠪᠤᠯᠬᠤ ᠳᠤ ᠭᠠᠨᠵᠤᠭ᠎ᠠ ᠳᠤ ᠬᠢ ᠮᠤᠩᠭᠤᠯ ᠦᠨᠳᠦᠰᠦᠲᠡᠨ ᠤ | ᠲᠤᠷᠰᠢᠯᠲᠠ ᠶᠢᠨ ᠪᠠᠭ᠎ᠠ ᠰᠤᠷᠭᠠᠭᠤᠯᠢ ᠳᠤ ᠬᠦᠷᠭᠡᠨ ᠰᠤᠷᠤᠯᠴᠠᠭᠤᠯᠤᠭᠰᠠᠨ ᠶᠤᠮ᠃ ᠲᠤᠰ ᠰᠤᠷᠭᠠᠭᠤᠯᠢ ᠨᠢ | ᠬᠤᠰᠢᠭᠤᠨ ᠤ ᠭᠤᠤᠯᠳᠠᠯᠭ᠎ᠠ ᠲᠠᠢ ᠰᠤᠷᠭᠠᠭᠤᠯᠢ ᠪᠤᠯᠤᠭᠰᠠᠨ ᠤ ᠬᠤᠪᠢ ᠳᠤ ᠰᠤᠷᠤᠭᠴᠢ ᠶᠢᠨ ᠲᠤᠭ᠎ᠠ ᠮᠠᠰᠢ ᠠᠷᠪᠢᠨ | ᠮᠦᠷᠲᠡᠭᠡᠨ ᠨᠢᠭᠡ ᠠᠩᠭᠢ ᠳᠤ ᠵᠢᠷᠠ ᠭᠠᠷᠤᠢ ᠬᠦᠮᠦᠨ ᠲᠠᠢ᠂ ᠨᠢᠭᠡ ᠤᠨ ᠳᠤ ᠠᠷᠪᠠᠭᠠᠳ ᠠᠩᠭᠢ ᠲᠠᠢ ᠪᠠᠶᠢᠪᠠ᠃ | ᠡᠨᠡ ᠦᠶᠡᠰ ᠬᠡᠤᠬᠡᠨ ᠤ ᠬᠢᠷᠢ ᠪᠦᠲᠦᠮᠵᠢ ᠨᠢ ᠲᠡᠮᠡᠢ ᠰᠠᠶᠢᠨ ᠪᠢᠰᠢ ᠮᠦᠷᠲᠡᠭᠡᠨ ᠭᠤᠴᠢ ᠪᠤᠶᠤ ᠳᠥᠴᠢ ᠳ᠋ᠤᠭᠠᠷ ᠲᠤ | ᠰᠢᠯᠭᠠᠬᠤ ᠪᠤᠯᠪᠠ᠃ ᠡᠶᠢᠨ ᠬᠦ ᠪᠠᠶᠢᠳᠠᠯ ᠲᠤᠤᠷ᠎ᠡ ᠬᠡᠤᠬᠡᠨ ᠤ ᠤᠮᠤᠷᠬᠠᠭ ᠰᠠᠭᠰᠠᠭᠤ ᠵᠠᠩ ᠨᠢ ᠵᠢᠭᠠᠬᠠᠨ ᠪᠠᠭᠤᠷᠠᠵᠦ | ᠴᠢᠷᠮᠠᠶᠢᠨ ᠰᠤᠷᠤᠯᠴᠠᠬᠤ ᠪᠤᠯᠵᠦ᠂ ᠪᠠᠭ᠎ᠠ ᠰᠤᠷᠭᠠᠭᠤᠯᠢ ᠲᠡᠭᠦᠰᠬᠦ ᠰᠢᠯᠭᠠᠯᠲᠠ ᠳᠤ ᠪᠦᠬᠦ ᠬᠤᠰᠢᠭᠤᠨ ᠳᠤ | ᠬᠤᠶᠠᠳᠤᠭᠠᠷ ᠲᠤ ᠰᠢᠯᠭᠠᠵᠦ᠂ ᠭᠠᠨᠵᠤᠭ᠎ᠠ ᠳᠤ ᠬᠢ ᠮᠤᠩᠭᠤᠯ ᠦᠨᠳᠦᠰᠦᠲᠡᠨ ᠤ ᠲᠤᠮᠲᠠᠳᠤ ᠰᠤᠷᠭᠠᠭᠤᠯᠢ ᠳᠤ | ᠰᠢᠯᠭᠠᠨ ᠤᠷᠤᠭᠰᠠᠨ ᠶᠤᠮ᠃ ᠠᠩᠬ᠎ᠠ ᠲᠤᠮᠲᠠᠳᠤ ᠶᠢᠨ ᠨᠢᠭᠡᠳᠦᠭᠡᠷ ᠤᠨ ᠳᠤ ᠦᠨᠳᠦᠰᠦᠨ ᠳᠤ ᠪᠠᠨ ᠲᠦᠷᠦᠬᠦᠦ | ᠰᠢᠯᠭᠠᠬᠤ ᠪᠤᠯᠵᠦ ᠤᠮᠤᠷᠬᠠᠭ ᠰᠠᠭᠰᠠᠭᠤ ᠵᠠᠩ ᠨᠢ ᠪᠠᠰᠠᠯᠠ ᠢᠯᠡᠷᠡᠭᠰᠡᠨ ᠪᠠᠶᠢᠪᠠ᠃ ᠡᠨᠡ ᠪᠠᠶᠢᠳᠠᠯ ᠳᠤ ᠴᠢᠭᠯᠡᠭᠦᠯᠦᠨ | ᠪᠢ ᠬᠡᠤᠬᠡᠨ ᠢᠶᠠᠨ ᠠᠩᠬ᠎ᠠ ᠲᠤᠮᠲᠠᠳᠤ ᠶᠢᠨ ᠬᠤᠶᠠᠳᠤᠭᠠᠷ ᠤᠨ ᠪᠤᠯᠬᠤ ᠳᠤ ᠲᠦᠩᠯᠢᠶᠤᠤ ᠬᠤᠲᠠ ᠶᠢᠨ ᠮᠤᠩᠭᠤᠯ | ᠦᠨᠳᠦᠰᠦᠲᠡᠨ ᠤ ᠰᠤᠷᠭᠠᠭᠤᠯᠢ ᠳᠤ ᠰᠢᠯᠵᠢᠭᠦᠯᠦᠨ ᠰᠤᠷᠤᠯᠴᠠᠭᠤᠯᠪᠠ᠃ ᠡᠨᠡ ᠦᠶᠡᠰ ᠬᠡᠤᠬᠡᠨ ᠤ ᠬᠢᠷᠢ | ᠪᠦᠲᠦᠮᠵᠢ ᠨᠢ ᠲᠡᠶᠢᠮᠦ ᠰᠠᠶᠢᠨ ᠪᠢᠰᠢ ᠶᠢᠨ ᠲᠡᠭᠡᠷ᠎ᠡ ᠬᠦᠮᠦᠨ ᠠᠴᠠ ᠬᠤᠵᠢᠭᠳᠠᠬᠤ ᠪᠠᠶᠢᠳᠠᠯ ᠲᠠᠢ ᠪᠤᠯᠪᠠ᠃ ᠲᠡᠭᠡᠲᠡᠯ᠎ᠡ | ᠬᠡᠤᠬᠡᠨ ᠵᠢᠭᠠᠬᠠᠨ ᠰᠠᠨᠲᠤᠷᠬᠤ ᠪᠠᠶᠢᠳᠠᠯ ᠲᠠᠢ ᠪᠤᠯᠵᠦ᠂ ᠰᠤᠷᠤᠯᠭ᠎ᠠ ᠳᠤ ᠪᠠᠨ ᠵᠤᠷᠢᠭ ᠰᠢᠭᠤᠳᠤᠨ ᠰᠢᠮᠲᠠᠨ | ᠰᠤᠷᠤᠯᠴᠠᠵᠦ ᠡᠬᠢᠯᠡᠭᠰᠡᠨ ᠪᠢᠯᠡ᠃ ᠡᠨᠡ ᠮᠡᠲᠦ ᠪᠠᠷ ᠪᠢ ᠬᠡᠤᠬᠡᠨ ᠢᠶᠠᠨ ᠨᠠᠷᠢᠨ ᠠᠵᠢᠭᠯᠠᠵᠦ᠂ ᠤᠷ᠎ᠠ | ᠴᠢᠳᠠᠪᠤᠷᠢ ᠶᠢ ᠨᠢ ᠪᠠᠳᠠᠷᠠᠭᠤᠯᠬᠤ ᠲᠠᠶᠢᠰᠠ ᠶᠢ ᠨᠢ ᠤᠳᠠᠭ᠎ᠠ ᠪᠤᠯᠭᠠᠨ ᠪᠦᠷᠢᠯᠳᠦᠭᠦᠯᠦᠨ ᠦᠭᠴᠦ ᠪᠠᠶᠢᠭᠰᠠᠨ ᠶᠤᠮ᠃ | ᠡᠬᠦᠨ ᠢᠶᠠᠷ ᠲᠠᠮᠵᠢᠨ ᠬᠡᠤᠬᠡᠨ ᠤ ᠰᠢᠨ᠎ᠡ ᠤᠷᠴᠢᠨ ᠲᠤᠭᠤᠷᠢᠨ ᠳᠤ ᠲᠠᠳᠬᠤ ᠪᠤᠶᠤ ᠪᠡᠶ᠎ᠡ ᠪᠠᠨ ᠲᠠᠭᠠᠭᠠᠵᠥ | ᠰᠤᠷᠤᠯᠴᠠᠬᠤ ᠴᠢᠳᠠᠪᠥᠷᠢ ᠨᠢ ᠲᠡᠭᠡᠭᠰᠢᠯᠡᠵᠥ᠂ ᠦᠷᠢᠰᠦᠯᠳᠦᠭᠡᠨ ᠤ ᠲᠤᠮᠲᠠ ᠦᠪᠡᠷ ᠢ ᠪᠠᠨ ᠢᠯᠡᠵᠦ ᠴᠢᠳᠠᠬᠤ ᠪᠤᠯᠵᠦ | ᠬᠦᠮᠦᠵᠢᠭᠳᠡᠭᠰᠡᠨ ᠪᠠᠶᠢᠨ᠎ᠠ᠃ | ︵ᠲᠠᠪᠤ︶ ᠰᠤᠷᠤᠯᠴᠠᠬᠤ ᠬᠡᠯᠪᠡᠷᠢ ᠶᠢ ᠤᠯᠠᠨ ᠵᠥᠢᠯ ᠤᠨ ᠪᠠᠶᠢᠯᠭᠠᠵᠥ᠂ ᠡᠯ᠎ᠡ ᠵᠥᠢᠯ ᠤᠨ ᠬᠡᠯᠪᠡᠷᠢ ᠪᠠᠷ | ᠰᠤᠷᠤᠯᠴᠠᠬᠤ ᠶᠢ ᠵᠤᠷᠢᠬᠵᠢᠭᠤᠯᠤᠭᠰᠠᠨ | ᠪᠢ ᠬᠡᠤᠬᠡᠨ ᠢᠶᠠᠨ ᠲᠠᠰᠬᠠᠯ ᠢᠶᠠᠨ ᠵᠠᠪᠠᠯ ᠵᠥᠪ ᠬᠢᠵᠦ ᠲᠠᠭᠤᠰᠬᠠᠬᠤ ᠶᠢ ᠤᠨᠴᠠ ᠱᠠᠭᠠᠷᠳᠠᠳᠠᠭ᠃ ᠭᠡᠪᠡᠴᠦ | ᠬᠡᠷ ᠤᠨ ᠲᠠᠰᠬᠠᠯ ᠢ ᠬᠢᠯᠭᠡᠭᠦ ᠳᠤ ᠪᠠᠨ ᠵᠠᠪᠠᠯ ᠰᠠᠨᠳᠠᠯᠢ ᠲᠡᠭᠡᠷ᠎ᠡ ᠲᠥᠪ ᠰᠠᠭᠤᠵᠥ᠂ ᠰᠢᠷᠡᠭᠡᠨ ᠲᠡᠭᠡᠷ᠎ᠡ | ᠰᠤᠷᠤᠯᠴᠠᠬᠤ ᠶᠢ ᠠᠯᠪᠠᠳᠠᠨ ᠱᠠᠭᠠᠷᠳᠠᠳᠠᠭ ᠦᠭᠡᠢ ᠪᠠᠶᠢᠵᠦ᠂ ᠬᠡᠪᠳᠡᠵᠥ ᠪᠠᠶᠢᠭᠠᠳ ᠬᠢᠭᠰᠡᠨ ᠴᠦ ᠪᠤᠯᠤᠨ᠎ᠠ᠂ | ᠠᠯᠬᠤᠵᠦ ᠪᠠᠶᠢᠭᠠᠳ ᠬᠢᠭᠰᠡᠨ ᠴᠦ ᠪᠤᠯᠤᠨ᠎ᠠ᠂ ᠢᠲᠡᠵᠦ ᠪᠠᠶᠢᠭᠠᠳ ᠬᠢᠭᠰᠡᠨ ᠴᠦ ᠪᠥᠷ ᠪᠤᠯᠥᠨ᠎ᠡ ᠭᠡᠵᠦ | ᠵᠦᠪᠰᠢᠶᠡᠷᠡᠳᠡᠭ ᠪᠠᠶᠢᠵᠠᠢ᠃ ᠨᠢᠭᠡ ᠡᠳᠦᠷ ᠰᠤᠷᠭᠠᠭᠤᠯᠢ ᠳᠤ ᠲᠦᠪ ᠰᠠᠭᠤᠵᠦ᠂ ᠰᠢᠷᠡᠭᠡ ᠰᠠᠨᠳᠠᠯᠢ ᠲᠠᠢ ᠨᠤᠴᠤᠯᠳᠤᠨ | ᠶᠠᠳᠠᠷᠠᠭᠠᠳ ᠢᠷᠡᠭᠰᠡᠨ ᠬᠡᠤᠬᠡᠳ ᠢ ᠭᠡᠷ ᠲᠤ ᠪᠠᠨ ᠬᠠᠷᠢᠪᠠᠯ ᠪᠠᠰᠠᠯᠠ ᠰᠤᠷᠭᠠᠭᠤᠯᠢ ᠲᠠᠢ ᠠᠳᠠᠯᠢ ᠮᠠᠶ᠋ᠢᠭ ᠢᠶᠠᠷ ᠰᠠᠨᠳᠠᠯᠢ | ᠲᠡᠭᠡᠷ᠎ᠡ ᠲᠦᠪ ᠰᠠᠭᠤᠯᠭᠠᠵᠦ᠂ ᠲᠠᠰᠬᠠᠯ ᠬᠢᠯᠭᠡᠬᠦ ᠶᠢ ᠱᠠᠭᠠᠷᠳᠠᠬᠤ ᠨᠢ ᠬᠡᠤᠬᠡᠳ ᠲᠤ ᠶᠡᠭᠡ ᠶᠠᠳᠠᠷᠠᠯ ᠲᠠᠢ | ᠰᠠᠨᠠᠭᠳᠠᠳᠠᠭ᠃ ᠦᠨᠡᠨ ᠢ ᠬᠡᠯᠡᠬᠦ ᠳᠤ ᠡᠲᠦᠷ ᠲᠤᠵᠢ ᠠᠵᠢᠯᠯᠠᠭᠠᠳ ᠶᠠᠳᠠᠷᠠᠵᠦ ᠢᠷᠡᠭᠰᠡᠨ ᠶᠡᠭᠡ ᠬᠦᠮᠦᠨ ᠳᠤ ᠠᠪᠴᠦ | ᠬᠡᠯᠡᠭᠰᠡᠨ ᠴᠦ ᠠᠳᠠᠯᠢᠬᠠᠨ ᠲᠦᠷᠦᠭᠳᠡᠯ ᠲᠠᠢ ᠪᠠᠶᠢᠳᠠᠭ ᠠᠴᠠ ᠵᠢᠭᠠᠬᠠᠨ ᠰᠤᠯᠠ ᠰᠡᠯᠡᠬᠦᠦ ᠮᠦᠷᠲᠡᠭᠡᠨ ᠴᠢᠯᠦᠭᠡᠲᠡᠢ | ᠪᠠᠶᠢᠬᠤ ᠶᠢ ᠬᠦᠰᠡᠳᠡᠭ ᠶᠤᠮ᠃ ᠢᠩᠭᠢᠵᠥ ᠤᠯᠠᠨ ᠵᠥᠢᠯ ᠤᠨ ᠬᠡᠯᠪᠡᠷᠢ ᠪᠠᠷ ᠴᠢᠯᠦᠭᠡᠲᠡᠢ ᠰᠤᠷᠤᠯᠴᠠᠭᠤᠯᠬᠤ ᠨᠢ | ᠬᠡᠤᠭᠡᠳ ᠤᠨ ᠲᠠᠰᠬᠠᠯ ᠬᠢᠭᠦ ᠠᠴᠠ ᠠᠶᠤᠬᠤ᠂ ᠠᠯᠵᠠᠭᠤᠷᠠᠬᠤ ᠵᠡᠷᠭᠡ ᠨᠠᠵᠠᠭᠠᠢ ᠬᠡᠪ ᠰᠤᠷᠳᠠᠯ ᠲᠠᠢ ᠪᠤᠯᠬᠤ ᠠᠴᠠ | ᠵᠠᠶᠢᠯᠠᠰᠭᠢᠵᠦ ᠴᠢᠳᠠᠨ᠎ᠠ ᠬᠡᠵᠥ ᠥᠵᠡᠵᠥ ᠪᠤᠢ᠃ | ︵ᠵᠢᠷᠭᠤᠭ᠎ᠠ︶ ᠰᠤᠷᠤᠯᠭ᠎ᠠ ᠶᠢᠨ ᠠᠰᠠᠭᠤᠳᠠᠯ ᠳᠤ ᠬᠡᠤᠭᠡᠳ ᠲᠤ ᠥᠪᠡᠷ ᠤᠨ ᠬᠡᠰᠡᠨ ᠡᠷᠭᠡ ᠶᠢ ᠨᠢ ᠦᠭᠴᠦ᠂ | ᠥᠪᠡᠷ ᠤᠨ ᠪᠡᠶ᠎ᠡ ᠪᠠᠨ ᠲᠠᠭᠠᠭᠠᠬᠤ ᠴᠢᠳᠠᠪᠥᠷᠢ ᠶᠢ ᠬᠦᠮᠦᠵᠢᠭᠦᠯᠦᠭᠰᠡᠨ | ᠡᠨᠡ ᠲᠤᠬᠠᠢ ᠨᠤᠮ ᠤᠩᠰᠢᠬᠤ ᠪᠠᠷ ᠵᠢᠱᠢᠶᠡᠯᠡᠬᠦ ᠳᠤ᠂ ᠤᠯᠠᠩᠭᠢ ᠭᠡᠷ ᠤᠨ ᠠᠬᠠᠮᠠᠳ ᠬᠡᠤᠬᠡᠳ ᠤᠨ ᠢᠶᠠᠨ | ᠲᠤᠷ᠎ᠡ ᠲᠠᠢ ᠡᠰᠡᠭᠦ ᠶᠢ ᠬᠠᠮᠢᠶᠠᠷᠬᠤ ᠦᠭᠡᠢ ᠦᠪᠡᠷ ᠢᠶᠠᠨ ᠲᠦᠯᠦᠪᠯᠡᠭᠡ ᠲᠤᠭᠲᠠᠭᠠᠨ ᠬᠡᠤᠬᠡᠳ ᠢᠶᠠᠨ ᠠᠯᠪᠠᠳᠠᠯᠭ᠎ᠠ ᠪᠠᠷ | ᠤᠩᠰᠢᠭᠤᠯᠬᠤ ᠶᠢ ᠱᠠᠭᠠᠷᠳᠠᠳᠠᠭ᠃ ᠪᠢ ᠪᠤᠯ ᠬᠡᠤᠬᠡᠳ ᠦᠪᠡᠷ ᠤᠨ ᠲᠤᠷ᠎ᠡ ᠲᠠᠢ ᠮᠦᠷᠲᠡᠭᠡᠨ ᠡᠷᠡᠭᠦᠯ ᠰᠠᠷᠠᠭᠤᠯ | ᠠᠭᠤᠯᠭ᠎ᠠ ᠲᠠᠢ ᠨᠤᠮ ᠪᠤᠯᠪᠠᠯ ᠶᠠᠭᠤ ᠶᠢ ᠤᠩᠰᠢᠭᠰᠠᠨ ᠴᠦ ᠪᠦᠷ ᠪᠤᠯᠤᠨ᠎ᠠ ᠭᠡᠵᠦ ᠦᠵᠡᠳᠡᠭ᠃ ᠡᠪᠤᠯ ᠤᠨ | ᠠᠮᠠᠷᠠᠯᠲᠠ ᠳᠤ ᠵᠠᠪᠠᠯ ᠨᠢᠭᠡ ᠡᠳᠦᠷ ᠲᠤ ᠲᠦᠷᠪᠡᠨ ᠴᠠᠭ ᠭᠠᠷᠭᠠᠵᠦ ᠲᠠᠰᠬᠠᠯ ᠢᠶᠠᠨ ᠬᠢᠬᠦ ᠪᠤᠶᠤ ᠦᠪᠡᠷ ᠢᠶᠠᠨ | ᠰᠤᠷᠤᠯᠴᠠᠬᠤ ᠶᠢ ᠪᠠᠷᠢᠮᠳᠠᠯᠠᠳᠠᠭ ᠪᠠᠶᠢᠪᠠ᠃ ᠲᠠᠰᠬᠠᠯ ᠬᠢᠬᠦ ᠳᠤ ᠪᠠᠭᠰᠢ ᠶᠢᠨ ᠢᠶᠠᠨ ᠲᠡᠷᠭᠡᠲᠡ ᠤᠴᠢᠬᠤ ᠪᠤᠶᠤ | ᠡᠰᠡᠭᠦᠯ᠎ᠡ ᠦᠭᠡᠷ᠎ᠡ ᠪᠠᠭᠰᠢ ᠶᠢ ᠡᠷᠢᠨ ᠲᠠᠰᠬᠠᠯ ᠢᠶᠠᠨ ᠵᠢᠯᠤᠭᠤᠳᠤᠭᠤᠯᠤᠨ ᠬᠢᠵᠦ ᠪᠤᠯᠬᠤ ᠶᠢ ᠵᠦᠪᠰᠢᠶᠡᠷᠡᠳᠡᠭ᠃ | ᠡᠶᠢᠮᠦ ᠠᠴᠠ ᠬᠡᠤᠬᠡᠨ ᠠᠮᠠᠷᠠᠯᠲᠠ ᠲᠠᠯᠪᠢᠭᠠᠳ ᠢᠷᠡᠬᠦ ᠳᠤ ᠪᠠᠨ ᠶᠠᠭᠤ ᠬᠢᠬᠦ᠂ ᠠᠯᠢ ᠪᠠᠭᠰᠢ ᠶᠢ ᠡᠷᠢᠵᠦ ᠶᠠᠮᠠᠷ | ᠬᠢᠴᠢᠶᠡᠯ ᠢᠶᠠᠨ ᠵᠢᠯᠤᠭᠤᠳᠤᠭᠤᠯᠬᠤ ᠭᠡᠳᠡᠭ ᠢᠶᠠᠨ ᠨᠠᠷᠢᠨ ᠲᠦᠯᠦᠪᠯᠡᠭᠡᠳ ᠢᠷᠡᠳᠡᠭ ᠪᠠᠶᠢᠪᠠ᠃ ᠡᠨᠡ ᠦᠶ᠎ᠡ ᠳᠤ ᠪᠢ | ᠵᠦᠪᠬᠡᠨ ᠪᠠᠭᠰᠢ ᠶᠢ ᠨᠢ ᠡᠷᠢᠵᠦ ᠦᠭᠬᠦ ᠠᠴᠠ ᠦᠭᠡᠷ᠎ᠡ ᠶᠠᠭᠤ ᠶᠢ ᠶᠠᠭᠠᠬᠢᠵᠦ ᠬᠢᠬᠦ ᠲᠤᠬᠠᠢ ᠲᠦᠯᠦᠪᠯᠡᠨ ᠲᠤᠭᠲᠠᠭᠠᠬᠤ | ᠪᠤᠶᠤ ᠤᠭᠲᠤ ᠶᠠᠷᠢᠵᠦ ᠶᠠᠩᠰᠢᠳᠠᠭ ᠦᠭᠡᠢ᠃ ᠠᠮᠠᠷᠠᠯᠲᠠ ᠶᠢᠨ ᠬᠤᠭᠤᠴᠠᠭᠠᠨ ᠤ ᠭᠤᠴᠢᠨ ᠡᠳᠦᠷ ᠠᠴᠠ ᠦᠭᠡᠷ᠎ᠡ | ᠴᠠᠭ ᠢ ᠬᠡᠤᠬᠡᠨ ᠦᠪᠡᠷ ᠢᠶᠠᠨ ᠴᠤᠬᠤᠮ ᠶᠠᠭᠤ ᠬᠢᠵᠦ᠂ ᠥᠪᠡᠷ ᠤᠨ ᠬᠡᠷᠡᠭ ᠢᠶᠠᠨ ᠥᠪᠡᠷ ᠲᠤ ᠪᠠᠨ ᠬᠡᠷᠬᠢᠨ | ᠰᠢᠢᠳᠪᠥᠷᠢᠯᠡᠭᠦ᠂ ᠶᠠᠭᠠᠬᠢᠵᠦ ᠲᠤᠬᠢᠷᠠᠭᠤᠯᠳᠠᠭ ᠢ ᠬᠠᠮᠢᠶᠠᠷᠳᠠᠭ ᠦᠭᠡᠢ ᠮᠦᠷᠲᠡᠭᠡᠨ ᠭᠤᠤᠯ ᠡᠷᠬᠡ ᠶᠢ ᠬᠡᠤᠭᠡᠳ ᠲᠤ | ᠦᠭᠳᠡᠭ ᠪᠢᠯᠡ᠃ ᠢᠩᠭᠢᠵᠦ ᠬᠢᠬᠦ ᠨᠢ ᠬᠡᠤᠬᠡᠳ ᠤᠨ ᠪᠡᠶ᠎ᠡ ᠪᠠᠨ ᠲᠠᠭᠠᠭᠠᠬᠤ ᠴᠢᠳᠠᠪᠤᠷᠢ ᠶᠢ ᠬᠦᠮᠦᠵᠢᠬᠦᠯᠬᠦ ᠳᠤ | ᠠᠰᠢᠭᠲᠠᠢ ᠭᠡᠵᠦ ᠦᠵᠡᠳᠡᠭ᠃ | ︵ᠲᠤᠯᠤᠭ᠎ᠠ︶ ᠬᠥᠮᠥᠨ ᠤ ᠨᠢᠭᠡ ᠨᠠᠰᠥᠨ ᠳᠤ ᠰᠤᠷᠤᠯᠴᠠᠯᠭ᠎ᠠ ᠪᠤᠯ ᠬᠠᠮᠤᠭ ᠤᠨ ᠴᠢᠬᠤᠯᠨ ᠶᠠᠪᠤᠳᠠᠯ ᠭᠡᠵᠦ | ᠵᠠᠬᠢᠳᠠᠭ | ᠪᠢ ᠬᠡᠤᠬᠡᠨ ᠳᠤ ᠪᠠᠨ ᠬᠦᠮᠦᠨ ᠤ ᠨᠢᠭᠡ ᠨᠠᠰᠤᠨ ᠳᠤ ᠰᠤᠷᠤᠯᠴᠠᠯᠭ᠎ᠠ ᠪᠤᠯ ᠬᠠᠮᠤᠭ ᠠᠴᠠ ᠴᠢᠬᠤᠯᠠ ᠵᠦᠢᠯ | ᠭᠡᠵᠦ ᠶᠠᠷᠢᠳᠠᠭ ᠪᠠᠶᠢᠪᠠ᠃ ᠨᠢᠯᠬ᠎ᠠ ᠪᠠᠭ᠎ᠠ ᠪᠠᠶᠢᠭᠰᠠᠨ ᠴᠦ ᠲᠡᠷᠡ᠂ ᠤᠷᠠᠢ ᠵᠠᠯᠠᠭᠤ ᠪᠤᠶᠤ ᠦᠲᠡᠯᠦᠭᠡ ᠨᠠᠰᠤᠯᠠᠭᠰᠠᠨ | ᠴᠦ ᠲᠡᠷᠡ᠂ ᠬᠦᠮᠦᠨ ᠬᠡᠵᠢᠶᠡᠲᠡ ᠰᠤᠷᠤᠯᠴᠠᠯᠭ᠎ᠠ ᠠᠴᠠ ᠰᠠᠯᠵᠥ ᠪᠤᠯᠬᠤ ᠥᠭᠡᠢ᠃ ᠰᠤᠷᠤᠯᠴᠠᠯᠭ᠎ᠠ ᠪᠤᠯ ᠬᠥᠮᠥᠨ ᠤ | ᠨᠢᠭᠡ ᠨᠠᠰᠥᠨ ᠤ ᠬᠠᠮᠤᠭ ᠤᠨ ᠴᠢᠬᠤᠯᠨ ᠵᠥᠢᠯ ᠮᠥᠨ ᠬᠡᠳᠡᠭ ᠢ ᠨᠠᠷᠢᠨ ᠨᠢᠠᠠᠳᠠ ᠲᠠᠶᠢᠯᠪᠤᠷᠢᠯᠠᠨ ᠶᠠᠷᠢᠵᠦ᠂ ᠥᠵᠡᠯ | ᠰᠠᠨᠠᠭᠠᠨ ᠤ ᠬᠥᠮᠥᠵᠢᠯ ᠢ ᠰᠠᠶᠢᠨ ᠬᠢᠭᠦ ᠶᠢ ᠠᠩᠬᠠᠷᠤᠨ ᠵᠢᠯᠤᠭᠤᠳᠤᠭᠰᠠᠨ ᠪᠠᠶᠢᠨ᠎ᠠ᠃ ᠶᠠᠮᠠᠷ ᠤᠷᠴᠢᠨ ᠲᠤᠭᠤᠷᠢᠨ | ᠳᠤ᠂ ᠶᠠᠮᠠᠷ ᠬᠡᠮᠵᠢᠶ᠎ᠡ ᠪᠤᠶᠤ ᠶᠠᠮᠠᠷ ᠬᠦᠴᠢᠷ ᠵᠤᠪᠠᠭᠤᠷᠢ ᠲᠠᠢ ᠪᠠᠶᠢᠭᠰᠠᠨ ᠴᠦ ᠰᠤᠷᠤᠯᠴᠠᠬᠤ ᠬᠡᠷᠡᠭᠲᠡᠢ ᠭᠡᠰᠡᠨ ᠢ | ᠬᠦᠨᠳᠦᠳᠭᠡᠨ ᠦᠵᠡᠳᠡᠭ ᠪᠠᠶᠢᠪᠠ᠃ ᠵᠢᠱᠢᠶᠡᠯᠡᠪᠡᠯ᠂ ᠵᠢᠷᠭᠤᠳᠤᠭᠠᠷ ᠤᠨ ᠲᠡᠭᠦᠰᠬᠦ ᠠᠴᠠ ᠡᠮᠦᠨ᠎ᠡ ᠨᠢᠭᠡ ᠰᠠᠷ᠎ᠡ ᠶᠢᠨ | ᠦᠶ᠎ᠡ ᠳᠤ ᠭᠠᠩᠭᠠᠩ ᠡᠪᠡᠳᠴᠢᠯᠡᠨ ᠱᠧᠨᠶᠠᠩ ᠬᠤᠲᠠᠨ ᠳᠤ ᠤᠴᠢᠵᠦ ᠮᠡᠰᠡ ᠵᠠᠰᠠᠯ ᠬᠢᠯᠭᠡᠬᠦ ᠴᠢᠬᠤᠯᠠ ᠲᠠᠢ ᠪᠤᠯᠪᠠ᠃ | ᠢᠩᠭᠢᠭᠡᠳ ᠮᠡᠰᠡ ᠵᠠᠰᠠᠯ ᠬᠢᠯᠭᠡᠬᠦ ᠪᠠᠷ ᠶᠠᠪᠤᠬᠤ ᠠᠴᠠ ᠡᠮᠦᠨ᠎ᠡ ᠬᠡᠦᠬᠡᠨ ᠠᠩᠭᠢ ᠶᠢᠨ ᠪᠠᠭᠰᠢ ᠲᠠᠢ ᠪᠠᠨ ᠠᠭᠤᠯᠵᠠᠨ᠂ | ᠲᠠᠰᠬᠠᠯ ᠪᠤᠶᠤ ᠪᠤᠯᠪᠠᠰᠤᠷᠠᠯ ᠵᠢᠴᠢ ᠦᠪᠡᠷ ᠤᠨ ᠨᠤᠮ ᠲᠡᠪᠲᠡᠷ ᠢᠶᠠᠨ ᠡᠮᠨᠡᠯᠭᠡ ᠳᠤ ᠠᠪᠤᠭᠠᠳ ᠶᠠᠪᠤᠭᠰᠠᠨ ᠶᠤᠮ᠃ | ᠮᠡᠰᠡ ᠵᠠᠰᠠᠯ ᠬᠢᠵᠦ ᠡᠮᠨᠡᠯᠭᠡ ᠶᠢᠨ ᠤᠷᠤ ᠲᠡᠭᠡᠷ᠎ᠡ ᠬᠡᠪᠳᠡᠵᠦ ᠪᠠᠶᠢᠭ᠎ᠠ ᠦᠶ᠎ᠡ ᠳᠤ ᠭᠠᠩᠭᠠᠩ ᠤᠨ ᠠᠪᠤ ᠲᠠᠢ ᠨᠢ ᠪᠢᠲᠡ | ᠬᠤᠶᠠᠭᠤᠯᠠ ᠪᠠᠨ ᠬᠡᠤᠬᠡᠨ ᠳᠤ ᠪᠠᠨ ᠨᠤᠮ ᠢ ᠨᠢ ᠤᠩᠰᠢᠨ ᠦᠭᠴᠦ ᠬᠡᠤᠬᠡᠨ ᠤ ᠪᠠᠨ ᠰᠤᠷᠤᠯᠭ᠎ᠠ ᠶᠢ ᠬᠠᠶᠠᠭᠤᠯᠬᠤ | ᠦᠭᠡᠢ ᠬᠡᠮᠡᠨ ᠴᠢᠷᠮᠠᠶᠢᠭᠰᠠᠨ ᠪᠢᠯᠠ᠃ ᠨᠢᠭᠡ ᠰᠠᠷ᠎ᠡ ᠶᠢᠨ ᠬᠤᠭᠤᠴᠠᠭ᠎ᠠ ᠦᠩᠭᠡᠷᠡᠭᠡᠵᠦ ᠭᠡᠷ ᠲᠤ ᠪᠠᠨ ᠬᠠᠷᠢᠵᠦ | ᠢᠷᠡᠭᠰᠡᠨ ᠤ ᠲᠠᠷᠠᠭ᠎ᠠ᠂ ᠭᠠᠩᠭᠠᠩ ᠢ ᠬᠢᠴᠢᠶᠡᠯ ᠤᠨ ᠠᠰᠠᠷ ᠲᠦᠷᠪᠡᠳᠦᠭᠡᠷ ᠲᠠᠪᠬᠤᠷ ᠲᠤ ᠡᠭᠦᠷᠴᠦ ᠭᠠᠷᠴᠦ ᠪᠠᠶᠢᠭᠠᠳ | ᠵᠢᠷᠭᠤᠳᠤᠭᠠᠷ ᠤᠨ ᠤ ᠲᠡᠬᠦᠰᠬᠦ ᠰᠢᠯᠭᠠᠯᠲᠠ ᠳᠤ ᠤᠷᠤᠯᠴᠠᠭᠤᠯᠪᠠ᠃ ᠰᠢᠯᠭᠠᠯᠲᠠ ᠶᠢᠨ ᠦᠷ᠎ᠡ ᠳ᠋ᠦᠩ ᠨᠢ | ᠰᠠᠨᠠᠭᠠᠨ ᠠᠴᠠ ᠭᠠᠳᠠᠭᠤᠷ ᠬᠢᠷᠢ ᠪᠦᠲᠦᠮᠵᠢ ᠤᠯᠵᠦ᠂ ᠭᠠᠩᠭᠠᠩ ᠪᠦᠬᠦ ᠬᠤᠰᠢᠭᠤᠨ ᠳᠤ ᠪᠠᠨ ᠬᠤᠶᠠᠳᠤᠭᠠᠷ ᠨᠡᠷ᠎ᠡ ᠳᠤ | ᠤᠷᠤᠭᠰᠠᠨ ᠪᠠᠶᠢᠪᠠ᠃ ᠢᠩᠭᠢᠭᠰᠡᠨ ᠴᠢᠨᠢ ᠬᠡᠤᠬᠡᠨ ᠦᠪᠡᠷ ᠤᠨ ᠪᠡᠶᠡᠨ ᠳᠤ ᠪᠠᠨ ᠮᠠᠰᠢ ᠶᠡᠭᠡ ᠢᠲᠡᠭᠡᠯ ᠲᠠᠢ | ᠪᠤᠯᠤᠭᠰᠠᠨ ᠢᠶᠠᠷ ᠪᠠᠷᠠᠬᠤ ᠦᠭᠡᠢ᠂ ᠮᠢᠨᠤ ᠤᠯᠤᠭᠰᠠᠨ ᠰᠤᠷᠤᠯᠭ᠎ᠠ ᠶᠢᠨ ᠠᠮᠵᠢᠯᠲᠠ ᠳᠤ ᠠᠪᠤ ᠡᠵᠢ ᠶᠢᠨ | ᠦᠵᠡᠭᠦᠯᠦᠭᠰᠡᠨ ᠠᠴᠢ ᠭᠠᠪᠢᠶ᠎ᠠ ᠶᠡᠭᠡ ᠲᠠᠢ᠂ ᠬᠡᠷᠪᠡ ᠡᠵᠢ ᠠᠪᠤ ᠮᠢᠨᠢ ᠡᠮᠨᠡᠯᠭᠡ ᠶᠢᠨ ᠤᠷᠤ ᠲᠡᠭᠡᠷ᠎ᠡ ᠮᠢᠨᠤ ᠬᠢᠴᠢᠶᠡᠯ ᠢ | ᠵᠢᠭᠠᠨ ᠵᠢᠯᠤᠭᠤᠳᠤᠭᠰᠠᠨ ᠦᠭᠡᠢ ᠪᠤᠯᠪᠠᠯ᠂ ᠮᠢᠨᠤ ᠦᠨᠦᠲᠦᠷ ᠤᠨ ᠠᠮᠵᠢᠯᠲᠠ ᠪᠦᠲᠦᠭᠡᠯ ᠪᠠᠶᠢᠵᠦ ᠴᠢᠳᠠᠬᠤ ᠦᠭᠡᠢ | ᠭᠡᠵᠦ ᠶᠠᠷᠢᠳᠠᠬ᠃ ᠡᠨᠡ ᠬᠦ ᠦᠩᠭᠡᠷᠡᠯᠲᠡ ᠪᠠᠷ ᠲᠠᠮᠵᠢᠨ ᠭᠡᠦᠬᠡᠨ ᠮᠢᠨᠢ ᠡᠵᠢ ᠠᠪᠤ ᠪᠠᠨ ᠰᠡᠳᠭᠢᠯ ᠤᠨ ᠤᠭ ᠠᠴᠠ ᠪᠠᠨ | ᠢᠲᠡᠭᠡᠨ ᠪᠢᠰᠢᠷᠡᠬᠦ ᠪᠤᠯᠵᠦ᠂ ᠲᠡᠭᠦᠨ ᠠᠴᠠ ᠬᠤᠵᠢᠮ ᠪᠢᠲᠡ ᠶᠠᠭᠤ ᠬᠡᠯᠡᠭᠰᠡᠨ ᠴᠦ ᠲᠤᠷᠠᠳᠠᠢ ᠰᠤᠨᠤᠰᠬᠤ ᠪᠤᠯᠵᠦ | ᠬᠤᠪᠢᠷᠠᠭᠰᠠᠨ ᠪᠢᠯᠠ᠃ ᠲᠦᠩᠯᠢᠶᠤᠤ ᠬᠤᠲᠠ ᠶᠢᠨ ᠮᠤᠩᠭᠤᠯ ᠦᠨᠳᠦᠰᠦᠲᠡᠨ ᠤ ᠰᠤᠷᠭᠠᠭᠤᠯᠢ ᠠᠴᠠ ᠠᠩᠬ᠎ᠠ | ᠲᠤᠮᠲᠠᠳᠤ ᠪᠠᠨ ᠲᠡᠭᠦᠰᠭᠡᠬᠦ ᠦᠶ᠎ᠡ ᠳᠤ᠂ ᠪᠦᠭᠦ ᠤᠷᠤᠨ ᠤ ᠨᠢᠭᠡᠳᠦᠯᠲᠡᠢ ᠰᠢᠯᠭᠠᠯᠲᠠ ᠳᠤ ᠲᠠᠪᠢᠨ ᠬᠤᠶᠠᠳᠤᠭᠠᠷ ᠲᠤ | ᠰᠢᠯᠭᠠᠭᠤᠯᠵᠦ᠂ ᠲᠦᠩᠯᠢᠶᠤᠤ ᠮᠤᠩᠭᠤᠯ ᠲᠤᠮᠲᠠᠳᠤ ᠰᠤᠷᠭᠠᠭᠤᠯᠢ ︵ᠳᠡᠭᠡᠳᠤ ᠲᠤᠮᠲᠠᠳᠤ︶ ᠳᠤ ᠲᠡᠪᠰᠢᠨ ᠤᠷᠤᠭᠰᠠᠨ | ᠶᠤᠮ᠃ | ︵ᠨᠠᠢᠮᠨ︶ ᠠᠩᠭᠢ ᠶᠢᠨ ᠪᠠᠭᠰᠢ ᠪᠠ ᠡᠯ᠎ᠡ ᠬᠢᠴᠢᠶᠡᠯ ᠲᠥᠷᠥᠯ ᠤᠨ ᠪᠠᠭᠰᠢ ᠨᠠᠷ ᠲᠠᠢ ᠬᠠᠷᠢᠯᠴᠠᠬᠤ ᠠᠵᠢᠯ ᠢ | ᠰᠠᠶᠢᠨ ᠬᠢᠭᠰᠡᠨ | ᠪᠢ ᠬᠡᠤᠬᠡᠨ ᠢᠶᠠᠨ ᠰᠤᠷᠭᠠᠨ ᠬᠦᠮᠦᠵᠢᠬᠦᠯᠬᠦ ᠲᠤᠮᠲᠠ ᠠᠩᠭᠢ ᠶᠢᠨ ᠪᠠᠭᠰᠢ ᠪᠠ ᠡᠯ᠎ᠡ ᠬᠢᠴᠢᠶᠡᠯ ᠲᠥᠷᠥᠯ ᠤᠨ | ᠪᠠᠭᠰᠢ ᠨᠠᠷ ᠲᠠᠢ ᠦᠷᠭᠦᠯᠵᠢ ᠬᠠᠷᠢᠯᠴᠠᠬᠤ ᠶᠢ ᠪᠠᠷᠢᠮᠳᠠᠯᠠᠳᠠᠭ ᠪᠠᠶᠢᠪᠠ᠃ ᠬᠤᠭᠤᠴᠠᠭ᠎ᠠ ᠪᠦᠷᠢ ᠶᠢᠨ ᠰᠤᠷᠤᠯᠭ᠎ᠠ ᠶᠢᠨ | ᠲᠠᠯ᠎ᠠ ᠪᠤᠶᠤ ᠤᠳᠠᠭ᠎ᠠ ᠪᠤᠯᠭᠠᠨ ᠤ ᠰᠢᠯᠭᠠᠯᠲᠠ ᠳᠤ ᠪᠠᠭᠰᠢ ᠨᠠᠷ ᠲᠠᠢ ᠨᠢ ᠨᠡᠶᠢᠲᠡᠮ ᠤᠨ ᠴᠢᠨᠠᠷᠲᠡᠢ ᠬᠠᠷᠢᠯᠴᠠᠬᠤ ᠪᠠᠷ | ᠲᠠᠮᠵᠢᠨ ᠬᠡᠤᠬᠡᠨ ᠤ ᠪᠠᠨ ᠪᠠᠶᠢᠳᠠᠯ ᠢ ᠨᠠᠷᠢᠯᠢᠬ ᠰᠠᠶᠢᠬᠠᠨ ᠤᠶᠢᠯᠠᠭᠠᠵᠦ ᠪᠠᠶᠢᠳᠠᠭ᠃ ᠬᠢᠴᠢᠶᠡᠯ ᠰᠤᠷᠤᠯᠴᠠᠯᠭ᠎ᠠ ᠪᠤᠶᠤ | ᠪᠡᠶ᠎ᠡ ᠮᠠᠬᠠᠪᠤᠳ ᠤᠨ ᠪᠠᠶᠢᠳᠠᠯ ᠢ ᠴᠠᠭ ᠲᠤᠬᠠᠢ ᠳᠤ ᠨᠢ ᠮᠡᠳᠡᠵᠦ ᠠᠪᠬᠤ ᠪᠠᠷ ᠪᠠᠷᠠᠬᠤ ᠦᠭᠡᠢ᠂ ᠶᠡᠭᠡ ᠪᠠᠭ᠎ᠠ ᠶᠠᠮᠠᠷᠴᠦ | ᠠᠰᠠᠭᠤᠳᠠᠯ ᠭᠡᠵᠦ ᠢᠯᠭᠠᠬᠤ ᠦᠭᠡᠢ ᠲᠡᠷᠡ ᠲᠠᠷᠤᠢ ᠳᠤ ᠨᠢ ᠮᠡᠳᠡᠵᠦ ᠠᠪᠬᠤ ᠶᠢᠨ ᠲᠠᠭᠠᠤ ᠲᠤᠬᠠᠢ ᠶᠢᠨ ᠴᠠᠭ ᠲᠤ ᠨᠢ | ᠰᠢᠢᠳᠪᠦᠷᠢᠯᠡᠬᠦ ᠶᠢ ᠪᠠᠷᠢᠮᠲᠠᠯᠠᠳᠠᠭ ᠪᠠᠶᠢᠪᠠ᠃ ᠲᠦᠩᠯᠢᠶᠤᠤ ᠳᠤ ᠪᠢᠴᠢᠭ ᠦᠵᠡᠵᠦ ᠪᠠᠶᠢᠬᠤ ᠦᠶ᠎ᠡ ᠳᠤ ᠭᠠᠷᠠᠭ | ᠪᠤᠯᠭᠠᠨ ᠬᠡᠤᠬᠡᠨ ᠤ ᠪᠠᠨ ᠬᠠᠵᠠᠭᠤ ᠳᠤ ᠤᠴᠢᠳᠠᠭ ᠪᠤᠯᠪᠠᠴᠦ ᠲᠡᠭᠦᠨ ᠢ ᠲᠠᠭᠠᠭᠤᠯᠤᠨ ᠲᠦᠩᠯᠢᠶᠤᠤ ᠬᠤᠲᠠ ᠶᠢᠨ | ᠬᠦᠷ ᠬᠦᠭᠵᠢᠶᠡᠨ ᠲᠠᠢ ᠭᠠᠵᠠᠷ ᠪᠤᠶᠤ ᠲᠡᠯᠭᠡᠬᠦᠷ ᠬᠤᠳᠠᠯᠳᠤᠭ᠎ᠠ ᠪᠠᠷ ᠤᠴᠢᠳᠠᠭ ᠪᠢᠰᠢ᠂ ᠬᠠᠷᠢᠨ ᠲᠡᠷᠭᠡᠨ | ᠲᠤᠲᠤᠷ᠎ᠡ ᠪᠠᠨ ᠬᠡᠤᠬᠡᠨ ᠤ ᠪᠠᠨ ᠨᠢᠭᠡ ᠭᠠᠷᠠᠭ ᠤᠨ ᠰᠤᠷᠤᠯᠴᠠᠯᠭ᠎ᠠ ᠶᠢᠨ ᠲᠤᠬᠠᠢ ᠶᠠᠷᠢᠯᠴᠠᠨ᠂ ᠤᠷᠤᠰᠢᠵᠦ ᠪᠠᠶᠢᠭ᠎ᠠ | ᠠᠰᠠᠭᠤᠳᠠᠯ ᠢ ᠨᠢᠭᠡᠳ ᠨᠢᠭᠡ ᠪᠠᠷ ᠰᠢᠢᠳᠪᠦᠷᠢᠯᠡᠳᠡᠭ ᠶᠤᠮ᠃ ᠢᠩᠭᠢᠵᠦ ᠪᠠᠷᠠᠭᠰᠠᠨ ᠤ ᠲᠠᠷᠠᠭ᠎ᠠ ᠬᠡᠤᠬᠡᠨ ᠢᠶᠠᠨ | ᠪᠠᠶᠢᠷᠢ ᠳᠤ ᠨᠢ ᠬᠦᠷᠭᠡᠵᠦ ᠨᠢᠭᠡ ᠰᠠᠶᠢᠨ ᠤᠨᠲᠠᠵᠦ ᠠᠮᠠᠷᠠᠬᠤ ᠶᠢ ᠵᠠᠬᠢᠳᠠᠭ ᠪᠠᠶᠢᠪᠠ᠃ ᠭᠠᠷᠠᠭ ᠤᠨ ᠡᠳᠦᠷ ᠢᠩᠭᠢᠵᠦ | ᠨᠢᠭᠡ ᠰᠠᠶᠢᠨ ᠠᠮᠠᠷᠠᠭᠰᠠᠨ ᠤ ᠲᠠᠷᠠᠭ᠎ᠠ᠂ ᠬᠡᠤᠬᠡᠳ ᠤᠨ ᠪᠡᠶ᠎ᠡ ᠰᠡᠳᠭᠢᠯ ᠤᠨ ᠶᠠᠳᠠᠷᠠᠭ᠎ᠠ ᠨᠢ ᠲᠠᠶᠢᠯᠤᠭᠳᠠᠨ ᠭᠠᠷᠠᠭ ᠤᠨ | ᠨᠢᠭᠡᠨ ᠠᠴᠠ ᠦᠷᠭᠦᠯᠵᠢᠯᠡᠨ ᠬᠢᠴᠢᠶᠡᠯ ᠰᠤᠷᠤᠯᠴᠠᠯᠭ᠎ᠠ ᠳᠤ ᠪᠠᠨ ᠰᠢᠮᠳᠠᠵᠦ ᠴᠢᠳᠠᠳᠠᠭ᠃ ᠦᠬᠢᠨ ᠤ ᠪᠠᠨ ᠲᠦᠩᠯᠢᠶᠤᠤ | ᠬᠤᠲᠠ ᠶᠢᠨ ᠮᠤᠩᠭᠤᠯ ᠲᠤᠮᠳᠠᠳᠤ ᠰᠤᠷᠭᠠᠭᠤᠯᠢ ᠳᠤ ᠪᠢᠴᠢᠭ ᠦᠵᠡᠵᠦ ᠡᠬᠢᠯᠡᠭᠰᠡᠨ ᠠᠴᠠ ᠳᠡᠭᠡᠳᠤ ᠲᠤᠮᠲᠠᠳᠤ | ᠲᠡᠭᠦᠰᠲᠡᠯ᠎ᠡ ᠪᠦᠲᠦᠨ ᠲᠠᠪᠤᠨ ᠵᠢᠯ ᠤᠨ ᠬᠤᠭᠤᠴᠠᠭᠠᠨ ᠳᠤ ᠪᠢ ᠨᠢᠭᠡ ᠤᠳᠠᠭ᠎ᠠ ᠴᠦ ᠠᠯᠳᠠᠯ ᠦᠭᠡᠢ᠂ ᠬᠡᠤᠬᠡᠨ ᠤ | ᠬᠠᠵᠠᠭᠤ ᠳᠤ ᠭᠠᠷᠠᠭ ᠪᠦᠷᠢ ᠤᠴᠢᠬᠤ ᠶᠢ ᠡᠷᠡᠰ ᠪᠠᠷᠢᠮᠲᠠᠯᠠᠭᠰᠠᠨ ᠶᠤᠮ᠃ | ᠲᠡᠭᠡᠷ᠎ᠡ ᠦᠭᠦᠯᠡᠭᠰᠡᠨ ᠪᠤᠯ ᠭᠠᠩᠭᠠᠩ ᠤᠨ ᠰᠤᠷᠤᠯᠭ᠎ᠠ ᠪᠤᠯᠪᠠᠰᠤᠷᠠᠯ ᠤᠨ ᠲᠠᠯ᠎ᠠ ᠳᠤ ᠠᠪᠤᠭᠰᠠᠨ ᠮᠢᠨᠤ ᠵᠢᠵᠢᠭ | ᠰᠠᠵᠢᠭ ᠲᠤᠷᠰᠢᠯᠭ᠎ᠠ ᠰᠤᠷᠭᠠᠮᠵᠢ ᠪᠤᠯᠬᠤ ᠶᠤᠮ᠃ ᠡᠳᠡᠭᠡᠷ ᠠᠷᠭ᠎ᠠ ᠬᠡᠯᠪᠡᠷᠢ ᠶᠢᠨ ᠲᠤᠲᠤᠷ᠎ᠡ ᠵᠠᠷᠢᠮ ᠨᠢ ᠵᠤᠷᠢᠯᠭ᠎ᠠ ᠲᠠᠢ | ᠪᠤᠶᠤ ᠡᠰᠡᠭᠦᠯ᠎ᠡ ᠲᠡᠶᠢᠮᠦ ᠢᠯᠡ ᠲᠤᠲᠤ ᠵᠤᠷᠢᠯᠭ᠎ᠠ ᠦᠭᠡᠢ ᠭᠡᠰᠡᠨ ᠴᠦ ᠬᠡᠤᠬᠡᠨ ᠤ ᠮᠢᠨᠢ ᠰᠤᠷᠤᠯᠭ᠎ᠠ ᠠᠮᠢᠳᠤᠷᠠᠯ ᠳᠤ | ᠲᠤᠰᠠᠯᠠᠬᠤ ᠦᠢᠯᠡᠳᠤᠯ ᠦᠵᠡᠭᠦᠯᠵᠠᠢ ᠭᠡᠵᠦ ᠦᠵᠡᠵᠦ ᠪᠠᠶᠢᠨ᠎ᠠ᠃ ᠭᠠᠩᠭᠠᠩ ᠤᠨ ᠦᠨᠦᠲᠦᠷ ᠤᠨ ᠤᠯᠤᠭᠰᠠᠨ | ᠠᠮᠵᠢᠯᠲᠠ ᠶᠢᠨ ᠠᠷᠤ ᠳᠤ ᠲᠤᠩ ᠤᠯᠠᠨ ᠬᠠᠶᠢᠷ᠎ᠠ ᠬᠠᠷᠢᠭᠤᠴᠠᠯᠭ᠎ᠠ ᠲᠠᠢ ᠮᠦᠷᠲᠡᠭᠡᠨ ᠦᠷᠦᠭᠡᠯ ᠤᠨ ᠬᠡᠤᠬᠡᠳ ᠤᠨ | ᠲᠦᠯᠦᠭᠡ ᠦᠪᠡᠷ ᠤᠨ ᠠᠯᠢᠪᠠ ᠪᠠᠨ ᠵᠤᠷᠢᠭᠤᠯᠳᠠᠭ ᠡᠷᠬᠢᠮ ᠤᠨ ᠤᠯᠠᠨ ᠪᠠᠭᠰᠢᠨᠠᠷ ᠤᠨ ᠭᠦᠨ ᠠᠴᠠ ᠭᠦᠨ ᠬᠠᠶᠢᠷ᠎ᠠ | ᠬᠠᠯᠠᠮᠵᠢ ᠪᠠ ᠬᠦᠴᠦ ᠬᠦᠳᠡᠯᠮᠤᠷᠢ ᠨᠢᠭᠤᠭᠳᠠᠵᠦ ᠪᠠᠶᠢᠬᠤ ᠶᠤᠮ᠃ ᠡᠨᠡ ᠪᠤᠯ ᠵᠦᠪᠬᠡᠨ ᠲᠡᠬᠦᠨ ᠤ ᠬᠦᠮᠦᠨ ᠪᠤᠯᠬᠤ | ᠤᠷᠲᠤ ᠠᠶᠠᠨ ᠤ ᠲᠤᠮᠳᠠᠬᠢ ᠶᠠᠯᠢᠮ ᠦᠭᠡᠢ ᠵᠢᠭᠠᠬᠠᠨ ᠠᠮᠵᠢᠯᠲᠠ ᠲᠡᠲᠦᠢ ᠠᠴᠠ ᠪᠢᠰᠢ᠂ ᠤᠯᠠᠨ ᠠᠴᠠ ᠬᠡᠲᠦᠷᠡᠭᠰᠡᠨ | ᠠᠮᠵᠢᠯᠲᠠ ᠪᠦᠲᠦᠭᠡᠯ ᠢ ᠡᠭᠦᠳᠦᠭᠰᠡᠨ ᠶᠠᠪᠤᠳᠠᠯ ᠤᠭᠲᠤ ᠪᠢᠰᠢ ᠶᠤᠮ᠃ ᠵᠦᠪᠬᠡᠨ ᠦᠪᠡᠷ ᠤᠨ ᠠᠮᠢᠳᠤᠷᠠᠯ ᠤᠨ | ᠠᠩᠬᠠᠨ ᠤ ᠠᠯᠬᠤᠮ ᠢᠶᠠᠨ ᠵᠦᠭᠡᠷ ᠠᠯᠬᠤᠭᠰᠠᠨ ᠲᠡᠲᠦᠢ ᠪᠠᠶᠢᠵᠦ᠂ ᠲᠡᠭᠦᠨ ᠤ ᠪᠡᠶ᠎ᠡ ᠲᠡᠭᠡᠷ᠎ᠡ ᠪᠠᠰᠠ ᠤᠯᠠᠨ | ᠬᠦᠷᠦᠯᠴᠡᠬᠦ ᠦᠭᠡᠢ ᠭᠠᠵᠠᠷ ᠪᠤᠶᠤ ᠲᠤᠲᠠᠭᠳᠠᠯ ᠲᠠᠢ ᠲᠠᠯ᠎ᠠ ᠪᠠᠶᠢᠳᠠᠭ᠃ ᠬᠤᠵᠢᠮ ᠤᠨ ᠰᠤᠷᠤᠯᠭ᠎ᠠ ᠶᠢᠨ | ᠠᠮᠢᠳᠤᠷᠠᠯ ᠳᠤ ᠦᠪᠡᠷ ᠤᠨ ᠪᠡᠶ᠎ᠡ ᠲᠡᠭᠡᠷ᠎ᠡ ᠤᠷᠤᠰᠢᠵᠦ ᠪᠦᠬᠦᠢ ᠲᠤᠲᠠᠭᠳᠠᠯ ᠲᠠᠢ ᠲᠠᠯ᠎ᠠ ᠪᠠᠨ ᠨᠦᠬᠦᠪᠦᠷᠢᠯᠡᠵᠦ | ᠦᠷᠭᠦᠯᠵᠢᠯᠡᠨ ᠴᠢᠷᠮᠠᠶᠢᠬᠤ ᠴᠢᠬᠤᠯᠠ ᠲᠠᠢ ᠶᠤᠮ᠃ | | | ᠠᠶᠢᠯ ᠠᠴᠠ ᠡᠷᠢᠬᠦ ᠪᠠᠷ ᠠᠪᠳᠠᠷᠡ ᠠᠴᠠ ᠪᠠᠨ ᠡᠷᠢ | — ᠲᠤᠭᠳᠠᠬᠤ | | | ︽ᠠᠶᠢᠯ ᠠᠴᠠ ᠡᠷᠢᠬᠦ ᠪᠠᠷ ᠠᠪᠳᠠᠷ᠎ᠠ ᠠᠴᠠ ᠪᠠᠨ ᠡᠷᠢ︾ ᠭᠡᠳᠡᠭᠴᠢᠯᠡᠨ᠂ ᠤᠳᠤ ᠶᠢᠨ ᠬᠦᠮᠦᠰ ᠬᠡᠤᠬᠡᠤᠨ | ᠬᠦᠮᠦᠵᠢᠬᠦᠯᠬᠦ ᠳᠤ ᠶᠠᠭᠤᠨ ᠤ ᠬᠢᠨᠢ ᠰᠢᠨᠵᠢᠯᠡᠬᠦ ᠤᠬᠠᠭᠠᠨᠴᠢ ᠪᠢᠰᠢ ᠪᠤᠯ ᠤᠳᠤᠬᠢᠴᠢᠯᠠᠭᠰᠠᠨ ᠮᠡᠷᠭᠡᠵᠢᠯ ᠭᠡᠵᠦ ᠡᠷᠤᠢ | ᠬᠤᠷᠤᠢ ᠦᠭᠡᠢ ᠶᠠᠷᠢᠬᠤ ᠨᠢ ᠤᠯᠠᠨ ᠪᠤᠯᠵᠦ ᠪᠠᠶᠢᠨ᠎ᠠ᠃ | ᠲᠡᠭᠡᠷ᠎ᠡ ᠶᠠᠷᠢᠭᠰᠠᠨ ᠤᠳᠤᠨ ᠪᠠᠭᠰᠢ ᠶᠢᠨ ᠬᠡᠤᠬᠡᠨ ᠢᠶᠠᠨ ᠦᠰᠭᠡᠨ ᠬᠦᠮᠦᠵᠢᠭᠦᠯᠦᠭᠰᠡᠨ ᠠᠷᠭ᠎ᠠ | ᠲᠤᠷᠰᠢᠯᠭ᠎ᠠ ᠶᠢᠨ ᠲᠤᠲᠤᠷᠠᠬᠢ ᠬᠠᠮᠤᠭ ᠤᠨ ᠴᠢᠬᠤᠯᠠ ᠮᠦᠷᠲᠡᠭᠡᠨ ᠵᠠᠩᠭᠢᠯᠠᠭ᠎ᠠ ᠶᠢᠨ ᠨᠢᠭᠡᠨ ᠠᠭᠤᠯᠭ᠎ᠠ ᠪᠤᠯ | ᠭᠠᠩᠭᠠᠩ ᠤᠨ ᠨᠢᠯᠬ᠎ᠠ ᠦᠶ᠎ᠡ ᠶᠢᠨ ᠬᠦᠮᠦᠵᠢᠯ ᠪᠤᠯᠤᠨ᠎ᠠ᠃ ᠭᠠᠩᠭᠠᠩ ᠬᠡᠤᠬᠡᠨ ᠢ ᠨᠢᠯᠬ᠎ᠠ ᠪᠠᠭ᠎ᠠ ᠠᠴᠠ ᠨᠢ ᠨᠠᠭᠠᠴᠦ | ᠡᠮᠡᠭᠡ ᠨᠢ ᠬᠠᠶᠢᠷᠠᠯᠠᠨ ᠰᠠᠨᠠᠵᠦ᠂ ᠬᠠᠷᠠᠭᠠᠯᠵᠠᠨ ᠦᠰᠭᠡᠬᠦ ᠳᠤ ᠪᠠᠨ ᠦᠪᠡᠷ ᠤᠨ ᠮᠡᠳᠡᠳᠡᠭ ᠡᠲᠦᠢ ᠲᠡᠲᠦᠢ ᠰᠢᠯᠦᠭ | ᠲᠠᠭᠤᠤ ᠪᠤᠶᠤ ᠲᠤᠭᠤᠯ ᠤᠨ ᠪᠡᠯᠴᠢᠭᠡᠷ ᠲᠠᠯ᠎ᠠ ᠶᠢᠨ ᠡᠪᠡᠰᠦ ᠵᠡᠷᠭᠡ ᠬᠦᠳᠡᠭᠡ ᠶᠢᠨ ᠠᠮᠢᠳᠤᠷᠠᠯ ᠤᠨ ᠡᠳᠦᠷ | ᠲᠤᠲᠤᠮ ᠤᠨ ᠵᠦᠢᠯᠡᠰ ᠪᠤᠯᠤᠨ ᠦᠪᠡᠷ ᠤᠨ ᠬᠠᠶᠢᠷᠠᠲᠠᠢ ᠪᠠᠶᠢᠳᠠᠭ ᠦᠯᠢᠭᠡᠷ ᠤᠨ ᠨᠤᠮ ᠢ ᠤᠡᠭᠰᠢᠵᠤ ᠦᠭᠭᠦᠭᠰᠡᠨ | ᠲᠡᠲᠦᠢ ᠪᠢᠯᠠ᠃ ᠭᠠᠩᠭᠠᠩ ᠤᠨ ᠨᠠᠭᠠᠴᠦ ᠡᠮᠡᠭᠡ ᠳᠤ ᠠᠪᠴᠦ ᠬᠡᠯᠡᠪᠡᠯ᠂ ᠤᠳᠤ ᠶᠢᠨ ᠨᠡᠶᠢᠭᠡᠮ ᠳᠤ ᠲᠡᠯᠭᠡᠷᠡᠵᠦ | ᠪᠦᠬᠦᠢ ᠵᠢᠯᠤᠭᠤᠳᠬᠤ ᠠᠩᠭᠢ᠂ ᠭᠡᠷ ᠤᠨ ᠪᠠᠭᠰᠢ ᠪᠤᠶᠤ ᠤᠨᠴᠠᠭᠠᠢ ᠠᠩᠭᠢ ᠡᠰᠡᠭᠦᠯ᠎ᠡ ᠶᠠᠭᠤᠨ ᠤ ᠬᠢᠨᠢ | ᠴᠠᠬᠢᠯᠭᠠᠨᠴᠢᠯᠠᠭᠰᠠᠨ ᠤᠩᠰᠢᠯᠭ᠎ᠠ ᠶᠢᠨ ᠮᠠᠰᠢᠨ ᠵᠡᠷᠭᠡ ᠨᠢ ᠤᠶᠢᠯᠠᠭᠠᠭᠳᠠᠰᠢ ᠦᠭᠡᠢ ᠬᠠᠴᠢᠨ ᠪᠠᠶᠢᠵᠦ ᠮᠡᠳᠡᠨ᠎ᠡ᠃ | ᠡ᠊ᠨᠲᠡ ᠪᠢ ᠦᠪᠡᠷ ᠤᠨ ᠦᠵᠡᠯᠲᠡ ᠪᠠᠨ ᠲᠤᠤᠷᠠᠬᠢ ᠮᠡᠲᠦ ᠬᠡᠳᠦᠨ ᠲᠠᠯ᠎ᠠ ᠪᠠᠷ ᠬᠤᠷᠢᠶᠠᠩᠭᠤᠶᠢᠯᠠᠨ ᠶᠠᠷᠢᠶ᠎ᠠ᠃ | ᠨᠢᠭᠡ ᠳᠤ᠂ ᠭᠡᠷ ᠪᠦᠯᠢ ᠶᠢᠨ ᠠᠩᠬᠠᠨ ᠤ ᠰᠤᠷᠭᠠᠭᠤᠯᠢ ᠪᠤᠯᠬᠤ ᠦᠢᠯᠡᠳᠤᠯ ᠢ ᠬᠦᠢᠴᠡᠳ ᠪᠠᠳᠠᠷᠠᠭᠤᠯᠵᠦ | ᠴᠢᠳᠠᠭᠰᠠᠨ ᠪᠠᠶᠢᠨ᠎ᠠ᠃ ᠲᠡᠤᠬᠡᠨ ᠠᠴᠠ ᠠᠪᠤᠭᠠᠳ ᠤᠳᠤ ᠬᠦᠷᠲᠡᠯ᠎ᠡ ᠬᠡᠲᠦ᠋ᠢᠪᠡᠷ ᠭᠡᠷ ᠪᠦᠯᠢ ᠶᠢ ᠰᠤᠷᠭᠠᠭᠤᠯᠢ ᠭᠡᠵᠦ | ᠬᠡᠯᠡᠳᠡᠭ ᠦᠭᠡᠢ ᠪᠤᠯᠪᠠᠴᠦ᠂ ᠬᠡᠤᠬᠡᠳ ᠲᠤ ᠭᠡᠷ ᠪᠦᠯᠢ ᠶᠢᠨ ᠡᠳᠦᠷ ᠲᠤᠲᠤᠮ ᠤᠨ ᠠᠮᠢᠳᠤᠷᠠᠯ ᠲᠤᠮᠲᠠ ᠠᠴᠠ | ᠰᠤᠷᠭᠠᠵᠦ ᠮᠡᠳᠡᠭᠦᠯᠬᠦ ᠵᠦᠢᠯ ᠨᠢ ᠬᠤᠵᠢᠮ ᠤᠨ ᠰᠤᠷᠤᠯᠭ᠎ᠠ ᠠᠮᠢᠳᠤᠷᠠᠯ ᠪᠤᠶᠤ ᠬᠦᠮᠦᠨ ᠪᠤᠯᠬᠤ ᠪᠦᠬᠦ ᠶᠠᠪᠤᠴᠠ ᠶᠢᠨ | ᠠᠩᠬᠠᠨ ᠤ ᠰᠠᠭᠤᠷᠢ ᠶᠢ ᠲᠠᠯᠪᠢᠬᠤ ᠴᠢᠬᠤᠯᠠ ᠪᠦᠬᠦᠢ ᠦᠢᠯᠡᠳᠤᠯ ᠲᠠᠢ ᠭᠡᠳᠡᠭ ᠢ ᠭᠠᠩᠭᠠᠩ ᠤᠨ ᠨᠠᠭᠠᠴᠦ ᠡᠮᠡᠭᠡ ᠶᠢᠨ | ᠦᠨᠡᠨ ᠪᠤᠳᠠᠲᠡᠢ ᠦᠢᠯᠡ ᠠᠵᠢᠯᠯᠠᠭ᠎ᠠ ᠠᠴᠠ ᠤᠶᠢᠯᠠᠭᠠᠨ ᠮᠡᠳᠡᠵᠦ ᠪᠤᠯᠬᠤ ᠶᠤᠮ᠃ ᠭᠠᠩᠭᠠᠩ ᠤᠨ ᠨᠠᠭᠠᠴᠦ ᠡᠮᠡᠭᠡ | ᠪᠤᠯ ᠭᠤᠷᠪᠠᠳᠤᠭᠠᠷ ᠤᠨ ᠤ ᠰᠤᠷᠤᠯᠭ᠎ᠠ ᠶᠢᠨ ᠬᠢᠷᠢ ᠪᠦᠲᠦᠮᠵᠢ ᠲᠠᠢ ᠬᠦᠳᠡᠭᠡ ᠶᠢᠨ ᠨᠢᠭᠡᠨ ᠮᠠᠯᠴᠢᠨ ᠪᠦᠰᠡᠭᠦᠢ | ᠪᠠᠶᠢᠵᠦ᠂ ︽ᠰᠤᠷᠭᠠᠨ ᠬᠦᠮᠦᠵᠢᠯ︾ ᠭᠡᠳᠡᠭ ᠴᠤᠬᠤᠮ ᠶᠠᠭᠤ ᠪᠤᠯᠬᠤ ᠲᠤᠬᠠᠢ ᠨᠠᠷᠢᠨ ᠮᠡᠳᠡᠳᠡᠭ ᠦᠭᠡᠢ ᠬᠦᠮᠦᠨ | ᠪᠢᠯᠠ᠃ ᠬᠡᠳᠦ᠋ᠢᠪᠡᠷ ᠲᠡᠶᠢᠮᠦ ᠪᠠᠶᠢᠳᠠᠭ ᠪᠤᠯᠪᠠᠴᠦ ᠬᠡᠤᠬᠡᠳ ᠲᠤ ᠪᠠᠨ ᠮᠠᠰᠢ ᠨᠠᠷᠢᠯᠢᠬ ᠰᠠᠶᠢᠬᠠᠨ ᠬᠦᠮᠦᠵᠢᠯ | ᠪᠤᠯᠪᠠᠰᠤᠷᠠᠯ ᠢ ᠬᠦᠷᠲᠡᠭᠡᠵᠦ᠂ ᠰᠡᠴᠡᠨ ᠰᠡᠷᠭᠦᠯᠡᠩ ᠮᠦᠷᠲᠡᠭᠡᠨ ᠤᠢ ᠤᠬᠠᠭᠠᠨ ᠲᠠᠢ ᠬᠡᠤᠬᠡᠳ ᠪᠤᠯᠭᠠᠨ ᠦᠰᠭᠡᠨ | ᠬᠦᠮᠦᠵᠢᠬᠦᠯᠵᠦ ᠴᠢᠳᠠᠭᠰᠠᠨ ᠪᠠᠶᠢᠨ᠎ᠠ᠃ ᠭᠠᠩᠭᠠᠩ ᠤᠨ ᠨᠠᠭᠠᠴᠦ ᠡᠮᠡᠭᠡ ᠨᠢ ᠲᠡᠭᠦᠨ ᠢ ᠬᠡᠯᠡ ᠳᠤ ᠤᠷᠤᠵᠦ ᠬᠦᠯ | ᠤᠷᠤᠬᠤ ᠠᠴᠠ ᠡᠬᠢᠯᠡᠨ᠂ ᠦᠪᠡᠷ ᠤᠨ ᠶᠠᠪᠤᠵᠦ ᠦᠩᠭᠡᠷᠡᠭᠦᠯᠦᠭᠰᠡᠨ ᠠᠮᠢᠳᠤᠷᠠᠯ ᠤᠨ ᠲᠤᠷᠰᠢᠯᠭ᠎ᠠ ᠪᠤᠯᠤᠨ ᠭᠡᠷ | ᠪᠦᠯᠢ ᠶᠢᠨ ᠠᠮᠢᠳᠤᠷᠠᠯ ᠤᠨ ᠪᠤᠳᠠᠲᠡᠢ ᠪᠠᠶᠢᠳᠠᠯ ᠠᠴᠠ ᠪᠠᠨ ᠡᠭᠦᠰᠴᠦ᠂ ᠬᠦᠮᠦᠨ ᠪᠤᠯᠬᠤ ᠶᠤᠰᠤ ᠤᠴᠢᠷ ᠢ ᠵᠢᠭᠠᠵᠦ᠂ | ᠨᠤᠮ ᠤᠩᠰᠢᠨ ᠦᠯᠢᠭᠡᠷ ᠰᠤᠨᠤᠰᠬᠠᠬᠤ ᠮᠡᠲᠦ ᠤᠳᠤ ᠶᠢᠨ ᠬᠦᠳᠡᠭᠡ ᠶᠢᠨ ᠠᠮᠢᠳᠤᠷᠠᠯ ᠳᠤ ᠬᠡᠨ ᠳᠤ ᠴᠦ ᠪᠦᠷ | ᠪᠠᠶᠢᠵᠦ ᠴᠢᠳᠠᠬᠤ ᠮᠦᠷᠲᠡᠭᠡᠨ ᠬᠡᠨ ᠴᠦ ᠪᠦᠷ ᠬᠢᠵᠦ ᠲᠡᠶᠢᠯᠬᠦ ᠡᠩ ᠤᠨ ᠠᠷᠭ᠎ᠠ ᠪᠠᠷ ᠬᠡᠤᠬᠡᠨ ᠢᠶᠠᠨ ᠰᠤᠷᠭᠠᠵᠦ | ᠬᠦᠮᠦᠵᠢᠭᠦᠯᠦᠭᠰᠡᠨ ᠪᠠᠶᠢᠨ᠎ᠠ᠃ ᠭᠡᠷ ᠪᠦᠯᠢ ᠶᠢ ᠤᠤᠯ ᠳᠤ ᠪᠠᠨ ᠰᠤᠷᠭᠠᠭᠤᠯᠢ ᠭᠡᠵᠦ ᠬᠡᠯᠡᠳᠡᠭ ᠦᠭᠡᠢ ᠪᠠᠶᠢᠭᠰᠠᠨ ᠢᠶᠠᠨ | ᠤᠳᠤ ᠬᠠᠷᠢᠨ ᠰᠤᠷᠭᠠᠭᠤᠯᠢ ᠭᠡᠵᠦ ᠬᠡᠯᠡᠬᠦ ᠪᠤᠯᠤᠭᠰᠠᠨ ᠨᠢ ᠭᠡᠷ ᠪᠦᠯᠢ ᠶᠢᠨ ᠰᠤᠷᠭᠠᠨ ᠬᠦᠮᠦᠵᠢᠯ ᠤᠨ ᠦᠢᠯᠡᠳᠤᠯ ᠨᠢ | ᠤᠮᠳᠤᠭᠠᠶᠢᠯᠠᠵᠦ ᠪᠤᠯᠤᠰᠢ ᠦᠭᠡᠢ ᠴᠢᠬᠤᠯᠠ ᠦᠢᠯᠡᠳᠤᠯ ᠲᠠᠢ ᠠᠴᠠ ᠪᠤᠯᠤᠭᠰᠠᠨ ᠭᠡᠵᠦ ᠦᠵᠡᠵᠦ ᠪᠤᠢ᠃ | ᠬᠤᠶᠠᠷ ᠲᠤ᠂ ᠤᠷᠢᠳᠠᠪᠡᠷ ᠵᠦᠪ ᠲᠦᠪ ᠬᠦᠮᠦᠨ ᠪᠤᠯᠭᠠᠵᠦ ᠲᠠᠷᠠᠭ᠎ᠠ ᠨᠢ ᠮᠡᠳᠡᠯᠭᠡ ᠤᠯᠠᠮᠵᠢᠯᠠᠬᠤ ᠶᠢ | ᠴᠢᠬᠤᠯᠠᠴᠢᠯᠠᠭᠰᠠᠨ ᠪᠠᠶᠢᠨ᠎ᠠ᠃ ︽ᠬᠦᠮᠦᠨ ᠪᠤᠯᠬᠤ ᠪᠠᠭ᠎ᠠ ᠠᠴᠠ ᠪᠠᠨ ᠬᠦᠯᠦᠭ ᠪᠤᠯᠬᠤ ᠤᠨᠠᠭᠠᠨ ᠠᠴᠠ ᠪᠠᠨ︾ | ᠭᠡᠳᠡᠭ ᠢ ᠬᠦᠮᠦᠨ ᠪᠦᠷᠢ ᠮᠡᠳᠡᠳᠡᠭ ᠪᠤᠯᠪᠠᠴᠦ᠂ ᠬᠦᠮᠦᠨ ᠪᠤᠯᠭᠠᠬᠤ ᠬᠦᠮᠦᠵᠢᠯ ᠢ ᠵᠦᠪ ᠰᠠᠶᠢᠬᠠᠨ ᠬᠢᠵᠦ ᠴᠢᠳᠠᠬᠤ | ᠭᠡᠵᠦ ᠲᠡᠶᠢᠮᠦ ᠬᠢᠯᠪᠠᠷᠬᠠᠨ ᠶᠠᠪᠤᠳᠠᠯ ᠪᠢᠰᠢ ᠪᠤᠯᠤᠭᠰᠠᠨ ᠪᠠᠶᠢᠨ᠎ᠠ᠃ ᠭᠠᠩᠭᠠᠩ ᠢ ᠬᠦᠮᠦᠨ ᠪᠤᠯᠭᠠᠨ ᠦᠰᠭᠡᠬᠦ ᠳᠤ | ᠨᠠᠭᠠᠴᠦ ᠡᠮᠡᠭᠡ ᠨᠢ ᠶᠠᠮᠠᠷ ᠶᠡᠭᠡ ᠤᠨᠤᠯ ᠶᠤᠰᠤ ᠪᠤᠶᠤ ᠰᠢᠨ᠎ᠡ ᠮᠠᠶ᠋ᠢᠭ ᠤᠨ ᠵᠢᠯᠤᠭᠤᠳᠬᠤ ᠠᠷᠭ᠎ᠠ ᠶᠢ ᠬᠡᠷᠡᠭᠯᠡᠭᠰᠡᠨ | ᠪᠢᠰᠢ᠂ ᠬᠠᠷᠢᠨ ︽ᠭᠤᠷᠪᠠᠨ ᠤᠯᠤᠰ ᠤᠨ ᠦᠯᠢᠭᠡᠷ︾ ᠪᠤᠶᠤ ︽ᠱᠦᠢ ᠬᠡᠦ ᠶᠢᠨ ᠦᠯᠢᠭᠡᠷ︾ ᠭᠡᠬᠦ ᠮᠡᠲᠦ ᠶᠢᠨ | ᠬᠠᠭᠤᠴᠢᠨ ᠤ ᠦᠯᠢᠭᠡᠷ ᠲᠤᠮᠤᠭ ᠲᠤ ᠭᠠᠷᠳᠠᠭ ᠦᠨᠡᠨ ᠬᠤᠳᠠᠯ᠂ ᠵᠦᠪ ᠪᠤᠷᠤᠭᠤ᠂ ᠰᠠᠶᠢᠨ ᠮᠠᠭᠤ ᠶᠢᠨ ᠲᠤᠬᠠᠢ | ᠪᠤᠳᠠᠲᠡᠢ ᠵᠢᠱᠢᠶ᠎ᠡ ᠪᠠᠷ ᠲᠠᠮᠵᠢᠭᠤᠯᠤᠨ ᠬᠦᠮᠦᠨ ᠪᠤᠯᠬᠤ ᠬᠦᠮᠦᠵᠢᠯ ᠤᠨ ᠲᠤᠬᠠᠢ ᠤᠶᠢᠯᠠᠭᠠᠭᠤᠯᠤᠨ ᠮᠡᠳᠡᠭᠦᠯᠦᠭᠰᠡᠨ | ᠪᠠᠶᠢᠨ᠎ᠠ᠃ ᠤᠳᠤ ᠬᠡᠳᠦ᠋ᠢᠪᠡᠷ ᠰᠤᠷᠠᠭ ᠵᠠᠩᠭᠢ ᠲᠦᠭᠡᠮᠡᠯᠵᠠᠨ᠂ ᠰᠢᠨ᠎ᠡ ᠮᠠᠶ᠋ᠢᠭ ᠤᠨ ᠵᠠᠭᠤᠴᠢᠯᠠᠭᠤᠷ ᠵᠡᠷᠭᠡ ᠶᠢ | ᠠᠰᠢᠭᠯᠠᠬᠤ ᠪᠤᠯᠤᠭᠰᠠᠨ ᠪᠤᠯᠪᠠᠴᠦ᠂ ᠬᠡᠤᠬᠡᠳ ᠲᠤ ᠵᠦᠪ ᠲᠦᠪ ᠬᠦᠮᠦᠵᠢᠯ ᠬᠦᠷᠲᠡᠭᠡᠬᠦ ᠳᠤ ᠦᠯᠢᠭᠡᠷ ᠰᠤᠨᠤᠰᠬᠠᠬᠤ | ᠠᠷᠭ᠎ᠠ ᠨᠢ ᠬᠠᠮᠤᠭ ᠤᠨ ᠲᠤᠬᠢᠷᠠᠮᠵᠢᠲᠡᠢ ᠭᠡᠵᠦ ᠦᠵᠡᠵᠦ ᠪᠤᠢ᠃ ᠬᠡᠤᠬᠡᠳ ᠢ ᠢᠩᠭᠢᠵᠦ ᠵᠦᠪ ᠲᠦᠪ ᠬᠦᠮᠦᠵᠢᠯ | ᠰᠤᠷᠲᠠᠯ ᠲᠠᠢ ᠬᠦᠮᠦᠨ ᠪᠤᠯᠭᠠᠨ ᠬᠦᠮᠦᠵᠢᠬᠦᠯᠬᠦ ᠨᠢ ᠮᠡᠳᠡᠯᠭᠡ ᠤᠯᠠᠮᠵᠢᠯᠠᠬᠤ ᠶᠢᠨ ᠤᠷᠢᠳᠠᠯ ᠨᠦᠬᠦᠴᠡᠯ ᠪᠤᠯᠳᠠᠭ᠃ | ᠡᠨᠡ ᠲᠤᠬᠠᠢ ᠲᠠᠷᠢᠶᠠᠴᠢᠨ ᠦᠨᠳᠦᠰᠦᠲᠡᠨ ᠢᠶᠠᠷ ᠵᠢᠱᠢᠶᠡᠯᠡᠬᠦ ᠳᠤ᠂ ᠤᠷᠢᠳᠠᠪᠡᠷ ᠬᠦᠷᠦᠰᠦ ᠰᠢᠷᠤᠢ ᠪᠠᠨ | ᠵᠦᠭᠡᠯᠡᠷᠡᠭᠦᠯᠦᠭᠰᠡᠨ ᠤ ᠲᠠᠷᠠᠭ᠎ᠠ ᠰᠠᠶ᠋ᠢ ᠲᠠᠷᠢᠶ᠎ᠠ ᠪᠠᠨ ᠲᠠᠷᠢᠳᠠᠭ ᠨᠢ ᠠᠳᠠᠯᠢᠬᠠᠨ ᠶᠤᠰᠤ ᠭᠡᠵᠦ ᠦᠵᠡᠨ᠎ᠡ᠃ | ᠲᠡᠶᠢᠮᠤ ᠠᠴᠠ ᠪᠢ ᠭᠠᠩᠭᠠᠩ ᠤᠨ ᠨᠠᠭᠠᠴᠦ ᠡᠮᠡᠭᠡ ᠶᠢᠨ ᠬᠢᠨᠢ ᠬᠡᠤᠬᠡᠳ ᠬᠦᠮᠦᠵᠢᠬᠦᠯᠬᠦ ᠠᠷᠭ᠎ᠠ | ᠲᠤᠷᠰᠢᠯᠭ᠎ᠠ ᠳᠤ ᠲᠠᠭᠠᠨ ᠰᠤᠷᠤᠯᠴᠠᠭᠤᠰᠢᠲᠡᠢ ᠬᠤᠪᠤᠷᠬᠠᠨ ᠵᠦᠢᠯ ᠨᠢᠭᠤᠭᠳᠠᠵᠦ ᠪᠤᠢ ᠭᠡᠵᠦ ᠦᠵᠡᠵᠦ ᠪᠠᠶᠢᠨ᠎ᠠ᠃ | ᠭᠤᠷᠪᠠ ᠳᠤ᠂ ᠲᠠᠳᠬᠠᠯ ᠤᠨ ᠬᠦᠮᠦᠵᠢᠯ ᠢ ᠪᠦᠲᠦᠮᠵᠢᠲᠡᠢ ᠰᠠᠶᠢᠬᠠᠨ ᠬᠢᠵᠦ ᠴᠢᠳᠠᠭᠰᠠᠨ ᠪᠠᠶᠢᠨ᠎ᠠ᠃ ︽ | ᠰᠤᠷᠤᠭᠰᠠᠨ ᠵᠠᠩ ᠢ ᠰᠤᠷ ᠢᠶᠠᠷ ᠪᠤᠭᠤᠭᠰᠠᠨ ᠴᠦ ᠬᠠᠯᠠᠵᠦ ᠲᠡᠶᠢᠯᠬᠦ ᠦᠭᠡᠢ ᠭᠡᠳᠡᠭᠴᠢᠯᠠᠨ︾ ᠭᠠᠩᠭᠠᠩ ᠬᠡᠤᠬᠡᠨ ᠳᠤ | ᠨᠢᠯᠬ᠎ᠠ ᠪᠠᠭ᠎ᠠ ᠠᠴᠠ ᠨᠢ ᠦᠯᠢᠭᠡᠷ ᠲᠡᠤᠬᠡ ᠰᠤᠨᠤᠰᠬᠤ᠂ ᠨᠤᠮ ᠤᠩᠰᠢᠬᠤ᠂ ᠦᠪᠡᠷ ᠢᠶᠠᠨ ᠪᠡᠶᠡᠴᠢᠯᠡᠨ ᠤᠷᠤᠯᠴᠠᠬᠤ᠂ | ᠴᠠᠭ ᠢ ᠪᠠᠷᠢᠮᠳᠠᠯᠠᠬᠤ᠂ ᠴᠢᠳᠠᠬᠤ ᠦᠭᠡᠢ ᠮᠡᠳᠡᠭᠦ ᠦᠭᠡᠢ ᠪᠠᠨ ᠬᠦᠮᠦᠨ ᠠᠴᠠ ᠠᠰᠠᠭᠤᠬᠤ ᠪᠤᠶᠤ ᠦᠪᠡᠷ ᠤᠨ ᠭᠡᠰᠡᠨ | ᠠᠮᠢᠳᠤᠷᠠᠯ ᠤᠨ ᠵᠤᠷᠰᠢᠯ ᠲᠠᠢ ᠪᠠᠶᠢᠬᠤ ᠵᠡᠷᠭᠡ ᠲᠠᠳᠬᠠᠯ ᠤᠨ ᠬᠦᠮᠦᠵᠢᠯ ᠢ ᠨᠠᠷᠢᠨ ᠨᠢᠭᠲᠠ ᠰᠠᠶᠢᠬᠠᠨ ᠮᠡᠳᠡᠭᠦᠯᠦᠨ | ᠰᠤᠷᠭᠠᠭᠰᠠᠨ ᠪᠠᠶᠢᠨ᠎ᠠ᠃ ᠵᠢᠱᠢᠶᠡᠯᠡᠪᠡᠯ᠂ ᠬᠡᠤᠬᠡᠨ ᠳᠤ ᠪᠠᠨ ︽ᠭᠤᠷᠪᠠᠨ ᠤᠯᠤᠰ ᠤᠨ ᠦᠯᠢᠭᠡᠷ︾ ᠵᠡᠷᠭᠡ | ᠦᠯᠢᠭᠡᠷᠲᠦ ᠨᠤᠮ ᠢ ᠤᠩᠰᠢᠨ ᠰᠤᠨᠤᠰᠬᠠᠬᠤ ᠪᠠᠷ ᠲᠠᠮᠵᠢᠭᠤᠯᠤᠨ ᠨᠤᠮ ᠤᠩᠰᠢᠬᠤ ᠲᠠᠳᠬᠠᠯ ᠤᠨ ᠬᠦᠮᠦᠵᠢᠯ ᠢ ᠬᠢᠵᠦ᠂ | ᠨᠤᠮ ᠲᠡᠪᠲᠡᠷ ᠲᠤ ᠲᠤᠷ᠎ᠡ ᠪᠠᠬ᠎ᠠ ᠲᠠᠢ ᠪᠤᠯᠭᠠᠬᠤ ᠲᠡᠰᠢ ᠬᠦᠲᠦᠯᠦᠭᠰᠡᠨ ᠪᠠᠶᠢᠨ᠎ᠠ᠃ ᠲᠠᠳᠬᠠᠯ ᠭᠡᠵᠦ ᠰᠠᠶᠢᠨ | ᠮᠠᠭᠤ ᠶᠢ ᠢᠯᠭᠠᠬᠤ ᠦᠭᠡᠢ ᠨᠢᠭᠡᠨᠲᠡ ᠪᠦᠷᠢᠯᠳᠦᠴᠢᠭᠡᠪᠡᠯ ᠬᠠᠯᠠᠬᠤ ᠳᠤ ᠬᠦᠴᠢᠷᠲᠡᠢ ᠪᠠᠶᠢᠳᠠᠭ᠃ ᠭᠠᠩᠭᠠᠩ ᠬᠡᠤᠬᠡᠨ | ᠨᠢᠯᠬ᠎ᠠ ᠪᠠᠭ᠎ᠠ ᠠᠴᠠ ᠪᠠᠨ ᠨᠤᠮ ᠤᠩᠰᠢᠬᠤ ᠲᠠᠳᠬᠠᠯ ᠲᠠᠢ ᠪᠤᠯᠴᠢᠬᠠᠭᠰᠠᠨ ᠤᠴᠢᠷ ᠠᠴᠠ ᠶᠡᠭᠡ ᠪᠤᠯᠤᠭᠰᠠᠨ ᠤ | ᠲᠠᠷᠠᠭ᠎ᠠ ᠨᠤᠮ ᠲᠠᠢ ᠬᠠᠨᠢᠯᠠᠵᠦ᠂ ᠨᠤᠮ ᠲᠠᠢ ᠨᠦᠬᠦᠷᠯᠡᠨ ᠦᠪᠡᠷ ᠤᠨ ᠤᠶᠤᠨ ᠤᠬᠠᠭᠠᠨ ᠢᠶᠠᠨ ᠰᠡᠭᠡᠭᠡᠷᠡᠭᠦᠯᠬᠦ ᠳᠤ | ᠬᠡᠷᠡᠭᠴᠡᠭᠡ ᠪᠦᠬᠦᠢ ᠵᠦᠪ ᠡᠨᠧᠷᠬᠢ ᠶᠢ ᠬᠤᠷᠠᠮᠳᠤᠭᠤᠯᠵᠦ ᠴᠢᠳᠠᠭᠰᠠᠨ ᠪᠠᠶᠢᠨ᠎ᠠ᠃ ᠡᠭᠦᠨ ᠤ ᠰᠠᠭᠤᠷᠢᠨ ᠲᠡᠭᠡᠷ᠎ᠡ᠂ | ᠪᠡᠶ᠎ᠡ ᠪᠠᠨ ᠲᠠᠭᠠᠭᠠᠵᠦ ᠰᠡᠳᠭᠢᠨ ᠪᠤᠳᠤᠯᠬᠢᠯᠠᠬᠤ ᠴᠢᠳᠠᠪᠤᠷᠢ ᠲᠠᠢ ᠪᠤᠯᠵᠦ ᠴᠢᠳᠠᠭᠰᠠᠨ ᠨᠢ ᠭᠠᠩᠭᠠᠩ ᠬᠡᠤᠬᠡᠨ ᠤ | ᠠᠮᠵᠢᠯᠲᠠ ᠤᠯᠬᠤ ᠳᠤ ᠬᠠᠮᠤᠭ ᠤᠨ ᠶᠡᠭᠡ ᠲᠦᠯᠬᠢᠴᠡ ᠦᠢᠯᠡᠳᠤᠯ ᠦᠵᠡᠭᠦᠯᠵᠠᠢ ᠭᠡᠵᠦ ᠬᠡᠯᠡᠵᠦ ᠪᠤᠯᠬᠤ ᠶᠤᠮ᠃ | ᠲᠦᠷᠪᠡ ᠳᠤ᠂ ᠨᠢᠯᠬ᠎ᠠ ᠪᠠᠭ᠎ᠠ ᠠᠴᠠ ᠤᠢ ᠤᠬᠠᠭᠠᠨ ᠢ ᠭᠡᠭᠡᠷᠡᠬᠦᠯᠬᠦ ᠬᠦᠮᠦᠵᠢᠯ ᠢ ᠴᠢᠬᠤᠯᠠᠴᠢᠯᠠᠨ | ᠠᠳᠬᠤᠭᠰᠠᠨ ᠪᠠᠶᠢᠨ᠎ᠠ᠃ ᠭᠠᠩᠭᠠᠩ ᠤᠨ ᠨᠠᠭᠠᠴᠦ ᠡᠮᠡᠭᠡ ᠨᠢ ᠬᠦᠳᠡᠭᠡ ᠨᠤᠲᠤᠭ ᠤᠨ ᠲᠠᠩᠰᠤᠭ ᠪᠠᠶᠢᠭᠠᠯᠢ ᠶᠢᠨ | ᠡᠪᠡᠰᠦ ᠤᠷᠭᠤᠮᠠᠯ ᠪᠤᠯᠤᠨ ᠦᠪᠡᠷ ᠤᠨ ᠡᠲᠦᠷ ᠲᠤᠲᠤᠮ ᠤᠨ ᠠᠮᠢᠳᠤᠷᠠᠯ ᠲᠤᠮᠳᠠᠬᠢ ᠵᠡᠬᠦᠦ ᠰᠦᠪᠡᠯᠡᠭᠦᠯᠬᠦ᠂ ᠵᠢᠷᠤᠭ | ᠵᠢᠷᠤᠬᠤ ᠪᠤᠶᠤ ᠬᠠᠶᠢᠴᠢᠯᠠᠮᠠᠯ ᠬᠠᠶᠢᠴᠢᠯᠠᠭᠤᠯᠬᠤ ᠵᠡᠷᠭᠡ ᠡᠩ ᠤᠨ ᠵᠦᠢᠯᠡᠰ ᠢᠶᠠᠷ ᠲᠡᠳᠡᠨ ᠤ ᠬᠤᠭᠤᠷᠤᠨᠳᠤᠬᠢ | ᠬᠠᠷᠢᠯᠴᠠᠭᠠᠨ ᠤ ᠰᠦᠪᠡᠭᠴᠢ ᠪᠤᠯᠭᠠᠬᠤ ᠪᠤᠶᠤ ᠨᠤᠲᠤᠭ ᠤᠰᠤᠨ ᠤ ᠬᠠᠮᠢᠶ᠎ᠠ ᠲᠠᠢ ᠦᠯᠢᠭᠡᠷ ᠵᠤᠭᠤᠭ ᠢ ᠶᠠᠷᠢᠵᠦ | ᠰᠤᠨᠤᠰᠬᠠᠳᠠᠭ ᠪᠠᠶᠢᠵᠠᠢ᠃ ᠡᠨᠡ ᠨᠢ ᠭᠠᠩᠭᠠᠩ ᠤᠨ ᠨᠢᠯᠬ᠎ᠠ ᠦᠶ᠎ᠡ ᠶᠢᠨ ᠤᠢ ᠤᠬᠠᠭᠠᠨ ᠢ ᠨᠢ ᠭᠡᠭᠡᠷᠡᠬᠦᠯᠬᠦ ᠳᠤ | ᠰᠠᠭᠤᠷᠢ ᠪᠦᠬᠦᠢ ᠦᠢᠯᠡᠳᠤᠯ ᠢ ᠦᠵᠡᠭᠦᠯᠵᠦ ᠴᠢᠳᠠᠭᠰᠠᠨ ᠭᠡᠵᠦ ᠦᠵᠡᠵᠦ ᠪᠠᠶᠢᠨ᠎ᠠ᠃ ᠤᠴᠢᠷ ᠨᠢ ᠶᠠᠭᠤ ᠭᠡᠪᠡᠯ᠂ ︽ | ᠬᠦᠮᠦᠨ ᠡᠬᠡ ᠶᠢᠨ ᠬᠡᠪᠡᠯᠢ ᠠᠴᠠ ᠲᠦᠷᠦᠮᠡᠭᠴᠡ ᠠᠪᠢᠶᠠᠰ ᠪᠢᠯᠢᠭ ᠲᠡᠭᠦᠯᠳᠡᠷ ᠪᠠᠶᠢᠳᠠᠭ ᠦᠭᠡᠢ᠂ ᠬᠠᠷᠢᠨ | ᠬᠤᠵᠢᠮ ᠤᠨ ᠭᠡᠷ ᠪᠦᠯᠢ ᠶᠢᠨ ᠤᠷᠴᠢᠨ ᠲᠤᠭᠤᠷᠢᠨ ᠤ ᠨᠦᠯᠦᠭᠡᠯᠡᠯ ᠢᠶᠠᠷ ᠲᠠᠮᠵᠢᠨ ᠤᠢ ᠤᠬᠠᠭᠠᠨ ᠨᠢ ᠨᠡᠬᠡᠭᠡᠭᠳᠡᠳᠡᠭ᠂ | ᠭᠡᠬᠦ ᠳᠤ ᠪᠠᠨ ᠤᠢ ᠪᠢᠯᠢᠭ ᠤᠨ ᠨᠡᠬᠡᠭᠡᠭᠳᠡᠬᠦ ᠬᠡᠮᠵᠢᠶ᠎ᠡ ᠨᠢ ᠬᠦᠮᠦᠨ ᠬᠦᠮᠦᠨ ᠠᠳᠠᠯᠢ ᠦᠭᠡᠢ ᠪᠠᠶᠢᠳᠠᠭ︾ ᠭᠡᠵᠦ | ᠶᠠᠷᠢᠳᠠᠭ ᠨᠢ ᠲᠠᠷᠤᠢ ᠬᠡᠤᠬᠡᠳ ᠤᠨ ᠤᠢ ᠤᠬᠠᠭᠠᠨ ᠤ ᠨᠡᠬᠡᠭᠡᠯᠲᠡ ᠨᠢᠯᠬ᠎ᠠ ᠦᠶ᠎ᠡ ᠶᠢᠨ ᠬᠦᠮᠦᠵᠢᠯ ᠲᠠᠢ ᠰᠢᠭᠤᠳ | ᠬᠤᠯᠪᠤᠭ᠎ᠠ ᠲᠠᠢ ᠭᠡᠳᠡᠭ ᠢ ᠬᠡᠯᠡᠵᠦ ᠪᠠᠶᠢᠭ᠎ᠠ ᠶᠠᠪᠤᠳᠠᠯ ᠪᠤᠯᠬᠤ ᠶᠤᠮ᠃ ᠬᠡᠤᠬᠡᠳ ᠦᠰᠭᠡᠬᠦ ᠳᠤ ᠶᠠᠮᠠᠷ ᠴᠦ ᠭᠦᠴᠦ | ᠬᠦᠯᠦᠰᠦ ᠤᠷᠤᠰᠬᠠᠬᠤ ᠦᠭᠡᠢ ᠬᠠᠶᠠᠭᠠᠨ ᠳᠤ ᠨᠢ ᠬᠠᠶᠠᠭᠰᠠᠨ ᠬᠡᠤᠬᠡᠳ ᠪᠤᠯᠤᠨ ᠶᠡᠬᠡᠭᠡᠨ ᠬᠦᠴᠦ ᠬᠦᠯᠦᠰᠦ | ᠵᠠᠷᠤᠴᠠᠭᠤᠯᠤᠭᠰᠠᠨ ᠬᠡᠤᠬᠡᠳ ᠤᠨ ᠮᠡᠳᠡᠯᠭᠡ ᠰᠤᠷᠬᠤ ᠤᠢ ᠪᠢᠯᠢᠭ ᠤᠨ ᠨᠡᠬᠡᠭᠡᠭᠳᠡᠬᠦ ᠬᠡᠮᠵᠢᠶ᠎ᠡ ᠨᠢ ᠠᠳᠠᠯᠢ ᠦᠭᠡᠢ ᠪᠠᠷ | ᠪᠠᠷᠠᠬᠤ ᠦᠭᠡᠢ᠂ ᠬᠤᠵᠢᠮ ᠬᠤᠶᠢᠨ᠎ᠠ ᠰᠤᠷᠭᠠᠭᠤᠯᠢ ᠲᠠᠪᠰᠢᠬᠤ ᠶᠢ ᠰᠢᠭᠤᠳ ᠨᠦᠯᠦᠭᠡᠯᠡᠵᠤ᠂ ᠠᠵᠢᠯ ᠠᠮᠢᠳᠤᠷᠠᠯ ᠤᠨ | ᠲᠠᠯ᠎ᠠ ᠳᠤ ᠪᠠᠰᠠ ᠪᠦᠷᠢᠮᠤᠰᠤᠨ ᠠᠳᠠᠯᠢ ᠦᠭᠡᠢ ᠦᠷ᠎ᠡ ᠳ᠋ᠦᠩ ᠢ ᠠᠪᠴᠢᠷᠠᠳᠠᠭ ᠶᠤᠮ᠃ ᠬᠦᠳᠡᠭᠡ ᠲᠤᠰᠬᠤᠨ ᠤ | ᠦᠨᠳᠦᠰᠦᠨ ᠱᠠᠳᠤᠨ ᠳᠤ ᠪᠠᠭᠰᠢᠯᠠᠵᠦ ᠪᠦᠬᠦᠢ ᠤᠳᠤᠨ ᠪᠠᠭᠰᠢ ᠶᠢᠨ ᠬᠡᠤᠬᠡᠨ ᠭᠠᠩᠭᠠᠩ ᠤᠨ ᠪᠦᠬᠦ ᠤᠯᠤᠰ ᠤᠨ | ᠨᠢᠭᠡᠲᠦᠯᠲᠡᠢ ᠰᠢᠯᠭᠠᠯᠲᠠ ᠳᠤ ᠤᠨᠴᠠ ᠦᠨᠳᠦᠷ ᠬᠢᠷᠢ ᠪᠦᠲᠦᠮᠵᠢ ᠶᠢ ᠰᠢᠯᠭᠠᠨ ᠤᠯᠵᠦ᠂ ᠤᠯᠤᠰ ᠤᠨ | ᠭᠤᠤᠯᠳᠠᠯᠭ᠎ᠠ ᠲᠠᠢ ᠰᠤᠷᠭᠠᠭᠤᠯᠢ ᠳᠤ ᠡᠯᠰᠡᠭᠳᠡᠨ ᠤᠷᠤᠭᠰᠠᠨ ᠶᠠᠪᠤᠳᠠᠯ ᠪᠤᠯ ᠨᠢᠯᠬ᠎ᠠ ᠪᠠᠭ᠎ᠠ ᠠᠴᠠ ᠤᠢ ᠤᠬᠠᠭᠠᠨ ᠢ | ᠭᠡᠭᠡᠷᠡᠭᠦᠯᠬᠦ ᠬᠦᠮᠦᠵᠢᠯ ᠢ ᠴᠢᠬᠤᠯᠠᠴᠢᠯᠠᠨ ᠠᠳᠬᠤᠭᠰᠠᠨ ᠲᠠᠢ ᠰᠢᠭᠤᠳ ᠬᠤᠯᠪᠤᠭ᠎ᠠ ᠲᠠᠢ᠃ | ᠲᠠᠪᠤ ᠳᠤ᠂ ᠦᠪᠡᠷ ᠤᠨ ᠪᠡᠶ᠎ᠡ ᠪᠠᠷ ᠦᠯᠢᠭᠡᠷ ᠲᠠᠭᠤᠷᠢᠶᠠᠯ ᠪᠤᠯᠬᠤ ᠦᠢᠯᠡᠳᠤᠯ ᠢ ᠪᠠᠳᠠᠷᠠᠭᠤᠯᠵᠦ ᠴᠢᠳᠠᠭᠰᠠᠨ | ᠪᠠᠶᠢᠨ᠎ᠠ᠃ ᠭᠠᠩᠭᠠᠩ ᠤᠨ ᠦᠨᠦᠲᠦᠷ ᠤᠨ ᠠᠮᠵᠢᠯᠲᠠ ᠤᠯᠤᠭᠰᠠᠨ ᠤ ᠭᠤᠤᠯ ᠰᠢᠯᠲᠠᠭᠠᠨ ᠨᠢ ᠲᠡᠭᠦᠨ ᠤ ᠨᠠᠭᠠᠴᠦ | ᠡᠮᠡᠭᠡ ᠪᠤᠶᠤ ᠦᠪᠡᠷ ᠤᠨ ᠡᠵᠢ ᠠᠪᠤ ᠨᠢ ᠪᠡᠶ᠎ᠡ ᠪᠠᠷ ᠢᠶᠠᠨ ᠬᠡᠤᠬᠡᠳ ᠤᠨ ᠢᠶᠠᠨ ᠰᠠᠶᠢᠨ ᠰᠠᠶᠢᠬᠠᠨ ᠰᠤᠷᠤᠯᠴᠠᠬᠤ | ᠦᠯᠢᠭᠡᠷ ᠲᠠᠭᠤᠷᠢᠶᠠᠯ ᠪᠤᠯᠵᠦ ᠴᠢᠳᠠᠭᠰᠠᠨ ᠢᠶᠠᠷ ᠪᠠᠷᠠᠬᠤ ᠦᠭᠡᠢ᠂ ᠭᠤᠷᠪᠠᠨ ᠦᠶ᠎ᠡ ᠪᠠᠷ ᠢᠶᠠᠨ ᠰᠡᠳᠭᠢᠯ ᠨᠢᠭᠡᠲᠦᠨ | ᠴᠢᠷᠮᠠᠶᠢᠭᠰᠠᠨ ᠲᠠᠢ ᠰᠢᠭᠤᠳ ᠬᠤᠯᠪᠤᠭ᠎ᠠ ᠲᠠᠢ᠃ ᠭᠠᠩᠭᠠᠩ ᠤᠨ ᠨᠠᠭᠠᠴᠦ ᠡᠮᠡᠭᠡ ᠨᠢ ᠲᠤᠬᠠᠢ ᠶᠢᠨ ᠦᠶ᠎ᠡ ᠶᠢᠨ | ᠬᠠᠲᠠᠭᠤ ᠵᠦᠳᠡᠬᠦᠦ ᠠᠮᠢᠳᠤᠷᠠᠯ ᠤᠨ ᠨᠦᠬᠦᠴᠡᠯ ᠲᠤᠤᠷ᠎ᠡ ᠭᠠᠩᠭᠠᠩ ᠤᠨ ᠡᠵᠢ ᠤᠳᠤᠨ ᠪᠠᠭᠰᠢ ᠶᠢ ᠰᠠᠶᠢᠨ ᠰᠠᠶᠢᠬᠠᠨ | ᠰᠤᠷᠭᠠᠨ ᠬᠦᠮᠦᠵᠢᠬᠦᠯᠵᠦ ᠴᠢᠳᠠᠭᠰᠠᠨ ᠦᠭᠡᠢ ᠪᠤᠯᠬᠤ ᠳᠤ ᠬᠦᠷᠪᠡᠯ᠂ ᠤᠳᠤᠨ ᠪᠠᠭᠰᠢ ᠪᠠᠰᠠ ᠬᠡᠤᠬᠡᠨ ᠢᠶᠠᠨ | ᠢᠩᠭᠢᠵᠦ ᠨᠠᠷᠢᠨ ᠨᠢᠭᠲᠠ ᠬᠦᠮᠦᠵᠢᠬᠦᠯᠦᠨ ᠰᠤᠷᠭᠠᠵᠦ ᠦᠨᠦᠲᠦᠷ ᠤᠨ ᠬᠡᠮᠵᠢᠶᠡᠨ ᠳᠤ ᠬᠦᠷᠭᠡᠵᠦ ᠴᠢᠳᠠᠬᠤ ᠭᠡᠵᠦ | ᠪᠡᠷᠭᠡᠲᠡᠢ ᠪᠠᠶᠢᠳᠠᠭ ᠶᠤᠮ᠃ ᠤᠳᠤ ᠶᠢᠨ ᠨᠡᠶᠢᠭᠡᠮ ᠳᠤ ᠦᠶ᠎ᠡ ᠠᠯᠤᠰᠯᠠᠭᠰᠠᠨ ᠰᠤᠷᠭᠠᠨ ᠬᠦᠮᠦᠵᠢᠯ ᠤᠨ ᠮᠠᠭᠤ | ᠲᠠᠯ᠎ᠠ ᠶᠢᠨ ᠨᠦᠯᠦᠭᠡᠨ ᠤ ᠲᠤᠬᠠᠢ ᠶᠠᠷᠢᠬᠤ ᠬᠦᠮᠦᠨ ᠤᠯᠠᠨ ᠪᠠᠶᠢᠳᠠᠭ ᠪᠤᠯᠪᠠᠴᠦ᠂ ᠭᠠᠩᠭᠠᠩ ᠤᠨ ᠨᠠᠭᠠᠴᠦ ᠡᠮᠡᠭᠡ | ᠰᠢᠭ ᠢᠩᠭᠢᠵᠦ ᠦᠪᠡᠷ ᠤᠨ ᠪᠡᠶ᠎ᠡ ᠪᠠᠷ ᠢᠶᠠᠨ ᠦᠯᠢᠭᠡᠷ ᠲᠠᠭᠤᠷᠢᠶᠠᠯ ᠪᠤᠯᠵᠦ ᠦᠷ᠎ᠡ ᠤᠮᠪᠤᠯᠤ ᠪᠠᠨ ᠨᠠᠷᠢᠯᠢᠬ ᠰᠠᠶᠢᠬᠠᠨ | ᠬᠦᠮᠦᠵᠢᠭᠦᠯᠦᠨ ᠰᠤᠷᠭᠠᠵᠦ ᠴᠢᠳᠠᠬᠤ ᠦᠯᠢᠭᠡᠷ ᠵᠢᠱᠢᠶ᠎ᠡ ᠴᠦᠬᠡᠨ ᠰᠤᠨᠤᠰᠳᠠᠭ᠃ ᠤᠯᠠᠩᠬᠢ ᠡᠪᠦᠭᠡ ᠡᠮᠡᠭᠡ | ᠪᠤᠯᠤᠭᠰᠠᠳ ᠦᠷ᠎ᠡ ᠬᠡᠤᠬᠡᠳ ᠤᠨ ᠢᠶᠠᠨ ᠪᠡᠶ᠎ᠡ ᠮᠠᠬᠠᠪᠤᠳ ᠤᠨ ᠬᠦᠮᠦᠵᠢᠯ ᠢ ᠴᠢᠬᠤᠯᠠᠴᠢᠯᠠᠭᠠᠳ ᠤᠶᠤᠨ ᠤ | ᠬᠦᠮᠦᠵᠢᠯ ᠢ ᠤᠮᠳᠤᠭᠠᠶᠢᠯᠠᠬᠤ ᠠᠴᠠ ᠪᠤᠯᠵᠦ ᠠᠯᠵᠠᠭᠤ ᠵᠠᠯᠬᠠᠭᠤ᠂ ᠯᠠᠷᠵᠠᠯᠠᠵᠦ ᠶᠠᠩᠪᠠᠭᠠᠯᠠᠬᠤ ᠪᠤᠶᠤ ᠬᠦᠴᠢᠷ ᠠᠴᠠ | ᠠᠶᠤᠬᠤ ᠮᠡᠲᠦ ᠨᠠᠵᠠᠭᠠᠢ ᠰᠤᠷᠲᠠᠯ ᠲᠠᠢ ᠬᠡᠤᠬᠡᠳ ᠤᠯᠠᠰᠢᠷᠠᠵᠦ ᠪᠠᠶᠢᠨ᠎ᠠ᠃ | ᠵᠢᠷᠭᠤᠭ᠎ᠠ ᠳᠤ᠂ ᠡᠵᠢ ᠠᠪᠤ ᠪᠤᠯᠤᠭᠰᠠᠳ ᠬᠡᠤᠬᠡᠳ ᠤᠨ ᠢᠶᠠᠨ ᠰᠤᠳᠤᠯᠤᠭᠠᠴᠢ ᠪᠤᠯᠵᠦ ᠴᠢᠳᠠᠭᠰᠠᠨ ᠪᠠᠶᠢᠨ᠎ᠠ᠃ | ᠭᠠᠩᠭᠠᠩ ᠢ ᠬᠦᠮᠦᠵᠢᠬᠦᠯᠬᠦ ᠲᠤᠮᠲᠠ ᠡᠵᠢ ᠠᠪᠤ ᠨᠢ ᠬᠡᠤᠬᠡᠨ ᠢᠶᠠᠨ ᠵᠦᠪᠬᠡᠨ ᠬᠢᠴᠢᠶᠡᠯ ᠰᠤᠷᠤᠯᠴᠠᠯᠭ᠎ᠠ ᠳᠤ ᠨᠢ | ᠱᠠᠭᠠᠷᠳᠠᠭᠰᠠᠨ ᠪᠠᠰᠢ ᠬᠠᠷᠢᠨ ᠲᠡᠭᠦᠨ ᠢ ᠡᠯ᠎ᠡ ᠲᠡᠯ᠎ᠡ ᠶᠢᠨ ᠢᠯᠡᠷᠡᠯ ᠪᠠᠶᠢᠳᠠᠯ ᠢ ᠨᠠᠷᠢᠨ ᠠᠵᠢᠭᠯᠠᠵᠦ᠂ ᠬᠡᠤᠬᠡᠨ ᠤ ᠪᠠᠨ | ᠤᠳᠠᠭ᠎ᠠ ᠲᠠᠷᠠᠭᠠᠯᠠᠨ ᠢᠯᠡᠷᠡᠬᠦ ᠤᠮᠤᠷᠬᠠᠭ ᠰᠠᠭᠰᠠᠭᠤ ᠵᠠᠩ ᠢ ᠨᠢ ᠴᠠᠭ ᠲᠤᠬᠠᠢ ᠳᠤ ᠨᠢ ᠠᠵᠢᠭᠯᠠᠨ ᠮᠡᠳᠡᠵᠦ᠂ | ᠵᠤᠬᠢᠰᠲᠡᠢ ᠰᠠᠶᠢᠬᠠᠨ ᠰᠢᠢᠳᠪᠦᠷᠢᠯᠡᠵᠦ ᠪᠠᠶᠢᠭᠰᠠᠨ ᠤᠳᠠᠭ᠎ᠠ ᠲᠠᠢ᠃ ᠭᠠᠩᠭᠠᠩ ᠬᠡᠤᠬᠡᠨ ᠡᠪᠡᠳᠴᠢᠯᠡᠨ ᠡᠮᠨᠡᠯᠭᠡ ᠳᠤ | ᠨᠢᠭᠡ ᠰᠠᠷ᠎ᠡ ᠰᠢᠬᠠᠮ ᠡᠮᠨᠡᠭᠦᠯᠵᠦ ᠪᠠᠶᠢᠬᠤ ᠬᠤᠭᠤᠴᠠᠭᠠᠨ ᠳᠤ ᠡᠵᠢ ᠠᠪᠤ ᠨᠢ ᠬᠡᠤᠬᠡᠨ ᠠᠴᠠ ᠪᠠᠨ ᠰᠠᠯᠤᠯ ᠦᠭᠡᠢ | ᠠᠰᠠᠷᠠᠵᠦ ᠰᠤᠪᠢᠯᠠᠬᠤ ᠶᠢᠨ ᠲᠠᠭᠠᠤ ᠬᠢᠴᠢᠶᠡᠯ ᠰᠤᠷᠤᠯᠭ᠎ᠠ ᠶᠢ ᠨᠢ ᠵᠢᠭᠠᠨ ᠵᠢᠯᠤᠭᠤᠳᠤᠭᠰᠠᠨ ᠪᠠᠶᠢᠨ᠎ᠠ᠃ ᠡᠭᠦᠨ ᠢᠶᠠᠷ | ᠪᠠᠷᠠᠬᠤ ᠦᠭᠡᠢ᠂ ᠵᠢᠷᠭᠤᠳᠤᠭᠠᠷ ᠤᠨ ᠤ ᠲᠡᠭᠦᠰᠬᠦ ᠰᠢᠯᠭᠠᠯᠲᠠ ᠳᠤ ᠬᠡᠤᠬᠡᠨ ᠨᠢ ᠠᠯᠬᠤᠵᠦ ᠲᠡᠶᠢᠯᠬᠦ ᠦᠭᠡᠢ ᠪᠠᠶᠢᠳᠠᠯ | ᠲᠤᠤᠷ᠎ᠡ᠂ ᠲᠡᠭᠦᠨ ᠢ ᠠᠰᠠᠷ ᠲᠡᠭᠡᠷ᠎ᠡ ᠡᠭᠦᠷᠦᠨ ᠭᠠᠷᠭᠠᠵᠦ ᠰᠢᠯᠭᠠᠯᠲᠠ ᠳᠤ ᠤᠷᠤᠯᠴᠠᠭᠤᠯᠤᠭᠰᠠᠨ ᠵᠡᠷᠭᠡ ᠶᠠᠪᠤᠳᠠᠯ ᠨᠢ | ᠭᠠᠩᠭᠠᠩ ᠬᠡᠤᠬᠡᠨ ᠳᠤ ᠮᠠᠰᠢ ᠶᠡᠭᠡ ᠰᠡᠳᠭᠢᠯ ᠤᠨ ᠵᠤᠷᠢᠬᠵᠢᠭᠤᠯᠤᠯ ᠪᠤᠯᠤᠭᠰᠠᠨ ᠶᠤᠮ᠃ ᠡᠳᠡᠭᠡᠷ ᠦᠢᠯᠡ | ᠶᠠᠪᠤᠳᠠᠯ ᠤᠨ ᠦᠩᠭᠡᠷᠡᠯᠲᠡ ᠪᠠᠷ ᠲᠡᠮᠵᠢᠨ ᠭᠠᠩᠭᠠᠩ ᠬᠡᠤᠬᠡᠨ ᠠᠪᠤ ᠡᠵᠢ ᠶᠢᠨ ᠢᠶᠠᠨ ᠰᠡᠳᠭᠢᠯ ᠢ ᠤᠶᠢᠯᠠᠭᠠᠨ᠂ ᠦᠨᠡᠨ | ᠰᠡᠳᠭᠢᠯ ᠠᠴᠠ ᠪᠠᠨ ᠢᠲᠡᠭᠡᠨ ᠪᠢᠰᠢᠷᠡᠬᠦ ᠪᠤᠯᠤᠭᠰᠠᠨ ᠪᠠᠶᠢᠨ᠎ᠠ᠃ ᠡᠨᠡ ᠪᠤᠯ ᠡᠵᠢ ᠠᠪᠤ ᠶᠢᠨ ᠬᠢᠨᠢ ᠬᠡᠤᠬᠡᠨ ᠢᠶᠠᠨ | ᠨᠠᠷᠢᠨ ᠬᠢᠨᠠᠮᠠᠭᠠᠢ ᠠᠵᠢᠭᠯᠠᠨ ᠰᠢᠨᠵᠢᠵᠦ᠂ ᠪᠠᠶᠢᠳᠠᠯ ᠳᠤ ᠨᠢ ᠲᠤᠬᠢᠷᠠᠭᠤᠯᠤᠨ ᠵᠦᠪ ᠰᠠᠶᠢᠬᠠᠨ ᠵᠢᠭᠠᠨ | ᠵᠢᠯᠤᠭᠤᠳᠤᠭᠰᠠᠨ ᠤ ᠬᠢᠨᠢ ᠦᠷ᠎ᠡ ᠳ᠋ᠦᠩ ᠪᠤᠯᠤᠨ᠎ᠠ᠃ | ᠲᠤᠯᠤᠭ᠎ᠠ ᠳᠤ᠂ ᠬᠡᠯᠡᠬᠦ ᠶᠢ ᠪᠢᠰᠢ ᠬᠢᠬᠦ ᠶᠢ ᠴᠢᠬᠤᠯᠠᠴᠢᠯᠠᠵᠦ᠂ ᠬᠡᠤᠬᠡᠳ ᠤᠨ ᠢᠶᠠᠨ ᠰᠡᠳᠭᠢᠯ ᠤᠨ ᠬᠠᠨᠢ | ᠪᠤᠯᠵᠦ ᠴᠢᠳᠠᠭᠰᠠᠨ ᠪᠠᠶᠢᠨ᠎ᠠ᠃ ᠭᠠᠩᠭᠠᠩ ᠤᠨ ᠡᠵᠢ ᠶᠢᠨ ᠬᠢᠨᠢ ᠶᠠᠷᠢᠶᠠᠨ ᠳᠤ ᠬᠡᠤᠬᠡᠨ ᠤ ᠢᠯᠡᠷᠡᠯ ᠪᠠᠶᠢᠳᠠᠯ ᠳᠤ | ᠠᠭᠤᠷᠯᠠᠵᠦ ᠤᠴᠠᠭᠠᠷᠯᠠᠭᠰᠠᠨ ᠵᠦᠢᠯ ᠤᠭᠲᠤ ᠬᠠᠷᠠᠭᠳᠠᠬᠤ ᠦᠭᠡᠢ ᠪᠠᠶᠢᠨ᠎ᠠ᠃ ᠲᠡᠷᠡ ᠦᠪᠡᠷ ᠤᠨ ᠬᠡᠤᠬᠡᠨ ᠤ ᠪᠠᠨ | ᠢᠯᠡᠷᠡᠯ ᠪᠠᠶᠢᠳᠠᠯ ᠢ ᠨᠠᠷᠢᠨ ᠬᠢᠨᠠᠮᠠᠭᠠᠢ ᠠᠵᠢᠭᠯᠠᠨ ᠰᠢᠨᠵᠢᠭᠰᠡᠨ ᠪᠠᠶᠢᠳᠠᠯ ᠲᠤᠤᠷ᠎ᠡ᠂ ᠦᠪᠡᠷ ᠢᠶᠠᠨ ᠦᠯᠢᠭᠡᠷ | ᠲᠠᠭᠤᠷᠢᠶᠠᠯ ᠪᠤᠯᠬᠤ ᠦᠢᠯᠡᠳᠤᠯ ᠢ ᠮᠠᠰᠢ ᠰᠠᠶᠢᠬᠠᠨ ᠬᠦᠢᠴᠡᠳᠭᠡᠵᠦ ᠴᠢᠳᠠᠵᠠᠢ᠃ ᠵᠢᠱᠢᠶᠡᠯᠡᠪᠡᠯ᠂ ᠨᠤᠮ ᠤᠨ | ᠰᠠᠩ ᠢᠶᠠᠷ ᠬᠡᠤᠬᠡᠨ ᠢᠶᠠᠨ ᠲᠠᠭᠠᠭᠤᠯᠵᠦ ᠨᠤᠮ ᠤᠩᠰᠢᠭᠤᠯᠬᠤ᠂ ᠡᠳᠦᠷ ᠪᠤᠯᠭᠠᠨ ᠶᠠᠭᠤ ᠰᠤᠷᠤᠭᠰᠠᠨ ᠢ ᠮᠠᠷᠲᠠᠯ ᠦᠭᠡᠢ | ᠠᠰᠠᠭᠤᠳᠠᠭ ᠪᠤᠶᠤ ᠲᠦᠩᠯᠢᠶᠤᠤ ᠬᠤᠲᠠᠨ ᠳᠤ ᠪᠢᠴᠢᠭ ᠦᠵᠡᠵᠦ ᠪᠠᠶᠢᠭᠰᠠᠨ ᠲᠠᠪᠤᠨ ᠵᠢᠯ ᠤᠨ ᠬᠤᠭᠤᠴᠠᠭᠠᠨ ᠳᠤ | ᠭᠠᠷᠠᠭ ᠪᠤᠯᠭᠠᠨ ᠬᠡᠤᠬᠡᠨ ᠲᠡᠭᠡᠷ᠎ᠡ ᠪᠠᠨ ᠤᠴᠢᠵᠦ᠂ ᠰᠤᠷᠤᠯᠭ᠎ᠠ ᠶᠢᠨ ᠲᠠᠯ᠎ᠠ ᠶᠢᠨ ᠠᠰᠠᠭᠤᠳᠠᠯ ᠢ ᠨᠢᠮᠪᠠᠢ ᠰᠠᠶᠢᠬᠠᠨ | ᠰᠢᠢᠳᠪᠦᠷᠢᠯᠡᠵᠦ ᠪᠠᠶᠢᠭᠰᠠᠨ ᠵᠡᠷᠭᠡ ᠨᠢ ᠬᠡᠯᠡᠬᠦ ᠶᠢ ᠴᠢᠬᠤᠯᠠᠴᠢᠯᠠᠭᠰᠠᠨ ᠪᠢᠰᠢ ᠬᠠᠷᠢᠨ ᠬᠢᠬᠦ ᠶᠢ ᠴᠢᠬᠤᠯᠠᠴᠢᠯᠠᠵᠦ᠂ | ᠬᠡᠤᠬᠡᠳ ᠤᠨ ᠢᠶᠠᠨ ᠰᠡᠳᠭᠢᠯ ᠤᠨ ᠬᠠᠨᠢ ᠪᠤᠯᠵᠦ ᠪᠠᠶᠢᠭᠰᠠᠨ ᠨᠢ ᠭᠠᠩᠭᠠᠩ ᠤᠨ ᠢᠲᠡᠭᠡᠯ ᠵᠤᠷᠢᠭ ᠢ ᠬᠦᠪᠴᠢᠯᠡᠵᠦ᠂ | ᠰᠤᠷᠤᠯᠭ᠎ᠠ ᠶᠢᠨ ᠠᠮᠢᠳᠤᠷᠠᠯ ᠳᠤ ᠲᠤᠩ ᠶᠡᠭᠡ ᠵᠤᠷᠢᠬᠵᠢᠭᠤᠯᠤᠯ ᠪᠤᠯᠵᠦ ᠪᠠᠶᠢᠭᠰᠠᠨ ᠭᠡᠵᠦ ᠦᠵᠡᠵᠦ ᠪᠠᠶᠢᠨ᠎ᠠ᠃ | ᠨᠠᠢᠮᠠ ᠳᠤ᠂ ᠰᠤᠷᠭᠠᠨ ᠬᠦᠮᠦᠵᠢᠯ ᠪᠤᠯ ᠨᠢᠭᠡᠨ ᠶᠡᠭᠡ ᠪᠡᠯᠡ ᠤᠷᠤᠭᠤᠯᠤᠯᠲᠡ ᠮᠦᠨ ᠭᠡᠰᠡᠨ ᠢ ᠵᠦᠪ ᠢᠶᠠᠷ | ᠲᠠᠨᠢᠵᠦ ᠦᠷ᠎ᠡ ᠠᠰᠢᠭ ᠲᠠᠢ ᠪᠡᠶᠡᠯᠡᠭᠦᠯᠵᠦ ᠴᠢᠳᠠᠭᠰᠠᠨ ᠭᠡᠵᠦ ᠦᠨᠡᠯᠡᠵᠦ ᠪᠤᠯᠤᠨ᠎ᠠ᠃ ᠤᠳᠤᠨ ᠪᠠᠭᠰᠢ ᠭᠠᠷᠠᠭ | ᠪᠤᠯᠭᠠᠨ ᠬᠡᠤᠬᠡᠨ ᠲᠡᠭᠡᠷ᠎ᠡ ᠪᠠᠨ ᠤᠴᠢᠵᠦ᠂ ᠬᠡᠤᠬᠡᠨ ᠤ ᠪᠠᠨ ᠪᠠᠶᠢᠳᠠᠯ ᠢ ᠯᠠᠪᠯᠠᠨ ᠤᠶᠢᠯᠠᠭᠠᠵᠦ᠂ ᠬᠡᠵᠢᠶᠡᠲᠡ ᠬᠢᠨᠠᠭᠤᠷ | ᠯᠠᠪᠳᠠᠭᠤᠨ ᠢᠶᠠᠷ ᠠᠰᠠᠭᠤᠳᠠᠯ ᠢ ᠵᠤᠬᠢᠰᠲᠡᠢ ᠰᠠᠶᠢᠬᠠᠨ ᠰᠢᠢᠳᠪᠦᠷᠢᠯᠡᠳᠡᠭ ᠪᠠᠶᠢᠵᠠᠢ᠃ ᠡᠨᠡ ᠨᠢ ᠬᠡᠳᠦ᠋ᠢᠪᠡᠷ ᠬᠡᠯᠡᠬᠦ ᠳᠤ | ᠬᠢᠯᠪᠠᠷ ᠪᠠᠶᠢᠳᠠᠭ ᠪᠤᠯᠪᠠᠴᠦ ᠬᠢᠬᠦ ᠳᠤ ᠲᠡᠶᠢᠮᠦ ᠬᠢᠯᠪᠡᠷ ᠶᠠᠪᠤᠳᠠᠯ ᠪᠢᠰᠢ ᠶᠤᠮ᠃ ᠤᠯᠠᠩᠬᠢ ᠬᠦᠮᠦᠰ ᠬᠡᠤᠬᠡᠳ ᠤᠨ | ᠬᠦᠮᠦᠵᠢᠯ ᠢ ᠵᠤᠭᠤᠰ ᠮᠦᠩᠬᠦ ᠲᠠᠢ ᠬᠤᠯᠪᠤᠭᠳᠠᠭᠤᠯᠤᠨ ᠶᠠᠷᠢᠬᠤ ᠪᠦᠭᠡᠳ ᠵᠤᠭᠤᠰ ᠮᠦᠩᠬᠦ ᠶᠢ ᠨᠢ ᠪᠤᠯᠤᠮᠵᠢᠲᠡᠢ | ᠰᠠᠶᠢᠬᠠᠨ ᠬᠠᠩᠭᠠᠴᠢᠬᠠᠪᠠᠯ ᠬᠡᠤᠬᠡᠳ ᠠᠶᠠᠨᠳᠠᠭᠠᠨ ᠰᠤᠷᠴᠢᠬᠠᠳᠠᠭ ᠭᠡᠵᠦ ᠦᠵᠡᠳᠡᠭ᠃ ᠭᠡᠪᠡᠴᠦ ᠲᠦᠮᠡᠨ ᠶᠠᠭᠤᠮ᠎ᠠ ᠶᠢ | ᠵᠤᠭᠤᠰ ᠢᠶᠠᠷ ᠬᠤᠳᠠᠯᠳᠤᠨ ᠠᠪᠴᠦ ᠲᠡᠶᠢᠯᠬᠦ ᠪᠤᠯᠪᠠᠴᠦ ᠮᠡᠳᠡᠯᠭᠡ ᠶᠢ ᠮᠦᠩᠬᠦ ᠪᠠᠷ ᠬᠤᠳᠠᠯᠳᠤᠨ ᠠᠪᠴᠦ ᠲᠡᠶᠢᠯᠬᠦ | ᠦᠭᠡᠢ ᠭᠡᠳᠡᠭ ᠮᠡᠷᠭᠡᠨ ᠦᠭᠡ ᠪᠠᠶᠢᠳᠠᠭ᠃ ᠦᠨᠡᠨ ᠢ ᠬᠡᠯᠡᠬᠦ ᠳᠤ ᠰᠤᠷᠬᠤ ᠭᠡᠳᠡᠭ ᠦᠢᠯᠡ ᠪᠤᠯ ᠬᠠᠮᠤᠭ ᠤᠨ | ᠰᠢᠷᠭᠠᠭᠤ ᠬᠠᠲᠠᠭᠤᠵᠢᠯᠲᠡᠢ ᠮᠦᠷᠲᠡᠭᠡᠨ ᠬᠡᠨ ᠴᠦ ᠭᠡᠰᠡᠨ ᠦᠭᠡᠢ ᠬᠢᠨ᠎ᠡ ᠭᠡᠪᠡᠯ ᠬᠢᠴᠢᠭᠡᠳᠡᠭ ᠬᠢᠯᠪᠠᠷᠬᠠᠨ ᠶᠠᠪᠤᠳᠠᠯ | ᠪᠢᠰᠢ ᠶᠤᠮ᠃ ᠰᠤᠷᠤᠭᠴᠢ ᠬᠦᠮᠦᠨ ᠪᠡᠶ᠎ᠡ ᠰᠡᠳᠭᠢᠯ ᠢᠶᠠᠨ ᠵᠦᠳᠡᠭᠡᠨ᠂ ᠤᠶᠤᠨ ᠤᠬᠠᠭᠠᠨ ᠢᠶᠠᠨ ᠰᠢᠪᠬᠠᠵᠦ ᠡᠷᠲᠡᠯᠡᠨ | ᠤᠷᠦ᠋ᠢᠯᠠᠨ ᠰᠤᠷᠤᠯᠴᠠᠬᠤ ᠶᠢᠨ ᠵᠡᠷᠭᠡ ᠳᠤ᠂ ᠡᠴᠢᠭᠡ ᠡᠬᠡ ᠪᠤᠯᠤᠭᠰᠠᠳ ᠴᠦ ᠬᠡᠤᠬᠡᠳ ᠠᠴᠠ ᠪᠠᠨ ᠢᠯᠡᠬᠦᠦ ᠰᠠᠨᠠᠭ᠎ᠠ | ᠪᠤᠯᠳᠠᠭ ᠤᠴᠢᠷ ᠲᠠᠢ᠃ ᠡᠨᠡ ᠪᠦᠬᠦᠨ ᠢ ᠵᠤᠭᠤᠰ ᠢᠶᠠᠷ ᠤᠷᠤᠯᠠᠭᠤᠯᠵᠦ ᠲᠡᠶᠢᠯᠬᠦ ᠦᠭᠡᠢ ᠪᠦᠭᠡᠳ ᠵᠤᠭᠤᠰ ᠠᠴᠠ | ᠲᠠᠪᠠᠭᠰᠠᠨ ᠦᠷᠲᠡᠭ ᠪᠦᠭᠦᠢ ᠶᠡᠭᠡ ᠪᠡᠯᠡ ᠤᠷᠤᠭᠤᠯᠤᠯᠲᠡ ᠭᠡᠵᠦ ᠬᠡᠯᠡᠵᠦ ᠪᠤᠯᠬᠤ ᠶᠤᠮ᠃ ᠡᠶᠢᠮᠦ ᠪᠠᠷ ᠢᠶᠠᠨ ᠪᠢᠲᠡ | ᠤᠳᠤᠨ ᠪᠠᠭᠰᠢ ᠶᠢᠨ ᠦᠪᠡᠷ ᠤᠨ ᠬᠡᠤᠬᠡᠨ ᠢᠶᠠᠨ ᠦᠰᠭᠡᠨ ᠬᠦᠮᠦᠵᠢᠬᠦᠯᠦᠭᠰᠡᠨ ᠠᠷᠭ᠎ᠠ ᠲᠤᠷᠰᠢᠯᠭ᠎ᠠ ᠠᠴᠠ | ᠬᠡᠤᠬᠡᠳ ᠤᠨ ᠬᠦᠮᠦᠵᠢᠯ ᠳᠤ ᠮᠦᠩᠬᠦ ᠵᠤᠭᠤᠰ ᠪᠠᠶᠢᠭᠠᠳ ᠯᠠ ᠪᠤᠯᠬᠤ ᠪᠢᠰᠢ᠂ ᠬᠠᠷᠢᠨ ᠬᠡᠤᠬᠡᠳ ᠤᠨ ᠢᠶᠠᠨ ᠰᠠᠨᠠᠭ᠎ᠠ | ᠰᠡᠳᠭᠢᠯᠭᠡ ᠶᠢ ᠤᠶᠢᠯᠠᠭᠠᠨ ᠮᠡᠳᠡᠵᠦ᠂ ᠬᠡᠤᠬᠡᠳ ᠤᠨ ᠢᠶᠠᠨ ᠦᠨᠡᠨ ᠰᠡᠳᠭᠢᠯ ᠤᠨ ᠬᠠᠨᠢ ᠪᠤᠯᠵᠦ ᠴᠢᠳᠠᠬᠤ ᠨᠢ | ᠬᠠᠮᠤᠭ ᠤᠨ ᠴᠢᠬᠤᠯᠠ ᠭᠡᠳᠡᠭ ᠢ ᠤᠶᠢᠯᠠᠭᠠᠨ ᠮᠡᠳᠡᠪᠡᠯ ᠲᠠᠭᠠᠷᠠᠬᠤ ᠶᠤᠮ᠃ | ᠬᠡᠤᠬᠡᠳ ᠪᠤᠯ ᠴᠡᠴᠡᠭ ᠬᠤᠸᠠᠷ ᠲᠠᠢ ᠠᠳᠠᠯᠢᠬᠠᠨ ᠪᠠᠶᠢᠵᠦ᠂ ᠲᠡᠳᠡᠨ ᠤ ᠦᠰᠦᠨ ᠲᠤᠷᠨᠢᠬᠤ ᠵᠢᠮ᠎ᠡ | ᠶᠤᠰᠤ ᠶᠢ ᠨᠢ ᠤᠶᠢᠯᠠᠭᠠᠨ ᠮᠡᠳᠡᠭᠰᠡᠨ ᠰᠠᠭᠤᠷᠢᠨ ᠲᠡᠭᠡᠷ᠎ᠡ᠂ ᠪᠠᠶᠢᠳᠠᠯ ᠳᠤ ᠨᠢ ᠵᠤᠬᠢᠴᠠᠭᠤᠯᠤᠨ ᠵᠢᠭᠠᠨ | ᠵᠢᠯᠤᠭᠤᠳᠬᠤ ᠪᠠᠷ ᠪᠠᠷᠠᠬᠤ ᠦᠭᠡᠢ ᠴᠢᠳᠠᠪᠤᠷᠢ ᠶᠢᠨ ᠪᠤᠭᠤᠮᠲᠠ ᠶᠢ ᠨᠢ ᠲᠤᠬᠢᠲᠠᠢ ᠴᠠᠭ ᠲᠤ ᠨᠢ ᠨᠡᠬᠡᠭᠡᠵᠦ ᠦᠭᠳᠡᠭ | ᠯᠠ ᠶᠤᠮ ᠪᠤᠯ ᠴᠢᠳᠠᠪᠤᠷᠢᠲᠠᠨ ᠪᠤᠯᠬᠤ ᠪᠤᠯᠤᠮᠵᠢ ᠬᠡᠤᠬᠡᠳ ᠪᠤᠯᠭᠠᠨ ᠳᠤ ᠠᠳᠠᠯᠢᠬᠠᠨ ᠪᠠᠶᠢᠨ᠎ᠠ᠃ ᠭᠡᠪᠡᠴᠦ ᠮᠠᠰᠢ | ᠤᠯᠠᠨ ᠡᠴᠢᠭᠡ ᠡᠬᠡ ᠪᠤᠯᠤᠭᠰᠠᠳ ᠬᠡᠤᠬᠡᠳ ᠤᠨ ᠢᠶᠠᠨ ᠲᠤᠷ᠎ᠡ ᠰᠤᠨᠢᠷᠬᠠᠯ ᠪᠤᠯᠤᠨ ᠠᠪᠢᠶᠠᠰ ᠴᠢᠳᠠᠪᠤᠷᠢ ᠶᠢᠨ | ᠬᠦᠮᠦᠵᠢᠯ ᠢ ᠬᠠᠮᠢᠶᠠᠷᠬᠤ ᠦᠭᠡᠢ᠂ ᠬᠠᠮᠢᠶ᠎ᠠ ᠨᠠᠮᠢᠶ᠎ᠠ ᠦᠭᠡᠢ ᠵᠢᠭᠠᠨ ᠵᠢᠯᠤᠭᠤᠳᠬᠤ ᠪᠤᠶᠤ ᠡᠰᠡᠭᠦᠯ᠎ᠡ | ᠬᠡᠤᠬᠡᠳ ᠤᠨ ᠢᠶᠠᠨ ᠲᠤᠷ᠎ᠡ ᠰᠤᠨᠢᠷᠬᠠᠯ ᠳᠤ ᠰᠠᠭᠤᠷᠢᠯᠠᠭᠰᠠᠨ ᠤᠷᠬᠢᠯᠤᠮ᠎ᠠ ᠬᠠᠯᠠᠭᠤᠨ ᠰᠡᠳᠭᠢᠯᠭᠡ ᠶᠢ ᠨᠢ ᠬᠦᠭᠵᠢᠭᠡᠵᠦ | ᠲᠡᠶᠢᠯᠬᠦ ᠠᠴᠠ ᠪᠠᠨ ᠡᠮᠦᠨ᠎ᠡ ᠲᠡᠭᠦᠨ ᠢ ᠨᠢ ᠤᠨᠲᠠᠷᠠᠭᠠᠵᠦ ᠬᠠᠶᠠᠴᠢᠬᠠᠳᠠᠭ᠃ | ᠬᠡᠯᠡᠯᠭᠡᠨ ᠦᠭᠡᠢ ᠬᠦᠮᠦᠨ ᠬᠦᠮᠦᠨ ᠤ ᠦᠷᠳᠡᠭ ᠤᠨ ᠦᠵᠡᠯᠲᠡ ᠪᠤᠯᠤᠨ ᠬᠡᠤᠬᠡᠳ ᠬᠦᠮᠦᠵᠢᠬᠦᠯᠬᠦ ᠠᠷᠭ᠎ᠠ | ᠲᠤᠷᠰᠢᠯᠭ᠎ᠠ ᠠᠳᠠᠯᠢ ᠪᠠᠶᠢᠳᠠᠭ ᠦᠭᠡᠢ ᠶᠢᠨ ᠲᠡᠭᠡᠷ᠎ᠡ᠂ ᠤᠳᠤᠬᠠᠨ ᠤ ᠬᠡᠤᠬᠡᠳ ᠤᠨ ᠪᠡᠶ᠎ᠡ ᠲᠡᠭᠡᠷ᠎ᠡ ᠢᠯᠡᠷᠡᠵᠦ ᠪᠦᠬᠦᠢ | ᠦᠪᠡᠷᠮᠢᠴᠡ ᠴᠢᠨᠠᠷ ᠤᠨ ᠵᠦᠷᠢᠶ᠎ᠡ ᠶᠢ ᠪᠠᠰᠠ ᠤᠮᠳᠤᠭᠠᠶᠢᠯᠠᠬᠤ ᠶᠢᠨ ᠠᠷᠭ᠎ᠠ ᠦᠭᠡᠢ ᠪᠠᠶᠢᠳᠠᠭ᠃ ᠶᠠᠭ ᠲᠡᠶᠢᠮᠦ | ᠤᠴᠢᠷ ᠠᠴᠠ ᠤᠳᠤᠨ ᠪᠠᠭᠰᠢ ᠶᠢᠨ ᠠᠷᠭ᠎ᠠ ᠲᠤᠷᠰᠢᠯᠭ᠎ᠠ ᠶᠢᠨ ᠲᠤᠮᠲᠠ ᠠᠴᠠ ᠭᠤᠤᠯᠳᠠᠯᠭ᠎ᠠ ᠲᠠᠢ ᠵᠦᠢᠯ ᠢ ᠨᠢ | ᠠᠮᠢᠳᠤᠯᠢᠭ ᠢᠶᠠᠷ ᠰᠢᠩᠭᠡᠭᠡᠨ ᠠᠪᠴᠦ᠂ ᠦᠷ᠎ᠡ ᠬᠡᠤᠬᠡᠳ ᠤᠨ ᠢᠶᠠᠨ ᠪᠠᠶᠢᠳᠠᠯ ᠳᠤ ᠨᠢ ᠲᠤᠬᠢᠷᠠᠭᠤᠯᠤᠨ ᠵᠤᠬᠢᠰᠲᠡᠢ | ᠠᠰᠢᠭᠯᠠᠬᠤ ᠶᠢ ᠰᠠᠨᠠᠭᠤᠯᠵᠦ ᠪᠠᠶᠢᠨ᠎ᠠ᠃ | | ᠬᠠᠶ᠋ᠢᠬ᠄ ᠤᠳᠤᠨ — ᠲᠦᠡᠭᠯᠢᠶᠤᠤ ᠬᠤᠳᠠ ᠶᠢᠨ ᠬᠤᠷᠴᠢᠨ ᠵᠠᠭᠦᠨ ᠭᠠᠷᠤᠨ | ᠬᠤᠶᠢᠳᠤ ᠬᠤᠰᠢᠭᠤᠨ ᠤ ᠴᠢᠯᠠᠭᠤᠳᠤ ᠪᠠᠯᠭᠠᠰᠤᠨ ᠤ | ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ | ᠲᠤᠭᠳᠠᠬᠤ — ᠦᠪᠤᠷ ᠮᠤᠩᠭᠤᠯ ᠤᠨ ᠦᠨᠳᠤᠰᠤᠳᠠᠨ ᠤ ᠶᠡᠭᠡ ᠰᠤᠷᠭᠠᠭᠤᠯᠢ | ᠶᠢᠨ ᠰᠤᠷᠭᠠᠨ ᠭᠦᠮᠦᠵᠢᠯ ᠤᠨ ᠰᠢᠨᠵᠢᠯᠠᠭᠦ | ᠤᠬᠠᠭᠠᠨ ᠤ ᠲᠡᠭᠡᠳᠤ ᠰᠤᠷᠭᠠᠭᠤᠯᠢ | ︵ᠡᠾᠦ᠋ᠩ ᠮᠸᠢ ᠨᠠᠶᠢᠷᠠᠭᠤᠯᠪᠠ︶ | 2020 ᠤᠨ ᠤ 1 ᠳ᠋ᠦ᠋ᠭᠡᠷ ᠬᠤᠭᠤᠴᠠᠭ᠎ᠠ | |