| ᠦᠯᠵᠡᠶᠢᠲᠤᠭᠲᠠᠬᠤ | | | ᠮᠠᠨ ᠤ ᠰᠤᠷᠭᠠᠭᠤᠯᠢ ᠨᠢ ᠡᠳᠦᠷ ᠲᠤᠲᠤᠮ ᠤᠨ ᠵᠢᠭᠠᠨ ᠰᠤᠷᠭᠠᠯᠲᠠ ᠳᠤ ᠪᠠᠨ ᠬᠢᠴᠢᠶᠡᠯ ᠤᠨ | ᠦᠭᠡᠷᠡᠴᠢᠯᠡᠯᠲᠡ ᠶᠢᠨ ᠲᠤᠬᠠᠢ ᠠᠯᠢ ᠤᠯᠠᠨ ᠤᠨᠤᠯ ᠦᠢᠯᠡᠳᠦᠯᠭᠡ ᠶᠢᠨ ᠨᠤᠮ ᠮᠠᠲ᠋ᠧᠷᠢᠶᠠᠯ ᠢ ᠪᠠᠭᠰᠢ ᠨᠠᠷ ᠲᠤ ᠪᠠᠨ | ᠰᠤᠷᠤᠯᠴᠠᠭᠤᠯᠵᠤ᠂ ᠲᠡᠷᠢᠭᠦᠨ ᠤ ᠲᠠᠪᠰᠢᠩᠭᠤᠢ ᠦᠵᠡᠯ ᠰᠠᠨᠠᠭ᠎ᠠ ᠪᠠ ᠠᠷᠭ᠎ᠠ ᠪᠠᠷ ᠪᠠᠭᠰᠢ ᠨᠡᠷ ᠤᠨ ᠢᠶᠠᠨ | ᠲᠤᠬᠠᠶᠢᠯᠠᠭᠰᠠᠨ ᠠᠵᠢᠯ ᠤᠨ ᠬᠢᠷᠢ ᠲᠦᠪᠰᠢᠨ ᠢ ᠴᠢᠷᠮᠠᠶᠢᠨ ᠲᠡᠭᠡᠭᠰᠢᠯᠡᠭᠦᠯᠬᠦ ᠪᠠᠷ ᠤᠷᠤᠯᠳᠤᠵᠤ ᠢᠷᠡᠭᠰᠡᠨ ᠪᠦᠭᠡᠳ | ᠲᠡᠳᠡᠭᠡᠷ ᠠᠰᠢᠭᠯᠠᠵᠤ ᠰᠤᠷᠤᠯᠴᠠᠭᠰᠠᠨ ᠨᠤᠮ ᠪᠢᠴᠢᠭ ᠤᠳ ᠤᠨ ᠲᠤᠲᠤᠷ᠎ᠠ ᠠᠴᠠ ᠸ᠊ · ᠠ᠊ · ᠰᠦᠬᠤᠮᠯᠢᠨ᠋ᠰᠺᠢ ᠶᠢᠨ ︽ | ᠪᠠᠭᠰᠢ ᠨᠠᠷ ᠲᠤ ᠦᠭᠭᠦᠭᠰᠡᠨ ᠵᠠᠭᠤᠨ ᠰᠠᠨᠠᠭᠤᠯᠭ᠎ᠠ︾ ᠭᠡᠬᠦ ᠨᠤᠮ ᠨᠢ ᠪᠠᠭᠰᠢ ᠨᠠᠷ ᠤᠨ ᠦᠵᠡᠯ ᠰᠠᠨᠠᠭ᠎ᠠ ᠶᠢ | ᠭᠦᠨᠵᠡᠭᠡᠢ ᠨᠦᠯᠦᠭᠡᠯᠡᠵᠦ᠂ ᠨᠢᠭᠡ ᠲᠠᠯ᠎ᠠ ᠪᠠᠷ ᠰᠤᠷᠤᠯᠴᠠᠵᠤ᠂ ᠨᠦᠭᠦᠭᠡ ᠲᠠᠯ᠎ᠠ ᠪᠠᠷ ᠪᠤᠲᠠᠲᠠᠢ ᠳᠤ ᠬᠡᠷᠡᠭᠵᠢᠭᠦᠯᠵᠦ | ᠢᠷᠡᠭᠰᠡᠨ ᠪᠠᠶᠢᠨ᠎ᠠ᠃ ᠡᠭᠦᠨ ᠤ ᠬᠠᠮᠲᠤ ᠬᠡᠳᠦᠨ ᠵᠢᠯ ᠤᠨ ᠲᠤᠷᠰᠢ ᠪᠦᠬᠦ ᠪᠠᠭᠰᠢ ᠨᠠᠷ ᠤᠨ ᠴᠢᠷᠮᠠᠶᠢᠯᠭ᠎ᠠ ᠪᠠᠷ ᠲᠤᠰ | ᠨᠤᠮ ᠢ ᠲᠠᠬᠢᠨᠲᠠ ᠨᠠᠶᠢᠷᠠᠭᠤᠯᠤᠨ ᠤᠷᠴᠢᠭᠤᠯᠵᠤ᠂ 2018 ᠤᠨ ᠤ 11 ᠰᠠᠷ᠎ᠠ ᠳᠤ ᠯᠢᠶᠤᠤᠨᠢᠩ ᠤᠨ | ᠦᠨᠳᠦᠰᠦᠲᠡᠨ ᠤ ᠬᠡᠪᠯᠡᠯ ᠤᠨ ᠬᠤᠷᠢᠶ᠎ᠠ ᠠᠴᠠ ᠬᠡᠪᠯᠡᠭᠦᠯᠦᠭᠰᠡᠨ ᠶᠤᠮ᠃ ᠡ᠊ᠨᠳᠡ ᠪᠢ ᠲᠤᠰ ᠨᠤᠮ ᠢ ᠬᠡᠷᠡᠭᠯᠡᠵᠦ | ᠡᠬᠢᠯᠡᠭᠰᠡᠨ ᠠᠴᠠ ᠬᠡᠪᠯᠡᠭᠦᠯᠬᠦ ᠬᠦᠷᠲᠡᠯᠡᠬᠢ ᠬᠡᠳᠦᠨ ᠵᠢᠯ ᠤᠨ ᠬᠤᠭᠤᠴᠠᠭᠠᠨ ᠳᠤ ᠰᠤᠷᠴᠤ ᠮᠡᠳᠡᠭᠰᠡᠨ ᠵᠦᠢᠯ ᠠᠴᠠ ᠪᠠᠨ | ᠶᠠᠷᠢᠵᠤ᠂ ᠰᠦᠬᠤᠮᠯᠢᠨ᠋ᠰᠺᠢ ᠶᠢᠨ ᠰᠤᠷᠭᠠᠨ ᠬᠦᠮᠦᠵᠢᠯ ᠤᠨ ᠦᠵᠡᠯ ᠰᠠᠨᠠᠭ᠎ᠠ ᠨᠢ ᠮᠠᠨ ᠤ ᠤᠳᠤᠬᠠᠨ ᠤ ᠰᠤᠷᠭᠠᠨ | ᠬᠦᠮᠦᠵᠢᠯ ᠳᠤ ᠬᠡᠴᠢᠨᠡᠨ ᠶᠡᠭᠡ ᠨᠦᠯᠦᠭᠡ ᠲᠠᠢ ᠪᠠᠶᠢᠭ᠎ᠠ᠂ ᠰᠤᠳᠤᠯᠵᠤ ᠰᠤᠷᠤᠯᠴᠠᠭᠤᠰᠢᠲᠠᠢ ᠵᠦᠢᠯᠡᠰ ᠬᠡᠴᠢᠨᠡᠨ ᠤᠯᠠᠨ | ᠪᠠᠶᠢᠭ᠎ᠠ ᠲᠤᠬᠠᠢ ᠦᠪᠡᠷ ᠤᠨ ᠦᠵᠡᠯᠲᠡ ᠲᠦᠷᠦᠭᠳᠡᠯ ᠢᠶᠠᠨ ᠲᠤᠪᠴᠢᠬᠠᠨ ᠶᠠᠷᠢᠰᠤᠭᠠᠢ᠃ | ᠨᠢᠭᠡ᠂ ᠰᠦᠬᠤᠮᠯᠢᠨ᠋ᠰᠺᠢ ᠶᠢᠨ ᠵᠢᠳᠬᠦᠯ ᠢᠶᠠᠷ ᠤᠮᠳᠠᠯᠠᠭᠰᠠᠨ ᠨᠢᠭᠡ ᠨᠠᠰᠤ | ᠸ᠊ · ᠠ᠊ · ᠰᠦᠬᠤᠮᠯᠢᠨ᠋ᠰᠺᠢ ︵1918-1970︶᠂ ᠪᠦᠲᠦᠨ ᠨᠠᠷᠠ ᠨᠢ ᠸᠠᠰᠢᠯᠢ · ᠠᠯᠸᠢᠰᠠᠨᠳ᠋ᠷᠸᠢᠴᠢ · | ᠰᠦᠬᠤᠮᠯᠢᠨ᠋ᠰᠺᠢ᠂ ᠤᠤᠯ ᠤᠨ ᠵᠦᠪᠯᠡᠯᠲᠦ ᠶᠢᠨ ᠰᠤᠷᠭᠠᠨ ᠬᠦᠮᠦᠵᠢᠯ ᠤᠨ ᠨᠡᠷᠡᠲᠦ ᠦᠢᠯᠡᠲᠦᠯᠭᠡᠳᠡᠨ ᠪᠠ ᠤᠨᠤᠯᠴᠢ | ᠪᠤᠯᠤᠨ᠎ᠠ᠃ ᠳᠡᠷᠡ ᠠᠷᠪᠠᠨ ᠳᠤᠯᠤᠭᠠᠳᠠᠢ ᠠᠴᠠ ᠪᠠᠨ ᠡᠬᠢᠯᠡᠨ ᠨᠠᠰᠣ ᠪᠠᠷᠠᠳᠠᠯ᠎ᠠ ᠪᠠᠨ ᠰᠤᠷᠭᠠᠨ ᠬᠦᠮᠦᠵᠢᠯ ᠤᠨ | ᠠᠵᠢᠯ ᠳᠤ ᠮᠡᠷᠡᠶᠢᠵᠦ ᠤᠯᠤᠰ ᠤᠨ ᠳᠤᠳᠤᠭᠠᠳᠤ ᠭᠠᠳᠠᠭᠠᠳᠤ ᠳᠤ ᠦᠯᠠᠮᠵᠢ ᠶᠡᠭᠡ ᠠᠯᠳᠠᠷ ᠨᠡᠷ᠎ᠡ ᠮᠠᠨᠳᠤᠭᠰᠠᠨ ᠪᠢᠯᠡ᠃ | ᠰᠦᠬᠤᠮᠯᠢᠨ᠋ᠰᠺᠢ ᠦᠺᠷᠡᠶᠢᠨ ᠤ ᠳᠠᠷᠢᠶᠠᠴᠢᠨ ᠤ ᠭᠡᠷ ᠪᠦᠯᠢ ᠳᠤ ᠲᠦᠷᠦᠵᠦ᠂ 1936 ᠤᠨ ᠠᠴᠠ 1939 ᠤᠨ | ᠪᠤᠯᠳᠠᠯ᠎ᠠ ᠫᠤᠯᠲ᠋ᠠᠸᠠ ᠪᠠᠭᠰᠢ ᠶᠢᠨ ᠳᠡᠭᠡᠲᠦ ᠰᠤᠷᠭᠠᠭᠤᠯᠢ ᠶᠢᠨ ᠵᠠᠬᠢᠳᠠᠯ ᠢᠶᠠᠷ ᠰᠤᠷᠬᠤ ᠭᠡᠯᠳᠡᠰ ᠲᠤ ᠰᠤᠷᠤᠯᠴᠠᠵᠤ᠂ | ᠳᠡᠬᠦᠰᠦᠭᠰᠡᠨ ᠤ ᠳᠠᠷᠠᠭ᠎ᠠ ᠳᠤᠮᠳᠠᠳᠤ ᠰᠤᠷᠭᠠᠭᠤᠯᠢ ᠶᠢᠨ ᠪᠠᠭᠰᠢ ᠶᠢᠨ ᠦᠨᠡᠮᠯᠡᠯ ᠬᠦᠷᠳᠡᠵᠡᠢ᠃ 1948 ᠤᠨ ᠠᠴᠠ | ᠨᠤᠳᠤᠭ ᠤᠨ ᠢᠶᠠᠨ ᠨᠢᠬᠡᠨ ᠬᠦᠳᠡᠭᠡ ᠳᠤᠰᠬᠤᠨ ᠤ ᠪᠦᠷᠢᠨ ᠳᠤᠮᠳᠠᠳᠤ ᠰᠤᠷᠭᠠᠭᠤᠯᠢ - ᠫᠠᠹᠯᠧᠱᠢ ᠳᠤᠮᠳᠠᠳᠤ | ᠰᠤᠷᠭᠠᠭᠤᠯᠢ ᠳᠤ ᠵᠠᠬᠢᠷᠤᠯ ᠢᠶᠠᠷ ᠠᠵᠢᠯᠯᠠᠵᠦ᠂ 1957 ᠤᠨ ᠠᠴᠠ ᠡᠬᠢᠯᠡᠭᠡᠳ ᠤᠷᠤᠰ ᠤᠨ ᠬᠤᠯᠪᠤᠭᠠᠨ ᠤ ᠰᠤᠷᠭᠠᠨ | ᠬᠦᠮᠦᠵᠢᠯ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠰᠤᠷᠪᠤᠯᠵᠢᠯᠠᠭᠴᠢ ᠬᠡᠰᠢᠬᠦᠨ ᠢᠶᠠᠷ ᠨᠠᠰᠦ ᠪᠠᠷ ᠢᠶᠠᠨ | ᠠᠵᠢᠯᠯᠠᠭᠰᠠᠨ ᠶᠤᠮ᠃ 1968 ᠤᠨ ᠠᠴᠠ ᠵᠦᠪᠯᠡᠯᠲᠦ ᠶᠢᠨ ᠰᠤᠷᠭᠠᠨ ᠬᠦᠮᠦᠵᠢᠯ ᠤᠨ ᠰᠢᠨᠵᠢᠯᠡᠬᠦ ᠤᠬᠠᠭᠠᠨ ᠤ | ᠠᠺᠠᠳᠧᠮᠢ ᠶᠢᠨ ᠰᠤᠷᠪᠤᠯᠵᠢᠯᠠᠭᠴᠢ ᠬᠡᠰᠢᠬᠦᠨ ᠪᠤᠯᠵᠦ᠂ 1969 ᠤᠨ ᠳᠤ ᠦᠺᠷᠡᠶᠢᠨ ᠤ ᠨᠡᠶᠢᠬᠡᠮ ᠵᠢᠷᠦᠮ ᠤᠨ | ᠬᠤᠯᠪᠤᠭᠠᠨ ᠳᠤ ᠨᠢᠬᠡᠳᠦᠭᠰᠡᠨ ᠪᠦᠬᠦᠳᠡ ᠨᠡᠶᠢᠷᠡᠮᠳᠠᠬᠤ ᠤᠯᠤᠰ ᠤᠨ ᠭᠠᠪᠢᠶᠠᠳᠤ ᠪᠠᠭᠰᠢ ᠶᠢᠨ ᠴᠤᠯᠠ ᠬᠦᠷᠳᠡᠭᠰᠡᠨ ᠪᠠ | ᠬᠤᠶᠠᠷ ᠤᠳᠠᠭ᠎ᠠ ᠯᠧᠨᠢᠨ ᠤᠳᠤᠨ ᠢᠶᠠᠷ᠂ ᠨᠢᠭᠡ ᠤᠳᠠᠭ᠎ᠠ ᠤᠯᠠᠭᠠᠨ ᠤᠳᠤᠨ ᠮᠧᠲᠠᠯ ᠢᠶᠠᠷ᠂ ᠤᠯᠠᠨ ᠤᠳᠠᠭ᠎ᠠ | ᠦᠱᠧᠨ᠋ᠰᠺᠢ ᠮᠧᠳᠠᠯ ᠪᠠ ᠮᠠᠺᠠᠷᠧᠨ᠋ᠺᠤ ᠱᠠᠩᠨᠠᠯ ᠢᠶᠠᠷ ᠱᠠᠩᠨᠠᠭᠳᠠᠭᠰᠠᠨ ᠶᠤᠮ᠃ | ᠸᠠᠰᠢᠯᠢ · ᠠᠯᠸᠢᠰᠠᠨᠳ᠋ᠷᠸᠢᠴᠢ · ᠰᠦᠬᠤᠮᠯᠢᠨ᠋ᠰᠺᠢ ᠪᠤᠯ ᠰᠢᠯᠭᠠᠷᠠᠭᠰᠠᠨ ᠰᠤᠷᠭᠠᠨ ᠬᠦᠮᠦᠵᠢᠯ ᠤᠨ ᠤᠬᠠᠭᠠᠨᠳᠠᠨ᠂ | ᠪᠠᠭᠰᠢ᠂ ᠪᠤᠳᠤᠯᠭᠠᠳᠠᠨ ᠪᠦᠭᠡᠳ ᠵᠤᠬᠢᠶᠠᠯᠴᠢ ᠪᠢᠯᠡ᠃ ᠳᠡᠷᠡ ᠫᠠᠹᠯᠧᠱᠢ ᠳᠤᠮᠳᠠᠳᠤ ᠰᠤᠷᠭᠠᠭᠤᠯᠢ ᠳᠤ ᠪᠠᠭᠰᠢ᠂ | ᠵᠠᠬᠢᠷᠤᠯ᠂ ᠬᠦᠮᠦᠵᠢᠬᠦᠯᠦᠭᠴᠢ ᠪᠠᠷ ᠨᠡᠶᠢᠳᠡ 32 ᠵᠢᠯ ᠠᠵᠢᠯᠯᠠᠵᠦ᠂ ᠨᠢᠭᠡ ᠨᠠᠰᠣ ᠪᠠᠷ ᠢᠶᠠᠨ ᠬᠠᠯᠠᠰᠢᠷᠠᠯ ᠦᠭᠡᠢ | ᠰᠤᠳᠤᠯᠤᠨ ᠰᠦᠪᠡᠭᠴᠢᠯᠠᠵᠦ ᠴᠦᠬᠦᠷᠡᠯ ᠦᠭᠡᠢ ᠵᠤᠬᠢᠶᠠᠨ ᠪᠦᠲᠦᠬᠡᠭᠰᠡᠨ ᠪᠠ 40 ᠳᠤᠰᠬᠠᠢ ᠪᠦᠲᠦᠬᠡᠯ᠂ 600 | ᠭᠠᠷᠤᠢ ᠦᠬᠦᠯᠡᠯ᠂ 1200 ᠭᠠᠷᠤᠢ ᠬᠡᠦᠬᠡᠳ ᠤᠨ ᠵᠢᠵᠢᠭ ᠦᠯᠢᠬᠡᠷ ᠪᠢᠴᠢᠭᠰᠡᠨ ᠭᠠᠶᠢᠬᠠᠮᠰᠢᠭᠳᠠᠢ ᠠᠮᠵᠢᠯᠳᠠ ᠶᠢ | ᠴᠤᠭᠴᠠᠯᠠᠭᠰᠠᠨ ᠶᠤᠮ᠃ ᠳᠡᠬᠦᠨ ᠤ ᠪᠦᠬᠦ᠋ᠢᠯᠡ ᠰᠢᠯᠢᠳᠡᠭ ᠪᠦᠲᠦᠬᠡᠯ ᠴᠦᠮ ᠢᠶᠠᠷ ᠢᠶᠠᠨ ᠪᠠᠭᠰᠢ᠂ ᠰᠤᠷᠭᠠᠨ | ᠬᠦᠮᠦᠵᠢᠯ ᠤᠨ ᠵᠢᠳᠬᠦᠯᠳᠡᠨ᠂ ᠬᠦᠮᠦᠵᠢᠬᠦᠯᠦᠭᠴᠢ᠂ ᠠᠪᠤ ᠡᠵᠢ ᠪᠤᠯᠤᠭᠰᠠᠳ ᠪᠠ ᠬᠡᠦᠬᠡᠳᠲ᠋ᠤ ᠬᠠᠨᠳᠤᠭᠤᠯᠤᠭᠰᠠᠨ | ᠪᠠᠶᠢᠳᠠᠭ᠃ ᠳᠡᠷᠡ ᠦᠪᠡᠷ ᠤᠨ ᠰᠡᠳᠬᠢᠮᠵᠢ᠂ ᠰᠦᠪᠡᠭᠴᠢᠯᠡᠯᠳᠡ᠂ ᠵᠦᠪᠯᠡᠯᠭᠡ ᠪᠠ ᠦᠵᠡᠯᠳᠡ ᠪᠠᠨ ᠪᠦᠬᠦᠨ ᠢ | ᠨᠤᠮ ᠳᠤ ᠪᠠᠨ ᠰᠢᠩᠭᠡᠭᠡᠵᠦ᠂ ᠬᠡᠷᠬᠢᠨ ︽ᠵᠢᠩᠭᠢᠨᠢ ᠬᠦᠮᠦᠨ︾ ᠢ ᠬᠦᠮᠦᠵᠢᠬᠦᠯᠬᠦ ᠳᠤᠬᠠᠢ ᠨᠠᠷᠢᠨ ᠨᠢᠭᠳᠠ | ᠰᠤᠳᠤᠯᠤᠨ᠂ ᠪᠠᠭᠰᠢ ᠪᠤᠯᠤᠨ ᠠᠪᠤ ᠡᠵᠢ ᠪᠤᠯᠤᠭᠰᠠᠳ ᠬᠡᠦᠬᠡᠳ ᠢᠶᠠᠨ ᠴᠤᠪᠤᠭᠤ ᠰᠡᠷᠬᠦᠯᠡᠩ᠂ ᠦᠬᠡᠳᠡᠷᠭᠡᠭ᠂ | ᠳᠤᠰᠠᠴᠢ᠂ ᠡᠷᠬᠢᠮ ᠳᠡᠭᠡᠲᠦ᠂ ᠰᠠᠶᠢᠨ ᠢᠷᠭᠡᠨ ᠪᠤᠯᠭᠠᠬᠤ ᠳᠤ ᠶᠠᠮᠠᠷᠬᠠᠨ ᠪᠡᠷᠭᠡ ᠲᠠᠢ ᠪᠠᠶᠢᠳᠠᠭ ᠢ ᠳᠤᠳᠤᠷᠬᠠᠶᠢᠯᠠᠭᠰᠠᠨ | ᠶᠤᠮ᠃ ᠰᠦᠬᠤᠮᠯᠢᠨ᠋ᠰᠺᠢ ᠶᠢᠨ ᠨᠤᠮ ᠦᠺᠷᠡᠶᠢᠨᠴᠤᠳ ᠲᠤ ᠮᠠᠰᠢᠳᠠ ᠳᠠᠭᠠᠯᠠᠭᠳᠠᠳᠠᠭ ᠳᠡᠳᠤᠢ ᠦᠭᠡᠢ᠂ ᠪᠤᠰᠤᠳ | ᠤᠯᠤᠰ ᠤᠷᠤᠨ ᠳᠤ ᠴᠦ ᠦᠷᠭᠡᠨ ᠢᠶᠠᠷ ᠳᠡᠯᠭᠡᠷᠡᠨ ᠳᠠᠷᠬᠠᠭᠰᠠᠨ ᠪᠠᠶᠢᠳᠠᠭ᠂ ᠡᠬᠦᠨ ᠳᠤ ︽ᠬᠡᠦᠬᠡᠳ ᠤᠳ ᠲᠤ ᠪᠢ | ᠰᠡᠳᠬᠢᠯ ᠢᠶᠠᠨ︾᠂ ︽ᠢᠷᠭᠡᠨ ᠤ ᠮᠠᠨᠳᠤᠯᠠᠯ︾᠂ ︽ᠦᠬᠢᠨ ᠳᠤ ᠪᠠᠨ ᠪᠢᠴᠢᠭᠰᠡᠨ ᠵᠠᠬᠢᠶ᠎ᠠ︾ ᠬᠢᠬᠡᠳ ᠵᠠᠷᠢᠮ | ᠦᠬᠦᠯᠡᠯ᠂ ᠵᠢᠵᠢᠭ ᠦᠯᠢᠬᠡᠷ ᠢ ᠳᠤᠷᠠᠳᠴᠦ ᠪᠤᠯᠤᠨ᠎ᠠ᠃ ᠳᠡᠬᠦᠨ ᠤ ᠰᠢᠨ᠎ᠠ ᠨᠤᠮ ᠬᠡᠪᠯᠡᠭᠳᠡᠬᠦ ᠪᠦᠷᠢ | ᠤᠩᠰᠢᠬᠴᠢᠳ ᠤᠨ ᠠᠩᠬᠠᠷᠤᠯ ᠳᠤ ᠬᠦᠷᠴᠦ ᠰᠤᠨᠢᠷᠬᠠᠯ ᠢ ᠨᠢ ᠰᠤᠷᠢᠨᠵᠢᠳᠠᠳᠠᠭ᠂ ᠳᠡᠷᠡ ᠪᠠᠭᠰᠢᠯᠠᠬᠤ ᠶᠢᠨ ᠳᠠᠭᠠᠤ | ᠰᠤᠷᠭᠠᠨ ᠬᠦᠮᠦᠵᠢᠯ ᠤᠨ ᠤᠨᠤᠯ ᠤᠨ ᠠᠰᠠᠭᠤᠳᠠᠯ ᠢᠶᠠᠷ ᠨᠢᠬᠡᠨ ᠰᠢᠰᠲ᠋ᠧᠮᠲᠦ ᠰᠤᠳᠤᠯᠭᠠᠨ ᠬᠢᠵᠦ ︽ᠪᠠᠭᠰᠢ ᠨᠠᠷ ᠲᠤ | ᠦᠭᠭᠦᠭᠰᠡᠨ ᠵᠠᠭᠤᠨ ᠰᠠᠨᠠᠭᠤᠯᠭ᠎ᠠ︾᠂ ︽ᠪᠦᠬᠦ ᠰᠡᠳᠬᠢᠯ ᠢᠶᠠᠨ ᠬᠡᠦᠬᠡᠳ ᠲᠤ ᠵᠤᠷᠢᠭᠤᠯᠤᠶ᠎ᠠ︾᠂ ︽ᠫᠠᠹᠯᠧᠱᠢ | ᠳᠤᠮᠳᠠᠳᠤ ᠰᠤᠷᠭᠠᠭᠤᠯᠢ︾᠂ ︽ᠢᠷᠭᠡᠨ ᠤ ᠮᠡᠨᠳᠤᠯᠡᠯ︾᠂ ︽ᠠᠯᠳᠠᠭᠰᠠᠨ ᠨᠢᠭᠡ ᠡᠲᠦᠷ︾ ᠵᠡᠷᠭᠡ ᠰᠤᠷᠭᠠᠨ | ᠬᠦᠮᠦᠵᠢᠯ ᠤᠨ ᠳᠤᠰᠬᠠᠢ ᠪᠦᠲᠦᠬᠡᠯ ᠳᠤᠭᠤᠷᠪᠢᠭᠰᠠᠨ ᠪᠠ ︽ᠬᠡᠦᠬᠡᠳ ᠤᠨ ᠤᠶᠤᠨ ᠰᠠᠨᠠᠭᠠᠨ ᠤ ᠶᠢᠷᠲᠢᠨᠴᠦ︾᠂ ︽ | ᠦᠬᠢᠨ ᠳᠤ ᠪᠠᠨ ᠪᠢᠴᠢᠭᠰᠡᠨ ᠵᠠᠬᠢᠶ᠎ᠠ︾᠂ ︽ᠡᠵᠢ ᠡ᠂ ᠪᠢ ᠬᠠᠮᠤᠭ ᠤᠨ ᠠᠨᠠᠢ ᠨᠢ ᠪᠢᠰᠢ ᠰᠢᠦ︾ ᠵᠡᠷᠭᠡ | ᠪᠦᠲᠦᠭᠡᠯ ᠨᠢ ︽ᠰᠦᠬᠤᠮᠯᠢᠨ᠋ᠰᠺᠢ ᠶᠢᠨ ᠰᠤᠩᠭᠤᠮᠠᠯ︾ ︵ᠳᠠᠪᠤᠨ ᠪᠤᠳᠢ︶ ᠳᠤ ᠳᠡᠬᠦᠪᠦᠷᠢᠯᠡᠭᠳᠡᠵᠦ᠂ ︽ᠪᠠᠭᠰᠢ ᠳᠤ | ᠦᠭᠭᠦᠭᠰᠡᠨ ᠵᠠᠭᠤᠨ ᠵᠦᠪᠯᠡᠯᠭᠡ︾ ᠪᠦᠲᠦᠭᠡᠯ ᠨᠢ ᠪᠠᠭᠰᠢ ᠶᠢᠨ ᠰᠤᠷᠭᠠᠭᠤᠯᠢ ᠶᠢᠨ ᠰᠤᠷᠤᠭᠴᠢᠳ ᠤᠨ ᠵᠠᠪᠠᠯ | ᠤᠩᠰᠢᠬᠤ ᠪᠢᠴᠢᠭ ᠪᠤᠯᠤᠭᠰᠠᠨ ᠪᠠᠶᠢᠨ᠎ᠠ᠃ | 1. ᠪᠠᠭᠰᠢ ᠪᠤᠯᠬᠤ ᠪᠠᠷ ᠰᠢᠢᠲᠦᠭᠰᠡᠨ ᠨᠢ | ᠰᠦᠬᠤᠮᠯᠢᠨ᠋ᠰᠺᠢ ᠪᠠᠭ᠎ᠠ ᠳᠤᠮᠳᠠᠳᠤ ᠰᠤᠷᠭᠠᠭᠤᠯᠢ ᠪᠠᠨ ᠳᠤᠰᠬᠤᠨ ᠤ ᠪᠠᠨ ᠰᠤᠷᠭᠠᠭᠤᠯᠢ ᠳᠤ ᠦᠵᠡᠭᠰᠡᠨ ᠶᠤᠮ᠂ | ᠳᠤᠰᠬᠤᠨ ᠤ ᠡᠨᠡ ᠬᠦ ᠰᠤᠷᠭᠠᠭᠤᠯᠢ ᠨᠢ ᠳᠤᠯᠤᠭᠠᠨ ᠵᠢᠯ ᠤᠨ ᠲᠦᠷᠢᠮᠳᠦ ᠰᠤᠷᠭᠠᠭᠤᠯᠢ᠂ ᠨᠦᠬᠦᠴᠡᠯ | ᠲᠦᠬᠦᠭᠡᠷᠦᠮᠵᠢ ᠨᠢ ᠠᠨᠠᠶᠢᠬᠠᠨ ᠴᠦ ᠨᠢᠭᠡ ᠪᠦᠯᠦᠭ ᠨᠠᠯᠢᠶᠠᠳ ᠰᠠᠶᠢᠨ ᠪᠠᠭᠰᠢ ᠨᠠᠷ ᠲᠠᠢ ᠪᠠᠶᠢᠭᠰᠠᠨ ᠠᠵᠢ᠃ ᠡᠨᠡᠨᠢ | ᠪᠠᠭ᠎ᠠ ᠠᠴᠠ ᠭᠡᠷ ᠤᠨ ᠰᠠᠶᠢᠨ ᠬᠦᠮᠦᠵᠢᠯ ᠬᠦᠷᠳᠡᠭᠰᠡᠨ ᠰᠦᠬᠤᠮᠯᠢᠨ᠋ᠰᠺᠢ ᠳᠤ ᠲᠦᠷᠦᠯᠬᠢ ᠠᠪᠢᠶᠠᠰ ᠢᠶᠠᠨ ᠬᠦᠢᠴᠡᠳ | ᠪᠠᠳᠠᠷᠠᠭᠤᠯᠬᠤ᠂ ᠮᠡᠳᠡᠯᠭᠡ ᠴᠢᠳᠠᠪᠤᠷᠢ ᠪᠠᠨ ᠦᠳᠳᠡᠷ ᠨᠡᠮᠡᠭᠳᠡᠬᠦᠯᠬᠦ ᠳᠤ ᠳᠤᠩ ᠳᠤᠰᠠ ᠪᠤᠯᠤᠭᠰᠠᠨ ᠶᠤᠮ᠃ ᠳᠡᠷᠡ | ᠦᠷᠬᠦᠯᠵᠢ ᠠᠪᠤ ᠡᠵᠢ ᠠᠶᠢᠯ ᠬᠦᠷᠰᠢ ᠶᠢᠨ ᠢᠶᠠᠨ ᠠᠵᠢᠯ ᠮᠤᠳᠤ ᠳᠤ ᠬᠠᠮᠵᠢᠵᠦ᠂ ᠰᠤᠷᠭᠠᠭᠤᠯᠢ ᠳᠤ ᠪᠠᠨ ᠪᠤᠯ | ᠰᠤᠷᠤᠯᠭ᠎ᠠ ᠮᠤᠷᠠᠯ ᠬᠤᠤᠰᠯᠠᠭᠰᠠᠨ ᠰᠢᠯᠢᠳᠡᠭ ᠬᠡᠦᠬᠡᠳ ᠪᠠᠶᠢᠭᠰᠠᠨ ᠪᠠ ᠢᠸᠠᠨ · ᠰᠠᠸᠢᠴᠢ ᠵᠠᠬᠢᠷᠤᠯ᠂ ᠪᠧᠱᠺᠹᠰᠺᠢ | ᠡᠷᠬᠢᠯᠡᠭᠴᠢ ᠶᠢᠨ ᠬᠠᠶᠢᠷ᠎ᠠ ᠬᠠᠯᠠᠮᠵᠢ ᠶᠢ ᠬᠦᠨ ᠬᠦᠷᠳᠡᠭᠰᠡᠨ ᠪᠢᠯᠡ᠃ ᠭᠡᠪᠡᠴᠦ ᠳᠡᠬᠦᠨ ᠢ ᠬᠠᠮᠤᠭ ᠠᠴᠠ ᠢᠯᠡᠬᠦᠦ | ᠨᠦᠯᠦᠭᠡᠯᠡᠵᠦ ᠰᠡᠩᠭᠡᠷᠡᠯ ᠳᠤ ᠬᠦᠲᠦᠯᠦᠭᠰᠡᠨ ᠨᠢ ᠠᠨᠨᠠ · ᠽᠠᠮᠯᠦ᠋ᠸᠧᠨᠠ ᠭᠡᠳᠡᠭ ᠡᠮᠡᠭᠳᠡᠢ ᠪᠠᠭᠰᠢ ᠪᠤᠯᠬᠤ ᠶᠤᠮ᠃ | ᠡᠨᠡ ᠡᠮᠡᠭᠳᠡᠢ ᠪᠠᠭᠰᠢ ᠬᠢᠴᠢᠶᠠᠯ ᠤᠷᠤᠬᠤ ᠳᠤ ᠪᠠᠨ ᠬᠡᠦᠬᠡᠳ ᠲᠤ ᠪᠠᠭᠰᠢ ᠯᠡ ᠪᠢᠰᠢ᠂ ᠬᠠᠷᠢᠨ ᠳᠤᠳᠤᠨᠤ ᠶᠢᠨ | ᠨᠠᠶᠢᠵᠠ ᠨᠦᠬᠦᠳ ᠨᠢ ᠪᠤᠯᠵᠦ ᠴᠢᠳᠠᠳᠠᠭ᠂ ᠰᠦᠬᠤᠮᠯᠢᠨ᠋ᠰᠺᠢ ᠳᠡᠬᠦᠨ ᠢ ᠡᠮᠡᠭᠳᠡᠢ ᠰᠢᠳᠢᠳᠡᠨ᠂ ᠰᠠᠶᠢᠨ ᠰᠠᠶᠢᠬᠠᠨ | ᠪᠦᠬᠦᠨ ᠤ ᠨᠢᠭᠤᠴᠠ ᠶᠢ ᠮᠡᠳᠡᠳᠡᠭ ᠭᠡᠵᠤ ᠪᠤᠳᠤᠳᠠᠭ ᠪᠠᠶᠢᠵᠠᠢ᠃ ᠠᠨᠨᠠ ᠪᠠᠭᠰᠢ ᠶᠢᠨ ᠬᠢᠴᠢᠶᠠᠯ ᠢ ᠬᠡᠦᠬᠡᠳ ᠮᠠᠰᠢ | ᠤᠷᠮ᠎ᠠ ᠲᠠᠢ ᠰᠤᠨᠤᠰᠴᠦ ᠵᠢᠭᠠᠭᠰᠠᠨ ᠵᠦᠢᠯ ᠢ ᠨᠢ ᠳᠤᠤᠷ᠎ᠡ ᠪᠠᠨ ᠴᠡᠭᠡᠵᠢᠯᠡᠴᠢᠬᠡᠳᠡᠭ ᠪᠠᠶᠢᠭᠰᠠᠨ ᠶᠤᠮ᠂ ᠳᠡᠷᠡ | ᠬᠡᠦᠬᠡᠳ ᠢ ᠳᠠᠭᠠᠭᠤᠯᠤᠨ ᠬᠦᠳᠡᠭᠡ ᠭᠡᠭᠡᠷ᠎ᠡ ᠪᠠᠷ ᠠᠶᠠᠯᠠᠨ ᠡᠯᠳᠡᠪ ᠠᠰᠠᠭᠤᠳᠠᠯ ᠢ ᠰᠡᠳᠬᠢᠨ ᠰᠢᠢᠳᠪᠤᠷᠢᠯᠡᠬᠦᠯᠵᠦ | ᠤᠯᠠᠨ ᠮᠡᠳᠡᠯᠭᠡ ᠶᠢ ᠰᠤᠷᠭᠠᠨ ᠤᠨᠴᠠᠭᠠᠢ ᠶᠤᠰᠤ ᠨᠤᠭᠤᠳ ᠢ ᠤᠬᠠᠭᠠᠷᠠᠭᠤᠯᠤᠭᠰᠠᠨ ᠪᠠᠶᠢᠳᠠᠭ᠃ ᠵᠠᠷᠢᠮ ᠬᠦᠮᠦᠰ | ᠡᠶᠢᠮᠦᠷᠬᠦᠦ ᠦᠵᠡᠭᠳᠡᠯ ᠢ ᠳᠡᠮᠳᠡᠭᠯᠡᠨ ᠦᠯᠡᠳᠡᠭᠡᠭᠰᠡᠨ ᠪᠢᠯᠡ ᠁ | ᠴᠡᠴᠡᠭ ᠨᠠᠪᠴᠢ ᠳᠡᠯᠬᠡᠷᠡᠵᠦ ᠲᠦᠮᠡᠨ ᠪᠤᠳᠠᠰ ᠠᠮᠢᠯᠠᠨ ᠰᠡᠷᠬᠦᠭᠰᠡᠨ ᠬᠠᠪᠤᠷ ᠤᠨ ᠨᠢᠬᠡᠨ ᠦᠳᠡ ᠶᠢᠨ | ᠬᠤᠶᠢᠨ᠎ᠠ ᠠᠨᠨᠠ ᠪᠠᠭᠰᠢ ᠬᠡᠦᠬᠡᠳ ᠤᠳ ᠢ ᠳᠠᠭᠠᠭᠤᠯᠵᠦ ᠤᠢ ᠳᠠᠶᠢᠭ᠎ᠠ ᠳᠤ ᠢᠷᠡᠭᠰᠡᠨ ᠶᠤᠮ᠂ ᠰᠦᠬᠤᠮᠯᠢᠨ᠋ᠰᠺᠢ ᠳᠤ | ᠠᠪᠴᠦ ᠭᠡᠯᠡᠪᠡᠯ ᠤᠢ ᠳᠠᠶᠢᠭ᠎ᠠ ᠳᠤᠩ ᠳᠠᠰᠤᠯ ᠭᠠᠵᠠᠷ ᠪᠤᠯᠬᠤ ᠨᠢ ᠮᠡᠳᠡᠭᠡᠵᠢ᠂ ᠤᠴᠢᠷ ᠨᠢ ᠳᠡᠷᠡ ᠦᠷᠬᠦᠯᠵᠢ ᠯᠡ | ᠡᠶᠢᠰᠢ ᠪᠠᠨ ᠢᠷᠡᠵᠦ ᠳᠤᠭᠯᠠᠳᠠᠭ᠃ ᠭᠡᠳᠡᠯ᠎ᠡ ᠠᠨᠨᠠ ᠪᠠᠭᠰᠢ ᠳᠡᠬᠦᠨ ᠤ ᠦᠩᠭᠡᠷᠡᠭᠰᠡᠨ ᠳᠤ ᠤᠭᠳᠤᠬᠠᠨ ᠴᠦ | ᠠᠩᠵᠠᠭᠠᠷᠠᠭ᠎ᠠ ᠦᠭᠡᠢ ᠵᠦᠢᠯᠠᠰ᠂ ᠴᠡᠴᠡᠭ ᠳᠡᠯᠬᠡᠷᠡᠭᠰᠡᠨ ᠳᠤᠮᠤ ᠮᠤᠳᠤ ᠪᠠᠯᠳᠤ ᠵᠦᠭᠡᠢ ᠶᠢᠨ ᠪᠠᠯ ᠴᠤᠭᠯᠠᠭᠤᠯᠬᠤ ᠳᠤ | ᠶᠠᠮᠠᠷ ᠳᠤᠰᠠ ᠪᠤᠯᠳᠠᠭ᠂ ᠰᠢᠷᠭᠤᠯᠵᠢ ᠶᠢᠨ ᠡᠯᠦ ᠳᠤᠳᠤᠷ᠎ᠡ ᠪᠠᠨ ᠠᠮᠤ ᠶᠢᠨ ᠬᠦᠮᠦᠷᠭᠡ᠂ ᠭᠡᠦᠬᠡᠳ ᠤᠨ ᠦᠷᠬᠦᠬᠡ᠂ | ᠦᠷᠬᠡᠨ ᠳᠠᠯᠠᠪᠠᠢ᠂ ᠵᠡᠭᠡᠯᠢ ᠭᠤᠳᠤᠮ ᠪᠠᠶᠢᠳᠠᠭ ᠳᠤᠬᠠᠢ ᠶᠠᠷᠢᠭᠰᠠᠨ ᠶᠤᠮ᠃ ᠤᠤᠯ ᠨᠢ ᠳᠡᠷᠡ ᠰᠢᠷᠭᠤᠯᠵᠢ ᠶᠢᠨ | ᠡᠯᠦ ᠶᠢ ᠮᠤᠳᠤᠨ ᠤ ᠮᠦᠴᠢᠷ ᠢᠶᠠᠷ ᠯᠡ ᠤᠷᠤᠯᠳᠤᠨ ᠳᠤᠭᠯᠠᠳᠠᠭ ᠪᠠᠶᠢᠭᠰᠠᠨ ᠠᠴᠠ ᠪᠢᠰᠢ᠂ ᠡᠶᠢᠮᠦᠷᠬᠦᠦ ᠦᠯᠢᠬᠡᠷ | ᠳᠤᠮᠤᠭ ᠤᠨ ᠬᠢ ᠰᠢᠭ ᠬᠤᠳᠠ ᠪᠠᠯᠭᠠᠰᠣ ᠲᠠᠢ ᠪᠠᠶᠢᠳᠠᠭ ᠭᠡᠵᠤ ᠪᠤᠳᠤᠭᠰᠠᠨ ᠴᠦ ᠦᠭᠡᠢ ᠰᠠᠨᠵᠠᠢ᠃ ᠬᠡᠷᠪᠡ ᠠᠨᠨᠠ | ᠪᠠᠭᠰᠢ ᠢᠷᠡᠭᠡ ᠦᠭᠡᠢ ᠪᠤᠯ ᠡᠶᠢᠮᠦ ᠰᠤᠨᠢᠨ ᠭᠠᠶᠢᠬᠠᠯᠳᠠᠢ ᠵᠦᠢᠯ ᠳᠡᠳᠡᠨ ᠤ ᠬᠠᠷᠠᠭᠠᠨ ᠳᠤ ᠨᠡᠬᠡᠬᠡᠭᠳᠡᠬᠦ ᠦᠭᠡᠢ | ᠪᠠᠶᠢᠭᠰᠠᠨ ᠪᠢᠯᠡ᠃ ᠶᠡᠭᠡ ᠪᠠᠶᠢᠭᠠᠯᠢ ᠶᠢᠨ ᠬᠠᠴᠢᠨ ᠭᠠᠶᠢᠬᠠᠮᠰᠢᠭ ᠲᠤ ᠠᠪᠳᠠᠭᠰᠠᠨ ᠬᠡᠦᠬᠡᠳ ᠤᠳ ᠲᠤ ᠬᠠᠨᠳᠤᠵᠦ | ᠠᠨᠨᠠ ᠪᠠᠭᠰᠢ᠄ ︽ᠡᠪᠦᠭᠡ ᠡᠮᠡᠭᠡ᠂ ᠠᠪᠤ ᠡᠵᠢ ᠳᠤ ᠪᠠᠨ ᠴᠡᠴᠡᠭ ᠠᠪᠠᠴᠢᠵᠦ ᠪᠡᠯᠡᠭᠯᠡᠭᠡᠷᠡᠢ᠂ ᠴᠡᠴᠡᠭ ᠪᠤᠯ ᠬᠠᠶᠢᠷ᠎ᠠ | ᠬᠦᠨᠳᠤᠳᠭᠡᠯ ᠤᠨ ᠢᠯᠡᠷᠭᠡᠶᠢᠯᠡᠯ ᠶᠤᠮ ᠰᠢᠦ︾ ᠭᠡᠵᠤ ᠵᠠᠬᠢᠭᠰᠠᠨ ᠠᠵᠢ᠂ ᠰᠦᠬᠤᠮᠯᠢᠨ᠋ᠰᠺᠢ ᠶᠠᠭ ᠡᠶᠢᠮᠦ | ᠬᠦᠮᠦᠵᠢᠯ ᠢᠶᠠᠷ ᠬᠦᠮᠦᠵᠢᠭᠰᠡᠨ ᠶᠤᠮ᠃ | ᠡᠬᠦᠨ ᠠᠴᠠ ᠡᠬᠢᠯᠡᠭᠡᠳ ᠰᠦᠬᠤᠮᠯᠢᠨ᠋ᠰᠺᠢ ᠨᠤᠮ ᠪᠢᠴᠢᠭ ᠲᠤ ᠰᠢᠮᠳᠡᠨ᠂ ᠨᠠᠶᠢᠵᠠ ᠨᠦᠬᠦᠳ ᠢᠶᠠᠨ | ᠬᠠᠯᠠᠮᠵᠢᠯᠠᠵᠦ᠂ ᠶᠡᠭᠡ ᠪᠠᠶᠢᠭᠠᠯᠢ ᠶᠢ ᠬᠠᠶᠢᠷᠠᠯᠠᠳᠠᠭ ᠪᠤᠯᠤᠭᠰᠠᠨ ᠳᠡᠳᠤᠢ ᠦᠭᠡᠢ᠂ ᠠᠨᠨᠠ ᠪᠠᠭᠰᠢ ᠪᠠᠨ ᠴᠦ ᠮᠠᠰᠢᠳᠠ | ᠬᠦᠨᠳᠦᠳᠭᠡᠳᠡᠭ ᠪᠤᠯᠤᠭᠰᠠᠨ ᠶᠤᠮ᠃ ᠳᠡᠷᠡ ᠪᠠᠭᠰᠢ ᠲᠠᠢ ᠪᠠᠨ ᠠᠳᠠᠯᠢᠬᠠᠨ ᠡᠷᠳᠡᠮ ᠨᠤᠮ ᠲᠠᠢ ᠬᠦᠮᠦᠨ ᠪᠤᠯᠬᠤ ᠰᠠᠨ | ᠭᠡᠵᠤ ᠮᠦᠷᠦᠭᠡᠳᠴᠦ᠂ ᠪᠠᠭᠰᠢ ᠭᠡᠬᠦ ᠠᠷᠢᠭᠤᠨ ᠳᠠᠷᠬᠠᠨ ᠠᠵᠢᠯ ᠦᠢᠯᠡᠰ ᠢ ᠰᠡᠳᠬᠢᠯ ᠤᠨ ᠤᠭ ᠠᠴᠠ ᠪᠠᠨ ᠪᠠᠭ᠋ᠠᠳᠤᠨ | ᠬᠦᠬᠡᠬᠡᠴᠡᠯᠳᠤᠬᠦ ᠪᠤᠯᠪᠠ᠃ ᠳᠡᠶᠢᠨ ᠬᠦ ᠳᠤᠯᠤᠭᠠᠨ ᠵᠢᠯ ᠤᠨ ᠲᠦᠷᠢᠮᠳᠤ ᠰᠤᠷᠭᠠᠭᠤᠯᠢ ᠪᠠᠨ ᠳᠡᠬᠦᠰᠦᠮᠡᠭᠴᠡ | ᠤᠭᠳᠤᠬᠠᠨ ᠴᠦ ᠲᠦᠳᠡᠭᠡᠯᠵᠡᠯ ᠦᠭᠡᠢ ᠪᠠᠭᠰᠢ ᠶᠢᠨ ᠰᠤᠷᠭᠠᠭᠤᠯᠢ ᠳᠤ ᠨᠡᠷ᠎ᠡ ᠮᠡᠳᠡᠬᠦᠯᠦᠭᠰᠡᠨ ᠪᠠ ᠬᠤᠵᠢᠮ ᠨᠢ | ᠠᠯᠬᠤᠮ ᠠᠯᠬᠤᠮ ᠢᠶᠠᠷ ᠡᠭᠡᠯ ᠵᠢᠷ ᠤᠨ ᠪᠠᠭᠰᠢ ᠪᠠᠶᠢᠭᠰᠠᠨ ᠠᠴᠠ ᠪᠠᠨ ᠡᠭᠡᠨᠡᠭᠲᠡ ᠠᠯᠳᠠᠷᠳᠠᠢ ᠰᠤᠷᠭᠠᠨ ᠬᠦᠮᠦᠵᠢᠯ ᠤᠨ | ᠤᠬᠠᠭᠠᠨᠳᠠᠨ ᠪᠤᠯᠤᠭᠰᠠᠨ ᠪᠢᠯᠡ᠃ | 2. ᠠᠯᠳᠠᠭ᠎ᠠ ᠪᠠᠨ ᠳᠤᠩᠭᠠᠭᠠᠭᠰᠠᠨ ᠨᠢ | ᠰᠦᠬᠤᠮᠯᠢᠨ᠋ᠰᠺᠢ ᠪᠠᠭᠰᠢᠯᠠᠭᠠᠳ ᠤᠳᠠᠯ ᠦᠭᠡᠢ ᠡᠶᠢᠮᠦ ᠨᠢᠬᠡ ᠤᠴᠢᠷ ᠲᠠᠢ ᠳᠤᠬᠢᠶᠠᠯᠳᠤᠭᠰᠠᠨ ᠶᠤᠮ᠃ | ᠠᠩᠭᠢ ᠶᠢᠨ ᠬᠢᠨᠢ ᠨᠢᠭᠡ ᠬᠦᠦ ᠠᠯᠢᠶᠠᠷᠬᠠᠵᠦ ᠪᠠᠶᠢᠭᠠᠳ ᠴᠤᠩᠬᠤᠨ ᠳᠡᠭᠡᠷ᠎ᠡ ᠳᠠᠯᠪᠢᠭᠰᠠᠨ ᠫᠧᠩᠰᠡ ᠲᠠᠢ ᠰᠠᠷᠭᠠᠢ | ᠴᠡᠴᠡᠭ ᠢ ᠰᠦᠢᠳᠬᠡᠴᠢᠬᠡᠭᠰᠡᠨ ᠠᠵᠢ᠃ ᠳᠡᠷᠡ ᠬᠦ ᠰᠠᠷᠭᠠᠢ ᠴᠡᠴᠡᠭ ᠢ ᠠᠩᠭᠢ ᠶᠢᠨ ᠬᠢᠨ ᠪᠦᠬᠦᠳᠡᠭᠡᠷ ᠢᠶᠠᠨ ᠶᠡᠭᠡ | ᠨᠠᠨᠳᠢᠩᠨᠠᠳᠠᠭ ᠪᠠᠶᠢᠭᠰᠠᠨ ᠪᠤᠯᠬᠤᠷ ᠰᠦᠬᠤᠮᠯᠢᠨ᠋ᠰᠺᠢ ᠳᠤᠩ ᠠᠭᠤᠷᠯᠠᠵᠦ ᠬᠦᠦ ᠶᠢ ᠳᠠᠭᠤᠳᠠᠵᠦ ᠠᠪᠴᠢᠷᠠᠭᠠᠳ | ᠵᠡᠬᠡᠬᠡᠭᠰᠡᠨ ᠵᠠᠩᠨᠠᠪᠠ᠂ ᠵᠠᠩᠨᠠᠵᠦ ᠪᠠᠷᠠᠴᠢᠬᠠᠭᠠᠳ ᠳᠠᠬᠢᠨ ᠭᠤᠷᠪᠠᠨ ᠫᠧᠩᠰᠡ ᠲᠠᠢ ᠰᠠᠷᠭᠠᠢ ᠠᠪᠴᠢᠷᠠᠵᠦ | ᠬᠡᠦᠬᠡᠳ ᠤᠳ ᠲᠤ ᠡᠭᠡᠯᠵᠢᠯᠡᠨ ᠠᠷᠠᠴᠢᠯᠠᠬᠤ ᠡᠬᠦᠷᠭᠡ ᠳᠤᠰᠢᠶᠠᠭᠰᠠᠨ ᠴᠦ ᠳᠡᠷᠡ ᠬᠦᠦ ᠶᠢ ᠤᠷᠤᠯᠴᠠᠭᠤᠯᠤᠭᠰᠠᠨ | ᠦᠭᠡᠢ᠃ ᠲᠡᠭᠦᠨ ᠠᠴᠠ ᠬᠤᠶᠢᠰᠢ ᠳᠡᠷᠡ ᠬᠦᠦ ᠦᠬᠡ ᠳᠠᠭᠤ ᠴᠦᠬᠡᠷᠡᠵᠦ ᠠᠯᠢᠶᠠᠷᠬᠠᠬᠤ ᠪᠠᠨ ᠴᠦ ᠪᠤᠯᠢᠴᠢᠬᠠᠭᠰᠠᠨ | ᠰᠠᠨᠵᠠᠢ᠂ ᠵᠠᠯᠠᠭᠤ ᠰᠦᠬᠤᠮᠯᠢᠨ᠋ᠰᠺᠢ ᠬᠦᠦ ᠶᠢᠨ ᠬᠤᠪᠢᠷᠠᠯᠳᠠ ᠶᠢ ᠠᠵᠢᠭᠯᠠᠭᠠᠳ ᠵᠠᠩᠨᠠᠭᠰᠠᠨ ᠮᠠᠨᠢ ᠳᠤᠰᠠ ᠪᠤᠯᠤᠭᠰᠠᠨ | ᠠᠵᠢ ᠭᠡᠵᠤ ᠪᠤᠳᠤᠭᠰᠠᠨ ᠪᠠᠶᠢᠪᠠ᠃ | ᠭᠡᠳᠡᠯ᠎ᠡ ᠳᠤᠩ ᠡᠪ ᠦᠭᠡᠢ ᠤᠴᠢᠷ ᠬᠡᠳᠤᠨ ᠭᠠᠷᠠᠭ ᠤᠨ ᠳᠠᠷᠠᠭ᠎ᠠ ᠨᠢ ᠡᠬᠦᠰᠦᠭᠰᠡᠨ ᠪᠢᠯᠡ᠃ ᠬᠢᠴᠢᠶᠠᠯ | ᠪᠠᠭᠤᠭᠠᠳ ᠬᠡᠦᠬᠡᠳ ᠤᠳ ᠪᠠᠷᠤᠭ ᠯᠡ ᠴᠦᠮ ᠬᠠᠷᠢᠵᠠᠭᠠᠭᠰᠠᠨ ᠪᠤᠯᠪᠠᠴᠦ ᠰᠦᠬᠤᠮᠯᠢᠨ᠋ᠰᠺᠢ ᠳᠤ ᠵᠠᠩᠨᠠᠭᠳᠠᠭᠰᠠᠨ | ᠳᠡᠷᠡ ᠬᠦᠦ ᠠᠩᠭᠢ ᠳᠤ ᠪᠠᠨ ᠦᠯᠡᠳᠡᠴᠢᠬᠡᠬᠡᠳ ᠳᠠᠰᠬᠠᠯ ᠢᠶᠠᠨ ᠬᠢᠵᠦ ᠪᠠᠶᠢᠭᠰᠠᠨ ᠶᠤᠮ᠂ ᠬᠦᠦ ᠭᠡᠨᠡᠳᠳᠡ | ᠳᠤᠯᠤᠭᠠᠢ ᠡᠷᠬᠦᠨ ᠰᠦᠬᠤᠮᠯᠢᠨ᠋ᠰᠺᠢ ᠲᠠᠢ ᠬᠤᠶᠠᠭᠤᠯᠠᠬᠠᠨ ᠦᠯᠡᠳᠡᠭᠰᠡᠨ ᠢᠶᠠᠨ ᠮᠡᠳᠡᠭᠡᠳ ᠳᠤᠩ ᠰᠠᠮᠠᠭᠠᠷᠳᠠᠵᠦ | ᠳᠡᠷᠦ᠋ᠢᠬᠠᠨ ᠬᠠᠷᠢᠬᠤ ᠪᠠᠷ ᠪᠤᠰᠪᠠ᠃ ᠡᠨᠡ ᠪᠠᠶᠢᠳᠠᠯ ᠢ ᠦᠯᠦ ᠠᠩᠵᠠᠭᠠᠷᠠᠭᠰᠠᠨ ᠰᠦᠬᠤᠮᠯᠢᠨ᠋ᠰᠺᠢ ᠬᠦᠦ ᠶᠢ | ᠳᠠᠭᠤᠳᠠᠵᠦ ᠴᠤᠭ ᠲᠤ ᠪᠠᠨ ᠨᠤᠭᠤᠭ᠎ᠠ ᠳᠡᠬᠦᠬᠦ ᠪᠠᠷ ᠶᠠᠪᠤᠶ᠎ᠠ ᠭᠡᠰᠡᠨ ᠠᠵᠢ᠃ ᠡᠬᠦᠨ ᠢ ᠰᠤᠨᠤᠰᠤᠭᠰᠠᠨ ᠬᠦᠦ | ᠡᠬᠢᠯᠡᠭᠡᠳ ᠭᠠᠰᠢᠭᠤᠬᠠᠨ ᠢᠨᠢᠶᠡᠮᠰᠦᠭᠯᠡᠵᠦ ᠡᠷᠬᠢᠬᠡᠳ ᠨᠢᠳᠤᠨ ᠳᠤ ᠨᠢ ᠨᠢᠯᠪᠤᠰᠣ ᠡᠷᠬᠢᠯᠳᠦᠭᠰᠡᠨ ᠢᠶᠠᠨ ᠶᠠᠭᠤ ᠴᠦ | ᠬᠡᠯᠡᠯ ᠦᠭᠡᠢ ᠭᠡᠷ ᠦᠬᠡᠳᠡ ᠪᠠᠨ ᠬᠦᠶᠦᠬᠡᠳ ᠬᠠᠷᠢᠴᠢᠬᠠᠭᠰᠠᠨ ᠪᠠᠶᠢᠵᠠᠢ᠃ | ᠡᠨᠡ ᠤᠴᠢᠷ ᠰᠦᠬᠤᠮᠯᠢᠨ᠋ᠰᠺᠢ ᠶᠢ ᠮᠠᠰᠢᠳᠠ ᠵᠤᠪᠠᠭᠠᠭᠰᠠᠨ ᠶᠤᠮ᠂ ᠳᠡᠷᠡ ᠬᠦᠦ ᠳᠡᠬᠦᠨ ᠳᠤ ᠵᠠᠩᠨᠠᠭᠳᠠᠭᠠᠳ | ᠰᠡᠳᠬᠢᠯ ᠨᠢ ᠬᠡᠴᠢᠨᠡᠬᠡᠨ ᠰᠢᠨᠠᠯᠤᠭᠰᠠᠨ ᠢ ᠦᠪᠡᠷ ᠢᠶᠠᠨ ᠤᠭᠳᠤᠬᠠᠨ ᠴᠦ ᠮᠡᠳᠡᠭᠡ ᠦᠭᠡᠢ ᠪᠠᠶᠢᠭᠰᠠᠨ ᠨᠢ ᠶᠠᠭᠤᠳᠠᠢ | ᠭᠡᠨᠡᠨ ᠡ᠂ ᠪᠤᠯᠭᠤᠮᠵᠢ ᠦᠭᠡᠢ ᠵᠠᠩᠨᠠᠭᠰᠠᠨ ᠠᠴᠠ ᠪᠤᠯᠵᠦ ᠬᠡᠦᠬᠡᠳ ᠢ ᠬᠡᠴᠢᠨᠡᠬᠡᠨ ᠡᠮᠵᠡᠭᠯᠡᠬᠦᠯᠵᠦ ᠰᠢᠷᠬᠠᠯᠠᠭᠤᠯᠤᠭᠰᠠᠨ | ᠭᠡᠵᠤ ᠰᠠᠨᠠᠨ᠎ᠠ᠃ ᠫᠧᠩᠰᠡ ᠲᠠᠢ ᠴᠡᠴᠡᠭ ᠢ ᠰᠠᠨᠠᠭᠠᠨ ᠳᠤ ᠦᠭᠡᠢ ᠰᠦᠢᠳᠬᠡᠴᠢᠬᠡᠬᠡᠳ ᠳᠤᠰᠠ ᠲᠠᠢ ᠠᠵᠢᠯ ᠬᠢᠵᠦ | ᠪᠤᠷᠤᠭᠤ ᠪᠠᠨ ᠴᠠᠶᠢᠷᠠᠭᠤᠯᠬᠤ ᠬᠡᠰᠡᠨ ᠬᠦᠦ ᠶᠢᠨ ᠰᠡᠳᠬᠢᠯ ᠢ ᠬᠦᠢᠳᠡᠮᠰᠦᠭ ᠢᠶᠠᠷ ᠳᠡᠪᠴᠢᠭᠰᠡᠨ ᠨᠢ ᠪᠠᠭᠰᠢ | ᠪᠤᠯᠤᠭᠰᠠᠳ ᠲᠤ ᠠᠪᠴᠦ ᠬᠡᠯᠡᠪᠡᠯ ᠨᠤᠴᠢᠳᠠᠢ ᠠᠯᠳᠠᠭ᠎ᠠ ᠪᠤᠯᠬᠤ ᠶᠤᠮ᠃ ᠡᠨᠡ ᠬᠦ ᠤᠴᠢᠷ ᠠᠴᠠ ᠬᠤᠶᠢᠰᠢ | ᠰᠦᠬᠤᠮᠯᠢᠨ᠋ᠰᠺᠢ ᠬᠡᠦᠬᠡᠳ ᠢ ᠪᠠᠷᠤᠭ ᠯᠡ ᠵᠠᠩᠨᠠᠬᠤ ᠪᠠᠨ ᠪᠤᠯᠢᠭᠰᠠᠨ ᠪᠦᠬᠡᠳ ᠠᠯᠳᠠᠵᠦ ᠪᠤᠳᠤᠯᠢᠭᠰᠠᠨ ᠬᠡᠦᠬᠡᠳ ᠢ | ᠠᠭᠤᠴᠢᠯᠠᠨ ᠪᠤᠯᠭᠤᠭᠠᠬᠤ ᠪᠤᠯᠤᠭᠰᠠᠨ ᠪᠢᠯᠡ᠃ ᠠᠭᠤᠴᠢᠯᠠᠯ ᠪᠤᠯ ᠬᠡᠦᠬᠡᠳ ᠤᠨ ᠢᠳᠡᠭᠡᠯ ᠢ ᠴᠤᠭᠴᠠᠯᠠᠬᠤ | ᠬᠠᠮᠤᠭ ᠤᠨ ᠤᠶᠠᠨ ᠨᠠᠷᠢᠨ ᠡᠯᠧᠮᠧᠨ᠋ᠲ ᠶᠤᠮ᠃ | 3. ᠦᠬᠦᠮᠡᠯ ᠢᠶᠠᠷ ᠴᠡᠭᠡᠵᠢᠯᠡᠬᠦᠯᠬᠦ ᠶᠢ ᠳᠡᠪᠴᠢᠭᠰᠡᠨ ᠨᠢ | ᠰᠦᠬᠤᠮᠯᠢᠨ᠋ᠰᠺᠢ ᠵᠠᠬᠢᠷᠤᠯ ᠪᠤᠯᠤᠭᠠᠳ ︽ᠦᠬᠦᠮᠡᠯ ᠢᠶᠠᠷ ᠴᠡᠭᠡᠵᠢᠯᠡᠬᠦᠯᠵᠦ ᠪᠤᠯᠬᠤ ᠦᠭᠡᠢ᠂ ᠬᠠᠷᠢᠨ ᠰᠡᠳᠬᠢᠨ | ᠪᠤᠳᠤᠯᠬᠢᠯᠠᠭᠤᠯᠬᠤ ᠬᠡᠷᠡᠭᠳᠡᠢ︾ ᠭᠡᠵᠤ ᠤᠯᠠᠨᠳᠠ ᠳᠤᠷᠠᠳᠤᠭᠰᠠᠨ ᠶᠤᠮ᠂ ᠡᠨᠡ ᠬᠦ ᠳᠤᠷᠠᠳᠤᠯᠭ᠎ᠠ ᠶᠢᠨ ᠠᠨᠢᠰᠦ ᠶᠢ | ᠰᠦᠬᠤᠮᠯᠢᠨ᠋ᠰᠺᠢ ᠪᠠᠭ᠎ᠠ ᠰᠤᠷᠭᠠᠭᠤᠯᠢ ᠶᠢᠨ ᠬᠡᠯᠡ ᠪᠢᠴᠢᠭ ᠤᠨ ᠬᠢᠴᠢᠶᠠᠯ ᠢ ᠰᠤᠨᠤᠰᠴᠦ ᠪᠠᠶᠢᠬᠤ ᠳ᠋ᠤ᠋ᠪᠠᠨ ᠤᠯᠤᠭᠰᠠᠨ | ᠠᠵᠢ᠃ | ᠬᠢᠴᠢᠶᠠᠯ ᠡᠬᠢᠯᠡᠩᠭᠦᠳᠡ ᠬᠡᠦᠬᠡᠳ ᠤᠳ ᠪᠠᠭᠰᠢ ᠶᠢᠨ ᠢᠶᠠᠨ ᠳᠠᠯᠪᠢᠭᠰᠠᠨ ᠠᠰᠠᠭᠤᠯᠳᠠ ᠶᠢ ᠬᠠᠷᠢᠭᠤᠯᠵᠦ | ᠡᠬᠢᠯᠡᠯ᠎ᠡ᠂ ᠰᠦᠬᠤᠮᠯᠢᠨ᠋ᠰᠺᠢ ᠬᠡᠦᠬᠡᠳ ᠤᠨ ᠬᠠᠷᠢᠭᠤᠯᠳᠠ ᠶᠢ ᠨᠢᠭᠡᠳ ᠨᠢᠭᠡ ᠪᠠᠷ ᠳᠡᠮᠳᠡᠭᠯᠡᠪᠠ᠂ ᠭᠡᠳᠡᠯ᠎ᠡ ᠬᠡᠦᠬᠡᠳ ᠤᠨ | ᠬᠠᠷᠢᠭᠤᠯᠳᠠ ᠳᠡᠬᠦᠨ ᠳᠤ ᠶᠠᠭᠠᠬᠢᠭᠠᠳ ᠴᠦ ᠬᠠᠨᠤᠮᠵᠢᠳᠠᠢ ᠰᠠᠨᠠᠭᠳᠠᠭᠰᠠᠨ ᠦᠭᠡᠢ᠃ ᠳᠡᠳᠡᠨᠤᠰ ᠦᠪᠡᠷ ᠤᠨ ᠬᠡᠯᠡᠭᠰᠡᠨ | ᠦᠬᠡ ᠪᠠᠨ ᠰᠠᠶᠢᠨ ᠤᠶᠢᠯᠠᠭᠠᠬᠤ ᠦᠭᠡᠢ ᠮᠦᠷᠳᠡᠭᠡᠨ ᠤᠷᠴᠢᠨ ᠳᠤᠭᠤᠷᠢᠨ ᠤ ᠦᠵᠡᠭᠳᠡᠯ᠂ ᠬᠡᠷᠡᠭ ᠪᠤᠳᠠᠰ ᠲᠠᠢ ᠴᠦ | ᠬᠤᠯᠪᠤᠵᠦ ᠦᠯᠦ ᠴᠢᠳᠠᠬᠤ ᠠᠵᠢ᠂ ᠳᠡᠭᠡᠭᠡᠳ ᠴᠦ ᠬᠠᠷᠢᠭᠤᠯᠳᠠ ᠪᠤᠯᠭᠠᠨ ᠨᠢ ᠪᠤᠰᠤᠳ ᠤᠨ ᠬᠢ ᠶᠢ ᠳᠠᠪᠳᠠᠭᠰᠠᠨ᠂ | ᠠᠯᠪᠠ ᠪᠠᠷ ᠵᠤᠬᠢᠶᠠᠮᠵᠢᠯᠠᠭᠰᠠᠨ᠂ ᠪᠤᠯᠬᠢ ᠬᠦᠰᠢᠬᠦᠨ᠂ ᠦᠬᠦᠮᠡᠯ ᠢᠶᠠᠷ ᠴᠡᠭᠡᠵᠢᠯᠡᠭᠰᠡᠨ ᠵᠦᠢᠯ ᠤᠳ ᠪᠠᠶᠢᠭᠰᠠᠨ | ᠶᠤᠮ᠃ ︽ᠬᠡᠦᠬᠡᠳ ᠶᠠᠭᠠᠬᠢᠭᠠᠳ ᠬᠡᠯᠡᠭᠰᠡᠨ ᠦᠬᠡᠨ ᠤ ᠪᠠᠨ ᠤᠳᠬ᠎ᠠ ᠶᠢ ᠤᠶᠢᠯᠠᠭᠠᠳᠠᠭ ᠦᠭᠡᠢ ᠪᠤᠢ︖ ᠳᠡᠷᠡ | ᠮᠦᠷᠳᠡᠭᠡᠨ ᠦᠬᠡᠰ ᠤᠨ ᠰᠠᠩ ᠨᠢ ᠬᠤᠮᠰᠠ ᠶᠠᠳᠠᠭᠤ᠂ ᠢᠯᠡᠳᠭᠡᠬᠦ ᠴᠢᠳᠠᠪᠤᠷᠢ ᠨᠢ ᠦᠯᠪᠡᠭᠡᠷ ᠰᠤᠯᠠ ᠪᠠᠶᠢᠳᠠᠭ ᠨᠢ | ᠶᠠᠭᠤᠨ ᠤ ᠬᠢ ᠪᠤᠢ᠂ ᠢᠯᠡ ᠳᠤᠳᠤᠷᠬᠠᠢ ᠦᠪᠡᠷ ᠤᠨ ᠦᠵᠡᠯ ᠪᠤᠳᠤᠯ ᠠᠯᠠᠭ᠎ᠠ ᠪᠠᠶᠢᠳᠠᠭ ᠨᠢ ᠴᠤᠬᠤᠮ ᠶᠠᠭᠤᠨ ᠠᠴᠠ | ᠪᠤᠯᠤᠭᠰᠠᠨ ᠪᠤᠢ︖︾ ᠭᠡᠵᠤ ᠰᠦᠬᠤᠮᠯᠢᠨ᠋ᠰᠺᠢ ᠭᠠᠶᠢᠬᠠᠰᠢᠷᠠᠯᠠ᠃ ᠡᠨᠡ ᠦᠶᠠᠰ ᠬᠡᠯᠡ ᠪᠢᠴᠢᠭ ᠤᠨ ᠪᠠᠭᠰᠢ ᠠᠴᠠ | ᠬᠡᠦᠬᠡᠳ ᠲᠤ᠄ ︽ᠦᠬᠡ ᠦᠰᠦᠭ ᠤᠨ ᠤᠳᠬ᠎ᠠ ᠪᠤᠯᠤᠨ ᠦᠬᠦᠯᠡᠪᠤᠷᠢ ᠶᠢᠨ ᠬᠡᠪ ᠮᠠᠶ᠋ᠢᠭ ᠢ ᠰᠠᠶᠢᠳᠤᠷ ᠳᠤᠭᠳᠠᠭᠠᠬᠤ | ᠬᠡᠷᠡᠭᠳᠡᠢ᠂ ᠳᠠᠷᠠᠭ᠎ᠠ ᠬᠢᠴᠢᠶᠠᠯ ᠳᠡᠭᠡᠷ᠎ᠡ ᠰᠢᠯᠭᠠᠨ᠎ᠠ ᠰᠢᠦ︾ ᠭᠡᠵᠤ ᠵᠠᠬᠢᠴᠢᠬᠠᠭᠠᠳ ᠬᠢᠴᠢᠶᠠᠯ ᠢᠶᠠᠨ ᠵᠠᠪᠰᠠᠷᠯᠠᠭᠰᠠᠨ | ᠠᠵᠢ᠃ | ᠰᠦᠬᠤᠮᠯᠢᠨ᠋ᠰᠺᠢ ︽ᠪᠢᠳᠠᠨ ᠤ ᠵᠢᠭᠠᠨ ᠰᠤᠷᠭᠠᠯᠳᠠ ᠬᠡᠦᠬᠡᠳ ᠲᠤ ᠮᠡᠳᠡᠯᠭᠡ ᠴᠡᠭᠡᠵᠢᠯᠡᠬᠦᠯᠬᠦ᠂ | ᠬᠠᠳᠠᠭᠠᠯᠠᠭᠤᠯᠬᠤ᠂ ᠳᠡᠬᠢᠨ ᠢᠯᠡᠷᠡᠬᠦᠯᠬᠦ ᠶᠢ ᠯᠡ ᠱᠠᠭᠠᠷᠳᠠᠳᠠᠭ ᠪᠤᠯᠴᠢᠬᠠᠭᠰᠠᠨ ᠶᠤᠮ ᠦᠦ᠂ ᠬᠡᠷᠪᠡ ᠢᠩᠭᠢᠳᠡᠭ ᠲᠤ | ᠬᠦᠷᠪᠡᠯ ᠮᠠᠨ ᠤ ᠠᠵᠢᠯ ᠮᠠᠰᠢ ᠶᠡᠭᠡ ᠳᠤᠳᠠᠭᠳᠠᠯ ᠲᠠᠢ ᠪᠤᠯᠬᠤ ᠨᠢ ᠮᠡᠳᠡᠭᠡᠵᠢ᠂ ᠦᠢᠯᠡᠳᠦᠯᠭᠡ ᠳᠤᠮᠳᠠ ᠨᠢᠬᠡᠨᠳᠡ | ᠰᠢᠢᠳᠪᠤᠷᠢᠯᠡᠴᠢᠬᠡᠭᠰᠡᠨ ᠵᠦᠢᠯ ᠢ ᠪᠠᠭᠰᠢ ᠨᠠᠷ ᠤᠨ ᠳᠤᠮᠳᠠ ᠤᠳᠤ ᠪᠤᠯᠳᠠᠯ᠎ᠠ ᠲᠦᠭᠡᠮᠡᠯᠵᠢᠭᠦᠯᠦᠭᠡ ᠦᠭᠡᠢ ᠭᠡᠵᠢ | ᠦᠦ︖︾ ᠭᠡᠵᠤ ᠪᠤᠳᠤᠳᠠᠯᠠ ᠨᠢᠭᠡᠳᠤᠭᠡᠷ ᠠᠩᠭᠢ ᠶᠢᠨ ᠬᠡᠦᠬᠡᠳ ᠨᠠᠲ᠋ᠠᠱᠠ ᠶᠢᠨ ᠪᠢᠴᠢᠭᠰᠡᠨ ᠨᠢᠭᠡ ᠵᠤᠬᠢᠶᠠᠯ | ᠰᠠᠨᠠᠭᠠᠨ ᠳᠤ ᠨᠢ ᠤᠷᠤᠭᠰᠠᠨ ᠶᠤᠮ᠃ | | ᠵᠢᠬᠦᠷ ᠲᠠᠢ ᠴᠡᠴᠡᠭ | ︵ᠨᠢᠬᠡᠳᠤᠭᠡᠷ ᠠᠩᠭᠢ ᠶᠢᠨ ᠨᠠᠲ᠋ᠠᠱᠠ ᠶᠢᠨ ᠪᠦᠲᠦᠬᠡᠯ︶ | ᠵᠤᠨ ᠤ ᠤᠴᠢᠷ ᠰᠠᠨ᠂ ᠦᠷᠪᠡᠯᠬᠡᠨ ᠵᠢᠬᠦᠷ ᠲᠠᠢ ᠵᠢᠭᠠᠬᠠᠨ ᠦᠷ᠎ᠡ ᠶᠢ ᠰᠡᠯᠬᠢ ᠦᠯᠢᠶᠠᠵᠦ ᠭᠡᠭᠡᠷ᠎ᠡ ᠳᠡᠯ᠎ᠠ ᠳᠤ | ᠠᠪᠠᠴᠢᠭᠠᠳ ᠡᠪᠡᠰᠣᠨ ᠳᠤᠮᠳᠠ ᠤᠨᠠᠭᠠᠭᠰᠠᠨ ᠪᠠᠶᠢᠵᠠᠢ᠃ | ᠭᠠᠶᠢᠬᠠᠰᠢᠷᠠᠭᠰᠠᠨ ᠡᠪᠡᠰᠦ᠄ ︽ᠳᠠᠨ ᠢ ᠭᠡᠨ ᠭᠡᠳᠡᠭ ᠪᠤᠢ︖︾ ᠭᠡᠵᠤ ᠠᠰᠠᠭᠤᠬᠤ ᠳᠤ ᠵᠢᠭᠠᠬᠠᠨ | ᠦᠷ᠎ᠡ᠄ ︽ᠨᠠᠮ᠎ᠠ ᠶᠢ ᠵᠢᠬᠦᠷ ᠲᠠᠢ ᠴᠡᠴᠡᠭ ᠭᠡᠳᠡᠭ︾ ᠭᠡᠵᠤ ᠬᠠᠷᠢᠭᠤᠯᠤᠭᠠᠳ᠄ ︽ᠪᠢ ᠡ᠊ᠨᠳᠡ᠂ ᠳᠠᠨ ᠲᠠᠢ ᠴᠤᠭ | ᠤᠷᠭᠤᠬᠤ ᠪᠠᠷ ᠢᠷᠡᠭᠰᠡᠨ ᠶᠤᠮ︾ ᠭᠡᠵᠤ ᠬᠡᠯᠡᠭᠰᠡᠨ ᠠᠵᠢ᠃ ᠡᠪᠡᠰᠦ ᠨᠦᠭᠦᠳ ᠳᠡᠬᠦᠨ ᠢ ᠪᠠᠶᠠᠷ ᠲᠠᠢ ᠤᠭᠳᠤᠨ | ᠠᠪᠤᠪᠠ᠃ | ᠡᠪᠤᠯ ᠦᠩᠭᠡᠷᠡᠵᠦ ᠬᠠᠪᠤᠷ ᠢᠷᠡᠬᠦ ᠪᠠᠷ ᠡᠪᠡᠰᠣ ᠰᠤᠶᠤᠭᠠᠯᠠᠵᠦ ᠡᠬᠢᠯᠡᠭᠡᠳ ᠬᠠᠵᠠᠭᠤ ᠳᠤ ᠨᠢ ᠵᠢᠭᠠᠬᠠᠨ ᠦᠷ᠎ᠡ | ᠦᠨᠳᠤᠰᠦ ᠬᠠᠳᠬᠤᠵᠦ ᠤᠷᠤᠢ ᠳᠤ ᠨᠢ ᠰᠤᠷᠭᠤᠭ ᠰᠢᠷ᠎ᠡ ᠦᠩᠭᠡ ᠲᠠᠢ ᠵᠢᠵᠢᠭᠬᠡᠨ ᠨᠠᠷᠠ ᠰᠢᠭ ᠴᠡᠴᠡᠭ ᠳᠡᠯᠭᠡᠷᠡᠭᠰᠡᠨ | ᠪᠢᠯᠠ᠃ | ︽ᠦ᠂ ᠤᠤᠯ ᠨᠢ ᠪᠠᠭᠪᠠᠭᠠᠢ ᠴᠡᠴᠡᠭ ᠪᠠᠶᠢᠭᠰᠠᠨ ᠶᠤᠮ ᠦᠦ︾ ᠭᠡᠵᠤ ᠡᠪᠡᠰᠦ ᠳᠠᠭᠤ ᠠᠯᠳᠠᠨ ᠬᠡᠯᠡᠭᠰᠡᠨ | ᠰᠠᠨᠵᠠᠢ᠃ | ᠡᠨᠡ ᠪᠤᠯ ᠬᠡᠦᠬᠡᠳ ᠢ ᠳᠠᠶᠢᠴᠢᠯᠠᠨ ᠴᠡᠴᠡᠭ ᠤᠨ ᠦᠩᠭᠡ ᠦᠨᠦᠷ᠂ ᠬᠡᠯᠪᠡᠷᠢ ᠲᠦᠷᠰᠦ ᠪᠠ ᠳᠡᠳᠡᠨ ᠤ | ᠬᠤᠭᠤᠷᠤᠨᠳᠤᠬᠢ ᠢᠯᠭᠠᠭ᠎ᠠ ᠶᠢ ᠠᠵᠢᠭᠯᠠᠭᠤᠯᠵᠦ ᠨᠠᠷᠠᠨ ᠤ ᠬᠡᠷᠡᠯ᠂ ᠴᠡᠴᠡᠭ ᠤᠨ ᠳᠠᠯᠪᠢ᠂ ᠪᠠᠯᠲᠦ ᠵᠦᠭᠡᠢ᠂ | ᠮᠤᠳᠤᠨ ᠤ ᠮᠦᠴᠢᠷ᠂ ᠡᠷᠪᠡᠬᠡᠢ ᠵᠡᠷᠭᠡ ᠦᠵᠡᠭᠳᠡᠯ ᠬᠡᠷᠡᠭ ᠪᠤᠳᠠᠰ ᠤᠨ ᠬᠤᠯᠪᠤᠭ᠎ᠠ ᠶᠢ ᠤᠶᠢᠯᠠᠭᠠᠭᠤᠯᠴᠢᠬᠠᠭᠠᠳ | ᠠᠭᠤᠵᠢᠭᠤ ᠴᠢᠯᠦᠬᠡᠳᠡᠢ ᠲᠦᠷᠰᠦᠯᠡᠨ ᠪᠤᠳᠤᠭᠤᠯᠤᠭᠰᠠᠨ ᠤ ᠳᠠᠷᠠᠭ᠎ᠠ ᠪᠢᠴᠢᠬᠦᠯᠦᠭᠰᠡᠨ ᠵᠤᠬᠢᠶᠠᠯ ᠪᠤᠯᠬᠤ ᠶᠤᠮ᠃ | ᠬᠡᠦᠬᠡᠳ ᠡᠶᠢᠨ ᠬᠦ ᠪᠢᠴᠢᠵᠦ ᠴᠢᠳᠠᠵᠦ ᠪᠠᠶᠢᠭ᠎ᠠ ᠨᠢ ᠦᠬᠡ ᠬᠡᠯᠡ ᠨᠢᠬᠡᠨᠳᠡ ᠳᠡᠳᠡᠨ ᠤ ᠤᠶᠤᠨ ᠰᠠᠨᠠᠭᠠᠨ ᠳᠤ | ᠦᠨᠳᠦᠰᠦᠯᠡᠴᠢᠬᠡᠭᠰᠡᠨ ᠢ ᠳᠤᠳᠤᠷᠬᠠᠶᠢᠯᠠᠵᠦ ᠪᠤᠢ ᠪᠢᠯᠡ᠂ ᠢᠯᠡᠳᠭᠡᠭᠰᠡᠨ ᠠᠷᠭ᠎ᠠ ᠮᠠᠶ᠋ᠢᠭ ᠲᠤᠨᠢ ᠬᠡᠦᠬᠡᠳ ᠤᠨ | ᠳᠤᠮᠤᠭ ᠤᠨ ᠨᠦᠯᠦᠭᠡ ᠢᠯᠡᠷᠡᠵᠦ ᠪᠠᠶᠢᠭ᠎ᠠ ᠪᠤᠯᠪᠠᠴᠦ ᠦᠬᠡ ᠬᠡᠯᠡ ᠶᠢ ᠦᠪᠡᠷ ᠤᠨ ᠢᠶᠠᠨ ᠪᠤᠯᠭᠠᠭᠠᠳ | ᠴᠢᠳᠠᠴᠢᠬᠠᠭᠰᠠᠨ ᠨᠢ ᠢᠯᠡᠳᠳᠡ ᠮᠡᠳᠡᠭᠳᠡᠳᠡᠭ᠂ ᠳᠡᠭᠡᠭᠡᠳ ᠴᠦ ᠰᠡᠳᠬᠢᠨ ᠪᠤᠳᠤᠯᠬᠢᠯᠠᠵᠦ ᠴᠢᠳᠠᠵᠦ ᠪᠠᠶᠢᠭ᠎ᠠ ᠨᠢ | ᠦᠬᠡ ᠦᠰᠦᠭ ᠪᠦᠷᠢ ᠠᠴᠠ ᠨᠢ ᠢᠯᠡᠷᠭᠡᠢ ᠳᠤᠪᠤᠶᠢᠮ᠎ᠠ ᠬᠠᠷᠠᠭᠳᠠᠵᠦ ᠪᠤᠢ᠃ ᠰᠤᠷᠤᠯᠭ᠎ᠠ ᠠᠨᠠᠢ ᠬᠡᠦᠬᠡᠳ ᠤᠨ ᠳᠤᠬᠠᠢ | ᠪᠠᠭᠰᠢ ᠨᠠᠷ ︽ᠳᠡᠨᠡᠭ︾᠂ ᠴᠢᠷᠮᠠᠶᠢᠬᠤ ᠶᠢ ᠮᠡᠳᠡᠳᠡᠭ ᠦᠭᠡᠢ ᠭᠡᠬᠦ ᠮᠡᠲᠦ ᠪᠠᠷ ᠶᠠᠷᠢᠯᠴᠠᠵᠠᠭᠠᠳᠠᠭ᠂ ᠳᠡᠭᠡᠷᠡᠬᠢ | ᠵᠢᠱᠢᠶᠠᠨ ᠠᠴᠠ ᠦᠵᠡᠪᠡᠯ ᠬᠡᠦᠬᠡᠳ ᠤᠨ ᠤᠶᠤᠨ ᠤ ᠴᠢᠳᠠᠮᠵᠢ ᠶᠢ ᠬᠢᠵᠠᠭᠠᠷᠯᠠᠵᠦ᠂ ᠤᠯᠠᠮ ᠢᠶᠠᠷ ᠠᠵᠢᠭᠯᠠᠯᠳᠠ᠂ | ᠰᠡᠳᠬᠢᠮᠵᠢ᠂ ᠵᠦᠢᠴᠢᠯᠠᠯ ᠢ ᠨᠢ ᠦᠬᠡᠶᠢᠬᠢᠴᠢᠬᠡᠬᠡᠳ᠂ ᠠᠷᠭ᠎ᠠ ᠦᠭᠡᠢ ᠦᠬᠦᠮᠡᠯ ᠢᠶᠠᠷ ᠴᠡᠭᠡᠵᠢᠯᠡᠬᠦ ᠬᠡᠮᠵᠢᠶᠡᠨ ᠳᠤ | ᠬᠦᠷᠭᠡᠳᠡᠭ ᠨᠢ ᠪᠢᠳᠡᠨ ᠤ ᠨᠢᠬᠡᠨᠳᠡ ᠬᠡᠪᠰᠢᠴᠢᠬᠡᠭᠰᠡᠨ ᠵᠢᠭᠠᠨ ᠰᠤᠷᠭᠠᠯᠳᠠ ᠶᠢᠨ ᠰᠡᠳᠬᠢᠴᠠ ᠪᠠᠶᠢᠭ᠎ᠠ ᠶᠤᠮ᠃ | ᠤᠳᠤᠬᠠᠨ ᠤ ᠰᠤᠷᠭᠠᠭᠤᠯᠢ ᠶᠢᠨ ᠪᠦᠬᠦ᠋ᠢᠯᠡ ᠵᠢᠭᠠᠨ ᠰᠤᠷᠭᠠᠯᠳᠠ ᠶᠢᠨ ᠰᠢᠰᠲ᠋ᠧᠮ ᠳᠤ ᠰᠢᠨᠵᠢᠯᠡᠬᠦ ᠤᠬᠠᠭᠠᠨᠴᠢ | ᠦᠬᠡᠷᠡᠴᠢᠯᠡᠯᠳᠡ ᠬᠢᠬᠦ ᠬᠡᠷᠡᠭᠳᠡᠢ ᠪᠤᠯᠤᠭᠠᠳ ᠪᠤᠢ᠂ ᠡᠬᠦᠨ ᠳᠤ ᠬᠤᠷᠴᠠ ᠳᠤᠳᠤᠷᠬᠠᠢ ᠦᠵᠡᠯ ᠰᠠᠨᠠᠭ᠎ᠠ᠂ ᠠᠮᠢᠳᠤ | ᠬᠡᠯᠡ ᠶᠠᠷᠢᠶ᠎ᠠ ᠬᠢᠬᠡᠳ ᠬᠡᠦᠬᠡᠳ ᠤᠨ ᠡᠬᠦᠲᠦᠨ ᠪᠦᠲᠦᠭᠡᠯᠳᠡ ᠬᠡᠬᠦ ᠭᠤᠷᠪᠠᠨ ᠰᠠᠭᠤᠷᠢ ᠳᠡᠭᠡᠷ᠎ᠡ ᠰᠠᠭᠤᠷᠢᠯᠠᠬᠤ | ᠬᠡᠷᠡᠭᠳᠡᠢ᠃ ᠡᠶᠢᠮᠦ ᠠᠴᠠ ᠪᠠᠭᠰᠢ ᠪᠤᠯᠤᠭᠰᠠᠳ ᠬᠢᠴᠢᠶᠡᠯ ᠤᠨ ᠳᠠᠩᠭᠢᠮ ᠳᠤ ᠬᠡᠦᠬᠡᠳ ᠲᠤ ᠵᠤᠬᠢᠬᠤ ᠬᠡᠮᠵᠢᠶᠡᠨ ᠤ | ᠮᠡᠳᠡᠯᠬᠡ ᠶᠢ ᠰᠤᠷᠭᠠᠬᠤ ᠶᠢᠨ ᠳᠠᠭᠠᠤ ᠰᠡᠳᠬᠢᠴᠠ ᠶᠢᠨ ᠪᠤᠯᠪᠠᠰᠤᠷᠠᠯ ᠢ ᠨᠢ ᠴᠢᠩᠭᠠᠳᠬᠠᠬᠤ ᠬᠡᠷᠡᠭᠳᠡᠢ ᠪᠢᠯᠡ᠃ | ᠰᠦᠬᠤᠮᠯᠢᠨ᠋ᠰᠺᠢ ᠡᠨᠡ ᠬᠦ ᠬᠢᠴᠢᠶᠠᠯ ᠢ ᠰᠤᠨᠤᠰᠤᠭᠠᠳ ᠳᠠᠷᠠᠭᠠᠴᠢ ᠶᠢᠨ ᠰᠤᠷᠭᠠᠭᠤᠯᠢ ᠶᠢᠨ ᠠᠵᠢᠯ ᠤᠨ ᠬᠤᠷᠠᠯ | ᠳᠡᠭᠡᠷ᠎ᠡ ᠶᠠᠭᠤ ᠶᠠᠷᠢᠬᠤ ᠬᠡᠷᠡᠭᠳᠡᠢ ᠪᠠᠨ ᠨᠢᠬᠡᠨᠳᠡ ᠳᠤᠭᠳᠠᠭᠠᠴᠢᠬᠠᠭᠰᠠᠨ ᠶᠤᠮ᠂ ᠳᠠᠷᠤᠢ ︽ᠬᠡᠦᠬᠡᠳ ᠢ ᠬᠡᠷᠬᠢᠨ | ᠰᠡᠳᠬᠢᠨ ᠪᠤᠳᠤᠯᠬᠢᠯᠠᠭᠤᠯᠬᠤ ᠪᠤᠢ︖︾ ᠭᠡᠬᠦ ᠠᠰᠠᠭᠤᠳᠠᠯ᠂ ᠮᠥᠨ ᠡᠬᠦᠨ ᠢᠶᠠᠷ ᠳᠠᠮᠵᠢᠭᠤᠯᠤᠭᠠᠳ | ᠰᠤᠷᠭᠠᠭᠤᠯᠢ ᠶᠢᠨ ᠪᠦᠬᠦ᠋ᠢᠯᠡ ᠪᠠᠭᠰᠢ ᠳᠤ ︽ᠦᠬᠦᠮᠡᠯ ᠢᠶᠠᠷ ᠴᠡᠭᠡᠵᠢᠯᠡᠬᠦᠯᠵᠦ ᠪᠤᠯᠬᠤ ᠦᠭᠡᠢ᠂ ᠬᠠᠷᠢᠨ ᠰᠡᠳᠬᠢᠨ | ᠪᠤᠳᠤᠯᠬᠢᠯᠠᠭᠤᠯᠬᠤ ᠬᠡᠷᠡᠭᠳᠡᠢ︾ ᠭᠡᠵᠤ ᠰᠠᠨᠠᠭᠠᠴᠢᠯᠠᠬᠤ ᠪᠠᠷ ᠰᠢᠢᠳᠦᠭᠰᠡᠨ ᠰᠠᠨᠵᠠᠢ᠃ | 4. ᠤᠷᠠᠨ ᠢᠶᠠᠷ ᠤᠳᠤᠷᠢᠳᠤᠭᠰᠠᠨ ᠨᠢ | ᠰᠦᠬᠤᠮᠯᠢᠨ᠋ᠰᠺᠢ ᠪᠠᠭ᠎ᠠ ᠰᠤᠷᠭᠠᠭᠤᠯᠢ ᠶᠢᠨ ᠬᠡᠦᠬᠡᠳ ᠢ ᠤᠯᠠᠨ ᠶᠠᠩᠵᠦ ᠪᠠᠷ ᠤᠶᠠᠨ ᠠᠮᠢᠳᠤᠯᠢᠭ | ᠬᠦᠮᠦᠵᠢᠬᠦᠯᠳᠡᠭ᠂ ᠡᠬᠦᠨ ᠳᠤ ᠦᠯᠢᠬᠡᠷ ᠳᠤᠮᠤᠭ ᠢᠶᠠᠷ ᠵᠢᠱᠢᠶ᠎ᠠ ᠳᠠᠳᠠᠬᠤ ᠨᠢ ᠶᠡᠭᠡ ᠦᠢᠯᠡᠳᠤᠯ ᠲᠠᠢ ᠪᠠᠶᠢᠭᠰᠠᠨ | ᠠᠵᠢ᠃ ᠳᠤᠤᠷ᠎ᠡ ᠳᠡᠬᠦᠨ ᠤ ᠨᠢᠭᠡ ᠠᠷᠭ᠎ᠠ ᠠᠴᠠ ᠳᠠᠨᠢᠯᠴᠠᠭᠤᠯᠤᠶ᠎ᠠ᠄ | ᠵᠤᠨ ᠤ ᠠᠮᠠᠷᠠᠯᠳᠠ ᠪᠤᠯᠵᠦ ᠰᠦᠬᠤᠮᠯᠢᠨ᠋ᠰᠺᠢ ᠠᠩᠭᠢ ᠶᠢᠨ ᠬᠡᠦᠬᠡᠳ ᠢᠶᠠᠨ ᠳᠠᠭᠠᠭᠤᠯᠤᠭᠠᠳ ᠭᠡᠭᠡᠷ᠎ᠡ ᠶᠢᠨ | ᠵᠢᠭᠤᠯᠴᠢᠯᠠᠯ ᠳᠤ ᠭᠠᠷᠪᠠ᠂ ᠶᠠᠭᠤᠮ᠎ᠠ ᠬᠡᠦᠮ᠎ᠡ ᠤᠯᠠᠨ ᠪᠤᠯᠬᠤᠷ ᠬᠤᠶᠠᠷ ᠬᠦᠮᠦᠨ ᠨᠢᠭᠡ ᠳᠤᠭᠤᠶᠢᠯᠠᠩ ᠪᠤᠯᠴᠢᠬᠠᠪᠠᠯ | ᠡᠬᠦᠷᠬᠡ ᠳᠡᠬᠦᠷᠬᠡ ᠪᠠᠨ ᠬᠦᠩᠭᠡᠯᠡᠴᠢᠬᠡᠵᠦ ᠪᠤᠯᠤᠨ᠎ᠠ ᠭᠡᠵᠤ ᠦᠵᠡᠭᠡᠳ ᠬᠡᠦᠬᠡᠳ ᠤᠳ ᠢ ᠦᠪᠡᠷ ᠢᠶᠠᠨ ᠴᠢᠯᠦᠬᠡᠳᠡᠢ | ᠳᠤᠭᠤᠶᠢᠯᠠᠩ ᠬᠤᠪᠢᠶᠠᠵᠦ ᠪᠤᠯᠤᠨ᠎ᠠ ᠭᠡᠵᠤ ᠵᠠᠬᠢᠯ᠎ᠠ᠃ ᠬᠡᠦᠬᠡᠳ ᠪᠠᠷᠤᠭ ᠯᠡ ᠴᠦᠮ ᠬᠠᠮᠵᠢᠬᠴᠢ ᠪᠠᠨ ᠤᠯᠤᠭᠠᠳ | ᠠᠪᠴᠢᠬᠠᠭᠰᠠᠨ ᠪᠠᠶᠢᠬᠤ ᠳᠤ ᠠᠨᠳᠧᠷᠸᠢᠺ ᠯᠡ ᠭᠠᠭᠴᠠᠭᠠᠷ ᠢᠶᠠᠨ ᠤᠬᠢᠯᠠᠵᠦ ᠦᠯᠡᠳᠡᠭᠰᠡᠨ ᠰᠠᠨᠵᠠᠢ᠃ | ᠰᠦᠬᠤᠮᠯᠢᠨ᠋ᠰᠺᠢ ᠠᠨᠳᠧᠷᠸᠢᠺ ᠢ ᠠᠷᠭᠠᠳᠠᠬᠤ ᠶᠢᠨ ᠳᠠᠭᠠᠤ ᠤᠴᠢᠷ ᠢ ᠨᠢ ᠯᠠᠪᠯᠠᠪᠠᠯ ᠳᠡᠬᠦᠨ ᠲᠠᠢ ᠨᠢᠭᠡ | ᠳᠤᠭᠤᠶᠢᠯᠠᠩ ᠪᠤᠯᠬᠤ ᠳᠤᠷᠠᠳᠠᠢ ᠬᠡᠦᠬᠡᠳ ᠨᠢᠭᠡ ᠴᠦ ᠠᠯᠠᠭ᠎ᠠ ᠭᠡᠪᠡ᠂ ᠠᠨᠳᠧᠷᠸᠢᠺ ᠤᠷᠤᠭᠤᠯ ᠢᠶᠠᠨ | ᠴᠤᠷᠪᠤᠶᠢᠯᠭᠠᠭᠠᠳ ︽ᠳᠡᠳᠡ ᠪᠦᠬᠦᠳᠡᠭᠡᠷ ᠨᠠᠳᠠ ᠲᠠᠢ ᠠᠳᠠᠭᠠᠷᠬᠠᠵᠦ ᠪᠠᠶᠢᠨ᠎ᠠ︾ ᠭᠡᠵᠤ ᠬᠡᠯᠡᠯ᠎ᠡ᠃ ᠰᠦᠬᠤᠮᠯᠢᠨ᠋ᠰᠺᠢ | ᠠᠨᠳᠧᠷᠸᠢᠺ ᠤᠨ ᠠᠭᠠᠰᠢ ᠵᠠᠩ ᠢ ᠰᠠᠶᠢᠨ ᠮᠡᠳᠡᠳᠡᠭ ᠪᠤᠯᠬᠤᠷ ᠡᠨᠡ ᠬᠦ ᠳᠤᠬᠢᠶᠠᠯ ᠢᠶᠠᠷ ᠰᠠᠶᠢᠳᠤᠷ ᠰᠤᠷᠭᠠᠬᠤ ᠶᠢ | ᠪᠤᠳᠤᠪᠠ᠂ ᠳᠡᠭᠡᠭᠡᠳ ᠰᠢᠯᠤᠭᠤᠬᠠᠨ ᠢᠶᠠᠷ᠄ ︽ᠠᠨᠳᠧᠷᠸᠢᠺ ᠡ᠂ ᠶᠢᠷᠲᠢᠨᠴᠦ ᠳᠡᠭᠡᠷᠡᠬᠢ ᠬᠠᠮᠤᠭ ᠤᠨ ᠪᠡᠷᠭᠡ ᠵᠦᠢᠯ | ᠪᠤᠯ ᠬᠦᠮᠦᠨ ᠢ ᠤᠶᠢᠯᠠᠭᠠᠵᠦ ᠰᠤᠷᠬᠤ ᠶᠠᠪᠤᠳᠠᠯ ᠪᠢᠯᠡ᠂ ᠴᠢ ᠦᠪᠡᠷ ᠢ ᠪᠠᠨ ᠱᠠᠭᠠᠷᠳᠠᠵᠦ ᠪᠠᠶᠢᠭᠠᠳ ᠪᠤᠰᠤᠳ ᠢ | ᠤᠶᠢᠯᠠᠭᠠᠬᠤ ᠶᠢ ᠰᠤᠷᠴᠢᠬᠠᠪᠠᠯ ᠨᠠᠶᠢᠵᠠ ᠨᠦᠬᠦᠳ ᠢᠶᠠᠨ ᠠᠶᠠᠨᠳᠠᠭᠠᠨ ᠤᠨᠳᠤᠤ ᠬᠠᠷᠠᠴᠠ ᠪᠠᠷ ᠬᠠᠷᠠᠵᠦ ᠴᠢᠳᠠᠬᠤ | ᠪᠤᠯᠤᠨ᠎ᠠ᠃ ᠭᠡᠪᠡᠴᠦ ᠦᠷᠬᠦᠯᠵᠢ ᠯᠡ ᠦᠪᠡᠷ ᠢ ᠪᠠᠨ ᠬᠠᠮᠤᠭ ᠤᠨ ᠰᠡᠴᠡᠨ ᠰᠡᠷᠬᠦᠯᠡᠩ᠂ ᠠᠪᠢᠶᠠᠰ ᠴᠢᠳᠠᠪᠤᠷᠢ ᠲᠠᠢ | ᠭᠡᠵᠤ ᠦᠵᠡᠭᠡᠳ ᠪᠠᠶᠢᠪᠠᠯ ᠡᠴᠦᠰ ᠲᠤ ᠪᠠᠨ ᠬᠠᠮᠤᠭ ᠤᠨ ᠭᠠᠭᠴᠠᠭᠠᠷᠳᠠᠩᠭᠤᠢ ᠬᠦᠮᠦᠨ ᠪᠤᠯᠬᠤ ᠨᠢ ᠳᠠᠮᠵᠢᠭ ᠦᠭᠡᠢ︾ | ᠭᠡᠵᠤ ᠳᠠᠶᠢᠯᠪᠤᠷᠢᠯᠠᠯᠠ᠃ ︽ᠭᠡᠳᠡᠯ᠎ᠡ ᠰᠠᠳᠤᠪ ᠵᠠᠳᠠᠯᠬᠤ᠂ ᠰᠢᠯᠦᠭ ᠴᠡᠭᠡᠵᠢᠯᠡᠬᠦ ᠳᠤ ᠪᠢ ᠬᠡᠨ ᠠᠴᠠ ᠴᠤ | ᠤᠨᠤᠪᠴᠢᠳᠠᠢ ᠮᠦᠷᠳᠡᠭᠡᠨ ᠬᠤᠷᠳᠤᠨ ᠪᠠᠶᠢᠳᠠᠭ᠂ ᠲᠠ ᠴᠦ ᠨᠠᠮ᠎ᠠ ᠶᠢ ᠮᠠᠭᠳᠠᠳᠠᠭ ᠰᠢᠦ ᠳ᠋ᠠ᠂ ᠡᠨᠡ ᠮᠢᠨᠦ ᠪᠤᠷᠤᠭᠤ | ᠭᠡᠵᠢ ᠦᠦ︖︾ ᠭᠡᠳ ᠠᠨᠳᠧᠷᠸᠢᠺ ᠤᠯᠠᠮ ᠯᠡ ᠮᠡᠭᠰᠢᠴᠢᠬᠡᠪᠡ᠃ | ᠰᠦᠬᠤᠮᠯᠢᠨ᠋ᠰᠺᠢ ᠡᠬᠦᠨ ᠢ ᠰᠤᠨᠤᠰᠤᠭᠠᠳ ᠶᠠᠭᠤ ᠬᠡᠯᠡᠬᠦ ᠪᠠᠨ ᠤᠯᠵᠦ ᠶᠠᠳᠠᠯ᠎ᠠ᠂ ︽ᠴᠤᠬᠤᠮ ᠶᠠᠭᠠᠬᠢᠵᠦ | ᠳᠠᠶᠢᠯᠪᠤᠷᠢᠯᠠᠪᠠᠯ ᠰᠠᠶ᠋ᠢ ᠳᠡᠬᠦᠨ ᠢ ᠤᠬᠠᠭᠠᠷᠠᠭᠤᠯᠵᠦ ᠴᠢᠳᠠᠳᠠᠭ ᠪᠢᠯᠡ︖︾ ᠭᠡᠵᠤ ᠪᠤᠳᠤᠭᠰᠠᠨ ᠢᠶᠠᠨ᠄ ︽ | ᠠᠨᠳᠧᠷᠸᠢᠺ ᠡ᠂ ᠪᠢ ᠴᠢᠮ᠎ᠠ ᠳᠤ ᠦᠯᠢᠬᠡᠷ ᠬᠡᠯᠡᠵᠦ ᠦᠭᠭᠦᠶ᠎ᠡ᠂ ᠡᠨᠡ ᠦᠯᠢᠬᠡᠷ ᠦᠨᠦ ᠶᠢᠨ ᠪᠢᠳᠡᠨ ᠤ ᠪᠠᠶᠢᠳᠠᠯ ᠲᠠᠢ | ᠶᠡᠭᠡ ᠠᠳᠠᠯᠢᠬᠠᠨ᠂ ᠴᠢ ᠰᠤᠨᠤᠰᠬᠤ ᠦᠦ︖︾ ᠭᠡᠪᠡᠯ ᠬᠦᠦ ᠨᠢᠯᠪᠤᠰᠤ ᠪᠠᠨ ᠠᠷᠴᠢᠵᠦ ᠳᠤᠯᠤᠭᠠᠢ ᠳᠤᠬᠢᠪᠠ᠃ | ᠡᠶᠢᠨ ᠬᠦ ᠮᠤᠳᠤᠨ ᠤ ᠰᠡᠬᠦᠳᠡᠷ ᠲᠤ ᠳᠤᠬᠠᠯᠠᠭᠠᠳ ᠰᠦᠬᠤᠮᠯᠢᠨ᠋ᠰᠺᠢ ︽ᠤᠳᠪᠠᠯᠠ ᠰᠤᠩᠭᠢᠨ᠎ᠠ ᠬᠤᠶᠠᠷ︾ ᠭᠡᠬᠦ | ᠦᠯᠢᠬᠡᠷ ᠢ ᠶᠠᠷᠢᠭᠰᠠᠨ ᠰᠠᠨᠵᠠᠢ᠄ | ᠳᠠᠷᠢᠶᠠᠴᠢᠨ ᠠᠶᠢᠯ ᠤᠨ ᠡᠬᠦᠳᠡᠨ ᠳᠤ ᠨᠢᠬᠡᠨ ᠤᠳᠪᠠᠯᠠ ᠤᠷᠭᠤᠭᠰᠠᠨ ᠪᠠᠶᠢᠵᠠᠢ᠂ ᠤᠳᠪᠠᠯᠠ ᠪᠡᠶ᠎ᠡ ᠪᠠᠨ | ᠶᠡᠭᠡ ᠳᠤᠭᠤᠵᠦ᠄ ︽ᠬᠠᠷᠠᠭᠠᠴᠢ᠂ ᠪᠢ ᠶᠠᠮᠠᠷ ᠭᠤᠶᠤ ᠪᠤᠢ᠂ ᠡ᠊ᠨᠳᠡ ᠨᠠᠳᠠ ᠠᠴᠠ ᠢᠯᠡᠬᠦᠦ ᠰᠠᠶᠢᠬᠠᠨ ᠤᠷᠭᠤᠮᠠᠯ | ᠠᠯᠠᠭ᠎ᠠ︾ ᠭᠡᠵᠤ ᠬᠦᠭᠡᠷᠳᠡᠭ᠃ ᠤᠳᠪᠠᠯᠠ ᠶᠢᠨ ᠬᠠᠵᠠᠭᠤ ᠳᠤ ᠨᠢᠬᠡᠨ ᠰᠤᠩᠭᠢᠨ᠎ᠠ ᠤᠷᠭᠤᠭᠰᠠᠨ ᠠᠵᠢ᠂ ᠵᠤᠨ ᠤ | ᠰᠡᠬᠦᠯᠴᠢ ᠪᠤᠯᠬᠤ ᠪᠠᠷ ᠰᠤᠩᠭᠢᠨ᠎ᠠ ᠬᠦᠬᠡᠷᠡᠨ ᠴᠡᠯᠡᠭᠡᠷᠡᠭᠡᠳ ᠬᠠᠮᠠᠷ ᠴᠤᠷᠬᠢᠭᠰᠠᠨ ᠠᠭᠠᠭ ᠲᠠᠢ ᠬᠤᠷᠴᠠ ᠦᠨᠦᠷ | ᠰᠡᠩᠭᠢᠨᠡᠬᠦᠯᠪᠡ᠂ ᠤᠳᠪᠠᠯᠠ ᠬᠦᠮᠦᠰᠭᠡ ᠠᠳᠤᠷᠢᠵᠦ᠄ ︽ᠴᠢ ᠶᠠᠮᠠᠷ ᠮᠠᠭᠤᠬᠠᠢ ᠦᠨᠦᠷ ᠲᠠᠢ ᠶᠤᠮ ᠪᠤᠢ︖︾ | ᠬᠡᠴᠢᠬᠡᠬᠡᠳ ︽ᠬᠦᠮᠦᠰ ᠰᠤᠨᠢᠨ ᠶᠤᠮ ᠡ᠂ ᠡᠶᠢᠮᠦ ᠶᠠᠭᠤᠮ᠎ᠠ ᠶᠢ ᠪᠠᠰᠠ ᠳᠠᠷᠢᠬᠤ ᠭᠡᠭᠴᠢ︾ ᠭᠡᠵᠤ ᠤᠨᠳᠤᠭᠤᠴᠠᠯᠠ᠃ | ᠰᠤᠩᠭᠢᠨ᠎ᠠ ᠤᠳᠪᠠᠯᠠ ᠶᠢᠨ ᠤᠨᠳᠤᠭᠤᠴᠠᠬᠤ ᠶᠢ ᠰᠤᠨᠤᠰᠤᠭᠠᠳ ᠶᠠᠭᠤ ᠴᠦ ᠳᠤᠤᠭᠠᠷᠤᠭᠰᠠᠨ ᠦᠭᠡᠢ᠂ ᠡᠨᠡ ᠦᠶᠠᠰ | ᠳᠠᠷᠢᠶᠠᠴᠢᠨ ᠬᠦᠭᠰᠢᠨ ᠭᠠᠷᠴᠦ ᠢᠷᠡᠭᠡᠳ ᠤᠳᠪᠠᠯᠠ ᠦᠬᠡᠳᠡ ᠠᠯᠬᠤᠪᠠ᠂ ᠤᠳᠪᠠᠯᠠ ᠠᠮᠢᠰᠬᠤᠭ᠎ᠠ ᠪᠠᠨ ᠳᠠᠷᠤᠵᠦ | ᠳᠤᠯᠤᠭᠠᠢ ᠪᠠᠨ ᠭᠠᠩᠬᠤᠭᠤᠯᠤᠰᠬᠢᠨ ᠬᠦᠯᠢᠶᠡᠯ᠎ᠠ᠂ ᠳᠡᠭᠡᠳᠡᠯ᠎ᠡ ᠳᠠᠷᠢᠶᠠᠴᠢᠨ ᠬᠦᠭᠰᠢᠨ ᠤᠳᠪᠠᠯᠠ ᠶᠢᠨ ᠬᠠᠵᠠᠭᠤ ᠳᠤ | ᠤᠷᠭᠤᠭᠰᠠᠨ ᠰᠤᠩᠭᠢᠨ᠎ᠠ ᠶᠢ ᠪᠦᠬᠦ᠋ᠢᠨ ᠢᠯᠪᠢᠬᠡᠳ᠄ ︽ᠶᠠᠮᠠᠷ ᠰᠠᠶᠢᠬᠠᠨ ᠤᠷᠭᠤᠭᠰᠠᠨ ᠪᠤᠢ︖︾ ᠭᠡᠵᠤ | ᠢᠨᠢᠶᠡᠮᠰᠦᠭᠯᠡᠨ ᠰᠢᠷᠳᠡᠪᠡ᠂ ᠡᠬᠦᠨ ᠢ ᠬᠠᠷᠠᠭᠠᠳ ᠤᠳᠪᠠᠯᠠ ᠭᠠᠶᠢᠬᠠᠰᠢᠷᠠᠭᠰᠠᠨ ᠭᠡᠭᠴᠢ ᠳᠦᠢᠮᠦ ᠦᠭᠡᠢ ᠠᠵᠢ᠃ | ᠠᠨᠳᠧᠷᠸᠢᠺ ᠡᠬᠦᠨ ᠢ ᠰᠤᠨᠤᠰᠤᠭᠠᠳ ᠤᠬᠢᠯᠠᠬᠤ ᠪᠠᠨ ᠵᠤᠭᠰᠤᠴᠢᠬᠠᠭᠰᠠᠨ ᠳᠡᠳᠤᠢ ᠦᠭᠡᠢ ︽ᠬᠦᠮᠦᠨ | ᠬᠦᠮᠦᠨ ᠳᠤ ᠦᠪᠡᠷ ᠤᠨ ᠬᠢᠨᠢ ᠰᠢᠯᠢᠳᠡᠭ ᠳᠠᠯ᠎ᠠ ᠪᠠᠶᠢᠳᠠᠭ᠂ ᠤᠮᠤᠷᠬᠠᠭᠯᠠᠨ ᠪᠠᠷᠳᠠᠮᠨᠠᠵᠦ ᠦᠪᠡᠷ ᠢ ᠪᠠᠨ ᠳᠤᠭᠤᠭᠠᠳ | ᠪᠠᠶᠢᠪᠠᠯ ᠡᠴᠦᠰ ᠲᠤ ᠪᠠᠨ ᠪᠤᠰᠤᠳ ᠲᠤ ᠭᠤᠯᠤᠭᠳᠠᠨᠠ︾ ᠭᠡᠬᠦ ᠶᠤᠰᠤ ᠶᠢ ᠰᠡᠳᠬᠢᠬᠦ ᠰᠢᠭ ᠳᠤᠯᠤᠭᠠᠢ ᠪᠦᠬᠦ᠋ᠢᠭᠰᠡᠨ | ᠪᠢᠯᠡ᠃ | ᠰᠦᠬᠤᠮᠯᠢᠨ᠋ᠰᠺᠢ ᠶᠢᠨ ᠡᠨᠡ ᠬᠦ ᠦᠯᠢᠬᠡᠷ ᠳᠤᠮᠤᠭ ᠤᠨ ᠵᠢᠱᠢᠶ᠎ᠠ ᠬᠡᠦᠬᠡᠳ ᠲᠤ ᠳᠤᠩ ᠤᠶᠢᠯᠠᠭᠠᠮᠵᠢᠳᠠᠢ | ᠪᠦᠬᠡᠳ ᠠᠴᠢ ᠳᠤᠰᠠ ᠨᠢ ᠴᠦ ᠢᠯᠡᠳᠳᠡ ᠪᠠᠶᠢᠳᠠᠭ᠂ ᠡᠬᠦᠨ ᠢ ᠨᠢᠬᠡ ᠴᠢᠬᠤᠯᠠ ᠡᠬᠦᠲᠦᠯᠳᠡ ᠭᠡᠵᠤ ᠬᠡᠯᠡᠵᠦ ᠪᠤᠯᠬᠤ | ᠶᠤᠮ᠃ | 5. ᠬᠦᠯᠢᠴᠡᠩᠭᠦᠢ ᠪᠠᠷ ᠬᠦᠲᠦᠯᠦᠨ ᠵᠢᠯᠤᠭᠤᠳᠤᠭᠰᠠᠨ ᠨᠢ | ᠰᠦᠬᠤᠮᠯᠢᠨ᠋ᠰᠺᠢ ᠶᠢᠨ ᠠᠵᠢᠯᠯᠠᠵᠦ ᠪᠠᠶᠢᠭᠰᠠᠨ ᠫᠠᠹᠯᠧᠱᠢ ᠳᠤᠮᠳᠠᠳᠤ ᠰᠤᠷᠭᠠᠭᠤᠯᠢ ᠶᠢᠨ ᠬᠢᠨ ᠬᠡᠦᠬᠡᠳ | ᠪᠤᠯᠭᠠᠨ ᠢ ᠰᠠᠶᠢᠨ ᠬᠦᠮᠦᠵᠢᠬᠦᠯᠵᠦ ᠪᠤᠯᠳᠠᠭ ᠭᠡᠵᠤ ᠦᠵᠡᠳᠡᠭ᠃ ᠡ᠊ᠨᠳᠡ ︽ᠠᠨᠠᠢ ᠬᠡᠦᠬᠡᠳ︾ ᠭᠡᠳᠡᠭ | ᠤᠬᠠᠭᠳᠠᠬᠤᠨ ᠪᠠᠶᠢᠳᠠᠭ ᠦᠭᠡᠢ᠂ ᠬᠠᠷᠢᠨ ︽ᠬᠦᠴᠢᠷᠳᠡᠯ ᠲᠠᠢ ᠬᠡᠦᠬᠡᠳ︾ ᠪᠤᠶᠤ ︽ᠬᠦᠮᠦᠵᠢᠬᠦᠯᠬᠦ ᠳᠤ | ᠬᠦᠴᠢᠷ ᠲᠠᠢ ᠬᠡᠦᠬᠡᠳ︾ ᠭᠡᠬᠦ ᠤᠬᠠᠭᠳᠠᠬᠤᠨ ᠯᠡ ᠪᠠᠶᠢᠳᠠᠭ᠃ ᠡᠶᠢᠮᠦᠷᠬᠦᠦ ᠬᠡᠦᠬᠡᠳ ᠢ ᠲᠠᠩ ᠭᠠᠭᠴᠠ ᠪᠠᠭᠰᠢ | ᠵᠢᠭᠠᠵᠦ ᠰᠤᠷᠭᠠᠳᠠᠭ ᠪᠢᠰᠢ᠂ ᠬᠠᠷᠢᠨ ᠪᠦᠬᠦ᠋ᠢᠯᠡ ᠬᠠᠮᠳᠤ ᠨᠠᠶᠢᠳᠠ ᠪᠠᠷ ᠢᠶᠠᠨ ᠵᠢᠭᠠᠵᠦ ᠰᠤᠷᠭᠠᠳᠠᠭ᠃ | ᠰᠦᠬᠤᠮᠯᠢᠨ᠋ᠰᠺᠢ ᠨᠢᠭᠡ ᠨᠠᠰᠣᠨ ᠳᠤ ᠪᠠᠨ 178 ︽ᠬᠦᠮᠦᠵᠢᠬᠦᠯᠬᠦ ᠳᠤ ᠬᠦᠴᠢᠷ ᠲᠠᠢ ᠬᠡᠦᠬᠡᠳ︾ ᠢ ᠰᠤᠷᠭᠠᠵᠦ | ᠦᠩᠭᠡᠷᠡᠭᠰᠡᠨ ᠪᠦᠬᠡᠳ ᠨᠢᠬᠡᠳ ᠨᠢᠬᠡ ᠪᠠᠷ ᠢᠶᠠᠨ ᠪᠡᠷᠬᠡ ᠬᠠᠳᠠᠭᠤ ᠶᠠᠪᠤᠴᠠ ᠶᠢ ᠦᠩᠭᠡᠷᠡᠬᠦᠯᠦᠭᠰᠡᠨ ᠪᠢᠯᠡ᠃ | ᠰᠦᠬᠤᠮᠯᠢᠨ᠋ᠰᠺᠢ ᠭᠠᠷᠠᠭ ᠪᠦᠷᠢ ︽ᠬᠦᠮᠦᠵᠢᠬᠦᠯᠬᠦ ᠳᠤ ᠬᠦᠴᠢᠷ ᠲᠠᠢ ᠬᠡᠦᠬᠡᠳ︾ ᠤᠨ ᠭᠡᠷ ᠪᠦᠯᠢ ᠪᠠᠷ ᠳᠤᠭᠤᠷᠢᠨ | ᠰᠤᠷᠪᠤᠯᠵᠢᠯᠠᠵᠦ ᠳᠡᠳᠡᠨ ᠤ ᠦᠰᠴᠦ ᠪᠤᠶᠢᠵᠢᠭᠰᠠᠨ ᠤᠷᠴᠢᠨ ᠳᠤᠭᠤᠷᠢᠨ᠂ ᠠᠪᠤ ᠡᠵᠢ᠂ ᠬᠦᠷᠰᠢ | ᠵᠡᠷᠭᠡᠯᠡᠳᠡᠭᠡ ᠶᠢᠨ ᠬᠢᠨ ᠪᠠ ᠬᠢᠴᠢᠶᠠᠯᠯᠠᠵᠦ ᠦᠩᠭᠡᠷᠡᠭᠰᠡᠨ ᠪᠠᠭᠰᠢ ᠨᠠᠷ ᠲᠠᠢ ᠨᠢ ᠶᠠᠷᠢᠯᠴᠠᠨ ᠵᠤᠭᠤᠭᠳᠠᠳᠠᠭ ᠪᠠᠶᠢᠵᠠᠢ᠃ | ᠨᠢᠬᠡ ᠡᠲᠦᠷ ᠰᠦᠬᠤᠮᠯᠢᠨ᠋ᠰᠺᠢ ᠭᠤᠯᠢᠶ᠎ᠠ ᠶᠢᠨ ᠬᠢᠨ ᠢ ᠰᠤᠷᠪᠤᠯᠵᠢᠯᠠᠭᠰᠠᠨ ᠶᠤᠮ᠃ ᠭᠤᠯᠢᠶ᠎ᠠ ᠪᠤᠯ ᠳᠤᠩ | ᠠᠵᠠ ᠪᠤᠰᠣ ᠬᠡᠦᠬᠡᠳ᠂ ᠪᠠᠭ᠎ᠠ ᠳᠤ ᠨᠢ ᠠᠪᠤ ᠨᠢ ᠨᠠᠰᠣ ᠪᠠᠷᠠᠵᠦ ᠤᠢ ᠲᠦᠬᠦᠷᠬᠦ ᠦᠶ᠎ᠡ ᠪᠠᠷ ᠡᠵᠢ ᠨᠢ ᠨᠤᠴᠢᠳᠠᠢ | ᠭᠡᠮᠲᠦ ᠬᠡᠷᠡᠭ ᠲᠤ ᠬᠤᠯᠪᠤᠭᠳᠠᠵᠦ ᠠᠷᠪᠠᠨ ᠵᠢᠯ ᠬᠤᠷᠢᠬᠤ ᠶᠠᠯ᠎ᠠ ᠪᠠᠷ ᠰᠢᠢᠳᠭᠡᠭᠳᠡᠭᠰᠡᠨ ᠠᠵᠢ᠃ ᠢᠩᠭᠢᠭᠡᠳ ᠨᠠᠭᠠᠴᠦ | ᠡᠭᠡᠴᠢ ᠶᠢᠨ ᠢᠶᠠᠨ ᠭᠠᠷ ᠳᠡᠭᠡᠷ᠎ᠡ ᠦᠯᠡᠳᠡᠭᠰᠡᠨ ᠴᠦ ᠨᠠᠭᠠᠴᠦ ᠡᠭᠡᠴᠢ ᠨᠢ ᠳᠡᠬᠦᠨ ᠢ ᠳᠠᠷᠤᠭᠠᠰᠣ ᠭᠡᠵᠤ ᠯᠡ | ᠦᠵᠡᠳᠡᠭ ᠠᠴᠠ ᠠᠶᠠᠨᠳᠠᠭᠠᠨ ︽ᠬᠦᠮᠦᠵᠢᠬᠦᠯᠬᠦ ᠳᠤ ᠬᠦᠴᠢᠷ ᠲᠠᠢ ᠬᠡᠦᠬᠡᠳ︾ ᠪᠤᠯᠴᠢᠬᠠᠭᠰᠠᠨ ᠶᠤᠮ᠃ | ᠭᠤᠯᠢᠶ᠎ᠠ ᠰᠤᠷᠭᠠᠭᠤᠯᠢ ᠳᠤ ᠢᠷᠡᠭᠡᠳ ᠨᠢᠬᠡ ᠰᠠᠷ᠎ᠠ ᠪᠤᠯᠤᠮᠠᠭᠴᠠ ᠯᠡ ᠤᠯᠠᠨ ᠢᠶᠠᠷ ᠢᠶᠠᠨ ᠵᠠᠯᠬᠠᠭᠤ | ᠬᠤᠶᠢᠷᠭᠤ᠂ ᠦᠷᠬᠦᠯᠵᠢ ᠬᠤᠳᠠᠯ ᠬᠡᠯᠡᠳᠡᠭ ᠭᠡᠭᠴᠢ ᠶᠢ ᠨᠢ ᠮᠡᠳᠡᠴᠢᠬᠡᠭᠰᠡᠨ ᠪᠦᠬᠡᠳ ᠳᠤᠩ ᠤᠳᠠᠯ ᠦᠭᠡᠢ ︽ | ᠬᠦᠮᠦᠵᠢᠬᠦᠯᠬᠦ ᠳᠤ ᠬᠦᠴᠢᠷ ᠲᠠᠢ ᠬᠡᠦᠬᠡᠳ︾ ᠪᠤᠯᠬᠤ ᠨᠢ ᠠᠩᠵᠠᠭᠠᠷᠠᠭᠳᠠᠭᠰᠠᠨ ᠪᠢᠯᠡ᠃ ᠰᠤᠷᠭᠠᠭᠤᠯᠢ ᠶᠢᠨ ᠮᠤᠳᠤ | ᠳᠠᠷᠢᠬᠤ ᠬᠦᠳᠡᠯᠭᠡᠬᠡᠨ ᠳᠡᠭᠡᠷ᠎ᠡ ᠳᠡᠷᠡ ᠵᠤᠷᠢᠭᠤᠳᠠ ᠬᠡᠳᠤᠨ ᠮᠤᠳᠤ ᠶᠢ ᠰᠦᠢᠳᠬᠡᠴᠢᠬᠡᠬᠡᠳ ︽ᠪᠠᠭᠠᠳᠤᠷᠯᠢᠭ | ᠠᠵᠢᠯᠯᠠᠭ᠎ᠠ︾ ᠪᠠᠨ ᠤᠯᠠᠨ ᠳᠤ ᠮᠠᠵᠤᠤᠯᠠᠵᠦ ᠵᠤᠭᠰᠤᠭᠰᠠᠨ᠂ ᠬᠢᠴᠢᠶᠡᠯ ᠤᠨ ᠵᠠᠪᠰᠠᠷᠯᠠᠭ᠎ᠠ ᠳᠡᠭᠡᠷ᠎ᠡ ᠰᠢᠷᠡᠭᠡ | ᠨᠢᠬᠡᠳᠡᠨ ᠤ ᠪᠠᠨ ᠨᠤᠮ ᠢ ᠪᠤᠳᠤᠭ ᠢᠶᠠᠷ ᠪᠢᠯᠳᠡᠵᠦ ᠤᠷᠬᠢᠴᠢᠬᠠᠭᠠᠳ ᠪᠠᠭᠰᠢ ᠵᠢᠮᠡᠯᠡᠬᠦ ᠳᠤ ᠬᠡᠨᠡᠭ ᠴᠦ ᠦᠭᠡᠢ | ᠲᠦᠷᠢᠯᠡᠭᠰᠡᠨ᠂ ᠪᠠᠰᠠ ᠬᠦᠳᠡᠭᠡ ᠬᠡᠬᠡᠷ᠎ᠡ ᠶᠢᠨ ᠠᠶᠠᠯᠠᠯ ᠢ ᠳᠦᠢᠳᠤᠨ ᠲᠦᠷᠰᠦᠬᠦ᠋ᠢᠳᠡᠵᠦ ᠪᠠᠭᠰᠢ ᠠᠴᠠ ᠠᠭᠤᠯᠠ | ᠳᠤᠯᠤᠭᠠᠳ᠂ ᠭᠤᠤ ᠰᠤᠵᠠᠭ ᠤᠨ ᠳᠤᠬᠠᠢ ᠳᠠᠶᠢᠯᠪᠤᠷᠢᠯᠠᠬᠤ ᠳᠤ ︽ᠡᠨᠡ ᠶᠠᠭᠤᠬᠠᠨ ᠭᠡᠵᠢ ᠡ᠂ ᠪᠢ ᠡᠬᠦᠨ ᠠᠴᠠ | ᠬᠦᠨ ᠰᠤᠵᠠᠭ ᠲᠤ ᠴᠦ ᠦᠰᠦᠷᠴᠦ ᠪᠠᠶᠢᠭᠰᠠᠨ︾ ᠭᠡᠳ ᠠᠯᠠᠭ᠎ᠠ ᠪᠤᠯᠴᠢᠬᠠᠭᠰᠠᠨ ᠭᠡᠬᠦ ᠮᠡᠲᠦ ᠶᠢᠨ ᠳᠤᠭᠠᠯᠠᠰᠢ | ᠦᠭᠡᠢ ᠤᠯᠠᠨ ︽ᠬᠡᠷᠡᠭ ᠬᠢᠭᠰᠡᠨ︾ ᠶᠤᠮ᠃ | ᠰᠦᠬᠤᠮᠯᠢᠨ᠋ᠰᠺᠢ ᠭᠤᠯᠢᠶ᠎ᠠ ᠶᠢᠨ ᠭᠡᠷ ᠢ ᠰᠤᠷᠪᠤᠯᠵᠢᠯᠠᠵᠦ ᠢᠷᠡᠭᠡᠳ ᠠᠩᠭᠢ ᠡᠷᠬᠢᠯᠡᠭᠴᠢ ᠪᠤᠯᠤᠨ ᠬᠠᠮᠢᠶ᠎ᠠ | ᠪᠦᠬᠦᠢ ᠪᠠᠭᠰᠢ ᠨᠠᠷ ᠲᠠᠢ ᠴᠤᠬᠤᠮ ᠰᠢᠯᠳᠠᠭᠠᠨ ᠢ ᠨᠢ ᠰᠤᠳᠤᠯᠤᠭᠰᠠᠨ ᠪᠢᠯᠡ᠃ ᠰᠦᠬᠤᠮᠯᠢᠨ᠋ᠰᠺᠢ ᠶᠢᠨ | ᠳᠤᠷᠠᠳᠤᠭᠰᠠᠨ ︽ᠳᠡᠭᠡᠷ᠎ᠡ ᠶᠠᠷᠢᠭᠰᠠᠨ ᠭᠤᠯᠢᠶ᠎ᠠ ᠶᠢᠨ ᠠᠵᠢᠯᠯᠠᠭ᠎ᠠ ᠪᠤᠯ ᠠᠶᠠᠨᠳᠠᠭᠠᠨ ᠤ ᠬᠢ ᠪᠢᠰᠢ᠂ ᠬᠠᠷᠢᠨ ᠭᠡᠷ | ᠪᠦᠯᠢ ᠶᠢᠨ ᠨᠦᠯᠦᠬᠡ ᠳᠡᠬᠦᠨ ᠢ ᠢᠳᠡᠭᠡᠯ ᠠᠯᠳᠠᠭᠤᠯᠤᠭᠰᠠᠨ ᠳᠤ ᠪᠤᠢ᠃ ᠳᠡᠬᠦᠨ ᠤ ᠠᠮᠢᠳᠤᠷᠠᠯ ᠳᠤ ᠠᠷᠢᠭᠤᠨ | ᠰᠠᠶᠢᠬᠠᠨ᠂ ᠡᠭᠡᠯᠢ ᠳᠤᠳᠤᠨᠤ ᠵᠦᠢᠯ ᠦᠯᠦ ᠤᠷᠤᠰᠢᠳᠠᠭ ᠠᠴᠠ ᠡᠶᠢᠮᠦᠷᠬᠦᠦ ᠡᠳᠡᠬᠡᠳ ᠠᠷᠠᠨᠰᠢᠨ ᠲᠠᠢ ᠪᠤᠯᠤᠭᠰᠠᠨ | ᠪᠠᠶᠢᠵᠦ ᠮᠡᠳᠡᠨ᠎ᠡ︾ ᠭᠡᠬᠦ ᠳᠤᠷᠠᠳᠤᠯᠭ᠎ᠠ ᠪᠠᠭᠰᠢ ᠨᠠᠷ ᠤᠨ ᠠᠩᠬᠠᠷᠤᠯ ᠢ ᠳᠡᠳᠡᠪᠡ᠃ ᠳᠡᠶᠢᠨ ᠬᠦ ᠤᠯᠠᠨ ᠢᠶᠠᠷ ᠢᠶᠠᠨ ︽ | ᠭᠤᠯᠢᠶ᠎ᠠ ᠶᠢᠨ ᠠᠵᠢᠯᠯᠠᠭ᠎ᠠ ᠪᠤᠯ ᠳᠡᠬᠦᠨ ᠢ ᠬᠦᠳᠡᠯᠦᠩᠭᠦᠢ ᠪᠠᠷ ᠬᠠᠯᠠᠮᠵᠢᠯᠠᠵᠦ᠂ ᠰᠠᠶᠢᠨ ᠲᠠᠢ ᠳᠠᠯ᠎ᠠ ᠶᠢ ᠨᠢ | ᠶᠠᠷᠦ ᠠᠴᠠ ᠢᠯᠡᠷᠡᠬᠦᠯᠦᠬᠡ ᠦᠭᠡᠢ ᠶᠢᠨ ᠦᠷ᠎ᠡ ᠳ᠋ᠦᠩ ᠶᠤᠮ᠃ ᠳᠡᠭᠡᠭᠡᠳ ᠴᠦ ᠳᠡᠬᠦᠨ ᠤ ᠠᠯᠳᠠᠭ᠎ᠠ ᠳᠤᠳᠠᠭᠳᠠᠯ᠂ | ᠠᠭᠠᠯᠢ ᠠᠷᠠᠨᠰᠢᠨ ᠪᠤᠯ ᠪᠤᠰᠤᠳ ᠤᠨ ᠬᠦᠢᠳᠡᠮᠰᠦᠭ ᠬᠠᠨᠳᠤᠯᠭ᠎ᠠ ᠳᠤ ᠳᠠᠯᠪᠢᠭᠰᠠᠨ ᠡᠰᠡᠷᠬᠦᠴᠡᠯ ᠪᠤᠯᠤᠨ᠎ᠠ︾ ᠭᠡᠵᠤ | ᠰᠠᠨᠠᠯ ᠨᠢᠬᠡᠳᠡᠢ ᠦᠵᠡᠵᠡᠭᠡᠭᠰᠡᠨ ᠶᠤᠮ᠃ | ᠳᠡᠶᠢᠨ ᠬᠦ᠋ ᠨᠢᠭᠡ ᠤᠳᠠᠭ᠎ᠠ ᠰᠦᠬᠤᠮᠯᠢᠨ᠋ᠰᠺᠢ ᠳᠡᠬᠦᠨ ᠢ ᠭᠠᠭᠴᠠᠭᠠᠷ ᠢᠶᠠᠨ ᠳᠤᠭᠯᠠᠵᠦ ᠪᠠᠶᠢᠬᠤ ᠳᠤ | ᠳᠤᠷᠰᠢᠯᠳᠠ ᠶᠢᠨ ᠦᠷᠦᠭᠡᠨ ᠳᠤ ᠪᠠᠨ ᠳᠠᠭᠤᠳᠠᠵᠦ ᠠᠯᠮᠤᠷᠠᠳ ᠤᠨ ᠮᠤᠳᠤ ᠪᠤᠯᠤᠨ ᠠᠯᠢᠮ᠎ᠠ ᠶᠢᠨ ᠮᠤᠳᠤᠨ ᠤ ᠴᠢᠬᠢ | ᠰᠤᠩᠭᠤᠭᠤᠯᠤᠭᠰᠠᠨ ᠰᠠᠨᠵᠠᠢ᠃ ᠭᠤᠯᠢᠶ᠋ᠨ ᠬᠠᠶᠢᠬᠤᠷᠤᠮᠵᠢ ᠦᠭᠡᠢ ᠲᠦᠷᠢᠯᠡᠵᠦ ᠪᠠᠶᠢᠭᠰᠠᠨ ᠴᠦ ᠰᠤᠨᠢᠭᠤᠴᠢ | ᠰᠡᠳᠬᠢᠯ ᠳᠤ ᠪᠠᠨ ᠳᠡᠶᠢᠯᠦᠭᠳᠡᠭᠡᠳ ᠰᠦᠬᠤᠮᠯᠢᠨ᠋ᠰᠺᠢ ᠲᠠᠢ ᠬᠤᠶᠠᠷ ᠴᠠᠭ ᠭᠠᠷᠤᠢ ᠠᠵᠢᠯᠯᠠᠪᠠ᠂ ᠡᠨᠡ ᠤᠴᠢᠷ | ᠭᠤᠯᠢᠶ᠎ᠠ ᠶᠢ ᠶᠡᠭᠡᠳᠡ ᠤᠷᠮᠠᠰᠢᠭᠤᠯᠵᠦ ᠭᠡᠷ ᠲᠤ ᠪᠠᠨ ᠬᠠᠷᠢᠭᠰᠠᠨ ᠳᠠᠷᠤᠢ ᠳᠤ ᠪᠠᠨ ᠮᠤᠳᠤ ᠳᠠᠷᠢᠵᠦ ᠪᠤᠷᠳᠤᠭᠤᠷ | ᠤᠷᠤᠭᠤᠯᠵᠦ ᠳᠤᠷᠰᠢᠨ ᠠᠵᠢᠯᠯᠠᠵᠦ ᠡᠬᠢᠯᠡᠭᠰᠡᠨ ᠠᠵᠢ᠃ ᠠᠩᠭᠢ ᠡᠷᠬᠢᠯᠡᠭᠴᠢ ᠨᠢ ᠳᠡᠬᠦᠨ ᠢ ᠤᠯᠠᠮ ᠬᠦᠬᠢᠬᠡᠨ | ᠰᠤᠷᠭᠠᠭᠤᠯᠢ ᠶᠢᠨ ᠮᠤᠳᠤ ᠳᠠᠷᠢᠬᠤ ᠬᠦᠳᠡᠯᠭᠡᠭᠡᠨ ᠳᠡᠭᠡᠷ᠎ᠡ ᠵᠢᠯᠤᠭᠤᠳᠤᠭᠴᠢ ᠪᠠᠷ ᠳᠤᠮᠢᠯᠠᠭᠰᠠᠨ ᠶᠤᠮ᠃ ᠭᠤᠯᠢᠶ᠎ᠠ | ᠬᠤᠵᠢᠮ ᠨᠢ ᠮᠥᠨ ᠴᠦ ᠪᠠᠭ᠎ᠠ ᠪᠤᠰᠣ ︽ᠬᠡᠷᠡᠭ︾ ᠳᠠᠳᠠᠭᠰᠠᠨ ᠪᠤᠯᠪᠠᠴᠦ ᠪᠠᠭᠰᠢ ᠨᠠᠷ ᠴᠠᠭ ᠢᠮᠠᠭᠳᠠ ᠠᠩᠬᠠᠷᠤᠨ | ᠬᠠᠯᠠᠮᠵᠢᠯᠠᠵᠦ ᠬᠦᠲᠦᠯᠦᠨ ᠵᠢᠯᠤᠭᠤᠳᠤᠭᠰᠠᠭᠠᠷ ᠪᠠᠶᠢᠭᠰᠠᠨ ᠪᠢᠯᠡ᠃ | ︽ᠴᠢᠷᠮᠠᠶᠢᠯᠭ᠎ᠠ ᠬᠦᠮᠦᠨ ᠢ ᠭᠤᠮᠤᠳᠠᠭᠠᠳᠠᠭ ᠦᠭᠡᠢ︾᠂ ᠪᠠᠭᠰᠢ ᠨᠠᠶᠢᠳᠠ ᠶᠢᠨ ᠬᠠᠮᠳᠤ ᠶᠢᠨ ᠳᠤᠰᠠᠯᠠᠮᠵᠢ ᠪᠠᠷ | ᠭᠤᠯᠢᠶ᠎ᠠ ᠭᠤᠷᠪᠠᠳᠤᠭᠠᠷ ᠠᠩᠭᠢ ᠪᠤᠯᠬᠤ ᠳᠤ ᠪᠠᠭᠠᠴᠤᠳ ᠤᠨ ᠬᠤᠰᠢᠭᠤᠴᠢ ᠠᠩᠭᠢ ᠳᠤ ᠠᠮᠵᠢᠯᠳᠠᠳᠠᠢ ᠡᠯᠰᠡᠭᠳᠡᠵᠦ᠂ | ᠰᠤᠷᠭᠠᠭᠤᠯᠢ ᠪᠠᠨ ᠳᠡᠬᠦᠰᠭᠡᠭᠡᠳ ᠨᠠᠶᠢᠵᠠ ᠨᠦᠬᠦᠳ ᠢᠶᠠᠨ ᠢᠳᠡᠪᠬᠢᠳᠡᠢ ᠬᠠᠯᠠᠮᠵᠢᠯᠠᠵᠦ ᠬᠠᠮᠳᠤ ᠨᠠᠶᠢᠳᠠ ᠶᠢᠨ | ᠲᠦᠯᠦᠬᠡ ᠬᠠᠷᠠᠮ ᠦᠭᠡᠢ ᠵᠢᠳᠬᠦᠳᠡᠭ ᠨᠢᠭᠡ ᠨᠢ ᠪᠤᠯᠤᠭᠰᠠᠨ ᠶᠤᠮ᠃ ᠡᠬᠦᠨ ᠠᠴᠠ ᠰᠦᠬᠤᠮᠯᠢᠨ᠋ᠰᠺᠢ ᠶᠢᠨ ︽ | ᠬᠡᠦᠬᠡᠳ ᠢ ᠬᠠᠶᠢᠷᠠᠯᠠᠨ ᠬᠠᠯᠠᠮᠵᠢᠯᠠᠵᠦ ᠬᠦᠨᠳᠦᠳᠭᠡᠬᠦ ᠬᠡᠷᠡᠭᠳᠡᠢ᠂ ᠬᠡᠦᠬᠡᠳ ᠪᠦᠬᠦᠨ ᠢ ᠰᠠᠶᠢᠨ ᠬᠦᠮᠦᠨ ᠪᠤᠯᠭᠠᠨ | ᠬᠦᠮᠦᠵᠢᠬᠦᠯᠵᠦ ᠪᠤᠯᠳᠠᠭ︾ ᠭᠡᠬᠦ ᠰᠤᠷᠭᠠᠨ ᠬᠦᠮᠦᠵᠢᠯ ᠤᠨ ᠪᠠᠷᠢᠮᠳᠠᠯᠠᠯ ᠢ ᠳᠤᠳᠤ ᠤᠯᠵᠦ ᠬᠠᠷᠠᠳᠠᠭ᠃ | 6. ᠤᠨᠴᠠᠭᠠᠶᠢᠯᠠᠨ ᠬᠦᠬᠢᠬᠦᠯᠦᠭᠰᠡᠨ ᠨᠢ | ᠰᠦᠬᠤᠮᠯᠢᠨ᠋ᠰᠺᠢ ᠬᠡᠦᠬᠡᠳ ᠢ ᠬᠦᠮᠦᠵᠢᠬᠦᠯᠬᠦ ᠳᠤ ᠪᠠᠨ ᠬᠦᠳᠦᠯᠦᠨ ᠵᠢᠯᠤᠭᠤᠳᠬᠤ᠂ ᠬᠦᠬᠢᠬᠡᠨ | ᠵᠤᠷᠢᠬᠵᠢᠭᠤᠯᠬᠤ᠂ ᠬᠦᠭᠵᠢᠬᠡᠨ ᠤᠷᠮᠠᠰᠢᠭᠤᠯᠬᠤ ᠶᠢ ᠴᠢᠳᠠᠮᠠᠭᠠᠢ ᠠᠰᠢᠭᠯᠠᠳᠠᠭ᠂ ᠬᠦᠮᠦᠰ ᠳᠡᠷᠡ ᠬᠦ ᠠᠷᠭ᠎ᠠ ᠶᠢ ᠨᠢ ︽ | ᠤᠨᠴᠠᠭᠠᠢ ᠬᠦᠬᠢᠬᠦᠯᠦᠯ︾ ᠭᠡᠳᠡᠭ᠃ | ᠰᠦᠬᠤᠮᠯᠢᠨ᠋ᠰᠺᠢ ᠨᠢᠬᠡ ᠤᠳᠠᠭ᠎ᠠ ᠠᠷᠪᠠᠨ ᠬᠤᠶᠠᠷᠳᠠᠢ ᠬᠦᠦ ᠪᠠᠨ ᠳᠠᠭᠤᠳᠠᠵᠦ ᠬᠦᠷᠵᠡ ᠦᠭᠭᠦᠭᠡᠳ᠄ ︽ | ᠳᠠᠷᠢᠶᠠᠨ ᠳᠤ ᠤᠴᠢᠵᠦ ᠤᠷᠲᠦ ᠦᠷᠭᠡᠨ ᠨᠢ ᠠᠳᠠᠯᠢᠬᠠᠨ ᠵᠠᠭᠤᠨ ᠠᠯᠠᠭ᠎ᠠ ᠳᠠᠷᠤᠮ᠎ᠠ ᠭᠠᠵᠠᠷ ᠤᠯᠠᠯᠠᠵᠦ ᠳᠠᠯᠪᠢᠭᠠᠴᠢ︾ | ᠭᠡᠵᠤ ᠵᠠᠬᠢᠪᠠ᠃ ᠬᠦᠦ ᠨᠢ ᠪᠠᠶᠠᠷᠯᠠᠨ ᠬᠦᠷᠵᠠ ᠶᠢ ᠠᠪᠤᠭᠠᠳ ᠳᠠᠷᠢᠶᠠᠨ ᠭᠠᠵᠠᠷ ᠦᠬᠡᠳᠡ ᠳᠠᠪᠬᠢᠯ᠎ᠠ᠃ ᠬᠦᠦ | ᠡᠬᠢᠯᠡᠭᠡᠳ ᠬᠦᠷᠵᠠ ᠵᠠᠷᠤᠵᠦ ᠴᠢᠳᠠᠬᠤ ᠦᠭᠡᠢ ᠪᠠᠶᠢᠭᠰᠠᠨ ᠴᠦ ᠤᠯᠠᠮ ᠢᠶᠠᠷ ᠡᠪ ᠢ ᠨᠢ ᠤᠯᠵᠦ ᠤᠯᠠᠯᠠᠬᠤ ᠳᠤᠳᠤᠮ | ᠬᠦᠩᠭᠡᠷᠡᠭᠰᠡᠨ ᠠᠵᠢ᠂ ᠭᠡᠳᠡᠯ᠎ᠡ ᠬᠠᠮᠤᠭ ᠰᠡᠬᠦᠯᠴᠢ ᠶᠢᠨ ᠳᠠᠪᠠᠭᠠᠨ ᠳᠡᠭᠡᠷ᠎ᠡ ᠬᠦᠷᠵᠡ ᠪᠠᠨ ᠬᠤᠭᠤᠯᠴᠢᠬᠠᠭᠰᠠᠨ ᠶᠤᠮ᠃ | ᠬᠦᠦ ᠠᠶᠤᠵᠦ ᠪᠤᠯᠭᠤᠮᠵᠢᠯᠠᠭᠰᠠᠭᠠᠷ ᠭᠡᠷ ᠲᠤ ᠪᠠᠨ ᠬᠠᠷᠢᠪᠡᠯ ᠰᠦᠬᠤᠮᠯᠢᠨ᠋ᠰᠺᠢ ᠤᠭᠳᠤᠬᠠᠨ ᠴᠦ ᠵᠠᠩᠨᠠᠭᠰᠠᠨ ᠦᠭᠡᠢ᠂ | ᠬᠠᠷᠢᠨ᠄ | ︽ᠴᠢ ᠭᠠᠵᠠᠷ ᠤᠯᠠᠯᠠᠭᠠᠳ ᠴᠢᠳᠠᠴᠢᠬᠠᠪᠠ ᠦᠦ︖ ᠶᠠᠳᠠᠷᠠᠭᠰᠠᠨ ᠦᠦ᠂ ᠡᠰᠡᠪᠡᠯ ᠠᠵᠢᠯᠯᠠᠬᠤ ᠳᠤᠳᠤᠮ | ᠬᠦᠩᠭᠡᠷᠡᠭᠰᠡᠨ ᠦᠦ︖︾ ᠭᠡᠵᠤ ᠠᠰᠠᠭᠤᠪᠠ᠂ ᠡᠬᠦᠨ ᠢ ᠰᠤᠨᠤᠰᠤᠭᠰᠠᠨ ᠬᠦᠦ ᠶᠢᠨ ᠨᠢᠲᠦ ᠳᠤᠤᠷ᠎ᠡ ᠪᠠᠨ | ᠬᠢᠯᠠᠯᠵᠠᠵᠦ᠄ ︽ᠳᠡᠶᠢᠮᠦ᠂ ᠠᠵᠢᠯᠯᠠᠬᠤ ᠳᠤᠳᠤᠮ ᠬᠦᠩᠭᠡᠷᠡᠭᠰᠡᠨ ᠡ︾ ᠭᠡᠵᠤ ᠬᠠᠷᠢᠭᠤᠯᠤᠯ᠎ᠠ᠃ ᠰᠦᠬᠤᠮᠯᠢᠨ᠋ᠰᠺᠢ | ᠢᠨᠢᠶᠡᠮᠰᠦᠭᠯᠡᠭᠡᠳ᠄ ︽ᠳᠡᠭᠡᠪᠡᠯ ᠴᠢ ᠠᠯᠳᠠᠭ᠎ᠠ ᠦᠭᠡᠢ᠂ ᠤᠯᠤᠭᠰᠠᠨ ᠪᠠᠶᠢᠨ᠎ᠠ ᠰᠢᠦ︾ ᠭᠡᠳ ︽ᠴᠢ | ᠬᠦᠳᠡᠯᠮᠤᠷᠢ ᠶᠢᠨ ᠠᠮᠳᠠ ᠶᠢ ᠮᠡᠳᠡᠭᠰᠡᠨ ᠪᠠᠶᠢᠨ᠎ᠠ᠂ ᠡᠨᠡ ᠪᠤᠯ ᠬᠠᠮᠤᠭ ᠤᠨ ᠦᠨᠡᠳᠡᠢ ᠤᠯᠤᠯᠳᠠ︾ ᠭᠡᠵᠤ ᠦᠨᠡᠯᠡᠪᠡ᠃ | ᠢᠩᠭᠢᠭᠡᠳ ᠰᠠᠶ᠋ᠢ ᠬᠦᠦ ᠶᠢᠨ ᠠᠶᠤᠵᠦ ᠪᠤᠯᠭᠤᠮᠵᠢᠯᠠᠭᠰᠠᠨ ᠰᠡᠳᠬᠢᠯ ᠳᠠᠶᠢᠪᠤᠰᠢᠷᠠᠵᠦ ᠪᠠᠶᠠᠷ ᠬᠦᠷ ᠲᠠᠢ ᠪᠤᠯᠤᠭᠰᠠᠨ | ᠠᠵᠢ᠂ ᠮᠥᠨ ᠴᠦ ᠭᠠᠵᠠᠷ ᠤᠯᠠᠯᠠᠬᠤ ᠳᠤᠮᠳᠠ ᠠᠴᠠ ᠬᠦᠳᠡᠯᠮᠤᠷᠢ ᠶᠢᠨ ᠪᠠᠭ᠋ᠠᠳᠤᠯ ᠢ ᠤᠯᠵᠦ ᠬᠦᠳᠡᠯᠮᠤᠷᠢ ᠶᠢᠨ | ᠳᠤᠬᠠᠢ ᠵᠦᠪ ᠦᠵᠡᠯᠳᠡ ᠲᠠᠢ ᠪᠤᠯᠤᠭᠰᠠᠨ ᠶᠤᠮ᠃ | ᠨᠢᠬᠡᠳᠤᠭᠡᠷ ᠠᠩᠭᠢ ᠶᠢᠨ ᠵᠢᠨᠠ ᠶᠢᠨ ᠡᠮᠡᠭᠡ ᠨᠢ ᠳᠤᠩ ᠬᠦᠨᠳᠤ ᠡᠪᠡᠳᠴᠢᠯᠡᠪᠡ᠂ ᠵᠢᠨᠠ ᠡᠮᠡᠭᠡ ᠳᠤ ᠪᠠᠨ ᠨᠢᠬᠡ | ᠬᠦᠢᠰ ᠴᠡᠴᠡᠭ ᠪᠡᠯᠡᠭᠯᠡᠵᠦ ᠪᠤᠯᠭᠤᠭᠠᠬᠤ ᠰᠡᠨ ᠭᠡᠵᠤ ᠪᠤᠳᠤᠯ᠎ᠠ᠃ ᠭᠡᠪᠡᠴᠦ ᠬᠠᠬᠢᠷ ᠡᠪᠤᠯ ᠤᠨ ᠴᠠᠭ ᠪᠤᠯᠬᠤᠷ | ᠬᠠᠮᠢᠭ᠎ᠠ ᠠᠴᠠ ᠴᠡᠴᠡᠭ ᠤᠯᠳᠠᠬᠤ ᠪᠢᠯᠡ︖ ᠵᠢᠨᠠ ᠳᠠᠷᠢᠬᠢ ᠪᠠᠨ ᠰᠢᠪᠬᠠᠭᠰᠠᠭᠠᠷ ᠰᠤᠷᠭᠠᠭᠤᠯᠢ ᠶᠢᠨ ᠬᠦᠯᠡᠮᠵᠢ ᠳᠤ | ᠳᠠᠷᠢᠭᠰᠠᠨ ᠤᠳᠪᠠᠯᠠ ᠴᠡᠴᠡᠭ ᠢ ᠪᠤᠳᠤᠵᠦ ᠤᠯᠪᠠ᠂ ᠳᠡᠷᠡ ᠬᠦ ᠤᠳᠪᠠᠯᠠ ᠨᠤᠭᠤᠳ ᠦᠩᠭᠡ ᠪᠤᠯᠢᠶᠠᠯᠳᠤᠨ | ᠳᠡᠯᠭᠡᠷᠡᠭᠡᠳ ᠪᠠᠭᠰᠢ ᠰᠤᠷᠤᠭᠴᠢ ᠪᠦᠬᠦᠳᠡ ᠳᠤ ᠪᠠᠶᠠᠷ ᠪᠠᠶᠠᠰᠬᠤᠯᠠᠩ ᠢ ᠬᠦᠷᠳᠡᠭᠡᠳᠡᠭ ᠰᠠᠨᠵᠠᠢ᠃ ᠵᠢᠨᠠ ᠳᠡᠶᠢᠨ ᠬᠦ | ᠰᠤᠷᠭᠠᠭᠤᠯᠢ ᠶᠢᠨ ᠳᠤᠭᠳᠠᠭᠠᠯ ᠢ ᠵᠦᠷᠢᠴᠡᠵᠦ ᠨᠢᠬᠡ ᠦᠷᠯᠦᠬᠡ ᠰᠡᠮᠡᠭᠡᠷᠬᠡᠨ ᠬᠦᠯᠡᠮᠵᠢ ᠳᠤ ᠤᠷᠤᠵᠦ ᠤᠴᠢᠭᠰᠠᠨ | ᠶᠤᠮ᠃ | ᠳᠡᠭᠡᠳᠡᠯ᠎ᠡ ᠶᠠᠭ ᠳᠡᠷᠡ ᠦᠷᠯᠦᠬᠡ ᠰᠦᠬᠤᠮᠯᠢᠨ᠋ᠰᠺᠢ ᠬᠦᠯᠡᠮᠵᠢ ᠳᠤ ᠤᠷᠤᠭᠰᠠᠨ ᠳᠠᠭᠠᠷᠠᠭᠠᠳ ᠵᠢᠨᠠ ᠶᠢᠨ | ᠴᠡᠴᠡᠭ ᠳᠠᠰᠤᠯᠵᠦ ᠪᠠᠶᠢᠭᠰᠠᠨ ᠢ ᠬᠠᠷᠠᠴᠢᠬᠠᠭᠰᠠᠨ ᠪᠢᠯᠡ᠃ ᠭᠡᠪᠡᠴᠦ ᠵᠢᠭᠠᠯ ᠦᠬᠢᠨ ᠤ ᠬᠡᠨᠡᠨ ᠴᠠᠭᠠᠨ᠂ ᠠᠭᠤᠴᠢᠯᠠᠯ | ᠬᠦᠰᠡᠭᠰᠡᠨ ᠬᠠᠷᠠᠴᠠ ᠶᠢ ᠦᠵᠡᠭᠡᠳ ᠤᠴᠢᠷ ᠰᠢᠯᠳᠠᠭᠠᠨ ᠢ ᠨᠢ ᠠᠭᠤᠵᠢᠭᠤᠬᠠᠨ ᠯᠡᠪᠯᠡᠪᠠ᠃ ᠵᠢᠨᠠ ᠳᠤᠯᠤᠭᠠᠢ ᠪᠠᠨ | ᠤᠨᠵᠢᠭᠤᠯᠵᠦ ᠡᠪᠡᠳᠴᠢᠯᠡᠭᠰᠡᠨ ᠡᠮᠡᠭᠡ ᠳᠤ ᠪᠠᠨ ᠴᠡᠴᠡᠭ ᠬᠦᠷᠭᠡᠬᠦ ᠭᠡᠰᠡᠨ ᠪᠤᠳᠤᠯ ᠢᠶᠠᠨ ᠴᠠᠭᠠᠪᠤᠷᠯᠠᠯᠠ᠂ | ᠰᠦᠬᠤᠮᠯᠢᠨ᠋ᠰᠺᠢ ᠰᠤᠨᠤᠰᠤᠭᠠᠳ ᠮᠠᠰᠢᠳᠠ ᠰᠡᠳᠬᠢᠯ ᠬᠦᠳᠡᠯᠵᠦ᠄ ︽ᠵᠢᠨᠠ ᠡ᠂ ᠴᠢᠮ᠎ᠡ ᠳᠤ ᠪᠢ ᠭᠤᠷᠪᠠᠨ ᠬᠦᠢᠰ | ᠴᠡᠴᠡᠭ ᠦᠭᠭᠦᠶ᠎ᠡ᠂ ᠨᠢᠬᠡ ᠬᠦᠢᠰ ᠢ ᠨᠢ ᠦᠷᠦᠪᠴᠢ ᠰᠠᠶᠢᠬᠠᠨ ᠰᠡᠳᠬᠢᠯ ᠲᠠᠢ ᠴᠢᠮ᠎ᠠ ᠳᠤ ᠪᠡᠯᠡᠭᠯᠡᠶ᠎ᠡ᠂ ᠨᠦᠬᠦᠬᠡ | ᠬᠤᠶᠠᠷ ᠬᠦᠢᠰ ᠢ ᠨᠢ ᠡᠶᠢᠮᠦ ᠦᠷᠦᠪᠴᠢ ᠰᠠᠶᠢᠬᠠᠨ ᠰᠡᠳᠬᠢᠯ ᠲᠠᠢ ᠬᠡᠦᠬᠡᠳ ᠢ ᠬᠦᠮᠦᠵᠢᠬᠦᠯᠦᠭᠰᠡᠨ ᠠᠪᠤ ᠡᠵᠢ ᠳᠤ | ᠳᠠᠨᠢ ᠪᠡᠯᠡᠭᠯᠡᠶ᠎ᠡ︾ ᠭᠡᠰᠡᠨ ᠠᠵᠢ᠃ | ᠬᠤᠶᠠᠷ᠂ ᠰᠦᠬᠤᠮᠯᠢᠨ᠋ᠰᠺᠢ ᠶᠢᠨ ᠰᠤᠷᠭᠠᠨ ᠬᠦᠮᠦᠵᠢᠯ ᠤᠨ ᠦᠵᠡᠯ ᠰᠠᠨᠠᠭ᠎ᠠ | 1. ᠤᠯᠠᠨ ᠲᠠᠯ᠎ᠠ ᠶᠢᠨ ᠬᠦᠮᠦᠵᠢᠯ ᠤᠨ ᠳᠤᠬᠠᠢ ᠦᠬᠦᠯᠡᠭᠰᠡᠨ ᠨᠢ | ᠰᠦᠬᠤᠮᠯᠢᠨ᠋ᠰᠺᠢ ᠰᠤᠷᠭᠠᠨ ᠬᠦᠮᠦᠵᠢᠯ ᠤᠨ ᠬᠠᠷᠠᠯᠳᠠ ᠶᠢᠨ ᠳᠤᠬᠠᠢ ᠤᠯᠠᠨ ᠳᠠᠯ᠎ᠠ ᠠᠴᠠ ᠳᠠᠶᠢᠯᠪᠤᠷᠢᠯᠠᠵᠦ ︽ | ᠡᠪ ᠬᠠᠮᠳᠤ ᠶᠢᠨ ᠦᠵᠡᠯ ᠢ ᠴᠤᠭᠴᠠᠯᠠᠭᠴᠢ︾᠂ ︽ᠪᠦᠬᠦ ᠳᠠᠯ᠎ᠠ ᠪᠠᠷ ᠬᠦᠭᠵᠢᠭᠰᠡᠨ ᠬᠦᠮᠦᠨ ᠢ | ᠬᠦᠮᠦᠵᠢᠬᠦᠯᠦᠶ᠎ᠡ︾᠂ ︽ᠰᠡᠴᠡᠨ ᠰᠡᠷᠬᠦᠯᠡᠩ ᠬᠡᠦᠬᠡᠳ︾᠂ ︽ᠵᠤᠯ ᠵᠢᠷᠭᠠᠯᠳᠠᠢ ᠬᠦᠮᠦᠨ︾᠂ ︽ᠬᠢᠷᠢ | ᠳᠡᠩᠴᠡᠭᠰᠡᠨ ᠢᠷᠭᠡᠨ︾ ᠵᠡᠷᠭᠡ ᠳᠤᠷᠠᠳᠤᠯᠭ᠎ᠠ ᠳᠤᠷᠠᠳᠤᠭᠰᠠᠨ ᠪᠢᠯᠡ᠂ ᠡᠬᠦᠨ ᠤ ᠳᠤᠳᠤᠷᠠᠬᠢ ᠬᠠᠮᠤᠭ ᠤᠨ | ᠲᠦᠪᠯᠡᠷᠡᠩᠭᠦᠢ ᠮᠦᠷᠳᠡᠭᠡᠨ ᠬᠦᠨᠵᠡᠭᠡᠢ ᠨᠢᠬᠡ ᠦᠵᠡᠯᠳᠡ ᠪᠤᠯ ᠵᠠᠯᠠᠭᠤ ᠪᠠᠭᠠᠴᠤᠳ ᠢ ︽ᠪᠦᠬᠦ ᠳᠠᠯ᠎ᠠ ᠪᠠᠷ ᠡᠪ | ᠵᠦᠢᠳᠠᠢ ᠬᠦᠭᠵᠢᠭᠰᠡᠨ᠂ ᠨᠠᠶᠢᠬᠡᠮ ᠤᠨ ᠳᠠᠪᠰᠢᠯᠳᠠ ᠳᠤ ᠢᠳᠡᠪᠬᠢᠳᠡᠢ ᠤᠷᠤᠯᠴᠠᠭᠴᠢ︾ ᠪᠤᠯᠭᠠᠨ ᠬᠦᠮᠦᠵᠢᠬᠦᠯᠬᠦ | ᠳᠤᠬᠠᠢ ᠪᠤᠯᠬᠤ ᠶᠤᠮ᠃ ᠬᠡᠳᠡᠯ᠎ᠡ ᠢᠩᠭᠢᠵᠦ ᠬᠦᠮᠦᠵᠢᠬᠦᠯᠬᠦ ᠳᠤ ᠪᠦᠬᠦ ᠳᠠᠯ᠎ᠠ ᠪᠠᠷ ᠬᠦᠭᠵᠢᠭᠰᠡᠨ ᠰᠤᠷᠭᠠᠨ | ᠬᠦᠮᠦᠵᠢᠯ ᠤᠨ ᠡᠬᠦᠷᠬᠡ ᠶᠢ ᠪᠡᠶᠡᠯᠡᠬᠦᠯᠬᠦ ᠴᠢᠬᠤᠯᠠ ᠲᠠᠢ᠂ ᠳᠠᠷᠤᠢ ︽ᠤᠶᠤᠨ ᠤᠬᠠᠭᠠᠨ ᠤ ᠬᠦᠮᠦᠵᠢᠯ᠂ ᠪᠡᠶ᠎ᠡ | ᠳᠠᠮᠢᠷ ᠤᠨ ᠬᠦᠮᠦᠵᠢᠯ᠂ ᠶᠤᠰᠤ ᠮᠤᠷᠠᠯ ᠤᠨ ᠬᠦᠮᠦᠵᠢᠯ᠂ ᠬᠦᠳᠡᠯᠮᠤᠷᠢ ᠶᠢᠨ ᠬᠦᠮᠦᠵᠢᠯ ᠬᠢᠬᠡᠳ ᠭᠤᠸ᠎ᠠ ᠰᠠᠶᠢᠬᠠᠨ ᠤ | ᠬᠦᠮᠦᠵᠢᠯ ᠢ ᠬᠦᠨᠵᠡᠬᠡᠢ ᠤᠶᠠᠯᠳᠤᠭᠤᠯᠵᠦ ᠬᠠᠷᠢᠯᠴᠠᠨ ᠨᠦᠯᠦᠭᠡᠯᠴᠡᠬᠦᠯᠤᠨᠠ᠂ ᠳᠠᠬᠢᠭᠠᠳ ᠡᠨᠡ ᠬᠡᠳᠤᠨ ᠳᠠᠯ᠎ᠠ ᠶᠢᠨ | ᠬᠦᠮᠦᠵᠢᠯ ᠢ ᠨᠢᠭᠡᠳᠤᠯᠳᠡᠢ ᠨᠢᠬᠡᠨ ᠲᠦᠬᠦᠷ ᠶᠠᠪᠤᠴᠠ ᠳᠡᠭᠡᠷ᠎ᠡ ᠢᠯᠡᠷᠡᠬᠦᠯᠬᠦ ᠬᠡᠷᠡᠭᠳᠡᠢ︾ ᠶᠤᠮ᠃ | ᠶᠤᠰᠤ ᠮᠤᠷᠠᠯ ᠤᠨ ᠬᠦᠮᠦᠵᠢᠯ ᠤᠨ ᠳᠠᠯ᠎ᠠ ᠪᠠᠷ ᠰᠦᠬᠤᠮᠯᠢᠨ᠋ᠰᠺᠢ ︽ᠪᠦᠬᠦ ᠳᠠᠯ᠎ᠠ ᠪᠠᠷ ᠬᠦᠭᠵᠢᠬᠦᠯᠬᠦ ᠳᠤ ᠡᠷᠬᠢᠮ | ᠳᠡᠭᠡᠲᠦ ᠶᠤᠰᠤ ᠮᠤᠷᠠᠯ ᠦᠨᠳᠤᠰᠣ ᠪᠤᠯᠳᠠᠭ︾ ᠭᠡᠵᠤ ᠳᠤᠳᠤᠷᠬᠠᠶᠢᠯᠠᠭᠰᠠᠨ ᠶᠤᠮ᠃ ᠳᠡᠷᠡ ᠪᠠᠷ ᠬᠡᠦᠬᠡᠳ ᠡᠯᠪᠡᠭ | ᠪᠠᠶᠠᠯᠢᠭ ᠤᠶᠤᠨ ᠰᠠᠨᠠᠭᠠᠨ ᠤ ᠠᠮᠢᠳᠤᠷᠠᠯ ᠪᠠ ᠴᠢᠬᠤᠯᠠᠴᠢᠯᠠᠭ᠎ᠠ ᠲᠠᠢ ᠪᠠᠶᠢᠬᠤ ᠬᠡᠷᠡᠭᠳᠡᠢ ᠭᠡᠵᠤ ᠤᠨᠴᠠᠯᠠᠨ | ᠳᠤᠷᠠᠳᠤᠭᠠᠳ ︽ᠤᠶᠤᠨ ᠰᠠᠨᠠᠭᠠᠨ ᠤ ᠬᠤᠭᠤᠰᠤᠷᠠᠯ ᠪᠤᠯ ᠬᠠᠮᠤᠭ ᠤᠨ ᠶᠡᠭᠡ ᠠᠶᠤᠯ ᠶᠡᠭᠡ ᠭᠠᠮᠰᠢᠭ ᠶᠤᠮ︾ ᠭᠡᠵᠤ | ᠵᠢᠭᠠᠵᠦ ᠭᠠᠷᠭᠠᠭᠰᠠᠨ ᠪᠠᠶᠢᠳᠠᠭ᠃ ᠪᠠᠰᠠ ᠪᠠᠭᠰᠢ᠂ ᠭᠡᠷ ᠤᠨ ᠠᠬᠠᠮᠠᠳ ᠲᠤ ᠬᠡᠦᠬᠡᠳ ᠤᠨ ᠨᠡᠷ᠎ᠡ ᠲᠦᠷᠦ᠂ ᠬᠦᠮᠦᠨ | ᠴᠢᠨᠠᠷ ᠢ ᠬᠦᠨᠳᠤᠳᠭᠡᠵᠦ ᠪᠦᠬᠦ ᠳᠠᠯ᠎ᠠ ᠪᠠᠷ ᠬᠠᠯᠠᠮᠵᠢᠯᠠᠬᠤ ᠬᠡᠷᠡᠭᠳᠡᠢ ᠭᠡᠵᠤ ᠱᠠᠭᠠᠷᠳᠠᠭᠰᠠᠨ ᠶᠤᠮ᠃ ︽ᠠᠮᠢᠳᠤᠷᠠᠯ | ᠳᠤᠮᠳᠠ ᠬᠡᠦᠬᠡᠳ ᠢ ᠬᠠᠶᠢᠷᠠᠯᠠᠬᠤ ᠪᠤᠯ ᠬᠠᠮᠤᠭ ᠠᠴᠠ ᠴᠢᠬᠤᠯᠠ︾ ᠭᠡᠵᠤ ᠰᠦᠬᠤᠮᠯᠢᠨ᠋ᠰᠺᠢ ᠬᠡᠯᠡᠭᠰᠡᠨ ᠪᠦᠬᠡᠳ ︽ | ᠬᠡᠦᠬᠡᠳ ᠪᠤᠯᠭᠠᠨ ᠴᠡᠭᠡᠵᠢ ᠳᠡᠨᠢᠬᠦᠨ ᠠᠯᠬᠤᠬᠤ ᠶᠤᠰᠤᠳᠠᠢ︾ ᠭᠡᠵᠤ ᠳᠤᠷᠠᠳᠤᠨ ᠰᠤᠷᠭᠠᠨ ᠬᠦᠮᠦᠵᠢᠯ ᠤᠨ ᠰᠢᠯᠢᠳᠡᠭ | ᠰᠠᠶᠢᠨ ᠤᠷᠴᠢᠨ ᠢ ᠴᠢᠷᠮᠠᠶᠢᠨ ᠴᠤᠭᠴᠠᠯᠠᠵᠦ ︽ᠰᠤᠷᠭᠠᠭᠤᠯᠢ ᠶᠢᠨ ᠬᠡᠷᠡᠮ ᠬᠠᠨ᠎ᠠ ᠪᠠᠰᠠ ᠦᠬᠡ ᠶᠠᠷᠢᠬᠤ ᠬᠡᠷᠡᠭᠳᠡᠢ︾ | ᠭᠡᠵᠤ ᠴᠢᠬᠤᠯᠠᠴᠢᠯᠠᠭᠰᠠᠨ ᠪᠢᠯᠡ᠃ ᠡᠬᠦᠨ ᠤ ᠵᠡᠷᠭᠡᠴᠡᠭᠡ ᠪᠠᠷ ᠳᠡᠷᠡ ᠪᠠᠰᠠ ︽ᠬᠠᠶᠢᠷ᠎ᠠ ᠪᠤᠯ ᠵᠠᠷᠴᠢᠮ ᠦᠭᠡᠢ ᠪᠠᠷ | ᠡᠷᠭᠡᠯᠡᠬᠦᠯᠬᠦ ᠶᠠᠪᠤᠳᠠᠯ ᠪᠢᠰᠢ᠂ ᠬᠠᠷᠢᠨ ᠰᠠᠬᠢᠯᠭ᠎ᠠ ᠵᠢᠷᠤᠮ᠂ ᠶᠤᠰᠤ ᠮᠤᠷᠠᠯ ᠤᠨ ᠪᠠᠷᠢᠮᠵᠢᠶ᠎ᠠ ᠪᠠᠷ ᠬᠡᠦᠬᠡᠳ ᠢ | ᠱᠠᠭᠠᠷᠳᠠᠵᠦ᠂ ᠬᠠᠮᠳᠤ ᠨᠠᠶᠢᠳᠠ ᠶᠢᠨ ᠬᠦᠮᠦᠵᠢᠯ ᠢᠶᠠᠷ ᠤᠴᠢᠵᠦ ᠬᠡᠦᠬᠡᠳ ᠤᠨ ᠶᠤᠰᠤ ᠮᠤᠷᠠᠯ ᠢ ᠬᠦᠮᠦᠵᠢᠬᠦᠯᠬᠦ ᠨᠢ | ᠴᠢᠬᠤᠯᠠ︾ ᠭᠡᠵᠤ ᠰᠠᠨᠠᠭᠤᠯᠤᠭᠰᠠᠨ ᠶᠤᠮ᠃ | ᠤᠶᠤᠨ ᠤᠬᠠᠭᠠᠨ ᠤ ᠬᠦᠮᠦᠵᠢᠯ ᠤᠨ ᠳᠠᠯ᠎ᠠ ᠪᠠᠷ ᠰᠦᠬᠤᠮᠯᠢᠨ᠋ᠰᠺᠢ ︽ᠡᠨᠡ ᠳᠠᠯ᠎ᠠ ᠶᠢᠨ ᠬᠦᠮᠦᠵᠢᠯ ᠤᠨ ᠮᠥᠨ | ᠴᠢᠨᠠᠷ ᠪᠠ ᠡᠬᠦᠷᠭᠡ ᠠᠴᠠ ᠠᠪᠴᠦ ᠶᠠᠷᠢᠪᠠᠯ᠂ ᠬᠡᠦᠬᠡᠳ ᠲᠤ ᠰᠢᠰᠲ᠋ᠧᠮ ᠲᠠᠢ ᠰᠢᠨᠵᠢᠯᠡᠬᠦ ᠤᠬᠠᠭᠠᠨ ᠤ ᠮᠡᠳᠡᠯᠭᠡ | ᠤᠯᠭᠤᠬᠤ᠂ ᠰᠢᠨᠵᠢᠯᠡᠬᠦ ᠤᠬᠠᠭᠠᠨᠴᠢ ᠶᠢᠷᠲᠢᠨᠴᠦ ᠶᠢᠨ ᠦᠵᠡᠯᠳᠡ ᠶᠢ ᠪᠦᠷᠢᠯᠳᠦᠬᠦᠯᠬᠦ᠂ ᠤᠶᠤᠨ ᠤᠬᠠᠭᠠᠨ ᠢ ᠨᠢ | ᠬᠦᠮᠦᠵᠢᠬᠦᠯᠬᠦ ᠵᠡᠷᠭᠡ ᠳᠠᠯ᠎ᠠ ᠶᠢ ᠪᠠᠭᠳᠠᠭᠠᠳᠠᠭ᠃ ᠤᠶᠤᠨ ᠤᠬᠠᠭᠠᠨ ᠤ ᠬᠦᠮᠦᠵᠢᠯ ᠪᠤᠯ ᠮᠡᠳᠡᠯᠭᠡ ᠶᠢ ᠬᠦᠷᠳᠡᠭᠡᠬᠦ | ᠶᠠᠪᠤᠴᠠ ᠳᠤ ᠪᠡᠶᠡᠯᠡᠭᠳᠡᠳᠡᠭ᠂ ᠮᠡᠳᠡᠯᠭᠡ ᠤᠯᠠᠮᠵᠢᠯᠠᠬᠤ ᠪᠠᠷ ᠳᠠᠮᠵᠢᠭᠤᠯᠵᠦ ᠬᠡᠦᠬᠡᠳ ᠤᠨ ᠰᠢᠨᠵᠢᠯᠡᠬᠦ ᠤᠬᠠᠭᠠᠨᠴᠢ | ᠶᠢᠷᠲᠢᠨᠴᠦ ᠶᠢᠨ ᠦᠵᠡᠯᠳᠡ ᠶᠢ ᠪᠦᠷᠢᠯᠳᠦᠬᠦᠯᠵᠦ ᠤᠶᠤᠨ ᠤᠬᠠᠭᠠᠨ ᠢ ᠨᠢ ᠬᠦᠭᠵᠢᠬᠦᠯᠬᠦ ᠬᠡᠷᠡᠭᠳᠡᠢ︾ ᠭᠡᠵᠤ | ᠦᠵᠡᠳᠡᠭ᠃ ᠰᠦᠬᠤᠮᠯᠢᠨ᠋ᠰᠺᠢ ᠮᠡᠳᠡᠯᠭᠡ ᠪᠤᠯᠤᠨ ᠤᠶᠤᠨ ᠤᠬᠠᠭᠠᠨ ᠤ ᠬᠦᠮᠦᠵᠢᠯ ᠢ ᠨᠢᠭᠡᠳᠭᠡᠬᠦ ᠶᠢ ᠴᠢᠬᠤᠯᠠᠴᠢᠯᠠᠳᠠᠭ | ᠪᠦᠬᠡᠳ ᠬᠡᠦᠬᠡᠳ ᠤᠨ ᠮᠡᠳᠡᠯᠭᠡ ᠦᠷᠭᠡᠨ ᠳᠡᠯᠬᠡᠷ ᠤᠶᠤᠨ ᠤᠬᠠᠭᠠᠨ ᠤ ᠰᠠᠭᠤᠷᠢ ᠳᠡᠭᠡᠷ᠎ᠡ ᠰᠠᠭᠤᠷᠢᠯᠠᠬᠤ ᠬᠡᠷᠡᠭᠳᠡᠢ | ᠭᠡᠵᠤ ᠳᠤᠷᠠᠳᠤᠨ᠂ ᠮᠠᠰᠢ ᠤᠯᠠᠨ ᠰᠢᠨ᠎ᠡ ᠳᠤᠷᠰᠢᠯᠭ᠎ᠠ ᠶᠢ ᠡᠬᠦᠲᠦᠭᠰᠡᠨ ᠶᠤᠮ᠂ ᠡᠬᠦᠨ ᠳᠤ ᠬᠡᠦᠬᠡᠳ ᠲᠤ | ᠰᠡᠳᠬᠢᠴᠠ ᠶᠢᠨ ᠬᠢᠴᠢᠶᠡᠯ ᠳᠤᠬᠢᠷᠠᠭᠤᠯᠬᠤ᠂ ᠬᠢᠴᠢᠶᠠᠯ ᠠᠴᠠ ᠭᠠᠳᠠᠭᠤᠷᠬᠢ ᠨᠤᠮ ᠤᠩᠰᠢᠯᠭ᠎ᠠ᠂ ᠬᠢᠴᠢᠶᠠᠯ ᠠᠴᠠ | ᠭᠠᠳᠠᠭᠤᠷᠬᠢ ᠬᠦᠳᠡᠯᠭᠡᠭᠡᠨ ᠳᠤ ᠦᠪᠡᠷ ᠤᠨ ᠳᠤᠷ᠎ᠠ ᠰᠤᠨᠢᠷᠬᠠᠯ᠂ ᠤᠷᠮ᠎ᠠ ᠪᠠᠬ᠎ᠠ ᠠᠴᠠ ᠪᠠᠨ ᠤᠷᠤᠯᠴᠠᠬᠤ ᠵᠡᠷᠭᠡ | ᠪᠤᠢ᠃ ᠫᠠᠹᠯᠧᠱᠢ ᠳᠤᠮᠳᠠᠳᠤ ᠰᠤᠷᠭᠠᠭᠤᠯᠢ ᠶᠢᠨ ᠬᠡᠦᠬᠡᠳ ᠪᠤᠯᠭᠠᠨ ᠦᠳᠡ ᠶᠢᠨ ᠬᠤᠶᠢᠨ᠎ᠠ ᠶᠢᠨ ᠪᠦᠬᠦ᠋ᠢᠯᠡ | ᠴᠠᠭ ᠢᠶᠠᠷ ᠬᠢᠴᠢᠶᠠᠯ ᠠᠴᠠ ᠭᠠᠳᠠᠭᠤᠷᠬᠢ ᠡᠯ᠎ᠡ ᠵᠦᠢᠯ ᠤᠨ ᠬᠦᠳᠡᠯᠭᠡᠭᠡᠨ ᠳᠤ ᠳᠤᠭᠤᠶᠢᠯᠠᠩ ᠬᠤᠪᠢᠶᠠᠨ ᠤᠷᠤᠯᠴᠠᠳᠠᠭ | ᠪᠦᠬᠡᠳ ᠵᠠᠭᠤ ᠭᠠᠷᠤᠢ ᠵᠢᠵᠢᠭ ᠳᠤᠭᠤᠶᠢᠯᠠᠩ ᠲᠠᠢ ᠪᠠᠶᠢᠳᠠᠭ ᠪᠢᠯᠡ᠃ | ᠪᠡᠶ᠎ᠡ ᠳᠠᠮᠢᠷ ᠤᠨ ᠬᠦᠮᠦᠵᠢᠯ ᠤᠨ ᠳᠠᠯ᠎ᠠ ᠪᠠᠷ ᠰᠦᠬᠤᠮᠯᠢᠨ᠋ᠰᠺᠢ ︽ᠰᠤᠷᠭᠠᠨ ᠬᠦᠮᠦᠵᠢᠯ ᠤᠨ ᠠᠵᠢᠯᠳᠠᠳ ᠤᠨ | ᠳᠡᠷᠢᠬᠦᠨ ᠴᠢᠬᠤᠯᠠ ᠠᠵᠢᠯ ᠪᠤᠯ ᠬᠡᠦᠬᠡᠳ ᠤᠨ ᠡᠷᠡᠬᠦᠯ ᠮᠡᠨᠳᠤ ᠶᠢ ᠠᠩᠬᠠᠷᠬᠤ ᠶᠠᠪᠤᠳᠠᠯ ᠶᠤᠮ᠂ ᠬᠡᠦᠬᠡᠳ ᠤᠨ | ᠤᠶᠤᠨ ᠰᠠᠨᠠᠭᠠᠨ ᠤ ᠠᠮᠢᠳᠤᠷᠠᠯ᠂ ᠶᠢᠷᠲᠢᠨᠴᠦ ᠶᠢᠨ ᠦᠵᠡᠯᠳᠡ᠂ ᠤᠶᠤᠨ ᠤᠬᠠᠭᠠᠨ ᠤ ᠬᠦᠭᠵᠢᠯᠳᠡ᠂ ᠮᠡᠳᠡᠯᠭᠡ ᠶᠢᠨ | ᠪᠠᠳᠤᠳᠬᠠᠯᠳᠠ ᠬᠢᠬᠡᠳ ᠦᠪᠡᠷ ᠤᠨ ᠢᠳᠡᠭᠡᠯ ᠴᠦᠮ ᠳᠡᠳᠡᠨ ᠤ ᠪᠠᠶᠠᠷ ᠬᠦᠷ᠂ ᠴᠤᠭ ᠵᠤᠯᠪᠤᠭ᠎ᠠ ᠲᠠᠢ ᠡᠰᠡᠬᠦ ᠠᠴᠠ | ᠰᠢᠢᠳᠦᠭᠳᠡᠳᠡᠭ︾ ᠭᠡᠰᠡᠨ ᠪᠠ ︽ᠡᠷᠡᠬᠦᠯ ᠮᠡᠨᠳᠦ᠂ ᠡᠷᠡᠬᠦᠯ ᠮᠡᠨᠲᠦ᠂ ᠡᠷᠡᠬᠦᠯ ᠮᠡᠨᠲᠦ ᠠᠯᠢᠪᠠ ᠠᠴᠠ ᠴᠢᠬᠤᠯᠠ︾ | ᠭᠡᠵᠤ ᠤᠷᠢᠶᠠᠯᠠᠭᠰᠠᠨ ᠪᠢᠯᠡ᠃ ᠳᠡᠷᠡ ᠳᠤᠤᠷ᠎ᠡ ᠠᠩᠭᠢ ᠶᠢᠨ ᠬᠡᠦᠬᠡᠳ ᠢ ᠭᠤᠷᠪᠠᠨ ᠴᠠᠭ ᠠᠴᠠ ᠳᠡᠭᠡᠭᠰᠢ | ᠬᠢᠴᠢᠶᠡᠯᠯᠡᠬᠦ ᠶᠢ ᠵᠦᠪᠰᠢᠶᠡᠷᠡᠳᠡᠭ ᠦᠭᠡᠢ ᠮᠦᠷᠳᠡᠭᠡᠨ 12~15 ᠨᠠᠰᠣᠨ ᠤ ᠬᠡᠦᠬᠡᠳ ᠡᠲᠦᠷ ᠲᠤ ᠲᠦᠷᠪᠡ ᠠᠴᠠ | ᠳᠠᠪᠤᠨ ᠴᠠᠭ ᠭᠡᠷ ᠤᠨ ᠳᠠᠭᠠᠭᠠᠯᠭᠠᠪᠤᠷᠢ ᠬᠢᠬᠦ ᠶᠢ ᠴᠦ ᠡᠰᠡᠷᠬᠦᠴᠡᠳᠡᠭ᠃ ᠳᠡᠭᠡᠭᠡᠳ ᠴᠦ ᠪᠠᠭᠰᠢ ᠪᠤᠯᠤᠨ ᠬᠡᠦᠬᠡᠳ ᠢ | ᠳᠠᠶᠢᠴᠢᠯᠠᠨ ᠰᠤᠷᠭᠠᠭᠤᠯᠢ ᠶᠢᠨ ᠬᠦᠷᠢᠶᠡᠨ ᠳᠤ ᠮᠤᠳᠤ ᠴᠡᠴᠡᠭ ᠳᠠᠷᠢᠵᠦ ᠪᠠᠶᠢᠭᠠᠯᠢᠯᠢᠬ ᠴᠡᠴᠡᠷᠯᠢᠭ ᠪᠠᠶᠢᠭᠤᠯᠬᠤ ᠶᠢ | ᠬᠦᠬᠡᠬᠡᠴᠡᠯᠲᠦᠳᠡᠭ᠂ ᠠᠩᠭᠢ ᠶᠢᠨ ᠭᠡᠷ ᠲᠤ ᠵᠤᠬᠢᠰᠳᠠᠢ ᠭᠡᠷᠡᠯ ᠳᠤᠬᠢᠷᠠᠭᠤᠯᠬᠤ ᠶᠢ ᠠᠩᠬᠠᠷᠤᠨ ᠰᠢᠷᠡᠭᠡ ᠰᠠᠨᠳᠠᠯᠢ ᠪᠠᠨ | ᠳᠤᠭᠳᠠᠮᠠᠯ ᠬᠤᠭᠤᠴᠠᠭ᠎ᠠ ᠲᠠᠢ ᠪᠠᠶᠢᠴᠠᠭᠠᠵᠦ᠂ ᠬᠡᠦᠬᠡᠳ ᠤᠨ ᠦᠰᠦᠯᠳᠡ ᠪᠤᠶᠢᠵᠢᠯᠳᠠ ᠳᠤ ᠵᠤᠬᠢᠴᠠᠵᠦ ᠪᠤᠢ ᠡᠰᠡᠬᠦ ᠶᠢ | ᠰᠢᠯᠭᠠᠳᠠᠭ᠂ ᠮᠥᠨ ᠪᠠᠰᠠ ᠬᠡᠦᠬᠡᠳ ᠤᠨ ᠬᠤᠭᠤᠯᠠ ᠤᠮᠳᠠ ᠰᠢᠮ᠎ᠡ ᠳᠡᠵᠢᠭᠡᠯ ᠤᠨ ᠠᠰᠠᠭᠤᠳᠠᠯ ᠢ ᠴᠠᠭ | ᠳᠤᠬᠠᠢ ᠳᠤ ᠨᠢ ᠰᠢᠢᠳᠪᠤᠷᠢᠯᠡᠳᠡᠭ᠃ ᠳᠡᠷᠡ ᠠᠷᠪᠠᠨ ᠳᠠᠪᠤᠨ ᠵᠢᠯ ᠰᠤᠳᠤᠯᠵᠦ ᠫᠠᠹᠯᠧᠱᠢ ᠳᠤᠮᠳᠠᠳᠤ ᠰᠤᠷᠭᠠᠭᠤᠯᠢ ᠶᠢᠨ | ᠠᠵᠢᠯᠯᠠᠵᠦ ᠠᠮᠠᠷᠠᠬᠤ ᠴᠠᠭ ᠢ ᠰᠢᠨ᠎ᠡ ᠪᠠᠷ ᠳᠤᠬᠢᠷᠠᠭᠤᠯᠤᠭᠠᠳ᠂ ᠬᠡᠦᠬᠡᠳ ᠤᠨ ᠠᠵᠢᠯᠯᠠᠵᠦ ᠬᠦᠳᠡᠯᠮᠤᠷᠢᠯᠡᠬᠦ ᠠᠮᠠᠷᠠᠵᠦ | ᠰᠡᠷᠬᠦᠬᠦ ᠶᠢ ᠨᠡᠩ ᠵᠤᠬᠢᠰᠳᠠᠢ ᠪᠤᠯᠭᠠᠭᠰᠠᠨ ᠶᠤᠮ᠃ | ᠭᠤᠸ᠎ᠠ ᠰᠠᠶᠢᠬᠠᠨ ᠤ ᠬᠦᠮᠦᠵᠢᠯ ᠤᠨ ᠳᠠᠯ᠎ᠠ ᠪᠠᠷ ᠰᠦᠬᠤᠮᠯᠢᠨ᠋ᠰᠺᠢ ︽ᠭᠤᠸ᠎ᠠ ᠰᠠᠶᠢᠬᠠᠨ ᠪᠤᠯ ᠰᠠᠶᠢᠬᠠᠨ | ᠮᠤᠷᠠᠯ᠂ ᠡᠯᠪᠡᠭ ᠤᠬᠠᠭᠠᠨ ᠪᠠ ᠡᠷᠡᠬᠦᠯ ᠴᠢᠬᠢᠷᠠᠭ ᠤᠨ ᠬᠦᠴᠦᠳᠡᠢ ᠤᠨᠳᠤᠷᠤᠭ᠎ᠠ ᠪᠤᠯᠬᠤ ᠶᠤᠮ᠃ ᠬᠡᠦᠬᠡᠳ ᠢ | ᠬᠦᠮᠦᠵᠢᠬᠦᠯᠬᠦ ᠪᠦᠬᠦ᠋ᠢᠯᠡ ᠶᠠᠪᠤᠴᠠ ᠳᠤ ᠭᠤᠸ᠎ᠠ ᠰᠠᠶᠢᠬᠠᠨ ᠤ ᠬᠦᠮᠦᠵᠢᠯ ᠢ ᠵᠠᠪᠠᠯ ᠴᠢᠩᠭ᠎ᠠ ᠠᠳᠬᠤᠬᠤ ᠬᠡᠷᠡᠭᠳᠡᠢ︾ | ᠭᠡᠵᠤ ᠵᠢᠭᠠᠭᠰᠠᠨ ᠪᠠᠶᠢᠳᠠᠭ᠃ ᠳᠡᠷᠡ ᠬᠡᠦᠬᠡᠳ ᠤᠨ ᠭᠤᠸ᠎ᠠ ᠰᠠᠶᠢᠬᠠᠨ ᠤ ᠰᠡᠳᠬᠢᠯᠬᠡ ᠪᠠ ᠭᠤᠸ᠎ᠠ ᠰᠠᠶᠢᠬᠠᠨ ᠢ | ᠴᠤᠭᠴᠠᠯᠠᠬᠤ ᠰᠡᠳᠬᠢᠯ ᠢ ᠬᠦᠮᠦᠵᠢᠬᠦᠯᠬᠦ ᠳᠤᠬᠠᠢ ᠤᠨᠴᠠᠭᠠᠶᠢᠯᠠᠨ ᠴᠢᠬᠤᠯᠠᠴᠢᠯᠠᠵᠦ᠂ ᠭᠤᠸ᠎ᠠ ᠰᠠᠶᠢᠬᠠᠨ ᠤ | ᠬᠦᠮᠦᠵᠢᠯ ᠢ ᠤᠯᠠᠨ ᠠᠷᠭ᠎ᠠ ᠵᠠᠮ ᠢᠶᠠᠷ ᠪᠤᠢ ᠪᠤᠯᠭᠠᠵᠦ ᠪᠤᠯᠳᠠᠭ ᠳᠤᠬᠠᠢ ᠳᠤᠷᠠᠳᠤᠭᠰᠠᠨ ᠶᠤᠮ᠃ ᠵᠢᠱᠢᠶᠠᠯᠠᠪᠠᠯ᠂ | ᠶᠡᠭᠡ ᠪᠠᠶᠢᠭᠠᠯᠢ ᠶᠢᠨ ᠭᠤᠸ᠎ᠠ ᠰᠠᠶᠢᠬᠠᠨ ᠢ ᠮᠡᠳᠡᠷᠡᠬᠦ᠂ ᠤᠳᠬ᠎ᠠ ᠤᠷᠠᠯᠢᠭ ᠤᠨ ᠭᠤᠸ᠎ᠠ ᠰᠠᠶᠢᠬᠠᠨ ᠢ ᠰᠤᠨᠢᠷᠬᠠᠬᠤ᠂ | ᠬᠦᠳᠡᠯᠮᠤᠷᠢ ᠪᠠᠷ ᠳᠠᠮᠵᠢᠵᠦ ᠭᠤᠸ᠎ᠠ ᠰᠠᠶᠢᠬᠠᠨ ᠢ ᠴᠤᠭᠴᠠᠯᠠᠬᠤ ᠪᠠ ᠴᠢᠨᠠᠭᠰᠢᠯᠠᠪᠠᠯ ᠬᠡᠦᠬᠡᠳ ᠤᠨ ᠡᠮᠦᠰᠭᠡᠯ ᠭᠤᠶᠤᠯᠠᠯ | ᠪᠠ ᠬᠡᠪ ᠵᠠᠭᠪᠤᠷ ᠤᠨ ᠭᠤᠸ᠎ᠠ ᠰᠠᠶᠢᠬᠠᠨ ᠵᠡᠷᠭᠡ᠃ ᠶᠡᠷᠤᠩᠭᠡᠶᠢᠯᠡᠪᠡᠯ ᠭᠤᠸ᠎ᠠ ᠰᠠᠶᠢᠬᠠᠨ ᠤ ᠬᠦᠮᠦᠵᠢᠯ ᠢ ᠬᠡᠵᠢᠶ᠎ᠡ | ᠬᠠᠮᠢᠭ᠎ᠠ ᠴᠦ ᠬᠢᠵᠦ ᠪᠤᠯᠳᠠᠭ ᠠᠵᠢ᠃ | ᠬᠦᠳᠡᠯᠮᠤᠷᠢ ᠶᠢᠨ ᠬᠦᠮᠦᠵᠢᠯ ᠤᠨ ᠳᠤᠬᠠᠢ ᠰᠦᠬᠤᠮᠯᠢᠨ᠋ᠰᠺᠢ ︽ᠬᠦᠳᠡᠯᠮᠤᠷᠢ ᠠᠴᠠ ᠠᠩᠭᠢᠳᠠ ᠰᠤᠷᠭᠠᠨ | ᠬᠦᠮᠦᠵᠢᠯ ᠪᠤᠶᠤ ᠬᠦᠳᠡᠯᠮᠤᠷᠢ ᠤᠷᠤᠯᠴᠠᠬᠤ ᠦᠭᠡᠢ ᠪᠠᠷ ᠤᠷᠤᠰᠢᠬᠤ ᠰᠤᠷᠭᠠᠨ ᠬᠦᠮᠦᠵᠢᠯ ᠭᠡᠵᠤ ᠪᠠᠶᠢᠳᠠᠭ ᠦᠭᠡᠢ︾ | ᠭᠡᠵᠤ ᠳᠤᠳᠤᠷᠬᠠᠶᠢᠯᠠᠭᠠᠳ ︽ᠨᠢᠬᠡ ᠬᠡᠦᠬᠡᠳ ᠢ ᠭᠡᠷᠪᠡ ᠠᠷᠪᠠᠨ ᠵᠢᠯ ᠤᠨ ᠲᠦᠷᠢᠮᠳᠤ ᠰᠤᠷᠭᠠᠭᠤᠯᠢ ᠳᠤ ᠵᠦᠪᠬᠡᠨ | ᠰᠢᠨᠵᠢᠯᠡᠬᠦ ᠤᠬᠠᠭᠠᠨ ᠤ ᠮᠡᠳᠡᠯᠬᠡ ᠯᠡ ᠰᠤᠷᠭᠠᠵᠦ᠂ ᠤᠭᠳᠤᠬᠠᠨ ᠴᠦ ᠬᠦᠳᠡᠯᠮᠤᠷᠢ ᠳᠤ ᠤᠷᠤᠯᠴᠠᠭᠤᠯᠬᠤ ᠦᠭᠡᠢ ᠪᠠᠷ | ᠳᠡᠬᠦᠰᠭᠡᠴᠢᠬᠡᠬᠡᠳ ᠳᠠᠬᠢᠨ ᠬᠦᠷᠵᠠ ᠠᠳᠬᠤᠭᠤᠯᠵᠦ ᠬᠦᠳᠡᠯᠮᠤᠷᠢᠯᠡᠬᠦᠯᠬᠦ ᠬᠡᠪᠡᠯ ᠪᠦᠲᠦᠰᠢ ᠦᠭᠡᠢ ᠬᠡᠷᠡᠭ ᠪᠤᠯᠬᠤ ᠨᠢ | ᠮᠡᠳᠡᠭᠡᠵᠢ᠂ ᠶᠠᠭᠠᠬᠢᠭᠠᠳ ᠭᠡᠪᠡᠯ ᠡᠨᠡ ᠠᠷᠪᠠᠨ ᠵᠢᠯ ᠤᠨ ᠬᠤᠭᠤᠴᠠᠭᠠᠨ ᠳᠤ ᠬᠡᠦᠬᠡᠳ ᠨᠢᠬᠡᠨᠳᠡ ᠬᠦᠳᠡᠯᠮᠤᠷᠢ ᠪᠠ | ᠠᠮᠢᠳᠤᠷᠠᠯ ᠠᠴᠠ ᠳᠠᠰᠤᠷᠠᠭᠠᠳ ᠤᠶᠤᠨ ᠤᠬᠠᠭᠠᠨ ᠨᠢ ᠬᠤᠭᠤᠰᠤᠷᠠᠴᠢᠬᠠᠭᠰᠠᠨ ᠳᠡᠳᠤᠢ ᠦᠭᠡᠢ᠂ ᠬᠦᠳᠡᠯᠮᠤᠷᠢ ᠶᠢᠨ | ᠴᠢᠳᠠᠮᠵᠢ᠂ ᠠᠮᠢᠳᠤᠷᠠᠬᠤᠢ ᠶᠢᠨ ᠪᠡᠯᠡᠳᠭᠡᠯ᠂ ᠨᠡᠩ ᠴᠢᠬᠤᠯᠠ ᠨᠢ ᠬᠦᠳᠡᠯᠮᠤᠷᠢ ᠶᠢᠨ ᠰᠡᠳᠬᠢᠯᠬᠡ ᠬᠡᠳᠡᠭ ᠵᠦᠢᠯ ᠢᠶᠠᠨ | ᠠᠯᠳᠠᠴᠢᠬᠠᠭᠰᠠᠨ ᠪᠠᠶᠢᠳᠠᠭ᠃ ᠡᠨᠡ ᠨᠢ ᠵᠠᠯᠠᠭᠤ ᠨᠢᠬᠡ ᠦᠶ᠎ᠡ ᠶᠢᠨ ᠬᠢᠨ ᠳᠤ ᠳᠠᠯᠪᠢᠭᠰᠠᠨ ᠨᠠᠶᠢᠬᠡᠮ ᠤᠨ ᠨᠠᠶᠢᠳᠠᠯᠭ᠎ᠠ᠂ | ᠵᠠᠯᠠᠭᠤ ᠪᠠᠭᠠᠴᠤᠳ ᠤᠨ ᠦᠪᠡᠷᠮᠢᠴᠠ ᠴᠢᠨᠠᠷ ᠤᠨ ᠬᠦᠭᠵᠢᠯᠳᠡ ᠵᠡᠷᠭᠡ ᠳᠠᠯ᠎ᠠ ᠪᠠᠷ ᠴᠦᠮ ᠢᠯᠠᠭᠳᠠᠭᠰᠠᠨ ᠤᠴᠢᠷ | ᠪᠤᠯᠬᠤ ᠶᠤᠮ︾ ᠭᠡᠵᠤ ᠬᠡᠯᠡᠭᠰᠡᠨ ᠪᠢᠯᠡ᠃ ᠰᠦᠬᠤᠮᠯᠢᠨ᠋ᠰᠺᠢ ᠢᠩᠬᠢᠵᠦ ᠰᠤᠷᠭᠠᠨ ᠬᠦᠮᠦᠵᠢᠯ ᠤᠨ | ᠦᠢᠯᠡᠳᠦᠯᠭᠡ ᠳᠤ ᠬᠢ ᠬᠦᠳᠡᠯᠮᠤᠷᠢ ᠶᠢᠨ ᠦᠢᠯᠡᠳᠤᠯ ᠢ ᠤᠨᠴᠠᠭᠠᠶᠢᠯᠠᠨ ᠴᠢᠬᠤᠯᠠᠴᠢᠯᠠᠳᠠᠭ ᠪᠠᠶᠢᠭᠰᠠᠨ ᠠᠵᠢ᠃ | 2. ᠵᠢᠭᠠᠨ ᠰᠤᠷᠭᠠᠯᠳᠠ ᠶᠢᠨ ᠳᠤᠬᠠᠢ ᠦᠬᠦᠯᠡᠭᠰᠡᠨ ᠨᠢ | ᠰᠦᠬᠤᠮᠯᠢᠨ᠋ᠰᠺᠢ ᠶᠢᠨ ᠪᠦᠲᠦᠬᠡᠯ ᠳᠤ ᠵᠢᠭᠠᠨ ᠰᠤᠷᠭᠠᠯᠳᠠ ᠶᠢᠨ ᠦᠨᠳᠤᠰᠣᠨ ᠤᠨᠤᠯ ᠤᠨ ᠳᠤᠬᠠᠢ | ᠦᠬᠦᠯᠡᠮᠵᠢ᠂ ᠵᠢᠭᠠᠨ ᠰᠤᠷᠭᠠᠯᠳᠠ ᠶᠢᠨ ᠡᠯ᠎ᠡ ᠳᠠᠯ᠎ᠠ ᠳᠤ ᠬᠢ ᠳᠤᠷᠰᠢᠯᠭ᠎ᠠ ᠪᠠ ᠵᠦᠪᠯᠡᠯᠭᠡ ᠪᠠᠶᠢᠳᠠᠭ ᠪᠦᠬᠡᠳ | ᠶᠡᠷᠤᠩᠭᠡᠢ ᠳᠤ ᠪᠠᠨ ᠨᠢᠬᠡ ᠲᠦᠬᠦᠷ ᠨᠠᠯᠢᠶᠠᠳ ᠳᠡᠬᠦᠯᠳᠡᠷ ᠵᠢᠭᠠᠨ ᠰᠤᠷᠭᠠᠯᠳᠠ ᠶᠢᠨ ᠤᠨᠤᠯ ᠢ ᠴᠤᠭᠴᠠᠯᠠᠭᠰᠠᠨ | ᠪᠠᠶᠢᠳᠠᠭ᠃ ᠳᠡᠷᠡ ᠤᠶᠤᠨ ᠤᠬᠠᠭᠠᠨ ᠤ ᠬᠦᠮᠦᠵᠢᠯ ᠤᠨ ᠦᠨᠳᠤᠰᠣᠨ ᠡᠬᠦᠷᠭᠡ ᠠᠴᠠ ᠭᠠᠷᠳᠠᠵᠦ ᠵᠢᠭᠠᠨ | ᠰᠤᠷᠭᠠᠯᠳᠠ ᠶᠢᠨ ᠶᠠᠪᠤᠴᠠ ᠳᠤ ᠬᠢ ᠬᠤᠶᠠᠷ ᠵᠦᠷᠢᠴᠠᠯ᠂ ᠳᠠᠷᠤᠢ ᠵᠢᠭᠠᠨ ᠰᠤᠷᠭᠠᠯᠳᠠ — ᠰᠤᠷᠭᠠᠨ ᠬᠦᠮᠦᠵᠢᠯ᠂ | ᠵᠢᠭᠠᠨ ᠰᠤᠷᠭᠠᠯᠳᠠ — ᠬᠦᠭᠵᠢᠯᠳᠡ ᠶᠢ ᠵᠦᠪ ᠰᠢᠢᠳᠪᠤᠷᠢᠯᠡᠬᠦ ᠬᠡᠷᠡᠭᠳᠡᠢ᠂ ᠵᠦᠷᠢᠴᠠᠯ ᠤᠨ ᠬᠤᠪᠢᠰᠤᠩᠭᠤᠢ | ᠨᠢᠬᠡᠳᠤᠮᠡᠯ ᠶᠠᠪᠤᠴᠠ ᠳᠤᠮᠳᠠ ᠬᠠᠷᠠᠯᠳᠠ ᠪᠠᠨ ᠪᠡᠶᠡᠯᠡᠬᠦᠯᠵᠦ᠂ ᠡᠪ ᠵᠦᠢᠳᠠᠢ ᠬᠦᠭᠵᠢᠯᠳᠡ ᠶᠢᠨ ᠶᠡᠷᠤᠩᠭᠡᠢ | ᠡᠬᠦᠷᠭᠡ ᠪᠠᠨ ᠬᠦᠢᠴᠡᠳᠬᠡᠬᠦ ᠬᠡᠷᠡᠭᠳᠡᠢ ᠭᠡᠵᠤ ᠱᠠᠭᠠᠷᠳᠠᠭᠰᠠᠨ ᠪᠢᠯᠡ᠃ ᠵᠢᠭᠠᠨ ᠰᠤᠷᠭᠠᠯᠳᠠ - ᠰᠤᠷᠭᠠᠨ | ᠬᠦᠮᠦᠵᠢᠯ ᠤᠨ ᠨᠢᠬᠡᠳᠤᠯ ᠤᠨ ᠳᠤᠬᠠᠢ ᠰᠦᠬᠤᠮᠯᠢᠨ᠋ᠰᠺᠢ ᠰᠤᠷᠭᠠᠨ ᠬᠦᠮᠦᠵᠢᠯ ᠤᠨ ᠰᠢᠨᠵᠢ ᠲᠠᠢ ᠵᠢᠭᠠᠨ | ᠰᠤᠷᠭᠠᠯᠳᠠ ᠶᠢᠨ ᠵᠠᠷᠴᠢᠮ ᠢ ᠳᠤᠷᠠᠳᠤᠨ᠂ ᠡᠨᠡ ᠬᠦ ᠵᠠᠷᠴᠢᠮ ᠨᠢ ᠶᠢᠷᠲᠢᠨᠴᠦ ᠶᠢᠨ ᠦᠵᠡᠯᠳᠡ ᠶᠢᠨ ᠬᠦᠮᠦᠵᠢᠯ᠂ ᠶᠤᠰᠤ | ᠮᠤᠷᠠᠯ ᠤᠨ ᠬᠦᠮᠦᠵᠢᠯ ᠢ ᠴᠦ ᠰᠢᠨᠵᠢᠯᠡᠬᠦ ᠤᠬᠠᠭᠠᠨ ᠤ ᠮᠡᠳᠡᠯᠭᠡ ᠶᠢᠨ ᠵᠢᠭᠠᠨ ᠰᠤᠷᠭᠠᠯᠳᠠ ᠶᠢᠨ ᠶᠠᠪᠤᠴᠠ ᠳᠤ | ᠲᠤᠭᠤᠰᠢᠯᠠᠭᠤᠯᠬᠤ ᠶᠢ ᠱᠠᠭᠠᠷᠳᠠᠳᠠᠭ ᠬᠡᠵᠦ ᠵᠢᠭᠠᠵᠦ ᠭᠠᠷᠭᠠᠭᠰᠠᠨ ᠶᠤᠮ᠃ ᠳᠡᠷᠡ ᠰᠤᠷᠭᠠᠨ ᠬᠦᠮᠦᠵᠢᠯ ᠢ | ᠰᠤᠷᠤᠯᠴᠠᠯᠭ᠎ᠠ ᠪᠤᠯᠤᠨ ᠪᠤᠯᠪᠠᠰᠣᠷᠠᠯ ᠠᠴᠠ ᠰᠠᠯᠭᠠᠬᠤ ᠶᠢ ᠡᠷᠡᠰ ᠡᠰᠡᠷᠬᠦᠴᠡᠳᠡᠭ᠂ ᠶᠠᠭ ᠡᠬᠦᠨ ᠳᠡᠭᠡᠷ᠎ᠡ ᠠᠴᠠ ᠳᠡᠬᠦᠨ ᠢ | ᠵᠢᠭᠠᠨ ᠰᠤᠷᠭᠠᠯᠳᠠ᠂ ᠰᠤᠷᠭᠠᠨ ᠬᠦᠮᠦᠵᠢᠯ ᠪᠠ ᠪᠤᠯᠪᠠᠰᠣᠷᠠᠯ ᠢ ᠨᠢᠬᠡᠳᠭᠡᠬᠦ ᠶᠢ ᠳᠡᠮᠵᠢᠳᠡᠭ ᠬᠡᠭᠴᠢ ᠶᠢ ᠦᠵᠡᠵᠦ | ᠭᠠᠷᠴᠦ ᠪᠤᠯᠳᠠᠭ᠃ | ᠵᠢᠭᠠᠨ ᠰᠤᠷᠭᠠᠯᠳᠠ — ᠬᠦᠭᠵᠢᠯᠳᠡ ᠶᠢ ᠨᠢᠬᠡᠳᠭᠡᠬᠦ ᠳᠤᠬᠠᠢ᠃ ᠳᠡᠷᠡ ᠡᠩ ᠳᠡᠷᠢᠬᠦᠨ ᠳᠤ ᠪᠠᠭᠰᠢ ᠪᠤᠯᠤᠨ | ᠬᠡᠦᠬᠡᠳ ᠵᠢᠭᠠᠨ ᠰᠤᠷᠭᠠᠯᠳᠠ ᠪᠠᠷ ᠳᠠᠮᠵᠢᠵᠦ ᠮᠡᠳᠡᠯᠭᠡ ᠶᠢ ᠪᠦᠲᠦᠮᠵᠢᠳᠡᠢ ᠤᠯᠠᠮᠵᠢᠯᠠᠬᠤ ᠪᠠ ᠬᠦᠷᠳᠡᠬᠦ ᠶᠢ | ᠴᠢᠬᠤᠯᠠᠴᠢᠯᠠᠵᠦ᠂ ᠮᠡᠳᠡᠯᠬᠡ ᠲᠠᠢ ᠬᠦᠮᠦᠨ ᠪᠤᠯ ᠰᠠᠶ᠋ᠢ ᠵᠢᠩᠭᠢᠨᠢ ᠵᠤᠯ ᠵᠢᠷᠭᠠᠯ ᠲᠠᠢ ᠬᠦᠮᠦᠨ ᠪᠤᠯᠵᠦ ᠴᠢᠳᠠᠳᠠᠭ ᠭᠡᠵᠤ | ᠦᠵᠡᠳᠡᠭ᠂ ᠳᠠᠬᠢᠪᠠᠯ ᠮᠡᠳᠡᠯᠬᠡ ᠶᠢ ᠯᠡ ᠤᠯᠠᠮᠵᠢᠯᠠᠭᠠᠳ ᠤᠶᠤᠨ ᠤᠬᠠᠭᠠᠨ ᠤ ᠬᠦᠮᠦᠵᠢᠯ ᠢ ᠤᠮᠳᠤᠭᠠᠶᠢᠯᠠᠳᠠᠭ ᠵᠢᠭᠠᠨ | ᠰᠤᠷᠭᠠᠯᠳᠠ ᠶᠢ ᠡᠷᠡᠰ ᠡᠰᠡᠷᠬᠦᠴᠡᠳᠡᠭ᠃ ᠳᠡᠷᠡ ᠪᠠᠷ ︽ᠪᠠᠭᠰᠢ ᠪᠤᠯᠤᠭᠰᠠᠳ ᠶᠡᠷᠦ ᠨᠢ ᠡᠯᠳᠡᠪ ᠵᠦᠢᠯ ᠤᠨ ᠤᠭ | ᠶᠤᠰᠣ᠂ ᠳ᠋ᠦᠩᠨᠡᠯᠳᠡ ᠪᠠ ᠵᠦᠢᠴᠢᠯᠠᠯ ᠢᠶᠠᠷ ᠬᠡᠦᠬᠡᠳ ᠤᠨ ᠳᠠᠷᠢᠬᠢ ᠶᠢ ᠲᠦᠬᠦᠷᠭᠡᠴᠢᠬᠡᠬᠡᠳ ᠰᠡᠳᠬᠢᠬᠦᠢ ᠪᠠ ᠠᠮᠢᠳᠤ | ᠬᠡᠯᠡᠨ ᠤ ᠡᠬᠢ ᠪᠤᠯᠠᠭ ᠢ ᠨᠢ ᠬᠢᠵᠠᠭᠠᠷᠯᠠᠴᠢᠬᠠᠳᠠᠭ᠂ ᠡᠨᠡ ᠨᠢ ᠬᠡᠦᠬᠡᠳ ᠤᠨ ᠲᠦᠷᠰᠦᠯᠡᠨ ᠪᠤᠳᠤᠯᠳᠠ ᠪᠠ ᠡᠬᠦᠲᠦᠨ | ᠪᠦᠲᠦᠭᠡᠯᠳᠡ ᠶᠢᠨ ᠳᠠᠯᠠᠪᠴᠢ ᠶᠢ ᠬᠦᠯᠢᠴᠢᠬᠡᠭᠰᠡᠨ ᠲᠠᠢ ᠠᠳᠠᠯᠢᠬᠠᠨ ᠶᠤᠮ᠂ ᠢᠩᠭᠢᠭᠡᠳ ᠯᠡ ᠴᠤᠭ ᠵᠤᠯᠪᠤᠭ᠎ᠠ ᠲᠠᠢ᠂ | ᠢᠳᠡᠪᠬᠢᠳᠡᠢ ᠦᠷᠨᠢᠬᠦᠨ ᠪᠠᠶᠢᠭᠰᠠᠨ ᠬᠡᠦᠬᠡᠳ ᠠᠷᠭ᠎ᠠ ᠦᠭᠡᠢ ᠴᠡᠭᠡᠵᠢᠯᠡᠬᠦ ᠮᠠᠰᠢᠨ ᠰᠢᠬ ᠪᠤᠯᠴᠢᠬᠠᠳᠠᠭ ᠪᠢᠯᠡ︾ | ᠭᠡᠵᠤ ᠬᠡᠯᠡᠭᠰᠡᠨ ᠶᠤᠮ᠃ ᠳᠡᠶᠢᠨ ᠬᠦ ᠪᠠᠰᠠ ᠪᠠᠭᠰᠢ ᠪᠤᠯᠤᠭᠰᠠᠳ ᠲᠤ ᠬᠡᠦᠬᠡᠳ ᠤᠨ ᠰᠤᠷᠴᠦ ᠮᠡᠳᠡᠬᠦ ᠬᠦᠰᠡᠯ ᠢ | ᠬᠦᠭᠵᠢᠬᠡᠬᠦ᠂ ᠬᠢᠴᠢᠶᠠᠯ ᠢᠶᠠᠨ ᠰᠤᠨᠢᠷᠬᠠᠯᠳᠠᠢ᠂ ᠲᠦᠷᠰᠦᠯᠢᠭ᠂ ᠠᠮᠢᠳᠤᠯᠢᠭ ᠵᠢᠭᠠᠬᠤ ᠶᠢ ᠱᠠᠭᠠᠷᠳᠠᠨ᠂ ︽ᠮᠡᠳᠡᠯᠬᠡ | ᠴᠢᠳᠬᠤᠬᠤ︾ ᠶᠢ ᠳᠡᠪᠴᠢᠨ ᠬᠦᠳᠡᠯᠦᠩᠭᠦᠢ ᠰᠡᠳᠬᠢᠬᠦᠯᠬᠦ ᠶᠢ ᠬᠦᠬᠢᠬᠡᠵᠦ᠂ ᠵᠢᠩᠭᠢᠨᠢ ᠰᠤᠷᠭᠠᠭᠤᠯᠢ ᠪᠤᠯ ᠢᠳᠡᠪᠬᠢᠳᠡᠢ | ᠰᠡᠳᠬᠢᠬᠦ ᠴᠢᠯᠦᠬᠡᠲᠦ ᠬᠦᠷᠦᠨ ᠮᠥᠨ ᠭᠡᠬᠦ ᠦᠨᠳᠦᠷᠴᠡ ᠳᠤ ᠬᠦᠷᠬᠦ ᠬᠡᠷᠡᠭᠳᠡᠢ ᠭᠡᠵᠤ ᠢᠯᠡᠷᠭᠡᠶᠢᠯᠡᠭᠰᠡᠨ ᠪᠢᠯᠡ᠃ | ︽ᠵᠢᠭᠠᠨ ᠰᠤᠷᠭᠠᠯᠳᠠ ᠶᠢᠨ ᠬᠤᠶᠠᠷ ᠲᠦᠬᠦᠷ ᠬᠦᠲᠦᠯᠪᠤᠷᠢ︾ ᠶᠢᠨ ᠳᠤᠬᠠᠢ᠄ ᠰᠦᠬᠤᠮᠯᠢᠨ᠋ᠰᠺᠢ᠂ ᠪᠠᠭᠰᠢ | ᠪᠤᠯᠤᠭᠰᠠᠳ ᠤᠯᠤᠰ ᠠᠴᠠ ᠳᠤᠭᠳᠠᠭᠠᠭᠰᠠᠨ ᠵᠢᠭᠠᠨ ᠰᠤᠷᠭᠠᠯᠳᠠ ᠶᠢᠨ ᠬᠦᠲᠤᠯᠪᠤᠷᠢ ᠶᠢ ᠪᠠᠷᠢᠮᠳᠠᠯᠠᠬᠤ ᠶᠢᠨ ᠳᠠᠭᠠᠤ | ᠳᠤᠳᠤᠷ᠎ᠡ ᠪᠠᠨ ᠪᠠᠰᠠ ᠨᠢᠬᠡ ᠲᠦᠬᠦᠷ ︽ᠬᠤᠶᠠᠳᠡᠬᠢ ᠬᠦᠳᠤᠯᠪᠤᠷᠢ︾ ᠪᠡᠯᠡᠳᠭᠡᠵᠦ᠂ ᠳᠡᠬᠦᠨ ᠢᠶᠠᠷ ᠬᠡᠦᠬᠡᠳ ᠤᠨ | ᠬᠢᠴᠢᠶᠠᠯ ᠠᠴᠠ ᠭᠠᠳᠠᠭᠤᠷᠬᠢ ᠤᠩᠰᠢᠯᠭ᠎ᠠ ᠶᠢ ᠵᠢᠯᠤᠭᠤᠳᠤᠨ ᠬᠠᠷᠠᠭ᠎ᠠ ᠶᠢ ᠨᠢ ᠨᠡᠭᠡᠬᠡᠵᠦ ᠦᠪᠡᠷ ᠢᠶᠠᠨ ᠰᠤᠷᠬᠤ | ᠴᠢᠳᠠᠪᠤᠷᠢ ᠶᠢ ᠨᠢ ᠬᠦᠮᠦᠵᠢᠬᠦᠯᠬᠦ ᠬᠡᠷᠡᠭᠳᠡᠢ ᠭᠡᠵᠤ ᠳᠤᠷᠠᠳᠤᠭᠰᠠᠨ ᠶᠤᠮ᠃ ᠮᠥᠨ ᠪᠠᠰᠠ ᠪᠠᠭᠰᠢ ᠪᠤᠯᠤᠭᠰᠠᠳ | ᠦᠪᠡᠷ ᠤᠨ ᠵᠢᠭᠠᠵᠦ ᠪᠤᠢ ᠬᠢᠴᠢᠶᠠᠯ ᠲᠦᠷᠦᠯ ᠳᠤ ᠪᠠᠨ ᠨᠡᠪᠳᠡᠷᠡᠭᠰᠡᠨ ᠪᠠᠶᠢᠬᠤ ᠶᠢ ᠱᠠᠭᠠᠷᠳᠠᠵᠦ᠂ ᠨᠢᠬᠡᠨ ᠰᠢᠯᠢᠳᠡᠭ | ᠪᠠᠭᠰᠢ ᠶᠢᠨ ᠮᠡᠳᠡᠳᠡᠭ ᠵᠦᠢᠯᠠᠰ ᠬᠦᠲᠦᠯᠪᠤᠷᠢ ᠳᠤ ᠳᠤᠭᠳᠠᠭᠠᠭᠰᠠᠨ ᠠᠭᠤᠯᠭ᠎ᠠ ᠠᠴᠠ ᠬᠡᠴᠢᠨᠡᠬᠡᠨ ᠳᠠᠬᠢᠨ ᠢᠯᠡᠬᠦᠦ | ᠪᠠᠶᠢᠬᠤ ᠬᠡᠷᠡᠭᠳᠡᠢ᠂ ᠬᠢᠴᠢᠶᠠᠯ ᠲᠦᠷᠦᠯ ᠨᠢ ᠳᠡᠬᠦᠨ ᠳᠤ ᠠᠪᠴᠦ ᠬᠡᠯᠡᠪᠡᠯ ᠡᠨᠡ ᠬᠦ ᠰᠢᠨᠵᠢᠯᠡᠬᠡᠨ ᠤ ᠰᠠᠯᠠᠭᠠᠨ ᠤ | ᠦᠨᠳᠤᠰᠣᠨ ᠮᠡᠳᠡᠯᠬᠡ ᠯᠡ ᠪᠠᠶᠢᠬᠤ ᠶᠤᠰᠤᠳᠠᠢ᠂ ᠬᠦᠨ ᠶᠡᠭᠡ ᠡᠷᠳᠡᠮ ᠮᠡᠳᠡᠯᠭᠡ ᠪᠤᠯ ᠬᠡᠦᠬᠡᠳ ᠤᠨ ᠤᠷᠮ᠎ᠠ ᠶᠢ | ᠬᠦᠭᠵᠢᠬᠡᠵᠦ ᠰᠤᠷᠴᠦ ᠮᠡᠳᠡᠬᠦ ᠶᠢᠨ ᠬᠦᠰᠡᠯ ᠢ ᠠᠰᠠᠭᠠᠬᠤ ᠠᠨᠢᠰᠤ ᠪᠤᠯᠬᠤ ᠶᠤᠮ ᠭᠡᠵᠤ ᠵᠢᠭᠠᠭᠰᠠᠨ ᠪᠢᠯᠡ᠃ | ᠡᠭᠦᠨ ᠠᠴᠠ ᠭᠠᠳᠠᠨ᠎ᠠ᠂ ᠳᠡᠷᠡ ᠪᠠᠰᠠ ᠵᠢᠭᠠᠨ ᠰᠤᠷᠭᠠᠯᠳᠠ ᠶᠢᠨ ᠡᠬᠦᠷᠭᠡ᠂ ᠵᠢᠭᠠᠨ ᠰᠤᠷᠭᠠᠯᠳᠠ ᠶᠢᠨ ᠵᠠᠷᠴᠢᠮ | ᠪᠠ ᠠᠷᠭ᠎ᠠ ᠵᠡᠷᠭᠡ ᠳᠠᠯ᠎ᠠ ᠪᠠᠷ ᠤᠯᠠᠨ ᠵᠦᠢᠯ ᠢ ᠦᠬᠦᠯᠡᠭᠰᠡᠨ ᠪᠠᠶᠢᠳᠠᠭ᠃ | 3. ᠰᠤᠷᠭᠠᠭᠤᠯᠢ ᠶᠢᠨ ᠬᠠᠮᠢᠶᠠᠷᠤᠯᠳᠠ ᠶᠢᠨ ᠳᠤᠬᠠᠢ ᠦᠬᠦᠯᠡᠭᠰᠡᠨ ᠨᠢ | ᠰᠦᠬᠤᠮᠯᠢᠨ᠋ᠰᠺᠢ 1948 ᠤᠨ ᠠᠴᠠ 1970 ᠤᠨ ᠪᠤᠯᠳᠠᠯ᠎ᠠ ᠫᠠᠹᠯᠧᠱᠢ ᠳᠤᠮᠳᠠᠳᠤ ᠰᠤᠷᠭᠠᠭᠤᠯᠢ ᠶᠢᠨ | ᠵᠠᠬᠢᠷᠤᠯ ᠢᠶᠠᠷ ᠠᠵᠢᠯᠯᠠᠬᠤ ᠳᠤ ᠪᠠᠨ ᠰᠤᠷᠭᠠᠭᠤᠯᠢ ᠶᠢᠨ ᠬᠠᠮᠢᠶᠠᠷᠤᠯᠳᠠ ᠶᠢᠨ ᠳᠠᠯ᠎ᠠ ᠪᠠᠷ ᠡᠯᠪᠡᠭ ᠳᠤᠷᠰᠢᠯᠭ᠎ᠠ | ᠬᠤᠷᠠᠮᠳᠤᠭᠤᠯᠤᠭᠰᠠᠨ ᠶᠤᠮ᠂ ᠳᠡᠬᠦᠨ ᠤ ᠳᠤᠳᠤᠷ᠎ᠡ ᠳᠤᠯᠢ ᠪᠤᠯᠬᠤ ᠵᠦᠢᠯ ᠤᠯᠠᠨ ᠪᠠᠶᠢᠳᠠᠭ᠃ | ᠳᠡᠷᠡ᠂ ᠵᠠᠬᠢᠷᠤᠯ ᠦᠪᠡᠷ ᠢᠶᠠᠨ ᠢᠪᠴᠤᠤ ᠠᠯᠪᠠᠨ ᠳᠤ ᠪᠠᠷᠢᠭᠳᠠᠵᠦ ᠨᠤᠶᠠᠨᠴᠢ ᠵᠠᠩ ᠭᠠᠷᠭᠠᠨ ᠵᠠᠷᠯᠢᠭᠳᠠᠬᠤ ᠶᠢ | ᠴᠡᠭᠡᠷᠯᠡᠬᠦ ᠬᠡᠷᠡᠭᠳᠡᠢ ᠭᠡᠵᠤ ᠦᠵᠡᠳᠡᠭ ᠪᠦᠬᠡᠳ ︽ᠰᠤᠷᠭᠠᠭᠤᠯᠢ ᠶᠢ ᠤᠳᠤᠷᠢᠳᠬᠤ ᠳᠤ ᠡᠩ ᠳᠡᠷᠢᠬᠦᠨ ᠳᠤ ᠰᠤᠷᠭᠠᠨ | ᠬᠦᠮᠦᠵᠢᠯ ᠤᠨ ᠦᠵᠡᠯ ᠰᠠᠨᠠᠭ᠎ᠠ ᠶᠢ ᠤᠳᠤᠷᠢᠳᠬᠤ ᠬᠡᠷᠡᠭᠳᠡᠢ᠂ ᠳᠠᠷᠠᠭᠠᠯᠠᠪᠠᠯ ᠰᠠᠶ᠋ᠢ ᠵᠠᠰᠠᠭ ᠵᠠᠬᠢᠷᠭᠠᠨ ᠤ | ᠤᠳᠤᠷᠢᠳᠤᠯᠭ᠎ᠠ ᠪᠤᠯᠤᠨ᠎ᠠ︾ ᠭᠡᠵᠤ ᠬᠡᠯᠡᠭᠰᠡᠨ ᠶᠤᠮ᠃ ᠳᠡᠷᠡ ︽ᠰᠠᠶᠢᠨ ᠵᠠᠬᠢᠷᠤᠯ ᠪᠤᠯᠤᠶ᠎ᠠ ᠭᠡᠪᠡᠯ ᠵᠠᠪᠠᠯ ᠤᠷᠢᠳᠠᠪᠠᠷ | ᠰᠠᠶᠢᠨ ᠪᠠᠭᠰᠢ ᠪᠠᠶᠢᠬᠤ ᠬᠡᠷᠡᠭᠳᠡᠢ︾ ᠭᠡᠵᠤ ᠵᠢᠭᠠᠵᠦ ᠭᠠᠷᠭᠠᠭᠠᠳ᠂ ᠦᠪᠡᠷ ᠢᠶᠠᠨ ᠬᠡᠯᠡ ᠪᠢᠴᠢᠭ ᠵᠢᠭᠠᠨ ᠠᠩᠭᠢ ᠶᠢᠨ | ᠡᠷᠬᠢᠯᠡᠭᠴᠢ ᠪᠠᠷ ᠠᠵᠢᠯᠯᠠᠵᠦ ᠡᠲᠦᠷ ᠪᠦᠷᠢ ᠬᠢᠴᠢᠶᠠᠯ ᠰᠤᠨᠤᠰᠬᠤ ᠶᠢ ᠪᠠᠷᠢᠮᠳᠠᠯᠠᠳᠠᠭ᠃ ︽ᠡᠲᠦᠷ ᠪᠦᠷᠢ ᠬᠤᠶᠠᠷ | ᠬᠢᠴᠢᠶᠠᠯ ᠰᠤᠨᠤᠰᠬᠤ ᠦᠭᠡᠢ ᠪᠤᠯ ᠡᠲᠦᠷ ᠢ ᠳᠠᠯᠠᠭᠠᠷ ᠦᠩᠭᠡᠷᠡᠬᠦᠯᠦᠭᠰᠡᠨ ᠲᠠᠢ ᠠᠳᠠᠯᠢᠬᠠᠨ︾᠂ ︽ᠬᠡᠷᠪᠡ | ᠬᠤᠷᠠᠯ ᠳᠤ ᠤᠷᠤᠯᠴᠠᠵᠦ ᠰᠠᠭᠠᠳᠠᠭᠰᠠᠨ ᠪᠤᠯ ᠮᠠᠷᠭᠠᠰᠢ ᠨᠢ ᠲᠦᠷᠪᠡᠨ ᠬᠢᠴᠢᠶᠠᠯ ᠰᠤᠨᠤᠰᠴᠦ ᠨᠦᠬᠦᠬᠦ | ᠬᠡᠷᠡᠭᠳᠡᠢ︾᠂ ︽ᠨᠢᠬᠡ ᠵᠢᠯ ᠨᠢᠬᠡ ᠪᠠᠭᠰᠢ ᠶᠢᠨ 15~20 ᠬᠢᠴᠢᠶᠡᠯ ᠢ ᠰᠤᠨᠤᠰᠬᠤ ᠦᠭᠡᠢ ᠪᠤᠯ᠂ ᠳᠡᠷᠡ ᠬᠦ | ᠪᠠᠭᠰᠢ ᠶᠢᠨ ᠳᠤᠬᠠᠢ ᠶᠠᠮᠠᠷ ᠴᠦ ᠤᠶᠢᠯᠠᠭᠠᠯᠳᠠ ᠦᠭᠡᠢ ᠲᠠᠢ ᠢᠵᠢᠯᠢᠭᠡᠨ︾ ᠭᠡᠵᠤ ᠢᠯᠡᠷᠭᠡᠶᠢᠯᠡᠭᠰᠡᠨ ᠪᠦᠬᠡᠳ | ᠬᠢᠴᠢᠶᠠᠯ ᠰᠤᠨᠤᠰᠬᠤ᠂ ᠬᠢᠴᠢᠶᠠᠯ ᠵᠠᠳᠠᠯᠬᠤ ᠪᠤᠯ ᠵᠠᠬᠢᠷᠤᠯ ᠤᠨ ᠴᠢᠬᠤᠯᠠ ᠠᠵᠢᠯ᠂ ᠦᠵᠡᠯ ᠰᠠᠨᠠᠭ᠎ᠠ ᠪᠠᠨ | ᠪᠠᠶᠠᠯᠢᠬᠵᠢᠭᠤᠯᠬᠤ ᠡᠬᠢ ᠪᠠᠶᠠᠯᠢᠭ ᠪᠤᠯᠬᠤ ᠶᠤᠮ ᠭᠡᠵᠤ ᠳᠤᠳᠤᠷᠬᠠᠶᠢᠯᠠᠭᠰᠠᠨ ᠪᠢᠯᠡ᠃ ᠳᠡᠷᠡ ᠰᠤᠷᠭᠠᠭᠤᠯᠢ ᠶᠢᠨ | ᠦᠵᠡᠯ ᠰᠠᠨᠠᠭᠠᠨ ᠤ ᠬᠦᠮᠦᠵᠢᠯ ᠢ ᠳᠤᠩ ᠬᠦᠨᠳᠤᠳᠭᠡᠨ ᠦᠵᠡᠵᠦ᠂ ᠡᠨᠡ ᠬᠦ ᠠᠵᠢᠯ ᠢ ᠰᠠᠶᠢᠳᠤᠷ ᠪᠡᠶᠡᠯᠡᠬᠦᠯᠬᠦ ᠶᠢᠨ | ᠳᠤᠯᠠᠳᠠ ᠪᠠᠭᠰᠢ ᠨᠠᠷ ᠢᠶᠠᠨ ᠳᠠᠶᠢᠴᠢᠯᠠᠵᠦ ᠬᠡᠦᠬᠡᠳ ᠢ ᠪᠦᠬᠦ ᠳᠠᠯ᠎ᠠ ᠪᠠᠷ ᠤᠶᠢᠯᠠᠭᠠᠨ ᠰᠤᠳᠤᠯᠬᠤ᠂ ᠳᠤᠭᠳᠠᠮᠠᠯ | ᠬᠤᠭᠤᠴᠠᠭ᠎ᠠ ᠲᠠᠢ ᠰᠤᠳᠤᠯᠭᠠᠨ ᠤ ᠬᠤᠷᠠᠯ ᠬᠢᠬᠦ᠂ ᠳᠠᠷᠤᠢ ᠬᠡᠦᠬᠡᠳ ᠤᠨ ᠪᠤᠳᠠᠳᠠᠢ ᠪᠠᠶᠢᠳᠠᠯ ᠢ ᠦᠨᠳᠤᠰᠤᠯᠠᠵᠦ | ᠬᠦᠮᠦᠵᠢᠬᠦᠯᠬᠦ ᠵᠡᠷᠭᠡ ᠪᠠᠷ ᠮᠡᠷᠡᠶᠢᠭᠰᠡᠨ ᠪᠢᠯᠡ᠃ ᠮᠥᠨ ᠦᠪᠡᠷ ᠢᠶᠠᠨ ᠪᠠᠶᠢᠴᠠᠭᠠᠯᠳᠠ ᠬᠢᠵᠦ ᠳᠡᠮᠳᠡᠭᠯᠡᠯ ᠪᠢᠴᠢᠨ᠂ | 178 ︽ᠬᠦᠮᠦᠵᠢᠬᠦᠯᠬᠦ ᠳᠤ ᠬᠦᠴᠢᠷ ᠲᠠᠢ ᠬᠡᠦᠬᠡᠳ︾ ᠤᠨ ᠨᠤᠭᠤᠷᠠᠯ ᠪᠦᠲᠦᠷᠢᠯ ᠲᠠᠢ ᠶᠠᠪᠤᠴᠠ ᠶᠢ ᠬᠦᠨᠵᠡᠭᠡᠢ | ᠰᠤᠳᠤᠯᠤᠭᠠᠳ᠂ ᠳᠤᠰᠬᠠᠶᠢᠯᠠᠨ ᠵᠢᠷᠭᠤᠭᠠᠨ ᠨᠠᠰᠤᠳᠠᠢ ᠬᠡᠦᠬᠡᠳ ᠢ ᠡᠯᠰᠡᠳᠡᠭ ᠪᠡᠯᠡᠳᠭᠡᠯ ᠠᠩᠭᠢ — ︽ᠪᠠᠶᠠᠷ | ᠪᠠᠶᠠᠰᠤᠯᠳᠤ ᠰᠤᠷᠭᠠᠭᠤᠯᠢ︾ ᠶᠢ ᠳᠠᠭᠠᠭᠠᠴᠢᠯᠠᠨ ᠡᠷᠬᠢᠯᠡᠭᠰᠡᠨ ᠶᠤᠮ᠃ ᠳᠡᠶᠢᠨ ᠬᠦ ︽ᠪᠠᠶᠠᠷ ᠪᠠᠶᠠᠰᠤᠯᠳᠤ | ᠰᠤᠷᠭᠠᠭᠤᠯᠢ︾ ᠳᠤ ᠪᠠᠨ ᠪᠡᠯᠡᠳᠭᠡᠯ ᠠᠩᠭᠢ ᠠᠴᠠ ᠨᠢᠭᠡᠳᠤᠭᠡᠷ ᠠᠩᠭᠢ ᠪᠤᠯᠳᠠᠯ᠎ᠠ᠂ ᠨᠢᠬᠡᠳᠤᠭᠡᠷ ᠠᠩᠭᠢ ᠠᠴᠠ | ᠠᠷᠪᠠᠳᠤᠭᠠᠷ ᠠᠩᠭᠢ ᠪᠤᠯᠳᠠᠯ᠎ᠠ ᠠᠩᠭᠢ ᠡᠷᠬᠢᠯᠡᠭᠴᠢ ᠪᠠᠷ ᠠᠵᠢᠯᠯᠠᠨ ᠬᠡᠦᠬᠡᠳ ᠤᠨ ᠠᠳᠠᠯᠢ ᠪᠤᠰᠣ ᠦᠶ᠎ᠡ ᠶᠢᠨ ᠬᠡᠪ | ᠪᠠᠶᠢᠳᠠᠯ ᠢ ᠮᠦᠷᠳᠡᠨ ᠰᠤᠳᠤᠯᠵᠦ᠂ ᠤᠯᠠᠨ ᠤᠯᠠᠨ ᠳᠤᠬᠢᠷᠠᠮᠵᠢᠳᠠᠢ ᠠᠷᠭ᠎ᠠ ᠬᠡᠮᠵᠢᠶ᠎ᠡ ᠶᠢ ᠳᠤᠷᠠᠳᠤᠭᠰᠠᠨ ᠪᠢᠯᠡ᠃ | ᠬᠡᠦᠬᠡᠳ ᠤᠨ ᠬᠠᠮᠢᠶᠠᠷᠤᠯᠳᠠ ᠶᠢᠨ ᠳᠠᠯ᠎ᠠ ᠪᠠᠷ ᠭᠤᠤᠯᠳᠠᠭᠤ ᠤᠶᠤᠨ ᠢ ᠨᠡᠭᠡᠭᠡᠭᠳᠡᠬᠦᠯᠬᠦ᠂ ᠴᠢᠳᠠᠪᠤᠷᠢ ᠶᠢ ᠨᠢ | ᠪᠤᠯᠪᠠᠰᠤᠷᠠᠭᠤᠯᠬᠤ ᠴᠦᠮ᠎ᠠ ᠶᠢ ᠪᠠᠷᠢᠵᠦ᠂ ᠡᠨᠡ ᠪᠤᠯ ᠤᠨᠴᠠᠭᠠᠢ ᠪᠤᠳᠠᠳᠠᠢ ᠮᠦᠷᠳᠡᠭᠡᠨ ᠪᠠᠴᠢᠮ ᠰᠢᠢᠳᠪᠤᠷᠢᠯᠡᠬᠦ | ᠴᠢᠬᠤᠯᠠᠳᠠᠢ ᠠᠰᠠᠭᠤᠳᠠᠯ ᠭᠡᠵᠤ ᠦᠵᠡᠭᠰᠡᠨ ᠶᠤᠮ᠃ ᠡᠬᠦᠨ ᠤ ᠤᠯᠠᠮ ᠠᠴᠠ ᠬᠠᠮᠳᠤ ᠠᠵᠢᠯᠯᠠᠭᠰᠠᠳ ᠲᠠᠢ ᠪᠠᠨ | ᠠᠷᠪᠠᠨ ᠬᠡᠳᠤᠨ ᠵᠢᠯ ᠮᠡᠷᠡᠶᠢᠵᠦ᠂ ᠬᠡᠯᠡ ᠪᠢᠴᠢᠭ ᠤᠨ ᠵᠢᠭᠠᠨ ᠰᠤᠷᠭᠠᠯᠳᠠ ᠲᠠᠢ ᠤᠶᠠᠯᠳᠤᠭᠤᠯᠤᠭᠰᠠᠨ ᠨᠢᠬᠡᠨ ᠲᠦᠬᠦᠷ | ᠵᠢᠭᠠᠨ ᠰᠤᠷᠭᠠᠯᠳᠠ ᠶᠢᠨ ᠯᠤᠬᠢᠭ ᠲᠤ ᠨᠡᠶᠢᠴᠡᠬᠦ᠂ ᠬᠡᠦᠬᠡᠳ ᠤᠨ ᠴᠢᠳᠠᠪᠤᠷᠢ ᠶᠢ ᠬᠦᠮᠦᠵᠢᠬᠦᠯᠵᠦ ᠳᠡᠭᠡᠭᠰᠢᠯᠡᠬᠦᠯᠬᠦ | ᠵᠤᠷᠢᠯᠳᠠ ᠪᠦᠬᠦᠢ ᠰᠤᠨᠤᠰᠬᠤ᠂ ᠶᠠᠷᠢᠬᠤ᠂ ᠤᠩᠰᠢᠬᠤ᠂ ᠪᠢᠴᠢᠬᠦ ᠵᠡᠷᠭᠡ 12 ᠦᠨᠳᠤᠰᠣᠨ ᠴᠢᠳᠠᠮᠵᠢ ᠶᠢ | ᠪᠠᠭᠳᠠᠭᠠᠭᠰᠠᠨ ︽ᠦᠨᠳᠤᠰᠣᠨ ᠴᠢᠳᠠᠪᠤᠷᠢ ᠶᠢᠨ ᠰᠢᠰᠲ᠋ᠧᠮ︾ ᠢ ᠰᠦᠪᠡᠭᠴᠢᠯᠡᠨ ᠪᠦᠲᠦᠬᠡᠭᠰᠡᠨ ᠶᠤᠮ᠃ | ᠪᠠᠭᠰᠢ ᠶᠢᠨ ᠬᠠᠮᠢᠶᠠᠷᠤᠯᠳᠠ ᠶᠢᠨ ᠳᠤᠬᠠᠢ᠂ ᠰᠦᠬᠤᠮᠯᠢᠨ᠋ᠰᠺᠢ ︽ᠰᠠᠶᠢᠨ ᠰᠤᠷᠭᠠᠭᠤᠯᠢ ᠪᠠᠶᠢᠭᠤᠯᠬᠤ ᠳᠤ | ᠰᠢᠯᠢᠳᠡᠭ ᠪᠠᠭᠰᠢ ᠶᠢᠨ ᠡᠩᠨᠡᠭᠡ ᠪᠠᠶᠢᠬᠤ ᠦᠭᠡᠢ ᠪᠤᠯ ᠪᠦᠲᠦᠳᠡᠭ ᠦᠭᠡᠢ᠂ ᠰᠤᠷᠭᠠᠭᠤᠯᠢ ᠶᠢᠨ ᠤᠳᠤᠷᠢᠳᠤᠯᠭ᠎ᠠ | ᠪᠤᠯᠤᠭᠰᠠᠳ ᠪᠠᠭᠰᠢ ᠨᠠᠷ ᠢ ᠬᠠᠶᠢᠷᠠᠯᠠᠨ ᠬᠠᠯᠠᠮᠵᠢᠯᠠᠵᠦ ᠡᠬᠦᠷᠭᠡ ᠳᠠᠷᠤᠭᠠᠰᠦ ᠶᠢ ᠨᠢ ᠴᠢᠳᠠᠬᠤ ᠶᠢᠨ ᠳᠤᠳᠤᠷ᠎ᠡ | ᠬᠦᠩᠭᠡᠯᠡᠬᠦ ᠬᠡᠷᠡᠭᠳᠡᠢ︾ ᠭᠡᠵᠤ ᠦᠵᠡᠳᠡᠭ᠃ ᠳᠡᠷᠡ ︽ᠪᠠᠭᠰᠢ ᠪᠤᠯᠤᠭᠰᠠᠳ ᠡᠷᠴᠢ ᠬᠦᠴᠦ ᠳᠡᠬᠦᠯᠳᠡᠷ ᠠᠵᠢᠯᠯᠠᠶ᠎ᠠ | ᠭᠡᠪᠡᠯ ᠰᠠᠶᠢᠳᠤᠷ ᠠᠮᠠᠷᠠᠬᠤ ᠬᠡᠷᠡᠭᠳᠡᠢ᠂ ᠵᠢᠭᠠᠨ ᠰᠤᠷᠭᠠᠯᠳᠠ ᠶᠢᠨ ᠴᠢᠨᠠᠷ ᠴᠢᠨᠰᠠᠭ᠎ᠠ ᠪᠠᠨ ᠳᠡᠭᠡᠭᠰᠢᠯᠡᠬᠦᠯᠦᠶᠡ ᠭᠡᠪᠡᠯ | ᠨᠤᠮ ᠤᠩᠰᠢᠬᠤ᠂ ᠰᠤᠳᠤᠯᠭᠠᠨ ᠬᠢᠬᠦ ᠴᠠᠭ ᠪᠠ ᠴᠢᠯᠦᠭᠡᠲᠦ ᠴᠠᠭ ᠲᠠᠢ ᠪᠠᠶᠢᠬᠤ ᠬᠡᠷᠡᠭᠳᠡᠢ᠂ ᠴᠠᠭ ᠢᠶᠠᠨ ᠴᠢᠯᠦᠬᠡᠳᠡᠢ | ᠳᠤᠬᠢᠷᠠᠭᠤᠯᠬᠤ ᠪᠤᠯ ᠪᠦᠬᠦᠨ ᠤ ᠦᠨᠳᠤᠰᠣ᠂ ᠳᠡᠷᠡ ᠨᠢ ᠰᠤᠷᠭᠠᠨ ᠬᠦᠮᠦᠵᠢᠯ ᠤᠨ ᠤᠷᠠᠯᠢᠭ ᠤᠨ ᠮᠦᠴᠢᠷ ᠨᠠᠪᠴᠢ ᠶᠢ | ᠦᠷᠨᠢᠬᠦᠯᠦᠨ ᠳᠡᠳᠬᠦᠳᠡᠭ︾ ᠭᠡᠵᠤ ᠬᠡᠯᠡᠭᠰᠡᠨ ᠶᠤᠮ᠃ ᠰᠦᠬᠤᠮᠯᠢᠨ᠋ᠰᠺᠢ ᠪᠠᠭᠰᠢ ᠪᠤᠯᠭᠠᠨ ᠢ ᠰᠠᠶᠢᠨ ᠤᠶᠢᠯᠠᠭᠠᠵᠦ | ᠳᠠᠪᠠᠭᠤᠯᠢᠭ ᠢ ᠨᠢ ᠪᠠᠳᠠᠷᠠᠭᠤᠯᠵᠦ ᠴᠢᠳᠠᠳᠠᠭ ᠪᠦᠬᠡᠳ ᠰᠤᠷᠭᠠᠨ ᠬᠦᠮᠦᠵᠢᠯ ᠤᠨ ᠭᠡᠪ ᠪᠤᠯᠪᠠᠰᠣᠷᠠᠯ ᠢᠶᠠᠨ | ᠳᠡᠭᠡᠭᠰᠢᠯᠡᠬᠦᠯᠬᠦ ᠬᠡᠷᠡᠭᠳᠡᠢ ᠭᠡᠵᠤ ᠦᠷᠬᠦᠯᠵᠢ ᠱᠠᠭᠠᠷᠳᠠᠳᠠᠭ᠂ ᠬᠤᠷᠢᠶᠠᠩᠭᠤᠶᠢᠯᠠᠪᠠᠯ ᠦᠪᠡᠷ ᠤᠨ ᠵᠢᠭᠠᠵᠦ ᠪᠠᠶᠢᠭ᠎ᠠ | ᠬᠢᠴᠢᠶᠠᠯ ᠲᠦᠷᠦᠯ ᠳᠤ ᠪᠠᠨ ᠨᠡᠪᠳᠡᠷᠬᠡᠢ ᠪᠠᠶᠢᠬᠤ᠂ ᠰᠡᠳᠬᠢᠴᠠ ᠶᠢᠨ ᠵᠦᠢ᠂ ᠰᠤᠷᠭᠠᠨ ᠬᠦᠮᠦᠵᠢᠯ ᠤᠨ ᠤᠬᠠᠭᠠᠨ ᠪᠠ | ᠵᠢᠭᠠᠨ ᠰᠤᠷᠭᠠᠯᠳᠠ ᠶᠢᠨ ᠠᠷᠭ᠎ᠠ ᠶᠢ ᠤᠶᠢᠯᠠᠭᠠᠬᠤ᠂ ᠨᠡᠯᠢᠶᠡᠳ ᠦᠨᠳᠤᠷ ᠪᠤᠯᠪᠠᠰᠣᠷᠠᠯ ᠪᠠ ᠠᠵᠢᠯ ᠤᠨ ᠤᠷᠮ᠎ᠠ | ᠰᠡᠳᠬᠢᠯᠬᠡ ᠲᠠᠢ ᠪᠠᠶᠢᠬᠤ ᠵᠡᠷᠭᠡ ᠪᠤᠯᠤᠨ᠎ᠠ᠃ | ᠰᠤᠷᠤᠯᠭ᠎ᠠ ᠶᠢᠨ ᠬᠤᠭᠤᠴᠠᠭᠠᠨ ᠤ ᠳ᠋ᠦᠩᠨᠡᠯᠳᠡ᠄ ᠰᠦᠬᠤᠮᠯᠢᠨ᠋ᠰᠺᠢ ᠬᠦᠮᠦᠨ ᠪᠦᠬᠦᠨ ᠤ ᠰᠠᠶᠢᠨ ᠮᠡᠳᠡᠳᠡᠭ | ᠠᠵᠢᠯ ᠤᠨ ᠳ᠋ᠦᠩᠨᠡᠯᠳᠡ ᠶᠢ ᠰᠤᠷᠭᠠᠨ ᠬᠦᠮᠦᠵᠢᠯ ᠤᠨ ᠶᠤᠰᠣ ᠵᠢᠷᠤᠮ ᠤᠨ ᠴᠢᠬᠤᠯᠠ ᠨᠢᠬᠡᠨ ᠭᠤᠭᠴᠤᠭ᠎ᠠ ᠪᠤᠯᠭᠠᠨ | ᠠᠳᠬᠤᠭᠰᠠᠨ ᠶᠤᠮ᠃ ᠳᠡᠷᠡ ᠪᠠᠷ ᠵᠠᠬᠢᠷᠤᠯ ᠦᠪᠡᠷ ᠢᠶᠠᠨ ᠬᠦᠳᠡᠯᠬᠦ ᠦᠭᠡᠢ᠂ ᠬᠠᠷᠢᠨ ᠪᠤᠰᠤᠳ ᠢ ᠳᠤᠮᠢᠯᠠᠨ | ᠠᠷᠭᠠᠴᠠᠭᠠᠬᠤ᠂ ︽ᠵᠠᠰᠠᠨ ᠴᠢᠮᠡᠭᠯᠡᠬᠦ︾ ᠠᠷᠭ᠎ᠠ ᠶᠢ ᠡᠰᠡᠷᠬᠦᠴᠡᠳᠡᠭ ᠪᠦᠬᠡᠳ ᠡᠩ ᠤᠨ ᠦᠶ᠎ᠡ ᠳᠤ ᠪᠠᠷᠢᠮᠳᠠ | ᠴᠤᠭᠯᠠᠭᠤᠯᠬᠤ ᠦᠭᠡᠢ᠂ ᠬᠤᠭᠤᠴᠠᠭᠠᠨ ᠡᠴᠦᠰ ᠪᠤᠯᠤᠮᠠᠭᠴᠠ ᠲᠦᠷ ᠴᠠᠭ ᠤᠨ ᠰᠢᠪᠳᠤᠯᠤᠯᠳᠠ ᠬᠢᠬᠦ ᠳᠤ ᠳᠤᠷ᠎ᠠ | ᠦᠬᠡᠶᠢᠴᠡᠳᠡᠭ᠃ ᠵᠠᠬᠢᠷᠤᠯ ᠦᠪᠡᠷ ᠢᠶᠠᠨ ᠡᠲᠦᠷ ᠪᠦᠷᠢ ᠭᠠᠷᠠᠭ ᠪᠦᠷᠢ ᠳᠡᠮᠳᠡᠭᠯᠡᠯ ᠬᠢᠬᠦ᠂ ᠴᠠᠭ ᠳᠤᠬᠠᠢ ᠳᠤ ᠨᠢ | ᠡᠮᠬᠢᠯᠡᠬᠦ᠂ ᠦᠷᠬᠦᠯᠵᠢ ᠨᠠᠷᠢᠪᠴᠢᠯᠠᠨ ᠰᠤᠳᠤᠯᠬᠤ ᠶᠢ ᠰᠤᠷᠳᠠᠯᠴᠢᠯᠠᠵᠦ᠂ ᠬᠤᠷᠢᠶᠠᠩᠭᠤᠶᠢᠯᠠᠭᠰᠠᠨ ᠰᠢᠨᠵᠢᠳᠡᠢ | ᠳ᠋ᠦᠩᠨᠡᠯᠳᠡ ᠭᠠᠷᠭᠠᠭᠰᠠᠨ ᠤ ᠳᠠᠷᠠᠭ᠎ᠠ ᠤᠯᠠᠨ ᠤ ᠰᠠᠨᠠᠯ ᠵᠦᠪᠯᠡᠯᠭᠡ ᠶᠢ ᠰᠤᠨᠤᠰᠬᠤ ᠬᠡᠷᠡᠭᠳᠡᠢ ᠭᠡᠵᠤ ᠦᠵᠡᠳᠡᠭ᠃ | ᠳ᠋ᠦᠩᠨᠡᠯᠳᠡ ᠬᠢᠬᠦ ᠳᠤ ᠪᠠᠨ ᠦᠬᠦᠮᠡᠯ ᠢᠶᠠᠷ ᠠᠵᠢᠯᠯᠠᠬᠤ ᠪᠤᠶᠤ ᠵᠢᠯ ᠪᠤᠯᠭᠠᠨ ᠳᠠᠪᠳᠠᠭᠠᠳ ᠪᠠᠶᠢᠵᠦ ᠪᠤᠯᠬᠤ ᠦᠭᠡᠢ᠂ | ᠰᠠᠶᠢᠨ ᠳ᠋ᠦᠩᠨᠡᠯᠳᠡ ᠪᠤᠯ ᠪᠦᠬᠦ᠋ᠢᠯᠡ ᠪᠠᠭᠰᠢ ᠶᠢᠨ ᠨᠢᠬᠡ ᠵᠢᠯ ᠤᠨ ᠬᠤᠭᠤᠴᠠᠭᠠᠨ ᠳᠤ ᠬᠢ ᠪᠦᠲᠦᠭᠡᠯᠴᠢ ᠴᠢᠨᠠᠷᠳᠠᠢ | ᠬᠦᠳᠡᠯᠮᠤᠷᠢ ᠶᠢᠨ ᠬᠤᠷᠢᠶᠠᠩᠭᠤᠶᠢᠯᠠᠯ᠂ ᠮᠥᠨ ᠳᠠᠷᠠᠭ᠎ᠠ ᠵᠢᠯ ᠤᠨ ᠠᠵᠢᠯ ᠤᠨ ᠬᠢᠨᠢ ᠴᠢᠭᠯᠡᠯᠳᠡ ᠪᠠ ᠳᠤᠯᠢ ᠪᠠᠶᠢᠬᠤ | ᠶᠤᠰᠤᠳᠠᠢ ᠭᠡᠵᠤ ᠦᠵᠡᠳᠡᠭ᠃ | ᠭᠤᠷᠪᠠ᠂ ᠳᠤᠪᠴᠢ ᠦᠨᠡᠯᠡᠯᠳᠡ | ᠰᠦᠬᠤᠮᠯᠢᠨ᠋ᠰᠺᠢ ᠬᠦᠮᠦᠰ ᠲᠤ ︽ᠰᠤᠷᠭᠠᠨ ᠬᠦᠮᠦᠵᠢᠯ ᠤᠨ ᠦᠵᠡᠯ ᠰᠠᠨᠠᠭᠠᠨ ᠤ ᠮᠠᠰᠲ᠋ᠧᠷ︾ ᠭᠡᠵᠤ | ᠡᠷᠬᠦᠮᠵᠢᠯᠡᠭᠳᠡᠳᠡᠭ᠂ ᠨᠤᠮ ᠪᠦᠲᠦᠬᠡᠯ ᠨᠦᠭᠦᠳ ᠨᠢ ︽ᠰᠤᠷᠭᠠᠨ ᠬᠦᠮᠦᠵᠢᠯ ᠤᠨ ᠠᠮᠢᠳᠤ ᠤᠬᠠᠭᠠᠨ︾᠂ ︽ | ᠰᠤᠷᠭᠠᠭᠤᠯᠢ ᠶᠢᠨ ᠠᠮᠢᠳᠤᠷᠠᠯ ᠤᠨ ᠨᠡᠪᠳᠡᠷᠭᠡᠢ ᠳᠤᠯᠢ︾ ᠭᠡᠵᠤ ᠦᠨᠡᠯᠡᠭᠳᠡᠳᠡᠭ᠂ ᠵᠠᠬᠢᠷᠤᠯ ᠢᠶᠠᠷ ᠠᠵᠢᠯᠯᠠᠵᠦ | ᠪᠠᠶᠢᠭᠰᠠᠨ ᠫᠠᠹᠯᠧᠱᠢ ᠳᠤᠮᠳᠠᠳᠤ ᠰᠤᠷᠭᠠᠭᠤᠯᠢ ᠨᠢ ᠳᠡᠯᠡᠬᠡᠢ ᠶᠢᠨ ᠬᠠᠮᠤᠭ ᠤᠨ ᠨᠡᠷᠡᠳᠡᠢ ᠳᠤᠷᠰᠢᠯᠳᠠ ᠶᠢᠨ | ᠰᠤᠷᠭᠠᠭᠤᠯᠢ ᠳᠤ ᠵᠢᠭᠰᠠᠭᠠᠭᠳᠠᠭᠰᠠᠨ ᠪᠠᠶᠢᠳᠠᠭ᠃ | ᠰᠦᠬᠤᠮᠯᠢᠨ᠋ᠰᠺᠢ ᠶᠢᠨ ᠰᠤᠷᠭᠠᠨ ᠬᠦᠮᠦᠵᠢᠯ ᠤᠨ ᠳᠤᠷᠰᠢᠯᠭ᠎ᠠ ᠬᠢᠬᠡᠳ ᠤᠨᠤᠯ ᠤᠨ ᠪᠦᠲᠦᠬᠡᠯ ᠪᠤᠯ ᠨᠢᠬᠡᠨ | ᠠᠤᠭ᠎ᠠ ᠶᠡᠭᠡ ᠰᠢᠰᠲ᠋ᠧᠮ ᠶᠤᠮ᠂ ᠳᠡᠷᠡ ᠨᠠᠰᠣᠨ ᠳᠤᠷᠰᠢ ᠶᠢᠨ ᠰᠤᠷᠭᠠᠨ ᠬᠦᠮᠦᠵᠢᠯ ᠤᠨ ᠦᠢᠯᠡᠳᠤᠯᠭᠡ ᠳᠤᠮᠳᠠ ᠪᠠᠨ | ᠵᠠᠬᠢᠷᠤᠯ᠂ ᠡᠩ ᠤᠨ ᠪᠠᠭᠰᠢ᠂ ᠬᠢᠴᠢᠶᠡᠯᠯᠡᠭᠴᠢ᠂ ᠠᠩᠭᠢ ᠡᠷᠬᠢᠯᠡᠭᠴᠢ᠂ ᠪᠤᠳᠠᠳᠠᠢ ᠠᠵᠢᠯ ᠡᠷᠬᠢᠯᠡᠭᠴᠢ᠂ ᠰᠢᠨᠵᠢᠯᠡᠬᠦ | ᠤᠬᠠᠭᠠᠨ ᠤ ᠰᠤᠳᠤᠯᠭᠠᠳᠠᠨ ᠵᠡᠷᠭᠡ ᠪᠠᠷ ᠠᠵᠢᠯᠯᠠᠪᠠ᠃ ᠳᠡᠷᠡ ᠪᠤᠯ ᠠᠵᠢᠯᠴᠢ ᠬᠦᠳᠡᠯᠮᠤᠷᠢᠴᠢ᠂ ᠤᠶᠢᠭ᠎ᠠ ᠦᠭᠡᠢ | ᠵᠤᠬᠢᠶᠠᠨ ᠪᠦᠲᠦᠬᠡᠭᠰᠡᠨ ᠭᠠᠷᠮᠠᠭᠠᠢ ᠬᠦᠮᠦᠨ ᠶᠤᠮ᠃ ᠮᠥᠨ ᠰᠤᠷᠭᠠᠭᠤᠯᠢ ᠶᠢᠨ ᠠᠵᠢᠯ ᠤᠨ ᠠᠳᠠᠯᠢ ᠪᠤᠰᠣ ᠦᠨᠴᠦᠭ᠂ | ᠠᠳᠠᠯᠢ ᠪᠤᠰᠣ ᠳᠠᠯ᠎ᠠ ᠠᠴᠠ ᠲᠤᠭᠤᠰᠢᠳᠠᠢ ᠠᠵᠢᠭᠯᠠᠨ᠂ ᠰᠤᠷᠭᠠᠭᠤᠯᠢ ᠶᠢᠨ ᠰᠤᠷᠭᠠᠨ ᠬᠦᠮᠦᠵᠢᠯ ᠳᠤ ᠬᠤᠯᠪᠤᠭᠳᠠᠬᠤ | ᠵᠢᠭᠠᠨ ᠰᠤᠷᠭᠠᠯᠳᠠ ᠪᠠ ᠬᠠᠮᠢᠶᠠᠷᠤᠯᠳᠠ ᠶᠢᠨ ᠡᠯ᠎ᠡ ᠦᠵᠡᠭᠳᠡᠯ᠂ ᠠᠰᠠᠭᠤᠳᠠᠯ ᠢ ᠬᠦᠨᠵᠡᠬᠡᠢ ᠰᠤᠳᠤᠯᠵᠦ᠂ ᠤᠨᠤᠯ | ᠦᠢᠯᠡᠳᠤᠯᠭᠡ ᠬᠤᠶᠠᠷ ᠤᠨ ᠦᠷᠦᠭᠡᠰᠣᠯ ᠳᠠᠯ᠎ᠠ ᠠᠴᠠ ᠵᠠᠶᠢᠯᠠᠰᠬᠢᠨ᠂ ᠳᠤᠷᠰᠢᠯᠭ᠎ᠠ ᠰᠤᠷᠭᠠᠮᠵᠢ ᠪᠠᠨ ᠴᠠᠭ | ᠳᠤᠬᠠᠢ ᠳᠤ ᠨᠢ ᠳ᠋ᠦᠩᠨᠡᠨ ᠤᠶᠤᠨᠴᠢ ᠦᠨᠳᠤᠷᠴᠠ ᠳᠤ ᠬᠦᠷᠭᠡᠵᠦ᠂ ᠨᠡᠯᠢᠶᠡᠳ ᠲᠦᠬᠦᠷ ᠰᠤᠷᠭᠠᠨ ᠬᠦᠮᠦᠵᠢᠯ ᠤᠨ | ᠦᠵᠡᠯ ᠰᠠᠨᠠᠭᠠᠨ ᠤ ᠰᠢᠰᠲ᠋ᠧᠮ ᠢ ᠠᠯᠬᠤᠮ ᠠᠯᠬᠤᠮ ᠢᠶᠠᠷ ᠪᠦᠷᠢᠯᠳᠦᠬᠦᠯᠦᠭᠰᠡᠨ ᠶᠤᠮ᠃ ᠳᠡᠬᠦᠨ ᠤ ᠪᠦᠲᠦᠬᠡᠯ ᠪᠤᠯ | ᠤᠶᠢᠷ᠎ᠠ ᠶᠢᠨ ᠬᠡᠲᠦᠨ ᠠᠷᠪᠠᠨ ᠵᠢᠯ ᠳᠤ ᠴᠦᠬᠡᠨ ᠬᠠᠷᠠᠭᠳᠠᠬᠤ ᠳᠡᠷᠢᠬᠦᠨ ᠤ ᠰᠤᠷᠭᠠᠨ ᠬᠦᠮᠦᠵᠢᠯ ᠤᠨ | ᠳᠤᠷᠰᠢᠯᠭ᠎ᠠ ᠶᠢᠨ ᠬᠦᠮᠦᠷᠬᠡ ᠪᠢᠯᠡ᠃ | ᠰᠦᠬᠤᠮᠯᠢᠨ᠋ᠰᠺᠢ ᠪᠤᠯ ᠰᠤᠷᠭᠠᠨ ᠬᠦᠮᠦᠵᠢᠯ ᠤᠨ ᠢᠳᠡᠭᠡᠯ ᠪᠢᠰᠢᠷᠠᠯ ᠢᠶᠠᠨ ᠴᠢᠩᠭ᠎ᠠ ᠪᠠᠷᠢᠮᠳᠠᠯᠠᠵᠦ | ᠬᠠᠳᠠᠭᠤᠵᠢᠯᠳᠠᠢ ᠰᠢᠷᠭᠠᠭᠤ ᠠᠵᠢᠯᠯᠠᠵᠦ ᠴᠢᠳᠠᠳᠠᠭ ᠨᠢᠬᠡᠨ᠂ 1948 ᠤᠨ ᠠᠴᠠ ᠫᠠᠹᠯᠧᠱᠢ ᠳᠤᠮᠳᠠᠳᠤ | ᠰᠤᠷᠭᠠᠭᠤᠯᠢ ᠳᠤ ᠵᠠᠬᠢᠷᠤᠯ ᠢᠶᠠᠷ ᠠᠵᠢᠯᠯᠠᠵᠦ ᠰᠤᠷᠭᠠᠨ ᠬᠦᠮᠦᠵᠢᠯ ᠤᠨ ᠠᠪᠢᠶᠠᠰ ᠴᠢᠳᠠᠪᠤᠷᠢ ᠪᠠᠨ ᠬᠦᠢᠴᠡᠳ | ᠪᠠᠳᠠᠷᠠᠭᠤᠯᠤᠭᠰᠠᠨ ᠪᠢᠯᠡ᠃ 20 ᠳ᠋ᠤᠭᠠᠷ ᠵᠠᠭᠤᠨ ᠤ ᠳᠠᠪᠢᠭᠠᠳ ᠤᠨ ᠤ ᠳᠤᠮᠳᠠᠴᠢ ᠠᠴᠠ ᠳᠡᠷᠡ ᠨᠢᠬᠡᠨᠳᠡ ᠰᠤᠷᠭᠠᠨ | ᠬᠦᠮᠦᠵᠢᠯ ᠤᠨ ᠤᠬᠠᠭᠠᠨᠳᠠᠨ ᠪᠤᠯᠤᠨ ᠪᠤᠯᠪᠠᠰᠣᠷᠠᠵᠦ᠂ ᠤᠤᠯ ᠤᠨ ᠵᠦᠪᠯᠡᠯᠲᠦ ᠶᠢᠨ ᠰᠤᠷᠭᠠᠨ ᠬᠦᠮᠦᠵᠢᠯ ᠤᠨ | ᠬᠦᠷᠢᠶᠡᠨ ᠳᠤ ᠠᠯᠳᠠᠷ ᠨᠡᠷ᠎ᠡ ᠨᠢ ᠮᠠᠨᠳᠤᠭᠰᠠᠨ ᠶᠤᠮ᠃ ᠳᠡᠬᠦᠨ ᠤ ᠬᠢᠵᠦ ᠪᠦᠲᠦᠬᠡᠭᠰᠡᠨ ᠵᠦᠢᠯ ᠢᠯᠡ ᠳᠤᠳᠤᠷᠬᠠᠢ | ᠪᠦᠲᠦᠬᠡᠯᠴᠢ ᠰᠢᠨᠵᠢᠳᠡᠢ᠂ ᠰᠢᠨᠡᠴᠢᠯᠠᠯ ᠤᠨ ᠵᠤᠷᠢᠭ ᠰᠠᠨᠠᠭ᠎ᠠ ᠪᠢᠯᠬᠠᠮ᠎ᠠ ᠪᠠᠶᠢᠳᠠᠭ ᠪᠦᠬᠡᠳ ᠶᠡᠷᠦ ᠠᠴᠠ | ᠤᠯᠠᠮᠵᠢᠯᠠᠯ ᠤᠨ ᠪᠠᠯᠴᠢᠭ ᠲᠤ ᠰᠢᠪᠠᠷᠳᠠᠳᠠᠭ ᠦᠭᠡᠢ᠂ ᠬᠠᠷᠢᠨ ᠡᠷᠢᠨ ᠴᠠᠭ ᠤᠨ ᠬᠦᠭᠵᠢᠯᠳᠡ ᠶᠢᠨ ᠬᠠᠨᠳᠤᠰᠢ ᠶᠢ | ᠴᠢᠩᠭ᠎ᠠ ᠡᠵᠡᠮᠳᠡᠵᠦ ᠴᠢᠳᠠᠳᠠᠭ᠃ ᠵᠢᠱᠢᠶᠠᠯᠠᠪᠠᠯ᠂ 1955 ᠤᠨ ᠠᠴᠠ ᠡᠮᠦᠨᠡᠬᠢ ᠨᠢᠬᠡ ᠬᠡᠰᠡᠭ ᠬᠤᠭᠤᠴᠠᠭᠠᠨ ᠳᠤ | ᠤᠤᠯ ᠤᠨ ᠵᠦᠪᠯᠡᠯᠲᠦ ᠶᠢᠨ ᠡᠩ ᠤᠨ ᠰᠤᠷᠭᠠᠭᠤᠯᠢ ᠬᠦᠳᠡᠯᠮᠤᠷᠢ ᠶᠢᠨ ᠬᠢᠴᠢᠶᠡᠯ ᠢ ᠪᠠᠷᠤᠭ ᠯᠡ ᠴᠦᠮ | ᠦᠬᠡᠶᠢᠰᠭᠡᠭᠰᠡᠨ ᠶᠤᠮ᠂ ᠭᠡᠳᠡᠯ᠎ᠡ ᠰᠦᠬᠤᠮᠯᠢᠨ᠋ᠰᠺᠢ ᠶᠢᠨ ᠠᠵᠢᠯᠯᠠᠵᠦ ᠪᠠᠶᠢᠭᠰᠠᠨ ᠫᠠᠹᠯᠧᠱᠢ ᠳᠤᠮᠳᠠᠳᠤ ᠰᠤᠷᠭᠠᠭᠤᠯᠢ | ᠬᠦᠳᠡᠯᠮᠤᠷᠢ ᠶᠢᠨ ᠬᠢᠴᠢᠶᠠᠯ ᠢ ᠶᠡᠷᠦ ᠠᠴᠠ ᠳᠠᠰᠤᠯᠳᠠᠭᠤᠯᠤᠭᠰᠠᠨ ᠦᠭᠡᠢ ᠪᠦᠬᠡᠳ ᠳᠡᠬᠦᠰᠦᠭᠰᠡᠨ ᠬᠡᠦᠬᠡᠳ ᠲᠤ | ᠰᠤᠷᠤᠯᠭ᠎ᠠ ᠳᠡᠬᠦᠰᠦᠭᠰᠡᠨ ᠦᠨᠡᠮᠯᠡᠯ ᠪᠠ ᠳᠤᠬᠠᠶᠢᠯᠠᠭᠰᠠᠨ ᠠᠵᠢᠯ ᠤᠨ ᠦᠨᠡᠮᠯᠡᠯ ᠤᠯᠭᠤᠵᠦ ᠪᠠᠶᠢᠭᠰᠠᠨ ᠪᠢᠯᠡ᠃ | ᠰᠦᠬᠤᠮᠯᠢᠨ᠋ᠰᠺᠢ ᠶᠢᠨ ᠠᠭᠤᠤ ᠶᠡᠭᠡ᠂ ᠬᠡᠷᠡᠯ ᠰᠠᠴᠤᠷᠠᠩᠭᠤᠢ ᠨᠢᠬᠡ ᠨᠠᠰᠣ ᠪᠢᠳᠡᠨ ᠳᠤ ᠰᠤᠷᠭᠠᠨ | ᠬᠦᠮᠦᠵᠢᠯ ᠤᠨ ᠠᠵᠢᠯᠳᠠᠨ ᠰᠤᠷᠭᠠᠨ ᠬᠦᠮᠦᠵᠢᠯ ᠤᠨ ᠵᠢᠭᠠᠨ ᠰᠤᠷᠭᠠᠯᠳᠠ ᠶᠢᠨ ᠡᠮᠤᠨ᠎ᠠ ᠹᠷᠤᠨᠲ ᠲᠤ ᠬᠦᠨᠵᠡᠬᠡᠶᠢᠷᠡᠨ | ᠨᠠᠷᠢᠨ ᠨᠢᠭᠳᠠ ᠰᠤᠳᠤᠯᠭᠠᠨ ᠬᠢᠵᠦ᠂ ᠡᠲᠦᠷ ᠳᠤᠳᠤᠮ ᠤᠨ ᠠᠵᠢᠯ ᠢᠶᠠᠨ ᠰᠠᠶᠢᠳᠤᠷ ᠪᠡᠶᠡᠯᠡᠬᠦᠯᠬᠦ ᠠᠴᠠ ᠭᠠᠳᠠᠨ᠎ᠠ | ᠤᠨᠤᠯ ᠤᠨ ᠰᠤᠳᠤᠯᠭᠠᠨ ᠤ ᠡᠬᠦᠷᠬᠡ ᠡᠬᠦᠷᠭᠡᠯᠡᠭᠰᠡᠨ ᠬᠡᠳᠡᠭ ᠢᠶᠠᠨ ᠴᠠᠭ ᠢᠮᠠᠭᠳᠠ ᠪᠤᠳᠤᠬᠤ ᠬᠡᠷᠡᠭᠳᠡᠢ ᠭᠡᠵᠤ | ᠰᠠᠨᠠᠭᠤᠯᠵᠦ ᠪᠠᠶᠢᠳᠠᠭ᠃ ᠵᠢᠪ ᠵᠢᠩᠭᠢᠨᠢ ᠰᠤᠷᠭᠠᠨ ᠬᠦᠮᠦᠵᠢᠯ ᠤᠨ ᠤᠬᠠᠭᠠᠨᠳᠠᠨ ᠪᠤᠯ ᠰᠤᠷᠭᠠᠨ ᠬᠦᠮᠦᠵᠢᠯ ᠤᠨ ᠤᠨᠤᠯ | ᠪᠠ ᠦᠢᠯᠡᠳᠤᠯᠭᠡ ᠶᠢ ᠳᠡᠬᠦᠯᠳᠡᠷ ᠰᠠᠶᠢᠬᠠᠨ ᠨᠢᠬᠡᠳᠬᠡᠵᠦ ᠴᠢᠳᠠᠭᠰᠠᠨ ᠪᠠᠶᠢᠬᠤ ᠬᠡᠷᠡᠭᠳᠡᠢ ᠶᠤᠮ᠃ | | ᠬᠠᠶ᠋ᠢᠬ᠄ ᠠᠷᠤ ᠬᠤᠷᠴᠢᠨ ᠬᠤᠰᠢᠭᠤᠨ ᠤ ᠴᠢᠪᠠᠭ᠎ᠠ | ᠲᠠᠪᠤᠳᠤᠭᠠᠷ ᠲᠤᠮᠲᠠᠲᠤ ᠰᠤᠷᠭᠠᠭᠤᠯᠢ | ︵ᠡᠾᠦ᠋ᠩ ᠮᠸᠢ ᠨᠠᠶᠢᠷᠠᠭᠤᠯᠪᠠ︶ | 2020 ᠤᠨ ᠤ 2 ᠳ᠋ᠤᠭᠠᠷ ᠬᠤᠭᠤᠴᠠᠭ᠎ᠠ | | |